ᠲᠤᠩᠭᠠᠯᠠᠭ ᠲᠠᠮᠢᠷ4-01-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ4-01-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ4-01-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-11

2187

《ᠬᠣᠭᠣᠯᠠ ᠰᠠᠢᠲᠠᠢ ᠨᠣᠬᠠᠢ ᠢᠩᠭᠢᠵᠦ ᠰᠠᠢᠨ ᠬᠤᠴᠠᠳᠠᠭ》 - ᠳᠥᠷᠪᠡᠳᠦᠭᠡᠷ ᠪᠦᠯᠦᠭ ᠨᠢᠭᠡ

  ᠵᠤᠨ ᠤ᠋ ᠰᠠᠢᠬᠠᠨ ᠥᠷᠯᠥᠭᠡ ᠭᠠᠳᠠᠨ᠎ᠠ ᠨᠢ ᠮᠠᠯ ᠪᠠᠭᠰᠢᠷᠠᠭᠰᠠᠨ ᠢᠲᠡᠭᠡᠯᠲᠦ ᠶ᠋ᠢᠨ ᠬᠣᠲᠠ ᠬᠥᠯ ᠬᠥᠭᠵᠢᠭᠡᠨ ᠶᠡᠬᠡᠲᠡᠢ ᠠᠵᠢ᠃ ᠨᠡᠢᠲᠡ ᠲᠠᠪᠤᠨ ᠭᠡᠷ ᠪᠠᠢᠭ᠎ᠠ ᠶ᠋ᠢᠨ ᠵᠡᠭᠦᠨ ᠬᠣᠢᠲᠤ ᠲᠠᠯ᠎ᠠ ᠶ᠋ᠢᠨ ᠳᠥᠷᠪᠡᠨ ᠬᠠᠨ᠎ᠠ ᠲᠠᠢ ᠵᠢᠵᠢᠭ ᠴᠠᠭᠠᠨ ᠭᠡᠷ ᠡᠴᠡ ᠪᠤᠰᠤᠳ ᠤ᠋ᠨ ᠲᠣᠭᠣᠨᠣ ᠡᠴᠡ ᠬᠠᠷ᠎ᠠ ᠮᠣᠳᠣᠨ ᠤ᠋ ᠥᠳᠬᠡᠨ ᠪᠠᠷᠠᠭᠠᠨ ᠤᠲᠤᠭ᠎ᠠ ᠡᠷᠴᠢᠯᠡᠨ ᠭᠠᠷᠤᠨ᠎ᠠ᠃
  ᠡᠨᠡ ᠤᠲᠤᠭ᠎ᠠ ᠪᠣᠯ ᠥᠷᠯᠥᠭᠡᠨ ᠦ᠌ ᠰᠠᠭᠠᠮ᠎ᠠ ᠪᠠᠨ ᠬᠥᠭᠡᠷᠦᠭᠦᠯᠵᠦ ᠪᠠᠢᠭ᠎ᠠ ᠶ᠋ᠢᠨ ᠲᠡᠮᠳᠡᠭ ᠪᠠᠢᠵᠠᠢ᠃ ᠭᠡᠪᠡᠴᠦ ᠭᠡᠷ ᠪᠦᠬᠦᠨ ᠳ᠋ᠦ᠍ ᠬᠥᠭᠡᠷᠦᠭᠦᠯᠵᠦ ᠪᠠᠢᠭ᠎ᠠ ᠰᠦ ᠠᠳᠠᠯᠢ ᠦᠭᠡᠢ ᠨᠢ ᠭᠡᠷ ᠪᠦᠬᠦᠨ ᠦ᠌ ᠳᠣᠲᠣᠷᠠᠬᠢ ᠠᠮᠢᠳᠤᠷᠠᠯ ᠤ᠋ᠨ ᠠᠳᠠᠯᠢ ᠦᠭᠡᠢ ᠶ᠋ᠢᠨ ᠭᠡᠷᠡᠴᠢ ᠠᠵᠢ᠃
  ᠶᠡᠬᠡ ᠭᠡᠷ ᠭᠡᠭᠴᠢ ᠢᠲᠡᠭᠡᠯᠲᠦ ᠶ᠋ᠢᠨ ᠭᠡᠷ ᠲᠦ᠍ ᠲᠠᠪᠤᠨ ᠲᠠᠮᠠᠭ᠎ᠠ ᠲᠠᠢ ᠬᠣᠶᠠᠷ ᠲᠣᠭᠣᠭ᠎ᠠ ᠰᠦ ᠵᠡᠷᠭᠡ ᠬᠥᠭᠡᠷᠦᠭᠦᠯᠵᠦ ᠪᠠᠢᠬᠤ ᠳ᠋ᠤ᠌ ᠭᠠᠯᠰᠠᠩ ᠪᠤᠶᠤ ᠨᠢᠮ᠎ᠠ ᠶ᠋ᠢᠨ ᠣᠷᠣᠨ ᠳ᠋ᠤ᠌ ᠢᠷᠡᠵᠦ ᠪᠠᠭᠤᠭᠰᠠᠨ ᠰᠢᠨ᠎ᠡ ᠬᠣᠨᠢᠴᠢᠨ ᠤ᠋ ᠭᠡᠷ ᠲᠦ᠍ ᠵᠢᠵᠢᠭᠬᠡᠨ ᠵᠢᠯᠠᠪᠴᠢᠳᠠᠢ ᠰᠦ ᠬᠥᠭᠡᠷᠴᠦ ᠪᠠᠢᠪᠠ᠃ ᠬᠣᠩᠭᠣᠷ ᠤ᠋ᠨ ᠭᠡᠷ ᠲᠦ᠍ ᠲᠣᠮᠣ ᠡᠴᠡ ᠲᠣᠮᠣ ᠬᠣᠨᠢᠨ ᠲᠣᠭᠣᠭ᠎ᠠ ᠲᠠᠢ ᠰᠦ ᠬᠥᠭᠡᠷᠴᠦ ᠪᠠᠢᠬᠤ ᠳ᠋ᠤ᠌ ᠪᠠᠲᠤ ᠶ᠋ᠢᠨ ᠭᠡᠷ ᠲᠦ᠍ ᠬᠥᠭᠡᠷᠦᠭᠦᠯᠬᠦ ᠰᠦ ᠦᠭᠡᠢ ᠪᠠᠢᠯ᠎ᠠ᠃
  ᠲᠠᠩᠬᠢᠮ ᠤ᠋ᠨ ᠵᠤᠨ ᠤ᠋ ᠠᠮᠠᠷᠠᠯᠲᠠ ᠪᠠᠷ ᠰᠣᠯᠣᠩᠭ᠎ᠠ ᠡᠯᠳᠡᠪ ᠢ᠋ᠶ᠋ᠡᠷ ᠴᠢᠷᠠᠢᠴᠢᠯᠠᠨ ᠭᠤᠶᠤᠭᠰᠠᠨ ᠤᠴᠢᠷ ᠪᠠᠲᠤ ᠭᠡᠷ ᠢ᠋ᠶ᠋ᠡᠨ ᠨᠡᠭᠦᠯᠭᠡᠨ ᠢᠷᠡᠵᠦ ᠡᠨᠳᠡ ᠪᠠᠭᠤᠵᠠᠢ᠃
  ᠤᠨᠠᠭ᠎ᠠ ᠪᠠᠨ ᠴᠢᠭᠲᠠᠯᠠᠵᠤ ᠳᠠᠭᠤᠰᠤᠭᠰᠠᠨ ᠤ᠋ ᠳᠠᠷᠠᠭ᠎ᠠ ᠤᠷᠲᠤ ᠤᠷᠭ᠎ᠠ ᠪᠠᠷᠢᠨ ᠠᠳᠤᠭᠤ ᠬᠤᠷᠢᠶᠠᠵᠤ ᠪᠠᠢᠭᠰᠠᠨ ᠬᠣᠩᠭᠣᠷ᠄
  ᠊᠊᠊᠊᠊᠊᠊᠊᠊᠊᠊᠊᠊᠊᠊ ᠪᠠᠲᠤ ᠠ᠋᠂ ᠴᠢ ᠥᠨᠥᠳᠥᠷ ᠬᠠᠮᠢᠭ᠎ᠠ ᠣᠴᠢᠬᠤ ᠪᠣᠢ? ᠭᠡᠵᠦ ᠥᠨᠳᠥᠷ ᠳᠠᠭᠤᠨ ᠢ᠋ᠶ᠋ᠠᠷ ᠠᠰᠠᠭᠤᠪᠠ᠃
  ᠊᠊᠊᠊᠊᠊᠊᠊᠊᠊᠊᠊᠊᠊᠊ ᠲᠠᠩᠬᠢᠮ ᠳᠡᠭᠡᠷ᠎ᠡ ᠣᠴᠢᠨ᠎ᠠ᠃ ᠠᠵᠢᠯ ᠲᠠᠢ᠃
  ᠊᠊᠊᠊᠊᠊᠊᠊᠊᠊᠊᠊᠊᠊᠊ ᠪᠠᠰᠠ ᠯᠠ ᠲᠠᠩᠬᠢᠮ ᠳᠡᠭᠡᠷ᠎ᠡ ᠣᠴᠢᠬᠤ ᠬᠡᠷᠡᠭ ᠤᠤ? ᠶᠠᠭᠠᠬᠢᠭᠰᠠᠨ ᠪᠠᠷᠠᠭᠳᠠᠳᠠᠭ ᠦᠭᠡᠢ ᠠᠵᠢᠯ ᠪᠣᠢ? ᠭᠡᠵᠦ ᠬᠠᠵᠠᠭᠠᠷ ᠢ᠋ᠶ᠋ᠠᠨ ᠪᠠᠷᠢᠨ ᠥᠨᠥᠳᠥᠷ ᠶᠠᠮᠠᠷ ᠮᠣᠷᠢ ᠤᠨᠤᠬᠤ ᠪᠠᠨ ᠪᠣᠳᠣᠨ ᠠᠳᠤᠭᠤᠨ ᠳᠣᠲᠣᠭᠤᠷ ᠬᠣᠯᠬᠢᠵᠤ ᠶᠠᠪᠤᠭᠰᠠᠨ ᠢᠲᠡᠭᠡᠯᠲᠦ ᠵᠢᠪᠡᠭᠦᠨ ᠪᠥᠭᠡᠳ ᠤᠴᠠᠭᠠᠷᠯᠠᠭᠰᠠᠨ ᠳᠠᠭᠤᠨ ᠢ᠋ᠶ᠋ᠠᠷ ᠬᠡᠯᠡᠪᠡ᠃
  ᠊᠊᠊᠊᠊᠊᠊᠊᠊᠊᠊᠊᠊᠊᠊ ᠪᠠᠲᠤ ᠠ᠋᠂ ᠬᠠᠵᠠᠭᠠᠷ ᠢ᠋ᠶ᠋ᠠᠨ ᠠᠪᠤᠭᠠᠳ ᠢᠷ᠎ᠡ᠃ ᠪᠢ ᠴᠢᠮᠠᠲᠤ ᠬᠠᠲᠠᠷᠢ ᠰᠢᠷᠭ᠎ᠠ ᠶ᠋ᠢ ᠡᠯᠭᠦᠭᠡᠳ ᠥᠭᠭᠦᠶ᠎ᠡ ᠭᠡᠳ ᠬᠣᠩᠭᠣᠷ ᠤᠬᠤᠰᠬᠢᠵᠦ᠂ ᠤᠷᠲᠤ ᠪᠡᠶ᠎ᠡ ᠲᠡᠢ᠂ ᠥᠨᠳᠥᠷ ᠰᠡᠷᠪᠡᠭᠡ᠂ ᠥᠷᠭᠡᠨ ᠲᠠᠰᠢᠶ᠎ᠠ ᠲᠠᠢ ᠭᠣᠳᠣᠯᠵᠠᠭᠰᠠᠨ ᠰᠢᠷᠭ᠎ᠠ ᠮᠣᠷᠢ ᠤᠷᠭᠠᠯᠠᠪᠠ᠃
  ᠭᠡᠲᠡᠯ᠎ᠡ ᠢᠲᠡᠭᠡᠯᠲᠦ ᠲᠦᠷᠭᠡᠨ ᠭᠡᠭᠴᠢ ᠨᠢ ᠣᠴᠢᠵᠤ ᠬᠠᠵᠠᠭᠠᠷᠯᠠᠨ ᠠᠪᠤᠭᠠᠳ᠄
  ᠊᠊᠊᠊᠊᠊᠊᠊᠊᠊᠊᠊᠊᠊᠊ ᠪᠠᠲᠤ ᠳ᠋ᠤ᠌ ᠡᠷᠳᠡᠭᠦᠳᠡ ᠶ᠋ᠢᠨ ᠭᠠᠯᠰᠠᠩ ᠤ᠋ᠨ ᠠᠮᠠ ᠶ᠋ᠢ ᠨᠢ ᠬᠠᠯᠠᠭᠠᠭᠠᠳ ᠲᠠᠯᠪᠢᠳᠠᠭ ᠪᠣᠷᠣ ᠦᠷᠢᠶ᠎ᠡ ᠶ᠋ᠢ ᠪᠠᠷᠢᠭᠠᠳ ᠥᠭ ᠭᠡᠯ᠎ᠡ᠃
  ᠊᠊᠊᠊᠊᠊᠊᠊᠊᠊᠊᠊᠊᠊᠊ ᠠᠪᠤ ᠠ᠋ ᠁ ᠭᠡᠵᠦ ᠬᠣᠩᠭᠣᠷ ᠳᠤᠤᠭᠠᠷᠬᠤ ᠭᠡᠬᠦ ᠳ᠋ᠦ᠍ ᠨᠢ ᠲᠠᠰᠤᠯᠵᠤ᠄
  ᠊᠊᠊᠊᠊᠊᠊᠊᠊᠊᠊᠊᠊᠊᠊ ᠣᠳᠣ ᠳ᠋ᠠᠭᠠᠨ ᠬᠡᠨ ᠳ᠋ᠦ᠍ ᠶᠠᠭᠤ ᠪᠠᠷᠢᠵᠤ ᠥᠭᠬᠦ ᠪᠡᠨ ᠪᠢ ᠮᠡᠳᠡᠨ᠎ᠡ᠃ ᠶᠠᠭᠤ ᠴᠤ᠌ ᠭᠡᠰᠡᠨ ᠯᠡ ᠶᠠᠪᠠᠭᠠᠨ ᠡᠴᠡ ᠳᠡᠭᠡᠷ᠎ᠡ᠃ ᠭᠠᠯᠰᠠᠩ! ᠪᠣᠷᠣ ᠦᠷᠢᠶ᠎ᠡ ᠶ᠋ᠢ ᠤᠷᠭᠠᠯᠠᠭᠠᠳ ᠥᠭ ᠭᠡᠳ ᠢᠲᠡᠭᠡᠯᠲᠦ ᠰᠢᠷᠭ᠎ᠠ ᠮᠣᠷᠢ ᠪᠠᠨ ᠬᠥᠲᠥᠯᠦᠨ ᠡᠷᠭᠢᠪᠡ᠃
  ᠪᠠᠲᠤ ᠰᠣᠯᠣᠩᠭ᠎ᠠ ᠲᠠᠢ ᠰᠠᠭᠤᠭᠠᠳ ᠭᠤᠷᠪᠠᠨ ᠵᠢᠯ ᠪᠣᠯᠵᠠᠢ᠃ ᠠᠩᠬᠠᠨ ᠤ᠋ ᠪᠠᠨ ᠵᠢᠯ ᠯᠦᠩ ᠳᠡᠭᠡᠷ᠎ᠡ᠂ ᠳᠠᠷᠠᠭ᠎ᠠ ᠨᠢ ᠪᠠᠶᠤᠤ ᠳᠡᠭᠡᠷ᠎ᠡ᠃ ᠨᠢᠳᠤᠨᠤᠨ ᠨᠠᠮᠤᠷ ᠴᠡᠩᠭᠡᠯ ᠠᠭᠤᠯᠠ ᠶ᠋ᠢᠨ ᠬᠤᠰᠢᠭᠤᠨ ᠤ᠋ ᠪᠠᠭ᠎ᠠ ᠰᠤᠷᠭᠠᠭᠤᠯᠢ ᠶ᠋ᠢᠨ ᠳᠠᠭᠠᠭᠤᠷ ᠰᠤᠷᠭᠠᠭᠴᠢ ᠪᠠᠷ ᠢᠷᠡᠵᠦ ᠠᠵᠢᠯᠯᠠᠪᠠ᠃ ᠬᠣᠯᠠ ᠪᠠᠢᠬᠤ ᠳ᠋ᠤ᠌ ᠢᠲᠡᠭᠡᠯᠲᠦ ᠠᠭᠤᠯᠵᠠᠬᠤ ᠪᠦᠷᠢ ᠳ᠋ᠡᠭᠡᠨ 《ᠬᠣᠶᠠᠷ ᠬᠡᠦᠬᠡᠳ ᠮᠢᠨᠢ ᠪᠢᠳᠡᠨ ᠳ᠋ᠡᠭᠡᠨ ᠣᠢᠷᠠᠲᠤᠵᠤ ᠦᠵᠡ!》 ᠭᠡᠵᠦ ᠱᠠᠭᠠᠷᠳᠠᠳᠠᠭ ᠪᠠᠢᠯ᠎ᠠ᠃
  ᠲᠡᠭᠡᠭᠡᠳ ᠴᠦ᠍ ᠪᠠᠲᠤ ᠠᠷᠠᠳ ᠤ᠋ᠨ ᠭᠡᠭᠡᠷᠡᠭᠦᠯᠬᠦ ᠶᠠᠮᠤᠨ ᠡᠴᠡ ᠭᠤᠶᠤᠵᠤ ᠪᠠᠢᠮᠠᠨᠵᠢᠨ ᠣᠢᠷᠠᠲᠤᠨ ᠢᠷᠡᠯ᠎ᠡ᠃
  ᠢᠲᠡᠭᠡᠯᠲᠦ ᠢᠩᠭᠢᠵᠦ ᠪᠠᠲᠤ ᠶ᠋ᠢ ᠳᠡᠷᠭᠡᠳᠡ ᠪᠡᠨ ᠢᠷᠡᠭᠦᠯᠬᠦ ᠭᠡᠰᠡᠨ ᠦ᠌ ᠤᠴᠢᠷ ᠪᠣᠯ ᠠᠯᠤᠰ ᠲᠠᠭᠠᠨ ᠲᠡᠭᠦᠨ ᠢ᠋ ᠰᠤᠷᠭᠠᠭᠤᠯᠢ ᠲᠠᠩᠬᠢᠮ ᠤ᠋ᠨ ᠠᠵᠢᠯ ᠡᠴᠡ ᠨᠢ ᠰᠠᠯᠭᠠᠵᠤ ᠮᠠᠯ ᠬᠥᠷᠥᠩᠭᠡ ᠳᠡᠭᠡᠷ᠎ᠡ ᠪᠡᠨ ᠠᠪᠴᠢᠷᠠᠨ ᠬᠥᠯᠥᠰᠥ ᠦᠭᠡᠢ ᠵᠠᠷᠤᠬᠤ ᠭᠡᠵᠦ ᠪᠣᠳᠣᠵᠠᠢ᠃
  ᠰᠢᠨ᠎ᠡ ᠵᠠᠰᠠᠭ ᠬᠥᠷᠥᠩᠭᠡ ᠳ᠋ᠦ᠍ᠨᠢ ᠬᠣᠣᠷ ᠪᠣᠯᠬᠤ ᠦᠭᠡᠢ ᠪᠣᠯᠤᠯᠲᠠᠢ᠃ ᠬᠠᠷᠢᠨ ᠴᠤ᠌ ᠬᠢᠬᠦ ᠥᠷᠲᠡᠭᠡᠨ ᠦ᠌ ᠠᠯᠪᠠ᠂ ᠥᠭᠬᠦ ᠲᠠᠲᠠᠪᠤᠷᠢ ᠨᠢ ᠤᠷᠢᠳᠠᠬᠢ ᠵᠠᠰᠠᠭ ᠤ᠋ᠨ ᠦᠶ᠎ᠡ ᠡᠴᠡ ᠬᠥᠩᠭᠡᠷᠡᠵᠡᠢ᠃ 《ᠣᠳᠣ ᠥᠪᠡᠷ ᠦ᠋ᠨ ᠦᠨᠡᠨᠴᠢ ᠬᠡᠳᠦᠨ ᠬᠥᠮᠦᠨ ᠲᠡᠢ ᠰᠠᠨ ᠪᠣᠯ ᠁ ᠶᠠᠮᠠᠷ ᠴᠤ᠌ ᠵᠠ ᠲᠣᠭᠯᠠᠵᠤ ᠪᠣᠯᠤᠮᠠᠷ ᠪᠠᠢᠨ᠎ᠠ》 ᠭᠡᠵᠦ ᠢᠲᠡᠭᠡᠯᠲᠦ ᠪᠣᠳᠣᠳᠠᠭ ᠪᠠᠢᠯ᠎ᠠ᠃
  ᠪᠠᠲᠤ ᠪᠣᠯ ᠬᠥᠷᠥᠩᠭᠡ ᠴᠤᠭᠯᠠᠷᠠᠭᠤᠯᠵᠤ ᠴᠢᠳᠠᠬᠤ ᠦᠭᠡᠢ ᠪᠣᠯᠪᠠᠴᠤ ᠬᠡᠷᠪᠡ ᠨᠢᠭᠡ ᠵᠢᠳᠬᠦᠪᠡᠯ ᠪᠣᠢ ᠪᠣᠯᠤᠭᠰᠠᠨ ᠬᠥᠷᠥᠩᠭᠡ ᠶ᠋ᠢ ᠬᠠᠳᠠᠭᠠᠯᠠᠵᠤ ᠴᠢᠳᠠᠬᠤ ᠤᠬᠠᠭᠠᠨ ᠲᠠᠢ ᠬᠥᠮᠦᠨ ᠭᠡᠵᠦ ᠢᠲᠡᠭᠡᠯᠲᠦ ᠪᠣᠳᠣᠨ᠎ᠠ᠃ ᠭᠡᠲᠡᠯ᠎ᠡ ᠰᠠᠨᠠᠭᠰᠠᠨ ᠳ᠋ᠤᠨᠢ ᠪᠠᠲᠤ ᠬᠦᠷᠦᠭᠰᠡᠨ ᠦᠭᠡᠢ ᠪᠥᠭᠡᠳ ᠬᠦᠷᠭᠡᠨ᠂ ᠬᠠᠳᠠᠮ ᠬᠣᠶᠠᠷ ᠤ᠋ᠨ ᠬᠣᠯᠪᠣᠭ᠎ᠠ ᠬᠡᠪᠡᠷᠡᠭ ᠡᠳ᠋ ᠢ᠋ᠶ᠋ᠡᠷ ᠪᠦᠲᠦᠭᠰᠡᠨ ᠨᠢ ᠤᠳᠠᠬᠤ ᠦᠭᠡᠢ ᠢᠯᠡᠷᠡᠵᠡᠢ᠃
  ᠥᠩᠭᠡᠷᠡᠭᠰᠡᠨ ᠡᠪᠦᠯ ᠴᠡᠩᠬᠡᠷ ᠠᠭᠤᠯᠠ ᠶ᠋ᠢᠨ ᠬᠤᠰᠢᠭᠤᠨ ᠤ᠋ ᠲᠠᠩᠬᠢᠮ ᠤ᠋ᠨ ᠬᠡᠦᠬᠡᠳ ᠦ᠋ᠨ ᠬᠣᠭᠣᠯᠠᠨ ᠳ᠋ᠤ᠌ ᠮᠢᠬ᠎ᠠ ᠪᠡᠯᠡᠳᠬᠡᠬᠦ ᠪᠣᠯᠬᠤ ᠳ᠋ᠤ᠌ ᠢᠲᠡᠭᠡᠯᠲᠦ ᠠᠷᠪᠠᠨ ᠲᠠᠪᠤᠨ ᠲᠠᠷᠭᠤᠨ ᠦᠨᠢᠶᠡᠨ ᠦ᠌ ᠮᠢᠬ᠎ᠠ ᠨᠡᠢᠯᠡᠭᠦᠯᠬᠦ ᠪᠣᠯᠵᠤ ᠭᠡᠷ᠎ᠡ ᠬᠢᠵᠦ ᠡᠬᠢᠨ ᠦ᠌ ᠮᠥᠩᠭᠥ ᠶ᠋ᠢ ᠠᠪᠴᠠᠢ᠃ ᠲᠡᠭᠡᠭᠡᠳ ᠬᠠᠭᠤᠴᠢᠨ ᠵᠠᠩᠰᠢᠯ ᠢ᠋ᠶ᠋ᠠᠷ ᠨᠠᠮᠤᠷ ᠤ᠋ᠨ ᠰᠡᠭᠦᠯ ᠰᠠᠷ᠎ᠠ ᠮᠠᠯ ᠢ᠋ᠶ᠋ᠠᠨ ᠵᠠᠭᠠᠵᠠᠯᠠᠵᠤ ᠣᠨ ᠳ᠋ᠤ᠌ ᠣᠷᠣᠬᠤ ᠦᠭᠡᠢ ᠬᠥᠭᠰᠢᠨ ᠬᠥᠪᠡᠭᠡ ᠶ᠋ᠢ ᠨᠢ ᠨᠢᠲᠤᠯᠤᠭᠠᠳ ᠠᠷᠠᠰᠤᠨ ᠳ᠋ᠤᠨᠢ ᠪᠣᠭᠣᠵᠤ ᠬᠥᠯᠳᠡᠭᠡᠪᠡ᠃ ᠤᠷᠢᠳᠤ ᠡᠮᠦᠨ᠎ᠡ ᠢᠩᠭᠢᠵᠦ ᠪᠡᠯᠡᠳᠬᠡᠭᠰᠡᠨ ᠮᠢᠬ᠎ᠠ ᠪᠠᠨ ᠪᠢᠲᠡᠭᠦᠦ ᠪᠡᠷ ᠨᠢ ᠲᠠᠮᠢᠷ ᠤ᠋ᠨ ᠭᠣᠣᠯ ᠤ᠋ᠨ ᠶᠠᠳᠠᠭᠤᠴᠤᠳ ᠲᠤ᠌ ᠢᠷᠡᠬᠦ ᠵᠢᠯ ᠬᠤᠷᠠᠭ᠎ᠠ ᠲᠠᠢ ᠬᠣᠨᠢ᠂ ᠲᠤᠭᠤᠯ ᠲᠠᠢ ᠦᠨᠢᠶ᠎ᠡ᠂ ᠤᠨᠠᠭ᠎ᠠ ᠲᠠᠢ ᠭᠡᠭᠦᠦ ᠠᠪᠬᠤ ᠪᠠᠷ ᠥᠭᠳᠡᠭ ᠪᠠᠢᠭᠰᠠᠨ ᠪᠣᠯ ᠡᠨᠡ ᠵᠢᠯ ᠰᠤᠷᠭᠠᠭᠤᠯᠢ ᠳ᠋ᠤ᠌ ᠠᠪᠠᠴᠢᠵᠤ ᠥᠭᠬᠦ ᠳ᠋ᠦ᠍ ᠨᠢ ᠪᠠᠲᠤ ᠵᠠᠳᠠᠯᠤᠨ ᠦᠵᠡᠵᠦ
  ᠊᠊᠊᠊᠊᠊᠊᠊᠊᠊᠊᠊᠊᠊᠊ ᠠᠪᠤ ᠮᠢᠨᠢ ᠰᠤᠷᠭᠠᠭᠤᠯᠢ ᠳ᠋ᠤ᠌ ᠡᠢᠮᠦ ᠶᠠᠭᠤᠮ᠎ᠠ ᠥᠭᠴᠦ ᠶᠠᠭᠠᠬᠢᠵᠤ ᠪᠣᠯᠬᠤ ᠪᠣᠢ ᠳᠠ᠃ ᠲᠠ ᠲᠠᠷᠭᠤᠨ ᠦᠨᠢᠶᠡᠨ ᠦ᠌ ᠦᠨ᠎ᠡ ᠪᠡᠷ ᠪᠣᠳᠣᠵᠤ ᠮᠥᠩᠭᠥ ᠶ᠋ᠢ ᠨᠢ ᠠᠪᠤᠭᠰᠠᠨ ᠰᠢᠦ ᠳᠡ ᠭᠡᠯ᠎ᠡ᠃
  ᠊᠊᠊᠊᠊᠊᠊᠊᠊᠊᠊᠊᠊᠊᠊ ᠴᠢ ᠪᠢᠳᠡ ᠬᠣᠶᠠᠷ ᠴᠢᠨᠢ ᠨᠢᠭᠡ ᠭᠡᠷ ᠦ᠋ᠨ ᠬᠥᠮᠦᠨ ᠪᠢᠰᠢ ᠪᠢᠯᠡ ᠤᠤ ᠭᠡᠵᠦ ᠢᠲᠡᠭᠡᠯᠲᠦ ᠬᠡᠯᠡᠭᠡᠳ ᠬᠦᠢᠲᠡᠨ ᠢᠨᠢᠶᠡᠪᠡ᠃
  ᠊᠊᠊᠊᠊᠊᠊᠊᠊᠊᠊᠊᠊᠊᠊ ᠲᠡᠷᠡ ᠴᠦ᠍ ᠲᠡᠢᠮᠦ᠃ ᠭᠡᠪᠡᠴᠦ ᠰᠤᠷᠭᠠᠭᠤᠯᠢ ᠶ᠋ᠢᠨ ᠬᠥᠷᠥᠩᠭᠡ᠂ ᠤᠯᠤᠰ ᠤ᠋ᠨ ᠬᠥᠷᠥᠩᠭᠡ᠃ ᠣᠯᠠᠨ ᠤ᠋ ᠶᠠᠭᠤᠮ᠎ᠠ ᠪᠣᠯᠬᠣᠷ ᠡᠨᠡ ᠲᠤᠬᠠᠢ ᠶᠠᠷᠢᠬᠤ ᠳ᠋ᠤ᠌ ᠪᠢᠳᠡᠨ ᠦ᠌ ᠰᠠᠳᠤᠨ ᠰᠦᠯᠪᠡᠭᠡ ᠬᠠᠮᠢᠶᠠᠷᠤᠭᠳᠠᠬᠤ ᠦᠭᠡᠢ᠃ ᠡᠰᠡᠬᠦᠯ᠎ᠡ ᠪᠢᠳᠡ ᠬᠢᠮᠳᠠ ᠦᠨ᠎ᠡ ᠪᠡᠷ ᠠᠪᠤᠨ᠎ᠠ᠃ ᠡᠰᠡᠬᠦᠯ᠎ᠡ ᠲᠠᠷᠭᠤᠨ ᠮᠢᠬ᠎ᠠ ᠠᠪᠴᠢᠷᠠᠵᠤ ᠥᠭ ᠭᠡᠵᠦ ᠪᠠᠲᠤ ᠰᠢᠭᠤᠳ ᠬᠡᠯᠡᠵᠡᠢ᠃
  ᠢᠲᠡᠭᠡᠯᠲᠦ ᠨᠢᠳᠦᠨ ᠦ᠌ ᠪᠡᠨ ᠪᠤᠯᠤᠩ ᠢ᠋ᠶ᠋ᠠᠷ ᠪᠠᠲᠤ ᠶ᠋ᠢ ᠭᠢᠯᠤᠢᠨ ᠠᠵᠢᠭᠯᠠᠵᠤ ᠪᠠᠢᠭᠰᠠᠨ ᠢ᠋ᠶ᠋ᠠᠨ ᠬᠤᠳᠠᠯ ᠢᠨᠢᠶᠡᠮᠰᠦᠭᠯᠡᠵᠦ 《ᠪᠢ ᠶᠡᠷᠦ ᠨᠢ ᠴᠢᠮᠠᠲᠤ ᠶᠠᠷᠰᠢᠭ ᠪᠣᠯᠬᠤ ᠨᠢ ᠪᠠᠢᠨ᠎ᠠ᠃ ᠡᠭᠦᠨ ᠢ᠋ᠶ᠋ᠡᠨ ᠪᠢ ᠥᠪᠡᠷ ᠢ᠋ᠶ᠋ᠡᠨ ᠳᠠᠯᠳᠠ ᠬᠢᠶ᠎ᠡ᠃ ᠬᠠᠷᠢᠨ ᠴᠢ ᠰᠤᠷᠭᠠᠭᠤᠯᠢ ᠳ᠋ᠠᠭᠠᠨ ᠥᠭᠡᠷ᠎ᠡ ᠬᠥᠮᠦᠨ ᠡᠴᠡ ᠮᠢᠬ᠎ᠠ ᠠᠪᠪᠠᠯ ᠳᠡᠭᠡᠷ᠎ᠡ》 ᠭᠡᠳ ᠤᠷᠢᠳᠤ ᠠᠪᠤᠭᠰᠠᠨ ᠮᠥᠩᠭᠥ ᠪᠡᠨ ᠪᠤᠴᠠᠭᠠᠵᠤ ᠥᠭᠭᠦᠭᠡᠳ᠂ ᠮᠢᠬ᠎ᠠ ᠪᠠᠨ ᠡᠷᠭᠢᠭᠦᠯᠦᠨ ᠠᠪᠴᠤ ᠶᠠᠪᠤᠭᠰᠠᠨ ᠪᠢᠯᠡ᠃
  ᠡᠭᠦᠨ ᠡᠴᠡ ᠡᠬᠢᠯᠡᠨ ᠬᠠᠳᠠᠮ ᠬᠦᠷᠭᠡᠨ ᠬᠣᠶᠠᠷ ᠤ᠋ᠨ ᠳᠤᠮᠳᠠᠭᠤᠷ ᠴᠢᠳᠬᠥᠷ ᠣᠷᠣᠵᠤ ᠬᠦᠢᠲᠡᠨ ᠬᠠᠷᠢᠴᠠᠭ᠎ᠠ ᠪᠣᠢ ᠪᠣᠯᠵᠠᠢ᠃ ᠭᠡᠬᠦ ᠳ᠋ᠡᠭᠡᠨ ᠢᠲᠡᠭᠡᠯᠲᠦ ᠡᠨᠡ ᠲᠤᠬᠠᠢ ᠪᠠᠨ ᠬᠡᠨ ᠳ᠋ᠦ᠍ ᠴᠦ᠍ ᠬᠡᠯᠡᠭᠡ ᠦᠭᠡᠢ ᠪᠥᠭᠡᠳ ᠨᠢᠭᠤᠷ ᠳᠡᠭᠡᠷ᠎ᠡ ᠪᠡᠨ ᠪᠠᠲᠤ ᠳ᠋ᠤ᠌ ᠶᠠᠭᠤᠮ᠎ᠠ ᠰᠠᠨᠠᠭ᠎ᠠ ᠦᠭᠡᠢ ᠶᠤᠮ ᠰᠢᠭ ᠳᠦᠷᠢ ᠦᠵᠡᠭᠦᠯᠪᠡᠴᠦ ᠴᠠᠭᠠᠨ᠎ᠠ ᠪᠠᠨ ᠠᠷᠠᠭ᠎ᠠ ᠪᠠᠨ ᠵᠠᠭᠤᠵᠤ ᠡᠯᠳᠡᠪ ᠢ᠋ᠶ᠋ᠡᠷ ᠬᠠᠪᠴᠢᠳᠠᠭ ᠪᠣᠯᠪᠠ᠃ ᠶᠡᠷᠦ ᠨᠢ ᠪᠣᠳᠣᠭᠠᠳ ᠪᠠᠢᠬᠤ ᠳ᠋ᠤ᠌ ᠪᠠᠲᠤ ᠥᠪᠡᠷ ᠲᠦ᠍ ᠨᠢ ᠲᠣᠬᠢᠷᠠᠬᠤ ᠦᠭᠡᠢ ᠬᠦᠷᠭᠡᠨ ᠠᠵᠢ᠃ ᠡᠨᠡ ᠶᠡᠬᠡ ᠬᠥᠷᠥᠩᠭᠡ ᠪᠠᠢᠬᠤ ᠳ᠋ᠤ᠌ ᠲᠡᠭᠦᠨ ᠳ᠋ᠦ᠍ ᠲᠠᠲᠠᠭᠳᠠᠬᠤ ᠦᠭᠡᠢ᠂ ᠲᠠᠩᠬᠢᠮ ᠰᠠᠬᠢᠵᠤ ᠤᠴᠢᠷ ᠮᠡᠳᠡᠬᠦ ᠦᠭᠡᠢ ᠬᠡᠳᠦᠨ ᠬᠡᠦᠬᠡᠳ ᠲᠡᠢ ᠬᠡᠷᠡᠯᠳᠦᠵᠦ ᠰᠠᠭᠤᠬᠤ᠂ ᠶᠣᠰᠣᠲᠠᠢ ᠯᠠ ᠡᠯᠵᠢᠭᠡ ᠮᠣᠳᠣᠨ ᠬᠤᠳᠠᠷᠭᠠᠨ ᠳ᠋ᠠᠭᠠᠨ ᠳᠤᠷᠠᠲᠠᠢ ᠭᠡᠳᠡᠭ ᠦᠭᠡ ᠡᠨᠡ ᠬᠠᠷ᠎ᠠ ᠬᠦᠦ ᠶ᠋ᠢᠨ ᠲᠤᠬᠠᠢ ᠦᠭᠡ ᠠᠵᠢ᠃ ᠠᠭᠠᠵᠢᠮ ᠢ᠋ᠶ᠋ᠠᠷ ᠤᠷᠤᠯᠳᠤᠵᠤ ᠳᠣᠣᠷ᠎ᠠ ᠨᠢ ᠳᠠᠷᠢ ᠪᠤᠯᠠᠵᠤ ᠪᠠᠢᠭᠠᠳ ᠰᠣᠯᠣᠩᠭ᠎ᠠ ᠡᠴᠡ ᠰᠠᠯᠭᠠᠬᠤ ᠶ᠋ᠢ ᠪᠣᠳᠣᠶ᠎ᠠ᠃ ᠶᠠᠮᠠᠷ ᠰᠠᠷᠳᠠᠩᠵᠢᠩ ᠡᠴᠡ ᠪᠣᠯᠵᠤ ᠡᠭᠦᠨ ᠲᠡᠢ ᠰᠣᠯᠣᠩᠭ᠎ᠠ ᠶ᠋ᠢ ᠰᠠᠭᠤᠯᠭᠠᠪᠠ ᠳᠠ᠃ ᠠᠮᠢᠳᠤᠷᠠᠯ ᠳ᠋ᠤ᠌ ᠬᠣᠬᠢᠷᠠᠬᠤ ᠦᠭᠡᠢ᠂ ᠠᠯᠳᠠᠬᠤ ᠦᠭᠡᠢ ᠶᠠᠪᠤᠵᠤ ᠪᠣᠯᠤᠭᠠᠳ ᠯᠠ ᠪᠠᠢᠳᠠᠭ ᠰᠠᠨ᠃ ᠠᠯᠳᠠᠭᠰᠠᠨ ᠪᠤᠷᠤᠭᠤᠳᠠᠭᠰᠠᠨ ᠢ᠋ᠶ᠋ᠠᠨ ᠮᠡᠳᠡᠭᠰᠡᠨ ᠬᠣᠢᠨ᠎ᠠ ᠵᠠᠯᠠᠵᠤ ᠵᠠᠰᠠᠨ᠎ᠠ ᠳᠠ ᠭᠡᠬᠦ ᠵᠡᠷᠭᠡ ᠢᠲᠡᠭᠡᠯᠲᠦ ᠪᠣᠳᠣᠳᠠᠭ ᠪᠠᠢᠯ᠎ᠠ᠃
  ᠪᠠᠲᠤ ᠴᠤ᠌ ᠮᠢᠬ᠎ᠠ ᠶ᠋ᠢᠨ ᠲᠤᠬᠠᠢ ᠪᠣᠯᠤᠭᠰᠠᠨ ᠶᠠᠪᠤᠳᠠᠯ ᠢ᠋ ᠵᠠᠷᠯᠠᠨ ᠲᠠᠷᠬᠠᠭᠠᠭᠰᠠᠨ ᠦᠭᠡᠢ᠃ ᠭᠡᠬᠦ ᠳ᠋ᠡᠭᠡᠨ ᠬᠠᠳᠠᠮ ᠤ᠋ᠨ ᠢ᠋ᠶ᠋ᠠᠨ ᠬᠤᠪᠢᠷᠠᠭᠰᠠᠨ ᠵᠠᠩ ᠢ᠋ ᠮᠡᠳᠡᠵᠦ ᠪᠠᠢᠯ᠎ᠠ᠃ ᠵᠠᠷᠢᠮ ᠳ᠋ᠠᠭᠠᠨ ᠢᠲᠡᠭᠡᠯᠲᠦ ᠲᠡᠢ ᠰᠦᠷᠡᠬᠡᠢ ᠭᠡᠷᠡᠯᠲᠦᠮᠡᠷ ᠪᠠᠢᠳᠠᠭ ᠠᠪᠠᠴᠤ ᠡᠬᠡᠨᠡᠷ ᠢ᠋ᠶ᠋ᠡᠨ ᠪᠣᠳᠣᠵᠤ ᠰᠢᠳᠦ ᠵᠠᠭᠤᠨ ᠲᠡᠪᠴᠢᠵᠦ ᠪᠠᠢᠯ᠎ᠠ᠃
  ᠭᠠᠭᠴᠠᠬᠦ ᠨᠥᠬᠥᠷ ᠡᠴᠢᠭᠡ ᠬᠣᠶᠠᠷ ᠤ᠋ᠨ ᠬᠢᠨᠢ ᠬᠣᠭᠣᠷᠣᠨᠳᠣ ᠦᠯᠦ ᠦᠵᠡᠭᠳᠡᠬᠦ ᠱᠤᠤᠳᠤᠤ ᠪᠣᠢ ᠪᠣᠯᠤᠭᠠᠳ ᠡᠳᠦᠷ ᠢᠷᠡᠬᠦ ᠳᠣᠳᠣᠮ ᠤᠯᠠᠮ ᠭᠦᠨ ᠭᠦᠨᠵᠡᠭᠡᠢ ᠪᠣᠯᠵᠤ ᠪᠠᠢᠭ᠎ᠠ ᠶ᠋ᠢ ᠣᠢᠯᠠᠭᠠᠭᠰᠠᠨ ᠰᠣᠯᠣᠩᠭ᠎ᠠ ᠶ᠋ᠢᠨ ᠰᠡᠳᠬᠢᠯ ᠰᠢᠨᠠᠯᠤᠨ ᠵᠣᠪᠠᠨ᠎ᠠ᠃ ᠭᠡᠬᠦ ᠳ᠋ᠡᠭᠡᠨ ᠡᠨᠡ ᠬᠡᠷᠡᠭ ᠲᠦ᠍ ᠠᠯᠢ ᠨᠢᠭᠡ ᠶ᠋ᠢ ᠨᠢ ᠪᠤᠷᠤᠭᠤᠳᠬᠠᠵᠤ᠂ ᠵᠥᠪᠳᠡᠭᠡᠵᠤ ᠴᠢᠳᠠᠬᠤ ᠦᠭᠡᠢ ᠪᠠᠢᠵᠠᠢ᠃ ᠢᠲᠡᠭᠡᠯᠲᠦ ᠡᠴᠡ ᠠᠶᠤᠳᠠᠭ᠂ ᠡᠴᠢᠭᠡ ᠪᠡᠨ ᠭᠡᠵᠦ ᠬᠦᠨᠳᠦᠳᠬᠡᠳᠡᠭ ᠤᠴᠢᠷ ᠡᠴᠡ ᠲᠡᠭᠦᠨ ᠢ᠋ ᠪᠤᠷᠤᠭᠤᠳᠬᠠᠵᠤ ᠦᠯᠦ ᠴᠢᠳᠠᠨ᠎ᠠ᠃ ᠪᠠᠲᠤ ᠳ᠋ᠤ᠌ ᠰᠡᠳᠬᠢᠯ ᠲᠡᠢ ᠤᠴᠢᠷ ᠡᠴᠡ ᠲᠡᠭᠦᠨ ᠢ᠋ ᠪᠠᠰᠠ ᠪᠤᠷᠤᠭᠤᠳᠬᠠᠵᠤ ᠦᠯᠦ ᠴᠢᠳᠠᠨ᠎ᠠ᠃
  ᠢᠩᠭᠢᠵᠦ ᠡᠪᠦᠯ ᠥᠩᠭᠡᠷᠡᠵᠦ᠂ ᠬᠠᠪᠤᠷ ᠳᠠᠮᠵᠢᠨ ᠵᠤᠨ ᠲᠠᠢ ᠵᠣᠯᠭᠠᠪᠠ᠃ ᠲᠠᠩᠬᠢᠮ ᠤ᠋ᠨ ᠵᠠᠪᠰᠠᠷᠯᠠᠭ᠎ᠠ ᠪᠣᠯᠬᠤ ᠳ᠋ᠤ᠌ ᠬᠣᠩᠭᠣᠷ ᠲᠡᠷᠭᠡ ᠠᠪᠴᠤ ᠣᠴᠢᠭᠠᠳ ᠪᠠᠲᠤ ᠶ᠋ᠢᠨ ᠭᠡᠷ ᠢ᠋ ᠨᠡᠭᠦᠯᠭᠡᠨ ᠠᠪᠴᠢᠷᠠᠵᠠᠢ᠃
  ᠪᠠᠲᠤ ᠥᠷᠯᠥᠭᠡ ᠪᠦᠷᠢ ᠲᠠᠩᠬᠢᠮ ᠤᠷᠤᠭᠤ ᠪᠠᠨ ᠶᠠᠪᠤᠬᠤ ᠪᠥᠭᠡᠳ ᠢᠲᠡᠭᠡᠯᠲᠦ ᠶ᠋ᠢᠨ ᠮᠣᠷᠢ ᠶ᠋ᠢ ᠤᠨᠤᠨ᠎ᠠ᠃ ᠡᠭᠦᠨ ᠢ᠋ ᠬᠠᠷᠠᠭᠠᠳ 《ᠥᠷᠯᠥᠭᠡ ᠪᠦᠷᠢ ᠮᠣᠷᠢ ᠤᠨᠤᠵᠤ ᠡᠳᠦᠷ ᠪᠦᠷᠢ ᠲᠠᠩᠬᠢᠮ ᠤ᠋ᠨ ᠭᠠᠳᠠᠨ᠎ᠠ ᠰᠣᠢᠨ᠎ᠠ᠃ ᠪᠢ ᠲᠠᠩᠬᠢᠮ ᠤ᠋ᠨ ᠥᠷᠲᠡᠭᠡ ᠬᠢᠵᠦ ᠪᠠᠢᠭ᠎ᠠ ᠪᠢᠰᠢ》 ᠭᠡᠵᠦ ᠪᠣᠳᠣᠨ ᠬᠣᠷᠣᠰᠤᠨ᠎ᠠ᠃ ᠭᠡᠬᠦ ᠳ᠋ᠡᠭᠡᠨ ᠮᠣᠷᠢ ᠪᠠᠨ ᠬᠠᠢᠷᠠᠯᠠᠭᠰᠠᠨ ᠡᠴᠡ ᠡᠨᠡ ᠪᠣᠳᠣᠯ ᠭᠠᠷᠳᠠᠭ ᠪᠢᠰᠢ᠃ ᠤᠨᠤᠭ᠎ᠠ ᠭᠤᠶᠤᠭᠰᠠᠨ ᠬᠥᠮᠦᠨ ᠳ᠋ᠦ᠍ ᠥᠭᠳᠡᠭ ᠯᠡ ᠮᠣᠷᠢ᠃ ᠵᠥᠪᠬᠡᠨ ᠥᠪᠡᠷ ᠲᠦ᠍ ᠨᠢ ᠰᠤᠷᠭᠠᠭᠤᠯᠢ ᠶ᠋ᠢᠨ ᠮᠢᠬᠠᠨ ᠡᠴᠡ ᠠᠰᠢᠭ ᠣᠯᠤᠶ᠎ᠠ ᠭᠡᠬᠦ ᠳ᠋ᠦ᠍ ᠰᠠᠭᠠᠳ ᠬᠢᠭᠰᠡᠨ ᠪᠠᠲᠤ ᠤᠨᠤᠵᠤ ᠪᠠᠢᠭ᠎ᠠ ᠳ᠋ᠤ᠌ ᠳᠤᠷ᠎ᠠ ᠦᠭᠡᠢ ᠨᠢ ᠬᠦᠷᠴᠦ ᠪᠠᠢᠯ᠎ᠠ᠃
  ᠡᠨᠡ ᠪᠣᠳᠣᠯ ᠨᠢ ᠪᠤᠭᠯᠠᠵᠤ ᠳᠡᠯᠪᠡᠷᠡᠬᠦ ᠪᠣᠯᠤᠭᠰᠠᠨ ᠦᠶ᠎ᠡ ᠳ᠋ᠦ᠍ ᠬᠣᠩᠭᠣᠷ ᠬᠠᠳᠠᠷᠢᠳᠤ ᠰᠢᠷᠭ᠎ᠠ ᠶ᠋ᠢ ᠪᠠᠲᠤ ᠳ᠋ᠤ᠌ ᠪᠠᠷᠢᠵᠤ ᠥᠭᠭᠦᠭᠰᠡᠨ ᠪᠢᠯᠡ᠃ ᠪᠠᠲᠤ ᠲᠡᠪᠴᠢᠵᠦ ᠴᠢᠳᠠᠯ ᠦᠭᠡᠢ ᠢᠲᠡᠭᠡᠯᠲᠦ ᠳ᠋ᠦ᠍ ᠬᠠᠷᠢᠭᠤ ᠦᠭᠡ ᠬᠡᠯᠡᠭᠰᠡᠨ ᠪᠣᠯ ᠬᠡᠷᠡᠭᠦᠯ ᠭᠠᠷᠬᠤ ᠨᠢ ᠳᠠᠮᠵᠢᠭ ᠦᠭᠡᠢ ᠪᠠᠢᠭᠰᠠᠨ᠃ ᠪᠠᠲᠤ ᠶ᠋ᠢᠨ ᠴᠢᠷᠠᠢ ᠮᠢᠠᠴᠢ᠌ᠨ ᠤᠯᠠᠢᠷᠠᠵᠤ ᠢᠲᠡᠭᠡᠯᠲᠦ ᠶ᠋ᠢ ᠰᠢᠲᠦ ᠵᠠᠭᠤᠨ ᠬᠠᠷᠠᠭᠰᠠᠨ ᠢ᠋ᠶ᠋ᠠᠨ ᠭᠠᠯᠰᠠᠩ ᠤ᠋ᠨ ᠤᠷᠭᠠᠯᠠᠭᠰᠠᠨ ᠪᠣᠷᠣ ᠦᠷᠢᠶ᠎ᠡ ᠶ᠋ᠢ ᠴᠢᠬᠢᠳᠡᠨ ᠬᠠᠵᠠᠭᠠᠷᠯᠠᠵᠤ ᠠᠪᠤᠭᠠᠳ ᠬᠣᠩᠭᠣᠷ ᠲᠠᠢ ᠨᠡᠢᠯᠡᠨ ᠡᠮᠡᠭᠡᠯᠯᠡᠪᠡ᠃
  ᠊᠊᠊᠊᠊᠊᠊᠊᠊᠊᠊᠊᠊᠊᠊ ᠠᠪᠤ ᠶ᠋ᠢᠨ ᠶᠠᠮᠠᠷ ᠲᠠᠬᠢᠯ ᠢ᠋ ᠪᠤᠷᠤᠭᠤ ᠦᠷᠦᠴᠢᠬᠡᠭᠰᠡᠨ ᠶᠤᠮ ᠪᠣᠯ ᠳᠠ ᠭᠡᠵᠦ ᠬᠣᠩᠭᠣᠷ ᠭᠡᠨᠡᠨ ᠴᠠᠭᠠᠨ ᠰᠡᠳᠬᠢᠯ ᠢ᠋ᠶ᠋ᠡᠷ ᠬᠡᠯᠡᠭᠡᠳ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠴᠥᠭᠦᠴᠡᠨ ᠳ᠋ᠦ᠍ᠨᠢ ᠥᠭᠡᠷ᠎ᠡ ᠭᠣᠣᠯ ᠤ᠋ᠨ ᠤᠰᠤ ᠣᠷᠣᠴᠢᠬᠠᠭᠰᠠᠨ ᠪᠠᠢᠯᠭᠦᠢ ᠳᠡ ᠭᠡᠳ ᠬᠢᠮᠡᠯ ᠬᠥᠭᠵᠢᠯᠲᠡᠢ ᠢᠨᠢᠶᠡᠮᠰᠦᠭᠯᠡᠭᠰᠡᠨ ᠢ᠋ᠶ᠋ᠡᠨ᠄ 《ᠵᠠ ᠪᠢ ᠮᠣᠷᠳᠠᠯ᠎ᠠ》 ᠭᠡᠳ ᠪᠠᠲᠤ ᠰᠡᠪ ᠬᠢᠲᠡᠯ᠎ᠡ ᠮᠣᠷᠳᠠᠵᠤ ᠴᠤᠯᠪᠤᠭᠤᠷ ᠢ᠋ᠶ᠋ᠠᠨ ᠠᠪᠤᠯ᠎ᠠ᠃
  ᠪᠠᠲᠤ ᠮᠠᠭᠤ ᠰᠠᠨᠠᠭ᠎ᠠ ᠲᠠᠢ ᠪᠣᠯᠤᠭᠠᠳ ᠬᠣᠩᠭᠣᠷ ᠲᠤ᠌ ᠦᠨᠡᠨ ᠶᠠᠪᠤᠳᠠᠯ ᠢ᠋ ᠬᠡᠯᠡᠭᠡ ᠦᠭᠡᠢ ᠪᠢᠰᠢ᠂ ᠲᠡᠭᠦᠨ ᠦ᠌ ᠰᠡᠳᠬᠢᠯ ᠢ᠋ ᠵᠣᠪᠠᠭᠠᠬᠤ ᠦᠭᠡᠢ ᠭᠡᠰᠡᠨ ᠢ᠋ᠶ᠋ᠡᠨ ᠢᠩᠭᠢᠵᠦ ᠵᠠᠢᠮᠤᠷᠠᠭᠤᠯᠤᠨ ᠥᠩᠭᠡᠷᠡᠭᠦᠯᠵᠡᠢ᠃
  ᠪᠣᠷᠣ ᠦᠷᠢᠶ᠎ᠡ ᠪᠤᠯᠭᠢᠵᠤ ᠭᠠᠷᠤᠯ᠎ᠠ᠃ ᠪᠠᠲᠤ ᠨᠡᠯᠢᠶᠡᠳ ᠲᠣᠭᠲᠠᠵᠤ ᠪᠠᠢᠭᠰᠠᠨ ᠢ᠋ᠶ᠋ᠠᠨ ᠳᠥᠷᠥᠭᠡ ᠪᠡᠨ ᠠᠯᠳᠠᠵᠤ ᠠᠷᠤ ᠨᠢᠷᠤᠭᠤ ᠪᠠᠷ ᠢ᠋ᠶ᠋ᠠᠨ ᠨᠣᠢᠲᠠᠨ ᠭᠠᠵᠠᠷ ᠳᠡᠭᠡᠷ᠎ᠡ ᠫᠢᠳ ᠬᠢᠲᠡᠯ᠎ᠡ ᠤᠨᠠᠭᠠᠳ ᠴᠤᠯᠪᠤᠭᠤᠷ ᠢ᠋ᠶ᠋ᠠᠨ ᠲᠠᠯᠪᠢᠯ ᠦᠭᠡᠢ ᠴᠢᠷᠦᠭᠳᠡᠵᠦ ᠪᠠᠢᠭᠠᠳ ᠲᠣᠭᠲᠠᠭᠠᠪᠠ᠃
  ᠡᠨᠡ ᠪᠦᠬᠦᠨ ᠢ᠋ ᠶᠡᠬᠡ ᠭᠡᠷ ᠦ᠋ᠨ ᠭᠠᠳᠠᠨ᠎ᠠ ᠵᠣᠭᠰᠣᠨ ᠬᠠᠷᠠᠵᠤ ᠪᠠᠢᠭᠰᠠᠨ ᠰᠣᠯᠣᠩᠭ᠎ᠠ ᠳᠠᠭᠤ ᠠᠯᠲᠠᠨ 《ᠲᠠᠯᠪᠢᠵᠤ ᠣᠷᠭᠢ᠂ ᠲᠠᠯᠪᠢᠵᠤ ᠣᠷᠭᠢ》 ᠭᠡᠵᠦ ᠬᠠᠰᠬᠢᠷᠤᠨ ᠭᠦᠶᠦᠪᠡ᠃ ᠭᠡᠪᠡᠴᠦ ᠣᠴᠢᠵᠤ ᠴᠢᠳᠠᠭᠰᠠᠨ ᠦᠭᠡᠢ᠃ ᠤᠴᠢᠷ ᠨᠢ ᠪᠠᠲᠤ ᠲᠦᠷᠭᠡᠨ ᠪᠣᠰᠴᠤ ᠵᠡᠭᠦᠨ ᠭᠠᠷ ᠢ᠋ᠶ᠋ᠠᠷ ᠢ᠋ᠶ᠋ᠠᠨ ᠪᠣᠷᠣ ᠦᠷᠢᠶ᠎ᠡ ᠶ᠋ᠢ ᠴᠢᠬᠢᠳᠡᠵᠦ ᠪᠠᠢᠭᠠᠳ ᠳᠠᠬᠢᠨ ᠮᠣᠷᠳᠠᠵᠠᠢ᠃
  ᠦᠷᠢᠶ᠎ᠡ ᠣᠮᠣᠭᠰᠢᠨ ᠨᠡᠯᠢᠶᠡᠳ ᠪᠤᠯᠭᠢᠭᠰᠠᠨ ᠪᠣᠯᠪᠠᠴᠤ ᠰᠢᠲᠦ ᠵᠠᠭᠤᠭᠰᠠᠨ ᠪᠠᠲᠤ ᠳᠠᠬᠢᠨ ᠰᠢᠷᠣᠢᠳᠠᠭᠰᠠᠨ ᠦᠭᠡᠢ ᠰᠢᠨᠡ ᠤᠷᠤᠭᠤ ᠨᠢ ᠲᠠᠰᠢᠭᠤᠷ ᠢ᠋ᠶ᠋ᠠᠨ ᠴᠣᠬᠢᠨ ᠵᠠᠯᠠᠭᠰᠠᠭᠠᠷ ᠬᠣᠰᠢᠭᠤ ᠵᠠᠬᠢᠷᠭ᠎ᠠ ᠤᠷᠤᠭᠤ ᠶᠠᠪᠤᠯ᠎ᠠ᠃
  ᠢᠲᠡᠭᠡᠯᠲᠦ ᠰᠢᠷᠭ᠎ᠠ ᠮᠣᠷᠢ ᠪᠠᠨ ᠤᠶᠠᠭᠠᠨ ᠡᠴᠡ ᠤᠶᠠᠭᠠᠳ ᠬᠣᠩᠭᠣᠷ ᠤ᠋ᠨ ᠭᠡᠷ ᠲᠦ᠍ ᠣᠷᠣᠯ᠎ᠠ᠃ ᠰᠦᠷᠦᠩ ᠲᠣᠮᠣ ᠭᠠᠤᠯᠢᠨ ᠰᠢᠨᠠᠭ᠎ᠠ ᠪᠠᠷᠢᠨ ᠰᠦ ᠰᠠᠮᠤᠷᠴᠤ ᠪᠠᠢᠯ᠎ᠠ᠃
  ᠊᠊᠊᠊᠊᠊᠊᠊᠊᠊᠊᠊᠊᠊᠊ ᠠᠪᠤ ᠨᠢ ᠥᠷᠢ ᠨᠡᠬᠡᠬᠦ ᠪᠡᠷ ᠭᠢᠴᠡᠭᠡᠨ᠎ᠡ ᠥᠭᠡᠳᠡ ᠶᠠᠪᠤᠯ᠎ᠠ᠃ ᠴᠢ ᠨᠥᠭᠥᠭᠡᠳᠦᠷ ᠡᠴᠡ ᠬᠣᠨᠢ ᠪᠠᠨ ᠬᠢᠷᠭᠠᠭᠤᠯᠵᠤ ᠦᠵᠡᠭᠡᠷᠡᠢ᠃
  ᠊᠊᠊᠊᠊᠊᠊᠊᠊᠊᠊᠊᠊᠊᠊ ᠪᠢ ᠨᠥᠭᠥᠭᠡᠳᠦᠷ ᠦ᠋ᠨ ᠮᠠᠷᠭᠠᠰᠢ ᠡᠬᠢᠯᠡᠶ᠎ᠡ ᠭᠡᠵᠦ ᠪᠣᠳᠣᠭᠠᠳ ᠨᠡᠯᠢᠶᠡᠳ ᠤᠯᠤᠰ ᠲᠤ᠌ ᠬᠡᠯᠡ ᠬᠦᠷᠭᠡᠵᠦ ᠣᠷᠬᠢᠭᠰᠠᠨ᠃ ᠥᠨᠥᠳᠥᠷ ᠭᠠᠯᠰᠠᠩ ᠠᠬ᠎ᠠ ᠶ᠋ᠢ ᠶᠠᠪᠤᠭᠤᠯᠵᠤ ᠬᠠᠰᠢᠶᠠᠨ ᠡᠴᠡ ᠮᠠᠢᠬᠠᠨ ᠠᠪᠴᠢᠷᠠᠭᠤᠯᠤᠶ᠎ᠠ᠃ ᠣᠷᠣᠢ ᠬᠡᠳᠦᠨ ᠪᠢᠰᠢᠯᠠᠭ ᠰᠢᠬᠠᠴᠢᠬᠠᠶ᠎ᠠ᠂ ᠲᠠ ᠰᠠᠨᠠᠭ᠎ᠠ ᠵᠣᠪᠠᠭᠰᠠᠨ ᠤ᠋ ᠬᠡᠷᠡᠭ ᠦᠭᠡᠢ᠃
  ᠢᠲᠡᠭᠡᠯᠲᠦ ᠪᠡᠷᠢ ᠪᠡᠨ ᠪᠠᠬᠠᠳᠤᠯᠲᠠᠢ ᠪᠠᠷ ᠬᠠᠷᠠᠵᠤ ᠰᠡᠳᠬᠢᠯ ᠳᠦᠭᠦᠷᠡᠩ ᠮᠦᠰᠢᠶᠡᠪᠡ᠃ ᠰᠦᠷᠦᠩ ᠪᠣᠯ ᠢᠲᠡᠭᠡᠯᠲᠦ ᠶ᠋ᠢᠨ ᠰᠠᠨᠠᠭᠠᠨ ᠳ᠋ᠤ᠌ ᠲᠣᠬᠢᠷᠠᠭᠰᠠᠨ ᠪᠡᠷᠢ ᠪᠥᠭᠡᠳ ᠦᠨᠡᠨ ᠳ᠋ᠡᠭᠡᠨ ᠪᠠᠷᠠᠭᠤᠨ ᠭᠠᠷ ᠪᠠᠢᠯ᠎ᠠ᠃ ᠥᠪᠡᠷ ᠢ᠋ᠶ᠋ᠡᠨ ᠠᠵᠢᠯ ᠳ᠋ᠤ᠌ ᠰᠦᠷᠡᠬᠡᠢ ᠡᠴᠡ ᠭᠠᠳᠠᠨ᠎ᠠ ᠪᠤᠰᠤᠳ ᠢ᠋ ᠠᠵᠢᠯ ᠬᠢᠯᠭᠡᠵᠦ ᠴᠢᠳᠠᠳᠠᠭ ᠤᠷᠠᠨ ᠨᠠᠷᠢᠨ ᠤᠬᠠᠭᠠᠨ ᠲᠠᠢ᠃ ᠪᠠᠰᠠ ᠣᠯᠵᠠ ᠣᠯᠬᠤ ᠠᠵᠢᠯ ᠤ᠋ᠨ ᠲᠥᠷᠥ ᠮᠡᠳᠡᠨ᠎ᠡ᠃
  ᠪᠠᠭᠤᠭᠠᠳ ᠮᠣᠷᠳᠠᠭᠰᠠᠨ ᠬᠥᠮᠦᠨ ᠢ᠋ᠶ᠋ᠡᠷ ᠪᠣᠯᠪᠠᠴᠤ ᠠᠳᠠᠭ ᠲᠠᠭᠠᠨ ᠲᠦᠯᠡᠭᠡ ᠪᠡᠨ ᠬᠠᠭᠠᠯᠤᠭᠤᠯᠤᠭᠠᠳ ᠠᠪᠴᠢᠬᠠᠨ᠎ᠠ᠃ ᠬᠤᠯᠤ ᠠᠢᠷᠠᠭ ᠥᠭᠪᠡᠯ ᠤᠨᠠᠭ᠎ᠠ ᠲᠠᠲᠠᠭᠤᠯᠵᠤ ᠣᠷᠬᠢᠨ᠎ᠠ᠃
  ᠥᠩᠭᠡᠷᠡᠭᠰᠡᠨ ᠵᠢᠯ ᠠᠬᠤᠷ ᠬᠢᠷᠭᠠᠬᠤ ᠪᠠᠷ ᠴᠤᠭᠯᠠᠷᠠᠵᠤ ᠢᠷᠡᠭᠰᠡᠨ ᠣᠯᠠᠨ ᠬᠥᠮᠦᠨ ᠢ᠋ ᠳᠥᠷᠪᠡᠨ ᠬᠡᠰᠡᠭ ᠪᠣᠯᠭᠠᠭᠠᠳ ᠳᠤᠮᠳᠠ ᠨᠢ ᠵᠤᠵᠠᠭᠠᠨ ᠴᠠᠢ᠂ ᠰᠣᠨᠣᠮ ᠬᠠᠳᠠᠭ ᠲᠠᠯᠪᠢᠵᠤ 《ᠬᠡᠨ ᠦ᠌ ᠬᠡᠰᠡᠭ ᠣᠯᠠᠨ ᠬᠣᠨᠢ ᠬᠢᠷᠭᠠᠪᠠᠯ ᠲᠡᠷᠡ ᠡᠭᠦᠨ ᠢ᠋ ᠠᠪᠤᠨ᠎ᠠ》 ᠭᠡᠰᠡᠨ ᠪᠥᠭᠡᠳ ᠴᠠᠢ᠂ ᠰᠣᠨᠣᠮ ᠬᠠᠳᠠᠭ ᠠᠪᠬᠤ ᠭᠡᠵᠦ ᠬᠡᠰᠡᠭ ᠪᠦᠬᠦᠨ ᠥᠷᠢᠰᠦᠯᠳᠦᠨ᠂ ᠨᠠᠷᠠ ᠰᠢᠩᠭᠡᠬᠦ ᠦᠶ᠎ᠡ ᠳ᠋ᠦ᠍ ᠠᠵᠢᠯ ᠭᠦᠢᠴᠡᠵᠦ ᠪᠢᠯᠡ᠃
  ᠡᠭᠦᠨ ᠢ᠋ ᠪᠠᠬᠠᠳᠤᠨ ᠬᠠᠷᠠᠵᠤ ᠪᠠᠢᠭᠰᠠᠨ ᠢᠲᠡᠭᠡᠯᠲᠦ 《ᠴᠢ ᠮᠢᠨᠦ ᠪᠡᠷᠢ ᠶ᠋ᠢ ᠶᠠᠭᠤ ᠭᠡᠵᠦ ᠪᠠᠢᠯ᠎ᠠ᠃ ᠵᠠᠶᠠᠭᠠᠲᠠᠢ ᠬᠥᠮᠦᠨ ᠭᠡᠳᠡᠭ ᠴᠢᠨᠢ ᠤᠭᠰᠠᠭᠠᠲᠠᠢ ᠬᠥᠮᠦᠨ ᠢ᠋ ᠪᠢᠰᠢ᠂ ᠤᠬᠠᠭᠠᠨᠲᠠᠢ ᠬᠥᠮᠦᠨ ᠢ᠋ ᠬᠡᠯᠡᠳᠡᠭ ᠶᠤᠮ ᠰᠢᠦ ᠳᠡ》 ᠭᠡᠵᠦ ᠳᠤᠯᠵᠢᠨ ᠢ᠋ ᠳᠠᠪᠠᠯᠠᠵᠤ ᠪᠢᠯᠡ᠃
  ᠬᠣᠲᠠ ᠳ᠋ᠤ᠌ ᠲᠠᠷᠪᠠᠭᠠᠨ ᠤ᠋ ᠠᠷᠠᠰᠤ ᠦᠨ᠎ᠡ ᠳ᠋ᠦ᠍ ᠣᠷᠣᠭᠰᠠᠨ ᠢ᠋ ᠮᠡᠳᠡᠭᠡᠳ ᠥᠩᠭᠡᠷᠡᠭᠰᠡᠨ ᠨᠠᠮᠤᠷ ᠪᠠᠬᠠᠨ ᠲᠠᠷᠪᠠᠭᠠᠴᠢᠨ ᠳ᠋ᠤ᠌ ᠡᠳᠦᠷ ᠦ᠋ᠨ ᠬᠣᠶᠠᠷ ᠠᠷᠠᠰᠤ ᠪᠠᠷ ᠤᠨᠤᠭ᠎ᠠ ᠬᠥᠯᠥᠰᠥᠯᠡᠨ ᠥᠭᠴᠦ ᠬᠡᠳᠦᠨ ᠵᠠᠭᠤᠨ ᠲᠠᠷᠪᠠᠭᠠᠨ ᠤ᠋ ᠠᠷᠠᠰᠤ ᠠᠪᠤᠭᠰᠠᠨ ᠢ᠋ ᠢᠲᠡᠭᠡᠯᠲᠦ ᠬᠣᠲᠠ ᠣᠷᠣᠭᠤᠯᠤᠨ ᠬᠤᠳᠠᠯᠳᠤᠵᠤ ᠦᠯᠡᠮᠵᠢ ᠠᠰᠢᠭ ᠣᠯᠵᠠᠢ᠃
  《ᠮᠠᠨ ᠤ᠋ ᠰᠦᠷᠦᠩ ᠠᠳᠬᠤ ᠰᠢᠷᠣᠢ ᠠᠪᠤᠭᠠᠳ ᠭᠠᠷᠬᠤ ᠳ᠋ᠤ᠌ ᠮᠥᠩᠭᠥ ᠪᠣᠯᠭᠠᠴᠢᠬᠠᠭᠠᠳ ᠢᠷᠡᠬᠦ ᠤᠬᠠᠭᠠᠨᠲᠠᠢ ᠬᠥᠮᠦᠨ》 ᠭᠡᠵᠦ ᠢᠲᠡᠭᠡᠯᠲᠦ ᠪᠡᠷᠢ ᠪᠡᠨ ᠳᠣᠲᠣᠷ᠎ᠠ ᠪᠠᠨ ᠮᠠᠭᠲᠠᠵᠤ ᠶᠠᠪᠤᠳᠠᠭ ᠪᠣᠯᠵᠠᠢ᠃
  ᠥᠪᠡᠷ ᠡᠴᠡ ᠨᠢ ᠭᠠᠷᠤᠮ᠎ᠠ ᠦᠭᠡᠢ ᠤᠬᠠᠭᠠᠨ᠂ ᠰᠦᠷᠦᠩ ᠦ᠋ᠨ ᠬᠡᠯᠡᠭᠰᠡᠨ ᠦᠭᠡ ᠬᠢᠭᠰᠡᠨ ᠠᠵᠢᠯ ᠪᠦᠬᠦᠨ ᠨᠢ ᠦᠷᠭᠦᠯᠵᠢ ᠵᠥᠪ ᠤᠷᠤᠭᠰᠢᠲᠠᠢ ᠪᠣᠯᠤᠨ ᠲᠡᠭᠦᠨ ᠳ᠋ᠦ᠍ ᠪᠠᠬᠠᠷᠬᠠᠬᠤ ᠳᠣᠳᠣᠮ ᠢ᠋ᠶ᠋ᠠᠨ ᠢᠲᠡᠭᠡᠯᠲᠦ ᠥᠪᠡᠷ ᠢ᠋ᠶ᠋ᠡᠨ ᠮᠠᠲᠠᠯ ᠦᠭᠡᠢ ᠰᠦᠷᠦᠩ ᠦ᠋ᠨ ᠭᠠᠷ ᠲᠤ᠌ ᠣᠷᠣᠵᠤ ᠵᠠᠷᠢᠮ ᠳ᠋ᠠᠭᠠᠨ ᠵᠥᠷᠢᠬᠦ ᠳ᠋ᠦ᠍ ᠨᠢ ᠠᠶ᠎ᠠ ᠶ᠋ᠢ ᠨᠢ ᠳᠠᠭᠠᠳᠠᠭ ᠪᠣᠯᠪᠠ᠃
  ᠰᠠᠶᠢᠬᠠᠨ ᠰᠢᠭ᠋ ᠢᠲᠡᠭᠡᠯᠲᠦ ᠨᠤᠲᠤᠭ ᠤ᠋ᠨ ᠨᠢᠭᠡ ᠬᠥᠮᠦᠨ ᠡᠴᠡ ᠦᠨᠡᠲᠡᠢ ᠮᠣᠷᠢ ᠠᠪᠬᠤ ᠪᠠᠷ ᠶᠠᠷᠢᠯᠴᠠᠵᠤ ᠪᠠᠢᠬᠤ ᠳ᠋ᠤ᠌ ᠨᠢ ᠰᠦ ᠬᠥᠭᠡᠰᠦᠷᠡᠭᠦᠯᠵᠦ ᠪᠠᠢᠭᠰᠠᠨ ᠰᠦᠷᠦᠩ᠄
  ᠊᠊᠊᠊᠊᠊᠊᠊᠊᠊᠊᠊᠊᠊᠊ ᠠᠪᠤ ᠮᠢᠨᠢ ᠡᠳᠦᠷ ᠰᠥᠨᠢ ᠦᠭᠡᠢ ᠵᠢᠳᠬᠦᠵᠦ ᠣᠯᠤᠭᠰᠠᠨ ᠶᠠᠭᠤᠮ᠎ᠠ ᠪᠠᠨ ᠰᠢᠷᠣᠢ ᠰᠢᠭ᠋ ᠰᠠᠴᠤᠭᠠᠳ ᠶᠠᠭᠠᠬᠢᠬᠤ ᠨᠢ ᠪᠣᠢ? ᠭᠡᠬᠦ ᠳ᠋ᠦ᠍
  ᠊᠊᠊᠊᠊᠊᠊᠊᠊᠊᠊᠊᠊᠊᠊ ᠮᠠᠨ ᠤ᠋ ᠢᠲᠡᠭᠡᠯᠲᠦ ᠮᠠᠢᠮᠠᠢ ᠬᠢᠬᠦ ᠳ᠋ᠡᠭᠡᠨ ᠬᠥᠮᠦᠨ ᠢ᠋ᠶ᠋ᠡᠷ ᠵᠢᠭᠠᠯᠭᠠᠬᠤ ᠦᠭᠡᠢ ᠪᠠᠢᠬᠤ ᠠ᠋ ᠭᠡᠵᠦ ᠮᠣᠷᠢ ᠪᠠᠨ ᠦᠨ᠎ᠡ ᠬᠦᠷᠭᠡᠵᠦ ᠥᠭᠬᠦ ᠪᠣᠯᠤᠭᠰᠠᠨ ᠳ᠋ᠤ᠌ ᠪᠠᠶᠠᠷᠯᠠᠵᠤ ᠪᠠᠢᠭᠰᠠᠨ ᠬᠥᠮᠦᠨ ᠶᠣᠵᠣᠲᠠᠢ ᠬᠡᠯᠡᠭᠡᠳ ᠬᠦᠢᠲᠡᠨ ᠢᠨᠢᠶᠡᠮᠰᠦᠭᠯᠡᠬᠦ ᠳ᠋ᠦ᠍
  ᠊᠊᠊᠊᠊᠊᠊᠊᠊᠊᠊᠊᠊᠊᠊ ᠲᠠᠨ ᠤ᠋ ᠴᠠᠭᠠᠰᠤᠨ ᠮᠠᠯᠠᠭᠠᠢ᠂ ᠮᠠᠨ ᠤ᠋ ᠠᠪᠤ ᠶ᠋ᠢᠨ ᠲᠣᠯᠣᠭᠠᠢ ᠳ᠋ᠤ᠌ ᠪᠠᠭᠲᠠᠬᠤ ᠦᠭᠡᠢ ᠭᠡᠳ ᠰᠦᠷᠦᠩ ᠬᠥᠭᠵᠢᠯᠲᠡᠢ ᠢᠨᠢᠶᠡᠵᠦ ᠪᠢᠯᠡ᠃
  ᠡᠨᠡ ᠦᠶ᠎ᠡ ᠳ᠋ᠦ᠍ ᠭᠠᠳᠠᠨ᠎ᠠ ᠨᠣᠬᠠᠢ ᠬᠤᠴᠠᠭᠰᠠᠨ ᠢ᠋ ᠳᠠᠯᠢᠮᠳᠠᠭᠤᠯᠤᠨ ᠨᠥᠭᠦᠭᠡ ᠬᠥᠮᠦᠨ 《ᠲᠠᠨ ᠤ᠋ ᠬᠢ ᠣᠪᠣᠭ᠎ᠠ ᠬᠤᠴᠠᠳᠠᠭ ᠰᠦᠷᠡᠬᠡᠢ ᠨᠣᠬᠠᠢ ᠲᠠᠢ ᠪᠣᠯᠵᠠᠢ》 ᠭᠡᠵᠦ ᠰᠦᠷᠦᠩ ᠢ᠋ ᠳᠠᠭᠠᠷᠢᠪᠠ᠃
  ᠊᠊᠊᠊᠊᠊᠊᠊᠊᠊᠊᠊᠊᠊᠊ ᠬᠣᠭᠣᠯᠠ ᠰᠠᠢᠲᠠᠢ ᠨᠣᠬᠠᠢ ᠢᠩᠭᠢᠵᠦ ᠰᠠᠢᠨ ᠬᠤᠴᠠᠳᠠᠭ ᠶᠤᠮ᠃ ᠲᠠᠨ ᠤ᠋ ᠬᠢ ᠮᠠᠭᠤ ᠬᠤᠴᠠᠳᠠᠭ ᠪᠣᠯ ᠨᠢᠭᠡ ᠪᠣᠯ ᠮᠠᠭᠤ ᠨᠣᠬᠠᠢ ᠲᠠᠢ ᠪᠠᠢᠵᠠᠢ᠃ ᠡᠰᠡᠬᠦᠯ᠎ᠡ ᠬᠠᠷᠠᠮᠯᠠᠭᠠᠳ ᠲᠡᠵᠢᠭᠡᠵᠦ ᠴᠢᠳᠠᠳᠠᠭ ᠦᠭᠡᠢ ᠪᠠᠢᠵᠤ ᠯᠠ ᠳᠠ ᠭᠡᠵᠦ ᠰᠦᠷᠦᠩ ᠠᠵᠢᠭ ᠦᠭᠡᠢ ᠬᠡᠯᠡᠭᠡᠳ ᠳᠥᠪᠥᠢᠭᠰᠡᠨ ᠰᠦ ᠪᠡᠨ ᠰᠠᠮᠤᠷᠤᠭᠰᠠᠨ ᠢ᠋ᠶ᠋ᠠᠨ᠄
  ᠊᠊᠊᠊᠊᠊᠊᠊᠊᠊᠊᠊᠊᠊᠊ ᠠᠪᠤ ᠲᠠ ᠬᠠᠯᠠᠭᠤᠨ ᠰᠦ ᠬᠢᠯᠭᠡᠬᠦ ᠤᠤ? ᠭᠡᠵᠦ ᠶᠠᠭᠤ ᠴᠤ᠌ ᠪᠣᠯᠤᠭ᠎ᠠ ᠦᠭᠡᠢ ᠶᠤᠮ ᠰᠢᠭ ᠲᠠᠢᠪᠤᠩ ᠠᠰᠠᠭᠤᠪᠠ᠃
  ᠢᠲᠡᠭᠡᠯᠲᠦ ᠲᠡᠷᠡ ᠮᠣᠷᠢ ᠶ᠋ᠢ ᠠᠪᠤᠭ᠎ᠠ ᠦᠭᠡᠢ ᠪᠥᠭᠡᠳ ᠬᠥᠮᠦᠨ ᠳᠣᠷᠣᠮᠵᠢᠯᠠᠬᠤ ᠭᠡᠳ ᠠᠮᠠ ᠤᠷᠤᠭᠤ ᠪᠠᠨ ᠠᠯᠠᠭᠠᠳᠠᠭᠤᠯᠵᠤ ᠦᠭᠡ ᠳᠤᠤᠭᠠᠷᠴᠤ ᠴᠢᠳᠠᠬᠤ ᠦᠭᠡᠢ ᠪᠣᠯᠤᠭᠠᠳ ᠴᠢᠷᠠᠢ ᠨᠢ ᠮᠢᠠᠴᠢ᠌ᠨ ᠬᠣᠷᠣ ᠨᠢ ᠪᠤᠴᠠᠯᠤᠨ ᠰᠠᠭᠤᠭᠰᠠᠨ ᠬᠥᠮᠦᠨ ᠢ᠋ ᠬᠠᠷᠠᠭᠠᠳ ᠬᠥᠬᠡ ᠢᠨᠢᠶᠡᠳᠦ ᠨᠢ ᠬᠦᠷᠴᠦ᠂ ᠪᠡᠷᠢ ᠳ᠋ᠡᠭᠡᠨ ᠪᠠᠬᠠᠷᠬᠠᠨ ᠪᠠᠢᠵᠤ ᠪᠢᠯᠡ᠃
  ᠲᠡᠷᠡ ᠡᠳᠦᠷ ᠰᠣᠯᠣᠩᠭ᠎ᠠ ᠬᠣᠨᠢ ᠬᠠᠷᠢᠭᠤᠯᠪᠠ᠃ ᠰᠠᠢᠬᠠᠨ ᠵᠤᠨ ᠤ᠋ ᠡᠳᠦᠷ ᠮᠣᠷᠢ ᠲᠠᠢ ᠬᠣᠨᠢ ᠬᠠᠷᠢᠭᠤᠯᠬᠤ ᠶ᠋ᠢᠨ ᠰᠠᠢᠬᠠᠨ ᠢ᠋ ᠵᠥᠪᠬᠡᠨ ᠦᠵᠡᠭᠰᠡᠨ ᠬᠥᠮᠦᠨ ᠯᠡ ᠮᠡᠳᠡᠨ᠎ᠡ᠃ ᠬᠠᠮᠢᠭᠠᠰᠢ ᠪᠠᠨ ᠬᠠᠷᠠᠪᠠᠯ ᠴᠡᠴᠡᠭ ᠨᠣᠭᠣᠭ᠎ᠠ ᠠᠮᠢᠰᠬᠤᠭᠠᠯᠠᠬᠤ ᠳ᠋ᠤ᠌ ᠳᠠᠩᠴᠢ ᠰᠠᠭᠠᠳ ᠪᠣᠯᠬᠤ ᠶᠠᠭᠤᠮ᠎ᠠ ᠦᠭᠡᠢ ᠠᠵᠢ᠃
  ᠪᠠᠲᠤ ᠳ᠋ᠤ᠌ ᠲᠠᠮᠠᠬᠢᠨ ᠤ᠋ ᠤᠭᠤᠲᠠ ᠬᠡᠳᠦᠨ ᠡᠳᠦᠷ ᠤᠷᠠᠯᠠᠨ ᠰᠢᠭᠯᠠᠭᠰᠠᠨ ᠢ᠋ᠶ᠋ᠠᠨ ᠥᠨᠥᠳᠥᠷ ᠳᠠᠭᠤᠰᠬᠠᠶ᠎ᠠ ᠭᠡᠵᠦ ᠮᠣᠷᠢ ᠪᠠᠨ ᠴᠢᠳᠦᠷᠯᠡᠨ ᠲᠠᠯᠪᠢᠭᠠᠳ ᠣᠶᠣᠵᠤ ᠪᠠᠢᠲᠠᠯ᠎ᠠ ᠳᠡᠷᠭᠡᠳᠡ ᠨᠢ
  ᠊᠊᠊᠊᠊᠊᠊᠊᠊᠊᠊᠊᠊᠊᠊ ᠬᠣᠨᠢ ᠲᠣᠭᠲᠠᠵᠤ ᠪᠠᠢᠨ᠎ᠠ ᠤᠤ? ᠭᠡᠵᠦ ᠪᠦᠳᠦᠭᠦᠨ ᠳᠠᠭᠤᠲᠠᠢ ᠬᠥᠮᠦᠨ ᠠᠰᠠᠭᠤᠬᠤ ᠳ᠋ᠤ᠌ ᠰᠣᠴᠢᠨ ᠬᠠᠷᠠᠪᠠᠯ ᠪᠠᠳᠠᠷᠴᠢ ᠪᠠᠢᠯ᠎ᠠ᠃
  ᠊᠊᠊᠊᠊᠊᠊᠊᠊᠊᠊᠊᠊᠊᠊ ᠲᠣᠭᠲᠠᠵᠤ ᠪᠠᠢᠨ᠎ᠠ᠃ ᠲᠠ ᠰᠠᠢᠨ ᠶᠠᠪᠤᠵᠤ ᠪᠠᠢᠨ᠎ᠠ ᠤᠤ?
  ᠪᠠᠳᠠᠷᠴᠢ ᠰᠠᠢᠬᠠᠨ ᠪᠣᠷᠣᠯᠠᠭ ᠮᠣᠷᠢ ᠤᠨᠤᠵᠤ ᠨᠢᠳᠦ ᠪᠤᠯᠢᠶᠠᠭᠰᠠᠨ ᠥᠨᠳᠥᠷ ᠬᠡᠭᠡᠷ ᠮᠣᠷᠢ ᠬᠥᠲᠥᠯᠵᠡᠢ᠃ ᠲᠦᠷ ᠵᠣᠭᠰᠣᠬᠤ ᠳ᠋ᠤ᠌ ᠨᠢ ᠲᠡᠷᠡ ᠬᠣᠶᠠᠷ ᠮᠣᠷᠢ ᠲᠣᠯᠣᠭᠠᠢ ᠪᠠᠷ ᠢ᠋ᠶ᠋ᠠᠨ ᠲᠣᠭᠯᠠᠨ ᠭᠠᠵᠠᠷ ᠴᠠᠪᠴᠢᠯᠠᠵᠤ ᠪᠠᠢᠭ᠎ᠠ ᠨᠢ ᠰᠣᠯᠣᠩᠭ᠎ᠠ ᠶ᠋ᠢᠨ ᠰᠡᠳᠬᠢᠯ ᠳ᠋ᠦ᠍ ᠨᠢᠭᠡ ᠶᠠᠭᠤᠮ᠎ᠠ ᠲᠥᠷᠥᠭᠦᠯᠪᠡ᠃
  《ᠪᠠᠲᠤ ᠴᠢᠨᠢ ᠥᠪᠡᠷ ᠦ᠋ᠨ ᠭᠡᠬᠦ ᠮᠣᠷᠢ ᠦᠭᠡᠢ ᠤᠴᠢᠷ ᠡᠴᠡ ᠥᠨᠥ ᠥᠷᠯᠥᠭᠡ ᠠᠮᠠ ᠪᠠᠨ ᠮᠡᠳᠡᠬᠦ ᠦᠭᠡᠢ ᠡᠮᠨᠢᠭ ᠦᠷᠢᠶ᠎ᠡ ᠤᠨᠤᠭᠠᠳ ᠶᠠᠪᠤᠭᠰᠠᠨ᠃ ᠡᠢᠮᠦ ᠮᠣᠷᠢ ᠲᠠᠢ ᠪᠣᠯ ᠬᠠᠮᠢᠭ᠎ᠠ ᠡᠴᠡ ᠲᠡᠭᠡᠵᠦ ᠪᠣᠭᠣᠭᠳᠠᠬᠤ ᠪᠣᠢ᠃ ᠴᠢ ᠡᠨᠡ ᠬᠣᠶᠠᠷ ᠤ᠋ᠨ ᠨᠢᠭᠡ ᠶ᠋ᠢ ᠠᠪᠴᠤ ᠪᠠᠲᠤ ᠳ᠋ᠠᠭᠠᠨ ᠥᠭ》 ᠭᠡᠵᠦ ᠰᠡᠳᠬᠢᠯ ᠨᠢ ᠥᠭᠡᠯᠡᠨ ᠭᠤᠶᠤᠵᠤ ᠭᠠᠷᠤᠯ᠎ᠠ᠃
  ᠊᠊᠊᠊᠊᠊᠊᠊᠊᠊᠊᠊᠊᠊᠊ ᠪᠠᠳᠠᠷᠴᠢ ᠭᠤᠸᠠᠢ᠂ ᠲᠠ ᠡᠨᠡ ᠬᠣᠶᠠᠷ ᠮᠣᠷᠢᠨ ᠤ᠋ ᠪᠠᠨ ᠨᠢᠭᠡ ᠶ᠋ᠢ ᠬᠤᠳᠠᠯᠳᠤᠬᠤ ᠤᠤ?
  ᠊᠊᠊᠊᠊᠊᠊᠊᠊᠊᠊᠊᠊᠊᠊ ᠵᠠ ᠴᠢ ᠮᠣᠷᠢ ᠪᠠᠷ ᠶᠠᠭᠠᠬᠢᠬᠤ ᠨᠢ ᠪᠣᠢ? ᠭᠡᠵᠦ ᠢᠨᠢᠶᠡᠮᠰᠦᠭᠯᠡᠨ ᠬᠡᠯᠡᠭᠡᠳ ᠪᠠᠳᠠᠷᠴᠢ ᠮᠣᠷᠢᠨ ᠡᠴᠡ ᠪᠠᠭᠤᠪᠠ᠃
  ᠊᠊᠊᠊᠊᠊᠊᠊᠊᠊᠊᠊᠊᠊᠊ ᠵᠦᠭᠡᠷ᠂ ᠬᠤᠳᠠᠯᠳᠤᠪᠠᠯ ᠠᠪᠤᠶ᠎ᠠ ᠭᠡᠵᠦ ᠪᠣᠳᠣᠭᠰᠠᠨ ᠶᠤᠮ᠃
  ᠊᠊᠊᠊᠊᠊᠊᠊᠊᠊᠊᠊᠊᠊᠊ ᠦᠨ᠎ᠡ ᠬᠠᠨᠤᠪᠠᠯ ᠬᠤᠳᠠᠯᠳᠤᠬᠤ ᠦᠭᠡᠢ ᠶᠠᠭᠤᠮ᠎ᠠ ᠠᠬ᠎ᠠ ᠳ᠋ᠤᠨᠢ ᠪᠠᠢᠳᠠᠭ ᠦᠭᠡᠢ ᠶᠤᠮ ᠰᠢᠦ ᠳᠡ ᠭᠡᠳ ᠪᠠᠳᠠᠷᠴᠢ ᠨᠣᠭᠣᠭᠠᠨ ᠳᠡᠭᠡᠷ᠎ᠡ ᠲᠠᠪᠠᠯᠠᠨ ᠰᠠᠭᠤᠵᠤ ᠲᠠᠮᠠᠬᠢ ᠲᠠᠲᠠᠯ᠎ᠠ᠃
  ᠊᠊᠊᠊᠊᠊᠊᠊᠊᠊᠊᠊᠊᠊᠊ ᠲᠠ ᠶᠠᠮᠠᠷ ᠦᠨ᠎ᠡ ᠪᠡᠷ ᠥᠭᠬᠦ ᠶᠤᠮ ᠪᠣᠢ?
  ᠊᠊᠊᠊᠊᠊᠊᠊᠊᠊᠊᠊᠊᠊᠊ ᠴᠢ ᠦᠨᠡᠬᠡᠷ ᠠᠪᠤᠶ᠎ᠠ ᠭᠡᠵᠦ ᠪᠣᠳᠣᠵᠤ ᠪᠠᠢᠨ᠎ᠠ ᠤᠤ?
  ᠊᠊᠊᠊᠊᠊᠊᠊᠊᠊᠊᠊᠊᠊᠊ ᠲᠡᠢᠮᠦ ᠠ᠋᠃ ᠠᠪᠤᠶ᠎ᠠ ᠯᠠ ᠭᠡᠵᠦ ᠪᠣᠳᠣᠵᠤ ᠪᠠᠢᠨ᠎ᠠ᠃
  ᠊᠊᠊᠊᠊᠊᠊᠊᠊᠊᠊᠊᠊᠊᠊ ᠬᠣᠷᠢᠨ ᠶᠠᠩᠴᠢᠶᠠᠨ ᠲᠣᠭᠠᠯᠠᠪᠠᠯ ᠳᠤᠷᠠᠲᠠᠢ ᠪᠠᠨ ᠮᠤᠯᠲᠤᠯᠤᠭᠠᠳ ᠠᠪ᠃ ᠰᠣᠯᠣᠩᠭ᠎ᠠ ᠮᠣᠷᠢᠳ ᠤᠷᠤᠭᠤ ᠬᠠᠷᠠᠨ ᠬᠡᠰᠡᠭ ᠳᠠᠭᠤ ᠦᠭᠡᠢ ᠪᠠᠢᠯ᠎ᠠ᠃ ᠲᠠᠷᠭᠤ ᠬᠦᠴᠦ ᠪᠡᠨ ᠠᠪᠤᠭᠰᠠᠨ ᠬᠣᠶᠠᠷ ᠰᠠᠢᠬᠠᠨ ᠠᠮᠢᠲᠠᠨ ᠰᠡᠳᠬᠢᠯ ᠢ᠋ ᠨᠢ ᠬᠥᠳᠡᠯᠭᠡᠨ ᠬᠠᠮᠢᠭᠠᠰᠢ ᠪᠠᠨ ᠴᠤ᠌ ᠶᠠᠪᠤᠬᠤ ᠳ᠋ᠤ᠌ ᠪᠡᠯᠡᠬᠡᠨ ᠭᠡᠰᠡᠨ ᠶᠤᠮ ᠰᠢᠭ ᠬᠠᠵᠠᠭᠠᠷ ᠳᠠᠷᠤᠨ᠎ᠠ᠃
  ᠊᠊᠊᠊᠊᠊᠊᠊᠊᠊᠊᠊᠊᠊᠊ ᠪᠢ ᠡᠨᠡ ᠪᠥᠭᠡᠵᠢ ᠪᠡᠨ ᠥᠭᠪᠡᠯ ᠲᠠ ᠨᠢᠭᠡ ᠶ᠋ᠢ ᠨᠢ ᠥᠭᠬᠦ ᠤᠤ? ᠭᠡᠳ ᠰᠣᠯᠣᠩᠭ᠎ᠠ ᠬᠤᠷᠤᠭᠤᠨ ᠤ᠋ ᠪᠠᠨ ᠪᠥᠭᠡᠵᠢ ᠶ᠋ᠢ ᠦᠵᠡᠭᠦᠯᠪᠡ᠃ ᠰᠣᠯᠣᠩᠭ᠎ᠠ ᠶ᠋ᠢᠨ ᠬᠤᠷᠤᠭᠤ ᠤᠷᠤᠭᠤ ᠪᠠᠳᠠᠷᠴᠢ ᠬᠠᠷᠠᠯ᠎ᠠ᠃ ᠪᠦᠳᠦᠭᠦᠨ ᠭᠡᠭᠴᠢ ᠶ᠋ᠢᠨ ᠰᠢᠵᠢᠷ ᠪᠥᠭᠡᠵᠢ ᠨᠠᠷᠠᠨ ᠤ᠋ ᠭᠡᠷᠡᠯ ᠳ᠋ᠦ᠍ ᠭᠢᠯᠠᠯᠵᠠᠨ ᠲᠣᠭᠯᠠᠵᠤ ᠪᠠᠢᠯ᠎ᠠ᠃
  ᠊᠊᠊᠊᠊᠊᠊᠊᠊᠊᠊᠊᠊᠊᠊ ᠠᠯᠢ ᠪᠣᠢ᠃ ᠠᠪᠤᠭᠠᠳ ᠠᠯᠢ᠃
  ᠪᠠᠳᠠᠷᠴᠢ ᠪᠥᠭᠡᠵᠢ ᠶ᠋ᠢ ᠠᠪᠴᠤ ᠭᠠᠷ ᠳᠡᠭᠡᠷ᠎ᠡ ᠪᠡᠨ ᠬᠠᠶᠠᠨ ᠦᠵᠡᠪᠡ᠃ ᠨᠢᠭᠡ ᠮᠣᠷᠢ ᠪᠠᠢᠲᠤᠭᠠᠢ ᠬᠣᠶᠠᠷ ᠮᠣᠷᠢ ᠪᠠᠨ ᠥᠭᠭᠦᠭᠡᠳ ᠡᠮᠡᠭᠡᠯ ᠢ᠋ᠶ᠋ᠡᠨ ᠡᠭᠦᠷᠦᠨ ᠶᠠᠪᠤᠬᠤ ᠳ᠋ᠤ᠌ ᠠᠯᠳᠠᠬᠤ ᠦᠭᠡᠢ ᠬᠠᠷᠢᠨ ᠬᠣᠨᠵᠢᠬᠤ ᠠᠵᠢ᠃
  ᠊᠊᠊᠊᠊᠊᠊᠊᠊᠊᠊᠊᠊᠊᠊ ᠭᠤᠷᠪᠠᠬᠠᠨ ᠴᠢᠨ ᠣᠷᠴᠢᠮ ᠶᠤᠮ ᠤᠤ ᠳᠠ᠃
  ᠊᠊᠊᠊᠊᠊᠊᠊᠊᠊᠊᠊᠊᠊᠊ ᠦᠭᠡᠢ᠂ ᠲᠠᠪᠤᠨ ᠴᠢᠨ᠃
  ᠊᠊᠊᠊᠊᠊᠊᠊᠊᠊᠊᠊᠊᠊᠊ ᠴᠢ ᠲᠡᠭᠡᠭᠡᠳ ᠮᠣᠷᠢ ᠪᠠᠷ ᠶᠠᠭᠠᠬᠢᠬᠤ ᠨᠢ ᠪᠣᠢ?
  ᠊᠊᠊᠊᠊᠊᠊᠊᠊᠊᠊᠊᠊᠊᠊ ᠨᠠᠳᠠ ᠬᠡᠷᠡᠭ ᠲᠡᠢ᠃
  ᠊᠊᠊᠊᠊᠊᠊᠊᠊᠊᠊᠊᠊᠊᠊ ᠠᠬ᠎ᠠ ᠨᠢ ᠮᠠᠢᠮᠠᠢ ᠬᠢᠪᠡᠯ ᠪᠤᠴᠠᠳᠠᠭ ᠦᠭᠡᠢ ᠬᠥᠮᠦᠨ ᠰᠢᠦ᠂ ᠠᠵᠠᠨ ᠳ᠋ᠤ᠌ ᠮᠠᠭᠤ ᠪᠠᠢᠳᠠᠭ ᠶᠤᠮ᠃
  ᠊᠊᠊᠊᠊᠊᠊᠊᠊᠊᠊᠊᠊᠊᠊ ᠪᠢ ᠪᠤᠴᠠᠬᠤ ᠦᠭᠡᠢ᠃
  ᠊᠊᠊᠊᠊᠊᠊᠊᠊᠊᠊᠊᠊᠊᠊ ᠠᠯᠢ ᠨᠢ ᠴᠦ᠍ ᠨᠣᠮᠣᠬᠠᠨ᠂ ᠬᠥᠯ ᠬᠥᠩᠭᠡᠨᠲᠡᠢ᠂ ᠵᠠᠯᠠᠭᠤ ᠮᠣᠷᠢᠳ ᠰᠢᠦ᠃ ᠤᠭ ᠨᠢ ᠵᠠᠷᠤᠮᠠᠷ ᠦᠭᠡᠢ ᠯᠡ ᠪᠠᠢᠨ᠎ᠠ᠃
  ᠊᠊᠊᠊᠊᠊᠊᠊᠊᠊᠊᠊᠊᠊᠊ ᠨᠠᠳᠠ ᠠᠷᠭ᠎ᠠ ᠦᠭᠡᠢ ᠯᠡ ᠨᠢᠭᠡ ᠶ᠋ᠢ ᠨᠢ ᠥᠭᠴᠢᠬᠡ ᠯᠡ ᠳᠡ᠃
  ᠬᠡᠰᠡᠭ ᠴᠠᠭᠠᠷᠠᠭᠤᠯᠤᠭᠰᠠᠨ ᠤ᠋ ᠡᠴᠦᠰ ᠲᠦ᠍ ᠪᠠᠳᠠᠷᠴᠢ ᠬᠡᠭᠡᠷ ᠮᠣᠷᠢ ᠪᠠᠨ ᠪᠥᠭᠡᠵᠢ ᠪᠡᠷ ᠲᠤᠯᠭᠠᠵᠤ ᠰᠣᠯᠢᠭᠠᠳ ᠶᠠᠪᠤᠬᠤ ᠳ᠋ᠠᠭᠠᠨ
  ᠊᠊᠊᠊᠊᠊᠊᠊᠊᠊᠊᠊᠊᠊᠊ ᠮᠠᠢᠮᠠᠢ ᠨᠠᠭᠠᠨ᠎ᠠ ᠲᠠᠢ ᠴᠠᠭᠠᠨ᠎ᠠ ᠲᠠᠢ ᠪᠠᠢᠳᠠᠭ᠃ ᠪᠤᠴᠠᠬᠤ ᠭᠡᠪᠡᠯ ᠠᠬ᠎ᠠ ᠨᠢ ᠬᠦᠯᠢᠶᠡᠬᠦ ᠦᠭᠡᠢ ᠰᠢᠦ᠃ ᠮᠠᠢᠮᠠᠢ ᠶ᠋ᠢ ᠬᠢᠬᠦ ᠦᠭᠡᠢ ᠪᠠᠢᠵᠤ ᠪᠣᠯᠤᠨ᠎ᠠ᠃ ᠬᠠᠷᠢᠨ ᠪᠤᠴᠠᠵᠤ ᠪᠣᠯᠬᠤ ᠦᠭᠡᠢ᠃ ᠠᠵᠠᠨ ᠳ᠋ᠤ᠌ ᠮᠠᠭᠤ ᠭᠡᠯ᠎ᠡ᠃
  ᠬᠡᠳᠦᠨ ᠮᠣᠷᠢᠨ ᠤ᠋ ᠦᠨ᠎ᠡ ᠪᠡᠷ ᠨᠢᠭᠡ ᠮᠣᠷᠢ ᠪᠠᠨ ᠥᠭᠭᠦᠭᠰᠡᠨ ᠪᠠᠳᠠᠷᠴᠢ ᠲᠩᠷᠢ ᠲᠡᠢ ᠶᠠᠪᠤᠭ᠎ᠠ ᠳ᠋ᠠᠭᠠᠨ ᠪᠠᠬᠠᠷᠬᠠᠨ ᠶᠠᠪᠤᠭᠰᠠᠨ ᠪᠣᠯ ᠪᠠᠲᠤ ᠶ᠋ᠢ ᠪᠡᠨ ᠥᠪᠡᠷ ᠦ᠋ᠨ ᠭᠡᠬᠦ ᠤᠨᠤᠬᠤ ᠮᠣᠷᠢ ᠲᠠᠢ ᠪᠣᠯᠭᠠᠭᠰᠠᠨ ᠳ᠋ᠠᠭᠠᠨ ᠰᠣᠯᠣᠩᠭ᠎ᠠ ᠪᠠᠶᠠᠷᠯᠠᠨ᠎ᠠ᠃ 《ᠣᠳᠣ ᠲᠡᠷᠡ ᠮᠢᠨᠢ ᠡᠭᠦᠨ ᠢ᠋ᠶ᠋ᠡᠨ ᠤᠨᠤᠭᠠᠳ ᠶᠠᠪᠤᠬᠤ ᠳ᠋ᠤ᠌ ᠬᠡᠨ ᠴᠦ᠍ ᠬᠠᠷᠠᠮᠯᠠᠵᠤ ᠴᠢᠳᠠᠬᠤ ᠦᠭᠡᠢ》 ᠭᠡᠵᠦ ᠪᠣᠳᠣᠨ ᠬᠡᠭᠡᠷ ᠮᠣᠷᠢ ᠶ᠋ᠢ ᠲᠠᠭᠠᠯᠠᠨ ᠵᠣᠭᠰᠣᠪᠠ᠃ ᠡᠮᠡᠭᠡᠯᠯᠡᠵᠦ ᠤᠨᠤᠬᠤ ᠭᠡᠰᠡᠨ ᠢ᠋ᠶ᠋ᠡᠨ 《ᠪᠠᠲᠤ ᠮᠢᠨᠢ ᠡᠬᠢᠯᠡᠵᠦ ᠤᠨᠤᠭ》 ᠭᠡᠳ ᠪᠣᠯᠢᠪᠠ᠃
  ᠣᠷᠣᠢ ᠶ᠋ᠢᠨ ᠬᠣᠨᠢ ᠣᠷᠣᠬᠤ ᠴᠠᠭ ᠪᠣᠯᠬᠤ ᠳ᠋ᠤ᠌ ᠬᠡᠭᠡᠷ ᠮᠣᠷᠢ ᠪᠠᠨ ᠬᠥᠲᠥᠯᠦᠨ ᠭᠡᠷ ᠦ᠋ᠨ ᠵᠦᠭ ᠬᠣᠨᠢ ᠪᠠᠨ ᠭᠡᠯᠢᠵᠦ ᠡᠬᠢᠯᠡᠪᠡ᠃ ᠢᠩᠭᠢᠵᠦ ᠶᠠᠪᠤᠲᠠᠯ᠎ᠠ ᠰᠡᠳᠬᠢᠯ ᠳ᠋ᠦ᠍ ᠨᠢ ᠨᠢᠭᠡ ᠰᠦᠷᠡᠬᠡᠢ ᠶᠠᠭᠤᠮ᠎ᠠ ᠣᠷᠣᠵᠤ ᠢᠷᠡᠯ᠎ᠡ᠃ 《ᠡᠭᠦᠨ ᠢ᠋ ᠬᠠᠷᠠᠭᠠᠳ ᠠᠪᠤ ᠶᠠᠭᠤᠨ ᠮᠣᠷᠢ ᠪᠣᠢ ᠭᠡᠪᠡᠯ ᠶᠠᠭᠤ ᠭᠡᠬᠦ ᠪᠣᠢ?》᠂ 《ᠪᠥᠭᠡᠵᠢ ᠴᠢᠨᠢ ᠬᠠᠮᠢᠭ᠎ᠠ ᠪᠠᠢᠨ᠎ᠠ ᠪᠣᠢ?》 ᠭᠡᠪᠡᠯ ᠶᠠᠭᠠᠬᠢᠬᠤ ᠪᠢᠯᠡ ᠭᠡᠵᠦ ᠪᠣᠳᠣᠭᠳᠠᠭᠠᠳ ᠬᠠᠷᠢᠭᠤ ᠨᠢ ᠣᠯᠳᠠᠬᠤ ᠦᠭᠡᠢ ᠪᠤᠬᠢᠨᠢᠳᠤᠨ ᠠᠶᠤᠵᠤ ᠡᠬᠢᠯᠡᠪᠡ᠃
  ᠵᠠᠮ ᠳ᠋ᠤᠨᠢ ᠪᠡᠯᠴᠢᠵᠦ ᠪᠠᠢᠭ᠎ᠠ ᠰᠤᠪᠠᠢ ᠠᠳᠤᠭᠤ ᠨᠢ ᠲᠠᠭᠠᠷᠠᠯᠳᠤᠬᠤ ᠳ᠋ᠤ᠌ ᠨᠣᠭᠲᠣ ᠶ᠋ᠢ ᠨᠢ ᠮᠤᠯᠲᠤᠯᠤᠨ ᠲᠠᠯᠪᠢᠪᠠ᠃ ᠭᠡᠷ ᠲᠡᠭᠡᠨ ᠣᠢᠷᠠᠲᠤᠨ ᠣᠴᠢᠬᠤ ᠳ᠋ᠤ᠌ ᠵᠡᠯ᠎ᠡ ᠤᠶᠠᠭᠠᠨ ᠳᠡᠭᠡᠷ᠎ᠡ ᠪᠠᠲᠤ ᠶ᠋ᠢᠨ ᠡᠮᠡᠭᠡᠯ ᠲᠡᠢ ᠦᠯᠦ ᠲᠠᠨᠢᠬᠤ ᠴᠠᠪᠢᠳᠠᠷ ᠮᠣᠷᠢ ᠪᠠᠢᠯ᠎ᠠ᠃
  ᠪᠠᠲᠤ ᠲᠡᠷᠡ ᠡᠳᠦᠷ ᠢᠲᠡᠭᠡᠯᠲᠦ ᠳ᠋ᠦ᠍ ᠰᠢᠷᠠᠯᠠᠬᠠᠭᠰᠠᠨ ᠳ᠋ᠠᠭᠠᠨ ᠬᠣᠷᠢᠨ ᠮᠥᠩᠭᠥᠨ ᠶᠠᠩᠴᠢᠶᠠᠨ ᠢ᠋ᠶ᠋ᠠᠷ ᠵᠠᠯᠠᠭᠤᠬᠠᠨ ᠪᠥᠭᠡᠳ ᠪᠡᠶ᠎ᠡ ᠪᠢᠯᠳᠠᠷ ᠰᠠᠢᠲᠠᠢ ᠳᠣᠣᠷ᠎ᠠ ᠪᠠᠨ ᠰᠠᠢᠬᠠᠨ ᠰᠠᠢᠪᠤᠷ ᠴᠠᠪᠢᠳᠠᠷ ᠮᠣᠷᠢ ᠠᠪᠴᠠᠢ᠃ ᠠᠱ᠌ᠢᠭᠦᠢ ᠲᠡᠷᠡ ᠡᠳᠦᠷ ᠭᠢᠴᠡᠭᠡᠨ᠎ᠡ ᠶ᠋ᠢᠨ ᠭᠣᠣᠯ ᠣᠷᠣᠬᠤ ᠪᠠᠷ ᠶᠠᠪᠤᠭᠰᠠᠨ ᠢᠲᠡᠭᠡᠯᠲᠦ ᠪᠤᠴᠠᠵᠤ ᠢᠷᠡᠭᠰᠡᠨ ᠦᠭᠡᠢ᠃
  ᠰᠥᠨᠢ ᠨᠢ ᠰᠣᠯᠣᠩᠭ᠎ᠠ ᠨᠥᠬᠥᠷ ᠲᠡᠭᠡᠨ ᠮᠣᠷᠢ ᠶᠠᠭᠤ ᠪᠠᠷ ᠠᠪᠤᠭᠰᠠᠨ ᠢ᠋ᠶ᠋ᠠᠨ ᠨᠢᠭᠡ ᠳ᠋ᠦ᠍ ᠨᠢᠭᠡ ᠦᠭᠡᠢ ᠶᠠᠷᠢᠪᠠ᠃
  ᠊᠊᠊᠊᠊᠊᠊᠊᠊᠊᠊᠊᠊᠊᠊ ᠢᠱ᠌ᠢ ᠡᠪᠦᠭᠡᠨ ᠮᠢᠨᠢ᠃ ᠠᠪᠤ ᠴᠢᠨᠢ ᠴᠢᠮ᠎ᠠ ᠡᠴᠡ ᠪᠥᠭᠡᠵᠢ ᠨᠡᠬᠡᠨ᠎ᠡ᠃ ᠡᠭᠦᠨ ᠡᠴᠡ ᠪᠣᠯᠵᠤ ᠬᠠᠳᠠᠮ ᠪᠢᠳᠡ ᠬᠣᠶᠠᠷ ᠤ᠋ᠨ ᠬᠠᠷᠢᠴᠠᠭ᠎ᠠ ᠤᠯᠠᠮ ᠮᠠᠭᠤᠳᠠᠨ᠎ᠠ᠃ ᠶᠡᠷᠦ ᠨᠢ ᠡᠨᠡ ᠬᠡᠭᠡᠷ ᠮᠣᠷᠢ ᠪᠢᠳᠡᠨ ᠳ᠋ᠦ᠍ ᠵᠢᠷᠭᠠᠯ ᠥᠭᠬᠦ ᠦᠭᠡᠢ᠂ ᠵᠣᠪᠠᠯᠠᠩ ᠯᠠ ᠠᠪᠴᠢᠷᠠᠬᠤ ᠪᠠᠢᠬᠤ ᠳᠠ᠃ ᠭᠡᠪᠡᠴᠦ ᠣᠳᠣ ᠲᠡᠭᠦᠨ ᠢ᠋ ᠶᠠᠷᠢᠬᠤ ᠶ᠋ᠢᠨ ᠬᠡᠷᠡᠭ ᠠᠯᠠᠭ᠎ᠠ᠃
  ᠊᠊᠊᠊᠊᠊᠊᠊᠊᠊᠊᠊᠊᠊᠊ ᠲᠡᠭᠡᠪᠡᠯ ᠪᠠᠳᠠᠷᠴᠢ ᠭᠤᠸᠠᠢ ᠳ᠋ᠤ᠌ ᠮᠣᠷᠢ ᠶ᠋ᠢ ᠨᠢ ᠪᠤᠴᠠᠭᠠᠵᠤ ᠥᠭᠬᠦ ᠤᠤ?
  ᠊᠊᠊᠊᠊᠊᠊᠊᠊᠊᠊᠊᠊᠊᠊ ᠴᠢᠰᠤ ᠪᠠᠷ ᠤᠬᠢᠯᠠᠵᠤ ᠭᠤᠶᠤᠭᠰᠠᠨ ᠴᠤ᠌ ᠲᠡᠷᠡ ᠪᠤᠴᠠᠭᠠᠬᠤ ᠦᠭᠡᠢ᠃
  ᠊᠊᠊᠊᠊᠊᠊᠊᠊᠊᠊᠊᠊᠊᠊ ᠲᠡᠭᠡᠪᠡᠯ ᠪᠥᠭᠡᠵᠢ ᠪᠡᠨ ᠪᠤᠴᠠᠭᠠᠨ ᠬᠤᠳᠠᠯᠳᠤᠵᠤ ᠠᠪᠤᠶ᠎ᠠ᠃
  ᠊᠊᠊᠊᠊᠊᠊᠊᠊᠊᠊᠊᠊᠊᠊ ᠬᠡᠭᠡᠷ ᠮᠣᠷᠢᠨ ᠳᠡᠭᠡᠷ᠎ᠡ ᠪᠡᠨ ᠪᠢᠳᠡ ᠬᠣᠶᠠᠷ ᠢ᠋ ᠨᠡᠮᠡᠭᠦᠯᠦᠭᠡᠳ ᠴᠦ᠍ ᠥᠭᠬᠦ ᠦᠭᠡᠢ ᠳᠡ᠃
  ᠊᠊᠊᠊᠊᠊᠊᠊᠊᠊᠊᠊᠊᠊᠊ ᠡᠵᠢ ᠳ᠋ᠦ᠍ ᠶᠠᠭ ᠢᠵᠢᠯ ᠪᠥᠭᠡᠵᠢ ᠪᠣᠢ ᠶ᠋ᠢ ᠭᠤᠶᠤᠵᠤ ᠠᠪᠤᠨ᠎ᠠ᠃
  ᠊᠊᠊᠊᠊᠊᠊᠊᠊᠊᠊᠊᠊᠊᠊ ᠬᠠᠳᠠᠮ ᠤ᠋ᠨ ᠭᠠᠷ ᠡᠴᠡ ᠡᠵᠢ ᠴᠢᠨᠢ ᠶᠠᠭᠠᠬᠢᠵᠤ ᠮᠤᠯᠲᠤᠷᠠᠬᠤ ᠪᠣᠢ?
  ᠊᠊᠊᠊᠊᠊᠊᠊᠊᠊᠊᠊᠊᠊᠊ ᠰᠤᠷᠤᠭᠰᠠᠨ ᠶᠤᠮ ᠪᠣᠯᠤᠨ᠎ᠠ ᠪᠠᠢᠬᠤ᠃ ᠬᠠᠷᠢᠨ ᠪᠠᠳᠠᠷᠴᠢ ᠭᠤᠸᠠᠢ ᠯᠠ ᠠᠪᠤ ᠳ᠋ᠤ᠌ ᠬᠡᠯᠡᠵᠦ ᠣᠷᠬᠢᠪᠠᠯ ᠶᠠᠭᠠᠬᠢᠨ᠎ᠠ ᠳᠠ᠃
  ᠊᠊᠊᠊᠊᠊᠊᠊᠊᠊᠊᠊᠊᠊᠊ ᠪᠠᠳᠠᠷᠴᠢ ᠬᠡᠯᠡᠬᠦ ᠦᠭᠡᠢ᠂ ᠬᠡᠭᠡᠷ᠎ᠡ ᠡᠴᠡ ᠣᠯᠤᠭᠰᠠᠨ ᠣᠯᠵᠠᠨ ᠳ᠋ᠠᠭᠠᠨ ᠪᠠᠶᠠᠷᠯᠠᠭᠠᠳ ᠮᠤᠤᠷ ᠬᠢᠮᠤᠰᠤ ᠪᠠᠨ ᠨᠢᠭᠤᠳᠠᠭ ᠰᠢᠭ᠋ ᠨᠢᠭᠤᠨ᠎ᠠ᠃ ᠬᠠᠷᠢᠨ ᠬᠡᠭᠡᠷ ᠮᠣᠷᠢ ᠶ᠋ᠢ ᠮᠥᠩᠭᠥ ᠪᠡᠷ ᠠᠪᠤᠭᠰᠠᠨ ᠭᠡᠵᠦ ᠶᠠᠷᠢᠨ᠎ᠠ ᠰᠢᠦ᠃
  ᠮᠠᠷᠭᠠᠰᠢ ᠨᠢ ᠠᠳᠤᠭᠤ ᠮᠠᠨᠠᠵᠤ ᠢᠷᠡᠭᠰᠡᠨ ᠭᠠᠯᠰᠠᠩ᠄
  ᠊᠊᠊᠊᠊᠊᠊᠊᠊᠊᠊᠊᠊᠊᠊ ᠪᠠᠳᠠᠷᠴᠢ ᠶ᠋ᠢᠨ ᠬᠡᠭᠡᠷ ᠮᠣᠷᠢ ᠮᠠᠨ ᠤ᠋ ᠠᠳᠤᠭᠤᠨ ᠳ᠋ᠤ᠌ ᠨᠡᠢᠯᠡᠵᠦ ᠣᠷᠬᠢᠵᠠᠢ ᠭᠡᠬᠦ ᠳ᠋ᠦ᠍ᠨᠢ᠄
  ᠊᠊᠊᠊᠊᠊᠊᠊᠊᠊᠊᠊᠊᠊᠊ ᠪᠢ ᠥᠴᠥᠭᠡᠳᠦᠷ ᠬᠤᠳᠠᠯᠳᠤᠵᠤ ᠠᠪᠤᠭᠰᠠᠨ ᠶᠤᠮ᠃ ᠡᠯᠭᠦᠭᠡᠳ ᠠᠯᠢ! ᠭᠡᠵᠦ ᠪᠠᠲᠤ ᠬᠡᠯᠡᠵᠦ ᠪᠢᠯᠡ᠃
  ᠬᠡᠭᠡᠷ ᠮᠣᠷᠢ ᠶ᠋ᠢ ᠤᠨᠤᠭᠠᠳ ᠲᠠᠩᠬᠢᠮ ᠤ᠋ᠨ ᠵᠦᠭ ᠶᠠᠪᠤᠵᠤ ᠪᠠᠢᠬᠤ ᠳ᠋ᠠᠭᠠᠨ ᠪᠠᠲᠤ ᠡᠬᠡᠨᠡᠷ ᠦ᠋ᠨ ᠢ᠋ᠶ᠋ᠡᠨ ᠰᠠᠢᠬᠠᠨ ᠰᠡᠳᠬᠢᠯ᠂ ᠢᠲᠡᠭᠡᠯᠲᠦ ᠶ᠋ᠢᠨ ᠬᠠᠲᠠᠭᠤ ᠵᠠᠩ ᠢ᠋ ᠪᠣᠳᠣᠵᠤ ᠡᠴᠢᠭᠡ ᠥᠬᠢᠨ ᠬᠣᠶᠠᠷ ᠤ᠋ᠨ ᠨᠢᠭᠡᠨ ᠳ᠋ᠦ᠍ᠨᠢ ᠬᠣᠷᠣᠰᠴᠤ ᠨᠥᠭᠦᠭᠡ ᠳ᠋ᠦ᠍ᠨᠢ ᠪᠠᠶᠠᠷᠯᠠᠨ᠎ᠠ᠃
  《ᠰᠣᠯᠣᠩᠭ᠎ᠠ ᠪᠠᠨ ᠪᠣᠳᠣᠭᠠᠳ ᠯᠠ ᠲᠡᠪᠴᠢᠭᠡᠳ ᠪᠠᠢᠶ᠎ᠠ᠃ ᠭᠡᠪᠡᠴᠦ ᠲᠡᠪᠴᠢᠶᠡᠷᠢ ᠳ᠋ᠦ᠍ ᠡᠴᠦᠰ ᠪᠣᠢ᠃ ᠲᠡᠭᠡᠭᠡᠳ ᠨᠢᠭᠡ ᠡᠳᠦᠷ ᠬᠠᠳᠠᠮ ᠪᠢᠳᠡ ᠬᠣᠶᠠᠷ ᠤ᠋ᠨ ᠳᠤᠮᠳᠠ ᠡᠴᠡ ᠲᠦᠢᠮᠡᠷ ᠠᠰᠠᠪᠠᠯ ᠶᠠᠭᠠᠬᠢᠨ᠎ᠠ ᠳᠠ᠃ ᠪᠢ ᠯᠡ ᠬᠠᠳᠠᠮ ᠤ᠋ᠨ ᠠᠶ᠎ᠠ ᠶ᠋ᠢ ᠬᠠᠷᠠᠵᠤ ᠲᠡᠭᠦᠨ ᠦ᠌ ᠵᠠᠷᠤᠴᠠ ᠨᠢ ᠪᠣᠯᠬᠤ ᠦᠭᠡᠢ᠃ ᠠᠯᠲᠠ ᠳᠡᠪᠢᠰᠴᠦ ᠦᠭᠪᠡᠴᠦ ᠰᠤᠷᠭᠠᠭᠤᠯᠢ ᠶ᠋ᠢᠨ ᠬᠠᠶᠠᠭ᠎ᠠ ᠡᠴᠡ ᠰᠠᠯᠬᠤ ᠦᠭᠡᠢ᠃ ᠰᠣᠯᠣᠩᠭ᠎ᠠ ᠮᠢᠨᠢ ᠨᠠᠮᠠᠶ᠋ᠢ ᠯᠠ ᠳᠠᠭᠠᠬᠤ ᠪᠠᠢᠬᠤ》 ᠭᠡᠬᠦ ᠵᠡᠷᠭᠡ ᠪᠣᠳᠣᠵᠤ ᠶᠠᠪᠤᠯ᠎ᠠ᠃