ᠲᠤᠩᠭᠠᠯᠠᠭ ᠲᠠᠮᠢᠷ2-14-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠮᠣᠩᠭᠣᠯ ᠣᠷᠣᠨ ᠢ᠋ ᠶᠠᠭᠠᠬᠢᠪᠠᠯ ᠠᠪᠤᠷᠠᠬᠤ ᠪᠣᠢ?》 - ᠬᠣᠶᠠᠳᠤᠭᠠᠷ ᠪᠦᠯᠦᠭ ᠠᠷᠪᠠᠨ ᠳᠥᠷᠪᠡ
ᠪᠠᠷᠤᠨ ᠤ᠋ ᠴᠡᠷᠢᠭ ᠬᠣᠶᠠᠳᠠᠬᠢ ᠤᠳᠠᠭ᠎ᠠ ᠪᠠᠨ ᠬᠦᠷᠢᠶ᠎ᠡ ᠤᠷᠤᠭᠤ ᠳᠣᠪᠲᠣᠯᠬᠤ ᠳ᠋ᠤ᠌ ᠡᠷᠳᠡᠨᠢ᠂ ᠰᠡᠴᠡᠨ ᠬᠠᠨ ᠠᠢᠮᠠᠭ ᠡᠴᠡ ᠲᠠᠲᠠᠭᠰᠠᠨ ᠵᠠᠭᠤᠨ ᠴᠡᠷᠢᠭ ᠦ᠋ᠨ ᠳᠠᠷᠤᠭ᠎ᠠ ᠪᠣᠯᠤᠭᠠᠳ ᠪᠠᠢᠯ᠎ᠠ᠃
ᠨᠢᠭᠡᠳᠡᠬᠢ ᠤᠳᠠᠭᠠᠨ ᠤ᠋ ᠳᠣᠪᠲᠣᠯᠭᠠᠨ ᠤ᠋ ᠦᠶ᠎ᠡ ᠳ᠋ᠦ᠍ ᠬᠣᠭᠣᠯᠠᠲᠤ ᠶ᠋ᠢᠨ ᠳᠠᠪᠠᠭᠠᠨ ᠤ᠋ ᠠᠷᠤ ᠳ᠋ᠤ᠌ ᠪᠠᠢᠭᠰᠠᠨ ᠬᠣᠷᠢ ᠰᠢᠭᠠᠮ ᠭᠠᠮᠢᠩ ᠢ᠋ ᠤᠰᠠᠳᠬᠠᠬᠤ ᠳ᠋ᠤ᠌ ᠭᠠᠷᠮᠠᠭᠠᠢ ᠪᠠᠢᠯᠳᠤᠭᠰᠠᠨ ᠢ᠋ᠶ᠋ᠠᠷ ᠡᠷᠳᠡᠨᠢ ᠢᠩᠭᠢᠵᠦ ᠳᠠᠪᠰᠢᠵᠠᠢ᠃ ᠬᠣᠷᠢ ᠰᠢᠭᠠᠮ ᠭᠠᠮᠢᠩ ᠢ᠋ ᠳᠠᠭᠠᠷᠢᠨ ᠣᠷᠣᠵᠤ ᠤᠰᠠᠳᠬᠠᠭᠠᠳ ᠣᠯᠵᠠᠯᠠᠭᠰᠠᠨ ᠵᠡᠪᠰᠡᠭ ᠪᠣᠯᠤᠨ ᠪᠤᠰᠤᠳ ᠶᠠᠭᠤᠮ᠎ᠠ ᠪᠠᠨ ᠬᠣᠶᠠᠷ ᠮᠣᠷᠢᠨ ᠲᠡᠷᠭᠡᠨ ᠳ᠋ᠦ᠍ ᠠᠴᠢᠵᠤ ᠣᠴᠢᠬᠤ ᠳ᠋ᠤ᠌ ᠪᠠᠷᠤᠨ ᠵᠠᠩᠵᠤᠨ ᠥᠪᠡᠷ ᠢ᠋ᠶ᠋ᠡᠨ ᠭᠠᠷ ᠢ᠋ ᠨᠢ ᠠᠳᠬᠤᠵᠤ᠂ ᠲᠠᠪᠤᠨ ᠠᠯᠲᠠᠨ ᠮᠠᠨᠢᠶᠠᠤᠨ ᠢ᠋ᠶ᠋ᠠᠷ ᠱᠠᠩᠨᠠᠵᠠᠢ᠃
ᠠᠮᠢᠳᠤᠷᠠᠯ ᠳ᠋ᠠᠭᠠᠨ ᠠᠳᠬᠤᠵᠤ ᠦᠵᠡᠬᠦ ᠶ᠋ᠢ ᠪᠢᠲᠡᠭᠡᠢ ᠬᠡᠯᠡ᠃ ᠰᠠᠨᠠᠵᠤ ᠪᠠᠢᠭ᠎ᠠ ᠦᠭᠡᠢ ᠡᠨᠡ ᠶᠡᠬᠡ ᠬᠥᠷᠥᠩᠭᠡ ᠲᠡᠢ ᠪᠣᠯᠤᠭᠠᠳ ᠪᠠᠢᠬᠤ ᠳ᠋ᠠᠭᠠᠨ ᠢᠲᠡᠭᠡᠯᠲᠦ ᠡᠴᠡ ᠪᠠᠶᠠᠨ ᠪᠣᠯᠤᠭᠰᠠᠨ ᠶᠤᠮ ᠰᠢᠭ᠋ ᠰᠠᠨᠠᠭᠳᠠᠵᠤ ᠪᠠᠢᠵᠠᠢ᠃
ᠬᠣᠶᠠᠳᠠᠬᠢ ᠳᠣᠪᠲᠣᠯᠭᠠᠨ ᠤ᠋ ᠦᠶ᠎ᠡ ᠳ᠋ᠦ᠍ ᠡᠷᠳᠡᠨᠢ ᠶ᠋ᠢᠨ ᠠᠩᠭᠢ ᠤᠯᠢᠶᠠᠰᠤᠲᠠᠢ ᠶ᠋ᠢᠨ ᠭᠣᠣᠯ ᠢ᠋ ᠤᠷᠤᠭᠤᠳᠠᠵᠤ ᠮᠠᠢᠮᠠᠢ ᠬᠣᠲᠠ ᠤᠷᠤᠭᠤ ᠳᠠᠭᠠᠷᠢᠵᠠᠢ᠃ ᠮᠣᠳᠣᠴᠢᠨ ᠡᠴᠡ ᠫᠤᠤᠳᠠᠭᠰᠠᠨ ᠪᠠᠷᠤᠨ ᠤ᠋ ᠶᠡᠬᠡ ᠫᠤᠤ ᠳ᠋ᠤ᠌ ᠰᠠᠨᠳᠤᠷᠤᠭᠰᠠᠨ ᠭᠠᠮᠢᠩ ᠮᠠᠢᠮᠠᠢ ᠬᠣᠲᠠ ᠡᠴᠡ ᠤᠬᠤᠷᠢᠵᠤ ᠠᠮᠵᠢᠭ᠎ᠠ ᠦᠭᠡᠢ ᠪᠠᠢᠬᠤ ᠳ᠋ᠤ᠌ ᠤᠭ ᠡᠴᠡ ᠭᠠᠯᠰᠢᠷᠠ ᠡᠴᠡ ᠭᠠᠷᠤᠯᠲᠠᠢ ᠥᠨᠳᠥᠷ ᠴᠠᠭᠠᠨ ᠮᠣᠷᠢ ᠲᠠᠢ ᠡᠷᠳᠡᠨᠢ ᠪᠡᠷ ᠮᠠᠩᠯᠠᠢᠯᠠᠭᠤᠯᠤᠭᠰᠠᠨ ᠴᠡᠷᠢᠭ ᠮᠠᠢᠮᠠᠢ ᠶ᠋ᠢᠨ ᠬᠣᠢᠲᠤ ᠬᠡᠰᠡᠭ ᠢ᠋ ᠡᠵᠡᠯᠡᠨ ᠬᠦᠷᠢᠶ᠎ᠡ ᠤᠷᠤᠭᠤ ᠤᠬᠤᠷᠢᠵᠤ ᠪᠠᠢᠭ᠎ᠠ ᠭᠠᠮᠢᠩ ᠢ᠋ ᠴᠠᠪᠴᠢᠯᠠᠵᠤ ᠪᠠᠢᠵᠠᠢ᠃
ᠦᠳᠡ ᠶ᠋ᠢᠨ ᠬᠢᠷᠢ ᠳ᠋ᠦ᠍ ᠭᠠᠮᠢᠩ ᠤ᠋ᠨ ᠰᠡᠩᠳᠡ ᠮᠡᠩᠳᠡ ᠣᠷᠬᠢᠭᠰᠠᠨ ᠬᠦᠷᠢᠶ᠎ᠡ ᠤᠷᠤᠭᠤ ᠬᠤᠢ ᠦᠭᠡᠢ ᠰᠸᠯᠠᠢ᠌ᠳᠠᠢ ᠫᠤᠤ ᠪᠠᠨ ᠪᠥᠰᠡᠨ ᠳ᠋ᠡᠭᠡᠨ ᠬᠠᠪᠴᠢᠭᠤᠯᠤᠭᠰᠠᠨ ᠡᠷᠳᠡᠨᠢ ᠴᠠᠭᠠᠨ ᠮᠣᠷᠢᠨ ᠳᠡᠭᠡᠷ᠎ᠡ ᠪᠡᠨ ᠦᠯᠦ ᠮᠡᠳᠡᠭ ᠬᠥᠨᠳᠡᠯᠡᠨ ᠰᠠᠭᠤᠭᠠᠳ ᠭᠤᠷᠢᠶᠠᠳ ᠤ᠋ᠨ ᠤᠯᠠᠭᠠᠨ ᠤ᠋ ᠡᠮᠦᠨᠡᠭᠦᠷ ᠭᠠᠷᠴᠤ ᠵᠡᠭᠦᠨ ᠰᠠᠯᠪᠠ ᠳ᠋ᠤ᠌ ᠣᠢᠷᠠᠲᠤᠨ ᠢᠷᠡᠯ᠎ᠡ᠃ ᠠᠷᠤ ᠳ᠋ᠤᠨᠢ ᠶᠠᠪᠤᠭ᠎ᠠ ᠴᠡᠷᠢᠭ ᠦ᠋ᠳ 《ᠠᠷᠤ ᠶ᠋ᠢᠨ ᠵᠠᠮ ᠢ᠋ᠶ᠋ᠠᠷ ᠠᠯᠬᠤᠯᠠᠵᠤ ᠪᠠᠢᠳᠠᠭ᠂ ᠠᠲᠤᠷᠢᠶ᠎ᠠ ᠰᠡᠭᠦᠯ ᠲᠡᠢ ᠪᠣᠷᠣᠯᠠᠭ ᠮᠣᠷᠢ᠂ ᠠᠯᠪᠠ ᠪᠠᠷ ᠪᠢᠳᠡᠨ ᠢ᠋ ᠵᠠᠬᠢᠷᠤᠨ ᠰᠠᠭᠤᠭᠴᠢ ᠠᠲ᠋ᠠᠮᠠᠨ ᠬᠡᠷᠬᠡᠮ ᠲᠡᠢ ᠰᠸᠮᠢᠶᠦᠨᠦᠧ》 ᠭᠡᠵᠦ ᠪᠦᠳᠦᠭᠦᠨ ᠨᠠᠷᠢᠨ ᠬᠣᠭᠣᠯᠠᠢ ᠪᠠᠷ ᠳᠠᠭᠤᠯᠠᠯᠳᠤᠨ ᠶᠠᠪᠤᠬᠤ ᠨᠢ ᠡᠷᠳᠡᠨᠢ ᠳ᠋ᠦ᠍ ᠰᠣᠨᠣᠰᠤᠭᠳᠠᠨ ᠳᠠᠭᠤᠤ ᠶ᠋ᠢᠨ ᠠᠶ᠎ᠠ ᠶ᠋ᠢ ᠬᠠᠮᠠᠷ ᠢ᠋ᠶ᠋ᠠᠷ ᠢ᠋ᠶ᠋ᠠᠨ ᠳ᠋ᠠᠭᠠᠨ ᠭᠣᠩᠰᠢᠵᠤ ᠶᠠᠪᠤᠯ᠎ᠠ᠃
ᠭᠡᠨᠡᠳᠲᠡ ᠡᠷᠳᠡᠨᠢ ᠶ᠋ᠢ ᠮᠣᠷᠢᠨ ᠤ᠋ ᠠᠮᠠ ᠶ᠋ᠢ ᠲᠡᠳᠡᠨ ᠵᠣᠭᠰᠣᠬᠤ ᠳ᠋ᠤ᠌ ᠠᠷᠤ ᠳ᠋ᠤᠨᠢ ᠵᠢᠭᠰᠠᠵᠤ ᠶᠠᠪᠤᠭᠰᠠᠨ ᠬᠥᠮᠦᠨ ᠵᠣᠭᠰᠣᠵᠤ᠂ ᠳᠠᠭᠤᠤ ᠭᠡᠨᠡᠳᠲᠡ ᠲᠠᠰᠤᠷᠠᠪᠠ᠃ ᠡᠮᠦᠨ᠎ᠡ ᠨᠢ ᠨᠢᠷᠤᠭᠤ ᠮᠣᠳᠣᠨ ᠡᠴᠡ ᠳᠡᠭᠦᠵᠢᠯᠡᠭᠳᠡᠭᠰᠡᠨ ᠬᠣᠶᠠᠷ ᠬᠥᠮᠦᠨ ᠦᠯᠦ ᠮᠡᠳᠡᠭ ᠨᠠᠢᠭᠤᠨ ᠬᠥᠳᠡᠯᠵᠦ ᠪᠠᠢᠪᠠ᠃
ᠡᠨᠡ ᠪᠣᠯ ᠭᠠᠮᠢᠩ ᠤ᠋ᠳ ᠪᠢᠰᠢ᠂ ᠲᠡᠳᠡᠨ ᠳ᠋ᠦ᠍ ᠮᠣᠩᠭᠣᠯ ᠢ᠋ ᠬᠤᠳᠠᠯᠳᠤᠭᠰᠠᠨ ᠨᠣᠶᠠᠳ ᠴᠤ᠌ ᠪᠢᠰᠢ᠂ ᠬᠠᠷᠢᠨ ᠶᠠᠳᠠᠭᠤ ᠵᠦᠳᠡᠭᠦᠦ ᠬᠤᠪᠴᠠᠰᠤ ᠲᠠᠢ ᠡᠩ ᠦ᠋ᠨ ᠮᠣᠩᠭᠣᠯ ᠬᠥᠮᠦᠰ ᠪᠠᠢᠯ᠎ᠠ᠃
ᠪᠠᠷᠤᠨ ᠤ᠋ ᠬᠣᠶᠠᠷ ᠣᠷᠣᠰ ᠴᠡᠷᠢᠭ ᠤᠷᠠᠩᠬᠠᠢ ᠬᠥᠬᠡ ᠳᠡᠪᠡᠯ ᠲᠡᠢ ᠠᠬᠢᠮᠠᠭ ᠨᠠᠰᠤᠨ ᠤ᠋ ᠬᠠᠷ᠎ᠠ ᠬᠥᠮᠦᠨ ᠢ᠋ ᠳᠡᠭᠦᠵᠢᠯᠡᠭᠦᠷ ᠤᠷᠤᠭᠤ ᠴᠢᠷᠦᠨ ᠶᠠᠪᠤᠬᠤ ᠳ᠋ᠤ᠌ ᠠᠷᠪᠠᠭᠠᠳ ᠨᠠᠰᠤᠨ ᠤ᠋ ᠪᠦᠰᠡᠭᠦᠢ ᠬᠡᠦᠬᠡᠳ 《ᠠᠪᠤ ᠠ᠋᠂ ᠮᠢᠨᠦ ᠠᠪᠤ ᠠ᠋》 ᠭᠡᠵᠦ ᠬᠠᠰᠬᠢᠷᠤᠨ ᠭᠦᠶᠦᠵᠦ ᠣᠴᠢᠬᠤ ᠳ᠋ᠤ᠌ ᠨᠢᠭᠡ ᠴᠡᠷᠢᠭ ᠢᠰᠬᠦᠯᠪᠡ᠃ ᠬᠡᠦᠬᠡᠳ ᠭᠡᠳᠡᠷᠭᠦ ᠪᠡᠨ ᠤᠨᠠᠭᠰᠠᠨ ᠢ᠋ᠶ᠋ᠠᠨ ᠪᠣᠰᠴᠤ ᠨᠢᠭᠡ ᠠᠯᠬᠤᠭᠠᠳ ᠳᠠᠬᠢᠨ ᠤᠨᠠᠭᠠᠳ ᠰᠡᠳᠬᠢᠯ ᠦ᠋ᠨ ᠭᠦᠨ ᠢᠷᠣᠭᠠᠷ ᠢ᠋ ᠳᠣᠷᠭᠢᠭᠤᠯᠤᠭᠰᠠᠨ ᠳᠠᠭᠤ ᠪᠠᠷ 《ᠠᠪᠤ ᠠ᠋᠂ ᠮᠢᠨᠦ ᠠᠪᠤ ᠠ᠋》 ᠭᠡᠵᠦ ᠬᠠᠰᠬᠢᠷᠤᠨ ᠪᠠᠢᠪᠠ᠃ ᠡᠷᠳᠡᠨᠢ ᠤᠬᠤᠰᠬᠢᠨ ᠳᠠᠪᠬᠢᠵᠤ ᠬᠠᠷ᠎ᠠ ᠬᠥᠮᠦᠨ ᠢ᠋ ᠴᠢᠷᠴᠦ ᠶᠠᠪᠤᠭ᠎ᠠ ᠬᠣᠶᠠᠷ ᠴᠡᠷᠢᠭ ᠢ᠋ ᠳᠡᠭᠦᠵᠢᠯᠡᠭᠦᠷ ᠦ᠋ᠨ ᠳᠡᠷᠭᠡᠳᠡ ᠭᠦᠢᠴᠡᠵᠦ ᠣᠴᠢᠪᠠ᠃
᠊᠊᠊᠊᠊᠊᠊᠊᠊᠊᠊᠊᠊᠊᠊ ᠪᠣᠯᠬᠤ ᠦᠭᠡᠢ᠃ ᠲᠠ ᠨᠠᠷ ᠡᠨᠡ ᠬᠥᠮᠦᠨ ᠢ᠋ ᠳᠡᠯᠪᠢ ᠭᠡᠵᠦ ᠬᠠᠰᠬᠢᠷᠤᠨ ᠬᠡᠯᠡᠪᠡ᠃
ᠬᠣᠶᠠᠷ ᠴᠡᠷᠢᠭ ᠣᠮᠣᠭᠯᠠᠩ ᠴᠠᠭᠠᠨ ᠮᠣᠷᠢ ᠪᠠᠨ ᠲᠣᠭᠲᠠᠭᠠᠵᠤ ᠶᠠᠳᠠᠨ ᠪᠠᠢᠭ᠎ᠠ ᠡᠷᠳᠡᠨᠢ ᠶ᠋ᠢ ᠣᠷᠣᠮᠳᠠᠨ ᠣᠢᠷᠠᠲᠤᠵᠤ ᠪᠠᠢᠭ᠎ᠠ ᠪᠢᠷᠠᠭᠤᠨ ᠪᠤᠬ᠎ᠠ ᠶ᠋ᠢ᠂ ᠨᠣᠭᠣᠭ᠎ᠠ ᠬᠠᠵᠠᠯᠠᠬᠤ ᠵᠠᠭᠤᠷ᠎ᠠ ᠭᠢᠯᠤᠢᠨ ᠬᠠᠷᠠᠵᠤ ᠪᠠᠢᠭ᠎ᠠ ᠨᠠᠰᠤ ᠰᠢᠲᠦ ᠭᠦᠢᠴᠡᠭᠰᠡᠨ ᠲᠣᠮᠣ ᠪᠤᠬ᠎ᠠ ᠶ᠋ᠢᠨ ᠨᠢᠳᠦ ᠪᠡᠷ ᠬᠠᠷᠠᠵᠤ ᠪᠠᠢᠭᠰᠠᠨ ᠢ᠋ᠶ᠋ᠠᠨ᠂ ᠨᠢᠭᠡ ᠨᠢ ᠪᠠᠷᠭᠢᠯ ᠪᠦᠳᠦᠭᠦᠨ ᠬᠤᠷᠤᠭᠤ ᠪᠠᠷ ᠢ᠋ᠶ᠋ᠠᠨ ᠰᠠᠯᠠᠭᠠᠪᠴᠢ ᠬᠢᠵᠦ ᠨᠢᠯᠪᠤᠭᠠᠳ ᠡᠷᠳᠡᠨᠢ ᠤᠷᠤᠭᠤ ᠪᠠᠷᠢᠪᠠ᠃
ᠡᠷᠳᠡᠨᠢ ᠶ᠋ᠢᠨ ᠠᠭᠤᠷ ᠳᠡᠯᠪᠡᠷᠡᠨ ᠰᠢᠳᠡᠵᠦ᠂ ᠪᠥᠰᠡᠨ ᠳ᠋ᠡᠭᠡᠨ ᠪᠠᠢᠭᠰᠠᠨ ᠰᠸᠯᠠᠢ᠌ᠳᠠᠢ ᠶ᠋ᠢ ᠠᠳᠬᠤᠨ ᠠᠪᠲᠠᠯ᠎ᠠ ᠳᠡᠷᠭᠡᠳᠡ ᠨᠢ ᠮᠣᠩᠭᠣᠯ ᠴᠡᠷᠢᠭ ᠭᠠᠷ ᠢ᠋ ᠨᠢ ᠰᠢᠭᠦᠷᠡᠨ ᠪᠠᠷᠢᠵᠤ ᠠᠪᠤᠭᠠᠳ᠄
᠊᠊᠊᠊᠊᠊᠊᠊᠊᠊᠊᠊᠊᠊᠊ ᠲᠠ ᠪᠣᠯᠬᠤ ᠦᠭᠡᠢ ᠭᠡᠯᠡ᠃
《ᠠᠪᠤ ᠠ᠋᠂ ᠮᠢᠨᠦ ᠠᠪᠤ ᠠ᠋》 ᠭᠡᠵᠦ ᠬᠡᠦᠬᠡᠳ ᠬᠠᠰᠬᠢᠷᠤᠭᠰᠠᠭᠠᠷ ᠪᠠᠢᠬᠤ ᠳ᠋ᠤ᠌ ᠴᠠᠭᠠᠨ ᠴᠡᠷᠢᠭ ᠬᠠᠷ᠎ᠠ ᠬᠥᠮᠦᠨ ᠢ᠋ ᠳᠡᠭᠦᠵᠢᠯᠡᠭᠡᠳ ᠬᠥᠭᠵᠢᠯ ᠲᠡᠢ ᠢᠨᠢᠶᠡᠪᠡ᠃
ᠪᠠᠷᠤᠨ ᠤ᠋ ᠴᠡᠷᠢᠭ ᠪᠣᠯ ᠮᠣᠩᠭᠣᠯ ᠢ᠋ ᠠᠪᠤᠷᠠᠭᠴᠢ ᠭᠡᠵᠦ ᠡᠷᠳᠡᠨᠢ ᠢᠲᠡᠭᠡᠵᠦ ᠪᠠᠢᠭᠰᠠᠨ ᠪᠢᠯᠡ᠃ ᠭᠡᠲᠡᠯ᠎ᠡ ᠶᠠᠳᠠᠭᠤ ᠮᠣᠩᠭᠣᠯ ᠢ᠋ ᠨᠢᠯᠬ᠎ᠠ ᠦᠷ᠎ᠡ ᠶ᠋ᠢᠨ ᠬᠢᠨᠢ ᠨᠢᠳᠦᠨ ᠳᠡᠭᠡᠷ᠎ᠡ ᠳᠡᠭᠦᠵᠢᠯᠡᠭᠡᠳ ᠬᠥᠭᠵᠢᠯ ᠲᠡᠢ ᠢᠨᠢᠶᠡᠵᠦ ᠪᠠᠢᠭ᠎ᠠ ᠶ᠋ᠢ ᠬᠠᠷᠠᠭᠠᠳ ᠥᠪᠡᠷ ᠦ᠋ᠨ ᠭᠡᠨᠡᠨ ᠰᠡᠳᠬᠢᠯ ᠢ᠋ ᠣᠢᠯᠠᠭᠠᠪᠠ᠃
ᠲᠡᠭᠡᠭᠡᠳ ᠮᠣᠷᠢᠨ ᠳ᠋ᠠᠭᠠᠨ ᠲᠠᠰᠢᠭᠤᠷ ᠥᠭᠴᠦ ᠪᠠᠷᠠᠭᠤᠨ ᠲᠠᠰᠢ ᠪᠠᠨ ᠨᠢᠳᠦ ᠠᠨᠢᠨ ᠳᠠᠪᠬᠢᠯ᠎ᠠ᠃ ᠬᠣᠢᠨ᠎ᠠ ᠡᠴᠡ ᠨᠢ ᠴᠡᠷᠢᠭ ᠦ᠋ᠳ ᠨᠢ ᠬᠡᠳᠦ ᠳᠠᠬᠢᠨ ᠳᠠᠭᠤᠳᠠᠭᠰᠠᠨ ᠪᠣᠯᠪᠠᠴᠤ ᠡᠷᠳᠡᠨᠢ ᠰᠣᠨᠣᠰᠤᠭᠰᠠᠨ ᠦᠭᠡᠢ᠃
ᠬᠦᠷᠢᠶᠡᠨ ᠦ᠌ ᠵᠡᠭᠦᠨ ᠲᠠᠯ᠎ᠠ ᠳ᠋ᠤ᠌ ᠫᠤᠤ ᠳᠤᠤᠭᠤᠷᠴᠤ ᠡᠬᠢᠯᠡᠬᠦ ᠳ᠋ᠦ᠍ ᠪᠠᠲᠤ ᠰᠡᠷᠢᠵᠦ ᠪᠣᠰᠤᠭᠠᠳ ᠬᠠᠰᠢᠶᠠᠨ ᠤ᠋ ᠬᠠᠭᠠᠯᠭ᠎ᠠ ᠪᠠᠷ ᠭᠦᠶᠦᠨ ᠭᠠᠷᠬᠤ ᠭᠡᠲᠡᠯ᠎ᠡ ᠬᠡᠳᠦᠢᠨ ᠪᠣᠰᠤᠭᠠᠳ ᠬᠠᠰᠢᠶᠠᠨ ᠳᠣᠲᠣᠷ᠎ᠠ ᠵᠣᠭᠰᠣᠵᠤ ᠪᠠᠢᠭᠰᠠᠨ ᠪᠠᠭᠰᠢ ᠨᠢ ᠬᠣᠷᠢᠭᠯᠠᠬᠤ ᠳ᠋ᠤ᠌ ᠠᠷᠭ᠎ᠠ ᠪᠤᠶᠤ ᠵᠣᠭᠰᠣᠪᠠ᠃
᠊᠊᠊᠊᠊᠊᠊᠊᠊᠊᠊᠊᠊᠊᠊ ᠭᠡᠪᠰᠢ ᠮᠢᠨᠢ ᠡᠨᠡ ᠯᠦᠩ ᠯᠦᠩ ᠭᠡᠵᠦ ᠪᠠᠢᠭ᠎ᠠ ᠴᠢᠨᠢ ᠨᠥᠭᠦᠭᠡ ᠦᠬᠡᠷ ᠫᠤᠤ ᠭᠡᠳᠡᠭ ᠨᠢ ᠪᠣᠯᠤᠯᠲᠠᠢ᠃ ᠬᠥᠮᠦᠨ ᠳ᠋ᠦ᠍ ᠢᠩᠭᠢᠵᠦ ᠪᠡᠶ᠎ᠡ ᠪᠡᠶ᠎ᠡ ᠪᠡᠨ ᠠᠯᠠᠵᠤ ᠪᠠᠢᠬᠤ ᠶᠠᠮᠠᠷ ᠬᠡᠷᠡᠭ ᠪᠠᠢᠨ᠎ᠠ ᠳᠠ ᠭᠡᠳ᠂ ᠷᠢᠨᠴᠢᠨ ᠶᠠᠪᠤᠵᠤ ᠭᠡᠷ ᠦ᠋ᠨ ᠢ᠋ᠶ᠋ᠡᠨ ᠬᠠᠲᠠᠪᠴᠢ ᠶ᠋ᠢ ᠲᠦᠰᠢᠨ ᠵᠣᠭᠰᠣᠪᠠ᠃
ᠭᠠᠮᠢᠩ ᠣᠷᠣᠵᠤ ᠢᠷᠡᠭᠡᠳ ᠡᠨᠳᠡ ᠲᠡᠨᠳᠡ ᠦᠭᠡᠢ ᠳᠡᠭᠡᠷᠡᠮᠳᠡᠨ᠂ ᠮᠣᠩᠭᠣᠯ ᠬᠥᠮᠦᠨ ᠦ᠌ ᠨᠡᠷ᠎ᠡ ᠲᠥᠷᠥ ᠶ᠋ᠢ ᠳᠣᠷᠣᠮᠵᠢᠯᠠᠨ ᠪᠠᠢᠬᠤ ᠶ᠋ᠢ ᠷᠢᠨᠴᠢᠨ ᠰᠡᠳᠬᠢᠯ ᠡᠪᠡᠳᠦᠨ ᠬᠠᠷᠠᠵᠤ ᠪᠠᠢᠯ᠎ᠠ᠃ ᠲᠡᠭᠡᠭᠡᠳ ᠲᠥᠷᠥ᠂ ᠱᠠᠰᠢᠨ ᠢ᠋ ᠲᠣᠯᠣᠭᠠᠢᠯᠠᠵᠤ ᠪᠠᠢᠭᠠᠳ ᠮᠣᠩᠭᠣᠯ ᠣᠷᠣᠨ ᠢ᠋ ᠲᠦᠮᠡᠨ ᠵᠣᠪᠠᠯᠠᠩ ᠳ᠋ᠤ᠌ ᠤᠨᠠᠭᠠᠭᠰᠠᠨ ᠪᠣᠭᠳᠠ ᠳ᠋ᠤ᠌ ᠬᠣᠷᠣᠰᠬᠤ ᠰᠡᠳᠬᠢᠯ ᠨᠢ ᠤᠯᠠᠮ ᠶᠡᠬᠡ ᠪᠣᠯᠵᠤ 《ᠮᠣᠩᠭᠣᠯ ᠣᠷᠣᠨ ᠢ᠋ ᠶᠠᠭᠠᠬᠢᠪᠠᠯ ᠠᠪᠤᠷᠠᠬᠤ ᠪᠣᠢ?》 ᠭᠡᠰᠡᠨ ᠠᠰᠠᠭᠤᠳᠠᠯ ᠢ᠋ ᠥᠪᠡᠷ ᠢ᠋ᠶ᠋ᠡᠨ ᠥᠪᠡᠷ ᠲᠡᠭᠡᠨ ᠪᠠᠢᠨ ᠪᠠᠢᠨ ᠲᠠᠯᠪᠢᠳᠠᠭ ᠪᠠᠢᠵᠠᠢ᠃ ᠭᠡᠲᠡᠯ᠎ᠡ ᠶᠠᠮᠠᠷ ᠴᠤ᠌ ᠬᠠᠷᠢᠭᠤ ᠣᠯᠳᠠᠳᠠᠭ ᠦᠭᠡᠢ ᠪᠥᠭᠡᠳ ᠬᠡᠷᠪᠡ ᠪᠤᠷᠬᠠᠨ ᠤ᠋ ᠰᠤᠷᠭᠠᠯ ᠢ᠋ᠶ᠋ᠠᠷ ᠬᠢᠴᠢᠶᠡᠩᠭᠦᠢᠯᠡᠨ ᠨᠣᠮᠣᠬᠠᠨ ᠰᠠᠭᠤᠭᠠᠳ ᠪᠠᠢᠪᠠᠯ ᠤᠯᠤᠰ ᠦᠨᠳᠦᠰᠦᠲᠡᠨ ᠰᠥᠨᠥᠬᠦ ᠳ᠋ᠦ᠍ ᠬᠦᠷᠬᠦ ᠨᠢ ᠳᠠᠮᠵᠢᠭ ᠦᠭᠡᠢ ᠪᠠᠢᠵᠠᠢ᠃ ᠮᠣᠩᠭᠣᠯ᠂ ᠰᠢᠷ᠎ᠠ ᠶ᠋ᠢᠨ ᠱᠠᠰᠢᠨ ᠢ᠋ ᠵᠣᠪᠠᠯᠠᠩ ᠢ᠋ ᠲᠣᠨᠢᠯᠭᠠᠵᠤ᠂ ᠵᠢᠷᠭᠠᠯ ᠢ᠋ ᠡᠳ᠋ᠯᠡᠭᠦᠯᠬᠦ ᠶ᠋ᠢᠨ ᠲᠤᠯᠠ ᠵᠠᠯᠠᠵᠠᠢ᠃ ᠭᠡᠲᠡᠯ᠎ᠡ ᠮᠣᠩᠭᠣᠯ᠂ ᠱᠠᠰᠢᠨ ᠨᠡᠪᠲᠡᠷᠡᠭᠰᠡᠨ ᠡᠴᠡ ᠬᠣᠢᠰᠢ ᠥᠭᠡᠳᠡᠯᠡᠭᠰᠡᠨ ᠦᠭᠡᠢ ᠶᠠᠪᠤᠭᠰᠠᠭᠠᠷ ᠡᠴᠦᠰ ᠲᠦ᠍ ᠡᠢᠮᠦ ᠪᠠᠢᠳᠠᠯ ᠳ᠋ᠤ᠌ ᠬᠦᠷᠬᠦ ᠳ᠋ᠦ᠍ ᠠᠪᠤᠷᠠᠬᠤ ᠬᠦᠴᠦ ᠱᠠᠰᠢᠨ ᠳ᠋ᠤ᠌ ᠦᠭᠡᠢ ᠠᠵᠢ᠃
ᠷᠢᠨᠴᠢᠨ ᠶᠠᠮᠠᠷ ᠴᠤ᠌ ᠭᠡᠪᠰᠢ ᠲᠡᠢ ᠬᠡᠳᠦ ᠬᠣᠨᠣᠭ ᠮᠠᠷᠭᠤᠵᠤ᠂ ᠲᠡᠭᠦᠨ ᠢ᠋ ᠦᠭᠡ ᠳᠤᠤᠭᠠᠷᠬᠤ ᠴᠢᠳᠠᠯ ᠦᠭᠡᠢ ᠪᠣᠯᠭᠠᠵᠤ ᠴᠢᠳᠠᠨ᠎ᠠ᠃ ᠭᠡᠲᠡᠯ᠎ᠡ᠂ ᠭᠠᠮᠢᠩ ᠤ᠋ᠨ ᠭᠠᠭᠴᠠ ᠰᠤᠮᠤᠨ ᠳ᠋ᠤ᠌ ᠬᠠᠷᠢᠭᠤ ᠬᠢᠵᠦ ᠴᠢᠳᠠᠬᠤ ᠦᠭᠡᠢ ᠪᠠᠢᠯ᠎ᠠ᠃ ᠵᠥᠪᠬᠡᠨ ᠷᠢᠨᠴᠢᠨ ᠴᠦ᠍ ᠪᠢᠰᠢ ᠭᠠᠩᠳᠠᠨ ᠬᠦᠷᠢᠶ᠎ᠡ ᠶ᠋ᠢᠨ ᠪᠦᠬᠦ ᠯᠠᠮᠠ ᠨᠠᠷ ᠨᠡᠢᠯᠡᠵᠦ ᠨᠣᠮ ᠤᠩᠰᠢᠭᠠᠳ ᠭᠠᠮᠢᠩ ᠤ᠋ᠨ ᠦᠢᠯᠡᠳᠴᠦ ᠪᠠᠢᠭ᠎ᠠ ᠪᠤᠵᠠᠷ ᠪᠣᠯᠠᠢ ᠵᠦᠢᠯ ᠢ᠋ ᠵᠣᠭᠰᠣᠭᠠᠬᠤ ᠴᠢᠳᠠᠯ ᠦᠭᠡᠢ ᠭᠡᠳᠡᠭ ᠢ᠋ ᠷᠢᠨᠴᠢᠨ ᠮᠡᠳᠡᠵᠦ ᠪᠠᠢᠯ᠎ᠠ᠃
ᠰᠢᠷ᠎ᠠ ᠶ᠋ᠢᠨ ᠱᠠᠰᠢᠨ ᠡᠴᠡ ᠪᠣᠯᠵᠤ ᠮᠣᠩᠭᠣᠯ ᠬᠥᠮᠦᠨ ᠪᠦᠬᠦᠨ ᠪᠤᠷᠬᠠᠨ ᠪᠣᠯᠬᠤ ᠭᠡᠵᠦ ᠵᠢᠳᠬᠦᠭᠡᠳ ᠤᠯᠤᠰ ᠣᠷᠣᠨ᠂ ᠦᠨᠳᠦᠰᠦ ᠤᠭᠰᠠᠭ᠎ᠠ ᠪᠠᠨ ᠮᠠᠷᠲᠠᠭᠰᠠᠨ ᠡᠴᠡ ᠳᠡᠯᠡᠬᠡᠢ ᠳ᠋ᠠᠬᠢᠨ ᠤ᠋ ᠪᠤᠰᠤᠳ ᠤᠯᠤᠰ ᠲᠦᠮᠡᠨ ᠡᠴᠡ ᠠᠷᠴᠠᠭ᠎ᠠ ᠦᠭᠡᠢ ᠬᠣᠴᠣᠷᠤᠭᠠᠳ᠂ ᠭᠠᠷ ᠨᠢ ᠵᠠᠭᠠᠲᠤᠨᠠᠭᠰᠠᠨ ᠪᠦᠬᠦᠨ ᠳ᠋ᠦ᠍ ᠳᠣᠷᠣᠮᠵᠢᠯᠠᠭᠳᠠᠬᠤ ᠪᠣᠯᠵᠠᠢ ᠭᠡᠵᠦ ᠷᠢᠨᠴᠢᠨ ᠪᠣᠳᠣᠳᠠᠭ ᠪᠣᠯᠵᠠᠢ᠃
ᠭᠡᠪᠡᠴᠦ ᠷᠢᠨᠴᠢᠨ ᠳ᠋ᠦ᠍ ᠡᠨᠡ ᠣᠷᠣᠨ ᠢ᠋ ᠠᠪᠤᠷᠠᠬᠤ ᠶ᠋ᠢ ᠪᠢᠲᠡᠭᠡᠢ ᠬᠡᠯᠡ᠂ ᠠᠪᠤᠷᠠᠬᠤ ᠵᠠᠮ ᠢ᠋ ᠵᠥᠪᠬᠡᠨ ᠵᠢᠭᠠᠵᠤ ᠴᠤ᠌ ᠴᠢᠳᠠᠬᠤ ᠡᠷᠳᠡᠮ ᠤᠬᠠᠭᠠᠨ ᠪᠠᠢᠭᠰᠠᠨ ᠦᠭᠡᠢ᠃ ᠷᠢᠨᠴᠢᠨ ᠢ᠋ ᠡᠷᠳᠡᠮ ᠤᠬᠠᠭᠠᠨ ᠲᠠᠢ ᠯᠠᠮᠠ ᠭᠡᠵᠦ ᠣᠯᠠᠨ ᠢ᠋ᠶ᠋ᠠᠷ ᠢ᠋ᠶ᠋ᠠᠨ ᠬᠡᠯᠡᠯᠴᠡᠳᠡᠭ᠃ ᠭᠡᠲᠡᠯ᠎ᠡ ᠬᠢᠭᠰᠡᠨ ᠶᠠᠭᠤᠮ᠎ᠠ ᠭᠡᠪᠡᠯ ᠡᠳᠦᠢ ᠲᠡᠳᠦᠢ ᠬᠥᠮᠦᠨ ᠢ᠋ ᠥᠪᠡᠷ ᠰᠢᠭ ᠢ᠋ᠶ᠋ᠡᠨ ᠠᠷᠴᠠᠭ᠎ᠠ ᠦᠭᠡᠢ ᠪᠣᠯᠭᠠᠵᠠᠢ᠃ ᠡᠨᠡ ᠪᠦᠬᠦᠨ ᠢ᠋ ᠪᠣᠳᠣᠬᠤ ᠳ᠋ᠤ᠌ ᠷᠢᠨᠴᠢᠨ ᠦ᠌ ᠰᠡᠳᠬᠢᠯ ᠢ᠋ ᠶᠠᠮᠠᠷ ᠴᠤ᠌ ᠭᠡᠷᠡᠯ ᠭᠡᠭᠡ ᠦᠭᠡᠢ ᠪᠤᠬᠢᠨᠢᠳᠤᠯ ᠡᠵᠡᠯᠡᠪᠡ᠃
ᠤᠤᠯ ᠡᠴᠡ ᠪᠡᠨ ᠬᠥᠯ᠂ ᠴᠢᠮᠡᠭᠡ ᠪᠠᠭ᠎ᠠ ᠲᠠᠢ ᠭᠠᠩᠳᠠᠨ ᠰᠠᠯᠬᠢᠨ ᠳ᠋ᠤ᠌ ᠬᠥᠳᠡᠯᠦᠭᠰᠡᠨ ᠪᠤᠷᠭᠠᠰᠤᠨ ᠡᠴᠡ ᠠᠶᠤᠵᠤ ᠵᠢᠭᠤᠲᠠᠭᠠᠳ ᠪᠤᠲᠠᠨ ᠳ᠋ᠤ᠌ ᠬᠤᠷᠠᠭᠰᠠᠨ ᠲᠠᠤᠯᠠᠢ ᠰᠢᠭ᠋ ᠨᠠᠮ ᠭᠦᠮ ᠪᠣᠯᠤᠭᠠᠳ ᠲᠡᠷᠲᠡᠭᠡ ᠵᠡᠭᠦᠨ ᠵᠦᠭ ᠲᠦ᠍ ᠰᠣᠨᠣᠰᠤᠭᠳᠠᠵᠤ ᠪᠠᠢᠭ᠎ᠠ ᠫᠤᠤ ᠶ᠋ᠢᠨ ᠳᠠᠭᠤ ᠶᠢᠷᠲᠢᠨᠴᠦ ᠶ᠋ᠢᠨ ᠭᠠᠭᠴᠠᠬᠠᠨ ᠬᠥᠭ ᠠᠶᠠᠯᠭᠤ ᠪᠣᠯᠵᠤ ᠪᠠᠢᠯ᠎ᠠ᠃
᠊᠊᠊᠊᠊᠊᠊᠊᠊᠊᠊᠊᠊᠊᠊ ᠪᠠᠭᠰᠢ ᠠ᠋᠂ ᠭᠡᠷ ᠲᠡᠭᠡᠨ ᠣᠷᠣᠶ᠎ᠠ ᠭᠡᠵᠦ ᠪᠠᠲᠤ ᠶ᠋ᠢᠨ ᠬᠡᠯᠡᠬᠦ ᠳ᠋ᠦ᠍ ᠷᠢᠨᠴᠢᠨ ᠱᠠᠪᠢ ᠤᠷᠤᠭᠤ ᠪᠠᠨ ᠠᠵᠢᠭᠯᠠᠨ ᠬᠠᠷᠠᠭᠰᠠᠨ ᠢ᠋ᠶ᠋ᠠᠨ 《ᠥᠭᠡᠷ᠎ᠡ ᠴᠦ᠍ ᠶᠠᠭᠠᠬᠢᠬᠤᠪ ᠳᠠ》 ᠭᠡᠳ ᠭᠡᠷ ᠲᠡᠭᠡᠨ ᠣᠷᠣᠵᠠᠢ᠃
ᠦᠳᠡ ᠡᠴᠡ ᠬᠣᠢᠰᠢ ᠫᠤᠤ ᠶ᠋ᠢᠨ ᠳᠠᠭᠤ ᠲᠠᠰᠤᠷᠠᠪᠠ᠃ ᠪᠠᠲᠤ ᠭᠠᠳᠠᠭᠠᠯᠠᠬᠤ ᠨᠡᠷ᠎ᠡ ᠪᠡᠷ ᠭᠠᠷᠴᠤ᠂ ᠭᠢᠨᠵᠢᠨ ᠡᠴᠡ ᠪᠡᠨ ᠲᠠᠯᠪᠢᠭᠳᠠᠭᠰᠠᠨ ᠨᠣᠬᠠᠢ ᠰᠢᠭ᠋ ᠠᠯᠠᠭ᠎ᠠ ᠪᠣᠯᠪᠠ᠃ ᠶᠠᠪᠤᠭᠰᠠᠭᠠᠷ ᠬᠢᠲᠠᠳ ᠤ᠋ᠨ ᠶᠡᠬᠡ ᠴᠢᠯᠥᠭᠡᠨ ᠳ᠋ᠦ᠍ ᠬᠦᠷᠴᠦ ᠣᠴᠢᠪᠠ᠃ ᠡᠵᠡᠳ ᠨᠢ ᠳᠦᠷᠪᠡᠵᠦ ᠡᠵᠡᠭᠦᠢ ᠦᠯᠡᠳᠡᠭᠰᠡᠨ ᠬᠢᠲᠠᠳ ᠫᠦᠰᠡᠨ ᠡᠴᠡ ᠬᠦᠷᠢᠶ᠎ᠡ ᠶ᠋ᠢᠨ ᠬᠢᠨ ᠰᠢᠭᠤᠳᠠᠢ ᠪᠠᠷ ᠶᠠᠭᠤᠮ᠎ᠠ ᠵᠥᠭᠡᠭᠡᠵᠦ ᠭᠦᠶᠦᠯᠳᠦᠨ ᠪᠠᠢᠪᠠ᠃
ᠪᠠᠲᠤ ᠡᠭᠦᠨ ᠢ᠋ ᠭᠠᠢᠬᠠᠨ᠂ ᠲᠡᠭᠦᠨ ᠢ᠋ ᠰᠣᠨᠢᠷᠬᠠᠨ ᠠᠯᠮᠠᠢᠷᠠᠵᠤ ᠶᠠᠪᠤᠲᠠᠯ᠎ᠠ ᠡᠮᠦᠨ᠎ᠡ ᠡᠴᠡ ᠨᠢ ᠰᠠᠢᠬᠠᠨ ᠴᠠᠭᠠᠨ ᠮᠣᠷᠢᠲᠠᠢ ᠮᠣᠩᠭᠣᠯ ᠬᠥᠮᠦᠨ ᠮᠣᠷᠢᠨ ᠤ᠋ ᠪᠠᠨ ᠬᠠᠷ᠎ᠠ ᠬᠤᠷᠳᠤ ᠪᠠᠷ ᠳᠠᠪᠬᠢᠵᠤ ᠢᠷᠡᠯ᠎ᠡ᠃ ᠲᠠᠪᠢᠭᠠᠳ ᠠᠯᠲᠠ ᠭᠠᠵᠠᠷ ᠢᠷᠡᠬᠦ ᠳ᠋ᠦ᠍ᠨᠢ ᠡᠴᠢᠭᠡ ᠪᠡᠨ ᠭᠠᠷᠴᠠᠭ᠎ᠠ ᠦᠭᠡᠢ ᠲᠠᠨᠢᠭᠰᠠᠨ ᠪᠠᠲᠤ 《ᠠᠪᠤ ᠠ᠋᠂ ᠮᠢᠨᠦ ᠠᠪᠤ ᠠ᠋》 ᠭᠡᠵᠦ ᠬᠠᠰᠬᠢᠷᠲᠠᠯ᠎ᠠ ᠡᠷᠳᠡᠨᠢ ᠮᠣᠷᠢᠨ ᠤ᠋ ᠠᠮᠠ ᠶ᠋ᠢ ᠵᠠᠯᠠᠵᠤ ᠬᠣᠢᠰᠢ ᠡᠷᠭᠢᠭᠦᠯᠦᠨ ᠤᠯᠠᠮ ᠬᠤᠷᠳᠤᠯᠠᠪᠠ᠃
᠊᠊᠊᠊᠊᠊᠊᠊᠊᠊᠊᠊᠊᠊᠊ ᠠᠪᠤ ᠠ᠋᠂ ᠮᠢᠨᠦ ᠠᠪᠤ ᠠ᠋ ᠭᠡᠵᠦ ᠪᠠᠢᠳᠠᠭ ᠲᠡᠩᠬᠡᠭᠡ ᠪᠡᠷ ᠢ᠋ᠶ᠋ᠡᠨ ᠬᠠᠰᠬᠢᠷᠤᠨ ᠬᠣᠢᠨ᠎ᠠ ᠡᠴᠡ ᠨᠢ ᠭᠦᠶᠦᠪᠡ᠃
ᠰᠠᠶᠢᠬᠠᠨ ᠨᠢᠳᠦᠨ ᠦ᠌ ᠬᠢᠨᠢ ᠡᠮᠦᠨ᠎ᠡ ᠳᠡᠭᠦᠵᠢᠯᠡᠭᠳᠡᠭᠰᠡᠨ ᠬᠥᠮᠦᠨ ᠦ᠌ ᠬᠡᠦᠬᠡᠳ ᠦ᠋ᠨ ᠳᠠᠭᠤ ᠳᠠᠬᠢᠨ ᠴᠢᠬᠢᠨ ᠳ᠋ᠦ᠍ᠨᠢ ᠬᠠᠲᠠᠭᠰᠠᠨ ᠡᠷᠳᠡᠨᠢ ᠮᠣᠷᠢᠨ ᠤ᠋ ᠪᠠᠨ ᠳᠡᠯ ᠳ᠋ᠦ᠍ ᠬᠠᠴᠠᠷ ᠢ᠋ᠶ᠋ᠠᠨ ᠨᠠᠭᠠᠨ ᠪᠥᠬᠥᠢᠵᠦ᠂ ᠵᠡᠭᠦᠨ ᠬᠦᠷᠢᠶ᠎ᠡ ᠶ᠋ᠢᠨ ᠪᠠᠷᠠᠭᠤᠨ ᠲᠠᠯ᠎ᠠ ᠪᠠᠷ ᠬᠣᠢᠰᠢ ᠳᠠᠪᠬᠢᠨ ᠤᠳᠠᠯ ᠦᠭᠡᠢ ᠳᠠᠯᠳᠠ ᠣᠷᠣᠵᠠᠢ᠃
ᠡᠴᠢᠭᠡ ᠶ᠋ᠢᠨ ᠬᠢᠨᠢ ᠪᠠᠷ᠎ᠠ ᠠᠯᠢ ᠬᠡᠳᠦᠢᠨ ᠲᠠᠰᠤᠷᠠᠭᠰᠠᠨ ᠪᠣᠯᠪᠠᠴᠤ ᠪᠠᠲᠤ ᠭᠦᠶᠦᠭᠰᠡᠭᠡᠷ ᠠᠨᠳᠤᠤ ᠨᠠᠷ ᠤ᠋ᠨ ᠶᠡᠬᠡ ᠴᠢᠯᠥᠭᠡᠨ ᠦ᠌ ᠪᠠᠷᠠᠭᠤᠨ ᠦᠵᠦᠭᠦᠷ ᠲᠦ᠍ ᠢᠷᠡᠭᠡᠳ ᠪᠠᠬᠠᠷᠳᠠᠨ ᠤᠨᠠᠪᠠ᠃
ᠵᠡᠭᠦᠳᠦᠨ ᠳ᠋ᠡᠭᠡᠨ ᠤᠴᠠᠷᠠᠵᠤ ᠶᠠᠷᠢᠯᠴᠠᠨ᠂ ᠡᠳᠦᠷ ᠪᠦᠷᠢ ᠬᠦᠰᠡᠨ ᠮᠥᠷᠥᠭᠡᠳᠴᠦ ᠶᠠᠪᠤᠭᠰᠠᠨ ᠡᠴᠢᠭᠡ ᠪᠡᠨ ᠬᠡᠳᠦᠬᠡᠨ ᠠᠯᠬᠤᠮ ᠤ᠋ᠨ ᠲᠡᠷᠲᠡᠭᠡ ᠬᠠᠷᠠᠭᠰᠠᠨ ᠪᠣᠯᠪᠠᠴᠤ ᠠᠭᠤᠯᠵᠠᠵᠤ ᠴᠢᠳᠠᠭ᠎ᠠ ᠦᠭᠡᠢ ᠪᠠᠲᠤ ᠣᠷᠣᠢ ᠶ᠋ᠢᠨ ᠨᠠᠷᠠ ᠵᠢᠷᠭᠠᠬᠤ ᠦᠶ᠎ᠡ ᠳ᠋ᠦ᠍ ᠪᠠᠭᠰᠢ ᠶ᠋ᠢᠨ ᠳ᠋ᠡᠭᠡᠨ ᠢᠷᠡᠵᠡᠢ᠃
ᠪᠠᠲᠤ ᠶ᠋ᠢ ᠣᠷᠣ ᠰᠤᠷᠠᠭ ᠦᠭᠡᠢ ᠠᠯᠠᠭ᠎ᠠ ᠪᠣᠯᠤᠭᠰᠠᠨ ᠳ᠋ᠤ᠌ ᠰᠡᠳᠬᠢᠯ ᠨᠢ ᠵᠣᠪᠠᠭᠰᠠᠨ ᠷᠢᠨᠴᠢᠨ ᠪᠠᠢᠵᠤ ᠪᠣᠯᠬᠤ ᠪᠠᠷ ᠠᠢᠯ ᠪᠦᠬᠦᠨ ᠢ᠋ᠶ᠋ᠡᠷ ᠱᠠᠪᠢ ᠪᠠᠨ ᠰᠤᠷᠠᠭᠯᠠᠨ ᠣᠯᠵᠤ ᠶᠠᠳᠠᠭᠠᠳ ᠬᠡᠳᠦᠨ ᠱᠠᠪᠢ ᠨᠠᠷ ᠲᠠᠢ ᠪᠠᠨ ᠭᠤᠳᠤᠮᠵᠢᠨ ᠳ᠋ᠤ᠌ ᠵᠣᠭᠰᠣᠵᠤ ᠪᠠᠢᠪᠠ᠃
ᠪᠠᠲᠤ ᠶ᠋ᠢ ᠬᠠᠷᠠᠭᠠᠳ ᠦᠯᠡᠮᠵᠢ ᠪᠠᠶᠠᠷᠯᠠᠨ ᠤᠭᠲᠤᠵᠤ ᠣᠴᠢᠭᠠᠳ᠄
᠊᠊᠊᠊᠊᠊᠊᠊᠊᠊᠊᠊᠊᠊᠊ ᠢᠱ᠌ᠢ᠂ ᠬᠡᠪᠰᠢ ᠮᠢᠨᠢ ᠭᠡᠷ ᠢ᠋ᠶ᠋ᠡᠨ ᠮᠠᠷᠲᠠᠭᠰᠠᠨ ᠭᠡᠰᠡᠷ ᠭᠡᠭᠴᠢ ᠪᠡᠷ ᠡᠨᠡ ᠦᠢᠮᠡᠭᠡᠨ ᠦ᠌ ᠴᠠᠭ ᠲᠤ᠌ ᠬᠠᠮᠢᠭᠠᠭᠤᠷ ᠮᠣᠷᠢᠯᠠᠵᠤ ᠶᠠᠪᠤᠭᠠᠳ ᠢᠷᠡᠪᠡ ᠳᠠ ᠭᠡᠬᠦ ᠳ᠋ᠦ᠍ᠨᠢ᠂
᠊᠊᠊᠊᠊᠊᠊᠊᠊᠊᠊᠊᠊᠊᠊ ᠠᠪᠤ᠃ ᠮᠢᠨᠦ ᠠᠪᠤ᠁ ᠭᠡᠬᠦ ᠡᠴᠡ ᠥᠭᠡᠷ᠎ᠡ ᠬᠠᠷᠢᠭᠤ ᠬᠡᠯᠡᠵᠦ ᠴᠢᠳᠠᠭᠰᠠᠨ ᠦᠭᠡᠢ᠃
ᠬᠡᠰᠡᠭ ᠪᠠᠢᠵᠤ ᠲᠠᠢᠪᠤᠰᠢᠷᠠᠭᠰᠠᠨ ᠤ᠋ ᠳᠠᠷᠠᠭ᠎ᠠ ᠷᠢᠨᠴᠢᠨ ᠳ᠋ᠦ᠍ ᠪᠦᠬᠦ ᠪᠣᠯᠤᠭᠰᠠᠨ ᠶᠠᠪᠤᠳᠠᠯ ᠢ᠋ᠶ᠋ᠠᠨ ᠶᠠᠷᠢᠭᠰᠠᠨ ᠳ᠋ᠤ᠌᠂
᠊᠊᠊᠊᠊᠊᠊᠊᠊᠊᠊᠊᠊᠊᠊ ᠠᠮᠢᠳᠤ ᠶᠠᠪᠤᠪᠠᠯ ᠠᠯᠲᠠᠨ ᠠᠶᠠᠭᠠᠨ ᠡᠴᠡ ᠤᠰᠤ ᠤᠤᠭᠤᠨ᠎ᠠ ᠭᠡᠳᠡᠭ ᠶᠤᠮ᠃ ᠠᠪᠤ ᠲᠠᠢ ᠪᠠᠨ ᠠᠭᠤᠯᠵᠠᠨ᠎ᠠ ᠭᠡᠵᠦ ᠪᠠᠲᠤ ᠶ᠋ᠢ ᠲᠠᠢᠳᠬᠤᠷᠠᠭᠤᠯᠪᠠ᠃
ᠲᠡᠷᠡ ᠣᠷᠣᠢ ᠨᠢᠭᠡ ᠱᠠᠪᠢ ᠨᠢ ᠢᠷᠡᠵᠦ ᠷᠢᠨᠴᠢᠨ ᠳ᠋ᠦ᠍ ᠬᠦᠷᠢᠶ᠎ᠡ ᠶ᠋ᠢᠨ ᠰᠡᠭᠦᠯᠴᠢ ᠶ᠋ᠢᠨ ᠰᠣᠨᠢᠨ ᠢ᠋ ᠶᠠᠷᠢᠵᠠᠢ᠃
᠊᠊᠊᠊᠊᠊᠊᠊᠊᠊᠊᠊᠊᠊᠊ ᠪᠠᠭᠰᠢ ᠠ᠋᠂ ᠪᠠᠷᠤᠨ ᠵᠠᠩᠵᠤᠨ ᠢ᠋ ᠪᠣᠭᠳᠠ᠂ ᠲᠠᠪᠤᠳᠤᠭᠠᠷ ᠪᠣᠭᠳᠠ ᠶ᠋ᠢᠨ ᠬᠤᠪᠢᠯᠭᠠᠨ ᠭᠡᠰᠡᠨ ᠭᠡᠨ᠎ᠡ᠃ ᠮᠥᠨ ᠬᠣᠯᠠ ᠬᠤᠪᠢᠯᠵᠤ ᠰᠢᠦ ᠭᠡᠬᠦ ᠳ᠋ᠦ᠍ᠨᠢ ᠷᠢᠨᠴᠢᠨ ᠶᠡᠬᠡ ᠯᠡ ᠬᠥᠭᠵᠢᠯ ᠲᠡᠢ ᠢᠨᠢᠶᠡᠵᠦ᠄
᠊᠊᠊᠊᠊᠊᠊᠊᠊᠊᠊᠊᠊᠊᠊ ᠬᠠᠷ᠎ᠠ ᠠᠷᠢᠬᠢᠨ ᠤ᠋ ᠰᠢᠯ ᠳᠣᠲᠣᠷ᠎ᠠ ᠡᠴᠡ ᠬᠠᠷᠠᠭᠰᠠᠨ ᠶᠠᠭᠤᠮ᠎ᠠ ᠪᠣᠯᠪᠠ ᠤᠤ᠃ ᠬᠠᠯᠬ᠎ᠠ ᠨᠢᠭᠡ ᠪᠣᠭᠳᠠ ᠡᠴᠡ ᠮᠤᠩᠳᠠᠬᠤ ᠦᠭᠡᠢ ᠪᠠᠯᠠᠭ ᠬᠦᠷᠲᠡᠭᠰᠡᠨ ᠶᠤᠮᠰᠠᠨ᠃ ᠬᠣᠶᠠᠷ ᠪᠣᠯᠤᠭᠰᠠᠨ ᠪᠣᠯ ᠬᠡᠴᠡᠭᠦᠳᠡᠵᠡᠢ ᠭᠡᠯᠡ᠃
ᠪᠠᠷᠤᠨ ᠤ᠋ ᠴᠡᠷᠢᠭ ᠬᠦᠷᠢᠶ᠎ᠡ ᠶ᠋ᠢᠨ ᠡᠵᠡᠨ ᠪᠣᠯᠵᠤ ᠡᠳᠦᠢ ᠲᠡᠳᠦᠢ ᠭᠡᠮ ᠦᠭᠡᠢ ᠨᠣᠮᠣᠬᠠᠨ ᠬᠥᠮᠦᠨ ᠢ᠋ ᠳᠡᠭᠦᠵᠢᠯᠡᠨ᠂ ᠠᠢᠯ ᠭᠡᠷ ᠢ᠋ ᠳᠡᠭᠡᠷᠡᠮᠳᠡᠨ ᠪᠠᠢᠯ᠎ᠠ᠃
ᠨᠢᠭᠡ ᠣᠷᠣᠢ ᠷᠢᠨᠴᠢᠨ ᠦ᠌ ᠳ᠋ᠦ᠍ ᠨᠥᠭᠦᠭᠡ ᠲᠥᠪᠡᠳ ᠲᠦ᠍ ᠨᠣᠮ ᠰᠤᠷᠤᠭᠠᠳ ᠢᠷᠡᠭᠰᠡᠨ ᠭᠡᠪᠰᠢ ᠢᠷᠡᠵᠦ ᠲᠡᠷᠡ ᠬᠣᠶᠠᠷ ᠤᠳᠠᠲᠠᠯ᠎ᠠ ᠶᠠᠷᠢᠪᠠ᠃
᠊᠊᠊᠊᠊᠊᠊᠊᠊᠊᠊᠊᠊᠊᠊ ᠶᠡᠷᠦᠨᠢ ᠪᠣᠳᠣᠭᠠᠳ ᠯᠠ ᠪᠠᠢᠬᠤ ᠳ᠋ᠤ᠌ ᠪᠤᠷᠬᠠᠨ ᠤ᠋ ᠰᠤᠷᠭᠠᠯ ᠭᠡᠳᠡᠭ ᠴᠢᠨᠢ ᠬᠣᠭᠣᠰᠣᠨ ᠵᠦᠢᠯ ᠪᠠᠢᠨ᠎ᠠ ᠭᠡᠵᠦ ᠷᠢᠨᠴᠢᠨ ᠦ᠌ ᠬᠡᠯᠡᠬᠦ ᠳ᠋ᠦ᠍᠂ ᠨᠥᠭᠦᠭᠡ ᠬᠥᠮᠦᠨ ᠭᠠᠢᠬᠠᠨ ᠬᠠᠷᠠᠭᠰᠠᠨ ᠢ᠋ᠶ᠋ᠠᠨ᠄
᠊᠊᠊᠊᠊᠊᠊᠊᠊᠊᠊᠊᠊᠊᠊ ᠪᠠᠭᠰᠢ ᠮᠢᠨᠢ ᠲᠠ ᠳᠡᠮᠡᠢᠷᠡᠵᠦ ᠪᠠᠢᠨ᠎ᠠ ᠤᠤ?
᠊᠊᠊᠊᠊᠊᠊᠊᠊᠊᠊᠊᠊᠊᠊ ᠣᠭᠲᠣ ᠦᠭᠡᠢ᠂ ᠬᠠᠷᠢᠨ ᠤᠬᠠᠭᠠᠨ ᠣᠷᠣᠵᠤ ᠪᠠᠢᠨ᠎ᠠ᠃
᠊᠊᠊᠊᠊᠊᠊᠊᠊᠊᠊᠊᠊᠊᠊ ᠯᠠᠩᠳᠠᠷᠮ᠎ᠠ ᠶᠠᠭ ᠢᠩᠭᠢᠵᠦ ᠠᠰᠠᠭᠤᠭᠠᠳ ᠡᠬᠢᠯᠡᠭᠰᠡᠨ ᠶᠤᠮ ᠰᠢᠦ᠃ ᠲᠠ ᠡᠷᠲᠡᠬᠡᠨ ᠬᠦᠷᠢᠶᠡᠨ ᠡᠴᠡ ᠵᠠᠢᠯᠠᠪᠠᠯ ᠳᠡᠭᠡᠷ᠎ᠡ ᠪᠠᠢᠬ᠎ᠠ ᠭᠡᠳ ᠨᠥᠭᠦᠭᠡ ᠬᠥᠮᠦᠨ ᠪᠣᠰᠴᠤ ᠲᠦᠷᠭᠡᠨ ᠭᠠᠷᠤᠯ᠎ᠠ᠃
ᠷᠢᠨᠴᠢᠨ ᠬᠠᠮᠤᠭ ᠰᠠᠢᠬᠠᠨ ᠨᠠᠰᠤ ᠪᠠᠨ ᠪᠤᠷᠬᠠᠨ ᠤ᠋ ᠨᠣᠮ ᠦᠵᠡᠬᠦ ᠳ᠋ᠦ᠍ ᠵᠣᠷᠢᠭᠤᠯᠵᠠᠢ᠃ ᠲᠡᠭᠦᠨ ᠦ᠌ ᠤᠩᠰᠢᠭᠰᠠᠨ ᠨᠣᠮ ᠢ᠋ ᠲᠡᠷᠭᠡᠨ ᠳ᠋ᠦ᠍ ᠠᠴᠢᠪᠠᠯ ᠣᠯᠠᠨ ᠳᠠᠭᠠᠭᠠᠴᠠ ᠪᠣᠯᠤᠨ᠎ᠠ᠃ ᠭᠡᠲᠡᠯ᠎ᠡ ᠰᠡᠭᠦᠯ ᠦ᠋ᠨ ᠦᠶ᠎ᠡ ᠳ᠋ᠦ᠍ ᠦᠵᠡᠭᠰᠡᠨ ᠪᠦᠬᠦᠨ ᠨᠢ ᠬᠣᠭᠣᠰᠣᠨ ᠶᠤᠮ ᠰᠢᠭ᠋ ᠰᠠᠨᠠᠭᠳᠠᠵᠤ ᠡᠬᠢᠯᠡᠪᠡ᠃ ᠬᠦᠰᠡᠯ ᠡᠷᠡᠮᠡᠯᠵᠡᠯ ᠢ᠋ ᠲᠡᠪᠴᠢᠵᠦ ᠨᠢᠷᠸᠠᠨ ᠳᠦᠷᠢ ᠶ᠋ᠢ ᠣᠯᠬᠤ ᠬᠡᠷᠡᠭᠲᠡᠢ ᠭᠡᠵᠦ ᠪᠤᠷᠬᠠᠨ ᠤ᠋ ᠨᠣᠮ ᠰᠤᠷᠭᠠᠳᠠᠭ ᠪᠠᠢᠯ᠎ᠠ᠃ ᠭᠡᠲᠡᠯ᠎ᠡ ᠬᠦᠰᠡᠯ ᠡᠷᠡᠮᠡᠯᠵᠡᠯ ᠢ᠋ ᠪᠦᠬᠦ ᠨᠡᠢᠲᠡ ᠪᠡᠷ ᠲᠡᠪᠴᠢᠪᠡᠯ ᠬᠣᠷᠸ᠎ᠠ ᠶ᠋ᠢᠨ ᠠᠮᠢᠲᠠᠳ ᠰᠥᠨᠥᠬᠦ ᠳ᠋ᠦ᠍ ᠬᠦᠷᠦᠨ᠎ᠡ᠃ ᠲᠡᠭᠡᠪᠡᠯ ᠪᠤᠷᠬᠠᠨ᠂ ᠲᠡᠭᠦᠨ ᠦ᠌ ᠰᠤᠷᠭᠠᠯ᠂ ᠠᠮᠢᠳᠤᠷᠠᠯ ᠤ᠋ᠨ ᠡᠰᠡᠷᠭᠦ᠂ ᠠᠮᠢᠳᠤ ᠶᠠᠪᠤᠬᠤ ᠶ᠋ᠢᠨ ᠡᠰᠡᠷᠭᠦ ᠠᠵᠢ᠃
ᠡᠬᠡ ᠪᠣᠯᠤᠭᠰᠠᠨ ᠵᠢᠷᠭᠤᠭᠠᠨ ᠵᠦᠢᠯ ᠦ᠋ᠨ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠭᠡᠳᠡᠭ ᠪᠤᠷᠬᠠᠨ ᠤ᠋ ᠰᠤᠷᠭᠠᠯ ᠲᠡᠳᠡᠨ ᠳ᠋ᠦ᠍ ᠠᠮᠢᠳᠤᠷᠠᠯ ᠵᠢᠷᠭᠠᠯ ᠢ᠋ ᠪᠢᠰᠢ᠂ ᠬᠠᠷᠢᠨ ᠨᠡᠢᠲᠡ ᠶ᠋ᠢᠨ ᠦᠬᠦᠯ ᠢ᠋ ᠢᠷᠦᠭᠡᠳᠡᠭ ᠠᠵᠢ᠃
ᠰᠦᠰᠦᠭᠲᠡᠨ ᠢ᠋ ᠨᠣᠮᠣᠬᠠᠨ ᠳᠣᠷᠣᠢ ᠪᠠᠢᠯᠭᠠᠬᠤ ᠶ᠋ᠢᠨ ᠲᠤᠯᠠᠳᠠ ᠣᠯᠠᠨ ᠵᠦᠢᠯ ᠦ᠋ᠨ ᠰᠦᠷᠳᠡᠭᠦᠯᠬᠦ ᠠᠷᠭ᠎ᠠ ᠶ᠋ᠢ ᠪᠣᠭᠳᠠ ᠵᠤᠩᠬᠠᠪᠠ ᠵᠣᠬᠢᠶᠠᠭᠰᠠᠨ ᠢ᠋ ᠷᠢᠨᠴᠢᠨ ᠰᠠᠢᠨ ᠮᠡᠳᠡᠵᠦ ᠪᠠᠢᠯ᠎ᠠ᠃ ᠭᠡᠲᠡᠯ᠎ᠡ ᠪᠤᠷᠬᠠᠨ ᠤ᠋ ᠱᠠᠪᠢ ᠨᠠᠷ ᠥᠪᠡᠷᠰᠡᠳ ᠢ᠋ᠶ᠋ᠡᠨ ᠬᠦᠰᠡᠯ ᠡᠷᠡᠮᠡᠯᠵᠡᠯ ᠡᠴᠡ ᠰᠠᠯᠵᠤ ᠪᠠᠢᠭᠰᠠᠨ ᠤᠳᠠᠭ᠎ᠠ ᠦᠭᠡᠢ᠃ ᠡᠴᠦᠰ ᠲᠡᠭᠡᠨ ᠮᠣᠩᠭᠣᠯ ᠣᠷᠣᠨ ᠳ᠋ᠤ᠌ ᠫᠤᠤ ᠵᠡᠪᠰᠡᠭ ᠪᠠᠷᠢᠨ ᠲᠦᠮᠡᠨ ᠬᠥᠮᠦᠨ ᠦ᠌ ᠠᠮᠢ ᠶ᠋ᠢ ᠰᠦᠢᠳᠬᠡᠬᠦ ᠪᠡᠷ ᠢᠷᠡᠭᠰᠡᠨ ᠪᠠᠷᠤᠨ ᠢ᠋ ᠲᠠᠪᠤᠳᠤᠭᠠᠷ ᠪᠣᠭᠳᠠ ᠶ᠋ᠢᠨ ᠬᠤᠪᠢᠯᠭᠠᠨ ᠭᠡᠵᠦ ᠣᠯᠠᠨ ᠲᠦᠮᠡᠨ ᠢ᠋ ᠬᠠᠭᠤᠷᠴᠤ ᠡᠬᠢᠯᠡᠪᠡ᠃ ᠡᠨᠡ ᠪᠦᠬᠦᠨ ᠪᠣᠳᠣᠭᠳᠠᠭᠠᠳ ᠢᠷᠡᠬᠦ ᠳ᠋ᠦ᠍ 《ᠴᠢ ᠬᠥᠮᠦᠨ ᠠᠮᠢᠲᠠᠨ ᠢ᠋ ᠵᠢᠷᠭᠠᠭᠤᠯᠬᠤ ᠶ᠋ᠢᠨ ᠲᠤᠯᠠ ᠶᠠᠭᠤ ᠬᠢᠭᠰᠡᠨ ᠪᠣᠢ?》 ᠭᠡᠳᠡᠭ ᠠᠰᠠᠭᠤᠯᠲᠠ ᠷᠢᠨᠴᠢᠨ ᠡᠴᠡ ᠰᠠᠯᠬᠤ ᠪᠠᠨ ᠪᠣᠯᠢᠪᠠ᠃ ᠭᠡᠲᠡᠯ᠎ᠡ ᠬᠡᠢ ᠴᠡᠴᠡ ᠪᠤᠯᠢᠶᠠᠯᠳᠤᠬᠤ ᠡᠴᠡ ᠥᠭᠡᠷ᠎ᠡ ᠶᠠᠭᠤ ᠴᠤ᠌ ᠬᠢᠭᠡ ᠦᠭᠡᠢ ᠪᠥᠭᠡᠳ ᠷᠢᠨᠴᠢᠨ ᠦ᠌ ᠴᠡᠴᠡ ᠪᠤᠯᠢᠶᠠᠯᠳᠤᠨ ᠨᠣᠮ ᠬᠠᠶᠠᠯᠴᠠᠭᠰᠠᠨ ᠡᠴᠡ ᠪᠣᠯᠵᠤ ᠥᠯᠥᠰᠴᠦ ᠶᠠᠪᠤᠭᠰᠠᠨ ᠨᠢᠭᠡ ᠴᠦ᠍ ᠠᠮᠢᠲᠠᠨ ᠴᠠᠳᠴᠤ ᠵᠢᠷᠭᠠᠭᠰᠠᠨ ᠦᠭᠡᠢ᠃ ᠷᠢᠨᠴᠢᠨ ᠪᠣᠭᠳᠠ ᠵᠤᠩᠬᠠᠪᠠ ᠶ᠋ᠢᠨ ᠰᠤᠷᠭᠠᠯ ᠳ᠋ᠤ᠌ ᠡᠷᠡᠭᠡᠯᠵᠡᠵᠦ ᠡᠬᠢᠯᠡᠬᠦ ᠦᠶ᠎ᠡ ᠳ᠋ᠡᠭᠡᠨ ᠪᠦᠷ ᠴᠦ᠍ ᠰᠢᠷᠭᠠᠭᠤ ᠨᠣᠮ ᠤᠩᠰᠢᠵᠤ ᠡᠬᠢᠯᠡᠭᠰᠡᠨ᠂ ᠭᠡᠪᠡᠴᠦ ᠤᠩᠰᠢᠬᠤ ᠳᠣᠳᠣᠮ ᠡᠷᠡᠭᠡᠯᠵᠡᠬᠦ ᠨᠢ ᠶᠡᠬᠡ ᠪᠣᠯᠵᠤ ᠪᠢᠯᠡ᠃
᠊᠊᠊᠊᠊᠊᠊᠊᠊᠊᠊᠊᠊᠊᠊ ᠬᠡᠪᠰᠢ ᠠ᠋! ᠴᠢ ᠪᠤᠷᠬᠠᠨ ᠳ᠋ᠤ᠌ ᠢᠲᠡᠭᠡᠳᠡᠭ ᠤᠤ? ᠭᠡᠵᠦ ᠨᠢᠭᠡ ᠣᠷᠣᠢ ᠷᠢᠨᠴᠢᠨ ᠪᠠᠲᠤ ᠡᠴᠡ ᠠᠰᠠᠭᠤᠪᠠ᠃
ᠪᠠᠲᠤ᠂ ᠪᠠᠭᠰᠢ ᠨᠢ ᠴᠣᠬᠣᠮ ᠶᠠᠭᠠᠬᠢᠭᠠᠳ ᠡᠢᠮᠦ ᠶᠠᠭᠤᠮ᠎ᠠ ᠠᠰᠠᠭᠤᠵᠤ ᠪᠠᠢᠭ᠎ᠠ ᠶ᠋ᠢ ᠤᠴᠢᠷ ᠢ᠋ ᠣᠯᠵᠤ ᠶᠠᠳᠠᠨ ᠭᠠᠢᠬᠠᠵᠤ ᠲᠡᠭᠦᠨ ᠢ᠋ ᠰᠢᠷᠳᠡᠪᠡ᠃ ᠷᠢᠨᠴᠢᠨ ᠴᠠᠭᠠᠨ ᠰᠡᠳᠬᠢᠯ ᠦ᠋ᠨ ᠲᠤᠶᠠᠭ᠎ᠠ ᠪᠠᠳᠠᠷᠠᠭᠰᠠᠨ ᠵᠥᠭᠡᠯᠡᠨ ᠨᠢᠳᠦ ᠪᠡᠷ ᠱᠠᠪᠢ ᠪᠠᠨ ᠬᠠᠷᠠᠵᠤ ᠪᠠᠢᠭᠰᠠᠨ ᠢ᠋ᠶ᠋ᠠᠨ ᠭᠠᠰᠢᠭᠤᠳᠠᠯ ᠲᠠᠢ ᠪᠠᠷ ᠰᠠᠨᠠᠭ᠎ᠠ ᠠᠯᠳᠠᠭᠠᠳ 《ᠭᠡᠪᠰᠢ ᠮᠢᠨᠢ᠂ ᠶᠢᠷᠲᠢᠨᠴᠦ ᠳᠡᠭᠡᠷ᠎ᠡ ᠢᠲᠡᠭᠡᠯ ᠢ᠋ᠶ᠋ᠡᠨ ᠠᠯᠳᠠᠬᠤ ᠰᠢᠭ᠋ ᠬᠡᠴᠡᠭᠦᠦ ᠶᠠᠭᠤᠮ᠎ᠠ ᠪᠠᠢᠬᠤ ᠦᠭᠡᠢ ᠪᠣᠯᠤᠯᠲᠠᠢ》 ᠭᠡᠳ ᠬᠡᠰᠡᠭ ᠳᠠᠭᠤ ᠦᠭᠡᠢ ᠪᠣᠳᠣᠯ ᠪᠣᠯᠤᠨ ᠪᠠᠢᠭᠰᠠᠨ ᠢ᠋ᠶ᠋ᠠᠨ 《ᠴᠢᠮ᠎ᠠ ᠲᠠᠢ ᠴᠦ᠍ ᠶᠠᠭᠤ ᠭᠡᠵᠦ ᠶᠠᠷᠢᠬᠤ ᠪᠣᠢ ᠳᠠ》 ᠭᠡᠳ ᠬᠠᠵᠠᠭᠤᠯᠠᠳᠠᠨ ᠬᠡᠪᠲᠡᠯ᠎ᠡ᠃
ᠢᠩᠭᠢᠵᠦ ᠪᠠᠢᠲᠠᠯ᠎ᠠ ᠪᠠᠭᠰᠢ ᠨᠢ ᠨᠣᠮ ᠦᠵᠡᠬᠦ ᠪᠡᠨ ᠪᠦᠷ ᠪᠣᠯᠢᠭᠠᠳ᠂ ᠦᠭᠡ ᠳᠠᠭᠤ ᠨᠢ ᠴᠥᠭᠡᠨ ᠪᠣᠯᠤᠭᠰᠠᠨ ᠢ᠋ᠶ᠋ᠠᠷ ᠪᠠᠷᠠᠬᠤ ᠦᠭᠡᠢ ᠤᠴᠠᠭᠠᠷ ᠠᠭᠤᠷ ᠲᠠᠢ ᠪᠣᠯᠪᠠ᠃
ᠨᠢᠭᠡᠨ ᠤᠳᠠᠭ᠎ᠠ ᠪᠠᠲᠤ ᠶ᠋ᠢ ᠳᠠᠭᠠᠭᠤᠯᠤᠨ ᠭᠠᠳᠠᠭᠠᠯᠠᠵᠤ ᠶᠠᠪᠤᠬᠤ ᠳ᠋ᠤᠨᠢ ᠨᠢᠭᠡ ᠠᠪᠠᠭᠠᠢ ᠢᠷᠡᠭᠡᠳ ᠬᠠᠢᠷᠴᠠᠭ ᠴᠦᠳᠠᠠᠵᠠ ᠪᠠᠷᠢᠵᠤ ᠢᠷᠦᠭᠡᠯ ᠠᠪᠬᠤ ᠭᠡᠬᠦ ᠳ᠋ᠦ᠍ 《ᠪᠢ ᠢᠷᠦᠭᠡᠯ ᠭᠡᠳᠡᠭ ᠶᠠᠭᠤ ᠶᠤᠮ ᠪᠣᠢ ᠭᠡᠳᠡᠭ ᠢ᠋ ᠮᠡᠳᠡᠬᠦ ᠦᠭᠡᠢ》 ᠭᠡᠵᠦ ᠤᠴᠠᠭᠠᠷᠯᠠᠨ ᠬᠡᠯᠡᠵᠡᠢ᠃
