ᠲᠤᠩᠭᠠᠯᠠᠭ ᠲᠠᠮᠢᠷ4-10-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ4-10-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ4-10-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-20

1407

《ᠴᠠᠳᠢᠭ ᠦᠭᠡᠢ ᠪᠤᠬ᠎ᠠ ᠪᠠᠨ ᠬᠠᠷᠠᠵᠤ ᠪᠠᠢ᠌ᠯ ᠦᠭᠡᠢ ᠨᠡᠢᠭᠡᠮ ᠵᠢᠷᠤᠮ ᠤ᠋ᠨ ᠬᠥᠷᠥᠩᠭᠡ ᠳ᠋ᠦ᠍ ᠪᠦᠷᠢᠳᠬᠡᠭᠳᠡᠭᠰᠡᠨ ᠪᠤᠬ᠎ᠠ ᠶ᠋ᠢ ᠮᠥᠷᠭᠥᠭᠦᠯᠦᠭᠰᠡᠨ ᠨᠢ ᠴᠢᠨᠦ ᠪᠤᠷᠤᠭᠤ》 - ᠳᠥᠷᠪᠡᠳᠦᠭᠡᠷ ᠪᠦᠯᠦᠭ ᠠᠷᠪᠠ

  ᠬᠠᠮᠲᠤᠷᠠᠯ ᠳ᠋ᠤ᠌ ᠰᠢᠨ᠎ᠡ ᠭᠡᠰᠢᠭᠦᠨ ᠡᠯᠰᠡᠭᠦᠯᠬᠦ ᠬᠤᠷᠠᠯ ᠢ᠋ ᠤᠳᠤᠷᠢᠳᠴᠤ ᠬᠢᠯᠭᠡᠬᠦ ᠪᠡᠷ ᠠᠢᠮᠠᠭ ᠡᠴᠡ ᠤᠯᠠᠭᠠᠨ ᠬᠤᠪᠢᠰᠬᠠᠯᠴᠢ ᠳᠣᠷᠵᠢ ᠢᠷᠡᠵᠦ ᠭᠡᠨ᠎ᠡ ᠭᠡᠳᠡᠭ ᠶᠠᠷᠢᠶ᠎ᠠ ᠬᠠᠨ ᠥᠨᠳᠥᠷ ᠰᠤᠮᠤ ᠶ᠋ᠢᠨ ᠬᠢᠨ ᠦ᠌ ᠰᠡᠭᠦᠯᠴᠢ ᠶ᠋ᠢᠨ ᠰᠣᠨᠢᠨ ᠶᠠᠷᠢᠶ᠎ᠠ ᠪᠣᠯᠵᠠᠢ᠃
  ᠡᠨᠡ ᠶᠠᠷᠢᠶ᠎ᠠ ᠰᠣᠨᠢᠨ ᠢ᠋ᠶ᠋ᠠᠨ ᠠᠯᠳᠠᠭ᠎ᠠ ᠦᠭᠡᠢ ᠪᠠᠢᠬᠤ ᠳ᠋ᠤ᠌ ᠮᠠᠷᠭᠠᠰᠢ ᠥᠷᠯᠥᠭᠡ ᠰᠤᠮᠤ ᠶ᠋ᠢᠨ ᠲᠥᠪ ᠳᠡᠭᠡᠷ᠎ᠡ ᠬᠤᠷᠠᠯ ᠪᠣᠯᠤᠨ᠎ᠠ ᠭᠡᠰᠡᠨ ᠵᠠᠷ ᠳᠠᠷᠬᠠᠵᠤ ᠲᠡᠮᠦᠷ ᠮᠣᠷᠢ ᠪᠠᠨ ᠪᠠᠷᠢᠵᠤ ᠬᠣᠨᠣᠪᠠ᠃
  ᠬᠠᠮᠲᠤᠷᠠᠯ ᠪᠠᠢᠭᠤᠯᠤᠭᠳᠠᠭᠠᠳ ᠬᠣᠶᠠᠷ ᠵᠢᠯ ᠰᠢᠬᠠᠮ ᠪᠣᠯᠤᠭᠰᠠᠨ ᠠᠪᠠᠴᠤ ᠲᠡᠮᠦᠷ ᠣᠷᠣᠭ᠎ᠠ ᠦᠭᠡᠢ ᠪᠠᠢᠯ᠎ᠠ᠃ ᠠᠩᠬᠠᠨ ᠤ᠋ ᠬᠤᠷᠠᠯ ᠬᠢᠬᠦ ᠳ᠋ᠦ᠍ ᠬᠣᠲᠠ ᠳ᠋ᠤ᠌ ᠵᠢᠩ ᠲᠡᠭᠡᠭᠡᠵᠦ ᠶᠠᠪᠤᠭᠰᠠᠨ᠃ ᠡᠪᠦᠯ ᠨᠢ ᠬᠠᠮᠲᠤᠷᠠᠯ ᠤ᠋ᠨ ᠮᠠᠯ ᠦᠬᠦᠵᠦ᠂ ᠭᠡᠰᠢᠭᠦᠳ ᠨᠢ ᠬᠤᠷᠠᠯ ᠬᠢᠭᠰᠡᠨ ᠡᠴᠡ ᠥᠭᠡᠷ᠎ᠡ ᠠᠵᠢᠯ ᠦᠭᠡᠢ ᠪᠠᠢᠭ᠎ᠠ ᠶ᠋ᠢ ᠬᠠᠷᠠᠭᠠᠳ ᠬᠣᠶᠠᠷ ᠤᠳᠠᠭ᠎ᠠ ᠶ᠋ᠢᠨ ᠬᠤᠷᠠᠯ ᠳᠡᠭᠡᠷ᠎ᠡ ᠬᠡᠴᠦᠨᠡᠨ ᠰᠢᠬᠠᠪᠠᠴᠤ ᠳᠤᠤᠭᠠᠷᠤᠯ ᠦᠭᠡᠢ ᠰᠠᠭᠤᠵᠤ ᠥᠩᠭᠡᠷᠡᠭᠦᠯᠪᠡ᠃ ᠭᠡᠲᠡᠯ᠎ᠡ ᠡᠨᠡ ᠬᠠᠪᠤᠷ ᠡᠴᠡ ᠡᠬᠢᠯᠡᠨ ᠨᠤᠲᠤᠭ ᠤᠰᠤ ᠪᠠᠷ ᠬᠠᠪᠴᠢᠵᠤ᠂ ᠬᠣᠷᠰᠢᠶᠠᠨ ᠳ᠋ᠤ᠌ ᠢᠷᠡᠭᠰᠡᠨ ᠴᠠᠢ᠂ ᠲᠠᠮᠠᠬᠢ ᠨᠢ ᠴᠦ᠍ ᠣᠯᠳᠠᠬᠤ ᠦᠭᠡᠢ ᠪᠣᠯᠪᠠ᠃
  ᠊᠊᠊᠊᠊᠊᠊᠊᠊᠊᠊᠊᠊᠊᠊ ᠡᠪᠦᠭᠡᠨ ᠮᠢᠨᠢ ᠡᠨᠡ ᠬᠠᠮᠲᠤᠷᠠᠯ ᠳ᠋ᠤ᠌ ᠪᠤᠰᠢᠭᠤᠬᠠᠨ ᠣᠷᠣᠶ᠎ᠠ᠃ ᠲᠡᠭᠡᠬᠦ ᠦᠭᠡᠢ ᠪᠣᠯ ᠶᠠᠭᠤ ᠴᠤ᠌ ᠪᠣᠯᠵᠤ ᠮᠠᠭᠠᠳ ᠭᠡᠵᠦ ᠳᠤᠯᠮ᠎ᠠ ᠦᠷᠭᠦᠯᠵᠢ ᠬᠡᠯᠡᠳᠡᠭ ᠪᠣᠯᠪᠠ᠃ ᠥᠷᠯᠥᠭᠡ ᠡᠷᠲᠡ ᠪᠣᠰᠤᠭᠠᠳ ᠳᠤᠯᠮ᠎ᠠ ᠶ᠋ᠢᠨ ᠤᠷᠠᠯᠠᠵᠤ ᠬᠢᠭᠰᠡᠨ ᠰᠢᠨ᠎ᠡ ᠲᠣᠷᠭᠠᠨ ᠳᠡᠪᠡᠯ ᠢ᠋ᠶ᠋ᠡᠨ ᠡᠮᠦᠰᠴᠦ᠂ ᠲᠣᠮᠣ ᠮᠥᠩᠭᠥᠨ ᠬᠡᠲᠡ ᠪᠠᠯ ᠢ᠋ᠶ᠋ᠠᠨ ᠵᠡᠭᠦᠭᠡᠳ ᠮᠣᠷᠳᠠᠬᠤ ᠳ᠋ᠠᠭᠠᠨ 《ᠡᠪᠦᠭᠡᠨ ᠮᠢᠨᠢ ᠪᠢ ᠣᠷᠣᠵᠤ ᠤᠷᠭᠢᠶ᠎ᠠ᠃ ᠴᠢ ᠮᠢᠨᠢ ᠥᠭᠬᠦ ᠮᠠᠯ ᠢ᠋ᠶ᠋ᠠᠨ ᠪᠣᠳᠣᠴᠢᠬᠠᠭᠠᠳ ᠪᠠᠢᠭᠠᠷᠠᠢ᠃ ᠠᠷᠠᠳ ᠤ᠋ᠨ ᠵᠠᠰᠠᠭ ᠤ᠋ᠨ ᠠᠴᠢ ᠪᠠᠷ ᠦᠷᠡᠵᠢᠭᠰᠡᠨ ᠮᠠᠯ》 ᠭᠡᠵᠡᠢ᠃
  ᠲᠡᠮᠦᠷ ᠢ᠋ ᠣᠴᠢᠭᠰᠠᠨ ᠡᠴᠡ ᠬᠣᠢᠰᠢ ᠬᠥᠮᠦᠰ ᠴᠤᠭᠯᠠᠷᠠᠨ ᠢᠷᠡᠵᠦ ᠬᠤᠷᠠᠯ ᠪᠣᠯᠪᠠ᠃ ᠨᠣᠭᠣᠭᠠᠨ ᠳᠠᠪᠤᠤ ᠳᠡᠪᠡᠯ ᠳᠡᠭᠡᠷ᠎ᠡ ᠮᠦᠷᠤᠪᠴᠢᠳᠠᠢ ᠰᠤᠷ ᠪᠦᠰᠡ ᠪᠦᠰᠡᠯᠡᠭᠡᠳ᠂ ᠮᠥᠷᠥᠪᠴᠢ ᠶ᠋ᠢᠨ ᠬᠢᠨᠢ ᠳᠠᠭᠠᠤ ᠡᠯᠳᠡᠪ ᠲᠡᠮᠳᠡᠭ ᠵᠡᠭᠦᠭᠰᠡᠨ ᠳᠣᠷᠵᠢ ᠤᠯᠠᠭᠠᠨ ᠳᠠᠪᠤᠤ ᠪᠦᠲᠡᠭᠡᠯᠭᠡ ᠲᠡᠢ ᠰᠢᠷᠡᠭᠡᠨ ᠦ᠌ ᠠᠷᠤ ᠳ᠋ᠤ᠌ ᠵᠣᠭᠰᠣᠵᠤ᠂ ᠨᠢᠭᠤᠷ ᠤᠷᠤᠭᠤ ᠪᠠᠨ ᠣᠠᠵᠢ᠌ᠭᠰᠠᠨ ᠬᠠᠯᠢᠮᠠᠭ ᠦᠰᠦ ᠪᠡᠨ ᠲᠣᠯᠣᠭᠠᠢ ᠪᠠᠨ ᠭᠡᠳᠡᠷᠭᠦ ᠰᠠᠵᠢᠯᠠᠨ ᠬᠠᠶᠠᠭᠠᠳ᠂ ᠬᠥᠮᠦᠰ ᠢ᠋ ᠲᠣᠭᠣᠷᠢᠭᠤᠯᠤᠨ ᠵᠠᠩᠭᠢᠳᠤᠮᠠᠯ ᠰᠢᠷᠦᠭᠦᠨ ᠨᠢᠳᠦ ᠪᠡᠷ ᠠᠵᠢᠭᠯᠠᠭᠠᠳ 《ᠠᠩᠭᠢ ᠶ᠋ᠢᠨ ᠬᠤᠪᠢᠰᠬᠠᠯ ᠢ᠋ ᠮᠠᠨᠳᠤᠭᠤᠯᠵᠤ᠂ ᠲᠠᠪᠤᠨ ᠵᠢᠯ ᠦ᠋ᠨ ᠲᠥᠯᠥᠪᠯᠡᠭᠡ ᠶ᠋ᠢ ᠪᠡᠶᠡᠯᠡᠭᠦᠯᠦᠨ ᠲᠠᠷᠢᠶ᠎ᠠ ᠪᠤᠳᠠᠭ᠎ᠠ ᠲᠠᠷᠢᠵᠤ᠂ ᠦᠢᠯᠡᠳᠪᠦᠷᠢ ᠶ᠋ᠢ ᠬᠥᠭᠵᠢᠭᠦᠯᠵᠦ ᠬᠠᠷᠭᠢᠰ ᠳᠡᠭᠡᠳᠦ ᠠᠩᠭᠢ ᠶ᠋ᠢᠨ ᠬᠠᠷ᠎ᠠ ᠰᠢᠷ᠎ᠠ ᠹᠧᠣᠳᠠᠯ ᠤ᠋ᠳ ᠪᠣᠯᠤᠨ ᠨᠢᠳᠤᠷᠭᠠᠨ ᠨᠠᠷ ᠲᠠᠢ ᠬᠣᠶᠠᠷ ᠲᠡᠰᠢ ᠲᠡᠮᠡᠴᠡᠵᠦ ᠨᠡᠢᠭᠡᠮ ᠵᠢᠷᠤᠮ ᠢ᠋ ᠪᠠᠢᠭᠤᠯᠬᠤ ᠳ᠋ᠤ᠌ ᠶᠠᠳᠠᠭᠤ ᠳᠤᠮᠳᠠ ᠠᠷᠠᠳ ᠲᠦᠮᠡᠨ ᠬᠠᠮᠲᠤᠷᠠᠯ ᠳ᠋ᠤ᠌ ᠣᠷᠣᠬᠤ ᠬᠡᠷᠡᠭᠲᠡᠢ᠃ ᠠᠩᠭᠢ ᠶ᠋ᠢᠨ ᠲᠡᠮᠡᠴᠡᠯ ᠪᠣᠯ ᠬᠡᠦᠬᠡᠳ ᠦ᠋ᠨ ᠲᠣᠭᠯᠠᠭᠠᠮ ᠪᠢᠰᠢ ᠪᠣᠯᠬᠣᠷ ᠰᠢᠷᠦᠭᠦᠨ ᠪᠠᠢᠳᠠᠭ᠃ ᠪᠢᠳᠡᠨ ᠡᠴᠡ ᠬᠠᠮᠲᠤᠷᠠᠯ ᠢ᠋ ᠪᠠᠢᠭᠤᠯᠬᠤ ᠳ᠋ᠤ᠌ ᠪᠠᠷᠠᠭᠤᠨ ᠤ᠋ ᠡᠲᠡᠭᠡᠳ ᠦ᠋ᠳ ᠰᠠᠭᠠᠳ ᠲᠣᠳᠬᠠᠷ ᠬᠢᠵᠦ ᠹᠧᠣᠳᠠᠯᠴᠤᠳ ᠮᠠᠯ ᠠᠵᠤ ᠠᠬᠤᠢ ᠶ᠋ᠢ ᠲᠦᠰᠢᠬᠦ ᠭᠡᠵᠦ ᠤᠷᠤᠯᠳᠤᠵᠤ ᠪᠠᠢᠨ᠎ᠠ᠃ ᠲᠡᠳᠡ ᠪᠣᠯ ᠶᠠᠫᠣᠨ ᠤ᠋ ᠲᠠᠩᠨᠠᠭᠤᠯ ᠤ᠋ᠳ ᠮᠥᠨ᠃ ᠨᠡᠢᠭᠡᠮ ᠵᠢᠷᠤᠮ ᠤ᠋ᠨ ᠵᠠᠮ ᠪᠣᠯ ᠶᠠᠳᠠᠭᠤ ᠠᠷᠠᠳ ᠲᠠ ᠪᠦᠬᠦᠨ ᠦ᠌ ᠭᠠᠭᠴᠠ ᠵᠥᠪ ᠵᠠᠮ᠃ ᠡᠨᠡ ᠤᠴᠢᠷ ᠡᠴᠡ ᠬᠠᠮᠲᠤᠷᠠᠯ ᠳ᠋ᠤ᠌ ᠣᠷᠣᠭ᠎ᠠ ᠦᠭᠡᠢ ᠬᠥᠮᠦᠰ ᠪᠣᠯ ᠬᠠᠷ᠎ᠠ ᠰᠢᠷ᠎ᠠ ᠹᠧᠣᠳᠠᠯ ᠤ᠋ᠳ ᠤ᠋ᠨ ᠵᠠᠷᠤᠴᠠ᠂ ᠪᠠᠷᠤᠨ ᠪᠣᠯᠤᠨ ᠶᠠᠫᠣᠨ ᠤ᠋ ᠲᠦᠷᠢᠮᠡᠬᠡᠢᠴᠦᠳ ᠦ᠋ᠨ ᠭᠠᠷ ᠬᠥᠯ ᠮᠥᠨ ᠁》 ᠭᠡᠵᠦ ᠡᠬᠢᠯᠡᠭᠡᠳ ᠦᠷᠭᠦᠯᠵᠢᠯᠡᠭᠦᠯᠦᠨ ᠶᠠᠷᠢᠵᠤ ᠪᠠᠢᠬᠤ ᠳ᠋ᠠᠭᠠᠨ ᠵᠠᠩᠭᠢᠳᠤᠭᠰᠠᠨ ᠭᠠᠷ ᠢ᠋ᠶ᠋ᠠᠨ ᠰᠦᠷᠲᠡᠢ ᠳᠠᠯᠠᠯᠤᠨ᠂ ᠴᠡᠭᠡᠵᠢ ᠪᠡᠨ ᠵᠣᠭᠰᠣᠭ᠎ᠠ ᠵᠢᠯᠣᠭᠣ ᠦᠭᠡᠢ ᠬᠠᠩᠬᠠᠯᠵᠠᠭᠤᠯᠵᠤ ᠪᠠᠢᠯ᠎ᠠ᠃
  ᠳᠣᠷᠵᠢ ᠬᠣᠶᠠᠷ ᠴᠠᠭ ᠭᠠᠷᠤᠢ ᠶᠠᠷᠢᠯ᠎ᠠ᠃ ᠵᠠᠷᠢᠮ ᠬᠥᠮᠦᠰ ᠲᠤᠭ ᠨᠣᠢᠷ ᠲᠠᠭᠠᠨ ᠤᠨᠲᠠᠵᠤ ᠪᠠᠢᠪᠠ᠃ ᠵᠠᠷᠢᠮ ᠨᠢ ᠬᠠᠵᠠᠭᠠᠷ ᠳᠠᠷᠤᠵᠤ ᠪᠠᠢᠪᠠ᠃ ᠵᠠᠷᠢᠮ ᠨᠢ ᠠᠵᠢᠯ ᠲᠥᠷᠥᠯ᠂ ᠠᠷᠠᠯᠵᠢᠶ᠎ᠠ ᠮᠠᠢᠮᠠᠢ ᠪᠠᠨ ᠶᠠᠷᠢᠯᠴᠠᠨ᠎ᠠ᠃
  ᠲᠡᠮᠦᠷ ᠢᠯᠡᠳᠬᠡᠭᠴᠢ ᠶ᠋ᠢᠨ ᠦᠭᠡ ᠶ᠋ᠢ ᠠᠩᠬᠠᠷᠤᠯ ᠲᠠᠢ ᠰᠣᠨᠣᠰᠤᠭ᠎ᠠ ᠦᠭᠡᠢ᠃ ᠭᠡᠬᠦ ᠳ᠋ᠡᠭᠡᠨ ᠪᠤᠰᠤᠳ ᠤ᠋ᠨ ᠠᠳᠠᠯᠢ ᠤᠨᠲᠠᠭ᠎ᠠ ᠦᠭᠡᠢ᠃ 《ᠬᠠᠮᠲᠤᠷᠠᠯ ᠳ᠋ᠤ᠌ ᠣᠷᠣᠬᠤ ᠰᠠᠨᠠᠯ ᠢ᠋ᠶ᠋ᠠᠨ ᠥᠭᠭᠦᠭᠡᠳ ᠪᠤᠰᠢᠭᠤᠬᠠᠨ ᠬᠠᠷᠢᠬᠤ ᠶᠤᠮᠰᠠᠨ᠃ ᠨᠥᠭᠦᠭᠡ ᠰᠡᠩᠰᠡ ᠪᠡᠨ ᠵᠣᠷᠴᠤ ᠳᠠᠭᠤᠰᠬᠠᠪᠠᠯ ᠬᠦᠦ ᠮᠢᠨᠢ ᠪᠠᠶᠠᠷᠯᠠᠨ᠎ᠠ》 ᠭᠡᠵᠦ ᠪᠣᠳᠣᠨ ᠦᠭᠡ ᠶ᠋ᠢᠨ ᠲᠡᠭᠦᠰᠬᠡᠯ ᠢ᠋ ᠳᠠᠰᠤᠨ ᠶᠠᠳᠠᠨ ᠬᠦᠯᠢᠶᠡᠵᠦ ᠪᠠᠢᠯ᠎ᠠ᠃
  ᠳᠣᠷᠵᠢ ᠶ᠋ᠢ ᠰᠠᠭᠤᠬᠤ ᠳ᠋ᠤ᠌ ᠲᠡᠮᠦᠷ ᠪᠣᠰᠴᠤ ᠣᠯᠠᠨ ᠤ᠋ ᠳᠤᠮᠳᠠᠭᠤᠷ ᠠᠭᠠᠵᠢᠮ ᠢ᠋ᠶ᠋ᠠᠷ ᠠᠯᠬᠤᠭᠰᠠᠭᠠᠷ ᠳᠡᠷᠭᠡᠳᠡ ᠨᠢ ᠣᠴᠢᠪᠠ᠃
  ᠊᠊᠊᠊᠊᠊᠊᠊᠊᠊᠊᠊᠊᠊᠊ ᠰᠠᠢᠨ ᠪᠠᠢᠨ᠎ᠠ ᠤᠤ?
  ᠊᠊᠊᠊᠊᠊᠊᠊᠊᠊᠊᠊᠊᠊᠊ ᠰᠠᠢᠨ᠂ ᠨᠥᠬᠥᠷ ᠲᠡᠮᠦᠷ ᠰᠠᠢᠨ ᠪᠠᠢᠨ᠎ᠠ ᠤᠤ? ᠭᠡᠵᠦ ᠳᠣᠷᠵᠢ ᠶᠡᠬᠡᠮᠰᠦᠭ ᠬᠥᠨᠳᠡᠢ ᠳᠠᠭᠤ ᠪᠠᠷ ᠬᠠᠷᠢᠭᠤᠯᠪᠠ᠃
  ᠊᠊᠊᠊᠊᠊᠊᠊᠊᠊᠊᠊᠊᠊᠊ ᠪᠢ ᠬᠠᠮᠲᠤᠷᠠᠯ ᠳ᠋ᠤ᠌ ᠣᠷᠣᠬᠤ ᠰᠠᠨᠠᠯ ᠲᠠᠢ ᠪᠠᠢᠨ᠎ᠠ᠃
  ᠊᠊᠊᠊᠊᠊᠊᠊᠊᠊᠊᠊᠊᠊᠊ ᠲᠤᠢᠯ ᠤ᠋ᠨ ᠵᠦᠢᠲᠡᠢ᠃ᠦᠭᠡᠢ᠂ ᠴᠢ ᠴᠢᠨᠢ ᠡᠳᠦᠢ ᠪᠣᠯᠲᠠᠯ᠎ᠠ ᠣᠷᠣᠭ᠎ᠠ ᠦᠭᠡᠢ ᠪᠠᠢᠭᠰᠠᠨ ᠶᠤᠮ ᠤᠤ?
  ᠊᠊᠊᠊᠊᠊᠊᠊᠊᠊᠊᠊᠊᠊᠊ ᠲᠡᠢᠮᠦ ᠠ᠋᠃ ᠣᠷᠣᠭ᠎ᠠ ᠦᠭᠡᠢ ᠪᠠᠢᠭᠰᠠᠨ ᠶᠤᠮ᠃
  ᠊᠊᠊᠊᠊᠊᠊᠊᠊᠊᠊᠊᠊᠊᠊ ᠮᠠᠭᠤ ᠪᠠᠢᠨ᠎ᠠ ᠳᠠ᠃ ᠵᠠ ᠣᠪᠣᠭ ᠨᠡᠷ᠎ᠡ ᠬᠡᠨ ᠪᠢᠯᠡ? ᠭᠡᠵᠦ ᠣᠭᠵᠣᠮ ᠰᠢᠷᠦᠭᠦᠨ ᠳᠠᠭᠤ ᠪᠠᠷ ᠠᠰᠠᠭᠤᠪᠠ᠃
  ᠊᠊᠊᠊᠊᠊᠊᠊᠊᠊᠊᠊᠊᠊᠊ ᠵᠠᠰᠠᠭᠲᠤ ᠬᠠᠨ ᠤ᠋ ᠴᠠᠬᠢᠭᠤᠷ ᠲᠡᠮᠦᠷ ᠭᠡᠳᠡᠭ ᠰᠢᠦ ᠳᠡ ᠭᠡᠵᠦ ᠥᠯᠵᠡᠢ ᠣᠯᠠᠨ ᠤ᠋ ᠳᠤᠮᠳᠠ ᠡᠴᠡ ᠬᠠᠷᠢᠭᠤᠯᠪᠠ᠃
  ᠊᠊᠊᠊᠊᠊᠊᠊᠊᠊᠊᠊᠊᠊᠊ ᠡᠯᠦᠨᠴᠡᠭ ᠪᠠᠯᠤᠠᠴᠠᠭ ᠤ᠋ᠨ ᠴᠢᠨᠢ ᠵᠠᠰᠠᠭᠲᠤ ᠬᠠᠨ᠃ ᠹᠧᠣᠳᠠᠯᠢᠰᠮ ᠤ᠋ᠨ ᠡᠢᠮᠦ ᠶᠠᠷᠢᠶ᠎ᠠ᠂ ᠬᠠᠮᠲᠤᠷᠠᠯ ᠤ᠋ᠨ ᠭᠡᠰᠢᠭᠦᠳ ᠦ᠋ᠨ ᠳᠣᠲᠣᠷ᠎ᠠ ᠪᠠᠢᠵᠤ ᠪᠣᠯᠬᠤ ᠦᠭᠡᠢ᠃ ᠨᠥᠬᠥᠷ ᠥᠯᠵᠡᠢ ᠮᠡᠳᠡᠪᠡ ᠤᠤ ᠭᠡᠵᠦ ᠳᠣᠷᠵᠢ ᠨᠢᠳᠦ ᠪᠡᠨ ᠰᠣᠯᠪᠢᠯᠵᠠᠭᠤᠯᠤᠨ ᠵᠠᠩᠳᠤᠷᠪᠠ᠃
  ᠊᠊᠊᠊᠊᠊᠊᠊᠊᠊᠊᠊᠊᠊᠊ ᠪᠤᠷᠬᠠᠨ ᠭᠣᠨᠴᠣᠭᠰᠤᠮ ᠮᠢᠨᠢ ᠡᠭᠦᠨ ᠡᠴᠡ ᠬᠣᠢᠰᠢ ᠪᠣᠯᠢᠶ᠎ᠠ ᠭᠡᠳ ᠥᠯᠵᠡᠢ ᠭᠡᠮᠰᠢᠯ ᠲᠡᠢ ᠰᠠᠭᠤᠪᠠ᠃ ᠬᠥᠮᠦᠰ ᠨᠢᠷᠬᠢᠲᠡᠯ᠎ᠡ ᠢᠨᠢᠶᠡᠪᠡ᠃
  ᠊᠊᠊᠊᠊᠊᠊᠊᠊᠊᠊᠊᠊᠊᠊ ᠴᠢᠮᠡᠭᠡ ᠦᠭᠡᠢ ᠨᠥᠬᠥᠳ ᠠ᠋! ᠵᠠ ᠨᠥᠬᠥᠷ ᠲᠡᠮᠦᠷ ᠬᠡᠳᠦᠨ ᠪᠤᠲᠠ ᠲᠠᠢ ᠪᠢᠯᠡ?
  ᠊᠊᠊᠊᠊᠊᠊᠊᠊᠊᠊᠊᠊᠊᠊ ᠵᠠᠭᠤᠨ ᠭᠤᠷᠪᠠᠨ ᠪᠤᠲᠠ ᠲᠠᠢ᠃
  ᠊᠊᠊᠊᠊᠊᠊᠊᠊᠊᠊᠊᠊᠊᠊ ᠶᠠᠭᠤ ᠵᠠᠭᠤᠨ ᠭᠤᠷᠪᠠ ᠠ᠋?
  ᠊᠊᠊᠊᠊᠊᠊᠊᠊᠊᠊᠊᠊᠊᠊ ᠲᠡᠢᠮᠦ ᠠ᠋᠃ ᠵᠠᠭᠤᠨ ᠭᠤᠷᠪᠠ᠃ ᠶᠠᠭᠤ ᠭᠡᠵᠦ?
  ᠳᠣᠷᠵᠢ ᠶ᠋ᠢᠨ ᠴᠢᠷᠠᠢ ᠪᠠᠷᠤᠢᠨ᠂ ᠬᠡᠰᠡᠭ ᠪᠣᠳᠣᠯᠬᠢᠯᠠᠭᠰᠠᠨ ᠢ᠋ᠶ᠋ᠠᠨ ᠰᠢᠢᠳᠮᠡᠭᠡᠢ ᠳᠠᠭᠤ ᠪᠠᠷ 《ᠴᠢ ᠪᠢᠳᠡ ᠬᠣᠶᠠᠷ ᠲᠠᠨᠢᠯ᠃ ᠭᠡᠪᠡᠴᠦ ᠬᠤᠪᠢᠰᠬᠠᠯ ᠤ᠋ᠨ ᠬᠡᠷᠡᠭ ᠲᠦ᠍ ᠲᠠᠨᠢᠯ ᠲᠠᠯ᠎ᠠ ᠶ᠋ᠢ ᠬᠠᠷᠠᠵᠤ ᠣᠭᠲᠣ ᠪᠣᠯᠬᠤ ᠦᠭᠡᠢ᠃ ᠴᠢ ᠪᠣᠯᠪᠠᠯ ᠬᠠᠮᠲᠤᠷᠠᠯ ᠳ᠋ᠤ᠌ ᠣᠷᠣᠬᠤ ᠭᠠᠪᠢᠶ᠎ᠠ ᠦᠭᠡᠢ ᠡᠲᠡᠭᠡᠳ ᠪᠠᠢᠨ᠎ᠠ》 ᠭᠡᠵᠦ ᠳᠣᠷᠵᠢ ᠳᠣᠯᠣᠭᠤᠪᠤᠷ ᠬᠤᠷᠤᠭᠤ ᠪᠠᠨ ᠭᠣᠵᠣᠢᠯᠭᠠᠨ ᠬᠡᠯᠡᠪᠡ᠃
  ᠊᠊᠊᠊᠊᠊᠊᠊᠊᠊᠊᠊᠊᠊᠊ ᠶᠠᠭᠠᠬᠢᠭᠠᠳ?
  ᠊᠊᠊᠊᠊᠊᠊᠊᠊᠊᠊᠊᠊᠊᠊ ᠠᠷᠠᠳ ᠢ᠋ ᠮᠥᠯᠵᠢᠭᠴᠢ ᠠᠩᠭᠢ ᠶ᠋ᠢᠨ ᠳᠠᠢᠰᠤᠨ ᠨᠢᠳᠤᠷᠭᠠᠨ ᠪᠠᠢᠨ᠎ᠠ᠃ ᠥᠯᠵᠡᠢ ᠪᠣᠰᠴᠤ ᠬᠡᠰᠡᠭ ᠵᠠᠭᠤᠷ᠎ᠠ ᠠᠩᠭᠠᠯᠵᠠᠨ ᠡᠭᠡᠷᠡᠭᠰᠡᠨ ᠢ᠋ᠶ᠋ᠡᠨ 《ᠤᠯᠠᠭᠠᠨ ᠬᠤᠪᠢᠰᠬᠠᠯᠴᠢ ᠭᠤᠸᠠᠢ᠃ ᠡᠨᠡ ᠲᠡᠮᠦᠷ ᠪᠣᠯ ᠨᠢᠳᠤᠷᠭᠠᠨ ᠪᠢᠰᠢ᠃ ᠨᠢᠳᠤᠷᠭ᠎ᠠ ᠲᠠᠢ ᠳᠡᠪᠡᠯ ᠴᠦ᠍ ᠡᠮᠦᠰᠬᠦ ᠪᠡᠨ ᠪᠠᠷᠤᠭ ᠪᠣᠯᠢᠭᠰᠠᠨ ᠬᠥᠮᠦᠨ᠃ ᠠᠷᠠᠳ ᠤ᠋ᠨ ᠵᠠᠰᠠᠭ ᠢ᠋ ᠪᠠᠢᠭᠤᠯᠬᠤ ᠳ᠋ᠤ᠌ ᠤᠯᠠᠭᠠᠨ ᠰᠠᠬᠢᠭᠤᠰᠤᠨ ᠤ᠋᠁》 ᠭᠡᠲᠡᠯ᠎ᠡ ᠳᠣᠷᠵᠢ ᠦᠭᠡ ᠶ᠋ᠢ ᠨᠢ ᠲᠠᠰᠤᠯᠵᠤ᠄
  ᠊᠊᠊᠊᠊᠊᠊᠊᠊᠊᠊᠊᠊᠊᠊ ᠨᠥᠬᠥᠳ ᠠ᠋᠂ ᠠᠩᠭᠢ ᠶ᠋ᠢᠨ ᠲᠡᠮᠡᠴᠡᠯ ᠬᠤᠷᠴᠠ ᠪᠣᠯᠵᠤ ᠪᠠᠢᠭ᠎ᠠ ᠦᠶ᠎ᠡ ᠳ᠋ᠦ᠍ ᠡᠨᠡ ᠮᠡᠲᠦ ᠶ᠋ᠢᠨ ᠨᠢᠳᠤᠷᠭᠠᠨ ᠨᠠᠷ ᠬᠠᠮᠲᠤᠷᠠᠯ ᠳ᠋ᠤ᠌ ᠰᠢᠷᠭᠤᠯᠠᠨ ᠣᠷᠣᠬᠤ ᠭᠡᠵᠦ ᠣᠷᠣᠯᠳᠣᠨ᠎ᠠ᠃ ᠡᠢᠮᠦ ᠶ᠋ᠢᠨ ᠲᠤᠯᠠᠳᠠ ᠬᠤᠪᠢᠰᠬᠠᠯᠲᠤ ᠰᠣᠨᠣᠷ ᠰᠡᠷᠡᠮᠵᠢ ᠶ᠋ᠢ ᠦᠰᠦᠨ ᠦ᠌ ᠲᠣᠩᠭᠣᠷᠠᠭ ᠰᠢᠭ᠋ ᠬᠤᠷᠴᠠ ᠪᠠᠢᠯᠭᠠᠬᠤ ᠬᠡᠷᠡᠭᠲᠡᠢ᠃ ᠡᠨᠡ ᠤᠴᠢᠷ ᠡᠴᠡ ᠨᠢᠳᠤᠷᠭᠠᠨ ᠲᠡᠮᠦᠷ ᠢ᠋ ᠠᠯᠠᠭ᠎ᠠ ᠲᠠᠰᠢᠵᠤ ᠬᠤᠷᠠᠯ ᠡᠴᠡ ᠳᠠᠷᠤᠢ ᠲᠦᠷᠭᠡᠨ ᠬᠥᠭᠡᠭᠡᠬᠦ ᠬᠡᠷᠡᠭᠲᠡᠢ ᠭᠡᠳ ᠳᠣᠷᠵᠢ ᠠᠯᠠᠭ᠎ᠠ ᠪᠠᠨ ᠲᠠᠰᠢᠬᠤ ᠳ᠋ᠤ᠌ ᠬᠡᠳᠦᠨ ᠬᠥᠮᠦᠨ ᠳᠠᠭᠠᠵᠤ ᠲᠡᠰᠢᠪᠡ᠃
  ᠲᠡᠮᠦᠷ ᠦ᠋ᠨ ᠠᠭᠤᠷ ᠨᠢ ᠬᠦᠷᠴᠦ᠂ ᠪᠡᠶ᠎ᠡ ᠨᠢ ᠴᠡᠴᠡᠷᠡᠨ ᠪᠣᠰᠤᠭᠠᠳ᠄
  ᠊᠊᠊᠊᠊᠊᠊᠊᠊᠊᠊᠊᠊᠊᠊ ᠪᠢ ᠨᠢᠳᠤᠷᠭᠠᠨ ᠪᠢᠰᠢ ᠠ᠋! ᠭᠡᠵᠦ ᠪᠦᠳᠦᠭᠦᠨ ᠳᠠᠭᠤ ᠪᠠᠷ ᠬᠠᠰᠬᠢᠷᠪᠠ᠃
  ᠊᠊᠊᠊᠊᠊᠊᠊᠊᠊᠊᠊᠊᠊᠊ ᠨᠢᠳᠤᠷᠭᠠᠨ ᠪᠢᠰᠢ ᠭᠡᠨ᠎ᠡ ᠰᠢᠦ ᠭᠡᠳ ᠳᠣᠷᠵᠢ ᠬᠠ᠂ ᠬᠠ ᠭᠡᠵᠦ ᠢᠨᠢᠶᠡᠭᠰᠡᠨ ᠢ᠋ᠶ᠋ᠡᠨ ᠴᠢᠷᠠᠢ ᠨᠢ ᠬᠤᠪᠢᠷᠠᠵᠤ᠂ ᠳᠣᠯᠣᠭᠤᠪᠤᠷ ᠬᠤᠷᠤᠭᠤ ᠪᠠᠷ ᠢ᠋ᠶ᠋ᠠᠨ ᠲᠡᠮᠦᠷ ᠤᠷᠤᠭᠤ ᠴᠢᠴᠢᠯᠡᠨ ᠵᠢᠭᠠᠵᠤ᠂ ᠡᠭᠦᠨ ᠦ᠌ ᠡᠮᠦᠰᠦᠭᠰᠡᠨ ᠡᠳ᠋ᠯᠡᠭᠰᠡᠨ ᠢ᠋ ᠬᠠᠷᠠᠭᠠᠴᠢ᠃ ᠠᠩᠭᠢ ᠶ᠋ᠢᠨ ᠳᠠᠢᠰᠤᠨ ᠡᠢᠮᠦ ᠯᠡ ᠵᠠᠯᠢᠲᠠᠢ ᠪᠠᠢᠳᠠᠭ ᠶᠤᠮ ᠳᠠ᠃ ᠪᠣᠰᠢᠭᠣ ᠵᠠᠢᠯᠠ ᠭᠡᠯ᠎ᠡ᠃
  ᠲᠡᠮᠦᠷ ᠰᠢᠭᠤᠳ ᠤᠬᠤᠰᠬᠢᠨ ᠭᠠᠷᠤᠭᠠᠳ ᠮᠣᠷᠢ ᠪᠠᠨ ᠤᠨᠤᠭᠠᠳ ᠡᠷᠭᠢᠵᠦ ᠴᠦ᠍ ᠬᠠᠷᠠᠯ ᠦᠭᠡᠢ ᠳᠠᠪᠬᠢᠯ᠎ᠠ᠃
  ᠊᠊᠊᠊᠊᠊᠊᠊᠊᠊᠊᠊᠊᠊᠊ ᠪᠢᠳᠡ ᠬᠤᠪᠢᠰᠬᠠᠯ ᠤ᠋ᠨ ᠥᠨᠳᠥᠷ ᠰᠡᠷᠡᠮᠵᠢᠲᠡᠢ ᠪᠠᠢᠭᠰᠠᠨ ᠤᠴᠢᠷ ᠡᠴᠡ ᠨᠢᠳᠤᠷᠭᠠᠨ ᠢ᠋ ᠢᠯᠡᠷᠡᠭᠦᠯᠵᠦ ᠴᠢᠳᠠᠯ᠎ᠠ ᠭᠡᠵᠦ ᠳᠣᠷᠵᠢ ᠶᠡᠬᠡᠮᠰᠦᠭ ᠢ᠋ᠶ᠋ᠡᠷ ᠬᠡᠯᠡᠪᠡ᠃ ᠣᠯᠠᠨ ᠤ᠋ ᠳᠤᠮᠳᠠ ᠡᠴᠡ ᠴᠡᠮᠪᠡ ᠪᠣᠰᠴᠤ 《ᠶᠡᠷᠦ ᠨᠢ ᠡᠨᠡ ᠲᠡᠮᠦᠷ ᠪᠣᠯ ᠨᠢᠳᠤᠷᠭᠠᠨ ᠡᠴᠡ ᠭᠠᠳᠠᠨ᠎ᠠ ᠤᠯᠠᠭᠠᠨ ᠬᠠᠢᠷᠬᠠᠨ ᠠᠭᠤᠯᠠ ᠶ᠋ᠢᠨ ᠬᠤᠰᠢᠭᠤᠨ ᠤ᠋ ᠳᠠᠷᠤᠭ᠎ᠠ ᠪᠠᠢᠵᠤ ᠪᠠᠢᠭᠠᠳ ᠪᠠᠷᠠᠭᠤᠨ ᠤ᠋ ᠡᠲᠡᠭᠡᠳ ᠪᠣᠯᠤᠭᠰᠠᠨ ᠡᠷᠳᠡᠨᠢ ᠶ᠋ᠢᠨ ᠲᠥᠷᠥᠭᠰᠡᠨ ᠳᠡᠭᠦᠦ ᠪᠠᠢᠭ᠎ᠠ ᠶᠤᠮ᠃ ᠡᠢᠮᠦ ᠳᠠᠢᠰᠤᠨ ᠨᠤᠭᠤᠳ ᠤ᠋ᠨ ᠡᠮᠦᠨ᠎ᠡ ᠮᠠᠨ ᠤ᠋ ᠬᠠᠮᠲᠤᠷᠠᠯ ᠡᠭᠦᠳᠡ ᠬᠠᠭᠠᠯᠭ᠎ᠠ ᠪᠠᠨ ᠴᠢᠩᠭ᠎ᠠ ᠬᠠᠭᠠᠬᠤ ᠬᠡᠷᠡᠭᠲᠡᠢ》 ᠭᠡᠯ᠎ᠡ᠃
  ᠊᠊᠊᠊᠊᠊᠊᠊᠊᠊᠊᠊᠊᠊᠊ ᠬᠦᠦ ᠮᠢᠨᠢ ᠴᠢ ᠬᠥᠪᠡᠭᠡᠨ ᠦ᠌ ᠴᠠᠭᠠᠨ᠎ᠠ ᠡᠴᠡ ᠲᠠᠷᠢᠬᠢᠳᠠᠭᠠᠳ ᠶᠠᠭᠠᠬᠢᠬᠤ ᠶᠤᠮ ᠪᠣᠢ᠃ ᠶᠠᠮᠠᠷ ᠬᠥᠭᠰᠢᠨ ᠪᠤᠷᠭᠢ ᠪᠢᠰᠢ ᠭᠡᠵᠦ ᠥᠯᠵᠡᠢ ᠬᠡᠯᠡᠬᠦ ᠳ᠋ᠦ᠍ ᠴᠤᠭᠯᠠᠷᠠᠭᠰᠠᠤᠨ ᠱᠤᠤᠭᠢᠯᠳᠤᠨ ᠢᠨᠢᠶᠡᠯᠳᠦᠪᠡ᠃
  ᠊᠊᠊᠊᠊᠊᠊᠊᠊᠊᠊᠊᠊᠊᠊ ᠨᠥᠬᠥᠷ ᠥᠯᠵᠡᠢ᠂ ᠨᠢᠳᠤᠷᠭᠠᠨ ᠢ᠋ ᠬᠠᠮᠠᠭᠠᠯᠠᠵᠤ ᠪᠠᠢᠳᠠᠭ ᠢ᠋ᠶ᠋ᠠᠨ ᠵᠣᠭᠰᠣᠪᠠᠯ ᠳᠡᠭᠡᠷ᠎ᠡ ᠭᠡᠵᠦ ᠴᠡᠮᠪᠡ ᠬᠡᠯᠡᠪᠡ᠃ ᠣᠯᠠᠨ ᠤ᠋ ᠳᠤᠮᠳᠠ ᠡᠴᠡ ᠬᠣᠲᠠ ᠬᠢᠴᠡᠲᠡᠢ ᠬᠦᠷᠡᠩ ᠳᠤᠷᠳᠤᠩ ᠳᠡᠪᠡᠯ ᠨᠣᠭᠣᠭᠠᠨ ᠪᠦᠰᠡ ᠪᠦᠰᠡᠯᠡᠵᠦ᠂ ᠰᠠᠷᠠᠪᠴᠢᠲᠠᠢ ᠮᠠᠯᠠᠭᠠᠢ ᠲᠠᠯᠪᠢᠭᠰᠠᠨ ᠬᠡᠦᠬᠡᠨ ᠪᠣᠰᠴᠤ ᠴᠢᠷᠠᠢ ᠨᠢ ᠤᠯᠡᠢ᠌ᠰᠬᠢᠭᠰᠡᠨ ᠢ᠋ᠶ᠋ᠡᠨ
  ᠊᠊᠊᠊᠊᠊᠊᠊᠊᠊᠊᠊᠊᠊᠊ ᠲᠡᠮᠦᠷ ᠭᠤᠸᠠᠢ ᠶ᠋ᠢ ᠨᠢᠳᠤᠷᠭᠠᠨ ᠭᠡᠳᠡᠭ ᠪᠣᠯ ᠪᠤᠷᠤᠭᠤ᠃ ᠬᠤᠪᠢᠰᠬᠠᠯ ᠤ᠋ᠨ ᠡᠮᠦᠨ᠎ᠡ ᠶᠠᠳᠠᠭᠤ ᠵᠦᠳᠡᠭᠦᠦ ᠤᠯᠤᠰ ᠲᠤ᠌ ᠲᠤᠰᠠᠯᠠᠵᠤ ᠶᠠᠪᠤᠭᠰᠠᠨ ᠢ᠋ ᠨᠢ ᠪᠢ ᠰᠠᠢᠨ ᠮᠡᠳᠡᠨ᠎ᠡ᠃ ᠬᠤᠪᠢᠰᠬᠠᠯ ᠤ᠋ᠨ ᠬᠡᠷᠡᠭ ᠲᠦ᠍ ᠢᠳᠡᠪᠬᠢᠲᠡᠢ ᠣᠷᠣᠭᠰᠠᠨ ᠬᠥᠮᠦᠨ ᠁ ᠭᠡᠵᠦ ᠶᠠᠷᠢᠬᠤ ᠳ᠋ᠤ᠌ ᠨᠢ ᠳᠣᠷᠵᠢ ᠲᠠᠰᠤᠯᠵᠤ᠄
  ᠊᠊᠊᠊᠊᠊᠊᠊᠊᠊᠊᠊᠊᠊᠊ ᠤᠷᠢᠳᠤ ᠶᠠᠮᠠᠷ ᠪᠠᠢᠭᠰᠠᠨ ᠢ᠋ ᠶᠠᠷᠢᠬᠤ ᠦᠭᠡᠢ᠂ ᠪᠠᠰᠠ ᠠᠷᠠᠳ ᠤ᠋ᠨ ᠬᠤᠪᠢᠰᠬᠠᠯ ᠤ᠋ᠨ ᠬᠡᠷᠡᠭ ᠲᠦ᠍ ᠣᠷᠣᠯᠴᠠᠵᠤ ᠶᠠᠪᠤᠭᠰᠠᠨ ᠬᠥᠮᠦᠨ᠂ ᠠᠩᠭᠢ ᠶ᠋ᠢᠨ ᠬᠤᠪᠢᠰᠬᠠᠯ ᠡᠴᠡ ᠤᠷᠪᠠᠵᠤ ᠵᠠᠢᠯᠠᠬᠤ ᠶ᠋ᠢ ᠠᠯᠢ ᠲᠡᠷᠡ ᠭᠡᠬᠦ ᠪᠣᠢ᠃ ᠬᠤᠶᠠᠭ ᠺᠣᠮᠢᠰᠰᠠᠷ ᠤ᠋ᠨ ᠭᠡᠷᠭᠡᠢ ᠡᠢᠮᠦ ᠶᠠᠷᠢᠶ᠎ᠠ ᠶᠠᠷᠢᠵᠤ ᠪᠣᠯᠬᠤ ᠦᠭᠡᠢ ᠭᠡᠵᠦ ᠬᠡᠯᠡᠪᠡ᠃
  ᠊᠊᠊᠊᠊᠊᠊᠊᠊᠊᠊᠊᠊᠊᠊ ᠲᠡᠢᠮᠦ ᠪᠢᠰᠢ᠃ ᠲᠡᠮᠦᠷ ᠭᠤᠸᠠᠢ ᠪᠣᠯ ᠰᠠᠢᠨ ᠬᠥᠮᠦᠨ ᠁ ᠭᠡᠵᠦ ᠬᠡᠦᠬᠡᠨ ᠬᠠᠰᠬᠢᠷᠪᠠ᠃
  ᠊᠊᠊᠊᠊᠊᠊᠊᠊᠊᠊᠊᠊᠊᠊ ᠲᠠ ᠦᠵᠡᠮᠵᠢ ᠭᠤᠸ᠎ᠠ ᠠᠪᠠᠴᠤ ᠤᠬᠠᠭᠠᠨ ᠴᠢᠨᠢ ᠪᠣᠭᠣᠨᠢ ᠪᠠᠢᠨ᠎ᠠ ᠭᠡᠵᠦ ᠴᠡᠮᠪᠡ ᠬᠡᠭᠵᠢᠭᠦᠨ ᠬᠠᠷᠢᠭᠤᠯᠪᠠ᠃
  ᠊᠊᠊᠊᠊᠊᠊᠊᠊᠊᠊᠊᠊᠊᠊ ᠮᠢᠨᠦ ᠦᠵᠡᠮᠵᠢ ᠴᠢᠮᠠᠲᠤ ᠫᠠᠳ ᠦᠭᠡᠢ᠃ ᠣᠯᠳᠠᠬᠤ ᠴᠤ᠌ ᠦᠭᠡᠢ ᠭᠡᠵᠦ ᠬᠡᠦᠬᠡᠨ ᠬᠣᠷᠣᠰᠤᠯᠲᠠᠢ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠨᠥᠬᠥᠷ ᠠ᠋᠃ ᠶᠠᠳᠠᠭᠤ ᠠᠷᠠᠳ ᠢ᠋ ᠪᠢᠲᠡᠭᠡᠢ ᠳᠠᠷᠤᠯᠠᠭᠠᠳ ᠪᠠᠢᠭᠠᠷᠠᠢ ᠭᠡᠵᠦ ᠴᠡᠮᠪᠡ ᠬᠡᠯᠡᠭᠡᠳ ᠰᠢᠷ᠎ᠠ ᠨᠢᠭᠤᠷ ᠨᠢ ᠲᠥᠮᠦᠰᠦᠨ ᠦ᠌ ᠴᠡᠴᠡᠭ ᠰᠢᠭ᠋ ᠪᠣᠯᠪᠠ᠃
  ᠊᠊᠊᠊᠊᠊᠊᠊᠊᠊᠊᠊᠊᠊᠊ ᠨᠠᠭᠠᠳᠤᠬᠢ ᠬᠡᠦᠬᠡᠨ ᠴᠢᠨᠢ ᠲᠡᠮᠦᠷ ᠦ᠋ᠨ ᠨᠢᠭᠤᠴᠠ ᠠᠮᠠᠷᠠᠭ ᠪᠣᠯᠤᠭᠠᠳ ᠯᠠ ᠢᠩᠭᠢᠵᠦ ᠬᠠᠰᠬᠢᠷᠴᠤ ᠪᠠᠢᠭ᠎ᠠ ᠪᠣᠯᠤᠯᠲᠠᠢ ᠭᠡᠵᠦ ᠰᠠᠶᠢᠬᠠᠨ ᠬᠠᠷ᠎ᠠ ᠪᠣᠯᠤᠭᠰᠠᠨ ᠨᠢᠭᠡ ᠬᠥᠮᠦᠨ ᠬᠡᠯᠡᠬᠦ ᠳ᠋ᠦ᠍ ᠬᠡᠳᠦ ᠬᠡᠳᠦᠨ ᠬᠥᠮᠦᠨ ᠬᠥᠭᠵᠢᠯᠳᠦᠨ ᠢᠨᠢᠶᠡᠯᠳᠦᠪᠡ᠃
  ᠊᠊᠊᠊᠊᠊᠊᠊᠊᠊᠊᠊᠊᠊᠊ ᠨᠥᠬᠥᠳ ᠠ᠋᠃ ᠲᠠ ᠨᠠᠷ ᠬᠡᠲᠦᠷᠡᠵᠦ ᠪᠠᠢᠨ᠎ᠠ᠃ ᠡᠮᠡᠭᠲᠡᠢ ᠬᠥᠮᠦᠨ ᠲᠡᠢ ᠢᠩᠭᠢᠵᠦ ᠬᠠᠷᠢᠯᠴᠠᠬᠤ ᠨᠢ ᠹᠧᠣᠳᠠᠯᠢᠰᠮ ᠤ᠋ᠨ ᠶᠣᠰᠣ᠃ ᠳᠠᠭᠤ ᠦᠭᠡᠢ ᠪᠤᠯᠵᠠᠭ᠎ᠠ ᠭᠡᠵᠦ ᠳᠣᠷᠵᠢ ᠵᠠᠩᠳᠤᠷᠤᠨ ᠬᠡᠯᠡᠬᠦ ᠳ᠋ᠦ᠍ ᠬᠥᠮᠦᠰ ᠴᠢᠪ ᠴᠢᠮᠡᠭᠡ ᠦᠭᠡᠢ ᠪᠣᠯᠪᠠ᠃
  ᠊᠊᠊᠊᠊᠊᠊᠊᠊᠊᠊᠊᠊᠊᠊ ᠬᠠᠷ᠎ᠠ ᠳᠡᠪᠡᠯ ᠦ᠋ᠨ ᠢ᠋ᠶ᠋ᠡᠨ ᠴᠠᠭᠠᠨ᠎ᠠ ᠬᠠᠯᠵᠠᠨ ᠮᠠᠩᠨᠠᠢ ᠴᠢᠨᠢ ᠳᠠᠯᠳᠠᠯᠠᠭᠳᠠᠬᠤ ᠦᠭᠡᠢ ᠰᠢᠦ᠃ ᠰᠢᠳᠤᠷᠭᠤ ᠠᠷᠠᠳ ᠢ᠋ ᠬᠠᠪᠴᠢᠵᠤ ᠪᠠᠢᠭ᠎ᠠ ᠶ᠋ᠢᠨ ᠴᠢᠨᠢ ᠬᠣᠣᠷᠠᠲᠤ ᠰᠠᠨᠠᠭ᠎ᠠ ᠶ᠋ᠢ ᠪᠢ ᠢᠯᠡᠷᠡᠭᠦᠯᠦᠨ᠎ᠡ ᠳᠡ ᠭᠡᠳ ᠬᠡᠦᠬᠡᠨ ᠶᠠᠪᠤᠯ᠎ᠠ᠃
  ᠡᠨᠡ ᠬᠡᠦᠬᠡᠨ ᠬᠡᠨ ᠭᠡᠳᠡᠭ ᠢ᠋ ᠤᠩᠰᠢᠭᠴᠢ ᠲᠠ ᠯᠠᠪ ᠮᠡᠳᠡᠵᠦ ᠪᠠᠢᠭ᠎ᠠ ᠪᠢᠵᠡ ᠳᠡ᠃ ᠡᠨᠡ ᠪᠣᠯ ᠲᠠᠨ ᠤ᠋ ᠲᠠᠨᠢᠯ ᠬᠤᠶᠠᠭ ᠤ᠋ᠨ ᠡᠬᠡᠨᠡᠷ ᠴᠠᠨᠳᠠ ᠰᠢᠦ ᠳᠡ᠃ ᠬᠡᠳᠦᠨ ᠡᠳᠦᠷ ᠦ᠋ᠨ ᠡᠮᠦᠨ᠎ᠡ ᠡᠴᠢᠭᠡ ᠪᠡᠨ ᠡᠷᠭᠢᠵᠦ ᠨᠤᠲᠤᠭ ᠲᠠᠭᠠᠨ ᠢᠷᠡᠭᠡᠳ ᠥᠨᠥ ᠥᠷᠯᠥᠭᠡ ᠬᠠᠮᠲᠤᠷᠠᠯ ᠤ᠋ᠨ ᠬᠤᠷᠠᠯ ᠳ᠋ᠤ᠌ ᠰᠣᠨᠢᠷᠬᠠᠨ ᠢᠷᠡᠭᠰᠡᠨ ᠶᠤᠮ᠃
  ᠲᠡᠷᠡ ᠣᠷᠣᠢ ᠲᠡᠮᠦᠷ ᠦ᠋ᠨ ᠭᠡᠷ ᠲᠦ᠍ ᠴᠠᠨᠳᠠ ᠣᠷᠣᠵᠤ ᠡᠳᠦᠷ ᠦ᠋ᠨ ᠪᠣᠯᠤᠭᠰᠠᠨ ᠶᠠᠪᠤᠳᠠᠯ ᠢ᠋ ᠰᠢᠭᠦᠮᠵᠢᠯᠡᠨ ᠶᠠᠷᠢᠯᠴᠠᠪᠠ᠃
  ᠊᠊᠊᠊᠊᠊᠊᠊᠊᠊᠊᠊᠊᠊᠊ ᠴᠢ ᠠᠢᠮᠠᠭ ᠣᠷᠣᠵᠤ ᠤᠴᠢᠷ ᠢ᠋ᠶ᠋ᠠᠨ ᠣᠯ ᠭᠡᠵᠦ ᠳᠤᠯᠮ᠎ᠠ ᠬᠡᠯᠡᠪᠡ᠃
  ᠊᠊᠊᠊᠊᠊᠊᠊᠊᠊᠊᠊᠊᠊᠊ ᠠᠢᠮᠠᠭ ᠣᠷᠣᠬᠤ ᠪᠠᠷ ᠪᠠᠷᠠᠬᠤ ᠤᠤ ᠳᠠ᠃ ᠬᠡᠷᠡᠭ ᠲᠡᠢ ᠪᠣᠯ ᠲᠥᠪ ᠲᠦ᠍ ᠣᠴᠢᠵᠤ ᠭᠣᠮᠣᠳᠠᠯ ᠡᠷᠢᠬᠦ ᠬᠡᠷᠡᠭᠲᠡᠢ ᠭᠡᠵᠦ ᠴᠠᠨᠳᠠ ᠵᠥᠪᠯᠡᠪᠡ᠃
  ᠊᠊᠊᠊᠊᠊᠊᠊᠊᠊᠊᠊᠊᠊᠊ ᠪᠣᠯᠢᠶ᠎ᠠ ᠳᠠ᠃ ᠦᠨᠡᠨ ᠢ᠋ᠶ᠋ᠡᠷ ᠶᠠᠪᠤᠪᠠᠯ ᠦᠬᠡᠷ ᠲᠡᠷᠭᠡ ᠪᠡᠷ ᠲᠠᠤᠯᠠᠢ ᠭᠦᠢᠴᠡᠨ᠎ᠡ ᠭᠡᠳᠡᠭ᠃ ᠶᠠᠭᠤ ᠯᠠ ᠪᠣᠯᠪᠠᠯ ᠪᠣᠯᠤᠭ᠃ ᠪᠢ ᠡᠨᠡ ᠵᠠᠰᠠᠭ ᠢ᠋ ᠪᠠᠢᠭᠤᠯᠬᠤ ᠳ᠋ᠤ᠌ ᠪᠠᠭ᠎ᠠ ᠪᠣᠯᠪᠠᠴᠤ ᠣᠷᠣᠯᠴᠠᠭᠰᠠᠨ ᠨᠢ ᠦᠨᠡᠨ ᠶᠤᠮ ᠳᠠᠭ ᠭᠡᠵᠦ ᠲᠡᠮᠦᠷ ᠬᠡᠯᠡᠪᠡ᠃
  ᠴᠠᠨᠳᠠ ᠬᠣᠲᠠ ᠶᠠᠪᠤᠬᠤ ᠳ᠋ᠠᠭᠠᠨ 《ᠪᠢ ᠲᠠᠨ ᠤ᠋ ᠲᠤᠬᠠᠢ ᠬᠤᠶᠠᠭ ᠲᠤ᠌ ᠬᠡᠯᠡᠨ᠎ᠡ᠃ ᠪᠢᠳᠡ ᠬᠣᠶᠠᠷ ᠵᠠᠪᠠᠯ ᠶᠠᠷᠢᠨ᠎ᠠ᠃ ᠶᠠᠭᠠᠬᠢᠭᠠᠳ ᠴᠤ᠌ ᠡᠢᠮᠦ ᠪᠠᠢᠬᠤ ᠯᠠ ᠶᠣᠰᠣ ᠦᠭᠡᠢ》 ᠭᠡᠯ᠎ᠡ᠃
  ᠲᠡᠮᠦᠷ ᠬᠠᠮᠲᠤᠷᠠᠯ ᠳ᠋ᠤ᠌ ᠣᠷᠣᠬᠤ ᠲᠤᠬᠠᠢ ᠶᠠᠷᠢᠶ᠎ᠠ ᠳᠠᠬᠢᠨ ᠭᠠᠷᠭᠠᠭᠰᠠᠨ ᠦᠭᠡᠢ᠃ ᠭᠡᠲᠡᠯ᠎ᠡ ᠬᠠᠪᠴᠢᠵᠤ ᠭᠠᠳᠠᠭᠤᠷᠬᠠᠬᠤ ᠨᠢ ᠤᠯᠠᠮ ᠶᠡᠬᠡ ᠪᠣᠯᠵᠤ ᠨᠠᠭᠠᠳᠤᠮ ᠳ᠋ᠤ᠌ ᠲᠥᠷᠥᠭᠦᠯᠦᠭᠰᠡᠨ ᠮᠣᠷᠢ ᠶ᠋ᠢ ᠨᠢ ᠨᠢᠳᠤᠷᠭᠠᠨ ᠤ᠋ ᠮᠣᠷᠢ ᠭᠡᠳ ᠪᠠᠢ ᠥᠭᠭᠦᠭᠰᠡᠨ ᠦᠭᠡᠢ᠃ ᠪᠠᠰᠠ ᠲᠡᠮᠦᠷ ᠦ᠋ᠨ ᠪᠤᠬ᠎ᠠ ᠶ᠋ᠢ ᠬᠠᠮᠲᠤᠷᠠᠯ ᠤ᠋ᠨ ᠪᠤᠬ᠎ᠠ ᠮᠥᠷᠭᠥᠭᠰᠡᠨ ᠡᠰᠡᠷᠭᠦᠦ ᠪᠤᠬ᠎ᠠ ᠭᠡᠵᠦ ᠬᠠᠮᠲᠤᠷᠠᠯ ᠤ᠋ᠨ ᠢᠳᠡᠪᠬᠢᠲᠡᠨ ᠴᠡᠮᠪᠡ ᠫᠤᠤᠳᠠᠵᠤ ᠠᠯᠠᠭᠰᠠᠨ ᠪᠠᠢᠯ᠎ᠠ᠃
  ᠪᠤᠬ᠎ᠠ ᠶ᠋ᠢᠨ ᠢ᠋ᠶ᠋ᠡᠨ ᠲᠤᠬᠠᠢ ᠰᠤᠮᠤ ᠶ᠋ᠢᠨ ᠵᠠᠬᠢᠷᠭᠠᠨ ᠳ᠋ᠤ᠌ ᠭᠣᠮᠣᠳᠠᠯ ᠭᠠᠷᠭᠠᠵᠤ ᠣᠴᠢᠭᠰᠠᠨ ᠴᠢᠨᠢ 《ᠴᠠᠳᠢᠭ ᠦᠭᠡᠢ ᠪᠤᠬ᠎ᠠ ᠪᠠᠨ ᠬᠠᠷᠠᠵᠤ ᠪᠠᠢ᠌ᠯ ᠦᠭᠡᠢ ᠨᠡᠢᠭᠡᠮ ᠵᠢᠷᠤᠮ ᠤ᠋ᠨ ᠬᠥᠷᠥᠩᠭᠡ ᠳ᠋ᠦ᠍ ᠪᠦᠷᠢᠳᠬᠡᠭᠳᠡᠭᠰᠡᠨ ᠪᠤᠬ᠎ᠠ ᠶ᠋ᠢ ᠮᠥᠷᠭᠥᠭᠦᠯᠦᠭᠰᠡᠨ ᠨᠢ ᠴᠢᠨᠦ ᠪᠤᠷᠤᠭᠤ》 ᠭᠡᠵᠦ ᠬᠠᠷᠢᠭᠤᠯᠵᠠᠢ᠃