ᠲᠤᠩᠭᠠᠯᠠᠭ ᠲᠠᠮᠢᠷ4-08-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠪᠤᠷᠤᠭᠤ ᠬᠠᠷᠠᠵᠤ ᠤᠬᠢᠯᠠᠨ᠂ ᠵᠥᠪ ᠬᠠᠷᠠᠵᠤ ᠢᠨᠢᠶᠡᠨ》 - ᠳᠥᠷᠪᠡᠳᠦᠭᠡᠷ ᠪᠦᠯᠦᠭ ᠨᠠᠢ᠍ᠮᠠ
ᠢᠲᠡᠭᠡᠯᠲᠦ ᠶ᠋ᠢᠨ ᠬᠣᠲᠠ ᠲᠠᠪᠠᠲᠠᠢ ᠰᠠᠢᠬᠠᠨ ᠡᠪᠦᠯᠵᠢᠵᠦ ᠬᠥᠷᠥᠩᠭᠡ ᠨᠢ ᠠᠷᠪᠢᠵᠢᠨ᠂ ᠡᠵᠡᠨ ᠦ᠌ ᠰᠡᠳᠬᠢᠯ ᠬᠠᠩᠭᠠᠯᠤᠭᠤᠨ ᠪᠠᠢᠯ᠎ᠠ᠃ ᠡᠨᠡ ᠬᠣᠲᠠ ᠠᠢᠯ ᠤ᠋ᠨ ᠠᠮᠢᠳᠤᠷᠠᠯ ᠢ᠋ ᠰᠦᠷᠦᠩ ᠬᠡᠦᠬᠡᠨ ᠬᠥᠲᠥᠯᠵᠦ᠂ ᠢᠲᠡᠭᠡᠯᠲᠦ ᠠᠷᠠᠯᠵᠢᠶ᠎ᠠ ᠮᠠᠢᠮᠠᠢ ᠬᠢᠬᠦ᠂ ᠥᠷᠢ ᠰᠢᠷᠢ ᠨᠡᠬᠡᠬᠦ ᠵᠡᠷᠭᠡ ᠭᠠᠳᠠᠭᠤᠷ ᠠᠵᠢᠯ ᠢ᠋ ᠪᠦᠲᠦᠭᠡᠨ᠎ᠡ᠃ ᠪᠠᠰᠠ ᠵᠠᠷᠢᠮ ᠳ᠋ᠠᠭᠠᠨ ᠣᠯᠠᠨ ᠲᠠᠢ ᠨᠡᠢᠯᠡᠵᠦ ᠠᠩ ᠬᠦᠷᠦᠭᠡ ᠬᠥᠭᠡᠭᠡᠴᠡᠯᠳᠦᠨ᠎ᠡ᠃ ᠥᠩᠭᠡᠷᠡᠭᠰᠡᠨ ᠨᠠᠮᠤᠷ ᠬᠣᠶᠠᠷ ᠤᠳᠠᠭ᠎ᠠ ᠦᠨᠡᠭᠡᠨ ᠦ᠌ ᠠᠪᠠ ᠬᠢᠭᠰᠡᠨ ᠪᠠ ᠵᠢᠩ ᠳ᠋ᠦ᠍ ᠶᠠᠪᠤᠬᠤ ᠶ᠋ᠢᠨ ᠡᠮᠦᠨ᠎ᠡ ᠴᠢᠨᠣ᠎ᠠ ᠠᠪᠠᠯᠠᠵᠠᠢ᠃ ᠳᠠᠷᠠᠭ᠎ᠠ ᠨᠢ ᠬᠣᠲᠠ ᠶᠠᠪᠤᠵᠤ ᠰᠢᠷ᠎ᠠ ᠲᠣᠰᠣ᠂ ᠰᠦ ᠵᠡᠷᠭᠡ ᠴᠠᠭᠠᠨ ᠢᠳᠡᠭᠡᠨ ᠦ᠌ ᠮᠠᠢᠮᠠᠢ ᠬᠢᠬᠦ ᠶ᠋ᠢᠨ ᠭᠠᠳᠠᠨ᠎ᠠ ᠠᠮᠪᠠᠨ ᠱᠠᠷ ᠬᠡᠳᠦ ᠶ᠋ᠢ ᠵᠠᠷᠤᠭᠠᠳ ᠢᠷᠡᠵᠡᠢ᠃
ᠰᠣᠯᠣᠩᠭ᠎ᠠ ᠶ᠋ᠢᠨ ᠬᠡᠦᠬᠡᠳ ᠬᠡᠵᠢᠶ᠎ᠡ ᠬᠡᠵᠢᠶ᠎ᠡ ᠦᠭᠡᠢ ᠭᠠᠷᠬᠤ ᠪᠣᠯᠪᠠ᠃ 《ᠬᠦᠦ ᠮᠢᠨᠢ ᠬᠥᠳᠡᠯᠵᠦ ᠯᠡ ᠪᠠᠢ᠃ ᠬᠡᠦᠬᠡᠳ ᠭᠡᠳᠡᠰᠦᠨ ᠳᠣᠲᠣᠷ᠎ᠠ ᠪᠠᠨ ᠲᠠᠷᠭᠤᠯᠠᠴᠢᠬᠠᠪᠠᠯ ᠭᠠᠷᠬᠤ ᠳ᠋ᠠᠭᠠᠨ ᠵᠣᠪᠠᠭᠠᠳᠠᠭ ᠶᠤᠮ!》 ᠭᠡᠵᠦ ᠳᠤᠯᠵᠢᠨ ᠴᠠᠭ ᠦᠷᠭᠦᠯᠵᠢ ᠬᠡᠯᠡᠳᠡᠭ ᠪᠣᠯᠬᠣᠷ ᠰᠣᠯᠣᠩᠭ᠎ᠠ ᠬᠣᠲᠠ ᠠᠷᠢᠯᠭᠠᠬᠤ᠂ ᠦᠨᠢᠶ᠎ᠡ ᠰᠠᠭᠠᠬᠤ ᠵᠡᠷᠭᠡ ᠠᠵᠢᠯ ᠡᠴᠡ ᠬᠣᠴᠣᠷᠳᠠᠭ ᠦᠭᠡᠢ ᠪᠠᠢᠯ᠎ᠠ᠃
ᠪᠠᠲᠤ ᠶ᠋ᠢ ᠶᠠᠪᠤᠭᠰᠠᠨ ᠡᠴᠡ ᠬᠣᠢᠰᠢ ᠲᠡᠳᠡᠨ ᠦ᠌ ᠭᠡᠷ ᠢ᠋ ᠪᠠᠭᠤᠯᠭᠠᠵᠤ ᠬᠦᠷᠢᠶᠡᠨ ᠳᠡᠭᠡᠷ᠎ᠡ ᠠᠪᠠᠴᠢᠭᠠᠳ ᠬᠤᠷᠢᠶᠠᠭᠰᠠᠨ ᠤᠴᠢᠷ ᠰᠣᠯᠣᠩᠭ᠎ᠠ ᠶᠡᠬᠡ ᠭᠡᠷ ᠲᠦ᠍ ᠪᠠᠢᠳᠠᠭ ᠪᠣᠯᠪᠠ᠃ ᠬᠠᠷᠢᠨ ᠠᠷᠪᠠᠭᠠᠳ ᠬᠣᠨᠣᠭ ᠤ᠋ᠨ ᠡᠮᠦᠨ᠎ᠡ ᠬᠣᠩᠭᠣᠷ ᠣᠲᠣᠷ ᠤ᠋ᠨ ᠠᠳᠤᠭᠤᠨ ᠳᠡᠭᠡᠷ᠎ᠡ ᠣᠴᠢᠬᠤ ᠨᠡᠷ᠎ᠡ ᠪᠡᠷ ᠠᠯᠠᠭ᠎ᠠ ᠪᠣᠯᠤᠭᠰᠠᠨ ᠪᠣᠯᠬᠣᠷ ᠰᠦᠷᠦᠩ ᠳ᠋ᠦ᠍ ᠬᠠᠨᠢ ᠪᠣᠯᠵᠤ ᠬᠣᠩᠭᠣᠷ ᠤ᠋ᠨ ᠭᠡᠷ ᠲᠦ᠍ ᠬᠣᠨᠣᠳᠠᠭ ᠪᠣᠯᠵᠠᠢ᠃
ᠨᠢᠭᠡ ᠡᠳᠦᠷ ᠢᠲᠡᠭᠡᠯᠲᠦ ᠶ᠋ᠢᠨ ᠳ᠋ᠦ᠍ ᠡᠯᠢᠭᠡᠨ ᠬᠦᠷᠡᠩ ᠲᠣᠷᠭᠠᠨ ᠳᠡᠪᠡᠯ ᠲᠡᠢ ᠵᠠᠯᠠᠭᠤ ᠢᠷᠡᠯ᠎ᠡ᠃ ᠡᠨᠡ ᠪᠣᠯ ᠵᠢᠷᠭᠠᠯ ᠪᠠᠢᠯ᠎ᠠ᠃ ᠪᠠᠲᠤ ᠲᠡᠭᠦᠨ ᠢ᠋ ᠠᠢᠮᠠᠭ ᠤᠷᠤᠭᠤ ᠰᠤᠷᠭᠠᠭᠤᠯᠢ ᠶ᠋ᠢᠨ ᠮᠥᠩᠭᠥ ᠠᠪᠬᠤ ᠪᠠᠷ ᠶᠠᠪᠤᠭᠤᠯᠬᠤ ᠳ᠋ᠠᠭᠠᠨ ᠵᠠᠮ ᠮᠤᠷᠤᠢᠵᠤ ᠰᠣᠯᠣᠩᠭ᠎ᠠ ᠲᠠᠢ ᠠᠭᠤᠯᠵᠠᠭᠠᠳ ᠢᠷᠡᠬᠦ ᠶ᠋ᠢ ᠵᠠᠬᠢᠵᠠᠢ᠃ ᠮᠥᠨ ᠰᠣᠯᠣᠩᠭ᠎ᠠ ᠳ᠋ᠤ᠌ ᠵᠠᠬᠢᠶ᠎ᠠ ᠪᠠᠰᠠ ᠳᠡᠪᠡᠯ ᠦ᠋ᠨ ᠲᠣᠷᠭ᠎ᠠ ᠵᠡᠷᠭᠡ ᠶᠠᠭᠤᠮ᠎ᠠ ᠶᠠᠪᠤᠭᠤᠯᠤᠭᠰᠠᠨ ᠶᠤᠮ᠃
ᠰᠣᠯᠣᠩᠭ᠎ᠠ ᠬᠢᠵᠠᠭᠠᠷ ᠦᠭᠡᠢ ᠪᠠᠶᠠᠷᠯᠠᠵᠤ ᠪᠠᠲᠤ ᠶ᠋ᠢᠨ ᠬᠠᠯᠠᠭᠤᠨ ᠳᠣᠲᠣᠨᠣ ᠶ᠋ᠢᠨ ᠦᠭᠡ ᠲᠡᠢ ᠵᠠᠬᠢᠶ᠎ᠠ ᠶ᠋ᠢ ᠵᠢᠷᠭᠠᠯ ᠢ᠋ᠶ᠋ᠠᠷ ᠬᠡᠳᠦ ᠳᠠᠬᠢᠨ ᠤᠩᠰᠢᠭᠤᠯᠬᠤ ᠳ᠋ᠠᠭᠠᠨ ᠨᠢᠯᠪᠤᠰᠤ ᠠᠰᠬᠠᠷᠠᠭᠤᠯᠤᠨ ᠪᠠᠢᠪᠠ᠃
ᠪᠠᠲᠤ ᠶ᠋ᠢᠨ ᠡᠯᠴᠢ ᠢᠷᠡᠭᠰᠡᠨ ᠳ᠋ᠦ᠍ ᠢᠲᠡᠭᠡᠯᠲᠦ ᠢᠯᠡᠷᠬᠡᠢ ᠳᠤᠷ᠎ᠠ ᠦᠭᠡᠢᠴᠡᠭᠰᠡᠨ ᠴᠦ᠍ ᠦᠭᠡᠢ ᠂ ᠭᠡᠬᠦ ᠳ᠋ᠡᠭᠡᠨ ᠪᠠᠶᠠᠷᠯᠠᠭᠰᠠᠨ ᠦᠭᠡᠢ᠃ ᠡᠪᠦᠯ ᠦ᠋ᠨ ᠤᠷᠲᠤ ᠰᠥᠨᠢ ᠤᠢᠳᠤᠭᠰᠠᠨ ᠰᠦᠷᠦᠩ᠂ ᠰᠣᠯᠣᠩᠭ᠎ᠠ ᠬᠣᠶᠠᠷ ᠵᠢᠷᠭᠠᠯ ᠲᠠᠢ ᠱᠠᠭ᠎ᠠ ᠰᠢᠭᠦᠷᠴᠤ ᠬᠤᠵᠢᠷᠬᠠᠢ ᠪᠠᠨ ᠲᠠᠨᠢᠲᠠᠯᠠ ᠲᠣᠭᠯᠠᠪᠠ᠃
ᠢᠷᠡᠬᠦ ᠳ᠋ᠡᠭᠡᠨ ᠮᠠᠷᠭᠠᠰᠢ ᠶᠠᠪᠤᠨ᠎ᠠ ᠭᠡᠵᠦ ᠪᠠᠢᠭᠰᠠᠨ ᠵᠢᠷᠭᠠᠯ᠂ ᠮᠠᠷᠭᠠᠰᠢ ᠨᠢ ᠪᠣᠯᠬᠤ ᠪᠠᠷ ᠳᠠᠬᠢᠨ ᠨᠢᠭᠡ ᠬᠣᠨᠣᠵᠤ ᠮᠣᠷᠢ ᠪᠠᠨ ᠠᠮᠠᠷᠠᠭᠠᠭᠠᠳ ᠶᠠᠪᠤᠶ᠎ᠠ ᠭᠡᠯᠡ᠃ ᠭᠡᠪᠡᠴᠦ ᠦᠨᠡᠨ ᠤᠴᠢᠷ ᠡᠭᠦᠨ ᠳ᠋ᠦ᠍ ᠪᠢᠰᠢ ᠪᠠᠢᠯ᠎ᠠ᠃
ᠰᠦᠷᠦᠩ ᠦ᠋ᠨ ᠬᠥᠭᠵᠢᠭᠦᠨ ᠵᠠᠳᠠᠭᠠᠢ ᠠᠭᠠᠰᠢ᠂ ᠲᠣᠷᠮᠣᠯᠵᠠᠭᠰᠠᠨ ᠬᠠᠷ᠎ᠠ ᠨᠢᠳᠦ᠂ ᠨᠢᠮᠭᠡᠨ ᠴᠠᠭᠠᠨ ᠴᠢᠷᠠᠢ ᠲᠡᠭᠦᠨ ᠦ᠌ ᠰᠡᠳᠬᠢᠯ ᠢ᠋ ᠬᠥᠨᠳᠡᠵᠡᠢ᠃ ᠬᠣᠩᠭᠣᠷ ᠤ᠋ᠨ ᠲᠡᠨᠦᠮᠡᠯ ᠠᠮᠢᠳᠤᠷᠠᠯ᠂ ᠢᠯᠠᠩᠭᠤᠶ᠎ᠠ ᠲᠡᠷᠡᠪᠢᠰᠢ ᠬᠡᠦᠬᠡᠨ ᠲᠡᠢ ᠬᠢᠭᠰᠡᠨ ᠨᠢᠭᠦᠯ ᠳ᠋ᠦ᠍ ᠬᠣᠷᠣ ᠨᠢ ᠬᠥᠳᠡᠯᠵᠦ ᠪᠠᠢᠭᠰᠠᠨ ᠰᠦᠷᠦᠩ ᠴᠦ᠍ ᠬᠦᠷᠡᠩ ᠪᠣᠷᠣ ᠴᠢᠷᠠᠢᠲᠠᠢ᠂ ᠪᠦᠳᠦᠭᠦᠨ ᠬᠠᠩᠬᠠᠷ ᠪᠡᠶᠡᠲᠡᠢ ᠵᠠᠯᠠᠭᠤ ᠪᠠᠭᠰᠢ ᠶ᠋ᠢ ᠠᠩᠬᠠᠷᠬᠤ ᠦᠭᠡᠢ ᠥᠩᠭᠡᠷᠡᠭᠡᠬᠦ ᠦᠭᠡᠢ ᠪᠢᠯᠡ᠃
ᠬᠣᠶᠠᠷ ᠵᠠᠯᠠᠭᠤ ᠬᠥᠮᠦᠨ ᠪᠡᠶ᠎ᠡ ᠪᠡᠶ᠎ᠡ ᠳ᠋ᠡᠭᠡᠨ ᠲᠠᠯ᠎ᠠ ᠲᠠᠢ ᠪᠣᠯ ᠲᠡᠭᠦᠨ ᠢ᠋ᠶ᠋ᠡᠨ ᠮᠡᠳᠡᠬᠦ ᠦᠭᠡᠢ ᠥᠩᠭᠡᠷᠡᠬᠦ ᠨᠢ ᠲᠤᠩ ᠬᠣᠪᠣᠷ ᠪᠠᠢᠳᠠᠭ ᠪᠢᠯᠡ᠃ ᠡᠨᠡ ᠴᠦ᠍ ᠤᠴᠢᠷ ᠡᠴᠡ ᠱᠠᠭ᠎ᠠ ᠲᠣᠭᠯᠠᠵᠤ ᠪᠠᠢᠬᠤ ᠳ᠋ᠠᠭᠠᠨ ᠰᠦᠷᠦᠩ ᠢ᠋ ᠣᠢᠯᠠᠭᠠᠭᠰᠠᠨ ᠵᠢᠷᠭᠠᠯ ᠳᠠᠬᠢᠨ ᠨᠢᠭᠡ ᠬᠣᠨᠣᠭᠠᠳ ᠶᠠᠪᠤᠬᠤ ᠪᠠᠷ ᠰᠢ᠌ᠤᠠᠴᠠᠢ᠃ ᠡᠷ᠎ᠡ ᠬᠥᠮᠦᠨ ᠦ᠌ ᠵᠠᠮ ᠳ᠋ᠤ᠌ ᠶᠠᠭᠤ ᠡᠰᠡ ᠲᠣᠬᠢᠶᠠᠯᠳᠤᠬᠤ ᠪᠣᠢ᠃
ᠢᠩᠭᠢᠭᠡᠳ ᠣᠷᠣᠢ ᠨᠢ ᠶᠡᠬᠡ ᠭᠡᠷ ᠲᠦ᠍ ᠬᠣᠭᠣᠯᠠ ᠢᠳᠡᠵᠦ ᠪᠠᠢᠲᠠᠯ᠎ᠠ ᠰᠣᠯᠣᠩᠭ᠎ᠠ ᠳᠤᠩᠰᠢᠨ ᠡᠪᠡᠳᠴᠦ ᠡᠬᠢᠯᠡᠪᠡ᠃
᠊᠊᠊᠊᠊᠊᠊᠊᠊᠊᠊᠊᠊᠊᠊ ᠬᠦᠦ ᠮᠢᠨᠢ ᠥᠨᠥ ᠰᠥᠨᠢ ᠲᠣᠭᠯᠠᠭᠠᠳ ᠶᠠᠭᠠᠬᠢᠬᠤ ᠪᠣᠢ᠂ ᠡᠵᠢ ᠶ᠋ᠢᠨ ᠢ᠋ᠶ᠋ᠡᠨ ᠳᠡᠷᠭᠡᠳᠡ ᠤᠨᠲᠠ ᠭᠡᠵᠦ ᠳᠤᠯᠵᠢᠨ ᠬᠡᠯᠡᠵᠡᠢ᠃
ᠳᠤᠯᠵᠢᠨ ᠤ᠋ ᠡᠨᠡ ᠦᠭᠡ ᠶ᠋ᠢ ᠰᠦᠷᠦᠩ ᠳᠣᠣᠷ᠎ᠠ ᠨᠢ ᠠᠰᠢᠭᠯᠠᠵᠤ 《ᠲᠠ ᠨᠠᠳᠠ ᠲᠠᠢ ᠬᠠᠨᠢ ᠪᠣᠯᠵᠤ ᠮᠠᠨ ᠤ᠋ ᠳ᠋ᠤ᠌ ᠤᠨᠲᠠᠭᠠᠴᠢ》 ᠭᠡᠵᠦ ᠵᠢᠷᠭᠠᠯ ᠡᠴᠡ ᠭᠤᠶᠤᠪᠠ᠃
ᠡᠨᠡ ᠦᠭᠡ ᠶ᠋ᠢᠨ ᠳᠠᠯᠳᠠ ᠤᠴᠢᠷ ᠢ᠋ ᠣᠢᠯᠠᠭᠠᠭᠰᠠᠨ ᠢᠲᠡᠭᠡᠯᠲᠦ 《ᠪᠦᠭᠦᠳᠡ ᠯᠡ ᠡᠨᠳᠡ ᠪᠡᠨ ᠤᠨᠲᠠᠶ᠎ᠠ᠃ ᠰᠥᠨᠢ ᠰᠣᠯᠣᠩᠭ᠎ᠠ ᠬᠥᠩᠭᠡᠷᠡᠬᠦ ᠪᠣᠯᠪᠠᠯ ᠪᠦᠭᠦᠳᠡ ᠪᠠᠢ᠌ᠯ ᠦᠭᠡᠢ ᠪᠣᠯᠬᠤ ᠦᠭᠡᠢ》 ᠭᠡᠯᠡ᠃
᠊᠊᠊᠊᠊᠊᠊᠊᠊᠊᠊᠊᠊᠊᠊ ᠭᠠᠢ ᠦᠭᠡᠢ ᠪᠠᠢᠯᠭᠦᠢ ᠳᠡ᠃ ᠭᠡᠷ ᠡᠵᠡᠨ ᠦᠭᠡᠢ ᠣᠷᠬᠢᠵᠤ ᠪᠣᠯᠬᠤ ᠦᠭᠡᠢ᠂ ᠰᠣᠯᠣᠩᠭ᠎ᠠ ᠡᠪᠡᠳᠪᠡᠯ ᠳᠠᠭᠤᠳᠠᠭᠠᠷᠠᠢ ᠭᠡᠳ ᠰᠦᠷᠦᠩ ᠵᠢᠷᠭᠠᠯ ᠢ᠋ ᠳᠠᠭᠠᠭᠤᠯᠤᠨ ᠶᠠᠪᠤᠵᠠᠢ᠃
ᠠᠬ᠎ᠠ ᠶ᠋ᠢᠨ ᠬᠢᠨᠢ ᠡᠬᠡᠨᠡᠷ ᠨᠥᠬᠥᠷ ᠦ᠋ᠨ ᠬᠢᠨᠢ ᠨᠠᠢᠵᠠ ᠲᠠᠢ ᠨᠢᠭᠡ ᠯᠡ ᠪᠢᠰᠢ ᠶ᠋ᠢ ᠬᠠᠷᠠᠭᠠᠳ ᠰᠣᠯᠣᠩᠭ᠎ᠠ ᠬᠠᠷᠠᠳᠠᠬᠤ ᠰᠡᠳᠬᠢᠯ ᠲᠥᠷᠥᠵᠦ ᠪᠠᠢᠭᠰᠠᠨ ᠪᠣᠯᠪᠠᠴᠤ ᠳᠤᠩᠰᠢᠨ ᠡᠪᠡᠳᠵᠦ ᠪᠠᠢᠭᠰᠠᠨ ᠡᠴᠡ ᠰᠦᠷᠦᠩ᠂ ᠵᠢᠷᠭᠠᠯ ᠬᠣᠶᠠᠷ ᠢ᠋ ᠭᠠᠷᠬᠤ ᠳ᠋ᠤ᠌ ᠶᠠᠮᠠᠷ ᠴᠤ᠌ ᠰᠠᠭᠠᠳ ᠬᠢᠵᠦ ᠴᠢᠳᠠᠭᠰᠠᠨ ᠦᠭᠡᠢ᠃
ᠢᠲᠡᠭᠡᠯᠲᠦ ᠶ᠋ᠢᠨ ᠬᠣᠷᠣ ᠬᠥᠳᠡᠯᠵᠦ ᠠᠷᠭ᠎ᠠ ᠨᠢ ᠪᠠᠷᠠᠭᠳᠠᠵᠤ ᠪᠠᠢᠭᠰᠠᠨ ᠠᠪᠠᠴᠤ ᠪᠡᠷᠢ ᠳ᠋ᠡᠭᠡᠨ ᠲᠡᠭᠦᠨ ᠢ᠋ ᠪᠡᠨ ᠬᠡᠷᠬᠢᠨ ᠢᠯᠡ ᠭᠠᠷᠭᠠᠵᠤ ᠪᠣᠯᠬᠤ ᠪᠢᠯᠡ᠃ ᠪᠠᠰᠠ ᠲᠡᠭᠡᠭᠡᠳ ᠳᠤᠯᠵᠢᠨ ᠤ᠋ ᠠᠮᠠ ᠠᠰᠠᠭᠤᠯᠲᠠ ᠡᠴᠡ ᠵᠢᠪᠡᠭᠦᠴᠡᠵᠦ ᠪᠠᠢᠯ᠎ᠠ᠃
ᠶᠠᠭᠤ ᠴᠤ᠌ ᠯᠠ ᠭᠡᠰᠡᠨ ᠲᠡᠳᠦᠢ ᠯᠡ ᠤᠳᠠᠯ ᠦᠭᠡᠢ ᠬᠣᠩᠭᠣᠷ ᠤ᠋ᠨ ᠭᠡᠷ ᠲᠦ᠍ ᠵᠢᠷᠭᠠᠯ ᠳ᠋ᠤ᠌ ᠵᠣᠷᠢᠭᠤᠯᠤᠨ ᠵᠠᠰᠠᠭᠰᠠᠨ ᠣᠷᠣ ᠬᠣᠭᠣᠰᠣᠷᠠᠵᠤ ᠰᠦᠷᠦᠩ ᠵᠢᠷᠭᠠᠯ ᠬᠣᠶᠠᠷ ᠬᠠᠮᠲᠤ ᠬᠡᠪᠲᠡᠪᠡ᠃
ᠵᠢᠷᠭᠠᠯ ᠳ᠋ᠤ᠌ ᠬᠣᠯᠠ ᠶ᠋ᠢᠨ ᠰᠡᠳᠬᠢᠯ ᠡᠷᠭᠢᠯᠳᠦᠵᠦ ᠪᠠᠢᠯ᠎ᠠ᠃ ᠰᠦᠷᠦᠩ ᠢ᠋ ᠬᠣᠩᠭᠣᠷ ᠡᠴᠡ ᠰᠠᠯᠭᠠᠵᠤ ᠰᠠᠭᠤᠬᠤ ᠲᠤᠬᠠᠢ ᠴᠤ᠌ ᠪᠣᠳᠣᠭᠳᠠᠵᠤ ᠪᠢᠯᠡ᠃
᠊᠊᠊᠊᠊᠊᠊᠊᠊᠊᠊᠊᠊᠊᠊ ᠪᠢ ᠭᠡᠳᠡᠭ ᠬᠥᠮᠦᠨ ᠬᠠᠨᠢ ᠢᠵᠢᠯᠢ ᠪᠠᠢᠬᠤ ᠦᠭᠡᠢ ᠭᠡᠵᠦ ᠵᠢᠷᠭᠠᠯ ᠲᠦᠭᠳᠡᠴᠢᠨ ᠬᠡᠯᠡᠬᠦ ᠳ᠋ᠦ᠍ ᠰᠦᠷᠦᠩ ᠶᠣᠵᠣᠲᠠᠢ ᠢᠨᠢᠶᠡᠮᠰᠦᠭᠯᠡᠭᠰᠡᠨ ᠢ᠋ᠶ᠋ᠡᠨ᠂
᠊᠊᠊᠊᠊᠊᠊᠊᠊᠊᠊᠊᠊᠊᠊ ᠣᠯᠤᠭᠠᠳ ᠯᠠ ᠠᠪᠬᠤ ᠦᠭᠡᠢ ᠤᠤ᠂ ᠨᠥᠬᠥᠷ ᠦᠭᠡᠢ ᠰᠠᠢᠬᠠᠨ ᠬᠡᠦᠬᠡᠨ ᠨᠦ᠍ᠭᠦᠳ ᠠᠯᠢ ᠶ᠋ᠢ ᠨᠢ ᠲᠡᠷᠡ ᠭᠡᠬᠦ ᠪᠣᠢ ᠭᠡᠯᠡ᠃
ᠰᠦᠷᠦᠩ ᠦ᠋ᠨ ᠬᠤᠪᠢ ᠳ᠋ᠤ᠌ ᠪᠣᠯ ᠵᠢᠷᠭᠠᠯ ᠲᠠᠢ ᠰᠠᠭᠤᠬᠤ ᠲᠤᠬᠠᠢ ᠪᠣᠳᠣᠯ ᠣᠭᠲᠣ ᠪᠠᠢᠬᠤ ᠦᠭᠡᠢ᠃ ᠵᠥᠪᠬᠡᠨ ᠬᠣᠩᠭᠣᠷ ᠡᠴᠡ ᠬᠠᠷᠢᠭᠤ ᠪᠠᠨ ᠠᠪᠬᠤ ᠲᠤᠬᠠᠢ ᠯᠠ ᠪᠣᠳᠣᠭᠰᠠᠨ᠃ ᠲᠡᠷᠡ ᠴᠦ᠍ ᠤᠴᠢᠷ ᠡᠴᠡ 《ᠬᠤᠪᠤᠨ ᠬᠠᠷ᠎ᠠ ᠴᠢ ᠨᠠᠮᠠᠶ᠋ᠢ ᠳᠠᠷᠤᠯᠠᠳᠠᠭ ᠪᠢᠯᠡ ᠤᠤ? ᠪᠢ ᠴᠢᠨᠦ ᠪᠣᠭᠣᠯ ᠴᠢᠨᠢ ᠪᠢᠰᠢ》 ᠭᠡᠵᠦ ᠪᠣᠳᠣᠬᠤ ᠳ᠋ᠤ᠌ ᠰᠡᠳᠬᠢᠯ ᠳ᠋ᠦ᠍ᠨᠢ ᠪᠠᠢᠭᠰᠠᠨ ᠬᠠᠷ᠎ᠠ ᠪᠥᠭᠯᠡᠭᠡ ᠠᠯᠠᠭ᠎ᠠ ᠪᠣᠯᠤᠭᠰᠠᠨ ᠰᠢᠭ᠋ ᠨᠢᠭᠡ ᠯᠡ ᠠᠶᠠᠲᠠᠢᠬᠠᠨ ᠪᠠᠢᠯ᠎ᠠ᠃
᠊᠊᠊᠊᠊᠊᠊᠊᠊᠊᠊᠊᠊᠊᠊ ᠴᠢ ᠣᠳᠣ ᠣᠷᠣᠨ ᠳᠡᠭᠡᠷ᠎ᠡ ᠪᠡᠨ ᠣᠴᠢᠵᠤ ᠤᠨᠲᠠ᠃ ᠮᠠᠨ ᠤ᠋ ᠠᠪᠤ ᠬᠦᠷᠦᠭᠡᠳ ᠢᠷᠡᠬᠦ ᠬᠥᠮᠦᠨ ᠰᠢᠦ ᠭᠡᠵᠦ ᠵᠢᠷᠭᠠᠯ ᠤ᠋ᠨ ᠴᠢᠬᠢᠨ ᠳ᠋ᠦ᠍ ᠰᠢᠪᠡᠨᠡᠨ ᠬᠡᠯᠡᠲᠡᠯ᠎ᠡ ᠲᠦᠭᠵᠢᠶᠡᠲᠡᠢ ᠡᠭᠦᠳᠡ ᠲᠦᠯᠬᠢᠬᠦ ᠴᠢᠮᠡᠭᠡ ᠭᠠᠷᠤᠯ᠎ᠠ᠃
ᠵᠢᠷᠭᠠᠯ ᠤᠬᠤᠰᠬᠢᠨ ᠪᠣᠰᠴᠤ ᠵᠠᠰᠠᠭᠰᠠᠨ ᠣᠷᠣᠨ ᠳ᠋ᠠᠭᠠᠨ ᠣᠷᠣᠯ᠎ᠠ᠃ ᠰᠦᠷᠦᠩ ᠰᠡᠷᠢᠵᠦ ᠪᠠᠢᠭ᠎ᠠ ᠳᠦᠷᠰᠦ ᠦᠵᠡᠭᠦᠯᠵᠦ ᠴᠢᠩᠭ᠎ᠠ ᠭᠡᠭᠴᠢ ᠨᠢ ᠲᠠᠮᠰᠢᠶᠠᠯᠠᠭᠰᠠᠨ ᠢ᠋ᠶ᠋ᠠᠨ 《ᠬᠡᠨ ᠪᠣᠢ?》 ᠭᠡᠵᠦ ᠨᠣᠢᠷᠮᠤᠭ ᠳᠠᠭᠤ ᠪᠠᠷ ᠠᠰᠠᠭᠤᠪᠠ᠃
᠊᠊᠊᠊᠊᠊᠊᠊᠊᠊᠊᠊᠊᠊᠊ ᠪᠢ ᠪᠠᠢᠨ᠎ᠠ᠃ ᠰᠣᠯᠣᠩᠭ᠎ᠠ ᠨᠢᠭᠡ ᠯᠡ ᠪᠢᠰᠢ ᠭᠡᠵᠦ ᠢᠲᠡᠭᠡᠯᠲᠦ ᠬᠡᠯᠡᠪᠡ᠃
ᠰᠦᠷᠦᠩ ᠪᠣᠰᠴᠤ ᠳ᠋ᠧᠩ ᠪᠠᠷᠢᠭᠠᠳ ᠬᠠᠭᠠᠯᠭ᠎ᠠ ᠳᠠᠢᠯᠠᠬᠤ ᠳ᠋ᠤ᠌ ᠢᠲᠡᠭᠡᠯᠲᠦ ᠣᠷᠣᠵᠤ ᠢᠷᠡᠭᠡᠳ ᠬᠡᠪᠲᠡᠵᠦ ᠪᠠᠢᠭ᠎ᠠ ᠵᠢᠷᠭᠠᠯ ᠢ᠋ ᠬᠠᠷᠠᠭᠰᠠᠨ ᠢ᠋ᠶ᠋ᠠᠨ ᠣᠭᠵᠣᠮ ᠡᠷᠭᠢᠵᠦ ᠰᠦᠷᠦᠩ ᠢ᠋ ᠠᠵᠢᠭᠯᠠᠪᠠ᠃
ᠰᠦᠷᠦᠩ ᠦ᠋ᠨ ᠴᠢᠷᠠᠢ ᠴᠢᠨᠦᠷᠡᠭᠡᠳ ᠢᠷᠡᠯ᠎ᠡ᠃ ᠭᠡᠪᠡᠴᠦ ᠵᠢᠵᠢᠭᠬᠡᠨ ᠳ᠋ᠧᠩ ᠦ᠋ᠨ ᠪᠦᠭᠳᠤ ᠭᠡᠷᠡᠯ ᠲᠡᠭᠦᠨ ᠢ᠋ ᠨᠢᠭᠤᠵᠤ ᠴᠢᠳᠠᠯ᠎ᠠ᠃
᠊᠊᠊᠊᠊᠊᠊᠊᠊᠊᠊᠊᠊᠊᠊ ᠨᠠᠭᠠᠳᠤᠬᠢ ᠦᠰᠦ ᠲᠣᠯᠣᠭᠠᠢ ᠪᠠᠨ ᠭᠡᠵᠦ ᠢᠲᠡᠭᠡᠯᠲᠦ ᠪᠡᠷᠢ ᠪᠡᠨ ᠵᠢᠪᠡᠭᠦᠨ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠮᠠᠭᠤᠬᠠᠢ ᠵᠡᠭᠦᠳᠦᠯᠡᠵᠦ᠂ ᠬᠠᠷ᠎ᠠ ᠳᠠᠷᠤᠭᠠᠳ ᠭᠡᠵᠦ ᠰᠦᠷᠦᠩ ᠰᠤᠯᠠᠬᠠᠨ ᠳᠠᠭᠤ ᠪᠠᠷ ᠬᠡᠯᠡᠭᠡᠳ᠂ ᠦᠰᠦ ᠪᠡᠨ ᠢᠯᠢᠭᠰᠡᠨ ᠢ᠋ᠶ᠋ᠡᠨ᠂
᠊᠊᠊᠊᠊᠊᠊᠊᠊᠊᠊᠊᠊᠊᠊ ᠰᠣᠯᠣᠩᠭ᠎ᠠ ᠶᠠᠭᠠᠬᠢᠵᠤ ᠪᠠᠢᠨ᠎ᠠ᠂ ᠠᠪᠤ ᠠ᠋ ᠭᠡᠯᠡ᠃
᠊᠊᠊᠊᠊᠊᠊᠊᠊᠊᠊᠊᠊᠊᠊ ᠨᠢᠭᠡ ᠯᠡ ᠪᠢᠰᠢ᠂ ᠴᠢ ᠣᠴᠢᠵᠤ ᠦᠵᠡ ᠭᠡᠬᠦ ᠵᠠᠪᠰᠠᠷ ᠢ᠋ᠶ᠋ᠠᠷ ᠢᠲᠡᠭᠡᠯᠲᠦ ᠭᠡᠷ ᠦ᠋ᠨ ᠳᠣᠲᠣᠷᠠᠬᠢ ᠶ᠋ᠢ ᠳᠠᠬᠢᠨ ᠠᠵᠢᠭᠯᠠᠪᠠ᠃ ᠰᠡᠵᠢᠭ ᠲᠡᠢ ᠶᠠᠭᠤᠮ᠎ᠠ ᠬᠠᠷᠠᠭᠳᠠᠭᠰᠠᠨ ᠦᠭᠡᠢ᠃
ᠰᠦᠷᠦᠩ ᠱᠠᠯᠠᠪᠬᠠᠨ ᠪᠦᠰᠡ ᠪᠡᠨ ᠪᠦᠰᠡᠯᠡᠭᠡᠳ ᠰᠢᠭᠤᠳ ᠶᠡᠬᠡ ᠭᠡᠷ ᠦ᠋ᠨ ᠵᠦᠭ ᠶᠠᠪᠤᠬᠤ ᠳ᠋ᠠᠭᠠᠨ ᠦᠰᠦ ᠲᠣᠯᠣᠭᠠᠢ ᠪᠠᠨ ᠶᠠᠩᠵᠤᠯᠠᠪᠠ᠃
ᠢᠲᠡᠭᠡᠯᠲᠦ ᠬᠡᠪᠲᠡᠵᠦ ᠪᠠᠢᠭ᠎ᠠ ᠵᠢᠷᠭᠠᠯ ᠢ᠋ ᠵᠢᠭᠰᠢᠯᠲᠡᠢ ᠪᠡᠷ ᠬᠠᠷᠠᠭᠰᠠᠨ ᠢ᠋ᠶ᠋ᠠᠨ ᠡᠭᠳᠡᠭᠦᠦ ᠲᠡᠢ ᠳᠠᠭᠤ ᠪᠠᠷ 《ᠥᠨᠥ ᠰᠥᠨᠢ ᠴᠦ᠍ ᠶᠠᠪᠤᠭᠤᠯ ᠤ᠋ᠨ ᠬᠥᠮᠦᠨ ᠢ᠋ ᠲᠠᠪᠠᠲᠠᠢ ᠬᠣᠨᠣᠭᠤᠯᠬᠤ ᠦᠭᠡᠢ ᠨᠢ ᠪᠣᠯᠤᠯᠲᠠᠢ》 ᠭᠡᠵᠦ ᠬᠡᠯᠡᠭᠡᠳ ᠡᠮᠦᠨ᠎ᠡ ᠨᠢ ᠣᠴᠢᠵᠤ ᠰᠠᠭᠤᠨ ᠨᠢᠭᠤᠷ ᠤᠷᠤᠭᠤ ᠨᠢ ᠵᠢᠪᠡᠭᠦᠨ ᠰᠢᠷᠳᠡᠪᠡ᠃
《ᠡᠨᠡ ᠡᠪᠦᠭᠡᠨ ᠴᠢᠨᠢ ᠲᠣᠯᠣᠭᠠᠢ ᠤᠷᠤᠭᠤ ᠴᠣᠬᠢᠭᠠᠳ ᠠᠪᠬᠤ ᠨᠢ ᠤᠤ?》 ᠭᠡᠵᠦ ᠵᠢᠷᠭᠠᠯ ᠳ᠋ᠤ᠌ ᠪᠣᠳᠣᠭᠳᠠᠨ ᠦᠯᠦ ᠮᠡᠳᠡᠭ ᠴᠠᠰᠢ ᠪᠣᠯᠪᠠ᠃
ᠢᠲᠡᠭᠡᠯᠲᠦ ᠬᠢᠬᠦ ᠶᠠᠭᠤᠮ᠎ᠠ ᠪᠠᠨ ᠣᠯᠵᠤ ᠶᠠᠳᠠᠭᠰᠠᠨ ᠪᠣᠯᠤᠯᠲᠠᠢ᠃ ᠬᠦᠢᠲᠡᠨ ᠴᠠᠢ ᠨᠢᠭᠡ ᠠᠶᠠᠭ᠎ᠠ ᠶ᠋ᠢ ᠤᠤᠭᠤᠬᠤ ᠵᠠᠭᠤᠷ᠎ᠠ ᠵᠢᠷᠭᠠᠯ ᠤ᠋ᠨ ᠬᠤᠴᠢᠭᠰᠠᠨ ᠬᠥᠨᠵᠢᠯᠡ ᠳᠣᠲᠣᠭᠤᠷ ᠭᠠᠷ ᠢ᠋ᠶ᠋ᠠᠨ ᠠᠶᠠᠷᠬᠠᠨ ᠣᠷᠣᠭᠤᠯᠵᠤ ᠳᠡᠪᠢᠰᠬᠡᠷ ᠢ᠋ ᠪᠠᠷᠢᠵᠤ ᠦᠵᠡᠪᠡ᠃ ᠥᠨᠥ ᠰᠠᠶᠢᠬᠠᠨ ᠬᠡᠪᠲᠡᠭᠰᠡᠨ ᠡᠴᠡ ᠪᠦᠯᠢᠶᠡᠴᠡᠵᠦ ᠠᠮᠵᠢᠭ᠎ᠠ ᠦᠭᠡᠢ ᠬᠦᠢᠲᠡᠨ ᠳᠡᠪᠢᠰᠬᠡᠷ ᠭᠠᠷ ᠲᠤᠨᠢ ᠪᠠᠷᠢᠭᠳᠠᠪᠠ᠃ ᠢᠲᠡᠭᠡᠯᠲᠦ ᠤᠳᠠᠭᠠᠨ ᠪᠣᠰᠴᠤ ᠳ᠋ᠧᠩ ᠢ᠋ ᠣᠠᠳᠠᠷᠭᠠᠵᠤ ᠣᠷᠬᠢᠭᠠᠳ ᠭᠠᠷᠤᠯ᠎ᠠ᠃
ᠲᠡᠨᠳᠡ ᠡᠴᠡ ᠭᠠᠷᠤᠭᠠᠳ ᠡᠨᠡ ᠵᠢᠯ ᠵᠣᠷᠢᠭᠤᠳᠠ ᠬᠠᠶᠠᠭᠠᠨ ᠳ᠋ᠠᠭᠠᠨ ᠪᠠᠭᠤᠯᠭᠠᠭᠰᠠᠨ ᠲᠤᠷᠰᠢᠯᠭᠠᠲᠠᠢ ᠡᠬᠡ ᠪᠠᠷᠢᠭᠴᠢ ᠴᠢᠪᠠᠭᠠᠨᠴᠠ ᠶ᠋ᠢ ᠰᠡᠷᠢᠭᠡᠵᠦ ᠠᠪᠤᠭᠠᠳ ᠭᠡᠷ ᠲᠡᠭᠡᠨ ᠣᠷᠣᠭᠰᠠᠨ ᠪᠢᠯᠡ᠃
ᠦᠷ ᠴᠡᠢᠭᠰᠡᠨ ᠡᠴᠡ ᠬᠣᠢᠨᠠᠬᠠᠨ ᠴᠠᠰ ᠭᠡᠰᠡᠨ ᠳᠠᠭᠤ ᠪᠠᠨ ᠡᠷᠭᠦᠨ ᠴᠠᠩᠭᠢᠨᠠᠭᠤᠯᠤᠭᠰᠠᠭᠠᠷ ᠶᠢᠷᠲᠢᠨᠴᠦ ᠳᠡᠭᠡᠷ᠎ᠡ ᠰᠢᠨ᠎ᠡ ᠬᠥᠮᠦᠨ᠂ ᠰᠢᠨ᠎ᠡ ᠬᠦᠦ ᠮᠡᠨᠳᠦᠯᠡᠪᠡ᠃
ᠮᠠᠷᠭᠠᠰᠢ ᠨᠢ ᠵᠢᠷᠭᠠᠯ ᠶᠣᠰᠣᠲᠠᠢ ᠯᠠ ᠪᠤᠷᠤᠭᠤ ᠬᠠᠷᠠᠵᠤ ᠤᠬᠢᠯᠠᠨ᠂ ᠵᠥᠪ ᠬᠠᠷᠠᠵᠤ ᠢᠨᠢᠶᠡᠨ ᠶᠠᠪᠤᠯ᠎ᠠ᠃ ᠲᠡᠭᠦᠨ ᠦ᠌ ᠰᠡᠳᠬᠢᠯ ᠡᠴᠡ ᠰᠦᠷᠦᠩ ᠣᠭᠲᠣ ᠭᠠᠷᠬᠤ ᠦᠭᠡᠢ ᠪᠠᠢᠯ᠎ᠠ᠃ ᠬᠠᠷᠢᠨ ᠰᠦᠷᠦᠩ ᠪᠣᠯ ᠲᠡᠭᠦᠨ ᠳ᠋ᠦ᠍ ᠨᠢᠭᠤᠷ ᠥᠭᠭᠦᠭᠰᠡᠨ ᠦᠭᠡᠢ᠃
ᠵᠢᠷᠭᠠᠯ ᠪᠣᠭᠴᠣ ᠪᠠᠨ ᠠᠪᠤᠭᠠᠳ ᠮᠣᠷᠳᠠᠬᠤ ᠭᠡᠵᠦ ᠭᠡᠷ ᠡᠴᠡ ᠭᠠᠷᠬᠤ ᠳ᠋ᠠᠭᠠᠨ ᠰᠦᠷᠦᠩ ᠢ᠋ ᠬᠣᠢᠨ᠎ᠠ ᠡᠴᠡ ᠭᠠᠷᠴᠤ ᠢᠷᠡᠬᠦ ᠪᠣᠯᠪᠠ ᠤᠤ ᠭᠡᠵᠦ ᠦᠯᠡᠮᠵᠢ ᠭᠣᠷᠢᠳᠠᠭᠰᠠᠨ ᠪᠣᠯᠪᠠᠴᠤ ᠭᠠᠷᠴᠤ ᠢᠷᠡᠭᠰᠡᠨ ᠦᠭᠡᠢ᠃ ᠡᠪᠣᠯᠵᠢᠶᠠᠨ ᠤ᠋ ᠵᠦᠭ ᠡᠷᠭᠢᠨ ᠡᠷᠭᠢᠨ ᠬᠠᠷᠠᠭᠰᠠᠭᠠᠷ ᠰᠠᠨᠠᠭ᠎ᠠ ᠠᠯᠲᠠᠨ ᠪᠠᠷᠠᠭᠤᠨ ᠬᠥᠲᠥᠯ ᠢ᠋ ᠳᠠᠪᠠᠵᠤ ᠪᠢᠯᠡ᠃
ᠰᠦᠷᠦᠩ ᠦ᠋ᠨ ᠴᠠᠭᠠᠷᠢᠭᠯᠠᠭᠰᠠᠨ ᠨᠢᠳᠦ ᠶ᠋ᠢ ᠬᠠᠷᠠᠬᠤ ᠪᠦᠷᠢ ᠢᠲᠡᠭᠡᠯᠲᠦ ᠶ᠋ᠢᠨ ᠬᠣᠷᠣ ᠨᠢ ᠪᠤᠴᠠᠯᠵᠤ ᠲᠡᠰᠴᠦ ᠴᠢᠳᠠᠭᠰᠠᠨ ᠦᠭᠡᠢ 《ᠬᠦᠦ ᠮᠢᠨᠢ ᠨᠥᠬᠥᠷ ᠢ᠋ᠶ᠋ᠡᠨ ᠡᠵᠡᠭᠦᠢ ᠳ᠋ᠦ᠍ ᠭᠡᠷ ᠲᠡᠭᠡᠨ ᠬᠥᠮᠦᠨ ᠬᠣᠨᠣᠭᠤᠯᠤᠭᠠᠳ᠂ ᠠᠮᠢᠲᠠᠨ ᠤ᠋ ᠬᠡᠯᠡ ᠠᠮᠠ ᠬᠡᠴᠡᠭᠦᠦ ᠰᠢᠦ》 ᠭᠡᠯᠡ᠃
ᠰᠦᠷᠦᠩ ᠦ᠋ᠨ ᠬᠥᠮᠥᠰᠬᠡ ᠲᠠᠲᠠᠪ ᠭᠡᠵᠦ ᠠᠯᠠᠭ ᠨᠢᠳᠦ ᠨᠢ ᠡᠷᠭᠢᠯᠳᠦᠨ ᠰᠢᠷᠪᠢᠪᠡ᠃ 《ᠲᠠ ᠨᠠᠷ ᠨᠠᠮᠠᠶ᠋ᠢ ᠬᠠᠳᠠᠮ ᠡᠵᠢ ᠰᠢᠭ ᠨᠣᠮᠣᠬᠠᠨ ᠪᠣᠭᠣᠯ ᠪᠣᠯᠭᠠᠶ᠎ᠠ ᠭᠡᠵᠦ ᠪᠣᠳᠣᠵᠤ ᠪᠠᠢᠨ᠎ᠠ ᠤᠤ?》 ᠭᠡᠮᠡᠨ ᠬᠠᠳᠠᠮ ᠡᠴᠢᠭᠡ ᠲᠡᠢ ᠪᠡᠨ ᠭᠡᠷᠡᠯᠲᠦᠮᠡᠷ ᠪᠠᠢᠭᠰᠠᠨ ᠠᠪᠠᠴᠤ ᠰᠡᠳᠬᠢᠯ ᠢ᠋ᠶ᠋ᠡᠨ ᠪᠠᠷᠢᠨ ᠬᠠᠷᠢᠭᠤ ᠳᠤᠤᠭᠠᠷᠤᠭᠰᠠᠨ ᠦᠭᠡᠢ᠃
ᠭᠡᠪᠡᠴᠦ ᠲᠡᠭᠦᠨ ᠦ᠌ ᠬᠠᠷᠠᠴᠠ ᠡᠴᠡ ᠳᠠᠬᠢᠨ ᠣᠯᠠᠨ ᠶᠠᠭᠤᠮ᠎ᠠ ᠬᠡᠯᠡᠪᠡᠯ ᠶᠠᠭᠤ ᠴᠤ᠌ ᠪᠣᠯᠵᠤ ᠮᠠᠭᠠᠳ ᠭᠡᠵᠦ ᠣᠢᠯᠠᠭᠠᠭᠰᠠᠨ ᠢᠲᠡᠭᠡᠯᠲᠦ ᠨᠡᠮᠡᠵᠦ ᠶᠠᠭᠤᠮ᠎ᠠ ᠬᠡᠯᠡᠭᠰᠡᠨ ᠦᠭᠡᠢ᠃
ᠲᠡᠨᠳᠡ ᠡᠴᠡ ᠵᠢᠷᠭᠠᠯ ᠶᠠᠪᠤᠭᠰᠠᠭᠠᠷ ᠲᠢᠩᠬᠢᠮ ᠳᠡᠭᠡᠷ᠎ᠡ ᠪᠡᠨ ᠬᠣᠶᠠᠷ ᠬᠣᠨᠣᠭ ᠤ᠋ᠨ ᠳᠠᠷᠠᠭ᠎ᠠ ᠢᠷᠡᠯ᠎ᠡ᠃ ᠬᠦᠦ ᠲᠡᠢ ᠪᠣᠯᠤᠭᠰᠠᠨ ᠳ᠋ᠠᠭᠠᠨ ᠪᠠᠲᠤ ᠬᠢᠵᠠᠭᠠᠷ ᠦᠭᠡᠢ ᠪᠠᠶᠠᠷᠯᠠᠨ᠂ ᠴᠠᠭ ᠢ᠋ ᠬᠦᠯᠢᠶᠡᠯ ᠦᠭᠡᠢ ᠮᠣᠷᠳᠠᠨ ᠳᠠᠪᠬᠢᠵᠤ ᠣᠴᠢᠮᠠᠷ ᠰᠠᠨᠠᠭᠳᠠᠭᠰᠠᠨ ᠪᠣᠯᠪᠠᠴᠤ ᠨᠢᠭᠡᠳᠦᠭᠡᠷ ᠲᠦ᠍ ᠢᠲᠡᠭᠡᠯᠲᠦ ᠳ᠋ᠦ᠍ ᠭᠣᠮᠣᠳᠠᠭᠰᠠᠨ ᠰᠡᠳᠬᠢᠯ᠂ ᠬᠣᠶᠠᠳᠤᠭᠠᠷ ᠲᠤ᠌ ᠲᠢᠩᠬᠢᠮ ᠦ᠋ᠨ ᠠᠵᠢᠯ ᠡᠴᠡ ᠪᠣᠯᠤᠭᠠᠳ ᠶᠠᠪᠤᠭᠰᠠᠨ ᠦᠭᠡᠢ᠃
ᠪᠠᠲᠤ ᠰᠣᠯᠣᠩᠭ᠎ᠠ ᠶ᠋ᠢᠨ ᠲᠤᠬᠠᠢ᠂ ᠲᠡᠭᠦᠨ ᠦ᠌ ᠬᠡᠯᠡᠵᠦ ᠵᠠᠬᠢᠭᠰᠠᠨ ᠦᠭᠡ᠂ ᠰᠢᠨ᠎ᠡ ᠲᠥᠷᠥᠭᠰᠡᠨ ᠬᠦᠦ ᠶ᠋ᠢᠨ ᠢ᠋ᠶ᠋ᠡᠨ ᠲᠤᠬᠠᠢ ᠳᠠᠬᠢᠨ ᠳᠠᠬᠢᠨ ᠰᠢᠯᠭᠠᠭᠠᠨ ᠰᠠᠭᠤᠨ᠎ᠠ᠃ ᠵᠢᠷᠭᠠᠯ ᠪᠣᠯ ᠰᠦᠷᠦᠩ ᠦ᠋ᠨ ᠲᠤᠬᠠᠢ ᠶᠠᠷᠢᠮᠠᠷ ᠪᠠᠢᠪᠠᠴᠤ 《ᠪᠠᠲᠤ ᠪᠣᠯ ᠶᠠᠭᠤ ᠴᠤ᠌ ᠯᠠ ᠭᠡᠰᠡᠨ ᠢᠲᠡᠭᠡᠯᠲᠦ ᠶ᠋ᠢᠨ ᠬᠦᠷᠭᠡᠨ᠂ ᠬᠣᠩᠭᠣᠷ ᠤ᠋ᠨ ᠪᠠᠭ᠎ᠠ ᠶ᠋ᠢᠨ ᠨᠠᠢᠵᠠ》 ᠭᠡᠵᠦ ᠪᠣᠳᠣᠭᠠᠳ ᠲᠡᠮᠡᠦᠯᠦᠭᠰᠡᠨ ᠰᠡᠳᠬᠢᠯ ᠢ᠋ᠶ᠋ᠡᠨ ᠤᠷᠭᠠᠯᠠᠨ ᠪᠠᠷᠢᠵᠤ ᠪᠠᠢᠯ᠎ᠠ᠃
ᠴᠠᠭᠠᠨ ᠰᠠᠷ᠎ᠠ ᠶ᠋ᠢᠨ ᠡᠮᠦᠨ᠎ᠡ ᠬᠣᠢᠲᠤ ᠰᠤᠮᠤ ᠠ᠋ᠴᠠ ᠢᠷᠡᠭᠰᠡᠨ ᠬᠣᠶᠠᠷ ᠬᠡᠦᠬᠡᠳ ᠤᠷᠭᠤᠵᠤ᠂ ᠲᠡᠳᠡᠨ ᠢ᠋ ᠬᠥᠭᠡᠭᠡᠴᠡᠯᠳᠦᠨ ᠣᠯᠵᠤ ᠢᠷᠡᠬᠦ ᠭᠡᠵᠦ ᠪᠠᠲᠤ ᠳᠥᠷᠪᠡᠨ ᠬᠣᠨᠣᠭ ᠵᠠᠷᠤᠭᠠᠳ ᠢᠷᠡᠲᠡᠯ᠎ᠡ ᠭᠡᠷ ᠲᠦ᠋ᠨᠢ ᠬᠣᠩᠭᠣᠷ ᠰᠠᠭᠤᠵᠤ ᠪᠠᠢᠯ᠎ᠠ᠃
ᠬᠣᠩᠭᠣᠷ ᠳᠤᠷᠠᠲᠠᠢ ᠳᠤᠷ᠎ᠠ ᠦᠭᠡᠢ ᠮᠡᠨᠳᠦᠯᠡᠭᠡᠳ ᠶᠠᠷᠢᠶᠠᠨ ᠤ᠋ ᠵᠠᠪᠰᠠᠷ ᠢ᠋ᠶ᠋ᠠᠷ ᠰᠣᠯᠣᠩᠭ᠎ᠠ ᠡᠴᠡ ᠭᠠᠷᠤᠭᠰᠠᠨ ᠬᠦᠦ ᠨᠢ ᠨᠠᠰᠤ ᠪᠠᠷᠠᠭᠰᠠᠨ ᠲᠤᠬᠠᠢ ᠭᠠᠰᠢᠭᠤᠨ ᠮᠡᠳᠡᠭᠡ ᠶ᠋ᠢ ᠰᠣᠨᠣᠰᠬᠠᠪᠠ᠃
ᠪᠠᠲᠤ ᠶ᠋ᠢᠨ ᠳᠣᠲᠣᠷ᠎ᠠ ᠬᠠᠷᠠᠩᠭᠤᠢᠯᠠᠨ᠂ ᠭᠡᠷ ᠨᠢ ᠡᠷᠭᠢᠯᠳᠦᠵᠦ ᠱᠠᠯᠠᠨ ᠳᠡᠭᠡᠷ᠎ᠡ ᠫᠢᠳᠬᠢᠲᠡᠯᠡ ᠰᠠᠭᠤᠪᠠ᠃ ᠬᠣᠷᠸ᠎ᠠ ᠳᠡᠭᠡᠷ᠎ᠡ ᠮᠡᠨᠳᠦᠯᠡᠭᠡᠳ ᠬᠣᠶᠠᠷ ᠰᠠᠷ᠎ᠠ ᠠᠷᠪᠠᠨ ᠳᠦᠷᠪᠡᠭᠡᠨ ᠬᠣᠨᠣᠭᠠᠳ ᠠᠯᠠᠭ᠎ᠠ ᠪᠣᠯᠤᠭᠰᠠᠨ ᠬᠦᠦ ᠪᠡᠨ ᠪᠣᠳᠣᠬᠤ ᠳ᠋ᠤ᠌ ᠪᠠᠲᠤ ᠶ᠋ᠢᠨ ᠨᠢᠯᠪᠤᠰᠤ ᠠᠶᠠᠨᠳᠠᠭᠠᠨ ᠠᠰᠬᠠᠷᠠᠨ᠎ᠠ᠃
ᠡᠨᠡ ᠬᠡᠦᠬᠡᠳ ᠢ᠋ ᠮᠡᠨᠳᠦᠯᠡᠭᠰᠡᠨ ᠲᠤᠬᠠᠢ ᠰᠣᠨᠣᠰᠤᠭᠰᠠᠨ ᠡᠴᠡ ᠬᠣᠢᠰᠢ ᠲᠡᠭᠦᠨ ᠦ᠌ ᠲᠤᠬᠠᠢ ᠵᠡᠭᠦᠳᠦᠯᠡᠭᠡ ᠦᠭᠡᠢ ᠨᠢᠭᠡ ᠴᠦ᠍ ᠰᠥᠨᠢ ᠪᠠᠲᠤ ᠳ᠋ᠤ᠌ ᠦᠭᠡᠢ ᠪᠢᠯᠡ᠃ ᠪᠢ ᠬᠦᠦ ᠲᠡᠢ ᠪᠣᠯᠤᠭᠰᠠᠨ᠂ ᠭᠠᠯ ᠭᠣᠯᠣᠮᠲᠠ ᠶ᠋ᠢᠨ ᠡᠵᠡᠨ ᠲᠡᠢ ᠪᠣᠯᠤᠭᠰᠠᠨ ᠭᠡᠵᠦ ᠪᠣᠳᠣᠬᠤ ᠳ᠋ᠤ᠌ ᠲᠦᠮᠡᠨ ᠪᠠᠶᠠᠷ ᠣᠪᠣᠯᠵᠠᠨ ᠪᠠᠢᠳᠠᠭ ᠰᠠᠨ᠃ ᠭᠡᠲᠡᠯ᠎ᠡ ᠲᠡᠷᠡ ᠪᠠᠶᠠᠷ ᠫᠠᠳ ᠬᠠᠷᠠᠩᠭᠤᠢ ᠭᠠᠰᠢᠭᠤᠳᠠᠯ ᠢ᠋ᠶ᠋ᠠᠷ ᠰᠣᠯᠢᠭᠳᠠᠪᠠ᠃
《ᠬᠠᠷ᠎ᠠ ᠲᠡᠨᠡᠭ ᠲᠣᠯᠣᠭᠠᠢ᠂ ᠰᠣᠨᠣᠰᠤᠮᠠᠭᠴᠠ ᠣᠴᠢᠬᠤ ᠦᠭᠡᠢ ᠶᠠᠭᠠᠬᠢᠯ᠎ᠠ᠃ ᠣᠴᠢᠭᠰᠠᠨ ᠪᠣᠯ ᠁》 ᠬᠣᠩᠭᠣᠷ᠂ ᠵᠢᠷᠭᠠᠯ᠂ ᠱᠠᠭᠳᠠᠷ ᠵᠡᠷᠭᠡ ᠨᠥᠬᠥᠷ ᠨᠢ ᠲᠡᠭᠦᠨ ᠦ᠌ ᠰᠡᠳᠬᠢᠯ ᠢ᠋ ᠲᠠᠢᠳᠬᠤᠷᠠᠭᠤᠯᠬᠤ ᠭᠡᠵᠦ ᠠᠯᠢ ᠪᠠᠢᠳᠠᠭ ᠤᠷᠠᠨ ᠦᠭᠡ ᠪᠡᠨ ᠬᠡᠷᠡᠭᠯᠡᠪᠡᠴᠦ ᠲᠤᠰᠠ ᠦᠯᠦ ᠪᠣᠯᠤᠨ᠎ᠠ᠃
᠊᠊᠊᠊᠊᠊᠊᠊᠊᠊᠊᠊᠊᠊᠊ ᠲᠡᠭᠡᠭᠡᠳ ᠶᠠᠭᠠᠬᠢᠭᠰᠠᠨ ᠪᠣᠢ? ᠭᠡᠵᠦ ᠵᠢᠪᠡᠬᠡᠢ ᠳᠠᠭᠤ ᠪᠠᠷ ᠬᠣᠩᠭᠣᠷ ᠡᠴᠡ ᠠᠰᠠᠭᠤᠪᠠ᠃
᠊᠊᠊᠊᠊᠊᠊᠊᠊᠊᠊᠊᠊᠊᠊ ᠨᠡᠷ᠎ᠡ ᠠᠪᠤᠯ ᠦᠭᠡᠢ ᠣᠰᠣᠯᠳᠠᠭᠰᠠᠨ ᠬᠡᠦᠬᠡᠳ ᠢ᠋ ᠬᠣᠭᠣᠯᠠ ᠬᠦᠨᠡᠰᠦ ᠲᠡᠢ ᠰᠢᠭᠤᠳᠠᠢ ᠳ᠋ᠤ᠌ ᠬᠢᠵᠦ ᠵᠠᠮ ᠳᠡᠭᠡᠷ᠎ᠡ ᠣᠷᠬᠢᠳᠠᠭ ᠶᠣᠰᠣᠲᠠᠢ ᠶᠤᠮ ᠭᠡᠳ ᠠᠪᠤ ᠬᠦᠷᠢᠶ᠎ᠡ ᠵᠠᠮ ᠳᠡᠭᠡᠷ᠎ᠡ ᠲᠠᠯᠪᠢᠭᠰᠠᠨ᠃ ᠪᠢ ᠰᠥᠨᠢ ᠣᠴᠢᠭᠠᠳ ᠣᠷᠣᠰᠢᠭᠤᠯᠴᠢᠬᠠᠬᠤ ᠶᠤᠮ ᠪᠢᠯᠢᠤ ᠭᠡᠵᠦ ᠪᠣᠳᠣᠭᠰᠠᠨ ᠢ᠋ᠶ᠋ᠠᠨ ᠴᠢᠮ᠎ᠠ ᠳ᠋ᠤ᠌ ᠬᠡᠯᠡᠶ᠎ᠡ ᠭᠡᠵᠦ ᠪᠣᠳᠣᠭᠠᠳ ᠢᠷᠡᠭᠰᠡᠨ ᠭᠡᠵᠦ ᠬᠣᠩᠭᠣᠷ ᠨᠢᠭᠡ ᠬᠥᠭ ᠲᠡᠢ ᠳᠠᠭᠤ ᠪᠠᠷ ᠬᠡᠯᠡᠪᠡ᠃
ᠪᠠᠲᠤ ᠨᠢᠭᠤᠷ ᠢ᠋ᠶ᠋ᠠᠨ ᠲᠠᠭᠯᠠᠨ ᠬᠡᠰᠡᠭ ᠵᠠᠭᠤᠷ᠎ᠠ ᠳᠠᠭᠤ ᠦᠭᠡᠢ ᠰᠠᠭᠤᠭᠰᠠᠨ ᠢ᠋ᠶ᠋ᠠᠨ ᠣᠭᠵᠣᠮᠬᠠᠨ ᠬᠥᠳᠡᠯᠭᠡᠭᠡᠨ ᠢ᠋ᠶ᠋ᠡᠷ ᠪᠣᠰᠴᠤ 《ᠬᠠᠮᠲᠤ ᠶᠠᠪᠤᠶ᠎ᠠ᠂ ᠨᠠᠳᠠᠳᠤ ᠵᠢᠭᠠᠵᠤ ᠠᠯᠢ》 ᠭᠡᠵᠦ ᠬᠣᠩᠭᠣᠷ ᠲᠤ᠌ ᠬᠡᠯᠡᠪᠡ᠃
ᠡᠭᠦᠨ ᠡᠴᠡ ᠬᠣᠶᠠᠷ ᠬᠣᠨᠣᠭ ᠤ᠋ᠨ ᠳᠠᠷᠠᠭ᠎ᠠ ᠨᠠᠷᠠ ᠵᠢᠷᠭᠠᠬᠤ ᠶ᠋ᠢᠨ ᠦᠶ᠎ᠡ ᠳ᠋ᠦ᠍ ᠨᠢᠮ᠎ᠠ ᠡᠪᠦᠭᠡᠨ ᠦ᠌ ᠭᠠᠳᠠᠨ᠎ᠠ ᠡᠴᠡ ᠭᠤᠷᠪᠠᠨ ᠮᠣᠷᠢ ᠲᠠᠢ ᠬᠥᠮᠦᠨ ᠭᠠᠷᠴᠤ ᠪᠠᠷᠠᠭᠤᠨ ᠲᠡᠰᠢ ᠪᠡᠨ ᠵᠡᠷᠭᠡᠴᠡᠨ ᠶᠠᠪᠤᠯ᠎ᠠ᠃ ᠬᠥᠮᠦᠨ ᠪᠦᠷᠢ ᠶ᠋ᠢᠨ ᠪᠥᠰᠡᠨ ᠳ᠋ᠦ᠍ ᠨᠢᠵᠡᠭᠡᠳ ᠬᠦᠷᠵᠡ ᠬᠠᠪᠴᠢᠭᠤᠯᠤᠭᠰᠠᠨ ᠪᠥᠭᠡᠳ ᠨᠢᠭᠡ ᠨᠢ ᠲᠣᠮᠣ ᠭᠡᠭᠴᠢ ᠶ᠋ᠢᠨ ᠴᠠᠷᠢᠯ ᠡᠮᠡᠭᠡᠯ ᠦ᠋ᠨ ᠪᠦᠭᠦᠷᠭᠡ ᠳᠡᠭᠡᠭᠦᠷ ᠬᠥᠨᠳᠡᠯᠢᠳᠦᠭᠦᠯᠦᠨ ᠪᠠᠷᠢᠵᠠᠢ᠃ ᠡᠨᠡ ᠭᠤᠷᠪᠠᠨ ᠬᠥᠮᠦᠨ ᠪᠣᠯ ᠬᠣᠩᠭᠣᠷ᠂ ᠪᠠᠲᠤ᠂ ᠨᠢᠮ᠎ᠠ ᠡᠪᠦᠭᠡᠨ ᠨᠠᠷ ᠪᠠᠢᠯ᠎ᠠ᠃
ᠵᠢᠷᠭᠠᠵᠤ ᠪᠠᠢᠭ᠎ᠠ ᠨᠠᠷᠠ ᠶ᠋ᠢ ᠬᠠᠭᠠᠭᠰᠠᠨ ᠡᠭᠦᠯᠡᠨ ᠦ᠌ ᠳᠣᠣᠷᠠᠲᠤ ᠵᠠᠬ᠎ᠠ ᠨᠢ ᠰᠢᠨᠡᠬᠡᠨ ᠭᠠᠷᠴᠤ ᠪᠠᠢᠭ᠎ᠠ ᠴᠢᠰᠤ ᠰᠢᠭ᠋ ᠬᠤᠧᠨ ᠶᠠᠭᠠᠨ ᠥᠩᠭᠡ ᠪᠡᠷ ᠲᠤᠶᠠᠭᠠᠷᠠᠨ᠂ ᠳᠡᠭᠡᠭᠰᠢᠯᠡᠬᠦ ᠳᠣᠳᠣᠮ ᠢ᠋ᠶ᠋ᠠᠨ ᠨᠥᠵᠢᠷᠡᠭᠰᠡᠨ ᠶᠠᠭᠤᠮ᠎ᠠ ᠰᠢᠭ᠋ ᠬᠠᠷ᠎ᠠ ᠬᠦᠷᠡᠩ ᠪᠣᠯᠤᠭᠰᠠᠭᠠᠷ ᠭᠢᠯᠲᠠᠭᠠᠨᠠᠭᠰᠠᠨ ᠬᠠᠷ᠎ᠠ ᠥᠩᠭᠡᠨ ᠳ᠋ᠦ᠍ ᠵᠠᠮᠠᠭᠷᠠᠭᠰᠠᠨ ᠪᠠᠢᠯ᠎ᠠ᠃
ᠪᠠᠲᠤ ᠨᠢᠳᠦ ᠪᠡᠨ ᠪᠠᠷᠤᠭ ᠯᠠ ᠴᠠᠪᠴᠢᠯ ᠦᠭᠡᠢ ᠲᠩᠷᠢ ᠶ᠋ᠢᠨ ᠬᠠᠶᠠᠭ᠎ᠠ ᠰᠢᠷᠳᠡᠨ᠂ ᠬᠥᠮᠥᠰᠬᠡ ᠪᠡᠨ ᠡᠷᠴᠢᠯᠡᠭᠦᠯᠦᠨ ᠵᠠᠩᠭᠢᠳᠴᠤ᠂ ᠬᠠᠶᠠ ᠬᠠᠶᠠ ᠭᠠᠳᠠᠨ᠎ᠠ ᠦᠯᠦ ᠮᠡᠳᠡᠭᠳᠡᠬᠦ ᠪᠣᠯᠪᠠᠴᠤ ᠳᠣᠲᠣᠷ᠎ᠠ ᠪᠠᠨ ᠭᠦᠨ ᠪᠥᠭᠡᠳ ᠵᠢᠷᠦᠬᠡ ᠶ᠋ᠢ ᠨᠢ ᠬᠠᠪᠴᠢᠨ ᠪᠠᠵᠠᠭᠰᠠᠨ ᠤᠷᠲᠤ ᠰᠠᠨᠠᠭ᠎ᠠ ᠠᠯᠳᠠᠨ᠎ᠠ᠃
ᠬᠣᠶᠠᠷ ᠲᠠᠯ᠎ᠠ ᠳ᠋ᠤ᠌ ᠨᠢ ᠶᠠᠪᠤᠭ᠎ᠠ ᠵᠠᠯᠠᠭᠤ᠂ ᠬᠥᠭᠰᠢᠨ ᠬᠣᠶᠠᠷ ᠳᠠᠭᠤ ᠦᠭᠡᠢ ᠪᠣᠯᠪᠠᠴᠤ ᠪᠠᠲᠤ ᠡᠴᠡ ᠨᠢᠳᠦ ᠰᠠᠯᠭᠠᠯ ᠦᠭᠡᠢ ᠰᠢᠷᠲᠡᠨ᠂ ᠲᠡᠭᠦᠨ ᠡᠴᠡ ᠶᠠᠮᠠᠷ ᠨᠢᠭᠡᠨ ᠡᠷᠬᠢᠮ ᠶᠠᠭᠤᠮ᠎ᠠ ᠣᠢᠴᠢᠬᠤ ᠳ᠋ᠤ᠌ ᠠᠯᠳᠠᠯ ᠦᠭᠡᠢ ᠪᠠᠷᠢᠵᠤ ᠠᠪᠬᠤ ᠡᠭᠦᠷᠭᠡ ᠶ᠋ᠢ ᠠᠮᠢ ᠴᠥᠯᠮᠥᠨ ᠠᠪᠤᠭᠰᠠᠨ ᠶᠤᠮ ᠰᠢᠭ᠋ ᠬᠥᠳᠡᠯᠭᠡᠭᠡᠨ ᠪᠦᠬᠦᠨ ᠢ᠋ ᠨᠢ ᠠᠵᠢᠨ ᠶᠠᠪᠤᠨ᠎ᠠ᠃
ᠪᠠᠲᠤ ᠬᠣᠩᠭᠣᠷ ᠬᠣᠶᠠᠷ ᠥᠨᠥᠳᠥᠷ ᠦᠳᠡ ᠥᠩᠭᠡᠷᠡᠵᠦ ᠪᠠᠢᠬᠤ ᠳ᠋ᠤ᠌ ᠨᠢᠮ᠎ᠠ ᠶ᠋ᠢᠨ ᠳ᠋ᠦ᠍ ᠢᠷᠡᠭᠰᠡᠨ ᠶᠤᠮ᠃ ᠬᠣᠩᠭᠣᠷ ᠭᠡᠷ ᠲᠡᠭᠡᠨ ᠣᠴᠢᠶ᠎ᠠ ᠭᠡᠵᠦ ᠪᠠᠲᠤ ᠡᠴᠡ ᠭᠤᠶᠤᠵᠤ ᠱᠠᠭᠠᠷᠳᠠᠵᠤ ᠦᠵᠡᠭᠰᠡᠨ ᠠᠪᠠᠴᠤ ᠪᠠᠲᠤ ᠣᠴᠢᠭ᠎ᠠ ᠦᠭᠡᠢ᠃
᠊᠊᠊᠊᠊᠊᠊᠊᠊᠊᠊᠊᠊᠊᠊ ᠶᠠᠭᠤ ᠴᠤ᠌ ᠭᠡᠰᠡᠨ ᠬᠦᠦ ᠪᠡᠨ ᠣᠷᠣᠰᠢᠭᠤᠯᠤᠨ᠎ᠠ᠃ ᠨᠡᠷ᠎ᠡ ᠦᠭᠡᠢ ᠦᠬᠦᠭᠰᠡᠨ ᠭᠡᠨ᠎ᠡ᠃ ᠲᠡᠢᠮᠦ ᠪᠣᠢ ᠭᠡᠵᠦ ᠰᠢᠪᠡᠨᠡᠨ ᠮᠠᠰᠢ ᠭᠦᠨ ᠤᠳᠬ᠎ᠠ ᠲᠠᠢ ᠬᠡᠯᠡᠵᠦ ᠪᠢᠯᠡ᠃ ᠲᠡᠭᠡᠭᠡᠳ ᠰᠢᠭᠤᠳ ᠨᠢᠮ᠎ᠠ ᠶ᠋ᠢᠨ ᠳ᠋ᠦ᠍ ᠣᠴᠢᠵᠤ ᠴᠠᠢ ᠤᠤᠭᠤᠭᠠᠳ ᠪᠠᠲᠤ ᠭᠠᠭᠴᠠᠭᠠᠷ ᠭᠠᠷᠴᠤ ᠡᠪᠣᠯᠵᠢᠶᠠᠨ ᠤ᠋ ᠬᠣᠢᠲᠤ ᠬᠠᠳᠠᠨ ᠳ᠋ᠤ᠌ ᠤᠳᠠᠭᠠᠨ ᠪᠣᠯᠤᠭᠠᠳ ᠢᠷᠡᠭᠰᠡᠨ ᠪᠢᠯᠡ᠃ ᠨᠢᠮ᠎ᠠ ᠡᠪᠦᠭᠡᠨ ᠪᠠᠲᠤ ᠶ᠋ᠢᠨ ᠭᠤᠶᠤᠭᠰᠠᠨ ᠶᠣᠰᠣᠭᠠᠷ ᠬᠦᠷᠵᠡ ᠴᠠᠷᠢᠯ ᠪᠡᠯᠡᠳᠬᠡᠭᠡᠳ ᠪᠠᠢᠭᠰᠠᠨ᠃ ᠲᠡᠭᠦᠨ ᠢ᠋ ᠠᠪᠴᠤ ᠮᠣᠷᠳᠠᠭᠠᠳ ᠶᠠᠪᠤᠵᠤ ᠪᠠᠢᠭ᠎ᠠ ᠨᠢ ᠡᠨᠡ ᠪᠢᠯᠡ᠃
ᠬᠡᠰᠡᠭ ᠶᠠᠪᠤᠭᠰᠠᠨ ᠤ᠋ ᠳᠠᠷᠠᠭ᠎ᠠ ᠪᠠᠲᠤ ᠥᠨᠳᠡᠢᠵᠦ ᠬᠠᠲᠠᠷᠢᠭᠤᠯᠤᠭᠰᠠᠨ ᠳ᠋ᠤ᠌ ᠨᠥᠭᠦᠭᠡ ᠬᠣᠶᠠᠷ ᠨᠢ ᠪᠠᠰᠠ ᠯᠠ ᠬᠠᠲᠠᠷᠢᠭᠤᠯᠪᠠ᠃ ᠬᠥᠯᠳᠡᠭᠦᠦ ᠭᠠᠵᠠᠷ ᠭᠢᠰᠬᠢᠭᠰᠡᠨ ᠭᠤᠷᠪᠠᠨ ᠮᠣᠷᠢᠨ ᠤ᠋ ᠲᠤᠭᠤᠷᠠᠢ ᠶ᠋ᠢᠨ ᠳᠠᠭᠤ ᠰᠦᠷᠲᠡᠢ ᠪᠥᠭᠡᠳ ᠡᠵᠡᠭᠦᠢ ᠵᠡᠯᠢᠭᠦᠳ ᠦᠯᠡᠳᠡᠭᠰᠡᠨ ᠵᠤᠰᠠᠯᠠᠩ ᠭᠠᠵᠠᠷ ᠢ᠋ ᠠᠮᠢᠯᠠᠭᠤᠯᠵᠤ ᠪᠠᠢᠯ᠎ᠠ᠃
ᠲᠡᠳᠡ ᠶᠠᠪᠤᠭᠰᠠᠭᠠᠷ ᠴᠠᠰᠤᠲᠠᠢ ᠲᠣᠯᠣᠭᠠᠢ ᠶ᠋ᠢᠨ ᠰᠢᠯᠢ ᠪᠡᠷ ᠳᠠᠪᠠᠬᠤ ᠳ᠋ᠤ᠌ ᠬᠦᠷᠢᠶ᠎ᠡ ᠵᠠᠮ ᠡᠮᠦᠨ᠎ᠡ ᠨᠢ ᠬᠠᠷᠠᠯᠠᠨ ᠵᠤᠷᠠᠢᠪᠠ᠃ ᠵᠠᠮ ᠤ᠋ᠨ ᠬᠠᠵᠠᠭᠤ ᠶ᠋ᠢᠨ ᠬᠤᠩᠭᠠᠷᠯᠠᠭᠰᠠᠨ ᠴᠠᠰᠤᠨ ᠳᠡᠭᠡᠷ᠎ᠡ ᠪᠠᠢᠭ᠎ᠠ ᠪᠣᠷᠣ ᠰᠢᠭᠤᠳᠠᠢ ᠲᠠᠢ ᠶᠠᠭᠤᠮ᠎ᠠ ᠪᠠᠷᠤᠭ ᠯᠠ ᠳᠠᠢ᠌ᠬᠠᠷ ᠴᠢᠯᠠᠭᠤ ᠰᠢᠭ᠋ ᠬᠥᠭᠯᠡᠢᠨ ᠪᠠᠷᠠᠭᠠᠨᠲᠤᠵᠤ ᠬᠠᠷᠠᠭᠳᠠᠪᠠ᠃
ᠲᠡᠭᠦᠨ ᠢ᠋ ᠬᠠᠷᠠᠭᠰᠠᠨ ᠡᠴᠡ ᠬᠣᠢᠰᠢ ᠪᠠᠲᠤ ᠮᠣᠷᠢ ᠪᠠᠨ ᠲᠠᠰᠢᠭᠤᠷᠳᠠᠵᠤ ᠪᠦᠷ ᠬᠤᠷᠳᠤᠯᠠᠪᠠ᠃ ᠴᠠᠰᠤ ᠮᠠᠨᠠᠷᠠᠭᠤᠯᠤᠨ ᠳᠠᠪᠬᠢᠭᠰᠠᠭᠠᠷ ᠰᠢᠭᠤᠳᠠᠢ ᠶ᠋ᠢᠨ ᠳᠡᠷᠭᠡᠳᠡ ᠢᠷᠡᠵᠦ ᠵᠣᠭᠰᠣᠭᠠᠳ ᠮᠣᠷᠢᠨ ᠡᠴᠡ ᠪᠡᠨ ᠪᠠᠭᠤᠵᠠᠭᠠᠪᠠ᠃
ᠲᠡᠭᠡᠭᠡᠳ ᠮᠣᠷᠢ ᠪᠠᠨ ᠬᠥᠲᠥᠯᠦᠨ ᠣᠢᠷᠠᠲᠤᠬᠤ ᠭᠡᠰᠡᠨ ᠳ᠋ᠦ᠍ ᠬᠠᠮᠠᠷ ᠢ᠋ᠶ᠋ᠠᠨ ᠲᠠᠴᠢᠭᠢᠨᠠᠭᠤᠯᠤᠨ ᠬᠤᠯᠭᠠᠭᠠᠳ ᠶᠠᠪᠤᠵᠤ ᠥᠭᠭᠦᠭᠰᠡᠨ ᠦᠭᠡᠢ ᠳ᠋ᠦ᠍ ᠪᠠᠲᠤ ᠦᠭᠡ ᠳᠠᠭᠤᠨ ᠦᠭᠡᠢ᠂ ᠴᠤᠯᠪᠤᠭᠤᠷ ᠢ᠋ᠶ᠋ᠠᠨ ᠬᠣᠩᠭᠣᠷ ᠲᠤ᠌ ᠥᠭᠭᠦᠭᠡᠳ ᠴᠠᠰᠤ ᠱᠠᠵᠢᠭᠢᠨᠠᠭᠤᠯᠤᠨ ᠣᠷᠣᠭᠰᠢ ᠶᠠᠪᠤᠬᠤ ᠳ᠋ᠤ᠌ ᠨᠢᠮ᠎ᠠ ᠭᠤᠸᠠᠢ ᠴᠤ᠌ ᠮᠣᠷᠢ ᠪᠠᠨ ᠬᠣᠩᠭᠣᠷ ᠲᠤ᠌ ᠥᠭᠭᠦᠭᠡᠳ ᠬᠣᠢᠨ᠎ᠠ ᠡᠴᠡ ᠶᠠᠪᠤᠯ᠎ᠠ᠃
ᠪᠠᠲᠤ ᠰᠢᠭᠤᠳᠠᠢ ᠳ᠋ᠤ᠌ ᠲᠤᠯᠵᠤ ᠣᠴᠢᠭᠠᠳ ᠰᠥᠬᠥᠷᠡᠨ ᠰᠠᠭᠤᠵᠤ᠂ ᠳᠡᠭᠡᠷ᠎ᠡ ᠡᠴᠡ ᠨᠢ ᠪᠥᠬᠥᠢᠨ ᠶᠠᠮᠠᠷ ᠨᠢᠭᠡᠨ ᠶᠠᠭᠤᠮ᠎ᠠ ᠬᠡᠯᠡᠬᠦ ᠪᠤᠶᠤ ᠠᠮᠢᠰᠬᠤᠯ ᠢ᠋ ᠨᠢ ᠰᠣᠨᠣᠰᠬᠤ ᠭᠡᠰᠡᠨ ᠶᠤᠮ ᠰᠢᠭ ᠴᠢᠩᠨᠠᠨ ᠪᠠᠢᠯ᠎ᠠ᠃
ᠨᠢᠮ᠎ᠠ ᠡᠪᠦᠭᠡᠨ ᠳᠡᠷᠭᠡᠳᠡ ᠨᠢ ᠲᠡᠷᠢᠭᠦᠨ ᠢ᠋ᠶ᠋ᠡᠨ ᠤᠨᠵᠢᠭᠤᠯᠤᠨ᠂ ᠬᠠᠮᠠᠷ ᠨᠢ ᠱᠤᠤᠬᠢᠲᠤᠨᠠᠨ ᠵᠣᠭᠰᠣᠵᠤ ᠪᠠᠢᠭᠰᠠᠨ ᠢ᠋ᠶ᠋ᠠᠨ ᠡᠬᠡᠷ ᠲᠡᠳᠡᠨ ᠤᠬᠢᠯᠠᠪᠠ᠃ ᠪᠠᠲᠤ ᠬᠥᠳᠡᠯᠦᠭᠰᠡᠨ ᠦᠭᠡᠢ᠃
᠊᠊᠊᠊᠊᠊᠊᠊᠊᠊᠊᠊᠊᠊᠊ ᠬᠦᠦ ᠮᠢᠨᠢ᠃ ᠰᠡᠳᠬᠢᠯ ᠢ᠋ᠶ᠋ᠡᠨ ᠪᠡᠷᠢ ᠭᠡᠵᠦ ᠨᠢᠮ᠎ᠠ ᠴᠡᠴᠡᠷᠡᠭᠰᠡᠨ ᠬᠣᠭᠣᠯᠠᠢ ᠪᠠᠷ ᠬᠡᠯᠡᠭᠡᠳ ᠬᠠᠨᠴᠤᠢ ᠪᠠᠷ ᠢ᠋ᠶ᠋ᠠᠨ ᠨᠢᠯᠪᠤᠰᠤ ᠪᠠᠨ ᠠᠷᠴᠢᠪᠠ᠃ ᠮᠣᠷᠢᠳ ᠢ᠋ᠶ᠋ᠠᠨ ᠴᠢᠳᠥᠷᠯᠡᠵᠦ ᠬᠣᠯᠪᠣᠨ ᠣᠷᠬᠢᠭᠠᠳ ᠢᠷᠡᠭᠰᠡᠨ ᠬᠣᠩᠭᠣᠷ ᠡᠪᠦᠭᠡᠨ ᠦ᠌ ᠬᠠᠵᠠᠭᠤ ᠡᠴᠡ ᠲᠣᠬᠣᠢ ᠪᠠᠷ ᠢ᠋ᠶ᠋ᠠᠨ ᠶᠣᠪᠣᠷᠤᠨ᠂ ᠴᠢᠬᠢᠨ ᠳ᠋ᠦ᠍ᠨᠢ 《ᠲᠠ ᠥᠪᠡᠷ ᠢ᠋ᠶ᠋ᠡᠨ ᠤᠷᠤᠭᠤ ᠲᠠᠲᠠᠭᠠᠳ ᠪᠠᠢᠨ᠎ᠠ ᠰᠢᠦ ᠳᠡ》 ᠭᠡᠵᠦ ᠰᠢᠪᠡᠭᠡᠨᠡᠪᠡ᠃
ᠨᠠᠷᠠ ᠪᠦᠷ ᠵᠢᠷᠭᠠᠭᠠᠳ ᠦᠳᠡᠰᠢ ᠶ᠋ᠢᠨ ᠪᠦᠷᠦᠩᠬᠦᠢ ᠡᠬᠢᠯᠡᠵᠦ ᠳᠦᠯᠡᠢᠷᠡᠭᠰᠡᠨ ᠤᠷᠤᠭ ᠬᠠᠷ᠎ᠠ ᠲᠩᠷᠢ ᠪᠦᠬᠦᠨ ᠦ᠌ ᠳᠡᠭᠡᠷ᠎ᠡ ᠡᠴᠡ ᠬᠠᠪᠬᠠᠭᠯᠠᠨ ᠪᠦᠷᠬᠦᠪᠡ᠃ ᠬᠠᠶᠠ ᠮᠣᠷᠢᠳ ᠤ᠋ᠨ ᠲᠣᠭᠲᠠᠨ ᠶᠠᠳᠠᠭᠰᠠᠨ ᠬᠥᠯ ᠢ᠋ᠶ᠋ᠡᠷ ᠭᠠᠷᠤᠭᠰᠠᠨ ᠴᠢᠮᠡᠭᠡ ᠱᠠᠵᠢᠭᠢᠨᠠᠨ ᠭᠠᠷᠬᠤ ᠦᠭᠡᠢ ᠪᠠᠢᠭᠰᠠᠨ ᠪᠣᠯ ᠡᠨᠳᠡ ᠠᠮᠢᠳᠤ ᠠᠮᠢᠲᠠᠨ ᠦᠭᠡᠢ ᠮᠡᠲᠦ ᠠᠵᠢ᠃
᠊᠊᠊᠊᠊᠊᠊᠊᠊᠊᠊᠊᠊᠊᠊ ᠪᠠᠲᠤ ᠠ᠋ ᠬᠠᠲᠠᠭᠤ ᠪᠠᠢ᠃ ᠰᠡᠳᠬᠢᠯ ᠢ᠋ᠶ᠋ᠡᠨ ᠪᠡᠷᠢ᠃ ᠶᠠᠪᠤᠶ᠎ᠠ ᠳᠠ ᠭᠡᠵᠦ ᠬᠣᠩᠭᠣᠷ ᠤ᠋ᠨ ᠬᠡᠯᠡᠬᠦ ᠳ᠋ᠦ᠍ ᠪᠠᠲᠤ ᠲᠣᠯᠣᠭᠠᠢ ᠪᠠᠨ ᠠᠯᠭᠤᠷ ᠡᠷᠭᠢᠭᠦᠯᠵᠦ ᠬᠠᠷᠠᠯ᠎ᠠ᠃ ᠬᠠᠷᠠᠩᠭᠤᠢ ᠶ᠋ᠢᠨ ᠳᠣᠲᠣᠷ᠎ᠠ ᠬᠣᠩᠭᠣᠷ ᠤ᠋ᠨ ᠨᠢᠭᠤᠷ᠂ ᠰᠥᠨᠢ ᠶ᠋ᠢᠨ ᠴᠠᠭ ᠲᠤ᠌ ᠠᠯᠤᠰ ᠲᠤ᠌ ᠭᠢᠯᠠᠯᠵᠠᠬᠤ ᠭᠠᠯ ᠰᠢᠭ᠋ ᠰᠦᠮᠡᠯᠵᠡᠨ ᠬᠠᠷᠠᠭᠳᠠᠪᠠ᠃
ᠪᠠᠲᠤ ᠳᠠᠬᠢᠨ ᠪᠥᠬᠥᠢᠵᠦ᠂ ᠬᠣᠶᠠᠷ ᠠᠯᠠᠭ᠎ᠠ ᠪᠠᠨ ᠳᠡᠭᠡᠭᠰᠢ ᠬᠠᠷᠠᠭᠤᠯᠤᠨ ᠰᠢᠭᠤᠳᠠᠢ ᠶ᠋ᠢᠨ ᠳᠣᠭᠤᠤᠷ ᠲᠡᠭᠦᠨ ᠦ᠌ ᠳᠣᠲᠣᠷᠠᠬᠢ ᠶᠠᠭᠤᠮ᠎ᠠ ᠶ᠋ᠢ ᠰᠣᠴᠢᠭᠠᠬᠤ ᠦᠭᠡᠢ ᠭᠡᠰᠡᠨ ᠮᠡᠲᠦ ᠠᠭᠠᠵᠢᠮ ᠪᠥᠭᠡᠳ ᠬᠢᠨᠠᠮᠠᠭᠠᠢ ᠬᠢᠭᠡᠳ ᠡᠷᠭᠦᠵᠦ᠂ ᠴᠡᠭᠡᠵᠢᠨ ᠳ᠋ᠡᠭᠡᠨ ᠨᠠᠭᠠᠭᠠᠳ ᠪᠣᠰᠴᠤ᠂ ᠡᠷᠭᠢᠨ ᠲᠣᠭᠣᠷᠢᠨ ᠢ᠋ ᠬᠠᠷᠠᠭᠰᠠᠨ ᠢ᠋ᠶ᠋ᠠᠨ ᠵᠡᠭᠦᠨ ᠬᠣᠢᠰᠢ᠂ ᠴᠠᠰᠤ ᠱᠠᠵᠢᠭᠢᠨᠠᠭᠤᠯᠤᠨ ᠨᠢᠭᠡ ᠲᠣᠮᠣ ᠨᠢᠭᠡ ᠪᠠᠭ᠎ᠠ ᠠᠯᠬᠤᠵᠤ ᠶᠠᠪᠤᠬᠤ ᠳ᠋ᠤᠨᠢ 《ᠲᠠ ᠮᠣᠷᠢᠳ ᠢ᠋ᠶ᠋ᠠᠨ ᠠᠪᠤᠭᠠᠳ ᠢᠷ᠎ᠡ》 ᠭᠡᠵᠦ ᠨᠢᠮ᠎ᠠ ᠳ᠋ᠤ᠌ ᠬᠡᠯᠡᠭᠡᠳ ᠬᠣᠩᠭᠣᠷ ᠭᠦᠶᠦᠨ ᠣᠴᠢᠵᠤ ᠪᠠᠲᠤ ᠶ᠋ᠢ ᠰᠤᠭᠤᠳᠠᠨ ᠠᠪᠤᠯ᠎ᠠ᠃
ᠡᠪᠦᠭᠡᠨ ᠮᠣᠷᠢᠳ ᠢ᠋ᠶ᠋ᠠᠨ ᠬᠥᠲᠥᠯᠦᠨ ᠬᠣᠢᠨ᠎ᠠ ᠡᠴᠡ ᠨᠢ ᠠᠯᠬᠤᠨ᠎ᠠ᠃ ᠡᠨᠡ ᠭᠤᠷᠪᠠ ᠢᠩᠭᠢᠵᠦ ᠶᠡᠬᠡ ᠯᠡ ᠤᠳᠠᠭᠠᠨ ᠶᠠᠪᠤᠭᠰᠠᠨ ᠪᠣᠯᠪᠠᠴᠤ ᠨᠢᠭᠡ ᠴᠦ᠍ ᠦᠭᠡ ᠳᠤᠤᠭᠠᠷᠤᠭᠰᠠᠨ ᠦᠭᠡᠢ᠃
ᠭᠡᠵᠢᠭᠡᠲᠦ ᠲᠣᠯᠣᠭᠠᠢ ᠶ᠋ᠢᠨ ᠡᠩᠭᠡᠷ ᠳᠡᠭᠡᠷ᠎ᠡ ᠢᠷᠡᠭᠡᠳ ᠪᠠᠲᠤ ᠰᠥᠬᠥᠷᠡᠨ ᠰᠠᠭᠤᠭᠰᠠᠨ ᠢ᠋ᠶ᠋ᠠᠨ 《ᠮᠢᠨᠦ ᠲᠣᠬᠣᠮ ᠢ᠋ ᠠᠪᠤᠭᠠᠳ ᠢᠷᠡᠭᠡᠴᠢ》 ᠭᠡᠪᠡ᠃ ᠬᠣᠩᠭᠣᠷ ᠡᠷᠭᠢᠵᠦ ᠡᠮᠡᠭᠡᠯ ᠢ᠋ ᠨᠢ ᠠᠪᠤᠭᠠᠳ ᠲᠣᠬᠣᠮ ᠢ᠋ ᠨᠢ ᠠᠪᠴᠢᠷᠠᠨ ᠪᠠᠲᠤ ᠶ᠋ᠢᠨ ᠡᠮᠦᠨ᠎ᠡ ᠢᠷᠡᠬᠦ ᠳ᠋ᠦ᠍ 《ᠠᠳᠠ ᠳᠡᠪᠢᠰᠴᠦ ᠣᠷᠭᠢ》 ᠭᠡᠵᠦ ᠪᠦᠳᠡᠭᠢ ᠪᠣᠯᠪᠠᠴᠤ ᠦᠭᠡ ᠪᠦᠬᠦᠨ ᠨᠢ ᠶᠡᠷᠦ ᠪᠤᠰᠤ ᠶ᠋ᠢᠨ ᠲᠣᠳᠣ ᠳᠠᠭᠤ ᠪᠠᠷ ᠬᠡᠯᠡᠪᠡ᠃
ᠬᠣᠩᠭᠣᠷ ᠰᠥᠬᠥᠷᠡᠨ ᠰᠠᠭᠤᠵᠤ ᠬᠣᠶᠠᠷ ᠲᠣᠬᠣᠮ ᠢ᠋ ᠳᠠᠪᠬᠤᠷᠯᠠᠨ ᠳᠡᠪᠢᠰᠴᠦ ᠪᠠᠢᠬᠤ ᠳ᠋ᠤ᠌ ᠪᠠᠲᠤ ᠶ᠋ᠢᠨ ᠵᠢᠭᠳᠡ ᠪᠤᠰᠤ ᠠᠮᠢᠰᠬᠤᠯ ᠨᠢ ᠡᠯᠢᠭᠡᠨ ᠳ᠋ᠡᠭᠡᠨ ᠰᠢᠬᠠᠵᠤ ᠲᠡᠪᠡᠷᠢᠭᠰᠡᠨ ᠰᠢᠭᠤᠳᠠᠢ ᠶ᠋ᠢ ᠨᠡᠪᠲᠡᠯᠦᠨ ᠡᠨᠡ ᠲᠠᠰᠤᠯᠳᠠᠭᠰᠠᠨ ᠬᠦᠴᠦᠷᠬᠡᠭ ᠠᠮᠢᠰᠬᠤᠯ᠂ ᠰᠢᠭᠤᠳᠠᠢ ᠶ᠋ᠢᠨ ᠳᠣᠲᠣᠷ᠎ᠠ ᠡᠴᠡ ᠭᠠᠷᠴᠤ ᠪᠠᠢᠭ᠎ᠠ ᠶᠤᠮ ᠰᠢᠭ᠋ ᠰᠣᠨᠣᠰᠳᠠᠵᠤ ᠪᠠᠢᠯ᠎ᠠ᠃
ᠪᠠᠲᠤ ᠪᠦᠬᠦ ᠴᠡᠭᠡᠵᠢ ᠪᠡᠷ ᠢ᠋ᠶ᠋ᠡᠨ ᠪᠥᠬᠥᠢᠵᠦ ᠲᠣᠬᠣᠮ ᠳᠡᠭᠡᠷ᠎ᠡ ᠪᠡᠨ ᠰᠢᠭᠤᠳᠠᠢ ᠲᠠᠢ ᠶᠠᠭᠤᠮ᠎ᠠ ᠶ᠋ᠢ ᠲᠠᠯᠪᠢᠭᠠᠳ᠂ ᠬᠡᠰᠡᠭ ᠵᠠᠭᠤᠷ᠎ᠠ ᠡᠯᠢᠭᠡ ᠪᠡᠨ ᠰᠠᠯᠭᠠᠯ ᠦᠭᠡᠢ ᠳᠠᠷᠤᠵᠤ ᠪᠠᠢᠭᠰᠠᠨ ᠢ᠋ᠶ᠋ᠠᠨ ᠰᠠᠯᠵᠤ ᠶᠠᠳᠠᠨ ᠥᠨᠳᠡᠢᠵᠦ 《ᠵᠠ ᠭᠠᠵᠠᠷ ᠢ᠋ᠶ᠋ᠠᠨ ᠤᠬᠤᠶᠠ》 ᠭᠡᠵᠦ ᠬᠡᠯᠡᠭᠡᠳ ᠪᠣᠰᠴᠤ ᠪᠥᠰᠡᠨ ᠡᠴᠡ ᠪᠡᠨ ᠬᠦᠷᠵᠡ ᠪᠡᠨ ᠠᠪᠴᠤ ᠲᠠᠯᠪᠢᠬᠤ ᠳ᠋ᠤ᠌ ᠬᠥᠯᠳᠡᠭᠦᠦ ᠭᠠᠵᠠᠷ ᠳ᠋ᠠᠩ ᠭᠡᠵᠦ ᠳᠤᠤᠭᠠᠷᠪᠠ᠃
᠊᠊᠊᠊᠊᠊᠊᠊᠊᠊᠊᠊᠊᠊᠊ ᠬᠦᠦ ᠮᠢᠨᠢ ᠪᠤᠯᠠᠬᠤ ᠬᠡᠷᠡᠭ ᠤᠤ?
᠊᠊᠊᠊᠊᠊᠊᠊᠊᠊᠊᠊᠊᠊᠊ ᠲᠡᠢᠮᠦ᠃
᠊᠊᠊᠊᠊᠊᠊᠊᠊᠊᠊᠊᠊᠊᠊ ᠪᠣᠯᠬᠤ ᠤᠤ ᠳᠠ᠃
᠊᠊᠊᠊᠊᠊᠊᠊᠊᠊᠊᠊᠊᠊᠊ ᠪᠣᠯᠤᠨ᠎ᠠ᠃ ᠨᠢᠮ᠎ᠠ ᠬᠡᠦᠬᠡᠳ ᠢ᠋ ᠪᠤᠯᠠᠨ᠎ᠠ ᠭᠡᠳᠡᠭ ᠢ᠋ ᠰᠣᠨᠣᠰᠬᠤ ᠳ᠋ᠤ᠌ ᠬᠡᠷᠡᠭ ᠦᠭᠡᠢ ᠪᠣᠯᠪᠠ ᠤᠤ ᠭᠡᠵᠦ ᠬᠡᠯᠡᠭᠰᠡᠨ ᠪᠢᠯᠡ᠃ ᠭᠡᠪᠡᠴᠦ ᠪᠠᠲᠤ ᠶ᠋ᠢᠨ ᠰᠢ᠌ᠤᠠᠪᠣᠷᠢ ᠶ᠋ᠢ ᠡᠷᠭᠢᠭᠦᠯᠵᠦ ᠴᠢᠳᠠᠭ᠎ᠠ ᠦᠭᠡᠢ᠃ ᠡᠨᠡ ᠤᠳᠠᠭ᠎ᠠ ᠪᠣᠯ ᠲᠡᠭᠦᠨ ᠦ᠌ ᠪᠣᠳᠣᠯ ᠢ᠋ ᠥᠭᠡᠷᠡᠴᠢᠯᠡᠨ᠎ᠡ ᠭᠡᠵᠦ ᠬᠡᠯᠡᠭᠡ ᠦᠭᠡᠢ ᠬᠠᠷᠢᠨ ᠪᠠᠷᠤᠭ ᠯᠠ ᠥᠪᠡᠷ ᠢ᠋ᠶ᠋ᠡᠨ ᠮᠠᠲᠠᠯ ᠦᠭᠡᠢ ᠬᠡᠯᠡᠵᠡᠢ᠃
ᠬᠣᠩᠭᠣᠷ ᠲᠡᠷᠭᠡᠨ ᠦ᠌ ᠲᠡᠮᠦᠷ ᠭᠣᠣᠯ ᠢ᠋ᠶ᠋ᠠᠷ ᠬᠢᠭᠰᠡᠨ ᠬᠦᠨᠳᠦ ᠴᠠᠷᠢᠯ ᠢ᠋ᠶ᠋ᠠᠨ ᠳᠡᠭᠡᠷ᠎ᠡ ᠡᠷᠭᠦᠵᠦ ᠴᠣᠬᠢᠬᠤ ᠳ᠋ᠤ᠌ ᠳ᠋ᠠᠩ ᠭᠡᠵᠦ ᠳᠤᠤᠭᠠᠷᠤᠭᠠᠳ ᠬᠥᠯᠳᠡᠭᠦᠦ ᠭᠠᠵᠠᠷ ᠡᠴᠡ ᠣᠢᠪᠠ᠃ ᠲᠡᠷᠡ ᠭᠤᠷᠪᠠ ᠡᠭᠡᠯᠵᠢ ᠡᠭᠡᠯᠵᠢ ᠪᠡᠷ ᠬᠥᠯᠳᠡᠭᠦᠦ ᠭᠠᠵᠠᠷ ᠢ᠋ ᠤᠭᠰᠠᠷᠠᠨ ᠤᠬᠤᠵᠤ ᠡᠬᠢᠯᠡᠪᠡ᠃
ᠤᠳᠠᠯ ᠦᠭᠡᠢ ᠰᠢᠭᠤᠷᠭ᠎ᠠ ᠡᠬᠢᠯᠡᠵᠦ᠂ ᠰᠠᠯᠬᠢᠨ ᠤ᠋ ᠢᠰᠬᠡᠷᠬᠦ ᠳᠠᠭᠤ᠂ ᠬᠥᠯᠳᠡᠭᠦᠦ ᠭᠠᠵᠠᠷ ᠲᠤᠰᠤᠭᠰᠠᠨ ᠭᠦᠷᠵᠡᠨ ᠦ᠌ ᠬᠠᠩᠭᠢᠨᠠᠬᠤ ᠳᠠᠭᠤ ᠲᠠᠢ ᠬᠣᠣᠰᠯᠠᠨ᠂ ᠬᠠᠶᠠ ᠬᠠᠶᠠ ᠣᠴᠢ ᠪᠤᠲᠠᠷᠠᠨ ᠭᠠᠷᠴᠤ ᠪᠠᠢᠪᠠ᠃
ᠠᠮᠢᠳᠤᠷᠠᠯ ᠳ᠋ᠤ᠌ ᠬᠡᠴᠢᠨᠡᠨ ᠱᠤᠤᠭᠢᠯᠳᠤᠨ ᠶᠠᠷᠢᠪᠠᠴᠤ ᠪᠡᠶ᠎ᠡ ᠪᠡᠶ᠎ᠡ ᠪᠡᠨ ᠣᠢᠯᠠᠭᠠᠳᠠᠭ ᠦᠭᠡᠢ ᠦᠶ᠎ᠡ ᠪᠠᠢᠳᠠᠭ ᠤ᠋ᠨ ᠠᠳᠠᠯᠢ ᠨᠢᠭᠡ ᠴᠦ᠍ ᠦᠭᠡ ᠳᠤᠤᠭᠠᠷᠤᠯ ᠦᠭᠡᠢ ᠪᠡᠷ ᠬᠠᠷᠢᠯᠴᠠᠨ ᠪᠦᠷᠢᠨ ᠣᠢᠯᠠᠭᠠᠳᠠᠭ ᠤᠳᠠᠭ᠎ᠠ ᠪᠠᠢᠳᠠᠭ ᠶᠤᠮ᠃ ᠡᠨᠡ ᠭᠤᠷᠪᠠ ᠶ᠋ᠢᠨ ᠬᠡᠨ ᠨᠢ ᠴᠦ᠍ ᠨᠢᠭᠡ ᠦᠭᠡ ᠳᠤᠤᠭᠠᠷᠤᠭ᠎ᠠ ᠦᠭᠡᠢ ᠪᠣᠯᠪᠠᠴᠤ ᠪᠡᠶ᠎ᠡ ᠪᠡᠶᠡᠰ ᠦ᠋ᠨ ᠪᠣᠳᠣᠯ ᠢ᠋ ᠪᠦᠷᠢᠨ ᠣᠢᠯᠠᠭᠠᠵᠤ ᠨᠢᠭᠡᠨ ᠦᠶ᠎ᠡ ᠬᠣᠩᠭᠣᠷ ᠤ᠋ᠨ ᠬᠦᠨᠳᠦ ᠴᠠᠷᠢᠯ ᠪᠢᠲᠡᠭᠦᠦ ᠳᠠᠭᠤ ᠪᠠᠷ ᠳ᠋ᠦᠩ ᠳ᠋ᠦᠩ ᠭᠡᠬᠦ ᠳ᠋ᠦ᠍ ᠳᠠᠷᠠᠭ᠎ᠠ ᠨᠢ ᠨᠥᠭᠦᠭᠡ ᠬᠣᠶᠠᠷ ᠤ᠋ᠨ ᠬᠦᠷᠵᠡ ᠲᠠᠴᠢᠭᠢᠨᠠᠨ ᠬᠠᠩᠭᠢᠨᠠᠵᠤ ᠪᠠᠢᠯ᠎ᠠ᠃
ᠴᠢᠳᠥᠷ ᠲᠡᠢ ᠪᠠᠢᠭ᠎ᠠ ᠮᠣᠷᠢᠳ ᠨᠢ ᠰᠢᠭᠤᠷᠭ᠎ᠠ ᠤᠷᠤᠭᠤᠳᠠᠨ ᠪᠡᠶ᠎ᠡ ᠪᠡᠨ ᠬᠣᠷᠢᠶᠠᠨ ᠵᠣᠭᠰᠣᠭᠠᠳ ᠴᠡᠴᠡᠷᠡᠵᠦ ᠪᠠᠢᠪᠠᠴᠤ ᠡᠵᠡᠳ ᠨᠢ ᠣᠭᠲᠣ ᠲᠠᠭᠠᠷᠠᠭᠰᠠᠨ ᠦᠭᠡᠢ᠃ ᠰᠥᠨᠢ ᠳᠤᠮᠳᠠ ᠶ᠋ᠢᠨ ᠦᠶ᠎ᠡ ᠳ᠋ᠦ᠍ ᠨᠦᠬᠡ ᠪᠡᠨ ᠤᠬᠤᠵᠤ ᠳᠠᠭᠤᠰᠪᠠ᠃
ᠪᠠᠲᠤ ᠬᠦᠷᠵᠡ ᠪᠡᠨ ᠭᠠᠵᠠᠷ ᠬᠠᠶᠠᠭᠠᠳ ᠰᠢᠭᠤᠳᠠᠢ ᠤᠷᠤᠭᠤ ᠪᠠᠨ ᠠᠯᠬᠤᠬᠤ ᠭᠡᠰᠡᠨ ᠢ᠋ᠶ᠋ᠡᠨ ᠰᠢᠷᠭᠤᠴᠢᠨ ᠤᠨᠠᠪᠠ᠃ ᠬᠣᠩᠭᠣᠷ ᠤᠬᠤᠰᠬᠢᠨ ᠣᠴᠢᠲᠠᠯ᠎ᠠ ᠪᠠᠲᠤ ᠥᠪᠡᠷ ᠢ᠋ᠶ᠋ᠡᠨ ᠪᠣᠰᠤᠭᠠᠳ ᠰᠢᠭᠤᠳᠠᠢ ᠶ᠋ᠢᠨ ᠳᠡᠷᠭᠡᠳᠡ ᠣᠴᠢᠵᠤ ᠤᠷᠢᠳᠤᠬᠢ ᠶ᠋ᠢᠨ ᠠᠳᠠᠯᠢ ᠰᠥᠬᠥᠷᠡᠨ ᠰᠠᠭᠤᠭᠠᠳ ᠲᠡᠪᠡᠷᠢᠨ ᠠᠪᠴᠤ ᠦᠭᠡ ᠳᠠᠭᠤ ᠦᠭᠡᠢ ᠨᠦᠬᠡ ᠤᠷᠤᠭᠤ ᠶᠠᠪᠤᠬᠤ ᠳ᠋ᠤᠨᠢ ᠬᠣᠩᠭᠣᠷ ᠨᠢᠭᠡ ᠭᠠᠷ ᠢ᠋ᠶ᠋ᠠᠷ ᠢ᠋ᠶ᠋ᠠᠨ ᠰᠢᠭᠤᠳᠠᠢ ᠶ᠋ᠢ ᠳᠣᠣᠷ᠎ᠠ ᠡᠴᠡ ᠨᠢ ᠲᠤᠯᠤᠨ᠂ ᠨᠥᠭᠦᠭᠡ ᠭᠠᠷ ᠢ᠋ᠶ᠋ᠠᠷ ᠢ᠋ᠶ᠋ᠠᠨ ᠪᠠᠲᠤ ᠶ᠋ᠢ ᠲᠡᠪᠡᠷᠢᠨ ᠠᠪᠤᠯ᠎ᠠ᠃
ᠨᠦᠬᠡᠨ ᠦ᠌ ᠢᠷᠮᠡᠭ ᠲᠦ᠍ ᠲᠤᠯᠵᠤ ᠵᠣᠭᠰᠣᠭᠠᠳ ᠪᠠᠲᠤ ᠰᠢᠭᠤᠳᠠᠢ ᠳ᠋ᠤ᠌ ᠬᠠᠴᠠᠷ ᠢ᠋ᠶ᠋ᠠᠨ ᠨᠠᠭᠠᠵᠤ᠂ ᠪᠦᠪᠡᠢᠯᠡᠵᠦ ᠪᠠᠢᠭ᠎ᠠ ᠶᠤᠮ ᠰᠢᠭ᠋ ᠨᠠᠢᠭᠤᠬᠤ ᠳ᠋ᠤ᠌ ᠨᠢᠮ᠎ᠠ ᠡᠪᠦᠭᠡᠨ ᠪᠦᠷ ᠶᠡᠩᠭᠢᠨᠡᠭᠦᠯᠦᠨ ᠤᠬᠢᠯᠠᠪᠠ᠃
ᠬᠡᠰᠡᠭ ᠢᠩᠭᠢᠵᠦ ᠪᠠᠢᠭᠰᠠᠨ ᠤ᠋ ᠳᠠᠷᠠᠭ᠎ᠠ ᠪᠠᠲᠤ ᠪᠠᠷᠠᠭᠤᠨ ᠭᠠᠷ ᠢ᠋ᠶ᠋ᠠᠷ ᠢ᠋ᠶ᠋ᠠᠨ ᠬᠣᠷᠮᠣᠢ ᠪᠠᠨ ᠳᠡᠪᠢᠰᠴᠦ ᠰᠠᠭᠤᠭᠠᠳ ᠳᠡᠭᠡᠷ᠎ᠡ ᠨᠢ ᠰᠢᠭᠤᠳᠠᠢ ᠲᠠᠢ ᠪᠠᠨ ᠲᠠᠯᠪᠢᠵᠤ ᠠᠮᠠ ᠶ᠋ᠢ ᠨᠢ ᠵᠠᠳᠠᠯᠬᠤ ᠭᠡᠰᠡᠨ ᠢ᠋ᠶ᠋ᠡᠨ
᠊᠊᠊᠊᠊᠊᠊᠊᠊᠊᠊᠊᠊᠊᠊ ᠡᠨᠡ ᠴᠢᠭ ᠢ᠋ᠶ᠋ᠡᠷ ᠢ᠋ᠶ᠋ᠡᠨ ᠳᠡᠭᠡᠷ᠎ᠡ ᠪᠠᠢᠬᠤ ᠳᠠ? ᠭᠡᠵᠦ ᠬᠠᠵᠠᠭᠤ ᠳ᠋ᠠᠭᠠᠨ ᠵᠣᠭᠰᠣᠵᠤ ᠪᠠᠢᠭ᠎ᠠ ᠬᠣᠩᠭᠣᠷ ᠤᠷᠤᠭᠤ ᠬᠠᠷᠠᠵᠤ ᠠᠰᠠᠭᠤᠪᠠ᠃
᠊᠊᠊᠊᠊᠊᠊᠊᠊᠊᠊᠊᠊᠊᠊ ᠲᠡᠢᠮᠦ ᠪᠠᠢᠬᠤ ᠠ᠋ ᠭᠡᠵᠦ ᠬᠣᠩᠭᠣᠷ ᠬᠠᠷᠢᠭᠤᠯᠤᠭᠰᠠᠨ ᠪᠣᠯᠪᠠᠴᠤ ᠥᠪᠡᠷ ᠢ᠋ᠶ᠋ᠡᠨ ᠴᠣᠬᠣᠮ ᠶᠠᠭᠤ ᠭᠡᠵᠦ ᠬᠡᠯᠡᠭᠰᠡᠨ ᠢ᠋ᠶ᠋ᠡᠨ ᠮᠡᠳᠡᠭᠰᠡᠨ ᠦᠭᠡᠢ᠃ ᠪᠠᠲᠤ ᠰᠢᠭᠤᠳᠠᠢ ᠶ᠋ᠢ ᠳᠠᠬᠢᠨ ᠠᠪᠴᠤ ᠨᠢᠭᠡ ᠤᠳᠠᠭ᠎ᠠ ᠴᠢᠩᠭ᠎ᠠ ᠲᠡᠪᠡᠷᠢᠭᠰᠡᠨ ᠢ᠋ᠶ᠋ᠡᠨ ᠪᠥᠬᠥᠢᠵᠦ ᠲᠣᠯᠣᠭᠠᠢ ᠪᠠᠨ ᠨᠦᠬᠡᠨ ᠳ᠋ᠦ᠍ ᠣᠷᠣᠭᠤᠯᠤᠨ᠂ ᠠᠯᠭᠤᠷ ᠲᠠᠯᠪᠢᠭᠠᠳ ᠥᠨᠳᠡᠢᠬᠦ ᠳ᠋ᠡᠭᠡᠨ ᠭᠠᠷ ᠤ᠋ᠨ ᠢ᠋ᠶ᠋ᠠᠨ ᠠᠯᠠᠭ᠎ᠠ ᠪᠠᠷ ᠨᠢᠳᠦ ᠪᠡᠨ ᠠᠷᠴᠢᠪᠠ᠃ ᠬᠣᠶᠠᠷ ᠭᠠᠷ ᠢ᠋ᠶ᠋ᠠᠷ ᠬᠠᠵᠠᠭᠤ ᠶ᠋ᠢᠨ ᠬᠥᠯᠳᠡᠭᠦᠦ ᠰᠢᠷᠣᠢ ᠡᠴᠡ ᠠᠳᠬᠤᠵᠤ᠂ ᠨᠦᠬᠡ ᠤᠷᠤᠭᠤ ᠵᠥᠭᠡᠯᠡᠨ ᠬᠢᠵᠦ ᠡᠬᠢᠯᠡᠭᠰᠡᠨ ᠳ᠋ᠦ᠍ ᠬᠣᠩᠭᠣᠷ ᠪᠠᠰᠠ ᠬᠢᠵᠦ ᠡᠬᠢᠯᠡᠪᠡ᠃
ᠨᠡᠯᠢᠶᠡᠳ ᠠᠵᠢᠯᠯᠠᠭᠰᠠᠨ ᠤ᠋ ᠳᠠᠷᠠᠭ᠎ᠠ ᠨᠦᠬᠡ ᠰᠢᠷᠣᠢ ᠪᠠᠷ ᠳᠦᠭᠦᠷᠦᠭᠰᠡᠨ ᠢ᠋ᠶ᠋ᠡᠷ ᠪᠠᠷᠠᠬᠤ ᠦᠭᠡᠢ ᠵᠢᠵᠢᠭᠬᠡᠨ ᠣᠪᠣᠭ᠎ᠠ ᠪᠣᠰᠴᠤ ᠪᠠᠲᠤ ᠡᠪᠦᠷ ᠡᠴᠡ ᠪᠡᠨ ᠡᠳᠦᠷ ᠡᠪᠣᠯᠵᠢᠶᠠᠨ ᠤ᠋ ᠬᠣᠢᠲᠤ ᠠᠭᠤᠯᠠᠨ ᠳ᠋ᠤ᠌ ᠬᠣᠶᠠᠷ ᠴᠠᠭ ᠭᠠᠷᠤᠢ ᠪᠣᠯᠬᠤ ᠳ᠋ᠠᠭᠠᠨ ᠰᠡᠢᠯᠦᠭᠰᠡᠨ 《ᠪᠠᠲᠤ ᠶ᠋ᠢᠨ ᠬᠦᠦ ᠴᠢᠯᠠᠭᠤᠨ》 ᠭᠡᠰᠡᠨ ᠦᠰᠦᠭᠳᠡᠢ ᠳᠥᠷᠪᠡᠯᠵᠢᠨ ᠬᠥᠬᠡ ᠴᠢᠯᠠᠭᠤ ᠪᠠᠨ ᠲᠠᠯᠪᠢᠬᠤ ᠳ᠋ᠤ᠌ ᠣᠷᠴᠢᠨ ᠲᠣᠭᠣᠷᠢᠨ ᠤ᠋ ᠪᠦᠬᠦ ᠶᠠᠭᠤᠮ᠎ᠠ ᠬᠤᠪᠢᠷᠠᠨ ᠢᠷᠡᠭᠡᠳ ᠳᠡᠭᠡᠷ᠎ᠡ ᠡᠴᠡ ᠨᠢ ᠳᠠᠷᠤᠬᠤ ᠰᠢᠭ᠋ ᠪᠣᠯᠪᠠ᠃
ᠬᠣᠩᠭᠣᠷ᠂ ᠪᠠᠲᠤ ᠶ᠋ᠢ ᠲᠡᠪᠡᠷᠢᠨ ᠠᠪᠴᠤ 《ᠡᠪᠦᠭᠡᠨ ᠮᠢᠨᠢ ᠰᠡᠳᠬᠢᠯ ᠢ᠋ᠶ᠋ᠡᠨ ᠪᠡᠷᠢ》 ᠭᠡᠳ ᠣᠢᠷ᠎ᠠ ᠬᠠᠪᠢ ᠶ᠋ᠢᠨ ᠠᠭᠠᠷ ᠢ᠋ ᠪᠦᠭᠦᠳᠡ ᠶ᠋ᠢ ᠨᠢ ᠠᠭᠤᠰᠬᠢᠨ ᠳ᠋ᠠᠭᠠᠨ ᠬᠢᠬᠦ ᠭᠡᠰᠡᠨ ᠶᠤᠮ ᠰᠢᠭ ᠠᠮᠢᠰᠬᠤᠭ᠎ᠠ ᠪᠠᠨ ᠳᠣᠲᠣᠭᠰᠢ ᠤᠷᠲᠤ ᠪᠠᠷ ᠬᠦᠴᠦᠲᠡᠢ ᠲᠠᠲᠠᠯ᠎ᠠ᠃
ᠮᠠᠷᠭᠠᠰᠢ ᠨᠢ ᠪᠠᠲᠤ ᠰᠢᠭᠤᠳ ᠢᠲᠡᠭᠡᠯᠲᠦ ᠶ᠋ᠢᠨ ᠳ᠋ᠦ᠍ ᠮᠣᠷᠢ ᠬᠥᠲᠥᠯᠵᠦ ᠣᠴᠢᠭᠠᠳ ᠲᠡᠭᠦᠨ ᠲᠡᠢ ᠶᠣᠰᠣᠲᠠᠢ ᠯᠠ ᠵᠠᠳᠠ ᠭᠡᠷᠡᠯᠲᠦᠨ ᠰᠣᠯᠣᠩᠭ᠎ᠠ ᠪᠠᠨ ᠠᠪᠤᠭᠠᠳ ᠪᠤᠴᠠᠵᠠᠢ᠃
