ᠲᠤᠩᠭᠠᠯᠠᠭ ᠲᠠᠮᠢᠷ3-19-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠱᠠᠭᠠᠵᠠᠭᠠᠢ ᠵᠡᠭᠦᠦ ᠣᠯᠤᠭᠠᠳ ᠬᠢᠬᠦ ᠭᠠᠵᠠᠷ ᠦᠭᠡᠢ ᠰᠦᠯᠪᠡᠭᠦᠯᠵᠦ ᠦᠬᠦᠭᠰᠡᠨ》 - ᠭᠤᠷᠪᠠᠳᠤᠭᠠᠷ ᠪᠦᠯᠦᠭ ᠠᠷᠪᠠᠨ ᠶᠢᠰᠦ
ᠵᠠᠶ᠎ᠠ ᠶ᠋ᠢᠨ ᠬᠦᠷᠢᠶᠡᠨ ᠦ᠌ ᠴᠠᠮ ᠤ᠋ᠨ ᠡᠮᠦᠨ᠎ᠡ ᠣᠯᠠᠨ ᠤ᠋ ᠱᠤᠤᠭᠢᠶᠠᠨ ᠳᠡᠭᠳᠡᠭᠰᠡᠨ ᠨᠢᠭᠡ ᠰᠦᠷᠡᠬᠡᠢ ᠶᠠᠪᠤᠳᠠᠯ ᠭᠠᠷᠴᠠᠢ᠃ ᠶᠠᠭ ᠴᠠᠮ ᠡᠬᠢᠯᠡᠬᠦ ᠥᠷᠯᠥᠭᠡ ᠬᠦᠷᠢᠶᠡᠨ ᠦ᠌ ᠴᠣᠭᠴᠢᠨ ᠭᠡᠰᠬᠦᠢ ᠶ᠋ᠢᠨ ᠣᠪᠣᠭᠠᠲᠠᠢ ᠶ᠋ᠢᠨ ᠪᠦᠴᠡ᠂ ᠮᠥᠩᠭᠥᠨ ᠪᠢᠰᠬᠢᠭᠦᠷ ᠵᠡᠷᠭᠡ ᠡᠳᠦᠢ ᠲᠡᠳᠦᠢ ᠦᠨ᠎ᠡ ᠲᠡᠢ ᠴᠠᠨ᠎ᠠ ᠲᠠᠢ ᠶᠠᠭᠤᠮ᠎ᠠ ᠦᠭᠡᠢ ᠪᠣᠯᠤᠭᠰᠠᠨ ᠢ᠋ ᠦᠭᠡᠢᠯᠡᠯᠡ᠃
ᠵᠠᠷᠢᠮ ᠬᠥᠮᠦᠰ ᠴᠠᠭ ᠵᠢᠪᠡᠭᠦᠨ ᠪᠣᠯᠤᠭᠰᠠᠨ ᠡᠴᠡ ᠮᠠᠭᠤ ᠢᠷᠣ᠎ᠠ ᠪᠣᠯᠪᠠ ᠭᠡᠵᠦ ᠰᠡᠵᠢᠭᠯᠡᠨ᠂ ᠡᠭᠦᠨ ᠡᠴᠡ ᠶᠠᠭᠤ ᠪᠣᠯᠬᠤ ᠶ᠋ᠢ ᠲᠠᠭᠠᠪᠤᠷᠢᠯᠠᠨ ᠶᠠᠷᠢᠯᠴᠠᠨ᠎ᠠ᠃ ᠵᠠᠷᠢᠮ ᠨᠢ ᠪᠦᠴᠡ ᠶ᠋ᠢ ᠠᠷᠠᠳ ᠤ᠋ᠨ ᠵᠠᠰᠠᠭ ᠤ᠋ᠨ ᠮᠤᠬᠤᠷ ᠲᠣᠯᠣᠭᠠᠢᠲᠠᠨ ᠵᠣᠷᠢᠭᠤᠳᠠ ᠠᠪᠤᠭᠰᠠᠨ ᠭᠡᠨ᠎ᠡ᠃ ᠵᠠᠷᠢᠮ ᠨᠢ ᠨᠡᠷᠡᠲᠦ ᠭᠡᠭᠡᠨ ᠦ᠌ ᠵᠢᠰᠠ ᠳ᠋ᠤ᠌ ᠬᠣᠢᠴᠢ ᠶ᠋ᠢ ᠪᠣᠳᠣᠯ ᠦᠭᠡᠢ ᠣᠷᠣᠵᠤ ᠡᠳᠦᠢ ᠲᠡᠳᠦᠢ ᠶᠠᠭᠤᠮ᠎ᠠ ᠠᠪᠤᠭᠰᠠᠨ ᠬᠤᠯᠠᠭᠠᠢᠴᠢ ᠶ᠋ᠢ ᠭᠠᠢᠬᠠᠨ᠎ᠠ᠃ ᠵᠠᠷᠢᠮ ᠨᠢ ᠵᠦᠭᠡᠷ ᠯᠡ ᠰᠣᠨᠢᠨ ᠪᠣᠯᠭᠠᠵᠤ ᠳᠠᠮᠵᠢᠭᠤᠯᠤᠨ ᠶᠠᠷᠢᠨ᠎ᠠ᠃
ᠶᠡᠬᠡ ᠵᠢᠰᠠ ᠶ᠋ᠢᠨ ᠨᠢᠷᠪᠠ ᠭᠡᠭᠡᠨ ᠰᠠᠩ ᠡᠳᠦᠢ ᠲᠡᠳᠦᠢ ᠦᠨᠡᠲᠡᠢ ᠶᠠᠭᠤᠮ᠎ᠠ ᠪᠠᠨ ᠠᠯᠳᠠᠭᠰᠠᠨ ᠢ᠋ ᠠᠢᠮᠠᠭ ᠤ᠋ᠨ ᠳᠠᠷᠤᠭ᠎ᠠ ᠳ᠋ᠤ᠌ ᠮᠡᠳᠡᠭᠳᠡᠵᠦ ᠲᠡᠮᠳᠡᠭᠯᠡᠭᠦᠯᠪᠡ᠃ ᠢᠩᠭᠢᠵᠦ ᠡᠯᠳᠡᠪ ᠦ᠋ᠨ ᠶᠠᠷᠢᠶ᠎ᠠ ᠲᠡᠭᠷᠢ ᠳ᠋ᠦ᠍ ᠲᠤᠯᠵᠤ᠂ ᠬᠣᠶᠠᠷ ᠬᠥᠮᠦᠨ ᠠᠭᠤᠯᠵᠠᠬᠤ ᠳ᠋ᠠᠭᠠᠨ ᠮᠡᠨᠳᠦᠴᠢᠯᠡᠬᠦ ᠶ᠋ᠢᠨ ᠣᠷᠣᠨ ᠳ᠋ᠤ᠌ ᠪᠦᠴᠡ ᠶ᠋ᠢᠨ ᠲᠤᠬᠠᠢ ᠶᠠᠷᠢᠵᠤ ᠪᠠᠢᠭᠰᠠᠨ ᠠᠪᠠᠴᠤ ᠡᠨᠡ ᠶᠠᠷᠢᠶ᠎ᠠ ᠬᠣᠩᠭᠣᠷ ᠲᠤ᠌ ᠬᠦᠷᠦᠭᠰᠡᠨ ᠦᠭᠡᠢ᠃
ᠱᠠᠭᠠᠵᠠᠭᠠᠢ ᠵᠡᠭᠦᠦ ᠣᠯᠤᠭᠠᠳ ᠬᠢᠬᠦ ᠭᠠᠵᠠᠷ ᠦᠭᠡᠢ ᠰᠦᠯᠪᠡᠭᠦᠯᠵᠦ ᠦᠬᠦᠭᠰᠡᠨ ᠭᠡᠳᠡᠭ ᠰᠢᠭ ᠬᠣᠩᠭᠣᠷ ᠠᠪᠤᠭᠰᠠᠨ ᠶᠠᠭᠤᠮ᠎ᠠ ᠪᠠᠨ ᠬᠠᠷᠠᠩᠭᠤᠢ ᠮᠣᠳᠣᠨ ᠳ᠋ᠤ᠌ ᠨᠢᠭᠤᠭᠠᠳ ᠪᠠᠷᠤᠭ ᠡᠳᠦᠷ ᠪᠦᠬᠦᠨ ᠣᠴᠢᠵᠤ ᠦᠵᠡᠳᠡᠭ ᠪᠠᠢᠯ᠎ᠠ᠃ ᠴᠠᠮ ᠳ᠋ᠤ᠌ ᠣᠴᠢᠬᠤ ᠪᠠᠷ ᠶᠠᠪᠤᠬᠤ ᠵᠠᠮ ᠳ᠋ᠠᠭᠠᠨ ᠲᠡᠷᠡ ᠭᠠᠵᠠᠷ ᠢ᠋ᠶ᠋ᠠᠨ ᠣᠴᠢᠵᠤ ᠶᠠᠭᠤᠮ᠎ᠠ ᠪᠠᠨ ᠤᠷᠢᠳᠤᠬᠢ ᠶᠣᠰᠣ ᠪᠠᠷ ᠳᠡᠯᠭᠡᠵᠦ ᠦᠵᠡᠪᠡᠯ ᠶᠡᠷᠦ ᠪᠤᠰᠤ ᠶ᠋ᠢᠨ ᠬᠢᠴᠡ ᠲᠡᠢ᠂ ᠲᠥᠪᠡᠳ ᠬᠣᠷᠭᠣᠢ ᠪᠦᠴᠡ ᠨᠢᠳᠦᠨ ᠳ᠋ᠦ᠍ᠨᠢ ᠲᠤᠰᠪᠠ᠃ ᠪᠡᠷᠢᠯᠡᠵᠦ ᠰᠣᠨᠢᠷᠬᠠᠨ ᠦᠵᠡᠭᠰᠡᠨ ᠢ᠋ᠶ᠋ᠡᠨ ᠰᠡᠭᠦᠯ ᠦ᠋ᠨ ᠦᠶ᠎ᠡ ᠳ᠋ᠦ᠍ ᠳᠡᠭᠵᠢᠷᠬᠡᠨ ᠰᠢᠯᠢ ᠳ᠋ᠡᠭᠡᠨ ᠤᠨᠵᠢᠭᠤᠯᠤᠨ ᠶᠠᠪᠤᠳᠠᠭ ᠪᠣᠯᠤᠭᠰᠠᠨ ᠡᠴᠢᠭᠡ ᠶ᠋ᠢᠨ ᠢ᠋ᠶ᠋ᠡᠨ ᠬᠢᠯᠢᠩ ᠮᠠᠯᠠᠭᠠᠢ ᠳ᠋ᠤ᠌ ᠤᠭᠰᠠᠷᠠᠵᠤ ᠦᠵᠡᠪᠡᠯ ᠶᠠᠷᠢᠶ᠎ᠠ ᠦᠭᠡᠢ ᠵᠣᠬᠢᠵᠤ ᠪᠠᠢᠪᠠ᠃ ᠤᠷᠲᠤ ᠰᠠᠢᠬᠠᠨ ᠪᠦᠴᠡ ᠲᠡᠢ ᠮᠠᠯᠠᠭᠠᠢ ᠪᠠᠨ ᠠᠷᠤ ᠤᠷᠤᠭᠤ ᠪᠠᠨ ᠤᠨᠵᠢᠭᠤᠯᠤᠨ ᠰᠡᠭᠦᠳᠡᠷ ᠢ᠋ᠶ᠋ᠡᠨ ᠬᠠᠷᠠᠪᠠᠯ ᠪᠦᠴᠡ ᠶ᠋ᠢᠨ ᠦᠵᠦᠭᠦᠷ ᠭᠠᠵᠠᠷ ᠰᠢᠭᠦᠷᠴᠤ ᠪᠠᠢᠪᠠ᠃ ᠡᠨᠡ ᠰᠠᠢᠬᠠᠨ ᠪᠦᠴᠡ ᠪᠡᠷ ᠭᠤᠶᠤᠪᠠᠯ ᠥᠨᠥᠳᠥᠷ ᠦ᠋ᠨ ᠴᠠᠮ ᠳᠡᠭᠡᠷ᠎ᠡ ᠣᠴᠢᠭᠰᠠᠨ ᠪᠦᠬᠦᠨ ᠡᠴᠡ ᠢᠯᠭᠠᠷᠠᠭᠰᠠᠨ ᠭᠣᠶᠣ ᠳᠡᠭᠵᠢᠨ ᠬᠥᠮᠦᠨ ᠪᠣᠯᠤᠮᠠᠷ ᠪᠣᠳᠣᠭᠳᠠᠪᠠ᠃
ᠵᠠᠮ ᠳ᠋ᠠᠭᠠᠨ ᠶᠠᠪᠤᠬᠤ ᠳ᠋ᠠᠭᠠᠨ ᠡᠷᠭᠢᠵᠦ ᠬᠠᠷᠠᠬᠤ ᠳ᠋ᠤ᠌ ᠤᠷᠲᠤ ᠪᠦᠴᠡ ᠮᠣᠷᠢᠨ ᠤ᠋ ᠬᠢᠨᠢ ᠬᠣᠨᠳᠣᠯᠠᠢ ᠤᠷᠤᠭᠤ ᠬᠠᠶᠠᠯᠠᠨ ᠮᠥᠨ ᠴᠦ᠍ ᠳᠡᠭᠵᠢᠨ ᠰᠠᠨᠠᠭᠳᠠᠵᠤ ᠪᠠᠢᠪᠠ᠃
《ᠰᠦᠷᠦᠩ ᠮᠢᠨᠢ ᠬᠠᠷᠠᠪᠠᠯ ᠬᠣᠩᠭᠣᠷ ᠴᠢ ᠴᠦ᠍ ᠭᠠᠷᠴᠤ ᠥᠭᠴᠡᠢ》 ᠭᠡᠳ ᠯᠡ ᠪᠦᠴᠡ ᠶ᠋ᠢ ᠮᠢᠨᠢ ᠰᠣᠨᠢᠷᠬᠠᠨ ᠭᠠᠢᠬᠠᠬᠤ ᠪᠠᠢᠭᠰᠠᠨ ᠳᠠ ᠭᠡᠵᠦ ᠪᠣᠳᠣᠭᠳᠠᠪᠠ᠃ ᠪᠠᠰᠠ ᠵᠢᠰᠠ ᠶ᠋ᠢᠨ ᠭᠣᠣᠯ ᠪᠠᠢᠰᠢᠩ ᠢ᠋ ᠤᠬᠤᠵᠤ ᠣᠷᠬᠢᠬᠤ ᠳ᠋ᠤ᠌ ᠬᠡᠨ ᠴᠦ᠍ ᠮᠡᠳᠡᠬᠦ ᠦᠭᠡᠢ ᠰᠠᠷ᠎ᠠ ᠭᠠᠷᠤᠢ ᠪᠣᠯᠤᠭᠰᠠᠨ ᠢ᠋ ᠪᠣᠳᠣᠬᠤ ᠳ᠋ᠤ᠌ ᠡᠷ᠎ᠡ ᠴᠢᠳᠠᠯ᠂ ᠤᠬᠠᠭᠠᠨ ᠬᠣᠣᠰᠯᠠᠭᠰᠠᠨ ᠰᠠᠢᠨ ᠡᠷ᠎ᠡ ᠶ᠋ᠢᠨ ᠰᠢᠨᠵᠢ ᠥᠪᠡᠷ ᠲᠦ᠋ᠨᠢ ᠪᠦᠷᠢᠳᠦᠭᠰᠡᠨ ᠮᠡᠲᠦ ᠰᠠᠨᠠᠭᠳᠠᠵᠤ ᠪᠠᠢᠯ᠎ᠠ᠃
ᠴᠠᠮ ᠵᠢᠭᠳᠡᠷᠡᠬᠦ ᠡᠴᠡ ᠨᠡᠯᠢᠶᠡᠳ ᠡᠮᠦᠨ᠎ᠡ ᠣᠴᠢᠭᠠᠳ ᠲᠣᠭᠣᠷᠢᠨ ᠵᠣᠭᠰᠣᠭᠰᠠᠨ ᠮᠣᠷᠢᠲᠠᠢ ᠬᠥᠮᠦᠰ ᠦ᠋ᠨ ᠳᠤᠮᠳᠠ ᠣᠷᠣᠵᠤ ᠵᠣᠭᠰᠣᠪᠠ᠃ ᠬᠡᠳᠦ ᠬᠡᠳᠦᠨ ᠲᠠᠨᠢᠯ ᠬᠥᠮᠦᠨ ᠲᠡᠢ ᠲᠣᠬᠢᠶᠠᠯᠳᠤᠵᠤ ᠮᠡᠨᠳᠦᠯᠡᠪᠡ᠃ ᠬᠥᠮᠦᠰ ᠪᠦᠴᠡ ᠶ᠋ᠢ ᠨᠢ ᠬᠠᠷᠠᠨ ᠵᠢᠪ ᠵᠣᠪ ᠶᠠᠷᠢᠯᠴᠠᠬᠤ ᠳ᠋ᠤ᠌ 《ᠮᠢᠨᠦ ᠳᠡᠭᠵᠢᠨ ᠢ᠋ ᠭᠠᠢᠬᠠᠵᠤ ᠪᠠᠢᠨ᠎ᠠ》 ᠭᠡᠵᠦ ᠪᠠᠶᠠᠷᠯᠠᠨ ᠪᠠᠢᠯ᠎ᠠ᠃
ᠴᠣᠭᠴᠢᠨ ᠭᠡᠰᠬᠦᠢ ᠶ᠋ᠢᠨ ᠪᠦᠴᠡ ᠶ᠋ᠢ ᠢᠲᠡᠭᠡᠯᠲᠦ ᠶ᠋ᠢᠨ ᠬᠣᠩᠭᠣᠷ ᠵᠡᠭᠦᠵᠦ ᠶᠠᠪᠤᠨ᠎ᠠ ᠭᠡᠵᠦ ᠨᠢᠭᠡ ᠡᠴᠡ ᠨᠥᠭᠦᠭᠡ ᠳ᠋ᠦ᠍ ᠳᠠᠮᠵᠢᠭᠰᠠᠨ ᠶᠠᠷᠢᠶ᠎ᠠ ᠲᠠᠷᠬᠠᠵᠤ ᠪᠠᠢᠪᠠ᠃ ᠢᠩᠭᠢᠵᠦ ᠪᠠᠢᠲᠠᠯ᠎ᠠ ᠬᠤᠰᠢᠭᠤᠨ ᠤ᠋ ᠲᠠᠬᠠᠷ᠂ ᠬᠣᠶᠠᠷ ᠯᠠᠮᠠ ᠶ᠋ᠢᠨ ᠬᠠᠮᠲᠤ ᠢᠷᠡᠭᠡᠳ ᠬᠣᠩᠭᠣᠷ ᠤ᠋ᠨ ᠮᠣᠷᠢ ᠶ᠋ᠢ ᠰᠢᠭᠤᠳ ᠴᠤᠯᠪᠤᠭᠤᠷᠳᠠᠨ ᠣᠯᠠᠨ ᠤ᠋ ᠳᠤᠮᠳᠠ ᠡᠴᠡ ᠬᠥᠲᠥᠯᠦᠨ ᠭᠠᠷᠴᠠᠢ᠃
ᠲᠡᠷᠡ ᠡᠳᠦᠷ ᠬᠣᠩᠭᠣᠷ ᠢ᠋ ᠬᠡᠨ ᠲᠡᠢ ᠴᠦ᠍ ᠠᠭᠤᠯᠵᠠᠭᠤᠯᠤᠭᠰᠠᠨ ᠦᠭᠡᠢ ᠠᠢᠮᠠᠭ ᠤ᠋ᠨ ᠭᠢᠨᠳᠠᠨ ᠳ᠋ᠤ᠌ ᠬᠣᠷᠢᠵᠠᠢ᠃ ᠭᠠᠭᠴᠠ ᠬᠦᠦ ᠨᠢ ᠵᠢᠰᠠ ᠣᠬᠣᠭᠰᠠᠨ ᠬᠡᠷᠡᠭ ᠲᠦ᠍ ᠪᠠᠷᠢᠭᠳᠠᠭᠰᠠᠨ ᠢ᠋ ᠰᠣᠨᠣᠰᠤᠭᠠᠳ ᠢᠲᠡᠭᠡᠯᠲᠦ ᠮᠡᠳᠡᠳᠡᠭ ᠴᠢᠳᠠᠳᠠᠭ ᠬᠥᠮᠦᠰ ᠢ᠋ᠶ᠋ᠡᠷ ᠶᠠᠪᠤᠭᠰᠠᠨ ᠪᠣᠯᠪᠠᠴᠤ 《ᠤᠴᠢᠷ ᠨᠢ ᠣᠯᠳᠠᠭ᠎ᠠ ᠦᠭᠡᠢ ᠪᠠᠢᠨ᠎ᠠ》 ᠭᠡᠳ ᠠᠭᠤᠯᠵᠠᠭᠤᠯᠤᠭᠰᠠᠨ ᠴᠤ᠌ ᠦᠭᠡᠢ᠃
ᠮᠠᠷᠭᠠᠰᠢ ᠨᠢ ᠬᠣᠩᠭᠣᠷ ᠢ᠋ ᠪᠠᠢᠴᠠᠭᠠᠵᠤ ᠡᠬᠢᠯᠡᠪᠡ᠃ ᠠᠩᠬᠠᠨ ᠤ᠋ ᠬᠤᠯᠠᠭᠠᠢ ᠢᠯᠡᠷᠡᠭᠰᠡᠨ ᠢ᠋ ᠣᠢᠯᠠᠭᠠᠵᠤ᠂ ᠬᠣᠩᠭᠣᠷ ᠰᠠᠨᠳᠤᠷᠬᠤ ᠳ᠋ᠠᠭᠠᠨ 《ᠵᠠᠰᠠᠭᠲᠤ ᠬᠠᠨ ᠤ᠋ ᠴᠠᠬᠢᠭᠤᠷ ᠲᠡᠮᠦᠷ ᠥᠭᠭᠦᠭᠰᠡᠨ》 ᠭᠡᠵᠦ ᠥᠴᠢᠪᠡ᠃
ᠢᠩᠭᠢᠭᠡᠳ ᠳᠥᠷᠪᠡᠨ ᠳᠠᠭᠠᠭᠤᠯ ᠲᠠᠢ ᠲᠡᠮᠦᠷ ᠦ᠋ᠨ ᠵᠦᠭ ᠬᠥᠳᠡᠯᠬᠦ ᠳ᠋ᠦ᠍ ᠵᠠᠶ᠎ᠠ ᠶ᠋ᠢᠨ ᠵᠢᠰᠠ ᠶ᠋ᠢᠨ ᠳᠣᠨᠢᠷ ᠪᠦᠴᠡ ᠶ᠋ᠢ ᠪᠣᠭᠣᠵᠤ ᠡᠪᠦᠷᠲᠦᠯᠡᠭᠡᠳ ᠶᠠᠪᠤᠵᠠᠢ᠃ ᠬᠠᠨ ᠥᠨᠳᠥᠷ ᠦ᠋ᠨ ᠲᠠᠮᠠᠭᠠᠨ ᠳᠡᠭᠡᠷ᠎ᠡ ᠬᠣᠨᠣᠬᠤ ᠳ᠋ᠤ᠌ ᠬᠣᠩᠭᠣᠷ ᠣᠷᠭᠣᠴᠢᠬᠠᠶᠠ ᠭᠡᠰᠡᠨ ᠪᠣᠯᠪᠠᠴᠤ ᠡᠪ ᠲᠠᠭᠠᠷᠠᠵᠤ ᠥᠭᠭᠦᠭᠰᠡᠨ ᠦᠭᠡᠢ᠃ ᠮᠠᠷᠭᠠᠰᠢ ᠨᠢ ᠦᠳᠡ ᠶ᠋ᠢᠨ ᠬᠢᠷᠢ ᠳ᠋ᠦ᠍ ᠲᠡᠮᠦᠷ ᠦ᠋ᠨ ᠳ᠋ᠦ᠍ ᠣᠴᠢᠬᠤ ᠳ᠋ᠤ᠌ ᠬᠦᠷᠡᠩ ᠲᠣᠷᠭᠠᠨ ᠲᠡᠷᠯᠢᠭ ᠲᠡᠢ ᠲᠡᠮᠦᠷ᠂ ᠨᠣᠬᠠᠢ ᠪᠠᠨ ᠬᠣᠷᠢᠵᠤ ᠥᠭᠪᠡ᠃
ᠤᠯᠠᠭᠠᠨ ᠬᠦᠵᠦᠭᠦᠪᠴᠢ ᠲᠡᠢ ᠲᠣᠮᠣ ᠬᠠᠯᠲᠠᠷ ᠨᠣᠬᠠᠢ ᠪᠠᠷᠢᠭᠠᠳ ᠵᠣᠭᠰᠣᠵᠤ ᠪᠠᠢᠭ᠎ᠠ ᠲᠡᠮᠦᠷ ᠦ᠋ᠨ ᠳᠡᠷᠭᠡᠳᠡᠭᠦᠷ ᠭᠠᠷᠬᠤ ᠳ᠋ᠠᠭᠠᠨ 《ᠪᠢ ᠬᠣᠩᠭᠣᠷ᠃ ᠠᠬ᠎ᠠ ᠮᠢᠨᠢ ᠨᠠᠮᠠᠢ ᠪᠣᠳᠣᠭᠠᠷᠠᠢ》 ᠭᠡᠵᠦ ᠰᠢᠪᠡᠭᠡᠨᠡᠨ ᠬᠡᠯᠡᠵᠡᠢ᠃ ᠭᠡᠪᠡᠴᠦ ᠲᠡᠮᠦᠷ ᠡᠨᠡ ᠦᠭᠡ ᠶ᠋ᠢ ᠨᠢ ᠰᠣᠨᠣᠰᠤᠭᠰᠠᠨ᠂ ᠡᠰᠡᠭᠰᠡᠨ ᠲᠡᠮᠳᠡᠭ ᠣᠭᠲᠣ ᠮᠡᠳᠡᠭᠳᠡᠭᠰᠡᠨ ᠦᠭᠡᠢ᠃
ᠤᠯᠤᠰ ᠣᠷᠣᠭᠠᠳ ᠰᠠᠭᠤᠬᠤ ᠳ᠋ᠤ᠌ ᠳᠤᠯᠮ᠎ᠠ ᠲᠣᠮᠣ ᠦᠨᠳᠦᠰᠦᠨ ᠬᠤᠯᠤᠨ ᠳ᠋ᠤ᠌ ᠠᠢᠷᠠᠭ ᠬᠢᠵᠦ ᠥᠭᠪᠡ᠃ ᠲᠡᠮᠦᠷ ᠬᠥᠮᠦᠰ ᠲᠡᠢ ᠨᠣᠭᠣᠭ᠎ᠠ ᠴᠠᠭ᠎ᠠ᠂ ᠮᠠᠯ ᠤ᠋ᠨ ᠲᠠᠷᠭᠤ ᠬᠦᠴᠦ ᠶ᠋ᠢᠨ ᠲᠤᠬᠠᠢ ᠶᠠᠷᠢᠵᠤ ᠲᠠᠢᠪᠤᠩ ᠪᠠᠢᠬᠤ ᠳ᠋ᠤ᠌ ᠬᠣᠩᠭᠣᠷ ᠤ᠋ᠨ ᠵᠢᠷᠦᠬᠡ ᠴᠡᠭᠡᠵᠢᠨ ᠳ᠋ᠡᠭᠡᠨ ᠪᠠᠭᠲᠠᠬᠤ ᠦᠭᠡᠢ ᠴᠣᠬᠢᠯᠤᠨ ᠪᠠᠢᠯ᠎ᠠ᠃ ᠳᠤᠯᠮ᠎ᠠ ᠬᠣᠩᠭᠣᠷ ᠡᠴᠡ ᠬᠡᠳᠦ ᠬᠡᠳᠦᠨ ᠶᠠᠭᠤᠮ᠎ᠠ ᠠᠰᠠᠭᠤᠬᠤ ᠳ᠋ᠤ᠌ ᠲᠣᠯᠣᠭᠠᠢ ᠪᠠᠨ ᠰᠡᠭᠰᠦᠷᠬᠦ᠂ ᠲᠣᠬᠢᠬᠤ ᠡᠴᠡ ᠥᠭᠡᠷ᠎ᠡ ᠬᠠᠷᠢᠭᠤ ᠥᠭᠴᠦ ᠴᠢᠳᠠᠭᠰᠠᠨ ᠦᠭᠡᠢ᠃
᠊᠊᠊᠊᠊᠊᠊᠊᠊᠊᠊᠊᠊᠊᠊ ᠬᠣᠩᠭᠣᠷ ᠮᠢᠨᠢ ᠶᠠᠭᠤ ᠪᠣᠯᠴᠢᠬᠠᠭ᠎ᠠ ᠪᠣᠢ᠃ ᠭᠡᠷ ᠦ᠋ᠨ ᠬᠢ ᠴᠢᠨᠢ ᠰᠠᠢᠨ ᠤᠤ ᠭᠡᠵᠦ ᠳᠤᠯᠮ᠎ᠠ ᠠᠰᠠᠭᠤᠪᠠ᠃
ᠳᠣᠨᠢᠷ ᠡᠪᠦᠷ ᠢ᠋ᠶ᠋ᠡᠨ ᠠᠭᠤᠳᠠᠯᠵᠤ ᠪᠣᠭᠣᠳᠠᠯ ᠲᠠᠢ ᠪᠦᠴᠡ ᠶ᠋ᠢ ᠭᠠᠷᠭᠠᠨ ᠮᠠᠰᠢ ᠤᠳᠠᠭᠠᠨ ᠵᠠᠳᠠᠯᠤᠨ᠂ ᠤᠨᠵᠢᠭᠤᠯᠵᠤ ᠪᠠᠷᠢᠭᠠᠳ᠄
᠊᠊᠊᠊᠊᠊᠊᠊᠊᠊᠊᠊᠊᠊᠊ ᠲᠠ ᠡᠨᠡ ᠪᠦᠴᠡ ᠶ᠋ᠢ ᠲᠠᠨᠢᠬᠤ ᠤᠤ? ᠭᠡᠵᠦ ᠲᠡᠮᠦᠷ ᠡᠴᠡ ᠠᠰᠠᠭᠤᠪᠠ᠃ ᠲᠡᠮᠦᠷ ᠶᠠᠭᠤ ᠴᠤ᠌ ᠳᠤᠤᠭᠠᠷᠤᠯ ᠦᠭᠡᠢ ᠪᠦᠴᠡ ᠶ᠋ᠢ ᠠᠪᠤᠭᠠᠳ ᠠᠵᠢᠭᠯᠠᠨ ᠬᠠᠷᠠᠵᠤ ᠪᠠᠢᠬᠤ ᠳ᠋ᠤ᠌ ᠬᠡᠨ ᠳ᠋ᠦ᠍ ᠴᠦ᠍ ᠦᠯᠦ ᠣᠢᠯᠠᠭᠠᠭᠳᠠᠬᠤ ᠢᠨᠢᠶᠡᠮᠰᠦᠭᠯᠡᠯ ᠨᠢᠭᠤᠷ ᠲᠤᠨᠢ ᠲᠣᠳᠣᠷᠠᠵᠤ ᠪᠠᠢᠪᠠ᠃
ᠭᠡᠷ ᠦ᠋ᠨ ᠳᠣᠲᠣᠷ᠎ᠠ ᠶᠠᠮᠠᠷ ᠴᠤ᠌ ᠴᠢᠮᠡᠭᠡ ᠦᠭᠡᠢ ᠬᠡᠰᠡᠭ ᠪᠣᠯᠪᠠ᠃ ᠪᠦᠬᠦᠨ ᠦ᠌ ᠨᠢᠳᠦ ᠲᠡᠮᠦᠷ ᠤᠷᠤᠭᠤ ᠴᠢᠭᠯᠡᠪᠡ᠃ ᠲᠡᠮᠦᠷ ᠦ᠋ᠨ ᠬᠡᠯᠡᠬᠦ ᠦᠭᠡ ᠯᠡ ᠠᠮᠢ᠂ ᠠᠮᠢᠳᠤᠷᠠᠯ ᠬᠤᠪᠢ ᠵᠠᠶᠠᠭ᠎ᠠ ᠶ᠋ᠢ ᠨᠢ ᠰᠢᠢᠳᠪᠦᠷᠢᠯᠡᠬᠦ ᠶᠤᠮ ᠭᠡᠵᠦ ᠪᠣᠳᠣᠭᠰᠠᠨ ᠬᠣᠩᠭᠣᠷ ᠤ᠋ᠨ ᠰᠡᠳᠬᠢᠯ ᠪᠤᠴᠠᠯᠤᠨ ᠳᠣᠭᠳᠣᠯᠵᠤ ᠡᠨᠡ ᠭᠱᠠᠨ ᠥᠩᠭᠡᠷᠡᠭᠦᠯᠦᠭᠰᠡᠨ ᠪᠦᠬᠦ ᠠᠮᠢᠳᠤᠷᠠᠯ ᠡᠴᠡ ᠨᠢ ᠤᠷᠲᠤ ᠶᠤᠮ ᠰᠢᠭ᠋ ᠰᠠᠨᠠᠭᠳᠠᠵᠤ ᠪᠠᠢᠪᠠ᠃
ᠲᠡᠮᠦᠷ ᠦ᠋ᠨ ᠨᠢᠳᠦ ᠰᠣᠯᠪᠢᠰᠭᠢᠵᠦ᠂ ᠥᠳᠬᠡᠨ ᠬᠥᠮᠥᠰᠬᠡ ᠨᠢ ᠡᠷᠴᠢᠯᠡᠨ ᠵᠠᠩᠭᠢᠷᠠᠭᠠᠳ᠂ ᠳᠣᠨᠢᠷ ᠢ᠋ ᠰᠢᠷᠲᠡᠨ ᠬᠠᠷᠠᠯ᠎ᠠ᠃
᠊᠊᠊᠊᠊᠊᠊᠊᠊᠊᠊᠊᠊᠊᠊ ᠲᠠᠨᠢᠨ᠎ᠠ᠃ ᠲᠡᠭᠡᠭᠡᠳ ᠶᠠᠭᠤ ᠭᠡᠵᠦ?
᠊᠊᠊᠊᠊᠊᠊᠊᠊᠊᠊᠊᠊᠊᠊ ᠡᠨᠡ ᠪᠦᠴᠡ ᠶ᠋ᠢ ᠡᠨᠡ ᠬᠠᠷ᠎ᠠ ᠬᠦᠦ ᠴᠠᠮ ᠳᠡᠭᠡᠷ᠎ᠡ ᠵᠡᠭᠦᠵᠦ ᠶᠠᠪᠤᠭᠠᠳ ᠪᠠᠷᠢᠭᠳᠠᠭᠰᠠᠨ᠃ ᠤᠤᠯ ᠨᠢ ᠮᠠᠨ ᠤ᠋ ᠠᠯᠳᠠᠭᠰᠠᠨ ᠪᠦᠴᠡ᠃ ᠲᠠᠨ ᠤ᠋ ᠳᠡᠭᠡᠷ᠎ᠡ ᠪᠠᠭᠤᠯᠭᠠᠵᠤ ᠪᠠᠢᠨ᠎ᠠ ᠭᠡᠵᠦ ᠳᠣᠨᠢᠷ ᠲᠡᠮᠦᠷ ᠦ᠋ᠨ ᠰᠢᠷᠲᠡᠭᠰᠡᠨ ᠴᠣᠭ ᠰᠢᠭ᠋ ᠬᠣᠶᠠᠷ ᠨᠢᠳᠦᠨ ᠡᠴᠡ ᠬᠠᠷᠠᠭ᠎ᠠ ᠪᠠᠨ ᠵᠠᠢᠯᠠᠭᠤᠯᠤᠨ᠂ ᠡᠮᠦᠨ᠎ᠡ ᠪᠡᠨ ᠪᠠᠢᠭ᠎ᠠ ᠬᠤᠯᠤ ᠲᠠᠢ ᠠᠢᠷᠠᠭ ᠤᠷᠤᠭᠤ ᠭᠥᠯᠢᠯᠵᠡᠨ ᠬᠡᠯᠡᠪᠡ᠃
᠊᠊᠊᠊᠊᠊᠊᠊᠊᠊᠊᠊᠊᠊᠊ ᠲᠡᠢᠮᠦ ᠠ᠋᠃ ᠪᠢ ᠬᠣᠩᠭᠣᠷ ᠲᠤ᠌ ᠥᠭᠭᠦᠭᠰᠡᠨ ᠭᠡᠳ ᠲᠡᠮᠦᠷ ᠪᠦᠴᠡ ᠶ᠋ᠢ ᠡᠪᠦᠷ ᠳᠡᠭᠡᠷ᠎ᠡ ᠪᠡᠨ ᠲᠠᠯᠪᠢᠪᠠ᠃
ᠬᠣᠩᠭᠣᠷ ᠤ᠋ᠨ ᠵᠢᠷᠦᠬᠡ ᠴᠣᠬᠢᠯᠠᠬᠤ ᠪᠠᠨ ᠪᠣᠯᠢᠵᠤ ᠵᠣᠭᠰᠣᠬᠤ ᠰᠢᠭ᠋ ᠪᠣᠯᠤᠨ ᠲᠠᠯ᠎ᠠ ᠪᠦᠷᠢ ᠡᠴᠡ ᠨᠢ ᠬᠠᠪᠴᠢᠵᠤ ᠪᠠᠢᠭᠰᠠᠨ ᠬᠦᠯᠢᠭ ᠵᠠᠳᠠᠷᠠᠨ ᠤᠨᠠᠪᠠ᠃
᠊᠊᠊᠊᠊᠊᠊᠊᠊᠊᠊᠊᠊᠊᠊ ᠲᠡᠭᠡᠪᠡᠯ ᠪᠢᠳᠡ ᠁ ᠭᠡᠵᠦ ᠳᠣᠨᠢᠷ ᠤ᠋ᠨ ᠶᠠᠷᠢᠬᠤ ᠭᠡᠲᠡᠯ᠎ᠡ ᠲᠡᠮᠦᠷ ᠲᠠᠰᠤᠯᠵᠤ᠄
᠊᠊᠊᠊᠊᠊᠊᠊᠊᠊᠊᠊᠊᠊᠊ ᠪᠢ ᠵᠢᠷᠭᠤᠭᠠᠨ ᠰᠠᠢᠨ ᠮᠣᠷᠢ ᠪᠠᠨ ᠨᠢᠭᠡ ᠰᠥᠨᠢ ᠠᠯᠳᠠᠭᠰᠠᠨ ᠬᠥᠮᠦᠨ᠃ ᠲᠡᠭᠡᠭᠡᠳ ᠮᠥᠷ ᠢ᠋ ᠨᠢ ᠮᠥᠰᠬᠢᠵᠦ ᠶᠠᠪᠤᠲᠠᠯ᠎ᠠ ᠡᠨᠡ ᠪᠦᠴᠡ ᠬᠡᠪᠲᠡᠵᠦ ᠪᠠᠢᠭᠰᠠᠨ᠃ ᠨᠢᠭᠡ ᠶ᠋ᠢ ᠨᠢ ᠲᠠᠪᠤᠨ ᠮᠣᠷᠢ ᠪᠠᠷ ᠥᠭᠬᠦ ᠦᠭᠡᠢ ᠬᠦᠯᠦᠭ ᠦ᠋ᠳ ᠢ᠋ᠶ᠋ᠡᠨ ᠠᠯᠳᠠᠭᠠᠳ ᠣᠷᠣᠨ ᠳ᠋ᠤᠨᠢ ᠡᠨᠡ ᠪᠦᠴᠡ ᠶ᠋ᠢ ᠠᠪᠤᠭᠰᠠᠨ ᠬᠥᠮᠦᠨ ᠳᠡ᠃ ᠲᠡᠭᠡᠭᠡᠳ ᠠᠷᠭ᠎ᠠ ᠪᠠᠷᠠᠭᠳᠠᠬᠤ ᠳ᠋ᠠᠭᠠᠨ ᠡᠨᠡ ᠬᠣᠩᠭᠣᠷ ᠲᠤ᠌ ᠥᠭᠴᠦ ᠬᠦᠦ ᠮᠢᠨᠢ ᠨᠠᠢᠷ ᠨᠠᠭᠠᠳᠤᠮ ᠲᠠᠢ ᠣᠯᠠᠨ ᠤ᠋ ᠭᠠᠵᠠᠷ ᠵᠡᠭᠦᠵᠦ ᠶᠠᠪᠤᠭᠠᠳ ᠰᠡᠵᠢᠭ ᠲᠡᠢ ᠬᠠᠷᠠᠭᠰᠠᠨ ᠬᠥᠮᠦᠨ ᠢ᠋ ᠠᠬ᠎ᠠ ᠳ᠋ᠠᠭᠠᠨ ᠠᠪᠴᠢᠷᠠᠵᠤ ᠥᠭᠭᠦᠭᠡᠷᠡᠢ ᠭᠡᠰᠡᠨ᠃ ᠡᠨᠡ ᠪᠦᠴᠡ ᠲᠠ ᠨᠠᠷ ᠤ᠋ᠨ ᠶᠤᠮ ᠪᠣᠯ ᠮᠢᠨᠦ ᠮᠣᠷᠢᠳ ᠤ᠋ᠨ ᠣᠷᠣᠭᠰᠠᠨ ᠨᠦᠬᠡ ᠶ᠋ᠢ ᠲᠠ ᠪᠦᠬᠦᠨ ᠬᠡᠯᠡᠵᠦ ᠥᠭᠭᠦᠨ᠎ᠡ ᠳᠡ ᠭᠡᠵᠦ ᠲᠡᠮᠦᠷ ᠦ᠋ᠨ ᠬᠡᠯᠡᠬᠦ ᠳ᠋ᠦ᠍ ᠳᠣᠨᠢᠷ ᠰᠣᠴᠢᠵᠤ ᠭᠡᠳᠡᠷᠭᠦ ᠪᠣᠯᠪᠠ᠃
ᠬᠠᠯᠬ᠎ᠠ ᠳ᠋ᠤ᠌ ᠨᠡᠷ᠎ᠡ ᠭᠠᠷᠤᠭᠰᠠᠨ ᠲᠦᠰᠢᠮᠡᠯ ᠦ᠋ᠳ ᠤᠷᠠᠨ ᠮᠡᠷᠭᠡᠨ ᠥᠴᠢᠭ ᠡᠴᠡ ᠨᠢ ᠵᠠᠯᠬᠠᠭᠰᠠᠨ ᠡᠨᠡ ᠠᠢᠬᠤᠪᠲᠤᠷ ᠠᠮᠢᠲᠠᠨ ᠲᠠᠢ ᠵᠠᠷᠭᠤᠯᠳᠤᠬᠤ ᠭᠡᠳᠡᠭ ᠪᠣᠯ ᠲᠠᠢᠬᠠᠷ ᠴᠢᠯᠠᠭᠤ ᠶ᠋ᠢ ᠡᠷᠭᠦᠬᠦ ᠡᠴᠡ ᠬᠡᠴᠡᠭᠦᠦ ᠮᠡᠲᠦ ᠰᠠᠨᠠᠭᠳᠠᠭᠰᠠᠨ ᠳᠣᠨᠢᠷ ᠰᠠᠨᠳᠤᠷᠤᠨ ᠳᠣᠣᠷ᠎ᠠ ᠨᠢ ᠰᠠᠭᠤᠵᠤ ᠪᠠᠢᠭᠰᠠᠨ ᠬᠥᠮᠦᠰ ᠤᠷᠤᠭᠤ ᠪᠠᠨ ᠳᠦᠷᠯᠡᠢᠭᠰᠡᠨ ᠨᠢᠳᠦ ᠪᠡᠷ ᠬᠠᠷᠠᠯ᠎ᠠ᠃ ᠠᠷᠠᠳ ᠤ᠋ᠨ ᠵᠠᠰᠠᠭ ᠡᠭᠦᠰᠦᠭᠰᠡᠨ ᠡᠴᠡ ᠬᠣᠢᠰᠢ ᠥᠨᠥᠴᠢᠨ ᠢᠰᠢᠭᠡ ᠠᠪᠤᠭ᠎ᠠ ᠦᠭᠡᠢ ᠲᠡᠮᠦᠷ ᠲᠡᠢ ᠡᠨᠡ ᠵᠠᠰᠠᠭ ᠤ᠋ᠨ ᠡᠮᠦᠨ᠎ᠡ ᠬᠡᠯᠡᠯᠴᠡᠭᠡᠳ᠂ ᠬᠡᠷᠡᠭ ᠲᠦ᠍ ᠣᠷᠣᠬᠤ ᠡᠴᠡ ᠥᠭᠡᠷ᠎ᠡ ᠵᠠᠮ ᠦᠭᠡᠢ ᠮᠡᠲᠦ ᠳᠣᠨᠢᠷ ᠲᠤ᠌ ᠪᠣᠳᠣᠭᠳᠠᠪᠠ᠃
᠊᠊᠊᠊᠊᠊᠊᠊᠊᠊᠊᠊᠊᠊᠊ ᠵᠢᠰᠠ ᠤᠬᠤᠭᠰᠠᠨ ᠬᠤᠯᠠᠭᠠᠢ᠂ ᠲᠡᠮᠦᠷ ᠭᠤᠸᠠᠢ ᠶ᠋ᠢᠨ ᠮᠣᠷᠢᠳ ᠢ᠋ ᠠᠪᠤᠭᠰᠠᠨ ᠪᠠᠢᠵᠤ ᠪᠣᠯᠤᠨ᠎ᠠ ᠰᠢᠦ ᠳᠡ ᠭᠡᠵᠦ ᠨᠢᠭᠡ ᠯᠠᠮᠠ ᠶ᠋ᠢᠨ ᠬᠡᠯᠡᠬᠦ ᠳ᠋ᠦ᠍ ᠤᠬᠠᠭᠠᠨ ᠣᠷᠣᠭᠰᠠᠨ ᠳᠣᠨᠢᠷ᠄
᠊᠊᠊᠊᠊᠊᠊᠊᠊᠊᠊᠊᠊᠊᠊ ᠦᠨᠡᠬᠡᠷ ᠲᠡᠢᠮᠦ᠂ ᠲᠡᠮᠦᠷ ᠭᠤᠸᠠᠢ ᠮᠢᠨᠢ ᠶᠡᠷᠦ ᠨᠢ ᠯᠡ ᠪᠢᠳᠡ ᠡᠷᠢᠯ ᠢ᠋ᠶ᠋ᠡᠨ ᠨᠢᠭᠡᠳᠬᠡᠬᠦ ᠪᠣᠯᠵᠠᠢ ᠭᠡᠵᠦ ᠪᠠᠷᠤᠭ ᠯᠠ ᠬᠠᠰᠬᠢᠷᠤᠨ ᠬᠡᠯᠡᠪᠡ᠃
᠊᠊᠊᠊᠊᠊᠊᠊᠊᠊᠊᠊᠊᠊᠊ ᠵᠠ ᠮᠡᠳᠡᠬᠦ ᠦᠭᠡᠢ᠃ ᠡᠭᠡᠳᠡᠷᠡᠭᠡ ᠲᠡᠢ ᠤᠲᠠᠰᠤᠨ ᠤ᠋ ᠦᠵᠦᠭᠦᠷ ᠢ᠋ ᠪᠠᠷᠢᠭᠰᠠᠨ ᠬᠥᠮᠦᠨ ᠲᠠᠯᠪᠢᠬᠤ ᠦᠭᠡᠢ ᠶ᠋ᠢ ᠯᠡ ᠬᠢᠴᠢᠶᠡᠳᠡᠭ ᠶᠤᠮ ᠳᠡ ᠭᠡᠳ ᠲᠡᠮᠦᠷ ᠲᠦᠮᠡᠨ ᠠᠭᠤᠯᠠ ᠶ᠋ᠢ ᠴᠦ᠍ ᠨᠡᠪᠲᠡ ᠬᠠᠷᠠᠮᠠᠷ ᠶᠡᠷᠦ ᠪᠤᠰᠤ ᠶ᠋ᠢᠨ ᠬᠤᠷᠴᠠ ᠨᠢᠳᠦ ᠪᠡᠷ ᠪᠦᠬᠦᠨ ᠢ᠋ ᠲᠣᠭᠣᠷᠢᠭᠤᠯᠤᠨ ᠠᠵᠢᠭᠯᠠᠪᠠ᠃
ᠢᠷᠡᠭᠰᠡᠳ ᠠᠮᠠ ᠪᠤᠯᠢᠶᠠᠯᠳᠤᠨ ᠥᠪᠡᠷᠰᠡᠳ ᠦ᠋ᠨ ᠭᠡᠮ ᠦᠭᠡᠢ ᠭᠡᠳᠡᠭ ᠢ᠋ ᠨᠤᠲᠠᠯᠠᠨ ᠡᠷᠢᠯ ᠢ᠋ᠶ᠋ᠡᠨ ᠨᠢᠭᠡᠳᠬᠡᠬᠦ ᠲᠤᠬᠠᠢ ᠳᠠᠬᠢᠨ ᠳᠠᠬᠢᠨ ᠶᠠᠷᠢᠯ᠎ᠠ᠃
᠊᠊᠊᠊᠊᠊᠊᠊᠊᠊᠊᠊᠊᠊᠊ ᠵᠠ ᠶᠠᠭᠠᠬᠢᠬᠤᠪ᠂ ᠵᠠᠶ᠎ᠠ ᠭᠡᠭᠡᠨ ᠦ᠌ ᠳᠣᠨᠢᠷ ᠢ᠋ ᠬᠠᠷᠠᠳᠠᠵᠤ ᠰᠡᠷᠡᠳᠡᠬᠦ ᠪᠡᠨ ᠪᠣᠯᠢᠶ᠎ᠠ ᠭᠡᠵᠦ ᠲᠡᠮᠦᠷ ᠦ᠋ᠨ ᠬᠡᠯᠡᠬᠦ ᠳ᠋ᠦ᠍ ᠳᠣᠨᠢᠷ ᠨᠢᠳᠦ ᠪᠡᠨ ᠵᠢᠷᠲᠠᠢᠯᠭᠠᠨ ᠢᠰᠢᠭᠡ ᠮᠠᠢᠯᠠᠵᠤ ᠪᠠᠢᠭ᠎ᠠ ᠶᠤᠮ ᠰᠢᠭ᠋ ᠢᠨᠢᠶᠡᠭᠰᠡᠨ ᠢ᠋ᠶ᠋ᠡᠨ᠄
᠊᠊᠊᠊᠊᠊᠊᠊᠊᠊᠊᠊᠊᠊᠊ ᠡᠨᠡ ᠪᠦᠴᠡ ᠴᠣᠭᠴᠢᠨ ᠵᠢᠰᠠ ᠶ᠋ᠢᠨ ᠶᠠᠭᠤᠮ᠎ᠠ ᠪᠣᠯᠬᠤ ᠡᠴᠡ ᠮᠢᠨᠦ ᠶᠠᠭᠤᠮ᠎ᠠ ᠪᠢᠰᠢ᠃ ᠲᠡᠭᠡᠭᠡᠳ ᠪᠢ ᠰᠠᠬᠢᠯ ᠰᠠᠨᠸᠠᠷ ᠲᠠᠢ ᠭᠡᠯᠦᠩ ᠬᠥᠮᠦᠨ ᠰᠢᠦ ᠳᠡ ᠭᠡᠯᠡ᠃
᠊᠊᠊᠊᠊᠊᠊᠊᠊᠊᠊᠊᠊᠊᠊ ᠭᠡᠯᠦᠩ ᠭᠤᠸᠠᠢ ᠨᠠᠷ ᠢ᠋ ᠴᠦ᠍ ᠰᠠᠢᠨ ᠮᠡᠳᠡᠨ᠎ᠡ ᠭᠡᠵᠦ ᠲᠡᠮᠦᠷ ᠶᠣᠵᠣᠲᠠᠢ ᠪᠥᠭᠡᠳ ᠬᠥᠭᠵᠢᠭᠦᠨ ᠬᠡᠯᠡᠪᠡ᠃
ᠤᠳᠠᠯ ᠦᠭᠡᠢ ᠮᠤᠬᠤᠷᠳᠠᠭᠰᠠᠨ ᠯᠠᠮᠠ ᠨᠠᠷ ᠡᠷᠢᠯ ᠢ᠋ᠶ᠋ᠡᠨ ᠨᠡᠢᠯᠡᠭᠦᠯᠬᠦ ᠲᠤᠬᠠᠢ ᠲᠡᠮᠦᠷ ᠲᠡᠢ ᠶᠠᠷᠢᠵᠤ ᠲᠣᠬᠢᠷᠠᠭᠠᠳ ᠶᠠᠪᠤᠬᠤ ᠪᠣᠯᠬᠤ ᠳ᠋ᠤ᠌ ᠲᠡᠮᠦᠷ ᠤᠤᠯ ᠪᠦᠴᠡ ᠶ᠋ᠢ ᠬᠣᠩᠭᠣᠷ ᠲᠤ᠌ ᠥᠭᠴᠦ 《ᠵᠠ ᠬᠦᠦ ᠮᠢᠨᠢ ᠣᠯᠠᠨ ᠲᠠᠢ ᠭᠠᠵᠠᠷ ᠵᠡᠭᠦᠵᠦ ᠶᠠᠪᠤ᠃ ᠰᠡᠵᠢᠭ ᠲᠡᠢ ᠬᠠᠷᠠᠭᠰᠠᠨ ᠬᠥᠮᠦᠨ ᠢ᠋ ᠠᠬ᠎ᠠ ᠲᠠᠢ ᠪᠠᠨ ᠠᠭᠤᠯᠵᠠᠭᠤᠯᠵᠤ ᠣᠷᠬᠢᠭᠠᠷᠠᠢ》 ᠭᠡᠯᠡ᠃
ᠳᠣᠨᠢᠷ ᠳᠠᠭᠠᠭᠰᠠᠳ ᠤ᠋ᠨ ᠬᠠᠮᠲᠤ ᠶᠠᠪᠤᠵᠤ ᠬᠣᠩᠭᠣᠷ ᠦᠯᠡᠳᠡᠵᠦ ᠬᠣᠨᠢ ᠭᠠᠷᠭᠠᠭᠤᠯᠤᠨ ᠳᠠᠢᠯᠠᠭᠤᠯᠵᠤ ᠬᠣᠨᠣᠪᠠ᠃
᠊᠊᠊᠊᠊᠊᠊᠊᠊᠊᠊᠊᠊᠊᠊ ᠳᠡᠭᠦᠦ ᠮᠢᠨᠢ ᠣᠳᠣ ᠡᠢᠮᠦ ᠠᠵᠢᠯ ᠬᠢᠭᠰᠡᠨ ᠦ᠌ ᠬᠡᠷᠡᠭ ᠦᠭᠡᠢ ᠭᠡᠵᠦ ᠣᠷᠣᠢ ᠬᠣᠩᠭᠣᠷ ᠲᠤ᠌ ᠲᠡᠮᠦᠷ ᠬᠠᠴᠢᠨ ᠵᠥᠭᠡᠯᠡᠬᠡᠨ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠬᠢᠮᠡᠷ ᠰᠠᠨᠠᠭᠳᠠᠭᠠᠳ ᠪᠠᠢᠬᠤ ᠶᠤᠮ᠃ ᠲᠠᠨ ᠲᠠᠢ ᠵᠢᠯᠠᠭᠠᠨ ᠳ᠋ᠤ᠌ ᠤᠴᠠᠷᠠᠭᠰᠠᠨ ᠡᠴᠡ ᠬᠣᠢᠰᠢ ᠰᠠᠢᠨ ᠡᠷ᠎ᠡ ᠪᠣᠯᠬᠤ ᠰᠠᠨ ᠭᠡᠵᠦ ᠪᠣᠳᠣᠭᠰᠠᠨ᠃
᠊᠊᠊᠊᠊᠊᠊᠊᠊᠊᠊᠊᠊᠊᠊ ᠴᠠᠭ ᠥᠭᠡᠷ᠎ᠡ ᠪᠣᠯᠤᠭᠰᠠᠨ᠃ ᠠᠬ᠎ᠠ ᠴᠢᠨᠢ ᠰᠢᠯᠢ ᠶ᠋ᠢᠨ ᠪᠣᠭᠳᠠ ᠳᠡᠭᠡᠷ᠎ᠡ ᠲᠠᠩᠭᠠᠷᠢᠭ ᠲᠠᠯᠪᠢᠭᠰᠠᠨ ᠬᠥᠮᠦᠨ᠂ ᠭᠡᠪᠡᠴᠦ ᠣᠳᠣ ᠳᠠᠬᠢᠭᠠᠳ ᠲᠡᠢᠮᠦ ᠠᠵᠢᠯ ᠬᠢᠬᠦ ᠦᠭᠡᠢ ᠭᠡᠵᠦ ᠬᠠᠳᠠᠨ ᠪᠠᠭᠠᠲᠤᠷ ᠲᠤ᠌ ᠲᠠᠩᠭᠠᠷᠢᠭ ᠥᠭᠭᠦᠭᠰᠡᠨ᠃ ᠪᠢ ᠨᠣᠶᠠᠳ ᠲᠠᠢ ᠬᠦᠴᠦ ᠪᠡᠨ ᠰᠣᠷᠢᠶ᠎ᠠ ᠭᠡᠵᠦ ᠪᠣᠳᠣᠭᠰᠠᠨ ᠬᠥᠮᠦᠨ᠃ ᠲᠡᠳᠡᠨ ᠳ᠋ᠦ᠍ ᠬᠡᠳᠦᠢᠪᠡᠷ ᠵᠠᠰᠠᠭ᠂ ᠱᠣᠷᠣᠩ᠂ ᠪᠠᠠᠵᠠ ᠪᠠᠢᠪᠠᠴᠤ ᠨᠠᠳᠠ ᠳ᠋ᠤ᠌ ᠡᠷ᠎ᠡ ᠴᠢᠳᠠᠯ ᠪᠠᠢᠭ᠎ᠠ ᠪᠣᠯᠬᠣᠷ ᠦᠵᠡᠯᠴᠡᠶ᠎ᠡ ᠭᠡᠵᠦ ᠪᠣᠳᠣᠭᠰᠠᠨ᠃ ᠣᠳᠣ ᠪᠣᠯ ᠲᠡᠢᠮᠦ ᠪᠢᠰᠢ᠃
᠊᠊᠊᠊᠊᠊᠊᠊᠊᠊᠊᠊᠊᠊᠊ ᠰᠢᠯᠢ ᠶ᠋ᠢᠨ ᠪᠣᠭᠳᠠ ᠳᠡᠭᠡᠷ᠎ᠡ ᠶᠠᠭᠠᠬᠢᠵᠤ ᠲᠠᠩᠭᠠᠷᠢᠭ ᠲᠠᠯᠪᠢᠭᠰᠠᠨ ᠶᠤᠮ ᠪᠣᠢ?
᠊᠊᠊᠊᠊᠊᠊᠊᠊᠊᠊᠊᠊᠊᠊ ᠰᠢᠯᠢ ᠶ᠋ᠢᠨ ᠪᠣᠭᠳᠠ ᠭᠡᠵᠦ ᠳᠠᠷᠢᠭᠠᠩᠭ᠎ᠠ ᠶ᠋ᠢᠨ ᠨᠤᠲᠤᠭ ᠲᠤ᠌ ᠪᠠᠢᠳᠠᠭ ᠠᠭᠤᠯᠠ᠃ ᠣᠷᠣᠢ ᠳᠡᠭᠡᠷ᠎ᠡ ᠨᠢ ᠭᠠᠷᠴᠤ ᠬᠠᠯᠬ᠎ᠠ ᠶ᠋ᠢᠨ ᠰᠠᠢᠨ ᠡᠷᠡᠰ ᠦ᠋ᠨ ᠨᠡᠷ᠎ᠡ ᠶ᠋ᠢ ᠳᠠᠭᠤᠳᠠᠨ ᠲᠠᠩᠭᠠᠷᠢᠭ ᠲᠠᠯᠪᠢᠭᠠᠳ ᠦᠷ ᠦ᠋ᠨ ᠭᠡᠭᠡ ᠲᠤᠰᠬᠤ ᠶ᠋ᠢ ᠮᠣᠷᠢᠨ ᠳᠡᠭᠡᠷ᠎ᠡ ᠡᠴᠡ ᠬᠠᠷᠠᠭᠰᠠᠨ ᠬᠥᠮᠦᠨ ᠰᠠᠢᠨ ᠡᠷ᠎ᠡ ᠪᠣᠯᠳᠠᠭ ᠭᠡᠳᠡᠭ ᠶᠤᠮ᠃
᠊᠊᠊᠊᠊᠊᠊᠊᠊᠊᠊᠊᠊᠊᠊ ᠲᠠ ᠲᠡᠨᠳᠡ ᠲᠠᠩᠭᠠᠷᠢᠭ ᠲᠠᠯᠪᠢᠭᠰᠠᠨ ᠶᠤᠮ ᠤᠤ?
᠊᠊᠊᠊᠊᠊᠊᠊᠊᠊᠊᠊᠊᠊᠊ ᠲᠠᠯᠪᠢᠭᠰᠠᠨ᠃ ᠮᠢᠨᠦ ᠳᠡᠭᠦᠦ ᠠᠬ᠎ᠠ ᠶ᠋ᠢᠨ ᠢ᠋ᠶ᠋ᠡᠨ ᠦᠭᠡᠨ ᠳ᠋ᠦ᠍ ᠣᠷᠣᠵᠤ ᠪᠢᠲᠡᠭᠡᠢ ᠡᠢᠮᠦ ᠠᠵᠢᠯ ᠬᠢ᠃
ᠬᠣᠩᠭᠣᠷ ᠬᠠᠷᠢᠭᠤ ᠳᠤᠤᠭᠠᠷᠤᠭᠰᠠᠨ ᠦᠭᠡᠢ᠃ ᠲᠡᠮᠦᠷ ᠦ᠋ᠨ ᠶᠠᠷᠢᠶᠠᠨ ᠡᠴᠡ ᠭᠠᠭᠴᠠᠬᠦ ᠰᠢᠯᠢ ᠶ᠋ᠢᠨ ᠪᠣᠭᠳᠠ ᠶ᠋ᠢᠨ ᠲᠤᠬᠠᠢ ᠶ᠋ᠢ ᠦᠯᠡᠳᠡᠭᠡᠵᠦ ᠠᠪᠤᠭᠠᠳ ᠪᠤᠰᠤᠳ ᠢ᠋ ᠨᠢ ᠠᠩᠬᠠᠷᠤᠭᠰᠠᠨ ᠦᠭᠡᠢ᠃ ᠭᠡᠪᠡᠴᠦ ᠡᠨᠡ ᠪᠣᠳᠣᠯ ᠲᠡᠭᠦᠨ ᠢ᠋ ᠶᠠᠮᠠᠷ ᠭᠠᠰᠢᠭᠤᠨ ᠡᠮᠭᠡᠨᠢᠯᠲᠦ ᠶᠠᠪᠤᠳᠠᠯ ᠳ᠋ᠤ᠌ ᠬᠦᠷᠭᠡᠬᠦ ᠶ᠋ᠢ ᠬᠣᠩᠭᠣᠷ ᠣᠳᠣ ᠬᠡᠷᠬᠢᠨ ᠪᠣᠳᠣᠵᠤ ᠴᠢᠳᠠᠬᠤ ᠪᠢᠯᠡ᠃
ᠮᠠᠷᠭᠠᠰᠢ ᠨᠢ ᠭᠡᠷ ᠦ᠋ᠨ ᠵᠦᠭ ᠵᠢᠯᠣᠭᠣ ᠳᠠᠷᠤᠨ ᠶᠠᠪᠤᠬᠤ ᠳ᠋ᠠᠭᠠᠨ ᠲᠥᠪᠡᠳ ᠬᠣᠷᠭᠣᠢ ᠪᠦᠴᠡ ᠶ᠋ᠢ ᠠᠷᠤ ᠤᠷᠤᠭᠤ ᠪᠠᠨ ᠰᠣᠭᠰᠣᠯᠵᠠᠭᠤᠯᠵᠤ᠂ ᠬᠥᠭᠵᠢᠯᠲᠡᠢ ᠳᠠᠪᠬᠢᠵᠤ ᠪᠠᠢᠯ᠎ᠠ᠃
ᠰᠠᠢᠬᠠᠨ ᠨᠠᠮᠤᠷ ᠤ᠋ᠨ ᠪᠦᠯᠢᠶᠡᠨ ᠨᠠᠷᠠ ᠡᠮᠦᠨ᠎ᠡ ᠡᠴᠡ ᠨᠢ ᠵᠢᠩᠨᠡᠨ ᠭᠡᠢᠭᠦᠯᠵᠦ ᠬᠠᠯᠬ᠎ᠠ ᠳ᠋ᠤ᠌ ᠠᠯᠳᠠᠷᠰᠢᠭᠰᠠᠨ ᠰᠠᠢᠨ ᠡᠷ᠎ᠡ ᠪᠣᠯᠬᠤ ᠥᠷᠨᠢᠭᠦᠨ ᠪᠣᠳᠣᠯ ᠤ᠋ᠨ ᠪᠤᠳᠠᠩ ᠮᠠᠨᠠᠨ ᠲᠣᠯᠣᠭᠠᠢ ᠳ᠋ᠤᠨᠢ ᠡᠷᠭᠢᠯᠳᠦᠨ ᠶᠠᠪᠤᠬᠤ ᠳ᠋ᠤ᠌ ᠡᠷᠭᠢᠨ ᠲᠣᠭᠣᠷᠢᠨ ᠶᠠᠭᠤᠲᠠᠢ ᠰᠠᠢᠬᠠᠨ ᠪᠠᠢᠭᠰᠠᠨ ᠭᠡᠵᠦ ᠪᠣᠳᠣᠨ᠎ᠠ᠃
