ᠲᠤᠩᠭᠠᠯᠠᠭ ᠲᠠᠮᠢᠷ3-09-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-09-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-09-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-22

1132

《ᠲᠡᠭᠷᠢ ᠲᠡᠢ ᠶᠠᠪᠤᠭ᠎ᠠ ᠬᠥᠮᠦᠨ ᠳ᠋ᠦ᠍ ᠴᠢᠳᠬᠥᠷ ᠴᠦ᠍ ᠰᠠᠭᠠᠳ ᠬᠢᠵᠦ ᠴᠢᠳᠠᠬᠤ ᠦᠭᠡᠢ᠂ ᠲᠡᠭᠷᠢ ᠦᠭᠡᠢ ᠶᠠᠪᠤᠭ᠎ᠠ ᠬᠥᠮᠦᠨ ᠳ᠋ᠦ᠍ ᠪᠤᠷᠬᠠᠨ ᠴᠤ᠌ ᠲᠤᠰᠠ ᠪᠣᠯᠵᠤ ᠴᠢᠳᠠᠬᠤ ᠦᠭᠡᠢ》 - ᠭᠤᠷᠪᠠᠳᠤᠭᠠᠷ ᠪᠦᠯᠦᠭ ᠶᠢᠰᠦ

  ᠨᠠᠮᠤᠷ ᠤ᠋ᠨ ᠳᠤᠮᠳᠠ ᠰᠠᠷ᠎ᠠ ᠶ᠋ᠢᠨ ᠪᠦᠯᠢᠶᠡᠨ ᠬᠣᠷᠸ᠎ᠠ ᠳ᠋ᠤ᠌ ᠠᠮᠤᠭᠤᠯᠠᠩ ᠲᠡᠨᠢᠭᠦᠨ ᠰᠡᠳᠬᠢᠯ ᠦ᠋ᠨ ᠦᠷ᠎ᠡ ᠰᠠᠴᠤᠵᠤ ᠶᠠᠭᠤᠮ᠎ᠠ ᠪᠦᠬᠦᠨ ᠲᠠᠢᠪᠤᠩ ᠲᠡᠨᠢᠭᠡᠷ ᠪᠥᠭᠡᠳ ᠶᠢᠷᠲᠢᠨᠴᠦ ᠶ᠋ᠢᠨ ᠥᠩᠭᠡ ᠰᠢᠷᠭᠠᠯᠲᠤᠨ ᠬᠤᠪᠢᠷᠠᠵᠤ ᠲᠡᠷᠲᠡᠭᠡ ᠬᠣᠯᠠ ᠡᠴᠡ ᠭᠢᠯᠠᠯᠵᠠᠨ ᠬᠠᠷᠠᠭᠳᠠᠬᠤ ᠰᠤᠪᠤᠷᠭ᠎ᠠ ᠬᠠᠢᠷᠬᠠᠨ ᠤ᠋ ᠮᠥᠩᠭᠥᠨ ᠳᠤᠭᠤᠯᠠᠭ᠎ᠠ ᠰᠦᠷᠲᠡᠢ ᠪᠥᠭᠡᠳ ᠶᠡᠬᠡᠮᠰᠦᠭ ᠬᠠᠷᠠᠭᠳᠠᠨ᠎ᠠ᠃ ᠡᠳᠦᠷ ᠦ᠋ᠨ ᠨᠠᠷᠠ ᠪᠠᠷᠤᠭ ᠬᠣᠢᠮᠣᠷ ᠭᠣᠣᠯᠯᠠᠬᠤ ᠰᠢᠬᠠᠭᠰᠠᠨ ᠦᠶᠡᠰ ᠤᠷᠢᠳᠤ ᠲᠠᠮᠢᠷ ᠤ᠋ᠨ ᠵᠡᠭᠦᠨ ᠭᠠᠷ ᠡᠴᠡ ᠣᠷᠣᠭᠰᠠᠨ ᠠᠮᠠ ᠶ᠋ᠢ ᠤᠷᠤᠭᠤᠳᠠᠨ ᠠᠷᠠᠯᠵᠢᠶ᠎ᠠ ᠬᠠᠲᠠᠷᠢ ᠲᠠᠢ᠂ ᠰᠤᠮᠤᠯᠠᠨ ᠵᠠᠰᠠᠭᠰᠠᠨ ᠳᠡᠯ ᠲᠡᠢ ᠵᠡᠭᠡᠷᠳᠡ ᠮᠣᠷᠢ ᠤᠨᠤᠭᠰᠠᠨ ᠬᠥᠮᠦᠨ ᠳᠥᠷᠦᠭᠡᠨ ᠳᠡᠭᠡᠷ᠎ᠡ ᠪᠡᠨ ᠦᠯᠦ ᠮᠡᠳᠡᠭ ᠵᠢᠰᠢᠭᠦᠦ ᠵᠢᠭᠢᠭᠡᠳ ᠢᠷᠠᠯᠵᠠᠲᠠᠯ᠎ᠠ ᠭᠠᠯᠭᠢᠭᠤᠯᠵᠤ ᠶᠠᠪᠤᠯ᠎ᠠ᠃
  ᠡᠨᠡ ᠪᠣᠯ ᠢᠲᠡᠭᠡᠯᠲᠦ᠂ ᠬᠥᠬᠡ ᠥᠩᠭᠡ ᠶ᠋ᠢᠨ ᠨᠠᠷᠢᠨ ᠱᠡᠩᠲᠤᠩ ᠳᠡᠪᠡᠯ ᠳᠡᠭᠡᠷ᠎ᠡ ᠨᠣᠭᠣᠭᠠᠨ ᠪᠠᠵᠢᠭᠢᠷ ᠳᠤᠷᠳᠤᠩ ᠪᠦᠰᠡ ᠥᠷᠭᠡᠨ ᠪᠢᠰᠢ ᠪᠣᠯᠪᠠᠴᠤ ᠲᠦᠰᠢᠭ ᠪᠣᠯᠬᠤ ᠪᠠᠷ ᠣᠷᠢᠶᠠᠵᠤ᠂ ᠵᠤᠵᠠᠭᠠᠨ ᠨᠠᠭᠠᠮᠠᠯ ᠤᠯᠠ ᠲᠠᠢ ᠬᠠᠷ᠎ᠠ ᠪᠤᠯᠢᠭᠠᠷᠢ ᠭᠤᠲᠤᠯ ᠢᠰᠬᠦᠯᠦᠭᠡᠳ ᠨᠣᠭᠣᠭᠠᠨ ᠡᠮᠵᠢᠶᠡᠷᠢ ᠲᠡᠢ ᠴᠡᠩᠬᠡᠷ ᠣᠳᠣᠨᠴᠤᠤ ᠶᠡᠦᠳᠡᠨ ᠳᠠᠭᠵᠠᠨ ᠳᠡᠭᠡᠷ᠎ᠡ ᠪᠡᠨ ᠵᠠᠩᠭᠢᠳᠴᠠᠢ᠃ ᠦᠯᠡᠮᠵᠢ ᠨᠠᠷᠢᠨ ᠤᠷ᠎ᠠ ᠪᠠᠷ ᠥᠯᠵᠡᠢ ᠬᠡ ᠰᠡᠢᠯᠵᠦ ᠴᠣᠬᠢᠭᠰᠠᠨ ᠬᠠᠷ᠎ᠠ ᠲᠡᠮᠦᠷ ᠬᠡᠲᠡ ᠪᠠᠯ ᠲᠠᠢ ᠦᠢᠰᠦ ᠶᠠᠰᠤ ᠠᠯᠠᠭᠯᠠᠭᠤᠯᠵᠤ ᠬᠢᠭᠰᠡᠨ ᠡᠰᠢ ᠲᠡᠢ ᠮᠤᠬᠤᠷ ᠲᠣᠬᠣᠢ ᠣᠷᠴᠢᠮ ᠬᠢᠲᠤᠭ᠎ᠠ ᠠᠷᠤ ᠳ᠋ᠠᠭᠠᠨ ᠬᠠᠪᠴᠢᠭᠤᠯᠵᠠᠢ᠃ ᠬᠡᠷᠡᠭᠯᠡᠭᠰᠡᠨ ᠪᠦᠬᠦ ᠶᠠᠭᠤᠮ᠎ᠠ ᠨᠢ ᠭᠠᠩᠭᠠᠯᠠᠬᠤ᠂ ᠳᠡᠭᠵᠢᠷᠬᠡᠬᠦ ᠬᠦᠰᠡᠯ ᠡᠴᠡ ᠠᠩᠭᠢᠳᠠ ᠪᠣᠯᠪᠠᠴᠤ ᠢᠩᠭᠢᠵᠦ ᠶᠠᠪᠤᠬᠤ ᠳ᠋ᠤᠨᠢ ᠵᠣᠬᠢᠮᠵᠢ ᠦᠭᠡᠢ ᠪᠤᠶᠤ ᠢᠯᠡᠭᠦᠦ ᠭᠡᠵᠦ ᠬᠡᠯᠡᠮᠡᠷ ᠶᠠᠭᠤᠮ᠎ᠠ ᠣᠭᠲᠣ ᠦᠭᠡᠢ ᠠᠵᠢ᠃
  ᠭᠡᠷ ᠡᠴᠡ ᠪᠡᠨ ᠥᠴᠥᠭᠡᠳᠦᠷ ᠭᠠᠷᠤᠭᠰᠠᠨ ᠪᠣᠯᠪᠠᠴᠤ ᠬᠣᠯᠠᠳᠴᠤ ᠴᠢᠳᠠᠯ ᠦᠭᠡᠢ ᠠᠷᠢᠬᠢᠳᠠᠵᠤ ᠬᠣᠨᠣᠭᠠᠳ ᠥᠷᠯᠥᠭᠡ ᠮᠣᠷᠳᠠᠵᠤ ᠭᠠᠵᠠᠷ ᠳᠥᠭᠥᠬᠦ ᠭᠡᠵᠦ ᠠᠢᠯ ᠳ᠋ᠤ᠌ ᠣᠷᠤᠯ ᠦᠭᠡᠢ ᠳᠣᠪᠲᠣᠯᠵᠠᠢ᠃ ᠭᠡᠲᠡᠯ᠎ᠡ ᠬᠡᠳᠦ ᠤᠤᠭᠤᠭᠰᠠᠨ ᠡᠴᠡ ᠪᠡᠶ᠎ᠡ ᠬᠥᠰᠢᠯᠳᠦᠨ᠂ ᠲᠣᠯᠣᠭᠠᠢ ᠬᠦᠨᠳᠦᠷᠡᠵᠦ ᠢᠰᠡᠭᠡᠢ ᠪᠡᠷ ᠪᠠᠯᠪᠠᠭᠤᠯᠤᠭᠰᠠᠨ ᠶᠤᠮ ᠰᠢᠭ᠋ ᠪᠠᠮᠪᠠᠢᠨ ᠳᠦᠢᠷᠡᠵᠦ ᠶᠠᠪᠤᠬᠤ ᠶ᠋ᠢᠨ ᠠᠷᠭ᠎ᠠ ᠦᠭᠡᠢ ᠪᠣᠯᠬᠤ ᠳ᠋ᠤ᠌ ᠪᠠᠭ᠎ᠠ ᠦᠳᠡ ᠶ᠋ᠢᠨ ᠣᠷᠴᠢᠮ ᠲᠣᠭᠣᠭ᠎ᠠ ᠨᠡᠷᠡᠵᠦ ᠪᠠᠢᠭ᠎ᠠ ᠠᠢᠯ ᠳ᠋ᠤ᠌ ᠪᠠᠭᠤᠵᠤ ᠴᠢᠩᠭ᠎ᠠ ᠭᠠᠷᠤᠭᠰᠠᠨ ᠬᠠᠯᠠᠭᠤᠨ ᠠᠷᠢᠬᠢ ᠲᠣᠮᠣ ᠮᠥᠩᠭᠥᠨ ᠠᠶᠠᠭ᠎ᠠ ᠪᠠᠷ ᠬᠣᠶᠠᠷ ᠤᠳᠠᠭ᠎ᠠ ᠳᠤᠭᠲᠤᠷᠤᠮᠠᠭᠴᠠ ᠪᠡᠶ᠎ᠡ ᠶ᠋ᠢ ᠨᠢ ᠪᠠᠷᠢᠵᠤ ᠪᠠᠢᠭᠰᠠᠨ ᠦᠯᠦ ᠦᠵᠡᠭᠳᠡᠬᠦ ᠨᠠᠵᠢᠳ ᠲᠠᠢ ᠬᠦᠯᠢᠶᠡᠰᠦ ᠡᠴᠡ ᠵᠠᠳᠠᠷᠠᠨ ᠶᠠᠰᠤᠨ ᠤ᠋ ᠬᠢᠨᠢ ᠬᠥᠯᠥᠰᠥ ᠴᠢᠬᠠᠷᠠᠨ ᠨᠢᠭᠡ ᠯᠡ ᠠᠶᠠᠲᠠᠢᠬᠠᠨ ᠪᠣᠯᠪᠠ᠃
  ᠢᠲᠡᠭᠡᠯᠲᠦ ᠡᠨᠳᠡ ᠳᠡᠮᠡᠢ ᠲᠡᠨᠦᠵᠦ ᠶᠠᠪᠤᠭ᠎ᠠ ᠪᠢᠰᠢ᠂ ᠵᠠᠶ᠎ᠠ ᠶ᠋ᠢᠨ ᠱᠠᠪᠢ ᠶ᠋ᠢᠨ ᠨᠢᠭᠡ ᠠᠢᠯ ᠡᠴᠡ ᠤᠨᠠᠭ᠎ᠠ ᠲᠠᠢ ᠭᠡᠭᠦᠦ ᠭᠤᠷᠪᠠ ᠶ᠋ᠢ ᠠᠪᠬᠤ ᠥᠷᠢ ᠪᠡᠨ ᠨᠡᠬᠡᠵᠦ ᠠᠪᠬᠤ ᠭᠡᠵᠦ ᠶᠠᠪᠤᠭ᠎ᠠ ᠨᠢ ᠡᠨᠡ ᠪᠢᠯᠡ᠃ ᠥᠷᠯᠥᠭᠡ ᠦᠷ ᠦ᠋ᠨ ᠭᠡᠭᠡ ᠪᠡᠷ ᠵᠠᠮ ᠢ᠋ ᠨᠢ ᠥᠪᠥᠷ ᠳᠠᠷᠤᠵᠤ ᠴᠢᠨᠣ᠎ᠠ ᠣᠭᠲᠣᠯᠬᠤ ᠳ᠋ᠤ᠌ ᠪᠠᠶᠠᠷᠲᠠᠢ ᠮᠦᠰᠢᠶᠡᠵᠦ 《ᠠᠪᠤᠯᠭ᠎ᠠ ᠪᠦᠲᠦᠵᠡᠢ》 ᠭᠡᠵᠦ ᠥᠪᠡᠷ ᠲᠡᠭᠡᠨ ᠰᠢᠪᠡᠭᠡᠨᠡᠪᠡ᠃
  ᠢᠲᠡᠭᠡᠯᠲᠦ ᠶ᠋ᠢᠨ ᠠᠵᠢᠯ ᠦᠷᠭᠦᠯᠵᠢ ᠪᠦᠲᠦᠮᠵᠢ ᠲᠡᠢ ᠪᠠᠢᠳᠠᠭ ᠪᠣᠯᠬᠣᠷ ᠪᠡᠯᠡᠭ ᠳᠡᠮᠪᠡᠷᠢᠯ ᠲᠡᠢ ᠤᠴᠠᠷᠠᠯ ᠲᠣᠬᠢᠶᠠᠯᠳᠤᠪᠠᠯ ᠪᠠᠶᠠᠰᠳᠠᠭ᠃ ᠬᠠᠷᠢᠨ ᠮᠠᠭᠤ ᠢᠷᠣ᠎ᠠ ᠶ᠋ᠢᠨ ᠤᠴᠠᠷᠠᠯ ᠲᠣᠬᠢᠶᠠᠯᠳᠤᠪᠠᠯ 《ᠠᠵᠠ ᠲᠠᠢ ᠠᠪᠤ ᠶ᠋ᠢᠨ ᠬᠦᠦ ᠳ᠋ᠦ᠍ ᠡᠨᠡ ᠶᠠᠭᠤ ᠪᠠᠢᠬᠤ ᠪᠣᠢ》 ᠭᠡᠵᠦ ᠪᠣᠳᠣᠵᠤ ᠶᠠᠪᠤᠳᠠᠭ ᠬᠥᠮᠦᠨ᠃
  《ᠲᠡᠭᠷᠢ ᠲᠡᠢ ᠶᠠᠪᠤᠭ᠎ᠠ ᠬᠥᠮᠦᠨ ᠳ᠋ᠦ᠍ ᠴᠢᠳᠬᠥᠷ ᠴᠦ᠍ ᠰᠠᠭᠠᠳ ᠬᠢᠵᠦ ᠴᠢᠳᠠᠬᠤ ᠦᠭᠡᠢ᠂ ᠲᠡᠭᠷᠢ ᠦᠭᠡᠢ ᠶᠠᠪᠤᠭ᠎ᠠ ᠬᠥᠮᠦᠨ ᠳ᠋ᠦ᠍ ᠪᠤᠷᠬᠠᠨ ᠴᠤ᠌ ᠲᠤᠰᠠ ᠪᠣᠯᠵᠤ ᠴᠢᠳᠠᠬᠤ ᠦᠭᠡᠢ》 ᠭᠡᠵᠦ ᠵᠠᠷᠢᠮ ᠳ᠋ᠠᠭᠠᠨ ᠬᠡᠯᠡᠳᠡᠭ ᠶᠤᠮ᠃
  ᠤᠷᠢᠳᠤ ᠲᠠᠮᠢᠷ ᠤ᠋ᠨ ᠥᠷᠭᠡᠨ ᠬᠥᠨᠳᠡᠢ ᠵᠥᠭᠡᠯᠡᠬᠡᠨ ᠬᠥᠬᠡ ᠤᠨᠢᠶᠠᠷ ᠢ᠋ᠶ᠋ᠠᠷ ᠮᠠᠩᠰᠢᠭᠤᠷᠠᠨ ᠨᠠᠢᠭᠤᠵᠤ᠂ ᠳᠡᠯᠭᠡᠷ ᠵᠤᠨ ᠡᠴᠡ ᠰᠠᠯᠤᠨ ᠶᠠᠳᠠᠵᠤ ᠪᠠᠢᠭ᠎ᠠ ᠳᠡᠯᠡᠬᠡᠢ ᠥᠪᠡᠷᠮᠢᠴᠡ ᠭᠣᠶᠣᠮᠰᠣᠭ ᠪᠥᠭᠡᠳ ᠳᠡᠭᠵᠢᠨ ᠠᠵᠢ᠃
  ᠵᠡᠭᠡᠷᠳᠡ ᠮᠣᠷᠢ ᠲᠣᠯᠣᠭᠠᠢ ᠬᠠᠶᠠᠯᠠᠨ ᠬᠠᠲᠠᠷᠢᠵᠤ᠂ ᠬᠠᠯᠠᠭᠤᠨ ᠠᠷᠢᠬᠢ ᠪᠡᠶ᠎ᠡ ᠳ᠋ᠦ᠍ᠨᠢ ᠳᠠᠷᠬᠠᠨ ᠶᠠᠪᠤᠭᠰᠠᠭᠠᠷ ᠥᠨᠳᠥᠷ ᠤᠷᠭᠤᠭᠰᠠᠨ ᠤᠯᠢᠶᠠᠰᠤᠨ ᠳ᠋ᠤ᠌ ᠣᠷᠣᠯ᠎ᠠ᠃ ᠰᠡᠷᠢᠭᠦᠬᠡᠨ ᠰᠠᠯᠬᠢ ᠡᠮᠦᠨ᠎ᠡ ᠡᠴᠡ ᠨᠢ ᠲᠠᠰᠤᠯᠳᠠᠨ ᠦᠯᠢᠶᠡᠵᠦ᠂ ᠡᠪᠦᠯ ᠦ᠋ᠨ ᠭᠦᠨ ᠨᠣᠢᠷ ᠲᠠᠭᠠᠨ ᠪᠡᠯᠡᠳᠬᠡᠵᠦ ᠵᠤᠨ ᠤ᠋ ᠴᠢᠮᠡᠭ ᠢ᠋ᠶ᠋ᠡᠨ ᠬᠠᠶᠠᠨ ᠪᠡᠶ᠎ᠡ ᠪᠡᠨ ᠬᠥᠩᠭᠡᠯᠡᠭᠰᠡᠨ ᠤᠯᠢᠶᠠᠰᠤ ᠶ᠋ᠢᠨ ᠣᠷᠣᠢ ᠰᠠᠯᠬᠢᠨ ᠳ᠋ᠤ᠌ ᠪᠢᠲᠡᠭᠦᠦ ᠱᠤᠤᠭᠢᠨ᠂ ᠲᠣᠪᠴᠢᠵᠤ ᠡᠬᠢᠯᠡᠭᠰᠡᠨ ᠭᠠᠵᠠᠷ ᠭᠢᠰᠬᠢᠭᠰᠡᠨ ᠮᠣᠷᠢᠨ ᠤ᠋ ᠲᠦᠪᠡᠷᠭᠡᠨ ᠦ᠌ ᠫᠠᠳ ᠫᠢᠳ᠂ ᠫᠠᠳ ᠫᠢᠳ ᠭᠡᠰᠡᠨ ᠴᠢᠮᠡᠭᠡ ᠲᠡᠢ ᠨᠡᠢᠯᠡᠨ ᠨᠢᠭᠡᠨ ᠵᠦᠢᠯ ᠦ᠋ᠨ ᠨᠠᠮᠤᠷ ᠤ᠋ᠨ ᠳᠣᠬᠢᠶ᠎ᠠ ᠥᠭᠭᠦᠨ᠎ᠡ᠃
  ᠤᠴᠢᠷ ᠲᠠᠢ ᠠᠢᠯ ᠢ᠋ᠶ᠋ᠠᠨ ᠰᠤᠷᠠᠭᠯᠠᠵᠤ ᠤᠷᠢᠳᠤ ᠲᠠᠮᠢᠷ ᠤ᠋ᠨ ᠡᠮᠦᠨ᠎ᠡ ᠡᠲᠡᠭᠡᠳ ᠲᠦ᠍ ᠪᠠᠢᠭ᠎ᠠ ᠶ᠋ᠢ ᠮᠡᠳᠡᠪᠡ᠃ ᠬᠠᠷᠢᠨ ᠴᠣᠬᠣᠮ ᠬᠠᠮᠢᠭ᠎ᠠ ᠪᠠᠢᠭ᠎ᠠ ᠶ᠋ᠢ ᠶᠠᠭ ᠬᠡᠯᠡᠭᠡᠳ ᠥᠭᠬᠦ ᠬᠥᠮᠦᠨ ᠲᠡᠢ ᠲᠣᠬᠢᠶᠠᠯᠳᠤᠭ᠎ᠠ ᠦᠭᠡᠢ ᠤᠴᠢᠷ ᠣᠢᠷᠠᠲᠤᠵᠤ ᠣᠴᠢᠭᠠᠳ ᠰᠤᠷᠠᠭᠯᠠᠬᠤ ᠬᠡᠷᠡᠭᠲᠡᠢ ᠪᠣᠯᠵᠠᠢ᠃
  ᠭᠣᠣᠯ ᠤ᠋ᠨ ᠵᠠᠬ᠎ᠠ ᠳ᠋ᠤ᠌ ᠪᠠᠭᠤᠵᠤ ᠮᠣᠷᠢ ᠪᠠᠨ ᠤᠰᠤᠯᠠᠨ ᠨᠢᠭᠤᠷ ᠢ᠋ᠶ᠋ᠠᠨ ᠤᠬᠢᠶᠠᠪᠠ᠃ ᠲᠠᠮᠢᠷ ᠲᠤᠩᠭᠠᠯᠠᠭ ᠲᠡᠷᠡ ᠳᠣᠳᠣᠮ ᠢ᠋ᠶ᠋ᠠᠨ ᠨᠠᠮᠤᠷ ᠤ᠋ᠨ ᠲᠠᠮᠢᠷ ᠪᠦᠷ ᠴᠦ᠍ ᠲᠤᠩᠭᠠᠯᠠᠭ ᠠᠵᠢ᠃ ᠰᠦᠷᠦᠭ ᠵᠢᠭᠠᠰᠤ ᠡᠮᠦᠨᠡᠭᠦᠷ ᠨᠢ ᠢᠷᠠᠯᠵᠠᠨ ᠥᠩᠭᠡᠷᠡᠬᠦ ᠳ᠋ᠦ᠍ ᠴᠢᠯᠠᠭᠤ ᠠᠪᠤᠭᠠᠳ ᠰᠢᠲᠠᠪᠠᠯ ᠪᠤᠵᠢᠭᠢᠨᠠᠨ ᠳᠥᠷᠪᠡᠨ ᠵᠦᠭ ᠨᠢᠮᠡᠨ ᠵᠣᠪᠬᠢᠰ ᠲᠤ᠌ ᠪᠤᠲᠠᠷᠠᠪᠠ᠃
  ᠢᠲᠡᠭᠡᠯᠲᠦ ᠢᠨᠢᠶᠡᠮᠰᠦᠭᠯᠡᠨ ᠪᠣᠰᠪᠠ᠃ ᠪᠡᠶ᠎ᠡ ᠨᠢ ᠤᠯᠠᠮ ᠴᠤ᠌ ᠬᠥᠩᠭᠡᠷᠡᠨ ᠲᠠᠯᠪᠢᠭᠤᠨ ᠲᠠᠪᠠᠲᠠᠢ ᠪᠣᠯᠬᠤ ᠳ᠋ᠤ᠌ ᠭᠡᠳᠡᠰᠦ ᠥᠯᠥᠰᠴᠦ ᠪᠠᠢᠭ᠎ᠠ ᠪᠠᠨ ᠮᠡᠳᠡᠪᠡ᠃ ᠠᠮᠠᠭᠠᠢᠪᠴᠢᠯᠠᠭᠰᠠᠨ ᠮᠣᠷᠢ ᠪᠠᠨ ᠬᠠᠵᠠᠭᠠᠷᠯᠠᠵᠤ ᠮᠣᠷᠳᠠᠭᠠᠳ ᠲᠠᠮᠢᠷ ᠢ᠋ ᠭᠠᠷᠴᠤ ᠶᠠᠪᠤᠭᠰᠠᠭᠠᠷ ᠤᠳᠠᠯ ᠦᠭᠡᠢ ᠤᠯᠢᠶᠠᠰᠤ ᠶ᠋ᠢᠨ ᠵᠠᠬ᠎ᠠ ᠳ᠋ᠤ᠌ ᠭᠠᠷᠬᠤ ᠳ᠋ᠤ᠌ ᠭᠠᠳᠠᠨ᠎ᠠ ᠨᠢ ᠰᠠᠷᠯᠤᠭ ᠤ᠋ᠨ ᠭᠠᠭᠴᠠ ᠳᠣᠷᠣᠢ ᠠᠷᠭᠠᠮᠵᠢᠭᠰᠠᠨ ᠨᠢᠭᠡ ᠪᠣᠷᠣ ᠭᠡᠷ ᠬᠠᠷᠠᠭᠳᠠᠪᠠ᠃
  《ᠣᠷᠣᠵᠤ ᠠᠢᠯ ᠢ᠋ᠶ᠋ᠠᠨ ᠴᠤ᠌ ᠠᠰᠠᠭᠤᠶ᠎ᠠ》 ᠭᠡᠵᠦ ᠪᠣᠳᠣᠭᠠᠳ ᠰᠢᠭᠤᠳ ᠣᠴᠢᠵᠤ ᠤᠶᠠᠭᠠᠨ ᠳᠡᠭᠡᠷ᠎ᠡ ᠨᠢ ᠵᠣᠭᠰᠣᠭᠠᠳ 《ᠨᠣᠬᠠᠢ ᠬᠣᠷᠢ》 ᠭᠡᠵᠦ ᠬᠠᠩᠭᠢᠨᠠᠭᠰᠠᠨ ᠲᠡᠮᠦᠷ ᠳᠠᠭᠤ ᠪᠠᠷ ᠤᠶᠠᠩᠭᠠᠯᠠᠭᠤᠯᠪᠠ᠃
  ᠭᠡᠷ ᠡᠴᠡ ᠬᠠᠭᠤᠴᠢᠨ ᠬᠦᠷᠡᠩ ᠳᠡᠪᠡᠯ ᠲᠡᠢ ᠴᠢᠪᠠᠭᠠᠨᠴᠠ ᠭᠠᠷᠴᠤ ᠢᠷᠡᠭᠡᠳ ᠢᠷᠡᠭᠰᠡᠨ ᠵᠣᠴᠢᠨ ᠤᠷᠤᠭᠤ ᠶᠠᠮᠠᠷ ᠴᠤ᠌ ᠬᠦᠨᠳᠦᠳᠬᠡᠯ ᠦᠭᠡᠢ ᠬᠤᠴᠠᠵᠤ ᠪᠠᠢᠭᠰᠠᠨ ᠳᠥᠷᠪᠡᠨ ᠨᠢᠳᠦ ᠲᠡᠢ ᠤᠯᠠᠭᠠᠨ ᠬᠠᠯᠲᠠᠷ ᠨᠣᠬᠠᠢ ᠶ᠋ᠢ ᠪᠠᠷᠢᠵᠤ ᠠᠪᠤᠯ᠎ᠠ᠃
  ᠪᠦᠳᠦᠭᠦᠨ ᠬᠠᠯᠲᠠᠷ ᠨᠣᠬᠠᠢ ᠶ᠋ᠢᠨ ᠰᠤᠷ ᠬᠦᠵᠦᠭᠦᠪᠴᠢ ᠡᠴᠡ ᠪᠠᠷᠢᠭᠠᠳ 《ᠠᠬᠠᠢ ᠴᠢ ᠲᠡᠭᠡᠭᠡᠷᠡᠢ》 ᠭᠡᠵᠦ ᠪᠠᠢᠭ᠎ᠠ ᠠᠪᠠᠭᠠᠢ ᠶ᠋ᠢᠨ ᠳᠡᠷᠭᠡᠳᠡᠭᠦᠷ ᠢᠲᠡᠭᠡᠯᠲᠦ ᠭᠠᠷᠬᠤ ᠳ᠋ᠠᠭᠠᠨ 《ᠰᠠᠢᠬᠠᠨ ᠨᠠᠮᠤᠷᠵᠢᠵᠤ ᠪᠠᠢᠨ᠎ᠠ ᠤᠤ?》 ᠭᠡᠳ ᠭᠡᠷ ᠦ᠋ᠨ ᠡᠭᠦᠳᠡᠨ ᠳ᠋ᠦ᠍ ᠣᠴᠢᠭᠰᠠᠨ ᠢ᠋ᠶ᠋ᠠᠨ ᠨᠢᠳᠦ ᠨᠢ ᠣᠷᠣᠢ ᠳᠡᠭᠡᠷ᠎ᠡ ᠪᠡᠨ ᠭᠠᠷᠴᠤ ᠪᠡᠶ᠎ᠡ ᠪᠡᠨ ᠬᠣᠷᠢᠶᠠᠨ ᠵᠣᠭᠰᠣᠪᠠ᠃
  ᠢᠲᠡᠭᠡᠯᠲᠦ ᠶ᠋ᠢᠨ ᠨᠢᠳᠦᠨ ᠳ᠋ᠦ᠍ ᠦᠨᠡᠬᠡᠷ ᠦᠨᠡᠮᠰᠢᠵᠦ ᠪᠣᠯᠤᠮ᠎ᠠ ᠦᠭᠡᠢ ᠬᠠᠴᠢᠨ ᠶᠠᠭᠤᠮ᠎ᠠ ᠬᠠᠷᠠᠭᠳᠠᠪᠠ᠃ ᠬᠠᠭᠤᠴᠢᠨ ᠬᠥᠬᠡ ᠳᠡᠪᠡᠯ ᠲᠡᠢ ᠡᠮᠡᠭᠲᠡᠢ ᠴᠠᠰᠢ ᠬᠠᠷᠠᠵᠤ ᠰᠠᠭᠤᠭᠠᠳ ᠬᠣᠨᠢᠨ ᠤ᠋ ᠬᠠᠰᠢᠶ᠎ᠠ ᠵᠠᠰᠠᠵᠤ ᠪᠠᠢᠭ᠎ᠠ ᠨᠢ ᠡᠢᠮᠦ ᠪᠠᠢᠳᠠᠯ ᠳ᠋ᠤ᠌ ᠣᠷᠣᠭᠤᠯᠵᠠᠢ᠃ ᠲᠡᠷᠡ ᠡᠮᠡᠭᠲᠡᠢ ᠶ᠋ᠢᠨ ᠪᠦᠳᠦᠭᠦᠨ ᠬᠠᠷ᠎ᠠ ᠭᠡᠵᠢᠭᠡ᠂ ᠭᠤᠨᠠᠭᠠᠷ ᠬᠦᠵᠦᠭᠦᠦ᠂ ᠨᠠᠷᠢᠬᠠᠨ ᠪᠥᠭᠡᠳ ᠶᠡᠷᠦ ᠪᠤᠰᠤ ᠶ᠋ᠢᠨ ᠭᠤᠸᠠᠯᠢᠭ ᠪᠡᠯᠬᠡᠭᠦᠰᠦ ᠨᠢ ᠣᠯᠠᠨ ᠤᠳᠠᠭ᠎ᠠ ᠲᠣᠬᠢᠶᠠᠯᠳᠤᠭᠰᠠᠨ ᠲᠠᠨᠢᠯ ᠪᠣᠯᠪᠠᠴᠤ ᠣᠳᠣ ᠢᠩᠭᠢᠭᠡᠳ ᠪᠠᠢᠵᠤ ᠪᠠᠢᠮᠠᠷ ᠦᠭᠡᠢ ᠬᠥᠮᠦᠨ ᠢ᠋ ᠰᠠᠨᠠᠭᠳᠠᠭᠤᠯᠪᠠ᠃ 《ᠪᠠᠢᠬᠤ ᠶᠣᠰᠣ ᠦᠭᠡᠢ ᠳᠡ》 ᠭᠡᠵᠦ ᠢᠲᠡᠭᠡᠯᠲᠦ ᠰᠢᠪᠡᠭᠡᠨᠡᠭᠡᠳ ᠠᠪᠠᠭᠠᠢ ᠤᠷᠤᠭᠤ ᠢᠷᠪᠠᠢᠨ ᠬᠠᠷᠠᠯ᠎ᠠ᠃
  ᠨᠣᠬᠠᠢ ᠬᠦᠵᠦᠭᠦᠳᠡᠵᠦ ᠪᠠᠢᠭᠰᠠᠨ ᠠᠪᠠᠭᠠᠢ ᠴᠤ᠌ ᠭᠡᠷ ᠦ᠋ᠨ ᠬᠢᠨᠢ ᠡᠭᠦᠳᠡᠨ ᠳᠡᠭᠡᠷ᠎ᠡ ᠭᠥᠯᠢᠷᠡᠨ ᠵᠣᠭᠰᠣᠵᠤ ᠪᠠᠢᠭ᠎ᠠ ᠬᠥᠮᠦᠨ ᠢ᠋ ᠭᠠᠢᠬᠠᠨ ᠬᠡᠰᠡᠭ ᠪᠠᠢᠭᠰᠠᠨ ᠢ᠋ᠶ᠋ᠠᠨ ᠨᠤᠭᠤᠯᠤᠭ᠎ᠠ ᠪᠦᠷᠢ ᠳ᠋ᠦ᠍ᠨᠢ ᠬᠠᠲᠠᠭᠤ ᠠᠮᠢᠳᠤᠷᠠᠯ ᠪᠠᠲᠤ ᠰᠢᠩᠭᠡᠭᠰᠡᠨ ᠨᠢᠭᠤᠷ ᠲᠤᠨᠢ ᠪᠠᠶᠠᠷ ᠤ᠋ᠨ ᠲᠤᠶᠠᠭ᠎ᠠ ᠠᠯᠭᠤᠷᠬᠠᠨ ᠲᠣᠳᠣᠷᠠᠪᠠ᠃
  ᠊᠊᠊᠊᠊᠊᠊᠊᠊᠊᠊᠊᠊᠊᠊ ᠲᠤᠯᠭᠠᠷ᠂ ᠬᠦᠦ ᠮᠢᠨᠢ ᠡᠷᠭᠢᠭᠡᠳ ᠬᠠᠷᠠᠭᠠᠴᠢ ᠭᠡᠵᠦ ᠶᠡᠷᠦ ᠪᠤᠰᠤ ᠶ᠋ᠢᠨ ᠡᠶᠡᠯᠳᠡᠭ ᠪᠥᠭᠡᠳ ᠳᠣᠯᠭᠢᠯᠠᠭᠰᠠᠨ ᠳᠠᠭᠤ ᠪᠠᠷ ᠬᠡᠯᠡᠪᠡ᠃ ᠡᠨᠡ ᠠᠪᠠᠭᠠᠢ ᠶ᠋ᠢᠨ ᠨᠡᠷ᠎ᠡ ᠶ᠋ᠢ ᠳᠠᠵᠢᠳ ᠭᠡᠳᠡᠭ᠃ ᠡᠪᠦᠭᠡᠨ ᠲᠡᠢ ᠪᠡᠨ ᠬᠠᠮᠲᠤ ᠠᠮᠢᠳᠤᠷᠠᠳᠠᠭ ᠪᠥᠭᠡᠳ ᠭᠠᠷᠤᠭᠰᠠᠨ ᠭᠤᠷᠪᠠᠨ ᠬᠦᠦ ᠡᠴᠡ ᠦᠯᠡᠳᠡᠭᠰᠡᠨ ᠭᠠᠭᠴᠠ ᠨᠢ ᠵᠠᠶ᠎ᠠ ᠶ᠋ᠢᠨ ᠬᠦᠷᠢᠶᠡᠨ ᠳᠡᠭᠡᠷ᠎ᠡ ᠰᠠᠭᠤᠵᠤ ᠪᠠᠢᠭᠠᠳ ᠬᠦᠷᠢᠶ᠎ᠡ ᠣᠷᠣᠵᠠᠢ᠃ ᠶᠠᠪᠤᠭᠰᠠᠨ ᠡᠴᠡ ᠬᠣᠢᠰᠢ ᠠᠷᠪᠠ ᠭᠠᠷᠤᠢ ᠵᠢᠯ ᠪᠣᠯᠤᠭᠰᠠᠨ ᠠᠪᠠᠴᠤ ᠨᠢᠭᠡ ᠴᠦ᠍ ᠤᠳᠠᠭ᠎ᠠ ᠪᠤᠴᠠᠵᠤ ᠢᠷᠡᠭᠡ ᠦᠭᠡᠢ᠃ ᠰᠣᠨᠣᠰᠪᠠᠯ ᠭᠠᠩᠳᠠᠨ ᠭᠡᠭᠴᠢ ᠠᠷᠢᠭᠤᠨ ᠨᠣᠮ ᠤ᠋ᠨ ᠣᠷᠣᠨ ᠳ᠋ᠤ᠌ ᠰᠠᠭᠤᠭ᠎ᠠ᠂ ᠨᠣᠮ᠂ ᠡᠷᠳᠡᠮ ᠪᠢᠰᠢᠯᠭᠠᠵᠤ ᠪᠠᠢᠭ᠎ᠠ ᠰᠤᠷᠠᠭ ᠲᠠᠢ ᠪᠠᠢᠪᠠ᠃ ᠭᠡᠲᠡᠯ᠎ᠡ ᠨᠢᠭᠡ ᠨᠠᠮᠤᠷ ᠠᠷᠢᠭᠤᠨ ᠱᠠᠰᠢᠨ ᠤ᠋ ᠮᠥᠷ ᠬᠥᠭᠡᠭᠡᠭᠰᠡᠨ ᠲᠡᠷᠡ ᠬᠦᠦ ᠨᠢ ᠴᠠᠭᠠᠨ ᠪᠤᠷᠬᠠᠨ ᠢ᠋ᠶ᠋ᠠᠷ ᠨᠠᠰᠤ ᠪᠠᠷᠠᠭᠰᠠᠨ ᠲᠤᠬᠠᠢ ᠭᠠᠰᠢᠭᠤᠳᠠᠯ ᠲᠠᠢ ᠰᠤᠷᠠᠭ ᠰᠣᠨᠣᠰᠴᠤ ᠡᠪᠦᠭᠡᠨ ᠳᠠᠩ ᠮᠣᠷᠢ ᠪᠠᠷ ᠬᠦᠷᠢᠶ᠎ᠡ ᠣᠷᠣᠪᠠᠯ ᠭᠠᠷᠴᠠᠭ᠎ᠠ ᠦᠭᠡᠢ ᠦᠨᠡᠨ ᠪᠠᠢᠪᠠ᠃ ᠢᠩᠭᠢᠵᠦ ᠬᠣᠶᠠᠷ ᠬᠥᠭᠰᠢᠨ ᠶᠡᠬᠡ ᠭᠣᠪᠢ ᠶ᠋ᠢᠨ ᠬᠠᠭᠤᠷᠠᠢ ᠬᠥᠷᠥᠰᠥᠨ ᠳ᠋ᠦ᠍ ᠪᠠᠢᠭᠠᠯᠢ ᠶ᠋ᠢᠨ ᠶᠠᠮᠠᠷ ᠨᠢᠭᠡᠨ ᠲᠣᠬᠢᠶᠠᠯᠳᠤᠯ ᠢ᠋ᠶ᠋ᠠᠷ ᠤᠷᠭᠤᠵᠤ ᠲᠣᠮᠣ ᠪᠣᠯᠤᠭᠠᠳ ᠳᠥᠷᠪᠡᠨ ᠵᠦᠭ ᠨᠢᠮᠡᠨ ᠵᠣᠪᠬᠢᠰ ᠲᠤ᠌ ᠰᠠᠴᠤᠭᠰᠠᠨ ᠦᠷ᠎ᠡ ᠡᠴᠡ ᠨᠢᠭᠡ ᠨᠢ ᠣᠷᠭᠤᠯ ᠦᠭᠡᠢ ᠥᠮᠥᠬᠢᠷᠡᠵᠦ ᠪᠠᠢᠭ᠎ᠠ ᠲᠣᠣᠷᠠᠢ ᠰᠢᠭ᠋ ᠥᠨᠥᠴᠢᠷᠡᠨ ᠬᠣᠴᠣᠷᠴᠠᠢ᠃
  ᠡᠪᠦᠭᠡᠨ ᠦ᠌ ᠨᠡᠷ᠎ᠡ ᠶ᠋ᠢ ᠪᠠᠶᠠᠷ ᠭᠡᠳᠡᠭ ᠪᠥᠭᠡᠳ ᠤᠤᠯ ᠨᠢ ᠤᠷᠢᠳᠤ ᠲᠠᠮᠢᠷ ᠤ᠋ᠨ ᠡᠬᠢ ᠪᠡᠷ ᠨᠤᠲᠤᠭ ᠲᠠᠢ ᠵᠠᠮᠰᠦ᠋ᠷᠦᠩ ᠪᠡᠢᠰᠡ ᠶ᠋ᠢᠨ ᠬᠢ ᠭᠡᠳᠡᠭ ᠵᠢᠵᠢᠭ ᠵᠠᠰᠠᠭ ᠬᠤᠰᠢᠭᠤᠨ ᠤ᠋ ᠠᠢᠯ ᠶᠤᠮ᠃ ᠣᠯᠠᠨ᠎ᠠ ᠡᠷᠭᠦᠭᠳᠡᠭᠰᠡᠨ ᠦ᠌ ᠲᠠᠪᠤᠳᠤᠭᠠᠷ ᠣᠨ ᠳ᠋ᠤ᠌ ᠵᠠᠶ᠎ᠠ ᠶ᠋ᠢᠨ ᠭᠡᠭᠡᠨ ᠪᠣᠭᠳᠠ ᠶ᠋ᠢᠨ ᠳᠡᠮᠵᠢᠯᠭᠡ ᠪᠡᠷ ᠲᠡᠷᠡ ᠬᠤᠰᠢᠭᠤᠨ ᠡᠴᠡ ᠠᠷᠪᠠ ᠭᠠᠷᠤᠢ ᠡᠷᠦᠬᠡ ᠲᠠᠰᠤᠯᠤᠨ ᠳᠡᠭᠡᠷᠡᠮᠳᠡᠵᠦ ᠠᠪᠤᠭᠰᠠᠨ ᠤ᠋ ᠨᠢᠭᠡ ᠨᠢ ᠪᠠᠶᠠᠷ ᠤ᠋ᠨ ᠬᠢ ᠠᠵᠢ᠃
  ᠬᠡᠳᠦᠨ ᠵᠢᠯ ᠦ᠋ᠨ ᠡᠮᠦᠨ᠎ᠡ ᠤᠷᠢᠳᠤ ᠲᠠᠮᠢᠷ ᠤ᠋ᠨ ᠪᠤᠷᠭᠠᠰᠤᠨ ᠳ᠋ᠤ᠌ ᠡᠪᠦᠯᠵᠢᠵᠦ ᠪᠠᠢᠬᠤ ᠳ᠋ᠤ᠌ ᠡᠨᠡ ᠨᠢᠭᠡ ᠶᠠᠪᠤᠳᠠᠯ ᠪᠣᠯᠤᠭᠰᠠᠨ ᠡᠴᠡ ᠬᠣᠢᠰᠢ ᠪᠠᠶᠠᠷ ᠤ᠋ᠨ ᠬᠢ ᠠᠮᠠ ᠭᠤᠷᠪᠠᠭᠤᠯᠠ ᠪᠣᠯᠵᠠᠢ᠃ ᠲᠡᠷᠡ ᠵᠢᠯ ᠦ᠋ᠨ ᠥᠩ ᠲᠡᠢ ᠪᠠᠢᠭᠰᠠᠨ ᠡᠴᠡ ᠲᠠᠮᠢᠷ ᠤ᠋ᠨ ᠭᠣᠣᠯ ᠬᠠᠷᠠᠵᠠ ᠡᠯᠪᠡᠭ ᠪᠥᠭᠡᠳ ᠬᠡᠳᠦ ᠬᠡᠳᠦᠨ ᠨᠤᠭᠤᠰᠤ ᠴᠤ᠌ ᠡᠪᠦᠯᠵᠢᠵᠡᠢ᠃ ᠨᠢᠭᠡ ᠡᠳᠦᠷ ᠳᠠᠵᠢᠳ ᠠᠪᠠᠭᠠᠢ ᠪᠤᠷᠭᠠᠰᠤ ᠲᠡᠭᠦᠭᠡᠳ ᠭᠣᠣᠯ ᠤ᠋ᠨ ᠵᠠᠬ᠎ᠠ ᠪᠠᠷ ᠶᠠᠪᠤᠵᠤ ᠪᠠᠢᠲᠠᠯ᠎ᠠ ᠤᠰᠤᠨ ᠤ᠋ ᠨᠥᠭᠦᠭᠡ ᠲᠠᠯ᠎ᠠ ᠡᠴᠡ ᠬᠥᠬᠡ ᠳᠡᠪᠡᠯ ᠲᠡᠢ ᠲᠣᠯᠣᠭᠠᠢ ᠨᠢᠴᠦᠭᠦᠨ ᠡᠮᠡᠭᠲᠡᠢ ᠬᠥᠮᠦᠨ ᠢᠷᠡᠵᠦ ᠶᠠᠪᠤᠯ᠎ᠠ᠃ ᠪᠤᠷᠭᠠᠰᠤᠨ ᠤ᠋ ᠴᠢᠯᠥᠭᠡ ᠪᠡᠷ ᠠᠵᠢᠭᠯᠠᠪᠠᠯ ᠦᠰᠦ ᠨᠢ ᠰᠡᠭᠰᠡᠢᠨ ᠬᠡᠢᠰᠴᠦ᠂ ᠬᠥᠯ ᠨᠢ ᠰᠡᠯᠲᠦᠷ ᠪᠠᠯᠳᠢᠷ ᠶᠠᠪᠤᠭ᠎ᠠ ᠨᠢ ᠭᠠᠯᠵᠠᠭᠤ ᠪᠤᠶᠤ ᠰᠣᠭᠲᠣᠭᠤ ᠠᠯᠢ ᠨᠢᠭᠡᠨ ᠦ᠌ ᠲᠡᠮᠳᠡᠭ ᠪᠣᠯᠤᠯᠲᠠᠢ᠃ ᠡᠨᠡ ᠪᠣᠯ ᠲᠤᠯᠭᠠᠷ ᠪᠠᠢᠯ᠎ᠠ᠃ ᠢᠱ᠌ᠢ ᠲᠤᠯᠭᠠᠷ ᠮᠢᠨᠢ ᠴᠢᠮᠠᠶ᠋ᠢ ᠵᠣᠪᠠᠯᠠᠩ ᠤ᠋ᠨ ᠲᠤᠢᠯ ᠳ᠋ᠤ᠌ ᠬᠦᠷᠦᠭᠡᠳ ᠤᠬᠠᠭᠠᠨ ᠦᠭᠡᠢ ᠬᠡᠯᠲᠦᠷᠢᠵᠦ ᠶᠠᠪᠤᠬᠤ ᠳ᠋ᠤ᠌ ᠴᠢᠨᠢ ᠰᠠᠢᠨ ᠰᠠᠨᠠᠭᠠᠲᠤ ᠬᠥᠮᠦᠨ ᠬᠠᠷᠠᠵᠤ ᠪᠠᠢᠭᠰᠠᠨ ᠢ᠋ ᠬᠡᠨ ᠮᠡᠳᠡᠬᠦ ᠪᠢᠯᠡ᠃ ᠲᠠᠮᠢᠷ ᠤ᠋ᠨ ᠪᠤᠷᠭᠠᠰᠤ ᠲᠡᠭᠦᠨ ᠢ᠋ ᠨᠢᠭᠤᠵᠠᠢ᠃
  ᠲᠤᠯᠭᠠᠷ ᠰᠢᠭᠤᠳ ᠶᠠᠪᠤᠭᠰᠠᠭᠠᠷ ᠠᠭᠤᠷ ᠰᠠᠪᠰᠠᠭᠰᠠᠨ ᠬᠠᠷᠠᠵᠠ ᠤᠷᠤᠭᠤ ᠣᠷᠣᠭᠠᠳ ᠭᠠᠷ ᠨᠢ ᠬᠣᠶᠠᠷ ᠳᠠᠬᠢᠨ ᠭᠢᠯᠠᠯᠵᠠᠨ ᠮᠥᠰᠥᠨ ᠳᠣᠭᠤᠤᠷ ᠳᠠᠯᠳᠠ ᠣᠷᠣᠵᠤ ᠪᠢᠯᠡ᠃ ᠲᠡᠷᠡ ᠦᠶ᠎ᠡ ᠳ᠋ᠦ᠍ 《ᠬᠣᠷᠸ᠎ᠠ ᠴᠢ ᠬᠥᠮᠦᠨ ᠦ᠌ ᠵᠣᠪᠠᠯᠠᠩ ᠳ᠋ᠤ᠌ ᠴᠠᠳᠬᠤ ᠪᠣᠯᠤᠭ᠎ᠠ ᠦᠭᠡᠢ ᠤᠤ?》 ᠭᠡᠰᠡᠨ ᠭᠠᠰᠠᠯᠠᠩ ᠤ᠋ᠨ ᠳᠠᠭᠤ ᠬᠠᠩᠭᠢᠨᠠᠨ ᠭᠠᠷᠤᠭᠰᠠᠨ ᠶᠤᠮᠰᠠᠨ᠃
  ᠳᠠᠵᠢᠳ ᠭᠤᠸᠠᠢ ᠳᠠᠭᠤ ᠠᠯᠲᠠᠨ ᠬᠠᠰᠬᠢᠷᠴᠤ ᠡᠮᠡᠭᠲᠡᠢ ᠶ᠋ᠢᠨ ᠣᠷᠣᠭᠰᠠᠨ ᠬᠠᠷᠠᠵᠠ ᠡᠴᠡ ᠠᠷᠪᠠᠭᠠᠳ ᠠᠯᠬᠤᠮ ᠪᠠᠢᠭ᠎ᠠ ᠬᠥᠯ ᠦ᠋ᠨ ᠴᠤᠭᠤᠷᠤᠬᠠᠢ ᠳ᠋ᠤ᠌ ᠭᠦᠶᠦᠨ ᠣᠴᠢᠲᠠᠯ᠎ᠠ ᠤᠬᠠᠭᠠᠨ ᠦᠭᠡᠢ ᠪᠣᠯᠤᠭᠰᠠᠨ ᠲᠤᠯᠭᠠᠷ ᠬᠠᠢᠷᠭᠤᠳᠠᠨ ᠤᠷᠤᠰᠴᠤ ᠢᠷᠡᠬᠦ ᠳ᠋ᠦ᠍ᠨᠢ ᠬᠣᠷᠮᠣᠢ ᠡᠴᠡ ᠨᠢ ᠪᠠᠷᠢᠵᠤ ᠠᠪᠤᠯ᠎ᠠ᠃
  ᠳᠠᠵᠢᠳ ᠭᠤᠸᠠᠢ ᠶ᠋ᠢᠨ ᠰᠠᠨᠳᠤᠷᠤᠭᠰᠠᠨ ᠳᠠᠭᠤ ᠪᠠᠷ ᠣᠢᠷᠠᠬᠠᠨ ᠰᠢᠭ᠋ ᠪᠤᠷᠭᠠᠰᠤ ᠣᠭᠲᠣᠯᠵᠤ ᠪᠠᠢᠭᠰᠠᠨ ᠪᠠᠶᠠᠷ ᠭᠤᠸᠠᠢ ᠰᠠᠨᠳᠤᠷᠤᠨ ᠢᠷᠡᠵᠦ ᠬᠣᠶᠠᠷ ᠬᠥᠭᠰᠢᠨ ᠲᠤᠯᠭᠠᠷ ᠢ᠋ ᠳᠠᠮᠵᠢᠯᠠᠨ ᠭᠡᠷ ᠲᠡᠭᠡᠨ ᠠᠪᠴᠢᠷᠠᠭᠠᠳ ᠪᠡᠶ᠎ᠡ ᠡᠴᠡ ᠨᠢ ᠬᠤᠪᠴᠠᠰᠤ ᠬᠤᠨᠠᠷ ᠢ᠋ ᠨᠢ ᠰᠠᠯᠭᠠᠵᠤ ᠬᠡᠰᠡᠭ ᠵᠠᠭᠤᠷ᠎ᠠ ᠲᠦᠷᠦᠭᠦᠦ ᠤᠷᠤᠭᠰᠢ ᠪᠠᠨ ᠬᠠᠷᠠᠭᠤᠯᠤᠨ ᠬᠡᠪᠲᠡᠭᠦᠯᠵᠡᠢ᠃ ᠬᠠᠮᠠᠷ ᠠᠮᠠ ᠡᠴᠡ ᠨᠢ ᠤᠰᠤ ᠪᠠᠬᠠᠨ ᠭᠣᠭᠣᠵᠢᠵᠤ ᠪᠠᠢᠭᠰᠠᠨ ᠢ᠋ᠶ᠋ᠠᠨ ᠠᠮᠢᠰᠬᠤᠭ᠎ᠠ ᠣᠷᠣᠬᠤ ᠳ᠋ᠤᠨᠢ ᠦᠵᠦᠭᠦᠷᠰᠡᠬᠡᠨ ᠨᠡᠬᠡᠢ ᠳᠡᠪᠡᠯ ᠳ᠋ᠦ᠍ ᠪᠢᠲᠡᠭᠦᠦ ᠪᠣᠭᠣᠵᠠᠢ᠃
  ᠰᠥᠨᠢ ᠨᠢ ᠪᠦᠷ ᠤᠬᠠᠭᠠᠨ ᠣᠷᠣᠭᠰᠠᠨ ᠪᠣᠯᠪᠠᠴᠤ ᠬᠠᠯᠠᠭᠤᠷᠠᠨ ᠬᠡᠳᠦᠨ ᠰᠠᠷ᠎ᠠ ᠦᠯᠭᠡᠨ ᠰᠠᠯᠭᠠᠨ ᠡᠪᠡᠳᠴᠢᠲᠡᠢ ᠪᠠᠢᠯ᠎ᠠ᠃ ᠠᠯᠳᠠᠭ ᠣᠨᠣᠭ ᠬᠣᠭᠣᠯᠠ ᠲᠠᠢ ᠪᠠᠢᠭᠰᠠᠨ ᠪᠣᠯᠪᠠᠴᠤ ᠰᠠᠢᠬᠠᠨ ᠰᠡᠳᠬᠢᠯᠲᠦ ᠬᠣᠶᠠᠷ ᠬᠥᠭᠰᠢᠨ ᠦ᠌ ᠠᠰᠠᠷᠠᠯᠲᠠ ᠶ᠋ᠢᠨ ᠠᠴᠢ᠂ ᠡᠷᠭᠦᠯᠲᠡ ᠶ᠋ᠢᠨ ᠰᠠᠢᠨ᠂ ᠵᠠᠯᠠᠭᠤ ᠴᠢᠭᠢᠷᠠᠭ ᠪᠡᠶ᠎ᠡ ᠶ᠋ᠢᠨ ᠬᠦᠴᠦ ᠪᠡᠷ ᠬᠠᠪᠤᠷ ᠨᠢ ᠲᠡᠩᠬᠡᠭᠡ ᠲᠠᠮᠢᠷ ᠴᠣᠭ ᠵᠢᠪᠬᠤᠭ᠎ᠠ ᠦᠭᠡᠢ ᠪᠣᠯᠪᠠᠴᠤ ᠡᠷᠡᠭᠦᠯ ᠬᠥᠮᠦᠨ ᠪᠣᠯᠵᠠᠢ᠃ ᠵᠤᠨ ᠨᠢ ᠪᠦᠷ ᠲᠡᠩᠬᠡᠭᠡ ᠣᠷᠣᠵᠤ ᠪᠠᠶᠠᠷ᠂ ᠳᠠᠵᠢᠳ ᠬᠣᠶᠠᠷ ᠲᠤ᠌ ᠲᠥᠷᠥᠭᠰᠡᠨ ᠦᠷ᠎ᠡ ᠰᠢᠭ ᠨᠢ ᠬᠠᠢᠷᠠᠯᠠᠭᠳᠠᠨ᠂ ᠲᠡᠳᠡᠨ ᠦ᠌ ᠪᠦᠬᠦ ᠬᠥᠷᠥᠩᠭᠡ ᠨᠢ ᠪᠣᠯᠤᠭᠰᠠᠨ ᠬᠣᠶᠠᠷ ᠰᠠᠷᠯᠤᠭ᠂ ᠨᠢᠭᠡ ᠬᠠᠢᠨᠤᠭ ᠤ᠋ᠨ ᠱᠠᠷ ᠢ᠋ ᠪᠥᠭᠡᠴᠡᠢᠯᠡᠬᠦ ᠠᠵᠢᠯ ᠳ᠋ᠤ᠌ ᠲᠤᠰᠠᠯᠠᠳᠠᠭ ᠪᠣᠯᠵᠠᠢ᠃
  ᠲᠤᠯᠭᠠᠷ ᠥᠪᠡᠷ ᠦ᠋ᠨ ᠪᠡᠶ᠎ᠡ ᠳ᠋ᠦ᠍ ᠣᠨᠣᠭᠳᠠᠭᠰᠠᠨ ᠡᠨᠡᠷᠢᠯ ᠦᠭᠡᠢ ᠬᠠᠲᠠᠭᠤ ᠠᠮᠢᠳᠤᠷᠠᠯ ᠢ᠋ᠶ᠋ᠠᠨ ᠤᠬᠢᠯᠠᠨ ᠪᠠᠢᠵᠤ ᠶᠠᠷᠢᠨ ᠥᠭᠬᠦ ᠳ᠋ᠦ᠍ 《ᠬᠦᠦ ᠮᠢᠨᠢ ᠠᠮᠢ ᠪᠠᠨ ᠬᠣᠣᠷᠯᠠᠭᠰᠠᠨ ᠬᠥᠮᠦᠨ ᠴᠢᠨᠢ ᠡᠷᠯᠢᠭ ᠨᠣᠮᠣᠨ ᠬᠠᠭᠠᠨ ᠤ᠋ ᠳ᠋ᠤ᠌ ᠬᠥᠮᠦᠨ ᠦ᠌ ᠠᠮᠢᠨ ᠤ᠋ ᠬᠡᠷᠡᠭ ᠲᠡᠢ ᠣᠴᠢᠳᠠᠭ ᠶᠤᠮ ᠭᠡᠳᠡᠭ ᠰᠢᠦ ᠬᠥᠭᠡᠷᠦᠬᠦᠢ᠃ ᠡᠢᠮᠦ ᠰᠠᠢᠬᠠᠨ ᠵᠠᠯᠠᠭᠤ ᠬᠥᠮᠦᠨ ᠶᠠᠭᠠᠬᠢᠵᠤ ᠦᠬᠦᠵᠦ ᠪᠣᠯᠬᠤ ᠶᠤᠮ ᠪᠣᠢ᠃ ᠠᠮᠢᠳᠤ ᠶᠠᠪᠤᠭᠰᠠᠨ ᠬᠥᠮᠦᠨ ᠠᠯᠲᠠᠨ ᠠᠶᠠᠭᠠᠨ ᠡᠴᠡ ᠤᠰᠤ ᠤᠤᠭᠤᠳᠠᠭ ᠶᠤᠮ》 ᠭᠡᠵᠦ ᠳᠠᠵᠢᠳ ᠭᠤᠸᠠᠢ ᠵᠢᠮᠡᠯᠡᠨ ᠰᠤᠷᠭᠠᠪᠠ᠃
  ᠊᠊᠊᠊᠊᠊᠊᠊᠊᠊᠊᠊᠊᠊᠊ ᠪᠢ ᠦᠬᠦᠶ᠎ᠡ ᠭᠡᠵᠦ ᠪᠣᠳᠣᠭ᠎ᠠ ᠦᠭᠡᠢ᠃ ᠬᠠᠷᠢᠨ ᠤᠬᠠᠭᠠᠨ ᠦᠭᠡᠢ ᠶᠠᠪᠤᠭᠰᠠᠭᠠᠷ ᠲᠡᠷᠡ ᠬᠠᠷᠠᠵᠠ ᠳ᠋ᠤ᠌ ᠣᠷᠣᠴᠢᠬᠠᠭᠰᠠᠨ᠃ ᠳᠡᠩᠳᠡᠭᠦᠦ ᠶᠡᠬᠡ ᠵᠣᠪᠠᠯᠠᠩ ᠨᠠᠮᠠᠢ ᠰᠣᠬᠣᠯᠤᠭᠰᠠᠨ ᠶᠤᠮ ᠭᠡᠵᠦ ᠲᠤᠯᠭᠠᠷ ᠬᠠᠷᠢᠭᠤᠯᠵᠠᠢ᠃
  ᠦᠨᠡᠨ ᠳ᠋ᠡᠭᠡᠨ ᠲᠤᠯᠭᠠᠷ ᠦᠬᠦᠶ᠎ᠡ ᠭᠡᠵᠦ ᠪᠣᠳᠣᠭ᠎ᠠ ᠦᠭᠡᠢ᠂ ᠦᠬᠦᠬᠦ ᠦᠭᠡᠢ ᠴᠦ᠍ ᠭᠡᠵᠦ ᠪᠣᠳᠣᠭ᠎ᠠ ᠦᠭᠡᠢ᠂ ᠬᠦᠨᠳᠦ ᠵᠣᠪᠠᠯᠠᠩ ᠤ᠋ᠨ ᠫᠠᠳ ᠬᠠᠷᠠᠩᠭᠤᠢ ᠳ᠋ᠤ᠌ ᠪᠦᠳᠦᠴᠢᠨ ᠠᠮᠢᠳᠤᠷᠠᠯ ᠤ᠋ᠨ ᠬᠢᠨᠢ ᠨᠠᠢᠳᠠᠪᠤᠷᠢ ᠶ᠋ᠢᠨ ᠭᠠᠭᠴᠠ ᠵᠤᠯᠠ ᠪᠣᠯᠤᠭᠰᠠᠨ ᠬᠦᠦ ᠪᠡᠨ ᠡᠴᠢᠭᠡ ᠶ᠋ᠢᠨ ᠢ᠋ᠶ᠋ᠡᠨ ᠬᠣᠢᠨ᠎ᠠ ᠡᠴᠡ ᠭᠡᠯᠡᠯ ᠦᠭᠡᠢ ᠶᠠᠪᠤᠭᠰᠠᠨ ᠢ᠋ ᠰᠣᠨᠣᠰᠤᠭᠠᠳ ᠪᠣᠳᠣᠬᠤ᠂ ᠬᠠᠷᠠᠬᠤ ᠴᠢᠳᠠᠯ ᠢ᠋ᠶ᠋ᠠᠨ ᠠᠯᠳᠠᠭᠰᠠᠨ ᠪᠢᠯᠡ᠃
  ᠊᠊᠊᠊᠊᠊᠊᠊᠊᠊᠊᠊᠊᠊᠊ ᠰᠣᠬᠣᠷᠠᠭᠰᠠᠨ ᠁ ᠵᠣᠪᠠᠯᠠᠩ ᠲᠠᠢ ᠬᠥᠮᠦᠨ ᠰᠣᠬᠣᠷᠠᠳᠠᠭ ᠶᠤᠮ ᠪᠣᠯ ᠡᠨᠡ ᠬᠣᠷᠸ᠎ᠠ ᠰᠣᠬᠣᠷ ᠢ᠋ᠶ᠋ᠠᠷ ᠳᠦᠭᠦᠷᠬᠦ ᠰᠠᠨ᠃ ᠬᠣᠷᠸ᠎ᠠ ᠶ᠋ᠢᠨ ᠬᠥᠮᠦᠨ ᠦ᠌ ᠵᠢᠷᠭᠠᠯ ᠲᠠᠢ ᠨᠢ ᠨᠠᠷᠠ ᠰᠠᠷᠠ ᠰᠢᠭ ᠪᠠᠢᠬᠤ ᠳ᠋ᠤ᠌ ᠵᠣᠪᠠᠯᠠᠩ ᠲᠠᠢ ᠨᠢ ᠣᠳᠣ ᠰᠢᠭ᠋ ᠣᠯᠠᠨ ᠪᠠᠢᠳᠠᠭ ᠶᠤᠮ ᠭᠡᠳᠡᠭ ᠰᠢᠦ ᠭᠡᠵᠦ ᠪᠠᠶᠠᠷ ᠭᠤᠸᠠᠢ ᠬᠥᠮᠥᠰᠬᠡ ᠪᠡᠨ ᠵᠠᠩᠭᠢᠳᠤᠨ ᠦᠯᠡᠮᠵᠢ ᠶ᠋ᠢᠨ ᠭᠦᠨ ᠪᠣᠳᠣᠯ ᠪᠣᠯᠤᠨ ᠬᠡᠯᠡᠵᠡᠢ᠃
  ᠰᠠᠢᠬᠠᠨ ᠰᠠᠨᠠᠭᠠᠲᠤ ᠬᠣᠶᠠᠷ ᠬᠥᠭᠰᠢᠨ ᠵᠣᠪᠠᠯᠠᠩᠲᠤ ᠪᠦᠰᠡᠭᠦᠢ ᠳ᠋ᠦ᠍ ᠠᠮᠢᠳᠤᠷᠠᠯ ᠤ᠋ᠨ ᠢᠲᠡᠭᠡᠯ ᠪᠣᠢ ᠪᠣᠯᠭᠠᠵᠤ ᠥᠭᠬᠦ ᠭᠡᠵᠦ ᠦᠯᠡᠮᠵᠢ ᠬᠦᠴᠦ ᠵᠠᠷᠤᠭᠰᠠᠨ᠃ ᠡᠨᠡ ᠵᠢᠳᠬᠦᠯ ᠨᠢ ᠴᠦ᠍ ᠲᠠᠯᠠᠭᠠᠷ ᠥᠩᠭᠡᠷᠡᠭᠰᠡᠨ ᠦᠭᠡᠢ᠃
  ᠲᠤᠯᠭᠠᠷ ᠢ᠋ ᠶᠠᠪᠤᠭᠰᠠᠨ ᠡᠴᠡ ᠬᠣᠢᠰᠢᠬᠢ ᠲᠠᠪᠤᠳᠠᠬᠢ ᠡᠳᠦᠷ ᠤᠷᠢᠳᠤ ᠲᠠᠮᠢᠷ ᠤ᠋ᠨ ᠡᠷᠭᠢ᠂ ᠶᠠᠭ ᠲᠤᠯᠭᠠᠷ ᠤ᠋ᠨ ᠣᠷᠣᠭᠰᠠᠨ ᠬᠠᠷᠠᠵᠠ ᠶ᠋ᠢᠨ ᠢᠷᠮᠡᠭ ᠳᠡᠭᠡᠷ᠎ᠡ ᠮᠣᠷᠢᠲᠠᠢ ᠬᠥᠮᠦᠨ ᠢᠷᠡᠭᠡᠳ 《ᠡᠨ ᠪᠤᠷᠬᠠᠨ ᠮᠢᠨᠢ᠂ ᠶᠠᠭᠠᠬᠢᠭᠰᠠᠨ ᠬᠠᠲᠠᠭᠤ ᠬᠣᠷᠸ᠎ᠠ ᠪᠣᠢ》 ᠭᠡᠵᠦ ᠬᠠᠰᠬᠢᠷᠤᠭᠠᠳ ᠵᠠᠯᠪᠠᠷᠢᠨ ᠮᠣᠷᠢᠨ ᠤ᠋ ᠠᠮᠠ ᠶ᠋ᠢ ᠡᠷᠭᠢᠭᠦᠯᠵᠦ ᠨᠢᠳᠦ ᠪᠡᠨ ᠠᠨᠢᠨ ᠮᠠᠨᠢ ᠮᠡᠭᠵᠢᠮ ᠬᠣᠯᠢᠨ ᠤᠩᠰᠢᠭᠠᠳ ᠳᠠᠪᠬᠢᠨ ᠠᠷᠢᠯᠵᠠᠢ᠃ ᠲᠡᠷᠡ ᠪᠣᠯ ᠨᠢᠮ᠎ᠠ ᠭᠤᠸᠠᠢ ᠪᠠᠢᠭᠰᠠᠨ ᠶᠤᠮ᠃ ᠭᠡᠪᠰᠢ ᠯᠠᠮᠠ ᠶ᠋ᠢᠨ ᠶᠠᠪᠤᠭᠤᠯᠤᠭᠰᠠᠨ ᠬᠠᠢᠨᠤᠭ ᠲᠡᠷᠭᠡ ᠶ᠋ᠢ ᠠᠪᠴᠤ ᠲᠤᠯᠭᠠᠷ ᠤ᠋ᠨ ᠣᠷᠣ ᠰᠤᠷᠠᠭ ᠦᠭᠡᠢ ᠠᠯᠠᠭ᠎ᠠ ᠪᠣᠯᠤᠭᠰᠠᠨ ᠢ᠋ ᠰᠣᠨᠣᠰᠤᠭᠠᠳ ᠢᠲᠡᠭᠡᠯᠲᠦ 《ᠶᠠᠭᠤ ᠴᠤ᠌ ᠭᠡᠰᠡᠨ ᠬᠣᠩᠭᠣᠷ ᠲᠠᠢ ᠠᠭᠤᠯᠵᠠᠭᠠᠳ ᠢᠷ᠎ᠡ》 ᠭᠡᠵᠦ ᠨᠢᠮ᠎ᠠ ᠶ᠋ᠢ ᠶᠠᠪᠤᠭᠤᠯᠵᠠᠢ᠃ ᠨᠢᠮ᠎ᠠ᠂ ᠬᠣᠩᠭᠣᠷ ᠬᠣᠶᠠᠷ ᠡᠯᠳᠡᠪ ᠢ᠋ᠶ᠋ᠡᠷ ᠰᠤᠷᠠᠭ ᠲᠠᠯᠪᠢᠭᠰᠠᠨ ᠪᠣᠯᠪᠠᠴᠤ ᠶᠠᠭᠤ ᠴᠤ᠌ ᠣᠯᠵᠤ ᠮᠡᠳᠡᠭᠰᠡᠨ ᠦᠭᠡᠢ᠃ ᠠᠷᠭ᠎ᠠ ᠦᠭᠡᠢ ᠪᠣᠯᠤᠭᠰᠠᠨ ᠨᠢᠮ᠎ᠠ ᠪᠤᠴᠠᠬᠤ ᠶ᠋ᠢᠨ ᠡᠮᠦᠨ᠎ᠡ ᠬᠦᠷᠢᠶ᠎ᠡ ᠡᠷᠭᠢᠵᠦ ᠶᠠᠪᠤᠭᠠᠳ ᠨᠢᠭᠡ ᠠᠪᠠᠭᠠᠢ ᠡᠴᠡ ᠠᠰᠠᠭᠤᠴᠢᠬᠠᠭᠰᠠᠨ ᠴᠢᠨᠢ 《ᠬᠡᠳᠦᠨ ᠡᠳᠦᠷ ᠦ᠋ᠨ ᠡᠮᠦᠨ᠎ᠡ ᠰᠣᠭᠲᠣᠭᠤ ᠭᠠᠯᠵᠠᠭᠤ ᠨᠢ ᠮᠡᠳᠡᠭᠳᠡᠬᠦ ᠦᠭᠡᠢ ᠵᠠᠯᠠᠭᠤᠬᠠᠨ ᠪᠦᠰᠡᠭᠦᠢ ᠬᠠᠵᠠᠭᠤ ᠪᠠᠷ ᠮᠢᠨᠢ ᠥᠩᠭᠡᠷᠡᠭᠰᠡᠨ᠃ ᠪᠢ ᠭᠠᠢᠬᠠᠵᠤ ᠬᠣᠢᠨ᠎ᠠ ᠡᠴᠡ ᠨᠢ ᠬᠠᠷᠠᠭᠠᠳ ᠪᠠᠢᠭᠰᠠᠨ ᠴᠢᠨᠢ ᠲᠡᠨᠳᠡ ᠮᠠᠯᠠᠭᠠᠢ ᠪᠠᠨ ᠬᠠᠶᠠᠭᠠᠳ ᠠᠪᠤᠯ ᠦᠭᠡᠢ ᠶᠠᠪᠤᠭᠰᠠᠭᠠᠷ ᠮᠠᠨᠢᠳᠤ ᠶ᠋ᠢᠨ ᠰᠢᠯᠢ ᠪᠡᠷ ᠳᠠᠪᠠᠵᠤ ᠪᠠᠷ᠎ᠠ ᠲᠠᠰᠤᠷᠠᠭᠰᠠᠨ》 ᠭᠡᠵᠡᠢ᠃
  ᠨᠢᠮ᠎ᠠ ᠵᠢᠭᠠᠭᠰᠠᠨ ᠵᠦᠭ ᠤᠷᠤᠭᠤ ᠬᠡᠰᠡᠭ ᠶᠠᠪᠤᠭᠠᠳ ᠰᠡᠵᠢᠭᠯᠡᠭᠡᠳ ᠬᠡᠨ ᠴᠦ᠍ ᠠᠪᠤᠯ ᠦᠭᠡᠢ ᠬᠡᠳᠦ ᠬᠣᠨᠣᠭᠰᠠᠨ ᠯᠣᠪᠤᠤᠵᠠ ᠶ᠋ᠢ ᠴᠠᠰᠤᠨ ᠳᠡᠭᠡᠷ᠎ᠡ ᠡᠴᠡ ᠣᠯᠵᠠᠢ᠃ ᠲᠡᠭᠡᠭᠡᠳ ᠬᠣᠩᠭᠣᠷ ᠬᠦᠦ ᠴᠢᠮᠡᠭ ᠦ᠋ᠨ ᠬᠠᠰᠢᠶᠠᠨ ᠳ᠋ᠤ᠌ ᠤᠶᠠᠵᠤ ᠣᠷᠬᠢᠭᠰᠠᠨ ᠮᠣᠷᠢ ᠪᠠᠨ ᠠᠪᠴᠤ ᠤᠨᠤᠭᠠᠳ ᠲᠤᠯᠭᠠᠷ ᠤ᠋ᠨ ᠮᠥᠷ ᠢ᠋ ᠮᠥᠰᠬᠢᠨ ᠶᠠᠪᠤᠵᠤ ᠲᠠᠮᠢᠷ ᠤ᠋ᠨ ᠭᠣᠣᠯ ᠤ᠋ᠨ ᠡᠷᠭᠢ ᠳ᠋ᠦ᠍ ᠲᠤᠯᠤᠭᠠᠳ ᠪᠤᠴᠠᠵᠠᠢ᠃
  ᠨᠢᠮ᠎ᠠ ᠪᠤᠴᠠᠵᠤ ᠣᠴᠢᠭᠠᠳ ᠲᠤᠯᠭᠠᠷ ᠪᠦᠰᠡᠭᠦᠢ ᠤᠷᠢᠳᠤ ᠲᠠᠮᠢᠷ ᠲᠤ᠌ ᠤᠨᠠᠵᠤ ᠦᠬᠦᠭᠰᠡᠨ ᠲᠤᠬᠠᠢ ᠶᠠᠷᠢᠶ᠎ᠠ ᠲᠠᠷᠬᠠᠭᠰᠠᠨ ᠢ᠋ᠶ᠋ᠠᠷ ᠪᠠᠷᠠᠬᠤ ᠦᠭᠡᠢ ᠯᠤᠤ ᠬᠦᠩ ᠦ᠋ᠨ ᠬᠦᠷᠢᠶᠡᠨ ᠳᠡᠭᠡᠷ᠎ᠡ ᠣᠴᠢᠵᠤ ᠪᠠᠭᠰᠢ ᠯᠠᠮᠠ ᠳ᠋ᠠᠭᠠᠨ ᠲᠡᠰᠢ ᠬᠠᠳᠠᠭ᠂ ᠮᠥᠩᠭᠥ ᠶᠠᠩᠴᠢᠶᠠᠨ᠂ ᠡᠷᠳᠡᠨᠢ ᠬᠦᠷᠢᠶ᠎ᠡ ᠣᠷᠣᠵᠤ ᠢᠷᠡᠬᠦ ᠳ᠋ᠡᠭᠡᠨ ᠲᠤᠯᠭᠠᠷ ᠲᠤ᠌ ᠠᠪᠴᠢᠷᠠᠵᠤ ᠥᠭᠭᠦᠭᠰᠡᠨ ᠨᠣᠭᠣᠭᠠᠨ ᠳᠤᠷᠳᠤᠩ ᠪᠦᠰᠡ ① ᠶ᠋ᠢ ᠪᠠᠷᠢᠵᠤ ᠵᠠᠭᠤᠷᠠᠳᠤ ᠪᠠᠷ ᠦᠬᠦᠭᠰᠡᠨ ᠪᠦᠰᠡᠭᠦᠢ ᠶ᠋ᠢᠨ ᠪᠣᠳᠢ ᠶ᠋ᠢ ᠬᠥᠲᠥᠯᠦᠭᠦᠯᠦᠭᠡᠳ ᠪᠠᠰᠠ ᠵᠢᠷᠭᠤᠭᠠᠨ ᠲᠣᠯᠣᠭᠠᠢ ᠴᠦᠳᠠᠠᠵᠠ ᠲᠠᠷᠬᠠᠭᠠᠵᠤ ᠢᠷᠦᠭᠡᠯ ᠠᠪᠴᠠᠢ᠃
  ᠢᠲᠡᠭᠡᠯᠲᠦ ᠲᠤᠯᠭᠠᠷ ᠤ᠋ᠨ ᠦᠬᠦᠭᠰᠡᠨ ᠢ᠋ ᠰᠣᠨᠣᠰᠤᠭᠠᠳ ᠴᠢᠷᠠᠢ ᠨᠢ ᠪᠠᠷᠵᠠᠢᠨ ᠬᠤᠪᠢᠷᠠᠭᠰᠠᠨ ᠢ᠋ᠶ᠋ᠠᠨ ᠥᠪᠡᠷ ᠦ᠋ᠨ ᠪᠢᠰᠢ ᠵᠢᠪᠡᠬᠡᠢ ᠳᠠᠭᠤ ᠪᠠᠷ 《ᠨᠢᠭᠡ ᠨᠢ ᠲᠥᠷᠥᠵᠦ ᠪᠠᠢᠬᠤ ᠳ᠋ᠤ᠌ ᠨᠥᠭᠦᠭᠡ ᠨᠢ ᠦᠬᠦᠵᠦ ᠪᠠᠢᠳᠠᠭ ᠬᠣᠷᠸ᠎ᠠ ᠶ᠋ᠢᠨ ᠶᠣᠰᠣ ᠪᠣᠯᠬᠣᠷ ᠶᠠᠭᠠᠬᠢᠶ᠎ᠠ ᠭᠡᠬᠦ ᠪᠣᠢ ᠳᠠ》 ᠭᠡᠳ ᠪᠣᠰᠴᠤ ᠮᠣᠷᠳᠠᠭᠠᠳ ᠬᠦᠷᠢᠶᠡᠨ ᠳᠡᠭᠡᠷ᠎ᠡ ᠣᠴᠢᠵᠤ ᠳᠥᠷᠪᠡᠨ ᠭᠡᠯᠦᠩ ᠦ᠋ᠨ ᠭᠦᠩᠷᠡᠭ᠌ ᠬᠤᠷᠠᠭᠤᠯᠤᠭᠰᠠᠨ ᠪᠥᠭᠡᠳ ᠭᠤᠳᠤᠮᠵᠢᠨ ᠳ᠋ᠤ᠌ ᠪᠠᠭᠰᠢ ᠶ᠋ᠢᠨ ᠳ᠋ᠡᠭᠡᠨ ᠣᠷᠣᠬᠤ ᠡᠭᠡᠯᠵᠢ ᠬᠦᠯᠢᠶᠡᠭᠰᠡᠨ ᠠᠷᠪᠠ ᠭᠠᠷᠤᠢ ᠯᠠᠮᠠ ᠨᠠᠷ ᠲᠠᠭᠠᠷᠠᠯᠳᠤᠬᠤ ᠳ᠋ᠤ᠌ ᠳᠡᠷᠭᠡᠳᠡ ᠨᠢ ᠣᠴᠢᠵᠤ ᠡᠪᠦᠷ ᠡᠴᠡ ᠪᠡᠨ ᠨᠢᠭᠡ ᠮᠥᠩᠭᠥᠨ ᠶᠠᠩᠴᠢᠶᠠᠨ ᠭᠠᠷᠭᠠᠵᠤ 《ᠯᠠᠮᠠ ᠨᠠᠷ ᠮᠢᠨᠢ ᠢᠷᠦᠭᠡᠯ ᠠᠢᠯᠠᠳᠬᠠᠶ᠎ᠠ》 ᠭᠡᠳ ᠳᠤᠮᠳᠠ ᠨᠢ ᠥᠭᠴᠡᠢ᠃
  ᠪᠤᠴᠠᠬᠤ ᠵᠠᠮ ᠳ᠋ᠠᠭᠠᠨ 《ᠥᠭᠭᠦᠭᠰᠡᠨ ᠨᠢᠭᠡ ᠶᠠᠩᠴᠢᠶᠠᠨ ᠢ᠋ ᠮᠢᠨᠢ ᠬᠤᠪᠢᠶᠠᠬᠤ ᠭᠡᠵᠦ ᠳᠡᠪᠡᠯ ᠳ᠋ᠡᠭᠡᠨ ᠬᠦᠷᠳᠡᠭ ᠦᠭᠡᠢ ᠪᠠᠢᠭ᠎ᠠ ᠳᠠ》 ᠭᠡᠵᠦ ᠪᠣᠳᠣᠭᠠᠳ ᠢᠨᠢᠶᠡᠬᠦ ᠭᠡᠰᠡᠨ ᠢ᠋ᠶ᠋ᠡᠨ ᠭᠡᠨᠡᠳᠲᠡ ᠴᠢᠷᠠᠢ ᠪᠠᠨ ᠬᠤᠪᠢᠷᠠᠭᠠᠨ ᠳᠠᠭᠤ ᠦᠭᠡᠢ ᠪᠣᠯᠵᠠᠢ᠃
  ᠰᠠᠢᠨ ᠵᠠᠩ ᠲᠠᠢ ᠬᠣᠶᠠᠷ ᠬᠥᠭᠰᠢᠨ ᠦ᠌ ᠲᠦᠰᠢᠭ ᠲᠦ᠍ ᠣᠷᠣᠭᠰᠠᠨ ᠲᠤᠯᠭᠠᠷ ᠬᠥᠮᠦᠨ ᠲᠡᠢ ᠠᠭᠤᠯᠵᠠᠬᠤ ᠦᠭᠡᠢ ᠶ᠋ᠢ ᠬᠢᠴᠢᠶᠡᠨ᠂ ᠬᠣᠨᠢ ᠬᠠᠷᠢᠭᠤᠯᠵᠤ ᠶᠠᠪᠤᠬᠤ ᠳ᠋ᠠᠭᠠᠨ ᠨᠥᠬᠥᠷ ᠬᠦᠦ ᠬᠣᠶᠠᠷ ᠤ᠋ᠨ ᠢ᠋ᠶ᠋ᠠᠨ ᠲᠤᠬᠠᠢ ᠪᠣᠳᠣᠨ᠎ᠠ᠃
  ᠥᠪᠡᠷ ᠢ᠋ᠶ᠋ᠡᠨ ᠡᠷᠳᠡᠨᠢ ᠶ᠋ᠢᠨ ᠡᠮᠦᠨ᠎ᠡ ᠠᠷᠭ᠎ᠠ ᠦᠭᠡᠢ ᠭᠡᠮ ᠲᠡᠢ ᠪᠡᠨ ᠮᠡᠳᠡᠪᠡᠴᠦ ᠬᠥᠮᠦᠨ ᠦ᠌ ᠭᠠᠵᠠᠷ᠂ ᠶᠠᠮᠠᠷᠴᠤ ᠨᠢᠩᠵᠢᠨ ᠰᠡᠳᠬᠢᠯ ᠦᠭᠡᠢ ᠣᠷᠬᠢᠵᠤ ᠠᠯᠠᠭ᠎ᠠ ᠪᠣᠯᠤᠭᠰᠠᠨ ᠡᠷᠳᠡᠨᠢ ᠳ᠋ᠦ᠍ ᠭᠣᠮᠣᠳᠠᠨ᠎ᠠ᠃ ᠬᠠᠷᠢᠨ ᠬᠦᠦ ᠳ᠋ᠡᠭᠡᠨ ᠭᠣᠮᠣᠳᠠᠬᠤ ᠰᠡᠳᠬᠢᠯ ᠲᠤᠯᠭᠠᠷ ᠲᠤ᠌ ᠪᠠᠢᠭᠰᠠᠨ ᠦᠭᠡᠢ᠃ 《ᠬᠥᠭᠡᠷᠦᠬᠦᠢ ᠪᠢᠳᠡ ᠬᠣᠶᠠᠷ ᠡᠴᠡ ᠪᠣᠯᠵᠤ ᠲᠡᠷᠡ ᠨᠢᠯᠬ᠎ᠠ ᠠᠮᠢᠲᠠᠨ ᠬᠥᠮᠦᠨ ᠦ᠌ ᠨᠤᠲᠤᠭ ᠲᠤ᠌ ᠶᠠᠮᠠᠷ ᠵᠣᠪᠠᠯᠠᠩ ᠦᠵᠡᠵᠦ ᠶᠠᠪᠤᠭ᠎ᠠ ᠪᠣᠯ》 ᠭᠡᠵᠦ ᠪᠣᠳᠣᠬᠤ ᠳ᠋ᠤ᠌ ᠵᠢᠷᠦᠬᠡ ᠡᠮᠲᠡᠷᠡᠨ ᠨᠢᠯᠪᠤᠰᠤ ᠨᠢ ᠬᠠᠭᠠᠯᠲᠠ ᠦᠭᠡᠢ ᠠᠰᠬᠠᠷᠠᠨ᠎ᠠ᠃ ᠡᠷᠳᠡᠨᠢ ᠶ᠋ᠢᠨ ᠲᠤᠬᠠᠢ ᠪᠣᠳᠣᠬᠤ ᠳ᠋ᠠᠭᠠᠨ ᠥᠪᠡᠷ ᠢ᠋ ᠪᠡᠨ ᠵᠥᠪᠳᠡᠭᠡᠬᠦ ᠶ᠋ᠢ ᠬᠢᠴᠢᠶᠡᠨ᠎ᠡ᠃ ᠪᠠᠲᠤ ᠶ᠋ᠢᠨ ᠲᠤᠬᠠᠢ ᠪᠣᠳᠣᠬᠤ ᠳ᠋ᠠᠭᠠᠨ ᠥᠪᠡᠷ ᠢ᠋ ᠪᠡᠨ ᠪᠤᠷᠤᠭᠤᠳᠬᠠᠬᠤ ᠶ᠋ᠢ ᠬᠢᠴᠢᠶᠡᠨ᠎ᠡ᠃
  ᠡᠳᠦᠷ ᠪᠦᠷᠢ ᠬᠡᠳᠦᠨ ᠤᠳᠠᠭ᠎ᠠ ᠤᠬᠢᠯᠠᠬᠤ ᠤᠴᠢᠷ ᠡᠴᠡ ᠨᠢᠳᠦ ᠨᠢ ᠦᠷᠭᠦᠯᠵᠢ ᠬᠠᠪᠤᠩ ᠲᠠᠢ ᠶᠠᠪᠤᠬᠤ ᠪᠥᠭᠡᠳ ᠨᠢᠭᠡᠨ ᠤᠳᠠᠭ᠎ᠠ ᠭᠡᠵᠢᠭᠡ ᠶ᠋ᠢ ᠨᠢ ᠰᠠᠮᠨᠠᠵᠤ ᠪᠠᠢᠭᠰᠠᠨ ᠳᠠᠵᠢᠳ 《ᠬᠦᠦ ᠶ᠋ᠢᠨ ᠮᠢᠨᠢ ᠲᠣᠯᠣᠭᠠᠢ ᠳ᠋ᠤ᠌ ᠬᠡᠳᠦ ᠬᠡᠳᠦᠨ ᠴᠠᠭᠠᠨ ᠦᠰᠦ ᠪᠣᠢ ᠪᠣᠯᠴᠢᠬᠠᠵᠠᠢ᠃ ᠵᠠᠯᠠᠭᠤ ᠬᠥᠮᠦᠨ ᠳ᠋ᠦ᠍ ᠲᠤᠰᠠ ᠦᠭᠡᠢ᠂ ᠵᠣᠯᠭᠠᠭᠠᠳ ᠬᠠᠶᠠᠴᠢᠬᠠᠶ᠎ᠠ》 ᠭᠡᠬᠦ ᠳ᠋ᠦ᠍ᠨᠢ ᠲᠤᠯᠭᠠᠷ 《ᠬᠡᠷᠡᠭ ᠦᠭᠡᠢ ᠡᠵᠢ ᠮᠢᠨᠢ ᠲᠡᠮᠳᠡᠭ ᠪᠣᠯᠤᠨ ᠦᠷᠡᠵᠢᠭ᠃ ᠡᠵᠢ ᠠ᠋᠂ ᠪᠢ ᠰᠠᠬᠢᠯ ᠠᠪᠴᠤ ᠴᠢᠪᠠᠭᠠᠨᠴᠠ ᠪᠣᠯᠬᠤ ᠶᠤᠮᠰᠠᠨ》 ᠭᠡᠬᠦ ᠳ᠋ᠦ᠍ᠨᠢ ᠠᠪᠠᠭᠠᠢ ᠨᠢᠯᠪᠤᠰᠤ ᠪᠠᠨ ᠠᠰᠬᠠᠷᠠᠭᠤᠯᠤᠨ 《ᠬᠦᠦ ᠮᠢᠨᠢ ᠪᠣᠯᠬᠤ ᠦᠭᠡᠢ᠂ ᠡᠮ᠎ᠡ ᠬᠥᠮᠦᠨ ᠪᠤᠵᠠᠷ ᠠᠷᠢᠯᠤᠭ᠎ᠠ ᠦᠭᠡᠢ ᠪᠠᠢᠬᠤ ᠳ᠋ᠤ᠌ ᠰᠠᠬᠢᠯ ᠬᠦᠷᠲᠡᠵᠦ ᠪᠣᠯᠳᠠᠭ ᠦᠭᠡᠢ ᠶᠤᠮ ᠭᠡᠨ᠎ᠡ ᠪᠢᠯᠡ》 ᠭᠡᠵᠡᠢ᠃
  ᠲᠤᠯᠭᠠᠷ ᠰᠢᠨ᠎ᠡ ᠠᠮᠢᠳᠤᠷᠠᠯ ᠳ᠋ᠠᠭᠠᠨ ᠲᠡᠰᠴᠦ ᠬᠣᠶᠠᠷ ᠬᠥᠭᠰᠢᠨ ᠦ᠌ ᠲᠥᠷᠥᠭᠰᠡᠨ ᠥᠬᠢᠨ ᠰᠢᠭ ᠳᠣᠲᠣᠨᠣ ᠪᠣᠯᠵᠤ ᠠᠵᠢᠯ ᠳ᠋ᠤᠨᠢ ᠲᠤᠰᠠᠯᠠᠨ ᠡᠷᠳᠡᠨᠢ᠂ ᠪᠠᠲᠤ ᠬᠣᠶᠠᠷ ᠢ᠋ ᠪᠣᠳᠣᠵᠤ᠂ ᠵᠡᠭᠦᠳᠦᠯᠡᠨ ᠶᠠᠪᠤᠭᠰᠠᠭᠠᠷ ᠬᠤᠪᠢᠰᠬᠠᠯ ᠲᠠᠢ ᠵᠣᠯᠭᠠᠵᠠᠢ᠃
  ᠠᠮᠢᠳᠤᠷᠠᠯ ᠥᠪᠡᠷ ᠦ᠋ᠨ ᠪᠠᠲᠤᠯᠠᠭᠳᠠᠭ᠎ᠠ ᠦᠭᠡᠢ ᠬᠠᠤᠯᠢ ᠲᠠᠢ ᠪᠥᠭᠡᠳ ᠬᠡᠨ ᠪᠦᠬᠦᠨ ᠢ᠋ ᠲᠡᠭᠦᠪᠡᠷ ᠢ᠋ᠶ᠋ᠡᠨ ᠬᠥᠲᠥᠯᠦᠨ ᠵᠠᠯᠠᠳᠠᠭ ᠵᠢᠮ᠎ᠡ ᠲᠡᠢ᠃ ᠡᠨᠡ ᠴᠦ᠍ ᠤᠴᠢᠷ ᠡᠴᠡ ᠲᠤᠯᠭᠠᠷ ᠠᠮᠢᠳᠤ ᠶᠠᠪᠤᠭ᠎ᠠ ᠪᠣᠯᠬᠣᠷ ᠠᠮᠢᠳᠤᠷᠠᠯ ᠤ᠋ᠨ ᠬᠠᠲᠠᠭᠤ ᠬᠠᠤᠯᠢ ᠪᠠᠷ ᠵᠠᠯᠠᠭᠳᠠᠵᠤ ᠪᠠᠢᠪᠠ᠃ ᠣᠢᠷ᠎ᠠ ᠡᠴᠡ ᠲᠤᠯᠭᠠᠷ ᠢ᠋ ᠨᠤᠲᠤᠭ ᠤ᠋ᠨ ᠨᠢᠭᠡ ᠪᠡᠯᠪᠡᠰᠦᠨ ᠡᠷ᠎ᠡ ᠰᠣᠳᠨᠠᠮ ᠭᠡᠭᠴᠢ ᠰᠠᠭᠤᠶ᠎ᠠ ᠭᠡᠵᠦ ᠬᠣᠷᠭᠣᠭᠠᠳᠠᠭ ᠪᠣᠯᠪᠠ᠃ ᠠᠩᠬᠠᠨ ᠳ᠋ᠠᠭᠠᠨ 《ᠰᠠᠭᠤᠶ᠎ᠠ》 ᠭᠡᠳᠡᠭ ᠦᠭᠡ ᠶ᠋ᠢ ᠵᠢᠭᠰᠢᠨ ᠲᠡᠭᠦᠨ ᠢ᠋ ᠬᠡᠯᠡᠭᠰᠡᠨ ᠰᠣᠳᠨᠠᠮ ᠢ᠋ ᠬᠥᠭᠡᠭᠡᠳᠡᠭ ᠪᠠᠢᠭᠰᠠᠨ ᠪᠣᠯ ᠰᠡᠭᠦᠯ ᠳ᠋ᠡᠭᠡᠨ 《ᠬᠡᠷᠡᠭ ᠦᠭᠡᠢ ᠰᠣᠳᠨᠠᠮ ᠮᠢᠨᠢ᠃ ᠪᠢ ᠨᠥᠬᠥᠷ ᠲᠡᠢ ᠬᠥᠮᠦᠨ》 ᠭᠡᠬᠦ ᠪᠣᠯᠪᠠᠴᠤ ᠲᠡᠭᠦᠨ ᠦ᠌ ᠦᠭᠡ ᠶ᠋ᠢ ᠲᠡᠪᠴᠢᠶᠡᠷᠢ ᠲᠡᠢ ᠰᠣᠨᠣᠰᠤᠨ ᠪᠠᠢᠨ ᠪᠠᠢᠨ ᠰᠠᠨᠠᠭ᠎ᠠ ᠠᠯᠳᠠᠵᠤ ᠪᠠᠢᠳᠠᠭ ᠪᠣᠯᠪᠠ᠃
  ᠰᠣᠳᠨᠠᠮ ᠤ᠋ᠨ ᠭᠤᠶᠤᠯᠲᠠ ᠲᠤᠯᠭᠠᠷ ᠤ᠋ᠨ ᠵᠦᠭ ᠡᠴᠡ ᠲᠠᠯᠠᠷᠬᠠᠯ ᠠᠪᠤᠭ᠎ᠠ ᠦᠭᠡᠢ ᠪᠣᠯᠪᠠᠴᠤ ᠲᠡᠭᠦᠨ ᠢ᠋ ᠠᠮᠢᠳᠤᠷᠠᠯ ᠳ᠋ᠤ᠌ ᠣᠢᠷᠠᠲᠤᠭᠤᠯᠵᠤ᠂ ᠠᠮᠢᠳᠤ ᠶᠠᠪᠤᠬᠤ ᠶ᠋ᠢᠨ ᠪᠠᠶᠠᠷ ᠢ᠋ᠶ᠋ᠠᠷ ᠤᠮᠳᠠᠭᠠᠯᠠᠵᠤ ᠪᠠᠢᠭᠰᠠᠨ ᠰᠠᠨ᠃ ᠲᠤᠯᠭᠠᠷ ᠤ᠋ᠨ ᠰᠡᠳᠬᠢᠯ ᠳ᠋ᠦ᠍ ᠠᠮᠢᠳᠤᠷᠠᠯ ᠤ᠋ᠨ ᠬᠦᠰᠡᠯ ᠡᠷᠡᠮᠡᠯᠵᠡᠯ ᠠᠭᠠᠵᠢᠮ ᠪᠣᠯᠪᠠᠴᠤ ᠵᠣᠭᠰᠣᠯᠲᠠ ᠦᠭᠡᠢ ᠬᠤᠷᠠᠮᠳᠤᠯᠠᠭᠳᠠᠨ ᠲᠣᠮᠣᠷᠠᠭᠰᠠᠭᠠᠷ ᠪᠠᠢᠯ᠎ᠠ᠃
  ᠊᠊᠊᠊᠊᠊᠊᠊᠊᠊᠊᠊᠊᠊᠊ ᠵᠠᠯᠠᠭᠤ ᠬᠥᠮᠦᠨ ᠬᠡᠳᠦᠢ ᠪᠣᠯᠲᠠᠯ᠎ᠠ ᠭᠠᠭᠴᠠᠭᠠᠷ ᠶᠠᠪᠤᠬᠤ ᠶᠤᠮ ᠪᠣᠢ᠃ ᠬᠠᠨᠢ ᠲᠠᠢ ᠪᠣᠯᠪᠠᠯ ᠳᠡᠭᠡᠷ᠎ᠡ ᠪᠠᠢᠬ᠎ᠠ᠃ ᠡᠪᠦᠭᠡᠳ ᠳᠡᠭᠡᠳᠦᠰ ᠨᠢ ᠲᠥᠯᠥᠪ ᠲᠣᠮᠣᠭ᠎ᠠ ᠲᠠᠢ ᠯᠠ ᠤᠯᠤᠰ ᠶᠤᠮᠰᠠᠨ ᠭᠡᠵᠦ ᠲᠤᠯᠭᠠᠷ᠂ ᠰᠣᠳᠨᠠᠮ ᠤ᠋ᠨ ᠶᠠᠷᠢᠶ᠎ᠠ ᠶ᠋ᠢ ᠮᠡᠳᠡᠭᠰᠡᠨ ᠳᠠᠵᠢᠳ ᠠᠪᠠᠭᠠᠢ ᠶ᠋ᠢᠨ ᠬᠡᠯᠡᠬᠦ ᠳ᠋ᠦ᠍᠄
  ᠊᠊᠊᠊᠊᠊᠊᠊᠊᠊᠊᠊᠊᠊᠊ ᠵᠦᠭᠡᠷ ᠯᠡ ᠬᠥᠮᠦᠨ ᠰᠢᠭ ᠪᠠᠢᠨ᠎ᠠ᠃ ᠭᠡᠪᠡᠴᠦ ᠪᠢ ᠡᠷᠳᠡᠨᠢ ᠶ᠋ᠢᠨ ᠠᠮᠢᠳᠤ ᠪᠠᠢᠭ᠎ᠠ ᠶ᠋ᠢ ᠬᠠᠷᠠᠭ᠎ᠠ ᠦᠭᠡᠢ ᠴᠠᠭ ᠲᠤ᠌ ᠬᠡᠨ ᠲᠡᠢ ᠴᠦ᠍ ᠰᠠᠭᠤᠬᠤ ᠦᠭᠡᠢ ᠭᠡᠵᠦ ᠬᠡᠯᠡᠭᠡᠳ ᠲᠤᠯᠭᠠᠷ ᠤ᠋ᠨ ᠤᠬᠢᠯᠠᠬᠤ ᠳ᠋ᠤ᠌ ᠳᠠᠵᠢᠳ ᠭᠤᠸᠠᠢ ᠴᠤ᠌ ᠬᠠᠢᠯᠠᠵᠤ ᠭᠠᠷᠳᠠᠭ ᠪᠠᠢᠯ᠎ᠠ᠃
  ᠰᠣᠳᠨᠠᠮ ᠪᠠᠷᠤᠭ ᠡᠳᠦᠷ ᠪᠦᠬᠦᠨ ᠢᠷᠡᠵᠦ ᠲᠤᠯᠭᠠᠷ ᠢ᠋ ᠭᠤᠶᠤᠨ᠎ᠠ᠃ ᠲᠤᠯᠭᠠᠷ ᠴᠤ᠌ ᠬᠥᠳᠡᠯᠬᠦ ᠦᠭᠡᠢ ᠬᠠᠲᠠᠭᠤ ᠪᠠᠢᠯ᠎ᠠ᠃
  ᠊᠊᠊᠊᠊᠊᠊᠊᠊᠊᠊᠊᠊᠊᠊ ᠲᠤᠯᠭᠠᠷ ᠮᠢᠨᠢ᠃ ᠪᠢ ᠴᠢᠮ᠎ᠠ ᠳ᠋ᠤ᠌ ᠰᠡᠳᠬᠢᠯ ᠲᠡᠢ ᠪᠣᠯᠵᠠᠢ᠃ ᠢᠩᠭᠢᠬᠦ ᠳ᠋ᠦ᠍ ᠴᠢ ᠳᠡᠩᠳᠡᠭᠦᠦ ᠬᠠᠲᠠᠭᠤ ᠠᠭᠠᠰᠢᠯᠠᠵᠤ ᠪᠠᠢᠨ᠎ᠠ ᠳᠠ᠃ ᠠᠮᠢᠳᠤᠷᠠᠯ ᠳ᠋ᠤ᠌ ᠳᠠᠯᠠᠪᠴᠢ ᠪᠠᠨ ᠬᠤᠭᠤᠯᠤᠭᠤᠯᠵᠤ ᠡᠯᠢᠭᠡ ᠪᠡᠨ ᠡᠮᠲᠡᠷᠡᠭᠦᠯᠦᠭᠰᠡᠨ ᠪᠢᠳᠡ ᠬᠣᠶᠠᠷ ᠪᠡᠶ᠎ᠡ ᠪᠡᠶ᠎ᠡ ᠳ᠋ᠡᠭᠡᠨ ᠲᠦᠰᠢᠭ᠂ ᠪᠦᠲᠦᠨ ᠡᠯᠢᠭᠡ ᠲᠡᠢ ᠪᠣᠯᠵᠤ ᠪᠣᠯᠬᠤ ᠰᠠᠨ᠃ ᠵᠢᠷᠭᠠᠯ ᠲᠤᠩ ᠴᠤ᠌ ᠣᠢᠷᠠᠬᠠᠨ ᠪᠠᠢᠨ᠎ᠠ ᠰᠠᠨ᠃
  ᠊᠊᠊᠊᠊᠊᠊᠊᠊᠊᠊᠊᠊᠊᠊ ᠰᠣᠳᠨᠠᠮ ᠮᠢᠨᠢ ᠪᠢ ᠬᠥᠮᠦᠨ ᠦ᠌ ᠶᠣᠰᠣᠯᠠᠵᠤ ᠠᠪᠤᠭᠰᠠᠨ ᠡᠬᠡᠨᠡᠷ ᠰᠢᠦ ᠳᠡ᠃
  ᠊᠊᠊᠊᠊᠊᠊᠊᠊᠊᠊᠊᠊᠊᠊ ᠲᠡᠢᠮᠦ ᠨᠥᠬᠥᠷ ᠢ᠋ᠶ᠋ᠡᠷ ᠶᠠᠭᠠᠬᠢᠳᠠᠭ ᠶᠤᠮ ᠪᠣᠢ?
  ᠊᠊᠊᠊᠊᠊᠊᠊᠊᠊᠊᠊᠊᠊᠊ ᠴᠢ ᠨᠠᠮᠠᠢ ᠪᠢᠲᠡᠭᠡᠢ ᠵᠤᠪᠠᠭ᠎ᠠ᠃ ᠪᠢ ᠡᠷᠳᠡᠨᠢ ᠶ᠋ᠢ ᠠᠮᠢᠳᠤ ᠶᠠᠪᠤᠬᠤ ᠶ᠋ᠢ ᠨᠢ ᠬᠠᠷᠠᠭ᠎ᠠ ᠦᠭᠡᠢ ᠴᠠᠭ ᠲᠤ᠌ ᠬᠥᠮᠦᠨ ᠲᠡᠢ ᠰᠠᠭᠤᠬᠤ ᠦᠭᠡᠢ᠃ ᠰᠣᠳᠨᠠᠮ ᠮᠢᠨᠢ ᠴᠢ ᠠᠮᠢᠳᠤᠷᠠᠯ ᠢ᠋ᠶ᠋ᠠᠨ ᠪᠣᠳᠣ᠃ ᠨᠠᠮᠠᠢ ᠬᠦᠯᠢᠶᠡᠵᠦ ᠣᠭᠲᠣ ᠪᠣᠯᠬᠤ ᠦᠭᠡᠢ᠃
  ᠰᠣᠳᠨᠠᠮ᠂ ᠲᠤᠯᠭᠠᠷ ᠢ᠋ ᠵᠥᠪᠬᠡᠨ ᠬᠠᠨᠢ ᠭᠡᠵᠦ ᠪᠣᠳᠣᠭᠰᠠᠨ ᠦᠭᠡᠢ᠃ ᠲᠤᠯᠭᠠᠷ ᠤ᠋ᠨ ᠭᠤᠸ᠎ᠠ ᠦᠵᠡᠰᠬᠦᠯᠡᠩ᠂ ᠲᠡᠭᠦᠨ ᠦ᠌ ᠳᠣᠷᠣᠢ ᠵᠥᠭᠡᠯᠡᠨ ᠮᠡᠲᠦ ᠪᠣᠯᠪᠠᠴᠤ ᠡᠷᠡᠰ ᠬᠠᠲᠠᠭᠤ ᠵᠠᠩ᠂ ᠰᠡᠳᠬᠢᠯ ᠢ᠋ ᠨᠢ ᠡᠵᠡᠯᠡᠵᠦ᠂ ᠵᠥᠪᠬᠡᠨ ᠲᠤᠯᠭᠠᠷ ᠲᠠᠢ ᠰᠠᠭᠤᠭᠰᠠᠨ ᠴᠠᠭ ᠲᠤ᠌ ᠥᠨᠥᠴᠢᠷᠡᠯ ᠪᠡᠯᠪᠡᠰᠦᠷᠡᠯ ᠦ᠋ᠨ ᠬᠠᠲᠠᠭᠤ ᠬᠠᠢᠷᠴᠠᠭ ᠡᠴᠡ ᠭᠠᠷᠴᠤ ᠴᠢᠳᠠᠬᠤ ᠮᠡᠲᠦ ᠪᠣᠳᠣᠭᠳᠠᠨ᠎ᠠ᠃
  ᠲᠤᠯᠭᠠᠷ ᠲᠤ᠌ ᠰᠣᠳᠨᠠᠮ ᠢ᠋ ᠵᠢᠭᠰᠢᠬᠦ ᠰᠡᠳᠬᠢᠯ ᠪᠠᠢᠭᠰᠠᠨ ᠦᠭᠡᠢ᠃ ᠵᠥᠪᠬᠡᠨ ᠥᠪᠡᠷ ᠢ᠋ ᠪᠡᠨ ᠡᠷᠳᠡᠨᠢ ᠶ᠋ᠢᠨ ᠶᠣᠰᠣᠯᠠᠵᠤ ᠠᠪᠤᠭᠰᠠᠨ ᠡᠬᠡᠨᠡᠷ ᠭᠡᠵᠦ ᠬᠠᠲᠠᠭᠤ ᠪᠣᠳᠣᠭᠰᠠᠨ ᠪᠣᠳᠣᠯ ᠲᠡᠭᠦᠨ ᠢ᠋ ᠰᠣᠳᠨᠠᠮ ᠤ᠋ᠨ ᠡᠬᠡᠨᠡᠷ ᠪᠣᠯᠬᠤ ᠡᠴᠡ ᠬᠠᠮᠠᠭᠠᠯᠠᠵᠤ ᠪᠠᠢᠯ᠎ᠠ᠃
  ᠢᠩᠭᠢᠵᠦ ᠠᠮᠢᠳᠤᠷᠠᠭᠰᠠᠭᠠᠷ ᠨᠢᠭᠡ ᠡᠳᠦᠷ ᠬᠣᠨᠢᠨ ᠤ᠋ ᠬᠠᠰᠢᠶ᠎ᠠ ᠪᠣᠭᠣᠵᠤ ᠪᠠᠢᠬᠤ ᠳ᠋ᠤᠨᠢ ᠤᠶᠠᠭᠠᠨ ᠳᠡᠭᠡᠷ᠎ᠡ ᠪᠠᠭᠤᠭᠰᠠᠨ ᠢᠲᠡᠭᠡᠯᠲᠦ ᠠᠷᠤ ᠡᠴᠡ ᠨᠢ ᠬᠠᠷᠠᠭᠠᠳ ᠲᠠᠨᠢᠵᠠᠢ᠃
  ᠊᠊᠊᠊᠊᠊᠊᠊᠊᠊᠊᠊᠊᠊᠊ ᠲᠤᠯᠭᠠᠷ ᠬᠦᠦ ᠮᠢᠨᠢ ᠡᠷᠭᠢᠭᠡᠳ ᠬᠠᠷᠠᠭᠠᠴᠢ ᠭᠡᠵᠦ ᠡᠷᠳᠡᠨᠢ ᠢᠷᠡᠯ᠎ᠡ ᠭᠡᠵᠦ ᠠᠨᠳᠠᠭᠤᠷᠠᠭᠰᠠᠨ ᠳᠠᠵᠢᠳ ᠭᠤᠸᠠᠢ ᠬᠡᠯᠡᠬᠦ ᠳ᠋ᠦ᠍ ᠲᠤᠯᠭᠠᠷ ᠡᠷᠭᠢᠪᠡᠯ ᠨᠢᠳᠦ ᠨᠢ ᠲᠣᠭᠣᠷᠢᠭ ᠪᠣᠯᠤᠭᠰᠠᠨ ᠢᠲᠡᠭᠡᠯᠲᠦ ᠵᠣᠭᠰᠣᠵᠤ ᠪᠠᠢᠯ᠎ᠠ᠃
  ᠲᠤᠯᠭᠠᠷ ᠤ᠋ᠨ ᠨᠢᠳᠦ ᠬᠣᠷᠣᠰᠤᠯ ᠢ᠋ᠶ᠋ᠠᠷ ᠳᠦᠭᠦᠷᠴᠦ ᠭᠥᠯᠢᠷᠡᠭᠰᠡᠨ ᠢ᠋ᠶ᠋ᠡᠨ ᠠᠮᠢᠲᠠᠨ ᠤᠷᠤᠭᠤ ᠭᠡᠲᠡᠵᠦ ᠪᠠᠢᠭ᠎ᠠ ᠰᠢᠯᠦᠭᠦᠰᠦ ᠰᠢᠭ ᠪᠡᠶ᠎ᠡ ᠪᠡᠨ ᠬᠣᠷᠢᠶᠠᠨ ᠬᠥᠯ ᠢ᠋ᠶ᠋ᠡᠨ ᠠᠯᠭᠤᠷᠬᠠᠨ ᠵᠥᠭᠡᠭᠡᠵᠦ ᠶᠠᠪᠤᠭᠰᠠᠭᠠᠷ ᠢᠲᠡᠭᠡᠯᠲᠦ ᠳ᠋ᠦ᠍ ᠪᠠᠷᠤᠭ ᠲᠤᠯᠵᠤ ᠣᠴᠢᠭᠠᠳ 《ᠮᠢᠨᠦ ᠵᠣᠪᠠᠯᠠᠩ ᠳ᠋ᠤ᠌ ᠴᠢ ᠪᠠᠰᠠ ᠴᠠᠳᠤᠭ᠎ᠠ ᠦᠭᠡᠢ ᠤᠤ》 ᠭᠡᠬᠦ ᠳ᠋ᠦ᠍ ᠢᠲᠡᠭᠡᠯᠲᠦ ᠬᠤᠳᠠᠯ ᠢᠨᠢᠶᠡᠮᠰᠦᠭᠯᠡᠨ 《ᠴᠢ ᠮᠢᠨᠢ ᠶᠠᠭᠤ ᠪᠣᠯᠵᠤ ᠪᠠᠢᠨ᠎ᠠ᠃ ᠠᠮᠢᠳᠤ ᠠᠭᠤᠯᠵᠠᠭᠰᠠᠨ ᠳ᠋ᠠᠭᠠᠨ ᠪᠠᠶᠠᠷᠯᠠᠬᠤ ᠶᠣᠰᠣᠲᠠᠢ ᠪᠢᠰᠢ ᠤᠤ? ᠶᠠᠭᠤ ᠴᠤ᠌ ᠭᠡᠰᠡᠨ ᠵᠣᠯᠭᠠᠶ᠎ᠠ》 ᠭᠡᠵᠦ ᠭᠠᠷ ᠢ᠋ᠶ᠋ᠠᠨ ᠰᠠᠷᠪᠠᠢᠬᠤ ᠳ᠋ᠤ᠌ ᠲᠤᠯᠭᠠᠷ ᠬᠥᠳᠡᠯᠦᠭᠰᠡᠨ ᠴᠦ᠍ ᠦᠭᠡᠢ ᠳᠤᠤᠭᠠᠷᠤᠭᠰᠠᠨ ᠴᠤ᠌ ᠦᠭᠡᠢ᠃ ᠭᠡᠪᠡᠴᠦ ᠲᠡᠭᠦᠨ ᠦ᠌ ᠨᠢᠳᠦ ᠴᠢᠳᠠᠳᠠᠭ ᠰᠠᠨ ᠪᠣᠯ ᠢᠲᠡᠭᠡᠯᠲᠦ ᠶ᠋ᠢ ᠲᠠᠰᠤᠴᠢᠨ ᠢᠳᠡᠬᠦ ᠡᠴᠡ ᠪᠤᠴᠠᠬᠤ ᠦᠭᠡᠢ ᠪᠠᠢᠭ᠎ᠠ ᠰᠡᠳᠬᠢᠯ ᠢ᠋ ᠢᠯᠡᠴᠢᠯᠡᠵᠦ ᠪᠠᠢᠯ᠎ᠠ᠃
  ᠊᠊᠊᠊᠊᠊᠊᠊᠊᠊᠊᠊᠊᠊᠊ ᠲᠤᠯᠭᠠᠷ ᠮᠢᠨᠢ ᠪᠢ ᠴᠢᠨᠦ ᠬᠣᠢᠨ᠎ᠠ ᠡᠴᠡ ᠨᠢᠮ᠎ᠠ ᠭᠤᠸᠠᠢ ᠶ᠋ᠢ ᠶᠠᠪᠤᠭᠤᠯᠤᠭᠰᠠᠨ ᠰᠢᠦ ᠳᠡ᠃ ᠬᠠᠷᠢᠨ ᠴᠢᠨᠠᠳᠤ ᠵᠥᠨᠥᠭ ᠴᠢᠨᠢ ᠬᠤᠳᠬᠤᠵᠤ ᠣᠷᠬᠢᠭᠰᠠᠨ᠃ ᠭᠡᠲᠡᠯ᠎ᠡ᠂ ᠪᠢ ᠥᠨᠥ ᠥᠷᠯᠥᠭᠡ ᠴᠢᠮᠠᠶ᠋ᠢ ᠡᠨᠳᠡ ᠠᠮᠢᠳᠤ ᠪᠠᠢᠨ᠎ᠠ ᠭᠡᠵᠦ ᠰᠣᠨᠣᠰᠤᠭᠠᠳ ᠲᠤᠰᠠ ᠪᠣᠯᠤᠶ᠎ᠠ ᠭᠡᠵᠦ ᠢᠷᠡᠭᠰᠡᠨ ᠁
  ᠊᠊᠊᠊᠊᠊᠊᠊᠊᠊᠊᠊᠊᠊᠊ ᠤᠤᠬᠠᠢ᠂ ᠨᠠᠳᠠ ᠡᠴᠡ ᠴᠢᠮ᠎ᠠ ᠳ᠋ᠤ᠌ ᠠᠪᠤᠮᠠᠷ ᠶᠠᠭᠤᠮ᠎ᠠ ᠪᠠᠰᠠ ᠪᠠᠢᠨ᠎ᠠ ᠤᠤ?
  ᠊᠊᠊᠊᠊᠊᠊᠊᠊᠊᠊᠊᠊᠊᠊ ᠢᠱ᠌ᠢ᠃ ᠲᠤᠰᠠᠯᠠᠶ᠎ᠠ᠃ ᠲᠤᠰᠠ ᠪᠣᠯᠤᠶ᠎ᠠ ᠭᠡᠵᠦ ᠢᠷᠡᠭᠰᠡᠨ ᠭᠡᠳ ᠪᠠᠢᠨ᠎ᠠ ᠰᠢᠦ ᠳᠡ᠃ ᠢᠲᠡᠭᠡᠯᠲᠦ ᠶ᠋ᠢᠨ ᠬᠤᠷᠴᠠ ᠨᠢᠳᠦ ᠢᠩᠭᠢᠵᠦ ᠪᠠᠢᠬᠤ ᠳ᠋ᠠᠭᠠᠨ ᠲᠤᠯᠭᠠᠷ ᠢ᠋ ᠠᠵᠢᠭᠯᠠᠪᠠ᠃ ᠤᠷᠢᠳᠤ ᠶ᠋ᠢᠨ ᠲᠤᠯᠭᠠᠷ ᠪᠢᠰᠢ ᠪᠣᠯᠵᠠᠢ᠃ ᠲᠡᠭᠦᠨ ᠦ᠌ ᠨᠢᠭᠤᠷ ᠲᠤ᠌ ᠣᠷᠭᠢᠯᠵᠤ ᠪᠠᠢᠳᠠᠭ ᠠᠮᠢᠳᠤᠷᠠᠯ ᠤ᠋ᠨ ᠭᠠᠯ᠂ ᠢᠳᠡᠷ ᠦ᠋ᠨ ᠴᠣᠭ ᠵᠢᠪᠬᠤᠯᠠᠩ ᠦᠭᠡᠢ ᠪᠣᠯᠤᠭᠰᠠᠨ ᠠᠪᠠᠴᠤ ᠨᠠᠰᠤᠵᠢᠨ ᠲᠣᠭᠲᠠᠭᠰᠠᠨ ᠡᠮᠡᠭᠲᠡᠢ ᠬᠥᠮᠦᠨ ᠦ᠌ ᠨᠠᠮᠪᠠᠲᠠᠢ ᠭᠤᠸ᠎ᠠ ᠦᠵᠡᠰᠬᠦᠯᠡᠩ ᠪᠣᠢ ᠪᠣᠯᠵᠠᠢ᠃ ᠳᠥᠷᠪᠡᠯᠵᠢᠨ ᠮᠠᠩᠨᠠᠢ ᠳ᠋ᠤᠨᠢ ᠪᠣᠢ ᠪᠣᠯᠤᠭᠰᠠᠨ ᠦᠷᠴᠢᠯᠡᠭᠡ ᠬᠦᠷᠲᠡᠯ᠎ᠡ ᠰᠢᠭᠤᠭᠳᠠᠭᠰᠠᠨ ᠬᠠᠴᠠᠷ᠂ ᠨᠠᠷᠢᠰᠴᠤ᠂ ᠥᠨᠳᠥᠷᠵᠢᠭᠰᠡᠨ ᠬᠠᠮᠠᠷ ᠲᠠᠢ ᠶᠠᠭ ᠯᠠ ᠳᠣᠢ᠌ᠵᠠᠢ᠃
  ᠪᠠᠰᠠ ᠴᠤ᠌ ᠢᠲᠡᠭᠡᠯᠲᠦ ᠶ᠋ᠢᠨ ᠰᠡᠳᠬᠢᠯ ᠦ᠋ᠨ ᠪᠤᠯᠤᠩ ᠳ᠋ᠤ᠌ ᠭᠡᠮᠰᠢᠯ ᠦ᠋ᠨ ᠥᠴᠦᠬᠡᠨ ᠲᠤᠶᠠᠭ᠎ᠠ ᠪᠠᠢᠭᠰᠠᠨ ᠨᠢ ᠲᠤᠯᠭᠠᠷ ᠲᠠᠢ ᠤᠴᠠᠷᠠᠬᠤ ᠪᠠᠷ ᠫᠦᠷ ᠫᠦᠷ ᠬᠢᠨ ᠰᠡᠷᠭᠦᠵᠦ ᠰᠢᠷᠦᠭᠦᠨ ᠬᠠᠷᠢᠴᠠᠬᠤ ᠶ᠋ᠢ ᠬᠣᠷᠢᠭᠯᠠᠵᠤ ᠪᠠᠢᠯ᠎ᠠ᠃
  ᠊᠊᠊᠊᠊᠊᠊᠊᠊᠊᠊᠊᠊᠊᠊ ᠴᠢ ᠪᠤᠰᠢᠭᠤᠬᠠᠨ ᠵᠠᠢᠯᠠ ᠭᠡᠳ ᠲᠤᠯᠭᠠᠷ ᠤᠬᠤᠰᠬᠢᠬᠦ ᠳ᠋ᠦ᠍ ᠢᠲᠡᠭᠡᠯᠲᠦ ᠵᠠᠢᠯᠠᠵᠤ᠂ ᠬᠥᠭᠡᠷᠦᠬᠦᠢ ᠡᠮᠡᠭᠲᠡᠢ ᠲᠠᠪᠠᠷᠴᠠᠭᠯᠠᠨ ᠤᠨᠠᠪᠠ᠃
  ᠳᠠᠵᠢᠳ ᠠᠪᠠᠭᠠᠢ ᠲᠤᠯᠭᠠᠷ ᠢ᠋ ᠲᠡᠪᠡᠷᠢᠨ ᠥᠨᠳᠡᠢᠯᠭᠡᠵᠦ 《ᠬᠦᠦ ᠮᠢᠨᠢ ᠲᠠᠢᠪᠤᠰᠢᠷᠠ》 ᠭᠡᠳ ᠢᠲᠡᠭᠡᠯᠲᠦ ᠥᠭᠡᠳᠡ ᠬᠠᠷᠠᠭᠰᠠᠨ ᠢ᠋ᠶ᠋ᠠᠨ
  ᠊᠊᠊᠊᠊᠊᠊᠊᠊᠊᠊᠊᠊᠊᠊ ᠴᠢ ᠴᠢᠨᠢ ᠢᠲᠡᠭᠡᠯᠲᠦ ᠤᠤ ᠭᠡᠵᠦ ᠠᠰᠠᠭᠤᠪᠠ᠃
  ᠊᠊᠊᠊᠊᠊᠊᠊᠊᠊᠊᠊᠊᠊᠊ ᠲᠡᠢᠮᠦ ᠠ᠋᠃ ᠪᠢ ᠢᠲᠡᠭᠡᠯᠲᠦ ᠭᠡᠵᠦ ᠲᠠᠢᠪᠤᠩ ᠪᠥᠭᠡᠳ ᠪᠠᠷᠳᠠᠮ ᠬᠠᠷᠢᠭᠤᠯᠪᠠ᠃
  ᠊᠊᠊᠊᠊᠊᠊᠊᠊᠊᠊᠊᠊᠊᠊ ᠲᠡᠭᠡᠪᠡᠯ ᠬᠦᠦ ᠮᠢᠨᠢ ᠶᠠᠪᠤᠵᠤ ᠦᠵᠡ᠃ ᠡᠨᠡ ᠬᠡᠦᠬᠡᠨ ᠢ᠋ ᠳᠠᠬᠢᠨ ᠲᠠᠮᠤᠯᠠᠬᠤ ᠬᠡᠷᠡᠭ ᠦᠭᠡᠢ᠃
  ᠢᠲᠡᠭᠡᠯᠲᠦ ᠶᠠᠪᠤᠭᠰᠠᠨ ᠦᠭᠡᠢ᠃ ᠡᠨᠳᠡ ᠡᠴᠡ ᠪᠤᠰᠢᠭᠤᠬᠠᠨ ᠶᠠᠪᠤᠭᠰᠠᠨ ᠴᠢᠨᠢ ᠳᠡᠭᠡᠷ᠎ᠡ᠃ ᠶᠠᠭᠤ ᠬᠢᠬᠦ ᠶᠤᠮ ᠭᠡᠵᠦ ᠨᠢᠭᠡ ᠰᠡᠳᠬᠢᠯ ᠬᠡᠯᠡᠪᠡᠴᠦ ᠨᠥᠭᠦᠭᠡ ᠨᠢᠭᠡ ᠰᠡᠳᠬᠢᠯ ᠨᠢ ᠡᠭᠦᠰᠦᠭᠰᠡᠨ ᠭᠠᠯ ᠥᠴᠦᠬᠡᠨ ᠪᠣᠯᠪᠠᠴᠤ ᠤᠨᠲᠠᠷᠠᠭ᠎ᠠ ᠦᠭᠡᠢ ᠣᠷᠬᠢᠪᠠᠯ ᠶᠡᠬᠡ ᠲᠦᠢᠮᠡᠷ ᠪᠣᠯᠵᠤ ᠮᠠᠭᠠᠳ ᠪᠠᠢᠳᠠᠭ ᠪᠣᠯᠬᠣᠷ ᠪᠣᠯᠪᠠᠯ ᠡᠭᠦᠨ ᠲᠡᠢ ᠡᠪᠯᠡᠷᠡᠭᠡᠳ ᠶᠠᠪᠤᠪᠠᠯ ᠵᠦᠭᠡᠷ ᠰᠠᠨ ᠭᠡᠵᠦ ᠵᠥᠪᠯᠡᠵᠦ ᠪᠠᠢᠯ᠎ᠠ᠃
  ᠊᠊᠊᠊᠊᠊᠊᠊᠊᠊᠊᠊᠊᠊᠊ ᠲᠤᠯᠭᠠᠷ ᠮᠢᠨᠢ ᠤᠷᠢᠳᠤ ᠶ᠋ᠢᠨ ᠶᠠᠪᠤᠳᠠᠯ ᠢ᠋ ᠮᠠᠷᠲᠠᠵᠤ᠂ ᠬᠣᠢᠲᠤ ᠶ᠋ᠢᠨ ᠠᠮᠢᠳᠤᠷᠠᠯ ᠢ᠋ ᠪᠣᠳᠣᠪᠠᠯ ᠳᠡᠭᠡᠷ᠎ᠡ ᠪᠢᠰᠢ ᠤᠤ? ᠪᠢ ᠴᠢᠮ᠎ᠠ ᠳ᠋ᠤ᠌ ᠲᠤᠰᠠ ᠪᠣᠯᠬᠤ ᠳ᠋ᠤ᠌ ᠪᠡᠯᠡᠬᠡᠨ ᠯᠡ ᠪᠠᠢᠨ᠎ᠠ᠃
  ᠊᠊᠊᠊᠊᠊᠊᠊᠊᠊᠊᠊᠊᠊᠊ ᠪᠤᠰᠢᠭᠤᠬᠠᠨ ᠵᠠᠢᠯᠠᠭᠠᠳ ᠠᠯᠢ᠃ ᠲᠡᠷᠡ ᠯᠠ ᠨᠠᠳᠠ ᠲᠤᠰᠠᠯᠠᠮᠵᠢ ᠁ ᠭᠡᠵᠦ ᠲᠤᠯᠭᠠᠷ ᠥᠨᠳᠡᠢᠨ ᠰᠢᠢᠳᠮᠡᠭᠡᠢ ᠬᠡᠯᠡᠵᠡᠢ᠃
  ᠢᠲᠡᠭᠡᠯᠲᠦ ᠡᠪᠯᠡᠷᠡᠵᠦ ᠴᠢᠳᠠᠭᠰᠠᠨ ᠦᠭᠡᠢ ᠶᠠᠪᠤᠵᠠᠢ᠃ ᠬᠠᠷᠢᠨ ᠨᠤᠲᠤᠭ ᠲᠠᠭᠠᠨ ᠡᠷᠭᠢᠵᠦ ᠣᠴᠢᠭᠠᠳ ᠲᠤᠯᠭᠠᠷ ᠲᠠᠢ ᠠᠭᠤᠯᠵᠠᠭᠰᠠᠨ ᠢ᠋ᠶ᠋ᠠᠨ ᠬᠡᠨ ᠳ᠋ᠦ᠍ ᠴᠦ᠍ ᠬᠡᠯᠡᠭᠡ ᠦᠭᠡᠢ ᠪᠥᠭᠡᠳ ᠬᠣᠢᠨ᠎ᠠ ᠲᠤᠯᠭᠠᠷ ᠠᠮᠢᠳᠤ ᠭᠡᠳᠡᠭ ᠦᠭᠡ ᠪᠡᠷ ᠰᠠᠨᠠᠭᠰᠠᠨ ᠢ᠋ᠶ᠋ᠠᠨ ᠬᠢᠭᠰᠡᠨ ᠨᠢᠭᠡᠨ ᠴᠠᠭ ᠲᠤ᠌ ᠠᠯᠤᠰ ᠤ᠋ᠨ ᠪᠣᠳᠣᠯ ᠲᠠᠢ ᠳ᠋ᠠᠭᠠᠨ ᠬᠡᠮᠵᠢᠶᠡᠯᠡᠰᠢ ᠦᠭᠡᠢ ᠪᠠᠶᠠᠷᠯᠠᠨ ᠪᠠᠬᠠᠷᠬᠠᠵᠤ ᠪᠢᠯᠡ᠃

  ᠲᠠᠢᠯᠪᠤᠷᠢ
  ① ᠬᠣᠢᠲᠤᠬᠢ ᠶ᠋ᠢ ᠠᠢᠯᠠᠳᠬᠠᠵᠤ ᠪᠣᠳᠢ ᠶ᠋ᠢ ᠬᠥᠲᠥᠯᠦᠭᠦᠯᠬᠦ ᠳ᠋ᠦ᠍ ᠳᠠᠯᠠᠢᠭᠴᠢ ᠶ᠋ᠢᠨ ᠪᠦᠰᠡ ᠶ᠋ᠢ ᠯᠠᠮᠠ ᠳ᠋ᠤ᠌ ᠪᠠᠷᠢᠳᠠᠭ ᠶᠣᠰᠣᠲᠠᠢ᠃