ᠲᠤᠩᠭᠠᠯᠠᠭ ᠲᠠᠮᠢᠷ1-23-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-23-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-23-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-22

1460

《ᠴᠠᠪ ᠤ᠋ᠨ ᠪᠤᠳᠠᠭ᠎ᠠ ᠢᠳᠡᠬᠦ ᠤᠤ᠂ ᠴᠠᠪᠠᠤ ᠲᠠᠢ ᠲᠣᠯᠣᠭᠠᠢ ᠲᠡᠪᠡᠷᠢᠬᠦ ᠤᠤ?》 - ᠨᠢᠭᠡᠳᠦᠭᠡᠷ ᠪᠦᠯᠦᠭ ᠬᠣᠷᠢᠨ ᠭᠤᠷᠪᠠ


  ᠭᠤᠳᠤᠮᠵᠢᠨ ᠤ᠋ ᠵᠠᠬ᠎ᠠ ᠪᠠᠷ ᠪᠠᠷᠠᠬᠤ ᠦᠭᠡᠢ ᠳᠤᠭᠠᠩ ᠤ᠋ᠨ ᠡᠭᠦᠳᠡᠨ ᠦ᠌ ᠴᠢᠯᠠᠭᠤᠨ ᠱᠠᠯᠠ᠂ ᠫᠠᠯᠠᠩ ᠳᠡᠭᠡᠪᠦᠷ ᠦ᠋ᠨ ᠵᠠᠪᠰᠠᠷ ᠢ᠋ᠶ᠋ᠠᠷ ᠯᠤᠤᠯᠢ ᠴᠤᠬᠤᠢᠵᠤ ᠬᠠ ᠶᠠ ᠦᠭᠡᠢ ᠬᠠᠪᠤᠷ ᠳᠣᠪᠲᠣᠯᠤᠨ ᠢᠷᠡᠯ᠎ᠡ᠃ ᠪᠦᠬᠦ ᠶᠢᠷᠲᠢᠨᠴᠦ ᠶ᠋ᠢ ᠥᠭᠡᠷᠡᠴᠢᠯᠡᠨ ᠰᠢᠨᠡᠴᠢᠯᠡᠵᠦ ᠴᠢᠳᠠᠭᠰᠠᠨ ᠬᠠᠪᠤᠷ ᠪᠠᠲᠤ ᠬᠣᠩᠭᠣᠷ ᠤ᠋ᠨ ᠠᠮᠢᠳᠤᠷᠠᠯ ᠳ᠋ᠤ᠌ ᠰᠢᠨ᠎ᠡ ᠵᠦᠢᠯ ᠥᠭᠴᠦ ᠴᠢᠳᠠᠭᠰᠠᠨ ᠦᠭᠡᠢ᠃ ᠬᠡᠮᠵᠢᠶ᠎ᠡ ᠲᠡᠢ ᠬᠣᠭᠣᠯᠠ ᠴᠠᠢ᠂ ᠪᠦᠳᠡᠭᠢ ᠳ᠋ᠧᠩ ᠦ᠋ᠨ ᠭᠡᠷᠡᠯ᠂ ᠤᠩᠰᠢᠬᠤ ᠨᠣᠮ᠂ ᠲᠦᠯᠡᠭᠡ ᠬᠢᠷᠥᠭᠡᠳᠡᠵᠦ ᠬᠠᠭᠠᠯᠬᠤ ᠠᠵᠢᠯ᠂ ᠡᠳᠦᠷ ᠦ᠋ᠨ ᠬᠤᠷᠠᠯ ᠴᠥᠮ ᠯᠡ ᠨᠢᠭᠡᠨ ᠬᠥᠭ ᠬᠡᠮᠵᠢᠶ᠎ᠡ ᠪᠡᠷ ᠦᠷᠭᠦᠯᠵᠢᠯᠡᠨ ᠪᠠᠢᠪᠠ᠃ ᠭᠡᠪᠰᠢ ᠯᠠᠮᠠ ᠶ᠋ᠢᠨ ᠱᠠᠪᠢ ᠨᠠᠷ ᠰᠦ ᠲᠠᠷᠠᠭ ᠠᠪᠴᠢᠷᠠᠵᠤ ᠦᠭᠪᠡᠴᠦ ᠲᠡᠭᠦᠨ ᠡᠴᠡ ᠮᠠᠨᠢ ᠬᠣᠶᠠᠷ ᠲᠤ᠌ ᠬᠣᠪᠣᠷᠬᠠᠨ ᠣᠯᠳᠠᠳᠠᠭ ᠪᠠᠢᠪᠠ᠃
  ᠬᠠᠷᠢᠨ ᠴᠡᠮᠪᠡ ᠶ᠋ᠢᠨ ᠳ᠋ᠦ᠍ ᠪᠤᠶᠤ ᠴᠢᠮᠡᠭ ᠬᠡᠦᠬᠡᠨ ᠦ᠌ ᠳ᠋ᠦ᠍ ᠬᠤᠪᠢᠩ ᠬᠤᠪᠢᠩ ᠢ᠋ᠶ᠋ᠠᠷ ᠵᠥᠭᠡᠭᠡᠵᠦ ᠥᠭᠬᠦ ᠠᠵᠢᠯ ᠬᠣᠶᠠᠷ ᠬᠡᠦᠬᠡᠳ ᠲᠦ᠍ ᠨᠡᠮᠡᠭᠳᠡᠵᠡᠢ᠃ ᠬᠣᠶᠠᠷ ᠬᠡᠦᠬᠡᠳ ᠦ᠋ᠨ ᠠᠯᠢ ᠨᠢ ᠴᠦ᠍ ᠴᠡᠮᠪᠡ ᠶ᠋ᠢᠨ ᠳ᠋ᠦ᠍ ᠣᠴᠢᠬᠤ ᠳᠤᠷ᠎ᠠ ᠦᠭᠡᠢ᠃ ᠤᠴᠢᠷ ᠨᠢ ᠶᠠᠭᠤ ᠴᠤ᠌ ᠥᠭᠬᠦ ᠦᠭᠡᠢ ᠡᠴᠡ ᠭᠠᠳᠠᠨ᠎ᠠ ᠡᠯᠳᠡᠪ ᠢ᠋ᠶ᠋ᠡᠷ ᠣᠷᠣᠯᠳᠣᠳᠠᠭ᠃
  ᠨᠢᠭᠡᠨ ᠤᠳᠠᠭ᠎ᠠ ᠬᠣᠩᠭᠣᠷ ᠬᠣᠶᠠᠷ ᠬᠤᠪᠢᠩ ᠲᠠᠷᠠᠭ ᠰᠦ᠂ ᠲᠠᠪᠠᠭ ᠲᠠᠢ ᠥᠷᠥᠮ᠎ᠡ ᠠᠪᠠᠴᠢᠵᠤ ᠥᠭᠬᠦ ᠳ᠋ᠦ᠍ ᠴᠡᠮᠪᠡ ᠨᠢᠭᠡ ᠯᠠᠮᠠ ᠲᠠᠢ ᠰᠢᠲᠠᠷ᠎ᠠ ᠲᠣᠭᠯᠠᠵᠤ ᠪᠠᠢᠭᠰᠠᠨ ᠢ᠋ᠶ᠋ᠠᠨ ᠪᠣᠯᠢᠭᠠᠳ ᠣᠴᠢᠭᠰᠠᠨ ᠶᠠᠭᠤᠮ᠎ᠠ ᠶ᠋ᠢ ᠠᠮᠲᠠᠷᠬᠠᠨ ᠢᠳᠡᠬᠦ ᠵᠠᠭᠤᠷ᠎ᠠ 《ᠴᠢ ᠴᠠᠪ ᠤ᠋ᠨ ᠪᠤᠳᠠᠭ᠎ᠠ ᠢᠳᠡᠬᠦ ᠤᠤ᠂ ᠴᠠᠪᠠᠤ ᠲᠠᠢ ᠲᠣᠯᠣᠭᠠᠢ ᠲᠡᠪᠡᠷᠢᠬᠦ ᠤᠤ?》 ᠭᠡᠵᠦ ᠠᠰᠠᠭᠤᠪᠠ᠃
  ᠤᠴᠢᠷ ᠨᠢ ᠣᠯᠳᠠᠬᠤ ᠦᠭᠡᠢ ᠠᠰᠠᠭᠤᠳᠠᠯ ᠳ᠋ᠤ᠌ ᠵᠢᠪᠡᠭᠦᠦ ᠨᠢ ᠬᠦᠷᠦᠭᠰᠡᠨ ᠬᠣᠩᠭᠣᠷ ᠡᠭᠳᠡᠭᠦᠦ ᠲᠡᠢ ᠳᠠᠭᠤ ᠪᠠᠷ 《ᠮᠡᠳᠡᠬᠦ ᠦᠭᠡᠢ》 ᠭᠡᠯ᠎ᠡ᠃
  ᠴᠡᠮᠪᠡ ᠵᠠᠩᠭᠢᠳᠤᠭᠰᠠᠨ ᠭᠠᠷ ᠤ᠋ᠨ ᠬᠢᠷᠢᠲᠡᠢ ᠮᠥᠰᠥᠨ ᠰᠢᠬᠢᠷ ᠭᠠᠷᠭᠠᠵᠤ 《ᠴᠢᠮᠢ᠋ᠢ ᠬᠠᠷᠢᠭᠤᠯᠪᠠᠯ ᠡᠭᠦᠨ ᠢ᠋ ᠥᠭᠭᠦᠨ᠎ᠡ》 ᠭᠡᠬᠦ ᠳ᠋ᠦ᠍ᠨᠢ ᠬᠣᠩᠭᠣᠷ ᠪᠦᠬᠦ ᠶᠠᠭᠤᠮ᠎ᠠ ᠶ᠋ᠢ ᠮᠠᠷᠲᠠᠵᠤ 《ᠴᠠᠪᠠᠤ ᠲᠠᠢ ᠲᠣᠯᠣᠭᠠᠢ ᠲᠡᠪᠡᠷᠢᠨ᠎ᠡ》 ᠭᠡᠰᠡᠨ ᠴᠢᠨᠢ ᠬᠣᠶᠠᠷ ᠯᠠᠮᠠ ᠤᠴᠢᠷ ᠲᠣᠢᠮᠣ ᠦᠭᠡᠢ ᠬᠥᠬᠥᠷᠡᠵᠦ ᠪᠠᠢᠭᠰᠠᠨ ᠢ᠋ᠶ᠋ᠠᠨ 《ᠴᠠᠪᠠᠤ ᠲᠠᠢ ᠲᠣᠯᠣᠭᠠᠢ ᠲᠡᠪᠡᠷᠢᠬᠦ ᠬᠡᠷᠡᠭᠰᠡᠯ ᠢ᠋ ᠨᠢ ᠦᠵᠡᠶ᠎ᠡ》 ᠭᠡᠵᠦ ᠬᠡᠯᠡᠭᠡᠳ ᠪᠠᠷᠢᠵᠤ ᠠᠪᠴᠤ ᠪᠠᠬᠠᠨ ᠲᠣᠷᠣᠮᠵᠢᠯᠠᠭᠠᠳ ᠵᠢᠵᠢᠭᠬᠡᠨ ᠮᠥᠰᠥᠨ ᠰᠢᠬᠢᠷ ᠢ᠋ᠶ᠋ᠡᠨ ᠥᠭᠪᠡ᠃
  ᠬᠣᠩᠭᠣᠷ ᠰᠢᠬᠢᠷ ᠢ᠋ ᠨᠢ ᠰᠢᠲᠠᠵᠤ 《ᠲᠠ ᠨᠠᠷ ᠡᠴᠡ ᠵᠠᠪᠠᠯ ᠬᠣᠨᠵᠢᠩ ᠢ᠋ᠶ᠋ᠠᠨ ᠠᠪᠤᠨ᠎ᠠ ᠳᠠ》 ᠭᠡᠳ ᠭᠦᠶᠦᠨ ᠭᠠᠷᠴᠠᠢ᠃ ᠭᠡᠷ ᠲᠡᠭᠡᠨ ᠢᠷᠡᠭᠡᠳ ᠪᠦᠬᠦ ᠳᠣᠷᠣᠮᠵᠢᠯᠠᠭᠤᠯᠤᠭᠰᠠᠨ ᠢ᠋ᠶ᠋ᠠᠨ ᠪᠠᠲᠤ ᠳ᠋ᠤ᠌ ᠤᠬᠢᠯᠠᠨ ᠶᠠᠷᠢᠵᠤ 《ᠴᠡᠮᠪᠡ ᠡᠴᠡ ᠥᠰᠢᠶ᠎ᠡ ᠪᠡᠨ ᠵᠠᠪᠠᠯ ᠠᠪᠤᠨ᠎ᠠ》 ᠭᠡᠵᠦ ᠰᠢᠲᠦ ᠪᠡᠨ ᠵᠠᠭᠤᠨ ᠬᠡᠯᠡᠵᠡᠢ᠃
  ᠬᠠᠷᠢᠨ ᠬᠣᠶᠠᠷ ᠬᠡᠦᠬᠡᠳ ᠦ᠋ᠨ ᠬᠡᠨ ᠨᠢ ᠴᠦ᠍ ᠭᠡᠰᠡᠨ ᠴᠢᠮᠡᠭ ᠦ᠋ᠨ ᠳ᠋ᠦ᠍ ᠶᠠᠭᠤᠮ᠎ᠠ ᠬᠦᠷᠭᠡᠵᠦ ᠥᠭᠬᠦ ᠳ᠋ᠡᠭᠡᠨ ᠪᠠᠶᠠᠷᠯᠠᠳᠠᠭ ᠪᠠᠢᠯ᠎ᠠ᠃ ᠬᠣᠶᠠᠷ ᠬᠡᠦᠬᠡᠨ ᠬᠡᠦᠬᠡᠳ ᠦ᠋ᠳ ᠢ᠋ ᠥᠬᠥᠭᠡᠷᠳᠡᠵᠦ ᠰᠢᠬᠢᠷ ᠪᠣᠣᠪᠣ ᠥᠭᠳᠡᠭ᠃ ᠨᠤᠲᠤᠭ ᠣᠷᠣᠨ᠂ ᠲᠥᠷᠥᠯ ᠲᠥᠷᠥᠭᠰᠡᠳ ᠦ᠋ᠨ ᠬᠢᠨᠢ ᠲᠤᠬᠠᠢ ᠶᠠᠷᠢᠭᠤᠯᠳᠠᠭ᠂ ᠤᠷᠠᠭᠳᠠᠭᠰᠠᠨ ᠬᠠᠭᠠᠷᠠᠭᠰᠠᠨ ᠢ᠋ ᠨᠢ ᠣᠶᠣᠵᠤ ᠨᠥᠬᠥᠵᠦ ᠥᠭᠳᠡᠭ ᠪᠠᠢᠪᠠ᠃
  ᠬᠣᠶᠠᠷ ᠬᠡᠦᠬᠡᠳ ᠢ᠋ᠶ᠋ᠡᠷ ᠦᠯᠢᠭᠡᠷ ᠶᠠᠷᠢᠭᠤᠯᠵᠤ ᠬᠠᠮᠲᠤᠷᠠᠨ ᠱᠠᠭ᠎ᠠ ᠲᠣᠭᠯᠠᠵᠤ ᠪᠠᠢᠭᠠᠳ ᠶᠠᠪᠤᠬᠤ ᠳ᠋ᠤᠨᠢ 《ᠪᠠᠭᠰᠢ ᠬᠠᠩᠭᠢᠨᠠᠪᠠᠯ ᠨᠠᠮᠢ᠋ᠢ ᠠᠵᠢᠯ ᠬᠢᠯᠭᠡᠭᠰᠡᠨ ᠭᠡᠵᠦ ᠬᠡᠯᠡᠭᠡᠷᠡᠢ》 ᠭᠡᠵᠦ ᠴᠢᠮᠡᠭ ᠬᠡᠯᠡᠳᠡᠭ ᠪᠠᠢᠪᠠ᠃
  ᠢᠯᠠᠩᠭᠤᠶ᠎ᠠ ᠴᠡᠴᠡᠭ ᠬᠡᠦᠬᠡᠳ ᠦ᠋ᠳ ᠲᠡᠢ ᠱᠠᠭ᠎ᠠ ᠲᠣᠭᠯᠠᠵᠤ᠂ ᠣᠨᠢᠰᠣᠭ᠎ᠠ ᠲᠠᠭᠠᠯᠴᠠᠬᠤ ᠳ᠋ᠠᠭᠠᠨ ᠶᠡᠬᠡ ᠳᠤᠷᠠᠲᠠᠢ ᠪᠥᠭᠡᠳ ᠢᠩᠭᠢᠵᠦ ᠪᠠᠢᠬᠤ ᠳ᠋ᠠᠭᠠᠨ ᠬᠣᠷᠸ᠎ᠠ ᠶ᠋ᠢᠨ ᠭᠤᠲᠤᠮᠰᠢᠭᠲᠤ ᠠᠮᠢᠳᠤᠷᠠᠯ ᠢ᠋ ᠮᠠᠷᠲᠠᠵᠤ᠂ ᠰᠡᠳᠬᠢᠯ ᠨᠢ ᠰᠡᠷᠭᠦᠳᠡᠭ ᠪᠠᠢᠪᠠ᠃
  ᠪᠠᠭᠰᠢ ᠯᠠᠮᠠ ᠨᠢ ᠴᠢᠮᠡᠭ ᠦ᠋ᠨ ᠳ᠋ᠦ᠍ ᠣᠴᠢᠳᠠᠭ ᠡᠰᠡᠬᠦ ᠶ᠋ᠢ ᠬᠣᠶᠠᠷ ᠬᠡᠦᠬᠡᠳ ᠮᠡᠳᠡᠳᠡᠭ ᠦᠭᠡᠢ ᠪᠠᠢᠪᠠ᠃ ᠭᠡᠬᠦ ᠳ᠋ᠡᠭᠡᠨ ᠪᠠᠭᠰᠢ ᠨᠢ ᠱᠠᠪᠢ ᠨᠠᠷ ᠤ᠋ᠨ ᠢ᠋ᠶ᠋ᠠᠨ ᠥᠭᠭᠦᠭᠰᠡᠨ ᠰᠦ ᠲᠠᠷᠠᠭ᠂ ᠲᠣᠰᠣ ᠮᠢᠬᠠᠨ ᠡᠴᠡ ᠡᠬᠢᠯᠡᠭᠡᠳ ᠲᠣᠷᠭ᠎ᠠ ᠳᠤᠷᠳᠤᠩ᠂ ᠮᠥᠩᠭᠥ ᠶᠠᠩᠴᠢᠶᠠᠨ ᠢ᠋ᠶ᠋ᠠᠨ ᠬᠠᠢᠷ᠎ᠠ ᠨᠠᠢᠷ ᠦᠭᠡᠢ ᠥᠭᠳᠡᠭ ᠢ᠋ ᠪᠦᠷᠢᠨ ᠮᠡᠳᠡᠳᠡᠭ ᠪᠠᠢᠪᠠ᠃
  ᠊᠊᠊᠊᠊᠊᠊᠊᠊᠊᠊᠊᠊᠊᠊ ᠶᠠᠭᠠᠬᠢᠭᠠᠳ ᠪᠠᠭᠰᠢ ᠲᠠᠨ ᠳ᠋ᠤ᠌ ᠢᠩᠭᠢᠵᠦ ᠶᠠᠭᠤᠮ᠎ᠠ ᠪᠠᠨ ᠬᠠᠷᠠᠮᠯᠠᠬᠤ ᠦᠭᠡᠢ ᠥᠭᠳᠡᠭ ᠶᠤᠮ ᠪᠣᠢ? ᠭᠡᠵᠦ ᠬᠣᠩᠭᠣᠷ ᠨᠢᠭᠡᠨ ᠤᠳᠠᠭ᠎ᠠ ᠠᠰᠠᠭᠤᠬᠤ ᠳ᠋ᠤ᠌ ᠴᠢᠮᠡᠭ ᠢᠨᠢᠶᠡᠮᠰᠦᠭᠯᠡᠬᠦ ᠮᠡᠲᠦ ᠪᠣᠯᠤᠭᠠᠳ ᠬᠣᠩᠭᠣᠷ ᠤ᠋ᠨ ᠲᠣᠯᠣᠭᠠᠢ ᠶ᠋ᠢ ᠢᠯᠢᠵᠦ 《ᠮᠢᠨᠦ ᠪᠠᠭᠰᠢ ᠶᠤᠮ》 ᠭᠡᠵᠦ ᠬᠠᠷᠢᠭᠤᠯᠪᠠ᠃
  ᠊᠊᠊᠊᠊᠊᠊᠊᠊᠊᠊᠊᠊᠊᠊ ᠪᠠᠭᠰᠢ ᠪᠢᠳᠡ ᠬᠣᠶᠠᠷ ᠲᠤ᠌ ᠶᠠᠭᠤ ᠴᠤ᠌ ᠥᠭᠳᠡᠭ ᠦᠭᠡᠢ ᠰᠢᠦ ᠳᠡ ᠭᠡᠵᠦ ᠪᠠᠲᠤ ᠬᠡᠯᠡᠪᠡ᠃
  ᠊᠊᠊᠊᠊᠊᠊᠊᠊᠊᠊᠊᠊᠊᠊ ᠠᠪᠤ ᠶ᠋ᠢᠨ ᠥᠭᠭᠦᠭᠰᠡᠨ ᠬᠣᠭᠣᠯᠠ ᠶ᠋ᠢ ᠴᠦ᠍ ᠪᠦᠷᠢᠨ ᠥᠭᠳᠡᠭ ᠦᠭᠡᠢ ᠭᠡᠵᠦ ᠬᠣᠩᠭᠣᠷ ᠭᠣᠮᠣᠳᠠᠯ ᠲᠠᠢ ᠪᠠᠷ ᠨᠡᠮᠡᠵᠦ ᠬᠡᠯᠡᠪᠡ᠃
  ᠨᠢᠭᠡᠨ ᠤᠳᠠᠭ᠎ᠠ ᠬᠣᠶᠠᠷ ᠬᠡᠦᠬᠡᠳ ᠴᠢᠮᠡᠭ ᠦ᠋ᠨ ᠳ᠋ᠦ᠍ ᠬᠣᠨᠢᠨ ᠤ᠋ ᠮᠢᠬ᠎ᠠ ᠠᠪᠴᠢᠷᠠᠵᠤ ᠥᠭᠬᠦ ᠳ᠋ᠦ᠍ ᠲᠡᠨᠳᠡ ᠲᠦᠭᠵᠢᠯ ᠲᠡᠢ ᠲᠠᠭᠠᠷᠠᠯᠳᠤᠪᠠ᠃
  ᠊᠊᠊᠊᠊᠊᠊᠊᠊᠊᠊᠊᠊᠊᠊ ᠲᠦᠭᠵᠢᠯ ᠴᠢ ᠪᠠᠶᠠᠷᠬᠠᠭᠠᠳ ᠯᠠ ᠪᠠᠢᠳᠠᠭ᠃ ᠡᠨᠡ ᠬᠣᠶᠠᠷ ᠬᠡᠦᠬᠡᠳ ᠲᠦ᠍ ᠳᠠᠩᠴᠦ᠋ᠷ ᠦ᠋ᠨ ᠮᠥᠩᠭᠥ ᠥᠭ ᠯᠡ ᠳᠡ ᠭᠡᠵᠦ ᠴᠡᠴᠡᠭ ᠬᠡᠯᠡᠪᠡ᠃
  ᠊᠊᠊᠊᠊᠊᠊᠊᠊᠊᠊᠊᠊᠊᠊ ᠱᠠᠯᠳᠠᠩ ᠪᠠᠨᠳᠢ ᠨᠠᠷ ᠲᠤ᠌ ᠶᠠᠭᠤᠮ᠎ᠠ ᠥᠭᠭᠦᠭᠡᠳ ᠶᠠᠭᠠᠬᠢᠳᠠᠭ ᠶᠤᠮ᠃
  ᠊᠊᠊᠊᠊᠊᠊᠊᠊᠊᠊᠊᠊᠊᠊ ᠪᠢᠳᠡ ᠬᠣᠶᠠᠷ ᠱᠠᠯᠳᠠᠩ ᠪᠠᠨᠳᠢ ᠶᠤᠮ ᠤᠤ? ᠭᠡᠵᠦ ᠬᠣᠩᠭᠣᠷ ᠬᠠᠰᠬᠢᠷᠪᠠ᠃
  ᠊᠊᠊᠊᠊᠊᠊᠊᠊᠊᠊᠊᠊᠊᠊ ᠣᠮᠣᠭ ᠲᠠᠢ ᠵᠤᠯᠪᠤᠰᠠᠭ᠎ᠠ ᠪᠣᠢ! ᠳᠡᠮᠡᠢᠷᠡᠲᠡᠯ᠎ᠡ ᠴᠢᠨᠢ ᠠᠯᠠᠭᠠᠳᠠᠵᠤ ᠣᠷᠬᠢᠨ᠎ᠠ ᠰᠢᠦ᠃
  ᠊᠊᠊᠊᠊᠊᠊᠊᠊᠊᠊᠊᠊᠊᠊ ᠠᠬ᠎ᠠ ᠨᠢ ᠮᠥᠩᠭᠥ ᠪᠡᠨ ᠬᠠᠷᠠᠮᠯᠠᠬᠤ ᠳ᠋ᠠᠭᠠᠨ ᠲᠡᠭᠡᠵᠦ ᠪᠠᠢᠭ᠎ᠠ ᠶᠤᠮ ᠭᠡᠵᠦ ᠴᠢᠮᠡᠭ ᠦ᠋ᠨ ᠳᠡᠰ ᠳᠡᠰ ᠢᠨᠢᠶᠡᠬᠦ ᠳ᠋ᠦ᠍ ᠴᠡᠴᠡᠭ ᠴᠦ᠍ ᠬᠥᠭᠵᠢᠯᠲᠡᠢ ᠢᠨᠢᠶᠡᠪᠡ᠃
  ᠊᠊᠊᠊᠊᠊᠊᠊᠊᠊᠊᠊᠊᠊᠊ ᠪᠢᠳᠡ ᠬᠣᠶᠠᠷ ᠡᠭᠦᠨ ᠡᠴᠡ ᠭᠤᠶᠤᠬᠤ ᠪᠢᠰᠢ ᠳᠡ ᠭᠡᠳ ᠬᠣᠩᠭᠣᠷ ᠢ᠋ ᠭᠠᠷᠬᠤ ᠳ᠋ᠤ᠌ ᠪᠠᠲᠤ ᠳᠠᠭᠠᠵᠤ ᠭᠠᠷᠤᠯ᠎ᠠ᠃
  ᠊᠊᠊᠊᠊᠊᠊᠊᠊᠊᠊᠊᠊᠊᠊ ᠡᠨᠡ ᠴᠣᠷ ᠴᠣᠷ ᠭᠡᠳ ᠪᠠᠢᠭ᠎ᠠ ᠪᠠᠨᠳᠢ ᠴᠢᠨᠢ ᠶᠠᠭᠤᠨ ᠪᠠᠨᠳᠢ ᠪᠣᠢ? ᠭᠡᠵᠦ ᠲᠦᠭᠵᠢᠯ ᠶᠡᠬᠡᠮᠰᠦᠭ ᠳᠠᠭᠤ ᠪᠠᠷ ᠲᠣᠭᠣᠮᠵᠢᠷ ᠦᠭᠡᠢ ᠠᠰᠠᠭᠤᠪᠠ᠃
  ᠊᠊᠊᠊᠊᠊᠊᠊᠊᠊᠊᠊᠊᠊᠊ ᠯᠤᠤ ᠬᠦᠩ ᠦ᠋ᠨ ᠪᠠᠶᠠᠨ ᠢᠲᠡᠭᠡᠯᠲᠦ ᠶ᠋ᠢᠨ ᠬᠦᠦ᠃ ᠦᠨᠡᠨ ᠳ᠋ᠡᠭᠡᠨ ᠴᠦ᠍ ᠴᠢᠮ᠎ᠠ ᠡᠴᠡ ᠭᠤᠶᠤᠬᠤ ᠦᠭᠡᠢ ᠬᠥᠮᠦᠨ ᠭᠡᠵᠦ ᠴᠢᠮᠡᠭ᠂ ᠲᠦᠭᠵᠢᠯ ᠢ᠋ ᠳᠣᠷᠣᠮᠵᠢᠯᠠᠭᠰᠠᠨ ᠳᠠᠭᠤ ᠪᠠᠷ ᠬᠡᠯᠡᠵᠡᠢ᠃
  ᠵᠤᠨ ᠤ᠋ ᠳᠤᠮᠳᠠ ᠰᠠᠷ᠎ᠠ ᠶ᠋ᠢᠨ ᠡᠬᠢ ᠪᠡᠷ ᠡᠷᠳᠡᠨᠢ ᠬᠣᠶᠠᠷ ᠮᠣᠷᠢ ᠬᠥᠲᠥᠯᠦᠨ ᠢᠷᠡᠵᠦ ᠬᠡᠦᠬᠡᠳ ᠦ᠋ᠳ ᠢ᠋ ᠬᠥᠳᠡᠭᠡᠯᠡᠭᠦᠯᠬᠦ ᠪᠡᠷ ᠠᠪᠴᠤ ᠶᠠᠪᠤᠬᠤ ᠭᠡᠯ᠎ᠡ᠃
  ᠊᠊᠊᠊᠊᠊᠊᠊᠊᠊᠊᠊᠊᠊᠊ ᠨᠢᠭᠡᠨᠲᠡ ᠯᠡ ᠨᠣᠮ ᠤ᠋ᠨ ᠬᠦᠷᠳᠦ ᠡᠷᠭᠢᠭᠦᠯᠬᠦ ᠭᠡᠰᠡᠨ ᠬᠣᠢᠨ᠎ᠠ᠂ ᠭᠤᠷᠪᠠᠨ ᠵᠢᠯ ᠦ᠋ᠨ ᠳᠣᠲᠣᠷ᠎ᠠ ᠬᠦᠷᠢᠶᠡᠨ ᠡᠴᠡ ᠭᠠᠷᠭᠠᠬᠤ ᠦᠭᠡᠢ ᠭᠡᠵᠦ ᠪᠠᠭᠰᠢ ᠨᠢ ᠬᠡᠯᠡᠭᠡᠳ ᠬᠣᠶᠠᠷ ᠬᠡᠦᠬᠡᠳ ᠳᠠᠭᠠᠵᠤ ᠤᠬᠢᠯᠠᠵᠤ᠂ ᠡᠷᠳᠡᠨᠢ ᠤᠷᠮ᠎ᠠ ᠦᠭᠡᠢ ᠪᠤᠴᠠᠵᠠᠢ᠃
  ᠬᠠᠷᠢᠨ ᠪᠠᠭᠰᠢ ᠨᠢ ᠥᠪᠡᠷ ᠢ᠋ᠶ᠋ᠡᠨ ᠬᠥᠳᠡᠭᠡᠯᠡᠬᠦ ᠭᠡᠳ ᠰᠠᠷ᠎ᠠ ᠭᠠᠷᠤᠢ ᠶᠠᠪᠤᠵᠠᠢ᠃ ᠬᠣᠶᠠᠷ ᠬᠡᠦᠬᠡᠳ ᠬᠡᠮᠵᠢᠵᠦ ᠥᠭᠭᠦᠭᠰᠡᠨ ᠶᠠᠭᠤᠮ᠎ᠠ ᠶ᠋ᠢ ᠨᠢ ᠬᠡᠳᠦᠬᠡᠨ ᠬᠣᠨᠣᠭ ᠤ᠋ᠨ ᠳᠣᠲᠣᠷ᠎ᠠ ᠢᠳᠡᠵᠦ ᠭᠦᠢᠴᠡᠭᠡᠳ ᠴᠢᠮᠡᠭ ᠦ᠋ᠨ ᠬᠣᠭᠣᠯᠠ ᠶ᠋ᠢ ᠫᠤᠤᠳᠠᠳᠠᠭ ᠪᠣᠯᠪᠠ᠃
  ᠪᠠᠰᠠ ᠪᠠᠭᠰᠢ ᠶ᠋ᠢᠨ ᠬᠢᠨᠢ ᠬᠠᠮᠤᠭ ᠶᠠᠭᠤᠮ᠎ᠠ ᠪᠠᠢᠳᠠᠭ ᠪᠠᠢᠰᠢᠩ ᠤ᠋ᠨ ᠴᠣᠩᠬᠣ ᠶ᠋ᠢ ᠡᠪᠳᠡᠨ ᠣᠷᠣᠵᠤ᠂ ᠲᠣᠭᠠᠯᠠᠵᠤ ᠣᠷᠬᠢᠭᠰᠠᠨ ᠳᠤᠭᠤᠢ ᠶ᠋ᠢᠨ ᠬᠢᠨᠢ ᠵᠠᠬ᠎ᠠ ᠶ᠋ᠢ ᠡᠳᠦᠷᠵᠢᠨ ᠮᠡᠷᠡᠳᠡᠭ ᠪᠠᠢᠪᠠ᠃ ᠪᠣᠷᠴᠠ ᠡᠴᠡ ᠨᠢ ᠬᠡᠳᠦᠨ ᠭᠣᠵᠣᠭᠣᠷ ᠢ᠋ ᠠᠪᠴᠤ ᠴᠢᠨᠠᠨ ᠢᠳᠡᠵᠡᠢ᠃ ᠨᠢᠭᠡ ᠮᠡᠳᠡᠬᠦ ᠳ᠋ᠦ᠍ ᠪᠠᠭᠰᠢ ᠢᠷᠡᠬᠦ ᠪᠣᠯᠵᠤ᠂ ᠮᠡᠷᠡᠭᠰᠡᠨ ᠳᠤᠭᠤᠢ᠂ ᠠᠪᠤᠭᠰᠠᠨ ᠪᠣᠷᠴᠠ ᠪᠠᠨ ᠶᠠᠭᠠᠬᠢᠵᠤ ᠠᠷᠭᠠᠯᠠᠬᠤ ᠲᠤᠬᠠᠢ ᠪᠣᠳᠣᠯ ᠳ᠋ᠤ᠌ ᠣᠷᠣᠯ᠎ᠠ᠃
  ᠊᠊᠊᠊᠊᠊᠊᠊᠊᠊᠊᠊᠊᠊᠊ ᠬᠡᠳᠦᠨ ᠬᠤᠯᠤᠭᠠᠨ᠎ᠠ ᠠᠯᠠᠵᠤ᠂ ᠠᠪᠳᠠᠷ᠎ᠠ ᠳᠣᠲᠣᠷ᠎ᠠ ᠬᠢᠶ᠎ᠡ᠃ ᠪᠣᠣᠪᠣ ᠶ᠋ᠢ ᠨᠢ ᠬᠤᠯᠤᠭᠠᠨ᠎ᠠ ᠯᠠ ᠮᠡᠷᠡᠭᠰᠡᠨ ᠪᠢᠵᠡ ᠭᠡᠵᠦ ᠬᠣᠩᠭᠣᠷ ᠪᠠᠶᠠᠷᠲᠠᠢ ᠬᠡᠯᠡᠪᠡ᠃
  ᠊᠊᠊᠊᠊᠊᠊᠊᠊᠊᠊᠊᠊᠊᠊ ᠳᠣᠬᠢ ᠠᠷᠭ᠎ᠠ ᠁ ᠪᠦᠷ ᠪᠠᠭᠠᠰᠤ ᠲᠠᠢ ᠨᠢ ᠬᠢᠨ᠎ᠡ ᠰᠢᠦ᠃ ᠬᠠᠷᠢᠨ ᠪᠣᠷᠴᠠ ᠶ᠋ᠢ ᠨᠢ ᠶᠠᠭᠠᠬᠢᠬᠤ ᠪᠣᠢ?
  ᠊᠊᠊᠊᠊᠊᠊᠊᠊᠊᠊᠊᠊᠊᠊ ᠲᠡᠷᠡ ᠠᠮᠠᠷᠬᠠᠨ᠃ ᠲᠣᠮᠣ ᠶ᠋ᠢ ᠵᠦᠰᠦᠵᠦ ᠬᠤᠪᠢᠶᠠᠭᠠᠳ ᠲᠣᠭ᠎ᠠ ᠶ᠋ᠢ ᠨᠢ ᠭᠦᠢᠴᠡᠭᠡᠵᠦ ᠤᠷᠭᠢᠶ᠎ᠠ᠃ ᠲᠡᠭᠡᠪᠡᠯ ᠪᠠᠭᠰᠢ ᠮᠡᠳᠡᠬᠦ ᠦᠭᠡᠢ᠃
  ᠬᠣᠶᠠᠷ ᠬᠡᠦᠬᠡᠳ ᠣᠯᠤᠭᠰᠠᠨ ᠠᠷᠭ᠎ᠠ ᠳ᠋ᠠᠭᠠᠨ ᠪᠠᠶᠠᠷᠯᠠᠵᠤ᠂ ᠬᠡᠳᠦᠨ ᠬᠤᠯᠤᠭᠠᠨ᠎ᠠ ᠠᠯᠠᠵᠤ᠂ ᠪᠠᠰᠠ ᠨᠡᠯᠢᠶᠡᠳ ᠪᠠᠭᠠᠰᠤ ᠴᠤᠭᠯᠠᠭᠤᠯᠤᠨ ᠪᠣᠣᠪᠣ ᠶ᠋ᠢᠨ ᠠᠪᠳᠠᠷ᠎ᠠ ᠳ᠋ᠤ᠌ ᠬᠢᠪᠡ᠃ ᠬᠡᠳᠦᠨ ᠲᠣᠮᠣ ᠪᠣᠷᠴᠠ ᠶ᠋ᠢ ᠨᠢ ᠬᠤᠪᠢᠶᠠᠵᠤ ᠲᠣᠭ᠎ᠠ ᠶ᠋ᠢ ᠭᠦᠢᠴᠡᠭᠡᠪᠡ᠃
  ᠊᠊᠊᠊᠊᠊᠊᠊᠊᠊᠊᠊᠊᠊᠊ ᠣᠳᠣ ᠴᠤ᠌ ᠲᠠᠵᠢ ᠦᠭᠡᠢ ᠭᠡᠵᠦ ᠰᠡᠳᠬᠢᠯ ᠠᠮᠠᠷᠠᠨ ᠬᠥᠭᠵᠢᠯᠳᠦᠪᠡ᠃ ᠭᠡᠪᠡᠴᠦ ᠪᠠᠭᠰᠢ ᠨᠢ ᠭᠡᠨᠡᠨ ᠬᠣᠶᠠᠷ ᠬᠡᠦᠬᠡᠳ ᠲᠦ᠍ ᠬᠠᠭᠤᠷᠲᠠᠬᠤ ᠬᠥᠮᠦᠨ ᠪᠢᠰᠢ ᠰᠢᠦ ᠳᠡ᠃ ᠨᠢᠭᠡ ᠥᠷᠯᠥᠭᠡ ᠲᠣᠭᠯᠠᠵᠤ ᠪᠠᠢᠲᠠᠯ᠎ᠠ ᠡᠭᠦᠳᠡᠨ ᠨᠢ ᠳᠤᠤᠭᠠᠷᠴᠤ ᠵᠠᠶ᠎ᠠ ᠭᠡᠭᠡᠨ ᠣᠷᠣᠵᠤ ᠢᠷᠡᠯ᠎ᠡ᠃ ᠬᠢᠶᠠᠵᠠ ᠲᠠᠢ ᠵᠠᠬ᠎ᠠ ᠲᠠᠢ ᠴᠣ ᠰᠢᠨ᠎ᠡ ᠤᠯᠠᠭᠠᠨ ᠲᠣᠷᠭᠠᠨ ᠳᠡᠪᠡᠯ ᠲᠡᠢ᠂ ᠮᠣᠩᠬᠣᠷ ᠴᠠᠭᠠᠨ ᠲᠡᠷᠡ ᠬᠡᠦᠬᠡᠳ ᠮᠠᠨᠢ ᠬᠣᠶᠠᠷ ᠲᠠᠢ ᠴᠢᠯᠠᠭᠤ ᠣᠪᠣᠭᠠᠯᠠᠨ ᠬᠠᠷᠪᠤᠵᠤ ᠡᠬᠢᠯᠡᠪᠡ᠃
  ᠵᠠᠶ᠎ᠠ ᠭᠡᠭᠡᠨ ᠮᠠᠨᠢ ᠬᠣᠶᠠᠷ ᠡᠴᠡ ᠬᠡᠳᠦ ᠠᠬ᠎ᠠ ᠪᠣᠯᠪᠠᠴᠤ ᠬᠦᠴᠦ ᠳᠣᠷᠣᠢ᠂ ᠪᠡᠶ᠎ᠡ ᠪᠢᠯᠳᠠᠷ ᠪᠠᠭ᠎ᠠ ᠪᠠᠢᠪᠠ᠃ ᠭᠡᠪᠡᠴᠦ ᠲᠡᠭᠦᠨ ᠢ᠋ ᠶᠠᠷᠢᠶ᠎ᠠ ᠨᠢ ᠭᠡᠨᠡᠨ ᠬᠣᠶᠠᠷ ᠬᠡᠦᠬᠡᠳ ᠲᠦ᠍ ᠶᠡᠬᠡᠳᠡ ᠭᠠᠢᠬᠠᠭᠳᠠᠪᠠ᠃
  ᠊᠊᠊᠊᠊᠊᠊᠊᠊᠊᠊᠊᠊᠊᠊ ᠲᠠ ᠬᠣᠶᠠᠷ ᠴᠠᠪ ᠤ᠋ᠨ ᠪᠤᠳᠠᠭ᠎ᠠ ᠢᠳᠡᠬᠦ ᠤᠤ᠂ ᠴᠠᠪᠠᠤ ᠲᠠᠢ ᠲᠣᠯᠣᠭᠠᠢ ᠲᠡᠪᠡᠷᠢᠬᠦ ᠤᠤ ᠭᠡᠵᠦ ᠭᠡᠭᠡᠨ ᠶᠡᠬᠡᠮᠰᠦᠭ ᠪᠥᠭᠡᠳ ᠮᠡᠳᠡᠮᠡᠬᠡᠢ ᠠᠰᠠᠭᠤᠬᠤ ᠳ᠋ᠤ᠌ ᠬᠣᠩᠭᠣᠷ ᠢᠨᠢᠶᠡᠮᠰᠦᠭᠯᠡᠪᠡ᠃
  ᠬᠣᠩᠭᠣᠷ ᠤ᠋ᠨ ᠰᠡᠳᠬᠢᠯ ᠳ᠋ᠦ᠍ ᠴᠡᠮᠪᠡ ᠶ᠋ᠢᠨ ᠠᠰᠠᠭᠤᠭᠰᠠᠨ ᠦᠭᠡ᠂ ᠥᠪᠡᠷ ᠦ᠋ᠨ ᠬᠠᠷᠢᠭᠤᠯᠲᠠ᠂ ᠳᠣᠷᠣᠮᠵᠢᠯᠠᠭᠤᠯᠤᠭᠰᠠᠨ ᠵᠡᠷᠭᠡ ᠨᠢ ᠪᠣᠳᠣᠭᠳᠠᠪᠠ᠃
  ᠊᠊᠊᠊᠊᠊᠊᠊᠊᠊᠊᠊᠊᠊᠊ ᠶᠠᠭᠤ ᠭᠡᠵᠦ ᠪᠠᠢᠭ᠎ᠠ ᠶᠤᠮ ᠪᠣᠢ? ᠭᠡᠵᠦ ᠪᠠᠲᠤ ᠰᠣᠨᠢᠷᠬᠠᠨ ᠠᠰᠠᠭᠤᠪᠠ᠃
  ᠊᠊᠊᠊᠊᠊᠊᠊᠊᠊᠊᠊᠊᠊᠊ ᠮᠡᠳᠡᠬᠦ ᠦᠭᠡᠢ ᠭᠡᠵᠦ ᠤᠤ ᠭᠡᠳ ᠵᠠᠶ᠎ᠠ ᠭᠡᠭᠡᠨ ᠨᠢᠯᠬ᠎ᠠ ᠪᠠᠷ ᠢ᠋ᠶ᠋ᠠᠨ ᠪᠠᠢᠭ᠎ᠠ ᠬᠣᠶᠠᠷ ᠵᠢᠭᠠᠯ ᠢ᠋ ᠱᠣᠣᠯᠠᠨ ᠢᠨᠢᠶᠡᠪᠡ᠃
  ᠊᠊᠊᠊᠊᠊᠊᠊᠊᠊᠊᠊᠊᠊᠊ ᠴᠠᠪ ᠤ᠋ᠨ ᠪᠤᠳᠠᠭ᠎ᠠ ᠢᠳᠡᠨ᠎ᠡ ᠭᠡᠳᠡᠭ ᠴᠢᠨᠢ ᠯᠠᠮᠠ ᠪᠣᠯᠤᠨ᠎ᠠ ᠭᠡᠰᠡᠨ ᠦᠭᠡ᠂ ᠴᠠᠪᠠᠤ ᠲᠠᠢ ᠲᠣᠯᠣᠭᠠᠢ ᠲᠡᠪᠡᠷᠢᠨ᠎ᠡ ᠭᠡᠪᠡᠯ ᠡᠬᠡᠨᠡᠷ ᠠᠪᠤᠨ᠎ᠠ ᠭᠡᠰᠡᠨ ᠦᠭᠡ ᠭᠡᠵᠦ ᠭᠡᠭᠡᠨ ᠮᠡᠳᠡᠮᠡᠬᠡᠢ ᠬᠡᠯᠡᠵᠡᠢ᠃
  ᠦᠨᠡᠬᠡᠷ ᠴᠦ᠍ ᠭᠡᠭᠡᠨ ᠦᠯᠡᠮᠵᠢ ᠶᠠᠭᠤᠮ᠎ᠠ ᠮᠡᠳᠡᠳᠡᠭ ᠠᠵᠢ᠃ ᠯᠠᠮᠠ ᠨᠠᠷ ᠤ᠋ᠨ ᠪᠠᠨᠳᠢ ᠱᠤᠤᠮᠠᠷ ᠤ᠋ᠨ ᠶᠣᠰᠣ᠂ ᠠᠪᠠᠭᠠᠢ ᠬᠡᠦᠬᠡᠨ ᠦ᠌ ᠶᠠᠪᠤᠳᠠᠯ ᠤ᠋ᠨ ᠨᠠᠷᠢᠨ ᠨᠢᠭᠤᠴᠠ ᠵᠦᠢᠯ ᠢ᠋ ᠶᠠᠷᠢᠵᠤ ᠥᠭᠬᠦ ᠳ᠋ᠦ᠍ ᠬᠣᠩᠭᠣᠷ ᠪᠠᠲᠤ ᠬᠣᠶᠠᠷ ᠨᠢᠳᠦ ᠪᠡᠨ ᠪᠦᠯᠲᠡᠢᠯᠭᠡᠨ ᠰᠣᠨᠣᠰᠤᠭᠠᠳ ᠪᠠᠭᠰᠢ ᠨᠢ ᠴᠡᠮᠪᠡ ᠲᠡᠢ ᠶᠠᠭᠠᠬᠢᠵᠤ ᠪᠠᠢᠳᠠᠭ ᠢ᠋ ᠬᠠᠷᠢᠭᠤ ᠰᠣᠨᠢᠨ ᠪᠣᠯᠭᠠᠨ ᠶᠠᠷᠢᠪᠠ᠃
  ᠊᠊᠊᠊᠊᠊᠊᠊᠊᠊᠊᠊᠊᠊᠊ ᠴᠡᠮᠪᠡ ᠶ᠋ᠢ ᠵᠦᠭᠡᠷ ᠪᠠᠨᠳᠢ ᠭᠡᠵᠦ ᠮᠠᠨ ᠤ᠋ ᠬᠠᠮᠪᠤ ᠶᠠᠷᠢᠳᠠᠭ ᠶᠤᠮ᠃ ᠶᠡᠷᠦᠨᠢ ᠰᠠᠢᠨ ᠪᠠᠨᠳᠢ ᠴᠢᠨᠢ ᠶᠢᠰᠦᠨ ᠱᠤᠤᠮᠠᠷ ᠲᠠᠢ ᠪᠠᠢᠳᠠᠭ᠃ ᠮᠠᠨ ᠤ᠋ ᠬᠠᠮᠪᠤ ᠴᠡᠮᠪᠡ ᠶ᠋ᠢᠨ ᠶᠣᠩᠵᠤᠨ᠂ ᠲᠠᠨ ᠤ᠋ ᠪᠠᠭᠰᠢ ᠵᠢᠠᠳᠠᠭ᠎ᠠ᠂ ᠵᠠᠮᠰᠤ ᠪᠣᠷᠣᠣᠬᠠᠢ ᠱᠤᠤᠮᠠᠷ ᠶᠤᠮ ᠭᠡᠵᠦ ᠭᠡᠭᠡᠨ ᠶᠠᠷᠢᠪᠠ᠃
  ᠊᠊᠊᠊᠊᠊᠊᠊᠊᠊᠊᠊᠊᠊᠊ ᠶᠣᠩᠵᠤᠨ᠂ᠵᠢᠠᠳᠠᠭ᠎ᠠ᠂ ᠪᠣᠷᠣᠣᠬᠠᠢ ᠭᠡᠳᠡᠭ ᠴᠢᠨᠢ ᠶᠠᠭᠤ ᠭᠡᠰᠡᠨ ᠦᠭᠡ ᠪᠣᠢ? ᠭᠡᠵᠦ ᠪᠠᠲᠤ ᠰᠣᠨᠢᠷᠬᠠᠨ ᠠᠰᠠᠭᠤᠵᠤ ᠭᠡᠭᠡᠨ ᠳ᠋ᠦ᠍ ᠪᠠᠰᠠ ᠯᠠ ᠱᠣᠣᠯᠠᠭᠤᠯᠪᠠ᠃
  ᠊᠊᠊᠊᠊᠊᠊᠊᠊᠊᠊᠊᠊᠊᠊ ᠶᠣᠩᠵᠤᠨ ᠭᠡᠳᠡᠭ ᠴᠢᠨᠢ ᠪᠠᠭᠰᠢ᠂ ᠵᠢᠠᠳᠠᠭ᠎ᠠ ᠭᠡᠳᠡᠭ ᠴᠢᠨᠢ ᠶᠠᠭᠤᠮ᠎ᠠ ᠥᠭᠳᠡᠭ᠂ ᠪᠣᠷᠣᠣᠬᠠᠢ ᠭᠡᠳᠡᠭ ᠴᠢᠨᠢ ᠵᠣᠳᠣᠵᠤ᠂ ᠳᠠᠷᠤᠯᠠᠵᠤ ᠪᠠᠢᠳᠠᠭ ᠭᠡᠰᠡᠨ ᠦᠭᠡ ᠭᠡᠳ ᠭᠡᠭᠡᠨ ᠦᠭᠡ ᠪᠡᠨ ᠲᠠᠰᠤᠯᠵᠤ ᠬᠡᠰᠡᠭ ᠳᠠᠭᠤ ᠦᠭᠡᠢ ᠪᠣᠯᠤᠭᠰᠠᠨ ᠢ᠋ᠶ᠋ᠠᠨ ᠦᠷᠭᠦᠯᠵᠢᠯᠡᠭᠦᠯᠦᠨ᠂
  ᠊᠊᠊᠊᠊᠊᠊᠊᠊᠊᠊᠊᠊᠊᠊ ᠪᠢ ᠤᠳᠠᠬᠤ ᠦᠭᠡᠢ ᠪᠠᠨᠳᠢ ᠲᠠᠢ ᠪᠣᠯᠤᠨ᠎ᠠ᠃ ᠪᠠᠰᠠ ᠡᠬᠡᠨᠡᠷ ᠠᠪᠤᠨ᠎ᠠ ᠭᠡᠵᠦ ᠶᠠᠷᠢᠵᠠᠢ᠃
  ᠳᠠᠷᠠᠭ᠎ᠠ ᠨᠢ ᠪᠠᠲᠤ ᠬᠣᠩᠭᠣᠷ ᠬᠣᠶᠠᠷ ᠢ᠋ ᠳᠠᠭᠠᠭᠤᠯᠤᠨ ᠭᠡᠷ ᠲᠡᠭᠡᠨ ᠣᠴᠢᠪᠠ᠃ ᠬᠣᠶᠠᠷ ᠳᠠᠪᠬᠤᠷ ᠬᠠᠰᠢᠶᠠᠨ ᠤ᠋ ᠠᠷᠤ ᠶ᠋ᠢᠨ ᠬᠠᠰᠢᠶᠠᠨ ᠤ᠋ ᠬᠣᠢᠲᠤ ᠵᠠᠬ᠎ᠠ ᠳ᠋ᠤ᠌ ᠥᠨᠳᠥᠷ ᠱᠠᠯᠠᠨ ᠳᠡᠭᠡᠷ᠎ᠡ ᠪᠠᠷᠢᠭᠰᠠᠨ ᠰᠢᠷ᠎ᠠ ᠬᠠᠯᠵᠠᠨ ᠭᠡᠷ ᠲᠦ᠍ ᠣᠷᠣᠬᠤ ᠳ᠋ᠤ᠌ ᠨᠠᠨᠳᠢᠨ ᠬᠦᠷᠡᠩ ᠬᠦᠵᠢ᠂ ᠬᠠᠩᠭᠠᠢ ᠶ᠋ᠢᠨ ᠨᠢᠷᠤᠭᠤᠨ ᠤ᠋ ᠠᠷᠴᠠ ᠶ᠋ᠢᠨ ᠦᠨᠦᠷ ᠬᠠᠮᠠᠷ ᠳᠦᠭᠦᠷᠡᠩ ᠬᠠᠩᠬᠤᠯᠪᠠ᠃ ᠭᠡᠷ ᠦ᠋ᠨ ᠬᠣᠢᠲᠤ ᠬᠠᠭᠠᠰ ᠢ᠋ ᠡᠵᠡᠯᠡᠭᠰᠡᠨ ᠦᠢ ᠣᠯᠠᠨ ᠪᠤᠷᠬᠠᠨ ᠤ᠋ ᠡᠮᠦᠨᠡᠬᠢ ᠠᠯᠲᠠᠨ ᠬᠡ ᠲᠡᠢ ᠰᠢᠷᠡᠭᠡᠨ ᠳᠡᠭᠡᠷ᠎ᠡ ᠠᠯᠲᠠᠨ ᠮᠥᠩᠭᠥᠨ ᠴᠥᠭᠥᠴᠡ᠂ ᠵᠠᠪᠢᠶ᠎ᠠ ᠨᠢ ᠲᠣᠭᠣᠨᠣ ᠪᠠᠷ ᠣᠷᠣᠭᠰᠠᠨ ᠨᠠᠷᠠᠨ ᠤ᠋ ᠭᠡᠷᠡᠯ ᠳ᠋ᠦ᠍ ᠭᠢᠯᠠᠯᠵᠠᠨ ᠲᠣᠭᠯᠠᠵᠤ ᠪᠠᠢᠪᠠ᠃ ᠡᠨᠡ ᠪᠦᠬᠦᠨ ᠳ᠋ᠦ᠍ ᠭᠢᠯᠪᠠᠭᠰᠠᠨ ᠬᠣᠶᠠᠷ ᠬᠡᠦᠬᠡᠳ ᠲᠦ᠍ ᠦᠯᠦ ᠬᠠᠷᠠᠭᠳᠠᠬᠤ ᠲᠣᠮᠣ ᠴᠠᠭ ᠤ᠋ᠨ ᠵᠢᠭᠳᠡ ᠴᠣᠬᠢᠯᠲᠠ ᠨᠢ ᠵᠢᠷᠦᠬᠡᠨ ᠦ᠌ ᠴᠣᠬᠢᠯᠲᠠ ᠮᠡᠲᠦ ᠰᠣᠨᠣᠰᠤᠭᠳᠠᠵᠤ ᠪᠦᠬᠦᠨ ᠢ᠋ ᠠᠮᠢ ᠲᠠᠢ ᠶᠤᠮ ᠰᠢᠭ᠋ ᠪᠣᠯᠭᠠᠵᠠᠢ᠃
  ᠬᠡᠦᠬᠡᠳ ᠦ᠋ᠳ ᠪᠣᠱᠣᠭ᠎ᠠ ᠠᠯᠬᠤᠮᠠᠭᠴᠠ ᠬᠦᠯᠢᠶᠡᠨ ᠵᠣᠭᠰᠣᠪᠠ᠃ ᠲᠡᠳᠡᠨ ᠳ᠋ᠦ᠍ ᠬᠥᠳᠡᠯᠬᠦ ᠴᠢᠳᠠᠯ ᠪᠠᠢᠭᠰᠠᠨ ᠦᠭᠡᠢ᠃
  ᠊᠊᠊᠊᠊᠊᠊᠊᠊᠊᠊᠊᠊᠊᠊ ᠡᠨᠡ ᠬᠣᠶᠠᠷ ᠵᠢᠭᠠᠯ ᠶᠠᠭᠤ ᠬᠢᠵᠦ ᠶᠠᠪᠤᠭ᠎ᠠ ᠵᠣᠯᠢᠭ ᠪᠣᠢ᠃ ᠭᠠᠷ᠂ ᠵᠠᠢᠯᠠ ᠭᠡᠵᠦ ᠠᠷᠤ ᠳ᠋ᠤᠨᠢ ᠬᠠᠰᠬᠢᠷᠬᠤ ᠳ᠋ᠤ᠌ ᠮᠠᠨᠢ ᠬᠣᠶᠠᠷ ᠰᠣᠴᠢᠨ ᠡᠷᠭᠢᠵᠦ ᠬᠠᠷᠠᠪᠠᠯ ᠨᠥᠭᠦᠭᠡ ᠲᠣᠷᠯᠣᠭᠳᠠᠳᠠᠭ ᠯᠠᠮᠠ ᠵᠣᠭᠰᠣᠵᠤ ᠪᠠᠢᠪᠠ᠃
  ᠊᠊᠊᠊᠊᠊᠊᠊᠊᠊᠊᠊᠊᠊᠊ ᠪᠢ ᠠᠪᠴᠢᠷᠠᠭᠰᠠᠨ ᠶᠤᠮ᠃ ᠭᠡᠪᠰᠢ ᠪᠤᠰᠢᠭᠤ ᠵᠣᠭᠣᠭ ᠠᠪᠴᠢᠷᠠ ᠭᠡᠵᠦ ᠭᠡᠭᠡᠨ ᠵᠠᠩᠳᠤᠷᠪᠠ᠃
  ᠊᠊᠊᠊᠊᠊᠊᠊᠊᠊᠊᠊᠊᠊᠊ ᠭᠡᠭᠡᠨᠲᠡᠨ ᠮᠢᠨᠢ᠂ ᠡᠨᠡ ᠬᠣᠭ ᠤ᠋ᠨ ᠬᠡᠦᠬᠡᠳ ᠦ᠋ᠳ ᠳᠡᠭᠡᠳᠦᠰ ᠢ᠋ ᠤᠷᠤᠭᠤ ᠲᠠᠲᠠᠨ᠎ᠠ᠃ ᠪᠣᠰᠢᠭᠣ ᠁ ᠭᠡᠲᠡᠯ᠎ᠡ ᠭᠡᠭᠡᠨ ᠦ᠌ ᠰᠢᠳᠡᠭᠰᠡᠨ ᠠᠶᠠᠭᠠᠨ ᠤ᠋ ᠲᠠᠯᠪᠢᠭᠤᠷ ᠬᠠᠯᠵᠠᠨ ᠮᠠᠩᠨᠠᠢ ᠳᠡᠭᠡᠷ᠎ᠡ ᠨᠢ ᠪᠠᠭᠤᠪᠠ᠃ ᠯᠠᠮᠠ ᠭᠦᠶᠦᠨ ᠡᠷᠭᠢᠵᠦ ᠭᠠᠷᠬᠤ ᠳ᠋ᠤ᠌ ᠭᠡᠭᠡᠨ ᠪᠠᠷᠠᠭᠤᠨ ᠲᠠᠯ᠎ᠠ ᠶ᠋ᠢᠨ ᠣᠷᠣᠨ ᠳᠡᠭᠡᠷ᠎ᠡ ᠦᠰᠦᠷᠦᠨ ᠰᠠᠭᠤᠭᠠᠳ ᠡᠯᠢᠭᠡ ᠪᠡᠨ ᠬᠥᠰᠢᠲᠡᠯ᠎ᠡ ᠢᠨᠢᠶᠡᠪᠡ᠃ ᠮᠠᠨᠠᠢ ᠬᠣᠶᠠᠷ ᠴᠤ᠌ ᠲᠡᠰᠦᠭᠰᠡᠨ ᠦᠭᠡᠢ ᠢᠨᠢᠶᠡᠪᠡ᠃ ᠤᠳᠠᠭᠰᠠᠨ ᠴᠤ᠌ ᠦᠭᠡᠢ ᠯᠣᠢ᠌ᠮᠤ ᠫᠦᠡᠳᠦᠦᠵᠡ ᠲᠡᠢ ᠱᠥᠯᠥ᠂ ᠪᠤᠤᠵᠠ᠂ ᠰᠢᠷ᠎ᠠ ᠲᠣᠰᠣ ᠲᠠᠢ ᠪᠡᠷᠡᠭᠡᠰᠡᠢ ᠢᠷᠡᠬᠦ ᠳ᠋ᠦ᠍ ᠬᠣᠶᠠᠷ ᠵᠢᠭᠠᠯ ᠠᠮᠠ ᠪᠠᠨ ᠣᠯᠬᠤ ᠦᠭᠡᠢ ᠢᠳᠡᠪᠡ᠃
  ᠭᠡᠭᠡᠨ ᠦ᠌ ᠪᠠᠭᠰᠢ ᠢᠷᠡᠵᠦ ᠭᠡᠭᠡᠨ ᠢ᠋ ᠵᠣᠳᠣᠭᠠᠳ᠂ ᠮᠠᠨᠠᠢ ᠬᠣᠶᠠᠷ ᠢ᠋ ᠬᠥᠭᠡᠭᠡᠵᠡᠢ᠃ ᠭᠡᠪᠡᠴᠦ ᠰᠠᠢᠬᠠᠨ ᠬᠣᠭᠣᠯᠠ ᠢᠳᠡᠵᠦ ᠭᠡᠳᠡᠰᠦ ᠴᠠᠳᠤᠭᠠᠳ᠂ ᠬᠠᠷᠠᠵᠤ ᠦᠵᠡᠭᠡ ᠦᠭᠡ ᠶᠠᠭᠤᠮ᠎ᠠ ᠦᠵᠡᠵᠦ ᠰᠡᠳᠬᠢᠯ ᠨᠢ ᠪᠠᠶᠠᠰᠤᠭᠰᠠᠨ ᠬᠣᠶᠠᠷ ᠢᠨᠢᠶᠡᠯᠳᠦᠨ ᠶᠠᠪᠤᠭᠰᠠᠭᠠᠷ ᠭᠡᠷ ᠲᠡᠭᠡᠨ ᠢᠷᠡᠪᠡᠯ ᠪᠠᠭᠰᠢ ᠨᠢ ᠢᠷᠡᠭᠡᠳ ᠭᠡᠷ ᠬᠠᠰᠢᠶ᠎ᠠ ᠶ᠋ᠢ ᠨᠢ ᠡᠵᠡᠭᠦᠢ ᠬᠠᠶᠠᠭᠠᠳ ᠲᠡᠨᠦᠭᠦᠴᠢᠯᠡᠨ ᠠᠯᠠᠭ᠎ᠠ ᠪᠣᠯᠤᠭᠰᠠᠨ ᠬᠣᠶᠠᠷ ᠭᠠᠢᠬᠠᠯ ᠢ᠋ ᠨᠣᠢᠲᠠᠨ ᠲᠣᠷᠯᠣᠭ ᠢ᠋ᠶ᠋ᠠᠷ ᠨᠦᠳᠦᠪᠡ᠃
  ᠨᠢᠷᠤᠭᠤ ᠪᠠᠨ ᠤᠯᠠᠭᠠᠨ ᠭᠤᠪᠤᠷᠤᠤ ᠪᠣᠯᠭᠠᠭᠤᠯᠤᠭᠰᠠᠨ ᠬᠣᠶᠠᠷ ᠨᠢᠳᠦᠨ ᠳ᠋ᠡᠭᠡᠨ ᠨᠢᠯᠪᠤᠰᠤ ᠲᠠᠢ ᠪᠠᠷ ᠲᠦᠯᠡᠭᠡ ᠬᠢᠷᠥᠭᠡᠳᠡᠵᠦ᠂ ᠴᠠᠢ ᠴᠢᠨᠠᠭᠠᠳ ᠭᠦᠢᠴᠡᠲᠡᠯ᠎ᠡ ᠬᠠᠭᠠᠯᠭᠠᠨ ᠤ᠋ ᠬᠣᠩᠬᠣ ᠬᠥᠮᠦᠨ ᠢᠷᠡᠭᠰᠡᠨ ᠢ᠋ ᠮᠡᠳᠡᠭᠳᠡᠯ᠎ᠡ᠃ ᠬᠠᠷᠠᠪᠠᠯ ᠳᠡᠯ ᠢ᠋ ᠨᠢ ᠰᠤᠮᠤᠯᠠᠵᠤ ᠵᠠᠰᠠᠭᠰᠠᠨ ᠥᠨᠳᠥᠷ ᠪᠣᠷᠣ ᠮᠣᠷᠢ ᠬᠥᠲᠥᠯᠦᠭᠡᠳ ᠴᠡᠮᠪᠡ ᠣᠷᠣᠵᠤ ᠢᠷᠡᠯ᠎ᠡ᠃
  ᠴᠡᠮᠪᠡ ᠶ᠋ᠢ ᠬᠠᠷᠠᠭᠠᠳ ᠪᠠᠭᠰᠢ ᠯᠠᠮᠠ ᠶ᠋ᠢᠨ ᠰᠢᠷᠦᠭᠦᠨ ᠨᠢᠳᠦ ᠵᠥᠭᠡᠯᠡᠷᠡᠵᠦ ᠵᠠᠩ ᠨᠢ ᠰᠠᠢᠵᠢᠷᠠᠪᠠ᠃
  ᠊᠊᠊᠊᠊᠊᠊᠊᠊᠊᠊᠊᠊᠊᠊ ᠵᠠ ᠲᠠ ᠬᠣᠶᠠᠷ ᠶᠠᠪᠤᠵᠤ ᠪᠠᠢᠭᠠᠳ ᠪᠦᠷᠦᠩᠬᠦᠢ ᠪᠣᠯᠬᠤ ᠪᠠᠷ ᠢᠷᠡᠵᠦ ᠬᠡᠮᠵᠢᠵᠦ ᠥᠭᠭᠦᠭᠰᠡᠨ ᠨᠣᠮ ᠢ᠋ᠶ᠋ᠠᠨ ᠰᠢᠭᠦᠯᠭᠡ ᠭᠡᠵᠦ ᠪᠠᠭᠰᠢ ᠶ᠋ᠢᠨ ᠢ᠋ᠶ᠋ᠡᠨ ᠬᠡᠯᠡᠬᠦ ᠳ᠋ᠦ᠍ ᠭᠢᠨᠵᠢᠨ ᠡᠴᠡ ᠪᠡᠨ ᠮᠤᠯᠲᠤᠷᠠᠭᠰᠠᠨ ᠨᠣᠬᠠᠢ ᠰᠢᠭ᠋ ᠬᠣᠶᠠᠷ ᠬᠡᠦᠬᠡᠳ ᠭᠠᠷᠴᠤ ᠣᠳᠤᠯ᠎ᠠ᠃
  ᠶᠡᠬᠡ ᠬᠠᠭᠠᠯᠭᠠᠨ ᠤ᠋ ᠲᠡᠮᠦᠷ ᠡᠴᠡ ᠤᠶᠠᠭ᠎ᠠ ᠲᠠᠢ ᠰᠠᠢᠬᠠᠨ ᠪᠣᠷᠣ ᠮᠣᠷᠢ ᠲᠣᠯᠣᠭᠠᠢ ᠪᠠᠷ ᠢ᠋ᠶ᠋ᠠᠨ ᠲᠣᠭᠯᠠᠨ ᠵᠣᠭᠰᠣᠨ᠎ᠠ᠃ ᠡᠮᠡᠭᠡᠯ ᠦ᠋ᠨ ᠬᠢᠨᠢ ᠮᠥᠩᠭᠥᠨ ᠬᠢᠷ᠎ᠠ᠂ ᠲᠣᠮᠣ ᠪᠠᠭᠠᠪᠤᠷ ᠨᠢ ᠵᠢᠷᠭᠠᠵᠤ ᠪᠠᠢᠭ᠎ᠠ ᠨᠠᠷᠠᠨ ᠤ᠋ ᠭᠡᠷᠡᠯ ᠳ᠋ᠦ᠍ ᠭᠢᠯᠠᠯᠵᠠᠨ᠂ ᠬᠦᠷᠡᠩ ᠨᠠᠠᠵᠢᠩ ᠭᠠᠬᠠᠢ ᠭᠥᠯᠢᠮ ᠳᠡᠭᠡᠷ᠎ᠡ ᠲᠤᠰᠤᠭᠰᠠᠨ ᠨᠠᠷᠠᠨ ᠤ᠋ ᠲᠤᠶᠠᠭ᠎ᠠ ᠬᠠᠷᠢᠨ ᠰᠠᠴᠤᠷᠠᠨ᠎ᠠ᠃
  ᠬᠣᠩᠭᠣᠷ᠂ ᠮᠣᠷᠢ ᠤᠷᠤᠭᠤ ᠬᠠᠷᠠᠵᠤ ᠶᠠᠭᠤᠮ᠎ᠠ ᠪᠣᠳᠣᠨ ᠲᠦᠷ ᠵᠣᠭᠰᠣᠭᠰᠠᠨ ᠢ᠋ᠶ᠋ᠠᠨ ᠡᠷᠭᠢᠵᠦ ᠬᠠᠰᠢᠶᠠᠨ ᠤ᠋ ᠢᠷᠣᠭᠠᠷ ᠲᠤ᠌ ᠨᠢᠭᠤᠨ ᠬᠠᠳᠠᠭᠠᠯᠠᠵᠤ ᠪᠠᠢᠳᠠᠭ ᠬᠢᠲᠤᠭ᠎ᠠ ᠪᠠᠨ ᠠᠪᠴᠢᠷᠠᠭᠠᠳ ᠡᠮᠡᠭᠡᠯ ᠦ᠋ᠨ ᠬᠢᠨᠢ ᠬᠣᠢᠲᠤ ᠵᠢᠷᠢᠮ ᠦ᠋ᠨ ᠣᠭᠴᠣᠷᠭ᠎ᠠ ᠶ᠋ᠢ ᠳᠤᠲᠠᠭᠤ ᠣᠭᠲᠣᠯᠵᠤ ᠲᠠᠰᠤᠷᠠᠬᠤ ᠪᠣᠯᠭᠠᠭᠠᠳ 《ᠴᠢ ᠢᠩᠭᠢᠭᠡᠳ ᠬᠥᠮᠦᠨ ᠦ᠌ ᠬᠠᠮᠤᠭ ᠶᠠᠭᠤᠮ᠎ᠠ ᠶ᠋ᠢ ᠦᠵᠡᠵᠦ ᠪᠠᠢᠭᠠᠷᠠᠢ》 ᠭᠡᠵᠦ ᠰᠢᠪᠡᠭᠡᠨᠡᠭᠡᠳ ᠭᠠᠷᠤᠯ᠎ᠠ᠃
  ᠨᠠᠮᠤᠷ ᠤ᠋ᠨ ᠥᠨᠳᠥᠷ ᠰᠢᠷ᠎ᠠ ᠨᠠᠷᠠ ᠵᠢᠩᠨᠡᠨ᠂ ᠭᠤᠳᠤᠮᠵᠢ ᠶ᠋ᠢᠨ ᠵᠠᠬ᠎ᠠ ᠪᠠᠷ ᠴᠠᠭᠠᠷᠢᠭᠯᠠᠨ ᠬᠡᠪᠲᠡᠭᠰᠡᠨ ᠬᠦᠷᠢᠶᠡᠨ ᠦ᠌ ᠨᠣᠬᠠᠳ ᠬᠥᠳᠡᠯᠬᠦ ᠴᠦ᠍ ᠦᠭᠡᠢ ᠠᠵᠢ᠃ ᠰᠢᠪᠲᠦᠷ ᠦᠨᠦᠷᠳᠡᠭᠰᠡᠨ ᠠᠭᠠᠷ ᠬᠠᠮᠠᠷ ᠬᠣᠷᠣᠰᠬᠠᠨ᠎ᠠ᠃
  ᠲᠡᠷᠡ ᠬᠣᠶᠠᠷ ᠶᠠᠷᠢᠯᠴᠠᠨ ᠶᠠᠪᠤᠭᠰᠠᠭᠠᠷ ᠭᠤᠳᠤᠮᠵᠢ ᠶ᠋ᠢᠨ ᠦᠵᠦᠭᠦᠷ ᠲᠦ᠍ ᠭᠠᠷᠴᠤ ᠢᠷᠡᠬᠦ ᠳ᠋ᠦ᠍ ᠪᠠᠷᠠᠭᠤᠨ ᠬᠣᠢᠲᠤ ᠠᠮᠠᠨ ᠡᠴᠡ ᠦᠯᠢᠶᠡᠭᠰᠡᠨ ᠴᠡᠪᠡᠷ ᠰᠠᠯᠬᠢ ᠴᠡᠭᠡᠵᠢ ᠳᠦᠭᠦᠷᠴᠦ᠂ ᠪᠡᠶ᠎ᠡ ᠨᠢ ᠬᠥᠩᠭᠡᠷᠡᠬᠦ ᠰᠢᠭ ᠪᠣᠯᠪᠠ᠃
  ᠬᠠᠮᠢᠭ᠎ᠠ ᠣᠴᠢᠬᠤ ᠪᠠᠨ ᠶᠠᠷᠢᠯᠴᠠᠵᠤ ᠪᠠᠢᠲᠠᠯ᠎ᠠ ᠳᠥᠷᠪᠡᠨ ᠪᠠᠨᠳᠢ ᠬᠦᠷᠴᠦ ᠢᠷᠡᠯ᠎ᠡ᠃
  ᠊᠊᠊᠊᠊᠊᠊᠊᠊᠊᠊᠊᠊᠊᠊ ᠬᠤᠠᠵᠢᠩ ᠦᠭᠡᠢ ᠵᠥᠷᠢᠬᠦ ᠤᠤ ᠭᠡᠳ ᠬᠣᠩᠭᠣᠷ ᠬᠠᠩᠬᠠᠯᠵᠠᠨ ᠣᠴᠢᠪᠠ᠃ ᠡᠨᠡ ᠬᠣᠭᠣᠷᠣᠨᠳᠣ ᠮᠠᠨᠠᠢ ᠬᠣᠶᠠᠷ ᠵᠣᠳᠣᠭᠠᠨ ᠳ᠋ᠤ᠌ ᠣᠪᠣᠭ᠎ᠠ ᠪᠣᠯᠵᠠᠢ᠃ ᠢᠯᠠᠩᠭᠤᠶ᠎ᠠ ᠬᠣᠩᠭᠣᠷ 《ᠳᠠᠯᠢᠤ ᠬᠣᠩᠭᠣᠷ》 ᠭᠡᠵᠦ ᠨᠡᠷ᠎ᠡ ᠠᠪᠤᠭᠠᠳ ᠵᠠᠶ᠎ᠠ ᠶ᠋ᠢᠨ ᠬᠦᠷᠢᠶᠡᠨ ᠦ᠌ ᠦᠶ᠎ᠡ ᠶ᠋ᠢᠨ ᠬᠡᠦᠬᠡᠳ ᠦ᠋ᠨ ᠳᠣᠲᠣᠷ᠎ᠠ ᠴᠢᠳᠠᠪᠤᠷᠢ ᠲᠠᠢ ᠵᠣᠳᠣᠭᠠᠴᠢᠳ ᠤ᠋ᠨ ᠨᠢᠭᠡ ᠪᠣᠯᠵᠠᠢ᠃
  ᠳᠥᠷᠪᠡᠨ ᠪᠠᠨᠳᠢ ᠬᠥᠳᠡᠯᠵᠦ ᠥᠭᠭᠦᠭᠰᠡᠨ ᠦᠭᠡᠢ᠃ ᠮᠠᠨᠠᠢ ᠬᠣᠶᠠᠷ ᠡᠯᠳᠡᠪ ᠢ᠋ᠶ᠋ᠡᠷ ᠳᠣᠷᠣᠮᠵᠢᠯᠠᠨ ᠥᠳᠥᠭᠡᠭᠡᠳ ᠪᠣᠯᠬᠤ ᠦᠭᠡᠢ ᠪᠣᠯᠬᠣᠷ ᠨᠢ 《ᠲᠠ ᠳᠥᠷᠪᠡᠭᠦᠯᠡ᠂ ᠪᠢᠳᠡ ᠬᠣᠶᠠᠷ ᠲᠠᠢ ᠦᠵᠡ ᠯᠡ ᠳᠡ》 ᠭᠡᠵᠦ ᠪᠠᠢᠮᠠᠨᠵᠢᠨ ᠠᠷᠠᠢ ᠭᠡᠵᠦ ᠵᠣᠳᠣᠭᠠᠨ ᠡᠬᠢᠯᠡᠪᠡ᠃
  ᠲᠡᠳᠦᠢ ᠯᠡ ᠤᠳᠠᠯ ᠦᠭᠡᠢ ᠬᠣᠶᠠᠷ ᠢ᠋ ᠪᠡᠨ ᠲᠠᠭᠯᠠᠭᠤᠯᠤᠭᠰᠠᠨ ᠪᠠᠨᠳᠢ ᠨᠠᠷ ᠬᠤᠯᠴᠢ᠌ᠵᠤ ᠵᠠᠢᠯᠠᠬᠤ ᠳ᠋ᠤ᠌ ᠮᠠᠨᠠᠢ ᠬᠣᠶᠠᠷ ᠢᠯᠠᠭᠰᠠᠨ ᠪᠠᠶᠠᠷᠲᠤ ᠰᠡᠳᠬᠢᠯ ᠨᠢ ᠬᠥᠳᠡᠯᠦᠨ᠂ ᠪᠣᠯᠤᠭᠰᠠᠨ ᠶᠠᠪᠤᠳᠠᠯ ᠤ᠋ᠨ ᠲᠤᠬᠠᠢ ᠶᠠᠷᠢᠭᠰᠠᠭᠠᠷ ᠵᠢᠵᠢᠭᠬᠡᠨ ᠭᠣᠣᠯ ᠤ᠋ᠨ ᠳᠡᠷᠭᠡᠳᠡ ᠢᠷᠡᠵᠦ ᠲᠣᠭᠯᠠᠪᠠ᠃
  ᠮᠠᠷᠭᠠᠰᠢ ᠨᠢ ᠬᠤᠷᠠᠯ ᠳ᠋ᠤ᠌ ᠬᠤᠷᠠᠭᠠᠳ ᠢᠷᠡᠬᠦ ᠳ᠋ᠦ᠍ ᠪᠠᠭᠰᠢ ᠨᠢ ᠤᠭᠲᠤᠵᠤ ᠭᠠᠷᠤᠭᠠᠳ ᠬᠣᠶᠠᠭᠤᠯᠠ ᠶ᠋ᠢ ᠨᠢ ᠴᠢᠬᠢᠳᠡᠵᠦ ᠪᠠᠢᠰᠢᠩ ᠳ᠋ᠤ᠌ ᠣᠷᠣᠭᠤᠯᠪᠠ᠃
  ᠊᠊᠊᠊᠊᠊᠊᠊᠊᠊᠊᠊᠊᠊᠊ ᠨᠢᠭᠡ ᠪᠣᠷᠴᠠ ᠶᠠᠭᠠᠬᠢᠭᠠᠳ ᠢᠯᠡᠭᠦᠦ ᠪᠣᠯᠤᠭᠰᠠᠨ ᠪᠣᠢ?
  ᠊᠊᠊᠊᠊᠊᠊᠊᠊᠊᠊᠊᠊᠊᠊ ᠮᠡᠳᠡᠬᠦ ᠦᠭᠡᠢ᠃
  ᠊᠊᠊᠊᠊᠊᠊᠊᠊᠊᠊᠊᠊᠊᠊ ᠪᠣᠣᠪᠣ ᠬᠡᠨ ᠮᠡᠷᠡᠭᠰᠡᠨ ᠪᠣᠢ?
  ᠊᠊᠊᠊᠊᠊᠊᠊᠊᠊᠊᠊᠊᠊᠊ ᠮᠡᠳᠡᠬᠦ ᠦᠭᠡᠢ᠂ ᠬᠤᠯᠤᠭᠠᠨ᠎ᠠ ᠯᠠ ᠮᠡᠷᠡᠭᠰᠡᠨ ᠪᠠᠢᠬ᠎ᠠ᠃
  ᠊᠊᠊᠊᠊᠊᠊᠊᠊᠊᠊᠊᠊᠊᠊ ᠲᠡᠢᠮᠦ ᠪᠣᠢ᠂ ᠡᠢᠮᠦ ᠰᠢᠳᠦ ᠲᠡᠢ ᠬᠤᠯᠤᠭᠠᠨ᠎ᠠ ᠪᠠᠰᠠ ᠪᠠᠢᠳᠠᠭ ᠠ᠋ ᠭᠡᠳ ᠨᠦᠳᠦᠵᠦ ᠭᠠᠷᠤᠭᠰᠠᠨ ᠢ᠋ᠶ᠋ᠠᠷ ᠪᠠᠷᠠᠬᠤ ᠦᠭᠡᠢ ᠬᠣᠶᠠᠭᠤᠯᠠ ᠶ᠋ᠢ ᠨᠢ ᠴᠢᠷᠠᠮᠠᠨ ᠨᠢᠴᠦᠭᠦᠯᠡᠵᠦ ᠬᠠᠰᠢᠶᠠᠨ ᠤ᠋ ᠬᠠᠭᠠᠯᠭᠠᠨ ᠡᠴᠡ ᠤᠶᠠᠪᠠ᠃
  ᠥᠩᠭᠡᠷᠡᠭᠰᠡᠨ ᠬᠥᠮᠦᠨ ᠪᠦᠬᠦᠨ ᠲᠡᠳᠡᠨ ᠢ᠋ ᠱᠣᠣᠯᠠᠵᠤ ᠮᠠᠨᠠᠢ ᠬᠣᠶᠠᠷ ᠤᠬᠢᠯᠠᠵᠤ ᠴᠤ᠌ ᠴᠢᠳᠠᠬᠤ ᠦᠭᠡᠢ ᠳᠡᠮᠡᠢ ᠯᠡ ᠨᠢᠭᠤᠷ ᠢ᠋ᠶ᠋ᠠᠨ ᠪᠤᠷᠤᠭᠤᠯᠠᠨ ᠵᠣᠭᠰᠣᠵᠤ ᠪᠠᠢᠪᠠ᠃ ᠭᠡᠲᠡᠯ᠎ᠡ ᠨᠢᠭᠡ ᠯᠠᠮᠠ ᠠᠭᠠᠬᠢᠯᠠᠨ ᠭᠦᠶᠦᠵᠦ ᠢᠷᠡᠭᠡᠳ 《ᠴᠡᠮᠪᠡ ᠥᠴᠥᠭᠡᠳᠦᠷ ᠣᠷᠣᠢ ᠡᠮᠡᠭᠡᠯ ᠨᠢ ᠬᠣᠯᠪᠣᠷᠢᠵᠤ ᠮᠣᠷᠢᠨ ᠳ᠋ᠠᠭᠠᠨ ᠴᠢᠷᠦᠭᠳᠡᠭᠡᠳ ᠶᠡᠬᠡ ᠮᠠᠭᠤ ᠪᠠᠢᠨ᠎ᠠ》 ᠭᠡᠬᠦ ᠳ᠋ᠦ᠍ ᠪᠠᠭᠰᠢ ᠨᠢ ᠰᠠᠨᠳᠤᠷᠤᠨ ᠠᠯᠠᠭ᠎ᠠ ᠪᠣᠯᠪᠠ᠃
  ᠴᠡᠮᠪᠡ ᠶ᠋ᠢ ᠴᠢᠳᠠᠭᠰᠠᠨ ᠳ᠋ᠠᠭᠠᠨ ᠪᠠᠶᠠᠷᠯᠠᠪᠠᠴᠤ ᠬᠡᠵᠢᠶ᠎ᠡ ᠪᠣᠯᠲᠠᠯ᠎ᠠ ᠢᠩᠭᠢᠵᠦ ᠬᠠᠭᠠᠯᠭᠠᠨ ᠤ᠋ ᠮᠣᠳᠣᠨ ᠨᠢᠴᠦᠭᠦᠨ ᠤᠶᠠᠭ᠎ᠠ ᠲᠠᠢ ᠪᠠᠢᠬᠤ ᠪᠣᠢ ᠭᠡᠵᠦ ᠪᠣᠳᠣᠬᠤ ᠳ᠋ᠤ᠌ ᠬᠣᠷᠸ᠎ᠠ ᠶ᠋ᠢᠨ ᠬᠠᠮᠤᠭ ᠵᠣᠪᠠᠯᠠᠩ ᠢ᠋ᠶ᠋ᠠᠷ ᠡᠭᠦᠨ ᠢ᠋ᠶ᠋ᠡᠨ ᠰᠣᠯᠢᠬᠤ ᠳ᠋ᠤ᠌ ᠪᠡᠯᠡᠬᠡᠨ ᠪᠠᠢᠪᠠ᠃
  ᠭᠡᠲᠡᠯ᠎ᠡ ᠮᠠᠨᠠᠢ ᠬᠣᠶᠠᠷ ᠤ᠋ᠨ ᠠᠵᠠ ᠪᠣᠯᠵᠤ ᠵᠠᠶ᠎ᠠ ᠭᠡᠭᠡᠨ ᠲᠣᠬᠢᠶᠠᠯᠳᠤᠵᠤ ᠬᠦᠯᠢᠶ᠎ᠡ ᠶ᠋ᠢ ᠨᠢ ᠲᠠᠢᠯᠵᠤ ᠰᠤᠯᠠᠯᠠᠭᠰᠠᠨ ᠢ᠋ᠶ᠋ᠠᠷ ᠪᠠᠷᠠᠬᠤ ᠦᠭᠡᠢ 《ᠡᠳᠡ ᠨᠠᠷ ᠢ᠋ ᠪᠢᠲᠡᠭᠡᠢ ᠵᠣᠳᠣ》 ᠭᠡᠵᠦ ᠪᠠᠭᠰᠢ ᠳ᠋ᠤᠨᠢ ᠬᠡᠯᠡᠭᠦᠯᠵᠡᠢ᠃
  ᠭᠡᠪᠡᠴᠦ ᠪᠠᠭᠰᠢ ᠨᠢ ᠤᠳᠠᠯ ᠦᠭᠡᠢ ᠭᠡᠭᠡᠨ ᠦ᠌ ᠵᠠᠷᠯᠢᠭ ᠢ᠋ ᠮᠠᠷᠲᠠᠵᠤ᠂ ᠵᠣᠳᠣᠬᠤ ᠪᠦᠬᠦᠨ ᠳ᠋ᠡᠭᠡᠨ ᠪᠣᠷᠴᠠ᠂ ᠪᠣᠣᠪᠣ ᠶ᠋ᠢᠨ ᠬᠡᠷᠡᠭ ᠢ᠋ ᠳᠤᠷᠠᠳᠴᠤ ᠪᠠᠢᠪᠠ᠃
  ᠡᠪᠦᠯ ᠦ᠋ᠨ ᠡᠬᠢᠨ ᠰᠠᠷ᠎ᠠ ᠶ᠋ᠢᠨ ᠨᠢᠭᠡᠨ ᠡᠳᠦᠷ ᠰᠦᠷᠡᠬᠡᠢ ᠶᠡᠬᠡ ᠵᠣᠳᠣᠬᠤ ᠳ᠋ᠤᠨᠢ ᠮᠠᠨᠠᠢ ᠬᠣᠶᠠᠷ ᠭᠡᠷ ᠲᠡᠭᠡᠨ ᠤᠷᠭᠤᠵᠤ ᠬᠠᠷᠢᠬᠤ ᠪᠠᠷ ᠰᠢ᠌ᠤᠠᠴᠤ ᠳᠠᠷᠠᠭ᠎ᠠ ᠶ᠋ᠢᠨ ᠰᠥᠨᠢ ᠨᠢ ᠪᠤᠯᠠᠭᠠᠨ ᠠᠭᠤᠯᠠ ᠶ᠋ᠢᠨ ᠵᠡᠭᠦᠨ ᠰᠤᠭᠤ ᠪᠠᠷ ᠳᠠᠪᠠᠨ ᠭᠦᠶᠦᠪᠡ᠃
  ᠲᠡᠳᠡ ᠬᠣᠶᠠᠳᠠᠬᠢ ᠡᠳᠦᠷ ᠢ᠋ᠶ᠋ᠡᠨ ᠭᠡᠷ ᠲᠡᠭᠡᠨ ᠬᠠᠷᠢᠪᠠ᠃ ᠬᠣᠶᠠᠷ ᠡᠴᠢᠭᠡ ᠨᠢ ᠳᠣᠲᠣᠷ᠎ᠠ ᠪᠠᠨ ᠬᠡᠦᠬᠡᠳ ᠢ᠋ᠶ᠋ᠡᠨ ᠦᠷᠦ ᠡᠪᠡᠳᠪᠡᠴᠦ ᠭᠠᠳᠠᠨ᠎ᠠ ᠪᠠᠨ ᠪᠤᠷᠬᠠᠨ ᠤ᠋ ᠣᠷᠣᠨ ᠡᠴᠡ ᠤᠷᠭᠤᠵᠤ ᠢᠷᠡᠭᠰᠡᠨ ᠬᠣᠶᠠᠷ ᠭᠠᠢᠬᠠᠯ ᠢ᠋ ᠪᠠᠢᠴᠠᠭᠠᠨ ᠵᠢᠮᠡᠯᠡᠪᠡ᠃ ᠢᠩᠭᠢᠭᠡᠳ ᠶᠠᠭᠠᠬᠢᠬᠤ ᠲᠤᠬᠠᠢ ᠶᠠᠷᠢᠵᠤ ᠪᠠᠢᠲᠠᠯ᠎ᠠ ᠪᠠᠭᠰᠢ ᠶ᠋ᠢᠨ ᠶᠠᠪᠤᠭᠤᠯᠤᠭᠰᠠᠨ ᠮᠣᠷᠢ ᠲᠠᠢ ᠯᠠᠮᠠ ᠢᠷᠡᠵᠦ ᠮᠠᠨᠠᠢ ᠬᠣᠶᠠᠷ ᠢ᠋ ᠪᠤᠴᠠᠭᠠᠨ ᠬᠦᠷᠭᠡᠭᠦᠯᠪᠡ᠃