ᠲᠤᠩᠭᠠᠯᠠᠭ ᠲᠠᠮᠢᠷ3-23-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠬᠦᠷᠢᠶᠡᠨ ᠳ᠋ᠦ᠍ ᠬᠠᠭᠠᠨ ᠪᠣᠯᠤᠭᠰᠠᠨ ᠡᠴᠡ ᠲᠠᠮᠢᠷ ᠤ᠋ᠨ ᠭᠣᠣᠯ ᠳ᠋ᠤ᠌ ᠵᠢᠷᠠᠭᠠᠬᠠᠢ ᠪᠠᠢᠭᠰᠠᠨ ᠨᠢ ᠳᠡᠭᠡᠷ᠎ᠡ》 - ᠭᠤᠷᠪᠠᠳᠤᠭᠠᠷ ᠪᠦᠯᠦᠭ ᠬᠣᠷᠢᠨ ᠭᠤᠷᠪᠠ
ᠲᠠᠮᠢᠷ ᠤ᠋ᠨ ᠭᠣᠣᠯ ᠤ᠋ᠨ ᠬᠥᠨᠳᠡᠢ᠂ ᠤᠷᠢᠳᠤ ᠫᠦᠷᠪᠦ ᠲᠠᠢᠵᠢ ᠶ᠋ᠢᠨ ᠬᠢ ᠨᠤᠲᠤᠭᠯᠠᠵᠤ ᠪᠠᠢᠭᠰᠠᠨ ᠬᠡᠪᠢᠰ ᠰᠢᠭ ᠰᠠᠢᠬᠠᠨ ᠵᠦᠯᠭᠡᠨ ᠳᠡᠭᠡᠷ᠎ᠡ ᠬᠡᠳᠦᠨ ᠭᠡᠷ ᠬᠠᠷᠠᠭᠳᠠᠨ᠎ᠠ᠃ ᠭᠡᠷ ᠡᠴᠡ ᠵᠡᠭᠦᠨ ᠤᠷᠤᠭᠰᠢ ᠬᠡᠳᠦᠨ ᠮᠣᠷᠢᠳ ᠰᠣᠢ᠌ᠭᠰᠠᠨ ᠵᠡᠯ᠎ᠡ ᠤᠶᠠᠭ᠎ᠠ᠂ ᠲᠡᠭᠦᠨ ᠡᠴᠡ ᠵᠡᠭᠦᠨ ᠳᠠᠰᠢ ᠠᠷᠪᠠᠭᠠᠳ ᠤᠨᠠᠭ᠎ᠠ ᠪᠠᠷᠢᠭᠰᠠᠨ ᠵᠡᠯ᠎ᠡ ᠪᠠᠢᠯ᠎ᠠ᠃
ᠵᠤᠨ ᠤ᠋ ᠳᠤᠮᠳᠠ ᠰᠠᠷ᠎ᠠ ᠶ᠋ᠢᠨ ᠰᠡᠭᠦᠯ ᠦ᠋ᠨ ᠴᠡᠩᠬᠡᠷ ᠲᠡᠭᠷᠢ᠂ ᠬᠤᠷᠴᠠ ᠨᠠᠷᠠ ᠭᠠᠵᠠᠷ ᠳᠡᠯᠡᠬᠡᠢ ᠶ᠋ᠢ ᠢᠪᠡᠭᠡᠵᠦ᠂ ᠨᠣᠭᠣᠭᠠᠨ ᠤ᠋ ᠠᠭᠤᠷ ᠳᠦᠭᠦᠷᠦᠭᠰᠡᠨ ᠬᠥᠨᠳᠡᠢ ᠵᠡᠷᠭᠡᠯᠭᠡᠡᠳᠤᠨ ᠵᠢᠷᠪᠢᠯᠵᠡᠨ ᠬᠠᠷᠠᠭᠳᠠᠨ᠎ᠠ᠃ ᠠᠭᠤᠯᠠ ᠤᠰᠤ᠂ ᠤᠷᠭᠤᠮᠠᠯ᠂ ᠪᠡᠯᠴᠢᠵᠦ ᠪᠠᠢᠭ᠎ᠠ ᠮᠠᠯ᠂ ᠭᠡᠷ ᠦ᠋ᠨ ᠲᠣᠭᠣᠨᠣ ᠪᠠᠷ ᠭᠠᠷᠴᠤ ᠪᠠᠢᠭ᠎ᠠ ᠤᠲᠤᠭ᠎ᠠ ᠴᠥᠮ ᠶᠡᠷᠦ ᠪᠤᠰᠤ ᠡᠷᠬᠢᠮᠰᠦᠭ ᠠᠵᠢ᠃ ᠡᠢᠮᠦᠷᠬᠦᠦ ᠡᠳᠦᠷ ᠲᠠᠮᠢᠷ ᠤ᠋ᠨ ᠬᠥᠨᠳᠡᠢ ᠳ᠋ᠦ᠍ ᠪᠠᠢᠭᠠᠯᠢ ᠶ᠋ᠢᠨ ᠭᠤᠸ᠎ᠠ ᠰᠠᠢᠬᠠᠨ ᠪᠦᠬᠦᠨ ᠴᠤᠭᠯᠠᠷᠠᠭᠠᠳ ᠠᠯᠢ ᠨᠢ ᠰᠠᠢᠬᠠᠨ ᠪᠣᠢ ᠭᠡᠳᠡᠭ ᠢ᠋ᠶ᠋ᠡᠨ ᠣᠯᠬᠤ ᠭᠡᠵᠦ ᠲᠡᠮᠡᠴᠡᠯᠳᠦᠵᠦ ᠪᠠᠢᠭ᠎ᠠ ᠶᠤᠮ ᠰᠢᠭ᠋ ᠪᠠᠢᠳᠠᠭ ᠪᠢᠯᠡ᠃
ᠮᠣᠷᠢᠨ ᠤ᠋ ᠤᠶᠠᠭᠠᠨ ᠤ᠋ ᠳᠡᠷᠭᠡᠳᠡ ᠭᠤᠷᠪᠠᠨ ᠬᠥᠮᠦᠨ ᠲᠠᠮᠠᠬᠢ ᠲᠡᠳᠡᠨ ᠶᠠᠷᠢᠯᠴᠠᠨ᠎ᠠ᠃ ᠲᠡᠭᠦᠨ ᠦ᠌ ᠨᠢᠭᠡ ᠨᠢ ᠲᠡᠮᠦᠷ᠂ ᠨᠥᠭᠦᠭᠡ ᠨᠢ ᠥᠯᠵᠡᠢ᠂ ᠭᠤᠷᠪᠠᠳᠠᠬᠢ ᠨᠢ ᠲᠣᠭᠣᠭ᠎ᠠ ᠨᠡᠷᠡᠭᠰᠡᠨ ᠠᠢᠯ ᠤ᠋ᠨ ᠭᠠᠳᠠᠭᠤᠷ ᠥᠩᠭᠡᠷᠡᠳᠡᠭ ᠦᠭᠡᠢ᠂ ᠮᠣᠷᠢ ᠤᠶᠠᠭᠰᠠᠨ ᠤᠶᠠᠭᠠᠨ ᠤ᠋ ᠳᠡᠷᠭᠡᠳᠡ ᠪᠠᠭᠤᠵᠤ ᠬᠠᠯᠬ᠎ᠠ ᠶ᠋ᠢᠨ ᠬᠤᠷᠳᠤᠨ ᠮᠣᠷᠢᠨ ᠤ᠋ ᠲᠤᠬᠠᠢ ᠬᠡᠳᠦᠨ ᠳᠣᠮᠣᠭ ᠳᠠᠪᠤᠰᠤᠯᠠᠨ ᠶᠠᠷᠢᠯ ᠦᠭᠡᠢ ᠶᠠᠪᠤᠪᠠᠯ ᠠᠮᠠᠨ ᠤ᠋ ᠬᠡᠰᠡᠭ ᠲᠦ᠍ ᠮᠠᠭᠤ ᠭᠡᠵᠦ ᠦᠵᠡᠳᠡᠭ ᠭᠣᠳᠣᠭᠣᠷ ᠪᠤᠭᠤᠷᠤᠯ ᠭᠡᠵᠢᠭᠡ ᠲᠡᠢ ᠥᠯᠵᠡᠢ ᠶ᠋ᠢᠨ ᠨᠠᠰᠤᠨ ᠤ᠋ ᠬᠠᠷ᠎ᠠ ᠬᠥᠮᠦᠨ ᠪᠠᠢᠯ᠎ᠠ᠃
ᠲᠡᠮᠦᠷ ᠬᠠᠳᠠᠨ ᠪᠠᠭᠠᠲᠤᠷ ᠱᠠᠩᠨᠠᠭᠰᠠᠨ ᠮᠥᠩᠭᠥ ᠪᠡᠷ ᠬᠥᠯ ᠬᠢᠵᠦ ᠬᠣᠶᠠᠷ ᠠᠵᠢᠷᠭ᠎ᠠ ᠰᠢᠬᠠᠮ ᠠᠳᠤᠭᠤ᠂ ᠬᠡᠳᠦᠨ ᠦᠨᠢᠶ᠎ᠡ ᠲᠡᠢ ᠪᠣᠯᠤᠭᠠᠳ ᠳᠤᠯᠮ᠎ᠠ ᠶ᠋ᠢᠨ ᠬᠦᠰᠡᠳᠡᠭ ᠢ᠋ᠶ᠋ᠡᠷ ᠲᠠᠮᠢᠷ ᠤ᠋ᠨ ᠭᠣᠣᠯ ᠤ᠋ᠨ ᠬᠥᠨᠳᠡᠢ ᠳ᠋ᠦ᠍ ᠲᠡᠮᠦᠷ ᠦ᠋ᠨ ᠭᠡᠳᠡᠭ ᠠᠢᠯ ᠪᠣᠢ ᠪᠣᠯᠵᠠᠢ᠃ ᠲᠡᠮᠦᠷ ᠦ᠋ᠨ ᠲᠡᠢ ᠦᠷᠭᠦᠯᠵᠢ ᠬᠠᠮᠲᠤ ᠶᠠᠪᠤᠳᠠᠭ ᠠᠢᠯ ᠪᠣᠯ ᠥᠯᠵᠡᠢ ᠶ᠋ᠢᠨ ᠬᠢ ᠶᠤᠮ᠃
ᠬᠤᠶᠠᠭ ᠥᠩᠭᠡᠷᠡᠭᠰᠡᠨ ᠨᠠᠮᠤᠷ ᠢᠷᠡᠵᠦ ᠡᠬᠡᠨᠡᠷ ᠬᠡᠦᠬᠡᠳ ᠢ᠋ᠶ᠋ᠡᠨ ᠠᠪᠤᠭᠠᠳ ᠶᠠᠪᠤᠵᠠᠢ᠃ ᠡᠴᠢᠭᠡ ᠪᠡᠨ ᠠᠪᠴᠤ ᠶᠠᠪᠤᠶ᠎ᠠ ᠭᠡᠬᠦ ᠳ᠋ᠦ᠍ᠨᠢ 《ᠲᠠᠨ ᠤ᠋ ᠲᠡᠷᠡ ᠬᠦᠷᠢᠶᠡᠨ ᠳ᠋ᠦ᠍ ᠬᠠᠭᠠᠨ ᠪᠣᠯᠤᠭᠰᠠᠨ ᠡᠴᠡ ᠲᠠᠮᠢᠷ ᠤ᠋ᠨ ᠭᠣᠣᠯ ᠳ᠋ᠤ᠌ ᠵᠢᠷᠠᠭᠠᠬᠠᠢ ᠪᠠᠢᠭᠰᠠᠨ ᠨᠢ ᠳᠡᠭᠡᠷ᠎ᠡ》 ᠭᠡᠳ ᠶᠠᠪᠤᠭᠰᠠᠨ ᠦᠭᠡᠢ ᠤᠴᠢᠷ ᠲᠡᠮᠦᠷ ᠳᠤᠯᠮ᠎ᠠ ᠬᠣᠶᠠᠷ ᠤ᠋ᠨ ᠬᠠᠶᠠᠭ᠎ᠠ ᠰᠠᠬᠢᠵᠤ ᠬᠡᠳᠦᠨ ᠮᠠᠯ ᠢ᠋ᠶ᠋ᠠᠨ ᠮᠠᠯᠯᠠᠨ᠎ᠠ᠃
ᠳᠤᠯᠮ᠎ᠠ ᠬᠣᠶᠠᠷ ᠭᠡᠷ ᠦ᠋ᠨ ᠲᠣᠭᠣᠭ᠎ᠠ ᠰᠢᠨᠠᠭᠠᠨ ᠤ᠋ ᠠᠵᠢᠯ ᠢ᠋ ᠬᠢᠬᠦ ᠪᠥᠭᠡᠳ ᠲᠡᠮᠦᠷ ᠭᠠᠳᠠᠭᠤᠷ ᠠᠵᠢᠯ ᠢ᠋ ᠬᠢᠳᠡᠭ ᠪᠣᠯᠬᠣᠷ ᠥᠯᠵᠡᠢ ᠭᠤᠸᠠᠢ ᠳ᠋ᠤ᠌ ᠠᠶᠠᠭ᠎ᠠ ᠳᠠᠭᠱᠠ ᠶᠠᠭᠤᠮ᠎ᠠ ᠡᠷᠭᠢᠭᠦᠯᠬᠦ᠂ ᠲᠤᠭᠤᠯ ᠪᠢᠷᠠᠭᠤ ᠪᠤᠴᠠᠭᠠᠬᠤ ᠡᠴᠡ ᠥᠭᠡᠷ᠎ᠡ ᠠᠵᠢᠯ ᠪᠠᠷᠤᠭ ᠯᠠ ᠪᠠᠢᠳᠠᠭ ᠦᠭᠡᠢ ᠠᠵᠢ᠃
᠊᠊᠊᠊᠊᠊᠊᠊᠊᠊᠊᠊᠊᠊᠊ ᠠᠯᠠᠭ ᠮᠣᠷᠢ ᠴᠢᠨᠢ ᠲᠦᠮᠡᠨ ᠦ᠌ ᠡᠬᠢ ᠶ᠋ᠢᠨ ᠬᠡᠭᠡᠷ ᠠᠯᠠᠭ ᠰᠢᠭ᠋ ᠥᠩᠭᠡᠲᠡᠢ ᠪᠠᠢᠨ᠎ᠠ ᠭᠡᠵᠦ ᠪᠤᠭᠤᠷᠤᠯ ᠭᠡᠵᠢᠭᠡᠲᠦ ᠶᠡᠬᠡ ᠯᠡ ᠮᠡᠳᠡᠮᠡᠬᠡᠢ ᠬᠡᠯᠡᠪᠡ᠃
᠊᠊᠊᠊᠊᠊᠊᠊᠊᠊᠊᠊᠊᠊᠊ ᠲᠦᠮᠡᠨ ᠦ᠌ ᠡᠬᠢ ᠶ᠋ᠢᠨ ᠬᠡᠭᠡᠷ ᠠᠯᠠᠭ ᠭᠡᠵᠦ ᠶᠠᠮᠠᠷ ᠮᠣᠷᠢ ᠪᠠᠢᠭᠰᠠᠨ ᠶᠤᠮ ᠪᠣᠢ? ᠭᠡᠵᠦ ᠥᠯᠵᠡᠢ ᠰᠣᠨᠢᠷᠬᠠᠨ ᠠᠰᠠᠭᠤᠵᠠᠢ᠃
᠊᠊᠊᠊᠊᠊᠊᠊᠊᠊᠊᠊᠊᠊᠊ ᠳᠣᠯᠣᠭᠠᠨ ᠬᠤᠰᠢᠭᠤᠨ ᠳ᠋ᠤ᠌ ᠳᠣᠯᠣᠭ᠎ᠠ ᠲᠡᠷᠢᠭᠦᠯᠡᠭᠰᠡᠨ ᠠᠷᠭᠤᠮᠠᠭ ᠪᠠᠢᠭᠰᠠᠨ ᠶᠤᠮ᠃
᠊᠊᠊᠊᠊᠊᠊᠊᠊᠊᠊᠊᠊᠊᠊ ᠲᠠ ᠦᠵᠡᠭᠰᠡᠨ ᠤᠤ?
᠊᠊᠊᠊᠊᠊᠊᠊᠊᠊᠊᠊᠊᠊᠊ ᠣᠯᠠᠨ ᠬᠥᠮᠦᠨ ᠡᠴᠡ ᠰᠣᠨᠣᠰᠤᠭᠰᠠᠨ᠃ ᠲᠠᠯᠪᠢᠬᠤ ᠥᠷᠯᠥᠭᠡ ᠪᠡᠨ ᠤᠶᠠᠭᠠᠨ ᠳᠡᠭᠡᠷ᠎ᠡ ᠪᠡᠨ ᠤᠨᠲᠠᠭᠠᠳ ᠯᠠ ᠪᠠᠢᠳᠠᠭ ᠭᠡᠨ᠎ᠡ ᠪᠢᠯᠡ᠃ ᠴᠢᠨᠦ ᠠᠯᠠᠭ ᠡᠨᠡ ᠵᠢᠯ ᠰᠢᠪᠠᠭᠤ ᠶ᠋ᠢ ᠴᠦ᠍ ᠤᠷᠢᠳᠠ ᠪᠠᠨ ᠭᠠᠷᠭᠠᠬᠤ ᠦᠭᠡᠢ ᠪᠠᠢᠬ᠎ᠠ ᠳᠠ᠃
᠊᠊᠊᠊᠊᠊᠊᠊᠊᠊᠊᠊᠊᠊᠊ ᠮᠣᠷᠢ ᠲᠠᠨᠢᠳᠠᠭ ᠬᠥᠮᠦᠨ ᠦ᠌ ᠮᠣᠷᠢ ᠯᠠ ᠲᠡᠷᠢᠭᠦᠯᠡᠳᠡᠭ ᠶᠤᠮ ᠪᠣᠯ ᠮᠢᠨᠦ ᠬᠦᠦ ᠶ᠋ᠢᠨ ᠠᠯᠠᠭ ᠢᠷᠡᠬᠦ ᠯᠡ ᠶᠣᠰᠣᠲᠠᠢ ᠭᠡᠵᠦ ᠥᠯᠵᠡᠢ ᠬᠡᠯᠡᠪᠡ᠃
᠊᠊᠊᠊᠊᠊᠊᠊᠊᠊᠊᠊᠊᠊᠊ ᠪᠢ ᠲᠠᠨᠢᠵᠤ ᠶᠠᠭᠤ ᠪᠠᠵᠠᠭᠠᠬᠤ ᠪᠣᠢ ᠳᠠ᠃
᠊᠊᠊᠊᠊᠊᠊᠊᠊᠊᠊᠊᠊᠊᠊ ᠳᠠᠷᠬᠠᠨ ᠸᠠᠩ ᠤ᠋ᠨ ᠪᠦᠳᠦᠭᠦᠨ ᠰᠣ ᠭᠡᠳᠡᠭ ᠬᠥᠮᠦᠨ ᠭᠤᠷᠪᠠᠨ ᠵᠠᠭᠤ ᠭᠠᠷᠤᠢ ᠮᠣᠷᠢ ᠮᠣᠷᠳᠠᠬᠤ ᠳ᠋ᠤ᠌ ᠠᠢᠷᠠᠭ ᠤ᠋ᠨ ᠲᠠᠪᠤᠨ ᠮᠣᠷᠢ ᠶ᠋ᠢ ᠠᠯᠳᠠᠯ ᠦᠭᠡᠢ ᠵᠢᠭᠠᠵᠤ ᠪᠠᠢᠭᠰᠠᠨ ᠶᠤᠮ ᠭᠡᠨ᠎ᠡ ᠪᠢᠯᠡ᠃
ᠲᠡᠷᠡ ᠭᠤᠷᠪᠠ ᠪᠣᠰᠴᠤ ᠲᠡᠮᠦᠷ ᠦ᠋ᠨ ᠭᠡᠷ ᠦ᠋ᠨ ᠵᠦᠭ ᠬᠤᠷᠳᠤᠨ ᠰᠠᠢᠨ ᠮᠣᠷᠢ᠂ ᠮᠡᠷᠭᠡᠨ ᠰᠠᠢᠨ ᠤᠶᠠᠭᠠᠴᠢ ᠶ᠋ᠢᠨ ᠲᠤᠬᠠᠢ ᠶᠠᠷᠢᠭᠰᠠᠭᠠᠷ ᠶᠠᠪᠤᠯ᠎ᠠ᠃
ᠭᠡᠷ ᠲᠦ᠍ ᠣᠷᠣᠬᠤ ᠳ᠋ᠤ᠌ ᠲᠡᠮᠦᠷ ᠦ᠋ᠨ ᠬᠦᠦ ᠪᠠᠳᠠᠷᠠᠬᠤ᠂ ᠵᠡᠭᠦᠨ ᠣᠷᠣᠨ ᠳᠡᠭᠡᠷ᠎ᠡ ᠢᠨᠢᠶᠡᠮᠰᠦᠭᠯᠡᠨ ᠨᠣᠢᠷᠰᠤᠵᠤ ᠪᠠᠢᠭ᠎ᠠ ᠶ᠋ᠢ ᠬᠠᠷᠠᠭᠠᠳ ᠡᠴᠢᠭᠡ ᠨᠢ ᠣᠴᠢᠵᠤ ᠮᠠᠩᠨᠠᠢ ᠳᠡᠭᠡᠷ᠎ᠡ ᠨᠢ ᠦᠨᠦᠰᠦᠭᠰᠡᠨ ᠢ᠋ᠶ᠋ᠡᠨ 《ᠡᠷ᠎ᠡ ᠬᠥᠮᠦᠨ ᠳᠡ ᠬᠦ》 ᠭᠡᠬᠦ ᠳ᠋ᠦ᠍ᠨᠢ ᠨᠢᠭᠤᠷ ᠲᠤᠨᠢ ᠬᠡᠮᠵᠢᠶᠡᠯᠡᠰᠢ ᠦᠭᠡᠢ ᠵᠢᠷᠭᠠᠯ ᠪᠢᠯᠬᠠᠨ ᠣᠪᠣᠯᠵᠠᠨ᠎ᠠ᠃
ᠭᠡᠷ ᠦ᠋ᠨ ᠰᠡᠭᠦᠳᠡᠷ ᠲᠦ᠍ ᠰᠠᠭᠤᠨ ᠨᠠᠭᠠᠳᠤᠮ ᠤ᠋ᠨ ᠢ᠋ᠶ᠋ᠠᠨ ᠳᠡᠪᠡᠯ ᠢ᠋ ᠣᠶᠣᠵᠤ ᠪᠠᠢᠭᠰᠠᠨ ᠳᠤᠯᠮ᠎ᠠ ᠣᠷᠣᠵᠤ ᠢᠷᠡᠭᠡᠳ ᠲᠤᠯᠭᠠᠨ ᠳᠡᠭᠡᠷ᠎ᠡ ᠵᠠᠭᠰᠠᠭᠠᠵᠤ ᠪᠠᠢᠭᠰᠠᠨ ᠲᠣᠭᠣᠭ᠎ᠠ ᠲᠠᠢ ᠰᠦ ᠪᠡᠨ ᠭᠠᠷᠭᠠᠬᠤ ᠭᠡᠬᠦ ᠳ᠋ᠦ᠍ᠨᠢ 《ᠡᠪᠦᠭᠡᠨ ᠨᠢ ᠠᠪᠤᠭᠠᠳ ᠲᠠᠯᠪᠢᠴᠢᠬᠠᠶᠠ》 ᠭᠡᠳ ᠲᠡᠮᠦᠷ ᠪᠠᠷᠢᠭᠤᠯ ᠠᠪᠴᠤ ᠡᠷᠭᠢᠨᠡᠭ ᠦ᠋ᠨ ᠲᠠᠯᠪᠢᠭᠤᠷ ᠳᠡᠭᠡᠷ᠎ᠡ ᠲᠠᠯᠪᠢᠪᠠ᠃
ᠲᠡᠷᠡ ᠭᠤᠷᠪᠠ ᠶ᠋ᠢᠨ ᠡᠮᠦᠨ᠎ᠡ ᠳᠤᠯᠮ᠎ᠠ ᠮᠣᠳᠣᠨ ᠬᠤᠪᠢᠩ ᠲᠠᠢ ᠱᠤᠤᠭᠢᠵᠤ ᠪᠤᠴᠠᠯᠤᠭᠰᠠᠨ ᠠᠢᠷᠠᠭ ᠲᠠᠯᠪᠢᠵᠤ ᠥᠭᠭᠦᠯ᠎ᠡ᠃
ᠵᠡᠭᠦᠨ ᠬᠣᠢᠲᠤ ᠲᠠᠯ᠎ᠠ ᠶ᠋ᠢᠨ ᠠᠪᠳᠠᠷ᠎ᠠ ᠳᠡᠭᠡᠷ᠎ᠡ ᠡᠬᠡᠨᠡᠷ ᠬᠥᠮᠦᠨ ᠦ᠌ ᠲᠣᠯᠣᠭᠠᠢ ᠶ᠋ᠢᠨ ᠦᠰᠦ ᠬᠠᠷᠠᠭᠳᠠᠨ᠎ᠠ᠃
᠊᠊᠊᠊᠊᠊᠊᠊᠊᠊᠊᠊᠊᠊᠊ ᠮᠠᠨ ᠤ᠋ ᠳᠤᠯᠮ᠎ᠠ ᠨᠠᠭᠠᠳᠤᠮ ᠳ᠋ᠤ᠌ ᠪᠡᠯᠡᠬᠡᠨ ᠪᠣᠯᠤᠭᠠᠳ ᠪᠠᠢᠬᠤ ᠰᠢᠪ ᠳᠡ ᠭᠡᠵᠦ ᠥᠯᠵᠡᠢ ᠪᠠᠶᠠᠷ ᠪᠠᠶᠠᠰᠬᠤᠯᠠᠩ ᠲᠠᠢ ᠬᠡᠯᠡᠪᠡ᠃
ᠴᠠᠭᠠᠳᠤ ᠵᠢᠯ ᠳᠤᠯᠮ᠎ᠠ ᠡᠬᠡᠨᠡᠷ ᠪᠣᠯᠤᠨ᠎ᠠ ᠭᠡᠵᠦ ᠪᠠᠢᠭᠠᠳ ᠵᠢᠯ ᠨᠢᠭᠡ ᠲᠡᠢ ᠭᠡᠵᠦ ᠥᠯᠵᠡᠢ ᠪᠡᠷ ᠦᠰᠦ ᠪᠡᠨ ᠬᠠᠭᠠᠯᠤᠭᠤᠯᠤᠨ ᠡᠬᠡᠨᠡᠷ ᠪᠣᠯᠤᠭᠰᠠᠨ ᠡᠴᠡ ᠬᠣᠢᠰᠢ ᠡᠷ᠎ᠡ ᠡᠮ᠎ᠡ ᠬᠣᠶᠠᠷ᠂ ᠥᠯᠵᠡᠢ ᠶ᠋ᠢ ᠠᠪᠤ ᠭᠡᠳᠡᠭ ᠪᠣᠯᠵᠠᠢ᠃
᠊᠊᠊᠊᠊᠊᠊᠊᠊᠊᠊᠊᠊᠊᠊ ᠣᠳᠣ ᠴᠠᠭ ᠲᠤ᠌ ᠲᠡᠷᠡ ᠠᠷᠭᠠᠯᠢ ᠶ᠋ᠢᠨ ᠡᠪᠡᠷ ᠰᠢᠭ ᠲᠠᠩᠬᠠᠢᠭᠰᠠᠨ ᠬᠦᠨᠳᠦ ᠶᠠᠭᠤᠮ᠎ᠠ ᠪᠠᠷ ᠶᠠᠭᠠᠬᠢᠬᠤ ᠨᠢ ᠪᠣᠢ ᠭᠡᠵᠦ ᠲᠡᠮᠦᠷ ᠬᠣᠷᠢᠭᠯᠠᠬᠤ ᠳ᠋ᠤ᠌ 《ᠲᠠᠮᠢᠷ ᠤ᠋ᠨ ᠭᠣᠣᠯ ᠳ᠋ᠤ᠌ ᠵᠢᠷᠭᠠᠯ ᠲᠠᠢ ᠡᠬᠡᠨᠡᠷ ᠨᠢᠭᠡ ᠨᠡᠮᠡᠭᠳᠡᠭ》 ᠭᠡᠵᠦ ᠳᠤᠯᠮ᠎ᠠ ᠬᠠᠷᠢᠭᠤᠯᠤᠭᠰᠠᠨ ᠶᠤᠮ᠃
ᠲᠡᠮᠦᠷ ᠡᠬᠡᠨᠡᠷ ᠦ᠋ᠨ ᠢ᠋ᠶ᠋ᠡᠨ ᠬᠦᠰᠡᠯ ᠳ᠋ᠦ᠍ ᠰᠠᠭᠠᠳ ᠪᠣᠯᠤᠭᠰᠠᠨ ᠦᠭᠡᠢ ᠪᠥᠭᠡᠳ ᠳᠤᠯᠮ᠎ᠠ ᠳ᠋ᠤ᠌ ᠡᠬᠡᠨᠡᠷ ᠦᠰᠦ ᠵᠣᠬᠢᠭᠰᠠᠨ ᠨᠢ ᠬᠡᠯᠡᠬᠦ ᠶ᠋ᠢᠨ ᠠᠷᠭ᠎ᠠ ᠦᠭᠡᠢ᠃ ᠳᠤᠯᠮ᠎ᠠ ᠶ᠋ᠢᠨ ᠡᠬᠡᠨᠡᠷ ᠪᠣᠯᠤᠭᠰᠠᠨ ᠤ᠋ ᠨᠠᠢᠷ ᠡᠴᠡ ᠪᠤᠴᠠᠵᠤ ᠶᠠᠪᠤᠭᠰᠠᠨ ᠨᠢᠭᠡ ᠬᠥᠮᠦᠨ
᠊᠊᠊᠊᠊᠊᠊᠊᠊᠊᠊᠊᠊᠊᠊ ᠲᠡᠭᠷᠢ ᠶ᠋ᠢᠨ ᠳᠠᠭᠢᠨᠢ ᠭᠡᠳᠡᠭ ᠯᠡ ᠡᠢᠮᠦ ᠪᠠᠢᠳᠠᠭ ᠪᠠᠢᠬ᠎ᠠ ᠳᠠ ᠭᠡᠬᠦ ᠳ᠋ᠦ᠍ ᠨᠥᠭᠦᠭᠡ ᠨᠢ ᠳᠠᠭᠢᠨᠢ ᠶ᠋ᠢ ᠦᠵᠡᠭᠰᠡᠨ ᠪᠢᠰᠢ ᠳᠡ᠃ ᠵᠦᠭᠡᠷ ᠲᠡᠮᠦᠷ ᠦ᠋ᠨ ᠡᠬᠡᠨᠡᠷ ᠴᠦ᠍ ᠰᠠᠢᠬᠠᠨ ᠡᠬᠡᠨᠡᠷ ᠶᠤᠮ ᠠ᠋᠃ ᠰᠠᠢᠬᠠᠨ ᠡᠬᠡᠨᠡᠷ ᠢ᠋ ᠬᠠᠷᠠᠭᠠᠳ ᠯᠤᠤᠰ ᠪᠠᠶᠠᠷᠯᠠᠳᠠᠭ ᠶᠤᠮ ᠭᠡᠳᠡᠭ ᠰᠢᠦ᠃ ᠮᠠᠨ ᠤ᠋ ᠭᠣᠣᠯ ᠳ᠋ᠤ᠌ ᠥᠯᠵᠡᠢ ᠪᠣᠯᠤᠭ ᠭᠡᠵᠦ ᠪᠢᠯᠡ᠃
ᠳᠤᠯᠮ᠎ᠠ ᠡᠬᠡᠨᠡᠷ ᠪᠣᠯᠤᠭᠰᠠᠨ ᠡᠴᠡ ᠬᠣᠢᠰᠢ ᠲᠡᠮᠦᠷ ᠦ᠋ᠨ ᠭᠡᠷ ᠲᠦ᠍ ᠶᠢᠷᠲᠢᠨᠴᠦ ᠶ᠋ᠢᠨ ᠬᠣᠶᠠᠳᠤᠭᠠᠷ ᠨᠠᠷᠠ ᠮᠠᠨᠳᠤᠵᠤ ᠬᠦᠦ ᠭᠠᠷᠤᠭᠰᠠᠨ ᠳ᠋ᠤ᠌ ᠪᠠᠳᠠᠷᠠᠬᠤ ᠭᠡᠵᠦ ᠨᠡᠷ᠎ᠡ ᠥᠭᠭᠦᠭᠰᠡᠨ ᠨᠢ ᠣᠳᠣ ᠬᠣᠶᠠᠷ ᠨᠠᠰᠤ ᠬᠦᠷᠴᠦ ᠪᠠᠢᠭ᠎ᠠ ᠠᠵᠢ᠃
ᠲᠡᠮᠦᠷ ᠦ᠋ᠨ ᠬᠢ ᠲᠠᠪᠢ ᠣᠷᠴᠢᠮ ᠮᠠᠯ ᠲᠠᠢ ᠪᠥᠭᠡᠳ ᠡᠳᠦᠷ ᠪᠦᠬᠦᠨ ᠬᠦᠦ ᠳ᠋ᠡᠭᠡᠨ ᠨᠡᠷᠡᠯᠡᠵᠦ ᠥᠭᠭᠦᠭᠰᠡᠭᠡᠷ ᠪᠠᠢᠭᠠᠳ ᠪᠦᠭᠦᠳᠡ ᠶ᠋ᠢ ᠪᠠᠳᠠᠷᠠᠬᠤ ᠶ᠋ᠢᠨ ᠨᠡᠷ᠎ᠡ ᠲᠡᠢ ᠬᠣᠯᠪᠣᠵᠠᠢ᠃ ᠡᠴᠢᠭᠡ᠂ ᠡᠬᠡ᠂ ᠥᠯᠵᠡᠢ ᠭᠤᠷᠪᠠ ᠶ᠋ᠢᠨ ᠬᠠᠢᠷ᠎ᠠ ᠳᠡᠭᠡᠷ᠎ᠡ ᠪᠥᠮᠪᠥᠷᠢᠭᠰᠡᠨ ᠪᠠᠳᠠᠷᠠᠬᠤ ᠬᠦᠦ ᠶ᠋ᠢᠨ ᠡᠷᠬᠡ ᠶ᠋ᠢ ᠶᠠᠷᠢᠬᠤ ᠶ᠋ᠢᠨ ᠴᠦ᠍ ᠬᠡᠷᠡᠭ ᠦᠭᠡᠢ ᠪᠥᠭᠡᠳ ᠲᠡᠮᠦᠷ᠂ ᠥᠯᠵᠡᠢ ᠬᠣᠶᠠᠷ ᠮᠣᠳᠣ ᠪᠠᠷ ᠵᠣᠷᠭᠣᠵᠤ ᠥᠭᠭᠦᠭᠰᠡᠨ ᠡᠯᠳᠡᠪ ᠦ᠋ᠨ ᠠᠮᠢᠲᠠᠨ ᠤ᠋ ᠡᠪ ᠬᠠᠪᠤ ᠮᠠᠭᠤᠲᠠᠢ ᠳᠦᠷᠰᠦ ᠶ᠋ᠢ ᠬᠠᠶᠠᠯ ᠦᠭᠡᠢ ᠴᠤᠭᠯᠠᠭᠤᠯᠤᠨ ᠪᠠᠢᠭᠰᠠᠨ ᠪᠣᠯ ᠬᠠᠨ ᠥᠨᠳᠥᠷ ᠦ᠋ᠨ ᠬᠦᠷᠢᠶᠡᠨ ᠦ᠌ ᠯᠠᠮᠠ ᠨᠠᠷ ᠤ᠋ᠨ ᠬᠠᠰᠢᠶᠠᠨ ᠳ᠋ᠤ᠌ ᠪᠠᠢᠳᠠᠭ ᠲᠦᠯᠡᠭᠡᠨ ᠡᠴᠡ ᠳᠤᠲᠠᠬᠤ ᠦᠭᠡᠢ ᠮᠣᠳᠣ ᠪᠣᠯᠬᠤ ᠪᠠᠢᠭᠰᠠᠨ ᠪᠠᠢᠬ᠎ᠠ ᠠ᠋᠃
ᠲᠡᠮᠦᠷ᠂ ᠳᠤᠯᠮ᠎ᠠ ᠬᠣᠶᠠᠷ ᠬᠦᠰᠡᠭᠰᠡᠨ ᠵᠢᠷᠭᠠᠯ ᠢ᠋ᠶ᠋ᠠᠨ ᠡᠳ᠋ᠯᠡᠵᠦ ᠭᠡᠷ ᠳᠦᠭᠦᠷᠡᠩ ᠪᠠᠶᠠᠷ᠂ ᠰᠡᠳᠬᠢᠯ ᠳᠦᠭᠦᠷᠡᠩ ᠬᠥᠷ ᠪᠠᠢᠯ᠎ᠠ᠃
ᠲᠡᠷᠡ ᠣᠷᠣᠢ ᠲᠡᠮᠦᠷ ᠦ᠋ᠨ ᠬᠣᠲᠠ ᠨᠠᠭᠠᠳᠤᠮ ᠳ᠋ᠤ᠌ ᠶᠠᠪᠤᠬᠤ ᠨᠠᠢᠷ ᠬᠢᠯ᠎ᠡ᠃ ᠠᠢᠷᠠᠭ᠂ ᠠᠷᠢᠬᠢ ᠡᠭᠡᠯᠵᠢᠯᠡᠨ ᠰᠥᠩᠨᠡᠵᠦ ᠳᠠᠭᠤᠤ ᠱᠤᠤᠭᠢᠶᠠᠨ ᠪᠣᠯᠬᠤ ᠳ᠋ᠤ᠌ ᠲᠡᠮᠦᠷ 《ᠡᠷᠳᠡᠨᠢ ᠵᠠᠰᠠᠭ ᠤ᠋ᠨ ᠤᠨᠠᠭ᠎ᠠ》 ᠪᠠᠨ ᠳᠠᠭᠤᠯᠠᠵᠤ ᠪᠢᠯᠡ᠃
ᠨᠠᠢᠷ ᠲᠤ᠌ ᠬᠤᠷᠢᠶᠠᠭᠰᠠᠨ ᠠᠢᠷᠠᠭ ᠳᠠᠭᠤᠰᠬᠤ ᠳ᠋ᠤ᠌ ᠨᠡᠯᠢᠶᠡᠳ ᠰᠣᠭᠲᠣᠭᠰᠠᠨ ᠥᠯᠵᠡᠢ 《ᠭᠡᠭᠦᠦ ᠪᠡᠯᠴᠢᠭᠡᠷ ᠲᠦ᠍ ᠬᠦᠷᠬᠦ ᠳ᠋ᠦ᠍ ᠠᠢᠷᠠᠭ ᠢᠰᠳᠡᠭ ᠶᠤᠮ》 ᠭᠡᠵᠦ ᠰᠠᠭᠠᠮ᠎ᠠ ᠬᠢᠭᠰᠡᠨ ᠬᠥᠬᠦᠦᠷ ᠲᠦ᠍ ᠠᠢᠷᠠᠭ ᠢ᠋ᠶ᠋ᠠᠨ ᠤᠤᠭᠤᠵᠤ ᠨᠠᠢᠷ ᠲᠠᠷᠬᠠᠬᠤ ᠶ᠋ᠢᠨ ᠦᠶ᠎ᠡ ᠳ᠋ᠦ᠍ ᠳᠥᠩᠭᠡᠵᠢ ᠬᠥᠷᠥᠩᠭᠡ ᠲᠡᠢ ᠦᠯᠡᠳᠡᠵᠡᠢ᠃
ᠲᠡᠷᠡ ᠣᠷᠣᠢ ᠲᠡᠮᠦᠷ ᠦ᠋ᠨ ᠳ᠋ᠦ᠍ ᠢᠷᠡᠭᠰᠡᠨ ᠪᠦᠬᠦᠨ ᠠᠢᠷᠠᠭ ᠤ᠋ᠨ ᠰᠠᠢᠬᠠᠨ ᠢ᠋ ᠠᠮᠠ ᠳᠦᠭᠦᠷᠡᠩ ᠢᠯᠡ ᠮᠠᠭᠲᠠᠵᠤ᠂ ᠳᠤᠯᠮ᠎ᠠ ᠶ᠋ᠢᠨ ᠰᠠᠢᠬᠠᠨ ᠢ᠋ ᠳᠣᠲᠣᠷ᠎ᠠ ᠪᠠᠨ ᠨᠢᠭᠤᠨ ᠭᠠᠢᠬᠠᠨ ᠪᠠᠢᠵᠤ ᠪᠢᠯᠡ᠃ ᠳᠦᠭᠦᠷᠡᠩ ᠵᠢᠷᠭᠠᠯ ᠨᠢ ᠭᠡᠷᠡᠯᠲᠦᠨ ᠪᠠᠳᠠᠷᠠᠭᠰᠠᠨ ᠰᠠᠢᠬᠠᠨ ᠬᠥᠮᠦᠨ ᠭᠡᠳᠡᠭ ᠶᠠᠭᠤᠲᠠᠢ ᠭᠤᠸ᠎ᠠ ᠪᠠᠢᠳᠠᠭ ᠶᠤᠮ ᠪᠣᠢ᠃
ᠲᠡᠮᠦᠷ ᠥᠷᠯᠥᠭᠡ ᠡᠷᠲᠡ ᠪᠣᠰᠴᠤ ᠳᠤᠯᠮ᠎ᠠ ᠶ᠋ᠢᠨ ᠤᠨᠤᠳᠠᠭ ᠵᠢᠷᠣᠭ᠎ᠠ ᠵᠡᠭᠡᠷᠳᠡ ᠮᠣᠷᠢᠨ ᠤ᠋ ᠳᠡᠯ ᠢ᠋ ᠵᠠᠰᠠᠵᠤ᠂ ᠴᠢᠬᠢᠨ ᠦ᠌ ᠬᠢᠨᠢ ᠦᠰᠦ ᠶ᠋ᠢ ᠲᠡᠭᠰᠢᠯᠡᠨ᠂ ᠡᠷᠡᠦ ᠶ᠋ᠢᠨ ᠰᠠᠬᠠᠯ ᠢ᠋ ᠬᠠᠢᠴᠢᠯᠠᠭᠠᠳ ᠮᠥᠩᠭᠥᠨ ᠲᠣᠨᠣᠭ᠂ ᠶᠠᠰᠤᠨ ᠬᠢᠷ᠎ᠠ ᠲᠠᠢ᠂ ᠪᠣᠷᠵᠢᠭᠢᠨ ᠬᠢᠴᠡ ᠲᠡᠢ ᠡᠮᠡᠭᠡᠯ ᠲᠣᠬᠣᠭᠠᠳ ᠤᠶᠠᠭᠠᠨ ᠡᠴᠡ ᠤᠶᠠᠬᠤ ᠳ᠋ᠤᠨᠢ 《ᠵᠡᠭᠡᠷᠳᠡ ᠮᠣᠷᠢ ᠴᠤ᠌ ᠰᠤᠭᠤ ᠰᠢᠭ᠋ ᠪᠠᠢᠨ᠎ᠠ ᠳᠠ》 ᠭᠡᠵᠦ ᠥᠯᠵᠡᠢ ᠬᠡᠯᠡᠪᠡ᠃
ᠲᠡᠮᠦᠷ ᠬᠠᠨᠴᠤᠢ ᠪᠠᠷ ᠢ᠋ᠶ᠋ᠠᠨ ᠵᠣ ᠶ᠋ᠢ ᠨᠢ ᠠᠷᠴᠢᠬᠤ ᠵᠠᠭᠤᠷ᠎ᠠ 《ᠳᠤᠯᠮ᠎ᠠ ᠶ᠋ᠢᠨ ᠮᠢᠨᠢ ᠮᠣᠷᠢ ᠮᠠᠭᠤᠬᠠᠢ ᠪᠠᠢᠵᠤ ᠪᠣᠯᠬᠤ ᠦᠭᠡᠢ》 ᠭᠡᠵᠦ ᠳᠣᠲᠣᠷ᠎ᠠ ᠪᠠᠨ ᠪᠣᠳᠣᠯ᠎ᠠ᠃ ᠳᠤᠯᠮ᠎ᠠ ᠴᠤ᠌ ᠥᠷᠯᠥᠭᠡᠨ ᠡᠴᠡ ᠡᠬᠢᠯᠡᠨ ᠭᠣᠶᠣᠯᠠᠪᠠ᠃ ᠬᠥᠬᠡ ᠲᠣᠷᠭᠠᠨ ᠳᠡᠪᠡᠯ ᠳᠡᠭᠡᠷ᠎ᠡ ᠡᠯᠢᠭᠡᠨ ᠬᠦᠷᠡᠩ ᠤᠤᠵᠢ ᠡᠮᠦᠰᠴᠦ ᠨᠠᠷᠢᠬᠠᠨ ᠪᠣᠯᠪᠠᠴᠤ ᠴᠡᠪᠡᠷᠬᠡᠨ ᠬᠢᠭᠰᠡᠨ ᠮᠥᠩᠭᠥᠨ ᠬᠡᠷᠡᠭᠯᠡᠯ ᠲᠡᠢ ᠡᠬᠡᠨᠡᠷ ᠦᠰᠦ ᠲᠠᠯᠪᠢᠭᠠᠳ ᠱᠠᠭ᠎ᠠ ᠳᠡᠭᠡᠷ᠎ᠡ ᠪᠡᠨ ᠳᠤᠭᠤᠢ ᠬᠡ ᠲᠡᠢ᠂ ᠬᠠᠷ᠎ᠠ ᠪᠤᠯᠢᠭᠠᠷᠢ ᠭᠤᠲᠤᠯ ᠢᠰᠬᠦᠯᠦᠭᠡᠳ ᠵᠣᠭᠰᠣᠵᠤ ᠪᠠᠢᠭ᠎ᠠ ᠳᠤᠯᠮ᠎ᠠ ᠪᠣᠯ ᠬᠠᠷᠠᠭᠰᠠᠨ ᠡᠷ᠎ᠡ ᠬᠥᠮᠦᠨ ᠪᠦᠬᠦᠨ ᠦ᠌ ᠬᠡᠢ ᠮᠣᠷᠢ ᠰᠡᠷᠭᠦᠵᠦ᠂ ᠡᠬᠡᠨᠡᠷ ᠬᠥᠮᠦᠨ ᠦ᠌ ᠠᠲᠠᠭᠠᠷᠬᠠᠬᠤ ᠰᠡᠳᠬᠢᠯ ᠢ᠋ ᠠᠷᠭ᠎ᠠ ᠦᠭᠡᠢ ᠬᠥᠳᠡᠯᠭᠡᠬᠦ ᠪᠣᠯᠵᠠᠢ᠃
ᠥᠯᠵᠡᠢ᠂ ᠪᠠᠳᠠᠷᠠᠬᠤ ᠬᠣᠶᠠᠷ ᠭᠡᠷ ᠲᠡᠭᠡᠨ ᠦᠯᠡᠳᠡᠵᠦ᠂ ᠲᠡᠮᠦᠷ ᠤᠶᠠᠭᠰᠠᠨ ᠮᠣᠷᠢᠳ ᠢ᠋ᠶ᠋ᠠᠨ ᠬᠥᠲᠥᠯᠦᠨ ᠳᠤᠯᠮ᠎ᠠ᠂ ᠮᠣᠷᠢ ᠣᠨᠣᠭᠤᠯᠬᠤ ᠭᠡᠵᠦ ᠰᠠᠭᠠᠬᠠᠯᠲᠠ ᠡᠴᠡ ᠠᠪᠴᠢᠷᠠᠭᠰᠠᠨ ᠵᠢᠷᠭᠠᠯ ᠬᠦᠦ ᠬᠣᠶᠠᠷ ᠢ᠋ᠶ᠋ᠠᠨ ᠳᠠᠭᠠᠭᠤᠯᠤᠨ ᠨᠠᠭᠠᠳᠤᠮ ᠤ᠋ᠨ ᠵᠦᠭ ᠶᠠᠪᠤᠬᠤ ᠪᠣᠯᠪᠠ᠃
ᠡᠬᠡᠨᠡᠷ ᠬᠤᠪᠴᠠᠰᠤ ᠪᠠᠨ ᠡᠮᠦᠰᠦᠭᠰᠡᠨ ᠳᠤᠯᠮ᠎ᠠ ᠶ᠋ᠢ ᠭᠠᠷᠴᠤ ᠢᠷᠡᠬᠦ ᠳ᠋ᠦ᠍ ᠡᠮᠡᠭᠡᠯ ᠲᠡᠢ ᠵᠡᠭᠡᠷᠳᠡ ᠮᠣᠷᠢ ᠶ᠋ᠢ ᠬᠥᠲᠥᠯᠦᠨ ᠢᠷᠡᠵᠦ ᠶᠠᠪᠤᠭᠰᠠᠨ ᠲᠡᠮᠦᠷ ᠵᠣᠭᠰᠣᠪᠠ᠃ ᠲᠡᠭᠦᠨ ᠦ᠌ ᠴᠢᠷᠠᠢ ᠡᠴᠡ ᠪᠠᠶᠠᠷ᠂ ᠵᠢᠷᠭᠠᠯ᠂ ᠦᠯᠡᠮᠵᠢ ᠶ᠋ᠢᠨ ᠬᠠᠢᠷ᠎ᠠ ᠶ᠋ᠢᠨ ᠭᠡᠷᠡᠯ ᠰᠠᠴᠤᠷᠠᠵᠤ ᠳᠦᠷᠯᠡᠭᠡᠷ ᠬᠠᠷ᠎ᠠ ᠨᠢᠳᠦ ᠨᠢ ᠪᠠᠬᠠᠳᠤᠯ ᠢ᠋ᠶ᠋ᠠᠷ ᠳᠦᠭᠦᠷᠡᠩ ᠴᠠᠪᠴᠢᠯᠠᠨᠠ᠃
ᠲᠡᠮᠦᠷ ᠡᠬᠡᠨᠡᠷ ᠢ᠋ᠶ᠋ᠡᠨ ᠰᠤᠭᠤᠳᠠᠨ ᠮᠣᠷᠳᠠᠭᠤᠯᠬᠤ ᠭᠡᠬᠦ ᠳ᠋ᠦ᠍ᠨᠢ 《ᠡᠪᠦᠭᠡᠨ ᠮᠢᠨᠢ ᠵᠦᠭᠡᠷ᠃ ᠪᠢ ᠥᠪᠡᠷ ᠢ᠋ᠶ᠋ᠡᠨ》 ᠭᠡᠳ ᠳᠤᠯᠮ᠎ᠠ ᠴᠤᠯᠪᠤᠭᠤᠷ ᠢ᠋ ᠠᠪᠬᠤ ᠭᠡᠬᠦ ᠳ᠋ᠦ᠍ᠨᠢ 《ᠬᠡᠯᠡ ᠮᠡᠳᠡᠬᠦ ᠦᠭᠡᠢ ᠠᠳᠤᠭᠤᠰᠤ᠃ ᠶᠠᠭᠠᠬᠢᠵᠤ ᠴᠤ᠌ ᠮᠠᠭᠠᠳ》 ᠭᠡᠵᠦ ᠡᠷᠭᠦᠨ ᠮᠣᠷᠳᠠᠭᠤᠯᠪᠠ᠃
ᠬᠠᠨ ᠥᠨᠳᠥᠷ ᠦ᠋ᠨ ᠬᠦᠷᠢᠶᠡᠨ ᠦ᠌ ᠡᠮᠦᠨᠡᠬᠢ ᠵᠦᠯᠭᠡᠨ ᠳᠡᠭᠡᠷ᠎ᠡ ᠡᠳᠦᠢ ᠲᠡᠳᠦᠢ ᠶᠠᠩᠵᠤ ᠪᠦᠷᠢ ᠶ᠋ᠢᠨ ᠮᠠᠢᠬᠠᠨ ᠪᠠᠷᠢᠵᠤ᠂ ᠳᠡᠯ ᠢ᠋ ᠨᠢ ᠵᠠᠰᠠᠵᠤ᠂ ᠬᠡᠳᠦ ᠬᠣᠨᠣᠭ ᠰᠣᠢ᠌ᠭᠰᠠᠨ ᠮᠣᠷᠢᠳ ᠤᠨᠤᠭᠰᠠᠨ᠂ ᠬᠤᠷᠴᠠ ᠥᠩᠭᠡ ᠶ᠋ᠢᠨ ᠳᠡᠪᠡᠯ ᠲᠡᠢ ᠣᠯᠠᠨ ᠵᠠᠭᠤᠨ ᠬᠥᠮᠦᠨ ᠰᠦᠯᠵᠢᠯᠳᠦᠬᠦ ᠨᠢ ᠠᠭᠤᠯᠠ ᠶ᠋ᠢᠨ ᠴᠡᠴᠡᠭ ᠲᠡᠢ ᠠᠳᠠᠯᠢ ᠠᠵᠢ᠃
ᠨᠠᠭᠠᠳᠤᠮᠴᠢᠨ ᠣᠯᠠᠨ ᠤ᠋ ᠳᠤᠮᠳᠠ ᠯᠤᠤ ᠬᠦᠩ ᠦ᠋ᠨ ᠪᠠᠳᠠᠷᠴᠢ ᠨᠣᠭᠲᠣ ᠭᠠᠨᠵᠤᠭᠠᠯᠠᠵᠤ ᠢᠷᠡᠭᠰᠡᠨ ᠭᠡᠳᠡᠭ ᠦᠭᠡ ᠨᠢᠭᠡ ᠡᠴᠡ ᠨᠥᠭᠦᠭᠡ ᠳ᠋ᠦ᠍ ᠳᠠᠮᠵᠢᠨ ᠲᠠᠷᠬᠠᠵᠤ ᠬᠠᠨ ᠥᠨᠳᠥᠷ ᠦ᠋ᠨ ᠬᠢᠨ ᠦ᠌ ᠬᠣᠷᠣ ᠶ᠋ᠢ ᠪᠤᠴᠠᠯᠭᠠᠨ᠎ᠠ᠃ ᠦᠨᠡᠬᠡᠷ ᠴᠦ᠍ ᠪᠠᠷᠳᠠᠮ ᠪᠠᠳᠠᠷᠴᠢ ᠨᠠᠭᠠᠳᠤᠮ ᠳ᠋ᠤ᠌ ᠲᠦᠷᠦᠭᠦᠯᠡᠵᠦ ᠪᠠᠢ ᠳ᠋ᠤ᠌ ᠥᠭᠬᠦ ᠶᠡᠬᠡ ᠨᠠᠰᠤᠨ ᠤ᠋ ᠮᠣᠷᠢ ᠶ᠋ᠢ ᠨᠢ ᠠᠪᠤᠨ᠎ᠠ ᠭᠡᠵᠦ ᠪᠦᠳᠦᠭᠦᠨ ᠰᠤᠷ ᠨᠣᠭᠲᠣ ᠭᠠᠨᠵᠤᠭᠠᠯᠠᠵᠤ ᠢᠷᠡᠭᠰᠡᠨ ᠠᠵᠢ᠃
ᠰᠠᠢᠳ ᠸᠠᠩ ᠤ᠋ᠨ ᠬᠣᠰᠢᠭᠤ ᠪᠣᠯ ᠬᠡᠵᠢᠶᠡᠨ ᠡᠴᠡ ᠰᠢᠷᠪᠥᠰᠥ ᠲᠡᠢ ᠪᠥᠬᠡᠴᠦᠳ ᠣᠯᠠᠨᠲᠠᠢ ᠪᠢᠯᠡ᠃ ᠭᠡᠪᠡᠴᠦ ᠳᠣᠯᠣᠭᠠᠨ ᠬᠤᠰᠢᠭᠤᠨ ᠤ᠋ ᠵᠠᠭᠠᠨ ᠳᠣᠭᠰᠢᠨ ᠪᠠᠳᠠᠷᠴᠢ ᠳ᠋ᠤ᠌ ᠨᠠᠭᠠᠳᠤᠮ ᠢ᠋ᠶ᠋ᠠᠨ ᠠᠯᠳᠠᠬᠤ ᠪᠣᠢ ᠭᠡᠳᠡᠭ ᠪᠣᠳᠣᠯ ᠨᠤᠲᠤᠭ ᠤ᠋ᠨ ᠣᠯᠠᠨ ᠤ᠋ ᠰᠡᠳᠬᠢᠯ ᠢ᠋ ᠵᠣᠪᠠᠭᠠᠨ᠎ᠠ᠃ ᠨᠠᠭᠠᠳᠤᠮ ᠢ᠋ᠶ᠋ᠠᠨ ᠬᠠᠷᠢ ᠶ᠋ᠢᠨ ᠬᠥᠮᠦᠨ ᠳ᠋ᠦ᠍ ᠠᠯᠳᠠᠨ᠎ᠠ ᠭᠡᠳᠡᠭ ᠮᠠᠭᠤᠬᠠᠢ᠃ ᠪᠠᠰᠠ ᠲᠡᠭᠡᠭᠡᠳ ᠬᠠᠮᠤᠭ ᠤ᠋ᠨ ᠲᠤᠰᠠ ᠦᠭᠡᠢ ᠨᠢ ᠬᠠᠯᠠᠭᠤᠨ ᠬᠣᠰᠢᠭᠤ ᠲᠠᠢ ᠮᠠᠯ ᠢ᠋ᠶ᠋ᠠᠨ ᠪᠠᠢ ᠳ᠋ᠤ᠌ ᠥᠭᠴᠦ ᠬᠠᠷᠢ ᠶ᠋ᠢᠨ ᠬᠤᠰᠢᠭᠤᠨ ᠳ᠋ᠤ᠌ ᠶᠠᠪᠤᠭᠤᠯᠤᠨ᠎ᠠ ᠭᠡᠰᠡᠨ ᠦᠭᠡ ᠪᠢᠯᠡ᠃ ᠡᠨᠡ ᠪᠦᠬᠦᠨ ᠴᠦ᠍ ᠪᠠᠰᠠ ᠭᠠᠢᠭᠤᠢ᠃ ᠬᠠᠷᠢᠨ ᠪᠦᠬᠦᠯᠢ ᠬᠣᠰᠢᠭᠤ ᠶ᠋ᠢ ᠳᠣᠷᠣᠮᠵᠢᠯᠠᠵᠤ ᠨᠣᠭᠲᠣ ᠭᠠᠨᠵᠤᠭᠠᠯᠠᠵᠤ ᠢᠷᠡᠭᠰᠡᠨ ᠪᠠᠳᠠᠷᠴᠢ ᠶ᠋ᠢᠨ ᠪᠠᠷᠳᠠᠮ ᠵᠠᠩ 《ᠬᠡᠳᠦᠨ ᠪᠠᠨᠳᠢ ᠨᠠᠷ ᠢ᠋ ᠨᠢ ᠨᠢᠰᠠᠯᠵᠤ ᠣᠷᠬᠢᠭᠠᠳ᠂ ᠥᠭᠭᠦᠭᠰᠡᠨ ᠮᠣᠷᠢ ᠶ᠋ᠢ ᠨᠢ ᠬᠥᠲᠥᠯᠦᠭᠡᠳ ᠱᠣᠭᠰᠢᠳᠠᠭ ᠬᠡᠷᠡᠭ ᠠ᠋》 ᠭᠡᠵᠦ ᠬᠡᠯᠡᠭᠰᠡᠨ ᠦᠭᠡ ᠨᠤᠲᠤᠭ ᠤ᠋ᠨ ᠣᠯᠠᠨ ᠤ᠋ ᠴᠢᠬᠢ ᠶ᠋ᠢ ᠳᠣᠷᠭᠢᠭᠤᠯᠵᠤ ᠬᠣᠷᠣ ᠰᠢᠷ᠎ᠠ ᠶ᠋ᠢ ᠨᠢ ᠪᠤᠴᠠᠯᠭᠠᠵᠤ ᠪᠠᠢᠯ᠎ᠠ᠃
ᠪᠠᠳᠠᠷᠴᠢ ᠶ᠋ᠢᠨ ᠡᠨᠡ ᠶᠠᠷᠢᠶ᠎ᠠ ᠲᠡᠮᠦᠷ ᠦ᠋ᠨ ᠴᠢᠬᠢᠨ ᠳ᠋ᠦ᠍ ᠬᠦᠷᠴᠦ ᠲᠡᠭᠦᠨ ᠦ᠌ ᠰᠡᠳᠬᠢᠯ ᠢ᠋ ᠴᠦ᠍ ᠬᠥᠳᠡᠯᠭᠡᠪᠡ᠃ 《ᠢᠷᠡᠭᠡᠳ ᠬᠥᠮᠦᠨ ᠰᠢᠭ ᠯᠡ ᠪᠠᠷᠢᠯᠳᠤᠵᠤ᠂ ᠬᠦᠴᠦ ᠪᠡᠨ ᠦᠵᠡᠬᠦ ᠦᠭᠡᠢ᠃ ᠪᠦᠬᠦᠯᠢ ᠬᠣᠰᠢᠭᠤ ᠶ᠋ᠢ ᠳᠣᠷᠣᠮᠵᠢᠯᠠᠨᠠ ᠭᠡᠨ᠎ᠡ᠃ ᠵᠠᠳᠠᠷᠠᠭᠰᠠᠨ ᠵᠣᠯᠢᠭ》 ᠭᠡᠵᠦ ᠪᠣᠳᠣᠨ ᠵᠢᠪᠡᠭᠦᠦ ᠬᠦᠷᠴᠦ ᠪᠢᠯᠡ᠃
ᠶᠡᠬᠡ ᠨᠠᠰᠤᠨ ᠤ᠋ ᠮᠣᠷᠢ ᠪᠠᠨ ᠮᠣᠷᠳᠠᠭᠤᠯᠵᠤ ᠣᠷᠬᠢᠭᠠᠳ᠂ ᠪᠥᠬᠡ ᠶ᠋ᠢᠨ ᠪᠢᠴᠢᠭᠡᠴᠢ ᠳᠡᠭᠡᠷ᠎ᠡ ᠢᠷᠡᠵᠦ ᠨᠡᠷ᠎ᠡ ᠪᠡᠨ ᠪᠢᠴᠢᠭᠦᠯᠪᠡ᠃ ᠭᠡᠲᠡᠯ᠎ᠡ ᠡᠮᠦᠰᠬᠦ ᠵᠣᠳᠣᠭ ᠪᠠᠢᠭᠰᠠᠨ ᠦᠭᠡᠢ᠃ ᠮᠠᠢᠬᠠᠨ ᠳ᠋ᠤ᠌ ᠪᠠᠢᠭ᠎ᠠ ᠬᠥᠮᠦᠨ ᠦ᠌ ᠵᠣᠳᠣᠭ ᠬᠡᠷᠡᠭᠯᠡᠯ ᠢ᠋ ᠭᠤᠶᠤᠭᠠᠳ ᠲᠠᠭᠠᠷᠠᠵᠤ ᠪᠠᠭᠲᠠᠬᠤ ᠶᠠᠭᠤᠮ᠎ᠠ ᠣᠯᠳᠠᠬᠤ ᠦᠭᠡᠢ ᠶᠠᠳᠠᠵᠤ ᠪᠠᠢᠭᠰᠠᠨ ᠲᠡᠮᠦᠷ ᠦ᠋ᠨ ᠳᠡᠷᠭᠡᠳᠡ ᠨᠢᠭᠡ ᠳᠠᠪᠠᠭᠠᠳ ᠢᠷᠡᠭᠰᠡᠨ ᠪᠠᠳᠠᠷᠴᠢ ᠵᠣᠳᠣᠭ ᠢ᠋ᠶ᠋ᠠᠨ ᠲᠠᠢᠯᠵᠤ 《ᠮᠢᠨᠦ ᠬᠡᠷᠡᠭᠯᠡᠯ ᠢ᠋ ᠡᠮᠦᠰ᠃ ᠡᠷ᠎ᠡ ᠬᠥᠮᠦᠨ ᠦ᠌ ᠪᠡᠶ᠎ᠡ ᠶ᠋ᠢ ᠬᠤᠴᠢᠬᠤ ᠬᠡᠷᠡᠭᠯᠡᠯ᠃ ᠰᠠᠢᠳ ᠸᠠᠩ ᠤ᠋ᠨ ᠳ᠋ᠤ᠌ ᠪᠠᠢᠬᠤ ᠦᠭᠡᠢ》 ᠭᠡᠯᠡ᠃
᠊᠊᠊᠊᠊᠊᠊᠊᠊᠊᠊᠊᠊᠊᠊ ᠬᠣᠰᠢᠭᠤ ᠨᠢ ᠲᠣᠮᠣ᠂ ᠡᠷ᠎ᠡ ᠨᠢ ᠣᠯᠠᠨ ᠶᠠᠭᠤᠮ᠎ᠠ ᠪᠠᠢᠨ᠎ᠠ ᠪᠣᠯᠬᠤ ᠪᠠᠢᠬ᠎ᠠ᠃ ᠨᠠᠭᠠᠳᠤᠬᠢ ᠵᠣᠳᠣᠭ ᠴᠢᠨᠢ ᠬᠡᠷᠡᠭ ᠦᠭᠡᠢ᠃ ᠬᠥᠮᠦᠨ ᠦ᠌ ᠬᠣᠩᠭᠣ ᠶ᠋ᠢᠨ ᠴᠢᠰᠤ ᠦᠰᠦᠷᠦᠭᠰᠡᠨ ᠡᠳ᠋ ᠪᠠᠢᠯᠭᠦᠢ ᠳᠡ ᠭᠡᠵᠦ ᠲᠡᠮᠦᠷ ᠢ᠋ ᠬᠡᠭᠵᠢᠭᠦᠨ ᠬᠡᠯᠡᠬᠦ ᠳ᠋ᠦ᠍ ᠪᠠᠳᠠᠷᠴᠢ ᠵᠠᠳᠠ ᠰᠢᠷᠪᠢᠵᠦ ᠳᠠᠯᠤ ᠪᠠᠨ ᠬᠥᠳᠡᠯᠭᠡᠭᠡᠳ ᠶᠠᠪᠤᠵᠠᠢ᠃
ᠪᠠᠷᠳᠠᠮ ᠪᠠᠳᠠᠷᠴᠢ ᠳ᠋ᠤ᠌ ᠬᠡᠯᠡᠭᠰᠡᠨ ᠲᠡᠮᠦᠷ ᠦ᠋ᠨ ᠬᠠᠲᠠᠭᠤ ᠬᠠᠷᠢᠭᠤ ᠲᠡᠷᠡ ᠳᠣᠣᠷ᠎ᠠ ᠪᠠᠨ ᠣᠯᠠᠨ ᠤ᠋ ᠬᠦᠷᠲᠡᠭᠡᠯ ᠪᠣᠯᠵᠤ ᠨᠤᠲᠤᠭ ᠤ᠋ᠨ ᠣᠯᠠᠨ ᠤ᠋ ᠬᠠᠢᠷ᠎ᠠ ᠲᠠᠯᠠᠷᠬᠠᠯ ᠲᠡᠮᠦᠷ ᠦ᠋ᠨ ᠵᠦᠭ ᠡᠷᠭᠢᠵᠦ ᠪᠢᠯᠡ᠃
ᠳᠣᠯᠣᠭᠠᠨ ᠬᠣᠰᠢᠭᠤ ᠳᠠᠩᠰᠢᠭ ᠤ᠋ᠨ ᠠᠷᠰᠯᠠᠨ᠂ ᠣᠳᠣ ᠳᠠᠯ᠎ᠠ ᠭᠠᠷᠤᠭᠰᠠᠨ ᠴᠤᠤᠲᠤ ᠪᠥᠬᠡ ᠬᠠᠭᠤᠴᠢᠷᠠᠵᠤ ᠡᠨᠳᠡ ᠲᠡᠨᠳᠡ ᠪᠡᠨ ᠤᠷᠠᠭᠳᠠᠭᠰᠠᠨ ᠪᠣᠯᠪᠠᠴᠤ ᠬᠡᠷᠡᠭᠯᠡᠵᠦ ᠪᠦᠷᠢᠨ ᠪᠣᠯᠬᠤ ᠬᠥᠬᠡ ᠴᠢᠰᠴᠡᠦ ᠬᠡᠷᠡᠭᠯᠡᠯ ᠢ᠋ᠶ᠋ᠡᠨ ᠲᠡᠮᠦᠷ ᠲᠦ᠍ ᠠᠪᠴᠢᠷᠠᠵᠤ ᠥᠭᠭᠦᠭᠰᠡᠨ ᠨᠢ ᠶᠠᠭ ᠲᠠᠭᠠᠷᠠᠪᠠ᠃
ᠲᠡᠮᠦᠷ ᠦ᠋ᠨ ᠶᠡᠬᠡ ᠨᠠᠰᠤᠨ ᠤ᠋ ᠮᠣᠷᠢ ᠨᠢ ᠠᠷᠪᠠᠨ ᠨᠢᠭᠡ ᠳ᠋ᠦ᠍ ᠳᠠᠪᠬᠢᠵᠤ᠂ ᠬᠠᠷᠢᠨ ᠬᠢᠵᠠᠯᠠᠩ ᠠᠯᠠᠭ ᠦᠷᠢᠶ᠎ᠡ ᠨᠢ ᠲᠡᠷᠢᠭᠦᠯᠡᠪᠡ᠃ ᠲᠡᠮᠦᠷ ᠲᠠᠪᠤ ᠶ᠋ᠢᠨ ᠳᠠᠪᠠᠭᠠᠨ ᠳ᠋ᠤ᠌ ᠪᠡᠯᠡᠳᠬᠡᠵᠦ ᠪᠠᠢᠯ᠎ᠠ᠃
᠊᠊᠊᠊᠊᠊᠊᠊᠊᠊᠊᠊᠊᠊᠊ ᠲᠠ ᠨᠠᠮᠠᠢ ᠯᠤᠤ ᠬᠦᠩ ᠦ᠋ᠨ ᠪᠠᠳᠠᠷᠴᠢ ᠲᠠᠢ ᠪᠠᠷᠢᠯᠳᠤᠭᠤᠯᠵᠤ ᠥᠭᠬᠦ ᠶ᠋ᠢ ᠪᠣᠳᠣᠭᠠᠷᠠᠢ ᠭᠡᠵᠦ ᠲᠡᠮᠦᠷ ᠪᠥᠬᠡ ᠶ᠋ᠢᠨ ᠪᠢᠴᠢᠭᠡᠴᠢ ᠭᠣᠣᠨᠣᠭᠤᠷ ᠭᠡᠵᠢᠭᠡ ᠲᠡᠢ ᠬᠠᠷ᠎ᠠ ᠬᠥᠮᠦᠨ ᠳ᠋ᠦ᠍ ᠬᠡᠯᠡᠪᠡ᠃
᠊᠊᠊᠊᠊᠊᠊᠊᠊᠊᠊᠊᠊᠊᠊ ᠬᠠᠷ᠎ᠠ ᠪᠠᠷᠮᠠ ᠴᠢᠨᠢ ᠲᠠᠩᠰᠢᠭ ᠤ᠋ᠨ ᠵᠠᠭᠠᠨ ᠪᠣᠯᠬᠣᠷ ᠠᠮᠠᠷᠴᠢᠯᠠᠵᠤ ᠠᠪᠤᠭᠠᠳ ᠪᠣᠯᠬᠤ ᠦᠭᠡᠢ ᠪᠠᠢᠨ᠎ᠠ᠃ ᠲᠠ ᠴᠢᠨᠢ ᠶᠠᠮᠠᠷ ᠴᠣᠯᠠ ᠲᠠᠢ ᠪᠣᠢ? ᠭᠡᠵᠦ ᠲᠡᠷᠡ ᠬᠥᠮᠦᠨ ᠬᠤᠯᠤᠰᠤᠨ ᠪᠢᠷ ᠢ᠋ᠶ᠋ᠡᠨ ᠭᠠᠷ ᠤ᠋ᠨ ᠰᠠᠯᠠᠭᠠᠨ ᠳ᠋ᠠᠭᠠᠨ ᠡᠷᠭᠢᠭᠦᠯᠦᠨ ᠠᠰᠠᠭᠤᠪᠠ᠃
᠊᠊᠊᠊᠊᠊᠊᠊᠊᠊᠊᠊᠊᠊᠊ ᠤᠷᠢᠳᠤ ᠬᠤᠰᠢᠭᠤᠨ ᠳ᠋ᠠᠭᠠᠨ ᠨᠠᠴᠢᠨ ᠪᠣᠯᠤᠭᠰᠠᠨ᠃ ᠥᠭᠡᠷ᠎ᠡ ᠴᠣᠯᠠ ᠦᠭᠡᠢ᠃
ᠲᠡᠮᠦᠷ ᠪᠠᠭ᠎ᠠ ᠳ᠋ᠠᠭᠠᠨ ᠬᠡᠦᠬᠡᠳ ᠪᠠᠭᠠᠴᠤᠳ ᠲᠠᠢ ᠪᠠᠷᠢᠯᠳᠤᠵᠤ ᠪᠠᠢᠭᠰᠠᠨ ᠢ᠋ ᠠᠯᠢ ᠲᠡᠷᠡ ᠭᠡᠬᠦ ᠪᠢᠯᠡ᠃ ᠠᠷᠪᠠᠨ ᠳᠣᠯᠣᠭᠠᠨ ᠨᠠᠰᠤᠨ ᠳ᠋ᠠᠭᠠᠨ ᠵᠠᠰᠠᠭ ᠬᠠᠨ ᠤ᠋ ᠬᠣᠰᠢᠭᠤ ᠨᠠᠭᠠᠳᠤᠮ ᠳ᠋ᠤ᠌ ᠪᠠᠷᠢᠯᠳᠤᠵᠤ ᠨᠠᠴᠢᠨ ᠪᠣᠯᠤᠭᠰᠠᠨ᠃ ᠲᠡᠭᠦᠨ ᠡᠴᠡ ᠬᠣᠢᠰᠢ ᠰᠢᠯᠢ ᠶ᠋ᠢᠨ ᠰᠠᠢᠨ ᠡᠷ᠎ᠡ ᠪᠣᠯᠤᠭᠠᠳ ᠨᠠᠭᠠᠳᠤᠮ ᠳ᠋ᠤ᠌ ᠨᠣᠴᠣᠯᠳᠤᠬᠤ ᠪᠠᠨ ᠪᠣᠯᠢᠭᠰᠠᠨ ᠪᠥᠭᠡᠳ ᠪᠠᠷᠢᠯᠳᠤᠬᠤ ᠴᠤ᠌ ᠳᠤᠷ᠎ᠠ ᠦᠭᠡᠢ ᠪᠠᠢᠯ᠎ᠠ᠃ ᠭᠠᠭᠴᠠᠬᠦ ᠡᠨᠡ ᠤᠳᠠᠭ᠎ᠠ ᠬᠠᠭᠤᠴᠢᠨ ᠲᠠᠨᠢᠯ ᠪᠠᠳᠠᠷᠴᠢ ᠶ᠋ᠢᠨ ᠳᠡᠭᠡᠷᠡᠩᠭᠦᠢ ᠠᠭᠠᠰᠢᠨ ᠳ᠋ᠤ᠌ ᠵᠢᠪᠡᠭᠦᠦ ᠨᠢ ᠬᠦᠷᠦᠭᠰᠡᠨ ᠤᠴᠢᠷ ᠢᠩᠭᠢᠵᠦ ᠪᠠᠷᠢᠯᠳᠤᠵᠤ ᠪᠠᠢᠭ᠎ᠠ ᠠᠵᠢ᠃
ᠶᠠᠪᠤᠭᠰᠠᠭᠠᠷ ᠪᠠᠢᠭᠠᠳ ᠨᠤᠲᠤᠭ ᠤ᠋ᠨ ᠨᠢᠭᠡ ᠪᠥᠬᠡ᠂ ᠲᠡᠮᠦᠷ᠂ ᠪᠠᠳᠠᠷᠴᠢ ᠭᠤᠷᠪᠠ ᠦᠯᠡᠳᠡᠬᠦ ᠳ᠋ᠦ᠍ ᠨᠤᠲᠤᠭ ᠤ᠋ᠨ ᠪᠥᠬᠡ ᠬᠡᠢ ᠮᠥᠷᠭᠥᠵᠦ᠂ ᠲᠡᠮᠦᠷ ᠡᠴᠡ ᠵᠠᠢᠯᠠᠨ ᠪᠠᠢᠭᠰᠠᠨ ᠪᠠᠳᠠᠷᠴᠢ ᠠᠷᠭ᠎ᠠ ᠦᠭᠡᠢ ᠲᠤᠨᠤᠷᠠᠨ ᠤᠴᠠᠷᠠᠬᠤ ᠪᠣᠯᠪᠠ᠃
ᠲᠡᠮᠦᠷ ᠮᠡᠬᠡ ᠪᠡᠷ ᠭᠠᠪᠢᠬᠤ ᠦᠭᠡᠢ᠃ ᠪᠠᠷᠢᠯᠳᠤᠯᠭ᠎ᠠ ᠮᠠᠭᠤᠲᠠᠢ ᠪᠠᠳᠠᠷᠴᠢ ᠬᠡᠳᠦᠢᠨ ᠠᠵᠢᠭᠯᠠᠵᠤ ᠮᠡᠳᠡᠭᠰᠡᠨ ᠪᠣᠯᠪᠠᠴᠤ ᠲᠡᠭᠦᠨ ᠦ᠌ ᠲᠡᠩᠬᠡᠭᠡ ᠰᠠᠷᠯᠤᠭ ᠤ᠋ᠨ ᠪᠤᠬ᠎ᠠ ᠲᠠᠢ ᠠᠳᠠᠯᠢ ᠲᠤᠯᠠ ᠬᠡᠯᠡᠭᠰᠡᠨ ᠦᠭᠡ ᠪᠠᠷᠳᠠᠮ ᠠᠮᠠ ᠨᠢ ᠰᠠᠯᠬᠢᠨ ᠳ᠋ᠤ᠌ ᠬᠡᠢᠰᠬᠦ ᠪᠣᠯᠤᠭᠰᠠᠨ ᠳ᠋ᠤ᠌ ᠰᠠᠨᠳᠤᠷᠪᠠ᠃
ᠠᠮᠠᠨ ᠬᠦᠵᠦᠭᠦᠨ ᠳ᠋ᠦ᠍ ᠬᠤᠷᠳᠤᠯᠠᠵᠤ ᠢᠷᠡᠭᠰᠡᠨ ᠳᠠᠭ᠎ᠠ ᠪᠠᠨ ᠪᠠᠭᠤᠯᠭᠠᠵᠤ ᠠᠪᠤᠭᠠᠳ ᠬᠤᠰᠤᠵᠤ ᠪᠠᠢᠬᠤ ᠳ᠋ᠤ᠌ ᠪᠠᠳᠠᠷᠴᠢ ᠳᠡᠷᠭᠡᠳᠡ ᠨᠢ ᠢᠷᠡᠵᠦ 《ᠡᠪᠦᠭᠡᠨ ᠴᠢᠨᠢ ᠠᠮᠠ ᠭᠠᠷᠤᠭᠰᠠᠨ ᠬᠥᠮᠦᠨ᠃ ᠴᠢᠮ᠎ᠠ ᠡᠴᠡ ᠥᠩᠭᠡᠷᠡᠪᠡᠯ ᠴᠠᠭᠠᠳᠤᠬᠢ ᠮᠠᠭᠤ ᠶ᠋ᠢ ᠴᠢᠨᠢ ᠬᠡᠳᠦ ᠯᠡ ᠪᠣᠯ ᠬᠡᠳᠦ᠃ ᠴᠢ ᠨᠠᠳᠠ ᠪᠠᠭᠤᠵᠤ ᠠᠯᠢ᠂ ᠬᠣᠶᠠᠷ ᠵᠠᠯᠠᠭᠤ ᠮᠣᠷᠢ ᠥᠭᠭᠦᠶ᠎ᠡ》 ᠭᠡᠵᠦ ᠰᠢᠪᠡᠭᠡᠨᠡᠪᠡ᠃
᠊᠊᠊᠊᠊᠊᠊᠊᠊᠊᠊᠊᠊᠊᠊ ᠳᠡᠮᠡᠢ ᠪᠢᠲᠡᠭᠡᠢ ᠶᠠᠷᠢ᠃ ᠴᠢᠳᠠᠯ ᠢ᠋ᠶ᠋ᠠᠨ ᠮᠡᠳᠡᠬᠦ ᠦᠭᠡᠢ ᠪᠠᠢᠵᠤ ᠪᠦᠬᠦᠯᠢ ᠬᠤᠰᠢᠭᠤᠨ ᠳ᠋ᠤ᠌ ᠶᠠᠭᠤᠨ ᠳ᠋ᠤ᠌ ᠠᠮᠠ ᠭᠠᠷᠤᠭᠰᠠᠨ ᠶᠤᠮ ᠪᠣᠢ?
᠊᠊᠊᠊᠊᠊᠊᠊᠊᠊᠊᠊᠊᠊᠊ ᠴᠢᠮ᠎ᠠ ᠳ᠋ᠤ᠌ ᠠᠮᠠ ᠭᠠᠷᠤᠭ᠎ᠠ ᠦᠭᠡᠢ᠃ ᠴᠢ ᠪᠢᠳᠡ ᠬᠣᠶᠠᠷ ᠡᠷ᠎ᠡ ᠬᠥᠮᠦᠨ ᠰᠢᠦ᠃
᠊᠊᠊᠊᠊᠊᠊᠊᠊᠊᠊᠊᠊᠊᠊ ᠲᠡᠷᠡ ᠳᠣᠳᠣᠮ ᠢ᠋ᠶ᠋ᠠᠨ ᠦᠵᠡᠨ᠎ᠡ ᠳᠡ ᠭᠡᠳ ᠲᠡᠮᠦᠷ ᠲᠣᠮᠣ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠪᠡ᠃
ᠪᠠᠳᠠᠷᠴᠢ ᠶ᠋ᠢᠨ ᠬᠣᠷᠣ ᠰᠢᠷ᠎ᠠ ᠨᠢ ᠲᠤᠢᠯ ᠳ᠋ᠠᠭᠠᠨ ᠬᠦᠷᠴᠦ ᠡᠷᠭᠢᠨ ᠶᠠᠪᠤᠯ᠎ᠠ᠃
᠊᠊᠊᠊᠊᠊᠊᠊᠊᠊᠊᠊᠊᠊᠊ ᠮᠢᠨᠦ ᠡᠪᠦᠭᠡᠨ᠂ ᠡᠨᠡ ᠪᠠᠳᠠᠷᠴᠢ ᠮᠠᠭᠤᠬᠠᠢ ᠠᠮᠢᠲᠠᠨ ᠰᠢᠦ᠃ ᠮᠡᠬᠡ ᠭᠡᠳᠡᠭ ᠨᠢ ᠠᠢᠬᠤᠪᠲᠤᠷ ᠶᠤᠮ ᠭᠡᠳᠡᠭ᠃ ᠶᠠᠮᠠᠷ ᠴᠤ᠌ ᠬᠣᠣᠷᠯᠠᠭᠴᠢᠨ ᠶᠠᠭᠤᠮ᠎ᠠ ᠬᠢᠵᠦ ᠮᠠᠭᠠᠳ᠃ ᠶᠠᠭᠠᠬᠢᠨ᠎ᠠ ᠳᠠ ᠭᠡᠵᠦ ᠳᠤᠯᠮ᠎ᠠ ᠰᠠᠨᠳᠤᠷᠤᠨ ᠬᠡᠯᠡᠬᠦ ᠳ᠋ᠦ᠍ ᠲᠡᠮᠦᠷ ᠲᠠᠢᠪᠤᠩ ᠪᠥᠭᠡᠳ ᠪᠠᠶᠠᠷᠲᠠᠢ ᠢᠨᠢᠶᠡᠮᠰᠦᠭᠯᠡᠵᠦ 《ᠴᠢ ᠯᠡ ᠮᠢᠨᠦ ᠨᠢᠳᠦᠨ ᠳ᠋ᠦ᠍ ᠬᠠᠷᠠᠭᠳᠠᠵᠤ ᠪᠠᠢᠭᠠᠷᠠᠢ᠂ ᠭᠠᠢᠭᠤᠢ》 ᠭᠡᠯᠡ᠃
ᠪᠠᠳᠠᠷᠴᠢ ᠲᠡᠨᠳᠡ ᠡᠴᠡ ᠬᠠᠨ ᠥᠨᠳᠥᠷ ᠦ᠋ᠨ ᠬᠦᠷᠢᠶᠡᠨ ᠦ᠌ ᠭᠦᠷᠢᠮᠴᠢ ᠬᠠᠷᠢᠶᠠᠯᠴᠢ ᠭᠡᠵᠦ ᠨᠡᠷ᠎ᠡ ᠳ᠋ᠦ᠍ ᠭᠠᠷᠤᠭᠰᠠᠨ ᠨᠢᠭᠡ ᠯᠠᠮᠠ ᠶ᠋ᠢᠨ ᠳ᠋ᠦ᠍ ᠣᠴᠢᠵᠤ ᠤᠷᠲᠤ ᠬᠠᠳᠠᠭ ᠪᠠᠷᠢᠵᠤ ᠲᠡᠮᠦᠷ ᠲᠦ᠍ ᠬᠠᠷᠢᠶᠠᠯ ᠬᠢᠵᠦ᠂ ᠥᠪᠡᠷ ᠢ᠋ ᠨᠢ ᠲᠡᠷᠢᠭᠦᠯᠡᠭᠦᠯᠵᠦ ᠥᠭᠬᠦ ᠶ᠋ᠢ ᠭᠤᠶᠤᠭᠠᠳ 《ᠲᠡᠷᠡ ᠨᠣᠬᠠᠢ ᠶ᠋ᠢ ᠭᠠᠵᠠᠷᠳᠠᠭᠤᠯᠵᠤ ᠥᠭᠪᠡᠯ ᠯᠠᠮᠠ ᠭᠤᠸᠠᠢ ᠲᠠᠨ ᠳ᠋ᠤ᠌ ᠵᠠᠯᠠᠭᠤ ᠮᠣᠷᠢ ᠪᠠᠷᠢᠨ᠎ᠠ》 ᠭᠡᠯᠡ᠃
᠊᠊᠊᠊᠊᠊᠊᠊᠊᠊᠊᠊᠊᠊᠊ ᠪᠢ ᠡᠨᠡ ᠬᠤᠰᠢᠭᠤᠨ ᠤ᠋ ᠠᠯᠪᠠᠲᠤ ᠰᠢᠦ ᠳᠡ ᠭᠡᠳ ᠯᠠᠮᠠ ᠨᠠᠮᠪᠠᠲᠠᠢ ᠵᠠᠯᠪᠠᠷᠢᠪᠠ᠃
᠊᠊᠊᠊᠊᠊᠊᠊᠊᠊᠊᠊᠊᠊᠊ ᠬᠣᠶᠠᠷ ᠵᠠᠯᠠᠭᠤ ᠮᠣᠷᠢ ᠪᠠᠷᠢᠨ᠎ᠠ᠃
᠊᠊᠊᠊᠊᠊᠊᠊᠊᠊᠊᠊᠊᠊᠊ ᠲᠠᠨᠢᠳᠠᠭ ᠬᠥᠮᠦᠨ ᠦ᠌ ᠨᠢᠭᠤᠷ ᠬᠠᠯᠠᠭᠤᠨ ᠶᠤᠮ ᠳᠠ᠃ ᠬᠠᠷᠢᠨ ᠲᠡᠮᠦᠷ ᠲᠦ᠍ ᠬᠠᠷᠢᠶᠠᠯ ᠬᠢᠵᠦ ᠥᠭᠭᠦᠭᠰᠡᠨ ᠭᠡᠳᠡᠭ ᠢ᠋ ᠮᠠᠨ ᠤ᠋ ᠬᠤᠰᠢᠭᠤᠨ ᠤ᠋ ᠬᠢᠨ ᠮᠡᠳᠡᠪᠡᠯ ᠨᠠᠮᠠᠢ ᠦᠵᠡᠬᠦ ᠪᠡᠨ ᠪᠣᠯᠢᠨ᠎ᠠ ᠰᠢᠦ᠃
᠊᠊᠊᠊᠊᠊᠊᠊᠊᠊᠊᠊᠊᠊᠊ ᠲᠡᠭᠦᠨ ᠢ᠋ ᠪᠢ ᠰᠠᠢᠨ ᠮᠡᠳᠡᠨ᠎ᠡ ᠭᠡᠳ ᠪᠠᠳᠠᠷᠴᠢ ᠶᠠᠪᠤᠵᠠᠢ᠃
ᠲᠡᠮᠦᠷ ᠪᠣᠯ ᠵᠠᠰᠠᠭᠲᠤ ᠬᠠᠨ ᠤ᠋ ᠴᠠᠬᠢᠭᠤᠷ ᠲᠡᠮᠦᠷ ᠭᠡᠳᠡᠭ ᠢ᠋ ᠯᠠᠮᠠ ᠰᠠᠢᠨ ᠮᠡᠳᠡᠨ᠎ᠡ᠃ ᠭᠡᠪᠡᠴᠦ ᠳᠣᠯᠣᠭᠠᠨ ᠬᠣᠰᠢᠭᠤ ᠳᠠᠩᠰᠢᠭ ᠤ᠋ᠨ ᠵᠠᠭᠠᠨ᠂ ᠬᠠᠵᠠᠬᠤ ᠡᠴᠡ ᠪᠤᠰᠤᠳ ᠮᠡᠬᠡ ᠬᠢᠳᠡᠭ ᠪᠠᠳᠠᠷᠴᠢ ᠨᠠᠭᠠᠳᠤᠮ ᠤ᠋ᠨ ᠲᠠᠯᠠᠪᠠᠢ ᠳᠡᠭᠡᠷ᠎ᠡ ᠨᠡᠷ᠎ᠡ ᠨᠢ ᠣᠭᠲᠣ ᠭᠠᠷᠤᠭ᠎ᠠ ᠦᠭᠡᠢ ᠲᠡᠮᠦᠷ ᠢ᠋ ᠯᠠᠪ ᠬᠠᠶᠠᠨ᠎ᠠ ᠪᠢᠵᠡ ᠭᠡᠵᠦ ᠢᠲᠡᠭᠡᠵᠦ ᠪᠠᠢᠯ᠎ᠠ᠃
ᠨᠠᠭᠠᠳᠤᠮᠴᠢᠨ ᠣᠯᠠᠨ ᠤ᠋ ᠪᠦᠬᠦ ᠠᠩᠬᠠᠷᠤᠯ ᠰᠢᠪᠠᠨ ᠵᠣᠭᠰᠣᠭᠰᠠᠨ ᠬᠣᠶᠠᠷ ᠪᠥᠬᠡ ᠶ᠋ᠢᠨ ᠵᠦᠭ ᠰᠢᠯᠵᠢᠵᠦ ᠨᠤᠲᠤᠭ ᠤ᠋ᠨ ᠬᠢᠨᠢ ᠥᠪᠡᠷ ᠦ᠋ᠨ ᠡᠨᠡ ᠬᠤᠰᠢᠭᠤᠨ ᠤ᠋ ᠬᠠᠷᠢᠶᠠᠲᠤ ᠪᠣᠯᠤᠭᠰᠠᠨ ᠲᠡᠮᠦᠷ ᠦ᠋ᠨ ᠲᠥᠯᠥᠭᠡ ᠰᠡᠳᠬᠢᠯ ᠨᠢ ᠵᠣᠪᠠᠵᠤ ᠪᠠᠢᠯ᠎ᠠ᠃ ᠰᠡᠳᠬᠢᠯ ᠨᠢ ᠵᠣᠪᠠᠬᠤ ᠶ᠋ᠢᠨ ᠤᠴᠢᠷ ᠪᠣᠯ ᠪᠠᠳᠠᠷᠴᠢ ᠰᠦᠷᠡᠬᠡᠢ ᠪᠥᠬᠡ ᠭᠡᠳᠡᠭ ᠢ᠋ ᠮᠡᠳᠡᠨ᠎ᠡ᠃ ᠬᠠᠷᠢᠨ ᠲᠡᠮᠦᠷ ᠰᠠᠢᠨ ᠡᠷ᠎ᠡ ᠭᠡᠳᠡᠭ ᠢ᠋ ᠮᠡᠳᠡᠪᠡᠴᠦ ᠰᠠᠢᠨ ᠪᠥᠬᠡ ᠭᠡᠳᠡᠭ ᠢ᠋ ᠬᠡᠨ ᠴᠦ᠍ ᠮᠡᠳᠡᠬᠦ ᠦᠭᠡᠢ᠃
᠊᠊᠊᠊᠊᠊᠊᠊᠊᠊᠊᠊᠊᠊᠊ ᠬᠠᠨ ᠥᠨᠳᠥᠷ ᠠᠭᠤᠯᠠ ᠶ᠋ᠢᠨ ᠬᠤᠰᠢᠭᠤᠨ ᠤ᠋᠁ ᠭᠡᠳ ᠵᠠᠰᠠᠭᠤᠯ ᠨᠢ ᠲᠡᠮᠦᠷ ᠦ᠋ᠨ ᠴᠣᠯᠠ ᠶ᠋ᠢ ᠳᠠᠭᠤᠳᠠᠵᠤ ᠡᠬᠢᠯᠡᠬᠦ ᠳ᠋ᠦ᠍ ᠲᠡᠮᠦᠷ ᠡᠪ ᠮᠠᠭᠤᠬᠠᠨ ᠲᠠᠢ ᠰᠢᠪᠡᠨ ᠳᠡᠯᠢᠵᠦ ᠪᠠᠢᠬᠤ ᠵᠠᠭᠤᠷ᠎ᠠ ᠪᠠᠨ ᠣᠯᠠᠨ ᠤ᠋ ᠳᠤᠮᠳᠠ ᠵᠣᠭᠰᠣᠨ ᠰᠠᠨᠳᠤᠷᠴᠤ ᠪᠠᠢᠭ᠎ᠠ ᠳᠤᠯᠮ᠎ᠠ ᠶ᠋ᠢ ᠬᠠᠷᠠᠭᠠᠳ ᠨᠢᠳᠦ ᠪᠡᠷ ᠢ᠋ᠶ᠋ᠡᠨ ᠢᠨᠢᠶᠡᠪᠡ᠃
᠊᠊᠊᠊᠊᠊᠊᠊᠊᠊᠊᠊᠊᠊᠊ ᠲᠡᠮᠦᠷ ᠴᠦ᠍ ᠰᠠᠢᠬᠠᠨ ᠡᠷ᠎ᠡ ᠶᠤᠮ ᠠ᠋᠃ ᠭᠡᠪᠡᠴᠦ ᠲᠡᠷᠡ ᠪᠠᠳᠠᠷᠴᠢ ᠶ᠋ᠢᠨ ᠮᠡᠬᠡ ᠳᠠᠩᠴᠢ ᠬᠡᠴᠡᠭᠦᠦ ᠳᠡ᠃
᠊᠊᠊᠊᠊᠊᠊᠊᠊᠊᠊᠊᠊᠊᠊ ᠲᠡᠮᠦᠷ ᠣᠢᠴᠢᠪᠠᠯ ᠴᠦ᠍ ᠡᠨᠡ ᠪᠠᠳᠠᠷᠴᠢ ᠲᠡᠷᠢᠭᠦᠯᠡᠵᠦ᠂ ᠬᠣᠰᠢᠭᠤ ᠨᠤᠲᠤᠭ ᠢ᠋ᠶ᠋ᠠᠷ ᠢ᠋ᠶ᠋ᠠᠨ ᠮᠠᠭᠤᠬᠠᠢ ᠳᠣᠷᠣᠮᠵᠢᠯᠠᠭᠤᠯᠵᠤ ᠳᠠ᠃
᠊᠊᠊᠊᠊᠊᠊᠊᠊᠊᠊᠊᠊᠊᠊ ᠮᠠᠨ ᠤ᠋ ᠬᠣᠰᠢᠭᠤ ᠴᠤ᠌ ᠠᠵᠠ ᠲᠠᠢ ᠯᠠ ᠰᠠᠨ ᠭᠡᠬᠦ ᠵᠡᠷᠭᠡ ᠶᠠᠷᠢᠶ᠎ᠠ ᠣᠯᠠᠨ ᠤ᠋ ᠳᠣᠲᠣᠷ᠎ᠠ ᠲᠠᠰᠤᠷᠠᠬᠤ ᠦᠭᠡᠢ ᠳᠡᠮᠵᠢᠵᠦ ᠪᠠᠢᠯ᠎ᠠ᠃
ᠪᠠᠳᠠᠷᠴᠢ ᠶ᠋ᠢᠨ ᠨᠢᠭᠤᠷ ᠪᠠᠷᠤᠢᠨ᠂ ᠰᠢᠳᠦ ᠨᠢ ᠲᠠᠴᠢᠭᠢᠨᠠᠨ ᠬᠢᠬᠦ ᠮᠡᠬᠡ ᠪᠡᠨ ᠪᠢᠰᠢᠯᠭᠠᠨ᠎ᠠ᠃ ᠡᠨᠡ ᠬᠥᠮᠦᠨ ᠳ᠋ᠦ᠍ ᠪᠠᠷᠢᠯᠳᠤᠯᠭ᠎ᠠ ᠶ᠋ᠢᠨ ᠣᠯᠠᠨ ᠠᠷᠭ᠎ᠠ ᠪᠣᠢ᠃ ᠵᠣᠷᠢᠭ ᠵᠢᠷᠦᠬᠡ ᠮᠠᠭᠤᠲᠠᠢ ᠡᠷ᠎ᠡ ᠳ᠋ᠦ᠍ ᠠᠷᠰᠯᠠᠨ ᠤ᠋ ᠰᠦᠷ ᠦᠵᠡᠭᠦᠯᠵᠦ ᠮᠣᠬᠣᠭᠣ ᠪᠣᠯᠭᠠᠵᠤ ᠴᠢᠳᠠᠨ᠎ᠠ᠃ ᠬᠣᠷᠣ ᠰᠢᠷ᠎ᠠ ᠲᠠᠢ ᠡᠷ᠎ᠡ ᠶ᠋ᠢ ᠦᠮᠡᠬᠡᠢ ᠦᠭᠡ ᠪᠡᠷ ᠤᠲᠤᠵᠤ ᠪᠠᠢᠭᠠᠳ ᠤᠬᠠᠭᠠᠨ ᠰᠠᠮᠪᠠᠭ᠎ᠠ ᠶ᠋ᠢ ᠨᠢ ᠪᠤᠰᠠᠨᠢᠭᠤᠯᠵᠤ ᠴᠢᠳᠠᠨ᠎ᠠ᠃
ᠲᠡᠮᠦᠷ ᠢ᠋ ᠰᠦᠷᠳᠡᠭᠦᠯᠵᠦ ᠴᠢᠳᠠᠬᠤ ᠦᠭᠡᠢ ᠭᠡᠳᠡᠭ ᠢ᠋ ᠪᠠᠳᠠᠷᠴᠢ ᠰᠠᠢᠨ ᠮᠡᠳᠡᠵᠦ ᠪᠠᠢᠭᠰᠠᠨ ᠲᠤᠯᠠ ᠡᠨᠡ ᠠᠷᠭ᠎ᠠ ᠶ᠋ᠢ ᠬᠡᠷᠡᠭᠯᠡᠬᠦ ᠦᠭᠡᠢ ᠪᠠᠢᠯ᠎ᠠ᠃ ᠪᠠᠰᠠ ᠬᠣᠷᠣ ᠰᠢᠷ᠎ᠠ ᠶ᠋ᠢ ᠨᠢ ᠬᠤᠰᠤᠭᠠᠳ ᠠᠭᠤᠵᠢᠮ ᠲᠠᠢᠪᠤᠩ ᠲᠡᠮᠦᠷ ᠦ᠋ᠨ ᠤᠬᠠᠭᠠᠨ ᠰᠠᠮᠪᠠᠭ᠎ᠠ ᠶ᠋ᠢ ᠰᠠᠯᠭᠠᠵᠤ ᠴᠢᠳᠠᠬᠤ ᠦᠭᠡᠢ ᠶ᠋ᠢ ᠣᠢᠯᠠᠭᠠᠵᠠᠢ᠃ ᠬᠠᠷᠢᠨ ᠭᠡᠨᠡᠳᠡᠭᠦᠯᠵᠦ ᠪᠠᠢᠭᠠᠳ ᠰᠢᠢᠳᠦᠭᠰᠡᠨ ᠮᠡᠬᠡ ᠬᠢᠬᠦ ᠨᠢ ᠲᠡᠮᠦᠷ ᠢ᠋ ᠤᠨᠠᠭᠠᠬᠤ ᠭᠠᠭᠴᠠ ᠠᠷᠭ᠎ᠠ ᠭᠡᠵᠦ ᠪᠣᠳᠣᠪᠠ᠃ ᠭᠡᠬᠦ ᠳ᠋ᠡᠭᠡᠨ ᠯᠠᠮᠠ ᠶ᠋ᠢᠨ ᠬᠠᠷᠢᠶᠠᠯ ᠶᠠᠮᠠᠷ ᠨᠢᠭᠡᠨ ᠲᠡᠮᠳᠡᠭ ᠥᠭᠬᠦ ᠪᠠᠢᠬ᠎ᠠ ᠭᠡᠵᠦ ᠪᠣᠳᠣᠨ ᠬᠦᠯᠢᠶᠡᠨ᠎ᠡ᠃
ᠲᠡᠮᠦᠷ ᠨᠢᠭᠡ ᠬᠡᠰᠡᠭ ᠪᠠᠷᠢᠵᠤ ᠠᠪᠬᠤ ᠭᠡᠵᠦ ᠣᠷᠣᠯᠳᠣᠬᠤ ᠳ᠋ᠤ᠌ ᠪᠠᠳᠠᠷᠴᠢ ᠵᠠᠢᠯᠠᠭᠠᠳ ᠪᠠᠢᠯ᠎ᠠ᠃
᠊᠊᠊᠊᠊᠊᠊᠊᠊᠊᠊᠊᠊᠊᠊ ᠵᠠᠭᠠᠨ ᠵᠢᠭᠠᠭᠠᠳ ᠥᠭᠭᠦᠨ᠎ᠡ᠃ ᠪᠢᠲᠡᠭᠡᠢ ᠶᠠᠭᠠᠷᠠ ᠬᠦᠦ ᠮᠢᠨᠢ ᠭᠡᠵᠦ ᠰᠠᠢᠳ ᠸᠠᠩ ᠤ᠋ᠨ ᠬᠠᠰᠢᠷ ᠪᠤᠭᠤᠷᠤᠯ ᠴᠢᠨᠣ᠎ᠠ ᠭᠡᠵᠦ ᠳᠣᠯᠣᠭᠠᠨ ᠬᠣᠰᠢᠭᠤ ᠳᠠᠩᠰᠢᠭ ᠲᠤ᠌ ᠨᠡᠷ᠎ᠡ ᠭᠠᠷᠤᠭᠰᠠᠨ ᠲᠡᠮᠦᠷ ᠦ᠋ᠨ ᠵᠠᠰᠠᠭᠤᠯ ᠡᠪᠦᠭᠡᠨ ᠵᠣᠭᠰᠣᠭ᠎ᠠ ᠵᠢᠯᠣᠭᠣ ᠦᠭᠡᠢ ᠬᠡᠯᠡᠵᠦ ᠪᠠᠢᠯ᠎ᠠ᠃
ᠭᠣᠣᠯ ᠠᠰᠠᠷ ᠤ᠋ᠨ ᠡᠮᠦᠨ᠎ᠡ ᠡᠴᠡ ᠪᠣᠰᠤᠭᠰᠠᠨ ᠵᠢᠵᠢᠭᠬᠡᠨ ᠬᠤᠢ ᠡᠷᠭᠢᠯᠳᠦᠭᠰᠡᠭᠡᠷ ᠣᠢᠷᠠᠲᠤᠨ ᠢᠷᠡᠬᠦ ᠶ᠋ᠢ ᠨᠢ ᠨᠢᠳᠦᠨ ᠦ᠌ ᠪᠤᠯᠤᠩ ᠢ᠋ᠶ᠋ᠠᠷ ᠠᠵᠢᠵᠤ ᠯᠠᠮᠠ ᠶ᠋ᠢᠨ ᠬᠠᠷᠢᠶᠠᠯ ᠤ᠋ᠨ ᠲᠡᠮᠳᠡᠭ ᠭᠡᠵᠦ ᠢᠲᠡᠭᠡᠭᠰᠡᠨ ᠪᠠᠳᠠᠷᠴᠢ ᠬᠤᠢ ᠶ᠋ᠢ ᠢᠷᠡᠮᠡᠭᠴᠡ ᠠᠳᠬᠤᠵᠤ ᠪᠠᠢᠭᠰᠠᠨ ᠬᠡᠰᠡᠭ ᠰᠢᠷᠣᠢ ᠪᠠᠨ ᠲᠡᠮᠦᠷ ᠦ᠋ᠨ ᠨᠢᠳᠦ ᠤᠷᠤᠭᠤ ᠰᠠᠴᠤᠭᠠᠳ ᠰᠢᠲᠦᠨ ᠣᠷᠣᠵᠤ ᠪᠠᠷᠠᠭᠤᠨ ᠬᠥᠯ ᠳ᠋ᠦ᠍ᠨᠢ ᠳᠠᠷᠬᠠᠨ ᠳᠣᠲᠣᠭᠤᠷ ᠳᠡᠭᠡᠭᠡ ᠪᠡᠨ ᠣᠷᠢᠶᠠᠵᠤ ᠭᠡᠳᠡᠷᠭᠦ ᠨᠢ ᠳᠠᠷᠤᠬᠤ ᠭᠡᠵᠦ ᠪᠦᠬᠦ ᠬᠦᠴᠦ ᠪᠡᠨ ᠵᠡᠭᠦᠨ ᠲᠠᠯ᠎ᠠ ᠳ᠋ᠠᠭᠠᠨ ᠥᠭᠭᠦᠯ᠎ᠡ᠃
ᠵᠡᠭᠦᠨ ᠨᠢᠳᠦᠨ ᠳ᠋ᠦ᠍ᠨᠢ ᠨᠤᠨᠲᠠᠭ ᠰᠢᠷᠣᠢ ᠶ᠋ᠢᠨ ᠰᠢᠷᠬᠡᠭ ᠣᠷᠣᠭᠰᠠᠨ ᠡᠴᠡ ᠥᠷᠥᠭᠡᠰᠦᠨ ᠨᠢᠳᠦ ᠪᠡᠨ ᠠᠨᠢᠭᠰᠠᠨ ᠲᠡᠮᠦᠷ ᠪᠠᠷᠠᠭᠤᠨ ᠭᠠᠷ ᠢ᠋ᠶ᠋ᠠᠷ ᠢ᠋ᠶ᠋ᠠᠨ ᠪᠠᠳᠠᠷᠴᠢ ᠶ᠋ᠢᠨ ᠲᠣᠬᠣᠢ ᠤᠷᠤᠭᠤ ᠬᠦᠴᠦᠲᠡᠢ ᠠᠯᠠᠭᠠᠳᠠᠵᠤ᠂ ᠪᠦᠬᠦ ᠪᠡᠶ᠎ᠡ ᠪᠡᠷ ᠢ᠋ᠶ᠋ᠡᠨ ᠲᠦᠯᠬᠢᠵᠦ ᠣᠷᠬᠢᠭᠰᠠᠨ ᠳ᠋ᠤ᠌ ᠪᠠᠳᠠᠷᠴᠢ ᠶ᠋ᠢᠨ ᠳᠡᠭᠡᠭᠡ ᠣᠷᠢᠶᠠᠭᠰᠠᠨ ᠬᠥᠯ ᠨᠢ ᠮᠠᠭᠢᠷᠠᠯᠳᠤᠭᠰᠠᠨ ᠴᠢᠭ ᠢ᠋ᠶ᠋ᠡᠷ ᠢ᠋ᠶ᠋ᠡᠨ ᠮᠤᠯᠲᠤᠷᠠᠵᠤ ᠰᠢᠷᠭᠤᠴᠢᠨ ᠤᠷᠤᠭᠰᠢ ᠤᠨᠠᠬᠤ ᠳ᠋ᠠᠭᠠᠨ ᠪᠠᠷᠠᠭᠤᠨ ᠭᠠᠷ ᠢ᠋ᠶ᠋ᠠᠷ ᠢ᠋ᠶ᠋ᠠᠨ ᠭᠠᠵᠠᠷ ᠲᠤᠯᠵᠤ ᠠᠪᠤᠯ᠎ᠠ᠃
᠊᠊᠊᠊᠊᠊᠊᠊᠊᠊᠊᠊᠊᠊᠊ ᠪᠥᠭᠰᠡ ᠤᠷᠤᠭᠤ ᠨᠢ ᠠᠯᠠᠭᠠᠳᠠᠭᠠᠳ᠂ ᠪᠠᠷᠠᠭᠤᠨ ᠬᠥᠯ ᠢ᠋ ᠨᠢ ᠲᠣᠷᠭᠣ ᠭᠡᠵᠦ ᠡᠪᠦᠭᠡᠨ ᠵᠠᠰᠠᠭᠤᠯᠴᠢ ᠪᠠᠢᠳᠠᠭ ᠬᠦᠴᠦ ᠪᠡᠷ ᠢ᠋ᠶ᠋ᠡᠨ ᠬᠠᠰᠬᠢᠷᠬᠤ ᠳ᠋ᠤ᠌ ᠲᠡᠮᠦᠷ ᠪᠦᠭᠦᠳᠡ ᠶ᠋ᠢ ᠶᠣᠰᠣᠴᠢᠯᠠᠨ ᠬᠢᠪᠡᠯ ᠪᠠᠳᠠᠷᠴᠢ ᠶ᠋ᠢᠨ ᠤᠷᠲᠤ ᠪᠡᠶ᠎ᠡ ᠲᠦᠷᠦᠭᠦᠦ ᠤᠷᠤᠭᠰᠢ ᠪᠠᠨ ᠬᠠᠷᠠᠨ ᠭᠠᠵᠠᠷ ᠲᠡᠪᠡᠷᠢᠵᠦ ᠭᠤᠯᠳᠤᠢᠪᠠ᠃
ᠨᠠᠭᠠᠳᠤᠮᠴᠢᠨ ᠣᠯᠠᠨ ᠬᠠᠰᠬᠢᠷᠤᠯᠳᠤᠨ ᠪᠠᠶᠠᠷᠯᠠᠯᠳᠤᠵᠤ 《ᠪᠠᠷᠳᠠᠮ ᠠᠮᠠᠲᠤ᠂ ᠰᠢᠷᠣᠢ ᠡᠮᠬᠦᠵᠦ ᠪᠠᠢᠨ᠎ᠠ》᠂ 《ᠪᠤᠯᠢᠭᠠᠴᠢ ᠬᠠᠷ᠎ᠠ ᠪᠠᠷᠮᠠ》᠂ 《ᠥᠭᠡᠳᠡ ᠦᠭᠡᠢ ᠠᠮᠢᠲᠠᠨ᠃ ᠢᠩᠭᠢᠬᠦ ᠯᠡ ᠶᠣᠰᠣᠲᠠᠢ ᠪᠠᠢᠭᠰᠠᠨ》 ᠭᠡᠯᠴᠡᠪᠡ᠃
ᠪᠠᠳᠠᠷᠴᠢ ᠪᠣᠰᠤᠭᠠᠳ ᠲᠡᠮᠦᠷ ᠲᠦ᠍ ᠪᠠᠭᠤᠯᠲᠠ ᠪᠠᠨ ᠥᠭᠬᠦ ᠳ᠋ᠡᠭᠡᠨ ᠳᠣᠲᠣᠷ᠎ᠠ ᠪᠠᠨ 《ᠭᠤᠢᠯᠢᠨᠴᠢᠨ ᠳ᠋ᠤ᠌ ᠭᠦᠶᠦᠵᠦ ᠣᠷᠬᠢᠳᠠᠭ ᠪᠠᠢᠵᠠᠢ᠃ ᠬᠠᠷ᠎ᠠ ᠪᠠᠳᠠᠷᠴᠢᠨ ᠡᠴᠡ ᠪᠣᠯᠵᠤ ᠭᠣᠣᠮᠠᠢ ᠶᠠᠭᠤᠮ᠎ᠠ ᠬᠢᠯ᠎ᠡ》 ᠭᠡᠵᠦ ᠰᠢᠳᠦ ᠵᠠᠭᠤᠨ ᠵᠥᠭᠡᠵᠦ ᠪᠠᠢᠯ᠎ᠠ᠃
ᠡᠨᠡ ᠨᠠᠭᠠᠳᠤᠮ ᠳ᠋ᠤ᠌ ᠲᠡᠮᠦᠷ ᠲᠡᠷᠢᠭᠦᠯᠡᠵᠦ᠂ ᠪᠠᠬ᠎ᠠ ᠨᠢ ᠬᠠᠨᠤᠭᠰᠠᠨ ᠣᠯᠠᠨ ᠪᠠᠳᠠᠷᠴᠢ ᠶ᠋ᠢ ᠢᠯᠡ ᠳᠠᠯᠳᠠ ᠱᠣᠣᠯᠠᠨ ᠢᠨᠢᠶᠡᠯᠳᠦᠪᠡ᠃
ᠡᠭᠦᠨ ᠡᠴᠡ ᠬᠣᠢᠰᠢ ᠲᠡᠮᠦᠷ ᠰᠠᠢᠳ ᠸᠠᠩ ᠤ᠋ᠨ ᠬᠤᠰᠢᠭᠤᠨ ᠤ᠋ ᠣᠯᠠᠨ ᠲᠦᠮᠡᠨ ᠦ᠌ ᠬᠠᠢᠷ᠎ᠠ ᠲᠠᠯᠠᠷᠬᠠᠯ ᠢ᠋ ᠲᠠᠲᠠᠵᠤ ᠬᠦᠨᠳᠦᠲᠡᠢ ᠬᠥᠮᠦᠨ ᠦ᠌ ᠨᠢᠭᠡ ᠪᠣᠯᠵᠠᠢ᠃
