ᠲᠤᠩᠭᠠᠯᠠᠭ ᠲᠠᠮᠢᠷ3-16-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠠᠷᠪᠠᠨ ᠲᠠᠪᠤᠨ ᠤ᠋ ᠰᠠᠷ᠎ᠠ ᠲᠣᠮᠣ ᠪᠣᠯᠪᠠᠴᠤ ᠠᠷᠪᠠᠨ ᠵᠢᠷᠭᠤᠭᠠᠨ ᠡᠴᠡ ᠡᠬᠢᠯᠡᠨ ᠪᠠᠭ᠎ᠠ ᠪᠣᠯᠵᠤ ᠡᠬᠢᠯᠡᠳᠡᠭ》 - ᠭᠤᠷᠪᠠᠳᠤᠭᠠᠷ ᠪᠦᠯᠦᠭ ᠠᠷᠪᠠᠨ ᠵᠢᠷᠭᠤᠭ᠎ᠠ
ᠵᠠᠶ᠎ᠠ ᠶ᠋ᠢᠨ ᠪᠠᠶᠤᠤ ᠳᠡᠭᠡᠷ᠎ᠡ ᠨᠠᠮ ᠤ᠋ᠨ ᠡᠭᠦᠷ ᠪᠠᠢᠭᠤᠯᠬᠤ ᠭᠡᠵᠦ ᠬᠡᠳᠦᠨ ᠡᠳᠦᠷ ᠦ᠋ᠨ ᠲᠤᠷᠰᠢ ᠡᠷᠳᠡᠨᠢ ᠬᠥᠮᠦᠰ ᠲᠡᠢ ᠠᠭᠤᠯᠵᠠᠵᠤ ᠠᠷᠠᠳ ᠤ᠋ᠨ ᠨᠠᠮ ᠵᠠᠰᠠᠭ ᠤ᠋ᠨ ᠪᠣᠳᠣᠯᠭ᠎ᠠ ᠶ᠋ᠢ ᠲᠠᠢᠯᠪᠤᠷᠢᠯᠠᠨ ᠶᠠᠷᠢᠯᠴᠠᠪᠠ᠃ ᠡᠭᠦᠨ ᠦ᠌ ᠬᠠᠵᠠᠭᠤ ᠪᠠᠷ 《ᠤᠯᠠᠭᠠᠨ ᠣᠷᠣᠰ ᠤ᠋ᠨ ᠭᠤᠢᠯᠢᠨᠴᠢᠨ ᠨᠠᠷ ᠲᠠᠢ ᠨᠡᠢᠯᠡᠭᠰᠡᠨ ᠠᠷᠠᠳ ᠤ᠋ᠨ ᠨᠠᠮ ᠪᠣᠯ ᠱᠠᠰᠢᠨ ᠪᠤᠷᠬᠠᠨ ᠢ᠋ ᠪᠠᠯᠠᠯᠬᠤ ᠭᠡᠰᠡᠨ ᠤᠴᠢᠷ ᠲᠡᠭᠦᠨ ᠳ᠋ᠦ᠍ ᠣᠷᠣᠭᠰᠠᠳ ᠬᠣᠢᠲᠤᠬᠢ ᠰᠦᠨᠡᠰᠦ ᠦᠭᠡᠢ ᠪᠣᠯᠤᠨ᠎ᠠ᠃ ᠡᠴᠢᠭᠡ ᠡᠬᠡ ᠯᠠᠮᠠ ᠪᠠᠭᠰᠢ ᠪᠠᠨ ᠠᠯᠠᠨ᠎ᠠ ᠭᠡᠵᠦ ᠬᠡᠦᠬᠡᠳ ᠭᠠᠷᠭᠠᠭ᠎ᠠ ᠦᠭᠡᠢ ᠪᠡᠯᠪᠡᠰᠦᠨ ᠡᠮ᠎ᠡ ᠶ᠋ᠢᠨ ᠥᠮᠥᠳᠥ ᠡᠴᠡ ᠠᠳᠢᠰ ᠠᠪᠴᠤ ᠲᠠᠩᠭᠠᠷᠢᠭ ᠥᠭᠳᠡᠭ》 ᠭᠡᠰᠡᠨ ᠴᠤᠤᠷᠬᠠᠯ ᠳᠡᠭᠳᠡᠵᠦ ᠪᠠᠢᠯ᠎ᠠ᠃ ᠡᠭᠦᠨ ᠡᠴᠡ ᠪᠣᠯᠵᠤ ᠰᠦᠰᠦᠭᠲᠡᠨ ᠬᠥᠮᠦᠰ ᠠᠷᠠᠳ ᠤ᠋ᠨ ᠨᠠᠮ ᠡᠴᠡ ᠬᠣᠯᠠᠭᠤᠷ ᠶᠠᠪᠤᠬᠤ ᠶ᠋ᠢ ᠬᠢᠴᠢᠶᠡᠨ᠎ᠡ᠃
ᠯᠤᠤ ᠬᠦᠩ ᠦ᠋ᠨ ᠬᠤᠰᠢᠭᠤᠨ ᠳ᠋ᠤ᠌ ᠨᠠᠮ ᠤ᠋ᠨ ᠡᠭᠦᠷ ᠪᠠᠢᠭᠤᠯᠬᠤ ᠠᠵᠢᠯ ᠢ᠋ᠶ᠋ᠠᠨ ᠡᠷᠳᠡᠨᠢ ᠬᠡᠳᠦᠨ ᠡᠳᠦᠷ ᠦ᠋ᠨ ᠡᠮᠦᠨ᠎ᠡ ᠳᠠᠭᠤᠰᠬᠠᠵᠠᠢ᠃ ᠨᠠᠮ ᠳ᠋ᠤ᠌ ᠣᠷᠣᠨ᠎ᠠ ᠭᠡᠰᠡᠨ ᠬᠣᠷᠢ ᠰᠢᠬᠠᠮ ᠬᠥᠮᠦᠰ ᠦ᠋ᠨ ᠳᠣᠲᠣᠷ᠎ᠠ ᠵᠢᠷᠭᠤᠭᠠᠨ ᠲᠠᠢᠵᠢ᠂ ᠭᠤᠷᠪᠠᠨ ᠯᠠᠮᠠ ᠪᠠᠢᠭᠰᠠᠨ ᠡᠴᠡ ᠬᠣᠶᠠᠷ ᠲᠠᠢᠵᠢ᠂ ᠨᠢᠭᠡ ᠯᠠᠮᠠ ᠶ᠋ᠢ ᠠᠪᠴᠤ ᠠᠷᠪᠠ ᠭᠠᠷᠤᠢ ᠬᠥᠮᠦᠨ ᠲᠡᠢ ᠡᠭᠦᠷ ᠪᠠᠢᠭᠤᠯᠤᠭᠠᠳ ᠪᠢᠴᠢᠭᠡᠴᠢ ᠭᠣᠨᠴᠣᠭ ᠭᠡᠳᠡᠭ ᠠᠷᠠᠳ ᠬᠥᠮᠦᠨ ᠢ᠋ ᠨᠠᠮ ᠤ᠋ᠨ ᠡᠭᠦᠷ ᠦ᠋ᠨ ᠳᠠᠷᠤᠭ᠎ᠠ ᠪᠠᠷ ᠰᠣᠩᠭᠣᠵᠠᠢ᠃ ᠰᠢᠨ᠎ᠡ ᠵᠠᠰᠠᠭ ᠪᠠᠢᠭᠤᠯᠬᠤ᠂ ᠶᠠᠭᠤᠨ ᠤ᠋ ᠡᠮᠦᠨ᠎ᠡ ᠬᠣᠰᠢᠭᠤ ᠵᠠᠰᠠᠭ ᠳᠠᠷᠤᠭ᠎ᠠ ᠰᠣᠩᠭᠣᠬᠤ ᠠᠵᠢᠯ ᠢ᠋ ᠡᠷᠬᠢᠯᠡᠨ ᠬᠢᠬᠦ ᠨᠢ ᠨᠠᠮ ᠤ᠋ᠨ ᠡᠭᠦᠷ ᠦ᠋ᠨ ᠴᠢᠬᠤᠯᠠ ᠠᠵᠢᠯ ᠭᠡᠳᠡᠭ ᠢ᠋ ᠭᠣᠨᠴᠣᠭ ᠲᠤ᠌ ᠬᠡᠯᠡᠭᠡᠳ ᠴᠣᠬᠣᠮ ᠶᠠᠭᠤ ᠶᠠᠭᠤ ᠬᠢᠬᠦ ᠶ᠋ᠢ ᠵᠢᠭᠠᠵᠤ ᠥᠭᠭᠦᠭᠰᠡᠨ ᠪᠢᠯᠡ᠃ ᠰᠣᠩᠭᠣᠭᠤᠯᠢ ᠪᠣᠯᠲᠠᠯ᠎ᠠ ᠯᠤᠤ ᠬᠦᠩ ᠦ᠋ᠨ ᠬᠣᠰᠢᠭᠤ ᠲᠠᠮᠠᠭ᠎ᠠ ᠶ᠋ᠢᠨ ᠵᠢᠰᠠ ᠶ᠋ᠢᠨ ᠳᠠᠷᠤᠭ᠎ᠠ᠂ ᠭᠣᠨᠴᠣᠭ ᠢ᠋ ᠳᠡᠳ᠋ ᠳᠠᠷᠤᠭ᠎ᠠ ᠪᠠᠷ ᠲᠦᠷ ᠲᠣᠮᠢᠯᠠᠵᠤ ᠦᠯᠡᠳᠡᠭᠡᠪᠡ᠃
ᠬᠣᠰᠢᠭᠤ ᠳᠠᠷᠤᠭ᠎ᠠ ᠳ᠋ᠤ᠌ ᠰᠠᠷ᠎ᠠ ᠶ᠋ᠢᠨ ᠭᠤᠷᠪᠠᠨ ᠡᠷ᠎ᠡ ᠬᠣᠨᠢ᠂ ᠳᠡᠳ᠋ ᠳᠠᠷᠤᠭ᠎ᠠ ᠳ᠋ᠤ᠌ ᠬᠣᠶᠠᠷ ᠡᠷ᠎ᠡ ᠬᠣᠨᠢ᠂ ᠪᠢᠴᠢᠭᠡᠴᠢ ᠳ᠋ᠦ᠍ ᠬᠣᠶᠠᠷ ᠲᠥᠯᠥᠭᠡ᠂ ᠵᠠᠷᠤᠯᠭ᠎ᠠ ᠳ᠋ᠤ᠌ ᠨᠢᠭᠡ ᠬᠠᠭᠠᠰ ᠲᠥᠯᠥᠭᠡ ᠭᠡᠬᠦ ᠵᠡᠷᠭᠡ ᠪᠡᠷ ᠴᠠᠯᠢᠩ ᠲᠣᠭᠲᠠᠭᠠᠵᠤ ᠥᠭᠭᠦᠭᠡᠳ ᠬᠤᠰᠢᠭᠤᠨ ᠡᠴᠡ ᠥᠭᠡᠷ᠎ᠡ ᠶᠠᠮᠠᠷ ᠴᠤ᠌ ᠠᠯᠪᠠᠨ ᠲᠠᠲᠠᠪᠤᠷᠢ ᠠᠪᠴᠤ ᠪᠣᠯᠬᠤ ᠦᠭᠡᠢ ᠭᠡᠵᠦ ᠴᠢᠩᠳᠠᠯᠠᠨ ᠲᠤᠰᠢᠶᠠᠵᠠᠢ᠃ ᠪᠠᠰᠠ ᠥᠷᠲᠡᠭᠡ ᠶ᠋ᠢ ᠥᠭᠡᠷᠡᠴᠢᠯᠡᠵᠦ ᠲᠠᠢᠵᠢ ᠨᠠᠷ ᠢ᠋ ᠥᠷᠲᠡᠭᠡᠨ ᠦ᠌ ᠠᠯᠪᠠ ᠶ᠋ᠢ ᠵᠠᠯᠭᠠᠭᠤᠯᠬᠤ ᠠᠵᠢᠯ ᠳ᠋ᠤ᠌ ᠲᠡᠢᠴᠢᠯᠡᠪᠡ᠃
ᠬᠤᠰᠢᠭᠤᠨ ᠤ᠋ ᠬᠠᠷᠢᠶᠠᠲᠤ ᠠᠢᠯ ᠡᠷᠦᠬᠡ ᠶ᠋ᠢᠨ ᠲᠡᠷᠢᠭᠦᠯᠡᠭᠴᠢᠳ ᠢ᠋ ᠴᠤᠭᠯᠠᠭᠤᠯᠵᠤ ᠪᠦᠬᠦ ᠬᠢᠭᠰᠡᠨ ᠥᠭᠡᠷᠡᠴᠢᠯᠡᠯᠲᠡ ᠪᠡᠨ ᠶᠠᠷᠢᠵᠤ ᠥᠭᠬᠦ ᠳ᠋ᠦ᠍ 《ᠢᠩᠭᠢᠬᠦ ᠯᠡ ᠶᠣᠰᠣᠲᠠᠢ ᠪᠠᠢᠭᠰᠠᠨ᠃ ᠠᠷᠭ᠎ᠠ ᠦᠭᠡᠢ ᠯᠡ ᠠᠷᠠᠳ ᠤ᠋ᠨ ᠵᠠᠰᠠᠭ ᠪᠠᠢᠨ᠎ᠠ᠃ ᠥᠴᠦᠬᠡᠨ ᠪᠢ ᠬᠣᠰᠢᠭᠤ ᠲᠠᠮᠠᠭ᠎ᠠ ᠶ᠋ᠢᠨ ᠵᠢᠰᠡᠨ ᠳ᠋ᠡᠭᠡᠨ ᠨᠠᠢ᠍ᠮᠠᠨ ᠬᠠᠨ᠎ᠠ ᠲᠠᠢ ᠤᠯᠠᠭᠠᠨ ᠬᠠᠯᠵᠠ ᠲᠠᠢ ᠴᠠᠭᠠᠨ ᠭᠡᠷ ᠨᠢᠭᠡ ᠶ᠋ᠢ ᠡᠷᠭᠦᠶ᠎ᠡ》 ᠭᠡᠵᠦ ᠢᠲᠡᠭᠡᠯᠲᠦ ᠬᠡᠯᠡᠵᠦ ᠪᠢᠯᠡ᠃
ᠢᠲᠡᠭᠡᠯᠲᠦ ᠡᠨᠡ ᠦᠭᠡ ᠶ᠋ᠢ ᠬᠣᠭᠣᠰᠣᠨ ᠬᠡᠯᠡᠭᠰᠡᠨ ᠪᠢᠰᠢ᠃ ᠮᠥᠨ ᠭᠡᠷ ᠪᠡᠯᠡᠭᠯᠡᠬᠦ ᠭᠡᠰᠡᠨ ᠨᠢ ᠴᠦ᠍ ᠤᠴᠢᠷ ᠲᠠᠢ᠃ ᠠᠷᠠᠳ ᠤ᠋ᠨ ᠵᠠᠰᠠᠭ ᠨᠣᠶᠠᠳ ᠲᠠᠢᠵᠢ ᠨᠠᠷ ᠢ᠋ ᠠᠷᠠᠳ ᠲᠦᠮᠡᠨ ᠦ᠌ ᠨᠢᠭᠡ ᠠᠳᠠᠯᠢ ᠥᠷᠲᠡᠭᠡᠨ ᠦ᠌ ᠠᠯᠪᠠ ᠬᠢᠯᠭᠡᠳᠡᠭ ᠪᠣᠯᠵᠤ ᠢᠲᠡᠭᠡᠯᠲᠦ ᠶ᠋ᠢ ᠬᠡᠮᠵᠢᠶ᠎ᠡ ᠦᠭᠡᠢ ᠪᠠᠶᠠᠷᠯᠠᠭᠤᠯᠤᠭᠰᠠᠨ ᠪᠢᠯᠡ᠃ ᠣᠳᠣ ᠢᠲᠡᠭᠡᠯᠲᠦ ᠤᠷᠢᠳᠤ ᠴᠠᠭ ᠰᠢᠭ᠋ ᠥᠷᠲᠡᠭᠡᠨ ᠦ᠌ ᠠᠯᠪᠠ ᠶ᠋ᠢ ᠳᠥᠷᠪᠡᠨ ᠴᠠᠭ ᠤ᠋ᠨ ᠡᠷᠭᠢᠯᠲᠡ ᠳ᠋ᠦ᠍ ᠡᠭᠡᠯᠵᠢ ᠦᠭᠡᠢ ᠵᠠᠯᠭᠠᠭᠤᠯᠬᠤ ᠦᠭᠡᠢ᠂ ᠥᠷᠲᠡᠭᠡᠨ ᠳ᠋ᠦ᠍ ᠣᠨᠣᠭᠳᠠᠭᠰᠠᠨ ᠬᠡᠳᠦ ᠬᠡᠳᠦᠨ ᠲᠠᠢᠵᠢ ᠢᠲᠡᠭᠡᠯᠲᠦ ᠡᠴᠡ ᠪᠠᠷᠤᠭ ᠯᠠ ᠮᠥᠷᠭᠥᠬᠦ ᠰᠢᠬᠠᠵᠤ᠂ ᠭᠤᠶᠤᠵᠤ ᠭᠤᠪᠰᠢᠵᠤ ᠪᠠᠢᠮᠠᠨᠵᠢᠨ ᠠᠴᠤᠭᠯᠠᠵᠤ ᠪᠢᠯᠡ᠃ ᠢᠲᠡᠭᠡᠯᠲᠦ ᠡᠭᠦᠨ ᠡᠴᠡ ᠣᠯᠤᠭᠰᠠᠨ ᠠᠰᠢᠭ ᠢ᠋ᠶ᠋ᠠᠷ ᠨᠠᠢ᠍ᠮᠠᠨ ᠬᠠᠨ᠎ᠠ ᠲᠠᠢ ᠤᠯᠠᠭᠠᠨ ᠬᠠᠯᠵᠠ ᠲᠠᠢ ᠴᠠᠭᠠᠨ ᠭᠡᠷ ᠬᠡᠳᠦ ᠬᠡᠳᠦ ᠶ᠋ᠢ ᠲᠥᠬᠥᠭᠡᠷᠴᠦ ᠪᠣᠯᠤᠨ᠎ᠠ᠃ ᠣᠳᠣᠬᠠᠨ ᠳ᠋ᠠᠭᠠᠨ ᠯᠠ ᠠᠷᠠᠳ ᠤ᠋ᠨ ᠵᠠᠰᠠᠭ ᠢᠲᠡᠭᠡᠯᠲᠦ ᠳ᠋ᠦ᠍ ᠬᠠᠯᠠ ᠲᠠᠢ ᠶᠠᠭᠤᠮ᠎ᠠ ᠬᠢᠭᠰᠡᠨ ᠦᠭᠡᠢ᠃
ᠡᠷᠳᠡᠨᠢ ᠯᠤᠤ ᠬᠦᠩ ᠦ᠋ᠨ ᠬᠤᠰᠢᠭᠤᠨ ᠳ᠋ᠤ᠌ ᠠᠵᠢᠯ ᠢ᠋ᠶ᠋ᠠᠨ ᠢᠩᠭᠢᠵᠦ ᠡᠬᠢᠯᠡᠭᠰᠡᠨ ᠪᠥᠭᠡᠳ ᠣᠳᠣ ᠵᠠᠶ᠎ᠠ ᠶ᠋ᠢᠨ ᠱᠠᠪᠢ ᠳ᠋ᠤ᠌ ᠠᠵᠢᠯᠯᠠᠬᠤ ᠪᠣᠯᠵᠠᠢ᠃ ᠭᠡᠲᠡᠯ᠎ᠡ ᠵᠠᠶ᠎ᠠ ᠶ᠋ᠢᠨ ᠱᠠᠪᠢ ᠪᠣᠯ ᠥᠭᠡᠷ᠎ᠡ ᠪᠠᠢᠳᠠᠯ ᠲᠠᠢ ᠭᠠᠵᠠᠷ ᠶᠤᠮ᠃ ᠡᠨᠳᠡ ᠬᠠᠷ᠎ᠠ ᠶ᠋ᠢᠨ ᠲᠠᠯ᠎ᠠ ᠶ᠋ᠢᠨ ᠶᠠᠮᠠᠷᠴᠤ ᠵᠠᠬᠢᠷᠭ᠎ᠠ ᠪᠠᠢᠭ᠎ᠠ ᠦᠭᠡᠢ᠂ ᠪᠦᠬᠦ ᠶᠠᠭᠤᠮ᠎ᠠ ᠡᠷᠳᠡᠨᠢ᠂ ᠵᠠᠶ᠎ᠠ ᠪᠠᠨᠳᠢᠳᠠ ᠭᠡᠭᠡᠨ ᠦ᠌ ᠨᠡᠷ᠎ᠡ ᠪᠡᠷ ᠬᠢᠭᠳᠡᠵᠦ ᠭᠡᠭᠡᠨ ᠦ᠌ ᠮᠥᠷᠭᠥᠯ᠂ ᠨᠣᠮ ᠤ᠋ᠨ ᠵᠠᠷᠤᠳᠠᠯ᠂ ᠵᠠᠩᠴᠢ ᠶ᠋ᠢᠨ ᠵᠠᠷᠤᠳᠠᠯ ᠭᠡᠬᠦ ᠵᠡᠷᠭᠡ ᠬᠡᠳᠦ ᠬᠡᠳᠦᠨ ᠬᠦᠨᠳᠦ ᠠᠯᠪᠠ ᠲᠥᠯᠥᠳᠡᠭ ᠪᠠᠢᠯ᠎ᠠ᠃ ᠬᠣᠰᠢᠭᠤ ᠳ᠋ᠤ᠌ ᠥᠷᠲᠡᠭᠡᠨ ᠦ᠌ ᠠᠯᠪᠠ ᠭᠡᠵᠦ ᠨᠢᠭᠡ ᠰᠦᠷᠡᠬᠡᠢ ᠠᠯᠪᠠ ᠲᠠᠢ ᠪᠠᠢᠭᠰᠠᠨ ᠪᠣᠯ ᠱᠠᠪᠢ ᠨᠠᠷ ᠲᠡᠭᠦᠨ ᠡᠴᠡ ᠴᠢᠯᠥᠭᠡ ᠲᠡᠢ ᠪᠠᠢᠯ᠎ᠠ᠃ ᠱᠠᠪᠢ ᠨᠠᠷ ᠤ᠋ᠨ ᠶᠡᠬᠡᠩᠬᠢ ᠨᠢ ᠬᠡᠳᠦᠨ ᠵᠢᠰᠠ ᠶ᠋ᠢᠨ ᠰᠦᠷᠦᠭ ᠬᠠᠷᠢᠭᠤᠯᠵᠤ᠂ ᠲᠡᠭᠦᠨ ᠢ᠋ᠶ᠋ᠡᠷ ᠠᠮᠢᠳᠤᠷᠠᠵᠤ ᠪᠠᠢᠭᠰᠠᠨ ᠪᠣᠯᠬᠣᠷ ᠭᠡᠭᠡᠨ ᠦ᠌ ᠵᠠᠷᠯᠢᠭ ᠵᠥᠪᠬᠡᠨ ᠰᠦᠰᠦᠭ ᠪᠢᠰᠢᠷᠡᠯ ᠦ᠋ᠨ ᠨᠥᠯᠥᠭᠡ ᠪᠡᠷ ᠵᠣᠭᠰᠣᠬᠤ ᠦᠭᠡᠢ᠂ ᠠᠵᠤ ᠠᠮᠢᠳᠤᠷᠠᠯ ᠤ᠋ᠨ ᠦᠯᠡᠮᠵᠢ ᠬᠦᠴᠦᠲᠡᠢ ᠪᠠᠢᠵᠠᠢ᠃ ᠪᠠᠰᠠ ᠵᠠᠶ᠎ᠠ ᠭᠡᠭᠡᠨ ᠦ᠌ ᠨᠥᠯᠥᠭᠡ ᠵᠥᠪᠬᠡᠨ ᠱᠠᠪᠢ ᠨᠠᠷ ᠢ᠋ᠶ᠋ᠠᠷ ᠵᠣᠭᠰᠣᠬᠤ ᠦᠭᠡᠢ ᠬᠤᠰᠢᠭᠤᠳ ᠲᠤ᠌ ᠦᠯᠡᠮᠵᠢ ᠥᠨᠳᠥᠷ ᠪᠠᠢᠭᠰᠠᠨ ᠪᠣᠯᠬᠣᠷ ᠲᠡᠭᠦᠨ ᠢ᠋ ᠯᠤᠤ ᠬᠦᠩ ᠦ᠋ᠨ ᠵᠡᠷᠭᠡ ᠳ᠋ᠦ᠍ ᠦᠵᠡᠵᠦ ᠣᠭᠲᠣ ᠪᠣᠯᠬᠤ ᠦᠭᠡᠢ ᠠᠵᠢ᠃ ᠪᠠᠰᠠ ᠲᠡᠭᠡᠭᠡᠳ ᠵᠠᠶ᠎ᠠ ᠭᠡᠭᠡᠨ ᠮᠠᠲᠠᠯ ᠲᠠᠢ ᠰᠠᠨ ᠪᠣᠯ ᠠᠵᠢᠯ ᠶᠡᠬᠡ ᠬᠥᠩᠭᠡᠷᠡᠬᠦ ᠪᠠᠢᠵᠠᠢ᠃ ᠬᠥᠩᠭᠡᠨ ᠵᠠᠩ ᠲᠠᠢ ᠵᠠᠯᠠᠭᠤ ᠪᠠᠨᠳᠢ ᠵᠠᠶ᠎ᠠ ᠶ᠋ᠢ ᠳᠤᠷᠠᠲᠠᠢ ᠵᠦᠭ ᠤᠷᠤᠭᠤ ᠪᠠᠨ ᠬᠥᠲᠥᠯᠵᠦ ᠴᠢᠳᠠᠬᠤ ᠤᠬᠠᠭᠠᠨ ᠡᠷᠳᠡᠨᠢ ᠳ᠋ᠦ᠍ ᠪᠠᠢᠭᠰᠠᠨ᠃ ᠭᠡᠲᠡᠯ᠎ᠡ ᠡᠨᠡ ᠨᠡᠷ᠎ᠡ ᠬᠦᠨᠳᠦ ᠨᠢ ᠦᠯᠡᠮᠵᠢ ᠪᠥᠭᠡᠳ ᠬᠡᠳᠦᠨ ᠲᠦᠮᠡ ᠪᠣᠮᠠᠨ ᠬᠥᠮᠦᠨ ᠦ᠌ ᠰᠡᠳᠬᠢᠯ ᠳ᠋ᠦ᠍ ᠠᠮᠢᠳᠤ ᠪᠤᠷᠬᠠᠨ ᠪᠣᠯᠤᠨ ᠢᠲᠡᠭᠡᠭᠳᠡᠵᠦ ᠪᠢᠰᠢᠷᠡᠭᠦᠯᠦᠭᠰᠡᠨ ᠭᠡᠭᠡᠨ ᠦ᠌ ᠮᠠᠲᠠᠯ ᠥᠴᠦᠬᠡᠨ ᠪᠥᠭᠡᠳ ᠶᠠᠭᠤᠮ᠎ᠠ ᠪᠦᠬᠦᠨ ᠢ᠋ ᠳᠡᠷᠭᠡᠳᠡ ᠨᠢ ᠪᠠᠢᠭ᠎ᠠ ᠬᠡᠳᠦᠨ ᠬᠡᠷᠰᠡᠦᠳᠡ ᠬᠥᠭᠰᠢᠨ ᠴᠢᠨᠣ᠎ᠠ᠂ ᠲᠣᠮᠣ ᠯᠠᠮᠠ ᠨᠠᠷ ᠳᠤᠷ᠎ᠠ ᠪᠠᠷ ᠢ᠋ᠶ᠋ᠠᠨ ᠠᠭᠠᠰᠢᠯᠠᠨ ᠬᠥᠲᠥᠯᠬᠦ ᠠᠵᠢ᠃ ᠡᠳᠡ ᠥᠨᠳᠥᠷ ᠬᠦᠴᠦᠲᠦ ᠵᠠᠶ᠎ᠠ ᠭᠡᠭᠡᠨ ᠢ᠋ ᠪᠤᠰᠤᠳ ᠲᠠᠢ ᠠᠳᠠᠯᠢ ᠢᠲᠡᠭᠡᠵᠦ ᠰᠢᠲᠦᠬᠦ ᠳᠦᠷᠢ ᠶ᠋ᠢ ᠭᠠᠳᠠᠨ᠎ᠠ ᠪᠠᠨ ᠦᠵᠡᠭᠦᠯᠪᠡᠴᠦ ᠦᠨᠡᠨ ᠳ᠋ᠡᠭᠡᠨ ᠪᠣᠯ ᠭᠡᠭᠡᠨ ᠦ᠌ ᠨᠡᠷ᠎ᠡ ᠪᠡᠷ ᠵᠥᠪᠬᠡᠨ ᠵᠠᠶ᠎ᠠ ᠶ᠋ᠢᠨ ᠱᠠᠪᠢ ᠶ᠋ᠢ ᠪᠢᠰᠢ ᠣᠢᠷ᠎ᠠ ᠣᠷᠴᠢᠮ ᠤ᠋ᠨ ᠬᠤᠰᠢᠭᠤᠳ ᠤ᠋ᠨ ᠬᠡᠷᠡᠭ ᠢ᠋ ᠵᠠᠯᠠᠵᠤ ᠪᠠᠢᠭ᠎ᠠ ᠪᠦᠯᠦᠭ ᠪᠠᠢᠯ᠎ᠠ᠃
ᠡᠷᠳᠡᠨᠢ ᠡᠨᠡ ᠪᠦᠬᠦᠨ ᠢ᠋ ᠰᠠᠢᠨ ᠣᠢᠯᠠᠭᠠᠵᠤ ᠪᠠᠢᠭᠰᠠᠨ ᠤᠴᠢᠷ ᠡᠴᠡ ᠵᠠᠶ᠎ᠠ ᠶ᠋ᠢᠨ ᠱᠠᠪᠢ ᠶ᠋ᠢᠨ ᠬᠡᠷᠡᠭ ᠲᠦ᠍ ᠳᠣᠲᠣᠷ᠎ᠠ ᠪᠠᠨ ᠪᠣᠳᠣᠯᠭ᠎ᠠ ᠲᠠᠢ᠂ ᠳᠣᠣᠷ᠎ᠠ ᠪᠠᠨ ᠤᠬᠠᠭᠠᠨ ᠲᠠᠢ᠂ ᠤᠴᠢᠷ ᠬᠤᠵᠢᠷ ᠢ᠋ ᠨᠢ ᠰᠠᠢᠨ ᠲᠤᠩᠭᠠᠨ ᠬᠠᠨᠳᠤᠬᠤ ᠦᠭᠡᠢ ᠪᠣᠯ ᠪᠣᠯᠬᠤ ᠦᠭᠡᠢ ᠭᠡᠵᠦ ᠪᠣᠳᠣᠵᠠᠢ᠃ ᠬᠢᠶᠠᠭᠲᠤ ᠶ᠋ᠢ ᠡᠵᠡᠯᠡᠨ ᠠᠪᠬᠤ ᠪᠠᠢᠯᠳᠤᠭᠠᠨ ᠳ᠋ᠤ᠌ ᠢᠳᠡᠪᠬᠢᠲᠡᠢ ᠣᠷᠣᠯᠴᠠᠭᠰᠠᠨ ᠬᠠᠰᠪᠠᠭᠠᠲᠤᠷ ᠲᠡᠷᠢᠭᠦᠲᠡᠢ ᠬᠡᠳᠦ ᠬᠡᠳᠦᠨ ᠯᠠᠮᠠ ᠨᠠᠷ ᠥᠨᠳᠥᠷ ᠮᠢᠨᠳᠠᠭ᠂ ᠲᠤᠰᠢᠶᠠᠯ ᠲᠠᠢ ᠪᠠᠢᠭᠰᠠᠨ ᠠᠪᠠᠴᠤ ᠰᠦᠬᠡᠪᠠᠭᠠᠲᠤᠷ ᠠᠷᠠᠳ ᠤ᠋ᠨ ᠨᠠᠮ ᠤ᠋ᠨ ᠭᠡᠰᠢᠭᠦᠨ ᠪᠣᠯᠭᠠᠭᠰᠠᠨ ᠢ᠋ ᠡᠷᠳᠡᠨᠢ ᠰᠠᠢᠨ ᠮᠡᠳᠡᠨ᠎ᠡ᠃
ᠠᠷᠠᠳ ᠤ᠋ᠨ ᠨᠠᠮ ᠢ᠋ ᠭᠦᠳᠬᠡᠭᠰᠡᠨ ᠡᠯᠳᠡᠪ ᠶᠠᠷᠢᠶᠠᠨ ᠤ᠋ ᠡᠬᠢ ᠪᠣᠯ ᠯᠠᠮᠠ ᠭᠡᠳᠡᠭ ᠢ᠋ ᠡᠷᠳᠡᠨᠢ ᠰᠠᠢᠨ ᠣᠢᠯᠠᠭᠠᠵᠤ ᠪᠠᠢᠯ᠎ᠠ᠃ ᠴᠣᠬᠣᠮ ᠲᠡᠢᠮᠦ ᠴᠦ᠍ ᠤᠴᠢᠷ ᠡᠴᠡ ᠲᠣᠮᠣ ᠯᠠᠮᠠ ᠨᠠᠷ ᠢ᠋ ᠵᠣᠬᠢᠰᠲᠠᠢ ᠴᠠᠭ ᠢᠷᠡᠲᠡᠯ᠎ᠡ ᠣᠢᠷᠠᠬᠠᠨ ᠰᠢᠭ᠋ ᠠᠷᠭᠠᠮᠵᠢᠨ ᠬᠠᠷᠠᠭᠠᠨ ᠳ᠋ᠠᠭᠠᠨ ᠪᠠᠢᠯᠭᠠᠬᠤ ᠨᠢ ᠵᠥᠪ ᠭᠡᠵᠦ ᠪᠣᠳᠣᠪᠠ᠃
ᠢᠩᠭᠢᠭᠡᠳ ᠰᠢᠭᠤᠳ ᠣᠴᠢᠵᠤ ᠵᠠᠶ᠎ᠠ ᠭᠡᠭᠡᠨ ᠲᠡᠢ ᠶᠠᠷᠢᠯᠴᠠᠵᠤ ᠪᠢᠯᠡ᠃ ᠭᠡᠲᠡᠯ᠎ᠡ ᠵᠠᠯᠠᠵᠤ ᠪᠠᠢᠳᠠᠭ ᠬᠡᠳᠦᠨ ᠬᠥᠭᠰᠢᠨ ᠴᠢᠨᠣ᠎ᠠ ᠨᠢ᠂ ᠢᠯᠠᠩᠭᠤᠶ᠎ᠠ ᠦᠮᠡᠬᠡᠢ ᠰᠠᠨᠠᠭ᠎ᠠ᠂ ᠳᠠᠪᠬᠤᠷ ᠪᠣᠳᠣᠯᠭ᠎ᠠ ᠶ᠋ᠢᠨ ᠡᠭᠦᠷ ᠪᠣᠯᠤᠭᠰᠠᠨ ᠬᠦᠷᠢᠶ᠎ᠡ ᠬᠠᠮᠪᠤ ᠳᠡᠷᠭᠡᠳᠡ ᠡᠴᠡ ᠨᠢ ᠬᠣᠯᠠᠳᠤᠭᠰᠠᠨ ᠦᠭᠡᠢ᠃
᠊᠊᠊᠊᠊᠊᠊᠊᠊᠊᠊᠊᠊᠊᠊ ᠮᠣᠩᠭᠣᠯ ᠤ᠋ᠨ ᠠᠷᠠᠳ ᠤ᠋ᠨ ᠨᠠᠮ ᠪᠣᠯ ᠠᠷᠠᠳ ᠣᠯᠠᠨ ᠤ᠋ ᠲᠤᠰᠠ ᠶ᠋ᠢᠨ ᠲᠤᠯᠠ ᠵᠢᠳᠬᠦᠬᠦ ᠠᠷᠢᠭᠤᠨ ᠵᠣᠷᠢᠯᠭ᠎ᠠ ᠲᠠᠢ ᠪᠣᠯᠬᠣᠷ ᠥᠨᠳᠥᠷ ᠨᠡᠷᠡᠲᠦ ᠠᠷᠢᠭᠤᠨ ᠰᠠᠨᠸᠠᠷᠲᠠᠨ ᠭᠡᠭᠡᠨ ᠲᠠ ᠭᠡᠰᠢᠭᠦᠨ ᠪᠣᠯᠤᠨ ᠣᠷᠣᠬᠤ ᠪᠢᠵᠡ ᠭᠡᠵᠦ ᠭᠦᠨ᠎ᠡ ᠢᠲᠡᠭᠡᠨ᠎ᠡ ᠭᠡᠵᠦ ᠡᠷᠳᠡᠨᠢ ᠬᠡᠰᠡᠭ ᠶᠠᠷᠢᠭᠰᠠᠨ ᠤ᠋ ᠳᠠᠷᠠᠭ᠎ᠠ ᠰᠢᠭᠤᠳ ᠲᠤᠯᠭᠠᠵᠠᠢ᠃
ᠭᠡᠭᠡᠨ ᠣᠷᠣᠬᠤ ᠦᠭᠡᠢ ᠶ᠋ᠢᠨ ᠲᠥᠯᠥᠭᠡ ᠲᠡᠮᠡᠴᠡᠵᠦ ᠡᠯᠳᠡᠪ ᠢ᠋ᠶ᠋ᠡᠷ ᠪᠤᠯᠲᠠᠬᠤ ᠪᠠᠢᠬ᠎ᠠ᠃ ᠲᠡᠭᠡᠬᠦᠯᠡᠷ ᠨᠢ ᠰᠢᠬᠠᠨ᠎ᠠ ᠭᠡᠵᠦ ᠪᠣᠳᠣᠭᠰᠠᠨ ᠡᠷᠳᠡᠨᠢ ᠳᠠᠷᠠᠭ᠎ᠠ ᠶ᠋ᠢᠨ ᠢ᠋ᠶ᠋ᠡᠨ ᠦᠭᠡ ᠶ᠋ᠢ ᠪᠡᠯᠡᠳᠬᠡᠵᠦ ᠪᠠᠢᠯ᠎ᠠ᠃
ᠨᠢᠭᠡ ᠭᠠᠷ ᠲᠠᠭᠠᠨ ᠴᠠᠰᠤ ᠰᠢᠭ᠋ ᠴᠠᠭᠠᠨ ᠬᠠᠰ ᠬᠦᠬᠦᠷ ᠪᠠᠷᠢᠭᠠᠳ ᠨᠥᠭᠦᠭᠡ ᠭᠠᠷ ᠲᠠᠭᠠᠨ ᠤᠷᠲᠤ ᠰᠢᠷ᠎ᠠ ᠡᠷᠢᠭᠡ ᠡᠷᠭᠢᠭᠦᠯᠦᠨ ᠨᠢᠳᠦ ᠪᠡᠨ ᠬᠠᠭᠠᠰ ᠠᠨᠢᠨ ᠰᠠᠭᠤᠭᠰᠠᠨ ᠬᠠᠮᠪᠤ ᠠᠷᠠᠳ ᠤ᠋ᠨ ᠵᠠᠰᠠᠭ ᠤ᠋ᠨ ᠲᠥᠯᠥᠭᠡᠯᠡᠭᠴᠢ ᠶ᠋ᠢᠨ ᠳᠠᠯᠳᠠ ᠪᠣᠳᠣᠯ ᠢ᠋ ᠠᠯᠢ ᠡᠷᠲᠡ ᠮᠡᠳᠡᠵᠡᠢ᠃ 《ᠤᠤᠬᠠᠢ ᠴᠢ ᠪᠢᠳᠡᠨ ᠢ᠋ ᠲᠡᠭᠡᠷᠮ᠎ᠡ ᠳ᠋ᠡᠭᠡᠨ ᠡᠯᠵᠢᠭᠡ ᠰᠢᠭ ᠣᠷᠣᠭᠤᠯᠵᠤ ᠠᠪᠤᠶ᠎ᠠ ᠭᠡᠵᠦ ᠪᠣᠳᠣᠵᠤ ᠪᠠᠢᠭ᠎ᠠ ᠪᠣᠯ ᠪᠢᠳᠡ ᠳᠣᠲᠣᠷ᠎ᠠ ᠨᠢ ᠣᠷᠣᠭᠠᠳ ᠲᠦᠢᠮᠡᠷ ᠠᠰᠠᠭᠠᠵᠤ ᠥᠭᠭᠦᠶ᠎ᠡ》 ᠭᠡᠵᠦ ᠪᠣᠳᠣᠨ ᠬᠥᠬᠡ ᠢᠨᠢᠶᠡᠳᠦ ᠨᠢ ᠬᠦᠷᠴᠦ ᠰᠠᠭᠤᠵᠠᠢ᠃ ᠡᠷᠳᠡᠨᠢ ᠶ᠋ᠢ ᠦᠭᠡ ᠪᠡᠨ ᠳᠠᠭᠤᠰᠬᠤ ᠳ᠋ᠤᠨᠢ ᠬᠠᠮᠪᠤ ᠬᠣᠭᠣᠯᠠᠢ ᠪᠠᠨ ᠨᠠᠮᠪᠠᠲᠠᠢ ᠵᠠᠰᠠᠭᠰᠠᠨ ᠢ᠋ᠶ᠋ᠠᠨ 《ᠡᠬᠡ ᠪᠣᠯᠤᠭᠰᠠᠨ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠪᠡᠶ᠎ᠡ ᠰᠡᠳᠬᠢᠯ ᠢ᠋ᠶ᠋ᠡᠨ ᠬᠠᠷᠠᠮᠨᠠᠬᠤ ᠦᠭᠡᠢ ᠭᠡᠵᠦ ᠰᠠᠨᠸᠠᠷ ᠬᠦᠷᠲᠡᠭᠰᠡᠨ ᠪᠢᠳᠡ ᠠᠷᠠᠳ ᠤ᠋ᠨ ᠨᠠᠮ ᠳ᠋ᠤ᠌ ᠣᠷᠣᠵᠤ ᠣᠯᠠᠨ ᠱᠠᠪᠢ ᠨᠠᠷ ᠤ᠋ᠨ ᠢ᠋ᠶ᠋ᠠᠨ ᠲᠥᠯᠥᠭᠡ ᠵᠢᠳᠬᠦᠬᠦ ᠬᠦᠰᠡᠯ ᠳᠦᠭᠦᠷᠡᠩ ᠪᠠᠢᠨ᠎ᠠ᠃ ᠡᠭᠦᠨ ᠢ᠋ ᠡᠷᠬᠢᠮ ᠰᠠᠢᠳ ᠥᠨᠳᠥᠷ ᠤᠬᠠᠭᠠᠨ ᠳ᠋ᠠᠭᠠᠨ ᠲᠣᠭᠲᠠᠭᠠᠵᠤ ᠪᠠᠭᠲᠠᠭᠠᠨ ᠠᠪᠬᠤ ᠶ᠋ᠢ ᠬᠢᠴᠢᠶᠡᠩᠭᠦᠢᠯᠡᠨ ᠭᠤᠶᠤᠨ᠎ᠠ》 ᠭᠡᠯᠡ᠃
ᠬᠡᠷᠡᠭ ᠶᠠᠪᠤᠳᠠᠯ ᠡᠷᠳᠡᠨᠢ ᠶ᠋ᠢᠨ ᠰᠠᠨᠠᠭᠰᠠᠨ ᠵᠦᠭ ᠶᠠᠪᠤᠭᠰᠠᠨ ᠦᠭᠡᠢ᠃ ᠭᠡᠪᠡᠴᠦ ᠡᠷᠳᠡᠨᠢ 《ᠤᠤᠬᠠᠢ᠂ ᠬᠠᠰᠢᠷ ᠴᠢᠨᠣ᠎ᠠ ᠴᠢ ᠪᠢᠳᠡᠨ ᠦ᠌ ᠳᠣᠲᠣᠷ᠎ᠠ ᠣᠷᠣᠵᠤ ᠠᠪᠤᠶ᠎ᠠ ᠭᠡᠵᠦ ᠪᠣᠳᠣᠵᠤ ᠪᠠᠢᠨ᠎ᠠ ᠤᠤ? ᠬᠡᠨ ᠨᠢ ᠬᠡᠨ ᠦ᠌ ᠪᠡᠨ ᠬᠥᠯ ᠳ᠋ᠦ᠍ᠨᠢ ᠰᠠᠭᠤᠬᠤ ᠪᠠᠨ ᠦᠵᠡᠶ᠎ᠡ》 ᠭᠡᠮᠡᠨ ᠪᠣᠳᠣᠭᠠᠳ ᠥᠷᠭᠡᠨ ᠲᠡᠨᠢᠭᠡᠷ ᠢᠨᠢᠶᠡᠮᠰᠦᠭᠯᠡᠨ 《ᠲᠠ ᠪᠦᠬᠦᠨ ᠦ᠌ ᠬᠦᠰᠡᠯ ᠢ᠋ ᠥᠴᠦᠬᠡᠨ ᠪᠢ ᠪᠠᠶᠠᠷᠲᠠᠢ ᠬᠦᠯᠢᠶᠡᠨ ᠠᠪᠤᠨ᠎ᠠ᠃ ᠭᠡᠪᠡᠴᠦ ᠨᠢᠭᠡᠳᠦᠭᠡᠷ ᠲᠦ᠍᠂ ᠠᠷᠠᠳ ᠤ᠋ᠨ ᠨᠠᠮ ᠪᠣᠯ ᠣᠯᠠᠨ ᠲᠦᠮᠡᠨ ᠦ᠌ ᠨᠢᠭᠡᠨ ᠰᠠᠨᠠᠭ᠎ᠠ ᠪᠠᠷ ᠡᠪᠯᠡᠯᠳᠦᠨ ᠨᠢᠭᠡᠳᠬᠦ ᠵᠦᠢᠯ ᠪᠣᠯᠬᠣᠷ ᠣᠷᠣᠬᠤ ᠶ᠋ᠢ ᠬᠦᠰᠡᠭᠰᠡᠨ ᠪᠦᠬᠦ ᠬᠥᠮᠦᠰ ᠬᠠᠮᠲᠤᠷᠠᠨ ᠲᠤᠩᠭᠠᠨ ᠶᠠᠷᠢᠵᠤ ᠬᠡᠨ ᠢ᠋ ᠣᠷᠣᠭᠤᠯᠬᠤ᠂ ᠬᠡᠨ ᠢ᠋ ᠦᠭᠡᠢ ᠪᠡᠨ ᠰᠢᠲᠦᠨ᠎ᠡ᠃ ᠬᠣᠶᠠᠳᠤᠭᠠᠷ ᠲᠤ᠌᠂ ᠪᠢᠳᠡᠨ ᠦ᠌ ᠶᠠᠷᠢᠯᠴᠠᠭᠰᠠᠨ ᠢ᠋ ᠳᠡᠭᠡᠳᠦ ᠭᠠᠵᠠᠷ ᠬᠢᠨᠠᠨ ᠦᠵᠡᠨ᠎ᠡ》 ᠭᠡᠵᠦ ᠬᠡᠯᠡᠪᠡ᠃
《ᠴᠢᠩᠭᠢᠬᠦ ᠳᠣᠳᠣᠮ ᠢ᠋ᠶ᠋ᠠᠨ ᠰᠠᠢᠨ》 ᠭᠡᠵᠦ ᠬᠠᠮᠪᠤ ᠪᠣᠳᠣᠪᠠ᠃ 《ᠴᠢᠮᠠᠶ᠋ᠢ ᠰᠢᠯᠪᠢᠭᠦᠷ ᠢ᠋ᠶ᠋ᠡᠨ ᠪᠠᠷᠢᠭᠠᠳ ᠬᠣᠲᠠ ᠤᠷᠤᠭᠤ ᠥᠩᠭᠡᠢᠵᠦ ᠪᠠᠢᠬᠤ ᠳ᠋ᠤ᠌ ᠴᠢᠨᠢ ᠪᠢ ᠤᠴᠢᠷ ᠢ᠋ ᠨᠢ ᠣᠯᠵᠤ ᠪᠣᠯᠬᠤ ᠪᠠᠢᠯᠭᠦᠢ ᠳᠡ》 ᠭᠡᠵᠦ ᠡᠷᠳᠡᠨᠢ ᠪᠣᠳᠣᠵᠤ ᠪᠠᠢᠯ᠎ᠠ᠃
ᠬᠠᠮᠪᠤ᠂ ᠨᠠᠮ ᠳ᠋ᠤ᠌ ᠣᠷᠣᠬᠤ ᠡᠳᠦᠢ ᠲᠡᠳᠦᠢ ᠯᠠᠮᠠ ᠨᠠᠷ ᠤ᠋ᠨ ᠨᠡᠷ᠎ᠡ ᠭᠠᠷᠭᠠᠵᠤ ᠥᠭᠬᠦ ᠳ᠋ᠦ᠍ᠨᠢ 《ᠨᠢᠭᠡᠳᠦᠭᠡᠷ ᠲᠦ᠍ ᠪᠠᠯ ᠤ᠋ᠨ ᠪᠠᠭ᠎ᠠ ᠨᠢ ᠳᠡᠭᠡᠷ᠎ᠡ ᠭᠡᠳᠡᠭ᠂ ᠬᠣᠶᠠᠳᠤᠭᠠᠷ ᠲᠤ᠌ ᠶᠠᠭᠤ ᠴᠤ᠌ ᠭᠡᠰᠡᠨ ᠲᠠ ᠪᠦᠬᠦᠨ ᠤᠷᠢᠳᠠ ᠪᠠᠷ ᠡᠭᠦᠷ ᠪᠠᠢᠭᠤᠯᠵᠤ ᠠᠪᠤᠭᠠᠳ ᠳᠠᠷᠠᠭ᠎ᠠ ᠶ᠋ᠢᠨ ᠬᠥᠮᠦᠰ ᠢ᠋ ᠥᠪᠡᠷᠰᠡᠳ ᠢ᠋ᠶ᠋ᠡᠨ ᠶᠠᠷᠢᠨ᠎ᠠ ᠪᠢᠵᠡ》 ᠭᠡᠳ ᠭᠡᠭᠡᠨ ᠦ᠌ ᠬᠠᠮᠲᠤ ᠵᠢᠷᠭᠤᠭᠠᠨ ᠯᠠᠮᠠ ᠨᠠᠷ ᠤ᠋ᠨ ᠨᠡᠷ᠎ᠡ ᠶ᠋ᠢ ᠦᠯᠡᠳᠡᠭᠡᠵᠦ ᠪᠤᠰᠤᠳ ᠢ᠋ ᠨᠢ ᠬᠠᠰᠤᠵᠠᠢ᠃
᠊᠊᠊᠊᠊᠊᠊᠊᠊᠊᠊᠊᠊᠊᠊ ᠭᠡᠭᠡᠨ ᠠᠷᠠᠳ ᠤ᠋ᠨ ᠨᠠᠮ ᠤ᠋ᠨ ᠭᠡᠰᠢᠭᠦᠨ ᠪᠣᠯᠬᠤ ᠭᠡᠨ᠎ᠡ ᠭᠡᠳᠡᠭ ᠶᠠᠷᠢᠶ᠎ᠠ ᠲᠠᠯ᠎ᠠ ᠶ᠋ᠢᠨ ᠰᠠᠯᠬᠢ ᠰᠢᠭ᠋ ᠬᠤᠷᠳᠤᠨ ᠲᠠᠷᠬᠠᠪᠠ᠃
ᠵᠠᠷᠢᠮ ᠬᠥᠮᠦᠰ 《ᠠᠷᠠᠳ ᠤ᠋ᠨ ᠨᠠᠮ ᠵᠣᠷᠢᠯᠭ᠎ᠠ ᠨᠢ ᠰᠠᠢᠨ ᠪᠣᠯᠬᠣᠷ ᠭᠡᠭᠡᠨ ᠣᠷᠣᠬᠤ ᠪᠣᠯᠵᠠᠢ》 ᠭᠡᠵᠦ ᠶᠠᠷᠢᠨ᠎ᠠ᠃ ᠵᠠᠷᠢᠮ ᠨᠢ 《ᠷᠢᠳᠢ ᠰᠢᠳᠢ ᠲᠡᠭᠦᠯᠳᠡᠷ ᠬᠦᠴᠦᠲᠦ ᠭᠡᠭᠡᠨ ᠠᠷᠠᠳ ᠤ᠋ᠨ ᠨᠠᠮ ᠢ᠋ ᠨᠣᠮᠣᠬᠠᠳᠬᠠᠬᠤ ᠭᠡᠵᠦ ᠣᠷᠣᠵᠤ ᠪᠠᠢᠭ᠎ᠠ ᠬᠡᠷᠡᠭ》 ᠭᠡᠵᠦ ᠶᠠᠷᠢᠨ᠎ᠠ᠃
ᠶᠠᠭᠤ ᠴᠤ᠌ ᠭᠡᠰᠡᠨ ᠨᠠᠮ ᠤ᠋ᠨ ᠡᠭᠦᠷ ᠪᠠᠢᠭᠤᠯᠬᠤ ᠪᠣᠯᠪᠠ᠃ ᠬᠣᠷᠢᠶ᠎ᠠ ᠬᠠᠷᠠᠴᠤᠳ ᠬᠡᠳᠦ᠂ ᠮᠠᠯᠴᠢᠳ ᠬᠡᠳᠦ᠂ ᠪᠠᠰᠠ ᠴᠡᠴᠡᠭ ᠬᠡᠦᠬᠡᠨ ᠨᠠᠮ ᠳ᠋ᠤ᠌ ᠣᠷᠣᠬᠤ ᠪᠠᠷ ᠰᠠᠨᠠᠯ ᠢ᠋ᠶ᠋ᠠᠨ ᠥᠭᠴᠡᠢ᠃ ᠭᠡᠭᠡᠨ ᠪᠣᠯᠤᠨ ᠬᠠᠮᠪᠤ ᠲᠠᠢ ᠶᠠᠷᠢᠯᠴᠠᠵᠤ᠂ ᠱᠠᠪᠢ ᠲᠠᠮᠠᠭ᠎ᠠ ᠶ᠋ᠢᠨ ᠭᠠᠵᠠᠷ ᠤ᠋ᠨ ᠳᠡᠷᠭᠡᠳᠡ ᠲᠣᠮᠣ ᠭᠡᠷ ᠪᠠᠷᠢᠭᠤᠯᠤᠨ᠂ ᠡᠳᠦᠷ ᠰᠣᠩᠭᠣᠵᠤ ᠨᠠᠮ ᠳ᠋ᠤ᠌ ᠡᠯᠰᠡᠬᠦ ᠭᠡᠵᠦ ᠰᠠᠨᠠᠯ ᠢ᠋ᠶ᠋ᠠᠨ ᠥᠭᠭᠦᠭᠰᠡᠳ ᠢ᠋ ᠴᠤᠭᠯᠠᠷᠠᠬᠤ ᠲᠤᠬᠠᠢ ᠵᠠᠷ ᠢ᠋ ᠲᠠᠷᠬᠠᠭᠠᠵᠤ ᠪᠢᠯᠡ᠃ ᠬᠥᠮᠦᠰ ᠦ᠋ᠨ ᠬᠠᠮᠤᠭ ᠤ᠋ᠨ ᠲᠡᠷᠢᠭᠦᠨ ᠳ᠋ᠦ᠍ ᠵᠠᠶ᠎ᠠ ᠶ᠋ᠢᠨ ᠭᠡᠭᠡᠨ᠂ ᠣᠢᠷ᠎ᠠ ᠳᠣᠲᠣᠨᠣ ᠶ᠋ᠢᠨ ᠯᠠᠮᠠ ᠨᠠᠷ ᠤ᠋ᠨ ᠢ᠋ᠶ᠋ᠠᠨ ᠬᠠᠮᠲᠤ ᠢᠷᠡᠯ᠎ᠡ᠃
ᠴᠡᠴᠡᠭ ᠬᠡᠦᠬᠡᠨ ᠢᠷᠡᠭᠰᠡᠨ ᠦᠭᠡᠢ᠃ ᠬᠠᠷᠢᠨ ᠴᠢᠮᠡᠭ ᠬᠠᠮᠤᠭ ᠭᠣᠶᠣᠯᠠᠯ ᠢ᠋ᠶ᠋ᠠᠨ ᠡᠮᠦᠰᠴᠦ ᠵᠡᠭᠦᠭᠡᠳ ᠢᠷᠡᠬᠦ ᠳ᠋ᠦ᠍ᠨᠢ 《ᠴᠡᠴᠡᠭ ᠢᠷᠡᠭᠰᠡᠨ ᠦᠭᠡᠢ ᠤᠤ? ᠶᠠᠭᠠᠬᠢᠭᠰᠠᠨ ᠶᠤᠮ ᠪᠣᠯ ᠠ᠋?》 ᠭᠡᠵᠦ ᠡᠷᠳᠡᠨᠢ ᠠᠰᠠᠭᠤᠪᠠ᠃
᠊᠊᠊᠊᠊᠊᠊᠊᠊᠊᠊᠊᠊᠊᠊ ᠨᠠᠮ ᠳ᠋ᠤ᠌ ᠣᠷᠣᠬᠤ ᠭᠡᠳᠡᠭ ᠴᠢᠨᠢ ᠬᠣᠢᠲᠤᠬᠢ ᠪᠠᠨ ᠪᠠᠯᠠᠯᠬᠤ ᠭᠡᠰᠡᠨ ᠦᠭᠡ ᠭᠡᠨ᠎ᠡ ᠭᠡᠳ ᠢᠷᠡᠭᠰᠡᠨ ᠦᠭᠡᠢ᠃ ᠨᠠᠳᠠ ᠪᠠᠯᠠᠯᠬᠤ ᠬᠣᠢᠲᠤᠬᠢ ᠪᠠᠢᠬᠤ ᠦᠭᠡᠢ ᠪᠣᠯᠬᠣᠷ ᠣᠷᠣᠨ ᠳ᠋ᠤᠨᠢ ᠢᠷᠡᠯ᠎ᠡ ᠭᠡᠳ ᠲᠣᠯᠣᠭᠠᠢ ᠪᠠᠨ ᠬᠠᠶᠠᠯᠠᠨ ᠳᠡᠰ ᠳᠡᠰ ᠢᠨᠢᠶᠡᠭᠰᠡᠭᠡᠷ ᠯᠠᠮᠠ ᠨᠠᠷ ᠤ᠋ᠨ ᠡᠮᠦᠨᠡᠭᠦᠷ ᠠᠯᠬᠤᠵᠤ ᠳᠡᠭᠡᠳᠦ ᠲᠠᠯ᠎ᠠ ᠳ᠋ᠤᠨᠢ ᠭᠠᠷᠤᠭᠠᠳ ᠵᠠᠪᠳᠤᠩ ᠳᠡᠭᠡᠷ᠎ᠡ ᠲᠠᠪᠠᠯᠢᠭ ᠰᠠᠭᠤᠯ᠎ᠠ᠃
᠊᠊᠊᠊᠊᠊᠊᠊᠊᠊᠊᠊᠊᠊᠊ ᠢᠰᠡᠭᠡᠢ ᠬᠢᠬᠦ ᠳ᠋ᠦ᠍ ᠨᠣᠬᠠᠢ ᠬᠡᠷᠡᠭ ᠦᠭᠡᠢ ᠭᠡᠭᠴᠢ ᠪᠡᠷ ᠡᠨᠡ ᠶᠠᠩᠬᠠᠨ ᠡᠨᠳᠡ ᠶᠠᠭᠤ ᠬᠢᠨ᠎ᠡ ᠳᠡ ᠭᠡᠵᠦ ᠨᠢᠭᠡ ᠯᠠᠮᠠ ᠨᠥᠭᠦᠭᠡ ᠳ᠋ᠡᠭᠡᠨ ᠰᠢᠪᠡᠭᠡᠨᠡᠪᠡ᠃
᠊᠊᠊᠊᠊᠊᠊᠊᠊᠊᠊᠊᠊᠊᠊ ᠴᠠᠭ ᠵᠢᠪᠡᠭᠦᠨ ᠪᠣᠯᠬᠤ ᠳ᠋ᠤ᠌ ᠢᠮᠠᠭᠠᠨ ᠤ᠋ ᠮᠢᠬ᠎ᠠ ᠶᠠᠮᠪᠠ ᠶ᠋ᠢᠨ ᠴᠡᠷᠡᠨ ᠳ᠋ᠦ᠍ ᠣᠷᠣᠵᠤ ᠡᠮᠡᠰ ᠡᠵᠡᠨ ᠦ᠌ ᠰᠢᠷᠡᠭᠡᠨ ᠳ᠋ᠦ᠍ ᠰᠠᠭᠤᠨ᠎ᠠ ᠭᠡᠵᠦ ᠴᠢᠯᠠᠭᠤᠨ ᠤ᠋ ᠪᠢᠴᠢᠭ ᠲᠦ᠍ ᠪᠠᠢᠳᠠᠭ ᠶᠤᠮ ᠭᠡᠨ᠎ᠡ ᠪᠢᠯᠡ ᠭᠡᠵᠦ ᠨᠥᠭᠦᠭᠡ ᠯᠠᠮᠠ ᠬᠠᠷᠢᠭᠤ ᠰᠢᠪᠡᠭᠡᠨᠡᠪᠡ᠃
ᠬᠠᠮᠪᠤ ᠯᠠᠮᠠ ᠬᠥᠮᠥᠰᠬᠡ ᠪᠡᠨ ᠵᠠᠩᠭᠢᠳᠤᠨ ᠰᠢᠷᠪᠢ ᠲᠠᠲᠠᠬᠤ ᠳ᠋ᠤ᠌ ᠰᠢᠪᠡᠭᠡᠨᠡᠨ ᠶᠠᠷᠢᠯᠴᠠᠭᠴᠢ ᠬᠣᠶᠠᠷ ᠯᠠᠮᠠ ᠭᠢᠯᠦᠢᠰᠬᠢᠨ ᠳᠠᠭᠤ ᠦᠭᠡᠢ ᠪᠣᠯᠪᠠ᠃ ᠬᠡᠳᠦᠨ ᠬᠠᠷᠠᠴᠤᠤᠯ ᠴᠤᠪᠤᠷᠠᠯᠳᠤᠨ ᠢᠷᠡᠭᠡᠳ ᠬᠦᠷᠢᠶᠡᠨ ᠦ᠌ ᠨᠡᠷ᠎ᠡ ᠲᠡᠢ ᠯᠠᠮᠠ ᠨᠠᠷ᠂ ᠵᠠᠶ᠎ᠠ ᠶ᠋ᠢᠨ ᠭᠡᠭᠡᠨ ᠦ᠌ ᠬᠠᠮᠲᠤ ᠮᠣᠷᠢᠯᠠᠨ ᠢᠷᠡᠭᠰᠡᠨ ᠢ᠋ ᠬᠠᠷᠠᠭᠠᠳ ᠥᠪᠡᠷ ᠦ᠋ᠨ ᠡᠷᠬᠡ ᠦᠭᠡᠢ ᠰᠦᠷᠳᠡᠨ ᠨᠠᠮᠠᠨᠴᠢᠯᠠᠵᠤ ᠮᠡᠨᠳᠦᠯᠡᠭᠡᠳ ᠡᠭᠦᠳᠡ ᠬᠠᠲᠠᠪᠴᠢ ᠪᠠᠷ ᠰᠢᠬᠠᠯᠳᠤᠨ ᠰᠠᠭᠤᠵᠠᠭᠠᠪᠠ᠃ ᠡᠭᠦᠨ ᠢ᠋ ᠬᠠᠷᠠᠭᠰᠠᠨ ᠡᠷᠳᠡᠨᠢ 《ᠲᠠ ᠪᠦᠬᠦᠨ ᠳᠡᠭᠡᠭᠰᠢ ᠪᠡᠨ ᠮᠣᠷᠢᠯᠠᠨ ᠰᠠᠭᠤᠵᠠᠭ᠎ᠠ᠃ ᠡᠷᠬᠢᠮ ᠭᠡᠭᠡᠨ ᠪᠣᠯᠤᠨ ᠬᠦᠨᠳᠦᠲᠦ ᠯᠠᠮᠠ ᠨᠠᠷ ᠢ᠋ ᠡᠷᠬᠢᠮᠯᠡᠨ ᠦᠵᠡᠵᠦ ᠪᠢᠰᠢᠷᠡᠨ ᠰᠦᠷᠳᠡᠬᠦ ᠨᠢ ᠵᠦᠢ ᠶ᠋ᠢᠨ ᠬᠡᠷᠡᠭ ᠪᠣᠯᠪᠠᠴᠤ ᠥᠨᠥᠳᠥᠷ ᠲᠠ ᠪᠦᠬᠦᠨ ᠨᠢᠭᠡᠨ ᠨᠠᠮ ᠤ᠋ᠨ ᠡᠭᠦᠷ ᠲᠦ᠍ ᠳᠠᠭᠠᠵᠤ ᠣᠷᠣᠬᠤ ᠪᠠᠷ ᠢᠷᠡᠭᠰᠡᠨ ᠪᠣᠯᠬᠣᠷ ᠡᠷᠬᠡ ᠲᠡᠭᠰᠢ ᠪᠢᠯᠡ》 ᠭᠡᠵᠦ ᠬᠠᠷᠠᠴᠤᠳ ᠲᠤ᠌ ᠬᠠᠨᠳᠤᠨ ᠬᠡᠯᠡᠭᠡᠳ 《ᠲᠡᠢᠮᠦ ᠪᠢᠵᠡ ᠳᠡ》 ᠭᠡᠵᠦ ᠯᠠᠮᠠ ᠨᠠᠷ ᠡᠴᠡ ᠠᠰᠠᠭᠤᠪᠠ᠃
ᠵᠠᠶ᠎ᠠ ᠶ᠋ᠢᠨ ᠭᠡᠭᠡᠨ ᠢᠨᠢᠶᠡᠮᠰᠦᠭᠯᠡᠬᠦ ᠮᠡᠲᠦ ᠪᠣᠯᠤᠨ ᠬᠠᠮᠪᠤ ᠤᠷᠤᠭᠤ ᠬᠠᠷᠠᠯ᠎ᠠ᠃
᠊᠊᠊᠊᠊᠊᠊᠊᠊᠊᠊᠊᠊᠊᠊ ᠠᠷᠠᠳ ᠤ᠋ᠨ ᠵᠠᠰᠠᠭ ᠤ᠋ᠨ ᠮᠡᠷᠭᠡᠨ ᠰᠠᠢᠳ ᠤ᠋ᠨ ᠬᠡᠯᠡᠳᠡᠭ ᠲᠦᠮᠡᠨ ᠵᠥᠪ ᠭᠡᠵᠦ ᠨᠢᠭᠡ ᠯᠠᠮᠠ ᠬᠡᠯᠡᠭᠡᠳ ᠮᠠᠷᠰᠠᠢᠨ ᠢᠨᠢᠶᠡᠪᠡ᠃
᠊᠊᠊᠊᠊᠊᠊᠊᠊᠊᠊᠊᠊᠊᠊ ᠶᠣᠰᠣ ᠶᠣᠮᠪᠣᠭᠣᠷ᠂ ᠲᠥᠷᠥ ᠲᠥᠮᠪᠥᠭᠡᠷ ᠭᠡᠵᠦ ᠬᠡᠴᠡᠭᠦᠦ ᠶᠤᠮ ᠳᠡ ᠭᠡᠵᠦ ᠬᠡᠯᠡᠭᠡᠳ ᠭᠡᠰᠬᠦᠢ ᠬᠣᠭᠣᠯᠠᠢ ᠪᠠᠨ ᠵᠠᠰᠠᠪᠠ᠃
ᠡᠭᠦᠳᠡᠨ ᠳ᠋ᠦ᠍ ᠰᠠᠭᠤᠵᠤ ᠪᠠᠢᠭᠰᠠᠨ ᠬᠥᠮᠦᠰ ᠳᠤᠷᠠᠲᠠᠢ ᠳᠤᠷ᠎ᠠ ᠦᠭᠡᠢ ᠪᠣᠰᠴᠤ ᠳᠡᠭᠡᠭᠰᠢᠯᠡᠨ ᠰᠠᠭᠤᠵᠠᠭᠠᠪᠠ᠃ ᠡᠷᠳᠡᠨᠢ ᠪᠣᠰᠴᠤ ᠠᠷᠠᠳ ᠤ᠋ᠨ ᠨᠠᠮ᠂ ᠵᠠᠰᠠᠭ ᠤ᠋ᠨ ᠵᠣᠷᠢᠯᠭ᠎ᠠ ᠶ᠋ᠢᠨ ᠲᠤᠬᠠᠢ ᠲᠠᠢᠯᠪᠤᠷᠢᠯᠠᠨ ᠨᠡᠯᠢᠶᠡᠳ ᠶᠠᠷᠢᠭᠠᠳ 《ᠠᠷᠠᠳ ᠤ᠋ᠨ ᠨᠠᠮ ᠤ᠋ᠨ ᠲᠤᠬᠠᠢ ᠶᠠᠩᠵᠤ ᠪᠦᠷᠢ ᠶ᠋ᠢᠨ ᠣᠷᠣ ᠦᠨᠳᠦᠰᠦ ᠦᠭᠡᠢ ᠶᠠᠷᠢᠶ᠎ᠠ ᠳᠡᠯᠭᠡᠷᠡᠵᠦ ᠪᠠᠢᠨ᠎ᠠ᠃ ᠡᠨᠡ ᠶᠠᠷᠢᠶ᠎ᠠ ᠶ᠋ᠢ ᠮᠣᠩᠭᠣᠯ ᠣᠷᠣᠨ᠂ ᠮᠣᠩᠭᠣᠯ ᠤ᠋ᠨ ᠠᠷᠠᠳ ᠲᠦᠮᠡᠨ ᠳ᠋ᠦ᠍ ᠰᠠᠢᠨ ᠰᠠᠢᠬᠠᠨ ᠢ᠋ ᠬᠦᠰᠡᠭᠴᠢᠳ ᠭᠠᠷᠭᠠᠵᠤ ᠪᠠᠢᠭ᠎ᠠ ᠪᠢᠰᠢ᠃ ᠪᠢᠳᠡᠨ ᠢ᠋᠂ ᠮᠣᠩᠭᠣᠯ ᠤᠯᠤᠰ ᠢ᠋ ᠪᠠᠯᠠᠯᠬᠤ ᠭᠡᠵᠦ ᠪᠠᠢᠭ᠎ᠠ ᠬᠥᠮᠦᠰ ᠭᠡᠵᠦ ᠶᠠᠷᠢᠳᠠᠭ ᠲᠡᠷᠡ ᠬᠥᠮᠦᠰ ᠭᠠᠷᠭᠠᠵᠤ ᠪᠠᠢᠭ᠎ᠠ ᠬᠡᠷᠡᠭ᠃ ᠡᠨᠡ ᠶᠠᠷᠢᠶ᠎ᠠ ᠪᠣᠯ ᠣᠷᠣ ᠦᠨᠳᠦᠰᠦ ᠦᠭᠡᠢ ᠬᠤᠳᠠᠯ ᠦᠭᠡ᠃ ᠮᠣᠩᠭᠣᠯ ᠣᠷᠣᠨ ᠳ᠋ᠤ᠌ ᠤᠯᠤᠰ ᠪᠠᠢᠭ᠎ᠠ ᠦᠭᠡᠢ᠂ ᠭᠠᠳᠠᠭᠠᠳᠤ ᠶ᠋ᠢᠨ ᠡᠵᠡᠷᠬᠡᠭ ᠲᠦᠷᠢᠮᠡᠬᠡᠢ ᠨᠠᠷ ᠲᠤ᠌ ᠳᠣᠷᠣᠮᠵᠢᠯᠠᠭᠳᠠᠭᠰᠠᠨ ᠠᠷᠠᠳ ᠲᠦᠮᠡᠨ ᠪᠠᠢᠭᠰᠠᠨ᠃ ᠪᠢᠳᠡ ᠲᠡᠷᠡ ᠲᠦᠮᠡᠨ ᠵᠣᠪᠠᠯᠠᠩ ᠳ᠋ᠤ᠌ ᠨᠡᠷᠪᠡᠭᠳᠡᠭᠰᠡᠨ ᠮᠣᠩᠭᠣᠯ ᠣᠷᠣᠨ ᠢ᠋ ᠭᠠᠳᠠᠭᠠᠳᠤ ᠶ᠋ᠢᠨ ᠳᠠᠷᠤᠯᠠᠯ ᠡᠴᠡ ᠴᠢᠯᠥᠭᠡᠯᠡᠬᠦ ᠭᠡᠵᠦ ᠲᠡᠮᠡᠴᠡᠭᠡᠳ ᠲᠡᠭᠦᠨ ᠢ᠋ᠶ᠋ᠡᠨ ᠪᠡᠶᠡᠯᠡᠭᠦᠯᠦᠭᠰᠡᠨ᠃ ᠵᠣᠪᠠᠵᠤ ᠵᠦᠳᠡᠷᠡᠭᠰᠡᠨ ᠮᠣᠩᠭᠣᠯ ᠣᠷᠣᠨ ᠳ᠋ᠤ᠌ ᠲᠤᠰᠠᠭᠠᠷ ᠤᠯᠤᠰ ᠢ᠋ ᠪᠠᠢᠭᠤᠯᠬᠤ ᠭᠡᠵᠦ ᠮᠠᠨ ᠤ᠋ ᠰᠢᠯᠢᠳᠡᠭ ᠬᠥᠮᠦᠰ ᠲᠡᠮᠡᠴᠡᠨ ᠪᠣᠰᠤᠭᠠᠳ ᠠᠯᠲᠠᠨ ᠠᠮᠢ ᠪᠠᠨ ᠥᠭᠴᠦ ᠪᠠᠢᠭᠰᠠᠨ᠃ ᠠᠮᠤᠷᠰᠠᠨᠠᠭ᠎ᠠ ᠴᠢᠩᠭᠦᠡᠵᠡᠪ ᠮᠡᠲᠦ ᠶ᠋ᠢᠨ ᠪᠠᠭᠠᠲᠤᠷ ᠡᠷᠡᠰ ᠮᠣᠩᠭᠣᠯ ᠤᠯᠤᠰ ᠢ᠋ᠶ᠋ᠠᠨ ᠭᠠᠳᠠᠭᠠᠳᠤ ᠶ᠋ᠢᠨ ᠳᠣᠷᠣᠮᠵᠢᠯᠠᠯ ᠡᠴᠡ ᠰᠠᠯᠭᠠᠵᠤ ᠲᠤᠰᠠᠭᠠᠷ ᠤᠯᠤᠰ ᠪᠣᠯᠭᠠᠬᠤ ᠭᠡᠵᠦ ᠲᠡᠮᠡᠴᠡᠭᠡᠳ ᠠᠯᠲᠠᠨ ᠠᠮᠢ ᠪᠠᠨ ᠠᠯᠳᠠᠵᠤ ᠪᠠᠢᠭᠰᠠᠨ ᠲᠡᠦᠬᠡ ᠪᠣᠢ᠃ ᠪᠢᠳᠡ ᠲᠡᠳᠡᠨ ᠦ᠌ ᠭᠦᠢᠴᠡᠭᠡᠭᠡ ᠦᠭᠡᠢ ᠬᠡᠷᠡᠭ ᠢ᠋ ᠭᠦᠢᠴᠡᠭᠡᠭᠰᠡᠨ᠃ ᠡᠨᠡ ᠪᠤᠷᠤᠭᠤ ᠭᠡᠵᠢ ᠤᠤ? ᠪᠢᠳᠡᠨ ᠢ᠋ ᠱᠠᠰᠢᠨ ᠪᠤᠷᠬᠠᠨ ᠢ᠋ ᠪᠠᠯᠠᠯᠬᠤ ᠭᠡᠵᠦ ᠪᠠᠢᠭ᠎ᠠ ᠤᠯᠤᠰ ᠭᠡᠳᠡᠭ᠃ ᠭᠡᠲᠡᠯ᠎ᠡ ᠪᠢᠳᠡ ᠭᠠᠮᠢᠩ ᠤ᠋ᠨ ᠱᠣᠷᠣᠩ ᠳ᠋ᠤ᠌ ᠣᠷᠣᠵᠤ᠂ ᠪᠠᠷᠤᠨ ᠤ᠋ ᠬᠣᠷᠢᠭᠳᠠᠯ ᠪᠣᠯᠵᠤ ᠪᠠᠢᠭᠰᠠᠨ ᠪᠣᠭᠳᠠ ᠪᠠᠨ ᠬᠡᠮᠵᠢᠶᠡᠲᠦ ᠡᠷᠬᠡᠲᠦ ᠬᠠᠭᠠᠨ ᠢ᠋ᠶ᠋ᠠᠷ ᠡᠷᠭᠦᠮᠵᠢᠯᠡᠭᠡᠳ᠂ ᠠᠷᠠᠳ ᠣᠯᠠᠨ ᠤ᠋ ᠰᠢᠲᠦᠬᠦ᠂ ᠪᠢᠰᠢᠷᠡᠬᠦ ᠡᠷᠬᠡ ᠶ᠋ᠢ ᠬᠦᠨᠳᠦᠳᠬᠡᠨ ᠦᠵᠡᠬᠦ ᠪᠡᠨ ᠲᠤᠩᠬᠠᠭᠯᠠᠭᠰᠠᠨ ᠪᠢᠯᠡ᠃ ᠡᠨᠡ ᠱᠠᠰᠢᠨ ᠪᠤᠷᠬᠠᠨ ᠢ᠋ ᠪᠠᠯᠠᠯᠵᠤ ᠪᠠᠢᠭ᠎ᠠ ᠬᠡᠷᠡᠭ ᠭᠡᠵᠢ ᠤᠤ? ᠪᠢᠳᠡᠨ ᠢ᠋ ᠡᠴᠢᠭᠡ ᠡᠬᠡ᠂ ᠯᠠᠮᠠ ᠪᠠᠭᠰᠢ ᠪᠠᠨ ᠠᠯᠠᠨ᠎ᠠ ᠭᠡᠵᠦ ᠲᠠᠩᠭᠠᠷᠢᠭ ᠥᠭᠭᠦᠭᠰᠡᠨ ᠤᠯᠤᠰ ᠭᠡᠵᠦ ᠭᠦᠳᠬᠡᠳᠡᠭ᠃ ᠪᠢᠳᠡ ᠲᠡᠢᠮᠦ ᠲᠠᠩᠭᠠᠷᠢᠭ ᠥᠭᠭᠦᠭᠡ ᠦᠭᠡᠢ᠃ ᠪᠢᠳᠡ ᠪᠦᠬᠦ ᠬᠥᠮᠦᠰ ᠠᠳᠠᠯᠢ ᠲᠡᠭᠰᠢ ᠡᠷᠬᠡ ᠲᠡᠢ ᠪᠠᠢᠬᠤ ᠰᠢᠳᠤᠷᠭᠤ ᠵᠥᠪ ᠶᠣᠰᠣ ᠶ᠋ᠢ ᠲᠤᠩᠬᠠᠭᠯᠠᠭᠰᠠᠨ᠃ ᠪᠢᠳᠡ ᠮᠣᠩᠭᠣᠯ ᠣᠷᠣᠨ ᠢ᠋ᠶ᠋ᠠᠨ ᠵᠥᠪᠬᠡᠨ ᠲᠤᠰᠠᠭᠠᠷ ᠲᠣᠭᠲᠠᠨᠢᠭᠰᠠᠨ ᠤᠯᠤᠰ ᠪᠣᠯᠭᠠᠭᠠᠳ ᠵᠣᠭᠰᠣᠬᠤ ᠦᠭᠡᠢ ᠡᠷᠬᠡ ᠴᠢᠯᠥᠭᠡ ᠡᠷᠳᠡᠮ ᠰᠣᠶᠣᠯ ᠲᠠᠢ ᠤᠯᠤᠰ ᠪᠣᠯᠭᠠᠬᠤ ᠭᠡᠵᠦ ᠲᠠᠩᠭᠠᠷᠢᠭ ᠥᠭᠭᠦᠭᠰᠡᠨ ᠪᠢᠯᠡ᠃ ᠡᠨᠡ ᠪᠦᠬᠦᠨ ᠢ᠋ᠶ᠋ᠡᠨ ᠪᠡᠶᠡᠯᠡᠭᠦᠯᠬᠦ ᠭᠡᠵᠦ ᠬᠠᠮᠵᠢᠯᠭ᠎ᠠ ᠲᠠᠢ ᠪᠠᠢᠬᠤ᠂ ᠤᠭᠰᠠᠭ᠎ᠠ ᠵᠠᠯᠭᠠᠮᠵᠢᠯᠠᠬᠤ ᠶᠣᠰᠣ ᠶ᠋ᠢ ᠤᠰᠠᠳᠬᠠᠭᠰᠠᠨ᠃ ᠡᠨᠡ ᠮᠠᠭᠤ ᠶᠠᠭᠤᠮ᠎ᠠ ᠭᠡᠵᠢ ᠤᠤ? ᠪᠢᠳᠡᠨ ᠳ᠋ᠦ᠍ ᠬᠣᠷᠣᠰᠬᠤ ᠳ᠋ᠠᠭᠠᠨ ᠮᠤᠬᠤᠷ ᠲᠣᠯᠣᠭᠠᠢᠲᠠᠨ ᠭᠡᠵᠦ ᠬᠦᠷᠲᠡᠯ᠎ᠡ ᠨᠡᠷᠡᠯᠡᠳᠡᠭ᠃ ᠮᠠᠨᠵᠤ ᠳ᠋ᠤ᠌ ᠳᠠᠭᠠᠵᠤ ᠥᠭᠭᠦᠭᠰᠡᠨ ᠦ᠌ ᠪᠣᠯᠠᠢ ᠲᠡᠮᠳᠡᠭ ᠪᠣᠯᠤᠭᠰᠠᠨ ᠭᠡᠵᠢᠭᠡ ᠪᠡᠨ ᠵᠠᠷᠢᠮ ᠮᠠᠨᠢ ᠲᠡᠮᠡᠴᠡᠯ ᠳ᠋ᠦ᠍ ᠰᠠᠭᠠᠳ ᠪᠣᠯᠬᠤ ᠪᠠᠷ ᠨᠢ ᠬᠤᠰᠤᠵᠤ ᠬᠠᠶᠠᠭᠰᠠᠨ ᠮᠢᠨᠢ ᠦᠨᠡᠨ᠃ ᠡᠨᠡ ᠪᠤᠷᠤᠭᠤ ᠭᠡᠵᠢ ᠤᠤ? ᠮᠤᠬᠤᠷ ᠲᠣᠯᠣᠭᠠᠢᠲᠠᠨ ᠮᠠᠭᠤ ᠬᠥᠮᠦᠰ ᠪᠠᠢᠳᠠᠭ ᠶᠤᠮ ᠪᠣᠯ ᠡᠨᠳᠡ ᠪᠠᠢᠭ᠎ᠠ ᠭᠡᠭᠡᠨ ᠪᠣᠯᠤᠨ ᠡᠷᠬᠢᠮ ᠯᠠᠮᠠ ᠨᠠᠷ ᠢ᠋ ᠮᠠᠭᠤ ᠢᠷᠣ᠎ᠠ ᠶ᠋ᠢᠨ ᠬᠥᠮᠦᠰ ᠭᠡᠬᠦ ᠤᠤ? ᠭᠡᠳ ᠡᠷᠳᠡᠨᠢ ᠦᠭᠡ ᠪᠡᠨ ᠲᠠᠰᠤᠯᠬᠤ ᠳ᠋ᠤ᠌ ᠬᠡᠳᠦᠨ ᠬᠥᠮᠦᠨ ᠵᠤᠤᠮᠠᠯᠵᠠᠪᠠ᠃
ᠡᠷᠳᠡᠨᠢ ᠬᠣᠭᠣᠯᠠᠢ ᠪᠠᠨ ᠵᠠᠰᠠᠵᠤ᠂ᠴᠤᠭᠯᠠᠷᠠᠭᠰᠠᠳ ᠢ᠋ ᠲᠣᠭᠣᠷᠢᠭᠤᠯᠤᠨ ᠬᠠᠷᠠᠭᠰᠠᠨ ᠢ᠋ᠶ᠋ᠠᠨ 《ᠠᠷᠠᠳ ᠤ᠋ᠨ ᠵᠠᠰᠠᠭ ᠲᠤ᠌ ᠳᠤᠷ᠎ᠠ ᠦᠭᠡᠢ ᠬᠥᠮᠦᠰ ᠪᠣᠢ᠃ ᠲᠡᠳᠡ ᠠᠷᠠᠳ ᠤ᠋ᠨ ᠨᠠᠮ᠂ ᠵᠠᠰᠠᠭ ᠤ᠋ᠨ ᠡᠰᠡᠷᠭᠦ ᠡᠯᠳᠡᠪ ᠭᠦᠳᠬᠡᠯᠭᠡ ᠳᠡᠯᠭᠡᠷᠡᠭᠦᠯᠵᠦ ᠪᠠᠢᠨ᠎ᠠ᠃ ᠭᠡᠪᠡᠴᠦ ᠴᠠᠭᠠᠰᠤᠨ ᠰᠢᠪᠠᠭᠤᠨ ᠤ᠋ ᠪᠢᠴᠢᠭ ᠲᠦ᠍ ᠴᠤᠯᠤ ᠮᠣᠳᠣᠨ ᠬᠡᠩᠭᠡᠷᠭᠡ ᠳᠤᠤᠭᠠᠷᠬᠤ ᠳᠣᠳᠣᠮ ᠢ᠋ᠶ᠋ᠠᠨ ᠶᠠᠩᠵᠤ ᠦᠭᠡᠢ ᠭᠡᠵᠦ ᠮᠡᠷᠭᠡᠨ ᠦᠭᠡ ᠪᠠᠢᠳᠠᠭ᠃ ᠠᠷᠠᠳ ᠣᠯᠠᠨ ᠤ᠋ ᠲᠥᠯᠥᠭᠡ ᠲᠣᠭᠲᠠᠵᠤ᠂ ᠠᠷᠠᠳ ᠲᠦᠮᠡᠨ ᠦ᠌ ᠲᠤᠰᠠ ᠶ᠋ᠢᠨ ᠲᠥᠯᠥᠭᠡ ᠠᠵᠢᠯᠯᠠᠵᠤ ᠪᠠᠢᠭ᠎ᠠ ᠵᠠᠰᠠᠭ ᠲᠥᠷᠥ ᠶ᠋ᠢ ᠭᠦᠳᠬᠡᠬᠦ ᠨᠢ ᠴᠤᠯᠤ ᠮᠣᠳᠣᠨ ᠬᠡᠩᠭᠡᠷᠭᠡ ᠲᠡᠢ ᠠᠳᠠᠯᠢ ᠪᠢᠰᠢ ᠤᠤ? ᠠᠷᠠᠳ ᠤ᠋ᠨ ᠵᠠᠰᠠᠭ ᠪᠣᠯ ᠤᠯᠤᠰ ᠰᠢᠭ᠋ ᠤᠯᠤᠰ ᠪᠣᠯᠬᠤ ᠰᠠᠨ᠂ ᠬᠥᠮᠦᠨ ᠰᠢᠭ ᠠᠮᠢᠳᠤᠷᠠᠬᠤ ᠰᠠᠨ ᠭᠡᠵᠦ ᠬᠦᠰᠡᠭᠰᠡᠨ ᠮᠣᠩᠭᠣᠯ ᠨᠡᠢᠲᠡ ᠶ᠋ᠢᠨ ᠵᠠᠰᠠᠭ᠃ ᠮᠢᠨᠦ ᠶᠠᠷᠢᠬᠤ ᠭᠡᠰᠡᠨ ᠶᠠᠭᠤᠮ᠎ᠠ ᠡᠢᠮᠦ ᠪᠠᠢᠨ᠎ᠠ᠃ ᠲᠠ ᠪᠦᠬᠦᠨ ᠯᠠᠪᠯᠠᠨ ᠠᠰᠠᠭᠤᠵᠤ ᠶᠠᠷᠢᠬᠤ ᠶᠠᠭᠤᠮ᠎ᠠ ᠪᠠᠢᠪᠠᠯ ᠠᠰᠠᠭᠤᠵᠤ ᠶᠠᠷᠢᠵᠠᠭᠠ》 ᠭᠡᠳ ᠲᠦᠰᠢᠯᠭᠡ ᠲᠡᠢ ᠣᠯᠪᠣᠭ ᠳᠡᠭᠡᠷ᠎ᠡ ᠪᠠᠬᠠᠷᠬᠠᠯᠲᠠᠢ ᠪᠥᠭᠡᠳ ᠶᠡᠬᠡᠮᠰᠦᠭ ᠰᠠᠭᠤᠯ᠎ᠠ᠃
ᠭᠡᠷ ᠦ᠋ᠨ ᠳᠣᠲᠣᠷ᠎ᠠ ᠬᠡᠰᠡᠭ ᠵᠠᠭᠤᠷ᠎ᠠ ᠨᠠᠮ ᠭᠦᠮ ᠪᠠᠢᠯ᠎ᠠ᠃ ᠵᠠᠶ᠎ᠠ ᠶ᠋ᠢᠨ ᠬᠦᠷᠢᠶᠡᠨ ᠦ᠌ ᠵᠡᠭᠦᠨ ᠳᠠᠴᠠᠩ ᠤ᠋ᠨ ᠭᠡᠰᠬᠦᠢ ᠪᠦᠳᠦᠭᠦᠨ ᠯᠠᠮᠠ ᠡᠷᠢᠭᠡ ᠪᠡᠨ ᠡᠪᠬᠡᠵᠦ ᠡᠪᠦᠷᠲᠦᠯᠡᠭᠡᠳ ᠨᠠᠮᠪᠠᠲᠠᠢ ᠪᠣᠰᠴᠤ ᠬᠣᠭᠣᠯᠠᠢ ᠪᠠᠨ ᠨᠠᠮᠵᠤᠷᠲᠠᠢ ᠵᠠᠰᠠᠭᠠᠳ 《ᠠᠷᠠᠳ ᠤ᠋ᠨ ᠨᠠᠮ ᠪᠣᠯ ᠠᠷᠢᠭᠤᠨ ᠴᠠᠭᠠᠨ ᠶᠠᠪᠤᠳᠠᠯ ᠲᠠᠢ ᠨᠢᠭᠦᠯᠡᠰᠦᠩᠭᠦᠢ ᠬᠥᠮᠦᠰ ᠡᠪᠯᠡᠯᠳᠦᠨ ᠨᠢᠭᠡᠳᠬᠦ ᠡᠷᠬᠢᠮ ᠬᠣᠯᠪᠣᠭ᠎ᠠ ᠭᠡᠳᠡᠭ ᠢ᠋ ᠠᠷᠠᠳ ᠤ᠋ᠨ ᠵᠠᠰᠠᠭ ᠤ᠋ᠨ ᠥᠨᠳᠥᠷ ᠰᠠᠢᠳ ᠨᠣᠮᠯᠠᠨ ᠠᠢᠯᠠᠳᠬᠠᠭᠰᠠᠨ ᠢ᠋ ᠮᠤᠩᠬᠠᠭ ᠪᠢᠳᠡ ᠣᠢᠯᠠᠭᠠᠨ ᠠᠪᠤᠯ᠎ᠠ᠃ ᠡᠢᠮᠦ ᠶ᠋ᠢᠨ ᠤᠴᠢᠷ ᠡᠨᠡ ᠡᠳᠦᠷ ᠠᠷᠠᠳ ᠤ᠋ᠨ ᠨᠠᠮ ᠤ᠋ᠨ ᠭᠡᠰᠢᠭᠦᠨ ᠪᠣᠯᠬᠤ ᠬᠥᠮᠦᠨ ᠪᠣᠯᠪᠠᠯ ᠠᠷᠢᠭᠤᠨ ᠶᠠᠪᠤᠳᠠᠯ ᠲᠠᠢ ᠪᠠᠢᠬᠤ ᠶᠣᠰᠣᠲᠠᠢ ᠶ᠋ᠢ ᠬᠡᠯᠡᠬᠦ ᠶᠠᠭᠤᠨ ᠪᠢᠯᠡ᠃ ᠭᠡᠲᠡᠯ᠎ᠡ ᠡᠨᠳᠡ ᠪᠠᠢᠭ᠎ᠠ ᠬᠥᠮᠦᠰ ᠢ᠋ ᠠᠵᠢᠨ ᠰᠢᠨᠵᠢᠪᠡᠯ ᠡᠨᠡᠬᠦ ᠭᠡᠭᠡᠨ ᠵᠣᠷᠢᠯᠭ᠎ᠠ ᠳ᠋ᠤ᠌ ᠨᠡᠢᠯᠡᠬᠦ ᠦᠭᠡᠢ ᠬᠥᠮᠦᠰ ᠪᠠᠢᠭ᠎ᠠ ᠶ᠋ᠢ ᠮᠡᠷᠭᠡᠨ ᠰᠠᠢᠳ ᠣᠶᠤᠨ ᠤᠬᠠᠭᠠᠨ ᠳ᠋ᠠᠭᠠᠨ ᠲᠣᠭᠲᠠᠭᠠᠨ ᠰᠣᠶᠣᠷᠬᠠᠬᠤ ᠠᠵᠢᠶᠠᠮᠤ》 ᠭᠡᠳ ᠠᠯᠠᠭ᠎ᠠ ᠬᠠᠪᠰᠤᠷᠤᠨ ᠨᠡᠮᠦᠰ ᠭᠡᠳ ᠰᠠᠭᠤᠪᠠ᠃
ᠥᠷᠯᠥᠭᠡ ᠬᠠᠮᠪᠤ᠂ ᠨᠠᠮ ᠳ᠋ᠤ᠌ ᠣᠷᠣᠬᠤ ᠪᠣᠯᠤᠭᠰᠠᠨ ᠯᠠᠮᠠ ᠨᠠᠷ ᠢ᠋ ᠴᠤᠭᠯᠠᠭᠤᠯᠵᠤ᠂ ᠬᠠᠷᠠᠴᠤᠳ ᠡᠴᠡ ᠠᠯᠢ ᠪᠣᠯᠬᠣᠷ ᠴᠥᠭᠡᠬᠡᠨ ᠬᠥᠮᠦᠨ ᠣᠷᠣᠭᠤᠯᠬᠤ ᠶ᠋ᠢ ᠬᠢᠴᠢᠶᠡᠬᠦ ᠲᠤᠬᠠᠢ ᠶᠠᠷᠢᠭᠰᠠᠨ ᠪᠢᠯᠡ᠃ ᠡᠨᠡ ᠤᠴᠢᠷ ᠡᠴᠡ ᠭᠡᠰᠬᠦᠢ᠂ ᠶᠠᠷᠭᠠᠴᠢᠨ ᠳᠤᠶᠤᠳ᠂ ᠴᠢᠮᠡᠭ ᠮᠡᠲᠦ ᠬᠡᠵᠢᠶᠡᠨ ᠡᠴᠡ ᠪᠤᠷᠬᠠᠨ ᠱᠠᠰᠢᠨ ᠦᠭᠡᠢ ᠬᠥᠮᠦᠰ ᠢ᠋ ᠨᠠᠮ ᠳ᠋ᠤ᠌ ᠣᠯᠠᠨ ᠢ᠋ᠶ᠋ᠠᠷ ᠣᠷᠣᠭᠤᠯᠪᠠᠯ ᠠᠰᠢᠭ ᠦᠭᠡᠢ ᠪᠣᠯᠤᠨ᠎ᠠ ᠭᠡᠵᠦ ᠪᠣᠳᠣᠭᠠᠳ ᠢᠩᠭᠢᠵᠦ ᠬᠡᠯᠡᠪᠡ᠃
ᠬᠦᠷᠢᠶ᠎ᠡ ᠬᠠᠮᠪᠤ ᠬᠡᠷᠡᠭ ᠪᠣᠯᠬᠤ ᠦᠭᠡᠢ ᠦᠭᠡ ᠬᠠᠮᠢᠶ᠎ᠠ ᠦᠭᠡᠢ ᠶᠠᠷᠢᠭᠰᠠᠨ ᠭᠡᠰᠬᠦᠢ ᠶ᠋ᠢ᠂ ᠢᠳᠡᠵᠦ ᠪᠠᠢᠭ᠎ᠠ ᠶᠠᠰᠤᠨ ᠳ᠋ᠤᠨᠢ ᠣᠢᠷᠠᠲᠤᠭᠰᠠᠨ ᠵᠢᠵᠢᠭᠬᠡᠨ ᠭᠥᠯᠥᠭᠡ ᠶ᠋ᠢ ᠠᠷᠬᠢᠷᠠᠨ ᠬᠠᠷᠠᠵᠤ ᠪᠠᠢᠭ᠎ᠠ ᠤᠶᠠᠭᠠᠲᠠᠢ ᠨᠣᠬᠠᠢ ᠶ᠋ᠢᠨ ᠨᠢᠳᠦ ᠪᠡᠷ ᠰᠢᠷᠪᠢᠪᠡ᠃ ᠬᠠᠮᠪᠤ ᠶ᠋ᠢᠨ ᠪᠣᠳᠣᠯ ᠢ᠋ᠶ᠋ᠠᠷ ᠢᠩᠭᠢᠵᠦ ᠬᠠᠯᠵᠠ ᠳᠠᠭᠠᠷᠢᠵᠤ ᠪᠣᠯᠬᠤ ᠦᠭᠡᠢ ᠠᠵᠢ᠃ 《ᠬᠠᠷ᠎ᠠ ᠲᠡᠨᠡᠭ᠂ ᠦᠮᠡᠬᠡᠢ ᠥᠭᠡᠬᠦ ᠳᠠᠭᠤ ᠦᠭᠡᠢ ᠯᠡ ᠰᠠᠭᠤᠵᠤ ᠪᠠᠢᠬᠤ ᠦᠭᠡᠢ》 ᠭᠡᠵᠦ ᠳᠣᠲᠣᠷ᠎ᠠ ᠪᠠᠨ ᠪᠤᠬᠢᠨᠢᠳᠤᠨ ᠪᠠᠢᠯ᠎ᠠ᠃
ᠦᠨᠡᠬᠡᠷ ᠴᠦ᠍ ᠭᠡᠰᠬᠦᠢ ᠶ᠋ᠢᠨ ᠦᠭᠡ ᠬᠠᠷᠠᠴᠤᠳ ᠢ᠋ ᠭᠡᠵᠢᠭᠡᠳᠡᠵᠦ ᠲᠡᠳᠡ ᠱᠤᠤᠭᠢᠯᠳᠤᠵᠤ ᠡᠬᠢᠯᠡᠪᠡ᠃ ᠵᠠᠶ᠎ᠠ ᠶ᠋ᠢᠨ ᠬᠦᠷᠢᠶ᠎ᠡ ᠶ᠋ᠢᠨ ᠢᠳᠡᠬᠦ ᠮᠢᠬ᠎ᠠ ᠶ᠋ᠢ ᠵᠠᠯᠭᠠᠭᠤᠯᠵᠤ ᠪᠠᠢᠳᠠᠭ ᠶᠠᠷᠭᠠᠴᠢᠨ ᠳᠤᠶᠤᠳ ᠭᠡᠭᠴᠢ ᠶᠠᠩᠭᠢᠷ ᠬᠠᠷ᠎ᠠ ᠬᠥᠮᠦᠨ ᠨᠢᠳᠦ ᠪᠡᠨ ᠭᠢᠯᠠᠯᠵᠠᠭᠤᠯᠤᠨ ᠪᠣᠰᠴᠤ 《ᠭᠡᠰᠬᠦᠢ ᠲᠠ ᠠᠷᠠᠳ ᠤ᠋ᠨ ᠨᠠᠮ ᠤ᠋ᠨ ᠵᠣᠷᠢᠯᠭ᠎ᠠ ᠳ᠋ᠤ᠌ ᠨᠡᠢᠯᠡᠬᠦ ᠦᠭᠡᠢ ᠬᠥᠮᠦᠰ ᠭᠡᠵᠦ ᠬᠡᠨ ᠢ᠋ ᠬᠡᠯᠡᠵᠦ ᠪᠠᠢᠨ᠎ᠠ? ᠲᠡᠭᠦᠨ ᠢ᠋ᠶ᠋ᠡᠨ ᠰᠢᠭᠤᠳ ᠬᠡᠯᠡᠵᠦ ᠣᠷᠭᠢ》 ᠭᠡᠵᠦ ᠡᠷᠡᠰ ᠱᠠᠭᠠᠷᠳᠠᠪᠠ᠃
ᠬᠠᠮᠪᠤ ᠪᠣᠰᠴᠤ ᠡᠷᠳᠡᠨᠢ ᠶ᠋ᠢ ᠵᠠᠯᠢ ᠲᠠᠢ ᠨᠢᠳᠦ ᠪᠡᠷ ᠬᠠᠷᠠᠨ ᠲᠣᠯᠣᠭᠠᠢ ᠪᠠᠨ ᠳᠣᠬᠢᠨ ᠶᠣᠰᠣᠯᠠᠭᠰᠠᠨ ᠢ᠋ᠶ᠋ᠠᠨ 《ᠬᠦᠨᠳᠦᠲᠦ ᠭᠡᠰᠬᠦᠢ ᠨᠡᠷ᠎ᠡ ᠴᠣᠬᠣᠵᠤ ᠬᠡᠯᠡᠭᠡ ᠦᠭᠡᠢ᠂ ᠬᠠᠷᠢᠨ ᠬᠥᠮᠦᠨ ᠪᠣᠯᠭᠠᠨ ᠠᠳᠠᠯᠢ ᠦᠭᠡᠢ᠂ ᠮᠣᠷᠢ ᠪᠣᠯᠭᠠᠨ ᠵᠢᠷᠣᠭ᠎ᠠ ᠦᠭᠡᠢ ᠪᠠᠢᠳᠠᠭ ᠪᠣᠯᠬᠣᠷ ᠡᠷᠬᠢᠮ ᠰᠠᠢᠳ ᠢ᠋ ᠲᠤᠩᠭᠠᠨ ᠰᠣᠶᠣᠷᠬᠠᠨ᠎ᠠ ᠤᠤ ᠭᠡᠰᠡᠨ ᠪᠢᠯᠡ》 ᠭᠡᠳ ᠰᠠᠭᠤᠯ᠎ᠠ᠃
᠊᠊᠊᠊᠊᠊᠊᠊᠊᠊᠊᠊᠊᠊᠊ ᠪᠢ ᠮᠠᠯ ᠨᠢᠲᠤᠯᠵᠤ ᠭᠡᠳᠡᠰᠦ ᠪᠡᠨ ᠲᠡᠵᠢᠭᠡᠳᠡᠭ ᠮᠤᠯᠭᠤᠤ ᠪᠣᠳᠣᠯ ᠲᠠᠢ᠂ ᠮᠤᠩᠬᠠᠭ ᠤᠬᠠᠭᠠᠨ ᠲᠠᠢ ᠬᠥᠮᠦᠨ᠃ ᠭᠡᠪᠡᠴᠦ ᠬᠥᠮᠦᠨ ᠦ᠌ ᠬᠡᠯᠡᠭᠰᠡᠨ ᠦᠭᠡ ᠶ᠋ᠢᠨ ᠴᠠᠭᠠᠨ᠎ᠠ᠂ ᠨᠠᠭᠠᠨ᠎ᠠ ᠶ᠋ᠢ ᠮᠡᠳᠡᠨ᠎ᠡ᠃ ᠭᠡᠰᠬᠦᠢ ᠲᠠ ᠨᠠᠳᠠ ᠮᠡᠲᠦ ᠶ᠋ᠢᠨ ᠬᠥᠮᠦᠨ ᠢ᠋ ᠠᠷᠠᠳ ᠤ᠋ᠨ ᠨᠠᠮ ᠳ᠋ᠤ᠌ ᠣᠷᠣᠬᠤ ᠬᠤᠪᠢ ᠵᠠᠪᠰᠢᠶᠠᠨ ᠦᠭᠡᠢ ᠭᠡᠵᠦ ᠬᠡᠯᠡᠵᠦ ᠪᠠᠢᠬᠤ ᠰᠢᠭ᠋ ᠪᠠᠢᠨ᠎ᠠ᠃ ᠨᠡᠷᠡᠯᠡᠵᠦ ᠣᠷᠭᠢ᠃ ᠲᠡᠭᠡᠭᠡᠳ ᠶᠠᠷᠢᠯᠴᠠᠶ᠎ᠠ ᠭᠡᠵᠦ ᠳᠤᠶᠤᠳ ᠬᠡᠯᠡᠬᠦ ᠳ᠋ᠦ᠍ ᠬᠡᠳᠦᠨ ᠬᠥᠮᠦᠨ ᠳᠠᠮᠵᠢᠨ ᠱᠤᠤᠭᠢᠪᠠ᠃
᠊᠊᠊᠊᠊᠊᠊᠊᠊᠊᠊᠊᠊᠊᠊ ᠪᠢᠳᠡᠨ ᠳ᠋ᠦ᠍ ᠪᠡᠶ᠎ᠡ ᠪᠡᠶ᠎ᠡ ᠪᠡᠨ ᠬᠠᠷᠠᠳᠠᠵᠤ᠂ ᠬᠠᠷ᠎ᠠ ᠰᠠᠨᠠᠭ᠎ᠠ ᠡᠪᠦᠷᠯᠡᠬᠦ ᠪᠣᠯ ᠬᠠᠮᠤᠭ ᠤ᠋ᠨ ᠮᠠᠭᠤᠬᠠᠢ ᠪᠢᠰᠢ ᠤᠤ᠃ ᠠᠷᠠᠳ ᠤ᠋ᠨ ᠨᠠᠮ ᠤ᠋ᠨ ᠵᠣᠷᠢᠯᠭ᠎ᠠ ᠪᠣᠯ ᠡᠷᠬᠢᠮ ᠰᠠᠢᠳ ᠤ᠋ᠨ ᠠᠢᠯᠠᠳᠤᠭᠰᠠᠨ ᠢ᠋ᠶ᠋ᠠᠷ ᠡᠪ ᠨᠢᠭᠡᠳᠦᠯ ᠲᠡᠢ ᠪᠠᠢᠬᠤ ᠶᠣᠰᠣᠲᠠᠢ ᠪᠢᠯᠡ ᠭᠡᠵᠦ ᠬᠡᠷᠡᠭ ᠪᠤᠷᠤᠭᠤ ᠲᠡᠰᠢ ᠪᠡᠨ ᠡᠷᠭᠢᠵᠦ ᠪᠠᠢᠭ᠎ᠠ ᠳ᠋ᠤ᠌ ᠰᠠᠨᠳᠤᠷᠤᠭᠰᠠᠨ ᠬᠠᠮᠪᠤ ᠴᠢᠯᠠᠭᠤᠨ ᠬᠥᠮᠦᠨ ᠰᠢᠭ ᠭᠥᠯᠢᠷᠡᠨ ᠨᠢᠭᠡ ᠬᠥᠭ ᠲᠡᠢ ᠤᠨᠵᠢᠷᠠᠭᠰᠠᠨ ᠳᠠᠭᠤ ᠪᠠᠷ ᠬᠡᠯᠡᠪᠡ᠃
ᠭᠡᠪᠡᠴᠦ ᠳᠤᠶᠤᠳ ᠬᠡᠳᠦᠨ ᠬᠥᠮᠦᠨ ᠦ᠌ ᠢᠯᠡ ᠳᠡᠮᠵᠢᠯᠭᠡ ᠪᠡᠷ ᠳᠠᠬᠢᠨ ᠪᠣᠰᠴᠤ 《ᠠᠷᠠᠳ ᠤ᠋ᠨ ᠨᠠᠮ ᠤ᠋ᠨ ᠭᠡᠰᠢᠭᠦᠨ ᠪᠠᠢᠬᠤ ᠬᠤᠪᠢ ᠵᠣᠬᠢᠶᠠᠯ ᠦᠭᠡᠢ ᠬᠥᠮᠦᠨ》 ᠭᠡᠵᠦ ᠬᠡᠨ ᠢ᠋ ᠬᠡᠯᠡᠭᠰᠡᠨ ᠢ᠋ᠶ᠋ᠡᠨ ᠰᠢᠭᠤᠳ ᠨᠡᠷᠡᠯᠡᠬᠦ ᠶ᠋ᠢ ᠱᠠᠭᠠᠷᠳᠠᠪᠠ᠃ ᠬᠠᠮᠪᠤ ᠯᠠᠮᠠ ᠤᠷᠠᠨ ᠵᠥᠭᠡᠯᠡᠨ ᠦᠭᠡ ᠪᠡᠷ ᠬᠣᠶᠠᠷ ᠲᠠᠯ᠎ᠠ ᠶ᠋ᠢ ᠡᠪᠯᠡᠷᠡᠭᠦᠯᠬᠦ ᠶ᠋ᠢ ᠬᠢᠴᠢᠶᠡᠨ ᠣᠷᠣᠯᠳᠣᠭᠰᠠᠨ ᠪᠣᠯᠪᠠᠴᠤ ᠨᠢᠭᠡᠨᠲᠡ ᠳᠡᠭᠳᠡᠭᠰᠡᠨ ᠱᠤᠤᠭᠢᠶᠠᠨ ᠢ᠋ ᠳᠠᠷᠤᠵᠤ ᠡᠰᠡ ᠴᠢᠳᠠᠯ᠎ᠠ᠃
ᠡᠷᠳᠡᠨᠢ ᠶ᠋ᠢᠨ ᠭᠠᠭᠴᠠ ᠳᠣᠬᠢᠶ᠎ᠠ ᠪᠠᠷ ᠡᠨᠡ ᠱᠤᠤᠭᠢᠶᠠᠨ ᠳᠠᠷᠤᠭᠳᠠᠬᠤ ᠪᠠᠢᠯ᠎ᠠ᠃
ᠭᠡᠪᠡᠴᠦ ᠡᠭᠦᠨ ᠢ᠋ ᠵᠣᠭᠰᠣᠭᠠᠬᠤ ᠶ᠋ᠢ ᠡᠷᠳᠡᠨᠢ ᠣᠷᠣᠯᠳᠣᠭᠰᠠᠨ ᠦᠭᠡᠢ᠃ ᠬᠠᠷᠢᠨ ᠤᠯᠠᠮ ᠳᠡᠪᠡᠷᠡᠭᠡᠵᠦ᠂ ᠴᠢᠳᠠᠪᠠᠯ ᠯᠠᠮᠠ ᠨᠠᠷ ᠤ᠋ᠨ ᠨᠥᠯᠥᠭᠡ ᠶ᠋ᠢ ᠪᠤᠰᠤᠳ ᠡᠴᠡ ᠰᠠᠯᠭᠠᠬᠤ ᠳ᠋ᠤ᠌ ᠲᠤᠰᠠ ᠳᠥᠭᠥᠮ ᠪᠣᠯᠤᠨ᠎ᠠ ᠭᠡᠵᠦ ᠪᠣᠳᠣᠭᠠᠳ 《ᠭᠡᠰᠬᠦᠢ ᠲᠠ ᠨᠡᠷ᠎ᠡ ᠵᠢᠭᠠᠭ᠎ᠠ ᠦᠭᠡᠢ ᠪᠣᠯᠪᠠᠴᠤ ᠡᠨᠳᠡ ᠪᠠᠢᠭ᠎ᠠ ᠬᠥᠮᠦᠰ ᠭᠡᠵᠦ ᠲᠣᠳᠣᠷᠬᠠᠢ ᠬᠡᠯᠡᠭᠰᠡᠨ ᠪᠣᠯᠬᠣᠷ ᠪᠤᠰᠤᠳ ᠨᠥᠬᠥᠳ ᠦ᠋ᠨ ᠱᠠᠭᠠᠷᠳᠠᠬᠤ ᠨᠢ ᠲᠦᠮᠡᠨ ᠵᠥᠪ ᠪᠢᠯᠡ᠃ ᠶᠡᠷᠦ ᠨᠢ ᠨᠢᠭᠤᠬᠤ᠂ ᠪᠤᠯᠲᠠᠬᠤ ᠨᠢ ᠮᠠᠨ ᠤ᠋ ᠨᠠᠮ ᠤ᠋ᠨ ᠦᠵᠡᠯ ᠪᠣᠳᠣᠯᠭ᠎ᠠ ᠳ᠋ᠤ᠌ ᠦᠯᠦ ᠨᠡᠢᠴᠡᠬᠦ ᠶ᠋ᠢᠨ ᠤᠴᠢᠷ ᠲᠠ ᠰᠢᠳᠤᠷᠭᠤ ᠪᠠᠷ ᠨᠡᠷᠡᠯᠡᠬᠦ ᠨᠢ ᠵᠦᠢ ᠶ᠋ᠢᠨ ᠬᠡᠷᠡᠭ ᠪᠢᠰᠢ ᠤᠤ》 ᠭᠡᠵᠦ ᠱᠠᠭᠠᠷᠳᠠᠯ᠎ᠠ᠃
ᠲᠤᠯᠭᠠᠭᠳᠠᠭᠰᠠᠨ ᠭᠡᠰᠬᠦᠢ ᠠᠷᠭ᠎ᠠ ᠦᠭᠡᠢ ᠶ᠋ᠢᠨ ᠡᠷᠬᠡᠨ ᠳ᠋ᠦ᠍ ᠪᠣᠰᠴᠤ ᠡᠷᠭᠢᠨ ᠲᠣᠭᠣᠷᠢᠨ ᠬᠠᠷᠠᠯ᠎ᠠ᠃ ᠠᠷᠠᠳ ᠤ᠋ᠨ ᠵᠠᠰᠠᠭ ᠤ᠋ᠨ ᠭᠠᠵᠠᠷ ᠤ᠋ᠨ ᠲᠥᠯᠥᠭᠡᠯᠡᠭᠴᠢ ᠶ᠋ᠢᠨ ᠳᠡᠷᠭᠡᠳᠡ ᠰᠠᠭᠤᠵᠤ ᠪᠠᠢᠭ᠎ᠠ ᠣᠯᠠᠨ ᠳ᠋ᠤ᠌ ᠨᠡᠷ᠎ᠡ ᠬᠦᠨᠳᠦ ᠦᠭᠡᠢ ᠴᠢᠮᠡᠭ ᠬᠡᠦᠬᠡᠨ ᠢ᠋ ᠯᠡ ᠵᠢᠭᠠᠵᠤ ᠣᠷᠬᠢᠪᠠᠯ ᠡᠨᠡ ᠬᠡᠷᠡᠭᠦᠯ ᠲᠠᠰᠤᠷᠠᠬᠤ ᠪᠢᠵᠡ ᠭᠡᠵᠦ ᠭᠣᠷᠢᠳᠠᠭᠠᠳ ᠬᠣᠭᠣᠯᠠᠢ ᠪᠠᠨ ᠵᠠᠰᠠᠵᠤ 《ᠨᠠᠮ ᠤ᠋ᠨ ᠵᠣᠷᠢᠯᠭ᠎ᠠ ᠰᠢᠳᠤᠷᠭᠤ ᠤᠴᠢᠷ ᠦᠨᠡᠨ ᠢ᠋ ᠬᠡᠯᠡᠬᠦ ᠨᠢ ᠵᠦᠢ ᠶ᠋ᠢᠨ ᠬᠡᠷᠡᠭ ᠪᠣᠯᠤᠨ᠎ᠠ᠃ ᠡᠨᠡ ᠴᠢᠮᠡᠭ ᠬᠡᠦᠬᠡᠨ ᠪᠣᠯ ᠪᠤᠵᠠᠷ ᠰᠠᠮᠠᠭᠤᠨ ᠶᠠᠪᠤᠳᠠᠯ ᠲᠠᠢ ᠪᠣᠯᠬᠣᠷ ᠮᠠᠨ ᠤ᠋ ᠨᠠᠮ ᠳ᠋ᠤ᠌ ᠪᠠᠢᠬᠤ ᠭᠠᠪᠢᠶ᠎ᠠ ᠦᠭᠡᠢ ᠪᠤᠶᠤ ᠁》 ᠭᠡᠲᠡᠯ᠎ᠡ ᠴᠢᠮᠡᠭ ᠬᠡᠦᠬᠡᠨ ᠦ᠌ ᠴᠢᠷᠠᠢ ᠳ᠋ᠤ᠌ ᠲᠦᠢᠮᠡᠷ ᠰᠢᠳᠡᠨ ᠤᠬᠤᠰᠬᠢᠨ ᠪᠣᠰᠴᠤ ᠨᠢᠳᠦ ᠪᠡᠨ ᠭᠢᠯᠠᠯᠵᠠᠭᠤᠯᠤᠨ ᠬᠥᠮᠥᠰᠬᠡ ᠪᠡᠨ ᠵᠠᠩᠭᠢᠳᠤᠨ ᠤᠷᠤᠭᠤᠯ ᠨᠢ ᠴᠡᠴᠡᠷᠡᠨ᠎ᠡ᠃
᠊᠊᠊᠊᠊᠊᠊᠊᠊᠊᠊᠊᠊᠊᠊ ᠶᠠᠭᠤ ᠭᠡᠨ᠎ᠡ᠃ ᠲᠠ ᠥᠪᠡᠷ ᠢ᠋ᠶ᠋ᠡᠨ ᠬᠡᠨ ᠪᠣᠢ? ᠪᠦᠳᠦᠭᠦᠨ ᠬᠤᠯᠤᠰᠤᠨ ᠪᠦᠷᠢᠶ᠎ᠡ ᠪᠡᠷ ᠮᠠᠩᠵᠠᠴᠢ ᠯᠠᠮᠠ ᠶ᠋ᠢ ᠤᠬᠠᠭᠠᠨ ᠠᠯᠳᠠᠲᠠᠯ᠎ᠠ ᠴᠣᠬᠢᠵᠤ ᠪᠠᠢᠭᠰᠠᠨ ᠴᠢᠨᠢ ᠠᠷᠢᠭᠤᠨ ᠶᠠᠪᠤᠳᠠᠯ ᠤᠤ? ᠴᠠᠭᠠᠨ ᠣᠷᠣᠰ ᠤ᠋ᠨ ᠨᠣᠶᠠᠨ ᠳ᠋ᠤ᠌ ᠲᠣᠮᠣ ᠰᠢᠷ᠎ᠠ ᠬᠠᠳᠠᠭ ᠪᠠᠷᠢᠭᠠᠳ ᠪᠥᠬᠥᠯᠵᠡᠵᠦ ᠪᠠᠢᠭᠰᠠᠨ ᠴᠢᠨᠢ ᠠᠷᠢᠭᠤᠨ ᠶᠠᠪᠤᠳᠠᠯ ᠤᠤ? ᠪᠢ ᠴᠦ᠍ ᠶᠠᠭᠠᠬᠢᠬᠤ ᠪᠣᠢ ᠪᠤᠵᠠᠷ ᠰᠠᠮᠠᠭᠤᠨ ᠶᠠᠪᠤᠳᠠᠯ ᠲᠠᠢ᠃ ᠴᠢ ᠰᠠᠢᠳ ᠸᠠᠩ ᠤ᠋ᠨ ᠭᠣᠮᠪᠣ ᠲᠠᠢᠵᠢ ᠶ᠋ᠢᠨ ᠵᠠᠯᠠᠭᠤ ᠡᠬᠡᠨᠡᠷ ᠢ᠋ ᠪᠠᠭᠰᠢ ᠨᠢ ᠪᠠᠭᠰᠢ ᠨᠢ ᠭᠡᠵᠦ ᠪᠠᠢᠭᠠᠳ ᠬᠡᠦᠬᠡᠳ ᠲᠡᠢ ᠪᠣᠯᠭᠠᠵᠤ᠂ ᠨᠥᠬᠥᠷ ᠲᠦ᠋ᠨᠢ ᠪᠠᠷᠢᠭᠳᠠᠭᠠᠳ ᠬᠠᠯᠵᠠᠨ ᠲᠣᠯᠣᠭᠠᠢ ᠪᠠᠨ ᠢᠵᠠ ᠴᠣᠬᠢᠭᠤᠯᠤᠭᠰᠠᠨ ᠰᠢᠷᠬ᠎ᠠ ᠴᠢᠨᠢ ᠬᠠᠷᠠᠭᠳᠠᠵᠤ ᠪᠠᠢᠨ᠎ᠠ᠃ ᠲᠡᠷᠡ ᠴᠢᠨᠢ ᠠᠷᠢᠭᠤᠨ ᠶᠠᠪᠤᠳᠠᠯ ᠤᠤ? ᠭᠡᠳ ᠪᠠᠭᠲᠠᠷᠠᠨ ᠳᠠᠭᠤ ᠦᠭᠡᠢ ᠪᠣᠯᠪᠠ᠃
ᠣᠯᠠᠨ ᠤ᠋ ᠳᠣᠲᠣᠷ᠎ᠠ ᠡᠴᠡ ᠭᠠᠭᠴᠠ ᠡᠮᠡᠭᠲᠡᠢ ᠶ᠋ᠢ ᠨᠢᠳᠦ ᠴᠢᠴᠢᠯᠡᠨ ᠦᠵᠡᠭᠰᠡᠨ ᠭᠡᠰᠬᠦᠢ ᠶ᠋ᠢᠨ ᠠᠪᠤᠷᠢ ᠶ᠋ᠢ ᠬᠠᠷᠠᠴᠤᠳ ᠤ᠋ᠨ ᠣᠯᠠᠩᠬᠢ ᠨᠢ ᠵᠢᠮᠡᠯᠡᠪᠡ᠃ ᠢᠩᠭᠢᠭᠡᠳ ᠬᠡᠷᠡᠭᠦᠯ ᠨᠠᠮᠵᠢᠭᠰᠠᠨ ᠦᠭᠡᠢ ᠬᠠᠷᠢᠨ ᠶᠡᠬᠡ ᠪᠣᠯᠪᠠ᠃
᠊᠊᠊᠊᠊᠊᠊᠊᠊᠊᠊᠊᠊᠊᠊ ᠠᠷᠠᠳ ᠤ᠋ᠨ ᠵᠠᠰᠠᠭ ᠤ᠋ᠨ ᠰᠠᠢᠳ ᠤ᠋ᠨ ᠳᠡᠷᠭᠡᠳᠡ ᠡᠢᠮᠦ ᠪᠠᠯᠠᠢ ᠶᠠᠭᠤᠮ᠎ᠠ ᠶᠠᠷᠢᠬᠤ ᠭᠡᠵᠦ ᠪᠠᠢᠳᠠᠭ ᠠ᠋᠃ ᠨᠠᠮ ᠤ᠋ᠨ ᠬᠡᠷᠡᠭ ᠢ᠋ ᠴᠦ᠍ ᠪᠤᠵᠠᠷᠯᠠᠵᠤ ᠪᠠᠢᠨ᠎ᠠ ᠳᠠ ᠭᠡᠵᠦ ᠭᠡᠰᠬᠦᠢ ᠪᠦᠪᠦᠳᠦᠨᠡᠨ ᠬᠡᠯᠡᠬᠦ ᠳ᠋ᠦ᠍ ᠬᠠᠯᠵᠠᠨ ᠮᠠᠩᠨᠠᠢ ᠨᠢ ᠤᠯᠠᠭᠠᠨ ᠴᠢᠪᠠᠭ᠎ᠠ ᠰᠢᠭ᠋ ᠪᠣᠯᠤᠭᠰᠠᠨ ᠪᠠᠢᠯ᠎ᠠ᠃
᠊᠊᠊᠊᠊᠊᠊᠊᠊᠊᠊᠊᠊᠊᠊ ᠨᠠᠮ ᠤ᠋ᠨ ᠬᠡᠷᠡᠭ ᠢ᠋ ᠪᠤᠵᠠᠷᠯᠠᠬᠤ ᠪᠢᠰᠢ᠃ ᠭᠡᠰᠬᠦᠢ ᠲᠠᠨ ᠤ᠋ ᠪᠤᠵᠠᠷ ᠶᠠᠪᠤᠳᠠᠯ ᠢ᠋ ᠠᠭᠤᠳᠠᠯᠵᠤ ᠪᠠᠢᠨ᠎ᠠ ᠭᠡᠵᠦ ᠳᠤᠶᠤᠳ ᠬᠡᠯᠡᠪᠡ᠃
ᠬᠠᠮᠪᠤ ᠨᠠᠮᠪᠠᠲᠠᠢ ᠪᠣᠰᠴᠤ ᠬᠣᠭᠣᠯᠠᠢ ᠪᠠᠨ ᠵᠠᠰᠠᠨ ᠡᠷᠢᠭᠡ ᠪᠡᠨ ᠭᠠᠷ ᠲᠠᠭᠠᠨ ᠡᠷᠭᠢᠭᠦᠯᠦᠨ ᠡᠪᠬᠡᠭᠰᠡᠨ ᠢ᠋ᠶ᠋ᠡᠨ 《ᠭᠡᠰᠬᠦᠢ ᠶ᠋ᠢᠨ ᠪᠣᠳᠣᠭᠰᠠᠨ ᠪᠣᠳᠣᠯ᠂ ᠬᠡᠯᠡᠭᠰᠡᠨ ᠦᠭᠡ ᠮᠠᠨ ᠤ᠋ ᠨᠠᠮ ᠤ᠋ᠨ ᠪᠣᠳᠣᠯᠭ᠎ᠠ ᠳ᠋ᠤ᠌ ᠲᠣᠬᠢᠷᠠᠬᠤ ᠦᠭᠡᠢ ᠬᠠᠷᠰᠢ ᠤᠴᠢᠷ ᠨᠠᠮ ᠳ᠋ᠤ᠌ ᠠᠪᠬᠤ ᠦᠭᠡᠢ ᠪᠠᠢᠪᠠᠯ ᠵᠣᠬᠢᠨ᠎ᠠ ᠭᠡᠵᠦ ᠪᠢ ᠪᠣᠳᠣᠵᠤ ᠪᠠᠢᠨ᠎ᠠ》 ᠭᠡᠯᠡ᠃
᠊᠊᠊᠊᠊᠊᠊᠊᠊᠊᠊᠊᠊᠊᠊ ᠡᠷᠬᠢᠮ ᠭᠡᠰᠬᠦᠢ ᠶ᠋ᠢᠨ ᠠᠢᠯᠠᠳᠳᠠᠭ ᠵᠦᠢᠯ ᠬᠤᠳᠠᠯ ᠪᠢᠰᠢ ᠪᠢᠯᠡ ᠭᠡᠵᠦ ᠨᠢᠭᠡ ᠱᠣᠳᠣᠩ ᠭᠡᠵᠢᠭᠡ ᠲᠡᠢ ᠬᠠᠷ᠎ᠠ ᠬᠥᠮᠦᠨ ᠬᠡᠯᠡᠵᠦ ᠣᠷᠬᠢᠭᠰᠠᠨ ᠡᠴᠡ ᠪᠣᠯᠵᠤ ᠴᠢ ᠪᠢ ᠳ᠋ᠡᠭᠡᠨ ᠲᠤᠯᠤᠭᠰᠠᠨ ᠬᠡᠷᠡᠭᠦᠯ ᠳᠡᠭᠳᠡᠵᠦ ᠨᠢᠭᠡ ᠨᠢ ᠨᠥᠭᠦᠭᠡ ᠡᠴᠡ ᠪᠡᠨ ᠬᠣᠣᠷᠲᠠᠢ ᠮᠠᠭᠤᠲᠠᠢ ᠦᠭᠡ ᠬᠡᠯᠡᠬᠦ ᠶ᠋ᠢ ᠬᠢᠴᠢᠶᠡᠨ ᠱᠤᠤᠭᠢᠯᠳᠤᠪᠠ᠃
ᠡᠷᠳᠡᠨᠢ ᠡᠭᠦᠨ ᠢ᠋ ᠠᠰᠢᠭᠯᠠᠨ ᠪᠣᠰᠴᠤ ᠥᠨᠳᠥᠷ ᠳᠠᠭᠤ ᠪᠠᠷ 《ᠲᠠ ᠪᠦᠬᠦᠨ ᠳᠠᠭᠤ ᠦᠭᠡᠢ ᠪᠤᠯᠵᠠᠭᠠ》 ᠭᠡᠵᠦ ᠰᠦᠷᠲᠡᠢ ᠬᠡᠯᠡᠭᠰᠡᠨ ᠦ᠌ ᠳᠠᠷᠠᠭ᠎ᠠ ᠰᠠᠶᠢᠬᠠᠨ ᠣᠪᠣᠯᠵᠠᠵᠤ ᠪᠠᠢᠭᠰᠠᠨ ᠭᠡᠷ ᠲᠦ᠍ ᠨᠠᠮ ᠭᠦᠮ ᠪᠣᠯᠪᠠ᠃ ᠪᠦᠬᠦᠨ ᠢ᠋ ᠲᠣᠭᠣᠷᠢᠭᠤᠯᠤᠨ ᠥᠳᠬᠡᠨ ᠬᠠᠷ᠎ᠠ ᠬᠥᠮᠥᠰᠬᠡ ᠪᠡᠨ ᠵᠠᠩᠭᠢᠳᠤᠨ ᠬᠠᠷᠠᠭᠰᠠᠨ ᠢ᠋ᠶ᠋ᠠᠨ᠄ 《ᠵᠠᠶ᠎ᠠ ᠪᠠᠠᠳᠢᠳᠠᠨ ᠭᠡᠭᠡᠨ ᠦ᠌ ᠱᠠᠪᠢ ᠳ᠋ᠤ᠌ ᠠᠷᠠᠳ ᠤ᠋ᠨ ᠨᠠᠮ ᠤ᠋ᠨ ᠡᠭᠦᠷ ᠪᠠᠢᠭᠤᠯᠤᠨ᠎ᠠ᠃ ᠭᠡᠪᠡᠴᠦ ᠡᠨᠳᠡ ᠪᠠᠢᠭ᠎ᠠ ᠬᠥᠮᠦᠰ ᠢ᠋ ᠪᠦᠭᠦᠳᠡ ᠶ᠋ᠢ ᠨᠢ ᠠᠪᠴᠤ ᠪᠣᠯᠬᠤ ᠦᠭᠡᠢ᠃ ᠨᠠᠮ ᠪᠣᠯ ᠨᠢᠭᠡ ᠲᠠᠯ᠎ᠠ ᠪᠠᠷ ᠲᠥᠷᠥ ᠶ᠋ᠢᠨ ᠲᠠᠯ᠎ᠠ ᠶ᠋ᠢᠨ ᠪᠠᠢᠭᠤᠯᠤᠯᠭ᠎ᠠ ᠪᠣᠯᠬᠣᠷ ᠱᠠᠰᠢᠨ ᠤ᠋ ᠮᠥᠷ ᠢ᠋ ᠬᠥᠭᠡᠭᠡᠭᠰᠡᠨ ᠯᠠᠮᠠ ᠨᠠᠷ ᠤ᠋ᠨ ᠡᠷᠳᠡᠮ ᠨᠣᠮ ᠢ᠋ᠶ᠋ᠠᠨ ᠪᠢᠰᠢᠯᠭᠠᠬᠤ ᠳ᠋ᠤᠨᠢ ᠰᠠᠭᠠᠳ ᠪᠣᠯᠵᠤ ᠮᠠᠭᠠᠳ ᠪᠢᠯᠡ᠃ ᠭᠡᠪᠡᠴᠦ ᠨᠠᠮ ᠪᠣᠯ ᠮᠣᠩᠭᠣᠯ ᠤᠯᠤᠰ ᠢ᠋ ᠮᠠᠨᠳᠤᠭᠤᠯᠬᠤ᠂ ᠠᠷᠠᠳ ᠲᠦᠮᠡᠨ ᠢ᠋ ᠵᠢᠷᠭᠠᠭᠤᠯᠬᠤ ᠪᠣᠯᠬᠣᠷ ᠯᠠᠮᠠ ᠨᠠᠷ ᠣᠷᠣᠯᠴᠠᠬᠤ ᠨᠢ ᠵᠦᠢ ᠶ᠋ᠢᠨ ᠬᠡᠷᠡᠭ᠃ ᠡᠢᠮᠦ ᠶ᠋ᠢᠨ ᠤᠴᠢᠷ ᠨᠠᠮ ᠳ᠋ᠤ᠌ ᠯᠠᠮᠠ ᠨᠠᠷ ᠤ᠋ᠨ ᠲᠥᠯᠥᠭᠡᠯᠡᠭᠴᠢ ᠪᠣᠯᠭᠠᠵᠤ ᠵᠠᠶ᠎ᠠ ᠶ᠋ᠢᠨ ᠭᠡᠭᠡᠨ᠂ ᠡᠷᠬᠢᠮ ᠬᠠᠮᠪᠤ ᠬᠣᠶᠠᠷ ᠢ᠋ ᠣᠷᠣᠭᠤᠯᠤᠶ᠎ᠠ ᠭᠡᠵᠦ ᠪᠣᠳᠣᠵᠤ ᠪᠠᠢᠨ᠎ᠠ᠃ ᠲᠥᠷᠥ ᠶ᠋ᠢᠨ ᠬᠡᠷᠡᠭ ᠪᠣᠯ ᠬᠠᠷ᠎ᠠ ᠶ᠋ᠢᠨ ᠲᠠᠯ᠎ᠠ ᠶ᠋ᠢᠨ ᠬᠡᠷᠡᠭ ᠪᠣᠯᠬᠣᠷ ᠬᠠᠷ᠎ᠠ ᠲᠠᠯ᠎ᠠ ᠶ᠋ᠢᠨ ᠬᠥᠮᠦᠰ ᠢ᠋ ᠨᠠᠮ ᠳ᠋ᠤ᠌ ᠣᠯᠠᠨ ᠢ᠋ᠶ᠋ᠠᠷ ᠣᠷᠣᠭᠤᠯᠬᠤ ᠨᠢ ᠵᠦᠢᠲᠡᠢ ᠪᠢᠯᠡ》 ᠭᠡᠳ ᠦᠭᠡ ᠪᠡᠨ ᠲᠠᠰᠤᠯᠬᠤ ᠳ᠋ᠤ᠌ ᠠᠷᠤ ᠪᠠᠷ ᠢ᠋ᠶ᠋ᠠᠨ ᠲᠠᠯᠪᠢᠭᠤᠯᠤᠭᠰᠠᠨ ᠢ᠋ᠶ᠋ᠠᠨ ᠮᠡᠳᠡᠭᠰᠡᠨ ᠯᠠᠮᠠ ᠨᠠᠷ ᠶᠠᠭᠤᠮ᠎ᠠ ᠶᠠᠷᠢᠬᠤ ᠭᠡᠵᠦ ᠵᠡᠷᠭᠡ ᠵᠡᠷᠭᠡ ᠥᠨᠳᠡᠯᠵᠡᠪᠡ᠃ ᠲᠡᠳᠡᠨ ᠢ᠋ ᠶᠠᠷᠢᠭᠤᠯᠵᠤ ᠪᠣᠯᠬᠤ ᠦᠭᠡᠢ᠃ ᠡᠷᠳᠡᠨᠢ ᠢᠯᠠᠭᠰᠠᠨ ᠠᠷᠠᠳ ᠲᠦᠮᠡᠨ ᠦ᠌ ᠰᠦᠷ ᠢ᠋ᠶ᠋ᠡᠷ ᠯᠠᠮᠠ ᠨᠠᠷ ᠤ᠋ᠨ ᠣᠪᠣᠯᠵᠠᠭᠰᠠᠨ ᠠᠭᠤᠷ ᠢ᠋ ᠳᠠᠷᠤᠬᠤ ᠪᠠᠷ ᠰᠢ᠌ᠤᠠᠴᠤ ᠮᠣᠳᠣᠨ ᠬᠤᠢ ᠲᠠᠢ ᠰᠸᠯᠠᠢ᠌ᠳᠠᠢ ᠪᠠᠨ ᠰᠢᠷᠡᠭᠡᠨ ᠳᠡᠭᠡᠷ᠎ᠡ ᠠᠪᠴᠤ ᠲᠠᠯᠪᠢᠪᠠ᠃ ᠡᠭᠦᠨ ᠦ᠌ ᠪᠠᠷ᠎ᠠ ᠪᠠᠷ ᠯᠠᠮᠠ ᠨᠠᠷ ᠳᠡᠭᠡᠷ᠎ᠡ ᠡᠴᠡ ᠪᠡᠨ ᠬᠦᠨᠳᠦ ᠯᠠᠩᠳᠤᠤ ᠪᠠᠷ ᠴᠣᠬᠢᠭᠤᠯᠤᠭᠰᠠᠨ ᠮᠡᠲᠦ ᠨᠠᠮᠤᠰᠬᠢᠨ ᠰᠠᠭᠤᠵᠠᠭᠠᠪᠠ᠃
ᠡᠨᠡ ᠪᠦᠬᠦᠨ ᠢ᠋ ᠨᠢᠳᠦᠨ ᠦ᠌ ᠪᠤᠯᠤᠩ ᠢ᠋ᠶ᠋ᠠᠷ ᠠᠵᠢᠵᠤ ᠠᠮᠵᠢᠭᠰᠠᠨ ᠡᠷᠳᠡᠨᠢ ᠢᠨᠢᠶᠡᠳᠦ ᠪᠡᠨ ᠬᠦᠴᠦᠯᠡᠨ ᠪᠠᠷᠢᠵᠤ 《ᠪᠠᠰᠠ ᠵᠠᠶ᠎ᠠ ᠶ᠋ᠢᠨ ᠱᠠᠪᠢ ᠳ᠋ᠤ᠌ ᠬᠣᠰᠢᠭᠤ ᠪᠠᠢᠭᠤᠯᠤᠨ᠎ᠠ᠃ ᠡᠨᠡ ᠪᠣᠯ ᠲᠥᠷᠥ ᠶ᠋ᠢᠨ ᠵᠠᠬᠢᠷᠭ᠎ᠠ᠃ ᠬᠤᠰᠢᠭᠤᠨ ᠤ᠋ ᠪᠦᠬᠦ ᠠᠵᠢᠯ ᠢ᠋ ᠰᠢᠳᠬᠡᠨ ᠶᠠᠪᠤᠭᠤᠯᠤᠨ᠎ᠠ᠃ ᠨᠠᠮ ᠤ᠋ᠨ ᠡᠭᠦᠷ ᠡᠭᠦᠨ ᠢ᠋ ᠪᠠᠢᠭᠤᠯᠬᠤ ᠠᠵᠢᠯ ᠢ᠋ ᠡᠬᠢᠯᠡᠨ ᠬᠢᠨ᠎ᠡ》 ᠭᠡᠯᠡ᠃
ᠲᠡᠷᠡ ᠣᠷᠣᠢ ᠡᠷᠳᠡᠨᠢ ᠠᠷᠪᠠᠨ ᠨᠢᠭᠡᠨ ᠬᠥᠮᠦᠰ ᠢ᠋ ᠦᠯᠡᠳᠡᠭᠡᠨ ᠠᠪᠴᠤ ᠪᠡᠶ᠎ᠡ ᠶ᠋ᠢᠨ ᠪᠠᠢᠴᠠᠭᠠᠯᠲᠠ ᠶ᠋ᠢ ᠪᠢᠴᠢᠵᠦ ᠡᠭᠦᠷ ᠦ᠋ᠨ ᠲᠡᠷᠢᠭᠦᠨ ᠳᠠᠷᠤᠭ᠎ᠠ ᠪᠠᠷ ᠪᠢᠴᠢᠭᠡᠴᠢ ᠭᠣᠮᠪᠣ ᠭᠡᠭᠴᠢ ᠬᠥᠮᠦᠨ ᠢ᠋᠂ ᠳᠡᠳ᠋ ᠳᠠᠷᠤᠭ᠎ᠠ ᠪᠠᠷ ᠳᠤᠶᠤᠳ ᠢ᠋᠂ ᠲᠡᠷᠢᠭᠦᠯᠡᠭᠴᠢ ᠭᠡᠰᠢᠭᠦᠨ ᠳ᠋ᠦ᠍ ᠵᠠᠶ᠎ᠠ ᠶ᠋ᠢᠨ ᠭᠡᠭᠡᠨ ᠢ᠋ ᠰᠣᠩᠭᠣᠭᠤᠯᠪᠠ᠃
᠊᠊᠊᠊᠊᠊᠊᠊᠊᠊᠊᠊᠊᠊᠊ ᠲᠠ ᠪᠦᠬᠦᠨ ᠥᠨᠥᠳᠥᠷ ᠠᠷᠪᠠᠨ ᠨᠢᠭᠡᠨ ᠬᠥᠮᠦᠨ ᠢ᠋ᠶ᠋ᠡᠷ ᠨᠠᠮ ᠤ᠋ᠨ ᠡᠭᠦᠷ ᠪᠠᠢᠭᠤᠯᠵᠤ ᠠᠪᠤᠯ᠎ᠠ᠃ ᠣᠳᠣ ᠡᠨᠡ ᠡᠭᠦᠷ ᠲᠡᠭᠡᠨ ᠨᠡᠷ᠎ᠡ ᠥᠭᠭᠦᠶ᠎ᠡ ᠭᠡᠵᠦ ᠡᠷᠳᠡᠨᠢ ᠶ᠋ᠢᠨ ᠬᠡᠯᠡᠬᠦ ᠳ᠋ᠦ᠍ ᠳᠤᠶᠤᠳ ᠡᠬᠢᠯᠡᠨ ᠪᠣᠰᠴᠤ 《ᠮᠥᠩᠬᠡ ᠳᠡᠯᠭᠡᠷᠡᠬᠦ ᠡᠭᠦᠷ》 ᠭᠡᠵᠦ ᠨᠡᠷᠡᠯᠡᠬᠦ ᠰᠠᠨᠠᠯ ᠭᠠᠷᠭᠠᠪᠠ᠃
᠊᠊᠊᠊᠊᠊᠊᠊᠊᠊᠊᠊᠊᠊᠊ ᠪᠠᠳᠠᠷᠠᠨ ᠮᠠᠨᠳᠤᠬᠤ ᠭᠡᠪᠡᠯ ᠶᠠᠮᠠᠷ ᠪᠣᠢ?
᠊᠊᠊᠊᠊᠊᠊᠊᠊᠊᠊᠊᠊᠊᠊ ᠵᠢᠷᠭᠠᠯ ᠤ᠋ᠨ ᠮᠠᠩᠯᠠᠢ ᠭᠡᠪᠡᠯ ᠵᠦᠭᠡᠷ ᠮᠡᠲᠦ᠃
᠊᠊᠊᠊᠊᠊᠊᠊᠊᠊᠊᠊᠊᠊᠊ ᠠᠷᠪᠠᠨ ᠲᠠᠪᠤᠨ ᠤ᠋ ᠰᠠᠷ᠎ᠠ ᠭᠡᠪᠡᠯ ᠵᠦᠭᠡᠷ ᠮᠡᠲᠦ᠃
᠊᠊᠊᠊᠊᠊᠊᠊᠊᠊᠊᠊᠊᠊᠊ ᠠᠷᠪᠠᠨ ᠲᠠᠪᠤᠨ ᠤ᠋ ᠰᠠᠷ᠎ᠠ ᠲᠣᠮᠣ ᠪᠣᠯᠪᠠᠴᠤ ᠠᠷᠪᠠᠨ ᠵᠢᠷᠭᠤᠭᠠᠨ ᠡᠴᠡ ᠡᠬᠢᠯᠡᠨ ᠪᠠᠭ᠎ᠠ ᠪᠣᠯᠵᠤ ᠡᠬᠢᠯᠡᠳᠡᠭ ᠪᠣᠯᠬᠣᠷ ᠲᠤᠰᠠ ᠦᠭᠡᠢ᠃ ᠬᠠᠷᠢᠨ 《ᠮᠥᠩᠬᠡ ᠮᠠᠨᠳᠤᠬᠤ》 ᠭᠡᠪᠡᠯ ᠥᠯᠵᠡᠢ ᠲᠡᠢ ᠰᠠᠢᠬᠠᠨ ᠨᠡᠷ᠎ᠡ ᠪᠣᠯᠤᠨ᠎ᠠ ᠭᠡᠵᠦ ᠭᠣᠮᠪᠣ ᠬᠡᠯᠡᠵᠡᠢ᠃ ᠢᠩᠭᠢᠵᠦ ᠶᠠᠷᠢᠯᠴᠠᠭᠰᠠᠭᠠᠷ 《ᠮᠥᠩᠬᠡ ᠮᠠᠨᠳᠤᠬᠤ》 ᠭᠡᠵᠦ ᠨᠡᠷᠡᠯᠡᠬᠦ ᠪᠡᠷ ᠲᠣᠭᠲᠠᠵᠠᠭᠠᠪᠠ᠃
ᠡᠷᠳᠡᠨᠢ ᠬᠡᠳᠦᠨ ᠬᠣᠨᠣᠭ ᠤ᠋ᠨ ᠳᠠᠷᠠᠭ᠎ᠠ ᠳᠠᠯᠠᠢ ᠸᠠᠩ ᠤ᠋ᠨ ᠬᠣᠰᠢᠭᠤ ᠤᠷᠤᠭᠤ ᠶᠠᠪᠤᠬᠤ ᠳ᠋ᠠᠭᠠᠨ ᠭᠣᠮᠪᠣ᠂ ᠳᠤᠶᠤᠳ ᠬᠣᠶᠠᠷ ᠲᠠᠢ ᠠᠮᠢᠨᠴᠢᠯᠠᠨ ᠠᠭᠤᠯᠵᠠᠵᠤ ᠬᠣᠰᠢᠭᠤ ᠪᠠᠢᠭᠤᠯᠬᠤ ᠪᠡᠯᠡᠳᠬᠡᠯ ᠠᠵᠢᠯ ᠤ᠋ᠨ ᠲᠤᠬᠠᠢ ᠵᠢᠭᠠᠪᠤᠷᠢ ᠥᠭᠭᠦᠭᠡᠳ 《ᠣᠳᠣ ᠨᠢᠭᠡ ᠴᠦ᠍ ᠯᠠᠮᠠ ᠶ᠋ᠢ ᠨᠠᠮ ᠤ᠋ᠨ ᠭᠡᠰᠢᠭᠦᠨ ᠳ᠋ᠦ᠍ ᠠᠪᠴᠤ ᠪᠣᠯᠬᠤ ᠦᠭᠡᠢ ᠰᠢᠦ》 ᠭᠡᠵᠡᠢ᠃
ᠢᠩᠭᠢᠭᠡᠳ 《ᠮᠥᠩᠬᠡ ᠮᠠᠨᠳᠤᠬᠤ》 ᠡᠭᠦᠷ ᠬᠣᠰᠢᠭᠤ ᠵᠠᠬᠢᠷᠭ᠎ᠠ ᠪᠠᠢᠭᠤᠯᠬᠤ ᠠᠵᠢᠯ ᠳ᠋ᠠᠭᠠᠨ ᠣᠷᠣᠵᠤ ᠪᠢᠯᠡ᠃
