ᠲᠤᠩᠭᠠᠯᠠᠭ ᠲᠠᠮᠢᠷ2-18-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠵᠠᠩᠵᠤᠨ ᠤ᠋ ᠠᠯᠳᠠᠷ ᠪᠠᠲᠤ ᠣᠷᠣᠰᠢᠭ!》 - ᠬᠣᠶᠠᠳᠤᠭᠠᠷ ᠪᠦᠯᠦᠭ ᠠᠷᠪᠠᠨ ᠨᠠᠢ᠍ᠮᠠ
ᠭᠦᠨ ᠴᠠᠰᠤᠨ ᠳ᠋ᠤ᠌ ᠳᠠᠷᠤᠭᠳᠠᠭᠰᠠᠨ ᠣᠢ ᠶ᠋ᠢᠨ ᠳᠤᠮᠳᠠᠭᠤᠷ ᠭᠠᠷᠤᠭᠰᠠᠨ ᠨᠠᠷᠢᠬᠠᠨ ᠵᠠᠮ ᠢ᠋ᠶ᠋ᠠᠷ ᠡᠴᠡᠵᠦ ᠶᠠᠳᠠᠷᠠᠭᠰᠠᠨ ᠮᠣᠷᠢ ᠲᠠᠢ ᠭᠠᠭᠴᠠ ᠬᠥᠮᠦᠨ ᠬᠡᠯᠲᠦᠷᠢᠨ ᠶᠠᠪᠤᠵᠤ ᠪᠠᠢᠯ᠎ᠠ᠃ ᠪᠠᠷᠠᠭᠤᠨ ᠲᠠᠰᠢᠶᠠᠨ ᠳ᠋ᠤᠨᠢ ᠮᠣᠳᠣᠨ ᠬᠣᠢᠲᠠᠢ ᠰᠸᠯᠠᠢ᠌ᠳᠠᠢ ᠫᠤᠤ ᠰᠡᠨᠵᠢᠭᠢᠨᠡᠨ᠂ ᠵᠡᠭᠦᠨ ᠲᠠᠰᠢᠶᠠᠨ ᠳ᠋ᠤᠨᠢ ᠣᠷᠣᠰ ᠮᠣᠷᠢᠨ ᠴᠡᠷᠢᠭ ᠦ᠋ᠨ ᠤᠷᠲᠤ ᠰᠡᠯᠡᠮ᠎ᠡ ᠣᠠᠵᠠᠢ᠌ᠨᠠ᠃
ᠦᠳᠡ ᠶ᠋ᠢᠨ ᠨᠠᠷᠠᠨ ᠳ᠋ᠤ᠌ ᠴᠠᠰᠤᠨ ᠤ᠋ ᠥᠩᠭᠡ ᠭᠢᠯᠲᠠᠨᠠᠭᠠᠨ ᠮᠣᠳᠣᠨ ᠤ᠋ ᠮᠥᠴᠢᠷ ᠢ᠋ ᠳᠠᠷᠤᠭᠰᠠᠨ ᠰᠡᠪᠰᠡᠭᠡᠷ ᠴᠠᠰᠤ ᠰᠠᠯᠬᠢᠨ ᠳ᠋ᠤ᠌ ᠪᠤᠲᠠ ᠪᠤᠲᠠ ᠪᠠᠷ ᠤᠨᠠᠨ᠎ᠠ᠃ ᠠᠷᠠᠢ ᠶᠠᠳᠠᠨ ᠬᠥᠯ ᠢ᠋ᠶ᠋ᠡᠨ ᠵᠥᠭᠡᠭᠡᠵᠦ ᠪᠠᠢᠭ᠎ᠠ ᠮᠣᠷᠢᠨ ᠤ᠋ ᠬᠥᠯ ᠳ᠋ᠦ᠍ ᠴᠠᠰᠤ ᠤᠳᠠᠭᠠᠨ ᠪᠥᠭᠡᠳ ᠵᠠᠯᠬᠠᠭᠤ ᠲᠠᠢ ᠱᠠᠷᠵᠢᠭᠢᠨᠠᠨᠠ᠃ ᠭᠠᠵᠠᠷ ᠱᠠᠭᠠᠢᠨ ᠶᠠᠪᠤᠵᠤ ᠪᠠᠢᠭ᠎ᠠ ᠡᠨᠡ ᠬᠥᠮᠦᠨ ᠡᠷᠳᠡᠨᠢ ᠠᠵᠢ᠃
ᠴᠠᠭᠠᠨ ᠡᠴᠡ ᠰᠠᠯᠵᠤ ᠶᠠᠪᠤᠭᠰᠠᠨ ᠡᠴᠡ ᠬᠣᠢᠰᠢ ᠬᠡᠳᠦ ᠬᠣᠨᠣᠭ ᠶᠠᠪᠤᠭᠰᠠᠨ ᠪᠣᠯᠪᠠᠴᠤ ᠬᠠᠮᠢᠭᠠᠰᠢ ᠪᠠᠨ ᠶᠠᠭᠤ ᠬᠢᠬᠦ ᠭᠡᠵᠦ ᠶᠠᠪᠤᠭ᠎ᠠ ᠪᠠᠨ ᠮᠡᠳᠡᠭᠰᠡᠨ ᠦᠭᠡᠢ᠃ ᠮᠡᠳᠡᠬᠦ ᠶ᠋ᠢ ᠴᠦ᠍ ᠬᠦᠰᠡᠭᠰᠡᠨ ᠦᠭᠡᠢ᠃ ᠲᠡᠭᠦᠨ ᠳ᠋ᠦ᠍ ᠤᠷᠢᠳᠤ ᠶ᠋ᠢᠨ ᠵᠢᠪᠬᠤᠭ᠎ᠠ᠂ ᠬᠡᠢ ᠮᠣᠷᠢ ᠣᠭᠲᠣ ᠦᠭᠡᠢ ᠪᠣᠯᠤᠭᠠᠳ ᠴᠢᠬᠢᠨ ᠳ᠋ᠦ᠍ᠨᠢ 《ᠠᠪᠤ ᠠ᠋᠂ ᠮᠢᠨᠦ ᠠᠪᠤ ᠠ᠋》 ᠭᠡᠵᠦ ᠬᠠᠰᠬᠢᠷᠤᠭᠰᠠᠨ ᠬᠡᠦᠬᠡᠳ ᠦ᠋ᠨ ᠨᠠᠷᠢᠬᠠᠨ ᠳᠠᠭᠤ ᠬᠣᠨᠣᠭᠰᠢᠨ᠂ ᠲᠡᠷᠡ ᠬᠡᠦᠬᠡᠳ ᠦ᠋ᠨ ᠵᠣᠪᠠᠯᠠᠩ ᠤ᠋ᠨ ᠬᠠᠮᠤᠭ ᠭᠡᠮᠲᠡᠨ ᠨᠢ ᠴᠠᠭᠠᠨ ᠢ᠋ ᠬᠦᠷᠢᠶᠡᠨ ᠳ᠋ᠦ᠍ ᠠᠪᠴᠢᠷᠠᠭᠰᠠᠨ ᠡᠷᠳᠡᠨᠢ ᠥᠪᠡᠷ ᠢ᠋ᠶ᠋ᠡᠨ ᠮᠡᠲᠦ ᠪᠣᠳᠣᠭᠳᠠᠵᠤ ᠪᠠᠢᠯ᠎ᠠ᠃
ᠮᠣᠷᠢ ᠨᠢ ᠵᠣᠭᠰᠣᠬᠤ ᠳ᠋ᠤ᠌ ᠬᠡᠳᠦ ᠳᠠᠪᠢᠷᠠᠭᠰᠠᠨ ᠪᠣᠯᠪᠠᠴᠤ ᠬᠥᠳᠡᠯᠦᠭᠰᠡᠨ ᠦᠭᠡᠢ ᠳ᠋ᠦ᠍ ᠪᠠᠭᠤᠵᠤ ᠬᠥᠲᠥᠯᠦᠨ ᠴᠢᠨᠠᠭᠰᠢ ᠬᠡᠯᠲᠦᠷᠢᠪᠡ᠃ ᠢᠩᠭᠢᠵᠦ ᠶᠠᠪᠤᠵᠤ ᠪᠠᠢᠭᠰᠠᠨ ᠢ᠋ᠶ᠋ᠠᠨ ᠵᠣᠭᠰᠣᠵᠤ ᠫᠤᠤ ᠰᠡᠯᠡᠮ᠎ᠡ ᠬᠣᠶᠠᠷ ᠢ᠋ᠶ᠋ᠠᠨ ᠴᠠᠰᠤᠨ ᠳ᠋ᠤ᠌ ᠰᠢᠳᠡᠵᠦ ᠣᠷᠬᠢᠪᠠ᠃
ᠬᠠᠮᠤᠭ ᠤ᠋ᠨ ᠬᠡᠷᠡᠭ ᠦᠭᠡᠢ ᠪᠡᠷ ᠪᠠᠷᠠᠬᠤ ᠦᠭᠡᠢ᠂ ᠬᠠᠮᠤᠭ ᠤ᠋ᠨ ᠭᠡᠮ ᠲᠡᠢ ᠵᠦᠢᠯ ᠡᠴᠡ ᠪᠡᠨ ᠰᠠᠯᠬᠤ ᠰᠢᠭ᠋ ᠪᠣᠳᠣᠭᠳᠠᠵᠤ ᠪᠡᠶ᠎ᠡ ᠨᠢ ᠬᠥᠩᠭᠡᠷᠡᠬᠦ ᠰᠢᠭ ᠪᠣᠯᠪᠠ᠃
《ᠡᠨᠡ ᠬᠣᠭ ᠪᠠᠢᠭᠰᠠᠨ ᠴᠠᠭ ᠲᠤ᠌ ᠬᠥᠮᠦᠨ ᠵᠢᠷᠭᠠᠬᠤ ᠦᠭᠡᠢ》 ᠭᠡᠵᠦ ᠰᠢᠪᠡᠭᠡᠨᠡᠭᠡᠳ ᠪᠤᠰᠢᠭᠤᠬᠠᠨ ᠲᠡᠨᠳᠡ ᠡᠴᠡ ᠵᠠᠢᠯᠠᠬᠤ ᠪᠠᠷ ᠬᠥᠳᠡᠯᠵᠦ ᠬᠡᠰᠡᠭ ᠶᠠᠪᠤᠲᠠᠯ᠎ᠠ ᠠᠷᠤ ᠳ᠋ᠤᠨᠢ ᠬᠥᠮᠦᠨ ᠳᠤᠤᠭᠠᠷᠬᠤ ᠰᠢᠭ᠋ ᠪᠣᠯᠪᠠ᠃
ᠡᠷᠭᠢᠵᠦ ᠬᠠᠷᠠᠪᠠᠯ ᠲᠣᠮᠣ ᠬᠦᠷᠡᠩ ᠮᠣᠷᠢ ᠤᠨᠤᠵᠤ᠂ ᠬᠠᠯᠢᠭᠤᠨ ᠮᠣᠷᠢ ᠬᠥᠲᠥᠯᠦᠭᠰᠡᠨ᠂ ᠬᠦᠷᠡᠩ ᠳᠡᠪᠡᠯ ᠲᠡᠢ᠂ ᠲᠣᠮᠣ ᠦᠨᠡᠭᠡᠨ ᠯᠤᠪᠣᠵᠠ ᠲᠠᠢ ᠬᠥᠮᠦᠨ ᠢᠷᠡᠯ᠎ᠡ᠃ ᠡᠭᠦᠷᠦᠭᠰᠡᠨ ᠤᠷᠲᠤ ᠫᠤᠤ ᠶ᠋ᠢᠨ ᠠᠮᠠ ᠨᠢ ᠳᠡᠭᠡᠭᠰᠢ ᠶᠣᠷᠳᠣᠢᠨ ᠬᠠᠷᠠᠭᠳᠠᠨ᠎ᠠ᠃ ᠡᠷᠳᠡᠨᠢ ᠵᠡᠪᠰᠡᠭ ᠲᠡᠢ ᠬᠥᠮᠦᠨ ᠮᠥᠷᠳᠡᠨ ᠢᠷᠡᠵᠦ ᠶᠠᠪᠤᠭ᠎ᠠ ᠶ᠋ᠢ ᠬᠠᠷᠠᠭᠠᠳ ᠶᠠᠭᠤ ᠪᠣᠯᠬᠤ ᠶ᠋ᠢ ᠬᠦᠯᠢᠶᠡᠨ ᠵᠣᠭᠰᠣᠪᠠ᠃ ᠬᠠᠷᠠᠭᠠᠴᠢ ᠳᠠ! ᠲᠠᠷᠵᠠ ᠪᠠᠭᠠᠲᠤᠷ ᠠᠵᠢ᠃ ᠪᠠᠭᠠᠲᠤᠷ ᠢ᠋ ᠳᠡᠷᠭᠡᠳᠡ ᠪᠡᠨ ᠢᠷᠡᠵᠦ ᠵᠣᠭᠰᠣᠬᠤ ᠳ᠋ᠤ᠌ 《ᠪᠠᠭᠠᠲᠤᠷ ᠤ᠋ᠨ ᠠᠮᠤᠭᠤᠯᠠᠩ ᠢ᠋ ᠠᠢᠯᠠᠳᠬᠠᠶ᠎ᠠ》 ᠭᠡᠰᠡᠨ ᠳ᠋ᠦ᠍ 《ᠰᠠᠢᠨ᠂ ᠲᠠ ᠰᠠᠢᠨ ᠤᠤ》 ᠭᠡᠵᠦ ᠬᠠᠷᠢᠭᠤ ᠮᠡᠨᠳᠦᠯᠡᠪᠡ᠃
᠊᠊᠊᠊᠊᠊᠊᠊᠊᠊᠊᠊᠊᠊᠊ ᠴᠢᠮᠠᠶ᠋ᠢ ᠶᠠᠭᠤᠨ ᠬᠥᠮᠦᠨ ᠶᠤᠮ ᠪᠣᠯ ᠭᠡᠵᠦ ᠪᠠᠬᠠᠨ ᠰᠡᠵᠢᠭᠯᠡᠭᠡᠳ ᠬᠣᠢᠨ᠎ᠠ ᠡᠴᠡ ᠴᠢᠨᠢ ᠨᠡᠯᠢᠶᠡᠳ ᠳᠠᠭᠠᠯ᠎ᠠ᠃ ᠫᠤᠤ ᠰᠡᠯᠡᠮ᠎ᠡ ᠪᠡᠨ ᠬᠠᠶᠠᠵᠤ ᠪᠠᠢᠬᠤ ᠶ᠋ᠢ ᠴᠢᠨᠢ ᠴᠦ᠍ ᠬᠠᠷᠠᠵᠤ ᠯᠠ ᠪᠠᠢᠯ᠎ᠠ᠃ ᠡᠢᠮᠦ ᠴᠠᠭ ᠲᠤ᠌ ᠰᠤᠮᠤ ᠲᠠᠢ ᠫᠤᠤ᠂ ᠢᠷ ᠲᠡᠢ ᠰᠡᠯᠡᠮ᠎ᠡ ᠶ᠋ᠢ ᠬᠠᠶᠠᠵᠤ ᠪᠣᠯᠳᠠᠭ ᠡᠳ᠋ ᠪᠢᠰᠢ ᠳᠡ ᠭᠡᠳ ᠮᠣᠷᠢᠨ ᠡᠴᠡ ᠪᠠᠭᠤᠪᠠ᠃
ᠡᠷᠳᠡᠨᠢ᠂ ᠪᠣᠯᠵᠤ ᠥᠩᠭᠡᠷᠡᠭᠰᠡᠨ ᠶᠠᠪᠤᠳᠠᠯ᠂ ᠶᠠᠮᠠᠷ ᠴᠤ᠌ ᠵᠣᠷᠢᠯᠭ᠎ᠠ ᠦᠭᠡᠢ ᠶᠠᠪᠤᠵᠤ ᠪᠠᠢᠭ᠎ᠠ ᠪᠠᠨ ᠶᠠᠷᠢᠭᠠᠳ᠄
᠊᠊᠊᠊᠊᠊᠊᠊᠊᠊᠊᠊᠊᠊᠊ ᠡᠨᠡ ᠡᠵᠡᠭᠦᠢ ᠠᠭᠤᠯᠠᠨ ᠳ᠋ᠤ᠌ ᠲᠠᠨ ᠲᠠᠢ ᠤᠴᠠᠷᠠᠨ᠎ᠠ ᠭᠡᠵᠦ ᠵᠡᠭᠦᠳᠦᠯᠡᠭᠰᠡᠨ ᠴᠦ᠍ ᠦᠭᠡᠢ ᠭᠡᠪᠡ᠃
᠊᠊᠊᠊᠊᠊᠊᠊᠊᠊᠊᠊᠊᠊᠊ ᠡᠵᠡᠭᠦᠢ ᠪᠢᠰᠢ᠃ ᠣᠳᠣ ᠡᠨᠡ ᠨᠠᠷᠢᠬᠠᠨ ᠵᠠᠮ ᠮᠣᠩᠭᠣᠯ ᠢ᠋ ᠠᠪᠤᠷᠠᠬᠤ ᠵᠠᠮ ᠪᠣᠯᠤᠭᠠᠳ ᠪᠠᠢᠭ᠎ᠠ ᠶᠤᠮ᠃ ᠡᠭᠦᠪᠡᠷ ᠬᠢᠶᠠᠭᠲᠤ ᠤᠷᠤᠭᠤ ᠡᠳᠦᠢ ᠲᠡᠳᠦᠢ ᠬᠥᠮᠦᠨ ᠶᠠᠪᠤᠵᠤ᠂ ᠰᠦᠬᠡᠪᠠᠭᠠᠲᠤᠷ ᠲᠠᠢ ᠨᠡᠢᠯᠡᠵᠦ᠂ ᠮᠣᠩᠭᠣᠯ ᠣᠷᠣᠨ ᠢ᠋ᠶ᠋ᠠᠨ ᠭᠠᠳᠠᠭᠠᠳᠤ ᠶ᠋ᠢᠨ ᠬᠠᠷ᠎ᠠ ᠬᠡᠷᠢᠶ᠎ᠡ ᠨᠦ᠍ᠭᠦᠳ ᠡᠴᠡ ᠠᠪᠤᠷᠠᠬᠤ ᠬᠡᠷᠡᠭ ᠲᠦ᠍ ᠨᠢᠭᠡᠳᠦᠨ ᠣᠷᠣᠵᠤ ᠪᠠᠢᠭ᠎ᠠ ᠶᠤᠮ ᠰᠢᠦ᠃ ᠪᠢ ᠴᠦ᠍ ᠪᠠᠰᠠ ᠲᠡᠷᠡ ᠵᠦᠭ ᠶᠠᠪᠤᠵᠤ ᠪᠠᠢᠨ᠎ᠠ ᠭᠡᠳ ᠰᠦᠬᠡᠪᠠᠭᠠᠲᠤᠷ ᠤ᠋ᠨ ᠦᠢᠯᠡ ᠶᠠᠪᠤᠳᠠᠯ ᠤ᠋ᠨ ᠲᠤᠬᠠᠢ ᠶᠠᠷᠢᠵᠤ ᠥᠭᠪᠡ᠃
᠊᠊᠊᠊᠊᠊᠊᠊᠊᠊᠊᠊᠊᠊᠊ ᠨᠠᠮᠠᠶ᠋ᠢ ᠴᠠᠭᠠᠨᠲᠠᠨ ᠲᠠᠢ ᠨᠡᠢᠯᠡᠵᠦ ᠶᠠᠪᠤᠭᠰᠠᠨ ᠪᠣᠯᠬᠣᠷ ᠠᠪᠬᠤ ᠪᠣᠯᠪᠠ ᠤᠤ? ᠭᠡᠵᠦ ᠡᠷᠳᠡᠨᠢ ᠠᠰᠠᠭᠤᠪᠠ᠃
᠊᠊᠊᠊᠊᠊᠊᠊᠊᠊᠊᠊᠊᠊᠊ ᠠᠪᠤᠯ ᠦᠭᠡᠢ ᠶᠠᠭᠠᠬᠢᠬᠤᠪ᠃ ᠮᠠᠢ ᠫᠤᠤ ᠰᠡᠯᠡᠮ᠎ᠡ ᠪᠡᠨ ᠭᠡᠵᠦ ᠡᠷᠳᠡᠨᠢ ᠶ᠋ᠢᠨ ᠬᠠᠶᠠᠭᠰᠠᠨ ᠵᠡᠪᠰᠡᠭ ᠢ᠋ ᠪᠣᠭᠴᠣᠨ ᠡᠴᠡ ᠭᠠᠷᠭᠠᠵᠤ ᠥᠭᠪᠡ᠃
ᠬᠣᠶᠠᠷ ᠬᠣᠨᠣᠭ ᠶᠠᠪᠤᠭᠠᠳ ᠭᠤᠷᠪᠠᠳᠠᠬᠢ ᠡᠳᠦᠷ ᠦ᠋ᠨ ᠢ᠋ᠶ᠋ᠡᠨ ᠦᠳᠡ ᠶ᠋ᠢᠨ ᠬᠢᠷᠢ ᠳ᠋ᠦ᠍ ᠬᠦᠳᠡᠷ ᠬᠠᠷᠠᠭᠤᠯ ᠳ᠋ᠤ᠌ ᠴᠡᠷᠢᠭ ᠡᠯᠰᠡᠭᠦᠯᠵᠦ ᠪᠠᠢᠭᠰᠠᠨ ᠰᠦᠬᠡᠪᠠᠭᠠᠲᠤᠷ ᠲᠠᠢ ᠤᠴᠠᠷᠠᠪᠠ᠃
ᠲᠠᠷᠵᠠ ᠤᠭ ᠡᠴᠡ ᠰᠦᠬᠡᠪᠠᠭᠠᠲᠤᠷ ᠢ᠋ ᠲᠠᠨᠢᠳᠠᠭ ᠪᠣᠯᠬᠣᠷ ᠳᠣᠲᠣᠨᠣ ᠠᠭᠤᠯᠵᠠᠵᠤ ᠡᠷᠳᠡᠨᠢ ᠶ᠋ᠢᠨ ᠪᠦᠬᠦ ᠶᠠᠪᠤᠳᠠᠯ ᠢ᠋ ᠬᠡᠯᠡᠪᠡ᠃
᠊᠊᠊᠊᠊᠊᠊᠊᠊᠊᠊᠊᠊᠊᠊ ᠪᠢᠳᠡᠨ ᠳ᠋ᠦ᠍ ᠥᠨᠥᠳᠥᠷ ᠨᠢᠭᠡ ᠰᠤᠮᠤ ᠬᠡᠷᠡᠭ ᠲᠡᠢ ᠪᠠᠢᠬᠤ ᠳ᠋ᠤ᠌ ᠲᠠ ᠠᠷᠪᠠᠨ ᠬᠡᠳᠦᠨ ᠰᠤᠮᠤ ᠲᠠᠢ ᠬᠤᠷᠳᠤᠨ ᠫᠤᠤ᠂ ᠰᠡᠯᠡᠮ᠎ᠡ ᠲᠡᠢ ᠬᠠᠶᠠᠵᠤ ᠪᠠᠢᠳᠠᠭ ᠴᠢᠨᠢ ᠲᠤᠰᠠ ᠦᠭᠡᠢ ᠬᠡᠷᠡᠭ᠃ ᠮᠠᠨ ᠤ᠋ ᠣᠷᠣᠨ ᠢ᠋ ᠬᠡᠮᠡᠯᠢᠵᠦ ᠪᠠᠢᠭ᠎ᠠ ᠳᠠᠢᠰᠤᠨ ᠣᠯᠠᠨ ᠴᠤ᠌ ᠪᠠᠢᠨ᠎ᠠ᠃ ᠬᠦᠴᠦ ᠲᠡᠢ ᠴᠦ᠍ ᠪᠠᠢᠨ᠎ᠠ᠃ ᠵᠥᠪᠬᠡᠨ ᠬᠢᠶᠠᠭᠲᠤ ᠳ᠋ᠤ᠌ ᠠᠷᠪᠠᠨ ᠮᠢᠩᠭ᠎ᠠ ᠭᠠᠷᠤᠢ ᠭᠠᠮᠢᠩ ᠪᠠᠢᠨ᠎ᠠ᠃ ᠪᠢᠳᠡᠨ ᠢ᠋ ᠤᠰᠠᠳᠬᠠᠬᠤ ᠪᠠᠷ ᠬᠦᠷᠢᠶ᠎ᠡ᠂ ᠪᠠᠷᠠᠭᠤᠨ ᠠᠢᠮᠠᠭ ᠤ᠋ᠳ ᠲᠤ᠌ ᠴᠠᠭᠠᠨ ᠨᠠᠮ ᠤ᠋ᠨ ᠡᠲᠡᠭᠡᠳ ᠬᠦᠴᠦ ᠬᠤᠷᠠᠮᠳᠤᠭᠤᠯᠵᠤ ᠪᠠᠢᠨ᠎ᠠ᠃ ᠡᠳᠡᠨ ᠢ᠋ ᠵᠥᠪᠬᠡᠨ ᠫᠤᠤ ᠰᠡᠯᠡᠮ᠎ᠡ ᠬᠣᠶᠠᠷ ᠢ᠋ᠶ᠋ᠠᠷ ᠬᠥᠭᠡᠭᠡᠵᠦ ᠪᠣᠯᠤᠨ᠎ᠠ᠃ ᠭᠡᠲᠡᠯ᠎ᠡ ᠲᠠ ᠫᠤᠤ ᠰᠡᠯᠡᠮ᠎ᠡ ᠪᠡᠨ ᠬᠠᠶᠠᠵᠤ ᠪᠠᠢᠬᠤ᠃ ᠪᠢᠳᠡ ᠨᠢᠭᠡᠨ ᠰᠠᠨᠠᠭ᠎ᠠ ᠨᠡᠢᠲᠡ ᠶ᠋ᠢᠨ ᠬᠦᠴᠦ ᠪᠡᠷ ᠵᠢᠳᠬᠦᠪᠡᠯ ᠬᠦᠷᠬᠦ ᠦᠭᠡᠢ ᠭᠠᠵᠠᠷ᠂ ᠴᠢᠳᠠᠬᠤ ᠦᠭᠡᠢ ᠶᠠᠭᠤᠮ᠎ᠠ ᠪᠠᠢᠬᠤ ᠦᠭᠡᠢ᠃ ᠪᠢᠳᠡᠨ ᠳ᠋ᠦ᠍ ᠣᠷᠣᠰ ᠤ᠋ᠨ ᠠᠵᠢᠯᠴᠢᠨ ᠲᠠᠷᠢᠶᠠᠴᠢᠨ ᠨᠠᠷ᠂ ᠵᠥᠪᠯᠡᠯᠲᠦ ᠵᠠᠰᠠᠭ᠂ ᠪᠣᠯᠱᠧᠸᠢᠭ ᠨᠠᠮ ᠲᠤᠰᠠᠯᠠᠨ᠎ᠠ ᠁ ᠪᠢᠳᠡ ᠣᠳᠣ ᠴᠥᠭᠡᠬᠡᠨ ᠪᠠᠢᠨ᠎ᠠ᠂ ᠭᠡᠪᠡᠴᠦ ᠳᠡᠢᠯᠦᠨ᠎ᠡ ᠭᠡᠵᠦ ᠰᠦᠬᠡᠪᠠᠭᠠᠲᠤᠷ ᠶᠠᠷᠢᠯ᠎ᠠ᠃
ᠡᠷᠳᠡᠨᠢ ᠳ᠋ᠦ᠍ 《ᠪᠣᠯᠱᠧᠸᠢᠭ ᠨᠠᠮ》 ᠭᠡᠳᠡᠭ ᠦᠭᠡ ᠬᠡᠵᠢᠶ᠎ᠡ ᠬᠠᠮᠢᠭ᠎ᠠ ᠲᠤᠭᠤᠯᠤᠭᠰᠠᠨ ᠢ᠋ᠶ᠋ᠠᠨ ᠰᠠᠨᠠᠬᠤ ᠦᠭᠡᠢ ᠪᠣᠯᠪᠠᠴᠤ ᠨᠢᠭᠡ ᠯᠡ ᠶᠡᠬᠡ ᠲᠠᠨᠢᠳᠠᠭ ᠬᠥᠮᠦᠨ ᠲᠡᠢ ᠪᠡᠨ ᠤᠴᠠᠷᠠᠭᠰᠠᠨ ᠶᠤᠮ ᠰᠢᠭ᠋ ᠪᠣᠳᠣᠭᠳᠠᠪᠠ᠃ ᠭᠡᠲᠡᠯ᠎ᠡ ᠠᠯᠢᠶ᠎ᠠ ᠫᠧᠲ᠋ᠷ ᠰᠡᠳᠬᠢᠯ ᠳ᠋ᠦ᠍ᠨᠢ ᠣᠷᠣᠵᠤ ᠲᠠᠨᠢᠯ ᠦᠭᠡ ᠶ᠋ᠢᠨ ᠡᠬᠢ ᠣᠯᠳᠠᠪᠠ᠃ 《ᠪᠢᠳᠡ ᠵᠠᠰᠠᠭ ᠢ᠋ᠶ᠋ᠠᠨ ᠪᠠᠢᠭᠤᠯᠤᠭᠠᠳ᠂ ᠲᠠ ᠨᠠᠷ ᠲᠤ᠌ ᠲᠤᠰᠠᠯᠠᠨ᠎ᠠ》 ᠭᠡᠵᠦ ᠫᠧᠲ᠋ᠷ ᠦ᠋ᠨ ᠬᠡᠯᠡᠭᠰᠡᠨ ᠦᠭᠡ ᠰᠠᠨᠠᠭᠠᠨ ᠳ᠋ᠤᠨᠢ ᠣᠷᠣᠵᠤ 《ᠳᠠᠩᠴᠢ ᠢᠲᠡᠭᠡᠯ ᠲᠡᠢ ᠶᠠᠷᠢᠳᠠᠭ ᠪᠠᠢᠭᠰᠠᠨ᠃ ᠡᠢᠮᠦ ᠤᠴᠢᠷ ᠲᠠᠢ ᠶᠠᠭᠤᠮ᠎ᠠ ᠪᠠᠢᠭᠰᠠᠨ ᠪᠠᠢᠵᠤ ᠰᠢᠦ᠃ ᠮᠤᠩᠬᠠᠭ ᠵᠣᠯᠢᠭ᠃ ᠰᠥᠷᠭᠡᠦᠯᠡᠨ ᠮᠠᠳᠡᠭᠡᠵᠦ ᠪᠠᠢᠬᠤ ᠶ᠋ᠢᠨ ᠣᠷᠣᠨ ᠳ᠋ᠤ᠌ ᠶᠠᠷᠢᠭᠰᠠᠨ ᠬᠡᠯᠡᠭᠰᠡᠨ ᠢ᠋ ᠨᠢ ᠣᠢᠯᠠᠭᠠᠵᠤ ᠠᠪᠤᠭᠰᠠᠨ ᠪᠣᠯ ᠡᠳᠦᠢ ᠳ᠋ᠦ᠍ ᠬᠠᠮᠢᠭ᠎ᠠ ᠡᠴᠡ ᠢᠩᠭᠢᠵᠦ ᠡᠷᠭᠢᠭᠦᠦ ᠬᠤᠷᠠᠭ᠎ᠠ ᠰᠢᠭ᠋ ᠮᠠᠩᠬᠤᠷᠠᠵᠤ ᠶᠠᠪᠤᠬᠤ ᠪᠢᠯᠡ》 ᠭᠡᠵᠦ ᠪᠡᠶ᠎ᠡ ᠪᠡᠨ ᠵᠢᠮᠡᠯᠡᠪᠡ᠃
᠊᠊᠊᠊᠊᠊᠊᠊᠊᠊᠊᠊᠊᠊᠊ ᠡᠨᠡ ᠬᠥᠮᠦᠨ ᠢ᠋ ᠲᠠᠪᠢᠲᠤ ᠳ᠋ᠠᠭᠠᠨ ᠠᠪᠴᠤ ᠰᠤᠷᠭᠠᠭᠤᠯᠢ ᠬᠢᠯᠭᠡ᠃ ᠫᠤᠤ ᠵᠡᠪᠰᠡᠭ ᠲᠡᠢ ᠪᠡᠨ ᠬᠥᠮᠦᠨ ᠰᠢᠦ ᠭᠡᠵᠦ ᠰᠦᠬᠡᠪᠠᠭᠠᠲᠤᠷ ᠣᠷᠣᠵᠤ ᠢᠷᠡᠭᠰᠡᠨ ᠬᠥᠮᠦᠨ ᠳ᠋ᠦ᠍ ᠬᠡᠯᠡᠬᠦ ᠳ᠋ᠦ᠍ᠨᠢ ᠡᠷᠳᠡᠨᠢ ᠫᠧᠲ᠋ᠷ ᠦ᠋ᠨ ᠲᠤᠬᠠᠢ ᠪᠣᠳᠣᠯ ᠡᠴᠡ ᠰᠠᠯᠵᠤ ᠬᠠᠷᠠᠪᠠᠯ ᠳᠣᠷᠵᠢ ᠵᠣᠭᠰᠣᠵᠤ ᠪᠠᠢᠪᠠ᠃
᠊᠊᠊᠊᠊᠊᠊᠊᠊᠊᠊᠊᠊᠊᠊ ᠳᠣᠨᠣᠢ! ᠰᠠᠢᠨ ᠤᠤ?
᠊᠊᠊᠊᠊᠊᠊᠊᠊᠊᠊᠊᠊᠊᠊ ᠰᠠᠢᠨ ᠮᠡᠨᠳᠦ ᠠᠮᠤᠭᠤᠯᠠᠩ ᠤᠤ?
ᠰᠦᠬᠡᠪᠠᠭᠠᠲᠤᠷ ᠤ᠋ᠨ ᠬᠥᠮᠥᠰᠬᠡ ᠨᠢ ᠵᠠᠩᠭᠢᠷᠠᠨ ᠡᠷᠳᠡᠨᠢ ᠶ᠋ᠢ ᠰᠡᠵᠢᠭᠯᠡᠯᠲᠡᠢ ᠬᠠᠷᠠᠭᠰᠠᠨ ᠢ᠋ᠶ᠋ᠠᠨ 《ᠶᠠᠭᠠᠬᠢᠭᠠᠳ ᠳᠣᠨᠣᠢ ᠪᠢᠯᠡ! ᠰᠠᠶᠢ ᠡᠷᠳᠡᠨᠢ ᠪᠠᠢᠭᠰᠠᠨ ᠪᠢᠰᠢ ᠪᠢᠯᠢᠤ?》 ᠭᠡᠵᠦ ᠠᠰᠠᠭᠤᠪᠠ᠃
ᠡᠷᠳᠡᠨᠢ ᠰᠠᠨᠳᠤᠷᠤᠨ ᠪᠦᠬᠦᠢᠯᠡ ᠠᠮᠢᠳᠤᠷᠠᠯ ᠢ᠋ᠶ᠋ᠠᠨ ᠨᠢᠭᠡ ᠳ᠋ᠦ᠍ ᠨᠢᠭᠡ ᠦᠭᠡᠢ ᠲᠣᠭᠠᠴᠢᠨ ᠶᠠᠷᠢᠯ᠎ᠠ᠃ ᠰᠦᠬᠡᠪᠠᠭᠠᠲᠤᠷ ᠪᠠᠢᠨ ᠪᠠᠢᠨ ᠡᠷᠳᠡᠨᠢ ᠶ᠋ᠢ ᠠᠵᠢᠭᠯᠠᠨ ᠬᠠᠷᠠᠵᠤ᠂ ᠵᠠᠷᠢᠮ ᠳ᠋ᠠᠭᠠᠨ ᠶᠠᠷᠢᠭᠰᠠᠨ ᠡᠴᠡ ᠨᠢ ᠯᠠᠪᠯᠠᠨ ᠠᠰᠠᠭᠤᠵᠤ ᠪᠠᠢᠪᠠ᠃
᠊᠊᠊᠊᠊᠊᠊᠊᠊᠊᠊᠊᠊᠊᠊ ᠲᠠ ᠲᠤᠯᠭᠠᠷ ᠲᠤ᠌ ᠳᠡᠩᠳᠡᠭᠦᠦ ᠬᠠᠲᠠᠭᠤ ᠰᠡᠳᠬᠢᠯ ᠭᠠᠷᠭᠠᠭᠰᠠᠨ ᠪᠣᠯᠤᠯᠲᠠᠢ ᠭᠡᠵᠦ ᠰᠦᠬᠡᠪᠠᠭᠠᠲᠤᠷ ᠬᠡᠯᠡᠪᠡ᠃
᠊᠊᠊᠊᠊᠊᠊᠊᠊᠊᠊᠊᠊᠊᠊ ᠨᠠᠮᠠᠶ᠋ᠢ ᠳᠣᠷᠣᠮᠵᠢᠯᠠᠭᠰᠠᠨ ᠰᠢᠦ ᠳᠡ᠃
᠊᠊᠊᠊᠊᠊᠊᠊᠊᠊᠊᠊᠊᠊᠊ ᠬᠠᠲᠠᠭᠤ ᠠᠮᠢᠳᠤᠷᠠᠯ᠂ ᠭᠡᠮᠲᠦ ᠬᠡᠷᠡᠭ ᠴᠦ᠍ ᠬᠢᠯᠭᠡᠳᠡᠭ ᠶᠤᠮ ᠰᠢᠦ! ᠲᠡᠷᠡ ᠬᠥᠭᠡᠷᠦᠬᠦᠢ ᠡᠮᠡᠭᠲᠡᠢ ᠶ᠋ᠢᠨ ᠪᠤᠷᠤᠭᠤ ᠪᠢᠰᠢ ᠴᠦ᠍ ᠪᠠᠢᠵᠤ ᠪᠣᠯᠤᠨ᠎ᠠ᠃ ᠲᠠ ᠰᠠᠢᠨ ᠪᠣᠳᠣᠭᠠᠷᠠᠢ ᠭᠡᠳ ᠰᠦᠬᠡᠪᠠᠭᠠᠲᠤᠷ ᠭᠠᠷᠤᠯ᠎ᠠ᠃ ᠢᠩᠭᠢᠭᠡᠳ ᠡᠷᠳᠡᠨᠢ ᠠᠷᠠᠳ ᠤ᠋ᠨ ᠵᠢᠷᠤᠮᠲᠤ ᠴᠡᠷᠢᠭ ᠦ᠋ᠨ ᠴᠣᠬᠣᠷ ᠴᠡᠷᠢᠭ ᠦ᠋ᠨ ᠬᠣᠷᠢᠶᠠᠨ ᠤ᠋ ᠨᠢᠭᠡᠳᠦᠭᠡᠷ ᠲᠠᠪᠢᠲᠤ ᠶ᠋ᠢᠨ ᠴᠡᠷᠢᠭ ᠪᠣᠯᠵᠠᠢ᠃
ᠡᠳᠦᠷ ᠢᠷᠡᠬᠦ ᠳᠣᠳᠣᠮ ᠠᠷᠠᠳ ᠤ᠋ᠨ ᠵᠢᠷᠤᠮᠲᠤ ᠴᠡᠷᠢᠭ ᠦ᠋ᠨ ᠲᠣᠭ᠎ᠠ ᠣᠯᠠᠰᠢᠷᠠᠵᠤ ᠡᠩᠨᠡᠭᠡ ᠨᠢ ᠪᠠᠲᠤᠵᠢᠨ ᠥᠰᠴᠦ ᠪᠠᠢᠯ᠎ᠠ᠃ ᠳᠠᠷᠤᠯᠠᠯ ᠵᠣᠪᠠᠯᠠᠩ ᠢ᠋ᠶ᠋ᠠᠷ ᠵᠢᠷᠮᠦᠰᠦᠯᠡᠭᠰᠡᠨ ᠮᠣᠩᠭᠣᠯ ᠤ᠋ᠨ ᠣᠷᠣᠨ ᠤ᠋ ᠲᠠᠯ᠎ᠠ ᠪᠦᠷᠢ ᠡᠴᠡ ᠵᠡᠪᠰᠡᠭ ᠲᠡᠢ ᠵᠡᠪᠰᠡᠭ ᠦᠭᠡᠢ ᠮᠣᠷᠢ ᠲᠠᠢ ᠶᠠᠪᠠᠭᠠᠨ ᠬᠥᠮᠦᠰ ᠴᠤᠭᠯᠠᠷᠠᠨ ᠡᠬᠡ ᠣᠷᠣᠨ ᠠᠷᠠᠳ ᠲᠦᠮᠡᠨ ᠳ᠋ᠡᠭᠡᠨ ᠡᠷᠬᠡ ᠴᠢᠯᠥᠭᠡ᠂ ᠲᠤᠰᠠᠭᠠᠷ ᠲᠣᠭᠲᠠᠨᠢᠯ ᠢ᠋ ᠣᠯᠭᠣᠬᠤ ᠪᠣᠯᠣᠳ ᠢᠯᠳᠦ ᠶ᠋ᠢ ᠳᠠᠪᠲᠠᠵᠤ ᠡᠬᠢᠯᠡᠪᠡ᠃
ᠪᠤᠯᠠᠭ ᠱᠠᠩᠳᠠ ᠡᠴᠡ ᠭᠣᠣᠯ ᠭᠣᠷᠣᠬ᠎ᠠ᠂ ᠭᠣᠷᠣᠬ᠎ᠠ ᠨᠡᠢᠯᠡᠵᠦ ᠮᠥᠷᠡᠨ᠂ ᠮᠥᠷᠡᠨ ᠨᠡᠢᠯᠡᠵᠦ ᠳᠠᠯᠠᠢ ᠪᠣᠯᠳᠠᠭ ᠰᠢᠭ᠋ ᠳᠣᠷᠣᠮᠵᠢᠯᠠᠯ ᠳᠠᠷᠤᠯᠠᠯ ᠡᠴᠡ ᠬᠣᠷᠣᠰᠤᠯ᠂ ᠬᠣᠷᠣᠰᠤᠯ ᠡᠴᠡ ᠲᠡᠮᠡᠴᠡᠯ ᠦ᠋ᠨ ᠳᠠᠯᠠᠢ ᠡᠭᠦᠰᠬᠡᠨ ᠳᠣᠯᠭᠢᠶᠠᠯᠠᠵᠤ᠂ ᠲᠡᠷᠡ ᠳᠠᠯᠠᠢ ᠶ᠋ᠢ ᠰᠥᠷᠦᠭᠰᠡᠨ ᠪᠦᠬᠦᠨ ᠢ᠋ ᠬᠥᠮᠥᠷᠢᠨ ᠵᠢᠪᠦᠭᠦᠯᠬᠦ ᠰᠢᠭᠤᠷᠭ᠎ᠠ ᠢᠰᠬᠡᠷᠦᠨ ᠱᠤᠤᠭᠢᠪᠠ᠃
ᠭᠠᠳᠠᠭᠠᠳᠤ ᠶ᠋ᠢᠨ ᠬᠥᠮᠦᠰ ᠬᠠᠷᠠᠬᠤ ᠳ᠋ᠤ᠌ ᠪᠣᠰᠬᠤ ᠶ᠋ᠢ ᠪᠢᠲᠡᠭᠡᠢ ᠬᠡᠯᠡ᠂ ᠬᠥᠳᠡᠯᠵᠦ ᠴᠢᠳᠠᠬᠤ ᠪᠠᠨ ᠪᠣᠯᠢᠭᠰᠠᠨ ᠠᠷᠬᠠᠭ ᠡᠪᠡᠳᠴᠢᠨ ᠲᠡᠢ ᠡᠷᠡᠦ ᠡᠪᠦᠳᠦᠭ ᠨᠢ ᠨᠡᠢᠯᠡᠭᠰᠡᠨ ᠡᠪᠦᠭᠡᠨ ᠰᠢᠭ ᠪᠣᠯᠤᠭᠰᠠᠨ ᠮᠣᠩᠭᠣᠯ ᠣᠷᠣᠨ ᠤ᠋ ᠪᠤᠯᠴᠢᠩ ᠳ᠋ᠤ᠌ ᠵᠠᠯᠠᠭᠤ ᠡᠷ᠎ᠡ ᠶ᠋ᠢᠨ ᠬᠦᠴᠦ ᠵᠠᠩᠭᠢᠷᠠᠵᠤ ᠨᠢᠮᠡᠨ ᠦᠶ᠎ᠡ ᠪᠣᠭᠳᠠ ᠶ᠋ᠢ ᠵᠠᠯᠠᠭᠠᠳ ᠴᠤ᠌᠂ ᠨᠠᠶᠠᠨ ᠲᠣᠬᠣᠢ ᠮᠠᠢᠳᠠᠷ ᠪᠤᠰᠬᠠᠭᠠᠳ ᠴᠤ᠌ ᠣᠯᠵᠤ ᠴᠢᠳᠠᠭ᠎ᠠ ᠦᠭᠡᠢ ᠡᠷᠬᠡ ᠵᠢᠷᠭᠠᠯ ᠢ᠋ ᠬᠦᠨᠳᠦ ᠠᠵᠢᠯ ᠳ᠋ᠤ᠌ ᠴᠥᠪᠥᠷᠢᠭᠦᠦ ᠪᠣᠯᠤᠭᠰᠠᠨ ᠮᠠᠯᠴᠢᠨ ᠠᠷᠠᠳ ᠤ᠋ᠨ ᠬᠦᠳᠡᠷ ᠭᠠᠷ ᠢ᠋ᠶ᠋ᠠᠷ ᠳᠠᠢᠰᠤᠨ ᠤ᠋ ᠭᠠᠷ ᠡᠴᠡ ᠪᠤᠯᠢᠶᠠᠵᠤ ᠠᠪᠬᠤ ᠠᠪᠤᠷᠭᠤ ᠲᠡᠮᠡᠴᠡᠯ ᠦ᠋ᠨ ᠲᠦᠳᠡᠭ ᠭᠠᠯ ᠤᠯᠠᠯᠵᠠᠵᠤ ᠡᠢᠨᠬᠦ ᠡᠬᠢᠯᠡᠪᠡ᠃
ᠣᠷᠣᠰ ᠣᠷᠣᠨ ᠳ᠋ᠤ᠌ ᠮᠠᠨᠳᠤᠭᠰᠠᠨ ᠶᠡᠬᠡ ᠬᠤᠪᠢᠰᠬᠠᠯ ᠤ᠋ᠨ ᠰᠢᠷᠦᠭᠦᠨ ᠠᠶᠤᠩᠭ᠎ᠠ ᠳ᠋ᠤ᠌ ᠭᠦᠨ ᠨᠣᠢᠷ ᠡᠴᠡ ᠰᠡᠷᠢᠭᠰᠡᠨ ᠠᠷᠠᠳ ᠣᠯᠠᠨ ᠤ᠋ ᠪᠡᠶ᠎ᠡ ᠨᠢ ᠳᠡᠪᠡᠭᠡᠷᠡᠵᠦ᠂ ᠤᠯᠤᠰ ᠭᠡᠷ ᠦ᠋ᠨ ᠲᠥᠯᠥᠭᠡ ᠰᠢᠳᠤᠷᠭᠤ ᠲᠡᠮᠡᠴᠡᠯ ᠳ᠋ᠦ᠍ ᠨᠢᠭᠡᠳᠦᠨ ᠵᠠᠩᠭᠢᠷᠠᠯᠠ᠃
ᠮᠠᠭᠤ ᠠᠮᠢᠳᠤ ᠶᠠᠪᠤᠬᠤ ᠪᠠᠷ ᠢ᠋ᠶ᠋ᠠᠨ ᠰᠠᠢᠨ ᠦᠬᠦᠬᠦ ᠨᠢ ᠰᠠᠢᠬᠠᠨ ᠭᠡᠵᠦ ᠪᠣᠰᠤᠭᠰᠠᠨ ᠣᠯᠠᠨ ᠤ᠋ ᠲᠡᠮᠡᠴᠡᠯ ᠦ᠋ᠨ ᠬᠦᠴᠦᠲᠦ ᠦᠶᠡᠷ ᠢ᠋ ᠪᠣᠭᠳᠠ ᠶ᠋ᠢᠨ ᠯᠦᠠᠳᠤᠩ᠂ ᠪᠠᠷᠤᠨ ᠤ᠋ ᠪᠠᠷᠳᠠᠮ ᠳᠡᠭᠡᠷᠡᠩᠭᠦᠢᠯᠡᠯ᠂ ᠭᠠᠮᠢᠩ ᠤ᠋ᠨ ᠳᠣᠭᠰᠢᠨ ᠠᠪᠤᠷᠢ ᠠᠯᠢ ᠨᠢ ᠴᠦ᠍ ᠬᠣᠷᠢᠭᠯᠠᠬᠤ ᠬᠦᠴᠦ ᠪᠠᠢᠭᠰᠠᠨ ᠦᠭᠡᠢ᠃
ᠬᠤᠷᠠᠮᠳᠤᠨ ᠪᠣᠠᠢᠵᠢᠵᠤ ᠪᠠᠢᠭᠰᠠᠨ ᠠᠷᠠᠳ ᠤ᠋ᠨ ᠵᠢᠷᠤᠮᠲᠤ ᠴᠡᠷᠢᠭ ᠦ᠋ᠨ ᠬᠡᠰᠡᠭ ᠦ᠋ᠳ᠂ ᠭᠠᠮᠢᠩ ᠲᠠᠢ ᠬᠡᠳᠦ ᠬᠡᠳᠦᠨ ᠤᠳᠠᠭ᠎ᠠ ᠲᠤᠯᠤᠯᠳᠤᠵᠤ ᠢᠯᠠᠭᠠᠳ ᠬᠦᠴᠦ ᠵᠣᠷᠢᠭ ᠨᠢ ᠤᠯᠠᠮ ᠴᠤ᠌ ᠪᠠᠳᠠᠷᠠᠯ᠎ᠠ᠃ ᠭᠠᠮᠢᠩ ᠲᠠᠢ ᠲᠤᠯᠤᠯᠳᠤᠭᠰᠠᠨ ᠬᠡᠳᠦᠨ ᠤᠳᠠᠭ᠎ᠠ ᠶ᠋ᠢᠨ ᠵᠢᠵᠢᠭ ᠪᠠᠢᠯᠳᠤᠭᠠᠨ ᠳ᠋ᠤ᠌ ᠡᠷᠳᠡᠨᠢ ᠭᠠᠪᠰᠢᠭᠠᠢ ᠣᠷᠣᠯᠴᠠᠵᠤ ᠰᠦᠬᠡᠪᠠᠭᠠᠲᠤᠷ ᠵᠠᠩᠵᠤᠨ ᠡᠴᠡ ᠰᠠᠢᠰᠢᠶᠠᠯ ᠬᠦᠷᠲᠡᠵᠡᠢ᠃
ᠨᠢᠭᠡᠨ ᠤᠳᠠᠭ᠎ᠠ ᠰᠤᠮᠢᠶ᠎ᠠ ᠪᠡᠢᠰᠡ ᠲᠡᠢ ᠠᠭᠤᠯᠵᠠᠬᠤ ᠪᠠᠷ ᠶᠠᠪᠤᠬᠤ ᠳ᠋ᠠᠭᠠᠨ ᠰᠦᠬᠡᠪᠠᠭᠠᠲᠤᠷ ᠭᠤᠴᠢᠭᠠᠳ ᠬᠥᠮᠦᠨ ᠳᠠᠭᠠᠭᠤᠯᠵᠤ ᠶᠠᠪᠤᠭᠰᠠᠨ ᠤ᠋ ᠳᠣᠲᠣᠷ᠎ᠠ ᠡᠷᠳᠡᠨᠢ ᠣᠷᠣᠯᠴᠠᠵᠤ ᠪᠢᠯᠡ᠃
ᠰᠦᠬᠡᠪᠠᠭᠠᠲᠤᠷ ᠵᠠᠮ ᠳ᠋ᠠᠭᠠᠨ ᠶᠠᠮᠠᠷ ᠨᠢᠭᠡᠨ ᠪᠣᠭᠣᠨᠢ ᠳᠠᠭᠤᠤ ᠠᠶᠠᠯᠤᠨ ᠶᠠᠪᠤᠭᠰᠠᠨ ᠢ᠋ᠶ᠋ᠠᠨ ᠬᠠᠵᠠᠭᠤ ᠳ᠋ᠠᠭᠠᠨ ᠶᠠᠪᠤᠭᠰᠠᠨ ᠡᠷᠳᠡᠨᠢ ᠳ᠋ᠦ᠍ ᠬᠠᠨᠳᠤᠵᠤ 《ᠳᠠᠭᠤᠤ ᠳᠠᠭᠤᠯᠠᠵᠤ ᠶᠠᠪᠤᠬᠤ ᠳ᠋ᠤ᠌ ᠭᠠᠵᠠᠷ ᠠᠮᠠᠷᠬᠠᠨ ᠳᠥᠭᠥᠳᠡᠭ ᠶᠤᠮ ᠰᠢᠦ》 ᠭᠡᠳ ᠢᠨᠢᠶᠡᠮᠰᠦᠭᠯᠡᠭᠰᠡᠨ ᠢ᠋ᠶ᠋ᠡᠨ 《ᠭᠡᠬᠦ ᠳ᠋ᠡᠭᠡᠨ ᠣᠳᠣᠬᠠᠨ ᠳ᠋ᠠᠭᠠᠨ ᠴᠢᠩᠭ᠎ᠠ ᠳᠠᠭᠤᠯᠠᠵᠤ ᠪᠣᠯᠬᠤ ᠦᠭᠡᠢ ᠪᠠᠢᠨ᠎ᠠ》 ᠭᠡᠵᠦ ᠨᠡᠮᠡᠵᠦ ᠬᠡᠯᠡᠪᠡ᠃
ᠡᠷᠳᠡᠨᠢ ᠡᠬᠢᠨ ᠦ᠌ ᠬᠢᠨᠢ ᠦᠭᠡᠨ ᠳ᠋ᠦ᠍ 《ᠡᠷ᠎ᠡ ᠪᠣᠷᠣ ᠬᠠᠷᠴᠠᠭᠠᠢ》 ᠶ᠋ᠢ ᠳᠠᠭᠤᠯᠠᠶ᠎ᠠ ᠭᠡᠵᠦ ᠪᠣᠳᠣᠭᠰᠠᠨ ᠪᠣᠯᠪᠠᠴᠤ ᠰᠡᠭᠦᠯᠴᠢ ᠶ᠋ᠢᠨ ᠬᠢᠨᠢ ᠦᠭᠡ ᠶ᠋ᠢ ᠰᠣᠨᠣᠰᠤᠭᠠᠳ ᠠᠭᠤᠰᠬᠢᠨ ᠳ᠋ᠠᠭᠠᠨ ᠬᠤᠷᠢᠶᠠᠭᠰᠠᠨ ᠬᠡᠢ ᠪᠡᠨ ᠠᠯᠭᠤᠷ ᠪᠤᠴᠠᠭᠠᠨ ᠭᠠᠷᠭᠠᠯ᠎ᠠ᠃
ᠴᠡᠷᠢᠭ ᠦ᠋ᠳ ᠦᠭᠡ ᠳᠠᠭᠤ ᠦᠭᠡᠢ ᠴᠤᠪᠤᠷᠠᠯᠳᠤᠨ ᠶᠠᠪᠤᠵᠤ ᠪᠠᠢᠯ᠎ᠠ᠃ ᠭᠡᠲᠡᠯ᠎ᠡ ᠰᠦᠬᠡᠪᠠᠭᠠᠲᠤᠷ ᠳᠥᠷᠦᠭᠡᠨ ᠳᠡᠭᠡᠷ᠎ᠡ ᠪᠡᠨ ᠥᠨᠳᠡᠢᠵᠦ ᠡᠷᠭᠢᠨ ᠬᠠᠷᠠᠭᠠᠳ 《ᠨᠥᠬᠥᠳ ᠮᠢᠨᠢ ᠮᠥᠭᠥ ᠶ᠋ᠢᠨ ᠬᠢᠲᠠᠳ ᠰᠢᠭ᠋ ᠭᠠᠵᠠᠷ ᠱᠠᠭᠠᠢᠨ ᠴᠤᠪᠤᠷᠠᠯᠳᠤᠭᠠᠳ ᠶᠠᠭᠤ ᠬᠢᠬᠦ ᠪᠢᠯᠡ᠃ ᠴᠥᠮ ᠬᠦᠷᠦᠭᠡᠳ ᠢᠷᠡᠭᠡᠴᠢ》 ᠭᠡᠬᠦ ᠳ᠋ᠦ᠍ᠨᠢ ᠴᠡᠷᠢᠭ ᠦ᠋ᠳ ᠵᠡᠷᠭᠡᠴᠡᠨ ᠢᠷᠡᠯ᠎ᠡ᠃
ᠰᠦᠬᠡᠪᠠᠭᠠᠲᠤᠷ᠂ ᠪᠠᠳᠠᠷᠴᠢᠨ ᠤ᠋ ᠲᠤᠬᠠᠢ ᠬᠣᠶᠠᠷ ᠱᠣᠭ ᠦᠯᠢᠭᠡᠷ ᠶᠠᠷᠢᠭᠰᠠᠨ ᠳ᠋ᠤ᠌ ᠴᠡᠷᠢᠭ ᠦ᠋ᠳ ᠬᠥᠭᠵᠢᠯᠳᠦᠨ ᠵᠠᠷᠢᠮ ᠨᠢᠭᠡ ᠨᠢ ᠬᠠᠷᠢᠭᠤ ᠪᠣᠯᠭᠠᠵᠤ ᠱᠣᠭ ᠦᠯᠢᠭᠡᠷ ᠶᠠᠷᠢᠵᠠᠢ᠃
ᠢᠩᠭᠢᠵᠦ ᠢᠨᠢᠶᠡᠯᠳᠦᠨ ᠶᠠᠪᠤᠲᠠᠯ᠎ᠠ ᠡᠮᠦᠨ᠎ᠡ ᠡᠴᠡ ᠨᠢ ᠮᠣᠷᠢ ᠲᠠᠢ ᠮᠣᠩᠭᠣᠯ ᠬᠥᠮᠦᠨ ᠳᠠᠪᠬᠢᠨ ᠢᠷᠡᠵᠦ ᠭᠠᠮᠢᠩ ᠤ᠋ᠳ ᠠᠷᠠᠳ ᠣᠯᠠᠨ ᠢ᠋ ᠳᠡᠭᠡᠷᠡᠮᠳᠡᠨ᠂ ᠲᠡᠳᠡᠨ ᠦ᠌ ᠡᠪᠡᠰᠦ ᠶ᠋ᠢ ᠬᠣᠷᠢᠶᠠᠨ ᠠᠪᠴᠤ ᠪᠠᠢᠭ᠎ᠠ ᠲᠤᠬᠠᠢ ᠮᠡᠳᠡᠭᠡ ᠬᠦᠷᠭᠡᠵᠦ ᠢᠷᠡᠯ᠎ᠡ᠃
᠊᠊᠊᠊᠊᠊᠊᠊᠊᠊᠊᠊᠊᠊᠊ ᠭᠠᠮᠢᠩ ᠣᠯᠠᠨ ᠶᠤᠮ ᠤᠤ? ᠭᠡᠵᠦ ᠰᠦᠬᠡᠪᠠᠭᠠᠲᠤᠷ ᠠᠰᠠᠭᠤᠪᠠ᠃
᠊᠊᠊᠊᠊᠊᠊᠊᠊᠊᠊᠊᠊᠊᠊ ᠵᠠᠭᠤ ᠰᠢᠭᠠᠮ᠃
ᠰᠦᠬᠡᠪᠠᠭᠠᠲᠤᠷ ᠬᠡᠰᠡᠭ ᠪᠣᠳᠣᠯᠬᠢᠯᠠᠭᠰᠠᠨ ᠢ᠋ᠶ᠋ᠠᠨ ᠴᠡᠷᠢᠭ ᠦ᠋ᠳ ᠲᠡᠭᠡᠨ ᠬᠠᠨᠳᠤᠵᠤ 《ᠦᠵᠡᠭᠡᠳ ᠠᠯᠳᠠᠬᠤ ᠤᠤ?》 ᠭᠡᠳ ᠲᠣᠮᠣ ᠲᠣᠮᠣ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠮᠰᠦᠭᠯᠡᠪᠡ᠃
᠊᠊᠊᠊᠊᠊᠊᠊᠊᠊᠊᠊᠊᠊᠊ ᠪᠠᠷᠤᠨ ᠤ᠋ ᠬᠢᠨ ᠲᠡᠢ ᠪᠠᠢᠯᠳᠤᠵᠤ ᠪᠠᠢᠬᠤ ᠨᠢ ᠠᠷᠴᠠᠭ᠎ᠠ ᠦᠭᠡᠢ ᠶᠤᠮ ᠪᠠᠢᠨ᠎ᠠ ᠪᠢᠯᠡ᠃ ᠦᠵᠡᠯᠴᠡᠶ᠎ᠡ ᠭᠡᠵᠦ ᠡᠷᠳᠡᠨᠢ ᠬᠡᠯᠡᠪᠡ᠃
᠊᠊᠊᠊᠊᠊᠊᠊᠊᠊᠊᠊᠊᠊᠊ ᠡᠨᠳᠡ ᠡᠴᠡ ᠬᠣᠯᠠ ᠪᠠᠢᠨ᠎ᠠ ᠤᠤ? ᠭᠡᠵᠦ ᠰᠦᠬᠡᠪᠠᠭᠠᠲᠤᠷ ᠠᠰᠠᠭᠤᠭᠠᠳ ᠢᠷᠡᠭᠰᠡᠨ ᠬᠥᠮᠦᠨ ᠦ᠌ ᠵᠦᠭ ᠬᠠᠷᠠᠯ᠎ᠠ᠃
᠊᠊᠊᠊᠊᠊᠊᠊᠊᠊᠊᠊᠊᠊᠊ ᠣᠢᠷᠠᠬᠠᠨ᠃ ᠡᠨᠡ ᠠᠭᠤᠯᠠᠨ ᠤ᠋ ᠴᠢᠨᠠᠳᠤ ᠳᠣᠣᠷ᠎ᠠ᠃
᠊᠊᠊᠊᠊᠊᠊᠊᠊᠊᠊᠊᠊᠊᠊ ᠪᠢᠳᠡ ᠶᠠᠭᠤᠨ ᠤ᠋ ᠡᠮᠦᠨ᠎ᠡ ᠠᠯᠠᠯᠳᠤᠬᠤ ᠶ᠋ᠢ ᠬᠢᠴᠢᠶᠡᠬᠦ ᠬᠡᠷᠡᠭ ᠠᠯᠠᠭ᠎ᠠ᠃ ᠪᠣᠯᠪᠠᠯ ᠶᠠᠷᠢᠯᠴᠠᠵᠤ ᠪᠠᠢᠭᠠᠳ ᠪᠠᠭᠤᠯᠭᠠᠵᠤ ᠠᠪᠤᠶ᠎ᠠ᠃ ᠲᠤᠰᠢᠶᠠᠯ ᠦᠭᠡᠢ ᠪᠡᠷ ᠫᠤᠤᠳᠠᠵᠤ ᠣᠭᠲᠣ ᠪᠣᠯᠬᠤ ᠦᠭᠡᠢ᠃
᠊᠊᠊᠊᠊᠊᠊᠊᠊᠊᠊᠊᠊᠊᠊ ᠵᠠ ᠶᠠᠪᠤᠵᠠᠭᠠᠶ᠎ᠠ ᠭᠡᠳ ᠰᠦᠬᠡᠪᠠᠭᠠᠲᠤᠷ ᠶᠠᠪᠤᠵᠠᠢ᠃
ᠵᠠᠮ ᠳ᠋ᠠᠭᠠᠨ ᠢᠷᠡᠭᠰᠡᠨ ᠬᠥᠮᠦᠨ ᠡᠴᠡ ᠭᠠᠮᠢᠩ ᠤ᠋ᠨ ᠪᠠᠢᠷᠢᠯᠠᠵᠤ ᠪᠠᠢᠭ᠎ᠠ ᠭᠠᠵᠠᠷ ᠢ᠋ ᠨᠢᠭᠡ ᠳ᠋ᠦ᠍ ᠨᠢᠭᠡ ᠦᠭᠡᠢ ᠮᠡᠳᠡᠵᠦ ᠠᠪᠤᠭᠰᠠᠨ ᠰᠦᠬᠡᠪᠠᠭᠠᠲᠤᠷ ᠠᠭᠤᠯᠠᠨ ᠤ᠋ ᠣᠷᠣᠢ ᠳᠡᠭᠡᠭᠦᠷ ᠴᠡᠷᠢᠭ ᠦ᠋ᠳ ᠢ᠋ᠶ᠋ᠡᠨ ᠪᠠᠢᠷᠢᠯᠠᠭᠤᠯᠤᠭᠠᠳ ᠥᠪᠡᠷ ᠢ᠋ᠶ᠋ᠡᠨ ᠬᠣᠶᠠᠷ ᠬᠥᠮᠦᠨ ᠦ᠌ ᠬᠠᠮᠲᠤ ᠭᠠᠮᠢᠩ ᠤ᠋ᠳ ᠤ᠋ᠨ ᠵᠦᠭ ᠬᠠᠲᠠᠷᠢᠭᠤᠯᠤᠨ ᠶᠠᠪᠤᠯ᠎ᠠ᠃
ᠳᠠᠪᠬᠢᠭᠰᠠᠭᠠᠷ ᠢᠷᠡᠵᠦ ᠶᠠᠪᠤᠭ᠎ᠠ ᠭᠤᠷᠪᠠᠨ ᠮᠣᠷᠢ ᠲᠠᠢ ᠬᠥᠮᠦᠨ ᠢ᠋ ᠬᠠᠷᠠᠭᠠᠳ ᠭᠠᠮᠢᠩ ᠤ᠋ᠳ ᠮᠠᠢᠬᠠᠨ ᠡᠴᠡ ᠭᠠᠷᠴᠤ ᠵᠣᠭᠰᠣᠪᠠ᠃
ᠰᠦᠬᠡᠪᠠᠭᠠᠲᠤᠷ ᠮᠠᠢᠬᠠᠨ ᠳ᠋ᠤ᠌ ᠲᠤᠯᠵᠤ ᠣᠴᠢᠭᠠᠳ ᠮᠣᠷᠢᠨ ᠤ᠋ ᠠᠮᠠ ᠶ᠋ᠢ ᠲᠠᠲᠠᠵᠤ ᠵᠣᠭᠰᠣᠭᠠᠳ᠂ 《ᠨᠣᠶᠠᠨ ᠴᠢᠨᠢ ᠬᠠᠮᠢᠭ᠎ᠠ ᠪᠠᠢᠨ᠎ᠠ?》 ᠭᠡᠵᠦ ᠠᠰᠠᠭᠤᠪᠠ᠃
ᠭᠠᠮᠢᠩ ᠤ᠋ᠨ ᠨᠣᠶᠠᠨ᠂ ᠬᠡᠯᠡᠮᠦᠷᠴᠢᠨ ᠦ᠌ ᠬᠠᠮᠲᠤ ᠰᠦᠬᠡᠪᠠᠭᠠᠲᠤᠷ ᠥᠭᠡᠳᠡ ᠶᠠᠪᠤᠵᠤ ᠢᠷᠡᠯ᠎ᠡ᠃
᠊᠊᠊᠊᠊᠊᠊᠊᠊᠊᠊᠊᠊᠊᠊ ᠲᠠ ᠨᠠᠷ ᠢ᠋ ᠮᠣᠩᠭᠣᠯ ᠤ᠋ᠨ ᠠᠷᠠᠳ ᠤ᠋ᠨ ᠵᠢᠷᠤᠮᠲᠤ ᠴᠡᠷᠢᠭ ᠪᠦᠰᠡᠯᠡᠭᠡᠳ ᠪᠠᠢᠨ᠎ᠠ᠃ ᠬᠡᠷᠪᠡ ᠡᠰᠡᠷᠭᠦᠴᠡᠯ ᠦᠭᠡᠢ ᠪᠠᠭᠤᠵᠤ ᠥᠭᠪᠡᠯ ᠠᠮᠢ ᠶ᠋ᠢ ᠴᠢᠨᠢ ᠡᠰᠡᠨ ᠮᠡᠨᠳᠦ ᠦᠯᠡᠳᠡᠭᠡᠨ᠎ᠡ᠃ ᠬᠡᠷᠪᠡ ᠪᠠᠭᠤᠵᠤ ᠥᠭᠬᠦ ᠦᠭᠡᠢ ᠪᠣᠯ ᠁ ᠭᠡᠳ ᠠᠭᠤᠯᠠᠨ ᠤ᠋ ᠲᠣᠯᠣᠭᠠᠢ ᠤᠷᠤᠭᠤ ᠬᠠᠷᠠᠬᠤ ᠳ᠋ᠤ᠌ ᠬᠡᠯᠡᠭᠰᠡᠨ ᠶᠣᠰᠣᠭᠠᠷ ᠨᠢ ᠶᠠᠪᠠᠭᠠᠨ ᠮᠣᠷᠢ ᠲᠠᠢ ᠬᠥᠮᠦᠰ ᠡᠨᠳᠡ ᠲᠡᠨᠳᠡ ᠪᠤᠯᠲᠠᠯᠵᠠᠵᠤ ᠪᠠᠢᠯ᠎ᠠ᠃
ᠭᠠᠮᠢᠩ ᠤ᠋ᠨ ᠨᠣᠶᠠᠨ ᠠᠭᠤᠯᠠᠨ ᠤ᠋ ᠲᠣᠯᠣᠭᠠᠢ ᠤᠷᠤᠭᠤ ᠠᠵᠢᠭᠯᠠᠨ ᠬᠠᠷᠠᠵᠤ ᠪᠠᠬᠠᠨ ᠳᠠᠭᠤ ᠦᠭᠡᠢ ᠵᠣᠭᠰᠣᠭᠰᠠᠨ ᠢ᠋ᠶ᠋ᠠᠨ ᠡᠷᠡᠰ ᠪᠥᠭᠡᠳ ᠰᠢᠢᠳᠮᠡᠭᠡᠢ ᠳᠠᠭᠤ ᠪᠠᠷ 《ᠪᠢᠳᠡ ᠪᠠᠭᠤᠵᠤ ᠥᠭᠬᠦ ᠦᠭᠡᠢ》 ᠭᠡᠯᠡ᠃
᠊᠊᠊᠊᠊᠊᠊᠊᠊᠊᠊᠊᠊᠊᠊ ᠵᠠ ᠲᠡᠭᠡᠪᠡᠯ ᠵᠡᠪᠰᠡᠭ ᠦ᠋ᠨ ᠬᠤᠷᠴᠠ ᠪᠠᠷ ᠦᠵᠡᠯᠴᠡᠬᠦ ᠪᠣᠯᠵᠤ ᠳᠠ ᠭᠡᠳ ᠰᠦᠬᠡᠪᠠᠭᠠᠲᠤᠷ ᠲᠠᠢᠪᠤᠩ ᠢ᠋ᠶ᠋ᠠᠷ ᠮᠣᠷᠢᠨ ᠤ᠋ ᠠᠮᠠ ᠶ᠋ᠢ ᠡᠷᠭᠢᠭᠦᠯᠪᠡ᠃
ᠭᠠᠮᠢᠩ ᠤ᠋ᠳ ᠬᠣᠯᠠᠳᠴᠤ ᠪᠠᠢᠭ᠎ᠠ ᠬᠥᠮᠦᠰ ᠦ᠋ᠨ ᠬᠣᠢᠨ᠎ᠠ ᠡᠴᠡ ᠨᠡᠯᠢᠶᠡᠳ ᠤᠳᠠᠭᠠᠨ ᠭᠥᠯᠢᠷᠡᠨ ᠵᠣᠭᠰᠣᠪᠠ᠃ ᠪᠦᠷᠢᠨ ᠵᠡᠪᠰᠡᠭ ᠲᠡᠢ ᠵᠠᠭᠤ ᠭᠠᠷᠤᠢ ᠬᠥᠮᠦᠨ ᠦ᠌ ᠳᠡᠷᠭᠡᠳᠡ ᠶᠠᠮᠠᠷ ᠴᠤ᠌ ᠠᠶᠤᠮᠰᠢᠭ ᠦᠭᠡᠢ ᠪᠤᠴᠠᠵᠤ ᠪᠠᠢᠭ᠎ᠠ ᠭᠤᠷᠪᠠᠨ ᠬᠥᠮᠦᠨ ᠦ᠌ ᠭᠠᠩ ᠵᠣᠷᠢᠭ᠂ ᠬᠦᠷᠢᠶ᠎ᠡ ᠡᠴᠡ ᠬᠥᠭᠡᠭᠡᠭᠳᠡᠭᠰᠡᠨ ᠠᠶᠤᠯ ᠲᠠᠢ ᠶᠠᠪᠤᠳᠠᠯ ᠳ᠋ᠤ᠌ ᠰᠥᠰᠥ ᠨᠢ ᠬᠠᠢᠯᠵᠤ᠂ ᠵᠢᠷᠦᠬᠡ ᠨᠢ ᠰᠢᠨᠲᠠᠷᠠᠭᠰᠠᠨ ᠭᠠᠮᠢᠩ ᠤ᠋ᠳ ᠢ᠋ ᠦᠯᠦ ᠬᠠᠷᠠᠭᠳᠠᠬᠤ ᠭᠠᠩ ᠴᠠᠯᠮ᠎ᠠ ᠪᠠᠷ ᠬᠦᠯᠢᠵᠦ ᠵᠣᠭᠰᠣᠭᠠᠭᠰᠠᠨ ᠡᠴᠡ ᠢᠩᠭᠢᠵᠦ ᠭᠠᠷ ᠬᠥᠳᠡᠯᠵᠦ ᠴᠢᠳᠠᠭᠰᠠᠨ ᠦᠭᠡᠢ᠃ ᠢᠷᠡᠭᠰᠡᠨ ᠬᠥᠮᠦᠰ ᠢ᠋ ᠬᠣᠯᠠᠳᠤᠭᠰᠠᠨ ᠬᠣᠢᠨ᠎ᠠ ᠤᠬᠠᠭᠠᠨ ᠣᠷᠣᠭᠰᠠᠨ ᠭᠠᠮᠢᠩ ᠤ᠋ᠨ ᠨᠣᠶᠠᠨ 《ᠪᠠᠢᠷᠢ ᠪᠠᠨ ᠡᠵᠡᠯᠡᠭᠡᠳ》 ᠭᠡᠵᠦ ᠬᠠᠰᠬᠢᠷᠤᠭᠠᠳ ᠥᠪᠡᠷ ᠢ᠋ᠶ᠋ᠡᠨ ᠡᠪᠡᠰᠦ ᠠᠴᠢᠭᠰᠠᠨ ᠲᠡᠷᠭᠡᠨ ᠦ᠌ ᠳᠣᠭᠤᠤᠷ ᠣᠷᠣᠵᠤ ᠬᠡᠪᠲᠡᠯ᠎ᠡ᠃ ᠤᠳᠠᠭᠰᠠᠨ ᠴᠤ᠌ ᠦᠭᠡᠢ ᠬᠣᠶᠠᠷ ᠲᠠᠯ᠎ᠠ ᠶ᠋ᠢᠨ ᠠᠭᠤᠯᠠᠨ ᠡᠴᠡ ᠫᠤᠤᠳᠠᠵᠤ ᠡᠬᠢᠯᠡᠬᠦ ᠳ᠋ᠦ᠍ ᠭᠠᠮᠢᠩ ᠤ᠋ᠳ ᠬᠠᠷᠢᠭᠤ ᠫᠤᠤᠳᠠᠵᠤ ᠪᠠᠷᠤᠭ ᠬᠠᠭᠠᠰ ᠡᠳᠦᠷ ᠦᠷᠭᠦᠯᠵᠢᠯᠡᠭᠰᠡᠨ ᠲᠤᠯᠤᠯᠳᠤᠭᠠᠨ ᠪᠣᠯᠤᠭᠠᠳ ᠡᠴᠦᠰ ᠲᠦ᠋ᠨᠢ ᠠᠰᠢᠭ ᠦᠭᠡᠢ ᠪᠠᠢᠷᠢ ᠡᠵᠡᠯᠡᠭᠰᠡᠨ ᠭᠠᠮᠢᠩ ᠤ᠋ᠳ ᠲᠡᠷᠭᠡ ᠲᠡᠢ ᠡᠪᠡᠰᠦ ᠪᠡᠨ ᠰᠢᠲᠠᠭᠠᠨ ᠵᠢᠭᠤᠲᠠᠭᠰᠠᠨ ᠪᠣᠯᠪᠠᠴᠤ ᠠᠮᠢᠳᠤ ᠭᠠᠷᠤᠭᠰᠠᠨ ᠬᠥᠮᠦᠨ ᠬᠣᠪᠣᠷ ᠠᠵᠢ᠃
ᠫᠠᠷᠲ᠋ᠢᠽᠠᠨ ᠨᠤᠭᠤᠳ ᠫᠤᠤ᠂ ᠰᠤᠮᠤ ᠦᠯᠡᠮᠵᠢ ᠶ᠋ᠢ ᠣᠯᠵᠠᠯᠠᠨ ᠠᠪᠴᠤ ᠶᠡᠬᠡ ᠯᠡ ᠪᠠᠶᠠᠷ ᠪᠣᠯᠪᠠ᠃
1921 ᠣᠨ ᠤ᠋ ᠭᠤᠷᠪᠠᠳᠤᠭᠠᠷ ᠰᠠᠷ᠎ᠠ ᠶ᠋ᠢᠨ ᠠᠷᠪᠠᠨ ᠵᠢᠷᠭᠤᠭᠠᠨ ᠤ᠋ ᠰᠥᠨᠢ ᠠᠷᠠᠳ ᠤ᠋ᠨ ᠵᠢᠷᠤᠮᠲᠤ ᠴᠡᠷᠢᠭ᠂ ᠬᠢᠶᠠᠭᠲᠤ ᠳ᠋ᠤ᠌ ᠪᠠᠢᠭ᠎ᠠ ᠭᠠᠮᠢᠩ ᠢ᠋ ᠬᠥᠭᠡᠭᠡᠬᠦ ᠶᠡᠬᠡ ᠲᠤᠯᠤᠯᠳᠤᠭᠠᠨ ᠳ᠋ᠤ᠌ ᠮᠣᠷᠳᠠᠪᠠ᠃ ᠳᠣᠷᠵᠢ ᠶ᠋ᠢᠨ ᠤᠳᠤᠷᠢᠳᠤᠭᠰᠠᠨ ᠴᠣᠬᠣᠷ ᠴᠡᠷᠢᠭ ᠦ᠋ᠨ ᠬᠣᠷᠢᠶᠠᠨ ᠤ᠋ ᠨᠢᠭᠡᠳᠦᠭᠡᠷ ᠲᠠᠪᠢᠲᠤ ᠬᠢᠶᠠᠭᠲᠤ ᠶ᠋ᠢᠨ ᠪᠠᠷᠠᠭᠤᠨ ᠬᠣᠢᠨ᠎ᠠ ᠡᠴᠡ ᠳᠣᠪᠲᠣᠯᠬᠤ ᠪᠠᠷ ᠣᠢᠷᠠᠲᠤᠨ ᠣᠴᠢᠪᠠ᠃
ᠣᠷᠣᠢ ᠪᠠᠭᠤᠵᠤ ᠥᠭᠬᠦ ᠶ᠋ᠢ ᠭᠠᠮᠢᠩ ᠡᠴᠡ ᠱᠠᠭᠠᠷᠳᠠᠭᠰᠠᠨ ᠬᠣᠶᠠᠳᠠᠬᠢ ᠪᠢᠴᠢᠭ ᠦ᠋ᠨ ᠬᠠᠷᠢᠭᠤ ᠢᠷᠡᠬᠦ ᠦᠭᠡᠢ ᠪᠣᠯᠬᠣᠷ ᠨᠢ ᠰᠦᠬᠡᠪᠠᠭᠠᠲᠤᠷ ᠴᠡᠷᠢᠭ ᠢ᠋ᠶ᠋ᠡᠨ ᠴᠤᠭᠯᠠᠭᠤᠯᠵᠤ 《ᠪᠢᠳᠡ ᠭᠠᠮᠢᠩ ᠡᠴᠡ ᠡᠩᠬᠡ ᠲᠠᠢᠪᠤᠩ ᠢ᠋ᠶ᠋ᠠᠷ ᠪᠠᠭᠤᠵᠤ ᠥᠭᠬᠦ ᠶ᠋ᠢ ᠵᠦᠢ ᠶᠣᠰᠣ ᠪᠠᠷ ᠱᠠᠭᠠᠷᠳᠠᠭᠰᠠᠨ ᠪᠣᠯᠪᠠᠴᠤ ᠲᠡᠳᠡ ᠬᠠᠷᠢᠭᠤ ᠥᠭᠭᠦᠭᠰᠡᠨ ᠦᠭᠡᠢ᠃ ᠣᠳᠣ ᠪᠢᠳᠡ ᠵᠡᠪᠰᠡᠭ ᠬᠡᠷᠡᠭᠯᠡᠬᠦ ᠡᠴᠡ ᠥᠭᠡᠷ᠎ᠡ ᠵᠠᠮ ᠦᠭᠡᠢ ᠪᠣᠯᠵᠠᠢ᠃ ᠡᠨᠡ ᠪᠠᠢᠯᠳᠤᠭᠠᠨ ᠪᠣᠯ ᠮᠣᠩᠭᠣᠯ ᠤᠯᠤᠰ ᠪᠠᠢᠬᠤ᠂ ᠡᠰᠡᠬᠦ ᠶ᠋ᠢ ᠰᠢᠳᠬᠦ ᠶᠤᠮ᠃ ᠪᠡᠶ᠎ᠡ ᠳ᠋ᠦ᠍ᠨᠢ ᠮᠣᠩᠭᠣᠯ ᠡᠬᠡ ᠶ᠋ᠢᠨ ᠴᠢᠰᠤ ᠡᠷᠭᠢᠯᠳᠦᠵᠦ᠂ ᠴᠡᠭᠡᠵᠢᠨ ᠳ᠋ᠦ᠍ᠨᠢ ᠮᠣᠩᠭᠣᠯ ᠵᠢᠷᠦᠬᠡ ᠴᠣᠬᠢᠯᠠᠵᠤ ᠪᠠᠢᠭ᠎ᠠ ᠬᠥᠮᠦᠨ ᠪᠦᠬᠦᠨ ᠥᠨᠥᠳᠥᠷ ᠬᠠᠳᠠᠨ ᠵᠣᠷᠢᠭ ᠭᠠᠷᠭᠠᠬᠤ ᠬᠡᠷᠡᠭᠲᠡᠢ᠃ ᠳᠠᠢᠰᠤᠨ ᠠᠷᠪᠠᠨ ᠮᠢᠩᠭ᠎ᠠ ᠭᠠᠷᠤᠢ᠂ ᠪᠢᠳᠡ ᠳᠥᠷᠪᠡᠨ ᠵᠠᠭᠤ ᠭᠠᠷᠤᠢ᠂ ᠭᠡᠪᠡᠴᠦ ᠪᠢᠳᠡᠨ ᠦ᠌ ᠬᠥᠯ ᠳᠣᠣᠷ᠎ᠠ ᠮᠢᠨᠢ ᠳᠣᠷᠣᠮᠵᠢᠯᠠᠭᠳᠠᠭᠰᠠᠨ ᠡᠬᠡ ᠣᠷᠣᠨ᠂ ᠠᠷᠤ ᠳ᠋ᠤ᠌ ᠮᠢᠨᠢ ᠵᠣᠪᠠᠭᠰᠠᠨ ᠠᠷᠠᠳ ᠲᠦᠮᠡᠨ ᠪᠠᠢᠭ᠎ᠠ ᠪᠣᠯᠬᠣᠷ ᠪᠢᠳᠡ ᠳᠡᠢᠯᠬᠦ ᠦᠭᠡᠢ ᠪᠠᠢᠵᠤ ᠪᠣᠯᠬᠤ ᠦᠭᠡᠢ᠃ ᠠᠶᠤᠵᠤ ᠰᠠᠨᠳᠤᠷᠴᠤ ᠪᠠᠢᠭ᠎ᠠ ᠬᠥᠮᠦᠨ ᠪᠠᠢᠪᠠᠯ ᠣᠳᠣ ᠪᠤᠴᠠᠵᠤ ᠪᠣᠯᠤᠨ᠎ᠠ》 ᠭᠡᠵᠦ ᠬᠡᠯᠡᠪᠡ᠃
ᠣᠯᠠᠨ ᠴᠡᠷᠢᠭ ᠦ᠋ᠳ 《ᠵᠠᠩᠵᠤᠨ ᠤ᠋ ᠠᠯᠳᠠᠷ ᠪᠠᠲᠤ ᠣᠷᠣᠰᠢᠭ!》 ᠭᠡᠵᠦ ᠨᠢᠵᠢᠭᠢᠨᠡᠭᠦᠯᠦᠨ ᠬᠠᠰᠬᠢᠷᠪᠠ᠃ ᠮᠣᠩᠭᠣᠯ ᠣᠷᠣᠨ ᠳ᠋ᠤ᠌ ᠠᠷᠠᠳ ᠤ᠋ᠨ ᠬᠤᠪᠢᠰᠬᠠᠯ ᠤ᠋ᠨ ᠲᠦᠢᠮᠡᠷ ᠳᠦᠷᠡᠯᠵᠡᠵᠦ᠂ ᠡᠨᠡ ᠲᠡᠮᠡᠴᠡᠯ ᠦ᠋ᠨ ᠲᠥᠪ ᠨᠢ ᠬᠢᠶᠠᠭᠲᠤ ᠪᠣᠯᠪᠠ᠃
ᠰᠦᠬᠡᠪᠠᠭᠠᠲᠤᠷ ᠳᠡᠯ ᠲᠡᠢ ᠬᠣᠩᠭᠣᠷ ᠮᠣᠷᠢᠨ ᠳ᠋ᠠᠭᠠᠨ ᠮᠣᠷᠳᠠᠵᠤ ᠴᠡᠷᠢᠭ ᠦ᠋ᠨ ᠡᠮᠦᠨ᠎ᠡ ᠶᠠᠪᠤᠬᠤ ᠳ᠋ᠤᠨᠢ ᠲᠡᠭᠦᠨ ᠦ᠌ ᠪᠡᠶ᠎ᠡ ᠨᠢ ᠠᠪᠤᠷᠭᠤ ᠲᠣᠮᠣ ᠪᠣᠯᠤᠭᠰᠠᠨ ᠶᠤᠮ ᠰᠢᠭ᠋ ᠡᠷᠳᠡᠨᠢ ᠳ᠋ᠦ᠍ ᠬᠠᠷᠠᠭᠳᠠᠪᠠ᠃
ᠰᠥᠨᠢ ᠳᠤᠮᠳᠠ ᠶ᠋ᠢᠨ ᠦᠶ᠎ᠡ ᠳ᠋ᠦ᠍ ᠴᠡᠷᠢᠭ ᠦ᠋ᠳ ᠠᠩᠭᠢ ᠬᠤᠪᠢᠶᠠᠭᠳᠠᠨ ᠪᠠᠢᠷᠢ ᠪᠠᠨ ᠡᠵᠡᠯᠡᠵᠦ ᠳᠣᠬᠢᠶ᠎ᠠ ᠶ᠋ᠢ ᠬᠦᠯᠢᠶᠡᠪᠡ᠃
ᠦᠷ ᠦ᠋ᠨ ᠭᠡᠭᠡ ᠬᠦᠯᠢᠶᠡᠨ ᠵᠣᠭᠰᠣᠵᠤ ᠪᠠᠢᠬᠤ ᠳ᠋ᠤ᠌ ᠡᠷᠳᠡᠨᠢ ᠶ᠋ᠢᠨ ᠵᠢᠷᠦᠬᠡ ᠴᠣᠬᠢᠯᠠᠨ 《ᠮᠣᠩᠭᠣᠯ ᠠᠬ᠎ᠠ ᠳᠡᠭᠦᠦ ᠮᠢᠨᠢ ᠁》 ᠬᠠᠰᠬᠢᠷᠴᠤ ᠪᠠᠢᠭᠰᠠᠨ ᠬᠡᠦᠬᠡᠨ ᠦ᠌ ᠳᠠᠭᠤ᠂ ᠥᠪᠡᠷ ᠢ᠋ ᠨᠢ ᠪᠠᠷᠢᠬᠤ ᠭᠡᠳ ᠨᠣᠴᠣᠯᠳᠤᠵᠤ ᠪᠠᠢᠭᠰᠠᠨ ᠭᠠᠮᠢᠩ ᠤ᠋ᠨ ᠨᠢᠭᠤᠷ ᠴᠢᠷᠠᠢ ᠬᠠᠷᠠᠭᠳᠠᠨ ᠪᠠᠷᠬᠢᠷᠠᠯᠳᠤᠬᠤ ᠨᠢ ᠰᠣᠨᠣᠰᠳᠠᠬᠤ ᠮᠡᠲᠦ ᠪᠣᠯᠵᠤ ᠰᠡᠯᠡᠮ᠎ᠡ ᠶ᠋ᠢᠨ ᠢ᠋ᠶ᠋ᠡᠨ ᠪᠠᠷᠢᠭᠤᠯ ᠢ᠋ ᠭᠠᠷ ᠢ᠋ᠶ᠋ᠠᠨ ᠪᠠᠳᠠᠢᠷᠠᠲᠠᠯᠠ ᠠᠳᠬᠤᠵᠤ ᠪᠠᠢᠯ᠎ᠠ᠃
ᠦᠷ ᠭᠡᠭᠡᠷᠡᠬᠦ ᠶ᠋ᠢᠨ ᠦᠶ᠎ᠡ ᠳ᠋ᠦ᠍ ᠳᠣᠪᠲᠣᠯᠭᠠᠨ ᠡᠬᠢᠯᠡᠪᠡ᠃ ᠠᠩᠬᠠᠨ ᠳ᠋ᠠᠭᠠᠨ ᠰᠠᠨᠳᠤᠷᠴᠤ ᠵᠢᠭᠤᠲᠠᠭᠰᠠᠨ ᠭᠠᠮᠢᠩ ᠰᠡᠭᠡᠭᠡ ᠠᠪᠴᠤ ᠵᠠᠷᠢᠮ ᠭᠠᠵᠠᠷ ᠢ᠋ᠶ᠋ᠠᠨ ᠬᠣᠷᠢᠭᠯᠠᠵᠤ ᠡᠬᠢᠯᠡᠪᠡ᠃
ᠭᠡᠲᠡᠯ᠎ᠡ ᠦᠬᠡᠷ ᠫᠤᠤ ᠳᠤᠤᠭᠠᠷᠴᠤ ᠰᠢᠷᠣᠢ ᠮᠠᠨᠠᠨ ᠲᠠᠲᠠᠭᠤᠯᠤᠨ ᠳᠡᠯᠪᠡᠷᠡᠪᠡ᠃ ᠭᠠᠮᠢᠩ ᠤ᠋ᠳ ᠡᠷᠭᠢᠯᠲᠡ ᠦᠭᠡᠢ ᠰᠠᠨᠳᠤᠷᠤᠨ ᠡᠬᠢᠯᠡᠬᠦ ᠳ᠋ᠦ᠍ ᠫᠠᠷᠲ᠋ᠢᠽᠠᠨ ᠴᠡᠷᠢᠭ ᠦ᠋ᠨ ᠳᠣᠪᠲᠣᠯᠭᠠᠨ ᠡᠬᠢᠯᠡᠵᠦ ᠣᠷᠣᠢ ᠪᠣᠯᠬᠤ ᠳ᠋ᠤ᠌ ᠬᠢᠶᠠᠭᠲᠤ ᠶ᠋ᠢ ᠡᠵᠡᠯᠡᠪᠡ᠃
ᠳᠣᠷᠵᠢ ᠲᠠᠪᠢᠨ ᠴᠡᠷᠢᠭ ᠦ᠋ᠨ ᠢ᠋ᠶ᠋ᠡᠨ ᠬᠠᠮᠲᠤ ᠬᠡᠳᠦᠨ ᠫᠦᠰᠡᠨ ᠦ᠌ ᠬᠠᠰᠢᠶᠠᠨ ᠳ᠋ᠤ᠌ ᠣᠷᠣᠪᠠᠯ ᠡᠷᠡᠦ ᠡᠪᠦᠳᠦᠭ ᠨᠢ ᠨᠡᠢᠯᠡᠬᠦ ᠰᠢᠬᠠᠭᠰᠠᠨ ᠬᠥᠭᠰᠢᠨ ᠬᠢᠲᠠᠳ ᠡᠴᠡ ᠥᠭᠡᠷ᠎ᠡ ᠬᠥᠮᠦᠨ ᠪᠠᠢᠭᠰᠠᠨ ᠦᠭᠡᠢ᠃ ᠳᠣᠷᠵᠢ ᠲᠡᠭᠦᠨ ᠳ᠋ᠦ᠍ ᠫᠤᠤ ᠲᠤᠯᠭᠠᠵᠤ ᠪᠠᠢᠭᠠᠳ 《ᠲᠣᠷᠭ᠎ᠠ ᠳᠤᠷᠳᠤᠩ᠂ ᠨᠠᠠᠵᠢᠩ ᠴᠢᠪᠠᠭ᠎ᠠ᠂ ᠨᠠᠷᠠ ᠬᠠᠮᠪᠤ ᠴᠢᠨᠢ ᠬᠠᠮᠢᠭ᠎ᠠ ᠪᠠᠢᠨ᠎ᠠ᠃ ᠬᠡᠯᠡᠬᠦ ᠦᠭᠡᠢ ᠪᠣᠯ ᠫᠦᠩ ᠭᠡᠳ ᠴᠢ ᠴᠢᠳᠬᠥᠷ ᠪᠣᠯᠵᠤ ᠨᠤᠲᠤᠭ ᠪᠤᠴᠠᠨ᠎ᠠ》 ᠭᠡᠲᠡᠯ᠎ᠡ ᠬᠢᠲᠠᠳ ᠰᠠᠨᠳᠤᠷᠤᠨ ᠮᠥᠯᠬᠥᠪᠡ᠃
᠊᠊᠊᠊᠊᠊᠊᠊᠊᠊᠊᠊᠊᠊᠊ ᠶᠠᠮᠠᠷ ᠵᠢᠰᠤᠷᠴᠢ ᠵᠣᠯᠢᠭ ᠪᠣᠢ᠃ ᠲᠡᠷᠡ ᠬᠡᠯᠡᠭᠰᠡᠨ ᠶᠠᠭᠤᠮ᠎ᠠ ᠪᠣᠰᠢᠭᠣ ᠭᠠᠷᠭᠠᠵᠤ ᠥᠭ! ᠭᠡᠵᠦ ᠳᠣᠷᠵᠢ ᠵᠠᠩᠳᠤᠷᠪᠠ᠃
ᠬᠢᠲᠠᠳ ᠪᠦᠬᠦ ᠪᠠᠢᠰᠢᠩ ᠢ᠋ᠶ᠋ᠠᠨ ᠨᠡᠭᠡᠭᠡᠵᠦ ᠥᠭᠬᠦ ᠳ᠋ᠦ᠍ 《ᠴᠢᠳᠠᠬᠤ ᠴᠢᠨᠡᠭᠡ ᠪᠡᠷ ᠢ᠋ᠶ᠋ᠡᠨ ᠠᠪᠴᠠᠭ᠎ᠠ᠃ ᠦᠨᠡᠨ ᠳ᠋ᠡᠭᠡᠨ ᠪᠢᠳᠡᠨ ᠦ᠌ ᠬᠥᠷᠥᠩᠭᠡ᠃ ᠳᠡᠢᠯᠦᠭᠰᠡᠨ ᠴᠡᠷᠢᠭ ᠦ᠋ᠨ ᠰᠦᠷ》 ᠭᠡᠵᠦ ᠳᠣᠷᠵᠢ ᠶᠡᠬᠡᠮᠰᠦᠭ ᠪᠥᠭᠡᠳ ᠪᠠᠷᠳᠠᠮ ᠳᠠᠭᠤ ᠪᠠᠷ ᠬᠡᠯᠡᠪᠡ᠃
ᠡᠷᠳᠡᠨᠢ ᠴᠡᠷᠢᠭ ᠦ᠋ᠨ ᠬᠠᠮᠲᠤ ᠲᠣᠷᠭ᠎ᠠ ᠬᠤᠷᠢᠶᠠᠭᠰᠠᠨ ᠪᠠᠢᠰᠢᠩ ᠳ᠋ᠤ᠌ ᠣᠷᠣᠯ᠎ᠠ᠃ ᠨᠥᠬᠥᠳ ᠨᠢ ᠲᠣᠯᠣᠭᠠᠢ ᠲᠣᠯᠣᠭᠠᠢ ᠪᠠᠷ ᠬᠤᠷᠢᠶᠠᠭᠰᠠᠨ ᠲᠣᠷᠭᠠᠨ ᠡᠴᠡ ᠳᠣᠣᠷᠠᠲᠤ ᠲᠠᠯ᠎ᠠ ᠨᠢ ᠬᠣᠶᠠᠷ ᠭᠤᠷᠪᠠᠨ ᠲᠣᠯᠣᠭᠠᠢ ᠶ᠋ᠢ ᠠᠪᠴᠤ ᠪᠠᠢᠪᠠ᠃ ᠵᠠᠷᠢᠮ ᠨᠢᠭᠡ ᠨᠢ ᠬᠡᠳᠦ ᠬᠡᠳᠦᠨ ᠲᠣᠯᠣᠭᠠᠢ ᠶ᠋ᠢ ᠴᠦ᠍ ᠪᠠᠭᠯᠠᠵᠤ ᠪᠣᠭᠣᠭᠠᠳ ᠳᠠᠭᠠᠭᠠᠵᠤ ᠶᠠᠳᠠᠨ ᠡᠭᠦᠷᠦᠨ᠎ᠡ᠃
ᠡᠷᠳᠡᠨᠢ ᠶ᠋ᠢᠨ ᠰᠡᠳᠬᠢᠯ ᠳ᠋ᠦ᠍ ᠲᠤᠯᠭᠠᠷ ᠪᠣᠳᠣᠭᠳᠠᠪᠠ᠃ ᠠᠮᠢᠳᠤ ᠮᠡᠨᠳᠦ ᠶᠠᠪᠤᠪᠠᠯ ᠬᠡᠵᠢᠶ᠎ᠡ ᠨᠢᠭᠡᠨ ᠴᠠᠭ ᠲᠤ᠌ ᠲᠡᠭᠦᠨ ᠲᠡᠢ ᠠᠭᠤᠯᠵᠠᠬᠤ ᠮᠡᠲᠦ ᠰᠠᠨᠠᠭᠳᠠᠪᠠ᠃ 《ᠪᠢ ᠳᠡᠩᠳᠡᠭᠦᠦ ᠰᠢᠷᠦᠭᠦᠨ ᠵᠠᠩ ᠭᠠᠷᠭᠠᠭᠰᠠᠨ ᠪᠣᠯᠪᠠ ᠤᠤ? ᠲᠡᠷᠡ ᠮᠢᠨᠢ ᠨᠠᠮᠠᠶ᠋ᠢ ᠳᠠᠭᠠᠵᠤ ᠵᠣᠪᠠᠯᠠᠩ ᠦᠵᠡᠭᠰᠡᠨ ᠬᠥᠮᠦᠨ ᠳᠡ᠃ ᠬᠠᠲᠠᠭᠤ ᠠᠮᠢᠳᠤᠷᠠᠯ ᠦᠨᠡᠨᠴᠢ ᠰᠡᠳᠬᠢᠯ ᠢ᠋ ᠨᠢ ᠰᠣᠬᠣᠯᠤᠭᠰᠠᠨ ᠴᠤ᠌ ᠪᠠᠢᠵᠤ ᠪᠣᠯᠬᠤ ᠶᠤᠮ ᠳᠠ᠃ ᠬᠥᠭᠡᠷᠦᠬᠦᠢ ᠮᠢᠨᠢ ᠪᠦᠬᠦ ᠨᠠᠰᠤᠨ ᠳ᠋ᠠᠭᠠᠨ ᠮᠥᠷᠦᠨ ᠳ᠋ᠡᠭᠡᠨ ᠲᠣᠷᠭ᠎ᠠ ᠤᠭᠯᠠᠵᠤ ᠦᠵᠡᠭᠡ ᠦᠭᠡᠢ ᠶᠤᠮᠰᠠᠨ》 ᠭᠡᠵᠦ ᠪᠣᠳᠣᠭᠠᠳ ᠴᠡᠴᠡᠭ ᠦ᠋ᠨ ᠬᠡ ᠲᠡᠢ ᠴᠡᠩᠬᠡᠷ ᠲᠣᠷᠭ᠎ᠠ ᠠᠪᠴᠤ ᠵᠠᠳᠠᠯᠤᠭᠰᠠᠨ ᠢ᠋ᠶ᠋ᠠᠨ 《ᠳᠡᠪᠡᠯ ᠬᠢᠬᠦ ᠳ᠋ᠦ᠍ ᠬᠡᠳᠦᠨ ᠠᠮᠠ ᠲᠣᠷᠭ᠎ᠠ ᠣᠷᠣᠳᠠᠭ ᠶᠤᠮ ᠪᠣᠢ》 ᠭᠡᠵᠦ ᠬᠠᠵᠠᠭᠤ ᠳ᠋ᠤᠨᠢ ᠲᠣᠯᠣᠭᠠᠢ ᠲᠣᠷᠭ᠎ᠠ ᠪᠠᠷᠢᠭᠠᠳ ᠦᠵᠡᠵᠦ ᠪᠠᠢᠭᠰᠠᠨ ᠳᠣᠷᠵᠢ ᠡᠴᠡ ᠠᠰᠠᠭᠤᠪᠠ᠃
᠊᠊᠊᠊᠊᠊᠊᠊᠊᠊᠊᠊᠊᠊᠊ ᠢᠯᠠᠭᠰᠠᠨ ᠴᠡᠷᠢᠭ ᠦ᠋ᠨ ᠳᠡᠪᠡᠯ ᠳ᠋ᠦ᠍ ᠲᠣᠯᠣᠭᠠᠢ ᠣᠷᠣᠳᠠᠭ ᠶᠤᠮ᠃ ᠡᠩ ᠦ᠋ᠨ ᠬᠥᠮᠦᠨ ᠳ᠋ᠦ᠍ ᠪᠣᠯ ᠠᠷᠪᠠᠨ ᠬᠣᠶᠠᠷ ᠠᠮᠠ ᠪᠣᠯᠤᠨ᠎ᠠ ᠭᠡᠳ ᠳᠣᠷᠵᠢ ᠪᠦᠳᠦᠭᠦᠨ ᠳᠠᠭᠤ ᠪᠠᠷ ᠬᠠ ᠬᠠ ᠭᠡᠵᠦ ᠬᠠᠩᠭᠢᠨᠠᠭᠤᠯᠤᠨ ᠢᠨᠢᠶᠡᠪᠡ᠃
ᠡᠷᠳᠡᠨᠢ ᠴᠡᠩᠬᠡᠷ ᠲᠣᠷᠭᠠᠨ ᠡᠴᠡ ᠠᠷᠪᠠᠨ ᠬᠣᠶᠠᠷ ᠠᠮᠠᠯᠠᠵᠤ ᠬᠢᠲᠤᠭ᠎ᠠ ᠪᠠᠷ ᠢ᠋ᠶ᠋ᠠᠨ ᠣᠭᠲᠣᠯᠤᠨ ᠠᠪᠤᠭᠠᠳ ᠮᠣᠣᠲᠤᠤ ᠴᠠᠭᠠᠰᠤᠨ ᠳ᠋ᠤ᠌ ᠡᠪᠲᠡᠢᠬᠡᠨ ᠪᠣᠭᠣᠵᠤ ᠡᠪᠦᠷᠯᠡᠭᠡᠳ ᠡᠷᠭᠢᠬᠦ ᠳ᠋ᠦ᠍ᠨᠢ》 ᠡᠢᠮᠦ ᠶᠠᠭᠤᠮᠠᠨ ᠳ᠋ᠤ᠌ ᠣᠷᠣᠭᠠᠳ ᠠᠯᠠᠭᠠᠨ ᠴᠢᠨᠡᠭᠡᠨ ᠶᠠᠭᠤᠮ᠎ᠠ ᠪᠠᠷ ᠶᠠᠭᠠᠬᠢᠬᠤ ᠨᠢ ᠪᠣᠢ? ᠶᠠᠳᠠᠬᠤ ᠳ᠋ᠠᠭᠠᠨ ᠨᠢᠭᠡ ᠲᠣᠯᠣᠭᠠᠢ ᠶ᠋ᠢ ᠠᠪᠤᠭᠠᠴᠢ》 ᠭᠡᠵᠦ ᠳᠣᠷᠵᠢ ᠬᠡᠯᠡᠵᠡᠢ᠃
᠊᠊᠊᠊᠊᠊᠊᠊᠊᠊᠊᠊᠊᠊᠊ ᠵᠦᠭᠡᠷ᠃ ᠨᠠᠳᠠ ᠳ᠋ᠤ᠌ ᠡᠨᠡ ᠪᠣᠯᠤᠨ᠎ᠠ ᠭᠡᠵᠦ ᠡᠷᠳᠡᠨᠢ ᠶᠠᠪᠤᠳᠠᠯ ᠳᠤᠮᠳᠠ ᠪᠠᠨ ᠡᠷᠭᠢᠵᠦ ᠬᠡᠯᠡᠪᠡ᠃
ᠮᠠᠷᠭᠠᠰᠢ ᠥᠷᠯᠥᠭᠡ ᠨᠢ ᠳᠣᠷᠵᠢ ᠶ᠋ᠢᠨ ᠲᠠᠪᠢᠲᠤ ᠶ᠋ᠢ ᠵᠢᠭᠰᠠᠭᠠᠪᠠ᠃ ᠬᠡᠳᠦᠨ ᠬᠥᠮᠦᠨ ᠦ᠌ ᠬᠠᠮᠲᠤ ᠰᠦᠬᠡᠪᠠᠭᠠᠲᠤᠷ ᠳᠠᠪᠬᠢᠵᠤ ᠢᠷᠡᠭᠡᠳ ᠮᠣᠷᠢᠨ ᠡᠴᠡ ᠪᠠᠭᠤᠵᠤ ᠬᠥᠮᠥᠰᠬᠡ ᠨᠢ ᠮᠤᠰᠬᠢᠷᠠᠨ ᠡᠷᠴᠢᠯᠡᠭᠰᠡᠨ ᠢ᠋ᠶ᠋ᠡᠨ᠄
᠊᠊᠊᠊᠊᠊᠊᠊᠊᠊᠊᠊᠊᠊᠊ ᠲᠠ ᠨᠠᠷ ᠪᠣᠯ ᠠᠷᠠᠳ ᠤ᠋ᠨ ᠵᠢᠷᠤᠮᠲᠤ ᠴᠡᠷᠢᠭ ᠪᠣᠯᠬᠤ ᠡᠴᠡ ᠪᠢᠰᠢ᠂ ᠪᠦᠯᠦᠭ ᠳᠡᠭᠡᠷᠡᠮᠴᠢᠳ ᠪᠢᠰᠢ᠃ ᠥᠴᠥᠭᠡᠳᠦᠷ ᠣᠷᠣᠢ ᠫᠦᠰᠡᠨ ᠡᠴᠡ ᠳᠡᠭᠡᠷᠡᠮᠳᠡᠭᠰᠡᠨ ᠶᠠᠭᠤᠮ᠎ᠠ ᠪᠠᠨ ᠣᠳᠣ ᠡᠨᠳᠡ ᠠᠪᠴᠢᠷᠠᠵᠤ ᠳᠡᠯᠪᠢ ᠭᠡᠯᠡ᠃
ᠴᠡᠷᠢᠭ ᠦ᠋ᠳ ᠳᠠᠭᠤ ᠴᠤ᠌ ᠭᠠᠷᠤᠭᠰᠠᠨ ᠦᠭᠡᠢ᠂ ᠬᠥᠳᠡᠯᠦᠭᠰᠡᠨ ᠴᠦ᠍ ᠦᠭᠡᠢ᠃
ᠳᠣᠷᠵᠢ ᠶ᠋ᠢ ᠲᠠᠪᠢᠲᠤ ᠶ᠋ᠢᠨ ᠳᠠᠷᠤᠭ᠎ᠠ ᠡᠴᠡ ᠤᠭᠴᠠᠷᠠᠭᠤᠯᠵᠤ᠂ ᠠᠷᠪᠠ ᠪᠠᠩᠵᠠᠳᠠᠨᠠ᠃ ᠲᠠᠨ ᠤ᠋ ᠲᠠᠪᠢᠲᠤ ᠶ᠋ᠢᠨ ᠳᠠᠷᠤᠭ᠎ᠠ ᠪᠠᠷ ᠲᠠᠷᠵᠠ ᠶ᠋ᠢ ᠲᠣᠮᠢᠯᠠᠪᠠ᠃ ᠡᠩ ᠦ᠋ᠨ ᠨᠣᠮᠣᠬᠠᠨ ᠠᠷᠠᠳ ᠡᠴᠡ ᠰᠡᠲᠡᠷᠬᠡᠢ ᠵᠡᠭᠦᠦ᠂ ᠰᠡᠢᠮᠡᠬᠡᠢ ᠰᠠᠮᠪᠠᠢ ᠠᠪᠤᠭᠰᠠᠨ ᠬᠥᠮᠦᠨ ᠢ᠋ ᠬᠠᠮᠤᠭ ᠤ᠋ᠨ ᠬᠠᠲᠠᠭᠤ ᠴᠡᠭᠡᠷᠯᠡᠭᠦᠯᠦᠨ᠎ᠡ ᠭᠡᠵᠦ ᠰᠦᠬᠡᠪᠠᠭᠠᠲᠤᠷ ᠥᠨᠳᠥᠷ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠵᠠᠩᠵᠤᠨ ᠠ᠋! ᠪᠠᠩᠵᠠᠳᠠᠬᠤ ᠭᠡᠳᠡᠭ ᠴᠢᠨᠢ ᠬᠠᠷᠭᠢᠰ ᠵᠠᠰᠠᠭ ᠤ᠋ᠨ ᠰᠢᠭᠦᠯᠲᠡ ᠪᠢᠰᠢ ᠤᠤ᠂ ᠮᠠᠨ ᠤ᠋ ᠠᠷᠠᠳ ᠤ᠋ᠨ ᠵᠠᠰᠠᠭ ᠤ᠋ᠨ ᠦᠶ᠎ᠡ ᠳ᠋ᠦ᠍ ᠠᠷᠠᠳ ᠪᠢᠳᠡᠨ ᠢ᠋ ᠡᠷᠡᠭᠦᠳᠡᠨ ᠰᠢᠭᠦᠬᠦ ᠶᠠᠪᠤᠳᠠᠯ ᠦᠭᠡᠢ ᠪᠣᠯᠤᠨ᠎ᠠ ᠭᠡᠵᠦ ᠬᠡᠯᠡᠭᠰᠡᠨ ᠪᠤᠰᠤ ᠤᠤ? ᠭᠡᠵᠦ ᠣᠯᠠᠨ ᠤ᠋ ᠳᠤᠮᠳᠠ ᠡᠴᠡ ᠨᠢᠭᠡ ᠬᠥᠮᠦᠨ ᠬᠡᠯᠡᠪᠡ᠃
ᠰᠦᠬᠡᠪᠠᠭᠠᠲᠤᠷ ᠬᠦᠢᠲᠡᠨ ᠢᠨᠢᠶᠡᠮᠰᠦᠭᠯᠡᠭᠰᠡᠨ ᠢ᠋ᠶ᠋ᠡᠨ 《ᠳᠡᠭᠡᠷᠡᠮ ᠪᠣᠯ ᠬᠠᠷᠭᠢᠰ ᠵᠠᠰᠠᠭ ᠤ᠋ᠨ ᠶᠠᠭᠤᠮ᠎ᠠ ᠪᠣᠯᠬᠣᠷ ᠰᠢᠳᠬᠡᠯ ᠲᠣᠬᠢᠷᠠᠭᠰᠠᠨ ᠪᠠᠢᠬᠤ ᠨᠢ ᠵᠦᠢ ᠶ᠋ᠢᠨ ᠬᠡᠷᠡᠭ》 ᠭᠡᠯᠡ᠃
ᠴᠡᠷᠢᠭ ᠦ᠋ᠳ ᠦ᠋ᠨ ᠳᠤᠮᠳᠠ ᠰᠢᠪᠡᠭᠡᠨᠡᠯᠳᠦᠨ ᠶᠠᠷᠢᠯᠴᠠᠬᠤ ᠪᠢᠲᠡᠭᠦᠦ ᠴᠢᠮᠡᠭᠡ ᠰᠣᠨᠣᠰᠤᠭᠳᠠᠵᠤ ᠪᠠᠢᠯ᠎ᠠ᠃ ᠲᠡᠭᠡᠭᠡᠳ ᠠᠪᠤᠭᠰᠠᠨ ᠶᠠᠭᠤᠮ᠎ᠠ ᠪᠠᠨ ᠠᠪᠴᠢᠷᠠᠨ ᠣᠪᠣᠭᠠᠯᠠᠪᠠ᠃ ᠪᠦᠭᠦᠳᠡ ᠶ᠋ᠢᠨ ᠰᠡᠭᠦᠯ ᠳ᠋ᠦ᠍ ᠡᠷᠳᠡᠨᠢ ᠠᠭᠠᠵᠢᠮ ᠠᠯᠬᠤᠵᠤ ᠣᠴᠢᠭᠠᠳ ᠡᠪᠦᠷ ᠡᠴᠡ ᠪᠡᠨ ᠮᠣᠣᠲᠤᠤ ᠴᠠᠭᠠᠰᠤᠨ ᠳ᠋ᠤ᠌ ᠨᠠᠨᠳᠢᠩᠨᠠᠨ ᠪᠣᠭᠣᠭᠰᠠᠨ ᠲᠣᠷᠭ᠎ᠠ ᠪᠠᠨ ᠭᠠᠷᠭᠠᠵᠤ ᠪᠣᠭᠣᠳᠠᠯ ᠲᠠᠢ ᠨᠢ ᠲᠠᠯᠪᠢᠪᠠ᠃
᠊᠊᠊᠊᠊᠊᠊᠊᠊᠊᠊᠊᠊᠊᠊ ᠶᠠᠭᠤ ᠶᠤᠮ ᠪᠣᠢ? ᠭᠡᠵᠦ ᠰᠦᠬᠡᠪᠠᠭᠠᠲᠤᠷ ᠠᠰᠠᠭᠤᠪᠠ᠃
᠊᠊᠊᠊᠊᠊᠊᠊᠊᠊᠊᠊᠊᠊᠊ ᠳᠡᠪᠡᠯ ᠦ᠋ᠨ ᠲᠣᠷᠭ᠎ᠠ᠃
᠊᠊᠊᠊᠊᠊᠊᠊᠊᠊᠊᠊᠊᠊᠊ ᠵᠠᠳᠠᠯᠤᠭᠠᠴᠢ ᠭᠡᠵᠦ ᠰᠦᠬᠡᠪᠠᠭᠠᠲᠤᠷ ᠨᠠᠮᠤᠭᠤᠬᠠᠨ ᠪᠣᠯᠪᠠᠴᠤ ᠲᠣᠳᠣ ᠳᠠᠭᠤ ᠪᠠᠷ ᠬᠡᠯᠡᠪᠡ᠃
ᠡᠷᠳᠡᠨᠢ ᠶ᠋ᠢᠨ ᠲᠠᠯᠪᠢᠭᠰᠠᠨ ᠶᠠᠭᠤᠮ᠎ᠠ ᠪᠤᠰᠤᠳ ᠴᠡᠷᠢᠭ ᠦ᠋ᠨ ᠶᠠᠭᠤᠮ᠎ᠠ ᠡᠴᠡ ᠱᠠᠯ ᠥᠭᠡᠷ᠎ᠡ ᠵᠦᠢᠯ ᠰᠢᠭ ᠰᠦᠬᠡᠪᠠᠭᠠᠲᠤᠷ ᠲᠤ᠌ ᠰᠠᠨᠠᠭᠳᠠᠵᠠᠢ᠃
ᠡᠷᠳᠡᠨᠢ ᠲᠣᠷᠭ᠎ᠠ ᠪᠠᠨ ᠤᠨᠲᠠᠵᠤ ᠪᠠᠢᠭ᠎ᠠ ᠮᠠᠨᠴᠤᠢ ᠲᠠᠢ ᠬᠡᠦᠬᠡᠳ ᠢ᠋ᠶ᠋ᠡᠨ ᠵᠠᠳᠠᠯᠵᠤ ᠪᠠᠢᠭ᠎ᠠ ᠡᠬᠡ ᠶ᠋ᠢᠨ ᠭᠠᠷ ᠢ᠋ᠶ᠋ᠠᠷ ᠵᠠᠳᠠᠯᠤᠭᠠᠳ ᠰᠦᠬᠡᠪᠠᠭᠠᠲᠤᠷ ᠥᠭᠡᠳᠡ ᠭᠡᠮᠰᠢᠯ ᠲᠡᠢ ᠪᠥᠭᠡᠳ ᠭᠣᠮᠣᠳᠠᠯ ᠲᠠᠢ ᠨᠢᠳᠦ ᠪᠡᠷ ᠬᠠᠷᠠᠯ᠎ᠠ᠃
᠊᠊᠊᠊᠊᠊᠊᠊᠊᠊᠊᠊᠊᠊᠊ ᠬᠡᠨ ᠳ᠋ᠦ᠍ ᠥᠭᠬᠦ ᠭᠡᠰᠡᠨ ᠶᠤᠮ ᠪᠣᠢ? ᠭᠡᠵᠦ ᠰᠦᠬᠡᠪᠠᠭᠠᠲᠤᠷ ᠠᠰᠠᠭᠤᠭᠠᠳ ᠡᠷᠳᠡᠨᠢ ᠶ᠋ᠢ ᠠᠵᠢᠭᠯᠠᠨ ᠵᠥᠭᠡᠯᠡᠨ ᠨᠢᠳᠦ ᠪᠡᠷ ᠰᠢᠷᠳᠡᠪᠡ᠃
᠊᠊᠊᠊᠊᠊᠊᠊᠊᠊᠊᠊᠊᠊᠊ ᠲᠤᠯᠭᠠᠷ ᠲᠤ᠌ ᠭᠡᠵᠦ ᠡᠷᠳᠡᠨᠢ ᠨᠠᠮ ᠳᠠᠭᠤ ᠪᠠᠷ ᠬᠡᠯᠡᠭᠡᠳ ᠳᠣᠭᠣᠭᠰᠢ ᠬᠠᠷᠠᠯ᠎ᠠ᠃
ᠰᠦᠬᠡᠪᠠᠭᠠᠲᠤᠷ ᠨᠢᠭᠡ ᠬᠥᠮᠦᠨ ᠢ᠋ ᠳᠠᠭᠤᠳᠠᠵᠤ ᠢᠷᠡᠭᠡᠳ᠄ 《ᠨᠠᠳᠠ ᠳ᠋ᠤ᠌ ᠰᠤᠮᠢᠶ᠎ᠠ ᠪᠡᠢᠰᠡ ᠶ᠋ᠢᠨ ᠪᠡᠯᠡᠭᠯᠡᠭᠰᠡᠨ ᠲᠣᠷᠭ᠎ᠠ ᠶ᠋ᠢ ᠡᠷᠳᠡᠨᠢ ᠳ᠋ᠦ᠍ ᠥᠭ》 ᠭᠡᠳ ᠣᠯᠠᠨ ᠴᠡᠷᠢᠭ ᠦ᠋ᠨ ᠵᠦᠭ ᠬᠠᠷᠠᠭᠰᠠᠨ ᠢ᠋ᠶ᠋ᠠᠨ᠂ 《ᠠᠷᠠᠳ ᠤ᠋ᠨ ᠵᠢᠷᠤᠮᠲᠤ ᠴᠡᠷᠢᠭ ᠦ᠋ᠨ ᠵᠣᠷᠢᠯᠭ᠎ᠠ ᠨᠢ ᠰᠠᠢᠬᠠᠨ ᠤ᠋ ᠪᠠᠨ ᠬᠢᠷᠢ ᠪᠡᠷ ᠪᠤᠵᠠᠷ ᠠᠵᠢᠯ ᠬᠢᠭᠰᠡᠨ ᠬᠥᠮᠦᠨ ᠳ᠋ᠦ᠍ ᠣᠨᠣᠭᠳᠠᠬᠤ ᠰᠢᠳᠬᠡᠯ ᠬᠠᠲᠠᠭᠤ ᠪᠠᠢᠨ᠎ᠠ ᠭᠡᠳᠡᠭ ᠢ᠋ ᠪᠣᠳᠣᠵᠤ ᠳᠠᠬᠢᠨ ᠡᠢᠮᠦ ᠪᠣᠯᠠᠢ ᠶᠠᠭᠤᠮ᠎ᠠ ᠪᠤᠤ ᠬᠢᠵᠡᠭᠡ》 ᠭᠡᠳ ᠮᠣᠷᠢᠨ ᠳ᠋ᠠᠭᠠᠨ ᠮᠣᠷᠳᠠᠵᠤ ᠮᠠᠨᠠᠷᠠᠭᠤᠯᠤᠨ ᠳᠠᠪᠬᠢᠯ᠎ᠠ᠃
ᠬᠡᠳᠦᠨ ᠡᠳᠦᠷ ᠦ᠋ᠨ ᠳᠠᠷᠠᠭ᠎ᠠ ᠪᠠᠷᠤᠨ ᠤ᠋ ᠲᠦᠷᠦᠭᠦᠴᠢ ᠴᠡᠷᠢᠭ ᠪᠠᠶᠠᠷ ᠬᠦᠩ ᠦ᠋ᠨ ᠤᠳᠤᠷᠢᠳᠤᠯᠭ᠎ᠠ ᠪᠠᠷ ᠳᠣᠪᠲᠣᠯᠤᠨ ᠢᠷᠡᠯ᠎ᠡ᠃ ᠡᠨᠡ ᠪᠠᠢᠯᠳᠤᠭᠠᠨ ᠳ᠋ᠤ᠌ ᠡᠷᠳᠡᠨᠢ ᠭᠠᠷᠮᠠᠭᠠᠢ ᠣᠷᠣᠯᠴᠠᠵᠤ ᠰᠦᠬᠡᠪᠠᠭᠠᠲᠤᠷ ᠣᠯᠠᠨ ᠤ᠋ ᠡᠮᠦᠨ᠎ᠡ ᠨᠡᠷ᠎ᠡ ᠶ᠋ᠢ ᠨᠢ ᠳᠤᠷᠠᠳᠴᠤ ᠰᠠᠢᠰᠢᠶᠠᠪᠠ᠃
ᠬᠡᠳᠦᠨ ᠡᠳᠦᠷ ᠦ᠋ᠨ ᠲᠤᠷᠰᠢ ᠪᠠᠷᠤᠨ ᠤ᠋ ᠭᠣᠣᠯ ᠬᠦᠴᠦ ᠲᠡᠢ ᠲᠤᠯᠤᠯᠳᠤᠬᠤ ᠬᠣᠷᠢᠭᠯᠠᠯᠲᠠ ᠶ᠋ᠢᠨ ᠪᠡᠯᠡᠳᠬᠡᠯ ᠬᠢᠯ᠎ᠡ᠃ ᠠᠷᠠᠳ ᠤ᠋ᠨ ᠵᠢᠷᠤᠮᠲᠤ ᠴᠡᠷᠢᠭ ᠬᠥᠪᠡᠭᠦᠨ ᠦ᠌ ᠣᠷᠣᠢ ᠳᠠᠭᠠᠵᠤ ᠠᠰᠢᠭᠲᠠᠢ ᠪᠠᠢᠷᠢ ᠶ᠋ᠢ ᠡᠵᠡᠯᠡᠨ ᠠᠪᠴᠠᠢ᠃ ᠬᠠᠪᠤᠷ ᠤ᠋ᠨ ᠨᠠᠷᠠ ᠨᠢᠭᠤᠷ ᠡᠴᠡ ᠵᠢᠩᠨᠡᠵᠦ ᠣᠬᠣᠭᠰᠠᠨ ᠣᠺᠣᠫ ᠤ᠋ᠨ ᠴᠢᠭᠢᠭᠲᠡᠢ ᠰᠢᠷᠣᠢ ᠳᠣᠣᠷ᠎ᠠ ᠡᠴᠡ ᠬᠠᠭᠠᠷᠢᠵᠤ ᠳᠣᠪᠲᠣᠯᠤᠨ ᠢᠷᠡᠬᠦ ᠳᠠᠢᠰᠤᠨ ᠢ᠋ ᠬᠦᠯᠢᠶᠡᠭᠰᠡᠨ ᠴᠡᠷᠢᠭ ᠦ᠋ᠳ ᠦ᠋ᠨ ᠵᠢᠷᠦᠬᠡ ᠴᠣᠬᠢᠯᠠᠨ ᠬᠣᠭᠣᠷᠣᠨᠳᠣ ᠪᠠᠨ ᠪᠣᠭᠣᠨᠢᠬᠠᠨ ᠦᠭᠡ ᠰᠢᠪᠡᠭᠡᠨᠡᠨ ᠶᠠᠷᠢᠯᠴᠠᠵᠤ ᠪᠠᠢᠯ᠎ᠠ᠃
ᠨᠠᠷᠠ ᠨᠡᠯᠢᠶᠡᠳ ᠳᠡᠭᠡᠷ᠎ᠡ ᠭᠠᠷᠤᠭᠰᠠᠨ ᠲᠩᠷᠢ ᠤᠷᠤᠭᠤ ᠬᠠᠷᠠᠬᠤ ᠳ᠋ᠤ᠌ ᠡᠨᠳᠡ ᠲᠡᠨᠳᠡ ᠬᠡᠰᠡᠭ ᠬᠡᠰᠡᠭ ᠪᠥᠭᠡᠮ ᠡᠭᠦᠯᠡ ᠡᠮᠦᠨ᠎ᠡ ᠵᠦᠭ ᠨᠡᠭᠦᠵᠦ ᠦᠯᠦ ᠮᠡᠳᠡᠭ ᠪᠦᠯᠢᠶᠡᠨ ᠰᠠᠯᠬᠢ ᠤᠮᠠᠷ᠎ᠠ ᠡᠴᠡ ᠦᠯᠢᠶᠡᠨ᠎ᠡ᠃
ᠪᠠᠷᠤᠨ ᠤ᠋ ᠴᠡᠷᠢᠭ ᠬᠡᠰᠡᠭ ᠬᠡᠰᠡᠭ ᠢ᠋ᠶ᠋ᠡᠷ ᠳᠠᠪᠰᠢᠨ ᠪᠠᠢᠷᠢ ᠡᠵᠡᠯᠡᠵᠦ ᠡᠬᠢᠯᠡᠪᠡ᠃
ᠰᠦᠬᠡᠪᠠᠭᠠᠲᠤᠷ ᠤ᠋ᠨ ᠳᠣᠬᠢᠶ᠎ᠠ ᠪᠠᠷ ᠠᠷᠠᠳ ᠤ᠋ᠨ ᠵᠢᠷᠤᠮᠲᠤ ᠴᠡᠷᠢᠭ ᠭᠠᠯ ᠨᠡᠭᠡᠭᠡᠵᠦ ᠡᠬᠢᠯᠡᠪᠡ᠃ ᠰᠢᠷᠦᠭᠦᠨ ᠲᠤᠯᠤᠯᠳᠤᠭᠠᠨ ᠴᠠᠭ ᠭᠠᠷᠤᠢ ᠦᠷᠭᠦᠯᠵᠢᠯᠡᠬᠦ ᠳ᠋ᠦ᠍ ᠳᠠᠢᠰᠤᠨ ᠤ᠋ ᠬᠦᠴᠦ ᠨᠡᠮᠡᠵᠦ ᠢᠷᠡᠭᠰᠡᠭᠡᠷ ᠪᠠᠢᠯ᠎ᠠ᠃
ᠦᠳᠡ ᠡᠴᠡ ᠬᠣᠢᠰᠢ ᠴᠠᠭᠠᠨᠲᠠᠨ ᠶᠡᠬᠡ ᠫᠤᠤ ᠪᠠᠷ ᠬᠡᠰᠡᠭ ᠫᠤᠤᠳᠠᠭᠰᠠᠨ ᠢ᠋ᠶ᠋ᠠᠨ ᠬᠡᠳᠦᠨ ᠫᠦᠯᠧᠮᠶᠣᠲ ᠤ᠋ᠨ ᠭᠠᠯ ᠤ᠋ᠨ ᠳᠣᠭᠤᠤᠷ ᠲᠠᠪᠰᠢᠪᠠ᠃
ᠤᠤᠯ ᠡᠴᠡ ᠰᠠᠢᠨ ᠫᠤᠤᠳᠠᠳᠠᠭ ᠡᠷᠳᠡᠨᠢ ᠬᠣᠶᠠᠷ ᠭᠤᠷᠪᠠᠨ ᠬᠥᠮᠦᠨ ᠢ᠋ ᠤᠨᠠᠭᠠᠪᠠ᠃ ᠠᠷᠠᠳ ᠤ᠋ᠨ ᠵᠢᠷᠤᠮᠲᠤ ᠴᠡᠷᠢᠭ ᠦ᠋ᠨ ᠪᠠᠢᠳᠠᠯ ᠬᠦᠨᠳᠦ ᠪᠣᠯᠵᠤ᠂ ᠵᠠᠷᠢᠮ ᠭᠠᠵᠠᠷ ᠢ᠋ᠶ᠋ᠠᠷ ᠪᠠᠷᠤᠨ ᠤ᠋ ᠴᠡᠷᠢᠭ ᠲᠦ᠍ ᠰᠢᠬᠠᠭᠳᠠᠨ ᠤᠬᠤᠷᠢᠵᠤ ᠡᠬᠢᠯᠡᠪᠡ᠃
ᠰᠦᠬᠡᠪᠠᠭᠠᠲᠤᠷ ᠡᠷᠳᠡᠨᠢ ᠶ᠋ᠢᠨ ᠳᠡᠷᠭᠡᠳᠡ ᠢᠷᠡᠵᠦ ᠨᠢᠭᠡᠨ ᠪᠢᠴᠢᠭ ᠥᠭᠭᠦᠭᠡᠳ 《ᠡᠭᠦᠨ ᠢ᠋ ᠲᠦᠷᠭᠡᠨ ᠴᠡᠭᠡᠵᠢᠯᠡ》 ᠭᠡᠯᠡ᠃ ᠲᠡᠷᠡ ᠪᠢᠴᠢᠭ ᠪᠣᠯ ᠳᠡᠭᠡᠳᠦ ᠰᠢᠪᠡᠭᠡ ᠳ᠋ᠦ᠍ ᠪᠠᠢᠭᠰᠠᠨ ᠤᠯᠠᠭᠠᠨ ᠴᠡᠷᠢᠭ ᠦ᠋ᠨ ᠵᠠᠭᠤᠨ ᠭᠤᠷᠪᠠᠳᠤᠭᠠᠷ ᠪᠠᠷᠢᠭᠠᠳᠠ ᠡᠴᠡ ᠶᠠᠭᠠᠷᠠᠯᠲᠠᠢ ᠲᠤᠰᠠᠯᠠᠮᠵᠢ ᠭᠤᠶᠤᠭᠰᠠᠨ ᠪᠢᠴᠢᠭ ᠪᠠᠢᠯ᠎ᠠ᠃
ᠤᠳᠠᠭᠰᠠᠨ ᠴᠤ᠌ ᠦᠭᠡᠢ ᠡᠷᠳᠡᠨᠢ ᠤᠤᠯ ᠪᠢᠴᠢᠭ ᠦ᠋ᠨ ᠦᠭᠡ ᠶ᠋ᠢ ᠨᠢᠭᠡ ᠳ᠋ᠦ᠍ ᠨᠢᠭᠡ ᠦᠭᠡᠢ ᠴᠡᠭᠡᠵᠢᠯᠡᠭᠡᠳ ᠳᠠᠢᠰᠤᠨ ᠲᠠᠢ ᠫᠤᠤᠳᠠᠯᠴᠠᠵᠤ ᠪᠠᠢᠭᠰᠠᠨ ᠰᠦᠬᠡᠪᠠᠭᠠᠲᠤᠷ ᠲᠤ᠌ ᠬᠡᠯᠡᠪᠡ᠃
᠊᠊᠊᠊᠊᠊᠊᠊᠊᠊᠊᠊᠊᠊᠊ ᠬᠠᠮᠤᠭ ᠤ᠋ᠨ ᠰᠠᠢᠨ ᠮᠣᠷᠢ ᠤᠨᠤᠭᠠᠳ ᠡᠭᠦᠨ ᠢ᠋ ᠬᠦᠷᠭᠡᠵᠦ ᠥᠭ᠃ ᠴᠠᠭᠠᠨᠲᠠᠨ ᠳ᠋ᠤ᠌ ᠪᠠᠷᠢᠭᠳᠠᠬᠤ ᠪᠣᠯᠪᠠᠯ ᠤᠰᠠᠳᠬᠠᠬᠤ ᠬᠡᠷᠡᠭᠲᠡᠢ ᠭᠡᠵᠦ ᠰᠦᠬᠡᠪᠠᠭᠠᠲᠤᠷ ᠬᠡᠯᠡᠵᠡᠢ᠃ ᠪᠢᠴᠢᠭ ᠢ᠋ ᠠᠪᠴᠤ ᠮᠣᠷᠳᠠᠭᠠᠳ ᠳᠡᠭᠡᠳᠦ ᠰᠢᠪᠡᠭᠡᠨ ᠦ᠌ ᠵᠦᠭ ᠳᠣᠪᠲᠣᠯᠬᠤ ᠳ᠋ᠤ᠌ ᠴᠠᠭᠠᠨᠲᠠᠨ ᠬᠣᠢᠨ᠎ᠠ ᠡᠴᠡ ᠨᠢ ᠫᠤᠤᠳᠠᠭᠰᠠᠨ ᠪᠣᠯᠪᠠᠴᠤ ᠤᠨᠤᠭᠰᠠᠨ ᠦᠭᠡᠢ᠃ ᠶᠠᠪᠤᠭᠰᠠᠭᠠᠷ ᠳᠡᠭᠡᠳᠦ ᠰᠢᠪᠡᠭᠡᠨ ᠳ᠋ᠦ᠍ ᠢᠷᠡᠵᠦ ᠵᠠᠭᠤᠨ ᠭᠤᠷᠪᠠᠳᠤᠭᠠᠷ ᠪᠠᠷᠢᠭᠠᠳᠠ ᠶ᠋ᠢᠨ ᠭᠤᠷᠪᠠᠨ ᠵᠠᠭᠤᠨ ᠲᠠᠪᠤᠳᠤᠭᠠᠷ ᠬᠣᠷᠢᠶᠠᠨ ᠤ᠋ ᠱᠲ᠋ᠠᠪ ᠤ᠋ᠨ ᠮᠠᠨᠠᠭ᠎ᠠ ᠲᠠᠢ ᠤᠴᠢᠷ ᠶᠠᠪᠤᠳᠠᠯ ᠢ᠋ᠶ᠋ᠠᠨ ᠶᠠᠷᠢᠭᠠᠳ ᠳᠠᠷᠤᠭ᠎ᠠ ᠲᠠᠢ ᠨᠢ ᠠᠭᠤᠯᠵᠠᠬᠤ ᠪᠠᠷ ᠶᠠᠪᠤᠯ᠎ᠠ᠃ ᠤᠳᠠᠭᠰᠠᠨ ᠴᠤ᠌ ᠦᠭᠡᠢ ᠳᠠᠷᠤᠭ᠎ᠠ ᠶ᠋ᠢᠨ ᠲᠠᠰᠤᠯᠭᠠᠨ ᠳ᠋ᠤ᠌ ᠣᠷᠣᠵᠤ ᠶᠣᠰᠣᠯᠠᠭᠠᠳ ᠪᠢᠴᠢᠭ ᠢ᠋ᠶ᠋ᠡᠨ ᠭᠠᠷᠳᠠᠭᠤᠯᠪᠠ᠃ ᠲᠡᠷᠡ ᠳᠠᠷᠤᠭ᠎ᠠ ᠣᠷᠴᠢᠭᠤᠯᠤᠭᠴᠢ ᠪᠠᠷ ᠳᠠᠮᠵᠢᠭᠤᠯᠤᠨ ᠤᠤᠯ ᠪᠢᠴᠢᠭ ᠲᠡᠢ ᠲᠠᠨᠢᠯᠴᠠᠵᠤ ᠪᠠᠢᠬᠤ ᠳ᠋ᠤ᠌ ᠴᠢᠨᠠᠳᠤ ᠲᠠᠰᠤᠯᠭᠠᠨ ᠡᠴᠡ ᠰᠢᠨᠧᠯ ① ᠢ᠋ᠶ᠋ᠡᠨ ᠨᠥᠮᠥᠷᠦᠭᠰᠡᠨ ᠣᠷᠣᠰ ᠬᠥᠮᠦᠨ ᠭᠠᠷᠴᠤ ᠢᠷᠡᠭᠡᠳ ᠡᠷᠳᠡᠨᠢ ᠶ᠋ᠢ ᠬᠠᠷᠠᠭᠰᠠᠨ ᠢ᠋ᠶ᠋ᠠᠨ 《ᠤᠤᠬᠠᠢ ᠳᠠ᠃ ᠡᠷᠳᠡᠨᠢ! ᠪᠢ ᠴᠢᠮ᠎ᠠ ᠲᠠᠢ ᠯᠠᠪ ᠠᠭᠤᠯᠵᠠᠨ᠎ᠠ ᠭᠡᠵᠦ ᠪᠣᠳᠣᠵᠤ ᠶᠠᠪᠤᠭᠰᠠᠨ》 ᠭᠡᠳ ᠰᠢᠭᠤᠳ ᠢᠷᠡᠵᠦ ᠨᠠᠮᠤᠭᠤᠬᠠᠨ ᠵᠣᠭᠰᠣᠵᠤ ᠪᠠᠢᠭ᠎ᠠ ᠡᠷᠳᠡᠨᠢ ᠶ᠋ᠢ ᠲᠡᠪᠡᠷᠢᠨ ᠠᠪᠤᠯ᠎ᠠ᠃
᠊᠊᠊᠊᠊᠊᠊᠊᠊᠊᠊᠊᠊᠊᠊ ᠠᠯᠢᠶ᠎ᠠ ᠫᠧᠲ᠋ᠷ ᠁ ᠠᠮᠢᠳᠤ ᠮᠡᠨᠳᠦ ᠤᠤ ᠴᠢ ᠮᠢᠨᠢ ᠭᠡᠵᠦ ᠡᠷᠳᠡᠨᠢ ᠶ᠋ᠢᠨ ᠨᠢᠳᠦ ᠨᠢ ᠲᠣᠮᠣ ᠪᠣᠯᠤᠭᠠᠳ ᠳᠠᠭᠤ ᠠᠯᠳᠠᠪᠠ᠃
᠊᠊᠊᠊᠊᠊᠊᠊᠊᠊᠊᠊᠊᠊᠊ ᠠᠮᠢᠳᠤ ᠪᠠᠷ ᠪᠠᠷᠠᠬᠤ ᠤᠤ᠃ ᠴᠢᠮ᠎ᠠ ᠳ᠋ᠤ᠌ ᠲᠤᠰᠠᠯᠠᠬᠤ ᠪᠠᠷ ᠢᠷᠡᠭᠡᠳ ᠪᠠᠢᠨ᠎ᠠ ᠭᠡᠳ ᠲᠣᠮᠣ ᠨᠣᠭᠣᠭᠠᠨ ᠨᠢᠳᠦ ᠪᠡᠨ ᠡᠷᠭᠢᠯᠳᠦᠭᠦᠯᠦᠨ ᠪᠦᠳᠦᠭᠦᠨ ᠳᠠᠭᠤ ᠪᠠᠷ ᠢᠨᠢᠶᠡᠪᠡ᠃
᠊᠊᠊᠊᠊᠊᠊᠊᠊᠊᠊᠊᠊᠊᠊ ᠺᠣᠮᠢᠰᠰᠠᠷ ᠠ᠋᠂ ᠰᠦᠬᠡᠪᠠᠭᠠᠲᠤᠷ ᠪᠢᠳᠡᠨ ᠡᠴᠡ ᠳᠠᠷᠤᠢ ᠲᠤᠰᠠᠯᠠᠬᠤ ᠶ᠋ᠢ ᠭᠤᠶᠤᠭᠰᠠᠨ ᠪᠠᠢᠨ᠎ᠠ ᠭᠡᠵᠦ ᠳᠠᠷᠤᠭ᠎ᠠ ᠫᠧᠲ᠋ᠷ ᠲᠦ᠍ ᠬᠠᠨᠳᠤᠵᠤ ᠣᠷᠣᠰ ᠢ᠋ᠶ᠋ᠠᠷ ᠬᠡᠯᠡᠪᠡ᠃
᠊᠊᠊᠊᠊᠊᠊᠊᠊᠊᠊᠊᠊᠊᠊ ᠵᠥᠪᠯᠡᠯᠲᠦ ᠵᠠᠰᠠᠭ ᠤ᠋ᠨ ᠭᠠᠵᠠᠷ᠂ ᠮᠣᠩᠭᠣᠯ ᠤ᠋ᠨ ᠲᠦᠷ ᠵᠠᠰᠠᠭ ᠤ᠋ᠨ ᠭᠠᠵᠠᠷ ᠤ᠋ᠨ ᠬᠡᠯᠡᠯᠴᠡᠭᠡ ᠪᠡᠷ ᠮᠣᠩᠭᠣᠯ ᠨᠤᠲᠤᠭ ᠲᠤ᠌ ᠪᠣᠭᠰᠢᠭᠰᠠᠨ ᠴᠠᠭᠠᠨ ᠤ᠋ ᠳᠡᠭᠡᠷᠡᠮᠴᠢᠳ ᠢ᠋ ᠳᠠᠷᠤᠬᠤ ᠳ᠋ᠤ᠌ ᠵᠥᠪᠯᠡᠯᠲᠦ ᠤᠯᠤᠰ ᠲᠤᠰᠠᠯᠠᠨ᠎ᠠ ᠭᠡᠰᠡᠨ ᠪᠣᠯᠬᠣᠷ ᠪᠢᠳᠡ ᠲᠦᠷᠭᠡᠨ ᠲᠤᠰᠠᠯᠠᠬᠤ ᠬᠡᠷᠡᠭᠲᠡᠢ ᠪᠠᠢᠨ᠎ᠠ᠃ ᠪᠠᠰᠠ ᠲᠡᠭᠡᠭᠡᠳ ᠡᠷᠳᠡᠨᠢ ᠪᠢᠳᠡ ᠬᠣᠶᠠᠷ ᠦᠬᠡᠷ ᠦ᠋ᠨ ᠮᠠᠢᠮᠠᠢ ᠬᠢᠵᠦ ᠶᠠᠪᠤᠬᠤ ᠳ᠋ᠠᠭᠠᠨ ᠡᠨᠡ ᠭᠤᠶᠤᠵᠤ᠂ ᠪᠢ ᠲᠤᠰᠠᠯᠠᠨ᠎ᠠ ᠭᠡᠰᠡᠨ ᠶᠤᠮᠰᠠᠨ᠃ ᠲᠡᠢᠮᠦ ᠶᠠᠷᠢᠶ᠎ᠠ ᠪᠣᠢ ᠪᠠᠢᠬ᠎ᠠ ᠠ᠋! ᠡᠷᠳᠡᠨᠢ ᠠ᠋ ᠭᠡᠳ ᠫᠧᠲ᠋ᠷ ᠲᠡᠭᠦᠨ ᠢ᠋ ᠴᠢᠩᠭ᠎ᠠ ᠲᠡᠪᠡᠷᠢᠪᠡ᠃
᠊᠊᠊᠊᠊᠊᠊᠊᠊᠊᠊᠊᠊᠊᠊ ᠪᠣᠢ ᠪᠠᠢᠬᠤ ᠰᠢᠦ ᠭᠡᠳ ᠡᠷᠳᠡᠨᠢ ᠢᠨᠢᠶᠡᠪᠡ᠃
ᠤᠳᠠᠭᠰᠠᠨ ᠴᠤ᠌ ᠦᠭᠡᠢ ᠴᠡᠷᠢᠭ ᠦ᠋ᠨ ᠲᠦᠷᠭᠡᠨ ᠵᠢᠭᠰᠠᠭᠠᠯ ᠤ᠋ᠨ ᠪᠦᠷᠢᠶ᠎ᠡ ᠬᠠᠩᠭᠢᠨᠠᠵᠤ ᠮᠣᠩᠭᠣᠯ ᠤ᠋ᠨ ᠠᠷᠠᠳ ᠲᠦᠮᠡᠨ ᠦ᠌ ᠡᠷᠬᠡ ᠴᠢᠯᠥᠭᠡ᠂ ᠲᠤᠰᠠᠭᠠᠷ ᠲᠣᠭᠲᠠᠨᠢᠯ ᠢ᠋ᠶ᠋ᠠᠨ ᠪᠠᠢᠯᠳᠤᠨ ᠠᠪᠬᠤ ᠶᠡᠬᠡ ᠲᠡᠮᠡᠴᠡᠯ ᠳ᠋ᠦ᠍ ᠠᠬ᠎ᠠ ᠳᠡᠭᠦᠦ ᠶ᠋ᠢᠨ ᠲᠤᠰᠠᠯᠠᠮᠵᠢ ᠦᠵᠡᠭᠦᠯᠬᠦ ᠪᠡᠷ ᠠᠵᠢᠯᠴᠢᠨ ᠲᠠᠷᠢᠶᠠᠴᠢᠨ ᠤ᠋ ᠤᠯᠠᠭᠠᠨ ᠴᠡᠷᠢᠭ ᠦ᠋ᠨ ᠨᠢᠭᠡᠨ ᠠᠩᠭᠢ ᠬᠥᠳᠡᠯᠬᠦ ᠳ᠋ᠦ᠍ ᠲᠡᠷᠢᠭᠦᠨ ᠳ᠋ᠦ᠍ ᠫᠧᠲ᠋ᠷ ᠡᠷᠳᠡᠨᠢ ᠬᠣᠶᠠᠷ ᠵᠡᠷᠭᠡᠴᠡᠨ ᠶᠠᠪᠤᠯ᠎ᠠ᠃
ᠲᠠᠢᠯᠪᠤᠷᠢ᠄
① ᠰᠢᠨᠧᠯ ᠊᠊᠊᠊᠊᠊᠊᠊᠊᠊᠊᠊᠊᠊᠊ ᠴᠡᠷᠢᠭ ᠦ᠋ᠨ ᠳ᠋ᠠᠴᠠᠩ᠃
