ᠲᠤᠩᠭᠠᠯᠠᠭ ᠲᠠᠮᠢᠷ3-22-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-22-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-22-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-05

1625

《ᠠᠭᠤᠯᠠ ᠤᠰᠤᠨ ᠤ᠋ ᠣᠢᠷ᠎ᠠ ᠨᠢ ᠳᠡᠭᠡᠷ᠎ᠡ᠂ ᠤᠷᠤᠭ ᠲᠥᠷᠥᠯ ᠦ᠋ᠨ ᠬᠣᠯᠠ ᠨᠢ ᠳᠡᠭᠡᠷ᠎ᠡ》 - ᠭᠤᠷᠪᠠᠳᠤᠭᠠᠷ ᠪᠦᠯᠦᠭ ᠬᠣᠷᠢᠨ ᠬᠣᠶᠠᠷ

  ᠲᠠᠮᠢᠷ ᠤ᠋ᠨ ᠬᠥᠨᠳᠡᠢ ᠳ᠋ᠦ᠍ ᠨᠠᠮᠤᠷ ᠤᠶᠠᠩᠭ᠎ᠠ ᠶ᠋ᠢᠨ ᠳᠠᠭᠤ ᠲᠠᠰᠤᠷᠠᠵᠤ ᠡᠪᠦᠯ ᠦ᠋ᠨ ᠴᠠᠷᠭᠢᠯ ᠰᠡᠷᠢᠭᠦᠨ ᠳᠠᠭᠤ ᠡᠬᠢᠯᠡᠭᠰᠡᠨ ᠦᠶ᠎ᠡ ᠪᠢᠯᠡ᠃ ᠪᠣᠭᠣᠨᠢ ᠪᠣᠯᠪᠠᠴᠤ ᠴᠡᠯᠡᠭᠡᠷ ᠠᠮᠠᠨ ᠤ᠋ ᠡᠬᠢᠨ ᠳ᠋ᠦ᠍ ᠲᠣᠮᠣ ᠪᠥᠭᠡᠳ ᠲᠡᠨᠢᠭᠦᠨ ᠳᠤᠯᠠᠭᠠᠨ ᠡᠪᠣᠯᠵᠢᠶᠠᠨ ᠳ᠋ᠤ᠌ ᠲᠣᠮᠣ ᠭᠡᠭᠴᠢ ᠶ᠋ᠢᠨ ᠬᠣᠨᠢᠨ ᠤ᠋ ᠬᠠᠰᠢᠶᠠᠨ ᠤ᠋ ᠳᠡᠷᠭᠡᠳᠡ ᠵᠢᠵᠢᠭᠬᠡᠨ ᠪᠣᠷᠣ ᠭᠡᠷ ᠬᠠᠷᠠᠭᠳᠠᠨ᠎ᠠ᠃ ᠡᠨᠡ ᠪᠣᠯ ᠨᠢᠮ᠎ᠠ ᠭᠤᠸᠠᠢ ᠶ᠋ᠢᠨ ᠬᠢ ᠶᠤᠮ᠃
  ᠶᠠᠭᠠᠬᠢᠭᠠᠳ ᠢᠲᠡᠭᠡᠯᠲᠦ ᠶ᠋ᠢᠨ ᠬᠣᠢᠨ᠎ᠠ ᠡᠴᠡ ᠰᠠᠯᠳᠠᠭ ᠦᠭᠡᠢ ᠡᠨᠡ ᠪᠣᠷᠣ ᠭᠡᠷ ᠡᠨᠳᠡ ᠢᠩᠭᠢᠵᠦ ᠭᠠᠭᠴᠠᠭᠠᠷ ᠪᠠᠢᠳᠠᠭ ᠪᠣᠯᠪᠠ? ᠢᠲᠡᠭᠡᠯᠲᠦ ᠲᠡᠢ ᠡᠪᠳᠡᠷᠡᠵᠦ ᠬᠥᠭᠡᠭᠡᠭᠳᠡᠭᠰᠡᠨ ᠬᠡᠷᠡᠭ ᠤᠤ?ᠦᠭᠡᠢ ᠲᠡᠢᠮᠦ ᠪᠢᠰᠢ᠃
  ᠊᠊᠊᠊᠊᠊᠊᠊᠊᠊᠊᠊᠊᠊᠊ ᠵᠠ᠂ ᠨᠢᠮ᠎ᠠ ᠭᠤᠸᠠᠢ ᠬᠤᠷᠢᠮ ᠬᠢᠬᠦ ᠳ᠋ᠦ᠍ ᠪᠡᠷᠢ ᠬᠠᠶᠠᠭᠠᠨ ᠡᠴᠡ ᠪᠡᠨ ᠮᠣᠷᠳᠠᠭᠤᠯᠬᠤ ᠨᠢᠭᠡ ᠯᠡ ᠲᠤᠰᠠ ᠦᠭᠡᠢ ᠰᠠᠨᠠᠭᠳᠠᠭᠠᠳ ᠪᠠᠢᠨ᠎ᠠ᠃ ᠬᠣᠶᠠᠷ ᠭᠡᠷ ᠵᠠᠢᠲᠠᠢ ᠪᠣᠯ ᠳᠡᠭᠡᠷ᠎ᠡ ᠮᠡᠲᠦ᠃ ᠪᠠᠰᠠ ᠬᠡᠳᠦ ᠬᠣᠨᠣᠭ ᠤ᠋ᠨ ᠳᠠᠷᠠᠭ᠎ᠠ ᠪᠢᠳᠡ ᠤᠷᠤᠭ ᠲᠥᠷᠥᠯ ᠪᠣᠯᠤᠨ᠎ᠠ᠃ ᠢᠩᠭᠢᠬᠦᠯᠡᠷ ᠠᠭᠤᠯᠠ ᠤᠰᠤᠨ ᠤ᠋ ᠣᠢᠷ᠎ᠠ ᠨᠢ ᠳᠡᠭᠡᠷ᠎ᠡ᠂ ᠤᠷᠤᠭ ᠲᠥᠷᠥᠯ ᠦ᠋ᠨ ᠬᠣᠯᠠ ᠨᠢ ᠳᠡᠭᠡᠷ᠎ᠡ ᠭᠡᠰᠡᠨ ᠬᠠᠭᠤᠴᠢᠨ ᠦᠭᠡ ᠪᠠᠢᠳᠠᠭ᠃ ᠪᠢ ᠲᠠᠨ ᠳ᠋ᠤ᠌ ᠰᠠᠷᠯᠤᠭ ᠤ᠋ᠨ ᠬᠣᠶᠠᠷ ᠰᠠᠢᠨ ᠦᠨᠢᠶ᠎ᠡ ᠥᠭᠭᠦᠨ᠎ᠡ᠃ ᠮᠠᠨ ᠤ᠋ ᠬᠢ ᠡᠴᠡ ᠬᠣᠨᠢ ᠠᠪᠴᠤ ᠬᠠᠷᠢᠭᠤᠯᠪᠠᠯ ᠳᠤᠷᠠᠲᠠᠢ ᠰᠠᠭᠤᠷᠢ ᠪᠠᠨ ᠠᠪ ᠭᠡᠵᠦ ᠢᠲᠡᠭᠡᠯᠲᠦ ᠬᠡᠯᠡᠭᠰᠡᠨ ᠪᠢᠯᠡ᠃
  ᠊᠊᠊᠊᠊᠊᠊᠊᠊᠊᠊᠊᠊᠊᠊ ᠪᠤᠶᠠᠨ ᠡᠴᠡ ᠴᠢᠨᠢ ᠶᠡᠬᠡ ᠯᠡ ᠬᠦᠷᠲᠡᠯ᠎ᠡ᠃ ᠪᠠᠰᠠ ᠲᠡᠭᠡᠭᠡᠳ ᠬᠡᠦᠬᠡᠨ ᠢ᠋ᠶ᠋ᠡᠨ ᠥᠭᠬᠦ ᠳ᠋ᠦ᠍ ᠢᠨᠵᠢ ᠳ᠋ᠦ᠍ᠨᠢ ᠶᠠᠳᠠᠵᠤ ᠬᠡᠳᠦᠨ ᠲᠣᠯᠣᠭᠠᠢ ᠮᠠᠯ ᠥᠭᠭᠦᠶ᠎ᠡ ᠭᠡᠬᠦ ᠳ᠋ᠦ᠍ ᠴᠢ ᠠᠪᠬᠤ ᠦᠭᠡᠢ ᠶᠤᠮ᠃
  ᠊᠊᠊᠊᠊᠊᠊᠊᠊᠊᠊᠊᠊᠊᠊ ᠬᠡᠳᠦᠨ ᠲᠣᠯᠣᠭᠠᠢ ᠮᠠᠯ ᠥᠭᠭᠦᠭᠡᠳ ᠲᠠ ᠬᠣᠶᠠᠷ ᠶᠠᠭᠤ ᠪᠠᠷ ᠢ᠋ᠶ᠋ᠠᠨ ᠠᠮᠢᠳᠤᠷᠠᠬᠤ ᠶᠤᠮ ᠪᠣᠢ? ᠪᠢ ᠬᠤᠷᠢᠮ ᠢ᠋ ᠪᠦᠬᠦ ᠶᠣᠰᠣ ᠪᠠᠷ ᠨᠢ ᠬᠢᠨ᠎ᠡ᠃ ᠬᠠᠷᠢᠨ ᠢᠨᠵᠢᠨ ᠳ᠋ᠦ᠍ᠨᠢ ᠥᠨᠥᠴᠢᠨ ᠢᠰᠢᠭᠡ ᠴᠦ᠍ ᠠᠪᠬᠤ ᠦᠭᠡᠢ᠃ ᠪᠢ ᠭᠠᠭᠴᠠ ᠬᠦᠦ ᠪᠡᠨ ᠬᠠᠨᠢ ᠲᠠᠢ ᠪᠣᠯᠭᠠᠵᠤ ᠪᠠᠢᠭ᠎ᠠ ᠬᠥᠮᠦᠨ᠃ ᠰᠦᠷᠦᠩ ᠢ᠋ ᠪᠢ ᠭᠠᠷᠬᠤ ᠡᠴᠡ ᠨᠢ ᠠᠪᠤᠭᠠᠳ ᠰᠠᠢᠨ ᠮᠡᠳᠡᠨ᠎ᠡ᠃ ᠮᠢᠨᠦ ᠬᠤᠪᠤᠨ ᠬᠠᠷ᠎ᠠ ᠳ᠋ᠤ᠌ ᠡᠷᠳᠡᠨᠢ ᠶᠤᠮ ᠰᠢᠦ᠃
  ᠊᠊᠊᠊᠊᠊᠊᠊᠊᠊᠊᠊᠊᠊᠊ ᠪᠢ ᠴᠢᠨᠦ ᠠᠴᠢ ᠶ᠋ᠢ ᠬᠠᠷᠢᠭᠤᠯᠠᠨ᠎ᠠ ᠭᠡᠵᠦ ᠬᠡᠯᠡᠵᠦ ᠴᠢᠳᠠᠬᠤ ᠦᠭᠡᠢ᠃ ᠬᠠᠷᠢᠨ ᠮᠠᠷᠲᠠᠬᠤ ᠦᠭᠡᠢ ᠭᠡᠵᠦ ᠨᠢᠮ᠎ᠠ ᠭᠤᠸᠠᠢ ᠬᠡᠯᠡᠭᠰᠡᠨ ᠪᠢᠯᠡ᠃
  ᠢᠩᠭᠢᠭᠡᠳ ᠢᠲᠡᠭᠡᠯᠲᠦ ᠶ᠋ᠢᠨ ᠲᠠᠪᠤᠨ ᠵᠠᠭᠤ ᠭᠠᠷᠤᠢ ᠬᠣᠨᠢ ᠶ᠋ᠢ ᠠᠪᠴᠤ ᠥᠪᠡᠷ ᠦ᠋ᠨ ᠬᠣᠷᠢ ᠭᠠᠷᠤᠢ ᠬᠣᠨᠢ᠂ ᠲᠠᠪᠤ ᠵᠢᠷᠭᠤᠭᠠᠨ ᠦᠬᠡᠷ ᠢ᠋ᠶ᠋ᠡᠨ ᠲᠠᠰᠤᠯᠤᠨ ᠨᠡᠭᠦᠵᠦ ᠥᠭᠡᠷ᠎ᠡ ᠡᠪᠣᠯᠵᠢᠶᠠᠨ ᠳ᠋ᠤ᠌ ᠪᠠᠭᠤᠭᠰᠠᠨ ᠪᠢᠯᠡ᠃
  ᠢᠲᠡᠭᠡᠯᠲᠦ ᠶᠠᠭᠠᠬᠢᠭᠠᠳ ᠨᠢᠮ᠎ᠠ ᠭᠤᠸᠠᠢ ᠶ᠋ᠢᠨ ᠬᠢ ᠶ᠋ᠢ ᠵᠠᠪᠠᠯ ᠬᠣᠯᠠᠳᠤᠭᠤᠯᠤᠨ ᠨᠡᠭᠦᠯᠭᠡᠪᠡ? ᠦᠨᠡᠬᠡᠷ ᠪᠡᠷᠢ ᠬᠣᠯᠠ ᠡᠴᠡ ᠮᠣᠷᠳᠠᠭᠤᠯᠬᠤ ᠨᠢ ᠳᠡᠭᠡᠷ᠎ᠡ ᠭᠡᠵᠦ ᠪᠣᠳᠣᠭ᠎ᠠ ᠤᠤ?ᠦᠭᠡᠢ᠃ ᠲᠥᠷᠥᠭᠰᠡᠨ ᠭᠡᠷ᠂ ᠡᠬᠡ ᠡᠴᠢᠭᠡ ᠨᠢ ᠠᠢᠯ ᠪᠠᠢᠭᠠᠳ ᠪᠠᠢᠪᠠᠯ ᠰᠦᠷᠦᠩ ᠶᠠᠭᠤᠮ᠎ᠠ ᠵᠥᠭᠡᠭᠡᠨ᠎ᠡ᠃ ᠭᠡᠲᠡᠯ᠎ᠡ ᠲᠡᠷᠡ ᠵᠥᠭᠡᠭᠡᠭᠰᠡᠨ ᠶᠠᠭᠤᠮ᠎ᠠ ᠨᠢ ᠬᠠᠷᠠᠬᠤ ᠳ᠋ᠤ᠌ ᠪᠠᠭ᠎ᠠ ᠪᠣᠯᠪᠠᠴᠤ ᠬᠡᠳᠦᠨ ᠵᠢᠯ ᠢ᠋ ᠨᠡᠢᠯᠡᠭᠦᠯᠦᠨ ᠪᠣᠳᠣᠪᠠᠯ ᠦᠯᠡᠮᠵᠢ ᠶᠡᠬᠡ ᠶᠠᠭᠤᠮ᠎ᠠ ᠪᠣᠯᠤᠨ᠎ᠠ ᠭᠡᠵᠦ ᠣᠢᠯᠠᠭᠠᠵᠠᠢ᠃ ᠲᠡᠭᠡᠭᠡᠳ ᠥᠭᠭᠦᠭᠰᠡᠨ ᠴᠦ᠍᠂ ᠠᠪᠤᠭᠰᠠᠨ ᠴᠤ᠌ ᠨᠡᠷ᠎ᠡ ᠪᠠᠢᠬᠤ ᠦᠭᠡᠢ᠃ ᠬᠠᠷᠢᠨ ᠰᠢᠭᠤᠳ ᠬᠣᠶᠠᠷ ᠦᠨᠢᠶ᠎ᠡ ᠥᠭᠭᠦᠭᠡᠳ ᠨᠡᠭᠦᠯᠭᠡᠪᠡᠯ ᠪᠢ ᠥᠭᠭᠦᠭᠰᠡᠨ ᠨᠡᠷ᠎ᠡ ᠲᠡᠢ᠂ ᠨᠢᠮ᠎ᠠ ᠠᠪᠤᠭᠰᠠᠨ ᠨᠡᠷ᠎ᠡ ᠲᠡᠢ ᠰᠠᠯᠤᠨ᠎ᠠ ᠭᠡᠵᠦ ᠪᠣᠳᠣᠪᠠ᠃ ᠡᠨᠡ ᠪᠣᠳᠣᠯ ᠢ᠋ᠶ᠋ᠠᠨ ᠳᠤᠯᠵᠢᠨ ᠳ᠋ᠤ᠌ ᠴᠤ᠌ ᠬᠡᠯᠡᠭᠡ ᠦᠭᠡᠢ ᠠᠵᠢ᠃ ᠪᠡᠷᠢ ᠮᠣᠷᠳᠠᠭᠤᠯᠬᠤ ᠶ᠋ᠢᠨ ᠡᠮᠦᠨᠡᠬᠡᠨ ᠢᠲᠡᠭᠡᠯᠲᠦ ᠨᠢᠮ᠎ᠠ ᠭᠤᠸᠠᠢ ᠶ᠋ᠢᠨ ᠳ᠋ᠦ᠍ ᠢᠷᠡᠵᠦ ᠵᠤᠵᠠᠭᠠᠨ ᠮᠥᠩᠭᠥᠨ ᠴᠢᠮᠡᠭ᠂ ᠨᠣᠭᠣᠭᠠᠨ ᠨᠠᠨᠵᠢᠨ ᠭᠠᠬᠠᠢ ᠭᠥᠯᠢᠮ ᠲᠡᠢ ᠬᠦᠷᠢᠶ᠎ᠡ ᠬᠢᠴᠡ ᠶ᠋ᠢᠨ ᠡᠮᠡᠭᠡᠯ᠂ ᠥᠩᠭᠡ ᠪᠦᠷᠢ ᠶ᠋ᠢᠨ ᠳᠥᠷᠪᠡᠨ ᠲᠣᠷᠭᠠᠨ ᠳᠡᠪᠡᠯ᠂ ᠰᠤᠪᠤᠳ᠂ ᠱ᠌ᠢᠷᠦ ᠰᠢᠭᠢᠳᠬᠡᠭᠰᠡᠨ ᠰᠢᠷᠠᠮᠠᠯ ᠲᠣᠯᠣᠭᠠᠢ ᠶ᠋ᠢᠨ ᠬᠡᠷᠡᠭᠯᠡᠯ᠂ ᠪᠠᠰᠠ ᠪᠤᠰᠤ ᠶᠠᠭᠤᠮ᠎ᠠ ᠠᠪᠴᠢᠷᠠᠵᠤ ᠥᠭᠭᠦᠭᠡᠳ 《ᠪᠡᠷᠢ ᠶ᠋ᠢᠨ ᠮᠢᠨᠢ ᠬᠡᠷᠡᠭᠯᠡᠯ᠂ ᠶᠠᠪᠤᠭᠰᠠᠨ ᠵᠠᠮ ᠤ᠋ᠨ ᠬᠢᠨᠢ ᠯᠤᠤᠰ ᠪᠠᠶᠠᠷᠯᠠᠭ》 ᠭᠡᠵᠡᠢ᠃
  ᠊᠊᠊᠊᠊᠊᠊᠊᠊᠊᠊᠊᠊᠊᠊ ᠢᠱ᠌ᠢ᠃ ᠢᠲᠡᠭᠡᠯᠲᠦ ᠮᠢᠨᠢ ᠶᠣᠰᠣ ᠪᠠᠷ ᠪᠣᠯᠪᠠᠯ ᠡᠨᠡ ᠪᠦᠬᠦᠨ ᠢ᠋ ᠴᠢᠨᠢ ᠪᠢ ᠯᠡ ᠪᠡᠯᠡᠳᠬᠡᠬᠦ ᠵᠢᠮ᠎ᠡ ᠲᠡᠢ ᠰᠢᠦ ᠳᠡ᠃
  ᠊᠊᠊᠊᠊᠊᠊᠊᠊᠊᠊᠊᠊᠊᠊ ᠲᠡᠷᠡ ᠶᠣᠰᠣ ᠶ᠋ᠢ ᠶᠠᠷᠢᠬᠤ ᠦᠭᠡᠢ᠃ ᠬᠡᠰᠢᠭᠲᠦ ᠭᠤᠸᠠᠢ ᠠᠶᠠᠭ᠎ᠠ ᠳᠠᠭᠱᠠ ᠶᠠᠭᠤᠮ᠎ᠠ ᠬᠠᠯᠠᠭᠠᠵᠤ ᠥᠭᠬᠦ ᠦᠭᠡᠢ ᠤᠤ᠃
  ᠊᠊᠊᠊᠊᠊᠊᠊᠊᠊᠊᠊᠊᠊᠊ ᠮᠠᠩᠬᠤᠤ ᠵᠣᠯᠢᠭ ᠴᠢᠨᠢ ᠮᠠᠷᠲᠠᠵᠤ ᠣᠷᠬᠢᠵᠠᠢ ᠭᠡᠳ ᠬᠡᠰᠢᠭᠲᠦ ᠣᠷᠣ ᠬᠥᠯ ᠦ᠋ᠨ ᠠᠪᠳᠠᠷ᠎ᠠ ᠬᠣᠶᠠᠷ ᠤ᠋ᠨ ᠵᠠᠪᠰᠠᠷ ᠡᠴᠡ ᠵᠢᠵᠢᠭᠬᠡᠨ ᠪᠣᠷᠪᠢ ᠲᠠᠢ ᠬᠥᠯᠳᠡᠭᠦᠦ ᠠᠷᠢᠬᠢ ᠭᠠᠷᠭᠠᠵᠤ ᠭᠠᠯ ᠤ᠋ᠨ ᠳᠡᠷᠭᠡᠳᠡ ᠲᠠᠯᠪᠢᠯ᠎ᠠ᠃
  ᠊᠊᠊᠊᠊᠊᠊᠊᠊᠊᠊᠊᠊᠊᠊ ᠰᠠᠶᠢᠬᠠᠨ ᠬᠡᠦᠬᠡᠳ ᠦ᠋ᠳ ᠪᠠᠢᠭᠰᠠᠨ᠂ ᠣᠳᠣ ᠢᠩᠭᠢᠭᠡᠳ ᠯᠡ ᠭᠡᠷᠯᠡᠬᠦ ᠪᠣᠯᠵᠤ ᠪᠠᠢᠳᠠᠭ᠃ ᠴᠠᠭ ᠴᠤ᠌ ᠮᠥᠨ ᠬᠤᠷᠳᠤᠨ ᠶᠤᠮ ᠳᠠ ᠭᠡᠳ ᠢᠲᠡᠭᠡᠯᠲᠦ ᠥᠪᠡᠷ ᠢ᠋ᠶ᠋ᠡᠨ ᠴᠠᠢ ᠬᠢᠵᠦ ᠤᠤᠭᠤᠪᠠ᠃ ᠢᠲᠡᠭᠡᠯᠲᠦ ᠨᠢᠮ᠎ᠠ ᠭᠤᠸᠠᠢ ᠬᠣᠶᠠᠷ ᠡᠯᠳᠡᠪ ᠢ᠋ ᠶᠠᠷᠢᠯᠴᠠᠵᠤ ᠪᠠᠢᠬᠤ ᠵᠠᠭᠤᠷ᠎ᠠ ᠬᠡᠰᠢᠭᠲᠦ ᠭᠤᠸᠠᠢ ᠠᠷᠢᠬᠢ ᠬᠠᠯᠠᠭᠠᠵᠤ ᠠᠶᠠᠭᠠᠯᠠᠪᠠ᠃
  ᠊᠊᠊᠊᠊᠊᠊᠊᠊᠊᠊᠊᠊᠊᠊ ᠥᠬᠢᠨ ᠢ᠋ᠶ᠋ᠡᠨ ᠮᠣᠷᠳᠠᠭᠤᠯᠬᠤ ᠭᠡᠵᠦ ᠪᠠᠢᠭ᠎ᠠ ᠶᠤᠮ ᠭᠡᠳ ᠠᠮᠢᠲᠠᠨ ᠠᠬ᠎ᠠ ᠳᠡᠭᠦᠦ ᠠᠪᠴᠢᠷᠠᠵᠤ ᠥᠭᠬᠦ ᠯᠡ ᠶᠤᠮ᠃ ᠡᠨᠡ ᠵᠥᠨᠥᠭ ᠡᠪᠦᠭᠡᠨ ᠨᠢ ᠣᠤᠭᠤᠴᠢᠬᠤ ᠭᠡᠳ ᠪᠣᠯᠳᠠᠭ ᠦᠭᠡᠢ᠃
  ᠊᠊᠊᠊᠊᠊᠊᠊᠊᠊᠊᠊᠊᠊᠊ ᠬᠢᠷᠢ ᠶᠠᠭᠤᠮ᠎ᠠ ᠲᠠᠢ ᠪᠣᠯᠤᠭᠰᠠᠨ ᠪᠣᠢ ᠳᠠ᠃
  ᠊᠊᠊᠊᠊᠊᠊᠊᠊᠊᠊᠊᠊᠊᠊ ᠤᠭ ᠨᠢ ᠣᠪᠣᠭ᠎ᠠ ᠯᠠ ᠶᠠᠭᠤᠮ᠎ᠠ ᠪᠣᠯᠵᠤ ᠪᠠᠢᠨ᠎ᠠ᠃
  ᠊᠊᠊᠊᠊᠊᠊᠊᠊᠊᠊᠊᠊᠊᠊ ᠮᠠᠷᠭᠠᠰᠢ ᠭᠠᠯᠰᠠᠩ ᠢ᠋ᠶ᠋ᠠᠷ ᠨᠢᠭᠡ ᠬᠤᠷᠠᠭᠠᠨ ᠯᠦᠦ ᠬᠠᠷ᠎ᠠ ᠠᠷᠢᠬᠢ ᠶᠠᠪᠤᠭᠤᠯᠤᠨ᠎ᠠ᠃ ᠤᠭᠤᠴᠠ ᠴᠤ᠌ ᠬᠠᠷ᠎ᠠ ᠬᠠᠯᠵᠠᠨ ᠢ᠋ᠶ᠋ᠠᠨ ᠤᠨᠠᠭᠠᠭᠠᠳ ᠠᠪᠤᠭᠰᠠᠨ ᠭᠡᠬᠦ ᠰᠢᠭ ᠪᠢᠯᠡ ᠳᠠ᠃
  ᠊᠊᠊᠊᠊᠊᠊᠊᠊᠊᠊᠊᠊᠊᠊ ᠭᠠᠭᠴᠠ ᠥᠬᠢᠨ ᠳ᠋ᠡᠭᠡᠨ ᠶᠠᠭᠤ ᠪᠠᠨ ᠬᠠᠷᠠᠮᠨᠠᠬᠤ ᠪᠣᠢ?
  ᠨᠡᠯᠢᠶᠡᠳ ᠬᠠᠯᠠᠭᠰᠠᠨ ᠢᠲᠡᠭᠡᠯᠲᠦ ᠮᠣᠷᠳᠠᠬᠤ ᠳ᠋ᠠᠭᠠᠨ᠄
  ᠊᠊᠊᠊᠊᠊᠊᠊᠊᠊᠊᠊᠊᠊᠊ ᠲᠠᠪᠤ ᠬᠣᠨᠣᠭᠰᠠᠨ ᠤ᠋ ᠳᠠᠷᠠᠭᠠᠬᠢ ᠥᠷᠯᠥᠭᠡ ᠪᠡᠷᠢ ᠮᠣᠷᠳᠠᠭᠤᠯᠤᠨ᠎ᠠ ᠰᠢᠦ ᠳᠡ᠃ ᠶᠠᠭᠤᠮ᠎ᠠ ᠳᠤᠲᠠᠪᠠᠯ ᠨᠡᠷᠡᠯᠬᠡᠯ ᠦᠭᠡᠢ ᠣᠴᠢᠵᠤ ᠠᠪᠤᠭᠠᠷᠠᠢ ᠭᠡᠳ ᠶᠠᠪᠤᠵᠠᠢ᠃
  ᠪᠠᠶᠠᠨ ᠢᠲᠡᠭᠡᠯᠲᠦ ᠶ᠋ᠢᠨ ᠬᠦᠦ ᠶ᠋ᠢᠨ ᠬᠤᠷᠢᠮ ᠪᠣᠯᠤᠨ᠎ᠠ ᠭᠡᠳᠡᠭ ᠨᠢ ᠪᠠᠳᠠᠷᠴᠢ ᠶ᠋ᠢᠨ ᠬᠢ ᠡᠴᠡ ᠪᠤᠰᠤᠳ ᠢ᠋ ᠪᠠᠶᠠᠷᠯᠠᠭᠤᠯᠵᠤ ᠪᠠᠢᠯ᠎ᠠ᠃ ᠨᠢᠭᠡᠨᠲᠡ ᠡᠨᠡ ᠶᠠᠪᠤᠳᠠᠯ ᠳ᠋ᠤ᠌ ᠰᠠᠭᠠᠳ ᠬᠢᠵᠦ ᠴᠢᠳᠠᠬᠤ ᠦᠭᠡᠢ ᠪᠡᠨ ᠮᠡᠳᠡᠭᠰᠡᠨ ᠳᠤᠯᠵᠢᠨ ᠴᠤ᠌ ᠭᠠᠭᠴᠠ ᠬᠦᠦ ᠶ᠋ᠢᠨ ᠢ᠋ᠶ᠋ᠡᠨ ᠬᠤᠷᠢᠮ ᠳ᠋ᠤ᠌ ᠡᠳᠦᠷ ᠰᠥᠨᠢ ᠦᠭᠡᠢ ᠪᠡᠯᠡᠳᠬᠡᠨ᠎ᠡ᠃
  ᠢᠲᠡᠭᠡᠯᠲᠦ ᠶ᠋ᠢᠨ ᠬᠣᠲᠠᠨ ᠳ᠋ᠤ᠌ ᠥᠴᠦᠬᠡᠨ ᠴᠦ᠍ ᠬᠠᠷ᠎ᠠ ᠨᠣᠣᠰᠣ ᠣᠷᠣᠭ᠎ᠠ ᠦᠭᠡᠢ ᠴᠠᠭᠠᠨ ᠢᠰᠡᠭᠡᠢ ᠪᠦᠷᠢᠶᠡᠰᠦ᠂ ᠰᠠᠷᠯᠤᠭ ᠤ᠋ᠨ ᠰᠡᠪᠡᠭ ᠢ᠋ᠶ᠋ᠡᠷ ᠬᠢᠭᠰᠡᠨ ᠬᠠᠷ᠎ᠠ ᠬᠣᠰᠢᠯᠠᠩ ᠲᠠᠢ ᠲᠠᠪᠤᠨ ᠬᠠᠨ᠎ᠠ ᠲᠠᠢ ᠴᠣ ᠰᠢᠨ᠎ᠡ ᠴᠠᠭᠠᠨ ᠭᠡᠷ ᠪᠣᠰᠤᠯ᠎ᠠ᠃ ᠡᠨᠡ ᠭᠡᠷ ᠲᠦ᠍ ᠴᠢᠭᠲᠠᠭ᠎ᠠ ᠡᠴᠡ ᠨᠢ ᠤᠶᠠᠭᠰᠠᠨ ᠬᠠᠳᠠᠭ ᠡᠴᠡ ᠪᠤᠰᠤᠳ ᠨᠢ ᠴᠥᠮ ᠰᠢᠨ᠎ᠡ ᠠᠵᠢ᠃
  ᠊᠊᠊᠊᠊᠊᠊᠊᠊᠊᠊᠊᠊᠊᠊ ᠡᠨᠡ ᠭᠡᠷ ᠢ᠋ ᠮᠥᠨ ᠲᠠᠭᠠᠷᠠᠭᠤᠯᠵᠤ ᠴᠢᠳᠠᠵᠠᠢ ᠭᠡᠵᠦ ᠪᠠᠷᠢᠵᠤ ᠪᠠᠢᠭᠰᠠᠨ ᠨᠢᠭᠡ ᠬᠥᠮᠦᠨ ᠬᠡᠯᠡᠬᠦ ᠳ᠋ᠦ᠍᠂
  ᠊᠊᠊᠊᠊᠊᠊᠊᠊᠊᠊᠊᠊᠊᠊ ᠢᠲᠡᠭᠡᠯᠲᠦ ᠭᠠᠭᠴᠠ ᠬᠦᠦ ᠳ᠋ᠡᠭᠡᠨ ᠪᠠᠷᠢᠵᠤ ᠪᠠᠢᠭ᠎ᠠ ᠭᠡᠷ ᠰᠢᠦ ᠳᠡ ᠭᠡᠵᠦ ᠥᠭᠡᠷ᠎ᠡ ᠨᠢᠭᠡ ᠬᠥᠮᠦᠨ ᠬᠠᠷᠢᠭᠤᠯᠵᠠᠢ᠃
  ᠪᠡᠷᠢ ᠮᠣᠷᠳᠠᠭᠤᠯᠬᠤ ᠶ᠋ᠢᠨ ᠤᠷᠢᠳ ᠣᠷᠣᠢ ᠢᠲᠡᠭᠡᠯᠲᠦ ᠶ᠋ᠢᠨ ᠳ᠋ᠦ᠍ ᠥᠨᠳᠥᠷ ᠴᠡᠭᠡᠵᠢ ᠲᠡᠢ ᠬᠠᠩᠬᠠᠷ ᠪᠣᠷᠣ ᠮᠣᠷᠢ ᠬᠥᠲᠥᠯᠵᠦ᠂ ᠨᠠᠷᠢᠬᠠᠨ ᠬᠦᠷᠡᠩ ᠮᠣᠷᠢ ᠤᠨᠤᠭᠰᠠᠨ ᠲᠡᠮᠦᠷ ᠢᠷᠡᠯ᠎ᠡ᠃ ᠲᠡᠮᠦᠷ ᠢ᠋ ᠬᠣᠩᠭᠣᠷ ᠪᠡᠶ᠎ᠡ ᠪᠡᠷ ᠣᠴᠢᠵᠤ ᠤᠷᠢᠭᠰᠠᠨ ᠢ᠋ᠶ᠋ᠠᠷ ᠬᠤᠷᠢᠮ ᠳ᠋ᠤ᠌ ᠣᠷᠣᠯᠴᠠᠬᠤ ᠭᠡᠵᠦ ᠢᠷᠡᠵᠦ ᠪᠠᠢᠭ᠎ᠠ ᠨᠢ ᠡᠨᠡ ᠪᠥᠭᠡᠳ ᠪᠠᠰᠠ ᠰᠦᠷᠦᠩ ᠲᠡᠢ ᠵᠢᠯ ᠲᠠᠭᠠᠷᠠᠭᠰᠠᠨ ᠪᠣᠯᠬᠣᠷ ᠳᠡᠭᠦᠷᠴᠦ ᠢᠷᠡᠬᠦ ᠠᠯᠪᠠᠨ ᠳ᠋ᠤ᠌ ᠣᠨᠣᠭᠳᠠᠵᠠᠢ᠃
  ᠳᠤᠯᠮ᠎ᠠ ᠴᠤ᠌ ᠤᠷᠢᠭᠳᠠᠭᠰᠠᠨ᠃ ᠭᠡᠪᠡᠴᠦ 《ᠪᠢ ᠢᠲᠡᠭᠡᠯᠲᠦ ᠶ᠋ᠢᠨ ᠳ᠋ᠦ᠍ ᠣᠴᠢᠬᠤ ᠶ᠋ᠢ ᠪᠢᠲᠡᠭᠡᠢ ᠬᠡᠯᠡ ᠬᠠᠷᠠᠬᠤ ᠶ᠋ᠢ ᠬᠦᠰᠡᠬᠦ ᠦᠭᠡᠢ》 ᠭᠡᠳ ᠶᠠᠪᠤᠭ᠎ᠠ ᠦᠭᠡᠢ᠃
  ᠊᠊᠊᠊᠊᠊᠊᠊᠊᠊᠊᠊᠊᠊᠊ ᠪᠢ ᠭᠠᠭᠴᠠᠭᠠᠷ ᠢ᠋ᠶ᠋ᠠᠨ ᠶᠠᠪᠤᠬᠤ ᠦᠭᠡᠢ ᠭᠡᠵᠦ ᠲᠡᠮᠦᠷ ᠦ᠋ᠨ ᠬᠡᠯᠡᠬᠦ ᠳ᠋ᠦ᠍᠂ 《ᠴᠢ ᠪᠣᠯ ᠥᠭᠡᠷ᠎ᠡ ᠬᠡᠷᠡᠭ᠃ ᠬᠣᠩᠭᠣᠷ ᠢ᠋ ᠪᠡᠨ ᠪᠣᠳᠣᠭᠠᠳ ᠣᠴᠢ᠃ ᠬᠣᠩᠭᠣᠷ ᠴᠢᠮ᠎ᠠ ᠳ᠋ᠤ᠌ ᠲᠤᠰᠠᠯᠠᠭ᠎ᠠ ᠦᠭᠡᠢ᠂ ᠴᠢ ᠪᠠᠳᠠᠷᠴᠢ ᠶ᠋ᠢᠨ ᠭᠠᠷ ᠲᠤ᠌ ᠳᠠᠭᠢᠵᠤ ᠣᠷᠣᠭᠰᠠᠨ ᠪᠣᠯ ᠪᠢ ᠡᠳᠦᠢ ᠳ᠋ᠦ᠍ ᠢᠩᠭᠢᠵᠦ ᠵᠢᠷᠭᠠᠵᠤ ᠴᠢᠳᠠᠬᠤ ᠦᠭᠡᠢ ᠪᠠᠢᠭᠰᠠᠨ ᠶᠤᠮ ᠰᠢᠦ᠃ ᠮᠢᠨᠦ ᠡᠪᠦᠭᠡᠨ ᠣᠴᠢ》 ᠭᠡᠵᠦ ᠳᠤᠯᠮ᠎ᠠ ᠬᠡᠯᠡᠵᠡᠢ᠃
  ᠬᠠᠷᠢᠨ ᠤᠷᠢᠭᠳᠠᠭᠰᠠᠨ ᠡᠷᠬᠢᠮ ᠵᠣᠴᠢᠳ ᠡᠴᠡ ᠨᠢᠭᠡ ᠬᠥᠮᠦᠨ ᠢᠷᠡᠵᠦ ᠴᠢᠳᠠᠭ᠎ᠠ ᠦᠭᠡᠢ ᠪᠠᠢᠭᠰᠠᠨ ᠨᠢ ᠬᠦᠷᠢᠶ᠎ᠡ ᠤᠷᠤᠭᠤ ᠠᠯᠪᠠᠨ ᠤ᠋ ᠬᠡᠷᠡᠭ ᠢ᠋ᠶ᠋ᠡᠷ ᠶᠠᠪᠤᠭᠰᠠᠨ ᠠᠷᠠᠳ ᠤ᠋ᠨ ᠵᠠᠰᠠᠭ ᠤ᠋ᠨ ᠲᠥᠯᠥᠭᠡᠨ ᠦ᠌ ᠲᠦᠰᠢᠮᠡᠯ ᠡᠷᠳᠡᠨᠢ ᠪᠠᠢᠯ᠎ᠠ᠃
  ᠮᠠᠷᠭᠠᠰᠢ ᠪᠡᠷᠢ ᠮᠣᠷᠳᠠᠭᠤᠯᠬᠤ ᠪᠣᠯᠬᠤ ᠳ᠋ᠤ᠌ ᠥᠬᠢᠨ ᠦ᠌ ᠲᠠᠯ᠎ᠠ ᠶ᠋ᠢᠨ ᠪᠡᠷᠭᠡᠨ ᠢᠷᠡᠵᠦ ᠨᠢᠮ᠎ᠠ ᠶ᠋ᠢᠨ ᠳ᠋ᠦ᠍ ᠬᠣᠨᠣᠪᠠ᠃ 《ᠬᠦᠦ ᠮᠢᠨᠢ ᠡᠷ᠎ᠡ ᠳ᠋ᠦ᠍ ᠭᠠᠷᠤᠨ᠎ᠠ ᠭᠡᠳᠡᠭ ᠡᠮ᠎ᠡ ᠬᠥᠮᠦᠨ ᠦ᠌ ᠵᠠᠶᠠᠭ᠎ᠠ᠃ ᠭᠤᠨᠢᠵᠤ ᠭᠤᠲᠤᠷᠠᠵᠤ ᠪᠣᠯᠬᠤ ᠦᠭᠡᠢ》 ᠭᠡᠵᠦ ᠲᠡᠷᠡ ᠡᠮᠡᠭᠲᠡᠢ ᠰᠦᠷᠦᠩ ᠢ᠋ ᠰᠤᠷᠭᠠᠨ᠎ᠠ᠃
  ᠰᠦᠷᠦᠩ ᠠᠯᠪᠠ ᠪᠠᠷ ᠪᠣᠭᠲᠣᠯᠠᠭᠳᠠᠵᠤ ᠪᠠᠢᠭ᠎ᠠ ᠪᠢᠰᠢ᠃ ᠬᠣᠷᠸ᠎ᠠ ᠳᠡᠭᠡᠷ᠎ᠡ ᠭᠠᠭᠴᠠ ᠰᠡᠳᠬᠢᠯ ᠲᠡᠢ ᠬᠥᠮᠦᠨ ᠳ᠋ᠡᠭᠡᠨ ᠣᠴᠢᠬᠤ ᠭᠡᠵᠦ ᠪᠠᠢᠭ᠎ᠠ ᠬᠥᠮᠦᠨ᠃ ᠬᠣᠩᠭᠣᠷ ᠢ᠋ ᠪᠠᠶᠠᠨ ᠲᠠᠷᠭᠤᠨ ᠬᠥᠮᠦᠨ ᠦ᠌ ᠭᠠᠭᠴᠠ ᠬᠦᠦ ᠭᠡᠵᠦ ᠰᠦᠷᠦᠩ ᠰᠡᠳᠬᠢᠯ ᠲᠡᠢ ᠪᠣᠯᠤᠭ᠎ᠠ ᠦᠭᠡᠢ᠂ ᠲᠡᠭᠦᠨ ᠢ᠋ ᠮᠣᠳᠣ ᠪᠠᠷᠢᠭᠰᠠᠨ ᠭᠤᠢᠯᠢᠨᠴᠢᠨ ᠪᠠᠢᠭᠰᠠᠨ ᠴᠤ᠌ ᠲᠡᠭᠦᠨ ᠲᠡᠢ ᠰᠠᠭᠤᠬᠤ ᠨᠢ ᠰᠦᠷᠦᠩ ᠳ᠋ᠦ᠍ ᠳᠡᠭᠡᠳᠦ ᠶ᠋ᠢᠨ ᠵᠢᠷᠭᠠᠯ ᠪᠠᠢᠭᠰᠠᠨ᠃ ᠡᠨᠡ ᠤᠴᠢᠷ ᠡᠴᠡ ᠰᠦᠷᠦᠩ ᠦ᠋ᠨ ᠰᠡᠳᠬᠢᠯ ᠪᠠᠶᠠᠷᠯᠠᠵᠤ ᠪᠠᠢᠯ᠎ᠠ᠃ ᠭᠡᠪᠡᠴᠦ ᠲᠥᠷᠥᠵᠦ ᠥᠰᠦᠭᠰᠡᠨ ᠭᠡᠷ ᠡᠴᠡ ᠬᠣᠯᠠᠳᠴᠤ ᠠᠢᠯ ᠳ᠋ᠤ᠌ ᠡᠭᠦᠷᠢᠳᠡ ᠣᠴᠢᠨ᠎ᠠ᠃ ᠡᠴᠢᠭᠡ ᠡᠬᠡ ᠡᠴᠡ ᠪᠡᠨ ᠰᠠᠯᠤᠨ᠎ᠠ ᠭᠡᠵᠦ ᠪᠣᠳᠣᠬᠤ ᠳ᠋ᠤ᠌ ᠨᠢᠭᠡ ᠯᠡ ᠬᠠᠴᠢᠨ ᠪᠠᠢᠯ᠎ᠠ᠃
  ᠊᠊᠊᠊᠊᠊᠊᠊᠊᠊᠊᠊᠊᠊᠊ ᠬᠡᠳᠦᠢ ᠰᠡᠳᠬᠢᠯ ᠲᠡᠢ ᠪᠣᠯᠪᠠᠴᠤ ᠭᠡᠷ ᠡᠴᠡ ᠪᠡᠨ ᠶᠠᠪᠤᠬᠤ ᠳ᠋ᠤ᠌ ᠤᠬᠢᠯᠠᠳᠠᠭ ᠶᠤᠮ ᠭᠡᠳᠡᠭ ᠰᠢᠦ ᠭᠡᠵᠦ ᠬᠡᠰᠢᠭᠲᠦ ᠭᠤᠸᠠᠢ ᠤᠬᠢᠯᠠᠨ ᠪᠠᠢᠵᠤ ᠥᠬᠢᠨ ᠳ᠋ᠡᠭᠡᠨ ᠬᠡᠯᠡᠨ᠎ᠡ᠃
  ᠨᠢᠮ᠎ᠠ ᠭᠤᠸᠠᠢ ᠶ᠋ᠢᠨ ᠪᠣᠷᠣ ᠭᠡᠷ ᠲᠦ᠍ ᠬᠡᠳᠦᠢᠪᠡᠷ ᠰᠠᠯᠬᠤ ᠶ᠋ᠢᠨ ᠭᠤᠨᠢᠭᠲᠤ ᠠᠭᠠᠷ ᠪᠠᠢᠭᠰᠠᠨ ᠨᠢ ᠦᠨᠡᠨ ᠠᠪᠠᠴᠤ ᠪᠦᠬᠦᠯᠢ ᠳ᠋ᠡᠭᠡᠨ ᠪᠠᠶᠠᠷ ᠬᠥᠷ᠂ ᠬᠥᠯ ᠦᠢᠮᠡᠭᠡᠨ ᠪᠣᠯᠵᠤ ᠪᠠᠢᠵᠠᠢ᠃
  ᠥᠷᠯᠥᠭᠡᠨ ᠦ᠌ ᠨᠠᠷᠠ ᠭᠠᠷᠬᠤ ᠶ᠋ᠢᠨ ᠦᠶ᠎ᠡ ᠳ᠋ᠦ᠍ ᠢᠲᠡᠭᠡᠯᠲᠦ ᠶ᠋ᠢᠨ ᠭᠠᠳᠠᠨ᠎ᠠ ᠡᠴᠡ ᠪᠡᠷᠢ ᠮᠣᠷᠳᠠᠭᠤᠯᠬᠤ ᠬᠥᠮᠦᠰ ᠬᠥᠳᠡᠯᠬᠦ ᠪᠣᠯᠬᠤ ᠳ᠋ᠤ᠌ ᠲᠡᠮᠦᠷ ᠢᠷᠡᠭᠰᠡᠨ ᠪᠣᠷᠣ ᠮᠣᠷᠢᠨ ᠤ᠋ ᠪᠠᠨ ᠴᠤᠯᠪᠤᠭᠤᠷ ᠢ᠋ ᠬᠣᠩᠭᠣᠷ ᠲᠤ᠌ ᠥᠭᠴᠦ 《ᠠᠬ᠎ᠠ ᠨᠢ ᠠᠯᠴᠢᠭᠤᠷ ᠢ᠋ᠶ᠋ᠠᠨ ᠣᠳᠣ ᠥᠭᠴᠦ ᠤᠷᠭᠢᠶ᠎ᠠ ᠤᠨᠤᠭᠠᠳ ᠶᠠᠪᠤ᠂ ᠨᠠᠭᠠᠳᠤᠬᠢ ᠴᠢᠨᠢ ᠵᠢᠷᠣᠭ᠎ᠠ ᠴᠤ᠌᠂ ᠬᠤᠷᠳᠤᠨ ᠴᠤ᠌ ᠮᠣᠷᠢ ᠪᠢᠰᠢ᠃ ᠭᠡᠬᠦ ᠳ᠋ᠡᠭᠡᠨ ᠡᠷ᠎ᠡ ᠬᠥᠮᠦᠨ ᠢ᠋ ᠶᠠᠪᠠᠭᠠᠯᠠᠯ ᠦᠭᠡᠢ᠂ ᠵᠣᠷᠢᠭᠰᠠᠨ ᠭᠠᠵᠠᠷ ᠲᠤ᠌ ᠨᠢ ᠬᠦᠷᠭᠡᠵᠦ ᠴᠢᠳᠠᠨ᠎ᠠ》 ᠭᠡᠵᠦ ᠬᠡᠯᠡᠪᠡ᠃
  ᠡᠨᠡ ᠪᠦᠬᠦᠨ ᠢ᠋ ᠬᠠᠷᠠᠵᠤ ᠪᠠᠢᠭᠰᠠᠨ ᠢᠲᠡᠭᠡᠯᠲᠦ ᠦᠯᠡᠮᠵᠢ ᠪᠠᠶᠠᠷᠯᠠᠨ 《ᠡᠭᠦᠨ ᠡᠴᠡ ᠢᠯᠡᠭᠦᠦ ᠪᠡᠯᠡᠭ ᠲᠡᠢ ᠶᠠᠭᠤᠮ᠎ᠠ ᠭᠡᠵᠦ ᠶᠠᠭᠤ ᠪᠠᠢᠬᠤ ᠪᠣᠢ᠃ ᠡᠷ᠎ᠡ ᠬᠥᠮᠦᠨ ᠳ᠋ᠦ᠍ ᠮᠣᠷᠢ᠃ ᠲᠡᠭᠡᠬᠦ ᠳ᠋ᠡᠭᠡᠨ ᠡᠢᠮᠦ ᠡᠷ᠎ᠡ ᠶ᠋ᠢᠨ ᠭᠠᠷ ᠡᠴᠡ ᠰᠢᠦ᠃ ᠠᠯᠢ ᠪᠣᠢ᠃ ᠭᠠᠯᠰᠠᠩ ᠴᠢ ᠬᠦᠦ ᠶ᠋ᠢᠨ ᠡᠮᠡᠭᠡᠯ ᠢ᠋ ᠲᠣᠬᠣᠵᠤ ᠣᠷᠭᠢ》 ᠭᠡᠵᠡᠢ᠃
  ᠡᠷ᠎ᠡ ᠬᠥᠮᠦᠨ ᠦ᠌ ᠨᠢᠳᠦ ᠶ᠋ᠢ ᠪᠤᠯᠢᠶᠠᠭᠰᠠᠨ ᠡᠨᠡ ᠬᠠᠩᠬᠠᠷ ᠪᠣᠷᠣ ᠮᠣᠷᠢ ᠶᠣᠰᠣᠲᠠᠢ ᠯᠠ ᠠᠷᠭᠤᠮᠠᠭ ᠬᠦᠯᠦᠭ ᠪᠠᠢᠵᠤ ᠪᠢᠯᠡ᠃ ᠬᠣᠵᠢᠮ ᠡᠨᠡ ᠮᠣᠷᠢ ᠬᠣᠩᠭᠣᠷ ᠢ᠋ ᠣᠯᠠᠨ ᠤᠳᠠᠭ᠎ᠠ ᠠᠪᠤᠷᠠᠵᠤ ᠪᠠᠶᠠᠷᠯᠠᠭᠤᠯᠤᠭᠰᠠᠨ᠃ ᠪᠠᠰᠠ ᠬᠣᠩᠭᠣᠷ ᠲᠤ᠌ ᠬᠦᠨᠳᠦ ᠪᠠᠯᠠᠭ ᠲᠠᠷᠢᠭᠰᠠᠨ ᠶᠤᠮ᠃ ᠭᠡᠪᠡᠴᠦ ᠥᠨᠥᠳᠥᠷ ᠦ᠋ᠨ ᠬᠤᠪᠢ ᠳ᠋ᠤ᠌ ᠨᠢᠭᠡ ᠮᠣᠷᠢᠨ ᠤ᠋ ᠲᠤᠬᠠᠢ ᠤᠷᠢᠲᠠᠵᠤ ᠬᠡᠨ ᠳᠠᠭᠠᠬᠤ ᠪᠢᠯᠡ᠃
  ᠲᠡᠮᠦᠷ᠂ ᠬᠣᠩᠭᠣᠷ ᠬᠣᠶᠠᠷ ᠠᠷᠪᠠᠭᠠᠳ ᠮᠣᠷᠢᠲᠠᠢ ᠬᠥᠮᠦᠨ ᠦ᠌ ᠬᠠᠮᠲᠤ ᠨᠢᠮ᠎ᠠ ᠶ᠋ᠢᠨ ᠡᠪᠣᠯᠵᠢᠶᠠᠨ ᠤ᠋ ᠵᠦᠭ ᠬᠥᠳᠡᠯᠪᠡ᠃ ᠲᠡᠳᠡᠨ ᠦ᠌ ᠬᠠᠮᠲᠤ ᠭᠠᠭᠴᠠ ᠡᠬᠡᠨᠡᠷ ᠬᠥᠮᠦᠨ ᠶᠠᠪᠤᠭᠰᠠᠨ ᠨᠢ ᠬᠦᠦ ᠶ᠋ᠢᠨ ᠲᠠᠯ᠎ᠠ ᠶ᠋ᠢᠨ ᠪᠡᠷᠭᠡᠨ ᠪᠠᠢᠯ᠎ᠠ᠃
  ᠬᠤᠷᠠᠭᠠᠨ ᠳᠣᠲᠣᠷ ᠲᠠᠢ ᠬᠠᠷ᠎ᠠ ᠬᠥᠬᠡ ᠴᠢᠰᠴᠡᠦ ᠳᠡᠪᠡᠯ ᠳᠡᠭᠡᠷ᠎ᠡ ᠨᠣᠭᠣᠭᠠᠨ ᠳᠤᠷᠳᠤᠩ ᠪᠦᠰᠡ ᠣᠷᠢᠶᠠᠵᠤ ᠬᠡᠲᠡ ᠬᠢᠲᠤᠭ᠎ᠠ ᠵᠡᠭᠦᠵᠦ ᠫᠤᠤ ᠡᠭᠦᠷᠦᠭᠰᠡᠨ ᠬᠣᠩᠭᠣᠷ ᠤ᠋ᠨ ᠴᠢᠷᠠᠢ ᠦᠯᠦ ᠮᠡᠳᠡᠭ ᠤᠯᠠᠢᠪᠠᠴᠤ ᠰᠡᠳᠬᠢᠯ ᠦ᠋ᠨ ᠳᠣᠲᠣᠷᠠᠬᠢ ᠬᠡᠮᠵᠢᠶᠡᠯᠡᠰᠢ ᠦᠭᠡᠢ ᠪᠠᠶᠠᠷ ᠨᠢ ᠬᠡᠨ ᠪᠦᠬᠦᠨ ᠳ᠋ᠦ᠍ ᠲᠣᠳᠣᠷᠬᠠᠢ ᠠᠵᠢ᠃
  ᠡᠳᠡᠨ ᠦ᠌ ᠬᠠᠮᠲᠤ ᠶᠠᠪᠤᠭ᠎ᠠ ᠬᠢᠵᠢᠶᠡᠯ ᠡᠷ᠎ᠡ ᠣᠴᠢᠭᠠᠳ ᠶᠠᠭᠤ ᠬᠡᠯᠡᠬᠦ᠂ ᠶᠠᠭᠠᠬᠢᠵᠤ ᠪᠠᠢᠬᠤ ᠶ᠋ᠢ ᠬᠣᠩᠭᠣᠷ ᠲᠤ᠌ ᠳᠠᠬᠢᠨ ᠳᠠᠬᠢᠨ ᠶᠠᠷᠢᠵᠤ ᠥᠭᠴᠦ ᠪᠠᠢᠯ᠎ᠠ᠃
  ᠭᠡᠷ ᠦ᠋ᠨ ᠭᠠᠳᠠᠨ᠎ᠠ ᠣᠴᠢᠬᠤ ᠳ᠋ᠤ᠌ ᠪᠠᠭᠠᠨ᠎ᠠ ᠪᠠᠷᠢᠭᠰᠠᠨ ᠬᠥᠮᠦᠨ ᠢᠷᠡᠵᠦ 《ᠤᠷᠢᠭᠰᠠᠨ ᠵᠣᠴᠢᠨ ᠪᠠᠢᠬᠤ ᠦᠭᠡᠢ ᠰᠠᠨ᠃ ᠬᠤᠷᠠᠨ ᠢᠷᠡᠬᠦ ᠨᠢ ᠶᠠᠭᠤ ᠪᠣᠢ》 ᠭᠡᠳ ᠴᠣᠬᠢᠬᠤ ᠭᠡᠵᠦ ᠪᠠᠢᠭ᠎ᠠ ᠳᠦᠷᠰᠦ ᠦᠵᠡᠭᠦᠯᠦᠨ ᠬᠥᠭᠡᠭᠡᠨ᠎ᠡ᠃
  ᠊᠊᠊᠊᠊᠊᠊᠊᠊᠊᠊᠊᠊᠊᠊ ᠤᠷᠢᠵᠤ ᠪᠢᠳᠡᠨ ᠢ᠋ ᠳᠠᠭᠤᠳᠠᠭ᠎ᠠ ᠦᠭᠡᠢ ᠴᠦ᠍᠂ ᠬᠤᠷᠠᠨ ᠢᠷᠡᠬᠦ ᠶ᠋ᠢᠨ ᠤᠴᠢᠷ ᠪᠣᠢ᠃ ᠤᠭᠲᠤᠵᠤ ᠠᠪᠬᠤ ᠶ᠋ᠢᠨ ᠣᠷᠣᠨ ᠳ᠋ᠤ᠌ ᠬᠥᠭᠡᠭᠡᠬᠦ ᠶ᠋ᠢᠨ ᠤᠴᠢᠷ ᠶᠠᠭᠤᠨ ᠪᠣᠢ? ᠭᠡᠵᠦ ᠬᠠᠮᠲᠤ ᠢᠷᠡᠭᠰᠡᠨ ᠬᠢᠵᠢᠶᠡᠯ ᠡᠷ᠎ᠡ ᠬᠠᠷᠢᠭᠤᠯᠤᠭᠠᠳ ᠪᠦᠬᠦ ᠬᠥᠮᠦᠰ ᠪᠠᠭᠤᠵᠤ ᠮᠣᠷᠢᠳ ᠢ᠋ᠶ᠋ᠠᠨ ᠤᠶᠠᠯᠠᠪᠠ᠃
  ᠭᠡᠷ ᠲᠦ᠍ ᠣᠷᠣᠬᠤ ᠳ᠋ᠤ᠌ ᠭᠣᠶᠣᠯ ᠢ᠋ᠶ᠋ᠠᠨ ᠡᠮᠦᠰᠴᠦ ᠨᠢᠭᠤᠷ ᠤᠷᠤᠭᠤ ᠪᠠᠨ ᠠᠯᠴᠢᠭᠤᠷ ᠤᠨᠵᠢᠭᠤᠯᠤᠭᠰᠠᠨ ᠰᠦᠷᠦᠩ ᠵᠡᠭᠦᠨ ᠣᠷᠣᠨ ᠳᠡᠭᠡᠷ᠎ᠡ ᠰᠠᠭᠤᠵᠤ ᠪᠠᠢᠯ᠎ᠠ᠃
  ᠬᠣᠩᠭᠣᠷ ᠣᠷᠣᠵᠤ ᠪᠤᠷᠬᠠᠨ ᠳ᠋ᠤ᠌ ᠬᠠᠳᠠᠭ ᠲᠠᠯᠪᠢᠭᠠᠳ ᠰᠠᠭᠤᠬᠤ ᠳ᠋ᠤᠨᠢ ᠠᠶᠠᠭ᠎ᠠ ᠳᠦᠭᠦᠷᠡᠩ ᠴᠠᠢ ᠬᠢᠵᠦ ᠥᠭᠬᠦ ᠳ᠋ᠦ᠍ ᠠᠮᠰᠠᠨ ᠲᠠᠯᠪᠢᠯ᠎ᠠ᠃ ᠱᠠᠭ᠎ᠠ ᠨᠢ ᠬᠥᠨᠳᠡᠭᠳᠡᠭᠰᠡᠨ ᠱᠠᠭᠠᠨᠲᠤ ᠥᠭᠬᠦ ᠳ᠋ᠦ᠍ ᠲᠡᠭᠦᠨ ᠢ᠋ ᠮᠤᠯᠲᠤᠯᠵᠤ ᠣᠷᠬᠢᠪᠠ᠃
  ᠰᠦᠷᠦᠩ ᠨᠢᠭᠤᠷ ᠤᠷᠤᠭᠤ ᠨᠢ ᠤᠨᠵᠢᠭᠤᠯᠤᠭᠰᠠᠨ ᠨᠢᠮᠭᠡᠨ ᠳᠠᠪᠤᠤ ᠶ᠋ᠢᠨ ᠴᠠᠭᠠᠨ᠎ᠠ ᠡᠴᠡ ᠴᠢᠷᠠᠢ ᠨᠢ ᠮᠢᠠᠴᠢ᠌ᠵᠤ ᠤᠯᠠᠢᠨ᠂ ᠬᠢᠵᠢᠶᠡᠯ ᠡᠷ᠎ᠡ ᠶ᠋ᠢᠨ ᠵᠢᠭᠠᠪᠤᠷᠢ ᠶᠣᠰᠣ ᠪᠦᠬᠦᠨ ᠢ᠋ ᠰᠠᠨᠳᠤᠷᠤᠨ ᠭᠦᠢᠴᠡᠳᠬᠡᠵᠦ ᠪᠠᠢᠭ᠎ᠠ ᠬᠣᠩᠭᠣᠷ ᠢ᠋ ᠬᠠᠷᠠᠨ ᠢᠨᠢᠶᠡᠳᠦ ᠨᠢ ᠬᠦᠷᠴᠦ ᠲᠡᠭᠦᠨ ᠢ᠋ᠶ᠋ᠡᠨ ᠪᠠᠷᠢᠬᠤ ᠭᠡᠵᠦ ᠭᠤᠶ᠎ᠠ ᠪᠠᠨ ᠰᠠᠮ ᠪᠠᠵᠠᠯᠠᠨ ᠬᠡᠯᠡᠨ ᠦ᠌ ᠪᠡᠨ ᠦᠵᠦᠭᠦᠷ ᠢ᠋ ᠬᠠᠵᠠᠵᠤ ᠪᠠᠢᠯ᠎ᠠ᠃ ᠢᠩᠭᠢᠭᠡᠳ ᠨᠠᠢᠷ ᠡᠬᠢᠯᠡᠵᠦ ᠨᠡᠷᠡᠮᠡᠯ ᠠᠷᠢᠬᠢ᠂ ᠬᠠᠷ᠎ᠠ ᠠᠷᠢᠬᠢ ᠲᠠᠢ ᠬᠣᠯᠢᠭᠰᠠᠨ ᠬᠥᠮᠦᠰ ᠦ᠋ᠨ ᠴᠢᠷᠠᠢ ᠤᠳᠠᠯ ᠦᠭᠡᠢ ᠤᠯᠠᠭᠠᠨ ᠵᠡᠭᠡᠷᠳᠡ ᠪᠤᠯᠵᠠᠭᠠᠨ ᠵᠠᠷᠢᠮ ᠤ᠋ᠨ ᠬᠢᠨᠢ ᠬᠡᠯᠡ ᠡᠭᠡᠳᠡᠷᠡᠭᠡᠳ ᠢᠷᠡᠯ᠎ᠡ᠃
  ᠊᠊᠊᠊᠊᠊᠊᠊᠊᠊᠊᠊᠊᠊᠊ ᠠᠪᠬᠤ ᠬᠥᠮᠦᠨ ᠢ᠋ᠶ᠋ᠡᠨ ᠠᠪᠤᠭᠠᠳ ᠪᠤᠴᠠᠬᠤ ᠭᠠᠵᠠᠷ ᠢ᠋ᠶ᠋ᠠᠨ ᠪᠤᠴᠠᠶ᠎ᠠ ᠭᠡᠵᠦ ᠲᠣᠭᠲᠠᠭᠠᠭᠰᠠᠨ ᠴᠠᠭ ᠪᠣᠯᠬᠤ ᠳ᠋ᠤ᠌ ᠬᠢᠵᠢᠶᠡᠯ ᠡᠷ᠎ᠡ ᠪᠣᠰᠴᠤ ᠬᠡᠯᠡᠪᠡ᠃
  ᠬᠥᠮᠦᠰ ᠭᠠᠷᠴᠤ ᠮᠣᠷᠢᠳ ᠢ᠋ᠶ᠋ᠠᠨ ᠤᠶᠠᠭᠠᠨ ᠡᠴᠡ ᠲᠠᠢᠯᠵᠤ ᠠᠪᠤᠯ᠎ᠠ᠃ ᠬᠣᠩᠭᠣᠷ ᠴᠤ᠌ ᠭᠡᠷ ᠳᠡᠭᠡᠷ᠎ᠡ ᠲᠠᠯᠪᠢᠭᠰᠠᠨ ᠫᠤᠤ ᠪᠠᠨ ᠠᠪᠴᠤ ᠡᠭᠦᠷᠦᠭᠡᠳ ᠪᠣᠷᠣ ᠮᠣᠷᠢᠨ ᠳ᠋ᠠᠭᠠᠨ ᠮᠣᠷᠳᠠᠪᠠ᠃
  ᠲᠡᠮᠦᠷ ᠡᠮᠡᠭᠡᠯ ᠦ᠋ᠨ ᠢ᠋ᠶ᠋ᠡᠨ ᠬᠣᠢᠭᠤᠷ ᠰᠠᠭᠤᠵᠤ ᠭᠡᠷ ᠦ᠋ᠨ ᠡᠭᠦᠳᠡ ᠴᠢᠭᠯᠡᠭᠦᠯᠦᠨ ᠳᠡᠪᠢᠰᠦᠭᠰᠡᠨ ᠴᠠᠭᠠᠨ ᠢᠰᠡᠭᠡᠢ ᠶ᠋ᠢᠨ ᠦᠵᠦᠭᠦᠷ ᠲᠦ᠍ ᠵᠣᠭᠰᠣᠪᠠ᠃ ᠡᠭᠦᠳᠡ ᠰᠡᠬᠦᠭᠳᠡᠵᠦ ᠨᠢᠭᠤᠷ ᠤᠷᠤᠭᠤ ᠨᠢ ᠠᠯᠴᠢᠭᠤᠷ ᠤᠨᠵᠢᠭᠤᠯᠤᠭᠰᠠᠨ ᠰᠦᠷᠦᠩ ᠢ᠋ ᠬᠦᠦ ᠬᠡᠦᠬᠡᠨ ᠦ᠌ ᠲᠠᠯ᠎ᠠ ᠶ᠋ᠢᠨ ᠬᠣᠶᠠᠷ ᠪᠡᠷᠭᠡᠨ ᠰᠤᠭᠤᠳᠠᠨ ᠴᠠᠭᠠᠨ ᠢᠰᠡᠭᠡᠢ ᠳᠡᠭᠡᠭᠦᠷ ᠬᠥᠲᠥᠯᠵᠦ ᠢᠷᠡᠭᠡᠳ ᠲᠡᠮᠦᠷ ᠦ᠋ᠨ ᠡᠮᠡᠭᠡᠯ ᠳᠡᠭᠡᠷ᠎ᠡ ᠮᠣᠷᠳᠠᠭᠤᠯᠪᠠ᠃
  ᠬᠡᠰᠢᠭᠲᠦ ᠭᠤᠸᠠᠢ ᠶᠠᠩᠭᠢᠨᠠᠲᠠᠯ᠎ᠠ ᠤᠬᠢᠯᠠᠵᠤ ᠭᠠᠷᠬᠤ ᠳ᠋ᠤ᠌ ᠲᠥᠷᠥᠵᠦ ᠥᠰᠦᠭᠰᠡᠨ ᠡᠭᠦᠷ ᠡᠴᠡ ᠪᠡᠨ ᠨᠢᠰᠦᠨ ᠬᠣᠯᠠᠳᠬᠤ ᠶ᠋ᠢᠨ ᠭᠤᠨᠢᠭ ᠰᠦᠷᠦᠩ ᠦ᠋ᠨ ᠰᠡᠳᠬᠢᠯ ᠢ᠋ ᠪᠠᠵᠠᠨ ᠠᠪᠴᠤ ᠨᠢᠳᠦᠨ ᠡᠴᠡ ᠨᠢ ᠥᠪᠡᠷ ᠦ᠋ᠨ ᠡᠷᠬᠡ ᠦᠭᠡᠢ ᠨᠢᠯᠪᠤᠰᠤ ᠳᠤᠰᠤᠯᠠᠪᠠ᠃ ᠡᠨᠡ ᠪᠣᠯ ᠰᠡᠳᠬᠢᠯ ᠲᠡᠢ ᠬᠥᠮᠦᠨ ᠲᠡᠢ ᠪᠡᠨ ᠠᠮᠢᠳᠤᠷᠠᠯ ᠢ᠋ᠶ᠋ᠠᠨ ᠬᠣᠯᠪᠣᠬᠤ ᠭᠡᠵᠦ ᠪᠠᠢᠭ᠎ᠠ ᠰᠦᠷᠦᠩ ᠰᠢᠦ ᠳᠡ᠃
  ᠬᠡᠳᠦᠨ ᠠᠷᠪᠠᠨ ᠡᠮᠡᠭᠲᠡᠢᠴᠦᠳ ᠠᠯᠪᠠ ᠶ᠋ᠢᠨ ᠬᠦᠴᠦ ᠪᠡᠷ ᠴᠢᠷᠦᠭᠳᠡᠨ ᠰᠡᠳᠬᠢᠯ ᠦᠭᠡᠢ ᠬᠥᠮᠦᠨ ᠳ᠋ᠦ᠍ ᠪᠣᠭᠲᠣᠯᠠᠭᠤᠯᠤᠨ ᠣᠴᠢᠵᠤ ᠪᠠᠢᠬᠤ ᠳ᠋ᠠᠭᠠᠨ ᠬᠠᠰᠬᠢᠷᠤᠨ ᠤᠬᠢᠯᠠᠵᠤ᠂ ᠳᠠᠢᠴᠢᠯᠠᠨ ᠲᠡᠮᠡᠴᠡᠯᠳᠦᠵᠦ ᠪᠠᠢᠬᠤ ᠶ᠋ᠢ ᠬᠠᠷᠠᠵᠤ ᠵᠢᠷᠦᠬᠡ ᠰᠢᠮᠰᠢᠷᠡᠨ ᠪᠠᠢᠭᠰᠠᠨ ᠬᠥᠮᠦᠰ ᠡᠨᠳᠡ ᠣᠯᠠᠨ ᠪᠠᠢᠯ᠎ᠠ᠃ ᠲᠡᠷᠡ ᠬᠥᠮᠦᠰ ᠲᠦ᠍ ᠰᠦᠷᠦᠩ ᠢ᠋ ᠮᠣᠷᠳᠠᠭᠤᠯᠬᠤ ᠨᠢ ᠪᠠᠶᠠᠷ ᠪᠠᠶᠠᠰᠬᠤᠯᠠᠩ ᠪᠠᠢᠭᠰᠠᠨ ᠢ᠋ ᠬᠡᠯᠡᠬᠦ ᠶᠠᠭᠤᠨ ᠪᠢᠯᠡ᠃ ᠡᠨᠡ ᠴᠦ᠍ ᠤᠴᠢᠷ ᠡᠴᠡ ᠬᠢᠵᠢᠶᠡᠯ ᠨᠠᠰᠤᠲᠤ ᠡᠷ᠎ᠡ ᠮᠣᠷᠢᠨ ᠳ᠋ᠠᠭᠠᠨ ᠮᠣᠷᠳᠠᠭᠠᠳ ᠪᠦᠬᠦ ᠪᠡᠷᠢᠶᠡᠳ ᠡᠢᠮᠦ ᠪᠠᠢᠬᠤ ᠪᠣᠯᠲᠤᠭᠠᠢ ᠭᠡᠵᠦ ᠳᠣᠲᠣᠷ᠎ᠠ ᠪᠠᠨ ᠵᠠᠯᠪᠠᠷᠢᠨ ᠢᠷᠦᠭᠡᠪᠡ᠃
  ᠨᠢᠮ᠎ᠠ ᠭᠤᠸᠠᠢ ᠰᠦᠷᠦᠩ ᠦ᠋ᠨ ᠡᠮᠡᠭᠡᠯ ᠲᠡᠢ ᠮᠣᠷᠢ ᠶ᠋ᠢ ᠬᠥᠲᠥᠯᠦᠨ ᠢᠷᠡᠵᠦ ᠨᠢᠭᠡ ᠬᠥᠮᠦᠨ ᠳ᠋ᠦ᠍ ᠥᠭᠬᠦ ᠳ᠋ᠦ᠍ ᠥᠭᠡᠷ᠎ᠡ ᠬᠥᠮᠦᠨ ᠲᠣᠮᠣ ᠰᠢᠷᠢᠨ ᠪᠣᠭᠴᠣ ᠲᠠᠢ ᠶᠠᠭᠤᠮ᠎ᠠ ᠠᠪᠴᠢᠷᠠᠵᠤ ᠡᠮᠡᠭᠡᠯ ᠳᠡᠭᠡᠭᠦᠷ ᠲᠠᠯᠪᠢᠯ᠎ᠠ᠃ ᠡᠨᠡ ᠪᠣᠯ ᠰᠦᠷᠦᠩ ᠦ᠋ᠨ ᠳᠡᠪᠡᠯ ᠬᠤᠪᠴᠠᠰᠤ ᠵᠡᠷᠭᠡ ᠨᠢ ᠪᠠᠢᠵᠠᠢ᠃
  ᠴᠤᠪᠤᠭ᠎ᠠ ᠠᠭᠠᠵᠢᠮ ᠪᠥᠭᠡᠳ ᠡᠷᠬᠢᠮᠰᠦᠭ ᠢ᠋ᠶ᠋ᠡᠷ ᠭᠡᠯᠳᠦᠷᠢᠭᠰᠡᠭᠡᠷ ᠶᠠᠪᠤᠵᠤ ᠢᠲᠡᠭᠡᠯᠲᠦ ᠶ᠋ᠢᠨ ᠭᠠᠳᠠᠨ᠎ᠠ ᠢᠷᠡᠬᠦ ᠳ᠋ᠦ᠍ ᠡᠭᠦᠳᠡᠨ ᠡᠴᠡ ᠤᠶᠠᠭ᠎ᠠ ᠬᠦᠷᠲᠡᠯ᠎ᠡ ᠠᠬᠠᠷ ᠤ᠋ᠨ ᠴᠠᠭᠠᠨ ᠢᠰᠡᠭᠡᠢ ᠬᠣᠶᠠᠷ ᠦᠶᠡᠯᠡᠨ ᠳᠡᠪᠢᠰᠴᠡᠢ᠃
  ᠬᠣᠩᠭᠣᠷ᠂ ᠬᠢᠵᠢᠶᠡᠯ ᠨᠠᠰᠤᠨ ᠤ᠋ ᠡᠷ᠎ᠡ ᠶ᠋ᠢᠨ ᠬᠠᠮᠲᠤ ᠶᠠᠪᠤᠭᠰᠠᠭᠠᠷ ᠡᠭᠦᠳᠡᠨ ᠳ᠋ᠦ᠍ ᠬᠦᠯᠢᠶᠡᠵᠦ ᠪᠠᠢᠭᠰᠠᠨ ᠭᠠᠯᠰᠠᠩ ᠳ᠋ᠤ᠌ ᠫᠤᠤ ᠪᠠᠨ ᠥᠭᠭᠦᠭᠡᠳ ᠣᠷᠣᠯ᠎ᠠ᠃ ᠬᠣᠢᠨ᠎ᠠ ᠡᠴᠡ ᠨᠢ ᠬᠣᠶᠠᠷ ᠪᠡᠷᠭᠡᠨ ᠳ᠋ᠦ᠍ ᠬᠥᠲᠥᠯᠦᠭᠦᠯᠦᠭᠰᠡᠨ ᠰᠦᠷᠦᠩ ᠣᠷᠣᠵᠠᠢ᠃ ᠭᠡᠷ ᠲᠦ᠍ ᠦᠯᠡᠮᠵᠢ ᠳᠥᠯᠥ ᠲᠡᠢ ᠢᠯᠡ ᠭᠠᠯ ᠲᠦᠯᠡᠵᠡᠢ᠃ ᠲᠡᠭᠦᠨ ᠦ᠌ ᠳᠡᠷᠭᠡᠳᠡ ᠰᠦᠷᠦᠩ ᠢ᠋ ᠰᠠᠭᠤᠯᠭᠠᠨ ᠬᠠᠵᠠᠭᠤ ᠳ᠋ᠤᠨᠢ ᠬᠠᠯᠪᠠᠭ᠎ᠠ ᠲᠥᠷᠥᠭᠰᠡᠨ ᠲᠣᠮᠣ ᠬᠤᠪᠢᠩ ᠲᠠᠢ ᠬᠠᠢᠯᠤᠮᠠᠯ ᠰᠢᠷ᠎ᠠ ᠲᠣᠰᠣ ᠲᠠᠯᠪᠢᠨ ᠪᠡᠷᠢ ᠭᠠᠯ ᠳ᠋ᠤ᠌ ᠮᠥᠷᠭᠥᠭᠦᠯᠬᠦ ᠶᠣᠰᠣᠯᠠᠯ ᠡᠬᠢᠯᠡᠬᠦ ᠳ᠋ᠦ᠍ ᠲᠣᠰᠣ ᠣᠷᠣᠭᠰᠠᠨ ᠭᠠᠯ ᠱᠠᠵᠢᠭᠢᠨᠠᠨ ᠳᠦᠷᠡᠯᠵᠡᠵᠦ ᠰᠦᠷᠲᠡᠢ ᠪᠥᠭᠡᠳ ᠡᠷᠬᠢᠮᠰᠦᠭ ᠠᠵᠢ᠃
  ᠡᠨᠡ ᠶᠡᠬᠡ ᠨᠠᠢᠷ ᠰᠤᠨᠵᠢᠷᠠᠵᠤ ᠡᠨᠳᠡ ᠡᠴᠡ ᠤᠬᠠᠭᠠᠨ ᠲᠠᠢ ᠭᠠᠷᠤᠭᠰᠠᠨ ᠬᠥᠮᠦᠨ ᠴᠥᠭᠡᠬᠡᠨ᠃
  ᠊᠊᠊᠊᠊᠊᠊᠊᠊᠊᠊᠊᠊᠊᠊ ᠨᠢᠰᠦᠭᠰᠡᠨ ᠰᠢᠪᠠᠭᠤ ᠡᠷᠭᠢᠳᠡᠭ᠂ ᠢᠷᠡᠭᠰᠡᠨ ᠵᠣᠴᠢᠨ ᠬᠠᠷᠢᠳᠠᠭ᠃ ᠬᠤᠷᠢᠮᠯᠠᠭᠰᠠᠨ ᠵᠠᠯᠠᠭᠤᠴᠤᠳ ᠨᠣᠢᠷᠰᠤᠬᠤ ᠪᠣᠯᠪᠠ ᠭᠡᠵᠦ ᠨᠢᠭᠡ ᠬᠥᠮᠦᠨ ᠬᠡᠯᠡᠬᠦ ᠳ᠋ᠦ᠍ ᠤᠬᠠᠭᠠᠨ ᠣᠷᠣᠭᠰᠠᠨ ᠨᠢᠮ᠎ᠠ ᠭᠤᠸᠠᠢ ᠭᠡᠷ ᠡᠴᠡ ᠭᠠᠷᠴᠤ ᠬᠠᠷᠠᠪᠠᠯ ᠮᠡᠴᠢᠳ ᠮᠠᠷᠠᠯ ᠪᠠᠷᠠᠭᠤᠨ᠎ᠠ ᠬᠡᠯᠪᠡᠢᠭᠰᠡᠨ ᠪᠠᠢᠯ᠎ᠠ᠃
  ᠮᠠᠷᠭᠠᠰᠢ ᠨᠢ ᠳᠠᠬᠢᠨ ᠨᠠᠢᠷ ᠦᠷᠭᠦᠯᠵᠢᠯᠡᠭᠰᠡᠨ ᠪᠥᠭᠡᠳ ᠬᠡᠳᠦ ᠬᠣᠨᠣᠭ ᠦᠷᠭᠦᠯᠵᠢᠯᠡᠭᠦᠯᠦᠭᠰᠡᠨ ᠢ᠋ ᠲᠣᠭᠠᠯᠠᠬᠤ ᠰᠡᠭᠡᠭᠡ ᠲᠡᠢ ᠬᠥᠮᠦᠰ ᠬᠣᠪᠣᠷ ᠪᠠᠢᠵᠠᠢ᠃

《ᠠᠭᠤᠯᠠ ᠣᠰᠤᠨ ᠤ ᠤᠢ᠌ᠷ᠎ᠡ ᠨᠢ ᠳᠡᠭᠡᠷ᠎ᠡ᠂ ᠣᠷᠤᠭ ᠳᠦᠷᠤᠯ ᠤᠨ ᠬᠤᠯᠠ ᠨᠢ ᠳᠡᠭᠡᠷ᠎ᠡ》 - ᠭᠤᠷᠪᠠᠳᠤᠭᠠᠷ ᠪᠦᠯᠦᠭ ᠬᠤᠷᠢᠨ ᠬᠤᠶᠠᠷ