ᠲᠤᠩᠭᠠᠯᠠᠭ ᠲᠠᠮᠢᠷ2-02-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ2-02-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ2-02-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-25

1447

《ᠲᠡᠮᠡᠭᠡᠨ ᠡᠴᠡ ᠬᠥᠮᠦᠨ ᠤᠨᠠᠬᠤ ᠳ᠋ᠤ᠌ ᠰᠢᠷᠬᠡᠭ ᠦᠰᠦᠨ ᠡᠴᠡ ᠪᠠᠵᠠᠭᠠᠳ ᠠᠪᠳᠠᠭ》 - ᠬᠣᠶᠠᠳᠤᠭᠠᠷ ᠪᠦᠯᠦᠭ ᠬᠣᠶᠠᠷ


  ᠡᠷᠳᠡᠨᠢ᠂ ᠪᠣᠭᠳᠠ ᠶ᠋ᠢᠨ ᠬᠦᠷᠢᠶ᠎ᠡ ᠴᠢᠭᠯᠡᠨ ᠶᠠᠪᠤᠬᠤ ᠵᠠᠮ ᠳ᠋ᠠᠭᠠᠨ ᠬᠠᠮᠤᠭ ᠤ᠋ᠨ ᠳᠣᠲᠣᠨᠣ ᠦᠨᠡᠨᠴᠢ ᠭᠡᠵᠦ ᠢᠲᠡᠭᠡᠵᠦ ᠶᠠᠪᠤᠭᠰᠠᠨ ᠲᠤᠯᠭᠠᠷ ᠲᠠᠭᠠᠨ ᠠᠷᠢᠭᠤᠨ ᠴᠠᠭᠠᠨ ᠰᠡᠳᠬᠢᠯ᠂ ᠭᠦᠨ ᠬᠠᠢᠷ᠎ᠠ ᠪᠠᠨ ᠳᠣᠷᠣᠮᠵᠢᠯᠠᠭᠤᠯᠤᠭᠰᠠᠨ ᠳ᠋ᠠᠭᠠᠨ ᠭᠣᠮᠣᠳᠠᠨ ᠠᠮᠢᠳᠤ ᠪᠦᠬᠦᠨ ᠢ᠋ ᠵᠢᠭᠰᠢᠨ ᠵᠠᠨᠤᠵᠤ ᠪᠠᠢᠯ᠎ᠠ᠃
  ᠨᠢᠭᠡ ᠨᠢ ᠨᠥᠭᠥᠭᠡ ᠪᠡᠨ ᠮᠡᠬᠡᠯᠡᠬᠦ᠂ ᠬᠦᠴᠦ ᠲᠡᠢ ᠨᠢ ᠬᠦᠴᠦ ᠦᠭᠡᠢ ᠪᠡᠨ ᠢᠳᠡᠬᠦ᠂ ᠪᠤᠰᠤᠳ ᠤ᠋ᠨ ᠴᠢᠮᠥᠭᠡ ᠲᠠᠰᠢᠵᠤ ᠪᠠᠢᠭᠠᠳ ᠴᠤ᠌ ᠣᠯᠵᠠ ᠣᠯᠬᠤ ᠡᠷᠡᠮᠡᠯᠵᠡᠯ ᠪᠣᠯ ᠡᠨᠡᠬᠡᠨ ᠬᠣᠷᠸ᠎ᠠ ᠶ᠋ᠢᠨ ᠵᠢᠮ᠎ᠡ ᠠᠵᠢ᠃ ᠥᠩᠭᠡᠷᠡᠭᠦᠯᠦᠭᠰᠡᠨ ᠠᠮᠢᠳᠤᠷᠠᠯ ᠳ᠋ᠤᠨᠢ ᠦᠨᠡᠨᠴᠢ ᠶᠠᠭᠤᠮ᠎ᠠ ᠪᠠᠢᠭᠰᠠᠨ ᠦᠭᠡᠢ᠃ ᠤᠴᠠᠷᠠᠭᠰᠠᠨ ᠪᠦᠬᠦᠨ ᠲᠡᠭᠦᠨ ᠢ᠋ ᠮᠠᠯᠯᠠᠵᠤ ᠠᠰᠢᠭᠯᠠᠬᠤ ᠶ᠋ᠢ ᠬᠢᠴᠢᠶᠡᠵᠦ ᠪᠠᠢᠵᠠᠢ᠃
  ᠡᠨᠡ ᠪᠦᠬᠦᠨ ᠢ᠋ ᠪᠣᠳᠣᠬᠤ ᠳ᠋ᠤ᠌ ᠶᠢᠷᠲᠢᠨᠴᠦ ᠶ᠋ᠢ ᠦᠨᠡᠰᠦᠨ ᠲᠣᠪᠷᠠᠭ ᠪᠣᠯᠭᠠᠮᠠᠷ ᠰᠠᠨᠠᠭᠳᠠᠪᠠᠴᠤ ᠥᠰᠢᠶ᠎ᠡ ᠪᠡᠨ ᠠᠪᠬᠤ ᠴᠢᠳᠠᠯ ᠦᠭᠡᠢ ᠳ᠋ᠡᠭᠡᠨ ᠬᠣᠷᠣᠰᠤᠨ ᠪᠤᠬᠢᠨᠢᠳᠤᠨ᠎ᠠ᠃ 《ᠢᠲᠡᠭᠡᠯᠲᠦ ᠥᠭᠯᠢᠭᠡᠴᠢ᠂ ᠨᠢᠩᠵᠢᠨ ᠰᠡᠳᠬᠢᠯ ᠲᠡᠢ ᠳ᠋ᠡᠭᠡᠨ ᠰᠠᠢᠨ ᠪᠠᠢᠳᠠᠭ ᠪᠢᠰᠢ ᠴᠢᠮᠠᠲᠤ ᠥᠭᠭᠦᠭᠰᠡᠨ ᠡᠴᠡ ᠪᠡᠨ ᠢᠯᠡᠭᠦᠦ ᠠᠰᠢᠭ ᠴᠢᠮ᠎ᠠ ᠡᠴᠡ ᠣᠯᠵᠤ ᠪᠠᠢᠭ᠎ᠠ ᠪᠣᠯᠬᠣᠷ ᠰᠠᠢᠨ ᠪᠠᠢᠭ᠎ᠠ ᠶᠤᠮ》 ᠭᠡᠵᠦ ᠠᠯᠢᠶ᠎ᠠ ᠫᠧᠲ᠋ᠷ ᠦ᠋ᠨ ᠬᠡᠯᠡᠵᠦ ᠪᠠᠢᠭᠰᠠᠨ ᠦᠭᠡ ᠳᠠᠬᠢᠨ ᠳᠠᠬᠢᠨ ᠪᠣᠳᠣᠭᠳᠠᠵᠤ ᠥᠪᠡᠷ ᠡᠴᠡ ᠨᠢ ᠢᠲᠡᠭᠡᠯᠲᠦ ᠬᠡᠵᠢᠶ᠎ᠡ ᠴᠦ᠍ ᠡᠷᠭᠢᠭᠦᠯᠵᠦ ᠠᠪᠴᠤ ᠪᠣᠯᠬᠤ ᠦᠭᠡᠢ ᠠᠰᠢᠭ ᠣᠯᠵᠤ ᠳᠣᠷᠣᠮᠵᠢᠯᠠᠭᠰᠠᠨ ᠮᠡᠲᠦ ᠰᠠᠨᠠᠭᠳᠠᠨ᠎ᠠ᠃ ᠢᠲᠡᠭᠡᠯᠲᠦ ᠶ᠋ᠢᠨ ᠤᠬᠠᠭᠠᠨ ᠳ᠋ᠤ᠌ ᠪᠠᠭᠲᠠᠵᠤ ᠲᠡᠭᠦᠨ ᠦ᠌ ᠬᠠᠷᠠᠭᠤᠯᠤᠭᠰᠠᠨ ᠪᠣᠣᠪᠣ ᠳ᠋ᠤ᠌ ᠬᠡᠦᠬᠡᠳ ᠰᠢᠭ ᠬᠠᠭᠤᠷᠲᠠᠨ ᠢᠨᠠᠭ ᠬᠠᠢᠷ᠎ᠠ ᠪᠠᠨ ᠳᠣᠷᠣᠮᠵᠢᠯᠠᠭᠤᠯᠤᠭᠰᠠᠨ ᠢ᠋ ᠪᠣᠳᠣᠬᠤ ᠳ᠋ᠤ᠌ ᠥᠪᠡᠷ ᠰᠢᠭ ᠨᠢ ᠲᠡᠨᠡᠭ ᠬᠥᠮᠦᠨ ᠡᠨᠡ ᠬᠣᠷᠸ᠎ᠠ ᠳᠡᠭᠡᠷ᠎ᠡ ᠦᠭᠡᠢ ᠮᠡᠲᠦ ᠪᠤᠳᠤᠭᠳᠠᠨ ᠳᠠᠪᠴᠢᠳᠠᠨ᠎ᠠ᠃
  ᠢᠩᠭᠢᠵᠦ ᠶᠠᠪᠤᠭᠰᠠᠭᠠᠷ ᠨᠠᠢ᠍ᠮᠠ ᠳ᠋ᠠᠬᠢ ᠡᠳᠦᠷ ᠦ᠋ᠨ ᠦᠳᠡ ᠥᠩᠭᠡᠷᠡᠬᠦ ᠶ᠋ᠢᠨ ᠦᠶ᠎ᠡ ᠳ᠋ᠦ᠍ ᠬᠦᠷᠢᠶ᠎ᠡ ᠶ᠋ᠢᠨ ᠵᠠᠬ᠎ᠠ ᠤᠷᠤᠭᠤ ᠣᠷᠣᠵᠤ ᠢᠷᠡᠯ᠎ᠡ᠃
  ᠬᠠᠮᠢᠭ᠎ᠠ ᠬᠣᠷᠭᠣᠳᠠᠬᠤ᠂ ᠶᠠᠭᠤ ᠬᠢᠵᠦ ᠠᠮᠢᠳᠤᠷᠠᠬᠤ ᠪᠢᠯᠡ ᠭᠡᠵᠦ ᠪᠣᠳᠣᠭᠰᠠᠭᠠᠷ ᠭᠠᠢᠬᠠᠨ ᠰᠠᠵᠢᠯᠠᠵᠤ ᠶᠠᠪᠤᠲᠠᠯ᠎ᠠ 《ᠡᠷᠳᠡᠨᠢ ᠭᠤᠸᠠᠢ》 ᠭᠡᠵᠦ ᠡᠮᠡᠭᠲᠡᠢ ᠬᠥᠮᠦᠨ ᠳᠠᠭᠤᠳᠠᠬᠤ ᠰᠣᠨᠣᠰᠤᠭᠳᠠᠪᠠ᠃ ᠰᠣᠴᠢᠨ ᠬᠠᠷᠠᠪᠠᠯ ᠬᠡᠳᠦᠨ ᠠᠯᠬᠤᠮ ᠤ᠋ᠨ ᠲᠡᠷᠲᠡᠭᠡ ᠠᠯᠲᠠ᠂ ᠰᠤᠪᠤᠳ᠂ ᠮᠠᠩᠨᠤᠭ ᠭᠤᠷᠪᠠ ᠳ᠋ᠤ᠌ ᠳᠠᠷᠤᠭᠳᠠᠭᠰᠠᠨ ᠵᠠᠯᠠᠭᠤ ᠡᠬᠡᠨᠡᠷ ᠢᠨᠢᠶᠡᠨ ᠵᠣᠭᠰᠣᠵᠤ ᠪᠠᠢᠯ᠎ᠠ᠃
  ᠬᠠᠷᠠᠭᠠᠴᠢ! ᠨᠥᠭᠥᠭᠡ ᠲᠣᠪᠴᠢᠨ ᠤ᠋ ᠡᠬᠡᠨᠡᠷ ᠭᠡᠷᠡᠯ ᠠᠵᠢ᠃ ᠲᠡᠮᠡᠭᠡᠨ ᠡᠴᠡ ᠬᠥᠮᠦᠨ ᠤᠨᠠᠬᠤ ᠳ᠋ᠤ᠌ ᠰᠢᠷᠬᠡᠭ ᠦᠰᠦᠨ ᠡᠴᠡ ᠪᠠᠵᠠᠭᠠᠳ ᠠᠪᠳᠠᠭ ᠤ᠋ᠨ ᠠᠳᠠᠯᠢ ᠣᠷᠣᠬᠤ ᠣᠷᠣᠨ᠂ ᠢᠳᠡᠬᠦ ᠬᠣᠭᠣᠯᠠ ᠪᠠᠢᠬᠤ ᠦᠭᠡᠢ ᠡᠷᠳᠡᠨᠢ ᠮᠣᠷᠢᠨ ᠤ᠋ ᠠᠮᠠ ᠶ᠋ᠢ ᠡᠷᠭᠢᠭᠦᠯᠵᠦ ᠭᠡᠷᠡᠯ ᠦ᠋ᠨ ᠵᠦᠭ ᠣᠴᠢᠯ᠎ᠠ᠃
  ᠬᠦᠷᠡᠩ ᠲᠣᠷᠭᠠᠨ ᠳᠡᠪᠡᠯ ᠳᠡᠭᠡᠷ᠎ᠡ ᠠᠯᠲᠠᠨ ᠣᠳᠣᠨ ᠲᠠᠢ ᠴᠡᠩᠬᠡᠷ ᠲᠣᠷᠭᠠᠨ ᠨᠥᠮᠥᠷᠭᠡ ᠨᠥᠮᠥᠷᠴᠦ᠂ ᠣᠭ᠌ᠶᠤ ᠱ᠌ᠢᠷᠦ ᠰᠢᠭᠢᠳᠬᠡᠭᠰᠡᠨ ᠠᠯᠲᠠᠨ ᠬᠡᠷᠡᠭᠯᠡᠯ ᠲᠡᠢ ᠳᠠᠩᠬᠠᠷ ᠦᠰᠦ ᠲᠠᠯᠪᠢᠭᠠᠳ᠂ ᠠᠳᠬᠤᠵᠤ ᠬᠦᠷᠦᠮ᠎ᠡ ᠦᠭᠡᠢ ᠰᠤᠪᠤᠳ ᠤ᠋ᠨ ᠬᠡᠯᠬᠢᠶ᠎ᠡ ᠬᠣᠶᠠᠷ ᠰᠢᠨᠠ ᠤᠷᠤᠭᠤ ᠪᠠᠨ ᠤᠨᠵᠢᠭᠤᠯᠤᠭᠰᠠᠨ ᠭᠡᠷᠡᠯ᠂ ᠲᠣᠮᠣ ᠬᠡ ᠲᠡᠢ ᠬᠥᠬᠡ ᠲᠣᠷᠭᠠᠨ ᠳᠡᠪᠡᠯ ᠲᠡᠢ ᠲᠣᠪᠴᠢᠨ ᠤ᠋ ᠬᠠᠮᠲᠤ ᠵᠣᠭᠰᠣᠵᠤ ᠪᠠᠢᠯ᠎ᠠ᠃ ᠡᠨᠡ ᠬᠣᠶᠠᠷ ᠤ᠋ᠨ ᠬᠠᠵᠠᠭᠤᠬᠠᠨ ᠳ᠋ᠤ᠌ ᠥᠭᠡᠷ᠎ᠡ ᠪᠣᠯᠴᠢᠬᠠᠬᠤ ᠪᠣᠢ ᠭᠡᠰᠡᠨ ᠶᠤᠮ ᠰᠢᠭ ᠢᠵᠢᠯᠬᠡᠨ ᠬᠣᠶᠠᠷ ᠵᠡᠭᠡᠷᠳᠡ ᠬᠠᠯᠵᠠᠨ ᠮᠣᠷᠢ ᠶ᠋ᠢ ᠨᠢᠭᠡ ᠵᠠᠯᠠᠭᠤ ᠪᠠᠷᠢᠭᠠᠳ ᠵᠣᠭᠰᠣᠵᠤ ᠪᠠᠢᠪᠠ᠃
  ᠊᠊᠊᠊᠊᠊᠊᠊᠊᠊᠊᠊᠊᠊᠊ ᠡᠷᠳᠡᠨᠢ ᠭᠤᠸᠠᠢ ᠬᠡᠵᠢᠶ᠎ᠡ ᠢᠷᠡᠪᠡ? ᠭᠡᠵᠦ ᠭᠡᠷᠡᠯ ᠪᠠᠶᠠᠷ ᠤ᠋ᠨ ᠴᠢᠷᠠᠢ ᠭᠠᠷᠭᠠᠨ ᠠᠰᠠᠭᠤᠪᠠ᠃
  ᠊᠊᠊᠊᠊᠊᠊᠊᠊᠊᠊᠊᠊᠊᠊ ᠰᠠᠶᠢᠬᠠᠨ ᠢᠷᠡᠯ᠎ᠡ᠃
  ᠊᠊᠊᠊᠊᠊᠊᠊᠊᠊᠊᠊᠊᠊᠊ ᠮᠠᠨ ᠤ᠋ ᠮᠠᠭᠤ ᠣᠪᠣᠬᠠᠢ ᠪᠠᠷ ᠣᠷᠣᠬᠤ ᠦᠭᠡᠢ ᠶᠠᠭᠠᠬᠢᠭ᠎ᠠ ᠪᠣᠢ?
  ᠊᠊᠊᠊᠊᠊᠊᠊᠊᠊᠊᠊᠊᠊᠊ ᠵᠠᠪ ᠪᠣᠯᠤᠭ᠎ᠠ ᠦᠭᠡᠢ ᠯᠡ ᠪᠠᠢᠨ᠎ᠠ᠃
  ᠭᠡᠷᠡᠯ ᠲᠡᠷᠡ ᠨᠢᠭᠡ ᠣᠷᠣᠢ ᠡᠷᠳᠡᠨᠢ ᠲᠡᠢ ᠤᠴᠠᠷᠠᠭᠰᠠᠨ ᠡᠴᠡ ᠬᠣᠢᠰᠢ ᠲᠡᠭᠦᠨ ᠦ᠌ ᠪᠣᠳᠣᠯ ᠡᠴᠡ ᠰᠠᠯᠵᠤ ᠴᠢᠳᠠᠬᠤ ᠦᠭᠡᠢ ᠪᠣᠯᠵᠠᠢ᠃ ᠡᠷᠳᠡᠨᠢ ᠶ᠋ᠢᠨ ᠲᠤᠬᠠᠢ ᠪᠣᠳᠣᠵᠤ᠂ ᠶᠠᠷᠢᠵᠤ ᠪᠠᠢᠬᠤ ᠳ᠋ᠠᠭᠠᠨ ᠲᠡᠭᠦᠨ ᠦ᠌ ᠰᠢᠷᠦᠭᠦᠨ ᠵᠠᠩ ᠨᠢ ᠵᠥᠭᠡᠯᠡᠨ ᠪᠣᠯᠳᠠᠭ ᠤᠴᠢᠷ ᠡᠴᠡ ᠲᠣᠪᠴᠢᠨ ᠬᠦᠷᠲᠡᠯ᠎ᠡ ᠭᠡᠷᠡᠯ ᠢ᠋ ᠠᠭᠤᠷᠲᠠᠢ ᠪᠠᠢᠬᠤ ᠳ᠋ᠤᠨᠢ ᠡᠷᠳᠡᠨᠢ ᠶ᠋ᠢᠨ ᠰᠠᠢᠬᠠᠨ ᠬᠣᠭᠣᠯᠠᠢ ᠶ᠋ᠢᠨ ᠲᠤᠬᠠᠢ ᠶᠠᠷᠢᠵᠤ ᠡᠬᠡᠨᠡᠷ ᠢ᠋ᠶ᠋ᠡᠨ ᠲᠠᠢᠳᠬᠤᠷᠠᠭᠤᠯᠳᠠᠭ ᠪᠠᠢᠵᠠᠢ᠃
  ᠲᠣᠪᠴᠢᠨ᠂ ᠡᠷᠳᠡᠨᠢ ᠲᠡᠢ ᠲᠠᠭᠠᠷᠠᠯᠳᠤᠭᠠᠳ ᠲᠦᠮᠡᠨ ᠵᠦᠢᠯ ᠦ᠋ᠨ ᠮᠠᠭᠤ ᠶᠠᠭᠤᠮ᠎ᠠ ᠪᠣᠳᠣᠭᠰᠠᠨ ᠪᠣᠯᠪᠠᠴᠤ ᠶᠠᠷᠢᠶᠠᠨ ᠡᠴᠡ ᠨᠢ ᠰᠠᠯᠬᠤ ᠦᠭᠡᠢ ᠪᠣᠯᠤᠭᠰᠠᠨ ᠬᠥᠮᠦᠨ ᠲᠡᠢ ᠪᠡᠨ ᠰᠠᠨᠠᠮᠰᠠᠷ ᠦᠭᠡᠢ ᠭᠡᠨᠡᠳᠲᠡ ᠤᠴᠠᠷᠠᠭᠰᠠᠨ ᠶᠡᠬᠡ ᠪᠠᠶᠠᠷ ᠤ᠋ᠨ ᠪᠦᠯᠢᠶᠡᠨ ᠮᠠᠨᠠᠨ ᠳ᠋ᠤ᠌ ᠤᠮᠪᠠᠭᠰᠠᠨ ᠡᠬᠡᠨᠡᠷ ᠢ᠋ᠶ᠋ᠡᠨ ᠬᠠᠷᠠᠭᠠᠳ ᠬᠤᠳᠠᠯ ᠢᠨᠢᠶᠡᠪᠡ᠃
  ᠭᠡᠷᠡᠯ ᠡᠴᠡ ᠤᠬᠠᠭᠠᠨ ᠠᠯᠲᠠᠨ ᠠᠶᠤᠳᠠᠭ ᠲᠣᠪᠴᠢᠨ ᠤ᠋ ᠲᠤᠬᠠᠢ ᠲᠠᠨᠢᠬᠤ ᠬᠥᠮᠦᠰ ᠨᠢ ᠡᠳᠦᠢ ᠲᠡᠳᠦᠢ ᠱᠣᠭ ᠶᠠᠷᠢᠵᠤ ᠢᠨᠢᠶᠡᠳᠡᠭ᠃ ᠥᠩᠭᠡᠷᠡᠭᠰᠡᠨ ᠵᠢᠯ 《ᠴᠢᠯᠠᠭᠤᠨ ᠮᠥᠨ ᠪᠠᠯᠠᠷᠠᠭᠰᠠᠨ ᠡᠷ᠎ᠡ ᠶᠤᠮ ᠳᠡ᠃ ᠡᠬᠡᠨᠡᠷ ᠲᠡᠭᠡᠨ ᠬᠡᠦᠬᠡᠳ ᠰᠢᠭ ᠵᠠᠩᠨᠠᠭᠤᠯᠤᠭᠠᠳ ᠯᠠ ᠥᠷᠯᠥᠭᠡ ᠪᠦᠬᠦᠨ ᠳᠡᠡᠲᠤᠩ (ᠨᠢᠯᠪᠤᠭᠤᠷ) ᠲᠠᠢ ᠶᠠᠭᠤᠮ᠎ᠠ ᠠᠰᠬᠠᠵᠤ ᠶᠠᠪᠤᠬᠤ ᠶᠤᠮ》 ᠭᠡᠵᠦ ᠲᠣᠪᠴᠢᠨ ᠤ᠋ ᠬᠡᠯᠡᠬᠦ ᠳ᠋ᠦ᠍ ᠥᠭᠡᠷ᠎ᠡ ᠶᠠᠭᠤᠮ᠎ᠠ ᠪᠣᠳᠣᠵᠤ ᠪᠠᠢᠭᠰᠠᠨ ᠭᠡᠷᠡᠯ ᠳᠣᠭᠰᠢᠨ ᠨᠢᠳᠦ ᠪᠡᠷ ᠰᠢᠷᠪᠢᠵᠦ ᠬᠠᠷᠠᠭᠰᠠᠨ ᠢ᠋ᠶ᠋ᠠᠨ 《ᠶᠠᠭᠤ ᠭᠡᠨ᠎ᠡ ᠴᠢ!》 ᠭᠡᠵᠦ ᠠᠰᠠᠭᠤᠬᠤ ᠳ᠋ᠤᠨᠢ 《ᠪᠢ ᠪᠣᠯ ᠬᠡᠷᠡᠯᠳᠦᠵᠦ᠂ ᠮᠠᠷᠭᠤᠯᠳᠤᠯ ᠦᠭᠡᠢ ᠠᠰᠬᠠᠵᠤ ᠣᠷᠬᠢᠨ᠎ᠠ》 ᠭᠡᠵᠦ ᠨᠢᠳᠦ ᠪᠡᠨ ᠵᠢᠷᠲᠠᠢᠯᠭᠠᠨ ᠢᠨᠢᠶᠡᠮᠰᠦᠭᠯᠡᠭᠰᠡᠨ ᠢ᠋ ᠵᠠᠷᠤᠴᠠ ᠡᠮᠡᠭᠲᠡᠢ ᠨᠢ ᠰᠣᠨᠣᠰᠤᠭᠠᠳ ᠨᠢᠭᠡ ᠬᠥᠮᠦᠨ ᠳ᠋ᠦ᠍ ᠬᠡᠯᠡᠵᠦ ᠣᠷᠬᠢᠭᠰᠠᠨ ᠨᠢ ᠲᠠᠷᠬᠠᠵᠤ ᠬᠦᠷᠢᠶ᠎ᠡ ᠶ᠋ᠢᠨ ᠬᠢᠨ ᠦ᠌ ᠶᠠᠷᠢᠵᠤ ᠢᠨᠢᠶᠡᠳᠡᠭ ᠬᠣᠱᠣᠩ ᠶᠠᠷᠢᠶ᠎ᠠ ᠪᠣᠯᠵᠠᠢ᠃
  ᠭᠡᠷᠡᠯ ᠡᠷᠳᠡᠨᠢ ᠡᠴᠡ ᠪᠠᠶᠠᠷ ᠤ᠋ᠨ ᠨᠢᠳᠦ ᠪᠡᠨ ᠰᠠᠯᠭᠠᠬᠤ ᠦᠭᠡᠢ ᠴᠠᠪᠴᠢᠯᠠᠨ᠂ ᠬᠡᠰᠡᠭ ᠰᠢᠷᠲᠡᠯ᠎ᠡ᠃
  ᠊᠊᠊᠊᠊᠊᠊᠊᠊᠊᠊᠊᠊᠊᠊ ᠲᠣᠪᠴᠢᠨ ᠠ᠋᠂ ᠭᠡᠢᠴᠢᠨ ᠢ᠋ ᠤᠷᠢᠭᠠᠴᠢ ᠭᠡᠬᠦ ᠳ᠋ᠦ᠍ᠨᠢ ᠡᠨᠡ ᠦᠭᠡ ᠶ᠋ᠢ ᠬᠡᠵᠢᠶ᠎ᠡ ᠬᠡᠯᠡᠬᠦ ᠪᠣᠯ ᠭᠡᠵᠦ ᠬᠦᠯᠢᠶᠡᠵᠦ ᠪᠠᠢᠭᠰᠠᠨ ᠨᠥᠬᠥᠷ ᠨᠢ ᠰᠣᠴᠢᠵᠤ᠄
  ᠊᠊᠊᠊᠊᠊᠊᠊᠊᠊᠊᠊᠊᠊᠊ ᠲᠠ ᠥᠴᠦᠬᠡᠨ ᠬᠥᠮᠦᠨ ᠦ᠌ ᠭᠡᠷ ᠲᠦ᠍ ᠮᠣᠷᠢᠯᠠᠨ ᠣᠴᠢᠨ᠎ᠠ ᠤᠤ? ᠭᠡᠯ᠎ᠡ᠃
  ᠡᠷᠳᠡᠨᠢ ᠶᠠᠭᠤᠨ ᠳ᠋ᠤ᠌ ᠲᠠᠲᠠᠭᠠᠯᠵᠠᠬᠤ ᠪᠢᠯᠡ᠃ ᠲᠡᠷᠡ ᠭᠤᠷᠪᠠ ᠵᠡᠷᠭᠡᠴᠡᠨ ᠶᠠᠪᠤᠬᠤ ᠳ᠋ᠤ᠌ ᠲᠠᠭᠠᠷᠠᠯᠳᠤᠭᠰᠠᠨ ᠬᠥᠮᠦᠰ ᠲᠣᠪᠴᠢᠨ ᠤ᠋ ᠠᠮᠤᠷ ᠢ᠋ ᠡᠷᠢᠵᠦ ᠲᠣᠪᠴᠢᠨ ᠶᠡᠬᠡᠮᠰᠦᠭ ᠢ᠋ᠶ᠋ᠡᠷ ᠲᠣᠯᠣᠭᠠᠢ ᠳᠣᠬᠢᠵᠤ ᠶᠠᠪᠤᠯ᠎ᠠ᠃
  ᠭᠡᠷᠡᠯ ᠦ᠋ᠨ ᠰᠡᠳᠬᠢᠯ ᠪᠠᠶᠠᠷ ᠢ᠋ᠶ᠋ᠠᠷ ᠪᠢᠯᠬᠠᠵᠤ᠂ ᠨᠢᠭᠤᠷ ᠳᠦᠭᠦᠷᠡᠩ ᠢᠨᠢᠶᠡᠮᠰᠦᠭᠯᠡᠨ ᠶᠠᠪᠤᠬᠤ ᠳ᠋ᠤ᠌ ᠬᠦᠷᠢᠶ᠎ᠡ ᠶᠠᠭᠤᠲᠠᠢ ᠰᠠᠢᠬᠠᠨ ᠪᠠᠢᠵᠤ ᠪᠢᠯᠡ᠃ ᠬᠠᠰᠢᠶᠠᠨ ᠳ᠋ᠠᠭᠠᠨ ᠣᠷᠣᠬᠤ ᠳ᠋ᠤᠨᠢ ᠲᠡᠭᠦᠨ ᠦ᠌ ᠪᠠᠶᠠᠷ ᠵᠢᠷᠭᠠᠯ ᠲᠤᠶᠠᠭᠠᠷᠠᠭᠰᠠᠨ ᠴᠢᠷᠠᠢ ᠶ᠋ᠢ ᠬᠠᠷᠠᠭᠠᠳ 《ᠠᠪᠠᠭᠠᠢ ᠶᠠᠭᠤ ᠪᠣᠯᠴᠢᠬᠠᠭ᠎ᠠ ᠪᠣᠢ?》 ᠭᠡᠵᠦ ᠵᠠᠷᠤᠴᠠ ᠨᠠᠷ ᠨᠢ ᠭᠠᠢᠬᠠᠨ ᠰᠢᠪᠡᠭᠡᠨᠡᠯᠳᠦᠵᠦ ᠪᠠᠢᠪᠠ᠃
  ᠤᠳᠠᠯ ᠦᠭᠡᠢ ᠬᠣᠭᠣᠯᠠ ᠤᠮᠳᠠ᠂ ᠠᠷᠢᠬᠢ ᠳᠠᠷᠠᠰᠤ ᠪᠡᠯᠡᠬᠡᠨ ᠪᠣᠯᠵᠤ ᠡᠷᠳᠡᠨᠢ ᠶ᠋ᠢ ᠳᠠᠢᠯᠠᠪᠠ᠃ ᠭᠡᠷᠡᠯ ᠰᠡᠳᠬᠢᠯ ᠦ᠋ᠨ ᠦᠭᠡ ᠪᠡᠨ᠂ ᠰᠠᠨᠠᠵᠤ ᠬᠦᠰᠡᠵᠦ ᠪᠠᠢᠭᠰᠠᠨ ᠢ᠋ᠶ᠋ᠠᠨ ᠶᠠᠷᠢᠬᠤ ᠭᠡᠵᠦ ᠣᠷᠣᠯᠳᠣᠪᠠᠴᠤ ᠡᠷᠳᠡᠨᠢ ᠥᠭᠡᠷ᠎ᠡ ᠶᠠᠷᠢᠶᠠᠨ ᠳ᠋ᠤ᠌ ᠰᠢᠯᠵᠢᠭᠦᠯᠬᠦ ᠳᠣᠳᠣᠮ ᠭᠡᠷᠡᠯ ᠦ᠋ᠨ ᠡᠷᠳᠡᠨᠢ ᠶ᠋ᠢ ᠬᠦᠰᠡᠬᠦ ᠰᠡᠳᠬᠢᠯ ᠣᠷᠭᠢᠯᠤᠨ ᠪᠠᠢᠵᠠᠢ᠃
  ᠡᠷᠳᠡᠨᠢ ᠬᠣᠲᠠ ᠳ᠋ᠤ᠌ ᠠᠮᠢᠳᠤᠷᠠᠬᠤ ᠭᠡᠵᠦ ᠢᠷᠡᠭᠰᠡᠨ ᠢ᠋ᠶ᠋ᠡᠨ ᠶᠠᠷᠢᠬᠤ ᠳ᠋ᠤ᠌ 《ᠲᠠ ᠮᠠᠨ ᠤ᠋ ᠳ᠋ᠤ᠌ ᠪᠠᠢᠯ ᠳᠠ》 ᠭᠡᠵᠦ ᠭᠡᠷᠡᠯ ᠬᠡᠯᠡᠵᠡᠢ᠃
  ᠠᠯᠤᠰ ᠤ᠋ᠨ ᠵᠠᠮ ᠳ᠋ᠤ᠌ ᠶᠠᠳᠠᠷᠠᠭᠰᠠᠨ ᠡᠷᠳᠡᠨᠢ ᠬᠠᠯᠠᠭᠤᠨ ᠠᠷᠢᠬᠢᠨ ᠳ᠋ᠤ᠌ ᠨᠠᠮ ᠴᠣᠬᠢᠭᠤᠯᠤᠨ ᠤᠨᠲᠠᠵᠠᠢ᠃ ᠥᠷᠯᠥᠭᠡ ᠨᠢ ᠰᠡᠷᠢᠪᠡᠯ ᠭᠡᠷᠡᠯ ᠳᠡᠷᠭᠡᠳᠡ ᠨᠢ ᠰᠥᠬᠥᠷᠡᠨ ᠰᠠᠭᠤᠭᠠᠳ ᠮᠠᠩᠨᠠᠢ ᠶ᠋ᠢ ᠨᠢ ᠢᠯᠢᠵᠦ ᠪᠠᠢᠯ᠎ᠠ᠃ ᠭᠡᠷ ᠲᠦ᠍ ᠲᠡᠷᠡ ᠬᠣᠶᠠᠷ ᠡᠴᠡ ᠥᠭᠡᠷ᠎ᠡ ᠬᠥᠮᠦᠨ ᠪᠠᠢᠭᠰᠠᠨ ᠦᠭᠡᠢ᠃ ᠡᠷᠳᠡᠨᠢ ᠰᠢᠭᠤᠳ ᠤᠬᠤᠰᠬᠢᠨ ᠪᠣᠰᠤᠭᠰᠠᠨ ᠦᠭᠡᠢ᠃ ᠨᠢᠳᠦᠨ ᠦ᠌ ᠪᠡᠨ ᠪᠤᠯᠤᠩ ᠢ᠋ᠶ᠋ᠠᠷ ᠠᠵᠢᠭᠯᠠᠪᠠᠯ ᠬᠡᠦᠬᠡᠨ ᠦ᠌ ᠨᠢᠳᠦᠨ ᠡᠴᠡ ᠨᠢᠯᠪᠤᠰᠤ ᠪᠥᠩᠵᠢᠭᠡᠨᠡᠨ ᠳᠤᠰᠤᠯᠠᠵᠤ ᠨᠢᠭᠤᠷ ᠴᠢᠷᠠᠢ ᠨᠢ ᠲᠤᠶᠠᠭᠠᠷᠠᠨ ᠤᠷᠤᠭᠤᠯ ᠨᠢ ᠦᠯᠦ ᠮᠡᠳᠡᠭ ᠬᠥᠳᠡᠯᠦᠨ᠎ᠡ᠃
  ᠡᠷᠳᠡᠨᠢ ᠨᠢᠳᠦ ᠪᠡᠨ ᠠᠯᠭᠤᠷ ᠨᠡᠭᠡᠭᠡᠬᠦ ᠳ᠋ᠦ᠍ ᠭᠡᠷᠡᠯ ᠰᠣᠴᠢᠨ ᠭᠠᠷ ᠢ᠋ᠶ᠋ᠠᠨ ᠲᠠᠲᠠᠭᠠᠳ ᠪᠣᠰᠤᠯ᠎ᠠ᠃ ᠡᠷᠳᠡᠨᠢ ᠥᠨᠳᠡᠢᠵᠦ ᠡᠪᠰᠢᠶᠡᠪᠡ᠃
  ᠊᠊᠊᠊᠊᠊᠊᠊᠊᠊᠊᠊᠊᠊᠊ ᠲᠠ ᠮᠥᠨ ᠪᠡᠬᠢ ᠤᠨᠲᠠᠯ᠎ᠠ ᠰᠢᠦ᠃
  ᠊᠊᠊᠊᠊᠊᠊᠊᠊᠊᠊᠊᠊᠊᠊ ᠪᠦᠷ ᠴᠣᠬᠢᠭᠤᠯᠵᠤ ᠣᠷᠬᠢᠵᠠᠢ᠃
  ᠊᠊᠊᠊᠊᠊᠊᠊᠊᠊᠊᠊᠊᠊᠊ ᠵᠡᠭᠦᠳᠦᠯᠡᠭᠡᠳ ᠯᠡ ᠶᠠᠭᠤᠮ᠎ᠠ ᠶᠠᠷᠢᠭᠠᠳ ᠯᠠ ᠪᠠᠢᠨ᠎ᠠ ᠪᠢᠯᠡ᠃
  ᠊᠊᠊᠊᠊᠊᠊᠊᠊᠊᠊᠊᠊᠊᠊ ᠡᠨ ᠲᠡᠢᠮᠦ ᠤᠤ?
  ᠊᠊᠊᠊᠊᠊᠊᠊᠊᠊᠊᠊᠊᠊᠊ ᠲᠣᠪᠴᠢᠨ ᠲᠠᠨ ᠢ᠋ ᠮᠠᠨ ᠤ᠋ ᠳ᠋ᠤ᠌ ᠪᠠᠢ ᠭᠡᠵᠦ ᠭᠤᠶᠤᠵᠤ ᠪᠠᠢᠳᠠᠭ ᠰᠢᠦ ᠭᠡᠳ ᠭᠡᠷᠡᠯ ᠦ᠋ᠨ ᠡᠩᠭᠡᠰᠬᠡ ᠲᠡᠢ ᠬᠠᠴᠠᠷ ᠨᠢ ᠦᠯᠦ ᠮᠡᠳᠡᠭ ᠶᠠᠭᠠᠷᠠᠨ ᠤᠯᠠᠢᠪᠠ᠃
  ᠣᠷᠣᠨ ᠭᠡᠷ᠂ ᠲᠠᠨᠢᠬᠤ ᠬᠥᠮᠦᠨ ᠦᠭᠡᠢ ᠲᠡᠨᠦᠭᠦᠴᠢᠯᠡᠨ ᠶᠠᠪᠤᠭ᠎ᠠ ᠡᠷᠳᠡᠨᠢ ᠡᠨᠡ ᠤᠷᠢᠯᠭ᠎ᠠ ᠶ᠋ᠢ ᠬᠦᠯᠢᠶᠡᠵᠦ ᠠᠪᠬᠤ ᠦᠭᠡᠢ ᠪᠠᠢᠬᠤ ᠠᠷᠭ᠎ᠠ ᠣᠳᠣ ᠳ᠋ᠠᠭᠠᠨ ᠦᠭᠡᠢ ᠪᠠᠢᠯ᠎ᠠ᠃
  ᠊᠊᠊᠊᠊᠊᠊᠊᠊᠊᠊᠊᠊᠊᠊ ᠬᠡᠷᠪᠡ ᠲᠠ ᠨᠠᠷ ᠲᠦᠪᠡᠭᠰᠢᠶᠡᠵᠦ ᠳᠤᠷ᠎ᠠ ᠦᠭᠡᠢᠴᠡᠬᠦ ᠦᠭᠡᠢ ᠪᠣᠯ ᠬᠡᠳᠦ ᠬᠣᠨᠣᠶ᠎ᠠ ᠭᠡᠵᠦ ᠡᠷᠳᠡᠨᠢ ᠶ᠋ᠢᠨ ᠬᠡᠯᠡᠬᠦ ᠳ᠋ᠦ᠍ ᠭᠡᠷᠡᠯ ᠤᠴᠢᠷ ᠲᠣᠢᠮᠣ ᠦᠭᠡᠢ ᠪᠠᠶᠠᠷᠯᠠᠪᠠ᠃ ᠡᠭᠦᠨ ᠡᠴᠡ ᠬᠣᠢᠰᠢ ᠭᠡᠷᠡᠯ ᠦ᠋ᠨ ᠰᠢᠷᠦᠭᠦᠨ ᠵᠠᠩ᠂ ᠳᠣᠭᠰᠢᠨ ᠠᠭᠠᠰᠢ ᠡᠷᠡᠰ ᠥᠭᠡᠷ᠎ᠡ ᠪᠣᠯᠵᠤ ᠨᠢᠭᠤᠷ ᠲᠤᠨᠢ ᠪᠠᠢᠩᠭᠤ ᠶ᠋ᠢᠨ ᠢᠨᠢᠶᠡᠮᠰᠦᠭᠯᠡᠯ ᠲᠣᠳᠣᠷᠠᠨ ᠪᠠᠢᠳᠠᠭ ᠪᠣᠯᠵᠠᠢ᠃
  ᠵᠠᠷᠤᠴᠠ ᠨᠠᠷ ᠨᠢ 《ᠡᠷᠳᠡᠨᠢ ᠪᠠᠢᠭᠠᠳ ᠪᠠᠢᠭᠠᠰᠠᠢ᠃ ᠠᠪᠠᠭᠠᠢ ᠶ᠋ᠢᠨ ᠵᠠᠩ ᠬᠠᠢᠯᠤᠭᠰᠠᠨ ᠲᠤᠭᠤᠯᠭ᠎ᠠ ᠰᠢᠭ᠋ ᠯᠡ ᠪᠠᠢᠬᠤ ᠶᠤᠮ》 ᠭᠡᠵᠦ ᠶᠠᠷᠢᠯᠴᠠᠨ ᠡᠷᠳᠡᠨᠢ ᠳ᠋ᠦ᠍ ᠰᠠᠢᠨ ᠪᠠᠢᠬᠤ ᠶ᠋ᠢ ᠬᠢᠴᠢᠶᠡᠵᠦ ᠪᠠᠢᠯ᠎ᠠ᠃
  ᠡᠷᠳᠡᠨᠢ ᠤᠨᠲᠠᠵᠤ ᠪᠠᠢᠬᠤ ᠳ᠋ᠤ᠌ ᠭᠡᠷᠡᠯ ᠤᠳᠠᠲᠠᠯ᠎ᠠ ᠳᠡᠷᠭᠡᠳᠡ ᠨᠢ ᠰᠠᠭᠤᠵᠤ ᠢᠯᠢᠨ ᠲᠠᠭᠠᠯᠠᠵᠤ ᠪᠠᠢᠬᠤ ᠳ᠋ᠠᠭᠠᠨ ᠬᠣᠷᠸ᠎ᠠ ᠶ᠋ᠢ ᠮᠠᠷᠲᠠᠵᠤ ᠰᠡᠳᠬᠢᠯ ᠳᠦᠭᠦᠷᠡᠩ ᠵᠢᠷᠭᠠᠵᠤ ᠪᠠᠢᠳᠠᠭ ᠪᠠᠢᠵᠠᠢ᠃
  ᠨᠢᠭᠡᠨ ᠤᠳᠠᠭ᠎ᠠ ᠤᠨᠲᠠᠵᠤ ᠪᠠᠢᠭ᠎ᠠ ᠡᠷᠳᠡᠨᠢ ᠶ᠋ᠢᠨ ᠳᠡᠷᠭᠡᠳᠡ ᠬᠡᠰᠡᠭ ᠰᠠᠭᠤᠵᠤ ᠪᠠᠢᠭᠰᠠᠨ᠎ᠠ ᠦᠨᠦᠰᠬᠦ ᠳ᠋ᠦ᠍ᠨᠢ ᠡᠷᠳᠡᠨᠢ ᠰᠣᠴᠢᠨ ᠥᠨᠳᠡᠢᠪᠡᠯ ᠭᠡᠷᠡᠯ ᠭᠡᠮᠰᠢᠯᠲᠡᠢ ᠪᠥᠭᠡᠳ ᠠᠷᠴᠠᠭ᠎ᠠ ᠦᠭᠡᠢ ᠨᠢᠳᠦ ᠪᠡᠷ ᠰᠢᠷᠲᠡᠨ ᠰᠠᠭᠤᠵᠤ ᠪᠠᠢᠯ᠎ᠠ᠃
  ᠊᠊᠊᠊᠊᠊᠊᠊᠊᠊᠊᠊᠊᠊᠊ ᠶᠠᠭᠠᠬᠢᠵᠤ ᠪᠠᠢᠨ᠎ᠠ ᠳᠠ᠃ ᠨᠥᠬᠥᠷ ᠲᠡᠢ ᠬᠥᠮᠦᠨ ᠰᠢᠦ ᠳᠡ ᠭᠡᠵᠦ ᠡᠷᠳᠡᠨᠢ ᠵᠢᠮᠡᠯᠡᠨ ᠬᠡᠯᠡᠬᠦ ᠳ᠋ᠦ᠍ ᠭᠡᠷᠡᠯ ᠦ᠋ᠨ ᠤᠷᠤᠭᠤᠯ ᠨᠢ ᠬᠥᠳᠡᠯᠵᠦ ᠲᠠᠲᠠᠯᠳᠤᠨ ᠪᠠᠢᠭᠰᠠᠨ ᠢ᠋ᠶ᠋ᠠᠨ᠄
  ᠊᠊᠊᠊᠊᠊᠊᠊᠊᠊᠊᠊᠊᠊᠊ ᠲᠡᠢᠮᠦ᠂ ᠨᠥᠬᠥᠷ ᠲᠡᠢ᠂ ᠲᠠ ᠨᠠᠷ ᠢ᠋ ᠬᠠᠷᠠᠬᠤ ᠳ᠋ᠤ᠌ ᠪᠢ ᠨᠥᠬᠥᠷ ᠲᠡᠢ᠃ ᠠᠷᠪᠠᠨ ᠵᠢᠷᠭᠤᠭᠠᠨ ᠨᠠᠰᠤᠲᠠᠢ ᠪᠠᠢᠬᠤ ᠳ᠋ᠤ᠌ ᠮᠢᠨᠢ ᠲᠠᠪᠢᠨ ᠨᠠᠰᠤᠲᠠᠢ ᠲᠣᠪᠴᠢᠨ ᠬᠤᠳᠠᠯᠳᠤᠵᠤ ᠠᠪᠤᠭᠰᠠᠨ᠃ ᠶᠠᠭ ᠯᠠ ᠮᠠᠯ ᠰᠢᠭ᠋᠃ ᠭᠡᠪᠡᠴᠦ ᠪᠢ ᠮᠠᠯ ᠪᠢᠰᠢ ᠬᠥᠮᠦᠨ ᠪᠣᠯᠬᠣᠷ ᠰᠣᠬᠣᠷ ᠪᠣᠭᠣᠯ ᠨᠢ ᠪᠣᠯᠤᠭ᠎ᠠ ᠦᠭᠡᠢ᠃ ᠨᠠᠳᠠ ᠳ᠋ᠤ᠌ ᠬᠠᠢᠷᠠᠯᠠᠬᠤ᠂ ᠪᠠᠶᠠᠰᠬᠤ ᠬᠤᠪᠢ ᠵᠠᠶᠠᠭ᠎ᠠ ᠦᠭᠡᠢ ᠭᠡᠵᠦ ᠤᠤ ᠭᠡᠵᠦ ᠬᠠᠰᠬᠢᠷᠤᠨ ᠬᠡᠯᠡᠬᠦ ᠳ᠋ᠦ᠍ ᠬᠣᠶᠠᠷ ᠨᠢᠳᠦᠨ ᠡᠴᠡ ᠨᠢ ᠵᠣᠪᠠᠯᠠᠩ ᠵᠢᠷᠭᠠᠯ ᠤ᠋ᠨ ᠨᠢᠯᠪᠤᠰᠤ ᠮᠤᠰᠬᠢᠷᠠᠨ ᠤᠷᠤᠰᠪᠠ᠃
  ᠡᠷᠳᠡᠨᠢ ᠡᠨᠡ ᠬᠡᠦᠬᠡᠨ ᠦ᠌ ᠵᠠᠩ ᠢ᠋ ᠵᠢᠮᠡᠯᠡᠵᠦ᠂ ᠵᠢᠭᠰᠢᠨ ᠪᠠᠢᠵᠠᠢ᠃ ᠭᠡᠲᠡᠯ᠎ᠡ ᠡᠨᠡ ᠦᠭᠡ ᠶ᠋ᠢ ᠰᠣᠨᠣᠰᠴᠤ᠂ ᠪᠠᠢᠳᠠᠯ ᠢ᠋ ᠨᠢ ᠬᠠᠷᠠᠭᠠᠳ ᠰᠡᠳᠬᠢᠯ ᠨᠢ ᠤᠶᠠᠷᠠᠪᠠ᠃ ᠤᠴᠢᠷ ᠨᠢ ᠲᠣᠪᠴᠢᠨ ᠭᠡᠷᠡᠯ ᠬᠣᠶᠠᠷ ᠤ᠋ᠨ ᠢᠯᠭᠠᠭ᠎ᠠ ᠳᠠᠩᠴᠢ ᠲᠣᠳᠣ ᠪᠠᠢᠯ᠎ᠠ᠃
  ᠊᠊᠊᠊᠊᠊᠊᠊᠊᠊᠊᠊᠊᠊᠊ ᠶᠣᠰᠣᠯᠠᠵᠤ ᠠᠪᠤᠭᠰᠠᠨ ᠨᠥᠬᠥᠷ ᠲᠡᠢ ᠬᠥᠮᠦᠨ ᠪᠣᠯᠬᠤ ᠦᠭᠡᠢ ᠰᠢᠦ ᠳᠡ ᠭᠡᠵᠦ ᠡᠷᠳᠡᠨᠢ ᠵᠥᠭᠡᠯᠡᠨ ᠳᠠᠭᠤ ᠪᠠᠷ ᠬᠡᠯᠡᠪᠡ᠃
  ᠊᠊᠊᠊᠊᠊᠊᠊᠊᠊᠊᠊᠊᠊᠊ ᠶᠣᠰᠣᠯᠠᠵᠤ ᠠᠪᠤᠭᠰᠠᠨ ᠨᠥᠬᠥᠷ ᠠ᠋! ᠲᠠᠨ ᠳ᠋ᠤ᠌ ᠲᠡᠢᠮᠦ ᠪᠠᠢᠬ᠎ᠠ᠃ ᠦᠨᠡᠨ ᠳ᠋ᠡᠭᠡᠨ ᠪᠣᠯ ᠬᠤᠳᠠᠯᠳᠤᠵᠤ ᠠᠪᠤᠭᠰᠠᠨ ᠡᠵᠡᠨ ᠮᠢᠨᠢ ᠭᠡᠳ ᠭᠡᠷᠡᠯ ᠶᠠᠩᠭᠢᠨᠠᠲᠠᠯ᠎ᠠ ᠤᠬᠢᠯᠠᠪᠠ᠃
  ᠭᠡᠷᠡᠯ ᠦ᠋ᠨ ᠡᠨᠡ ᠦᠭᠡ ᠦᠨᠡᠨ ᠦᠭᠡ ᠪᠠᠢᠯ᠎ᠠ᠃ ᠡᠷᠳᠡᠨᠢ ᠶᠠᠭᠠᠬᠢᠬᠤ ᠪᠠᠨ ᠮᠡᠳᠡᠬᠦ ᠦᠭᠡᠢ ᠳᠡᠮᠡᠢᠯᠡ ᠬᠠᠪᠴᠢᠭᠠᠨᠠᠨ ᠤᠷᠤᠭᠤᠯ ᠢ᠋ᠶ᠋ᠠᠨ ᠳᠣᠯᠣᠭᠣᠨ ᠪᠠᠢᠪᠠ᠃
  ᠊᠊᠊᠊᠊᠊᠊᠊᠊᠊᠊᠊᠊᠊᠊ ᠳᠡᠭᠦᠦ ᠮᠢᠨᠢ ᠤᠬᠢᠯᠠᠭᠠᠳ ᠬᠡᠷᠡᠭ ᠦᠭᠡᠢ᠃ ᠠᠮᠢᠳᠤ ᠶᠠᠪᠤᠭᠰᠠᠨ ᠬᠥᠮᠦᠨ ᠠᠯᠲᠠᠨ ᠠᠶᠠᠭᠠᠨ ᠡᠴᠡ ᠤᠰᠤ ᠤᠤᠭᠤᠳᠠᠭ ᠶᠤᠮ ᠭᠡᠵᠦ ᠡᠷᠳᠡᠨᠢ ᠬᠡᠯᠡᠭᠰᠡᠨ ᠪᠣᠯᠪᠠᠴᠤ ᠥᠪᠡᠷ ᠢ᠋ᠶ᠋ᠡᠨ ᠡᠨᠡ ᠦᠭᠡᠨ ᠳ᠋ᠡᠭᠡᠨ ᠢᠲᠡᠭᠡᠬᠦ ᠦᠭᠡᠢ ᠪᠠᠢᠯ᠎ᠠ᠃
  ᠭᠡᠷᠡᠯ ᠵᠣᠭᠰᠣᠯᠲᠠ ᠦᠭᠡᠢ ᠤᠬᠢᠯᠠᠭᠠᠳ ᠪᠠᠢᠬᠤ ᠳ᠋ᠤᠨᠢ ᠡᠷᠳᠡᠨᠢ ᠨᠢᠯᠪᠤᠰᠤ ᠶ᠋ᠢ ᠨᠢ ᠠᠷᠴᠢᠨ ᠠᠷᠭᠠᠳᠠᠪᠠ᠃ ᠲᠡᠭᠦᠨ ᠡᠴᠡ ᠡᠬᠢᠯᠡᠨ ᠡᠷᠳᠡᠨᠢ ᠭᠡᠷᠡᠯ ᠬᠣᠶᠠᠷ ᠤ᠋ᠨ ᠬᠣᠭᠣᠷᠣᠨᠳᠣ ᠳᠣᠲᠣᠨᠣ ᠬᠠᠷᠢᠴᠠᠭ᠎ᠠ ᠲᠣᠭᠲᠠᠨ ᠵᠣᠪᠠᠯᠠᠩ ᠵᠢᠷᠭᠠᠯ ᠢ᠋ᠶ᠋ᠠᠨ ᠶᠠᠷᠢᠯᠴᠠᠳᠠᠭ ᠪᠣᠯᠪᠠ᠃ ᠦᠷᠦ ᠡᠪᠡᠳᠬᠦ ᠡᠴᠡ ᠬᠠᠢᠷᠠᠯᠠᠬᠤ ᠳ᠋ᠤ᠌ ᠣᠷᠣᠬᠤ ᠳ᠋ᠤ᠌ ᠲᠤᠩ ᠣᠢᠷᠠᠬᠠᠨ ᠵᠠᠢ ᠪᠠᠢᠳᠠᠭ ᠠᠵᠢ᠃ ᠡᠷᠳᠡᠨᠢ ᠥᠪᠡᠷ ᠦ᠋ᠨ ᠠᠮᠢᠳᠤᠷᠠᠯ ᠢ᠋ ᠶᠠᠷᠢᠵᠤ ᠥᠭᠬᠦ ᠳ᠋ᠦ᠍ ᠭᠡᠷᠡᠯ ᠶᠡᠬᠡᠯ᠎ᠡ ᠠᠩᠬᠠᠷᠤᠯ ᠲᠠᠢ ᠰᠣᠨᠣᠰᠴᠤ ᠪᠠᠢᠭᠰᠠᠨ ᠢ᠋ᠶ᠋ᠠᠨ᠄
  ᠊᠊᠊᠊᠊᠊᠊᠊᠊᠊᠊᠊᠊᠊᠊ ᠬᠡᠷᠪᠡ ᠪᠢ ᠲᠠᠨ ᠰᠢᠭ᠋ ᠨᠥᠬᠥᠷ ᠲᠡᠢ ᠪᠣᠯ ᠬᠠᠷ᠎ᠠ ᠬᠡᠦᠳᠡᠢ ᠡᠭᠦᠷᠦᠭᠡᠳ ᠬᠣᠷᠸ᠎ᠠ ᠲᠣᠭᠣᠷᠢᠬᠤ ᠳ᠋ᠠᠭᠠᠨ ᠦᠷᠭᠦᠯᠵᠢ ᠢᠨᠢᠶᠡᠵᠦ ᠶᠠᠪᠤᠨ᠎ᠠ ᠭᠡᠯ᠎ᠡ᠃
  ᠊᠊᠊᠊᠊᠊᠊᠊᠊᠊᠊᠊᠊᠊᠊ ᠬᠥᠮᠦᠨ ᠡᠬᠢᠯᠡᠭᠡᠳ ᠢᠩᠭᠢᠵᠦ ᠯᠡ ᠬᠡᠯᠡᠳᠡᠭ ᠶᠤᠮ᠃ ᠭᠡᠪᠡᠴᠦ ᠠᠮᠢᠳᠤᠷᠠᠯ ᠲᠡᠢᠮᠦ ᠪᠢᠰᠢ ᠶᠤᠮ ᠰᠢᠦ ᠭᠡᠵᠦ ᠡᠷᠳᠡᠨᠢ ᠬᠠᠷᠢᠭᠤᠯᠵᠠᠢ᠃
  ᠨᠢᠭᠡ ᠣᠷᠣᠢ ᠲᠣᠪᠴᠢᠨ ᠡᠬᠡᠨᠡᠷ ᠲᠡᠢ ᠪᠡᠨ ᠶᠠᠷᠢᠵᠤ ᠪᠠᠢᠭᠰᠠᠨ ᠢ᠋ᠶ᠋ᠠᠨ ᠡᠷᠳᠡᠨᠢ ᠪᠣᠯ ᠭᠡᠭᠡᠨ ᠴᠠᠭᠠᠨ ᠡᠳᠦᠷ ᠯᠤᠤ ᠬᠦᠩ ᠦ᠋ᠨ ᠪᠠᠶᠠᠨ ᠢᠲᠡᠭᠡᠯᠲᠦ ᠶ᠋ᠢ ᠳᠡᠭᠡᠷᠡᠮᠳᠡᠭᠡᠳ ᠵᠢᠭᠤᠲᠠᠭᠰᠠᠨ ᠣᠷᠭᠤᠳᠤᠤᠯ ᠭᠡᠨ᠎ᠡ᠃ ᠲᠣᠬᠢᠶᠠᠯᠳᠤᠭᠰᠠᠨ ᠭᠠᠵᠠᠷ ᠨᠢ ᠪᠠᠷᠢᠵᠤ ᠠᠪᠤᠭᠠᠳ ᠯᠤᠤ ᠬᠦᠩ ᠦ᠋ᠨ ᠬᠣᠰᠢᠭᠤ ᠲᠠᠮᠠᠭᠠᠨ ᠳ᠋ᠤ᠌ ᠬᠦᠷᠭᠡᠵᠦ ᠥᠭ ᠭᠡᠰᠡᠨ ᠪᠢᠴᠢᠭ ᠦᠵᠡᠯ᠎ᠡ᠃ ᠣᠷᠭᠤᠳᠤᠤᠯ ᠢ᠋ ᠨᠢᠭᠤᠵᠤ ᠪᠠᠢᠭᠠᠳ ᠮᠡᠳᠡᠭᠳᠡᠪᠡᠯ ᠳᠡᠮᠡᠢ ᠶᠠᠭᠤᠮ᠎ᠠ ᠪᠣᠯᠤᠨ᠎ᠠ ᠭᠡᠵᠦ ᠬᠡᠯᠡᠪᠡ᠃
  ᠡᠷᠳᠡᠨᠢ᠂ ᠢᠲᠡᠭᠡᠯᠲᠦ ᠬᠣᠶᠠᠷ ᠤ᠋ᠨ ᠬᠣᠭᠣᠷᠣᠨᠳᠣ ᠶᠠᠭᠤ ᠪᠣᠯᠤᠭᠰᠠᠨ ᠢ᠋ ᠮᠡᠳᠡᠭᠰᠡᠨ ᠭᠡᠷᠡᠯ ᠪᠠᠬᠠᠨ ᠪᠣᠳᠣᠯ ᠪᠣᠯᠵᠤ ᠰᠠᠭᠤᠭᠰᠠᠨ ᠢ᠋ᠶ᠋ᠠᠨ᠄
  ᠊᠊᠊᠊᠊᠊᠊᠊᠊᠊᠊᠊᠊᠊᠊ ᠮᠠᠭᠤ ᠳᠤᠷ᠎ᠠ ᠨᠢ ᠬᠦᠷᠪᠡᠯ᠂ ᠲᠠᠬᠢᠵᠤ ᠪᠠᠢᠭ᠎ᠠ ᠪᠤᠷᠬᠠᠨ ᠢ᠋ᠶ᠋ᠠᠨ ᠪᠣᠰᠤᠭ᠎ᠠ ᠣᠷᠢᠶᠠᠯᠠᠩ ᠪᠣᠯᠭᠠᠳᠠᠭ᠂ ᠰᠠᠢᠨ ᠳᠤᠷ᠎ᠠ ᠪᠠᠨ ᠬᠥᠳᠡᠯᠪᠡᠯ ᠬᠥᠮᠦᠨ ᠠᠯᠠᠭᠰᠠᠨ ᠶᠠᠷᠭᠠᠴᠢᠨ ᠢ᠋ ᠪᠤᠷᠬᠠᠨ ᠪᠣᠯᠭᠠᠳᠠᠭ ᠪᠠᠰᠢᠷ ᠠᠷᠭ᠎ᠠ ᠶ᠋ᠢ ᠮᠡᠳᠡᠨ᠎ᠡ᠃ ᠡᠷᠳᠡᠨᠢ ᠶ᠋ᠢᠨ ᠨᠡᠷ᠎ᠡ ᠶ᠋ᠢ ᠥᠭᠡᠷᠡᠴᠢᠯᠡᠭᠡᠳ ᠬᠥᠳᠡᠭᠡ ᠮᠠᠯ ᠳᠡᠭᠡᠷ᠎ᠡ ᠪᠡᠨ ᠭᠠᠷᠭᠠᠨ᠎ᠠ᠃ ᠬᠡᠨ ᠴᠦ᠍ ᠮᠡᠳᠡᠬᠦ ᠦᠭᠡᠢ᠃ ᠬᠠᠷᠢᠨ ᠪᠠᠷᠢᠭᠳᠠᠬᠤ ᠶᠤᠮ ᠪᠣᠯ ᠪᠢ ᠦᠬᠦᠵᠦ ᠣᠷᠬᠢᠨ᠎ᠠ ᠰᠢᠦ ᠭᠡᠯ᠎ᠡ᠃
  ᠢᠩᠭᠢᠭᠡᠳ ᠡᠷᠳᠡᠨᠢ ᠨᠡᠷ᠎ᠡ ᠪᠡᠨ ᠥᠭᠡᠷᠡᠴᠢᠯᠡᠵᠦ ᠳᠣᠨᠣᠢ ᠪᠣᠯᠤᠭᠠᠳ ᠲᠣᠪᠴᠢᠨ ᠤ᠋ ᠬᠥᠳᠡᠭᠡ ᠮᠠᠯ ᠳᠡᠭᠡᠷ᠎ᠡ ᠭᠠᠷᠤᠯ᠎ᠠ᠃
  ᠲᠣᠪᠴᠢᠨ ᠤ᠋ ᠬᠤᠪᠢ ᠳ᠋ᠤ᠌ ᠪᠣᠯ ᠡᠷᠳᠡᠨᠢ ᠶ᠋ᠢ ᠪᠠᠷᠢᠵᠤ ᠥᠭᠬᠦ ᠳ᠋ᠦ᠍ ᠪᠡᠯᠡᠬᠡᠨ ᠪᠠᠢᠯ᠎ᠠ᠃ ᠭᠡᠪᠡᠴᠦ ᠣᠳᠣ ᠳ᠋ᠠᠭᠠᠨ ᠭᠡᠷᠡᠯ ᠥᠪᠡᠷ ᠦ᠋ᠨ ᠬᠢᠨᠢ ᠪᠣᠯᠬᠣᠷ ᠲᠡᠭᠦᠨ ᠢ᠋ ᠪᠠᠷᠢᠵᠤ ᠥᠭᠴᠦ ᠪᠣᠯᠬᠤ ᠦᠭᠡᠢ ᠮᠡᠲᠦ ᠰᠠᠨᠠᠭᠳᠠᠪᠠ᠃ ᠭᠡᠷᠡᠯ ᠶᠠᠭᠤ ᠴᠤ᠌ ᠬᠢᠬᠦ ᠡᠴᠡ ᠪᠤᠴᠠᠬᠤ ᠦᠭᠡᠢ ᠭᠡᠵᠦ ᠲᠣᠪᠴᠢᠨ ᠪᠣᠳᠣᠳᠠᠭ ᠪᠣᠯᠬᠣᠷ 《ᠬᠠᠷᠢᠨ ᠪᠠᠷᠢᠭᠳᠠᠬᠤ ᠶᠤᠮ ᠪᠣᠯ ᠪᠢ ᠦᠬᠦᠵᠦ ᠣᠷᠬᠢᠨ᠎ᠠ ᠰᠢᠦ》 ᠭᠡᠰᠡᠨ ᠦᠭᠡ ᠶ᠋ᠢ ᠨᠢ ᠳᠡᠮᠡᠢ ᠦᠭᠡ ᠪᠢᠰᠢ ᠭᠡᠵᠦ ᠬᠠᠲᠠᠭᠤ ᠢᠲᠡᠭᠡᠵᠦ ᠪᠠᠢᠵᠠᠢ᠃
  ᠨᠢᠭᠡ ᠪᠦᠳᠦᠷᠢᠬᠦ ᠳ᠋ᠦ᠍ ᠳᠣᠯᠣᠭ᠎ᠠ ᠪᠦᠳᠦᠷᠢᠨ᠎ᠡ ᠭᠡᠭᠴᠢ ᠪᠡᠷ᠂ ᠡᠷᠳᠡᠨᠢ ᠮᠣᠷᠢ ᠤᠷᠭᠠᠯᠠᠵᠤ ᠪᠠᠢᠭᠠᠳ ᠤᠨᠠᠵᠤ ᠬᠥᠯ ᠢ᠋ᠶ᠋ᠡᠨ ᠬᠤᠭᠤᠯᠵᠠᠢ᠃ ᠡᠭᠦᠨ ᠢ᠋ ᠰᠣᠨᠣᠰᠤᠭᠰᠠᠨ ᠭᠡᠷᠡᠯ ᠳᠠᠩ ᠮᠣᠷᠢ ᠲᠠᠢ ᠳᠠᠪᠬᠢᠨ ᠣᠴᠢᠪᠠ᠃
  ᠡᠷᠳᠡᠨᠢ ᠳ᠋ᠦ᠍ ᠲᠤᠰᠬᠠᠢ ᠭᠡᠷ ᠪᠠᠷᠢᠭᠤᠯᠵᠤ ᠥᠪᠡᠷ ᠢ᠋ᠶ᠋ᠡᠨ ᠰᠤᠪᠢᠯᠠᠨ ᠳᠡᠷᠭᠡᠳᠡ ᠨᠢ ᠪᠠᠢᠳᠠᠭ ᠪᠣᠯᠵᠠᠢ᠃ ᠵᠠᠷᠤᠴᠠ ᠨᠠᠷ ᠢ᠋ᠶ᠋ᠠᠨ ᠪᠠᠷᠢᠵᠤ ᠢᠳᠡᠴᠢᠬᠡᠬᠦ ᠭᠡᠳ ᠪᠠᠢᠳᠠᠭ ᠭᠡᠷᠡᠯ ᠡᠷᠳᠡᠨᠢ ᠶ᠋ᠢᠨ ᠳᠡᠷᠭᠡᠳᠡ ᠪᠠᠢᠬᠤ ᠳ᠋ᠠᠭᠠᠨ ᠬᠠᠢᠯᠤᠭᠰᠠᠨ ᠲᠤᠭᠤᠯᠭ᠎ᠠ ᠰᠢᠭ᠋ ᠡᠶᠡᠯᠳᠡᠭ ᠵᠠᠩ ᠲᠠᠢ᠂ ᠥᠴᠦᠬᠡᠨ ᠪᠤᠯᠪᠠᠷᠠᠢ ᠡᠮᠡᠭᠲᠡᠢ ᠪᠣᠯᠳᠠᠭ ᠪᠠᠢᠯ᠎ᠠ᠃
  ᠊᠊᠊᠊᠊᠊᠊᠊᠊᠊᠊᠊᠊᠊᠊ ᠨᠠᠮᠢ᠋ᠢ ᠠᠪᠤᠭᠠᠳ ᠬᠡᠨ ᠴᠦ᠍ ᠮᠡᠳᠡᠬᠦ ᠦᠭᠡᠢ ᠬᠣᠯᠠ ᠭᠠᠵᠠᠷ ᠤᠷᠭᠤᠭᠠᠴᠢ ᠭᠡᠵᠦ ᠵᠠᠷᠢᠮ ᠳ᠋ᠠᠭᠠᠨ ᠭᠡᠷᠡᠯ ᠦ᠋ᠨ ᠭᠤᠶᠤᠬᠤ ᠳ᠋ᠤ᠌ 《ᠳᠡᠮᠡᠢ ᠶᠠᠭᠤᠮ᠎ᠠ ᠪᠢᠲᠡᠭᠡᠢ ᠶᠠᠷᠢ!》 ᠭᠡᠵᠦ ᠡᠷᠳᠡᠨᠢ ᠬᠠᠷᠢᠭᠤᠯᠳᠠᠭ ᠪᠠᠢᠵᠠᠢ᠃
  ᠭᠡᠷᠡᠯ ᠪᠣᠯ ᠶᠠᠭ ᠯᠠ ᠥᠪᠡᠷ ᠰᠢᠭ ᠨᠢ ᠠᠮᠢᠳᠤᠷᠠᠯ ᠳ᠋ᠤ᠌ ᠳᠣᠷᠣᠮᠵᠢᠯᠠᠭᠳᠠᠭᠰᠠᠨ ᠠᠮᠢᠲᠠᠨ ᠭᠡᠵᠦ ᠡᠷᠳᠡᠨᠢ ᠪᠣᠳᠣᠵᠤ ᠲᠡᠭᠦᠨ ᠢ᠋ ᠦᠨᠡᠨ ᠰᠡᠳᠬᠢᠯ ᠡᠴᠡ ᠦᠷᠦ ᠡᠪᠡᠳᠴᠦ ᠪᠠᠢᠪᠠᠴᠤ ᠢᠨᠠᠭ ᠬᠠᠢᠷ᠎ᠠ ᠶ᠋ᠢᠨ ᠰᠡᠳᠬᠢᠯ ᠢ᠋ᠶ᠋ᠡᠨ ᠲᠡᠷᠡ ᠬᠡᠦᠬᠡᠨ ᠳ᠋ᠦ᠍ ᠥᠭᠭᠦᠭᠰᠡᠨ ᠦᠭᠡᠢ᠃
  ᠊᠊᠊᠊᠊᠊᠊᠊᠊᠊᠊᠊᠊᠊᠊ ᠴᠢᠨᠦ ᠵᠣᠪᠠᠯᠠᠩ ᠢ᠋ ᠣᠢᠯᠠᠭᠠᠵᠤ ᠪᠠᠢᠨ᠎ᠠ᠃ ᠲᠡᠭᠡᠭᠡᠳ ᠴᠦ᠍ ᠴᠢᠮᠢ᠋ᠢ ᠦᠨᠡᠨ ᠡᠴᠡ ᠪᠡᠨ ᠦᠷᠦ ᠡᠪᠡᠳᠴᠦ᠁ ᠭᠡᠵᠦ ᠡᠷᠳᠡᠨᠢ ᠶ᠋ᠢᠨ ᠶᠠᠷᠢᠬᠤ ᠳ᠋ᠤ᠌ ᠭᠡᠷᠡᠯ ᠲᠠᠰᠤᠯᠵᠤ᠄
  ᠊᠊᠊᠊᠊᠊᠊᠊᠊᠊᠊᠊᠊᠊᠊ ᠨᠠᠳᠠ ᠳ᠋ᠤ᠌ ᠦᠷᠦ ᠡᠪᠡᠳᠬᠦ ᠨᠢᠩᠵᠢᠨ ᠰᠡᠳᠬᠢᠯ ᠲᠡᠢ ᠬᠥᠮᠦᠨ ᠬᠡᠷᠡᠭ ᠦᠭᠡᠢ ᠭᠡᠯ᠎ᠡ᠃
  ᠭᠡᠷᠡᠯ ᠠᠷᠴᠠᠭ᠎ᠠ ᠦᠭᠡᠢ ᠶᠠᠳᠠᠷᠠᠭᠰᠠᠨ ᠳ᠋ᠠᠭᠠᠨ ᠤᠷᠭᠤᠵᠤ ᠵᠠᠢᠯᠠᠵᠤ ᠴᠢᠳᠠᠬᠤ ᠦᠭᠡᠢ ᠡᠷᠳᠡᠨᠢ ᠡᠴᠡ ᠠᠪᠤᠷᠠᠯ ᠭᠤᠶᠤᠵᠤ ᠪᠠᠢᠭ᠎ᠠ ᠬᠥᠮᠦᠨ ᠣᠭᠲᠣ ᠪᠢᠰᠢ᠃ ᠬᠡᠳᠦᠢᠪᠡᠷ ᠲᠣᠪᠴᠢᠨ ᠮᠥᠷᠳᠡᠵᠦ ᠬᠥᠭᠡᠭᠡᠬᠦ᠂ ᠥᠰᠢᠶ᠎ᠡ ᠬᠤᠠᠵᠢᠩ ᠠᠪᠤᠨ᠎ᠠ ᠭᠡᠵᠦ ᠬᠥᠭᠡᠭᠡᠴᠡᠯᠳᠦᠬᠦ ᠶ᠋ᠢ ᠮᠡᠳᠡᠵᠦ ᠪᠠᠢᠭᠰᠠᠨ ᠴᠤ᠌ ᠳᠤᠷᠠᠲᠠᠢ ᠴᠠᠭ ᠲᠠᠭᠠᠨ ᠦᠨ᠎ᠡ ᠲᠡᠢ ᠶᠠᠭᠤᠮ᠎ᠠ ᠶ᠋ᠢ ᠨᠢ ᠠᠪᠤᠭᠠᠳ ᠤᠷᠭᠤᠨ ᠵᠠᠢᠯᠠᠵᠤ ᠴᠢᠳᠠᠬᠤ ᠪᠠᠢᠵᠠᠢ᠃ ᠭᠡᠲᠡᠯ᠎ᠡ ᠡᠭᠦᠨ ᠢ᠋ ᠬᠢᠭᠡ ᠦᠭᠡᠢ ᠶ᠋ᠢᠨ ᠤᠴᠢᠷ ᠪᠣᠯ ᠲᠣᠪᠴᠢᠨ ᠤ᠋ ᠭᠡᠷ ᠬᠥᠷᠥᠩᠭᠡ ᠳ᠋ᠦ᠍ ᠪᠦᠷᠢᠨ ᠡᠵᠡᠨ ᠪᠣᠯᠵᠤ᠂ ᠡᠳᠦᠢ ᠲᠡᠳᠦᠢ ᠵᠠᠷᠤᠴᠠ ᠨᠠᠷ ᠢ᠋ ᠥᠪᠡᠷ ᠦ᠋ᠨ ᠳᠤᠷ᠎ᠠ ᠪᠠᠷ ᠵᠠᠬᠢᠷᠤᠨ ᠴᠡᠴᠡᠷᠡᠭᠦᠯᠵᠦ᠂ ᠠᠯᠲᠠ ᠰᠤᠪᠤᠳ ᠢ᠋ ᠳᠤᠷ᠎ᠠ ᠪᠠᠷ ᠡᠳ᠋ᠯᠡᠨ ᠡᠮᠦᠰᠦᠭᠰᠡᠨ ᠵᠡᠭᠦᠭᠰᠡᠨ ᠳ᠋ᠦ᠍ᠨᠢ ᠬᠦᠷᠢᠶ᠎ᠡ ᠶ᠋ᠢᠨ ᠭᠣᠶᠣ ᠡᠬᠡᠨᠡᠷ ᠦ᠋ᠳ ᠠᠲᠠᠭᠠᠷᠬᠠᠨ᠂ ᠨᠠᠢᠷ ᠬᠤᠷᠢᠮ ᠤ᠋ᠨ ᠭᠣᠣᠯ ᠳ᠋ᠤ᠌ ᠰᠠᠭᠤᠨ ᠶᠠᠪᠤᠭ᠎ᠠ ᠪᠠᠨ ᠵᠢᠷᠭᠠᠯ ᠤ᠋ᠨ ᠳᠡᠭᠡᠳᠦ ᠭᠡᠵᠦ ᠪᠣᠳᠣᠵᠤ ᠶᠠᠪᠤᠵᠠᠢ᠃ ᠭᠡᠲᠡᠯ᠎ᠡ ᠡᠷᠳᠡᠨᠢ ᠲᠡᠢ ᠤᠴᠠᠷᠠᠭᠰᠠᠨ ᠡᠴᠡ ᠬᠣᠢᠰᠢ ᠬᠥᠮᠦᠨ ᠦ᠌ ᠵᠢᠷᠭᠠᠯ ᠳ᠋ᠤ᠌ ᠬᠥᠷᠥᠩᠭᠡ ᠮᠥᠩᠭᠥ᠂ ᠡᠷᠬᠡ ᠶᠠᠩᠪᠠ ᠡᠴᠡ ᠥᠭᠡᠷ᠎ᠡ ᠵᠦᠢᠯ ᠪᠠᠢᠳᠠᠭ ᠢ᠋ ᠣᠢᠯᠠᠭᠠᠵᠤ᠂ ᠲᠡᠷᠡ ᠨᠢ ᠡᠳᠦᠷ ᠥᠩᠭᠡᠷᠡᠬᠦ ᠳᠣᠳᠣᠮ ᠶᠡᠬᠡ ᠪᠣᠯᠵᠤ ᠪᠠᠢᠯ᠎ᠠ᠃ ᠲᠣᠪᠴᠢᠨ ᠳ᠋ᠤ᠌ ᠢᠯᠢᠭᠦᠯᠵᠦ᠂ ᠲᠣᠷᠭᠠᠨ ᠳᠡᠪᠡᠯ ᠡᠮᠦᠰᠴᠦ᠂ ᠳᠤᠷᠠᠲᠠᠢ ᠬᠣᠭᠣᠯᠠ ᠪᠠᠨ ᠢᠳᠡᠵᠦ ᠪᠠᠢᠭᠰᠠᠨ ᠡᠴᠡ ᠡᠷᠳᠡᠨᠢ ᠳ᠋ᠦ᠍ ᠵᠣᠳᠣᠭᠤᠯᠵᠤ᠂ ᠤᠷᠠᠩᠬᠠᠢ ᠨᠠᠪᠲᠠᠰᠤ ᠨᠥᠮᠥᠷᠦᠨ ᠭᠣᠶᠣᠯᠭ᠎ᠠ ᠭᠤᠶᠤᠵᠤ ᠶᠠᠪᠤᠪᠠᠯ ᠵᠢᠷᠭᠠᠯ ᠮᠡᠲᠦ ᠪᠣᠳᠣᠭᠳᠠᠵᠤ᠂ ᠲᠡᠷᠡ ᠵᠢᠷᠭᠠᠯ ᠢ᠋ ᠣᠯᠵᠤ ᠠᠪᠬᠤ ᠭᠡᠵᠦ ᠴᠢᠳᠠᠬᠤ ᠪᠦᠬᠦᠨ ᠢ᠋ᠶ᠋ᠡᠨ ᠬᠢᠵᠦ ᠪᠠᠢᠯ᠎ᠠ᠃ ᠡᠨᠡ ᠤᠴᠢᠷ ᠡᠴᠡ ᠡᠷᠳᠡᠨᠢ ᠡᠴᠡ ᠦᠷᠦ ᠡᠪᠡᠳᠦᠯ᠂ ᠨᠢᠩᠵᠢᠨ ᠰᠡᠳᠬᠢᠯ ᠬᠦᠰᠡᠭᠰᠡᠨ ᠦᠭᠡᠢ᠃ ᠬᠠᠷᠢᠨ ᠰᠡᠳᠬᠢᠯ ᠦ᠋ᠨ ᠬᠠᠢᠷ᠎ᠠ᠂ ᠢᠨᠠᠭ ᠤ᠋ᠨ ᠬᠠᠯᠠᠭᠤᠨ ᠵᠢᠷᠦᠬᠡ ᠭᠤᠶᠤᠵᠤ ᠪᠠᠢᠯ᠎ᠠ᠃
  ᠊᠊᠊᠊᠊᠊᠊᠊᠊᠊᠊᠊᠊᠊᠊ ᠥᠪᠡᠷ ᠢ᠋ ᠪᠡᠨ ᠬᠠᠭᠤᠷᠤᠨ ᠰᠡᠳᠬᠢᠯ ᠢ᠋ᠶ᠋ᠡᠨ ᠲᠡᠵᠢᠭᠡᠵᠦ ᠪᠠᠢᠭᠰᠠᠨ ᠶᠠᠭᠤᠮ᠎ᠠ ᠶ᠋ᠢ ᠠᠪᠴᠤ ᠣᠷᠬᠢᠨ᠎ᠠ ᠭᠡᠳᠡᠭ ᠴᠢᠨᠢ ᠬᠥᠮᠦᠨ ᠦ᠌ ᠵᠢᠷᠭᠠᠯ ᠢ᠋ ᠪᠤᠯᠢᠶᠠᠨ ᠠᠪᠤᠭᠠᠳ ᠲᠠᠶᠠᠭᠳᠠᠨ ᠬᠠᠶᠠᠨ᠎ᠠ ᠭᠡᠰᠡᠨ ᠬᠡᠷᠡᠭ᠃ ᠴᠢ ᠮᠢᠨᠦ ᠲᠡᠢᠮᠦ ᠶᠠᠭᠤᠮ᠎ᠠ ᠶ᠋ᠢ ᠠᠪᠴᠤ ᠬᠠᠶᠠᠯ᠎ᠠ᠃ ᠭᠡᠬᠦ ᠳ᠋ᠡᠭᠡᠨ ᠣᠷᠣᠨ ᠳ᠋ᠤᠨᠢ ᠶᠠᠭᠤ ᠴᠤ᠌ ᠥᠭᠬᠦ ᠦᠭᠡᠢ ᠪᠠᠢᠨ᠎ᠠ᠃ ᠡᠰᠡᠬᠦᠯ᠎ᠡ ᠴᠢ ᠬᠥᠮᠦᠨ ᠦ᠌ ᠠᠳᠠᠭ᠂ ᠡᠰᠡᠬᠦᠯ᠎ᠡ ᠦᠯᠡᠮᠵᠢ ᠰᠠᠢᠨ ᠬᠥᠮᠦᠨ᠂ ᠨᠠᠳᠠ ᠳ᠋ᠤ᠌ ᠴᠢᠮᠢ᠋ᠢ ᠣᠢᠯᠠᠭᠠᠬᠤ ᠴᠢᠳᠠᠯ ᠠᠯᠠᠭ᠎ᠠ ᠭᠡᠵᠦ ᠭᠡᠷᠡᠯ ᠨᠢᠭᠡᠨ ᠤᠳᠠᠭ᠎ᠠ ᠭᠣᠮᠣᠳᠠᠯ ᠲᠠᠢ ᠬᠡᠯᠡᠵᠡᠢ᠃
  ᠊᠊᠊᠊᠊᠊᠊᠊᠊᠊᠊᠊᠊᠊᠊ ᠠᠷᠢᠬᠢ ᠤᠤᠭᠤᠭᠠᠳ ᠮᠠᠩᠰᠢᠭᠤᠷᠠᠵᠤ ᠪᠠᠢᠬᠤ ᠳ᠋ᠠᠭᠠᠨ ᠬᠥᠮᠦᠨ ᠵᠢᠷᠭᠠᠵᠤ ᠪᠠᠢᠭ᠎ᠠ ᠶᠤᠮ ᠰᠢᠭ᠋ ᠪᠠᠢᠳᠠᠭ᠃ ᠬᠠᠷᠢᠨ ᠮᠠᠷᠭᠠᠰᠢ ᠨᠢ ᠲᠣᠯᠣᠭᠠᠢ ᠨᠢ ᠡᠪᠡᠳᠦᠭᠡᠳ ᠲᠠᠷᠴᠢᠯᠠᠵᠤ ᠡᠬᠢᠯᠡᠬᠦ ᠳ᠋ᠦ᠍ ᠶᠠᠭᠤᠨ ᠳ᠋ᠤ᠌ ᠴᠤ᠌ ᠲᠡᠷᠡ ᠬᠠᠷ᠎ᠠ ᠤᠰᠤ ᠶ᠋ᠢ ᠤᠤᠭᠤᠯ᠎ᠠ ᠳᠠ ᠭᠡᠵᠦ ᠪᠣᠳᠣᠳᠠᠭ ᠶᠤᠮ᠃ ᠭᠡᠳᠡᠰᠦᠨ ᠳ᠋ᠦ᠍ ᠴᠢᠨᠢ ᠬᠣᠭᠣᠯᠠ ᠦᠭᠡᠢ᠂ ᠮᠥᠷᠦᠨ ᠳ᠋ᠦ᠍ ᠴᠢᠨᠢ ᠬᠤᠪᠴᠠᠰᠤ ᠦᠭᠡᠢ ᠪᠣᠯᠤᠭᠠᠳ ᠢᠷᠡᠬᠦ ᠳ᠋ᠦ᠍ ᠡᠨᠡ ᠭᠤᠢᠯᠢᠨᠴᠢ ᠶ᠋ᠢ ᠭᠡᠵᠦ ᠨᠠᠮᠢ᠋ᠢ ᠵᠢᠭᠰᠢᠨ᠎ᠡ ᠴᠢ᠃
  ᠊᠊᠊᠊᠊᠊᠊᠊᠊᠊᠊᠊᠊᠊᠊ ᠬᠡᠷᠪᠡ ᠴᠢ ᠪᠠᠢᠭ᠎ᠠ ᠦᠭᠡᠢ ᠪᠣᠯ ᠪᠢ ᠠᠮᠢᠳᠤᠷᠠᠯ ᠳ᠋ᠤ᠌ ᠬᠠᠭᠤᠷᠲᠠᠭᠠᠳ ᠵᠢᠷᠭᠠᠯ ᠲᠠᠢ ᠬᠥᠮᠦᠨ ᠰᠢᠭ ᠥᠩᠭᠡᠷᠡᠬᠦ ᠪᠠᠢᠭᠰᠠᠨ᠃ ᠪᠢ ᠶᠠᠮᠠᠷ ᠨᠢᠭᠦᠯ ᠬᠢᠭᠰᠡᠨ ᠡᠴᠡ ᠡᠨᠡ ᠬᠣᠷᠸ᠎ᠠ ᠳᠡᠭᠡᠷ᠎ᠡ ᠴᠢ ᠲᠥᠷᠥᠭᠰᠡᠨ ᠶᠤᠮ ᠪᠣᠢ? ᠭᠡᠳ ᠭᠡᠷᠡᠯ ᠨᠢᠳᠦᠨ ᠳ᠋ᠦ᠍ᠨᠢ ᠨᠢᠯᠪᠤᠰᠤ ᠪᠦᠷᠬᠦᠨ ᠡᠷᠳᠡᠨᠢ ᠶ᠋ᠢᠨ ᠳᠡᠷᠭᠡᠳᠡ ᠰᠠᠭᠤᠵᠤ ᠪᠠᠢᠵᠤ ᠪᠢᠯᠡ᠃
  ᠡᠷᠳᠡᠨᠢ ᠪᠣᠯ ᠭᠡᠷᠡᠯ ᠦ᠋ᠨ ᠬᠠᠯᠠᠭᠤᠨ ᠦᠭᠡᠨ ᠳ᠋ᠦ᠍ ᠢᠲᠡᠭᠡᠵᠦ ᠴᠢᠳᠠᠬᠤ ᠦᠭᠡᠢ ᠪᠠᠢᠵᠠᠢ᠃ ᠡᠨᠡ ᠬᠡᠦᠬᠡᠨ ᠰᠡᠳᠬᠢᠯ ᠦ᠋ᠨ ᠢ᠋ᠶ᠋ᠡᠨ ᠬᠠᠯᠠᠭᠤᠨ ᠳ᠋ᠠᠭᠠᠨ ᠢᠩᠭᠢᠵᠦ ᠪᠠᠢᠨ᠎ᠠ᠃ ᠬᠡᠳᠦᠨ ᠡᠳᠦᠷ ᠨᠠᠳᠠ ᠲᠠᠢ ᠬᠠᠮᠲᠤ ᠵᠣᠪᠠᠬᠤ ᠶᠤᠮ ᠪᠣᠯ ᠲᠣᠪᠴᠢᠨ ᠤ᠋ ᠬᠥᠷᠥᠩᠭᠡ ᠵᠠᠪᠠᠯ ᠪᠣᠳᠣᠭᠳᠠᠨ᠎ᠠ᠃ ᠲᠡᠷᠡ ᠦᠶ᠎ᠡ ᠳ᠋ᠦ᠍ ᠬᠠᠮᠤᠭ ᠤ᠋ᠨ ᠵᠠᠨᠤᠯᠲᠤ ᠠᠮᠢᠲᠠᠨ ᠨᠢ ᠭᠤᠢᠯᠢᠨᠴᠢᠨ ᠡᠷᠳᠡᠨᠢ ᠪᠣᠯᠤᠨ᠎ᠠ ᠭᠡᠵᠦ ᠪᠣᠳᠣᠳᠠᠭ ᠪᠠᠢᠵᠠᠢ᠃
  ᠡᠷᠳᠡᠨᠢ ᠶ᠋ᠢᠨ ᠬᠦᠢᠲᠡᠨ ᠵᠢᠷᠦᠬᠡ ᠶ᠋ᠢ ᠣᠢᠯᠭᠠᠬᠤ ᠳᠣᠳᠣᠮ ᠭᠡᠷᠡᠯ ᠦ᠋ᠨ ᠬᠦᠰᠡᠬᠦ ᠮᠥᠷᠥᠭᠡᠳᠬᠦ ᠰᠡᠳᠬᠢᠯ ᠣᠷᠭᠢᠯᠵᠤ ᠠᠷᠭ᠎ᠠ ᠨᠢ ᠪᠠᠷᠠᠭᠳᠠᠨ᠎ᠠ᠃
  ᠶᠠᠷᠢᠬᠤ ᠳᠤᠷ᠎ᠠ ᠦᠭᠡᠢ ᠬᠡᠪᠲᠡᠨ ᠶᠠᠭᠤᠮ᠎ᠠ ᠪᠣᠳᠣᠵᠤ ᠪᠠᠢᠭ᠎ᠠ ᠡᠷᠳᠡᠨᠢ ᠶ᠋ᠢ ᠠᠷᠭ᠎ᠠ ᠨᠢ ᠪᠠᠷᠠᠭᠳᠠᠭᠰᠠᠨ ᠪᠣᠯᠪᠠᠴᠤ ᠬᠦᠰᠡᠯ ᠨᠢ ᠰᠢᠲᠠᠭᠰᠠᠨ ᠨᠢᠳᠦ ᠪᠡᠷ ᠰᠢᠷᠳᠡᠵᠦ ᠪᠠᠢᠭᠰᠠᠨ ᠢ᠋ᠶ᠋ᠠᠨ 《ᠡᠬᠡᠨᠡᠷ ᠬᠡᠦᠬᠡᠳ ᠢ᠋ᠶ᠋ᠡᠨ ᠪᠣᠳᠣᠵᠤ ᠪᠠᠢᠨ᠎ᠠ ᠤᠤ》 ᠭᠡᠵᠦ ᠠᠲᠠᠭᠠᠷᠬᠠᠭᠰᠠᠨ ᠰᠡᠳᠬᠢᠯ ᠡᠴᠡ ᠠᠰᠠᠭᠤᠳᠠᠭ ᠪᠠᠢᠯ᠎ᠠ᠃
  ᠊᠊᠊᠊᠊᠊᠊᠊᠊᠊᠊᠊᠊᠊᠊ ᠥᠭᠡᠷ᠎ᠡ ᠶᠠᠭᠤ ᠪᠣᠳᠣᠬᠤ ᠪᠢᠯᠡ ᠳᠠ ᠭᠡᠵᠦ ᠡᠷᠳᠡᠨᠢ ᠬᠡᠯᠡᠬᠦ ᠳ᠋ᠦ᠍ ᠭᠡᠷᠡᠯ ᠦ᠋ᠨ ᠴᠢᠷᠠᠢ ᠴᠠᠢᠵᠤ᠂ ᠬᠥᠮᠥᠭᠡᠢ ᠪᠡᠨ ᠲᠠᠰᠤᠷᠠᠲᠠᠯ᠎ᠠ ᠬᠠᠵᠠᠨ᠎ᠠ᠃
  ᠡᠷᠳᠡᠨᠢ ᠳ᠋ᠦ᠍ ᠬᠦᠦ᠂ ᠡᠬᠡᠨᠡᠷ ᠨᠢ ᠳᠠᠬᠢᠨ ᠳᠠᠬᠢᠨ ᠪᠣᠳᠣᠭᠳᠠᠨ ᠰᠡᠳᠬᠢᠯ ᠢ᠋ ᠨᠢ ᠵᠣᠪᠠᠭᠠᠳᠠᠭ ᠪᠠᠢᠵᠠᠢ᠃ ᠵᠠᠷᠢᠮ ᠳ᠋ᠠᠭᠠᠨ ᠲᠤᠯᠭᠠᠷ ᠲᠤ᠌ ᠳᠡᠩᠳᠡᠭᠦᠦ ᠬᠠᠲᠠᠭᠤ ᠵᠠᠩ ᠭᠠᠷᠭᠠᠵᠤ ᠬᠥᠮᠦᠨ ᠦ᠌ ᠨᠤᠲᠤᠭ ᠲᠤ᠌ ᠬᠠᠶᠠᠭᠰᠠᠨ ᠢ᠋ᠶ᠋ᠠᠨ ᠪᠣᠳᠣᠬᠤ ᠳ᠋ᠤ᠌ ᠦᠯᠡᠮᠵᠢ ᠪᠤᠷᠤᠭᠤ ᠬᠡᠷᠡᠭ ᠬᠢᠭᠰᠡᠨ ᠮᠡᠲᠦ ᠰᠠᠨᠠᠭᠳᠠᠨ᠎ᠠ᠃ ᠭᠡᠪᠡᠴᠦ ᠡᠭᠦᠨ ᠦ᠌ ᠬᠠᠵᠠᠭᠤ ᠪᠠᠷ ᠢᠲᠡᠭᠡᠯᠲᠦ ᠲᠡᠢ ᠨᠡᠢᠯᠡᠵᠦ ᠠᠷᠢᠭᠤᠨ ᠰᠡᠳᠬᠢᠯ ᠢ᠋ ᠨᠢ ᠳᠣᠷᠣᠮᠵᠢᠯᠠᠭᠰᠠᠨ ᠢ᠋ ᠪᠣᠳᠣᠬᠤ ᠳ᠋ᠤ᠌ ᠪᠤᠵᠠᠷ ᠡᠮ᠎ᠡ ᠶ᠋ᠢ ᠥᠷᠥᠰᠢᠶᠡᠵᠦ ᠣᠭᠲᠣ ᠪᠣᠯᠤᠮ᠎ᠠ ᠦᠭᠡᠢ ᠰᠠᠨᠠᠭᠳᠠᠨ᠎ᠠ᠃
  ᠨᠢᠭᠡᠳᠦᠭᠡᠷ ᠪᠣᠳᠣᠯ ᠨᠢ ᠳᠡᠢᠯᠦᠭᠰᠡᠨ ᠴᠠᠭ ᠲᠠᠭᠠᠨ ᠭᠡᠷᠡᠯ ᠢ᠋ ᠬᠠᠷᠠᠬᠤ ᠡᠴᠡ ᠳᠤᠷ᠎ᠠ ᠦᠭᠡᠢ ᠨᠢ ᠬᠦᠷᠴᠦ᠂ ᠭᠡᠷᠡᠯ ᠠᠮᠢᠳᠤᠷᠠᠯ ᠳ᠋ᠤᠨᠢ ᠬᠣᠣᠷ ᠬᠦᠷᠭᠡᠭᠰᠡᠨ ᠬᠥᠮᠦᠨ ᠰᠢᠭ ᠪᠣᠳᠣᠭᠳᠠᠨ᠎ᠠ᠃ ᠬᠣᠶᠠᠳᠤᠭᠠᠷ ᠪᠣᠳᠣᠯ ᠨᠢ ᠳᠡᠢᠯᠦᠭᠰᠡᠨ ᠦᠶ᠎ᠡ ᠳ᠋ᠡᠭᠡᠨ ᠭᠡᠷᠡᠯ ᠲᠡᠢ ᠤᠳᠠᠲᠠᠯ᠎ᠠ ᠶᠠᠷᠢᠵᠤ᠂ ᠵᠠᠷᠢᠮ ᠳ᠋ᠠᠭᠠᠨ ᠲᠡᠭᠦᠨ ᠦ᠌ ᠭᠠᠷ ᠢ᠋ ᠨᠢ ᠪᠠᠷᠢᠵᠤ ᠰᠠᠭᠤᠬᠤ ᠳ᠋ᠤ᠌ ᠭᠡᠷᠡᠯ ᠦ᠋ᠨ ᠪᠡᠶ᠎ᠡ ᠴᠡᠴᠡᠷᠡᠨ᠂ ᠲᠠᠲᠠᠪᠠᠯ ᠲᠠᠰᠤᠷᠠᠬᠤ ᠤᠲᠠᠰᠤᠨ ᠤ᠋ ᠦᠵᠦᠭᠦᠷ ᠡᠴᠡ ᠪᠠᠷᠢᠵᠤ ᠪᠠᠢᠭ᠎ᠠ ᠬᠥᠮᠦᠨ ᠰᠢᠭ ᠴᠢᠩᠭ᠎ᠠ ᠠᠮᠢᠰᠬᠤᠯᠯᠠᠬᠤ ᠦᠭᠡᠢ ᠰᠠᠭᠤᠳᠠᠭ ᠪᠠᠢᠵᠠᠢ᠃
  ᠡᠷᠳᠡᠨᠢ ᠶ᠋ᠢᠨ ᠪᠡᠶ᠎ᠡ ᠶ᠋ᠢ ᠪᠦᠷ ᠰᠠᠢᠵᠢᠷᠠᠭᠤᠯᠤᠭᠠᠳ ᠭᠡᠷᠡᠯ ᠬᠦᠷᠢᠶ᠎ᠡ ᠤᠷᠤᠭᠤ ᠪᠤᠴᠠᠭᠰᠠᠨ ᠪᠥᠭᠡᠳ ᠡᠷᠳᠡᠨᠢ ᠡᠪᠦᠯ ᠨᠢ ᠠᠳᠤᠭᠤ ᠬᠠᠷᠢᠭᠤᠯᠵᠤ ᠬᠠᠪᠤᠷ ᠭᠡᠷᠡᠯ ᠦ᠋ᠨ ᠳᠠᠭᠤᠳᠠᠭᠰᠠᠨ ᠢ᠋ᠶ᠋ᠠᠷ ᠬᠦᠷᠢᠶ᠎ᠡ ᠣᠷᠣᠵᠠᠢ᠃