ᠲᠤᠩᠭᠠᠯᠠᠭ ᠲᠠᠮᠢᠷ1-02-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠡᠷ᠎ᠡ ᠬᠥᠮᠦᠨ᠂ ᠡᠷ᠎ᠡ ᠬᠥᠮᠦᠨ ᠳ᠋ᠡᠭᠡᠨ ᠬᠠᠢᠷᠠᠲᠠᠢ》 - ᠨᠢᠭᠡᠳᠦᠭᠡᠷ ᠪᠦᠯᠦᠭ ᠬᠣᠶᠠᠷ
ᠡᠷᠳᠡᠨᠢ᠂ ᠬᠠᠷᠢ ᠨᠤᠲᠤᠭ ᠲᠤ᠌ ᠶᠠᠪᠠᠭᠠᠷᠠᠭᠰᠠᠨ ᠭᠤᠨᠢᠭᠲᠤ ᠰᠥᠨᠢ ᠶ᠋ᠢᠨ ᠤᠷᠢᠳᠤᠬᠢ ᠥᠷᠯᠥᠭᠡ ᠲᠠᠮᠢᠷ ᠤ᠋ᠨ ᠬᠥᠨᠳᠡᠢ ᠳ᠋ᠦ᠍ ᠥᠭᠡᠷ᠎ᠡ ᠨᠢᠭᠡᠨ ᠬᠡᠷᠡᠭ ᠭᠠᠷᠴᠠᠢ᠃
ᠡᠮᠦᠨᠡᠭᠦᠷ ᠢ᠋ᠶ᠋ᠡᠨ ᠭᠠᠷᠤᠭᠰᠠᠨ ᠢᠯᠠᠭ᠎ᠠ ᠶ᠋ᠢ ᠡᠮᠬᠦᠬᠦ ᠭᠡᠳ ᠴᠢᠳᠠᠯ ᠦᠭᠡᠢ ᠠᠩᠭᠠᠢᠬᠤ ᠬᠣᠴᠣᠷᠤᠭᠰᠠᠨ ᠰᠢᠪᠠᠭᠤᠨ ᠤ᠋ ᠠᠮᠠ ᠰᠢᠭ᠋ ᠭᠣᠣᠯ ᠤ᠋ᠨ ᠪᠠᠷᠠᠭᠤᠨ ᠲᠠᠯ᠎ᠠ ᠤᠷᠤᠭᠤ ᠬᠣᠢᠨ᠎ᠠ ᠡᠴᠡ ᠰᠢᠭᠠᠵᠤ ᠣᠷᠣᠭᠰᠠᠨ ᠤᠷᠲᠤ ᠠᠮᠠ ᠶ᠋ᠢᠨ ᠠᠳᠠᠭ᠂ ᠥᠷᠭᠡᠨ ᠳᠡᠨᠵᠢ ᠳᠡᠭᠡᠷ᠎ᠡ ᠳᠤᠮᠳᠠ ᠪᠠᠨ ᠬᠣᠨᠢᠨ ᠤ᠋ ᠬᠠᠰᠢᠶ᠎ᠠ ᠲᠠᠢ ᠴᠢᠮᠳᠠᠮᠤᠨᠢᠯᠠᠨ ᠪᠠᠭᠤᠭᠰᠠᠨ ᠭᠤᠷᠪᠠᠨ ᠭᠡᠷ ᠬᠣᠲᠠ ᠠᠢᠯ ᠬᠠᠷᠠᠭᠳᠠᠨ᠎ᠠ᠃
ᠪᠠᠷᠠᠭᠤᠨ ᠡᠮᠦᠨᠡᠬᠢ ᠲᠣᠮᠣ ᠭᠡᠷ ᠡᠴᠡ ᠬᠥᠬᠡ ᠳᠠᠯᠢᠩᠪᠤ ᠳᠡᠪᠡᠯ ᠲᠡᠢ᠂ ᠬᠠᠭᠤᠴᠢᠪᠲᠤᠷ ᠯᠤᠤᠴᠢᠨ ᠭᠤᠲᠤᠯ ᠡᠮᠦᠰᠦᠭᠰᠡᠨ᠂ ᠰᠡᠢᠯᠦᠮᠡᠯ ᠲᠡᠮᠦᠷ ᠬᠡᠲᠡ ᠪᠠᠯ ᠲᠠᠢ᠂ ᠤᠢᠰᠤᠨ ᠡᠰᠢ ᠲᠡᠢ ᠬᠢᠲᠤᠭ᠎ᠠ ᠵᠡᠭᠦᠭᠰᠡᠨ᠂ ᠭᠢᠯᠠᠯᠵᠠᠭᠰᠠᠨ ᠳᠤᠭᠤᠢ ᠪᠣᠷᠣ ᠴᠢᠷᠠᠢ ᠲᠠᠢ᠂ ᠲᠣᠭᠲᠠᠵᠤ ᠶᠠᠳᠠᠭᠰᠠᠨ ᠳᠠᠪᠬᠤᠷ ᠠᠯᠠᠭ ᠬᠤᠷᠴᠠ ᠨᠢᠳᠦ ᠲᠡᠢ᠂ ᠪᠦᠳᠦᠭᠦᠨ ᠬᠠᠷ᠎ᠠ ᠭᠡᠵᠢᠭᠡ ᠲᠡᠢ ᠬᠥᠮᠦᠨ ᠭᠠᠷᠴᠤ ᠢᠷᠡᠭᠡᠳ ᠳᠥᠩᠭᠡᠵᠢ ᠲᠡᠮᠳᠡᠭ ᠣᠷᠣᠵᠤ ᠪᠠᠢᠭ᠎ᠠ ᠦᠷ ᠦ᠋ᠨ ᠭᠡᠭᠡᠨ ᠳ᠋ᠦ᠍ ᠳᠥᠷᠪᠡᠨ ᠵᠦᠭ ᠨᠢᠮᠡᠨ ᠵᠣᠪᠬᠢᠰ ᠢ᠋ ᠠᠵᠢᠭᠯᠠᠨ ᠵᠣᠭᠰᠣᠪᠠ᠃
ᠡᠨᠡ ᠬᠥᠮᠦᠨ ᠢ᠋ ᠢᠲᠡᠭᠡᠯᠲᠦ ᠭᠡᠳᠡᠭ᠃ ᠣᠳᠣ ᠭᠤᠴᠢᠨ ᠬᠣᠶᠠᠷ ᠨᠠᠰᠤᠲᠠᠢ ᠢᠲᠡᠭᠡᠯᠲᠦ ᠶᠠᠮᠠᠷ ᠴᠤ᠌ ᠢᠵᠠᠭᠤᠷ ᠤᠭᠰᠠᠭ᠎ᠠ ᠦᠭᠡᠢ᠃ ᠡᠴᠢᠭᠡ ᠡᠴᠡ ᠤᠯᠠᠮᠵᠢᠯᠠᠭᠰᠠᠨ ᠥᠪ ᠬᠥᠷᠥᠩᠭᠡ ᠪᠠᠭ᠎ᠠ ᠪᠣᠯᠪᠠᠴᠤ ᠬᠠᠢᠷᠭᠤ ᠴᠢᠯᠠᠭᠤ ᠮᠡᠷᠡᠬᠦ ᠡᠴᠡ ᠪᠤᠰᠤᠳ ᠢ᠋ ᠬᠢᠵᠦ ᠪᠠᠢᠭᠠᠳ ᠯᠤᠤ ᠬᠦᠩ ① ᠦ᠋ᠨ ᠬᠤᠰᠢᠭᠤᠨ ᠤ᠋ ᠲᠡᠷᠢᠭᠦᠨ ᠪᠠᠶᠠᠨ ᠤ᠋ ᠨᠢᠭᠡ ᠪᠣᠯᠵᠠᠢ᠃ ᠠᠷᠪᠠᠨ ᠶᠢᠰᠦᠨ ᠨᠠᠰᠤᠨ ᠳ᠋ᠠᠭᠠᠨ ᠳᠠᠯᠠᠢ᠌ᠴᠣᠢ᠌ᠩᠬᠤᠷ ② ᠸᠠᠩ ᠤ᠋ᠨ ᠯᠤᠪᠰᠠᠩ ᠲᠠᠢᠵᠢ ᠶ᠋ᠢᠨ ᠥᠬᠢᠨ ᠢ᠋ ᠶᠣᠰᠣᠯᠠᠨ ᠠᠪᠴᠤ ᠥᠮᠴᠢᠨ ᠳ᠋ᠦ᠍ᠨᠢ ᠣᠪᠣᠭ᠎ᠠ ᠮᠠᠯ ᠠᠪᠤᠭᠰᠠᠨ ᠨᠢ ᠬᠥᠷᠥᠩᠭᠡᠵᠢᠬᠦ ᠶ᠋ᠢᠨ ᠡᠬᠢ ᠰᠤᠷᠪᠤᠯᠵᠢ ᠪᠣᠯᠵᠠᠢ᠃ ᠭᠠᠳᠠᠨ᠎ᠠ ᠪᠠᠨ ᠴᠥᠭᠡᠨ ᠮᠠᠯ ᠪᠠᠢᠯᠭᠠᠵᠤ ᠪᠤᠰᠤᠳ ᠢ᠋ ᠬᠡᠳᠦᠨ ᠬᠤᠰᠢᠭᠤᠨ ᠤ᠋ ᠶᠠᠳᠠᠭᠤᠴᠤᠳ ᠲᠤ᠌ ᠰᠠᠭᠤᠷᠢᠯᠠᠨ ᠥᠭᠴᠦ ᠬᠠᠷᠢᠭᠤᠯᠤᠭᠤᠯᠳᠠᠭ ᠠᠵᠢ᠃
ᠢᠲᠡᠭᠡᠯᠲᠦ ᠶ᠋ᠢᠨ ᠪᠦᠯᠢ ᠭᠡᠪᠡᠯ ᠡᠬᠡᠨᠡᠷ ᠳᠤᠯᠵᠢᠨ᠂ ᠠᠷᠪᠠᠨ ᠨᠠᠰᠤᠲᠠᠢ ᠬᠦᠦ ᠬᠣᠩᠭᠣᠷ᠂ ᠳᠣᠯᠣᠭᠠᠨ ᠨᠠᠰᠤᠲᠠᠢ ᠥᠬᠢᠨ ᠰᠣᠯᠣᠩᠭ᠎ᠠ ᠡᠢᠮᠦ ᠳᠥᠷᠪᠡᠨ ᠬᠠᠯᠠᠭᠤᠨ ᠠᠮᠢ ᠪᠢᠯᠡ᠃ ᠢᠲᠡᠭᠡᠯᠲᠦ ᠦᠷ ᠦ᠋ᠨ ᠭᠡᠭᠡ ᠴᠠᠢᠬᠤ ᠡᠴᠡ ᠡᠬᠢᠯᠡᠭᠡᠳ ᠦᠳᠡᠰᠢ ᠶ᠋ᠢᠨ ᠪᠦᠷᠦᠩᠬᠦᠢ ᠪᠣᠯᠲᠠᠯ᠎ᠠ ᠪᠣᠷᠪᠢ ᠪᠣᠬᠢᠰᠬᠢᠬᠦ ᠦᠭᠡᠢ ᠶᠠᠭᠤᠮ᠎ᠠ ᠬᠢᠵᠦ ᠪᠠᠢᠳᠠᠭ᠃ ᠬᠠᠪᠢ ᠣᠢᠷ᠎ᠠ ᠶ᠋ᠢᠨ ᠬᠥᠮᠦᠰ ᠢ᠋ᠶ᠋ᠡᠨ ᠴᠦ᠍ ᠶᠠᠭ ᠲᠡᠢᠮᠦ ᠪᠠᠢᠯᠭᠠᠬᠤ ᠶ᠋ᠢ ᠬᠢᠴᠢᠶᠡᠳᠡᠭ᠃ ᠡᠨᠡ ᠴᠦ᠍ ᠤᠴᠢᠷ ᠡᠴᠡ ᠡᠬᠡᠨᠡᠷ ᠳᠤᠯᠵᠢᠨ ᠨᠢ ᠪᠤᠰᠤᠳ ᠡᠴᠡ ᠲᠦᠷᠦᠭᠦᠨ ᠳ᠋ᠦ᠍ ᠪᠣᠰᠤᠭᠠᠳ᠂ ᠪᠤᠰᠤᠳ ᠡᠴᠡ ᠲᠦᠷᠦᠭᠦᠨ ᠳ᠋ᠦ᠍ ᠦᠨᠢᠶ᠎ᠡ ᠪᠡᠨ ᠰᠠᠭᠠᠵᠤ ᠪᠡᠯᠴᠢᠭᠡᠳᠡᠭ ᠵᠠᠩᠰᠢᠯ ᠲᠠᠢ᠃ ᠬᠡᠷᠪᠡ ᠠᠯᠢ ᠨᠢᠭᠡᠨ ᠠᠢᠯ ᠡᠴᠡ ᠬᠣᠵᠢᠮᠳᠠᠪᠠᠯ ᠲᠡᠷᠡ ᠡᠳᠦᠷ ᠲᠡᠭᠡᠨ ᠳᠠᠭᠤ ᠱᠣᠣ ᠦᠭᠡᠢ ᠠᠭᠤᠷᠯᠠᠨ ᠶᠠᠪᠤᠳᠠᠭ᠃ ᠡᠨᠡ ᠵᠠᠩ ᠢ᠋ ᠨᠢ ᠮᠡᠳᠡᠳᠡᠭ ᠵᠠᠷᠤᠴᠠ ᠨᠠᠷ ᠨᠢ ᠶᠡᠬᠡ ᠭᠡᠷ ᠦ᠋ᠨ ᠴᠠᠢ ᠶ᠋ᠢᠨ ᠣᠭᠣᠷ ᠳᠤᠤᠭᠠᠷᠬᠤ ᠡᠴᠡ ᠨᠠᠰᠢ ᠪᠣᠰᠳᠠᠭ ᠦᠭᠡᠢ᠃
ᠢᠲᠡᠭᠡᠯᠲᠦ ᠬᠡᠰᠡᠭ ᠵᠣᠭᠰᠣᠵᠤ᠂ ᠬᠡᠳᠦ ᠳᠠᠬᠢᠨ ᠰᠤᠨᠢᠶᠠᠪᠠ᠃
᠊᠊᠊᠊᠊᠊᠊᠊᠊᠊᠊᠊᠊᠊᠊ ᠳᠤᠯᠵᠢᠨ ᠠ᠋᠂ ᠬᠦᠦ ᠶ᠋ᠢ ᠪᠣᠰᠬᠠᠭᠠᠤᠨ ᠦᠨᠢᠶᠡᠨ ᠳ᠋ᠦ᠍ ᠶᠠᠪᠤᠭᠤᠯ᠃ ᠰᠠᠢᠬᠠᠨ ᠡᠳᠦᠷ ᠪᠣᠯᠬᠤ ᠨᠢ ᠭᠡᠵᠦ ᠨᠠᠷᠢᠬᠠᠨ ᠴᠠᠷᠭᠢᠶ᠎ᠠ ᠳᠠᠭᠤ ᠪᠠᠷ ᠬᠡᠯᠡᠭᠡᠳ ᠬᠣᠢᠲᠤ ᠭᠡᠷ ᠤᠷᠤᠭᠤ ᠭᠦᠶᠦᠨ ᠣᠴᠢᠵᠤ ᠡᠷᠦᠬᠡ ᠶ᠋ᠢ ᠲᠠᠲᠠᠭᠠᠳ᠂
᠊᠊᠊᠊᠊᠊᠊᠊᠊᠊᠊᠊᠊᠊᠊ ᠳᠤᠯᠮ᠎ᠠ ᠠ᠋᠂ ᠪᠣᠰᠪᠠᠯ ᠳᠡᠭᠡᠷ᠎ᠡ ᠪᠠᠢᠬ᠎ᠠ ᠭᠡᠳ ᠵᠡᠭᠦᠨ ᠭᠡᠷ ᠤᠷᠤᠭᠤ ᠠᠯᠬᠤᠲᠠᠯ᠎ᠠ ᠭᠡᠷ ᠡᠴᠡ ᠠᠬᠢᠮᠠᠭ ᠨᠠᠰᠤᠨ ᠤ᠋ ᠠᠪᠠᠭᠠᠢ ᠭᠠᠷᠴᠤ ᠢᠷᠡᠭᠡᠳ ᠡᠷᠦᠬᠡ ᠪᠡᠨ ᠲᠠᠲᠠᠯ᠎ᠠ᠃ ᠬᠣᠢᠲᠤ ᠵᠢᠵᠢᠭ ᠭᠡᠷ ᠲᠦ᠍ ᠢᠲᠡᠭᠡᠯᠲᠦ ᠶ᠋ᠢᠨ ᠠᠳᠤᠭᠤᠴᠢᠨ ᠭᠠᠯᠰᠠᠩ᠂ ᠡᠬᠡᠨᠡᠷ ᠳᠤᠯᠮ᠎ᠠ ᠶ᠋ᠢᠨ ᠬᠠᠮᠲᠤ ᠪᠠᠢᠳᠠᠭ᠃ ᠵᠡᠭᠦᠨ ᠭᠡᠷ ᠲᠦ᠍ ᠬᠣᠨᠢᠴᠢᠨ ᠨᠢᠮ᠎ᠠ᠂ ᠡᠬᠡᠨᠡᠷ ᠬᠡᠰᠢᠭᠲᠦ᠂ ᠵᠢᠷᠭᠤᠭᠠᠨ ᠨᠠᠰᠤᠲᠠᠢ ᠥᠬᠢᠨ ᠰᠦᠷᠦᠩ ᠦ᠋ᠨ ᠬᠠᠮᠲᠤ ᠪᠠᠢᠳᠠᠭ᠃
ᠢᠲᠡᠭᠡᠯᠲᠦ ᠶ᠋ᠢᠨ ᠨᠢᠷᠤᠭᠤ ᠨᠠᠮᠬᠠᠨ᠂ ᠲᠤᠷᠠᠩᠬᠠᠢ ᠪᠣᠯᠪᠠᠴᠤ᠂ ᠪᠤᠯᠴᠢᠩ ᠰᠢᠷᠪᠥᠰᠥ ᠪᠣᠯᠤᠭᠰᠠᠨ ᠪᠡᠶ᠎ᠡ ᠨᠢ ᠭᠦᠶᠦᠵᠦ᠂ ᠦᠰᠦᠷᠴᠦ ᠶᠠᠪᠤᠬᠤ ᠪᠠᠷ ᠵᠣᠷᠢᠭᠤᠳᠠ ᠵᠠᠶᠠᠭᠠᠭᠳᠠᠭᠰᠠᠨ ᠮᠡᠲᠦ ᠪᠥᠭᠡᠳ ᠨᠤᠲᠤᠭ ᠤ᠋ᠨ ᠬᠢᠨ ᠨᠢ 《ᠳᠡᠪᠬᠡᠷᠭᠡ ᠢᠲᠡᠭᠡᠯᠲᠦ》 ᠭᠡᠵᠦ ᠬᠣᠴᠢᠯᠠᠳᠠᠭ᠃ ᠢᠲᠡᠭᠡᠯᠲᠦ ᠱᠣᠭᠰᠢᠭᠰᠠᠭᠠᠷ ᠭᠡᠷ ᠦ᠋ᠨ ᠢ᠋ᠶ᠋ᠡᠨ ᠭᠠᠳᠠᠨ᠎ᠠ ᠣᠴᠢᠬᠤ ᠳ᠋ᠤ᠌ ᠬᠦᠦ ᠬᠣᠩᠭᠣᠷ ᠨᠢ ᠨᠢᠳᠦ ᠪᠡᠨ ᠨᠤᠬᠤᠯᠠᠨ ᠭᠠᠷᠴᠤ ᠢᠷᠡᠪᠡ᠃
᠊᠊᠊᠊᠊᠊᠊᠊᠊᠊᠊᠊᠊᠊᠊《ᠮᠠᠭᠤ ᠬᠥᠮᠦᠨ ᠦ᠌ ᠨᠣᠢᠷ᠂ ᠮᠤᠯᠭᠤᠤ ᠬᠥᠮᠦᠨ ᠦ᠌ ᠰᠢᠯᠦᠰᠦ》ᠭᠡᠭᠴᠢ ᠪᠡᠷ ᠨᠣᠢᠷᠮᠤᠭᠯᠠᠭᠠᠳ᠂ ᠵᠠᠶᠠᠭ᠎ᠠ ᠨᠢ ᠣᠷᠬᠢᠭᠰᠠᠨ ᠲᠠᠷᠢᠬᠢ᠃ ᠪᠤᠰᠢᠭᠤᠬᠠᠨ ᠦᠨᠢᠶ᠎ᠡ ᠪᠡᠨ ᠬᠤᠷᠢᠶᠠᠭᠠᠳ ᠢᠷ᠎ᠡ ᠭᠡᠵᠦ ᠲᠡᠷᠲᠡᠭᠡ ᠬᠣᠢᠲᠤ ᠡᠩᠭᠡᠷ ᠲᠦ᠍ ᠢᠳᠡᠬᠦ ᠨᠢ ᠢᠳᠡᠵᠦ᠂ ᠬᠡᠪᠲᠡᠬᠦ ᠨᠢ ᠬᠡᠪᠲᠡᠵᠦ ᠪᠠᠢᠭ᠎ᠠ ᠰᠠᠷᠯᠤᠭ ᠬᠠᠢᠨᠤᠭ ᠭᠣᠣᠯᠳᠠᠭᠤ ᠦᠬᠡᠷ ᠤᠷᠤᠭᠤ ᠵᠢᠭᠠᠪᠠ᠃
ᠬᠣᠩᠭᠣᠷ ᠪᠤᠷᠭᠠᠰᠤᠨ ᠰᠢᠯᠪᠢᠭᠦᠷ ᠠᠪᠴᠤ ᠮᠣᠷᠳᠠᠨ ᠭᠦᠶᠦᠬᠦ ᠭᠡᠬᠦ ᠳ᠋ᠦ᠍ᠨᠢ 《ᠮᠣᠳᠣ ᠪᠢᠲᠡᠭᠡᠢ ᠤᠨᠤ᠂ ᠵᠠᠶᠠᠭ᠎ᠠ ᠨᠢ ᠣᠷᠬᠢᠭᠰᠠᠨ ᠲᠠᠷᠢᠬᠢ》 ᠭᠡᠵᠦ ᠡᠴᠢᠭᠡ ᠨᠢ ᠵᠢᠮᠡᠯᠡᠨ ᠵᠣᠭᠰᠣᠭᠠᠪᠠ᠃
ᠢᠲᠡᠭᠡᠯᠲᠦ᠂ ᠲᠠᠮᠢᠷ ᠤ᠋ᠨ ᠨᠥᠭᠦᠭᠡ ᠲᠠᠯ᠎ᠠ ᠶ᠋ᠢᠨ ᠮᠣᠳᠣ ᠲᠠᠢ ᠠᠭᠤᠯᠠ ᠶ᠋ᠢᠨ ᠠᠷᠤ ᠳ᠋ᠤ᠌ ᠢᠳᠡᠵᠦ ᠪᠠᠢᠭ᠎ᠠ ᠬᠣᠶᠠᠷ ᠮᠣᠷᠢ ᠶ᠋ᠢ ᠠᠵᠢᠭᠯᠠᠨ ᠬᠠᠷᠠᠭᠰᠠᠨ ᠢ᠋ᠶ᠋ᠠᠨ ᠰᠢᠭᠤᠳ ᠶᠠᠪᠤᠵᠤ ᠬᠣᠨᠢᠨ ᠤ᠋ ᠬᠠᠰᠢᠶ᠎ᠠ ᠪᠠᠨ ᠨᠡᠭᠡᠭᠡᠪᠡ᠃
ᠡᠨᠡ ᠦᠶ᠎ᠡ ᠳ᠋ᠦ᠍ ᠨᠢᠮ᠎ᠠ ᠪᠦᠰᠡ ᠪᠡᠨ ᠪᠦᠰᠡᠯᠡᠭᠰᠡᠭᠡᠷ ᠢᠷᠡᠭᠡᠳ᠄ 《ᠰᠠᠢᠬᠠᠨ ᠤᠨᠲᠠᠪᠠ ᠤᠤ? ᠤᠯᠤᠰ ᠪᠢᠳᠡ ᠬᠣᠶᠠᠷ ᠢ᠋ ᠬᠡᠨ ᠨᠢ ᠪᠠᠶᠠᠨ ᠢᠲᠡᠭᠡᠯᠲᠦ᠂ ᠬᠡᠨ ᠨᠢ ᠬᠣᠨᠢᠴᠢᠨ ᠨᠢᠮ᠎ᠠ ᠭᠡᠳᠡᠭ ᠢ᠋ ᠳᠠᠭᠠᠵᠤ ᠣᠯᠬᠤ ᠭᠡᠵᠦ ᠵᠦᠳᠡᠷᠡᠳᠡᠭ ᠪᠣᠯᠤᠯᠲᠠᠢ》 ᠭᠡᠵᠦ ᠪᠦᠳᠦᠭᠦᠨ ᠫᠠᠷᠭᠢᠶ᠎ᠠ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠳᠠᠭᠠᠵᠤ ᠯᠠ ᠪᠠᠢᠭ ᠭᠡᠳ ᠢᠲᠡᠭᠡᠯᠲᠦ ᠬᠣᠭᠣᠯᠠᠢ ᠳ᠋ᠠᠭᠠᠨ ᠵᠠᠯᠢ ᠲᠠᠢ ᠢᠨᠢᠶᠡᠭᠰᠡᠨ ᠢ᠋ᠶ᠋ᠡᠨ 《ᠨᠢᠮ᠎ᠠ ᠭᠤᠸᠠᠢ᠂ ᠫᠦᠷᠪᠦ ᠲᠠᠢᠵᠢ ᠶ᠋ᠢᠨ ᠠᠳᠤᠭᠤᠴᠢᠨ ᠤ᠋ ᠰᠤᠷᠠᠭᠯᠠᠵᠤ ᠶᠠᠪᠤᠭᠰᠠᠨ ᠬᠣᠶᠠᠷ ᠲᠡᠷᠡ ᠪᠠᠢᠨ᠎ᠠ》 ᠭᠡᠵᠦ ᠨᠥᠭᠦᠭᠡ ᠬᠣᠶᠠᠷ ᠮᠣᠷᠢ ᠶ᠋ᠢ ᠵᠢᠭᠠᠪᠠ᠃
᠊᠊᠊᠊᠊᠊᠊᠊᠊᠊᠊᠊᠊᠊᠊ ᠪᠠᠷᠢᠵᠤ ᠠᠪᠤᠭᠠᠳ᠂ ᠢᠷᠡᠵᠦ ᠠᠪᠲᠠᠯ᠎ᠠ ᠨᠢ ᠬᠣᠨᠢᠨ ᠳ᠋ᠤ᠌ ᠲᠠᠯᠬᠢᠵᠤ ᠣᠷᠬᠢᠬᠤ ᠶᠤᠮᠰᠠᠨ ᠭᠡᠵᠦ ᠢᠲᠡᠭᠡᠯᠲᠦ ᠶ᠋ᠢᠨ ᠪᠣᠳᠣᠯ ᠢ᠋ ᠳᠠᠭᠠᠭᠰᠠᠨ ᠮᠡᠲᠦ ᠨᠢᠮ᠎ᠠ ᠬᠡᠯᠡᠪᠡ᠃
᠊᠊᠊᠊᠊᠊᠊᠊᠊᠊᠊᠊᠊᠊᠊ ᠠᠳᠤᠭᠤ ᠢᠷᠡᠬᠦ ᠪᠡᠷ ᠲᠠ ᠮᠣᠷᠳᠠᠭᠠᠳ ᠬᠥᠭᠡᠭᠡᠭᠡᠳ ᠢᠷ᠎ᠡ ᠯᠡ ᠳᠡ᠂ ᠣᠷᠣᠵᠤ ᠠᠢᠷᠠᠭ ᠤᠤᠭᠤᠶ᠎ᠠ ᠭᠡᠳ ᠢᠲᠡᠭᠡᠯᠲᠦ ᠭᠡᠷ ᠦ᠋ᠨ ᠢ᠋ᠶ᠋ᠡᠨ ᠵᠦᠭ ᠶᠠᠪᠤᠬᠤ ᠳ᠋ᠤ᠌ ᠨᠢᠮ᠎ᠠ ᠳᠠᠭᠠᠪᠠ᠃ ;
ᠬᠣᠩᠭᠣᠷ ᠬᠦᠦ ᠭᠦᠶᠦᠭᠰᠡᠭᠡᠷ ᠭᠦᠨ ᠵᠢᠯᠠᠭᠠᠨ ᠤ᠋ ᠡᠬᠢ ᠪᠡᠷ ᠭᠠᠷᠬᠤ ᠭᠡᠲᠡᠯ᠎ᠡ ᠢᠷᠣᠭᠠᠯ ᠳ᠋ᠤ᠌ ᠶᠠᠮᠠᠷ ᠨᠢᠭᠡᠨ ᠳᠠᠭᠤ ᠭᠠᠷᠬᠤ ᠳ᠋ᠤ᠌ ᠵᠣᠭ ᠲᠣᠰᠣᠨ ᠵᠣᠭᠰᠣᠵᠤ ᠬᠠᠷᠠᠯ᠎ᠠ᠃
᠊᠊᠊᠊᠊᠊᠊᠊᠊᠊᠊᠊᠊᠊᠊ ᠳᠡᠭᠦᠦ ᠮᠢᠨᠢ ᠭᠦᠶᠦᠭᠡᠳ ᠢᠷ᠎ᠡ ᠭᠡᠵᠦ ᠲᠡᠷᠲᠡᠭᠡ ᠳᠣᠣᠷ᠎ᠠ ᠡᠴᠡ ᠪᠦᠳᠦᠭᠦᠨ ᠳᠠᠭᠤ ᠲᠠᠢ ᠬᠥᠮᠦᠨ ᠳᠤᠤᠭᠠᠷᠪᠠ᠃ ᠠᠵᠢᠭᠯᠠᠪᠠᠯ ᠲᠡᠷᠡ ᠳᠣᠣᠷ᠎ᠠ ᠬᠥᠮᠦᠨ ᠭᠡᠬᠦ ᠳ᠋ᠦ᠍ ᠴᠦ᠍ ᠪᠡᠷᠬᠡ᠂ ᠪᠢᠰᠢ ᠭᠡᠬᠦ ᠳ᠋ᠦ᠍ ᠴᠦ᠍ ᠪᠡᠷᠬᠡ ᠨᠢᠭᠡ ᠶᠠᠭᠤᠮ᠎ᠠ ᠬᠥᠳᠡᠯᠵᠦ ᠪᠠᠢᠪᠠ᠃
᠊᠊᠊᠊᠊᠊᠊᠊᠊᠊᠊᠊᠊᠊᠊ ᠳᠡᠭᠦᠦ ᠮᠢᠨᠢ ᠪᠢᠲᠡᠭᠡᠢ ᠠᠶᠤ᠃ ᠠᠬ᠎ᠠ ᠨᠢ ᠨᠢᠭᠡ ᠶᠠᠳᠠᠷᠠᠭᠰᠠᠨ ᠬᠥᠮᠦᠨ ᠪᠠᠢᠨ᠎ᠠ ᠭᠡᠵᠦ ᠫᠠᠷᠭᠢᠭᠰᠠᠨ ᠳᠠᠭᠤ ᠪᠠᠷ ᠬᠡᠯᠡᠬᠦ ᠳ᠋ᠦ᠍ ᠬᠣᠩᠭᠣᠷ ᠵᠢᠯᠠᠭ᠎ᠠ ᠤᠷᠤᠭᠤ ᠣᠷᠣᠵᠤ ᠣᠢᠷᠠᠲᠤᠨ ᠣᠴᠢᠪᠠ᠃
᠊᠊᠊᠊᠊᠊᠊᠊᠊᠊᠊᠊᠊᠊᠊ ᠠᠬ᠎ᠠ ᠠ᠋᠂ ᠲᠠ ᠬᠥᠮᠦᠨ ᠤᠤ? ᠭᠡᠵᠦ ᠲᠣᠯᠣᠭᠠᠢ ᠪᠠᠨ ᠳᠠᠯᠵᠢᠢᠯᠭᠠᠨ᠂ ᠨᠢᠳᠦ ᠪᠡᠨ ᠵᠢᠷᠲᠠᠢᠯᠭᠠᠨ ᠰᠢᠷᠲᠡᠵᠦ ᠪᠠᠢᠭᠠᠳ ᠠᠰᠠᠭᠤᠪᠠ᠃
᠊᠊᠊᠊᠊᠊᠊᠊᠊᠊᠊᠊᠊᠊᠊ ᠪᠢ ᠬᠥᠮᠦᠨ᠃ ᠳᠡᠭᠦᠦ ᠮᠢᠨᠢ ᠬᠦᠷᠦᠭᠡᠳ ᠢᠷ᠎ᠡ᠃ ;
ᠲᠡᠷᠡ ᠪᠣᠯ ᠠᠷᠭ᠎ᠠ ᠦᠭᠡᠢ ᠯᠡ ᠬᠥᠮᠦᠨ ᠪᠠᠢᠯ᠎ᠠ᠃ ᠴᠢᠩᠭᠢᠬᠦ ᠳ᠋ᠡᠭᠡᠨ ᠬᠣᠶᠠᠷ ᠭᠠᠷ ᠦᠭᠡᠢ ᠬᠥᠮᠦᠨ ᠬᠡᠪᠲᠡᠵᠦ ᠪᠠᠢᠪᠠ᠃ ᠭᠬᠢᠷ ᠬᠥᠯᠥᠰᠥᠨ ᠳ᠋ᠦ᠍ ᠪᠠᠷᠢᠭᠳᠠᠵᠤ᠂ ᠦᠰᠦ ᠰᠠᠬᠠᠯ ᠨᠢ ᠣᠷᠭᠣᠭᠠᠳ ᠡᠷᠭᠢ ᠮᠥᠷᠭᠥᠵᠦ ᠪᠠᠢᠭᠠᠳ ᠭᠠᠷᠤᠭᠰᠠᠨ ᠰᠠᠷᠯᠤᠭ ᠤ᠋ᠨ ᠪᠤᠬ᠎ᠠ ᠰᠢᠭ᠋ ᠪᠣᠯᠤᠭᠰᠠᠨ ᠲᠡᠷᠡ ᠬᠥᠮᠦᠨ ᠦ᠌ ᠨᠢᠭᠤᠷ ᠲᠤ᠌ ᠬᠣᠶᠠᠷ ᠨᠢᠳᠦ ᠭᠢᠯᠠᠯᠵᠠᠵᠤ ᠪᠠᠢᠯ᠎ᠠ᠃
᠊᠊᠊᠊᠊᠊᠊᠊᠊᠊᠊᠊᠊᠊᠊ ᠡᠷ᠎ᠡ ᠬᠥᠮᠦᠨ᠂ ᠡᠷ᠎ᠡ ᠬᠥᠮᠦᠨ ᠡᠴᠡ ᠪᠡᠨ ᠠᠶᠤᠬᠤ ᠬᠡᠷᠡᠭ ᠦᠭᠡᠢ ᠭᠡᠳ ᠲᠡᠷᠡ ᠬᠥᠮᠦᠨ ᠢᠨᠢᠶᠡᠮᠰᠦᠭᠯᠡᠪᠡ᠃
᠊᠊᠊᠊᠊᠊᠊᠊᠊᠊᠊᠊᠊᠊᠊ ᠪᠢ ᠠᠶᠤᠭ᠎ᠠ ᠦᠭᠡᠢ ᠭᠡᠳ ᠬᠦᠦ ᠡᠪ ᠦᠭᠡᠢ ᠶᠠᠭᠤᠮ᠎ᠠ ᠭᠠᠷᠪᠠᠯ ᠪᠤᠴᠠᠭᠠᠳ ᠵᠢᠭᠤᠳᠤᠬᠤ ᠳ᠋ᠤ᠌ ᠪᠡᠯᠡᠬᠡᠨ ᠠᠯᠭᠤᠷᠬᠠᠨ ᠣᠢᠷᠠᠳᠪᠠ᠃
ᠬᠠᠲᠠᠭᠰᠠᠨ ᠰᠢᠷᠢᠨ ᠬᠥᠨᠵᠢᠯᠡ ᠳᠣᠲᠣᠷ᠎ᠠ ᠵᠥᠪᠬᠡᠨ ᠲᠣᠯᠣᠭᠠᠢ ᠪᠠᠨ ᠭᠠᠷᠭᠠᠭᠠᠳ ᠬᠡᠪᠲᠡᠵᠦ ᠪᠠᠢᠭ᠎ᠠ ᠲᠡᠷᠡ ᠬᠥᠮᠦᠨ ᠦ᠌ ᠨᠢᠳᠦ ᠭᠢᠯᠠᠯᠵᠠᠨ᠂ ᠴᠡᠯᠮᠡᠭ ᠬᠥᠬᠡ ᠲᠡᠭᠷᠢ ᠥᠭᠡᠳᠡ ᠴᠠᠪᠴᠢᠯ ᠦᠭᠡᠢ ᠰᠢᠷᠳᠡᠵᠦ ᠪᠠᠢᠪᠠ᠃
᠊᠊᠊᠊᠊᠊᠊᠊᠊᠊᠊᠊᠊᠊᠊ ᠠᠬ᠎ᠠ ᠠ᠋᠂ ᠲᠠ ᠪᠣᠰ ᠯᠠ ᠳᠠ᠃
᠊᠊᠊᠊᠊᠊᠊᠊᠊᠊᠊᠊᠊᠊᠊ ᠠᠬ᠎ᠠ ᠨᠢ ᠪᠣᠰᠴᠤ ᠴᠢᠳᠠᠬᠤ ᠦᠭᠡᠢ᠃
᠊᠊᠊᠊᠊᠊᠊᠊᠊᠊᠊᠊᠊᠊᠊ ᠶᠠᠭᠠᠬᠢᠭᠠᠳ ᠪᠣᠰᠴᠤ ᠴᠢᠳᠠᠬᠤ ᠦᠭᠡᠢ ᠪᠠᠢᠭ᠎ᠠ ᠪᠣᠢ? ;
ᠲᠡᠷᠡ ᠬᠥᠮᠦᠨ ᠬᠡᠰᠡᠭ ᠳᠠᠭᠤ ᠦᠭᠡᠢ ᠪᠣᠯᠵᠤ᠂ ᠨᠢᠳᠦᠨ ᠦ᠌ ᠪᠡᠨ ᠪᠤᠯᠤᠩ ᠢ᠋ᠶ᠋ᠠᠷ ᠬᠣᠩᠭᠣᠷ ᠢ᠋ ᠰᠢᠷᠲᠡᠪᠡ᠃
᠊᠊᠊᠊᠊᠊᠊᠊᠊᠊᠊᠊᠊᠊᠊ ᠠᠬ᠎ᠠ ᠨᠢ ᠰᠢᠷᠢᠯᠡᠭᠳᠡᠭᠰᠡᠨ ᠬᠥᠮᠦᠨ᠃ ᠯᠤᠤ ᠬᠦᠩ ᠦ᠋ᠨ ᠲᠠᠮᠠᠭᠠᠨ ᠳᠡᠭᠡᠷ᠎ᠡ ᠡᠴᠡ ᠣᠷᠭᠣᠭᠠᠳ ᠠᠳᠠ ᠢᠷᠡᠯ᠎ᠡ᠃ ᠬᠥᠮᠦᠨ ᠮᠡᠳᠡᠪᠡᠯ ᠨᠠᠮᠢ᠋ᠢ ᠪᠠᠷᠢᠵᠤ ᠠᠪᠤᠭᠠᠳ ᠠᠯᠠᠨ᠎ᠠ᠃ ᠭᠡᠪᠡᠴᠦ ᠡᠷ᠎ᠡ ᠬᠥᠮᠦᠨ᠂ ᠡᠷ᠎ᠡ ᠬᠥᠮᠦᠨ ᠳ᠋ᠡᠭᠡᠨ ᠬᠠᠢᠷᠠᠲᠠᠢ ᠪᠠᠢᠳᠠᠭ ᠪᠣᠯᠬᠣᠷ ᠠᠬ᠎ᠠ ᠳ᠋ᠠᠭᠠᠨ ᠲᠤᠰᠠ ᠪᠣᠯᠬᠤ ᠪᠠᠢᠬ᠎ᠠ ᠭᠡᠵᠦ ᠢᠲᠡᠭᠡᠵᠦ ᠪᠠᠢᠨ᠎ᠠ ᠭᠡᠯᠡ᠃
《ᠡᠷ᠎ᠡ ᠬᠥᠮᠦᠨ᠂ ᠡᠷ᠎ᠡ ᠬᠥᠮᠦᠨ ᠳ᠋ᠡᠭᠡᠨ ᠬᠠᠢᠷᠠᠲᠠᠢ》 ᠭᠡᠳᠡᠭ ᠦᠭᠡ ᠬᠣᠩᠭᠣᠷ ᠤ᠋ᠨ ᠰᠡᠳᠬᠢᠯ ᠳ᠋ᠦ᠍ ᠬᠠᠷᠪᠤᠨ ᠣᠷᠣᠵᠤ᠂ ᠪᠠᠶᠠᠷ ᠲᠠᠢ ᠢᠨᠢᠶᠡᠮᠰᠦᠭᠯᠡᠨ᠂ ᠶᠡᠬᠡᠮᠰᠦᠭ ᠢ᠋ᠶ᠋ᠡᠷ ᠬᠣᠭᠣᠯᠠᠢ ᠪᠠᠨ ᠲᠦᠷᠢᠵᠦ ᠵᠠᠰᠠᠭᠠᠳ᠄
᠊᠊᠊᠊᠊᠊᠊᠊᠊᠊᠊᠊᠊᠊᠊ ᠪᠢ ᠲᠠᠨ ᠳ᠋ᠤ᠌ ᠶᠠᠭᠠᠬᠢᠵᠤ ᠲᠤᠰᠠ ᠪᠣᠯᠬᠤ ᠪᠣᠢ? ᠭᠡᠵᠦ ᠬᠢᠮᠡᠯ ᠪᠦᠳᠦᠭᠦᠨ ᠳᠠᠭᠤ ᠪᠠᠷ ᠠᠰᠠᠭᠤᠭᠠᠳ ᠬᠠᠵᠠᠭᠤ ᠳ᠋ᠤᠨᠢ ᠲᠤᠯᠵᠤ ᠣᠴᠢᠪᠠ᠃
᠊᠊᠊᠊᠊᠊᠊᠊᠊᠊᠊᠊᠊᠊᠊ ᠳᠡᠭᠦᠦ ᠮᠢᠨᠢ ᠬᠤᠷᠴᠠ ᠬᠢᠲᠤᠭ᠎ᠠ᠂ ᠴᠢᠳᠠᠪᠠᠯ ᠳᠡᠪᠡᠯ ᠬᠤᠪᠴᠠᠰᠤ᠂ ᠬᠠᠵᠠᠭᠠᠷ᠂ ᠢᠳᠡᠬᠦ ᠶᠠᠭᠤᠮ᠎ᠠ ᠠᠪᠴᠢᠷᠠ᠃ ᠬᠠᠷᠢᠨ ᠠᠬ᠎ᠠ ᠶ᠋ᠢ ᠪᠡᠨ ᠬᠡᠨ ᠳ᠋ᠦ᠍ ᠴᠦ᠍ ᠬᠡᠯᠡᠵᠦ ᠪᠣᠯᠬᠤ ᠦᠭᠡᠢ ᠭᠡᠳ ᠲᠡᠷᠡ ᠬᠥᠮᠦᠨ ᠢᠨᠢᠶᠡᠮᠰᠦᠭᠯᠡᠵᠦ ᠲᠣᠮᠣ ᠬᠠᠷ᠎ᠠ ᠨᠢᠳᠦ ᠪᠡᠨ ᠢᠷᠮᠡᠯᠡ᠃
᠊᠊᠊᠊᠊᠊᠊᠊᠊᠊᠊᠊᠊᠊᠊ ᠪᠢ ᠴᠦ᠍ ᠡᠷ᠎ᠡ ᠬᠥᠮᠦᠨ᠂ ᠲᠠ ᠴᠦ᠍ ᠡᠷ᠎ᠡ ᠬᠥᠮᠦᠨ᠂ ᠵᠣᠳᠣᠭᠰᠠᠨ ᠴᠤ᠌ ᠬᠡᠯᠡᠬᠦ ᠦᠭᠡᠢ᠃ ᠪᠦᠭᠦᠳᠡ ᠶ᠋ᠢ ᠠᠪᠤᠭᠠᠳ ᠢᠷᠡᠨ᠎ᠡ ᠭᠡᠳ ᠬᠣᠩᠭᠣᠷ ᠶᠠᠪᠤᠬᠤ ᠭᠡᠰᠡᠨ ᠢ᠋ᠶ᠋ᠡᠨ᠂
᠊᠊᠊᠊᠊᠊᠊᠊᠊᠊᠊᠊᠊᠊᠊᠊ ᠠᠬ᠎ᠠ ᠠ᠋᠂ ᠪᠢ ᠤᠷᠢᠳᠠᠪᠡᠷ ᠦᠨᠢᠶ᠎ᠡ ᠪᠡᠨ ᠠᠪᠠᠴᠢᠵᠤ ᠦᠭᠭᠦᠨ᠎ᠡ᠃ ᠲᠠ ᠬᠦᠯᠢᠶᠡᠵᠦ ᠪᠠᠢᠭᠠᠷᠠᠢ᠃ ᠪᠢ ᠵᠠᠪᠠᠯ ᠢᠷᠡᠨ᠎ᠡ ᠭᠡᠳ ᠭᠦᠶᠦᠨ ᠣᠳᠤᠯ᠎ᠠ᠃
ᠰᠢᠷᠢᠲᠡᠢ ᠬᠡᠪᠲᠡᠵᠦ ᠪᠠᠢᠭ᠎ᠠ ᠡᠨᠡ ᠬᠥᠮᠦᠨ ᠢ᠋ ᠴᠠᠬᠢᠭᠤᠷ ᠲᠡᠮᠦᠷ ᠭᠡᠳᠡᠭ᠃ ᠥᠩᠭᠡᠷᠡᠭᠰᠡᠨ ᠨᠠᠮᠤᠷ ᠯᠤᠤ ᠬᠦᠩ ᠦ᠋ᠨ ᠨᠣᠶᠠᠨ ᠰᠦᠷᠦᠭ ᠡᠴᠡ ᠲᠠᠰᠤᠯᠵᠤ ᠬᠥᠭᠡᠭᠡᠭᠡᠳ ᠭᠡᠨᠡᠳᠲᠡ ᠦᠶᠡᠷᠯᠡᠭᠰᠡᠨ ᠲᠠᠮᠢᠷ ᠤ᠋ᠨ ᠭᠣᠣᠯ ᠳ᠋ᠤ᠌ ᠮᠣᠷᠢᠨ ᠡᠴᠡ ᠪᠡᠨ ᠰᠠᠯᠵᠤ ᠦᠬᠦᠬᠦ ᠶ᠋ᠢᠨ ᠳᠠᠪᠠᠭᠠᠨ ᠳᠡᠭᠡᠷ᠎ᠡ ᠠᠪᠤᠷᠠᠭᠳᠠᠬᠤ ᠶ᠋ᠢᠨ ᠬᠠᠮᠲᠤ ᠪᠠᠷᠢᠭᠳᠠᠵᠤ ᠬᠡᠳᠦ ᠬᠣᠨᠣᠭ ᠵᠠᠨᠴᠢᠭᠳᠠᠨ ᠪᠠᠢᠴᠠᠭᠠᠭᠳᠠᠭᠰᠠᠨ ᠪᠣᠯᠪᠠᠴᠤ ᠨᠤᠲᠤᠭ ᠤᠰᠤ᠂ ᠨᠡᠷ᠎ᠡ ᠠᠯᠳᠠᠷ ᠢ᠋ᠶ᠋ᠠᠨ ᠬᠡᠯᠡᠭᠰᠡᠨ ᠦᠭᠡᠢ᠃ ᠬᠡᠳᠦ ᠬᠡᠳᠦᠨ ᠬᠥᠮᠦᠨ ᠲᠠᠨᠢᠵᠤ ᠭᠡᠷᠡᠴᠢᠯᠡᠬᠦ ᠳ᠋ᠦ᠍ᠨᠢ 《ᠲᠠ ᠠᠨᠳᠠᠭᠤᠷᠠᠨ᠂ ᠨᠢᠭᠦᠯ ᠬᠤᠷᠢᠶᠠᠵᠤ ᠪᠠᠢᠨ᠎ᠠ》 ᠭᠡᠳ ᠬᠡᠪ ᠨᠢᠭᠡ ᠢᠨᠢᠶᠡᠮᠰᠦᠭᠯᠡᠵᠦ ᠪᠠᠢᠵᠠᠢ᠃
ᠬᠤᠯᠠᠭᠠᠢᠴᠢ ᠬᠥᠮᠦᠨ ᠬᠣᠰᠢᠭᠤ ᠨᠤᠲᠤᠭ ᠢ᠋ᠶ᠋ᠠᠨ ᠬᠡᠯᠡᠪᠡᠯ ᠤᠭ ᠬᠣᠰᠢᠭᠤ ᠨᠤᠲᠤᠭ ᠨᠢ ᠴᠢᠷᠦᠭᠳᠡᠵᠦ ᠲᠥᠯᠥᠪᠦᠷᠢ ᠲᠥᠯᠥᠵᠦ᠂ ᠣᠯᠠᠨ ᠳ᠋ᠤ᠌ ᠵᠣᠪᠠᠯᠠᠩ ᠲᠠᠷᠢᠭᠠᠳ ᠵᠢᠭᠰᠢᠭᠳᠡᠳᠡᠭ ᠪᠣᠯᠬᠣᠷ ᠰᠢᠯᠢ ᠶ᠋ᠢᠨ ᠰᠠᠢᠨ ᠡᠷ᠎ᠡ ᠪᠠᠷᠢᠭᠳᠠᠬᠤ ᠳ᠋ᠠᠭᠠᠨ ᠨᠡᠷ᠎ᠡ ᠤᠰᠤ ᠨᠤᠲᠤᠭ ᠬᠣᠰᠢᠭᠤ ᠪᠠᠨ ᠬᠡᠯᠡᠬᠦ ᠦᠭᠡᠢ ᠶ᠋ᠢ ᠬᠢᠴᠢᠶᠡᠳᠡᠭ᠃
ᠲᠡᠮᠦᠷ ᠡᠷ᠎ᠡ ᠵᠢᠭᠠᠵᠤ ᠡᠷᠡᠭᠦᠦ ᠰᠢᠭᠦᠯᠲᠡ ᠶ᠋ᠢ ᠰᠢᠳᠦ ᠵᠠᠭᠤᠨ ᠳᠠᠪᠠᠵᠤ ᠦᠭᠡ ᠳᠤᠤᠭᠠᠷᠤᠭ᠎ᠠ ᠦᠭᠡᠢ ᠪᠣᠯᠪᠠᠴᠤ ᠠᠳᠤᠭᠤ ᠬᠥᠭᠡᠭᠡᠭᠰᠡᠨ ᠬᠡᠷᠡᠭ ᠨᠢ ᠳᠠᠩᠴᠢ ᠢᠯᠡ ᠪᠣᠯᠬᠣᠷ ᠰᠢᠷᠢᠯᠡᠭᠳᠡᠵᠦ ᠵᠢᠯ ᠰᠢᠬᠠᠮ ᠪᠣᠯᠤᠭᠠᠳ ᠬᠣᠶᠠᠷ ᠬᠣᠨᠣᠭ ᠤ᠋ᠨ ᠡᠮᠦᠨ᠎ᠡ ᠤᠷᠭᠤᠵᠤ ᠪᠥᠮᠪᠥᠷᠢᠭᠰᠡᠭᠡᠷ ᠤᠷᠢᠳᠤ ᠰᠥᠨᠢ ᠡᠨᠳᠡ ᠢᠷᠡᠵᠡᠢ᠃
ᠲᠡᠮᠦᠷ ᠬᠡᠳᠦᠢ ᠴᠢᠳᠠᠯ ᠲᠠᠢ ᠪᠣᠯᠪᠠᠴᠤ᠂ ᠪᠡᠶ᠎ᠡ ᠳ᠋ᠦ᠍ᠨᠢ ᠪᠠᠷᠢᠯᠳᠤᠵᠤ ᠬᠠᠲᠠᠭᠰᠠᠨ ᠰᠢᠷᠢ᠂ ᠥᠯ ᠬᠣᠭᠣᠯᠠ ᠦᠭᠡᠢ ᠠᠮᠢ ᠲᠠᠯᠪᠢᠭᠰᠠᠨ ᠲᠡᠮᠡᠴᠡᠯ ᠬᠠᠮᠤᠭ ᠬᠦᠴᠦ ᠶ᠋ᠢ ᠨᠢ ᠰᠢᠪᠬᠠᠵᠤ᠂ ᠤᠬᠠᠭᠠᠨ ᠪᠣᠳᠣᠯ ᠨᠢ ᠤᠢᠮᠤᠷᠠᠵᠤ ᠲᠤᠢᠯᠳᠠᠭᠰᠠᠨ ᠦᠶ᠎ᠡ ᠳ᠋ᠡᠭᠡᠨ ᠬᠣᠩᠭᠣᠷ ᠲᠠᠢ ᠲᠠᠭᠠᠷᠠᠯᠳᠤᠵᠠᠢ᠃
ᠬᠦᠦ ᠦᠨᠢᠶ᠎ᠡ ᠪᠡᠨ ᠲᠠᠭᠤᠭᠠᠳ ᠭᠡᠷ ᠲᠡᠭᠡᠨ ᠣᠢᠷᠠᠲᠤᠵᠤ ᠣᠴᠢᠬᠤ ᠳ᠋ᠤ᠌ ᠠᠳᠤᠭᠤ ᠮᠠᠨᠠᠭᠠᠳ ᠤᠷᠭ᠎ᠠ ᠪᠠᠨ ᠴᠢᠷᠦᠨ ᠭᠡᠯᠳᠦᠷᠢᠭᠰᠡᠭᠡᠷ ᠭᠡᠷ ᠦ᠋ᠨ ᠵᠦᠭ ᠶᠠᠪᠤᠵᠤ ᠪᠠᠢᠭᠰᠠᠨ ᠭᠠᠯᠰᠠᠩ ᠲᠠᠢ ᠠᠭᠤᠯᠵᠠᠪᠠ᠃
᠊᠊᠊᠊᠊᠊᠊᠊᠊᠊᠊᠊᠊᠊᠊ ᠬᠣᠩᠭᠣᠷ ᠬᠦᠦ ᠰᠠᠢᠨ ᠬᠣᠨᠣᠪᠠ ᠤᠤ?
ᠬᠣᠩᠭᠣᠷ ᠬᠠᠷᠢᠭᠤ ᠳᠤᠤᠭᠠᠷᠤᠭᠰᠠᠨ ᠦᠭᠡᠢ᠂ ᠳᠡᠷᠭᠡᠳᠡᠭᠦᠷ ᠨᠢ ᠥᠩᠭᠡᠷᠡᠪᠡ᠃ ᠵᠢᠯᠠᠭᠠᠨ ᠳ᠋ᠤ᠌ ᠪᠠᠢᠭ᠎ᠠ ᠬᠥᠮᠦᠨ ᠳ᠋ᠦ᠍ ᠶᠠᠮᠠᠷ ᠠᠷᠭ᠎ᠠ ᠪᠠᠷ ᠬᠡᠨ ᠳ᠋ᠦ᠍ ᠴᠦ᠍ ᠮᠡᠳᠡᠭᠳᠡᠯ ᠦᠭᠡᠢ ᠲᠤᠰᠠ ᠬᠦᠷᠭᠡᠬᠦ ᠪᠢᠯᠡ ᠭᠡᠬᠦ ᠡᠴᠡ ᠥᠭᠡᠷ᠎ᠡ ᠪᠣᠳᠣᠯ ᠪᠠᠢᠭ᠎ᠠ ᠦᠭᠡᠢ ᠪᠣᠯᠬᠣᠷ ᠭᠠᠯᠰᠠᠩ ᠲᠠᠢ ᠶᠠᠷᠢᠶ᠎ᠠ ᠳᠡᠯᠭᠡᠬᠦ ᠵᠠᠪ ᠴᠤ᠌᠂ ᠬᠦᠰᠡᠯ ᠴᠦ᠍ ᠦᠭᠡᠢ ᠪᠠᠢᠵᠠᠢ᠃
᠊᠊᠊᠊᠊᠊᠊᠊᠊᠊᠊᠊᠊᠊᠊ ᠶᠠᠭᠤᠨ ᠳ᠋ᠤ᠌ ᠳᠠᠭᠤ ᠪᠠᠨ ᠬᠤᠷᠢᠶᠠᠴᠢᠬᠠᠪᠠ? ᠠᠬ᠎ᠠ ᠡᠴᠡ ᠭᠠᠪᠠᠭ ᠬᠦᠷᠲᠡᠭᠡ ᠤᠤ? ᠭᠡᠵᠦ ᠭᠠᠯᠰᠠᠩ ᠠᠰᠠᠭᠤᠭᠠᠳ ᠢᠨᠢᠶᠡᠪᠡ᠃
ᠭᠠᠯᠰᠠᠩ ᠢ᠋ ᠭᠡᠷ ᠲᠡᠭᠡᠨ ᠣᠷᠣᠬᠤ ᠳ᠋ᠤ᠌ ᠳᠤᠯᠮ᠎ᠠ ᠬᠤᠪᠢᠩ ᠢ᠋ᠶ᠋ᠠᠨ ᠪᠠᠷᠢᠭᠠᠳ ᠦᠨᠢᠶ᠎ᠡ ᠳ᠋ᠡᠭᠡᠨ ᠭᠠᠷᠬᠤ ᠭᠡᠵᠦ ᠪᠠᠢᠪᠠ᠃
᠊᠊᠊᠊᠊᠊᠊᠊᠊᠊᠊᠊᠊᠊᠊ ᠳᠤᠯᠮ᠎ᠠ ᠴᠢ ᠵᠠᠳᠠᠷᠠᠵᠤ ᠪᠠᠢᠨ᠎ᠠ ᠰᠢᠦ!
᠊᠊᠊᠊᠊᠊᠊᠊᠊᠊᠊᠊᠊᠊᠊ ᠶᠠᠭᠠᠬᠢᠬᠤᠪ?
᠊᠊᠊᠊᠊᠊᠊᠊᠊᠊᠊᠊᠊᠊᠊ ᠦᠷᠭᠦᠯᠵᠢ ᠠᠬ᠎ᠠ ᠪᠠᠷ ᠡᠷᠦᠬᠡ ᠲᠠᠲᠠᠭᠤᠯᠵᠤ ᠪᠠᠢᠬᠤ ᠶᠤᠮ᠃ ᠢᠯᠵᠢᠷᠡᠲᠡᠯᠡ ᠤᠨᠲᠠᠭᠠᠳ ᠪᠤᠶᠠᠨ ᠲᠠᠢ ᠬᠥᠮᠦᠨ ᠢ᠋ ᠵᠠᠷᠤᠵᠤ ᠪᠠᠢᠵᠤ ᠵᠠᠶᠠᠭ᠎ᠠ ᠪᠤᠶᠠᠨ ᠢ᠋ᠶ᠋ᠠᠨ ᠭᠦᠪᠢᠴᠢᠬᠡᠨᠡ ᠰᠢᠦ ᠵᠣᠯᠢᠭ ᠮᠢᠨᠢ᠃ ᠴᠢ ᠪᠤᠶᠠᠨ ᠢ᠋ ᠨᠢ ᠳᠠᠭᠠᠭᠠᠬᠤ ᠦᠭᠡᠢ ᠰᠢᠦ᠃
᠊᠊᠊᠊᠊᠊᠊᠊᠊᠊᠊᠊᠊᠊᠊ ᠭᠦᠪᠢᠴᠢᠬᠡᠨᠡ ᠪᠠᠢᠬ᠎ᠠ ᠭᠡᠵᠦ ᠠᠶᠤᠬᠤ ᠵᠠᠶᠠᠭ᠎ᠠ ᠪᠤᠶᠠᠨ ᠨᠠᠳᠠ ᠪᠠᠢᠬᠤ ᠦᠭᠡᠢ ᠭᠡᠵᠦ ᠳᠤᠯᠮ᠎ᠠ ᠬᠡᠭᠵᠢᠭᠦᠨ ᠢᠨᠢᠶᠡᠮᠰᠦᠭᠯᠡᠨ ᠬᠡᠯᠡᠭᠡᠳ ᠬᠠᠭᠠᠯᠭ᠎ᠠ ᠪᠠᠨ ᠲᠠᠰᠬᠢᠲᠡᠯ᠎ᠡ ᠬᠠᠶᠠᠭᠠᠳ ᠭᠠᠷᠤᠯ᠎ᠠ᠃
᠊᠊᠊᠊᠊᠊᠊᠊᠊᠊᠊᠊᠊᠊᠊ ᠲᠡᠨᠡᠭ ᠭᠢᠴᠢᠢ ᠭᠡᠵᠦ ᠭᠠᠯᠰᠠᠩ ᠬᠣᠢᠨ᠎ᠠ ᠡᠴᠡ ᠨᠢ ᠬᠠᠰᠬᠢᠷᠤᠭᠠᠳ ᠪᠠᠷᠢᠵᠤ ᠢᠷᠡᠭᠰᠡᠨ ᠴᠠᠷᠳᠠᠮᠠᠯ ᠴᠤᠪᠠ ᠪᠠᠨ ᠣᠷᠣ ᠤᠷᠤᠭᠤ ᠪᠠᠨ ᠠᠭᠤᠷ ᠲᠠᠢ ᠴᠢᠯᠠᠭᠤᠳᠠᠪᠠ᠃ ᠬᠣᠩᠭᠣᠷ ᠦᠨᠢᠶ᠎ᠡ ᠰᠠᠭᠠᠬᠤ᠂ ᠤᠨᠠᠭ᠎ᠠ ᠪᠠᠷᠢᠬᠤ ᠶ᠋ᠢ ᠳᠠᠯᠢᠮᠳᠠᠭᠤᠯᠤᠨ ᠠᠪᠤ ᠶ᠋ᠢᠨ ᠢ᠋ᠶ᠋ᠡᠨ ᠬᠤᠷᠴᠠ ᠬᠢᠲᠤᠭ᠎ᠠ᠂ ᠣᠳᠣᠨᠴᠤᠤ ᠴᠤᠪᠠ᠂ ᠬᠠᠵᠠᠭᠠᠷ᠂ ᠭᠦᠵᠡᠭᠡᠨ ᠦ᠌ ᠪᠤᠯᠤᠩ ᠲᠣᠰᠣ ᠵᠡᠷᠭᠡ ᠶᠠᠭᠤᠮ᠎ᠠ ᠴᠤᠭᠯᠠᠭᠤᠯᠤᠨ ᠭᠡᠷ ᠡᠴᠡ ᠪᠡᠨ ᠨᠡᠯᠢᠶᠡᠳ ᠵᠠᠢᠲᠠᠢ ᠭᠠᠵᠠᠷ ᠨᠢᠭᠤᠵᠤ ᠠᠮᠵᠢᠪᠠ᠃ ᠢᠩᠭᠢᠭᠡᠳ ᠰᠤᠪᠠᠢ ᠠᠳᠤᠭᠤ ᠭᠡᠯᠢᠬᠦ ᠵᠠᠮ ᠳ᠋ᠠᠭᠠᠨ ᠶᠠᠭᠤᠮ᠎ᠠ ᠪᠠᠨ ᠠᠪᠤᠭᠠᠳ ᠶᠠᠪᠤᠵᠤ ᠪᠠᠢᠲᠠᠯ᠎ᠠ ᠪᠡᠯᠴᠢᠭᠡᠭᠰᠡᠨ ᠬᠣᠨᠢᠨ ᠤ᠋ ᠬᠣᠢᠨ᠎ᠠ ᠡᠴᠡ ᠳᠠᠭᠠᠵᠤ ᠶᠠᠪᠤᠭᠰᠠᠨ ᠳᠤᠯᠮ᠎ᠠ ᠲᠠᠢ ᠲᠠᠭᠠᠷᠠᠯᠳᠤᠪᠠ᠃
᠊᠊᠊᠊᠊᠊᠊᠊᠊᠊᠊᠊᠊᠊᠊ ᠢᠨᠠᠳᠤᠭᠢ ᠰᠢᠭᠤᠳᠠᠢ ᠲᠠᠢ ᠴᠢᠨᠢ ᠶᠠᠭᠤ ᠪᠣᠢ? ᠭᠡᠵᠦ ᠳᠤᠯᠮ᠎ᠠ ᠶ᠋ᠢᠨ ᠠᠰᠠᠭᠤᠬᠤ ᠳ᠋ᠤ᠌ ᠬᠦᠦ ᠬᠥᠮᠥᠭᠡᠢ ᠪᠡᠨ ᠵᠠᠭᠤᠨ᠂ ᠲᠠᠰᠢᠭᠤᠷ ᠢ᠋ᠶ᠋ᠠᠷ ᠢ᠋ᠶ᠋ᠠᠨ 《ᠴᠢᠮᠡᠭᠡ ᠦᠭᠡᠢ》 ᠭᠡᠵᠦ ᠳᠣᠬᠢᠶ᠎ᠠ ᠥᠭᠭᠡᠳ ᠣᠢᠷᠠᠲᠤᠨ ᠣᠴᠢᠪᠠ᠃
᠊᠊᠊᠊᠊᠊᠊᠊᠊᠊᠊᠊᠊᠊᠊ ᠡᠷ᠎ᠡ ᠬᠥᠮᠦᠨ᠂ ᠡᠷ᠎ᠡ ᠬᠥᠮᠦᠨ ᠳ᠋ᠡᠭᠡᠨ ᠬᠠᠢᠷ᠎ᠠ ᠲᠠᠢ!
᠊᠊᠊᠊᠊᠊᠊᠊᠊᠊᠊᠊᠊᠊᠊ ᠶᠠᠭᠤ? ᠡᠷ᠎ᠡ ᠬᠥᠮᠦᠨ᠂ ᠡᠷ᠎ᠡ ᠬᠥᠮᠦᠨ ᠳ᠋ᠡᠭᠡᠨ ᠬᠠᠢᠷ᠎ᠠ ᠲᠠᠢ ᠭᠡᠨ᠎ᠡ ᠠ᠋ ᠭᠡᠳ ᠳᠤᠯᠮ᠎ᠠ ᠲᠠᠴᠢᠭᠢᠨᠠᠲᠠᠯ᠎ᠠ ᠢᠨᠢᠶᠡᠬᠦ ᠵᠠᠭᠤᠷ᠎ᠠ ᠶᠠᠭᠤᠮ᠎ᠠ ᠶ᠋ᠢ ᠨᠢ ᠠᠵᠢᠭᠯᠠᠨ ᠬᠠᠷᠠᠭᠰᠠᠨ ᠢ᠋ᠶ᠋ᠠᠨ᠂ 《ᠴᠢ ᠬᠡᠭᠡᠷ᠎ᠡ ᠡᠷᠬᠡᠯᠡᠬᠦ ᠭᠡᠵᠦ ᠶᠠᠪᠤᠭ᠎ᠠ ᠶᠤᠮ ᠤᠤ?》 ᠭᠡᠵᠦ ᠠᠰᠠᠭᠤᠪᠠ᠃
᠊᠊᠊᠊᠊᠊᠊᠊᠊᠊᠊᠊᠊᠊᠊ ᠡᠭᠡᠴᠢ ᠠ᠋᠂ ᠬᠡᠨ ᠳ᠋ᠦ᠍ ᠴᠦ᠍ ᠪᠢᠲᠡᠭᠡᠢ ᠬᠡᠯᠡᠭᠡᠷᠡᠢ᠃
᠊᠊᠊᠊᠊᠊᠊᠊᠊᠊᠊᠊᠊᠊᠊ ᠬᠡᠯᠡᠬᠦ ᠦᠭᠡᠢ᠃
ᠰᠤᠪᠠᠢ ᠠᠳᠤᠭᠤ ᠪᠠᠨ ᠪᠡᠯᠴᠢᠭᠡᠷ ᠲᠦ᠍ ᠭᠠᠷᠭᠠᠵᠤ ᠣᠷᠬᠢᠭᠠᠳ ᠪᠤᠴᠠᠬᠤ ᠵᠠᠮ ᠳ᠋ᠠᠭᠠᠨ ᠲᠡᠮᠦᠷ ᠳᠡᠭᠡᠷ᠎ᠡ ᠣᠴᠢᠪᠠ᠃ ᠭᠡᠲᠡᠯ᠎ᠡ ᠬᠠᠭᠤᠴᠢᠨ ᠪᠠᠢᠷᠢᠨ ᠳ᠋ᠠᠭᠠᠨ ᠠᠯᠠᠭ᠎ᠠ ᠪᠠᠢᠪᠠ᠃
᠊᠊᠊᠊᠊᠊᠊᠊᠊᠊᠊᠊᠊᠊᠊ ᠠᠬ᠎ᠠ ᠠ᠋᠂ ᠲᠠ ᠬᠠᠮᠢᠭ᠎ᠠ ᠪᠠᠢᠨ᠎ᠠ ᠭᠡᠵᠦ ᠠᠶᠠᠷᠬᠠᠨ ᠳᠠᠭᠤᠳᠠᠪᠠ᠃ ᠬᠠᠵᠠᠭᠤ ᠲᠠᠯ᠎ᠠ ᠶ᠋ᠢᠨ ᠡᠷᠭᠢ ᠡᠴᠡ 《ᠪᠢ ᠡᠨᠳᠡ ᠪᠠᠢᠨ᠎ᠠ᠂ ᠬᠦᠷᠦᠭᠡᠳ ᠢᠷ᠎ᠡ》 ᠭᠡᠵᠦ ᠳᠠᠭᠤᠳᠠᠪᠠ᠃ ᠬᠣᠩᠭᠣᠷ ᠬᠤᠷᠴᠠ ᠬᠢᠲᠤᠭ᠎ᠠ ᠪᠠᠷ ᠤᠳᠠᠭᠠᠨ ᠨᠣᠴᠣᠯᠳᠤᠵᠤ ᠪᠠᠢᠵᠤ ᠰᠢᠷᠢᠯᠡᠭᠰᠡᠨ ᠰᠢᠷᠢ ᠶ᠋ᠢ ᠰᠠᠯᠭᠠᠪᠠ᠃ ᠲᠡᠷᠡ ᠬᠥᠮᠦᠨ ᠳᠡᠪᠡᠯ ᠬᠤᠪᠴᠠᠰᠤ ᠲᠠᠢ ᠪᠣᠯᠪᠠᠴᠤ᠂ ᠳᠡᠭᠡᠭᠦᠷ ᠨᠢ ᠪᠡᠯᠴᠢᠵᠦ ᠪᠠᠢᠭ᠎ᠠ ᠪᠥᠭᠡᠰᠦ ᠶ᠋ᠢ ᠬᠠᠷᠠᠬᠤ ᠠᠷᠭ᠎ᠠ ᠦᠭᠡᠢ ᠠᠵᠢ᠃
᠊᠊᠊᠊᠊᠊᠊᠊᠊᠊᠊᠊᠊᠊᠊ ᠠᠬ᠎ᠠ ᠠ᠋᠂ ᠶᠠᠮᠠᠷ ᠶᠡᠬᠡ ᠪᠥᠭᠡᠰᠦ ᠪᠣᠢ ᠭᠡᠵᠦ ᠬᠣᠩᠭᠣᠷ ᠤ᠋ᠨ ᠠᠰᠠᠭᠤᠬᠤ ᠳ᠋ᠤ᠌ ᠪᠣᠰᠬᠤ ᠭᠡᠳ ᠴᠢᠳᠠᠯ ᠦᠭᠡᠢ ᠪᠤᠴᠠᠵᠤ ᠬᠡᠪᠲᠡᠭᠰᠡᠨ ᠲᠡᠮᠦᠷ 《ᠳᠠᠢ᠌ᠰᠢᠷᠢ ᠮᠢᠨᠢ》 ᠭᠡᠵᠦ ᠰᠢᠪᠡᠭᠡᠨᠡᠭᠡᠳ ᠨᠢᠳᠦ ᠪᠡᠨ ᠠᠨᠢᠵᠤ ᠠᠯᠭᠤᠷ ᠢ᠋ᠶ᠋ᠠᠷ ᠳᠥᠷᠪᠡᠨ ᠮᠥᠴᠢ ᠪᠡᠨ ᠬᠥᠳᠡᠯᠭᠡᠵᠦ ᠡᠬᠢᠯᠡᠪᠡ᠃
᠊᠊᠊᠊᠊᠊᠊᠊᠊᠊᠊᠊᠊᠊᠊ ᠠᠬ᠎ᠠ ᠶ᠋ᠢᠨ ᠬᠢᠨᠢ ᠲᠣᠯᠣᠭᠠᠢ ᠡᠷᠭᠢᠵᠦ ᠪᠠᠢᠨ᠎ᠠ ᠭᠡᠵᠦ ᠰᠢᠪᠡᠭᠡᠨᠡᠪᠡ᠃ ;
ᠪᠡᠶ᠎ᠡ ᠪᠡᠨ ᠡᠢᠮᠦ ᠬᠠᠲᠠᠭᠤ ᠰᠢᠷᠢᠨ ᠳ᠋ᠦ᠍ ᠪᠣᠭᠤᠯᠭᠠᠵᠤ ᠦᠳᠡᠭᠦᠯᠦᠭᠰᠡᠨ ᠪᠣᠯᠪᠠᠴᠤ ᠡᠳᠦᠷ ᠬᠣᠯᠠ ᠭᠠᠵᠠᠷ ᠶᠠᠪᠤᠵᠤ ᠢᠷᠡᠭᠰᠡᠨ ᠡᠨᠡ ᠬᠥᠮᠦᠨ ᠢ᠋ ᠬᠠᠷᠠᠬᠤ ᠲᠣᠰᠤᠮ ᠬᠣᠩᠭᠣᠷ ᠤ᠋ᠨ ᠰᠡᠳᠬᠢᠯ ᠬᠥᠭᠡᠷᠦᠨ᠂ ᠪᠣᠭᠣᠨᠢ ᠠᠮᠢᠳᠤᠷᠠᠯ ᠳ᠋ᠠᠭᠠᠨ ᠣᠯᠠᠨᠲᠠ ᠰᠣᠨᠣᠰᠤᠭᠰᠠᠨ 《ᠭᠡᠷ ᠲᠦ᠍ ᠣᠷᠣᠵᠤ᠂ ᠭᠡᠭᠡᠨ ᠳ᠋ᠦ᠍ ᠮᠥᠷᠭᠥᠳᠡᠭ ᠦᠭᠡᠢ》 ᠰᠠᠢᠨ ᠡᠷ᠎ᠡ ᠶ᠋ᠢᠨ ᠲᠤᠬᠠᠢ ᠶᠠᠷᠢᠶ᠎ᠠ ᠨᠤᠭᠤᠳ ᠰᠡᠳᠬᠢᠯ ᠳ᠋ᠦ᠍ᠨᠢ ᠬᠥᠪᠴᠦ ᠪᠠᠢᠨ᠎ᠠ᠃
᠊᠊᠊᠊᠊᠊᠊᠊᠊᠊᠊᠊᠊᠊᠊ ᠲᠠ ᠰᠢᠯᠢ ᠶ᠋ᠢᠨ ᠰᠠᠢᠨ ᠡᠷ᠎ᠡ ᠤᠤ? ᠭᠡᠵᠦ ᠬᠣᠩᠭᠣᠷ ᠲᠡᠪᠴᠢᠯ ᠦᠭᠡᠢ ᠠᠰᠠᠭᠤᠪᠠ᠃ ᠲᠡᠮᠦᠷ ᠨᠢᠳᠦ ᠪᠡᠨ ᠠᠯᠭᠤᠷ ᠨᠡᠭᠡᠭᠡᠵᠦ᠂ ᠬᠦᠦ ᠶ᠋ᠢ ᠤᠳᠠᠲᠠᠯ᠎ᠠ ᠰᠢᠷᠲᠡᠵᠦ ᠪᠠᠢᠭᠰᠠᠨ ᠢ᠋ᠶ᠋ᠠᠨ ᠢᠨᠢᠶᠡᠮᠰᠦᠭᠯᠡᠬᠦ ᠮᠡᠲᠦ ᠪᠣᠯᠪᠠ᠃
᠊᠊᠊᠊᠊᠊᠊᠊᠊᠊᠊᠊᠊᠊᠊ ᠴᠢ ᠵᠠᠰᠠᠭᠲᠤ ᠬᠠᠨ ᠤ᠋ ᠴᠠᠬᠢᠭᠤᠷ ᠲᠡᠮᠦᠷ ᠭᠡᠵᠦ ᠰᠣᠨᠣᠰᠤᠭᠰᠠᠨ ᠤᠤ? ;
ᠥᠩᠭᠡᠷᠡᠭᠰᠡᠨ ᠵᠢᠯ ᠲᠠᠮᠠᠭ᠎ᠠ ᠶ᠋ᠢᠨ ᠵᠢᠰᠢᠶᠠᠨ ᠳᠡᠭᠡᠷ᠎ᠡ ᠬᠠᠯᠬ᠎ᠠ ᠳᠠᠶᠠᠭᠠᠷ ᠴᠤᠤ ᠭᠠᠷᠤᠭᠰᠠᠨ ᠵᠠᠰᠠᠭᠲᠤ ᠬᠠᠨ ᠤ᠋ ᠴᠠᠬᠢᠭᠤᠷ ᠲᠡᠮᠦᠷ ᠭᠡᠭᠴᠢ ᠰᠠᠢᠨ ᠡᠷ᠎ᠡ ᠪᠠᠷᠢᠭᠳᠠᠭᠠᠳ ᠪᠠᠢᠴᠠᠭᠠᠭᠳᠠᠵᠤ ᠪᠠᠢᠨ᠎ᠠ ᠭᠡᠰᠡᠨ ᠶᠠᠷᠢᠶ᠎ᠠ ᠶ᠋ᠢ ᠰᠣᠨᠣᠰᠴᠤ ᠪᠢᠯᠡ᠃
᠊᠊᠊᠊᠊᠊᠊᠊᠊᠊᠊᠊᠊᠊᠊ ᠰᠣᠨᠣᠰᠤᠭᠰᠠᠨ᠂ ᠠᠬ᠎ᠠ ᠠ᠋᠃ ᠲᠠ ᠴᠠᠬᠢᠭᠤᠷ ᠲᠡᠮᠦᠷ ᠤᠤ?
᠊᠊᠊᠊᠊᠊᠊᠊᠊᠊᠊᠊᠊᠊᠊ ᠲᠡᠢᠮᠦ᠃ ᠪᠢ ᠴᠠᠬᠢᠭᠤᠷ ᠲᠡᠮᠦᠷ᠃ ;
ᠲᠦᠮᠡᠨ ᠳ᠋ᠦ᠍ ᠠᠯᠳᠠᠷᠰᠢᠭᠰᠠᠨ ᠮᠤᠨᠳᠠᠭ ᠡᠷ᠎ᠡ ᠳ᠋ᠦ᠍ ᠲᠤᠰᠠ ᠪᠣᠯᠤᠭᠠᠳ ᠵᠡᠷᠭᠡᠴᠡᠨ ᠶᠠᠷᠢᠵᠤ ᠪᠠᠢᠭ᠎ᠠ ᠳ᠋ᠠᠭᠠᠨ ᠪᠠᠶᠠᠷᠯᠠᠭᠰᠠᠨ ᠬᠦᠦ ᠨᠢᠳᠦ ᠪᠡᠨ ᠳᠦᠷᠯᠡᠢᠯᠭᠡᠨ ᠮᠠᠷᠰᠠᠢᠨ ᠢᠨᠢᠶᠡᠪᠡ᠃
᠊᠊᠊᠊᠊᠊᠊᠊᠊᠊᠊᠊᠊᠊᠊ ᠳᠡᠭᠦᠦ ᠶ᠋ᠢᠨ ᠨᠡᠷ᠎ᠡ ᠬᠡᠨ ᠪᠢᠯᠡ?
᠊᠊᠊᠊᠊᠊᠊᠊᠊᠊᠊᠊᠊᠊᠊ ᠬᠣᠩᠭᠣᠷ᠃ ᠯᠤᠤ ᠬᠦᠩ ᠦ᠋ᠨ ᠪᠠᠶᠠᠨ ᠢᠲᠡᠭᠡᠯᠲᠦ ᠶ᠋ᠢᠨ ᠬᠦᠦ ᠭᠡᠵᠦ ᠨᠠᠷᠢᠬᠠᠨ ᠳᠠᠭᠤ ᠪᠠᠷ ᠴᠣᠪᠣᠭᠣ ᠭᠡᠭᠴᠢ ᠨᠢ ᠬᠠᠷᠢᠭᠤᠯᠪᠠ᠃
ᠤᠳᠠᠯ ᠦᠭᠡᠢ ᠲᠡᠮᠦᠷ ᠪᠣᠰᠴᠤ ᠳᠡᠪᠡᠯ ᠬᠤᠪᠴᠠᠰᠤ ᠪᠠᠨ ᠲᠠᠢᠯᠤᠨ᠂ ᠵᠠᠷᠢᠮ ᠢ᠋ ᠨᠢ ᠭᠠᠵᠠᠷ ᠪᠤᠯᠠᠵᠤ᠂ ᠵᠠᠷᠢᠮ ᠢ᠋ ᠨᠢ ᠭᠦᠪᠢᠵᠦ ᠰᠡᠭᠰᠦᠷᠦᠨ ᠡᠮᠦᠰᠪᠡ᠃ ᠭᠠᠳᠠᠭᠤᠷ ᠨᠢ ᠬᠣᠩᠭᠣᠷ ᠤ᠋ᠨ ᠠᠪᠴᠢᠷᠠᠭᠰᠠᠨ ᠣᠳᠣᠨᠴᠤᠤ ᠴᠤᠪᠠ ᠶ᠋ᠢ ᠡᠮᠦᠰᠦᠭᠡᠳ ᠪᠦᠰᠡᠯᠡᠪᠡ᠃
ᠡᠨᠡ ᠭᠠᠢᠬᠠᠮᠰᠢᠭᠲᠤ ᠡᠷ᠎ᠡ ᠶ᠋ᠢᠨ ᠬᠥᠳᠡᠯᠭᠡᠭᠡᠨ ᠪᠦᠬᠦᠨ ᠬᠦᠦ ᠳ᠋ᠦ᠍ ᠶᠡᠷᠦ ᠪᠤᠰᠤ ᠶ᠋ᠢᠨ ᠶᠠᠭᠤᠮ᠎ᠠ ᠰᠢᠭ᠋ ᠰᠠᠨᠠᠭᠳᠠᠵᠤ ᠪᠠᠢᠪᠠ᠃ ᠢᠯᠠᠩᠭᠤᠶ᠎ᠠ ᠭᠦᠵᠡᠭᠡᠨ ᠦ᠌ ᠪᠤᠯᠤᠩ ᠲᠣᠰᠣ ᠶ᠋ᠢ ᠬᠡᠳᠦᠬᠡᠨ ᠡᠮᠬᠦᠭᠡᠳ ᠠᠯᠠᠭ᠎ᠠ ᠪᠣᠯᠭᠠᠵᠤ᠂ ᠬᠠᠨᠴᠤᠢ ᠪᠠᠷ ᠢ᠋ᠶ᠋ᠠᠨ ᠠᠮᠠ ᠪᠠᠨ ᠱᠤᠳᠤᠷᠤᠨ ᠠᠷᠴᠢᠭᠠᠳ ᠬᠣᠭᠣᠰᠣᠨ ᠭᠦᠵᠡᠭᠡ ᠶ᠋ᠢ ᠨᠢ ᠲᠡᠷᠡ ᠬᠣᠯᠠ ᠰᠢᠳᠡᠵᠦ ᠣᠷᠬᠢᠬᠤ ᠨᠢ ᠬᠡᠨ ᠴᠦ᠍ ᠬᠢᠵᠦ ᠴᠢᠳᠠᠮ᠎ᠠ ᠦᠭᠡᠢ ᠭᠠᠢᠬᠠᠮᠰᠢᠭᠲᠤ ᠶᠠᠭᠤᠮ᠎ᠠ ᠮᠡᠲᠦ ᠪᠣᠳᠣᠭᠳᠠᠪᠠ᠃
᠊᠊᠊᠊᠊᠊᠊᠊᠊᠊᠊᠊᠊᠊᠊ ᠵᠠ ᠳᠡᠭᠦᠦ ᠮᠢᠨᠢ ᠤᠷᠲᠤ ᠨᠠᠰᠤᠯᠠᠵᠤ ᠤᠳᠠᠭᠠᠨ ᠵᠢᠷᠭᠠᠭᠠᠷᠠᠢ! ᠠᠬ᠎ᠠ ᠨᠢ ᠡᠷ᠎ᠡ ᠬᠥᠮᠦᠨ ᠦ᠌ ᠠᠴᠢ ᠶ᠋ᠢ ᠬᠠᠷᠢᠭᠤᠯᠠᠵᠤ ᠴᠢᠳᠠᠨ᠎ᠠ᠃ ᠵᠠᠮ ᠤ᠋ᠨ ᠬᠦᠵᠦᠭᠦᠦ ᠤᠷᠲᠤ᠂ ᠵᠠᠭᠠᠨ ᠤ᠋ ᠬᠦᠵᠦᠭᠦᠦ ᠪᠣᠭᠣᠨᠢ ᠪᠣᠯᠬᠣᠷ ᠠᠭᠤᠯᠵᠠᠨ᠎ᠠ ᠳᠠ᠃ ᠣᠳᠣ ᠳᠡᠭᠦᠦ ᠮᠢᠨᠢ ᠬᠠᠷᠢ ᠭᠡᠵᠦ ᠲᠡᠮᠦᠷ ᠬᠡᠯᠡᠪᠡ᠃
ᠬᠣᠩᠭᠣᠷ᠂ ᠬᠢᠲᠤᠭ᠎ᠠ ᠪᠠᠨ ᠠᠪᠴᠤ ᠮᠣᠷᠳᠠᠭᠠᠳ ᠭᠡᠷ ᠦ᠋ᠨ ᠵᠦᠭ ᠰᠠᠵᠢᠯᠠᠨ ᠶᠠᠪᠤᠵᠤ ᠪᠠᠢᠬᠤ ᠳ᠋ᠠᠭᠠᠨ 《ᠡᠷ᠎ᠡ ᠬᠥᠮᠦᠨ᠂ ᠡᠷ᠎ᠡ ᠬᠥᠮᠦᠨ ᠳ᠋ᠡᠭᠡᠨ ᠬᠠᠢᠷᠠᠲᠠᠢ》ᠭᠡᠵᠦ ᠳᠠᠪᠲᠠᠨ᠂ ᠳᠠᠬᠢᠨ ᠳᠠᠬᠢᠨ ᠡᠷᠭᠢᠵᠦ ᠬᠠᠷᠠᠭᠰᠠᠭᠠᠷ ᠢᠷᠡᠪᠡᠯ ᠵᠡᠯ᠎ᠡ ᠤᠶᠠᠭᠠᠨ ᠳᠡᠭᠡᠷ᠎ᠡ ᠨᠢ ᠦᠯᠦ ᠲᠠᠨᠢᠬᠤ ᠬᠣᠶᠠᠷ ᠮᠣᠷᠢ ᠪᠠᠢᠯ᠎ᠠ᠃
《ᠮᠠᠨ ᠤ᠋ ᠳ᠋ᠤ᠌ ᠬᠡᠨ ᠢᠷᠡᠭᠡ ᠶᠤᠮ ᠪᠣᠯ?》ᠭᠡᠵᠦ ᠪᠣᠳᠣᠭᠠᠳ ᠭᠡᠷ ᠲᠡᠭᠡᠨ ᠣᠷᠣᠪᠠᠯ ᠢᠵᠢᠯᠬᠡᠨ ᠬᠠᠭᠤᠴᠢᠨ ᠰᠢᠷ᠎ᠠ ᠴᠢᠰᠴᠡᠦ ᠬᠠᠨᠲᠠᠭᠠᠵᠠ ᠲᠠᠢ ᠬᠣᠶᠠᠷ ᠬᠥᠮᠦᠨ ᠲᠣᠮᠣ ᠬᠤᠯᠤ ᠲᠠᠢ ᠠᠢᠷᠠᠭ ᠤᠤᠭᠤᠨ ᠠᠪᠤ ᠲᠠᠢ ᠨᠢ ᠶᠠᠷᠢᠵᠤ ᠪᠠᠢᠪᠠ᠃
᠊᠊᠊᠊᠊᠊᠊᠊᠊᠊᠊᠊᠊᠊᠊ ᠢᠲᠡᠭᠡᠯᠲᠦ ᠭᠤᠸᠠᠢ ᠲᠠ ᠰᠢᠭᠦᠭᠳᠡᠵᠦ ᠪᠠᠢᠬᠤ ᠶ᠋ᠢ ᠨᠢ ᠬᠠᠷᠠᠭᠰᠠᠨ ᠪᠣᠯ ᠶᠠᠭᠠᠬᠢᠨ᠎ᠠ᠃ ᠬᠣᠩᠬᠣᠨ ᠤ᠋ ᠬᠢᠨᠢ ᠴᠢᠰᠤ ᠨᠢᠭᠤᠷ ᠤᠷᠤᠭᠤ ᠦᠰᠦᠷᠦᠭᠡᠳ ᠪᠠᠢᠬᠤ ᠳ᠋ᠤ᠌ ᠰᠢᠳᠦ ᠨᠢ ᠬᠢᠬᠤᠲᠤᠨᠠᠬᠤ ᠡᠴᠡ ᠥᠭᠡᠷ᠎ᠡ ᠴᠢᠮᠡᠭᠡ ᠭᠠᠷᠳᠠᠭ ᠦᠭᠡᠢ ᠨᠣᠬᠠᠢ ᠳᠠ᠃ ᠴᠠᠬᠢᠭᠤᠷ ᠲᠡᠮᠦᠷ ᠴᠦ᠍ ᠡᠷ᠎ᠡ ᠶ᠋ᠢᠨ ᠬᠤᠪᠢ ᠳ᠋ᠤ᠌ ᠡᠷ᠎ᠡ ᠠ᠋᠃ ᠪᠠᠷᠢᠵᠤ ᠠᠪᠤᠭᠠᠳ ᠠᠬ᠎ᠠ ᠨᠢ ᠮᠥᠴᠢ ᠮᠥᠴᠢ ᠪᠡᠷ ᠨᠢ ᠵᠢᠭᠢᠷᠢᠭᠯᠡᠵᠦ ᠪᠠᠢᠭᠠᠳ ᠮᠥᠯᠵᠢᠵᠦ ᠣᠷᠬᠢᠨ᠎ᠠ ᠳᠠ ᠭᠡᠵᠦ ᠨᠢᠭᠤᠷ ᠨᠢ ᠪᠠᠲᠠᠭᠠᠨ᠎ᠠ ᠳ᠋ᠤ᠌ ᠢᠳᠡᠭᠳᠡᠵᠦ ᠨᠦᠬᠡ ᠪᠣᠯᠤᠭᠰᠠᠨ ᠥᠷᠭᠡᠨ ᠴᠡᠭᠡᠵᠢ ᠲᠡᠢ ᠲᠣᠮᠣ ᠬᠥᠮᠦᠨ ᠬᠡᠯᠡᠭᠡᠳ ᠫᠠᠷᠴᠢᠭᠢᠨᠠᠨ ᠢᠨᠢᠶᠡᠬᠦ ᠳ᠋ᠦ᠍ᠨᠢ ᠶᠡᠬᠡ ᠭᠡᠷ ᠲᠤᠷᠭᠢᠬᠤ ᠰᠢᠭ᠋ ᠪᠣᠯᠪᠠ᠃
ᠡᠨᠡ ᠬᠥᠮᠦᠨ ᠢ᠋ ᠪᠠᠳᠠᠷᠴᠢ ᠭᠡᠳᠡᠭ᠃ ᠠᠷᠪᠠᠨ ᠳᠣᠯᠣᠭᠠᠨ ᠨᠠᠰᠤᠨ ᠡᠴᠡ ᠪᠡᠨ ᠯᠤᠤ ᠬᠦᠩ ᠦ᠋ᠨ ᠲᠠᠮᠠᠭ᠎ᠠ ᠶ᠋ᠢᠨ ᠲᠠᠬᠠᠷ ᠬᠢᠭᠰᠡᠨ ᠪᠥᠭᠡᠳ ᠣᠳᠣ ᠭᠤᠴᠢ ᠬᠦᠷᠴᠡᠢ᠃ ᠬᠡᠷᠡᠭᠲᠡᠨ ᠳ᠋ᠦ᠍ ᠬᠠᠲᠠᠭᠤ ᠬᠠᠷᠭᠢᠰ᠂ ᠪᠠᠰᠠ ᠲᠡᠭᠡᠭᠡᠳ ᠴᠢᠳᠠᠯ ᠬᠦᠴᠦ ᠶᠡᠬᠡᠲᠡᠢ᠂ ᠳᠣᠯᠣᠭᠠᠨ ᠬᠤᠰᠢᠭᠤᠨ ᠤ᠋ ᠵᠠᠭᠠᠨ ᠴᠣᠯᠠ ᠲᠠᠢ ᠬᠥᠮᠦᠨ᠃ ᠲᠠᠬᠠᠷ ᠬᠢᠭᠰᠡᠨ ᠡᠴᠡ ᠬᠣᠢᠰᠢ ᠬᠡᠭᠡᠯᠢ ᠬᠠᠬᠤᠤᠯᠢ ᠠᠪᠴᠤ ᠣᠪᠣᠭ᠎ᠠ ᠬᠥᠷᠥᠩᠭᠡ ᠲᠡᠢ ᠪᠣᠯᠤᠭᠠᠳ ᠰᠡᠭᠦᠯ ᠦ᠋ᠨ ᠦᠶ᠎ᠡ ᠳ᠋ᠦ᠍ ᠬᠥᠮᠦᠨ ᠢ᠋ 《ᠮᠠᠭᠤ ᠭᠤᠶᠤᠯᠭᠠᠴᠢᠨ》 ᠭᠡᠵᠦ ᠳᠠᠭᠠᠷᠢᠬᠤ ᠨᠢ ᠤᠯᠠᠮ ᠣᠯᠠᠨ ᠪᠣᠯᠵᠤ ᠪᠠᠢᠭ᠎ᠠ ᠪᠢᠯᠡ᠃
ᠪᠠᠳᠠᠷᠴᠢ ᠥᠩᠭᠡᠷᠡᠭᠰᠡᠨ ᠵᠢᠯ ᠲᠡᠮᠦᠷ ᠢ᠋ ᠤᠰᠤᠨ ᠳ᠋ᠤ᠌ ᠬᠥᠪᠴᠦ ᠶᠠᠪᠤᠬᠤ ᠳ᠋ᠤᠨᠢ ᠪᠠᠷᠢᠭᠠᠳ ᠲᠠᠮᠠᠭᠠᠨ ᠳᠡᠭᠡᠷ᠎ᠡ ᠠᠪᠠᠴᠢᠵᠤ ᠥᠪᠡᠷ ᠢ᠋ᠶ᠋ᠡᠨ ᠪᠠᠩᠵᠠᠳᠠᠨ᠂ ᠰᠢᠷᠢᠯᠡᠵᠡᠢ᠃ ᠲᠠᠬᠠᠷ ᠬᠢᠭᠰᠡᠨ ᠦᠶ᠎ᠡ ᠳ᠋ᠡᠭᠡᠨ ᠣᠯᠠᠨ ᠬᠥᠮᠦᠨ ᠢ᠋ ᠰᠢᠷᠢᠯᠡᠭᠰᠡᠨ ᠪᠥᠭᠡᠳ ᠲᠡᠳᠡ ᠨᠠᠷ ᠡᠴᠡ ᠤᠷᠭᠤᠵᠤ ᠪᠠᠢᠭᠰᠠᠨ ᠬᠥᠮᠦᠨ ᠦᠭᠡᠢ᠃ ᠭᠡᠲᠡᠯ᠎ᠡ ᠴᠠᠬᠢᠭᠤᠷ ᠲᠡᠮᠦᠷ ᠤᠷᠭᠤᠵᠠᠢ᠃ ᠡᠭᠦᠨ ᠢ᠋ ᠪᠣᠳᠣᠬᠤ ᠳᠣᠳᠣᠮ ᠬᠣᠷᠣᠰᠴᠤ ᠪᠠᠢᠪᠠ᠃
ᠥᠩᠭᠡᠷᠡᠭᠰᠡᠨ ᠵᠢᠯ ᠲᠡᠮᠦᠷ ᠢ᠋ ᠪᠠᠩᠵᠠᠳᠠᠵᠤ ᠪᠠᠢᠬᠤ ᠳ᠋ᠠᠭᠠᠨ ᠲᠡᠭᠦᠨ ᠦ᠌ ᠭᠠᠩ ᠵᠣᠷᠢᠭ᠂ ᠲᠡᠰᠪᠦᠷᠢ ᠳ᠋ᠦ᠍ᠨᠢ ᠪᠠᠬᠠᠷᠬᠠᠵᠤ ᠪᠠᠢᠭᠰᠠᠨ᠃ ᠴᠢᠨᠣ᠎ᠠ ᠶ᠋ᠢ ᠪᠠᠷᠢᠵᠤ ᠠᠪᠤᠭᠰᠠᠨ ᠬᠥᠮᠦᠨ ᠡᠷ᠎ᠡ ᠴᠢᠳᠠᠯ ᠳ᠋ᠤᠨᠢ ᠪᠠᠬᠠᠷᠬᠠᠵᠤ ᠪᠠᠢᠭᠠᠳ ᠵᠣᠪᠠᠭᠠᠬᠤ ᠤᠳᠠᠭ᠎ᠠ ᠪᠠᠢᠳᠠᠭ᠂ ᠲᠡᠮᠦᠷ ᠢ᠋ ᠪᠠᠩᠵᠠᠳᠠᠵᠤ ᠪᠠᠢᠬᠤ ᠳ᠋ᠤ᠌ ᠪᠠᠳᠠᠷᠴᠢ ᠶᠠᠭ ᠯᠠ ᠲᠡᠢᠮᠦ ᠪᠠᠢᠭᠰᠠᠨ᠃ ᠪᠠᠳᠠᠷᠴᠢ ᠶ᠋ᠢᠨ ᠬᠣᠷᠢᠨ ᠪᠠᠩᠵᠠ ᠶ᠋ᠢ ᠳᠠᠪᠠᠵᠤ ᠪᠠᠢᠭᠰᠠᠨ ᠡᠷ᠎ᠡ ᠦᠭᠡᠢ᠃ ᠭᠡᠲᠡᠯ᠎ᠡ ᠲᠡᠮᠦᠷ ᠢ᠋ ᠳᠥᠴᠢ ᠪᠠᠩᠵᠠᠳᠠᠭᠠᠳ ᠬᠠᠷᠠᠬᠤ ᠳ᠋ᠤ᠌ ᠨᠢᠳᠦ ᠨᠢ ᠭᠥᠯᠢᠯᠵᠡᠨ᠂ ᠰᠢᠳᠦ ᠨᠢ ᠲᠠᠴᠢᠭᠢᠨᠠᠵᠤ ᠪᠠᠢᠵᠠᠢ᠃ ᠢᠩᠭᠢᠭᠡᠳ ᠲᠡᠮᠦᠷ ᠢ᠋ ᠭᠢᠨᠳᠠᠨ ᠤᠷᠤᠭᠤ ᠴᠢᠷᠦᠭᠡᠳ ᠪᠠᠢᠬᠤ ᠳ᠋ᠠᠭᠠᠨ 《ᠪᠤᠵᠠᠭᠠᠢ ᠡᠷ᠎ᠡ ᠶᠤᠮ ᠳᠡ᠃ ᠮᠠᠷᠭᠠᠰᠢ ᠠᠬ᠎ᠠ ᠨᠢ ᠳᠡᠭᠦᠦ ᠪᠡᠨ ᠳᠤᠤᠭᠠᠷᠭᠠᠵᠤ ᠴᠢᠳᠠᠨ᠎ᠠ》 ᠭᠡᠵᠦ ᠪᠠᠬᠠᠳᠤᠨ ᠬᠡᠯᠡᠵᠡᠢ᠃ ᠮᠠᠷᠭᠠᠰᠢ ᠨᠢ ᠬᠣᠷᠢ ᠴᠣᠬᠢᠭᠠᠳ ᠲᠦᠷ ᠵᠣᠭᠰᠣᠬᠤ ᠳ᠋ᠤ᠌ ᠲᠡᠮᠦᠷ ᠠᠮᠠᠨ ᠳ᠋ᠠᠭᠠᠨ 《ᠬᠣᠷᠢ》 ᠭᠡᠳ ᠬᠥᠯ ᠢ᠋ᠶ᠋ᠡᠨ ᠬᠥᠳᠡᠯᠭᠡᠵᠦ ᠬᠡᠪᠲᠡᠷᠢ ᠪᠡᠨ ᠵᠠᠰᠠᠵᠠᠢ᠃ ᠪᠠᠳᠠᠷᠴᠢ ᠤᠯᠠᠮ ᠬᠣᠷᠣᠰᠴᠤ ᠨᠢᠭᠡ ᠪᠠᠩᠵᠠ ᠬᠤᠭᠤᠯᠤᠭᠰᠠᠨ ᠪᠣᠯᠪᠠᠴᠤ ᠲᠡᠮᠦᠷ ᠪᠡᠬᠢ ᠪᠠᠢᠳᠠᠭ ᠢ᠋ᠶ᠋ᠠᠷ ᠢ᠋ᠶ᠋ᠠᠨ ᠨᠢᠳᠦ ᠪᠡᠨ ᠭᠥᠯᠢᠢᠯᠭᠡᠨ ᠰᠢᠲᠦ ᠪᠡᠨ ᠬᠢᠬᠤᠲᠤᠨᠠᠭᠤᠯᠤᠨ ᠬᠠᠪᠢᠷᠴᠤ ᠪᠠᠢᠪᠠ᠃
᠊᠊᠊᠊᠊᠊᠊᠊᠊᠊᠊᠊᠊᠊᠊ ᠴᠢ ᠴᠢᠯᠠᠭᠤ ᠶᠤᠮ ᠤᠤ? ᠬᠥᠮᠦᠨ ᠶᠦ᠍ᠮ ᠤᠤ? ᠭᠡᠵᠦ ᠠᠭᠤᠷᠯᠠᠭᠰᠠᠨ ᠲᠠᠬᠠᠷ ᠠᠰᠠᠭᠤᠬᠤ ᠳ᠋ᠤ᠌ ᠲᠡᠮᠦᠷ᠄
᠊᠊᠊᠊᠊᠊᠊᠊᠊᠊᠊᠊᠊᠊᠊ ᠵᠠ ᠪᠢ ᠬᠣᠶᠠᠷ ᠬᠥᠯ ᠲᠡᠢ᠂ ᠬᠣᠬᠢᠮᠠᠢ ᠲᠣᠯᠣᠭᠠᠢ ᠲᠠᠢ ᠬᠥᠮᠦᠨ ᠪᠢᠯᠡ ᠭᠡᠵᠦ ᠶᠣᠵᠣᠯᠠᠨ ᠬᠠᠷᠢᠭᠤᠯᠪᠠ᠃ ᠡᠴᠦᠰ ᠲᠦ᠋ᠨᠢ ᠲᠡᠮᠦᠷ ᠢ᠋ ᠪᠠᠳᠠᠷᠴᠢ ᠰᠢᠷᠢᠯᠡᠵᠦ ᠪᠠᠢᠬᠤ ᠳ᠋ᠤ᠌ ᠲᠡᠮᠦᠷ ᠨᠢᠳᠦ ᠪᠡᠨ ᠭᠢᠯᠠᠯᠵᠠᠭᠤᠯᠤᠨ ᠰᠢᠳᠦ ᠪᠡᠨ ᠵᠠᠭᠤᠵᠤ ᠪᠠᠢᠭᠠᠳ 《ᠤᠷᠭᠤᠨ᠎ᠠ ᠰᠢᠦ》 ᠭᠡᠬᠦ ᠳ᠋ᠦ᠍ᠨᠢ ᠪᠠᠳᠠᠷᠴᠢ ᠶᠡᠬᠡᠮᠰᠦᠭ ᠢ᠋ᠶ᠋ᠡᠷ ᠢᠨᠢᠶᠡᠮᠰᠦᠭᠯᠡᠵᠦ᠄
᠊᠊᠊᠊᠊᠊᠊᠊᠊᠊᠊᠊᠊᠊᠊ ᠮᠠᠭᠤ ᠭᠤᠶᠤᠯᠭᠠᠴᠢᠨ ᠴᠢ ᠰᠠᠴᠢ ᠴᠢᠨᠢ ᠬᠦᠷᠪᠡᠯ ᠲᠡᠭᠡᠭᠡᠷᠡᠢ ᠭᠡᠵᠡᠢ᠃ ;
ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠪᠠᠳᠠᠷᠴᠢ ᠲᠠᠷᠭᠤᠨ ᠬᠣᠨᠢᠨ ᠤ᠋ ᠭᠤᠶ᠎ᠠ ᠴᠢᠨᠠᠵᠤ ᠣᠴᠢᠭᠠᠳ ᠲᠣᠮᠣ ᠲᠣᠮᠣ ᠣᠭᠲᠣᠯᠤᠨ ᠥᠭᠬᠦ ᠳ᠋ᠦ᠍ᠨᠢ ᠲᠡᠮᠦᠷ ᠰᠢᠷ ᠰᠢᠷ ᠵᠠᠵᠢᠯᠤᠨ ᠢᠳᠡᠬᠦ ᠵᠠᠭᠤᠷ᠎ᠠ 《ᠴᠢ ᠦᠰᠦ᠂ ᠰᠠᠬᠠᠯ ᠢ᠋ ᠮᠢᠨᠢ ᠰᠠᠯᠭᠠᠵᠤ ᠥᠭᠬᠦ ᠦᠭᠡᠢ ᠤᠤ》 ᠭᠡᠬᠦ ᠳ᠋ᠦ᠍᠂
᠊᠊᠊᠊᠊᠊᠊᠊᠊᠊᠊᠊᠊᠊᠊ ᠤᠷᠭᠤᠵᠤ ᠭᠠᠷᠤᠭᠠᠳ ᠰᠠᠯᠭᠠᠬᠤ ᠦᠭᠡᠢ ᠤᠤ ᠭᠡᠵᠦ ᠪᠠᠳᠠᠷᠴᠢ ᠲᠠᠪᠠᠯᠠᠵᠠᠢ᠃ ;
ᠭᠡᠲᠡᠯ᠎ᠡ ᠴᠠᠬᠢᠭᠤᠷ ᠲᠡᠮᠦᠷ ᠤᠷᠭᠤᠵᠠᠢ᠃ ᠡᠨᠡ ᠨᠢ ᠪᠠᠳᠠᠷᠴᠢ ᠶ᠋ᠢᠨ ᠨᠡᠷ᠎ᠡ ᠶ᠋ᠢ ᠨᠢᠭᠡᠮᠦᠰᠦᠨ ᠬᠣᠣᠷᠯᠠᠭᠰᠠᠨ ᠶᠤᠮ ᠰᠢᠭ᠋ ᠪᠣᠳᠣᠭᠳᠠᠭᠠᠳ 《ᠶᠠᠭᠠᠬᠢᠵᠤ ᠡᠢᠵᠦ ᠪᠠᠢᠭᠠᠳ ᠲᠡᠮᠦᠷ ᠢ᠋ ᠵᠠᠪᠠᠯ ᠪᠠᠷᠢᠵᠤ ᠠᠯᠳᠠᠭᠰᠠᠨ ᠨᠡᠷ᠎ᠡ ᠪᠡᠨ ᠣᠯᠵᠤ ᠠᠪᠬᠤ᠂ ᠲᠠᠰᠢᠷᠠᠮ ᠳ᠋ᠤᠨᠢ ᠬᠠᠯᠬ᠎ᠠ ᠳᠠᠶᠠᠭᠠᠷ ᠴᠤᠤᠷᠢᠶᠠᠲᠤᠭᠰᠠᠨ ᠰᠠᠢᠨ ᠡᠷ᠎ᠡ ᠶ᠋ᠢ ᠬᠣᠶᠠᠳᠠᠬᠢ ᠤᠳᠠᠭ᠎ᠠ ᠪᠠᠨ ᠪᠠᠷᠢᠭᠰᠠᠨ ᠠᠯᠳᠠᠷ ᠵᠡᠭᠦᠨ᠎ᠡ》 ᠭᠡᠵᠦ ᠪᠣᠳᠣᠵᠤ ᠪᠠᠢᠪᠠ᠃
ᠪᠠᠳᠠᠷᠴᠢ ᠶ᠋ᠢᠨ ᠳᠣᠣᠷ᠎ᠠ ᠰᠠᠭᠤᠵᠤ ᠪᠠᠢᠭ᠎ᠠ ᠨᠠᠮᠬᠠᠨ ᠪᠦᠳᠦᠭᠦᠨ ᠬᠥᠮᠦᠨ ᠢ᠋ ᠳᠠᠮᠳᠢᠨ ᠭᠡᠳᠡᠭ᠃ ᠥᠩᠭᠡᠷᠡᠭᠰᠡᠨ ᠵᠢᠯ ᠡᠴᠡ ᠡᠬᠢᠯᠡᠨ ᠲᠠᠮᠠᠭ᠎ᠠ ᠶ᠋ᠢᠨ ᠲᠠᠬᠠᠷ ᠬᠢᠵᠦ ᠪᠠᠢᠭ᠎ᠠ ᠠᠵᠢ᠃
ᠳᠠᠮᠳᠢᠨ ᠳ᠋ᠤ᠌ ᠲᠡᠮᠦᠷ ᠢ᠋ ᠪᠠᠷᠢᠬᠤ ᠰᠢᠨᠤᠯ ᠪᠠᠢᠭᠰᠠᠨ ᠦᠭᠡᠢ᠃ ᠬᠠᠷᠢᠨ ᠬᠡᠨᠡᠭ ᠦᠭᠡᠢ ᠶᠠᠪᠤᠵᠤ ᠪᠠᠢᠭᠠᠳ ᠴᠣᠬᠢᠭᠤᠯᠴᠢᠬᠠᠵᠤ ᠮᠠᠭᠠᠳ ᠭᠡᠵᠦ ᠵᠤᠷᠠᠮ᠎ᠠ ᠳᠠᠪᠬᠢᠭᠰᠠᠨ ᠴᠤ᠌ ᠰᠣᠴᠢᠵᠤ᠂ ᠴᠣᠭᠴᠠᠭᠢ ᠳᠤᠤᠭᠠᠷᠤᠭᠰᠠᠨ ᠴᠤ᠌ ᠰᠡᠷᠪᠡᠯᠵᠡᠨ ᠶᠠᠪᠤᠵᠠᠢ᠃
᠊᠊᠊᠊᠊᠊᠊᠊᠊᠊᠊᠊᠊᠊᠊ ᠮᠢᠨᠦ ᠬᠦᠦ ᠮᠠᠯ ᠳ᠋ᠤ᠌ ᠶᠠᠪᠤᠵᠤ ᠪᠠᠢᠬᠤ ᠳ᠋ᠤ᠌ ᠴᠢᠨᠢ ᠭᠠᠭᠴᠠ ᠨᠢᠭᠡ ᠶᠠᠪᠠᠭᠠᠨ᠂ ᠨᠢᠴᠦᠭᠦᠨ ᠬᠥᠮᠦᠨ ᠬᠠᠷᠠᠭᠳᠠᠭ᠎ᠠ ᠦᠭᠡᠢ ᠪᠢᠵᠡ? ᠭᠡᠵᠦ ᠢᠲᠡᠭᠡᠯᠲᠦ ᠬᠥᠬᠦᠦᠷ ᠦ᠋ᠨ ᠡᠮᠦᠨ᠎ᠡ ᠵᠣᠭᠰᠣᠵᠤ ᠪᠠᠢᠭᠰᠠᠨ ᠬᠣᠩᠭᠣᠷ ᠡᠴᠡ ᠠᠰᠠᠭᠤᠪᠠ᠃
᠊᠊᠊᠊᠊᠊᠊᠊᠊᠊᠊᠊᠊᠊᠊ ᠦᠭᠡᠢ᠂ ᠠᠵᠢᠭ᠎ᠠ ᠦᠭᠡᠢ ᠭᠡᠳ ᠬᠣᠩᠭᠣᠷ ᠲᠣᠯᠣᠭᠠᠢ ᠰᠡᠭᠰᠦᠷᠪᠡ᠃ ᠬᠣᠩᠭᠣᠷ ᠤ᠋ᠨ ᠠᠮᠢᠰᠬᠤᠭ᠎ᠠ ᠳᠠᠪᠬᠤᠴᠠᠵᠤ ᠵᠢᠷᠦᠬᠡ ᠨᠢ ᠴᠡᠭᠡᠵᠢᠨ ᠳ᠋ᠡᠭᠡᠨ ᠪᠠᠭᠲᠠᠨ ᠶᠠᠳᠠᠨ ᠴᠣᠬᠢᠯᠠᠵᠤ《ᠡᠷ᠎ᠡ ᠬᠥᠮᠦᠨ᠂ ᠡᠷ᠎ᠡ ᠬᠥᠮᠦᠨ ᠳ᠋ᠡᠭᠡᠨ ᠬᠠᠢᠷ᠎ᠠ ᠲᠠᠢ》 ᠭᠡᠵᠦ ᠰᠡᠳᠬᠢᠯ ᠳ᠋ᠡᠭᠡᠨ ᠰᠢᠪᠡᠨᠡᠨ ᠪᠠᠢᠪᠠ᠃ ᠬᠥᠳᠡᠯᠬᠦ ᠭᠡᠲᠡᠯ᠎ᠡ ᠬᠥᠬᠦᠦᠷ ᠦ᠋ᠨ ᠡᠮᠦᠨ᠎ᠡ ᠪᠠᠢᠭᠰᠠᠨ ᠰᠠᠭᠠᠮ᠎ᠠ ᠶ᠋ᠢᠨ ᠬᠤᠪᠢᠩ ᠳ᠋ᠤ᠌ ᠳᠤᠷᠴᠤ ᠪᠦᠳᠦᠷᠢᠭᠡᠳ ᠪᠠᠳᠠᠷᠴᠢ ᠶ᠋ᠢ ᠮᠥᠷᠭᠥᠵᠦ ᠣᠷᠬᠢᠪᠠ᠃
᠊᠊᠊᠊᠊᠊᠊᠊᠊᠊᠊᠊᠊᠊᠊ ᠶᠠᠮᠠᠷ ᠳᠦᠷᠰᠦ ᠦᠭᠡᠢ ᠬᠦᠦ ᠪᠣᠢ᠃ ᠲᠠᠷᠢᠬᠢ ᠥᠬᠡᠢᠳᠡᠭᠡᠳ ᠪᠠᠢᠪᠠᠯ ᠬᠥᠩᠭᠡᠯᠡᠵᠦ ᠣᠷᠬᠢᠨ᠎ᠠ ᠰᠢᠦ ᠭᠡᠵᠦ ᠪᠠᠳᠠᠷᠴᠢ ᠬᠥᠮᠥᠰᠬᠡ ᠪᠡᠨ ᠰᠦᠷ ᠲᠡᠢ ᠵᠠᠩᠭᠢᠳᠤᠨ ᠪᠦᠳᠦᠭᠦᠨ ᠳᠠᠭᠤ ᠪᠠᠷ ᠬᠦᠩᠭᠢᠨᠡᠭᠦᠯᠦᠨ ᠬᠡᠯᠡᠪᠡ᠃
ᠬᠣᠩᠭᠣᠷ᠂ ᠪᠠᠳᠠᠷᠴᠢ ᠡᠴᠡ ᠵᠠᠢᠯᠠᠨ ᠵᠣᠭᠰᠣᠵᠤ᠂ ᠨᠣᠬᠠᠢ ᠳ᠋ᠤ᠌ ᠰᠢᠬᠠᠭᠤᠯᠤᠭᠰᠠᠨ ᠮᠤᠤᠷ ᠤ᠋ᠨ ᠨᠢᠳᠦ ᠪᠡᠷ ᠪᠠᠳᠠᠷᠴᠢ ᠶ᠋ᠢ ᠰᠢᠷᠳᠡᠨ ᠪᠡᠶ᠎ᠡ ᠪᠡᠨ ᠬᠤᠷᠢᠶᠠᠪᠠ᠃
《ᠡᠨᠡ ᠯᠠᠪ ᠨᠠᠮᠢ᠋ᠢ ᠲᠡᠮᠦᠷ ᠭᠤᠸᠠᠢ ᠲᠠᠢ ᠠᠭᠤᠯᠵᠠᠭᠰᠠᠨ ᠢ᠋ ᠮᠡᠳᠡᠵᠦ ᠪᠠᠢᠬᠤ ᠰᠢᠭ᠋᠃ ᠪᠢ ᠬᠡᠯᠡᠬᠦ ᠦᠭᠡᠢ᠂ ᠬᠥᠩᠭᠡᠯᠡᠭᠰᠡᠨ ᠴᠦ᠍ ᠬᠡᠯᠡᠬᠦ ᠦᠭᠡᠢ᠃ ᠢᠰᠢᠭᠡ ᠰᠢᠭ ᠴᠢᠷᠠᠯᠠᠬᠤ ᠦᠭᠡᠢ᠂ ᠬᠤᠷᠠᠭ᠎ᠠ ᠰᠢᠭ᠋ ᠳᠠᠭᠤ ᠦᠭᠡᠢ ᠪᠠᠢᠵᠤ ᠪᠠᠢᠭᠠᠳ ᠯᠠ ᠪᠣᠰᠤᠭᠠᠳ ᠶᠠᠪᠤᠴᠢᠬᠠᠨ᠎ᠠ᠃ ᠡᠷ᠎ᠡ ᠬᠥᠮᠦᠨ᠂ ᠡᠷ᠎ᠡ ᠬᠥᠮᠦᠨ ᠳ᠋ᠡᠭᠡᠨ ᠬᠠᠢᠷ᠎ᠠ ᠲᠠᠢ》 ᠭᠡᠵᠦ ᠪᠣᠳᠣᠪᠠ᠃
᠊᠊᠊᠊᠊᠊᠊᠊᠊᠊᠊᠊᠊᠊᠊ ᠴᠢ ᠮᠠᠭᠤ ᠬᠥᠩᠭᠡᠯᠡ ᠳᠡ᠃ ᠪᠢ ᠶᠣᠣ ᠭᠡᠬᠦ ᠦᠭᠡᠢ ᠭᠡᠵᠦ ᠬᠣᠩᠭᠣᠷ ᠤ᠋ᠨ ᠬᠠᠰᠬᠢᠷᠬᠤ ᠳ᠋ᠤ᠌ ᠨᠢᠳᠦᠨ ᠳ᠋ᠦ᠍ᠨᠢ ᠳᠣᠭᠣᠯᠠᠩ ᠨᠢᠯᠪᠤᠰᠤ ᠲᠤᠨᠤᠷᠠᠪᠠ᠃
᠊᠊᠊᠊᠊᠊᠊᠊᠊᠊᠊᠊᠊᠊᠊ ᠪᠡᠯᠡ ᠲᠡᠢ ᠬᠥᠮᠦᠨ ᠦ᠌ ᠭᠠᠭᠴᠠ ᠬᠦᠦ ᠭᠡᠰᠡᠨ ᠳ᠋ᠡᠭᠡᠨ ᠰᠢᠷᠪᠥᠰᠥᠲᠡᠢ ᠪᠠᠢᠨ᠎ᠠ ᠭᠡᠳ ᠪᠠᠳᠠᠷᠴᠢ ᠨᠢᠳᠦ ᠪᠡᠨ ᠵᠢᠷᠲᠠᠢᠯᠭᠠᠨ ᠢᠨᠢᠶᠡᠪᠡ᠃
᠊᠊᠊᠊᠊᠊᠊᠊᠊᠊᠊᠊᠊᠊᠊ ᠮᠢᠨᠦ ᠬᠦᠦ᠂ ᠲᠣᠮᠣ ᠬᠥᠮᠦᠨ ᠲᠡᠢ ᠢᠩᠭᠢᠵᠦ ᠪᠣᠯᠬᠤ ᠦᠭᠡᠢ ᠭᠡᠵᠦ ᠢᠲᠡᠭᠡᠯᠲᠦ ᠬᠦᠦ ᠪᠡᠨ ᠵᠢᠮᠡᠯᠡᠭᠰᠡᠨ ᠪᠣᠯᠪᠠᠴᠤ ᠳᠣᠲᠣᠷ᠎ᠠ ᠪᠠᠨ 《ᠮᠢᠨᠦ ᠬᠦᠦ ᠴᠦ᠍ ᠶᠠᠭ ᠦᠭᠡᠢ ᠡᠷ᠎ᠡ ᠪᠣᠯᠤᠨ᠎ᠠ ᠳᠠ》 ᠭᠡᠵᠦ ᠪᠠᠬᠠᠳᠤᠪᠠ᠃
᠊᠊᠊᠊᠊᠊᠊᠊᠊᠊᠊᠊᠊᠊᠊ ᠰᠢᠷᠢᠳᠠᠢ ᠮᠥᠷᠲᠡᠯ᠎ᠡ ᠪᠡᠨ ᠤᠷᠭᠤᠴᠢᠬᠠᠳᠠᠭ᠂ ᠠᠷᠭ᠎ᠠ ᠦᠭᠡᠢ ᠯᠡ ᠰᠠᠢᠨ ᠡᠷ᠎ᠡ ᠶᠤᠮ ᠳᠡ ᠭᠡᠵᠦ ᠢᠲᠡᠭᠡᠯᠲᠦ ᠲᠣᠯᠣᠭᠠᠢ ᠪᠠᠨ ᠠᠯᠭᠤᠷ ᠰᠠᠵᠢᠯᠠᠪᠠ᠃
᠊᠊᠊᠊᠊᠊᠊᠊᠊᠊᠊᠊᠊᠊᠊ ᠡᠭᠦᠨ ᠡᠴᠡ ᠡᠮᠦᠨ᠎ᠡ ᠪᠠᠷᠢᠭᠳᠠᠵᠤ ᠪᠠᠢᠭ᠎ᠠ ᠦᠭᠡᠢ ᠶᠤᠮ ᠰᠢᠦ ᠭᠡᠵᠦ ᠪᠠᠳᠠᠷᠴᠢ ᠶ᠋ᠢᠨ ᠬᠡᠯᠡᠬᠦ ᠳ᠋ᠦ᠍ ᠳᠠᠭᠤᠨ ᠳ᠋ᠤᠨᠢ 《ᠭᠡᠪᠡᠴᠦ ᠪᠢ ᠪᠠᠷᠢᠭᠰᠠᠨ ᠶᠤᠮ ᠳᠠ》ᠭᠡᠰᠡᠨ ᠪᠠᠷᠳᠠᠮ ᠥᠩᠭᠡ ᠲᠣᠳᠣᠷᠬᠠᠢ ᠪᠠᠢᠯ᠎ᠠ᠃
ᠢᠲᠡᠭᠡᠯᠲᠦ ᠥᠩᠭᠡᠷᠡᠭᠰᠡᠨ ᠵᠢᠯ ᠬᠣᠰᠢᠭᠤ ᠲᠠᠮᠠᠭ᠎ᠠ ᠶ᠋ᠢᠨ ᠵᠢᠰᠢᠶᠠᠨ ᠤ᠋ ᠭᠢᠨᠳᠠᠨ ᠳ᠋ᠤ᠌ ᠲᠡᠮᠦᠷ ᠲᠡᠢ ᠲᠠᠭᠠᠷᠠᠯᠳᠤᠵᠠᠢ᠃ ᠡᠷ᠎ᠡ ᠬᠥᠮᠦᠨ ᠬᠡᠵᠢᠶ᠎ᠡ ᠨᠢᠭᠡᠨ ᠴᠠᠭ ᠲᠤ᠌ ᠡᠨᠳᠡᠭᠳᠡᠯ ᠪᠣᠯᠵᠤ ᠭᠢᠨᠳᠠᠨ ᠳ᠋ᠤ᠌ ᠵᠠᠪᠠᠯ ᠣᠷᠣᠳᠠᠭ ᠭᠡᠵᠦ ᠤᠷᠢᠳᠤ ᠶ᠋ᠢᠨ ᠬᠥᠮᠦᠰ ᠶᠠᠷᠢᠳᠠᠭ ᠪᠣᠯᠬᠣᠷ 《ᠶᠠᠭᠤᠮ᠎ᠠ ᠶ᠋ᠢ ᠶᠠᠭᠠᠬᠢᠵᠤ ᠮᠡᠳᠡᠬᠦ ᠪᠣᠢ?》 ᠭᠡᠵᠦ ᠪᠣᠳᠣᠭᠰᠠᠨ ᠢᠲᠡᠭᠡᠯᠲᠦ ᠡᠭᠡᠯᠵᠢ ᠪᠡᠨ ᠥᠩᠭᠡᠷᠡᠭᠦᠯᠬᠦ ᠭᠡᠵᠦ ᠭᠢᠨᠳᠠᠨ ᠤ᠋ ᠬᠤᠶᠠᠭ ᠨᠠᠷ ᠲᠤ᠌ ᠬᠠᠬᠤᠤᠯᠢ ᠥᠭᠴᠦ ᠬᠠᠭᠠᠰ ᠡᠳᠦᠷ ᠲᠠᠮᠠᠭ᠎ᠠ ᠶ᠋ᠢᠨ ᠵᠢᠰᠢᠶᠠᠨ ᠤ᠋ ᠭᠢᠨᠳᠠᠨ ᠳ᠋ᠤ᠌ ᠰᠠᠭᠤᠵᠤ ᠲᠡᠨᠳᠡ ᠪᠠᠢᠭ᠎ᠠ ᠬᠣᠷᠢᠭᠳᠠᠯ ᠤ᠋ᠳ ᠢ᠋ ᠬᠣᠭᠣᠯᠠᠯᠠᠭᠤᠯᠵᠤ ᠪᠠᠢᠬᠤ ᠳ᠋ᠠᠭᠠᠨ ᠰᠢᠷᠢᠯᠡᠭᠦᠯᠦᠭᠰᠡᠨ ᠲᠡᠮᠦᠷ ᠲᠡᠢ ᠲᠣᠬᠢᠶᠠᠯᠳᠤᠵᠤ ᠬᠣᠭᠣᠯᠠ ᠥᠭᠬᠦ ᠵᠠᠭᠤᠷ᠎ᠠ ᠬᠡᠳᠦᠨ ᠦᠭᠡ ᠴᠦ᠍ ᠰᠣᠯᠢᠵᠠᠢ᠃
ᠲᠡᠮᠦᠷ ᠦ᠋ᠨ ᠲᠤᠬᠠᠢ ᠶᠠᠷᠢᠶ᠎ᠠ ᠶ᠋ᠢ ᠰᠣᠨᠣᠰᠬᠤ ᠳᠣᠳᠣᠮ ᠬᠣᠩᠭᠣᠷ ᠤ᠋ᠨ ᠰᠡᠳᠬᠢᠯ ᠳ᠋ᠦ᠍ ᠬᠡᠮᠵᠢᠶᠡᠯᠡᠰᠢ ᠦᠭᠡᠢ ᠪᠠᠬᠠᠷᠬᠠᠯ ᠣᠪᠣᠯᠵᠠᠨ ᠬᠥᠭᠡᠷᠴᠦ 《ᠲᠡᠮᠦᠷ ᠭᠤᠸᠠᠢ ᠨᠠᠮᠢ᠋ᠢ ᠡᠷ᠎ᠡ ᠬᠥᠮᠦᠨ ᠭᠡᠰᠡᠨ ᠰᠢᠦ》 ᠭᠡᠵᠦ ᠪᠣᠳᠣᠭᠳᠠᠵᠤ ᠪᠠᠢᠵᠠᠢ᠃ ᠭᠠᠳᠠᠨ᠎ᠠ ᠡᠴᠡ ᠨᠢᠮ᠎ᠠ ᠠᠭᠠᠷᠤᠤᠯ ᠪᠦᠪᠦᠲᠦᠨᠡᠨ ᠬᠦᠯᠬᠦᠭᠰᠡᠭᠡᠷ ᠣᠷᠣᠵᠤ ᠢᠷᠡᠯ᠎ᠡ᠃
᠊᠊᠊᠊᠊᠊᠊᠊᠊᠊᠊᠊᠊᠊᠊ ᠲᠠ ᠪᠦᠬᠦᠨ ᠦ᠌ ᠠᠮᠤᠭᠤᠯᠠᠩ ᠢ᠋ ᠠᠢᠯᠠᠳᠬᠠᠶ᠎ᠠ᠃ ᠲᠠᠷᠭᠤᠨ ᠲᠠᠪᠠᠲᠠᠢ ᠵᠤᠰᠠᠯᠠᠵᠤ ᠪᠠᠢᠨ᠎ᠠ ᠤᠤ?
᠊᠊᠊᠊᠊᠊᠊᠊᠊᠊᠊᠊᠊᠊᠊ ᠰᠠᠢᠨ᠂ ᠰᠠᠢᠨ ᠪᠠᠢᠨ᠎ᠠ ᠤᠤ? ᠪᠣᠷᠣᠭᠠᠨ ᠡᠯᠪᠡᠭ ᠲᠡᠢ ᠰᠠᠢᠬᠠᠨ ᠵᠤᠨ ᠪᠣᠯᠵᠤ ᠪᠠᠢᠨ᠎ᠠ᠃
᠊᠊᠊᠊᠊᠊᠊᠊᠊᠊᠊᠊᠊᠊᠊ ᠪᠠᠳᠠᠷᠴᠢ ᠲᠠᠬᠠᠷ ᠬᠠᠮᠢᠭ᠎ᠠ ᠬᠦᠷᠴᠦ ᠶᠠᠪᠤᠨ᠎ᠠ ᠳᠠ?
᠊᠊᠊᠊᠊᠊᠊᠊᠊᠊᠊᠊᠊᠊᠊᠊᠊ ᠴᠠᠬᠢᠭᠤᠷ ᠲᠡᠮᠦᠷ ᠢ᠋ ᠠᠯᠳᠠᠴᠢᠬᠠᠭᠠᠳ ᠡᠷᠢᠵᠦ ᠶᠠᠪᠤᠨ᠎ᠠ᠃ ᠨᠢᠮ᠎ᠠ ᠭᠤᠸᠠᠢ ᠦᠵᠡᠭᠡᠳ ᠥᠭᠬᠦ ᠦᠭᠡᠢ ᠤᠤ? ᠭᠡᠵᠦ ᠪᠠᠳᠠᠷᠴᠢ ᠶ᠋ᠢᠨ ᠬᠡᠯᠡᠬᠦ ᠳ᠋ᠦ᠍ 《ᠮᠠᠨ ᠤ᠋ ᠨᠢᠮ᠎ᠠ ᠭᠤᠸᠠᠢ ᠴᠤ᠌ ᠰᠢᠷᠠᠭᠰᠠᠨ ᠮᠢᠬ᠎ᠠ ᠠᠨᠳᠠᠬᠤ ᠦᠭᠡᠢ ᠰᠢᠷ᠎ᠠ ᠵᠢᠷᠤᠬᠠᠢᠴᠢ ᠳᠠ》 ᠭᠡᠳ ᠢᠲᠡᠭᠡᠯᠲᠦ ᠶᠣᠵᠣᠯᠠᠨ ᠢᠨᠢᠶᠡᠪᠡ᠃
᠊᠊᠊᠊᠊᠊᠊᠊᠊᠊᠊᠊᠊᠊᠊ ᠬᠥᠭᠰᠢᠷᠡᠭᠰᠡᠨ ᠶᠦ᠍ᠮ ᠤᠤ᠂ ᠮᠡᠳᠡᠬᠦ ᠪᠡᠨ ᠪᠣᠯᠢᠭᠠᠳ ᠲᠥᠭᠡᠷᠢᠬᠦ ᠨᠢ ᠶᠡᠬᠡ ᠪᠣᠯᠤᠭᠰᠠᠨ ᠪᠠᠢᠨ᠎ᠠ ᠪᠢᠯᠡ ᠭᠡᠳ ᠨᠢᠮ᠎ᠠ ᠡᠪᠦᠷ ᠡᠴᠡ ᠪᠡᠨ ᠨᠠᠨᠳᠢᠩᠨᠠᠨ ᠬᠡᠯᠬᠢᠭᠰᠡᠨ ᠶᠢᠰᠦᠨ ᠵᠣᠭᠣᠰ ᠢ᠋ᠶ᠋ᠠᠨ ᠭᠠᠷᠭᠠᠵᠤ ᠰᠢᠪᠰᠢᠨ ᠦᠯᠢᠶᠡᠬᠦ ᠳ᠋ᠡᠭᠡᠨ ᠵᠠᠷᠢᠮ ᠳ᠋ᠠᠭᠠᠨ ᠨᠢᠳᠦ ᠪᠡᠨ ᠠᠨᠢᠵᠤ᠂ ᠵᠠᠷᠢᠮ ᠳ᠋ᠠᠭᠠᠨ ᠬᠣᠰᠢᠭᠤ ᠪᠠᠨ ᠴᠣᠷᠪᠣᠢᠯᠭᠠᠨ ᠶᠡᠬᠡ ᠯᠡ ᠲᠦᠪᠰᠢᠨ ᠳᠦᠷᠢ ᠦᠵᠡᠭᠦᠯᠪᠡ᠃
᠊᠊᠊᠊᠊᠊᠊᠊᠊᠊᠊᠊᠊᠊᠊ ᠵᠠ ᠳᠠ ᠬᠠᠴᠢᠨ ᠶᠤᠮ ᠳᠠ᠃ ᠥᠪᠡᠷ ᠢ᠋ᠶ᠋ᠡᠨ ᠯᠡ ᠴᠢᠨᠦ ᠭᠠᠷ ᠲᠤ᠌ ᠣᠷᠣᠬᠤ ᠶᠤᠮ ᠰᠢᠭ᠋ ᠪᠠᠭᠤᠭᠠᠳ ᠪᠠᠢᠨ᠎ᠠ᠃ ᠬᠥᠯ ᠨᠢ ᠮᠤᠬᠤᠷᠳᠠᠵᠤ ᠬᠠᠷ᠎ᠠ ᠠᠷᠰᠯᠠᠨ ᠤ᠋ ᠠᠮᠠᠨ ᠳ᠋ᠤ᠌ ᠨᠠᠷᠠ ᠵᠢᠷᠭᠠᠬᠤ ᠶ᠋ᠢᠨ ᠡᠮᠦᠨ᠎ᠡ ᠣᠷᠣᠬᠤ ᠪᠣᠯᠤᠯᠲᠠᠢ ᠭᠡᠳ ᠨᠢᠮ᠎ᠠ ᠵᠣᠭᠣᠰ ᠢ᠋ᠶ᠋ᠠᠨ ᠬᠡᠯᠬᠢᠵᠦ ᠡᠪᠦᠷᠲᠦᠯᠡᠪᠡ᠃
ᠪᠠᠳᠠᠷᠴᠢ ᠲᠣᠮᠣ ᠬᠤᠯᠤ ᠠᠢᠷᠠᠭ ᠢ᠋ ᠨᠢᠭᠡ ᠠᠮᠢᠰᠬᠤᠭ᠎ᠠ ᠪᠠᠷ ᠵᠠᠯᠭᠢᠵᠤ ᠣᠷᠬᠢᠭᠠᠳ ᠳᠠᠮᠳᠢᠨ ᠢ᠋ᠶ᠋ᠠᠨ ᠳᠠᠭᠠᠭᠤᠯᠤᠨ ᠶᠠᠪᠤᠵᠠᠢ᠃ ᠬᠣᠩᠭᠣᠷ ᠬᠡᠳᠦᠢ ᠪᠡᠷ ᠲᠡᠮᠦᠷ ᠢ᠋ ᠡᠨᠡ ᠮᠠᠭᠤ ᠬᠣᠶᠠᠷ ᠪᠠᠷᠢᠵᠤ ᠴᠢᠳᠠᠬᠤ ᠦᠭᠡᠢ᠃ ᠲᠡᠮᠦᠷ ᠭᠤᠸᠠᠢ ᠡᠳᠡᠨ ᠢ᠋ ᠳᠠᠯᠤ ᠳᠡᠭᠡᠷ᠎ᠡ ᠡᠴᠡ ᠨᠢ ᠪᠠᠷᠢᠵᠤ ᠳᠠᠯᠠᠨ ᠭᠤᠷᠪᠠ᠂ ᠭᠤᠶ᠎ᠠ ᠳᠡᠭᠡᠷ᠎ᠡ ᠡᠴᠡ ᠨᠢ ᠪᠠᠷᠢᠵᠤ ᠭᠤᠴᠢᠨ ᠭᠤᠷᠪᠠ ᠡᠷᠭᠢᠭᠦᠯᠦᠭᠡᠳ ᠰᠢᠲᠠᠵᠤ ᠣᠷᠬᠢᠨ᠎ᠠ ᠭᠡᠵᠦ ᠢᠲᠡᠭᠡᠪᠡᠴᠦ᠂ ᠰᠡᠳᠬᠢᠯ ᠨᠢ ᠵᠣᠪᠠᠨ ᠪᠠᠢᠨ ᠪᠠᠢᠨ ᠬᠣᠢᠲᠤ ᠵᠢᠯᠠᠭ᠎ᠠ ᠤᠷᠤᠭᠤ ᠬᠠᠷᠠᠵᠤ ᠪᠠᠢᠯ᠎ᠠ᠃
ᠢᠲᠡᠭᠡᠯᠲᠦ᠂ ᠠᠳᠤᠭᠤᠴᠢᠨ ᠨᠠᠷ ᠢ᠋ᠶ᠋ᠠᠨ ᠴᠤᠭᠯᠠᠭᠤᠯᠵᠤ 《ᠲᠠᠮᠠᠭᠠᠨ ᠳᠡᠭᠡᠷ᠎ᠡ ᠡᠴᠡ ᠴᠠᠬᠢᠭᠤᠷ ᠲᠡᠮᠦᠷ ᠢ᠋ ᠠᠯᠳᠠᠵᠤ ᠭᠡᠨ᠎ᠡ᠃ ᠠᠳᠤᠭᠤ ᠪᠠᠨ ᠰᠥᠨᠢ ᠪᠦᠷᠢ ᠬᠣᠶᠠᠷ ᠬᠥᠮᠦᠨ ᠮᠠᠨᠠᠵᠤ ᠪᠠᠢ᠃ ᠬᠡᠳᠦᠨ ᠠᠳᠤᠭᠤ ᠴᠤ᠌ ᠶᠠᠭᠠᠮᠠᠢ᠃ ᠬᠠᠷᠢᠨ ᠭᠠᠭᠴᠠ ᠨᠢᠭᠡ ᠪᠡᠷ ᠢ᠋ᠶ᠋ᠡᠨ ᠲᠡᠮᠦᠷ ᠲᠡᠢ ᠲᠠᠭᠠᠷᠠᠯᠳᠤᠪᠠᠯ ᠣᠰᠣᠯ ᠲᠠᠢ》ᠭᠡᠯᠡ᠃
ᠢᠲᠡᠭᠡᠯᠲᠦ ᠶ᠋ᠢᠨ ᠬᠢ ᠡᠴᠡ ᠭᠠᠷᠤᠭᠠᠳ ᠶᠠᠪᠤᠵᠤ ᠪᠠᠢᠬᠤ ᠳ᠋ᠠᠭᠠᠨ 《ᠬᠥᠭᠡᠷᠦᠬᠦᠢ ᠠᠬ᠎ᠠ ᠮᠠᠨ ᠤ᠋ ᠪᠠᠨ ᠠᠪᠤ ᠰᠢᠭ᠋ ᠯᠡ ᠪᠢᠳᠡᠨ ᠦ᠌ ᠲᠥᠯᠥᠭᠡ ᠵᠣᠪᠠᠵᠤ ᠪᠠᠢᠬᠤ ᠶᠤᠮ》 ᠭᠡᠵᠦ ᠭᠠᠯᠰᠠᠩ ᠬᠡᠯᠡᠪᠡ᠃
᠊᠊᠊᠊᠊᠊᠊᠊᠊᠊᠊᠊᠊᠊᠊ ᠮᠠᠨ ᠤ᠋ ᠢᠲᠡᠭᠡᠯᠲᠦ ᠬᠣᠶᠠᠷ ᠪᠣᠳᠣᠯ ᠲᠠᠢ ᠬᠥᠮᠦᠨ ᠳᠡ᠃ ᠠᠯᠲᠠ ᠪᠠᠨ ᠪᠣᠳᠣᠬᠤ ᠳ᠋ᠤ᠌ ᠠᠪᠳᠠᠷ᠎ᠠ ᠪᠠᠨ ᠪᠣᠳᠣᠨ᠎ᠠ ᠭᠡᠭᠴᠢ ᠪᠡᠷ ᠠᠳᠤᠭᠤ ᠪᠠᠨ ᠪᠣᠳᠣᠬᠤ ᠳ᠋ᠤ᠌ ᠮᠠᠨ ᠢ᠋ ᠪᠡᠨ ᠪᠣᠳᠣᠵᠤ ᠪᠠᠢᠭ᠎ᠠ ᠶᠤᠮ ᠭᠡᠵᠦ ᠨᠢᠮ᠎ᠠ ᠠᠵᠢᠭ ᠦᠭᠡᠢ ᠬᠡᠯᠡᠪᠡ᠃
ᠲᠠᠢᠯᠪᠤᠷᠢ᠄
① ᠠᠷᠤ ᠬᠠᠩᠬᠠᠢ ᠠᠢᠮᠠᠭ ᠤ᠋ᠨ ᠪᠠᠲᠤᠴᠡᠩᠭᠡᠯ ᠰᠤᠮᠤ ᠣᠷᠴᠢᠮ ᠤ᠋ᠨ ᠨᠤᠲᠤᠭ᠃
② ᠠᠷᠤ ᠬᠠᠩᠬᠠᠢ ᠠᠢᠮᠠᠭ ᠤ᠋ᠨ ᠬᠣᠢᠲᠤ ᠰᠤᠮᠤᠨ᠂ ᠮᠥᠨ ᠬᠥᠪᠰᠥᠭᠥᠯ᠂ ᠵᠠᠪᠬᠠᠨ ᠠᠢᠮᠠᠭ ᠤ᠋ᠨ ᠰᠤᠮᠤᠳ ᠣᠷᠣᠨ᠎ᠠ᠃
