ᠲᠤᠩᠭᠠᠯᠠᠭ ᠲᠠᠮᠢᠷ1-05-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-05-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-05-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-04

2200

《ᠪᠤᠳᠠᠭᠠᠨ ᠤ᠋ ᠪᠠᠨ ᠰᠠᠪᠠ ᠲᠠᠢ ᠦᠯᠡᠳᠡᠭᠰᠡᠨ ᠮᠢᠨᠢ ᠪᠤᠷᠬᠠᠨ ᠤ᠋ ᠠᠪᠤᠷᠠᠯ ᠭᠡᠵᠦ ᠪᠣᠳᠣᠭᠠᠳ ᠪᠠᠶᠠᠷᠯᠠᠵᠤ ᠪᠠᠢᠨ᠎ᠠ》 - ᠨᠢᠭᠡᠳᠦᠭᠡᠷ ᠪᠦᠯᠦᠭ ᠲᠠᠪᠤ


ᠲᠡᠷᠭᠡᠨ ᠦ᠌ ᠭᠠᠭᠴᠠ ᠮᠣᠷᠢ ᠪᠠᠨ ᠠᠯᠳᠠᠵᠤ ᠬᠠᠷᠢ ᠨᠤᠲᠤᠭ ᠲᠤ᠌ ᠶᠠᠪᠠᠭᠠᠷᠠᠭᠰᠠᠨ ᠡᠷᠳᠡᠨᠢ ᠲᠤᠯᠭᠠᠷ ᠢ᠋ ᠬᠠᠷᠠᠬᠤ ᠳ᠋ᠤ᠌ ᠲᠥᠷᠥᠭᠰᠡᠨ ᠡᠬᠡ ᠪᠡᠨ ᠬᠥᠳᠡᠭᠡᠯᠡᠭᠦᠯᠵᠦ ᠢᠷᠡᠭᠡᠳ ᠪᠡᠶ᠎ᠡ ᠪᠡᠶ᠎ᠡ ᠪᠡᠨ ᠤᠷᠤᠭᠤ ᠲᠠᠲᠠᠬᠤ ᠦᠭᠡᠢ ᠶ᠋ᠢ ᠬᠢᠴᠢᠶᠡᠨ ᠰᠠᠭᠤᠵᠤ ᠪᠠᠢᠭ᠎ᠠ ᠠᠬ᠎ᠠ ᠳᠡᠭᠦᠦ ᠬᠣᠶᠠᠷ ᠰᠢᠭ᠋ ᠯᠡ ᠪᠠᠢᠪᠠ᠃
ᠪᠠᠲᠤ ᠮᠣᠷᠢ ᠪᠠᠨ ᠠᠯᠳᠠᠭᠰᠠᠨ ᠢ᠋ ᠰᠡᠷᠢᠮᠡᠭᠴᠡ ᠮᠡᠳᠡᠵᠦ᠂ ᠡᠴᠢᠭᠡ ᠡᠬᠡ ᠶ᠋ᠢᠨ ᠭᠤᠨᠢᠭ ᠰᠡᠳᠬᠢᠯ ᠳ᠋ᠦ᠍ᠨᠢ ᠳᠠᠮᠵᠢᠨ᠂ ᠶᠠᠮᠠᠷ ᠨᠢᠭᠡᠨ ᠬᠡᠴᠡᠭᠦᠦ ᠬᠠᠷ᠎ᠠ ᠶᠠᠭᠤᠮ᠎ᠠ ᠣᠷᠣᠭᠰᠢᠵᠤ ᠪᠠᠢᠪᠠ᠃
᠊᠊᠊᠊᠊᠊᠊᠊᠊᠊᠊᠊᠊᠊᠊ ᠠᠪᠤ ᠠ᠋ ᠂ ᠪᠢᠳᠡ ᠮᠣᠷᠢ ᠦᠭᠡᠢ ᠶᠠᠭᠠᠬᠢᠨ᠎ᠠ ᠳᠠ?
᠊᠊᠊᠊᠊᠊᠊᠊᠊᠊᠊᠊᠊᠊᠊ ᠵᠦᠭᠡᠷ ᠮᠢᠨᠦ ᠬᠦᠦ᠂ ᠪᠣᠯᠤᠨ᠎ᠠ ᠭᠡᠳ ᠡᠴᠢᠭᠡ ᠨᠢ ᠬᠦᠦ ᠪᠡᠨ ᠬᠠᠷᠠᠭᠰᠠᠨ ᠢ᠋ᠶ᠋ᠠᠨ ᠬᠥᠯᠥᠰᠥ ᠰᠢᠷᠣᠢ ᠠᠩᠬᠢᠯᠤᠭᠰᠠᠨ ᠲᠣᠯᠣᠭᠠᠢ ᠶ᠋ᠢ ᠨᠢ ᠦᠨᠦᠰᠪᠡ᠃
᠊᠊᠊᠊᠊᠊᠊᠊᠊᠊᠊᠊᠊᠊᠊ ᠡᠵᠢ ᠲᠠ ᠤᠬᠢᠯᠠᠵᠤ ᠪᠠᠢᠨ᠎ᠠ ᠤᠤ ᠳᠠ? ᠭᠡᠬᠦ ᠳ᠋ᠦ᠍ᠨᠢ ᠲᠤᠯᠭᠠᠷ ᠬᠦᠦ ᠪᠡᠨ ᠲᠡᠪᠡᠷᠢᠵᠦ ᠡᠯᠢᠭᠡᠨ ᠳ᠋ᠡᠭᠡᠨ ᠨᠠᠭᠠᠭᠠᠳ 《ᠮᠢᠨᠦ ᠬᠦᠦ᠂ ᠪᠢᠳᠡ ᠭᠤᠷᠪᠠ ᠶᠠᠭᠠᠬᠢᠭᠰᠠᠨ ᠠᠵᠠ ᠦᠭᠡᠢ ᠤᠯᠤᠰ ᠪᠣᠢ ᠳᠠ》 ᠭᠡᠳ ᠰᠢᠪᠡᠭᠡᠨᠡᠬᠦ ᠳ᠋ᠦ᠍ ᠬᠠᠴᠠᠷ ᠢ᠋ ᠨᠢ ᠳᠠᠭᠠᠵᠤ ᠬᠠᠯᠠᠭᠤᠨ ᠨᠢᠯᠪᠤᠰᠤ ᠤᠷᠤᠰᠪᠠ᠃
ᠲᠡᠷᠡ ᠭᠤᠷᠪᠠ ᠶ᠋ᠢ ᠢᠩᠭᠢᠵᠦ ᠪᠠᠢᠬᠤ ᠳ᠋ᠤ᠌ ᠮᠠᠢᠬᠠᠨ ᠤᠷᠤᠭᠤ ᠮᠣᠷᠢ ᠲᠠᠢ ᠬᠣᠶᠠᠷ ᠬᠥᠮᠦᠨ ᠬᠠᠲᠠᠷᠢᠭᠤᠯᠤᠨ ᠢᠷᠡᠯ᠎ᠡ᠃ ᠡᠨᠡ ᠪᠣᠯ ᠪᠠᠳᠠᠷᠴᠢ ᠳᠠᠮᠳᠢᠨ ᠬᠣᠶᠠᠷ ᠠᠵᠢ᠃ ᠲᠡᠮᠦᠷ ᠢ᠋ ᠣᠯᠬᠤ ᠨᠢ ᠪᠢᠲᠡᠭᠡᠢ ᠬᠡᠯᠡ᠂ ᠮᠥᠷ ᠰᠤᠷᠠᠭ ᠭᠠᠷᠭᠠᠵᠤ ᠴᠢᠳᠠᠭ᠎ᠠ ᠦᠭᠡᠢ ᠳ᠋ᠡᠭᠡᠨ ᠪᠠᠳᠠᠷᠴᠢ ᠬᠣᠷᠣᠰᠤᠨ ᠪᠤᠬᠢᠨᠢᠳᠤᠵᠤ ᠲᠠᠭᠠᠷᠠᠯᠳᠤᠭᠰᠠᠨ ᠭᠡᠮ ᠦᠭᠡᠢ ᠬᠥᠮᠦᠨ ᠢ᠋ ᠬᠦᠷᠲᠡᠯ᠎ᠡ ᠪᠦᠳᠦᠭᠦᠨ ᠳᠠᠩᠰᠠᠨ ᠲᠠᠰᠢᠭᠤᠷ ᠢ᠋ᠶ᠋ᠠᠷ ᠤᠬᠠᠭᠠᠨ ᠠᠯᠳᠠᠲᠠᠯ᠎ᠠ ᠨᠢ ᠵᠠᠨᠴᠢᠵᠤ ᠶᠠᠪᠤᠯ᠎ᠠ᠃
ᠴᠢᠭᠢᠭ ᠲᠡᠢ ᠵᠥᠭᠡᠯᠡᠨ ᠬᠥᠷᠥᠰᠥᠨ ᠳᠡᠭᠡᠷ᠎ᠡ ᠬᠠᠲᠠᠷᠢᠵᠤ ᠶᠠᠪᠤᠭ᠎ᠠ ᠮᠣᠷᠢᠨ ᠤ᠋ ᠲᠦᠪᠡᠷᠭᠡᠨ ᠫᠠᠳ ᠫᠠᠳ ᠳᠤᠤᠭᠠᠷᠤᠭᠰᠠᠭᠠᠷ ᠮᠣᠷᠢ ᠲᠠᠢ ᠬᠥᠮᠦᠨ ᠮᠠᠢᠬᠠᠨ ᠳ᠋ᠤ᠌ ᠣᠢᠷᠠᠲᠤᠵᠤ ᠢᠷᠡᠭᠰᠡᠨ ᠢ᠋ ᠡᠷᠳᠡᠨᠢ ᠮᠡᠳᠡᠭᠰᠡᠨ ᠠᠪᠠᠴᠤ ᠭᠠᠷᠤᠭᠰᠠᠨ ᠦᠭᠡᠢ᠃
᠊᠊᠊᠊᠊᠊᠊᠊᠊᠊᠊᠊᠊᠊᠊ ᠶᠠᠭᠤᠨ ᠤᠯᠤᠰ ᠪᠣᠢ᠂ ᠪᠤᠰᠢᠭᠤ ᠭᠠᠷᠤᠭᠠᠳ ᠢᠷ᠎ᠡ ᠭᠡᠵᠦ ᠪᠠᠳᠠᠷᠴᠢ ᠥᠨᠳᠥᠷ ᠳᠠᠭᠤ ᠪᠠᠷ ᠵᠠᠩᠳᠤᠷᠤᠨ ᠬᠠᠰᠬᠢᠷᠪᠠ᠃
ᠬᠠᠨᠲᠠᠭᠠᠵᠠ ᠪᠠᠷ ᠨᠢ ᠲᠠᠮᠠᠭ᠎ᠠ ᠶ᠋ᠢᠨ ᠲᠠᠬᠠᠷ ᠪᠠᠢᠨ᠎ᠠ ᠭᠡᠵᠦ ᠲᠠᠨᠢᠭᠰᠠᠨ ᠡᠷᠳᠡᠨᠢ ᠬᠥᠮᠦᠨ ᠦ᠌ ᠨᠤᠲᠤᠭ ᠲᠤ᠌ ᠶᠠᠮᠠᠷ ᠨᠢᠭᠡᠨ ᠪᠤᠳᠤᠯᠢᠶᠠᠨ ᠳ᠋ᠤ᠌ ᠣᠷᠣᠬᠤ ᠡᠴᠡ ᠪᠣᠯᠭᠣᠮᠵᠢᠯᠠᠨ ᠪᠤᠰᠢᠭᠤᠬᠠᠨ ᠪᠣᠰᠤᠭᠠᠳ ᠭᠠᠷᠤᠯ᠎ᠠ᠃
᠊᠊᠊᠊᠊᠊᠊᠊᠊᠊᠊᠊᠊᠊᠊ ᠲᠠᠨ ᠤ᠋ ᠡᠭᠦᠪᠡᠷ ᠭᠠᠭᠴᠠ ᠨᠢᠭᠡ ᠰᠡᠵᠢᠭ ᠲᠡᠢ ᠬᠥᠮᠦᠨ ᠶᠠᠪᠤᠭ᠎ᠠ ᠦᠭᠡᠢ ᠪᠢᠵᠡ? ᠭᠡᠵᠦ ᠪᠠᠳᠠᠷᠴᠢ ᠪᠦᠳᠦᠭᠦᠨ ᠳᠠᠩᠰᠠᠨ ᠲᠠᠰᠢᠭᠤᠷ ᠢ᠋ᠶ᠋ᠠᠨ ᠮᠣᠷᠢᠨ ᠤ᠋ ᠪᠠᠨ ᠰᠢᠯᠢᠨ ᠳᠡᠭᠡᠭᠦᠷ ᠬᠥᠨᠳᠡᠯᠡᠨ ᠪᠠᠷᠢᠵᠤ ᠰᠦᠷ ᠪᠠᠳᠠᠷᠠᠭᠤᠯᠤᠨ ᠠᠰᠠᠭᠤᠪᠠ᠃
᠊᠊᠊᠊᠊᠊᠊᠊᠊᠊᠊᠊᠊᠊᠊ ᠶᠠᠪᠤᠭᠰᠠᠨ ᠪᠠᠢᠬ᠎ᠠ! ᠤᠷᠢᠳᠤ ᠰᠥᠨᠢ ᠲᠡᠷᠭᠡᠨ ᠦ᠌ ᠭᠠᠭᠴᠠ ᠮᠣᠷᠢ ᠶ᠋ᠢ ᠮᠢᠨᠢ ᠮᠤᠯᠲᠤᠯᠴᠢᠬᠠᠯ᠎ᠠ ᠭᠡᠵᠦ ᠡᠷᠳᠡᠨᠢ ᠨᠠᠮᠤᠭᠤᠬᠠᠨ ᠳᠠᠭᠤ ᠪᠠᠷ ᠥᠴᠢᠪᠡ᠃
᠊᠊᠊᠊᠊᠊᠊᠊᠊᠊᠊᠊᠊᠊᠊ ᠶᠠᠭᠤ ᠭᠡᠨ᠎ᠡ ᠠ᠋᠂ ᠮᠣᠷᠢ ᠪᠠᠨ ᠬᠠᠷᠠᠵᠤ ᠴᠢᠳᠠᠬᠤ ᠦᠭᠡᠢ᠂ ᠤᠷᠭᠤᠳᠤᠤᠯ ᠳ᠋ᠤ᠌ ᠬᠥᠯ ᠵᠠᠯᠭᠠᠵᠤ ᠥᠭᠭᠦᠨ᠎ᠡ ᠭᠡᠨ᠎ᠡ ᠠ᠋ ᠭᠡᠵᠦ ᠬᠡᠯᠡᠬᠦ ᠳ᠋ᠦ᠍ ᠪᠠᠳᠠᠷᠴᠢ ᠶ᠋ᠢᠨ ᠨᠢᠭᠤᠷ ᠤ᠋ᠨ ᠪᠦᠬᠦ ᠠᠷᠠᠰᠤ ᠬᠢᠩᠭᠠᠨ ᠬᠠᠮᠠᠷ ᠳᠡᠭᠡᠷ᠎ᠡ ᠪᠡᠨ ᠪᠥᠭᠡᠮᠨᠡᠷᠡᠪᠡ᠃
《ᠮᠣᠷᠢ ᠪᠠᠨ ᠠᠯᠳᠠᠭᠰᠠᠨ ᠬᠥᠮᠦᠨ ᠪᠤᠷᠤᠭᠤᠳᠠᠳᠠᠭ ᠪᠣᠯ ᠬᠤᠯᠠᠭᠠᠢᠴᠢ ᠪᠠᠨ ᠠᠯᠳᠠᠵᠤ ᠵᠠᠮ ᠤ᠋ᠨ ᠶᠠᠳᠠᠷᠠᠭᠰᠠᠨ ᠨᠠᠳᠠ ᠰᠢᠭ᠋ ᠠᠮᠢᠲᠠᠨ ᠢ᠋ ᠶᠠᠪᠠᠭᠠᠯᠠᠭᠰᠠᠨ ᠲᠠ ᠳᠠᠪᠬᠤᠷ ᠪᠤᠷᠤᠭᠤ ᠲᠠᠢ ᠪᠠᠢᠬᠤ ᠳᠠ》 ᠭᠡᠵᠦ ᠬᠡᠯᠡᠮᠡᠷ ᠡᠷᠳᠡᠨᠢ ᠳ᠋ᠦ᠍ ᠰᠠᠨᠠᠭᠳᠠᠭᠰᠠᠨ ᠪᠣᠯᠪᠠᠴᠤ ᠳᠠᠬᠢᠨ ᠶᠠᠮᠠᠷ ᠴᠤ᠌ ᠵᠣᠪᠠᠯᠠᠩ ᠳ᠋ᠤ᠌ ᠣᠷᠣᠵᠤ ᠪᠣᠯᠤᠨ᠎ᠠ ᠭᠡᠵᠦ ᠪᠣᠯᠭᠣᠮᠵᠢᠯᠠᠭᠠᠳ ᠲᠡᠭᠡᠵᠦ ᠬᠡᠯᠡᠭᠰᠡᠨ ᠦᠭᠡᠢ᠃
᠊᠊᠊᠊᠊᠊᠊᠊᠊᠊᠊᠊᠊᠊᠊ ᠬᠠᠨᠠᠰᠠ ᠳᠠ᠃ ᠪᠢᠳᠡ ᠬᠣᠯᠠ ᠭᠠᠵᠠᠷ ᠡᠴᠡ ᠪᠣᠭᠳᠠ ᠳ᠋ᠤ᠌ ᠮᠥᠷᠭᠥᠬᠦ ᠭᠡᠵᠦ ᠶᠠᠪᠤᠭ᠎ᠠ ᠴᠠᠭᠠᠴᠢᠨ ᠪᠠᠢᠨ᠎ᠠ ᠭᠡᠵᠦ ᠡᠷᠳᠡᠨᠢ ᠲᠠᠢᠪᠤᠩ ᠬᠡᠯᠡᠵᠡᠢ᠃
᠊᠊᠊᠊᠊᠊᠊᠊᠊᠊᠊᠊᠊᠊᠊ ᠤᠷᠢᠳᠤ ᠰᠥᠨᠢ ᠬᠡᠳᠦᠢ ᠳ᠋ᠦ᠍ ᠮᠣᠷᠢ ᠪᠠᠨ ᠠᠯᠳᠠᠪᠠ? ᠭᠡᠵᠦ ᠪᠠᠳᠠᠷᠴᠢ ᠶ᠋ᠢᠨ ᠠᠰᠠᠭᠤᠬᠤ ᠳ᠋ᠤ᠌ ᠡᠷᠳᠡᠨᠢ ᠲᠡᠰᠴᠦ ᠴᠢᠳᠠᠭᠰᠠᠨ ᠦᠭᠡᠢ᠄
᠊᠊᠊᠊᠊᠊᠊᠊᠊᠊᠊᠊᠊᠊᠊ ᠬᠡᠳᠦᠢ ᠳ᠋ᠦ᠍ ᠢᠷᠡᠵᠦ ᠠᠪᠤᠭᠰᠠᠨ ᠢ᠋ ᠨᠢ ᠮᠡᠳᠡᠭᠰᠡᠨ ᠪᠣᠯ ᠪᠢ ᠬᠠᠨᠠᠰᠠ ᠠᠯᠳᠠᠬᠤ ᠪᠢᠯᠡ ᠳᠠ᠃ ᠳᠣᠣᠷ᠎ᠠ ᠨᠢ ᠪᠠᠷᠢᠵᠤ ᠠᠪᠤᠭᠠᠳ ᠲᠠ ᠪᠦᠬᠦᠨ ᠳ᠋ᠦ᠍ ᠲᠤᠰᠢᠶᠠᠴᠢᠬᠠᠬᠤ ᠦᠭᠡᠢ ᠤᠤ ᠭᠡᠵᠦ ᠬᠠᠷᠢᠭᠤᠯᠬᠤ ᠳ᠋ᠤ᠌᠂ ᠪᠠᠳᠠᠷᠴᠢ ᠪᠦᠳᠦᠭᠦᠨ ᠳᠠᠭᠤ ᠪᠠᠷ ᠫᠡᠷ ᠫᠡᠷ ᠢᠨᠢᠶᠡᠨ ᠳᠠᠮᠳᠢᠨ ᠤᠷᠤᠭᠤ ᠪᠠᠨ ᠬᠠᠷᠠᠵᠤ 《ᠪᠠᠷᠢᠨ᠎ᠠ ᠭᠡᠨ᠎ᠡ ᠰᠢᠦ᠂ ᠡᠨᠡ ᠵᠡᠷᠭᠡ ᠶ᠋ᠢᠨ ᠳᠤᠯᠢᠳᠠᠷᠠᠢ ᠬᠦᠦ ᠪᠠᠷᠢᠬᠤ ᠶᠤᠮ ᠭᠡᠨ᠎ᠡ᠃ ᠮᠥᠨ ᠪᠣᠷᠣᠳᠠᠭ ᠡᠷ᠎ᠡ ᠠ᠋》 ᠭᠡᠰᠡᠨ ᠢ᠋ᠶ᠋ᠡᠨ ᠭᠡᠨᠡᠳᠲᠡ ᠢᠨᠢᠶᠡᠬᠦ ᠪᠡᠨ ᠪᠣᠯᠢᠵᠤ ᠬᠥᠮᠥᠰᠬᠡ ᠪᠡᠨ ᠵᠠᠩᠭᠢᠳᠤᠨ 《ᠭᠤᠢᠯᠢᠨᠴᠢᠨ ᠮᠢᠨᠢ᠂ ᠴᠢᠮ᠎ᠠ ᠰᠢᠭ ᠶᠠᠭᠤᠮ᠎ᠠ ᠳ᠋ᠤ᠌ ᠪᠠᠷᠢᠭᠳᠠᠬᠤ ᠡᠷ᠎ᠡ ᠪᠢᠰᠢ᠃ ᠪᠤᠳᠠᠭᠠᠨ ᠤ᠋ ᠪᠠᠨ ᠰᠠᠪᠠ ᠲᠠᠢ ᠬᠣᠴᠣᠷᠤᠭᠰᠠᠨ ᠢ᠋ᠶ᠋ᠠᠨ ᠶᠡᠬᠡ ᠠᠵᠠ ᠭᠡᠵᠦ ᠮᠡᠳᠡ᠃ ᠵᠠᠰᠠᠭᠲᠤ ᠬᠠᠨ ᠤ᠋ ᠴᠠᠬᠢᠭᠤᠷ ᠲᠡᠮᠦᠷ ᠲᠦ᠍ ᠮᠣᠷᠢ ᠪᠠᠨ ᠠᠯᠳᠠᠭᠰᠠᠨ ᠢ᠋ᠶ᠋ᠠᠨ ᠮᠡᠳᠡᠵᠦ ᠪᠠᠢᠨᠠᠤ? ᠪᠠᠷᠢᠨ᠎ᠠ ᠭᠡᠨ᠎ᠡ ᠰᠢᠦ》 ᠭᠡᠳ ᠳᠠᠬᠢᠨ ᠢᠨᠢᠶᠡᠪᠡ᠃
ᠵᠢᠯ ᠭᠠᠷᠤᠢ ᠰᠤᠷᠠᠭ ᠢ᠋ ᠰᠣᠨᠣᠰᠤᠭ᠎ᠠ ᠦᠭᠡᠢ ᠭᠠᠭᠴᠠ ᠳᠡᠭᠦᠦ ᠪᠡᠨ ᠠᠮᠢᠳᠤ ᠮᠡᠨᠳᠦ ᠶᠠᠪᠤᠭ᠎ᠠ ᠶ᠋ᠢ ᠭᠡᠨᠡᠳᠲᠡ ᠰᠣᠨᠣᠰᠤᠭᠠᠳ ᠡᠷᠳᠡᠨᠢ ᠶ᠋ᠢᠨ ᠴᠢᠷᠠᠢ ᠬᠤᠪᠢᠷᠠᠨ ᠪᠠᠶᠠᠷ ᠤ᠋ᠨ ᠲᠤᠶᠠᠭ᠎ᠠ ᠲᠣᠳᠣᠷᠠᠪᠠ᠃ ᠡᠷᠳᠡᠨᠢ ᠶ᠋ᠢᠨ ᠡᠨᠡ ᠪᠠᠢᠳᠠᠯ ᠢ᠋ ᠬᠠᠰᠢᠷ ᠪᠠᠳᠠᠷᠴᠢ ᠠᠵᠢᠵᠤ ᠠᠮᠵᠢᠪᠠ᠃
᠊᠊᠊᠊᠊᠊᠊᠊᠊᠊᠊᠊᠊᠊᠊ ᠮᠠᠭᠤ ᠨᠣᠬᠠᠢ ᠴᠢ ᠲᠡᠮᠦᠷ ᠦ᠋ᠨ ᠨᠡᠷ᠎ᠡ ᠶ᠋ᠢ ᠰᠣᠨᠣᠰᠤᠭᠠᠳ ᠥᠭᠡᠷ᠎ᠡ ᠪᠣᠯᠳᠠᠭ ᠴᠢᠨᠢ ᠶᠠᠭᠤ ᠪᠢᠯᠡ? ᠬᠠᠪᠰᠤᠭ᠎ᠠ ᠨᠢ ᠤᠤ? ᠭᠡᠵᠦ ᠠᠰᠠᠭᠤᠬᠤ ᠵᠠᠭᠤᠷ᠎ᠠ ᠲᠡᠮᠦᠷ ᠢ᠋ ᠠᠯᠳᠠᠵᠤ ᠬᠤᠭᠤᠷᠠᠭᠰᠠᠨ ᠨᠡᠷ᠎ᠡ ᠪᠡᠨ ᠪᠦᠲᠦᠨ ᠪᠣᠯᠭᠠᠬᠤ ᠨᠢᠭᠡ ᠠᠷᠭ᠎ᠠ ᠪᠣᠳᠣᠪᠠ᠃
ᠰᠢᠷᠢ ᠲᠡᠢ ᠲᠡᠮᠦᠷ ᠢ᠋ ᠪᠠᠷᠢᠵᠤ ᠴᠢᠳᠠᠭ᠎ᠠ ᠦᠭᠡᠢ ᠬᠣᠢᠨ᠎ᠠ ᠮᠣᠷᠢ ᠲᠠᠢ ᠲᠡᠮᠦᠷ ᠢ᠋ ᠪᠠᠷᠢᠨ᠎ᠠ ᠭᠡᠳᠡᠭ ᠨᠢ ᠠᠯᠠᠭᠠᠨ ᠤ᠋ ᠬᠣᠩᠬᠣᠷᠬᠠᠢ ᠶ᠋ᠢ ᠬᠠᠵᠠᠬᠤ ᠲᠠᠢ ᠠᠳᠠᠯᠢ ᠬᠡᠷᠡᠭ ᠪᠠᠢᠯ᠎ᠠ᠃ ᠡᠨᠡ ᠤᠴᠢᠷ ᠡᠴᠡ ᠶᠠᠮᠠᠷ ᠨᠢᠭᠡᠨ ᠬᠥᠮᠦᠨ ᠢ᠋ ᠤᠷᠭᠤᠭᠤᠯᠤᠭᠰᠠᠨ ᠬᠡᠷᠡᠭ ᠲᠦ᠍ ᠲᠤᠯᠭᠠᠵᠤ᠂ ᠪᠠᠩᠵᠠ ᠶ᠋ᠢᠨ ᠬᠦᠴᠦ ᠪᠡᠷ ᠬᠦᠯᠢᠶᠡᠯᠭᠡᠪᠡᠯ ᠨᠡᠷ᠎ᠡ ᠨᠢ ᠴᠡᠪᠡᠷᠰᠢᠵᠦ ᠪᠣᠯᠬᠤ ᠮᠡᠲᠦ ᠰᠠᠨᠠᠭᠳᠠᠪᠠ᠃
ᠭᠡᠲᠡᠯ᠎ᠡ ᠬᠡᠷᠡᠭ ᠦ᠋ᠨ ᠤᠴᠢᠷ ᠪᠤᠷᠤᠭᠤᠳᠠᠵᠤ ᠪᠠᠢᠭ᠎ᠠ ᠶ᠋ᠢ ᠣᠢᠯᠭᠠᠭᠰᠠᠨ ᠡᠷᠳᠡᠨᠢ 《ᠪᠤᠳᠠᠭᠠᠨ ᠤ᠋ ᠪᠠᠨ ᠰᠠᠪᠠ ᠲᠠᠢ ᠦᠯᠡᠳᠡᠭᠰᠡᠨ ᠮᠢᠨᠢ ᠪᠤᠷᠬᠠᠨ ᠤ᠋ ᠠᠪᠤᠷᠠᠯ ᠭᠡᠵᠦ ᠪᠣᠳᠣᠭᠠᠳ ᠪᠠᠶᠠᠷᠯᠠᠵᠤ ᠪᠠᠢᠨ᠎ᠠ》 ᠭᠡᠵᠦ ᠠᠵᠢᠭ ᠦᠭᠡᠢ ᠬᠠᠷᠢᠭᠤᠯᠪᠠ᠃
ᠪᠠᠳᠠᠷᠴᠢ ᠬᠥᠮᠥᠰᠬᠡ ᠪᠡᠨ ᠵᠠᠩᠭᠢᠳᠤᠨ᠂ ᠡᠷᠳᠡᠨᠢ ᠶ᠋ᠢ ᠠᠵᠢᠭᠯᠠᠪᠠ᠃ ᠡᠮᠦᠨ᠎ᠡ ᠨᠢ ᠵᠣᠭᠰᠣᠵᠤ ᠪᠠᠢᠭ᠎ᠠ ᠡᠨᠡ ᠬᠥᠮᠦᠨ ᠦ᠌ ᠬᠤᠪᠴᠠᠰᠤ ᠨᠢ ᠮᠠᠭᠤ ᠪᠣᠯᠪᠠᠴᠤ ᠭᠢᠯᠠᠯᠵᠠᠵᠤ ᠪᠠᠢᠭ᠎ᠠ ᠨᠢᠳᠦ᠂ ᠥᠷᠭᠡᠨ ᠬᠠᠩᠬᠠᠭᠠᠷ ᠮᠥᠷᠥ᠂ ᠬᠡᠯᠡᠵᠦ ᠪᠠᠢᠭ᠎ᠠ ᠦᠭᠡ ᠶᠠᠷᠢᠶ᠎ᠠ ᠨᠢ ᠲᠡᠢᠮᠦ ᠴᠦ᠍ ᠠᠮᠠᠷ ᠡᠷ᠎ᠡ ᠪᠢᠰᠢ ᠪᠠᠢᠯ᠎ᠠ᠃ ᠢᠩᠭᠢᠭᠡᠳ ᠪᠠᠳᠠᠷᠴᠢ ᠶ᠋ᠢᠨ ᠰᠠᠨᠠᠭᠠᠨ ᠳ᠋ᠤ᠌ ᠣᠷᠣᠭᠰᠠᠨ ᠪᠣᠳᠣᠯ ᠭᠡᠨᠡᠳᠲᠡ ᠵᠠᠮᠠᠭᠷᠠᠨ ᠠᠯᠠᠭ᠎ᠠ ᠪᠣᠯᠪᠠ᠃
᠊᠊᠊᠊᠊᠊᠊᠊᠊᠊᠊᠊᠊᠊᠊ ᠮᠠᠭᠤ ᠣᠷᠭᠤᠳᠤᠤᠯ ᠭᠤᠢᠯᠢᠨᠴᠢᠨ ᠢ᠋ ᠬᠠᠮᠢᠭ᠎ᠠ ᠪᠠᠢᠭ᠎ᠠ ᠭᠡᠵᠦ ᠡᠷᠢᠳᠡᠭ ᠪᠢᠯᠡ ᠭᠡᠵᠦ ᠳᠠᠮᠳᠢᠨ ᠬᠡᠯᠡᠭᠰᠡᠨ ᠢ᠋ᠶ᠋ᠡᠨ᠂ 《ᠵᠠ ᠶᠠᠭᠤ ᠴᠤ᠌ ᠭᠡᠰᠡᠨ ᠭᠣᠣᠯ ᠥᠭᠰᠥᠶ᠎ᠡ》 ᠭᠡᠯ᠎ᠡ᠃
᠊᠊᠊᠊᠊᠊᠊᠊᠊᠊᠊᠊᠊᠊᠊ ᠠ᠋ ᠳᠠ᠂ ᠪᠠᠶᠠ (бааяа) ᠮᠢᠨᠢ ᠣᠯᠳᠠᠬᠤ ᠨᠢ ᠥᠩᠭᠡᠷᠡᠭᠰᠡᠨ ᠪᠠᠢᠬ᠎ᠠ ᠭᠡᠵᠦ ᠳᠠᠮᠳᠢᠨ ᠬᠡᠯᠡᠪᠡ᠃
ᠢᠩᠭᠢᠭᠡᠳ ᠬᠣᠶᠠᠷ ᠲᠠᠬᠠᠷ ᠮᠣᠷᠢ ᠪᠠᠨ ᠲᠠᠰᠢᠭᠤᠷᠳᠠᠨ ᠶᠠᠪᠤᠬᠤ ᠳ᠋ᠤ᠌ ᠡᠷᠳᠡᠨᠢ ᠰᠢᠷᠲᠡᠨ ᠬᠣᠴᠣᠷᠪᠠ᠃
᠊᠊᠊᠊᠊᠊᠊᠊᠊᠊᠊᠊᠊᠊᠊ ᠠᠪᠤ ᠠ᠋᠂ ᠶᠠᠭᠠᠬᠢᠭᠰᠠᠨ ᠠᠶᠤᠮᠠᠷ ᠬᠥᠮᠦᠨ ᠪᠣᠢ? ᠭᠡᠵᠦ ᠡᠴᠢᠭᠡ ᠶ᠋ᠢᠨ ᠢ᠋ᠶ᠋ᠡᠨ ᠬᠠᠵᠠᠭᠤ ᠳ᠋ᠤ᠌ ᠨᠠᠭᠠᠯᠳᠤᠨ ᠵᠣᠭᠰᠣᠵᠤ ᠪᠠᠢᠭᠰᠠᠨ ᠪᠠᠲᠤ ᠶ᠋ᠢᠨ ᠬᠡᠯᠡᠬᠦ ᠳ᠋ᠦ᠍᠂ ᠡᠷᠳᠡᠨᠢ ᠬᠦᠦ ᠶ᠋ᠢᠨ ᠢ᠋ᠶ᠋ᠡᠨ ᠲᠣᠯᠣᠭᠠᠢ ᠶ᠋ᠢ ᠡᠩᠬᠦᠷᠡᠢᠯᠡᠨ ᠢᠯᠢᠭᠡᠳ ᠲᠤᠯᠭᠠᠷ ᠲᠤ᠌ ᠬᠠᠨᠳᠤᠵᠤ 《ᠶᠠᠪᠤᠭᠤᠯ ᠤ᠋ᠨ ᠬᠥᠮᠦᠨ ᠦ᠌ ᠭᠠᠭᠴᠠ ᠶ᠋ᠢ ᠠᠪᠤᠭᠰᠠᠨ ᠢ᠋ ᠪᠣᠳᠣᠬᠤ ᠳ᠋ᠤ᠌ ᠳᠡᠭᠦᠦ ᠮᠢᠨᠢ ᠶᠠᠳᠠᠷᠠᠵᠤ ᠳᠠ᠃ ᠮᠣᠷᠢᠨ ᠤ᠋ ᠤᠴᠢᠷ ᠴᠤ᠌ ᠡᠢᠮᠦ ᠪᠠᠢᠵᠠᠢ᠃ ᠬᠠᠷᠢᠨ ᠁》 ᠭᠡᠳ ᠦᠭᠡ ᠪᠡᠨ ᠲᠠᠰᠤᠯᠵᠤ ᠪᠣᠳᠣᠯ ᠪᠣᠯᠪᠠ᠃
ᠮᠣᠷᠢ ᠬᠤᠳᠠᠯᠳᠤᠵᠤ ᠠᠪᠤᠶ᠎ᠠ ᠭᠡᠬᠦ ᠳ᠋ᠦ᠍ ᠪᠡᠯᠡᠬᠡᠨ ᠲᠣᠭᠠᠯᠠᠬᠤ ᠪᠡᠯᠡ ᠦᠭᠡᠢ ᠪᠣᠯᠬᠣᠷ ᠶᠠᠭᠤ ᠴᠤ᠌ ᠭᠡᠰᠡᠨ ᠡᠨᠳᠡ ᠬᠡᠳᠦ ᠬᠣᠨᠣᠵᠤ ᠬᠥᠮᠦᠨ ᠲᠡᠢ ᠠᠭᠤᠯᠵᠠᠨ ᠠᠷᠭ᠎ᠠ ᠵᠠᠢ ᠬᠠᠢᠬᠤ ᠡᠴᠡ ᠥᠭᠡᠷ᠎ᠡ ᠵᠠᠮ ᠪᠠᠢᠭᠰᠠᠨ ᠦᠭᠡᠢ᠃
᠊᠊᠊᠊᠊᠊᠊᠊᠊᠊᠊᠊᠊᠊᠊ ᠵᠠ ᠬᠦ᠂ ᠪᠢ ᠲᠡᠷᠡ ᠭᠤᠷᠪᠠᠨ ᠭᠡᠷ ᠲᠦ᠍ ᠣᠴᠢᠵᠤ ᠤᠨᠤᠭ᠎ᠠ ᠭᠤᠶᠤᠶ᠎ᠠ᠃ ᠠᠢᠯ ᠪᠠᠷᠠᠭᠠᠳᠠᠪᠠᠯ ᠳᠡᠭᠡᠷ᠎ᠡ᠃ ᠶᠠᠳᠠᠵᠤ ᠠᠶᠠᠭ᠎ᠠ ᠲᠠᠷᠠᠭ᠂ ᠰᠦ ᠣᠯᠳᠠᠬᠤ ᠪᠠᠢᠬᠤ ᠭᠡᠳ ᠡᠷᠳᠡᠨᠢ ᠲᠡᠷᠲᠡᠭᠡ ᠬᠠᠷᠠᠭᠳᠠᠵᠤ ᠪᠠᠢᠭ᠎ᠠ ᠢᠲᠡᠭᠡᠯᠲᠦ ᠶ᠋ᠢᠨ ᠬᠣᠲᠠ ᠤᠷᠤᠭᠤ ᠠᠯᠬᠤᠪᠠ᠃
ᠲᠩᠷᠢ ᠳ᠋ᠦ᠍ ᠥᠴᠦᠬᠡᠨ ᠴᠦ᠍ ᠡᠭᠦᠯᠡ ᠦᠭᠡᠢ ᠪᠥᠭᠡᠳ ᠬᠤᠷᠴᠠ ᠨᠠᠷᠠ ᠬᠠᠢᠷ᠎ᠠ ᠨᠠᠢᠷ ᠦᠭᠡᠢ ᠰᠢᠷᠠᠵᠤ᠂ ᠥᠩ ᠲᠡᠢ ᠵᠤᠨ ᠤ᠋ ᠤᠷᠲᠤ ᠨᠣᠭᠣᠭ᠎ᠠ ᠬᠥᠯ ᠳ᠋ᠦ᠍ᠨᠢ ᠣᠷᠢᠶᠠᠴᠠᠯᠳᠤᠵᠤ ᠪᠠᠢᠯ᠎ᠠ᠃ ᠡᠷᠳᠡᠨᠢ ᠬᠡᠳᠦᠢ ᠪᠡᠷ ᠨᠢᠷᠤᠭᠤ ᠪᠠᠨ ᠡᠭᠦᠷᠦᠨ᠂ ᠨᠡᠯᠢᠶᠡᠳ ᠪᠥᠬᠥᠢᠨ ᠬᠦᠴᠦᠯᠡᠨ ᠠᠯᠬᠤᠪᠠᠴᠤ ᠭᠠᠵᠠᠷ ᠨᠢ ᠳᠥᠭᠥᠬᠦ ᠦᠭᠡᠢ ᠠᠵᠢ᠃
ᠳᠡᠭᠡᠭᠦᠷ ᠨᠢ ᠬᠣᠶᠠᠷ ᠠᠩᠭᠢᠷ ᠲᠠᠪᠢᠨ ᠨᠢᠰᠦᠭᠰᠡᠭᠡᠷ ᠥᠩᠭᠡᠷᠡᠬᠦ ᠳ᠋ᠦ᠍ ᠠᠲᠠᠭᠠᠷᠬᠠᠭᠰᠠᠨ ᠨᠢᠳᠦ ᠪᠡᠷ ᠰᠢᠷᠲᠡᠵᠦ ᠪᠠᠬᠠᠨ ᠵᠣᠭᠰᠣᠭᠠᠳ ᠳᠠᠯᠳᠠ ᠣᠷᠣᠬᠤ ᠳ᠋ᠤᠨᠢ ᠰᠠᠨᠠᠭ᠎ᠠ ᠠᠯᠳᠠᠭᠰᠠᠨ ᠢ᠋ᠶ᠋ᠠᠨ ᠬᠠᠨᠴᠤᠢ ᠪᠠᠷ ᠬᠥᠯᠥᠰᠥ ᠪᠡᠨ ᠠᠷᠴᠢᠭᠠᠳ ᠠᠯᠬᠤᠪᠠ᠃
ᠶᠠᠪᠤᠭᠰᠠᠨ ᠬᠥᠮᠦᠨ ᠵᠣᠭᠰᠣᠭᠰᠠᠨ ᠶᠠᠭᠤᠮ᠎ᠠ ᠳ᠋ᠤ᠌ ᠬᠦᠷᠳᠡᠭ ᠪᠣᠯᠬᠣᠷ ᠡᠷᠳᠡᠨᠢ ᠢᠲᠡᠭᠡᠯᠲᠦ ᠶ᠋ᠢᠨ ᠲᠣᠮᠣ ᠭᠡᠷ ᠲᠦ᠍ ᠣᠷᠣᠵᠤ ᠠᠮᠤᠷ ᠮᠡᠨᠳᠦ ᠶ᠋ᠢ ᠠᠰᠠᠭᠤᠯᠴᠠᠨ ᠰᠠᠭᠤᠭᠠᠳ ᠬᠢᠵᠦ ᠥᠭᠭᠦᠭᠰᠡᠨ ᠲᠣᠮᠣ ᠬᠤᠯᠤ ᠠᠢᠷᠠᠭ ᠢ᠋ ᠤᠤᠭᠤᠬᠤ ᠵᠠᠭᠤᠷ᠎ᠠ ᠪᠣᠭᠳᠠ ᠳ᠋ᠤ᠌ ᠮᠥᠷᠭᠥᠬᠦ ᠪᠡᠷ ᠶᠠᠪᠤᠵᠤ ᠪᠠᠢᠭᠠᠳ ᠭᠠᠭᠴᠠ ᠮᠣᠷᠢ ᠪᠠᠨ ᠬᠤᠯᠠᠭᠠᠢ ᠳ᠋ᠤ᠌ ᠠᠯᠳᠠᠭᠰᠠᠨ ᠲᠤᠬᠠᠢ ᠶᠠᠷᠢᠭᠠᠳ ᠠᠢᠯ ᠪᠠᠷᠠᠭᠠᠳᠠᠬᠤ ᠤᠨᠤᠭ᠎ᠠ ᠭᠤᠶᠤᠪᠠ᠃
᠊᠊᠊᠊᠊᠊᠊᠊᠊᠊᠊᠊᠊᠊᠊ ᠲᠠᠮᠠᠭᠠᠨ ᠳᠡᠭᠡᠷ᠎ᠡ ᠡᠴᠡ ᠴᠠᠬᠢᠭᠤᠷ ᠲᠡᠮᠦᠷ ᠢ᠋ ᠠᠯᠳᠠᠭᠰᠠᠨ ᠭᠡᠨ᠎ᠡ ᠪᠢᠯᠡ᠃ ᠮᠣᠷᠢ ᠶ᠋ᠢ ᠴᠢᠨᠢ ᠲᠡᠷᠡ ᠯᠠ ᠠᠪᠴᠢᠬᠠᠭᠰᠠᠨ ᠪᠠᠢᠬ᠎ᠠ ᠳᠠ᠃ ᠲᠠ ᠠᠯᠢ ᠬᠤᠰᠢᠭᠤᠨ ᠤ᠋ ᠬᠥᠮᠦᠨ ᠪᠣᠢ? ᠭᠡᠵᠦ ᠢᠲᠡᠭᠡᠯᠲᠦ ᠠᠰᠠᠭᠤᠪᠠ᠃
ᠡᠷᠳᠡᠨᠢ ᠬᠡᠰᠡᠭ ᠲᠦᠭᠳᠡᠷᠡᠭᠡᠳ ᠬᠤᠳᠠᠯ ᠬᠡᠯᠡᠵᠦ ᠴᠢᠳᠠᠭᠰᠠᠨ ᠦᠭᠡᠢ ᠬᠣᠰᠢᠭᠤ ᠨᠤᠲᠤᠭ ᠢ᠋ᠶ᠋ᠠᠨ ᠦᠨᠡᠨ ᠵᠥᠪ ᠬᠡᠯᠡᠪᠡ᠃
ᠢᠲᠡᠭᠡᠯᠲᠦ ᠨᠢᠳᠦ ᠪᠡᠨ ᠲᠦᠷᠭᠡᠨ ᠲᠦᠷᠭᠡᠨ ᠴᠠᠪᠴᠢᠯᠠᠵᠤ ᠬᠤᠯᠠᠭᠠᠢ ᠨᠢᠳᠦ ᠪᠡᠷ ᠡᠷᠳᠡᠨᠢ ᠶ᠋ᠢ ᠠᠵᠢᠭᠯᠠᠨ᠎ᠠ᠃
᠊᠊᠊᠊᠊᠊᠊᠊᠊᠊᠊᠊᠊᠊᠊ ᠳᠠᠢ᠌ᠰᠢᠷᠢ᠂ ᠲᠡᠷᠯᠡᠨ ᠪᠤᠬ᠎ᠠ᠂ ᠲᠠᠪᠠᠭ ᠬᠠᠷ᠎ᠠ᠂ ᠨᠣᠴᠣᠳᠠᠭ ᠳᠡᠭᠡᠭᠡ ᠭᠡᠵᠦ ᠵᠠᠰᠠᠭᠲᠤ ᠬᠠᠨ ᠤ᠋ ᠬᠥᠬᠡ ᠬᠠᠷᠠᠴᠤᠳ ᠬᠡᠴᠡᠭᠦᠦ ᠭᠡᠳᠡᠭ ᠳᠡ᠃ ᠲᠠ ᠨᠠᠮᠢ᠋ᠢ ᠲᠠᠨᠢᠬᠤ ᠦᠭᠡᠢ᠂ ᠪᠢ ᠲᠠᠨ ᠢ᠋ ᠲᠠᠨᠢᠬᠤ ᠦᠭᠡᠢ᠃ ᠪᠡᠶ᠎ᠡ ᠪᠡᠶ᠎ᠡ ᠳ᠋ᠡᠭᠡᠨ ᠪᠠᠯᠠᠭ ᠦᠭᠡᠢ ᠰᠠᠯᠪᠠᠯ ᠳᠡᠭᠡᠷ᠎ᠡ ᠪᠠᠢᠬ᠎ᠠ ᠭᠡᠳ ᠢᠲᠡᠭᠡᠯᠲᠦ ᠪᠣᠰᠪᠠ᠃
ᠡᠨᠡ ᠦᠶ᠎ᠡ ᠳ᠋ᠦ᠍ ᠭᠠᠳᠠᠨ᠎ᠠ ᠡᠴᠡ ᠭᠠᠯᠰᠠᠩ ᠣᠷᠣᠵᠤ ᠢᠷᠡᠭᠡᠳ ᠡᠪᠦᠷ ᠡᠴᠡ ᠪᠡᠨ ᠲᠣᠭᠳᠣᠢ ᠲᠠᠢ ᠪᠢᠴᠢᠭ ᠭᠠᠷᠭᠠᠵᠤ 《ᠠᠬ᠎ᠠ ᠠ᠋᠂ ᠥᠷᠲᠡᠭᠡᠨ ᠦ᠌ ᠵᠠᠩᠭᠢ ᠡᠨᠡ ᠪᠢᠴᠢᠭ ᠢ᠋ ᠲᠠᠨ ᠳ᠋ᠤ᠌ ᠪᠠᠷᠢᠭᠠᠷᠠᠢ ᠭᠡᠰᠡᠨ ᠶᠦᠮ ᠭᠡᠨ᠎ᠡ ᠪᠢᠯᠡ》 ᠭᠡᠳ ᠢᠲᠡᠭᠡᠯᠲᠦ ᠳ᠋ᠦ᠍ ᠥᠭᠯ᠎ᠡ᠃
ᠢᠲᠡᠭᠡᠯᠲᠦ ᠲᠣᠭᠳᠣᠢ ᠲᠠᠢ ᠪᠢᠴᠢᠭ ᠢ᠋ ᠠᠪᠴᠤ ᠪᠠᠬᠠᠨ ᠡᠷᠭᠢᠭᠦᠯᠵᠦ ᠬᠠᠷᠠᠭᠰᠠᠨ ᠢ᠋ᠶ᠋ᠠᠨ 《ᠡᠨᠡ ᠵᠣᠯᠢᠭ ᠢ᠋ ᠴᠢᠨᠢ ᠬᠡᠨ ᠢ᠋ᠶ᠋ᠡᠷ ᠳᠠᠭᠤᠳᠠᠭᠤᠯᠳᠠᠭ ᠪᠢᠯᠡ》 ᠭᠡᠯ᠎ᠡ᠃
᠊᠊᠊᠊᠊᠊᠊᠊᠊᠊᠊᠊᠊᠊᠊ ᠪᠢ ᠤᠩᠰᠢᠵᠤ ᠥᠭᠪᠡᠯ ᠪᠣᠯᠬᠤ ᠰᠠᠨ ᠪᠣᠯᠪᠠ ᠤᠤ ᠭᠡᠵᠦ ᠡᠷᠳᠡᠨᠢ ᠴᠢᠷᠠᠢᠴᠢᠯᠠᠨ ᠨᠠᠮ ᠳᠠᠭᠤ ᠪᠠᠷ ᠬᠡᠯᠡᠪᠡ᠃
ᠢᠲᠡᠭᠡᠯᠲᠦ ᠡᠷᠳᠡᠨᠢ ᠶ᠋ᠢ ᠭᠠᠢᠬᠠᠨ ᠠᠵᠢᠭᠯᠠᠭᠰᠠᠨ ᠢ᠋ᠶ᠋ᠠᠨ ᠲᠣᠭᠣᠮᠵᠢᠷ ᠦᠭᠡᠢ ᠶᠣᠵᠣᠲᠠᠢ ᠢᠨᠢᠶᠡᠮᠰᠦᠭᠯᠡᠭᠡᠳ 《ᠤᠩᠰᠢᠵᠤ ᠦᠭᠶ᠎ᠡ ᠭᠡᠪᠡ ᠤᠤ᠂ ᠲᠠ ᠤᠤ ᠳᠠ!》 ᠭᠡᠬᠦ ᠳ᠋ᠦ᠍᠂
᠊᠊᠊᠊᠊᠊᠊᠊᠊᠊᠊᠊᠊᠊᠊ ᠲᠡᠢᠮᠦ ᠠ᠋᠂ ᠪᠢ ᠬᠠᠯᠲᠤ ᠮᠥᠯᠲᠥ ᠭᠠᠷᠭᠠᠳᠠᠭ ᠶᠤᠮ ᠭᠡᠵᠦ ᠡᠷᠳᠡᠨᠢ ᠲᠠᠢᠪᠤᠩ ᠬᠠᠷᠢᠭᠤᠯᠪᠠ᠃
᠊᠊᠊᠊᠊᠊᠊᠊᠊᠊᠊᠊᠊᠊᠊᠊᠊ ᠲᠡᠭᠡᠪᠡᠯ ᠭᠢᠯᠠᠢᠯ᠎ᠠ ᠭᠡᠰᠡᠨ ᠦᠭᠡ᠃
ᠡᠷᠳᠡᠨᠢ ᠪᠢᠴᠢᠭ ᠢ᠋ ᠠᠪᠴᠤ ᠵᠠᠳᠠᠯᠤᠨ ᠥᠨᠳᠥᠷ ᠳᠠᠭᠤ ᠪᠠᠷ 《ᠠᠬᠠᠢ ᠪᠠᠢᠰᠠ ᠶ᠋ᠢᠨ ᠬᠤᠰᠢᠭᠤᠨ ᠤ᠋ ᠵᠠᠬᠢᠷᠤᠭᠴᠢ ᠵᠠᠮᠰᠦᠶ᠋ᠷᠤᠩ ᠤ᠋ᠨ ᠪᠢᠴᠢᠭ ᠁》 ᠭᠡᠳ ᠦᠷᠭᠦᠯᠵᠢᠯᠡᠭᠦᠯᠦᠨ ᠤᠩᠰᠢᠪᠠ᠃ ᠲᠡᠷᠡ ᠪᠢᠴᠢᠭ ᠲᠦ᠍ ᠠᠬᠠᠢ ᠪᠡᠢᠰᠡ ᠶ᠋ᠢᠨ ᠬᠤᠰᠢᠭᠤᠨ ᠡᠴᠡ ᠳᠠᠷᠢᠪᠣᠷᠤ ᠶ᠋ᠢᠨ ᠥᠷᠲᠡᠭᠡᠨ ᠳ᠋ᠦ᠍ ᠬᠢᠬᠦ ᠠᠯᠪᠠ ᠶ᠋ᠢ ᠠᠴᠤᠭᠯᠠᠨ ᠵᠠᠯᠭᠠᠵᠤ ᠪᠠᠢᠭ᠎ᠠ ᠢᠲᠡᠭᠡᠯᠲᠦ ᠶ᠋ᠢᠨ ᠠᠪᠤᠯᠭ᠎ᠠ ᠶ᠋ᠢ ᠬᠤᠰᠢᠭᠤᠨ ᠡᠴᠡ ᠭᠠᠷᠭᠠᠭᠤᠯᠵᠤ ᠲᠥᠯᠥᠬᠦ ᠪᠣᠯᠤᠭᠰᠠᠨ ᠲᠤᠬᠠᠢ ᠳᠤᠷᠠᠳᠴᠠᠢ᠃
ᠤᠯᠠᠭᠠᠨ ᠱᠤᠭᠤᠮ ᠲᠠᠢ ᠮᠣᠣᠲᠤᠤ ᠴᠠᠭᠠᠰᠤᠨ ᠳᠡᠭᠡᠷ᠎ᠡ ᠪᠢᠴᠢᠭᠰᠡᠨ ᠪᠢᠴᠢᠭ ᠢ᠋ ᠨᠢᠭᠡ ᠴᠦ᠍ ᠤᠳᠠᠭ᠎ᠠ ᠲᠦᠭᠳᠡᠷᠡᠯ ᠦᠭᠡᠢ ᠲᠣᠷᠴᠢᠭᠢᠨᠠᠭᠤᠯᠤᠨ ᠤᠩᠰᠢᠵᠤ ᠪᠠᠢᠭ᠎ᠠ ᠡᠷᠳᠡᠨᠢ ᠶ᠋ᠢ ᠬᠠᠷᠠᠭᠠᠳ ᠢᠲᠡᠭᠡᠯᠲᠦ ᠶᠡᠬᠡᠳᠡ ᠭᠠᠢᠬᠠᠪᠠ᠃
ᠲᠣᠷᠭᠠᠨ ᠳᠡᠪᠡᠯ ᠲᠡᠢ᠂ ᠨᠠᠷᠢᠬᠠᠨ ᠴᠠᠭᠠᠨ ᠬᠤᠷᠤᠭᠤ ᠲᠠᠢ ᠨᠣᠶᠠᠨ ᠲᠦᠰᠢᠮᠡᠯ ᠨᠠᠷ ᠤ᠋ᠨ ᠤᠩᠰᠢᠳᠠᠭ ᠪᠢᠴᠢᠭ ᠢ᠋ ᠤᠷᠠᠩᠬᠠᠢ ᠳᠡᠪᠡᠯ ᠲᠡᠢ᠂ ᠲᠤᠷᠠᠩᠬᠠᠢ ᠴᠢᠷᠠᠢ ᠲᠠᠢ ᠬᠠᠲᠠᠭᠤ ᠠᠵᠢᠯ ᠳ᠋ᠤ᠌ ᠡᠪᠡᠷᠲᠦᠵᠦ ᠪᠣᠷᠣᠯᠠᠭᠰᠠᠨ ᠭᠠᠷ ᠲᠠᠢ ᠴᠠᠭᠠᠴᠢᠨ ᠤᠩᠰᠢᠵᠤ ᠪᠠᠢᠭ᠎ᠠ ᠨᠢ ᠢᠲᠡᠭᠡᠯᠲᠦ ᠳ᠋ᠦ᠍ ᠦᠯᠡᠮᠵᠢ ᠰᠣᠨᠢᠨ ᠬᠡᠷᠡᠭ ᠪᠠᠢᠪᠠ᠃
ᠢᠲᠡᠭᠡᠯᠲᠦ ᠪᠠᠭ᠎ᠠ ᠳ᠋ᠠᠭᠠᠨ ᠪᠢᠴᠢᠭ ᠵᠢᠭᠠᠯᠭᠠᠬᠤ ᠭᠡᠵᠦ ᠣᠷᠣᠯᠳᠣᠭᠰᠠᠨ ᠪᠣᠯᠪᠠᠴᠤ ᠰᠤᠷᠤᠭ᠎ᠠ ᠦᠭᠡᠢ᠃
ᠲᠡᠭᠡᠭᠡᠳ ᠣᠳᠣ ᠮᠠᠯ ᠤ᠋ᠨ ᠢ᠋ᠶ᠋ᠠᠨ ᠳᠠᠩᠰᠠ ᠶ᠋ᠢ᠂ ᠬᠡᠭᠡᠯ ᠲᠡᠢ ᠮᠠᠯ ᠢ᠋ ᠳᠣᠲᠣᠷ᠎ᠠ ᠪᠠᠨ ᠳᠤᠭᠤᠢ ᠲᠠᠢ ᠳᠥᠷᠪᠡᠯᠵᠢᠨ ᠬᠦᠷᠢᠶ᠎ᠡ᠂ ᠰᠤᠪᠠᠢ ᠮᠠᠯ ᠢ᠋ ᠳᠥᠷᠪᠡᠯᠵᠢᠨ ᠬᠦᠷᠢᠶ᠎ᠡ ᠬᠢᠬᠦ ᠮᠡᠲᠦ ᠶ᠋ᠢᠨ ᠲᠡᠮᠳᠡᠭ ᠢ᠋ᠶ᠋ᠡᠷ ᠵᠢᠷᠤᠵᠤ ᠲᠣᠭᠠᠯᠠᠳᠠᠭ ᠶᠤᠮ᠃ ᠡᠨᠡ ᠤᠴᠢᠷ ᠡᠴᠡ ᠪᠢᠴᠢᠭ ᠲᠡᠢ ᠵᠠᠷᠤᠴᠠ ᠥᠪᠡᠷ ᠢ᠋ᠶ᠋ᠡᠨ ᠬᠦᠷᠦᠭᠡᠳ ᠢᠷᠡᠨ᠎ᠡ ᠭᠡᠳᠡᠭ ᠪᠣᠯ ᠵᠡᠭᠦᠳᠦᠯᠡᠭᠡ ᠦᠭᠡᠢ ᠪᠠᠶᠠᠷ ᠪᠠᠢᠯ᠎ᠠ᠃
᠊᠊᠊᠊᠊᠊᠊᠊᠊᠊᠊᠊᠊᠊᠊ ᠲᠠᠨ ᠤ᠋ ᠬᠤᠰᠢᠭᠤᠨ ᠤ᠋ ᠬᠢᠨ ᠢ᠋ ᠬᠡᠴᠡᠭᠦᠦ ᠭᠡᠯᠴᠡᠳᠡᠭ᠃ ᠭᠡᠪᠡᠴᠦ ᠣᠯᠠᠨ ᠮᠣᠳᠣ ᠥᠨᠳᠥᠷ ᠲᠡᠢ ᠨᠠᠮ ᠲᠠᠢ᠂ ᠣᠯᠠᠨ ᠬᠥᠮᠦᠨ ᠰᠠᠢᠨ ᠲᠠᠢ ᠮᠠᠭᠤ ᠲᠠᠢ ᠪᠠᠢᠳᠠᠭ᠂ ᠪᠠᠰᠠ ᠲᠡᠭᠡᠭᠡᠳ ᠮᠣᠩᠭᠣᠯ ᠠᠬ᠎ᠠ ᠳᠡᠭᠦᠦ ᠪᠠᠢᠨ᠎ᠠ᠂ ᠶᠠᠳᠠᠷᠠᠭᠰᠠᠨ ᠬᠥᠮᠦᠨ ᠳ᠋ᠦ᠍ ᠲᠤᠰᠠᠯᠠᠬᠤ ᠦᠭᠡᠢ ᠶᠠᠭᠠᠬᠢᠬᠤᠪ᠃ ᠶᠡᠷᠦᠨᠢ ᠰᠢᠭᠤᠳ ᠮᠠᠨ ᠤ᠋ ᠬᠠᠶᠠᠭᠠᠨ ᠳ᠋ᠤ᠌ ᠢᠷᠡᠭᠡᠳ ᠪᠠᠭᠤᠵᠤ ᠣᠷᠭᠢ ᠭᠡᠵᠦ ᠦᠷᠦ ᠡᠪᠡᠳᠦᠭᠰᠡᠨ ᠡᠯᠢᠭᠡᠰᠡᠭ ᠳᠠᠭᠤ ᠪᠠᠷ ᠬᠡᠯᠡᠪᠡ᠃ ᠭᠠᠴᠢᠭᠳᠠᠵᠤ ᠶᠠᠳᠠᠷᠠᠭᠰᠠᠨ ᠬᠥᠮᠦᠨ ᠢᠲᠡᠭᠡᠬᠦ ᠳ᠋ᠡᠭᠡᠨ ᠠᠮᠠᠷᠬᠠᠨ ᠪᠠᠢᠳᠠᠭ ᠪᠣᠯᠬᠣᠷ ᠢᠲᠡᠭᠡᠯᠲᠦ ᠶ᠋ᠢᠨ ᠡᠨᠡ ᠦᠭᠡᠨ ᠳ᠋ᠦ᠍ ᠡᠷᠳᠡᠨᠢ ᠶ᠋ᠢᠨ ᠰᠡᠳᠬᠢᠯ ᠪᠠᠶᠠᠷ ᠨᠠᠢᠳᠠᠪᠤᠷᠢ ᠪᠠᠷ ᠳᠦᠭᠦᠷᠪᠡ᠃
ᠡᠷᠳᠡᠨᠢ ᠢᠲᠡᠭᠡᠯᠲᠦ ᠶ᠋ᠢᠨ ᠬᠢ ᠡᠴᠡ ᠵᠠᠭᠠᠨ ᠰᠢᠭ᠋ ᠬᠣᠶᠠᠷ ᠬᠠᠢᠨᠤᠭ ᠬᠥᠯᠦᠭᠰᠡᠨ ᠲᠡᠷᠭᠡ ᠠᠪᠤᠭᠠᠳ ᠶᠠᠪᠤᠬᠤ ᠳ᠋ᠤ᠌ ᠭᠡᠷ ᠦ᠋ᠨ ᠡᠵᠡᠨ ᠭᠠᠯᠰᠠᠩ ᠢ᠋ ᠳᠠᠭᠤᠳᠠᠵᠤ 《ᠳᠡᠭᠦᠦ ᠮᠢᠨᠢ ᠡᠨᠡ ᠶᠠᠳᠠᠷᠠᠭᠰᠠᠨ ᠬᠥᠮᠦᠨ ᠳ᠋ᠦ᠍ ᠲᠤᠰᠠᠯᠠᠵᠤ ᠦᠵᠡ᠃ ᠬᠡᠨ ᠮᠠᠨᠢ ᠴᠤ᠌ ᠢᠯᠭᠠᠭ᠎ᠠ ᠶᠠᠭᠤ ᠪᠠᠢᠬᠤ ᠪᠣᠢ》 ᠭᠡᠵᠡᠢ᠃
ᠡᠷᠳᠡᠨᠢ ᠵᠠᠮ ᠳ᠋ᠠᠭᠠᠨ ᠭᠠᠯᠰᠠᠩ ᠲᠠᠢ ᠲᠠᠨᠢᠯᠴᠠᠪᠠ᠃
᠊᠊᠊᠊᠊᠊᠊᠊᠊᠊᠊᠊᠊᠊᠊ ᠠᠬ᠎ᠠ ᠬᠡᠳᠦᠢ ᠰᠢᠷᠦᠭᠦᠨ ᠵᠠᠩ ᠲᠠᠢ ᠪᠣᠯᠪᠠᠴᠤ ᠨᠢᠷᠤᠭᠤ ᠰᠠᠢᠲᠠᠢ᠂ ᠲᠤᠰᠠᠷᠬᠠᠭ ᠬᠥᠮᠦᠨ ᠰᠢᠦ᠃ ᠬᠠᠷᠢᠨ ᠲᠡᠭᠡᠬᠦ ᠳ᠋ᠡᠭᠡᠨ ᠬᠥᠮᠦᠨ ᠢ᠋ ᠥᠪᠡᠷ ᠰᠢᠭ ᠢ᠋ᠶ᠋ᠡᠨ ᠯᠡ ᠠᠵᠢᠯ ᠲᠠᠢ ᠪᠠᠢᠯᠭᠠᠬᠤ ᠶ᠋ᠢ ᠬᠢᠴᠢᠶᠡᠳᠡᠭ ᠶᠦᠮ ᠳᠡ ᠭᠡᠵᠦ ᠭᠠᠯᠰᠠᠩ ᠶᠠᠷᠢᠪᠠ᠃
ᠬᠣᠷᠢ ᠭᠠᠷᠤᠢ ᠨᠠᠰᠤᠲᠠᠢ ᠡᠨᠡ ᠡᠷ᠎ᠡ ᠪᠣᠯ ᠢᠲᠡᠭᠡᠯᠲᠦ ᠶ᠋ᠢᠨ ᠲᠥᠯᠥᠭᠡ ᠡᠯᠵᠢᠭᠡ ᠮᠡᠲᠦ ᠵᠢᠳᠬᠦᠭᠴᠢ ᠨᠠᠢᠳᠠᠪᠤᠷᠢ ᠲᠠᠢ ᠵᠠᠷᠤᠴᠠ ᠨᠢ ᠪᠢᠯᠡ᠃
ᠲᠡᠷᠡ ᠣᠷᠣᠢ ᠡᠷᠳᠡᠨᠢ ᠶ᠋ᠢᠨ ᠮᠠᠭᠤ ᠮᠠᠢᠬᠠᠨ ᠢᠲᠡᠭᠡᠯᠲᠦ ᠶ᠋ᠢᠨ ᠬᠣᠲᠠ ᠶ᠋ᠢᠨ ᠪᠠᠷᠠᠭᠤᠨ ᠬᠣᠢᠨ᠎ᠠ ᠪᠣᠰᠴᠤ᠂ ᠠᠮᠢᠳᠤᠷᠠᠯ ᠤ᠋ᠨ ᠬᠠᠲᠠᠭᠤ ᠬᠠᠤᠯᠢ ᠡᠷᠳᠡᠨᠢ ᠶ᠋ᠢ ᠡᠬᠡᠨᠡᠷ ᠬᠡᠦᠬᠡᠳ ᠦ᠋ᠨ ᠬᠢᠨᠢ ᠬᠠᠮᠲᠤ ᠬᠥᠮᠦᠨ ᠦ᠌ ᠨᠤᠲᠤᠭ ᠲᠤ᠌ ᠠᠢᠯ ᠤ᠋ᠨ ᠵᠠᠷᠤᠴᠠ ᠪᠣᠯᠭᠠᠵᠠᠢ᠃
᠊᠊᠊᠊᠊᠊᠊᠊᠊᠊᠊᠊᠊᠊᠊ ᠵᠠ ᠡᠷᠳᠡᠨᠢ ᠮᠢᠨᠢ ᠲᠡᠩᠬᠡᠷᠡᠲᠡᠯ᠎ᠡ ᠪᠡᠨ ᠮᠠᠨ ᠤ᠋ ᠬᠡᠳᠦᠨ ᠮᠠᠯ ᠡᠴᠡ ᠬᠠᠷᠠᠯᠴᠠᠵᠤ ᠥᠭᠭᠦᠭᠡᠳ ᠪᠠᠢᠵᠤ ᠦᠵᠡ᠃ ᠪᠢ ᠴᠢᠮᠢ᠋ᠢ ᠭᠣᠮᠣᠳᠠᠭᠠᠬᠤ ᠦᠭᠡᠢ᠃ ᠬᠣᠶᠠᠷ ᠦᠨᠢᠶ᠎ᠡ ᠰᠠᠭᠠᠵᠤ ᠴᠠᠢ ᠪᠠᠨ ᠰᠦᠯᠡ᠃ ᠬᠡᠨ ᠬᠡᠨ ᠳ᠋ᠡᠭᠡᠨ ᠲᠤᠰᠠ ᠪᠣᠯᠤᠶ᠎ᠠ ᠭᠡᠵᠦ ᠢᠲᠡᠭᠡᠯᠲᠦ ᠶ᠋ᠢᠨ ᠬᠡᠯᠡᠭᠰᠡᠨ ᠢ᠋ ᠡᠷᠳᠡᠨᠢ ᠳᠤᠷ᠎ᠠ ᠲᠠᠢ ᠵᠥᠪᠰᠢᠶᠡᠷᠡᠵᠡᠢ᠃
ᠠᠮᠢᠳᠤᠷᠠᠯ ᠤ᠋ᠨ ᠰᠢᠷᠦᠭᠦᠨ ᠤᠷᠤᠰᠬᠠᠯ ᠢ᠋ ᠰᠥᠷᠴᠦ᠂ ᠬᠠᠭᠠᠨ ᠲᠠᠢ ᠬᠦᠷᠲᠡᠯ᠎ᠡ ᠵᠠᠷᠭᠤᠯᠳᠤᠭᠠᠳ ᠰᠡᠭᠦᠯ ᠳ᠋ᠦ᠍ᠨᠢ ᠡᠪᠦᠭᠡ ᠳᠡᠭᠡᠳᠦᠰ ᠦ᠋ᠨ ᠨᠤᠲᠤᠭ ᠡᠴᠡ ᠬᠠᠪᠴᠢᠭᠳᠠᠨ ᠵᠠᠢᠯᠠᠵᠤ ᠨᠢᠭᠡ ᠵᠣᠪᠠᠯᠠᠩ ᠡᠴᠡ ᠨᠥᠭᠦᠭᠡ ᠵᠣᠪᠠᠯᠠᠩ ᠤᠷᠤᠭᠤ ᠳᠠᠮᠵᠢᠨ ᠣᠷᠣᠭᠰᠠᠨ ᠡᠷᠳᠡᠨᠢ ᠶ᠋ᠢᠨ ᠰᠡᠳᠬᠢᠯ ᠵᠣᠷᠢᠭ ᠠᠶᠠᠨᠳᠠᠭᠠᠨ ᠮᠣᠬᠣᠵᠤ᠂ ᠶᠠᠭᠠᠬᠢᠵᠤ ᠡᠬᠡᠨᠡᠷ ᠬᠡᠦᠬᠡᠳ ᠢ᠋ᠶ᠋ᠡᠨ ᠲᠡᠵᠢᠭᠡᠬᠦ ᠪᠣᠢ? ᠶᠠᠭᠠᠬᠢᠵᠤ ᠥᠯᠥᠰᠬᠦ ᠦᠭᠡᠢ ᠪᠠᠢᠬᠤ ᠪᠣᠢ? ᠭᠡᠳᠡᠭ ᠲᠦᠮᠡᠨ ᠰᠢᠵᠢᠮ ᠢ᠋ᠶ᠋ᠡᠷ ᠤᠯᠠᠮ ᠪᠦᠷ ᠨᠢᠭᠲᠠ ᠬᠦᠯᠢᠭᠳᠡᠵᠦ ᠪᠠᠢᠯ᠎ᠠ᠃
ᠡᠳᠦᠷ ᠥᠩᠭᠡᠷᠡᠬᠦ ᠳᠣᠳᠣᠮ ᠡᠷᠳᠡᠨᠢ ᠲᠤᠯᠭᠠᠷ ᠬᠣᠶᠠᠷ ᠤ᠋ᠨ ᠠᠵᠢᠯ ᠳ᠋ᠤ᠌ ᠴᠢᠳᠠᠮᠠᠭᠠᠢ ᠶ᠋ᠢ ᠬᠠᠷᠠᠵᠤ᠂ ᠬᠣᠶᠠᠷ ᠰᠠᠢᠨ ᠵᠠᠷᠤᠴᠠ ᠲᠠᠢ ᠪᠣᠯᠤᠭᠰᠠᠨ ᠳ᠋ᠠᠭᠠᠨ ᠪᠠᠶᠠᠷᠯᠠᠭᠰᠠᠨ ᠢᠲᠡᠭᠡᠯᠲᠦ ᠬᠦᠦ ᠪᠡᠨ ᠪᠠᠲᠤ ᠲᠠᠢ ᠳᠣᠲᠣᠨᠣ ᠨᠥᠬᠥᠷᠯᠡᠭᠦᠯᠵᠦ᠂ ᠣᠯᠵᠤ ᠠᠪᠤᠭᠰᠠᠨ ᠠᠯᠲᠠ ᠪᠠᠨ ᠠᠯᠳᠠᠬᠤ ᠦᠭᠡᠢ ᠶ᠋ᠢ ᠬᠢᠴᠢᠶᠡᠪᠡ᠃
ᠡᠷᠳᠡᠨᠢ ᠲᠤᠯᠭᠠᠷ ᠬᠣᠶᠠᠷ ᠴᠤ᠌ ᠬᠠᠷᠢ ᠨᠤᠲᠤᠭ ᠲᠤ᠌ ᠶᠠᠳᠠᠷᠠᠵᠤ ᠪᠠᠢᠬᠤ ᠳ᠋ᠤᠨᠢ ᠴᠢᠷᠠᠢ ᠥᠭᠴᠦ ᠭᠠᠷ ᠰᠤᠩᠬᠠᠨ ᠲᠤᠰᠠᠯᠠᠭᠰᠠᠨ ᠢᠲᠡᠭᠡᠯᠲᠦ ᠳ᠋ᠦ᠍ ᠪᠠᠶᠠᠷᠯᠠᠵᠤ ᠬᠢ ᠭᠡᠰᠡᠨ ᠢ᠋ ᠨᠢ ᠪᠢᠲᠡᠭᠡᠢ ᠬᠡᠯᠡ᠂ ᠬᠡᠯᠡᠭᠡ ᠦᠭᠡᠢ ᠠᠵᠢᠯ ᠢ᠋ ᠨᠢ ᠴᠦ᠍ ᠬᠢᠴᠢᠶᠡᠨ ᠪᠦᠲᠦᠭᠡᠵᠦ ᠪᠠᠢᠯ᠎ᠠ᠃
᠊᠊᠊᠊᠊᠊᠊᠊᠊᠊᠊᠊᠊᠊᠊ ᠡᠷᠳᠡᠨᠢ ᠮᠢᠨᠢ᠂ ᠬᠣᠰᠢᠭᠤ ᠨᠠᠭᠠᠳᠤᠮ ᠡᠴᠡ ᠬᠣᠢᠰᠢ ᠰᠠᠭᠤᠷᠢᠯᠠᠭᠰᠠᠨ ᠮᠠᠯ ᠢ᠋ᠶ᠋ᠠᠨ ᠲᠣᠭᠠᠯᠠᠨ᠎ᠠ᠃ ᠴᠢ ᠯᠡ ᠨᠢᠭᠡ ᠲᠤᠰᠠ ᠪᠣᠯᠵᠤ᠂ ᠶᠠᠭᠰᠢᠲᠠᠯ᠎ᠠ ᠳᠠᠩᠰᠠᠯᠠᠵᠤ ᠠᠯᠢ ᠭᠡᠳ ᠢᠲᠡᠭᠡᠯᠲᠦ ᠠᠪᠳᠠᠷ᠎ᠠ ᠡᠴᠡ ᠪᠡᠨ ᠥᠩᠭᠡᠷᠡᠭᠰᠡᠨ ᠵᠢᠯ ᠥᠪᠡᠷ ᠦ᠋ᠨ ᠬᠢᠭᠰᠡᠨ ᠳᠠᠩᠰᠠ ᠪᠠᠨ ᠭᠠᠷᠭᠠᠵᠤ 《ᠡᠪᠦᠭᠡᠨ ᠮᠢᠨᠢ ᠴᠢᠮ᠎ᠠ ᠰᠢᠭ ᠡᠷᠳᠡᠮ ᠲᠡᠢ ᠬᠥᠮᠦᠨ ᠬᠠᠷᠠᠪᠠᠯ ᠡᠯᠢᠭᠡ ᠬᠥᠰᠢᠬᠦ ᠡᠳ᠋ ᠳᠡ᠃ ᠪᠠᠰᠠ ᠲᠡᠭᠡᠭᠡᠳ ᠨᠠᠳᠠ ᠡᠴᠡ ᠥᠭᠡᠷ᠎ᠡ ᠬᠡᠨ ᠴᠦ᠍ ᠤᠩᠰᠢᠵᠤ ᠴᠢᠳᠠᠬᠤ ᠦᠭᠡᠢ᠃ ᠬᠣᠶᠠᠭᠤᠯᠠ ᠬᠡᠳᠦ ᠬᠣᠨᠣᠭ ᠰᠠᠭᠤᠵᠤ ᠴᠢᠮ᠎ᠠ ᠳ᠋ᠤ᠌ ᠤᠴᠢᠷ ᠢ᠋ ᠨᠢ ᠣᠯᠵᠤ ᠦᠭᠶ᠎ᠡ》 ᠭᠡᠵᠦ ᠨᠢᠭᠡ ᠡᠳᠦᠷ ᠬᠡᠯᠡᠵᠡᠢ᠃
ᠢᠲᠡᠭᠡᠯᠲᠦ ᠪᠣᠯ ᠦᠨᠡᠨ ᠳ᠋ᠡᠭᠡᠨ ᠬᠡᠷᠰᠡᠦ ᠬᠥᠮᠦᠨ ᠪᠠᠢᠵᠤ ᠪᠢᠯᠡ᠃ ᠥᠪᠡᠷ ᠲᠦ᠋ᠨᠢ ᠲᠤᠰᠠ ᠪᠣᠯᠵᠤ᠂ ᠠᠵᠢᠯ ᠳ᠋ᠤᠨᠢ ᠬᠡᠷᠡᠭ ᠲᠡᠢ ᠬᠥᠮᠦᠨ ᠳ᠋ᠦ᠍ ᠲᠡᠵᠢᠭᠡᠮᠡᠯ ᠪᠢᠷᠠᠭᠤ ᠰᠢᠭ᠋᠂ ᠬᠦᠰᠡᠯ ᠢ᠋ᠶ᠋ᠡᠨ ᠪᠡᠶᠡᠯᠡᠭᠦᠯᠬᠦ ᠳ᠋ᠦ᠍ ᠨᠢ ᠰᠠᠭᠠᠳ ᠪᠣᠯᠤᠭᠰᠠᠨ ᠬᠥᠮᠦᠨ ᠳ᠋ᠦ᠍ ᠬᠣᠣᠷᠲᠤ ᠮᠣᠭᠠᠢ ᠰᠢᠭ᠋᠂ ᠠᠵᠢᠯ ᠬᠢᠪᠡᠯ ᠡᠨᠡ ᠭᠡᠷ ᠦ᠋ᠨ ᠬᠠᠮᠤᠭ ᠤ᠋ᠨ ᠦᠨᠡᠨᠴᠢ ᠵᠠᠷᠤᠴᠠ ᠶᠤᠮ᠃
ᠢᠲᠡᠭᠡᠯᠲᠦ ᠳ᠋ᠦ᠍ ᠬᠠᠮᠤᠭ ᠤ᠋ᠨ ᠬᠠᠢᠷ᠎ᠠ ᠲᠠᠢ᠂ ᠬᠠᠮᠤᠭ ᠤ᠋ᠨ ᠳᠣᠲᠣᠨᠣ ᠶᠠᠭᠤᠮ᠎ᠠ ᠭᠡᠪᠡᠯ ᠥᠪᠡᠷ ᠦ᠋ᠨ ᠬᠢᠨᠢ ᠬᠦᠰᠡᠯ ᠡᠷᠡᠮᠡᠯᠵᠡᠯᠡᠯ ᠪᠥᠭᠡᠳ ᠡᠭᠦᠨ ᠢ᠋ᠶ᠋ᠡᠨ ᠬᠠᠩᠭᠠᠬᠤ ᠳ᠋ᠤ᠌ ᠬᠡᠷᠡᠭ ᠲᠡᠢ ᠪᠦᠬᠦᠨ ᠢ᠋ ᠶᠠᠭᠤᠨ ᠡᠴᠡ ᠴᠤ᠌ ᠪᠤᠴᠠᠬᠤ ᠦᠭᠡᠢ ᠬᠢᠳᠡᠭ ᠪᠠᠢᠯ᠎ᠠ᠃ ᠬᠡᠷᠡᠭ ᠲᠡᠢ ᠦᠶ᠎ᠡ ᠳ᠋ᠦ᠍ ᠶᠠᠭᠤ ᠪᠠᠨ ᠴᠤ᠌ ᠥᠭᠬᠦ ᠡᠴᠡ ᠪᠤᠴᠠᠬᠤ ᠦᠭᠡᠢ ᠥᠭᠯᠢᠭᠡᠴᠢ᠂ ᠬᠡᠷᠡᠭ ᠦᠭᠡᠢ ᠪᠣᠯ ᠰᠡᠲᠡᠷᠬᠡᠢ ᠵᠡᠭᠦᠦ ᠴᠦ᠍ ᠬᠥᠮᠦᠨ ᠳ᠋ᠦ᠍ ᠥᠭᠬᠦ ᠦᠭᠡᠢ ᠴᠡᠪᠳᠡᠭ ᠰᠡᠳᠬᠢᠯ ᠲᠡᠢ ᠠᠵᠢ᠃
ᠡᠷᠳᠡᠨᠢ ᠦᠯᠡᠮᠵᠢ ᠬᠡᠷᠡᠭ ᠲᠡᠢ ᠬᠥᠮᠦᠨ ᠪᠣᠯᠬᠣᠷ ᠢᠲᠡᠭᠡᠯᠲᠦ ᠲᠡᠭᠦᠨ ᠳ᠋ᠦ᠍ ᠲᠡᠵᠢᠭᠡᠪᠦᠷᠢ ᠪᠢᠷᠠᠭᠤ ᠰᠢᠭ᠋ ᠨᠣᠮᠣᠬᠠᠨ ᠪᠠᠢᠪᠠ᠃ ᠡᠷᠳᠡᠨᠢ ᠪᠣᠯ ᠤᠬᠠᠭᠠᠨ ᠲᠠᠢ ᠴᠢᠳᠠᠯ ᠲᠠᠢ᠃ ᠭᠡᠬᠦ ᠳ᠋ᠡᠭᠡᠨ ᠠᠮᠠᠷᠬᠠᠨ ᠢᠲᠡᠭᠡᠮᠡᠲᠡᠭᠡᠢ ᠰᠢᠳᠤᠷᠭᠤ ᠬᠥᠮᠦᠨ ᠭᠡᠵᠦ ᠪᠣᠳᠣᠭᠰᠠᠨ ᠢᠲᠡᠭᠡᠯᠲᠦ ᠲᠡᠭᠦᠨ ᠢ᠋ ᠥᠪᠡᠷ ᠲᠡᠭᠡᠨ ᠦᠨᠡᠨᠴᠢ ᠪᠠᠢᠯᠭᠠᠬᠤ ᠶ᠋ᠢᠨ ᠲᠤᠯᠠ ᠬᠦᠨᠳᠦᠳᠬᠡᠨ ᠨᠥᠬᠥᠷᠯᠡᠵᠦ᠂ ᠲᠡᠭᠦᠨ ᠦ᠌ ᠳᠡᠭᠡᠷ᠎ᠡ ᠨᠢ ᠪᠢᠰᠢ᠂ ᠳᠡᠷᠭᠡᠳᠡ ᠨᠢ ᠪᠠᠢᠬᠤ ᠶ᠋ᠢ ᠬᠢᠴᠢᠶᠡᠳᠡᠭ ᠪᠠᠢᠪᠠ᠃
ᠡᠨᠡ ᠤᠴᠢᠷ ᠡᠴᠡ ᠬᠡᠷᠪᠡ ᠭᠠᠯᠰᠠᠩ ᠢ᠋ ᠳᠣᠷᠣᠮᠵᠢᠯᠠᠨ ᠵᠠᠩᠨᠠᠵᠤ᠂ ᠨᠢᠮ᠎ᠠ ᠶ᠋ᠢ ᠱᠣᠣᠯᠠᠵᠤ ᠶᠥᠭᠡᠵᠦ ᠵᠠᠷᠤᠳᠠᠭ ᠪᠣᠯ ᠡᠷᠳᠡᠨᠢ ᠳ᠋ᠦ᠍ ᠦᠷᠭᠦᠯᠵᠢ ᠬᠦᠨᠳᠦᠳᠬᠡᠭᠰᠡᠨ ᠨᠥᠬᠥᠷᠰᠡᠭ ᠳᠦᠷᠢ ᠦᠵᠡᠭᠦᠯᠵᠦ ᠪᠠᠢᠳᠠᠭ ᠪᠠᠢᠯ᠎ᠠ᠃
ᠡᠭᠦᠨ ᠡᠴᠡ ᠭᠠᠳᠠᠨ᠎ᠠ ᠢᠲᠡᠭᠡᠯᠲᠦ ᠳ᠋ᠦ᠍ ᠥᠭᠡᠷ᠎ᠡ ᠨᠢᠭᠡᠨ ᠪᠣᠳᠣᠯ ᠪᠠᠢᠪᠠ᠃ ᠬᠠᠲᠠᠭᠤ ᠠᠮᠢᠳᠤᠷᠠᠯ ᠴᠤ᠌ ᠳᠠᠷᠤᠵᠤ ᠴᠢᠳᠠᠭ᠎ᠠ ᠦᠭᠡᠢ ᠦᠵᠡᠰᠬᠦᠯᠡᠩᠲᠦ ᠭᠤᠸ᠎ᠠ ᠲᠤᠯᠭᠠᠷ ᠤ᠋ᠨ ᠥᠩᠭᠡ ᠵᠢᠪᠬᠤᠯᠠᠩ ᠲᠡᠭᠦᠨ ᠦ᠌ ᠳᠠᠴᠢᠶᠠᠩᠭ᠋ᠤᠢ ᠰᠡᠳᠬᠢᠯ ᠢ᠋ ᠨᠢ ᠮᠠᠭᠠᠵᠢᠵᠤ ᠲᠤᠯᠭᠠᠷ ᠢ᠋ ᠬᠠᠷᠠᠬᠤ ᠪᠦᠬᠦᠨ ᠳ᠋ᠡᠭᠡᠨ ᠥᠪᠡᠷ ᠦ᠋ᠨ ᠡᠷᠬᠡ ᠦᠭᠡᠢ ᠢᠨᠢᠶᠡᠮᠰᠦᠭᠯᠡᠵᠦ ᠶᠠᠪᠤᠳᠠᠭ ᠪᠠ ᠠᠵᠢᠯ ᠢ᠋ᠶ᠋ᠠᠷ ᠵᠠᠶ᠎ᠠ ᠶ᠋ᠢᠨ ᠬᠦᠷᠢᠶ᠎ᠡ ᠣᠷᠣᠭᠠᠳ ᠢᠷᠡᠬᠦ ᠳ᠋ᠡᠭᠡᠨ᠂ ᠲᠤᠯᠭᠠᠷ᠂ ᠳᠤᠯᠮ᠎ᠠ᠂ ᠡᠬᠡᠨᠡᠷ ᠳᠤᠯᠵᠢᠨ ᠨᠠᠷ ᠲᠠᠭᠠᠨ ᠭᠠᠷ ᠤ᠋ᠨ ᠪᠡᠯᠡᠭ ᠠᠪᠴᠢᠷᠠᠵᠤ ᠥᠭᠭᠦᠭᠰᠡᠨ ᠦ᠌ ᠬᠠᠮᠤᠭ ᠤ᠋ᠨ ᠴᠢᠨᠰᠠᠭ᠎ᠠ ᠲᠠᠢ ᠨᠢ ᠲᠤᠯᠭᠠᠷ ᠤ᠋ᠨ ᠬᠢ ᠪᠠᠢᠪᠠ᠃
᠊᠊᠊᠊᠊᠊᠊᠊᠊᠊᠊᠊᠊᠊᠊ ᠴᠢ ᠴᠦ᠍ ᠲᠤᠯᠭᠠᠷ ᠲᠤ᠌ ᠬᠥᠯ ᠠᠯᠳᠠᠵᠤ ᠪᠠᠢᠬᠤ ᠰᠢᠪ ᠳᠡ᠃ ᠪᠢ ᠴᠦ᠍ ᠶᠠᠭᠠᠬᠢᠬᠤᠪ᠂ ᠳᠠᠷᠤᠯᠠᠭᠳᠠᠵᠤ ᠰᠤᠷᠤᠭᠰᠠᠨ ᠬᠥᠮᠦᠨ᠃ ᠬᠠᠷᠢᠨ ᠳᠤᠯᠮ᠎ᠠ ᠴᠢᠨᠢ ᠬᠠᠷᠠᠳᠠᠵᠤ ᠰᠦᠢᠳ ᠪᠣᠯᠬᠤ ᠪᠠᠢᠬ᠎ᠠ ᠳᠠ ᠭᠡᠵᠦ ᠰᠠᠢᠬᠠᠨ ᠪᠡᠯᠡᠭ ᠠᠪᠤᠭᠰᠠᠨ ᠳ᠋ᠠᠭᠠᠨ ᠮᠠᠩᠨᠠᠢ ᠳᠦᠭᠦᠷᠡᠩ ᠪᠠᠶᠠᠷᠯᠠᠭᠰᠠᠨ ᠲᠤᠯᠭᠠᠷ ᠢ᠋ ᠭᠦᠶᠦᠨ ᠭᠠᠷᠬᠤ ᠳ᠋ᠤ᠌ ᠳᠤᠯᠵᠢᠨ ᠬᠡᠯᠡᠪᠡ᠃
᠊᠊᠊᠊᠊᠊᠊᠊᠊᠊᠊᠊᠊᠊᠊ ᠴᠢᠮ᠎ᠠ ᠳ᠋ᠤ᠌ ᠫᠠᠳ ᠦᠭᠡᠢ ᠭᠡᠵᠦ ᠢᠲᠡᠭᠡᠯᠲᠦ ᠬᠦᠢᠲᠡᠨ ᠪᠥᠭᠡᠳ ᠲᠣᠭᠣᠮᠵᠢᠷ ᠦᠭᠡᠢ ᠬᠡᠯᠡᠪᠡ᠃
᠊᠊᠊᠊᠊᠊᠊᠊᠊᠊᠊᠊᠊᠊᠊ ᠴᠢᠮ᠎ᠠ ᠰᠢᠭ ᠵᠠᠷᠤᠴᠠ ᠨᠠᠷ ᠲᠠᠢ ᠪᠠᠨ ᠡᠬᠡᠨᠡᠷ ᠢ᠋ ᠨᠢ ᠬᠤᠪᠢᠶᠠᠳᠠᠭ ᠰᠢᠪᠰᠢᠭᠲᠡᠢ ᠠᠮᠢᠲᠠᠨ ᠪᠠᠢᠬᠤ ᠦᠭᠡᠢ ᠲᠠᠭ ᠰᠢᠦ᠃
᠊᠊᠊᠊᠊᠊᠊᠊᠊᠊᠊᠊᠊᠊᠊ ᠴᠢᠮ᠎ᠠ ᠰᠢᠭ ᠡᠬᠡᠨᠡᠷ ᠲᠡᠢ ᠬᠥᠮᠦᠨ ᠥᠭᠡᠷ᠎ᠡ ᠶᠠᠭᠠᠬᠢᠬᠤ ᠪᠣᠢ ᠳᠠ᠃
᠊᠊᠊᠊᠊᠊᠊᠊᠊᠊᠊᠊᠊᠊᠊ ᠡᠷᠳᠡᠨᠢ ᠪᠣᠯ ᠭᠠᠯᠰᠠᠩ ᠴᠢᠨᠢ ᠪᠢᠰᠢ ᠪᠣᠯᠬᠣᠷ ᠁
᠊᠊᠊᠊᠊᠊᠊᠊᠊᠊᠊᠊᠊᠊᠊ ᠭᠢᠴᠢᠢ ᠮᠢᠨᠢ ᠳᠠᠭᠤ ᠦᠭᠡᠢ ᠪᠠᠢ᠃ ᠲᠥᠷᠬᠥᠮ ᠳ᠋ᠦ᠍ ᠴᠢᠨᠢ ᠵᠠᠯᠠᠵᠤ ᠣᠷᠬᠢᠨ᠎ᠠ ᠰᠢᠦ ᠭᠡᠳ ᠢᠲᠡᠭᠡᠯᠲᠦ ᠭᠢᠯᠤᠢᠨ ᠰᠢᠷᠪᠢᠬᠦ ᠳ᠋ᠦ᠍ ᠳᠤᠯᠵᠢᠨ ᠳᠠᠭᠤ ᠦᠭᠡᠢ ᠪᠣᠯᠵᠤ᠂ ᠮᠢᠬ᠎ᠠ ᠠᠮᠲᠠᠷᠬᠠᠨ ᠢᠳᠡᠵᠦ ᠪᠠᠢᠭ᠎ᠠ ᠲᠣᠮᠣ ᠨᠣᠬᠠᠢ ᠶ᠋ᠢᠨ ᠳᠡᠷᠭᠡᠳᠡ ᠰᠢᠯᠦᠰᠦ ᠪᠡᠨ ᠵᠠᠯᠭᠢᠨ ᠵᠣᠭᠰᠣᠵᠤ ᠪᠠᠢᠭ᠎ᠠ ᠭᠥᠯᠥᠭᠡ ᠨᠣᠬᠠᠢ ᠶ᠋ᠢᠨ ᠠᠷᠴᠠᠭ᠎ᠠ ᠦᠭᠡᠢ ᠪᠥᠭᠡᠳ ᠠᠲᠠᠭᠠᠷᠬᠠᠭᠰᠠᠨ ᠨᠢᠳᠦ ᠪᠡᠷ ᠰᠢᠷᠳᠡᠵᠦ ᠪᠠᠢᠭᠰᠠᠨ ᠢ᠋ᠶ᠋ᠠᠨ ᠤᠷᠲᠤ ᠭᠡᠭᠴᠢ ᠨᠢ ᠰᠠᠨᠠᠭ᠎ᠠ ᠠᠯᠳᠠᠪᠠ᠃
ᠲᠡᠮᠡᠭᠡᠴᠢᠨ ᠬᠥᠮᠦᠨ ᠪᠤᠤᠷ᠎ᠠ ᠶ᠋ᠢᠨ ᠢ᠋ᠶ᠋ᠡᠨ ᠵᠠᠩ ᠢ᠋ ᠠᠨᠳᠤᠬᠤ ᠦᠭᠡᠢ ᠭᠡᠭᠴᠢ ᠪᠡᠷ ᠳᠤᠯᠵᠢᠨ ᠨᠥᠬᠥᠷ ᠦ᠋ᠨ ᠢ᠋ᠶ᠋ᠡᠨ ᠵᠠᠪᠬᠠᠢ ᠶ᠋ᠢ ᠰᠠᠢᠨ ᠮᠡᠳᠡᠳᠡᠭ ᠪᠣᠯᠪᠠᠴᠤ ᠶᠠᠭᠠᠬᠢᠵᠤ ᠴᠤ᠌ ᠴᠢᠳᠠᠳᠠᠭ ᠦᠭᠡᠢ᠃ ᠬᠠᠷᠠᠳᠠᠬᠤ ᠰᠡᠳᠬᠢᠯ ᠨᠢ ᠣᠪᠣᠯᠵᠠᠭᠰᠠᠨ ᠦᠶ᠎ᠡ ᠳ᠋ᠡᠭᠡᠨ ᠭᠠᠭᠴᠠ ᠨᠢᠭᠡ ᠰᠢᠷᠦᠭᠦᠨ ᠦᠭᠡ ᠬᠡᠯᠡᠴᠢᠬᠡᠳᠡᠭ ᠪᠣᠯᠪᠠᠴᠤ ᠢᠲᠡᠭᠡᠯᠲᠦ ᠶ᠋ᠢ ᠠᠭᠤᠷᠯᠠᠮᠠᠭᠴᠠ ᠳᠠᠭᠤ ᠦᠭᠡᠢ ᠪᠣᠯᠳᠠᠭ ᠪᠠ ᠢᠯᠠᠩᠭᠤᠶ᠎ᠠ 《ᠲᠥᠷᠬᠥᠮ ᠳ᠋ᠦ᠍ ᠴᠢᠨᠢ ᠬᠦᠷᠭᠡᠵᠦ ᠥᠭᠭᠦᠨ᠎ᠡ》 ᠭᠡᠬᠦ ᠳ᠋ᠦ᠍ ᠬᠥᠮᠥᠰᠬᠡ ᠨᠢ ᠪᠠᠭᠤᠵᠤ ᠠᠷᠭᠠᠳᠠᠨ ᠡᠬᠢᠯᠡᠳᠡᠭ᠃
ᠢᠩᠭᠢᠭᠡᠳ ᠡᠳᠦᠷ ᠥᠩᠭᠡᠷᠡᠬᠦ ᠳᠣᠳᠣᠮ ᠨᠥᠬᠥᠷ ᠡᠴᠡ ᠪᠡᠨ ᠠᠶᠤᠬᠤ ᠨᠢ ᠶᠡᠬᠡ ᠪᠣᠯᠵᠤ᠂ ᠳᠠᠯᠠᠢᠭᠰᠠᠨ ᠭᠠᠵᠠᠷ ᠨᠢ ᠳᠠᠯᠳᠠ ᠣᠷᠣᠵᠤ᠂ ᠳᠠᠯᠠᠯᠤᠭᠰᠠᠨ ᠭᠠᠵᠠᠷ ᠨᠢ ᠢᠯᠡ ᠭᠠᠷᠴᠤ ᠪᠠᠢᠳᠠᠭ ᠪᠠ ᠪᠠᠰᠠ ᠲᠠᠢᠯᠪᠤᠷᠢᠯᠠᠵᠤ ᠪᠣᠯᠣᠰᠢ ᠦᠭᠡᠢ ᠬᠠᠢᠷ᠎ᠠ ᠰᠡᠳᠬᠢᠯ ᠢ᠋ᠶ᠋ᠡᠷ ᠢᠲᠡᠭᠡᠯᠲᠦ ᠶ᠋ᠢᠨ ᠬᠢᠭᠰᠡᠨ ᠢ᠋ ᠴᠠᠭᠠᠳᠬᠠᠵᠤ᠂ ᠠᠮᠢᠳᠤᠷᠠᠯ ᠲᠠᠪᠤᠨ ᠬᠤᠷᠤᠭᠤ ᠲᠡᠭᠰᠢ ᠪᠢᠰᠢ ᠭᠡᠵᠦ ᠰᠡᠳᠬᠢᠯ ᠢ᠋ᠶ᠋ᠡᠨ ᠵᠠᠰᠠᠵᠤ ᠶᠠᠪᠤᠳᠠᠭ ᠪᠣᠯᠵᠠᠢ᠃
ᠡᠳ᠋ᠯᠡᠨ᠎ᠡ ᠭᠡᠬᠦ ᠳ᠋ᠦ᠍ ᠬᠠᠭᠤᠴᠢᠨ᠂ ᠬᠠᠶᠠᠨ᠎ᠠ ᠭᠡᠬᠦ ᠳ᠋ᠦ᠍ ᠶᠠᠮᠠᠷ ᠨᠢᠭᠡᠨ ᠳᠤᠷᠠᠰᠬᠠᠯ ᠪᠤᠶᠤ ᠰᠦᠰᠦᠭ ᠪᠢᠰᠢᠷᠡᠯ ᠲᠡᠢ ᠬᠣᠯᠪᠣᠭ᠎ᠠ ᠲᠠᠢ ᠶᠠᠭᠤᠮ᠎ᠠ ᠵᠠᠷᠢᠮ ᠬᠥᠮᠦᠨ ᠳ᠋ᠦ᠍ ᠪᠠᠢᠳᠠᠭ᠃ ᠲᠡᠷᠡ ᠬᠥᠮᠦᠨ ᠤᠤᠯ ᠵᠦᠢᠯ ᠳ᠋ᠦ᠍ ᠣᠨᠴᠠ ᠶ᠋ᠢᠨ ᠬᠠᠢᠷ᠎ᠠ ᠲᠠᠢ ᠪᠢᠰᠢ ᠤᠴᠢᠷ ᠡᠴᠡ ᠠᠪᠳᠠᠷ᠎ᠠ ᠶ᠋ᠢᠨ ᠠᠯᠢ ᠨᠢᠭᠡᠨ ᠪᠦᠯᠦᠩ ᠳ᠋ᠦ᠍ ᠬᠠᠶᠠᠭᠠᠳ ᠮᠠᠷᠲᠠᠵᠤ ᠣᠷᠬᠢᠳᠠᠭ ᠪᠥᠭᠡᠳ ᠵᠠᠷᠢᠮ ᠳ᠋ᠠᠭᠠᠨ ᠨᠢᠳᠦᠨ ᠳ᠋ᠦ᠍ᠨᠢ ᠲᠤᠰᠬᠤ ᠳ᠋ᠤ᠌ ᠬᠠᠶᠠᠬᠤ ᠦᠭᠡᠢ ᠬᠠᠳᠠᠭᠠᠯᠠᠵᠤ ᠪᠠᠢᠭ᠎ᠠ ᠤᠴᠢᠷ ᠶᠠᠪᠤᠳᠠᠯ ᠨᠢ ᠰᠠᠨᠠᠭᠳᠠᠳᠠᠭ᠃ ᠢᠲᠡᠭᠡᠯᠲᠦ ᠶ᠋ᠢᠨ ᠬᠤᠪᠢ ᠳ᠋ᠤ᠌ ᠳᠤᠯᠵᠢᠨ ᠴᠣᠬᠣᠮ ᠢᠩᠭᠢᠵᠦ ᠬᠡᠷᠡᠭᠯᠡᠵᠦ ᠪᠣᠯᠳᠠᠭ ᠦᠭᠡᠢ᠂ ᠬᠠᠶᠠᠵᠤ ᠪᠣᠯᠳᠠᠭ ᠦᠭᠡᠢ ᠬᠠᠭᠤᠴᠢᠨ ᠡᠳ᠋ ᠪᠠᠢᠯ᠎ᠠ᠃
᠊᠊᠊᠊᠊᠊᠊᠊᠊᠊᠊᠊᠊᠊᠊ ᠡᠪᠦᠭᠡᠨ ᠮᠢᠨᠢ ᠬᠣᠭᠣᠯᠠ ᠪᠠᠨ ᠢᠳᠡᠬᠦ ᠤᠤ? ᠭᠡᠵᠦ ᠳᠤᠯᠵᠢᠨ ᠨᠠᠮ ᠪᠥᠭᠡᠳ ᠴᠢᠷᠠᠢᠴᠢᠯᠠᠭᠰᠠᠨ ᠳᠠᠭᠤ ᠪᠠᠷ ᠠᠰᠠᠭᠤᠬᠤ ᠳ᠋ᠤ᠌ ᠨᠥᠬᠥᠷ ᠨᠢ ᠶᠡᠬᠡᠮᠰᠦᠭ ᠰᠢᠷᠦᠭᠦᠨ ᠳᠠᠭᠤ ᠪᠠᠷ 《ᠠᠪᠤᠭᠠᠳ ᠢᠷ᠎ᠡ!》 ᠭᠡᠵᠦ ᠬᠥᠮᠥᠰᠬᠡ ᠵᠠᠩᠭᠢᠳᠤᠨ ᠬᠡᠯᠡᠭᠡᠳ ᠬᠢᠲᠤᠭ᠎ᠠ ᠪᠠᠨ ᠠᠪᠴᠤ ᠵᠠᠪᠢᠯᠠᠨ ᠰᠠᠭᠤᠪᠠ᠃