ᠲᠤᠩᠭᠠᠯᠠᠭ ᠲᠠᠮᠢᠷ2-19-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ2-19-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ2-19-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-11

1282

《ᠤᠯᠠᠭᠠᠨ ᠢ᠋ ᠤᠨᠠᠭᠠᠵᠤ ᠠᠪᠤᠭᠰᠠᠨ ᠴᠠᠭ ᠲᠤ᠌ ᠴᠢ ᠪᠢᠳᠡᠨ ᠬᠣᠶᠠᠷ ᠤ᠋ᠨ ᠡᠮᠦᠨ᠎ᠡ ᠠᠯᠲᠠᠨ ᠵᠠᠮ ᠨᠡᠭᠡᠭᠡᠭᠳᠡᠨ᠎ᠡ》 - ᠬᠣᠶᠠᠳᠤᠭᠠᠷ ᠪᠦᠯᠦᠭ ᠠᠷᠪᠠᠨ ᠶᠢᠰᠦ

  ᠴᠠᠭᠠᠨᠲᠠᠨ ᠤ᠋ ᠷᠸᠽᠦᠺᠢᠨ ᠭᠧᠨᠧᠷᠠᠯ ᠵᠠᠶ᠎ᠠ ᠶ᠋ᠢᠨ ᠱᠠᠪᠢ᠂ ᠰᠠᠢᠳ ᠸᠠᠩ᠂ ᠳᠠᠯᠠᠢ᠌ᠴᠣᠢ᠌ᠩᠬᠤᠷ ᠸᠠᠩ᠂ ᠯᠤᠤ ᠬᠦᠩ ᠦ᠋ᠨ ᠵᠡᠷᠭᠡ ᠬᠤᠰᠢᠭᠤᠨ ᠡᠴᠡ ᠭᠤᠷᠪᠠᠨ ᠮᠢᠩᠭ᠎ᠠ ᠣᠷᠴᠢᠮ ᠮᠣᠩᠭᠣᠯ ᠴᠡᠷᠢᠭ ᠳᠠᠢᠴᠢᠯᠠᠵᠤ᠂ ᠣᠷᠣᠰ ᠣᠷᠣᠨ ᠡᠴᠡ ᠬᠥᠭᠡᠭᠡᠭᠳᠡᠨ ᠳᠦᠷᠪᠡᠵᠦ ᠭᠠᠷᠤᠭᠰᠠᠨ ᠮᠢᠩᠭ᠎ᠠ ᠭᠠᠷᠤᠢ ᠣᠷᠣᠰ ᠤ᠋ᠨ ᠴᠠᠭᠠᠨ ᠴᠡᠷᠢᠭ ᠲᠡᠢ ᠨᠡᠢᠯᠡᠭᠦᠯᠦᠭᠡᠳ ᠪᠠᠷᠤᠨ ᠤ᠋ ᠪᠠᠷᠠᠭᠤᠨ ᠵᠢᠭᠦᠷ ᠢ᠋ ᠪᠣᠢ ᠪᠣᠯᠭᠠᠪᠠ᠃ ᠡᠨᠡ ᠴᠡᠷᠢᠭ ᠦ᠋ᠨ ᠵᠣᠷᠢᠯᠭ᠎ᠠ ᠨᠢ ᠬᠢᠶᠠᠭᠲᠤ ᠳ᠋ᠤ᠌ ᠪᠠᠢᠭᠤᠯᠤᠭᠳᠠᠭᠰᠠᠨ ᠮᠣᠩᠭᠣᠯ ᠤ᠋ᠨ ᠠᠷᠠᠳ ᠤ᠋ᠨ ᠲᠦᠷ ᠵᠠᠰᠠᠭ ᠤ᠋ᠨ ᠭᠠᠵᠠᠷ ᠢ᠋ ᠤᠰᠠᠳᠬᠠᠭᠠᠳ ᠪᠠᠷᠤᠨ ᠤ᠋ ᠭᠣᠣᠯ ᠬᠦᠴᠦ ᠲᠡᠢ ᠨᠡᠢᠯᠡᠨ ᠤᠯᠠᠮ ᠢ᠋ᠶ᠋ᠠᠷ ᠵᠥᠪᠯᠡᠯᠲᠦ ᠣᠷᠣᠰ ᠤᠯᠤᠰ ᠢ᠋ ᠳᠣᠪᠲᠣᠯᠬᠤ ᠠᠵᠢ᠃
  ᠡᠭᠦᠨ ᠦ᠌ ᠨᠢᠭᠡᠨ ᠬᠣᠷᠢᠶ᠎ᠠ ᠶ᠋ᠢ ᠫᠡᠪᠯᠦᠧ ᠵᠠᠬᠢᠷᠪᠠ᠃ ᠴᠡᠷᠢᠭ ᠪᠠᠢᠭᠤᠯᠵᠤ ᠡᠬᠢᠯᠡᠬᠦ ᠦᠶ᠎ᠡ ᠳ᠋ᠦ᠍ ᠫᠡᠪᠯᠦᠧ ᠢᠲᠡᠭᠡᠯᠲᠦ ᠶ᠋ᠢᠨ ᠳ᠋ᠦ᠍ ᠢᠷᠡᠵᠦ ᠠᠭᠤᠯᠵᠠᠭᠠᠳ 《ᠡᠪᠦᠭᠡᠨ ᠮᠢᠨᠢ᠂ ᠪᠢᠳᠡ ᠤᠯᠠᠭᠠᠨ ᠲᠠᠢ ᠦᠬᠦᠯᠳᠦᠨ ᠲᠤᠯᠤᠯᠳᠤᠨ᠎ᠠ᠃ ᠡᠭᠦᠨ ᠦ᠌ ᠲᠤᠯᠠ ᠮᠣᠩᠭᠣᠯ ᠤ᠋ᠨ ᠠᠢᠮᠠᠭ᠂ ᠬᠤᠰᠢᠭᠤᠳ ᠡᠴᠡ ᠴᠡᠷᠢᠭ᠂ ᠠᠭᠲᠠ᠂ ᠬᠦᠨᠡᠰᠦ ᠬᠣᠭᠣᠯᠠ ᠳᠠᠢᠴᠢᠯᠠᠨ᠎ᠠ᠃ ᠡᠨᠡ ᠤᠴᠢᠷ ᠡᠴᠡ ᠴᠢ ᠷᠸᠽᠦᠺᠢᠨ ᠭᠧᠨᠧᠷᠠᠯ ᠲᠠᠢ ᠨᠢᠭᠤᠷ ᠤᠴᠠᠷᠠᠵᠤ ᠠᠷᠪᠠᠨ ᠰᠠᠢᠨ ᠮᠣᠷᠢ᠂ ᠠᠮᠪᠠᠨ ᠱᠠᠷ ᠠᠷᠪᠠ ᠶ᠋ᠢᠨ ᠬᠠᠮᠲᠤ ᠶᠡᠬᠡ ᠴᠡᠷᠢᠭ ᠦ᠋ᠨ ᠬᠡᠷᠡᠭᠴᠡᠭᠡᠨ ᠳ᠋ᠦ᠍ ᠥᠭᠭᠦᠶ᠎ᠡ ᠭᠡᠵᠦ ᠠᠢᠯᠠᠳᠬᠠᠬᠤ ᠬᠡᠷᠡᠭᠲᠡᠢ᠃ ᠲᠡᠭᠡᠬᠦ ᠦᠭᠡᠢ ᠪᠣᠯ ᠬᠦᠴᠦ ᠪᠡᠷ ᠳᠠᠢᠴᠢᠯᠠᠭᠳᠠᠬᠤ ᠪᠣᠯᠤᠨ᠎ᠠ》 ᠭᠡᠯ᠎ᠡ᠃
  ᠊᠊᠊᠊᠊᠊᠊᠊᠊᠊᠊᠊᠊᠊᠊ ᠶᠠᠭᠤ ᠪᠣᠯᠬᠤ ᠶ᠋ᠢ ᠨᠢ ᠮᠡᠳᠡᠭᠡ ᠦᠭᠡᠢ ᠪᠠᠢᠵᠤ᠂ ᠲᠡᠢᠮᠦ ᠶᠡᠬᠡ ᠬᠥᠷᠥᠩᠭᠡ ᠪᠡᠨ ᠵᠦᠭᠡᠷ ᠥᠭᠬᠦ ᠬᠡᠷᠡᠭ ᠤᠤ?
  ᠊᠊᠊᠊᠊᠊᠊᠊᠊᠊᠊᠊᠊᠊᠊ ᠠᠮᠠᠯᠠᠬᠤ᠂ ᠥᠭᠬᠦ ᠬᠣᠶᠠᠷ ᠤ᠋ᠨ ᠳᠤᠮᠳᠠ ᠶᠡᠬᠡ ᠵᠠᠢ ᠪᠣᠢ ᠭᠡᠳ ᠫᠡᠪᠯᠦᠧ ᠬᠥᠭᠵᠢᠯᠲᠡᠢ ᠢᠨᠢᠶᠡᠨ ᠰᠢᠷᠪᠢᠬᠡᠷ ᠰᠢᠷ᠎ᠠ ᠰᠠᠬᠠᠯ ᠢ᠋ᠶ᠋ᠠᠨ ᠡᠷᠡᠬᠡᠢ ᠬᠤᠷᠤᠭᠤ ᠪᠠᠷ ᠰᠢᠪᠳᠤᠷᠤᠭᠰᠠᠨ ᠢ᠋ᠶ᠋ᠠᠨ 《ᠤᠯᠠᠭᠠᠨ ᠢ᠋ ᠤᠨᠠᠭᠠᠵᠤ ᠠᠪᠤᠭᠰᠠᠨ ᠴᠠᠭ ᠲᠤ᠌ ᠴᠢ ᠪᠢᠳᠡᠨ ᠬᠣᠶᠠᠷ ᠤ᠋ᠨ ᠡᠮᠦᠨ᠎ᠡ ᠠᠯᠲᠠᠨ ᠵᠠᠮ ᠨᠡᠭᠡᠭᠡᠭᠳᠡᠨ᠎ᠡ》 ᠭᠡᠯ᠎ᠡ᠃
  ᠊᠊᠊᠊᠊᠊᠊᠊᠊᠊᠊᠊᠊᠊᠊ ᠲᠠ ᠨᠠᠷ ᠤᠯᠠᠭᠠᠨ ᠢ᠋ ᠳᠠᠪᠠᠬᠤ ᠤᠤ ᠳᠠ ᠭᠡᠳ ᠢᠲᠡᠭᠡᠯᠲᠦ ᠵᠠᠯᠢᠲᠠᠢ ᠨᠢᠳᠦ ᠪᠡᠷ ᠫᠡᠪᠯᠦᠧ ᠶ᠋ᠢ ᠬᠠᠷᠠᠯ᠎ᠠ᠃
  ᠊᠊᠊᠊᠊᠊᠊᠊᠊᠊᠊᠊᠊᠊᠊ ᠳᠠᠪᠠᠨ᠎ᠠ᠃ ᠣᠯᠠᠨ ᠵᠢᠯ ᠦ᠋ᠨ ᠲᠡᠢᠨ ᠳ᠋ᠦ᠍ ᠤᠯᠠᠭᠠᠨ ᠨᠤᠭᠤᠳ ᠴᠤᠴᠠᠵᠤ ᠶᠠᠳᠠᠷᠠᠭᠰᠠᠨ᠃ ᠪᠠᠰᠠ ᠲᠡᠭᠡᠭᠡᠳ ᠭᠠᠵᠠᠷ ᠳᠡᠭᠡᠷ᠎ᠡ ᠨᠢ ᠥᠯᠥᠰᠬᠦᠯᠡᠩ ᠪᠣᠯᠵᠤ ᠪᠠᠢᠭ᠎ᠠ ᠪᠣᠯᠬᠣᠷ ᠪᠢᠳᠡ ᠲᠠᠢᠯᠵᠤ ᠶᠡᠬᠡ ᠡᠵᠡᠨ ᠬᠠᠭᠠᠨᠲᠤ ᠣᠷᠣᠰ ᠤᠯᠤᠰ ᠳᠠᠬᠢᠨ ᠮᠠᠨᠳᠤᠨ᠎ᠠ ᠭᠡᠵᠦ ᠫᠡᠪᠯᠦᠧ ᠪᠠᠷᠳᠠᠮ ᠬᠡᠯᠡᠭᠡᠳ ᠠᠶᠠᠭ᠎ᠠ ᠲᠠᠢ ᠠᠷᠢᠬᠢ ᠪᠠᠨ ᠬᠦᠨᠳᠦᠷᠡᠪᠡ᠃
  ᠊᠊᠊᠊᠊᠊᠊᠊᠊᠊᠊᠊᠊᠊᠊ ᠮᠡᠳᠡᠬᠦ ᠦᠭᠡᠢ ᠳᠡ᠃ ᠪᠤᠰᠤᠳ ᠬᠥᠮᠦᠨ ᠬᠡᠯᠡᠭᠰᠡᠨ ᠪᠣᠯ ᠴᠤ᠌ ᠢᠲᠡᠭᠡᠬᠦ ᠦᠭᠡᠢ᠁ ᠴᠢᠮ᠎ᠠ ᠳ᠋ᠤ᠌ ᠪᠣᠯ ᠢᠲᠡᠭᠡᠵᠦ ᠪᠠᠢᠨ᠎ᠠ ᠁ ᠵᠠ ᠲᠡᠭᠡᠭᠡᠳ ᠲᠡᠷᠡ ᠵᠠᠩᠵᠤᠨ ᠲᠠᠢ ᠴᠢᠨᠢ ᠬᠡᠵᠢᠶ᠎ᠡ ᠠᠭᠤᠯᠵᠠᠬᠤ ᠪᠣᠢ?
  ᠊᠊᠊᠊᠊᠊᠊᠊᠊᠊᠊᠊᠊᠊᠊ ᠮᠠᠷᠭᠠᠰᠢ ᠵᠠᠶ᠎ᠠ ᠶ᠋ᠢᠨ ᠬᠦᠷᠢᠶᠡᠨ ᠳᠡᠭᠡᠷ᠎ᠡ ᠣᠴᠢᠵᠤ ᠠᠭᠤᠯᠵᠠᠬᠤ ᠳ᠋ᠤ᠌ ᠪᠣᠯᠤᠨ᠎ᠠ᠃ ᠬᠠᠮᠲᠤ ᠶᠠᠪᠤᠬᠤ ᠤᠤ?
  ᠊᠊᠊᠊᠊᠊᠊᠊᠊᠊᠊᠊᠊᠊᠊ ᠲᠡᠭᠡᠶ᠎ᠡ᠃
  ᠡᠨᠡ ᠣᠷᠣᠨ ᠨᠤᠲᠤᠭ᠂ ᠵᠥᠭᠡᠭᠡᠷᠢ ᠬᠥᠷᠥᠩᠭᠡ ᠦᠭᠡᠢ ᠬᠡᠳᠦᠨ ᠣᠷᠭᠤᠳᠤᠤᠯ ᠤ᠋ᠳ ᠤᠯᠠᠭᠠᠨ ᠢ᠋ ᠳᠡᠢᠯᠦᠨ᠎ᠡ ᠭᠡᠳᠡᠭ ᠲᠦ᠍ ᠢᠲᠡᠭᠡᠯᠲᠦ ᠢᠲᠡᠭᠡᠭᠰᠡᠨ ᠦᠭᠡᠢ᠃ ᠭᠡᠪᠡᠴᠦ ᠬᠥᠷᠥᠩᠭᠡ ᠪᠡᠨ ᠳᠡᠭᠡᠷᠡᠮᠳᠡᠭᠦᠯᠬᠦ ᠦᠭᠡᠢ ᠶ᠋ᠢᠨ ᠲᠤᠯᠠ ᠫᠡᠪᠯᠦᠧ ᠶ᠋ᠢᠨ ᠬᠡᠯᠡᠭᠰᠡᠨ ᠢ᠋ ᠬᠢᠬᠦ ᠨᠢ ᠵᠥᠪ ᠭᠡᠵᠦ ᠪᠣᠳᠣᠪᠠ᠃
  ᠳᠤᠯᠵᠢᠨ᠂ ᠭᠧᠨᠧᠷᠠᠯ ᠳ᠋ᠤ᠌ ᠪᠠᠷᠢᠬᠤ ᠤᠷᠲᠤ ᠰᠢᠷ᠎ᠠ ᠬᠠᠳᠠᠭ ᠠᠪᠳᠠᠷ᠎ᠠ ᠡᠴᠡ ᠭᠠᠷᠭᠠᠵᠤ᠂ ᠭᠠᠯᠰᠠᠩ᠂ ᠢᠲᠡᠭᠡᠯᠲᠦ ᠶ᠋ᠢᠨ ᠮᠣᠷᠢ ᠶ᠋ᠢ ᠡᠮᠡᠭᠡᠯᠯᠡᠵᠦ ᠪᠠᠢᠬᠤ ᠳ᠋ᠤ᠌ ᠤᠯᠠᠭᠠᠨ ᠴᠠᠭᠠᠨ ᠤ᠋ ᠲᠡᠮᠡᠴᠡᠯ ᠦ᠋ᠨ ᠲᠤᠬᠠᠢ ᠬᠣᠶᠠᠷ ᠨᠠᠢᠵᠢ ᠦᠷᠭᠦᠯᠵᠢᠯᠡᠨ ᠶᠠᠷᠢᠯᠴᠠᠪᠠ᠃
  ᠊᠊᠊᠊᠊᠊᠊᠊᠊᠊᠊᠊᠊᠊᠊ ᠡᠪᠦᠭᠡᠨ ᠮᠢᠨᠢ ᠴᠢ ᠪᠢᠳᠡᠨ ᠦ᠌ ᠦᠢᠯᠡ ᠬᠡᠷᠡᠭ ᠲᠦ᠍ ᠨᠢᠭᠡ ᠯᠡ ᠢᠲᠡᠭᠡᠬᠦ ᠦᠭᠡᠢ ᠪᠠᠢᠨ᠎ᠠ ᠳᠠ᠃ ᠤᠤᠯ ᠨᠢ ᠢᠲᠡᠭᠡᠵᠦ ᠪᠣᠯᠬᠤ ᠶᠤᠮ ᠰᠢᠦ ᠭᠡᠵᠦ ᠫᠡᠪᠯᠦᠧ ᠬᠡᠯᠡᠪᠡ᠃
  ᠊᠊᠊᠊᠊᠊᠊᠊᠊᠊᠊᠊᠊᠊᠊ ᠬᠠᠨᠠᠰᠠ ᠳᠠ᠃ ᠶᠠᠮᠠᠷ ᠦᠮᠡᠬᠡᠢ ᠰᠠᠨᠠᠭ᠎ᠠ ᠲᠠᠢ ᠵᠣᠯᠢᠭ ᠪᠣᠢ᠃ ᠪᠢ ᠴᠢᠮ᠎ᠠ ᠳ᠋ᠤ᠌ ᠢᠲᠡᠭᠡᠬᠦ ᠦᠭᠡᠢ ᠬᠡᠨ ᠳ᠋ᠡᠭᠡᠨ ᠢᠲᠡᠭᠡᠬᠦ ᠪᠣᠢ ᠭᠡᠳ ᠢᠲᠡᠭᠡᠯᠲᠦ ᠨᠠᠷᠢᠬᠠᠨ ᠳᠠᠭᠤ ᠪᠠᠷ ᠬᠤᠳᠠᠯ ᠢᠨᠢᠶᠡᠪᠡ᠃
  ᠬᠣᠷᠰᠢᠶ᠎ᠠ ᠬᠣᠶᠠᠷ ᠵᠠᠶ᠎ᠠ ᠶ᠋ᠢᠨ ᠬᠦᠷᠢᠶ᠎ᠡ ᠤᠷᠤᠭᠤ ᠶᠠᠪᠤᠬᠤ ᠵᠠᠮ ᠳ᠋ᠠᠭᠠᠨ ᠤᠯᠠᠭᠠᠨ ᠴᠠᠭᠠᠨ ᠤ᠋ ᠶᠠᠪᠤᠳᠠᠯ᠂ ᠤᠯᠤᠰ ᠣᠷᠣᠨ ᠤ᠋ ᠬᠡᠷᠡᠭ ᠦ᠋ᠨ ᠲᠤᠬᠠᠢ ᠡᠳᠦᠢ ᠲᠡᠳᠦᠢ ᠶᠠᠭᠤᠮ᠎ᠠ ᠶᠠᠷᠢᠵᠠᠢ᠃ ᠭᠡᠪᠡᠴᠦ ᠫᠡᠪᠯᠦᠧ ᠤᠯᠠᠭᠠᠨ ᠢ᠋ ᠪᠤᠲᠠ ᠴᠣᠬᠢᠵᠤ ᠶᠡᠬᠡ ᠣᠷᠣᠰ ᠤᠯᠤᠰ ᠢ᠋ ᠪᠠᠢᠭᠤᠯᠤᠨ ᠠᠯᠲᠠᠨ ᠵᠠᠮ ᠢ᠋ᠶ᠋ᠠᠷ ᠬᠠᠯᠪᠢᠭᠤᠯᠬᠤ ᠦᠯᠡᠮᠵᠢ ᠬᠦᠴᠦᠨ ᠳ᠋ᠦ᠍ ᠢᠲᠡᠭᠡᠯᠲᠦ ᠶ᠋ᠢ ᠢᠲᠡᠭᠡᠭᠦᠯᠵᠦ ᠴᠢᠳᠠᠭᠰᠠᠨ ᠦᠭᠡᠢ᠃
  ᠢᠲᠡᠭᠡᠯᠲᠦ ᠪᠠᠢᠨ ᠪᠠᠢᠨ ᠬᠤᠳᠠᠯ ᠢᠨᠢᠶᠡᠵᠦ 《ᠵᠠ ᠪᠢ ᠴᠦ᠍ ᠶᠠᠭᠠᠬᠢᠬᠤᠪ᠂ ᠠᠮᠠᠯᠠᠭᠰᠠᠨ ᠢ᠋ᠶ᠋ᠠᠨ ᠥᠭᠴᠦ ᠪᠣᠯᠤᠨ᠎ᠠ᠃ ᠬᠠᠷᠢᠨ ᠴᠢᠨᠠᠭᠰᠢ ᠭᠣᠷᠢ ᠦᠭᠡᠢ ᠰᠢᠦ》 ᠭᠡᠵᠦ ᠶᠠᠪᠤᠯ᠎ᠠ᠃
  ᠊᠊᠊᠊᠊᠊᠊᠊᠊᠊᠊᠊᠊᠊᠊ ᠪᠢᠳᠡ ᠴᠢᠮ᠎ᠠ ᠡᠴᠡ ᠶᠠᠭᠤ ᠴᠤ᠌ ᠠᠪᠬᠤ ᠦᠭᠡᠢ ᠪᠠᠢᠵᠤ ᠪᠣᠯᠤᠨ᠎ᠠ᠃ ᠬᠡᠷᠡᠭ ᠲᠡᠢ ᠪᠦᠬᠦᠨ ᠢ᠋ᠶ᠋ᠡᠨ ᠳᠠᠢᠴᠢᠯᠠᠭᠠᠳ ᠠᠪᠬᠤ ᠬᠦᠴᠦ ᠪᠢᠳᠡᠨ ᠳ᠋ᠦ᠍ ᠪᠠᠢᠨ᠎ᠠ᠃ ᠬᠠᠷᠢᠨ ᠢᠩᠭᠢᠬᠦ ᠨᠢ ᠨᠢᠭᠡᠳᠦᠭᠡᠷ ᠲᠦ᠍ ᠴᠢᠮ᠎ᠠ ᠳ᠋ᠤ᠌ ᠬᠡᠷᠡᠭ ᠲᠡᠢ᠃ ᠬᠣᠶᠠᠳᠤᠭᠠᠷ ᠲᠤ᠌ ᠪᠢᠳᠡᠨ ᠳ᠋ᠦ᠍ ᠬᠡᠷᠡᠭ ᠲᠡᠢ᠃ ᠶᠡᠷᠦᠨᠢ ᠲᠡᠭᠡᠭᠡᠳ ᠴᠢᠨᠦ ᠬᠥᠷᠥᠩᠭᠡ ᠶ᠋ᠢ ᠦᠷᠡᠬᠦ ᠭᠡᠵᠦ ᠪᠢ ᠪᠣᠳᠣᠬᠤ ᠦᠭᠡᠢ ᠰᠢᠦ ᠳᠡ ᠭᠡᠵᠦ ᠫᠡᠪᠯᠦᠧ ᠶ᠋ᠢᠨ ᠬᠡᠯᠡᠬᠦ ᠳ᠋ᠦ᠍᠂ 《ᠪᠢ ᠴᠢᠮ᠎ᠠ ᠳ᠋ᠤ᠌ ᠢᠲᠡᠭᠡᠨ᠎ᠡ》 ᠭᠡᠵᠦ ᠢᠲᠡᠭᠡᠯᠲᠦ ᠳᠠᠬᠢᠨ ᠳᠠᠬᠢᠨ ᠬᠡᠯᠡᠨ᠎ᠡ᠃
  ᠊᠊᠊᠊᠊᠊᠊᠊᠊᠊᠊᠊᠊᠊᠊ ᠲᠡᠢᠨ ᠳᠠᠭᠤᠰᠤᠭᠠᠳ ᠬᠣᠶᠠᠭᠤᠯᠠ ᠲᠣᠮᠣ ᠦᠢᠯᠡᠳᠪᠦᠷᠢ ᠪᠠᠢᠭᠤᠯᠤᠨ᠎ᠠ ᠰᠢᠦ ᠭᠡᠵᠦ ᠫᠡᠪᠯᠦᠧ ᠬᠡᠯᠡᠪᠡ᠃
  ᠊᠊᠊᠊᠊᠊᠊᠊᠊᠊᠊᠊᠊᠊᠊ ᠮᠡᠷᠭᠡᠨ ᠤᠬᠠᠭᠠᠨ ᠪᠠᠢᠨ᠎ᠠ᠃ ᠪᠢ ᠬᠥᠷᠥᠩᠭᠡ ᠪᠡᠨ ᠠᠷᠪᠢᠵᠢᠭᠤᠯᠵᠤ ᠯᠠ ᠪᠠᠢᠶ᠎ᠠ᠃ ᠴᠠᠩᠮᠠᠨ ᠤ᠋ ᠦᠢᠯᠡᠳᠪᠦᠷᠢ ᠪᠠᠢᠭᠤᠯᠤᠨ᠎ᠠ ᠰᠢᠦ ᠭᠡᠵᠦ ᠢᠲᠡᠭᠡᠯᠲᠦ ᠬᠠᠷᠢᠭᠤᠯᠪᠠ᠃
  ᠭᠡᠪᠡᠴᠦ ᠢᠲᠡᠭᠡᠯᠲᠦ 《ᠴᠢ ᠡᠨᠡ ᠲᠡᠢᠨ ᠡᠴᠡ ᠠᠮᠢᠳᠤ ᠢᠷᠡᠭᠡᠳ᠂ ᠪᠢᠳᠡ ᠬᠣᠶᠠᠷ ᠦᠢᠯᠡᠳᠪᠦᠷᠢ ᠪᠠᠢᠭᠤᠯᠬᠤ ᠴᠤ᠌ ᠠᠯᠠᠭᠠᠨ ᠤ᠋ ᠬᠣᠩᠬᠣᠷᠬᠠᠢ ᠬᠠᠵᠠᠬᠤ ᠲᠠᠢ ᠠᠳᠠᠯᠢ ᠬᠡᠷᠡᠭ ᠪᠠᠢᠬ᠎ᠠ ᠳᠠ》 ᠭᠡᠵᠦ ᠳᠣᠲᠣᠷ᠎ᠠ ᠪᠠᠨ ᠪᠣᠳᠣᠵᠤ ᠪᠠᠢᠯ᠎ᠠ᠃
  ᠮᠠᠷᠭᠠᠰᠢ ᠨᠢ ᠢᠲᠡᠭᠡᠯᠲᠦ ᠫᠦᠰᠡᠨ ᠦ᠌ ᠪᠠᠢᠰᠢᠩ ᠳ᠋ᠤ᠌ ᠬᠡᠳᠦᠨ ᠬᠤᠰᠢᠭᠤᠨ ᠤ᠋ ᠵᠠᠬᠢᠷᠤᠭᠴᠢ ᠨᠠᠷ ᠢ᠋ ᠴᠤᠭᠯᠠᠷᠠᠭᠤᠯᠤᠨ ᠴᠡᠷᠢᠭ ᠮᠣᠷᠢᠳ᠂ ᠬᠦᠨᠡᠰᠦ ᠳᠠᠢᠴᠢᠯᠠᠬᠤ ᠲᠤᠬᠠᠢ ᠪᠣᠭᠳᠠ ᠶ᠋ᠢᠨ ᠵᠠᠷᠯᠢᠭ ᠢ᠋ ᠰᠣᠨᠣᠰᠬᠠᠵᠤ ᠪᠠᠢᠭᠰᠠᠨ ᠷᠸᠽᠦᠺᠢᠨ ᠭᠧᠨᠧᠷᠠᠯ ᠤ᠋ᠨ ᠥᠷᠥᠭᠡᠨ ᠳ᠋ᠦ᠍ ᠫᠡᠪᠯᠦᠧ ᠶ᠋ᠢᠨ ᠬᠠᠮᠲᠤ ᠣᠷᠣᠵᠤ ᠢᠷᠡᠯ᠎ᠡ᠃
  ᠥᠨᠳᠥᠷ ᠣᠷᠣᠢ ᠲᠠᠢ ᠴᠠᠭᠠᠨ ᠬᠤᠷᠠᠭᠠᠨ ᠮᠠᠯᠠᠭᠠᠢ ᠡᠮᠦᠰᠦᠭᠡᠳ ᠨᠢᠭᠡ ᠲᠠᠰᠢᠶᠠᠨ ᠳ᠋ᠠᠭᠠᠨ ᠰᠸᠯᠠᠢ᠌ᠳᠠᠢ ᠫᠤᠤ᠂ ᠨᠥᠭᠦᠭᠡ ᠲᠠᠰᠢᠶᠠᠨ ᠳ᠋ᠠᠭᠠᠨ ᠭᠢᠯᠠᠭᠠᠷ ᠬᠣᠢᠲᠠᠢ ᠰᠡᠯᠡᠮ᠎ᠡ ᠵᠡᠭᠦᠭᠰᠡᠨ ᠷᠸᠽᠦᠺᠢᠨ ᠭᠧᠨᠧᠷᠠᠯ ᠤ᠋ᠨ ᠡᠮᠦᠨ᠎ᠡ ᠢᠲᠡᠭᠡᠯᠲᠦ ᠣᠴᠢᠭᠠᠳ ᠡᠪᠦᠷ ᠡᠴᠡ ᠪᠡᠨ ᠤᠷᠲᠤ ᠭᠡᠭᠴᠢ ᠶ᠋ᠢᠨ ᠰᠢᠷ᠎ᠠ ᠬᠠᠳᠠᠭ ᠭᠠᠷᠭᠠᠵᠤ ᠪᠠᠷᠢᠨ ᠪᠥᠬᠥᠢᠵᠦ 《ᠠᠪᠤᠷᠭᠤ ᠬᠦᠴᠦᠲᠦ ᠪᠠᠭᠠᠲᠤᠷ ᠴᠠᠭᠠᠨ ᠬᠠᠭᠠᠨᠲᠤ ᠤᠯᠤᠰ ᠭᠦᠷᠦᠨ ᠦ᠌ ᠶᠡᠬᠡ ᠵᠠᠩᠵᠤᠨ ᠲᠠᠨ ᠤ᠋ ᠲᠦᠮᠡᠨ ᠠᠮᠤᠭᠤᠯᠠᠩ ᠢ᠋ ᠠᠢᠯᠠᠳᠬᠠᠵᠤ᠂ ᠥᠴᠦᠬᠡᠨ ᠬᠥᠮᠦᠨ ᠪᠢ ᠲᠥᠷᠥ ᠤᠯᠤᠰ ᠢ᠋ ᠮᠢᠨᠢ ᠮᠠᠨᠳᠤᠭᠤᠯᠵᠤ ᠥᠭᠬᠦ ᠶᠡᠬᠡ ᠬᠡᠷᠡᠭ ᠲᠦ᠍ ᠬᠠᠨᠳᠢᠪ ᠪᠣᠯᠭᠠᠵᠤ ᠪᠠᠭ᠎ᠠ ᠪᠠᠭᠤᠷᠠᠢ ᠬᠥᠷᠥᠩᠭᠡ ᠶ᠋ᠢᠨ ᠢ᠋ᠶ᠋ᠡᠨ ᠳᠡᠭᠡᠵᠢ ᠠᠭᠲᠠ ᠮᠣᠷᠢ ᠠᠷᠪᠠ᠂ ᠠᠮᠪᠠᠨ ᠱᠠᠷ ᠠᠷᠪᠠ ᠶ᠋ᠢ ᠰᠡᠳᠬᠢᠯᠴᠢᠯᠡᠨ ᠪᠠᠷᠢᠶ᠎ᠠ》 ᠭᠡᠰᠡᠨ ᠦᠭᠡ ᠶ᠋ᠢ ᠫᠡᠪᠯᠦᠧ ᠭᠧᠨᠧᠷᠠᠯ ᠳ᠋ᠤ᠌ ᠣᠷᠴᠢᠭᠤᠯᠵᠤ ᠥᠭᠪᠡ᠃
  ᠭᠧᠨᠧᠷᠠᠯ ᠪᠠᠶᠠᠰᠬᠤᠯᠠᠩ ᠲᠠᠢ ᠢᠨᠢᠶᠡᠮᠰᠦᠭᠯᠡᠵᠦ᠂ ᠬᠠᠳᠠᠭ ᠢ᠋ ᠥᠷᠥᠭᠡᠰᠦᠨ ᠭᠠᠷ ᠢ᠋ᠶ᠋ᠠᠷ ᠢ᠋ᠶ᠋ᠠᠨ ᠳᠡᠭᠡᠷ᠎ᠡ ᠡᠴᠡ ᠨᠢ ᠰᠠᠮᠤᠷᠳᠠᠨ ᠠᠪᠤᠭᠠᠳ 《ᠣᠯᠠᠨ ᠲᠦᠰᠢᠮᠡᠳ ᠲᠠ ᠨᠠᠷ ᠰᠣᠨᠣᠰᠴᠤ ᠪᠠᠢᠨ᠎ᠠ ᠤᠤ᠃ ᠮᠣᠩᠭᠣᠯ ᠤ᠋ᠨ ᠣᠯᠠᠨ ᠲᠦᠮᠡᠨ ᠪᠣᠭᠳᠠ ᠬᠠᠭᠠᠨ ᠢ᠋ ᠰᠢᠷᠡᠭᠡᠨ ᠳ᠋ᠦ᠍ᠨᠢ ᠵᠠᠯᠠᠭᠰᠠᠨ ᠪᠢᠳᠡᠨ ᠦ᠌ ᠬᠡᠷᠡᠭ ᠲᠦ᠍ ᠭᠦᠨ ᠢᠲᠡᠭᠡᠵᠦ ᠬᠦᠴᠦᠨ ᠲᠤᠰᠠᠯᠠᠬᠤ ᠶᠣᠰᠣᠲᠠᠢ ᠶᠤᠮ》 ᠭᠡᠳ ᠢᠲᠡᠭᠡᠯᠲᠦ ᠶ᠋ᠢ ᠲᠡᠪᠡᠷᠢᠨ ᠠᠪᠴᠤ ᠨᠢᠷᠤᠭᠤᠨ ᠳᠡᠭᠡᠷ᠎ᠡ ᠨᠢ ᠠᠯᠠᠭᠠᠳᠠᠪᠠ᠃
  ᠊᠊᠊᠊᠊᠊᠊᠊᠊᠊᠊᠊᠊᠊᠊ ᠬᠡᠷᠪᠡ ᠲᠠ ᠮᠢᠨᠦ ᠴᠡᠷᠢᠭ ᠦ᠋ᠨ ᠠᠯᠪᠠᠨ ᠳ᠋ᠤ᠌ ᠵᠢᠳᠬᠦᠬᠦ ᠶ᠋ᠢ ᠬᠦᠰᠡᠪᠡᠯ ᠲᠠᠨ ᠢ᠋ ᠬᠣᠷᠢᠶᠠᠨ ᠤ᠋ ᠲᠤᠰᠠᠯᠠᠬᠤ ᠳᠠᠷᠤᠭ᠎ᠠ ᠪᠣᠯᠭᠠᠬᠤ ᠳ᠋ᠤ᠌ ᠪᠢ ᠪᠡᠯᠡᠬᠡᠨ ᠪᠠᠢᠨ᠎ᠠ ᠭᠡᠵᠦ ᠭᠧᠨᠧᠷᠠᠯ ᠨᠢᠳᠦᠨ ᠦ᠌ ᠰᠢᠯ ᠢ᠋ᠶ᠋ᠡᠨ ᠠᠪᠴᠤ ᠠᠷᠴᠢᠬᠤ ᠵᠠᠭᠤᠷ᠎ᠠ ᠬᠡᠯᠡᠪᠡ᠃
  ᠊᠊᠊᠊᠊᠊᠊᠊᠊᠊᠊᠊᠊᠊᠊ ᠥᠴᠦᠬᠡᠨ ᠪᠢ ᠢᠨᠢᠶᠡᠬᠦ ᠡᠴᠡ ᠪᠤᠰᠤᠳ ᠡᠮᠭᠡᠭ ᠡᠪᠡᠳᠴᠢᠨ ᠳ᠋ᠦ᠍ ᠪᠠᠷᠢᠭᠳᠠᠭᠰᠠᠨ ᠪᠣᠯᠬᠣᠷ ᠡᠷᠬᠢᠮ ᠲᠠᠨ ᠤ᠋ ᠡᠨᠡ ᠬᠡᠰᠢᠭ ᠢ᠋ ᠬᠦᠯᠢᠶᠡᠨ ᠠᠪᠬᠤ ᠬᠤᠪᠢ ᠦᠭᠡᠢ ᠪᠢᠯᠡ ᠭᠡᠳ ᠢᠲᠡᠭᠡᠯᠲᠦ ᠪᠦᠳᠦᠭᠦᠨ ᠭᠧᠨᠧᠷᠠᠯ ᠤ᠋ᠨ ᠭᠠᠷ ᠡᠴᠡ ᠰᠠᠯᠵᠤ ᠠᠯᠭᠤᠷᠬᠠᠨ ᠬᠠᠭᠠᠯᠭ᠎ᠠ ᠤᠷᠤᠭᠤ ᠤᠬᠤᠷᠢᠪᠠ᠃
  ᠊᠊᠊᠊᠊᠊᠊᠊᠊᠊᠊᠊᠊᠊᠊ ᠲᠠᠨ ᠤ᠋ ᠬᠤᠪᠢ ᠳ᠋ᠤ᠌ ᠪᠣᠯ ᠳᠤᠷ᠎ᠠ ᠶ᠋ᠢᠨ ᠬᠡᠷᠡᠭ ᠭᠡᠳ ᠭᠧᠨᠧᠷᠠᠯ ᠪᠠᠶᠠᠷᠲᠠᠢ ᠮᠦᠰᠢᠶᠡᠪᠡ᠃
  ᠬᠡᠳᠦᠨ ᠡᠳᠦᠷ ᠦ᠋ᠨ ᠳᠠᠷᠠᠭ᠎ᠠ ᠬᠤᠰᠢᠭᠤᠳ ᠡᠴᠡ ᠠᠭᠲᠠ ᠮᠣᠷᠢᠳ᠂ ᠴᠡᠷᠢᠭ ᠦ᠋ᠨ ᠬᠦᠨᠡᠰᠦ᠂ ᠫᠤᠤ ᠵᠡᠪᠰᠡᠭ ᠦ᠋ᠨ ᠬᠦᠴᠦ ᠪᠡᠷ ᠳᠠᠢᠴᠢᠯᠠᠬᠤ ᠳ᠋ᠤ᠌ ᠢᠲᠡᠭᠡᠯᠲᠦ ᠶ᠋ᠢᠨ ᠮᠠᠯ ᠰᠦᠷᠦᠭ ᠡᠴᠡ ᠥᠨᠥᠴᠢᠨ ᠢᠰᠢᠭᠡ ᠴᠦ᠍ ᠠᠪᠤᠭᠰᠠᠨ ᠦᠭᠡᠢ᠃
  ᠬᠠᠪᠤᠷ ᠤ᠋ᠨ ᠡᠬᠢᠨ ᠰᠠᠷ᠎ᠠ ᠶ᠋ᠢᠨ ᠨᠢᠭᠡᠨ ᠡᠳᠦᠷ ᠷᠸᠽᠦᠺᠢᠨ ᠦ᠌ ᠴᠡᠷᠢᠭ ᠬᠢᠶᠠᠭᠲᠤ ᠬᠣᠲᠠ ᠶ᠋ᠢᠨ ᠵᠦᠭ ᠬᠥᠳᠡᠯᠬᠦ ᠪᠣᠯᠪᠠ᠃ ᠴᠡᠷᠢᠭ ᠦ᠋ᠨ ᠬᠠᠮᠲᠤ ᠵᠠᠶ᠎ᠠ ᠭᠡᠭᠡᠨ ᠦ᠌ ᠪᠡᠶ᠎ᠡ ᠲᠥᠯᠥᠭᠡᠯᠡᠭᠴᠢ ᠪᠡᠷ ᠵᠠᠮᠪᠠᠯ ᠶᠠᠪᠤᠬᠤ ᠪᠣᠯᠵᠠᠢ᠃ ᠬᠤᠰᠢᠭᠤᠳ ᠡᠴᠡ ᠳᠠᠢᠴᠢᠯᠠᠭᠳᠠᠨ ᠢᠷᠡᠭᠰᠡᠨ ᠮᠣᠩᠭᠣᠯ ᠤ᠋ᠨ ᠴᠡᠷᠢᠭ ᠵᠠᠶ᠎ᠠ ᠶ᠋ᠢᠨ ᠭᠡᠭᠡᠨ ᠡᠴᠡ ᠠᠳᠢᠰ ᠠᠪᠤᠯ᠎ᠠ᠃
  ᠴᠠᠭᠠᠨ ᠴᠡᠷᠢᠭ ᠦ᠋ᠨ ᠥᠨᠳᠥᠷ ᠬᠤᠷᠠᠭᠠᠨ ᠮᠠᠯᠠᠭᠠᠢ ᠡᠮᠦᠰᠴᠦ ᠵᠢᠵᠢᠭᠬᠡᠨ ᠭᠠᠷ ᠫᠤᠤ ᠪᠥᠰᠡᠨ ᠳ᠋ᠡᠭᠡᠨ ᠬᠠᠪᠴᠢᠭᠤᠯᠤᠭᠰᠠᠨ ᠭᠡᠭᠡᠨ ᠦ᠌ ᠡᠮᠦᠨᠡᠭᠦᠷ ᠮᠢᠩᠭ᠎ᠠ ᠭᠠᠷᠤᠢ ᠬᠥᠮᠦᠨ ᠲᠣᠯᠣᠭᠠᠢ ᠪᠠᠨ ᠪᠥᠬᠥᠢᠯᠭᠡᠨ ᠵᠠᠯᠪᠠᠷᠢᠭᠠᠳ ᠥᠩᠭᠡᠷᠡᠬᠦ ᠳ᠋ᠦ᠍ ᠭᠡᠭᠡᠨ ᠪᠠᠷᠠᠭᠤᠨ ᠭᠠᠷ ᠢ᠋ᠶ᠋ᠠᠷ ᠪᠦᠭᠦᠳᠡ ᠳ᠋ᠦ᠍ᠨᠢ ᠠᠳᠢᠰ ᠲᠠᠯᠪᠢᠵᠠᠢ᠃
  ᠢᠩᠭᠢᠭᠡᠳ ᠴᠡᠷᠢᠭ ᠬᠥᠳᠡᠯᠬᠦ ᠳ᠋ᠦ᠍ ᠫᠡᠪᠯᠦᠧ ᠳᠠᠷᠤᠭ᠎ᠠ ᠲᠠᠢ ᠮᠣᠩᠭᠣᠯ ᠴᠡᠷᠢᠭ ᠦ᠋ᠨ ᠬᠣᠷᠢᠶ᠎ᠠ ᠬᠣᠰᠢᠭᠤᠴᠢᠯᠠᠪᠠ᠃ ᠡᠨᠡ ᠬᠣᠷᠢᠶᠠᠨ ᠤ᠋ ᠲᠤᠰᠠᠯᠠᠬᠤ ᠳᠠᠷᠤᠭ᠎ᠠ ᠪᠠᠷ ᠰᠠᠢᠳ ᠸᠠᠩ ᠤ᠋ᠨ ᠬᠣᠰᠢᠭᠤ ᠲᠤᠰᠠᠯᠠᠭᠴᠢ ᠫᠦᠷᠪᠦ ᠲᠠᠢᠵᠢ ᠶᠠᠪᠤᠵᠠᠢ᠃
  ᠫᠦᠷᠪᠦ ᠲᠠᠢᠵᠢ ᠥᠪᠡᠷ ᠢ᠋ᠶ᠋ᠡᠨ ᠬᠢᠯᠭᠡᠭᠰᠡᠨ ᠥᠨᠳᠥᠷ ᠴᠠᠭᠠᠨ ᠬᠤᠷᠠᠭᠠᠨ ᠮᠠᠯᠠᠭᠠᠢ ᠳᠡᠭᠡᠷ᠎ᠡ ᠪᠡᠨ ᠸᠠᠩ ᠤ᠋ᠨ ᠬᠦᠷᠡᠩ ᠴᠢᠯᠠᠭᠤᠨ ᠵᠢᠩᠰᠡ ᠪᠡᠨ ᠬᠠᠳᠬᠤᠵᠤ ᠡᠮᠦᠰᠦᠭᠡᠳ ᠴᠡᠩᠬᠡᠷ ᠲᠣᠷᠭᠠᠨ ᠳᠡᠪᠡᠯ ᠳᠡᠭᠡᠷ᠎ᠡ ᠰᠢᠷ᠎ᠠ ᠳᠤᠷᠳᠤᠩ ᠪᠦᠰᠡ ᠪᠦᠰᠡᠯᠡᠵᠦ ᠲᠣᠮᠣ ᠬᠦᠷᠡᠩ ᠮᠣᠷᠢ ᠤᠨᠤᠵᠠᠢ᠃
  ᠡᠨᠡ ᠴᠡᠷᠢᠭ ᠵᠠᠮ ᠵᠠᠭᠤᠷ᠎ᠠ ᠶ᠋ᠢᠨ ᠲᠣᠬᠢᠶᠠᠯᠳᠤᠭᠰᠠᠨ ᠭᠠᠵᠠᠷ ᠡᠴᠡ ᠬᠣᠭᠣᠯᠠ ᠬᠦᠨᠡᠰᠦ᠂ ᠤᠨᠤᠭ᠎ᠠ ᠬᠥᠰᠬᠡ ᠳᠡᠭᠡᠷᠡᠮᠳᠡᠨ᠂ ᠨᠢᠯᠪᠤᠰᠤ ᠴᠢᠰᠤ ᠪᠠᠷ ᠵᠠᠮ ᠭᠠᠷᠭᠠᠨ ᠤᠷᠤᠭᠰᠢᠯᠠᠬᠤ ᠳ᠋ᠠᠭᠠᠨ ᠬᠤᠰᠢᠭᠤᠳ ᠡᠴᠡ ᠴᠡᠷᠢᠭ ᠲᠡᠢᠴᠢᠯᠡᠪᠡᠴᠦ ᠮᠣᠩᠭᠣᠯ ᠤ᠋ᠨ ᠠᠷᠠᠳ ᠤ᠋ᠨ ᠨᠠᠮ ᠤ᠋ᠨ ᠣᠯᠠᠨ ᠳ᠋ᠤ᠌ ᠲᠤᠩᠬᠠᠭᠯᠠᠬᠤ ᠪᠢᠴᠢᠭ ᠦ᠋ᠨ ᠤᠴᠢᠷ ᠶᠠᠪᠤᠳᠠᠯ ᠢ᠋ ᠣᠢᠯᠠᠭᠠᠭᠰᠠᠨ ᠮᠣᠩᠭᠣᠯ ᠴᠡᠷᠢᠭ ᠦ᠋ᠳ ᠪᠥᠭᠡᠮ ᠪᠥᠭᠡᠮ ᠢ᠋ᠶ᠋ᠡᠷ ᠤᠷᠭᠤᠨ ᠠᠯᠠᠭ᠎ᠠ ᠪᠣᠯᠵᠤ᠂ ᠴᠡᠷᠢᠭ ᠦ᠋ᠳ ᠤᠷᠭᠤᠬᠤ ᠳᠣᠳᠣᠮ ᠴᠠᠭᠠᠨ ᠳᠠᠷᠤᠭ᠎ᠠ ᠨᠠᠷ ᠰᠢᠷᠦᠭᠦᠰᠴᠦ ᠪᠠᠢᠯ᠎ᠠ᠃
  ᠢᠩᠭᠢᠵᠦ ᠶᠠᠪᠤᠭᠰᠠᠭᠠᠷ ᠫᠡᠪᠯᠦᠧ ᠶ᠋ᠢᠨ ᠬᠣᠰᠢᠭᠤᠴᠢ ᠬᠣᠷᠢᠶ᠎ᠠ ᠣᠷᠣᠰ ᠮᠣᠩᠭᠣᠯ ᠤ᠋ᠨ ᠬᠢᠯᠢ ᠳ᠋ᠦ᠍ ᠵᠠᠯᠳᠠᠷ ᠬᠠᠷᠠᠭᠤᠯ ᠤ᠋ᠨ ᠲᠤᠰᠢᠶ᠎ᠠ ᠭᠠᠵᠠᠷ ᠢ᠋ᠶ᠋ᠠᠷ ᠣᠢᠷᠠᠲᠤᠨ ᠢᠷᠡᠯ᠎ᠡ᠃
  ᠥᠷᠯᠥᠭᠡ ᠶ᠋ᠢᠨ ᠨᠠᠷᠠᠨ ᠢ᠋ᠶ᠋ᠠᠷ ᠤᠭᠲᠤᠵᠤ ᠢᠷᠡᠭᠰᠡᠨ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠴᠡᠷᠢᠭ ᠲᠡᠢ ᠲᠤᠯᠭᠠᠷᠠᠨ ᠭᠤᠷᠪᠠᠨ ᠴᠠᠭ ᠭᠠᠷᠤᠢ ᠰᠢᠷᠦᠭᠦᠨ ᠪᠠᠢᠯᠳᠤᠭᠰᠠᠨ ᠤ᠋ ᠳᠠᠷᠠᠭ᠎ᠠ ᠴᠠᠭᠠᠨ ᠴᠡᠷᠢᠭ ᠦ᠋ᠨ ᠬᠦᠴᠦᠨ ᠰᠤᠯᠠᠷᠠᠵᠤ ᠲᠡᠭᠦᠨ ᠦ᠌ ᠮᠣᠩᠭᠣᠯ ᠴᠡᠷᠢᠭ ᠦ᠋ᠳ ᠨᠢ ᠪᠤᠴᠠᠵᠤ ᠳᠤᠷᠠᠲᠠᠢ ᠵᠦᠭ ᠲᠡᠭᠡᠨ ᠪᠤᠲᠠᠷᠠᠨ ᠠᠯᠠᠭ᠎ᠠ ᠪᠣᠯᠵᠠᠢ᠃
  ᠣᠷᠣᠰ ᠤ᠋ᠨ ᠴᠠᠭᠠᠨ ᠴᠡᠷᠢᠭ ᠲᠠᠪᠢ ᠭᠠᠷᠤᠢ ᠬᠥᠮᠦᠨ ᠫᠤᠤᠳᠠᠯᠴᠠᠨ ᠦᠳᠡ ᠥᠩᠭᠡᠷᠡᠭᠦᠯᠦᠭᠡᠳ ᠪᠠᠰᠠ ᠯᠠ ᠵᠢᠭᠤᠲᠠᠵᠤ ᠡᠬᠢᠯᠡᠪᠡ᠃ ᠡᠳᠡᠨ ᠲᠡᠢ ᠬᠠᠮᠲᠤ ᠦᠯᠡᠳᠡᠭᠰᠡᠨ ᠭᠠᠭᠴᠠ ᠮᠣᠩᠭᠣᠯ ᠭᠡᠪᠡᠯ ᠬᠣᠷᠢᠶ᠎ᠠ ᠶ᠋ᠢᠨ ᠲᠤᠰᠠᠯᠠᠬᠤ ᠳᠠᠷᠤᠭ᠎ᠠ ᠫᠦᠷᠪᠦ ᠲᠠᠢᠵᠢ ᠪᠠᠢᠯ᠎ᠠ᠃ ᠭᠡᠪᠡᠴᠦ ᠫᠦᠷᠪᠦ ᠲᠠᠢᠵᠢ ᠵᠣᠷᠢᠭ ᠲᠠᠢ ᠰᠠᠢᠨ ᠳ᠋ᠠᠭᠠᠨ ᠦᠯᠡᠳᠡᠭᠰᠡᠨ ᠦᠭᠡᠢ᠃ ᠬᠠᠷᠢᠨ ᠫᠤᠤ ᠡᠬᠢᠯᠡᠵᠦ ᠳᠤᠤᠭᠠᠷᠬᠤ ᠳ᠋ᠤ᠌ ᠪᠤᠲᠠ ᠪᠤᠷᠭᠠᠰᠤᠨ ᠳ᠋ᠤ᠌ ᠰᠢᠷᠭᠤᠵᠤ ᠨᠢᠭᠤᠭᠳᠠᠭᠠᠳ ᠥᠨᠳᠡᠢᠵᠦ ᠴᠦ᠍ ᠴᠢᠳᠠᠬᠤ ᠦᠭᠡᠢ ᠫᠤᠤ ᠪᠠᠨ ᠲᠡᠪᠡᠷᠢᠨ ᠬᠡᠪᠲᠡᠵᠡᠢ᠃ ᠨᠢᠭᠡ ᠬᠠᠷᠠᠪᠠᠯ ᠰᠡᠭᠦᠯ ᠦ᠋ᠨ ᠣᠷᠣᠰ ᠴᠡᠷᠢᠭ ᠮᠣᠷᠢ ᠤᠷᠤᠭᠤ ᠪᠠᠨ ᠭᠦᠶᠦᠬᠦ ᠬᠠᠷᠠᠭᠳᠠᠬᠤ ᠳ᠋ᠤᠨᠢ ᠪᠣᠰᠤᠭᠠᠳ ᠭᠦᠶᠦᠬᠦ ᠭᠡᠲᠡᠯ᠎ᠡ ᠠᠷᠤ ᠲᠠᠯ᠎ᠠ ᠡᠴᠡ ᠨᠢ ᠬᠦᠴᠦᠲᠡᠢ ᠶᠠᠭᠤᠮ᠎ᠠ ᠴᠤᠭᠢᠭᠤᠳᠠ ᠤᠨᠠᠵᠤ᠂ ᠭᠱᠠᠨ ᠵᠠᠭᠤᠷ᠎ᠠ ᠦᠬᠦᠵᠡᠢ᠃ ᠤᠨᠠᠬᠤ ᠳ᠋ᠤᠨᠢ ᠬᠣᠯᠠ ᠤᠨᠠᠭᠰᠠᠨ ᠵᠢᠩᠰᠡ ᠲᠡᠢ ᠴᠠᠭᠠᠨ ᠬᠤᠷᠠᠭᠠᠨ ᠮᠠᠯᠠᠭᠠᠢ ᠨᠢ ᠴᠠᠭᠠᠨ ᠤ᠋ ᠵᠢᠭᠤᠲᠠᠭᠰᠠᠨ ᠴᠡᠷᠢᠭ ᠢ᠋ ᠬᠥᠭᠡᠭᠡᠭᠰᠡᠨ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠴᠡᠷᠢᠭ ᠦ᠋ᠨ ᠮᠣᠷᠢᠨ ᠤ᠋ ᠬᠥᠯ ᠳ᠋ᠦ᠍ ᠳᠠᠭᠠᠷᠢᠭᠳᠠᠨ ᠨᠡᠪᠰᠡᠷᠡᠵᠦ ᠰᠢᠷᠣᠢ ᠳ᠋ᠤ᠌ ᠪᠤᠯᠠᠭᠳᠠᠪᠠ᠃ ᠠᠯᠳᠠᠷ ᠡᠷᠢᠵᠦ᠂ ᠥᠬᠢᠳ ᠪᠤᠵᠠᠷᠯᠠᠵᠤ ᠶᠠᠪᠤᠭᠰᠠᠨ ᠡᠨᠡ ᠬᠡᠷᠴᠡᠭᠡᠢ ᠲᠠᠢᠵᠢ ᠰᠢᠷᠣᠢ ᠡᠮᠬᠦᠭᠡᠳ ᠦᠬᠦᠭᠰᠡᠨ ᠪᠠᠢᠨ᠎ᠠ᠃
  ᠡᠨᠡ ᠪᠠᠢᠯᠳᠤᠭᠠᠨ ᠳ᠋ᠤ᠌ ᠣᠷᠣᠯᠴᠠᠭᠰᠠᠨ ᠮᠣᠩᠭᠣᠯ ᠤ᠋ᠨ ᠠᠷᠠᠳ ᠤ᠋ᠨ ᠵᠢᠷᠤᠮᠲᠤ ᠴᠡᠷᠢᠭ ᠦ᠋ᠨ ᠳᠣᠲᠣᠷ᠎ᠠ ᠡᠷᠳᠡᠨᠢ ᠶᠠᠪᠤᠯᠴᠠᠭᠰᠠᠨ ᠪᠥᠭᠡᠳ ᠴᠠᠭᠠᠨ ᠢ᠋ ᠵᠢᠭᠤᠲᠠᠬᠤ ᠳ᠋ᠤ᠌ ᠮᠣᠷᠢᠨ ᠳ᠋ᠠᠭᠠᠨ ᠮᠣᠷᠳᠠᠨ ᠨᠡᠬᠡᠪᠡ᠃ ᠰᠤᠮᠢᠶ᠎ᠠ ᠪᠡᠢᠰᠡ ᠶ᠋ᠢᠨ ᠬᠤᠰᠢᠭᠤᠨ ᠡᠴᠡ ᠢᠷᠡᠭᠰᠡᠨ ᠥᠨᠳᠥᠷ ᠵᠡᠭᠡᠷᠳᠡ ᠮᠣᠷᠢ ᠨᠢ ᠪᠦᠬᠦᠨ ᠦ᠌ ᠡᠮᠦᠨ᠎ᠡ ᠭᠠᠷᠴᠤ ᠳᠣᠪᠲᠣᠯᠬᠤ ᠳ᠋ᠤ᠌ ᠡᠷᠳᠡᠨᠢ ᠰᠸᠯᠠᠢ᠌ᠳᠠᠢ ᠫᠤᠤ ᠪᠠᠷ ᠬᠠᠶᠠ ᠨᠢᠭᠡ ᠫᠤᠤᠳᠠᠨ ᠳᠠᠪᠬᠢᠯ᠎ᠠ᠃
  ᠬᠡᠰᠡᠭ ᠶᠠᠪᠤᠲᠠᠯ᠎ᠠ ᠡᠮᠦᠨ᠎ᠡ ᠨᠢ ᠬᠦᠷᠡᠩ ᠮᠣᠷᠢ ᠲᠠᠢ ᠴᠠᠭᠠᠨ ᠤ᠋ ᠳᠠᠷᠤᠭ᠎ᠠ ᠵᠢᠵᠢᠭ ᠫᠤᠤ ᠪᠠᠷ ᠡᠷᠭᠢᠵᠦ ᠫᠤᠤᠳᠠᠭᠰᠠᠭᠠᠷ ᠳᠠᠪᠬᠢᠵᠤ ᠶᠠᠪᠤᠯ᠎ᠠ᠃ ᠡᠨᠡ ᠪᠣᠯ ᠫᠡᠪᠯᠦᠧ ᠪᠠᠢᠵᠠᠢ᠃ ᠭᠡᠪᠡᠴᠦ ᠡᠷᠳᠡᠨᠢ ᠲᠡᠭᠦᠨ ᠢ᠋ ᠲᠠᠨᠢᠭᠰᠠᠨ ᠦᠭᠡᠢ᠃
  ᠮᠣᠷᠢᠨ ᠳ᠋ᠠᠭᠠᠨ ᠲᠠᠰᠢᠭᠤᠷ ᠥᠭᠴᠦ ᠪᠥᠬᠥᠢᠨ ᠬᠤᠷᠳᠤᠯᠠᠪᠠ᠃ ᠨᠡᠯᠢᠶᠡᠳ ᠬᠥᠭᠡᠭᠡᠴᠡᠯᠳᠦᠪᠡᠴᠦ ᠵᠠᠢ ᠨᠢ ᠣᠢᠷᠠᠲᠤᠭᠰᠠᠨ ᠦᠭᠡᠢ ᠳ᠋ᠦ᠍ ᠮᠣᠷᠢ ᠶ᠋ᠢ ᠨᠢ ᠫᠤᠤᠳᠠᠵᠤ ᠣᠷᠬᠢᠪᠠᠯ ᠳᠡᠭᠡᠷᠡᠬᠢ ᠬᠥᠮᠦᠨ ᠨᠢ ᠲᠡᠷᠲᠡᠭᠡ ᠬᠣᠯᠠ ᠲᠣᠩᠭᠣᠷᠴᠣᠭᠯᠠᠨ ᠤᠨᠠᠪᠠ᠃
  ᠮᠣᠷᠢᠨ ᠡᠴᠡ ᠪᠡᠨ ᠰᠠᠯᠬᠤ ᠳ᠋ᠠᠭᠠᠨ ᠫᠤᠤ ᠪᠠᠨ ᠠᠯᠳᠠᠭᠰᠠᠨ ᠫᠡᠪᠯᠦᠧ ᠪᠣᠰᠴᠤ ᠶᠠᠳᠠᠵᠤ ᠪᠠᠢᠲᠠᠯ᠎ᠠ ᠡᠷᠳᠡᠨᠢ ᠳᠠᠪᠬᠢᠵᠤ ᠢᠷᠡᠭᠡᠳ ᠦᠰᠦᠷᠦᠨ ᠪᠠᠭᠤᠵᠤ ᠫᠤᠤ ᠲᠤᠯᠭᠠᠪᠠ᠃
  ᠫᠡᠪᠯᠦᠧ ᠬᠣᠶᠠᠷ ᠭᠠᠷ ᠢ᠋ᠶ᠋ᠠᠨ ᠠᠯᠭᠤᠷ ᠢ᠋ᠶ᠋ᠠᠷ ᠡᠷᠭᠦᠨ ᠵᠣᠭᠰᠣᠪᠠ᠃ ᠡᠷᠳᠡᠨᠢ᠂ ᠠᠵᠢᠭᠯᠠᠪᠠᠯ ᠬᠥᠯᠥᠰᠥ ᠰᠢᠷᠣᠢ ᠪᠣᠯᠤᠭᠰᠠᠨ ᠨᠢᠭᠤᠷ ᠲᠠᠢ ᠡᠨᠡ ᠣᠷᠣᠰ ᠪᠣᠯ ᠥᠭᠡᠷ᠎ᠡ ᠬᠡᠨ ᠴᠦ᠍ ᠪᠢᠰᠢ ᠨᠥᠭᠦᠭᠡ ᠫᠡᠪᠯᠦᠧ ᠪᠠᠢᠵᠠᠢ᠃
  ᠊᠊᠊᠊᠊᠊᠊᠊᠊᠊᠊᠊᠊᠊᠊ ᠡᠷᠳᠡᠨᠢ ᠭᠡᠳ ᠫᠡᠪᠯᠦᠧ ᠭᠠᠷ ᠢ᠋ᠶ᠋ᠠᠨ ᠪᠠᠭᠤᠯᠭᠠᠵᠤ ᠡᠮᠦᠨ᠎ᠡ ᠡᠴᠡ ᠨᠢ ᠶᠠᠪᠤᠬᠤ ᠭᠡᠬᠦ ᠳ᠋ᠦ᠍᠂ 《ᠵᠣᠭᠰᠣ!》 ᠭᠡᠵᠦ ᠡᠷᠳᠡᠨᠢ ᠵᠠᠩᠳᠤᠷᠪᠠ᠃
  ᠫᠡᠪᠯᠦᠧ ᠶ᠋ᠢᠨ ᠮᠠᠩᠨᠠᠢ ᠡᠴᠡ ᠴᠢᠰᠤ ᠤᠷᠤᠰᠤᠨ ᠬᠥᠯᠥᠰᠥ ᠰᠢᠷᠣᠢ ᠲᠠᠢ ᠵᠢᠭᠤᠷᠠᠯᠳᠤᠨ ᠬᠠᠷ᠎ᠠ ᠬᠦᠷᠡᠩ ᠪᠣᠯᠤᠭᠠᠳ ᠬᠠᠴᠠᠷ ᠤᠷᠤᠭᠤ ᠨᠢ ᠤᠷᠤᠰᠴᠤ ᠪᠠᠢᠯ᠎ᠠ᠃ ᠣᠮᠣᠭᠣᠯᠲᠤᠭᠰᠠᠨ ᠤᠷᠤᠭᠤᠯ ᠢ᠋ᠶ᠋ᠠᠨ ᠬᠡᠯᠡ ᠪᠡᠷ ᠢ᠋ᠶ᠋ᠡᠨ ᠴᠢᠭᠢᠭᠯᠡᠨ ᠠᠮᠢᠰᠬᠤᠭᠠᠳᠠᠨ᠎ᠠ᠃
  ᠊᠊᠊᠊᠊᠊᠊᠊᠊᠊᠊᠊᠊᠊᠊ ᠴᠢ ᠡᠨᠳᠡ ᠶᠠᠭᠤ ᠬᠢᠵᠦ ᠶᠠᠪᠤᠭ᠎ᠠ ᠶᠤᠮ ᠪᠣᠢ? ᠭᠡᠳ ᠡᠷᠳᠡᠨᠢ ᠫᠤᠤ ᠪᠠᠨ ᠬᠤᠢ ᠳ᠋ᠤᠨᠢ ᠬᠢᠬᠦ ᠭᠡᠲᠡᠯ᠎ᠡ ᠫᠡᠪᠯᠦᠧ ᠦᠰᠦᠷᠦᠨ ᠢᠷᠡᠵᠦ ᠫᠤᠤ ᠳᠡᠭᠡᠷ᠎ᠡ ᠡᠴᠡ ᠨᠢ ᠪᠠᠷᠢᠵᠤ ᠠᠪᠤᠯ᠎ᠠ᠃ ᠡᠷᠳᠡᠨᠢ ᠫᠤᠤ ᠲᠠᠢ ᠭᠠᠷ ᠢ᠋ᠶ᠋ᠠᠷ ᠢ᠋ᠶ᠋ᠠᠨ ᠬᠦᠴᠦᠯᠡᠨ ᠲᠦᠯᠬᠢᠭᠰᠡᠨ ᠳ᠋ᠦ᠍ ᠫᠡᠪᠯᠦᠧ ᠭᠡᠳᠡᠷᠭᠦ ᠪᠡᠨ ᠠᠯᠳᠠᠯᠠᠨ ᠤᠨᠠᠪᠠ᠃
  ᠡᠷᠳᠡᠨᠢ ᠫᠤᠤ ᠪᠠᠨ ᠲᠡᠭᠦᠨ ᠦ᠌ ᠵᠦᠭ ᠴᠢᠭᠯᠡᠭᠦᠯᠲᠡᠯ᠎ᠡ ᠫᠡᠪᠯᠦᠧ ᠥᠨᠳᠡᠢᠵᠦ ᠡᠪᠦᠳᠦᠭ ᠳᠡᠭᠡᠷ᠎ᠡ ᠪᠡᠨ ᠰᠥᠬᠥᠷᠡᠨ 《ᠡᠷᠳᠡᠨᠢ ᠮᠢᠨᠢ᠂ ᠪᠢᠳᠡ ᠬᠣᠶᠠᠷ ᠡᠷᠲᠡᠨ ᠦ᠌ ᠲᠠᠨᠢᠯ᠃ ᠴᠢ ᠮᠢᠨᠦ ᠡᠬᠡᠨᠡᠷ ᠬᠡᠦᠬᠡᠳ ᠢ᠋ ᠲᠠᠨᠢᠨ᠎ᠠ᠃ ᠠᠮᠢ ᠥᠷᠥᠰᠢᠶᠡ》 ᠭᠡᠳ ᠤᠬᠢᠯᠠᠵᠤ ᠭᠠᠷᠤᠯ᠎ᠠ᠃
  ᠡᠷᠳᠡᠨᠢ ᠭᠠᠢᠬᠠᠨ ᠵᠣᠭᠰᠣᠪᠠ᠃ ᠫᠡᠪᠯᠦᠧ ᠪᠦᠷ ᠮᠥᠯᠬᠥᠨ ᠬᠣᠨᠢᠨ ᠰᠢᠷ᠎ᠠ ᠨᠢᠳᠦ ᠪᠡᠨ ᠭᠥᠯᠢᠯᠵᠡᠭᠦᠯᠦᠨ 《ᠠᠮᠢ ᠥᠷᠥᠰᠢᠶᠡ! ᠴᠢ ᠪᠢᠳᠡ ᠬᠣᠶᠠᠷ ᠠᠳᠠᠯᠢᠬᠠᠨ ᠡᠬᠡᠨᠡᠷ ᠬᠡᠦᠬᠡᠳ ᠲᠡᠢ ᠰᠢᠦ ᠳᠡ᠃ ᠠᠮᠢ ᠥᠷᠥᠰᠢᠶᠡ!》 ᠭᠡᠳ ᠪᠦᠷ ᠶᠠᠩᠭᠢᠨᠠᠲᠠᠯ᠎ᠠ ᠤᠬᠢᠯᠠᠪᠠ᠃
  ᠫᠡᠪᠯᠦᠧ ᠶ᠋ᠢᠨ ᠠᠷᠴᠠᠭ᠎ᠠ ᠦᠭᠡᠢ ᠪᠠᠢᠳᠠᠯ ᠢ᠋ ᠬᠠᠷᠠᠭᠠᠳ 《ᠡᠨᠡ ᠮᠤᠨᠳᠠᠭ ᠡᠷ᠎ᠡ ᠢᠩᠭᠢᠵᠦ ᠪᠠᠢᠬᠤ ᠭᠡᠵᠦ ᠳᠡ᠃ ᠦᠨᠡᠬᠡᠷ ᠴᠦ᠍ ᠡᠬᠡᠨᠡᠷ ᠥᠬᠢᠨ ᠬᠣᠶᠠᠷ ᠢ᠋ ᠨᠢ ᠥᠨᠦᠴᠢᠷᠡᠭᠦᠯᠵᠦ ᠶᠠᠭᠠᠬᠢᠬᠤ ᠪᠢᠯᠡ ᠳᠠ᠃ ᠨᠠᠳᠠ ᠰᠢᠭ᠋ ᠪᠤᠳᠤᠯᠢᠵᠤ ᠶᠠᠪᠤᠭ᠎ᠠ ᠴᠤ᠌ ᠶᠤᠮ ᠪᠢᠯᠢᠤ》 ᠭᠡᠵᠦ ᠪᠣᠳᠣᠭᠠᠳ 《ᠮᠠᠭᠤ ᠵᠣᠯᠢᠭ ᠮᠢᠨᠢ ᠪᠣᠰᠢᠭᠣ ᠵᠠᠢᠯᠠ᠂ ᠬᠠᠷᠢᠨ ᠳᠠᠬᠢᠭᠠᠳ ᠵᠡᠪᠰᠡᠭ ᠪᠠᠷᠢᠭᠰᠠᠨ ᠪᠠᠢᠪᠠᠯ ᠳᠠ》 ᠭᠡᠯ᠎ᠡ᠃
  ᠫᠡᠪᠯᠦᠧ ᠶᠠᠭᠤ ᠰᠣᠨᠣᠰᠤᠭᠰᠠᠨ ᠢ᠋ᠶ᠋ᠠᠨ ᠣᠭᠠᠭᠠᠷᠠᠵᠤ ᠶᠠᠳᠠᠨ ᠡᠷᠳᠡᠨᠢ ᠶ᠋ᠢ ᠰᠢᠷᠲᠡᠨ ᠪᠠᠢᠭᠰᠠᠨ ᠢ᠋ᠶ᠋ᠠᠨ ᠪᠣᠰᠤᠭᠠᠳ 《ᠪᠢ ᠬᠠᠮᠢᠭ᠎ᠠ ᠣᠴᠢᠬᠤ ᠪᠣᠢ?》 ᠭᠡᠵᠦ ᠬᠣᠭᠣᠯᠠᠢ ᠪᠠᠨ ᠴᠡᠴᠡᠷᠡᠭᠦᠯᠦᠨ ᠠᠰᠠᠭᠤᠪᠠ᠃
  ᠊᠊᠊᠊᠊᠊᠊᠊᠊᠊᠊᠊᠊᠊᠊ ᠴᠢᠨᠠᠭᠰᠢ ᠶᠠᠪᠤ᠃
  ᠊᠊᠊᠊᠊᠊᠊᠊᠊᠊᠊᠊᠊᠊᠊ ᠴᠢ ᠨᠠᠮᠠᠶ᠋ᠢ ᠠᠷᠤ ᠡᠴᠡ ᠫᠤᠤᠳᠠᠬᠤ ᠦᠭᠡᠢ ᠪᠢᠵᠡ?
  ᠊᠊᠊᠊᠊᠊᠊᠊᠊᠊᠊᠊᠊᠊᠊ ᠳᠠᠭᠤ ᠦᠭᠡᠢ ᠶᠠᠪᠤ᠃
  ᠫᠡᠪᠯᠦᠧ ᠡᠷᠭᠢᠵᠦ ᠶᠠᠪᠤᠯ᠎ᠠ᠃ ᠠᠩᠬᠠᠨ ᠳ᠋ᠠᠭᠠᠨ ᠡᠷᠭᠢᠵᠦ ᠬᠠᠷᠠᠨ ᠬᠠᠷᠠᠨ ᠤᠳᠠᠭᠠᠨ ᠶᠠᠪᠤᠭᠰᠠᠨ ᠢ᠋ᠶ᠋ᠠᠨ ᠰᠡᠭᠦᠯ ᠳ᠋ᠡᠭᠡᠨ ᠱᠣᠭᠰᠢᠵᠤ ᠡᠬᠢᠯᠡᠪᠡ᠃ ᠡᠷᠳᠡᠨᠢ ᠲᠡᠭᠦᠨ ᠢ᠋ ᠳᠠᠯᠳᠠ ᠣᠷᠣᠲᠠᠯ᠎ᠠ ᠨᠢ ᠬᠠᠷᠠᠭᠠᠳ ᠣᠷᠴᠢᠨ ᠲᠣᠭᠣᠷᠢᠨ ᠢ᠋ ᠠᠵᠢᠭᠯᠠᠪᠠᠯ ᠫᠡᠪᠯᠦᠧ ᠶ᠋ᠢᠨ ᠬᠠᠶᠠᠭᠰᠠᠨ ᠫᠤᠤ ᠨᠢᠳᠦᠨ ᠳ᠋ᠦ᠍ᠨᠢ ᠲᠤᠰᠪᠠ᠃
  ᠠᠪᠴᠤ ᠦᠵᠡᠪᠡᠯ ᠭᠠᠭᠴᠠ ᠴᠤ᠌ ᠰᠤᠮᠤ ᠦᠭᠡᠢ ᠪᠣᠯᠵᠠᠢ᠃
  ᠲᠡᠷᠡ ᠣᠷᠣᠢ ᠤᠯᠠᠭᠠᠨ ᠴᠡᠷᠢᠭ ᠦ᠋ᠨ ᠨᠡᠮᠡᠯᠲᠡ ᠬᠦᠴᠦ ᠢᠷᠡᠬᠦ ᠳ᠋ᠦ᠍ ᠫᠧᠲ᠋ᠷ ᠢᠷᠡᠵᠦ ᠡᠷᠳᠡᠨᠢ ᠫᠧᠲ᠋ᠷ ᠬᠣᠶᠠᠷ ᠳᠣᠲᠣᠨᠣ ᠠᠭᠤᠯᠵᠠᠪᠠ᠃
  ᠊᠊᠊᠊᠊᠊᠊᠊᠊᠊᠊᠊᠊᠊᠊ ᠥᠨᠥᠳᠥᠷ ᠪᠢ ᠨᠥᠭᠦᠭᠡ ᠫᠡᠪᠯᠦᠧ ᠶ᠋ᠢ ᠲᠠᠯᠪᠢᠵᠤ ᠣᠷᠬᠢᠯ᠎ᠠ᠃ ᠪᠦᠷ ᠤᠬᠢᠯᠠᠭᠠᠳ ᠠᠮᠢ ᠪᠠᠨ ᠭᠤᠶᠤᠵᠤ ᠪᠠᠢᠨ᠎ᠠ ᠭᠡᠳ ᠡᠷᠳᠡᠨᠢ ᠪᠣᠯᠤᠭᠰᠠᠨ ᠶᠠᠪᠤᠳᠠᠯ ᠢ᠋ ᠶᠠᠷᠢᠪᠠ᠃
  ᠡᠷᠳᠡᠨᠢ ᠮᠢᠨᠢ᠃ ᠨᠢᠭᠡ ᠭᠠᠯᠵᠠᠭᠤ ᠨᠣᠬᠠᠢ ᠶ᠋ᠢ ᠲᠠᠯᠪᠢᠪᠠᠯ ᠬᠡᠳᠦᠨ ᠨᠣᠬᠠᠢ ᠶ᠋ᠢ ᠭᠠᠯᠵᠠᠭᠤᠷᠠᠭᠤᠯᠳᠠᠭ ᠶᠤᠮ ᠭᠡᠵᠦ ᠫᠧᠲ᠋ᠷ ᠦ᠋ᠨ ᠬᠡᠯᠡᠬᠦ ᠳ᠋ᠦ᠍ ᠡᠷᠳᠡᠨᠢ ᠢᠨᠢᠶᠡᠮᠰᠦᠭᠯᠡᠭᠰᠡᠨ ᠢ᠋ᠶ᠋ᠡᠨ 《ᠡᠬᠡᠨᠡᠷ ᠬᠡᠦᠬᠡᠳ ᠢ᠋ᠶ᠋ᠡᠨ ᠳᠤᠷᠠᠳᠤᠭᠠᠳ ᠯᠠ ᠰᠥᠬᠥᠷᠡᠵᠦ᠂ ᠮᠥᠯᠬᠥᠵᠦ ᠭᠤᠶᠤᠭᠠᠳ ᠪᠠᠢᠬᠤ ᠶᠤᠮ》 ᠭᠡᠯ᠎ᠡ᠃
  ᠫᠧᠲ᠋ᠷ ᠡᠷᠳᠡᠨᠢ ᠶ᠋ᠢ ᠬᠤᠷᠴᠠ ᠨᠢᠳᠦ ᠪᠡᠷ ᠰᠢᠷᠲᠡᠨ ᠪᠠᠢᠭᠰᠠᠨ ᠢ᠋ᠶ᠋ᠠᠨ 《ᠬᠤᠪᠢᠰᠬᠠᠯ ᠬᠢᠨ᠎ᠡ ᠭᠡᠳᠡᠭ ᠪᠣᠯ ᠲᠣᠭᠯᠠᠭᠠᠮ ᠪᠢᠰᠢ ᠶᠤᠮ ᠰᠢᠦ᠃ ᠨᠢᠭᠡ ᠪᠣᠯ ᠴᠢ ᠦᠬᠦᠨ᠎ᠡ᠃ ᠡᠰᠡᠬᠦᠯ᠎ᠡ ᠪᠢ ᠦᠬᠦᠨ᠎ᠡ ᠭᠡᠰᠡᠨ ᠬᠡᠷᠡᠭ᠃ ᠣᠳᠣ ᠴᠢᠨᠦ ᠲᠠᠯᠪᠢᠭᠰᠠᠨ ᠫᠡᠪᠯᠦᠧ ᠴᠢᠨᠢ ᠷᠸᠽᠦᠺᠢᠨ ᠦ᠌ ᠠᠩᠭᠢ ᠳ᠋ᠤ᠌ ᠣᠴᠢᠭᠠᠳ ᠳᠠᠬᠢᠨ ᠵᠡᠪᠰᠡᠭᠯᠡᠵᠦ ᠥᠨᠥ ᠰᠥᠨᠢ ᠶᠦ᠍ᠮ ᠤᠤ᠂ ᠮᠠᠷᠭᠠᠰᠢ ᠴᠢᠮᠠᠶ᠋ᠢ ᠨᠦ᠍ᠭᠦᠳ ᠲᠡᠢ ᠴᠢᠨᠢ ᠬᠠᠮᠲᠤ ᠬᠦᠢᠰᠦ ᠲᠡᠮᠲᠡᠷᠢᠬᠦ ᠪᠡᠷ ᠢᠷᠡᠨ᠎ᠡ》 ᠭᠡᠯ᠎ᠡ᠃
  ᠡᠷᠳᠡᠨᠢ ᠭᠡᠮᠰᠢᠯ ᠲᠡᠢ ᠪᠡᠷ ᠫᠧᠲ᠋ᠷ ᠢ᠋ ᠬᠠᠷᠠᠵᠤ ᠢᠨᠢᠶᠡᠮᠰᠦᠭᠯᠡᠭᠰᠡᠨ ᠢ᠋ᠶ᠋ᠡᠨ᠂ 《ᠠᠷᠠᠢ ᠴᠤ᠌ ᠦᠭᠡᠢ ᠪᠠᠢᠯᠭᠦᠢ ᠳᠡ》 ᠭᠡᠯ᠎ᠡ᠃
  ᠊᠊᠊᠊᠊᠊᠊᠊᠊᠊᠊᠊᠊᠊᠊ ᠦᠵᠡᠵᠦ ᠯᠡ ᠪᠠᠢᠭᠠᠷᠠᠢ᠂ ᠡᠷᠳᠡᠨᠢ ᠮᠢᠨᠢ᠃ ᠨᠢᠩᠵᠢᠨ ᠰᠡᠳᠬᠢᠯ ᠰᠠᠢᠬᠠᠨ ᠪᠣᠯᠪᠠᠴᠤ ᠵᠡᠪᠰᠡᠭ ᠪᠠᠷᠢᠭᠰᠠᠨ ᠳᠠᠢᠰᠤᠨ ᠳ᠋ᠤ᠌ ᠭᠠᠷᠭᠠᠬᠤ ᠶ᠋ᠢᠨ ᠬᠡᠷᠡᠭ ᠦᠭᠡᠢ ᠵᠦᠢᠯ ᠭᠡᠳ ᠫᠧᠲ᠋ᠷ ᠴᠠᠭᠠᠰᠤᠨ ᠲᠠᠮᠠᠬᠢ ᠭᠠᠷᠭᠠᠵᠤ ᠨᠢᠭᠡ ᠶ᠋ᠢ ᠡᠷᠳᠡᠨᠢ ᠳ᠋ᠦ᠍ ᠥᠭᠭᠦᠭᠡᠳ ᠥᠪᠡᠷ ᠢ᠋ᠶ᠋ᠡᠨ ᠨᠢᠭᠡ ᠶ᠋ᠢ ᠲᠠᠲᠠᠯ᠎ᠠ᠃
  ᠮᠠᠷᠭᠠᠰᠢ ᠨᠢ ᠨᠠᠷᠠ ᠭᠠᠷᠬᠤ ᠶ᠋ᠢᠨ ᠦᠶ᠎ᠡ ᠳ᠋ᠦ᠍ ᠷᠸᠽᠦᠺᠢᠨ ᠦ᠌ ᠭᠣᠣᠯ ᠠᠩᠭᠢ᠂ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠴᠡᠷᠢᠭ ᠦ᠋ᠨ ᠬᠣᠷᠢᠭᠯᠠᠭᠰᠠᠨ ᠪᠠᠢᠷᠢ ᠤᠷᠤᠭᠤ ᠲᠠᠪᠰᠢᠵᠤ ᠡᠬᠢᠯᠡᠪᠡ᠃
  ᠶᠡᠬᠡ ᠫᠤᠤ ᠪᠠᠷ ᠬᠣᠷᠢ ᠭᠠᠷᠤᠢ ᠤᠳᠠᠭ᠎ᠠ ᠫᠤᠤᠳᠠᠭᠠᠳ ᠳᠠᠷᠠᠭ᠎ᠠ ᠨᠢ ᠬᠡᠰᠡᠭ ᠬᠡᠰᠡᠭ ᠢ᠋ᠶ᠋ᠡᠷ ᠤᠷᠤᠭᠰᠢᠯᠠᠨ ᠪᠠᠢᠷᠢ ᠡᠵᠡᠯᠡᠪᠡ᠃ ᠢᠩᠭᠢᠭᠡᠳ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠴᠡᠷᠢᠭ ᠦ᠋ᠨ ᠬᠣᠷᠢᠭᠯᠠᠭᠰᠠᠨ ᠱᠤᠭᠤᠮ ᠳ᠋ᠤ᠌ ᠣᠢᠷᠠᠲᠤᠨ ᠣᠴᠢᠲᠠᠯ᠎ᠠ ᠫᠦᠯᠧᠮᠶᠣᠲ ᠤ᠋ᠨ ᠰᠦᠷᠦᠭᠯᠡᠭᠰᠡᠨ ᠭᠠᠯ ᠲᠠᠢ ᠮᠥᠷᠭᠥᠯᠳᠦᠵᠦ ᠪᠤᠴᠠᠭᠠᠳ ᠪᠠᠢᠷᠢ ᠡᠵᠡᠯᠡᠵᠦ ᠦᠳᠡ ᠥᠩᠭᠡᠷᠡᠲᠡᠯ᠎ᠡ ᠫᠤᠤᠳᠠᠯᠴᠠᠪᠠ᠃
  ᠵᠡᠪᠰᠡᠭ ᠦ᠋ᠨ ᠪᠣᠯᠤᠮᠵᠢ ᠪᠠᠷ ᠬᠣᠮᠰᠠᠬᠠᠨ ᠷᠸᠽᠦᠺᠢᠨ ᠦ᠌ ᠴᠡᠷᠢᠭ ᠬᠣᠷᠢᠭᠯᠠᠯ ᠤ᠋ᠨ ᠤᠳᠠᠭᠠᠨ ᠲᠡᠢᠨ ᠬᠢᠬᠦ ᠴᠢᠳᠠᠯ ᠦᠭᠡᠢ ᠪᠠᠢᠵᠠᠢ᠃ ᠡᠨᠡ ᠤᠴᠢᠷ ᠡᠴᠡ ᠮᠢᠩᠭ᠎ᠠ ᠭᠠᠷᠤᠢ ᠮᠣᠷᠢ ᠲᠠᠢ ᠮᠣᠩᠭᠣᠯ ᠴᠡᠷᠢᠭ ᠢ᠋ ᠮᠣᠳᠣᠨ ᠳᠣᠲᠣᠭᠤᠷ ᠨᠢᠭᠤᠴᠠᠯᠠᠨ ᠶᠠᠪᠤᠭᠤᠯᠵᠤ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠴᠡᠷᠢᠭ ᠦ᠋ᠨ ᠪᠠᠷᠠᠭᠤᠨ ᠭᠠᠷ ᠡᠴᠡ ᠨᠢ ᠭᠡᠨᠡᠳᠲᠡ ᠳᠠᠭᠠᠷᠢᠪᠠ᠃ ᠭᠡᠲᠡᠯ᠎ᠡ ᠡᠬᠢᠨ ᠦ᠌ ᠫᠤᠤ ᠶ᠋ᠢᠨ ᠳᠠᠭᠤ ᠪᠠᠷ ᠬᠣᠰᠢᠭᠤᠷᠠᠨ ᠡᠷᠭᠢᠵᠦ ᠮᠣᠳᠣᠨ ᠤ᠋ ᠨᠢᠭᠡ ᠪᠣᠯᠤᠨ ᠲᠠᠷᠬᠠᠵᠤ ᠬᠣᠰᠢᠭᠤ ᠨᠤᠲᠤᠭ ᠤ᠋ᠨ ᠵᠦᠭ ᠠᠯᠠᠭ᠎ᠠ ᠪᠣᠯᠵᠠᠢ᠃ ᠴᠠᠭᠠᠨ ᠳᠠᠷᠤᠭ᠎ᠠ ᠨᠠᠷ ᠬᠦᠴᠦᠯᠡᠨ ᠬᠣᠷᠢᠭᠯᠠᠪᠠᠯ ᠵᠠᠷᠢᠮ ᠢ᠋ ᠨᠢ ᠬᠦᠯᠢᠵᠦ ᠬᠠᠶᠠᠭᠠᠳ᠂ ᠵᠠᠷᠢᠮ ᠢ᠋ ᠨᠢ ᠫᠤᠤᠳᠠᠨ ᠠᠯᠠᠵᠠᠢ᠃
  ᠣᠷᠣᠢ ᠶ᠋ᠢᠨ ᠨᠠᠷᠠ ᠬᠠᠨ᠎ᠠ ᠶ᠋ᠢᠨ ᠡᠯᠢᠭᠡ ᠥᠭᠡᠳᠡ ᠭᠠᠷᠬᠤ ᠦᠶ᠎ᠡ ᠳ᠋ᠦ᠍ ᠴᠠᠭᠠᠨ ᠴᠡᠷᠢᠭ ᠪᠦᠷᠢᠮᠦᠰᠦᠨ ᠪᠤᠲᠠ ᠴᠣᠬᠢᠭᠳᠠᠵᠤ ᠰᠠᠷᠨᠢᠨ ᠵᠢᠭᠤᠲᠠᠪᠠ᠃
  ᠵᠠᠮᠪᠠᠯ ᠶᠠᠪᠠᠭᠠᠨ ᠭᠦᠶᠦᠵᠦ ᠶᠠᠪᠤᠲᠠᠯ᠎ᠠ ᠬᠣᠢᠨ᠎ᠠ ᠡᠴᠡ ᠨᠢ ᠢᠷᠡᠭᠰᠡᠨ ᠫᠡᠪᠯᠦᠧ ᠮᠣᠷᠢᠨ ᠤ᠋ ᠠᠮᠠ ᠶ᠋ᠢ ᠲᠠᠲᠠᠵᠤ ᠵᠣᠭᠰᠣᠭᠠᠳ ᠲᠡᠷᠡ ᠬᠣᠶᠠᠷ ᠰᠤᠨᠳᠠᠯᠠᠳᠠᠨ ᠴᠢᠨᠠᠭᠰᠢ ᠳᠠᠪᠬᠢᠯ᠎ᠠ᠃
  ᠊᠊᠊᠊᠊᠊᠊᠊᠊᠊᠊᠊᠊᠊᠊ ᠨᠢᠭᠡ ᠪᠣᠯ ᠤᠯᠠᠭᠠᠨ ᠨᠤᠭᠤᠳ ᠡᠨᠡ ᠬᠣᠷᠸ᠎ᠠ ᠳᠡᠭᠡᠷ᠎ᠡ ᠠᠮᠢᠳᠤᠷᠠᠨ᠎ᠠ᠃ ᠡᠰᠡᠬᠦᠯ᠎ᠡ ᠪᠢ ᠠᠮᠢᠳᠤᠷᠠᠨ᠎ᠠ᠃ ᠪᠢᠳᠡᠨ ᠳ᠋ᠦ᠍ ᠨᠢᠭᠡ ᠨᠠᠷᠠ ᠪᠠᠢᠬᠤ ᠦᠭᠡᠢ ᠭᠡᠵᠦ ᠫᠡᠪᠯᠦᠧ ᠰᠢᠲᠦ ᠪᠡᠨ ᠵᠠᠭᠤᠨ ᠬᠣᠷᠣᠰᠤᠨ ᠶᠠᠷᠢᠵᠤ ᠶᠠᠪᠤᠬᠤ ᠳ᠋ᠤ᠌ ᠵᠠᠮᠪᠠᠯ ᠳᠠᠭᠤ ᠦᠭᠡᠢ᠄ 《ᠡᠨᠡ ᠣᠷᠣᠰ ᠢ᠋ ᠪᠠᠷᠢᠵᠤ ᠤᠯᠠᠭᠠᠨ ᠳ᠋ᠤ᠌ ᠲᠤᠰᠢᠶᠠᠪᠠᠯ ᠵᠥᠪᠬᠡᠨ ᠠᠮᠢᠳᠤ ᠭᠠᠷᠬᠤ ᠪᠠᠷ ᠪᠠᠷᠠᠬᠤ ᠦᠭᠡᠢ᠂ ᠭᠠᠪᠢᠶ᠎ᠠ ᠱᠠᠩᠨᠠᠯ ᠬᠦᠷᠲᠡᠨ᠎ᠡ》 ᠭᠡᠵᠦ ᠪᠣᠳᠣᠵᠤ ᠶᠠᠪᠤᠯ᠎ᠠ᠃ ᠭᠡᠪᠡᠴᠦ ᠡᠨᠡ ᠮᠤᠨᠳᠠᠭ ᠡᠷ᠎ᠡ ᠶ᠋ᠢ ᠶᠠᠭᠠᠬᠢᠵᠤ ᠪᠠᠷᠢᠬᠤ ᠠᠷᠭ᠎ᠠ ᠣᠯᠳᠠᠬᠤ ᠦᠭᠡᠢ ᠠᠵᠢ᠃
  ᠣᠮ ᠬᠣᠮ ᠦᠭᠡᠢ ᠳᠠᠪᠬᠢᠭᠰᠠᠨ ᠮᠣᠷᠢ ᠬᠥᠯᠥᠷᠡᠨ ᠡᠴᠡᠵᠦ ᠡᠬᠢᠯᠡᠬᠦ ᠳ᠋ᠦ᠍ ᠲᠡᠷᠡ ᠬᠣᠶᠠᠷ ᠪᠠᠭᠤᠵᠤ ᠮᠣᠳᠣᠨ ᠳᠣᠲᠣᠷ᠎ᠠ ᠠᠮᠠᠷᠠᠪᠠ᠃ ᠬᠠᠶᠠ ᠨᠢᠭᠡ ᠳᠤᠤᠭᠠᠷᠴᠤ ᠪᠠᠢᠭ᠎ᠠ ᠫᠤᠤ ᠶ᠋ᠢᠨ ᠳᠠᠭᠤ ᠴᠢᠬᠢᠨ ᠦ᠌ ᠦᠵᠦᠭᠦᠷ ᠲᠦ᠍ ᠰᠣᠨᠣᠰᠤᠭᠳᠠᠵᠤ ᠪᠠᠢᠯ᠎ᠠ᠃ ᠫᠡᠪᠯᠦᠧ ᠪᠡᠶ᠎ᠡ ᠵᠠᠰᠠᠬᠤ ᠪᠠᠷ ᠰᠠᠭᠤᠬᠤ ᠦᠶ᠎ᠡ ᠳ᠋ᠦ᠍ ᠵᠠᠮᠪᠠᠯ ᠫᠤᠤ ᠶ᠋ᠢᠨ ᠪᠥᠭᠰᠡ ᠪᠡᠷ ᠴᠣᠬᠢᠵᠤ ᠤᠬᠠᠭᠠᠨ ᠠᠯᠳᠠᠭᠤᠯᠪᠠ᠃ ᠶᠠᠩᠭᠢᠨᠠᠲᠠᠯ᠎ᠠ ᠬᠦᠯᠢᠵᠦ ᠠᠪᠤᠭᠠᠳ ᠰᠠᠭᠤᠵᠤ ᠪᠠᠢᠲᠠᠯ᠎ᠠ ᠫᠡᠪᠯᠦᠧ ᠤᠬᠠᠭᠠᠨ ᠣᠷᠣᠬᠤ ᠳ᠋ᠤᠨᠢ ᠰᠢᠭᠤᠳ ᠡᠷᠭᠦᠨ ᠠᠪᠤᠭᠠᠳ ᠡᠮᠡᠭᠡᠯ ᠳᠡᠭᠡᠭᠦᠷ ᠬᠥᠨᠳᠡᠯᠡᠨ ᠲᠠᠯᠪᠢᠭᠠᠳ ᠮᠣᠷᠢ ᠪᠠᠨ ᠬᠥᠲᠥᠯᠦᠨ ᠡᠷᠭᠢᠵᠦ ᠶᠠᠪᠤᠯ᠎ᠠ᠃
  ᠊᠊᠊᠊᠊᠊᠊᠊᠊᠊᠊᠊᠊᠊᠊ ᠴᠢ ᠬᠠᠮᠢᠭ᠎ᠠ ᠣᠴᠢᠬᠤ ᠭᠡᠵᠦ ᠪᠠᠢᠨ᠎ᠠ ᠭᠡᠵᠦ ᠫᠡᠪᠯᠦᠧ ᠠᠮᠢᠰᠬᠤᠭᠠᠳᠠᠨ ᠠᠰᠠᠭᠤᠪᠠ᠃
  ᠊᠊᠊᠊᠊᠊᠊᠊᠊᠊᠊᠊᠊᠊᠊ ᠴᠢᠮᠠᠶ᠋ᠢ ᠤᠯᠠᠭᠠᠨ ᠳ᠋ᠤ᠌ ᠠᠪᠠᠴᠢᠵᠤ ᠥᠭᠭᠦᠨ᠎ᠡ᠃
  ᠊᠊᠊᠊᠊᠊᠊᠊᠊᠊᠊᠊᠊᠊᠊ ᠴᠢ ᠪᠢᠳᠡ ᠬᠣᠶᠠᠷ ᠨᠢᠭᠡ ᠲᠠᠯ᠎ᠠ ᠶ᠋ᠢᠨ ᠤᠯᠤᠰ ᠰᠢᠦ ᠳᠡ!
  ᠵᠠᠮᠪᠠᠯ ᠬᠠᠷᠢᠭᠤ ᠳᠤᠤᠭᠠᠷᠤᠯ ᠦᠭᠡᠢ ᠶᠠᠪᠤᠭᠰᠠᠭᠠᠷ ᠪᠠᠢᠯ᠎ᠠ᠃ ᠫᠡᠪᠯᠦᠧ ᠡᠬᠢᠯᠡᠭᠡᠳ᠄ 《ᠠᠮᠢ ᠥᠷᠥᠰᠢᠶᠡ!》 ᠭᠡᠵᠦ ᠭᠤᠶᠤᠪᠠ᠂ ᠭᠡᠪᠡᠴᠦ ᠵᠠᠮᠪᠠᠯ ᠳᠤᠤᠭᠠᠷᠤᠭᠰᠠᠨ ᠦᠭᠡᠢ᠃ ᠫᠡᠪᠯᠦᠧ 《ᠤᠯᠠᠭᠠᠨ ᠳ᠋ᠤ᠌ ᠣᠴᠢᠬᠤ ᠳ᠋ᠤ᠌ ᠬᠣᠶᠠᠭᠤᠯᠠ ᠶ᠋ᠢ ᠮᠠᠨᠢ ᠠᠯᠠᠨ᠎ᠠ》 ᠭᠡᠵᠦ ᠰᠦᠷᠳᠡᠭᠦᠯᠬᠦ ᠶ᠋ᠢ ᠣᠷᠣᠯᠳᠣᠪᠠ᠃
  ᠭᠡᠪᠡᠴᠦ ᠵᠠᠮᠪᠠᠯ ᠤᠯᠠᠭᠠᠨ ᠬᠡᠨ ᠢ᠋ ᠨᠢ ᠠᠯᠠᠵᠤ᠂ ᠬᠡᠨ ᠢ᠋ ᠨᠢ ᠱᠠᠩᠨᠠᠵᠤ ᠰᠠᠢᠰᠢᠶᠠᠬᠤ ᠶ᠋ᠢ ᠰᠠᠢᠨ ᠮᠡᠳᠡᠵᠦ ᠪᠠᠢᠯ᠎ᠠ᠃ ᠠᠷᠭ᠎ᠠ ᠨᠢ ᠮᠤᠬᠤᠷᠳᠠᠭᠰᠠᠨ ᠫᠡᠪᠯᠦᠧ 《ᠤᠯᠠᠭᠠᠨ ᠳ᠋ᠤ᠌ ᠠᠪᠠᠴᠢᠵᠤ ᠥᠭᠭᠦᠭᠰᠡᠨ ᠡᠴᠡ ᠡᠨᠳᠡ ᠫᠤᠤᠳᠠᠵᠤ ᠣᠷᠬᠢᠭᠠᠴᠢ》 ᠭᠡᠵᠦ ᠭᠤᠶᠤᠬᠤ ᠳ᠋ᠤ᠌ ᠵᠠᠮᠪᠠᠯ ᠬᠦᠢᠲᠡᠨ ᠢᠨᠢᠶᠡᠮᠰᠦᠭᠯᠡᠭᠡᠳ 《ᠫᠡᠪᠯᠦᠧ ᠮᠢᠨᠢ ᠪᠢ ᠬᠡᠦᠬᠡᠳ ᠪᠢᠰᠢ》 ᠭᠡᠳ ᠳᠠᠬᠢᠨ ᠳᠤᠤᠭᠠᠷᠤᠭᠰᠠᠨ ᠦᠭᠡᠢ᠃
  ᠊᠊᠊᠊᠊᠊᠊᠊᠊᠊᠊᠊᠊᠊᠊ ᠲᠠ ᠨᠠᠷ ᠲᠠᠢ ᠬᠠᠮᠲᠤ ᠠᠷᠠᠳ ᠤ᠋ᠨ ᠵᠠᠰᠠᠭ ᠤ᠋ᠨ ᠲᠥᠯᠥᠭᠡ ᠮᠣᠷᠢ ᠨᠣᠬᠠᠢ ᠮᠡᠲᠦ ᠵᠢᠳᠬᠦᠬᠦ ᠭᠡᠵᠦ ᠴᠠᠭᠠᠨ ᠤ᠋ ᠡᠨᠡ ᠨᠣᠶᠠᠨ ᠢ᠋ ᠪᠠᠷᠢᠵᠤ ᠢᠷᠡᠯ᠎ᠡ ᠭᠡᠵᠦ ᠮᠣᠩᠭᠣᠯ ᠊᠊᠊᠊᠊᠊᠊᠊᠊᠊᠊᠊᠊᠊᠊ ᠵᠥᠪᠯᠡᠯᠲᠦ ᠶ᠋ᠢᠨ ᠴᠡᠷᠢᠭ ᠲᠡᠢ ᠤᠴᠠᠷᠠᠭᠠᠳ ᠵᠠᠮᠪᠠᠯ ᠬᠡᠯᠡᠵᠡᠢ᠃
  ᠫᠡᠪᠯᠦᠧ ᠶ᠋ᠢ ᠫᠧᠲ᠋ᠷ ᠪᠠᠢᠴᠠᠭᠠᠵᠤ ᠪᠠᠢᠬᠤ ᠳ᠋ᠤ᠌ ᠡᠷᠳᠡᠨᠢ ᠳᠡᠷᠭᠡᠳᠡ ᠨᠢ ᠪᠠᠢᠵᠠᠢ᠃ ᠬᠡᠨ ᠲᠡᠢ ᠤᠴᠠᠷᠠᠭᠰᠠᠨ᠂ ᠶᠠᠭᠤ ᠪᠣᠯᠬᠤ ᠪᠠᠨ ᠰᠠᠢᠨ ᠮᠡᠳᠡᠭᠰᠡᠨ ᠫᠡᠪᠯᠦᠧ ᠶ᠋ᠢᠨ ᠨᠢᠳᠦᠨ ᠳ᠋ᠦ᠍ᠨᠢ ᠦᠬᠦᠯ ᠦ᠋ᠨ ᠰᠢᠲᠦᠭᠰᠡᠨ ᠭᠠᠯᠵᠠᠭᠤᠷᠠᠯ ᠣᠪᠣᠯᠵᠠᠨ 《ᠴᠢᠮᠠᠶ᠋ᠢ ᠲᠠᠮᠢᠷ ᠤ᠋ᠨ ᠭᠣᠣᠯ ᠤ᠋ᠨ ᠪᠤᠷᠭᠠᠰᠤᠨ ᠳ᠋ᠤ᠌ ᠫᠤᠤᠳᠠᠵᠤ ᠣᠷᠭᠢᠯ ᠦᠭᠡᠢ᠂ ᠲᠡᠵᠢᠭᠡᠵᠦ ᠪᠠᠢᠭᠰᠠᠨ ᠳ᠋ᠠᠭᠠᠨ ᠬᠠᠷᠠᠮᠰᠠᠵᠤ ᠪᠠᠢᠨ᠎ᠠ》 ᠭᠡᠯ᠎ᠡ᠃
  ᠊᠊᠊᠊᠊᠊᠊᠊᠊᠊᠊᠊᠊᠊᠊᠊ ᠪᠢᠳᠡᠨ ᠢ᠋ ᠠᠯᠠᠭᠠᠳ ᠲᠠ ᠨᠠᠷ ᠪᠠᠷᠠᠬᠤ ᠦᠭᠡᠢ ᠪᠠᠢᠭᠰᠠᠨ ᠰᠢᠦ ᠳᠡ᠃ ᠬᠣᠩᠭᠣᠷ ᠮᠢᠨᠢ ᠭᠡᠵᠦ ᠫᠧᠲ᠋ᠷ ᠲᠠᠢᠪᠤᠩ ᠬᠡᠯᠡᠪᠡ᠃
  ᠊᠊᠊᠊᠊᠊᠊᠊᠊᠊᠊᠊᠊᠊᠊ ᠶᠡᠬᠡ ᠣᠷᠣᠰ ᠤ᠋ᠨ ᠠᠯᠢ ᠣᠯᠢᠭ ᠲᠠᠢ ᠶ᠋ᠢ ᠲᠠ ᠨᠠᠷ ᠪᠠᠯᠠᠯᠵᠤ ᠳᠠᠭᠤᠰᠤᠭᠰᠠᠨ ᠤᠯᠤᠰ᠂ ᠲᠠ ᠨᠠᠷ ᠲᠤ᠌ ᠬᠠᠢᠷᠠᠯᠠᠬᠤ ᠬᠠᠷᠠᠮᠰᠠᠬᠤ ᠶᠠᠭᠤᠮ᠎ᠠ ᠪᠠᠢᠬᠤ ᠦᠭᠡᠢ᠃ ᠨᠠᠮᠠᠶ᠋ᠢ ᠪᠣᠰᠢᠭᠣ ᠫᠤᠤᠳᠠᠭᠠᠳ ᠠᠯᠢ᠃ ᠨᠠᠮᠠᠶ᠋ᠢ ᠠᠮᠢ ᠪᠠᠨ ᠭᠤᠶᠤᠨ᠎ᠠ ᠭᠡᠵᠦ ᠭᠣᠷᠢᠳᠠᠵᠤ ᠪᠠᠢᠨ᠎ᠠ ᠤᠤ᠃ ᠬᠣᠯᠠ ᠪᠠᠢᠨ᠎ᠠ ᠭᠡᠳ ᠫᠡᠪᠯᠦᠧ᠂ ᠫᠧᠲ᠋ᠷ ᠦ᠋ᠨ ᠨᠢᠭᠤᠷ ᠤᠷᠤᠭᠤ ᠨᠢᠯᠪᠤᠯ᠎ᠠ᠃
  ᠫᠧᠲ᠋ᠷ ᠬᠠᠨᠴᠤᠢ ᠪᠠᠷ ᠢ᠋ᠶ᠋ᠠᠨ ᠨᠢᠭᠤᠷ ᠢ᠋ᠶ᠋ᠠᠨ ᠠᠷᠴᠢᠭᠰᠠᠨ ᠢ᠋ᠶ᠋ᠠᠨ᠄
  ᠊᠊᠊᠊᠊᠊᠊᠊᠊᠊᠊᠊᠊᠊᠊ ᠪᠢᠳᠡᠨ ᠦ᠌ ᠰᠢᠨ᠎ᠡ ᠣᠷᠣᠰ ᠢ᠋ ᠦᠵᠡᠬᠦ ᠬᠤᠪᠢ ᠲᠠᠪᠢᠯᠠᠩ ᠴᠢᠮ᠎ᠠ ᠳ᠋ᠤ᠌ ᠪᠠᠢᠬᠤ ᠦᠭᠡᠢ᠃ ᠠᠮᠢ ᠭᠤᠶᠤᠬᠤ ᠶ᠋ᠢᠨ ᠬᠤᠪᠢ ᠳ᠋ᠤ᠌ ᠪᠣᠯ ᠬᠡᠵᠢᠶ᠎ᠡ ᠴᠦ᠍ ᠴᠢᠮᠠᠶ᠋ᠢ ᠥᠷᠥᠰᠢᠶᠡᠬᠦ ᠦᠭᠡᠢ ᠭᠡᠯ᠎ᠡ᠃
  ᠫᠡᠪᠯᠦᠧ᠂ ᠡᠷᠳᠡᠨᠢ ᠤᠷᠤᠭᠤ ᠠᠵᠢᠭᠯᠠᠨ ᠬᠠᠷᠠᠭᠰᠠᠨ ᠢ᠋ᠶ᠋ᠠᠨ᠄
  ᠊᠊᠊᠊᠊᠊᠊᠊᠊᠊᠊᠊᠊᠊᠊ ᠡᠳᠡ ᠨᠠᠷ ᠮᠠᠨ ᠤ᠋ ᠣᠷᠣᠨ ᠢ᠋ ᠪᠠᠯᠠᠯᠵᠤ ᠣᠷᠬᠢᠭᠠᠳ᠂ ᠣᠳᠣ ᠲᠠᠨ ᠤ᠋ ᠣᠷᠣᠨ ᠢ᠋ ᠪᠠᠯᠠᠯᠬᠤ ᠭᠡᠵᠦ ᠪᠠᠢᠨ᠎ᠠ᠃ ᠭᠡᠨᠡᠨ ᠬᠠᠷᠠᠩᠭᠤᠢ ᠬᠥᠮᠦᠰ ᠢ᠋ ᠬᠠᠭᠤᠷᠬᠤ ᠳ᠋ᠠᠭᠠᠨ ᠴᠢᠳᠠᠮᠠᠭᠠᠢ ᠠᠮᠢᠲᠠᠳ ᠰᠢᠦ ᠳᠡ ᠭᠡᠯ᠎ᠡ᠃
  ᠊᠊᠊᠊᠊᠊᠊᠊᠊᠊᠊᠊᠊᠊ ᠳᠠᠭᠤ ᠦᠭᠡᠢ ᠪᠠᠢ᠃ ᠦᠷ᠎ᠡ ᠶ᠋ᠢᠨ ᠬᠢᠨᠢ ᠳᠡᠷᠭᠡᠳᠡ ᠡᠴᠢᠭᠡ ᠶ᠋ᠢ ᠨᠢ ᠲᠠᠨ ᠤ᠋ ᠴᠠᠭᠠᠨ ᠨᠤᠭᠤᠳ ᠳᠡᠭᠦᠵᠢᠯᠡᠵᠦ ᠣᠷᠬᠢᠬᠤ ᠶ᠋ᠢ ᠪᠢ ᠦᠵᠡᠭᠰᠡᠨ ᠬᠥᠮᠦᠨ ᠰᠢᠦ᠃ ᠪᠢ ᠭᠡᠨᠡᠨ ᠬᠠᠷᠠᠩᠭᠤᠢ ᠳ᠋ᠤ᠌ ᠭᠡᠰᠡᠨ ᠴᠠᠭᠠᠨ ᠬᠠᠷ᠎ᠠ ᠶ᠋ᠢ ᠢᠯᠭᠠᠵᠤ ᠴᠢᠳᠠᠨ᠎ᠠ ᠭᠡᠵᠦ ᠡᠷᠳᠡᠨᠢ ᠬᠠᠰᠬᠢᠷᠪᠠ᠃
  ᠣᠷᠣᠢ ᠨᠢ ᠫᠡᠪᠯᠦᠧ ᠶ᠋ᠢ ᠫᠤᠤᠳᠠᠵᠤ ᠡᠯᠡᠰᠦᠨ ᠳ᠋ᠦ᠍ ᠪᠤᠯᠠᠵᠤ ᠣᠷᠬᠢᠭᠠᠳ ᠪᠤᠴᠠᠵᠤ ᠶᠠᠪᠤᠬᠤ ᠳ᠋ᠠᠭᠠᠨ᠄
  ᠊᠊᠊᠊᠊᠊᠊᠊᠊᠊᠊᠊᠊᠊᠊ ᠥᠨᠥᠳᠥᠷ ᠦ᠋ᠨ ᠪᠠᠢᠯᠳᠤᠭᠠᠨ ᠳ᠋ᠤ᠌ ᠠᠯᠠᠭᠳᠠᠭᠰᠠᠨ ᠮᠠᠨ ᠤ᠋ ᠨᠥᠬᠥᠳ ᠦ᠋ᠨ ᠬᠡᠳᠦ ᠨᠢ ᠫᠡᠪᠯᠦᠧ ᠶ᠋ᠢᠨ ᠰᠤᠮᠤᠨ ᠳ᠋ᠤ᠌ ᠦᠬᠦᠭᠰᠡᠨ ᠢ᠋ ᠪᠢᠳᠡ ᠬᠣᠶᠠᠷ ᠮᠡᠳᠡᠬᠦ ᠦᠭᠡᠢ ᠰᠢᠦ ᠳᠡ ᠭᠡᠵᠦ ᠫᠧᠲ᠋ᠷ ᠦ᠋ᠨ ᠬᠡᠯᠡᠬᠦ ᠳ᠋ᠦ᠍ ᠡᠷᠳᠡᠨᠢ ᠭᠡᠮᠰᠢᠯ ᠲᠡᠢ ᠪᠥᠭᠡᠳ ᠬᠣᠷᠣᠰᠤᠯ ᠲᠠᠢ ᠪᠠᠷ ᠰᠠᠨᠠᠭ᠎ᠠ ᠠᠯᠲᠠᠨ ᠳᠣᠭᠣᠭᠰᠢ ᠬᠠᠷᠠᠯ᠎ᠠ᠃