ᠲᠤᠩᠭᠠᠯᠠᠭ ᠲᠠᠮᠢᠷ1-19-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-19-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-19-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-18

1635

《ᠴᠢᠮ᠎ᠠ ᠳ᠋ᠤ᠌ ᠬᠥᠷᠥᠩᠭᠡ ᠪᠠᠢᠪᠠᠯ ᠨᠠᠳᠠᠳᠤ ᠸᠠᠩ ᠠᠪᠤᠭᠠᠳ ᠥᠭᠬᠦ ᠴᠢᠳᠠᠯ ᠪᠠᠢᠨ᠎ᠠ》 - ᠨᠢᠭᠡᠳᠦᠭᠡᠷ ᠪᠦᠯᠦᠭ ᠠᠷᠪᠠᠨ ᠶᠢᠰᠦ


  ᠫᠦᠷᠪᠦ ᠲᠠᠢᠵᠢ ᠪᠣᠭᠳᠠ ᠶ᠋ᠢᠨ ᠬᠦᠷᠢᠶ᠎ᠡ ᠣᠷᠣᠵᠤ ᠢᠷᠡᠭᠰᠡᠨ ᠦ᠌ ᠤᠴᠢᠷ ᠪᠣᠯ ᠨᠢᠭᠡ ᠪᠢᠰᠢ ᠭᠤᠷᠪᠠ ᠪᠠᠢᠪᠠ᠃ ᠨᠢᠭᠡᠳᠦᠭᠡᠷ ᠲᠦ᠍ ᠴᠢᠳᠠᠪᠠᠯ ᠸᠠᠩ᠂ ᠪᠠᠰᠠ ᠴᠢᠳᠠᠪᠠᠯ ᠪᠡᠢᠯᠡ ᠵᠡᠷᠭᠡ ᠣᠯᠵᠤ ᠠᠪᠬᠤ᠂ ᠬᠣᠶᠠᠳᠤᠭᠠᠷ ᠲᠤ᠌ ᠣᠷᠣᠨ ᠭᠠᠷᠤᠭᠰᠠᠨ ᠬᠣᠰᠢᠭᠤ ᠲᠤᠰᠠᠯᠠᠭᠴᠢ ᠶ᠋ᠢᠨ ᠰᠠᠭᠤᠷᠢᠨ ᠳ᠋ᠤ᠌ ᠰᠠᠭᠤᠬᠤ᠂ ᠭᠤᠷᠪᠠᠳᠤᠭᠠᠷ ᠲᠤ᠌ ᠭᠤᠸ᠎ᠠ ᠦᠵᠡᠰᠬᠦᠯᠡᠩ ᠲᠡᠢ᠂ ᠬᠣᠲᠠ ᠭᠠᠵᠠᠷ ᠤ᠋ᠨ ᠵᠠᠯᠠᠭᠤ ᠪᠦᠰᠡᠭᠦᠢ ᠣᠯᠵᠤ ᠪᠣᠭᠳᠠ ᠶ᠋ᠢᠨ ᠯᠥᠡᠲᠤᠩ ᠢ᠋ᠶ᠋ᠠᠷ ᠡᠬᠡᠨᠡᠷ ᠪᠣᠯᠭᠠᠵᠤ ᠠᠪᠬᠤ ᠪᠣᠳᠣᠯ ᠲᠠᠢ ᠢᠷᠡᠵᠡᠢ᠃
  ᠠᠦ᠋ᠲ᠋ᠤᠨᠤᠮᠢᠲ ᠵᠠᠰᠠᠭ ᠤ᠋ᠨ ᠦᠶ᠎ᠡ ᠳ᠋ᠦ᠍ ᠣᠢ ᠶ᠋ᠢᠨ ᠰᠢᠷᠭᠤᠯᠵᠢ ᠰᠢᠭ᠋ ᠥᠰᠴᠦ ᠪᠠᠢᠭᠰᠠᠨ ᠪᠠᠢᠰᠠ ᠬᠦᠩ ᠢ᠋ ᠪᠣᠯ ᠫᠦᠷᠪᠦ ᠲᠠᠢᠵᠢ ᠲᠣᠭᠣᠬᠤ ᠦᠭᠡᠢ ᠪᠠᠢᠵᠠᠢ᠃
  ᠰᠠᠨᠠᠵᠤ ᠢᠷᠡᠭᠰᠡᠨ ᠭᠤᠷᠪᠠᠨ ᠵᠦᠢᠯ ᠢ᠋ᠶ᠋ᠡᠨ ᠪᠦᠲᠦᠭᠡᠬᠦ ᠳ᠋ᠦ᠍ ᠶᠠᠭᠤᠨ ᠤ᠋ ᠡᠮᠦᠨ᠎ᠡ ᠪᠣᠭᠳᠠ ᠶ᠋ᠢᠨ ᠪᠠᠷᠠᠭᠤᠨ ᠭᠠᠷ ᠤ᠋ᠨ ᠰᠢᠳᠠᠷ ᠰᠣᠢᠪᠣᠨ ᠲᠠᠨᠢᠭ᠎ᠠ ᠲᠠᠢ ᠤᠴᠠᠷᠠᠬᠤ ᠬᠡᠷᠡᠭᠲᠡᠢ ᠭᠡᠵᠦ ᠪᠣᠳᠣᠪᠠ᠃
  ᠨᠢᠭᠡᠨ ᠣᠷᠣᠢ ᠲᠠᠢᠵᠢ ᠲᠠᠨᠢᠭ᠎ᠠ ᠰᠣᠢᠪᠣᠨ ᠤ᠋ ᠳ᠋ᠤ᠌ ᠠᠢᠯᠴᠢᠯᠠᠨ ᠣᠴᠢᠪᠠ᠃ ᠵᠡᠭᠦᠨ ᠬᠦᠷᠢᠶᠡᠨ ᠦ᠌ ᠰᠡᠴᠡᠨ ᠲᠣᠢᠨ ᠤ᠋ ᠶᠡᠬᠡ ᠴᠢᠯᠥᠭᠡ ᠭᠡᠵᠦ ᠨᠡᠷᠡᠯᠡᠭᠳᠡᠭᠰᠡᠨ ᠭᠤᠳᠤᠮᠵᠢ ᠶ᠋ᠢᠨ ᠵᠡᠭᠦᠨ ᠵᠠᠬ᠎ᠠ ᠶ᠋ᠢᠨ ᠲᠣᠮᠣ ᠬᠦᠷᠡᠩ ᠬᠠᠭᠠᠯᠭ᠎ᠠ ᠲᠠᠢ ᠬᠠᠰᠢᠶᠠᠨ ᠤ᠋ ᠬᠣᠢᠲᠤ ᠲᠠᠯ᠎ᠠ ᠶ᠋ᠢᠨ ᠮᠣᠳᠣᠨ ᠰᠠᠷᠠᠪᠴᠢᠨ ᠳ᠋ᠤ᠌ ᠪᠠᠷᠢᠭᠰᠠᠨ ᠲᠣᠮᠣ ᠭᠡᠷ ᠲᠦ᠍ ᠣᠷᠣᠬᠤ ᠳ᠋ᠤ᠌ ᠲᠠᠷᠭᠤᠯᠠᠵᠤ ᠬᠡᠪ ᠢ᠋ᠶ᠋ᠡᠨ ᠠᠯᠳᠠᠭᠰᠠᠨ ᠲᠣᠮᠣ ᠰᠢᠷ᠎ᠠ ᠯᠠᠮᠠ ᠵᠤᠵᠠᠭᠠᠨ ᠳᠡᠪᠢᠰᠬᠡᠷ ᠲᠡᠢ ᠣᠷᠣᠨ ᠳᠡᠭᠡᠷ᠎ᠡ ᠵᠠᠪᠢᠯᠠᠨ ᠰᠠᠭᠤᠭᠠᠳ ᠲᠠᠷᠭᠤᠨ ᠮᠢᠬ᠎ᠠ ᠢᠳᠡᠵᠦ ᠪᠠᠢᠯ᠎ᠠ᠃
  ᠲᠠᠨᠢᠭ᠎ᠠ ᠰᠣᠢᠪᠣᠨ ᠫᠦᠷᠪᠦ ᠲᠠᠢᠵᠢ ᠶ᠋ᠢ ᠵᠢᠩᠰᠡ ᠪᠡᠷ ᠨᠢ ᠲᠠᠢᠵᠢ ᠭᠡᠵᠦ ᠲᠠᠨᠢᠭᠰᠠᠨ ᠪᠣᠯᠪᠠᠴᠤ ᠬᠥᠮᠥᠰᠬᠡ ᠪᠡᠨ ᠵᠠᠩᠭᠢᠳᠤᠨ ᠬᠠᠷᠠᠬᠤ ᠡᠴᠡ ᠥᠭᠡᠷ᠎ᠡ ᠠᠩᠬᠠᠷᠤᠯ ᠲᠠᠯᠪᠢᠭᠰᠠᠨ ᠦᠭᠡᠢ᠃
  ᠊᠊᠊᠊᠊᠊᠊᠊᠊᠊᠊᠊᠊᠊᠊ ᠯᠠᠮᠠᠲᠠᠨ ᠤ᠋ ᠠᠮᠤᠭᠤᠯᠠᠩ ᠢ᠋ ᠠᠢᠯᠠᠳᠬᠠᠶ᠎ᠠ ᠭᠡᠵᠦ ᠫᠦᠷᠪᠦ ᠲᠠᠢᠵᠢ ᠪᠥᠬᠥᠯᠵᠡᠭᠡᠳ ᠭᠡᠷ ᠦ᠋ᠨ ᠨᠥᠭᠦᠭᠡ ᠲᠠᠯ᠎ᠠ ᠳ᠋ᠤ᠌ ᠰᠠᠭᠤᠪᠠ᠃
  ᠊᠊᠊᠊᠊᠊᠊᠊᠊᠊᠊᠊᠊᠊᠊ ᠰᠠᠢᠨ ᠭᠡᠵᠦ ᠰᠢᠳᠠᠷ ᠰᠣᠢᠪᠣᠨ ᠮᠢᠬ᠎ᠠ ᠵᠠᠵᠢᠯᠬᠤ ᠵᠠᠭᠤᠷ᠎ᠠ ᠬᠡᠯᠡᠭᠡᠳ ᠣᠢᠷᠠᠬᠠᠨ ᠵᠣᠭᠰᠣᠵᠤ ᠪᠠᠢᠭᠰᠠᠨ ᠪᠠᠨᠳᠢ ᠳ᠋ᠤ᠌ ᠬᠠᠨᠳᠤᠵᠤ 《ᠭᠠᠷ ᠤ᠋ᠨ ᠠᠯᠴᠢᠭᠤᠷ》 ᠭᠡᠯ᠎ᠡ᠃
  ᠊᠊᠊᠊᠊᠊᠊᠊᠊᠊᠊᠊᠊᠊᠊ ᠡᠷᠬᠢᠮ ᠳᠡᠭᠡᠳᠦ ᠰᠣᠢᠪᠣᠨ ᠤ᠋ ᠦᠷᠭᠦᠭᠡᠨ ᠳ᠋ᠦ᠍ ᠠᠶᠤᠮᠰᠢᠭ ᠦᠭᠡᠢ ᠪᠠᠷᠠᠭᠠᠯᠬᠠᠨ ᠢᠷᠡᠭᠰᠡᠨ ᠢ᠋ ᠮᠢᠨᠢ ᠥᠷᠥᠰᠢᠶᠡᠨ ᠰᠣᠶᠣᠷᠬᠠᠬᠤ ᠠᠵᠢᠶᠠᠮᠤ᠃ ᠪᠢ ᠪᠣᠯ ᠰᠠᠢᠳ ᠸᠠᠩ ᠤ᠋ᠨ ᠬᠤᠰᠢᠭᠤᠨ ᠤ᠋ ᠫᠦᠷᠪᠦ ᠲᠠᠢᠵᠢ ᠭᠡᠭᠴᠢ᠃ ᠲᠠᠨ ᠳ᠋ᠤ᠌ ᠪᠠᠷᠠᠭᠠᠯᠬᠠᠵᠤ ᠥᠴᠦᠬᠡᠨ ᠪᠡᠯᠡᠭ ᠪᠠᠷᠢᠬᠤ ᠭᠡᠰᠡᠨ ᠢ᠋ ᠮᠢᠨᠢ ᠲᠣᠭᠲᠠᠭᠠᠨ᠎ᠠ ᠤᠤ ᠭᠡᠵᠦ ᠡᠪᠦᠷ ᠡᠴᠡ ᠪᠡᠨ ᠲᠣᠮᠣ ᠪᠠᠷᠠᠨᠵᠠᠳ ᠬᠠᠳᠠᠭ ᠭᠠᠷᠭᠠᠵᠤ ᠳᠡᠭᠡᠷ᠎ᠡ ᠨᠢ ᠲᠠᠪᠢᠨ ᠯᠠᠩ ᠤ᠋ᠨ ᠴᠣᠬᠣᠷ ᠶᠤᠸᠠᠮᠪᠤᠤ ᠲᠠᠯᠪᠢᠨ ᠪᠠᠷᠢᠯ᠎ᠠ᠃
  ᠤᠷᠲᠤ ᠬᠠᠳᠠᠭ᠂ ᠬᠦᠨᠳᠦ ᠶᠤᠸᠠᠠᠪᠣᠤ ᠰᠣᠢᠪᠣᠨ ᠤ᠋ ᠵᠠᠩ ᠢ᠋ ᠥᠭᠡᠷᠡᠴᠢᠯᠡᠵᠦ ᠲᠠᠢᠵᠢ ᠳ᠋ᠤ᠌ ᠮᠢᠬ᠎ᠠ ᠠᠢᠷᠠᠭ ᠪᠠᠷᠢᠬᠤ ᠵᠠᠷᠯᠢᠭ ᠢ᠋ ᠪᠠᠨᠳᠢ ᠳ᠋ᠤ᠌ ᠪᠠᠭᠤᠯᠭᠠᠪᠠ᠃ ᠬᠠᠬᠤᠤᠯᠢ ᠠᠪᠴᠤ ᠪᠠᠶᠠᠴᠤᠳ ᠲᠤ᠌ ᠥᠭᠭᠦᠭᠰᠡᠨ ᠪᠡᠯᠡᠭ ᠦ᠋ᠨ ᠬᠢᠨᠢ ᠬᠢᠷᠢ ᠪᠡᠷ ᠸᠠᠩ ᠪᠡᠢᠯᠡ᠂ ᠪᠠᠢᠰᠠ ᠬᠦᠩ ᠵᠡᠷᠭᠡ ᠶ᠋ᠢ ᠳᠡᠭᠡᠳᠦᠰ ᠦ᠋ᠨ ᠵᠠᠷᠯᠢᠭ ᠢ᠋ᠶ᠋ᠠᠷ ᠱᠠᠩᠨᠠᠵᠤ ᠰᠤᠷᠤᠭᠰᠠᠨ ᠰᠣᠢᠪᠣᠨ ᠡᠨᠡ ᠱᠣᠳᠣᠩ ᠪᠤᠭᠤᠷᠤᠯ ᠭᠡᠵᠢᠭᠡ ᠲᠡᠢ ᠲᠠᠢᠵᠢ ᠶᠠᠭᠤ ᠬᠦᠰᠡᠵᠦ ᠢᠷᠡᠭᠰᠡᠨ ᠢ᠋ ᠮᠡᠳᠡᠬᠦ ᠭᠡᠵᠦ ᠣᠯᠠᠨ ᠶᠠᠷᠢᠶ᠎ᠠ ᠳᠡᠯᠭᠡᠵᠦ ᠡᠬᠢᠯᠡᠪᠡ᠃
  ᠫᠦᠷᠪᠦ ᠲᠠᠢᠵᠢ ᠴᠤ᠌ ᠰᠠᠢᠳ ᠸᠠᠩ ᠤ᠋ᠨ ᠬᠤᠰᠢᠭᠤᠨ ᠤ᠋ ᠲᠡᠷᠢᠭᠦᠨ ᠪᠠᠶᠠᠴᠤᠳ ᠤ᠋ᠨ ᠨᠢᠭᠡ ᠭᠡᠳᠡᠭ ᠢ᠋ᠶ᠋ᠡᠨ ᠶᠠᠷᠢᠶᠠᠨ ᠤ᠋ ᠵᠠᠪᠰᠠᠷ ᠢ᠋ᠶ᠋ᠠᠷ ᠬᠠᠪᠴᠢᠭᠤᠯᠵᠤ 《ᠨᠠᠷᠠᠨᠭᠡᠷᠡᠯᠲᠦ ᠲᠦᠮᠡᠨ ᠨᠠᠰᠤᠲᠤ ᠪᠣᠭᠳᠠ ᠵᠢᠪᠵᠤᠠᠳᠠᠮᠪᠠ ᠭᠡᠭᠡᠨ ᠦ᠌ ᠰᠠᠩ ᠳ᠋ᠤ᠌ ᠴᠢᠳᠠᠯ ᠤ᠋ᠨ ᠢ᠋ᠶ᠋ᠠᠨ ᠬᠢᠷᠢ ᠪᠡᠷ ᠬᠠᠨᠳᠢᠪ ᠣᠷᠣᠭᠤᠯᠬᠤ ᠬᠦᠰᠡᠯ ᠲᠡᠢ ᠢᠷᠡᠭᠰᠡᠨ》 ᠭᠡᠵᠦ ᠬᠡᠯᠡᠪᠡ᠃
  ᠊᠊᠊᠊᠊᠊᠊᠊᠊᠊᠊᠊᠊᠊᠊ ᠲᠠᠨ ᠰᠢᠭ᠋ ᠪᠤᠶᠠᠨ ᠬᠡᠰᠢᠭ ᠲᠡᠭᠦᠯᠳᠡᠷ᠂ ᠡᠷᠳᠡᠮ ᠴᠢᠳᠠᠯ ᠲᠠᠢ ᠬᠥᠮᠦᠨ ᠳᠡᠭᠡᠳᠦᠰ ᠲᠦ᠍ ᠭᠠᠪᠢᠶ᠎ᠠ ᠮᠡᠳᠡᠭᠦᠯᠪᠡᠯ ᠪᠡᠢᠰᠡ᠂ ᠬᠦᠩ ᠵᠡᠷᠭᠡ ᠬᠦᠷᠲᠡᠬᠦ ᠨᠢ ᠠᠯᠠᠭ᠎ᠠ ᠤᠷᠪᠠᠭᠤᠯᠬᠤ ᠶ᠋ᠢᠨ ᠲᠡᠳᠦᠢ ᠬᠡᠷᠡᠭ ᠪᠤᠰᠤ ᠤᠤ ᠭᠡᠳ ᠰᠣᠢᠪᠣᠨ ᠲᠠᠢᠵᠢ ᠶ᠋ᠢ ᠨᠢᠳᠦᠨ ᠦ᠌ ᠪᠡᠨ ᠪᠦᠯᠦᠩ ᠢ᠋ᠶ᠋ᠡᠷ ᠠᠵᠢᠭᠯᠠᠨ ᠬᠠᠷᠠᠭᠰᠠᠨ ᠢ᠋ᠶ᠋ᠠᠨ ᠨᠢᠳᠦ ᠪᠡᠨ ᠪᠤᠷᠤᠭᠤᠯᠠᠵᠤ ᠭᠡᠷ ᠦ᠋ᠨ ᠬᠣᠢᠲᠤ ᠲᠠᠯ᠎ᠠ ᠶ᠋ᠢ ᠡᠵᠡᠯᠡᠭᠰᠡᠨ ᠪᠤᠷᠬᠠᠳ ᠥᠭᠡᠳᠡ ᠴᠢᠭᠯᠡᠭᠦᠯᠪᠡ᠃
  《ᠡᠨᠡ ᠵᠣᠯᠢᠭ ᠨᠠᠳᠠ ᠸᠠᠩ᠂ ᠪᠡᠢᠰᠡ ᠶ᠋ᠢᠨ ᠵᠡᠷᠭᠡ ᠥᠭᠬᠦ ᠦᠭᠡᠢ ᠰᠠᠨᠠᠭ᠎ᠠ ᠲᠠᠢ ᠪᠣᠯᠤᠯᠲᠠᠢ᠂ ᠠᠯᠢ ᠡᠰᠡᠪᠡᠯ ᠦᠨ᠎ᠡ ᠳ᠋ᠦ᠍ ᠬᠦᠷᠭᠡᠵᠦ ᠨᠠᠮᠢ᠋ᠢ ᠠᠮᠢᠳᠤ ᠪᠠᠷ ᠮᠢᠨᠢ ᠱᠤᠯᠤᠬᠤ ᠭᠡᠵᠦ ᠪᠣᠳᠣᠵᠤ ᠪᠠᠢᠨ᠎ᠠ ᠤᠤ?》 ᠭᠡᠵᠦ ᠫᠦᠷᠪᠦ ᠲᠠᠢᠵᠢ ᠳᠣᠲᠣᠷ᠎ᠠ ᠪᠠᠨ ᠪᠣᠳᠣᠪᠠ᠃
  ᠊᠊᠊᠊᠊᠊᠊᠊᠊᠊᠊᠊᠊᠊᠊ ᠮᠠᠨ ᠤ᠋ ᠮᠣᠩᠭᠣᠯ ᠴᠤ᠌ ᠣᠯᠠᠨ ᠰᠠᠢᠬᠠᠨ ᠪᠠᠢᠰᠠ ᠬᠦᠩ ᠲᠡᠢ ᠪᠣᠯᠵᠤ ᠪᠠᠢᠨ᠎ᠠ ᠳᠠ ᠬᠥᠭᠡᠷᠦᠬᠦᠢ ᠭᠡᠵᠦ ᠲᠠᠢᠵᠢ ᠬᠡᠯᠡᠭᠡᠳ ᠨᠢᠳᠦ ᠪᠡᠨ ᠣᠨᠢ᠌ᠯᠭᠠᠨ ᠢᠨᠢᠶᠡᠮᠰᠦᠭᠯᠡᠪᠡ᠃
    ᠊᠊᠊᠊᠊᠊᠊᠊᠊᠊᠊᠊᠊᠊᠊ ᠰᠢᠨ᠎ᠡ ᠳᠣᠳᠣᠮ ᠤᠯᠤᠰ ᠭᠡᠷ ᠲᠣᠭᠲᠠᠵᠤ ᠪᠠᠢᠬᠤ ᠳ᠋ᠤ᠌ ᠡᠳ᠋ ᠬᠥᠷᠥᠩᠭᠡ ᠡᠷᠳᠡᠨᠢᠰ ᠢ᠋ᠶ᠋ᠡᠨ ᠬᠠᠢᠷᠠᠯᠠᠬᠤ ᠦᠭᠡᠢ ᠰᠠᠩ ᠳ᠋ᠤ᠌ ᠬᠠᠨᠳᠢᠪᠯᠠᠵᠤ ᠪᠠᠢᠭ᠎ᠠ ᠥᠭᠯᠢᠭᠡ ᠶ᠋ᠢᠨ ᠡᠵᠡᠳ ᠣᠯᠠᠨ ᠪᠣᠯᠬᠣᠷ ᠳᠡᠭᠡᠯ ᠦᠭᠡᠢ ᠶᠠᠭᠠᠬᠢᠬᠤᠪ ᠭᠡᠳ ᠲᠠᠢᠵᠢ ᠶ᠋ᠢ ᠬᠤᠯᠠᠭᠠᠢ ᠨᠢᠳᠦ ᠪᠡᠷ ᠬᠠᠷᠠᠭᠰᠠᠨ ᠢ᠋ᠶ᠋ᠠᠨ᠄ 《ᠪᠠᠢᠰᠠ ᠬᠦᠩ ᠢ᠋ ᠭᠣᠯᠣᠵᠤ ᠪᠠᠢᠨ᠎ᠠ ᠰᠢᠦ ᠨᠣᠬᠠᠢ ᠴᠢᠨᠢ᠃ ᠴᠢᠮ᠎ᠠ ᠳ᠋ᠤ᠌ ᠬᠥᠷᠥᠩᠭᠡ ᠪᠠᠢᠪᠠᠯ ᠨᠠᠳᠠᠳᠤ ᠸᠠᠩ ᠠᠪᠤᠭᠠᠳ ᠥᠭᠬᠦ ᠴᠢᠳᠠᠯ ᠪᠠᠢᠨ᠎ᠠ》 ᠭᠡᠵᠦ ᠪᠣᠳᠣᠭᠠᠳ ᠬᠣᠭᠣᠯᠠᠢ ᠪᠠᠨ ᠵᠠᠰᠠᠭᠰᠠᠨ ᠢ᠋ᠶ᠋ᠠᠨ᠄
  ᠊᠊᠊᠊᠊᠊᠊᠊᠊᠊᠊᠊᠊᠊᠊ ᠪᠠᠶᠠᠨ ᠱᠠᠭᠳᠠᠷ ᠰᠠᠩ ᠳ᠋ᠤ᠌ ᠲᠠᠪᠤᠨ ᠵᠠᠭᠤᠨ ᠯᠠᠩ᠂ ᠬᠣᠷᠢᠨ ᠠᠯᠲᠠᠨ ᠮᠠᠨᠢᠶᠠᠤᠨ ᠬᠠᠨᠳᠢᠪᠯᠠᠭᠠᠳ ᠪᠡᠢᠰᠡ ᠪᠣᠯᠤᠭᠰᠠᠨ᠃ ᠪᠠᠶᠠᠨ ᠳᠤᠷᠯᠢᠭ ᠬᠣᠶᠠᠷ ᠵᠠᠭᠤᠨ ᠯᠠᠩ᠂ ᠶᠢᠰᠦᠨ ᠴᠠᠭᠠᠨ ᠲᠡᠮᠡᠭᠡ ᠬᠠᠨᠳᠢᠪᠯᠠᠭᠠᠳ ᠵᠠᠶᠠᠭᠠᠨ ᠤ᠋ ᠪᠠᠨ ᠬᠠᠨᠢ ᠶ᠋ᠢ ᠣᠯᠵᠤ ᠠᠪᠤᠭᠰᠠᠨ᠃ ᠪᠠᠶᠠᠨ ᠰᠢᠷᠠᠪ ᠵᠠᠭᠤᠨ ᠯᠠᠩ ᠬᠠᠨᠳᠢᠪᠯᠠᠭᠠᠳ ᠲᠥᠭᠡᠷᠢᠵᠦ ᠲᠥᠷᠥᠭᠰᠡᠨ ᠦᠷ᠎ᠡ ᠪᠡᠨ ᠣᠯᠵᠤ ᠠᠪᠤᠭᠰᠠᠨ ᠭᠡᠵᠦ ᠲᠣᠭᠠᠴᠢᠪᠠ᠃
  《ᠸᠠᠩ ᠵᠡᠷᠭᠡ ᠬᠡᠳᠦ ᠬᠦᠷᠬᠦ ᠪᠣᠯ? ᠡᠨᠡ ᠬᠣᠮᠣᠬᠠᠢ ᠵᠣᠯᠢᠭ ᠬᠡᠯᠡᠬᠦ ᠦᠭᠡᠢ ᠨᠢ ᠪᠠᠢᠨ᠎ᠠ ᠰᠢᠦ᠃ ᠶᠡᠷᠦᠨᠢ ᠶᠡᠬᠡ ᠬᠥᠷᠥᠩᠭᠡ ᠣᠷᠣᠬᠤ ᠨᠢ ᠪᠣᠯᠤᠯᠲᠠᠢ》 ᠭᠡᠵᠦ ᠪᠣᠳᠣᠵᠤ ᠪᠠᠢᠭᠰᠠᠨ ᠲᠠᠢᠵᠢ ᠰᠣᠢᠪᠣᠨ ᠤ᠋ ᠦᠭᠡ ᠶ᠋ᠢ ᠳᠠᠭᠤᠰᠬᠤ ᠳ᠋ᠤ᠌ ᠨᠠᠮᠪᠠ ᠲᠠᠢ ᠪᠥᠬᠥᠯᠵᠡᠨ ᠢᠨᠢᠶᠡᠪᠡ᠃
  《ᠨᠢᠭᠡ ᠯᠡ ᠡᠬᠢᠯᠡᠭᠰᠡᠨ ᠡᠴᠡ ᠬᠣᠢᠰᠢ ᠳᠠᠭᠤᠰᠬᠠᠬᠤ ᠬᠡᠷᠡᠭᠲᠡᠢ᠃ ᠡᠨᠡ ᠬᠠᠰᠢᠷ ᠴᠢᠨᠣ᠎ᠠ ᠡᠢᠮᠦ ᠮᠠᠢᠮᠠᠢ ᠶ᠋ᠢ ᠶᠠᠮᠠᠷ ᠠᠩᠬ᠎ᠠ ᠤᠳᠠᠭ᠎ᠠ ᠬᠢᠵᠦ ᠪᠠᠢᠭ᠎ᠠ ᠪᠢᠰᠢ》 ᠭᠡᠵᠦ ᠪᠣᠳᠣᠭᠠᠳ ᠲᠠᠢᠵᠢ ᠰᠢᠭᠤᠳ ᠶᠠᠷᠢᠶᠠᠨ ᠳ᠋ᠤ᠌ ᠣᠷᠣᠯ᠎ᠠ᠃
  ᠊᠊᠊᠊᠊᠊᠊᠊᠊᠊᠊᠊᠊᠊᠊ ᠮᠠᠨ ᠤ᠋ ᠬᠣᠰᠢᠭᠤ ᠲᠤᠰᠠᠯᠠᠭᠴᠢ ᠪᠤᠷᠬᠠᠨ ᠪᠣᠯᠤᠭᠰᠠᠨ᠃ ᠣᠳᠣ ᠳ᠋ᠠᠭᠠᠨ ᠬᠣᠰᠢᠭᠤ ᠮᠠᠨᠢ ᠲᠤᠰᠠᠯᠠᠭᠴᠢ ᠦᠭᠡᠢ ᠰᠦᠷᠡᠬᠡᠢ ᠥᠨᠥᠴᠢᠷᠡᠵᠦ ᠪᠠᠢᠨ᠎ᠠ᠃ ᠪᠠᠰᠠ ᠲᠡᠭᠡᠭᠡᠳ ᠪᠢ ᠭᠡᠳᠡᠭ ᠬᠥᠮᠦᠨ ᠥᠩᠭᠡᠷᠡᠭᠰᠡᠨ ᠵᠢᠯ ᠬᠠᠨᠢ ᠡᠴᠡ ᠪᠡᠨ ᠰᠠᠯᠤᠭᠰᠠᠨ ᠠᠮᠢᠲᠠᠨ᠃ ᠳᠡᠭᠡᠳᠦᠰ ᠲᠦ᠍ ᠠᠢᠯᠠᠳᠬᠠᠵᠤ ᠵᠠᠶᠠᠭᠠᠨ ᠤ᠋ ᠪᠠᠨ ᠬᠠᠨᠢ ᠶ᠋ᠢ ᠵᠢᠭᠠᠯᠭᠠᠵᠤ ᠠᠪᠬᠤ ᠪᠣᠳᠣᠯ ᠲᠠᠢ᠃ ᠡᠨᠡ ᠪᠦᠬᠦᠨ ᠳ᠋ᠦ᠍ ᠡᠷᠬᠢᠮ ᠰᠣᠢᠪᠣᠨ ᠲᠠᠨ ᠢ᠋ ᠲᠤᠰᠠᠯᠠᠵᠤ ᠥᠭᠬᠦ ᠪᠣᠯᠪᠠ ᠤᠤ ᠭᠡᠵᠦ ᠮᠤᠩᠬᠠᠭ ᠬᠥᠮᠦᠨ ᠪᠢ ᠭᠦᠨ ᠢᠲᠡᠭᠡᠨ᠎ᠡ᠃ ᠡᠷᠬᠢᠮ ᠲᠠᠨ ᠤ᠋ ᠶᠡᠬᠡ ᠲᠤᠰᠠ ᠶ᠋ᠢ ᠥᠴᠦᠬᠡᠨ ᠪᠢ ᠬᠠᠷᠢᠭᠤᠯᠠᠵᠤ ᠬᠡᠵᠢᠶ᠎ᠡ ᠨᠢᠭᠡᠨ ᠴᠠᠭ ᠲᠤ᠌ ᠲᠠᠨ ᠳ᠋ᠤ᠌ ᠨᠢᠭᠡᠨ ᠮᠥᠷᠦᠨ ᠦ᠌ ᠬᠦᠴᠦ ᠪᠣᠯᠤᠨ ᠵᠢᠳᠬᠦᠵᠦ ᠴᠢᠳᠠᠨ᠎ᠠ ᠭᠡᠳ ᠨᠢᠳᠦ ᠪᠡᠨ ᠣᠨᠢ᠌ᠯᠭᠠᠨ ᠬᠣᠭᠣᠯᠠᠢ ᠪᠠᠨ ᠴᠡᠴᠡᠷᠬᠡᠨ ᠢᠨᠢᠶᠡᠪᠡ᠃
  ᠊᠊᠊᠊᠊᠊᠊᠊᠊᠊᠊᠊᠊᠊᠊ ᠮᠡᠬᠦᠰ ᠬᠥᠮᠦᠨ ᠪᠢ ᠲᠠᠨ ᠳ᠋ᠤ᠌ ᠲᠤᠰᠠ ᠪᠣᠯᠬᠤ ᠶ᠋ᠢ ᠯᠡ ᠬᠢᠴᠢᠶᠡᠶ᠎ᠡ ᠭᠡᠵᠦ ᠰᠣᠢᠪᠣᠨ ᠶᠡᠬᠡᠮᠰᠦᠭ ᠢ᠋ᠶ᠋ᠡᠷ ᠬᠡᠯᠡᠪᠡ᠃
  《ᠡᠨᠡ ᠱᠣᠳᠣᠩ ᠭᠡᠵᠢᠭᠡ ᠲᠡᠢ ᠬᠠᠲᠠᠩᠭᠢᠷ ᠦᠨᠡᠭᠡ ᠨᠢᠭᠡᠮᠦᠰᠦᠨ ᠶᠠᠮᠠᠷ ᠶᠡᠬᠡ ᠶᠠᠭᠤᠮ᠎ᠠ ᠪᠣᠳᠣᠵᠤ ᠢᠷᠡᠳᠡᠭ ᠠᠮᠢᠲᠠᠨ ᠪᠣᠢ᠃ ᠣᠪᠣᠭ᠎ᠠ ᠯᠠ ᠬᠥᠷᠥᠩᠭᠡ ᠲᠡᠢ ᠵᠣᠯᠢᠭ ᠶᠤᠮ ᠳᠠ᠃ ᠴᠢᠮᠢ᠋ᠢ ᠠᠮᠢᠳᠤ ᠪᠠᠷ ᠴᠢᠨᠢ ᠣᠭᠲᠣᠯᠤᠭᠠᠳ ᠬᠦᠷᠲᠡᠵᠦ ᠤᠷᠭᠢᠶ᠎ᠠ》 ᠭᠡᠵᠦ ᠳᠣᠲᠣᠷ᠎ᠠ ᠪᠠᠨ ᠪᠣᠳᠣᠨ ᠰᠣᠢᠪᠣᠨ ᠬᠡᠰᠡᠭ ᠳᠠᠭᠤ ᠦᠭᠡᠢ ᠪᠠᠢᠯ᠎ᠠ᠃
  ᠊᠊᠊᠊᠊᠊᠊᠊᠊᠊᠊᠊᠊᠊᠊ ᠥᠴᠦᠬᠡᠨ ᠬᠥᠮᠦᠨ ᠦ᠌ ᠬᠦᠰᠡᠭᠰᠡᠨ ᠪᠠᠭ᠎ᠠ ᠵᠦᠢᠯ ᠢ᠋ ᠪᠦᠲᠦᠭᠡᠨ ᠰᠣᠶᠣᠷᠬᠠᠬᠤ ᠳ᠋ᠤ᠌ ᠣᠷᠣᠬᠤ ᠬᠥᠷᠥᠩᠭᠡ ᠶ᠋ᠢ ᠪᠤᠷᠬᠠᠨ ᠤ᠋ ᠠᠪᠤᠷᠠᠯ ᠢ᠋ᠶ᠋ᠠᠷ ᠠᠮᠢᠨ ᠳ᠋ᠤ᠌ ᠣᠨᠣᠭᠳᠠᠭᠰᠠᠨ ᠬᠣᠮᠰᠠ ᠬᠥᠷᠥᠩᠭᠡ ᠡᠴᠡ ᠨᠡᠢᠯᠡᠭᠦᠯᠵᠦ᠂ ᠡᠷᠬᠢᠮ ᠮᠡᠷᠭᠡᠨ ᠲᠠᠨ ᠤ᠋ ᠬᠡᠯᠡᠭᠰᠡᠨ ᠭᠠᠵᠠᠷ ᠬᠦᠷᠭᠡᠵᠦ ᠥᠭᠬᠦ ᠳ᠋ᠦ᠍ ᠪᠡᠯᠡᠬᠡᠨ ᠪᠢᠯᠡ ᠭᠡᠵᠦ ᠲᠠᠢᠵᠢ ᠬᠡᠯᠡᠬᠦ ᠵᠠᠭᠤᠷ᠎ᠠ ᠡᠨᠡ ᠤᠳᠠᠭ᠎ᠠ ᠴᠤ᠌ ᠪᠡᠢᠰᠡ ᠵᠡᠷᠭᠡ ᠣᠯᠪᠠᠯ ᠪᠠᠷᠠᠪᠠ᠃ ᠲᠤᠰᠠᠯᠠᠭᠴᠢ ᠪᠣᠯᠵᠤ ᠴᠢᠳᠠᠪᠠᠯ ᠬᠤᠰᠢᠭᠤᠨ ᠤ᠋ ᠬᠥᠷᠥᠩᠭᠡ ᠪᠡᠷ ᠸᠠᠩ ᠤ᠋ᠨ ᠵᠡᠷᠭᠡ ᠠᠪᠬᠤ ᠳ᠋ᠤ᠌ ᠪᠣᠯᠬᠤ ᠦᠭᠡᠢ ᠭᠠᠵᠠᠷ ᠠᠯᠠᠭ᠎ᠠ ᠭᠡᠵᠦ ᠪᠣᠳᠣᠵᠤ ᠪᠠᠢᠯ᠎ᠠ᠃
  ᠊᠊᠊᠊᠊᠊᠊᠊᠊᠊᠊᠊᠊᠊᠊ ᠶᠡᠬᠡ ᠰᠠᠩ ᠳ᠋ᠤ᠌ ᠲᠠᠪᠤᠨ ᠮᠢᠩᠭᠠᠨ ᠯᠠᠩ ᠤ᠋ᠨ ᠬᠠᠨᠳᠢᠪ ᠨᠡᠢᠯᠡᠭᠦᠯᠪᠡᠯ ᠨᠠᠷᠠᠨᠭᠡᠷᠡᠯᠲᠦ ᠲᠦᠮᠡᠨ ᠨᠠᠰᠤᠲᠤ ᠪᠣᠭᠳᠠ ᠭᠡᠭᠡᠨ ᠲᠠᠨ ᠤ᠋ ᠭᠠᠪᠢᠶ᠎ᠠ ᠶ᠋ᠢ ᠢᠪᠡᠭᠡᠨ ᠥᠨᠳᠥᠷ ᠲᠦ᠍ ᠦᠵᠡᠵᠦ ᠬᠦᠰᠡᠭᠰᠡᠨ ᠬᠡᠰᠢᠭ ᠢ᠋ ᠴᠢᠨᠢ ᠬᠦᠷᠲᠡᠭᠡᠬᠦ ᠪᠣᠢ ᠊ᠶ᠎ᠠ ᠭᠡᠵᠦ ᠰᠣᠢᠪᠣᠨ ᠬᠣᠰᠢᠭᠤ ᠲᠠᠮᠠᠭᠠᠨ ᠳ᠋ᠤ᠌ ᠨᠠᠰᠤ ᠪᠠᠨ ᠪᠠᠷᠠᠭᠰᠠᠨ ᠬᠥᠭᠰᠢᠨ ᠪᠢᠴᠢᠭᠡᠴᠢ ᠤᠯᠠᠭᠠᠨ ᠱᠤᠭᠤᠮ ᠲᠠᠢ ᠳᠡᠭᠡᠳᠦᠰ ᠦ᠋ᠨ ᠪᠢᠴᠢᠭ ᠢ᠋ ᠤᠩᠰᠢᠵᠤ ᠪᠠᠢᠭ᠎ᠠ ᠶᠤᠮ ᠰᠢᠭ᠋ ᠳᠠᠭᠤ ᠪᠠᠨ ᠥᠨᠳᠥᠷ ᠨᠠᠮ ᠪᠣᠯᠭᠠᠨ ᠬᠡᠯᠡᠭᠡᠳ ᠨᠢᠳᠦ ᠪᠡᠨ ᠴᠠᠪᠴᠢᠯᠠᠨ ᠶᠠᠭᠤᠮ᠎ᠠ ᠪᠣᠳᠣᠭᠰᠠᠨ ᠢ᠋ᠶ᠋ᠠᠨ᠄
  ᠊᠊᠊᠊᠊᠊᠊᠊᠊᠊᠊᠊᠊᠊᠊ ᠤᠤᠯ ᠮᠥᠩᠭᠥ ᠶ᠋ᠢ ᠣᠢᠷ᠎ᠠ ᠶ᠋ᠢᠨ ᠡᠳᠦᠷ ᠦ᠋ᠳ ᠲᠦ᠍ ᠡᠨᠳᠡ ᠠᠪᠴᠢᠷᠠᠵᠤ ᠥᠭᠪᠡᠯ ᠲᠠᠨ ᠤ᠋ ᠬᠡᠷᠡᠭ ᠰᠡᠳᠬᠢᠯᠴᠢᠯᠡᠨ ᠪᠦᠲᠦᠨ᠎ᠡ ᠭᠡᠯ᠎ᠡ᠃
  ᠶᠡᠬᠡ ᠭᠡᠷ ᠦ᠋ᠨ ᠳᠣᠲᠣᠷ᠎ᠠ ᠬᠡᠰᠡᠭ ᠵᠠᠭᠤᠷ᠎ᠠ ᠶᠠᠮᠠᠷ ᠴᠤ᠌ ᠠᠨᠢᠷ ᠦᠭᠡᠢ ᠪᠠᠢᠯ᠎ᠠ᠃ ᠲᠠᠢᠵᠢ 《ᠡᠨᠡ ᠵᠣᠯᠢᠭ ᠴᠢᠨᠢ ᠨᠠᠮᠢ᠋ᠢ ᠠᠮᠢᠳᠤ ᠪᠠᠷ ᠮᠢᠨᠢ ᠱᠤᠯᠤᠬᠤ ᠰᠠᠨᠠᠭ᠎ᠠ ᠲᠠᠢ ᠪᠠᠢᠨ᠎ᠠ ᠰᠢᠦ᠃ ᠥᠪᠡᠷ ᠢ᠋ᠶ᠋ᠡᠨ ᠬᠡᠴᠢᠨᠡᠨ ᠢ᠋ ᠨᠢ ᠴᠢᠰᠤᠯᠠᠬᠤ ᠪᠣᠯ》 ᠭᠡᠵᠦ ᠳᠣᠲᠣᠷ᠎ᠠ ᠪᠠᠨ ᠪᠣᠳᠣᠵᠤ ᠪᠠᠢᠯ᠎ᠠ᠃ 《ᠪᠢ ᠠᠷᠠᠢ ᠪᠠᠭ᠎ᠠ ᠬᠡᠯᠡᠴᠢᠬᠡᠪᠡ ᠤᠤ ᠳᠠ᠃ ᠪᠠᠭ᠎ᠠ ᠴᠤ᠌ ᠶᠠᠭᠤᠮ᠎ᠠ ᠪᠢᠰᠢ ᠳᠡ》 ᠭᠡᠵᠦ ᠰᠣᠢᠪᠣᠨ ᠪᠣᠳᠣᠪᠠ᠃
  ᠲᠠᠢᠵᠢ ᠡᠮᠦᠨ᠎ᠡ ᠪᠡᠨ ᠪᠠᠢᠭᠰᠠᠨ ᠮᠥᠩᠭᠥᠨ ᠠᠶᠠᠭ᠎ᠠ ᠶ᠋ᠢ ᠡᠷᠭᠢᠭᠦᠯᠵᠦ ᠪᠠᠬᠠᠨ ᠬᠠᠷᠠᠭᠰᠠᠨ ᠢ᠋ᠶ᠋ᠠᠨ 《ᠮᠥᠨ ᠴᠦ᠍ ᠦᠨ᠎ᠡ ᠲᠡᠢ ᠠᠶᠠᠭ᠎ᠠ ᠪᠠᠢᠨ᠎ᠠ ᠳᠠ》 ᠭᠡᠵᠦ ᠰᠣᠢᠪᠣᠨ ᠳ᠋ᠤ᠌ ᠳᠤᠭᠤᠯᠳᠠᠬᠤ ᠪᠠᠷ ᠬᠡᠯᠡᠵᠦ ᠣᠷᠬᠢᠪᠠ᠃
  ᠰᠣᠢᠪᠣᠨ ᠬᠦᠢᠲᠡᠨ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ᠄ 《ᠬᠢᠮᠳᠠ ᠦᠨ᠎ᠡ ᠪᠡᠷ ᠮᠠᠭᠤ ᠯᠠ ᠠᠶᠠᠭ᠎ᠠ ᠠᠪᠤᠨ᠎ᠠ ᠳᠠ᠃ ᠵᠠ ᠲᠡᠭᠡᠭᠡᠳ ᠬᠠᠨᠢ ᠪᠣᠯᠭᠠᠬᠤ ᠪᠠᠷ ᠪᠣᠳᠣᠭᠰᠠᠨ ᠬᠥᠮᠦᠨ ᠪᠠᠢᠪᠠᠯ ᠨᠠᠳᠠ ᠳ᠋ᠤ᠌ ᠬᠡᠯᠡᠭᠡᠷᠡᠢ》 ᠭᠡᠳ ᠣᠷᠣᠨ ᠤ᠋ ᠪᠠᠨ ᠲᠣᠯᠣᠭᠠᠢ ᠳᠡᠭᠡᠷ᠎ᠡ ᠪᠠᠢᠭᠰᠠᠨ ᠬᠣᠩᠬᠣ ᠶ᠋ᠢ ᠭᠤᠷᠪᠠᠨ ᠤᠳᠠᠭ᠎ᠠ ᠴᠣᠬᠢᠪᠠ᠃
  ᠭᠠᠳᠠᠨ᠎ᠠ ᠡᠴᠡ ᠵᠢᠵᠢᠭᠬᠡᠨ ᠰᠢᠷ᠎ᠠ ᠱᠣᠪᠣᠭᠣᠷ ᠲᠠᠢ ᠵᠠᠯᠠᠭᠤᠬᠠᠨ ᠪᠠᠨᠳᠢ ᠣᠷᠣᠵᠤ ᠢᠷᠡᠭᠡᠳ ᠡᠭᠦᠳᠡᠨ ᠳ᠋ᠦ᠍ ᠵᠣᠭᠰᠣᠪᠠ᠃
  ᠊᠊᠊᠊᠊᠊᠊᠊᠊᠊᠊᠊᠊᠊᠊ ᠭᠠᠨᠵᠠ ᠬᠠᠯᠠᠭᠠᠵᠤ ᠢᠷ᠎ᠡ᠃ ᠪᠠᠰᠠ ᠥᠨᠥ ᠣᠷᠣᠢ ᠲᠣᠪᠴᠢᠨ ᠤ᠋ ᠳ᠋ᠤ᠌ ᠣᠴᠢᠨ᠎ᠠ᠃ ᠲᠥᠪᠡᠳ ᠬᠣᠷᠭᠣᠢ ᠳᠡᠪᠡᠯ ᠢ᠋ᠶ᠋ᠡᠨ ᠡᠮᠦᠰ ᠭᠡᠵᠦ ᠲᠣᠭᠣᠭᠠᠨ ᠤ᠋ ᠬᠥᠮᠦᠨ ᠳ᠋ᠦ᠍ ᠬᠡᠯᠡᠭᠡᠷᠡᠢ ᠭᠡᠵᠦ ᠰᠣᠢᠪᠣᠨ ᠤ᠋ ᠬᠡᠯᠡᠬᠦ ᠳ᠋ᠦ᠍ ᠪᠠᠨᠳᠢ ᠲᠦᠷᠭᠡᠨ ᠡᠷᠭᠢᠵᠦ ᠭᠠᠷᠤᠯ᠎ᠠ᠃
  ᠲᠠᠢᠵᠢ ᠲᠡᠨᠳᠡ ᠡᠴᠡ ᠪᠠᠬᠠᠨ ᠰᠣᠭᠲᠣᠵᠤ ᠮᠣᠷᠳᠠᠭᠠᠳ ᠬᠦᠷᠢᠶᠡᠨ ᠦ᠌ ᠬᠡᠳᠦ ᠬᠡᠳᠦᠨ ᠠᠢᠯ ᠢ᠋ᠶ᠋ᠠᠷ ᠣᠷᠣᠬᠤ ᠳ᠋ᠠᠭᠠᠨ ᠠᠪᠴᠢᠬᠠᠮᠠᠷ ᠥᠩᠭᠡ ᠵᠢᠰᠦ ᠲᠡᠢ ᠵᠠᠯᠠᠭᠤ ᠬᠡᠦᠬᠡᠨ ᠶᠠᠭᠤ ᠪᠠᠢᠨ᠎ᠠ ᠭᠡᠵᠦ ᠠᠵᠢᠭᠯᠠᠨ ᠶᠠᠪᠤᠵᠠᠢ᠃
  ᠮᠠᠷᠭᠠᠰᠢ ᠥᠷᠯᠥᠭᠡ ᠨᠢ ᠪᠤᠶᠠᠨᠲᠤ ᠶ᠋ᠢᠨ ᠫᠦᠰᠡᠨ ᠳ᠋ᠦ᠍ ᠣᠴᠢᠵᠤ ᠭᠤᠷᠪᠠᠨ ᠵᠢᠯ ᠦ᠋ᠨ ᠬᠤᠭᠤᠴᠠᠭ᠎ᠠ ᠲᠠᠢ ᠲᠠᠪᠤᠨ ᠮᠢᠩᠭᠠᠨ ᠯᠠᠩ ᠢ᠋ ᠵᠢᠯ ᠪᠦᠷᠢ ᠬᠦᠦ ᠶ᠋ᠢ ᠨᠢ ᠬᠣᠨᠢ ᠪᠠᠷ ᠲᠥᠯᠥᠵᠦ ᠪᠠᠢᠬᠤ ᠪᠠᠷ ᠬᠡᠯᠡᠯᠴᠡᠨ ᠠᠪᠤᠭᠠᠳ ᠰᠢᠭᠤᠳ ᠰᠣᠢᠪᠣᠨ ᠤ᠋ ᠳ᠋ᠤ᠌ ᠬᠦᠷᠭᠡᠵᠦ ᠥᠭᠯ᠎ᠡ᠃
  ᠰᠥᠨᠢ ᠳᠤᠮᠳᠠ ᠶ᠋ᠢᠨ ᠦᠶ᠎ᠡ ᠳ᠋ᠦ᠍᠂ ᠪᠣᠭᠳᠠ ᠶ᠋ᠢᠨ ᠰᠡᠷᠢᠭᠦᠨ ᠯᠠᠪᠷᠤᠩ ᠤ᠋ᠨ ᠡᠭᠦᠳᠡ ᠪᠡᠷ ᠬᠣᠶᠠᠷ ᠬᠥᠮᠦᠨ ᠣᠷᠣᠯ᠎ᠠ᠃ ᠡᠭᠦᠨ ᠦ᠌ ᠨᠢᠭᠡ ᠨᠢ ᠪᠢᠳᠡᠨ ᠦ᠌ ᠲᠠᠨᠢᠯ ᠲᠠᠨᠢᠭ᠎ᠠ ᠰᠣᠢᠪᠣᠨ᠂ ᠨᠥᠭᠦᠭᠡ ᠨᠢ ᠰᠠᠩ ᠤ᠋ᠨ ᠶᠠᠮᠤᠨ ᠤ᠋ ᠲᠦᠰᠢᠮᠡᠯ ᠰᠢᠷᠠᠪ ᠭᠡᠭᠴᠢ ᠶ᠋ᠢᠨ ᠡᠬᠡᠨᠡᠷ ᠲᠤᠶᠠᠭ᠎ᠠ ᠪᠠᠢᠯ᠎ᠠ᠃
  ᠬᠣᠷᠢ ᠳᠥᠩᠭᠡᠵᠦ ᠬᠦᠷᠦᠭᠰᠡᠨ ᠡᠨᠡ ᠬᠡᠦᠬᠡᠨ ᠬᠡᠳᠦᠨ ᠡᠳᠦᠷ ᠦ᠋ᠨ ᠡᠮᠦᠨ᠎ᠡ ᠳᠡᠭᠡᠳᠦᠰ ᠲᠦ᠍ ᠥᠩᠭᠡ ᠵᠢᠰᠦ ᠲᠡᠢ ᠵᠠᠯᠠᠭᠤ ᠬᠡᠦᠬᠡᠨ ᠡᠷᠢᠭᠡᠳ ᠬᠦᠷᠢᠶᠡᠨ ᠦ᠌ ᠭᠤᠳᠤᠮᠵᠢ ᠪᠠᠷ ᠰᠡᠯᠡᠭᠦᠴᠡᠵᠦ ᠶᠠᠪᠤᠭᠰᠠᠨ ᠲᠠᠨᠢᠭ᠎ᠠ ᠲᠠᠢ ᠲᠣᠬᠢᠶᠠᠯᠳᠤᠭᠠᠳ ᠳᠥᠷᠪᠡᠨ ᠡᠳᠦᠷ ᠦ᠋ᠨ ᠡᠮᠦᠨ᠎ᠡ ᠲᠡᠭᠦᠨ ᠦ᠌ ᠬᠠᠮᠲᠤ ᠡᠨᠡ ᠬᠠᠭᠠᠯᠭ᠎ᠠ ᠪᠠᠷ ᠣᠷᠣᠵᠤ ᠢᠷᠡᠭᠰᠡᠨ ᠡᠴᠡ ᠬᠣᠢᠰᠢ ᠰᠥᠨᠢ ᠪᠦᠬᠦᠨ ᠢᠷᠡᠵᠦ᠂ ᠦᠷ ᠢ᠋ᠶ᠋ᠡᠷ ᠭᠡᠷ ᠲᠡᠭᠡᠨ ᠬᠠᠷᠢᠭᠰᠠᠨ ᠪᠠᠢᠳᠠᠭ ᠪᠢᠯᠡ᠃
  ᠲᠤᠶᠠᠭ᠎ᠠ ᠪᠣᠯ ᠪᠤᠷᠬᠠᠨ ᠱᠠᠰᠢᠨ ᠤ᠋ ᠦᠯᠡᠮᠵᠢ ᠴᠢᠳᠠᠯ᠂ ᠠᠭᠤᠤ ᠢᠪᠡᠭᠡᠯ ᠳ᠋ᠦ᠍ ᠭᠦᠨ ᠢᠲᠡᠭᠡᠵᠦ ᠰᠠᠨᠠᠭ᠎ᠠ ᠰᠡᠳᠬᠢᠯ ᠨᠢ ᠰᠦᠰᠦᠭᠯᠡᠯ ᠦ᠋ᠨ ᠪᠢᠲᠡᠭᠦᠦ ᠴᠡᠯᠮᠡᠨ ᠳ᠋ᠦ᠍ ᠪᠠᠲᠤ ᠬᠦᠯᠢᠭᠳᠡᠭᠰᠡᠨ ᠬᠥᠮᠦᠨ ᠪᠥᠭᠡᠳ ᠪᠣᠯᠵᠤ ᠪᠠᠢᠭ᠎ᠠ ᠪᠦᠬᠦᠨ ᠢ᠋ ᠪᠤᠶᠠᠨ ᠨᠢᠭᠦᠯ ᠬᠣᠶᠠᠷ ᠲᠠᠢ ᠬᠣᠯᠪᠣᠵᠤ ᠦᠵᠡᠨ᠎ᠡ᠃ ᠡᠨᠡ ᠤᠴᠢᠷ ᠡᠴᠡ ᠪᠣᠭᠳᠠ ᠳ᠋ᠤ᠌ ᠲᠠᠭᠠᠯᠠᠭᠳᠠᠵᠤ ᠪᠠᠢᠭ᠎ᠠ ᠪᠠᠨ ᠬᠥᠮᠦᠨ ᠪᠣᠯᠵᠤ ᠲᠥᠷᠥᠭᠰᠡᠨ ᠦ᠌ ᠳᠡᠭᠡᠳᠦ ᠬᠤᠪᠢ᠂ ᠠᠷᠪᠠᠨ ᠪᠤᠶᠠᠨ ᠤ᠋ ᠡᠬᠢ ᠭᠡᠵᠦ ᠪᠣᠳᠣᠭᠠᠳ ᠳᠡᠭᠡᠳᠦᠰ ᠲᠡᠢ ᠰᠠᠮᠠᠭᠤᠷᠠᠵᠤ ᠪᠠᠢᠬᠤ ᠳ᠋ᠠᠭᠠᠨ ᠬᠣᠷᠸ᠎ᠠ ᠶ᠋ᠢᠨ ᠠᠮᠢᠳᠤᠷᠠᠯ ᠡᠴᠡ ᠰᠠᠯᠵᠤ᠂ ᠳ᠋ᠧᠪᠠᠵᠠᠨ ᠳ᠋ᠤ᠌ ᠣᠴᠢᠬᠤ ᠬᠡᠢ ᠮᠠᠨᠠᠨ ᠳ᠋ᠤ᠌ ᠬᠥᠪᠴᠦ᠂ ᠮᠡᠳᠡᠳᠡᠭ ᠨᠣᠮ ᠢ᠋ᠶ᠋ᠠᠨ ᠤᠩᠰᠢᠨ ᠨᠠᠮᠠᠨᠴᠢᠯᠠᠵᠤ ᠪᠠᠢᠭᠰᠠᠨ ᠠᠵᠢ᠃ ᠬᠣᠨᠢ ᠶ᠋ᠢ ᠠᠯᠠᠬᠤ ᠪᠠᠷ ᠳᠡᠭᠡᠭᠰᠢ ᠨᠢ ᠬᠠᠷᠠᠭᠤᠯᠬᠤ ᠳ᠋ᠤ᠌ ᠨᠠᠮᠢ᠋ᠢ ᠲᠩᠷᠢ ᠬᠠᠷᠠᠭᠤᠯᠬᠤ ᠭᠡᠵᠦ ᠪᠠᠢᠨ᠎ᠠ ᠭᠡᠵᠦ ᠪᠣᠳᠣᠳᠠᠭ ᠭᠡᠵᠦ ᠶᠠᠷᠢᠯᠴᠠᠳᠠᠭ ᠰᠢᠭ᠋ ᠲᠤᠶᠠᠭ᠎ᠠ᠂ ᠰᠣᠬᠣᠷ ᠰᠠᠮᠠᠭᠤᠨ ᠲᠥᠪᠡᠳ ᠦ᠋ᠨ ᠵᠤᠭ᠎ᠠ ᠪᠣᠯᠵᠤ ᠪᠠᠢᠬᠤ ᠳ᠋ᠠᠭᠠᠨ ᠬᠤᠪᠢ ᠵᠠᠶᠠᠭ᠎ᠠ ᠲᠠᠢ ᠲᠥᠷᠥᠭᠰᠡᠨ ᠳ᠋ᠡᠭᠡᠨ ᠪᠤᠶᠠᠨ ᠬᠢᠵᠦ ᠪᠠᠢᠨ᠎ᠠ ᠭᠡᠵᠦ ᠦᠨᠡᠨ ᠰᠡᠳᠬᠢᠯ ᠡᠴᠡ ᠪᠡᠨ ᠰᠦᠰᠦᠭᠯᠡᠨ ᠪᠠᠢᠵᠤ ᠪᠢᠯᠡ᠃
  ᠲᠡᠷᠡ ᠬᠣᠶᠠᠷ ᠢ᠋ ᠣᠷᠣᠭᠠᠳ ᠣᠴᠢᠬᠤ ᠳ᠋ᠤ᠌ ᠤᠨᠲᠠᠵᠤ ᠪᠠᠢᠭᠰᠠᠨ ᠳᠡᠭᠡᠳᠦᠰ ᠰᠡᠷᠢᠭᠡᠳ ᠴᠢᠩᠭ᠎ᠠ ᠡᠪᠰᠢᠶᠡᠭᠰᠡᠨ ᠢ᠋ᠶ᠋ᠡᠨ 《ᠲᠠᠨᠢᠭ᠎ᠠ ᠴᠢ ᠶᠠᠪᠤᠵᠤ ᠤᠨᠲᠠ᠃ ᠮᠠᠷᠭᠠᠰᠢ ᠦᠳᠡ ᠡᠴᠡ ᠬᠣᠢᠰᠢ ᠨᠠᠳᠠ ᠲᠠᠢ ᠠᠭᠤᠯᠵᠠᠭᠠᠷᠠᠢ》 ᠭᠡᠵᠦ ᠪᠦᠪᠦᠲᠦᠨᠡᠨ ᠨᠣᠢᠷᠮᠤᠭ ᠳᠠᠭᠤ ᠪᠠᠷ ᠬᠡᠯᠡᠪᠡ᠃
  ᠮᠠᠷᠭᠠᠰᠢ ᠨᠢ ᠲᠠᠨᠢᠭ᠎ᠠ ᠰᠣᠢᠪᠣᠨ ᠨᠠᠷᠠ ᠬᠠᠨ᠎ᠠ ᠶ᠋ᠢᠨ ᠡᠯᠢᠭᠡ ᠥᠭᠡᠳᠡ ᠭᠠᠷᠬᠤ ᠦᠶ᠎ᠡ ᠳ᠋ᠦ᠍ ᠪᠣᠭᠳᠠ ᠶ᠋ᠢᠨ ᠣᠷᠳᠣᠨ ᠳ᠋ᠤ᠌ ᠣᠷᠣᠵᠤ ᠢᠷᠡᠬᠦ ᠳ᠋ᠦ᠍ ᠡᠭᠦᠳᠡᠨ ᠦ᠌ ᠥᠷᠥᠭᠡᠨ ᠳ᠋ᠦ᠍ ᠶᠣᠰᠣᠯᠠᠯ ᠤ᠋ᠨ ᠬᠤᠪᠴᠠᠰᠤ ᠲᠠᠢ ᠭᠠᠳᠠᠭᠠᠳᠤ ᠶᠠᠪᠤᠳᠠᠯ ᠤ᠋ᠨ ᠶᠠᠮᠤᠨ ᠤ᠋ ᠲᠡᠷᠢᠭᠦᠨ ᠰᠠᠢᠳ ᠡᠷᠳᠡᠨᠢ ᠳᠠᠢᠴᠢᠨ ᠴᠢᠨ ᠸᠠᠩ ᠬᠠᠨᠳᠠᠳᠣᠷᠵᠢ ᠣᠷᠣᠰ ᠤᠯᠤᠰ ᠤ᠋ᠨ ᠡᠯᠴᠢᠨ ᠰᠠᠢᠳ ᠶᠡᠷᠦᠩᠬᠡᠢ ᠺᠤᠠᠰᠤᠯ ᠺᠦᠷᠤᠰᠲ᠋ᠤᠸᠢᠶᠸᠴ ᠲᠠᠢ ᠮᠣᠩᠭᠣᠯ᠂ ᠣᠷᠣᠰ ᠤ᠋ᠨ ᠬᠠᠷᠢᠴᠠᠭᠠᠨ ᠤ᠋ ᠲᠤᠬᠠᠢ ᠬᠡᠯᠡᠯᠴᠡᠨ ᠶᠠᠷᠢᠯᠴᠠᠭᠰᠠᠨ ᠢ᠋ᠶ᠋ᠠᠨ ᠠᠢᠯᠠᠳᠬᠠᠬᠤ ᠪᠠᠷ ᠠᠯᠢ ᠥᠷᠯᠥᠭᠡ ᠢᠷᠡᠭᠡᠳ ᠰᠠᠭᠤᠵᠤ ᠪᠠᠢᠯ᠎ᠠ᠃
  ᠲᠠᠨᠢᠭ᠎ᠠ ᠶ᠋ᠢ ᠣᠷᠣᠬᠤ ᠳ᠋ᠤ᠌ ᠵᠡᠭᠦᠷᠮᠡᠭ ᠰᠠᠭᠤᠭᠰᠠᠨ ᠬᠠᠨᠳᠠᠳᠣᠷᠵᠢ ᠪᠣᠰᠴᠤ᠄
  ᠊᠊᠊᠊᠊᠊᠊᠊᠊᠊᠊᠊᠊᠊᠊ ᠰᠣᠢᠪᠣᠨ ᠲᠠᠨ ᠤ᠋ ᠠᠮᠤᠭᠤᠯᠠᠩ ᠢ᠋ ᠠᠢᠯᠠᠳᠬᠠᠶ᠎ᠠ ᠭᠡᠯ᠎ᠡ᠃
  ᠊᠊᠊᠊᠊᠊᠊᠊᠊᠊᠊᠊᠊᠊᠊ ᠰᠠᠢᠨ᠃ ᠰᠠᠢᠳ ᠤ᠋ᠨ ᠠᠮᠤᠭᠤᠯᠠᠩ ᠢ᠋ ᠡᠷᠢᠶ᠎ᠡ ᠭᠡᠵᠦ ᠲᠠᠨᠢᠭ᠎ᠠ ᠲᠣᠭᠣᠮᠵᠢᠷ ᠦᠭᠡᠢ ᠬᠠᠷᠢᠭᠤᠯᠤᠯ᠎ᠠ᠃
  ᠊᠊᠊᠊᠊᠊᠊᠊᠊᠊᠊᠊᠊᠊᠊ ᠴᠢᠬᠤᠯᠠ ᠠᠢᠯᠠᠳᠬᠠᠯ ᠲᠠᠢ ᠶᠤᠮᠰᠠᠨ᠃ ᠳᠡᠭᠡᠳᠦᠰ ᠲᠦ᠍ ᠪᠠᠷᠠᠭᠠᠯᠠᠬᠤ ᠪᠣᠯᠤᠮᠵᠢ ᠪᠣᠢ ᠪᠣᠯᠪᠠ ᠤᠤ ᠭᠡᠵᠦ ᠵᠥᠭᠡᠯᠡᠨ ᠳᠠᠭᠤ ᠪᠠᠷ ᠠᠰᠠᠭᠤᠪᠠ᠃
  ᠊᠊᠊᠊᠊᠊᠊᠊᠊᠊᠊᠊᠊᠊᠊ ᠪᠢ ᠠᠰᠠᠭᠤᠵᠤ ᠦᠭᠶ᠎ᠡ ᠭᠡᠳ ᠲᠠᠨᠢᠭ᠎ᠠ ᠳᠣᠲᠣᠭᠰᠢ ᠣᠷᠣᠯ᠎ᠠ᠃
  ᠬᠦᠷᠡᠩ ᠮᠣᠳᠣᠨ ᠣᠷᠣᠨ ᠳᠡᠭᠡᠷ᠎ᠡ ᠳᠣᠲᠣᠭᠤᠷ ᠬᠤᠪᠴᠠᠰᠤ ᠲᠠᠢ ᠪᠠᠨ ᠰᠠᠨᠳᠠᠢᠯᠠᠵᠤ ᠰᠠᠭᠤᠭᠠᠳ ᠰᠢᠯᠢ ᠪᠡᠨ ᠬᠥᠳᠡᠯᠭᠡᠨ ᠬᠦᠩᠭᠢᠨᠡᠭᠦᠯᠦᠨ ᠭᠡᠭᠡᠷᠡᠵᠦ ᠪᠠᠢᠭ᠎ᠠ ᠪᠣᠭᠳᠠ ᠶ᠋ᠢ ᠭᠡᠭᠡᠪᠴᠢ ᠪᠡᠷ ᠣᠷᠣᠭᠰᠠᠨ ᠨᠠᠷᠠ ᠲᠠᠯ᠎ᠠ ᠭᠡᠷᠡᠯᠲᠦᠭᠦᠯᠵᠦ ᠪᠠᠢᠪᠠ᠃
  ᠊᠊᠊᠊᠊᠊᠊᠊᠊᠊᠊᠊᠊᠊᠊ ᠲᠠᠨᠢᠭ᠎ᠠ ᠴᠢ ᠤᠤ᠁ ᠨᠣᠢᠷ ᠨᠢᠭᠡ ᠯᠡ ᠬᠦᠷᠬᠦ ᠦᠭᠡᠢ ᠪᠠᠢᠨ᠎ᠠ ᠁ ᠶᠠᠮᠠᠷ ᠡᠷᠲᠡ ᠢᠷᠡᠪᠡ᠃ ᠵᠠ ᠬᠤᠪᠴᠠᠰᠤ ᠡᠮᠦᠰᠦᠭᠦᠯᠦᠭᠡᠳ ᠠᠯᠢ ᠭᠡᠵᠦ ᠪᠣᠭᠳᠠ ᠦᠭᠡ ᠪᠡᠨ ᠴᠤᠪᠤᠷᠠᠭᠤᠯᠤᠨ ᠬᠡᠯᠡᠪᠡ᠃
  ᠰᠣᠢᠪᠣᠨ ᠣᠷᠣᠨ ᠤ᠋ ᠲᠠᠯ᠎ᠠ ᠪᠦᠬᠦᠨ ᠳ᠋ᠦ᠍ ᠵᠠᠮᠪᠠᠷᠠᠭ᠎ᠠ ᠦᠭᠡᠢ ᠲᠠᠢᠯᠤᠭᠰᠠᠨ ᠬᠤᠪᠴᠠᠰᠤ ᠶ᠋ᠢ ᠴᠤᠭᠯᠠᠭᠤᠯᠤᠨ ᠳᠡᠭᠡᠳᠦᠰ ᠢ᠋ ᠬᠢᠴᠢᠶᠡᠩᠭᠦᠢᠯᠡᠨ ᠬᠤᠪᠴᠠᠰᠤᠯᠠᠪᠠ᠃
  ᠊᠊᠊᠊᠊᠊᠊᠊᠊᠊᠊᠊᠊᠊᠊ ᠢᠷᠡᠵᠦ ᠪᠠᠢᠭ᠎ᠠ ᠪᠦᠰᠡᠭᠦᠢ ᠶ᠋ᠢᠨ ᠨᠡᠷ᠎ᠡ ᠬᠡᠨ ᠪᠢᠯᠡ ᠭᠡᠵᠦ ᠪᠣᠭᠳᠠ ᠠᠮᠢᠰᠬᠤᠭᠠᠳᠠᠨ ᠠᠰᠠᠭᠤᠪᠠ᠃
  ᠊᠊᠊᠊᠊᠊᠊᠊᠊᠊᠊᠊᠊᠊᠊ ᠵᠠ᠂ ᠲᠤᠶᠠᠭ᠎ᠠ ᠭᠡᠳᠡᠭ᠃
  ᠊᠊᠊᠊᠊᠊᠊᠊᠊᠊᠊᠊᠊᠊᠊ ᠡᠨ ᠲᠡᠢᠮᠦ᠃ ᠲᠤᠶᠠᠭ᠎ᠠ ᠭᠡᠳᠡᠭ᠃ ᠨᠠᠰᠤ ᠨᠢ ᠦᠨᠡᠬᠡᠷ ᠬᠣᠷᠢ᠂ ᠵᠢᠰᠦ ᠨᠢ ᠴᠦ᠍ ᠦᠨᠡᠬᠡᠷ ᠰᠠᠢᠬᠠᠨ ᠶᠤᠮ ᠪᠢᠵᠡ ᠳᠡ?
  ᠊᠊᠊᠊᠊᠊᠊᠊᠊᠊᠊᠊᠊᠊᠊ ᠡᠵᠡᠨᠲᠡᠨ ᠮᠢᠨᠢ᠂ ᠦᠨᠡᠬᠡᠷ ᠰᠠᠢᠬᠠᠨ ᠬᠡᠦᠬᠡᠨ᠃
  ᠊᠊᠊᠊᠊᠊᠊᠊᠊᠊᠊᠊᠊᠊᠊ ᠪᠡᠶ᠎ᠡ ᠨᠢ ᠴᠦ᠍ ᠵᠦᠭᠡᠷ ᠪᠣᠯᠤᠯᠲᠠᠢ᠃ ᠭᠡᠪᠡᠴᠦ ᠨᠢᠭᠡ ᠬᠡᠦᠬᠡᠨ ᠪᠣᠯᠬᠤ ᠦᠭᠡᠢ ᠶᠤᠮ ᠪᠣᠳᠣᠵᠤ ᠦᠵᠡᠭᠡᠴᠢ᠃
  ᠊᠊᠊᠊᠊᠊᠊᠊᠊᠊᠊᠊᠊᠊᠊ ᠵᠠ ᠭᠡᠵᠦ ᠰᠣᠢᠪᠣᠨ᠂ ᠪᠣᠭᠳᠠ ᠶ᠋ᠢᠨ ᠲᠣᠪᠴᠢ ᠶ᠋ᠢ ᠲᠣᠪᠴᠢᠯᠠᠬᠤ ᠵᠠᠭᠤᠷ᠎ᠠ ᠬᠡᠯᠡᠭᠡᠳ 《ᠰᠣᠬᠣᠷ ᠪᠠᠢᠵᠤ ᠪᠠᠰᠠ ᠬᠡᠦᠬᠡᠨ ᠭᠣᠯᠣᠬᠤ ᠰᠠᠨᠠᠭ᠎ᠠ ᠲᠠᠢ》 ᠭᠡᠵᠦ ᠪᠣᠭᠳᠠ ᠶ᠋ᠢ ᠳᠣᠲᠣᠷ᠎ᠠ ᠪᠠᠨ ᠱᠣᠣᠯᠠᠵᠤ ᠪᠠᠢᠯ᠎ᠠ᠃
  ᠊᠊᠊᠊᠊᠊᠊᠊᠊᠊᠊᠊᠊᠊᠊ ᠨᠥᠭᠥᠭᠡᠳᠦᠷ ᠠᠪᠴᠢᠷᠠᠨ᠎ᠠ ᠰᠢᠦ᠃
  ᠊᠊᠊᠊᠊᠊᠊᠊᠊᠊᠊᠊᠊᠊᠊ ᠵᠠ ᠁ ᠳᠣᠣᠷᠠᠲᠤ ᠪᠢ ᠮᠤᠩᠬᠠᠭᠯᠠᠨ ᠪᠣᠳᠣᠪᠠᠯ ᠬᠦᠷᠢᠶᠡᠨ ᠦ᠌ ᠵᠡᠷᠳᠡᠭᠴᠢᠨ ᠨᠠᠷ ᠤ᠋ᠨ ᠬᠣᠪ ᠵᠢᠪ ᠬᠡᠴᠡᠭᠦᠦ᠃ ᠡᠨᠡ ᠤᠴᠢᠷ ᠡᠴᠡ ᠲᠤᠶᠠᠭ᠎ᠠ ᠶ᠋ᠢ ᠰᠠᠢᠳ ᠸᠠᠩ ᠤ᠋ᠨ ᠫᠦᠷᠪᠦ ᠲᠠᠢᠵᠢ ᠳ᠋ᠤ᠌ ᠵᠠᠷᠯᠢᠭ ᠢ᠋ᠶ᠋ᠠᠷ ᠥᠭᠴᠦ ᠲᠡᠷᠡ ᠲᠠᠢᠵᠢ ᠶ᠋ᠢ ᠬᠣᠰᠢᠭᠤ ᠲᠤᠰᠠᠯᠠᠭᠴᠢ ᠪᠣᠯᠭᠠᠨ ᠸᠠᠩ ᠤ᠋ᠨ ᠵᠡᠷᠭᠡ ᠬᠦᠷᠲᠡᠭᠡᠬᠦ ᠶᠤᠮ ᠪᠣᠯ ᠤᠤᠯ ᠬᠡᠷᠡᠭ ᠦ᠋ᠨ ᠤᠯᠠ ᠮᠥᠷ ᠢ᠋ ᠣᠷᠣ ᠦᠭᠡᠢ ᠪᠣᠯᠭᠠᠨ᠎ᠠ ᠭᠡᠵᠦ ᠵᠥᠪᠯᠡᠪᠡ᠃
  ᠲᠠᠨᠢᠭ᠎ᠠ ᠳᠡᠭᠡᠳᠦᠰ ᠦ᠋ᠨ ᠵᠣᠭᠣᠭ ᠢ᠋ ᠠᠪᠴᠢᠷᠠᠭᠤᠯᠬᠤ ᠪᠠᠷ ᠭᠠᠷᠬᠤ ᠭᠡᠰᠡᠨ ᠢ᠋ᠶ᠋ᠡᠨ ᠵᠣᠭᠰᠣᠵᠤ 《ᠬᠠᠨᠳᠠᠳᠣᠷᠵᠢ ᠴᠢᠬᠤᠯᠠ ᠠᠢᠯᠠᠳᠬᠠᠯ ᠲᠠᠢ ᠭᠡᠳ ᠬᠦᠯᠢᠶᠡᠵᠦ ᠪᠠᠢᠨ᠎ᠠ》 ᠭᠡᠯ᠎ᠡ᠃
  ᠪᠣᠭᠳᠠ ᠨᠢᠭᠤᠷ ᠢ᠋ᠶ᠋ᠠᠨ ᠦᠷᠴᠢᠯᠭᠡᠨ ᠢᠷᠪᠠᠢᠭᠰᠠᠨ ᠢ᠋ᠶ᠋ᠠᠨ ᠤᠷᠲᠤ ᠭᠡᠭᠴᠢ ᠨᠢ ᠰᠠᠨᠠᠭ᠎ᠠ ᠠᠯᠳᠠᠭᠠᠳ 《ᠰᠥᠨᠢ ᠶ᠋ᠢᠨ ᠠᠷᠢᠬᠢᠨ ᠡᠴᠡ ᠲᠣᠯᠣᠭᠠᠢ ᠪᠤᠲᠠᠷᠠᠬᠤ ᠭᠡᠵᠦ ᠪᠠᠢᠨ᠎ᠠ᠃ ᠲᠠᠨᠢᠭ᠎ᠠ ᠴᠢ ᠠᠷᠭᠠᠯᠠᠵᠤ ᠦᠵᠡ》 ᠭᠡᠵᠦ ᠬᠡᠯᠡᠪᠡ᠃
  ᠲᠠᠨᠢᠭ᠎ᠠ ᠶ᠋ᠢ ᠭᠠᠷᠴᠤ ᠣᠴᠢᠬᠤ ᠳ᠋ᠤ᠌ ᠬᠠᠨᠳᠠᠳᠣᠷᠵᠢ ᠪᠣᠰᠴᠤ 《ᠳᠡᠭᠡᠳᠦᠰ ᠶᠠᠭᠤ ᠭᠡᠵᠦ ᠵᠠᠷᠯᠢᠭ ᠪᠣᠯᠪᠠ》ᠭᠡᠵᠦ ᠠᠰᠠᠭᠤᠪᠠ᠃
  ᠊᠊᠊᠊᠊᠊᠊᠊᠊᠊᠊᠊᠊᠊᠊᠊᠊᠊᠊᠊᠊ ᠥᠨᠥᠳᠥᠷ ᠳᠡᠭᠡᠳᠦᠰ ᠨᠢᠮᠪᠠ ᠲᠠᠢ᠂ ᠲᠠᠨ ᠢ᠋ ᠰᠡᠭᠦᠯ ᠳ᠋ᠦ᠍ ᠢᠷ᠎ᠡ ᠭᠡᠵᠦ ᠵᠠᠷᠯᠢᠭ ᠪᠣᠯᠪᠠ ᠭᠡᠳ ᠰᠣᠢᠪᠣᠨ ᠠᠵᠢᠭ ᠦᠭᠡᠢ ᠥᠩᠭᠡᠷᠡᠪᠡ᠃
  ᠪᠣᠭᠳᠠ ᠶ᠋ᠢᠨ ᠵᠠᠪ ᠦᠭᠡᠢ ᠪᠣᠯᠤᠭᠰᠠᠨ ᠤ᠋ ᠦᠨᠡᠨ ᠤᠴᠢᠷ ᠢ᠋ ᠰᠠᠢᠨ ᠮᠡᠳᠡᠭᠰᠡᠨ ᠲᠥᠷᠥ ᠶ᠋ᠢᠨ ᠰᠠᠢᠳ ᠰᠢᠳᠠᠷ ᠰᠣᠢᠪᠣᠨ ᠢ᠋ ᠠᠲᠠᠭᠠᠷᠬᠠᠵᠤ ᠠᠷᠭ᠎ᠠ ᠨᠢ ᠪᠠᠷᠠᠭᠳᠠᠭᠰᠠᠨ ᠨᠢᠳᠦ ᠪᠡᠷ ᠦᠳᠡᠭᠡᠳ ᠤᠷᠮ᠎ᠠ ᠦᠭᠡᠢ ᠠᠯᠬᠤᠵᠤ ᠶᠠᠪᠤᠬᠤ ᠳ᠋ᠠᠭᠠᠨ 《ᠤᠯᠤᠰ ᠤ᠋ᠨ ᠡᠵᠡᠨ ᠪᠠᠢᠲᠠᠯ᠎ᠠ ᠢᠩᠭᠢᠵᠦ ᠪᠠᠢᠬᠤ ᠴᠤ᠌ ᠭᠡᠵᠦ ᠳᠡ》 ᠭᠡᠵᠦ ᠪᠣᠳᠣᠭᠠᠳ ᠭᠣᠮᠣᠳᠠᠯ ᠲᠠᠢ ᠪᠠᠷ ᠰᠠᠨᠠᠭ᠎ᠠ ᠠᠯᠳᠠᠪᠠ᠃
  ᠬᠡᠳᠦᠨ ᠡᠳᠦᠷ ᠦ᠋ᠨ ᠳᠠᠷᠠᠭ᠎ᠠ ᠬᠦᠷᠢᠶᠡᠨ ᠦ᠌ ᠳᠡᠭᠡᠳᠦᠰ ᠰᠠᠢᠳ ᠸᠠᠩ ᠤ᠋ᠨ ᠫᠦᠷᠪᠦ ᠲᠠᠢᠵᠢ ᠳ᠋ᠤ᠌ ᠭᠤᠷᠪᠠᠨ ᠬᠡᠰᠢᠭ ᠵᠡᠷᠭᠡ ᠬᠦᠷᠲᠡᠭᠡᠭᠰᠡᠨ ᠭᠡᠨ᠎ᠡ᠃ ᠰᠢᠷᠠᠪ ᠲᠦᠰᠢᠮᠡᠯ ᠡᠬᠡᠨᠡᠷ ᠢ᠋ᠶ᠋ᠡᠨ ᠥᠭᠬᠦ ᠦᠭᠡᠢ ᠭᠡᠵᠦ ᠣᠴᠢᠬᠤ ᠳ᠋ᠤᠨᠢ 《ᠲᠡᠷᠡ ᠬᠡᠦᠬᠡᠨ ᠲᠡᠢ ᠪᠠᠢᠪᠠᠯ ᠰᠠᠷ᠎ᠠ ᠶ᠋ᠢᠨ ᠳᠣᠲᠣᠷ᠎ᠠ ᠦᠬᠦᠨ᠎ᠡ》 ᠭᠡᠮᠡᠨ ᠪᠣᠭᠳᠠ ᠵᠢᠪᠵᠤᠠᠳᠠᠮᠪᠠ ᠯᠥᠡᠲᠤᠩ ᠠᠢᠯᠠᠳᠤᠭᠰᠠᠨ ᠭᠡᠵᠦ ᠠᠮᠠᠨ ᠡᠴᠡ ᠠᠮᠠ ᠳᠠᠮᠵᠢᠨ ᠶᠠᠷᠢᠯᠴᠠᠵᠤ ᠪᠠᠢᠪᠠ᠃
  ᠡᠭᠦᠨ ᠢ᠋ ᠰᠣᠨᠣᠰᠤᠭᠰᠠᠨ ᠵᠠᠷᠢᠮ ᠨᠢ ᠸᠠᠩ ᠤ᠋ᠨ ᠵᠡᠷᠭᠡ᠂ ᠬᠣᠰᠢᠭᠤ ᠲᠤᠰᠠᠯᠠᠭᠴᠢ᠂ ᠵᠠᠯᠠᠭᠤ ᠭᠤᠸ᠎ᠠ ᠡᠬᠡᠨᠡᠷ ᠨᠢᠭᠡᠨ ᠵᠡᠷᠭᠡ ᠣᠯᠤᠭᠰᠠᠨ ᠲᠠᠢᠵᠢ ᠶ᠋ᠢᠨ ᠠᠵᠠ ᠬᠡᠢ ᠮᠣᠷᠢ ᠶ᠋ᠢ ᠭᠠᠢᠬᠠᠨ ᠮᠠᠭᠲᠠᠵᠤ᠂ ᠵᠠᠷᠢᠮ ᠨᠢ ᠲᠡᠭᠦᠨ ᠦ᠌ ᠬᠥᠷᠥᠩᠭᠡ ᠶ᠋ᠢᠨ ᠶᠡᠬᠡ ᠳ᠋ᠦ᠍ ᠠᠲᠠᠭᠠᠷᠬᠠᠵᠤ ᠪᠠᠢᠯ᠎ᠠ᠃