ᠲᠤᠩᠭᠠᠯᠠᠭ ᠲᠠᠮᠢᠷ2-01-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠶᠠᠪᠤᠭᠰᠠᠨ ᠨᠣᠬᠠᠢ ᠶᠠᠰᠤ ᠵᠠᠭᠤᠨ᠎ᠠ》 - ᠬᠣᠶᠠᠳᠤᠭᠠᠷ ᠪᠦᠯᠦᠭ ᠨᠢᠭᠡ
ᠢᠳᠡᠷ ᠭᠤᠷᠪᠠᠨ ᠶᠢᠰᠦᠨ ᠦ᠌ ᠬᠦᠢᠲᠡᠨ ᠡᠬᠢᠯᠡᠭᠰᠡᠨ ᠡᠪᠦᠯ ᠦ᠋ᠨ ᠨᠢᠭᠡ ᠣᠷᠣᠢ ᠥᠷᠭᠡᠨ ᠲᠠᠯ᠎ᠠ ᠶ᠋ᠢ ᠪᠠᠷᠠᠭᠤᠨ ᠡᠴᠡ ᠵᠡᠭᠦᠨ ᠳᠠᠰᠢ ᠵᠦᠰᠦᠵᠦ ᠭᠠᠷᠤᠭᠰᠠᠨ ᠵᠠᠮ ᠢ᠋ᠶ᠋ᠠᠷ ᠯᠠᠮᠠ ᠵᠠᠬ᠎ᠠ ᠲᠠᠢ ᠤᠷᠠᠩᠬᠠᠢ ᠤᠯᠠᠭᠠᠨ ᠬᠦᠷᠡᠩ ᠳᠡᠪᠡᠯ ᠲᠡᠢ ᠪᠠᠨᠳᠢ ᠰᠦᠷᠡᠬᠡᠢ ᠶᠠᠳᠠᠷᠠᠵᠤ ᠲᠠᠭᠠᠷᠠᠭᠰᠠᠨ ᠪᠣᠯᠤᠯᠲᠠᠢ ᠡᠯᠢᠭᠡ ᠪᠡᠨ ᠲᠡᠪᠡᠷᠢᠨ ᠬᠡᠯᠲᠦᠷᠢᠵᠦ ᠶᠠᠪᠤᠯ᠎ᠠ᠃ ᠬᠠᠮᠠᠷ ᠨᠢ ᠪᠣᠷᠣᠭᠠᠨ ᠤ᠋ ᠬᠣᠨᠢ ᠰᠢᠭ᠋ ᠱᠤᠤᠬᠢᠲᠤᠨᠠᠨ ᠶᠠᠪᠤᠭ᠎ᠠ ᠡᠨᠡ ᠬᠦᠦ ᠪᠣᠯ ᠪᠢᠳᠡᠨ ᠦ᠌ ᠲᠠᠨᠢᠯ ᠪᠠᠲᠤ ᠪᠠᠢᠪᠠ᠃
ᠴᠤᠴᠠᠭᠰᠠᠨ ᠬᠥᠯ ᠨᠢ ᠲᠣᠮᠣᠳᠠᠭᠰᠠᠨ ᠭᠤᠲᠤᠯ ᠢ᠋ᠶ᠋ᠠᠨ ᠳᠠᠭᠠᠭᠠᠬᠤ ᠦᠭᠡᠢ ᠫᠡᠷ ᠫᠡᠷ ᠴᠢᠷᠴᠦ᠂ ᠡᠪᠦᠳᠦᠭ ᠢ᠋ᠶ᠋ᠡᠷ ᠢ᠋ᠶ᠋ᠡᠨ ᠨᠤᠭᠤᠷᠠᠬᠤ ᠰᠢᠬᠠᠪᠠᠴᠤ ᠡᠴᠢᠭᠡ ᠪᠡᠨ ᠮᠥᠷᠥᠭᠡᠳᠬᠦ ᠰᠡᠳᠬᠢᠯ ᠨᠢ ᠲᠡᠭᠦᠨ ᠢ᠋ ᠬᠥᠲᠥᠯᠦᠨ ᠶᠠᠪᠤᠭᠤᠯᠵᠤ ᠪᠠᠢᠵᠠᠢ᠃
ᠪᠠᠲᠤ ᠬᠦᠷᠢᠶ᠎ᠡ ᠣᠷᠣᠭᠠᠳ ᠰᠤᠷᠠᠭ ᠦᠭᠡᠢ ᠪᠣᠯᠤᠭᠰᠠᠨ ᠡᠴᠢᠭᠡ ᠲᠡᠢ ᠪᠡᠨ ᠠᠭᠤᠯᠵᠠᠬᠤ ᠪᠠᠷ ᠰᠢᠭᠤᠳᠴᠤ ᠵᠠᠶ᠎ᠠ ᠶ᠋ᠢᠨ ᠬᠦᠷᠢᠶ᠎ᠡ ᠡᠴᠡ ᠭᠠᠷᠤᠭᠠᠳ ᠬᠡᠳᠦ ᠬᠣᠨᠣᠭ ᠶᠠᠪᠤᠭᠠᠳ ᠡᠨᠳᠡ ᠢᠷᠡᠵᠡᠢ᠃ 《ᠡᠵᠢ ᠴᠢᠨᠢ ᠠᠪᠤ ᠶ᠋ᠢ ᠴᠢᠨᠢ ᠭᠣᠮᠣᠳᠠᠭᠠᠭᠰᠠᠨ᠂ ᠠᠪᠤ ᠨᠢ ᠬᠦᠷᠢᠶ᠎ᠡ ᠣᠷᠣᠵᠤ ᠲᠥᠪᠬᠢᠨᠡᠮᠡᠭᠴᠡ ᠡᠷᠭᠢᠵᠦ ᠬᠦᠦ ᠪᠡᠨ ᠠᠪᠤᠨ᠎ᠠ》 ᠭᠡᠰᠡᠨ ᠦᠭᠡ ᠪᠠᠢᠨ ᠪᠠᠢᠨ ᠴᠢᠬᠢᠨ᠎ᠡ ᠰᠣᠨᠣᠰᠤᠭᠳᠠᠨ᠎ᠠ᠃ ᠭᠡᠲᠡᠯ᠎ᠡ ᠠᠪᠤ ᠨᠢ ᠡᠳᠦᠢ ᠪᠣᠯᠬᠤ ᠳ᠋ᠤ᠌ ᠡᠷᠭᠢᠵᠦ ᠢᠷᠡᠬᠦ ᠪᠠᠢᠲᠤᠭᠠᠢ᠂ ᠰᠤᠷᠠᠭ ᠴᠢᠮᠡᠭᠡ ᠥᠭᠭᠦᠭᠰᠡᠨ ᠦᠭᠡᠢ ᠶ᠋ᠢ ᠪᠣᠳᠣᠬᠤ ᠳ᠋ᠤ᠌ ᠶᠠᠮᠠᠷ ᠨᠢᠭᠡᠨ ᠰᠦᠷᠡᠬᠡᠢ ᠰᠠᠭᠠᠳ ᠲᠣᠳᠬᠠᠷ ᠤᠴᠠᠷᠠᠭᠰᠠᠨ ᠮᠡᠲᠦ ᠰᠠᠨᠠᠭᠳᠠᠨ᠎ᠠ᠃
ᠠᠪᠤ ᠶ᠋ᠢᠨ ᠢ᠋ᠶ᠋ᠡᠨ ᠲᠤᠬᠠᠢ ᠡᠳᠦᠷ ᠦ᠋ᠨ ᠪᠣᠳᠣᠯ ᠰᠥᠨᠢ ᠶ᠋ᠢᠨ ᠵᠡᠭᠦᠳᠦ ᠪᠣᠯᠵᠤ᠂ ᠡᠴᠦᠰ ᠲᠦ᠋ᠨᠢ ᠲᠡᠭᠦᠨ ᠦ᠌ ᠬᠣᠢᠨ᠎ᠠ ᠡᠴᠡ ᠶᠠᠪᠤᠬᠤ ᠪᠠᠷ ᠬᠠᠲᠠᠭᠤ ᠰᠢᠢᠳᠦᠭᠡᠳ ᠬᠣᠩᠭᠣᠷ ᠢ᠋ ᠬᠠᠮᠲᠤ ᠶᠠᠪᠤᠶ᠎ᠠ ᠭᠡᠬᠦ ᠳ᠋ᠦ᠍ 《ᠡᠪᠦᠭᠡᠨ ᠴᠢᠨᠢ ᠠᠪᠤ ᠡᠵᠢ᠂ ᠳᠡᠭᠦᠦ ᠡᠳ᠋ ᠬᠥᠷᠥᠩᠭᠡ ᠪᠡᠨ ᠬᠠᠶᠠᠭᠠᠳ ᠶᠠᠪᠤᠵᠤ ᠪᠣᠯᠬᠤ ᠦᠭᠡᠢ᠃ ᠬᠠᠷᠢᠨ ᠴᠢᠮᠠᠲᠤ ᠲᠤᠰᠠ ᠪᠣᠯᠤᠶ᠎ᠠ》 ᠭᠡᠳ ᠵᠢᠷᠭᠤᠭᠠᠨ ᠰᠣᠨᠣᠮ ᠬᠠᠳᠠᠭ᠂ ᠬᠡᠳᠦᠨ ᠳᠤᠭᠤᠢ ᠬᠡᠪᠰᠢ ᠯᠠᠮᠠ ᠡᠴᠡ ᠬᠤᠯᠠᠭᠠᠢᠯᠠᠨ ᠠᠪᠴᠤ ᠥᠭᠭᠦᠭᠰᠡᠨ ᠪᠥᠯᠥᠭᠡ᠃ ᠲᠡᠭᠡᠭᠡᠳ ᠰᠠᠯᠬᠤ ᠳ᠋ᠠᠭᠠᠨ ᠪᠤᠯᠠᠭᠠᠨ ᠠᠭᠤᠯᠠ ᠶ᠋ᠢᠨ ᠥᠪᠥᠷ ᠲᠦ᠍ ᠤᠷᠭᠤᠭᠰᠠᠨ ᠬᠣᠶᠠᠷ ᠮᠤᠨᠤᠰᠤ ᠶ᠋ᠢᠨ ᠳᠡᠷᠭᠡᠳᠡ ᠣᠴᠢᠵᠤ᠂ ᠦᠯᠢᠭᠡᠷ ᠲᠦ᠍ ᠭᠠᠷᠳᠠᠭ ᠢ᠋ ᠳᠠᠭᠤᠷᠢᠶᠠᠨ ᠨᠢᠭᠡ ᠨᠢᠭᠡ ᠪᠡᠷ ᠬᠤᠪᠢᠶᠠᠷᠢᠯᠠᠨ ᠠᠪᠤᠭᠠᠳ 《ᠠᠵᠠ ᠲᠠᠢ ᠰᠠᠢᠨ ᠶᠠᠪᠤᠪᠠᠯ ᠮᠣᠳᠣ ᠮᠠᠨᠢ ᠴᠡᠴᠡᠭᠯᠡᠵᠦ᠂ ᠮᠠᠭᠤ ᠶᠠᠪᠤᠵᠤ ᠳᠣᠷᠣᠢᠲᠠᠪᠠᠯ ᠨᠠᠪᠴᠢ ᠴᠡᠴᠡᠭ ᠨᠢ ᠤᠨᠠᠵᠤ ᠬᠤᠪᠠᠬᠠᠢᠷᠠᠳᠠᠭ᠃ ᠲᠣᠮᠣ ᠪᠣᠯᠤᠭᠠᠳ ᠠᠭᠤᠯᠵᠠᠬᠤ ᠦᠭᠡᠢ ᠪᠣᠯ ᠬᠡᠨ ᠠᠮᠢᠳᠤ ᠮᠠᠨᠢ ᠢᠷᠡᠵᠦ ᠦᠵᠡᠵᠦ ᠪᠠᠢᠶ᠎ᠠ》 ᠭᠡᠵᠦ ᠶᠠᠷᠢᠯᠴᠠᠭᠰᠠᠨ ᠪᠢᠯᠡ᠃
ᠬᠡᠰᠡᠭ ᠠᠮᠠᠷᠠᠵᠤ ᠰᠠᠭᠤᠭᠠᠳ ᠪᠣᠰᠴᠤ ᠠᠯᠬᠤᠪᠠ᠃ ᠲᠩᠷᠢ ᠳ᠋ᠦ᠍ ᠲᠦᠷᠦᠭᠦᠴᠢ ᠶ᠋ᠢᠨ ᠣᠳᠣᠨ ᠭᠢᠯᠠᠯᠵᠠᠵᠤ ᠡᠬᠢᠯᠡᠭᠰᠡᠨ ᠡᠴᠡ ᠤᠳᠠᠯ ᠦᠭᠡᠢ ᠦᠢ ᠲᠦᠮᠡᠨ ᠣᠳᠣᠨ ᠮᠢᠷᠠᠯᠵᠠᠪᠠ᠃ ᠦᠳᠡᠰᠢ ᠶ᠋ᠢᠨ ᠬᠦᠢᠲᠡᠨ ᠰᠠᠯᠬᠢ ᠤᠷᠠᠩᠬᠠᠢ ᠳᠡᠪᠡᠯ ᠢ᠋ ᠨᠢ ᠨᠡᠪᠲᠡ ᠦᠯᠢᠶᠡᠵᠦ᠂ ᠡᠷᠡᠦ ᠲᠣᠯᠣᠭᠠᠢ ᠨᠢ ᠠᠶᠠᠨᠳᠠᠭᠠᠨ ᠵᠣᠳᠣᠯᠳᠤᠪᠠ᠃ ᠭᠦᠶᠦᠪᠡᠯ ᠳᠤᠯᠠᠭᠠᠴᠠᠬᠤ ᠪᠣᠯᠪᠠᠴᠤ ᠬᠥᠯ ᠨᠢ ᠪᠡᠭᠡᠷᠡᠵᠦ ᠬᠥᠰᠢᠯᠳᠦᠬᠦ ᠠᠵᠢ᠃
ᠵᠠᠮ ᠬᠥᠭᠡᠭᠡᠵᠦ ᠭᠠᠷᠬᠤ ᠳ᠋ᠠᠭᠠᠨ ᠡᠬᠡ ᠲᠡᠢ ᠪᠡᠨ ᠠᠭᠤᠯᠵᠠᠶ᠎ᠠ ᠭᠡᠵᠦ ᠪᠣᠳᠣᠭᠰᠠᠨ᠃ ᠭᠡᠪᠡᠴᠦ ᠨᠢᠭᠡᠳᠦᠭᠡᠷ ᠲᠦ᠍ ᠪᠤᠴᠠᠭᠠᠨ ᠬᠦᠷᠭᠡᠵᠦ ᠥᠭᠬᠦ ᠡᠴᠡ ᠠᠶᠤᠭᠰᠠᠨ᠂ ᠬᠣᠶᠠᠳᠤᠭᠠᠷ ᠲᠤ᠌ ᠠᠬ᠎ᠠ ᠭᠡᠵᠦ ᠠᠪᠤᠭᠠᠢᠯᠠᠳᠠᠭ ᠢᠲᠡᠭᠡᠯᠲᠦ ᠶ᠋ᠢᠨ ᠴᠡᠪᠳᠡᠭ ᠬᠦᠢᠲᠡᠨ ᠨᠢᠳᠦ ᠶ᠋ᠢ ᠳᠠᠬᠢᠨ ᠬᠠᠷᠠᠬᠤ ᠬᠦᠰᠡᠯ ᠪᠠᠢᠭ᠎ᠠ ᠦᠭᠡᠢ ᠪᠢᠯᠡ᠃
ᠨᠣᠢᠷ ᠨᠢ ᠬᠦᠷᠦᠭᠡᠳ᠂ ᠠᠢᠯ ᠣᠯᠵᠤ ᠤᠨᠲᠠᠶ᠎ᠠ ᠭᠡᠪᠡᠴᠦ ᠡᠪᠦᠯ ᠦ᠋ᠨ ᠴᠠᠭ ᠲᠤ᠌ ᠠᠢᠯ ᠪᠠᠢᠳᠠᠭ ᠦᠭᠡᠢ ᠡᠨᠡ ᠥᠷᠭᠡᠨ ᠲᠠᠯ᠎ᠠ ᠳ᠋ᠤ᠌ ᠲᠣᠷᠣᠢᠬᠤ ᠶᠠᠭᠤᠮ᠎ᠠ ᠦᠯᠦ ᠦᠵᠡᠭᠳᠡᠨ᠎ᠡ᠃ ᠪᠠᠢᠨ ᠪᠠᠢᠨ ᠠᠶᠤᠬᠤ ᠰᠡᠳᠬᠢᠯ ᠲᠥᠷᠥᠵᠦ ᠴᠠᠭᠠᠨ ᠨᠣᠭᠣᠭᠠᠨ ᠳ᠋ᠠᠷ᠎ᠠ ᠤᠩᠰᠢᠵᠤ ᠡᠬᠢᠯᠡᠪᠡᠴᠦ ᠬᠡᠳᠦᠨ ᠱᠠᠳ ᠤᠩᠰᠢᠭᠠᠳ ᠵᠠᠯᠬᠠᠭᠤ ᠨᠢ ᠬᠦᠷᠴᠦ ᠪᠣᠯᠢᠨ᠎ᠠ᠃
ᠢᠩᠭᠢᠵᠦ ᠶᠠᠪᠤᠲᠠᠯ᠎ᠠ ᠠᠷᠤ ᠳ᠋ᠤᠨᠢ ᠬᠥᠮᠦᠨ ᠶᠠᠷᠢᠬᠤ ᠰᠣᠨᠣᠰᠳᠠᠪᠠ᠃ ᠰᠣᠴᠢᠨ ᠡᠷᠭᠢᠵᠦ ᠬᠠᠷᠠᠪᠠᠯ ᠬᠠᠷᠠᠩᠭᠤᠢ ᠶ᠋ᠢᠨ ᠳᠤᠮᠳᠠ ᠡᠴᠡ ᠲᠡᠮᠡᠭᠡᠨ ᠵᠢᠩᠴᠢᠨ ᠦ᠌ ᠲᠦᠷᠦᠭᠦᠦ ᠲᠣᠳᠣᠷᠠᠨ ᠭᠠᠷᠤᠯ᠎ᠠ᠃ ᠪᠠᠲᠤ ᠵᠠᠮ ᠤ᠋ᠨ ᠬᠠᠵᠠᠭᠤ ᠳ᠋ᠤ᠌ ᠵᠣᠭᠰᠣᠪᠠ᠃
᠊᠊᠊᠊᠊᠊᠊᠊᠊᠊᠊᠊᠊᠊᠊ ᠬᠥᠮᠦᠨ ᠤᠤ ᠳᠠ ᠭᠡᠵᠦ ᠵᠡᠷᠭᠡᠴᠡᠵᠦ ᠢᠷᠡᠭᠰᠡᠨ ᠲᠡᠮᠡᠭᠡᠲᠡᠢ ᠬᠥᠮᠦᠨ ᠬᠡᠯᠡᠪᠡ᠃
᠊᠊᠊᠊᠊᠊᠊᠊᠊᠊᠊᠊᠊᠊᠊ ᠲᠡᠢᠮᠦ ᠠ᠋᠂ ᠠᠬ᠎ᠠ ᠠ᠋ ᠪᠢ ᠬᠥᠮᠦᠨ ᠪᠠᠢᠨ᠎ᠠ ᠭᠡᠵᠦ ᠪᠠᠲᠤ ᠬᠡᠯᠡᠭᠡᠳ ᠥᠪᠡᠷ ᠦ᠋ᠨ ᠮᠠᠲᠠᠯ ᠦᠭᠡᠢ ᠣᠢᠷᠠᠲᠤᠨ ᠣᠴᠢᠪᠠ᠃
᠊᠊᠊᠊᠊᠊᠊᠊᠊᠊᠊᠊᠊᠊᠊ ᠶᠠᠭᠤᠨ ᠬᠥᠮᠦᠨ ᠪᠣᠢ?
᠊᠊᠊᠊᠊᠊᠊᠊᠊᠊᠊᠊᠊᠊᠊ ᠪᠢ ᠬᠦᠷᠢᠶ᠎ᠡ ᠣᠷᠣᠵᠤ ᠨᠣᠮ ᠦᠵᠡᠭᠡᠳ ᠰᠠᠢᠨ ᠯᠠᠮᠠ ᠪᠣᠠᠯᠠᠤ ᠭᠡᠵᠦ ᠶᠠᠪᠤᠭ᠎ᠠ ᠬᠡᠦᠬᠡᠳ ᠪᠠᠢᠨ᠎ᠠ ᠳᠠ ᠭᠡᠵᠦ ᠪᠠᠲᠤ ᠬᠡᠯᠡᠪᠡ᠃ ᠡᠨᠡ ᠦᠭᠡ ᠶ᠋ᠢ ᠬᠣᠩᠭᠣᠷ ᠵᠢᠭᠠᠵᠤ ᠥᠭᠭᠦᠭᠰᠡᠨ ᠪᠢᠯᠡ᠃ 《ᠴᠢ ᠢᠩᠭᠢᠵᠦ ᠯᠡ ᠬᠡᠯᠡᠵᠦ ᠶᠠᠪᠤᠪᠠᠯ ᠬᠥᠮᠦᠨ ᠴᠢᠮᠠᠲᠤ ᠲᠤᠰᠠᠯᠠᠨ᠎ᠠ》 ᠭᠡᠵᠦ ᠬᠡᠯᠡᠭᠰᠡᠨ ᠪᠥᠭᠡᠳ ᠭᠠᠷᠤᠭᠰᠠᠨ ᠡᠴᠡ ᠬᠣᠢᠰᠢ ᠬᠣᠶᠠᠷ ᠳᠠᠬᠢᠨ ᠠᠢᠯ ᠳ᠋ᠤ᠌ ᠬᠣᠨᠣᠬᠤ ᠳ᠋ᠠᠭᠠᠨ ᠡᠨᠡ ᠦᠭᠡ ᠪᠡᠨ ᠬᠡᠯᠡᠭᠰᠡᠨ ᠳ᠋ᠦ᠍ ᠬᠥᠭᠰᠢᠳ 《ᠨᠣᠮ ᠤ᠋ᠨ ᠬᠦᠷᠳᠦ ᠡᠷᠭᠢᠭᠦᠯᠬᠦ ᠭᠡᠵᠦ ᠭᠡᠭᠡᠨ ᠦ᠌ ᠣᠷᠣᠨ ᠴᠢᠭᠯᠡᠵᠦ ᠶᠠᠪᠤᠭ᠎ᠠ ᠬᠦᠦ ᠪᠠᠢᠨ᠎ᠠ᠃ ᠪᠤᠶᠠᠨ ᠪᠣᠯᠤᠨ᠎ᠠ》 ᠭᠡᠵᠦ ᠰᠠᠢᠨ ᠬᠣᠭᠣᠯᠠ ᠬᠢᠵᠦ ᠥᠭᠳᠡᠭ ᠪᠠᠢᠯ᠎ᠠ᠃
ᠵᠢᠩᠴᠢᠳ ᠠᠩᠬᠠᠨ ᠳ᠋ᠠᠭᠠᠨ ᠬᠢᠨᠠᠮᠠᠭᠠᠢ ᠪᠠᠢᠭᠰᠠᠨ ᠪᠣᠯᠪᠠᠴᠤ ᠴᠦᠳᠡᠨᠵᠡ ᠵᠢᠷᠤᠵᠤ ᠬᠠᠷᠠᠭᠠᠳ ᠲᠣᠮᠣ ᠦᠰᠦᠲᠡᠢ ᠳᠡᠪᠡᠯ ᠨᠥᠮᠥᠷᠥᠭᠦᠯᠦᠨ ᠲᠡᠮᠡᠭᠡᠨ ᠳᠡᠭᠡᠷ᠎ᠡ ᠰᠠᠭᠤᠯᠭᠠᠵᠠᠢ᠃
ᠢᠩᠭᠢᠵᠦ ᠶᠠᠪᠤᠭᠰᠠᠭᠠᠷ ᠮᠡᠴᠢᠳ ᠭᠣᠳᠣᠢᠬᠤ ᠦᠶ᠎ᠡ ᠳ᠋ᠦ᠍ ᠵᠢᠩᠴᠢᠳ ᠪᠠᠭᠤᠳᠠᠯᠯᠠᠵᠤ ᠬᠣᠭᠣᠯᠠ ᠢᠳᠡᠬᠦ ᠳ᠋ᠦ᠍ ᠪᠠᠲᠤ ᠪᠠᠰᠠ ᠬᠣᠭᠣᠯᠠ ᠢᠳᠡᠭᠡᠳ ᠲᠣᠮᠣ ᠬᠠᠷ᠎ᠠ ᠬᠥᠮᠦᠨ ᠦ᠌ ᠡᠪᠦᠷ ᠲᠦ᠍ ᠣᠷᠣᠵᠤ ᠤᠨᠲᠠᠵᠠᠢ᠃ ᠲᠡᠷᠡ ᠵᠢᠩᠴᠢᠳ ᠪᠣᠯ ᠨᠠᠷᠠ ᠪᠠᠨᠴᠢᠨ ᠤ᠋ ᠱᠠᠪᠢ ᠨᠠᠷ ᠪᠠᠢᠭᠰᠠᠨ ᠪᠥᠭᠡᠳ ᠬᠦᠷᠢᠶ᠎ᠡ ᠤᠷᠤᠭᠤ ᠬᠢᠲᠠᠳ ᠫᠦᠰᠡᠨ ᠦ᠌ ᠠᠷᠠᠰᠤ ᠲᠡᠭᠡᠭᠡᠪᠦᠷᠢᠯᠡᠵᠦ ᠶᠠᠪᠤᠭ᠎ᠠ ᠠᠵᠢ᠃
ᠡᠪᠦᠷ ᠲᠤᠨᠢ ᠤᠨᠲᠠᠭᠰᠠᠨ ᠵᠢᠩ ᠦ᠋ᠨ ᠳᠠᠷᠤᠭ᠎ᠠ ᠬᠠᠷ᠎ᠠ ᠬᠥᠮᠦᠨ ᠪᠣᠯ ᠪᠠᠯᠳᠠᠨ ᠭᠡᠳᠡᠭ ᠳᠥᠴᠢ ᠰᠢᠬᠠᠮ ᠨᠠᠰᠤᠨ ᠤ᠋ ᠬᠥᠮᠦᠨ ᠪᠠᠢᠯ᠎ᠠ᠃
ᠵᠠᠮ ᠳ᠋ᠠᠭᠠᠨ ᠲᠡᠳᠡᠨ ᠦ᠌ ᠣᠢᠷ᠎ᠠ ᠵᠠᠭᠤᠷ᠎ᠠ ᠶ᠋ᠢᠨ ᠠᠵᠢᠯ ᠢ᠋ ᠨᠢ ᠬᠢᠵᠦ ᠶᠠᠪᠤᠭᠰᠠᠭᠠᠷ ᠨᠢᠭᠡ ᠮᠡᠳᠡᠬᠦ ᠳ᠋ᠦ᠍ ᠪᠣᠭᠳᠠ ᠶ᠋ᠢᠨ ᠬᠦᠷᠢᠶ᠎ᠡ ᠣᠷᠣᠵᠤ ᠢᠷᠡᠯ᠎ᠡ᠃
ᠵᠠᠶ᠎ᠠ ᠶ᠋ᠢᠨ ᠬᠦᠷᠢᠶ᠎ᠡ ᠡᠴᠡ ᠲᠣᠮᠣ ᠯᠠ ᠪᠠᠢᠬᠤ ᠡᠴᠡ ᠪᠢᠰᠢ᠂ ᠪᠠᠢᠳᠠᠭ ᠶᠠᠭᠤᠮ᠎ᠠ ᠨᠢ ᠢᠯᠭᠠᠪᠤᠷᠢ ᠦᠭᠡᠢ ᠭᠠᠵᠠᠷ ᠪᠠᠢᠯ᠎ᠠ᠃ ᠡᠳᠦᠢ ᠲᠡᠳᠦᠢ ᠨᠣᠬᠠᠳ᠂ ᠤᠯᠠᠭᠠᠨ ᠰᠢᠷ᠎ᠠ ᠬᠤᠪᠴᠠᠰᠤ ᠲᠠᠢ ᠯᠠᠮᠠ ᠨᠠᠷ᠂ ᠠᠯᠲᠠᠨ ᠣᠷᠣᠢ ᠲᠠᠢ ᠳᠤᠭᠠᠩ ᠰᠦᠮ᠎ᠡ᠂ ᠬᠠᠷ᠎ᠠ ᠬᠥᠬᠡ ᠬᠤᠪᠴᠠᠰᠤ ᠲᠠᠢ ᠬᠢᠲᠠᠳ ᠤ᠋ᠳ᠂ ᠮᠣᠷᠢ ᠲᠠᠢ ᠶᠠᠪᠠᠭᠠᠨ ᠬᠥᠮᠦᠨ᠂ ᠡᠯᠵᠢᠭᠡ ᠮᠣᠷᠢ ᠬᠥᠯᠯᠡᠭᠰᠡᠨ ᠲᠡᠷᠭᠡ᠂ ᠬᠠᠷ᠎ᠠ ᠬᠡᠦᠳᠡᠢ ᠡᠭᠦᠷᠦᠭᠰᠡᠨ ᠭᠤᠢᠯᠢᠨᠴᠢᠨ᠂ ᠲᠣᠮᠣ ᠬᠠᠷ᠎ᠠ ᠠᠶᠠᠭ᠎ᠠ ᠵᠡᠭᠦᠭᠰᠡᠨ ᠶᠠᠩᠵᠤ ᠪᠦᠷᠢ ᠶ᠋ᠢᠨ ᠳᠠᠭᠤ ᠲᠠᠢ ᠳᠤᠯᠳᠤᠢᠴᠢᠨ ᠴᠥᠮ ᠯᠡ ᠪᠠᠢᠪᠠ᠃
ᠬᠠᠷᠢᠨ ᠵᠠᠬ᠎ᠠ ᠬᠢᠵᠠᠭᠠᠷ ᠦᠭᠡᠢ ᠶᠠᠭᠤᠮ᠎ᠠ ᠰᠢᠭ᠋ ᠯᠡ ᠰᠠᠨᠠᠭᠳᠠᠵᠤ ᠪᠠᠢᠭᠰᠠᠨ ᠪᠣᠯᠬᠣᠷ 《ᠠᠬ᠎ᠠ ᠠ᠋᠂ ᠬᠦᠷᠢᠶ᠎ᠡ ᠶ᠋ᠢᠨ ᠨᠥᠭᠦᠭᠡ ᠲᠠᠯ᠎ᠠ ᠳ᠋ᠤ᠌ ᠭᠠᠷᠪᠠᠯ ᠬᠡᠳᠦ ᠬᠣᠨᠣᠭ ᠶᠠᠪᠤᠬᠤ ᠪᠣᠯ》 ᠭᠡᠵᠦ ᠠᠰᠠᠭᠤᠭᠰᠠᠨ ᠳ᠋ᠤ᠌ ᠪᠠᠯᠳᠠᠨ 《ᠠᠬ᠎ᠠ ᠨᠢ ᠭᠠᠷᠴᠤ ᠦᠵᠡᠭᠡ ᠦᠭᠡᠢ᠂ ᠴᠢᠨᠠᠳᠤ ᠲᠠᠯ᠎ᠠ ᠳ᠋ᠤᠨᠢ ᠬᠥᠯ ᠦ᠋ᠨ ᠮᠣᠳᠣᠴᠢᠨ ᠭᠡᠵᠦ ᠭᠠᠵᠠᠷ ᠪᠠᠢᠳᠠᠭ ᠭᠡᠳᠡᠭ ᠶᠤᠮ》 ᠭᠡᠯᠡ᠃
ᠪᠣᠭᠳᠠ ᠶ᠋ᠢᠨ ᠬᠦᠷᠢᠶ᠎ᠡ ᠳ᠋ᠦ᠍ ᠬᠣᠷᠢ ᠰᠢᠬᠠᠮ ᠣᠷᠣᠵᠤ ᠢᠷᠡᠭᠰᠡᠨ ᠬᠥᠮᠦᠨ ᠵᠠᠬ᠎ᠠ ᠳ᠋ᠤᠨᠢ ᠭᠠᠷᠴᠤ ᠦᠵᠡᠭᠡ ᠦᠭᠡᠢ ᠪᠣᠯᠬᠣᠷ ᠤᠴᠢᠷ ᠢ᠋ᠶ᠋ᠠᠨ ᠠᠯᠳᠠᠭᠰᠠᠨ ᠶᠡᠬᠡ ᠶᠠᠭᠤᠮ᠎ᠠ ᠪᠠᠢᠨ᠎ᠠ ᠭᠡᠵᠦ ᠪᠣᠳᠣᠭᠠᠳ ᠪᠠᠲᠤ ᠳᠠᠭᠤᠨ ᠦᠭᠡᠢ ᠪᠣᠯᠵᠠᠢ᠃
ᠪᠠᠯᠳᠠᠨ᠂ ᠨᠤᠲᠤᠭ ᠤ᠋ᠨ ᠨᠢᠭᠡᠨ ᠯᠠᠮᠠ ᠲᠠᠢ ᠶᠠᠷᠢᠯᠴᠠᠵᠤ ᠪᠠᠲᠤ ᠶ᠋ᠢ ᠲᠡᠳᠡᠨ ᠦ᠌ ᠳ᠋ᠦ᠍ ᠪᠠᠢᠯᠭᠠᠬᠤ ᠪᠣᠯᠭᠠᠵᠠᠢ᠃ ᠲᠡᠷᠡ ᠯᠠᠮᠠ ᠤᠷᠢᠳᠤ ᠵᠠᠯᠠᠭᠤ ᠳ᠋ᠠᠭᠠᠨ ᠨᠠᠷᠠ ᠪᠠᠨᠴᠢᠨ ᠤ᠋ ᠬᠦᠷᠢᠶ᠎ᠡ ᠡᠴᠡ ᠶᠠᠪᠠᠭᠠᠨ ᠶᠠᠪᠤᠵᠤ ᠭᠠᠩᠳᠠᠨ ᠳᠡᠭᠡᠷ᠎ᠡ ᠢᠷᠡᠵᠦ ᠰᠠᠭᠤᠭᠠᠳ ᠶᠦᠯᠵᠢᠨ ᠡᠴᠡ ᠡᠬᠢᠯᠡᠨ ᠵᠢᠩᠳᠡ ᠶ᠋ᠢᠨ ᠠᠩᠭᠢ ᠪᠣᠯᠵᠤ ᠬᠡᠳᠦᠨ ᠵᠢᠯ ᠦ᠋ᠨ ᠡᠮᠦᠨ᠎ᠡ ᠠᠭᠷᠠᠮᠪᠠ ᠶ᠋ᠢᠨ ᠳᠠᠮᠵᠠ ᠪᠠᠷᠢᠭᠰᠠᠨ ᠬᠥᠮᠦᠨ ᠪᠠᠢᠯ᠎ᠠ᠃
ᠡᠨᠡ ᠬᠥᠮᠦᠨ ᠢ᠋ ᠠᠩᠭᠢ ᠷᠢᠨᠴᠢᠨ ᠭᠡᠳᠡᠭ ᠪᠥᠭᠡᠳ ᠥᠷᠯᠥᠭᠡ ᠡᠴᠡ ᠣᠷᠣᠢ ᠬᠦᠷᠲᠡᠯ᠎ᠡ ᠵᠢᠩᠳᠡ ᠪᠦᠬᠦᠢ ᠪᠥᠭᠡᠮ ᠪᠥᠭᠡᠮ ᠬᠥᠮᠦᠨ ᠢᠷᠡᠵᠦ ᠨᠣᠮ ᠵᠢᠭᠠᠯᠭᠠᠳᠠᠭ ᠪᠠᠢᠵᠠᠢ᠃ ᠱᠠᠪᠢ ᠨᠠᠷ ᠨᠢ ᠡᠭᠡᠯᠵᠢ ᠪᠡᠨ ᠬᠦᠯᠢᠶᠡᠵᠦ ᠪᠠᠢᠬᠤ ᠳ᠋ᠠᠭᠠᠨ ᠬᠠᠮᠤᠭ ᠠᠵᠢᠯ ᠢ᠋ ᠨᠢ ᠬᠢᠳᠡᠭ ᠪᠣᠯᠬᠣᠷ ᠪᠠᠲᠤ ᠳ᠋ᠤ᠌ ᠬᠢᠬᠦ ᠠᠵᠢᠯ ᠪᠠᠷᠤᠭ ᠪᠠᠢᠭᠰᠠᠨ ᠦᠭᠡᠢ᠃
ᠪᠠᠲᠤ᠂ ᠵᠠᠶ᠎ᠠ ᠶ᠋ᠢᠨ ᠬᠦᠷᠢᠶᠡᠨ ᠳ᠋ᠦ᠍ ᠰᠠᠭᠤᠵᠤ ᠪᠠᠢᠬᠤ ᠳ᠋ᠠᠭᠠᠨ ᠪᠣᠭᠳᠠ ᠯᠠᠮᠠ ᠶ᠋ᠢᠨ ᠢᠠᠠᠴᠠᠭᠠ ᠦᠵᠡᠵᠦ ᠪᠠᠢᠵᠤ ᠪᠢᠯᠡ᠃ ᠭᠡᠲᠡᠯ᠎ᠡ ᠷᠢᠨᠴᠢᠨ 《ᠪᠤᠷᠬᠠᠨ ᠤ᠋ ᠨᠣᠮ ᠳ᠋ᠤ᠌ ᠢᠯᠭᠠᠭ᠎ᠠ ᠦᠭᠡᠢ᠂ ᠭᠡᠬᠦ ᠳ᠋ᠡᠭᠡᠨ ᠭᠦᠩᠴᠢᠨ ᠯᠠᠮᠠ ᠶ᠋ᠢᠨ ᠢᠠᠠᠴᠠᠭᠠ ᠭᠦᠨ ᠪᠣᠳᠣᠯ ᠲᠠᠢ ᠰᠢᠦ》 ᠭᠡᠵᠦ ᠬᠡᠯᠡᠭᠡᠳ ᠳᠠᠰᠢᠴᠣᠢ᠌ᠮᠪᠠᠯ ᠳᠠᠴᠠᠩ ᠳ᠋ᠤ᠌ ᠣᠷᠣᠭᠤᠯᠵᠠᠢ᠃ ᠰᠢᠨ᠎ᠡ ᠪᠠᠭᠰᠢ ᠨᠢ ᠪᠠᠲᠤ ᠶ᠋ᠢ ᠵᠣᠳᠣᠳᠠᠭ ᠦᠭᠡᠢ ᠪᠣᠯᠪᠠᠴᠤ ᠵᠠᠪ ᠴᠢᠯᠥᠭᠡ ᠦᠭᠡᠢ ᠨᠣᠮ ᠦᠵᠡᠭᠦᠯᠦᠨ ᠰᠠᠭᠤᠯᠭᠠᠳᠠᠭ ᠪᠠᠢᠵᠠᠢ᠃
ᠷᠢᠨᠴᠢᠨ ᠡᠰᠡᠪᠡᠯ ᠨᠣᠮ ᠵᠢᠭᠠᠵᠤ᠂ ᠡᠰᠡᠪᠡᠯ ᠥᠪᠡᠷ ᠢ᠋ᠶ᠋ᠡᠨ ᠨᠣᠮ ᠤᠩᠰᠢᠵᠤ ᠪᠠᠢᠳᠠᠭ ᠪᠣᠯᠬᠣᠷ ᠲᠡᠭᠦᠨ ᠢ᠋ ᠬᠡᠵᠢᠶ᠎ᠡ ᠪᠣᠰᠳᠠᠭ ᠢ᠋ ᠪᠠᠲᠤ ᠪᠠᠷᠤᠭ ᠯᠠ ᠮᠡᠳᠡᠳᠡᠭ ᠦᠭᠡᠢ ᠪᠠᠢᠭᠰᠠᠨ ᠪᠥᠭᠡᠳ ᠣᠷᠣᠢ ᠶ᠋ᠢᠨ ᠴᠠᠢ ᠪᠠᠨ ᠤᠤᠭᠤᠵᠤ ᠡᠷᠦᠬᠡ ᠪᠡᠨ ᠪᠦᠲᠡᠭᠡᠭᠰᠡᠨ ᠦ᠌ ᠳᠠᠷᠠᠭ᠎ᠠ ᠦᠰᠦᠲᠡᠢ ᠳᠡᠪᠡᠯ ᠢ᠋ᠶ᠋ᠡᠷ ᠬᠥᠯ ᠢ᠋ᠶ᠋ᠡᠨ ᠣᠷᠢᠶᠠᠨ ᠵᠠᠪᠢᠯᠠᠨ ᠡᠮᠦᠨ᠎ᠡ ᠪᠡᠨ ᠲᠣᠮᠣ ᠭᠡᠭᠴᠢ ᠶ᠋ᠢᠨ ᠥᠭᠡᠬᠦᠨ ᠳ᠋ᠧᠩ ᠪᠠᠷᠢᠭᠤᠯᠤᠨ ᠨᠣᠮ ᠢ᠋ᠶ᠋ᠠᠨ ᠳᠡᠯᠭᠡᠨ ᠰᠠᠭᠤᠵᠤ ᠡᠬᠢᠨ ᠦ᠌ ᠬᠠᠭᠤᠳᠠᠰᠤ ᠪᠠᠨ ᠡᠷᠭᠢᠭᠦᠯᠦᠭᠡᠳ ᠪᠠᠲᠤ ᠤᠷᠤᠭᠤ ᠢᠨᠢᠶᠡᠮᠰᠦᠭᠯᠡᠨ ᠬᠠᠷᠠᠵᠤ 《ᠵᠠ ᠬᠡᠪᠰᠢ ᠮᠢᠨᠢ ᠨᠣᠮ ᠢ᠋ᠶ᠋ᠠᠨ ᠤᠩᠰᠢ》 ᠭᠡᠵᠦ ᠬᠡᠯᠡᠳᠡᠭ ᠪᠠᠢᠪᠠ᠃ ᠪᠠᠲᠤ ᠱᠣᠭᠣᠯ ᠲᠠᠢ ᠨᠣᠮ ᠢ᠋ᠶ᠋ᠠᠨ ᠠᠪᠴᠤ ᠳ᠋ᠧᠩ ᠦ᠋ᠨ ᠨᠥᠭᠦᠭᠡ ᠲᠠᠯ᠎ᠠ ᠳ᠋ᠤ᠌ ᠪᠠᠰᠠ ᠯᠠ ᠳᠡᠪᠡᠯ ᠢ᠋ᠶ᠋ᠡᠷ ᠣᠷᠢᠶᠠᠨ ᠰᠠᠭᠤᠳᠠᠭ ᠪᠢᠯᠡ᠃ ᠰᠥᠨᠢ ᠳᠤᠮᠳᠠ ᠶ᠋ᠢᠨ ᠦᠶ᠎ᠡ ᠳ᠋ᠦ᠍ ᠳᠠᠯᠤ ᠪᠠᠨ ᠬᠥᠳᠡᠯᠭᠡᠵᠦ ᠰᠤᠨᠢᠶᠠᠭᠠᠳ 《ᠵᠠ ᠭᠡᠪᠰᠢ ᠮᠢᠨᠢ ᠨᠣᠢᠷᠰᠤ》 ᠭᠡᠳᠡᠭ ᠪᠠᠢᠪᠠ᠃
ᠪᠠᠲᠤ ᠥᠷᠯᠥᠭᠡ ᠪᠣᠰᠬᠤ ᠳ᠋ᠤ᠌ ᠪᠠᠭᠰᠢ ᠨᠢ ᠰᠠᠭᠤᠵᠤ ᠯᠠ ᠪᠠᠢᠳᠠᠭ ᠪᠥᠭᠡᠳ ᠨᠠᠷᠠ ᠭᠠᠷᠬᠤ ᠶ᠋ᠢᠨ ᠦᠶ᠎ᠡ ᠳ᠋ᠦ᠍ ᠱᠠᠪᠢ ᠨᠠᠷ ᠤ᠋ᠨ ᠡᠬᠢᠨ ᠦ᠌ ᠡᠭᠡᠯᠵᠢ ᠨᠢ ᠢᠷᠡᠳᠡᠭ ᠶᠤᠮ᠃
ᠭᠠᠳᠠᠭᠠᠯᠠᠬᠤ ᠪᠦᠷᠢ ᠳ᠋ᠡᠭᠡᠨ ᠪᠠᠲᠤ ᠶ᠋ᠢ ᠳᠠᠭᠠᠭᠤᠯᠵᠤ ᠶᠠᠪᠤᠳᠠᠭ ᠪᠥᠭᠡᠳ ᠭᠠᠩᠳᠠᠨ ᠤ᠋ ᠵᠠᠬ᠎ᠠ ᠬᠥᠮᠦᠰ ᠢᠷᠦᠭᠡᠯ ᠡᠷᠭᠦᠵᠦ ᠤᠲᠠᠰᠤ ᠲᠠᠢ ᠵᠡᠭᠦᠦ᠂ ᠴᠦᠳᠡᠨᠵᠡ ᠵᠡᠷᠭᠡ ᠶᠠᠭᠤᠮ᠎ᠠ ᠥᠭᠬᠦ ᠳ᠋ᠦ᠍ 《ᠶᠠᠪᠤᠭᠰᠠᠨ ᠨᠣᠬᠠᠢ ᠶᠠᠰᠤ ᠵᠠᠭᠤᠨ᠎ᠠ ᠭᠡᠵᠦ ᠡᠨᠡ ᠳᠡ᠃ ᠵᠠ ᠬᠡᠪᠰᠢ ᠮᠢᠨᠢ ᠬᠥᠮᠦᠨ ᠦ᠌ ᠶᠠᠭᠤᠮ᠎ᠠ ᠠᠪᠤᠭᠰᠠᠨ ᠬᠣᠢᠨ᠎ᠠ ᠢᠷᠦᠭᠡᠯ ᠢ᠋ᠶ᠋ᠡᠨ ᠤᠩᠰᠢᠨ᠎ᠠ ᠳᠠ》 ᠭᠡᠳ ᠠᠮᠠ ᠪᠠᠨ ᠬᠥᠳᠡᠯᠭᠡᠵᠦ ᠡᠬᠢᠯᠡᠳᠡᠭ᠃
ᠷᠢᠨᠴᠢᠨ᠂ ᠪᠠᠲᠤ ᠶ᠋ᠢ ᠡᠵᠡᠭᠦᠢ ᠪᠠᠢᠬᠤ ᠳ᠋ᠤ᠌ ᠱᠠᠪᠢ ᠨᠠᠷ ᠲᠠᠭᠠᠨ ᠲᠡᠭᠦᠨ ᠦ᠌ ᠣᠢ ᠤᠬᠠᠭᠠᠨ ᠢ᠋ ᠮᠠᠭᠲᠠᠨ 《ᠬᠡᠷᠪᠡ ᠭᠠᠢ ᠪᠠᠷᠴᠢᠳ ᠤᠴᠠᠷᠠᠬᠤ ᠦᠭᠡᠢ ᠪᠣᠯ ᠶᠠᠭ ᠦᠭᠡᠢ ᠭᠡᠪᠰᠢ ᠪᠣᠯᠤᠨ᠎ᠠ》 ᠭᠡᠵᠦ ᠬᠡᠯᠡᠳᠡᠭ ᠪᠠᠢᠪᠠ᠃
ᠡᠨᠡ ᠬᠣᠭᠣᠷᠣᠨᠳᠣ ᠡᠴᠢᠭᠡ ᠪᠡᠨ ᠡᠷᠢᠵᠦ ᠬᠡᠳᠦᠨ ᠤᠳᠠᠭ᠎ᠠ ᠬᠦᠷᠢᠶ᠎ᠡ᠂ ᠬᠣᠷᠢᠶ᠎ᠠ ᠪᠠᠷ ᠶᠠᠪᠤᠭᠰᠠᠨ ᠪᠣᠯᠪᠠᠴᠤ ᠰᠤᠷᠠᠭ ᠴᠤ᠌ ᠭᠠᠷᠭᠠᠵᠤ ᠴᠢᠳᠠᠭᠰᠠᠨ ᠦᠭᠡᠢ᠃ ᠬᠠᠷᠢᠨ ᠬᠦᠷᠢᠶ᠎ᠡ ᠭᠡᠳᠡᠭ ᠲᠡᠢᠮᠦ ᠤᠴᠢᠷ ᠢ᠋ᠶ᠋ᠠᠨ ᠠᠯᠳᠠᠭᠰᠠᠨ ᠲᠣᠮᠣ ᠶᠠᠭᠤᠮ᠎ᠠ ᠪᠢᠰᠢ ᠪᠠᠢᠨ᠎ᠠ ᠭᠡᠳᠡᠭ ᠢ᠋ ᠣᠢᠯᠠᠭᠠᠪᠠ᠃
ᠠᠷᠭ᠎ᠠ ᠪᠠᠷᠠᠭᠳᠠᠬᠤ ᠳ᠋ᠠᠭᠠᠨ ᠡᠴᠢᠭᠡ ᠶ᠋ᠢᠨ ᠢ᠋ᠶ᠋ᠡᠨ ᠲᠤᠬᠠᠢ ᠪᠠᠭᠰᠢ ᠳ᠋ᠠᠭᠠᠨ ᠬᠡᠯᠡᠭᠰᠡᠨ ᠳ᠋ᠦ᠍ ᠷᠢᠨᠴᠢᠨ ᠱᠠᠪᠢ ᠪᠠᠨ ᠤᠳᠠᠲᠠᠯ᠎ᠠ ᠠᠵᠢᠭᠯᠠᠵᠤ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠭᠡᠪᠰᠢ ᠮᠢᠨᠢ ᠡᠷᠲᠡ ᠬᠡᠯᠡᠬᠦ ᠦᠭᠡᠢ ᠳᠡ᠃ ᠵᠠ ᠶᠠᠭᠠᠬᠢᠬᠤᠪ᠂ ᠬᠡᠦᠬᠡᠳ ᠦ᠋ᠳ ᠲᠦ᠍ ᠵᠠᠬᠢᠪᠠᠯ ᠰᠤᠷᠠᠭ ᠭᠠᠷᠭᠠᠵᠤ ᠥᠭᠬᠦ ᠮᠠᠭᠠᠳ ᠭᠡᠵᠦ ᠬᠡᠯᠡᠵᠡᠢ᠃
ᠷᠢᠨᠴᠢᠨ ᠬᠡᠦᠬᠡᠳ ᠦ᠋ᠳ ᠭᠡᠵᠦ ᠱᠠᠪᠢ ᠨᠠᠷ ᠢ᠋ᠶ᠋ᠠᠨ ᠬᠡᠯᠡᠳᠡᠭ ᠪᠥᠭᠡᠳ ᠮᠠᠷᠭᠠᠰᠢ ᠡᠴᠡ ᠨᠢ ᠡᠬᠢᠯᠡᠨ ᠢᠷᠡᠭᠰᠡᠨ ᠱᠠᠪᠢ ᠪᠦᠬᠦᠨ ᠳ᠋ᠡᠭᠡᠨ ᠡᠷᠳᠡᠨᠢ ᠶ᠋ᠢᠨ ᠰᠤᠷᠠᠭ ᠢ᠋ ᠭᠠᠷᠭᠠᠵᠤ ᠥᠭᠬᠦ ᠲᠤᠬᠠᠢ ᠵᠠᠬᠢᠳᠠᠭ ᠪᠠᠢᠪᠠ᠃ ᠭᠡᠪᠡᠴᠦ ᠨᠡᠷ᠎ᠡ ᠪᠡᠨ ᠥᠭᠡᠷᠡᠴᠢᠯᠡᠭᠰᠡᠨ ᠡᠷᠳᠡᠨᠢ ᠶ᠋ᠢ ᠣᠯᠤᠭᠰᠠᠨ ᠦᠭᠡᠢ᠃
᠊᠊᠊᠊᠊᠊᠊᠊᠊᠊᠊᠊᠊᠊᠊ ᠬᠡᠪᠰᠢ ᠮᠢᠨᠢ ᠡᠴᠢᠭᠡ ᠶ᠋ᠢᠨ ᠴᠢᠨᠢ ᠲᠤᠬᠠᠢ ᠰᠤᠷᠠᠭ ᠭᠠᠷᠬᠤ ᠦᠭᠡᠢ ᠪᠣᠯᠬᠣᠷ ᠠᠮᠢᠳᠤ ᠯᠠ ᠶᠠᠪᠤᠭ᠎ᠠ ᠶᠤᠮ ᠪᠠᠢᠨ᠎ᠠ ᠳᠠ᠃ ᠡᠷᠢᠭᠰᠡᠨ ᠬᠥᠮᠦᠨ ᠣᠯᠳᠠᠭ᠂ ᠰᠢᠷᠳᠡᠭᠰᠡᠨ ᠬᠥᠮᠦᠨ ᠬᠠᠷᠠᠳᠠᠭ ᠭᠡᠵᠦ ᠪᠢᠳᠡ ᠬᠣᠶᠠᠷ ᠡᠷᠢᠭᠡᠳ ᠪᠠᠢᠪᠠᠯ ᠴᠤ᠌ ᠣᠯᠤᠨ᠎ᠠ ᠳᠠ ᠭᠡᠵᠦ ᠪᠠᠭᠰᠢ ᠨᠢ ᠬᠡᠯᠡᠵᠡᠢ᠃
ᠪᠠᠲᠤ ᠳ᠋ᠤ᠌ ᠴᠢᠨᠠᠭᠰᠢ ᠶᠠᠪᠤᠬᠤ ᠭᠠᠵᠠᠷ ᠪᠠᠢᠭᠰᠠᠨ ᠦᠭᠡᠢ᠃ ᠪᠠᠰᠠ ᠲᠡᠭᠡᠭᠡᠳ ᠷᠢᠨᠴᠢᠨ ᠦ᠌ ᠳ᠋ᠦ᠍ ᠪᠠᠢᠬᠤ ᠳ᠋ᠤ᠌ ᠳᠤᠷ᠎ᠠ ᠦᠭᠡᠢ ᠬᠦᠷᠬᠦ ᠶᠠᠭᠤᠮ᠎ᠠ ᠪᠠᠢᠭᠰᠠᠨ ᠦᠭᠡᠢ ᠪᠥᠭᠡᠳ ᠷᠢᠨᠴᠢᠨ ᠲᠤᠤᠯᠠ ᠶ᠋ᠢᠨ ᠭᠦᠨ ᠦ᠌ ᠨᠢᠭᠡ ᠱᠠᠪᠢ ᠶ᠋ᠢᠨ ᠳ᠋ᠡᠭᠡᠨ ᠬᠡᠳᠦ ᠬᠣᠨᠣᠭ ᠬᠥᠳᠡᠭᠡᠯᠡᠬᠦ ᠳ᠋ᠡᠭᠡᠨ ᠪᠠᠲᠤ ᠶ᠋ᠢ ᠠᠪᠴᠤ ᠶᠠᠪᠤᠵᠠᠢ᠃
ᠬᠥᠳᠡᠭᠡ ᠪᠠᠢᠬᠤ ᠳ᠋ᠠᠭᠠᠨ ᠡᠳᠦᠷ ᠲᠤᠷᠰᠢ ᠪᠠᠲᠤ ᠶ᠋ᠢ ᠳᠠᠭᠠᠭᠤᠯᠤᠨ ᠠᠭᠤᠯᠠᠨ ᠤ᠋ ᠣᠷᠣᠢ ᠳᠡᠭᠡᠷ᠎ᠡ ᠰᠠᠭᠤᠵᠤ ᠡᠯᠳᠡᠪ ᠦ᠋ᠨ ᠶᠠᠭᠤᠮ᠎ᠠ ᠶᠠᠷᠢᠵᠤ ᠪᠠᠢᠳᠠᠭ ᠪᠠᠢᠪᠠ᠃
᠊᠊᠊᠊᠊᠊᠊᠊᠊᠊᠊᠊᠊᠊᠊ ᠮᠣᠩᠭᠣᠯ ᠬᠥᠮᠦᠨ ᠮᠠᠯᠴᠢᠨ ᠪᠣᠯᠬᠣᠷ ᠶᠠᠭᠤᠮ᠎ᠠ ᠪᠦᠬᠦᠨ ᠨᠢ ᠲᠡᠭᠦᠨ ᠳ᠋ᠡᠭᠡᠨ ᠲᠣᠬᠢᠷᠠᠭᠰᠠᠨ ᠪᠠᠢᠬᠤ ᠶᠤᠮ᠃ ᠵᠢᠰᠢᠶ᠎ᠠ ᠨᠢ ᠡᠮᠡᠭᠡᠯ ᠪᠠᠢᠨ᠎ᠠ᠃ ᠬᠡᠭᠡᠷ᠎ᠡ ᠬᠣᠨᠣᠪᠠᠯ ᠳᠡᠷᠡ᠂ ᠲᠣᠬᠣᠮ ᠨᠢ ᠳᠡᠪᠢᠰᠬᠡᠷ᠂ ᠳᠡᠪᠡᠯ ᠪᠣᠯ ᠡᠮᠦᠰᠴᠦ ᠶᠠᠪᠤᠬᠤ ᠳ᠋ᠤ᠌ ᠭᠠᠳᠠᠭᠤᠷ ᠬᠤᠪᠴᠠᠰᠤ᠂ ᠤᠨᠲᠠᠬᠤ ᠴᠠᠭ ᠲᠤ᠌ ᠬᠥᠨᠵᠢᠯᠡ᠂ ᠭᠤᠲᠤᠯ ᠪᠣᠯ ᠳᠥᠷᠦᠭᠡᠨ ᠳ᠋ᠦ᠍ ᠮᠠᠰᠢ ᠡᠪᠲᠡᠢ᠂ ᠮᠠᠯ ᠦᠷᠭᠦᠬᠦ ᠳ᠋ᠦ᠍ ᠲᠦᠷᠭᠡᠨ ᠡᠮᠦᠰᠴᠦ ᠪᠣᠯᠬᠤ ᠵᠣᠬᠢᠮᠵᠢᠲᠠᠢ ᠡᠳ᠋ ᠭᠡᠵᠦ ᠨᠢᠭᠡᠨ ᠤᠳᠠᠭ᠎ᠠ ᠶᠠᠷᠢᠭᠰᠠᠨ ᠪᠠ ᠪᠠᠰᠠ ᠬᠠᠶᠠᠭ᠎ᠠ ᠶ᠋ᠢ ᠨᠢ ᠰᠢᠭᠤᠭᠰᠠᠨ ᠭᠡᠷ ᠲᠦ᠍ ᠬᠡᠪᠲᠡᠵᠦ ᠪᠠᠢᠭᠰᠠᠨ ᠢ᠋ᠶ᠋ᠠᠨ 《ᠭᠡᠪᠰᠢ ᠠ᠋᠂ ᠲᠣᠭᠣᠨᠣ ᠭᠡᠳᠡᠭ ᠴᠢᠨᠢ ᠲᠣᠯᠣᠭᠠᠢ ᠳᠡᠭᠡᠷ᠎ᠡ ᠭᠡᠰᠡᠨ ᠦᠭᠡ ᠪᠣᠯᠤᠯᠲᠠᠢ᠂ ᠳᠡᠭᠡᠪᠦᠷ ᠭᠡᠳᠡᠭ ᠴᠢᠨᠢ ᠳᠡᠭᠡᠳᠦ ᠶᠠᠭᠤᠮ᠎ᠠ ᠭᠡᠰᠡᠨ ᠪᠣᠯᠤᠯᠲᠠᠢ᠂ ᠬᠠᠨ᠎ᠠ ᠭᠡᠳᠡᠭ ᠴᠢᠨᠢ ᠬᠠᠶᠠᠭ᠎ᠠ ᠭᠡᠰᠡᠨ ᠦᠭᠡ ᠲᠡᠢ ᠬᠣᠯᠪᠣᠭᠠᠲᠠᠢ ᠰᠢᠦ》 ᠭᠡᠵᠦ ᠬᠡᠯᠡᠭᠡᠳ ᠪᠣᠳᠣᠯ ᠪᠣᠯᠤᠨ ᠪᠠᠢᠳᠠᠭ ᠪᠠᠢᠪᠠ᠃
ᠷᠢᠨᠴᠢᠨ ᠦ᠌ ᠵᠥᠭᠡᠯᠡᠨ ᠵᠠᠩ᠂ ᠰᠠᠷᠠᠭᠤᠯ ᠤᠬᠠᠭᠠᠨ ᠨᠢ ᠪᠠᠲᠤ ᠶ᠋ᠢᠨ ᠰᠡᠳᠬᠢᠯ ᠳ᠋ᠦ᠍ ᠤᠯᠠᠮ ᠪᠦᠷ ᠲᠠᠭᠠᠯᠠᠭᠳᠠᠵᠤ᠂ ᠲᠡᠭᠦᠨ ᠢ᠋ ᠬᠦᠨᠳᠦᠳᠬᠡᠬᠦ ᠨᠢ ᠡᠳᠦᠷ ᠢᠷᠡᠬᠦ ᠳᠣᠳᠣᠮ ᠶᠡᠬᠡ ᠪᠣᠯᠵᠤ ᠪᠠᠢᠯ᠎ᠠ᠃
ᠬᠥᠳᠡᠭᠡ ᠡᠴᠡ ᠢᠷᠡᠬᠦ ᠳ᠋ᠦ᠍ᠨᠢ ᠱᠠᠪᠢ ᠨᠠᠷ ᠨᠢ ᠢᠷᠡᠵᠦ ᠲᠥᠪᠡᠳ ᠲᠦ᠍ ᠨᠣᠮ ᠦᠵᠡᠵᠦ ᠢᠷᠡᠭᠰᠡᠨ ᠨᠢᠭᠡ ᠨᠡᠷᠡᠲᠡᠢ ᠬᠡᠪᠰᠢ ᠶ᠋ᠢ ᠳᠠᠰᠢᠴᠣᠢ᠌ᠮᠪᠠᠯ ᠤ᠋ᠨ ᠰᠢᠯᠢᠳᠡᠭ ᠬᠡᠪᠰᠢ ᠨᠠᠷ ᠲᠠᠢᠯᠵᠤ ᠴᠢᠳᠠᠬᠤ ᠦᠭᠡᠢ ᠪᠠᠢᠭ᠎ᠠ ᠲᠤᠬᠠᠢ ᠶᠠᠷᠢᠭᠠᠳ ᠣᠴᠢᠵᠤ ᠨᠣᠮ ᠬᠠᠶᠠᠯᠴᠠᠬᠤ ᠶ᠋ᠢ ᠷᠢᠨᠴᠢᠨ ᠳ᠋ᠦ᠍ ᠬᠦᠰᠡᠪᠡ᠃
᠊᠊᠊᠊᠊᠊᠊᠊᠊᠊᠊᠊᠊᠊᠊ ᠵᠠ ᠶᠠᠭᠠᠬᠢᠬᠤᠪ᠂ ᠥᠷᠯᠥᠭᠡ ᠣᠴᠢᠶ᠎ᠠ ᠭᠡᠵᠦ ᠬᠡᠯᠡᠭᠡᠳ ᠱᠠᠪᠢ ᠨᠠᠷ ᠢ᠋ᠶ᠋ᠠᠨ ᠶᠠᠪᠤᠭᠤᠯᠵᠠᠢ᠃ ᠪᠠᠲᠤ ᠴᠠᠢ ᠴᠢᠨᠠᠵᠤ ᠷᠢᠨᠴᠢᠨ ᠦ᠌ ᠡᠮᠦᠨ᠎ᠡ ᠲᠠᠯᠪᠢᠬᠤ ᠳ᠋ᠤ᠌ ᠲᠡᠷᠡ ᠤᠤᠭᠤᠭᠰᠠᠨ ᠴᠤ᠌ ᠦᠭᠡᠢ᠃ ᠦᠳᠡᠰᠢ ᠪᠣᠯᠬᠤ ᠳ᠋ᠤ᠌ ᠵᠠᠮ ᠤ᠋ᠨ ᠲᠣᠭᠣᠰᠣ ᠪᠣᠯᠤᠭᠰᠠᠨ ᠬᠤᠪᠴᠠᠰᠤ ᠪᠠᠨ ᠰᠣᠯᠢᠭᠰᠠᠨ ᠦᠭᠡᠢ ᠶᠠᠭᠤᠮ᠎ᠠ ᠪᠣᠳᠣᠨ ᠰᠠᠭᠤᠭᠰᠠᠭᠠᠷ ᠪᠠᠢᠪᠠ᠃ ᠪᠠᠲᠤ ᠤᠨᠲᠠᠭᠠᠳ ᠥᠷᠯᠥᠭᠡ ᠪᠣᠰᠬᠤ ᠳ᠋ᠤ᠌ ᠪᠠᠭᠰᠢ ᠨᠢ ᠣᠷᠣᠢ ᠶ᠋ᠢᠨ ᠢ᠋ᠶ᠋ᠡᠨ ᠪᠠᠢᠳᠠᠯ ᠢ᠋ᠶ᠋ᠠᠷ ᠲᠣᠯᠣᠭᠠᠢ ᠪᠠᠨ ᠦᠯᠦ ᠮᠡᠳᠡᠭ ᠭᠢᠯᠵᠢᠢᠯᠭᠡᠭᠡᠳ ᠶᠠᠭᠤᠮ᠎ᠠ ᠪᠣᠳᠣᠨ ᠰᠠᠭᠤᠵᠤ ᠪᠠᠢᠪᠠ᠃ ᠱᠠᠪᠢ ᠨᠠᠷ ᠨᠢ ᠢᠷᠡᠵᠦ ᠄
᠊᠊᠊᠊᠊᠊᠊᠊᠊᠊᠊᠊᠊᠊᠊ ᠪᠠᠭᠰᠢ ᠠ᠋᠂ ᠶᠠᠪᠤᠬᠤ ᠪᠣᠯᠤᠭᠰᠠᠨ ᠰᠢᠦ ᠭᠡᠬᠦ ᠳ᠋ᠦ᠍ ᠭᠡᠨᠡᠳᠲᠡ ᠰᠣᠴᠢᠭᠰᠠᠨ ᠶᠤᠮ ᠰᠢᠭ᠋ ᠪᠣᠰᠴᠤ ᠰᠤᠨᠢᠶᠠᠭᠰᠠᠨ ᠢ᠋ᠶ᠋ᠠᠨ ᠭᠠᠷᠴᠤ ᠶᠠᠪᠤᠬᠤ ᠭᠡᠬᠦ ᠳ᠋ᠦ᠍ᠨᠢ ᠬᠥᠮᠦᠰ ᠬᠡᠯᠡᠵᠦ ᠬᠤᠪᠴᠠᠰᠤ ᠶ᠋ᠢ ᠨᠢ ᠰᠣᠯᠢᠭᠤᠯᠪᠠ᠃
ᠢᠩᠭᠢᠭᠡᠳ ᠲᠡᠷᠡ ᠬᠥᠮᠦᠨ ᠲᠡᠢ ᠬᠣᠶᠠᠷ ᠡᠳᠦᠷ ᠨᠣᠮ ᠬᠠᠶᠠᠯᠴᠠᠵᠤ ᠪᠠᠢᠬᠤ ᠶ᠋ᠢ ᠪᠠᠲᠤ ᠬᠠᠷᠠᠵᠤ ᠦᠨᠡᠬᠡᠷ ᠪᠢᠰᠢᠷᠡᠪᠡ᠃ ᠷᠢᠨᠴᠢᠨ ᠦ᠌ ᠳᠠᠭᠤ ᠨᠢ ᠤᠯᠠᠮ ᠴᠢᠩᠭᠠᠷᠠᠨ᠂ ᠵᠠᠯᠠᠭᠤ ᠪᠣᠯᠤᠭᠰᠠᠨ ᠶᠤᠮ ᠰᠢᠭ᠋ ᠬᠠᠷᠠᠭᠳᠠᠵᠤ ᠪᠠᠢᠭᠰᠠᠨ ᠪᠥᠭᠡᠳ ᠬᠥᠯᠥᠰᠥ ᠨᠢ ᠳᠠᠭᠠᠪᠤᠷᠯᠠᠨ᠂ ᠨᠢᠳᠦ ᠨᠢ ᠭᠢᠯᠠᠯᠵᠠᠵᠤ ᠵᠠᠷᠢᠮ ᠳ᠋ᠠᠭᠠᠨ ᠴᠢᠷᠠᠢ ᠨᠢ ᠬᠤᠧᠨ ᠶᠠᠭᠠᠨ ᠪᠣᠯᠤᠨ ᠨᠣᠮ ᠬᠠᠶᠠᠵᠤ ᠪᠠᠢᠬᠤ ᠳ᠋ᠤᠨᠢ ᠳᠤᠭᠠᠩ ᠳᠦᠭᠦᠷᠡᠩ ᠬᠥᠮᠦᠰ ᠱᠠᠭᠰᠢᠨ ᠭᠠᠢᠬᠠᠵᠤ ᠪᠠᠢᠪᠠ᠃ ᠡᠨᠡ ᠦᠶ᠎ᠡ ᠳ᠋ᠦ᠍ 《ᠡᠨᠡ ᠴᠢᠨᠢ ᠮᠢᠨᠦ ᠪᠠᠭᠰᠢ》 ᠭᠡᠵᠦ ᠬᠠᠰᠬᠢᠷᠤᠮᠠᠷ ᠪᠠᠲᠤ ᠳ᠋ᠤ᠌ ᠰᠠᠨᠠᠭᠳᠠᠵᠤ ᠪᠠᠢᠵᠠᠢ᠃
ᠬᠣᠶᠠᠳᠠᠬᠢ ᠡᠳᠦᠷ ᠦ᠋ᠨ ᠦᠳᠡ ᠡᠴᠡ ᠡᠬᠢᠯᠡᠨ᠂ ᠲᠥᠪᠡᠳ ᠡᠴᠡ ᠢᠷᠡᠭᠰᠡᠨ ᠬᠥᠮᠦᠨ ᠦ᠌ ᠪᠤᠴᠠᠬᠤ ᠢᠯᠡ ᠪᠣᠯᠵᠤ ᠣᠷᠣᠢ ᠪᠦᠷᠢ ᠮᠤᠬᠤᠷᠳᠠᠭᠠᠳ ᠷᠢᠨᠴᠢᠨ ᠦ᠌ ᠬᠡᠯᠡᠭᠰᠡᠨ ᠪᠦᠬᠦᠨ ᠢ᠋ ᠬᠦᠯᠢᠶᠡᠬᠦ ᠪᠣᠯᠵᠤ ᠳᠡᠢᠯᠦᠭᠳᠡᠪᠡ᠃ ᠷᠢᠨᠴᠢᠨ ᠳᠤᠭᠠᠩ ᠡᠴᠡ ᠭᠠᠷᠤᠮᠠᠭᠴᠠ ᠭᠠᠵᠠᠷ ᠡᠷᠢᠶᠡᠯᠵᠢᠯᠡᠨ ᠨᠠᠢᠭᠤᠵᠤ ᠤᠬᠠᠭᠠᠨ ᠠᠯᠳᠠᠵᠤ ᠤᠨᠠᠬᠤ ᠳ᠋ᠤ᠌ ᠱᠠᠪᠢ ᠨᠠᠷ ᠨᠢ ᠳᠠᠮᠵᠢᠯᠠᠨ ᠭᠡᠷ ᠲᠦ᠋ᠨᠢ ᠬᠦᠷᠭᠡᠪᠡ᠃ ᠦᠷ ᠢ᠋ᠶ᠋ᠡᠷ ᠤᠬᠠᠭᠠᠨ ᠣᠷᠣᠵᠤ ᠨᠢᠳᠦ ᠪᠡᠨ ᠨᠡᠭᠡᠭᠡᠭᠡᠳ ᠭᠡᠷ ᠳᠦᠭᠦᠷᠡᠩ ᠵᠣᠭᠰᠣᠵᠤ ᠪᠠᠢᠭ᠎ᠠ ᠱᠠᠪᠢ ᠨᠠᠷ ᠢ᠋ᠶ᠋ᠠᠨ ᠠᠵᠢᠭᠯᠠᠵᠤ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠬᠡᠦᠬᠡᠳ ᠮᠢᠨᠢ᠂ ᠶᠡᠬᠡ ᠶᠠᠭᠤᠮ᠎ᠠ ᠮᠡᠳᠡᠳᠡᠭ ᠬᠥᠮᠦᠨ ᠪᠠᠢᠨ᠎ᠠ᠃ ᠱᠠᠪᠢ ᠣᠷᠣᠵᠠᠭ᠎ᠠ ᠭᠡᠵᠦ ᠬᠡᠯᠡᠭᠰᠡᠨ ᠢ᠋ᠶ᠋ᠡᠷ ᠪᠠᠷᠠᠬᠤ ᠦᠭᠡᠢ ᠪᠠᠲᠤ ᠳ᠋ᠤ᠌ ᠤᠷᠲᠤ ᠭᠡᠭᠴᠢ ᠶ᠋ᠢᠨ ᠠᠶᠤᠰᠢ ᠬᠠᠳᠠᠭ ᠥᠭᠴᠦ ᠱᠠᠪᠢ ᠣᠷᠣᠭᠤᠯᠬᠤ ᠪᠠᠷ ᠶᠠᠪᠤᠭᠤᠯᠵᠠᠢ᠃
ᠬᠠᠷᠢᠨ ᠬᠣᠶᠠᠷ ᠡᠳᠦᠷ ᠦ᠋ᠨ ᠳᠠᠷᠠᠭ᠎ᠠ ᠨᠥᠭᠦᠭᠡ ᠭᠡᠪᠰᠢ ᠢᠷᠡᠵᠦ ᠷᠢᠨᠴᠢᠨ ᠳ᠋ᠦ᠍ ᠱᠠᠪᠢ ᠣᠷᠣᠵᠠᠢ᠃ ᠲᠡᠷᠡ ᠨᠠᠮᠤᠷ ᠬᠥᠳᠡᠭᠡᠯᠡᠵᠦ ᠢᠷᠡᠭᠰᠡᠨ ᠱᠠᠪᠢ ᠨᠠᠷ ᠨᠢ ᠷᠢᠨᠴᠢᠨ ᠳ᠋ᠦ᠍ ᠮᠡᠬᠡᠷ ᠲᠡᠢ ᠲᠣᠰᠣ᠂ ᠰᠠᠷᠯᠤᠭ ᠤ᠋ᠨ ᠵᠤᠵᠠᠭᠠᠨ ᠥᠷᠥᠮ᠎ᠡ᠂ ᠰᠢᠬᠢᠷ ᠲᠡᠢ ᠠᠭᠠᠷᠤᠤᠯ᠂ ᠭᠦᠵᠡᠭᠡ ᠭᠦᠵᠡᠭᠡ ᠪᠡᠷ ᠰᠢᠷ᠎ᠠ ᠲᠣᠰᠣ ᠠᠪᠴᠢᠷᠠᠵᠤ ᠥᠭᠭᠦᠭᠰᠡᠨ ᠪᠣᠯᠪᠠᠴᠤ ᠣᠷᠣᠵᠤ ᠢᠷᠡᠭᠰᠡᠨ ᠱᠠᠪᠢ ᠨᠠᠷ ᠢ᠋ᠶ᠋ᠠᠨ ᠲᠠᠢᠯᠠᠭᠰᠠᠭᠠᠷ ᠪᠠᠢᠭᠠᠳ ᠪᠠᠷᠤᠭ ᠯᠠ ᠶᠠᠭᠤᠮ᠎ᠠ ᠦᠯᠡᠳᠡᠭᠰᠡᠨ ᠦᠭᠡᠢ᠃
ᠪᠠᠲᠤ ᠶᠦᠯᠵᠢᠨ ᠦ᠌ ᠵᠢᠩᠳᠡ ᠳ᠋ᠦ᠍ ᠣᠷᠣᠭᠰᠠᠨ ᠢ᠋ᠶ᠋ᠠᠷ ᠪᠠᠷᠠᠬᠤ ᠦᠭᠡᠢ ᠠᠷᠪᠠᠨ ᠲᠣᠯᠣᠭᠠᠢ ᠳ᠋ᠤ᠌ ᠣᠷᠣᠵᠤ ᠳᠥᠷᠪᠡᠨ ᠳᠡᠭᠡᠷ᠎ᠡ ᠪᠣᠰᠬᠤ ᠪᠣᠯᠤᠭᠠᠳ ᠪᠠᠶᠠᠷᠲᠠᠢ ᠢᠷᠡᠵᠦ ᠬᠡᠯᠡᠬᠦ ᠳ᠋ᠦ᠍ ᠪᠠᠭᠰᠢ ᠨᠢ ᠶᠡᠬᠡ ᠪᠠᠶᠠᠷᠯᠠᠵᠤ᠄
᠊᠊᠊᠊᠊᠊᠊᠊᠊᠊᠊᠊᠊᠊᠊ ᠵᠠ ᠭᠡᠪᠰᠢ ᠮᠢᠨᠢ᠂ ᠣᠳᠣ ᠦᠷ ᠦ᠋ᠨ ᠰᠢᠪᠠᠭᠤ ᠵᠢᠷᠭᠢᠲᠡᠯᠡ ᠰᠠᠭᠤᠭᠠᠳ ᠭᠦᠩᠴᠢᠨ ᠯᠠᠮᠠ ᠶ᠋ᠢᠨ ᠢᠠᠠᠴᠠᠭᠠ ᠶ᠋ᠢ ᠴᠡᠭᠡᠵᠢᠨ ᠳ᠋ᠡᠭᠡᠨ ᠪᠠᠷᠢᠨᠲᠠᠭᠯᠠᠨᠠ ᠳᠠ ᠭᠡᠵᠦ ᠬᠡᠯᠡᠵᠡᠢ᠃
ᠨᠠᠮᠤᠷ ᠤ᠋ᠨ ᠰᠡᠭᠦᠯ ᠰᠠᠷ᠎ᠠ ᠶ᠋ᠢᠨ ᠨᠢᠭᠡᠨ ᠡᠳᠦᠷ ᠪᠠᠯᠳᠠᠨ ᠪᠠᠰᠠ ᠯᠠ ᠵᠢᠩ ᠲᠡᠢ ᠢᠷᠡᠵᠦ᠂ ᠷᠢᠨᠴᠢᠨ ᠦ᠌ ᠳ᠋ᠦ᠍ ᠬᠣᠨᠣᠪᠠ᠃
ᠷᠢᠨᠴᠢᠨ ᠪᠠᠯᠳᠠᠨ ᠬᠣᠶᠠᠷ ᠪᠠᠭ᠎ᠠ ᠳ᠋ᠠᠭᠠᠨ ᠨᠢᠭᠡᠨ ᠬᠣᠲᠠ ᠳ᠋ᠤ᠌ ᠥᠰᠴᠦ ᠬᠣᠨᠢ ᠬᠠᠮᠲᠤ ᠬᠠᠷᠢᠭᠤᠯᠵᠤ᠂ ᠬᠠᠮᠲᠤ ᠴᠢᠯᠠᠭᠤᠨ ᠭᠡᠷ ᠪᠠᠷᠢᠵᠤ᠂ ᠬᠠᠮᠲᠤ ᠮᠣᠷᠢ ᠤᠨᠤᠵᠤ ᠤᠷᠤᠯᠳᠤᠨ ᠶᠠᠪᠤᠵᠠᠢ᠃ ᠬᠣᠵᠢᠮ ᠷᠢᠨᠴᠢᠨ ᠯᠠᠮᠠ ᠪᠣᠯᠵᠤ᠂ ᠪᠠᠯᠳᠠᠨ ᠲᠥᠷᠥ ᠶ᠋ᠢᠨ ᠬᠠᠷ᠎ᠠ ᠬᠥᠮᠦᠨ ᠪᠣᠯᠤᠭᠰᠠᠨ ᠪᠣᠯᠪᠠᠴᠤ ᠦᠷᠭᠦᠯᠵᠢ ᠦᠶᠡᠷᠬᠡᠨ᠂ ᠠᠭᠤᠯᠵᠠᠬᠤ ᠪᠦᠷᠢ ᠳ᠋ᠡᠭᠡᠨ ᠬᠠᠭᠤᠴᠢ ᠬᠥᠭᠡᠷᠴᠦ᠂ ᠰᠡᠳᠬᠢᠯ ᠦ᠋ᠨ ᠢ᠋ᠶ᠋ᠡᠨ ᠦᠭᠡ ᠶ᠋ᠢ ᠢᠯᠠᠨ ᠳᠠᠯᠠᠨ ᠦᠭᠡᠢ ᠶᠠᠷᠢᠯᠴᠠᠵᠤ ᠶᠠᠪᠤᠵᠠᠢ᠃ ᠷᠢᠨᠴᠢᠨ ᠢ᠋ ᠭᠠᠩᠳᠠᠨ ᠳᠡᠭᠡᠷ᠎ᠡ ᠰᠠᠭᠤᠭᠰᠠᠨ ᠡᠴᠡ ᠬᠣᠢᠰᠢ ᠴᠤ᠌ ᠪᠠᠯᠳᠠᠨ ᠵᠢᠩ ᠢ᠋ᠶ᠋ᠡᠷ ᠢᠷᠡᠬᠦ ᠪᠦᠷᠢ ᠳ᠋ᠡᠭᠡᠨ ᠢᠷᠡᠵᠦ ᠬᠣᠨᠣᠳᠠᠭ ᠪᠥᠭᠡᠳ ᠷᠢᠨᠴᠢᠨ ᠨᠥᠬᠥᠷ ᠲᠡᠭᠡᠨ ᠨᠠᠷᠢᠨ ᠬᠣᠭᠣᠯᠠ ᠬᠢᠵᠦ ᠥᠭᠳᠡᠭ ᠶᠤᠮ᠃
ᠪᠠᠯᠳᠠᠨ ᠨᠤᠲᠤᠭ ᠤ᠋ᠨ ᠰᠣᠨᠢᠨ ᠢ᠋ ᠶᠠᠷᠢᠬᠤ ᠳ᠋ᠤ᠌ ᠷᠢᠨᠴᠢᠨ ᠶᠡᠬᠡ ᠯᠡ ᠰᠣᠨᠢᠷᠬᠠᠨ ᠰᠡᠳᠬᠢᠯ ᠨᠢ ᠬᠥᠳᠡᠯᠦᠨ ᠰᠣᠨᠣᠰᠴᠤ᠂ ᠪᠠᠭ᠎ᠠ ᠶ᠋ᠢᠨ ᠲᠠᠨᠢᠯ ᠤ᠋ᠳ᠂ ᠨᠤᠲᠤᠭ ᠣᠷᠣᠨ ᠤ᠋ ᠪᠠᠨ ᠲᠤᠬᠠᠢ ᠳᠠᠬᠢᠨ ᠳᠠᠬᠢᠨ ᠠᠰᠠᠭᠤᠪᠠ᠃
ᠪᠠᠯᠳᠠᠨ ᠬᠣᠭᠣᠯᠠ ᠢᠳᠡᠵᠦ ᠰᠠᠭᠤᠭᠰᠠᠨᠠ ᠭᠡᠨᠡᠳᠲᠡ ᠨᠢᠭᠡ ᠶᠠᠭᠤᠮ᠎ᠠ ᠰᠠᠨᠠᠭᠰᠠᠨ ᠪᠣᠯᠤᠯᠲᠠᠢ ᠡᠪᠦᠷ ᠢ᠋ᠶ᠋ᠡᠨ ᠠᠭᠤᠳᠠᠯᠵᠤ᠂ ᠬᠡᠳᠦᠨ ᠳᠠᠪᠬᠤᠷ ᠮᠣᠣᠲᠤᠤ ᠴᠠᠭᠠᠰᠤᠨ ᠳ᠋ᠤ᠌ ᠪᠣᠭᠣᠳᠠᠯ ᠲᠠᠢ ᠲᠣᠮᠣ ᠰᠣᠨᠣᠮ ᠬᠠᠳᠠᠭ ᠭᠠᠷᠭᠠᠵᠤ ᠷᠢᠨᠴᠢᠨ ᠳ᠋ᠦ᠍ ᠥᠭᠪᠡ᠃
᠊᠊᠊᠊᠊᠊᠊᠊᠊᠊᠊᠊᠊᠊᠊ ᠨᠥᠭᠦᠭᠡ ᠵᠢᠪᠵᠠᠨ ᠴᠢᠮᠠᠲᠤ ᠪᠠᠷᠢᠵᠤ᠂ ᠬᠣᠢᠲᠤᠬᠢ ᠪᠠᠨ ᠳᠠᠭᠠᠳᠬᠠᠵᠤ ᠪᠠᠢᠳᠠᠭ ᠰᠢᠦ ᠭᠡᠯᠡ᠃ ᠵᠢᠪᠵᠠᠨ ᠢ᠋ ᠷᠢᠨᠴᠢᠨ ᠰᠠᠢᠨ ᠮᠡᠳᠡᠨ᠎ᠡ᠃ ᠪᠠᠭ᠎ᠠ ᠳ᠋ᠠᠭᠠᠨ ᠲᠡᠭᠦᠨ ᠲᠡᠢ ᠶᠡᠬᠡ ᠯᠡ ᠳᠣᠲᠣᠨᠣ ᠦᠶᠡᠷᠬᠡᠵᠦ ᠪᠠᠢᠭᠰᠠᠨ ᠢ᠋ᠶ᠋ᠠᠷ ᠪᠠᠷᠠᠬᠤ ᠦᠭᠡᠢ ᠰᠠᠭᠤᠵᠤ ᠭᠡᠷ ᠪᠦᠯᠢ ᠪᠣᠯᠬᠤ ᠲᠤᠬᠠᠢ ᠬᠦᠷᠲᠡᠯ᠎ᠡ ᠶᠠᠷᠢᠭᠰᠠᠨ ᠤᠳᠠᠭ᠎ᠠ ᠪᠣᠢ᠃ ᠭᠡᠲᠡᠯ᠎ᠡ ᠷᠢᠨᠴᠢᠨ ᠦ᠌ ᠵᠠᠮ ᠥᠭᠡᠷᠡᠴᠢᠯᠡᠭᠳᠡᠵᠦ ᠬᠦᠷᠢᠶᠡᠨ ᠳ᠋ᠦ᠍ ᠰᠠᠭᠤᠭᠰᠠᠨ᠃ ᠳᠠᠷᠠᠭ᠎ᠠ ᠰᠠᠢᠨ ᠭᠡᠪᠰᠢ ᠪᠣᠯᠬᠤ ᠪᠠᠷ ᠪᠣᠭᠳᠠ ᠶ᠋ᠢᠨ ᠬᠦᠷᠢᠶ᠎ᠡ ᠤᠷᠤᠭᠤ ᠶᠠᠪᠤᠬᠤ ᠶ᠋ᠢᠨ ᠡᠮᠦᠨ᠎ᠡ ᠵᠢᠪᠵᠠᠨ ᠲᠠᠢ ᠠᠭᠤᠯᠵᠠᠵᠤ 《ᠵᠠ ᠪᠢ ᠨᠣᠮ ᠤ᠋ᠨ ᠬᠦᠷᠳᠦ ᠡᠷᠭᠢᠭᠦᠯᠬᠦ ᠪᠡᠷ ᠶᠠᠪᠤᠯ᠎ᠠ᠃ ᠴᠢᠮᠠᠲᠤ ᠰᠠᠢᠨ ᠰᠠᠢᠬᠠᠨ ᠪᠦᠬᠦᠨ ᠢ᠋ ᠢᠷᠥᠭᠡᠶ᠎ᠡ》 ᠭᠡᠬᠦ ᠳ᠋ᠦ᠍ᠨᠢ ᠵᠢᠪᠵᠠᠨ ᠤ᠋ ᠨᠢᠳᠦᠨ ᠡᠴᠡ ᠨᠢᠯᠪᠤᠰᠤ ᠳᠤᠰᠤᠯᠠᠵᠤ ᠪᠠᠢᠭᠰᠠᠨ᠃
ᠷᠢᠨᠴᠢᠨ᠂ ᠵᠢᠪᠵᠠᠨ ᠤ᠋ ᠥᠭᠭᠦᠭᠰᠡᠨ ᠬᠠᠳᠠᠭ ᠢ᠋ ᠡᠩᠬᠦᠷᠡᠢᠯᠡᠨ ᠠᠪᠴᠤ ᠴᠢᠩᠭ᠎ᠠ ᠠᠳᠬᠤᠵᠤ᠂ ᠬᠡᠰᠡᠭ ᠶᠠᠭᠤᠮ᠎ᠠ ᠪᠣᠳᠣᠨ ᠳᠠᠭᠤᠨ ᠦᠭᠡᠢ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠵᠠᠢᠯᠠᠭᠤᠯ᠂ ᠲᠡᠭᠡᠭᠡᠳ ᠪᠡᠶ᠎ᠡ ᠨᠢ ᠰᠠᠢᠨ ᠤᠤ ᠳᠠ? ᠭᠡᠵᠦ ᠠᠰᠠᠭᠤᠪᠠ᠃
᠊᠊᠊᠊᠊᠊᠊᠊᠊᠊᠊᠊᠊᠊᠊ ᠣᠯᠠᠨ ᠬᠡᠦᠬᠡᠳ ᠲᠦ᠍ ᠳᠠᠷᠤᠭᠳᠠᠭᠠᠳ ᠤᠢᠮᠤᠷᠠᠭᠠ ᠬᠥᠭᠰᠢᠨ ᠪᠣᠯᠤᠭᠰᠠᠨ᠃ ᠨᠠᠮᠢ᠋ᠢ ᠭᠠᠷᠬᠤ ᠶ᠋ᠢᠨ ᠤᠷᠢᠳᠠ ᠡᠳᠦᠷ ᠢᠷᠡᠵᠦ ᠡᠨᠡ ᠬᠠᠳᠠᠭ ᠢ᠋ ᠥᠭᠭᠦᠭᠰᠡᠨ᠃
ᠷᠢᠨᠴᠢᠨ ᠥᠨᠳᠡᠢᠵᠦ ᠲᠣᠯᠣᠭᠠᠢ ᠶ᠋ᠢᠨ ᠢ᠋ᠶ᠋ᠡᠨ ᠱᠦᠭᠦᠢ ᠳ᠋ᠡᠭᠡᠨ ᠡᠪᠲᠡᠢᠬᠡᠨ ᠡᠪᠬᠡᠵᠦ ᠬᠢᠯ᠎ᠡ᠃ ᠬᠡᠰᠡᠭ ᠵᠠᠭᠤᠷ᠎ᠠ ᠬᠣᠶᠠᠷ ᠨᠠᠢᠵᠢ ᠶᠠᠭᠤᠮ᠎ᠠ ᠶᠠᠷᠢᠯ ᠦᠭᠡᠢ ᠬᠣᠭᠣᠯᠠ ᠢᠳᠡᠵᠦ ᠪᠠᠢᠪᠠ᠃ ᠷᠢᠨᠴᠢᠨ ᠦ᠌ ᠰᠡᠳᠬᠢᠯ ᠳ᠋ᠦ᠍ ᠪᠠᠭ᠎ᠠ ᠶ᠋ᠢᠨ ᠶᠠᠪᠤᠳᠠᠯ ᠪᠣᠳᠣᠭᠳᠠᠵᠤ᠂ ᠰᠢᠷᠭᠢᠵᠦ ᠬᠠᠲᠠᠭᠰᠠᠨ ᠵᠢᠷᠦᠬᠡ ᠰᠡᠳᠬᠢᠯ ᠨᠢ ᠤᠰᠤᠨ ᠳ᠋ᠤ᠌ ᠨᠣᠷᠤᠭᠰᠠᠨ ᠬᠠᠭᠤᠷᠠᠢ ᠮᠣᠳᠣ ᠰᠢᠭ᠋ ᠪᠡᠮᠪᠡᠢᠵᠦ ᠪᠠᠢᠯ᠎ᠠ᠃
᠊᠊᠊᠊᠊᠊᠊᠊᠊᠊᠊᠊᠊᠊᠊ ᠵᠠ ᠮᠠᠷᠭᠠᠰᠢ ᠴᠢᠨᠢ ᠭᠡᠭᠡᠨ ᠳ᠋ᠦ᠍ ᠨᠢᠭᠡ ᠮᠥᠷᠭᠥᠵᠦ᠂ ᠡᠨᠡ ᠮᠠᠭᠤ ᠲᠣᠯᠣᠭᠠᠢ ᠡᠴᠡ ᠨᠢᠭᠦᠯ ᠢ᠋ ᠨᠢ ᠠᠪᠴᠤ ᠠᠷᠢᠭᠤᠳᠬᠠᠶᠠ ᠭᠡᠵᠦ ᠪᠠᠯᠳᠠᠨ ᠤ᠋ ᠬᠡᠯᠡᠬᠦ ᠳ᠋ᠦ᠍ ᠷᠢᠨᠴᠢᠨ ᠶᠡᠬᠡ ᠯᠡ ᠬᠥᠭᠵᠢᠯᠲᠡᠢ ᠢᠨᠢᠶᠡᠵᠦ᠄
᠊᠊᠊᠊᠊᠊᠊᠊᠊᠊᠊᠊᠊᠊᠊ ᠪᠣᠭᠳᠠ ᠴᠤ᠌ ᠶᠠᠭᠠᠬᠢᠬᠤᠪ ᠳᠠ᠂ ᠨᠣᠮ ᠬᠠᠶᠠᠯᠴᠠᠪᠠᠯ ᠮᠠᠨᠠᠢ ᠭᠡᠪᠰᠢ ᠳ᠋ᠦ᠍ ᠮᠠᠳ ᠲᠠᠯᠪᠢᠭᠤᠯᠬᠤ ᠲᠥᠪᠡᠳ ᠪᠠᠢᠭ᠎ᠠ ᠶᠤᠮ ᠭᠡᠬᠦ ᠳ᠋ᠦ᠍ᠨᠢ ᠪᠠᠯᠳᠠᠨ ᠤ᠋ ᠨᠢᠳᠦ ᠨᠢ ᠲᠣᠮᠣᠷᠠᠵᠤ ᠵᠠᠯᠪᠠᠷᠢᠨ᠄
᠊᠊᠊᠊᠊᠊᠊᠊᠊᠊᠊᠊᠊᠊᠊ ᠪᠤᠷᠬᠠᠨ ᠭᠣᠨᠴᠣᠭ ᠰᠦᠮ᠎ᠡ ᠮᠢᠨᠢ᠂ ᠴᠢ ᠴᠦ᠍ ᠶᠠᠭᠠᠬᠢᠬᠤ ᠪᠣᠢ᠃ ᠨᠢᠭᠦᠯ ᠳᠠᠭᠠᠭᠠᠬᠤ ᠬᠥᠮᠦᠨ᠃ ᠪᠢ ᠡᠢᠮᠦ ᠦᠭᠡ ᠬᠡᠯᠡᠪᠡᠯ ᠬᠠᠯᠠᠭᠤᠨ ᠲᠠᠮᠤ ᠶ᠋ᠢᠨ ᠢᠷᠣᠭᠠᠷ ᠡᠴᠡ ᠰᠠᠯᠬᠤ ᠦᠭᠡᠢ ᠭᠡᠪᠡ᠃
᠊᠊᠊᠊᠊᠊᠊᠊᠊᠊᠊᠊᠊᠊᠊ ᠦᠨᠡᠨ ᠳ᠋ᠡᠭᠡᠨ ᠪᠣᠭᠳᠠ᠂ ᠠᠷᠢᠬᠢ ᠠᠪᠠᠬᠠᠢ ᠬᠣᠶᠠᠷ ᠡᠴᠡ ᠪᠣᠯᠤᠭᠠᠳ ᠠᠶᠠᠲᠠᠢᠬᠠᠨ ᠮᠠᠨᠢ ᠴᠤ᠌ ᠮᠡᠳᠡᠬᠦ ᠦᠭᠡᠢ ᠪᠣᠯᠴᠢᠬᠠᠭᠰᠠᠨ ᠠᠮᠢᠲᠠᠨ ᠳᠠ ᠭᠡᠳ ᠷᠢᠨᠴᠢᠨ ᠨᠢᠳᠦ ᠪᠡᠨ ᠠᠨᠢᠪᠴᠢᠨ ᠢᠨᠢᠶᠡᠪᠡ᠃
ᠠᠷᠭ᠎ᠠ ᠨᠢ ᠪᠠᠷᠠᠭᠳᠠᠵᠤ᠂ ᠨᠢᠭᠦᠯ ᠡᠴᠡ ᠠᠶᠤᠭᠰᠠᠨ ᠪᠠᠯᠳᠠᠨ 《ᠪᠤᠷᠬᠠᠨ ᠮᠢᠨᠢ᠂ ᠭᠡᠭᠡᠨ ᠢ᠋ ᠢᠩᠭᠢᠵᠦ ᠪᠣᠯᠬᠤ ᠦᠭᠡᠢ》 ᠭᠡᠵᠦ ᠳᠠᠬᠢᠨ ᠳᠠᠬᠢᠨ ᠬᠡᠯᠡᠵᠦ ᠪᠠᠢᠯ᠎ᠠ᠃
