ᠲᠤᠩᠭᠠᠯᠠᠭ ᠲᠠᠮᠢᠷ1-17-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-17-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-17-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-16

1461

《ᠤᠭᠤᠲᠠ ᠨᠢ ᠳᠦᠭᠦᠷᠡᠩ᠂ ᠤᠩᠭᠠᠰᠤ ᠨᠢ ᠮᠢᠨᠳᠠᠰᠤ》 - ᠨᠢᠭᠡᠳᠦᠭᠡᠷ ᠪᠦᠯᠦᠭ ᠠᠷᠪᠠᠨ ᠳᠣᠯᠣᠭ᠎ᠠ


  ᠥᠩ ᠲᠡᠢ ᠰᠠᠢᠬᠠᠨ ᠡᠪᠦᠯ ᠪᠣᠯᠬᠤ ᠳ᠋ᠤ᠌ ᠬᠠᠪᠤᠷ ᠡᠷᠲᠡ ᠡᠬᠢᠯᠡᠳᠡᠭ ᠦ᠋ᠨ ᠠᠳᠠᠯᠢ ᠥᠷᠨᠢᠭᠦᠨ ᠳᠡᠯᠭᠡᠷ ᠵᠤᠨ ᠪᠣᠯᠬᠤ ᠳ᠋ᠤ᠌ ᠨᠠᠯᠠᠢᠭᠰᠠᠨ ᠥᠭᠭᠢᠶᠡᠮᠦᠷ ᠨᠠᠮᠤᠷ ᠤᠷᠲᠤ ᠪᠠᠢᠳᠠᠭ ᠪᠢᠯᠡ᠃ ᠲᠠᠮᠢᠷ ᠤ᠋ᠨ ᠬᠥᠨᠳᠡᠢ ᠳ᠋ᠦ᠍ ᠰᠠᠢᠬᠠᠨ ᠵᠤᠨ ᠪᠣᠯᠵᠤ ᠮᠠᠯ ᠲᠠᠷᠭᠤ ᠬᠦᠴᠦ ᠪᠡᠨ ᠬᠠᠨᠲᠠᠯ᠎ᠠ ᠠᠪᠤᠭᠠᠳ ᠬᠣᠨᠢ ᠠᠬᠤᠷᠯᠠᠬᠤ ᠠᠵᠢᠯ ᠡᠷᠲᠡ ᠡᠬᠢᠯᠡᠪᠡ᠃
  ᠦᠷᠡᠵᠢᠯ ᠲᠡᠢ ᠵᠤᠨ ᠬᠠᠷᠠᠮ ᠦᠭᠡᠢ ᠪᠡᠯᠡᠭᠯᠡᠭᠰᠡᠨ ᠭᠤᠸ᠎ᠠ ᠴᠢᠮᠡᠭᠯᠡᠯ ᠢ᠋ᠶ᠋ᠡᠨ ᠵᠡᠭᠦᠭᠰᠡᠨ ᠤᠷᠭᠤᠮᠠᠯ ᠤ᠋ᠨ ᠥᠩᠭᠡ ᠦᠯᠦ ᠮᠡᠳᠡᠭ ᠰᠢᠷᠠᠯᠠᠨ᠂ ᠬᠠᠮᠢᠭᠠᠰᠢ ᠯᠠ ᠬᠠᠷᠠᠪᠠᠯ ᠬᠥᠬᠡᠷᠡᠭᠰᠡᠨ ᠮᠠᠨᠠᠨ ᠰᠠᠴᠤᠷᠠᠭᠠᠳ ᠬᠣᠷᠸ᠎ᠠ ᠰᠢᠷᠠᠪᠲᠤᠷ ᠲᠤᠶᠠᠭ᠎ᠠ ᠲᠠᠢ ᠨᠣᠭᠣᠭᠠᠨ ᠬᠡᠪᠢᠰ ᠢ᠋ᠶ᠋ᠡᠷ ᠬᠤᠴᠢᠭᠳᠠᠵᠠᠢ᠃
  ᠫᠦᠷᠪᠦ ᠲᠠᠢᠵᠢ ᠶ᠋ᠢᠨ ᠬᠢ ᠬᠠᠮᠵᠢᠯᠭ᠎ᠠ ᠨᠠᠷ ᠢ᠋ᠶ᠋ᠠᠨ ᠴᠤᠭᠯᠠᠭᠤᠯᠵᠤ ᠲᠣᠮᠣ ᠬᠣᠨᠢᠨ ᠲᠣᠭᠣᠭᠠᠨ ᠳ᠋ᠤ᠌ ᠰᠢᠩᠭᠡᠨ ᠬᠠᠷ᠎ᠠ ᠴᠠᠢ ᠴᠢᠨᠠᠭᠠᠳ ᠠᠷᠪᠠ ᠭᠠᠷᠤᠢ ᠬᠣᠨᠣᠭ ᠬᠣᠨᠢ ᠬᠢᠷᠭᠠᠪᠠ᠃
  ᠲᠤᠭ᠂ ᠲᠤᠭ ᠨᠣᠣᠰᠣ ᠡᠨᠳᠡ ᠲᠡᠨᠳᠡ ᠨᠢ ᠦᠯᠡᠳᠡᠭᠰᠡᠨ ᠶᠦ᠍ᠮ ᠤᠤ ᠡᠰᠡᠪᠡᠯ ᠠᠷᠠᠰᠤ ᠪᠠᠨ ᠥᠮᠥ ᠴᠥᠮᠥ ᠬᠠᠢᠴᠢᠯᠠᠭᠤᠯᠤᠭᠰᠠᠨ ᠡᠴᠡ ᠥᠲᠥᠭᠰᠡᠨ ᠬᠣᠨᠢ ᠪᠡᠯᠴᠢᠵᠦ ᠶᠠᠪᠤᠬᠤ ᠶ᠋ᠢ ᠬᠠᠷᠠᠭᠠᠳ 《ᠮᠤᠤᠰᠠᠢᠨ ᠪᠣᠭᠣᠯ ᠤ᠋ᠳ ᠬᠥᠮᠦᠨ ᠦ᠌ ᠪᠤᠶᠠᠨ ᠢ᠋ ᠢᠩᠭᠢᠨ᠎ᠡ ᠭᠡᠨ᠎ᠡ᠃ ᠬᠣᠩᠭᠣᠨ ᠡᠴᠡ ᠨᠢ ᠪᠠᠩᠵᠠ᠂ ᠬᠠᠴᠠᠷ ᠡᠴᠡ ᠨᠢ ᠱᠠᠬᠠᠢ ᠰᠠᠯᠭᠠᠬᠤ ᠦᠭᠡᠢ ᠪᠠᠢᠪᠠᠯ ᠲᠠᠭᠠᠷᠠᠬᠤ ᠤᠯᠤᠰ》 ᠭᠡᠵᠦ ᠲᠠᠢᠵᠢ ᠪᠤᠬᠢᠨᠢᠳᠤᠨ ᠭᠤᠷᠪᠠ ᠳᠥᠷᠪᠡᠨ ᠬᠥᠮᠦᠨ ᠢ᠋ ᠲᠠᠰᠢᠭᠤᠷᠳᠠᠭᠰᠠᠨ ᠪᠣᠯᠪᠠᠴᠤ ᠠᠵᠢᠯ ᠨᠢ ᠣᠯᠢᠭ ᠲᠠᠢ ᠠᠬᠢᠭᠰᠠᠨ ᠦᠭᠡᠢ᠃ ᠲᠡᠭᠦᠨ ᠢ᠋ᠶ᠋ᠡᠷ ᠴᠦ᠍ ᠪᠠᠷᠠᠬᠤ ᠦᠭᠡᠢ ᠳᠤᠷ᠎ᠠ ᠦᠭᠡᠢ ᠠᠵᠢᠯ ᠳ᠋ᠤ᠌ ᠴᠢᠬᠤᠯᠳᠠᠭᠰᠠᠨ ᠬᠠᠮᠵᠢᠯᠭ᠎ᠠ ᠨᠠᠷ ᠨᠢ ᠬᠣᠭᠣᠷᠣᠨᠳᠣ ᠪᠠᠨ ᠵᠣᠳᠣᠯᠳᠤᠵᠤ ᠬᠣᠶᠠᠷ ᠤ᠋ᠨ ᠵᠡᠷᠭᠡ ᠬᠥᠮᠦᠨ ᠰᠢᠷᠬᠠᠲᠤᠪᠠ᠃
  ᠲᠠᠢᠵᠢ ᠶ᠋ᠢᠨ ᠬᠢ ᠢᠩᠭᠢᠵᠦ ᠮᠤᠩᠭᠠᠨᠢᠵᠤ ᠪᠠᠢᠭ᠎ᠠ ᠶ᠋ᠢ ᠬᠠᠷᠠᠭᠠᠳ ᠢᠲᠡᠭᠡᠯᠲᠦ ᠶ᠋ᠢᠨ ᠪᠠᠬ᠎ᠠ ᠨᠢ ᠬᠠᠨᠵᠤ ᠠᠭᠤᠷ ᠤᠴᠠᠭᠠᠷ ᠪᠣᠯᠤᠭᠰᠠᠨ ᠤᠷᠤᠭᠰᠢ ᠦᠭᠡᠢ ᠲᠠᠢᠵᠢ ᠳ᠋ᠤ᠌ 《ᠬᠣᠵᠤᠤᠯ᠎ᠠ᠂ ᠬᠥᠮᠦᠨ ᠬᠠᠷ᠎ᠠ ᠭᠥᠷᠥᠭᠡᠰᠦ᠂ ᠤᠷᠭᠤᠭ᠎ᠠ ᠴᠢᠯᠠᠭᠤ》ᠭᠡᠬᠦ ᠮᠡᠲᠦ ᠡᠯᠳᠡᠪ ᠦ᠋ᠨ ᠬᠣᠴᠢ ᠥᠭᠭᠦᠨ᠎ᠡ᠃
  ᠊᠊᠊᠊᠊᠊᠊᠊᠊᠊᠊᠊᠊᠊᠊ ᠲᠠᠢᠵᠢ ᠶ᠋ᠢᠨ ᠬᠣᠲᠠᠨ ᠳ᠋ᠤ᠌ ᠳᠠᠵᠢᠨ ᠪᠣᠯᠵᠤ᠂ ᠬᠦᠨᠳᠦ ᠳᠠᠩᠬᠤ ᠬᠦᠢᠲᠡᠨ ᠬᠠᠷ᠎ᠠ ᠴᠠᠢ ᠶ᠋ᠢᠨ ᠵᠣᠳᠣᠭᠠᠨ ᠢ᠋ᠶ᠋ᠠᠷ ᠳᠠᠭᠤᠰᠴᠤ ᠪᠠᠢᠨ᠎ᠠ ᠭᠡᠳ᠂ ᠮᠠᠭ ᠮᠠᠭ ᠢᠨᠢᠶᠡᠬᠦ ᠳ᠋ᠦ᠍ᠨᠢ ᠢᠲᠡᠭᠡᠯᠲᠦ ᠶ᠋ᠢᠨ ᠨᠢᠳᠦ ᠨᠢ ᠰᠡᠷᠭᠦᠵᠦ ᠬᠠᠮᠠᠷ ᠨᠢ ᠤᠭ ᠲᠠᠭᠠᠨ ᠬᠦᠷᠲᠡᠯ᠎ᠡ ᠠᠲᠤᠷᠢᠨ ᠰᠠᠷᠬᠠᠢᠳᠠᠭ ᠪᠠᠢᠪᠠ᠃
  ᠢᠲᠡᠭᠡᠯᠲᠦ ᠬᠣᠨᠢ ᠪᠠᠷ ᠲᠠᠢᠵᠢ ᠡᠴᠡ ᠬᠠᠪᠢ ᠦᠭᠡᠢ ᠢᠯᠡᠭᠦᠦ ᠪᠣᠯᠪᠠᠴᠤ ᠬᠢᠷᠭᠠᠬᠤ ᠭᠡᠵᠦ ᠣᠭᠲᠣ ᠶᠠᠭᠠᠷᠠᠭᠰᠠᠨ ᠦᠭᠡᠢ᠃ ᠡᠨᠡ ᠲᠤᠬᠠᠢ ᠡᠷᠳᠡᠨᠢ ᠶ᠋ᠢᠨ ᠬᠡᠯᠡᠬᠦ ᠳ᠋ᠦ᠍ 《ᠭᠠᠢᠭᠤᠢ᠂ ᠶᠠᠭᠠᠷᠠᠬᠤ ᠶᠠᠭᠤ ᠪᠠᠢᠬᠤᠪ᠃ ᠤᠷᠲᠤ ᠯᠠ ᠤᠷᠭᠤᠵᠤ ᠪᠠᠢᠭ》 ᠭᠡᠵᠦ ᠲᠠᠢᠪᠤᠩ ᠬᠠᠷᠢᠭᠤᠯᠵᠠᠢ᠃
  ᠲᠠᠢᠵᠢ ᠶ᠋ᠢᠨ ᠬᠢ ᠠᠷᠠᠢ ᠭᠡᠵᠦ ᠵᠣᠳᠣᠭᠠᠨ ᠴᠤᠭᠢᠶᠠᠨ ᠪᠣᠯᠵᠤ ᠪᠠᠢᠮᠠᠨᠵᠢᠨ ᠬᠣᠨᠢ ᠪᠠᠨ ᠬᠢᠷᠭᠠᠵᠤ ᠳᠠᠭᠤᠰᠤᠭᠰᠠᠨ ᠡᠴᠡ ᠬᠣᠢᠰᠢ ᠬᠡᠳᠦᠨ ᠡᠳᠦᠷ ᠦ᠋ᠨ ᠳᠠᠷᠠᠭ᠎ᠠ 《ᠮᠠᠷᠭᠠᠰᠢ ᠢᠲᠡᠭᠡᠯᠲᠦ ᠶ᠋ᠢᠨ ᠬᠢ ᠬᠣᠨᠢ ᠪᠠᠨ ᠬᠢᠷᠭᠠᠨ᠎ᠠ》 ᠭᠡᠳᠡᠭ ᠵᠠᠷ ᠲᠠᠮᠢᠷ ᠤ᠋ᠨ ᠭᠣᠣᠯ ᠤ᠋ᠨ ᠬᠥᠨᠳᠡᠢ ᠳ᠋ᠦ᠍ ᠳᠠᠮᠵᠢᠨ ᠲᠠᠷᠠᠵᠠᠢ᠃
  ᠨᠦᠮᠵᠦᠭᠲᠦ ᠪᠠᠶᠠᠨ ᠤ᠋ ᠠᠴᠢ ᠪᠠᠷ ᠭᠡᠳᠡᠰᠦ ᠭᠠᠷᠴᠤ ᠰᠤᠷᠤᠭᠰᠠᠨ ᠬᠥᠮᠦᠰ ᠬᠠᠢᠴᠢ ᠪᠠᠨ ᠪᠢᠯᠡᠭᠦᠳᠡᠨ ᠥᠷᠯᠥᠭᠡ ᠪᠣᠯᠬᠤ ᠶ᠋ᠢ ᠬᠦᠯᠢᠶᠡᠵᠡᠢ᠃ ᠭᠠᠭᠴᠠ ᠴᠤ᠌ ᠡᠭᠦᠯᠡ ᠦᠭᠡᠢ ᠴᠡᠯᠮᠡᠭ ᠲᠩᠷᠢ ᠲᠡᠢ ᠰᠠᠢᠬᠠᠨ ᠥᠷᠯᠥᠭᠡ ᠲᠠᠮᠢᠷ ᠤ᠋ᠨ ᠬᠣᠢᠲᠤᠬᠢ ᠥᠷᠭᠡᠨ ᠵᠦᠯᠭᠡᠨ ᠳᠡᠭᠡᠷ᠎ᠡ ᠬᠡᠳᠦᠨ ᠮᠣᠷᠢ ᠲᠠᠢ ᠬᠥᠮᠦᠨ ᠬᠣᠨᠢ ᠬᠤᠷᠢᠶᠠᠵᠤ ᠤᠷᠲᠤ ᠤᠷᠲᠤ ᠬᠣᠯᠪᠣᠭ᠎ᠠ ᠨᠤᠭᠤᠳ ᠲᠤ᠌ ᠬᠣᠨᠢᠨ ᠤ᠋ ᠲᠣᠯᠣᠭᠠᠢ ᠱᠦᠷᠪᠦᠭᠡᠯᠡᠨ ᠢᠷᠠᠢᠪᠠ᠃
  ᠭᠠᠯ ᠲᠦᠯᠡᠵᠦ᠂ ᠰᠢᠷᠭᠠᠯᠲᠤᠭᠰᠠᠨ ᠠᠭᠠᠭ ᠲᠠᠢ ᠴᠠᠢ ᠬᠣᠨᠢᠨ ᠲᠣᠭᠣᠭᠠᠨ ᠳ᠋ᠤ᠌ ᠬᠥᠭᠡᠰᠦᠷᠡᠨ ᠪᠤᠴᠠᠯᠵᠤ᠂ ᠲᠣᠷᠬ᠎ᠠ ᠲᠠᠢ ᠠᠢᠷᠠᠭ ᠱᠤᠤᠭᠢᠨ ᠳᠥᠷᠪᠡ ᠲᠠᠪᠤᠨ ᠢᠮᠠᠭ᠎ᠠ ᠪᠣᠭᠣᠵᠤ᠂ ᠪᠢᠰᠢᠯᠠᠭ ᠠᠭᠠᠷᠤᠤᠯ ᠣᠪᠣᠭᠠᠯᠠᠭᠰᠠᠨ ᠲᠣᠮᠣ ᠴᠠᠷ᠎ᠠ ᠬᠥᠮᠦᠰ ᠢ᠋ ᠠᠵᠢᠯ ᠳ᠋ᠤ᠌ ᠳᠠᠯᠠᠯᠵᠤ ᠪᠠᠢᠯ᠎ᠠ᠃
  ᠊᠊᠊᠊᠊᠊᠊᠊᠊᠊᠊᠊᠊᠊᠊ ᠵᠠ ᠢᠳᠡᠵᠦ ᠤᠤᠭᠤᠵᠠᠭ᠎ᠠ᠃ ᠱᠠᠯᠠᠪᠬᠠᠨ ᠰᠢᠭ᠋ ᠬᠢᠷᠭᠠᠵᠤ ᠳᠠᠭᠤᠰᠤᠭᠠᠳ ᠣᠷᠣᠢ ᠴᠦ ᠬᠠᠶᠠᠵᠠᠭᠠᠶ᠎ᠠ ᠭᠡᠵᠦ ᠢᠲᠡᠭᠡᠯᠲᠦ ᠬᠠᠩᠭᠢᠨᠠᠭᠰᠠᠨ ᠳᠠᠭᠤ ᠪᠠᠷ ᠬᠡᠯᠡᠭᠡᠳ ᠠᠢᠯ ᠬᠡᠰᠦᠬᠦ ᠪᠡᠷ ᠬᠠᠲᠠᠷᠢᠭᠤᠯᠤᠨ ᠠᠯᠠᠭ᠎ᠠ ᠪᠣᠯᠪᠠ᠃
  ᠴᠤᠭᠯᠠᠭᠰᠠᠨ ᠡᠳᠦᠢ ᠲᠡᠳᠦᠢ ᠬᠥᠮᠦᠨ ᠴᠠᠳᠴᠤ ᠬᠠᠨᠲᠠᠯ᠎ᠠ ᠤᠤᠭᠤᠵᠤ ᠢᠳᠡᠨ᠂ ᠶᠠᠳᠠᠷᠠᠬᠤ ᠵᠦᠳᠡᠷᠡᠬᠦ ᠪᠡᠨ ᠮᠡᠳᠡᠬᠦ ᠦᠭᠡᠢ ᠤᠷᠤᠯᠳᠤᠨ ᠬᠣᠨᠢ ᠬᠢᠷᠭᠠᠪᠠ᠃
  ᠨᠢᠮ᠎ᠠ ᠣᠯᠠᠨ ᠤ᠋ ᠳᠤᠮᠳᠠᠭᠤᠷ ᠶᠠᠪᠤᠵᠤ 《ᠬᠠᠢᠴᠢ ᠨᠢ ᠬᠤᠷᠴᠠ᠂ ᠠᠬᠠᠷ ᠨᠢ ᠠᠷᠪᠢᠨ》 ᠭᠡᠬᠦ ᠪᠤᠶᠤ 《ᠤᠭᠤᠲᠠ ᠨᠢ ᠳᠦᠭᠦᠷᠡᠩ᠂ ᠤᠩᠭᠠᠰᠤ ᠨᠢ ᠮᠢᠨᠳᠠᠰᠤ》᠂ 《ᠭᠠᠷ ᠨᠢ ᠪᠤᠤ ᠶᠠᠳᠠᠷᠠ᠂ ᠭᠠᠷᠬᠤ ᠨᠢ ᠪᠤᠤ ᠪᠠᠭᠠᠰ》 ᠭᠡᠬᠦ ᠵᠡᠷᠭᠡ ᠪᠡᠷ ᠢᠷᠥᠭᠡᠨ ᠪᠠᠢᠭᠰᠠᠨ ᠢ᠋ᠶ᠋ᠠᠨ ᠥᠪᠡᠷ ᠢ᠋ᠶ᠋ᠡᠨ ᠬᠢᠷᠭᠠᠵᠤ ᠡᠬᠢᠯᠡᠪᠡ᠃
  ᠊᠊᠊᠊᠊᠊᠊᠊᠊᠊᠊᠊᠊᠊᠊ ᠢᠲᠡᠭᠡᠯᠲᠦ ᠭᠤᠸᠠᠢ ᠠᠵᠢᠯ ᠢ᠋ ᠮᠥᠨ ᠬᠢᠵᠦ ᠴᠢᠳᠠᠬᠤ ᠶᠤᠮ ᠳᠠ ᠭᠡᠵᠦ ᠲᠤᠯᠭᠠᠷ ᠤ᠋ᠨ ᠬᠡᠯᠡᠬᠦ ᠳ᠋ᠦ᠍ ᠬᠠᠵᠠᠭᠤ ᠳ᠋ᠤᠨᠢ ᠬᠣᠨᠢ ᠬᠢᠷᠭᠠᠵᠤ ᠪᠠᠢᠭᠰᠠᠨ ᠡᠷᠳᠡᠨᠢ ᠬᠠᠨᠴᠤᠢ ᠪᠠᠷ ᠢ᠋ᠶ᠋ᠠᠨ ᠬᠥᠯᠥᠰᠥ ᠪᠡᠨ ᠠᠷᠴᠢᠵᠤ᠂ ᠨᠢᠭᠤᠷ ᠢ᠋ᠶ᠋ᠠᠨ ᠦᠯᠢᠶᠡᠭᠰᠡᠨ ᠢ᠋ᠶ᠋ᠡᠨ᠄
  ᠊᠊᠊᠊᠊᠊᠊᠊᠊᠊᠊᠊᠊᠊᠊ ᠢᠩᠭᠢᠵᠦ ᠴᠢᠳᠠᠳᠠᠭ ᠲᠠᠭᠠᠨ ᠯᠠ ᠡᠢᠮᠦ ᠪᠠᠶᠠᠨ ᠪᠠᠢᠬᠤ ᠦᠭᠡᠢ ᠤᠤ ᠭᠡᠯ᠎ᠡ᠃
  ᠊᠊᠊᠊᠊᠊᠊᠊᠊᠊᠊᠊᠊᠊᠊ ᠴᠢᠳᠠᠯ ᠤᠬᠠᠭᠠᠨ ᠬᠣᠶᠠᠷ ᠨᠢ ᠴᠦ᠍ ᠳᠠᠯᠠᠢ ᠰᠢᠭ ᠶᠤᠮ ᠠ᠋᠃ ᠡᠢᠮᠦ ᠬᠥᠮᠦᠨ ᠢ᠋ ᠴᠦ᠍ ᠪᠤᠶᠠᠨ ᠳᠠᠭᠠᠭᠠᠯ ᠦᠭᠡᠢ ᠶᠠᠭᠠᠬᠢᠬᠤᠪ ᠳᠠ ᠭᠡᠳ ᠲᠤᠯᠭᠠᠷ ᠬᠠᠢᠴᠢ ᠤᠷᠤᠭᠤ ᠪᠠᠨ ᠨᠢᠯᠪᠤᠭᠰᠠᠨ ᠢ᠋ᠶ᠋ᠠᠨ ᠰᠢᠷ ᠰᠢᠷ ᠬᠢᠷᠭᠠᠵᠤ ᠡᠬᠢᠯᠡᠪᠡ᠃
  ᠦᠳᠡᠰᠢ ᠶ᠋ᠢᠨ ᠪᠦᠷᠦᠩᠬᠦᠢ ᠪᠣᠯᠬᠤ ᠳ᠋ᠤ᠌ ᠨᠢ ᠬᠣᠨᠢ ᠠᠬᠠᠷᠯᠠᠵᠤ ᠳᠠᠭᠤᠰᠤᠭᠠᠳ ᠵᠣᠭᠰᠣᠭᠰᠠᠨ ᠦᠭᠡᠢ ᠨᠣᠣᠰᠣ ᠪᠠᠨ ᠰᠠᠪᠠᠯᠠᠵᠤ ᠳᠠᠭᠤᠰᠤᠭᠰᠠᠨ ᠪᠠᠢᠯ᠎ᠠ᠃
  ᠠᠵᠢᠯ ᠢ᠋ᠶ᠋ᠠᠨ ᠭᠦᠢᠴᠡᠭᠰᠡᠨ ᠬᠥᠮᠦᠰ ᠠᠯᠠᠮᠠᠩ ᠰᠠᠷᠠᠨ ᠤ᠋ ᠲᠤᠩᠭᠠᠯᠠᠭ ᠭᠡᠷᠡᠯ ᠳ᠋ᠦ᠍ ᠴᠦ ᠬᠠᠶᠠᠵᠤ ᠪᠠᠶᠠᠷ ᠬᠥᠷ ᠪᠣᠯᠵᠠᠢ᠃ ᠢᠲᠡᠭᠡᠯᠲᠦ ᠴᠦ᠍ ᠣᠯᠠᠨ ᠲᠠᠢ ᠪᠤᠵᠢᠭᠢᠨᠠᠵᠤ ᠨᠢᠭᠡ ᠲᠠᠯ᠎ᠠ ᠶ᠋ᠢ ᠲᠣᠯᠣᠭᠠᠢᠯᠠᠨ ᠲᠣᠭᠯᠠᠪᠠ᠃ ᠲᠤᠯᠭᠠᠷ ᠴᠠᠭᠠᠨ ᠮᠣᠳᠣ ᠡᠷᠢᠭᠡᠳ ᠭᠠᠵᠠᠷ ᠱᠠᠭᠠᠢᠨ ᠶᠠᠪᠤᠵᠤ ᠪᠠᠢᠲᠠᠯ᠎ᠠ ᠢᠲᠡᠭᠡᠯᠲᠦ ᠳᠡᠷᠭᠡᠳᠡ ᠨᠢ ᠢᠷᠡᠯ᠎ᠡ᠃
  ᠊᠊᠊᠊᠊᠊᠊᠊᠊᠊᠊᠊᠊᠊᠊ ᠴᠢ ᠣᠯᠴᠢᠬᠠᠭᠠᠳ᠂ ᠰᠡᠢᠮᠡᠬᠡᠢ ᠬᠠᠷᠠᠵᠤ ᠪᠠᠢᠭᠠᠳ ᠵᠢᠭᠤᠲᠠᠴᠢᠬᠠᠬᠤ ᠭᠡᠵᠦ ᠶᠠᠪᠤᠨ᠎ᠠ ᠤᠤ?
  ᠊᠊᠊᠊᠊᠊᠊᠊᠊᠊᠊᠊᠊᠊᠊ ᠦᠭᠡᠢ ᠴᠢᠰ᠂ ᠣᠯᠤᠭ᠎ᠠ ᠦᠭᠡᠢ᠃ ᠶᠡᠷᠦ ᠣᠯᠳᠠᠬᠤ ᠦᠭᠡᠢ ᠶᠤᠮ᠃
  ᠊᠊᠊᠊᠊᠊᠊᠊᠊᠊᠊᠊᠊᠊᠊ ᠲᠡᠢᠮᠦ ᠪᠣᠢ᠂ ᠦᠵᠡᠨ᠎ᠡ ᠳᠡ ᠭᠡᠳ ᠭᠠᠷ ᠡᠴᠡ ᠨᠢ ᠪᠠᠷᠢᠵᠤ ᠠᠪᠤᠯ᠎ᠠ᠃
  ᠲᠤᠯᠭᠠᠷ ᠲᠣᠭᠯᠠᠭᠠᠮ ᠡᠴᠡ ᠥᠭᠡᠷ᠎ᠡ ᠶᠠᠭᠤᠮ᠎ᠠ ᠪᠣᠳᠣᠭᠰᠠᠨ ᠦᠭᠡᠢ᠃ ᠬᠠᠷᠢᠨ ᠢᠲᠡᠭᠡᠯᠲᠦ ᠴᠠᠭ ᠦᠷᠭᠦᠯᠵᠢ ᠪᠣᠳᠣᠵᠤ ᠶᠠᠪᠤᠳᠠᠭ ᠬᠦᠰᠡᠯ ᠦ᠋ᠨ ᠢ᠋ᠶ᠋ᠡᠨ ᠬᠠᠭᠠᠯᠭ᠎ᠠ ᠶ᠋ᠢ ᠶᠠᠳᠠᠬᠤ ᠳ᠋ᠠᠭᠠᠨ ᠨᠡᠭᠡᠭᠡᠶ᠎ᠡ ᠭᠡᠵᠦ ᠰᠢᠢᠳᠦᠭᠡᠳ ᠲᠤᠯᠭᠠᠷ ᠢ᠋ ᠪᠠᠷᠢᠵᠤ ᠠᠪᠤᠯ᠎ᠠ᠃
  ᠊᠊᠊᠊᠊᠊᠊᠊᠊᠊᠊᠊᠊᠊᠊ ᠢᠲᠡᠭᠡᠯᠲᠦ ᠭᠤᠸᠠᠢ᠂ ᠨᠠᠳᠠ ᠪᠠᠢᠬᠤ ᠦᠭᠡᠢ᠃ ᠦᠨᠡᠬᠡᠷ ᠪᠢ ᠣᠯᠤᠭ᠎ᠠ ᠦᠭᠡᠢ᠃
  ᠊᠊᠊᠊᠊᠊᠊᠊᠊᠊᠊᠊᠊᠊᠊ ᠲᠡᠢᠮᠦ ᠪᠣᠢ᠃ ᠥᠭᠬᠦ ᠦᠭᠡᠢ ᠪᠣᠯ ᠭᠡᠵᠢᠭᠡᠳᠡᠨ᠎ᠡ᠂ ᠪᠠᠰᠠ ᠲᠡᠭᠡᠭᠡᠳ ᠁ ᠭᠡᠳ ᠪᠦᠷ ᠲᠡᠪᠡᠷᠢᠨ ᠬᠥᠬᠥ ᠳᠠᠯᠠᠩ ᠢ᠋ ᠨᠢ ᠪᠠᠵᠠᠪᠠ᠃
  ᠬᠡᠷᠡᠭ ᠦ᠋ᠨ ᠤᠴᠢᠷ ᠪᠤᠷᠤᠭᠤ ᠲᠠᠰᠢ ᠪᠠᠨ ᠬᠠᠨᠳᠤᠵᠤ ᠪᠠᠢᠭ᠎ᠠ ᠶ᠋ᠢ ᠲᠤᠯᠭᠠᠷ ᠣᠢᠯᠭᠠᠵᠤ 《ᠨᠠᠳᠠ ᠪᠠᠢᠬᠤ ᠦᠭᠡᠢ᠂ ᠲᠠᠯᠪᠢᠭᠠᠴᠢ ᠳᠠ》 ᠭᠡᠬᠦ ᠳ᠋ᠦ᠍ ᠢᠲᠡᠭᠡᠯᠲᠦ ᠲᠠᠯᠪᠢᠬᠤ ᠶ᠋ᠢ ᠪᠢᠲᠡᠭᠡᠢ ᠬᠡᠯᠡ ᠳᠠᠷᠤᠵᠤ ᠠᠪᠤᠯ᠎ᠠ᠃
  ᠊᠊᠊᠊᠊᠊᠊᠊᠊᠊᠊᠊᠊᠊᠊ ᠲᠠᠯᠪᠢᠭᠠᠴᠢ ᠳᠠ ᠁ ᠠᠮᠢᠲᠠᠨ ᠶᠠᠭᠤ ᠭᠡᠵᠦ ᠬᠡᠯᠡᠬᠦ ᠪᠣᠢ!
  《ᠡᠨᠳᠡ ᠣᠯᠤᠭᠠᠳ ᠵᠢᠭᠤᠲᠠᠯ᠎ᠠ᠃ ᠪᠠᠷᠢᠭᠠᠳ ᠠᠪᠤᠭᠠᠷᠠᠢ》 ᠭᠡᠵᠦ ᠬᠥᠮᠦᠰ ᠬᠠᠰᠬᠢᠷᠤᠯᠳᠤᠨ ᠭᠦᠶᠦᠵᠡᠭᠡᠪᠡ᠃
  ᠊᠊᠊᠊᠊᠊᠊᠊᠊᠊᠊᠊᠊᠊᠊ ᠲᠡᠷᠡ ᠬᠡᠯᠡᠭᠡ ᠦᠭᠡᠢ ᠤᠤ᠃ ᠲᠡᠨᠳᠡ ᠣᠯᠵᠤ ᠭᠡᠨ᠎ᠡ ᠭᠡᠳ ᠲᠤᠯᠭᠠᠷ ᠬᠦᠴᠦᠯᠡᠨ ᠪᠣᠰᠤᠭᠠᠳ ᠭᠦᠶᠦᠪᠡ᠃
  ᠢᠲᠡᠭᠡᠯᠲᠦ ᠬᠣᠢᠨ᠎ᠠ ᠡᠴᠡ ᠨᠢ ᠤᠷᠮ᠎ᠠ ᠦᠭᠡᠢ ᠬᠠᠷᠠᠵᠤ 《ᠭᠠᠢᠭᠤᠢ ᠳᠠ᠃ ᠶᠠᠮᠠᠷ ᠰᠠᠢᠬᠠᠨ ᠪᠡᠶ᠎ᠡ ᠲᠡᠢ ᠳᠠᠮᠰᠢᠭ ᠪᠣᠢ》 ᠭᠡᠵᠦ ᠳᠣᠲᠣᠷ᠎ᠠ ᠪᠠᠨ ᠰᠢᠪᠡᠭᠡᠨᠡᠭᠡᠳ ᠪᠣᠰᠴᠤ ᠬᠡᠳᠦ ᠠᠯᠬᠤᠭᠰᠠᠨ ᠢ᠋ᠶ᠋ᠠᠨ ᠳᠤᠷ᠎ᠠ ᠲᠠᠢ ᠳᠤᠷ᠎ᠠ ᠦᠭᠡᠢ ᠭᠦᠶᠦᠪᠡ᠃
  ᠰᠥᠨᠢ ᠳᠤᠮᠳᠠ ᠶ᠋ᠢᠨ ᠦᠶ᠎ᠡ ᠳ᠋ᠦ᠍᠂ ᠲᠣᠭᠯᠠᠭᠠᠮ ᠳᠠᠭᠤᠰᠴᠤ ᠬᠥᠮᠦᠰ ᠦ᠋ᠨ ᠵᠠᠷᠢᠮ ᠨᠢ ᠭᠡᠷ ᠭᠡᠷ ᠲᠡᠭᠡᠨ᠂ ᠵᠠᠷᠢᠮ ᠨᠢ ᠢᠲᠡᠭᠡᠯᠲᠦ ᠶ᠋ᠢᠨ ᠲᠤᠰᠬᠠᠢᠯᠠᠨ ᠪᠠᠷᠢᠭᠰᠠᠨ ᠲᠣᠮᠣ ᠬᠥᠬᠡ ᠮᠠᠢᠬᠠᠨ ᠳ᠋ᠤ᠌ ᠪᠢᠲᠡᠭᠦᠦ ᠳᠡᠪᠢᠰᠦᠭᠰᠡᠨ ᠢᠰᠡᠭᠡᠢ ᠳᠡᠭᠡᠷ᠎ᠡ ᠪᠦᠬᠦᠯᠢ ᠪᠡᠷ ᠢ᠋ᠶ᠋ᠡᠨ ᠥᠩᠬᠥᠷᠢᠨ ᠤᠨᠠᠪᠠ᠃
  ᠰᠠᠷᠠ ᠲᠠᠢ ᠰᠥᠨᠢ ᠶ᠋ᠢᠨ ᠤᠯᠠᠭᠠᠨ ᠣᠳᠣ ᠭᠢᠯᠲᠠᠭᠠᠨᠠᠨ ᠠᠨᠢᠪᠴᠢᠵᠤ ᠨᠠᠮᠤᠷ ᠤ᠋ᠨ ᠰᠥᠨᠢ ᠶ᠋ᠢᠨ ᠰᠡᠷᠢᠭᠦᠨ ᠪᠥᠭᠡᠳ ᠠᠷᠢᠭᠤᠬᠠᠨ ᠰᠠᠯᠬᠢ ᠰᠡᠷ ᠰᠡᠷ ᠦᠯᠢᠶᠡᠵᠦ ᠠᠵᠢᠯ᠂ ᠲᠣᠭᠯᠠᠭᠠᠮ ᠳ᠋ᠤ᠌ ᠶᠠᠳᠠᠷᠠᠭᠰᠠᠨ ᠬᠥᠮᠦᠰ ᠲᠦ᠍ ᠰᠢᠨ᠎ᠡ ᠬᠦᠴᠦ ᠵᠠᠯᠭᠠᠨ ᠥᠭᠭᠦᠨ᠎ᠡ᠃ ᠲᠠᠮᠢᠷ ᠤ᠋ᠨ ᠭᠣᠣᠯ ᠱᠤᠤᠭᠢᠨ ᠤᠷᠤᠰᠬᠤ ᠨᠢ ᠴᠢᠬᠢᠨ ᠦ᠌ ᠦᠵᠦᠭᠦᠷ ᠲᠦ᠍ ᠰᠣᠨᠣᠰᠤᠭᠳᠠᠨ᠎ᠠ᠃
  ᠭᠠᠯᠰᠠᠩ ᠳᠤᠯᠮ᠎ᠠ ᠬᠣᠶᠠᠷ ᠰᠠᠪᠠ ᠰᠠᠭᠤᠯᠠᠭ᠎ᠠ ᠪᠠᠨ ᠴᠡᠪᠡᠷᠯᠡᠵᠦ ᠳᠠᠭᠤᠰᠤᠭᠠᠳ ᠭᠡᠷ ᠲᠡᠭᠡᠨ ᠣᠷᠣᠬᠤ ᠳ᠋ᠤ᠌ ᠪᠢᠲᠡᠭᠦᠦ ᠪᠦᠭᠴᠢᠮ ᠠᠭᠠᠷ ᠨᠢᠭᠤᠷ ᠤᠷᠤᠭᠤ ᠨᠢ ᠴᠣᠬᠢᠪᠠ᠃
  ᠊᠊᠊᠊᠊᠊᠊᠊᠊᠊᠊᠊᠊᠊᠊ ᠡᠨᠡ ᠦᠮᠡᠬᠡᠢ ᠪᠦᠭᠴᠢᠮ ᠭᠡᠷ ᠲᠦ᠍ ᠤᠨᠲᠠᠭᠰᠠᠨ ᠡᠴᠡ ᠭᠠᠳᠠᠨ᠎ᠠ ᠤᠨᠲᠠᠶ᠎ᠠ ᠭᠡᠳ ᠳᠤᠯᠮ᠎ᠠ ᠳᠡᠪᠡᠯ᠂ ᠳᠡᠪᠢᠰᠬᠡᠷ ᠠᠪᠴᠤ ᠭᠠᠷᠬᠤ ᠳ᠋ᠤᠨᠢ ᠭᠠᠯᠰᠠᠩ 《ᠬᠡᠨ ᠦ᠌ ᠢᠨᠠ ᠦᠭᠡᠢ ᠲᠡᠭᠡᠶ᠎ᠡ》 ᠭᠡᠳ ᠳᠠᠭᠠᠵᠤ ᠭᠠᠷᠤᠯ᠎ᠠ᠃
  ᠊᠊᠊᠊᠊᠊᠊᠊᠊᠊᠊᠊᠊᠊᠊ ᠮᠠᠨᠠᠢ ᠠᠬ᠎ᠠ ᠲᠤᠯᠭᠠᠷ ᠢ᠋ ᠳᠥᠩᠭᠡᠬᠦ ᠭᠡᠳ ᠯᠡ ᠪᠠᠢᠭ᠎ᠠ ᠪᠣᠯᠤᠯᠲᠠᠢ ᠭᠡᠳ ᠭᠠᠯᠰᠠᠩ ᠢᠰᠢᠭᠡ ᠰᠢᠭ ᠮᠠᠢᠯᠠᠨ ᠢᠨᠢᠶᠡᠪᠡ᠃
  ᠊᠊᠊᠊᠊᠊᠊᠊᠊᠊᠊᠊᠊᠊᠊ ᠡᠷᠳᠡᠨᠢ ᠭᠤᠸᠠᠢ ᠳ᠋ᠤ᠌ ᠬᠦᠵᠦᠭᠦᠦ ᠪᠡᠨ ᠮᠤᠰᠬᠢᠭᠤᠯᠬᠤ ᠨᠢ ᠯᠡ ᠳᠡ᠃
  ᠊᠊᠊᠊᠊᠊᠊᠊᠊᠊᠊᠊᠊᠊᠊ ᠪᠤᠶᠠᠨ ᠲᠠᠢ᠂ ᠴᠢᠳᠠᠯ ᠲᠠᠢ ᠬᠥᠮᠦᠨ ᠴᠦ᠍ ᠬᠦᠰᠡᠭᠰᠡᠨ ᠢ᠋ᠶ᠋ᠡᠨ ᠯᠡ ᠬᠢᠨ᠎ᠡ ᠯᠡ ᠳᠡ᠃
  ᠊᠊᠊᠊᠊᠊᠊᠊᠊᠊᠊᠊᠊᠊᠊ ᠡᠷᠳᠡᠨᠢ ᠭᠤᠸᠠᠢ᠂ ᠴᠢ ᠪᠢᠰᠢ ᠪᠣᠯᠬᠣᠷ᠂ ᠳᠡᠪᠬᠡᠷᠦᠭᠰᠡᠨ ᠭᠠᠵᠠᠷ ᠨᠢ ᠳᠠᠷᠤᠭᠠᠳ ᠠᠪᠤᠨ᠎ᠠ ᠯᠠ ᠳᠠ᠃
  ᠊᠊᠊᠊᠊᠊᠊᠊᠊᠊᠊᠊᠊᠊᠊ ᠭᠢᠴᠢᠢ ᠮᠢᠨᠢ ᠪᠤᠶᠠᠨ ᠲᠠᠢ ᠬᠥᠮᠦᠨ ᠢ᠋ ᠲᠡᠭᠡᠵᠦ ᠪᠣᠯᠬᠤ ᠦᠭᠡᠢ᠂ ᠠᠯᠳᠠᠰ ᠪᠣᠯᠤᠨ᠎ᠠ ᠁ ᠬᠠᠮᠲᠤ ᠤᠨᠲᠠᠶ᠎ᠠ ᠯᠠ ᠳᠠ᠃
  ᠊᠊᠊᠊᠊᠊᠊᠊᠊᠊᠊᠊᠊᠊᠊ ᠴᠢᠮ᠎ᠠ ᠲᠠᠢ ᠤᠨᠲᠠᠭᠰᠠᠨ ᠡᠴᠡ ᠮᠡᠯᠡᠬᠡᠢ ᠡᠪᠦᠷᠲᠦᠯᠡᠵᠦ ᠤᠨᠲᠠᠪᠠᠯ ᠳᠤᠯᠠᠭᠠᠬᠠᠨ ᠪᠠᠢᠬ᠎ᠠ ᠠ᠋᠃
  ᠊᠊᠊᠊᠊᠊᠊᠊᠊᠊᠊᠊᠊᠊᠊ ᠳᠡᠮᠡᠢ ᠪᠢᠲᠡᠭᠡᠢ ᠲᠣᠩᠭᠣᠰ᠃ ᠠᠪᠠᠯᠢ ᠨᠥᠬᠥᠷ ᠢ᠋ᠶ᠋ᠡᠨ ᠠᠳᠠ ᠦᠵᠡᠬᠦ ᠨᠢ ᠤᠤ ᠳᠠ᠃
  ᠊᠊᠊᠊᠊᠊᠊᠊᠊᠊᠊᠊᠊᠊᠊ ᠠᠯᠢ ᠡᠷᠲᠡ ᠶ᠋ᠢᠨ ᠬᠡᠷᠡᠭ ᠪᠠᠢᠬᠤ ᠦᠭᠡᠢ ᠤᠤ ᠳᠠ᠂ ᠠᠷᠴᠠᠭ᠎ᠠ ᠦᠭᠡᠢ ᠪᠢ ᠯᠡ ᠲᠡᠰᠴᠦ ᠪᠠᠢᠭ᠎ᠠ ᠪᠣᠯᠬᠤ ᠡᠴᠡ ᠁
  ᠊᠊᠊᠊᠊᠊᠊᠊᠊᠊᠊᠊᠊᠊᠊ ᠪᠢᠲᠡᠭᠡᠢ ᠲᠣᠩᠭᠣᠰ ᠭᠡᠳ ᠭᠠᠯᠰᠠᠩ ᠠᠵᠢᠭ ᠦᠭᠡᠢ ᠢᠨᠢᠶᠡᠮᠰᠦᠭᠯᠡᠭᠰᠡᠨ ᠢ᠋ᠶ᠋ᠡᠨ ᠳᠤᠯᠮ᠎ᠠ ᠶ᠋ᠢᠨ ᠬᠠᠵᠠᠭᠤ ᠪᠠᠷ ᠬᠡᠪᠲᠡᠪᠡ᠃
  ᠪᠤᠷᠤᠭᠤ ᠬᠠᠷᠠᠭᠰᠠᠨ ᠳᠤᠯᠮ᠎ᠠ ᠶ᠋ᠢᠨ ᠠᠷᠤ ᠳ᠋ᠤ᠌ ᠡᠬᠡ ᠳ᠋ᠡᠭᠡᠨ ᠵᠠᠩᠨᠠᠭᠤᠯᠤᠭᠰᠠᠨ ᠬᠡᠦᠬᠡᠳ ᠰᠢᠭ ᠰᠠᠨᠠᠭ᠎ᠠ ᠠᠯᠲᠠᠨ ᠬᠡᠰᠡᠭ ᠬᠡᠪᠲᠡᠭᠰᠡᠨ ᠢ᠋ᠶ᠋ᠡᠨ 《ᠳᠤᠯᠮ᠎ᠠ ᠠ᠋᠂ ᠨᠡᠰᠢ ᠬᠠᠷᠠᠭᠠᠴᠢ ᠳᠠ》 ᠭᠡᠯ᠎ᠡ᠃
  ᠬᠠᠷᠢᠭᠤ ᠨᠢ ᠡᠨᠡ ᠭᠡᠰᠡᠨ ᠶᠤᠮ ᠰᠢᠭ ᠳᠤᠯᠮ᠎ᠠ ᠶ᠋ᠢᠨ ᠤᠨᠲᠠᠭᠰᠠᠨ ᠵᠢᠭᠳᠡ ᠠᠮᠢᠰᠬᠤᠯ ᠰᠣᠨᠣᠰᠳᠠᠪᠠ᠃