ᠲᠤᠩᠭᠠᠯᠠᠭ ᠲᠠᠮᠢᠷ3-25-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠶᠢᠷᠲᠢᠨᠴᠦ ᠶ᠋ᠢᠨ ᠪᠤᠵᠠᠷ ᠶᠠᠪᠤᠳᠠᠯ ᠢ᠋ ᠬᠠᠷᠠᠬᠤ ᠦᠭᠡᠢ》 - ᠭᠤᠷᠪᠠᠳᠤᠭᠠᠷ ᠪᠦᠯᠦᠭ ᠬᠣᠷᠢᠨ ᠲᠠᠪᠤ
ᠲᠤᠤᠯᠠ ᠭᠣᠣᠯ ᠤ᠋ᠨ ᠮᠥᠰᠥᠨ ᠳᠡᠭᠡᠷ᠎ᠡ ᠠᠰᠬᠠᠭᠰᠠᠨ ᠬᠠᠷᠠᠤ ᠪᠠᠷ ᠭᠤᠴᠢ ᠣᠷᠴᠢᠮ ᠲᠡᠮᠡᠭᠡᠨ ᠵᠢᠩ ᠣᠭᠲᠣᠯᠤᠨ ᠭᠠᠷᠴᠤ ᠯᠦᠩ ᠲᠣᠯᠣᠭᠠᠢ ᠶ᠋ᠢᠨ ᠡᠮᠦᠨᠡᠭᠦᠷ ᠭᠠᠷᠴᠤ ᠶᠠᠪᠤᠭᠰᠠᠭᠠᠷ ᠪᠣᠭᠳᠠ ᠬᠠᠨ ᠠᠭᠤᠯᠠ ᠶ᠋ᠢᠨ ᠠᠢᠮᠠᠭ ᠤ᠋ᠨ ᠲᠥᠪ ᠤᠷᠤᠭᠤ ᠣᠷᠣᠵᠤ ᠢᠷᠡᠯ᠎ᠡ᠃ ᠬᠣᠯᠠ ᠶ᠋ᠢᠨ ᠠᠶᠠᠨ ᠳ᠋ᠤ᠌ ᠶᠠᠳᠠᠷᠠᠭᠰᠠᠨ ᠲᠡᠮᠡᠭᠡ ᠨᠦ᠍ᠭᠦᠳ ᠬᠦᠵᠦᠭᠦᠦ ᠪᠡᠨ ᠰᠤᠩᠭᠠᠨ ᠠᠭᠠᠵᠢᠮ ᠪᠣᠯᠪᠠᠴᠤ ᠬᠣᠯᠠ ᠬᠣᠯᠠ ᠠᠯᠬᠤᠨ᠎ᠠ᠃ ᠵᠢᠩ ᠦ᠋ᠨ ᠪᠥᠭᠰᠡᠨ ᠳ᠋ᠦ᠍ ᠥᠵᠦᠭᠦᠷᠰᠡᠭᠡᠨ ᠨᠡᠬᠡᠢ ᠳᠡᠪᠡᠯ ᠲᠡᠢ᠂ ᠵᠢᠷᠠ ᠣᠷᠴᠢᠮ ᠨᠠᠰᠤᠨ ᠤ᠋ ᠬᠥᠮᠦᠨ ᠬᠦᠷᠡᠩ ᠳᠡᠢᠯᠦᠭ ᠤᠨᠤᠨ ᠶᠠᠪᠤᠨ᠎ᠠ᠃ ᠤᠷᠢᠳᠤ ᠪᠦᠬᠦ ᠶ᠋ᠢ ᠨᠢ ᠬᠤᠴᠢᠵᠤ ᠬᠣᠶᠠᠷ ᠳᠠᠰᠢ ᠨᠢ ᠤᠨᠵᠢᠭᠤᠯᠤᠭᠰᠠᠨ ᠢᠮᠠᠭᠠᠨ ᠳᠠᠬᠤ ᠳᠡᠢᠯᠦᠭ ᠦ᠋ᠨ ᠠᠯᠬᠤᠭ᠎ᠠ ᠪᠠᠷ ᠰᠠᠪᠠᠯᠠᠨ᠎ᠠ᠃ ᠯᠣᠪᠤᠤᠵᠠ ᠪᠠᠨ ᠠᠷᠤ ᠳ᠋ᠠᠭᠠᠨ ᠤᠨᠵᠢᠭᠤᠯᠤᠭᠰᠠᠨ ᠡᠨᠡ ᠬᠥᠮᠦᠨ ᠦ᠌ ᠱᠣᠳᠣᠩ ᠭᠡᠵᠢᠭᠡ ᠶ᠋ᠢᠨ ᠳᠠᠪ ᠨᠢ ᠴᠠᠩᠲᠤᠨ ᠪᠤᠭᠤᠷᠤᠯᠲᠤᠵᠤ ᠠᠭᠤᠷ ᠰᠠᠪᠰᠠᠨ᠎ᠠ᠃ ᠠᠭᠤᠯᠠ ᠶ᠋ᠢᠨ ᠡᠩᠭᠡᠷ ᠡᠴᠡ ᠪᠤᠰᠤᠳ ᠨᠢ ᠴᠥᠮ ᠴᠠᠰᠤᠨ ᠳ᠋ᠤ᠌ ᠬᠤᠴᠢᠭᠳᠠᠭᠰᠠᠨ ᠲᠤᠯᠠ ᠬᠠᠮᠢᠭᠠᠰᠢ ᠪᠠᠨ ᠯᠠ ᠬᠠᠷᠠᠪᠠᠯ ᠴᠠᠭᠠᠨ ᠪᠥᠭᠡᠳ ᠨᠠᠷᠠᠨ ᠳ᠋ᠤ᠌ ᠭᠢᠯᠲᠠᠭᠠᠨᠠᠨ ᠨᠢᠳᠦ ᠭᠢᠯᠪᠠᠨ᠎ᠠ᠃
᠊᠊᠊᠊᠊᠊᠊᠊᠊᠊᠊᠊᠊᠊᠊ ᠬᠡᠦᠬᠡᠳ ᠦ᠋ᠳ ᠠ᠋᠃ ᠲᠠ ᠨᠠᠷ ᠶᠠᠪᠤᠵᠤ ᠯᠠ ᠪᠠᠢ᠃ ᠪᠢ ᠳᠡᠯᠭᠡᠭᠦᠷ ᠲᠦ᠍ ᠣᠷᠣᠭᠠᠳ ᠣᠴᠢᠶ᠎ᠠ ᠭᠡᠵᠦ ᠬᠦᠷᠡᠩ ᠲᠠᠢᠯᠤᠭ ᠲᠠᠢ ᠬᠥᠮᠦᠨ ᠬᠡᠯᠡᠭᠡᠳ ᠲᠡᠮᠡᠭᠡᠨ ᠴᠤᠪᠤᠭ᠎ᠠ ᠶ᠋ᠢᠨ ᠬᠠᠵᠠᠭᠤ ᠪᠠᠷ ᠵᠣᠭᠳᠣᠷ ᠬᠥᠳᠡᠯᠭᠡᠨ ᠰᠡᠮᠪᠡᠯᠵᠡᠭᠦᠯᠦᠨ ᠱᠣᠭᠰᠢᠭᠤᠯᠪᠠ᠃
ᠡᠨᠡ ᠬᠥᠮᠦᠨ ᠪᠣᠯ ᠠᠩᠭᠢ ᠷᠢᠨᠴᠢᠨ ᠦ᠌ ᠲᠠᠨᠢᠯ ᠪᠥᠭᠡᠳ ᠣᠯᠠᠨ ᠵᠢᠯ ᠦ᠋ᠨ ᠡᠮᠦᠨ᠎ᠡ ᠪᠠᠲᠤ ᠶ᠋ᠢ ᠬᠦᠷᠢᠶᠡᠨ ᠳ᠋ᠦ᠍ ᠬᠦᠷᠭᠡᠵᠦ ᠥᠭᠭᠦᠭᠰᠡᠨ ᠪᠠᠯᠳᠠᠨ ᠶᠤᠮ᠃ ᠶᠠᠪᠤᠭᠰᠠᠭᠠᠷ ᠳᠡᠯᠭᠡᠭᠦᠷ ᠦ᠋ᠨ ᠡᠮᠦᠨᠡᠬᠢ ᠤᠶᠠᠭᠠᠨ ᠳᠡᠭᠡᠷ᠎ᠡ ᠡᠴᠡ ᠲᠠᠢᠯᠤᠭ ᠢ᠋ᠶ᠋ᠠᠨ ᠤᠶᠠᠭᠠᠳ ᠣᠷᠣᠵᠤ ᠡᠷᠭᠢᠨ ᠲᠣᠭᠣᠷᠢᠨ ᠢ᠋ ᠠᠵᠢᠭᠯᠠᠨ ᠬᠡᠰᠡᠭ ᠵᠣᠭᠰᠣᠭᠰᠠᠨ ᠢ᠋ᠶ᠋ᠠᠨ ᠶᠠᠪᠤᠵᠤ ᠯᠠᠩᠭᠦᠢ ᠳᠡᠭᠡᠷ᠎ᠡ ᠳᠡᠯᠭᠡᠨ ᠲᠠᠯᠪᠢᠭᠰᠠᠨ ᠪᠠᠷᠠᠭ᠎ᠠ ᠶ᠋ᠢ ᠪᠡᠷᠢᠯᠡᠨ᠂ ᠦᠨ᠎ᠡ ᠶ᠋ᠢ ᠨᠢ ᠠᠰᠠᠭᠤᠵᠤ ᠭᠠᠷᠤᠯ᠎ᠠ᠃
᠊᠊᠊᠊᠊᠊᠊᠊᠊᠊᠊᠊᠊᠊᠊ ᠪᠠᠯᠳᠠᠨ ᠭᠤᠸᠠᠢ ᠭᠡᠵᠦ ᠬᠠᠵᠠᠭᠤ ᠳ᠋ᠤᠨᠢ ᠬᠥᠮᠦᠨ ᠳᠤᠤᠭᠠᠷᠬᠤ ᠳ᠋ᠤ᠌ ᠰᠣᠴᠢᠨ ᠬᠠᠷᠠᠭᠰᠠᠨ ᠢ᠋ᠶ᠋ᠠᠨ ᠨᠢᠳᠦᠨ ᠳ᠋ᠦ᠍ᠨᠢ ᠪᠠᠶᠠᠷ ᠤ᠋ᠨ ᠢᠨᠢᠶᠡᠮᠰᠦᠭᠯᠡᠯ ᠲᠣᠳᠣᠷᠠᠨ
᠊᠊᠊᠊᠊᠊᠊᠊᠊᠊᠊᠊᠊᠊᠊ ᠴᠢ ᠴᠢᠨᠢ ᠪᠠᠲᠤ ᠤᠤ ᠳᠠ? ᠭᠡᠯᠡ᠃
᠊᠊᠊᠊᠊᠊᠊᠊᠊᠊᠊᠊᠊᠊᠊ ᠲᠡᠢᠮᠦ᠃ ᠪᠢ ᠪᠠᠲᠤ ᠪᠠᠢᠨ᠎ᠠ᠃
ᠬᠠᠭᠤᠴᠢᠨ ᠲᠠᠨᠢᠯ ᠵᠠᠯᠠᠭᠤ ᠬᠥᠭᠰᠢᠨ ᠬᠣᠶᠠᠷ ᠠᠭᠤᠯᠵᠠᠵᠤ ᠶᠠᠭᠤᠨ ᠤ᠋ ᠡᠮᠦᠨ᠎ᠡ ᠵᠣᠯᠭᠠᠵᠤ ᠳᠠᠷᠠᠭ᠎ᠠ ᠨᠢ ᠬᠠᠷᠢᠯᠴᠠᠨ ᠪᠠᠢᠴᠠᠵᠤ ᠭᠠᠷᠤᠯ᠎ᠠ᠃
᠊᠊᠊᠊᠊᠊᠊᠊᠊᠊᠊᠊᠊᠊᠊ ᠡᠨᠳᠡ ᠶᠠᠷᠢᠭᠠᠳ ᠶᠠᠭᠠᠬᠢᠬᠤᠪ᠃ ᠮᠠᠨ ᠤ᠋ ᠳ᠋ᠤ᠌ ᠣᠴᠢᠶ᠎ᠠ᠃ ᠶᠡᠷᠦ ᠨᠢ ᠮᠠᠨ ᠤ᠋ ᠳ᠋ᠤ᠌ ᠬᠣᠨᠣᠭᠠᠳ ᠶᠠᠪᠤ᠃
᠊᠊᠊᠊᠊᠊᠊᠊᠊᠊᠊᠊᠊᠊᠊ ᠲᠡᠷᠡ ᠪᠣᠯᠤᠨ᠎ᠠ ᠬᠦᠦ ᠮᠢᠨᠢ᠃ ᠭᠠᠭᠴᠠᠬᠦ ᠵᠢᠩ ᠢ᠋ᠶ᠋ᠡᠨ ᠡᠷᠭᠢᠭᠦᠯᠬᠦ᠃
᠊᠊᠊᠊᠊᠊᠊᠊᠊᠊᠊᠊᠊᠊᠊ ᠲᠠᠨ ᠤ᠋ ᠲᠡᠮᠡᠭᠡ ᠪᠡᠷ ᠮᠣᠷᠳᠠᠭᠠᠳ ᠪᠢ ᠡᠷᠭᠢᠭᠦᠯᠦᠭᠡᠳ ᠢᠷᠡᠶ᠎ᠡ᠃ ᠡᠨᠡᠦᠬᠡᠨ ᠳ᠋ᠦ᠍ ᠶᠠᠪᠤᠵᠤ ᠪᠠᠢᠨ᠎ᠠ ᠪᠢᠯᠡ᠃ ᠬᠠᠷᠢᠨ ᠲᠠ ᠮᠠᠨ ᠤ᠋ ᠳ᠋ᠤ᠌ ᠣᠴᠢᠭᠠᠳ ᠪᠠᠢᠵᠤ ᠪᠠᠢ᠃ ᠣᠢᠷᠠᠬᠠᠨ ᠭᠡᠳ ᠡᠰᠢ ᠳᠠᠰᠢ ᠬᠠᠷᠠᠭᠰᠠᠨ ᠢ᠋ᠶ᠋ᠠᠨ ᠨᠢᠭᠡ ᠬᠥᠮᠦᠨ ᠢ᠋ ᠳᠠᠭᠤᠳᠠᠵᠤ 《ᠡᠪᠦᠭᠡᠨ᠂ ᠴᠢ ᠡᠨᠡ ᠪᠠᠯᠳᠠᠨ ᠭᠤᠸᠠᠢ ᠶ᠋ᠢ ᠮᠠᠨ ᠤ᠋ ᠳ᠋ᠤ᠌ ᠬᠦᠷᠭᠡᠵᠦ ᠥᠭ᠃ ᠬᠠᠯᠠᠭᠤᠨ ᠴᠠᠢ ᠲᠣᠰᠣ ᠪᠣᠭᠣᠷᠰᠣᠭ ᠥᠭᠭᠦᠭᠡᠷᠡᠢ᠃ ᠪᠢ ᠤᠳᠠᠬᠤ ᠦᠭᠡᠢ ᠢᠷᠡᠨ᠎ᠡ》 ᠭᠡᠯᠡ᠃
ᠪᠠᠯᠳᠠᠨ ᠤ᠋ ᠵᠢᠩ ᠰᠤᠷᠭᠠᠭᠤᠯᠢ ᠶ᠋ᠢᠨ ᠬᠠᠩᠬᠠᠷ ᠬᠠᠰᠢᠶᠠᠨ ᠳ᠋ᠤ᠌ ᠪᠠᠭᠤᠵᠤ ᠵᠢᠩᠴᠢᠳ ᠦ᠋ᠨ ᠨᠢᠭᠡ ᠨᠢ ᠲᠡᠮᠡᠭᠡ ᠢᠳᠡᠭᠦᠯᠬᠦ ᠪᠡᠷ ᠭᠠᠷᠤᠯ᠎ᠠ᠃ ᠪᠠᠯᠳᠠᠨ ᠲᠡᠷᠢᠭᠦᠲᠡᠢ ᠪᠤᠰᠤᠳ ᠨᠢ ᠪᠠᠲᠤ ᠶ᠋ᠢᠨ ᠭᠡᠷ ᠲᠦ᠍ ᠳᠡᠪᠡᠯ ᠢ᠋ᠶ᠋ᠡᠨ ᠲᠠᠢᠯᠤᠨ ᠲᠠᠪᠠᠲᠠᠢ ᠰᠠᠭᠤᠵᠠᠭᠠᠵᠤ ᠨᠠᠷᠢᠨ ᠬᠣᠭᠣᠯᠠ ᠪᠠᠷ ᠳᠠᠢᠯᠠᠭᠤᠯᠪᠠ᠃ ᠪᠠᠰᠠ ᠪᠠᠲᠤ ᠠᠷᠢᠬᠢ ᠠᠪᠴᠢᠷᠠᠨ ᠥᠭᠭᠦᠭᠰᠡᠨ ᠳ᠋ᠦ᠍ ᠣᠯᠠᠨ ᠬᠣᠨᠣᠭ ᠤ᠋ᠨ ᠬᠠᠲᠠᠭᠤ ᠠᠶᠠᠨ ᠳ᠋ᠤ᠌ ᠶᠠᠳᠠᠷᠠᠭᠰᠠᠨ ᠬᠥᠮᠦᠰ ᠦ᠋ᠨ ᠰᠡᠳᠬᠢᠯ ᠨᠢ ᠰᠡᠷᠭᠦᠵᠦ ᠦᠭᠡ ᠶᠠᠷᠢᠶ᠎ᠠ ᠣᠯᠠᠰᠢᠷᠠᠨ ᠳᠠᠭᠤ ᠴᠢᠩᠭᠠᠷᠠᠪᠠ᠃
᠊᠊᠊᠊᠊᠊᠊᠊᠊᠊᠊᠊᠊᠊᠊ ᠬᠦᠦ ᠮᠢᠨᠢ ᠴᠢ ᠪᠠᠭᠰᠢ ᠪᠠᠨ ᠲᠠᠭᠠᠯᠠᠯ ᠲᠡᠭᠦᠰᠬᠦ ᠳᠡᠭᠡᠷ᠎ᠡ ᠯᠡ ᠬᠠᠷ᠎ᠠ ᠪᠣᠯᠤᠭᠰᠠᠨ ᠬᠡᠷᠡᠭ ᠤᠤ?
᠊᠊᠊᠊᠊᠊᠊᠊᠊᠊᠊᠊᠊᠊᠊ ᠲᠡᠢᠮᠦ ᠠ᠋᠃ ᠪᠠᠭᠰᠢ ᠮᠢᠨᠢ ᠨᠠᠮᠠᠢ ᠬᠠᠷ᠎ᠠ ᠪᠣᠯ ᠭᠡᠰᠡᠨ᠃
᠊᠊᠊᠊᠊᠊᠊᠊᠊᠊᠊᠊᠊᠊᠊ ᠲᠡᠭᠡᠭᠡᠳ ᠲᠠᠩᠬᠢᠮ ᠤ᠋ᠨ ᠪᠠᠭᠰᠢ ᠪᠣᠯᠤᠭᠰᠠᠨ ᠬᠡᠷᠡᠭ ᠤᠤ?
᠊᠊᠊᠊᠊᠊᠊᠊᠊᠊᠊᠊᠊᠊᠊ ᠰᠤᠷᠭᠠᠭᠤᠯᠢ ᠳ᠋ᠤ᠌ ᠣᠷᠣᠵᠤ ᠲᠡᠭᠦᠰᠦᠭᠡᠳ ᠲᠠᠩᠬᠢᠮ ᠤ᠋ᠨ ᠳᠠᠭᠠᠭᠤᠷ ᠰᠤᠷᠭᠠᠭᠴᠢ ᠪᠠᠭᠰᠢ᠃
᠊᠊᠊᠊᠊᠊᠊᠊᠊᠊᠊᠊᠊᠊᠊ ᠪᠠᠭᠰᠢ ᠴᠢᠨᠢ ᠳᠡᠭᠡᠷᠡᠮᠴᠢᠨ ᠳ᠋ᠦ᠍ ᠴᠣᠬᠢᠭᠤᠯᠤᠭᠠᠳ ᠲᠠᠭᠠᠯᠠᠯ ᠲᠡᠭᠦᠰᠦᠭᠰᠡᠨ ᠭᠡᠳᠡᠭ ᠦᠨᠡᠨ ᠤᠤ?
᠊᠊᠊᠊᠊᠊᠊᠊᠊᠊᠊᠊᠊᠊᠊ ᠴᠣᠬᠢᠭᠤᠯᠵᠤ ᠲᠠᠭᠠᠯᠠᠯ ᠲᠡᠭᠦᠰᠦᠭᠰᠡᠨ ᠨᠢ ᠦᠨᠡᠨ᠃ ᠭᠡᠬᠦ ᠳ᠋ᠡᠭᠡᠨ ᠳᠡᠭᠡᠷᠡᠮᠴᠢᠨ ᠳ᠋ᠦ᠍ ᠪᠢᠰᠢ ᠭᠡᠳ ᠪᠠᠲᠤ ᠠᠩᠭᠢ ᠷᠢᠨᠴᠢᠨ ᠦ᠌ ᠨᠠᠰᠤ ᠪᠠᠷᠠᠭᠰᠠᠨ ᠲᠤᠬᠠᠢ ᠶᠠᠷᠢᠯ᠎ᠠ᠃
ᠪᠠᠲᠤ ᠶ᠋ᠢᠨ ᠶᠠᠷᠢᠶ᠎ᠠ ᠶ᠋ᠢ ᠪᠠᠯᠳᠠᠨ ᠦᠯᠡᠮᠵᠢ ᠠᠩᠬᠠᠷᠤᠯ ᠲᠠᠢ ᠰᠣᠨᠣᠰᠴᠤ ᠪᠠᠢᠬᠤ ᠳ᠋ᠤ᠌ ᠨᠢᠭᠤᠷ ᠲᠤᠨᠢ ᠤᠷᠲᠤ ᠪᠥᠭᠡᠳ ᠬᠦᠨᠳᠦ ᠠᠮᠢᠳᠤᠷᠠᠯ ᠤ᠋ᠨ ᠲᠠᠮᠠᠭ᠎ᠠ ᠪᠣᠯᠤᠭᠰᠠᠨ ᠦᠷᠴᠢᠯᠡᠭᠡ ᠨᠦ᠍ᠭᠦᠳ ᠤᠯᠠᠮ ᠪᠦᠷ ᠲᠣᠳᠣᠷᠠᠨ ᠠᠮᠠ ᠨᠢ ᠦᠶ᠎ᠡ ᠦᠶ᠎ᠡ ᠪᠦᠪᠦᠳᠦᠨᠡᠨᠡ᠃ ᠬᠠᠯᠬ᠎ᠠ ᠶ᠋ᠢᠨ ᠵᠠᠶᠠᠭ᠎ᠠ ᠪᠤᠶᠠᠨ ᠢ᠋ ᠰᠠᠬᠢᠭᠴᠢ᠂ ᠪᠡᠶᠡᠯᠡᠭᠰᠡᠨ ᠪᠤᠷᠬᠠᠨ ᠪᠣᠭᠳᠠ ᠵᠢᠪᠵᠤᠠᠳᠠᠮᠪᠠ ᠬᠤᠲᠤᠭᠲᠤ ᠬᠥᠮᠦᠨ ᠠᠯᠠᠨ᠎ᠠ ᠭᠡᠳᠡᠭ ᠢ᠋ ᠰᠠᠨᠠᠬᠤ ᠳ᠋ᠤ᠌ ᠤᠬᠠᠭᠠᠨ ᠳ᠋ᠤ᠌ ᠪᠠᠭᠲᠠᠮ᠎ᠠ ᠦᠭᠡᠢ᠃ ᠭᠡᠪᠡᠴᠦ ᠪᠠᠲᠤ ᠶ᠋ᠢᠨ ᠦᠭᠡ ᠪᠦᠬᠦᠨ ᠳ᠋ᠦ᠍ 《ᠡᠨᠡ ᠪᠣᠯ ᠦᠨᠡᠨ ᠶᠤᠮ ᠰᠢᠦ》 ᠭᠡᠰᠡᠨ ᠨᠤᠭᠤᠷᠠᠰᠢ ᠦᠭᠡᠢ ᠥᠩᠭᠡ ᠪᠠᠢᠭ᠎ᠠ ᠨᠢ ᠪᠠᠯᠳᠠᠨ ᠳ᠋ᠤ᠌ ᠳᠠᠮᠵᠢᠨ ᠬᠠᠯᠳᠠᠵᠤ ᠠᠶᠤᠬᠤ᠂ ᠭᠠᠢᠬᠠᠬᠤ ᠰᠡᠳᠬᠢᠯ ᠲᠥᠷᠥᠭᠦᠯᠦᠨ᠎ᠡ᠃
᠊᠊᠊᠊᠊᠊᠊᠊᠊᠊᠊᠊᠊᠊᠊ ᠢᠱ᠌ᠢ ᠬᠦᠦ ᠮᠢᠨᠢ᠃ ᠢᠩᠭᠢᠵᠦ ᠶᠠᠷᠢᠵᠤ ᠪᠣᠯᠬᠤ ᠦᠭᠡᠢ᠃ ᠬᠠᠯᠬ᠎ᠠ ᠳ᠋ᠤ᠌ ᠬᠣᠪᠣᠷᠬᠠᠨ ᠡᠷᠳᠡᠮ ᠲᠡᠢ ᠯᠠᠮᠠ ᠶ᠋ᠢ ᠪᠣᠭᠳᠠ ᠭᠡᠭᠡᠨ ᠶᠠᠭᠤ ᠪᠣᠯᠤᠯ᠎ᠠ ᠭᠡᠵᠦ ᠁ ᠭᠡᠳ ᠦᠭᠡ ᠪᠡᠨ ᠲᠠᠰᠤᠯᠤᠨ ᠵᠠᠯᠪᠠᠷᠢᠭᠰᠠᠨ ᠢ᠋ᠶ᠋ᠠᠨ᠁ ᠬᠣᠷᠣᠭᠠᠬᠤ ᠪᠢᠯᠡ? ᠭᠡᠵᠦ ᠰᠢᠪᠡᠭᠡᠨᠡᠨᠡ᠃
᠊᠊᠊᠊᠊᠊᠊᠊᠊᠊᠊᠊᠊᠊᠊ ᠪᠠᠯᠳᠠᠨ ᠭᠤᠸᠠᠢ ᠮᠢᠨᠢ ᠡᠨᠡ ᠪᠣᠯ ᠲᠠ ᠪᠢᠳᠡ ᠬᠣᠶᠠᠷ ᠠᠭᠤᠯᠵᠠᠭᠠᠳ ᠶᠠᠷᠢᠵᠤ ᠪᠠᠢᠭ᠎ᠠ ᠰᠢᠭ᠋ ᠦᠨᠡᠨ ᠬᠡᠷᠡᠭ ᠭᠡᠳ ᠬᠦᠷᠢᠶ᠎ᠡ ᠶᠤᠠᠳᠤᠨ ᠤ᠋ ᠬᠠᠰᠢᠶᠠᠨ ᠳ᠋ᠤ᠌ ᠵᠠᠮᠪᠠᠯ ᠴᠡᠮᠪᠡ ᠬᠣᠶᠠᠷ ᠶᠠᠭᠤ ᠭᠡᠵᠦ ᠶᠠᠷᠢᠵᠤ ᠪᠠᠢᠭᠰᠠᠨ ᠢ᠋ ᠬᠡᠯᠡᠪᠡ᠃
ᠪᠣᠭᠳᠠ ᠳᠤᠷ᠎ᠠ ᠦᠭᠡᠢ ᠠᠭᠰᠠᠨ ᠴᠢᠮᠠᠳᠴᠠᠷᠠᠩ ᠳᠠ ᠯᠠᠮᠠ᠂ ᠴᠢᠨ ᠸᠠᠩ ᠬᠠᠨᠳᠠᠳᠣᠷᠵᠢ ᠂ ᠵᠠᠰᠠᠭᠲᠤ ᠬᠠᠨ ᠰᠤᠳᠨᠠᠮᠴᠠᠷᠠᠩ ᠵᠡᠷᠭᠡ ᠣᠯᠠᠨ ᠬᠥᠮᠦᠨ ᠢ᠋ ᠪᠤᠵᠠᠷ ᠪᠣᠯᠠᠢ ᠠᠷᠭ᠎ᠠ ᠪᠠᠷ ᠬᠣᠷᠣᠭᠠᠭᠰᠠᠨ ᠲᠤᠬᠠᠢ ᠶᠠᠷᠢᠶ᠎ᠠ ᠶ᠋ᠢ ᠪᠠᠯᠳᠠᠨ ᠣᠯᠠᠨᠲᠠ ᠰᠣᠨᠣᠰᠤᠭᠰᠠᠨ᠃ ᠵᠠᠰᠠᠭᠲᠤ ᠬᠠᠨ ᠰᠤᠳᠨᠠᠮᠴᠠᠷᠠᠩ ᠳ᠋ᠤ᠌ ᠶᠡᠬᠡ ᠳᠠᠭᠢᠨᠢ ᠳᠣᠨᠲᠣᠭᠳᠦᠯᠮᠠ ᠳᠤᠠᠳᠤᠭᠳᠤᠯᠮᠠ ᠪᠠᠷ ᠬᠣᠣᠷᠠᠲᠠᠢ ᠠᠷᠢᠬᠢ ᠥᠭᠭᠦᠭᠦᠯᠵᠦ ᠠᠯᠠᠭᠠᠳ ᠬᠠᠭᠠᠨ ᠤ᠋ ᠬᠠᠲᠤᠨ ᠡᠭᠡᠯ ᠨᠢᠭᠡᠨ ᠪᠦᠰᠡᠭᠦᠢ ᠶ᠋ᠢ ᠰᠢᠮᠨᠤ ᠤᠴᠢᠷ ᠡᠴᠡ ᠨᠥᠬᠥᠷ ᠢ᠋ᠶ᠋ᠡᠨ ᠠᠯᠠᠪᠠ ᠭᠡᠵᠦ ᠵᠠᠷ ᠲᠠᠷᠬᠠᠭᠠᠵᠠᠢ᠃ ᠴᠢᠨ ᠸᠠᠩ ᠬᠠᠨᠳᠠᠳᠣᠷᠵᠢ ᠳ᠋ᠤ᠌ ᠮᠥᠨ ᠯᠡ ᠳᠣᠨᠲᠣᠭᠳᠦᠯᠮᠠ ᠪᠠᠷ ᠬᠣᠣᠷᠠᠲᠠᠢ ᠠᠷᠢᠬᠢ ᠥᠭᠬᠦ ᠳ᠋ᠦ᠍ᠨᠢ ᠤᠷᠢᠳᠤᠬᠢ ᠭᠤᠨᠢᠭᠲᠤ ᠶᠠᠪᠤᠳᠠᠯ ᠢ᠋ ᠮᠡᠳᠡᠳᠡᠭ ᠸᠠᠩ ᠶᠡᠬᠡ ᠰᠣᠭᠲᠣᠭᠰᠠᠨ ᠳᠦᠷᠢ ᠭᠠᠷᠭᠠᠨ ᠣᠤᠭᠤᠯ ᠦᠭᠡᠢ ᠶᠠᠪᠤᠬᠤ ᠳ᠋ᠤᠨᠢ ᠬᠥᠮᠦᠨ ᠶᠠᠪᠤᠭᠤᠯᠵᠤ ᠳᠤᠮᠳᠠ ᠭᠣᠣᠯ ᠤ᠋ᠨ ᠣᠷᠴᠢᠮ ᠴᠣᠬᠢᠭᠤᠯᠵᠤ ᠠᠯᠠᠭᠠᠳ ᠮᠣᠷᠢᠨ ᠡᠴᠡ ᠪᠡᠨ ᠤᠨᠠᠵᠤ ᠴᠢᠷᠦᠭᠳᠡᠨ ᠦᠬᠦᠪᠡ ᠭᠡᠵᠦ ᠵᠠᠷ ᠲᠠᠷᠬᠠᠭᠠᠵᠠᠢ᠃ ᠴᠢᠮᠠᠳᠴᠠᠷᠠᠩ ᠳᠠ ᠯᠠᠮᠠ ᠶ᠋ᠢ ᠬᠡᠳᠦ ᠳᠠᠬᠢᠨ ᠠᠯᠠᠬᠤ ᠭᠡᠳ ᠴᠢᠳᠠᠬᠤ ᠦᠭᠡᠢ ᠪᠣᠯᠬᠣᠷ ᠪᠠᠷᠠᠭᠤᠨ ᠬᠢᠵᠠᠭᠠᠷ ᠢ᠋ ᠲᠣᠭᠲᠠᠨᠢᠭᠤᠯᠬᠤ ᠰᠠᠢᠳ ᠢ᠋ᠶ᠋ᠠᠷ ᠲᠣᠮᠢᠯᠠᠵᠤ ᠶᠠᠪᠤᠭᠤᠯᠤᠨ ᠵᠠᠮ ᠳ᠋ᠤᠨᠢ ᠠᠯᠠᠭᠤᠯᠵᠠᠢ᠃ ᠡᠨᠡ ᠪᠦᠬᠦᠨ ᠢ᠋ ᠪᠠᠯᠳᠠᠨ ᠰᠣᠨᠣᠰᠤᠭᠰᠠᠨ᠃ ᠭᠡᠪᠡᠴᠦ ᠲᠡᠷᠡ ᠪᠤᠷᠬᠠᠨ ᠬᠥᠮᠦᠨ ᠡᠢᠮᠦ ᠬᠢᠯᠢᠨᠴᠡᠲᠦ ᠶᠠᠭᠤᠮ᠎ᠠ ᠬᠢᠬᠦ ᠶᠣᠰᠣ ᠦᠭᠡᠢ ᠭᠡᠵᠦ ᠰᠡᠳᠬᠢᠯ ᠢ᠋ᠶ᠋ᠡᠨ ᠬᠦᠴᠦᠯᠡᠨ ᠢᠲᠡᠭᠡᠭᠦᠯᠵᠦ ᠶᠠᠪᠤᠭᠰᠠᠨ ᠪᠢᠯᠡ᠃ ᠭᠡᠲᠡᠯ᠎ᠡ ᠥᠨᠥᠳᠥᠷ ᠦ᠋ᠨ ᠪᠠᠲᠤ ᠶ᠋ᠢᠨ ᠶᠠᠷᠢᠶ᠎ᠠ ᠪᠣᠯ ᠵᠠᠢᠯᠠᠵᠤ ᠪᠣᠯᠣᠰᠢ ᠦᠭᠡᠢ ᠪᠠᠷᠢᠮᠲᠠ ᠲᠠᠢ ᠵᠦᠢᠯ ᠪᠠᠢᠯ᠎ᠠ᠃ ᠤᠷᠢᠳᠤ ᠪᠣᠭᠳᠠ ᠲᠡᠭᠦᠨ ᠢ᠋ ᠴᠢᠩᠭᠢᠵᠦ ᠠᠯᠠᠭᠰᠠᠨ ᠭᠡᠨ᠎ᠡ᠃ ᠡᠭᠦᠨ ᠢ᠋ ᠢᠩᠭᠢᠵᠦ ᠠᠯᠠᠭᠰᠠᠨ ᠭᠡᠨ᠎ᠡ ᠭᠡᠳᠡᠭ ᠶᠠᠷᠢᠶ᠎ᠠ ᠶ᠋ᠢ ᠬᠡᠳᠦ ᠬᠡᠳᠦᠨ ᠬᠥᠮᠦᠨ ᠡᠴᠡ ᠳᠠᠮᠵᠢᠭᠤᠯᠤᠨ ᠰᠣᠨᠣᠰᠴᠤ ᠪᠠᠢᠭᠰᠠᠨ ᠪᠣᠯ ᠡᠨᠡ ᠤᠳᠠᠭ᠎ᠠ ᠠᠩᠭᠢ ᠷᠢᠨᠴᠢᠨ ᠦ᠌ ᠬᠠᠵᠠᠭᠤ ᠳ᠋ᠤ᠌ ᠪᠠᠢᠭᠰᠠᠨ ᠪᠥᠭᠡᠳ ᠠᠯᠠᠭᠰᠠᠨ ᠬᠥᠮᠦᠰ ᠦ᠋ᠨ ᠡᠨᠡ ᠪᠤᠵᠠᠷ ᠶᠠᠷᠢᠶ᠎ᠠ ᠶ᠋ᠢ ᠰᠣᠨᠣᠰᠤᠭᠰᠠᠨ ᠬᠥᠮᠦᠨ ᠡᠴᠡ ᠰᠢᠭᠤᠳ ᠰᠣᠨᠣᠰᠴᠤ ᠪᠠᠢᠯ᠎ᠠ᠃
᠊᠊᠊᠊᠊᠊᠊᠊᠊᠊᠊᠊᠊᠊᠊ ᠪᠤᠷᠬᠠᠨ ᠮᠢᠨᠢ᠃ ᠶᠠᠭᠤ ᠪᠣᠯᠤᠯ᠎ᠠ ᠭᠡᠵᠦ ᠬᠣᠷᠣᠭᠠᠭᠰᠠᠨ ᠪᠠᠢᠬᠤ ᠪᠢᠯᠡ᠃
᠊᠊᠊᠊᠊᠊᠊᠊᠊᠊᠊᠊᠊᠊᠊ ᠪᠣᠭᠳᠠ ᠪᠣᠯ ᠶᠠᠭᠤ ᠴᠤ᠌ ᠮᠡᠳᠡᠬᠦ ᠦᠭᠡᠢ ᠲᠡᠨᠡᠭ ᠬᠥᠮᠦᠨ᠃ ᠲᠡᠭᠦᠨ ᠦ᠌ ᠶᠠᠪᠤᠳᠠᠯ ᠪᠤᠵᠠᠷ ᠪᠣᠯᠠᠢ᠃ ᠪᠠᠭᠰᠢ ᠪᠣᠯ ᠶᠡᠬᠡ ᠶᠠᠭᠤᠮ᠎ᠠ ᠮᠡᠳᠡᠳᠡᠭ ᠤᠬᠠᠭᠠᠨ ᠲᠠᠢ ᠬᠥᠮᠦᠨ᠃ ᠡᠨᠡ ᠤᠴᠢᠷ ᠡᠴᠡ ᠪᠣᠭᠳᠠ ᠶ᠋ᠢᠨ ᠮᠠᠭᠤᠬᠠᠢ ᠠᠵᠢᠯ᠂ ᠲᠡᠨᠡᠭ ᠵᠠᠩ ᠢ᠋ ᠵᠢᠭᠰᠢᠨ᠂ ᠢᠯᠠᠨ ᠳᠠᠯᠠᠨ ᠦᠭᠡᠢ ᠶᠠᠷᠢᠳᠠᠭ ᠪᠠᠢᠭᠰᠠᠨ᠃ ᠡᠭᠦᠨ ᠳ᠋ᠦ᠍ᠨᠢ ᠬᠣᠷᠣᠰᠴᠤ ᠥᠰᠢᠭᠰᠡᠨ ᠪᠠᠢᠬ᠎ᠠ ᠳᠠ᠃
ᠪᠠᠯᠳᠠᠨ ᠳᠠᠭᠤ ᠦᠭᠡᠢ ᠳᠣᠭᠣᠭᠰᠢ ᠬᠠᠷᠠᠨ ᠰᠠᠭᠤᠪᠠ᠃ ᠰᠢᠨ᠎ᠡ ᠶ᠋ᠢᠨ ᠬᠢᠨᠢ ᠠᠷᠠᠰᠤ ᠲᠠᠲᠠᠪᠠᠯᠵᠠᠨ ᠴᠡᠴᠡᠷᠡᠵᠦ ᠤᠷᠲᠤ ᠪᠥᠭᠡᠳ ᠲᠣᠳᠣ ᠠᠮᠢᠰᠬᠤᠯᠯᠠᠨ᠎ᠠ᠃ ᠲᠣᠯᠣᠭᠠᠢ ᠪᠠᠨ ᠠᠯᠭᠤᠷ ᠡᠷᠭᠦᠵᠦ ᠪᠠᠲᠤ ᠶ᠋ᠢ ᠤᠳᠠᠲᠠᠯ᠎ᠠ ᠭᠥᠯᠢᠷᠡᠨ ᠰᠢᠷᠳᠡᠯ᠎ᠡ᠃ ᠪᠠᠲᠤ ᠶ᠋ᠢᠨ ᠨᠢᠳᠦ᠂ ᠨᠢᠭᠤᠷ ᠤ᠋ᠨ ᠰᠢᠷᠬᠡᠭ ᠪᠦᠷᠢ 《ᠮᠢᠨᠦ ᠪᠠᠭᠰᠢ ᠶ᠋ᠢ ᠪᠣᠭᠳᠠ ᠠᠯᠠᠭᠰᠠᠨ》 ᠭᠡᠵᠦ ᠪᠠᠢᠯ᠎ᠠ᠃
᠊᠊᠊᠊᠊᠊᠊᠊᠊᠊᠊᠊᠊᠊᠊ ᠪᠤᠷᠬᠠᠨ ᠮᠢᠨᠢ ᠭᠡᠳ ᠪᠠᠯᠳᠠᠨ ᠵᠠᠯᠪᠠᠷᠢᠭᠰᠠᠨ ᠢ᠋ᠶ᠋ᠠᠨ ᠶᠢᠷᠲᠢᠨᠴᠦ ᠶ᠋ᠢᠨ ᠪᠤᠵᠠᠷ ᠶᠠᠪᠤᠳᠠᠯ ᠢ᠋ ᠬᠠᠷᠠᠬᠤ ᠦᠭᠡᠢ ᠭᠡᠰᠡᠨ ᠶᠤᠮ ᠰᠢᠭ ᠨᠢᠳᠦ ᠪᠡᠨ ᠠᠨᠢᠵᠤ ᠬᠡᠰᠡᠭ ᠪᠣᠯᠤᠭᠠᠳ ᠤᠷᠲᠤ ᠪᠠᠷ ᠰᠠᠨᠠᠭ᠎ᠠ ᠠᠯᠲᠠᠨ ᠨᠢᠳᠦ ᠪᠡᠨ ᠠᠯᠭᠤᠷ ᠨᠡᠭᠡᠭᠡᠪᠡ᠃ ᠠᠷᠭ᠎ᠠ ᠨᠢ ᠪᠠᠷᠠᠭᠳᠠᠭᠰᠠᠨ ᠲᠡᠷᠡ ᠨᠢᠳᠦ 《ᠡᠨᠡ ᠲᠤᠬᠠᠢ ᠴᠠᠰᠢ ᠪᠢᠲᠡᠭᠡᠢ ᠶᠠᠷᠢᠭᠠᠴᠢ ᠳᠠ》 ᠭᠡᠵᠦ ᠥᠭᠡᠯᠡᠨ ᠭᠤᠶᠤᠵᠤ ᠪᠠᠢᠯ᠎ᠠ᠃
᠊᠊᠊᠊᠊᠊᠊᠊᠊᠊᠊᠊᠊᠊᠊ ᠪᠠᠯᠳᠠᠨ ᠭᠤᠸᠠᠢ᠂ ᠤᠨᠲᠠᠶ᠎ᠠ ᠭᠡᠳ ᠪᠠᠲᠤ ᠪᠣᠰᠴᠤ ᠵᠢᠩᠴᠢᠨ ᠡᠪᠦᠭᠡᠨ ᠳ᠋ᠦ᠍ ᠣᠷᠣ ᠵᠠᠰᠠᠵᠤ ᠥᠭᠭᠦᠯ᠎ᠡ᠃
ᠪᠠᠯᠳᠠᠨ ᠵᠤᠵᠠᠭᠠᠨ ᠳᠡᠪᠢᠰᠬᠡᠷ ᠳᠡᠭᠡᠷ᠎ᠡ ᠲᠠᠪᠠᠲᠠᠢ ᠬᠡᠪᠲᠡᠵᠦ᠂ ᠪᠠᠲᠤ ᠪᠠᠷ ᠲᠤᠮᠯᠠᠢᠳᠠᠭᠤᠯᠤᠨ ᠬᠤᠴᠢᠭᠤᠯᠵᠤ ᠠᠪᠤᠭᠰᠠᠨ ᠢ᠋ᠶ᠋ᠠᠨ 《ᠬᠦᠦ ᠮᠢᠨᠢ ᠪᠠᠭᠰᠢ ᠴᠢᠨᠢ ᠴᠠᠨᠢᠳᠠ ᠶ᠋ᠢᠨ ᠨᠣᠮ ᠤ᠋ᠨ ᠣᠷᠣᠢ ᠳ᠋ᠤᠨᠢ ᠭᠠᠷᠤᠭᠰᠠᠨ ᠡᠷᠳᠡᠮ ᠲᠡᠢ ᠯᠠᠮᠠ ᠪᠠᠢᠭᠰᠠᠨ ᠶᠤᠮ ᠭᠡᠳᠡᠭ ᠰᠢᠦ᠃ ᠶᠠᠮᠠᠷ ᠪᠠᠭ᠎ᠠ ᠡᠷᠳᠡᠮᠲᠡᠢ ᠬᠥᠮᠦᠨ ᠠᠩᠭᠢ ᠪᠣᠯᠬᠤ ᠪᠢᠯᠡ ᠳᠠ᠃ ᠮᠥᠨ ᠴᠦ᠍ ᠭᠣᠴᠣ ᠤᠬᠠᠭᠠᠨ ᠲᠠᠢ ᠬᠥᠮᠦᠨ ᠳᠡ᠃ ᠪᠢᠳᠡ ᠬᠣᠶᠠᠷ ᠪᠠᠭ᠎ᠠ ᠳ᠋ᠠᠭᠠᠨ ᠬᠦᠷᠢᠶᠡᠨ ᠳᠡᠭᠡᠷ᠎ᠡ ᠠᠬ᠎ᠠ ᠯᠠᠮᠠ ᠶ᠋ᠢᠨ ᠬᠣᠭᠣᠯᠠ ᠬᠦᠷᠭᠡᠵᠦ ᠥᠭᠭᠦᠭᠡᠳ ᠪᠤᠴᠠᠵᠤ ᠶᠠᠪᠤᠯ᠎ᠠ᠃ ᠡᠪᠦᠯ ᠦ᠋ᠨ ᠳᠤᠮᠳᠠ ᠰᠠᠷ᠎ᠠ ᠶ᠋ᠢᠨ ᠡᠬᠢ ᠪᠡᠷ ᠪᠠᠢᠭᠰᠠᠨ ᠶᠤᠮᠰᠠᠨ᠃ ᠪᠢᠳᠡᠨ ᠦ᠌ ᠡᠮᠦᠨ᠎ᠡ ᠶᠠᠪᠤᠭᠰᠠᠨ ᠲᠡᠮᠡᠭᠡ ᠲᠡᠢ ᠬᠥᠮᠦᠨ ᠦ᠌ ᠮᠥᠷ ᠲᠠᠭᠠᠷᠠᠯᠳᠤᠪᠠ᠃ ᠬᠡᠰᠡᠭ ᠶᠠᠪᠤᠲᠠᠯ᠎ᠠ ᠪᠠᠭᠤᠭᠠᠳ ᠶᠠᠪᠤᠭᠰᠠᠨ ᠮᠥᠷ ᠨᠢ ᠪᠠᠢᠯ᠎ᠠ᠃ ᠪᠠᠭᠰᠢ ᠴᠢᠨᠢ ᠲᠡᠭᠦᠨ ᠢ᠋ ᠠᠵᠢᠭᠯᠠᠵᠤ ᠪᠠᠢᠭᠰᠠᠨ ᠢ᠋ᠶ᠋ᠠᠨ 《ᠪᠠᠷᠠᠭᠤᠨ ᠨᠢᠳᠦ ᠨᠢ ᠰᠣᠬᠣᠷ ᠲᠡᠮᠡᠭᠡ ᠲᠡᠢ᠂ ᠬᠥᠯ ᠬᠦᠨᠳᠦ ᠲᠡᠢ ᠬᠥᠮᠦᠨ ᠶᠠᠪᠤᠵᠤ ᠰᠢᠦ》 ᠭᠡᠯᠡ᠃ ᠵᠠ ᠲᠡᠭᠡᠭᠡᠳ ᠭᠦᠢᠴᠡᠵᠦ ᠣᠴᠢᠪᠠᠯ ᠶᠠᠭ ᠯᠠ ᠬᠡᠯᠡᠭᠰᠡᠨ ᠶᠣᠰᠣᠭᠠᠷ ᠨᠢ ᠪᠠᠢᠳᠠᠭ ᠪᠠᠢᠨ᠎ᠠ᠃ ᠶᠠᠭᠠᠬᠢᠵᠤ ᠮᠡᠳᠡᠭᠰᠡᠨ ᠢ᠋ ᠨᠢ ᠠᠰᠠᠭᠤᠪᠠᠯ 《ᠲᠡᠭᠦᠨ ᠢ᠋ ᠮᠡᠳᠡᠵᠦ ᠶᠠᠳᠠᠭᠠᠳ ᠪᠠᠢᠬᠤ ᠶᠠᠭᠤᠮ᠎ᠠ ᠶᠠᠭᠤ ᠪᠠᠢᠬᠤᠪ ᠳᠠ᠃ ᠲᠡᠮᠡᠭᠡ ᠨᠢ ᠡᠪᠡᠰᠦ ᠢᠳᠡᠬᠦ ᠳ᠋ᠡᠭᠡᠨ ᠪᠠᠷᠠᠭᠤᠨ ᠲᠠᠯ᠎ᠠ ᠶ᠋ᠢᠨ ᠡᠪᠡᠰᠦ ᠪᠡᠨ ᠳᠤᠲᠠᠭᠤ ᠬᠠᠵᠠᠵᠤ᠂ ᠵᠡᠭᠦᠨ ᠲᠡᠰᠢ ᠪᠡᠨ ᠡᠷᠭᠢᠵᠦ ᠢᠳᠡᠭᠰᠡᠨ ᠪᠠᠢᠨ᠎ᠠ ᠪᠢᠯᠡ᠃ ᠡᠵᠡᠨ ᠨᠢ ᠰᠠᠭᠤᠵᠤ ᠪᠠᠢᠭᠠᠳ ᠪᠣᠰᠬᠤ ᠳ᠋ᠠᠭᠠᠨ ᠬᠣᠶᠠᠷ ᠭᠠᠷ ᠢ᠋ᠶ᠋ᠠᠨ ᠠᠷᠤ ᠳ᠋ᠠᠭᠠᠨ ᠲᠤᠯᠵᠤ ᠪᠣᠰᠤᠭᠰᠠᠨ ᠮᠥᠷ ᠨᠢ ᠴᠠᠰᠤᠨ ᠳᠡᠭᠡᠷ᠎ᠡ ᠢᠯᠡᠷᠬᠡᠢ ᠪᠠᠢᠭᠰᠠᠨ》 ᠭᠡᠰᠡᠨ ᠶᠤᠮ ᠰᠢᠦ᠃ ᠮᠥᠨ ᠴᠦ᠍ ᠤᠬᠠᠭᠠᠨ ᠲᠠᠢ ᠭᠢᠷᠠᠬᠠᠢ ᠬᠥᠮᠦᠨ ᠳᠡ ᠭᠡᠯᠡ᠃
ᠷᠢᠨᠴᠢᠨ ᠦ᠌ ᠠᠭᠤᠤ ᠴᠠᠭᠠᠨ᠂ ᠰᠠᠢᠬᠠᠨ ᠰᠡᠳᠬᠢᠯ ᠦ᠋ᠨ ᠲᠤᠬᠠᠢ ᠪᠠᠲᠤ ᠪᠠᠯᠳᠠᠨ ᠬᠣᠶᠠᠷ ᠡᠭᠡᠯᠵᠢᠯᠡᠨ ᠶᠠᠷᠢᠭᠰᠠᠭᠠᠷ ᠰᠥᠨᠢ ᠳᠤᠮᠳᠠ ᠥᠩᠭᠡᠷᠡᠭᠦᠯᠵᠦ ᠤᠨᠲᠠᠪᠠ᠃ ᠮᠠᠷᠭᠠᠰᠢ ᠨᠢ ᠪᠠᠯᠳᠠᠨ ᠤ᠋ ᠵᠢᠩ ᠦ᠋ᠨ ᠴᠤᠪᠤᠭ᠎ᠠ ᠬᠦᠷᠢᠶᠡᠨ ᠦ᠌ ᠵᠦᠭ ᠬᠥᠳᠡᠯᠪᠡ᠃
᠊᠊᠊᠊᠊᠊᠊᠊᠊᠊᠊᠊᠊᠊᠊ ᠴᠢᠮᠠᠳᠴᠠᠷᠠᠩ ᠳᠠ ᠯᠠᠮᠠ᠂ ᠳᠡᠭᠡᠳᠦ ᠵᠠᠰᠠᠭᠲᠤ ᠬᠠᠨ᠂ ᠬᠠᠨᠳᠠ ᠴᠢᠨ ᠸᠠᠩ ᠴᠥᠮ ᠯᠡ ᠪᠠᠭᠰᠢ ᠰᠢᠭ᠋ ᠴᠢᠨᠢ ᠲᠠᠭᠠᠯᠠᠯ ᠪᠠᠷᠢᠭᠰᠠᠨ ᠶᠤᠮ ᠭᠡᠳᠡᠭ ᠰᠢᠦ ᠬᠥᠭᠡᠷᠦᠬᠦᠢ᠃ ᠪᠤᠷᠬᠠᠨ ᠮᠢᠨᠢ ᠭᠡᠵᠦ ᠪᠠᠯᠳᠠᠨ ᠬᠡᠯᠡᠭᠡᠳ ᠵᠠᠯᠪᠠᠷᠢᠭᠰᠠᠨ ᠢ᠋ᠶ᠋ᠠᠨ ᠲᠡᠮᠡᠭᠡᠨ ᠳ᠋ᠡᠭᠡᠨ ᠮᠣᠷᠳᠠᠵᠤ᠂ ᠬᠣᠯᠠᠳᠤᠭᠰᠠᠨ ᠵᠢᠩ ᠦ᠋ᠨ ᠢ᠋ᠶ᠋ᠡᠨ ᠬᠣᠢᠨ᠎ᠠ ᠡᠴᠡ ᠶᠠᠪᠤᠵᠤ ᠪᠢᠯᠡ᠃
