ᠲᠤᠩᠭᠠᠯᠠᠭ ᠲᠠᠮᠢᠷ3-08-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-08-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-08-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-21

1240

《ᠪᠠᠶᠠᠨ ᠬᠥᠮᠦᠨ ᠨᠢᠭᠡ ᠰᠢᠭᠤᠷᠭᠠᠨ ᠳ᠋ᠤ᠌᠂ ᠪᠠᠭᠠᠲᠤᠷ ᠬᠥᠮᠦᠨ ᠨᠢᠭᠡ ᠰᠤᠮᠤᠨ ᠳ᠋ᠤ᠌》 - ᠭᠤᠷᠪᠠᠳᠤᠭᠠᠷ ᠪᠦᠯᠦᠭ ᠨᠠᠢ᠍ᠮᠠ

  ᠲᠠᠷᠵᠠ ᠪᠠᠭᠠᠲᠤᠷ ᠤ᠋ᠨ ᠠᠩᠭᠢ ᠶᠠᠪᠤᠳᠠᠯ ᠳᠤᠮᠳᠠ ᠪᠠᠨ ᠥᠰᠴᠦ᠂ ᠫᠤᠤᠳᠠᠵᠤ ᠴᠠᠪᠴᠢᠬᠤ ᠰᠤᠷᠭᠠᠭᠤᠯᠢ ᠬᠢᠵᠦ ᠤᠯᠠᠭᠠᠨ ᠴᠡᠷᠢᠭ ᠦ᠋ᠨ ᠠᠩᠭᠢ ᠲᠠᠢ ᠬᠠᠪᠰᠤᠷᠤᠨ ᠴᠠᠭᠠᠨ ᠤ᠋ ᠴᠡᠷᠢᠭ ᠲᠡᠢ ᠪᠠᠢᠯᠳᠤᠵᠤ ᠬᠠᠪᠤᠷ ᠤ᠋ᠨ ᠡᠬᠢ ᠭᠡᠬᠦ ᠳ᠋ᠦ᠍ ᠦᠨᠳᠦᠰᠦᠨ ᠳ᠋ᠦ᠍ᠨᠢ ᠳᠠᠷᠤᠵᠤ ᠴᠢᠳᠠᠯ᠎ᠠ᠃ ᠰᠡᠴᠡᠨ ᠬᠠᠨ ᠠᠢᠮᠠᠭ ᠤ᠋ᠨ ᠬᠣᠢᠲᠤ ᠲᠠᠯ᠎ᠠ᠂ ᠮᠣᠩᠭᠣᠯ ᠤ᠋ᠨ ᠬᠢᠯᠢ ᠶ᠋ᠢᠨ ᠳᠠᠭᠠᠤ ᠪᠠᠢᠷᠢᠯᠠᠵᠤ ᠪᠠᠢᠭᠰᠠᠨ ᠲᠣᠪᠴᠢᠨ ᠪᠠᠢᠰᠠ ᠶ᠋ᠢᠨ ᠭᠣᠣᠯ ᠬᠦᠴᠦ ᠳᠠᠷᠤᠭᠳᠠᠭᠰᠠᠨ ᠠᠪᠠᠴᠤ ᠲᠡᠭᠦᠨ ᠦ᠌ ᠦᠯᠡᠳᠡᠭᠳᠡᠯ ᠠᠷᠠᠳ ᠣᠯᠠᠨ ᠳ᠋ᠤ᠌ ᠤᠷᠰᠢᠭ ᠤᠳᠠᠵᠤ᠂ ᠲᠡᠭᠦᠨ ᠲᠡᠢ ᠬᠥᠭᠡᠭᠡᠴᠡᠯᠳᠦᠭᠰᠡᠭᠡᠷ 1922 ᠣᠨ ᠤ᠋ ᠵᠤᠨ ᠲᠠᠢ ᠵᠣᠯᠭᠠᠪᠠ᠃
  ᠪᠠᠷᠤᠨ ᠤ᠋ ᠪᠠᠢᠭᠤᠯᠤᠭᠰᠠᠨ ᠲᠣᠭᠯᠠᠭᠠᠮ ᠤ᠋ᠨ ᠵᠠᠰᠠᠭ ᠢ᠋ ᠤᠨᠠᠬᠤ ᠶ᠋ᠢᠨ ᠡᠮᠦᠨᠡᠬᠡᠨ ᠲᠣᠪᠴᠢᠨ ᠪᠠᠢᠰᠠ ᠬᠡᠳᠦ ᠬᠡᠳᠦᠨ ᠬᠤᠰᠢᠭᠤᠨ ᠤ᠋ ᠨᠣᠶᠠᠳ ᠯᠠᠮᠠ ᠨᠠᠷ ᠲᠠᠢ ᠶᠠᠷᠢᠯᠴᠠᠨ ᠰᠡᠴᠡᠨ ᠬᠠᠨ ᠤ᠋ ᠠᠢᠮᠠᠭ ᠲᠤ᠌ ᠬᠦᠴᠦ ᠪᠡᠨ ᠬᠤᠷᠠᠯᠳᠤᠭᠤᠯᠤᠨ ᠴᠠᠭᠠᠨ ᠤ᠋ ᠦᠯᠡᠳᠡᠭᠳᠡᠯ ᠬᠦᠴᠦ ᠲᠡᠢ ᠬᠠᠮᠲᠤᠷᠠᠵᠤ ᠠᠷᠠᠳ ᠤ᠋ᠨ ᠵᠠᠰᠠᠭ ᠢ᠋ ᠤᠨᠠᠭᠠᠬᠤ ᠲᠤᠬᠠᠢ ᠲᠣᠬᠢᠷᠠᠯᠴᠠᠵᠤ ᠪᠢᠯᠡ᠃ ᠭᠡᠲᠡᠯ᠎ᠡ ᠶᠡᠬᠡ ᠬᠠᠢᠷ᠎ᠠ ᠶ᠋ᠢᠨ ᠠᠷᠢᠭᠤᠨ ᠰᠡᠳᠬᠢᠯ ᠢ᠋ᠶ᠋ᠡᠷ ᠪᠠᠭᠠᠲᠤᠷᠯᠢᠭ ᠭᠠᠪᠢᠶ᠎ᠠ ᠪᠠᠢᠭᠤᠯᠵᠤ ᠭᠡᠷᠡᠯ ᠬᠡᠦᠬᠡᠨ ᠦ᠌ ᠠᠪᠴᠤ ᠡᠷᠳᠡᠨᠢ ᠳ᠋ᠦ᠍ ᠥᠭᠭᠦᠭᠰᠡᠨ ᠪᠢᠴᠢᠭ ᠡᠴᠡ ᠲᠣᠪᠴᠢᠨ ᠤ᠋ ᠲᠥᠯᠥᠪᠯᠡᠭᠡ ᠠᠷᠠᠳ ᠤ᠋ᠨ ᠵᠠᠰᠠᠭ ᠤ᠋ᠨ ᠭᠠᠵᠠᠷ ᠮᠡᠳᠡᠭᠳᠡᠵᠦ ᠬᠠᠨᠢ ᠨᠥᠬᠥᠳ ᠦ᠋ᠨ ᠵᠠᠷᠢᠮ ᠨᠢ ᠪᠠᠷᠢᠭᠳᠠᠵᠤ᠂ ᠵᠠᠷᠢᠮ ᠨᠢ ᠴᠥᠭᠡᠬᠡᠨ ᠴᠡᠷᠢᠭ ᠳᠠᠢᠴᠢᠯᠠᠵᠤ ᠠᠮᠵᠢᠭᠰᠠᠨ ᠪᠣᠯᠪᠠᠴᠤ ᠨᠢᠭᠡᠳᠴᠦ ᠴᠢᠳᠠᠯ ᠦᠭᠡᠢ ᠴᠣᠬᠢᠭᠳᠠᠵᠠᠢ᠃ ᠢᠩᠭᠢᠭᠡᠳ ᠣᠷᠣᠰ ᠪᠤᠷᠢᠶᠠᠳ ᠭᠣᠣᠯᠳᠠᠭᠤ ᠴᠥᠭᠡᠬᠡᠨ ᠲᠣᠭᠠᠨ ᠤ᠋ ᠴᠠᠭᠠᠨᠲᠠᠨ ᠡᠴᠡ ᠥᠭᠡᠷ᠎ᠡ ᠲᠦᠰᠢᠵᠦ ᠲᠤᠯᠬᠤ ᠬᠦᠴᠦ ᠦᠭᠡᠢ ᠪᠣᠯᠵᠤ᠂ ᠰᠡᠳᠦᠭᠰᠡᠨ ᠬᠡᠷᠡᠭ ᠨᠢ ᠲᠠᠮᠫᠤᠷᠠᠭᠰᠠᠨ ᠲᠣᠪᠴᠢᠨ᠂ ᠠᠷᠠᠳ ᠤ᠋ᠨ ᠴᠡᠷᠢᠭ᠂ ᠤᠯᠠᠭᠠᠨ ᠠᠷᠮᠢ ᠶ᠋ᠢᠨ ᠨᠢᠭᠡᠳᠦᠭᠰᠡᠨ ᠬᠦᠴᠦᠨ ᠳ᠋ᠦ᠍ ᠰᠢᠬᠠᠭᠳᠠᠪᠠ᠃ ᠲᠣᠪᠴᠢᠨ ᠤ᠋ ᠴᠡᠷᠢᠭ ᠬᠠᠯᠵᠠ ᠲᠤᠯᠤᠭᠰᠠᠨ ᠪᠠᠢᠯᠳᠤᠭᠠᠨ ᠡᠴᠡ ᠵᠠᠢᠯᠠᠨ ᠵᠢᠭᠤᠲᠠᠵᠤ ᠠᠷᠠᠳ ᠣᠯᠠᠨ ᠢ᠋ ᠳᠡᠭᠡᠷᠡᠮᠳᠡᠨ ᠬᠦᠴᠦ ᠵᠠᠯᠭᠠᠵᠤ ᠪᠠᠢᠯ᠎ᠠ᠃ ᠲᠡᠳᠡ ᠬᠡᠰᠡᠭ ᠬᠡᠰᠡᠭ ᠪᠣᠯᠵᠤ ᠬᠦᠷᠢᠶ᠎ᠡ ᠬᠡᠢᠳ ᠠᠯᠤᠰ ᠪᠥᠭᠯᠡᠭᠦᠦ ᠬᠥᠳᠡᠭᠡ ᠨᠤᠲᠤᠭ ᠢ᠋ᠶ᠋ᠠᠷ ᠨᠢᠭᠤᠭᠳᠠᠨ ᠪᠦᠭᠭᠦᠵᠦ᠂ ᠭᠣᠣᠯᠳᠠᠭᠤ ᠰᠥᠨᠢ ᠶ᠋ᠢᠨ ᠴᠠᠭ ᠢ᠋ᠶ᠋ᠠᠷ ᠠᠷᠠᠳ ᠤ᠋ᠨ ᠴᠡᠷᠢᠭ ᠤᠯᠠᠭᠠᠨ ᠠᠷᠮᠢ ᠶ᠋ᠢᠨ ᠠᠩᠭᠢ ᠶ᠋ᠢᠨ ᠵᠢᠵᠢᠭ ᠬᠡᠰᠡᠭ ᠤᠷᠤᠭᠤ ᠳᠣᠪᠲᠣᠯᠤᠨ ᠭᠠᠢ ᠤᠷᠰᠢᠭ ᠲᠠᠷᠢᠵᠤ ᠪᠠᠢᠪᠠ᠃
  ᠤᠯᠠᠭᠠᠨ ᠠᠷᠮᠢ ᠶ᠋ᠢᠨ ᠠᠩᠭᠢ ᠲᠠᠢ ᠬᠦᠴᠦᠨ ᠬᠠᠪᠰᠤᠷᠤᠭᠰᠠᠨ ᠲᠠᠷᠵᠠ ᠪᠠᠭᠠᠲᠤᠷ ᠤ᠋ᠨ ᠠᠩᠭᠢ ᠣᠷᠭᠤᠳᠤᠤᠯ ᠳᠠᠢᠰᠤᠨ ᠨᠤᠭᠤᠳ ᠲᠠᠢ ᠬᠥᠭᠡᠭᠡᠴᠡᠯᠳᠦᠨ ᠪᠠᠢᠯᠳᠤᠭᠰᠠᠭᠠᠷ ᠰᠠᠩ ᠪᠡᠢᠰᠡ ᠶ᠋ᠢᠨ ᠬᠦᠷᠢᠶᠡᠨ ᠳᠡᠭᠡᠷ᠎ᠡ ᠢᠷᠡᠵᠦ ᠪᠠᠢᠷᠢᠯᠠᠪᠠ᠃ ᠡᠷᠳᠡᠨᠢ ᠨᠢᠭᠡ ᠭᠡᠷ ᠲᠦ᠍ ᠫᠧᠲ᠋ᠷ ᠲᠡᠢ ᠬᠠᠮᠲᠤ ᠣᠷᠣᠵᠤ ᠪᠢᠯᠡ᠃ ᠲᠠᠯ᠎ᠠ ᠪᠦᠷᠢ ᠬᠠᠢᠭᠤᠯ ᠲᠤᠷᠰᠢᠭᠤᠯ ᠲᠠᠯᠪᠢᠨ ᠲᠣᠪᠴᠢᠨ ᠤ᠋ ᠳᠡᠭᠡᠷᠡᠮᠴᠢᠳ ᠦ᠋ᠨ ᠲᠤᠬᠠᠢ ᠮᠡᠳᠡᠭᠡ ᠠᠪᠴᠤ ᠮᠥᠷ ᠨᠢ ᠭᠠᠷᠤᠭᠰᠠᠨ ᠲᠤᠬᠠᠢ ᠳ᠋ᠤ᠌ ᠶᠠᠪᠤᠵᠤ ᠬᠥᠭᠡᠭᠡᠴᠡᠯᠳᠦᠨ ᠪᠠᠢᠯᠳᠤᠨ᠎ᠠ᠃
  ᠲᠡᠢᠨ ᠲᠤᠯᠤᠯᠳᠤᠭᠠᠨ ᠦᠭᠡᠢ ᠴᠢᠯᠥᠭᠡ ᠴᠠᠭ ᠲᠠᠭᠠᠨ ᠫᠧᠲ᠋ᠷ᠂ ᠡᠷᠳᠡᠨᠢ ᠬᠣᠶᠠᠷ ᠤᠳᠠᠲᠠᠯ᠎ᠠ ᠶᠠᠷᠢᠨ᠎ᠠ᠃ ᠡᠨᠡ ᠬᠣᠶᠠᠷ ᠤᠳᠠᠭᠠᠨ ᠴᠠᠭ ᠢ᠋ᠶ᠋ᠠᠷ ᠶᠠᠷᠢᠵᠤ ᠪᠠᠢᠭᠰᠠᠨ ᠢ᠋ ᠠᠯᠢ ᠲᠡᠷᠡ ᠭᠡᠬᠦ ᠪᠢᠯᠡ᠃ ᠭᠡᠪᠡᠴᠦ ᠣᠳᠣ ᠶ᠋ᠢᠨ ᠶᠠᠷᠢᠶ᠎ᠠ᠂ ᠤᠷᠢᠳᠤ ᠶ᠋ᠢᠨ ᠬᠢ ᠡᠴᠡ ᠱᠠᠯ ᠥᠭᠡᠷ᠎ᠡ ᠰᠢᠨᠵᠢ ᠰᠡᠳᠦᠪ ᠲᠡᠢ ᠪᠠᠢᠵᠤ ᠪᠢᠯᠡ᠃ ᠤᠷᠢᠳᠤ ᠡᠷᠳᠡᠨᠢ ᠮᠠᠷᠭᠤᠬᠤ ᠳᠤᠷᠠᠲᠠᠢ ᠪᠠᠢᠭᠰᠠᠨ ᠪᠣᠯ ᠣᠳᠣ ᠰᠣᠨᠣᠰᠬᠤ ᠳᠤᠷᠠᠲᠠᠢ ᠪᠣᠯᠵᠠᠢ᠃ ᠤᠷᠢᠳᠤ ᠰᠢᠳᠤᠷᠭᠤ ᠪᠤᠰᠤ ᠶᠣᠰᠣ ᠲᠡᠷᠡ ᠨᠢ ᠮᠥᠩᠭᠡᠳᠡ ᠪᠠᠢᠬᠤ ᠡᠰᠡᠬᠦ᠂ ᠲᠡᠭᠦᠨ ᠢ᠋ ᠶᠠᠭᠠᠬᠢᠵᠤ ᠤᠰᠠᠳᠬᠠᠬᠤ ᠲᠤᠬᠠᠢ ᠶᠠᠷᠢᠵᠤ ᠪᠠᠢᠭᠰᠠᠨ ᠪᠣᠯ ᠣᠳᠣ ᠰᠢᠨ᠎ᠡ ᠠᠷᠠᠳ ᠤ᠋ᠨ ᠵᠠᠰᠠᠭ ᠢ᠋ ᠶᠠᠭᠠᠬᠢᠵᠤ ᠪᠠᠢᠭᠤᠯᠬᠤ ᠲᠤᠬᠠᠢ᠂ ᠲᠤᠰᠠᠭᠠᠷ ᠲᠣᠭᠲᠠᠨᠢᠯ ᠢ᠋ᠶ᠋ᠠᠨ ᠣᠯᠤᠭᠰᠠᠨ ᠮᠣᠩᠭᠣᠯ ᠤ᠋ᠨ ᠠᠷᠠᠳ ᠣᠯᠠᠨ ᠴᠢᠨᠠᠭᠰᠢᠳᠠ ᠬᠠᠮᠢᠭᠠᠰᠢ ᠶᠠᠪᠤᠬᠤ᠂ ᠶᠠᠭᠤ ᠬᠢᠬᠦ ᠲᠤᠬᠠᠢ ᠶᠠᠷᠢᠳᠠᠭ ᠪᠣᠯᠵᠠᠢ᠃ ᠶᠠᠷᠢᠬᠤ ᠳᠣᠳᠣᠮ ᠢ᠋ᠶ᠋ᠠᠨ ᠶᠠᠷᠢᠶᠠᠨ ᠤ᠋ ᠬᠢᠨᠢ ᠰᠡᠳᠦᠪ ᠥᠷᠭᠡᠵᠢᠨ᠂ ᠤᠳᠬ᠎ᠠ ᠤᠴᠢᠷ ᠨᠢ ᠭᠦᠨ ᠪᠣᠯᠤᠨ᠎ᠠ᠃ ᠪᠠᠰᠠ ᠡᠨᠡ ᠬᠣᠭᠣᠷᠣᠨᠳᠣ ᠡᠷᠳᠡᠨᠢ ᠶ᠋ᠢᠨ ᠬᠤᠪᠢ ᠳ᠋ᠤ᠌ ᠶᠡᠬᠡ ᠥᠭᠡᠷᠡᠴᠢᠯᠡᠯᠲᠡ ᠪᠣᠢ ᠪᠣᠯᠵᠠᠢ᠃ ᠲᠡᠭᠦᠨ ᠦ᠌ ᠤᠤᠯ ᠡᠴᠡ ᠰᠡᠷᠭᠦᠯᠡᠩ ᠤᠬᠠᠭᠠᠨ ᠥᠷᠭᠡᠵᠢᠵᠦ᠂ ᠣᠯᠠᠨ ᠵᠢᠯ ᠦ᠋ᠨ ᠡᠮᠦᠨ᠎ᠡ ᠪᠢᠴᠢᠭᠳᠡᠭᠰᠡᠨ ᠬᠡᠳᠦᠨ ᠬᠠᠭᠤᠴᠢᠨ ᠮᠣᠩᠭᠣᠯ ᠨᠣᠮ ᠤ᠋ᠨ ᠬᠦᠷᠢᠶᠡᠨ ᠡᠴᠡ ᠬᠠᠯᠢᠨ ᠭᠠᠷᠴᠤ᠂ ᠣᠳᠣ ᠴᠠᠭ ᠤ᠋ᠨ ᠨᠡᠢᠭᠡᠮ ᠤᠯᠤᠰ ᠲᠥᠷᠥ ᠶ᠋ᠢᠨ ᠠᠰᠠᠭᠤᠳᠠᠯ ᠳ᠋ᠤ᠌ ᠢᠳᠡᠪᠬᠢᠲᠡᠢ ᠨᠡᠪᠲᠡᠷᠡᠵᠦ ᠪᠠᠢᠯ᠎ᠠ᠃ ᠫᠧᠲ᠋ᠷ ᠲᠡᠢ ᠶᠠᠷᠢᠵᠤ ᠪᠠᠢᠬᠤ ᠳ᠋ᠠᠭᠠᠨ ᠡᠷᠳᠡᠨᠢ ᠤᠯᠤᠰ ᠲᠥᠷᠥ ᠶ᠋ᠢᠨ ᠪᠣᠳᠣᠯᠭ᠎ᠠ ᠶ᠋ᠢᠨ ᠨᠠᠷᠢᠨ ᠶᠠᠪᠤᠳᠠᠯ ᠢ᠋ ᠣᠢᠯᠠᠭᠠᠵᠤ᠂ ᠲᠡᠭᠦᠨ ᠦ᠌ ᠴᠢᠨᠠᠳᠤᠬᠢ ᠤᠴᠢᠷ ᠤᠳᠬ᠎ᠠ ᠶ᠋ᠢ ᠡᠷᠭᠢᠴᠡᠭᠦᠯᠦᠨ ᠪᠣᠳᠣᠬᠤ ᠲᠦᠯᠬᠢᠭᠦᠷ ᠢ᠋ ᠣᠯᠵᠤ ᠠᠪᠤᠨ᠎ᠠ᠃
  ᠊᠊᠊᠊᠊᠊᠊᠊᠊᠊᠊᠊᠊᠊᠊ ᠲᠠ ᠨᠠᠷ ᠯᠠ ᠪᠢᠳᠡᠨ ᠳ᠋ᠦ᠍ ᠶᠡᠬᠡ ᠲᠤᠰᠠ ᠪᠣᠯᠤᠯ᠎ᠠ ᠳᠠ᠃ ᠲᠠ ᠪᠦᠬᠦᠨ ᠦ᠌ ᠯᠡ ᠬᠦᠴᠦ ᠪᠡᠷ ᠤᠯᠤᠰ ᠣᠷᠣᠨ ᠳ᠋ᠠᠭᠠᠨ ᠪᠢᠳᠡ ᠡᠵᠡᠨ ᠨᠢ ᠪᠣᠯᠪᠠ᠃ ᠮᠣᠩᠭᠣᠯ ᠬᠥᠮᠦᠨ ᠡᠨᠡ ᠠᠴᠢ ᠶ᠋ᠢ ᠦᠶ᠎ᠡ ᠶ᠋ᠢᠨ ᠦᠶ᠎ᠡ ᠳ᠋ᠦ᠍ ᠮᠠᠷᠲᠠᠬᠤ ᠦᠭᠡᠢ ᠭᠡᠵᠦ ᠡᠷᠳᠡᠨᠢ ᠶ᠋ᠢᠨ ᠬᠡᠯᠡᠬᠦ ᠳ᠋ᠦ᠍ ᠫᠧᠲ᠋ᠷ ᠢᠨᠢᠶᠡᠮᠰᠦᠭᠯᠡᠨ᠎ᠡ᠃
  ᠊᠊᠊᠊᠊᠊᠊᠊᠊᠊᠊᠊᠊᠊᠊ ᠡᠷᠳᠡᠨᠢ ᠮᠢᠨᠢ ᠡᠭᠦᠨ ᠢ᠋ ᠨᠢᠭᠡ ᠲᠠᠯ᠎ᠠ ᠡᠴᠡ ᠨᠢ ᠬᠠᠷᠠᠵᠤ ᠣᠭᠲᠣ ᠪᠣᠯᠬᠤ ᠦᠭᠡᠢ᠃ ᠵᠡᠪᠰᠡᠭ ᠪᠠᠷᠢᠭᠰᠠᠨ ᠣᠯᠠᠨ ᠳᠠᠢᠰᠤᠨ ᠢ᠋ ᠲᠠ ᠨᠠᠷ ᠪᠢᠳᠡᠨ ᠦ᠌ ᠲᠤᠰᠠᠯᠠᠮᠵᠢ ᠦᠭᠡᠢ ᠲᠠᠢᠯᠵᠤ ᠴᠢᠳᠠᠬᠤ ᠦᠭᠡᠢ ᠪᠠᠢᠭᠰᠠᠨ ᠨᠢ ᠦᠨᠡᠨ᠃ ᠭᠡᠬᠦ ᠳ᠋ᠡᠭᠡᠨ ᠵᠡᠷᠭᠡᠯᠡᠳᠡᠭᠡ ᠣᠷᠣᠨ ᠳ᠋ᠠᠭᠠᠨ ᠳᠠᠢᠰᠤᠨ ᠡᠭᠦᠷᠯᠡᠵᠦ ᠪᠠᠢᠬᠤ ᠶ᠋ᠢ ᠬᠡᠨ ᠴᠦ᠍ ᠬᠦᠰᠡᠬᠦ ᠦᠭᠡᠢ᠃ ᠭᠡᠲᠡᠯ᠎ᠡ ᠲᠠ ᠨᠠᠷ ᠴᠠᠭᠠᠨᠲᠠᠨ ᠲᠠᠢ ᠨᠡᠢᠯᠡᠵᠦ ᠲᠡᠳᠡᠨ ᠳ᠋ᠦ᠍ ᠨᠤᠲᠤᠭ ᠤᠰᠤ ᠪᠠᠨ ᠲᠠᠯᠪᠢᠵᠤ ᠥᠭᠭᠦᠭᠰᠡᠨ ᠪᠣᠯ ᠪᠢᠳᠡᠨ ᠳ᠋ᠦ᠍ ᠪᠥᠭᠡᠮ ᠭᠠᠢ ᠪᠣᠯᠤᠨ᠎ᠠ᠃ ᠪᠢᠳᠡ ᠲᠠᠨ ᠤ᠋ ᠨᠤᠲᠤᠭ ᠲᠤ᠌ ᠳᠤᠷ᠎ᠠ ᠵᠣᠷᠢᠭ ᠢ᠋ᠶ᠋ᠠᠷ ᠳᠠᠭᠠᠷᠢᠨ ᠣᠷᠣᠬᠤ ᠡᠷᠬᠡ ᠪᠠᠢᠬᠤ ᠦᠭᠡᠢ᠃ ᠵᠠ ᠲᠡᠭᠡᠬᠦᠯᠡᠷ ᠲᠠ ᠨᠠᠷ ᠪᠢᠳᠡᠨ ᠡᠴᠡ ᠲᠤᠰᠠᠯᠠᠮᠵᠢ ᠭᠤᠶᠤᠭᠰᠠᠨ ᠴᠢᠨᠢ ᠪᠢᠳᠡᠨ ᠳ᠋ᠦ᠍ ᠮᠣᠩᠭᠣᠯ ᠳ᠋ᠤ᠌ ᠴᠡᠷᠢᠭ ᠢ᠋ᠶ᠋ᠡᠨ ᠣᠷᠣᠭᠤᠯᠵᠤ᠂ ᠨᠡᠢᠲᠡ ᠶ᠋ᠢᠨ ᠳᠠᠢᠰᠤᠨ ᠢ᠋ᠶ᠋ᠠᠨ ᠨᠢᠭᠡᠳᠴᠦ ᠳᠠᠷᠤᠬᠤ ᠪᠣᠯᠤᠮᠵᠢ ᠣᠯᠭᠣᠭᠰᠠᠨ᠃ ᠴᠠᠭᠠᠨᠲᠠᠨ ᠪᠣᠯ ᠪᠢᠳᠡᠨ ᠦ᠌ ᠳᠠᠢᠰᠤᠨ᠃ ᠪᠢᠳᠡᠨ ᠢ᠋ ᠳᠠᠢᠰᠤᠨ ᠢ᠋ᠶ᠋ᠠᠨ ᠳᠠᠷᠤᠬᠤ ᠳ᠋ᠤ᠌ ᠲᠠ ᠨᠠᠷ ᠬᠦᠴᠦ ᠬᠠᠪᠰᠤᠷᠤᠭᠰᠠᠨ᠂ ᠨᠤᠲᠤᠭ ᠢ᠋ᠶ᠋ᠠᠨ ᠥᠭᠭᠦᠭᠰᠡᠨ᠃ ᠲᠠ ᠨᠠᠷ ᠢ᠋ ᠳᠠᠢᠰᠤᠨ ᠢ᠋ᠶ᠋ᠠᠨ ᠳᠠᠷᠤᠬᠤ ᠳ᠋ᠤ᠌ ᠴᠢᠨᠢ ᠪᠢᠳᠡ ᠬᠦᠴᠦ ᠬᠠᠪᠰᠤᠷᠤᠭᠰᠠᠨ ᠬᠡᠷᠡᠭ᠃ ᠡᠨᠡ ᠪᠠᠷᠢᠯᠴᠠᠭᠰᠠᠨ ᠠᠬ᠎ᠠ ᠳᠡᠭᠦᠦ ᠶ᠋ᠢᠨ ᠭᠠᠷ ᠢ᠋ᠶ᠋ᠠᠨ ᠳᠠᠯᠪᠢᠯᠴᠠᠯ ᠦᠭᠡᠢ ᠵᠢᠳᠬᠦᠭᠡᠳ ᠪᠠᠢᠬᠤ ᠨᠢ ᠴᠢᠬᠤᠯᠠ! ᠭᠡᠵᠦ ᠪᠢᠯᠡ᠃
  ᠡᠨᠡ ᠬᠣᠶᠠᠷ ᠤ᠋ᠨ ᠶᠠᠷᠢᠶᠠᠨ ᠤ᠋ ᠰᠠᠯᠤᠰᠢ ᠦᠭᠡᠢ ᠬᠡᠰᠡᠭ ᠪᠣᠯ ᠮᠣᠩᠭᠣᠯ ᠣᠷᠣᠨ ᠤ᠋ ᠢᠷᠡᠭᠡᠳᠦᠢ ᠶ᠋ᠢᠨ ᠬᠤᠪᠢ ᠵᠠᠶᠠᠭᠠᠨ ᠤ᠋ ᠲᠤᠬᠠᠢ ᠠᠰᠠᠭᠤᠳᠠᠯ ᠪᠠᠢᠯ᠎ᠠ᠃
  ᠊᠊᠊᠊᠊᠊᠊᠊᠊᠊᠊᠊᠊᠊᠊ ᠲᠠᠨ ᠤ᠋ ᠨᠢᠭᠡ ᠭᠣᠣᠯ ᠳᠠᠢᠰᠤᠨ ᠪᠣᠯ ᠣᠯᠠᠨ ᠵᠠᠭᠤᠨ ᠵᠢᠯ ᠦ᠋ᠨ ᠬᠣᠴᠣᠷᠤᠭᠳᠠᠯ᠃ ᠡᠭᠦᠨ ᠢ᠋ ᠳᠠᠪᠠᠵᠤ ᠭᠠᠷᠤᠨ᠎ᠠ ᠭᠡᠳᠡᠭ ᠨᠦᠰᠡᠷ ᠠᠵᠢᠯ ᠳᠠ᠃ ᠪᠠᠰᠠ ᠬᠢᠲᠠᠳ ᠲᠠ ᠨᠠᠷ ᠡᠴᠡ ᠮᠠᠰᠢ ᠶᠡᠬᠡ ᠥᠷᠢ ᠨᠡᠬᠡᠵᠦ ᠪᠠᠢᠨ᠎ᠠ ᠭᠡᠵᠦ ᠪᠢ ᠰᠠᠶᠢᠬᠠᠨ ᠰᠣᠨᠣᠰᠤᠭᠰᠠᠨ ᠁
  ᠊᠊᠊᠊᠊᠊᠊᠊᠊᠊᠊᠊᠊᠊᠊ ᠲᠡᠷᠡ ᠥᠷᠢ ᠴᠦ᠍ ᠶᠠᠭᠠᠬᠢᠬᠤᠪ᠃ ᠲᠡᠭᠦᠨ ᠢ᠋ ᠮᠣᠩᠭᠣᠯ ᠤ᠋ᠨ ᠠᠷᠠᠳ ᠲᠦᠮᠡᠨ ᠲᠠᠯᠪᠢᠭ᠎ᠠ ᠦᠭᠡᠢ᠃ ᠪᠠᠰᠠ ᠴᠢᠩᠭᠢᠭᠡᠳ ᠦᠨᠡᠨ ᠳ᠋ᠡᠭᠡᠨ ᠪᠢᠳᠡ ᠣᠯᠠᠨ ᠵᠢᠯ ᠱᠤᠯᠤᠭᠤᠯᠵᠤ᠂ ᠲᠡᠭᠦᠨ ᠢ᠋ ᠣᠯᠠᠨ ᠬᠤᠪᠢ ᠨᠤᠭᠤᠯᠤᠨ ᠲᠥᠯᠥᠭᠰᠡᠨ ᠶᠤᠮ᠃
  ᠊᠊᠊᠊᠊᠊᠊᠊᠊᠊᠊᠊᠊᠊᠊ ᠬᠡᠨ ᠲᠠᠯᠪᠢᠭᠰᠠᠨ ᠨᠢ ᠫᠠᠳ ᠦᠭᠡᠢ ᠭᠡᠳ ᠵᠡᠪᠰᠡᠭ ᠦ᠋ᠨ ᠬᠦᠴᠦ᠂ ᠴᠡᠷᠢᠭ ᠦ᠋ᠨ ᠰᠦᠷ ᠢ᠋ᠶ᠋ᠡᠷ ᠳᠠᠭᠠᠷᠢᠪᠠᠯ ᠶᠠᠭᠠᠬᠢᠬᠤ ᠪᠣᠢ?
  ᠊᠊᠊᠊᠊᠊᠊᠊᠊᠊᠊᠊᠊᠊᠊ ᠠᠷᠠᠢ ᠲᠠ ᠨᠠᠷ ᠪᠢᠳᠡᠨ ᠢ᠋ ᠣᠷᠬᠢᠬᠤ ᠦᠭᠡᠢ ᠶᠤᠮ ᠪᠠᠢᠭ᠎ᠠ ᠪᠢᠵᠡ ᠳᠡ᠃ ᠶᠠᠭᠤ ᠪᠣᠯᠤᠯ᠎ᠠ ᠭᠡᠰᠡᠨ ᠴᠦ᠍ ᠦᠵᠡᠵᠦ ᠠᠯᠳᠠᠵᠤ᠂ ᠦᠰᠦᠷᠴᠦ ᠨᠠᠭᠠᠯᠳᠤᠨ᠎ᠠ ᠳᠠ᠃ ᠬᠠᠭᠤᠴᠢᠨ ᠤ᠋ ᠨᠢᠭᠡ ᠰᠤᠳᠤᠷ ᠲᠤ᠌ ᠤᠯᠤᠰ ᠲᠥᠷᠥ ᠶ᠋ᠢ ᠲᠣᠭᠲᠠᠭᠠᠶ᠎ᠠ ᠭᠡᠪᠡᠯ ᠡᠳ᠋ ᠦ᠋ᠨ ᠵᠠᠰᠠᠭ᠂ ᠡᠷᠳᠡᠮ ᠰᠣᠶᠣᠯ᠂ ᠡᠷ᠎ᠡ ᠴᠡᠷᠢᠭ ᠢ᠋ᠶ᠋ᠡᠨ ᠪᠠᠵᠠᠭᠠᠬᠤ ᠨᠢ ᠴᠢᠬᠤᠯᠠ ᠭᠡᠵᠦ ᠰᠤᠷᠭᠠᠭᠰᠠᠨ ᠪᠠᠢᠳᠠᠭ᠃
  ᠊᠊᠊᠊᠊᠊᠊᠊᠊᠊᠊᠊᠊᠊᠊ ᠭᠣᠣᠯ ᠨᠢ ᠬᠥᠮᠦᠨ ᠬᠥᠮᠦᠨ ᠢ᠋ᠶ᠋ᠡᠨ ᠮᠥᠯᠵᠢᠳᠡᠭ ᠶᠣᠰᠣ ᠶ᠋ᠢ ᠯᠡ ᠠᠷᠢᠯᠭᠠᠬᠤ ᠬᠡᠷᠡᠭᠲᠡᠢ᠃ ᠴᠢᠩᠭᠢᠪᠡᠯ ᠲᠠ ᠨᠠᠷ ᠲᠦᠷᠭᠡᠨ ᠬᠥᠭᠵᠢᠵᠦ ᠴᠢᠳᠠᠨ᠎ᠠ᠃
  ᠊᠊᠊᠊᠊᠊᠊᠊᠊᠊᠊᠊᠊᠊᠊ ᠲᠠ ᠨᠠᠷ ᠢ᠋ ᠪᠠᠨ ᠯᠠ ᠪᠠᠷᠠᠭᠠᠳᠠᠭᠠᠳ ᠪᠠᠢᠳᠠᠭ ᠬᠡᠷᠡᠭ ᠳᠡ᠃
  ᠊᠊᠊᠊᠊᠊᠊᠊᠊᠊᠊᠊᠊᠊᠊ ᠮᠠᠨ ᠤ᠋ ᠬᠣᠶᠠᠷ ᠣᠷᠣᠨ ᠤ᠋ ᠵᠣᠷᠢᠯᠭ᠎ᠠ ᠲᠥᠰᠦᠭᠡᠲᠡᠢ ᠪᠣᠯᠪᠠᠴᠤ ᠪᠠᠢᠳᠠᠯ ᠥᠭᠡᠷ᠎ᠡ ᠪᠣᠯᠬᠣᠷ ᠪᠠᠷᠠᠭᠠᠳᠠᠵᠤ ᠳᠠᠭᠤᠷᠢᠶᠠᠭᠠᠳ ᠴᠤ᠌ ᠬᠣᠯᠠ ᠶᠠᠪᠤᠬᠤ ᠦᠭᠡᠢ ᠰᠢᠦ᠃ ᠪᠢ ᠤᠷᠢᠳᠤ ᠮᠣᠩᠭᠣᠯ ᠳ᠋ᠤ᠌ ᠪᠠᠢᠬᠤ ᠳ᠋ᠠᠭᠠᠨ ᠪᠦᠬᠦ ᠨᠣᠶᠠᠳ ᠢ᠋ ᠫᠤᠤᠳᠠᠵᠤ ᠣᠷᠬᠢᠪᠠᠯ ᠡᠨᠡ ᠠᠷᠠᠳ ᠲᠦᠮᠡᠨ ᠵᠢᠷᠭᠠᠯ ᠤ᠋ᠨ ᠵᠠᠮ ᠳ᠋ᠤ᠌ ᠣᠷᠣᠨ᠎ᠠ ᠭᠡᠵᠦ ᠪᠣᠳᠣᠵᠤ ᠪᠠᠢᠭᠰᠠᠨ᠃ ᠭᠡᠲᠡᠯ᠎ᠡ ᠲᠠᠨ ᠤ᠋ ᠬᠤᠪᠢᠰᠬᠠᠯ ᠳ᠋ᠤ᠌ ᠢᠳᠡᠪᠬᠢᠲᠡᠢ ᠵᠢᠳᠬᠦᠭᠰᠡᠨ ᠨᠣᠶᠠᠳ ᠢ᠋ ᠪᠢ ᠨᠢᠳᠦ ᠪᠡᠷ ᠬᠠᠷᠠᠭᠰᠠᠨ᠃ ᠪᠠᠰᠠ ᠰᠢᠷ᠎ᠠ ᠶ᠋ᠢᠨ ᠱᠠᠰᠢᠨ ᠪᠠᠢᠨ᠎ᠠ᠃ ᠪᠢ ᠴᠢᠮ᠎ᠠ ᠲᠠᠢ ᠲᠠᠮᠢᠷ ᠤ᠋ᠨ ᠭᠣᠣᠯ ᠳ᠋ᠤ᠌ ᠶᠠᠷᠢᠵᠤ ᠪᠠᠢᠬᠤ ᠳ᠋ᠠᠭᠠᠨ ᠱᠠᠰᠢᠨ ᠢ᠋ ᠤᠰᠠᠳᠬᠠᠬᠤ ᠲᠤᠬᠠᠢ ᠶᠠᠷᠢᠳᠠᠭ ᠪᠠᠢᠭᠰᠠᠨ᠃ ᠭᠡᠲᠡᠯ᠎ᠡ ᠲᠡᠢᠮᠦ ᠴᠦ᠍ ᠠᠮᠠᠷ ᠡᠳ᠋ ᠪᠢᠰᠢ ᠪᠣᠯᠤᠯᠲᠠᠢ᠃ ᠡᠮᠦᠨ᠎ᠡ ᠴᠢᠨᠢ ᠤᠰᠠᠳᠬᠠᠬᠤ ᠶᠣᠰᠣᠲᠠᠢ ᠬᠣᠶᠠᠷ ᠳᠠᠢᠰᠤᠨ ᠪᠠᠢᠬᠤ ᠳ᠋ᠤ᠌ ᠲᠡᠳᠡᠨ ᠦ᠌ ᠬᠦᠴᠦ ᠶ᠋ᠢ ᠨᠢᠭᠡᠳᠦᠭᠦᠯᠬᠦ ᠦᠭᠡᠢ ᠶ᠋ᠢ ᠯᠡ ᠬᠢᠴᠢᠶᠡᠬᠦ ᠨᠢ ᠵᠥᠪ᠃
  ᠡᠨᠡ ᠬᠣᠶᠠᠷ᠂ ᠮᠣᠩᠭᠣᠯ ᠤ᠋ᠨ ᠢᠷᠡᠭᠡᠳᠦᠢ ᠶ᠋ᠢᠨ ᠵᠠᠮ ᠤ᠋ᠨ ᠲᠤᠬᠠᠢ ᠶᠠᠷᠢᠬᠤ ᠳ᠋ᠠᠭᠠᠨ ᠫᠧᠲ᠋ᠷ ᠡᠨᠡ ᠣᠷᠣᠨ ᠤ᠋ ᠲᠤᠬᠠᠢ ᠠᠰᠠᠭᠤᠳᠠᠯ ᠢ᠋ ᠰᠢᠢᠳᠪᠦᠷᠢᠯᠡᠬᠦ ᠳ᠋ᠡᠭᠡᠨ ᠶᠠᠭᠤᠨ ᠤ᠋ ᠡᠮᠦᠨ᠎ᠡ ᠲᠡᠭᠦᠨ ᠦ᠌ ᠥᠪᠡᠷᠮᠢᠴᠡ ᠪᠠᠢᠳᠠᠯ ᠢ᠋ ᠠᠩᠬᠠᠷᠬᠤ ᠨᠢ ᠴᠢᠬᠤᠯᠠ ᠭᠡᠳᠡᠭ ᠢ᠋ ᠣᠨᠴᠠᠯᠠᠨ ᠬᠡᠯᠡᠳᠡᠭ ᠪᠠᠢᠯ᠎ᠠ᠃
  ᠡᠷᠳᠡᠨᠢ ᠠᠷᠠᠳ ᠲᠦᠮᠡᠨ ᠳ᠋ᠦ᠍ ᠠᠷᠠᠳ ᠤ᠋ᠨ ᠵᠠᠰᠠᠭ ᠤ᠋ᠨ ᠪᠣᠳᠣᠯᠭ᠎ᠠ ᠶ᠋ᠢ ᠲᠠᠢᠯᠪᠤᠷᠢᠯᠠᠨ ᠶᠠᠷᠢᠶ᠎ᠠ ᠬᠢᠬᠦ ᠪᠡᠷ ᠶᠠᠪᠤᠬᠤ ᠪᠦᠷᠢ ᠳ᠋ᠦ᠍ᠨᠢ 《ᠣᠳᠣ ᠦᠶ᠎ᠡ ᠳ᠋ᠦ᠍ ᠲᠠᠨ ᠤ᠋ ᠠᠷᠠᠳ ᠲᠦᠮᠡᠨ᠂ ᠠᠷᠠᠳ ᠤ᠋ᠨ ᠵᠠᠰᠠᠭ ᠶᠠᠭᠠᠬᠢᠬᠤ ᠪᠣᠯ? ᠮᠢᠨᠦ ᠮᠠᠯ᠂ ᠬᠥᠷᠥᠩᠭᠡ ᠶ᠋ᠢ ᠶᠠᠭᠠᠬᠢᠬᠤ ᠪᠣᠯ? ᠰᠢᠷ᠎ᠠ ᠶ᠋ᠢᠨ ᠱᠠᠰᠢᠨ ᠢ᠋ ᠶᠠᠭᠠᠬᠢᠬᠤ ᠪᠣᠯ? ᠨᠠᠳᠠ ᠳ᠋ᠤ᠌ ᠶᠠᠭᠤ ᠥᠭᠬᠦ ᠪᠣᠯ? ᠭᠡᠵᠦ ᠪᠣᠳᠣᠵᠤ ᠪᠠᠢᠨ᠎ᠠ᠃ ᠡᠭᠦᠨ ᠢ᠋ ᠵᠥᠪ ᠲᠠᠢᠯᠪᠤᠷᠢᠯᠠᠵᠤ ᠥᠭᠪᠡᠯ ᠲᠡᠳᠡᠨ ᠦ᠌ ᠰᠡᠳᠬᠢᠯ ᠢ᠋ ᠲᠠᠲᠠᠵᠤ᠂ ᠨᠥᠬᠥᠳ ᠣᠯᠤᠨ᠎ᠠ᠃ ᠡᠰᠡ ᠴᠢᠳᠠᠪᠠᠯ ᠲᠦᠯᠬᠢᠵᠦ ᠳᠠᠢᠰᠤᠨ ᠣᠯᠤᠨ᠎ᠠ᠃ ᠥᠭᠴᠦ ᠴᠢᠳᠠᠬᠤ ᠦᠭᠡᠢ ᠶᠠᠭᠤᠮ᠎ᠠ ᠪᠠᠨ ᠬᠤᠳᠠᠯ ᠠᠮᠠᠯᠠᠭᠠᠳ ᠡᠴᠦᠰ ᠲᠦ᠋ᠨᠢ ᠥᠭᠬᠦ ᠦᠭᠡᠢ ᠪᠣᠯ ᠢᠲᠡᠭᠡᠯ ᠠᠯᠳᠠᠨ᠎ᠠ》 ᠭᠡᠵᠦ ᠫᠧᠲ᠋ᠷ ᠠᠩᠬᠠᠷᠤᠭᠤᠯᠳᠠᠭ ᠪᠠᠢᠯ᠎ᠠ᠃
  ᠬᠣᠢᠲᠤ ᠲᠠᠯ᠎ᠠ ᠶ᠋ᠢᠨ ᠬᠣᠰᠢᠭᠤ ᠪᠠᠷ ᠠᠷᠠᠳ ᠤ᠋ᠨ ᠵᠠᠰᠠᠭ ᠤ᠋ᠨ ᠭᠠᠵᠠᠷ ᠪᠣᠭᠳᠠ ᠭᠡᠭᠡᠨ ᠢ᠋ ᠪᠠᠷᠢᠵᠤ ᠬᠠᠷ᠎ᠠ ᠭᠡᠷ ᠲᠦ᠍ ᠬᠢᠭᠰᠡᠨ᠂ ᠰᠢᠷ᠎ᠠ ᠶ᠋ᠢᠨ ᠱᠠᠰᠢᠨ ᠢ᠋ ᠤᠰᠠᠳᠬᠠᠵᠤ᠂ ᠰᠦᠰᠦᠭᠲᠡᠨ ᠠᠷᠠᠳ ᠢ᠋ ᠬᠢᠳᠤᠬᠤ ᠭᠡᠵᠦ ᠪᠠᠢᠨ᠎ᠠ᠃ ᠮᠠᠯ ᠬᠥᠷᠥᠩᠭᠡ ᠶ᠋ᠢ ᠨᠢ ᠪᠤᠯᠢᠶᠠᠨ ᠠᠪᠴᠤ᠂ ᠡᠮᠡᠰ ᠥᠬᠢᠳ ᠢ᠋ ᠨᠢ ᠬᠦᠴᠦᠷᠬᠡᠨ ᠪᠤᠵᠠᠷᠯᠠᠬᠤ ᠭᠡᠨ᠎ᠡ ᠭᠡᠬᠦ ᠵᠡᠷᠭᠡ ᠡᠯᠳᠡᠪ ᠴᠤᠤᠷᠬᠠᠯ ᠳᠡᠭᠳᠡᠭᠡᠵᠦ ᠣᠯᠠᠨ ᠤ᠋ ᠰᠠᠨᠠᠭ᠎ᠠ ᠰᠡᠳᠬᠢᠯ ᠦᠢᠮᠡᠬᠦ ᠳ᠋ᠦ᠍ ᠡᠷᠳᠡᠨᠢ᠂ ᠫᠧᠲ᠋ᠷ ᠦ᠋ᠨ ᠬᠠᠮᠲᠤ ᠣᠷᠣᠰ ᠮᠣᠩᠭᠣᠯ ᠨᠡᠢᠯᠡᠭᠰᠡᠨ ᠠᠷᠪᠠᠭᠠᠳ ᠴᠡᠷᠢᠭ ᠳᠠᠭᠠᠭᠤᠯᠤᠨ ᠶᠠᠪᠤᠵᠤ ᠪᠢᠯᠡ᠃
  ᠠᠷᠠᠳ ᠣᠯᠠᠨ ᠲᠠᠢ ᠨᠢᠭᠤᠷ ᠤᠴᠠᠷᠠᠨ᠂ ᠵᠠᠰᠠᠭ ᠲᠥᠷᠥ ᠶ᠋ᠢᠨ ᠪᠣᠳᠣᠯᠭ᠎ᠠ ᠶ᠋ᠢ ᠲᠠᠢᠯᠪᠤᠷᠢᠯᠠᠨ ᠬᠠᠭᠠᠰ ᠰᠠᠷ᠎ᠠ ᠰᠢᠬᠠᠮ ᠶᠠᠪᠤᠬᠤ ᠳ᠋ᠠᠭᠠᠨ ᠴᠠᠭᠠᠨ ᠲᠠᠢ ᠨᠡᠢᠯᠡᠵᠦ ᠪᠠᠢᠭᠰᠠᠨ ᠬᠣᠶᠠᠷ ᠬᠤᠰᠢᠭᠤᠨ ᠤ᠋ ᠨᠣᠶᠠᠨ ᠢ᠋ ᠤᠭᠴᠠᠷᠠᠭᠤᠯᠤᠨ ᠡᠷᠬᠡ ᠶ᠋ᠢ ᠨᠢ ᠬᠠᠰᠤᠵᠤ᠂ ᠬᠤᠰᠢᠭᠤᠨ ᠤ᠋ ᠵᠠᠰᠠᠭ ᠳᠠᠷᠤᠭ᠎ᠠ ᠪᠠᠷ ᠣᠯᠠᠨ ᠳ᠋ᠤ᠌ ᠨᠡᠷ᠎ᠡ ᠲᠡᠢ᠂ ᠪᠢᠴᠢᠭ ᠦᠰᠦᠭ ᠲᠡᠢ ᠬᠥᠮᠦᠰ ᠢ᠋ ᠲᠣᠬᠣᠭᠠᠨ ᠲᠠᠯᠪᠢᠵᠠᠢ᠃
  ᠵᠤᠨ ᠤ᠋ ᠰᠠᠢᠬᠠᠨ ᠡᠳᠦᠷ᠂ ᠡᠷᠳᠡᠨᠢ ᠫᠧᠲ᠋ᠷ ᠬᠣᠶᠠᠷ ᠨᠥᠬᠥᠳ ᠦ᠋ᠨ ᠬᠠᠮᠲᠤ ᠵᠢᠷᠢᠯᠵᠡᠨ ᠤᠷᠤᠰᠬᠤ ᠲᠤᠩᠭᠠᠯᠠᠭ ᠭᠣᠣᠯ ᠤ᠋ᠨ ᠳᠡᠷᠭᠡᠳᠡ ᠪᠠᠭᠤᠳᠠᠯᠯᠠᠨ ᠬᠤᠪᠴᠠᠰᠤ ᠪᠠᠨ ᠤᠬᠢᠶᠠᠨ᠂ ᠤᠰᠤᠨ ᠳ᠋ᠤ᠌ ᠣᠷᠣᠵᠤ ᠠᠮᠠᠷᠠᠵᠤ ᠪᠠᠢᠯ᠎ᠠ᠃
  ᠊᠊᠊᠊᠊᠊᠊᠊᠊᠊᠊᠊᠊᠊᠊ ᠡᠷᠳᠡᠨᠢ ᠠ᠋᠂ ᠨᠢᠭᠡ ᠪᠠᠷᠢᠯᠳᠤᠬᠤ ᠤᠤ? ᠵᠣ ᠪᠠᠷ ᠢ᠋ᠶ᠋ᠠᠨ ᠭᠠᠵᠠᠷ ᠠᠷᠴᠢᠮᠠᠷ ᠪᠠᠢᠨ᠎ᠠ ᠤᠤ? ᠲᠡᠷᠡ ᠵᠢᠯ ᠪᠠᠳᠠᠷᠴᠢ ᠳ᠋ᠤ᠌ ᠤᠨᠠᠵᠤ ᠪᠠᠢᠬᠤ ᠶ᠋ᠢ ᠴᠢᠨᠢ ᠬᠠᠷᠠᠬᠤ ᠳ᠋ᠤ᠌ ᠮᠡᠬᠡ ᠦᠭᠡᠢ ᠶᠤᠮ ᠪᠠᠢᠬᠤ ᠴᠢᠨᠢ ᠪᠢᠯᠡ᠃ ᠳᠡᠭᠳᠡᠭᠡᠬᠡᠢ ᠶ᠋ᠢ ᠨᠠᠮᠤᠷ ᠲᠣᠭᠠᠯᠠᠳᠠᠭ ᠭᠡᠵᠦ ᠣᠷᠣᠰ ᠤ᠋ᠨ ᠦᠭᠡ ᠪᠠᠢᠳᠠᠭ ᠶᠤᠮ᠃ ᠦᠵᠡᠶ᠎ᠡ ᠭᠡᠳ ᠫᠧᠲ᠋ᠷ ᠪᠣᠰᠴᠤ ᠬᠣᠩᠭᠣ ᠪᠠᠨ ᠠᠯᠠᠭᠠᠳᠠᠨ ᠭᠠᠷ ᠢ᠋ᠶ᠋ᠠᠨ ᠰᠡᠯᠢᠨ ᠲᠠᠪᠢᠯ᠎ᠠ᠃
  ᠊᠊᠊᠊᠊᠊᠊᠊᠊᠊᠊᠊᠊᠊᠊ ᠶᠠᠭᠠᠬᠢᠳᠠᠭ ᠶᠤᠮ ᠪᠣᠢ᠂ ᠦᠵᠡᠶ᠎ᠡ ᠭᠡᠳ ᠡᠷᠳᠡᠨᠢ ᠪᠣᠰᠤᠭᠠᠳ ᠰᠤᠨᠢᠶᠠᠪᠠ᠃ ᠫᠧᠲ᠋ᠷ 《ᠲᠡᠷᠡ ᠪᠥᠬᠡ ᠬᠡᠨ ᠦ᠌ ᠬᠡᠨ ᠪᠣᠢ》 ᠭᠡᠳ ᠬᠡᠰᠡᠭ ᠡᠷᠭᠢᠯᠳᠦᠨ ᠭᠦᠶᠦᠭᠰᠡᠨ ᠢ᠋ᠶ᠋ᠡᠨ ᠰᠢᠪᠡᠵᠦ ᠭᠠᠷᠤᠯ᠎ᠠ᠃ ᠡᠷᠳᠡᠨᠢ ᠡᠮᠦᠨ᠎ᠡ ᠨᠢ ᠣᠴᠢᠵᠤ ᠥᠷᠥᠨ ᠵᠣᠭᠰᠣᠪᠠ᠃ ᠫᠧᠲ᠋ᠷ ᠭᠡᠨᠡᠳᠲᠡ ᠳᠠᠭᠠᠷᠢᠨ ᠬᠣᠶᠠᠷ ᠱᠤ᠌ ᠳᠡᠭᠡᠷ᠎ᠡ ᠡᠴᠡ ᠨᠢ ᠠᠳᠬᠤᠵᠤ ᠠᠪᠤᠭᠠᠳ ᠡᠷᠭᠢᠭᠦᠯᠵᠦ ᠭᠠᠷᠤᠯ᠎ᠠ᠃
  ᠴᠡᠷᠢᠭ ᠦ᠋ᠳ ᠲᠣᠭᠣᠷᠢᠨ ᠪᠠᠷᠢᠯᠳᠤᠭᠴᠢᠳ ᠢ᠋ ᠬᠥᠭᠵᠢᠭᠡᠨ ᠬᠠᠰᠬᠢᠷᠤᠯᠳᠤᠨ᠎ᠠ᠃ ᠫᠧᠲ᠋ᠷ ᠪᠠᠬᠠᠨ ᠡᠷᠭᠢᠭᠦᠯᠵᠦ ᠪᠠᠢᠭᠰᠠᠨ ᠢ᠋ᠶ᠋ᠠᠨ ᠬᠠᠵᠠᠭᠤᠯᠳᠠᠭᠤᠯᠤᠨ ᠲᠠᠯᠪᠢᠬᠤ ᠦᠶ᠎ᠡ ᠳ᠋ᠦ᠍ ᠡᠷᠳᠡᠨᠢ ᠨᠢᠴᠦᠭᠦᠨ ᠬᠥᠯ ᠢ᠋ᠶ᠋ᠡᠷ ᠢ᠋ᠶ᠋ᠡᠨ ᠫᠧᠲ᠋ᠷ ᠦ᠋ᠨ ᠬᠥᠯ ᠢ᠋ ᠭᠡᠲᠡᠭᠡᠳ ᠨᠣᠢᠲᠠᠨ ᠭᠠᠵᠠᠷ ᠳᠡᠭᠡᠷ᠎ᠡ ᠲᠡᠷᠡ ᠬᠣᠶᠠᠷ ᠫᠠᠳ ᠫᠠᠳ ᠬᠢᠨ ᠤᠨᠠᠪᠠ᠃
  ᠊᠊᠊᠊᠊᠊᠊᠊᠊᠊᠊᠊᠊᠊᠊ ᠵᠠ ᠬᠠᠢ᠌ᠠᠴᠢᠭᠰᠠᠨ᠂ ᠳᠠᠭᠢᠨ᠎ᠠ ᠳᠠ᠃
  ᠊᠊᠊᠊᠊᠊᠊᠊᠊᠊᠊᠊᠊᠊᠊ ᠪᠣᠯᠢᠶ᠎ᠠ᠃ ᠠᠯᠠᠬᠤ ᠨᠢ ᠪᠠᠢᠨ᠎ᠠ᠃ ᠬᠣᠶᠠᠷ ᠭᠠᠷ ᠤ᠋ᠨ ᠪᠤᠯᠴᠢᠩ ᠢ᠋ ᠰᠤᠭᠤᠯᠴᠢᠬᠤ ᠰᠢᠬᠠᠯ᠎ᠠ ᠭᠡᠳ ᠡᠷᠳᠡᠨᠢ ᠭᠠᠷ ᠢ᠋ᠶ᠋ᠠᠨ ᠰᠡᠭᠰᠦᠷᠦᠨ ᠢᠨᠢᠶᠡᠪᠡ᠃
  ᠲᠡᠷᠡ ᠬᠣᠶᠠᠷ ᠳᠠᠬᠢᠨ ᠪᠠᠷᠢᠯᠳᠤᠭᠰᠠᠨ ᠦᠭᠡᠢ᠃ ᠪᠦᠯᠢᠶᠡᠨ ᠡᠯᠡᠰᠦᠨ ᠳᠡᠭᠡᠷ᠎ᠡ ᠡᠯᠢᠭᠡ ᠪᠡᠷ ᠢ᠋ᠶ᠋ᠡᠨ ᠬᠡᠪᠲᠡᠬᠦ ᠳ᠋ᠦ᠍ ᠨᠠᠷᠠ ᠠᠷᠤ ᠡᠴᠡ ᠬᠠᠯᠠᠭᠠᠨ᠂ ᠡᠯᠡᠰᠦ ᠳᠣᠣᠷ᠎ᠠ ᠡᠴᠡ ᠵᠢᠩᠨᠡᠵᠦ ᠲᠠᠭᠠᠲᠠᠢ ᠪᠠᠢᠯ᠎ᠠ᠃ ᠬᠥᠬᠡ ᠮᠠᠩᠨᠤᠭ ᠲᠡᠭᠷᠢ ᠮᠡᠯᠡᠷᠡᠨ ᠴᠡᠩᠬᠡᠷᠲᠦᠵᠦ᠂ ᠭᠣᠣᠯ ᠤ᠋ᠨ ᠱᠤᠤᠭᠢᠨ ᠤᠷᠤᠰᠬᠤ ᠴᠢᠮᠡᠭᠡ ᠴᠢᠬᠢ ᠲᠠᠭᠠᠯᠠᠵᠤ᠂ ᠵᠤᠨ ᠴᠠᠭ ᠤ᠋ᠨ ᠭᠠᠩᠭᠠᠩ ᠪᠠᠢᠭᠠᠯᠢ ᠶᠡᠷᠦ ᠪᠤᠰᠤ ᠶ᠋ᠢᠨ ᠲᠠᠢᠪᠤᠩ᠂ ᠲᠡᠨᠢᠭᠦᠨ ᠰᠡᠳᠬᠢᠯ ᠲᠥᠷᠥᠭᠦᠯᠦᠨ᠎ᠡ᠃
  ᠊᠊᠊᠊᠊᠊᠊᠊᠊᠊᠊᠊᠊᠊᠊ ᠬᠥᠮᠦᠨ ᠦ᠌ ᠠᠮᠢᠳᠤᠷᠠᠯ ᠠ᠋ ᠭᠡᠵᠦ ᠮᠥᠨ ᠰᠣᠨᠢᠨ ᠶᠤᠮ ᠳᠠ᠃ ᠪᠢ ᠵᠠᠰᠠᠭᠲᠤ ᠬᠠᠨ ᠲᠠᠢ ᠵᠠᠷᠭᠤᠯᠳᠤᠵᠤ ᠬᠡᠷᠡᠭ ᠪᠤᠷᠤᠭᠤᠳᠠᠭᠠᠳ ᠪᠠᠲᠤ ᠭᠦᠨ ᠳ᠋ᠦ᠍ ᠰᠠᠭᠤᠵᠤ ᠪᠠᠢᠬᠤ ᠳ᠋ᠠᠭᠠᠨ ᠢᠩᠭᠢᠭᠡᠳ ᠲᠥᠷᠥ ᠶ᠋ᠢᠨ ᠲᠥᠯᠥᠭᠡ ᠵᠢᠳᠬᠦᠵᠦ ᠶᠠᠪᠤᠨ᠎ᠠ ᠭᠡᠵᠦ ᠵᠡᠭᠦᠳᠦᠯᠡᠭᠡ ᠦᠭᠡᠢ ᠰᠢᠦ ᠳᠡ᠃ ᠬᠥᠮᠦᠨ ᠦ᠌ ᠠᠮᠢ ᠪᠥᠬᠡ ᠳ᠋ᠡᠭᠡᠨ ᠯᠡ ᠪᠢ ᠲᠡᠰᠴᠦ ᠭᠠᠷᠤᠭᠰᠠᠨ ᠶᠤᠮ᠃
  ᠊᠊᠊᠊᠊᠊᠊᠊᠊᠊᠊᠊᠊᠊᠊ ᠬᠥᠮᠦᠨ ᠰᠢᠭ ᠪᠥᠬᠡ᠂ ᠲᠡᠪᠴᠢᠶᠡᠷᠢ ᠲᠡᠢ ᠠᠮᠢᠲᠠᠨ ᠬᠠᠮᠢᠭ᠎ᠠ ᠪᠠᠢᠬᠤ ᠪᠣᠢ᠂ ᠪᠢ ᠠᠯᠧᠺᠰᠠᠨᠳᠠᠷ ᠤ᠋ᠨ ᠲᠥᠪ ᠱᠣᠷᠣᠩ ᠡᠴᠡ ᠣᠷᠭᠣᠭᠠᠳ ᠵᠢᠭᠤᠲᠠᠵᠤ ᠶᠠᠪᠤᠲᠠᠯ᠎ᠠ ᠠᠩᠭᠠᠷ ᠮᠥᠷᠡᠨ ᠦ᠌ ᠲᠠᠪᠤᠨ ᠠᠯᠲᠠ ᠰᠢᠬᠠᠮ ᠡᠭᠴᠡ ᠡᠷᠭᠢ ᠳᠡᠭᠡᠷ᠎ᠡ ᠲᠤᠯᠵᠤ ᠢᠷᠡᠯ᠎ᠡ᠃ ᠡᠰᠡᠬᠦᠯ᠎ᠡ ᠦᠰᠦᠷᠬᠦ᠂ ᠴᠢᠩᠭᠢᠭᠡᠳ ᠶᠣᠰᠣᠲᠠᠢ ᠯᠠ ᠠᠵᠠ ᠪᠠᠨ ᠦᠵᠡᠬᠦ᠂ ᠡᠰᠡᠬᠦᠯ᠎ᠡ ᠪᠠᠷᠢᠭᠳᠠᠬᠤ ᠪᠣᠯᠪᠠ᠃ ᠪᠢ ᠦᠰᠦᠷᠴᠦ ᠣᠷᠬᠢᠭᠰᠠᠨ᠃ 1905 ᠣᠨ ᠤ᠋ ᠬᠠᠪᠤᠷ ᠶᠤᠮᠰᠠᠨ᠃ ᠮᠠᠨ ᠤ᠋ ᠵᠠᠪᠤᠳ᠋ (ᠦᠢᠯᠡᠳᠪᠦᠷᠢ) ᠶ᠋ᠢᠨ ᠠᠵᠢᠯᠴᠢᠳ ᠵᠢᠭᠰᠠᠭᠠᠯ ᠬᠢᠪᠡ᠃ ᠪᠢ ᠡᠬᠢᠨ ᠦ᠌ ᠡᠩᠨᠡᠭᠡᠨ ᠳ᠋ᠦ᠍ ᠶᠠᠪᠤᠵᠤ ᠪᠠᠢᠲᠠᠯ᠎ᠠ ᠮᠣᠷᠢᠨ ᠴᠡᠷᠢᠭ ᠦ᠋ᠳ ᠫᠤᠤᠳᠠᠭᠰᠠᠨ᠃ ᠮᠠᠨ ᠤ᠋ ᠡᠩᠨᠡᠭᠡᠨ ᠦ᠌ ᠪᠦᠬᠦ ᠬᠥᠮᠦᠨ ᠰᠢᠷᠬᠠᠲᠤᠬᠤ ᠪᠤᠶᠤ ᠦᠬᠦᠭᠰᠡᠨ᠂ ᠭᠡᠬᠦ ᠳ᠋ᠦ᠍ ᠪᠢ ᠰᠢᠯᠪᠤᠷᠠᠭ᠎ᠠ ᠦᠭᠡᠢ ᠶᠤᠮ ᠰᠢᠦ᠃ ᠰᠤᠮᠤ ᠬᠠᠮᠢᠭᠠᠭᠤᠷ ᠮᠢᠨᠢ ᠭᠠᠷᠤᠭᠰᠠᠨ ᠶᠤᠮ ᠪᠤᠤ ᠮᠡᠳᠡ᠃ ᠪᠢ ᠦᠬᠦᠬᠦ ᠦᠭᠡᠢ ᠬᠥᠮᠦᠨ ᠰᠢᠦ᠃
  ᠊᠊᠊᠊᠊᠊᠊᠊᠊᠊᠊᠊᠊᠊᠊ ᠴᠢᠩᠭᠢᠵᠦ ᠴᠦ᠍ ᠪᠣᠯᠬᠤ ᠦᠭᠡᠢ᠃ ᠪᠠᠶᠠᠨ ᠬᠥᠮᠦᠨ ᠨᠢᠭᠡ ᠰᠢᠭᠤᠷᠭᠠᠨ ᠳ᠋ᠤ᠌᠂ ᠪᠠᠭᠠᠲᠤᠷ ᠬᠥᠮᠦᠨ ᠨᠢᠭᠡ ᠰᠤᠮᠤᠨ ᠳ᠋ᠤ᠌ ᠭᠡᠳᠡᠭ᠃ ᠨᠢᠭᠡ ᠰᠤᠮᠤ ᠠᠮᠢᠨ ᠭᠠᠵᠠᠷ ᠤᠨᠤᠬᠤ ᠳ᠋ᠤ᠌ ᠯᠠ ᠭᠦᠢᠴᠡᠭᠡ ᠰᠢᠦ ᠳᠡ᠃
  ᠊᠊᠊᠊᠊᠊᠊᠊᠊᠊᠊᠊᠊᠊᠊ ᠬᠥᠮᠦᠨ ᠦᠬᠦᠨ᠎ᠡ ᠭᠡᠵᠦ ᠪᠣᠳᠣᠪᠠᠯ ᠶᠠᠭᠤ ᠴᠤ᠌ ᠬᠢᠵᠦ ᠴᠢᠳᠠᠬᠤ ᠦᠭᠡᠢ᠃ ᠦᠬᠦᠨ᠎ᠡ ᠭᠡᠵᠦ ᠪᠣᠳᠣᠭᠰᠠᠨ ᠬᠥᠮᠦᠨ ᠳ᠋ᠦ᠍ ᠴᠦ᠍ ᠴᠢᠳᠠᠯ ᠣᠭᠲᠣ ᠪᠠᠢᠬᠤ ᠦᠭᠡᠢ᠃ ᠲᠡᠢᠮᠦ ᠤᠤ?
  ᠊᠊᠊᠊᠊᠊᠊᠊᠊᠊᠊᠊᠊᠊᠊ ᠦᠨᠡᠬᠡᠷ ᠴᠦ᠍ ᠲᠡᠢᠮᠦ ᠶᠦ᠍ᠮ ᠤᠤ᠃
  ᠊᠊᠊᠊᠊᠊᠊᠊᠊᠊᠊᠊᠊᠊᠊ ᠮᠠᠨ ᠤ᠋ ᠬᠢ ᠳᠣᠷᠣᠨᠠᠲᠤ ᠹᠷᠣᠨᠲ ᠤᠷᠤᠭᠤ ᠭᠠᠷᠬᠤ ᠳ᠋ᠤ᠌ ᠪᠠᠭ᠎ᠠ ᠬᠦᠦ ᠮᠢᠨᠢ 《ᠠᠪᠤ ᠠ᠋ ᠴᠢ ᠨᠠᠮᠠᠢ ᠤᠨᠲᠠᠬᠤ ᠡᠴᠡ ᠡᠮᠦᠨ᠎ᠡ ᠢᠷᠡᠬᠦ ᠤᠤ?》 ᠭᠡᠵᠦ ᠠᠰᠠᠭᠤᠭᠰᠠᠨ ᠶᠤᠮᠰᠠᠨ᠃ ᠲᠡᠭᠦᠨ ᠡᠴᠡ ᠬᠣᠢᠰᠢ ᠪᠦᠲᠦᠨ ᠳᠥᠷᠪᠡᠨ ᠵᠢᠯ ᠪᠣᠯᠤᠯ᠎ᠠ᠃
  ᠊᠊᠊᠊᠊᠊᠊᠊᠊᠊᠊᠊᠊᠊᠊ ᠭᠠᠢ ᠦᠭᠡᠢ ᠳᠡ ᠬᠦ᠃ ᠤᠳᠠᠬᠤ ᠦᠭᠡᠢ ᠠᠭᠤᠯᠵᠠᠨ᠎ᠠ᠃
  ᠊᠊᠊᠊᠊᠊᠊᠊᠊᠊᠊᠊᠊᠊᠊ ᠲᠡᠢᠮᠦ ᠠ᠋᠃ ᠳᠠᠬᠢᠨ ᠬᠡᠵᠢᠶ᠎ᠡ ᠴᠦ᠍ ᠰᠠᠯᠬᠤ ᠦᠭᠡᠢ ᠭᠡᠳ ᠫᠧᠲ᠋ᠷ ᠦ᠋ᠨ ᠨᠢᠳᠦ ᠨᠢ ᠰᠠᠢᠬᠠᠨ ᠠᠭᠤᠯᠵᠠᠯᠲᠠ ᠶ᠋ᠢᠨ ᠲᠡᠨᠢᠭᠡᠷ ᠪᠠᠶᠠᠷ ᠢ᠋ᠶ᠋ᠠᠷ ᠭᠡᠷᠡᠯᠲᠦᠨ᠂ ᠵᠠᠩᠭᠢᠳᠤᠭᠰᠠᠨ ᠭᠠᠷ ᠢ᠋ᠶ᠋ᠠᠷ ᠢ᠋ᠶ᠋ᠠᠨ ᠲᠣᠷᠭᠠᠨ ᠡᠯᠡᠰᠦ ᠤᠷᠤᠭᠤ ᠬᠦᠴᠦᠯᠡᠨ ᠰᠢᠭᠠᠵᠤ ᠪᠠᠢᠯ᠎ᠠ᠃
  ᠢᠩᠭᠢᠵᠦ ᠶᠠᠷᠢᠯᠴᠠᠨ ᠪᠠᠢᠲᠠᠯ᠎ᠠ ᠨᠢᠭᠡ ᠬᠥᠮᠦᠨ ᠰᠠᠨᠳᠤᠷᠤᠨ ᠢᠷᠡᠵᠦ ᠲᠡᠳᠦᠢ ᠯᠡ ᠬᠣᠯᠠ ᠦᠭᠡᠢ ᠭᠠᠵᠠᠷ ᠲᠣᠪᠴᠢᠨ ᠪᠡᠢᠰᠡ ᠠᠷᠪᠠ ᠭᠠᠷᠤᠢ ᠬᠥᠮᠦᠨ ᠦ᠌ ᠬᠠᠮᠲᠤ ᠳᠡᠭᠡᠷᠡᠮ ᠬᠢᠵᠦ ᠠᠷᠢᠬᠢᠳᠠᠨ ᠶᠠᠪᠤᠭ᠎ᠠ ᠮᠡᠳᠡᠭᠡ ᠶ᠋ᠢ ᠠᠪᠴᠢᠷᠠᠪᠠ᠃
  ᠊᠊᠊᠊᠊᠊᠊᠊᠊᠊᠊᠊᠊᠊᠊ ᠤᠤᠬᠠᠢ᠃ ᠬᠠᠷ᠎ᠠ ᠶᠠᠷᠭᠠᠴᠢᠨ ᠴᠢ ᠨᠠᠳᠠ ᠲᠠᠢ ᠡᠨᠳᠡ ᠲᠠᠭᠠᠷᠠᠯᠳᠤᠳᠠᠭ ᠪᠣᠢ᠃ ᠣᠳᠣ ᠬᠣᠶᠠᠭᠤᠯᠠ ᠪᠠᠨ ᠭᠡᠷᠡᠯ ᠦ᠋ᠨ ᠲᠠᠯ᠎ᠠ ᠪᠠᠷ ᠳᠠᠩᠰᠠ ᠪᠠᠨ ᠪᠣᠳᠣᠬᠤ ᠴᠠᠭ ᠢᠷᠡᠭᠰᠡᠨ ᠭᠡᠳ ᠡᠷᠳᠡᠨᠢ ᠤᠬᠤᠰᠬᠢᠨ ᠪᠣᠰᠪᠠ᠃
  ᠊᠊᠊᠊᠊᠊᠊᠊᠊᠊᠊᠊᠊᠊᠊ ᠶᠠᠭᠤ ᠴᠤ᠌ ᠭᠡᠰᠡᠨ ᠬᠣᠢᠰᠢ ᠪᠠᠨ ᠮᠡᠳᠡᠭᠡ ᠶᠠᠪᠤᠭᠤᠯᠤᠶ᠎ᠠ ᠭᠡᠵᠦ ᠫᠧᠲ᠋ᠷ ᠬᠡᠯᠡᠭᠡᠳ ᠪᠠᠰᠠ ᠪᠣᠰᠤᠯ᠎ᠠ᠃
  ᠡᠷᠳᠡᠨᠢ ᠬᠣᠶᠠᠷ ᠬᠥᠮᠦᠨ ᠢ᠋ ᠲᠠᠷᠵᠠ ᠪᠠᠭᠠᠲᠤᠷ ᠲᠤ᠌ ᠬᠡᠯᠡ ᠬᠦᠷᠭᠡᠬᠦ ᠪᠡᠷ ᠰᠠᠩ ᠪᠡᠢᠰᠡ ᠶ᠋ᠢᠨ ᠬᠦᠷᠢᠶ᠎ᠡ ᠤᠷᠤᠭᠤ ᠶᠠᠪᠤᠭᠤᠯᠤᠭᠠᠳ ᠥᠪᠡᠷᠰᠡᠳ ᠢ᠋ᠶ᠋ᠡᠨ ᠳᠡᠭᠡᠷᠡᠮᠴᠢᠳ ᠦ᠋ᠨ ᠪᠠᠢᠭ᠎ᠠ ᠭᠠᠵᠠᠷ ᠳᠠᠰᠢ ᠶᠠᠭᠠᠷᠠᠪᠴᠢᠯᠠᠨ ᠳᠣᠪᠲᠣᠯᠪᠠ᠃ ᠭᠡᠲᠡᠯ᠎ᠡ ᠲᠣᠪᠴᠢᠨ ᠪᠡᠢᠰᠡ ᠶ᠋ᠢᠨ ᠬᠢᠨ ᠮᠡᠳᠡᠵᠦ ᠵᠠᠢᠯᠠᠨ ᠣᠳᠤᠭᠰᠠᠨ ᠪᠠᠢᠬᠤ ᠳ᠋ᠤᠨᠢ ᠮᠥᠷᠳᠡᠨ ᠬᠥᠭᠡᠭᠡᠵᠦ ᠶᠠᠪᠤᠭᠰᠠᠭᠠᠷ ᠬᠣᠶᠠᠷᠳᠠᠬᠢ ᠡᠳᠦᠷ ᠦ᠋ᠨ ᠥᠷᠯᠥᠭᠡ ᠨᠢ ᠭᠦᠢᠴᠡᠲᠡᠯ᠎ᠡ ᠡᠮᠦᠨ᠎ᠡ ᠡᠴᠡ ᠨᠢ ᠫᠤᠤᠳᠠᠵᠤ ᠡᠬᠢᠯᠡᠪᠡ᠃
  ᠥᠷᠯᠥᠭᠡᠨ ᠦ᠌ ᠨᠠᠷᠠ ᠠᠭᠤᠯᠠ ᠶ᠋ᠢᠨ ᠲᠣᠯᠣᠭᠠᠢ ᠡᠴᠡ ᠰᠠᠯᠤᠨ ᠶᠠᠳᠠᠵᠤ ᠪᠠᠢᠭᠰᠠᠨ ᠦᠶ᠎ᠡ ᠳ᠋ᠦ᠍ ᠫᠤᠤᠳᠠᠯᠴᠠᠭ᠎ᠠ ᠡᠬᠢᠯᠡᠭᠰᠡᠨ ᠪᠥᠭᠡᠳ ᠡᠷᠳᠡᠨᠢ ᠨᠥᠬᠥᠳ ᠦ᠋ᠨ ᠬᠠᠮᠲᠤ ᠪᠠᠷᠠᠭᠤᠨ ᠲᠠᠯ᠎ᠠ ᠳ᠋ᠤᠨᠢ ᠪᠠᠢᠷᠢ ᠡᠵᠡᠯᠡᠪᠡ᠃ ᠬᠤᠷᠴᠠ ᠨᠠᠷᠠᠨ ᠤ᠋ ᠭᠡᠷᠡᠯ ᠨᠢᠳᠦ ᠤᠷᠤᠭᠤ ᠨᠢ ᠭᠢᠯᠪᠠᠨ ᠴᠣᠬᠢᠵᠤ ᠳᠠᠢᠰᠤᠨ ᠢ᠋ ᠣᠯᠵᠤ ᠬᠠᠷᠠᠬᠤ ᠳ᠋ᠤ᠌ ᠦᠯᠡᠮᠵᠢ ᠬᠡᠴᠡᠭᠦᠦ ᠠᠵᠢ᠃ ᠪᠠᠰᠠ ᠳᠠᠢᠰᠤᠨ ᠤ᠋ ᠨᠢᠭᠡ ᠨᠢ ᠠᠶᠤᠯ ᠲᠠᠢ ᠮᠡᠷᠭᠡᠨ ᠫᠤᠤᠳᠠᠵᠤ ᠡᠪ ᠦᠭᠡᠢ ᠯᠡ ᠬᠥᠳᠡᠯᠪᠡᠯ ᠮᠠᠩᠨᠠᠢ ᠳ᠋ᠤ᠌ ᠰᠤᠮᠤ ᠵᠠᠭᠤᠵᠤ ᠣᠷᠬᠢᠬᠤ ᠭᠡᠳ ᠪᠠᠢᠯ᠎ᠠ᠃
  ᠊᠊᠊᠊᠊᠊᠊᠊᠊᠊᠊᠊᠊᠊᠊ ᠨᠠᠷᠠ ᠳᠡᠭᠡᠷ᠎ᠡ ᠭᠠᠷᠲᠠᠯ᠎ᠠ ᠪᠣᠰᠬᠤ ᠴᠤ᠌ ᠦᠭᠡᠢ᠂ ᠪᠤᠰᠬᠠᠬᠤ ᠴᠤ᠌ ᠦᠭᠡᠢ ᠪᠠᠢᠬᠤ ᠶ᠋ᠢ ᠪᠣᠳᠣᠶ᠎ᠠ ᠭᠡᠵᠦ ᠡᠷᠳᠡᠨᠢ ᠨᠥᠬᠥᠳ ᠲᠡᠭᠡᠨ ᠬᠡᠯᠡᠭᠡᠳ ᠠᠶᠠᠲᠠᠢ ᠪᠠᠢᠷᠢ ᠡᠵᠡᠯᠡᠪᠡ᠃
  ᠡᠨᠡ ᠵᠠᠭᠤᠷ᠎ᠠ ᠡᠷᠳᠡᠨᠢ ᠶ᠋ᠢᠨ ᠲᠠᠯ᠎ᠠ ᠶ᠋ᠢᠨ ᠬᠣᠶᠠᠷ ᠮᠣᠩᠭᠣᠯ᠂ ᠨᠢᠭᠡ ᠣᠷᠣᠰ ᠴᠡᠷᠢᠭ ᠮᠡᠷᠭᠡᠨ ᠫᠤᠤᠳᠠᠭᠴᠢ ᠶ᠋ᠢᠨ ᠰᠤᠮᠤᠨ ᠳ᠋ᠤ᠌ ᠥᠷᠲᠥᠭᠳᠡᠨ ᠠᠯᠠᠭᠳᠠᠪᠠ᠃
  ᠡᠷᠳᠡᠨᠢ᠂ ᠫᠧᠲ᠋ᠷ ᠬᠣᠶᠠᠷ ᠨᠢᠭᠡ ᠲᠣᠮᠣ ᠴᠢᠯᠠᠭᠤᠨ ᠤ᠋ ᠠᠷᠤ ᠳ᠋ᠤ᠌ ᠵᠡᠷᠭᠡᠴᠡᠨ ᠠᠮᠵᠢᠵᠤ ᠬᠡᠪᠲᠡᠪᠡ᠃ ᠲᠣᠪᠴᠢᠨ ᠪᠠᠢᠰᠠ ᠶ᠋ᠢᠨ ᠲᠠᠯ᠎ᠠ ᠳ᠋ᠤ᠌ ᠬᠡᠳᠦ ᠬᠡᠳᠦᠨ ᠴᠠᠭᠠᠨ ᠤ᠋ ᠣᠷᠣᠰ ᠴᠡᠷᠢᠭ ᠪᠠᠢᠭ᠎ᠠ ᠨᠢ ᠲᠣᠳᠣᠷᠬᠠᠢ ᠬᠠᠷᠠᠭᠳᠠᠨ᠎ᠠ᠃ ᠡᠷᠳᠡᠨᠢ ᠳᠠᠢᠰᠤᠨ ᠤ᠋ ᠪᠠᠢᠷᠢ ᠶ᠋ᠢ ᠠᠵᠢᠭᠯᠠᠬᠤ ᠭᠡᠵᠦ ᠦᠯᠦ ᠮᠡᠳᠡᠭ ᠥᠨᠳᠡᠢᠬᠦ ᠭᠡᠲᠡᠯ᠎ᠡ ᠮᠠᠯᠠᠭᠠᠢ ᠶ᠋ᠢᠨ ᠬᠢᠨᠢ ᠣᠷᠣᠢ ᠶ᠋ᠢ ᠰᠡᠳᠡ ᠫᠤᠤᠳᠠᠵᠤ ᠣᠷᠬᠢᠯ᠎ᠠ᠃
  ᠊᠊᠊᠊᠊᠊᠊᠊᠊᠊᠊᠊᠊᠊᠊ ᠫᠤᠤᠳᠠ᠂ ᠬᠥᠳᠡᠯᠬᠦ ᠨᠢ ᠪᠠᠢᠨ᠎ᠠ ᠰᠢᠦ᠃
  ᠊᠊᠊᠊᠊᠊᠊᠊᠊᠊᠊᠊᠊᠊᠊ ᠬᠠᠮᠢᠶ᠎ᠠ ᠦᠭᠡᠢ ᠬᠥᠳᠡᠯᠵᠦ ᠲᠤᠩ ᠁ ᠭᠡᠰᠡᠨ ᠢ᠋ᠶ᠋ᠡᠨ ᠫᠧᠲ᠋ᠷ ᠳᠠᠭᠤ ᠦᠭᠡᠢ ᠪᠣᠯᠵᠤ ᠭᠣᠬ᠎ᠠ ᠪᠠᠨ ᠮᠤᠯᠲᠤᠯᠬᠤ ᠳ᠋ᠤ᠌ ᠳᠠᠢᠰᠤᠨ ᠤ᠋ ᠨᠢᠭᠡ ᠨᠢ ᠨᠠᠮ ᠤᠨᠠᠪᠠ᠃
  ᠫᠧᠲ᠋ᠷ᠂ ᠪᠡᠶ᠎ᠡ ᠪᠡᠨ ᠳᠠᠯᠳᠠᠯᠠᠬᠤ᠂ ᠮᠡᠷᠭᠡᠨ ᠫᠤᠤᠳᠠᠬᠤ ᠶ᠋ᠢᠨ ᠡᠷᠳᠡᠮ ᠢ᠋ ᠨᠡᠪᠲᠡ ᠭᠠᠷᠮᠠᠭᠠᠢ ᠰᠤᠷᠤᠭᠰᠠᠨ ᠠᠵᠢ᠃ ᠳᠠᠢᠰᠤᠨ ᠤ᠋ ᠬᠥᠳᠡᠯᠦᠭᠰᠡᠨ ᠪᠦᠬᠦᠨ ᠲᠡᠭᠦᠨ ᠦ᠌ ᠰᠤᠮᠤᠨ ᠳ᠋ᠤ᠌ ᠣᠨᠣᠭᠳᠠᠨ ᠨᠢᠭᠡᠮᠦᠰᠦᠨ ᠳᠠᠯᠳᠠ ᠣᠷᠣᠵᠤ ᠪᠠᠢᠯ᠎ᠠ᠃ ᠡᠷᠳᠡᠨᠢ ᠴᠦ᠍ ᠮᠥᠴᠡᠭᠡ ᠪᠡᠨ ᠥᠭᠬᠦ ᠦᠭᠡᠢ ᠫᠤᠤᠳᠠᠵᠤ ᠳᠠᠢᠰᠤᠨ ᠡᠴᠡ ᠬᠣᠶᠠᠷ ᠤ᠋ᠨ ᠵᠡᠷᠭᠡ ᠬᠥᠮᠦᠨ ᠢ᠋ ᠠᠯᠠᠬᠤ ᠪᠤᠶᠤ ᠰᠢᠷᠬᠠᠲᠤᠭᠤᠯᠪᠠ ᠪᠣᠯᠤᠯᠲᠠᠢ᠃ ᠬᠣᠶᠠᠷ ᠲᠠᠯ᠎ᠠ ᠡᠴᠡ ᠫᠤᠤ ᠲᠠᠰᠤᠷᠠᠯᠲᠠ ᠦᠭᠡᠢ ᠳᠤᠤᠭᠠᠷᠤᠭᠰᠠᠭᠠᠷ ᠦᠳᠡ ᠥᠩᠭᠡᠷᠡᠵᠦ ᠡᠬᠢᠯᠡᠪᠡ᠃
  ᠨᠢᠭᠡ ᠬᠠᠷᠠᠪᠠᠯ ᠬᠥᠬᠡ ᠲᠣᠷᠭᠠᠨ ᠳᠡᠪᠡᠯ ᠲᠡᠢ ᠲᠣᠮᠣ ᠲᠠᠷᠭᠤᠨ ᠬᠥᠮᠦᠨ ᠰᠣᠬᠣᠷ ᠨᠣᠮᠣᠨ ᠤ᠋ ᠣᠪᠣᠭᠠᠷ ᠬᠠᠷ᠎ᠠ ᠰᠢᠷᠣᠢ ᠪᠠᠷ ᠳᠠᠯᠳᠠᠯᠠᠭᠴᠢ ᠪᠠᠨ ᠪᠣᠯᠭᠠᠨ ᠴᠢᠨᠠᠳᠤ ᠲᠠᠯ᠎ᠠ ᠶ᠋ᠢᠨ ᠮᠣᠳᠣ ᠤᠷᠤᠭᠤ ᠨᠠᠮᠤᠷ ᠤ᠋ᠨ ᠲᠠᠷᠭᠤᠨ ᠲᠠᠷᠪᠠᠭ᠎ᠠ ᠰᠢᠭ᠋ ᠬᠠᠯᠪᠠᠯᠵᠠᠨ ᠮᠥᠯᠬᠥᠵᠦ ᠪᠠᠢᠬᠤ ᠶ᠋ᠢ ᠬᠠᠷᠠᠭᠠᠳ ᠫᠧᠲ᠋ᠷ ᠫᠤᠤ ᠪᠠᠨ ᠴᠢᠭᠯᠡᠨ ᠭᠣᠬ᠎ᠠ ᠪᠠᠨ ᠳᠠᠷᠤᠬᠤ ᠭᠡᠲᠡᠯ᠎ᠡ ᠡᠷᠳᠡᠨᠢ ᠤᠭᠵᠠᠷᠠᠨ ᠵᠣᠭᠰᠣᠭᠠᠵᠤ 《ᠲᠣᠪᠴᠢᠨ! ᠠᠮᠢᠳᠤ ᠪᠠᠷ ᠨᠢ》 ᠭᠡᠳ ᠤᠬᠤᠰᠬᠢᠨ ᠪᠣᠰᠲᠠᠯ᠎ᠠ 《ᠭᠠᠯᠵᠠᠭᠤᠷᠠᠪᠠ ᠴᠢ》 ᠭᠡᠳ ᠮᠥᠷᠦᠨ ᠳᠡᠭᠡᠷ᠎ᠡ ᠡᠴᠡ ᠨᠢ ᠰᠢᠭᠦᠷᠦᠨ ᠬᠦᠴᠦᠲᠡᠢ ᠳᠠᠷᠤᠬᠤ ᠳ᠋ᠠᠭᠠᠨ ᠥᠷᠭᠡᠨ ᠴᠡᠭᠡᠵᠢ ᠨᠢ ᠬᠠᠳᠠᠨ ᠡᠴᠡ ᠮᠤᠯᠲᠤᠷᠠᠨ ᠭᠠᠷᠤᠯ᠎ᠠ᠃
  ᠶᠠᠭ ᠡᠨᠡ ᠦᠶ᠎ᠡ ᠳ᠋ᠦ᠍ ᠡᠷᠳᠡᠨᠢ ᠶ᠋ᠢᠨ ᠭᠡᠨᠡᠳᠲᠡ ᠱᠣᠪᠣᠯᠵᠠᠭᠰᠠᠨ ᠲᠣᠯᠣᠭᠠᠢ ᠳ᠋ᠤ᠌ ᠴᠢᠭᠯᠡᠭᠰᠡᠨ ᠴᠠᠭᠠᠨ ᠤ᠋ ᠮᠡᠷᠭᠡᠨ ᠫᠤᠤᠳᠠᠭᠴᠢ ᠶ᠋ᠢᠨ ᠰᠤᠮᠤ ᠲᠡᠭᠦᠨ ᠦ᠌ ᠮᠠᠩᠨᠠᠢ ᠶ᠋ᠢᠨ ᠣᠷᠣᠨ ᠳ᠋ᠤ᠌ ᠫᠧᠲ᠋ᠷ ᠦ᠋ᠨ ᠴᠡᠭᠡᠵᠢᠨ ᠳ᠋ᠦ᠍ ᠨᠡᠪᠲᠡᠯᠦᠨ ᠣᠷᠣᠯ᠎ᠠ᠃
  ᠴᠡᠩᠬᠡᠷ ᠲᠡᠭᠷᠢ ᠭᠱᠠᠨ ᠵᠠᠭᠤᠷ᠎ᠠ ᠬᠠᠷᠠᠩᠭᠤᠢᠯᠠᠨ ᠪᠦᠬᠦ ᠶᠠᠭᠤᠮ᠎ᠠ ᠡᠷᠭᠢᠯᠳᠦᠨ ᠮᠠᠨᠠᠷᠠᠵᠤ᠂ ᠬᠦᠴᠦᠷᠬᠡᠭ ᠲᠣᠮᠣ ᠪᠡᠶ᠎ᠡ ᠨᠢ ᠲᠡᠩᠴᠡᠭᠦᠷᠢ ᠪᠡᠨ ᠠᠯᠲᠠᠨ ᠦᠬᠦᠯᠦᠭᠦᠲᠡ ᠰᠢᠷᠬᠠᠳᠤᠭᠰᠠᠨ ᠫᠧᠲ᠋ᠷ ᠡᠷᠳᠡᠨᠢ ᠶ᠋ᠢᠨ ᠭᠠᠷ ᠳᠡᠭᠡᠷ᠎ᠡ ᠨᠠᠯᠠᠨ ᠤᠨᠠᠪᠠ᠃
  ᠊᠊᠊᠊᠊᠊᠊᠊᠊᠊᠊᠊᠊᠊᠊ ᠠ᠋ ᠬᠠᠯᠠᠭ ᠮᠢᠨᠢ᠃ ᠮᠠᠭᠤ ᠨᠠᠳᠠ ᠡᠴᠡ ᠪᠣᠯᠤᠯ᠎ᠠ ᠭᠡᠵᠦ ᠬᠠᠰᠬᠢᠷᠤᠭᠠᠳ ᠡᠷᠳᠡᠨᠢ ᠨᠥᠬᠥᠷ ᠢ᠋ᠶ᠋ᠡᠨ ᠲᠡᠪᠡᠷᠢᠨ ᠠᠪᠤᠯ᠎ᠠ᠃
  ᠊᠊᠊᠊᠊᠊᠊᠊᠊᠊᠊᠊᠊᠊᠊ ᠠᠶᠠᠭᠦᠢ ᠫᠤᠤᠳᠠᠵᠤ ᠪᠠᠢᠨ᠎ᠠ ᠭᠡᠳ ᠫᠧᠲ᠋ᠷ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ ᠴᠡᠭᠡᠵᠢ ᠨᠢ ᠬᠡᠷᠴᠢᠭᠢᠨᠡᠨ ᠰᠤᠮᠤ ᠲᠤᠰᠤᠭᠰᠠᠨ ᠭᠠᠵᠠᠷ ᠡᠴᠡ ᠨᠢ ᠬᠦᠷᠡᠩ ᠴᠢᠰᠤ ᠪᠤᠷᠭᠢᠯᠬᠤ ᠳ᠋ᠤ᠌ ᠪᠡᠶ᠎ᠡ ᠨᠢ ᠲᠠᠲᠠᠭᠠᠨᠠᠨ ᠨᠢᠳᠦ ᠪᠡᠨ ᠬᠠᠭᠠᠰ ᠠᠨᠢᠪᠠ᠃ ᠡᠷᠳᠡᠨᠢ ᠴᠢᠰᠤ ᠪᠤᠷᠭᠢᠯᠤᠨ ᠪᠣᠢ ᠭᠠᠵᠠᠷ ᠨᠢ ᠳᠠᠷᠤᠬᠤ ᠳ᠋ᠤ᠌ ᠲᠦᠳᠡᠯ ᠦᠭᠡᠢ ᠪᠦᠬᠦ ᠭᠠᠷ ᠨᠢ ᠤᠯᠠᠭᠠᠨ ᠪᠣᠯᠪᠠ᠃
  ᠊᠊᠊᠊᠊᠊᠊᠊᠊᠊᠊᠊᠊᠊᠊ ᠲᠡᠷᠡ ᠫᠤᠤ ᠁ ᠭᠡᠳ ᠫᠧᠲ᠋ᠷ ᠦ᠋ᠨ ᠭᠠᠷ ᠨᠢ ᠰᠡᠷᠪᠡᠯᠵᠡᠨ ᠥᠨᠳᠡᠢᠬᠦ ᠭᠡᠰᠡᠨ ᠢ᠋ᠶ᠋ᠡᠨ ᠠᠮᠠ ᠨᠢ ᠠᠩᠭᠠᠯᠵᠠᠨ ᠴᠡᠴᠡᠷᠡᠭᠡᠳ ᠪᠡᠶ᠎ᠡ ᠨᠢ ᠬᠥᠰᠢᠨ ᠳᠡᠯᠢᠭᠴᠢ ᠪᠣᠯᠤᠯ᠎ᠠ᠃
  ᠊᠊᠊᠊᠊᠊᠊᠊᠊᠊᠊᠊᠊᠊᠊ ᠫᠧᠲ᠋ᠷ᠂ ᠫᠧᠲ᠋ᠷ ᠭᠡᠵᠦ ᠡᠷᠳᠡᠨᠢ ᠬᠠᠰᠬᠢᠷᠤᠭᠠᠳ ᠨᠢᠳᠦ ᠨᠢ ᠬᠠᠷᠠᠩᠭᠤᠢᠯᠠᠨ ᠬᠣᠷᠸ᠎ᠠ ᠦᠷᠭᠦᠯᠵᠢᠯᠡᠭᠰᠡᠨ ᠭᠢᠯᠲᠠᠭᠠᠷ ᠤᠯᠠᠭᠠᠨ ᠲᠣᠯᠪᠣ ᠪᠣᠯᠤᠨ ᠬᠤᠪᠢᠷᠠᠪᠠ᠃
  ᠡᠷᠳᠡᠨᠢ ᠨᠥᠬᠥᠷ ᠦ᠋ᠨ ᠢ᠋ᠶ᠋ᠡᠨ ᠴᠡᠭᠡᠵᠢ ᠶ᠋ᠢ ᠪᠡᠶ᠎ᠡ ᠳ᠋ᠡᠭᠡᠨ ᠨᠠᠭᠠᠨ ᠴᠢᠩᠭ᠎ᠠ ᠲᠡᠪᠡᠷᠢᠵᠦ 《ᠫᠧᠲ᠋ᠷ᠂ ᠫᠧᠲ᠋ᠷ》 ᠭᠡᠵᠦ ᠰᠤᠯᠠᠬᠠᠨ ᠳᠠᠪᠲᠠᠭᠰᠠᠭᠠᠷ ᠨᠢᠭᠡ ᠬᠡᠰᠡᠭ ᠬᠥᠳᠡᠯᠦᠯ ᠦᠭᠡᠢ ᠰᠠᠭᠤᠬᠤ ᠳ᠋ᠤ᠌ ᠪᠦᠬᠦ ᠶᠠᠭᠤᠮ᠎ᠠ ᠨᠢ ᠤᠯᠠᠭᠠᠨ ᠴᠢᠰᠤ ᠪᠣᠯᠪᠠ᠃ ᠬᠦᠨᠳᠦ ᠭᠠᠰᠢᠭᠤᠳᠠᠯ ᠳ᠋ᠤ᠌ ᠤᠬᠠᠭᠠᠨ ᠠᠯᠳᠠᠲᠠᠯ᠎ᠠ ᠴᠣᠬᠢᠭᠤᠯᠤᠭᠰᠠᠨ ᠡᠷᠳᠡᠨᠢ ᠳ᠋ᠦ᠍ ᠶᠠᠭᠤ ᠪᠣᠯᠤᠭᠰᠠᠨ ᠲᠤᠬᠠᠢ ᠪᠣᠳᠣᠬᠤ ᠲᠡᠩᠬᠡᠭᠡ ᠪᠠᠢᠭᠰᠠᠨ ᠦᠭᠡᠢ᠃ ᠨᠢᠳᠦ ᠨᠢ ᠭᠢᠯᠲᠠᠭᠠᠨᠠᠨ ᠭᠥᠯᠢᠯᠵᠡᠵᠦ ᠡᠷᠡᠦ ᠨᠢ ᠰᠤᠯᠠᠷᠠᠨ ᠴᠢᠰᠤ ᠨᠢ ᠳᠦᠭᠦᠷᠴᠦ ᠪᠠᠬᠠᠷᠳᠠᠭᠰᠠᠨ ᠵᠢᠷᠦᠬᠡ ᠨᠢ 《ᠠ᠋ ᠬᠠᠯᠠᠭ ᠫᠧᠲ᠋ᠷ ᠮᠢᠨᠢ》 ᠭᠡᠵᠦ ᠳᠠᠪᠲᠠᠨ᠎ᠠ᠃
  ᠫᠤᠤ ᠶ᠋ᠢᠨ ᠳᠠᠭᠤᠨ ᠲᠠᠰᠤᠷᠠᠭ᠎ᠠ ᠦᠭᠡᠢ ᠪᠠᠢᠭᠰᠠᠨ ᠠᠪᠠᠴᠤ ᠡᠷᠳᠡᠨᠢ ᠲᠡᠭᠦᠨ ᠢ᠋ ᠣᠭᠲᠣ ᠰᠣᠨᠣᠰᠤᠭᠰᠠᠨ ᠦᠭᠡᠢ᠃ ᠨᠢᠭᠡ ᠰᠢᠷᠬᠡᠭ ᠴᠦ᠍ ᠠᠮᠢᠳᠤ ᠶᠠᠭᠤᠮ᠎ᠠ ᠦᠭᠡᠢ ᠪᠣᠯᠤᠭᠰᠠᠨ ᠮᠡᠲᠦ ᠬᠠᠷ᠎ᠠ ᠬᠣᠷᠸ᠎ᠠ ᠡᠷᠳᠡᠨᠢ ᠶ᠋ᠢ ᠬᠠᠪᠴᠢᠨ ᠳᠠᠷᠤᠵᠤ ᠪᠠᠢᠯ᠎ᠠ᠃ ᠢᠩᠭᠢᠵᠦ ᠬᠡᠴᠢᠨᠡᠨ ᠰᠠᠭᠤᠭᠰᠠᠨ ᠢ᠋ᠶ᠋ᠠᠨ ᠴᠤ᠌᠂ ᠦᠯᠡᠳᠡᠭᠰᠡᠨ ᠭᠠᠭᠴᠠ ᠤᠯᠠᠭᠠᠨ ᠴᠡᠷᠢᠭ ᠨᠢ ᠦᠬᠦᠲᠡᠯ᠎ᠡ ᠫᠤᠤᠳᠠᠯᠴᠠᠭᠰᠠᠭᠠᠷ ᠬᠦᠨᠳᠦ ᠰᠢᠷᠬ᠎ᠠ ᠣᠯᠤᠭᠰᠠᠨ ᠢ᠋ ᠴᠦ᠍ ᠮᠡᠳᠡᠭᠰᠡᠨ ᠦᠭᠡᠢ᠃ ᠭᠠᠭᠴᠠᠬᠠᠨ ᠨᠢᠭᠤᠭᠳᠠᠵᠤ ᠪᠠᠢᠭᠰᠠᠨ ᠬᠠᠳᠠᠨ ᠳ᠋ᠤᠨᠢ ᠰᠤᠮᠤ ᠲᠣᠰᠴᠤ ᠣᠯᠢᠬᠤ ᠳ᠋ᠤ᠌ 《ᠡᠨᠡ ᠴᠢᠨᠢ ᠶᠠᠭᠤ ᠪᠢᠯᠡ》 ᠭᠡᠰᠡᠨ ᠪᠣᠯᠤᠯᠲᠠᠢ ᠲᠡᠷᠡ ᠵᠦᠭ ᠭᠠᠢᠬᠠᠨ ᠬᠠᠷᠠᠯ᠎ᠠ᠃ ᠫᠧᠲ᠋ᠷ ᠦ᠋ᠨ ᠵᠢᠵᠢᠭ ᠫᠤᠤ ᠬᠡᠪᠲᠡᠵᠦ ᠪᠠᠢᠭ᠎ᠠ ᠨᠢ ᠨᠢᠳᠦᠨ ᠳ᠋ᠦ᠍ ᠲᠣᠰᠤᠯ᠎ᠠ᠃ ᠲᠡᠭᠦᠨ ᠢ᠋ ᠠᠪᠬᠤ ᠭᠡᠵᠦ ᠮᠥᠯᠬᠥᠨ ᠭᠠᠷ ᠨᠢ ᠬᠦᠷᠲᠡᠯ᠎ᠡ ᠵᠡᠭᠦᠨ ᠬᠥᠯ ᠤᠷᠤᠭᠤ ᠨᠢ ᠬᠦᠨᠳᠦ ᠶᠠᠭᠤᠮ᠎ᠠ ᠪᠠᠷ ᠬᠦᠴᠦᠲᠡᠢ ᠨᠢᠳᠤᠷᠤᠭᠠᠳ ᠠᠪᠬᠤ ᠰᠢᠭ᠋ ᠪᠣᠯᠪᠠ᠃ ᠡᠷᠳᠡᠨᠢ ᠬᠥᠳᠡᠯᠬᠦ ᠭᠡᠳ ᠴᠢᠳᠠᠯ ᠦᠭᠡᠢ᠂ ᠳᠠᠢᠰᠤᠨ ᠤ᠋ ᠵᠦᠭ ᠬᠠᠷᠠᠪᠠᠯ ᠬᠣᠶᠠᠷ ᠬᠥᠮᠦᠨ ᠵᠣᠭᠰᠣᠵᠤ ᠪᠠᠢᠯ᠎ᠠ᠃ ᠰᠢᠯᠪᠢ ᠶ᠋ᠢ ᠨᠢ ᠳ᠋ᠡᠭᠡᠨ ᠪᠦᠯᠢᠶᠡᠨ ᠴᠢᠰᠤ ᠤᠷᠤᠰᠳᠠᠭ ᠪᠠᠢᠭ᠎ᠠ ᠨᠢ ᠲᠣᠳᠣ ᠮᠡᠳᠡᠭᠳᠡᠨ ᠲᠠᠯ᠎ᠠ ᠪᠡᠶ᠎ᠡ ᠨᠢ ᠪᠠᠳᠠᠢᠷᠠᠨ ᠮᠡᠳᠡᠭᠡ ᠠᠯᠳᠠᠵᠤ ᠡᠬᠢᠯᠡᠪᠡ᠃
  ᠡᠷᠳᠡᠨᠢ ᠫᠧᠲ᠋ᠷ ᠦ᠋ᠨ ᠵᠢᠵᠢᠭ ᠫᠤᠤ ᠶ᠋ᠢ ᠬᠣᠷᠮᠣᠢ ᠳ᠋ᠠᠭᠠᠨ ᠳᠠᠯᠳᠠᠯᠠᠨ ᠪᠠᠷᠢᠭᠠᠳ ᠬᠥᠳᠡᠯᠦᠯ ᠦᠭᠡᠢ ᠬᠡᠪᠲᠡᠵᠦ ᠪᠠᠢᠪᠠ᠃ ᠨᠠᠷᠠ ᠪᠠᠷᠠᠭᠤᠨ᠎ᠠ ᠬᠡᠯᠪᠡᠢᠵᠦ᠂ ᠰᠢᠷ᠎ᠠ ᠲᠤᠶᠠᠭ᠎ᠠ ᠰᠠᠴᠤᠷᠠᠨ ᠭᠠᠵᠠᠷ ᠳᠡᠯᠡᠬᠡᠢ ᠬᠠᠴᠢᠨ ᠨᠠᠮ ᠭᠦᠮ ᠪᠣᠯᠵᠤ ᠶᠠᠭᠤᠮ᠎ᠠ ᠪᠦᠬᠦᠨ ᠠᠮᠢᠰᠬᠤᠯ ᠢ᠋ᠶ᠋ᠠᠨ ᠬᠤᠷᠢᠶᠠᠭᠰᠠᠨ ᠮᠡᠲᠦ ᠠᠵᠢ᠃ ᠢᠩᠭᠢᠵᠦ ᠨᠢᠭᠡᠨ ᠬᠡᠰᠡᠭ ᠪᠣᠯᠲᠠᠯ᠎ᠠ ᠣᠢᠷᠠᠬᠠᠨ ᠰᠢᠭ᠋ ᠬᠥᠮᠦᠨ ᠶᠠᠷᠢᠬᠤ ᠰᠣᠨᠣᠰᠳᠠᠪᠠ᠃ ᠨᠢᠳᠦᠨ ᠦ᠌ ᠪᠤᠯᠤᠩ ᠢ᠋ᠶ᠋ᠠᠷ ᠬᠠᠷᠠᠪᠠᠯ ᠬᠣᠶᠠᠷ ᠮᠣᠷᠢ ᠲᠠᠢ ᠬᠥᠮᠦᠨ ᠣᠢᠷᠠᠲᠤᠨ ᠢᠷᠡᠵᠦ ᠶᠠᠪᠤᠯ᠎ᠠ᠃
  ᠬᠠᠷᠠᠭᠠᠴᠢ! ᠨᠢᠭᠡ ᠨᠢ ᠲᠣᠪᠴᠢᠨ ᠠᠵᠢ᠃ ᠡᠷᠳᠡᠨᠢ ᠬᠣᠷᠮᠣᠢ ᠳᠣᠣᠷ᠎ᠠ ᠪᠠᠨ ᠵᠢᠵᠢᠭ ᠫᠤᠤ ᠪᠡᠯᠡᠳᠬᠡᠪᠡ᠃ ᠴᠠᠭᠠᠨᠲᠠᠨ ᠤ᠋ ᠲᠠᠯ᠎ᠠ ᠡᠴᠡ ᠮᠣᠳᠣᠨ ᠳ᠋ᠤ᠌ ᠣᠷᠣᠵᠤ ᠨᠢᠭᠤᠭᠳᠠᠭᠰᠠᠨ ᠲᠣᠪᠴᠢᠨ᠂ ᠮᠡᠷᠭᠡᠨ ᠫᠤᠤᠳᠠᠭᠴᠢ ᠣᠷᠣᠰ ᠬᠣᠶᠠᠷ ᠦᠯᠡᠳᠡᠵᠡᠢ᠃ ᠬᠦᠨᠳᠦ ᠰᠢᠷᠬᠠᠳᠤᠭᠰᠠᠨ ᠪᠣᠯᠪᠠᠴᠤ ᠠᠮᠢ ᠲᠠᠢ ᠪᠠᠢᠭᠰᠠᠨ ᠬᠣᠶᠠᠷ ᠢ᠋ ᠪᠡᠨ ᠲᠡᠭᠡᠭᠡᠷ᠎ᠡ ᠳᠠᠷᠤᠭᠠᠰᠤ ᠪᠣᠯᠤᠨ᠎ᠠ ᠭᠡᠵᠦ ᠵᠢᠳᠠᠯᠠᠨ ᠠᠯᠠᠭᠠᠳ ᠡᠷᠳᠡᠨᠢ ᠶ᠋ᠢᠨ ᠬᠢᠨ ᠦ᠌ ᠫᠤᠤ ᠵᠡᠪᠰᠡᠭ ᠢ᠋ ᠬᠣᠷᠢᠶᠠᠨ ᠠᠪᠬᠤ ᠭᠡᠵᠦ ᠢᠷᠡᠵᠦ ᠪᠠᠢᠭ᠎ᠠ ᠨᠢ ᠡᠨᠡ ᠪᠢᠯᠡ᠃
  ᠲᠣᠪᠴᠢᠨ ᠠᠯᠠᠭᠳᠠᠭᠰᠠᠨ ᠨᠢᠭᠡ ᠮᠣᠩᠭᠣᠯ ᠴᠡᠷᠢᠭ ᠢ᠋ ᠬᠡᠳᠦᠨ ᠳᠠᠬᠢᠨ ᠢᠰᠬᠦᠯᠦᠭᠡᠳ ᠫᠤᠤ ᠶ᠋ᠢ ᠨᠢ ᠠᠪᠴᠤ ᠨᠥᠬᠥᠷ ᠦ᠋ᠨ ᠢ᠋ᠶ᠋ᠡᠨ ᠬᠠᠮᠲᠤ ᠰᠢᠭᠤᠳ ᠡᠷᠳᠡᠨᠢ ᠤᠷᠤᠭᠤ ᠢᠷᠡᠬᠦ ᠳ᠋ᠦ᠍ᠨᠢ ᠮᠡᠷᠭᠡᠨ ᠫᠤᠤᠳᠠᠭᠴᠢ ᠤᠷᠤᠭᠤ ᠵᠢᠵᠢᠭ ᠫᠤᠤ ᠪᠠᠷ ᠬᠡᠳᠦ ᠳᠠᠷᠠᠭᠠᠯᠠᠨ ᠫᠤᠤᠳᠠᠬᠤ ᠳ᠋ᠤ᠌ ᠲᠡᠷᠡ ᠨᠠᠢᠭᠤᠨ ᠰᠠᠯᠭᠠᠯᠠᠭᠰᠠᠨ ᠢ᠋ᠶ᠋ᠠᠨ ᠫᠢᠳ ᠭᠡᠲᠡᠯ᠎ᠡ ᠤᠨᠠᠪᠠ᠃
  ᠭᠡᠲᠡᠯ᠎ᠡ ᠲᠣᠪᠴᠢᠨ 《ᠬᠠᠷ᠎ᠠ ᠭᠤᠢᠯᠭᠠᠴᠢᠨ》 ᠭᠡᠵᠦ ᠬᠠᠰᠬᠢᠷᠤᠭᠠᠳ ᠡᠷᠳᠡᠨᠢ ᠶ᠋ᠢᠨ ᠭᠠᠷ ᠤᠷᠤᠭᠤ ᠬᠦᠴᠦᠲᠡᠢ ᠢᠰᠬᠦᠯᠬᠦ ᠳ᠋ᠦ᠍ ᠵᠢᠵᠢᠭ ᠫᠤᠤ ᠨᠢ ᠲᠡᠷᠡ ᠬᠣᠯᠠ ᠦᠰᠦᠷᠪᠡ᠃ ᠡᠷᠳᠡᠨᠢ ᠪᠦᠬᠦ ᠬᠦᠴᠦ ᠪᠡᠨ ᠳᠠᠢᠴᠢᠯᠠᠨ ᠦᠰᠦᠷᠦᠨ ᠪᠣᠰᠴᠤ ᠲᠣᠪᠴᠢᠨ ᠪᠡᠢᠰᠡ ᠶ᠋ᠢ ᠪᠠᠷᠢᠵᠤ ᠠᠪᠤᠯ᠎ᠠ᠃ ᠰᠢᠷᠬᠠᠲᠤᠭ᠎ᠠ ᠦᠭᠡᠢ ᠰᠠᠨ ᠪᠣᠯ᠂ ᠶᠠᠳᠠᠬᠤ ᠳ᠋ᠠᠭᠠᠨ ᠴᠢᠰᠤ ᠠᠯᠳᠠᠭ᠎ᠠ ᠦᠭᠡᠢ ᠰᠠᠨ ᠪᠣᠯ ᠲᠣᠪᠴᠢᠨ ᠢ᠋ ᠵᠠᠵᠢᠯᠤᠯ ᠦᠭᠡᠢ ᠵᠠᠯᠭᠢᠵᠤ ᠪᠣᠯᠬᠤ ᠰᠠᠨ᠃ ᠮᠥᠴᠡ ᠥᠩᠭᠡᠷᠡᠬᠦ ᠳᠣᠳᠣᠮ ᠬᠦᠴᠦ ᠨᠢ ᠵᠠᠢᠯᠠᠵᠤ ᠰᠤᠯᠠᠷᠠᠨ ᠤᠳᠠᠭᠠᠨ ᠨᠣᠴᠣᠯᠳᠤᠵᠤ ᠴᠢᠳᠠᠬᠤ ᠦᠭᠡᠢ ᠪᠡᠨ ᠮᠡᠳᠡᠭᠰᠡᠨ ᠡᠷᠳᠡᠨᠢ ᠪᠦᠬᠦᠨ ᠢ᠋ ᠮᠠᠷᠲᠠᠨ ᠲᠣᠩᠭᠣᠷᠬᠤ ᠭᠡᠲᠡᠯ᠎ᠡ ᠬᠥᠯ ᠨᠢ ᠲᠤᠯᠭᠠᠭᠤᠷᠢ ᠪᠣᠯᠵᠤ ᠴᠢᠳᠠᠭᠰᠠᠨ ᠦᠭᠡᠢ᠃ ᠲᠣᠪᠴᠢᠨ ᠵᠠᠢᠯᠠᠪᠠ᠃ ᠭᠡᠪᠡᠴᠦ ᠡᠷᠳᠡᠨᠢ ᠳᠠᠬᠢᠨ ᠦᠰᠦᠷᠦᠨ ᠪᠠᠷᠢᠵᠤ ᠠᠪᠤᠯ᠎ᠠ᠃ ᠰᠢᠷᠬᠠᠳᠤᠭᠰᠠᠨ ᠪᠠᠷᠰ ᠯᠠ ᠠᠮᠢ ᠪᠠᠨ ᠭᠠᠷᠬᠤ ᠶ᠋ᠢᠨ ᠡᠮᠦᠨ᠎ᠡ ᠢᠩᠭᠢᠵᠦ ᠦᠰᠦᠷᠳᠡᠭ ᠪᠠᠢᠬ᠎ᠠ ᠳᠠ᠃ ᠡᠷᠳᠡᠨᠢ ᠶ᠋ᠢᠨ ᠪᠠᠷᠠᠭᠤᠨ ᠭᠠᠷ ᠲᠣᠪᠴᠢᠨ ᠪᠠᠢᠰᠠ ᠶ᠋ᠢᠨ ᠲᠥᠪᠥᠩᠬᠡᠢ ᠮᠥᠭᠡᠷᠰᠦ ᠡᠴᠡ ᠪᠠᠵᠠᠵᠤ ᠠᠪᠤᠭᠠᠳ ᠬᠦᠴᠦᠨ ᠳ᠋ᠡᠭᠡᠨ ᠰᠠᠪᠠᠵᠤ ᠬᠣᠶᠠᠭᠤᠯᠠ ᠪᠠᠨ ᠤᠨᠠᠪᠠ᠃
  ᠊᠊᠊᠊᠊᠊᠊᠊᠊᠊᠊᠊᠊᠊᠊ ᠡᠷᠳᠡᠨᠢ ᠮᠢᠨᠢ ᠴᠢ ᠶᠠᠭᠠᠬᠢᠵᠤ ᠪᠠᠢᠨ᠎ᠠ ᠭᠡᠵᠦ ᠫᠠᠷᠵᠢᠭᠢᠨᠠᠭᠰᠠᠨ ᠰᠢᠬᠠᠮᠠᠯ ᠰᠥᠭᠡᠩᠭᠢ ᠳᠠᠭᠤ ᠪᠠᠷ ᠬᠡᠯᠡᠪᠡ᠃
  ᠊᠊᠊᠊᠊᠊᠊᠊᠊᠊᠊᠊᠊᠊᠊ ᠫᠧᠲ᠋ᠷ᠃ ᠭᠡᠷᠡᠯ ᠁ ᠥᠰᠢᠶ᠎ᠡ ᠭᠡᠳ ᠡᠷᠳᠡᠨᠢ ᠶ᠋ᠢᠨ ᠰᠢᠳᠦ ᠬᠢᠬᠤᠲᠤᠨᠠᠨ ᠭᠠᠷ ᠢ᠋ᠶ᠋ᠠᠨ ᠴᠢᠩᠭᠠᠷᠠᠭᠤᠯᠤᠨ ᠤᠭᠵᠠᠷᠠᠵᠤ ᠤᠬᠠᠭᠠᠨ ᠠᠯᠳᠠᠵᠠᠢ᠃
  ᠲᠡᠷᠡ ᠰᠥᠨᠢ ᠠᠮᠢ ᠨᠢ ᠭᠠᠷᠤᠭᠰᠠᠨ ᠲᠣᠪᠴᠢᠨ ᠤ᠋ ᠲᠥᠪᠥᠩᠬᠡᠢ ᠮᠥᠭᠡᠷᠰᠦ ᠶ᠋ᠢ ᠲᠠᠰᠤ ᠪᠠᠵᠠᠭᠰᠠᠨ ᠭᠠᠷ ᠨᠢ ᠦᠨᠡᠰᠦᠨ ᠬᠥᠬᠡ ᠪᠣᠯᠤᠭᠰᠠᠨ ᠡᠷᠳᠡᠨᠢ ᠶ᠋ᠢ ᠲᠠᠷᠵᠠ ᠪᠠᠭᠠᠲᠤᠷ ᠤ᠋ᠨ ᠴᠡᠷᠢᠭ ᠣᠯᠵᠤ ᠠᠪᠤᠭᠠᠳ ᠭᠠᠷ ᠢ᠋ ᠨᠢ ᠰᠠᠯᠭᠠᠵᠤ ᠶᠠᠳᠠᠨ ᠲᠥᠪᠥᠩᠬᠡᠢ ᠲᠡᠢ ᠨᠢ ᠣᠭᠲᠣᠯᠤᠨ ᠠᠪᠴᠠᠢ᠃ ᠫᠧᠲ᠋ᠷ ᠦ᠋ᠨ ᠱᠠᠷᠢᠯ ᠢ᠋ ᠮᠣᠩᠭᠣᠯ ᠴᠡᠷᠢᠭ ᠦ᠋ᠳ ᠮᠥᠷᠥᠪᠴᠢᠯᠡᠨ ᠡᠷᠭᠦᠵᠦ ᠶᠠᠪᠤᠭᠰᠠᠭᠠᠷ ᠰᠠᠩ ᠪᠠᠢᠰᠠ ᠶ᠋ᠢᠨ ᠬᠦᠷᠢᠶᠡᠨ ᠳᠡᠭᠡᠷ᠎ᠡ ᠢᠷᠡᠵᠦ ᠪᠢᠯᠡ᠃
  ᠮᠣᠩᠭᠣᠯ ᠤ᠋ᠨ ᠠᠷᠠᠳ ᠲᠦᠮᠡᠨ ᠦ᠌ ᠲᠥᠯᠥᠭᠡ᠂ ᠮᠣᠩᠭᠣᠯ ᠨᠠᠢᠵᠠ ᠡᠷᠳᠡᠨᠢ ᠶ᠋ᠢᠨ ᠢ᠋ᠶ᠋ᠡᠨ ᠲᠥᠯᠥᠭᠡ᠂ ᠭᠠᠯ ᠤᠰᠤᠨ ᠤ᠋ ᠠᠶᠤᠯ ᠢ᠋ ᠨᠡᠪᠲᠡᠯᠦᠨ ᠭᠠᠷᠤᠭᠰᠠᠨ ᠠᠯᠲᠠᠨ ᠠᠮᠢ ᠪᠠᠨ ᠥᠭᠭᠦᠭᠰᠡᠨ ᠫᠧᠲ᠋ᠷ ᠨᠢᠳᠦ ᠪᠡᠨ ᠬᠠᠭᠠᠰ ᠠᠨᠢᠨ ᠬᠡᠪᠲᠡᠵᠦ ᠪᠠᠢᠬᠤ ᠳ᠋ᠤ᠌ ᠦᠬᠦᠯ ᠲᠡᠭᠦᠨ ᠦ᠌ ᠠᠮᠢ ᠶ᠋ᠢ ᠠᠪᠤᠭᠰᠠᠨ ᠪᠣᠯᠪᠠᠴᠤ ᠨᠢᠭᠤᠷ ᠲᠤᠨᠢ ᠲᠣᠭᠲᠠᠭᠰᠠᠨ ᠮᠦᠰᠢᠶᠡᠯ ᠢ᠋ ᠠᠪᠴᠤ ᠴᠢᠳᠠᠭᠰᠠᠨ ᠦᠭᠡᠢ᠃
  《ᠪᠢ ᠦᠬᠦᠬᠦ ᠦᠭᠡᠢ ᠬᠥᠮᠦᠨ ᠰᠢᠦ》 ᠭᠡᠵᠦ ᠲᠡᠷᠡ ᠲᠣᠭᠲᠠᠭᠰᠠᠨ ᠮᠦᠰᠢᠶᠡᠯ ᠯᠡ ᠬᠡᠯᠡᠵᠦ ᠪᠠᠢᠬᠤ ᠳ᠋ᠤ᠌ ᠴᠣᠬᠢᠯᠠᠬᠤ ᠪᠠᠨ ᠠᠯᠢ ᠡᠷᠲᠡ ᠪᠣᠯᠢᠭᠰᠠᠨ ᠵᠢᠷᠦᠬᠡ ᠨᠢ ᠥᠭᠡᠷ᠎ᠡ ᠦᠭᠡ ᠬᠡᠯᠡᠵᠦ ᠪᠠᠢᠪᠠ᠃ ᠣᠯᠠᠨ ᠣᠨ ᠤ᠋ ᠳᠠᠷᠤᠯᠠᠯ ᠵᠣᠪᠠᠯᠠᠩ ᠤ᠋ᠨ ᠡᠰᠡᠷᠭᠦ ᠵᠣᠷᠢᠭᠯᠠᠨ ᠪᠣᠰᠤᠭᠰᠠᠨ ᠮᠣᠩᠭᠣᠯ ᠤ᠋ᠨ ᠠᠷᠠᠳ ᠲᠦᠮᠡᠨ ᠦ᠌ ᠬᠦᠨᠳᠦ ᠬᠦᠴᠢᠷ ᠲᠡᠮᠡᠴᠡᠯ ᠳ᠋ᠦ᠍ ᠵᠥᠪᠯᠡᠯᠲᠦ ᠶ᠋ᠢᠨ ᠠᠷᠠᠳ ᠲᠦᠮᠡᠨ ᠠᠬ᠎ᠠ ᠳᠡᠭᠦᠦ ᠶ᠋ᠢᠨ ᠬᠠᠯᠠᠭᠤᠨ ᠭᠠᠷ ᠢ᠋ᠶ᠋ᠠᠨ ᠰᠤᠩᠭᠠᠵᠤ ᠲᠤᠰᠠᠯᠠᠭᠰᠠᠨ᠃ ᠠᠬ᠎ᠠ ᠳᠡᠭᠦᠦ ᠶ᠋ᠢᠨ ᠭᠠᠷ ᠢ᠋ᠶ᠋ᠠᠨ ᠪᠠᠷᠢᠯᠴᠠᠭᠰᠠᠨ ᠰᠢᠷᠦᠭᠦᠨ ᠲᠡᠮᠡᠴᠡᠯ ᠳ᠋ᠦ᠍ ᠣᠯᠠᠨ ᠠᠪᠤ ᠶ᠋ᠢᠨ ᠬᠦᠦ ᠶ᠋ᠢᠨ ᠠᠷᠢᠭᠤᠨ ᠴᠢᠰᠤ ᠤᠷᠤᠰᠴᠤ ᠠᠯᠲᠠᠨ ᠠᠮᠢ ᠠᠯᠳᠠᠭᠳᠠᠭᠰᠠᠨ ᠤ᠋ ᠨᠢᠭᠡᠨ ᠨᠢ ᠲᠠᠮᠢᠷ ᠤ᠋ᠨ ᠭᠣᠣᠯ ᠳ᠋ᠤ᠌ ᠠᠯᠢᠶ᠎ᠠ ᠫᠧᠲ᠋ᠷ ᠭᠡᠵᠦ ᠨᠡᠷᠡᠲᠡᠢ ᠶᠠᠪᠤᠭᠰᠠᠨ ᠪᠥᠭᠡᠳ ᠬᠣᠵᠢᠮ ᠤᠯᠠᠭᠠᠨ ᠠᠷᠮᠢ ᠶ᠋ᠢᠨ ᠨᠢᠭᠡᠨ ᠠᠩᠭᠢ ᠶ᠋ᠢᠨ ᠺᠣᠮᠢᠰᠰᠠᠷ ᠪᠠᠢᠭᠰᠠᠨ ᠡᠭᠡᠯ ᠨᠢᠭᠡᠨ ᠣᠷᠣᠰ ᠪᠢᠯᠡ᠃
  ᠡᠨᠡ ᠬᠥᠮᠦᠨ ᠦ᠌ ᠱᠠᠷᠢᠯ ᠢ᠋ ᠰᠠᠩ ᠪᠡᠢᠰᠡ ᠶ᠋ᠢᠨ ᠬᠦᠷᠢᠶᠡᠨ ᠡᠴᠡ ᠬᠣᠢᠰᠢ ᠨᠢᠭᠡᠨ ᠵᠢᠵᠢᠭ ᠲᠣᠯᠣᠭᠠᠢ ᠳᠡᠭᠡᠷ᠎ᠡ ᠣᠷᠣᠰᠢᠭᠤᠯᠵᠤ ᠲᠡᠨᠳᠡ ᠪᠠᠢᠭᠰᠠᠨ ᠬᠥᠮᠦᠰ ᠨᠢᠭᠡ ᠨᠢᠭᠡ ᠴᠢᠯᠠᠭᠤ ᠲᠠᠯᠪᠢᠭᠰᠠᠨ ᠨᠢ ᠲᠣᠮᠣ ᠣᠪᠣᠭ᠎ᠠ ᠪᠣᠰᠴᠠᠢ᠃