1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ4-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ4-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-22

1157

《ᠴᠠᠰᠤ ᠪᠠᠷ ᠣᠮᠳᠠ ᠭᠢᠵᠤ᠂ ᠴᠠᠷᠠᠮ ᠢᠶᠠᠷ ᠭᠡᠷ ᠭᠢᠵᠤ ᠶᠠᠪᠣᠠᠠᠤ》 - ᠲᠦᠷᠪᠡᠳᠦᠭᠡᠷ ᠪᠦᠯᠦᠭ ᠠᠷᠪᠠᠨ ᠬᠤᠶᠠᠷ

   ᠲᠠᠷᠢᠶᠠᠲᠤ ᠶ᠋ᠢᠨ ᠬᠦᠷᠢᠶᠡᠨ ᠦ᠌ ᠬᠠᠷᠠᠩᠭᠤᠢ ᠭᠤᠳᠤᠮᠵᠢ ᠪᠠᠷ ᠬᠣᠶᠠᠷ ᠬᠥᠮᠦᠨ ᠶᠠᠪᠤᠭᠰᠠᠭᠠᠷ ᠬᠦᠷᠢᠶᠡᠨ ᠡᠴᠡ ᠭᠠᠷᠴᠤ ᠲᠠᠩᠬᠢᠮ ᠤ᠋ᠨ ᠵᠦᠭ ᠴᠢᠭᠯᠡᠪᠡ᠃
   ᠲᠩᠷᠢ ᠳ᠋ᠦ᠍ ᠣᠳᠣᠳ ᠮᠢᠷᠠᠯᠵᠠᠨ ᠭᠢᠯᠠᠯᠵᠠᠵᠤ᠂ ᠬᠦᠷᠢᠶᠡᠨ ᠦ᠌ ᠨᠣᠬᠠᠳ ᠪᠦᠳᠦᠭᠦᠨ ᠨᠠᠷᠢᠨ ᠳᠠᠭᠤ ᠪᠠᠷ ᠶᠠᠩᠰᠢᠨ ᠬᠤᠴᠠᠵᠤ ᠠᠮᠠ ᠤᠷᠤᠭᠤᠳᠠᠨ ᠵᠢᠬᠡᠭᠦᠨ ᠬᠦᠢᠲᠡᠨ ᠰᠠᠯᠬᠢ ᠦᠯᠢᠶᠡᠨ᠎ᠡ᠃
   ᠬᠡᠷᠪᠡ ᠡᠳᠦᠷ ᠪᠠᠢᠭᠠᠳ ᠡᠨᠡ ᠬᠣᠶᠠᠷ ᠤ᠋ᠨ ᠨᠢᠭᠡ ᠶ᠋ᠢ ᠬᠠᠷᠠᠭᠰᠠᠨ ᠪᠣᠯ ᠭᠠᠯᠵᠠᠭᠤ ᠬᠥᠮᠦᠨ ᠭᠡᠬᠦ ᠪᠠᠢᠯ᠎ᠠ᠃ ᠰᠠᠷᠯᠤᠭ ᠤ᠋ᠨ ᠰᠡᠭᠦᠯ ᠢ᠋ᠶ᠋ᠡᠷ ᠦᠰᠦ ᠬᠢᠵᠦ ᠤᠨᠵᠢᠭᠤᠯᠤᠨ᠂ ᠦᠰᠦᠲᠡᠢ ᠳᠡᠪᠡᠯ ᠡᠷᠭᠢᠭᠦᠯᠵᠦ ᠨᠢᠭᠤᠷ ᠢ᠋ᠶ᠋ᠠᠨ ᠡᠯᠳᠡᠪ ᠪᠣᠳᠣᠭ ᠢ᠋ᠶ᠋ᠠᠷ ᠡᠷᠢᠶᠡᠯᠡᠨ ᠪᠣᠳᠣᠵᠤ᠂ ᠡᠬᠡᠨᠡᠷ ᠬᠥᠮᠦᠨ ᠦ᠌ ᠲᠠᠯ᠎ᠠ ᠦᠰᠦ ᠵᠡᠭᠦᠵᠡᠢ᠃ ᠬᠠᠷᠢᠨ ᠨᠥᠭᠥᠭᠡᠬᠢ ᠨᠢ ᠪᠣᠯ ᠯᠠᠮᠠ ᠬᠥᠮᠦᠨ ᠪᠠᠢᠯ᠎ᠠ᠃
   ᠊᠊᠊᠊᠊᠊᠊᠊᠊᠊᠊᠊᠊᠊᠊ ᠲᠣᠮᠣ ᠭᠡᠷ ᠦ᠋ᠨ ᠭᠠᠳᠠᠭ᠎ᠠ ᠣᠴᠢᠭᠠᠳ ᠮᠠᠭᠤᠬᠠᠢ ᠳᠤᠤᠭᠠᠷᠬᠤ ᠳ᠋ᠤ᠌ ᠬᠡᠦᠬᠡᠳ ᠦ᠋ᠳ ᠨᠢ ᠠᠶᠤᠵᠤ ᠱᠤᠤᠭᠢᠨ᠎ᠠ᠃ ᠲᠡᠭᠡᠭᠡᠳ ᠯᠡ ᠪᠡᠨ ᠪᠠᠷᠢᠨ᠎ᠠ᠃ ᠶᠠᠭ ᠲᠡᠷᠡ ᠦᠶ᠎ᠡ ᠳ᠋ᠦ᠍ ᠨᠢ ᠣᠷᠣ᠃ ᠦᠢᠮᠡᠭᠡᠨ ᠡᠬᠢᠯᠡᠬᠦ ᠲᠡᠢ ᠵᠡᠷᠭᠡ ᠮᠠᠰᠢ ᠲᠦᠷᠭᠡᠨ ᠭᠠᠷᠴᠤ ᠢᠷᠡᠭᠡᠷᠡᠢ᠃ ᠪᠢ ᠬᠦᠯᠢᠶᠡᠵᠦ ᠪᠠᠢᠨ᠎ᠠ ᠭᠡᠵᠦ ᠯᠠᠮᠠ ᠬᠤᠪᠴᠠᠰᠤ ᠲᠠᠢ ᠨᠢ ᠰᠢᠪᠡᠨᠡᠨ ᠬᠡᠯᠡᠭᠡᠳ ᠪᠢ ᠬᠣᠴᠣᠷᠤᠶ᠎ᠠ ᠭᠡᠬᠦ ᠳ᠋ᠦ᠍ ᠵᠣᠯᠢᠭ ᠤ᠋ᠨ ᠪᠠᠭᠰᠢ ᠨᠠᠷ ᠨᠢ ᠤᠨᠲᠠᠵᠤ ᠪᠠᠢᠳᠠᠭ ᠪᠠᠢᠭ᠎ᠠ ᠳᠠ᠃ ᠭᠤ ᠳᠤᠰᠠᠯᠠᠠᠠᠠᠴᠢ ᠶ᠋ᠢᠨ ᠬᠤᠷᠢᠶᠠᠭᠳᠠᠭᠰᠠᠨ ᠬᠥᠷᠥᠩᠭᠡ ᠡᠴᠡ ᠬᠣᠶᠠᠷ ᠪᠢᠷᠳᠠᠩ ᠫᠤᠤ ᠣᠯᠠᠨ ᠰᠤᠮᠤ ᠲᠠᠢ ᠠᠪᠤᠭᠰᠠᠨ ᠭᠡᠳᠡᠭ ᠰᠢᠦ ᠭᠡᠵᠦ ᠨᠥᠭᠦᠭᠡ ᠬᠠᠴᠢᠨ ᠬᠤᠪᠴᠠᠰᠤᠲᠤ ᠬᠡᠳᠦ ᠠᠯᠬᠤᠭᠰᠠᠨ ᠢ᠋ᠶ᠋ᠠᠨ ᠡᠷᠭᠢᠵᠦ ᠰᠢᠪᠡᠭᠡᠨᠡᠪᠡ᠃
   ᠊᠊᠊᠊᠊᠊᠊᠊᠊᠊᠊᠊᠊᠊᠊ ᠬᠠᠷ᠎ᠠ ᠠᠪᠤᠭᠰᠠᠨ ᠪᠢᠰᠢ᠃ ᠪᠢᠲᠡᠭᠡᠢ ᠣᠯᠠᠨ ᠦᠭᠡ ᠶᠠᠷᠢ᠃ ᠬᠡᠯᠡᠭᠰᠡᠨ ᠢ᠋ᠶ᠋ᠡᠷ ᠬᠢᠭᠡᠳ ᠢᠷ᠎ᠡ᠃ ᠫᠤᠤᠳᠠᠭᠰᠠᠨ ᠴᠤ᠌ ᠬᠠᠷᠠᠩᠭᠤᠢ ᠰᠥᠨᠢ ᠪᠤᠷᠬᠠᠨ ᠰᠠᠬᠢᠭᠤᠯᠰᠤ ᠬᠣᠶᠠᠷ ᠬᠠᠮᠠᠭᠠᠯᠠᠵᠤ ᠴᠢᠳᠠᠠᠠᠤ ᠪᠠᠢᠬᠤ᠃
   ᠊᠊᠊᠊᠊᠊᠊᠊᠊᠊᠊᠊᠊᠊᠊ ᠲᠡᠨᠦᠭᠰᠡᠨ ᠰᠤᠮᠤ ᠲᠣᠯᠣᠭᠠᠢ ᠳ᠋ᠤ᠌ ᠭᠡᠵᠦ ᠠᠢᠬᠤᠪᠲᠤᠷ ᠦᠭᠡ ᠪᠣᠢ ᠰᠢᠦ᠃
   ᠊᠊᠊᠊᠊᠊᠊᠊᠊᠊᠊᠊᠊᠊᠊ ᠵᠠ ᠪᠣᠰᠢᠭᠣ᠃
   ᠬᠠᠴᠢᠨ ᠬᠤᠪᠴᠠᠰᠤᠲᠤ ᠭᠡᠲᠡᠨ ᠠᠯᠬᠤᠭᠰᠠᠭᠠᠷ ᠫᠠᠳ ᠬᠠᠷᠠᠩᠬᠤᠢ ᠳ᠋ᠤ᠌ ᠬᠠᠢᠯᠠᠨ ᠠᠯᠠᠭ᠎ᠠ ᠪᠣᠯᠪᠠ᠃
   ᠡᠨᠡ ᠬᠣᠶᠠᠷ ᠶᠠᠭᠤᠨ ᠤᠯᠤᠰ ᠪᠣᠢ? ᠶᠠᠭᠠᠬᠢᠬᠤ ᠭᠡᠵᠦ ᠶᠠᠪᠤᠭ᠎ᠠ ᠶᠤᠮ ᠪᠣᠯ?
ᠴᠢᠳᠬᠥᠷ ᠪᠣᠯᠵᠤ ᠰᠤᠷᠭᠠᠭᠤᠯᠢ ᠶ᠋ᠢᠨ ᠬᠡᠦᠬᠡᠳ ᠢ᠋ ᠠᠶᠤᠯᠭᠠᠨ ᠲᠠᠷᠠᠭᠠᠬᠤ ᠭᠡᠵᠦ ᠶᠠᠪᠤᠭ᠎ᠠ ᠶᠤᠮ᠃
   ᠡᠳᠦᠷ ᠥᠩᠭᠡᠷᠡᠬᠦ ᠳᠣᠳᠣᠮ ᠯᠠᠮᠠ ᠨᠠᠷ ᠰᠤᠷᠭᠠᠭᠤᠯᠢ ᠶ᠋ᠢ ᠡᠰᠡᠷᠭᠦᠴᠡᠬᠦ ᠲᠡᠮᠡᠴᠡᠯ ᠢ᠋ᠶ᠋ᠡᠨ ᠥᠷᠭᠡᠵᠢᠭᠦᠯᠵᠦ ᠪᠠᠢᠭ᠎ᠠ ᠦᠶ᠎ᠡ ᠪᠢᠯᠡ᠃ ᠲᠡᠳᠡ ᠲᠠᠩᠬᠢᠮ ᠤ᠋ᠨ ᠬᠡᠦᠬᠡᠳ ᠢ᠋ ᠡᠯᠳᠡᠪ ᠠᠷᠭ᠎ᠠ ᠪᠠᠷ ᠢᠳᠬᠠᠵᠤ ᠭᠡᠷ ᠭᠡᠷ ᠲᠦ᠍ ᠨᠢ ᠬᠠᠷᠢᠭᠤᠯᠬᠤ ᠭᠡᠵᠦ ᠣᠷᠣᠯᠳᠣᠭᠰᠠᠨ᠂ ᠴᠥᠮ ᠢ᠋ ᠨᠢ ᠴᠢᠳᠠᠭ᠎ᠠ ᠦᠭᠡᠢ᠃ ᠬᠠᠷᠢᠨ ᠠᠷᠪᠠᠭᠠᠳ ᠬᠡᠦᠬᠡᠳ ᠢ᠋ ᠤᠷᠭᠤᠭᠤᠯᠤᠭᠰᠠᠨ᠃ ᠪᠠᠲᠤ ᠵᠢᠷᠭᠠᠯ ᠬᠣᠶᠠᠷ ᠠᠷᠪᠠ ᠭᠠᠷᠤᠢ ᠡᠳᠦᠷ ᠬᠥᠭᠡᠭᠡᠴᠡᠯᠳᠦᠵᠦ ᠪᠠᠢᠮᠠᠨᠵᠢᠨ ᠪᠤᠴᠠᠭᠠᠵᠤ ᠠᠪᠴᠢᠷᠠᠭᠰᠠᠨ᠃
   ᠲᠠᠩᠬᠢᠮ ᠤ᠋ᠨ ᠬᠣᠭᠣᠯᠠᠨ ᠤ᠋ ᠭᠡᠷ ᠢ᠋ ᠰᠢᠲᠠᠭᠠᠵᠤ ᠪᠠᠰᠠ ᠦᠵᠡᠭᠰᠡᠨ᠃ ᠭᠡᠲᠡᠯ᠎ᠡ ᠬᠠᠷᠢᠨ ᠠᠮᠠᠷ ᠪᠠᠢᠨ᠎ᠠ ᠤᠤ ᠭᠡᠰᠡᠨ ᠭᠠᠢ ᠪᠣᠯᠤᠨ᠎ᠠ ᠭᠡᠭᠴᠢ ᠪᠡᠷ ᠪᠠᠲᠤ ᠶ᠋ᠢᠨ ᠱᠠᠭᠠᠷᠳᠠᠯᠭ᠎ᠠ ᠪᠠᠷ ᠬᠣᠰᠢᠭᠤ ᠵᠠᠬᠢᠷᠭ᠎ᠠ ᠴᠣᠭᠴᠢᠨ ᠵᠢᠰᠠ ᠳ᠋ᠤ᠌ ᠪᠠᠢᠭᠰᠠᠨ ᠭᠤᠯᠢᠷ ᠪᠤᠳᠠᠭ᠎ᠠ ᠶ᠋ᠢ ᠳᠠᠢᠴᠢᠯᠠᠨ ᠠᠪᠴᠤ ᠲᠠᠩᠬᠢᠮ ᠤ᠋ᠨ ᠬᠡᠦᠬᠡᠳ ᠦ᠋ᠨ ᠬᠣᠭᠣᠯᠠᠨ ᠳ᠋ᠤ᠌ ᠥᠭᠭᠦᠭᠰᠡᠨ ᠪᠠ ᠹᠧᠣᠳᠠᠯ ᠤ᠋ᠳ ᠠ᠋ᠴᠠ ᠬᠤᠷᠢᠶᠠᠭᠳᠠᠵᠤ ᠢᠷᠡᠭᠰᠡᠨ ᠮᠠᠯ ᠤ᠋ᠨ ᠠᠯᠢ ᠲᠠᠷᠭᠤᠨ ᠢ᠋ ᠠᠯᠠᠵᠤ ᠪᠡᠯᠡᠭᠯᠡᠪᠡ᠃
   ᠨᠢᠭᠡ ᠤᠳᠠᠭ᠎ᠠ ᠪᠠᠲᠤ ᠶ᠋ᠢᠨ ᠣᠷᠣᠨ ᠤ᠋ ᠠᠷᠤ ᠠ᠋ᠴᠠ ᠰᠡᠯᠡᠮ᠎ᠡ ᠣᠷᠣᠵᠤ ᠢᠷᠡᠭᠰᠡᠨ᠃ ᠬᠡᠨ ᠬᠢᠲᠤᠭᠠᠯᠠᠭᠰᠠᠨ ᠢ᠋ ᠪᠠᠷᠢᠵᠤ ᠴᠢᠳᠠᠭᠰᠠᠨ ᠦᠭᠡᠢ᠃ ᠬᠠᠷᠢᠨ ᠲᠡᠭᠦᠨ ᠡᠴᠡ ᠬᠣᠢᠰᠢ ᠪᠠᠭᠰᠢ ᠨᠠᠷ ᠣᠷᠣᠨ ᠳᠡᠭᠡᠷ᠎ᠡ ᠪᠡᠨ ᠤᠨᠲᠠᠵᠤ ᠴᠢᠳᠠᠠᠠᠤ ᠦᠭᠡᠢ ᠪᠣᠯᠵᠠᠢ᠃
   ᠠᠵᠠ ᠪᠣᠯᠵᠤ ᠪᠠᠲᠤ ᠵᠢᠷᠭᠠᠯ ᠬᠣᠶᠠᠷ ᠬᠤᠷᠢᠶᠠᠭᠳᠠᠮᠠᠯ ᠬᠥᠷᠥᠩᠭᠡ ᠡᠴᠡ ᠨᠡᠯᠢᠶᠡᠳ ᠰᠤᠮᠤ ᠲᠠᠢ ᠪᠢᠷᠳᠠᠩ ᠫᠤᠤ ᠲᠤᠰ ᠪᠦᠷᠢ ᠨᠢᠭᠡ ᠶ᠋ᠢ ᠬᠤᠳᠠᠯᠳᠤᠵᠤ ᠠᠪᠤᠭᠰᠠᠨ ᠠ᠋ᠴᠠ ᠬᠣᠢᠰᠢ ᠣᠪᠣᠭ᠎ᠠ ᠵᠣᠷᠢᠭᠲᠠᠢ ᠪᠣᠯᠪᠠ᠃ ᠡᠳᠦᠷ ᠪᠦᠬᠦᠨ ᠫᠤᠤ ᠪᠠᠨ ᠳᠤᠰᠤᠯᠠᠨ ᠵᠦᠯᠭᠦᠵᠦ᠂ ᠰᠥᠨᠢ ᠪᠦᠬᠦᠨ ᠰᠤᠮᠤᠯᠠᠵᠤ ᠤᠨᠲᠠᠳᠠᠭ ᠪᠣᠯᠪᠠ᠃
   ᠬᠦᠷᠢᠶ᠎ᠡ ᠬᠠᠩᠭᠠᠯ ᠤ᠋ᠨ ᠦᠶ᠎ᠡ ᠪᠡᠷ ᠪᠠᠭᠰᠢ ᠪᠠᠲᠤ᠂ ᠵᠢᠷᠭᠠᠯ ᠰᠤᠮᠤ ᠶ᠋ᠢᠨ ᠠᠩᠬᠠᠨ ᠤ᠋ ᠬᠤᠷᠰᠢᠶ᠎ᠠ ᠶ᠋ᠢᠨ ᠨᠢᠭᠲᠠᠯᠠᠨ ᠪᠣᠳᠣᠭᠴᠢ ᠱᠠᠭᠳᠠᠷ ᠵᠡᠷᠭᠡ ᠡᠪᠯᠡᠯ ᠦ᠋ᠨ ᠭᠡᠰᠢᠭᠦᠳ ᠦ᠋ᠨ ᠬᠦᠴᠦ ᠪᠡᠷ ᠯᠠᠮᠠ ᠨᠠᠷ ᠢ᠋ ᠡᠰᠡᠷᠭᠦᠴᠡᠭᠰᠡᠨ ᠵᠦᠴᠦᠭᠡ ᠵᠣᠬᠢᠶᠠᠵᠤ ᠴᠣᠭᠴᠢᠨ ᠳᠤᠭᠠᠩ ᠤ᠋ᠨ ᠡᠮᠦᠨᠡᠬᠢ ᠲᠠᠯᠠᠪᠠᠢ ᠳᠡᠭᠡᠷ᠎ᠡ ᠲᠣᠭᠯᠠᠵᠤ ᠪᠢᠯᠡ᠃
   ᠯᠠᠮᠠ᠂ ᠨᠣᠶᠠᠨ᠂ ᠫᠦᠰᠡ ᠶ᠋ᠢᠨ ᠳᠠᠩᠵᠢᠶᠠᠳ ᠭᠤᠷᠪᠠ ᠭᠠᠷᠴᠤ ᠢᠷᠡᠭᠡᠳ ᠠᠷᠠᠳ ᠤ᠋ᠨ ᠵᠠᠰᠠᠭ ᠢ᠋ ᠡᠯᠳᠡᠪ ᠢ᠋ᠶ᠋ᠡᠷ ᠮᠠᠭᠤᠴᠢᠯᠠᠨ ᠶᠠᠷᠢᠭᠰᠠᠨ ᠤ᠋ ᠳᠠᠷᠠᠭ᠎ᠠ ᠲᠡᠭᠦᠨ ᠢ᠋ ᠤᠰᠠᠳᠬᠠᠬᠤ ᠶ᠋ᠢᠨ ᠤᠴᠢᠷ ᠬᠦᠴᠦ ᠪᠡᠨ ᠨᠢᠭᠡᠳᠬᠡᠬᠦ ᠪᠡᠷ ᠰᠢᠢᠳᠴᠦ ᠪᠠᠢᠲᠠᠯ᠎ᠠ ᠫᠤᠤ ᠲᠠᠢ ᠬᠥᠮᠦᠰ ᠬᠦᠷᠴᠦ ᠢᠷᠡᠭᠡᠳ ᠪᠠᠷᠢᠵᠤ ᠠᠪᠴᠤ ᠵᠦᠴᠦᠭᠡ ᠳᠠᠭᠤᠰᠳᠠᠭ ᠪᠠᠢᠯ᠎ᠠ᠃ ᠪᠠᠲᠤ ᠫᠦᠰᠡᠨ ᠦ᠌ ᠳᠠᠩᠵᠢᠶᠠᠳ ᠲᠤ᠌ ᠲᠣᠭᠯᠠᠵᠤ ᠬᠤᠪᠢᠰᠬᠠᠯ ᠢ᠋ ᠮᠠᠭᠤᠴᠢᠯᠠᠠᠠᠤ ᠶ᠋ᠢᠨ ᠵᠠᠪᠰᠠᠷ ᠢ᠋ᠶ᠋ᠠᠷ ᠡᠬᠡᠨᠡᠷ ᠬᠡᠦᠬᠡᠳ ᠦ᠋ᠨ ᠲᠤᠬᠠᠢ ᠠᠯᠢᠶ᠎ᠠ ᠵᠠᠪᠬᠠᠢ ᠶᠠᠭᠤᠮ᠎ᠠ ᠶᠠᠷᠢᠵᠤ᠂ ᠶᠠᠷ᠎ᠠ ᠡᠪᠡᠳᠴᠢᠨ ᠳ᠋ᠡᠭᠡᠨ ᠪᠣᠯᠤᠨ ᠠᠯᠴᠠᠭᠠᠨᠠᠨ ᠶᠠᠪᠤᠵᠤ᠂ ᠭᠤᠩᠰᠢᠶ᠎ᠠ ᠳᠠᠭᠤ ᠪᠠᠷ ᠣᠢᠷ᠎ᠠ ᠬᠠᠪᠢ ᠳ᠋ᠤ᠌ ᠪᠠᠢᠭᠰᠠᠨ ᠡᠮᠡᠭᠲᠡᠢᠴᠦᠳ ᠢ᠋ ᠳᠠᠭᠤᠳᠠᠬᠤ ᠳ᠋ᠤ᠌ ᠬᠥᠮᠦᠰ ᠶᠡᠬᠡ ᠯᠡ ᠬᠥᠭᠵᠢᠯᠳᠦᠨ ᠢᠨᠢᠶᠡᠯᠳᠦᠨ᠎ᠡ᠃
   ᠵᠢᠷᠭᠠᠯ ᠭᠤᠷᠪᠠᠨ ᠨᠢᠳᠦ ᠲᠡᠢ ᠲᠣᠭᠣᠰ ᠤ᠋ᠨ ᠥᠳᠥ ᠲᠡᠢ ᠮᠠᠯᠠᠭᠠᠢ᠂ ᠬᠠᠮᠪᠤᠨ ᠳᠡᠪᠡᠯ ᠡᠮᠦᠰᠴᠦ ᠶᠠᠩᠭᠢᠨᠠᠭᠰᠠᠨ ᠳᠠᠭᠤ ᠪᠠᠷ 《ᠮᠠᠨᠵᠤ ᠶ᠋ᠢᠨ ᠬᠠᠭᠠᠨ ᠤ᠋ ᠦᠶ᠎ᠡ ᠳ᠋ᠦ᠍ ᠮᠠᠯᠠᠭᠠᠢ ᠳᠡᠭᠡᠷ᠎ᠡ ᠪᠡᠨ ᠵᠢᠩᠰᠡ ᠲᠡᠢ᠂ ᠠᠦ᠋ᠲ᠋ᠣᠨᠣᠮᠢᠲᠤ ᠶ᠋ᠢᠨ ᠦᠶ᠎ᠡ ᠳ᠋ᠦ᠍ ᠠᠯᠪᠠ ᠬᠠᠬᠤᠤᠯᠢ ᠶᠡᠬᠡᠲᠡᠢ ᠶᠠᠪᠤᠯ᠎ᠠ᠃ ᠠᠷᠠᠳ ᠤ᠋ᠨ ᠵᠠᠰᠠᠭ ᠤ᠋ᠨ ᠦᠶ᠎ᠡ ᠳ᠋ᠦ᠍ ᠠᠯᠢ ᠮᠠᠭᠤ ᠪᠠᠨ ᠦᠵᠡᠵᠦ ᠠᠯᠲᠠ ᠮᠥᠩᠭᠥᠨ ᠡᠴᠡ ᠰᠠᠯᠵᠤ᠂ ᠠᠪᠠᠭᠠᠢ ᠬᠡᠦᠬᠡᠨ ᠡᠷᠭᠢᠭᠦᠯᠬᠦ ᠵᠠᠪ ᠦᠭᠡᠢ ᠶᠠᠪᠤᠨ᠎ᠠ》 ᠭᠡᠵᠦ ᠳᠠᠬᠢᠨ ᠳᠠᠬᠢᠨ ᠶᠠᠷᠢᠵᠤ ᠪᠠᠢᠯ᠎ᠠ᠃
   ᠱᠠᠭᠳᠠᠷ ᠲᠣᠮᠣ ᠭᠡᠭᠴᠢ ᠶ᠋ᠢᠨ ᠱᠠᠨᠠᠮ ᠮᠠᠯᠠᠭᠠᠢ᠂ ᠰᠢᠷ᠎ᠠ ᠲᠣᠷᠭᠠᠨ ᠭᠢᠶᠠᠵᠠᠳᠠᠢ ᠳᠡᠪᠡᠯ ᠡᠮᠦᠰᠦᠭᠰᠡᠨ᠂ ᠤᠷᠲᠤ ᠪᠥᠭᠡᠳ ᠪᠦᠳᠦᠭᠦᠨ ᠰᠢᠷ᠎ᠠ ᠡᠷᠢᠭᠡ ᠪᠠᠷᠢᠵᠤ ᠪᠦᠳᠦᠭᠦᠨ ᠳᠠᠭᠤ ᠪᠠᠷ ᠬᠦᠩᠭᠢᠨᠡᠭᠦᠯᠦᠨ ᠭᠡᠭᠡᠷᠡᠵᠦ ᠣᠢᠷ᠎ᠠ ᠬᠠᠪᠢ ᠪᠠᠷ ᠭᠠᠷᠤᠭᠰᠠᠨ ᠵᠠᠯᠠᠭᠤ ᠪᠦᠰᠡᠭᠦᠢᠴᠦᠳ ᠢ᠋ ᠳᠠᠭᠤᠳᠠᠨ 《ᠪᠠᠭᠰᠢ ᠶ᠋ᠢᠨ ᠳ᠋ᠡᠭᠡᠨ ᠣᠷᠣᠢ ᠣᠴᠢᠭᠠᠷᠠᠢ᠃ ᠪᠠᠩᠰᠢ ᠪᠤᠤᠵᠠ ᠪᠡᠯᠡᠨ ᠭᠡᠵᠦ ᠪᠣᠳᠣᠭᠠᠷᠠᠢ》 ᠭᠡᠬᠦ ᠳ᠋ᠦ᠍ ᠲᠡᠳᠡ ᠬᠥᠭᠵᠢᠯᠲᠡᠢ ᠬᠥᠬᠥᠷᠡᠯᠳᠦᠨ ᠵᠢᠭᠤᠲᠠᠵᠤ ᠪᠠᠢᠯ᠎ᠠ᠃
   ᠵᠦᠴᠦᠭᠡ ᠲᠡᠭᠦᠰᠬᠦ ᠳᠥᠭᠥᠵᠦ ᠪᠠᠢᠲᠠᠯ᠎ᠠ ᠬᠡᠰᠡᠭ ᠯᠠᠮᠠ ᠨᠠᠷ ᠣᠯᠠᠨ ᠤ᠋ ᠳᠤᠮᠳᠠᠭᠤᠷ ᠵᠦᠰᠦᠨ ᠢᠷᠡᠵᠦ ᠪᠠᠲᠤ ᠶ᠋ᠢᠨ ᠳᠡᠷᠭᠡᠳᠡ ᠣᠴᠢᠭᠠᠳ ᠬᠠᠨᠴᠤᠢ ᠪᠠᠨ ᠰᠢᠮᠡᠯᠡᠨ 《ᠡᠨᠳᠡ ᠡᠴᠡ ᠲᠦᠷᠭᠡᠨ ᠵᠠᠢ᠌ᠯᠠᠠᠠᠤ ᠦᠭᠡᠢ ᠪᠣᠯ ᠨᠠᠮᠠᠯᠳᠠᠭ ᠢ᠋ ᠴᠢᠨᠢ ᠴᠢᠬᠢᠵᠦ ᠣᠷᠬᠢᠨ᠎ᠠ ᠰᠢᠦ》 ᠭᠡᠵᠦ ᠵᠠᠨᠤᠯᠬᠢᠯᠠᠪᠠ᠃
   《ᠲᠠ ᠨᠠᠷ ᠪᠢᠳᠡᠨ ᠢ᠋ ᠬᠤᠪᠢᠰᠬᠠᠯ ᠤ᠋ᠨ ᠳᠠᠢᠰᠤᠨ ᠨᠠᠷ ᠤ᠋ᠨ ᠬᠠᠷ᠎ᠠ ᠮᠤᠨᠠ ᠪᠠᠷ ᠵᠠᠠᠴᠢᠠᠠᠤ ᠰᠠᠨᠠᠭ᠎ᠠ ᠲᠠᠢ ᠪᠠᠢᠨ᠎ᠠ ᠤᠤ? ᠣᠳᠠᠠᠠᠤ ᠦᠭᠡᠢ᠂ ᠬᠠᠷᠢᠨ ᠪᠢᠳᠡ ᠲᠠ ᠨᠠᠷ ᠢ᠋ ᠬᠤᠪᠢᠰᠬᠠᠯ ᠤ᠋ᠨ ᠤᠯᠠᠭᠠᠨ ᠯᠠᠩᠳᠤᠤ ᠪᠠᠷ ᠨᠢᠴᠠ ᠴᠣᠬᠢᠨ᠎ᠠ᠃ ᠪᠢᠳᠡᠨ ᠤᠷᠤᠭᠤ ᠳᠠᠭᠠᠷᠢᠭᠠᠳ ᠢᠷᠡᠪᠡᠯ ᠠᠷᠤ ᠳ᠋ᠤ᠌ ᠮᠠᠨᠢ ᠤᠯᠠᠭᠠᠨ ᠴᠡᠷᠢᠭ ᠪᠣᠢ᠃ ᠴᠥᠮ ᠢ᠋ ᠴᠢᠨᠢ ᠪᠠᠷᠢᠵᠤ ᠠᠪᠤᠭᠠᠳ ᠬᠣᠯᠪᠣᠵᠤ ᠠᠪᠠᠴᠢᠭᠠᠳ ᠫᠤᠤᠳᠠᠨ᠎ᠠ》 ᠭᠡᠵᠦ ᠪᠠᠲᠤ ᠬᠡᠯᠡᠪᠡ᠃
   ᠯᠠᠮᠠ ᠨᠠᠷ ᠪᠠᠬᠠᠨ ᠬᠠᠩᠬᠠᠯᠵᠠᠵᠤ ᠪᠠᠢᠭᠠᠳ ᠵᠣᠳᠣᠵᠤ ᠴᠢᠳᠠᠠᠠᠤ ᠦᠭᠡᠢ ᠶᠠᠪᠤᠭᠰᠠᠨ ᠪᠥᠭᠡᠳ ᠪᠠᠲᠤ ᠴᠤ᠌ ᠵᠦᠴᠦᠭᠡ ᠶ᠋ᠢᠨ ᠶᠣᠰᠣᠭᠠᠷ ᠯᠠᠮᠠ ᠨᠣᠶᠠᠳ ᠤ᠋ᠨ ᠢ᠋ᠶ᠋ᠠᠨ ᠬᠠᠮᠲᠤ ᠫᠤᠤ ᠲᠠᠢ ᠬᠥᠮᠦᠰ ᠲᠦ᠍ ᠲᠠᠭᠤᠭᠳᠠᠨ ᠶᠠᠪᠤᠵᠤ ᠪᠢᠯᠡ᠃
   ᠡᠢᠮᠦᠷᠬᠦᠦ ᠲᠡᠮᠡᠴᠡᠯ ᠡᠴᠡ ᠪᠣᠯᠵᠤ ᠪᠠᠷᠤᠭ ᠡᠳᠦᠷ ᠪᠦᠬᠦᠨ ᠬᠦᠷᠢᠶᠡᠨ ᠦ᠌ ᠪᠠᠨᠳᠢ ᠨᠠᠷ ᠲᠠᠩᠬᠢᠮ ᠤ᠋ᠨ ᠬᠡᠦᠬᠡᠳ ᠦ᠋ᠨ ᠬᠣᠭᠣᠷᠣᠨᠳᠣ ᠵᠣᠳᠣᠭᠠᠨ ᠪᠣᠯᠵᠤ ᠪᠠᠢᠯ᠎ᠠ᠃
   ᠬᠠᠴᠢᠨ ᠬᠤᠪᠴᠠᠰᠤᠲᠤ ᠰᠡᠮᠬᠡᠨ ᠭᠡᠲᠡᠭᠰᠡᠭᠡᠷ ᠡᠷᠡᠭᠲᠡᠢ ᠬᠡᠦᠬᠡᠳ ᠦ᠋ᠨ ᠲᠣᠮᠣ ᠭᠡᠷ ᠦ᠋ᠨ ᠬᠠᠶᠠᠭᠠᠨ ᠳ᠋ᠤ᠌ ᠣᠴᠢᠭᠠᠳ ᠮᠠᠭᠤᠬᠠᠢ ᠳᠠᠭᠤ ᠪᠠᠷ ᠬᠡᠳᠦᠨ ᠬᠡᠦᠬᠡᠳ ᠦ᠋ᠨ ᠨᠡᠷᠡᠰ ᠢ᠋ ᠳᠠᠭᠤᠳᠠᠪᠠ᠃ ᠣᠠᠳᠠᠯ ᠦᠭᠡᠢ ᠦᠯᠢᠭᠡᠷ ᠶᠠᠷᠢᠵᠤ ᠪᠠᠢᠭᠰᠠᠨ ᠬᠡᠦᠬᠡᠳ ᠦ᠋ᠳ ᠱᠤᠤᠭᠢᠯᠳᠤᠨ ᠲᠣᠰᠣᠨ ᠳ᠋ᠧᠩ ᠢ᠋ᠶ᠋ᠡᠨ ᠪᠠᠷᠢᠬᠤ ᠦᠶ᠎ᠡ ᠳ᠋ᠦ᠍ ᠡᠭᠦᠳᠡ ᠨᠡᠭᠡᠭᠡᠭᠳᠡᠵᠦ ᠮᠠᠭᠤᠬᠠᠢ ᠠᠮᠢᠲᠠᠨ ᠣᠷᠣᠵᠤ ᠢᠷᠡᠭᠡᠳ 《ᠲᠠ ᠨᠠᠷ ᠢ᠋ ᠴᠥᠮ ᠢ᠋ ᠴᠢᠨᠢ ᠡᠷᠯᠢᠭ ᠨᠣᠮᠣᠨ ᠬᠠᠭᠠᠨ ᠤ᠋ ᠳ᠋ᠤ᠌ ᠠᠪᠠᠴᠢᠵᠤ᠂ ᠠᠷᠪᠠᠨ ᠨᠠᠢ᠍ᠮᠠᠨ ᠬᠠᠯᠠᠭᠤᠨ ᠲᠠᠮᠤ ᠶ᠋ᠢᠨ ᠠᠳᠠᠭ ᠤ᠋ᠨ ᠲᠠᠮᠤ ᠳ᠋ᠤ᠌ ᠵᠣᠪᠠᠭᠠᠨ᠎ᠠ》 ᠭᠡᠵᠦ ᠴᠢᠷᠠᠯᠠᠪᠠ᠃
   ᠬᠡᠦᠬᠡᠳ ᠦ᠋ᠳ ᠬᠠᠰᠬᠢᠷᠤᠯᠳᠤᠨ ᠡᠭᠦᠳᠡᠨ ᠳ᠋ᠦ᠍ ᠣᠢᠷ᠎ᠠ ᠣᠷᠣ ᠲᠠᠢ ᠨᠢᠭᠡ ᠵᠢᠭᠠᠯ ᠤᠬᠠᠭ᠎ᠠ ᠠᠯᠲᠠᠨ ᠤᠨᠠᠪᠠ᠃ ᠮᠠᠭᠤᠬᠠᠢ ᠠᠮᠢᠲᠠᠨ ᠪᠤᠴᠠᠭᠠᠳ ᠠᠯᠭ᠎ᠠ ᠪᠣᠯᠪᠠ᠃ ᠬᠡᠦᠬᠡᠳ ᠦ᠋ᠨ ᠪᠠᠭᠰᠢ ᠨᠠᠷ ᠪᠣᠰᠴᠤ ᠪᠢᠷᠳᠠᠩ ᠫᠤᠤ ᠪᠠᠨ ᠪᠠᠷᠢᠨ ᠭᠠᠷᠤᠯ᠎ᠠ᠃
   ᠵᠢᠷᠭᠠᠯ ᠬᠠᠴᠢᠨ ᠬᠤᠪᠴᠠᠰᠤᠲᠤ ᠶ᠋ᠢᠨ ᠭᠦᠶᠦᠬᠦ ᠬᠥᠯ ᠦ᠋ᠨ ᠴᠢᠮᠡᠭᠡ ᠶ᠋ᠢ ᠰᠣᠨᠣᠰᠴᠤ ᠲᠡᠷᠡ ᠵᠦᠭ ᠫᠤᠤᠳᠠᠭᠠᠳ ᠭᠦᠶᠦᠭᠰᠡᠨ ᠪᠣᠯᠪᠠᠴᠤ ᠶᠠᠭᠤ ᠲᠠᠢ ᠴᠤ᠌ ᠲᠣᠬᠢᠶᠠᠯᠳᠤᠭᠰᠠᠨ ᠦᠭᠡᠢ᠃ ᠪᠠᠭᠰᠢ ᠨᠠᠷ ᠬᠡᠦᠬᠡᠳ ᠦ᠋ᠨ ᠭᠡᠷ ᠲᠦ᠍ ᠣᠷᠤᠠᠠᠤ ᠳ᠋ᠤ᠌ ᠵᠠᠷᠢᠮ ᠬᠡᠦᠬᠡᠳ 《ᠴᠢᠳᠬᠥᠷ ᠴᠢᠳᠬᠥᠷ》 ᠭᠡᠵᠦ ᠬᠠᠰᠬᠢᠷᠤᠯᠳᠤᠨ ᠤᠬᠢᠯᠠᠨ᠎ᠠ᠃ ᠵᠠᠷᠢᠮ ᠨᠢ ᠣᠭᠢᠯᠠᠠᠠᠤ ᠤᠬᠠᠭᠠᠨ ᠦᠭᠡᠢ ᠨᠢᠳᠦ ᠨᠢ ᠳᠦᠷᠯᠡᠢᠵᠦ ᠠᠮᠠ ᠨᠢ ᠠᠩᠭᠠᠯᠵᠠᠨ᠎ᠠ᠃ ᠨᠢᠭᠡ ᠬᠡᠦᠬᠡᠳ ᠤᠬᠠᠭᠠᠨ ᠠᠯᠲᠠᠨ ᠱᠠᠯᠠᠨ ᠳᠡᠭᠡᠷ᠎ᠡ ᠭᠤᠯᠳᠤᠢᠨ ᠬᠡᠪᠲᠡᠨ᠎ᠡ᠃ ᠤᠬᠠᠭᠠᠨ ᠠᠯᠳᠠᠭᠰᠠᠨ ᠬᠡᠦᠬᠡᠳ ᠢ᠋ ᠣᠷᠣᠨ ᠳᠡᠭᠡᠷ᠎ᠡ ᠲᠠᠯᠪᠢᠵᠤ ᠪᠤᠰᠤᠳ ᠢ᠋ ᠨᠢ ᠳᠠᠢ᠌ᠪᠣᠰᠢᠷᠠᠭᠤᠯᠠᠠᠤ ᠭᠡᠭᠰᠡᠭᠡᠷ ᠪᠠᠢᠲᠠᠯ᠎ᠠ ᠦᠷ ᠴᠡᠢᠯ᠎ᠡ᠃
   《ᠲᠠᠩᠬᠢᠮ ᠳᠡᠭᠡᠷ᠎ᠡ ᠴᠢᠳᠬᠥᠷ ᠭᠠᠷᠴᠤ》 ᠭᠡᠰᠡᠨ ᠦᠭᠡ ᠨᠢᠭᠡ ᠡᠴᠡ ᠨᠥᠭᠦᠭᠡ ᠳ᠋ᠦ᠍ ᠳᠠᠮᠵᠢᠨ ᠲᠠᠷᠠᠵᠤ ᠨᠡᠯᠢᠶᠡᠳ ᠬᠡᠦᠬᠡᠳ ᠦ᠋ᠨ ᠡᠴᠢᠭᠡ ᠡᠬᠡ ᠦᠷ᠎ᠡ ᠪᠡᠨ ᠠᠮᠢᠳᠤ ᠮᠡᠨᠳᠦ ᠳᠡᠭᠡᠷ᠎ᠡ ᠨᠢ ᠠᠪᠤᠶ᠎ᠠ ᠭᠡᠵᠦ ᠢᠷᠡᠯ᠎ᠡ᠃ ᠵᠠᠷᠢᠮ ᠳ᠋ᠤ᠌ ᠨᠢ ᠤᠬᠠᠭᠤᠯᠵᠤ᠂ ᠵᠠᠷᠢᠮ ᠲᠠᠢ ᠨᠢ ᠬᠡᠷᠡᠯᠳᠦᠵᠦ ᠪᠠᠢᠮᠠᠨᠵᠢᠨ ᠪᠤᠴᠠᠭᠠᠪᠠ᠃ ᠤᠬᠠᠭᠠᠨ ᠠᠯᠳᠠᠭᠰᠠᠨ ᠬᠡᠦᠬᠡᠳ ᠥᠷᠯᠥᠭᠡ ᠨᠢ ᠤᠬᠠᠭᠠᠨ ᠣᠷᠣᠨ ᠪᠣᠰᠤᠭᠰᠠᠨ ᠪᠣᠯᠪᠠᠴᠤ ᠨᠢᠭᠡ ᠬᠡᠰᠡᠭ ᠲᠡᠭᠡᠨ ᠲᠥᠩᠬᠢ᠂ ᠦᠯᠭᠡᠨ ᠰᠠᠯᠭᠠᠨ ᠶᠠᠭᠤᠮ᠎ᠠ ᠶᠠᠪᠤᠯ᠎ᠠ᠃ ᠡᠴᠢᠭᠡ ᠨᠢ ᠢᠷᠡᠵᠦ ᠠᠪᠬᠤ ᠭᠡᠬᠦ ᠳ᠋ᠦ᠍ ᠪᠠᠲᠤ ᠥᠭᠭᠦᠭᠰᠡᠨ ᠦᠭᠡᠢ᠃
   ᠊᠊᠊᠊᠊᠊᠊᠊᠊᠊᠊᠊᠊᠊᠊ ᠮᠢᠨᠦ ᠭᠠᠭᠴᠠ ᠬᠦᠦ ᠰᠢᠦ᠃ ᠣᠰᠤᠯᠳᠠᠠᠠᠤ ᠶᠤᠮ ᠪᠣᠯ ᠴᠢᠮ᠎ᠠ ᠠ᠋ᠴᠠ ᠨᠡᠬᠡᠨ᠎ᠡ ᠭᠡᠳ ᠲᠡᠷᠡ ᠬᠥᠮᠦᠨ ᠶᠠᠪᠤᠵᠠᠢ᠃
   ᠪᠠᠭᠰᠢ ᠨᠠᠷ 《ᠴᠢᠳᠬᠥᠷ ᠭᠡᠵᠦ ᠪᠠᠢᠬᠤ ᠦᠭᠡᠢ᠃ ᠳᠠᠢᠰᠤᠨ ᠨᠤᠭᠤᠳ ᠮᠠᠨ ᠤ᠋ ᠲᠠᠩᠬᠢᠮ ᠢ᠋ ᠲᠠᠷᠠᠭᠠᠬᠤ ᠭᠡᠵᠦ ᠬᠢᠭᠰᠡᠨ ᠠᠵᠢᠯ》 ᠭᠡᠵᠦ ᠬᠡᠴᠦᠨᠡᠨ ᠶᠠᠷᠢᠪᠠᠴᠤ ᠨᠢᠭᠡ ᠶᠡᠬᠡ ᠲᠤᠰᠠ ᠪᠣᠯᠤᠭᠰᠠᠨ ᠦᠭᠡᠢ᠃ ᠬᠠᠷᠢᠨ ᠰᠤᠷᠭᠠᠭᠤᠯᠢ ᠶ᠋ᠢᠨ ᠬᠠᠰᠢᠶᠠᠨ ᠤ᠋ ᠡᠨᠳᠡ ᠲᠡᠨᠳᠡ ᠴᠢᠳᠬᠥᠷ ᠶᠠᠪᠤᠵᠤ ᠪᠠᠢᠭ᠎ᠠ ᠲᠤᠬᠠᠢ ᠶᠠᠷᠢᠶ᠎ᠠ ᠬᠡᠦᠬᠡᠳ ᠦ᠋ᠨ ᠳᠣᠲᠣᠷ᠎ᠠ ᠳᠡᠮᠵᠢᠵᠦ ᠪᠠᠢᠯ᠎ᠠ᠃ ᠡᠴᠦᠰ ᠲᠦ᠍ ᠨᠢ ᠠᠷᠭ᠎ᠠ ᠦᠭᠡᠢ ᠪᠣᠯᠵᠤ ᠲᠠᠩᠬᠢᠮ ᠢ᠋ ᠰᠢᠨ᠎ᠡ ᠪᠠᠢᠷᠢᠨ ᠳ᠋ᠤ᠌ ᠨᠡᠭᠦᠯᠭᠡᠪᠡ᠃
   ᠬᠠᠩᠬᠠᠢ ᠭᠠᠵᠠᠷ ᠤ᠋ᠨ ᠤᠶᠠᠬᠠᠨ ᠬᠠᠪᠤᠷ ᠡᠬᠢᠯᠡᠵᠦ ᠳᠣᠪᠣ ᠨᠣᠭᠣᠭᠠᠷᠠᠨ ᠮᠣᠳᠣᠨ ᠤ᠋ ᠵᠠᠬ᠎ᠠ ᠳ᠋ᠤ᠌ ᠰᠢᠷ᠎ᠠ ᠢᠷᠭᠤᠢ ᠦᠵᠡᠭᠳᠡᠵᠦ᠂ ᠨᠡᠭᠦᠳᠡᠯ ᠦ᠋ᠨ ᠰᠢᠪᠠᠭᠤ ᠭᠠᠩᠭᠠᠷ ᠭᠣᠩᠭᠣᠷ ᠳᠤᠤᠭᠠᠷᠤᠨ ᠲᠠᠭᠠᠲᠠᠢ ᠠᠵᠢ᠃ ᠪᠠᠢᠭᠠᠯᠢ ᠰᠡᠷᠭᠦᠵᠦ᠂ ᠡᠪᠦᠯ ᠦ᠋ᠨ ᠨᠣᠢᠷ ᠠ᠋ᠴᠠ ᠬᠣᠷᠸ᠎ᠠ ᠰᠠᠯᠵᠤ ᠲᠡᠨᠢᠭᠦᠨ ᠠᠮᠢᠰᠬᠤᠯ ᠢᠷᠡᠬᠦ ᠳ᠋ᠦ᠍ ᠰᠤᠷᠭᠠᠭᠤᠯᠢ ᠳ᠋ᠤ᠌ ᠰᠢᠨ᠎ᠡ ᠭᠠᠢ ᠲᠣᠬᠢᠶᠠᠯᠳᠤᠪᠠ᠃ ᠬᠡᠦᠬᠡᠳ ᠦ᠋ᠳ ᠦ᠋ᠨ ᠳᠤᠮᠳᠠ ᠡᠪᠡᠳᠴᠢᠨ ᠭᠠᠷᠴᠤ ᠶᠠᠭᠠᠬᠢᠬᠤ ᠡᠢᠬᠦ ᠶ᠋ᠢᠨ ᠵᠠᠪ ᠥᠭᠭᠦᠯ ᠦᠭᠡᠢ ᠨᠢᠭᠡ ᠬᠡᠦᠬᠡᠳ ᠨᠠᠰᠤ ᠪᠠᠷᠠᠯ᠎ᠠ᠃
   ᠪᠠᠲᠤ ᠠᠢᠮᠠᠭ ᠤ᠋ᠨ ᠲᠥᠪ ᠡᠴᠡ ᠡᠮᠴᠢ ᠳᠠᠭᠤᠳᠠᠬᠤ ᠪᠠᠷ ᠶᠠᠪᠣᠠᠠᠤ ᠪᠣᠯᠪᠠ᠃ ᠰᠤᠮᠤ ᠶ᠋ᠢᠨ ᠡᠪᠯᠡᠯ ᠦ᠋ᠨ ᠭᠡᠰᠢᠭᠦᠳ ᠦ᠋ᠨ ᠳᠣᠲᠣᠷ᠎ᠠ ᠠ᠋ᠴᠠ ᠵᠢᠷᠭᠠᠯ᠂ ᠱᠠᠭᠳᠠᠷ ᠵᠡᠷᠭᠡ ᠥᠪᠡᠷ ᠦ᠋ᠨ ᠢᠲᠡᠭᠡᠳᠡᠭ ᠠᠷᠪᠠᠭᠠᠳ ᠬᠥᠮᠦᠰ ᠢ᠋ ᠴᠤᠭᠯᠠᠭᠤᠯᠤᠨ 《ᠵᠠ ᠨᠥᠬᠥᠳ ᠮᠢᠨᠢ᠂ ᠲᠠᠩᠬᠢᠮ ᠢ᠋ ᠨᠢᠳᠦ ᠰᠠᠯᠭᠠᠯ ᠦᠭᠡᠢ ᠬᠠᠮᠠᠭᠠᠯᠠᠵᠤ ᠪᠠᠢ᠃ ᠳᠠᠢᠰᠤᠨ ᠤᠯᠠᠢᠷᠠᠵᠤ ᠪᠠᠢᠨ᠎ᠠ ᠰᠢᠦ᠃ ᠣᠰᠣᠯᠳᠠᠵᠤ ᠣᠭᠲᠣ ᠪᠣᠯᠠᠠᠤ ᠦᠭᠡᠢ᠃ ᠪᠢ ᠮᠠᠰᠢ ᠬᠤᠷᠳᠤᠨ ᠢᠷᠡᠨ᠎ᠡ》 ᠭᠡᠵᠦ ᠬᠡᠯᠡᠭᠡᠳ ᠮᠠᠷᠭᠠᠰᠢ ᠥᠷᠯᠥᠭᠡ ᠨᠢ ᠰᠢᠨ᠎ᠡ ᠲᠠᠲᠠᠭᠳᠠᠭᠰᠠᠨ ᠴᠡᠷᠢᠭ ᠲᠡᠢ ᠬᠠᠮᠲᠤ ᠮᠤᠷᠳᠠᠠᠠᠤ ᠭᠡᠰᠡᠨ ᠪᠣᠯᠪᠠᠴᠤ ᠴᠢᠳᠠᠭᠰᠠᠨ ᠦᠭᠡᠢ᠃ ᠤᠴᠢᠷ ᠨᠢ ᠲᠠᠩᠬᠢᠮ ᠳ᠋ᠤ᠌ ᠪᠤᠳᠠᠭ᠎ᠠ᠂ ᠭᠤᠯᠢᠷ ᠵᠡᠷᠭᠡ ᠬᠣᠭᠣᠯᠠᠨ ᠤ᠋ ᠬᠣᠯᠢᠴᠠ ᠪᠠᠭ᠎ᠠ ᠪᠣᠯᠤᠭᠰᠠᠨ ᠲᠤᠯᠠ ᠬᠠᠮᠲᠤᠷᠠᠯ ᠤ᠋ᠨ ᠵᠠᠬᠢᠷᠭ᠎ᠠ ᠠ᠋ᠴᠠ ᠡᠭᠦᠨ ᠢ᠋ ᠣᠯᠵᠤ ᠠᠪᠬᠤ ᠭᠡᠭᠰᠡᠭᠡᠷ ᠪᠠᠢᠲᠠᠯ᠎ᠠ ᠦᠳᠡ ᠥᠩᠭᠡᠷᠡᠪᠡ᠃
   ᠦᠳᠡ ᠡᠴᠡ ᠬᠣᠢᠰᠢ ᠥᠷᠲᠡᠭᠡ ᠬᠡᠷᠡᠭᠯᠡᠨ ᠭᠠᠷᠤᠯ᠎ᠠ᠃ ᠤᠳᠠᠲᠠᠯ᠎ᠠ ᠥᠷᠲᠡᠭᠡᠨ ᠳ᠋ᠦ᠍ ᠭᠦᠶᠦᠭᠰᠡᠨ ᠬᠠᠪᠤᠷ ᠤ᠋ᠨ ᠬᠠᠷᠰᠢᠮᠠᠯ ᠮᠣᠷᠢ ᠶᠠᠪᠣᠠᠠᠤ ᠦᠭᠡᠢ ᠶ᠋ᠢᠨ ᠵᠣᠪᠠᠯᠠᠩ᠂ ᠰᠢᠨ᠎ᠡ ᠴᠡᠷᠢᠭ ᠢ᠋ ᠭᠦᠢᠴᠡᠬᠦ ᠬᠦᠰᠡᠯᠡᠩ ᠬᠣᠶᠠᠷ ᠮᠥᠷᠭᠥᠯᠳᠦᠨ ᠶᠠᠪᠤᠭᠰᠠᠭᠠᠷ ᠨᠠᠷᠠ ᠬᠡᠯᠪᠡᠢᠬᠦ ᠦᠶ᠎ᠡ ᠳ᠋ᠦ᠍ ᠳᠠᠷᠬᠠᠨ ᠠᠭᠤᠯᠠ ᠶ᠋ᠢᠨ ᠥᠷᠲᠡᠭᠡᠨ ᠳᠡᠭᠡᠷ᠎ᠡ ᠢᠷᠡᠭᠡᠳ ᠭᠡᠷ ᠲᠦ᠍ ᠣᠷᠤᠯ ᠦᠭᠡᠢ ᠮᠣᠷᠢ ᠲᠦᠷᠭᠡᠨ ᠡᠮᠡᠭᠡᠯᠯᠡᠬᠦ ᠶ᠋ᠢ ᠱᠠᠭᠠᠷᠳᠠᠪᠠ᠃
   ᠊᠊᠊᠊᠊᠊᠊᠊᠊᠊᠊᠊᠊᠊᠊ ᠬᠦᠦ ᠮᠢᠨᠢ ᠬᠣᠨᠣᠭᠠᠳ᠂ ᠮᠠᠷᠭᠠᠰᠢ ᠬᠥᠮᠦᠰ ᠲᠡᠢ ᠨᠡᠢᠯᠡᠵᠦ ᠶᠠᠪᠣᠠᠠᠤ ᠦᠭᠡᠢ ᠪᠣᠯ ᠪᠣᠯᠠᠠᠤ ᠦᠭᠡᠢ᠃ ᠵᠠᠮ ᠳ᠋ᠤ᠌ ᠴᠢᠨᠢ ᠮᠥᠰᠥᠲᠦ ᠶ᠋ᠢᠨ ᠴᠠᠷᠠᠮ ᠳ᠋ᠤ᠌ ᠬᠤᠪᠤᠨ ᠬᠠᠷ᠎ᠠ ᠪᠦᠭᠭᠦᠵᠦ ᠪᠠᠢᠭ᠎ᠠ᠃ ᠭᠠᠭᠴᠠ ᠨᠢᠭᠡ ᠪᠡᠷ ᠶᠠᠪᠤᠵᠤ ᠪᠣᠯᠠᠠᠤ ᠦᠭᠡᠢ᠃ ᠰᠤᠮᠤ ᠳᠠᠭᠠᠭᠠᠳᠠᠭ ᠦᠭᠡᠢ ᠡᠷ᠎ᠡ ᠭᠡᠨ᠎ᠡ ᠪᠢᠯᠡ ᠭᠡᠵᠦ ᠥᠷᠲᠡᠭᠡᠨ ᠦ᠌ ᠠᠬᠠᠯᠠᠭᠴᠢ ᠬᠢᠵᠢᠶᠡᠯ ᠨᠠᠰᠤᠨ ᠤ᠋ ᠬᠥᠮᠦᠨ ᠬᠡᠯᠡᠪᠡ᠃
   ᠪᠠᠲᠤ ᠳ᠋ᠤ᠌ ᠬᠥᠮᠦᠨ ᠳ᠋ᠦ᠍ ᠬᠡᠷᠡᠭ ᠪᠣᠯᠠᠠᠤ ᠶᠠᠭᠤᠮ᠎ᠠ ᠪᠠᠢᠭᠰᠠᠨ ᠦᠭᠡᠢ᠃ ᠲᠡᠭᠦᠨ ᠦ᠌ ᠡᠮᠦᠰᠴᠦ ᠶᠠᠪᠤᠭ᠎ᠠ ᠰᠤᠷᠭᠠᠭᠤᠯᠢ ᠶ᠋ᠢᠨ ᠬᠠᠭᠤᠴᠢᠪᠲᠤᠷ ᠨᠣᠭᠣᠭᠠᠨ ᠳᠠᠪᠤᠤ ᠳᠡᠪᠡᠯ ᠲᠡᠷᠡ ᠬᠤᠯᠠᠭᠠᠢᠴᠢ ᠳ᠋ᠤ᠌ ᠬᠡᠷᠡᠭ ᠪᠣᠯᠠᠠᠤ ᠦᠭᠡᠢ ᠨᠢ ᠮᠡᠳᠡᠭᠡᠵᠢ ᠬᠡᠷᠡᠭ ᠪᠠᠢᠯ᠎ᠠ᠃
   ᠊᠊᠊᠊᠊᠊᠊᠊᠊᠊᠊᠊᠊᠊᠊ ᠪᠢ ᠶᠠᠭᠠᠷᠠᠤ ᠶᠠᠪᠤᠭ᠎ᠠ ᠬᠥᠮᠦᠨ᠃ ᠨᠠᠳᠠ ᠳ᠋ᠤ᠌ ᠶᠠᠩᠭᠢᠶ᠎ᠠ ᠳᠤᠠᠠᠤᠭᠠᠤᠨ ᠳᠠᠷᠠᠭᠠᠴᠢ ᠶ᠋ᠢᠨ ᠥᠷᠲᠡᠭᠡ ᠬᠦᠷᠭᠡᠵᠦ ᠴᠢᠳᠠᠠᠠᠤ ᠬᠥᠯ ᠬᠥᠩᠭᠡᠨ ᠲᠡᠢ ᠦᠵᠡᠮᠵᠢ ᠮᠠᠭᠤᠲᠠᠢ ᠭᠡᠭᠦᠦ᠂ ᠠᠵᠢᠷᠭ᠎ᠠ ᠠᠯᠢ᠃ ᠲᠡᠷᠡ ᠬᠤᠯᠠᠭᠠᠢᠴᠢ ᠳ᠋ᠤ᠌ ᠬᠡᠷᠡᠭ ᠪᠣᠯᠠᠠᠤ ᠶᠠᠭᠤᠮ᠎ᠠ ᠨᠠᠳᠠ ᠳ᠋ᠤ᠌ ᠪᠠᠢᠬᠤ ᠦᠭᠡᠢ ᠭᠡᠵᠦ ᠪᠠᠲᠤ ᠰᠢᠢᠳᠮᠡᠭᠡᠢ ᠬᠡᠯᠡᠪᠡ᠃
   ᠥᠷᠲᠡᠭᠡᠨ ᠦ᠌ ᠠᠬᠠᠯᠠᠭᠴᠢ ᠪᠠᠲᠤ ᠶ᠋ᠢ ᠬᠣᠷᠢᠭᠯᠠᠵᠤ ᠶᠠᠳᠠᠭᠰᠠᠨ ᠪᠣᠯᠪᠠᠴᠤ ᠪᠠᠲᠤ ᠪᠣᠳᠣᠯ ᠡᠴᠡ ᠪᠡᠨ ᠪᠤᠴᠠᠭᠰᠠᠨ ᠦᠭᠡᠢ ᠲᠤᠯᠠ ᠬᠥᠯ ᠬᠥᠩᠭᠡᠨ ᠲᠡᠢ ᠪᠠᠢᠳᠠᠰᠤᠨ ᠭᠡᠭᠦᠦ᠂ ᠠᠴᠢᠶᠠᠲᠠᠢ ᠡᠯᠴᠢᠳ ᠬᠡᠷᠡᠭᠯᠡᠳᠡᠭ ᠪᠣᠳᠣᠭ ᠦᠭᠡᠢ ᠶᠠᠩᠭᠢᠶᠠᠨ ᠳ᠋ᠤ᠌ ᠬᠠᠪᠢᠷᠭᠠᠨ ᠳᠥᠷᠥᠭᠡ ᠬᠢᠵᠦ ᠥᠭᠭᠦᠭᠡᠳ ᠶᠠᠪᠤᠭᠤᠯᠪᠠ᠃
   ᠬᠤᠯᠠᠭᠠᠢᠴᠢ ᠶ᠋ᠢᠨ ᠪᠦᠭᠭᠦᠵᠦ ᠪᠠᠢᠭ᠎ᠠ ᠠᠭᠤᠯᠠ ᠣᠢᠷᠠᠳᠬᠤ ᠳᠣᠳᠣᠮ ᠪᠠᠲᠤ ᠶ᠋ᠢᠨ ᠰᠡᠳᠬᠢᠯ ᠠᠶ᠎ᠠ ᠦᠭᠡᠢ ᠪᠣᠯᠵᠤ ᠰᠡᠳᠬᠢᠯ ᠨᠢ ᠳᠣᠭᠳᠣᠯᠤᠨ ᠳᠥᠷᠪᠡᠨ ᠵᠦᠭ ᠨᠠᠢ᠍ᠮᠠᠨ ᠵᠣᠪᠬᠢᠰ ᠢ᠋ ᠭᠢᠯᠠᠯᠵᠠᠨ ᠠᠵᠢᠭᠯᠠᠵᠤ᠂ ᠪᠠᠢᠳᠠᠰᠤ ᠪᠠᠨ ᠳᠠᠪᠢᠷᠠᠨ᠎ᠠ᠃
   ᠬᠠᠮᠢᠭ᠎ᠠ ᠠ᠋ᠴᠠ ᠴᠤ᠌ ᠶᠤᠮ ᠪᠣᠢ ᠭᠠᠷᠴᠤ ᠢᠷᠡᠭᠡᠳ ᠪᠦᠳᠦᠭᠦᠨ ᠲᠠᠰᠢᠭᠤᠷ ᠢ᠋ᠶ᠋ᠠᠷ ᠴᠣᠬᠢᠵᠤ ᠣᠷᠬᠢᠪᠠᠯ ᠶᠠᠭᠠᠬᠢᠬᠤ ᠪᠢᠯᠡ ᠭᠡᠵᠦ ᠪᠣᠳᠤᠠᠠᠤ ᠳ᠋ᠤ᠌ ᠪᠡᠶ᠎ᠡ ᠠᠷᠵᠠᠰᠬᠢᠵᠦ ᠦᠰᠦ ᠨᠢ ᠪᠣᠰᠠᠠᠤ ᠰᠢᠭ᠋ ᠪᠣᠯᠤᠨ᠎ᠠ᠃
   ᠭᠡᠲᠡᠯ᠎ᠡ ᠬᠠᠵᠠᠭᠤ ᠶ᠋ᠢᠨ ᠮᠣᠳᠣᠨ ᠳᠣᠲᠣᠷ᠎ᠠ ᠠ᠋ᠴᠠ ᠰᠤᠮᠤ ᠰᠢᠭ᠋ ᠭᠡᠳᠡᠰᠦ ᠲᠡᠢ ᠤᠯᠠᠭᠠᠨ ᠪᠣᠷᠣ ᠮᠣᠷᠢ ᠤᠨᠤᠭᠰᠠᠨ᠂ ᠪᠦᠳᠦᠭᠦᠨ ᠲᠠᠰᠢᠭᠤᠷ ᠪᠠᠷᠢᠭᠰᠠᠨ ᠬᠥᠮᠦᠨ ᠭᠠᠷᠴᠤ ᠢᠷᠡᠯ᠎ᠡ᠃ ᠪᠠᠲᠤ ᠶ᠋ᠢᠨ ᠬᠣᠭᠣᠯᠠᠢ ᠵᠠᠩᠭᠢᠷᠠᠨ᠂ ᠨᠢᠳᠦ ᠨᠢ ᠪᠦᠷᠬᠦᠪᠡ᠃ ᠭᠡᠪᠡᠴᠦ ᠢᠷᠡᠭᠰᠡᠨ ᠴᠠᠭ ᠲᠤ᠌ ᠨᠢ ᠡᠰᠡᠷᠭᠦᠴᠡᠬᠦ ᠪᠡᠷ ᠪᠣᠭᠣᠨᠢ ᠪᠣᠯᠪᠠᠴᠤ ᠣᠪᠣᠭ᠎ᠠ ᠪᠦᠳᠦᠭᠦᠨ ᠬᠤᠯᠤᠰᠤᠨ ᠲᠠᠰᠢᠭᠤᠷ ᠢ᠋ᠶ᠋ᠠᠨ ᠴᠢᠩᠭ᠎ᠠ ᠠᠳᠬᠤᠵᠤ ᠪᠡᠯᠡᠳᠬᠡᠪᠡ᠃
   ᠤᠳᠠᠭᠰᠠᠨ ᠴᠤ᠌ ᠦᠭᠡᠢ ᠲᠡᠷᠡ ᠬᠥᠮᠦᠨ ᠪᠠᠲᠤ ᠶ᠋ᠢᠨ ᠣᠢᠷ᠎ᠠ ᠢᠷᠡᠭᠡᠳ ᠮᠣᠷᠢᠨ ᠤ᠋ ᠠᠮᠠ ᠶ᠋ᠢ ᠲᠠᠲᠠᠵᠤ ᠠᠵᠢᠭᠯᠠᠭᠰᠠᠨ ᠢ᠋ᠶ᠋ᠠᠨ 《ᠪᠠᠲᠤ ᠠ᠋ ᠶᠠᠮᠠᠷ ᠰᠠᠢᠬᠠᠨ ᠤᠴᠠᠷᠠᠯ ᠪᠣᠢ》 ᠭᠡᠵᠦ ᠳᠠᠭᠤ ᠠᠯᠳᠠᠪᠠ᠃
   ᠪᠠᠲᠤ ᠨᠢᠳᠦ ᠪᠡᠨ ᠴᠠᠪᠴᠢᠵᠤ ᠪᠦᠷᠭᠡᠰᠦ ᠪᠡᠨ ᠭᠠᠷᠭᠠᠭᠠᠳ ᠬᠠᠷᠠᠪᠠᠯ ᠴᠡᠩᠬᠡᠷ ᠲᠣᠷᠭᠠᠨ ᠳᠡᠪᠡᠯ ᠦ᠋ᠨ ᠡᠩᠭᠡᠷ ᠵᠠᠭᠠᠮ᠎ᠠ ᠶ᠋ᠢ ᠵᠠᠳᠠᠭᠠᠢ ᠣᠷᠬᠢᠵᠤ ᠤᠯᠠᠪᠤᠷ ᠰᠢᠷ᠎ᠠ ᠪᠦᠰᠡ ᠣᠷᠢᠶᠠᠭᠠᠳ ᠨᠠᠭᠠᠮᠠᠯ ᠤᠯᠠ ᠲᠠᠢ ᠰᠢᠨ᠎ᠡ ᠪᠣᠯᠢᠭᠠᠷᠠᠢ ᠭᠤᠲᠤᠯ ᠢᠰᠬᠦᠯᠵᠦ᠂ ᠴᠠᠭᠠᠨ ᠠᠯᠴᠢᠭᠤᠷ ᠢ᠋ᠶ᠋ᠠᠷ ᠲᠣᠯᠣᠭᠠᠢ ᠪᠠᠨ ᠣᠷᠢᠶᠠᠭᠰᠠᠨ ᠳᠡᠭᠵᠢᠨ ᠡᠷ᠎ᠡ ᠥᠭᠡᠷ᠎ᠡ ᠬᠡᠨ ᠴᠦ᠍ ᠪᠢᠰᠢ᠂ ᠬᠠᠷᠢᠨ ᠪᠠᠭ᠎ᠠ ᠶ᠋ᠢᠨ ᠨᠠᠢᠵᠠ ᠬᠣᠩᠭᠣᠷ ᠨᠢ ᠪᠠᠢᠯ᠎ᠠ᠃
   ᠊᠊᠊᠊᠊᠊᠊᠊᠊᠊᠊᠊᠊᠊᠊ ᠬᠣᠩᠭᠣᠷ ᠁ ᠴᠢ ᠶᠦ᠍ᠮ ᠤᠤ? ᠭᠡᠵᠦ ᠪᠠᠲᠤ ᠬᠠᠰᠬᠢᠷᠪᠠ᠃ ᠪᠡᠶ᠎ᠡ ᠪᠡᠶ᠎ᠡ ᠪᠡᠨ ᠲᠠᠨᠢᠭᠰᠠᠨ ᠬᠣᠶᠠᠷ ᠨᠠᠢᠵᠠ ᠮᠣᠷᠢᠨ ᠡᠴᠡ ᠪᠡᠨ ᠦᠰᠦᠷᠦᠨ ᠪᠠᠭᠤᠵᠤ ᠡᠮᠦᠨ᠎ᠡ ᠡᠮᠦᠨ᠎ᠡ ᠡᠴᠡ ᠪᠡᠨ ᠢᠨᠢᠶᠡᠮᠰᠦᠭᠯᠡᠨ ᠣᠴᠢᠵᠤ ᠵᠣᠯᠭᠠᠪᠠ᠃
   ᠊᠊᠊᠊᠊᠊᠊᠊᠊᠊᠊᠊᠊᠊᠊ ᠴᠢᠮ᠎ᠠ ᠲᠠᠢ ᠪᠠᠨ ᠡᠨᠳᠡ ᠤᠴᠠᠷᠠᠨ᠎ᠠ ᠭᠡᠵᠦ ᠣᠭᠲᠣ ᠪᠣᠳᠣᠭᠰᠠᠨ ᠦᠭᠡᠢ ᠰᠢᠦ᠃ ᠰᠠᠢᠬᠠᠨ ᠠ᠋! ᠭᠡᠵᠦ ᠬᠣᠩᠭᠣᠷ ᠪᠠᠶᠠᠷ ᠨᠢ ᠪᠠᠭᠲᠠᠵᠤ ᠶᠠᠳᠠᠭᠰᠠᠨ ᠨᠢᠳᠦ ᠪᠡᠨ ᠭᠢᠯᠠᠯᠵᠠᠭᠤᠯᠤᠨ ᠠᠮᠢᠰᠠᠠᠤᠭᠠᠳᠠᠵᠤ ᠬᠡᠯᠡᠪᠡ᠃
   ᠊᠊᠊᠊᠊᠊᠊᠊᠊᠊᠊᠊᠊᠊᠊ ᠬᠤᠪᠤᠨ ᠬᠠᠷ᠎ᠠ ᠭᠡᠬᠦ ᠳ᠋ᠦ᠍ ᠨᠢ ᠴᠢᠮᠢ᠋ᠢ ᠭᠡᠵᠦ ᠣᠭᠲᠣ ᠪᠣᠳᠣᠭᠰᠠᠨ ᠦᠭᠡᠢ ᠭᠡᠵᠦ ᠪᠠᠲᠤ ᠶ᠋ᠢᠨ ᠬᠡᠯᠡᠬᠦ ᠳ᠋ᠦ᠍ ᠭᠡᠨᠡᠳᠲᠡ ᠤᠴᠠᠷᠠᠯ ᠤ᠋ᠨ ᠶᠡᠬᠡ ᠪᠠᠶᠠᠷ ᠨᠢᠭᠤᠷ ᠤ᠋ᠨ ᠬᠢᠨᠢ ᠰᠢᠷᠬᠡᠭ ᠪᠦᠷᠢ ᠡᠴᠡ ᠬᠠᠭᠤᠷᠠᠢ ᠬᠠᠷ᠎ᠠ ᠮᠣᠳᠣᠨ ᠤ᠋ ᠣᠴᠢ ᠰᠢᠭ᠋ ᠦᠰᠦᠷᠴᠦ ᠪᠠᠢᠯ᠎ᠠ᠃
   ᠊᠊᠊᠊᠊᠊᠊᠊᠊᠊᠊᠊᠊᠊᠊ ᠪᠠᠭ᠎ᠠ ᠳ᠋ᠤ᠌ ᠮᠢᠨᠢ ᠠᠪᠤ ᠶ᠋ᠢᠨ ᠬᠠᠢᠷᠠᠯᠠᠭᠰᠠᠨ ᠬᠣᠴᠢ ᠰᠢᠯᠢ ᠶ᠋ᠢᠨ ᠬᠤᠯᠠᠭᠠᠢᠴᠢ ᠪᠣᠯᠤᠭᠰᠠᠨ ᠴᠤ᠌ ᠬᠠᠮᠲᠤ ᠶᠠᠪᠤᠳᠠᠭ ᠤᠴᠢᠷ ᠲᠠᠢ ᠪᠣᠯᠤᠯᠲᠠᠢ᠃ ᠥᠷᠲᠡᠭᠡᠨ ᠦ᠌ ᠬᠢᠨ ᠬᠤᠪᠤᠨ ᠬᠠᠷ᠎ᠠ ᠭᠡᠳ ᠯᠡ ᠰᠦᠷ ᠪᠠᠳᠠᠷᠠᠭᠤᠯᠤᠨ ᠱᠤᠤᠭᠢᠵᠤ ᠪᠠᠢᠨ᠎ᠠ ᠤᠤ?
   ᠊᠊᠊᠊᠊᠊᠊᠊᠊᠊᠊᠊᠊᠊᠊ ᠶᠠᠷᠢᠵᠤ ᠯᠠ ᠪᠠᠢᠨ᠎ᠠ᠃ ᠴᠢ ᠡᠨᠳᠡ ᠶᠠᠭᠤ ᠭᠡᠵᠦ ᠶᠠᠪᠤᠳᠠᠭ ᠶᠤᠮ ᠪᠢᠯᠡ?
   ᠊᠊᠊᠊᠊᠊᠊᠊᠊᠊᠊᠊᠊᠊᠊ ᠪᠠᠷᠠᠭᠤᠨ ᠲᠠᠯ᠎ᠠ ᠪᠠᠷ ᠠᠵᠢᠯ ᠢ᠋ᠶ᠋ᠠᠨ ᠬᠢᠵᠦ ᠶᠠᠪᠤᠭᠰᠠᠨ ᠰᠡᠳᠦᠪ ᠠᠪᠠᠠᠠᠭᠤᠯᠤᠭᠠᠤᠨ ᠫᠤᠤ ᠲᠠᠢ ᠬᠥᠮᠦᠰ ᠲᠦ᠍ ᠬᠥᠭᠡᠭᠡᠭᠳᠡᠵᠦ ᠪᠣᠷᠣ ᠮᠣᠷᠢᠨ ᠤ᠋ ᠪᠠᠨ ᠬᠦᠴᠦ ᠪᠡᠷ ᠵᠢᠭᠤᠲᠠᠵᠤ ᠢᠷᠡᠯ᠎ᠡ᠃ ᠲᠦᠷᠦᠭᠦᠯᠡᠵᠦ ᠢᠷᠡᠭᠰᠡᠨ ᠨᠢᠭᠡ ᠶ᠋ᠢ ᠨᠢ ᠴᠢᠯᠠᠭᠤ ᠪᠠᠷ ᠴᠣᠬᠢᠵᠤ ᠤᠨᠠᠭᠠᠭ᠎ᠠ ᠦᠭᠡᠢ ᠰᠠᠨ ᠪᠣᠯ ᠰᠠᠯᠠᠠᠤ ᠦᠭᠡᠢ ᠤᠯᠤᠰ ᠪᠠᠢᠳᠠᠭ ᠰᠢᠦ᠃ ᠲᠡᠭᠡᠭᠡᠳ ᠡᠨᠡ ᠠᠭᠤᠯᠠᠨ ᠳ᠋ᠤ᠌ ᠬᠣᠶᠠᠷ ᠬᠣᠨᠣᠭ ᠮᠣᠷᠢ ᠪᠡᠶ᠎ᠡ ᠪᠡᠨ ᠠᠮᠠᠷᠠᠭᠠᠭᠠᠳ ᠶᠠᠪᠤᠶ᠎ᠠ ᠭᠡᠵᠦ ᠪᠣᠳᠣᠭᠰᠠᠨ ᠶᠤᠮ᠃ ᠭᠡᠲᠡᠯ᠎ᠡ ᠴᠦᠳᠠᠠᠵᠠ ᠴᠤ᠌ ᠦᠭᠡᠢ ᠪᠣᠯᠤᠭᠠᠳ ᠥᠴᠥᠭᠡᠳᠦᠷ ᠡᠨᠡ ᠵᠠᠮ ᠢ᠋ᠶ᠋ᠠᠷ ᠬᠣᠶᠠᠷ ᠶᠠᠭᠤᠮ᠎ᠠ ᠶᠠᠪᠣᠠᠠᠤ ᠳᠡᠭᠡᠷ᠎ᠡ ᠨᠢ ᠰᠦᠷᠳᠡᠭᠦᠯᠵᠦ ᠪᠠᠢᠭᠠᠳ ᠬᠠᠢᠷᠴᠠᠭ ᠴᠦᠳᠠᠠᠵᠠ ᠠᠪᠴᠤ ᠣᠷᠬᠢᠭᠰᠠᠨ ᠶᠤᠮ᠃ ᠪᠣᠳᠣᠪᠠᠯ ᠡᠳᠦᠢ ᠳ᠋ᠦ᠍ ᠬᠤᠪᠤᠨ ᠬᠠᠷ᠎ᠠ ᠥᠷᠲᠡᠭᠡ ᠵᠠᠮ ᠳᠡᠭᠡᠷ᠎ᠡ ᠳᠡᠭᠡᠷᠡᠮᠳᠡᠵᠦ ᠪᠠᠢᠨ᠎ᠠ ᠭᠡᠵᠦ ᠶᠠᠷᠢᠵᠤ ᠪᠠᠢᠭ᠎ᠠ ᠪᠠᠢᠬᠤ᠃ ᠵᠠ ᠲᠡᠷᠡ ᠴᠦ᠍ ᠶᠠᠭᠠᠬᠢᠬᠤ ᠪᠣᠢ᠃ ᠡᠪᠦᠭᠡᠨ ᠴᠢᠨᠢ ᠥᠨᠥ ᠥᠷᠯᠥᠭᠡ ᠡᠨᠡ ᠠᠭᠤᠯᠠᠨ ᠳ᠋ᠤ᠌ ᠰᠠᠭᠤᠵᠤ ᠪᠠᠢᠬᠤ ᠳ᠋ᠠᠭᠠᠨ ᠵᠠᠮ ᠢ᠋ᠶ᠋ᠠᠷ ᠰᠢᠨ᠎ᠡ ᠲᠠᠲᠠᠭᠳᠠᠭᠰᠠᠨ ᠴᠡᠷᠢᠭ ᠳᠠᠭᠤᠤ ᠳᠠᠭᠤᠯᠠᠨ ᠬᠥᠭᠵᠢᠯ ᠲᠡᠢ ᠶᠠᠪᠤᠵᠤ ᠪᠠᠢᠬᠤ ᠶ᠋ᠢ ᠬᠠᠷᠠᠭᠠᠳ ᠰᠡᠳᠬᠢᠯ ᠬᠥᠳᠡᠯᠦᠭᠡᠳ ᠡᠳᠦᠷᠵᠢᠨ ᠶᠠᠭᠤᠮ᠎ᠠ ᠪᠣᠳᠣᠯ᠎ᠠ᠃ ᠢᠩᠭᠢᠵᠦ ᠴᠠᠰᠤ ᠪᠠᠷ ᠤᠮᠳᠠ ᠬᠢᠵᠦ᠂ ᠴᠠᠷᠠᠮ ᠢ᠋ᠶ᠋ᠠᠷ ᠭᠡᠷ ᠬᠢᠵᠦ ᠶᠠᠪᠣᠠᠠᠤ ᠶ᠋ᠢᠨ ᠣᠷᠣᠨ ᠳ᠋ᠤ᠌ ᠴᠡᠷᠢᠭ ᠲᠦ᠍ ᠮᠣᠷᠳᠠᠶ᠎ᠠ ᠭᠡᠵᠦ ᠪᠣᠳᠣᠯ᠎ᠠ᠃
   ᠊᠊᠊᠊᠊᠊᠊᠊᠊᠊᠊᠊᠊᠊᠊ ᠵᠥᠪ ᠬᠣᠩᠭᠣᠷ ᠮᠢᠨᠢ᠃ ᠣᠳᠣ ᠦᠶ᠎ᠡ ᠳ᠋ᠦ᠍ ᠢᠩᠭᠢᠵᠦ ᠶᠠᠪᠤᠭᠠᠳ ᠬᠡᠷᠡᠭ ᠠᠯᠠᠭ᠎ᠠ᠃ ᠴᠢ ᠤᠬᠠᠭᠠᠨᠲᠠᠢ ᠰᠡᠷᠭᠦᠯᠡᠩ ᠬᠥᠮᠦᠨ᠃ ᠵᠥᠪ ᠵᠠᠮ ᠢ᠋ᠶ᠋ᠠᠷ ᠶᠠᠪᠤᠪᠠᠯ ᠣᠯᠠᠨ ᠳ᠋ᠤ᠌ ᠶᠡᠬᠡ ᠲᠤᠰᠠ ᠬᠦᠷᠭᠡᠵᠦ ᠴᠢᠳᠠᠨ᠎ᠠ᠃
   ᠊᠊᠊᠊᠊᠊᠊᠊᠊᠊᠊᠊᠊᠊᠊ ᠡᠪᠦᠭᠡᠨ ᠦ᠌ ᠴᠢᠨᠢ ᠬᠢᠭᠰᠡᠨ ᠬᠡᠷᠡᠭ ᠪᠠᠭ᠎ᠠ ᠦᠭᠡᠢ ᠪᠣᠯᠠᠠᠤᠷ ᠣᠴᠢᠠᠠᠤ ᠳ᠋ᠤ᠌ ᠮᠢᠨᠢ ᠪᠠᠷᠢᠵᠤ ᠠᠪᠤᠭᠠᠳ ᠭᠢᠨᠳᠠᠨ ᠳ᠋ᠤ᠌ ᠬᠣᠷᠢᠵᠤ ᠣᠷᠬᠢᠪᠠᠯ ᠶᠠᠭᠠᠬᠢᠨ᠎ᠠ?
   ᠊᠊᠊᠊᠊᠊᠊᠊᠊᠊᠊᠊᠊᠊᠊ ᠪᠤᠷᠤᠭᠤ ᠪᠠᠨ ᠮᠡᠳᠡᠭᠡᠳ ᠵᠥᠪ ᠵᠠᠮ ᠳ᠋ᠤ᠌ ᠣᠷᠣᠶ᠎ᠠ ᠭᠡᠳ ᠥᠪᠡᠷ ᠢ᠋ᠶ᠋ᠡᠨ ᠣᠴᠢᠵᠤ ᠪᠠᠢᠭ᠎ᠠ ᠬᠥᠮᠦᠨ ᠢ᠋ ᠲᠡᠭᠡᠬᠦ ᠦᠭᠡᠢ᠃
   ᠊᠊᠊᠊᠊᠊᠊᠊᠊᠊᠊᠊᠊᠊᠊ ᠭᠡᠬᠦ ᠳ᠋ᠡᠭᠡᠨ ᠪᠢ ᠬᠥᠮᠦᠨ ᠠᠯᠠᠭ᠎ᠠ ᠦᠭᠡᠢ ᠶᠦᠮ ᠰᠢᠦ ᠁ ᠡᠨᠡ ᠠᠷᠠᠳ ᠤ᠋ᠨ ᠵᠠᠰᠠᠭ ᠭᠡᠳᠡᠭ ᠴᠢᠨᠢ ᠦᠨᠡᠨ ᠳ᠋ᠡᠭᠡᠨ ᠶᠠᠮᠠᠷ ᠰᠢᠦ ᠵᠣᠷᠢᠯᠭ᠎ᠠ ᠲᠠᠢ ᠡᠳ᠋ ᠪᠣᠢ ᠳᠠ?
   ᠊᠊᠊᠊᠊᠊᠊᠊᠊᠊᠊᠊᠊᠊᠊ ᠬᠠᠭᠤᠴᠢᠨ ᠬᠠᠷᠭᠢᠰ ᠯᠠᠮᠠ ᠨᠣᠶᠠᠳ ᠤ᠋ᠨ ᠵᠠᠰᠠᠭ ᠢ᠋ ᠤᠨᠠᠭᠠᠭᠠᠳ ᠣᠷᠣᠨ ᠳ᠋ᠤ᠌ ᠨᠢ ᠲᠣᠭᠲᠠᠭᠰᠠᠨ ᠵᠠᠰᠠᠭ᠃ ᠡᠨᠡ ᠵᠠᠰᠠᠭ ᠤ᠋ᠨ ᠡᠵᠡᠨ ᠪᠣᠯ ᠵᠢᠷ ᠦ᠋ᠨ ᠬᠠᠷᠠᠴᠤ ᠠᠷᠠᠳ ᠲᠦᠮᠡᠨ᠃ ᠪᠦᠭᠦᠳᠡ ᠡᠷᠬᠡ ᠲᠡᠭᠰᠢ ᠲᠡᠢ᠃ ᠬᠠᠷᠢᠨ ᠳᠠᠷᠤᠯᠠᠵᠤ ᠮᠥᠯᠵᠢᠬᠦ ᠶᠠᠪᠤᠳᠠᠯ ᠢ᠋ ᠴᠡᠭᠡᠷᠯᠡᠨ᠎ᠡ᠃ ᠦᠨᠡᠨᠴᠢ ᠰᠢᠳᠤᠷᠭᠤ ᠶᠣᠰᠣ ᠶᠢ ᠡᠷᠬᠢᠮᠯᠡᠨ᠎ᠡ ᠭᠡᠵᠦ ᠪᠠᠲᠤ ᠲᠠᠢᠯᠪᠤᠷᠢᠯᠠᠪᠠ᠃
   ᠊᠊᠊᠊᠊᠊᠊᠊᠊᠊᠊᠊᠊᠊᠊ ᠪᠢ ᠬᠠᠷᠠᠴᠤ ᠠᠷᠠᠳ ᠮᠥᠨ ᠤᠤ?
   ᠊᠊᠊᠊᠊᠊᠊᠊᠊᠊᠊᠊᠊᠊᠊ ᠴᠢᠮᠠᠲᠤ ᠨᠣᠶᠠᠨ᠂ ᠲᠠᠢᠵᠢ ᠤᠭᠰᠠᠭ᠎ᠠ ᠪᠠᠢᠬᠤ ᠦᠭᠡᠢ ᠪᠣᠯᠠᠠᠤᠷ ᠬᠠᠷᠠᠴᠤ ᠠᠷᠠᠳ ᠮᠥᠨ ᠰᠢᠦ ᠳᠡ᠃
   ᠊᠊᠊᠊᠊᠊᠊᠊᠊᠊᠊᠊᠊᠊᠊ ᠡᠵᠢ ᠮᠢᠨᠢ ᠨᠢᠭᠡ ᠮᠠᠭᠤ ᠲᠠᠢᠵᠢ ᠤᠭᠰᠠᠭ᠎ᠠ ᠲᠠᠢ ᠰᠢᠦ ᠳᠡ᠃
   ᠊᠊᠊᠊᠊᠊᠊᠊᠊᠊᠊᠊᠊᠊᠊ ᠲᠡᠷᠡ ᠬᠠᠮᠢᠶ᠎ᠠ ᠦᠭᠡᠢ᠃ ᠠᠪᠤ ᠶ᠋ᠢᠨ ᠲᠠᠯ᠎ᠠ ᠶ᠋ᠢ ᠠᠪᠴᠤ ᠬᠡᠯᠡᠯᠴᠡᠨ᠎ᠡ ᠭᠡᠵᠦ ᠪᠠᠲᠤ ᠮᠡᠳᠡᠮᠡᠬᠡᠢ ᠪᠥᠭᠡᠳ ᠢᠲᠡᠭᠡᠯ ᠲᠡᠢ ᠬᠡᠯᠡᠪᠡ᠃
   ᠊᠊᠊᠊᠊᠊᠊᠊᠊᠊᠊᠊᠊᠊᠊ ᠴᠢᠮᠠᠳᠠᠢ ᠬᠠᠮᠲᠤ ᠶᠠᠪᠤᠭᠠᠳ ᠪᠠᠢᠳᠠᠭ ᠬᠡᠷᠡᠭ ᠠ᠋᠃
   ᠬᠣᠶᠠᠷ ᠨᠠᠢᠵᠢ ᠮᠣᠷᠳᠠᠵᠤ ᠬᠠᠲᠠᠷᠢᠭᠤᠯᠪᠠ᠃ ᠬᠣᠩᠭᠣᠷ ᠤ᠋ᠨ ᠪᠣᠷᠣ ᠮᠣᠷᠢ ᠲᠣᠯᠣᠭᠠᠢ ᠳᠠᠷᠤᠨ ᠬᠠᠳᠠᠷᠢᠠᠠᠤ ᠳ᠋ᠤ᠌ ᠪᠠᠲᠤ ᠶ᠋ᠢᠨ ᠪᠠᠢᠳᠠᠰᠤ ᠰᠠᠷᠪᠠᠢᠵᠤ ᠪᠠᠢᠯ᠎ᠠ᠃ ᠶᠠᠷᠢᠶᠠᠨ ᠳ᠋ᠠᠭᠠᠨ ᠪᠣᠯᠤᠭᠰᠠᠨ ᠬᠣᠶᠠᠷ ᠬᠠᠪᠤᠷ ᠤ᠋ᠨ ᠲᠤᠷᠠᠩᠬᠠᠢ ᠪᠠᠢᠳᠠᠰᠤ ᠲᠡᠯᠡᠭᠳᠡᠨ ᠬᠥᠳᠡᠯᠵᠦ ᠴᠢᠳᠠᠠᠠᠤ ᠦᠭᠡᠢ ᠡᠴᠡᠬᠦ ᠶ᠋ᠢ ᠪᠣᠳᠣᠭᠰᠠᠨ ᠦᠭᠡᠢ᠃ ᠨᠢᠭᠡ ᠮᠡᠳᠡᠬᠦ ᠳ᠋ᠦ᠍ ᠪᠠᠢᠳᠠᠰᠤ ᠶᠠᠭ ᠪᠣᠯᠵᠤ ᠲᠠᠭ ᠵᠣᠭᠰᠣᠪᠠ᠃
   ᠊᠊᠊᠊᠊᠊᠊᠊᠊᠊᠊᠊᠊᠊᠊ ᠬᠠᠶᠠᠵᠤ ᠣᠷᠬᠢᠭᠠᠳ ᠮᠢᠨᠦ ᠪᠣᠷᠣ ᠮᠣᠷᠢᠨ ᠳ᠋ᠤ᠌ ᠰᠤᠨᠳᠠᠯᠠᠳᠠᠭᠠᠳ ᠶᠠᠪᠤᠶ᠎ᠠ᠃
   ᠊᠊᠊᠊᠊᠊᠊᠊᠊᠊᠊᠊᠊᠊᠊ ᠡᠨᠡ ᠡᠵᠡᠭᠦᠢ ᠭᠠᠵᠠᠷ ᠡᠴᠡᠭᠰᠡᠨ ᠪᠠᠢᠳᠠᠰᠤ ᠣᠷᠬᠢᠪᠠᠯ ᠴᠢᠨᠣ᠎ᠠ ᠶ᠋ᠢᠨ ᠢᠳᠡᠰᠢ ᠪᠣᠯᠭᠠᠨ᠎ᠠ᠃ ᠬᠣᠨᠣᠭᠠᠳ ᠥᠷᠯᠥᠭᠡ ᠳᠠᠷᠠᠭ᠎ᠠ ᠶ᠋ᠢᠨ ᠥᠷᠲᠡᠭᠡ ᠬᠦᠷᠴᠦ ᠴᠢᠳᠠᠠᠠᠤ ᠪᠠᠢᠬᠤ ᠭᠡᠵᠦ ᠪᠠᠲᠤ ᠬᠡᠯᠡᠪᠡ᠃
   ᠊᠊᠊᠊᠊᠊᠊᠊᠊᠊᠊᠊᠊᠊᠊ ᠤᠤᠯ ᠨᠢ ᠴᠦ᠍ ᠠᠷᠤ ᠬᠠᠩᠬᠠᠢ ᠬᠦᠷᠬᠦ ᠳ᠋ᠦ᠍ ᠶᠠᠭᠤᠮ᠎ᠠ ᠦᠭᠡᠢ ᠭᠠᠵᠠᠷ ᠦᠯᠡᠳᠡᠭᠰᠡᠨ ᠶᠤᠮᠰᠠᠨ᠃ ᠵᠠ ᠲᠡᠭᠡᠪᠡᠯ ᠨᠠᠭᠠᠳᠤᠬᠢ ᠮᠠᠭᠤ ᠪᠠᠨ ᠨᠣᠭᠲᠣ ᠪᠠᠷ ᠨᠢ ᠮᠢᠨᠦ ᠮᠣᠷᠢᠨ ᠤ᠋ ᠬᠦᠵᠦᠭᠦᠦ ᠡᠴᠡ ᠬᠣᠯᠪᠣᠭᠠᠳ ᠲᠠᠯᠪᠢᠵᠤ ᠣᠷᠭᠢ᠃
   ᠊᠊᠊᠊᠊᠊᠊᠊᠊᠊᠊᠊᠊᠊᠊ ᠠᠯᠠᠭ᠎ᠠ ᠪᠣᠯᠴᠢᠠᠠᠠᠠᠠᠤ ᠦᠭᠡᠢ ᠪᠠᠢᠭ᠎ᠠ᠃
   ᠊᠊᠊᠊᠊᠊᠊᠊᠊᠊᠊᠊᠊᠊᠊ ᠨᠠᠮᠢ᠋ᠢ ᠠᠮᠢᠳᠤ ᠪᠠᠢᠬᠤ ᠳ᠋ᠤ᠌ ᠮᠢᠨᠦ ᠪᠣᠷᠣ ᠮᠣᠷᠢ ᠶᠠᠪᠠᠭᠠᠯᠠᠠᠠᠤ ᠦᠭᠡᠢ᠃ ᠮᠣᠷᠢᠳ ᠢ᠋ᠶ᠋ᠠᠨ ᠬᠣᠩᠭᠣᠷ ᠤ᠋ᠨ ᠬᠡᠯᠡᠭᠰᠡᠨ ᠶᠣᠰᠣᠭᠠᠷ ᠲᠠᠯᠪᠢᠵᠤ ᠬᠣᠩᠭᠣᠷ ᠪᠣᠭᠴᠣᠨ ᠡᠴᠡ ᠪᠡᠨ ᠵᠢᠵᠢᠭ ᠲᠣᠭᠣᠭ᠎ᠠ᠂ ᠪᠣᠷᠴᠠ᠂ ᠴᠠᠢ ᠳᠠᠪᠤᠰᠤ ᠭᠠᠷᠭᠠᠵᠤ 《ᠡᠢᠮᠦᠷᠬᠦᠦ ᠯᠡ ᠠᠵᠤ ᠲᠥᠷᠥᠵᠦ ᠶᠠᠪᠤᠨ᠎ᠠ ᠳᠠ》 ᠭᠡᠳ ᠲᠠᠭᠠᠯᠠᠮᠵᠢᠲᠠᠢ ᠢᠨᠢᠶᠡᠮᠰᠦᠭᠯᠡᠪᠡ᠃
   ᠲᠩᠷᠢ ᠳ᠋ᠦ᠍ ᠣᠳᠣᠨ ᠲᠦᠭᠡᠵᠦ᠂ ᠦᠳᠡᠰᠢ ᠶ᠋ᠢᠨ ᠬᠦᠢᠲᠡᠨ ᠰᠠᠯᠬᠢ ᠦᠯᠢᠶᠡᠪᠡ᠃ ᠭᠡᠪᠡᠴᠦ ᠤᠳᠠᠯ ᠦᠭᠡᠢ ᠮᠥᠩᠭᠥᠨ ᠰᠠᠷᠠ ᠠᠭᠤᠯᠠ ᠶ᠋ᠢᠨ ᠣᠷᠣᠢ ᠠ᠋ᠴᠠ ᠲᠠᠰᠤᠷᠠᠨ ᠭᠠᠷᠴᠤ ᠳᠡᠯᠡᠬᠡᠢ ᠶ᠋ᠢ ᠴᠡᠪᠳᠡᠭ ᠰᠠᠷᠠᠯ ᠭᠡᠷᠡᠯ ᠢ᠋ᠶ᠋ᠡᠷ ᠭᠡᠢᠭᠦᠯᠪᠡ᠃ ᠴᠢᠬᠢᠨ ᠦ᠌ ᠦᠵᠦᠭᠦᠷ ᠲᠦ᠍ ᠠᠭᠤᠯᠠ ᠶ᠋ᠢᠨ ᠦ ᠦ ᠭᠡᠵᠦ ᠵᠢᠭᠳᠡ ᠪᠥᠭᠡᠳ ᠠᠮᠢᠰᠠᠠᠤᠭᠠᠳᠠᠨ ᠳᠤᠤᠭᠠᠷᠬᠤ ᠠᠶ᠎ᠠ ᠦᠭᠡᠢ ᠳᠠᠭᠤ ᠰᠣᠨᠣᠰᠤᠭᠳᠠᠵᠤ ᠪᠠᠢᠪᠠ᠃ ᠲᠡᠷᠡ ᠬᠣᠶᠠᠷ ᠳᠤᠠᠠᠤᠮ ᠢ᠋ᠶ᠋ᠠᠨ ᠳᠡᠪᠢᠰᠦᠨ᠂ ᠡᠮᠡᠭᠡᠯ ᠢ᠋ᠶ᠋ᠡᠨ ᠳᠡᠷᠡᠯᠡᠵᠦ ᠬᠡᠪᠲᠡᠬᠦ ᠳ᠋ᠦ᠍ ᠮᠣᠩᠭᠣᠯ ᠬᠥᠮᠦᠨ ᠦ᠌ ᠠᠮᠢᠳᠤᠷᠠᠯ ᠳ᠋ᠤ᠌ ᠡᠮᠡᠭᠡᠯ᠂ ᠳᠤᠠᠠᠤᠮ ᠳᠡᠪᠡᠯ ᠦ᠋ᠨ ᠵᠣᠬᠢᠴᠠᠭᠰᠠᠨ ᠲᠤᠬᠠᠢ ᠠᠩᠭᠢ ᠷᠢᠨᠴᠢᠨ ᠦ᠌ ᠬᠡᠯᠡᠵᠦ ᠪᠠᠢᠭᠰᠠᠨ ᠢ᠋ ᠶᠠᠷᠢᠪᠠ᠃
   ᠳᠦᠩᠭᠡᠷ ᠳᠦᠩᠭᠡᠷ ᠶᠠᠷᠢᠯᠴᠠᠨ ᠦᠶ᠎ᠡ ᠦᠶ᠎ᠡ ᠢᠨᠢᠶᠡᠵᠦ ᠬᠡᠪᠲᠡᠬᠦ ᠳ᠋ᠦ᠍ ᠬᠣᠷᠸ᠎ᠠ ᠬᠣᠣᠰ ᠦᠭᠡᠢ ᠰᠠᠢᠬᠠᠨ ᠪᠥᠭᠡᠳ ᠶᠠᠭᠤᠮ᠎ᠠ ᠪᠦᠬᠦᠨ ᠪᠠᠶᠠᠷ ᠵᠢᠷᠭᠠᠯ ᠤ᠋ᠨ ᠠᠶᠠᠯᠭᠤ ᠪᠠᠷ ᠳᠠᠭᠤᠯᠠᠵᠤ ᠪᠠᠢᠯ᠎ᠠ᠃
   ᠊᠊᠊᠊᠊᠊᠊᠊᠊᠊᠊᠊᠊᠊᠊ ᠠᠪᠤ ᠴᠢᠮᠢ᠋ᠢ ᠢᠩᠭᠢᠵᠦ ᠶᠠᠪᠣᠠᠠᠤ ᠳ᠋ᠤ᠌ ᠵᠠᠩᠨᠠᠠᠠᠤ ᠦᠭᠡᠢ ᠪᠠᠢᠨ᠎ᠠ ᠤᠤ?
   ᠊᠊᠊᠊᠊᠊᠊᠊᠊᠊᠊᠊᠊᠊᠊ ᠨᠢᠭᠡ ᠤᠳᠠᠭ᠎ᠠ ᠵᠢᠮᠡᠯᠡᠬᠦ ᠳ᠋ᠦ᠍ ᠨᠢ ᠪᠢ ᠲᠠᠨ ᠤ᠋ ᠬᠣᠲᠠᠴᠢ ᠨᠣᠬᠠᠢ ᠪᠣᠯᠤᠭᠠᠳ ᠮᠠᠯ ᠬᠥᠷᠥᠩᠭᠡ ᠶ᠋ᠢ ᠴᠢᠨᠢ ᠮᠠᠨᠠᠵᠤ ᠴᠢᠳᠠᠠᠠᠤ ᠦᠭᠡᠢ ᠭᠡᠰᠡᠨ᠃ ᠲᠡᠭᠦᠨ ᠡᠴᠡ ᠬᠣᠢᠰᠢ ᠶᠠᠭᠤᠮ᠎ᠠ ᠬᠡᠯᠡᠬᠦ ᠪᠡᠨ ᠪᠣᠯᠢᠭᠰᠠᠨ᠃
   ᠦᠷ ᠴᠠᠢ᠌ᠠᠠᠤ ᠶ᠋ᠢᠨ ᠡᠮᠦᠨ᠎ᠡ ᠬᠣᠶᠠᠷ ᠨᠠᠢᠵᠠ ᠲᠦᠷ ᠲᠤᠭ ᠬᠢᠯ᠎ᠡ᠃ ᠨᠠᠮ ᠤᠨᠲᠠᠭᠰᠠᠨ ᠪᠠᠲᠤ ᠶ᠋ᠢ ᠬᠣᠩᠭᠣᠷ ᠰᠡᠷᠢᠭᠡᠬᠦ ᠳ᠋ᠦ᠍ ᠵᠡᠭᠦᠨ ᠠᠭᠤᠯᠠ ᠶ᠋ᠢᠨ ᠣᠷᠣᠢ ᠳᠡᠭᠡᠭᠦᠷ ᠦᠷ ᠮᠠᠩᠬᠠᠢᠨ ᠴᠠᠢᠵᠤ ᠪᠠᠢᠪᠠ᠃
   ᠊᠊᠊᠊᠊᠊᠊᠊᠊᠊᠊᠊᠊᠊᠊ ᠲᠦᠷᠭᠡᠨ ᠰᠢᠭ ᠬᠥᠳᠡᠯᠳᠡᠭ ᠬᠡᠷᠡᠭ ᠠ᠋ ᠭᠡᠳ ᠬᠣᠩᠭᠣᠷ ᠪᠣᠰᠴᠤ ᠭᠤᠷᠠᠢ ᠭᠤᠷᠠᠢ ᠭᠡᠵᠦ ᠣᠶᠠᠩᠭ᠋ᠠᠯᠠᠨ ᠳᠠᠭᠤᠳᠠᠬᠤ ᠳ᠋ᠤ᠌ ᠪᠣᠷᠣ ᠮᠣᠷᠢ ᠨᠢ ᠬᠦᠵᠦᠭᠦᠦ ᠡᠴᠡ ᠪᠡᠨ ᠤᠶᠠᠭᠰᠠᠨ ᠪᠠᠢᠳᠠᠰᠤ ᠶ᠋ᠢ ᠬᠥᠲᠥᠯᠦᠭᠰᠡᠭᠡᠷ ᠱᠣᠭᠰᠢᠨ ᠢᠷᠡᠯ᠎ᠡ᠃
   ᠊᠊᠊᠊᠊᠊᠊᠊᠊᠊᠊᠊᠊᠊᠊ ᠮᠠᠭᠤ ᠨᠥᠬᠥᠷ ᠡᠴᠡ ᠳᠡᠭᠡᠷ᠎ᠡ ᠮᠣᠷᠢ ᠪᠠᠢᠨ᠎ᠠ ᠳᠠ᠃
   ᠊᠊᠊᠊᠊᠊᠊᠊᠊᠊᠊᠊᠊᠊᠊ ᠶᠠᠷᠢᠭᠠᠳ ᠶᠠᠭᠤ ᠪᠠᠢᠬᠤ ᠪᠣᠢ᠂ ᠡᠪᠦᠭᠡᠨ ᠮᠢᠨᠢ᠃ ᠴᠡᠷᠢᠭ ᠲᠦ᠍ ᠡᠭᠦᠨ ᠢ᠋ ᠪᠡᠨ ᠠᠪᠤᠭᠠᠳ ᠶᠠᠪᠤᠨ᠎ᠠ ᠳᠠ ᠭᠡᠵᠦ ᠬᠣᠩᠭᠣᠷ ᠳᠦᠭᠦᠷᠡᠩ ᠪᠠᠶᠠᠷᠲᠠᠢ ᠬᠡᠯᠡᠪᠡ᠃
   ᠬᠣᠩᠭᠣᠷ ᠪᠣᠭᠴᠣᠨ ᠡᠴᠡ ᠪᠡᠨ ᠪᠣᠭᠣᠳᠠᠯ ᠲᠠᠢ ᠶᠠᠭᠤᠮ᠎ᠠ ᠵᠠᠳᠠᠯᠵᠤ ᠴᠠᠬᠢᠭᠤᠷ ᠫᠤᠤ ᠶ᠋ᠢᠨ ᠲᠣᠭᠣᠯᠭᠠᠨ ᠰᠤᠮᠤ ᠬᠡᠳᠦ ᠶ᠋ᠢ ᠭᠠᠷᠭᠠᠵᠤ ᠡᠪᠦᠷᠲᠦᠯᠡᠪᠡ᠃
   ᠊᠊᠊᠊᠊᠊᠊᠊᠊᠊᠊᠊᠊᠊᠊ ᠴᠢ ᠡᠭᠦᠨ ᠢ᠋ ᠡᠪᠦᠷᠲᠦᠯᠡᠵᠦ ᠶᠠᠭᠠᠬᠢᠬᠤ ᠨᠢ ᠪᠣᠢ?
   ᠊᠊᠊᠊᠊᠊᠊᠊᠊᠊᠊᠊᠊᠊᠊ ᠥᠷᠲᠡᠭᠡᠨ ᠳᠡᠭᠡᠷ᠎ᠡ ᠣᠴᠢᠵᠤ ᠳᠦᠪᠴᠢᠷᠭᠡᠨ᠎ᠡ᠃ ᠴᠢ ᠬᠠᠷᠠᠵᠤ ᠪᠠᠢᠭᠠᠷᠠᠢ ᠭᠡᠳ ᠬᠥᠭᠵᠢᠯᠲᠡᠢ ᠢᠨᠢᠶᠡᠪᠡ᠃
   ᠲᠡᠷᠡ ᠬᠣᠶᠠᠷ ᠢ᠋ ᠥᠷᠲᠡᠭᠡᠨ ᠳᠡᠭᠡᠷ᠎ᠡ ᠣᠴᠢᠠᠠᠤ ᠳ᠋ᠤ᠌ ᠬᠥᠮᠦᠰ ᠬᠣᠩᠭᠣᠷ ᠠ᠋ᠴᠠ ᠠᠶᠤᠨ ᠬᠣᠭᠣᠷᠣᠨᠳᠣ ᠪᠠᠨ ᠰᠢᠪᠡᠷ ᠠᠪᠢᠷ ᠶᠠᠷᠢᠯᠴᠠᠵᠤ ᠴᠢᠨᠣ᠎ᠠ ᠬᠠᠷᠠᠭᠰᠠᠨ ᠵᠡᠭᠡᠷ᠎ᠡ ᠰᠢᠭ ᠰᠡᠷᠪᠡᠯᠵᠡᠵᠦ ᠪᠠᠢᠯ᠎ᠠ᠃
   ᠊᠊᠊᠊᠊᠊᠊᠊᠊᠊᠊᠊᠊᠊᠊ ᠵᠠ ᠲᠠ ᠨᠠᠷ ᠪᠢᠲᠡᠭᠡᠢ ᠰᠡᠵᠢᠭᠯᠡᠭᠡᠳ ᠪᠠᠢ᠃ ᠬᠤᠪᠤᠨ ᠬᠠᠷ᠎ᠠ ᠬᠥᠮᠦᠨ ᠪᠣᠯᠵᠤ ᠠᠷᠠᠳ ᠤ᠋ᠨ ᠵᠠᠰᠠᠭ ᠤ᠋ᠨ ᠴᠡᠷᠢᠭ ᠲᠦ᠍ ᠶᠠᠪᠤᠵᠤ ᠪᠠᠢᠨ᠎ᠠ᠃ ᠡᠨᠡ ᠡᠯᠴᠢ ᠶ᠋ᠢᠨ ᠮᠣᠷᠢ ᠶ᠋ᠢ ᠰᠣᠯᠢᠭᠠᠳ ᠥᠭ᠃ ᠪᠢᠳᠡ ᠶᠠᠭᠠᠷᠠᠵᠤ ᠶᠠᠪᠤᠭ᠎ᠠ ᠤᠯᠤᠰ ᠭᠡᠳ ᠬᠣᠩᠭᠣᠷ ᠠᠵᠢᠭ ᠦᠭᠡᠢ ᠭᠡᠷ ᠲᠦ᠍ ᠣᠷᠣᠵᠤ ᠬᠤᠪᠢᠩ ᠲᠠᠢ ᠲᠠᠷᠠᠭ ᠠ᠋ᠴᠠ ᠠᠶᠠᠭᠠᠯᠠᠨ ᠢᠳᠡᠵᠦ ᠪᠠᠢᠯ᠎ᠠ᠃
   ᠥᠷᠲᠡᠭᠡᠨ ᠦ᠌ ᠬᠢᠨ ᠭᠡᠷ ᠲᠦ᠍ ᠣᠷᠣᠵᠤ ᠬᠠᠲᠠᠪᠴᠢᠨ ᠳ᠋ᠤ᠌ ᠵᠣᠭᠰᠣᠨ ᠬᠣᠩᠭᠣᠷ ᠢ᠋ ᠭᠠᠢᠬᠠᠨ ᠬᠠᠷᠠᠵᠤ ᠪᠠᠢᠪᠠ᠃ ᠬᠣᠩᠭᠣᠷ ᠲᠡᠳᠡᠨ ᠢ᠋ ᠬᠠᠷᠠᠵᠤ ᠨᠢᠳᠦ ᠪᠡᠷ ᠢ᠋ᠶ᠋ᠡᠨ ᠢᠨᠢᠶᠡᠮᠰᠦᠭᠯᠡᠭᠰᠡᠨ ᠢ᠋ᠶ᠋ᠡᠨ ᠪᠦᠰᠡ ᠪᠡᠨ ᠳᠠᠢ᠌ᠯᠠᠠᠤ ᠳ᠋ᠤ᠌ ᠬᠡᠳᠦᠨ ᠪᠥᠭᠡᠷᠡᠩᠬᠡᠢ ᠲᠣᠭᠣᠯᠭᠠᠨ ᠰᠤᠮᠤ ᠤᠨᠠᠪᠠ᠃
   ᠊᠊᠊᠊᠊᠊᠊᠊᠊᠊᠊᠊᠊᠊᠊ ᠡᠷᠳᠡᠭᠦᠳᠡ ᠨᠠᠮᠢ᠋ᠢ ᠬᠥᠭᠡᠭᠡᠵᠦ ᠫᠤᠤᠳᠠᠭᠰᠠᠨ ᠤᠯᠤᠰ ᠲᠤ᠌ ᠡᠭᠦᠨ ᠢ᠋ ᠥᠭᠭᠦᠭᠡᠷᠡᠢ᠃ ᠬᠠᠷᠢᠨ ᠴᠤᠭᠤᠯᠤᠭᠤᠯᠤᠭᠰᠠᠨ ᠳᠡᠪᠡᠯ ᠢ᠋ᠶ᠋ᠡᠨ ᠴᠡᠷᠢᠭ ᠡᠴᠡ ᠢᠷᠡᠭᠡᠳ ᠣᠶᠣᠭᠤᠯᠵᠤ ᠠᠪᠤᠨ᠎ᠠ ᠭᠡᠵᠦ ᠪᠠᠢᠨ᠎ᠠ ᠭᠡᠵᠦ ᠬᠡᠯᠡᠭᠡᠷᠡᠢ ᠭᠡᠪᠡ᠃ ᠡᠨᠡ ᠦᠭᠡ ᠶ᠋ᠢ ᠲᠤᠭᠤᠯᠤᠭᠰᠠᠨ ᠥᠷᠲᠡᠭᠡᠴᠢᠳ ᠦ᠋ᠨ ᠨᠢᠳᠦ ᠨᠢ ᠲᠣᠮᠣ ᠪᠣᠯᠤᠨ ᠪᠡᠶ᠎ᠡ ᠪᠡᠨ ᠬᠤᠷᠢᠶᠠᠵᠤ ᠬᠠᠨ᠎ᠠ ᠤᠷᠤᠭᠤ ᠰᠢᠭᠢᠳᠴᠦ ᠪᠠᠢᠯ᠎ᠠ᠃
   ᠬᠡᠰᠡᠭ ᠬᠥᠮᠦᠰ ᠭᠡᠷ ᠦ᠋ᠨ ᠭᠠᠳᠠᠨ᠎ᠠ ᠵᠣᠭᠰᠣᠨ ᠤᠯᠠᠭᠠᠨ ᠪᠣᠷᠣ ᠮᠣᠷᠢ ᠶ᠋ᠢ ᠱᠠᠭᠰᠢᠨ ᠮᠠᠭᠲᠠᠨ᠎ᠠ᠃
   ᠊᠊᠊᠊᠊᠊᠊᠊᠊᠊᠊᠊᠊᠊᠊ ᠶᠣᠰᠣᠲᠠᠢ ᠠᠷᠭᠤᠮᠠᠭ ᠯᠠ ᠡᠢᠮᠦ ᠪᠠᠢᠳᠠᠭ ᠪᠠᠢᠬᠤ ᠳᠠ᠃
   ᠊᠊᠊᠊᠊᠊᠊᠊᠊᠊᠊᠊᠊᠊᠊ ᠲᠡᠷᠡ ᠬᠣᠶᠠᠷ ᠴᠢᠬᠢ ᠨᠢ ᠭᠤᠨᠵᠢᠨ ᠰᠤᠭᠤ ᠰᠢᠭ᠋᠃
   ᠊᠊᠊᠊᠊᠊᠊᠊᠊᠊᠊᠊᠊᠊᠊ ᠲᠡᠰᠢᠶ᠎ᠡ ᠨᠢ ᠳᠡᠯᠡᠭᠰᠡᠨ ᠠᠰᠠᠷ ᠰᠢᠭ᠋᠃
   ᠬᠣᠩᠭᠣᠷ᠂ ᠪᠠᠲᠤ ᠬᠣᠶᠠᠷ ᠢ᠋ ᠭᠠᠷᠴᠤ ᠢᠷᠡᠬᠦ ᠳ᠋ᠦ᠍ ᠬᠥᠮᠦᠰ ᠨᠠᠮ ᠭᠦᠮ ᠪᠣᠯᠪᠠ᠃ ᠥᠷᠲᠡᠭᠡᠨ ᠦ᠌ ᠠᠬᠠᠯᠠᠭᠴᠢ ᠡᠰᠢ ᠲᠡᠰᠢ ᠭᠢᠯᠦᠯᠵᠡᠨ ᠪᠠᠢᠵᠤ ᠪᠠᠲᠤ ᠶ᠋ᠢᠨ ᠵᠠᠷ ᠢ᠋ ᠰᠢᠯᠭᠠᠵᠤ ᠦᠵᠡᠭᠡᠳ ᠮᠤᠷᠳᠠᠠᠠᠤ ᠳ᠋ᠤ᠌ ᠨᠢ ᠤᠯᠠᠭᠠᠴᠢ ᠵᠠᠯᠠᠭᠤ ᠳ᠋ᠤ᠌ 《ᠪᠢᠲᠡᠭᠡᠢ ᠳᠠᠪᠬᠢᠭᠠᠷᠠᠢ᠃ ᠡᠨᠡ ᠪᠣᠷᠣ ᠮᠣᠷᠢᠨ ᠤ᠋ ᠡᠩ ᠢ᠋ ᠳᠠᠭᠠᠭᠠᠠᠠᠤ ᠦᠭᠡᠢ ᠰᠢᠦ》 ᠭᠡᠵᠦ ᠰᠢᠪᠡᠭᠡᠨᠡᠪᠡ᠃
   ᠬᠣᠶᠠᠷ ᠨᠠᠢᠵᠠ ᠥᠷᠲᠡᠭᠡ ᠳᠠᠮᠵᠢᠨ ᠳᠣᠪᠲᠣᠯᠤᠭᠰᠠᠭᠠᠷ ᠨᠠᠷᠠ ᠬᠠᠨ᠎ᠠ ᠶ᠋ᠢᠨ ᠡᠯᠢᠭᠡ ᠥᠭᠡᠳᠡ ᠭᠠᠷᠴᠤ ᠪᠠᠢᠬᠤ ᠳ᠋ᠤ᠌ ᠴᠡᠴᠡᠷᠯᠢᠭ ᠮᠠᠨᠳᠤᠯ ᠤ᠋ᠨ ᠠᠢᠮᠠᠭ ᠤ᠋ᠨ ᠲᠥᠪ ᠵᠠᠶ᠎ᠠ ᠶ᠋ᠢᠨ ᠪᠠᠶᠤᠤ ᠶ᠋ᠢᠨ ᠬᠣᠢᠲᠤᠬᠢ ᠠᠮᠠ ᠶ᠋ᠢ ᠤᠷᠤᠭᠤᠳᠠᠨ ᠣᠷᠣᠵᠤ ᠢᠷᠡᠯ᠎ᠡ᠃
   ᠊᠊᠊᠊᠊᠊᠊᠊᠊᠊᠊᠊᠊᠊᠊ ᠬᠣᠶᠠᠭᠤᠯᠠ ᠪᠠᠨ ᠮᠣᠳᠣᠨ ᠳᠡᠭᠡᠷ᠎ᠡ ᠪᠡᠨ ᠣᠴᠢᠠᠠᠤ ᠤᠤ? ᠭᠡᠵᠦ ᠪᠠᠲᠤ ᠠᠰᠠᠭᠤᠪᠠ᠃
   ᠊᠊᠊᠊᠊᠊᠊᠊᠊᠊᠊᠊᠊᠊᠊ ᠮᠠᠷᠭᠠᠰᠢ ᠣᠴᠢᠶ᠎ᠠ᠃ ᠨᠢᠭᠡ ᠯᠡ ᠰᠡᠳᠬᠢᠯ ᠬᠥᠭᠡᠷᠦᠭᠡᠳ ᠪᠠᠢᠨ᠎ᠠ᠃
   ᠊᠊᠊᠊᠊᠊᠊᠊᠊᠊᠊᠊᠊᠊᠊ ᠬᠣᠶᠠᠭᠤᠯᠠ ᠪᠠᠨ ᠲᠠᠩᠬᠢᠮ ᠳᠡᠭᠡᠷ᠎ᠡ ᠲᠠᠨᠢᠳᠠᠭ ᠪᠠᠭᠰᠢ ᠶ᠋ᠢᠨ ᠳ᠋ᠦ᠍ ᠬᠣᠨᠣᠭᠠᠳ᠂ ᠮᠠᠷᠭᠠᠰᠢ ᠴᠡᠷᠢᠭ ᠲᠦ᠍ ᠣᠷᠣ ᠭᠡᠵᠦ ᠪᠠᠲᠤ ᠶ᠋ᠢᠨ ᠬᠡᠯᠡᠬᠦ ᠳ᠋ᠦ᠍ ᠨᠢᠭᠡᠨᠲᠡ ᠰᠢᠢᠳᠦᠭᠰᠡᠨ ᠬᠣᠢᠨ᠎ᠠ ᠨᠢ ᠰᠢᠭᠤᠳ ᠣᠴᠢᠶ᠎ᠠ᠃ ᠤᠯᠠᠭᠠᠨ ᠳᠡᠭᠡᠷ᠎ᠡ ᠨᠢ ᠳᠠᠪᠲᠠᠨ᠂ ᠪᠦᠯᠢᠶᠡᠨ ᠳᠡᠭᠡᠷ᠎ᠡ ᠨᠢ ᠣᠭᠣᠴᠢ ᠭᠡᠵᠦ ᠦᠭᠡ ᠪᠠᠢᠳᠠᠭ᠃ ᠡᠪᠦᠭᠡᠨ ᠴᠢᠨᠢ ᠶᠠᠪᠤᠶ᠎ᠠ᠂ ᠮᠠᠷᠭᠠᠰᠢ ᠠᠭᠤᠯᠵᠠᠨ᠎ᠠ ᠭᠡᠳ ᠴᠡᠷᠢᠭ ᠳᠠᠢᠴᠢᠯᠠᠵᠤ ᠪᠠᠢᠭᠰᠠᠨ ᠭᠡᠷ ᠮᠠᠢᠬᠠᠨ ᠤ᠋ ᠵᠦᠭ ᠲᠣᠭᠣᠰᠣ ᠲᠠᠲᠠᠭᠤᠯᠤᠨ ᠳᠠᠪᠬᠢᠪᠠ᠃
   ᠪᠠᠭ᠎ᠠ ᠶ᠋ᠢᠨ ᠨᠠᠢᠵᠠ᠂ ᠠᠨᠳᠠ ᠨᠥᠬᠥᠷ ᠲᠦ᠍ ᠨᠢ ᠶᠠᠮᠠᠷ ᠰᠦᠷᠡᠬᠡᠢ ᠤᠴᠠᠷᠠᠯ ᠲᠣᠬᠢᠶᠠᠯᠳᠤᠵᠤ᠂ ᠠᠮᠢᠳᠤᠷᠠᠯ ᠤ᠋ᠨ ᠵᠠᠮ ᠨᠢ ᠬᠠᠮᠢᠭᠠᠰᠢ ᠪᠠᠨ ᠡᠷᠭᠢᠬᠦ ᠶ᠋ᠢ ᠪᠠᠲᠤ ᠶᠠᠭᠠᠬᠢᠨ ᠳᠠᠭᠠᠵᠤ ᠮᠡᠳᠡᠬᠦ ᠪᠢᠯᠡ᠃
   ᠊᠊᠊᠊᠊᠊᠊᠊᠊᠊᠊᠊᠊᠊᠊ ᠥᠷᠯᠥᠭᠡ ᠵᠠᠪᠠᠯ ᠠᠭᠤᠯᠵᠠᠨ᠎ᠠ ᠰᠢᠦ ᠭᠡᠵᠦ ᠬᠣᠩᠭᠣᠷ ᠤ᠋ᠨ ᠬᠣᠢᠨ᠎ᠠ ᠠ᠋ᠴᠠ ᠬᠠᠰᠬᠢᠷᠤᠭᠠᠳ ᠲᠠᠩᠬᠢᠮ ᠤ᠋ᠨ ᠵᠦᠭ ᠶᠠᠪᠤᠯ᠎ᠠ᠃
   ᠪᠠᠲᠤ ᠲᠠᠩᠬᠢᠮ ᠳᠡᠭᠡᠷ᠎ᠡ ᠣᠴᠢᠵᠤ ᠤᠷᠢᠳᠤ ᠰᠤᠷᠭᠠᠭᠤᠯᠢ ᠳ᠋ᠤ᠌ ᠬᠠᠮᠲᠤ ᠪᠠᠢᠭᠰᠠᠨ ᠨᠠᠢᠵᠠ ᠶ᠋ᠢᠨ ᠳ᠋ᠡᠭᠡᠨ ᠬᠣᠭᠣᠯᠠ ᠢᠳᠡᠭᠡᠳ ᠬᠡᠪᠲᠡᠭᠰᠡᠨ ᠨᠢ ᠨᠠᠮ ᠤᠨᠲᠠᠵᠠᠢ᠃ ᠨᠢᠭᠡ ᠰᠡᠷᠢᠬᠦ ᠳ᠋ᠦ᠍ ᠥᠷᠯᠥᠭᠡ ᠶ᠋ᠢᠨ ᠨᠠᠷᠠ ᠲᠣᠭᠣᠨᠣ ᠶ᠋ᠢᠨ ᠴᠠᠭᠠᠷᠢᠭ ᠲᠤ᠌ ᠲᠣᠰᠴᠤ ᠪᠠᠢᠯ᠎ᠠ᠃ ᠲᠦᠷᠭᠡᠨ ᠪᠣᠰᠴᠤ ᠶᠠᠭᠤᠮ᠎ᠠ ᠢᠳᠡᠵᠦ ᠤᠤᠭᠤᠭᠠᠳ ᠭᠠᠷᠤᠯ᠎ᠠ᠃
   ᠊᠊᠊᠊᠊᠊᠊᠊᠊᠊᠊᠊᠊᠊᠊ ᠬᠣᠩᠭᠣᠷ ᠲᠠᠢ ᠠᠭᠤᠯᠵᠠᠬᠤ ᠣᠷᠭᠢᠯᠤᠭᠰᠠᠨ ᠬᠦᠰᠡᠯ ᠳ᠋ᠦ᠍ ᠬᠥᠲᠥᠯᠦᠭᠳᠡᠨ ᠰᠢᠭᠤᠳ ᠴᠡᠷᠢᠭ ᠲᠠᠲᠠᠯᠭ᠎ᠠ ᠶ᠋ᠢᠨ ᠪᠠᠢᠷᠢ ᠤᠷᠤᠭᠤ ᠠᠯᠠᠠᠤᠪᠠ᠃ ᠨᠢᠭᠡᠨ ᠭᠡᠷ ᠲᠦ᠍ ᠣᠷᠣᠪᠠᠯ ᠤᠯᠠᠭᠠᠨ ᠳᠠᠪᠤᠤ ᠪᠠᠷ ᠪᠦᠲᠡᠭᠡᠭᠰᠡᠨ ᠰᠢᠷᠡᠭᠡᠨ ᠦ᠌ ᠠᠷᠤ ᠳ᠋ᠤ᠌ ᠬᠣᠶᠠᠷ ᠬᠥᠮᠦᠨ ᠰᠠᠭᠤᠵᠤ ᠪᠠᠢᠯ᠎ᠠ᠃
   ᠊᠊᠊᠊᠊᠊᠊᠊᠊᠊᠊᠊᠊᠊᠊ ᠰᠠᠢᠨ ᠪᠠᠢᠨ᠎ᠠ ᠤᠤ?
   ᠊᠊᠊᠊᠊᠊᠊᠊᠊᠊᠊᠊᠊᠊᠊ ᠰᠠᠢᠨ᠂ ᠰᠠᠢᠨ ᠪᠠᠢᠨ᠎ᠠ ᠤᠤ? ᠶᠠᠭᠤ ᠭᠡᠵᠦ ᠶᠠᠪᠤᠨ᠎ᠠ ᠭᠡᠵᠦ ᠴᠡᠷᠢᠭ ᠲᠠᠲᠠᠯᠭ᠎ᠠ ᠶ᠋ᠢᠨ ᠺᠣᠮᠢᠰ ᠤ᠋ᠨ ᠳᠠᠷᠤᠭ᠎ᠠ ᠰᠢᠷᠦᠭᠦᠨ ᠳᠠᠭᠤ ᠪᠠᠷ ᠠᠰᠠᠭᠤᠪᠠ᠃
   ᠊᠊᠊᠊᠊᠊᠊᠊᠊᠊᠊᠊᠊᠊᠊ ᠪᠢ ᠬᠣᠩᠭᠣᠷ ᠲᠠᠢ ᠠᠭᠤᠯᠵᠠᠬᠤ ᠭᠡᠰᠡᠨ ᠶᠤᠮᠰᠠᠨ᠃
   ᠊᠊᠊᠊᠊᠊᠊᠊᠊᠊᠊᠊᠊᠊᠊ ᠬᠣᠩᠭᠣᠷ ᠠ᠋! ᠭᠡᠳ ᠴᠡᠷᠢᠭ ᠲᠠᠲᠠᠯᠭ᠎ᠠ ᠶ᠋ᠢᠨ ᠺᠣᠮᠢᠰ ᠤ᠋ᠨ ᠳᠠᠷᠤᠭ᠎ᠠ ᠪᠠᠲᠤ ᠶ᠋ᠢ ᠬᠥᠮᠥᠰᠬᠡ ᠵᠠᠩᠭᠢᠳᠤᠨ ᠠᠵᠢᠭᠯᠠᠭᠰᠠᠨ ᠢ᠋ᠶ᠋ᠠᠨ 《ᠬᠤᠯᠠᠭᠠᠢᠴᠢ ᠬᠤᠪᠤᠨ ᠬᠠᠷ᠎ᠠ ᠤᠤ?》 ᠭᠡᠵᠦ ᠠᠰᠠᠭᠤᠪᠠ᠃
   ᠊᠊᠊᠊᠊᠊᠊᠊᠊᠊᠊᠊᠊᠊᠊ ᠲᠡᠢᠮᠦ ᠠ᠋᠃ ᠬᠣᠩᠭᠣᠷ ᠲᠠᠢ ᠠᠭᠤᠯᠵᠠᠬᠤ ᠭᠡᠰᠡᠨ ᠶᠦᠮ᠃
   ᠊᠊᠊᠊᠊᠊᠊᠊᠊᠊᠊᠊᠊᠊᠊ ᠪᠠᠷᠢᠵᠤ ᠠᠪᠤᠭᠠᠳ ᠱᠣᠷᠣᠩ ᠳ᠋ᠤ᠌ ᠬᠢᠴᠢᠬᠡᠭᠰᠡᠨ᠃ ᠲᠡᠨᠳᠡ ᠯᠠ ᠣᠴᠢᠵᠤ ᠠᠭᠤᠯᠵᠠᠬᠤ ᠦᠭᠡᠢ ᠤᠤ ᠭᠡᠵᠦ ᠲᠣᠭᠣᠮᠵᠢᠷ ᠦᠭᠡᠢ ᠬᠡᠯᠡᠪᠡ᠃᠃
   ᠊᠊᠊᠊᠊᠊᠊᠊᠊᠊᠊᠊᠊᠊᠊ ᠶᠠᠭᠤ? ᠭᠡᠳ ᠪᠠᠲᠤ ᠲᠡᠷᠡ ᠬᠥᠮᠦᠨ ᠳ᠋ᠦ᠍ ᠣᠢᠷᠠᠲᠤᠭᠰᠠᠨ ᠢ᠋ᠶ᠋ᠠᠨ ᠵᠣᠭᠰᠣᠵᠤ᠂ ᠲᠡᠷᠡ ᠮᠢᠨᠢ ᠰᠡᠳᠬᠢᠯ ᠡᠴᠡ ᠪᠡᠨ ᠴᠡᠷᠢᠭ ᠲᠦ᠍ ᠣᠷᠤᠠᠠᠤ ᠭᠡᠵᠦ ᠢᠷᠡᠭᠰᠡᠨ ᠬᠥᠮᠦᠨ᠃ ᠪᠠᠷᠢᠨ᠎ᠠ ᠭᠡᠰᠡᠨ ᠴᠢᠨᠢ ᠶᠠᠭᠤ ᠭᠡᠰᠡᠨ ᠦᠭᠡ ᠪᠣᠢ?
   ᠊᠊᠊᠊᠊᠊᠊᠊᠊᠊᠊᠊᠊᠊᠊ ᠦᠨᠡᠨ ᠰᠡᠳᠬᠢᠯ ᠡᠴᠡ ᠪᠡᠨ ᠭᠡᠨ᠎ᠡ᠃ ᠬᠤᠯᠠᠭᠠᠢᠴᠢ ᠨᠠᠷ ᠤ᠋ᠨ ᠴᠡᠷᠢᠭ ᠪᠢᠰᠢ᠃ ᠠᠷᠠᠳ ᠤ᠋ᠨ ᠴᠡᠷᠢᠭ ᠯᠠᠮᠠ ᠶ᠋ᠢᠨ ᠭᠡᠭᠡᠨ ᠦ᠌ ᠵᠢᠰᠠ ᠶ᠋ᠢᠨ ᠬᠣᠷᠢᠨ ᠠᠲᠠᠨ ᠤ᠋ ᠬᠡᠷᠡᠭ ᠲᠡᠢ ᠣᠷᠭᠤᠳᠤᠤᠯ ᠢ᠋ ᠠᠷᠠᠳ ᠤ᠋ᠨ ᠴᠡᠷᠢᠭ ᠲᠦ᠍ ᠠᠪᠬᠤ ᠤᠤ? ᠪᠣᠯᠳᠠᠭ ᠦᠭᠡᠢ ᠬᠡᠷᠡᠭ ᠬᠦᠦ ᠮᠢᠨᠢ᠃
   ᠊᠊᠊᠊᠊᠊᠊᠊᠊᠊᠊᠊᠊᠊᠊ ᠪᠢ ᠬᠣᠩᠭᠣᠷ ᠢ᠋ ᠰᠠᠢᠨ ᠮᠡᠳᠡᠵᠦ ᠪᠠᠢᠨ᠎ᠠ᠃ ᠲᠡᠷᠡ ᠪᠣᠯ ᠪᠤᠷᠤᠭᠤ ᠵᠠᠮ ᠢ᠋ᠶ᠋ᠠᠷ ᠪᠤᠳᠤᠯᠢᠵᠤ ᠶᠠᠪᠤᠭᠰᠠᠨ ᠢ᠋ᠶ᠋ᠠᠨ ᠮᠡᠳᠡᠭᠡᠳ ᠠᠷᠠᠳ ᠤ᠋ᠨ ᠴᠡᠷᠢᠭ ᠦ᠋ᠨ ᠠᠯᠪᠠᠨ ᠳ᠋ᠤ᠌ ᠣᠷᠣᠵᠤ ᠠᠷᠠᠳ ᠲᠦᠮᠡᠨ ᠳ᠋ᠦ᠍ ᠲᠤᠰᠠ ᠪᠣᠯᠤᠶ᠎ᠠ ᠭᠡᠵᠦ ᠢᠷᠡᠭᠰᠡᠨ ᠬᠥᠮᠦᠨ ᠭᠡᠵᠦ ᠪᠠᠲᠤ ᠴᠡᠴᠡᠷᠡᠭᠰᠡᠨ ᠳᠠᠭᠤ ᠪᠠᠷ ᠠᠮᠢᠰᠠᠠᠤᠭᠠᠳᠠᠨ ᠬᠡᠯᠡᠪᠡ᠃
   ᠊᠊᠊᠊᠊᠊᠊᠊᠊᠊᠊᠊᠊᠊᠊ ᠪᠢᠳᠡ ᠲᠥᠷᠥ ᠶ᠋ᠢᠨ ᠠᠵᠢᠯ ᠲᠠᠢ ᠤᠯᠤᠰ᠃ ᠥᠪᠡᠷ ᠢ᠋ᠶ᠋ᠡᠨ ᠬᠣᠢᠨ᠎ᠠ ᠠ᠋ᠴᠠ ᠨᠢ ᠣᠷᠤᠠᠠᠤ ᠭᠡᠭᠡ ᠦᠭᠡᠢ ᠶᠦᠮ ᠪᠣᠯ ᠭᠠᠷ᠃ ᠵᠠ ᠳᠠᠷᠠᠭ᠎ᠠ ᠶ᠋ᠢᠨ ᠬᠥᠮᠦᠨ ᠢ᠋ ᠤᠷᠤᠭᠤᠯ ᠭᠡᠵᠦ ᠺᠣᠮᠢᠰ ᠤ᠋ᠨ ᠳᠠᠷᠤᠭ᠎ᠠ ᠥᠨᠳᠥᠷ ᠳᠠᠭᠤ ᠪᠠᠷ ᠬᠡᠯᠡᠪᠡ᠃
   ᠪᠠᠲᠤ ᠡᠨᠡ ᠬᠥᠯᠳᠡᠭᠦᠦ ᠴᠢᠷᠠᠢ ᠲᠠᠢ ᠬᠥᠮᠦᠨ ᠦ᠌ ᠨᠢᠭᠤᠷ ᠥᠭᠡᠳᠡ ᠨᠤᠯᠮᠤᠭᠠᠳ ᠪᠠᠷᠢᠯᠴᠠᠵᠤ ᠠᠪᠤᠮᠠᠷ ᠰᠠᠨᠠᠭᠳᠠᠭᠰᠠᠨ ᠪᠣᠯᠪᠠᠴᠤ ᠪᠡᠶ᠎ᠡ ᠪᠡᠨ ᠪᠠᠷᠢᠵᠤ ᠭᠠᠷᠤᠭᠠᠳ ᠰᠢᠭᠤᠳ ᠭᠢᠨᠳᠠᠨ ᠤ᠋ ᠭᠠᠵᠠᠷ ᠣᠴᠢᠭᠰᠠᠨ ᠪᠣᠯᠪᠠᠴᠤ ᠬᠤᠶᠠᠭ ᠰᠠᠬᠢᠭᠤᠯ ᠨᠢ ᠣᠷᠣᠭᠤᠯᠤᠭᠰᠠᠨ ᠦᠭᠡᠢ᠃ ᠡᠳᠦᠷ ᠲᠤᠷᠰᠢ ᠠᠢᠮᠠᠭ ᠤ᠋ᠨ ᠳᠡᠭᠡᠳᠦ ᠮᠠᠲᠠᠯ ᠤ᠋ᠨ ᠬᠥᠮᠦᠰ ᠲᠡᠢ ᠬᠥᠭᠡᠭᠡᠴᠡᠯᠳᠦᠵᠦ ᠠᠭᠤᠯᠵᠠᠵᠤ ᠪᠠᠢᠮᠠᠨᠵᠢᠨ ᠣᠷᠣᠢ ᠶ᠋ᠢᠨ ᠨᠠᠷᠠ ᠵᠢᠷᠭᠠᠭᠰᠠᠨ ᠬᠣᠢᠨ᠎ᠠ ᠠᠷᠠᠢ ᠭᠡᠵᠦ ᠠᠭᠤᠯᠵᠠᠬᠤ ᠵᠥᠪᠰᠢᠶᠡᠷᠡᠯ ᠣᠯᠤᠭᠠᠳ ᠣᠴᠢᠪᠠᠯ ᠣᠷᠣᠢ ᠪᠣᠯᠤᠭᠰᠠᠨ᠂ ᠥᠷᠯᠥᠭᠡ ᠢᠷ᠎ᠡ ᠭᠡᠵᠦ ᠪᠤᠴᠠᠭᠠᠪᠠ᠃
   ᠪᠠᠲᠤ ᠠ᠋ᠴᠠ ᠰᠠᠯᠤᠭᠠᠳ ᠬᠣᠩᠭᠣᠷ ᠴᠡᠷᠢᠭ ᠳᠠᠢᠴᠢᠯᠠᠯᠭ᠎ᠠ ᠶ᠋ᠢᠨ ᠭᠠᠵᠠᠷ ᠣᠴᠢᠵᠤ ᠪᠢᠯᠡ᠃ ᠲᠠᠲᠠᠯᠭ᠎ᠠ ᠶ᠋ᠢᠨ ᠺᠣᠮᠢᠰ ᠤ᠋ᠨ ᠳᠠᠷᠤᠭ᠎ᠠ ᠲᠠᠢ ᠠᠭᠤᠯᠵᠠᠵᠤ ᠦᠨᠡᠨ ᠤᠴᠢᠷ ᠶᠠᠪᠤᠳᠠᠯ ᠢ᠋ᠶ᠋ᠠᠨ ᠶᠠᠷᠢᠭᠠᠳ 《ᠴᠢᠨᠣ᠎ᠠ ᠰᠢᠭ᠋ ᠬᠣᠲᠠ ᠥᠩᠭᠡᠢᠵᠦ ᠶᠠᠪᠣᠠᠠᠤ ᠪᠠᠨ ᠪᠣᠯᠢᠭᠠᠳ ᠠᠷᠠᠳ ᠤ᠋ᠨ ᠴᠡᠷᠢᠭ ᠲᠦ᠍ ᠣᠷᠣᠵᠤ ᠬᠥᠮᠦᠨ ᠪᠣᠯᠤᠶ᠎ᠠ ᠭᠡᠵᠦ ᠪᠣᠳᠣᠭᠰᠠᠨ ᠶᠤᠮ!》 ᠭᠡᠯ᠎ᠡ᠃
   ᠳᠠᠷᠤᠭ᠎ᠠ ᠵᠠᠯᠢᠲᠠᠢ ᠨᠢᠳᠦ ᠪᠡᠷ ᠬᠣᠩᠭᠣᠷ ᠢ᠋ ᠬᠠᠷᠠᠨ ᠪᠣᠳᠣᠵᠤ ᠪᠠᠢᠭᠰᠠᠨ ᠢ᠋ᠶ᠋ᠠᠨ᠂ 《ᠠᠪᠤᠨ᠎ᠠ᠂ ᠠᠪᠤᠨ᠎ᠠ᠃ ᠪᠢ ᠭᠠᠷᠤᠭᠠᠳ ᠡᠮᠴᠢ ᠠᠪᠴᠢᠷᠠᠶ᠎ᠠ᠃ ᠡᠷᠡᠭᠦᠯ ᠮᠡᠨᠳᠦ ᠶ᠋ᠢ ᠴᠢᠨᠢ ᠦᠵᠡᠨ᠎ᠡ᠃ ᠴᠢ ᠡᠭᠦᠳᠡᠨ ᠦ᠌ ᠮᠠᠢᠬᠠᠨ ᠳ᠋ᠤ᠌ ᠣᠷᠣᠭᠠᠳ ᠬᠤᠪᠴᠠᠰᠤ ᠪᠠᠨ ᠲᠠᠢᠯ》 ᠭᠡᠳ ᠢᠨᠢᠶᠡᠮᠰᠦᠭᠯᠡᠪᠡ᠃
   ᠬᠣᠩᠭᠣᠷ ᠭᠡᠷ ᠦ᠋ᠨ ᠬᠠᠭᠠᠯᠭᠠᠨ ᠳ᠋ᠤ᠌ ᠠᠰᠠᠷᠯᠠᠵᠤ ᠪᠠᠷᠢᠭᠰᠠᠨ ᠮᠠᠢᠬᠠᠨ ᠳ᠋ᠤ᠌ ᠳᠠᠭᠤᠤ ᠠᠶᠠᠯᠤᠨ ᠬᠤᠪᠴᠠᠰᠤ ᠪᠠᠨ ᠲᠠᠢᠯᠪᠠ᠃
   ᠳᠥᠷᠪᠡ ᠲᠠᠪᠤᠨ ᠵᠠᠯᠠᠭᠤ ᠬᠥᠮᠦᠰ ᠭᠡᠷ ᠲᠦ᠍ ᠣᠷᠣᠵᠤ ᠪᠠᠢᠬᠤ ᠨᠢ ᠨᠢᠳᠦᠨ ᠦ᠌ ᠬᠢᠨᠢ ᠪᠤᠯᠤᠩ ᠳ᠋ᠤ᠌ ᠬᠠᠷᠠᠭᠳᠠᠪᠠ᠃ ᠬᠣᠩᠭᠣᠷ ᠪᠦᠬᠦ ᠬᠤᠪᠴᠠᠰᠤ ᠪᠠᠨ ᠲᠠᠢᠯᠵᠤ ᠭᠤᠶ᠎ᠠ ᠪᠠᠨ ᠠᠯᠠᠭᠠᠳᠠᠨ ᠳᠠᠪᠢᠲᠠᠯ᠎ᠠ ᠣᠷᠣᠵᠤ ᠢᠷ᠎ᠡ ᠭᠡᠵᠦ ᠭᠡᠷ ᠡᠴᠡ ᠳᠠᠭᠤᠳᠠᠪᠠ᠃ ᠳᠡᠪᠡᠯ ᠢ᠋ᠶ᠋ᠡᠨ ᠠᠪᠴᠤ ᠨᠥᠮᠥᠷᠦᠭᠡᠳ ᠣᠷᠣᠪᠠᠯ ᠲᠣᠮᠣ ᠪᠡᠶ᠎ᠡ ᠲᠡᠢ ᠳᠥᠷᠪᠡᠨ ᠵᠠᠯᠠᠭᠤ ᠲᠠᠯ᠎ᠠ ᠪᠦᠷᠢ ᠡᠴᠡ ᠨᠢ ᠳᠣᠪᠲᠣᠯᠤᠨ ᠢᠷᠡᠵᠦ ᠨᠣᠴᠣᠯᠳᠤᠪᠠ᠃
   ᠨᠥᠮᠥᠷᠦᠭᠰᠡᠨ ᠳᠡᠪᠡᠯ ᠢ᠋ᠶ᠋ᠡᠨ ᠠᠯᠳᠠᠭᠠᠳ ᠴᠢᠷᠠᠮᠠᠨ ᠨᠢᠴᠦᠭᠦᠨ ᠪᠣᠯᠤᠭᠰᠠᠨ ᠬᠣᠩᠭᠣᠷ ᠬᠦᠴᠦ ᠲᠡᠮᠡᠴᠡᠨ ᠨᠣᠴᠣᠯᠳᠤᠭᠰᠠᠨ ᠪᠣᠯᠪᠠᠴᠤ ᠮᠤᠯᠲᠤᠷᠠᠵᠤ ᠴᠢᠳᠠᠯ ᠦᠭᠡᠢ ᠪᠠᠷᠢᠭᠳᠠᠨ ᠬᠦᠯᠢᠭᠳᠡᠪᠡ᠃
   ᠭᠦᠯᠢᠭᠡᠳᠡᠢ ᠬᠡᠪᠲᠡᠵᠦ ᠪᠠᠢᠭ᠎ᠠ ᠬᠣᠩᠭᠣᠷ ᠤ᠋ᠨ ᠳᠡᠷᠭᠡᠳᠡ ᠨᠥᠭᠦᠭᠡ ᠬᠥᠮᠦᠨ ᠢᠷᠡᠭᠡᠳ ᠶᠣᠵᠣᠲᠠᠢ ᠢᠨᠢᠶᠡᠮᠰᠦᠭᠯᠡᠭᠰᠡᠨ ᠢ᠋ᠶ᠋ᠡᠨ 《ᠡᠨᠡ ᠬᠤᠯᠠᠭᠠᠢᠴᠢ ᠮᠥᠨ ᠴᠡᠷᠢᠭ ᠲᠦ᠍ ᠣᠷᠣᠪᠠ ᠠ᠋》 ᠭᠡᠯ᠎ᠡ᠃
   ᠬᠣᠩᠭᠣᠷ ᠬᠠᠷᠢᠭᠤ ᠳᠤᠤᠭᠠᠷᠤᠭᠰᠠᠨ ᠦᠭᠡᠢ᠃ ᠨᠢᠳᠦ ᠨᠢ ᠭᠦᠯᠦᠯᠵᠡᠵᠤ ᠰᠢᠳᠦ ᠨᠢ ᠲᠠᠴᠢᠭᠢᠨᠠᠵᠤ ᠬᠥᠮᠥᠰᠬᠡ ᠨᠢ ᠵᠠᠩᠭᠢᠷᠠᠨ ᠬᠣᠷᠣᠰᠤᠭᠰᠠᠨ ᠳ᠋ᠠᠭᠠᠨ ᠪᠡᠶ᠎ᠡ ᠨᠢ ᠴᠡᠴᠡᠷᠡᠨ᠎ᠡ᠃ ᠢᠩᠭᠢᠭᠡᠳ ᠬᠣᠩᠭᠣᠷ ᠢ᠋ ᠭᠢᠨᠳᠠᠨ ᠳ᠋ᠤ᠌ ᠬᠦᠷᠭᠡᠬᠦ ᠪᠡᠷ ᠠᠪᠤᠭᠠᠳ ᠶᠠᠪᠣᠠᠠᠤ ᠳ᠋ᠤ᠌ 《ᠡᠷ᠎ᠡ ᠬᠥᠮᠦᠨ ᠦ᠌ ᠵᠠᠮ ᠤ᠋ᠨ ᠬᠦᠵᠦᠭᠦᠦ ᠤᠷᠲᠤ ᠭᠡᠳᠡᠭ ᠶᠦᠮ ᠰᠢᠦ》 ᠭᠡᠵᠦ ᠲᠡᠷᠡ ᠬᠥᠮᠦᠨ ᠳ᠋ᠦ᠍ ᠬᠡᠯᠡᠵᠡᠢ᠃
   ᠪᠠᠲᠤ ᠥᠷᠯᠥᠭᠡ ᠪᠣᠰᠴᠤ ᠭᠢᠨᠳᠠᠨ ᠤ᠋ ᠭᠠᠵᠠᠷ ᠣᠴᠢᠪᠠᠯ ᠪᠥᠭᠡᠮ ᠱᠤᠤᠭᠢᠶᠠᠨ ᠪᠣᠯᠤᠭᠠᠳ ᠪᠠᠢᠯ᠎ᠠ᠃ ᠲᠡᠷᠡ ᠰᠥᠨᠢ ᠫᠢᠰᠢᠩ ᠦ᠋ᠨ ᠨᠦᠬᠡ ᠪᠡᠷ ᠬᠣᠩᠭᠣᠷ ᠤᠷᠭᠤᠵᠤ ᠭᠠᠷᠤᠭᠠᠳ ᠰᠢᠨ᠎ᠡ ᠴᠡᠷᠢᠭ ᠦ᠋ᠨ ᠮᠣᠷᠢᠳ ᠤ᠋ᠨ ᠬᠠᠮᠲᠤ ᠪᠠᠢᠭᠰᠠᠨ ᠪᠣᠷᠣ ᠮᠣᠷᠢ ᠪᠠᠨ ᠠᠪᠤᠭᠠᠳ ᠠᠯᠠᠭ᠎ᠠ ᠪᠣᠯᠤᠭᠰᠠᠨ ᠠᠵᠢ᠃
   ᠮᠠᠷᠭᠠᠰᠢ ᠨᠢ ᠪᠠᠲᠤ ᠠᠷᠤ ᠬᠠᠩᠬᠠᠢ ᠠᠢᠮᠠᠭ ᠳᠡᠭᠡᠷ᠎ᠡ ᠠᠵᠢᠯᠯᠠᠵᠤ ᠪᠠᠢᠭᠰᠠᠨ ᠵᠥᠪᠯᠡᠯᠲᠦ ᠶ᠋ᠢᠨ ᠡᠮᠴᠢ ᠶ᠋ᠢ ᠠᠪᠤᠭᠠᠳ ᠲᠠᠩᠬᠢᠮ ᠤ᠋ᠨ ᠵᠦᠭ ᠪᠤᠴᠠᠪᠠ᠃