ᠲᠤᠩᠭᠠᠯᠠᠭ ᠲᠠᠮᠢᠷ ᠪᠦᠬᠦ ᠪᠦᠯᠦᠭ-ᠴ·ᠯᠣᠳᠣᠢᠳᠠᠮᠪᠠ Тунгалаг тамир- ᠦᠵᠡᠵᠦ ᠰᠣᠨᠣᠰᠴᠤ ᠤᠩᠰᠢᠬᠤ ᠴᠠᠬᠢᠮ
《ᠲᠤᠩᠭᠠᠯᠠᠭ ᠲᠠᠮᠢᠷ》 ᠷᠣᠮᠠᠨ ᠳᠣᠲᠣᠷᠠᠬᠢ ᠭᠣᠣᠯ ᠬᠥᠮᠥᠰ ᠤᠨ ᠳᠦᠷᠢ

ᠡᠷᠳᠡᠨᠢ

ᠢᠲᠡᠭᠡᠯᠲᠦ

ᠲᠡᠮᠦᠷ

ᠳᠤᠯᠮ᠎ᠠ

ᠳᠣᠯᠭᠠᠷ

ᠳᠤᠯᠵᠢᠨ

ᠬᠣᠩᠭᠣᠷ

ᠰᠦᠷᠦᠩ

ᠪᠠᠲᠤ

ᠰᠣᠯᠣᠩᠭ᠎ᠠ

ᠪᠠᠳᠠᠷᠴᠢ

ᠭᠠᠯᠰᠠᠩ

ᠨᠢᠮ᠎ᠠ

ᠬᠡᠰᠢᠭᠲᠦ

ᠴᠠᠮᠪᠠ

ᠵᠠᠮᠪᠠᠯ

ᠳᠤᠪᠴᠢᠨ

ᠭᠡᠷᠡᠯ

ᠲᠦᠭᠵᠢᠯ

ᠬᠤᠶᠠᠭ

ᠦᠯᠵᠡᠢ

ᠳᠤᠷᠵᠢ

ᠬᠠᠮᠪᠣ

ᠰᠦᠬᠡᠪᠠᠭᠠᠲᠤᠷ

ᠮᠠᠠᠠᠰᠤᠷᠵᠠᠪ

ᠫᠧᠲ᠋ᠷ

ᠫᠡᠪᠯᠦᠧ

ᠵᠢᠷᠭᠠᠯ

ᠫᠦᠷᠪᠦ

ᠳᠠᠷᠵᠠ

ᠴᠢᠮᠡᠭ

ᠴᠡᠴᠡᠭ
ᠲᠤᠩᠭᠠᠯᠠᠭ ᠲᠠᠮᠢᠷ ᠨᠢᠭᠡᠳᠦᠭᠡᠷ ᠪᠦᠯᠦᠭ
ᠲᠤᠩᠭᠠᠯᠠᠭ ᠲᠠᠮᠢᠷ ᠬᠣᠶᠠᠳᠤᠭᠠᠷ ᠪᠦᠯᠦᠭ
ᠲᠤᠩᠭᠠᠯᠠᠭ ᠲᠠᠮᠢᠷ ᠭᠤᠷᠪᠠᠳᠤᠭᠠᠷ ᠪᠦᠯᠦᠭ
ᠲᠤᠩᠭᠠᠯᠠᠭ ᠲᠠᠮᠢᠷ ᠳᠥᠷᠪᠡᠳᠦᠭᠡᠷ ᠪᠦᠯᠦᠭ
ᠳᠡᠭᠦᠰᠭᠡᠯ ᠤᠨ ᠥᠭᠡ
ᠭ᠌ ᠵᠠᠮᠰᠠᠷᠠᠨᠵᠠᠪ
《ᠲᠤᠩᠭᠠᠯᠠᠭ ᠲᠠᠮᠢᠷ》 ᠷᠣᠮᠠᠨ ᠳᠠᠭᠤᠰᠤᠯ᠎ᠠ᠃ ᠶᠠᠭᠤ ᠤᠩᠰᠢᠭᠰᠠᠨ ᠢ᠋ᠶ᠋ᠠᠨ ᠡᠷᠭᠢᠨ ᠪᠣᠳᠣᠶ᠎ᠠ᠃ ᠡᠨᠡ ᠷᠣᠮᠠᠨ ᠳ᠋ᠤ᠌ ᠬᠣᠷᠢᠳᠤᠭᠠᠷ ᠵᠠᠭᠤᠨ ᠤ᠋ ᠡᠬᠢᠨ ᠦ᠌ ᠭᠤᠴᠢᠭᠠᠳ ᠵᠢᠯ ᠦ᠋ᠨ ᠮᠠᠨ ᠤ᠋ ᠠᠷᠠᠳ ᠲᠦᠮᠡᠨ ᠦ᠌ ᠠᠮᠢᠳᠤᠷᠠᠯ ᠲᠡᠮᠡᠴᠡᠯ ᠢ᠋ ᠲᠠᠮᠢᠷ ᠤ᠋ᠨ ᠭᠣᠣᠯ ᠤ᠋ᠨ ᠬᠢᠨ ᠢ᠋ᠶ᠋ᠡᠷ ᠭᠣᠣᠯ ᠳᠡᠪᠢᠰᠬᠡᠷ ᠪᠣᠯᠭᠠᠨ ᠬᠠᠷᠠᠭᠤᠯᠵᠠᠢ᠃ ᠡᠨᠡ ᠨᠢ ᠮᠣᠩᠭᠣᠯ ᠤ᠋ᠨ ᠡᠵᠡᠨᠲᠦ ᠤᠯᠤᠰ ᠪᠠᠢᠭᠤᠯᠤᠭᠰᠠᠨ ᠦᠶ᠎ᠡ ᠡᠴᠡ ᠡᠬᠢᠯᠡᠭᠡᠳ᠂ ᠳᠡᠯᠡᠬᠡᠢ ᠶ᠋ᠢᠨ ᠨᠢᠭᠡᠳᠦᠭᠡᠷ ᠲᠡᠢᠨ᠂ ᠣᠺᠲ᠋ᠤᠪᠸᠷ ᠤ᠋ᠨ ᠰᠣᠼᠢᠶᠠᠯᠢᠰᠲ ᠶᠡᠬᠡ ᠬᠤᠪᠢᠰᠬᠠᠯ ᠤ᠋ᠨ ᠢᠯᠠᠯᠲᠠ᠂ ᠨᠥᠯᠥᠭᠡ᠂ 1921 ᠣᠨ ᠤ᠋ ᠠᠷᠠᠳ ᠤ᠋ᠨ ᠬᠤᠪᠢᠰᠬᠠᠯ ᠤ᠋ᠨ ᠢᠯᠠᠯᠲᠠ ᠪᠡᠬᠢᠵᠢᠯᠲᠡ ᠶ᠋ᠢᠨ ᠦᠶ᠎ᠡ ᠶ᠋ᠢ ᠬᠠᠮᠤᠷᠴᠤ ᠪᠠᠢᠭ᠎ᠠ ᠨᠡᠢᠭᠡᠮ ᠦ᠋ᠨ ᠬᠥᠭᠵᠢᠯ ᠦ᠋ᠨ ᠪᠣᠭᠣᠨᠢᠬᠠᠨ ᠬᠤᠭᠤᠴᠠᠭ᠎ᠠ ᠪᠣᠯᠪᠠᠴᠤ ᠲᠡᠮᠡᠴᠡᠯ ᠦ᠋ᠨ ᠰᠢᠭᠤᠷᠭ᠎ᠠ ᠪᠠᠷ ᠠᠰᠤᠷᠤ ᠬᠦᠴᠦᠲᠡᠢ ᠦᠶ᠎ᠡ ᠪᠢᠯᠡ᠃ ᠲᠡᠮᠡᠴᠡᠯ ᠦ᠋ᠨ ᠡᠯ᠎ᠡ ᠰᠢᠭᠤᠷᠭ᠎ᠠ ᠠᠷᠪᠠᠭᠠᠳ ᠣᠨ ᠤ᠋ ᠡᠴᠦᠰ ᠢ᠋ᠶ᠋ᠡᠷ ᠰᠠᠨᠰᠠᠷ ᠤ᠋ᠨ ᠬᠦᠷᠳᠦ ᠶ᠋ᠢ ᠡᠷᠴᠢ ᠲᠡᠢ ᠪᠣᠯᠭᠠᠭᠰᠠᠨ ᠶᠤᠮ᠃
ᠬᠢᠲᠠᠳ ᠤ᠋ᠨ ᠴᠡᠷᠢᠭ ᠦ᠋ᠨ ᠡᠷᠬᠡᠲᠡᠨ ᠡᠵᠡᠷᠬᠡᠭ ᠲᠦᠷᠢᠮᠡᠬᠡᠢ ᠨᠠᠷ ᠳᠣᠲᠣᠭᠠᠳᠤ ᠶ᠋ᠢᠨ ᠬᠠᠷ᠎ᠠ ᠰᠢᠷ᠎ᠠ ᠬᠠᠮᠵᠢᠯᠭ᠎ᠠ ᠶ᠋ᠢᠨ ᠡᠵᠡᠳ ᠲᠡᠢ ᠬᠤᠤᠪᠢᠯᠳᠤᠨ᠂ ᠡᠵᠡᠨᠲᠦ ᠪᠠ ᠠᠦ᠋ᠲ᠋ᠣᠨᠣᠮᠢᠲᠤ ᠲᠥᠷᠥ ᠶ᠋ᠢ ᠤᠨᠠᠭᠠᠵᠤ ᠮᠣᠩᠭᠣᠯ ᠣᠷᠣᠨ ᠢ᠋ ᠬᠥᠯ ᠦ᠋ᠨ ᠢ᠋ᠶ᠋ᠡᠨ ᠳᠣᠣᠷ᠎ᠠ ᠳᠠᠪᠰᠠᠯᠤᠨ᠂ ᠬᠥᠮᠦᠨ ᠠᠷᠠᠳ ᠢ᠋ ᠭᠠᠯ ᠤᠰᠤᠨ ᠤ᠋ ᠭᠠᠰᠢᠭᠤᠨ ᠵᠣᠪᠠᠯᠠᠩ ᠳ᠋ᠤ᠌ ᠤᠴᠠᠷᠠᠭᠤᠯᠵᠤ ᠪᠠᠢᠭᠰᠠᠨ ᠨᠢ ᠪᠠᠳᠮᠠᠳᠣᠷᠵᠢ ᠱᠠᠨᠵᠠᠪ᠂ ᠬᠢᠲᠠᠳ ᠤ᠋ᠨ ᠡᠯᠴᠢᠨ ᠴᠢᠨ ᠡᠢ᠂ ᠴᠡᠷᠢᠭ ᠦ᠋ᠨ ᠬᠠᠷᠭᠢᠰ ᠡᠷᠬᠡᠲᠡᠨ ᠰᠢᠦᠢ ᠱᠤ᠌ ᠵᠧᠩ᠂ ᠭᠣᠣ ᠰᠢ ᠯᠢᠨ ᠨᠠᠷ ᠤ᠋ᠨ ᠬᠤᠤᠪᠢᠯᠳᠤᠭᠠᠨ ᠶᠠᠷᠭᠠᠯᠠᠯ ᠢ᠋ᠶ᠋ᠠᠷ ᠪᠠᠲᠤᠯᠠᠭᠳᠠᠵᠤ ᠪᠠᠢᠨ᠎ᠠ᠃ ᠲᠡᠳᠡᠨ ᠳ᠋ᠦ᠍ ᠴᠦ᠍ ᠬᠢᠲᠠᠳ ᠤ᠋ᠨ ᠰᠢᠨᠤᠬᠠᠢ ᠬᠤᠳᠠᠯᠳᠤᠭᠠᠴᠢᠨ᠂ ᠳᠡᠭᠡᠷᠡᠩᠭᠦᠢ ᠦᠵᠡᠯᠲᠡᠨ ᠨᠦ᠍ᠭᠦᠳ ᠨᠠᠢᠳᠠᠪᠤᠷᠢ ᠲᠠᠯᠪᠢᠵᠤ ᠰᠢᠦᠢ ᠱᠤ᠌ ᠵᠧᠩ ᠢ᠋ ᠶᠠᠫᠣᠨ ᠤ᠋ ᠢᠮᠫᠧᠷᠢᠶᠡᠯᠢᠰᠲ ᠦ᠋ᠳ ᠲᠤᠬᠢᠷᠴᠤ ᠪᠠᠢᠭᠰᠠᠨ ᠲᠡᠦᠬᠡ ᠲᠡᠢ᠃ ᠭᠣᠣ ᠰᠢ ᠯᠢᠨ᠄
᠊᠊᠊᠊᠊᠊᠊᠊᠊᠊᠊᠊᠊᠊᠊ ᠮᠣᠩᠭᠣᠯ᠂ ᠬᠢᠲᠠᠳ ᠬᠣᠶᠠᠷ ᠬᠡᠵᠢᠶᠡᠨᠡᠢ ᠡᠴᠡ ᠢᠨᠠᠭᠰᠢ ᠲᠥᠷᠥ ᠤᠯᠤᠰ ᠢ᠋ᠶ᠋ᠠᠨ ᠬᠠᠮᠲᠤᠷᠠᠨ ᠪᠠᠢᠭᠤᠯᠵᠤ ᠡᠭᠡᠯᠵᠢᠯᠡᠨ ᠪᠠᠷᠢᠵᠤ ᠢᠷᠡᠭᠰᠡᠨ ᠪᠢᠯᠡ᠃ ᠭᠡᠲᠡᠯ᠎ᠡ ᠣᠳᠣ ᠦᠶ᠎ᠡ ᠳ᠋ᠦ᠍ ᠵᠠᠷᠢᠮ ᠤᠬᠠᠪᠤᠷᠢ ᠮᠥᠴᠢᠳ ᠬᠥᠮᠦᠰ ᠭᠠᠳᠠᠭᠠᠳᠤ ᠣᠷᠣᠨ ᠤ᠋ ᠳᠡᠮᠡᠢ ᠪᠠᠯᠠᠢ ᠦᠭᠡᠨ ᠳ᠋ᠦ᠍ ᠣᠷᠣᠵᠤ᠂ ᠨᠢᠭᠡᠨ ᠭᠡᠷ ᠪᠦᠯᠢ ᠶ᠋ᠢ ᠲᠠᠰᠤᠯᠵᠤ᠂ ᠲᠦᠮᠡᠨ ᠢ᠋ ᠦᠢᠮᠡᠭᠦᠯᠵᠦ ᠵᠣᠪᠠᠯᠠᠩ ᠳ᠋ᠤ᠌ ᠤᠴᠠᠷᠠᠭᠤᠯᠬᠤ ᠳ᠋ᠤ᠌ ᠬᠦᠷᠦᠯ᠎ᠡ᠃ ᠵᠦᠢ ᠶᠣᠰᠣ ᠶ᠋ᠢ ᠲᠣᠭᠲᠠᠭᠠᠨ᠂ ᠨᠢᠭᠡᠨ ᠭᠡᠷ ᠪᠦᠯᠢ ᠶ᠋ᠢᠨ ᠰᠠᠢᠬᠠᠨ ᠶᠣᠰᠣ ᠶ᠋ᠢ ᠰᠠᠬᠢᠬᠤ ᠶᠡᠬᠡ ᠦᠢᠯᠡ ᠬᠡᠷᠡᠭ ᠲᠦ᠍ ᠡᠷᠬᠢᠮ ᠵᠠᠩᠵᠤᠨ ᠨᠢᠭᠡᠨ ᠮᠥᠷᠦᠨ ᠦ᠌ ᠬᠦᠴᠦᠨ ᠲᠤᠰᠠᠯᠠᠪᠠᠯ ᠮᠠᠨ ᠤ᠋ ᠤᠯᠤᠰ ᠤ᠋ᠨ ᠵᠠᠰᠠᠭ ᠤ᠋ᠨ ᠭᠠᠵᠠᠷ ᠲᠠᠨ ᠤ᠋ ᠭᠠᠪᠢᠶ᠎ᠠ ᠶ᠋ᠢ ᠶᠠᠭᠠᠬᠢᠵᠤ ᠮᠠᠷᠲᠠᠬᠤ ᠪᠢᠯᠡ ᠁ ᠭᠡᠵᠦ ᠨᠢᠯᠠᠭᠠᠨᠠᠨ ᠥᠭᠦᠯᠡᠬᠦ ᠳ᠋ᠦ᠍ ᠡᠷᠡᠯᠬᠡᠭ ᠵᠣᠷᠢᠭᠲᠤ ᠬᠠᠳᠠᠨ ᠪᠠᠭᠠᠲᠤᠷ ᠮᠠᠭᠰᠤᠷᠵᠠᠪ᠄
᠊᠊᠊᠊᠊᠊᠊᠊᠊᠊᠊᠊᠊᠊᠊ ᠲᠠ ᠁ ᠲᠡᠦᠬᠡ ᠰᠤᠳᠤᠷ ᠢ᠋ ᠮᠠᠷᠲᠠᠵᠤ ᠪᠠᠢᠭ᠎ᠠ ᠪᠣᠯᠤᠯᠲᠠᠢ᠃ ᠪᠢᠳᠡ ᠲᠥᠷᠥ ᠬᠠᠮᠲᠤᠷᠠᠨ ᠪᠠᠢᠭᠤᠯᠵᠤ ᠪᠠᠢᠭᠰᠠᠨ ᠤᠳᠠᠭ᠎ᠠ ᠦᠭᠡᠢ᠃ ᠬᠠᠷᠢᠨ ᠨᠢᠭᠡ ᠨᠢ ᠬᠦᠴᠦᠷᠬᠡᠢᠯᠡᠵᠦ ᠨᠥᠭᠦᠭᠡ ᠨᠢ ᠳᠠᠷᠤᠭᠳᠠᠨ ᠵᠠᠬᠢᠷᠤᠭᠳᠠᠵᠤ ᠪᠠᠢᠭᠰᠠᠨ ᠁ ᠲᠠᠨᠠᠷ ᠨᠠᠷ ᠴᠡᠷᠢᠭ ᠦ᠋ᠨ ᠬᠦᠴᠦ ᠪᠡᠷ ᠲᠦᠷᠢᠵᠦ ᠪᠢᠳᠡᠨ ᠢ᠋ ᠡᠵᠡᠯᠡᠭᠰᠡᠨ ᠪᠢᠯᠡ᠃ ᠭᠡᠪᠡᠴᠦ ᠡᠵᠡᠯᠡᠭᠳᠡᠬᠦ ᠳᠠᠷᠤᠭᠳᠠᠬᠤ ᠬᠣᠶᠠᠷ ᠱᠠᠯ ᠥᠭᠡᠷ᠎ᠡ ᠵᠦᠢᠯ ᠪᠣᠯᠬᠣᠷ ᠪᠢᠳᠡ ᠡᠵᠡᠯᠡᠭᠳᠡᠭᠰᠡᠨ ᠪᠣᠯᠪᠠᠴᠤ ᠳᠠᠷᠤᠭᠳᠠᠭ᠎ᠠ ᠦᠭᠡᠢ ᠪᠠᠢᠭ᠎ᠠ ᠶ᠋ᠢ ᠡᠷᠬᠢᠮ ᠵᠠᠩᠵᠤᠨ ᠣᠢᠯᠠᠭᠠᠪᠠᠯ ᠵᠦᠭᠡᠷ ᠶᠤᠮ ᠳᠡ ᠭᠡᠵᠦ ᠡᠷᠡᠰ ᠰᠢᠢᠳᠮᠡᠭᠡᠢ ᠬᠠᠷᠢᠭᠤᠯᠵᠤ ᠪᠠᠢᠨ᠎ᠠ᠃ ᠮᠠᠭᠰᠤᠷᠵᠠᠪ ᠢᠩᠭᠢᠵᠦ ᠲᠡᠦᠬᠡ ᠶ᠋ᠢᠨ ᠦᠨᠡᠨ ᠢ᠋ ᠬᠡᠯᠡᠵᠦ᠂ ᠪᠠᠭ ᠢ᠋ ᠨᠢ ᠤᠷᠠᠵᠤ ᠬᠠᠶᠠᠬᠤ ᠲᠠᠢ ᠵᠡᠷᠭᠡ ᠭᠣᠣ ᠰᠢ ᠯᠢᠨ ᠦ᠌ ᠦᠩᠬᠦᠯᠴᠡᠭ ᠨᠢ ᠬᠠᠭᠠᠷᠠᠬᠤ ᠰᠢᠬᠠᠨ᠂ ᠱᠠᠯᠠ ᠳᠡᠪᠰᠡᠵᠦ᠂ 《ᠦᠬᠡᠷ ᠮᠣᠩᠭᠣᠯ》᠂ 《ᠲᠡᠨᠡᠭ ᠮᠣᠩᠭᠣᠯ》᠂ 《ᠲᠠᠨ ᠤ᠋ ᠴᠠᠭᠠᠨ ᠰᠠᠷ᠎ᠠ ᠶ᠋ᠢ ᠪᠢ ᠤᠯᠠᠭᠠᠨ ᠰᠠᠷ᠎ᠠ ᠪᠣᠯᠭᠠᠭᠠᠳ᠂ ᠲᠠ ᠨᠠᠷ ᠥᠨᠳᠡᠭᠡ ᠪᠡᠨ ᠶᠠᠭᠠᠬᠢᠵᠤ ᠬᠠᠮᠠᠭᠠᠯᠠᠬᠤ ᠶ᠋ᠢ ᠦᠵᠡᠨ᠎ᠡ》 ᠭᠡᠵᠦ ᠬᠠᠰᠬᠢᠷᠴᠤ ᠪᠠᠢᠨ᠎ᠠ᠃
ᠣᠺᠲ᠋ᠤᠪᠧᠷ ᠦ᠋ᠨ ᠬᠤᠪᠢᠰᠬᠠᠯ ᠤ᠋ᠨ ᠳᠠᠷᠠᠭ᠎ᠠ ᠫᠡᠪᠠᠯᠦᠧ ᠶ᠋ᠢᠨ ᠬᠢᠨ ᠪᠠᠯᠠᠷᠠᠵᠤ᠂ ᠬᠠᠮᠤᠭ ᠨᠠᠢᠳᠠᠪᠤᠷᠢ ᠪᠠᠨ ᠠᠭᠮᠠᠨ ᠰᠢᠮᠦᠨᠦᠧ᠂ ᠪᠠᠷᠤᠨ ᠣᠩᠭᠧᠷᠠᠨ ᠨᠠᠷ ᠲᠤ᠌ ᠰᠢᠯᠵᠢᠭᠦᠯᠵᠦ᠂ ᠴᠦᠯᠳᠠᠮ ᠪᠠᠢᠰᠠ᠂ ᠴᠠᠸᠠᠩ ᠲᠡᠷᠢᠭᠦᠨ ᠮᠡᠲᠦ ᠶ᠋ᠢᠨ ᠬᠠᠮᠵᠢᠯᠭ᠎ᠠ ᠶ᠋ᠢᠨ ᠡᠵᠡᠳ ᠢ᠋ ᠭᠠᠷ ᠬᠥᠯ ᠬᠡᠯᠡ ᠠᠮᠠ ᠪᠠᠨ ᠪᠣᠯᠭᠠᠵᠤ ᠪᠠᠢᠨ᠎ᠠ᠃ ᠲᠡᠭᠦᠪᠡᠷ ᠴᠦ᠍ ᠦᠯᠦ ᠪᠠᠷᠠᠮ ᠬᠠᠳᠠᠨ ᠪᠠᠭᠠᠲᠤᠷ ᠮᠠᠭᠰᠤᠷᠵᠠᠪ ᠢ᠋ ᠥᠪᠡᠷᠰᠡᠳ ᠦ᠋ᠨ ᠢ᠋ᠶ᠋ᠡᠨ ᠬᠣᠣᠷᠲᠤ ᠪᠣᠳᠣᠯᠭ᠎ᠠ ᠳ᠋ᠤ᠌ ᠠᠰᠢᠭᠯᠠᠬᠤ ᠭᠡᠵᠦ ᠤᠷᠤᠯᠳᠤᠵᠤ ᠪᠠᠢᠨ᠎ᠠ᠃ ᠪᠠᠷᠤᠨ ᠣᠩᠭᠧᠷᠠᠨ ᠨᠡᠢᠰᠯᠡᠯ ᠬᠦᠷᠢᠶ᠎ᠡ ᠶ᠋ᠢ ᠡᠵᠡᠯᠡᠵᠦ᠂ ᠪᠣᠭᠳᠠ ᠶ᠋ᠢ ᠱᠣᠷᠣᠩ ᠡᠴᠡ ᠭᠠᠷᠭᠠᠭᠠᠳ ᠲᠡᠷᠢᠭᠦᠨ ᠲᠣᠬᠣᠭᠠᠨ ᠲᠣᠮᠢᠯᠠᠭᠰᠠᠨ ᠢ᠋ᠶ᠋ᠠᠨ ᠥᠭᠡᠷᠡᠴᠢᠯᠡᠵᠦ᠂ ᠮᠠᠭᠰᠤᠷᠵᠠᠪ ᠢ᠋ ᠪᠠᠷᠠᠭᠤᠨ ᠬᠢᠵᠠᠭᠠᠷ ᠢ᠋ ᠲᠣᠬᠣᠨᠢᠭᠤᠯᠬᠤ ᠰᠠᠢᠳ ᠢ᠋ᠶ᠋ᠠᠷ ᠲᠣᠮᠢᠯᠠᠵᠤ ᠪᠠᠢᠨ᠎ᠠ᠃ ᠮᠠᠭᠰᠤᠷᠵᠠᠪ ᠪᠠᠷᠤᠨ ᠤ᠋ ᠦᠮᠡᠬᠡᠢ ᠰᠠᠨᠠᠭ᠎ᠠ ᠶ᠋ᠢ ᠮᠡᠳᠡᠵᠦ ᠪᠠᠢᠵᠠᠢ᠃
ᠭᠤᠷᠪᠠᠨ ᠬᠠᠭᠠᠨ ᠢ᠋ ᠰᠢᠷᠡᠭᠡᠨ ᠳ᠋ᠦ᠍ ᠨᠢ ᠡᠭᠡᠭᠦᠯᠦᠨ ᠵᠠᠯᠠᠭᠠᠳ᠂ ᠣᠷᠣᠰ ᠤ᠋ᠨ ᠤᠯᠠᠭᠠᠨ ᠨᠠᠮ ᠢ᠋ ᠤᠰᠠᠳᠬᠠᠬᠤ ᠵᠣᠷᠢᠯᠭ᠎ᠠ ᠲᠠᠢ ᠪᠠᠨ ᠶᠠᠷᠢᠭᠠᠳ᠄ 《ᠡᠨᠡ ᠬᠡᠷᠡᠭ ᠲᠦ᠍ ᠮᠢᠨᠢ ᠪᠠᠭᠠᠲᠤᠷ ᠲᠠ ᠲᠤᠰᠠᠯᠠᠨ᠎ᠠ ᠭᠡᠵᠦ ᠪᠢ ᠢᠲᠡᠭᠡᠵᠦ ᠪᠠᠢᠨ᠎ᠠ》 ᠭᠡᠵᠦ ᠣᠩᠭᠧᠷᠠᠨ ᠢ᠋ ᠬᠡᠯᠡᠬᠦ ᠳ᠋ᠦ᠍ ᠬᠠᠳᠠᠨ ᠪᠠᠭᠠᠲᠤᠷ ᠮᠠᠭᠰᠤᠷᠵᠠᠪ᠄
᠊᠊᠊᠊᠊᠊᠊᠊᠊᠊᠊᠊᠊᠊᠊ ᠭᠠᠨᠵᠤᠭᠠᠨ ᠤ᠋ ᠰᠤᠮᠤ ᠲᠠᠢ ᠲᠠ ᠨᠠᠷ ᠭᠠᠵᠠᠷ ᠨᠤᠲᠤᠭ ᠳᠡᠭᠡᠷ᠎ᠡ ᠪᠡᠨ ᠪᠠᠢᠭ᠎ᠠ ᠤᠯᠠᠭᠠᠨ ᠨᠠᠮ ᠢ᠋ ᠶᠠᠭᠠᠬᠢᠵᠤ ᠳᠡᠢᠯᠬᠦ ᠪᠢᠯᠡ ᠭᠡᠵᠦ ᠲᠣᠭᠣᠮᠵᠢᠷ ᠦᠭᠡᠢ ᠪᠥᠭᠡᠳ ᠵᠣᠷᠢᠮᠠᠭ ᠬᠠᠷᠢᠭᠤᠯᠵᠤ ᠪᠠᠢᠨ᠎ᠠ᠃ ᠴᠢᠩᠭᠢᠭᠡᠳ ᠴᠠᠰᠢ ᠨᠢ ᠵᠡᠪᠰᠡᠭᠲᠦ ᠳᠡᠭᠡᠷᠡᠮᠴᠢᠳ ᠢ᠋ ᠡᠰᠡᠷᠭᠦᠴᠡᠭᠰᠡᠨ ᠰᠢᠷᠦᠭᠦᠨ ᠲᠡᠮᠡᠴᠡᠯ ᠦ᠋ᠨ ᠳᠤᠮᠳᠠᠭᠤᠷ ᠮᠠᠭᠰᠤᠷᠵᠠᠪ ᠤ᠋ᠨ ᠡᠬᠡ ᠣᠷᠣᠨᠴᠢ᠂ ᠬᠤᠪᠢᠰᠬᠠᠯᠴᠢ ᠴᠢᠨᠠᠷ ᠢ᠋ ᠳᠤᠷᠠᠢᠯᠭᠠᠵᠠᠢ᠃
ᠴ·ᠯᠣᠳᠤᠢᠳᠠᠮᠪᠠ 《ᠲᠤᠩᠭᠠᠯᠠᠭ ᠲᠠᠮᠢᠷ》 ᠷᠣᠮᠠᠨ ᠳ᠋ᠠᠭᠠᠨ ᠭᠠᠳᠠᠭᠠᠳᠤ ᠶ᠋ᠢᠨ ᠡᠵᠡᠷᠬᠡᠭ ᠦ᠋ᠳ ᠲᠡᠢ ᠰᠦᠯᠪᠡᠭᠡᠯᠳᠡᠭᠰᠡᠨ ᠳᠣᠲᠣᠭᠠᠳᠤ ᠶ᠋ᠢᠨ ᠬᠠᠷ᠎ᠠ ᠰᠢᠷ᠎ᠠ ᠬᠠᠮᠵᠢᠯᠭ᠎ᠠ ᠶ᠋ᠢᠨ ᠡᠵᠡᠳ ᠦ᠋ᠨ ᠶᠡᠬᠡ ᠰᠠᠨᠠᠭ᠎ᠠ᠂ ᠬᠠᠷᠭᠢᠰ ᠶᠠᠪᠤᠳᠠᠯ ᠢ᠋ ᠤᠷᠠᠨ ᠢ᠋ᠶ᠋ᠠᠷ ᠠᠭᠤᠳᠠᠯᠤᠨ ᠢᠯᠡᠷᠡᠭᠦᠯᠵᠡᠢ᠃ ᠡᠭᠦᠨ ᠢ᠋ ᠪᠠᠲᠤᠯᠠᠬᠤ ᠶ᠋ᠢᠨ ᠲᠤᠯᠠᠳᠠ ᠵᠠᠶ᠎ᠠ ᠭᠡᠭᠡᠨ ᠦ᠌ ᠵᠠᠯᠢᠬᠠᠢ ᠶᠠᠪᠤᠳᠠᠯ᠂ ᠤᠵᠢᠳ ᠴᠡᠩᠭᠡᠯ᠂ ᠰᠦᠰᠦᠭᠲᠡᠨ ᠣᠯᠠᠨ ᠤ᠋ ᠳᠣᠲᠣᠷ᠎ᠠ ᠠᠮᠢᠳᠤ ᠪᠤᠷᠬᠠᠨ ᠭᠡᠵᠦ ᠣᠯᠠᠨ ᠦᠶ᠎ᠡ ᠶ᠋ᠢᠨ ᠲᠤᠷᠰᠢ ᠰᠢᠲᠦᠭᠳᠡᠭᠰᠡᠨ ᠪᠣᠭᠳᠠ ᠵᠢᠪᠵᠤᠨᠳᠠᠮᠪᠠ ᠶ᠋ᠢᠨ ᠳᠠᠮᠪᠤᠷᠠᠯ᠂ ᠪᠤᠷᠬᠠᠨ ᠱᠠᠰᠢᠨ ᠢ᠋ᠶ᠋ᠠᠷ ᠲᠦᠷᠦᠭᠦᠦ ᠪᠠᠷᠢᠵᠤ᠂ ᠠᠷᠠᠳ ᠲᠦᠮᠡᠨ ᠦ᠌ ᠡᠰᠡᠷᠭᠦ ᠬᠤᠪᠢᠰᠬᠠᠯ ᠤ᠋ᠨ ᠡᠰᠡᠷᠭᠦᠦ ᠵᠡᠪᠰᠡᠭᠲᠦ ᠪᠣᠰᠤᠯᠭ᠎ᠠ ᠭᠠᠷᠭᠠᠵᠤ ᠲᠡᠭᠦᠨ ᠳ᠋ᠡᠭᠡᠨ ᠲᠦᠭᠵᠢᠯ ᠮᠡᠲᠦ ᠶ᠋ᠢᠨ ᠲᠠᠩᠬᠠᠢ ᠪᠠᠯᠠᠮᠠᠳ ᠡᠲᠡᠭᠡᠳ ᠢ᠋ ᠠᠰᠢᠭᠯᠠᠵᠤ ᠪᠠᠢᠭ᠎ᠠ ᠯᠠᠮᠠ ᠨᠠᠷ ᠤ᠋ᠨ ᠵᠠᠨᠤᠯᠲᠤ ᠶᠠᠪᠤᠳᠠᠯ ᠢ᠋ ᠥᠭᠦᠯᠡᠵᠦ ᠪᠣᠯᠬᠤ ᠶᠤᠮ᠃ ᠪᠠᠰᠠ ᠰᠢᠷ᠎ᠠ ᠶ᠋ᠢ ᠦᠵᠡᠨ ᠰᠢᠷᠪᠠᠵᠤ ᠤᠯᠠᠭᠠᠨ ᠢ᠋ ᠦᠵᠡᠨ ᠤᠷᠪᠠᠵᠤ ᠶᠠᠪᠤᠳᠠᠭ ᠬᠡᠷᠡᠭ ᠬᠡᠷᠴᠡᠭᠡᠢ᠂ ᠵᠢᠰᠤᠷ ᠪᠢᠯᠳᠠᠤᠴᠢ ᠴᠢᠨᠠᠷ ᠢ᠋ ᠨᠢᠳᠦᠨ ᠦ᠌ ᠡᠮᠦᠨ᠎ᠡ ᠦᠵᠡᠭᠳᠡᠲᠡᠯᠡ ᠳᠦᠷᠰᠦᠯᠡᠵᠡᠢ᠃ ᠡᠨᠡ ᠨᠢ ᠲᠣᠪᠴᠢᠨ ᠤ᠋ ᠵᠠᠩ ᠴᠢᠨᠠᠷ ᠢ᠋ᠶ᠋ᠠᠷ ᠲᠣᠳᠣᠷᠠᠵᠤ ᠪᠠᠢᠨ᠎ᠠ᠃ ᠭᠤᠷᠪᠠᠨ ᠤᠯᠤᠰ ᠤ᠋ᠨ ᠭᠡᠷ᠎ᠡ ᠶ᠋ᠢ ᠲᠠᠷᠵᠠ ᠶ᠋ᠢᠨ ᠰᠢᠭᠦᠮᠵᠢᠯᠡᠨ ᠶᠠᠷᠢᠬᠤ ᠳ᠋ᠤ᠌ ᠲᠣᠪᠴᠢᠨ᠄
᠊᠊᠊᠊᠊᠊᠊᠊᠊᠊᠊᠊᠊᠊᠊ ᠲᠠ ᠨᠠᠷ ᠲᠤ᠌ ᠳᠡᠭᠡᠳᠦᠰ ᠢ᠋ ᠰᠢᠭᠦᠮᠵᠢᠯᠡᠨ ᠬᠡᠯᠡᠯᠴᠡᠬᠦ ᠶᠣᠰᠣ ᠪᠠᠢᠬᠤ ᠦᠭᠡᠢ ᠭᠡᠵᠦ ᠠᠭᠤᠷᠯᠠᠵᠤ ᠪᠠᠢᠨ᠎ᠠ᠃ ᠬᠣᠵᠢᠮ ᠨᠢ ᠲᠥᠷᠥ ᠤᠯᠤᠰ ᠢ᠋ ᠤᠰᠠᠳᠬᠠᠬᠤ ᠬᠤᠤᠪᠢᠯᠳᠤᠭᠠᠨ ᠪᠣᠯᠵᠤ ᠪᠠᠢᠬᠤ ᠳ᠋ᠤ᠌ ᠲᠣᠪᠴᠢᠨ ᠠᠯᠠᠭ᠎ᠠ ᠬᠠᠪᠰᠤᠷᠤᠨ᠂ ᠥᠷᠥᠭᠡᠰᠦᠨ ᠨᠢᠳᠦ ᠪᠡᠨ ᠠᠨᠢᠵᠤ ᠬᠣᠭᠣᠯᠠᠢ ᠳ᠋ᠠᠭᠠᠨ ᠢᠨᠢᠶᠡᠨ᠂
᠊᠊᠊᠊᠊᠊᠊᠊᠊᠊᠊᠊᠊᠊᠊ ᠪᠢᠴᠢᠭ ᠴᠡᠷᠢᠭ ᠦ᠋ᠨ ᠲᠦᠰᠢᠮᠡᠳ ᠪᠢᠳᠡᠨ ᠢ᠋ ᠲᠥᠷᠥ ᠶ᠋ᠢᠨ ᠠᠯᠪᠠᠨ ᠳ᠋ᠤ᠌ ᠬᠡᠷᠡᠭᠯᠡᠨ᠂ ᠴᠠᠯᠢᠩ ᠹᠦᠩᠯᠦ ᠶ᠋ᠢ ᠬᠦᠷᠲᠡᠭᠡᠵᠦ ᠪᠠᠢᠬᠤ ᠶ᠋ᠢ ᠬᠦᠰᠡᠵᠦ ᠪᠠᠢᠨ᠎ᠠ᠃ ᠭᠠᠮᠢᠩ ᠨᠢᠷᠭᠡᠭᠦᠯᠵᠦ᠂ ᠪᠠᠷᠤᠨ ᠳᠣᠪᠲᠣᠯᠤᠨ ᠣᠷᠣᠵᠤ ᠢᠷᠡᠬᠦ ᠳ᠋ᠦ᠍ ᠲᠣᠪᠴᠢᠨ ᠭᠡᠮ ᠦᠭᠡᠢ ᠴᠢᠷᠠᠢᠯᠠᠵᠤ᠂ ᠨᠢᠯᠤᠭᠤᠨ ᠠᠷᠭ᠎ᠠ ᠬᠡᠷᠡᠭᠯᠡᠨ᠂ ᠮᠥᠨ ᠴᠦ᠍ ᠥᠨᠳᠥᠷ ᠲᠤᠰᠢᠶᠠᠯ ᠬᠦᠷᠲᠡᠭᠡᠳ᠂ ᠬᠤᠪᠢᠰᠬᠠᠯᠴᠢᠳ ᠲᠤ᠌ ᠪᠠᠯᠠᠭ ᠲᠠᠷᠢᠵᠤ ᠡᠬᠡᠨᠡᠷ ᠢ᠋ᠶ᠋ᠡᠨ ᠬᠦᠷᠲᠡᠯ᠎ᠡ ᠤᠯᠠᠭᠠᠨ ᠤ᠋ ᠲᠠᠩᠨᠠᠭᠤᠯ ᠭᠡᠮᠡᠨ ᠬᠠᠷᠠᠳᠠᠵᠤ᠂ ᠴᠠᠭᠠᠨᠲᠠᠨ ᠤ᠋ ᠭᠠᠷ ᠲᠤ᠌ ᠲᠠᠮᠤᠯᠠᠭᠤᠯᠵᠤ ᠪᠠᠢᠨ᠎ᠠ᠃ ᠲᠣᠪᠴᠢᠨ ᠰᠢᠭ᠋ ᠡᠢᠮᠦ ᠬᠡᠷᠡᠭ ᠬᠡᠷᠴᠡᠭᠡᠢ᠂ ᠵᠢᠰᠤᠷ ᠪᠢᠯᠳᠠᠤᠴᠢ ᠨᠠᠷ ᠬᠤᠪᠢ ᠬᠥᠮᠦᠨ ᠦ᠌ ᠠᠮᠢᠳᠤᠷᠠᠯ ᠳ᠋ᠤ᠌ ᠴᠤ᠌ ᠲᠡᠷᠡ ᠬᠤᠪᠢᠰᠬᠠᠯ ᠤ᠋ᠨ ᠬᠡᠷᠡᠭ ᠲᠦ᠍ ᠴᠦ᠍ ᠲᠡᠷᠡ ᠬᠣᠣᠷ ᠲᠠᠢ ᠪᠢᠯᠡ᠃
ᠴ·ᠯᠣᠳᠤᠢᠳᠠᠮᠪᠠ 《ᠲᠤᠩᠭᠠᠯᠠᠭ ᠲᠠᠮᠢᠷ》 ᠬᠡᠮᠡᠬᠦ ᠷᠣᠮᠠᠨ ᠳ᠋ᠠᠭᠠᠨ ᠭᠠᠳᠠᠭᠠᠳᠤ ᠶ᠋ᠢᠨ ᠡᠵᠡᠷᠬᠡᠭ ᠲᠦᠷᠢᠮᠡᠬᠡᠢ ᠨᠠᠷ ᠬᠢᠭᠡᠳ ᠳᠣᠲᠣᠭᠠᠳᠤ ᠶ᠋ᠢᠨ ᠰᠢᠷ᠎ᠠ ᠬᠠᠷ᠎ᠠ ᠬᠠᠷᠭᠢᠰ ᠤ᠋ᠳ ᠤ᠋ᠨ ᠡᠰᠡᠷᠭᠦ ᠠᠶᠠᠨᠳᠠᠭᠠᠨ ᠭᠠᠷᠤᠭᠰᠠᠨ ᠠᠷᠠᠳ ᠲᠦᠮᠡᠨ ᠦ᠌ ᠳᠤᠷ᠎ᠠ ᠥᠭᠡᠢ᠌ᠴᠡᠯ ᠰᠦᠷᠲᠦ ᠬᠤᠪᠢᠰᠬᠠᠯ ᠪᠣᠯᠤᠨ ᠳᠡᠯᠭᠡᠷᠡᠵᠦ ᠪᠠᠢᠭ᠎ᠠ ᠶ᠋ᠢ ᠬᠠᠷᠠᠭᠤᠯᠵᠠᠢ᠃
ᠭᠠᠮᠢᠩ ᠪᠠᠷᠤᠨ ᠤ᠋ ᠶᠠᠷᠭᠠᠯᠠᠯ ᠪᠠᠳᠮᠠᠳᠣᠷᠵᠢ ᠱᠠᠨᠵᠠᠪ᠂ ᠵᠠᠶ᠎ᠠ ᠶ᠋ᠢᠨ ᠭᠡᠭᠡᠨ ᠦ᠌ ᠬᠢᠨ ᠦ᠌ ᠪᠤᠵᠠᠷ ᠪᠣᠯᠠᠢ ᠬᠡᠷᠡᠭ᠂ ᠲᠣᠪᠴᠢᠨ ᠨᠤᠭᠤᠳ ᠤ᠋ᠨ ᠬᠥᠮᠦᠨ ᠦ᠌ ᠦᠨᠦᠷ ᠦᠭᠡᠢ ᠰᠢᠨᠵᠢ ᠶ᠋ᠢ ᠮᠠᠯᠴᠢᠨ ᠲᠦᠮᠡᠨ ᠡᠷᠳᠡᠨᠢ ᠰᠢᠭ ᠤᠬᠠᠭᠠᠷᠠᠵᠤ᠂ ᠰᠦᠬᠡᠪᠠᠭᠠᠲᠤᠷ ᠤ᠋ᠨ ᠵᠢᠯᠣᠭᠣᠳᠤᠯᠭ᠎ᠠ ᠪᠠᠷ ᠫᠧᠲ᠋ᠷᠴᠤᠳ ᠤ᠋ᠨ ᠲᠤᠰᠠᠯᠠᠮᠵᠢᠲᠠᠢ ᠪᠠᠷ ᠲᠡᠮᠡᠴᠡᠯ ᠳ᠋ᠦ᠍ ᠨᠢᠭᠡᠳᠦᠨ ᠪᠣᠰᠴᠤ ᠬᠤᠪᠢᠰᠬᠠᠯ ᠬᠢᠵᠦ ᠪᠠᠢᠨ᠎ᠠ᠃ ᠲᠥᠷᠥ ᠶ᠋ᠢᠨ ᠬᠡᠷᠡᠭ ᠨᠠᠳᠠ ᠬᠠᠮᠢᠶ᠎ᠠ ᠦᠭᠡᠢ ᠭᠡᠵᠦ ᠦᠵᠡᠨ᠂ ᠠᠮᠢ ᠬᠤᠪᠢ ᠪᠠᠨ ᠪᠣᠳᠣᠵᠤ ᠶᠠᠪᠤᠭᠰᠠᠨ ᠭᠡᠷᠡᠯ ᠬᠡᠦᠬᠡᠨ ᠰᠢᠭ ᠬᠥᠮᠦᠰ ᠬᠦᠷᠲᠡᠯ᠎ᠡ ᠡᠨᠡ ᠲᠡᠮᠡᠴᠡᠯ ᠳ᠋ᠦ᠍ ᠬᠠᠮᠤᠷᠤᠭᠳᠠᠨ᠂ ᠬᠤᠪᠢᠰᠬᠠᠯ ᠤ᠋ᠨ ᠬᠡᠷᠡᠭ ᠢ᠋ ᠠᠮᠢ ᠪᠠᠷ ᠢ᠋ᠶ᠋ᠠᠨ ᠬᠠᠮᠠᠭᠠᠯᠠᠵᠤ ᠪᠠᠢᠨ᠎ᠠ᠂ ᠬᠤᠪᠢᠰᠬᠠᠯ ᠢᠯᠠᠬᠤ ᠲᠠᠢ ᠵᠡᠷᠭᠡ ᠬᠥᠳᠡᠯᠮᠦᠷᠢᠴᠢ ᠲᠦᠮᠡᠨ ᠲᠥᠷᠥ ᠶ᠋ᠢᠨ ᠠᠵᠢᠯ ᠢ᠋ ᠭᠠᠷ ᠲᠠᠭᠠᠨ ᠠᠪᠴᠤ᠂ 《ᠤᠷᠢᠳᠤ ᠪᠣᠳᠣᠵᠤ ᠪᠠᠢᠭ᠎ᠠ ᠦᠭᠡᠢ ᠶᠠᠭᠤᠮ᠎ᠠ ᠶ᠋ᠢ ᠪᠣᠳᠣᠵᠤ ᠣᠯᠬᠤ᠂ ᠰᠢᠢᠳᠴᠦ ᠪᠠᠢᠭ᠎ᠠ ᠦᠭᠡᠢ ᠶᠠᠭᠤᠮ᠎ᠠ ᠶ᠋ᠢ ᠰᠢᠢᠳᠬᠦ᠂ ᠪᠦᠬᠦ ᠶᠠᠭᠤᠮ᠎ᠠ ᠶ᠋ᠢ ᠲᠥᠷᠥ ᠤᠯᠤᠰ ᠤ᠋ᠨ ᠡᠮᠦᠨ᠎ᠡ ᠡᠴᠡ ᠬᠠᠷᠠᠬᠤ ᠬᠡᠷᠡᠭᠲᠡᠢ》 ᠪᠣᠯᠵᠤ ᠪᠠᠢᠨ᠎ᠠ᠃ ᠰᠦᠬᠡᠪᠠᠭᠠᠲᠤᠷ ᠤ᠋ᠨ ᠤᠳᠤᠷᠢᠳᠤᠭᠰᠠᠨ ᠨᠠᠮ ᠲᠥᠷᠥ ᠶ᠋ᠢ ᠤᠳᠤᠷᠢᠳᠤᠨ ᠴᠢᠭᠯᠡᠭᠦᠯᠵᠦ ᠡᠷᠳᠡᠨᠢ᠂ ᠪᠠᠲᠤ᠂ ᠵᠢᠷᠭᠠᠯ ᠨᠠᠷ ᠪᠡᠷᠬᠡᠰᠢᠶᠡᠯ ᠰᠠᠭᠠᠳ ᠡᠴᠡ ᠠᠶᠤᠵᠤ ᠬᠤᠯᠴᠢᠯ ᠦᠭᠡᠢ ᠵᠣᠷᠢᠭᠯᠠᠨ ᠶᠠᠪᠤᠵᠤ᠂ ᠲᠥᠷᠥ ᠶ᠋ᠢᠨ ᠪᠣᠳᠣᠯᠭ᠎ᠠ ᠶ᠋ᠢ ᠪᠡᠶᠡᠯᠡᠭᠦᠯᠵᠦ ᠪᠠᠢᠯ᠎ᠠ᠃ ᠨᠠᠮ᠂ ᠲᠥᠷᠥ ᠪᠡᠨ ᠲᠡᠮᠦᠷ᠂ ᠳᠤᠯᠵᠢᠨ᠂ ᠳᠤᠯᠮ᠎ᠠ᠂ ᠨᠢᠮ᠎ᠠ᠂ ᠢᠲᠡᠭᠡᠯᠲᠦ ᠰᠢᠭ ᠦᠢ ᠲᠦᠮᠡᠨ ᠬᠦᠷᠢᠶᠡᠯᠡᠨ ᠨᠢᠭᠲᠠᠷᠠᠵᠤ᠂ ᠲᠡᠳᠡᠨ ᠦ᠌ ᠪᠠᠷᠢᠮᠲᠠᠯᠠᠭᠰᠠᠨ ᠦᠨᠡᠨ ᠢ᠋ ᠳᠠᠭᠠᠵᠤ᠂ ᠡᠷᠬᠡ ᠴᠢᠯᠥᠭᠡ᠂ ᠵᠣᠯ ᠵᠢᠷᠭᠠᠯ ᠢ᠋ ᠠᠮᠢ ᠪᠡᠶ᠎ᠡ ᠪᠡᠷ ᠢ᠋ᠶ᠋ᠡᠨ ᠬᠠᠮᠠᠭᠠᠯᠠᠵᠤ ᠪᠠᠢᠨ᠎ᠠ᠃ ᠡᠰᠡᠷᠭᠦᠦ ᠪᠣᠰᠤᠯᠭ᠎ᠠ ᠳᠠᠷᠤᠭᠳᠠᠮᠠᠭᠴᠠ ᠠᠮᠢ ᠨᠠᠭᠠᠨ᠎ᠠ ᠲᠠᠮᠤ ᠴᠠᠭᠠᠨ᠎ᠠ ᠠᠭᠤᠯᠠᠨ ᠳ᠋ᠤ᠌ ᠤᠷᠭᠤᠨ ᠭᠠᠷᠤᠭᠰᠠᠨ ᠲᠦᠭᠵᠢᠯ᠂ ᠴᠡᠮᠪᠡ ᠬᠣᠶᠠᠷ ᠢ᠋ ᠤᠷᠠᠨ ᠠᠷᠭ᠎ᠠ᠂ ᠡᠷᠡᠮᠡᠭ ᠵᠣᠷᠢᠭ᠂ ᠤᠷᠠᠨ ᠬᠥᠳᠡᠯᠭᠡᠭᠡᠨ ᠢ᠋ᠶ᠋ᠡᠷ ᠢ᠋ᠶ᠋ᠡᠨ ᠮᠠᠢᠬᠠᠨ ᠳᠣᠣᠷ᠎ᠠ ᠨᠢ ᠳᠠᠷᠤᠭᠠᠳ ᠳᠤᠯᠮ᠎ᠠ᠄ 《ᠣᠪᠣᠢᠭᠰᠠᠨ ᠭᠠᠵᠠᠷ ᠨᠢ ᠪᠦᠳᠦᠭᠦᠨ ᠪᠠᠭᠠᠨ᠎ᠠ ᠪᠠᠷ ᠴᠣᠬᠢᠬᠤ ᠪᠦᠷᠢ ᠳ᠋ᠡᠭᠡᠨ 〈ᠲᠡᠮᠦᠷ ᠦ᠋ᠨ ᠮᠢᠨᠢ ᠬᠠᠷᠢᠭᠤ〉 ᠭᠡᠵᠦ ᠰᠡᠳᠬᠢᠯ ᠳ᠋ᠡᠭᠡᠨ ᠦᠭᠡᠯᠡᠵᠦ》 ᠪᠠᠢᠨ᠎ᠠ᠃
ᠪᠢᠳᠡ 《ᠲᠤᠩᠭᠠᠯᠠᠭ ᠲᠠᠮᠢᠷ》 ᠢ ᠤᠩᠰᠢᠭᠠᠳ᠂ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠠᠷᠠᠳ ᠲᠦᠮᠡᠨ ᠦ᠌ ᠢᠨᠲ᠋ᠧᠷᠨᠠᠼᠢᠤᠨᠠᠯᠴᠢ᠂ ᠠᠬ᠎ᠠ ᠳᠡᠭᠦᠦ ᠶ᠋ᠢᠨ ᠨᠠᠢᠷᠠᠮᠳᠠᠯ ᠤ᠋ᠨ ᠡᠭᠦᠰᠦᠯ ᠬᠥᠭᠵᠢᠯ᠂ ᠰᠢᠯᠭᠠᠯᠲᠠ ᠶ᠋ᠢ ᠲᠤᠩᠭᠠᠯᠠᠭ ᠲᠣᠯᠢ ᠳ᠋ᠤ᠌ ᠬᠠᠷᠠᠵᠤ ᠪᠠᠢᠭ᠎ᠠ ᠶᠤᠮ ᠰᠢᠭ᠋ ᠬᠠᠷᠠᠯ᠎ᠠ᠃ ᠪᠦᠷ ᠬᠤᠪᠢᠰᠬᠠᠯ ᠡᠴᠡ ᠡᠮᠦᠨ᠎ᠡ ᠬᠤᠳᠠᠯᠳᠤᠭᠠᠴᠢᠨ ᠫᠡᠪᠯᠦᠧ ᠶ᠋ᠢᠨ ᠵᠠᠷᠤᠴᠠ᠂ ᠪᠣᠯᠱᠧᠸᠢᠭ ᠫᠧᠲ᠋ᠷ᠂ ᠮᠠᠯᠴᠢᠨ ᠠᠷᠠᠳ ᠤ᠋ᠨ ᠶᠠᠳᠠᠭᠤ ᠵᠦᠳᠡᠭᠦᠦ ᠠᠮᠢᠳᠤᠷᠠᠯ᠂ ᠡᠵᠡᠳ ᠨᠣᠶᠠᠳ ᠤ᠋ᠨ ᠳᠡᠭᠡᠷᠡᠩᠭᠦᠢ ᠬᠠᠷᠭᠢᠰ ᠰᠢᠨᠵᠢ ᠶ᠋ᠢᠨ ᠤᠴᠢᠷ ᠰᠢᠯᠲᠠᠭᠠᠨ ᠢ᠋ ᠥᠭᠦᠯᠡᠭᠡᠳ᠂
᠊᠊᠊᠊᠊᠊᠊᠊᠊᠊᠊᠊᠊᠊᠊ ᠭᠣᠣᠯ ᠨᠢ ᠣᠯᠠᠨ ᠬᠥᠮᠦᠨ ᠨᠢᠭᠡᠳᠪᠡᠯ ᠶᠠᠭᠤ ᠶ᠋ᠢ ᠴᠦ᠍ ᠲᠠᠢᠯᠵᠤ ᠣᠯᠵᠤ ᠴᠢᠳᠠᠳᠠᠭ ᠶᠤᠮ ᠭᠡᠵᠦ ᠡᠷᠳᠡᠨᠢ ᠳ᠋ᠦ᠍ ᠳᠣᠲᠣᠨᠣᠴᠢᠯᠠᠨ ᠬᠡᠯᠡᠵᠦ ᠪᠠᠢᠨ᠎ᠠ᠃ ᠡᠭᠦᠨ ᠦ᠌ ᠦᠨᠡᠨ ᠪᠣᠯᠬᠤ ᠶ᠋ᠢ ᠡᠷᠳᠡᠨᠢ ᠥᠪᠡᠷ ᠦ᠋ᠨ ᠢ᠋ᠶ᠋ᠡᠨ ᠠᠮᠢᠳᠤᠷᠠᠯ ᠢ᠋ᠶ᠋ᠠᠷ ᠣᠢᠯᠠᠭᠠᠵᠤ ᠶᠠᠪᠤᠨ᠎ᠠ᠃ ᠫᠧᠲ᠋ᠷ ᠦ᠋ᠨ ᠡᠨᠡ ᠦᠭᠡ ᠮᠠᠯᠴᠢᠨ ᠣᠯᠠᠨ ᠤ᠋ ᠰᠡᠳᠬᠢᠯ ᠢ᠋ ᠡᠵᠡᠮᠳᠡᠨ ᠠᠪᠴᠤ᠂ ᠶᠠᠮᠠᠷ ᠴᠤ᠌ ᠬᠠᠷᠭᠢᠰᠯᠠᠯ ᠳ᠋ᠤ᠌ ᠢᠯᠠᠭᠳᠠᠰᠢ ᠦᠭᠡᠢ ᠬᠦᠴᠦᠨ ᠪᠣᠯᠵᠤ ᠬᠤᠪᠢᠷᠠᠭᠰᠠᠨ ᠶᠤᠮ᠃ ᠠᠷᠠᠳ ᠤ᠋ᠨ ᠬᠤᠪᠢᠰᠬᠠᠯ ᠤ᠋ᠨ ᠳᠠᠷᠠᠭ᠎ᠠ ᠴᠤ᠌ ᠭᠡᠰᠡᠨ ᠫᠧᠲ᠋ᠷ ᠵᠥᠪᠯᠡᠯᠲᠦ ᠵᠠᠰᠠᠭ ᠤ᠋ᠨ ᠪᠣᠳᠣᠯᠭ᠎ᠠ᠂ ᠯᠧᠨᠢᠨ ᠦ᠌ ᠦᠵᠡᠯ ᠢ᠋ ᠡᠷᠳᠡᠨᠢ ᠳ᠋ᠦ᠍ ᠲᠠᠢᠯᠪᠤᠷᠢᠯᠠᠨ ᠶᠠᠷᠢᠵᠤ ᠶᠠᠪᠤᠨ᠎ᠠ᠃ ᠡᠷᠳᠡᠨᠢ ᠵᠥᠪᠯᠡᠯᠲᠦ ᠶ᠋ᠢᠨ ᠠᠷᠠᠳ ᠲᠦᠮᠡᠨ ᠦ᠌ ᠲᠤᠰᠠᠯᠠᠮᠵᠢ ᠶ᠋ᠢ ᠨᠢᠳᠦ ᠪᠡᠷ ᠢ᠋ᠶ᠋ᠡᠨ ᠦᠵᠡᠵᠦ᠂ ᠠᠮᠢᠳᠤᠷᠠᠯ ᠢ᠋ᠶ᠋ᠠᠷ ᠢ᠋ᠶ᠋ᠠᠨ ᠬᠦᠷᠲᠡᠵᠦ ᠶᠠᠪᠤᠭ᠎ᠠ ᠳ᠋ᠠᠭᠠᠨ ᠪᠠᠬᠠᠷᠬᠠᠨ ᠬᠡᠯᠡᠬᠦ ᠳ᠋ᠡᠭᠡᠨ᠄
᠊᠊᠊᠊᠊᠊᠊᠊᠊᠊᠊᠊᠊᠊᠊ ᠲᠠ ᠨᠠᠷ ᠪᠢᠳᠡᠨ ᠳ᠋ᠦ᠍ ᠶᠡᠬᠡ ᠲᠤᠰᠠ ᠪᠣᠯᠤᠯ᠎ᠠ ᠳᠠ᠃ ᠲᠠ ᠪᠦᠬᠦᠨ ᠦ᠌ ᠠᠴᠢ ᠬᠦᠴᠦ ᠪᠡᠷ ᠤᠯᠤᠰ ᠣᠷᠣᠨ ᠳ᠋ᠠᠭᠠᠨ ᠪᠢᠳᠡ ᠡᠵᠡᠨ ᠨᠢ ᠪᠣᠯᠪᠠ᠃ ᠮᠣᠩᠭᠣᠯ ᠬᠥᠮᠦᠨ ᠡᠨᠡ ᠠᠴᠢ ᠶ᠋ᠢ ᠦᠶ᠎ᠡ ᠶ᠋ᠢᠨ ᠦᠶ᠎ᠡ ᠳ᠋ᠦ᠍ ᠮᠠᠷᠲᠠᠬᠤ ᠦᠭᠡᠢ ᠭᠡᠵᠦ ᠪᠠᠢᠨ᠎ᠠ᠃ ᠢᠩᠭᠢᠭᠡᠳ ᠲᠡᠷᠡ ᠬᠣᠶᠠᠷ ᠠᠷᠠᠳ ᠤ᠋ᠨ ᠬᠤᠪᠢᠰᠬᠠᠯ ᠤ᠋ᠨ ᠰᠢᠨᠵᠢ ᠴᠢᠨᠠᠷ ᠤ᠋ᠨ ᠲᠤᠬᠠᠢ᠂ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠠᠷᠠᠳ ᠲᠦᠮᠡᠨ ᠦ᠌ ᠠᠬ᠎ᠠ ᠳᠡᠭᠦᠦ ᠶ᠋ᠢᠨ ᠨᠠᠢᠷᠠᠮᠳᠠᠯ ᠤ᠋ᠨ ᠬᠡᠳᠦ ᠶ᠋ᠢᠨ ᠲᠥᠯᠥᠪ ᠦ᠋ᠨ ᠲᠤᠬᠠᠢ ᠬᠥᠭᠡᠷᠦᠯᠳᠦᠵᠦ ᠪᠠᠢᠨ᠎ᠠ᠃ ᠡᠷᠳᠡᠨᠢ ᠫᠧᠲ᠋ᠷ ᠬᠣᠶᠠᠷ ᠤ᠋ᠨ ᠨᠥᠬᠥᠷᠯᠡᠯ ᠪᠣᠯ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠠᠷᠠᠳ ᠲᠦᠮᠡᠨ ᠦ᠌ ᠠᠬ᠎ᠠ ᠳᠡᠭᠦᠦ ᠶ᠋ᠢᠨ ᠪᠠᠷᠢᠯᠳᠤᠯᠭ᠎ᠠ ᠶ᠋ᠢᠨ ᠲᠣᠯᠢ ᠮᠥᠨ᠃
ᠤᠩᠰᠢᠭᠴᠢ ᠶ᠋ᠢᠨ ᠰᠡᠳᠬᠢᠯ ᠢ᠋ ᠪᠤᠯᠢᠶᠠᠬᠤ ᠤᠷᠠᠨ ᠵᠣᠬᠢᠶᠠᠯ ᠤ᠋ᠨ ᠤᠪᠠᠳᠢᠰ ᠪᠣᠯ ᠬᠥᠮᠦᠵᠢᠯ ᠦ᠋ᠨ ᠬᠠᠮᠲᠤ ᠰᠢᠮ᠎ᠡ ᠶ᠋ᠢ ᠰᠢᠩᠭᠡᠭᠡᠭᠰᠡᠨ ᠤᠷᠠᠨ ᠳᠦᠷᠢ ᠪᠢᠯᠡ᠃ ᠵᠣᠬᠢᠶᠠᠯᠴᠢ ᠯ·ᠲᠦᠳᠦᠪ 1967 ᠣᠨ ᠳ᠋ᠤ᠌ ᠪᠢᠴᠢᠭᠰᠡᠨ 《ᠰᠡᠳᠬᠢᠯ ᠡᠵᠡᠮᠳᠡᠨ ᠳᠠᠭᠤᠯᠠᠭᠴᠢ》 ᠬᠡᠮᠡᠬᠦ ᠥᠭᠦᠯᠡᠯ ᠳ᠋ᠡᠭᠡᠨ᠄
᠊᠊᠊᠊᠊᠊᠊᠊᠊᠊᠊᠊᠊᠊᠊ ᠬᠥᠮᠦᠨ ᠦ᠌ ᠠᠮᠢᠳᠤᠷᠠᠯ ᠢ᠋ ᠨᠡᠪᠲᠡ ᠬᠠᠷᠠᠵᠤ ᠰᠡᠳᠬᠢᠯ ᠦ᠋ᠨ ᠲᠦᠮᠡᠨ ᠡᠬᠡᠰᠢᠭ ᠠᠪᠢᠶ᠎ᠠ ᠶ᠋ᠢ ᠨᠢᠭᠡ ᠳ᠋ᠦ᠍ ᠨᠢᠭᠡᠨ ᠦᠭᠡᠢ ᠰᠤᠩᠭ᠋ᠤᠨ ᠢᠯᠭᠠᠵᠤ᠂ ᠵᠢᠷᠦᠬᠡᠨ ᠦ᠌ ᠲᠤᠰᠢᠶᠠᠯ ᠢ᠋ᠶ᠋ᠠᠷ ᠪᠢᠴᠢᠳᠡᠭ ᠬᠥᠮᠦᠨ ᠦ᠌ ᠦᠵᠦᠭ ᠦ᠋ᠨ ᠳᠣᠣᠷ᠎ᠠ ᠡᠴᠡ 《ᠲᠤᠩᠭᠠᠯᠠᠭ ᠲᠠᠮᠢᠷ》 ᠤᠷᠤᠰᠤᠨ ᠭᠠᠷᠴᠠᠢ ᠭᠡᠵᠦ ᠪᠢᠴᠢᠵᠡᠢ᠃ ᠦᠨᠡᠬᠡᠷ ᠲᠡᠢᠮᠦ ᠠ᠋᠃ 《ᠲᠤᠩᠭᠠᠯᠠᠭ ᠲᠠᠮᠢᠷ》 ᠷᠣᠮᠠᠨ ᠤ᠋ ᠨᠢᠭᠡ ᠵᠠᠭᠤᠨ ᠭᠤᠴᠢᠭᠠᠳ ᠪᠠᠭᠠᠲᠤᠷ ᠪᠦᠷᠢ ᠶ᠋ᠢᠨ ᠵᠠᠩ ᠲᠥᠷᠬᠦ᠂ ᠬᠤᠪᠢ ᠵᠠᠶᠠᠭ᠎ᠠ᠂ ᠥᠭᠡᠷ᠎ᠡ ᠥᠭᠡᠷ᠎ᠡ ᠪᠢᠯᠡ᠃ ᠲᠡᠷᠡ ᠨᠢ ᠶᠡᠷᠦᠩᠬᠡᠢ ᠳ᠋ᠡᠭᠡᠨ ᠭᠤᠷᠪᠠᠨ ᠦᠶ᠎ᠡ ᠶ᠋ᠢᠨ ᠬᠥᠮᠦᠨ ᠦ᠌ ᠰᠢᠨᠵᠢ ᠲᠥᠷᠬᠦ᠂ ᠦᠵᠡᠯ ᠰᠠᠨᠠᠭ᠎ᠠ᠂ ᠬᠤᠪᠢ ᠵᠠᠶᠠᠭ᠎ᠠ ᠶ᠋ᠢ ᠳᠤᠷᠠᠢᠯᠭᠠᠵᠤ ᠪᠠᠢᠨ᠎ᠠ᠃ ᠨᠢᠭᠡᠳᠦᠭᠡᠷ ᠦᠶ᠎ᠡ ᠶ᠋ᠢᠨ ᠬᠢᠨ ᠨᠢ ᠬᠠᠮᠵᠢᠯᠭᠠᠲᠤ ᠨᠡᠢᠭᠡᠮ ᠦ᠋ᠨ ᠬᠠᠷᠠᠩᠭᠤᠢ ᠶᠣᠰᠣ᠂ ᠪᠤᠷᠬᠠᠨ ᠱᠠᠰᠢᠨ ᠤ᠋ ᠪᠤᠷᠤᠩᠬᠤᠢ ᠨᠣᠮᠯᠠᠯ ᠳ᠋ᠤ᠌ ᠳᠦᠢᠷᠡᠨ ᠮᠠᠩᠰᠢᠭᠤᠷᠠᠵᠤ᠂ ᠠᠮᠢᠳᠤᠷᠠᠯ ᠤ᠋ᠨ ᠢ᠋ᠶ᠋ᠠᠨ ᠰᠠᠢᠨ ᠰᠠᠢᠬᠠᠨ ᠢ᠋ ᠬᠣᠢᠲᠤ ᠨᠠᠰᠤᠨ ᠳ᠋ᠠᠭᠠᠨ ᠳᠠᠭᠠᠳᠬᠠᠨ ᠵᠠᠯᠪᠠᠷᠢᠵᠤ᠂ ᠡᠨᠡ ᠨᠠᠰᠤᠨ ᠤ᠋ ᠪᠠᠨ ᠵᠣᠪᠠᠯᠠᠩ ᠵᠦᠳᠡᠭᠦᠷᠢ᠂ ᠣᠢ ᠭᠠᠰᠢᠭᠤᠨ ᠢ᠋ ᠬᠦᠯᠢᠴᠡᠨ ᠨᠠᠮᠠᠨᠴᠢᠯᠠᠵᠤ ᠶᠠᠪᠤᠨ᠎ᠠ᠃ ᠳᠤᠯᠵᠢᠨ᠂ ᠬᠡᠰᠢᠭᠲᠦ ᠨᠠᠷ ᠤ᠋ᠨ ᠳᠦᠷᠢ ᠶᠠᠭ ᠡᠢᠮᠦ ᠪᠢᠯᠡ᠃ ᠡᠢᠮᠦ ᠪᠠᠢᠳᠠᠯ ᠨᠢ ᠨᠡᠢᠭᠡᠮ ᠦ᠋ᠨ ᠪᠦᠭᠴᠢᠮ ᠬᠠᠷᠠᠩᠬᠤᠢ ᠡᠴᠡ ᠭᠠᠷᠴᠤ ᠤᠬᠠᠭᠠᠨ ᠮᠡᠳᠡᠷᠡᠯ ᠢ᠋ᠶ᠋ᠡᠨ ᠰᠡᠷᠭᠦᠭᠡᠬᠦ ᠳ᠋ᠦ᠍ ᠶᠠᠮᠠᠷ ᠴᠤ᠌ ᠬᠤᠪᠢ ᠨᠡᠮᠡᠷᠢ ᠣᠷᠣᠭᠤᠯᠵᠤ ᠴᠢᠳᠠᠭ᠎ᠠ ᠦᠭᠡᠢ ᠬᠠᠷᠢᠨ ᠨᠡᠷᠮᠡᠭᠡᠰᠦ ᠪᠣᠯᠵᠤ ᠪᠠᠢᠭᠰᠠᠨ ᠲᠡᠦᠬᠡ ᠲᠡᠢ᠃ ᠡᠭᠦᠨ ᠦ᠌ ᠭᠠᠢ ᠪᠠᠷ ᠮᠣᠩᠭᠣᠯ ᠣᠷᠣᠨ ᠬᠣᠴᠣᠷᠴᠤ ᠬᠥᠮᠦᠨ ᠠᠷᠠᠳ ᠨᠢ ᠪᠤᠶᠠᠨ ᠬᠡᠰᠢᠭ ᠢ᠋ᠶ᠋ᠡᠨ ᠤᠬᠢᠶᠠᠴᠢᠬᠠᠭᠤᠵᠠᠢ ᠭᠡᠵᠦ ᠡᠮᠢᠶᠡᠭᠰᠡᠭᠡᠷ ᠶᠠᠪᠤᠭᠠᠳ ᠭᠬᠢᠷ ᠪᠤᠷᠲᠠᠭ ᠡᠴᠡ ᠪᠠᠨ ᠰᠠᠯᠵᠤ ᠴᠢᠳᠠᠬᠤ ᠪᠠᠨ ᠪᠣᠯᠢᠭᠰᠠᠨ ᠪᠠᠢᠯ᠎ᠠ᠃ ᠬᠣᠶᠠᠳᠤᠭᠠᠷ ᠦᠶ᠎ᠡ ᠶ᠋ᠢᠨ ᠬᠢᠨ ᠨᠢ ᠲᠡᠮᠡᠴᠡᠯ ᠪᠣᠯ ᠨᠢᠭᠦᠯ ᠪᠢᠰᠢ ᠪᠤᠶᠠᠨ᠂ ᠬᠥᠳᠡᠯᠮᠦᠷᠢ ᠪᠣᠯ ᠲᠠᠮᠤ ᠪᠢᠰᠢ ᠵᠢᠷᠭᠠᠯ ᠮᠥᠨ ᠬᠡᠮᠡᠭᠰᠡᠨ ᠬᠤᠪᠢᠰᠬᠠᠯ ᠤ᠋ᠨ ᠪᠦᠷᠢᠶᠡᠨ ᠳᠠᠭᠤ ᠪᠠᠷ ᠣᠯᠠᠨ ᠵᠠᠭᠤᠨ ᠵᠢᠯ ᠦ᠋ᠨ ᠨᠣᠢᠷ ᠡᠴᠡ ᠰᠡᠷᠢᠵᠦ ᠪᠠᠢᠨ᠎ᠠ᠃ ᠴᠢᠩ ᠵᠣᠷᠢᠭᠲᠤ ᠰᠦᠬᠡᠪᠠᠭᠠᠲᠤᠷ᠄
᠊᠊᠊᠊᠊᠊᠊᠊᠊᠊᠊᠊᠊᠊᠊ ᠪᠢᠳᠡ ᠨᠢᠭᠡᠨ ᠰᠠᠨᠠᠭ᠎ᠠ ᠨᠡᠢᠲᠡ ᠶ᠋ᠢᠨ ᠬᠦᠴᠦ ᠪᠡᠨ ᠨᠢᠭᠡᠳᠬᠡᠨ ᠵᠢᠳᠬᠦᠪᠡᠯ ᠬᠦᠷᠬᠦ ᠦᠭᠡᠢ ᠭᠠᠵᠠᠷ᠂ ᠮᠡᠳᠡᠬᠦ ᠦᠭᠡᠢ᠂ ᠴᠢᠳᠠᠬᠤ ᠦᠭᠡᠢ ᠶᠠᠭᠤᠮ᠎ᠠ ᠪᠠᠢᠬᠤ ᠦᠭᠡᠢ᠃ ᠪᠢᠳᠡᠨ ᠳ᠋ᠦ᠍ ᠣᠷᠣᠰ ᠤ᠋ᠨ ᠠᠵᠢᠯᠴᠢᠨ᠂ ᠲᠠᠷᠢᠶᠠᠴᠢᠨ᠂ ᠵᠥᠪᠯᠡᠯᠲᠦ ᠵᠠᠰᠠᠭ ᠪᠣᠯᠱᠧᠸᠢᠭ ᠨᠠᠮ ᠲᠤᠰᠠᠯᠠᠨ᠎ᠠ ᠭᠡᠵᠦ ᠣᠯᠠᠨ ᠲᠦᠮᠡᠨ ᠳ᠋ᠦ᠍ ᠢᠲᠡᠭᠡᠯ ᠲᠡᠭᠦᠰ ᠲᠤᠩᠬᠠᠭᠯᠠᠵᠤ ᠪᠠᠢᠨ᠎ᠠ᠃ ᠰᠦᠬᠡᠪᠠᠭᠠᠲᠤᠷ ᠤ᠋ᠨ ᠡᠨᠡ ᠦᠭᠡ ᠪᠡᠷ ᠢᠲᠡᠭᠡᠯ᠂ ᠵᠣᠷᠢᠭ ᠡᠪ ᠨᠢᠭᠡᠳᠦᠯ ᠢ᠋ᠶ᠋ᠡᠨ ᠪᠣᠯᠭᠠᠭᠰᠠᠨ ᠡᠷᠳᠡᠨᠢ᠂ ᠭᠠᠯᠰᠠᠩ᠂ ᠬᠤᠶᠠᠭ᠂ ᠳᠣᠷᠵᠢ᠂ ᠲᠤᠯᠭᠠᠷ᠂ ᠳᠤᠯᠮ᠎ᠠ ᠨᠠᠷ ᠨᠡᠢᠭᠡᠮ ᠢ᠋ ᠰᠢᠨᠡᠴᠢᠯᠡᠵᠦ᠂ ᠠᠭᠤᠯᠠ ᠶ᠋ᠢ ᠡᠷᠭᠢᠭᠦᠯᠬᠦ ᠬᠦᠴᠦᠲᠡᠨ ᠨᠦ᠍ᠭᠦᠳ ᠪᠣᠯᠵᠠᠢ᠃ ᠲᠡᠳᠡ ᠬᠤᠪᠢᠰᠬᠠᠯ ᠬᠢᠵᠦ ᠠᠮᠢᠳᠤᠷᠠᠯ ᠢ᠋ᠶ᠋ᠠᠨ ᠰᠢᠨ᠎ᠡ ᠪᠡᠷ ᠵᠣᠬᠢᠶᠠᠵᠤ ᠡᠬᠢᠯᠡᠯ᠎ᠡ᠃ ᠭᠤᠷᠪᠠᠳᠤᠭᠠᠷ ᠦᠶ᠎ᠡ ᠶ᠋ᠢᠨ ᠬᠢᠨ ᠨᠢ ᠬᠤᠪᠢᠰᠬᠠᠯ ᠤ᠋ᠨ ᠬᠡᠷᠡᠭ ᠢ᠋ ᠵᠠᠯᠭᠠᠮᠵᠢᠯᠠᠨ ᠠᠪᠴᠤ᠂ ᠭᠦᠨᠵᠡᠭᠡᠢᠷᠡᠭᠦᠯᠦᠨ ᠰᠢᠨ᠎ᠡ ᠨᠡᠢᠭᠡᠮ ᠢ᠋ ᠪᠠᠢᠭᠤᠯᠬᠤ ᠰᠢᠨᠵᠢᠯᠡᠬᠦ ᠤᠬᠠᠭᠠᠨ ᠢ᠋ ᠡᠵᠡᠮᠰᠢᠬᠦ ᠬᠤᠪᠢ ᠵᠠᠶᠠᠭ᠎ᠠ ᠶ᠋ᠢ ᠲᠡᠦᠬᠡ ᠶ᠋ᠢᠨ ᠶᠠᠪᠤᠴᠠ ᠪᠠᠷ ᠬᠦᠯᠢᠶᠡᠵᠦ ᠠᠪᠤᠭᠰᠠᠨ ᠶᠤᠮ᠃ ᠲᠡᠢᠮᠦ ᠬᠤᠪᠢ ᠵᠠᠶᠠᠭ᠎ᠠ ᠪᠠᠨ ᠬᠠᠮᠠᠭᠠᠯᠠᠨ ᠲᠡᠮᠡᠴᠡᠵᠦ ᠶᠠᠪᠤᠭ᠎ᠠ ᠪᠠᠲᠤ᠂ ᠵᠢᠷᠭᠠᠯ ᠨᠠᠷ ᠤ᠋ᠨ ᠳᠦᠷᠢ ᠶ᠋ᠢ ᠦᠵᠡᠬᠦ ᠳ᠋ᠦ᠍ ᠪᠠᠬ᠎ᠠ ᠲᠠᠢ᠃
ᠣᠯᠠᠨ ᠤ᠋ ᠳᠣᠲᠣᠷ᠎ᠠ ᠡᠴᠡ ᠣᠨᠴᠣᠭᠣᠢ᠂ ᠳᠦᠷᠢ ᠨᠦ᠍ᠭᠦᠳ ᠦ᠋ᠨ ᠳᠣᠲᠣᠷ᠎ᠠ ᠡᠴᠡ ᠭᠣᠣᠯ ᠭᠡᠵᠦ ᠪᠣᠢ᠃ ᠡᠷᠳᠡᠨᠢ ᠶ᠋ᠢᠨ ᠳᠦᠷᠢ ᠪᠣᠯ 《ᠲᠤᠩᠭᠠᠯᠠᠭ ᠲᠠᠮᠢᠷ》 ᠷᠣᠮᠠᠨ ᠤ᠋ ᠦᠢᠯᠡ ᠶᠠᠪᠤᠳᠠᠯ᠂ ᠦᠵᠡᠯ ᠰᠠᠨᠠᠭ᠎ᠠ᠂ ᠵᠥᠷᠢᠴᠡᠯ ᠲᠡᠮᠡᠴᠡᠯ ᠦ᠋ᠨ ᠬᠦᠪᠦᠷᠡᠬᠦ ᠵᠠᠩᠭᠢᠷᠠᠬᠤ ᠭᠣᠣᠯ ᠭᠣᠭᠴᠣᠭ᠎ᠠ ᠪᠣᠯᠵᠤ ᠪᠠᠢᠨ᠎ᠠ᠃ ᠵᠥᠪᠯᠡᠯᠲᠦ ᠶ᠋ᠢᠨ ᠡᠷᠳᠡᠮᠲᠡᠨ ᠯ·ᠺ᠊·ᠭᠧᠷᠡᠰᠢᠮᠦᠸᠢᠴᠢ ᠶ᠋ᠢᠨ ᠰᠢᠨᠵᠢᠯᠡᠨ ᠳ᠋ᠦᠩᠨᠡᠭᠰᠡᠨ ᠢ᠋ᠶ᠋ᠡᠷ ᠡᠷᠳᠡᠨᠢ ᠵᠠᠷᠤᠴᠠ ᠶᠠᠳᠠᠭᠤ ᠡᠴᠡ ᠪᠠᠨ ᠤᠬᠠᠮᠰᠠᠷᠲᠠᠢ ᠬᠤᠪᠢᠰᠬᠠᠯᠴᠢ ᠪᠣᠯᠲᠠᠯ᠎ᠠ ᠪᠠᠨ ᠪᠡᠶ᠎ᠡ ᠪᠡᠶ᠎ᠡ ᠲᠡᠢ ᠪᠡᠨ ᠣᠷᠢᠶᠠᠴᠠᠯᠳᠤᠨ ᠡᠭᠡᠳᠡᠷᠡᠭᠰᠡᠨ ᠨᠠᠷᠢᠨ ᠲᠦᠪᠡᠭᠲᠡᠢ ᠤᠷᠲᠤ ᠵᠠᠮ ᠢ᠋ ᠳᠣᠭᠣᠯᠵᠠᠢ᠃ ᠲᠡᠷᠡ ᠨᠢ ᠨᠤᠲᠤᠭ ᠤ᠋ᠨ ᠲᠠᠢᠵᠢ ᠨᠠᠷ ᠤ᠋ᠨ ᠳᠠᠷᠤᠯᠠᠯ ᠮᠥᠯᠵᠢᠯ ᠢ᠋ ᠲᠡᠰᠴᠦ ᠶᠠᠳᠠᠨ᠂ ᠴᠢᠯᠥᠭᠡᠲᠦ ᠠᠮᠢᠳᠤᠷᠠᠯ ᠢ᠋ ᠬᠠᠢᠵᠤ᠂ ᠬᠡᠳᠦᠨ ᠵᠠᠭᠤᠨ ᠺᠢᠯᠣᠮᠧᠲ᠋ᠷ ᠢ᠋ ᠲᠤᠭᠤᠯᠤᠨ ᠨᠡᠭᠦᠵᠦ᠂ ᠠᠯᠲᠠᠢ ᠡᠴᠡ ᠬᠠᠩᠬᠠᠢ ᠶ᠋ᠢᠨ ᠨᠢᠷᠤᠭᠤ᠂ ᠲᠠᠮᠢᠷ ᠤ᠋ᠨ ᠭᠣᠣᠯ ᠳ᠋ᠤ᠌ ᠬᠦᠷᠴᠦ ᠢᠷᠡᠭᠰᠡᠨ ᠪᠣᠯᠪᠠᠴᠤ ᠰᠠᠢᠨ ᠰᠠᠢᠬᠠᠨ ᠠᠮᠢᠳᠤᠷᠠᠯ ᠢ᠋ ᠣᠯᠵᠤ ᠦᠵᠡᠭᠰᠡᠨ ᠦᠭᠡᠢ᠃ ᠡᠷᠳᠡᠨᠢ ᠪᠣᠯ ᠡᠴᠡᠵᠦ ᠶᠠᠳᠠᠷᠠᠬᠤ ᠶ᠋ᠢ ᠮᠡᠳᠡᠳᠡᠭ ᠦᠭᠡᠢ᠂ ᠡᠷᠡᠯᠬᠡᠭ ᠵᠣᠷᠢᠭᠲᠠᠢ᠂ ᠲᠤᠩ ᠬᠡᠷᠰᠡᠦ᠂ ᠰᠢᠨᠲᠠᠷᠠᠰᠢ ᠦᠭᠡᠢ ᠡᠷ᠎ᠡ ᠪᠢᠯᠡ᠃ ᠲᠡᠭᠦᠨ ᠦ᠌ ᠪᠡᠨ ᠬᠦᠴᠦ ᠪᠡᠷ ᠵᠠᠶ᠎ᠠ ᠶ᠋ᠢᠨ ᠭᠡᠭᠡᠨ ᠦ᠌ ᠬᠡᠢᠳ ᠦ᠋ᠨ ᠬᠢᠨ ᠦ᠌ ᠤᠵᠢᠳ ᠴᠡᠩᠭᠡᠯ᠂ ᠢᠲᠡᠭᠡᠯᠲᠦ ᠶ᠋ᠢᠨ ᠤᠷᠠᠬ᠎ᠠ ᠡᠴᠡ ᠵᠢᠭᠤᠲᠠᠨ ᠵᠠᠢᠯᠠᠵᠤ᠂ ᠶᠡᠬᠡ ᠬᠦᠷᠢᠶ᠎ᠡ ᠣᠷᠣᠵᠤ ᠢᠷᠡᠭᠡᠳ᠂ ᠮᠤᠩᠭ᠋ᠠᠨᠢᠵᠤ ᠶᠠᠪᠤᠭᠰᠠᠭᠠᠷ ᠵᠠᠮ ᠢ᠋ᠶ᠋ᠠᠨ ᠰᠠᠶᠢ ᠣᠯᠵᠤ ᠪᠠᠢᠨ᠎ᠠ᠃ ᠡᠷᠳᠡᠨᠢ ᠶ᠋ᠢᠨ ᠰᠡᠳᠬᠢᠯ ᠢ᠋ ᠴᠠᠭ ᠲᠥᠷᠥ ᠶ᠋ᠢᠨ ᠦᠢᠮᠡᠭᠡᠨ ᠶᠡᠬᠡ ᠲᠠᠲᠠᠵᠤ᠂ ᠭᠠᠭᠴᠠᠬᠦ ᠬᠤᠪᠢᠰᠬᠠᠯ ᠨᠢᠳᠦ ᠶ᠋ᠢ ᠨᠢ ᠨᠡᠭᠡᠭᠡᠵᠦ ᠥᠭᠴᠡᠢ᠃ ᠠᠮᠢᠳᠤᠷᠠᠯ ᠤ᠋ᠨ ᠶᠡᠬᠡ ᠰᠤᠷᠭᠠᠭᠤᠯᠢ ᠭᠣᠣᠯᠴᠢ᠂ ᠵᠠᠷᠴᠢᠮᠴᠢ ᠴᠢᠨᠠᠷ ᠢ᠋ ᠡᠷᠳᠡᠨᠢ ᠳ᠋ᠦ᠍ ᠪᠣᠢ ᠪᠣᠯᠭᠠᠵᠠᠢ᠃ ᠡᠷᠳᠡᠨᠢ ᠬᠤᠪᠢᠰᠬᠠᠯ ᠤ᠋ᠨ ᠠᠩᠬᠠᠨ ᠤ᠋ ᠡᠳᠦᠷ ᠡᠴᠡ ᠡᠬᠢᠯᠡᠭᠡᠳ ᠨᠠᠮ᠂ ᠤᠯᠤᠰ ᠤ᠋ᠨ ᠠᠵᠢᠯ ᠳ᠋ᠤ᠌ ᠵᠢᠳᠬᠦᠨ ᠶᠠᠪᠤᠭᠰᠠᠭᠠᠷ ᠶᠠᠮᠠᠷ ᠴᠤ᠌ ᠪᠤᠳᠤᠯᠢᠶᠠᠨ ᠲᠠᠢ ᠰᠢᠷᠦᠭᠦᠨ ᠦᠶ᠎ᠡ ᠳ᠋ᠦ᠍ ᠨᠣᠶᠠᠨ ᠨᠢᠷᠤᠭᠤ ᠠᠯᠳᠠᠳᠠᠭ ᠦᠭᠡᠢ ᠨᠡᠢᠭᠡᠮ᠂ ᠲᠥᠷᠥ ᠶ᠋ᠢᠨ ᠵᠢᠳᠬᠦᠯᠲᠡᠨ ᠪᠣᠯᠵᠠᠢ᠃ ᠢᠩᠭᠢᠬᠦ ᠳ᠋ᠦ᠍ ᠢᠲᠡᠭᠡᠯᠲᠦ ᠪᠣᠯ ᠠᠯᠢ ᠴᠤ᠌ ᠨᠡᠢᠭᠡᠮ ᠦ᠋ᠨ ᠶᠠᠮᠠᠷ ᠴᠤ᠌ ᠦᠶ᠎ᠡ ᠳ᠋ᠦ᠍᠂ ᠲᠡᠮᠡᠴᠡᠯ ᠲᠤᠯᠤᠯᠳᠤᠭᠠᠨ ᠤ᠋ ᠶᠠᠮᠠᠷ ᠴᠤ᠌ ᠡᠭᠡᠵᠢᠭ ᠲᠡᠢ ᠰᠢᠷᠦᠭᠦᠨ ᠴᠠᠭ ᠲᠤ᠌ ᠪᠠᠢᠳᠠᠯ ᠢ᠋ ᠨᠠᠷᠢᠨ ᠠᠵᠢᠭᠯᠠᠵᠤ᠂ ᠠᠮᠢ ᠪᠠᠨ ᠠᠷᠭᠠᠯᠠᠵᠤ ᠠᠶᠠᠲᠠᠢᠬᠠᠨ ᠠᠮᠢᠳᠤᠷᠠᠵᠤ ᠴᠢᠳᠠᠳᠠᠭ᠂ ᠶᠠᠭᠤᠮᠠᠨ ᠤ᠋ ᠡᠪ ᠢ᠋ ᠣᠯᠬᠤ ᠠᠪᠬᠠᠯᠵᠢᠲᠠᠢ ᠣᠪᠵᠢᠨ ᠬᠥᠮᠦᠨ ᠦ᠌ ᠳᠦᠷᠢ ᠮᠥᠨ᠃ ᠲᠡᠷᠡ ᠨᠢ ᠮᠠᠨ ᠤ᠋ ᠵᠠᠷᠢᠮ ᠰᠢᠭᠦᠮᠵᠢᠯᠡᠭᠴᠢ ᠰᠤᠳᠤᠯᠤᠭᠴᠢ ᠨᠠᠷ ᠤ᠋ᠨ ᠦᠵᠡᠳᠡᠭ ᠢ᠋ᠶ᠋ᠡᠷ ᠭᠧᠦᠷᠭᠢ ᠮᠸᠯᠸᠬᠤᠸ ᠤ᠋ᠨ ᠬᠠᠭᠤᠯᠪᠤᠷᠢ ᠪᠢᠰᠢ᠂ ᠬᠠᠷᠢᠨ ᠰᠢᠳᠤᠷᠭᠤ᠂ ᠨᠢᠭᠦᠯᠡᠰᠦᠩᠭᠦᠢ᠂ ᠡᠯᠢᠭᠡᠰᠡᠭ ᠥᠪᠡᠷᠮᠢᠴᠡ ᠰᠢᠨᠵᠢ ᠲᠡᠢ ᠪᠢᠯᠡ᠃ ᠢᠲᠡᠭᠡᠯᠲᠦ ᠶᠠᠪᠤᠭᠠᠨ ᠳ᠋ᠠᠭᠠᠨ ᠨᠠᠮ ᠤ᠋ᠨ ᠪᠣᠳᠣᠯᠭ᠎ᠠ ᠶ᠋ᠢᠨ ᠵᠥᠪ ᠢ᠋ ᠣᠢᠯᠠᠭᠠᠵᠤ᠂ ᠶᠢᠷᠲᠢᠨᠴᠦ ᠶ᠋ᠢ ᠦᠵᠡᠬᠦ ᠦᠵᠡᠯ ᠳ᠋ᠦ᠍ ᠨᠢ ᠡᠷᠭᠢᠯᠲᠡ ᠭᠠᠷᠴᠤ ᠪᠠᠢᠨ᠎ᠠ᠃ ᠮᠠᠨ ᠤ᠋ ᠣᠯᠠᠩᠬᠢ ᠰᠢᠭᠦᠮᠵᠢᠯᠡᠭᠴᠢ᠂ ᠰᠤᠳᠤᠯᠤᠭᠴᠢ ᠢᠲᠡᠭᠡᠯᠲᠦ ᠶ᠋ᠢ ᠬᠠᠮᠤᠭ ᠤ᠋ᠨ ᠬᠥᠮᠦᠨᠯᠢᠭ ᠠᠶᠠᠲᠠᠢᠬᠠᠨ ᠳᠦᠷᠢ ᠭᠡᠵᠦ ᠦᠨᠡᠯᠡᠵᠦ ᠢᠷᠡᠵᠡᠢ᠃ ᠲᠡᠮᠦᠷ ᠪᠣᠯ ᠡᠷᠳᠡᠨᠢ ᠲᠡᠢ ᠴᠦ᠍᠂ ᠢᠲᠡᠭᠡᠯᠲᠦ ᠲᠡᠢ ᠴᠦ᠍ ᠠᠳᠠᠯᠢ ᠦᠭᠡᠢ᠂ ᠬᠣᠩᠭᠣᠷ ᠲᠠᠢ ᠴᠤ᠌ ᠲᠥᠰᠬᠦᠢ ᠬᠠᠲᠠᠭᠤ ᠵᠣᠷᠢᠭᠲᠠᠢ᠂ ᠦᠨᠡᠨᠴᠢ ᠰᠢᠳᠤᠷᠭᠤ ᠨᠢᠩᠵᠢᠨ ᠰᠡᠳᠬᠢᠯ ᠲᠡᠢ ᠬᠥᠮᠦᠨ ᠦ᠌ ᠳᠦᠷᠢ ᠪᠢᠯᠡ᠃ ᠲᠡᠷᠡ ᠨᠢ ᠬᠠᠭᠤᠴᠢᠨ ᠴᠠᠭ ᠲᠤ᠌ ᠰᠠᠪᠠᠭ᠎ᠠ ᠦᠭᠡᠢ ᠳ᠋ᠡᠭᠡᠨ ᠪᠢᠰᠢ᠂ ᠮᠥᠯᠵᠢᠯᠭᠡ ᠶ᠋ᠢ ᠦᠵᠡᠨ ᠶᠠᠳᠠᠬᠤ ᠶ᠋ᠢᠨ ᠡᠷᠬᠡ ᠪᠡᠷ 《ᠰᠠᠢᠨ ᠡᠷ᠎ᠡ》 ᠶ᠋ᠢᠨ ᠵᠠᠮ ᠢ᠋ᠶ᠋ᠠᠷ ᠶᠠᠪᠤᠵᠤ᠂ ᠠᠢᠮᠠᠭ ᠬᠣᠰᠢᠭᠤ ᠠᠯᠭᠠᠰᠠᠨ ᠬᠤᠯᠠᠭᠠᠢ ᠬᠢᠵᠦ᠂ ᠶᠠᠳᠠᠭᠤᠴᠤᠳ ᠢ᠋ ᠲᠡᠳᠬᠦᠵᠦ ᠶᠠᠪᠤᠭᠰᠠᠨ ᠪᠣᠯᠪᠠᠴᠤ ᠰᠢᠨ᠎ᠡ ᠴᠠᠭ ᠲᠤ᠌ ᠲᠡᠭᠦᠨ ᠢ᠋ ᠪᠡᠨ ᠵᠢᠭᠰᠢᠨ ᠦᠵᠡᠬᠦ ᠪᠣᠯᠵᠠᠢ᠃
᠊᠊᠊᠊᠊᠊᠊᠊᠊᠊᠊᠊᠊᠊᠊ ᠣᠳᠣ ᠴᠠᠭ ᠲᠤ᠌ ᠲᠠᠢᠵᠢ ᠨᠠᠷ ᠡᠴᠡ ᠡᠴᠢᠭᠡ ᠡᠪᠦᠭᠡᠳ ᠦ᠋ᠨ ᠢ᠋ᠶ᠋ᠡᠨ ᠬᠠᠷᠢᠭᠤ ᠶ᠋ᠢ ᠠᠪᠬᠤ ᠬᠡᠷᠡᠭᠲᠡᠢ ᠭᠡᠵᠦ ᠲᠡᠮᠦᠷ ᠬᠡᠯᠡᠵᠦ ᠪᠠᠢᠨ᠎ᠠ᠃ ᠡᠨᠡ ᠦᠵᠡᠯ ᠦ᠋ᠨ ᠡᠭᠦᠳᠡᠨ ᠡᠴᠡ ᠴᠦ᠍ ᠬᠣᠩᠭᠣᠷ ᠤ᠋ᠨ ᠪᠦᠲᠦᠯ ᠦᠭᠡᠢ ᠶᠠᠪᠤᠳᠠᠯ ᠢ᠋ ᠵᠢᠮᠡᠯᠡᠵᠦ᠂ ᠡᠰᠡᠷᠭᠦᠦ ᠨᠠᠷ ᠤ᠋ᠨ ᠪᠠᠯᠠᠮᠠᠳ ᠶᠠᠪᠤᠳᠠᠯ ᠢ᠋ ᠦᠵᠡᠨ ᠶᠠᠳᠠᠵᠤ᠂ ᠦᠨᠡᠨ ᠢ᠋ ᠨᠢ ᠤᠯᠠᠭᠠᠨ ᠨᠢᠭᠤᠷ ᠲᠤ᠌ ᠨᠢ ᠰᠢᠭᠤᠳ ᠬᠡᠯᠡᠨ ᠲᠡᠮᠡᠴᠡᠵᠦ ᠪᠠᠢᠨ᠎ᠠ᠃
᠊᠊᠊᠊᠊᠊᠊᠊᠊᠊᠊᠊᠊᠊᠊ ᠣᠯᠠᠨ ᠲᠦᠮᠡᠨ ᠮᠢᠨᠢ ᠨᠢᠳᠦ ᠪᠡᠨ ᠨᠡᠭᠡᠭᠡᠵᠡᠭᠡ! ᠲᠥᠷᠥ ᠳ᠋ᠦ᠍ ᠲᠡᠷᠰᠯᠡᠭᠰᠡᠨ ᠡᠨᠡ ᠵᠠᠨᠳᠠᠯᠴᠢᠨ ᠨᠠᠷ ᠢ᠋ ᠪᠠᠷᠢᠵᠠᠭᠠᠶ᠎ᠠ! ᠭᠡᠵᠦ ᠲᠡᠮᠦᠷ ᠡᠷᠡᠰ ᠰᠢᠢᠳᠮᠡᠭᠡᠢ ᠬᠡᠯᠡᠭᠡᠳ ᠡᠰᠡᠷᠭᠦᠦ ᠨᠠᠷ ᠲᠤ᠌ ᠫᠤᠤᠳᠠᠭᠤᠯᠵᠤ ᠪᠠᠢᠨ᠎ᠠ᠃ ᠲᠡᠮᠦᠷ ᠲᠡᠭᠡᠵᠦ ᠬᠡᠯᠡᠬᠦ ᠡᠴᠡ ᠥᠭᠡᠷ᠎ᠡ ᠠᠷᠭ᠎ᠠ ᠦᠭᠡᠢ ᠪᠣᠯᠤᠭᠰᠠᠨ ᠪᠢᠯᠡ᠃
ᠴ·ᠯᠣᠳᠤᠢᠳᠠᠮᠪᠠ 《ᠲᠤᠩᠭᠠᠯᠠᠭ ᠲᠠᠮᠢᠷ》 ᠬᠡᠮᠡᠬᠦ ᠷᠣᠮᠠᠨ ᠳ᠋ᠠᠭᠠᠨ ᠣᠯᠠᠨ ᠶᠠᠩᠵᠤ ᠶ᠋ᠢᠨ ᠵᠠᠩ ᠴᠢᠨᠠᠷᠲᠠᠢ ᠡᠮᠡᠭᠲᠡᠢ ᠶ᠋ᠢᠨ ᠳᠦᠷᠢ ᠶ᠋ᠢ ᠤᠷᠠᠯᠠᠨ ᠪᠦᠲᠦᠭᠡᠭᠰᠡᠨ ᠶᠤᠮ᠃ ᠪᠢᠳᠡᠨ ᠦ᠌ ᠬᠠᠮᠤᠭ ᠤ᠋ᠨ ᠬᠠᠢᠷᠠᠲᠠᠢ ᠳᠦᠷᠢ ᠶ᠋ᠢᠨ ᠨᠢᠭᠡ ᠪᠣᠯ ᠲᠤᠯᠭᠠᠷ ᠪᠢᠯᠡ᠃ ᠲᠡᠷᠡ ᠨᠢ ᠢᠳᠡᠷ ᠵᠠᠯᠠᠭᠤ ᠳ᠋ᠠᠭᠠᠨ ᠡᠷᠳᠡᠨᠢ ᠲᠡᠢ ᠲᠠᠨᠢᠯᠴᠠᠵᠤ ᠬᠠᠨᠢᠯᠠᠭᠰᠠᠨ᠃ ᠬᠠᠲᠠᠭᠤ ᠪᠡᠷᠬᠡ ᠶ᠋ᠢ ᠴᠣᠭ ᠲᠤᠭᠤᠯᠵᠤ ᠳᠠᠪᠠᠭᠰᠠᠨ᠃ ᠭᠡᠰᠡᠨ ᠴᠦ᠍ ᠢᠲᠡᠭᠡᠯᠲᠦ ᠶ᠋ᠢᠨ ᠤᠷᠰᠢᠭ ᠢ᠋ᠶ᠋ᠠᠷ ᠡᠷᠳᠡᠨᠢ ᠶ᠋ᠢ ᠪᠡᠨ ᠭᠣᠮᠣᠳᠠᠭᠠᠭᠰᠠᠨ᠃ ᠡᠷᠳᠡᠨᠢ ᠴᠦ᠍ ᠲᠤᠯᠭᠠᠷ ᠢ᠋ ᠭᠣᠮᠣᠳᠠᠭᠠᠭᠰᠠᠨ᠃ ᠭᠡᠬᠦ ᠳ᠋ᠡᠭᠡᠨ ᠲᠡᠷᠡ ᠬᠣᠶᠠᠷ ᠤ᠋ᠨ ᠬᠠᠢᠷ᠎ᠠ ᠰᠡᠳᠬᠢᠯ ᠴᠠᠷᠴᠠᠵᠤ ᠪᠦᠷ ᠠᠯᠠᠭ᠎ᠠ ᠪᠣᠯᠤᠭ᠎ᠠ ᠦᠭᠡᠢ᠃ ᠠᠯᠢ ᠠᠯᠢᠨ ᠤ᠋ ᠬᠢᠨᠢ ᠰᠡᠳᠬᠢᠯ ᠦ᠋ᠨ ᠤᠭ ᠲᠤ᠌ ᠰᠢᠩᠭᠡᠭᠰᠡᠨ ᠪᠠᠢᠯ᠎ᠠ᠃ ᠲᠤᠯᠭᠠᠷ ᠰᠣᠳᠨᠠᠮ ᠲᠠᠢ ᠰᠠᠭᠤᠭᠰᠠᠨ ᠬᠣᠢᠨ᠎ᠠ ᠪᠠᠨ ᠴᠤ᠌ ᠡᠷᠳᠡᠨᠢ ᠶ᠋ᠢ ᠮᠥᠷᠥᠭᠡᠳᠦᠭᠰᠡᠭᠡᠷ ᠶᠠᠪᠤᠯ᠎ᠠ᠃ ᠦᠨᠢᠶ᠎ᠡ ᠪᠡᠨ ᠪᠡᠯᠴᠢᠭᠡᠷ ᠲᠦ᠍ ᠵᠠᠯᠠᠵᠤ ᠶᠠᠪᠤᠭᠰᠠᠨ ᠲᠤᠯᠭᠠᠷ ᠠᠯᠤᠰ ᠡᠴᠡ ᠢᠷᠡᠵᠦ ᠶᠠᠪᠤᠭ᠎ᠠ ᠮᠣᠷᠢᠲᠠᠢ ᠬᠥᠮᠦᠨ ᠦ᠌ ᠪᠠᠷ᠎ᠠ ᠶ᠋ᠢ ᠬᠠᠷᠠᠭᠠᠳ ᠭᠡᠨᠡᠳᠲᠡᠬᠡᠨ 《ᠡᠷᠳᠡᠨᠢ ᠢᠷᠡᠪᠡ ᠤᠤ ᠳᠠ》 ᠭᠡᠵᠦ ᠵᠥᠩᠨᠡᠨ ᠪᠣᠳᠣᠵᠤ ᠶᠠᠪᠤᠨ᠎ᠠ᠃ ᠡᠰᠡᠷᠭᠦᠦ ᠨᠠᠷ ᠤ᠋ᠨ ᠶᠠᠷᠭᠠᠯᠠᠯ ᠡᠴᠡ ᠡᠷᠳᠡᠨᠢ ᠶ᠋ᠢ ᠠᠪᠤᠷᠠᠬᠤ ᠭᠡᠵᠦ ᠲᠤᠯᠭᠠᠷ ᠠᠶᠤᠬᠤ ᠶ᠋ᠢ ᠮᠡᠳᠡᠬᠦ ᠦᠭᠡᠢ ᠠᠮᠢ ᠲᠡᠮᠡᠴᠡᠨ ᠶᠠᠪᠤᠭ᠎ᠠ ᠨᠢ ᠯᠤᠲᠤ ᠶᠡᠬᠡ ᠵᠣᠷᠢᠭ᠂ ᠨᠢᠩᠵᠢᠨ ᠰᠡᠳᠬᠢᠯ ᠢ᠋ ᠢᠯᠡᠳᠬᠡᠵᠦ ᠪᠠᠢᠨ᠎ᠠ᠃
ᠲᠤᠯᠭᠠᠷ ᠤ᠋ᠨ ᠳᠦᠷᠢ ᠪᠣᠯ ᠵᠠᠷᠢᠮ ᠬᠥᠮᠦᠨ ᠦ᠌ ᠬᠡᠯᠡᠳᠡᠭ ᠰᠢᠭ ᠠᠺᠰᠢᠨᠢᠨᠠ ᠶ᠋ᠢᠨ ᠬᠠᠭᠤᠯᠪᠤᠷᠢ ᠪᠢᠰᠢ ᠬᠠᠷᠢᠨ ᠢᠲᠡᠭᠡᠯ ᠬᠠᠢᠷ᠎ᠠ ᠪᠠᠷ ᠳᠦᠭᠦᠷᠡᠩ᠂ ᠡᠬᠡ ᠣᠷᠣᠨᠴᠢ ᠮᠣᠩᠭᠣᠯ ᠡᠮᠡᠭᠲᠡᠢ ᠶ᠋ᠢᠨ ᠬᠡᠪ ᠰᠢᠨᠵᠢᠲᠦ ᠳᠦᠷᠢ ᠮᠥᠨ᠃ ᠳᠤᠯᠮ᠎ᠠ ᠶ᠋ᠢᠨ ᠳᠦᠷᠢ ᠪᠣᠯ ᠲᠤᠯᠭᠠᠷ ᠡᠴᠡ ᠥᠭᠡᠷ᠎ᠡ ᠰᠢᠨᠵᠢᠲᠡᠢ ᠪᠢᠯᠡ᠃ 《ᠮᠣᠷᠢᠨ ᠤ᠋ ᠰᠠᠢᠨ ᠢ᠋ ᠤᠨᠤᠨ ᠶᠠᠪᠤᠵᠤ ᠮᠡᠳᠡ᠃ ᠬᠥᠮᠦᠨ ᠦ᠌ ᠴᠢᠨᠠᠷ ᠢ᠋ ᠬᠠᠨᠢᠯᠠᠨ ᠶᠠᠪᠤᠵᠤ ᠲᠠᠨᠢ》 ᠭᠡᠵᠦ ᠦᠭᠡ ᠪᠣᠢ᠃ ᠲᠡᠭᠦᠨᠴᠢᠯᠡᠨ ᠳᠤᠯᠮ᠎ᠠ ᠲᠡᠮᠦᠷ ᠦ᠋ᠨ ᠴᠢᠨᠠᠷ ᠢ᠋ ᠲᠠᠨᠢᠨ ᠮᠡᠳᠡᠵᠦ ᠠᠮᠢᠳᠤᠷᠠᠯ ᠤ᠋ᠨ ᠢ᠋ᠶ᠋ᠠᠨ ᠬᠤᠪᠢ ᠵᠠᠶᠠᠭ᠎ᠠ ᠶ᠋ᠢ ᠬᠣᠯᠪᠣᠭᠰᠠᠨ ᠤᠷᠢᠨ ᠵᠤᠯᠭᠤᠢ ᠤᠬᠠᠭᠠᠨ ᠲᠠᠢ ᠰᠠᠢᠬᠠᠨ ᠡᠬᠡᠨᠡᠷ ᠶᠤᠮ᠃ ᠳᠤᠯᠮ᠎ᠠ ᠦᠭᠡ ᠴᠥᠭᠡᠨ ᠲᠡᠢ ᠳᠠᠷᠤᠤ ᠪᠣᠯᠪᠠᠴᠤ ᠳᠤᠯᠵᠢᠨ ᠲᠠᠢ ᠠᠳᠠᠯᠢ ᠨᠣᠮᠣᠬᠠᠨ ᠬᠦᠯᠢᠴᠡᠩᠭᠦᠢ ᠪᠢᠰᠢ᠂ ᠴᠡᠴᠡᠭ ᠰᠢᠭ᠋ ᠲᠡᠪᠴᠢᠶᠡᠷᠢ ᠦᠭᠡᠢ᠂ ᠪᠤᠬᠢᠨᠢᠳᠤᠭᠤ ᠭᠤᠳᠤᠷᠠᠮᠠᠳᠠᠭᠠᠢ ᠴᠤ᠌ ᠪᠤᠰᠤ᠂ ᠡᠷ᠎ᠡ ᠨᠥᠬᠥᠷ ᠲᠡᠭᠡᠨ ᠦᠨᠡᠨᠴᠢ᠂ ᠦᠷ᠎ᠡ ᠬᠡᠦᠬᠡᠳ ᠲᠡᠭᠡᠨ ᠬᠠᠢᠷ᠎ᠠ ᠲᠠᠢ᠂ ᠰᠢᠨ᠎ᠡ ᠦᠶ᠎ᠡ ᠶ᠋ᠢᠨ ᠢ᠋ᠶ᠋ᠡᠨ ᠠᠮᠢᠳᠤᠷᠠᠯ ᠤ᠋ᠨ ᠣᠳᠣ ᠪᠠ ᠢᠷᠡᠭᠡᠳᠦᠢ ᠳ᠋ᠦ᠍ ᠢᠲᠡᠭᠡᠯ ᠲᠡᠢ ᠵᠣᠷᠢᠮᠠᠭ ᠪᠢᠯᠡ᠃ ᠳᠤᠯᠮ᠎ᠠ ᠶ᠋ᠢᠨ ᠡᠨᠡ ᠴᠢᠨᠠᠷ ᠨᠢ ᠲᠡᠮᠡᠴᠡᠯ ᠦ᠋ᠨ ᠰᠢᠷᠦᠭᠦᠨ ᠦᠶ᠎ᠡ ᠳ᠋ᠦ᠍ 《ᠥᠰᠢᠶ᠎ᠡ ᠠᠪᠤᠭᠴᠢ ᠪᠠᠷᠰ ᠪᠣᠯᠭᠠᠨ》 ᠬᠤᠪᠢᠷᠠᠭᠠᠵᠤ ᠪᠠᠢᠨ᠎ᠠ᠃
ᠡᠢᠮᠦ ᠵᠣᠷᠢᠭᠲᠠᠨ ᠬᠥᠮᠦᠰ ᠰᠦᠬᠡᠪᠠᠭᠠᠲᠤᠷ ᠤ᠋ᠨ ᠵᠠᠮ ᠢ᠋ᠶ᠋ᠠᠷ᠂ ᠨᠠᠮ ᠤ᠋ᠨ ᠵᠢᠯᠣᠭᠣᠳᠤᠯᠭ᠎ᠠ ᠪᠠᠷ ᠶᠠᠪᠤᠵᠤ᠂ ᠡᠷᠬᠡ ᠴᠢᠯᠥᠭᠡ᠂ ᠲᠡᠨᠢᠭᠦᠨ ᠠᠮᠢᠳᠤᠷᠠᠯ ᠢ᠋ ᠪᠠᠢᠯᠳᠤᠨ ᠣᠯᠵᠤ᠂ ᠲᠡᠭᠦᠨ ᠢ᠋ᠶ᠋ᠡᠨ ᠠᠮᠢ ᠪᠡᠶ᠎ᠡ ᠪᠡᠷ ᠢ᠋ᠶ᠋ᠡᠨ ᠬᠠᠮᠠᠭᠠᠯᠠᠵᠤ ᠰᠣᠼᠢᠶᠠᠯᠢᠰᠮ ᠢ᠋ ᠪᠠᠢᠭᠤᠯᠬᠤ ᠡᠭᠦᠳᠡ ᠬᠠᠭᠠᠯᠭ᠎ᠠ ᠶ᠋ᠢ ᠨᠡᠭᠡᠭᠡᠵᠦ ᠥᠭᠭᠦᠭᠰᠡᠨ ᠪᠢᠯᠡ᠃ 《ᠲᠤᠩᠭᠠᠯᠠᠭ ᠲᠠᠮᠢᠷ》 ᠤ᠋ᠨ ᠷᠣᠮᠠᠨ ᠤ᠋ ᠪᠠᠭᠠᠲᠤᠷ ᠪᠦᠷᠢ ᠶ᠋ᠢᠨ ᠵᠠᠩ ᠴᠢᠨᠠᠷ᠂ ᠦᠵᠡᠯ ᠰᠠᠨᠠᠭ᠎ᠠ᠂ ᠦᠢᠯᠡ ᠶᠠᠪᠤᠳᠠᠯ ᠵᠥᠷᠢᠴᠡᠯ ᠪᠦᠷᠢ ᠨᠢ ᠲᠣᠳᠣᠷᠬᠠᠢ ᠨᠢᠭᠡᠨ ᠤᠴᠢᠷ ᠤᠳᠬ᠎ᠠ ᠶ᠋ᠢ ᠢᠯᠡᠳᠬᠡᠵᠦ ᠪᠠᠢᠨ᠎ᠠ᠃ ᠲᠡᠷᠡ ᠪᠣᠯᠭᠠᠨ ᠨᠢ ᠴᠠᠭ ᠦᠶ᠎ᠡ ᠲᠡᠢ ᠪᠡᠨ᠂ ᠪᠡᠶ᠎ᠡ ᠪᠡᠶ᠎ᠡ ᠲᠡᠢ ᠪᠡᠨ ᠳ᠋ᠢᠶᠠᠯᠧᠺᠲ᠋ᠢᠭ ᠨᠢᠭᠡᠳᠦᠯ ᠲᠡᠢ ᠪᠥᠭᠡᠳ ᠠᠩᠭᠢ᠂ ᠨᠠᠮ ᠤ᠋ᠨ ᠴᠢᠨᠠᠷ ᠢ᠋ᠶ᠋ᠠᠷ ᠨᠡᠪᠲᠡᠷᠬᠡᠢ ᠪᠢᠯᠡ᠃
《ᠲᠤᠩᠭᠠᠯᠠᠭ ᠲᠠᠮᠢᠷ》 ᠷᠣᠮᠠᠨ ᠤ᠋ ᠵᠣᠬᠢᠶᠠᠮᠵᠢ ᠨᠡᠯᠢᠶᠡᠳ ᠨᠢᠭᠲᠠ ᠪᠣᠯᠵᠠᠢ᠃ ᠲᠡᠷᠢᠭᠦᠨ ᠳᠡᠪᠲᠡᠷ ᠨᠢ ᠬᠣᠶᠠᠷ ᠬᠡᠰᠡᠭ ᠲᠡᠢ᠃ ᠨᠢᠭᠡᠳᠦᠭᠡᠷ ᠬᠡᠰᠡᠭ ᠨᠢ ᠬᠣᠷᠢᠨ ᠲᠠᠪᠤᠨ ᠵᠦᠢᠯ ᠡᠴᠡ᠂ ᠬᠣᠶᠠᠳᠤᠭᠠᠷ ᠬᠡᠰᠡᠭ ᠨᠢ ᠬᠣᠷᠢᠨ ᠨᠢᠭᠡᠨ ᠵᠦᠢᠯ ᠡᠴᠡ ᠪᠦᠷᠢᠯᠳᠦᠵᠡᠢ᠃ ᠡᠨᠡ ᠷᠣᠮᠠᠨ ᠤ᠋ ᠳᠡᠳ᠋ ᠳᠡᠪᠲᠡᠷ ᠨᠢ ᠮᠥᠨ ᠬᠣᠶᠠᠷ ᠬᠡᠰᠡᠭ ᠲᠡᠢ᠃ ᠲᠡᠭᠦᠨ ᠦ᠌ ᠨᠢᠭᠡᠳᠡᠬᠢ ᠨᠢ ᠬᠣᠷᠢᠨ ᠳᠣᠯᠣᠭ᠎ᠠ᠂ ᠬᠣᠶᠠᠳᠠᠬᠢ ᠨᠢ ᠠᠷᠪᠠᠨ ᠵᠢᠷᠭᠤᠭᠠᠨ ᠵᠦᠢᠯ ᠡᠴᠡ ᠪᠦᠷᠢᠯᠳᠦᠵᠡᠢ᠃ 《ᠲᠤᠩᠭᠠᠯᠠᠭ ᠲᠠᠮᠢᠷ》 ᠷᠣᠮᠠᠨ ᠤ᠋ ᠵᠣᠬᠢᠶᠠᠮᠵᠢ ᠶ᠋ᠢ ᠠᠵᠢᠭᠯᠠᠵᠤ ᠤᠳᠬ᠎ᠠ ᠵᠣᠬᠢᠶᠠᠯ ᠰᠤᠳᠤᠯᠤᠭᠴᠢ ᠪ᠊·ᠰᠣᠳᠨᠠᠮ ᠪᠢᠴᠢᠬᠦ ᠳ᠋ᠡᠭᠡᠨ 《ᠵᠣᠬᠢᠶᠠᠯᠴᠢ ᠴ·ᠯᠣᠳᠤᠢᠳᠠᠮᠪᠠ ᠷᠣᠮᠠᠨ ᠤ᠋ ᠪᠠᠨ ᠪᠦᠯᠦᠭ ᠪᠦᠷᠢ ᠶ᠋ᠢ ᠪᠡᠶ᠎ᠡ ᠪᠡᠨ ᠳᠠᠭᠠᠭᠰᠠᠨ ᠵᠣᠬᠢᠶᠠᠯ ᠰᠢᠭ᠋ ᠪᠣᠯᠭᠠᠵᠤ ᠴᠢᠳᠠᠭᠰᠠᠨ ᠢ᠋ᠶ᠋ᠠᠷ ᠪᠠᠷᠠᠬᠤ ᠦᠭᠡᠢ ᠪᠦᠯᠦᠭ ᠦ᠋ᠨ ᠳᠣᠲᠣᠷ᠎ᠠ ᠭᠠᠷᠬᠤ ᠵᠦᠢᠯ ᠪᠦᠷᠢ ᠳᠡᠭᠡᠷ᠎ᠡ ᠶᠠᠮᠠᠷ ᠨᠢᠭᠡᠨ ᠰᠢᠨ᠎ᠡ ᠰᠣᠨᠢᠬᠠᠨ ᠦᠢᠯᠡ ᠶᠠᠪᠤᠳᠠᠯ ᠢ᠋ ᠭᠠᠷᠭᠠᠭᠰᠠᠨ ᠤᠳᠬ᠎ᠠ ᠰᠠᠨᠠᠭ᠎ᠠ ᠪᠠᠨ ᠨᠡᠪᠲᠡᠷᠡᠭᠦᠯᠵᠡᠢ᠃ ᠭᠡᠬᠦ ᠳ᠋ᠡᠭᠡᠨ ᠣᠳᠣ ᠴᠠᠰᠢ ᠨᠢ ᠶᠠᠭᠤ ᠪᠣᠯᠬᠤ ᠪᠣᠯ ᠭᠡᠰᠡᠨ ᠰᠣᠨᠢᠷᠬᠠᠯ ᠲᠥᠷᠥᠭᠦᠯᠦᠭᠰᠡᠨ ᠵᠠᠩᠭᠢᠯᠠᠭ᠎ᠠ ᠶ᠋ᠢ ᠷᠣᠮᠠᠨ ᠤ᠋ ᠪᠠᠨ ᠲᠤᠷᠰᠢ ᠬᠠᠳᠠᠭᠠᠯᠠᠵᠤ ᠴᠢᠳᠠᠭᠰᠠᠨ ᠶᠤᠮ᠃ ᠬᠡᠳᠦᠢᠪᠡᠷ ᠪᠦᠯᠦᠭ ᠪᠦᠷᠢ ᠨᠢ ᠪᠡᠶ᠎ᠡ ᠪᠡᠨ ᠳᠠᠭᠠᠭᠠᠭᠰᠠᠨ ᠶᠠᠩᠵᠤᠲᠠᠢ ᠪᠣᠯᠪᠠᠴᠤ ᠮᠥᠨᠥᠬᠡᠨ ᠷᠣᠮᠠᠨ ᠤ᠋ ᠳᠣᠲᠣᠷ᠎ᠠ ᠠᠪᠤᠴᠠᠯᠳᠤᠭ᠎ᠠ ᠦᠭᠡᠢ ᠪᠤᠶᠤ ᠰᠠᠯᠤᠩᠭᠢᠳᠠ ᠪᠣᠯᠤᠭᠰᠠᠨ ᠦᠭᠡᠢ᠃ ᠢᠮᠠᠭᠲᠠ ᠨᠢᠭᠡᠨ ᠵᠦᠢᠯ ᠦᠷᠭᠦᠯᠵᠢᠯᠡᠵᠦ ᠶᠠᠪᠤᠭ᠎ᠠ ᠶᠤᠮ ᠰᠢᠦ ᠭᠡᠰᠡᠨ ᠤᠳᠬ᠎ᠠ ᠰᠠᠨᠠᠭ᠎ᠠ ᠶ᠋ᠢ ᠬᠠᠳᠠᠭᠠᠯᠠᠨ ᠪᠠᠢ᠌ᠭᠰᠠᠭᠠᠷ ᠡᠴᠦᠰ ᠲᠡᠭᠡᠨ ᠭᠣᠣᠯ ᠤᠳᠬ᠎ᠠ ᠪᠠᠨ ᠭᠠᠷᠭᠠᠭᠰᠠᠨ ᠪᠠᠢᠬᠤ ᠶᠤᠮ》 ᠭᠡᠵᠡᠢ᠃
ᠴ·ᠯᠣᠳᠤᠢᠳᠠᠮᠪᠠ ᠵᠥᠪᠯᠡᠯᠲᠦ ᠶ᠋ᠢᠨ ᠭᠠᠷᠮᠠᠭᠠᠢ ᠵᠣᠬᠢᠶᠠᠯᠴᠢ ᠱᠤᠯᠣᠬᠤᠸ ᠢ᠋ ᠪᠠᠭᠰᠢ ᠶ᠋ᠢ ᠪᠡᠨ ᠭᠡᠵᠦ ᠦᠵᠡᠵᠦ᠂ ᠲᠡᠭᠦᠨ ᠡᠴᠡ ᠢᠮᠠᠭᠲᠠ ᠰᠤᠷᠴᠤ ᠠᠢᠲ᠋ᠮᠡᠲ᠋ᠦᠧ ᠶ᠋ᠢ ᠶᠡᠬᠡ ᠬᠦᠨᠳᠦᠳᠬᠡᠳᠡᠭ ᠪᠠᠢᠭᠰᠠᠨ᠃ ᠭᠡᠬᠦ ᠳ᠋ᠡᠭᠡᠨ ᠵᠣᠬᠢᠶᠠᠯ ᠤ᠋ᠨ ᠢ᠋ᠶ᠋ᠠᠨ ᠪᠠᠭᠠᠲᠤᠷ ᠤ᠋ᠳ ᠤ᠋ᠨ ᠵᠠᠩ ᠴᠢᠨᠠᠷ᠂ ᠶᠣᠰᠣ ᠰᠤᠷᠲᠠᠬᠤᠨ᠂ ᠦᠵᠡᠯ ᠰᠠᠨᠠᠭ᠎ᠠ ᠶ᠋ᠢ ᠬᠣᠭᠣᠰᠣᠨ ᠰᠠᠨᠠᠭ᠎ᠠ ᠡᠴᠡ ᠪᠠᠨ ᠶᠤᠮ ᠤᠤ ᠶᠠᠮᠠᠷ ᠨᠢᠭᠡ ᠨᠣᠮ ᠡᠴᠡ ᠳ᠋ᠤᠭᠮᠠᠲ᠋ᠢᠭ ᠢ᠋ᠶ᠋ᠠᠷ ᠬᠠᠭᠤᠯᠵᠤ ᠠᠪᠳᠠᠭ ᠦᠭᠡᠢ ᠬᠠᠷᠢᠨ ᠳᠦᠷᠰᠦᠯᠡᠨ ᠦᠵᠡᠭᠦᠯᠵᠦ ᠪᠣᠢ ᠲᠤᠬᠠᠢ ᠶ᠋ᠢᠨ ᠨᠡᠢᠭᠡᠮ ᠦ᠋ᠨ ᠠᠮᠢᠳᠤᠷᠠᠯ ᠤ᠋ᠨ ᠭᠦᠨ ᠳᠣᠲᠣᠷ᠎ᠠ ᠡᠴᠡ ᠣᠢᠭ᠎ᠠ ᠦᠭᠡᠢ ᠴᠤᠭᠯᠠᠭᠤᠯᠵᠤ ᠰᠤᠳᠤᠯᠤᠭᠰᠠᠨ ᠮᠠᠲ᠋ᠧᠷᠢᠶᠠᠯ ᠡᠴᠡ ᠰᠢᠯᠢᠵᠦ ᠠᠪᠤᠭᠠᠳ ᠤᠷᠠᠨ ᠰᠠᠢᠬᠠᠨ ᠤ᠋ ᠷᠧᠶᠠᠯᠢᠰᠲ ᠠᠷᠭ᠎ᠠ ᠪᠠᠷ ᠪᠣᠯᠪᠠᠰᠤᠷᠠᠭᠤᠯᠤᠨ ᠤᠷᠠᠯᠠᠳᠠᠭ ᠪᠠᠢᠵᠤ ᠪᠢᠯᠡ᠃ ᠲᠡᠷᠡ ᠵᠢᠯ ᠠᠷᠤ ᠬᠠᠩᠬᠠᠢ ᠶ᠋ᠢᠨ ᠲᠠᠷᠢᠶᠠᠲᠤ᠂ ᠵᠠᠪᠬᠠᠨ ᠤ᠋ ᠶᠡᠬᠡ ᠠᠭᠤᠯᠠ ᠵᠡᠷᠭᠡ ᠣᠯᠠᠨ ᠭᠠᠵᠠᠷ ᠢ᠋ᠶ᠋ᠠᠷ ᠶᠠᠪᠤᠵᠤ 1932 ᠣᠨ ᠤ᠋ ᠡᠰᠡᠷᠭᠦᠦ ᠪᠣᠰᠤᠯᠭ᠎ᠠ ᠶ᠋ᠢᠨ ᠦᠶ᠎ᠡ ᠳ᠋ᠦ᠍ ᠠᠮᠢᠳᠤᠷᠠᠵᠤ᠂ ᠲᠡᠮᠡᠴᠡᠵᠦ ᠶᠠᠪᠤᠭᠰᠠᠨ ᠬᠥᠮᠦᠰ ᠲᠡᠢ ᠠᠭᠤᠯᠵᠠᠵᠤ᠂ ᠶᠠᠷᠢᠯᠴᠠᠵᠤ ᠪᠢᠯᠡ᠃ ᠡᠨᠡ ᠪᠣᠯ ᠵᠥᠪᠬᠡᠨ ᠨᠢᠭᠡ ᠪᠠᠷᠢᠮᠲᠠ ᠠ᠋᠃ 《ᠲᠤᠩᠭᠠᠯᠠᠭ ᠲᠠᠮᠢᠷ》 ᠷᠣᠮᠠᠨ ᠤ᠋ ᠣᠯᠠᠩᠬᠢ ᠪᠠᠭᠠᠲᠤᠷ ᠤ᠋ᠨ ᠡᠬᠡ ᠳᠦᠷᠢ ᠨᠢ ᠲᠣᠳᠣᠷᠬᠠᠢ᠃ ᠴ·ᠯᠣᠳᠤᠢᠳᠠᠮᠪᠠ 1969 ᠣᠨ ᠤ᠋ ᠡᠪᠦᠯ ᠴᠠᠭᠠᠨ ᠲᠣᠯᠣᠭᠠᠢ ᠶ᠋ᠢᠨ ᠰᠠᠩ ᠤ᠋ᠨ ᠠᠵᠤ ᠠᠬᠤᠢᠲᠠᠨ ᠲᠠᠢ ᠠᠭᠤᠯᠵᠠᠭᠰᠠᠨ ᠠᠭᠤᠯᠵᠠᠯᠲᠠ ᠳᠡᠭᠡᠷ᠎ᠡ ᠬᠡᠯᠡᠬᠦ ᠳ᠋ᠡᠭᠡᠨ᠄
᠊᠊᠊᠊᠊᠊᠊᠊᠊᠊᠊᠊᠊᠊᠊ ᠪᠢ ᠡᠨᠡ ᠵᠣᠬᠢᠶᠠᠯ ᠤ᠋ᠨ ᠡᠷᠳᠡᠨᠢ ᠶ᠋ᠢᠨ ᠳᠦᠷᠢ ᠪᠡᠷ ᠠᠪᠤ ᠶ᠋ᠢ ᠪᠡᠨ ᠮᠥᠩᠬᠡᠵᠢᠭᠦᠯᠬᠦ ᠭᠡᠵᠦ ᠰᠠᠨᠠᠵᠤ ᠪᠢᠴᠢᠭᠰᠡᠨ ᠶᠤᠮ᠃ ᠮᠢᠨᠦ ᠠᠪᠤ ᠶᠡᠬᠡ ᠯᠡ ᠬᠡᠷᠰᠡᠦ ᠬᠥᠮᠦᠨ ᠪᠠᠢᠭᠰᠠᠨ ᠁ ᠮᠠᠨ ᠤ᠋ ᠬᠢ ᠤᠭ ᠨᠢ ᠭᠣᠪᠢ ᠊᠊᠊᠊᠊᠊᠊᠊᠊᠊᠊᠊᠊᠊᠊ ᠠᠯᠲᠠᠢ ᠶ᠋ᠢᠨ ᠬᠠᠨ ᠳᠠᠢ᠌ᠰᠢᠷᠢ ᠡᠴᠡ ᠮᠢᠨᠦ ᠪᠠᠭ᠎ᠠ ᠳ᠋ᠤ᠌ ᠭᠤᠷᠪᠠᠨ ᠮᠣᠷᠢᠨ ᠲᠡᠷᠭᠡ ᠪᠡᠷ ᠨᠡᠭᠦᠵᠦ ᠶᠠᠪᠤᠭᠰᠠᠭᠠᠷ ᠲᠠᠮᠢᠷ ᠤ᠋ᠨ ᠬᠥᠨᠳᠡᠢ ᠳ᠋ᠦ᠍ ᠢᠷᠡᠭᠰᠡᠨ ᠶᠤᠮ᠃ ᠡᠭᠦᠨ ᠢ᠋ ᠪᠢ ᠪᠠᠭᠠᠰᠬᠠᠵᠤ ᠁ ᠪᠢᠴᠢᠭᠰᠡᠨ ᠪᠢᠯᠡ ᠭᠡᠵᠡᠢ᠃ ᠭᠤᠴᠢᠭᠠᠳ ᠣᠨ ᠤ᠋ ᠳᠤᠮᠳᠠᠭᠤᠷ ᠰᠡᠯᠡᠩᠭᠡ ᠶ᠋ᠢᠨ ᠣᠷᠬᠣᠨ ᠲᠤᠤᠯᠠ ᠰᠤᠮᠤ ᠶ᠋ᠢᠨ ᠨᠤᠲᠤᠭ ᠲᠤ᠌ ᠠᠮᠢᠳᠤᠷᠠᠵᠤ ᠪᠠᠢᠭᠰᠠᠨ ᠨᠢᠭᠡ ᠵᠠᠯᠠᠭᠤ ᠶ᠋ᠢᠨ ᠳᠦᠷᠢ ᠪᠡᠷ ᠬᠣᠩᠭᠣᠷ ᠢ᠋ ᠤᠷᠠᠯᠠᠭᠰᠠᠨ ᠪᠠᠢᠨ᠎ᠠ᠃ ᠰᠦᠬᠡᠪᠠᠭᠠᠲᠤᠷ᠂ ᠮᠠᠭᠰᠤᠷᠵᠠᠪ᠂ ᠲᠡᠮᠦᠷ ᠨᠠᠷ ᠤ᠋ᠨ ᠳᠦᠷᠢ ᠴᠥᠮ ᠢᠯᠡᠷᠬᠡᠢ ᠪᠢᠵᠡ ᠳᠡ᠃ ᠴ·ᠯᠣᠳᠤᠢᠳᠠᠮᠪᠠ ᠡᠨᠡ ᠷᠣᠮᠠᠨ ᠳ᠋ᠠᠭᠠᠨ ᠠᠷᠠᠳ ᠣᠯᠠᠨ ᠤ᠋ ᠳᠣᠲᠣᠷ᠎ᠠ ᠥᠨᠢ ᠡᠷᠲᠡᠨ ᠡᠴᠡ ᠤᠯᠠᠮᠵᠢᠯᠠᠭᠳᠠᠵᠤ ᠢᠷᠡᠭᠰᠡᠨ ᠳᠣᠮᠣᠭ ᠶᠠᠷᠢᠶ᠎ᠠ ᠶ᠋ᠢ ᠪᠦᠲᠦᠭᠡᠯᠴᠢ ᠪᠡᠷ ᠠᠰᠢᠭᠯᠠᠭᠰᠠᠨ ᠪᠠᠢᠨ᠎ᠠ᠃ ᠤᠷᠢᠳᠤ ᠰᠠᠢᠨ ᠡᠷ᠎ᠡ᠂ ᠰᠠᠢᠨ ᠮᠣᠷᠢᠨ ᠤ᠋ ᠱᠠᠷᠢᠯ ᠢ᠋ ᠨᠤᠲᠤᠭ ᠲᠠᠭᠠᠨ ᠠᠪᠠᠴᠢᠵᠤ ᠣᠷᠣᠰᠢᠭᠤᠯᠪᠠᠯ ᠥᠯᠵᠡᠢᠲᠡᠢ ᠭᠡᠳᠡᠭ ᠪᠠᠢᠭᠰᠠᠨ᠃ ᠠᠷᠪᠠᠢ ᠬᠡᠭᠡᠷ᠂ ᠪᠢᠨᠳᠠᠷ ᠤ᠋ᠨ ᠲᠡᠢᠮᠦ ᠳᠣᠮᠣᠭ ᠪᠣᠢ᠃ ᠡᠢᠮᠦ ᠵᠠᠩᠰᠢᠯ ᠤ᠋ᠨ ᠶᠣᠰᠣᠭᠠᠷ ᠬᠠᠨ ᠥᠨᠳᠥᠷ ᠦ᠋ᠨ ᠬᠢᠨ ᠲᠡᠮᠦᠷ ᠦ᠋ᠨ ᠱᠠᠷᠢᠯ ᠢ᠋ ᠨᠤᠲᠤᠭ ᠲᠠᠭᠠᠨ ᠰᠠᠮ ᠠᠪᠴᠤ ᠣᠳᠤᠭᠰᠠᠨ ᠪᠠᠢᠨ᠎ᠠ᠃
ᠴ·ᠯᠣᠳᠤᠢᠳᠠᠮᠪᠠ ᠶᠠᠮᠠᠷ ᠨᠢᠭᠡ ᠵᠣᠬᠢᠶᠠᠯ ᠢ᠋ᠶ᠋ᠠᠨ ᠪᠡᠬᠡ ᠨᠢ ᠬᠠᠲᠠᠭ᠎ᠠ ᠦᠭᠡᠢ ᠪᠠᠢᠬᠤ ᠳ᠋ᠤ᠌ ᠬᠡᠪᠯᠡᠯ᠂ ᠳᠢᠶᠠᠲ᠋ᠷ ᠺᠢᠨᠣ᠋ ᠳ᠋ᠤ᠌ ᠥᠭᠳᠡᠭ ᠦᠭᠡᠢ᠃ ᠬᠥᠮᠦᠨ ᠳ᠋ᠦ᠍ ᠤᠩᠰᠢᠵᠤ᠂ ᠶᠠᠷᠢᠵᠤ ᠣᠯᠠᠨ ᠤ᠋ ᠰᠠᠨᠠᠯ ᠢ᠋ ᠳᠤᠭᠤᠯᠭᠠᠪᠤᠷᠢᠲᠠᠢ ᠰᠣᠨᠣᠰᠴᠤ᠂ ᠣᠢᠭ᠎ᠠ ᠦᠭᠡᠢ ᠵᠠᠰᠠᠳᠠᠭ ᠰᠠᠨ᠃ 《ᠠᠯᠲᠠᠢ ᠳ᠋ᠤ᠌》 ᠷᠣᠮᠠᠨ ᠢ᠋ ᠪᠢᠴᠢᠵᠦ ᠪᠠᠢᠬᠤ ᠳ᠋ᠠᠭᠠᠨ ᠵᠣᠬᠢᠶᠠᠯ ᠢ᠋ᠶ᠋ᠠᠨ ᠪᠦᠯᠦᠭ ᠪᠦᠯᠦᠭ ᠢ᠋ᠶ᠋ᠡᠷ ᠨᠢ ᠨᠥᠬᠥᠳ ᠲᠡᠭᠡᠨ ᠤᠩᠰᠢᠵᠤ᠂ ᠶᠠᠷᠢᠭᠰᠠᠨ ᠤ᠋ ᠡᠴᠦᠰ ᠲᠦ᠍᠂ ᠰᠠᠨᠠᠯ ᠢ᠋ ᠨᠢᠭᠡᠳᠬᠡᠨ ᠵᠠᠰᠠᠪᠤᠷᠢᠯᠠᠵᠤ᠂ ᠳᠠᠬᠢᠨ ᠬᠠᠭᠤᠯᠵᠤ ᠪᠢᠴᠢᠭᠡᠳ᠂ 1948 ᠣᠨ ᠤ᠋ 5 ᠳ᠋ᠤᠭᠠᠷ ᠰᠠᠷ᠎ᠠ ᠪᠢᠯᠡ ᠤᠤ ᠳᠠ ᠪᠥᠮᠪᠥᠭᠡᠷ ᠨᠣᠭᠣᠭᠠᠨ ᠤ᠋ 《ᠤᠯᠤᠰ ᠤ᠋ᠨ ᠬᠥᠭᠵᠢᠮᠲᠦ ᠳ᠋ᠷᠠᠮ ᠤ᠋ᠨ ᠳᠢᠶᠠᠲ᠋ᠷ》 ᠪᠥᠵᠢᠭ ᠦ᠋ᠨ ᠥᠷᠥᠭᠡᠨ ᠳ᠋ᠦ᠍ ᠴᠤᠭᠯᠠᠭᠰᠠᠨ ᠵᠣᠬᠢᠶᠠᠯᠴᠢᠳ ᠲᠤ᠌ ᠤᠩᠰᠢᠵᠤ ᠥᠭᠭᠦᠭᠡᠳ᠂ ᠰᠥᠨᠢᠵᠢᠨ ᠶᠠᠷᠢᠯᠴᠠᠵᠤ ᠪᠢᠯᠡ᠃ ᠲᠡᠷᠡ ᠦᠶ᠎ᠡ ᠳ᠋ᠦ᠍ ᠮᠠᠨ ᠤ᠋ ᠳ᠋ᠤ᠌ ᠠᠵᠢᠯᠯᠠᠵᠤ ᠪᠠᠢᠭᠰᠠᠨ ᠶᠸᠹᠷᠸᠮᠦᠧ ᠳᠦᠷᠦᠭᠦᠳᠡᠢ ᠫᠠᠯᠸᠠᠲ᠋ᠯᠤᠭᠢ ᠶ᠋ᠢᠨ ᠰᠢᠨᠵᠢᠯᠡᠭᠡᠨ ᠦ᠌ ᠬᠢᠨ ᠳ᠋ᠦ᠍ ᠤᠩᠰᠢᠵᠤ ᠵᠥᠪᠯᠡᠯᠭᠡ ᠠᠪᠴᠤ ᠪᠠᠢᠭᠰᠠᠨ ᠠᠵᠢ᠃ ᠲᠡᠭᠡᠭᠡᠳ ᠳᠠᠬᠢᠨ ᠵᠠᠰᠠᠪᠤᠷᠢᠯᠠᠭᠠᠳ 1949 ᠣᠨ ᠳ᠋ᠤ᠌ ᠬᠡᠪᠯᠡᠯ ᠳ᠋ᠦ᠍ ᠰᠢᠯᠵᠢᠭᠦᠯᠵᠦ ᠪᠢᠯᠡ᠃ 《ᠲᠤᠩᠭᠠᠯᠠᠭ ᠲᠠᠮᠢᠷ》 ᠷᠣᠮᠠᠨ ᠤ᠋ ᠪᠠᠨ ᠲᠡᠷᠢᠭᠦᠨ ᠳᠡᠪᠲᠡᠷ ᠢ᠋ 1956 ᠣᠨ ᠡᠴᠡ ᠡᠬᠢᠯᠡᠵᠦ ᠪᠢᠴᠢᠭᠡᠳ 1961 ᠣᠨ ᠳ᠋ᠤ᠌ ᠬᠡᠪᠯᠡᠯ ᠳ᠋ᠦ᠍ ᠰᠢᠯᠵᠢᠭᠦᠯᠵᠡᠢ᠃ ᠲᠡᠷᠡ ᠦᠶ᠎ᠡ ᠳ᠋ᠦ᠍ ᠭᠤᠷᠪᠠᠨ ᠳᠤᠭᠤᠢᠲᠤ ᠲᠠᠢ ᠪᠠᠢᠭᠰᠠᠨ ᠰᠠᠨ᠃ ᠪᠢᠴᠢᠵᠦ ᠶᠠᠪᠤᠭ᠎ᠠ ᠷᠣᠮᠠᠨ ᠢ᠋ᠶ᠋ᠠᠨ ᠰᠠᠷᠠᠯ ᠴᠤᠪᠠ ᠶ᠋ᠢᠨ ᠢ᠋ᠶ᠋ᠡᠨ ᠬᠠᠯᠠᠭᠠᠰᠤᠨ ᠳ᠋ᠤ᠌ ᠳᠠᠩᠳᠠᠨ ᠬᠢᠵᠦ ᠶᠠᠪᠤᠳᠠᠭ ᠰᠠᠨ᠃ ᠵᠠᠷᠢᠮ ᠳ᠋ᠠᠭᠠᠨ ᠵᠤᠰᠠᠯᠠᠩ ᠳ᠋ᠤ᠌ ᠪᠠᠢᠭ᠎ᠠ ᠭᠡᠷ ᠲᠡᠭᠡᠨ ᠬᠠᠷᠢᠵᠤ ᠶᠠᠪᠤᠭᠰᠠᠨ ᠢ᠋ᠶ᠋ᠠᠨ ᠬᠡᠪ ᠭᠡᠨᠡᠳᠲᠡ ᠵᠠᠮ ᠡᠴᠡ ᠪᠠᠨ ᠭᠠᠷᠴᠤ ᠵᠣᠭᠰᠣᠭᠠᠳ᠂ ᠪᠢᠴᠢᠵᠦ ᠰᠠᠭᠤᠳᠠᠭ ᠰᠠᠨ᠃ ᠴᠢᠩᠭᠢᠵᠦ ᠶᠠᠪᠤᠭᠠᠳ ᠣᠰᠣᠯᠳᠠᠭᠰᠠᠨ ᠴᠤ᠌ ᠤᠳᠠᠭ᠎ᠠ ᠪᠣᠢ᠃ ᠬᠠᠷᠢᠨ ᠲᠠᠯ᠎ᠠ ᠪᠠᠷ ᠨᠢᠭᠡ ᠬᠡᠢᠰᠦᠭᠡᠳ ᠲᠠᠷᠠᠴᠢᠬᠠᠭᠰᠠᠨ ᠠᠯᠠᠭ᠎ᠠ ᠶ᠋ᠢᠨ ᠴᠢᠨᠡᠭᠡ ᠪᠢᠴᠢᠮᠡᠯ ᠬᠠᠭᠤᠳᠠᠰᠤ ᠨᠤᠭᠤᠳ ᠢ᠋ ᠦᠨᠡᠨᠴᠢ ᠬᠠᠨᠢ ᠳᠤᠯᠭᠠᠷᠰᠦ᠋ᠷᠤᠩ ᠤ᠋ᠨ ᠢ᠋ᠶ᠋ᠠᠨ ᠠᠴᠢ ᠪᠠᠷ ᠴᠤᠭᠯᠠᠭᠤᠯᠵᠤ ᠠᠪᠴᠤ ᠪᠠᠢᠭᠰᠠᠨ ᠬᠥᠭ ᠲᠡᠢ ᠨᠠᠮᠲᠠᠷ ᠴᠤ᠌ ᠪᠣᠢ᠃ 《ᠲᠤᠩᠭᠠᠯᠠᠭ ᠲᠠᠮᠢᠷ》 ᠷᠣᠮᠠᠨ ᠤ᠋ ᠪᠠᠨ ᠳᠡᠳ᠋ ᠳᠡᠪᠲᠡᠷ ᠢ᠋ 6 - 7 ᠵᠢᠯ ᠪᠢᠴᠢᠭᠰᠡᠨ ᠶᠤᠮ᠃ ᠲᠤᠯᠭᠠᠷ ᠤ᠋ᠨ ᠲᠤᠬᠠᠢ ᠵᠠᠷᠢᠮ ᠪᠦᠯᠦᠭ ᠢ᠋ 16 ᠳᠠᠬᠢᠨ ᠪᠢᠴᠢᠵᠦ ᠲᠡᠭᠦᠨ ᠦ᠌ ᠵᠠᠷᠢᠮ ᠨᠣᠣᠷᠠᠭ ᠢ᠋ 《ᠤᠳᠬ᠎ᠠ ᠵᠣᠬᠢᠶᠠᠯ᠂ ᠤᠷᠠᠯᠢᠭ》 ᠰᠣᠨᠢᠨ ᠳ᠋ᠤ᠌ ᠨᠡᠢᠲᠡᠯᠡᠭᠦᠯᠦᠨ ᠤᠩᠰᠢᠭᠴᠢ ᠣᠯᠠᠨ ᠤ᠋ ᠰᠠᠨᠠᠯ ᠢ᠋ ᠠᠪᠴᠤ ᠪᠠᠢᠵᠠᠢ᠃ 《ᠬᠣᠩᠭᠣᠷ ᠤ᠋ᠨ ᠲᠤᠬᠠᠢ ᠪᠢᠴᠢᠭᠰᠡᠨ ᠬᠡᠳᠦ ᠬᠡᠳᠦᠨ ᠪᠦᠯᠦᠭ ᠨᠠᠳᠠ ᠳ᠋ᠤ᠌ ᠪᠣᠢ》 ᠭᠡᠵᠦ ᠣᠩᠰᠢᠭᠴᠤᠨ ᠳ᠋ᠤ᠌ ᠶᠠᠷᠢᠵᠤ ᠪᠠᠢᠯ᠎ᠠ᠃ 《ᠲᠤᠩᠭᠠᠯᠠᠭ ᠲᠠᠮᠢᠷ》 ᠷᠣᠮᠠᠨ ᠠᠩᠬ᠎ᠠ 20000 - 25000 ᠰᠢᠷᠬᠡᠭ ᠬᠡᠪᠯᠡᠭᠳᠡᠭᠰᠡᠨ ᠪᠣᠯᠪᠠᠴᠤ ᠣᠳᠣ ᠡᠷᠢᠭᠡᠳ ᠣᠯᠳᠠᠳᠠᠭ ᠦᠭᠡᠢ ᠡᠷᠳᠡᠨᠢ ᠪᠣᠯᠵᠠᠢ᠃ ᠤᠩᠰᠢᠭᠴᠢ ᠲᠦᠮᠡᠨ ᠦ᠌ ᠣᠯᠠᠨ ᠵᠢᠯ ᠦ᠋ᠨ ᠬᠦᠰᠡᠯᠲᠡ᠂ ᠱᠠᠭᠠᠷᠳᠠᠯᠭ᠎ᠠ ᠶ᠋ᠢᠨ ᠳᠠᠭᠠᠤ 《ᠲᠤᠩᠭᠠᠯᠠᠭ ᠲᠠᠮᠢᠷ》 ᠷᠣᠮᠠᠨ ᠤ᠋ ᠬᠣᠶᠠᠷ ᠳᠡᠪᠲᠡᠷ ᠢ᠋ ᠨᠢᠭᠡ ᠨᠣᠮ ᠪᠣᠯᠭᠠᠨ ᠤᠯᠤᠰ ᠠᠷᠠᠳ ᠤ᠋ᠨ ᠬᠤᠪᠢᠰᠬᠠᠯ ᠤ᠋ᠨ 50 ᠵᠢᠯ ᠦ᠋ᠨ ᠣᠢ ᠳ᠋ᠤ᠌ ᠵᠣᠷᠢᠭᠤᠯᠤᠨ ᠵᠢᠷᠤᠭ ᠴᠢᠮᠡᠭᠯᠡᠯ ᠲᠡᠢ ᠪᠡᠷ ᠳᠠᠬᠢᠨ ᠬᠡᠪᠯᠡᠵᠦ ᠪᠠᠢᠨ᠎ᠠ᠃ ᠵᠣᠬᠢᠶᠠᠭᠴᠢ ᠡᠩᠬᠡ ᠲᠤᠩᠬ᠎ᠠ ᠪᠠᠢᠬᠤ ᠳ᠋ᠠᠭᠠᠨ ᠲᠡᠭᠦᠨ ᠢ᠋ ᠬᠡᠪᠯᠡᠯ ᠳ᠋ᠦ᠍ ᠪᠡᠯᠡᠳᠬᠡᠵᠦ᠂ ᠵᠠᠷᠢᠮ ᠪᠦᠯᠦᠭ ᠢ᠋ ᠳᠠᠬᠢᠨ ᠵᠠᠰᠠᠵᠤ᠂ ᠵᠠᠷᠢᠮ ᠳᠦᠷᠢ ᠶ᠋ᠢ ᠲᠣᠳᠣ ᠪᠣᠯᠭᠠᠭᠰᠠᠨ ᠶᠤᠮ᠃
ᠴ·ᠯᠣᠳᠤᠢᠳᠠᠮᠪᠠ ᠶᠡᠬᠡ ᠶᠠᠭᠤᠮ᠎ᠠ ᠤᠷᠠᠯᠠᠨ ᠪᠦᠲᠦᠭᠡᠬᠦ ᠰᠠᠨ ᠭᠡᠵᠦ ᠪᠣᠳᠣᠵᠤ ᠲᠥᠯᠥᠪᠯᠡᠵᠦ ᠪᠢᠴᠢᠵᠦ ᠪᠠᠢᠵᠠᠢ᠃
᠊᠊᠊᠊᠊᠊᠊᠊᠊᠊᠊᠊᠊᠊᠊ ᠪᠢ ᠨᠢᠭᠡ ᠵᠦᠴᠦᠭᠡ ᠪᠢᠴᠢᠯ᠎ᠡ᠃ ᠲᠡᠭᠦᠰᠬᠡᠯ ᠨᠢ ᠨᠢᠭᠡ ᠯᠡ ᠪᠣᠯᠵᠤ ᠥᠭᠬᠦ ᠦᠭᠡᠢ ᠪᠠᠢᠨ᠎ᠠ᠃ ᠲᠠᠢᠰᠠᠨ ᠳᠡᠭᠡᠷ᠎ᠡ ᠬᠥᠮᠦᠨ ᠥᠷᠥᠵᠦ ᠠᠮᠢᠯᠠᠭᠤᠯᠤᠨ᠎ᠠ ᠭᠡᠳᠡᠭ ᠬᠡᠴᠡᠭᠦᠦ ᠶᠤᠮ ᠳᠡ᠃ 《ᠲᠤᠩᠭᠠᠯᠠᠭ ᠲᠠᠮᠢᠷ》 ᠤ᠋ᠨ ᠢ᠋ᠶ᠋ᠠᠨ ᠭᠤᠲᠠᠭᠠᠷ ᠳᠡᠪᠲᠡᠷ ᠢ᠋ ᠴᠦ᠍ ᠪᠢᠴᠢᠮᠡᠷ ᠪᠠᠢᠨ᠎ᠠ᠃ ᠲᠡᠭᠦᠨ ᠦ᠌ ᠵᠥᠷᠢᠴᠡᠯ ᠨᠠᠰᠢ ᠪᠠᠨ ᠣᠢᠷᠠᠳᠬᠤ ᠳᠣᠳᠣᠮ ᠤᠯᠠᠮ ᠨᠠᠷᠢᠨ ᠲᠦᠪᠡᠭᠲᠡᠢ ᠪᠣᠯᠵᠤ ᠪᠠᠢᠨ᠎ᠠ᠃ ᠶᠠᠭᠤ ᠴᠤ᠌ ᠭᠡᠰᠡᠨ ᠢᠲᠡᠭᠡᠯᠲᠦ ᠤᠯᠤᠰ ᠤ᠋ᠨ ᠰᠠᠢᠨ ᠮᠠᠯᠴᠢᠳ ᠤ᠋ᠨ ᠠᠩᠬᠠᠳᠤᠭᠠᠷ ᠵᠥᠪᠯᠡᠯᠭᠡᠨ ᠳ᠋ᠦ᠍ ᠰᠢᠯᠭᠠᠷᠠᠵᠤ ᠢᠷᠡᠨ᠎ᠡ᠂ ᠮᠢᠩᠭᠠᠨ ᠮᠠᠯᠲᠠᠨ ᠪᠣᠯᠤᠨ᠎ᠠ᠃ ᠡᠷᠳᠡᠨᠢ ᠶ᠋ᠢᠨ ᠬᠤᠪᠢ ᠵᠠᠶᠠᠭ᠎ᠠ ᠬᠡᠴᠡᠭᠦᠦ ᠪᠠᠢᠨ᠎ᠠ᠃ ᠪᠠᠲᠤ ᠨᠡᠷᠡᠲᠡᠢ ᠪᠠᠭᠰᠢ ᠪᠣᠯᠵᠤ᠂ ᠰᠣᠯᠣᠩᠭ᠎ᠠ ᠰᠦᠷᠦᠩ ᠵᠡᠷᠭᠡ ᠣᠯᠠᠨ ᠬᠥᠮᠦᠨ ᠦ᠌ ᠬᠤᠪᠢ ᠵᠠᠶᠠᠭ᠎ᠠ ᠰᠣᠨᠢᠨ ᠪᠣᠯᠤᠨ᠎ᠠ᠃ ᠡᠨᠡ ᠪᠦᠭᠦᠳᠡ ᠨᠢᠳᠦᠨ ᠳ᠋ᠦ᠍ ᠬᠠᠷᠠᠭᠳᠠᠭᠠᠳ ᠯᠠ ᠪᠠᠢᠨ᠎ᠠ᠃ ᠮᠠᠲ᠋ᠧᠷᠢᠶᠠᠯ ᠲᠤᠩ ᠶᠡᠬᠡ ᠪᠣᠢ᠃ ᠶᠠᠭᠤᠨ ᠤ᠋ ᠲᠦᠷᠦᠭᠦᠨ ᠳ᠋ᠦ᠍ ᠪᠠᠬᠠᠨ ᠥᠭᠦᠯᠡᠯᠭᠡ ᠪᠢᠴᠢᠮᠡᠷ ᠪᠠᠢᠨ᠎ᠠ ᠭᠡᠵᠦ ᠨᠢᠳᠤᠨᠤᠨ ᠶᠠᠷᠢᠵᠤ ᠪᠢᠯᠡ᠃
ᠴ·ᠯᠣᠳᠤᠢᠳᠠᠮᠪᠠ ᠬᠣᠷᠢ ᠭᠠᠷᠤᠢ ᠵᠢᠯ ᠣᠯᠠᠨ ᠰᠠᠢᠬᠠᠨ ᠥᠭᠦᠯᠡᠯᠭᠡ᠂ ᠲᠣᠭᠣᠵᠢ᠂ ᠷᠣᠮᠠᠨ᠂ ᠵᠦᠴᠦᠭᠡ᠂ ᠺᠢᠨᠣ᠋ ᠪᠢᠴᠢᠵᠦ ᠬᠠᠢᠷᠠᠲᠤ ᠡᠬᠡ ᠣᠷᠣᠨ ᠤ᠋ ᠪᠠᠨ ᠰᠣᠼᠢᠶᠠᠯᠢᠰᠲ ᠤᠳᠬ᠎ᠠ ᠵᠣᠬᠢᠶᠠᠯ ᠤ᠋ᠨ ᠰᠠᠩ ᠢ᠋ ᠠᠷᠪᠢᠵᠢᠭᠤᠯᠬᠤ ᠠᠷᠢᠭᠤᠨ ᠦᠢᠯᠡᠰ ᠲᠦ᠍ ᠦᠨᠡᠲᠦ ᠬᠤᠪᠢ ᠨᠡᠮᠡᠷᠢ ᠣᠷᠣᠭᠤᠯᠤᠭᠰᠠᠨ ᠶᠤᠮ᠃ ᠲᠡᠷᠡ ᠨᠢ ᠮᠠᠨ ᠤ᠋ ᠤᠳᠬ᠎ᠠ ᠵᠣᠬᠢᠶᠠᠯ ᠳ᠋ᠤ᠌ ᠰᠣᠼᠢᠶᠠᠯᠢᠰᠲ ᠷᠧᠶᠠᠯᠢᠰᠮ ᠪᠦᠷᠢᠯᠳᠦᠨ ᠲᠣᠭᠲᠠᠬᠤ ᠳ᠋ᠤ᠌ ᠮᠡᠳᠡᠭᠳᠡᠬᠦᠢᠴᠡ ᠵᠦᠢᠯ ᠪᠦᠲᠦᠭᠡᠭᠰᠡᠨ ᠵᠣᠬᠢᠶᠠᠯᠴᠢ ᠠ᠋᠃ ᠮᠠᠨ ᠤ᠋ ᠤᠳᠬ᠎ᠠ ᠵᠣᠬᠢᠶᠠᠯ ᠢ᠋ ᠰᠤᠳᠤᠯᠤᠭᠴᠢ᠂ ᠵᠥᠪᠯᠡᠯᠲᠦ ᠶ᠋ᠢᠨ ᠡᠷᠳᠡᠮᠲᠡᠨ ᠭ᠌ ·ᠢ·ᠮᠢᠬᠠᠢᠯᠦᠧ᠂ ᠯ·ᠺ᠊·ᠭᠧᠷᠡᠰᠢᠮᠦᠸᠢᠴ ᠨᠠᠷ ᠣᠷᠴᠢᠨ ᠴᠠᠭ ᠤ᠋ᠨ ᠮᠣᠩᠭᠣᠯ ᠤ᠋ᠨ ᠠᠩᠬᠠᠨ ᠤ᠋ ᠷᠣᠮᠠᠨ ᠢ᠋ ᠤᠷᠠᠯᠠᠨ ᠪᠦᠲᠦᠭᠡᠭᠰᠡᠨ ᠵᠣᠬᠢᠶᠠᠯᠴᠢ ᠭᠡᠵᠦ ᠰᠢᠨᠵᠢᠯᠡᠯ ᠰᠤᠳᠤᠯᠤᠯ ᠤ᠋ᠨ ᠢ᠋ᠶ᠋ᠠᠨ ᠪᠦᠲᠦᠭᠡᠯ ᠳ᠋ᠦ᠍ ᠴ·ᠯᠣᠳᠤᠢᠳᠠᠮᠪᠠ ᠶ᠋ᠢ ᠦᠨᠡᠯᠡᠵᠦ ᠪᠠᠢᠯ᠎ᠠ᠃ ᠡᠨᠡ ᠪᠣᠯ ᠰᠦᠪᠶᠧᠺᠲ᠋ᠢᠸ ᠳ᠋ᠦᠩᠨᠡᠯᠲᠡ ᠪᠤᠰᠤ ᠬᠠᠷᠢᠨ ᠮᠣᠩᠭᠣᠯ ᠤ᠋ᠨ ᠣᠷᠴᠢᠨ ᠦᠶ᠎ᠡ ᠶ᠋ᠢᠨ ᠤᠳᠬ᠎ᠠ ᠵᠣᠬᠢᠶᠠᠯ ᠤ᠋ᠨ ᠠᠮᠢᠳᠤᠷᠠᠯ ᠳᠡᠭᠡᠷ᠎ᠡ ᠲᠤᠯᠭᠠᠭᠤᠷᠢᠯᠠᠨ ᠬᠢᠭᠰᠡᠨ ᠳ᠋ᠦᠩᠨᠡᠯᠲᠡ ᠶᠤᠮ᠃
ᠴ·ᠯᠣᠳᠤᠢᠳᠠᠮᠪᠠ ᠶ᠋ᠢᠨ 《ᠠᠯᠲᠠᠢ ᠳ᠋ᠤ᠌》 ᠡᠴᠡ ᠡᠬᠢᠯᠡᠭᠡᠳ 《ᠲᠤᠩᠭᠠᠯᠠᠭ ᠲᠠᠮᠢᠷ》 ᠢ ᠬᠦᠷᠲᠡᠯᠡᠬᠢ ᠣᠯᠠᠨ ᠵᠣᠬᠢᠶᠠᠯ ᠬᠢᠯᠢ ᠶ᠋ᠢᠨ ᠴᠠᠭᠠᠳᠤᠬᠢ ᠦᠢ ᠣᠯᠠᠨ ᠤᠩᠰᠢᠭᠴᠢᠳ ᠤ᠋ᠨ ᠬᠦᠷᠲᠡᠭᠡᠯ ᠪᠣᠯᠵᠤ 《ᠲᠤᠩᠭᠠᠯᠠᠭ ᠲᠠᠮᠢᠷ》 ᠷᠣᠮᠠᠨ ᠵᠥᠪᠯᠡᠯᠲᠦ ᠳ᠋ᠦ᠍ ᠵᠥᠪᠬᠡᠨ ᠣᠷᠣᠰ ᠢ᠋ᠶ᠋ᠠᠷ ᠳᠥᠷᠪᠡ ᠳᠠᠬᠢᠨ ᠨᠡᠢᠲᠡ ᠳ᠋ᠡᠭᠡᠨ 4 ᠰᠠᠶ᠎ᠠ ᠰᠢᠷᠬᠡᠭ ᠢ᠋ᠶ᠋ᠡᠷ ᠬᠡᠪᠯᠡᠭᠳᠡᠵᠡᠢ᠃ 1968 ᠣᠨ ᠳ᠋ᠤ᠌ ᠵᠥᠪᠯᠡᠯᠲᠦ ᠮᠤᠯᠳᠠᠸᠢ ᠶ᠋ᠢᠨ ᠨᠡᠢᠰᠯᠡᠯ ᠺᠢᠰᠢᠨᠧᠸ ᠬᠣᠲᠠ ᠳ᠋ᠠᠬᠢ ᠲᠷᠠᠺᠲ᠋ᠣᠷ ᠤ᠋ᠨ ᠵᠠᠪᠤᠳ᠋ ᠤ᠋ᠨ ᠨᠢᠭᠡ ᠠᠵᠢᠯᠴᠢᠨ᠄
᠊᠊᠊᠊᠊᠊᠊᠊᠊᠊᠊᠊᠊᠊᠊ ᠪᠢ ᠲᠠᠨ ᠤ᠋ ᠵᠣᠬᠢᠶᠠᠯᠴᠢ ᠯᠣᠳᠤᠢᠳᠠᠮᠪᠠ ᠶ᠋ᠢᠨ 《ᠲᠤᠩᠭᠠᠯᠠᠭ ᠲᠠᠮᠢᠷ》 ᠷᠣᠮᠠᠨ ᠢ᠋ ᠤᠩᠰᠢᠯ᠎ᠠ᠃ ᠡᠷᠳᠡᠨᠢ ᠶ᠋ᠢᠨ ᠬᠡᠷᠰᠡᠦ ᠴᠢᠨᠠᠷ᠂ ᠵᠣᠷᠢᠭ ᠬᠠᠲᠠᠭᠤᠵᠢᠯ᠂ ᠢᠲᠡᠭᠡᠯᠲᠦ ᠶ᠋ᠢᠨ ᠠᠷᠭ᠎ᠠ ᠰᠠᠮᠪᠠᠭ᠎ᠠ᠂ ᠣᠪᠵᠢᠨ ᠰᠢᠨᠵᠢ᠂ ᠲᠤᠯᠭᠠᠷ ᠤ᠋ᠨ ᠰᠡᠳᠬᠢᠯ ᠦ᠋ᠨ ᠬᠥᠳᠡᠯᠭᠡᠭᠡᠨ᠂ ᠠᠮᠢᠳᠤ ᠶᠠᠪᠤᠬᠤ ᠶ᠋ᠢᠨ ᠬᠦᠰᠡᠯᠡᠩ᠂ ᠢᠲᠡᠭᠡᠯ ᠨᠠᠢᠳᠠᠪᠤᠷᠢ ᠰᠡᠳᠬᠢᠯ ᠢ᠋ ᠮᠢᠨᠢ ᠶᠡᠬᠡ ᠬᠥᠳᠡᠯᠭᠡᠵᠦ ᠪᠢᠯᠡ᠃ ᠠᠶᠠᠲᠠᠢᠬᠠᠨ ᠷᠣᠮᠠᠨ ᠪᠠᠢᠨ᠎ᠠ ᠪᠢᠯᠡ ᠰᠢᠦ ᠭᠡᠵᠦ ᠪᠠᠬᠠᠷᠬᠠᠨ ᠶᠠᠷᠢᠵᠤ ᠪᠠᠢᠯ᠎ᠠ᠃ 1969 ᠣᠨ ᠤ᠋ ᠨᠠᠮᠤᠷ ᠵᠥᠪᠯᠡᠯᠲᠦ ᠯᠠᠲ᠋ᠸᠢᠶ᠎ᠠ ᠶ᠋ᠢᠨ ᠨᠡᠢᠰᠯᠡᠯ ᠷᠢᠭ᠎ᠠ ᠬᠣᠲᠠ ᠳ᠋ᠠᠬᠢ ᠰᠣᠼᠢᠶᠠᠯᠢᠰᠲ ᠣᠷᠣᠨ ᠤ᠋ ᠨᠣᠮ ᠤ᠋ᠨ ᠳᠡᠯᠭᠡᠭᠦᠷ ᠦ᠋ᠨ ᠬᠤᠳᠠᠯᠳᠤᠭᠴᠢ ᠪᠦᠰᠡᠭᠦᠢ᠄
᠊᠊᠊᠊᠊᠊᠊᠊᠊᠊᠊᠊᠊᠊᠊ ᠰᠠᠶᠢᠪᠲᠤᠷ ᠲᠠᠨ ᠤ᠋ ᠵᠣᠬᠢᠶᠠᠯᠴᠢ ᠯᠣᠳᠤᠢᠳᠠᠮᠪᠠ ᠶ᠋ᠢᠨ 《ᠲᠤᠩᠭᠠᠯᠠᠭ ᠲᠠᠮᠢᠷ》 ᠬᠡᠮᠡᠬᠦ ᠷᠣᠮᠠᠨ ᠮᠠᠨ ᠤ᠋ ᠳᠡᠯᠭᠡᠭᠦᠷ ᠲᠦ᠍ ᠬᠣᠶᠠᠷᠳᠠᠬᠢ ᠤᠳᠠᠭ᠎ᠠ ᠪᠠᠨ ᠢᠷᠡᠭᠡᠳ ᠳᠠᠭᠤᠰᠴᠢᠬᠠᠯ᠎ᠠ᠃ ᠣᠳᠣ ᠲᠡᠭᠦᠨ ᠢ᠋ ᠳᠠᠬᠢᠨ ᠬᠡᠪᠯᠡᠵᠦ ᠪᠠᠢᠭ᠎ᠠ ᠭᠡᠨ᠎ᠡ ᠪᠢᠯᠡ᠃ ᠤᠩᠰᠢᠭᠴᠢᠳ ᠤ᠋ᠨ ᠵᠠᠬᠢᠶᠠᠯᠠᠭ᠎ᠠ ᠶᠡᠬᠡ ᠢᠷᠡᠵᠦ ᠪᠠᠢᠨ᠎ᠠ ᠭᠡᠵᠦ ᠶᠠᠷᠢᠵᠤ ᠪᠠᠢᠯ᠎ᠠ᠃
1970 ᠣᠨ ᠤ᠋ ᠨᠢᠭᠡᠳᠦᠭᠡᠷ ᠰᠠᠷ᠎ᠠ ᠶ᠋ᠢᠨ ᠡᠮᠭᠡᠨᠢᠯᠲᠦ ᠡᠳᠦᠷ ᠵᠥᠪᠯᠡᠯᠲᠦ ᠶ᠋ᠢᠨ ᠵᠣᠬᠢᠶᠠᠯᠴᠢᠳ ᠤ᠋ᠨ ᠬᠣᠷᠢᠶ᠎ᠠ ᠡᠴᠡ ᠮᠣᠩᠭᠣᠯ ᠤ᠋ᠨ ᠵᠣᠬᠢᠶᠠᠯᠴᠢᠳ ᠤ᠋ᠨ ᠬᠣᠷᠢᠶᠠᠨ ᠳ᠋ᠤ᠌ ᠢᠷᠡᠭᠦᠯᠦᠭᠰᠡᠨ ᠪᠢᠴᠢᠭ ᠲᠡᠭᠡᠨ᠄
᠊᠊᠊᠊᠊᠊᠊᠊᠊᠊᠊᠊᠊᠊᠊ ᠲᠡᠭᠦᠨ ᠦ᠌ ᠨᠣᠮ ᠣᠷᠣᠰ ᠬᠡᠯᠡ ᠪᠡᠷ ᠣᠷᠴᠢᠭᠤᠯᠤᠭᠳᠠᠵᠤ᠂ ᠠᠬ᠎ᠠ ᠳᠡᠭᠦᠦ ᠮᠣᠩᠭᠣᠯ ᠤ᠋ᠨ ᠠᠷᠠᠳ ᠲᠦᠮᠡᠨ ᠢ᠋ ᠭᠦᠨ ᠲᠠᠨᠢᠵᠤ ᠨᠥᠬᠥᠷᠯᠡᠬᠦ ᠳ᠋ᠦ᠍ ᠵᠥᠪᠯᠡᠯᠲᠦ ᠶ᠋ᠢᠨ ᠬᠥᠮᠦᠰ ᠲᠦ᠍ ᠲᠤᠰᠠᠯᠠᠭᠰᠠᠨ ᠪᠢᠯᠡ ᠭᠡᠵᠦ ᠣᠨᠴᠠᠯᠠᠨ ᠲᠡᠮᠳᠡᠭᠯᠡᠵᠡᠢ᠃
ᠢᠩᠭᠢᠵᠦ ᠴ·ᠯᠣᠳᠤᠢᠳᠠᠮᠪᠠ ᠶ᠋ᠢᠨ ᠤᠷᠠᠨ ᠪᠦᠲᠦᠭᠡᠯ ᠨᠢ ᠡᠩᠬᠦᠷᠡᠢ ᠬᠠᠢᠷᠠᠲᠤ ᠡᠬᠡ ᠣᠷᠣᠨ ᠤ᠋ ᠪᠠᠨ ᠰᠣᠼᠢᠶᠠᠯᠢᠰᠲ ᠰᠣᠶᠣᠯ ᠬᠥᠳᠡᠯᠮᠦᠷᠢᠴᠢ ᠬᠥᠮᠦᠨ ᠢ᠋ ᠳᠡᠯᠡᠬᠡᠢ ᠶ᠋ᠢᠨ ᠦᠢ ᠲᠦᠮᠡᠨ ᠲᠡᠢ ᠲᠠᠨᠢᠯᠴᠠᠭᠤᠯᠬᠤ ᠳ᠋ᠤ᠌ ᠦᠨᠡᠲᠦ ᠬᠤᠪᠢ ᠨᠡᠮᠡᠷᠢ ᠪᠡᠨ ᠣᠷᠣᠭᠤᠯᠵᠤ ᠪᠠᠢᠨ᠎ᠠ᠃ ᠴ᠂ ᠯᠣᠳᠤᠢᠳᠠᠮᠪᠠ ᠤᠩᠰᠢᠭᠴᠢ ᠲᠦᠮᠡᠨ ᠲᠡᠢ ᠪᠡᠨ ᠡᠭᠦᠷᠢᠳᠡ ᠴᠣᠭ ᠶᠠᠪᠤᠵᠤ ᠰᠢᠨ᠎ᠡ ᠦᠶ᠎ᠡ ᠶ᠋ᠢ ᠬᠥᠮᠦᠵᠢᠭᠦᠯᠦᠨ᠂ ᠰᠣᠼᠢᠶᠠᠯᠢᠰᠲ ᠡᠬᠡ ᠣᠷᠣᠨ ᠤ᠋ ᠪᠠᠨ ᠠᠯᠳᠠᠷ ᠢ᠋ ᠳᠡᠯᠡᠬᠡᠢ ᠳ᠋ᠦ᠍ ᠮᠠᠨᠳᠤᠭᠤᠯᠵᠤ ᠪᠠᠢᠬᠤ ᠪᠣᠯᠤᠨ᠎ᠠ᠃
《ᠲᠤᠩᠭᠠᠯᠠᠭ ᠲᠠᠮᠢᠷ》 ᠷᠣᠮᠠᠨ ᠤ᠋ ᠵᠣᠬᠢᠶᠠᠯᠴᠢ ᠴ·ᠯᠣᠳᠤᠢᠳᠠᠮᠪᠠ ᠭᠤᠸᠠᠢ ᠲᠤᠬᠠᠢ ᠶ᠋ᠢᠨ ᠴᠠᠭ ᠦᠶ᠎ᠡ ᠶ᠋ᠢᠨ ᠤᠷᠤᠰᠬᠠᠯ ᠡᠴᠡ ᠪᠣᠯᠵᠤ᠂ ᠯᠧᠨᠢᠨ ᠦ᠌ ᠪᠣᠳᠠᠰᠴᠢ ᠦᠵᠡᠯ ᠳ᠋ᠦ᠍ ᠬᠡᠲᠦᠷᠬᠡᠢ ᠲᠤᠢᠯᠰᠢᠷᠠᠵᠤ᠂ ᠮᠣᠩᠭᠣᠯ ᠤ᠋ᠨ ᠰᠠᠢᠨ ᠰᠠᠢᠬᠠᠨ ᠤᠯᠠᠮᠵᠢᠯᠠᠯᠲᠤ ᠵᠠᠩ ᠵᠠᠩᠰᠢᠯ ᠪᠣᠯᠤᠨ ᠰᠢᠲᠦᠭᠡᠨ ᠮᠥᠷᠭᠥᠯ ᠢ᠋ ᠦᠭᠡᠢᠰᠬᠡᠭᠰᠡᠨ ᠺᠣᠮᠮᠤᠨᠢᠰᠲ ᠨᠠᠮ ᠢ᠋ ᠮᠠᠭᠲᠠᠨ ᠳᠠᠭᠤᠯᠠᠵᠤ ᠰᠤᠷᠲᠠᠯᠴᠢᠯᠠᠭᠰᠠᠨ ᠨᠠᠵᠠᠭᠠᠢ ᠲᠠᠯ᠎ᠠ ᠪᠣᠢ᠃
ᠤᠩᠰᠢᠭᠴᠢᠳ ᠣᠳᠣ ᠴᠠᠭ ᠤ᠋ᠨ ᠳᠡᠯᠡᠬᠡᠢ ᠶ᠋ᠢᠨ ᠭᠣᠣᠯ ᠬᠠᠨᠳᠤᠰᠢ ᠪᠣᠯᠵᠤ ᠪᠠᠢᠭ᠎ᠠ ᠡᠷᠬᠡ ᠴᠢᠯᠥᠭᠡᠲᠦ ᠠᠷᠠᠳᠴᠢᠯᠠᠯᠲᠤ ᠪᠣᠯᠪᠠᠰᠤᠨ ᠨᠡᠢᠭᠡᠮ ᠲᠡᠢ ᠬᠠᠷᠢᠴᠠᠭᠤᠯᠤᠨ ᠪᠠᠢᠵᠤ᠂ ᠥᠪᠡᠷ ᠢ᠋ᠶ᠋ᠡᠨ ᠭᠡᠰᠡᠨ ᠮᠣᠩᠭᠣᠯᠵᠢᠭᠤᠨ ᠰᠡᠳᠬᠢᠬᠦᠢ ᠪᠡᠨ ᠡᠭᠦᠷᠢᠳᠡ ᠨᠠᠨᠳᠢᠩᠨᠠᠨ ᠬᠠᠢᠷᠠᠯᠠᠵᠤ ᠬᠠᠮᠠᠭᠠᠯᠠᠵᠤ ᠶᠠᠪᠤᠵᠠᠭᠠᠶ᠎ᠠ!
ᠡᠬᠢ ᠰᠤᠷᠪᠤᠯᠵᠢ ᠬᠠᠩᠭᠠᠭᠴᠢ᠄ ᠰᠠᠮᠫᠢᠯᠨᠣᠷᠪᠤ
ᠨᠠᠢᠷᠠᠭᠤᠯᠤᠭᠴᠢ᠄ ᠨᠤᠮᠤᠴᠢᠨ ᠪᠢᠯᠢᠭ
ᠬᠢᠨᠠᠭᠴᠢ᠄ ᠰᠡᠳᠬᠢᠬᠦᠢ᠂ ᠪᠣ ᠠᠵᠠᠵᠠᠶᠠᠭ᠎ᠠ᠂ ᠨᠡᠭᠦᠳᠡᠯ᠂ ᠪᠤᠤ ᠢᠦᠢ᠂ ᠨᠤᠮᠤᠴᠢᠨ ᠪᠢᠯᠢᠭ
