ᠲᠤᠩᠭᠠᠯᠠᠭ ᠲᠠᠮᠢᠷ1-16-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-16-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-16-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-15

1460

《ᠲᠠᠷᠪᠠᠭᠠᠨ ᠤ᠋ ᠨᠦᠬᠡᠨ ᠳ᠋ᠦ᠍ ᠬᠠᠰᠬᠢᠷᠪᠠᠯ ᠳᠦᠩᠭᠢᠨᠡᠵᠦ ᠮᠠᠭᠠᠳ》 - ᠨᠢᠭᠡᠳᠦᠭᠡᠷ ᠪᠦᠯᠦᠭ ᠠᠷᠪᠠᠨ ᠵᠢᠷᠭᠤᠭ᠎ᠠ


  ᠨᠠᠮᠤᠷ ᠤ᠋ᠨ ᠰᠢᠷ᠎ᠠ ᠨᠠᠷᠠ ᠳᠠᠭᠤᠰᠴᠤ᠂ ᠵᠢᠪᠡᠭᠦᠨ ᠰᠠᠯᠬᠢ ᠦᠯᠢᠶᠡᠨ᠂ ᠠᠭᠤᠯᠠᠰ ᠤ᠋ᠨ ᠣᠷᠣᠢ ᠪᠠᠷ ᠴᠠᠰᠤ ᠦᠵᠡᠭᠳᠡᠵᠦ᠂ ᠰᠥᠨᠢ ᠳ᠋ᠦ᠍ᠨᠢ ᠤᠷᠤᠰᠬᠠᠯ ᠤᠰᠤ ᠬᠦᠷᠲᠡᠯ᠎ᠡ ᠵᠠᠢᠷᠮᠠᠭᠲᠤᠵᠤ ᠪᠤᠯᠠᠭᠠᠨ ᠠᠭᠤᠯᠠ ᠶ᠋ᠢᠨ ᠳᠡᠭᠡᠭᠦᠷ ᠤᠰᠤᠨ ᠤ᠋ ᠰᠢᠪᠠᠭᠤᠳ ᠬᠠᠷᠢ ᠶ᠋ᠢᠨ ᠬᠠᠯᠠᠭᠤᠨ ᠣᠷᠣᠨ ᠤ᠋ ᠵᠦᠭ ᠭᠠᠩᠭᠠᠷ ᠭᠣᠩᠭᠣᠷ ᠳᠤᠤᠭᠠᠷᠤᠨ ᠨᠢᠰᠴᠦ ᠪᠠᠢᠯ᠎ᠠ᠃
  ᠬᠥᠳᠡᠭᠡ ᠶ᠋ᠢᠨ ᠠᠢᠯ ᠤ᠋ᠳ ᠡᠪᠦᠯᠵᠢᠶ᠎ᠡ ᠪᠡᠨ ᠪᠠᠷᠠᠭᠠᠳᠠᠨ᠂ ᠬᠣᠲᠠ ᠰᠠᠭᠤᠷᠢᠨ ᠭᠠᠵᠠᠷ ᠤ᠋ᠨ ᠠᠢᠯ ᠤ᠋ᠳ ᠭᠡᠷ ᠢ᠋ᠶ᠋ᠡᠨ ᠳᠤᠯᠠᠭᠠᠯᠠᠵᠤ ᠡᠬᠢᠯᠡᠪᠡ᠃
  ᠡᠢᠮᠦ ᠨᠠᠮᠤᠷ ᠤ᠋ᠨ ᠨᠢᠭᠡ ᠡᠳᠦᠷ ᠵᠠᠶ᠎ᠠ ᠶ᠋ᠢᠨ ᠬᠦᠷᠢᠶᠡᠨ ᠦ᠌ ᠪᠠᠷᠠᠭᠤᠨ ᠡᠮᠦᠨᠡᠬᠢ ᠮᠠᠨᠢᠳᠤ ᠲᠣᠯᠣᠭᠠᠢ ᠶ᠋ᠢᠨ ᠣᠷᠣᠢ ᠳᠡᠭᠡᠷ᠎ᠡ ᠬᠥᠪᠥᠩ ᠲᠡᠢ ᠴᠡᠩᠬᠡᠷ ᠳᠤᠷᠳᠤᠩ ᠳᠡᠪᠡᠯ ᠲᠡᠢ ᠪᠦᠰᠡᠭᠦᠢ ᠰᠠᠭᠤᠵᠤ ᠲᠣᠯᠣᠭᠠᠢ ᠶ᠋ᠢᠨ ᠬᠣᠢᠲᠤ ᠰᠢᠯᠢ ᠪᠡᠷ ᠭᠠᠷᠤᠭᠰᠠᠨ ᠵᠠᠮ ᠢ᠋ᠶ᠋ᠠᠷ ᠶᠠᠪᠤᠭᠰᠠᠳ ᠢ᠋ ᠠᠵᠢᠭᠯᠠᠨ᠎ᠠ᠃ ᠡᠨᠡ ᠪᠣᠯ ᠨᠥᠭᠦᠭᠡ ᠴᠡᠴᠡᠭ ᠠᠵᠢ᠃
  ᠴᠡᠴᠡᠭ ᠡᠨᠡ ᠵᠢᠯ ᠠᠷᠪᠠᠨ ᠨᠢᠮᠡᠨ ᠨᠠᠰᠤᠲᠠᠢ ᠪᠥᠭᠡᠳ ᠠᠷᠪᠠᠨ ᠵᠢᠯ ᠦ᠋ᠨ ᠡᠮᠦᠨ᠎ᠡ ᠤᠯᠠᠭᠠᠨ ᠪᠤᠷᠬᠠᠨ ᠢ᠋ᠶ᠋ᠠᠷ ᠡᠴᠢᠭᠡ᠂ ᠡᠬᠡ ᠡᠴᠡ ᠪᠡᠨ ᠰᠠᠯᠤᠨ ᠥᠨᠥᠴᠢᠷᠡᠵᠡᠢ᠃ ᠲᠡᠷᠡ ᠦᠶ᠎ᠡ ᠳ᠋ᠦ᠍ ᠴᠢᠮᠡᠭ ᠦ᠋ᠨ ᠡᠬᠡ ᠲᠠᠭᠠᠷᠠᠯᠳᠤᠵᠤ 《ᠥᠬᠢᠨ ᠳ᠋ᠡᠭᠡᠨ ᠬᠠᠨᠢ ᠲᠠᠢ ᠪᠣᠯᠭᠠᠨ᠎ᠠ》 ᠭᠡᠵᠦ ᠦᠷᠡᠴᠢᠯᠡᠨ ᠲᠡᠵᠢᠭᠡᠪᠡ᠃
  ᠵᠠᠯᠠᠭᠤ ᠨᠠᠰᠤᠨ ᠡᠴᠡ ᠪᠡᠨ ᠡᠬᠢᠯᠡᠨ ᠵᠠᠶ᠎ᠠ ᠶ᠋ᠢᠨ ᠬᠦᠷᠢᠶᠡᠨ ᠦ᠌ ᠳᠡᠷᠭᠡᠳᠡ ᠠᠮᠢᠳᠤᠷᠠᠵᠤ ᠪᠠᠢᠭᠰᠠᠨ ᠲᠡᠷᠡ ᠠᠪᠠᠭᠠᠢ ᠥᠩᠭᠡᠷᠡᠭᠰᠡᠨ ᠵᠢᠯ ᠭᠡᠨᠡᠳᠲᠡ ᠭᠠᠯᠵᠠᠭᠤᠷᠠᠵᠤ ᠨᠠᠰᠤ ᠪᠠᠷᠠᠵᠠᠢ᠃ ᠣᠷᠣᠵᠤ ᠭᠠᠷᠤᠭᠰᠠᠨ ᠯᠠᠮᠠ᠂ ᠬᠢᠲᠠᠳ ᠭᠣᠣᠯᠳᠠᠭᠤ ᠬᠥᠮᠦᠨ ᠦ᠌ ᠪᠡᠯᠡᠭ ᠱᠠᠩ ᠢ᠋ᠶ᠋ᠠᠷ ᠡᠯᠪᠡᠭ ᠳᠡᠯᠪᠡᠭ ᠠᠮᠢᠳᠤᠷᠠᠵᠤ ᠪᠠᠢᠭᠰᠠᠨ ᠲᠡᠷᠡ ᠠᠪᠠᠭᠠᠢ ᠵᠠᠯᠠᠭᠤ ᠳ᠋ᠠᠭᠠᠨ ᠭᠠᠷᠭᠠᠭᠰᠠᠨ ᠥᠬᠢᠨ ᠴᠢᠮᠡᠭ᠂ ᠲᠡᠵᠢᠭᠡᠪᠦᠷᠢ ᠥᠬᠢᠨ ᠴᠡᠴᠡᠭ ᠬᠣᠶᠠᠷ ᠢ᠋ᠶ᠋ᠠᠨ ᠥᠪᠡᠷ ᠦ᠋ᠨ ᠵᠠᠮ ᠳ᠋ᠤ᠌ ᠣᠷᠣᠭᠤᠯᠵᠤ ᠠᠮᠵᠢᠭᠰᠠᠨ ᠢ᠋ᠶ᠋ᠠᠷ ᠪᠠᠷᠠᠬᠤ ᠦᠭᠡᠢ ᠬᠠᠰᠢᠶ᠎ᠠ ᠪᠠᠢᠰᠢᠩ᠂ ᠮᠥᠭᠡᠷ ᠲᠡᠢ ᠱᠠᠯᠠ ᠲᠠᠢ ᠲᠠᠪᠤᠨ ᠬᠠᠨ᠎ᠠ ᠲᠠᠢ ᠲᠣᠬᠢᠯᠢᠭ ᠭᠡᠷ ᠵᠡᠷᠭᠡ ᠣᠪᠣᠭ᠎ᠠ ᠬᠥᠷᠥᠩᠭᠡ ᠦᠯᠡᠳᠡᠭᠡᠵᠡᠢ᠃
  ᠴᠡᠴᠡᠭ ᠡᠨᠡ ᠠᠮᠢᠳᠤᠷᠠᠯ ᠢ᠋ᠶ᠋ᠠᠨ ᠵᠢᠭᠰᠢᠨ᠂ ᠲᠡᠭᠦᠨ ᠳ᠋ᠡᠭᠡᠨ ᠭᠤᠲᠤᠵᠤ᠂ ᠳᠣᠲᠣᠷ᠎ᠠ ᠨᠢ ᠦᠷᠭᠦᠯᠵᠢ ᠬᠠᠷᠠᠩᠭᠤᠢ ᠬᠠᠷ᠎ᠠ ᠮᠠᠨᠠᠨ ᠳ᠋ᠤ᠌ ᠤᠮᠪᠠᠵᠤ ᠪᠠᠢᠳᠠᠭ᠃ ᠭᠡᠬᠦ ᠳ᠋ᠡᠭᠡᠨ ᠥᠭᠡᠷ᠎ᠡ ᠶᠠᠭᠠᠬᠢᠵᠤ ᠠᠮᠢᠳᠤᠷᠠᠬᠤ ᠪᠣᠢ? ᠭᠡᠳᠡᠭ ᠠᠰᠠᠭᠤᠯᠲᠠ ᠳ᠋ᠤ᠌ ᠥᠭᠬᠦ ᠬᠠᠷᠢᠭᠤ ᠪᠠᠢᠳᠠᠭ ᠦᠭᠡᠢ ᠠᠵᠢ᠃ ᠬᠠᠷᠢᠭᠤ ᠦᠭᠡᠢ ᠤᠴᠢᠷ ᠡᠴᠡ ᠤᠷᠢᠳᠤ ᠨᠠᠰᠤᠨ ᠳ᠋ᠠᠭᠠᠨ ᠬᠢᠭᠰᠡᠨ ᠯᠠᠢ ᠡᠴᠡ ᠪᠣᠯᠵᠤ ᠵᠠᠶᠠᠭ᠎ᠠ ᠦᠭᠡᠢ ᠲᠥᠷᠥᠭᠡᠳ᠂ ᠢᠩᠭᠢᠵᠦ ᠶᠠᠪᠤᠭ᠎ᠠ ᠶᠤᠮ ᠭᠡᠵᠦ ᠪᠣᠳᠣᠭᠠᠳ ᠢᠷᠡᠬᠦ ᠲᠥᠷᠥᠯ ᠳ᠋ᠡᠭᠡᠨ ᠰᠠᠢᠨ ᠨᠥᠬᠥᠷ ᠲᠡᠢ᠂ ᠰᠠᠢᠬᠠᠨ ᠦᠷ᠎ᠡ ᠲᠡᠢ ᠪᠣᠯᠬᠤ ᠭᠡᠵᠦ ᠵᠢᠯ ᠳ᠋ᠦ᠍ ᠬᠣᠶᠠᠷ ᠤᠳᠠᠭ᠎ᠠ ᠵᠠᠶ᠎ᠠ ᠶ᠋ᠢᠨ ᠬᠦᠷᠢᠶ᠎ᠡ ᠶ᠋ᠢ ᠰᠤᠨᠵᠤ ᠮᠥᠷᠭᠥᠯ ᠦᠢᠯᠡᠳᠦᠨ ᠡᠳᠦᠷ ᠪᠦᠷᠢ ᠡᠷᠭᠢᠳᠡᠭ ᠪᠠᠢᠵᠠᠢ᠃
  ᠬᠣᠷᠢᠨ ᠨᠠᠰᠤ ᠬᠦᠷᠴᠦ ᠪᠠᠢᠭ᠎ᠠ ᠴᠢᠮᠡᠭ ᠪᠣᠯ ᠡᠨᠡ ᠠᠮᠢᠳᠤᠷᠠᠯ ᠳ᠋ᠠᠭᠠᠨ ᠬᠦᠰᠡᠯ ᠬᠠᠨᠤᠮᠵᠢᠲᠠᠢ ᠪᠥᠭᠡᠳ ᠡᠮᠡᠭᠲᠡᠢ ᠬᠥᠮᠦᠨ ᠳ᠋ᠦ᠍ ᠰᠠᠢᠨ ᠠᠮᠢᠳᠤᠷᠠᠬᠤ ᠥᠭᠡᠷ᠎ᠡ ᠵᠠᠮ ᠡᠨᠡ ᠬᠣᠷᠸ᠎ᠠ ᠳ᠋ᠤ᠌ ᠪᠠᠢᠬᠤ ᠦᠭᠡᠢ ᠭᠡᠵᠦ ᠪᠠᠲᠤ ᠢᠲᠡᠭᠡᠵᠦ ᠶᠠᠪᠤᠳᠠᠭ᠃ ᠡᠷ᠎ᠡ ᠯᠡ ᠬᠥᠮᠦᠨ ᠪᠣᠯ ᠮᠢᠨᠦ ᠰᠠᠢᠬᠠᠨ ᠳ᠋ᠤ᠌ ᠤᠨᠠᠨ᠎ᠠ ᠭᠡᠵᠦ ᠪᠣᠳᠣᠳᠠᠭ ᠪᠥᠭᠡᠳ ᠪᠤᠰᠤᠳ ᠬᠡᠦᠬᠡᠨ ᠨᠦ᠍ᠭᠦᠳ ᠨᠥᠬᠥᠷ ᠢ᠋ᠶ᠋ᠡᠨ ᠬᠠᠷᠠᠳᠠᠵᠤ ᠪᠠᠢᠭ᠎ᠠ᠂ ᠡᠷᠡᠴᠦᠳ ᠬᠡᠳᠦ ᠬᠡᠳᠦ ᠪᠡᠷ ᠢ᠋ᠶ᠋ᠡᠨ ᠢᠷᠡᠭᠡᠳ ᠬᠠᠷᠭᠤᠯᠳᠤᠵᠤ᠂ ᠪᠡᠶ᠎ᠡ ᠪᠡᠶ᠎ᠡ ᠡᠴᠡ ᠪᠡᠨ ᠪᠠᠶᠠᠨ᠂ ᠴᠢᠳᠠᠯ ᠲᠠᠢ ᠪᠣᠯᠵᠤ ᠦᠵᠡᠭᠳᠡᠬᠦ ᠶ᠋ᠢ ᠬᠢᠴᠢᠶᠡᠵᠦ ᠪᠠᠢᠭ᠎ᠠ ᠶ᠋ᠢ ᠬᠠᠷᠠᠭᠠᠳ ᠰᠠᠢᠬᠠᠨ ᠴᠢᠷᠠᠢ ᠭᠤᠸ᠎ᠠ ᠪᠡᠶ᠎ᠡ ᠶ᠋ᠢᠨ ᠮᠢᠨᠢ ᠴᠢᠳᠠᠯ ᠭᠡᠵᠦ ᠪᠠᠬᠠᠷᠬᠠᠨ ᠶᠠᠪᠤᠳᠠᠭ ᠠᠵᠢ᠃ ᠡᠨᠡ ᠰᠡᠳᠬᠢᠯ ᠡᠴᠡ ᠪᠡᠨ ᠪᠣᠯᠤᠭᠠᠳ ᠡᠷ᠎ᠡ ᠬᠥᠮᠦᠨ ᠪᠡᠯᠡᠭ ᠥᠭᠬᠦ ᠳ᠋ᠦ᠍ ᠨᠠᠳᠠ ᠡᠰᠡ ᠥᠭᠪᠡᠯ ᠬᠡᠨ ᠳ᠋ᠦ᠍ ᠥᠭᠬᠦ ᠪᠢᠯᠡ ᠳᠠ ᠭᠡᠵᠦ ᠪᠣᠳᠣᠳᠠᠭ ᠪᠣᠯᠬᠣᠷ ᠬᠥᠮᠦᠨ ᠦ᠌ ᠪᠡᠯᠡᠭ ᠢ᠋ ᠦᠷᠭᠦᠯᠵᠢ ᠴᠢᠮᠠᠯᠠᠵᠤ ᠪᠠᠢᠳᠠᠭ ᠠᠵᠢ᠃
  ᠊᠊᠊᠊᠊᠊᠊᠊᠊᠊᠊᠊᠊᠊᠊ ᠡᠭᠦᠨ ᠢ᠋ᠶ᠋ᠡᠷ ᠴᠦ᠍ ᠶᠠᠭᠠᠬᠢᠬᠤ ᠶᠤᠮ ᠪᠢᠯᠡ ᠳᠠ ᠭᠡᠳᠡᠭ ᠦᠭᠡ ᠶ᠋ᠢ ᠠᠯᠲᠠᠨ ᠪᠥᠭᠡᠵᠢ ᠶ᠋ᠢᠨ ᠬᠠᠷᠢᠭᠤ ᠳ᠋ᠤ᠌ ᠴᠤ᠌ ᠬᠡᠯᠡᠵᠦ ᠪᠠᠢᠭᠰᠠᠨ᠂ ᠠᠮᠪᠠᠨ ᠲᠠᠷᠭᠤᠨ ᠱᠠᠷ ᠤ᠋ᠨ ᠮᠢᠬᠠᠨ ᠤ᠋ ᠬᠠᠷᠢᠭᠤ ᠳ᠋ᠤ᠌ ᠴᠤ᠌ ᠬᠡᠯᠡᠳᠡᠭ ᠶᠤᠮ᠃
  ᠦᠨᠡᠬᠡᠷ ᠴᠦ᠍ ᠴᠢᠮᠡᠭ ᠲᠦ᠍ ᠳᠤᠲᠠᠭᠳᠠᠬᠤ ᠶᠠᠭᠤᠮ᠎ᠠ ᠪᠠᠢᠭᠰᠠᠨ ᠦᠭᠡᠢ᠃ ᠳᠡᠪᠡᠯ ᠬᠢᠵᠦ ᠡᠮᠦᠰᠦᠶ᠎ᠡ ᠭᠡᠪᠡᠯ ᠪᠤᠶᠠᠨᠳᠠᠯᠠᠢ ᠶᠤᠮ ᠤᠤ᠂ ᠥᠨᠳᠥᠷ ᠲᠦ᠍ ᠬᠡᠯᠡᠭᠡᠳ ᠠᠪᠤᠨ᠎ᠠ᠃ ᠲᠠᠷᠭᠤᠨ ᠮᠢᠬ᠎ᠠ ᠢᠳᠡᠶ᠎ᠡ ᠭᠡᠪᠡᠯ ᠨᠥᠭᠦᠭᠡ ᠨᠢᠭᠡ ᠳ᠋ᠦ᠍ᠨᠢ ᠬᠡᠯᠡᠭᠡᠳ ᠠᠪᠴᠤ ᠴᠢᠳᠠᠬᠤ ᠪᠠᠢᠯ᠎ᠠ᠃
  ᠴᠡᠴᠡᠭ ᠠᠭᠤᠯᠠᠨ ᠡᠴᠡ ᠪᠠᠭᠤᠵᠤ ᠭᠤᠨᠢᠭᠲᠠᠢ ᠠᠯᠬᠤᠭᠰᠠᠭᠠᠷ ᠪᠠᠶᠤᠤ ᠶ᠋ᠢᠨ ᠵᠠᠬ᠎ᠠ ᠤᠷᠤᠭᠤ ᠣᠷᠣᠭᠠᠳ ᠬᠡᠯᠲᠦᠷᠢᠨ ᠶᠠᠪᠤᠵᠤ ᠪᠠᠢᠲᠠᠯ᠎ᠠ ᠪᠤᠶᠠᠨᠳᠠᠯᠠᠢ ᠭᠡᠳᠡᠭ ᠫᠦᠰᠡᠨ ᠦ᠌ ᠳᠠᠩᠵᠢᠶᠠᠳ ᠲᠠᠢ ᠲᠠᠭᠠᠷᠠᠯᠳᠤᠪᠠ᠃
  ᠊᠊᠊᠊᠊᠊᠊᠊᠊᠊᠊᠊᠊᠊᠊ ᠴᠡᠴᠡᠭ ᠴᠢ ᠰᠠᠢᠨ ᠤᠤ?
  ᠊᠊᠊᠊᠊᠊᠊᠊᠊᠊᠊᠊᠊᠊᠊ ᠰᠠᠢᠨ᠂ ᠪᠤᠶᠠᠨᠳᠠᠯᠠᠢ ᠭᠤᠸᠠᠢ ᠲᠠ ᠰᠠᠢᠨ ᠤᠤ?
  ᠊᠊᠊᠊᠊᠊᠊᠊᠊᠊᠊᠊᠊᠊᠊ ᠡᠭᠡᠴᠢ ᠴᠢᠨᠢ ᠭᠡᠷ ᠲᠡᠭᠡᠨ ᠪᠣᠢ ᠤᠤ?
  ᠊᠊᠊᠊᠊᠊᠊᠊᠊᠊᠊᠊᠊᠊᠊ ᠪᠠᠢᠭ᠎ᠠ ᠪᠠᠢᠬ᠎ᠠ ᠠ᠋᠃
  ᠊᠊᠊᠊᠊᠊᠊᠊᠊᠊᠊᠊᠊᠊᠊ ᠴᠢ ᠮᠠᠨ ᠤ᠋ ᠬᠢ ᠪᠡᠷ ᠣᠷᠣᠬᠤ ᠦᠭᠡᠢ ᠤᠤ?
  ᠊᠊᠊᠊᠊᠊᠊᠊᠊᠊᠊᠊᠊᠊᠊ ᠪᠢ ᠶᠠᠭᠠᠷᠠᠵᠤ ᠶᠠᠪᠤᠨ᠎ᠠ᠃
  ᠊᠊᠊᠊᠊᠊᠊᠊᠊᠊᠊᠊᠊᠊᠊ ᠲᠠᠨ ᠤ᠋ ᠬᠢ ᠪᠡᠷ ᠮᠠᠷᠭᠠᠰᠢ ᠯᠠᠪ ᠣᠴᠢᠨ᠎ᠠ ᠪᠢ᠃ ᠣᠢᠷ᠎ᠠ ᠳ᠋ᠠᠭᠠᠨ ᠶᠡᠬᠡ ᠠᠵᠢᠯ ᠲᠠᠢ ᠭᠡᠳ ᠪᠤᠶᠠᠨᠳᠠᠯᠠᠢ ᠲᠣᠯᠣᠭᠠᠢ ᠪᠠᠨ ᠰᠡᠭᠰᠦᠷᠦᠨ ᠬᠠᠷ᠎ᠠ ᠲᠠᠮᠠᠬᠢᠨ ᠳ᠋ᠤ᠌ ᠬᠥᠭᠡᠴᠦᠷᠡᠵᠦ ᠬᠠᠷᠠᠯᠠᠭᠰᠠᠨ ᠰᠢᠲᠦ ᠪᠡᠨ ᠢᠷᠵᠠᠢᠯᠭᠠᠨ ᠬᠤᠳᠠᠯ ᠢᠨᠢᠶᠡᠪᠡ᠃
  ᠴᠡᠴᠡᠭ ᠢ᠋ ᠭᠡᠷ ᠲᠡᠭᠡᠨ ᠣᠷᠣᠵᠤ ᠢᠷᠡᠬᠦ ᠳ᠋ᠦ᠍ ᠴᠢᠮᠡᠭ ᠣᠳᠣ ᠲᠠᠢ ᠬᠦᠷᠡᠩ ᠲᠣᠷᠭ᠎ᠠ ᠪᠠᠷ ᠳᠡᠪᠡᠯ ᠣᠶᠣᠵᠤ ᠪᠠᠢᠯ᠎ᠠ᠃ ᠴᠡᠴᠡᠭ ᠲᠣᠯᠣᠭᠠᠢ ᠶ᠋ᠢᠨ ᠠᠯᠴᠢᠭᠤᠷ ᠢ᠋ᠶ᠋ᠠᠨ ᠣᠷᠣ ᠤᠷᠤᠭᠤ ᠰᠢᠳᠡᠭᠡᠳ ᠠᠶᠠᠭ᠎ᠠ ᠬᠦᠢᠲᠡᠨ ᠴᠠᠢ ᠰᠢᠨᠤᠭ ᠵᠠᠯᠭᠢᠯᠠᠭᠠᠳ 《ᠬᠦᠢᠲᠡᠨ ᠪᠣᠯᠤᠯ᠎ᠠ᠃ ᠱᠠᠯᠠ ᠶ᠋ᠢᠨ ᠰᠢᠷᠣᠢ ᠪᠠᠨ ᠬᠠᠲᠠᠭᠠᠵᠤ ᠭᠡᠷ ᠢ᠋ᠶ᠋ᠡᠨ ᠳᠤᠯᠠᠭᠠᠯᠠᠬᠤ ᠶᠤᠮᠰᠠᠨ》 ᠭᠡᠯ᠎ᠡ᠃
  ᠴᠢᠮᠡᠭ ᠣᠶᠣᠵᠤ ᠪᠠᠢᠭ᠎ᠠ ᠳᠡᠪᠡᠯ ᠢ᠋ᠶ᠋ᠡᠨ ᠣᠷᠬᠢᠵᠤ ᠭᠡᠳᠡᠷᠭᠦ ᠨᠢ ᠲᠠᠯᠪᠢᠭᠠᠳ ᠢᠷᠪᠠᠢᠵᠤ ᠰᠤᠨᠢᠶᠠᠭᠰᠠᠨ ᠢ᠋ᠶ᠋ᠠᠨ 《ᠨᠥᠭᠦᠭᠡ ᠵᠠᠮᠪᠠᠯ ᠯᠠ ᠬᠥᠮᠦᠨ ᠣᠯᠵᠤ ᠢᠷᠡᠨ᠎ᠡ ᠭᠡᠵᠦ ᠪᠡᠯᠡᠬᠡᠨ ᠠᠮᠠ ᠬᠡᠯᠡᠭᠰᠡᠨ ᠰᠢᠦ ᠳᠡ》 ᠭᠡᠳ ᠵᠢᠵᠢᠭᠬᠡᠨ ᠮᠠᠨᠤᠨ ᠰᠣᠷᠣᠭᠤᠯ ᠲᠠᠢ ᠭᠠᠩᠰᠠ ᠠᠪᠴᠤ ᠲᠠᠮᠠᠬᠢ ᠲᠠᠲᠠᠯ᠎ᠠ᠃
  ᠴᠡᠴᠡᠭ ᠣᠷᠣ ᠶ᠋ᠢᠨ ᠲᠣᠯᠣᠭᠠᠢ ᠳ᠋ᠤ᠌ ᠪᠠᠢᠭᠰᠠᠨ ᠱᠤᠳᠤᠷᠭᠤ ᠬᠥᠭᠵᠢᠮ ᠢ᠋ ᠠᠪᠴᠤ 《ᠰᠦᠨᠵᠢᠳᠮ᠎ᠠ》 ᠭᠡᠳᠡᠭ ᠳᠠᠭᠤᠤ ᠶ᠋ᠢ ᠬᠣᠶᠠᠷ ᠪᠠᠳᠠᠭ ᠲᠣᠭᠯᠠᠭᠰᠠᠨ ᠢ᠋ᠶ᠋ᠠᠨ ᠨᠠᠮᠤᠭᠤᠬᠠᠨ ᠵᠥᠭᠡᠯᠡᠨ ᠪᠥᠭᠡᠳ ᠭᠤᠨᠢᠭᠲᠠᠢ ᠳᠠᠭᠤ ᠪᠠᠷ᠄
  《ᠦᠢᠲᠠᠩ ᠬᠤᠸᠠᠷ ᠤ᠋ᠨ ᠬᠡ ᠴᠢᠨᠢ ᠡᠯᠡᠭᠳᠡᠳᠡᠭ ᠶᠤᠮ ᠳᠡ ᠬᠦ ᠬᠦ ᠬᠦ
  ᠦᠨᠡᠨᠴᠢ ᠨᠥᠬᠥᠷ ᠭᠡᠳᠡᠭ ᠬᠡᠷᠡᠭ ᠪᠣᠯᠤᠨ᠎ᠠ᠂ ᠰᠦᠨᠵᠢᠳᠮ᠎ᠠ ᠮᠢᠨᠢ ᠬᠦ ᠬᠦ ᠬᠦ
  ᠡᠭᠦᠳᠡᠨ ᠬᠣᠶᠠᠷ ᠰᠢᠳᠦ ᠶ᠋ᠢ ᠴᠢᠨᠢ ᠤᠨᠠᠭᠠᠳ ᠢᠷᠡᠬᠦ ᠶ᠋ᠢᠨ ᠦᠶ᠎ᠡ ᠬᠦ ᠬᠦ ᠬᠦ
  ᠠᠢ ᠯᠠ ᠰᠦᠨᠵᠢᠳᠮ᠎ᠠ ᠮᠢᠨᠢ ᠳᠡ ᠬᠦ ᠬᠦ ᠬᠦ
  ᠡᠭᠦᠳᠡ ᠬᠠᠭᠠᠯᠭ᠎ᠠ ᠪᠠᠨ ᠨᠡᠭᠡᠭᠡᠭᠡᠳ ᠰᠠᠭᠤᠭᠰᠠᠨ ᠴᠢᠭ
  ᠦᠵᠡᠵᠦ ᠬᠠᠷᠠᠬᠤ ᠬᠥᠮᠦᠨ ᠦᠭᠡᠢ ᠪᠣᠯᠤᠨ᠎ᠠ ᠬᠦ ᠬᠦ ᠬᠦ
  ᠬᠠᠮᠪᠤ ᠶ᠋ᠢᠨ ᠬᠡ ᠴᠢᠨᠢ ᠡᠯᠡᠭᠳᠡᠳᠡᠭ ᠶᠤᠮ ᠳᠡ ᠬᠦ ᠬᠦ ᠬᠦ
  ᠬᠠᠨᠢᠯᠠᠭᠰᠠᠨ ᠨᠥᠬᠥᠷ ᠭᠡᠳᠡᠭ ᠬᠡᠷᠡᠭ ᠪᠣᠯᠤᠨ᠎ᠠ᠂ ᠰᠦᠨᠵᠢᠳᠮ᠎ᠠ ᠬᠦ ᠬᠦ ᠬᠦ
  ᠬᠠᠷ᠎ᠠ ᠰᠠᠢᠬᠠᠨ ᠦᠰᠦ ᠶ᠋ᠢ ᠴᠢᠨᠢ ᠴᠠᠢᠭᠠᠳ ᠢᠷᠡᠬᠦ ᠶ᠋ᠢᠨ ᠦᠶ᠎ᠡ ᠳ᠋ᠦ᠍ ᠬᠦ ᠬᠦ ᠬᠦ
  ᠠᠢ ᠯᠠ ᠰᠦᠨᠵᠢᠳᠮ᠎ᠠ ᠮᠢᠨᠢ ᠳᠡ ᠬᠦ ᠋ᠭᠦ ᠬᠦ
  ᠬᠠᠭᠠᠯᠭ᠎ᠠ ᠡᠭᠦᠳᠡ ᠪᠡᠨ ᠨᠡᠭᠡᠭᠡᠭᠡᠳ ᠰᠠᠭᠤᠭᠰᠠᠨ ᠴᠢᠭ
  ᠬᠠᠷᠠᠬᠤ ᠦᠵᠡᠬᠦ ᠬᠥᠮᠦᠨ ᠦᠭᠡᠢ ᠪᠣᠯᠤᠨ᠎ᠠ ᠬᠦ ᠬᠦ ᠬᠦ》 ᠭᠡᠵᠦ ᠤᠶᠠᠩᠭᠠᠯᠠᠭᠤᠯᠤᠨ ᠰᠡᠳᠬᠢᠯ ᠦ᠋ᠨ ᠢ᠋ᠶ᠋ᠡᠨ ᠭᠦᠨ ᠡᠴᠡ ᠠᠶᠠᠯᠭᠤ ᠶ᠋ᠢ ᠭᠠᠷᠭᠠᠨ ᠳᠠᠭᠤᠯᠠᠭᠰᠠᠨ ᠢ᠋ᠶ᠋ᠠᠨ ᠳᠠᠬᠢᠨ ᠬᠣᠶᠠᠷ ᠪᠠᠳᠠᠭ ᠢ᠋ ᠬᠥᠭᠵᠢᠮᠳᠡᠭᠡᠳ ᠱᠤᠳᠤᠷᠭᠤ ᠪᠠᠨ ᠲᠡᠪᠡᠷᠢᠨ ᠬᠡᠰᠡᠭ ᠭᠥᠯᠢᠷᠡᠨ ᠰᠠᠭᠤᠪᠠ᠃
  ᠊᠊᠊᠊᠊᠊᠊᠊᠊᠊᠊᠊᠊᠊᠊ ᠴᠡᠴᠡᠭ ᠮᠢᠨᠢ ᠶᠠᠭᠤᠨ ᠳ᠋ᠠᠭᠠᠨ ᠢᠩᠭᠢᠵᠦ ᠭᠡᠶᠦᠷᠡᠵᠦ ᠪᠠᠢᠳᠠᠭ ᠶᠤᠮ ᠪᠣᠢ᠃ ᠪᠢᠳᠡ ᠳᠤᠲᠠᠭᠳᠠᠭᠰᠠᠨ ᠶᠠᠭᠤᠮ᠎ᠠ ᠦᠭᠡᠢ ᠰᠠᠢᠬᠠᠨ ᠯᠠ ᠠᠮᠢᠳᠤᠷᠠᠵᠤ ᠪᠠᠢᠨ᠎ᠠ ᠭᠡᠵᠦ ᠴᠢᠮᠡᠭ ᠤᠴᠠᠭᠠᠷᠯᠠᠪᠠ᠃ ᠴᠡᠴᠡᠭ ᠬᠠᠷᠢᠭᠤ ᠳᠤᠤᠭᠠᠷᠤᠭᠰᠠᠨ ᠦᠭᠡᠢ ᠭᠥᠯᠢᠷᠡᠨ ᠪᠠᠢᠬᠤ ᠳ᠋ᠤ᠌ ᠨᠢᠳᠦᠨ ᠳ᠋ᠦ᠍ᠨᠢ ᠨᠢᠯᠪᠤᠰᠤ ᠲᠤᠨᠤᠷᠠᠨ ᠪᠠᠢᠭᠰᠠᠨ ᠢ᠋ᠶ᠋ᠠᠨ ᠬᠡᠳᠦ ᠬᠡᠳᠦᠨ ᠳᠤᠰᠤᠯ ᠪᠣᠯᠤᠨ ᠲᠠᠰᠤᠷᠠᠵᠤ ᠬᠠᠴᠠᠷ ᠢ᠋ ᠨᠢ ᠳ᠋ᠡᠭᠡᠨ ᠤᠷᠤᠰᠪᠠ᠃
  ᠊᠊᠊᠊᠊᠊᠊᠊᠊᠊᠊᠊᠊᠊᠊ ᠣᠷᠣᠵᠤ ᠢᠷᠡᠭᠰᠡᠨ ᠬᠥᠮᠦᠨ ᠪᠦᠬᠦᠨ ᠳ᠋ᠦ᠍ ᠳᠡᠪᠢᠰᠴᠦ ᠥᠭᠳᠡᠭ ᠬᠠᠭᠤᠴᠢᠨ ᠵᠢᠷᠤᠮ᠎ᠠ᠂ ᠳᠠᠭᠤᠯᠠᠵᠤ ᠴᠢᠳᠠᠳᠠᠭ ᠪᠣᠯ ᠶᠠᠭ ᠯᠠ ᠨᠠᠳᠠ ᠲᠠᠢ ᠠᠳᠠᠯᠢᠬᠠᠨ ᠳᠠᠭᠤᠯᠠᠬᠤ ᠪᠠᠢᠬ᠎ᠠ ᠳᠠ ᠭᠡᠳ ᠤᠷᠤᠰᠤᠨ ᠭᠠᠷᠴᠤ ᠢᠷᠡᠭᠰᠡᠨ ᠨᠢᠯᠪᠤᠰᠤ ᠪᠠᠨ ᠠᠷᠴᠢᠬᠤ ᠵᠠᠭᠤᠷ᠎ᠠ ᠴᠡᠴᠡᠭ ᠭᠦᠨ ᠰᠠᠨᠠᠭ᠎ᠠ ᠠᠯᠳᠠᠪᠠ᠃
  ᠊᠊᠊᠊᠊᠊᠊᠊᠊᠊᠊᠊᠊᠊᠊ ᠡᠪᠡᠳᠴᠢᠲᠡᠢ ᠶᠠᠭᠤᠮ᠎ᠠ ᠶᠠᠷᠢᠬᠤ ᠶᠤᠮ ᠭᠡᠵᠦ ᠴᠢᠮᠡᠭ ᠲᠣᠭᠣᠮᠵᠢᠷ ᠦᠭᠡᠢ ᠰᠢᠷᠪᠢᠯ᠎ᠡ᠃ ᠡᠨᠡ ᠬᠣᠶᠠᠷ ᠤ᠋ᠨ ᠬᠣᠭᠣᠷᠣᠨᠳᠣ ᠡᠢᠮᠦᠷᠬᠦᠦ ᠶᠠᠷᠢᠶ᠎ᠠ ᠣᠯᠠᠨ ᠤᠳᠠᠭ᠎ᠠ ᠪᠣᠯᠳᠠᠭ᠃ ᠭᠡᠪᠡᠴᠦ ᠡᠨᠡ ᠶᠠᠷᠢᠶ᠎ᠠ ᠡᠴᠡ ᠪᠣᠯᠤᠭᠠᠳ ᠲᠡᠳᠡᠨ ᠦ᠌ ᠠᠮᠢᠳᠤᠷᠠᠯ ᠥᠭᠡᠷ᠎ᠡ ᠪᠣᠯᠳᠠᠭ ᠦᠭᠡᠢ᠃ ᠴᠢᠮᠡᠭ ᠴᠡᠴᠡᠭ ᠦ᠋ᠨ ᠡᠢᠮᠦ ᠶᠠᠷᠢᠶ᠎ᠠ ᠶ᠋ᠢ ᠭᠡᠨᠡᠨ ᠳᠡᠮᠡᠢ ᠶᠠᠷᠢᠶ᠎ᠠ ᠭᠡᠳ ᠲᠣᠭᠣᠳᠠᠭ ᠦᠭᠡᠢ ᠪᠣᠯ ᠴᠡᠴᠡᠭ ᠥᠪᠡᠷ ᠦ᠋ᠨ ᠨᠠᠨᠳᠢᠨ ᠵᠢᠷᠦᠬᠡᠨ ᠦ᠌ ᠪᠣᠳᠣᠯ ᠢ᠋ ᠴᠢᠮᠡᠭ ᠲᠦ᠍ ᠬᠡᠯᠡᠭᠰᠡᠨ ᠡᠴᠡ ᠲᠠᠷᠪᠠᠭᠠᠨ ᠤ᠋ ᠨᠦᠬᠡᠨ ᠳ᠋ᠦ᠍ ᠬᠠᠰᠬᠢᠷᠪᠠᠯ ᠳᠦᠩᠭᠢᠨᠡᠵᠦ ᠮᠠᠭᠠᠳ ᠭᠡᠵᠦ ᠪᠣᠳᠣᠭᠠᠳ ᠳᠠᠭᠤ ᠦᠭᠡᠢ ᠪᠣᠯᠳᠠᠭ᠃
  ᠊᠊᠊᠊᠊᠊᠊᠊᠊᠊᠊᠊᠊᠊᠊ ᠴᠢ ᠲᠦᠯᠡᠭᠡ ᠣᠷᠣᠭᠤᠯᠤᠭᠠᠳ ᠢᠷᠡᠭᠡᠴᠢ ᠭᠡᠵᠦ ᠴᠢᠮᠡᠭ ᠦ᠋ᠨ ᠬᠡᠯᠡᠬᠦ ᠳ᠋ᠦ᠍ ᠴᠡᠴᠡᠭ ᠬᠥᠭᠵᠢᠮ ᠢ᠋ᠶ᠋ᠡᠨ ᠪᠠᠢᠷᠢᠨ ᠳ᠋ᠤᠨᠢ ᠲᠠᠯᠪᠢᠭᠠᠳ ᠭᠠᠷᠤᠯ᠎ᠠ᠃ ᠲᠡᠵᠢᠭᠡᠮᠡᠯ ᠭᠥᠯᠥᠭᠡ ᠨᠢ ᠰᠡᠭᠦᠯ ᠢ᠋ᠶ᠋ᠡᠨ ᠰᠢᠷᠪᠢᠨ ᠭᠦᠶᠦᠵᠦ ᠢᠷᠡᠯ᠎ᠡ᠃ ᠲᠡᠭᠦᠨ ᠢ᠋ ᠲᠡᠪᠡᠷᠢᠨ ᠠᠪᠴᠤ ᠬᠣᠰᠢᠭᠤ ᠶ᠋ᠢ ᠨᠢ ᠬᠠᠴᠠᠷ ᠳᠠᠭᠠᠨ ᠨᠠᠭᠠᠨ ᠨᠢᠳᠦ ᠪᠡᠨ ᠠᠨᠢᠨ ᠬᠡᠰᠡᠭ ᠵᠣᠭᠰᠣᠭᠠᠳ ᠲᠩᠷᠢ ᠤᠷᠤᠭᠤ ᠬᠠᠷᠠᠬᠤ ᠳ᠋ᠤ᠌ ᠲᠦᠮᠡᠨ ᠥᠩᠭᠡ ᠰᠢᠵᠢᠷ ᠠᠯᠲᠠ ᠪᠠᠷ ᠲᠤᠶᠠᠭᠠᠷᠠᠭᠰᠠᠨ ᠨᠠᠷᠠᠨ ᠤ᠋ ᠭᠡᠷᠡᠯ ᠳ᠋ᠦ᠍ ᠨᠢᠳᠦ ᠨᠢ ᠴᠠᠪᠴᠢᠯᠠᠪᠠ᠃
  ᠭᠥᠯᠥᠭᠡ ᠪᠡᠨ ᠡᠪᠲᠡᠢᠬᠡᠨ ᠲᠠᠯᠪᠢᠭᠠᠳ ᠲᠦᠯᠡᠭᠡ ᠲᠡᠪᠡᠷᠢᠨ ᠭᠡᠷ ᠲᠦ᠍ ᠣᠷᠣᠯ᠎ᠠ᠃ ᠬᠣᠶᠠᠷ ᠬᠡᠦᠬᠡᠨ ᠢ᠋ ᠢᠩᠭᠢᠵᠦ ᠪᠠᠢᠬᠤ ᠳ᠋ᠤ᠌ ᠬᠠᠰᠢᠶᠠᠨ ᠤ᠋ ᠡᠭᠦᠳᠡᠨ ᠳᠡᠭᠡᠷ᠎ᠡ ᠴᠡᠩᠬᠡᠷ ᠲᠣᠷᠭᠠᠨ ᠳᠡᠪᠡᠯ ᠳᠡᠭᠡᠷ᠎ᠡ ᠥᠷᠭᠡᠨ ᠰᠢᠷ᠎ᠠ ᠪᠦᠰᠡ ᠣᠷᠢᠶᠠᠵᠤ᠂ ᠲᠣᠮᠣ ᠮᠥᠩᠭᠥᠨ ᠬᠡᠷᠡᠭᠯᠡᠯ ᠲᠡᠢ ᠬᠢᠲᠤᠭ᠎ᠠ ᠵᠡᠭᠦᠭᠰᠡᠨ ᠲᠦᠭᠵᠢᠯ ᠢᠷᠡᠯ᠎ᠡ᠃ ᠥᠨᠳᠥᠷ ᠴᠡᠭᠡᠵᠢ ᠲᠡᠢ ᠰᠢᠩᠭᠡᠨ ᠰᠡᠭᠦᠯ ᠲᠡᠢ ᠬᠠᠩᠬᠠᠷ ᠬᠡᠭᠡᠷ ᠮᠣᠷᠢ ᠣᠨᠣᠵᠠᠢ᠃ ᠡᠨᠡ ᠪᠣᠯ ᠲᠡᠮᠦᠷ ᠦ᠋ᠨ 《ᠪᠢᠲᠡᠭᠡᠢ ᠬᠤᠳᠠᠯᠳᠤᠵᠤ ᠣᠷᠬᠢᠭᠠᠷᠠᠢ》 ᠭᠡᠵᠦ ᠪᠠᠢᠭᠰᠠᠨ ᠮᠣᠷᠢ ᠠᠵᠢ᠃ ᠴᠠᠬᠢᠭᠤᠷ ᠲᠡᠮᠦᠷ ᠢ᠋ ᠡᠵᠡᠭᠦᠢ ᠠᠭᠤᠯᠠᠨ ᠳ᠋ᠤ᠌ ᠴᠣᠬᠢᠵᠤ ᠣᠷᠬᠢᠭᠠᠳ ᠵᠢᠷᠤᠭ ᠰᠢᠭ᠋ ᠰᠠᠢᠬᠠᠨ ᠮᠣᠷᠢᠳ ᠢ᠋ᠶ᠋ᠠᠨ ᠳᠠᠯᠠᠢ᠌ᠴᠣᠢ᠌ᠩᠬᠤᠷ ᠸᠠᠩ ᠤ᠋ᠨ ᠬᠤᠰᠢᠭᠤᠨ ᠳ᠋ᠤ᠌ ᠦᠨ᠎ᠡ ᠲᠤᠯᠭᠠᠵᠤ ᠬᠤᠳᠠᠯᠳᠤᠭᠠᠳ ᠦᠯᠡᠮᠵᠢ ᠠᠰᠢᠭ ᠣᠯᠵᠠᠢ᠃ ᠮᠣᠷᠢ ᠪᠠᠨ ᠤᠶᠠᠭᠠᠳ ᠭᠡᠷ ᠦ᠋ᠨ ᠵᠦᠭ ᠶᠠᠪᠤᠬᠤ ᠳ᠋ᠤ᠌ ᠭᠥᠯᠥᠭᠡ ᠡᠷᠬᠡᠯᠡᠨ ᠢᠷᠡᠯ᠎ᠡ᠃ ᠲᠦᠭᠵᠢᠯ ᠰᠢᠨᠡᠬᠡᠨ ᠯᠤᠤᠴᠢᠨ ᠭᠤᠲᠤᠯ ᠢ᠋ᠶ᠋ᠠᠷ ᠡᠯᠭᠦᠵᠦ ᠬᠣᠯᠠ ᠭᠡᠭᠴᠢ ᠨᠢ ᠫᠠᠳᠬᠢᠲᠠᠯ᠎ᠠ ᠢᠰᠬᠦᠯᠦᠭᠰᠡᠨ ᠳ᠋ᠦ᠍ ᠭᠥᠯᠥᠭᠡ ᠶᠠᠩᠰᠢᠨ ᠭᠠᠰᠠᠯᠵᠤ ᠰᠡᠭᠦᠯ ᠢ᠋ᠶ᠋ᠡᠨ ᠬᠠᠪᠴᠢᠨ ᠪᠠᠢᠰᠢᠩ ᠤ᠋ᠨ ᠳᠣᠭᠤᠤᠷ ᠣᠷᠣᠵᠠᠢ᠃
  ᠊᠊᠊᠊᠊᠊᠊᠊᠊᠊᠊᠊᠊᠊᠊ ᠰᠠᠢᠨ ᠪᠠᠢᠵᠠᠭᠠᠨ᠎ᠠ ᠤᠤ?
  ᠊᠊᠊᠊᠊᠊᠊᠊᠊᠊᠊᠊᠊᠊᠊ ᠰᠠᠢᠨ᠃ ᠶᠠᠮᠠᠷ ᠰᠣᠨᠢᠨ ᠬᠥᠮᠦᠨ ᠪᠣᠢ? ᠮᠠᠨ ᠤ᠋ ᠬᠠᠭᠠᠯᠭ᠎ᠠ ᠶ᠋ᠢ ᠮᠠᠷᠲᠠᠭ᠎ᠠ ᠦᠭᠡᠢ ᠣᠯᠤᠭᠰᠠᠨ ᠴᠢᠨᠢ ᠣᠪᠣᠭ᠎ᠠ ᠳᠠ ᠁ ᠭᠡᠵᠦ ᠴᠢᠮᠡᠭ ᠬᠡᠭᠵᠢᠭᠦᠨ ᠬᠡᠯᠡᠪᠡ᠃
  ᠊᠊᠊᠊᠊᠊᠊᠊᠊᠊᠊᠊᠊᠊᠊ ᠣᠲᠣᠬᠤ ᠬᠡᠷᠡᠭ ᠦᠭᠡᠢ᠃ ᠡᠪᠦᠭᠡᠨ ᠴᠢᠨᠢ ᠠᠯᠤᠰ ᠬᠣᠯᠠ ᠶᠠᠪᠤᠭᠠᠳ ᠠᠵᠢᠯ ᠲᠣᠯᠣᠭᠠᠢ ᠲᠠᠢ ᠦᠰᠦ ᠡᠴᠡ ᠢᠯᠡᠭᠦᠦ ᠪᠠᠢᠨ᠎ᠠ ᠭᠡᠬᠦ ᠵᠠᠭᠤᠷ᠎ᠠ ᠬᠣᠢᠮᠣᠷ ᠤ᠋ᠨ ᠬᠡᠪᠢᠰ ᠳᠡᠭᠡᠷ᠎ᠡ ᠰᠠᠭᠤᠪᠠ᠃
  ᠬᠣᠶᠠᠷ ᠬᠡᠦᠬᠡᠨ ᠲᠡᠢ ᠳᠡᠮᠡᠢ ᠪᠠᠯᠠᠢ ᠱᠠᠯᠢᠭ ᠶᠠᠭᠤᠮ᠎ᠠ ᠶᠠᠷᠢᠵᠤ ᠮᠠᠷᠵᠠᠩᠨᠠᠬᠤ ᠵᠠᠭᠤᠷ᠎ᠠ ᠠᠷᠪᠠᠨ ᠮᠥᠩᠭᠥᠨ ᠶᠠᠩᠴᠢᠶᠠᠨ ᠭᠠᠷᠭᠠᠵᠤ ᠭᠦᠩᠭᠠᠷᠠᠪᠠ ᠲᠠᠢ ᠪᠣᠭᠳᠠ ᠯᠠᠮᠠ ᠶ᠋ᠢᠨ ᠬᠢᠨᠢ ᠡᠮᠦᠨᠡᠬᠢ ᠰᠢᠷᠡᠭᠡᠨ ᠳᠡᠭᠡᠷ᠎ᠡ ᠳᠠᠪᠬᠤᠷᠯᠠᠭᠤᠯᠤᠨ ᠲᠠᠯᠪᠢᠭᠠᠳ ᠶᠡᠬᠡᠮᠰᠦᠭ ᠨᠢᠳᠦ ᠪᠡᠷ ᠴᠢᠮᠡᠭ ᠤᠷᠤᠭᠤ ᠬᠠᠷᠠᠯ᠎ᠠ᠃
  ᠊᠊᠊᠊᠊᠊᠊᠊᠊᠊᠊᠊᠊᠊᠊ ᠠᠷᠪᠠᠨ ᠮᠠᠭᠤ ᠶᠠᠩᠴᠢᠶᠠᠨ ᠲᠠᠯᠪᠢᠴᠢᠬᠠᠭᠠᠳ ᠠᠷᠪᠠᠨ ᠪᠥᠭᠲᠥᠷ ᠶᠤᠸᠠᠮᠪᠤᠤ ᠲᠠᠯᠪᠢᠭᠰᠠᠨ ᠶᠤᠮ ᠰᠢᠭ᠋ ᠬᠠᠩᠬᠠᠯᠵᠠᠵᠤ ᠪᠠᠢᠬᠤ ᠰᠢᠪ ᠳᠡ᠃ ᠨᠣᠬᠠᠢ ᠳᠣᠯᠣᠭᠣᠵᠤ ᠦᠬᠦ ᠭᠡᠳ ᠴᠢᠮᠡᠭ ᠰᠢᠷᠪᠢᠯ᠎ᠡ᠃
  ᠊᠊᠊᠊᠊᠊᠊᠊᠊᠊᠊᠊᠊᠊᠊ ᠴᠢᠮᠡᠭ ᠦ᠋ᠨ ᠬᠡᠯᠡ ᠶᠠᠭ ᠯᠠ ᠥᠷᠭᠡᠰᠦᠲᠡᠢ ᠬᠠᠷᠭᠠᠨ᠎ᠠ ᠭᠡᠰᠡᠨ ᠦᠭᠡ ᠭᠡᠳ ᠲᠦᠭᠵᠢᠯ ᠱᠠᠯ ᠬᠠᠭᠤᠷᠮᠠᠴᠢ ᠢᠨᠢᠶᠡᠪᠡ᠃
  ᠲᠦᠭᠵᠢᠯ ᠭᠠᠷᠴᠤ ᠭᠤᠳᠤᠮᠵᠢ ᠶ᠋ᠢᠨ ᠦᠵᠦᠭᠦᠷ ᠲᠦ᠍ ᠪᠠᠢᠭᠰᠠᠨ ᠪᠤᠶᠠᠨᠲᠤ ᠶ᠋ᠢᠨ ᠫᠦᠰᠡᠨ ᠡᠴᠡ ᠯᠣᠩᠬᠣ ᠦᠵᠢᠶᠠᠫᠢ ᠠᠪᠴᠢᠷᠠᠪᠠ᠃ ᠢᠩᠭᠢᠭᠡᠳ ᠬᠣᠭᠣᠯᠠ ᠪᠣᠯᠵᠤ ᠲᠡᠷᠡ ᠭᠤᠷᠪᠠ ᠰᠢᠷᠡᠭᠡ ᠲᠣᠭᠣᠷᠢᠨ ᠰᠠᠭᠤᠲᠠᠯ᠎ᠠ ᠭᠠᠳᠠᠨ᠎ᠠ ᠡᠴᠡ ᠪᠠᠳᠠᠷᠴᠢ ᠢᠷᠡᠯ᠎ᠡ᠃
  ᠪᠠᠳᠠᠷᠴᠢ ᠵᠢᠯ ᠦ᠋ᠨ ᠡᠮᠦᠨ᠎ᠡ ᠴᠡᠴᠡᠭ ᠲᠡᠢ ᠲᠠᠨᠢᠯᠴᠠᠭᠰᠠᠨ ᠡᠴᠡ ᠬᠣᠢᠰᠢ ᠰᠠᠪᠠᠯᠭᠢᠪᠠᠯ (ᠬᠠᠯᠲᠤᠰᠬᠢᠪᠡᠯ) ᠡᠨᠳᠡ ᠢᠷᠡᠵᠦ ᠬᠣᠨᠣᠳᠠᠭ ᠪᠣᠯᠵᠠᠢ᠃ ᠲᠦᠭᠵᠢᠯ ᠢ᠋ ᠪᠣᠯ ᠰᠠᠢᠨ ᠲᠠᠨᠢᠳᠠᠭ ᠢ᠋ᠶ᠋ᠠᠷ ᠪᠠᠷᠠᠬᠤ ᠦᠭᠡᠢ ᠲᠡᠭᠦᠨ ᠡᠴᠡ ᠤᠴᠢᠷ ᠮᠡᠳᠡᠵᠦ ᠮᠣᠷᠢ ᠮᠠᠯ ᠠᠪᠳᠠᠭ ᠠᠵᠢ᠃
  ᠪᠦᠭᠦᠳᠡ ᠲᠡᠢ ᠮᠡᠨᠳᠦᠯᠡᠭᠡᠳ ᠰᠢᠷᠡᠭᠡᠨ ᠦ᠌ ᠬᠠᠵᠠᠭᠤ ᠳ᠋ᠤ᠌ ᠬᠡᠵᠢᠶ᠎ᠡ ᠶᠠᠵᠢᠶᠠᠨ ᠤ᠋ ᠡᠨᠡ ᠭᠡᠷ ᠦ᠋ᠨ ᠡᠵᠡᠨ ᠰᠢᠭ ᠵᠠᠪᠢᠯᠠᠨ ᠰᠠᠭᠤᠪᠠ᠃
  ᠊᠊᠊᠊᠊᠊᠊᠊᠊᠊᠊᠊᠊᠊᠊ ᠪᠠᠳᠠᠷᠴᠢ ᠴᠢ ᠢᠳᠡᠰᠢᠨ ᠦ᠌ ᠱᠠᠷ ᠬᠡᠵᠢᠶ᠎ᠡ ᠠᠪᠴᠢᠷᠠᠵᠤ ᠥᠭᠬᠦ ᠭᠡᠵᠦ ᠪᠠᠢᠨ᠎ᠠ ᠭᠡᠵᠦ ᠠᠶᠠᠭ᠎ᠠ ᠲᠠᠢ ᠬᠣᠭᠣᠯᠠ ᠡᠮᠦᠨ᠎ᠡ ᠨᠢ ᠲᠠᠯᠪᠢᠬᠤ ᠵᠠᠭᠤᠷ᠎ᠠ ᠴᠢᠮᠡᠭ ᠠᠰᠠᠭᠤᠪᠠ᠃
  ᠊᠊᠊᠊᠊᠊᠊᠊᠊᠊᠊᠊᠊᠊᠊ ᠤᠳᠠᠬᠤ ᠦᠭᠡᠢ ᠠᠮᠪᠠᠨ ᠱᠠᠷ ᠬᠠᠰᠢᠶᠠᠨ ᠳ᠋ᠤ᠌ ᠴᠢᠨᠢ ᠤᠶᠠᠭ᠎ᠠ ᠲᠠᠢ ᠪᠠᠢᠬᠤ ᠪᠣᠢ ᠭᠡᠳ ᠪᠠᠳᠠᠷᠴᠢ ᠪᠦᠳᠦᠭᠦᠨ ᠳᠠᠭᠤ ᠪᠠᠷ ᠮᠠᠭ ᠮᠠᠭ ᠢᠨᠢᠶᠡᠪᠡ᠃
  ᠊᠊᠊᠊᠊᠊᠊᠊᠊᠊᠊᠊᠊᠊᠊ ᠬᠠᠷᠠᠵᠤ ᠯᠠ ᠪᠠᠢᠵᠤ ᠪᠣᠯᠤᠶ᠎ᠠ᠃ ᠡᠷ᠎ᠡ ᠬᠥᠮᠦᠨ ᠳ᠋ᠦ᠍ ᠢᠲᠡᠭᠡᠭᠰᠡᠨ ᠡᠴᠡ ᠡᠷᠡᠬᠡᠢ ᠬᠤᠷᠤᠭᠤ ᠳ᠋ᠠᠭᠠᠨ ᠢᠳᠡᠭᠡ ᠭᠡᠵᠦ ᠦᠭᠡ ᠪᠠᠢᠳᠠᠭ ᠭᠡᠳ ᠴᠢᠮᠡᠭ ᠪᠠᠳᠠᠷᠴᠢ ᠳ᠋ᠤ᠌ ᠰᠠᠪᠬ᠎ᠠ ᠠᠪᠴᠤ ᠥᠭᠯ᠎ᠡ᠃ ᠢᠩᠭᠢᠭᠡᠳ ᠲᠡᠷᠡ ᠳᠥᠷᠪᠡ ᠬᠥᠭᠵᠢᠯᠳᠦᠨ ᠨᠠᠢᠷᠯᠠᠬᠤ ᠳ᠋ᠤ᠌ ᠴᠡᠴᠡᠭ ᠬᠦᠷᠲᠡᠯ᠎ᠡ ᠬᠣᠯᠢᠵᠤ ᠤᠤᠭᠤᠭᠰᠠᠨ ᠬᠠᠯᠠᠭᠤᠨ ᠳ᠋ᠤ᠌ ᠮᠠᠩᠰᠢᠭᠤᠷᠠᠭᠠᠳ ᠵᠢᠭᠰᠢᠨ ᠭᠤᠨᠢᠵᠤ ᠶᠠᠪᠤᠳᠠᠭ ᠠᠮᠢᠳᠤᠷᠠᠯ ᠢ᠋ᠶ᠋ᠠᠨ ᠮᠠᠷᠲᠠᠨ ᠪᠠᠳᠠᠷᠴᠢ ᠶ᠋ᠢᠨ ᠮᠥᠷᠦᠨ ᠳ᠋ᠦ᠍ ᠲᠣᠯᠣᠭᠠᠢ ᠪᠠᠨ ᠨᠠᠭᠠᠨ 《ᠦᠵᠦᠮ ᠢ᠋ᠶ᠋ᠡᠷ ᠨᠡᠷᠡᠭᠰᠡᠨ ᠠᠷᠢᠬᠢ ᠶ᠋ᠢ ᠴᠢᠨᠢ ᠬᠦ᠂ ᠦᠨᠦᠷᠲᠦᠵᠦ ᠪᠠᠢᠭᠠᠳ ᠯᠠ ᠰᠣᠭᠲᠣᠭᠤᠷᠠᠵᠤ ᠪᠠᠢᠨ᠎ᠠ ᠬᠦ ᠁》ᠭᠡᠵᠦ ᠨᠠᠮ ᠬᠣᠭᠣᠯᠠᠢ ᠪᠠᠷ ᠠᠶᠠᠯᠤᠨ ᠳᠠᠭᠤᠯᠠᠵᠤ ᠪᠠᠢᠪᠠ᠃
  ᠊᠊᠊᠊᠊᠊᠊᠊᠊᠊᠊᠊᠊᠊᠊ ᠲᠦᠭᠵᠢᠯ ᠠ᠋᠂ ᠤᠨᠤᠵᠤ ᠶᠠᠪᠤᠭ᠎ᠠ ᠬᠡᠭᠡᠷ ᠮᠣᠷᠢ ᠶ᠋ᠢ ᠴᠢᠨᠢ ᠠᠪᠤᠶ᠎ᠠ᠃
  ᠊᠊᠊᠊᠊᠊᠊᠊᠊᠊᠊᠊᠊᠊᠊ ᠦᠨ᠎ᠡ ᠶ᠋ᠢ ᠨᠢ ᠳᠡᠢᠯᠪᠡᠯ ᠠᠪ ᠯᠠ ᠳᠠ᠃
  ᠊᠊᠊᠊᠊᠊᠊᠊᠊᠊᠊᠊᠊᠊᠊ ᠮᠠᠭᠤ ᠭᠤᠢᠯᠢᠨᠴᠢᠨ ᠮᠢᠨᠢ᠂ ᠭᠠᠭᠴᠠ ᠠᠳᠠᠰᠬ᠎ᠠ ᠠᠪᠴᠢᠬᠠᠬᠤ ᠪᠤᠶᠠᠨ ᠪᠠᠢᠨ᠎ᠠ᠃ ᠠᠮᠠᠨ ᠳ᠋ᠠᠭᠠᠨ ᠣᠷᠣᠭᠰᠠᠨ ᠦᠨ᠎ᠡ ᠪᠡᠨ ᠬᠡᠯᠡ ᠯᠡ ᠳᠡ ᠭᠡᠳ ᠪᠠᠳᠠᠷᠴᠢ ᠴᠡᠭᠡᠵᠢ ᠪᠡᠨ ᠬᠠᠩᠬᠠᠯᠵᠠᠭᠤᠯᠤᠨ ᠪᠦᠳᠦᠭᠦᠨ ᠳᠠᠭᠤ ᠪᠠᠷ ᠪᠠᠢᠰᠢᠩ ᠲᠤᠷᠭᠢᠭᠤᠯᠤᠨ ᠢᠨᠢᠶᠡᠭᠰᠡᠨ ᠢ᠋ᠶ᠋ᠡᠨ 《ᠬᠠᠶᠠᠭᠠᠨ ᠤ᠋ ᠶᠠᠭᠤᠮ᠎ᠠ ᠪᠢᠰᠢ ᠪᠢᠵᠡ》 ᠭᠡᠯ᠎ᠡ᠃
  ᠊᠊᠊᠊᠊᠊᠊᠊᠊᠊᠊᠊᠊᠊᠊ ᠰᠠᠷᠯᠤᠭ ᠤ᠋ᠨ ᠲᠤᠭᠤᠯ ᠲᠠᠢ ᠦᠨᠢᠶ᠎ᠡ ᠠᠷᠪᠠᠨ ᠵᠢᠷᠭᠤᠭ᠎ᠠ ᠶ᠋ᠢ ᠬᠣᠯᠪᠣᠭᠠᠳ ᠥᠭᠪᠡᠯ ᠡᠮᠡᠭᠡᠯ ᠢ᠋ᠶ᠋ᠡᠨ ᠠᠪᠴᠤ ᠣᠷᠬᠢᠨ᠎ᠠ ᠰᠢᠦ ᠭᠡᠳ ᠲᠦᠭᠵᠢᠯ ᠨᠢᠳᠦ ᠪᠡᠨ ᠢᠷᠮᠡᠬᠦ ᠳ᠋ᠦ᠍ ᠪᠠᠳᠠᠷᠴᠢ ᠶᠡᠬᠡ ᠯᠡ ᠬᠥᠭᠵᠢᠯᠲᠡᠢ ᠪᠡᠷ ᠫᠡᠷ ᠫᠡᠷ ᠢᠨᠢᠶᠡᠭᠰᠡᠨ ᠢ᠋ᠶ᠋ᠡᠨ᠄
  ᠊᠊᠊᠊᠊᠊᠊᠊᠊᠊᠊᠊᠊᠊᠊ ᠴᠢ ᠠᠷᠪᠠᠨ ᠵᠢᠷᠭᠤᠭ᠎ᠠ ᠡᠴᠡ ᠴᠢᠨᠠᠭᠰᠢ ᠲᠣᠭ᠎ᠠ ᠮᠡᠳᠡᠬᠦ ᠦᠭᠡᠢ ᠭᠤᠢᠯᠢᠨᠴᠢᠨ ᠪᠠᠢᠬ᠎ᠠ ᠠ᠋᠃ ᠵᠠ ᠲᠡᠭᠡᠭᠡᠳ ᠬᠦᠯᠦᠭ ᠦ᠋ᠨ ᠰᠠᠢᠨ ᠢ᠋ ᠤᠨᠤᠵᠤ ᠮᠡᠳᠡᠳᠡᠭ ᠪᠣᠯᠬᠣᠷ᠂ ᠥᠷᠯᠥᠭᠡ ᠤᠨᠤᠵᠤ ᠦᠵᠡᠭᠡᠳ ᠪᠣᠯᠤᠨ᠎ᠠ ᠳᠠ᠃ ᠴᠣᠬᠣᠮ ᠠᠯᠢ ᠨᠤᠲᠤᠭ ᠤ᠋ᠨ ᠤᠨᠠᠭ᠎ᠠ ᠪᠣᠢ ᠭᠡᠬᠦ ᠳ᠋ᠦ᠍ᠨᠢ ᠲᠦᠭᠵᠢᠯ ᠲᠦᠭᠳᠡᠷᠡᠪᠡ᠃
  ᠲᠦᠭᠵᠢᠯ ᠴᠣᠬᠣᠮ ᠶᠠᠮᠠᠷ ᠭᠡᠭᠴᠢ ᠭᠠᠵᠠᠷ ᠡᠴᠡ ᠠᠪᠤᠭᠰᠠᠨ ᠢ᠋ᠶ᠋ᠠᠨ ᠮᠡᠳᠡᠬᠦ ᠦᠭᠡᠢ ᠪᠠᠢᠵᠠᠢ᠃ ᠠᠪᠴᠤ ᠶᠠᠪᠤᠬᠤ ᠦᠶ᠎ᠡ ᠳ᠋ᠦ᠍ ᠬᠣᠩᠬᠣᠯᠵᠠᠭᠰᠠᠨ ᠭᠡᠳᠡᠰᠦ ᠨᠢ ᠲᠠᠲᠠᠵᠤ᠂ ᠬᠣᠭᠣᠯᠠ ᠨᠣᠢᠷ ᠬᠣᠶᠠᠷ ᠪᠣᠳᠣᠵᠤ ᠶᠠᠪᠤᠭᠰᠠᠨ ᠡᠴᠡ ᠪᠢᠰᠢ᠂ ᠶᠠᠮᠠᠷ ᠨᠡᠷ᠎ᠡ ᠲᠡᠢ ᠭᠠᠵᠠᠷ ᠬᠦᠷᠦᠭᠰᠡᠨ ᠢ᠋ᠶ᠋ᠡᠨ ᠲᠡᠮᠦᠷ ᠡᠴᠡ ᠠᠰᠠᠭᠤᠬᠤ ᠴᠤ᠌ ᠰᠡᠭᠡᠭᠡ ᠪᠠᠢᠭ᠎ᠠ ᠦᠭᠡᠢ ᠪᠢᠯᠡ᠃ ᠶᠡᠬᠡ ᠯᠡ ᠬᠣᠯᠠ ᠶᠠᠪᠤᠭᠰᠠᠨ ᠪᠣᠯᠬᠣᠷ᠂ ᠠᠯᠢ ᠪᠠᠭ᠎ᠠ ᠳ᠋ᠠᠭᠠᠨ ᠭᠠᠵᠠᠷ ᠤ᠋ᠨ ᠲᠠᠭ ᠲᠤ᠌ ᠲᠡᠷᠲᠡᠭᠡ ᠵᠡᠭᠦᠨ ᠵᠦᠭ ᠲᠦ᠍ ᠳᠠᠷᠢᠭᠠᠩᠭ᠎ᠠ ᠭᠡᠵᠦ ᠨᠤᠲᠤᠭ ᠪᠠᠢᠳᠠᠭ ᠭᠡᠵᠦ ᠰᠣᠨᠣᠰᠤᠭᠰᠠᠨ ᠲᠡᠷᠡ ᠭᠠᠵᠠᠷ ᠡᠴᠡ ᠯᠡ ᠥᠩᠭᠡᠷᠡᠭᠰᠡᠨ ᠪᠠᠢᠬ᠎ᠠ ᠭᠡᠵᠦ ᠲᠠᠭᠠᠪᠤᠷᠢᠯᠠᠵᠤ ᠶᠠᠪᠤᠵᠠᠢ᠃
  ᠊᠊᠊᠊᠊᠊᠊᠊᠊᠊᠊᠊᠊᠊᠊ ᠤᠨᠠᠭ᠎ᠠ ᠲᠠᠢ ᠭᠠᠵᠠᠷ ᠤ᠋ᠨ ᠮᠣᠷᠢ᠂ ᠳᠠᠷᠢᠭᠠᠩᠭ᠎ᠠ ᠶ᠋ᠢᠨ ᠤᠨᠠᠭ᠎ᠠ ᠰᠢᠦ ᠭᠡᠵᠦ ᠲᠦᠭᠵᠢᠯ ᠬᠡᠰᠡᠭ ᠳᠠᠭᠤ ᠦᠭᠡᠢ ᠭᠥᠯᠢᠯᠵᠡᠵᠦ ᠪᠠᠢᠭᠰᠠᠨ ᠤ᠋ ᠳᠠᠷᠠᠭ᠎ᠠ ᠬᠠᠷᠢᠭᠤᠯᠪᠠ᠃
  ᠲᠦᠭᠵᠢᠯ ᠪᠠᠳᠠᠷᠴᠢ ᠬᠣᠶᠠᠷ ᠲᠡᠷᠡ ᠰᠥᠨᠢ ᠬᠣᠶᠠᠷ ᠬᠡᠦᠬᠡᠨ ᠲᠡᠢ ᠨᠠᠷᠭᠢᠵᠤ ᠬᠣᠨᠣᠭᠠᠳ ᠥᠷᠯᠥᠭᠡ ᠪᠣᠰᠬᠤ ᠳ᠋ᠤ᠌ ᠨᠠᠮᠤᠷ ᠤ᠋ᠨ ᠬᠦᠢᠲᠡᠨ ᠰᠥᠨᠢ ᠤᠶᠠᠵᠤ ᠬᠣᠨᠣᠭᠰᠠᠨ ᠮᠣᠷᠢᠳ ᠨᠢ ᠪᠡᠶ᠎ᠡ ᠪᠡᠨ ᠬᠤᠷᠢᠶᠠᠵᠤ ᠪᠥᠮᠪᠥᠯᠵᠡᠲᠡᠯ᠎ᠡ ᠴᠡᠴᠡᠷᠡᠨ ᠵᠣᠭᠰᠣᠵᠤ ᠪᠠᠢᠪᠠ᠃
  ᠪᠠᠳᠠᠷᠴᠢ ᠲᠦᠭᠵᠢᠯ ᠬᠣᠶᠠᠷ ᠵᠡᠷᠭᠡᠴᠡᠨ ᠶᠠᠪᠤᠬᠤ ᠳ᠋ᠤ᠌ ᠲᠦᠭᠵᠢᠯ ᠦ᠋ᠨ ᠤᠨᠤᠵᠤ ᠶᠠᠪᠤᠭ᠎ᠠ ᠬᠡᠭᠡᠷ ᠮᠣᠷᠢ ᠬᠠᠵᠠᠭᠠᠷ ᠳᠠᠷᠤᠨ ᠤᠰᠤᠨ ᠬᠠᠷ᠎ᠠ ᠠᠯᠬᠤᠭ᠎ᠠ ᠪᠠᠷ ᠰᠤᠨᠤᠨ ᠵᠢᠷᠢᠯᠵᠡᠬᠦ ᠳ᠋ᠦ᠍ ᠪᠠᠳᠠᠷᠴᠢ ᠶ᠋ᠢᠨ ᠮᠣᠷᠢ ᠵᠣᠭᠰᠣᠭ᠎ᠠ ᠵᠢᠯᠣᠭᠣ ᠦᠭᠡᠢ ᠱᠣᠭᠰᠢᠵᠤ ᠪᠠᠢᠪᠠ᠃ ᠪᠠᠰᠠ ᠲᠡᠷᠡ ᠬᠣᠶᠠᠷ ᠤᠬᠤᠰᠬᠢᠵᠦ ᠦᠵᠡᠬᠦ ᠳ᠋ᠦ᠍ ᠪᠠᠳᠠᠷᠴᠢ ᠶ᠋ᠢᠨ ᠪᠣᠷᠣ ᠮᠣᠷᠢ ᠬᠣᠢᠰᠢ ᠪᠠᠨ ᠬᠠᠶᠠᠭᠳᠠᠭᠰᠠᠨ ᠶᠤᠮ ᠰᠢᠭ᠋ ᠬᠣᠴᠣᠷᠪᠠ᠃ ᠪᠠᠳᠠᠷᠴᠢ ᠳ᠋ᠤ᠌ ᠬᠡᠭᠡᠷ ᠮᠣᠷᠢ ᠶ᠋ᠢ ᠠᠪᠬᠤ ᠰᠢᠨᠤᠯ ᠣᠷᠭᠢᠯᠤᠨ ᠲᠤᠭᠤᠯ ᠲᠠᠢ ᠰᠠᠷᠯᠤᠭ ᠤ᠋ᠨ ᠦᠨᠢᠶ᠎ᠡ ᠲᠠᠪᠤ ᠶ᠋ᠢ ᠥᠭᠭᠦᠭᠰᠡᠨ ᠳ᠋ᠦ᠍ ᠲᠦᠭᠵᠢᠯ ᠰᠣᠨᠣᠰᠬᠤ ᠴᠤ᠌ ᠳᠤᠷ᠎ᠠ ᠦᠭᠡᠢ ᠪᠠᠢᠪᠠ᠃
  ᠳᠡᠭᠡᠷ᠎ᠡ ᠮᠠᠨᠳᠤᠭᠰᠠᠨ ᠨᠠᠮᠤᠷ ᠤ᠋ᠨ ᠣᠭᠣᠲᠣᠷ ᠰᠢᠷ᠎ᠠ ᠨᠠᠷᠠ ᠬᠠᠵᠠᠭᠤ ᠡᠴᠡ ᠡᠭᠡᠭᠡᠵᠦ᠂ ᠠᠯᠲᠠᠨ ᠰᠢᠷᠭᠠᠯ ᠲᠤᠶᠠᠭ᠎ᠠ ᠶᠢᠷᠲᠢᠨᠴᠦ ᠶ᠋ᠢ ᠭᠡᠢᠭᠦᠯᠦᠨ᠂ ᠡᠨᠳᠡ ᠲᠡᠨᠳᠡ ᠦᠭᠡᠢ ᠲᠠᠷᠭᠤᠨ ᠮᠠᠯ ᠨᠠᠯᠠᠢᠨ ᠪᠡᠯᠴᠢᠵᠦ ᠪᠠᠢᠪᠠ᠃ ᠲᠠᠮᠢᠷ ᠤ᠋ᠨ ᠭᠣᠣᠯ ᠤ᠋ᠨ ᠬᠥᠨᠳᠡᠢ ᠶ᠋ᠢ ᠤᠷᠤᠭᠤᠳᠠᠨ ᠶᠠᠪᠤᠬᠤ ᠳ᠋ᠠᠭᠠᠨ ᠲᠦᠭᠵᠢᠯ ᠭᠠᠭᠴᠠ ᠪᠠᠷ ᠢ᠋ᠶ᠋ᠠᠨ ᠣᠯᠠᠨ ᠬᠣᠨᠣᠭ ᠬᠣᠭᠣᠯᠠ ᠦᠭᠡᠢ᠂ ᠥᠷᠭᠡᠨ ᠭᠣᠪᠢ ᠶ᠋ᠢ ᠭᠠᠲᠤᠯᠵᠤ ᠳᠠᠷᠢᠭᠠᠩᠭ᠎ᠠ ᠶ᠋ᠢᠨ ᠨᠤᠲᠤᠭ ᠥᠩᠭᠡᠷᠡᠵᠦ ᠬᠤᠷᠳᠤᠨ ᠰᠠᠢᠨ ᠮᠣᠷᠢᠳ ᠢ᠋ ᠴᠤᠭᠯᠠᠭᠤᠯᠤᠨ ᠬᠥᠭᠡᠭᠡᠵᠦ ᠢᠷᠡᠭᠰᠡᠨ ᠡᠷᠡᠯᠬᠡᠭ ᠶᠠᠪᠤᠳᠠᠯ ᠤ᠋ᠨ ᠢ᠋ᠶ᠋ᠠᠨ ᠲᠤᠬᠠᠢ ᠶᠠᠷᠢᠬᠤ ᠳ᠋ᠤ᠌ ᠪᠠᠳᠠᠷᠴᠢ ᠶᠡᠬᠡ ᠯᠡ ᠪᠠᠬᠠᠳᠤᠨ᠄
  ᠊᠊᠊᠊᠊᠊᠊᠊᠊᠊᠊᠊᠊᠊᠊ ᠴᠢ ᠴᠦ᠍ ᠣᠪᠣᠭ᠎ᠠ ᠡᠷ᠎ᠡ ᠪᠣᠯᠵᠤ ᠳᠠ ᠭᠡᠵᠦ ᠶᠠᠪᠤᠯ᠎ᠠ᠃
  ᠢᠩᠭᠢᠵᠦ ᠶᠠᠪᠤᠲᠠᠯ᠎ᠠ ᠬᠡᠰᠡᠭ ᠮᠣᠷᠢ ᠲᠠᠢ ᠬᠥᠮᠦᠰ ᠴᠤᠭᠯᠠᠷᠠᠨ ᠪᠠᠢᠭ᠎ᠠ ᠬᠠᠷᠠᠭᠳᠠᠪᠠ᠃
  ᠊᠊᠊᠊᠊᠊᠊᠊᠊᠊᠊᠊᠊᠊᠊ ᠮᠣᠷᠢ ᠪᠣᠭᠤᠴᠢᠯᠠᠨ ᠴᠣᠬᠢᠵᠤ ᠪᠠᠢᠬᠤ ᠰᠢᠭ᠋ ᠪᠠᠢᠨ᠎ᠠ᠃ ᠣᠴᠢᠶ᠎ᠠ ᠭᠡᠵᠦ ᠲᠦᠭᠵᠢᠯ ᠦ᠋ᠨ ᠬᠡᠯᠡᠬᠦ ᠳ᠋ᠦ᠍ ᠪᠠᠳᠠᠷᠴᠢ ᠵᠥᠪᠰᠢᠶᠡᠷᠡᠨ ᠲᠡᠷᠡ ᠵᠦᠭ ᠬᠠᠲᠠᠷᠢᠭᠤᠯᠤᠨ ᠶᠠᠪᠤᠭᠠᠳ ᠣᠴᠢᠪᠠᠯ ᠦᠨᠡᠬᠡᠷ ᠴᠦ᠍ ᠮᠥᠷᠥᠢ ᠲᠡᠢ ᠮᠣᠷᠢ ᠤᠷᠤᠯᠳᠤᠵᠤ ᠪᠠᠢᠭ᠎ᠠ ᠠᠵᠢ᠃
  ᠊᠊᠊᠊᠊᠊᠊᠊᠊᠊᠊᠊᠊᠊᠊ ᠵᠠ ᠶᠠᠭᠤ ᠪᠠᠷ ᠪᠣᠢ? ᠪᠢᠳᠡ ᠴᠦ᠍ ᠣᠷᠣᠯᠴᠠᠶ᠎ᠠ ᠭᠡᠵᠦ ᠲᠦᠭᠵᠢᠯ ᠦ᠋ᠨ ᠬᠡᠯᠡᠬᠦ ᠳ᠋ᠦ᠍ ᠪᠦᠳᠦᠭᠦᠨ ᠬᠠᠷ᠎ᠠ ᠭᠡᠵᠢᠭᠡ ᠲᠡᠢ ᠥᠨᠳᠥᠷ ᠨᠠᠷᠢᠬᠠᠨ ᠬᠠᠷ᠎ᠠ ᠬᠥᠮᠦᠨ᠄
  ᠊᠊᠊᠊᠊᠊᠊᠊᠊᠊᠊᠊᠊᠊᠊ ᠲᠣᠯᠣᠭᠠᠢ ᠪᠠᠷ ᠨᠢ ᠬᠣᠶᠠᠷ ᠮᠣᠷᠢ ᠣᠷᠣᠯᠳᠣᠬᠤ ᠭᠡᠵᠦ ᠪᠠᠢᠨ᠎ᠠ᠃ ᠪᠤᠰᠤᠳ ᠨᠢ ᠪᠠᠢᠭ᠎ᠠ ᠪᠠᠷ ᠢ᠋ᠶ᠋ᠠᠨ ᠴᠣᠬᠢᠵᠤ ᠪᠠᠢᠬᠤ ᠰᠢᠪ ᠳᠡ᠃ ᠲᠠ ᠬᠣᠶᠠᠷ ᠶᠠᠭᠤ ᠪᠠᠷ ᠴᠣᠬᠢᠬᠤ ᠪᠣᠢ? ᠭᠡᠯ᠎ᠡ᠃
  ᠦᠨᠡᠬᠡᠷ ᠴᠦ᠍ ᠥᠨᠳᠥᠷ ᠪᠣᠷᠣ ᠮᠣᠷᠢ᠂ ᠤᠷᠲᠤ ᠨᠠᠷᠢᠬᠠᠨ ᠠᠯᠠᠭ ᠮᠣᠷᠢ ᠬᠣᠶᠠᠷ ᠤ᠋ᠨ ᠰᠡᠭᠦᠯ ᠢ᠋ ᠨᠢ ᠰᠢᠭᠤᠭᠠᠳ ᠬᠣᠯᠪᠣᠭᠰᠠᠨ ᠮᠣᠷᠢᠳ ᠢ᠋ ᠲᠣᠭᠣᠷᠢᠭᠤᠯᠤᠨ ᠤᠨᠤᠭᠰᠠᠨ ᠬᠡᠦᠬᠡᠳ ᠨᠢ ᠨᠠᠷᠢᠬᠠᠨ ᠳᠠᠭᠤ ᠪᠠᠷ ᠭᠡᠢᠨ ᠭᠣᠣᠯᠵᠤ ᠪᠠᠢᠪᠠ᠃
  ᠊᠊᠊᠊᠊᠊᠊᠊᠊᠊᠊᠊᠊᠊᠊ ᠵᠠ ᠡᠪᠦᠭᠡᠨ ᠮᠢᠨᠢ᠃ ᠬᠡᠭᠡᠷ ᠮᠣᠷᠢ ᠪᠠᠨ ᠬᠡᠳᠦ ᠬᠠᠵᠠᠭᠤᠯᠴᠢᠬ᠎ᠠ᠃ ᠤᠶᠠᠵᠤ ᠬᠣᠨᠣᠭᠰᠠᠨ ᠮᠣᠷᠢ ᠥᠯᠥᠳᠡᠨ᠎ᠡ᠃ ᠪᠢ ᠶᠠᠷᠢᠵᠤ ᠤᠷᠭᠢᠶ᠎ᠠ ᠭᠡᠳ ᠲᠦᠭᠵᠢᠯ ᠣᠯᠠᠨ ᠤ᠋ ᠳᠤᠮᠳᠠ ᠣᠷᠣᠵᠤ 《ᠪᠢ ᠮᠣᠷᠢ ᠪᠠᠨ ᠶᠠᠪᠤᠭᠤᠯᠴᠢᠬᠠᠶ᠎ᠠ᠃ ᠠᠯᠳᠠᠪᠠᠯ ᠠᠪᠤᠭᠠᠷᠠᠢ᠂ ᠬᠣᠵᠢᠪᠠᠯ ᠬᠣᠶᠠᠷ ᠮᠣᠷᠢ ᠬᠥᠲᠥᠯᠦᠶ᠎ᠡ》 ᠭᠡᠪᠡ᠃
  ᠮᠣᠷᠢᠳ ᠤ᠋ᠨ ᠡᠵᠡᠳ ᠵᠥᠪᠰᠢᠶᠡᠷᠡᠵᠦ ᠲᠦᠭᠵᠢᠯ ᠨᠡᠯᠢᠶᠡᠳ ᠲᠣᠮᠣ ᠪᠣᠯᠤᠭᠰᠠᠨ ᠨᠢᠭᠡ ᠬᠡᠦᠬᠡᠳ ᠣᠯᠵᠤ ᠤᠨᠤᠭᠤᠯᠤᠭᠠᠳ ᠬᠡᠭᠡᠷ ᠮᠣᠷᠢ ᠪᠠᠨ ᠰᠡᠭᠦᠯ ᠢ᠋ᠶ᠋ᠡᠷ ᠨᠢ ᠰᠢᠭᠤᠭᠠᠳ ᠶᠠᠪᠤᠭᠤᠯᠵᠠᠢ᠃ ᠢᠩᠭᠢᠭᠡᠳ ᠴᠤᠭᠯᠠᠷᠠᠭᠰᠠᠨ ᠤᠯᠤᠰ ᠬᠠᠯᠬ᠎ᠠ ᠶ᠋ᠢᠨ ᠬᠤᠷᠳᠤᠨ ᠮᠣᠷᠢᠳ ᠤ᠋ᠨ ᠲᠤᠬᠠᠢ ᠡᠯᠳᠡᠪ ᠦ᠋ᠨ ᠳᠣᠮᠣᠭ ᠶᠠᠷᠢᠯᠴᠠᠪᠠ᠃ ᠨᠥᠭᠦᠭᠡ ᠪᠦᠳᠦᠭᠦᠨ ᠭᠡᠵᠢᠭᠡ ᠲᠡᠢ ᠬᠠᠷ᠎ᠠ ᠬᠥᠮᠦᠨ ᠲᠠᠰᠢᠮᠠᠭ ᠠᠷᠢᠬᠢ ᠭᠠᠷᠭᠠᠵᠤ ᠪᠦᠭᠦᠳᠡ ᠤᠤᠭᠤᠵᠠᠭᠠᠬᠤ ᠳ᠋ᠤ᠌ ᠪᠠᠳᠠᠷᠴᠢ ᠲᠦᠭᠵᠢᠯ ᠬᠣᠶᠠᠷ ᠴᠤ᠌ ᠲᠣᠮᠣ ᠮᠥᠩᠭᠥᠨ ᠠᠶᠠᠭ᠎ᠠ ᠪᠠᠷ ᠤᠤᠭᠤᠵᠤ ᠪᠦᠷᠵᠡᠩ ᠢ᠋ᠶ᠋ᠡᠨ ᠲᠠᠢᠯᠤᠨ᠂ ᠶᠠᠰᠤᠨ ᠤ᠋ ᠬᠢᠨᠢ ᠬᠥᠯᠥᠰᠥ ᠴᠢᠬᠠᠷᠠᠨ ᠪᠡᠶ᠎ᠡ ᠨᠢ ᠲᠠᠯᠪᠢᠭᠳᠠᠪᠠ᠃
  ᠊᠊᠊᠊᠊᠊᠊᠊᠊᠊᠊᠊᠊᠊᠊ ᠪᠤᠬ᠎ᠠ ᠶ᠋ᠢᠨ ᠮᠢᠨᠵᠢ ᠶ᠋ᠢᠨ ᠪᠤᠭᠤ ᠶ᠋ᠢᠨ ᠬᠠᠯᠢᠭᠤᠨ ᠭᠡᠵᠦ ᠰᠠᠩ ᠪᠠᠢᠰᠠ ᠶ᠋ᠢᠨ ᠨᠤᠲᠤᠭ ᠲᠤ᠌ ᠨᠢᠭᠡ ᠮᠣᠷᠢ ᠪᠠᠢᠭᠰᠠᠨ ᠭᠡᠳᠡᠭ᠃ ᠥᠷᠯᠥᠭᠡ ᠨᠠᠷᠠ ᠪᠢᠲᠡᠭᠦᠦ ᠰᠠᠩ ᠪᠠᠢᠰᠠ ᠶ᠋ᠢᠨ ᠬᠦᠷᠢᠶᠡᠨ ᠳᠡᠭᠡᠷ᠎ᠡ ᠡᠴᠡ ᠮᠣᠷᠳᠠᠭᠠᠳ ᠲᠤᠤᠯᠠ ᠳ᠋ᠤ᠌ ᠤᠰᠤᠯᠠᠵᠤ ᠪᠠᠢᠭᠰᠠᠨ ᠶᠤᠮ ᠭᠡᠨ᠎ᠡ ᠪᠢᠯᠡ᠃ ᠲᠡᠢᠮᠦ ᠠᠷᠭᠤᠮᠠᠭ ᠲᠠᠢ ᠪᠣᠯ ᠴᠣᠬᠢᠵᠤ ᠪᠠᠢᠬᠤ ᠳ᠋ᠤ᠌ ᠶᠠᠭᠠᠬᠢᠬᠤᠪ ᠳᠠ ᠭᠡᠵᠦ ᠨᠢᠭᠡ ᠬᠥᠮᠦᠨ ᠦ᠌ ᠶᠠᠷᠢᠬᠤ ᠳ᠋ᠤ᠌ ᠨᠥᠭᠦᠭᠡ ᠪᠦᠳᠦᠭᠦᠨ ᠭᠡᠵᠢᠭᠡᠲᠦ ᠬᠠᠷ᠎ᠠ ᠬᠥᠮᠦᠨ᠄
  ᠊᠊᠊᠊᠊᠊᠊᠊᠊᠊᠊᠊᠊᠊᠊ ᠶᠡᠷᠦᠨᠢ ᠵᠡᠭᠦᠨ ᠠᠢᠮᠠᠭ ᠮᠣᠷᠢ᠂ ᠬᠠᠷᠪᠤᠭᠠᠴᠢ ᠪᠠᠷ᠂ ᠪᠠᠷᠠᠭᠤᠨ ᠠᠢᠮᠠᠭ ᠪᠥᠬᠡ ᠪᠡᠷ ᠭᠡᠳᠡᠭ ᠶᠤᠮ ᠳᠡ ᠭᠡᠯ᠎ᠡ᠃
  ᠊᠊᠊᠊᠊᠊᠊᠊᠊᠊᠊᠊᠊᠊᠊ ᠮᠠᠨ ᠤ᠋ ᠪᠠᠷᠠᠭᠤᠨ ᠠᠢᠮᠠᠭ ᠪᠥᠬᠡ ᠪᠡᠷ ᠴᠦ᠍ ᠶᠠᠭᠤ ᠭᠠᠪᠢᠬᠤ ᠪᠣᠢ ᠳᠠ᠂ ᠨᠠᠮᠬᠠᠢ᠂ ᠯᠤᠪᠰᠠᠩᠵᠢᠮᠪᠠ ᠬᠠᠨᠳᠠ ᠴᠢᠨ ᠸᠠᠩ ᠤ᠋ᠨ ᠬᠣᠰᠢᠭᠤ᠂ ᠴᠦᠯᠲᠦᠮ ᠠᠪᠤᠷᠭᠤ ᠳᠠ ᠸᠠᠩ ᠤ᠋ᠨ ᠬᠣᠰᠢᠭᠤ ᠰᠢᠦ ᠳᠡ ᠭᠡᠵᠦ ᠨᠢᠭᠡ ᠬᠥᠮᠦᠨ ᠬᠡᠯᠡᠪᠡ᠃
  ᠢᠩᠭᠢᠭᠡᠳ ᠠᠯᠢ ᠠᠢᠮᠠᠭ ᠪᠥᠬᠡ ᠪᠡᠷ ᠢᠯᠡᠭᠦᠦ ᠪᠣᠢ ᠭᠡᠵᠦ ᠠᠮᠠ ᠪᠤᠯᠢᠶᠠᠯᠳᠤᠨ ᠮᠠᠷᠭᠤᠯᠳᠤᠵᠤ ᠪᠠᠢᠲᠠᠯ᠎ᠠ ᠨᠢᠭᠡ ᠬᠥᠮᠦᠨ 《ᠢᠷᠡᠯ᠎ᠡ!》 ᠭᠡᠵᠦ ᠬᠠᠰᠬᠢᠷᠬᠤ ᠳ᠋ᠤ᠌ ᠭᠱᠠᠨ ᠵᠠᠭᠤᠷ᠎ᠠ ᠴᠥᠮ ᠮᠣᠷᠳᠠᠪᠠ᠃
  ᠲᠡᠷᠲᠡᠭᠡ ᠬᠠᠳᠠᠨ ᠬᠣᠰᠢᠭᠤ ᠶ᠋ᠢ ᠲᠣᠭᠣᠷᠢᠭᠠᠳ ᠨᠢᠭᠡ ᠪᠠᠷᠠᠭᠠᠨ ᠮᠣᠷᠢ ᠭᠠᠷᠴᠤ ᠢᠷᠡᠯ᠎ᠡ᠃
  ᠊᠊᠊᠊᠊᠊᠊᠊᠊᠊᠊᠊᠊᠊᠊ ᠲᠡᠷᠡ ᠪᠢᠰᠢ ᠪᠠᠢᠬ᠎ᠠ ᠠ᠋᠃ ᠨᠥᠭᠦᠭᠡ ᠬᠣᠶᠠᠷ ᠨᠢ ᠭᠠᠷᠴᠤ ᠢᠷᠡᠬᠦ ᠦᠭᠡᠢ ᠪᠠᠢᠨ᠎ᠠ ᠭᠡᠵᠦ ᠪᠦᠳᠦᠭᠦᠨ ᠭᠡᠵᠢᠭᠡᠲᠦ ᠬᠡᠯᠡᠪᠡ᠃
  ᠢᠩᠭᠢᠭᠡᠳ ᠤᠯᠤᠰ ᠮᠥᠨ᠂ ᠪᠢᠰᠢ ᠭᠡᠵᠦ ᠮᠠᠷᠭᠤᠯᠳᠤᠵᠤ ᠪᠠᠢᠲᠠᠯ᠎ᠠ ᠬᠣᠶᠠᠷ ᠮᠣᠷᠢ ᠣᠢᠷᠠᠬᠠᠨ ᠵᠠᠢᠲᠠᠢ ᠬᠣᠰᠢᠭᠤ ᠣᠷᠢᠶᠠᠨ ᠭᠠᠷᠴᠤ ᠢᠷᠡᠯ᠎ᠡ᠃ ᠲᠦᠷᠦᠭᠦᠴᠢ ᠶ᠋ᠢᠨ ᠮᠣᠷᠢ᠂ ᠬᠣᠢᠨᠠᠬᠢ ᠬᠣᠶᠠᠷ ᠮᠣᠷᠢ ᠡᠴᠡ ᠪᠡᠨ ᠤᠯᠠᠮ ᠲᠠᠰᠤᠷᠠᠵᠤ ᠪᠠᠢᠪᠠ᠃
  ᠊᠊᠊᠊᠊᠊᠊᠊᠊᠊᠊᠊᠊᠊᠊ ᠬᠥᠯᠥᠷᠡᠭᠰᠡᠨ ᠮᠣᠷᠢ᠂ ᠲᠣᠭᠣᠰᠣᠨ ᠳ᠋ᠤ᠌ ᠪᠠᠷᠠᠭᠠᠨ ᠬᠠᠷᠠᠭᠳᠠᠳᠠᠭ ᠶᠤᠮ᠃ ᠬᠥᠭᠡᠷᠦᠬᠦᠢ ᠮᠠᠨ ᠤ᠋ ᠪᠣᠷᠣ ᠮᠣᠷᠢ ᠪᠣᠯᠤᠯᠲᠠᠢ᠃ ᠬᠠᠷᠠᠢᠯᠲᠠ ᠨᠢ ᠠᠷᠭ᠎ᠠ ᠦᠭᠡᠢ ᠯᠡ ᠮᠥᠨ ᠪᠠᠢᠨ᠎ᠠ ᠭᠡᠵᠦ ᠪᠣᠷᠣ ᠮᠣᠷᠢᠨ ᠤ᠋ ᠲᠠᠯ᠎ᠠ ᠳ᠋ᠤ᠌ ᠴᠣᠬᠢᠭᠰᠠᠨ ᠬᠥᠮᠦᠰ ᠬᠠᠰᠬᠢᠷᠤᠯᠳᠤᠵᠤ ᠪᠠᠢᠪᠠ᠃
  ᠊᠊᠊᠊᠊᠊᠊᠊᠊᠊᠊᠊᠊᠊᠊ ᠰᠤᠨᠵᠤ ᠪᠠᠢᠭ᠎ᠠ ᠶ᠋ᠢ ᠨᠢ ᠬᠠᠷᠠᠬᠤ ᠦᠭᠡᠢ ᠤᠤ᠃ ᠠᠯᠠᠭ ᠮᠣᠷᠢ ᠮᠥᠨ ᠪᠠᠢᠨ᠎ᠠ ᠭᠡᠵᠦ ᠠᠯᠠᠭ ᠮᠣᠷᠢᠨ ᠤ᠋ ᠲᠠᠯ᠎ᠠ ᠳ᠋ᠤ᠌ ᠴᠣᠬᠢᠭᠰᠠᠨ ᠤᠯᠤᠰ ᠱᠤᠤᠭᠢᠯᠳᠤᠪᠠ᠃
  ᠬᠠᠷᠢᠨ ᠬᠡᠨ ᠴᠦ᠍ ᠲᠦᠭᠵᠢᠯ ᠦ᠋ᠨ ᠬᠡᠭᠡᠷ ᠮᠣᠷᠢ ᠶ᠋ᠢ ᠳᠤᠷᠠᠰᠤᠭᠰᠠᠨ ᠦᠭᠡᠢ᠃ ᠲᠦᠭᠵᠢᠯ ᠦ᠋ᠨ ᠵᠢᠷᠦᠬᠡ ᠴᠣᠬᠢᠯᠠᠵᠤ᠂ ᠡᠮᠦᠨ᠎ᠡ ᠪᠡᠨ ᠶᠠᠪᠤᠭ᠎ᠠ ᠪᠠᠳᠠᠷᠴᠢ ᠶ᠋ᠢ ᠴᠢᠩᠭ᠎ᠠ ᠲᠡᠪᠡᠷᠢᠨ᠄
  ᠊᠊᠊᠊᠊᠊᠊᠊᠊᠊᠊᠊᠊᠊᠊ ᠴᠢ ᠰᠠᠢᠨ ᠬᠠᠷᠠᠭᠠᠴᠢ᠃ ᠮᠢᠨᠦ ᠨᠢᠳᠦ ᠪᠦᠷᠬᠦᠭᠡᠳ ᠪᠠᠢᠨ᠎ᠠ ᠭᠡᠵᠦ ᠬᠠᠴᠠᠷ ᠢ᠋ᠶ᠋ᠠᠷ ᠢ᠋ᠶ᠋ᠠᠨ ᠨᠢᠳᠤᠷᠤᠨ ᠠᠮᠢᠰᠬᠤᠭᠠᠳᠠᠵᠤ ᠶᠠᠪᠤᠯ᠎ᠠ᠃
  ᠲᠦᠷᠦᠭᠦᠨ ᠦ᠌ ᠮᠣᠷᠢ ᠤᠯᠠᠮ ᠲᠠᠰᠤᠷᠠᠭᠰᠠᠭᠠᠷ ᠣᠢᠷᠠᠲᠤᠨ ᠢᠷᠡᠪᠡᠯ ᠠᠯᠢ ᠨᠢ ᠴᠦ᠍ ᠪᠢᠰᠢ᠂ ᠲᠦᠭᠵᠢᠯ ᠦ᠋ᠨ ᠬᠡᠭᠡᠷ ᠮᠣᠷᠢ ᠠᠮᠠ ᠪᠤᠯᠢᠶᠠᠯᠳᠤᠨ᠂ ᠤᠯᠠᠭᠠᠨ ᠬᠥᠭᠡᠰᠦ ᠰᠠᠬᠠᠷᠠᠭᠤᠯᠤᠭᠰᠠᠭᠠᠷ ᠳᠠᠪᠬᠢᠵᠤ ᠢᠷᠡᠯ᠎ᠡ᠃ ᠲᠡᠭᠦᠨ ᠢ᠋ ᠢᠷᠡᠭᠡᠳ ᠬᠥᠯᠥᠰᠥ ᠶ᠋ᠢ ᠨᠢ ᠬᠤᠰᠤᠵᠤ ᠳᠠᠭᠤᠰᠤᠭᠠᠳ ᠬᠥᠲᠥᠯᠵᠦ ᠶᠠᠪᠤᠬᠤ ᠳ᠋ᠤ᠌ ᠪᠣᠷᠣ ᠮᠣᠷᠢ᠂ ᠳᠠᠷᠠᠭ᠎ᠠ ᠨᠢ ᠣᠢᠷᠠᠬᠠᠨ ᠰᠢᠭ᠋ ᠠᠯᠠᠭ ᠮᠣᠷᠢ ᠢᠷᠡᠵᠡᠢ᠃
  ᠲᠦᠭᠵᠢᠯ ᠬᠣᠶᠠᠷ ᠮᠣᠷᠢ ᠲᠠᠢ ᠪᠣᠯᠵᠤ ᠬᠥᠮᠦᠰ ᠬᠡᠭᠡᠷ ᠮᠣᠷᠢᠨ ᠳᠡᠭᠡᠷ᠎ᠡ ᠴᠤᠭᠯᠠᠷᠠᠨ ᠥᠨᠳᠥᠷ ᠦᠨ᠎ᠡ ᠡᠨᠳᠡ ᠲᠡᠨᠳᠡ ᠡᠴᠡ ᠬᠠᠶᠠᠯᠠᠵᠤ ᠡᠬᠢᠯᠡᠪᠡ᠃ ᠤᠷᠢᠳᠤ ᠰᠥᠨᠢ ᠠᠷᠪᠠᠨ ᠵᠢᠷᠭᠤᠭᠠᠨ ᠲᠤᠭᠤᠯ ᠲᠠᠢ ᠦᠨᠢᠶ᠎ᠡ ᠰᠣᠨᠣᠰᠤᠭᠠᠳ 《ᠴᠢ ᠠᠷᠪᠠᠨ ᠵᠢᠷᠭᠤᠭ᠎ᠠ ᠡᠴᠡ ᠴᠢᠨᠠᠭᠰᠢ ᠲᠣᠭ᠎ᠠ ᠮᠡᠳᠡᠬᠦ ᠦᠭᠡᠢ ᠭᠤᠢᠯᠢᠨᠴᠢᠨ ᠪᠠᠢᠬ᠎ᠠ ᠠ᠋》 ᠭᠡᠵᠦ ᠪᠠᠢᠭᠰᠠᠨ ᠪᠠᠳᠠᠷᠴᠢ ᠬᠦᠷᠲᠡᠯ᠎ᠡ 《ᠲᠤᠭᠤᠯ ᠲᠠᠢ ᠦᠨᠢᠶ᠎ᠡ ᠬᠣᠷᠢ᠂ ᠪᠠᠰᠠ ᠲᠡᠭᠡᠭᠡᠳ ᠶᠠᠷᠢᠨ᠎ᠠ ᠰᠢᠦ》ᠭᠡᠵᠦ ᠬᠠᠰᠬᠢᠷᠴᠤ ᠪᠠᠢᠪᠠ᠃
  ᠢᠩᠭᠢᠭᠡᠳ ᠬᠣᠷᠢᠨ ᠲᠤᠭᠤᠯ ᠲᠠᠢ ᠦᠨᠢᠶ᠎ᠡ᠂ ᠳᠥᠷᠪᠡᠨ ᠵᠠᠯᠠᠭᠤ ᠮᠣᠷᠢ ᠪᠠᠷ ᠲᠦᠭᠵᠢᠯ ᠦ᠋ᠨ ᠬᠡᠭᠡᠷ ᠮᠣᠷᠢ ᠶ᠋ᠢ ᠪᠠᠳᠠᠷᠴᠢ ᠠᠪᠬᠤ ᠪᠣᠯᠵᠠᠢ᠃ ᠲᠦᠭᠵᠢᠯ ᠪᠠᠳᠠᠷᠴᠢ ᠬᠣᠶᠠᠷ ᠲᠡᠷᠡ ᠣᠷᠣᠢ ᠠᠢᠯ ᠬᠡᠰᠦᠨ ᠠᠷᠢᠬᠢᠳᠠᠵᠤ ᠬᠣᠨᠣᠭᠠᠳ ᠮᠠᠷᠭᠠᠰᠢ ᠨᠢ ᠲᠣᠬᠢᠷᠠᠭᠰᠠᠨ ᠶᠠᠭᠤᠮ᠎ᠠ ᠪᠠᠨ ᠥᠭᠴᠦ ᠠᠪᠬᠤ ᠪᠠᠷ ᠪᠠᠳᠠᠷᠴᠢ ᠶ᠋ᠢᠨ ᠭᠡᠷ ᠦ᠋ᠨ ᠵᠦᠭ ᠶᠠᠪᠤᠵᠠᠢ᠃
  ᠊᠊᠊᠊᠊᠊᠊᠊᠊᠊᠊᠊᠊᠊᠊ ᠵᠠ ᠭᠤᠢᠯᠢᠨᠴᠢᠨ ᠮᠢᠨᠢ ᠬᠣᠯᠠ ᠶ᠋ᠢᠨ ᠮᠣᠷᠢ ᠭᠡᠳᠡᠭ ᠴᠢᠨᠢ ᠦᠨᠡᠨ ᠪᠢᠵᠡ᠃ ᠬᠡᠷᠪᠡ ᠬᠠᠶᠠᠭᠠᠨ ᠡᠴᠡ ᠡᠵᠡᠨ ᠨᠢ ᠭᠠᠷᠴᠤ ᠢᠷᠡᠪᠡᠯ ᠪᠠᠳᠠᠷᠴᠢ ᠶ᠋ᠢᠨ ᠭᠠᠷ ᠡᠴᠡ ᠴᠢ ᠭᠠᠷᠬᠤ ᠦᠭᠡᠢ ᠰᠢᠦ ᠭᠡᠵᠦ ᠪᠠᠳᠠᠷᠴᠢ ᠶ᠋ᠢᠨ ᠳᠠᠬᠢᠨ ᠳᠠᠬᠢᠨ ᠬᠡᠯᠡᠬᠦ ᠳ᠋ᠦ᠍᠄
  ᠊᠊᠊᠊᠊᠊᠊᠊᠊᠊᠊᠊᠊᠊᠊ ᠵᠣᠪᠠᠬᠤ ᠬᠡᠷᠡᠭ ᠦᠭᠡᠢ᠃ ᠲᠦᠭᠵᠢᠯ ᠬᠦᠦ ᠠᠢᠮᠠᠭ ᠳᠠᠪᠠᠭ᠎ᠠ ᠦᠭᠡᠢ ᠶᠠᠭᠤᠮ᠎ᠠ ᠶ᠋ᠢ ᠣᠯᠵᠠ ᠭᠡᠵᠦ ᠪᠣᠳᠣᠬᠤ ᠪᠠᠨ ᠠᠯᠢ ᠡᠷᠲᠡ ᠪᠣᠯᠢᠭᠰᠠᠨ ᠰᠢᠦ ᠭᠡᠵᠦ ᠪᠠᠷᠳᠠᠮ ᠢ᠋ᠶ᠋ᠠᠷ ᠬᠠᠷᠢᠭᠤᠯᠵᠤ ᠶᠠᠪᠤᠵᠠᠢ᠃
  ᠪᠠᠳᠠᠷᠴᠢ ᠡᠴᠡ ᠠᠪᠤᠭᠰᠠᠨ ᠮᠠᠯ ᠢ᠋ᠶ᠋ᠠᠨ ᠲᠠᠭᠤᠭᠠᠳ ᠳᠠᠯᠠᠢ᠌ᠴᠣᠢ᠌ᠩᠬᠤᠷ ᠸᠠᠩ ᠤ᠋ᠨ ᠨᠤᠲᠤᠭ ᠤᠷᠤᠭᠤ ᠶᠠᠪᠤᠬᠤ ᠵᠠᠮ ᠳ᠋ᠠᠭᠠᠨ ᠠᠢᠯ ᠤ᠋ᠨ ᠪᠢᠷᠠᠭᠤ ᠳᠥᠷᠪᠡ ᠶ᠋ᠢ ᠦᠬᠡᠷ ᠲᠡᠭᠡᠨ ᠨᠡᠢᠯᠡᠭᠦᠯᠦᠨ ᠶᠠᠪᠤᠵᠠᠢ᠃