ᠲᠤᠩᠭᠠᠯᠠᠭ ᠲᠠᠮᠢᠷ3-14-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠠᠭᠤᠯᠠ ᠦᠵᠡᠭᠡ ᠦᠭᠡᠢ ᠬᠣᠷᠮᠣᠢ ᠰᠢᠭᠤᠵᠤ᠂ ᠤᠰᠤ ᠦᠵᠡᠭᠡ ᠦᠭᠡᠢ ᠭᠤᠲᠤᠯ ᠲᠠᠢᠯᠵᠤ ᠪᠣᠯᠬᠤ ᠦᠭᠡᠢ》 - ᠭᠤᠷᠪᠠᠳᠤᠭᠠᠷ ᠪᠦᠯᠦᠭ ᠠᠷᠪᠠᠨ ᠳᠥᠷᠪᠡ
ᠬᠠᠪᠤᠷ ᠤ᠋ᠨ ᠨᠢᠭᠡ ᠡᠳᠦᠷ ᠲᠠᠮᠢᠷ ᠤ᠋ᠨ ᠬᠥᠨᠳᠡᠢ ᠶ᠋ᠢ ᠳᠠᠭᠠᠵᠤ ᠤᠷᠤᠭᠤᠳᠠᠨ ᠥᠨᠳᠥᠷ ᠰᠡᠷᠪᠡᠭᠡᠲᠡᠢ ᠲᠠᠷᠭᠤᠨ ᠰᠠᠢᠪᠤᠷ ᠬᠡᠭᠡᠷ ᠮᠣᠷᠢᠲᠠᠢ᠂ ᠬᠠᠭᠤᠴᠢᠨ ᠬᠥᠬᠡ ᠱᠡᠩᠲᠤᠩ ᠳᠡᠪᠡᠯ ᠲᠡᠢ ᠬᠥᠮᠦᠨ ᠰᠡᠮᠪᠡᠯᠵᠡᠭᠦᠯᠦᠨ ᠶᠠᠪᠤᠨ᠎ᠠ᠃ ᠡᠨᠡ ᠪᠣᠯ ᠢᠲᠡᠭᠡᠯᠲᠦ ᠠᠵᠢ᠃
ᠬᠠᠪᠤᠷ ᠤ᠋ᠨ ᠨᠠᠷᠠ ᠵᠥᠭᠡᠯᠡᠨ ᠪᠣᠯᠪᠠᠴᠤ ᠲᠠᠭᠠᠯᠠᠮᠵᠢᠲᠠᠢ ᠵᠢᠩᠨᠡᠨ ᠴᠠᠰᠤ ᠬᠠᠢᠯᠵᠤ ᠡᠬᠢᠯᠡᠭᠰᠡᠨ ᠬᠥᠨᠳᠡᠢ ᠡᠨᠳᠡ ᠲᠡᠨᠳᠡ ᠪᠡᠨ ᠬᠤᠷᠠᠭᠠᠨ ᠡᠭᠦᠯᠡ ᠬᠤᠷᠠᠯᠳᠤᠭᠰᠠᠨ ᠲᠡᠭᠷᠢ ᠶ᠋ᠢ ᠳᠠᠭᠤᠷᠢᠶᠠᠭᠰᠠᠨ ᠮᠡᠲᠦ ᠲᠠᠷᠯᠠᠨᠲᠤᠨ ᠥᠩ ᠲᠡᠢ ᠣᠷᠣᠭᠰᠠᠨ ᠮᠠᠯ ᠰᠦᠷᠦᠭ ᠰᠦᠷᠦᠭ ᠢ᠋ᠶ᠋ᠡᠷ ᠪᠡᠯᠴᠢᠨ᠎ᠡ᠃
ᠬᠥᠯ ᠬᠥᠩᠭᠡᠨ ᠲᠡᠢ ᠰᠠᠢᠬᠠᠨ ᠰᠠᠢᠪᠤᠷ ᠮᠣᠷᠢᠨ ᠤ᠋ ᠶᠠᠪᠤᠳᠠᠯ ᠤ᠋ᠨ ᠠᠶᠠᠰ ᠢ᠋ᠶ᠋ᠠᠷ ᠢᠲᠡᠭᠡᠯᠲᠦ ᠶ᠋ᠢᠨ ᠪᠣᠳᠣᠯ ᠡᠷᠭᠢᠯᠳᠦᠨ ᠰᠡᠳᠬᠢᠯ ᠨᠢ ᠠᠶᠠᠲᠠᠢ ᠪᠥᠭᠡᠳ ᠠᠭᠤᠵᠢᠮ ᠪᠠᠢᠪᠠ᠃
ᠢᠲᠡᠭᠡᠯᠲᠦ ᠰᠢ᠌ᠤᠠᠪᠣᠷᠢ ᠳ᠋ᠠᠭᠠᠨ ᠡᠷᠡᠭᠡᠯᠵᠡᠭᠰᠡᠨ ᠦᠭᠡᠢ᠃ ᠭᠡᠪᠡᠴᠦ ᠪᠣᠳᠣᠬᠤ ᠶᠠᠭᠤᠮ᠎ᠠ ᠲᠣᠳᠣᠳᠬᠠᠬᠤ ᠵᠦᠢᠯ ᠪᠢᠰᠢᠭᠦᠢ ᠠᠵᠢ᠃ ᠯᠤᠤ ᠬᠦᠩ ᠦ᠋ᠨ ᠬᠤᠰᠢᠭᠤᠨ ᠳ᠋ᠤ᠌ ᠠᠷᠠᠳ ᠤ᠋ᠨ ᠵᠠᠰᠠᠭ ᠤ᠋ᠨ ᠪᠦᠷᠢᠨ ᠡᠷᠬᠡᠲᠦ ᠲᠥᠯᠥᠭᠡᠯᠡᠭᠴᠢ ᠥᠩᠭᠡᠷᠡᠬᠦ ᠰᠥᠨᠢ ᠢᠷᠡᠵᠡᠢ ᠭᠡᠳᠡᠭ ᠢ᠋ ᠥᠷᠯᠥᠭᠡ ᠰᠣᠨᠣᠰᠤᠭᠠᠳ ᠣᠴᠢᠵᠤ ᠠᠭᠤᠯᠵᠠᠬᠤ ᠪᠠᠷ ᠪᠠᠷᠠᠬᠤ ᠦᠭᠡᠢ ᠬᠣᠶᠠᠷ ᠵᠠᠭᠤᠨ ᠲᠠᠶᠠᠭᠲᠤ ᠶᠠᠩᠴᠢᠶᠠᠨ᠂ ᠤᠷᠲᠤ ᠬᠠᠳᠠᠭ ᠲᠠᠢ ᠪᠠᠷᠢᠵᠤ ᠰᠢᠨ᠎ᠡ ᠵᠠᠰᠠᠭ ᠤ᠋ᠨ ᠬᠡᠷᠡᠭ ᠲᠦ᠍ ᠣᠷᠣᠯᠴᠠᠨ ᠨᠡᠷ᠎ᠡ ᠨᠢᠭᠤᠷ ᠣᠯᠬᠤ ᠪᠠᠷ ᠰᠢᠢᠳᠦᠭᠡᠳ ᠬᠣᠰᠢᠭᠤ ᠬᠦᠷᠢᠶ᠎ᠡ ᠴᠢᠭᠯᠡᠨ ᠮᠣᠷᠳᠠᠯ᠎ᠠ᠃ ᠰᠢᠷ᠎ᠠ ᠸᠠᠳᠠᠩ ᠳ᠋ᠤ᠌ ᠪᠣᠭᠣᠵᠤ ᠪᠦᠰᠡᠯᠡᠭᠰᠡᠨ ᠮᠥᠩᠭᠥ ᠨᠢ ᠳᠣᠷᠣᠭᠰᠢ ᠲᠠᠲᠠᠵᠤ᠂ ᠡᠮᠡᠭᠡᠯ ᠦ᠋ᠨ ᠬᠣᠢᠲᠤ ᠪᠦᠭᠦᠷᠭᠡ ᠲᠡᠢ ᠨᠢ ᠬᠠᠪᠢᠷᠤᠯᠳᠤᠬᠤ ᠳ᠋ᠤ᠌ ᠢᠲᠡᠭᠡᠯᠲᠦ ᠸᠠᠳᠠᠩ ᠤ᠋ᠨ ᠦᠵᠦᠭᠦᠷ ᠢ᠋ ᠲᠠᠢᠯᠵᠤ ᠪᠡᠯᠬᠡᠭᠦᠰᠦᠯᠡᠨ ᠵᠠᠩᠭᠢᠳᠪᠠ᠃
《ᠬᠣᠶᠠᠷ ᠵᠠᠭᠤᠨ ᠮᠥᠩᠭᠥᠨ ᠶᠠᠩᠴᠢᠶᠠᠨ ᠪᠠᠭ᠎ᠠ ᠵᠦᠢᠯ ᠪᠢᠰᠢ᠃ ᠮᠥᠩᠭᠥ ᠬᠡᠷᠡᠭ ᠦᠭᠡᠢ ᠭᠠᠵᠠᠷ ᠪᠠᠢᠬᠤ ᠦᠭᠡᠢ᠃ ᠢᠯᠠᠩᠭᠤᠶ᠎ᠠ ᠰᠢᠨ᠎ᠡ ᠲᠣᠭᠲᠠᠵᠤ ᠪᠠᠢᠭ᠎ᠠ ᠵᠠᠰᠠᠭ ᠲᠤ᠌ ᠮᠥᠩᠭᠥ ᠬᠡᠷᠡᠭ ᠲᠡᠢ᠃ ᠡᠨᠡ ᠤᠴᠢᠷ ᠡᠴᠡ ᠮᠢᠨᠦ ᠬᠣᠶᠠᠷ ᠵᠠᠭᠤᠨ ᠮᠥᠩᠭᠥᠨ ᠶᠠᠩᠴᠢᠶᠠᠨ ᠨᠠᠳᠠ ᠶᠡᠬᠡ ᠶᠠᠭᠤᠮ᠎ᠠ ᠬᠢᠵᠦ ᠥᠭᠭᠦᠨ᠎ᠡ》 ᠭᠡᠵᠦ ᠳᠣᠲᠣᠷ᠎ᠠ ᠪᠠᠨ ᠪᠣᠳᠣᠨ᠎ᠠ᠃
ᠠᠷᠠᠳ ᠤ᠋ᠨ ᠵᠠᠰᠠᠭ ᠤ᠋ᠨ ᠬᠢᠵᠦ ᠪᠠᠢᠭ᠎ᠠ ᠪᠦᠬᠦᠨ ᠢ᠋ ᠢᠲᠡᠭᠡᠯᠲᠦ ᠨᠢᠳᠦ ᠴᠠᠪᠴᠢᠯ ᠦᠭᠡᠢ ᠰᠢᠷᠳᠡᠨ᠂ ᠴᠢᠬᠢ ᠲᠠᠯᠪᠢᠨ ᠰᠣᠨᠣᠰᠴᠤ ᠪᠠᠢᠯ᠎ᠠ᠃ ᠰᠢᠨ᠎ᠡ ᠲᠣᠭᠲᠠᠭᠰᠠᠨ ᠵᠠᠰᠠᠭ ᠤ᠋ᠨ ᠬᠢᠵᠦ ᠪᠠᠢᠭ᠎ᠠ ᠪᠦᠬᠦᠨ ᠢᠲᠡᠭᠡᠯᠲᠦ ᠳ᠋ᠦ᠍ ᠬᠣᠣᠷ ᠪᠣᠯᠬᠤ ᠦᠭᠡᠢ ᠬᠠᠷᠢᠨ ᠰᠡᠳᠬᠢᠯ ᠳ᠋ᠦ᠍ᠨᠢ ᠶᠠᠪ ᠴᠠᠪ ᠲᠣᠬᠢᠷᠠᠨ᠎ᠠ᠃
ᠬᠠᠮᠵᠢᠯᠭ᠎ᠠ᠂ ᠤᠭᠰᠠᠭ᠎ᠠ᠂ ᠵᠠᠯᠭᠠᠮᠵᠢᠯᠠᠬᠤ ᠶᠣᠰᠣ ᠶ᠋ᠢ ᠤᠰᠠᠳᠬᠠᠭᠰᠠᠨ ᠠᠷᠠᠳ ᠤ᠋ᠨ ᠵᠠᠰᠠᠭ ᠤ᠋ᠨ ᠰᠢ᠌ᠤᠠᠪᠣᠷᠢ ᠪᠣᠯ ᠢᠲᠡᠭᠡᠯᠲᠦ ᠶ᠋ᠢᠨ ᠣᠯᠠᠨ ᠳᠠᠬᠢᠨ ᠪᠣᠳᠣᠵᠤ᠂ ᠬᠦᠰᠡᠵᠦ ᠪᠠᠢᠭᠰᠠᠨ ᠵᠦᠢᠯ ᠪᠠᠢᠯ᠎ᠠ᠃ ᠥᠷᠲᠡᠭᠡ ᠤᠯᠠᠭ᠎ᠠ᠂ ᠠᠯᠪᠠᠨ ᠲᠣᠭᠲᠠᠪᠤᠷᠢ ᠶ᠋ᠢ ᠠᠷᠠᠳ᠂ ᠲᠠᠢᠵᠢ᠂ ᠨᠣᠶᠠᠨ ᠭᠡᠵᠦ ᠢᠯᠭᠠᠯ ᠦᠭᠡᠢ ᠵᠠᠯᠭᠠᠭᠤᠯᠬᠤ ᠪᠣᠯᠤᠭᠰᠠᠨ ᠨᠢ ᠢᠲᠡᠭᠡᠯᠲᠦ ᠳ᠋ᠦ᠍ ᠬᠡᠮᠵᠢᠶᠡᠯᠡᠰᠢ ᠦᠭᠡᠢ ᠪᠠᠶᠠᠷᠯᠠᠬᠤ ᠰᠡᠳᠬᠢᠯ ᠲᠥᠷᠥᠭᠦᠯᠵᠡᠢ᠃
ᠨᠣᠶᠠᠨ᠂ ᠲᠠᠢᠵᠢ᠂ ᠬᠤᠪᠢᠯᠭᠠᠳ ᠤ᠋ᠨ ᠮᠣᠷᠢᠳ ᠪᠡᠯᠴᠢᠭᠡᠷ ᠰᠢᠯᠢᠨ ᠲᠠᠷᠭᠤᠯᠠᠵᠤ ᠪᠠᠢᠬᠤ ᠳ᠋ᠤ᠌ ᠢᠲᠡᠭᠡᠯᠲᠦ ᠶ᠋ᠢᠨ ᠮᠣᠷᠢᠳ ᠰᠤᠮᠤᠨ ᠥᠷᠲᠡᠭᠡᠨ ᠳ᠋ᠦ᠍ ᠰᠤᠨᠵᠤ ᠪᠠᠢᠳᠠᠭ ᠴᠠᠭ ᠠᠷᠠᠳ ᠤ᠋ᠨ ᠵᠠᠰᠠᠭ ᠤ᠋ᠨ ᠠᠴᠢ ᠪᠠᠷ ᠳᠠᠭᠤᠰᠬᠤ ᠪᠣᠯᠵᠠᠢ᠃ ᠢᠲᠡᠭᠡᠯᠲᠦ ᠵᠢᠯ ᠪᠦᠬᠦᠨ ᠡᠳᠦᠢ ᠲᠡᠳᠦᠢ ᠬᠣᠨᠢ ᠮᠠᠯ᠂ ᠮᠥᠩᠭᠥ ᠠᠯᠪᠠᠨ ᠲᠠᠲᠠᠪᠤᠷᠢ ᠳ᠋ᠤ᠌ ᠥᠭᠴᠦ ᠪᠠᠢᠬᠤ ᠳ᠋ᠤ᠌ ᠨᠣᠶᠠᠳ ᠲᠠᠢᠵᠢ ᠨᠠᠷ ᠤ᠋ᠨ ᠬᠥᠷᠥᠩᠭᠡ ᠬᠥᠳᠡᠯᠦᠯ ᠦᠭᠡᠢ ᠢᠯᠵᠠᠷᠠᠵᠤ ᠪᠠᠢᠳᠠᠭ ᠶᠣᠰᠣ ᠳᠢᠭᠯᠢᠮ ᠠᠯᠠᠭ᠎ᠠ ᠪᠣᠯᠬᠤ ᠪᠣᠯᠵᠠᠢ᠃ ᠨᠣᠶᠠᠨ ᠰᠦᠷᠦᠩ ᠦ᠋ᠨ ᠬᠠᠩᠭᠠᠯ ᠮᠣᠷᠢᠳ ᠥᠷᠲᠡᠭᠡᠨ ᠳ᠋ᠦ᠍ ᠭᠦᠶᠦᠬᠦ᠂ ᠨᠣᠶᠠᠳ ᠲᠠᠢᠵᠢ ᠨᠠᠷ ᠠᠯᠪᠠᠨ ᠲᠠᠲᠠᠪᠤᠷᠢ ᠳ᠋ᠤ᠌ ᠥᠭᠬᠦ ᠮᠥᠩᠭᠥ ᠣᠯᠬᠤ ᠭᠡᠳ ᠬᠥᠯᠥᠰᠥ ᠪᠡᠨ ᠭᠠᠷᠭᠠᠨ ᠵᠢᠳᠬᠦᠵᠦ ᠶᠠᠪᠤᠬᠤ ᠶ᠋ᠢ ᠬᠠᠷᠠᠨ᠎ᠠ ᠭᠡᠵᠦ ᠪᠣᠳᠣᠬᠤ ᠳ᠋ᠤ᠌ ᠢᠲᠡᠭᠡᠯᠲᠦ ᠶ᠋ᠢᠨ ᠬᠥᠬᠡ ᠢᠨᠢᠶᠡᠳᠦ ᠨᠢ ᠬᠦᠷᠴᠦ᠂ ᠭᠡᠳᠡᠭᠡ ᠨᠢ ᠬᠦᠷᠬᠦ ᠰᠢᠭ ᠪᠣᠯᠤᠨ᠎ᠠ᠃
《ᠪᠢᠳᠡᠨ ᠦ᠌ ᠠᠷᠠᠳ ᠢ᠋ ᠤᠯᠤᠰ ᠤ᠋ᠨ ᠠᠯᠪᠠ ᠵᠠᠯᠭᠠᠭᠤᠯᠬᠤ ᠡᠴᠡ ᠪᠦᠷᠢᠨ ᠴᠢᠯᠥᠭᠡᠯᠡᠵᠦ ᠡᠨᠡ ᠳᠠᠮᠰᠢᠭ ᠤ᠋ᠳ ᠢ᠋ᠶ᠋ᠠᠷ ᠬᠢᠯᠭᠡᠬᠦ ᠪᠠᠢᠭᠰᠠᠨ ᠶᠤᠮ ᠁ ᠴᠢᠳᠠᠬᠤ ᠦᠭᠡᠢ ᠲᠠᠰᠤᠯᠳᠠᠭᠤᠯᠤᠭᠠᠳ ᠪᠠᠯᠠᠯᠴᠢᠬᠠᠬᠤ ᠪᠠᠢᠬ᠎ᠠ ᠳᠠ᠃ ᠥᠷᠲᠡᠭᠡ ᠠᠯᠪᠠᠨ ᠳ᠋ᠤ᠌ ᠰᠢᠬᠠᠭᠳᠠᠭᠠᠳ ᠡᠪᠦᠭᠡᠨ ᠦ᠌ ᠪᠡᠨ ᠡᠮᠦᠨ᠎ᠡ ᠰᠥᠭᠥᠳᠬᠦ ᠴᠠᠭ ᠲᠤ᠌ ᠬᠡᠯᠡᠬᠦ ᠦᠭᠡ ᠨᠠᠳᠠ ᠪᠣᠢ》 ᠭᠡᠵᠦ ᠪᠣᠳᠣᠬᠤ ᠳ᠋ᠤ᠌ ᠬᠣᠰᠢᠭᠤ ᠲᠤᠰᠠᠯᠠᠭᠴᠢ ᠭᠡᠷ ᠲᠦ᠋ᠨᠢ ᠢᠷᠡᠭᠡᠳ ᠬᠣᠰᠢᠭᠤ ᠪᠠᠨ ᠴᠣᠷᠪᠣᠢᠯᠭᠠᠨ ᠮᠥᠩᠭᠥ ᠵᠢᠭᠡᠯᠡᠭᠦᠯᠬᠦ ᠶ᠋ᠢ ᠭᠤᠶᠤᠵᠤ ᠴᠢᠷᠠᠢᠴᠢᠯᠠᠨ ᠪᠠᠢᠭ᠎ᠠ ᠰᠠᠢᠬᠠᠨ ᠳᠦᠷᠰᠦ ᠨᠢᠳᠦᠨ ᠳ᠋ᠦ᠍ᠨᠢ ᠬᠠᠷᠠᠭᠳᠠᠬᠤ ᠰᠢᠭ᠋ ᠪᠣᠯᠵᠤ ᠢᠨᠢᠶᠡᠮᠰᠦᠭᠯᠡᠨ ᠬᠥᠮᠥᠰᠬᠡ ᠪᠡᠨ ᠵᠠᠩᠭᠢᠳᠪᠠ᠃
ᠢᠩᠭᠢᠵᠦ ᠪᠣᠳᠣᠬᠤ ᠳᠣᠳᠣᠮ ᠠᠷᠠᠳ ᠤ᠋ᠨ ᠵᠠᠰᠠᠭ ᠲᠤ᠌ ᠪᠠᠶᠠᠷᠯᠠᠨ ᠲᠠᠯᠠᠷᠬᠠᠬᠤ ᠰᠡᠳᠬᠢᠯ ᠣᠷᠭᠢᠯᠤᠨ ᠠᠷᠠᠳ ᠤᠭᠰᠠᠭᠠᠨ ᠳ᠋ᠠᠭᠠᠨ ᠪᠠᠶᠠᠷᠯᠠᠨ᠎ᠠ᠃
ᠵᠠᠷᠢᠮ ᠳ᠋ᠠᠭᠠᠨ 《ᠳᠤᠯᠵᠢᠨ ᠵᠣᠯᠢᠭ ᠤ᠋ᠨ ᠲᠠᠢᠵᠢ ᠤᠭᠰᠠᠭ᠎ᠠ ᠬᠥᠭ ᠲᠠᠷᠢᠬᠤ ᠦᠭᠡᠢ ᠪᠠᠢᠭ᠎ᠠ ᠳᠠ》 ᠭᠡᠵᠦ ᠪᠤᠳᠤᠭᠳᠠᠨ ᠰᠡᠳᠬᠢᠯ ᠨᠢ ᠵᠣᠪᠠᠪᠠᠴᠤ ᠲᠡᠷᠡ ᠶᠣᠣᠵᠠ ᠦᠭᠡᠢ ᠪᠣᠳᠣᠯ ᠢ᠋ 《ᠶᠠᠮᠠᠷ ᠡᠷᠦᠬᠡ ᠶ᠋ᠢᠨ ᠲᠡᠷᠢᠭᠦᠯᠡᠭᠴᠢ ᠪᠢᠰᠢ᠃ ᠪᠠᠰᠠ ᠲᠡᠭᠡᠭᠡᠳ ᠬᠥᠮᠦᠨ ᠳ᠋ᠦ᠍ ᠣᠴᠢᠭᠰᠠᠨ ᠢ᠋ᠶ᠋ᠠᠷ ᠪᠠᠯᠠᠷᠠᠨ ᠠᠯᠠᠭ᠎ᠠ ᠪᠣᠯᠳᠠᠭ ᠥᠬᠢᠨ ᠲᠠᠢᠵᠢ》 ᠭᠡᠳᠡᠭ ᠪᠣᠳᠣᠯ ᠢ᠋ᠶ᠋ᠠᠷ ᠵᠠᠢᠯᠠᠭᠤᠯᠤᠨ᠎ᠠ᠃
ᠰᠢᠨ᠎ᠡ ᠵᠠᠰᠠᠭ ᠤ᠋ᠨ ᠲᠥᠯᠥᠭᠡᠯᠡᠭᠴᠢ ᠲᠡᠢ ᠶᠠᠭᠠᠬᠢᠵᠤ ᠠᠭᠤᠯᠵᠠᠭᠠᠳ᠂ ᠶᠠᠭᠤ ᠭᠡᠵᠦ ᠬᠡᠯᠡᠬᠦ ᠲᠤᠬᠠᠢ ᠪᠠᠨ ᠥᠷᠯᠥᠭᠡᠨ ᠡᠴᠡ ᠬᠣᠢᠰᠢ ᠪᠣᠳᠣᠭᠠᠳ ᠰᠢᠭᠤᠳ ᠣᠷᠣᠵᠤ ᠬᠠᠳᠠᠭ ᠮᠥᠩᠭᠥ ᠪᠡᠨ ᠪᠠᠷᠢᠨ 《ᠪᠢ ᠪᠣᠯ ᠢᠵᠠᠭᠤᠷ ᠡᠴᠡ ᠠᠷᠠᠳ ᠰᠤᠮᠤᠨ ᠡᠷ᠎ᠡ᠃ ᠠᠯᠲᠠ ᠪᠡᠶ᠎ᠡ ᠶ᠋ᠢᠨ ᠬᠦᠴᠦ ᠪᠡᠷ ᠨᠣᠶᠠᠳ ᠲᠠᠢᠵᠢ ᠨᠠᠷ ᠲᠠᠢ ᠠᠭᠤᠯᠵᠠᠨ ᠪᠠᠢᠵᠤ ᠥᠴᠦᠬᠡᠨ ᠬᠥᠷᠥᠩᠭᠡ ᠮᠠᠯ ᠲᠠᠢ ᠪᠣᠯᠤᠭᠰᠠᠨ ᠪᠣᠯᠪᠠᠴᠤ ᠥᠷᠲᠡᠭᠡ ᠤᠯᠠᠭ᠎ᠠ᠂ ᠠᠯᠪᠠᠨ ᠲᠠᠲᠠᠪᠤᠷᠢ ᠳ᠋ᠤ᠌ ᠬᠠᠪᠴᠢᠭᠳᠠᠨ ᠬᠡᠯᠡᠮᠡᠭᠳᠡᠵᠦ ᠶᠠᠪᠤᠯ᠎ᠠ᠃ ᠭᠡᠲᠡᠯ᠎ᠡ ᠪᠢᠳᠡᠨ ᠦ᠌ ᠠᠵᠠ ᠵᠠᠪᠰᠢᠶᠠᠨ ᠢ᠋ᠶ᠋ᠠᠷ ᠠᠷᠠᠳ ᠤ᠋ᠨ ᠵᠠᠰᠠᠭ ᠡᠭᠦᠰᠴᠦ ᠳᠡᠯᠭᠡᠷ ᠰᠠᠢᠬᠠᠨ ᠴᠠᠭ ᠢᠷᠡᠯ᠎ᠡ᠃ ᠢᠵᠠᠭᠤᠷ ᠤᠭᠰᠠᠭ᠎ᠠ ᠦᠭᠡᠢ ᠪᠢᠳᠡᠨ ᠦ᠌ ᠲᠦᠰᠢᠭ᠂ ᠭᠡᠭᠡᠨ ᠨᠠᠷᠠ ᠮᠢᠨᠢ ᠪᠣᠯᠤᠭᠰᠠᠨ ᠵᠠᠰᠠᠭ ᠲᠥᠷᠥ ᠳ᠋ᠡᠭᠡᠨ ᠥᠴᠦᠬᠡᠨ ᠨᠡᠮᠡᠷᠢ ᠪᠣᠯᠲᠤᠭᠠᠢ ᠭᠡᠵᠦ ᠠᠶᠤᠰᠢ ᠬᠠᠳᠠᠭ᠂ ᠬᠣᠶᠠᠷ ᠵᠠᠭᠤᠨ ᠮᠥᠩᠭᠥᠨ ᠶᠠᠩᠴᠢᠶᠠᠨ ᠪᠠᠷᠢᠶ᠎ᠠ᠃ ᠲᠣᠭᠲᠠᠭᠠᠨ ᠰᠣᠶᠣᠷᠬᠠᠨ᠎ᠠ ᠤᠤ》 ᠭᠡᠳ ᠲᠠᠯ᠎ᠠ ᠲᠠᠢ ᠰᠠᠢᠬᠠᠨ ᠪᠣᠯᠪᠠᠯ 《ᠪᠢ ᠮᠤᠩᠬᠠᠭᠯᠠᠨ ᠪᠣᠳᠣᠪᠠᠯ ᠮᠠᠨ ᠤ᠋ ᠵᠠᠰᠠᠭ ᠤ᠋ᠨ ᠥᠷᠭᠥᠭᠡ ᠤᠷᠢᠳᠤ ᠶ᠋ᠢᠨ ᠵᠠᠰᠠᠭ ᠤ᠋ᠨ ᠬᠢ ᠡᠴᠡ ᠳᠣᠣᠷ᠎ᠠ ᠪᠠᠢᠵᠤ ᠪᠣᠯᠬᠤ ᠦᠭᠡᠢ ᠪᠢᠵᠡ ᠠ᠋᠃ ᠢᠩᠭᠢᠬᠦᠯᠡᠷ ᠨᠠᠢ᠍ᠮᠠᠨ ᠬᠠᠨ᠎ᠠ ᠲᠠᠢ ᠤᠯᠠᠭᠠᠨ ᠬᠠᠯᠵᠠ ᠲᠠᠢ ᠭᠡᠷ ᠨᠢᠭᠡ ᠶ᠋ᠢ ᠬᠤᠪᠢ ᠶ᠋ᠢᠨ ᠬᠥᠷᠥᠩᠭᠡ ᠪᠡᠷ ᠪᠠᠷᠢᠵᠤ ᠥᠭᠭᠦᠶ᠎ᠡ》 ᠭᠡᠨ᠎ᠡ ᠭᠡᠵᠦ ᠰᠢ᠌ᠤᠠᠴᠠᠢ᠃ ᠲᠡᠷᠡ ᠦᠶ᠎ᠡ ᠳ᠋ᠦ᠍ ᠢᠲᠡᠭᠡᠯᠲᠦ ᠠᠷᠠᠳ ᠤ᠋ᠨ ᠵᠠᠰᠠᠭ ᠤ᠋ᠨ ᠳᠣᠲᠣᠨᠣ ᠶ᠋ᠢᠨ ᠬᠥᠮᠦᠨ ᠪᠣᠯᠵᠤ᠂ ᠬᠦᠰᠡᠯ ᠨᠢ ᠪᠡᠶᠡᠯᠡᠨ᠎ᠡ ᠭᠡᠳᠡᠭ ᠲᠦ᠍ ᠣᠭᠲᠣ ᠡᠷᠡᠭᠡᠯᠵᠡᠭᠰᠡᠨ ᠦᠭᠡᠢ᠃ ᠪᠣᠳᠣᠵᠤ᠂ ᠬᠦᠰᠡᠭᠰᠡᠨ ᠶᠠᠭᠤᠮ᠎ᠠ ᠨᠢ ᠪᠡᠶᠡᠯᠡᠭᠳᠡᠭᠡ ᠦᠭᠡᠢ ᠥᠩᠭᠡᠷᠡᠵᠦ ᠪᠠᠢᠭᠰᠠᠨ ᠢ᠋ ᠢᠲᠡᠭᠡᠯᠲᠦ ᠰᠠᠨᠠᠬᠤ ᠦᠭᠡᠢ ᠪᠠᠢᠯ᠎ᠠ᠃ ᠡᠨᠡ ᠴᠦ᠍ ᠤᠴᠢᠷ ᠡᠴᠡ ᠢᠲᠡᠭᠡᠯᠲᠦ ᠪᠦᠬᠦ ᠶᠠᠭᠤᠮ᠎ᠠ ᠶ᠋ᠢ ᠭᠡᠷᠡᠯ ᠭᠡᠭᠡ ᠲᠡᠢ᠂ ᠴᠠᠭᠠᠨ ᠵᠠᠮ ᠲᠠᠢ ᠪᠣᠳᠣᠵᠤ᠂ ᠮᠥᠷᠥᠭᠡᠳᠴᠦ ᠪᠠᠢᠯ᠎ᠠ᠃
ᠤᠨᠤᠭᠰᠠᠨ ᠮᠣᠷᠢ ᠨᠢ ᠰᠡᠮᠪᠡᠩ ᠰᠡᠮᠪᠡᠩ ᠰᠡᠢᠪᠦᠷᠢᠯᠡᠵᠦ ᠲᠣᠯᠣᠭᠠᠢ ᠳ᠋ᠤᠨᠢ ᠰᠠᠢᠬᠠᠨ ᠪᠣᠳᠣᠯ ᠡᠷᠭᠢᠯᠳᠦᠨ ᠶᠠᠪᠤᠬᠤ ᠳ᠋ᠤ᠌ ᠲᠠᠮᠢᠷ ᠤ᠋ᠨ ᠬᠥᠨᠳᠡᠢ ᠶᠠᠭᠤᠲᠠᠢ ᠳᠡᠯᠭᠡᠷ᠂ ᠶᠠᠭᠤᠲᠠᠢ ᠰᠠᠢᠬᠠᠨ ᠠᠵᠢ᠃
ᠡᠮᠦᠨ᠎ᠡ ᠡᠴᠡ ᠨᠢ ᠤᠯᠠᠭᠠᠨ ᠪᠣᠷᠣ ᠮᠣᠷᠢᠲᠠᠢ ᠪᠠᠳᠠᠷᠴᠢ ᠬᠤᠤᠬᠢᠯᠠᠨ ᠢᠷᠡᠯ᠎ᠡ᠃ ᠲᠡᠭᠦᠨ ᠦ᠌ ᠴᠢᠷᠠᠢ᠂ ᠵᠢᠰᠦ᠂ ᠡᠮᠡᠭᠡᠯ ᠳᠡᠭᠡᠷ᠎ᠡ ᠪᠡᠨ ᠰᠠᠭᠤᠭᠰᠠᠨ ᠪᠠᠢᠳᠠᠯ ᠴᠥᠮ ᠰᠠᠨᠳᠤᠷᠤᠭᠰᠠᠨ ᠪᠤᠬᠢᠨᠢᠳᠤᠭᠰᠠᠨ ᠢ᠋ ᠢᠯᠡᠴᠢᠯᠡᠨ᠎ᠡ᠃
᠊᠊᠊᠊᠊᠊᠊᠊᠊᠊᠊᠊᠊᠊᠊ ᠲᠠᠷᠭᠤᠨ ᠰᠠᠢᠬᠠᠨ ᠬᠠᠪᠤᠷᠵᠢᠵᠤ ᠪᠠᠢᠨ᠎ᠠ ᠤᠤ?
᠊᠊᠊᠊᠊᠊᠊᠊᠊᠊᠊᠊᠊᠊᠊ ᠶᠠᠭᠠᠬᠢᠬᠤᠪ ᠳᠠ ᠭᠡᠵᠦ ᠪᠠᠳᠠᠷᠴᠢ ᠬᠤᠰᠤᠮ ᠢ᠋ᠶ᠋ᠠᠨ ᠴᠢᠮᠠᠯᠠᠭᠰᠠᠨ ᠬᠡᠦᠬᠡᠳ ᠰᠢᠭ ᠤᠷᠮ᠎ᠠ ᠦᠭᠡᠢ ᠣᠭᠵᠣᠮ ᠳᠠᠭᠤ ᠪᠠᠷ ᠬᠡᠯᠡᠪᠡ᠃
《ᠨᠣᠶᠠᠨ ᠤ᠋ ᠡᠷᠬᠡ ᠲᠠᠬᠠᠷ ᠭᠡᠭᠳᠡᠵᠦ᠂ ᠠᠮᠢᠲᠠᠨ ᠤ᠋ ᠶᠠᠭᠤᠮ᠎ᠠ ᠯᠤᠢᠪᠠᠷᠳᠠᠵᠤ ᠶᠠᠪᠤᠭᠰᠠᠨ ᠴᠠᠭ ᠴᠢᠨᠢ ᠳᠠᠭᠤᠰᠴᠤ ᠪᠠᠢᠨ᠎ᠠ ᠤᠤ᠃ ᠳᠠᠯᠠᠪᠴᠢ ᠴᠢᠨᠢ ᠬᠤᠭᠤᠷᠠᠭᠠᠳ ᠤᠰᠤᠨ ᠳ᠋ᠤ᠌ ᠤᠨᠠᠭᠰᠠᠨ ᠡᠯᠢᠶ᠎ᠡ ᠰᠢᠭ ᠪᠣᠯᠤᠭ᠎ᠠ ᠰᠢᠪ ᠳᠡ》 ᠭᠡᠵᠦ ᠪᠠᠳᠠᠷᠴᠢ ᠶ᠋ᠢᠨ ᠰᠡᠳᠬᠢᠯ ᠦ᠋ᠨ ᠬᠣᠷᠣᠰᠤᠯ᠂ ᠪᠤᠬᠢᠨᠢᠳᠤᠯ ᠢ᠋ ᠨᠡᠪᠲᠡ ᠮᠡᠳᠡᠭᠰᠡᠨ ᠢᠲᠡᠭᠡᠯᠲᠦ ᠳᠠᠪᠠᠯᠠᠨ ᠪᠣᠳᠣᠪᠠᠴᠤ᠂ ᠥᠩᠭᠡᠨ ᠳᠡᠭᠡᠷ᠎ᠡ ᠪᠡᠨ ᠭᠡᠨᠡᠨ ᠴᠠᠭᠠᠨ ᠳᠦᠷᠢ ᠭᠠᠷᠭᠠᠨ᠄
᠊᠊᠊᠊᠊᠊᠊᠊᠊᠊᠊᠊᠊᠊᠊ ᠵᠠ ᠪᠠᠳᠠᠷᠴᠢ ᠲᠠᠬᠠᠷ ᠰᠢᠷᠠᠲᠤᠵᠤ ᠣᠷᠬᠢᠭ᠎ᠠ ᠤᠤ ᠭᠡᠵᠦ ᠬᠥᠭᠵᠢᠯ ᠲᠡᠢ ᠠᠰᠠᠭᠤᠪᠠ᠃
᠊᠊᠊᠊᠊᠊᠊᠊᠊᠊᠊᠊᠊᠊᠊ ᠢᠲᠡᠭᠡᠯᠲᠦ ᠮᠢᠨᠢ᠂ ᠥᠩᠭᠡᠷᠡᠭᠡᠳ ᠪᠠᠢᠨ᠎ᠠ᠃ ᠠᠷᠠᠳ ᠤ᠋ᠨ ᠵᠠᠰᠠᠭ ᠤ᠋ᠨ ᠲᠥᠯᠥᠭᠡᠯᠡᠭᠴᠢ ᠬᠣᠰᠢᠭᠤ ᠲᠠᠮᠠᠭᠠᠨ ᠳᠡᠭᠡᠷ᠎ᠡ ᠢᠷᠡᠭᠡᠳ ᠨᠣᠶᠠᠨ ᠤ᠋ ᠲᠠᠮᠠᠭ᠎ᠠ ᠶ᠋ᠢ ᠬᠤᠷᠢᠶᠠᠵᠤ ᠠᠪᠤᠭᠰᠠᠨ᠃ ᠤᠳᠠᠬᠤ ᠦᠭᠡᠢ ᠣᠯᠠᠨ ᠤ᠋ ᠰᠠᠨᠠᠯ ᠢ᠋ᠶ᠋ᠠᠷ ᠬᠣᠰᠢᠭᠤ ᠳᠠᠷᠤᠭ᠎ᠠ ᠰᠣᠩᠭᠣᠬᠤ ᠶᠤᠮ ᠭᠡᠨ᠎ᠡ᠃ ᠲᠡᠷᠡ ᠴᠦ᠍ ᠭᠠᠢᠭᠤᠢ᠃ ᠬᠣᠰᠢᠭᠤ ᠭᠢᠨᠳᠠᠨ ᠳ᠋ᠤ᠌ ᠪᠠᠢᠭᠰᠠᠨ ᠬᠥᠮᠦᠰ ᠢ᠋ ᠰᠤᠯᠠᠯᠠᠵᠤ ᠭᠠᠷᠭᠠᠭᠠᠳ ᠪᠢᠳᠡ ᠮᠡᠲᠦ ᠶ᠋ᠢᠨ ᠬᠥᠮᠦᠰ ᠢ᠋ 《ᠬᠠᠭᠤᠴᠢᠨ ᠵᠠᠰᠠᠭ ᠤᠰᠠᠳᠴᠤ ᠰᠢᠨ᠎ᠡ ᠵᠠᠰᠠᠭ ᠲᠣᠭᠲᠠᠭᠰᠠᠨ ᠤᠴᠢᠷ ᠭᠡᠷ ᠭᠡᠷ ᠲᠡᠭᠡᠨ ᠬᠠᠷᠢᠵᠠᠭ᠎ᠠ》 ᠭᠡᠳ ᠠᠯᠪᠠᠨ ᠡᠴᠡ ᠵᠠᠢᠯᠠᠭᠤᠯᠵᠤ ᠪᠠᠢᠨ᠎ᠠ᠃ ᠢᠩᠭᠢᠭᠡᠳ ᠯᠡ ᠬᠣᠰᠢᠭᠤ ᠡᠵᠡᠨ ᠦᠭᠡᠢ ᠪᠣᠯᠳᠠᠭ ᠪᠠᠢᠨ᠎ᠠ ᠰᠢᠦ᠃ ᠶᠠᠮᠠᠷ ᠪᠣᠢ ᠳᠠ? ᠭᠡᠵᠦ ᠪᠠᠳᠠᠷᠴᠢ ᠨᠢᠳᠦ ᠠᠮᠠ ᠪᠠᠨ ᠲᠠᠲᠠᠪᠠᠯᠵᠠᠭᠤᠯᠤᠨ ᠬᠣᠷᠣᠰᠤᠯ ᠲᠠᠢ ᠪᠣᠯᠪᠠᠴᠤ ᠮᠤᠬᠤᠷᠳᠠᠭᠰᠠᠨ ᠭᠣᠮᠣᠳᠠᠯ ᠲᠠᠢ ᠳᠠᠭᠤ ᠪᠠᠷ ᠬᠡᠯᠡᠪᠡ᠃
《ᠴᠢᠮ᠎ᠠ ᠰᠢᠭ᠋ ᠲᠡᠨᠡᠭ ᠮᠤᠨᠠ᠂ ᠲᠡᠨᠡᠭ ᠵᠠᠰᠠᠭ ᠲᠤ᠌ ᠬᠡᠷᠡᠭ ᠲᠡᠢ ᠪᠣᠯᠬᠤ ᠡᠴᠡ ᠪᠢᠰᠢ᠂ ᠠᠷᠠᠳ ᠤ᠋ᠨ ᠵᠠᠰᠠᠭ ᠲᠤ᠌ ᠢᠰᠡᠭᠡᠢ ᠬᠢᠬᠦ ᠳ᠋ᠦ᠍ ᠨᠣᠬᠠᠢ ᠬᠡᠷᠡᠭ ᠦᠭᠡᠢ ᠭᠡᠳᠡᠭ ᠲᠡᠢ ᠠᠳᠠᠯᠢ ᠪᠠᠢᠬ᠎ᠠ ᠳᠠ》 ᠭᠡᠵᠦ ᠢᠲᠡᠭᠡᠯᠲᠦ ᠳᠣᠲᠣᠷ᠎ᠠ ᠪᠠᠨ ᠪᠣᠳᠣᠭᠰᠠᠨ ᠪᠣᠯᠪᠠᠴᠤ
᠊᠊᠊᠊᠊᠊᠊᠊᠊᠊᠊᠊᠊᠊᠊ ᠲᠡᠢᠮᠦ ᠶᠠᠭᠤᠮ᠎ᠠ ᠪᠣᠯᠵᠤ ᠪᠠᠢᠨ᠎ᠠ ᠤᠤ? ᠭᠡᠵᠦ ᠥᠪᠡᠷ ᠲᠤᠨᠢ ᠣᠭᠲᠣ ᠫᠠᠳ ᠦᠭᠡᠢ ᠶᠠᠭᠤᠮ᠎ᠠ ᠰᠣᠨᠣᠰᠤᠭᠰᠠᠨ ᠬᠥᠮᠦᠨ ᠦ᠌ ᠵᠠᠳᠠᠭᠠᠢ ᠳᠠᠭᠤ ᠪᠠᠷ ᠠᠰᠠᠭᠤᠪᠠ᠃
᠊᠊᠊᠊᠊᠊᠊᠊᠊᠊᠊᠊᠊᠊᠊ ᠢᠲᠡᠭᠡᠯᠲᠦ ᠮᠢᠨᠢ ᠲᠡᠭᠡᠭᠡᠳ ᠲᠡᠷᠡ ᠲᠥᠯᠥᠭᠡᠯᠡᠭᠴᠢ ᠨᠢ ᠬᠡᠨ ᠭᠡᠵᠦ ᠪᠣᠳᠣᠨ᠎ᠠ᠃ ᠰᠠᠨᠠᠬᠤ ᠡᠴᠡ ᠪᠥᠭᠡᠯᠵᠢᠰᠦ ᠬᠦᠷᠦᠭᠡᠳ ᠪᠠᠢᠨ᠎ᠠ᠃ ᠨᠥᠭᠦᠭᠡ ᠲᠠᠨ ᠤ᠋ ᠳ᠋ᠤ᠌ ᠵᠠᠷᠤᠭᠳᠠᠵᠤ ᠪᠠᠢᠭᠰᠠᠨ ᠭᠤᠢᠯᠢᠨᠴᠢᠨ ᠡᠷᠳᠡᠨᠢ ᠰᠢᠦ ᠭᠡᠵᠦ ᠪᠠᠳᠠᠷᠴᠢ 《ᠲᠥᠯᠥᠭᠡᠯᠡᠭᠴᠢ》 《ᠭᠤᠢᠯᠢᠨᠴᠢᠨ》 ᠭᠡᠳᠡᠭ ᠦᠭᠡ ᠶ᠋ᠢ ᠰᠢᠳᠦ ᠵᠠᠭᠤᠨ ᠬᠡᠯᠡᠪᠡ᠃
᠊᠊᠊᠊᠊᠊᠊᠊᠊᠊᠊᠊᠊᠊᠊ ᠡᠷᠳᠡᠨᠢ ᠠ᠋! ᠭᠡᠳ ᠢᠲᠡᠭᠡᠯᠲᠦ ᠵᠢᠯᠣᠭᠣ ᠪᠠᠨ ᠤᠭᠵᠠᠷᠠᠨ ᠭᠡᠳᠡᠷᠭᠦ ᠪᠣᠯᠪᠠ᠃ ᠢᠲᠡᠭᠡᠯᠲᠦ ᠶ᠋ᠢᠨ ᠪᠦᠬᠦ ᠪᠡᠶ᠎ᠡ ᠰᠤᠯᠠᠷᠠᠨ᠂ ᠰᠠᠨᠠᠵᠤ ᠶᠠᠪᠤᠭᠰᠠᠨ ᠥᠷᠭᠡᠨ ᠪᠣᠳᠣᠯ ᠨᠢ ᠠᠳᠬᠤ ᠡᠯᠡᠰᠦ ᠰᠠᠴᠤᠭᠰᠠᠨ ᠶᠤᠮ ᠰᠢᠭ᠋ ᠰᠠᠷᠨᠢᠨ ᠠᠯᠠᠭ᠎ᠠ ᠪᠣᠯᠵᠤ ᠬᠣᠶᠠᠷ ᠲᠠᠯ᠎ᠠ ᠶ᠋ᠢᠨ ᠠᠭᠤᠯᠠ ᠬᠠᠪᠴᠢᠨ ᠠᠪᠬᠤ ᠰᠢᠭ᠋ ᠪᠣᠯᠤᠯ᠎ᠠ᠃ 《ᠡᠷᠳᠡᠨᠢ ᠨᠠᠳᠠ ᠲᠠᠢ ᠳᠠᠩᠰᠠ ᠪᠣᠳᠣᠨ᠎ᠠ》᠂ 《ᠣᠳᠣ ᠶᠠᠭᠠᠬᠢᠬᠤ ᠪᠣᠢ》 ᠭᠡᠳᠡᠭ ᠬᠣᠶᠠᠷ ᠪᠣᠳᠣᠯ ᠵᠢᠷᠢᠯᠵᠡᠨ ᠰᠣᠯᠢᠭᠳᠠᠵᠤ ᠵᠣᠭᠰᠣᠯᠲᠠ ᠦᠭᠡᠢ ᠬᠠᠷᠢᠭᠤ ᠱᠠᠭᠠᠷᠳᠠᠪᠠ᠃
᠊᠊᠊᠊᠊᠊᠊᠊᠊᠊᠊᠊᠊᠊᠊ ᠲᠡᠢᠮᠦ ᠠ᠋᠃ ᠲᠡᠷᠡ ᠮᠠᠭᠤ ᠴᠠᠭᠠᠴᠢᠨ ᠨᠣᠶᠠᠨ ᠤ᠋ ᠲᠠᠮᠠᠭ᠎ᠠ ᠶ᠋ᠢ ᠬᠤᠷᠢᠶᠠᠵᠤ ᠠᠪᠤᠭᠰᠠᠨ ᠰᠢᠦ ᠭᠡᠬᠦ ᠳ᠋ᠦ᠍ᠨᠢ ᠪᠠᠳᠠᠷᠴᠢ ᠶ᠋ᠢᠨ ᠨᠢᠳᠦ ᠨᠢᠭᠤᠷ ᠨᠢ ᠳᠠᠳᠠᠭᠠᠨᠠᠨ ᠴᠡᠴᠡᠷᠡᠵᠦ ᠪᠠᠢᠯ᠎ᠠ᠃ ᠬᠠᠷᠴᠠᠭᠠᠢ ᠳ᠋ᠤ᠌ ᠪᠠᠷᠢᠭᠳᠠᠬᠤ ᠭᠡᠳ ᠪᠤᠲᠠ ᠶ᠋ᠢᠨ ᠢᠷᠣᠭᠠᠷ ᠲᠤ᠌ ᠪᠦᠯᠲᠡᠭᠡᠨᠡᠵᠦ ᠪᠠᠢᠭ᠎ᠠ ᠪᠣᠯᠵᠣᠮᠣᠷ ᠰᠢᠭ᠋ ᠪᠣᠯᠤᠭᠰᠠᠨ ᠪᠡᠶ᠎ᠡ ᠶ᠋ᠢᠨ ᠢ᠋ᠶ᠋ᠡᠨ ᠪᠠᠢᠳᠠᠯ ᠢ᠋ ᠮᠡᠳᠡᠮᠡᠭᠴᠡ ᠢᠲᠡᠭᠡᠯᠲᠦ ᠪᠡᠶ᠎ᠡ ᠰᠡᠳᠬᠢᠯ ᠢ᠋ᠶ᠋ᠡᠨ ᠪᠠᠷᠢᠵᠤ ᠡᠪᠦᠷ ᠲᠦᠷᠡᠢ ᠪᠡᠨ ᠤᠬᠤᠨ ᠭᠠᠩᠰᠠ ᠲᠠᠮᠠᠬᠢ ᠭᠠᠷᠭᠠᠵᠤ ᠠᠪᠤᠭᠠᠳ᠄
᠊᠊᠊᠊᠊᠊᠊᠊᠊᠊᠊᠊᠊᠊᠊ ᠡᠷᠳᠡᠨᠢ ᠴᠦ᠍ ᠴᠢ ᠪᠢᠳᠡ ᠬᠣᠶᠠᠷ ᠤ᠋ᠨ ᠳᠡᠷᠭᠡᠳᠡ ᠡᠷᠳᠡᠮ ᠨᠣᠮ ᠲᠠᠢ ᠬᠥᠮᠦᠨ ᠪᠠᠢᠬᠤ ᠦᠭᠡᠢ ᠤᠤ ᠭᠡᠯᠡ᠃
᠊᠊᠊᠊᠊᠊᠊᠊᠊᠊᠊᠊᠊᠊᠊ ᠲᠡᠷᠡ ᠭᠤᠢᠯᠢᠨᠴᠢᠨ ᠤ᠋ ᠡᠷᠳᠡᠮ ᠴᠦ᠍ ᠨᠣᠬᠠᠢ ᠳᠣᠯᠢᠶᠠᠵᠤ ᠦᠬᠦ ᠳᠡ ᠭᠡᠵᠦ ᠪᠠᠳᠠᠷᠴᠢ ᠬᠡᠯᠡᠭᠡᠳ ᠮᠣᠷᠢᠨ ᠡᠴᠡ ᠪᠡᠨ ᠪᠠᠭᠤᠪᠠ᠃
ᠢᠲᠡᠭᠡᠯᠲᠦ ᠴᠦ᠍ ᠮᠣᠷᠢᠨ ᠡᠴᠡ ᠪᠠᠭᠤᠪᠠ᠃ ᠡᠷᠳᠡᠨᠢ ᠡᠴᠡ ᠵᠢᠭᠤᠲᠠᠭᠠᠳ ᠬᠠᠮᠢᠭ᠎ᠠ ᠣᠴᠢᠬᠤ ᠪᠣᠢ᠃ ᠬᠥᠷᠥᠩᠭᠡ ᠬᠣᠭᠰᠢᠯ ᠢ᠋ᠶ᠋ᠠᠨ ᠬᠠᠶᠠᠬᠤ ᠦᠭᠡᠢ᠃ ᠪᠠᠢᠳᠠᠯ ᠢ᠋ ᠠᠵᠢᠬᠤ ᠬᠡᠷᠡᠭᠲᠡᠢ᠃ ᠬᠡᠷᠪᠡ ᠳᠠᠩᠰᠠ ᠪᠣᠳᠣᠬᠤ ᠳ᠋ᠤ᠌ ᠬᠦᠷᠪᠡᠯ ᠡᠷ᠎ᠡ ᠬᠥᠮᠦᠨ ᠳ᠋ᠦ᠍ ᠵᠠᠢ ᠴᠤ᠌ ᠪᠣᠢ᠂ ᠯᠠᠢ ᠴᠤ᠌ ᠪᠣᠢ᠃ ᠢᠮᠠᠭᠠᠨ ᠤ᠋ ᠮᠢᠬ᠎ᠠ ᠬᠠᠯᠠᠭᠤᠨ ᠳᠡᠭᠡᠷ᠎ᠡ ᠪᠡᠨ ᠭᠡᠳᠡᠭ ᠦᠭᠡ ᠪᠣᠢ᠃ ᠶᠠᠭᠤ ᠴᠤ᠌ ᠭᠡᠰᠡᠨ ᠲᠡᠭᠦᠨ ᠲᠡᠢ ᠣᠳᠣ ᠣᠴᠢᠵᠤ ᠠᠭᠤᠯᠵᠠᠶ᠎ᠠ᠃ ᠴᠢᠩᠭᠢᠬᠦ ᠳ᠋ᠡᠭᠡᠨ ᠪᠦᠷ ᠳᠣᠲᠣᠨᠣ ᠠᠭᠤᠯᠵᠠᠶ᠎ᠠ ᠭᠡᠳᠡᠭ ᠪᠣᠳᠣᠯ ᠢᠲᠡᠭᠡᠯᠲᠦ ᠶ᠋ᠢᠨ ᠳᠣᠲᠣᠷ᠎ᠠ ᠣᠷᠣᠵᠤ ᠢᠷᠡᠯ᠎ᠡ᠃
᠊᠊᠊᠊᠊᠊᠊᠊᠊᠊᠊᠊᠊᠊᠊ ᠠᠭᠤᠯᠠ ᠦᠵᠡᠭᠡ ᠦᠭᠡᠢ ᠬᠣᠷᠮᠣᠢ ᠰᠢᠭᠤᠵᠤ᠂ ᠤᠰᠤ ᠦᠵᠡᠭᠡ ᠦᠭᠡᠢ ᠭᠤᠲᠤᠯ ᠲᠠᠢᠯᠵᠤ ᠪᠣᠯᠬᠤ ᠦᠭᠡᠢ᠃ ᠡᠷᠳᠡᠨᠢ ᠶᠡᠬᠡ ᠵᠠᠢ ᠲᠠᠢ᠂ ᠡᠷᠳᠡᠮ ᠨᠣᠮ ᠲᠠᠢ ᠬᠥᠮᠦᠨ ᠰᠢᠦ᠃ ᠤᠴᠢᠷ ᠨᠢ ᠣᠯᠳᠠᠬᠤ ᠯᠠ ᠪᠠᠢᠬ᠎ᠠ᠃ ᠲᠠᠮᠢᠷ ᠤ᠋ᠨ ᠬᠡᠦᠬᠡᠳ ᠴᠦ᠍ ᠰᠢᠷᠪᠥᠰᠥ ᠲᠠᠢ ᠯᠠ ᠤᠯᠤᠰ ᠳᠠ ᠭᠡᠳ ᠢᠲᠡᠭᠡᠯᠲᠦ ᠵᠠᠯᠢ ᠲᠠᠢ ᠨᠢᠳᠦ ᠪᠡᠷ ᠪᠠᠳᠠᠷᠴᠢ ᠶ᠋ᠢ ᠰᠢᠷᠳᠡᠪᠡ᠃
᠊᠊᠊᠊᠊᠊᠊᠊᠊᠊᠊᠊᠊᠊᠊ ᠡᠨᠡ ᠲᠥᠷᠥ ᠴᠦ᠍ ᠦᠢᠮᠡᠵᠦ ᠭᠠᠷᠤᠯ᠎ᠠ ᠪᠣᠯᠤᠯᠲᠠᠢ᠃ ᠲᠤᠰᠠᠯᠠᠭᠴᠢ ᠭᠤᠸᠠᠢ ᠶ᠋ᠢᠨ ᠯᠠᠭᠱᠠᠨ ᠭᠬᠢᠷᠲᠦᠭᠡᠳ ᠦᠷᠭᠦᠭᠡᠨ ᠳ᠋ᠡᠭᠡᠨ ᠮᠣᠷᠢᠯᠠᠵᠤ ᠪᠠᠢᠭ᠎ᠠ᠃ ᠣᠴᠢᠵᠤ ᠶᠠᠷᠢᠶ᠎ᠠ᠃ ᠬᠠᠮᠲᠤ ᠶᠠᠪᠤᠬᠤ ᠤᠤ?
᠊᠊᠊᠊᠊᠊᠊᠊᠊᠊᠊᠊᠊᠊᠊ ᠪᠢ ᠬᠠᠰᠢᠶ᠎ᠠ ᠪᠠᠷ ᠣᠷᠣᠬᠤ ᠴᠢᠬᠤᠯᠠ ᠠᠵᠢᠯ ᠲᠠᠢ᠃ ᠳᠠᠷᠠᠭ᠎ᠠ ᠲᠠᠨ ᠤ᠋ ᠬᠢ ᠪᠡᠷ ᠣᠴᠢᠨ᠎ᠠ ᠭᠡᠵᠦ ᠢᠲᠡᠭᠡᠯᠲᠦ ᠬᠡᠯᠡᠭᠡᠳ ᠲᠡᠷᠡ ᠬᠣᠶᠠᠷ ᠰᠠᠯᠵᠠᠢ᠃ ᠢᠲᠡᠭᠡᠯᠲᠦ ᠳ᠋ᠦ᠍ ᠬᠣᠶᠠᠷ ᠪᠣᠳᠣᠯ ᠲᠥᠷᠥᠯ᠎ᠡ᠃ ᠨᠢᠭᠡᠳᠦᠭᠡᠷ ᠨᠢ ᠡᠷᠳᠡᠨᠢ ᠲᠡᠢ ᠲᠦᠷᠭᠡᠨ ᠠᠭᠤᠯᠵᠠᠵᠤ ᠪᠦᠬᠦ ᠪᠣᠳᠣᠭᠰᠠᠨ ᠢ᠋ᠶ᠋ᠠᠨ ᠬᠡᠯᠡᠬᠦ᠂ ᠬᠣᠶᠠᠳᠤᠭᠠᠷ ᠲᠤᠨᠢ ᠲᠡᠷᠡ ᠬᠡᠷᠪᠡ ᠨᠠᠳᠠ ᠲᠠᠢ ᠵᠠᠵᠢᠭᠤᠷ ᠵᠠᠭᠤᠵᠤ ᠳᠠᠩᠰᠠ ᠪᠣᠳᠣᠬᠤ ᠭᠡᠪᠡᠯ ᠪᠠᠳᠠᠷᠴᠢ ᠮᠡᠲᠦ ᠲᠡᠨᠡᠭ ᠮᠤᠨᠤᠭ ᠤ᠋ᠳ ᠢ᠋ ᠠᠰᠢᠭᠯᠠᠨ ᠬᠠᠷᠢᠭᠤ ᠳᠠᠩᠰᠠ ᠪᠣᠳᠣᠬᠤ ᠡᠢᠮᠦ ᠬᠣᠶᠠᠷ ᠪᠣᠳᠣᠯ ᠲᠥᠷᠥᠭᠡᠳ ᠲᠡᠷᠡ ᠨᠢ ᠴᠠᠭ ᠥᠩᠭᠡᠷᠡᠬᠦ ᠳᠣᠳᠣᠮ ᠭᠠᠷᠴᠠᠭ᠎ᠠ ᠦᠭᠡᠢ ᠵᠥᠪ ᠵᠦᠢᠯ ᠪᠣᠯᠤᠨ ᠪᠡᠬᠢᠵᠢᠪᠡ᠃
ᠠᠷᠠᠳ ᠤ᠋ᠨ ᠵᠠᠰᠠᠭ ᠤ᠋ᠨ ᠲᠥᠯᠥᠭᠡᠯᠡᠭᠴᠢ ᠡᠷᠳᠡᠨᠢ ᠤᠷᠢᠳᠤ ᠰᠥᠨᠢ ᠯᠤᠤ ᠬᠦᠩ ᠦ᠋ᠨ ᠬᠤᠰᠢᠭᠤᠨ ᠳ᠋ᠤ᠌ ᠢᠷᠡᠭᠡᠳ ᠥᠷᠯᠥᠭᠡᠨ ᠡᠴᠡ ᠡᠬᠢᠯᠡᠨ ᠨᠡᠯᠢᠶᠡᠳ ᠠᠵᠢᠯ ᠬᠢᠵᠡᠢ᠃ ᠬᠤᠰᠢᠭᠤᠨ ᠤ᠋ ᠨᠣᠶᠠᠳ ᠲᠦᠰᠢᠮᠡᠳ ᠢ᠋ ᠴᠤᠭᠯᠠᠭᠤᠯᠤᠨ ᠠᠷᠠᠳ ᠤ᠋ᠨ ᠵᠠᠰᠠᠭ ᠤ᠋ᠨ ᠪᠣᠳᠣᠯᠭ᠎ᠠ ᠶ᠋ᠢ ᠶᠠᠷᠢᠵᠤ ᠥᠭᠭᠦᠭᠡᠳ ᠬᠣᠰᠢᠭᠤ ᠨᠣᠶᠠᠨ ᠤ᠋ ᠲᠠᠮᠠᠭ᠎ᠠ ᠶ᠋ᠢ ᠬᠣᠷᠢᠶᠠᠨ᠂ ᠤᠳᠠᠬᠤ ᠦᠭᠡᠢ ᠬᠣᠰᠢᠭᠤ ᠨᠡᠢᠲᠡ ᠶ᠋ᠢᠨ ᠰᠣᠩᠭᠣᠭᠤᠯᠢ ᠶᠠᠪᠤᠭᠤᠯᠵᠤ ᠵᠠᠰᠠᠭ ᠪᠠᠢᠭᠤᠯᠬᠤ ᠲᠤᠬᠠᠢ ᠶᠠᠷᠢᠬᠤ ᠳ᠋ᠤ᠌ ᠴᠤᠭᠯᠠᠷᠠᠭᠰᠠᠤᠨ ᠨᠢ ᠶᠡᠬᠡ ᠯᠡ ᠬᠦᠢᠲᠡᠨ ᠬᠦᠯᠢᠶᠡᠵᠦ ᠠᠪᠤᠭᠰᠠᠨ᠃ ᠳᠠᠷᠠᠭ᠎ᠠ ᠨᠢ ᠭᠢᠨᠳᠠᠨ ᠳ᠋ᠤ᠌ ᠪᠠᠢᠭᠰᠠᠨ ᠪᠦᠬᠦ ᠬᠥᠮᠦᠰ ᠢ᠋ ᠰᠤᠯᠠᠯᠠᠨ ᠭᠠᠷᠭᠠᠵᠤ ᠪᠠᠳᠠᠷᠴᠢ ᠮᠡᠲᠦ ᠶ᠋ᠢᠨ ᠬᠡᠳᠦ ᠬᠡᠳᠦᠨ ᠬᠥᠮᠦᠨ ᠢ᠋ ᠭᠡᠷ ᠭᠡᠷ ᠲᠦ᠋ᠨᠢ ᠲᠠᠷᠬᠠᠭᠠᠵᠠᠢ᠃
ᠥᠷᠲᠡᠭᠡᠴᠢᠨ ᠨᠠᠷ ᠢ᠋ ᠴᠤᠭᠯᠠᠭᠤᠯᠵᠤ ᠬᠣᠰᠢᠭᠤ ᠨᠡᠢᠲᠡ ᠶ᠋ᠢᠨ ᠬᠤᠷᠠᠯ ᠬᠢᠵᠦ ᠰᠣᠩᠭᠣᠭᠤᠯᠢ ᠶᠠᠪᠤᠭᠤᠯᠬᠤ ᠡᠳᠦᠷ ᠢ᠋ ᠲᠣᠭᠲᠠᠭᠠᠭᠰᠠᠨ ᠵᠠᠷ ᠢ᠋ ᠣᠯᠠᠨ ᠳ᠋ᠤ᠌ ᠬᠦᠷᠭᠡᠬᠦ ᠪᠡᠷ ᠵᠦᠭ ᠪᠦᠷᠢ ᠳ᠋ᠦ᠍ ᠮᠣᠷᠳᠠᠭᠤᠯᠪᠠ᠃
ᠬᠠᠷᠢᠨ ᠲᠤᠯᠭᠠᠷ ᠤ᠋ᠨ ᠲᠤᠬᠠᠢ ᠬᠡᠳᠦ ᠬᠡᠳᠦᠨ ᠬᠥᠮᠦᠰ ᠡᠴᠡ ᠠᠰᠠᠭᠤᠬᠤ ᠭᠡᠰᠡᠨ ᠢ᠋ᠶ᠋ᠡᠨ ᠰᠣᠨᠣᠰᠬᠤ ᠬᠠᠲᠠᠭᠤ ᠬᠠᠷᠢᠭᠤ ᠡᠴᠡ ᠬᠠᠯᠠᠰᠢᠷᠠᠭᠠᠳ ᠵᠢᠷᠦᠬᠡᠯᠡᠭᠰᠡᠨ ᠦᠭᠡᠢ᠃ ᠤᠷᠢᠳᠤ ᠰᠥᠨᠢ ᠯᠤᠤ ᠬᠦᠩ ᠦ᠋ᠨ ᠲᠠᠮᠠᠭᠠᠨ ᠳᠡᠭᠡᠷ᠎ᠡ ᠢᠷᠡᠭᠡᠳ ᠪᠠᠭᠤᠬᠤ ᠳ᠋ᠤ᠌ ᠲᠤᠯᠭᠠᠷ ᠤ᠋ᠨ ᠳᠦᠷᠢ ᠪᠦᠬᠦ ᠰᠡᠳᠬᠢᠯ ᠢ᠋ ᠨᠢ ᠡᠵᠡᠯᠡᠨ ᠨᠢᠳᠦᠨ ᠡᠴᠡ ᠥᠪᠡᠷ ᠦ᠋ᠨ ᠡᠷᠬᠡ ᠦᠭᠡᠢ ᠨᠢᠯᠪᠤᠰᠤ ᠤᠨᠳᠤᠷᠤᠨ ᠠᠮᠢᠳᠤᠷᠠᠯ ᠳ᠋ᠠᠭᠠᠨ ᠶᠠᠭᠤ ᠪᠡᠷ ᠴᠦ᠍ ᠵᠠᠰᠠᠵᠤ ᠴᠢᠳᠠᠬᠤ ᠦᠭᠡᠢ ᠭᠡᠮᠲᠦ ᠬᠡᠷᠡᠭ ᠬᠢᠭᠰᠡᠨ ᠬᠠᠲᠠᠭᠤ ᠰᠡᠳᠬᠢᠯ ᠢ᠋ᠶ᠋ᠡᠨ ᠵᠢᠮᠡᠯᠡᠵᠦ ᠬᠠᠷᠠᠮᠰᠠᠪᠠ᠃ ᠰᠡᠳᠬᠢᠯ ᠡᠴᠡ ᠨᠢ ᠲᠤᠯᠭᠠᠷ ᠰᠠᠯᠤᠭ᠎ᠠ ᠦᠭᠡᠢ ᠤᠴᠢᠷ ᠡᠴᠡ ᠤᠨᠲᠠᠵᠤ ᠴᠤ᠌ ᠴᠢᠳᠠᠭᠰᠠᠨ ᠦᠭᠡᠢ᠃
ᠭᠠᠭᠴᠠᠬᠦ ᠥᠷᠯᠥᠭᠡ ᠠᠵᠢᠯ ᠳ᠋ᠠᠭᠠᠨ ᠪᠣᠯᠤᠭᠠᠳ ᠲᠤᠯᠭᠠᠷ ᠤ᠋ᠨ ᠲᠤᠬᠠᠢ ᠪᠣᠳᠣᠯ ᠡᠴᠡ ᠪᠠᠭ᠎ᠠ ᠪᠣᠯᠪᠠᠴᠤ ᠬᠥᠨᠳᠡᠢᠷᠡᠵᠦ ᠪᠠᠢᠯ᠎ᠠ᠃ ᠨᠠᠷᠠ ᠬᠠᠨ᠎ᠠ ᠶ᠋ᠢᠨ ᠡᠯᠢᠭᠡ ᠥᠭᠡᠳᠡ ᠭᠠᠷᠴᠤ ᠪᠠᠢᠬᠤ ᠳ᠋ᠤ᠌ ᠥᠷᠲᠡᠭᠡᠨ ᠦ᠌ ᠭᠡᠷ ᠲᠦ᠍ ᠣᠷᠣᠵᠤ ᠴᠠᠢ ᠤᠤᠭᠤᠵᠤ ᠪᠠᠢᠪᠠᠯ ᠭᠡᠨᠡᠳᠲᠡ ᠢᠲᠡᠭᠡᠯᠲᠦ ᠣᠷᠣᠵᠤ ᠢᠷᠡᠭᠡᠳ ᠰᠢᠭᠤᠳ ᠤᠷᠲᠤ ᠬᠠᠳᠠᠭ ᠭᠠᠷᠭᠠᠨ ᠳᠡᠭᠡᠷ᠎ᠡ ᠨᠢ ᠳᠠᠪᠬᠤᠷᠯᠠᠭᠰᠠᠨ ᠮᠥᠩᠭᠥᠨ ᠶᠠᠩᠴᠢᠶᠠᠨ ᠲᠠᠯᠪᠢᠭᠠᠳ 《ᠪᠢ ᠢᠵᠠᠭᠤᠷ ᠤᠭᠰᠠᠭ᠎ᠠ ᠦᠭᠡᠢ ᠰᠤᠮᠤᠨ ᠡᠷ᠎ᠡ᠂ ᠡᠷᠬᠡ ᠶᠠᠩᠪᠠᠲᠠᠨ ᠢ᠋ ᠦᠵᠡᠵᠦ ᠴᠢᠳᠠᠳᠠᠭ ᠦᠭᠡᠢ ᠵᠢᠭᠰᠢᠵᠦ ᠪᠠᠢᠭᠰᠠᠨ ᠢ᠋ ᠴᠢ ᠰᠠᠢᠨ ᠮᠡᠳᠡᠨ᠎ᠡ᠃ ᠠᠷᠠᠳ ᠤ᠋ᠨ ᠵᠠᠰᠠᠭ ᠪᠣᠯ ᠮᠢᠨᠦ ᠬᠦᠰᠡᠵᠦ ᠮᠥᠷᠥᠭᠡᠳᠴᠦ ᠶᠠᠪᠤᠭᠰᠠᠨ ᠵᠠᠰᠠᠭ ᠮᠥᠨ᠃ ᠤᠷᠢᠳᠤᠬᠢ ᠲᠥᠷᠥ ᠶ᠋ᠢᠨ ᠦᠶ᠎ᠡ ᠳ᠋ᠦ᠍ ᠡᠯᠳᠡᠪ ᠢ᠋ᠶ᠋ᠡᠷ ᠨᠢᠳᠦ ᠦᠵᠦᠭᠦᠷᠯᠡᠭᠳᠡᠵᠦ ᠠᠯᠢ ᠣᠯᠢᠭᠲᠠᠢ ᠪᠠᠨ ᠠᠯᠪᠠᠨ ᠭᠤᠪᠴᠢᠭᠤᠷ ᠲᠤ᠌ ᠥᠭᠴᠦ ᠶᠠᠪᠤᠭᠰᠠᠨ ᠪᠢᠳᠡᠨ ᠳ᠋ᠡᠭᠡᠨ ᠲᠦᠰᠢᠭ᠂ ᠭᠡᠭᠡᠨ ᠨᠠᠷᠠ ᠮᠢᠨᠢ ᠪᠣᠯᠤᠭᠰᠠᠨ ᠵᠠᠰᠠᠭ ᠲᠥᠷᠥ ᠳ᠋ᠡᠭᠡᠨ ᠥᠴᠦᠬᠡᠨ ᠨᠡᠮᠡᠷᠢ ᠪᠣᠯᠲᠤᠭᠠᠢ ᠭᠡᠵᠦ ᠠᠶᠤᠰᠢ ᠬᠠᠳᠠᠭ᠂ ᠬᠣᠶᠠᠷ ᠵᠠᠭᠤᠨ ᠮᠥᠩᠭᠥᠨ ᠶᠠᠩᠴᠢᠶᠠᠨ ᠪᠠᠷᠢᠶ᠎ᠠ᠃ ᠲᠣᠭᠲᠠᠭᠠᠨ ᠰᠣᠶᠣᠷᠬᠠᠨ᠎ᠠ ᠤᠤ》 ᠭᠡᠳ ᠪᠠᠷᠢᠯ᠎ᠠ᠃
ᠬᠠᠳᠠᠭ ᠮᠥᠩᠭᠥ ᠪᠠᠷᠢᠭᠠᠳ ᠦᠭᠡ ᠬᠡᠯᠡᠵᠦ ᠪᠠᠢᠭ᠎ᠠ ᠢᠲᠡᠭᠡᠯᠲᠦ ᠶ᠋ᠢ ᠢᠰᠬᠦᠯᠦᠨ ᠲᠦᠯᠬᠢᠵᠦ ᠭᠠᠷᠭᠠᠮᠠᠷ ᠰᠠᠨᠠᠭᠳᠠᠵᠤ ᠬᠢᠵᠠᠭᠠᠷ ᠦᠭᠡᠢ ᠵᠠᠨᠤᠯ ᠬᠣᠷᠣᠰᠤᠯ ᠤ᠋ᠨ ᠭᠠᠯ ᠡᠷᠳᠡᠨᠢ ᠶ᠋ᠢᠨ ᠳᠣᠲᠣᠷ᠎ᠠ ᠪᠤᠴᠠᠯᠵᠤ ᠪᠠᠢᠪᠠᠴᠤ ᠲᠡᠭᠦᠨ ᠦ᠌ ᠬᠠᠵᠠᠭᠤ ᠪᠠᠷ ᠰᠦᠬᠡᠪᠠᠭᠠᠲᠤᠷ᠂ ᠫᠧᠲ᠋ᠷ ᠨᠠᠷ ᠤ᠋ᠨ ᠳᠠᠬᠢᠨ ᠳᠠᠬᠢᠨ ᠰᠠᠨᠠᠭᠤᠯᠵᠤ ᠪᠠᠢᠭᠰᠠᠨ ᠲᠥᠷᠥ ᠶ᠋ᠢᠨ ᠬᠠᠷᠠᠭ᠎ᠠ ᠭᠡᠳᠡᠭ ᠦᠭᠡ ᠪᠣᠳᠣᠭᠳᠠᠵᠤ ᠰᠡᠳᠬᠢᠯ ᠨᠢ ᠬᠣᠶᠠᠷᠳᠠᠮᠠᠯ ᠪᠣᠯᠵᠠᠢ᠃ ᠬᠣᠶᠠᠷᠳᠠᠮᠠᠯ ᠰᠡᠳᠬᠢᠯ ᠡᠴᠡ ᠡᠷᠡᠰ ᠰᠢ᠌ᠤᠠᠪᠣᠷᠢ ᠬᠡᠵᠢᠶ᠎ᠡ ᠴᠦ᠍ ᠭᠠᠷᠴᠤ ᠪᠠᠢᠭ᠎ᠠ ᠦᠭᠡᠢ᠂ ᠡᠨᠡ ᠤᠳᠠᠭ᠎ᠠ ᠴᠤ᠌ ᠡᠷᠳᠡᠨᠢ ᠡᠴᠡ ᠭᠠᠷᠤᠭᠰᠠᠨ ᠦᠭᠡᠢ᠃
ᠰᠢᠨ᠎ᠡ ᠲᠣᠭᠲᠠᠵᠤ ᠪᠠᠢᠭ᠎ᠠ ᠵᠠᠰᠠᠭ ᠲᠥᠷᠥ ᠳ᠋ᠦ᠍ ᠳᠡᠮᠵᠢᠯᠭᠡ ᠬᠡᠷᠡᠭᠲᠡᠢ᠃ ᠠᠷᠠᠳ ᠤ᠋ᠨ ᠵᠠᠰᠠᠭ ᠤ᠋ᠨ ᠪᠣᠳᠣᠯᠭ᠎ᠠ ᠶ᠋ᠢ ᠳᠡᠮᠵᠢᠭᠰᠡᠨ ᠪᠦᠬᠦᠨ ᠪᠢᠳᠡᠨ ᠦ᠌ ᠨᠥᠬᠥᠷ᠂ ᠶᠠᠭᠤᠮ᠎ᠠ ᠪᠦᠬᠦᠨ ᠢ᠋ ᠲᠥᠷᠥ ᠶ᠋ᠢᠨ ᠵᠦᠭ ᠡᠴᠡ ᠬᠠᠷᠠᠵᠤ ᠪᠠᠢᠭᠠᠷᠠᠢ ᠭᠡᠰᠡᠨ ᠰᠦᠬᠡᠪᠠᠭᠠᠲᠤᠷ ᠫᠧᠲ᠋ᠷ ᠨᠠᠷ ᠤ᠋ᠨ ᠦᠭᠡ ᠶᠠᠪᠤᠭᠠᠨ ᠳ᠋ᠠᠭᠠᠨ ᠡᠷᠳᠡᠨᠢ ᠶ᠋ᠢᠨ ᠭᠠᠭᠴᠠ ᠪᠣᠳᠣᠯ ᠪᠣᠯᠤᠨ ᠬᠤᠪᠢᠷᠠᠵᠤ ᠢᠲᠡᠭᠡᠯᠲᠦ ᠳ᠋ᠦ᠍ ᠳᠣᠷᠣᠮᠵᠢᠯᠠᠭᠳᠠᠭᠰᠠᠨ ᠡᠴᠡ ᠣᠯᠠᠨ ᠵᠢᠯ ᠬᠤᠷᠠᠮᠳᠤᠯᠠᠭᠳᠠᠨ ᠪᠣᠭᠯᠠᠭᠰᠠᠨ ᠬᠣᠷᠣᠰᠤᠯ ᠢ᠋ ᠨᠢ ᠴᠢᠳᠥᠷᠯᠡᠪᠡ᠃
ᠡᠷᠳᠡᠨᠢ ᠳ᠋ᠦ᠍ ᠬᠠᠳᠠᠭ ᠮᠥᠩᠭᠥ ᠶ᠋ᠢ ᠠᠪᠬᠤ ᠡᠴᠡ ᠥᠭᠡᠷ᠎ᠡ ᠵᠠᠮ ᠦᠭᠡᠢ ᠪᠣᠯᠪᠠ᠃ ᠢᠲᠡᠭᠡᠯᠲᠦ ᠠᠮᠢᠳᠤᠷᠠᠯ ᠳ᠋ᠤᠨᠢ ᠪᠠᠭ᠎ᠠ ᠦᠭᠡᠢ ᠪᠠᠯᠠᠭ ᠲᠠᠷᠢᠭᠰᠠᠨ ᠠᠪᠠᠴᠤ ᠠᠷᠠᠳ ᠤ᠋ᠨ ᠵᠠᠰᠠᠭ ᠢ᠋ ᠳᠡᠮᠵᠢᠵᠦ ᠪᠠᠢᠭ᠎ᠠ ᠪᠣᠯᠬᠣᠷ ᠬᠤᠪᠢ ᠶ᠋ᠢᠨ ᠬᠣᠷᠣᠰᠤᠯ ᠢ᠋ ᠲᠦᠷ ᠪᠣᠯᠪᠠᠴᠤ ᠳᠠᠷᠤᠵᠤ ᠲᠥᠷᠥ ᠶ᠋ᠢᠨ ᠵᠢᠭᠠᠪᠤᠷᠢ᠂ ᠲᠦᠮᠡᠨ ᠦ᠌ ᠢᠲᠡᠭᠡᠯ ᠳ᠋ᠦ᠍ ᠵᠠᠬᠢᠷᠤᠭᠳᠠᠨ ᠲᠥᠷᠥ ᠶ᠋ᠢᠨ ᠰᠠᠭᠤᠷᠢ ᠡᠴᠡ ᠬᠠᠨᠳᠤᠬᠤ ᠨᠢ ᠭᠠᠭᠴᠠ ᠵᠥᠪ ᠵᠠᠮ ᠪᠣᠯᠵᠠᠢ᠃
ᠡᠷᠳᠡᠨᠢ ᠬᠠᠳᠠᠭ ᠮᠥᠩᠭᠥ ᠶ᠋ᠢ ᠠᠪᠴᠤ ᠣᠷᠣᠨ ᠳᠡᠭᠡᠷ᠎ᠡ ᠪᠡᠨ ᠲᠠᠯᠪᠢᠭᠠᠳ ᠡᠷᠭᠢᠲᠡᠯ᠎ᠡ ᠢᠲᠡᠭᠡᠯᠲᠦ 《ᠵᠠ ᠬᠦ ᠮᠠᠭᠤ ᠶ᠋ᠢᠨ ᠶᠣᠰᠣ ᠪᠢᠰᠢ ᠮᠣᠩᠭᠣᠯ ᠤ᠋ᠨ ᠶᠣᠰᠣ ᠪᠣᠯᠬᠣᠷ ᠵᠣᠯᠭᠠᠵᠤ ᠤᠷᠭᠢᠶ᠎ᠠ》 ᠭᠡᠳ ᠭᠠᠷ ᠢ᠋ᠶ᠋ᠠᠨ ᠰᠤᠩᠭᠠᠬᠤ ᠳ᠋ᠤ᠌ ᠡᠷᠳᠡᠨᠢ ᠣᠭᠠᠭᠠᠷᠠᠭᠠ ᠦᠭᠡᠢ ᠪᠣᠯᠪᠠᠴᠤ ᠳᠠᠳᠴᠤ ᠰᠤᠷᠤᠭᠰᠠᠨ ᠬᠥᠳᠡᠯᠭᠡᠭᠡᠨ ᠢ᠋ᠶ᠋ᠡᠷ ᠵᠣᠯᠭᠠᠪᠠ᠃
ᠡᠨᠡ ᠪᠦᠬᠦᠨ ᠳ᠋ᠦ᠍ ᠵᠣᠷᠢᠭᠵᠢᠭᠰᠠᠨ ᠢᠲᠡᠭᠡᠯᠲᠦ ᠡᠷᠳᠡᠨᠢ ᠳ᠋ᠦ᠍ ᠰᠡᠭᠡᠭᠡ ᠦᠭᠡᠢ ᠶ᠋ᠢ ᠬᠢᠴᠢᠶᠡᠨ ᠭᠡᠷ ᠦ᠋ᠨ ᠨᠥᠭᠦᠭᠡ ᠲᠠᠯ᠎ᠠ ᠳ᠋ᠤ᠌ ᠭᠠᠷᠴᠤ ᠰᠠᠭᠤᠬᠤ ᠵᠠᠭᠤᠷ᠎ᠠ᠄
᠊᠊᠊᠊᠊᠊᠊᠊᠊᠊᠊᠊᠊᠊᠊ ᠪᠢᠳᠡ ᠬᠣᠶᠠᠷ ᠤ᠋ᠨ ᠳᠤᠮᠳᠠ ᠶᠣᠣᠵᠠ ᠦᠭᠡᠢ ᠶᠠᠭᠤᠮ᠎ᠠ ᠪᠣᠯᠵᠤ ᠪᠠᠢᠭᠰᠠᠨ᠃ ᠭᠡᠪᠡᠴᠦ ᠲᠡᠷᠡ ᠪᠣᠯ ᠵᠠᠯᠠᠭᠤ ᠶ᠋ᠢᠨ ᠭᠠᠢ᠂ ᠤᠬᠠᠭᠠᠨ ᠤ᠋ ᠮᠤᠩᠬᠠᠭ ᠡᠴᠡ ᠪᠣᠯᠵᠠᠢ᠃ ᠡᠷ᠎ᠡ ᠤᠯᠤᠰ ᠤ᠋ᠨ ᠬᠣᠭᠣᠷᠣᠨᠳᠣ ᠶᠠᠭᠤ ᠡᠰᠡ ᠪᠣᠯᠬᠤ ᠪᠣᠢ᠃ ᠭᠡᠪᠡᠴᠦ ᠡᠪᠳᠡᠷᠡᠬᠦ ᠨᠢᠭᠡ ᠡᠳᠦᠷ ᠪᠠᠢᠬᠤ ᠳ᠋ᠤ᠌ ᠡᠪᠯᠡᠷᠡᠬᠦ ᠨᠢᠭᠡ ᠡᠳᠦᠷ ᠪᠠᠢᠳᠠᠭ ᠰᠢᠦ ᠳᠡ᠃ ᠪᠢᠳᠡ ᠬᠣᠶᠠᠷ ᠲᠤ᠌ ᠲᠤᠯᠭᠠᠷ ᠤ᠋ᠨ ᠬᠤᠪᠢ ᠳ᠋ᠤ᠌ ᠶᠡᠬᠡ ᠨᠢᠭᠦᠯ ᠬᠢᠭᠰᠡᠨ ᠤᠯᠤᠰ ᠳᠠ ᠭᠡᠯᠡ᠃
《ᠲᠤᠯᠭᠠᠷ》 ᠭᠡᠳᠡᠭ ᠦᠭᠡ ᠡᠷᠳᠡᠨᠢ ᠶ᠋ᠢᠨ ᠵᠠᠨᠤᠯ ᠬᠣᠷᠣᠰᠤᠯ ᠢ᠋ ᠳᠠᠬᠢᠨ ᠣᠪᠣᠯᠵᠠᠭᠤᠯᠵᠤ ᠬᠣᠶᠠᠷ ᠭᠠᠷ ᠨᠢ ᠵᠠᠩᠭᠢᠳᠪᠠ᠃
ᠢᠲᠡᠭᠡᠯᠲᠦ ᠠᠵᠢᠭ ᠦᠭᠡᠢ ᠳᠣᠷᠣᠭᠰᠢ ᠬᠠᠷᠠᠨ᠄
᠊᠊᠊᠊᠊᠊᠊᠊᠊᠊᠊᠊᠊᠊᠊ ᠴᠢᠮᠠᠶ᠋ᠢ ᠶᠠᠪᠤᠭᠰᠠᠨ ᠡᠴᠡ ᠬᠣᠢᠰᠢᠬᠠᠨ ᠲᠤᠯᠭᠠᠷ ᠵᠠᠶ᠎ᠠ ᠶ᠋ᠢᠨ ᠬᠦᠷᠢᠶ᠎ᠡ ᠣᠷᠣᠭᠠᠳ ᠠᠯᠠᠭ᠎ᠠ ᠪᠣᠯᠤᠭᠰᠠᠨ᠃ ᠨᠠᠰᠤ ᠪᠠᠷᠠᠭᠰᠠᠨ ᠭᠡᠵᠦ ᠴᠦ᠍ ᠶᠠᠷᠢᠵᠠᠭᠠᠭᠰᠠᠨ᠃ ᠭᠡᠲᠡᠯ᠎ᠡ ᠤᠷᠢᠳᠤ ᠲᠠᠮᠢᠷ ᠤ᠋ᠨ ᠭᠣᠣᠯ ᠳ᠋ᠤ᠌ ᠠᠮᠢᠳᠤ ᠮᠡᠨᠳᠦ ᠪᠠᠢᠨ᠎ᠠ ᠪᠢᠯᠡ ᠁ ᠭᠡᠲᠡᠯ᠎ᠡ ᠡᠷᠳᠡᠨᠢ ᠦᠭᠡ ᠶ᠋ᠢ ᠨᠢ ᠲᠠᠰᠤᠯᠤᠨ᠄
᠊᠊᠊᠊᠊᠊᠊᠊᠊᠊᠊᠊᠊᠊᠊ ᠶᠠᠭᠤ? ᠭᠡᠵᠦ ᠬᠠᠴᠢᠨ ᠵᠢᠪᠡᠬᠡᠢ ᠳᠠᠭᠤ ᠪᠠᠷ ᠠᠰᠠᠭᠤᠪᠠ᠃
ᠢᠲᠡᠭᠡᠯᠲᠦ ᠡᠷᠳᠡᠨᠢ ᠶ᠋ᠢ ᠬᠠᠷᠠᠵᠤ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ᠄
᠊᠊᠊᠊᠊᠊᠊᠊᠊᠊᠊᠊᠊᠊᠊ ᠪᠢ ᠲᠤᠯᠭᠠᠷ ᠲᠠᠢ ᠲᠠᠭᠠᠷᠠᠯᠳᠤᠭᠰᠠᠨ ᠁ ᠨᠥᠭᠦᠭᠡ ᠮᠠᠨᠠᠢ ᠨᠢᠮ᠎ᠠ ᠭᠤᠸᠠᠢ ᠯᠠ ᠳᠡᠯᠢᠭᠴᠢ ᠪᠣᠯᠤᠭᠰᠠᠨ ᠭᠡᠵᠦ ᠠᠮᠢᠲᠠᠨ ᠦᠢᠮᠡᠭᠦᠯᠦᠭᠰᠡᠨ ᠬᠡᠷᠡᠭ ᠭᠡᠯᠡ᠃ 《ᠲᠤᠯᠭᠠᠷ ᠠᠮᠢᠳᠤ》 ᠭᠡᠳᠡᠭ ᠦᠭᠡ ᠡᠷᠳᠡᠨᠢ ᠶ᠋ᠢᠨ ᠰᠡᠳᠬᠢᠯ ᠢ᠋ ᠪᠦᠷᠢᠮᠦᠰᠦᠨ ᠥᠭᠡᠷᠡᠴᠢᠯᠡᠵᠦ᠂ ᠣᠷᠭᠢᠯᠵᠤ ᠪᠠᠢᠭᠰᠠᠨ ᠬᠣᠷᠣᠰᠤᠯ ᠢ᠋ ᠨᠢ ᠵᠠᠮᠬᠠᠷᠠᠭᠤᠯᠪᠠ᠃
ᠡᠷᠳᠡᠨᠢ ᠶ᠋ᠢᠨ ᠨᠢᠳᠦᠨ ᠡᠴᠡ ᠨᠢᠯᠪᠤᠰᠤ ᠳᠤᠰᠤᠯᠠᠪᠠ᠃ 《ᠲᠤᠯᠭᠠᠷ ᠠᠮᠢᠳᠤ》 ᠭᠡᠳᠡᠭ ᠦᠭᠡ ᠶ᠋ᠢᠨ ᠲᠥᠯᠥᠭᠡ ᠶᠠᠮᠠᠷ ᠴᠤ᠌ ᠭᠡᠮ ᠲᠡᠢ ᠬᠥᠮᠦᠨ ᠢ᠋ ᠥᠷᠥᠰᠢᠶᠡᠬᠦ ᠳ᠋ᠦ᠍ ᠡᠷᠳᠡᠨᠢ ᠪᠡᠯᠡᠬᠡᠨ ᠪᠠᠢᠵᠠᠢ᠃ ᠡᠨᠡ ᠦᠭᠡ ᠶ᠋ᠢ ᠬᠡᠵᠢᠶ᠎ᠡ ᠴᠦ᠍ ᠰᠣᠨᠣᠰᠬᠤ ᠦᠭᠡᠢ᠃ ᠲᠤᠯᠭᠠᠷ ᠢ᠋ ᠳᠠᠬᠢᠨ ᠬᠠᠷᠠᠬᠤ ᠦᠭᠡᠢ ᠭᠡᠵᠦ ᠪᠣᠳᠣᠵᠤ ᠶᠠᠪᠤᠭᠰᠠᠨ ᠬᠠᠷᠠᠩᠭᠤᠢ ᠰᠡᠳᠬᠢᠯ ᠳ᠋ᠦ᠍ᠨᠢ ᠨᠠᠷᠠ ᠲᠡᠷᠡ ᠬᠡᠪ ᠢ᠋ᠶ᠋ᠡᠷ ᠢ᠋ᠶ᠋ᠡᠨ ᠣᠷᠣᠵᠤ ᠢᠷᠡᠯ᠎ᠡ᠃
ᠢᠲᠡᠭᠡᠯᠲᠦ ᠶᠠᠭᠠᠬᠢᠵᠤ ᠶᠠᠪᠤᠭᠠᠳ ᠲᠤᠯᠭᠠᠷ ᠲᠠᠢ ᠠᠭᠤᠯᠵᠠᠭᠰᠠᠨ ᠢ᠋ᠶ᠋ᠠᠨ ᠨᠢᠭᠡ ᠳ᠋ᠦ᠍ ᠨᠢᠭᠡ ᠦᠭᠡᠢ ᠶᠠᠷᠢᠭᠠᠳ᠄
᠊᠊᠊᠊᠊᠊᠊᠊᠊᠊᠊᠊᠊᠊᠊ ᠨᠠᠮᠠᠢ ᠬᠠᠷᠢᠶᠠᠵᠤ᠂ ᠰᠢᠭᠤᠳ ᠬᠥᠭᠡᠭᠡᠭᠰᠡᠨ ᠁ ᠬᠥᠭᠡᠷᠦᠬᠦᠢ ᠠᠮᠢᠲᠠᠨ ᠠᠷᠭ᠎ᠠ ᠦᠭᠡᠢ ᠰᠢᠦ ᠳᠡ᠃ ᠪᠢ ᠴᠦ᠍ ᠵᠠᠯᠠᠭᠤ ᠶ᠋ᠢᠨ ᠬᠠᠷ᠎ᠠ ᠭᠠᠢ ᠪᠠᠷ ᠪᠤᠷᠤᠭᠤ ᠬᠡᠷᠡᠭ ᠬᠢᠭᠰᠡᠨ ᠬᠥᠮᠦᠨ ᠁ ᠴᠢ ᠴᠦ᠍ ᠭᠡᠰᠡᠨ ᠳᠡ᠃ ᠦᠨᠡᠨ ᠢ᠋ ᠬᠡᠯᠡᠬᠦ ᠳ᠋ᠦ᠍ ᠳᠡᠩᠳᠡᠭᠦᠦ ᠰᠢᠷᠦᠭᠦᠨ ᠠᠭᠠᠰᠢᠯᠠᠭᠰᠠᠨ ᠰᠢᠦ ᠭᠡᠳ ᠰᠠᠨᠠᠭ᠎ᠠ ᠠᠯᠳᠠᠵᠤ ᠡᠷᠳᠡᠨᠢ ᠥᠭᠡᠳᠡ ᠬᠠᠷᠠᠨ ᠭᠤᠨᠢᠭᠲᠠᠢ ᠪᠠᠷ ᠢᠨᠢᠶᠡᠮᠰᠦᠭᠯᠡᠪᠡ᠃
ᠭᠡᠷ ᠦ᠋ᠨ ᠳᠣᠲᠣᠷ᠎ᠠ ᠬᠡᠰᠡᠭ ᠵᠠᠭᠤᠷ᠎ᠠ ᠨᠠᠮ ᠭᠦᠮ ᠪᠣᠯᠵᠤ ᠬᠣᠶᠠᠷ ᠬᠥᠮᠦᠨ ᠦ᠌ ᠠᠮᠢᠰᠬᠤᠯᠯᠠᠬᠤ ᠨᠢ ᠭᠠᠩ ᠬᠠᠢᠨᠤᠭ ᠤ᠋ᠨ ᠳᠠᠭᠤ ᠰᠢᠭ᠋ ᠰᠣᠨᠣᠰᠳᠠᠵᠤ ᠪᠠᠢᠯ᠎ᠠ᠃ ᠲᠣᠭᠣᠨᠣ ᠪᠠᠷ ᠣᠷᠣᠭᠰᠠᠨ ᠨᠠᠷᠠᠨ ᠤ᠋ ᠭᠡᠷᠡᠯ ᠵᠡᠭᠦᠨ ᠲᠠᠯ᠎ᠠ ᠶ᠋ᠢᠨ ᠣᠨᠢ ᠶ᠋ᠢᠨ ᠳᠤᠮᠳᠠ ᠬᠢᠷᠢ ᠳ᠋ᠦ᠍ ᠭᠢᠯᠲᠠᠭᠠᠨᠠᠨ ᠲᠣᠭᠯᠠᠵᠤ᠂ 《ᠲᠤᠯᠭᠠᠷ ᠠᠮᠢᠳᠤ》 ᠭᠡᠳᠡᠭ ᠦᠭᠡᠨ ᠳ᠋ᠦ᠍ ᠪᠠᠶᠠᠷᠯᠠᠵᠤ᠂ ᠳᠣᠭᠳᠣᠯᠬᠤ ᠶ᠋ᠢᠨ ᠬᠢᠵᠠᠭᠠᠷ ᠲᠤ᠌ ᠬᠦᠷᠦᠭᠰᠡᠨ ᠡᠷᠳᠡᠨᠢ ᠶ᠋ᠢᠨ ᠰᠡᠳᠬᠢᠯ ᠲᠡᠢ ᠨᠠᠭᠠᠳᠬᠤ ᠭᠡᠰᠡᠨ ᠮᠡᠲᠦ ᠵᠢᠷᠪᠢᠯᠵᠡᠨᠡ᠃
᠊᠊᠊᠊᠊᠊᠊᠊᠊᠊᠊᠊᠊᠊᠊ ᠲᠤᠯᠭᠠᠷ ᠲᠠᠢ ᠪᠠᠨ ᠯᠠ ᠠᠭᠤᠯᠵᠠᠶ᠎ᠠ᠃
᠊᠊᠊᠊᠊᠊᠊᠊᠊᠊᠊᠊᠊᠊᠊ ᠡᠪᠦᠭᠡᠨ ᠴᠢᠨᠢ ᠬᠠᠮᠲᠤ ᠶᠠᠪᠤᠶ᠎ᠠ᠃
᠊᠊᠊᠊᠊᠊᠊᠊᠊᠊᠊᠊᠊᠊᠊ ᠢᠩᠭᠢᠭᠡᠳ ᠥᠷᠲᠡᠭᠡᠴᠢᠨ ᠨᠢᠭᠡ ᠮᠣᠷᠢ ᠠᠪᠴᠢᠷᠠᠵᠤ ᠥᠭᠭᠦᠨ᠎ᠡ ᠭᠡᠰᠡᠨ᠃ ᠲᠡᠭᠡᠭᠡᠳ ᠮᠣᠷᠳᠠᠶ᠎ᠠ ᠁ ᠵᠠ ᠲᠠᠨ ᠤ᠋ ᠬᠢᠨ ᠴᠥᠮ ᠰᠠᠢᠨ ᠪᠢᠵᠡ ᠳᠡ᠃
᠊᠊᠊᠊᠊᠊᠊᠊᠊᠊᠊᠊᠊᠊᠊ ᠴᠥᠮ ᠮᠡᠨᠳᠦ ᠰᠠᠢᠨ ᠯᠠ ᠪᠠᠢᠨ᠎ᠠ᠃ ᠬᠡᠦᠬᠡᠳ ᠦ᠋ᠳ ᠥᠰᠦᠭᠡᠳ ᠳᠤᠯᠵᠢᠨ ᠪᠢᠳᠡ ᠬᠣᠶᠠᠷ ᠬᠥᠭᠰᠢᠷᠡᠵᠦ ᠯᠡ ᠪᠠᠢᠨ᠎ᠠ ᠳᠠ ᠭᠡᠳ ᠢᠲᠡᠭᠡᠯᠲᠦ ᠬᠥᠭᠵᠢᠯ ᠲᠡᠢ ᠪᠥᠭᠡᠳ ᠵᠢᠩᠭᠢᠨᠡᠭᠰᠡᠨ ᠨᠠᠷᠢᠬᠠᠨ ᠳᠠᠭᠤ ᠪᠠᠷ ᠢᠨᠢᠶᠡᠪᠡ᠃
᠊᠊᠊᠊᠊᠊᠊᠊᠊᠊᠊᠊᠊᠊᠊ ᠮᠠᠨ ᠤ᠋ ᠪᠠᠲᠤ ᠴᠤ᠌ ᠰᠠᠢᠬᠠᠨ ᠡᠷ᠎ᠡ ᠪᠣᠯᠤᠭᠰᠠᠨ᠃ ᠣᠳᠣ ᠬᠦᠷᠢᠶᠡᠨ ᠳ᠋ᠦ᠍ ᠣᠶᠤᠲᠠᠨ ᠤ᠋ ᠰᠤᠷᠭᠠᠭᠤᠯᠢ ᠳ᠋ᠤ᠌ ᠪᠢᠴᠢᠭ ᠨᠣᠮ ᠦᠵᠡᠵᠦ ᠪᠠᠢᠭ᠎ᠠ᠃
᠊᠊᠊᠊᠊᠊᠊᠊᠊᠊᠊᠊᠊᠊᠊ ᠪᠠᠲᠤ ᠴᠤ᠌ ᠰᠢᠷᠪᠥᠰᠥ ᠲᠡᠢ ᠳᠠᠮᠰᠢᠭ ᠳᠠ᠃ ᠴᠢᠨᠦ ᠬᠣᠢᠨ᠎ᠠ ᠡᠴᠡ ᠣᠷᠭᠣᠭᠠᠳ ᠯᠠ ᠠᠯᠠᠭ᠎ᠠ ᠪᠣᠯᠤᠭᠰᠠᠨ᠃ ᠠᠭᠤᠯᠵᠠᠵᠤ ᠣᠷᠬᠢᠳᠠᠭ ᠪᠠᠢᠨ᠎ᠠ ᠰᠢᠦ᠃
᠊᠊᠊᠊᠊᠊᠊᠊᠊᠊᠊᠊᠊᠊᠊ ᠪᠢᠳᠡ ᠬᠣᠶᠠᠷ ᠵᠣᠪᠠᠵᠤ ᠪᠠᠢᠮᠠᠨᠵᠢᠨ ᠠᠭᠤᠯᠵᠠᠭᠰᠠᠨ᠃
᠊᠊᠊᠊᠊᠊᠊᠊᠊᠊᠊᠊᠊᠊᠊ ᠪᠦᠭᠦᠳᠡ ᠡᠷᠡᠭᠦᠯ ᠮᠡᠨᠳᠦ ᠡᠩᠬᠡ ᠲᠤᠩᠬ᠎ᠠ ᠬᠣᠢᠨ᠎ᠠ ᠭᠦᠢᠴᠡᠯ᠎ᠡ᠃ ᠠᠮᠢᠳᠤ ᠮᠡᠨᠳᠦ ᠶᠠᠪᠤᠪᠠᠯ ᠠᠯᠲᠠᠨ ᠠᠶᠠᠭᠠᠨ ᠡᠴᠡ ᠤᠰᠤ ᠤᠤᠭᠤᠨ᠎ᠠ ᠭᠡᠳᠡᠭ ᠡᠨᠡ ᠳᠡ᠃ ᠠ᠋ ᠰᠡᠳᠬᠢᠯ ᠬᠥᠳᠡᠯᠦᠭᠰᠡᠨ ᠳ᠋ᠡᠭᠡᠨ ᠪᠣᠯᠤᠭᠠᠳ ᠲᠠᠭ ᠮᠠᠷᠲᠠᠵᠤ ᠣᠷᠬᠢᠬᠤ ᠰᠢᠬᠠᠯ᠎ᠠ᠃ ᠡᠪᠦᠭᠡᠨ ᠴᠢᠨᠢ ᠰᠢᠨ᠎ᠡ ᠵᠠᠰᠠᠭ ᠤ᠋ᠨ ᠥᠷᠭᠥᠭᠡ ᠶ᠋ᠢ ᠬᠤᠪᠢ ᠡᠴᠡ ᠪᠠᠷᠢᠵᠤ ᠥᠭᠭᠦᠶ᠎ᠡ᠃ ᠪᠢᠳᠡ ᠶᠠᠰᠤᠨ ᠤ᠋ ᠠᠷᠠᠳ ᠤᠭᠰᠠᠭᠠᠲᠠᠢ ᠤᠯᠤᠰ ᠡᠨᠡ ᠵᠠᠰᠠᠭ ᠢ᠋ ᠳᠡᠮᠵᠢᠬᠦ ᠦᠭᠡᠢ ᠪᠣᠯ ᠬᠡᠨ ᠳᠡᠮᠵᠢᠬᠦ ᠪᠣᠢ᠃ ᠲᠡᠢᠮᠦ ᠪᠢᠵᠡ ᠳᠡ ᠡᠪᠦᠭᠡᠨ ᠮᠢᠨᠢ᠃
᠊᠊᠊᠊᠊᠊᠊᠊᠊᠊᠊᠊᠊᠊᠊ ᠶᠣᠰᠣᠲᠠᠢ ᠳᠠ᠃ ᠲᠡᠷᠡ ᠴᠢᠨᠢ ᠵᠥᠪ ᠯᠡ ᠪᠣᠳᠣᠯ ᠪᠠᠢᠨ᠎ᠠ᠃ ᠲᠡᠷᠡ ᠬᠣᠶᠠᠷ ᠭᠡᠷ ᠡᠴᠡ ᠭᠠᠷᠤᠯ᠎ᠠ᠃ ᠵᠢᠷᠭᠠᠵᠤ ᠪᠠᠢᠭ᠎ᠠ ᠨᠠᠷᠠ ᠪᠠᠷᠠᠭᠤᠨ ᠠᠭᠤᠯᠠ ᠶ᠋ᠢᠨ ᠲᠣᠯᠣᠭᠠᠢ ᠳᠡᠭᠡᠷ᠎ᠡ ᠲᠣᠭᠯᠠᠨ ᠨᠠᠭᠠᠳᠴᠤ ᠵᠥᠭᠡᠯᠡᠬᠡᠨ ᠰᠠᠯᠬᠢ ᠲᠠᠮᠢᠷ ᠤ᠋ᠨ ᠬᠥᠨᠳᠡᠢ ᠳᠠᠭᠠᠵᠤ ᠦᠯᠢᠶᠡᠨ᠎ᠡ᠃
ᠥᠷᠲᠡᠭᠡᠴᠢᠨ ᠵᠠᠯᠠᠭᠤ ᠡᠷᠳᠡᠨᠢ ᠶ᠋ᠢᠨ ᠮᠣᠷᠢ ᠶ᠋ᠢ ᠡᠮᠡᠭᠡᠯᠯᠡᠭᠡᠳ ᠤᠶᠠᠭᠠᠨ ᠡᠴᠡ ᠤᠶᠠᠪᠠ᠃
᠊᠊᠊᠊᠊᠊᠊᠊᠊᠊᠊᠊᠊᠊᠊ ᠳᠡᠭᠦᠦ ᠴᠢᠨᠢ ᠮᠠᠭᠤ ᠭᠠᠯᠰᠠᠩ ᠢ᠋ ᠬᠠᠷᠠᠯᠠᠭᠤᠯᠵᠤ ᠳᠤᠯᠮ᠎ᠠ ᠲᠠᠢ ᠰᠠᠭᠤᠭᠠᠳ ᠣᠳᠣ ᠡᠨᠡ ᠳᠡᠭᠡᠷ᠎ᠡ ᠬᠠᠨ ᠥᠨᠳᠥᠷ ᠦ᠋ᠨ ᠬᠦᠷᠢᠶᠡᠨ ᠦ᠌ ᠣᠷᠴᠢᠮ ᠨᠤᠲᠤᠭᠯᠠᠵᠤ ᠪᠠᠢᠭ᠎ᠠ ᠰᠢᠦ᠃ ᠮᠥᠨ ᠴᠦ᠍ ᠰᠠᠢᠨ ᠡᠷ᠎ᠡ ᠶᠤᠮ ᠳᠡ ᠁
᠊᠊᠊᠊᠊᠊᠊᠊᠊᠊᠊᠊᠊᠊᠊ ᠪᠢ ᠮᠡᠳᠡᠨ᠎ᠡ᠃ ᠲᠦᠷᠭᠡᠨ ᠶᠠᠪᠤᠵᠤ ᠲᠤᠯᠭᠠᠷ ᠲᠠᠢ ᠯᠠ ᠠᠭᠤᠯᠵᠠᠶ᠎ᠠ᠃
《ᠲᠤᠯᠭᠠᠷ ᠠᠮᠢᠳᠤ》 ᠭᠡᠰᠡᠨ ᠦᠭᠡ ᠶ᠋ᠢ ᠰᠣᠨᠣᠰᠤᠭᠰᠠᠨ ᠡᠷᠳᠡᠨᠢ ᠶ᠋ᠢᠨ ᠠᠮᠢᠳᠤᠷᠠᠯ ᠳ᠋ᠠᠭᠠᠨ ᠦᠵᠡᠭᠰᠡᠨ ᠪᠠᠶᠠᠷ ᠤ᠋ᠨ ᠳᠡᠭᠡᠳᠦᠬᠢ ᠨᠢ ᠪᠠᠢᠭᠰᠠᠨ ᠠᠪᠠᠴᠤ ᠠᠮᠢᠳᠤ ᠲᠤᠯᠭᠠᠷ ᠲᠠᠢ ᠠᠭᠤᠯᠵᠠᠨ᠎ᠠ ᠭᠡᠵᠦ ᠪᠣᠳᠣᠬᠤ ᠳ᠋ᠤ᠌ ᠶᠡᠬᠡ ᠪᠠᠶᠠᠷ ᠤ᠋ᠨ ᠬᠠᠵᠠᠭᠤ ᠪᠠᠷ ᠬᠠᠯᠠᠰᠢᠷᠠᠨ ᠠᠶᠤᠬᠤ ᠰᠡᠳᠬᠢᠯ ᠲᠥᠷᠥᠨ᠎ᠡ᠃
᠊᠊᠊᠊᠊᠊᠊᠊᠊᠊᠊᠊᠊᠊᠊ ᠲᠡᠭᠡᠶ᠎ᠡ᠃ ᠬᠠᠷᠢᠨ ᠤᠷᠢᠳᠠ ᠪᠠᠷ ᠮᠠᠨ ᠤ᠋ ᠬᠢ ᠪᠡᠷ ᠳᠠᠭᠠᠷᠢᠭᠠᠳ ᠶᠠᠪᠤᠶ᠎ᠠ ᠭᠡᠳ ᠢᠲᠡᠭᠡᠯᠲᠦ ᠤᠶᠠᠭ᠎ᠠ ᠤᠷᠤᠭᠤ ᠬᠥᠳᠡᠯᠪᠡ᠃ ᠬᠠᠷᠢᠨ ᠲᠡᠷᠡ ᠰᠥᠨᠢ ᠪᠠᠳᠠᠷᠴᠢ ᠭᠡᠷ ᠲᠡᠭᠡᠨ ᠬᠠᠷᠢᠭᠠᠳ ᠲᠡᠮᠦᠷ ᠲᠡᠢ ᠬᠠᠮᠲᠤ ᠭᠠᠮᠢᠩ ᠴᠣᠬᠢᠵᠤ ᠬᠤᠷᠢᠶᠠᠵᠤ ᠠᠪᠤᠭᠰᠠᠨ ᠠᠷᠪᠠᠭᠠᠳ ᠫᠤᠤ ᠶ᠋ᠢ ᠰᠤᠮᠤ ᠲᠠᠢ ᠨᠢ ᠬᠠᠮᠲᠤ ᠤᠷᠲᠤ ᠠᠪᠳᠠᠷ᠎ᠠ ᠡᠴᠡ ᠪᠡᠨ ᠠᠪᠴᠤ ᠲᠡᠷᠭᠡᠨ ᠳ᠋ᠦ᠍ ᠠᠴᠢᠭᠠᠳ ᠡᠪᠣᠯᠵᠢᠶᠠᠨ ᠳᠡᠭᠡᠷ᠎ᠡ ᠪᠡᠨ ᠠᠪᠠᠴᠢᠵᠤ ᠭᠠᠵᠠᠷ ᠤᠬᠤᠵᠤ ᠴᠠᠷᠳᠠᠮᠠᠯ ᠢ᠋ᠶ᠋ᠠᠷ ᠨᠢᠮᠪᠠᠢ ᠪᠣᠭᠣᠵᠤ ᠪᠤᠯᠠᠭᠠᠳ 《ᠭᠠᠢᠭᠤᠢ ᠳᠠ᠃ ᠤᠳᠠᠬᠤ ᠦᠭᠡᠢ ᠬᠡᠷᠡᠭ ᠪᠣᠯᠤᠨ᠎ᠠ》 ᠭᠡᠵᠦ ᠰᠢᠪᠡᠭᠡᠨᠡᠨ ᠬᠡᠯᠡᠭᠡᠳ ᠬᠥᠯᠥᠰᠥ ᠪᠡᠨ ᠤᠷᠲᠤ ᠨᠢᠳᠤᠷᠭᠤ ᠪᠠᠷ ᠢ᠋ᠶ᠋ᠠᠨ ᠠᠷᠴᠢᠵᠤ ᠪᠢᠯᠡ᠃
