ᠲᠤᠩᠭᠠᠯᠠᠭ ᠲᠠᠮᠢᠷ4-04-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠨᠠᠰᠤᠨ ᠲᠤᠷᠰᠢ ᠯᠠ ᠶᠠᠭᠤᠮ᠎ᠠ ᠬᠢᠬᠦ ᠪᠤᠶᠤ ᠡᠭᠦᠨ ᠢ᠋ ᠢᠩᠭᠢᠶ᠎ᠡ᠂ ᠲᠡᠭᠦᠨ ᠢ᠋ ᠲᠡᠭᠡᠶ᠎ᠡ ᠭᠡᠵᠦ ᠪᠠᠢᠬᠤ ᠳ᠋ᠠᠭᠠᠨ ᠤᠢᠳᠳᠠᠭ ᠦᠭᠡᠢ ᠬᠠᠴᠢᠨ ᠤᠯᠤᠰ ᠰᠢᠦ》 - ᠳᠥᠷᠪᠡᠳᠦᠭᠡᠷ ᠪᠦᠯᠦᠭ ᠳᠥᠷᠪᠡ
ᠲᠠᠮᠢᠷ ᠤ᠋ᠨ ᠬᠥᠨᠳᠡᠢ ᠳ᠋ᠦ᠍ ᠥᠭᠭᠢᠶᠡᠮᠦᠷ ᠨᠠᠮᠤᠷ ᠪᠣᠯᠪᠠ᠃ ᠵᠡᠭᠦᠨ ᠬᠣᠢᠰᠢ ᠪᠠᠨ ᠬᠠᠷᠠᠭᠰᠠᠨ ᠥᠷᠭᠡᠨ ᠠᠮᠠᠨ ᠤ᠋ ᠠᠳᠠᠭ᠂ ᠳᠡᠯᠭᠡᠷ ᠴᠠᠭᠠᠨ ᠲᠠᠯᠠᠪᠠᠢ ᠳᠡᠭᠡᠷ᠎ᠡ ᠬᠣᠶᠠᠷ ᠲᠣᠮᠣ ᠡᠷᠢᠶᠡᠨ ᠮᠠᠢᠬᠠᠨ ᠪᠠᠢᠬᠤ ᠪᠥᠭᠡᠳ ᠡᠷᠭᠢᠨ ᠲᠣᠭᠣᠷᠢᠨ ᠳ᠋ᠤᠨᠢ ᠡᠳᠦᠢ ᠲᠡᠳᠦᠢ ᠵᠢᠰᠦᠮ ᠪᠦᠷᠢ ᠶ᠋ᠢᠨ ᠥᠩᠭᠡᠲᠡᠢ ᠲᠣᠮᠣ ᠵᠢᠵᠢᠭ ᠮᠠᠢᠬᠠᠨ᠂ ᠴᠢᠳᠦᠷᠲᠡᠢ ᠪᠤᠶᠤ ᠤᠶᠠᠭᠠᠲᠠᠢ ᠮᠣᠷᠢᠳ ᠬᠠᠷᠠᠭᠳᠠᠨ᠎ᠠ᠃ ᠵᠠᠷᠢᠮ ᠮᠠᠢᠬᠠᠨ ᠤ᠋ ᠭᠠᠳᠠᠨ᠎ᠠ ᠲᠦᠯᠡᠵᠦ ᠪᠠᠢᠭ᠎ᠠ ᠭᠠᠯ ᠡᠴᠡ ᠬᠥᠬᠡ ᠤᠲᠤᠭ᠎ᠠ ᠰᠤᠭᠤᠨᠠᠭᠯᠠᠨ ᠪᠠᠢᠯ᠎ᠠ᠃
ᠡᠨᠳᠡ ᠱᠠᠭ᠎ᠠ ᠬᠠᠷᠪᠤᠵᠤ ᠪᠠᠢᠯ᠎ᠠ᠃ ᠪᠠᠷᠠᠭᠤᠨ ᠲᠠᠯ᠎ᠠ ᠶ᠋ᠢᠨ ᠮᠠᠢᠬᠠᠨ ᠤ᠋ ᠡᠭᠦᠳᠡᠨ ᠳ᠋ᠦ᠍ ᠳᠥᠷᠪᠡᠨ ᠬᠥᠮᠦᠨ ᠰᠠᠭᠤᠭᠠᠳ ᠬᠣᠢᠮᠣᠷ ᠨᠢ ᠲᠠᠯᠪᠢᠭᠰᠠᠨ ᠱᠠᠭ᠎ᠠ ᠶ᠋ᠢ ᠬᠠᠷᠪᠤᠵᠤ ᠪᠠᠢᠯ᠎ᠠ᠃ ᠬᠣᠶᠠᠷ ᠲᠠᠯ᠎ᠠ ᠪᠠᠷ ᠨᠢ ᠵᠡᠷᠭᠡᠴᠡᠨ ᠰᠠᠭᠤᠭᠰᠠᠨ ᠬᠥᠮᠦᠰ ᠶᠠᠩᠵᠤ ᠪᠦᠷᠢ ᠶ᠋ᠢᠨ ᠬᠣᠭᠣᠯᠠᠢ ᠪᠠᠷ ᠤᠤᠬᠠᠢᠯᠠᠬᠤ ᠪᠥᠭᠡᠳ ᠪᠠᠨᠲᠠᠩ ᠳᠡᠭᠡᠷ᠎ᠡ ᠭᠠᠭᠴᠠ ᠱᠠᠭ᠎ᠠ ᠦᠯᠡᠳᠡᠭᠰᠡᠨ ᠢ᠋ ᠬᠠᠷᠠᠬᠤ ᠳ᠋ᠤ᠌ ᠲᠣᠭᠯᠠᠭᠠᠮ ᠲᠡᠮᠡᠴᠡᠯ ᠲᠡᠢ ᠪᠣᠯᠵᠤ ᠪᠠᠢᠭ᠎ᠠ ᠶ᠋ᠢ ᠭᠡᠷᠡᠴᠢᠯᠡᠨ᠎ᠡ᠃
ᠬᠣᠩᠭᠣᠷ ᠤ᠋ᠨ ᠵᠡᠭᠦᠨ ᠭᠠᠷ ᠲᠤ᠌ ᠰᠠᠭᠤᠭᠰᠠᠨ ᠳᠥᠴᠢ ᠡᠷᠬᠢᠮ ᠨᠠᠰᠤᠨ ᠤ᠋ ᠪᠦᠳᠦᠭᠦᠨ ᠯᠠᠮᠠ ᠬᠠᠷᠪᠤᠬᠤ ᠪᠣᠯᠬᠤ ᠳ᠋ᠤ᠌ ᠵᠡᠭᠦᠨ ᠲᠠᠯ᠎ᠠ ᠶ᠋ᠢᠨ ᠡᠬᠢᠨ ᠳ᠋ᠦ᠍ ᠰᠠᠭᠤᠭᠰᠠᠨ ᠬᠢᠵᠢᠶᠡᠯ ᠬᠠᠷ᠎ᠠ ᠬᠥᠮᠦᠨ 《ᠮᠡᠷᠭᠡᠨ ᠮᠢᠨᠢ᠂ ᠬᠢᠴᠢᠶᠡᠵᠦ ᠦᠵᠡᠭᠡᠷᠡᠢ᠃ ᠬᠣᠨᠵᠢᠬᠤ ᠳ᠋ᠤ᠌ ᠭᠠᠭᠴᠠ ᠬᠤᠷᠤᠭᠤ ᠳᠤᠲᠠᠭᠤ ᠪᠠᠢᠨ᠎ᠠ ᠰᠢᠦ》 ᠭᠡᠳ ᠬᠠᠬᠢᠷ ᠫᠠᠷᠭᠢᠶ᠎ᠠ ᠳᠠᠭᠤ ᠪᠠᠷ ᠤᠤᠬᠠᠢᠯᠠᠬᠤ ᠳ᠋ᠤ᠌ ᠪᠤᠰᠤᠳ ᠨᠢ ᠲᠦᠷᠡᠪᠡ᠃
ᠯᠠᠮᠠ ᠬᠤᠷᠤᠭᠤ ᠪᠠᠨ ᠮᠤᠯᠲᠤᠯᠵᠤ ᠣᠷᠬᠢᠪᠠ᠃ 《ᠳᠤᠲᠠᠵᠤ ᠪᠠᠢᠨ᠎ᠠ᠂ ᠮᠡᠷᠭᠡᠨ ᠮᠢᠨᠢ》 ᠭᠡᠵᠦ ᠬᠢᠵᠢᠶᠡᠯ ᠬᠠᠷ᠎ᠠ ᠬᠥᠮᠦᠨ ᠬᠠᠰᠬᠢᠷᠪᠠ᠃ ᠬᠣᠩᠭᠣᠷ ᠡᠪᠦᠳᠦᠭ ᠳᠡᠭᠡᠷ᠎ᠡ ᠪᠡᠨ ᠬᠠᠰᠢᠯᠭ᠎ᠠ ᠪᠠᠨ ᠵᠣᠭᠣᠵᠤ ᠲᠣᠮᠣ ᠭᠡᠭᠴᠢ ᠶ᠋ᠢᠨ ᠳᠤᠭᠤᠢ ᠶᠠᠰᠤᠨ ᠰᠤᠮᠤ ᠲᠠᠯᠪᠢᠭᠠᠳ ᠳᠤᠮᠳᠠ ᠬᠤᠷᠤᠭᠤ ᠪᠠᠨ ᠦᠯᠢᠶᠡᠪᠡ᠃
᠊᠊᠊᠊᠊᠊᠊᠊᠊᠊᠊᠊᠊᠊᠊ ᠮᠠᠨ ᠤ᠋ ᠪᠠᠭ᠂ ᠦᠬᠦᠬᠦ ᠰᠡᠬᠡᠬᠦ ᠴᠢᠨᠦ ᠭᠠᠷ ᠲᠤ᠌ ᠰᠢᠦ ᠭᠡᠵᠦ ᠪᠠᠷᠠᠭᠤᠨ ᠲᠠᠯ᠎ᠠ ᠶ᠋ᠢᠨ ᠮᠠᠩᠨᠠᠢ ᠳ᠋ᠤ᠌ ᠰᠠᠭᠤᠭᠰᠠᠨ ᠬᠠᠩᠬᠠᠭᠠᠷ ᠡᠷ᠎ᠡ ᠬᠡᠯᠡᠭᠡᠳ ᠬᠣᠭᠣᠯᠠᠢ ᠪᠠᠨ ᠵᠠᠰᠠᠪᠠ᠃
ᠬᠣᠩᠭᠣᠷ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ ᠬᠤᠷᠤᠭᠤ ᠪᠠᠨ ᠮᠤᠯᠲᠤᠯᠪᠠ᠃ ᠰᠤᠮᠤ ᠭᠢᠯᠠᠯᠵᠠᠨ ᠨᠢᠰᠴᠦ ᠳᠡᠰ ᠭᠡᠵᠦ ᠪᠠᠭᠤᠬᠤ ᠳ᠋ᠤ᠌ ᠵᠢᠵᠢᠭᠬᠡᠨ ᠱᠠᠭ᠎ᠠ ᠦᠰᠦᠷᠦᠨ ᠣᠷᠣ ᠰᠤᠷᠠᠭ ᠦᠭᠡᠢ ᠠᠯᠠᠭ᠎ᠠ ᠪᠣᠯᠪᠠ᠃ ᠬᠥᠮᠦᠰ ᠦ᠋ᠨ ᠤᠤᠬᠠᠢᠯᠠᠬᠤ ᠳᠠᠭᠤ ᠭᠡᠨᠡᠳᠲᠡ ᠬᠠᠳᠠᠨ ᠬᠡᠰᠡᠭ ᠦᠷᠭᠦᠯᠵᠢᠯᠡᠪᠡ᠃
᠊᠊᠊᠊᠊᠊᠊᠊᠊᠊᠊᠊᠊᠊᠊ ᠵᠠᠯᠠᠭᠤ ᠪᠠᠢᠬᠤ ᠳ᠋ᠤ᠌ ᠴᠤ᠌ ᠡᠢᠮᠦ ᠯᠡ ᠪᠠᠢᠳᠠᠭ ᠰᠠᠨ᠃
᠊᠊᠊᠊᠊᠊᠊᠊᠊᠊᠊᠊᠊᠊᠊ ᠦᠵᠡᠭᠦᠯᠦᠭᠡᠳ ᠥᠭᠴᠦ ᠪᠠᠢᠨ᠎ᠠ ᠳᠠ᠃
᠊᠊᠊᠊᠊᠊᠊᠊᠊᠊᠊᠊᠊᠊᠊ ᠰᠤᠮᠤ ᠨᠢ ᠡᠭᠡᠭᠡ ᠯᠡ ᠫᠤᠤ ᠶ᠋ᠢᠨ ᠰᠤᠮᠤ ᠰᠢᠭ᠋ ᠪᠠᠢᠬᠤ ᠰᠢᠪ ᠭᠡᠬᠦ ᠵᠡᠷᠭᠡ ᠪᠡᠷ ᠬᠣᠩᠭᠣᠷ ᠢ᠋ ᠮᠠᠭᠲᠠᠵᠤ ᠪᠠᠢᠯ᠎ᠠ᠃
᠊᠊᠊᠊᠊᠊᠊᠊᠊᠊᠊᠊᠊᠊᠊ ᠵᠠ ᠶᠠᠭᠠᠬᠢᠬᠤᠪ᠃ ᠳᠡᠭᠦᠵᠢᠩ ᠲᠠᠯᠪᠢᠵᠤ ᠤᠷᠭᠢᠶ᠎ᠠ ᠭᠡᠳ ᠵᠡᠭᠦᠨ ᠲᠠᠯ᠎ᠠ ᠶ᠋ᠢᠨ ᠣᠷᠣᠢ ᠳ᠋ᠤ᠌ ᠰᠠᠭᠤᠵᠤ ᠪᠠᠢᠭᠰᠠᠨ ᠬᠢᠵᠢᠶᠡᠯ ᠡᠷ᠎ᠡ ᠡᠪᠦᠷ ᠡᠴᠡ ᠪᠡᠨ ᠬᠠᠢᠷᠴᠠᠭ ᠲᠠᠢ ᠴᠦᠳᠠᠠᠵᠠ ᠭᠠᠷᠭᠠᠵᠤ ᠲᠣᠯᠣᠭᠠᠢ ᠶ᠋ᠢ ᠨᠢ ᠬᠤᠭᠤᠯᠤᠭᠠᠳ ᠲᠠᠯᠪᠢᠪᠠ᠃
ᠲᠡᠮᠡᠴᠡᠯ ᠲᠡᠢ ᠪᠣᠯᠵᠤ ᠪᠠᠢᠭ᠎ᠠ ᠡᠨᠡ ᠱᠠᠭ᠎ᠠ ᠶ᠋ᠢ ᠬᠠᠷᠠᠬᠤ ᠪᠠᠷ ᠣᠯᠠᠨ ᠬᠥᠮᠦᠨ ᠴᠤᠭᠯᠠᠷᠠᠪᠠ᠃ ᠭᠤᠷᠪᠠᠨ ᠬᠥᠮᠦᠨ ᠤᠨᠤᠭᠰᠠᠨ ᠦᠭᠡᠢ᠃ ᠬᠣᠩᠭᠣᠷ ᠤ᠋ᠨ ᠡᠭᠡᠯᠵᠢ ᠪᠣᠯᠪᠠ᠃ ᠤᠳᠠᠭᠠᠨ ᠭᠡᠭᠴᠢ ᠨᠢ ᠣᠨᠢᠯᠠᠵᠤ ᠪᠠᠢᠭᠠᠳ ᠲᠠᠯᠪᠢᠪᠠ᠃ ᠪᠠᠨᠲᠠᠩ ᠳᠡᠭᠡᠷ᠎ᠡ ᠭᠠᠯ ᠮᠠᠨᠠᠰ ᠭᠡᠬᠦ ᠳ᠋ᠦ᠍ ᠮᠡᠷᠭᠡᠨ ᠬᠠᠷᠪᠤᠭᠠᠴᠢ ᠶ᠋ᠢ ᠮᠠᠭᠲᠠᠬᠤ ᠳᠠᠭᠤ ᠪᠢᠲᠡᠭᠦᠦ ᠱᠤᠤᠭᠢᠯᠳᠤᠭᠠᠳ᠂ ᠤᠤᠬᠠᠢᠯᠠᠬᠤ ᠳᠠᠭᠤ ᠮᠠᠢᠬᠠᠨ ᠢ᠋ ᠲᠤᠷᠭᠢᠭᠤᠯᠵᠤ ᠪᠠᠢᠯ᠎ᠠ᠃
᠊᠊᠊᠊᠊᠊᠊᠊᠊᠊᠊᠊᠊᠊᠊ ᠠᠷᠭ᠎ᠠ ᠦᠭᠡᠢ ᠯᠡ ᠱᠠᠭ᠎ᠠ ᠶ᠋ᠢᠨ ᠳᠡᠷᠭᠡᠳᠡ ᠰᠠᠭᠤᠵᠤ ᠪᠠᠢᠬᠤ ᠳ᠋ᠤ᠌ ᠵᠣᠪᠠᠮᠠᠷ ᠦᠭᠡᠢ ᠬᠠᠷᠪᠤᠭᠠᠴᠢ ᠪᠠᠢᠨ᠎ᠠ ᠳᠠ᠃
᠊᠊᠊᠊᠊᠊᠊᠊᠊᠊᠊᠊᠊᠊᠊ ᠥᠴᠥᠭᠡᠳᠦᠷ ᠵᠢᠪᠬᠤᠳᠠᠢ ᠬᠥᠮᠦᠨ ᠲᠡᠢ ᠳᠡᠭᠦᠵᠢᠩ ᠥᠷᠢᠰᠦᠯᠳᠦᠵᠦ ᠬᠠᠷᠪᠤᠭᠠᠳ ᠬᠣᠵᠢᠵᠤ ᠪᠠᠢᠬᠤ ᠶ᠋ᠢ ᠨᠢ ᠪᠢ ᠬᠠᠷᠠᠭᠰᠠᠨ᠃
ᠣᠯᠠᠨ ᠤ᠋ ᠮᠠᠭᠲᠠᠭᠠᠯ ᠳ᠋ᠤ᠌ ᠬᠥᠭᠵᠢᠨ ᠢᠨᠢᠶᠡᠮᠰᠦᠭᠯᠡᠭᠰᠡᠨ ᠢ᠋ᠶ᠋ᠡᠨ ᠬᠣᠩᠭᠣᠷ ᠰᠤᠮᠤ ᠬᠠᠰᠢᠯᠭ᠎ᠠ ᠪᠠᠨ ᠬᠠᠳᠠᠭ ᠲᠤ᠌ ᠪᠣᠭᠣᠵᠤ ᠡᠪᠦᠷᠲᠦᠯᠡᠭᠡᠳ ᠪᠣᠰᠪᠠ᠃
᠊᠊᠊᠊᠊᠊᠊᠊᠊᠊᠊᠊᠊᠊᠊ ᠴᠢ ᠴᠦ᠍ ᠬᠠᠷᠪᠤᠭᠠᠴᠢ ᠡᠷ᠎ᠡ ᠶᠤᠮ ᠠ᠋ ᠭᠡᠳ ᠲᠠᠨᠢᠯ ᠨᠢᠭᠡ ᠵᠠᠯᠠᠭᠤ ᠨᠢ ᠬᠣᠩᠭᠣᠷ ᠤ᠋ᠨ ᠵᠠᠮ ᠢ᠋ ᠬᠠᠭᠠᠪᠠ᠃
᠊᠊᠊᠊᠊᠊᠊᠊᠊᠊᠊᠊᠊᠊᠊ ᠰᠠᠢᠨ ᠪᠠᠢᠨ᠎ᠠ ᠤᠤ᠃ ᠠᠵᠠ ᠬᠦᠦ ᠪᠠᠢᠪᠠᠯ ᠶᠣᠣᠵᠠ ᠬᠦᠦ ᠪᠡᠷ ᠬᠣᠵᠢᠨ᠎ᠠ ᠭᠡᠳᠡᠭ ᠯᠡ ᠪᠣᠯᠵᠤ ᠪᠠᠢᠨ᠎ᠠ ᠭᠡᠳ ᠬᠣᠩᠭᠣᠷ ᠤᠷᠮ᠎ᠠ ᠲᠠᠢ ᠢᠨᠢᠶᠡᠪᠡ᠃
᠊᠊᠊᠊᠊᠊᠊᠊᠊᠊᠊᠊᠊᠊᠊ ᠰᠠᠢᠨ ᠬᠦ᠂ ᠠᠵᠠ ᠰᠣᠬᠣᠷ᠂ ᠬᠤᠷᠤᠭᠤ ᠮᠡᠷᠭᠡᠨ ᠭᠡᠳᠡᠭ ᠶᠤᠮ ᠳᠡ᠃
᠊᠊᠊᠊᠊᠊᠊᠊᠊᠊᠊᠊᠊᠊᠊ ᠴᠢ ᠳᠣᠣᠷ᠎ᠠ ᠡᠴᠡ ᠢᠷᠡᠪᠡ ᠤᠤ?
᠊᠊᠊᠊᠊᠊᠊᠊᠊᠊᠊᠊᠊᠊᠊ ᠲᠡᠢᠮᠦ᠃ ᠰᠤᠮᠤᠨ ᠡᠴᠡ ᠭᠠᠷᠤᠭᠠᠳ ᠢᠷᠡᠯ᠎ᠡ᠃
᠊᠊᠊᠊᠊᠊᠊᠊᠊᠊᠊᠊᠊᠊᠊ ᠨᠣᠭᠣᠭᠠᠨ ᠲᠣᠬᠣᠢ ᠳ᠋ᠤ᠌ ᠮᠠᠨ ᠤ᠋ ᠬᠢ ᠬᠠᠷᠠᠭᠳᠠᠨ᠎ᠠ ᠤᠤ?
᠊᠊᠊᠊᠊᠊᠊᠊᠊᠊᠊᠊᠊᠊᠊ ᠶᠠᠭᠤᠮ᠎ᠠ ᠬᠠᠷᠠᠭᠳᠠᠭ᠎ᠠ ᠦᠭᠡᠢ ᠰᠢᠦ᠃ ᠴᠢ ᠭᠠᠷᠤᠭᠠᠳ ᠤᠳᠠᠵᠤ ᠪᠠᠢᠨ᠎ᠠ ᠤᠤ?
᠊᠊᠊᠊᠊᠊᠊᠊᠊᠊᠊᠊᠊᠊᠊ ᠡᠪᠦᠭᠡᠨ ᠴᠢᠨᠢ ᠠᠷᠪᠠᠭᠠᠳ ᠬᠣᠨᠣᠵᠤ ᠪᠠᠢᠨ᠎ᠠ᠃ ᠤᠭ ᠨᠢ ᠮᠠᠨ ᠤ᠋ ᠬᠢ ᠨᠣᠭᠣᠭᠠᠨ ᠲᠣᠬᠣᠢ ᠳ᠋ᠤ᠌ ᠯᠠ ᠪᠠᠢᠭᠰᠠᠨ ᠶᠤᠮ ᠰᠠᠨ᠃ ᠨᠡᠭᠦᠵᠦ ᠣᠷᠬᠢᠵᠤ ᠯᠠ ᠳᠠ᠃ ᠠᠪᠤ ᠰᠦᠷᠦᠩ ᠬᠣᠶᠠᠷ ᠳᠦᠷᠪᠡᠭᠰᠡᠨ ᠶᠤᠮ ᠰᠢᠭ ᠨᠡᠭᠦᠳᠡᠭ ᠤᠯᠤᠰ ᠳᠠ ᠭᠡᠳ ᠬᠣᠩᠭᠣᠷ ᠨᠠᠷᠢᠬᠠᠨ ᠪᠥᠭᠡᠳ ᠤᠷᠲᠤ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠮᠰᠦᠭᠯᠡᠪᠡ᠃
ᠬᠣᠩᠭᠣᠷ ᠨᠡᠷᠡᠯᠬᠡᠵᠦ ᠠᠷᠪᠠᠭᠠᠳ ᠬᠣᠨᠣᠵᠤ ᠶᠠᠪᠤᠨ᠎ᠠ ᠭᠡᠵᠡᠢ᠃ ᠦᠨᠡᠨ ᠳ᠋ᠡᠭᠡᠨ ᠪᠣᠯ ᠭᠡᠷ ᠡᠴᠡ ᠭᠠᠷᠤᠭᠠᠳ ᠬᠣᠷᠢ ᠭᠠᠷᠤᠢ ᠬᠣᠨᠣᠵᠤ ᠶᠠᠪᠤᠭ᠎ᠠ ᠶᠤᠮ᠃ ᠡᠨᠡ ᠬᠣᠭᠣᠷᠣᠨᠳᠣ ᠬᠢᠭᠰᠡᠨ ᠠᠵᠢᠯ ᠭᠡᠪᠡᠯ ᠱᠠᠭ᠎ᠠ ᠬᠠᠷᠪᠤᠭᠰᠠᠨ᠃ ᠶᠡᠷᠦ ᠡᠴᠡ ᠪᠡᠨ ᠬᠣᠩᠭᠣᠷ ᠤ᠋ᠨ ᠬᠢᠳᠡᠭ ᠠᠵᠢᠯ ᠨᠢ ᠰᠠᠢᠨ ᠮᠣᠷᠢ ᠤᠨᠤᠵᠤ᠂ ᠠᠢᠯ ᠬᠡᠰᠦᠬᠦ᠂ ᠲᠣᠭᠯᠠᠬᠤ᠂ ᠲᠠᠷᠪᠢᠵᠤ ᠠᠢᠷᠠᠭ ᠠᠷᠢᠬᠢ ᠡᠷᠭᠢᠭᠦᠯᠬᠦ᠂ ᠨᠠᠢᠷ ᠨᠠᠭᠠᠳᠤᠮ ᠬᠡᠰᠦᠬᠦ ᠯᠡ ᠶᠤᠮ᠃
ᠭᠡᠷ ᠲᠡᠭᠡᠨ ᠣᠴᠢᠬᠤ ᠳ᠋ᠤ᠌ ᠠᠪᠤ᠂ ᠡᠬᠡᠨᠡᠷ ᠬᠣᠶᠠᠷ ᠨᠢ ᠨᠢᠭᠡ ᠪᠣᠯ ᠶᠠᠭᠤᠮ᠎ᠠ ᠬᠢᠵᠦ ᠪᠠᠢᠨ᠎ᠠ᠃ ᠡᠰᠡᠬᠦᠯ᠎ᠡ ᠠᠵᠢᠯ ᠤ᠋ᠨ ᠲᠤᠬᠠᠢ ᠶᠠᠷᠢᠵᠤ ᠪᠠᠢᠳᠠᠭ ᠪᠥᠭᠡᠳ ᠡᠭᠦᠨ ᠢ᠋ ᠬᠠᠷᠠᠭᠠᠳ ᠬᠣᠩᠭᠣᠷ ᠤ᠋ᠨ ᠵᠠᠯᠬᠠᠭᠤ ᠬᠦᠷᠴᠦ 《ᠨᠠᠰᠤᠨ ᠲᠤᠷᠰᠢ ᠯᠠ ᠶᠠᠭᠤᠮ᠎ᠠ ᠬᠢᠬᠦ ᠪᠤᠶᠤ ᠡᠭᠦᠨ ᠢ᠋ ᠢᠩᠭᠢᠶ᠎ᠡ᠂ ᠲᠡᠭᠦᠨ ᠢ᠋ ᠲᠡᠭᠡᠶ᠎ᠡ ᠭᠡᠵᠦ ᠪᠠᠢᠬᠤ ᠳ᠋ᠠᠭᠠᠨ ᠤᠢᠳᠳᠠᠭ ᠦᠭᠡᠢ ᠬᠠᠴᠢᠨ ᠤᠯᠤᠰ ᠰᠢᠦ》 ᠭᠡᠵᠦ ᠪᠣᠳᠣᠳᠠᠭ᠃ ᠭᠡᠬᠦ ᠳ᠋ᠡᠭᠡᠨ ᠬᠣᠩᠭᠣᠷ ᠡᠬᠡᠨᠡᠷ ᠲᠡᠭᠡᠨ ᠳᠤᠷ᠎ᠠ ᠦᠭᠡᠢ ᠪᠣᠯᠤᠭᠰᠠᠨ ᠬᠥᠮᠦᠨ ᠣᠭᠲᠣ ᠪᠢᠰᠢ᠃ ᠬᠠᠷᠢᠨ ᠲᠡᠭᠦᠨ ᠦ᠌ ᠨᠢᠭᠡ ᠬᠥᠭ ᠦ᠋ᠨ ᠠᠮᠢᠳᠤᠷᠠᠯ ᠡᠴᠡ ᠤᠢᠳᠤᠭᠰᠠᠨ ᠬᠥᠮᠦᠨ ᠪᠠᠢᠯ᠎ᠠ᠃
ᠰᠦᠷᠦᠩ ᠶᠠᠮᠠᠷ ᠨᠢᠭᠡᠨ ᠠᠵᠢᠯ ᠬᠢᠵᠦ ᠭᠦᠢᠴᠡᠭᠡᠳ ᠪᠤᠶᠤ ᠣᠯᠵᠠ ᠲᠠᠢ ᠠᠵᠢᠯ ᠰᠡᠳᠦᠵᠦ ᠪᠣᠳᠣᠭᠠᠳ ᠬᠢᠵᠠᠭᠠᠷ ᠦᠭᠡᠢ ᠪᠠᠶᠠᠷᠯᠠᠨ ᠶᠠᠷᠢᠬᠤ ᠳ᠋ᠤ᠌ ᠬᠣᠩᠭᠣᠷ ᠱᠠᠯ ᠥᠭᠡᠷ᠎ᠡ ᠶᠠᠭᠤᠮ᠎ᠠ ᠪᠣᠳᠣᠵᠤ ᠰᠠᠭᠤᠳᠠᠭ ᠪᠢᠯᠡ᠃
ᠰᠦᠷᠦᠩ ᠡᠨᠡ ᠵᠢᠯ ᠢᠰᠡᠭᠡᠢ ᠪᠡᠨ ᠲᠣᠯᠣᠭᠠᠢᠯᠠᠵᠤ ᠬᠢᠯᠭᠡᠭᠡᠳ ᠲᠡᠭᠦᠨ ᠳ᠋ᠡᠭᠡᠨ ᠪᠠᠶᠠᠷᠯᠠᠨ 《ᠴᠢ ᠮᠠᠨ ᠤ᠋ ᠢᠰᠡᠭᠡᠢ ᠶᠠᠮᠠᠷ ᠪᠣᠯᠤᠭᠰᠠᠨ ᠭᠡᠵᠦ ᠪᠣᠳᠣᠨ᠎ᠠ᠃ ᠠᠪᠤ ᠣᠢᠷ᠎ᠠ ᠶ᠋ᠢᠨ ᠵᠢᠯ ᠡᠢᠮᠦ ᠣᠯᠠᠨ᠂ ᠡᠢᠮᠦ ᠴᠢᠨᠰᠠᠭ᠎ᠠ ᠲᠠᠢ ᠢᠰᠡᠭᠡᠢ ᠬᠢᠭᠡ ᠦᠭᠡᠢ ᠭᠡᠵᠦ ᠬᠡᠯᠡᠭᠰᠡᠨ᠃ ᠪᠢ ᠴᠢᠮ᠎ᠠ ᠳ᠋ᠤ᠌ ᠵᠣᠷᠢᠭᠤᠳᠠ ᠲᠣᠬᠣᠮ ᠤ᠋ᠨ ᠢᠰᠡᠭᠡᠢ ᠬᠢᠭᠰᠡᠨ᠃ ᠤᠳᠠᠬᠤ ᠦᠭᠡᠢ ᠤᠯᠠᠭᠠᠨ ᠴᠡᠩᠮᠡ ᠪᠡᠷ ᠡᠮᠵᠢᠭᠡᠳ ᠥᠭᠭᠦᠨ᠎ᠡ》 ᠭᠡᠵᠦ ᠪᠠᠶᠠᠷᠲᠠᠢ ᠶᠠᠷᠢᠬᠤ ᠳ᠋ᠤᠨᠢ 《ᠰᠦᠷᠦᠩ ᠮᠢᠨᠢ ᠮᠣᠷᠢ ᠪᠠᠷ ᠦᠷᠭᠦᠯᠵᠢ ᠱᠣᠭᠰᠢᠳᠠᠭ ᠬᠥᠮᠦᠨ ᠡᠯᠢᠭᠡᠨ ᠦ᠌ ᠡᠪᠡᠳᠴᠢᠲᠡᠢ ᠪᠣᠯᠳᠠᠭ ᠶᠤᠮ ᠭᠡᠳᠡᠭ ᠰᠢᠦ》 ᠭᠡᠳ ᠬᠣᠩᠭᠣᠷ ᠡᠪᠰᠢᠶᠡᠪᠡ᠃
᠊᠊᠊᠊᠊᠊᠊᠊᠊᠊᠊᠊᠊᠊᠊ ᠪᠢ ᠠᠵᠢᠯ ᠪᠣᠳᠣᠵᠤ ᠪᠠᠢᠬᠤ ᠦᠭᠡᠢ ᠪᠣᠯ ᠴᠢ ᠱᠠᠭ᠎ᠠ ᠬᠠᠷᠪᠤᠵᠤ ᠴᠢᠳᠠᠬᠤ ᠦᠭᠡᠢ ᠰᠢᠦ ᠳᠡ ᠭᠡᠵᠦ ᠰᠦᠷᠦᠩ ᠤᠷᠮ᠎ᠠ ᠦᠭᠡᠢ ᠬᠡᠯᠡᠭᠰᠡᠨ ᠢ᠋ᠶ᠋ᠡᠨ᠂
᠊᠊᠊᠊᠊᠊᠊᠊᠊᠊᠊᠊᠊᠊᠊ ᠴᠢ ᠮᠠᠷᠭᠠᠰᠢ ᠭᠣᠣᠯ ᠤ᠋ᠨ ᠡᠮᠦᠨ᠎ᠡ ᠭᠠᠷᠪᠠᠯ ᠲᠠᠮᠪᠠ ᠶ᠋ᠢ ᠠᠬᠤᠷ ᠤ᠋ᠨ ᠨᠣᠣᠰᠣ ᠠᠪᠴᠢᠷᠠᠵᠤ ᠥᠭ ᠭᠡᠵᠦ ᠬᠡᠯᠡᠭᠡᠷᠡᠢ ᠭᠡᠯᠡ᠃
ᠡᠴᠢᠭᠡ᠂ ᠡᠬᠡᠨᠡᠷ ᠬᠣᠶᠠᠷ ᠤ᠋ᠨ ᠠᠯᠢᠨ ᠨᠢ ᠴᠦ᠍ ᠬᠣᠩᠭᠣᠷ ᠤ᠋ᠨ ᠢᠩᠭᠢᠵᠦ ᠶᠠᠪᠤᠬᠤ ᠶ᠋ᠢ ᠬᠦᠴᠦᠲᠡᠢ ᠵᠢᠮᠡᠯᠡᠳᠡᠭ ᠦᠭᠡᠢ᠃ ᠢᠲᠡᠭᠡᠯᠲᠦ ᠬᠠᠶᠠ ᠨᠢᠭᠡ ᠬᠡᠯᠡᠬᠦ ᠳ᠋ᠦ᠍ ᠬᠣᠩᠭᠣᠷ ᠶᠣᠰᠣᠲᠠᠢ ᠯᠠ ᠨᠢᠭᠡ ᠴᠢᠬᠢ ᠪᠡᠷ ᠢ᠋ᠶ᠋ᠡᠨ ᠣᠷᠣᠭᠤᠯᠵᠤ ᠨᠥᠭᠦᠭᠡ ᠴᠢᠬᠢ ᠪᠡᠷ ᠢ᠋ᠶ᠋ᠡᠨ ᠭᠠᠷᠭᠠᠨ᠎ᠠ᠃
ᠥᠩᠭᠡᠷᠡᠭᠰᠡᠨ ᠡᠪᠦᠯ ᠰᠦᠷᠦᠩ ᠡᠴᠡ ᠬᠦᠦ ᠭᠠᠷᠤᠭᠰᠠᠨ ᠪᠥᠭᠡᠳ ᠲᠡᠭᠦᠨ ᠢ᠋ ᠢᠳᠡᠷ ᠭᠡᠵᠦ ᠨᠡᠷᠡᠯᠡᠭᠰᠡᠨ᠃ ᠲᠡᠷᠡ ᠬᠡᠦᠬᠡᠳ ᠦᠷᠭᠦᠯᠵᠢ ᠯᠡ ᠳᠤᠯᠵᠢᠨ ᠲᠠᠢ ᠪᠠᠢᠳᠠᠭ᠃ ᠬᠣᠩᠭᠣᠷ ᠬᠦᠦ ᠳ᠋ᠡᠭᠡᠨ ᠬᠠᠢᠷᠠᠲᠠᠢ᠃ ᠭᠡᠪᠡᠴᠦ ᠲᠡᠭᠦᠨ ᠢ᠋ ᠬᠣᠪᠣᠷᠬᠠᠨ ᠪᠠᠷᠢᠵᠤ ᠦᠵᠡᠭᠰᠡᠨ᠃
ᠬᠣᠩᠭᠣᠷ ᠮᠠᠢᠬᠠᠨ ᠡᠴᠡ ᠭᠠᠷᠴᠤ ᠲᠡᠨᠢᠭᠦᠨ ᠲᠠᠭᠠᠯᠠᠮᠵᠢᠲᠠᠢ ᠰᠤᠨᠢᠶᠠᠬᠤ ᠵᠠᠭᠤᠷ᠎ᠠ 《ᠬᠠᠷᠢᠳᠠᠭ ᠬᠡᠷᠡᠭ ᠠ᠋ ᠁ ᠨᠥᠭᠦᠭᠡ ᠮᠣᠷᠢ ᠮᠢᠨᠢ ᠬᠠᠮᠢᠭ᠎ᠠ ᠪᠠᠢᠳᠠᠭ ᠪᠣᠯ ᠁》 ᠭᠡᠵᠦ ᠪᠣᠳᠣᠭᠠᠳ ᠶᠠᠪᠤᠬᠤ ᠭᠡᠲᠡᠯ᠎ᠡ ᠠᠷᠤ ᠳ᠋ᠤᠨᠢ ᠢᠷᠡᠭᠰᠡᠨ ᠨᠢᠭᠡ ᠬᠥᠮᠦᠨ 《ᠵᠠ ᠬᠣᠩᠭᠣᠷ ᠮᠡᠷᠭᠡᠨ᠃ ᠮᠠᠨ ᠤ᠋ ᠪᠠᠭ ᠪᠣᠰᠤᠭ᠎ᠠ ᠲᠣᠭᠯᠠᠭᠰᠠᠨ ᠤ᠋ ᠨᠠᠢᠷ ᠢ᠋ᠶ᠋ᠠᠨ ᠮᠠᠨ ᠤ᠋ ᠳ᠋ᠤ᠌ ᠬᠢᠨ᠎ᠡ᠃ ᠬᠠᠮᠲᠤ ᠮᠣᠷᠳᠠᠵᠠᠭᠠᠶ᠎ᠠ》 ᠭᠡᠯᠡ᠃
᠊᠊᠊᠊᠊᠊᠊᠊᠊᠊᠊᠊᠊᠊᠊ ᠥᠨᠥᠳᠥᠷ ᠨᠢᠭᠡ ᠭᠡᠷ ᠦ᠋ᠨ ᠪᠠᠷ᠎ᠠ ᠬᠠᠷᠠᠳᠠᠭ ᠶᠤᠮ ᠪᠢᠯᠢᠤ ᠭᠡᠵᠦ ᠪᠣᠳᠣᠵᠤ ᠪᠠᠢᠭᠰᠠᠨ ᠶᠤᠮ ᠰᠠᠨ᠃
᠊᠊᠊᠊᠊᠊᠊᠊᠊᠊᠊᠊᠊᠊᠊ ᠲᠡᠷᠡ ᠶᠠᠭᠠᠬᠢᠬᠤᠪ᠃ ᠮᠠᠷᠭᠠᠰᠢ ᠯᠠ ᠶᠠᠪᠤᠬᠤ ᠦᠭᠡᠢ ᠤᠤ᠃ ᠴᠢᠮᠠᠶ᠋ᠢ ᠨᠣᠴᠣᠲᠠᠯᠠ ᠠᠪᠤᠭᠠᠳ ᠬᠠᠶᠠᠬᠤ ᠳ᠋ᠤ᠌ ᠴᠢᠨᠢ ᠭᠣᠨᠴᠣᠭ ᠤ᠋ᠨ ᠪᠠᠭ ᠤ᠋ᠨ ᠬᠢᠨ ᠮᠠᠭᠤᠵᠢᠷᠠᠨ ᠤᠨᠠᠬᠤ ᠰᠢᠬᠠᠭᠰᠠᠨ ᠰᠢᠦ ᠳᠡ ᠭᠡᠳ ᠴᠢᠩᠭ᠎ᠠ ᠳᠠᠭᠤ ᠪᠠᠷ ᠳᠡᠰ ᠳᠡᠰ ᠢᠨᠢᠶᠡᠪᠡ᠃
ᠨᠠᠢᠷᠠᠨ ᠳᠡᠭᠡᠷ᠎ᠡ ᠬᠣᠩᠭᠣᠷ ᠭᠣᠣᠯᠯᠠᠵᠤ᠂ ᠲᠡᠭᠦᠨ ᠦ᠌ ᠮᠡᠷᠭᠡᠨ ᠢ᠋ ᠬᠥᠮᠦᠰ ᠠᠮᠠ ᠠᠮᠠ ᠳ᠋ᠠᠭᠠᠨ ᠮᠠᠭᠲᠠᠵᠤ ᠪᠠᠢᠯ᠎ᠠ᠃ ᠨᠡᠯᠢᠶᠡᠳ ᠰᠣᠭᠲᠣᠭᠰᠠᠨ ᠬᠣᠩᠭᠣᠷ ᠮᠣᠷᠢ ᠬᠠᠷᠠᠬᠤ ᠪᠠᠷ ᠭᠡᠷ ᠡᠴᠡ ᠭᠠᠷᠤᠯ᠎ᠠ᠃ ᠪᠠᠷᠠᠭᠤᠨ ᠬᠣᠢᠨ᠎ᠠ ᠡᠴᠡ ᠰᠠᠯᠬᠢ ᠨᠢᠭᠡ ᠦᠶ᠎ᠡ ᠪᠦᠯᠢᠶᠡᠨ᠂ ᠨᠢᠭᠡ ᠦᠶ᠎ᠡ ᠰᠡᠷᠢᠭᠦᠨ ᠬᠣᠯᠢᠯᠳᠤᠨ ᠦᠯᠢᠶᠡᠨ᠎ᠡ᠃ ᠲᠠᠷᠭᠤ ᠬᠦᠴᠦ ᠪᠡᠨ ᠠᠪᠤᠭᠰᠠᠨ ᠬᠣᠲᠠ ᠲᠠᠢ ᠬᠣᠨᠢᠨ ᠤ᠋ ᠬᠡᠪᠢᠵᠦ ᠢᠷᠠᠭᠯᠠᠬᠤ ᠴᠢᠮᠡᠭᠡ ᠦᠷᠭᠦᠯᠵᠢᠯᠡᠨ ᠱᠤᠤᠭᠢᠨ᠎ᠠ᠃ ᠴᠡᠯᠮᠡᠭ ᠲᠩᠷᠢ ᠳ᠋ᠦ᠍ ᠦᠳᠡᠰᠢ ᠶ᠋ᠢᠨ ᠣᠳᠣᠨ ᠰᠦᠮᠡᠯᠵᠡᠨ᠎ᠡ᠃ ᠲᠣᠯᠣᠭᠠᠢ ᠨᠢ ᠦᠯᠦ ᠮᠡᠳᠡᠭ ᠮᠠᠨᠠᠷᠠᠨ᠂ ᠨᠢᠭᠤᠷ ᠨᠢ ᠪᠦᠯᠢᠶᠡ ᠲᠡᠳᠡᠨ ᠨᠢᠭᠡ ᠯᠡ ᠠᠶᠠᠲᠠᠢ ᠠᠵᠢ᠃
ᠡᠮᠦᠨ᠎ᠡ ᠡᠴᠡ ᠨᠢ ᠬᠣᠶᠠᠷ ᠬᠤᠪᠢᠩ ᠳᠦᠭᠦᠷᠡᠩ ᠤᠰᠤ ᠪᠠᠷᠢᠭᠰᠠᠨ ᠵᠠᠯᠠᠭᠤ ᠪᠦᠰᠡᠭᠦᠢ ᠲᠡᠷᠡᠪᠢᠰᠢ ᠢᠷᠡᠯ᠎ᠡ᠃ ᠲᠡᠷᠡᠪᠢᠰᠢ ᠶ᠋ᠢᠨ ᠨᠥᠬᠥᠷ ᠷᠠᠳᠨ᠎ᠠ ᠥᠩᠭᠡᠷᠡᠭᠰᠡᠨ ᠬᠠᠪᠤᠷ ᠴᠡᠷᠢᠭ ᠲᠦ᠍ ᠳᠠᠢᠴᠢᠯᠠᠭᠳᠠᠨ ᠶᠠᠪᠤᠵᠠᠢ᠃ ᠤᠷᠢᠳᠤ ᠬᠤᠷᠳᠤᠨ ᠮᠣᠷᠢ ᠬᠠᠮᠲᠤ ᠤᠨᠤᠵᠤ ᠪᠠᠢᠭᠰᠠᠨ ᠪᠣᠯᠬᠣᠷ ᠲᠡᠷᠡᠪᠢᠰᠢ ᠶ᠋ᠢ ᠬᠣᠩᠭᠣᠷ ᠰᠠᠢᠨ ᠮᠡᠳᠡᠨ᠎ᠡ᠃
᠊᠊᠊᠊᠊᠊᠊᠊᠊᠊᠊᠊᠊᠊᠊ ᠰᠠᠢᠨ ᠪᠠᠢᠨ᠎ᠠ ᠤᠤ? ᠲᠡᠷᠡᠪᠢᠰᠢ ᠲᠠᠨ ᠤ᠋ ᠬᠢ ᠴᠢᠨᠢ ᠡᠨᠳᠡ ᠪᠢᠯᠢᠤ?
ᠷᠠᠳᠨ᠎ᠠ ᠶ᠋ᠢᠨ ᠬᠢ ᠡᠨᠳᠡ ᠭᠡᠳᠡᠭ ᠢ᠋ ᠬᠣᠩᠭᠣᠷ ᠰᠠᠢᠨ ᠮᠡᠳᠡᠨ᠎ᠡ᠃ ᠭᠡᠪᠡᠴᠦ ᠶᠠᠷᠢᠶ᠎ᠠ ᠡᠬᠢᠯᠡᠬᠦ ᠭᠡᠵᠦ ᠢᠩᠭᠢᠵᠦ ᠠᠰᠠᠭᠤᠪᠠ᠃
᠊᠊᠊᠊᠊᠊᠊᠊᠊᠊᠊᠊᠊᠊᠊ ᠰᠠᠢᠨ᠂ ᠴᠢ ᠰᠠᠢᠨ ᠤᠤ? ᠮᠠᠨ ᠤ᠋ ᠬᠢ ᠲᠡᠷᠡ ᠰᠢᠦ ᠳᠡ᠃ ᠵᠠᠷᠢᠮ ᠳ᠋ᠠᠭᠠᠨ ᠴᠢ ᠣᠪᠣᠬᠠᠢ ᠲᠠᠭᠠᠷᠢᠴᠢᠬᠠᠬᠤ ᠭᠡᠳ ᠯᠡ ᠭᠠᠷᠳᠠᠭ ᠶᠤᠮ ᠪᠠᠢᠬᠤ ᠴᠢᠨᠢ ᠪᠢᠯᠡ ᠭᠡᠳ ᠲᠡᠷᠡᠪᠢᠰᠢ ᠬᠥᠭᠵᠢᠯᠲᠡᠢ ᠢᠨᠢᠶᠡᠪᠡ᠃
᠊᠊᠊᠊᠊᠊᠊᠊᠊᠊᠊᠊᠊᠊᠊ ᠰᠣᠭᠲᠣᠵᠤ ᠣᠷᠬᠢᠯ᠎ᠠ᠃ ᠲᠠᠨ ᠤ᠋ ᠳ᠋ᠤ᠌ ᠣᠷᠣᠵᠤ ᠤᠨᠲᠠᠶ᠎ᠠ᠃ ᠬᠥᠭᠡᠭᠡᠬᠦ ᠦᠭᠡᠢ ᠪᠢᠵᠡ᠃
᠊᠊᠊᠊᠊᠊᠊᠊᠊᠊᠊᠊᠊᠊᠊ ᠰᠦᠷᠦᠩ ᠮᠡᠳᠡᠪᠡᠯ ᠲᠣᠯᠣᠭᠠᠢ ᠶ᠋ᠢ ᠴᠢᠨᠢ ᠬᠠᠭ᠎ᠠ ᠴᠣᠬᠢᠨ᠎ᠠ ᠳᠠ ᠭᠡᠳ ᠲᠡᠷᠡᠪᠢᠰᠢ ᠤᠰᠤ ᠪᠠᠨ ᠲᠠᠯᠪᠢᠪᠠ᠃
᠊᠊᠊᠊᠊᠊᠊᠊᠊᠊᠊᠊᠊᠊᠊ ᠷᠠᠳᠨ᠎ᠠ ᠡᠴᠡ ᠰᠤᠷᠠᠭ ᠲᠠᠢ ᠤᠤ?
᠊᠊᠊᠊᠊᠊᠊᠊᠊᠊᠊᠊᠊᠊᠊ ᠤᠯᠠᠭᠠᠨᠪᠠᠭᠠᠲᠤᠷ ᠬᠣᠲᠠᠨ ᠳ᠋ᠤ᠌ ᠪᠠᠢᠭ᠎ᠠ᠃ ᠬᠣᠲᠠ ᠣᠷᠣᠪᠠᠯ ᠠᠭᠤᠯᠵᠠᠭᠠᠳ᠂ ᠠᠪᠠᠭᠠᠢ ᠴᠢᠨᠢ ᠮᠡᠨᠳᠦ ᠭᠢᠯᠠᠯᠵᠠᠵᠤ ᠪᠠᠢᠨ᠎ᠠ ᠭᠡᠵᠦ ᠬᠡᠯᠡᠭᠡᠷᠡᠢ᠃
᠊᠊᠊᠊᠊᠊᠊᠊᠊᠊᠊᠊᠊᠊᠊ ᠪᠣᠯᠢᠶ᠎ᠠ᠃ ᠬᠡᠷᠡᠭ ᠲᠦ᠍ ᠣᠷᠣᠨ᠎ᠠ᠃
᠊᠊᠊᠊᠊᠊᠊᠊᠊᠊᠊᠊᠊᠊᠊ ᠴᠢ ᠴᠦ᠍ ᠬᠠᠰᠢᠷ ᠲᠠᠭᠠᠨ ᠯᠠ ᠠᠮᠢᠳᠤ ᠶᠠᠪᠤᠭ᠎ᠠ ᠬᠥᠮᠦᠨ ᠪᠠᠢᠬᠤ ᠳᠠ᠃
᠊᠊᠊᠊᠊᠊᠊᠊᠊᠊᠊᠊᠊᠊᠊ ᠠᠶᠤᠵᠤ ᠶᠠᠪᠤᠪᠠᠯ ᠠᠮᠢᠨ ᠳ᠋ᠤ᠌ ᠥᠯᠵᠡᠢᠲᠡᠢ ᠬᠦ ᠭᠡᠳ ᠬᠣᠩᠭᠣᠷ ᠰᠣᠭᠲᠣᠭᠤ ᠬᠥᠮᠦᠨ ᠦ᠌ ᠪᠦᠳᠡᠭᠢ ᠬᠣᠭᠣᠯᠠᠢ ᠪᠠᠷ ᠢᠨᠢᠶᠡᠪᠡ᠃
᠊᠊᠊᠊᠊᠊᠊᠊᠊᠊᠊᠊᠊᠊᠊ ᠲᠡᠷᠡᠪᠢᠰᠢ ᠬᠤᠪᠢᠩ ᠲᠠᠢ ᠤᠰᠤ ᠪᠠᠨ ᠠᠪᠴᠤ ᠬᠥᠳᠡᠯᠬᠦ ᠳ᠋ᠦ᠍ᠨᠢ ᠬᠣᠩᠭᠣᠷ ᠦᠯᠦ ᠮᠡᠳᠡᠭ ᠭᠠᠩᠬᠤᠨ 《ᠬᠦᠯᠢᠶᠡᠵᠦ ᠪᠠᠢ》 ᠭᠡᠳ ᠬᠣᠢᠨ᠎ᠠ ᠡᠴᠡ ᠨᠢ ᠳᠠᠭᠠᠪᠠ᠃
ᠮᠠᠷᠭᠠᠰᠢ ᠨᠢ ᠦᠷ ᠦ᠋ᠨ ᠭᠡᠭᠡ ᠲᠦᠭᠡᠨ ᠴᠠᠢᠬᠤ ᠦᠶ᠎ᠡ ᠳ᠋ᠦ᠍ ᠷᠠᠳᠨ᠎ᠠ ᠶ᠋ᠢᠨ ᠭᠡᠷ ᠡᠴᠡ ᠨᠢᠭᠡ ᠬᠥᠮᠦᠨ ᠭᠠᠷᠴᠤ ᠨᠥᠭᠦᠭᠡ ᠭᠡᠷ ᠦ᠋ᠳ ᠤᠷᠤᠭᠤ ᠭᠢᠯᠦᠯᠵᠡᠨ ᠬᠠᠷᠠᠭᠰᠠᠭᠠᠷ ᠤᠶᠠᠵᠤ ᠬᠣᠨᠣᠭᠰᠠᠨ ᠮᠣᠷᠢ ᠪᠠᠨ ᠤᠨᠤᠭᠠᠳ ᠵᠡᠭᠦᠨ ᠲᠡᠰᠢ ᠶᠠᠪᠤᠯ᠎ᠠ᠃ ᠡᠨᠡ ᠪᠣᠯ ᠬᠣᠩᠭᠣᠷ ᠪᠠᠢᠵᠤ ᠪᠢᠯᠡ᠃ ᠥᠩᠭᠡᠷᠡᠭᠰᠡᠨ ᠣᠷᠣᠢ ᠶ᠋ᠢᠨ ᠤᠤᠭᠤᠭᠰᠠᠨ ᠨᠡᠷᠡᠮᠡᠯ ᠲᠣᠯᠣᠭᠠᠢ ᠶ᠋ᠢ ᠨᠢ ᠠᠩᠭᠠᠯᠵᠠᠭᠤᠯᠵᠤ ᠡᠬᠢᠯᠡᠭᠰᠡᠨ ᠲᠤᠯᠠ ᠬᠣᠯᠠᠳᠴᠤ ᠴᠢᠳᠠᠯ ᠦᠭᠡᠢ ᠨᠡᠷᠡᠵᠦ ᠪᠠᠢᠭ᠎ᠠ ᠠᠢᠯ ᠪᠠᠷᠠᠭᠠᠳᠠᠨ ᠣᠷᠣᠢ ᠨᠢ ᠷᠠᠳᠨ᠎ᠠ ᠶ᠋ᠢᠨ ᠳ᠋ᠦ᠍ ᠠᠮᠢᠲᠠᠨ ᠤᠨᠲᠠᠭᠰᠠᠨ ᠬᠣᠢᠨ᠎ᠠ ᠪᠤᠴᠠᠵᠤ ᠢᠷᠡᠯ᠎ᠡ᠃
ᠠᠩᠬᠠᠨ ᠤ᠋ ᠥᠷᠯᠥᠭᠡ ᠷᠠᠳᠨ᠎ᠠ ᠶ᠋ᠢᠨ ᠭᠡᠷ ᠡᠴᠡ ᠦᠷ ᠢ᠋ᠶ᠋ᠡᠷ ᠮᠣᠷᠳᠠᠭᠰᠠᠨ ᠬᠣᠩᠭᠣᠷ ᠢ᠋ ᠬᠠᠷᠠᠵᠤ ᠠᠮᠵᠢᠭᠰᠠᠨ ᠨᠢᠭᠡ ᠬᠡᠦᠬᠡᠨ 《ᠢᠲᠡᠭᠡᠯᠲᠦ ᠶ᠋ᠢᠨ ᠬᠣᠩᠭᠣᠷ ᠷᠠᠳᠨ᠎ᠠ ᠶ᠋ᠢᠨ ᠳ᠋ᠦ᠍ ᠬᠣᠨᠣᠭᠠᠳ ᠶᠠᠪᠤᠭᠰᠠᠨ ᠰᠢᠦ᠃ ᠲᠡᠷᠡᠪᠢᠰᠢ ᠴᠦ᠍ ᠵᠢᠷᠦᠬᠡᠲᠡᠢ ᠵᠣᠯᠢᠭ ᠶᠤᠮ ᠠ᠋᠃ ᠪᠢᠲᠡᠭᠡᠢ ᠬᠥᠮᠦᠨ ᠳ᠋ᠦ᠍ ᠬᠡᠯᠡᠭᠡᠷᠡᠢ᠃ ᠰᠦᠷᠦᠩ ᠲᠤᠭᠤᠯᠪᠠᠯ ᠭᠠᠵᠠᠷ ᠲᠩᠷᠢ ᠨᠡᠢᠯᠡᠭᠦᠯᠦᠨ᠎ᠡ ᠰᠢᠦ》 ᠭᠡᠵᠦ ᠨᠠᠢᠵᠢ ᠳ᠋ᠠᠭᠠᠨ ᠬᠡᠯᠡᠵᠡᠢ᠃ ᠲᠡᠷᠡ ᠨᠠᠢᠵᠢ ᠨᠢ ᠪᠠᠰᠠ ᠨᠢᠭᠡ ᠬᠡᠦᠬᠡᠨ ᠳ᠋ᠦ᠍ 《ᠬᠣᠩᠭᠣᠷ ᠲᠡᠷᠡᠪᠢᠰᠢ ᠡᠴᠡ ᠰᠠᠯᠬᠤ ᠪᠠᠨ ᠪᠣᠯᠢᠭᠰᠠᠨ ᠭᠡᠨ᠎ᠡ᠃ ᠲᠡᠢᠮᠦ ᠰᠠᠢᠬᠠᠨ ᠡᠬᠡᠨᠡᠷ ᠲᠡᠢ ᠪᠠᠢᠵᠤ ᠬᠥᠬᠡ ᠮᠠᠨᠲᠠᠤ ᠪᠠᠷ ᠶᠠᠭᠠᠬᠢᠨ᠎ᠠ ᠳᠠ᠃ ᠡᠪᠦᠭᠡᠨ ᠮᠢᠨᠢ ᠪᠢᠲᠡᠭᠡᠢ ᠬᠥᠮᠦᠨ ᠳ᠋ᠦ᠍ ᠶᠠᠷᠢᠭᠠᠷᠠᠢ᠃ ᠬᠣᠪ ᠲᠤ᠌ ᠣᠷᠣᠵᠤ ᠪᠠᠯᠠᠷᠠᠨ᠎ᠠ ᠰᠢᠦ》 ᠭᠡᠪᠡ᠃ ᠢᠩᠭᠢᠭᠡᠳ ᠷᠠᠳᠨ᠎ᠠ ᠶ᠋ᠢᠨ ᠳ᠋ᠦ᠍ ᠬᠣᠶᠠᠷᠳᠠᠬᠢ ᠣᠷᠣᠢ ᠪᠠᠨ ᠭᠡᠲᠡᠨ ᠢᠷᠡᠵᠦ ᠪᠠᠢᠬᠤ ᠳ᠋ᠤ᠌ ᠤᠷᠢᠳᠤ ᠰᠥᠨᠢ ᠶ᠋ᠢᠨ ᠶᠠᠪᠤᠳᠠᠯ ᠨᠢ ᠲᠠᠮᠢᠷ ᠤ᠋ᠨ ᠬᠥᠨᠳᠡᠢ ᠳ᠋ᠦ᠍ ᠰᠡᠭᠦᠯ ᠦ᠋ᠨ ᠰᠣᠨᠢᠨ ᠪᠣᠯᠤᠨ ᠨᠢᠭᠡ ᠬᠡᠦᠬᠡᠨ ᠦ᠌ ᠠᠮᠠᠨ ᠡᠴᠡ ᠨᠥᠭᠦᠭᠡ ᠬᠡᠦᠬᠡᠨ ᠦ᠌ ᠴᠢᠬᠢᠨ ᠳ᠋ᠦ᠍ ᠳᠡᠮᠵᠢᠵᠦ ᠶᠠᠪᠤᠭᠰᠠᠭᠠᠷ ᠰᠦᠷᠦᠩ ᠦ᠋ᠨ ᠴᠢᠬᠢᠨ ᠳ᠋ᠦ᠍ ᠥᠷᠥᠮᠳᠡᠨ ᠣᠷᠣᠯ᠎ᠠ᠃
ᠦᠷ ᠴᠠᠢᠵᠤ ᠭᠡᠷ ᠦ᠋ᠨ ᠳᠣᠲᠣᠷᠠᠬᠢ ᠪᠦᠬᠦ ᠶᠠᠭᠤᠮ᠎ᠠ ᠲᠣᠳᠣᠷᠠᠭᠰᠠᠨ ᠦᠶ᠎ᠡ ᠳ᠋ᠦ᠍ ᠬᠣᠩᠭᠣᠷ ᠰᠡᠷᠢᠭᠡᠳ ᠤᠬᠤᠰᠬᠢᠨ ᠪᠣᠰᠤᠭᠠᠳ ᠲᠦᠷᠭᠡᠨ ᠵᠠᠭᠤᠷ᠎ᠠ ᠬᠤᠪᠴᠠᠰᠤᠯᠠᠨ ᠭᠠᠷᠬᠤ ᠭᠡᠬᠦ ᠳ᠋ᠦ᠍ᠨᠢ 《ᠠᠶᠠᠭ᠎ᠠ ᠰᠦ ᠤᠤᠭᠤᠵᠤ᠂ ᠥᠯᠥᠨ ᠡᠯᠢᠭᠡ ᠪᠡᠨ ᠲᠠᠢᠯᠤᠭᠠᠳ ᠶᠠᠪᠤ ᠯᠠ ᠳᠠ》 ᠭᠡᠳ ᠲᠡᠷᠡᠪᠢᠰᠢ ᠥᠨᠳᠡᠢᠪᠡ᠃ ᠲᠡᠭᠦᠨ ᠦ᠌ ᠵᠢᠷᠲᠠᠭᠠᠨᠠᠨ ᠲᠣᠭᠯᠠᠵᠤ ᠪᠠᠢᠭ᠎ᠠ ᠨᠢᠳᠦ 《ᠪᠢ ᠰᠠᠢᠬᠠᠨ ᠪᠠᠢᠨ᠎ᠠ ᠤᠤ? ᠰᠦᠷᠦᠩ ᠢ᠋ᠶ᠋ᠡᠨ ᠮᠠᠷᠲᠠᠵᠤ ᠣᠷᠬᠢᠪᠠ ᠤᠤ?》 ᠭᠡᠵᠦ ᠠᠰᠠᠭᠤᠵᠤ ᠪᠠᠢᠯ᠎ᠠ᠃
᠊᠊᠊᠊᠊᠊᠊᠊᠊᠊᠊᠊᠊᠊᠊ ᠵᠦᠭᠡᠷ ᠭᠡᠵᠦ ᠬᠣᠩᠭᠣᠷ ᠶᠤᠪᠣᠷᠯᠠᠭᠰᠠᠨ ᠳᠠᠭᠤ ᠪᠠᠷ ᠬᠡᠯᠡᠭᠡᠳ ᠰᠢᠭᠤᠳ ᠭᠠᠷᠬᠤ ᠳ᠋ᠠᠭᠠᠨ 《ᠡᠷᠡᠭᠦᠯ ᠪᠠᠢᠭᠰᠠᠨ ᠪᠣᠯ ᠡᠳᠡᠨ ᠦ᠌ ᠳ᠋ᠦ᠍ ᠪᠢ ᠬᠠᠮᠢᠭ᠎ᠠ ᠡᠴᠡ ᠪᠤᠴᠠᠵᠤ ᠢᠷᠡᠬᠦ ᠪᠢᠯᠡ ᠳᠠ᠃ ᠵᠠᠶᠠᠭ᠎ᠠ ᠨᠢ ᠣᠷᠬᠢᠭᠰᠠᠨ ᠲᠣᠯᠣᠭᠠᠢ᠂ ᠲᠦᠢ》 ᠭᠡᠵᠦ ᠳᠣᠲᠣᠷ᠎ᠠ ᠪᠠᠨ ᠬᠡᠯᠡᠭᠡᠳ ᠮᠣᠷᠢᠨ ᠳ᠋ᠠᠭᠠᠨ ᠮᠣᠷᠳᠠᠨ ᠶᠠᠮᠠᠷ ᠨᠢᠭᠡᠨ ᠶᠠᠭᠤᠮᠠᠨ ᠳ᠋ᠤ᠌ ᠬᠥᠭᠡᠭᠡᠭᠳᠡᠵᠦ ᠵᠢᠭᠤᠲᠠᠨ ᠪᠣᠢ ᠮᠡᠲᠦ ᠭᠡᠷ ᠦ᠋ᠨ ᠵᠦᠭ ᠳᠠᠪᠬᠢᠯ᠎ᠠ᠃
ᠨᠢᠳᠦ ᠨᠢ ᠪᠡᠯᠴᠡᠢᠨ ᠴᠠᠭᠠᠷᠢᠭᠯᠠᠵᠤ᠂ ᠴᠢᠷᠠᠢ ᠨᠢ ᠰᠢᠷᠠᠯᠠᠨ ᠦᠷᠴᠢᠭᠡᠳ ᠪᠠᠵᠠᠵᠤ ᠦᠩᠭᠡᠭᠡᠳ ᠬᠠᠶᠠᠭᠰᠠᠨ ᠮᠣᠣᠲᠤᠤ ᠴᠠᠭᠠᠰᠤ ᠰᠢᠭ᠋ ᠪᠣᠯᠤᠭᠰᠠᠨ ᠬᠣᠩᠭᠣᠷ ᠢ᠋ ᠭᠡᠷ ᠲᠡᠭᠡᠨ ᠣᠷᠣᠬᠤ ᠳ᠋ᠤ᠌ ᠰᠦᠷᠦᠩ ᠣᠶᠣᠵᠤ ᠪᠠᠢᠭᠰᠠᠨ ᠳᠡᠪᠡᠯ ᠢ᠋ᠶ᠋ᠡᠨ ᠲᠦᠯᠬᠢᠵᠦ ᠣᠷᠬᠢᠭᠠᠳ ᠪᠡᠶ᠎ᠡ ᠪᠡᠨ ᠬᠣᠷᠢᠶᠠᠨ ᠮᠠᠭᠤᠬᠠᠢ ᠬᠠᠷᠠᠯ᠎ᠠ᠃ 《ᠪᠣᠯᠠᠢ ᠠᠮᠢᠲᠠᠨ᠃ ᠴᠢ ᠮᠡᠳᠡᠭᠡ ᠦᠭᠡᠢ ᠶᠤᠮ ᠭᠡᠵᠦ ᠰᠠᠨᠠᠵᠤ ᠪᠠᠢᠨ᠎ᠠ ᠤᠤ? ᠵᠦᠭᠡᠷ ᠥᠩᠭᠡᠷᠡᠬᠦ ᠪᠠᠢᠬ᠎ᠠ》 ᠭᠡᠵᠦ ᠲᠡᠭᠦᠨ ᠦ᠌ ᠬᠣᠷᠣᠰᠤᠯ ᠢ᠋ᠶ᠋ᠠᠷ ᠲᠦᠭᠦᠷᠡᠭᠰᠡᠨ ᠬᠣᠶᠠᠷ ᠬᠤᠷᠴᠠ ᠨᠢᠳᠦ ᠬᠡᠯᠡᠵᠦ ᠪᠠᠢᠯ᠎ᠠ᠃
ᠢᠷᠡᠬᠦ ᠪᠦᠷᠢ ᠳ᠋ᠦ᠍ ᠪᠠᠶᠠᠷ ᠬᠥᠷ ᠪᠣᠯᠵᠤ᠂ ᠪᠣᠯᠤᠭᠰᠠᠨ ᠶᠠᠪᠤᠳᠠᠯ ᠢ᠋ ᠲᠣᠭᠠᠴᠢᠨ ᠶᠠᠷᠢᠳᠠᠭ ᠡᠬᠡᠨᠡᠷ ᠨᠢ ᠶᠡᠷᠦ ᠪᠤᠰᠤ ᠶ᠋ᠢᠨ ᠪᠠᠢᠬᠤ ᠶ᠋ᠢ ᠬᠠᠷᠠᠭᠠᠳ ᠬᠡᠷᠡᠭ ᠪᠢᠰᠢ ᠪᠣᠯᠵᠤ ᠤᠴᠢᠷ ᠶᠠᠪᠤᠳᠠᠯ ᠵᠠᠳᠠᠷᠠᠭᠰᠠᠨ ᠢ᠋ ᠣᠢᠯᠠᠭᠠᠭᠰᠠᠨ ᠬᠣᠩᠭᠣᠷ᠂ ᠭᠡᠮᠲᠦ ᠬᠥᠮᠦᠨ ᠬᠡᠯᠪᠡᠯᠵᠡᠨ᠎ᠡ᠂ ᠳᠠᠭᠠᠷᠢᠲᠤ ᠮᠣᠷᠢ ᠳᠠᠯᠪᠢᠯᠵᠠᠨ᠎ᠠ ᠭᠡᠭᠴᠢ ᠪᠡᠷ ᠭᠥᠯᠢᠯᠵᠡᠨ ᠶᠠᠭᠠᠬᠢᠬᠤ ᠪᠠᠨ ᠮᠡᠳᠡᠬᠦ ᠦᠭᠡᠢ ᠪᠠᠢᠯ᠎ᠠ᠃ ᠲᠤᠯᠭᠠᠨ ᠤ᠋ ᠬᠠᠵᠠᠭᠤ ᠳ᠋ᠤ᠌ ᠳᠤᠪᠰᠢᠷᠠᠭᠳᠠᠨ ᠰᠠᠭᠤᠭᠠᠳ ᠭᠠᠩᠰᠠ ᠲᠠᠮᠠᠬᠢ ᠪᠠᠨ ᠭᠠᠷᠭᠠᠵᠤ ᠨᠡᠷᠡᠬᠦ ᠭᠡᠰᠡᠨ ᠢ᠋ᠶ᠋ᠡᠨ 《ᠮᠢᠨᠦ ᠲᠠᠮᠠᠬᠢ ᠬᠠᠮᠢᠭ᠎ᠠ ᠪᠠᠢᠭ᠎ᠠ ᠪᠣᠢ?》 ᠭᠡᠵᠦ ᠰᠤᠯᠠᠬᠠᠨ ᠠᠰᠠᠭᠤᠪᠠ᠃
᠊᠊᠊᠊᠊᠊᠊᠊᠊᠊᠊᠊᠊᠊᠊ ᠡᠨᠳᠡ ᠪᠠᠢᠨ᠎ᠠ ᠭᠡᠰᠡᠨ ᠢ᠋ᠶ᠋ᠡᠨ ᠰᠦᠷᠦᠩ ᠦᠰᠦᠷᠦᠨ ᠬᠣᠩᠭᠣᠷ ᠤ᠋ᠨ ᠪᠠᠷᠠᠭᠤᠨ ᠴᠢᠬᠢᠨ ᠡᠴᠡ ᠪᠠᠵᠠᠵᠤ ᠠᠪᠤᠭᠠᠳ ᠲᠣᠬᠢᠶᠠᠯᠳᠤᠭᠰᠠᠨ ᠭᠠᠵᠠᠷ ᠢ᠋ᠶ᠋ᠠᠨ ᠪᠠᠯᠪᠠᠵᠤ ᠭᠠᠷᠤᠯ᠎ᠠ᠃
᠊᠊᠊᠊᠊᠊᠊᠊᠊᠊᠊᠊᠊᠊᠊ ᠦᠭᠡᠢ ᠴᠢ ᠶᠠᠭᠠᠬᠢᠵᠤ ᠪᠠᠢᠨ᠎ᠠ᠃ ᠪᠣᠯᠢᠭᠠᠴᠢ ᠳᠠ ᠁ ᠶᠣ ᠭᠡᠵᠦ ᠵᠠᠢ᠌ᠴᠢᠨ ᠪᠠᠢᠯ᠎ᠠ᠃
᠊᠊᠊᠊᠊᠊᠊᠊᠊᠊᠊᠊᠊᠊᠊ ᠪᠠᠷᠤᠭᠲᠠᠢ ᠳᠠᠷᠤᠯᠠᠭᠠᠷᠠᠢ᠃ ᠴᠢᠮᠠᠲᠤ ᠣᠭᠲᠣ ᠳᠠᠷᠤᠯᠠᠭᠤᠯᠬᠤ ᠦᠭᠡᠢ᠃
᠊᠊᠊᠊᠊᠊᠊᠊᠊᠊᠊᠊᠊᠊᠊ ᠬᠡᠨ ᠴᠢᠮᠠᠲᠤ ᠶᠠᠭᠤ ᠶᠠᠷᠢᠵᠤ ᠣᠷᠬᠢᠪᠠ ᠠ᠋᠃
᠊᠊᠊᠊᠊᠊᠊᠊᠊᠊᠊᠊᠊᠊᠊ ᠲᠡᠢᠮᠦ ᠪᠣᠢ᠃ ᠲᠡᠷᠡᠪᠢᠰᠢ ᠲᠡᠢ ᠴᠢ ᠶᠠᠭᠠᠬᠢᠨ᠎ᠠ ᠭᠡᠨ᠎ᠡ᠃ ᠬᠠᠷ᠎ᠠ ᠤᠬᠤᠨ᠎ᠠ! ᠭᠡᠵᠦ ᠬᠠᠰᠬᠢᠷᠤᠭᠠᠳ ᠤᠯᠠᠮ ᠬᠦᠴᠦᠲᠡᠢ ᠪᠠᠯᠪᠠᠪᠠ᠃ ᠬᠣᠩᠭᠣᠷ ᠠᠷᠠᠢ ᠭᠡᠵᠦ ᠰᠦᠷᠦᠩ ᠦ᠋ᠨ ᠭᠠᠷ ᠡᠴᠡ ᠮᠤᠯᠲᠤᠷᠠᠨ ᠰᠠᠯᠤᠭᠠᠳ ᠭᠡᠷ ᠦ᠋ᠨ ᠨᠥᠭᠦᠭᠡ ᠲᠠᠯ᠎ᠠ ᠳ᠋ᠤ᠌ ᠵᠠᠢᠯᠠᠨ ᠭᠠᠷᠪᠠ᠃ ᠰᠦᠷᠦᠩ ᠦ᠋ᠨ ᠨᠢᠳᠦ ᠭᠢᠯᠠᠯᠵᠠᠨ ᠦᠰᠦᠴᠢᠵᠦ ᠭᠠᠷ ᠲᠠᠭᠠᠨ ᠥᠷᠲᠥᠭᠰᠡᠨ ᠪᠦᠬᠦᠨ ᠢ᠋ᠶ᠋ᠡᠷ ᠰᠢᠲᠠᠯᠠ᠃
ᠬᠣᠩᠭᠣᠷ ᠰᠢᠳᠡᠭᠰᠡᠨ ᠶᠠᠭᠤᠮᠠᠨ ᠤ᠋ ᠵᠠᠷᠢᠮ ᠢ᠋ ᠪᠠᠷᠢᠵᠤ ᠠᠪᠤᠨ᠎ᠠ᠃ ᠵᠠᠷᠢᠮ ᠡᠴᠡ ᠨᠢ ᠵᠠᠢᠯᠠᠨ᠎ᠠ᠃ ᠭᠡᠪᠡᠴᠦ ᠳ᠋ᠧᠩ ᠦ᠋ᠨ ᠴᠥᠭᠥᠴᠡ ᠪᠠᠷᠠᠭᠤᠨ ᠨᠢᠳᠦᠨ ᠳᠡᠭᠡᠷ᠎ᠡ ᠨᠢ ᠶᠠᠭ ᠪᠠᠭᠤᠭᠠᠳ ᠳᠣᠣᠷ᠎ᠠ ᠪᠠᠨ ᠬᠥᠬᠡᠷᠡᠨ ᠬᠠᠪᠤᠳᠪᠠ᠃
ᠰᠦᠷᠦᠩ ᠪᠠᠬᠠᠨ ᠬᠠᠷᠢᠶᠠᠵᠤ ᠨᠦᠳᠦᠵᠦ ᠠᠪᠤᠭᠠᠳ ᠬᠡᠨᠡᠭ ᠦᠭᠡᠢ ᠭᠠᠷᠤᠯ᠎ᠠ᠃ ᠢᠲᠡᠭᠡᠯᠲᠦ ᠬᠦᠦ ᠪᠡᠨ ᠢᠷᠡᠬᠦ ᠶ᠋ᠢ ᠬᠠᠷᠠᠭᠠᠳ ᠣᠷᠣᠬᠤ ᠭᠡᠵᠦ ᠭᠡᠷ ᠲᠦ᠋ᠨᠢ ᠣᠢᠷᠠᠲᠤᠲᠠᠯ᠎ᠠ ᠪᠡᠷᠢ ᠨᠢ ᠨᠥᠬᠥᠷ ᠢ᠋ᠶ᠋ᠡᠨ ᠭᠠᠵᠠᠷ ᠳᠣᠭᠤᠤᠷ ᠣᠷᠣᠲᠠᠯ᠎ᠠ ᠬᠠᠷᠢᠶᠠᠨ᠂ ᠨᠦᠳᠦᠵᠦ ᠪᠠᠢᠬᠤ ᠶ᠋ᠢ ᠰᠣᠨᠣᠰᠤᠭᠠᠳ ᠣᠷᠣᠵᠤ ᠴᠢᠳᠠᠯ ᠦᠭᠡᠢ ᠪᠤᠴᠠᠵᠤ ᠬᠣᠨᠢᠨ ᠤ᠋ ᠬᠣᠲᠠᠨ ᠳ᠋ᠤ᠌ ᠣᠷᠣᠵᠤ ᠮᠣᠳᠣᠨ ᠬᠦᠷᠵᠡ ᠪᠠᠷᠢᠨ ᠠᠷᠢᠯᠭᠠᠵᠤ ᠪᠠᠢᠭ᠎ᠠ ᠳᠦᠷᠢ ᠦᠵᠡᠭᠦᠯᠦᠨ ᠴᠢᠩᠨᠠᠪᠠ᠃
《ᠳᠠᠮᠰᠢᠭ ᠴᠢᠨᠢ ᠶᠠᠭᠤ ᠬᠢᠵᠦ ᠣᠷᠬᠢᠭᠰᠠᠨ ᠶᠤᠮ ᠪᠣᠯ᠃ ᠰᠦᠷᠦᠩ ᠴᠦ᠍ ᠳᠤᠯᠵᠢᠨ ᠪᠢᠰᠢ ᠳᠡ᠃ ᠪᠣᠯᠭᠣᠭᠠᠵᠤ ᠲᠠᠯᠪᠢᠨ᠎ᠠ᠃ ᠨᠢᠳᠦ ᠠᠮᠠ ᠶ᠋ᠢ ᠨᠢ ᠪᠦᠯᠳᠤ ᠴᠣᠬᠢᠴᠢᠬᠠᠬᠤ ᠦᠭᠡᠢ ᠪᠠᠢᠭ᠎ᠠ ᠳᠠ ᠁ ᠡᠮ᠎ᠡ ᠪᠡᠨ ᠲᠣᠯᠣᠭᠠᠢ ᠳᠡᠭᠡᠷ᠎ᠡ ᠪᠡᠨ ᠭᠠᠷᠭᠠᠭᠰᠠᠨ ᠬᠥᠮᠦᠨ ᠶᠡᠬᠡ ᠰᠢᠪᠰᠢᠭ ᠪᠣᠯᠤᠨ᠎ᠠ》 ᠭᠡᠵᠦ ᠳᠣᠲᠣᠷ᠎ᠠ ᠪᠠᠨ ᠪᠣᠳᠣᠨ ᠬᠦᠦ ᠪᠡᠨ ᠬᠠᠷᠠᠮᠰᠠᠵᠤ ᠪᠠᠢᠯ᠎ᠠ᠃ ᠭᠡᠪᠡᠴᠦ ᠣᠷᠣᠵᠤ ᠨᠢᠭᠡ ᠯᠡ ᠴᠢᠳᠠᠭᠰᠠᠨ ᠦᠭᠡᠢ ᠠᠵᠢ᠃
ᠰᠦᠷᠦᠩ ᠢ᠋ ᠬᠠᠷᠠᠭᠠᠳ ᠮᠣᠳᠣᠨ ᠬᠦᠷᠵᠡ ᠪᠡᠷ ᠢ᠋ᠶ᠋ᠡᠨ ᠲᠦᠷᠭᠡᠨ ᠲᠦᠷᠭᠡᠨ ᠠᠵᠢᠯᠯᠠᠵᠤ ᠡᠬᠢᠯᠡᠪᠡ᠃ ᠰᠦᠷᠦᠩ ᠦ᠋ᠨ ᠴᠢᠷᠠᠢ ᠮᠢᠠᠴᠢ᠌ᠨ ᠤᠯᠠᠢᠭᠠᠳ ᠨᠢᠳᠦ ᠨᠢ ᠡᠷᠴᠢᠯᠡᠵᠡᠢ᠃
᠊᠊᠊᠊᠊᠊᠊᠊᠊᠊᠊᠊᠊᠊᠊ ᠠᠪᠤ ᠲᠠ ᠬᠣᠲᠠ ᠠᠷᠢᠯᠭᠠᠵᠤ ᠪᠠᠢᠭ᠎ᠠ ᠶᠤᠮ ᠤᠤ?
᠊᠊᠊᠊᠊᠊᠊᠊᠊᠊᠊᠊᠊᠊᠊ ᠲᠡᠢᠮᠦ᠂ ᠪᠢ ᠬᠣᠲᠠ ᠠᠷᠢᠯᠭᠠᠵᠤ ᠪᠠᠢᠨ᠎ᠠ᠃ ᠲᠠ ᠨᠠᠷ ᠴᠢᠨᠢ ᠶᠠᠭᠤ ᠪᠣᠯᠤᠭᠠᠳ ᠯᠠ ᠬᠠᠰᠬᠢᠷᠤᠯᠳᠤᠭᠠᠳ ᠪᠠᠢᠨ᠎ᠠ ᠳᠠ?
᠊᠊᠊᠊᠊᠊᠊᠊᠊᠊᠊᠊᠊᠊᠊ ᠶᠠᠭᠤ ᠴᠤ᠌ ᠪᠣᠯᠤᠭ᠎ᠠ ᠦᠭᠡᠢ᠃ ᠠᠷᠢᠬᠢ ᠤᠤᠭᠤᠵᠤ ᠢᠷᠡᠭᠡᠳ ᠠᠭᠰᠤᠮᠨᠠᠵᠤ ᠪᠠᠢᠬᠤ ᠦᠭᠡᠢ ᠤᠤ ᠭᠡᠳ ᠶᠡᠬᠡ ᠭᠡᠷ ᠲᠦ᠍ ᠣᠷᠣᠵᠤ ᠬᠥᠭᠡᠷᠴᠦ ᠪᠠᠢᠭ᠎ᠠ ᠲᠣᠭᠣᠭ᠎ᠠ ᠲᠠᠢ ᠰᠦ ᠶ᠋ᠢ ᠶᠠᠭᠤ ᠴᠤ᠌ ᠪᠣᠯᠤᠭ᠎ᠠ ᠦᠭᠡᠢ ᠶᠤᠮ ᠰᠢᠭ ᠰᠠᠮᠤᠷᠴᠤ ᠡᠬᠢᠯᠡᠪᠡ᠃
ᠲᠡᠷᠡ ᠡᠳᠦᠷ ᠬᠣᠩᠭᠣᠷ ᠭᠡᠷ ᠡᠴᠡ ᠭᠠᠷᠤᠭᠰᠠᠨ ᠦᠭᠡᠢ᠃ ᠪᠠᠰᠠ ᠬᠡᠨ ᠴᠦ᠍ ᠲᠡᠭᠦᠨ ᠢ᠋ ᠣᠷᠣᠵᠤ ᠬᠥᠨᠳᠡᠭᠰᠡᠨ ᠦᠭᠡᠢ᠃ ᠮᠠᠷᠭᠠᠰᠢ ᠨᠢ ᠬᠥᠬᠡ ᠪᠤᠯᠤᠤ ᠪᠣᠯᠤᠭᠰᠠᠨ ᠨᠢᠳᠦ ᠲᠡᠢ ᠬᠣᠩᠭᠣᠷ ᠢ᠋ ᠭᠡᠭᠦᠦ ᠶ᠋ᠢᠨ ᠵᠡᠯ᠎ᠡ ᠳᠡᠭᠡᠷ᠎ᠡ ᠣᠴᠢᠬᠤ ᠳ᠋ᠤᠨᠢ 《ᠶᠠᠭᠤ ᠪᠣᠯᠤᠭ᠎ᠠ ᠪᠣᠢ? ᠨᠢᠳᠦ ᠴᠢᠨᠢ》 ᠭᠡᠵᠦ ᠢᠲᠡᠭᠡᠯᠲᠦ ᠠᠰᠠᠭᠤᠬᠤ ᠳ᠋ᠤ᠌ 《ᠮᠣᠳᠣ ᠦᠰᠦᠷᠦᠭᠡᠳ ᠴᠣᠬᠢᠴᠢᠬᠠᠭᠰᠠᠨ ᠶᠤᠮ》 ᠭᠡᠵᠦ ᠠᠵᠢᠭ ᠦᠭᠡᠢ ᠬᠡᠯᠡᠭᠡᠳ ᠴᠢᠷᠠᠢ ᠨᠢ ᠦᠯᠦ ᠮᠡᠳᠡᠭ ᠤᠯᠠᠢᠪᠠ᠃
᠊᠊᠊᠊᠊᠊᠊᠊᠊᠊᠊᠊᠊᠊᠊ ᠲᠦᠯᠡᠭᠡ ᠰᠡᠷᠡᠮᠵᠢᠲᠡᠢ ᠬᠠᠭᠠᠯᠵᠤ ᠪᠠᠢᠬᠤ ᠦᠭᠡᠢ ᠳᠡ ᠭᠡᠳ ᠢᠲᠡᠭᠡᠯᠲᠦ ᠪᠠᠷᠢᠭᠰᠠᠨ ᠤᠨᠠᠭ᠎ᠠ ᠪᠠᠨ ᠴᠢᠭᠲᠠᠭᠠᠯᠠᠬᠤ ᠵᠠᠭᠤᠷ᠎ᠠ 《ᠳᠠᠮᠰᠢᠭ ᠴᠢᠨᠢ ᠨᠢᠭᠤᠬᠤ ᠰᠠᠨᠠᠭ᠎ᠠ ᠲᠠᠢ》 ᠭᠡᠵᠦ ᠪᠣᠳᠣᠨ ᠳᠣᠲᠣᠷ᠎ᠠ ᠪᠠᠨ ᠢᠨᠢᠶᠡᠵᠦ ᠪᠢᠯᠡ᠃
ᠬᠣᠩᠭᠣᠷ ᠨᠢᠭᠡ ᠬᠡᠰᠡᠭ ᠲᠡᠨᠦᠵᠦ ᠠᠯᠠᠭ᠎ᠠ ᠪᠣᠯᠬᠤ ᠦᠭᠡᠢ ᠪᠠᠢᠭᠰᠠᠨ ᠢ᠋ᠶ᠋ᠠᠨ ᠲᠡᠮᠦᠷ ᠦ᠋ᠨ ᠥᠭᠭᠦᠭᠰᠡᠨ ᠪᠣᠷᠣ ᠮᠣᠷᠢ᠂ ᠥᠭᠡᠷ᠎ᠡ ᠨᠢᠭᠡ ᠮᠣᠷᠢ ᠲᠠᠢ ᠬᠠᠮᠲᠤ ᠬᠡᠳᠦ ᠬᠣᠨᠣᠭ ᠰᠣᠢᠵᠤ ᠤᠨᠤᠭᠠᠳ ᠨᠢᠭᠡ ᠡᠳᠦᠷ ᠠᠯᠠᠭ᠎ᠠ ᠪᠣᠯᠪᠠ᠃
ᠬᠣᠶᠠᠷ ᠳᠣᠯᠣᠭ᠎ᠠ ᠬᠣᠨᠣᠭ ᠰᠢᠬᠠᠮ ᠪᠣᠯᠤᠭᠠᠳ ᠢᠷᠡᠬᠦ ᠳ᠋ᠡᠭᠡᠨ ᠠᠷᠪᠠᠨ ᠬᠡᠳᠦᠨ ᠰᠤᠭᠤ ᠰᠢᠭ᠋ ᠮᠣᠷᠢ ᠬᠥᠭᠡᠭᠡᠨ ᠠᠪᠴᠢᠷᠠᠪᠠ᠃
