ᠲᠤᠩᠭᠠᠯᠠᠭ ᠲᠠᠮᠢᠷ4-14-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ4-14-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ4-14-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-24

1399

《ᠱᠠᠮᠪᠠᠯ ᠤ᠋ᠨ ᠲᠡᠢᠨ ᠳ᠋ᠦ᠍ ᠣᠷᠣᠯᠴᠠᠬᠤ ᠬᠤᠪᠢ ᠵᠣᠬᠢᠶᠠᠯ ᠦᠭᠡᠢ ᠨᠢᠭᠦᠯᠲᠡᠨ》 - ᠳᠥᠷᠪᠡᠳᠦᠭᠡᠷ ᠪᠦᠯᠦᠭ ᠠᠷᠪᠠᠨ ᠳᠥᠷᠪᠡ

  ᠡᠪᠦᠯ ᠥᠩᠭᠡᠷᠡᠵᠦ ᠬᠠᠪᠤᠷ ᠪᠣᠯᠪᠠ᠃ ᠭᠡᠲᠡᠯ᠎ᠡ ᠨᠢᠭᠡ ᠡᠳᠦᠷ ᠲᠡᠮᠦᠷ ᠦ᠋ᠨ ᠳ᠋ᠦ᠍ ᠳᠥᠷᠪᠡᠨ ᠮᠣᠷᠢ ᠲᠠᠢ ᠬᠥᠮᠦᠨ ᠢᠷᠡᠯ᠎ᠡ᠃ ᠴᠥᠮ ᠬᠠᠨ ᠥᠨᠳᠥᠷ ᠰᠤᠮᠤ ᠶ᠋ᠢᠨ ᠲᠠᠨᠢᠬᠤ ᠬᠥᠮᠦᠰ ᠠᠵᠢ᠃
  ᠊᠊᠊᠊᠊᠊᠊᠊᠊᠊᠊᠊᠊᠊᠊ ᠲᠡᠮᠦᠷ ᠮᠢᠨᠢ᠃ ᠴᠠᠭ ᠵᠢᠪᠡᠭᠦᠨ ᠪᠣᠯᠵᠤ ᠪᠠᠢᠨ᠎ᠠ᠃ ᠵᠠᠭᠤ ᠢᠯᠡᠭᠦᠦ ᠪᠤᠲᠠ ᠲᠠᠢ ᠬᠥᠮᠦᠨ ᠢ᠋ ᠪᠠᠷᠢᠵᠤ ᠠᠪᠤᠭᠠᠳ ᠳᠣᠲᠣᠭᠠᠳᠤ ᠶ᠋ᠢ ᠬᠠᠮᠠᠭᠠᠯᠠᠬᠤ ᠭᠠᠵᠠᠷ ᠤ᠋ᠨ ᠨᠦᠬᠡᠨ ᠳ᠋ᠦ᠍ ᠬᠣᠷᠢᠭᠠᠳ ᠵᠣᠪᠠᠭᠠᠵᠤ ᠵᠣᠪᠠᠭᠠᠵᠤ ᠫᠤᠤᠳᠠᠬᠤ ᠭᠡᠨ᠎ᠡ᠃ ᠵᠠᠷᠢᠮ ᠭᠠᠵᠠᠷ ᠪᠡᠷᠢᠯᠡᠵᠦ ᠡᠬᠢᠯᠡᠬᠦ ᠳ᠋ᠦ᠍ ᠨᠢ ᠲᠡᠮᠡᠴᠡᠯ ᠴᠦ᠍ ᠭᠠᠷᠴᠤ ᠪᠠᠢᠨ᠎ᠠ᠃ ᠷᠠᠰᠢᠶᠠᠨᠲᠤ ᠶ᠋ᠢᠨ ᠬᠦᠷᠢᠶᠡᠨ ᠳᠡᠭᠡᠷ᠎ᠡ ᠸᠴᠢᠷᠪᠠᠲᠤ ᠶ᠋ᠢᠨ ᠶᠠᠮᠤᠨ ᠪᠠᠢᠭᠤᠯᠤᠭᠳᠠᠭᠠᠳ ᠬᠠᠮᠲᠤᠷᠠᠯ ᠤ᠋ᠨ ᠡᠰᠡᠷᠭᠦ ᠪᠠᠢᠯᠳᠤᠬᠤ ᠪᠠᠷ ᠴᠡᠷᠢᠭ ᠡᠷ᠎ᠡ ᠴᠤᠭᠯᠠᠭᠤᠯᠵᠤ ᠪᠠᠢᠭ᠎ᠠ ᠭᠡᠨ᠎ᠡ᠃ ᠲᠡᠭᠦᠨ ᠦ᠌ ᠨᠢᠭᠡ ᠤᠳᠤᠷᠢᠳᠤᠭᠴᠢ ᠨᠢ ᠵᠠᠮᠪᠠᠯ ᠭᠡᠳᠡᠭ ᠠᠷᠠᠳ ᠤ᠋ᠨ ᠴᠡᠷᠢᠭ ᠦ᠋ᠨ ᠳᠠᠷᠤᠭ᠎ᠠ ᠪᠠᠢᠭᠰᠠᠨ ᠬᠥᠮᠦᠨ ᠪᠣᠯᠵᠠᠢ᠃ ᠪᠢᠳᠡ ᠪᠠᠷᠢᠭᠳᠠᠵᠤ ᠮᠠᠭᠤ ᠪᠠᠨ ᠦᠵᠡᠬᠦ ᠶ᠋ᠢᠨ ᠡᠮᠦᠨ᠎ᠡ ᠤᠷᠠᠯᠴᠠᠶ᠎ᠠ ᠭᠡᠵᠦ ᠰᠢᠢᠳᠦᠭᠡᠳ ᠸᠴᠢᠷᠪᠠᠲᠤ ᠶ᠋ᠢᠨ ᠶᠠᠮᠤᠨ ᠤᠷᠤᠭᠤ ᠶᠠᠪᠤᠵᠤ ᠪᠠᠢᠨ᠎ᠠ᠃ ᠴᠢ ᠴᠦ᠍ ᠠᠮᠢᠳᠤ ᠳᠡᠭᠡᠷ᠎ᠡ ᠪᠡᠨ ᠶᠠᠪᠤᠪᠠᠯ ᠳᠡᠭᠡᠷ᠎ᠡ ᠭᠡᠵᠦ ᠨᠢᠭᠡ ᠨᠢ ᠬᠡᠯᠡᠪᠡ᠃
  ᠊᠊᠊᠊᠊᠊᠊᠊᠊᠊᠊᠊᠊᠊᠊ ᠠᠭᠤᠯᠠ ᠦᠵᠡᠭᠡ ᠦᠭᠡᠢ ᠬᠣᠷᠮᠣᠢ ᠰᠢᠭᠤᠵᠤ᠂ ᠤᠰᠤ ᠦᠵᠡᠭᠡ ᠦᠭᠡᠢ ᠭᠤᠲᠤᠯ ᠲᠠᠢᠯᠬᠤ ᠭᠡᠭᠴᠢ ᠪᠡᠷ ᠤᠴᠢᠷ ᠢ᠋ ᠨᠢ ᠮᠡᠳᠡᠭᠡ ᠦᠭᠡᠢ ᠪᠠᠢᠵᠤ ᠶᠠᠭᠤ ᠭᠡᠵᠦ ᠣᠴᠢᠬᠤ ᠶᠤᠮ ᠪᠢᠯᠡ ᠭᠡᠵᠦ ᠲᠡᠮᠦᠷ ᠪᠣᠳᠣᠯᠬᠢᠯᠠᠨ ᠬᠡᠯᠡᠪᠡ᠃
  ᠊᠊᠊᠊᠊᠊᠊᠊᠊᠊᠊᠊᠊᠊᠊ ᠤᠴᠢᠷ ᠢ᠋ ᠨᠢ ᠣᠯᠬᠤ ᠭᠡᠭᠰᠡᠭᠡᠷ ᠪᠠᠢᠲᠠᠯ᠎ᠠ ᠨᠢᠭᠡ ᠰᠥᠨᠢ ᠯᠡ ᠪᠠᠷᠢᠭᠳᠠᠨ᠎ᠠ᠃ ᠶᠠᠪᠤᠵᠤ ᠦᠵᠡᠶ᠎ᠡ᠃ ᠲᠡᠮᠦᠷ ᠮᠢᠨᠢ᠃
  ᠢᠩᠭᠢᠵᠦ ᠪᠠᠬᠠᠨ ᠶᠠᠷᠢᠯᠴᠠᠭᠰᠠᠭᠠᠷ ᠲᠡᠮᠦᠷ ᠶᠠᠪᠤᠬᠤ ᠪᠣᠯᠵᠤ ᠰᠢᠯᠢᠳᠡᠭ ᠮᠣᠷᠢ ᠪᠠᠨ ᠪᠠᠷᠢᠵᠤ ᠢᠷᠡᠯ᠎ᠡ᠃
  ᠡᠨᠡ ᠬᠠᠮᠲᠤᠷᠠᠯ ᠪᠠᠢᠭᠤᠯᠬᠤ ᠪᠤᠷᠤᠭᠤ ᠨᠢ ᠪᠤᠷᠤᠭᠤ ᠪᠣᠯᠤᠭᠰᠠᠨ ᠭᠡᠳᠡᠭ ᠨᠢ ᠲᠡᠮᠦᠷ ᠲᠦ᠍ ᠲᠣᠳᠣᠷᠬᠠᠢ ᠪᠠᠢᠯ᠎ᠠ᠃ ᠡᠭᠦᠨ ᠢ᠋ ᠤᠰᠠᠳᠬᠠᠬᠤ ᠦᠭᠡᠢ ᠪᠡᠷ ᠡᠨᠡ ᠤᠯᠤᠰ ᠣᠯᠠᠨ ᠬᠥᠭᠵᠢᠵᠦ ᠴᠢᠳᠠᠬᠤ ᠦᠭᠡᠢ᠃ ᠮᠠᠯ ᠬᠥᠷᠥᠩᠭᠡ ᠴᠦ᠍ ᠰᠦᠢᠳᠬᠦ ᠪᠣᠯᠵᠤ ᠪᠠᠢᠨ᠎ᠠ᠃ ᠡᠨᠡ ᠤᠴᠢᠷ ᠡᠴᠡ ᠲᠡᠨᠳᠡ ᠶᠠᠭᠤ ᠪᠣᠯᠵᠤ ᠪᠠᠢᠭ᠎ᠠ ᠶ᠋ᠢ ᠦᠵᠡᠶ᠎ᠡ ᠭᠡᠵᠦ ᠲᠡᠮᠦᠷ ᠪᠣᠳᠣᠭᠰᠠᠨ ᠡᠴᠡ ᠶᠠᠪᠤᠬᠤ ᠪᠣᠯᠵᠠᠢ᠃
  ᠊᠊᠊᠊᠊᠊᠊᠊᠊᠊᠊᠊᠊᠊᠊ ᠵᠠ ᠡᠬᠡᠨᠡᠷ ᠮᠢᠨᠢ᠃ ᠪᠢ ᠣᠴᠢᠵᠤ ᠦᠵᠡᠭᠡᠳ ᠢᠷᠡᠶ᠎ᠡ ᠭᠡᠵᠦ ᠲᠡᠮᠦᠷ ᠢ᠋ ᠮᠣᠷᠳᠠᠬᠤ ᠳ᠋ᠤ᠌ ᠳᠤᠯᠮ᠎ᠠ 《ᠡᠪᠦᠭᠡᠨ ᠮᠢᠨᠢ ᠬᠢᠨᠠᠮᠵᠢᠲᠠᠢ ᠶᠠᠪᠤᠭᠠᠷᠠᠢ》 ᠭᠡᠵᠦ ᠬᠡᠯᠡᠭᠡᠳ ᠬᠣᠢᠨ᠎ᠠ ᠡᠴᠡ ᠨᠢ ᠲᠠᠬᠢᠯ ᠡᠷᠭᠦᠵᠡᠢ᠃
  ᠭᠤᠷᠪᠠᠨ ᠡᠳᠦᠷ ᠶᠠᠪᠤᠭᠠᠳ ᠳᠥᠷᠪᠡᠳᠡᠬᠢ ᠡᠳᠦᠷ ᠦ᠋ᠨ ᠢ᠋ᠶ᠋ᠡᠨ ᠥᠷᠯᠥᠭᠡ ᠷᠠᠰᠢᠶᠠᠨᠲᠤ ᠶ᠋ᠢᠨ ᠬᠦᠷᠢᠶᠡᠨ ᠳᠡᠭᠡᠷ᠎ᠡ ᠣᠴᠢᠪᠠ᠃ ᠣᠯᠳᠠᠭᠰᠠᠨ ᠶᠠᠭᠤᠮ᠎ᠠ ᠪᠠᠷ ᠢ᠋ᠶ᠋ᠠᠨ ᠵᠡᠪᠰᠡᠭᠯᠡᠭᠰᠡᠨ ᠬᠡᠳᠦᠨ ᠵᠠᠭᠤᠨ ᠬᠥᠮᠦᠨ ᠪᠤᠵᠢᠭᠢᠨᠠᠨ ᠰᠦᠯᠵᠢᠯᠳᠦᠵᠦ ᠪᠦᠷᠢᠶ᠎ᠡ ᠪᠢᠰᠬᠢᠭᠦᠷ ᠬᠠᠩᠭᠢᠨᠠᠵᠤ ᠶᠡᠬᠡ ᠯᠡ ᠬᠥᠯ ᠦᠢᠮᠡᠭᠡᠨ ᠲᠡᠢ ᠠᠵᠢ᠃ ᠬᠥᠮᠦᠨ ᠪᠦᠷᠢ ᠶ᠋ᠢᠨ ᠬᠦᠵᠦᠭᠦᠨ ᠡᠴᠡ ᠡᠯᠳᠡᠪ ᠥᠩᠭᠡ ᠶ᠋ᠢᠨ ᠵᠠᠩᠭᠢᠶ᠎ᠠ ᠬᠠᠳᠠᠭ ᠵᠡᠭᠦᠭᠰᠡᠨ ᠬᠠᠷᠠᠭᠳᠠᠨ᠎ᠠ᠃
  ᠲᠡᠮᠦᠷ ᠣᠯᠠᠨ ᠤ᠋ ᠳᠤᠮᠳᠠ ᠣᠷᠣᠨ ᠪᠠᠢᠳᠠᠯ ᠢ᠋ ᠠᠵᠢᠭᠯᠠᠨ ᠶᠠᠪᠤᠯ᠎ᠠ᠃ ᠬᠥᠮᠦᠰ ᠦ᠋ᠨ ᠶᠠᠷᠢᠶᠠᠨ ᠤ᠋ ᠶᠡᠬᠡᠩᠬᠢ ᠨᠢ ᠬᠠᠮᠲᠤᠷᠠᠯ ᠢ᠋ ᠤᠰᠠᠳᠬᠠᠬᠤ ᠤᠯᠠᠭᠠᠨ ᠮᠤᠬᠤᠷ ᠲᠣᠯᠣᠭᠠᠢᠲᠠᠨ ᠬᠠᠯᠢᠮᠠᠭ ᠦᠰᠦᠳᠡᠨ ᠢ᠋ ᠳᠠᠷᠤᠬᠤ ᠲᠤᠬᠠᠢ ᠪᠠᠢᠪᠠ᠃
  ᠊᠊᠊᠊᠊᠊᠊᠊᠊᠊᠊᠊᠊᠊᠊ ᠰᠢᠨ᠎ᠡ ᠢᠷᠡᠭᠰᠡᠨ ᠤᠯᠤᠰ ᠴᠣᠭᠴᠢᠨ ᠳᠤᠭᠠᠩ ᠤ᠋ᠨ ᠡᠮᠦᠨ᠎ᠡ ᠴᠤᠭᠯᠠᠭᠠᠷᠠᠢ᠃ ᠱᠠᠮᠪᠠᠯ ᠤ᠋ᠨ ᠲᠡᠢᠨ ᠳ᠋ᠦ᠍ ᠮᠣᠷᠳᠠᠬᠤ ᠲᠠᠩᠭᠠᠷᠢᠭ ᠡᠷᠭᠦᠨ᠎ᠡ ᠭᠡᠵᠦ ᠬᠡᠳᠦ ᠬᠡᠳᠦᠨ ᠬᠥᠮᠦᠨ ᠥᠨᠳᠥᠷ ᠳᠠᠭᠤ ᠪᠠᠷ ᠵᠠᠷᠯᠠᠵᠤ ᠪᠠᠢᠭ᠎ᠠ ᠶ᠋ᠢ ᠰᠣᠨᠣᠰᠤᠭᠠᠳ ᠲᠡᠮᠦᠷ ᠬᠠᠮᠲᠤ ᠢᠷᠡᠭᠴᠢᠳ ᠦ᠋ᠨ ᠬᠠᠮᠲᠤ ᠣᠴᠢᠪᠠ᠃
  ᠣᠴᠢᠭᠰᠠᠨ ᠬᠥᠮᠦᠰ ᠢ᠋ ᠮᠣᠷᠢᠳ ᠡᠴᠡ ᠪᠠᠭᠤᠯᠭᠠᠨ ᠭᠠᠵᠠᠷ ᠰᠠᠭᠤᠯᠭᠠᠪᠠ᠃ ᠲᠡᠮᠦᠷ ᠤᠷᠲᠤ ᠡᠩᠨᠡᠭᠡᠨ ᠳ᠋ᠦ᠍ ᠲᠠᠪᠠᠲᠠᠢ ᠭᠡᠭᠴᠢ ᠨᠢ ᠵᠠᠪᠢᠯᠠᠨ ᠰᠠᠭᠤᠪᠠ᠃ ᠴᠣᠭᠴᠢᠨ ᠳᠤᠭᠠᠩ ᠤ᠋ᠨ ᠡᠭᠦᠳᠡ ᠠᠯᠭᠤᠷ ᠨᠡᠭᠡᠭᠡᠭᠳᠡᠵᠦ ᠪᠠᠷᠰ ᠤ᠋ᠨ ᠰᠡᠭᠦᠯ ᠪᠠᠷᠢᠭᠰᠠᠨ ᠬᠡᠳᠦᠨ ᠯᠠᠮᠠ ᠭᠠᠷᠴᠤ ᠢᠷᠡᠭᠡᠳ ᠬᠣᠶᠠᠷ ᠲᠠᠯ᠎ᠠ ᠪᠠᠷ ᠵᠡᠷᠭᠡᠯᠡᠨ ᠵᠣᠭᠰᠣᠪᠠ᠃
  ᠭᠢᠶᠠᠵᠠᠳᠠᠢ ᠤᠯᠠᠭᠠᠨ ᠲᠣᠷᠭᠠᠨ ᠳᠡᠪᠡᠯ ᠡᠮᠦᠰᠴᠦ ᠬᠠᠳᠠᠭ ᠶᠡᠨᠳᠡᠷ ᠪᠣᠯᠤᠭᠰᠠᠨ ᠰᠸᠯᠠᠢ᠌ᠳᠠᠢ ᠫᠤᠤ ᠪᠠᠷᠠᠭᠤᠨ ᠲᠠᠰᠢᠶᠠᠨ ᠳ᠋ᠠᠭᠠᠨ ᠵᠡᠭᠦᠭᠰᠡᠨ ᠯᠠᠮᠠ ᠭᠠᠷᠴᠤ ᠢᠷᠡᠯ᠎ᠡ᠃ ᠬᠠᠷᠠᠪᠠᠯ ᠬᠡᠳᠦᠬᠡᠨ ᠰᠠᠷ᠎ᠠ ᠶ᠋ᠢᠨ ᠡᠮᠦᠨ᠎ᠡ ᠬᠠᠯᠢᠮᠠᠭ ᠦᠰᠦᠲᠡᠢ ᠬᠠᠷ᠎ᠠ ᠬᠥᠮᠦᠨ ᠪᠠᠢᠭᠰᠠᠨ ᠢ᠋ᠶ᠋ᠠᠷ ᠪᠠᠷᠠᠬᠤ ᠦᠭᠡᠢ᠂ ᠬᠠᠮᠲᠤᠷᠠᠯ ᠤ᠋ᠨ ᠢᠳᠡᠪᠬᠢᠲᠡᠨ ᠭᠡᠰᠢᠭᠦᠨ ᠪᠠᠢᠭᠰᠠᠨ ᠴᠡᠮᠪᠡ ᠠᠵᠢ᠃ ᠲᠡᠭᠦᠨ ᠦ᠌ ᠳᠠᠷᠠᠭ᠎ᠠ ᠬᠥᠬᠡ ᠲᠣᠷᠭᠠᠨ ᠳᠡᠪᠡᠯ ᠳᠡᠭᠡᠷ᠎ᠡ ᠨᠣᠭᠣᠭᠠᠨ ᠪᠦᠰᠡ ᠪᠦᠰᠡᠯᠡᠭᠡᠳ ᠪᠠᠷᠠᠭᠤᠨ ᠲᠠᠰᠢᠶᠠᠨ ᠳ᠋ᠠᠭᠠᠨ ᠰᠸᠯᠠᠢ᠌ᠳᠠᠢ ᠫᠤᠤ᠂ ᠵᠡᠭᠦᠨ ᠲᠠᠰᠢᠶᠠᠨ ᠳ᠋ᠠᠭᠠᠨ ᠬᠠᠳᠠᠭ ᠶᠡᠨᠳᠡᠷ ᠪᠣᠯᠤᠭᠰᠠᠨ ᠤᠷᠲᠤ ᠰᠡᠯᠡᠮ᠎ᠡ ᠵᠡᠭᠦᠭᠰᠡᠨ ᠲᠦᠭᠵᠢᠯ ᠭᠠᠷᠴᠤ ᠢᠷᠡᠯ᠎ᠡ᠃
  ᠊᠊᠊᠊᠊᠊᠊᠊᠊᠊᠊᠊᠊᠊᠊ ᠱᠠᠮᠪᠠᠯ ᠤ᠋ᠨ ᠲᠡᠢᠨ ᠳ᠋ᠦ᠍ ᠮᠣᠷᠳᠠᠬᠤ ᠭᠡᠵᠦ ᠪᠠᠢᠭ᠎ᠠ ᠣᠯᠠᠨ ᠱᠠᠪᠢ ᠨᠠᠷ ᠠ᠋! ᠡᠨᠡ ᠪᠣᠯ ᠬᠠᠯᠬ᠎ᠠ ᠶ᠋ᠢᠨ ᠬᠠᠶᠠᠭ᠎ᠠ ᠪᠤᠶᠠᠨ ᠢ᠋ᠶ᠋ᠠᠷ ᠲᠣᠳᠣᠷᠠᠨ ᠭᠠᠷᠤᠭᠰᠠᠨ ᠴᠡᠮᠪᠡ ᠭᠡᠭᠴᠢ ᠬᠤᠪᠢᠯᠭᠠᠨ ᠪᠢᠯᠡ᠃ ᠲᠠ ᠪᠦᠬᠦᠨ ᠴᠥᠮ ᠱᠠᠪᠢ ᠣᠷᠣᠵᠤ᠂ ᠲᠠᠷᠨᠢᠳᠠᠭᠰᠠᠨ ᠵᠠᠩᠭᠢᠶ᠎ᠠ ᠶ᠋ᠢ ᠨᠢ ᠬᠦᠵᠦᠭᠦᠨ ᠳ᠋ᠡᠭᠡᠨ ᠵᠡᠭᠦᠪᠡᠯ ᠤᠯᠠᠭᠠᠨ ᠤ᠋ ᠰᠤᠮᠤᠨ ᠳ᠋ᠤ᠌ ᠣᠭᠲᠣ ᠳᠠᠭᠠᠭᠠᠭᠳᠠᠬᠤ ᠦᠭᠡᠢ ᠭᠡᠵᠦ ᠨᠢᠭᠡ ᠯᠠᠮᠠ ᠬᠡᠯᠡᠭᠡᠳ ᠵᠠᠮᠪᠠᠯ ᠤᠷᠤᠭᠤ ᠡᠷᠭᠢᠵᠦ ᠡᠨᠡ ᠪᠣᠯ ᠤᠯᠠᠭᠠᠨᠲᠠᠨ ᠢ᠋ ᠳᠠᠷᠤᠬᠤ ᠠᠷᠢᠭᠤᠨ ᠲᠡᠢᠨ ᠢ᠋ ᠤᠳᠤᠷᠢᠳᠬᠤ ᠪᠠᠷ ᠵᠠᠶᠠᠭᠠᠭᠳᠠᠨ ᠲᠣᠳᠣᠷᠠᠭᠰᠠᠨ ᠶᠡᠬᠡ ᠵᠠᠩᠵᠤᠨ ᠲᠥᠷᠥ ᠶ᠋ᠢᠨ ᠪᠠᠭᠠᠨ᠎ᠠ ᠵᠠᠮᠪᠠᠯ᠃ ᠤᠯᠠᠭᠠᠨ ᠢ᠋ ᠳᠠᠷᠤᠬᠤ ᠲᠡᠢᠨ ᠢ᠋ ᠳᠠᠭᠤᠰᠬᠠᠵᠤ᠂ ᠲᠥᠷᠥ ᠲᠦᠪᠰᠢᠨ ᠪᠣᠯᠲᠠᠯ᠎ᠠ ᠦᠬᠦᠰᠢ ᠦᠭᠡᠢ ᠮᠥᠩᠬᠡ ᠶ᠋ᠢᠨ ᠬᠤᠲᠤᠭ ᠣᠯᠤᠭᠰᠠᠨ ᠬᠥᠮᠦᠨ ᠭᠡᠳ ᠶᠡᠬᠡᠮᠰᠦᠭ ᠢ᠋ᠶ᠋ᠡᠷ ᠬᠣᠭᠣᠯᠠᠢ ᠪᠠᠨ ᠵᠠᠰᠠᠵᠤ᠂ ᠲᠦᠭᠵᠢᠯ ᠢ᠋ ᠵᠢᠭᠠᠨ ᠡᠨᠡ ᠪᠣᠯ ᠰᠢᠷ᠎ᠠ ᠴᠡᠷᠢᠭ ᠦ᠋ᠨ ᠡᠮᠦᠨ᠎ᠡ ᠶ᠋ᠢ ᠨᠡᠭᠡᠭᠡᠭᠴᠢ᠂ ᠪᠠᠷᠰ ᠤ᠋ᠨ ᠬᠦᠴᠦᠲᠦ ᠶᠠᠮᠠᠷ ᠴᠤ᠌ ᠰᠤᠮᠤᠨ ᠳ᠋ᠤ᠌ ᠦᠯᠦ ᠠᠪᠲᠠᠭᠳᠠᠭᠴᠢ ᠬᠤᠪᠢᠯᠭᠠᠨ ᠵᠠᠩᠵᠤᠨ ᠲᠦᠭᠵᠢᠯ ᠭᠡᠯ᠎ᠡ᠃
  ᠲᠡᠮᠦᠷ ᠲᠣᠭᠣᠮᠵᠢᠷ ᠦᠭᠡᠢ ᠬᠦᠢᠲᠡᠨ ᠢᠨᠢᠶᠡᠮᠰᠦᠭᠯᠡᠭᠰᠡᠨ ᠢ᠋ᠶ᠋ᠡᠨ ᠪᠣᠰᠴᠤ ᠰᠢᠭᠤᠳ ᠶᠠᠪᠤᠭᠰᠠᠭᠠᠷ ᠴᠣᠭᠴᠢᠨ ᠳᠤᠭᠠᠩ ᠤ᠋ᠨ ᠳᠣᠪᠵᠢᠶᠠᠨ ᠳᠡᠭᠡᠷ᠎ᠡ ᠭᠠᠷᠬᠤ ᠳ᠋ᠤ᠌ ᠬᠡᠨ ᠢᠷᠡᠵᠦ ᠪᠠᠢᠭ᠎ᠠ ᠶ᠋ᠢ ᠲᠠᠨᠢᠭᠰᠠᠨ ᠲᠦᠭᠵᠢᠯ ᠣᠮ ᠬᠣᠮ ᠦᠭᠡᠢ ᠳᠤᠭᠠᠩ ᠤᠷᠤᠭᠤ ᠵᠢᠭᠤᠲᠠᠨ ᠣᠷᠣᠯ᠎ᠠ᠃
  ᠲᠡᠮᠦᠷ ᠴᠤᠭᠯᠠᠷᠠᠭᠰᠠᠨ ᠣᠯᠠᠨ ᠢ᠋ ᠲᠠᠢᠪᠤᠩ ᠢ᠋ᠶ᠋ᠠᠷ ᠲᠣᠭᠣᠷᠢᠭᠤᠯᠤᠨ ᠬᠠᠷᠠᠭᠰᠠᠨ ᠢ᠋ᠶ᠋ᠠᠨ
  ᠊᠊᠊᠊᠊᠊᠊᠊᠊᠊᠊᠊᠊᠊᠊ ᠡᠨᠡ ᠵᠠᠯᠢᠲᠠᠢ ᠡᠲᠡᠭᠡᠳ ᠦ᠋ᠳ ᠲᠠ ᠨᠠᠷ ᠢ᠋ ᠮᠡᠬᠡᠯᠡᠵᠦ ᠪᠠᠢᠨ᠎ᠠ᠃ ᠡᠳᠡ ᠨᠠᠷ ᠥᠭᠡᠳᠡ ᠲᠡᠢ ᠶᠠᠭᠤᠮ᠎ᠠ ᠬᠢᠬᠦ ᠦᠭᠡᠢ᠃ ᠰᠠᠶᠢ ᠶ᠋ᠢᠨ ᠳᠤᠭᠠᠩ ᠤᠷᠤᠭᠤ ᠵᠢᠭᠤᠲᠠᠨ ᠣᠷᠣᠳᠠᠭ ᠲᠦᠭᠵᠢᠯ ᠢ᠋ ᠬᠤᠪᠢᠯᠭᠠᠨ ᠵᠠᠩᠵᠤᠨ ᠭᠡᠵᠦ ᠪᠠᠢᠨ᠎ᠠ᠃ ᠦᠨᠡᠨ ᠳ᠋ᠡᠭᠡᠨ ᠪᠣᠯ ᠬᠡᠳᠦᠨ ᠮᠣᠷᠢᠨ ᠤ᠋ ᠲᠥᠯᠥᠭᠡ᠂ ᠬᠠᠮᠲᠤ ᠶᠠᠪᠤᠭᠰᠠᠨ ᠨᠥᠬᠥᠷ ᠢ᠋ᠶ᠋ᠡᠨ ᠬᠢᠲᠤᠭᠠᠯᠠᠵᠤ ᠪᠠᠢᠭᠰᠠᠨ ᠬᠤᠯᠠᠭᠠᠢᠴᠢ ᠰᠢᠦ ᠳᠡ᠃ ᠴᠡᠮᠪᠡ ᠴᠢᠨᠢ ᠰᠠᠶᠢᠬᠠᠨ ᠬᠠᠮᠲᠤᠷᠠᠯ ᠤ᠋ᠨ ᠢᠳᠡᠪᠬᠢᠲᠡᠨ ᠭᠡᠳ ᠬᠠᠮᠲᠤᠷᠠᠯ ᠤ᠋ᠨ ᠪᠤᠬ᠎ᠠ ᠶ᠋ᠢ ᠮᠥᠷᠭᠥᠭᠰᠡᠨ ᠡᠰᠡᠷᠭᠦᠦ ᠪᠤᠬ᠎ᠠ ᠭᠡᠵᠦ ᠮᠢᠨᠦ ᠪᠤᠬ᠎ᠠ ᠶ᠋ᠢ ᠫᠤᠤᠳᠠᠵᠤ ᠠᠯᠠᠵᠤ ᠪᠠᠢᠭᠰᠠᠨ ᠪᠢᠰᠢ ᠪᠢᠯᠡ ᠤᠤ? ᠥᠨᠥᠳᠥᠷ ᠲᠠ ᠨᠠᠷ ᠪᠡᠶ᠎ᠡ ᠪᠡᠶ᠎ᠡ ᠪᠡᠨ ᠬᠤᠪᠢᠯᠭᠠᠨ ᠡᠷᠭᠦᠮᠵᠢᠯᠡᠨ ᠣᠯᠠᠨ ᠢ᠋ ᠮᠡᠬᠡᠯᠡᠵᠦ ᠪᠠᠢᠨ᠎ᠠ ᠭᠡᠯ᠎ᠡ᠃
  ᠊᠊᠊᠊᠊᠊᠊᠊᠊᠊᠊᠊᠊᠊᠊ ᠣᠯᠠᠨ ᠱᠠᠪᠢ ᠨᠠᠷ ᠠ᠋᠃ ᠡᠨᠡ ᠪᠣᠯ ᠤᠯᠠᠭᠠᠨ ᠤ᠋ ᠨᠣᠬᠠᠢ ᠪᠠᠢᠨ᠎ᠠ᠃ ᠡᠭᠦᠨ ᠦ᠌ ᠦᠭᠡ ᠶ᠋ᠢ ᠪᠢᠲᠡᠭᠡᠢ ᠰᠣᠨᠣᠰ ᠭᠡᠵᠦ ᠴᠡᠮᠪᠡ ᠬᠣᠭᠣᠯᠠᠢ ᠪᠠᠨ ᠴᠢᠭᠢᠷᠠᠭᠤᠯᠤᠨ ᠬᠠᠰᠬᠢᠷᠪᠠ᠃
  ᠊᠊᠊᠊᠊᠊᠊᠊᠊᠊᠊᠊᠊᠊᠊ ᠴᠢᠮᠠᠲᠤ ᠦᠨᠡᠨ ᠦᠭᠡ ᠠᠶ᠎ᠠ ᠦᠭᠡᠢ ᠪᠠᠢᠨ᠎ᠠ ᠤᠤ? ᠲᠡᠢᠮᠦ ᠪᠠᠢᠬᠤ ᠶᠣᠰᠣᠲᠠᠢ᠃ ᠲᠠ ᠨᠠᠷ ᠪᠣᠯ ᠬᠤᠳᠠᠯᠴᠢ ᠯᠤᠢᠪᠠᠷᠴᠢᠨ ᠨᠤᠭᠤᠳ᠃ ᠣᠯᠠᠨ ᠲᠦᠮᠡᠨ ᠮᠢᠨᠢ ᠡᠳᠡ ᠵᠠᠰᠠᠭ ᠲᠥᠷᠥ ᠲᠡᠢ ᠴᠢᠨᠢ ᠳᠡᠮᠡᠴᠡᠯᠳᠦᠭᠦᠯᠤᠨ ᠠᠮᠢ ᠶ᠋ᠢ ᠴᠢᠨᠢ ᠰᠦᠢᠳᠬᠡᠬᠦ ᠭᠡᠵᠦ ᠪᠠᠢᠨ᠎ᠠ᠃ ᠠᠯᠢ ᠪᠣᠢ ᠴᠢ ᠲᠡᠢᠮᠦ ᠰᠦᠷᠡᠬᠡᠢ ᠬᠤᠪᠢᠯᠭᠠᠨ ᠶᠤᠮ ᠪᠣᠯ ᠵᠡᠭᠦᠵᠦ ᠪᠠᠢᠭ᠎ᠠ ᠫᠤᠤ ᠪᠠᠨ ᠨᠠᠳᠠ ᠳ᠋ᠤ᠌ ᠠᠯᠢ᠃ ᠪᠢ ᠫᠤᠤᠳᠠᠶ᠎ᠠ᠃ ᠲᠡᠭᠡᠭᠡᠳ ᠴᠢ ᠦᠬᠦᠬᠦ ᠦᠭᠡᠢ ᠶᠤᠮ ᠪᠣᠯ ᠪᠢᠳᠡ ᠦᠨᠡᠮᠰᠢᠶ᠎ᠡ᠃ ᠴᠢᠨᠦ ᠬᠡᠯᠡᠭᠰᠡᠨ ᠪᠦᠬᠦᠨ ᠢ᠋ ᠳᠠᠭᠠᠶ᠎ᠠ᠃
  ᠊᠊᠊᠊᠊᠊᠊᠊᠊᠊᠊᠊᠊᠊᠊ ᠣᠯᠠᠨ ᠲᠦᠮᠡᠨ ᠱᠠᠪᠢ ᠨᠠᠷ ᠠ᠋᠃ ᠡᠭᠦᠨ ᠢ᠋ ᠪᠡᠷᠢ ᠭᠡᠵᠦ ᠴᠡᠮᠪᠡ ᠳᠡᠷᠭᠡᠳᠡ ᠪᠡᠨ ᠵᠣᠭᠰᠣᠵᠤ ᠪᠠᠢᠭ᠎ᠠ ᠬᠡᠳᠦᠨ ᠯᠠᠮᠠ ᠨᠠᠷ ᠲᠤ᠌ ᠳᠣᠬᠢᠶ᠎ᠠ ᠥᠭᠪᠡ᠃ ᠲᠠᠪᠤ ᠵᠢᠷᠭᠤᠭᠠᠨ ᠯᠠᠮᠠ ᠲᠡᠮᠦᠷ ᠤᠷᠤᠭᠤ ᠳᠠᠭᠠᠷᠢᠨ ᠢᠷᠡᠬᠦ ᠳ᠋ᠦ᠍ ᠵᠠᠷᠢᠮ ᠢ᠋ ᠨᠢ ᠢᠰᠬᠦᠯᠦᠨ ᠵᠠᠷᠢᠮ ᠢ᠋ ᠴᠣᠬᠢᠵᠤ ᠤᠨᠠᠭᠠᠪᠠ᠃ ᠭᠡᠲᠡᠯ᠎ᠡ ᠠᠷᠤ ᠡᠴᠡ ᠨᠢ ᠬᠦᠨᠳᠦ ᠶᠠᠭᠤᠮ᠎ᠠ ᠪᠠᠷ ᠮᠥᠷᠥ ᠤᠷᠤᠭᠤ ᠨᠢ ᠬᠦᠴᠦᠲᠡᠢ ᠴᠣᠬᠢᠪᠠ᠃ ᠡᠷᠭᠢᠵᠦ ᠬᠠᠷᠠᠪᠠᠯ ᠵᠠᠮᠪᠠᠯ ᠲᠣᠮᠣ ᠮᠤᠨᠠ ᠭᠠᠵᠠᠷ ᠰᠢᠳᠡᠭᠡᠳ ᠵᠢᠭᠤᠲᠠᠪᠠ᠃ ᠬᠥᠮᠦᠰ ᠲᠡᠢ ᠵᠣᠳᠣᠯᠳᠤᠵᠤ ᠪᠠᠢᠭ᠎ᠠ ᠶ᠋ᠢ ᠨᠢ ᠳᠠᠯᠢᠮᠳᠠᠭᠤᠯᠤᠨ ᠲᠣᠮᠣ ᠮᠤᠨᠠ ᠪᠠᠷ ᠲᠡᠮᠦᠷ ᠦ᠋ᠨ ᠲᠣᠯᠣᠭᠠᠢ ᠶ᠋ᠢ ᠬᠠᠭ᠎ᠠ ᠴᠣᠬᠢᠶ᠎ᠠ ᠭᠡᠰᠡᠨ ᠨᠢ ᠠᠯᠳᠠᠵᠤ ᠮᠥᠷᠦᠨ ᠳᠡᠭᠡᠷ᠎ᠡ ᠨᠢ ᠪᠠᠭᠤᠵᠠᠢ᠃
  ᠲᠡᠮᠦᠷ ᠤᠬᠤᠰᠬᠢᠨ ᠵᠠᠮᠪᠠᠯ ᠢ᠋ ᠪᠠᠷᠢᠵᠤ ᠠᠪᠤᠭᠠᠳ ᠲᠣᠯᠣᠭᠠᠢ ᠳᠡᠭᠡᠷ᠎ᠡ ᠪᠡᠨ ᠡᠷᠭᠦᠵᠦ 《ᠴᠢ ᠦᠬᠦᠳᠡᠭ ᠦᠭᠡᠢ ᠮᠥᠩᠬᠡ ᠶ᠋ᠢᠨ ᠬᠤᠲᠤᠭ ᠣᠯᠤᠭᠰᠠᠨ ᠬᠥᠮᠦᠨ ᠪᠢᠯᠡ ᠤᠤ? ᠴᠢᠮᠠᠶ᠋ᠢ ᠠᠷᠠᠳ ᠤ᠋ᠨ ᠵᠠᠰᠠᠭ ᠬᠥᠮᠦᠨ ᠭᠡᠵᠦ ᠪᠠᠢᠬᠤ ᠳ᠋ᠤ᠌ ᠴᠢ ᠢᠩᠭᠢᠵᠦ ᠶᠠᠪᠤᠭ᠎ᠠ ᠭᠡᠨ᠎ᠡ》 ᠭᠡᠳ ᠦᠯᠡᠮᠵᠢ ᠶᠡᠬᠡ ᠬᠦᠴᠦ ᠪᠡᠷ ᠴᠢᠯᠠᠭᠤᠨ ᠱᠠᠯᠠᠨ ᠳᠡᠭᠡᠷ᠎ᠡ ᠬᠠᠶᠠᠭᠰᠠᠨ ᠳ᠋ᠤ᠌ 《ᠭᠡᠭ》 ᠭᠡᠰᠡᠨ ᠪᠢᠲᠡᠭᠦᠦ ᠳᠠᠭᠤ ᠭᠠᠷᠤᠭᠠᠳ ᠬᠠᠮᠠᠷ ᠠᠮᠠᠨ ᠡᠴᠡ ᠨᠢ ᠴᠢᠰᠤ ᠣᠷᠭᠢᠯᠤᠨ ᠭᠱᠠᠨ ᠵᠠᠭᠤᠷ᠎ᠠ ᠠᠮᠢ ᠨᠢ ᠭᠠᠷᠤᠯ᠎ᠠ᠃
  ᠴᠡᠮᠪᠡ ᠬᠡᠴᠢᠨᠡᠨ ᠬᠠᠰᠬᠢᠷᠪᠠᠴᠤ ᠲᠡᠮᠦᠷ ᠲᠦ᠍ ᠬᠠᠯᠳᠠᠬᠤ ᠬᠥᠮᠦᠨ ᠦᠭᠡᠢ ᠪᠣᠯᠵᠠᠢ᠃
  ᠊᠊᠊᠊᠊᠊᠊᠊᠊᠊᠊᠊᠊᠊᠊ ᠣᠯᠠᠨ ᠲᠦᠮᠡᠨ ᠨᠢᠳᠦ ᠪᠡᠨ ᠨᠡᠭᠡᠭᠡᠵᠡᠭᠡ᠃ ᠲᠥᠷᠥ ᠳ᠋ᠦ᠍ ᠲᠡᠷᠰᠯᠡᠭᠰᠡᠨ ᠡᠨᠡ ᠵᠠᠨᠳᠠᠯᠴᠢᠨ ᠨᠠᠷ ᠢ᠋ ᠪᠠᠷᠢᠵᠠᠭ᠎ᠠ ᠁ ᠭᠡᠲᠡᠯ᠎ᠡ ᠨᠢᠭᠡ ᠲᠣᠮᠣ ᠪᠡᠶ᠎ᠡ ᠲᠡᠢ ᠯᠠᠮᠠ ᠦᠰᠦᠷᠦᠨ ᠢᠷᠡᠵᠦ ᠨᠣᠴᠣᠪᠠ᠃
  ᠳᠤᠭᠠᠩ ᠳ᠋ᠤ᠌ ᠣᠷᠣᠭᠰᠠᠨ ᠲᠦᠭᠵᠢᠯ ᠠᠷᠠᠢ ᠴᠢᠮᠠᠶ᠋ᠢ ᠰᠸᠯᠠᠢ᠌ᠳᠠᠢ ᠫᠤᠤ ᠪᠠᠨ ᠠᠪᠴᠤ ᠭᠡᠭᠡᠪᠴᠢ ᠪᠡᠷ ᠲᠡᠮᠦᠷ ᠤᠷᠤᠭᠤ ᠱᠠᠭᠠᠢᠬᠤ ᠳ᠋ᠤ᠌ ᠭᠠᠷ ᠨᠢ ᠴᠡᠴᠡᠷᠡᠵᠦ᠂ ᠵᠢᠷᠦᠬᠡ ᠨᠢ ᠴᠣᠬᠢᠯᠠᠨ ᠭᠣᠬ᠎ᠠ ᠪᠠᠨ ᠳᠠᠷᠤᠵᠤ ᠴᠢᠳᠠᠬᠤ ᠦᠭᠡᠢ ᠪᠠᠢᠯ᠎ᠠ᠃ ᠭᠡᠪᠡᠴᠦ ᠲᠡᠮᠦᠷ ᠢ᠋ ᠵᠠᠯᠠᠭᠤ ᠯᠠᠮᠠ ᠲᠠᠢ ᠨᠣᠴᠣᠯᠳᠤᠵᠤ ᠪᠠᠢᠬᠤ ᠵᠠᠭᠤᠷ᠎ᠠ ᠵᠢᠭᠠᠬᠠᠨ ᠰᠡᠭᠡᠭᠡ ᠣᠷᠣᠵᠤ ᠫᠤᠤᠳᠠᠪᠠᠯ ᠪᠠᠷᠢᠯᠴᠠᠭᠰᠠᠨ ᠬᠣᠶᠠᠷ ᠢ᠋ ᠳᠠᠪᠬᠤᠷ ᠢ᠋ᠶ᠋ᠠᠷ ᠣᠨᠣᠪᠠ᠃
  ᠲᠦᠭᠵᠢᠯ ᠢᠩᠭᠢᠵᠦ ᠥᠪᠡᠷ ᠢ᠋ ᠪᠡᠨ ᠬᠣᠶᠠᠷ ᠤᠳᠠᠭ᠎ᠠ ᠠᠯᠠᠭ᠎ᠠ ᠦᠭᠡᠢ ᠥᠷᠥᠰᠢᠶᠡᠭᠰᠡᠨ ᠲᠡᠮᠦᠷ ᠦ᠋ᠨ ᠠᠴᠢ ᠶ᠋ᠢ ᠪᠠᠴᠢ ᠪᠠᠷ ᠬᠠᠷᠢᠭᠤᠯᠵᠠᠢ᠃ ᠡᠬᠢᠯᠡᠭᠡᠳ ᠣᠨᠣᠭᠳᠠᠭᠰᠠᠨ ᠵᠠᠯᠠᠭᠤ ᠯᠠᠮᠠ ᠶ᠋ᠢᠨ ᠭᠠᠷ ᠰᠤᠯᠠᠷᠠᠨ ᠲᠡᠮᠦᠷ ᠦ᠋ᠨ ᠳᠡᠭᠡᠷ᠎ᠡ ᠡᠴᠡ ᠰᠠᠯᠵᠤ ᠤᠨᠠᠬᠤ ᠳ᠋ᠤ᠌ ᠲᠡᠮᠦᠷ ᠪᠣᠰᠤᠭ᠎ᠠ ᠪᠠᠷ ᠢ᠋ᠶ᠋ᠠᠨ ᠦᠯᠡᠳᠡᠪᠡ᠃ ᠭᠡᠪᠡᠴᠦ ᠠᠮᠢᠰᠬᠤᠯᠯᠠᠬᠤ ᠪᠦᠷᠢ ᠳ᠋ᠦ᠍ ᠥᠷᠭᠡᠨ ᠴᠡᠭᠡᠵᠢ ᠡᠴᠡ ᠨᠢ ᠬᠥᠭᠡᠰᠦᠷᠡᠭᠰᠡᠨ ᠴᠢᠰᠤ ᠪᠤᠷᠭᠢᠯᠤᠨ ᠭᠠᠷᠴᠤ ᠪᠠᠢᠯ᠎ᠠ᠃
  ᠊᠊᠊᠊᠊᠊᠊᠊᠊᠊᠊᠊᠊᠊᠊ ᠲᠠ ᠨᠠᠷ ᠡᠨᠡ ᠵᠠᠯᠢ ᠲᠠᠢ ᠳᠡᠭᠡᠷᠡᠮᠴᠢᠳ ᠢ᠋ ᠪᠠᠷᠢᠵᠤ ᠵᠠᠰᠠᠭ ᠲᠠᠭᠠᠨ ᠲᠤᠰᠢᠶᠠᠬᠤ ᠁ ᠭᠡᠲᠡᠯ᠎ᠡ ᠲᠦᠭᠵᠢᠯ ᠦ᠋ᠨ ᠳᠠᠬᠢᠨ ᠫᠤᠤᠳᠠᠭᠰᠠᠨ ᠰᠤᠮᠤ ᠬᠣᠶᠠᠷ ᠳᠠᠯᠤ ᠶ᠋ᠢᠨ ᠬᠢᠨᠢ ᠬᠣᠭᠣᠷᠣᠨᠳᠣ ᠲᠤᠰᠪᠠ᠃ ᠲᠡᠮᠦᠷ ᠪᠦᠬᠦ ᠪᠡᠶ᠎ᠡ ᠪᠡᠷ ᠠᠯᠭᠤᠷ ᠡᠷᠭᠢᠵᠦ ᠬᠠᠷᠠᠭᠰᠠᠨ ᠢ᠋ᠶ᠋ᠠᠨ ᠬᠣᠶᠠᠷ ᠬᠥᠯ ᠢ᠋ᠶ᠋ᠡᠨ ᠴᠢᠷᠴᠦ ᠤᠷᠤᠭᠰᠢ ᠪᠥᠬᠥᠢᠨ ᠠᠯᠬᠤᠪᠠ᠃
  ᠲᠦᠭᠵᠢᠯ ᠰᠠᠨᠳᠤᠷᠤᠨ ᠬᠡᠳᠦ ᠬᠡᠳᠦᠨ ᠫᠤᠤᠳᠠᠭᠠᠳ ᠡᠷᠭᠢᠵᠦ ᠵᠢᠭᠤᠲᠠᠪᠠ᠃ ᠲᠡᠷᠡ ᠰᠤᠮᠤ ᠨᠤᠭᠤᠳ ᠲᠡᠮᠦᠷ ᠢ᠋ ᠤᠨᠤᠭᠰᠠᠨ ᠦᠭᠡᠢ᠃ ᠬᠠᠷᠢᠨ ᠠᠷᠤ ᠳ᠋ᠤ᠌ ᠨᠢ ᠪᠠᠢᠭᠰᠠᠨ ᠬᠥᠮᠦᠰ ᠦ᠋ᠨ ᠵᠠᠷᠢᠮ ᠢ᠋ ᠠᠯᠠᠵᠤ᠂ ᠵᠠᠷᠢᠮ ᠢ᠋ ᠰᠢᠷᠠᠭᠳᠤᠭᠤᠯᠪᠠ᠃
  ᠲᠡᠮᠦᠷ ᠦ᠋ᠨ ᠭᠠᠷ ᠭᠡᠭᠡᠪᠴᠢ ᠶ᠋ᠢᠨ ᠰᠡᠷᠡᠯᠵᠢᠨ ᠮᠣᠳᠣᠨ ᠡᠴᠡ ᠠᠳᠬᠤᠨ ᠠᠪᠴᠤ ᠬᠦᠴᠦᠯᠡᠨ ᠤᠭᠵᠠᠷᠠᠬᠤ ᠳ᠋ᠤ᠌ ᠬᠡᠰᠡᠭ ᠨᠢ ᠬᠤᠭᠤᠷᠠᠨ ᠰᠠᠯᠤᠭᠰᠠᠨ ᠤᠴᠢᠷ ᠭᠡᠳᠡᠷᠭᠦ ᠪᠡᠨ ᠫᠠᠳ ᠬᠢᠲᠡᠯ᠎ᠡ ᠦᠯᠡᠮᠵᠢ ᠴᠢᠩᠭ᠎ᠠ ᠤᠨᠠᠭᠠᠳ ᠳᠠᠬᠢᠨ ᠪᠣᠰᠤᠭᠰᠠᠨ ᠦᠭᠡᠢ᠃
  ᠡᠨᠡ ᠪᠦᠬᠦᠨ ᠢ᠋ ᠬᠠᠷᠠᠭᠰᠠᠨ ᠬᠥᠮᠦᠰ ᠦᠢᠮᠡᠯᠳᠦᠵᠦ᠂ ᠵᠠᠷᠢᠮ ᠨᠢ ᠡᠨᠳᠡ ᠡᠴᠡ ᠵᠢᠭᠤᠲᠠᠨ ᠠᠯᠠᠭ᠎ᠠ ᠪᠣᠯᠪᠠ᠃
  ᠴᠣᠭᠴᠢᠨ ᠳᠤᠭᠠᠩ ᠤ᠋ᠨ ᠳᠣᠪᠵᠢᠶ᠎ᠠ ᠶ᠋ᠢ ᠬᠤᠧᠨ ᠶᠠᠭᠠᠨ ᠴᠢᠰᠤ ᠪᠠᠷ ᠢ᠋ᠶ᠋ᠠᠨ ᠪᠣᠳᠣᠭᠠᠳ ᠬᠥᠳᠡᠯᠦᠯ ᠦᠭᠡᠢ ᠬᠡᠪᠲᠡᠵᠦ ᠪᠠᠢᠭ᠎ᠠ ᠲᠡᠮᠦᠷ ᠲᠦ᠍ ᠤᠳᠠᠲᠠᠯ᠎ᠠ ᠬᠡᠨ ᠴᠦ᠍ ᠣᠢᠷᠠᠳᠴᠤ ᠴᠢᠳᠠᠭᠰᠠᠨ ᠦᠭᠡᠢ᠃ ᠲᠦᠭᠵᠢᠯ ᠳᠤᠭᠠᠩ ᠤ᠋ᠨ ᠠᠷᠤ ᠶ᠋ᠢᠨ ᠬᠠᠭᠠᠯᠭ᠎ᠠ ᠪᠠᠷ ᠭᠠᠷᠴᠤ ᠪᠠᠢᠨ ᠪᠠᠢᠨ ᠡᠷᠭᠢᠵᠦ ᠬᠠᠷᠠᠵᠤ ᠭᠦᠶᠦᠭᠰᠡᠭᠡᠷ ᠲᠤᠰᠬᠠᠢ ᠪᠡᠯᠡᠳᠬᠡᠭᠰᠡᠨ ᠭᠡᠷ ᠲᠦ᠍ ᠣᠷᠣᠬᠤ ᠳ᠋ᠤ᠌ ᠲᠡᠨᠳᠡ ᠪᠠᠢᠭᠰᠠᠨ ᠯᠠᠮᠠ ᠨᠠᠷ 《ᠡᠨᠡ ᠵᠣᠯᠢᠭ ᠴᠢᠨᠢ ᠭᠠᠯᠵᠠᠭᠤᠷᠠᠴᠢᠬᠠᠪᠠ ᠤᠤ》 ᠭᠡᠵᠦ ᠪᠣᠳᠣᠨ ᠵᠠᠢᠯᠠᠵᠤ ᠪᠠᠢᠪᠠ᠃
  ᠲᠡᠷᠡ ᠣᠷᠣᠢ ᠶᠡᠬᠡ ᠭᠠᠯ ᠲᠦᠯᠡᠵᠦ ᠲᠡᠮᠦᠷ ᠦ᠋ᠨ ᠱᠠᠷᠢᠯ ᠢ᠋ ᠰᠢᠲᠠᠭᠠᠬᠤ ᠭᠡᠲᠡᠯ᠎ᠡ ᠠᠯᠠᠭ᠎ᠠ ᠪᠣᠯᠵᠠᠢ᠃ ᠬᠠᠷᠢᠨ ᠲᠡᠮᠦᠷ ᠢ᠋ ᠫᠤᠤᠳᠠᠭᠰᠠᠨ ᠰᠤᠮᠤᠨ ᠳ᠋ᠤ᠌ ᠠᠯᠠᠭᠳᠠᠭᠰᠠᠤᠨ ᠢ᠋ ᠰᠢᠲᠠᠭᠠᠭᠠᠳ 《ᠣᠯᠠᠨ ᠲᠦᠮᠡᠨ ᠱᠠᠪᠢ ᠨᠠᠷ ᠠ᠋! ᠡᠳᠡ ᠪᠣᠯ ᠱᠠᠮᠪᠠᠯ ᠤ᠋ᠨ ᠲᠡᠢᠨ ᠳ᠋ᠦ᠍ ᠣᠷᠣᠯᠴᠠᠬᠤ ᠬᠤᠪᠢ ᠵᠣᠬᠢᠶᠠᠯ ᠦᠭᠡᠢ ᠨᠢᠭᠦᠯᠲᠡᠨ ᠪᠠᠢᠭᠰᠠᠨ ᠪᠣᠯᠬᠣᠷ ᠢᠩᠭᠢᠵᠦ ᠦᠬᠦᠭᠰᠡᠨ ᠪᠠᠢᠨ᠎ᠠ》 ᠭᠡᠵᠦ ᠴᠡᠮᠪᠡ ᠬᠡᠯᠡᠵᠡᠢ᠃