ᠲᠤᠩᠭᠠᠯᠠᠭ ᠲᠠᠮᠢᠷ1-14-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠠᠮᠠ ᠠᠯᠳᠠᠪᠠᠯ ᠪᠠᠷᠢᠵᠤ ᠪᠣᠯᠳᠠᠭ ᠦᠭᠡᠢ᠂ ᠠᠭᠲᠠ ᠠᠯᠳᠠᠪᠠᠯ ᠪᠠᠷᠢᠵᠤ ᠪᠣᠯᠳᠠᠭ》 - ᠨᠢᠭᠡᠳᠦᠭᠡᠷ ᠪᠦᠯᠦᠭ ᠠᠷᠪᠠᠨ ᠳᠥᠷᠪᠡ
ᠢᠲᠡᠭᠡᠯᠲᠦ᠂ ᠫᠡᠪᠯᠦᠧ ᠬᠣᠶᠠᠷ ᠤ᠋ᠨ ᠬᠤᠳᠠᠯᠳᠤᠵᠤ ᠠᠪᠤᠭᠰᠠᠨ ᠦᠬᠡᠷ ᠢ᠋ ᠴᠤᠭᠯᠠᠭᠤᠯᠤᠨ ᠲᠠᠮᠠᠭ᠎ᠠ ᠲᠡᠮᠳᠡᠭ ᠲᠠᠯᠪᠢᠵᠤ ᠰᠠᠭᠤᠷᠢᠯᠠᠨ ᠬᠤᠪᠢᠶᠠᠷᠢᠯᠠᠭᠠᠳ ᠬᠥᠯᠥᠰᠥᠨ ᠦ᠌ ᠬᠥᠮᠦᠨ ᠢ᠋ᠶ᠋ᠡᠷ ᠳᠥᠩᠭᠡᠨ ᠤᠷᠤᠭᠤ ᠲᠠᠭᠤᠯᠭᠠᠬᠤ ᠠᠵᠢᠯ ᠢ᠋ᠶ᠋ᠠᠨ ᠡᠷᠳᠡᠨᠢ ᠫᠧᠲ᠋ᠷ ᠬᠣᠶᠠᠷ ᠳᠠᠭᠤᠰᠬᠠᠬᠤ ᠪᠣᠯᠵᠤ ᠪᠠᠢᠯ᠎ᠠ᠃ ᠡᠨᠡ ᠠᠵᠢᠯ ᠤ᠋ᠨ ᠳᠤᠮᠳᠠᠭᠤᠷ ᠤᠯᠠᠮ ᠳᠣᠲᠣᠨᠣ ᠲᠠᠨᠢᠯᠴᠠᠵᠤ ᠰᠡᠳᠬᠢᠯ ᠵᠢᠷᠦᠬᠡᠨ ᠦ᠌ ᠪᠡᠨ ᠦᠭᠡ ᠶ᠋ᠢ ᠶᠠᠷᠢᠯᠴᠠᠳᠠᠭ ᠪᠣᠯᠵᠠᠢ᠃
ᠡᠷᠳᠡᠨᠢ ᠲᠡᠢ ᠶᠠᠷᠢᠬᠤ ᠳ᠋ᠠᠭᠠᠨ ᠫᠧᠲ᠋ᠷ ᠦᠯᠡᠮᠵᠢ ᠳᠤᠷ᠎ᠠ ᠲᠠᠢ᠃ ᠤᠴᠢᠷ ᠨᠢ ᠡᠷᠳᠡᠨᠢ ᠪᠣᠯ ᠬᠡᠯᠡᠭᠰᠡᠨ ᠦᠭᠡ ᠶ᠋ᠢ ᠵᠥᠪᠰᠢᠶᠡᠷᠡᠵᠦ ᠪᠠᠢᠭ᠎ᠠ ᠨᠢ ᠴᠦ᠍ ᠮᠡᠳᠡᠭᠳᠡᠬᠦ ᠦᠭᠡᠢ᠂ ᠡᠰᠡ ᠵᠥᠪᠰᠢᠶᠡᠷᠡᠭᠰᠡᠨ ᠨᠢ ᠴᠦ᠍ ᠮᠡᠳᠡᠭᠳᠡᠬᠦ ᠦᠭᠡᠢ ᠲᠦᠩᠰᠦᠢᠨ ᠰᠠᠭᠤᠳᠠᠭ ᠬᠥᠮᠦᠨ ᠪᠢᠰᠢ᠃ ᠬᠡᠯᠡᠭᠰᠡᠨ ᠦᠭᠡ ᠪᠦᠬᠦᠨ ᠳ᠋ᠦ᠍ᠨᠢ ᠬᠠᠷᠢᠭᠤ ᠲᠠᠯᠪᠢᠵᠤ᠂ ᠥᠪᠡᠷ ᠦ᠋ᠨ ᠪᠣᠳᠣᠯ ᠢ᠋ ᠣᠭᠳᠤᠭᠤᠯᠤᠨ ᠵᠥᠷᠢᠵᠦ ᠮᠠᠷᠭᠤᠬᠤ ᠪᠤᠶᠤ ᠠᠰᠠᠭᠤᠵᠤ ᠯᠠᠪᠯᠠᠬᠤ ᠳᠤᠷ᠎ᠠ ᠲᠠᠢ ᠬᠥᠮᠦᠨ ᠪᠠᠢᠯ᠎ᠠ᠃ ᠫᠧᠲ᠋ᠷ ᠦ᠋ᠨ ᠬᠡᠯᠡᠵᠦ ᠶᠠᠷᠢᠭᠰᠠᠨ ᠲᠥᠷᠥ ᠶ᠋ᠢᠨ ᠲᠣᠮᠣ ᠠᠰᠠᠭᠤᠳᠠᠯ ᠡᠴᠡ ᠡᠬᠢᠯᠡᠭᠡᠳ ᠠᠮᠢᠨ ᠬᠤᠪᠢ ᠶ᠋ᠢᠨ ᠵᠢᠵᠢᠭ ᠵᠦᠢᠯ ᠡᠷᠳᠡᠨᠢ ᠶ᠋ᠢᠨ ᠵᠢᠷᠦᠬᠡᠨ ᠦ᠌ ᠡᠯᠡᠢ ᠨᠢᠭᠡᠨ ᠤᠲᠠᠰᠤ ᠶ᠋ᠢ ᠬᠥᠨᠳᠡᠵᠦ ᠠᠶᠠᠯᠭᠤ ᠭᠠᠷᠭᠠᠳᠠᠭ ᠲᠤᠯᠠ ᠫᠧᠲ᠋ᠷ ᠲᠦ᠍ ᠡᠷᠳᠡᠨᠢ ᠲᠡᠢ ᠶᠠᠷᠢᠵᠤ ᠪᠠᠢᠬᠤ ᠨᠢ ᠵᠥᠪᠬᠡᠨ ᠵᠤᠭᠠᠴᠠᠯ᠂ ᠴᠠᠭ ᠥᠩᠭᠡᠷᠡᠭᠦᠯᠦᠯᠲᠡ ᠪᠢᠰᠢ ᠪᠠᠢᠵᠠᠢ᠃
ᠡᠷᠳᠡᠨᠢ᠂ ᠫᠧᠲ᠋ᠷ ᠦ᠋ᠨ ᠶᠠᠷᠢᠶ᠎ᠠ ᠡᠴᠡ ᠶᠢᠷᠲᠢᠨᠴᠦ ᠳ᠋ᠠᠬᠢᠨ ᠤ᠋ ᠣᠯᠠᠨ ᠶᠠᠪᠤᠳᠠᠯ ᠢ᠋ ᠮᠡᠳᠡᠵᠦ ᠠᠪᠬᠤ ᠪᠠᠢᠭᠰᠠᠨ ᠪᠣᠯ ᠫᠧᠲ᠋ᠷ᠂ ᠡᠷᠳᠡᠨᠢ ᠡᠴᠡ ᠮᠣᠩᠭᠣᠯ ᠣᠷᠣᠨ ᠤ᠋ ᠲᠡᠦᠬᠡ᠂ ᠵᠠᠩ ᠵᠠᠩᠰᠢᠯ᠂ ᠮᠣᠩᠭᠣᠯ ᠬᠥᠮᠦᠨ ᠦ᠌ ᠪᠣᠳᠣᠵᠤ ᠬᠦᠰᠡᠵᠦ ᠶᠠᠪᠤᠳᠠᠭ ᠵᠦᠢᠯ ᠢ᠋ ᠣᠢᠯᠠᠭᠠᠵᠤ ᠠᠪᠳᠠᠭ ᠪᠠᠢᠵᠠᠢ᠃ ᠪᠡᠶ᠎ᠡ ᠪᠡᠶ᠎ᠡ ᠪᠡᠨ ᠪᠠᠶᠠᠵᠢᠭᠤᠯᠤᠭᠰᠠᠨ ᠶᠠᠷᠢᠶ᠎ᠠ ᠳᠠᠭᠤᠰᠳᠠᠭ ᠦᠭᠡᠢ ᠪᠣᠯᠬᠣᠷ ᠡᠨᠡ ᠬᠣᠶᠠᠷ ᠵᠠᠪ ᠯᠠ ᠭᠠᠷᠪᠠᠯ ᠶᠠᠷᠢᠳᠠᠭ ᠪᠣᠯᠪᠠ᠃ ᠡᠷᠳᠡᠨᠢ ᠶᠠᠷᠢᠯᠴᠠᠵᠤ ᠲᠠᠨᠢᠯᠴᠠᠬᠤ ᠳᠣᠳᠣᠮ ᠫᠧᠲ᠋ᠷ ᠪᠣᠯ ᠵᠥᠪᠬᠡᠨ 《ᠠᠯᠢᠶ᠎ᠠ ᠫᠧᠲ᠋ᠷ》 ᠪᠢᠰᠢ᠂ ᠰᠢᠷᠬᠠᠲᠤᠵᠤ ᠬᠡᠳᠦ ᠬᠣᠨᠣᠭ ᠬᠠᠳᠠᠨ ᠳ᠋ᠤ᠌ ᠬᠡᠪᠲᠡᠭᠡᠳ ᠡᠳᠡᠭᠡᠷᠡᠨ ᠨᠢᠰᠬᠦ ᠭᠡᠵᠦ ᠪᠠᠢᠭ᠎ᠠ ᠪᠦᠷᠭᠦᠳ ᠰᠢᠭ ᠬᠥᠮᠦᠨ ᠪᠥᠭᠡᠳ ᠦᠯᠡᠮᠵᠢ ᠤᠬᠠᠭᠠᠨ᠂ ᠲᠣᠳᠣ ᠡᠷᠡᠮᠡᠯᠵᠡᠯ ᠲᠡᠢ ᠡᠷ᠎ᠡ ᠭᠡᠳᠡᠭ ᠢ᠋ ᠣᠢᠯᠠᠭᠠᠵᠤ ᠪᠠᠢᠭᠰᠠᠨ ᠪᠣᠯ ᠫᠧᠲ᠋ᠷ ᠡᠨᠡ ᠤᠷᠠᠩᠬᠠᠢ ᠳᠡᠪᠡᠯ ᠲᠡᠢ᠂ ᠲᠤᠷᠠᠩᠬᠠᠢ ᠴᠢᠷᠠᠢ ᠲᠠᠢ ᠮᠣᠩᠭᠣᠯ ᠪᠣᠯ ᠬᠠᠷᠠᠩᠭᠤᠢ ᠠᠮᠢᠳᠤᠷᠠᠯ ᠤ᠋ᠨ ᠦᠶᠡᠷ ᠲᠦ᠍ ᠤᠷᠤᠰᠪᠠᠴᠤ ᠲᠣᠬᠢᠶᠠᠯᠳᠤᠭᠰᠠᠨ ᠪᠦᠬᠦᠨ ᠡᠴᠡ ᠪᠡᠨ ᠪᠠᠷᠢᠵᠤ ᠠᠪᠴᠤ ᠴᠢᠳᠠᠬᠤ ᠪᠠᠷ ᠪᠠᠷᠠᠬᠤ ᠦᠭᠡᠢ ᠨᠢᠭᠡᠨ ᠴᠠᠭ ᠲᠤ᠌ ᠬᠦᠴᠦᠲᠡᠢ ᠰᠡᠯᠢᠯᠲᠡ ᠪᠡᠷ ᠰᠥᠷᠴᠦ ᠴᠢᠳᠠᠬᠤ ᠴᠢᠳᠠᠯ ᠲᠠᠢ ᠪᠥᠭᠡᠳ ᠲᠠᠮᠢᠷ ᠤ᠋ᠨ ᠭᠣᠣᠯ ᠰᠢᠭ᠋ ᠲᠤᠩᠭᠠᠯᠠᠭ ᠤᠬᠠᠭᠠᠨ ᠲᠠᠢ ᠪᠣᠯᠪᠠᠴᠤ᠂ ᠲᠡᠵᠢᠭᠡᠮᠡᠯ ᠪᠢᠷᠠᠭᠤ ᠰᠢᠭ᠋ ᠢᠲᠡᠭᠡᠮᠡᠲᠡᠭᠡᠢ ᠬᠥᠮᠦᠨ ᠪᠠᠢᠨ᠎ᠠ ᠭᠡᠵᠦ ᠣᠢᠯᠠᠭᠠᠵᠤ ᠪᠠᠢᠯ᠎ᠠ᠃
ᠡᠷᠳᠡᠨᠢ᠂ ᠢᠲᠡᠭᠡᠯᠲᠦ ᠶ᠋ᠢ ᠮᠠᠭᠲᠠᠨ ᠶᠠᠷᠢᠬᠤ ᠳ᠋ᠤ᠌ ᠫᠧᠲ᠋ᠷ 《ᠢᠲᠡᠭᠡᠯᠲᠦ ᠴᠢᠮ᠎ᠠ ᠳ᠋ᠤ᠌ ᠰᠠᠢᠨ᠂ ᠥᠭᠯᠢᠭᠡᠴᠢ ᠳ᠋ᠡᠭᠡᠨ ᠪᠢᠰᠢ᠂ ᠴᠢᠮ᠎ᠠ ᠡᠴᠡ ᠴᠢᠰᠤ᠂ ᠬᠥᠯᠥᠰᠥ᠂ ᠰᠡᠳᠬᠢᠯ ᠢ᠋ ᠴᠢᠨᠢ ᠬᠢᠮᠳᠠᠬᠠᠨ ᠦᠨ᠎ᠡ ᠪᠡᠷ ᠠᠪᠴᠤ ᠪᠠᠢᠭ᠎ᠠ ᠪᠣᠯᠬᠣᠷ ᠣᠳᠣᠬᠠᠨ ᠳ᠋ᠠᠭᠠᠨ ᠰᠠᠢᠨ ᠪᠠᠢᠨ᠎ᠠ》 ᠭᠡᠳᠡᠭ ᠪᠥᠭᠡᠳ ᠡᠭᠦᠨ ᠢ᠋ ᠨᠢ ᠡᠷᠳᠡᠨᠢ ᠵᠥᠪᠰᠢᠶᠡᠷᠡᠳᠡᠭ ᠦᠭᠡᠢ᠂ ᠡᠴᠦᠰ ᠲᠡᠭᠡᠨ ᠡᠨᠡ ᠶᠠᠷᠢᠶ᠎ᠠ ᠨᠢ ᠪᠠᠶᠠᠨ᠂ ᠬᠣᠭᠣᠰᠣᠨ ᠤ᠋ ᠬᠠᠷᠢᠴᠠᠭ᠎ᠠ ᠶ᠋ᠢ ᠤᠰᠠᠳᠬᠠᠬᠤ ᠲᠥᠷᠥ ᠶ᠋ᠢᠨ ᠲᠣᠮᠣ ᠠᠰᠠᠭᠤᠳᠠᠯ ᠳ᠋ᠤ᠌ ᠬᠦᠷᠴᠦ ᠪᠤᠯᠢᠶᠠᠯᠳᠤᠨ ᠮᠠᠷᠭᠤᠳᠠᠭ ᠪᠠᠢᠪᠠ᠃
ᠡᠷᠳᠡᠨᠢ 《ᠮᠠᠨ ᠤ᠋ ᠮᠣᠩᠭᠣᠯ ᠤᠯᠤᠰ》 ᠭᠡᠵᠦ ᠶᠠᠷᠢᠬᠤ ᠳᠤᠷ᠎ᠠ ᠲᠠᠢ᠃ ᠭᠡᠲᠡᠯ᠎ᠡ ᠫᠧᠲ᠋ᠷ 《ᠲᠠᠨ ᠤ᠋ ᠣᠷᠣᠨ ᠪᠣᠯ ᠤᠯᠤᠰ ᠪᠢᠰᠢ᠃ ᠮᠠᠨᠵᠤ ᠶ᠋ᠢᠨ ᠳᠡᠭᠡᠷᠡᠮᠳᠡᠯ ᠡᠴᠡ ᠰᠠᠯᠤᠭᠠᠳ ᠣᠷᠣᠰ ᠤ᠋ᠨ ᠳᠡᠭᠡᠷᠡᠮᠳᠡᠯ ᠳ᠋ᠦ᠍ ᠣᠷᠣᠵᠤ ᠪᠠᠢᠭ᠎ᠠ ᠣᠷᠣᠨ᠃ ᠣᠷᠣᠰ ᠤ᠋ᠨ ᠴᠠᠭᠠᠨ ᠬᠠᠭᠠᠨ ᠲᠠᠨ ᠤ᠋ ᠬᠢ ᠶ᠋ᠢ ᠭᠠᠭᠴᠠᠭᠠᠷ ᠢ᠋ᠶ᠋ᠠᠨ ᠳᠡᠭᠡᠷᠡᠮᠳᠡᠵᠦ ᠪᠠᠢᠬᠤ ᠭᠡᠵᠦ ᠲᠣᠭᠯᠠᠭᠠᠮ ᠤ᠋ᠨ ᠤᠯᠤᠰ ᠪᠠᠢᠭᠤᠯᠤᠭᠰᠠᠨ ᠬᠡᠷᠡᠭ》 ᠭᠡᠳ ᠡᠭᠦᠨ ᠢ᠋ᠶ᠋ᠡᠨ ᠨᠤᠲᠠᠯᠠᠬᠤ ᠭᠡᠵᠦ ᠫᠡᠪᠯᠦᠧ ᠶ᠋ᠢᠨ ᠦᠬᠡᠷ ᠬᠤᠳᠠᠯᠳᠤᠨ ᠠᠪᠴᠤ ᠪᠠᠢᠭ᠎ᠠ᠂ ᠣᠷᠣᠰ ᠤ᠋ᠨ ᠡᠳᠦᠢ ᠲᠡᠳᠦᠢ ᠬᠤᠳᠠᠯᠳᠤᠭᠠᠴᠢᠨ ᠶᠠᠮᠠᠷ ᠴᠤ᠌ ᠭᠠᠢᠯᠢ ᠲᠦᠷᠢᠶᠡᠰᠦ ᠦᠭᠡᠢ ᠰᠡᠯᠭᠦᠴᠡᠵᠦ᠂ ᠲᠦᠭᠦᠬᠡᠢ ᠡᠳ᠋ ᠢ᠋ ᠬᠢᠮᠳᠠ ᠦᠨ᠎ᠡ ᠪᠡᠷ ᠬᠤᠳᠠᠯᠳᠤᠨ ᠠᠪᠴᠤ ᠪᠠᠢᠭ᠎ᠠ ᠶ᠋ᠢ ᠨᠢᠭᠡᠨ ᠲᠥᠷᠥᠯ ᠦ᠋ᠨ ᠳᠡᠭᠡᠷᠡᠮ ᠭᠡᠵᠦ ᠬᠡᠯᠡᠳᠡᠭ᠃
ᠡᠷᠳᠡᠨᠢ ᠡᠭᠦᠨ ᠢ᠋ ᠵᠥᠪᠰᠢᠶᠡᠷᠡᠳᠡᠭ ᠦᠭᠡᠢ᠃ ᠣᠷᠣᠰ ᠤ᠋ᠨ ᠴᠠᠭᠠᠨ ᠬᠠᠭᠠᠨ ᠲᠤᠰᠠᠯᠠᠭ᠎ᠠ ᠦᠭᠡᠢ ᠪᠣᠯ ᠮᠣᠩᠭᠣᠯ ᠤᠯᠤᠰ ᠮᠠᠨᠵᠤ ᠡᠴᠡ ᠰᠠᠯᠵᠤ ᠴᠢᠳᠠᠬᠤ ᠦᠭᠡᠢ ᠪᠠᠢᠳᠠᠭ᠃ ᠣᠷᠣᠰ ᠤ᠋ᠨ ᠬᠤᠳᠠᠯᠳᠤᠭᠠᠴᠢᠳ ᠮᠣᠩᠭᠣᠯ ᠡᠴᠡ ᠲᠦᠭᠦᠬᠡᠢ ᠡᠳ᠋ ᠠᠪᠴᠤ ᠪᠠᠢᠭ᠎ᠠ ᠪᠣᠯ ᠶᠡᠷᠦᠳᠡ ᠶ᠋ᠢᠨ ᠮᠠᠢᠮᠠᠢ ᠭᠡᠵᠦ ᠦᠵᠡᠳᠡᠭ ᠪᠢᠯᠡ᠃
᠊᠊᠊᠊᠊᠊᠊᠊᠊᠊᠊᠊᠊᠊᠊ ᠲᠠ ᠨᠠᠷ ᠲᠤ᠌ ᠲᠤᠰᠠᠯᠠᠭᠰᠠᠨ ᠴᠠᠭᠠᠨ ᠬᠠᠭᠠᠨ ᠴᠢᠨᠢ ᠬᠡᠷᠡᠭ ᠲᠡᠢ ᠪᠣᠯᠪᠠᠯ ᠳᠤᠷ᠎ᠠ ᠲᠠᠢ ᠴᠠᠭ ᠲᠠᠭᠠᠨ ᠲᠠ ᠨᠠᠷ ᠢ᠋ ᠬᠤᠳᠠᠯᠳᠤᠭᠠᠳ᠂ ᠬᠡᠨ ᠨᠢᠭᠡ ᠲᠡᠢ ᠨᠢ ᠬᠤᠪᠢᠶᠠᠵᠤ ᠢᠳᠡᠨ᠎ᠡ ᠳᠡ ᠭᠡᠵᠦ ᠫᠧᠲ᠋ᠷ ᠦᠷᠭᠦᠯᠵᠢ ᠬᠡᠯᠡᠳᠡᠭ ᠪᠠᠢᠯ᠎ᠠ᠃
《ᠪᠢᠳᠡ ᠣᠷᠣᠰ ᠤ᠋ᠨ ᠬᠠᠭᠠᠨᠲᠤ ᠵᠠᠰᠠᠭ ᠢ᠋ ᠤᠰᠠᠳᠬᠠᠭᠠᠳ᠂ ᠡᠷᠬᠡ ᠴᠢᠯᠥᠭᠡᠲᠦ ᠵᠠᠰᠠᠭ ᠲᠣᠭᠲᠠᠭᠠᠭᠰᠠᠨ ᠴᠠᠭ ᠲᠤ᠌ ᠲᠠ ᠨᠠᠷ ᠲᠤ᠌ ᠲᠤᠰᠠᠯᠠᠵᠤ᠂ ᠲᠠᠨ ᠤ᠋ ᠤᠯᠤᠰ ᠢ᠋ ᠰᠠᠢᠬᠠᠨ ᠣᠷᠣᠨ ᠪᠣᠯᠭᠠᠨ᠎ᠠ》 ᠭᠡᠵᠦ ᠫᠧᠲ᠋ᠷ ᠦ᠋ᠨ ᠬᠡᠯᠡᠬᠦ ᠳ᠋ᠦ᠍ 《ᠤᠤᠬᠠᠢ᠂ ᠴᠢ ᠪᠠᠰᠠ ᠪᠢᠳᠡᠨ ᠢ᠋ ᠲᠤᠨᠤᠬᠤ ᠨᠢ ᠤᠤ? 》ᠭᠡᠵᠦ ᠡᠷᠳᠡᠨᠢ ᠬᠣᠱᠣᠩᠨᠠᠨ ᠬᠠᠷᠢᠭᠤᠯᠪᠠ᠃ 《ᠲᠡᠢᠮᠦ ᠪᠢᠰᠢ᠂ ᠬᠠᠷᠢᠨ ᠪᠢᠳᠡ ᠳᠤᠷ᠎ᠠ ᠪᠠᠷ ᠢ᠋ᠶ᠋ᠠᠨ ᠣᠷᠣᠵᠤ ᠢᠷᠡᠬᠦ ᠦᠭᠡᠢ᠂ ᠲᠠ ᠨᠠᠷ ᠭᠤᠶᠤᠭᠠᠷᠠᠢ》 ᠭᠡᠵᠦ ᠫᠧᠲ᠋ᠷ ᠵᠠᠬᠢᠪᠠ᠃
᠊᠊᠊᠊᠊᠊᠊᠊᠊᠊᠊᠊᠊᠊᠊ ᠪᠢ ᠭᠤᠶᠤᠭᠠᠳ᠂ ᠴᠢ ᠲᠤᠰᠠᠯᠠᠵᠤ᠂ ᠮᠣᠩᠭᠣᠯ ᠳ᠋ᠤ᠌ ᠳ᠋ᠧᠪᠠᠵᠠᠨ ᠪᠠᠢᠭᠤᠯᠤᠨ᠎ᠠ᠃ ᠬᠠᠷᠭᠠᠨ᠎ᠠ ᠶ᠋ᠢᠨ ᠤᠩᠭᠠᠰᠤ ᠲᠡᠭᠦᠵᠦ ᠢᠰᠡᠭᠡᠢ ᠬᠢᠬᠦ ᠰᠢᠭ ᠬᠡᠷᠡᠭ ᠪᠠᠢᠨ᠎ᠠ ᠳᠠ ᠭᠡᠳ ᠡᠷᠳᠡᠨᠢ ᠬᠥᠭᠵᠢᠯᠲᠡᠢ ᠢᠨᠢᠶᠡᠪᠡ᠃
ᠫᠧᠲ᠋ᠷ ᠱᠠᠰᠢᠨ ᠣᠭᠲᠣ ᠬᠡᠷᠡᠭ ᠦᠭᠡᠢ ᠭᠡᠳ ᠪᠣᠭᠳᠠ ᠶ᠋ᠢ ᠮᠠᠭᠤ ᠬᠡᠯᠡᠬᠦ ᠳ᠋ᠦ᠍ᠨᠢ 《ᠲᠠᠨ ᠤ᠋ ᠣᠷᠣᠰ ᠲᠤ᠌ ᠮᠡᠳᠡᠬᠦ ᠦᠭᠡᠢ᠂ ᠬᠠᠷᠢᠨ ᠮᠠᠨ ᠤ᠋ ᠮᠣᠩᠭᠣᠯ ᠳ᠋ᠤ᠌ ᠱᠠᠰᠢᠨ ᠪᠣᠭᠳᠠ ᠬᠣᠶᠠᠷ ᠰᠢᠭ᠋ ᠬᠡᠷᠡᠭ ᠲᠡᠢ ᠶᠠᠭᠤᠮ᠎ᠠ ᠪᠠᠢᠬᠤ ᠦᠭᠡᠢ》 ᠭᠡᠵᠦ ᠡᠷᠳᠡᠨᠢ ᠬᠠᠷᠢᠭᠤᠯᠳᠠᠭ᠃
ᠵᠠᠷᠢᠮ ᠬᠥᠮᠦᠰ ᠮᠠᠷᠭᠤᠯᠳᠤᠬᠤ ᠳ᠋ᠠᠭᠠᠨ ᠠᠭᠤᠷᠯᠠᠵᠤ ᠬᠡᠷᠡᠯᠳᠦᠳᠡᠭ᠃ ᠵᠠᠷᠢᠮ ᠨᠢ ᠤᠷᠲᠤ ᠤᠷᠲᠤ ᠪᠠᠨ ᠣᠷᠣᠬᠤ ᠭᠡᠵᠦ ᠥᠷᠢᠰᠦᠯᠳᠦᠨ ᠬᠣᠷᠣᠨ ᠦᠭᠡ ᠬᠠᠶᠠᠯᠴᠠᠬᠤ ᠪᠤᠶᠤ ᠬᠠᠰᠬᠢᠷᠤᠯᠳᠤᠳᠠᠭ ᠪᠢᠯᠡ᠃ ᠭᠡᠲᠡᠯ᠎ᠡ ᠡᠨᠡ ᠬᠣᠶᠠᠷ ᠲᠡᠢᠮᠦ ᠪᠢᠰᠢ ᠪᠠᠢᠯ᠎ᠠ᠃ ᠬᠠᠷᠢᠯᠴᠠᠨ ᠨᠢᠭᠡ ᠨᠢᠭᠡᠨ ᠦ᠌ ᠪᠡᠨ ᠪᠠᠲᠤᠯᠠᠭ᠎ᠠ ᠶ᠋ᠢ ᠲᠡᠪᠴᠢᠶᠡᠷᠢᠲᠡᠢ ᠰᠣᠨᠣᠰᠴᠤ᠂ ᠮᠠᠷᠭᠤᠬᠤ ᠪᠦᠷᠢ ᠪᠡᠶ᠎ᠡ ᠪᠡᠶ᠎ᠡ ᠳ᠋ᠡᠭᠡᠨ ᠢᠲᠡᠭᠡᠯᠴᠡᠵᠦ᠂ ᠨᠥᠬᠥᠷᠯᠡᠯ ᠦ᠋ᠨ ᠬᠣᠯᠪᠣᠭ᠎ᠠ ᠨᠢ ᠤᠯᠠᠮ ᠪᠦᠷ ᠪᠠᠲᠤ ᠪᠣᠯᠵᠤ ᠪᠠᠢᠯ᠎ᠠ᠃
ᠨᠠᠮᠤᠷ ᠭᠣᠶᠣᠯᠠᠯ ᠢ᠋ᠶ᠋ᠠᠨ ᠡᠮᠦᠰᠴᠦ᠂ ᠤᠷᠭᠤᠮᠠᠯ ᠤ᠋ᠨ ᠥᠩᠭᠡ ᠨᠢ ᠰᠢᠷ᠎ᠠ ᠨᠣᠭᠣᠭᠠᠨ ᠲᠤᠶᠠᠭ᠎ᠠ ᠲᠠᠢ ᠪᠣᠯᠴᠢᠬᠠᠭᠠᠳ᠂ ᠥᠷᠯᠥᠭᠡ ᠦᠳᠡᠰᠢ ᠥᠨᠳᠥᠷ ᠠᠭᠤᠯᠠ ᠶ᠋ᠢᠨ ᠣᠷᠣᠢ ᠳ᠋ᠤ᠌ ᠬᠥᠬᠡᠮᠳᠦᠭ ᠮᠠᠨᠠᠨ ᠲᠤᠨᠤᠷᠠᠨ᠂ ᠲᠠᠷᠭᠤ ᠬᠦᠴᠦ ᠠᠪᠤᠭᠰᠠᠨ ᠮᠠᠯ ᠨᠠᠯᠠᠢᠨ ᠥᠩ ᠲᠡᠢ ᠭᠠᠵᠠᠷ ᠤ᠋ᠨ ᠰᠠᠢᠬᠠᠨ ᠳ᠋ᠤ᠌ ᠥᠩᠭᠡ ᠵᠢᠪᠬᠤᠭ᠎ᠠ ᠪᠦᠷᠢᠳᠦᠭᠰᠡᠨ ᠰᠢᠪᠠᠭᠤᠳ ᠳᠡᠭᠳᠡᠭᠡᠬᠡᠢ ᠨᠦ᠍ᠭᠦᠳ ᠢ᠋ᠶ᠋ᠡᠨ ᠳᠠᠭᠠᠭᠤᠯᠤᠨ ᠭᠠᠩᠭᠠᠨᠠᠯᠳᠤᠵᠤ ᠪᠠᠢᠭ᠎ᠠ ᠲᠠᠮᠢᠷ ᠤ᠋ᠨ ᠭᠣᠣᠯ ᠤ᠋ᠨ ᠬᠥᠨᠳᠡᠢ ᠨᠢ ᠰᠠᠶᠢᠬᠠᠨ ᠰᠠᠭᠤᠭᠰᠠᠨ ᠨᠥᠬᠥᠷ ᠢ᠋ᠶ᠋ᠡᠨ ᠳᠠᠭᠠᠭᠠᠳ ᠨᠠᠭᠠᠳᠤᠮ ᠳ᠋ᠤ᠌ ᠶᠠᠪᠤᠬᠤ ᠭᠡᠵᠦ ᠦᠰᠦ ᠭᠡᠵᠢᠭᠡ ᠪᠡᠨ ᠰᠠᠮᠨᠠᠭᠰᠠᠨ ᠵᠠᠯᠠᠭᠤ ᠪᠦᠰᠡᠭᠦᠢ ᠲᠡᠢ ᠠᠳᠠᠯᠢ ᠪᠠᠢᠯ᠎ᠠ᠃
ᠨᠢᠭᠡᠨ ᠣᠷᠣᠢ ᠲᠠᠮᠢᠷ ᠤ᠋ᠨ ᠭᠣᠣᠯ ᠤ᠋ᠨ ᠡᠷᠭᠢ ᠳᠡᠭᠡᠷ᠎ᠡ ᠮᠣᠷᠢᠳ ᠢ᠋ᠶ᠋ᠠᠨ ᠲᠠᠯᠪᠢᠨ ᠠᠮᠠᠷᠠᠵᠤ ᠰᠠᠭᠤᠭᠠᠳ ᠡᠷᠳᠡᠨᠢ᠂ ᠵᠠᠰᠠᠭᠲᠤ ᠬᠠᠨ ᠭᠣᠮᠪᠣᠵᠠᠪ ᠤ᠋ᠨ ᠪᠤᠵᠠᠷ ᠶᠠᠪᠤᠳᠠᠯ ᠤ᠋ᠨ ᠲᠤᠬᠠᠢ ᠶᠠᠷᠢᠪᠠ᠃
᠊᠊᠊᠊᠊᠊᠊᠊᠊᠊᠊᠊᠊᠊᠊ ᠵᠠᠰᠠᠭᠲᠤ ᠬᠠᠨ ᠭᠣᠮᠪᠣᠵᠠᠪ ᠬᠣᠰᠢᠭᠤ ᠶ᠋ᠢ ᠲᠦᠮᠡᠨ ᠵᠣᠪᠠᠯᠠᠩ ᠳ᠋ᠤ᠌ ᠤᠨᠠᠭᠠᠵᠤ ᠪᠠᠢᠭ᠎ᠠ ᠶᠤᠮ᠃ ᠦᠯᠡᠮᠵᠢ ᠬᠠᠷᠭᠢᠰ ᠰᠢᠨᠤᠬᠠᠢ᠂ ᠪᠠᠰᠠ ᠲᠡᠭᠡᠭᠡᠳ ᠲᠡᠨᠡᠭ ᠪᠦᠬᠦ ᠪᠤᠵᠠᠷ ᠬᠡᠷᠡᠭ ᠢ᠋ ᠨᠢ ᠠᠭᠤᠳᠠᠯᠵᠤ ᠵᠠᠷᠭᠤᠯᠳᠤᠪᠠᠯ ᠳᠡᠢᠯᠬᠦ ᠪᠠᠢᠬ᠎ᠠ ᠭᠡᠵᠦ ᠪᠣᠳᠣᠭᠰᠠᠨ ᠶᠤᠮᠰᠠᠨ᠃ ᠵᠠ ᠶᠠᠭᠠᠬᠢᠬᠤᠪ᠂ ᠡᠷ᠎ᠡ ᠬᠥᠮᠦᠨ ᠠᠯᠢ ᠠᠯᠳᠠᠵᠤ ᠶᠠᠪᠤᠬᠤ ᠶ᠋ᠢ ᠲᠡᠷᠡ ᠭᠡᠬᠦ ᠪᠣᠢ? ᠭᠡᠵᠦ ᠶᠠᠷᠢᠶ᠎ᠠ ᠪᠠᠨ ᠳᠠᠭᠤᠰᠬᠠᠬᠤ ᠳ᠋ᠤ᠌ ᠫᠧᠲ᠋ᠷ ᠨᠢᠳᠦ ᠪᠡᠷ ᠢ᠋ᠶ᠋ᠡᠨ ᠵᠠᠯᠢᠲᠠᠢ ᠢᠨᠢᠶᠡᠮᠰᠦᠭᠯᠡᠭᠰᠡᠨ ᠢ᠋ᠶ᠋ᠡᠨ 《ᠲᠡᠭᠡᠭᠡᠳ ᠶᠠᠭᠠᠬᠢᠭᠠᠳ ᠳᠡᠢᠯᠳᠡᠭᠰᠡᠨ ᠶᠤᠮ ᠪᠣᠢ?》 ᠭᠡᠵᠦ ᠠᠰᠠᠭᠤᠪᠠ᠃
᠊᠊᠊᠊᠊᠊᠊᠊᠊᠊᠊᠊᠊᠊᠊ ᠭᠣᠮᠪᠣᠵᠠᠪ ᠬᠣᠰᠢᠭᠤ ᠳᠡᠭᠡᠷᠡᠮᠳᠡᠵᠦ ᠴᠢᠳᠠᠳᠠᠭ ᠢ᠋ᠶ᠋ᠠᠷ ᠢ᠋ᠶ᠋ᠠᠨ ᠬᠠᠬᠤᠤᠯᠢ ᠥᠭᠴᠦ ᠪᠠᠢᠭᠠᠳ ᠲᠠᠢᠯᠵᠤ᠂ ᠪᠢ ᠭᠤᠢᠯᠢᠨᠴᠢᠨ ᠢ᠋ᠶ᠋ᠠᠷ ᠢ᠋ᠶ᠋ᠠᠨ ᠬᠠᠬᠤᠤᠯᠢ ᠥᠭᠴᠦ ᠴᠢᠳᠠᠭ᠎ᠠ ᠦᠭᠡᠢ ᠳᠡᠢᠯᠦᠭᠳᠡᠭᠰᠡᠨ ᠶᠤᠮ᠃
᠊᠊᠊᠊᠊᠊᠊᠊᠊᠊᠊᠊᠊᠊᠊ ᠡᠷᠳᠡᠨᠢ ᠮᠢᠨᠢ᠂ ᠴᠢ ᠴᠢᠨᠢ ᠶᠠᠮᠠᠷ ᠬᠡᠦᠬᠡᠳ ᠰᠢᠭ ᠶᠠᠭᠤᠮ᠎ᠠ ᠶᠠᠷᠢᠳᠠᠭ ᠬᠥᠮᠦᠨ ᠪᠣᠢ? ᠵᠠᠷᠭᠤ ᠰᠢᠳᠬᠡᠵᠦ ᠪᠠᠢᠭ᠎ᠠ ᠲᠥᠷᠥ ᠨᠢ ᠭᠣᠮᠪᠣᠵᠠᠪ ᠤ᠋ᠨ ᠶᠤᠮ ᠰᠢᠦ ᠳᠡ᠂ ᠨᠣᠶᠠᠳ ᠤ᠋ᠨ ᠲᠥᠷᠥ ᠪᠠᠢᠭᠰᠠᠨ ᠴᠠᠭ ᠲᠤ᠌ ᠴᠢ ᠭᠣᠮᠪᠣᠵᠠᠪ ᠢ᠋ ᠳᠡᠢᠯᠬᠦ ᠦᠭᠡᠢ᠃
᠊᠊᠊᠊᠊᠊᠊᠊᠊᠊᠊᠊᠊᠊᠊ ᠪᠢ ᠵᠠᠷᠭᠤ ᠶ᠋ᠢᠨ ᠢ᠋ᠶ᠋ᠡᠨ ᠪᠢᠴᠢᠭ ᠲᠦ᠍ ᠨᠢᠭᠡ ᠴᠦ᠍ ᠬᠤᠳᠠᠯ ᠶᠠᠭᠤᠮ᠎ᠠ ᠪᠢᠴᠢᠭᠡ ᠦᠭᠡᠢ ᠬᠥᠮᠦᠨ ᠳᠡ᠃
᠊᠊᠊᠊᠊᠊᠊᠊᠊᠊᠊᠊᠊᠊᠊ ᠲᠡᠷᠡ ᠶᠠᠮᠠᠷ ᠬᠠᠮᠢᠶ᠎ᠠ ᠲᠠᠢ ᠶᠤᠮ ᠪᠣᠢ? ᠭᠠᠭᠴᠠ ᠨᠢᠭᠡ ᠬᠥᠮᠦᠨ ᠵᠠᠷᠭᠤ ᠶ᠋ᠢᠨ ᠪᠢᠴᠢᠭ ᠪᠠᠷᠢᠵᠤ ᠭᠦᠶᠦᠭᠡᠳ ᠨᠣᠶᠠᠳ ᠢ᠋ ᠳᠡᠢᠯᠬᠦ ᠦᠭᠡᠢ᠃
᠊᠊᠊᠊᠊᠊᠊᠊᠊᠊᠊᠊᠊᠊᠊ ᠴᠢᠨᠦ ᠪᠣᠳᠣᠯ ᠢ᠋ᠶ᠋ᠠᠷ ᠶᠠᠭᠠᠬᠢᠪᠠᠯ ᠳᠡᠢᠯᠬᠦ ᠪᠣᠢ?
᠊᠊᠊᠊᠊᠊᠊᠊᠊᠊᠊᠊᠊᠊᠊ ᠨᠣᠶᠠᠳ ᠤ᠋ᠨ ᠲᠥᠷᠥ ᠦᠮᠡᠬᠡᠢᠷᠡᠭᠰᠡᠨ ᠪᠣᠯᠪᠠᠴᠤ ᠪᠦᠳᠦᠭᠦᠨ ᠮᠣᠳᠣ ᠶᠤᠮ ᠰᠢᠦ᠃ ᠡᠨᠡ ᠤᠴᠢᠷ ᠡᠴᠡ ᠣᠯᠠᠨ ᠬᠥᠮᠦᠨ ᠨᠡᠢᠯᠡᠵᠦ ᠪᠠᠢᠭᠠᠳ ᠬᠢᠷᠥᠭᠡᠳᠡᠬᠦ ᠬᠡᠷᠡᠭᠲᠡᠢ᠃ ᠪᠦᠷ ᠦᠨᠳᠦᠰᠦ ᠪᠡᠷ ᠨᠢ ᠬᠢᠷᠥᠭᠡᠳᠡᠵᠦ ᠤᠨᠠᠭᠠᠬᠤ ᠶᠤᠮ ᠰᠢᠦ ᠭᠡᠳ ᠫᠧᠲ᠋ᠷ ᠡᠷᠳᠡᠨᠢ ᠶ᠋ᠢ ᠰᠢᠷᠳᠡᠪᠡ᠃
᠊᠊᠊᠊᠊᠊᠊᠊᠊᠊᠊᠊᠊᠊᠊ ᠤᠤᠬᠠᠢ᠂ ᠣᠯᠠᠨ ᠢ᠋ᠶ᠋ᠠᠷ ᠢ᠋ᠶ᠋ᠠᠨ ᠨᠡᠢᠯᠡᠵᠦ ᠪᠠᠢᠭᠠᠳ ᠬᠢᠷᠥᠭᠡᠳᠡᠨᠡ ᠭᠡᠨ᠎ᠡ ᠁ ᠨᠠᠳᠠ ᠲᠠᠢ ᠬᠡᠨ ᠨᠡᠢᠯᠡᠬᠦ ᠶᠤᠮ ᠪᠣᠢ? ᠱᠣᠷᠣᠩ ᠳ᠋ᠤ᠌ ᠣᠷᠣᠬᠤ ᠳ᠋ᠤ᠌ ᠮᠢᠨᠢ ᠡᠬᠡᠨᠡᠷ ᠡᠴᠡ ᠮᠢᠨᠢ ᠥᠭᠡᠷ᠎ᠡ ᠬᠡᠨ ᠵᠣᠪᠠᠭᠰᠠᠨ ᠪᠢᠯᠡ᠃ ᠡᠵᠡᠨ ᠨᠣᠶᠠᠨ ᠲᠠᠢ ᠪᠠᠨ ᠵᠠᠷᠭᠤᠯᠳᠤᠭᠰᠠᠨ ᠬᠥᠮᠦᠨ ᠠᠷᠭ᠎ᠠ ᠦᠭᠡᠢ ᠯᠡ ᠭᠡᠵᠦ ᠪᠠᠢᠭᠰᠠᠨ ᠪᠠᠢᠬ᠎ᠠ᠃ ᠯᠤᠤ ᠬᠦᠩ ᠦ᠋ᠨ ᠬᠤᠰᠢᠭᠤᠨ ᠳ᠋ᠤ᠌ ᠪᠣᠯ ᠨᠠᠳᠠ ᠲᠠᠢ ᠨᠡᠢᠯᠡᠬᠦ ᠨᠣᠬᠠᠢ ᠴᠤ᠌ ᠪᠠᠢᠬᠤ ᠦᠭᠡᠢ᠃ ᠪᠠᠳᠠᠷᠴᠢ ᠳ᠋ᠤ᠌ ᠣᠢᠴᠢᠬᠤ ᠳ᠋ᠤ᠌ ᠮᠢᠨᠢ ᠪᠦᠬᠦ ᠨᠠᠭᠠᠳᠤᠮᠴᠢᠳ ᠪᠠᠶᠠᠷᠯᠠᠵᠤ ᠬᠠᠰᠬᠢᠷᠤᠯᠳᠤᠵᠤ ᠪᠠᠢᠬᠤ ᠶ᠋ᠢ ᠬᠠᠷᠠᠭᠰᠠᠨ ᠰᠢᠦ ᠳᠡ᠃
᠊᠊᠊᠊᠊᠊᠊᠊᠊᠊᠊᠊᠊᠊᠊ ᠪᠤᠷᠤᠭᠤ ᠵᠠᠮ ᠢ᠋ᠶ᠋ᠠᠷ ᠪᠤᠳᠠᠭ᠎ᠠ ᠲᠡᠭᠡᠭᠡᠪᠡᠯ ᠪᠤᠴᠠᠬᠤ ᠳ᠋ᠠᠭᠠᠨ ᠰᠢᠷᠣᠢ ᠲᠡᠭᠡᠭᠡᠨ᠎ᠡ ᠭᠡᠵᠦ ᠲᠠᠨ ᠤ᠋ ᠮᠣᠩᠭᠣᠯ ᠤ᠋ᠨ ᠦᠭᠡ ᠪᠠᠢᠳᠠᠭ᠃ ᠴᠢ ᠲᠡᠮᠡᠴᠡᠯ ᠢ᠋ᠶ᠋ᠡᠨ ᠪᠤᠷᠤᠭᠤ ᠡᠬᠢᠯᠡᠭᠰᠡᠨ ᠡᠴᠡ ᠣᠳᠣ ᠴᠥᠬᠥᠷᠡᠨ ᠢᠷ ᠴᠢᠨᠢ ᠮᠣᠬᠣᠭᠰᠠᠨ ᠪᠠᠢᠨ᠎ᠠ᠃ ᠠᠮᠢᠳᠤᠷᠠᠯ ᠢ᠋ ᠨᠢᠭᠡ ᠤᠳᠠᠭ᠎ᠠ ᠲᠣᠩᠭᠣᠷᠤᠭᠠᠳ ᠲᠠᠢᠯᠵᠤ ᠬᠡᠨ ᠴᠦ᠍ ᠴᠢᠳᠠᠬᠤ ᠦᠭᠡᠢ᠃ ᠪᠤᠷᠤᠭᠤ ᠲᠣᠩᠭᠣᠷᠪᠠᠯ ᠥᠪᠡᠷ ᠢ᠋ᠶ᠋ᠡᠨ ᠱᠠᠯᠴᠢ᠌ᠳᠠᠯᠠ ᠳᠠᠷᠤᠭᠳᠠᠵᠤ ᠣᠷᠬᠢᠨ᠎ᠠ᠃
ᠡᠷᠳᠡᠨᠢ᠂ ᠠᠮᠢᠳᠤᠷᠠᠯ ᠢ᠋ ᠵᠦᠰᠦᠭᠡᠳ ᠭᠠᠷᠤᠨ᠎ᠠ ᠭᠡᠵᠦ ᠪᠣᠳᠣᠵᠤ ᠪᠠᠢᠭᠰᠠᠨ ᠤᠳᠠᠭ᠎ᠠ ᠪᠣᠢ᠃ ᠲᠡᠭᠡᠭᠡᠳ ᠴᠦ᠍ ᠵᠠᠰᠠᠭᠲᠤ ᠬᠠᠨ ᠲᠠᠢ ᠵᠠᠷᠭᠤᠯᠳᠤᠵᠤ ᠪᠢᠯᠡ᠃ ᠭᠡᠲᠡᠯ᠎ᠡ ᠵᠥᠪ ᠬᠡᠷᠡᠭ ᠲᠦ᠍ ᠪᠤᠷᠤᠭᠤᠲᠠᠨ᠂ ᠳᠠᠪᠬᠤᠷ ᠳᠠᠪᠬᠤᠷ ᠵᠣᠪᠠᠯᠠᠩ ᠳ᠋ᠤ᠌ ᠨᠡᠷᠪᠡᠭᠳᠡᠭᠡᠳ ᠦᠨᠡᠬᠡᠷ ᠴᠥᠬᠥᠷᠡᠵᠦ ᠪᠠᠢᠯ᠎ᠠ᠃ ᠵᠠᠶᠠᠭᠠᠭᠳᠠᠭᠰᠠᠨ ᠠᠮᠢᠳᠤᠷᠠᠯ ᠡᠴᠡ ᠬᠡᠲᠦᠷᠡᠵᠦ᠂ ᠪᠢᠷᠠᠭᠤ ᠪᠣᠯᠤᠭ᠎ᠠ ᠦᠭᠡᠢ ᠪᠠᠢᠵᠤ ᠪᠤᠬ᠎ᠠ ᠶ᠋ᠢᠨ ᠬᠡᠷᠦᠯᠲᠡ ᠪᠡᠷ ᠬᠡᠷᠦᠭᠰᠡᠨ ᠡᠴᠡ ᠪᠣᠯᠵᠤ ᠬᠠᠭᠠᠷᠠᠲᠠᠯ᠎ᠠ ᠮᠥᠷᠭᠥᠭᠦᠯᠬᠦ ᠰᠢᠬᠠᠪᠠ ᠭᠡᠵᠦ ᠪᠣᠳᠣᠳᠠᠭ ᠪᠣᠯᠤᠭᠰᠠᠨ᠃ ᠡᠷᠳᠡᠨᠢ ᠶ᠋ᠢᠨ ᠲᠡᠮᠡᠴᠡᠬᠦ ᠢᠷ ᠨᠢ ᠮᠣᠬᠣᠭᠠᠳ ᠢᠲᠡᠭᠡᠯᠲᠦ ᠶ᠋ᠢᠨ ᠬᠡᠰᠢᠭ ᠢ᠋ ᠲᠦᠰᠢᠵᠦ ᠠᠮᠢᠳᠤᠷᠠᠬᠤ ᠡᠴᠡ ᠴᠢᠨᠠᠭᠰᠢ ᠶᠠᠭᠤᠮ᠎ᠠ ᠬᠠᠷᠠᠬᠤ ᠦᠭᠡᠢ ᠪᠣᠯᠵᠠᠢ᠃ ᠭᠡᠲᠡᠯ᠎ᠡ ᠫᠧᠲ᠋ᠷ ᠡᠭᠦᠨ ᠢ᠋ ᠨᠢ ᠳᠤᠯᠢᠳᠠᠨ ᠬᠠᠷᠠᠭᠰᠠᠨ ᠶᠤᠮ ᠰᠢᠭ᠋ ᠬᠡᠯᠡᠪᠡ᠃
ᠡᠷᠳᠡᠨᠢ ᠪᠤᠷᠭᠠᠰᠤᠨ ᠤ᠋ ᠮᠥᠴᠢᠷ ᠲᠠᠰᠤᠯᠵᠤ ᠠᠪᠤᠭᠠᠳ ᠬᠣᠯᠲᠣᠰᠣ ᠶ᠋ᠢ ᠨᠢ ᠬᠢᠮᠤᠰᠤ ᠪᠠᠷ ᠢ᠋ᠶ᠋ᠠᠨ ᠬᠤᠯᠴᠤᠯᠠᠨ ᠨᠢᠴᠦᠭᠦᠯᠡᠵᠦ ᠰᠠᠭᠤᠬᠤ ᠳ᠋ᠤ᠌ ᠨᠢᠳᠦᠨ ᠳ᠋ᠦ᠍ᠨᠢ ᠭᠦᠨ ᠪᠣᠳᠣᠯ ᠲᠣᠳᠣᠷᠠᠨ ᠪᠠᠢᠯ᠎ᠠ᠃
᠊᠊᠊᠊᠊᠊᠊᠊᠊᠊᠊᠊᠊᠊᠊ ᠣᠯᠠᠨ ᠲᠠᠢ ᠬᠠᠮᠲᠤᠷᠠᠵᠤ᠂ ᠣᠯᠠᠨ ᠤ᠋ ᠬᠦᠴᠦ ᠶ᠋ᠢ ᠡᠪᠯᠡᠭᠦᠯᠦᠨ ᠲᠡᠮᠡᠴᠡᠨ᠎ᠡ ᠭᠡᠳᠡᠭ ᠬᠡᠴᠡᠭᠦᠦ ᠶᠤᠮ ᠰᠢᠦ᠃ ᠲᠡᠪᠴᠢᠶᠡᠷᠢ᠂ ᠵᠣᠷᠢᠭ᠂ ᠭᠠᠷᠤᠵᠠ ᠬᠡᠷᠡᠭ ᠲᠡᠢ᠃ ᠡᠨᠡ ᠪᠣᠯ ᠬᠦᠴᠢᠷ ᠠᠵᠢᠯ᠂ ᠭᠡᠬᠦ ᠳ᠋ᠡᠭᠡᠨ ᠰᠠᠢᠬᠠᠨ ᠦᠢᠯᠡ ᠶᠤᠮ ᠭᠡᠳ ᠫᠧᠲ᠋ᠷ ᠪᠠᠶᠠᠨ ᠬᠤᠭᠤᠷ ᠢ᠋ᠶ᠋ᠠᠨ ᠠᠪᠴᠤ ᠳᠠᠭᠤᠯᠠᠪᠠ᠃ ᠳᠠᠷᠠᠭ᠎ᠠ ᠨᠢ ᠬᠤᠭᠤᠷ ᠢ᠋ᠶ᠋ᠠᠨ ᠡᠪᠦᠷ ᠳᠡᠭᠡᠷ᠎ᠡ ᠪᠡᠨ ᠲᠠᠯᠪᠢᠭᠠᠳ ᠳᠡᠭᠡᠷ᠎ᠡ ᠨᠢ ᠡᠷᠡᠦ ᠪᠡᠨ ᠲᠤᠯᠤᠨ ᠶᠠᠭᠤᠮ᠎ᠠ ᠪᠣᠳᠣᠵᠤ ᠪᠠᠢᠭᠰᠠᠨ ᠢ᠋ᠶ᠋ᠠᠨ《ᠡᠷᠳᠡᠨᠢ ᠠ᠋! ᠨᠠᠮᠢ᠋ᠢ ᠣᠴᠢᠬᠤ ᠳ᠋ᠤ᠌ ᠬᠦᠦ ᠮᠢᠨᠢ ᠲᠠᠨᠢᠬᠤ ᠪᠣᠯᠪᠠ ᠤᠤ? 》ᠭᠡᠵᠦ ᠠᠰᠠᠭᠤᠪᠠ᠃
ᠡᠷᠳᠡᠨᠢ ᠪᠤᠷᠭᠠᠰᠤ ᠪᠠᠨ ᠰᠢᠳᠡᠭᠡᠳ᠂ ᠫᠧᠲ᠋ᠷ ᠢ᠋ ᠵᠥᠭᠡᠯᠡᠨ ᠨᠢᠳᠦ ᠪᠡᠷ ᠠᠵᠢᠭᠯᠠᠨ ᠬᠠᠷᠠᠭᠰᠠᠨ ᠢ᠋ᠶ᠋ᠠᠨ《ᠲᠠᠨᠢᠨ᠎ᠠ᠃ ᠡᠬᠢᠯᠡᠭᠡᠳ ᠵᠢᠭᠠᠬᠠᠨ ᠪᠢᠰᠢᠭᠦᠷᠬᠡᠵᠦ ᠪᠠᠢᠭᠰᠠᠨ ᠢ᠋ᠶ᠋ᠠᠨ ᠲᠠᠨᠢᠭᠠᠳ ᠪᠦᠷ ᠰᠠᠯᠬᠤ ᠪᠠᠨ ᠪᠣᠯᠢᠨ᠎ᠠ》ᠭᠡᠯᠡ᠃
ᠡᠷᠳᠡᠨᠢ ᠶ᠋ᠢᠨ ᠡᠨᠡ ᠦᠭᠡᠨ ᠳ᠋ᠦ᠍ ᠫᠧᠲ᠋ᠷ ᠦ᠋ᠨ ᠨᠢᠳᠦ ᠰᠡᠷᠭᠦᠵᠦ ᠰᠡᠳᠬᠢᠯ ᠨᠢ ᠬᠥᠩᠭᠡᠷᠡᠵᠦ ᠬᠥᠭᠵᠢᠮ ᠢ᠋ᠶ᠋ᠡᠨ ᠠᠯᠳᠠᠯᠠᠨ ᠲᠠᠲᠠᠵᠤ ᠪᠣᠭᠣᠨᠢ ᠣᠭᠵᠣᠮ ᠠᠶᠠᠲᠠᠢ ᠠᠶᠠᠯᠭᠤ ᠳᠠᠷᠤᠯ᠎ᠠ᠃ ᠲᠡᠷᠡ ᠣᠷᠣᠢ ᠡᠷᠳᠡᠨᠢ ᠫᠧᠲ᠋ᠷ ᠬᠣᠶᠠᠷ ᠠᠢᠯ ᠳᠡᠭᠡᠷ᠎ᠡ ᠰᠡᠭᠦᠯ ᠦ᠋ᠨ ᠰᠠᠭᠤᠷᠢ ᠶ᠋ᠢᠨ ᠦᠬᠡᠷ ᠢ᠋ᠶ᠋ᠡᠨ ᠲᠠᠮᠠᠭᠠᠯᠠᠭᠠᠳ ᠳᠠᠭᠤᠰᠴᠤ ᠪᠠᠢᠲᠠᠯ᠎ᠠ ᠢᠲᠡᠭᠡᠯᠲᠦ ᠫᠡᠪᠯᠦᠧ ᠨᠠᠷ ᠨᠡᠯᠢᠶᠡᠳ ᠰᠣᠭᠲᠣᠭᠤ ᠳᠠᠪᠬᠢᠵᠤ ᠢᠷᠡᠯ᠎ᠡ᠃ ᠲᠡᠷᠡ ᠬᠣᠶᠠᠷ ᠦᠯᠡᠮᠵᠢ ᠬᠥᠭᠵᠢᠯᠲᠡᠢ ᠪᠥᠭᠡᠳ ᠣᠯᠠᠨ ᠦᠭᠡ ᠲᠡᠢ ᠪᠣᠯᠵᠠᠢ᠃
ᠫᠡᠪᠯᠦᠧ ᠦᠬᠡᠷ ᠲᠠᠮᠠᠭᠠᠯᠠᠭᠠᠳ ᠳᠠᠭᠤᠰᠴᠤ ᠪᠠᠢᠭᠰᠠᠨ ᠫᠧᠲ᠋ᠷ ᠦ᠋ᠨ ᠳᠡᠷᠭᠡᠳᠡ ᠣᠴᠢᠵᠤ ᠮᠥᠷᠥ ᠤᠷᠤᠭᠤ ᠨᠢ ᠠᠯᠠᠭᠠᠳᠠᠭᠰᠠᠨ ᠢ᠋ᠶ᠋ᠠᠨ ᠨᠢᠳᠦ ᠪᠡᠨ ᠠᠨᠢᠯᠵᠠᠭᠤᠯᠤᠨ ᠣᠷᠣᠰ ᠢ᠋ᠶ᠋ᠠᠷ ᠪᠠᠬᠠᠨ ᠶᠠᠭᠤᠮ᠎ᠠ ᠶᠠᠷᠢᠭᠠᠳ ᠦᠭᠡ ᠶ᠋ᠢᠨ ᠢ᠋ᠶ᠋ᠡᠨ ᠲᠡᠭᠦᠰᠬᠡᠯ ᠳ᠋ᠦ᠍ ᠪᠠᠷᠠᠭᠤᠨ ᠭᠠᠷ ᠢ᠋ᠶ᠋ᠠᠷ ᠢ᠋ᠶ᠋ᠠᠨ ᠰᠠᠯᠠᠭᠠᠪᠴᠢ ᠬᠢᠨ ᠬᠠᠷᠢᠶᠠᠪᠠ᠃
᠊᠊᠊᠊᠊᠊᠊᠊᠊᠊᠊᠊᠊᠊᠊ ᠪᠠᠭᠠᠲᠤᠷ ᠴᠠᠭᠠᠨ ᠬᠠᠭᠠᠨ᠂ ᠭᠧᠷᠮᠠᠨ ᠬᠠᠭᠠᠨ ᠬᠣᠶᠠᠷ ᠳᠠᠢᠳᠤᠵᠤ ᠡᠬᠢᠯᠡᠭᠰᠡᠨ ᠭᠡᠨ᠎ᠡ᠃ ᠰᠢᠷᠦᠭᠦᠨ ᠵᠣᠳᠣᠭᠠᠨ ᠪᠣᠯᠵᠤ ᠪᠠᠢᠭ᠎ᠠ ᠶᠤᠮ ᠪᠠᠢᠬ᠎ᠠ ᠭᠡᠵᠦ ᠢᠲᠡᠭᠡᠯᠲᠦ ᠰᠣᠨᠢᠨ ᠪᠣᠯᠭᠠᠨ ᠡᠷᠳᠡᠨᠢ ᠳ᠋ᠦ᠍ ᠬᠡᠯᠡᠵᠡᠢ᠃
᠊᠊᠊᠊᠊᠊᠊᠊᠊᠊᠊᠊᠊᠊᠊ ᠲᠡᠢᠮᠦ᠂ ᠶᠡᠬᠡ ᠲᠡᠢᠨ ᠪᠣᠯᠵᠤ ᠪᠠᠢᠬᠤ ᠪᠣᠢ ᠳᠠ᠃ ᠮᠠᠨ ᠤ᠋ ᠣᠷᠣᠰ ᠭᠦᠷᠦᠨ ᠦ᠌ ᠪᠠᠭᠠᠲᠤᠷ ᠴᠡᠷᠢᠭ ᠭᠧᠷᠮᠠᠨ ᠤ᠋ ᠨᠤᠲᠤᠭ ᠤᠷᠤᠭᠤ ᠳᠣᠪᠲᠣᠯᠤᠨ ᠡᠴᠢᠭᠡ ᠴᠠᠭᠠᠨ ᠬᠠᠭᠠᠨ᠂ ᠦᠨᠡᠨ ᠶᠣᠰᠣᠲᠤ ᠱᠠᠰᠢᠨ ᠢ᠋ᠶ᠋ᠠᠨ ᠮᠠᠨᠳᠤᠭᠤᠯᠤᠨ ᠰᠦᠷ ᠬᠦᠴᠦᠨ ᠢ᠋ᠶ᠋ᠡᠨ ᠪᠠᠳᠠᠷᠠᠭᠤᠯᠵᠤ ᠪᠠᠢᠬᠤ ᠪᠣᠢ ᠭᠡᠵᠦ ᠫᠡᠪᠯᠦᠧ ᠮᠣᠩᠭᠣᠯ ᠢ᠋ᠶ᠋ᠠᠷ ᠬᠡᠯᠡᠪᠡ᠃
᠊᠊᠊᠊᠊᠊᠊᠊᠊᠊᠊᠊᠊᠊᠊ ᠪᠠᠭᠠᠲᠤᠷ ᠴᠠᠭᠠᠨ ᠬᠠᠭᠠᠨ ᠢ᠋ ᠬᠡᠨ ᠳᠡᠢᠯᠬᠦ ᠪᠣᠢ᠃ ᠬᠡᠨ ᠴᠦ᠍ ᠳᠡᠢᠯᠬᠦ ᠦᠭᠡᠢ᠃ ᠲᠡᠷᠡ ᠭᠧᠷᠮᠠᠨ ᠬᠠᠭᠠᠨ ᠭᠡᠭᠴᠢ ᠳᠠᠮᠰᠢᠭ ᠣᠳᠣ ᠨᠢ ᠬᠠᠷᠪᠤᠵᠤ ᠣᠷᠬᠢᠭᠰᠠᠨ ᠬᠡᠷᠡᠭ᠃ ᠣᠷᠣᠰ ᠤ᠋ᠨ ᠶᠡᠬᠡ ᠴᠡᠷᠢᠭ ᠭᠢᠰᠬᠢᠵᠦ ᠣᠷᠬᠢᠨ᠎ᠠ ᠭᠡᠵᠦ ᠢᠲᠡᠭᠡᠯᠲᠦ ᠬᠡᠯᠡ ᠪᠡᠨ ᠡᠭᠡᠳᠡᠷᠡᠭᠦᠯᠦᠨ ᠬᠡᠯᠡᠪᠡ᠃
ᠫᠡᠪᠯᠦᠧ ᠲᠡᠢᠨ ᠭᠠᠷᠤᠭᠰᠠᠨ ᠢ᠋ ᠲᠠᠷᠢᠶᠠᠲᠤ ᠡᠴᠡ ᠢᠷᠡᠭᠰᠡᠨ ᠣᠷᠣᠰ ᠡᠴᠡ ᠮᠡᠳᠡᠭᠡᠳ ᠶᠠᠭᠤᠨ ᠤ᠋ ᠡᠮᠦᠨ᠎ᠡ ᠦᠬᠡᠷ ᠦ᠋ᠨ ᠦᠨ᠎ᠡ ᠬᠠᠲᠠᠵᠤ᠂ ᠥᠪᠡᠷ ᠢ᠋ᠶ᠋ᠡᠨ ᠶᠡᠬᠡ ᠣᠯᠵᠠ ᠣᠯᠤᠨ᠎ᠠ ᠭᠡᠵᠦ ᠪᠣᠳᠣᠭᠰᠠᠨ ᠪᠢᠯᠡ᠃ ᠡᠨᠡ ᠴᠦ᠍ ᠤᠴᠢᠷ ᠢᠲᠡᠭᠡᠯᠲᠦ ᠳ᠋ᠦ᠍ ᠲᠡᠢᠨ ᠭᠠᠷᠤᠭᠰᠠᠨ ᠲᠤᠬᠠᠢ ᠶᠠᠷᠢᠭᠠᠳ 《ᠣᠳᠣ ᠪᠢᠳᠡ ᠬᠣᠶᠠᠷ ᠴᠥᠯᠭᠦᠪ ᠭᠡᠳᠡᠭ ᠢ᠋᠁》 ᠭᠡᠳ ᠬᠣᠶᠠᠷ ᠭᠠᠷ ᠤ᠋ᠨ ᠠᠯᠠᠭ᠎ᠠ ᠪᠠᠨ ᠳᠡᠭᠡᠭᠰᠢ ᠨᠢ ᠬᠠᠷᠠᠭᠤᠯᠤᠨ ᠠᠳᠬᠤᠭᠰᠠᠨ ᠢ᠋ᠶ᠋ᠠᠨ 《ᠢᠩᠭᠢᠨ᠎ᠡ》 ᠭᠡᠳ ᠲᠡᠷᠡ ᠬᠡᠪ ᠢ᠋ᠶ᠋ᠡᠷ ᠨᠢ ᠳᠡᠪᠡᠯ ᠦ᠋ᠨ ᠢ᠋ᠶ᠋ᠡᠨ ᠬᠣᠶᠠᠷ ᠲᠠᠰᠢᠶᠠᠨ ᠤ᠋ ᠤᠭᠤᠲᠠᠨ ᠳ᠋ᠤ᠌ ᠬᠢᠵᠡᠢ᠃
᠊᠊᠊᠊᠊᠊᠊᠊᠊᠊᠊᠊᠊᠊᠊ ᠣᠯᠵᠠᠨ ᠳ᠋ᠤ᠌ ᠪᠠᠶᠠᠷᠯᠠᠬᠤ ᠦᠭᠡᠢ ᠬᠡᠨ ᠪᠠᠢᠬᠤ ᠪᠣᠢ᠃ ᠵᠢᠷᠦᠬᠡ ᠲᠠᠢ ᠯᠠ ᠲᠥᠷᠥ ᠶ᠋ᠢ ᠨᠢ ᠣᠯᠵᠤ ᠪᠠᠢᠭᠠᠳ ᠭᠤᠯᠭᠤᠭᠤᠯᠤᠭᠠᠳ ᠪᠠᠢᠳᠠᠭ ᠬᠡᠷᠡᠭ ᠠ᠋᠃ ᠡᠪᠦᠭᠡᠨ ᠮᠢᠨᠢ ᠭᠡᠵᠦ ᠢᠲᠡᠭᠡᠯᠲᠦ ᠮᠠᠭ ᠮᠠᠭ ᠢᠨᠢᠶᠡᠨ ᠬᠡᠯᠡᠵᠡᠢ᠃
ᠣᠷᠣᠰ᠂ ᠶᠠᠫᠣᠨ ᠤ᠋ ᠲᠡᠢᠨ ᠦ᠌ ᠦᠶ᠎ᠡ ᠳ᠋ᠦ᠍ ᠰᠢᠷ᠎ᠠ ᠲᠣᠰᠣ᠂ ᠦᠬᠡᠷ ᠦ᠋ᠨ ᠦᠨ᠎ᠡ ᠳᠡᠯᠢᠵᠦ ᠥᠭᠭᠦᠭᠰᠡᠨ ᠢ᠋ ᠢᠲᠡᠭᠡᠯᠲᠦ ᠮᠡᠳᠡᠬᠦ ᠲᠤᠯᠠ ᠡᠨᠡ ᠲᠡᠢᠨ ᠦ᠌ ᠴᠢᠮᠡᠭᠡ ᠰᠣᠨᠣᠰᠤᠮᠠᠭᠴᠠ ᠦᠯᠡᠮᠵᠢ ᠣᠯᠵᠠᠨ ᠤ᠋ ᠬᠤᠷᠴᠠ ᠦᠨᠦᠷ ᠬᠠᠮᠠᠷ ᠤᠷᠤᠭᠤ ᠨᠢ ᠬᠠᠩᠬᠢᠭ᠌ᠰᠡᠨ ᠶᠤᠮ᠃
ᠲᠡᠭᠡᠭᠡᠳ ᠬᠣᠶᠠᠷ ᠨᠠᠢᠵᠢ ᠠᠷᠢᠬᠢ ᠤᠤᠭᠤᠵᠤ ᠬᠣᠶᠠᠷ ᠵᠠᠭᠤ ᠭᠠᠷᠤᠢ ᠦᠬᠡᠷ ᠨᠡᠮᠡᠵᠦ ᠠᠪᠬᠤ ᠪᠣᠯᠤᠭᠠᠳ ᠡᠷᠳᠡᠨᠢ᠂ ᠫᠧᠲ᠋ᠷ ᠳᠡᠭᠡᠷ᠎ᠡ ᠢᠷᠡᠵᠡᠢ᠃ ᠬᠠᠷᠢᠨ ᠫᠧᠲ᠋ᠷ ᠲᠡᠢᠨ ᠭᠠᠷᠤᠭᠰᠠᠨ ᠲᠤᠬᠠᠢ ᠰᠣᠨᠣᠰᠤᠮᠠᠭᠴᠠ ᠴᠢᠷᠠᠢ ᠨᠢ ᠪᠠᠷᠤᠢᠵᠤ᠂ ᠬᠥᠮᠥᠰᠬᠡ ᠪᠡᠨ ᠦᠶ᠎ᠡ ᠦᠶ᠎ᠡ ᠵᠠᠩᠭᠢᠳᠤᠨ ᠦᠭᠡ ᠨᠢ ᠴᠥᠭᠡᠨ ᠪᠣᠯᠵᠠᠢ᠃ ᠲᠡᠭᠡᠭᠡᠳ ᠣᠷᠣᠢ ᠮᠣᠷᠢᠳ ᠢ᠋ᠶ᠋ᠠᠨ ᠠᠷᠭᠠᠮᠵᠢᠵᠤ ᠶᠠᠪᠤᠬᠤ ᠳ᠋ᠠᠭᠠᠨ 《ᠡᠷᠳᠡᠨᠢ ᠮᠢᠨᠢ ᠡᠨᠡ ᠲᠡᠢᠨ ᠣᠯᠠᠨ ᠠᠮᠢᠲᠠᠨ ᠳ᠋ᠤ᠌ ᠶᠡᠬᠡ ᠵᠣᠪᠠᠯᠠᠩ ᠲᠠᠷᠢᠨ᠎ᠠ ᠰᠢᠦ᠃ ᠣᠯᠠᠨ ᠣᠷᠣᠨ ᠤ᠋ ᠪᠠᠶᠠᠴᠤᠳ ᠣᠯᠵᠠ ᠣᠯᠬᠤ ᠭᠡᠵᠦ ᠡᠨᠡ ᠲᠡᠢᠨ ᠢ᠋ ᠭᠠᠷᠭᠠᠭᠰᠠᠨ ᠬᠡᠷᠡᠭ᠃ ᠭᠡᠪᠡᠴᠦ ᠰᠠᠶ᠎ᠠ ᠰᠠᠶ᠎ᠠ ᠬᠥᠮᠦᠨ ᠦ᠌ ᠬᠠᠭᠠᠴᠠᠯ ᠭᠠᠰᠢᠭᠤᠳᠠᠯ ᠤ᠋ᠨ ᠨᠢᠯᠪᠤᠰᠤ᠂ ᠬᠣᠷᠣᠰᠤᠯ ᠤ᠋ᠨ ᠭᠠᠯ ᠪᠣᠯᠤᠭᠠᠳ ᠲᠡᠭᠦᠨ ᠳ᠋ᠦ᠍ ᠲᠡᠢᠨ ᠦ᠌ ᠡᠵᠡᠳ ᠥᠪᠡᠷᠰᠡᠳ ᠢ᠋ᠶ᠋ᠡᠨ ᠰᠢᠳᠡᠵᠦ ᠮᠠᠭᠠᠳ ᠶᠤᠮ》ᠭᠡᠯᠡ᠃
ᠮᠠᠷᠭᠠᠰᠢ ᠥᠷᠯᠥᠭᠡ ᠨᠢ ᠢᠲᠡᠭᠡᠯᠲᠦ ᠡᠷᠳᠡᠨᠢ ᠲᠡᠢ ᠤᠶᠠᠭᠠᠨ ᠤ᠋ ᠳᠡᠷᠭᠡᠳᠡ ᠵᠡᠷᠭᠡᠴᠡᠨ ᠰᠠᠭᠤᠵᠤ ᠪᠠᠢᠭᠠᠳ《ᠲᠡᠢᠨ ᠦ᠌ ᠬᠠᠵᠠᠭᠤ ᠪᠠᠷ ᠳᠠᠵᠢᠨ ᠭᠡᠵᠦ ᠶᠠᠭᠤ ᠴᠤ᠌ ᠪᠣᠯᠵᠤ ᠮᠠᠭᠠᠳ᠃ ᠶᠠᠭᠤ ᠴᠤ᠌ ᠭᠡᠰᠡᠨ ᠪᠠᠲᠤ ᠬᠣᠩᠭᠣᠷ ᠬᠣᠶᠠᠷ ᠢ᠋ᠶ᠋ᠠᠨ ᠯᠠᠮᠠ ᠪᠣᠯᠭᠠᠶ᠎ᠠ》 ᠭᠡᠬᠦ ᠳ᠋ᠦ᠍ᠨᠢ ᠡᠷᠳᠡᠨᠢ ᠵᠥᠪᠰᠢᠶᠡᠷᠡᠵᠡᠢ᠃
ᠬᠡᠳᠦᠨ ᠡᠳᠦᠷ ᠦ᠋ᠨ ᠳᠠᠷᠠᠭ᠎ᠠ ᠨᠡᠮᠡᠵᠦ ᠠᠪᠤᠭᠰᠠᠨ ᠵᠠᠭᠤ ᠭᠠᠷᠤᠢ ᠠᠮᠪᠠᠨ ᠱᠠᠷ ᠢ᠋ ᠲᠠᠭᠤᠪᠤᠷᠢᠯᠠᠬᠤ ᠠᠵᠢᠯ ᠢ᠋ᠶ᠋ᠠᠨ ᠳᠠᠭᠤᠰᠴᠤ ᠡᠷᠳᠡᠨᠢ ᠫᠧᠲ᠋ᠷ ᠬᠣᠶᠠᠷ ᠭᠡᠷ ᠦ᠋ᠨ ᠵᠦᠭ ᠵᠢᠯᠣᠭᠣ ᠪᠠᠨ ᠡᠷᠭᠢᠭᠦᠯᠪᠡ᠃ ᠫᠧᠲ᠋ᠷ ᠡᠨᠡ ᠬᠣᠭᠣᠷᠣᠨᠳᠣ ᠦᠭᠡ ᠯᠡ ᠳᠤᠤᠭᠠᠷᠪᠠᠯ ᠲᠡᠢᠨ ᠦ᠌ ᠲᠤᠬᠠᠢ ᠶᠠᠷᠢᠵᠤ᠂ ᠪᠠᠭᠠᠲᠤᠷ ᠴᠠᠭᠠᠨ ᠬᠠᠭᠠᠨ ᠢ᠋ ᠡᠯᠳᠡᠪ ᠢ᠋ᠶ᠋ᠡᠷ ᠬᠠᠷᠢᠶᠠᠨ ᠵᠥᠭᠡᠵᠦ᠂ ᠲᠡᠭᠦᠨ ᠦ᠌ ᠲᠥᠷᠥ ᠮᠥᠬᠥᠬᠦ ᠲᠤᠬᠠᠢ ᠶᠠᠷᠢᠳᠠᠭ ᠪᠠᠢᠯ᠎ᠠ᠃ ᠪᠠᠰᠠ ᠫᠡᠪᠯᠦᠧ ᠶ᠋ᠢᠨ ᠪᠠᠶᠠᠷᠯᠠᠵᠤ᠂ ᠢᠲᠡᠭᠡᠯᠲᠦ ᠶ᠋ᠢᠨ ᠳᠠᠭᠠᠵᠤ ᠪᠡᠶᠡᠰᠴᠦ ᠪᠠᠢᠭ᠎ᠠ ᠶ᠋ᠢ ᠵᠢᠭᠰᠢᠨ ᠶᠠᠷᠢᠵᠤ 《ᠲᠡᠢᠨ ᠭᠠᠷᠬᠤ ᠶ᠋ᠢᠨ ᠡᠵᠡᠨ ᠪᠣᠯ ᠫᠡᠪᠯᠦᠧ ᠢᠲᠡᠭᠡᠯᠲᠦ ᠮᠡᠲᠦ ᠶ᠋ᠢᠨ ᠬᠥᠮᠦᠨ ᠦ᠌ ᠴᠢᠰᠤ ᠬᠥᠯᠥᠰᠥᠨ ᠡᠴᠡ ᠠᠯᠲᠠᠨ ᠵᠣᠭᠣᠰ ᠨᠡᠷᠡᠵᠦ ᠰᠤᠷᠤᠭᠰᠠᠨ ᠬᠥᠮᠦᠰ ᠶᠤᠮ》ᠭᠡᠵᠡᠢ᠃
ᠡᠷᠳᠡᠨᠢ ᠢᠲᠡᠭᠡᠯᠲᠦ ᠶ᠋ᠢ ᠥᠮᠥᠭᠯᠡᠨ《ᠣᠷᠣᠰ ᠭᠧᠷᠮᠠᠨ ᠬᠣᠶᠠᠷ ᠳᠠᠢᠳᠤᠬᠤ ᠳ᠋ᠤ᠌ ᠢᠲᠡᠭᠡᠯᠲᠦ ᠶᠠᠮᠠᠷ ᠬᠠᠮᠢᠶ᠎ᠠ ᠲᠠᠢ ᠶᠤᠮ ᠪᠣᠢ? ᠴᠢ ᠬᠡᠲᠦᠷᠡᠭᠦᠯᠵᠦ ᠪᠠᠢᠨ᠎ᠠ᠃ ᠣᠷᠣᠰ ᠤ᠋ᠨ ᠬᠠᠭᠠᠨ᠂ ᠭᠧᠷᠮᠠᠨ ᠤ᠋ ᠬᠠᠭᠠᠨ ᠬᠣᠶᠠᠷ ᠮᠠᠭᠤᠳᠠᠭᠠᠳ ᠯᠠ ᠳᠠᠢᠳᠤ ᠭᠡᠵᠦ ᠴᠡᠷᠢᠭ ᠲᠡᠭᠡᠨ ᠲᠤᠰᠢᠶᠠᠭᠰᠠᠨ ᠪᠢᠵᠡ》ᠭᠡᠵᠦ ᠬᠡᠯᠡᠪᠡ᠃
᠊᠊᠊᠊᠊᠊᠊᠊᠊᠊᠊᠊᠊᠊᠊ ᠡᠳᠡ ᠰᠢᠭᠤᠳ ᠬᠣᠯᠪᠣᠭᠳᠠᠯ ᠦᠭᠡᠢ ᠨᠢ ᠦᠨᠡᠨ᠃ ᠭᠡᠬᠦ ᠳ᠋ᠡᠭᠡᠨ ᠡᠷᠳᠡᠨᠢ ᠮᠢᠨᠢ᠂ ᠭᠧᠷᠮᠠᠨ ᠤ᠋ ᠪᠠᠶᠠᠴᠤᠳ ᠪᠣᠯ ᠰᠡᠭᠦᠯ ᠳ᠋ᠦ᠍ ᠭᠠᠷᠴᠤ ᠢᠷᠡᠭᠰᠡᠨ ᠦᠯᠡᠮᠵᠢ ᠬᠣᠪᠳᠣᠭ ᠪᠠᠶᠠᠨ᠃ ᠲᠡᠭᠡᠭᠡᠳ ᠪᠤᠰᠤᠳ ᠣᠷᠣᠨ ᠤ᠋ ᠪᠠᠶᠠᠴᠤᠳ ᠤ᠋ᠨ ᠢ᠋ᠶ᠋ᠠᠨ ᠶᠠᠭᠤᠮ᠎ᠠ ᠶ᠋ᠢ ᠪᠤᠯᠢᠶᠠᠵᠤ ᠠᠪᠬᠤ ᠭᠡᠬᠦ ᠳ᠋ᠦ᠍ᠨᠢ ᠴᠢᠨᠠᠳᠤᠭᠤᠯᠠ ᠨᠢ ᠥᠭᠬᠦ ᠦᠭᠡᠢ ᠭᠡᠬᠦ ᠪᠡᠷ ᠪᠠᠷᠠᠬᠤ ᠦᠭᠡᠢ᠂ ᠵᠠᠯᠠᠭᠤ ᠬᠣᠪᠳᠣᠭ ᠢ᠋ ᠨᠣᠮᠣᠬᠠᠳᠬᠠᠵᠤ ᠬᠥᠷᠥᠩᠭᠡ ᠶ᠋ᠢ ᠨᠢ ᠪᠤᠯᠢᠶᠠᠵᠤ ᠠᠪᠬᠤ ᠭᠡᠳ ᠲᠡᠢᠨ ᠭᠠᠷᠤᠭᠰᠠᠨ ᠬᠡᠷᠡᠭ᠃ ᠫᠡᠪᠯᠦᠧ ᠲᠡᠢᠨ ᠭᠠᠷᠤᠭᠰᠠᠨ ᠳ᠋ᠤ᠌ ᠪᠠᠶᠠᠷᠯᠠᠵᠤ ᠪᠠᠢᠬᠤ ᠶ᠋ᠢ ᠨᠢ ᠴᠢ ᠬᠠᠷᠠᠭᠰᠠᠨ ᠪᠢᠵᠡ ᠳᠡ ᠭᠡᠳ ᠲᠡᠢᠨ ᠦ᠌ ᠤᠴᠢᠷ ᠶᠠᠪᠤᠳᠠᠯ ᠢ᠋ ᠲᠠᠢᠯᠪᠤᠷᠢᠯᠠᠵᠠᠢ᠃
ᠬᠣᠶᠠᠷ ᠲᠣᠮᠣ ᠭᠦᠷᠦᠨ ᠳᠠᠢᠳᠤᠭᠰᠠᠨ ᠬᠣᠢᠨ᠎ᠠ ᠣᠯᠠᠨ ᠬᠥᠮᠦᠨ ᠦᠬᠦᠵᠦ ᠦᠷᠡᠭᠳᠡᠨ᠎ᠡ ᠭᠡᠳᠡᠭ ᠢ᠋ ᠡᠷᠳᠡᠨᠢ ᠰᠠᠢᠨ ᠣᠢᠯᠠᠭᠠᠵᠤ ᠪᠠᠢᠯ᠎ᠠ᠃ ᠭᠡᠪᠡᠴᠦ ᠡᠨᠡ ᠲᠡᠢᠨ ᠳ᠋ᠦ᠍ ᠪᠠᠶᠠᠴᠤᠳ ᠭᠡᠮ ᠲᠡᠢ ᠭᠡᠳᠡᠭ ᠢ᠋ ᠣᠭᠲᠣ ᠵᠥᠪᠰᠢᠶᠡᠷᠡᠭᠰᠡᠨ ᠦᠭᠡᠢ᠃
ᠲᠡᠷᠡ ᠬᠣᠶᠠᠷ ᠡᠷᠳᠡᠨᠢ ᠶ᠋ᠢᠨ ᠳ᠋ᠦ᠍ ᠢᠷᠡᠵᠦ ᠬᠣᠨᠣᠭᠠᠳ ᠮᠠᠷᠭᠠᠰᠢ ᠨᠢ ᠫᠧᠲ᠋ᠷ᠂ ᠫᠡᠪᠯᠦᠧ ᠶ᠋ᠢᠨ ᠰᠠᠭᠤᠷᠢᠨ ᠤᠷᠤᠭᠤ ᠶᠠᠪᠤᠬᠤ ᠳ᠋ᠠᠭᠠᠨ᠄
᠊᠊᠊᠊᠊᠊᠊᠊᠊᠊᠊᠊᠊᠊᠊ ᠡᠪᠦᠭᠡᠨ ᠮᠢᠨᠢ᠂ ᠪᠢ ᠨᠤᠲᠤᠭ ᠲᠠᠭᠠᠨ ᠪᠤᠴᠠᠨ᠎ᠠ ᠭᠡᠯᠡ᠃
᠊᠊᠊᠊᠊᠊᠊᠊᠊᠊᠊᠊᠊᠊᠊ ᠴᠢ ᠴᠦᠯᠡᠯᠭᠡ ᠶ᠋ᠢᠨ ᠬᠥᠮᠦᠨ ᠪᠣᠯᠬᠣᠷ ᠪᠣᠯᠳᠠᠭ ᠶᠤᠮ ᠤᠤ? ᠭᠡᠵᠦ ᠡᠷᠳᠡᠨᠢ ᠭᠠᠢᠬᠠᠨ ᠠᠰᠠᠭᠤᠪᠠ᠃
᠊᠊᠊᠊᠊᠊᠊᠊᠊᠊᠊᠊᠊᠊᠊ ᠪᠣᠯᠬᠤ ᠦᠭᠡᠢ᠂ ᠭᠡᠪᠡᠴᠦ ᠤᠷᠭᠤᠨ᠎ᠠ᠃ ᠬᠠᠷᠢᠨ ᠨᠠᠳᠠ ᠪᠡᠯᠡ ᠬᠡᠷᠡᠭ ᠲᠡᠢ ᠪᠠᠢᠨ᠎ᠠ᠃ ᠴᠢ ᠲᠤᠰᠠᠯᠠᠵᠤ ᠴᠢᠳᠠᠬᠤ ᠤᠤ?
᠊᠊᠊᠊᠊᠊᠊᠊᠊᠊᠊᠊᠊᠊᠊ ᠡᠪᠦᠭᠡᠨ ᠴᠢᠨᠢ ᠬᠥᠷᠥᠩᠭᠡ ᠬᠣᠭᠰᠢᠯ ᠦᠭᠡᠢ ᠭᠤᠢᠯᠢᠨᠴᠢᠨ᠂ ᠭᠡᠬᠦ ᠳ᠋ᠡᠭᠡᠨ ᠴᠢᠳᠠᠬᠤ ᠴᠢᠨᠡᠭᠡ ᠪᠡᠷ ᠲᠤᠰᠠᠯᠠᠨ᠎ᠠ᠃
᠊᠊᠊᠊᠊᠊᠊᠊᠊᠊᠊᠊᠊᠊᠊ ᠨᠠᠳᠠ ᠳ᠋ᠤ᠌ ᠮᠣᠷᠢ ᠬᠡᠷᠡᠭ ᠲᠡᠢ᠃ ᠴᠢ ᠣᠯᠵᠤ ᠥᠭᠪᠡᠯ ᠪᠢ ᠭᠢᠯᠠᠢᠯ᠎ᠠ ᠭᠡᠰᠡᠨ ᠦᠭᠡ ᠭᠡᠬᠦ ᠳ᠋ᠦ᠍ᠨᠢ ᠮᠣᠷᠢ ᠪᠠᠢᠲᠤᠭᠠᠢ ᠨᠣᠬᠠᠢ ᠴᠤ᠌ ᠦᠭᠡᠢ ᠪᠠᠢᠭᠰᠠᠨ ᠡᠷᠳᠡᠨᠢ ᠶ᠋ᠢᠨ ᠰᠡᠳᠬᠢᠯ ᠬᠥᠳᠡᠯᠵᠦ᠄
᠊᠊᠊᠊᠊᠊᠊᠊᠊᠊᠊᠊᠊᠊᠊ ᠣᠯᠵᠤ ᠥᠭᠬᠦ ᠶ᠋ᠢ ᠪᠣᠳᠣᠶ᠎ᠠ ᠬᠡᠵᠢᠶ᠎ᠡ ᠬᠡᠷᠡᠭ ᠲᠡᠢ ᠪᠣᠢ? ᠭᠡᠵᠦ ᠠᠰᠠᠭᠤᠪᠠ᠃
᠊᠊᠊᠊᠊᠊᠊᠊᠊᠊᠊᠊᠊᠊᠊ ᠲᠦᠷᠭᠡᠨ ᠯᠡ ᠪᠣᠯ ᠰᠠᠢᠨ᠃ ᠬᠠᠷᠢᠨ ᠡᠨᠡ ᠲᠤᠬᠠᠢ ᠬᠡᠨ ᠳ᠋ᠦ᠍ ᠴᠦ᠍ ᠬᠡᠯᠡᠵᠦ ᠪᠣᠯᠬᠤ ᠦᠭᠡᠢ ᠰᠢᠦ ᠭᠡᠳ ᠫᠧᠲ᠋ᠷ ᠨᠥᠬᠥᠷ ᠢ᠋ᠶ᠋ᠡᠨ ᠲᠡᠪᠡᠷᠢᠨ ᠰᠡᠳᠬᠢᠯ ᠨᠢ ᠬᠥᠳᠡᠯᠵᠦ ᠪᠠᠶᠠᠷ ᠪᠠᠬᠠᠳᠤᠯ ᠳᠦᠭᠦᠷᠦᠭᠰᠡᠨ ᠨᠢᠳᠦ ᠪᠡᠷ ᠬᠠᠷᠠᠭᠠᠳ ᠮᠣᠷᠳᠠᠵᠠᠢ᠃
ᠱᠣᠭᠰᠢᠭᠰᠠᠭᠠᠷ ᠬᠣᠯᠠᠳᠴᠤ ᠪᠠᠢᠭ᠎ᠠ ᠫᠧᠲ᠋ᠷ ᠢ᠋ ᠦᠳᠡᠨ ᠵᠣᠭᠰᠣᠵᠤ ᠪᠠᠢᠬᠤ ᠳ᠋ᠠᠭᠠᠨ ᠶᠠᠭᠠᠬᠢᠵᠤ ᠪᠠᠢᠮᠠᠨᠵᠢᠨ ᠮᠣᠷᠢ ᠣᠯᠵᠤ ᠥᠭᠬᠦ ᠲᠤᠬᠠᠢ ᠪᠣᠳᠣᠯ ᠡᠷᠳᠡᠨᠢ ᠶ᠋ᠢᠨ ᠰᠡᠳᠬᠢᠯ ᠢ᠋ ᠡᠵᠡᠯᠡᠵᠡᠢ᠃ ᠪᠣᠳᠣᠪᠠᠴᠤ ᠪᠤᠲᠠ ᠶ᠋ᠢᠨ ᠰᠢᠭᠢᠷ᠎ᠡ ᠳᠥᠷᠪᠡ ᠡᠴᠡ ᠬᠡᠲᠦᠷᠡᠬᠦ ᠦᠭᠡᠢ ᠭᠡᠭᠴᠢ ᠪᠡᠷ ᠢᠲᠡᠭᠡᠯᠲᠦ ᠡᠴᠡ ᠭᠤᠶᠤᠬᠤ ᠡᠴᠡ ᠥᠭᠡᠷ᠎ᠡ ᠠᠷᠭ᠎ᠠ ᠣᠯᠤᠭᠰᠠᠨ ᠦᠭᠡᠢ᠃ ᠭᠡᠲᠡᠯ᠎ᠡ ᠠᠪᠤᠭᠰᠠᠨ ᠭᠡᠷ ᠦ᠋ᠨ ᠢ᠋ᠶ᠋ᠡᠨ ᠦᠨ᠎ᠡ ᠶ᠋ᠢ ᠲᠥᠯᠥᠵᠦ ᠴᠢᠳᠠᠭ᠎ᠠ ᠦᠭᠡᠢ ᠪᠠᠢᠯ᠎ᠠ᠃
᠊᠊᠊᠊᠊᠊᠊᠊᠊᠊᠊᠊᠊᠊᠊ ᠡᠨᠡ ᠫᠧᠲ᠋ᠷ ᠶᠠᠭᠤ ᠪᠣᠯᠴᠢᠬᠠᠭᠰᠠᠨ ᠶᠤᠮ ᠪᠣᠯ? ᠢᠩᠭᠢᠵᠦ ᠳᠠᠭᠤ ᠱᠣᠣ ᠦᠭᠡᠢ ᠤᠷᠤᠭᠤ ᠴᠢᠷᠠᠢᠯᠠᠵᠤ ᠶᠠᠪᠤᠳᠠᠭ ᠦᠭᠡᠢ ᠡᠷ᠎ᠡ ᠰᠠᠨ᠃ ᠭᠡᠷ ᠣᠷᠣᠨ ᠳ᠋ᠤᠨᠢ ᠵᠣᠪᠠᠯᠠᠩ ᠤᠴᠠᠷᠠᠭ᠎ᠠ ᠶᠤᠮ ᠪᠣᠯᠪᠠ ᠤᠤ? ᠭᠡᠵᠦ ᠡᠷᠳᠡᠨᠢ ᠶ᠋ᠢᠨ ᠳᠡᠷᠭᠡᠳᠡ ᠢᠷᠡᠭᠰᠡᠨ ᠨᠢᠮ᠎ᠠ ᠠᠰᠠᠭᠤᠪᠠ᠃
᠊᠊᠊᠊᠊᠊᠊᠊᠊᠊᠊᠊᠊᠊᠊ ᠨᠤᠲᠤᠭ ᠲᠤᠨᠢ ᠶᠡᠬᠡ ᠲᠡᠢᠨ ᠭᠠᠷᠤᠭᠰᠠᠨ ᠭᠡᠨ᠎ᠡ᠃
᠊᠊᠊᠊᠊᠊᠊᠊᠊᠊᠊᠊᠊᠊᠊ ᠣᠷᠣᠰ ᠲᠤ᠌ ᠤᠤ ᠳᠠ?
᠊᠊᠊᠊᠊᠊᠊᠊᠊᠊᠊᠊᠊᠊᠊ ᠲᠡᠢᠮᠦ ᠭᠡᠨ᠎ᠡ᠃
᠊᠊᠊᠊᠊᠊᠊᠊᠊᠊᠊᠊᠊᠊᠊ ᠬᠥᠭᠡᠷᠦᠬᠦᠢ᠂ ᠲᠡᠢᠮᠦ ᠪᠠᠢᠬ᠎ᠠ ᠠ᠋᠃ ᠥᠴᠥᠭᠡᠳᠦᠷ ᠮᠠᠨ ᠤ᠋ ᠳ᠋ᠤ᠌ ᠣᠷᠣᠭᠠᠳ ᠣᠩᠭᠣᠷᠬᠠᠢ ᠬᠠᠷ᠎ᠠ ᠶ᠋ᠢ ᠦᠵᠡᠭᠡᠳ ᠬᠡᠴᠢᠨᠡᠨ ᠦᠨ᠎ᠡ ᠲᠡᠢ ᠶᠤᠮ ᠪᠣᠢ? ᠬᠢᠷᠢ ᠵᠡᠷᠭᠡ ᠬᠣᠯᠠ ᠲᠣᠰᠳᠠᠭ ᠶᠤᠮ ᠪᠣᠢ? ᠭᠡᠵᠦ ᠠᠰᠠᠭᠤᠭᠠᠳ ᠪᠠᠢᠭᠰᠠᠨ ᠶᠤᠮ᠃ ᠠᠪᠤᠭᠠᠳ ᠯᠠ ᠳᠠᠢᠳᠤᠬᠤ ᠭᠡᠵᠦ ᠪᠣᠳᠣᠵᠤ ᠪᠠᠢᠵᠤ ᠯᠠ ᠳᠠ᠃ ᠤᠭ ᠨᠢ ᠲᠠᠯᠪᠢᠭᠰᠠᠨ ᠰᠤᠮᠤᠨ ᠳ᠋ᠤ᠌ ᠡᠭᠡᠯ ᠴᠡᠷᠢᠭ ᠢ᠋ ᠪᠣᠯ ᠴᠤ᠌ ᠠᠪᠴᠢᠬᠠᠨ᠎ᠠ᠃ ᠪᠠᠭᠠᠲᠤᠷ ᠵᠠᠩᠵᠤᠨ ᠢ᠋ ᠪᠣᠯ ᠶᠠᠭᠠᠬᠢᠵᠤ ᠳᠠᠭᠠᠭᠠᠬᠤ ᠪᠣᠢ? ᠫᠧᠲ᠋ᠷ ᠲᠡᠢ ᠲᠠᠭᠠᠷᠠᠯᠳᠤᠪᠠᠯ ᠨᠠᠮᠢ᠋ᠢ ᠴᠠᠬᠢᠭᠤᠷ ᠫᠤᠤ ᠪᠠᠨ ᠠᠪ ᠭᠡᠰᠡᠨ ᠭᠡᠵᠦ ᠬᠡᠯᠡᠭᠡᠷᠡᠢ᠃ ᠦᠨ᠎ᠡ ᠶ᠋ᠢ ᠨᠢ ᠶᠠᠭᠠᠬᠢᠬᠤᠪ᠂ ᠳᠠᠷᠠᠭ᠎ᠠ ᠲᠡᠢᠨ ᠦ᠌ ᠪᠡᠨ ᠣᠯᠵᠠ ᠡᠴᠡ ᠥᠭᠭᠦᠨ᠎ᠡ ᠪᠢᠵᠡ᠃ ᠪᠢ ᠫᠧᠲ᠋ᠷ ᠢ᠋ ᠯᠤᠢᠪᠠᠷᠳᠠᠬᠤ ᠦᠭᠡᠢ ᠬᠥᠮᠦᠨ ᠭᠡᠵᠦ ᠪᠣᠳᠣᠳᠠᠭ ᠭᠡᠯᠡ᠃
ᠲᠡᠷᠡ ᠣᠷᠣᠢ ᠡᠷᠳᠡᠨᠢ᠂ ᠢᠲᠡᠭᠡᠯᠲᠦ ᠲᠡᠢ ᠬᠠᠮᠲᠤ ᠠᠢᠷᠠᠭ ᠤᠤᠭᠤᠵᠤ ᠰᠠᠭᠤᠭᠠᠳ ᠦᠭᠡᠨ ᠦ᠌ ᠲᠠᠰᠢᠷᠠᠮ ᠳ᠋ᠤ᠌ ᠨᠢᠭᠡ ᠰᠠᠢᠨ ᠮᠣᠷᠢ ᠠᠮᠢᠨ ᠳ᠋ᠠᠭᠠᠨ ᠥᠭᠬᠦ ᠶ᠋ᠢ ᠭᠤᠶᠤᠭᠰᠠᠨ ᠳ᠋ᠤ᠌ ᠢᠲᠡᠭᠡᠯᠲᠦ ᠭᠠᠢᠬᠠᠨ ᠬᠠᠷᠠᠭᠰᠠᠨ ᠢ᠋ᠶ᠋ᠠᠨ 《ᠰᠠᠢᠨ ᠮᠣᠷᠢ ᠪᠠᠷ ᠶᠠᠭᠠᠬᠢᠬᠤ ᠨᠢ ᠪᠣᠢ ᠁ ᠬᠣᠯᠠ ᠶᠠᠭᠤᠮᠠᠨ ᠳ᠋ᠤ᠌ ᠶᠠᠪᠤᠬᠤ ᠨᠢ ᠤᠤ? 》 ᠭᠡᠵᠦ ᠠᠰᠠᠭᠤᠪᠠ᠃
᠊᠊᠊᠊᠊᠊᠊᠊᠊᠊᠊᠊᠊᠊᠊ ᠲᠤᠩ ᠬᠡᠷᠡᠭ ᠲᠡᠢ ᠪᠣᠯᠤᠭᠠᠳ ᠪᠠᠢᠨ᠎ᠠ᠃ ᠲᠠ ᠥᠭᠴᠦ ᠯᠡ ᠦᠵᠡ᠃
᠊᠊᠊᠊᠊᠊᠊᠊᠊᠊᠊᠊᠊᠊᠊ ᠡᠨᠡ ᠵᠢᠯ ᠳ᠋ᠡᠭᠡᠨ ᠬᠡᠳᠦᠨ ᠠᠳᠤᠭᠤᠨ ᠡᠴᠡ ᠮᠢᠨᠢ ᠳᠤᠷ᠎ᠠ ᠲᠠᠢ ᠪᠠᠨ ᠤᠨᠤᠵᠤ ᠪᠠᠢ᠃ ᠢᠷᠡᠬᠦ ᠵᠢᠯ ᠴᠢᠮ᠎ᠠ ᠳ᠋ᠤ᠌ ᠤᠨᠤᠭ᠎ᠠ ᠪᠣᠯᠬᠤ ᠪᠠᠭ᠎ᠠ ᠨᠠᠰᠤᠨ ᠤ᠋ ᠶᠠᠭᠤᠮ᠎ᠠ ᠥᠭᠭᠦᠨ᠎ᠡ᠃ ᠬᠠᠷᠢᠨ ᠡᠨᠡ ᠵᠢᠯ ᠴᠢᠮ᠎ᠠ ᠳ᠋ᠤ᠌ ᠢᠳᠡᠰᠢ ᠥᠭᠭᠦᠨ᠎ᠡ ᠭᠡᠳ ᠡᠨᠡ ᠲᠠᠯ᠎ᠠ ᠪᠠᠷ ᠥᠭᠡᠷ᠎ᠡ ᠶᠠᠷᠢᠶ᠎ᠠ ᠦᠭᠡᠢ ᠭᠡᠰᠡᠨ ᠪᠣᠯᠤᠯᠲᠠᠢ ᠭᠡᠷ ᠡᠴᠡ ᠭᠠᠷᠴᠠᠢ᠃
ᠤᠷᠮ᠎ᠠ ᠦᠭᠡᠢ᠂ ᠭᠠᠵᠠᠷ ᠰᠢᠷᠲᠡᠭᠰᠡᠭᠡᠷ ᠡᠷᠳᠡᠨᠢ ᠭᠠᠷᠴᠤ ᠭᠡᠷ ᠦ᠋ᠨ ᠵᠦᠭ ᠶᠠᠪᠤᠬᠤ ᠳ᠋ᠤ᠌ ᠶᠠᠮᠠᠷ ᠠᠷᠭ᠎ᠠ ᠪᠠᠷ ᠮᠣᠷᠢ ᠣᠯᠵᠤ᠂ ᠫᠧᠲ᠋ᠷ ᠲᠦ᠍ ᠬᠥᠯ ᠵᠠᠯᠭᠠᠬᠤ ᠲᠤᠬᠠᠢ ᠪᠣᠳᠣᠯ ᠰᠡᠳᠬᠢᠯ ᠢ᠋ ᠨᠢ ᠡᠵᠡᠯᠡᠵᠦ ᠪᠣᠳᠣᠭᠰᠠᠨ ᠪᠦᠬᠦᠨ ᠨᠢ ᠮᠤᠬᠤᠷᠳᠠᠨ ᠠᠷᠴᠠᠭ᠎ᠠ ᠦᠭᠡᠢ ᠳ᠋ᠡᠭᠡᠨ ᠪᠤᠬᠢᠨᠢᠳᠤᠨ ᠪᠠᠢᠵᠠᠢ᠃
ᠭᠡᠷ ᠲᠡᠭᠡᠨ ᠣᠷᠣᠭᠠᠳ ᠴᠤ᠌ ᠮᠣᠷᠢᠨ ᠤ᠋ ᠲᠤᠬᠠᠢ ᠪᠣᠳᠣᠯ ᠳ᠋ᠤ᠌ ᠳᠠᠷᠤᠭᠳᠠᠨ ᠪᠠᠢᠬᠤ ᠳ᠋ᠤᠨᠢ 《ᠪᠡᠶ᠎ᠡ ᠴᠢᠨᠢ ᠵᠦᠭᠡᠷ ᠤᠤ? 》 ᠭᠡᠵᠦ ᠲᠤᠯᠭᠠᠷ ᠳᠠᠬᠢᠨ ᠳᠠᠬᠢᠨ ᠠᠰᠠᠭᠤᠬᠤ ᠳ᠋ᠤ᠌ 《ᠪᠢ ᠵᠦᠭᠡᠷ》 ᠭᠡᠬᠦ ᠡᠴᠡ ᠥᠭᠡᠷ᠎ᠡ ᠬᠠᠷᠢᠭᠤ ᠥᠭᠭᠦᠭᠰᠡᠨ ᠦᠭᠡᠢ᠃
ᠮᠠᠷᠭᠠᠰᠢ ᠨᠢ ᠳᠡᠮᠡᠢ ᠪᠤᠬᠢᠨᠢᠳᠤᠨ ᠰᠡᠳᠬᠢᠯ ᠦ᠋ᠨ ᠬᠠᠷ᠎ᠠ ᠵᠣᠪᠠᠯᠠᠩ ᠡᠳ᠋ᠯᠡᠵᠦ ᠪᠠᠢᠲᠠᠯ᠎ᠠ ᠠᠳᠤᠭᠤᠨ ᠡᠴᠡ ᠲᠠᠰᠤᠷᠠᠭᠰᠠᠨ ᠬᠣᠶᠠᠷ ᠮᠣᠷᠢ ᠶ᠋ᠢ ᠡᠷᠢᠬᠦ ᠠᠵᠢᠯ ᠳ᠋ᠤ᠌ ᠣᠨᠣᠭᠳᠠᠭᠠᠳ ᠬᠠᠭᠠᠰ ᠡᠳᠦᠷ ᠶᠠᠪᠤᠵᠤ ᠪᠠᠢᠮᠠᠨᠵᠢᠨ ᠣᠯᠤᠭᠠᠳ ᠪᠤᠴᠠᠬᠤ ᠵᠠᠮ ᠳ᠋ᠠᠭᠠᠨ ᠬᠣᠨᠢ ᠬᠠᠷᠢᠭᠤᠯᠵᠤ ᠶᠠᠪᠤᠭᠰᠠᠨ ᠳᠤᠯᠮ᠎ᠠ ᠲᠠᠢ ᠲᠠᠭᠠᠷᠠᠯᠳᠤᠵᠤ ᠪᠠᠭᠤᠭᠠᠳ ᠲᠠᠮᠠᠬᠢ ᠲᠠᠲᠠᠵᠤ ᠰᠠᠭᠤᠲᠠᠯ᠎ᠠ ᠥᠨᠳᠥᠷ ᠰᠠᠢᠪᠤᠷ ᠬᠠᠷ᠎ᠠ ᠮᠣᠷᠢ ᠲᠠᠢ ᠪᠠᠳᠠᠷᠴᠢ ᠢᠷᠡᠯ᠎ᠡ᠃
ᠬᠡᠦᠬᠡᠨ ᠬᠥᠮᠦᠨ ᠦ᠌ ᠳᠡᠷᠭᠡᠳᠡ᠂ ᠲᠡᠭᠡᠬᠦ ᠳ᠋ᠡᠭᠡᠨ ᠭᠤᠸ᠎ᠠ ᠦᠵᠡᠰᠬᠦᠯᠡᠩᠲᠡᠢ ᠵᠠᠯᠠᠭᠤ ᠬᠡᠦᠬᠡᠨ ᠦ᠌ ᠳᠡᠷᠭᠡᠳᠡ ᠰᠠᠢᠷᠬᠠᠨ ᠪᠠᠷᠳᠠᠵᠤ᠂ ᠪᠠᠶᠠᠷᠬᠠᠬᠤ ᠳᠤᠷ᠎ᠠ ᠲᠠᠢ ᠬᠥᠮᠦᠨ ᠪᠢᠰᠢᠭᠦᠢ ᠪᠠᠢᠳᠠᠭ ᠪᠥᠭᠡᠳ ᠲᠡᠭᠦᠨ ᠦ᠌ ᠨᠢᠭᠡ ᠪᠣᠯ ᠪᠠᠳᠠᠷᠴᠢ ᠪᠠᠢᠵᠠᠢ᠃
ᠲᠠᠮᠠᠬᠢ ᠲᠠᠲᠠᠵᠤ ᠰᠠᠭᠤᠬᠤ ᠳ᠋ᠠᠭᠠᠨ ᠮᠣᠷᠢ ᠬᠤᠳᠠᠯᠳᠤᠵᠤ ᠠᠪᠤᠭᠰᠠᠨ᠂ ᠰᠠᠢᠨ ᠪᠥᠬᠡ ᠬᠠᠶᠠᠭᠰᠠᠨ ᠢ᠋ᠶ᠋ᠠᠨ ᠶᠠᠷᠢᠵᠤ ᠪᠠᠢᠭᠰᠠᠨ ᠢ᠋ᠶ᠋ᠠᠨ ᠢᠷᠡᠬᠦ ᠵᠢᠯ ᠦ᠋ᠨ ᠨᠠᠭᠠᠳᠤᠮ ᠳ᠋ᠤ᠌ ᠡᠷᠳᠡᠨᠢ ᠶ᠋ᠢ ᠭᠤᠷᠪᠠ ᠶ᠋ᠢᠨ ᠳᠠᠪᠠᠭᠠᠨ ᠳ᠋ᠤ᠌ ᠠᠪᠴᠤ᠂ ᠠᠰᠠᠷ ᠤ᠋ᠨ ᠬᠡᠴᠡ ᠳᠡᠭᠡᠷ᠎ᠡ ᠲᠡᠩᠨᠡᠵᠦ ᠬᠠᠶᠠᠨ᠎ᠠ ᠭᠡᠵᠦ ᠶᠠᠷᠢᠬᠤ ᠳ᠋ᠤᠨᠢ ᠡᠷᠳᠡᠨᠢ ᠶ᠋ᠢᠨ ᠰᠢᠷ᠎ᠠ ᠨᠢ ᠬᠥᠭᠡᠷᠴᠦ᠄
᠊᠊᠊᠊᠊᠊᠊᠊᠊᠊᠊᠊᠊᠊᠊ ᠵᠠ ᠲᠡᠭᠡᠪᠡᠯ ᠪᠠᠷᠢᠯᠳᠤᠶ᠎ᠠ! ᠭᠡᠯᠡ᠃
᠊᠊᠊᠊᠊᠊᠊᠊᠊᠊᠊᠊᠊᠊᠊ ᠴᠠᠭᠠᠴᠢᠨ ᠬᠥᠮᠦᠨ ᠬᠣᠳᠣᠭᠣᠳᠣ ᠪᠦᠲᠦᠨ ᠪᠠᠢᠪᠠᠯ ᠳᠡᠭᠡᠷ᠎ᠡ ᠪᠢᠰᠢᠦ᠃ ᠠᠬ᠎ᠠ ᠲᠠᠢ ᠪᠠᠨ ᠳᠡᠮᠡᠢ ᠲᠣᠭᠯᠠᠵᠤ ᠪᠣᠯᠳᠠᠭ ᠦᠭᠡᠢ ᠶᠤᠮ ᠰᠢᠦ ᠭᠡᠵᠦ ᠪᠠᠳᠠᠷᠴᠢ ᠨᠢᠳᠦ ᠪᠡᠨ ᠠᠨᠢᠨ᠂ ᠪᠦᠳᠦᠭᠦᠨ ᠳᠠᠭᠤ ᠪᠠᠷ ᠢᠨᠢᠶᠡᠪᠡ᠃
᠊᠊᠊᠊᠊᠊᠊᠊᠊᠊᠊᠊᠊᠊᠊ ᠬᠣᠶᠠᠭᠤᠯᠠ ᠮᠥᠷᠥᠢ ᠲᠡᠢ ᠪᠠᠷᠢᠯᠳᠤᠶ᠎ᠠ᠃ ᠴᠢ ᠣᠢᠴᠢᠪᠠᠯ ᠨᠠᠳᠠ ᠤᠨᠤᠵᠤ ᠶᠠᠪᠤᠭ᠎ᠠ ᠮᠣᠷᠢ ᠪᠠᠨ ᠥᠭ ᠁ ᠭᠡᠵᠦ ᠡᠷᠳᠡᠨᠢ ᠶ᠋ᠢᠨ ᠬᠡᠯᠡᠬᠦ ᠳ᠋ᠦ᠍ ᠪᠠᠳᠠᠷᠴᠢ ᠳᠤᠯᠮ᠎ᠠ ᠤᠷᠤᠭᠤ ᠬᠠᠷᠠᠵᠤ ᠨᠢᠳᠦ ᠪᠡᠨ ᠢᠷᠮᠡᠭᠡᠳ 《ᠠ᠋ ᠴᠢ ᠣᠢᠴᠢᠪᠠᠯ?》 ᠭᠡᠵᠦ ᠳᠣᠷᠣᠮᠵᠢᠯᠠᠨ ᠠᠰᠠᠭᠤᠪᠠ᠃
ᠡᠷᠳᠡᠨᠢ ᠥᠭᠴᠢᠬᠡᠶ᠎ᠡ ᠭᠡᠬᠦ ᠶᠠᠭᠤᠮ᠎ᠠ ᠣᠯᠳᠠᠭᠰᠠᠨ ᠦᠭᠡᠢ ᠪᠣᠯᠬᠣᠷ ᠳᠡᠮᠡᠢ ᠯᠡ ᠲᠦᠭᠳᠡᠷᠡᠨ ᠡᠰᠢ ᠳᠠᠰᠢ ᠬᠠᠷᠠᠵᠤ ᠠᠷᠭ᠎ᠠ ᠪᠠᠨ ᠪᠠᠷᠠᠨ ᠪᠠᠢᠯ᠎ᠠ᠃
᠊᠊᠊᠊᠊᠊᠊᠊᠊᠊᠊᠊᠊᠊᠊ ᠨᠡᠷᠡᠯᠡᠬᠦ ᠶᠠᠭᠤᠮ᠎ᠠ ᠦᠭᠡᠢ ᠭᠤᠢᠯᠢᠨᠴᠢᠨ ᠪᠠᠢᠵᠤ᠂ ᠮᠥᠷᠥᠢ ᠶᠠᠷᠢᠬᠤ ᠳᠤᠷ᠎ᠠ ᠲᠠᠢ᠃ ᠥᠭᠬᠦ ᠪᠡᠯᠡ ᠲᠡᠢ᠂ ᠠᠪᠬᠤ ᠴᠢᠳᠠᠯ ᠲᠠᠢ ᠬᠦᠦ ᠮᠥᠷᠥᠢ ᠶᠠᠷᠢᠳᠠᠭ ᠶᠤᠮ ᠰᠢᠦ ᠁ ᠭᠡᠵᠦ ᠪᠠᠳᠠᠷᠴᠢ ᠬᠡᠯᠡᠲᠡᠯ᠎ᠡ ᠳᠤᠯᠮ᠎ᠠ ᠦᠭᠡ ᠶ᠋ᠢ ᠨᠢ ᠲᠠᠰᠤᠯᠵᠤ᠄
᠊᠊᠊᠊᠊᠊᠊᠊᠊᠊᠊᠊᠊᠊᠊ ᠡᠷᠳᠡᠨᠢ ᠭᠤᠸᠠᠢ ᠣᠢᠴᠢᠪᠠᠯ ᠪᠢ ᠡᠨᠡ ᠪᠥᠭᠡᠵᠢ ᠪᠡᠨ ᠥᠭᠭᠦᠨ᠎ᠡ ᠭᠡᠳ ᠲᠦᠷᠭᠡᠨ ᠵᠠᠭᠤᠷ᠎ᠠ ᠪᠥᠭᠡᠵᠢ ᠪᠡᠨ ᠮᠤᠯᠲᠤᠯᠤᠨ ᠠᠪᠴᠤ ᠠᠯᠠᠭᠠᠨ ᠳᠡᠭᠡᠷ᠎ᠡ ᠪᠡᠨ ᠲᠠᠯᠪᠢᠭᠠᠳ ᠪᠠᠳᠠᠷᠴᠢ ᠶ᠋ᠢᠨ ᠡᠮᠦᠨ᠎ᠡ ᠪᠠᠷᠢᠪᠠ᠃
ᠡᠨᠡ ᠪᠥᠭᠡᠵᠢ ᠶ᠋ᠢ ᠳᠤᠯᠮ᠎ᠠ ᠳ᠋ᠤ᠌ ᠢᠲᠡᠭᠡᠯᠲᠦ ᠠᠪᠴᠤ ᠥᠭᠭᠦᠭᠰᠡᠨ ᠪᠢᠯᠡ᠃ ᠬᠣᠶᠠᠷ ᠴᠢᠨ ᠦ᠌ ᠰᠢᠷᠭᠠᠯᠲᠤᠭᠰᠠᠨ ᠰᠢᠵᠢᠷ ᠠᠯᠲᠠᠨ ᠪᠥᠭᠡᠵᠢ ᠶ᠋ᠢ ᠬᠠᠷᠠᠭᠠᠳ ᠪᠠᠳᠠᠷᠴᠢ ᠶ᠋ᠢᠨ ᠨᠢᠳᠦᠨ ᠳ᠋ᠦ᠍ ᠰᠢᠨᠤᠯ ᠤ᠋ᠨ ᠭᠠᠯ ᠣᠷᠭᠢᠯᠪᠠ᠃
᠊᠊᠊᠊᠊᠊᠊᠊᠊᠊᠊᠊᠊᠊᠊ ᠦᠨᠡᠨ ᠶᠤᠮ ᠪᠢᠵᠡ ᠳᠡ᠃ ᠡᠷᠡᠴᠦᠳ ᠦ᠋ᠨ ᠲᠣᠭᠯᠠᠭᠠᠮ ᠰᠢᠷᠦᠭᠦᠨ ᠪᠠᠢᠳᠠᠭ ᠶᠤᠮ ᠰᠢᠦ᠃
᠊᠊᠊᠊᠊᠊᠊᠊᠊᠊᠊᠊᠊᠊᠊ ᠲᠡᠢᠮᠦ ᠠ᠋᠂ ᠡᠷᠳᠡᠨᠢ ᠭᠤᠸᠠᠢ ᠣᠢᠴᠢᠪᠠᠯ ᠡᠨᠡ ᠪᠥᠭᠡᠵᠢ ᠪᠡᠨ ᠪᠢ ᠥᠭᠭᠦᠨ᠎ᠡ᠃ ᠬᠠᠷᠢᠨ ᠴᠢ ᠣᠢᠴᠢᠪᠠᠯ ᠮᠣᠷᠢ ᠪᠠᠨ ᠥᠭᠭᠦᠨ᠎ᠡ ᠰᠢᠦ᠃
᠊᠊᠊᠊᠊᠊᠊᠊᠊᠊᠊᠊᠊᠊᠊ ᠪᠥᠭᠡᠵᠢ ᠲᠡᠢ ᠪᠠᠢᠲᠤᠭᠠᠢ᠂ ᠪᠥᠭᠡᠵᠢ ᠦᠭᠡᠢ ᠤᠨᠠᠭᠠᠵᠤ ᠰᠤᠷᠤᠭᠰᠠᠨ ᠶᠤᠮ ᠬᠣᠩᠭᠣᠷ ᠮᠢᠨᠢ᠃ ᠲᠡᠷᠡ ᠴᠢᠯᠠᠭᠤᠨ ᠳᠡᠭᠡᠷ᠎ᠡ ᠨᠢᠷᠤᠭᠤ ᠪᠠᠷ ᠨᠢ ᠲᠠᠯᠪᠢᠨ᠎ᠠ ᠭᠡᠳ ᠪᠠᠳᠠᠷᠴᠢ ᠣᠢᠷᠠᠯᠴᠠᠭ᠎ᠠ ᠪᠠᠢᠭ᠎ᠠ ᠤᠷᠭᠤᠭ᠎ᠠ ᠬᠦᠷᠡᠩ ᠴᠢᠯᠠᠭᠤ ᠶ᠋ᠢ ᠵᠢᠭᠠᠪᠠ᠃
ᠡᠷᠳᠡᠨᠢ᠂ ᠪᠠᠳᠠᠷᠴᠢ ᠬᠣᠶᠠᠷ ᠥᠷᠥᠨ ᠵᠣᠭᠰᠣᠪᠠ᠃ ᠡᠷᠳᠡᠨᠢ ᠡᠪ ᠢ᠋ ᠨᠢ ᠣᠯᠵᠤ᠂ ᠬᠡᠢ ᠶ᠋ᠢ ᠲᠠᠭᠠᠷᠠᠭᠤᠯᠵᠤ ᠪᠠᠢᠭᠠᠳ ᠭᠦᠶᠦᠬᠦ ᠪᠣᠳᠣᠯ ᠲᠠᠢ ᠪᠠᠢᠭᠰᠠᠨ ᠪᠣᠯᠬᠣᠷ ᠵᠢᠭᠤᠲᠠᠵᠤ ᠪᠠᠢᠯ᠎ᠠ᠃ ᠪᠠᠳᠠᠷᠴᠢ ᠪᠠᠷᠢᠵᠤ ᠠᠪᠤᠮᠠᠭᠴᠠ ᠰᠡᠭᠡᠷᠡᠨ ᠲᠣᠩᠭᠣᠢ ᠬᠢᠬᠦ ᠭᠡᠵᠦ ᠬᠡᠰᠡᠭ ᠬᠥᠭᠡᠭᠡᠴᠡᠯᠳᠦᠪᠡ᠃
ᠪᠠᠳᠠᠷᠴᠢ ᠪᠠᠷᠢᠯᠳᠤᠬᠤ ᠬᠥᠮᠦᠨ ᠢ᠋ᠶ᠋ᠡᠨ ᠰᠠᠨᠠᠭ᠎ᠠ ᠰᠡᠳᠬᠢᠯ ᠦ᠋ᠨ ᠲᠠᠯ᠎ᠠ ᠪᠠᠷ ᠤᠨᠠᠭᠠᠬᠤ ᠪᠤᠶᠤ ᠬᠣᠷᠣ ᠶ᠋ᠢ ᠨᠢ ᠬᠤᠰᠤᠵᠤ ᠬᠠᠷᠠᠯᠭᠠᠨ ᠪᠣᠯᠭᠠᠳᠠᠭ ᠠᠷᠭ᠎ᠠ ᠲᠠᠢ ᠪᠢᠯᠡ᠃
᠊᠊᠊᠊᠊᠊᠊᠊᠊᠊᠊᠊᠊᠊᠊ ᠲᠦᠮᠡᠨ ᠭᠠᠵᠠᠷ ᠲᠡᠨᠦᠭᠰᠡᠨ ᠴᠠᠭᠠᠴᠢᠨ ᠴᠢ ᠵᠢᠭᠤᠲᠠᠭᠠᠳ ᠭᠦᠢᠴᠡᠭᠳᠡᠬᠦ ᠦᠭᠡᠢ ᠭᠡᠵᠦ ᠪᠣᠳᠣᠵᠤ ᠪᠠᠢᠨ᠎ᠠ ᠤᠤ? ᠭᠡᠪᠡᠴᠦ ᠠᠬ᠎ᠠ ᠶ᠋ᠢᠨ ᠢ᠋ᠶ᠋ᠡᠨ ᠭᠠᠷ ᠡᠴᠡ ᠮᠤᠯᠲᠤᠷᠠᠬᠤ ᠦᠭᠡᠢ ᠭᠡᠯᠡ᠃
ᠡᠷᠳᠡᠨᠢ ᠬᠠᠷᠢᠭᠤ ᠳᠤᠤᠭᠠᠷᠤᠭᠰᠠᠨ ᠦᠭᠡᠢ᠃ ᠨᠢᠳᠦ ᠨᠢ ᠭᠥᠯᠢᠷᠡᠨ ᠤᠬᠤᠷᠢᠵᠤ ᠪᠠᠢᠯ᠎ᠠ᠃ ᠲᠡᠭᠡᠭᠡᠳ ᠭᠦᠶᠦᠬᠦ ᠭᠡᠵᠦ ᠤᠬᠤᠰᠬᠢᠲᠡᠯ᠎ᠡ ᠪᠠᠳᠠᠷᠴᠢ ᠮᠥᠷᠦᠨ ᠳᠡᠭᠡᠷ᠎ᠡ ᠡᠴᠡ ᠨᠢ ᠪᠠᠷᠢᠵᠤ ᠠᠪᠤᠭᠠᠳ ᠰᠡᠬᠡᠷᠡᠨ ᠳᠤᠩᠭᠤᠢ ᠬᠢᠯ᠎ᠡ᠃ ᠡᠷᠳᠡᠨᠢ ᠬᠣᠷᠢᠭᠯᠠᠨ ᠮᠤᠯᠲᠤᠷᠠᠵᠤ ᠪᠠᠷᠢᠴᠠ ᠪᠠᠨ ᠲᠠᠯᠪᠢᠭᠤᠯᠪᠠ᠃
ᠪᠠᠳᠠᠷᠴᠢ ᠰᠢᠷᠣᠢ ᠠᠪᠴᠤ ᠠᠯᠠᠭ᠎ᠠ ᠪᠠᠨ ᠠᠷᠴᠢᠬᠤ ᠵᠠᠭᠤᠷ᠎ᠠ᠄
᠊᠊᠊᠊᠊᠊᠊᠊᠊᠊᠊᠊᠊᠊᠊ ᠪᠠᠶᠠᠨ ᠢᠲᠡᠭᠡᠯᠲᠦ ᠶ᠋ᠢᠨ ᠴᠠᠭ᠎ᠠ ᠵᠣᠬᠢᠵᠤ ᠣᠪᠣᠭ᠎ᠠ ᠲᠡᠩᠬᠡᠭᠡ ᠣᠷᠣᠵᠤ ᠰᠢᠦ᠃ ᠭᠡᠰᠡᠨ ᠴᠦ᠍ ᠲᠡᠷᠡ ᠴᠢᠯᠠᠭᠤ ᠲᠠᠢ ᠨᠢᠷᠤᠭᠤ ᠪᠠᠨ ᠨᠡᠢᠯᠡᠭᠦᠯᠬᠦ ᠡᠴᠡ ᠵᠠᠢᠯᠠᠵᠤ ᠴᠢᠳᠠᠬᠤ ᠦᠭᠡᠢ ᠭᠡᠳ ᠮᠥᠷᠥ ᠪᠡᠨ ᠬᠥᠳᠡᠯᠭᠡᠨ ᠦᠷᠦᠪᠡ᠃
ᠡᠷᠳᠡᠨᠢ ᠭᠦᠶᠦᠬᠦ ᠪᠡᠨ ᠪᠣᠯᠢᠵᠤ᠂ ᠪᠠᠷᠢᠴᠠ ᠪᠠᠨ ᠬᠠᠩᠭᠠᠵᠤ ᠠᠪᠤᠭᠠᠳ ᠪᠣᠰᠠᠠᠬᠤ ᠪᠣᠳᠣᠯ ᠲᠠᠢ ᠪᠠᠢᠵᠠᠢ᠃ ᠭᠡᠲᠡᠯ᠎ᠡ ᠬᠦᠰᠡᠯ ᠳ᠋ᠡᠭᠡᠨ ᠬᠦᠷᠦᠭᠰᠡᠨ ᠦᠭᠡᠢ ᠰᠡᠷᠪᠠᠭᠦᠨ ᠪᠠᠷᠢᠯᠴᠠᠪᠠ᠃ ᠪᠠᠳᠠᠷᠴᠢ ᠬᠡᠢ ᠮᠤᠷᠤᠢᠬᠤ ᠭᠡᠰᠡᠨ ᠢ᠋ᠶ᠋ᠡᠨ ᠪᠠᠷᠠᠭᠤᠨ ᠬᠥᠯ ᠢ᠋ ᠨᠢ ᠰᠣᠢᠯᠵᠤ ᠠᠪᠤᠯ᠎ᠠ᠃ ᠡᠷᠳᠡᠨᠢ ᠳᠠᠭᠠᠭᠤᠯᠵᠤ ᠲᠣᠩᠭᠣᠷᠬᠤ ᠭᠡᠳ ᠪᠠᠷᠢᠴᠠ ᠶ᠋ᠢ ᠨᠢ ᠤᠯᠠᠮ ᠯᠠᠪᠰᠢᠷᠠᠭᠤᠯᠪᠠ᠃
ᠳᠤᠯᠮ᠎ᠠ ᠰᠢᠯᠪᠢᠭᠦᠷ ᠢ᠋ᠶ᠋ᠡᠨ ᠴᠢᠩᠭ᠎ᠠ ᠠᠳᠬᠤᠵᠤ᠂ ᠬᠥᠯ ᠢ᠋ᠶ᠋ᠡᠨ ᠠᠪᠤᠭᠤᠯᠤᠭᠰᠠᠨ ᠡᠷᠳᠡᠨᠢ ᠶ᠋ᠢ ᠲᠦᠰᠢᠵᠦ ᠠᠪᠬᠤ ᠭᠡᠵᠦ ᠪᠠᠢᠭ᠎ᠠ ᠶᠤᠮ ᠰᠢᠭ᠋ ᠵᠡᠭᠦᠨ ᠮᠥᠷᠥ ᠪᠡᠷ ᠢ᠋ᠶ᠋ᠡᠨ ᠬᠡᠢ ᠲᠦᠯᠬᠢᠵᠦ ᠪᠠᠢᠪᠠ᠃
ᠡᠷᠳᠡᠨᠢ ᠬᠡᠳᠦᠢ ᠬᠦᠴᠦᠯᠡᠪᠡᠴᠦ ᠪᠠᠳᠠᠷᠴᠢ ᠨᠢᠭᠡᠳᠦᠭᠡᠷ ᠲᠦ᠍ ᠪᠠᠷᠢᠴᠠ ᠪᠠᠨ ᠬᠠᠩᠭᠠᠵᠤ ᠠᠪᠤᠭᠰᠠᠨ᠂ ᠬᠣᠶᠠᠳᠤᠭᠠᠷ ᠲᠤ᠌ ᠬᠦᠴᠦ ᠪᠡᠷ ᠢᠯᠡᠭᠦᠦ ᠤᠴᠢᠷ ᠡᠴᠡ ᠡᠷᠭᠦᠵᠦ ᠭᠠᠵᠠᠷ ᠡᠴᠡ ᠰᠠᠯᠭᠠᠨ ᠠᠪᠤᠯ᠎ᠠ᠃ ᠲᠡᠭᠡᠭᠡᠳ ᠬᠠᠶᠠᠭᠰᠠᠨ ᠦᠭᠡᠢ᠂ ᠬᠠᠷᠢᠨ ᠵᠢᠭᠠᠭᠰᠠᠨ ᠴᠢᠯᠠᠭᠤ ᠤᠷᠤᠭᠤ ᠪᠠᠨ ᠶᠠᠪᠤᠯ᠎ᠠ᠃
᠊᠊᠊᠊᠊᠊᠊᠊᠊᠊᠊᠊᠊᠊᠊ ᠬᠥᠮᠦᠨ ᠠᠯᠠᠬᠤ ᠨᠢ᠂ ᠪᠣᠯᠢᠭᠠᠴᠢ ᠭᠡᠵᠦ ᠳᠤᠯᠮ᠎ᠠ ᠬᠠᠰᠬᠢᠷᠪᠠ᠃ ᠪᠠᠳᠠᠷᠴᠢ ᠳᠦᠯᠡᠢ ᠶᠤᠮ ᠰᠢᠭ ᠰᠢᠭᠤᠳ ᠴᠢᠯᠠᠭᠤᠨ ᠳ᠋ᠤ᠌ ᠣᠢᠷᠠᠲᠤᠵᠤ ᠣᠴᠢᠭᠠᠳ ᠡᠷᠳᠡᠨᠢ ᠶ᠋ᠢ ᠠᠷᠤ ᠵᠣ ᠪᠠᠷ ᠨᠢ ᠲᠠᠯᠪᠢᠬᠤ ᠭᠡᠲᠡᠯ᠎ᠡ ᠡᠷᠳᠡᠨᠢ ᠵᠡᠭᠦᠨ ᠬᠥᠯ ᠢ᠋ᠶ᠋ᠡᠨ ᠭᠠᠵᠠᠷ ᠬᠦᠷᠦᠮᠡᠭᠴᠡ ᠪᠠᠷᠠᠭᠤᠨ ᠭᠠᠷ ᠢ᠋ᠶ᠋ᠠᠷ ᠪᠠᠳᠠᠷᠴᠢ ᠶ᠋ᠢᠨ ᠰᠤᠭᠤ ᠥᠭᠡᠳᠡ ᠣᠯᠢᠵᠤ ᠪᠠᠷᠠᠭᠤᠨ ᠬᠥᠯ ᠢ᠋ᠶ᠋ᠡᠷ ᠵᠡᠭᠦᠨ ᠡᠪᠦᠳᠦᠭ ᠤᠷᠤᠭᠤ ᠨᠢ ᠲᠡᠢᠷᠦᠭᠡᠳ ᠲᠣᠩᠭᠣᠷᠬᠤ ᠳ᠋ᠤ᠌ ᠮᠠᠩᠨᠠᠢ ᠨᠢ ᠢᠷᠮᠡᠭ ᠲᠡᠢ ᠴᠢᠯᠠᠭᠤᠨ ᠳ᠋ᠤ᠌ ᠬᠡᠭᠵᠡᠯᠡᠭᠳᠡᠵᠦ ᠬᠤᠸᠠ ᠶᠠᠭᠠᠨ ᠴᠢᠰᠤ ᠭᠠᠷᠤᠯ᠎ᠠ᠃ ᠨᠢᠷᠤᠭᠤ ᠪᠠᠷ ᠢ᠋ᠶ᠋ᠠᠨ ᠭᠠᠵᠠᠷ ᠤᠨᠠᠭᠰᠠᠨ ᠪᠠᠳᠠᠷᠴᠢ 《ᠬᠢ᠂ ᠠ᠋》 ᠭᠡᠵᠦ ᠪᠢᠲᠡᠭᠦᠦ ᠳᠠᠭᠤ ᠭᠠᠷᠬᠤ ᠳ᠋ᠤᠨᠢ ᠳᠤᠯᠮ᠎ᠠ ᠨᠠᠭᠠᠳᠤᠮ ᠳ᠋ᠤ᠌ ᠣᠴᠢᠭᠠᠳ ᠢᠷᠡᠵᠦ ᠶᠠᠪᠤᠭ᠎ᠠ ᠡᠬᠡ ᠪᠡᠨ ᠬᠠᠷᠠᠭᠰᠠᠨ ᠬᠡᠦᠬᠡᠳ ᠰᠢᠭ ᠳᠡᠪᠬᠡᠴᠡᠨ ᠳᠡᠰ ᠳᠡᠰ ᠢᠨᠢᠶᠡᠵᠦ ᠰᠢᠯᠪᠢᠭᠦᠷ ᠦ᠋ᠨ ᠪᠥᠭᠰᠡ ᠪᠡᠷ ᠭᠠᠵᠠᠷ ᠪᠠᠯᠪᠠᠵᠤ ᠪᠠᠢᠭᠰᠠᠨ ᠢ᠋ᠶ᠋ᠠᠨ ᠭᠦᠶᠦᠨ ᠢᠷᠡᠵᠦ ᠡᠷᠳᠡᠨᠢ ᠶ᠋ᠢᠨ ᠮᠠᠩᠨᠠᠢ ᠡᠴᠡ ᠭᠠᠷᠴᠤ ᠪᠠᠢᠭ᠎ᠠ ᠴᠢᠰᠤ ᠶ᠋ᠢ ᠠᠷᠴᠢᠨ ᠲᠣᠯᠣᠭᠠᠢ ᠶ᠋ᠢᠨ ᠢ᠋ᠶ᠋ᠡᠨ ᠠᠯᠴᠢᠭᠤᠷ ᠢ᠋ᠶ᠋ᠠᠷ ᠪᠣᠭᠣᠪᠠ᠃
᠊᠊᠊᠊᠊᠊᠊᠊᠊᠊᠊᠊᠊᠊᠊ ᠠᠮᠠ ᠠᠯᠳᠠᠪᠠᠯ ᠪᠠᠷᠢᠵᠤ ᠪᠣᠯᠳᠠᠭ ᠦᠭᠡᠢ᠂ ᠠᠭᠲᠠ ᠠᠯᠳᠠᠪᠠᠯ ᠪᠠᠷᠢᠵᠤ ᠪᠣᠯᠳᠠᠭ ᠶᠤᠮ ᠳᠠ ᠭᠡᠳ ᠡᠷᠳᠡᠨᠢ ᠰᠢᠭᠤᠳ ᠣᠴᠢᠵᠤ ᠪᠠᠳᠠᠷᠴᠢ ᠶ᠋ᠢᠨ ᠡᠮᠡᠭᠡᠯ ᠢ᠋ ᠠᠪᠤᠭᠠᠳ ᠨᠣᠭᠣᠭᠠᠨ ᠳᠡᠭᠡᠷ᠎ᠡ ᠲᠠᠯᠪᠢᠪᠠ᠃
᠊᠊᠊᠊᠊᠊᠊᠊᠊᠊᠊᠊᠊᠊᠊ ᠡᠷᠡᠴᠦᠳ ᠦ᠋ᠨ ᠲᠣᠭᠯᠠᠭᠠᠮ ᠰᠢᠷᠦᠭᠦᠨ ᠪᠠᠢᠳᠠᠭ ᠪᠣᠯᠬᠣᠷ ᠶᠠᠭᠠᠬᠢᠬᠤᠪ ᠳᠠ ᠭᠡᠳ ᠳᠤᠯᠮ᠎ᠠ ᠬᠥᠭᠵᠢᠯᠲᠡᠢ ᠢᠨᠢᠶᠡᠪᠡ᠃ ᠪᠠᠳᠠᠷᠴᠢ ᠶ᠋ᠢᠨ ᠴᠢᠷᠠᠢ ᠮᠢᠠᠴᠢ᠌ᠵᠤ ᠬᠦᠷᠡᠩ ᠤᠯᠠᠭᠠᠨ ᠪᠣᠯᠤᠭᠰᠠᠨ ᠢ᠋ᠶ᠋ᠠᠨ ᠬᠦᠴᠦᠯᠡᠨ ᠢᠨᠢᠶᠡᠮᠰᠦᠭᠯᠡᠪᠡ᠃
ᠤᠨᠠᠭᠰᠠᠨ ᠢ᠋ᠶ᠋ᠠᠨ ᠮᠡᠳᠡᠮᠡᠭᠴᠡ ᠮᠥᠷᠥᠢ ᠤᠯᠠᠢᠬᠤ ᠭᠡᠵᠦ ᠪᠣᠳᠣᠭᠰᠠᠨ ᠪᠣᠯᠪᠠᠴᠤ ᠳᠤᠯᠮ᠎ᠠ ᠶ᠋ᠢᠨ ᠦᠭᠡ ᠶ᠋ᠢ ᠰᠣᠨᠣᠰᠤᠭᠠᠳ ᠨᠡᠷᠡᠯᠬᠡᠦ ᠰᠡᠳᠬᠢᠯ ᠨᠢ ᠳᠠᠪᠠᠵᠤ ᠶᠣᠰᠣᠲᠠᠢ ᠯᠠ ᠪᠤᠷᠤᠭᠤ ᠬᠠᠷᠠᠵᠤ ᠤᠬᠢᠯᠠᠨ᠂ ᠵᠥᠪ ᠬᠠᠷᠠᠵᠤ ᠢᠨᠢᠶᠡᠨ ᠪᠠᠢᠵᠠᠢ᠃
ᠳᠤᠯᠮ᠎ᠠ ᠶ᠋ᠢᠨ ᠬᠣᠨᠢᠨ ᠤ᠋ ᠬᠡᠭᠡᠷ ᠢ᠋ ᠭᠤᠶᠤᠵᠤ ᠡᠮᠡᠭᠡᠯᠯᠡᠨ ᠤᠨᠤᠭᠠᠳ ᠶᠠᠪᠤᠬᠤ ᠳ᠋ᠠᠭᠠᠨ ᠡᠷᠳᠡᠨᠢ ᠶ᠋ᠢ ᠵᠠᠢᠳᠠᠭᠤ ᠭᠠᠵᠠᠷ ᠳᠠᠭᠠᠭᠤᠯᠵᠤ ᠣᠴᠢᠭᠠᠳ᠂ 《ᠵᠠ ᠶᠠᠭᠠᠬᠢᠬᠤᠪ᠂ ᠴᠢᠨᠦ ᠠᠵᠠ ᠢᠷᠡᠵᠦ ᠳᠠ᠃ ᠬᠠᠷᠢᠨ ᠡᠨᠡ ᠶᠠᠪᠤᠳᠠᠯ ᠢ᠋ ᠠᠮᠢᠲᠠᠨ ᠳ᠋ᠤ᠌ ᠬᠡᠯᠡᠭᠰᠡᠨ ᠦ᠌ ᠬᠡᠷᠡᠭ ᠦᠭᠡᠢ》 ᠭᠡᠬᠦ ᠳ᠋ᠦ᠍ᠨᠢ ᠫᠧᠲ᠋ᠷ ᠲᠦ᠍ ᠥᠭᠬᠦ ᠮᠣᠷᠢ ᠲᠠᠢ ᠪᠣᠯᠤᠭᠰᠠᠨ ᠳ᠋ᠠᠭᠠᠨ ᠪᠠᠶᠠᠷᠯᠠᠭᠰᠠᠨ ᠡᠷᠳᠡᠨᠢ᠄
᠊᠊᠊᠊᠊᠊᠊᠊᠊᠊᠊᠊᠊᠊᠊ ᠲᠡᠭᠦᠨ ᠳ᠋ᠦ᠍ ᠪᠢᠲᠡᠭᠡᠢ ᠵᠣᠪᠠ᠂ ᠬᠡᠨ ᠴᠦ᠍ ᠮᠡᠳᠡᠬᠦ ᠦᠭᠡᠢ ᠭᠡᠯᠡ᠃
ᠡᠷᠳᠡᠨᠢ ᠪᠤᠴᠠᠵᠤ ᠳᠤᠯᠮ᠎ᠠ ᠳᠡᠭᠡᠷ᠎ᠡ ᠢᠷᠡᠭᠡᠳ 《ᠵᠠᠭᠤ ᠨᠠᠰᠤᠯᠠᠭᠠᠷᠠᠢ》 ᠭᠡᠬᠦ ᠳ᠋ᠦ᠍ ᠳᠤᠯᠮ᠎ᠠ 《ᠬᠣᠷᠢ ᠨᠠᠰᠤᠯᠠᠭᠰᠠᠨ ᠳ᠋ᠠᠭᠠᠨ ᠭᠣᠮᠣᠳᠠᠵᠤ ᠶᠠᠪᠣᠠᠤ ᠳ᠋ᠤ᠌ ᠵᠠᠭᠤ ᠨᠠᠰᠤᠯᠠ ᠭᠡᠨ᠎ᠡ ᠰᠢᠦ》 ᠭᠡᠵᠦ ᠬᠥᠭᠵᠢᠯᠲᠡᠢ ᠬᠡᠯᠡᠪᠡ᠃
᠊᠊᠊᠊᠊᠊᠊᠊᠊᠊᠊᠊᠊᠊᠊ ᠵᠠ ᠲᠡᠭᠡᠪᠡᠯ ᠬᠡᠳᠦ ᠯᠡ ᠬᠦᠷᠬᠦ ᠳᠤᠷ᠎ᠠ ᠲᠠᠢ ᠪᠣᠯ ᠲᠡᠳᠦᠢ ᠨᠠᠰᠤᠯᠠᠭᠠᠷᠠᠢ ᠳᠤᠯᠮ᠎ᠠ ᠮᠢᠨᠢ᠃ ᠨᠠᠮᠢ᠋ᠢ ᠮᠣᠷᠢ ᠬᠣᠨᠵᠢᠭᠰᠠᠨ ᠭᠡᠵᠦ ᠬᠡᠨ ᠳ᠋ᠦ᠍ ᠴᠦ᠍ ᠬᠡᠯᠡᠵᠦ ᠪᠣᠯᠬᠤ ᠦᠭᠡᠢ ᠰᠢᠦ᠃
᠊᠊᠊᠊᠊᠊᠊᠊᠊᠊᠊᠊᠊᠊᠊ ᠬᠡᠯᠡᠵᠦ ᠪᠣᠯᠳᠠᠭ ᠦᠭᠡᠢ ᠶᠤᠮ ᠪᠣᠯ ᠵᠠᠷᠯᠠᠵᠤ ᠶᠠᠪᠤᠬᠤ ᠬᠡᠷᠡᠭ ᠨᠠᠳᠠ ᠠᠯᠠᠭ᠎ᠠ ᠭᠡᠳ ᠠᠵᠢᠭ ᠦᠭᠡᠢ ᠡᠮᠡᠭᠡᠯ ᠢ᠋ᠶ᠋ᠡᠨ ᠠᠪᠴᠤ ᠡᠭᠦᠷᠦᠭᠡᠳ ᠡᠨᠡ ᠬᠣᠭᠣᠷᠣᠨᠳᠣ ᠬᠣᠯᠠᠳᠴᠤ ᠠᠮᠵᠢᠭᠰᠠᠨ ᠬᠣᠨᠢᠨ ᠤ᠋ ᠪᠠᠨ ᠬᠣᠢᠨ᠎ᠠ ᠡᠴᠡ ᠳᠠᠭᠤᠤ ᠠᠶᠠᠯᠤᠨ ᠠᠯᠬᠤᠪᠠ᠃
