ᠲᠤᠩᠭᠠᠯᠠᠭ ᠲᠠᠮᠢᠷ2-09-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠰᠢᠷ᠎ᠠ ᠴᠠᠢ ᠴᠦ᠍ ᠣᠯᠣᠯ ᠦᠭᠡᠢ ᠮᠣᠷᠢᠳ᠂ ᠪᠥᠭᠡᠵᠢ ᠪᠡᠨ ᠠᠯᠳᠠᠭᠰᠠᠨ ᠳ᠋ᠠᠭᠠᠨ ᠭᠣᠣᠯ ᠨᠢ ᠬᠠᠷᠠᠯᠠᠵᠤ ᠭᠠᠮᠢᠩ ᠤ᠋ᠳ ᠲᠤ᠌ ᠬᠣᠷᠣᠰᠤᠨ》 - ᠬᠣᠶᠠᠳᠤᠭᠠᠷ ᠪᠦᠯᠦᠭ ᠶᠢᠰᠦ
ᠮᠣᠩᠭᠣᠯ ᠤ᠋ᠨ ᠠᠦ᠋ᠲ᠋ᠣᠨᠣᠮᠢᠲᠤ ᠵᠠᠰᠠᠭ ᠢ᠋ ᠤᠨᠠᠭᠠᠭᠰᠠᠨ ᠤ᠋ ᠳᠠᠷᠠᠭ᠎ᠠ ᠭᠠᠮᠢᠩ ᠴᠡᠷᠢᠭ ᠪᠣᠭᠳᠠ ᠶ᠋ᠢᠨ ᠬᠦᠷᠢᠶᠡᠨ ᠡᠴᠡ ᠮᠣᠩᠭᠣᠯ ᠤ᠋ᠨ ᠴᠢᠬᠤᠯᠠ ᠴᠢᠬᠤᠯᠠ ᠪᠣᠭᠣᠮᠲᠠ ᠶ᠋ᠢ ᠡᠵᠡᠯᠡᠬᠦ ᠪᠡᠷ ᠭᠠᠷᠴᠠᠢ᠃ ᠡᠨᠡ ᠴᠡᠷᠢᠭ ᠦ᠋ᠳ ᠵᠠᠮ ᠵᠠᠭᠤᠷ᠎ᠠ ᠲᠣᠬᠢᠶᠠᠯᠳᠤᠭᠰᠠᠨ ᠡᠩ ᠦ᠋ᠨ ᠨᠣᠮᠣᠬᠠᠨ ᠮᠠᠯᠴᠢᠳ ᠢ᠋ ᠳᠡᠭᠡᠷᠡᠮᠳᠡᠨ᠂ ᠡᠮᠡᠰ ᠣᠬᠢᠳ ᠢ᠋ ᠬᠦᠴᠦᠷᠬᠡᠵᠦ᠂ ᠲᠦᠮᠡᠨ ᠵᠣᠪᠠᠯᠠᠩ ᠲᠠᠷᠢᠵᠤ᠂ ᠪᠦᠭᠭᠦᠵᠦ ᠳᠦᠷᠪᠡᠭᠰᠡᠨ ᠬᠥᠮᠦᠨ ᠠᠭᠯᠠᠭ ᠠᠭᠤᠯᠠᠨ ᠳ᠋ᠤ᠌ ᠳᠦᠭᠦᠷᠴᠦ᠂ ᠬᠡᠦᠬᠡᠳ ᠡᠮᠡᠭᠲᠡᠢᠴᠦᠳ ᠦ᠋ᠨ ᠭᠠᠰᠠᠯᠤᠨ ᠤᠬᠢᠯᠠᠬᠤ ᠳᠠᠭᠤ ᠬᠠᠲᠠᠵᠤ ᠫᠤᠤ ᠳᠤᠤᠭᠠᠷᠬᠤ ᠪᠦᠷᠢ ᠳ᠋ᠦ᠍ ᠬᠡᠨ ᠢ᠋ ᠠᠯᠠᠪᠠ ᠭᠡᠵᠦ ᠵᠢᠷᠦᠬᠡ ᠰᠢᠮᠰᠢᠷᠡᠨ ᠪᠠᠢᠯ᠎ᠠ᠃
ᠪᠠᠷᠠᠭᠤᠨ ᠲᠡᠰᠢ ᠤᠯᠢᠶᠠᠰᠤᠲᠠᠢ ᠶ᠋ᠢ ᠡᠵᠡᠯᠡᠬᠦ ᠪᠡᠷ ᠭᠠᠷᠤᠭᠰᠠᠨ ᠬᠡᠰᠡᠭ ᠭᠠᠮᠢᠩ ᠤ᠋ᠨ ᠰᠡᠭᠦᠯᠴᠢ ᠠᠷᠪᠠᠨ ᠬᠥᠮᠦᠨ ᠯᠤᠤ ᠬᠦᠩ ᠦ᠋ᠨ ᠬᠦᠷᠢᠶ᠎ᠡ ᠶ᠋ᠢᠨ ᠡᠮᠦᠨ᠎ᠡ ᠲᠠᠮᠢᠷ ᠤ᠋ᠨ ᠡᠷᠭᠢ ᠳᠡᠭᠡᠷ᠎ᠡ ᠪᠠᠭᠤᠳᠠᠯᠯᠠᠭᠠᠳ ᠳᠦᠷᠪᠡᠵᠦ ᠠᠮᠵᠢᠭ᠎ᠠ ᠦᠭᠡᠢ ᠠᠢᠯ ᠤ᠋ᠳ ᠢ᠋ ᠴᠥᠯᠪᠡᠨ ᠳᠡᠭᠡᠷᠡᠮᠳᠡᠵᠦ ᠪᠠᠢᠨ᠎ᠠ᠃
ᠪᠠᠳᠠᠷᠴᠢ ᠭᠠᠮᠢᠩ ᠴᠡᠷᠢᠭ ᠲᠦ᠍ ᠨᠢᠭᠤᠷ ᠣᠯᠬᠤ ᠭᠡᠵᠦ ᠨᠤᠲᠤᠭ ᠤ᠋ᠨ ᠬᠥᠮᠦᠰ ᠢ᠋ ᠰᠦᠷᠳᠡᠭᠦᠯᠦᠨ ᠬᠡᠳᠦᠨ ᠮᠣᠷᠢ ᠳᠠᠢᠴᠢᠯᠠᠵᠤ ᠠᠪᠤᠭᠠᠳ ᠪᠠᠭᠤᠳᠠᠯᠯᠠᠭᠰᠠᠨ ᠴᠡᠷᠢᠭ ᠳᠡᠭᠡᠷ᠎ᠡ ᠣᠴᠢᠪᠠ᠃
ᠮᠠᠢᠬᠠᠨ ᠳ᠋ᠠᠭᠠᠨ ᠬᠣᠭᠣᠯᠠ ᠢᠳᠡᠵᠦ ᠱᠤᠤᠭᠢᠯᠳᠤᠵᠤ ᠪᠠᠢᠭᠰᠠᠨ ᠭᠠᠮᠢᠩ ᠤ᠋ᠳ ᠮᠣᠷᠢᠨ ᠳᠦᠷᠪᠡᠭᠡᠨ ᠢ᠋ᠶ᠋ᠡᠷ ᠭᠠᠷᠴᠤ ᠵᠣᠭᠰᠣᠪᠠ᠃ ᠵᠠᠷᠢᠮ ᠨᠢ ᠫᠤᠤ ᠪᠠᠨ ᠠᠪᠴᠤ ᠪᠡᠯᠡᠳᠬᠡᠪᠡ᠃ ᠥᠴᠥᠭᠡᠳᠦᠷᠬᠡᠨ ᠳᠡᠭᠡᠷᠡᠮᠳᠡᠵᠦ ᠠᠪᠤᠭᠰᠠᠨ ᠲᠣᠮᠣ ᠡᠷᠢᠶᠡᠨ ᠮᠠᠢᠬᠠᠨ ᠤ᠋ ᠡᠮᠦᠨ᠎ᠡ ᠫᠤᠤ ᠨᠤᠭᠤᠳ ᠢ᠋ᠶ᠋ᠠᠨ ᠬᠡᠳᠦ ᠬᠡᠳᠦ ᠪᠡᠷ ᠨᠢ ᠱᠣᠷᠣᠯᠠᠨ ᠲᠠᠯᠪᠢᠵᠠᠢ᠃ ᠮᠠᠢᠬᠠᠨ ᠤ᠋ ᠴᠠᠭᠠᠨ᠎ᠠ ᠭᠤᠷᠪᠠᠨ ᠲᠡᠷᠭᠡ᠂ ᠲᠡᠭᠦᠨ ᠡᠴᠡ ᠴᠢᠨᠠᠭᠰᠢ ᠬᠡᠳᠦᠨ ᠮᠣᠷᠢ ᠢᠳᠡᠵᠦ ᠪᠠᠢᠯ᠎ᠠ᠃ ᠪᠠᠳᠠᠷᠴᠢ 《ᠡᠨᠡ ᠬᠡᠯᠡ ᠮᠡᠳᠡᠬᠦ ᠦᠭᠡᠢ ᠵᠣᠯᠢᠭ ᠤ᠋ᠳ ᠴᠢᠨᠢ ᠠᠷᠠᠢ ᠫᠤᠤᠳᠠᠵᠤ ᠣᠷᠬᠢᠵᠤ ᠦᠭᠡᠢ ᠪᠠᠢᠭ᠎ᠠ ᠳᠠ》 ᠭᠡᠵᠦ ᠵᠢᠷᠦᠬᠡ ᠨᠢ ᠴᠣᠬᠢᠯᠠᠪᠠᠴᠤ ᠰᠠᠢᠨ ᠰᠡᠳᠬᠢᠯ ᠡᠴᠡ ᠪᠡᠨ ᠢᠷᠡᠵᠦ ᠪᠠᠢᠭ᠎ᠠ ᠬᠥᠮᠦᠨ ᠭᠡᠳᠡᠭ ᠢ᠋ᠶ᠋ᠡᠨ ᠦᠵᠡᠭᠦᠯᠬᠦ ᠭᠡᠵᠦ ᠰᠢᠭᠤᠳ ᠶᠠᠪᠤᠵᠤ ᠣᠴᠢᠭᠠᠳ ᠮᠣᠷᠢᠨ ᠡᠴᠡ ᠪᠠᠭᠤᠵᠤ ᠤᠨᠤᠭ᠎ᠠ ᠮᠣᠷᠢ ᠪᠠᠨ ᠲᠤᠱᠠᠵᠤ ᠬᠥᠲᠥᠯᠦᠭᠡ ᠮᠣᠷᠢᠳ ᠢ᠋ᠶ᠋ᠠᠨ ᠬᠦᠵᠦᠭᠦᠨ ᠡᠴᠡ ᠨᠢ ᠬᠣᠯᠪᠣᠨ ᠤᠶᠠᠭᠠᠳ ᠭᠠᠢᠬᠠᠨ ᠵᠣᠭᠰᠣᠵᠤ ᠪᠠᠢᠭᠰᠠᠨ ᠭᠠᠮᠢᠩ ᠤ᠋ᠳ ᠤ᠋ᠨ ᠡᠮᠦᠨ᠎ᠡ ᠣᠴᠢᠵᠤ ᠠᠯᠠᠭ᠎ᠠ ᠪᠠᠨ ᠬᠠᠪᠰᠤᠷᠤᠨ ᠮᠠᠷᠰᠠᠢᠲᠠᠯᠠ ᠢᠨᠢᠶᠡᠪᠡ᠃
᠊᠊᠊᠊᠊᠊᠊᠊᠊᠊᠊᠊᠊᠊᠊ ᠡᠷᠬᠢᠮ ᠨᠣᠶᠠᠳ ᠤ᠋ᠨ ᠲᠦᠮᠡᠨ ᠠᠮᠤᠭᠤᠯᠠᠩ ᠢ᠋ ᠠᠢᠯᠠᠳᠬᠠᠵᠤ᠂ ᠲᠠ ᠪᠦᠬᠦᠨ ᠢ᠋ ᠶᠣᠰᠣ ᠠᠯᠳᠠᠵᠤ᠂ ᠤᠭᠲᠤᠵᠤ ᠠᠪᠤᠭ᠎ᠠ ᠦᠭᠡᠢ ᠶ᠋ᠢᠨ ᠥᠷᠥᠰᠢᠶᠡᠯ ᠭᠤᠶᠤᠶ᠎ᠠ ᠭᠡᠵᠦ ᠪᠠᠳᠠᠷᠴᠢ ᠬᠡᠯᠡᠪᠡ᠃
᠊᠊᠊᠊᠊᠊᠊᠊᠊᠊᠊᠊᠊᠊᠊ ᠡᠨᠡ ᠯᠠᠪᠲᠠᠢ ᠡᠨᠳᠡᠭᠦᠷᠡᠵᠦ ᠢᠷᠡᠭᠡᠳ ᠠᠷᠭ᠎ᠠ ᠦᠭᠡᠢ ᠪᠣᠯᠬᠤ ᠳᠡᠭᠡᠷ᠎ᠡ ᠵᠠᠯᠢᠯᠠᠬᠤ ᠭᠡᠵᠦ ᠪᠠᠢᠭ᠎ᠠ ᠬᠥᠮᠦᠨ ᠪᠣᠯᠤᠯᠲᠠᠢ ᠭᠡᠵᠦ ᠭᠠᠮᠢᠩ ᠤ᠋ᠨ ᠠᠬᠠᠯᠠᠭᠴᠢ ᠬᠡᠯᠡᠪᠡ᠃
᠊᠊᠊᠊᠊᠊᠊᠊᠊᠊᠊᠊᠊᠊᠊ ᠭᠠᠷᠴᠠᠭ᠎ᠠ ᠦᠭᠡᠢ ᠭᠡᠵᠦ ᠨᠢᠭᠡ ᠴᠡᠷᠢᠭ ᠬᠠᠷᠢᠭᠤᠯᠪᠠ᠃
ᠭᠠᠮᠢᠩ ᠤ᠋ᠳ ᠥᠪᠡᠷ ᠬᠣᠭᠣᠷᠣᠨᠳᠣ ᠪᠠᠨ ᠶᠠᠭᠤ ᠶᠠᠷᠢᠵᠤ ᠪᠠᠢᠭ᠎ᠠ ᠶ᠋ᠢ ᠦᠯᠦ ᠣᠢᠯᠠᠭᠠᠭᠰᠠᠨ ᠪᠠᠳᠠᠷᠴᠢ ᠳᠤᠤᠭᠠᠷᠤᠭᠰᠠᠨ ᠭᠠᠮᠢᠩ ᠤ᠋ᠨ ᠠᠮᠠ ᠶ᠋ᠢ ᠬᠠᠷᠠᠵᠤ ᠬᠤᠳᠠᠯ ᠢᠨᠢᠶᠡᠮᠰᠦᠭᠯᠡᠨ᠎ᠡ᠃
᠊᠊᠊᠊᠊᠊᠊᠊᠊᠊᠊᠊᠊᠊᠊ ᠴᠢᠨᠦ ᠮᠣᠷᠢᠳ ᠢ᠋ ᠪᠢᠳᠡ ᠠᠪᠤᠨ᠎ᠠ ᠭᠡᠵᠦ ᠠᠬᠠᠯᠠᠭᠴᠢ ᠰᠦᠷᠳᠡᠶ᠎ᠡ ᠬᠠᠰᠬᠢᠷᠤᠨ ᠬᠡᠯᠡᠬᠦ ᠳ᠋ᠦ᠍ ᠪᠠᠳᠠᠷᠴᠢ᠄
᠊᠊᠊᠊᠊᠊᠊᠊᠊᠊᠊᠊᠊᠊᠊ ᠲᠡᠢᠮᠦ ᠲᠡᠢᠮᠦ᠂ ᠪᠢ ᠰᠠᠢᠨ ᠬᠥᠮᠦᠨ ᠪᠠᠢᠨ᠎ᠠ ᠭᠡᠯᠡ᠃
᠊᠊᠊᠊᠊᠊᠊᠊᠊᠊᠊᠊᠊᠊᠊ ᠴᠢ ᠮᠣᠷᠢᠳ ᠢ᠋ᠶ᠋ᠠᠨ ᠥᠭᠬᠦ ᠦᠭᠡᠢ ᠪᠣᠯ ᠴᠢᠮᠢ᠋ᠢ ᠫᠤᠤᠳᠠᠵᠤ ᠠᠯᠠᠨ᠎ᠠ᠃ ᠴᠢ ᠴᠢᠳᠬᠥᠷ ᠪᠣᠯᠤᠨ᠎ᠠ ᠭᠡᠳ ᠠᠬᠠᠯᠠᠭᠴᠢ ᠶ᠋ᠢᠨ ᠢᠨᠢᠶᠡᠬᠦ ᠳ᠋ᠦ᠍ ᠪᠤᠰᠤᠳ ᠨᠢ ᠳᠠᠭᠠᠯᠳᠤᠨ ᠢᠨᠢᠶᠡᠪᠡ᠃
᠊᠊᠊᠊᠊᠊᠊᠊᠊᠊᠊᠊᠊᠊᠊ ᠮᠢᠨᠦ ᠨᠡᠷ᠎ᠡ ᠶ᠋ᠢ ᠪᠠᠳᠠᠷᠴᠢ ᠭᠡᠳᠡᠭ᠃ ᠯᠤᠤ ᠬᠦᠩ ᠦ᠋ᠨ ᠲᠠᠬᠠᠷ ᠬᠥᠮᠦᠨ᠃ ᠲᠠ ᠨᠠᠷ ᠪᠣᠯ ᠠᠵᠠ ᠬᠡᠢ ᠮᠣᠷᠢ ᠲᠠᠢ ᠤᠯᠤᠰ ᠪᠠᠢᠨ᠎ᠠ ᠭᠡᠬᠦ ᠳ᠋ᠦ᠍᠂
᠊᠊᠊᠊᠊᠊᠊᠊᠊᠊᠊᠊᠊᠊᠊ ᠡᠨᠳᠡ ᠴᠢᠨᠢ ᠨᠢᠭᠡ ᠰᠤᠮᠤ ᠣᠷᠣᠨ᠎ᠠ ᠭᠡᠵᠦ ᠨᠢᠭᠡ ᠭᠠᠮᠢᠩ ᠮᠠᠩᠨᠠᠢ ᠤᠷᠤᠭᠤ ᠪᠠᠨ ᠳᠣᠯᠣᠪᠣᠷ ᠬᠤᠷᠤᠭᠤ ᠪᠠᠷ ᠢ᠋ᠶ᠋ᠠᠨ ᠴᠢᠴᠢᠯᠡᠨ ᠵᠢᠭᠠᠬᠤ ᠳ᠋ᠤ᠌ ᠪᠤᠰᠤᠳ ᠨᠢ ᠨᠢᠷᠬᠢᠲᠡᠯ᠎ᠡ ᠢᠨᠢᠶᠡᠯᠳᠦᠪᠡ᠃
᠊᠊᠊᠊᠊᠊᠊᠊᠊᠊᠊᠊᠊᠊᠊ ᠪᠢ ᠲᠠ ᠨᠠᠷ ᠲᠤ᠌ ᠮᠣᠷᠢ ᠨᠣᠬᠠᠢ ᠮᠡᠲᠦ ᠵᠢᠳᠬᠦᠨ ᠳᠤᠷᠠᠲᠠᠶ᠎ᠠ ᠲᠤᠰᠠᠯᠠᠨ᠎ᠠ᠃ ᠫᠤᠤ ᠲᠠᠢ ᠴᠡᠷᠢᠭ ᠥᠭᠪᠡᠯ ᠬᠦᠰᠡᠭᠰᠡᠨ ᠪᠦᠬᠦᠨ ᠢ᠋ ᠴᠢᠨᠢ ᠠᠪᠴᠢᠷᠠᠵᠤ ᠥᠭᠭᠦᠨ᠎ᠡ ᠭᠡᠳ ᠪᠠᠳᠠᠷᠴᠢ ᠬᠢ ᠬᠢ ᠢᠨᠢᠶᠡᠪᠡ᠃
᠊᠊᠊᠊᠊᠊᠊᠊᠊᠊᠊᠊᠊᠊᠊ ᠮᠣᠷᠢᠳ ᠢ᠋ ᠴᠢᠨᠢ ᠪᠢᠳᠡ ᠠᠪᠤᠨ᠎ᠠ᠂ ᠣᠢᠯᠠᠭᠠᠵᠤ ᠪᠠᠢᠨ᠎ᠠ ᠤᠤ? ᠴᠢ ᠴᠢᠳᠬᠥᠷ ᠪᠣᠯᠬᠤ ᠬᠦᠰᠡᠯ ᠦᠭᠡᠢ ᠪᠣᠯ ᠪᠤᠰᠢᠭᠤ ᠵᠠᠢᠯᠠ! ᠭᠡᠳ ᠠᠬᠠᠯᠠᠭᠴᠢ ᠣᠢᠷᠠᠲᠤᠵᠤ ᠣᠴᠢᠬᠤ ᠳ᠋ᠤ᠌ ᠪᠠᠳᠠᠷᠴᠢ ᠰᠥᠬᠥᠷᠡᠵᠦ᠄
᠊᠊᠊᠊᠊᠊᠊᠊᠊᠊᠊᠊᠊᠊᠊ ᠠᠯᠲᠠ᠂ ᠮᠥᠩᠭᠥ᠂ ᠠᠪᠠᠭᠠᠢ ᠬᠡᠦᠬᠡᠳ ᠠᠯᠢ ᠶ᠋ᠢ ᠴᠦ᠍ ᠠᠪᠴᠢᠷᠠᠵᠤ ᠪᠣᠯᠤᠨ᠎ᠠ ᠭᠡᠯᠡ᠃
᠊᠊᠊᠊᠊᠊᠊᠊᠊᠊᠊᠊᠊᠊᠊ ᠡᠮᠡᠭᠡᠯ ᠲᠡᠢ ᠮᠣᠷᠢ ᠶ᠋ᠢ ᠨᠢ ᠪᠢ ᠠᠪᠤᠨ᠎ᠠ᠃ ᠪᠤᠰᠤᠳ ᠢ᠋ ᠨᠢ ᠲᠠ ᠨᠠᠷ ᠠᠪ ᠭᠡᠵᠦ ᠠᠬᠠᠯᠠᠭᠴᠢ ᠶ᠋ᠢᠨ ᠬᠡᠯᠡᠬᠦ ᠳ᠋ᠦ᠍ ᠴᠡᠷᠢᠭ ᠦ᠋ᠳ ᠤᠷᠤᠯᠳᠤᠨ ᠭᠦᠶᠦᠵᠦ ᠣᠴᠢᠭᠠᠳ ᠮᠣᠷᠢᠳ ᠢ᠋ ᠨᠢ ᠲᠠᠢᠯᠤᠨ ᠠᠪᠴᠠᠭᠠᠪᠠ᠃ ᠪᠠᠰᠠ ᠨᠢᠭᠡ ᠴᠡᠷᠢᠭ ᠤᠨᠤᠭ᠎ᠠ ᠮᠣᠷᠢ ᠶ᠋ᠢ ᠨᠢ ᠬᠥᠲᠥᠯᠦᠨ ᠢᠷᠡᠵᠦ ᠠᠬᠠᠯᠠᠭᠴᠢ ᠳ᠋ᠤ᠌ ᠴᠤᠯᠪᠤᠭᠤᠷ ᠢ᠋ ᠨᠢ ᠠᠳᠬᠤᠭᠤᠯᠪᠠ᠃ ᠪᠠᠳᠠᠷᠴᠢ 《ᠮᠣᠷᠢ ᠶ᠋ᠢ ᠨᠢ ᠥᠭᠴᠦ ᠪᠠᠢᠨ᠎ᠠ》 ᠭᠡᠵᠦ ᠪᠣᠳᠣᠭᠠᠳ ᠴᠤᠯᠪᠤᠭᠤᠷ ᠢ᠋ᠶ᠋ᠠᠨ ᠠᠬᠠᠯᠠᠭᠴᠢ ᠶ᠋ᠢᠨ ᠭᠠᠷ ᠡᠴᠡ ᠠᠪᠬᠤ ᠭᠡᠲᠡᠯ᠎ᠡ ᠠᠬᠠᠯᠠᠭᠴᠢ ᠪᠠᠳᠠᠷᠴᠢ ᠶ᠋ᠢᠨ ᠬᠤᠷᠤᠭᠤᠨ ᠳ᠋ᠠᠬᠢ ᠲᠣᠮᠣ ᠠᠯᠲᠠᠨ ᠪᠥᠭᠡᠵᠢ ᠶ᠋ᠢ ᠬᠠᠷᠠᠭᠰᠠᠨ ᠢ᠋ᠶ᠋ᠠᠨ ᠪᠠᠷᠢᠵᠤ ᠦᠵᠡᠭᠡᠳ ᠰᠢᠪᠲᠤ ᠲᠡᠳᠡᠨ ᠠᠪᠤᠯ᠎ᠠ᠃ ᠬᠡᠷᠡᠭ ᠪᠤᠷᠤᠭᠤ ᠳᠠᠰᠢ ᠡᠷᠭᠢᠵᠦ ᠪᠠᠢᠭ᠎ᠠ ᠶ᠋ᠢ ᠣᠢᠯᠠᠭᠠᠭᠰᠠᠨ ᠪᠠᠳᠠᠷᠴᠢ ᠪᠣᠰᠴᠤ 《ᠪᠢ ᠶᠡᠬᠡ ᠰᠠᠢᠨ ᠬᠥᠮᠦᠨ》 ᠭᠡᠳ ᠴᠤᠯᠪᠤᠭᠤᠷ ᠡᠴᠡ ᠪᠠᠷᠢᠪᠠ᠃
ᠳᠠᠷᠤᠭ᠎ᠠ ᠭᠠᠷ ᠫᠤᠤ ᠭᠠᠷᠭᠠᠵᠤ ᠮᠠᠭᠤᠬᠠᠢ ᠬᠠᠰᠬᠢᠷᠤᠭᠠᠳ ᠲᠣᠯᠣᠭᠠᠢ ᠳᠡᠭᠡᠭᠦᠷ ᠨᠢ ᠬᠣᠶᠠᠷ ᠳᠠᠬᠢᠨ ᠫᠤᠤᠳᠠᠪᠠ᠃ ᠪᠠᠳᠠᠷᠴᠢ ᠪᠥᠭᠰᠡ ᠪᠡᠷ ᠢ᠋ᠶ᠋ᠡᠨ ᠫᠠᠭᠭᠢᠳᠠᠯᠠ ᠰᠠᠭᠤᠪᠠ᠃
ᠭᠠᠮᠢᠩ ᠤ᠋ᠳ ᠬᠥᠭᠵᠢᠯᠲᠡᠢ ᠢᠨᠢᠶᠡᠯᠳᠦᠪᠡ᠃ ᠪᠠᠳᠠᠷᠴᠢ ᠢᠨᠢᠶᠡᠬᠦ ᠭᠡᠳ ᠴᠢᠳᠠᠭᠰᠠᠨ ᠦᠭᠡᠢ ᠰᠢᠳᠦ ᠪᠡᠨ ᠢᠷᠵᠠᠢᠯᠭᠠᠪᠠ᠃
᠊᠊᠊᠊᠊᠊᠊᠊᠊᠊᠊᠊᠊᠊᠊ ᠶᠠᠪᠤ ᠭᠡᠵᠦ ᠠᠬᠠᠯᠠᠭᠴᠢ ᠳᠣᠬᠢᠭᠠᠳ ᠪᠠᠳᠠᠷᠴᠢ ᠤᠷᠤᠭᠤ ᠫᠤᠤ ᠪᠠᠨ ᠱᠠᠭᠠᠢᠪᠠ᠃ ᠪᠠᠳᠠᠷᠴᠢ ᠶ᠋ᠢᠨ ᠰᠦᠨᠡᠰᠦ ᠵᠠᠢᠯᠠᠨ ᠦᠩᠬᠦᠯᠴᠡᠭ ᠬᠠᠭᠠᠷᠠᠬᠤ ᠰᠢᠬᠠᠨ ᠭᠡᠳᠡᠷᠭᠦ ᠪᠡᠨ ᠮᠥᠯᠬᠥᠨ ᠤᠬᠤᠷᠢᠪᠠ᠃ ᠪᠠᠳᠠᠷᠴᠢ ᠤᠬᠤᠷᠢᠭᠰᠠᠭᠠᠷ᠂ ᠠᠬᠠᠯᠠᠭᠴᠢ ᠱᠠᠭᠠᠢᠭᠰᠠᠭᠠᠷ ᠴᠡᠷᠢᠭ ᠦ᠋ᠳ ᠢᠨᠢᠶᠡᠯᠳᠦᠭᠰᠡᠭᠡᠷ ᠬᠡᠰᠡᠭ ᠪᠣᠯᠪᠠ᠃
ᠪᠠᠳᠠᠷᠴᠢ ᠶ᠋ᠢ ᠨᠡᠯᠢᠶᠡᠳ ᠬᠣᠯᠠᠳᠤᠭᠰᠠᠨ ᠬᠣᠢᠨ᠎ᠠ ᠭᠠᠮᠢᠩ ᠤ᠋ᠳ ᠤ᠋ᠨ ᠵᠠᠷᠢᠮ ᠨᠢ ᠮᠠᠢᠬᠠᠨ ᠳ᠋ᠠᠭᠠᠨ ᠣᠷᠣᠵᠤ᠂ ᠵᠠᠷᠢᠮ ᠨᠢ ᠣᠯᠤᠭᠰᠠᠨ ᠮᠣᠷᠢᠳ ᠢ᠋ᠶ᠋ᠠᠨ ᠴᠢᠳᠥᠷᠯᠡᠵᠦ ᠡᠬᠢᠯᠡᠪᠡ᠃ ᠪᠠᠳᠠᠷᠴᠢ ᠡᠷᠭᠢᠵᠦ ᠭᠦᠶᠦᠬᠦ ᠭᠡᠲᠡᠯ᠎ᠡ ᠬᠦᠨᠳᠦ ᠪᠡᠶ᠎ᠡ ᠪᠡᠨ ᠳᠠᠭᠠᠭᠠᠭᠰᠠᠨ ᠦᠭᠡᠢ ᠰᠢᠷᠭᠤᠴᠢᠨ ᠤᠨᠠᠵᠠᠢ᠃ ᠰᠢᠷ᠎ᠠ ᠴᠠᠢ ᠴᠦ᠍ ᠣᠯᠣᠯ ᠦᠭᠡᠢ ᠮᠣᠷᠢᠳ᠂ ᠪᠥᠭᠡᠵᠢ ᠪᠡᠨ ᠠᠯᠳᠠᠭᠰᠠᠨ ᠳ᠋ᠠᠭᠠᠨ ᠭᠣᠣᠯ ᠨᠢ ᠬᠠᠷᠠᠯᠠᠵᠤ ᠭᠠᠮᠢᠩ ᠤ᠋ᠳ ᠲᠤ᠌ ᠬᠣᠷᠣᠰᠤᠨ ᠶᠠᠪᠤᠵᠠᠢ᠃ ᠲᠡᠷᠡ ᠰᠥᠨᠢ ᠠᠢᠯ ᠣᠯᠣᠯ ᠦᠭᠡᠢ ᠬᠡᠭᠡᠷ᠎ᠡ ᠬᠣᠨᠣᠬᠤ ᠳ᠋ᠤ᠌ ᠰᠥᠨᠢ ᠳᠤᠮᠳᠠ ᠶ᠋ᠢᠨ ᠦᠶ᠎ᠡ ᠳ᠋ᠦ᠍ ᠲᠩᠷᠢ ᠪᠦᠷᠬᠦᠵᠦ ᠶᠠᠭᠤ ᠴᠤ᠌ ᠬᠠᠷᠠᠭᠳᠠᠬᠤ ᠦᠭᠡᠢ ᠪᠣᠯᠤᠭᠰᠠᠨ ᠢ᠋ᠶ᠋ᠠᠨ ᠴᠠᠬᠢᠯᠭᠠᠨ ᠭᠢᠯᠠᠯᠵᠠᠵᠤ ᠲᠩᠷᠢ ᠨᠢᠵᠢᠭᠢᠨᠡᠨ ᠦᠶᠡᠷ ᠪᠠᠭᠤᠵᠠᠢ᠃ ᠵᠣᠯ ᠲᠠᠢ ᠯᠠ ᠣᠰᠤᠭᠠᠵᠤ ᠦᠬᠦᠭᠰᠡᠨ ᠦᠭᠡᠢ ᠠᠷᠠᠢ ᠭᠡᠵᠦ ᠥᠷᠯᠥᠭᠡ ᠪᠣᠯᠭᠠᠪᠠ᠃
ᠰᠥᠨᠢ ᠶ᠋ᠢᠨ ᠦᠶᠡᠷ ᠲᠦ᠍ ᠲᠠᠮᠢᠷ ᠬᠥᠭᠡᠰᠦᠷᠡᠨ ᠪᠤᠴᠠᠯᠤᠨ ᠦᠶᠡᠷᠯᠡᠵᠦ ᠥᠷᠯᠥᠭᠡ ᠡᠷᠲᠡ ᠬᠥᠳᠡᠯᠬᠦ ᠭᠡᠵᠦ ᠪᠠᠢᠭᠰᠠᠨ ᠭᠠᠮᠢᠩ ᠬᠣᠷᠢᠭᠳᠠᠯᠠ᠃ ᠨᠠᠷᠠ ᠭᠠᠷᠬᠤ ᠶ᠋ᠢᠨ ᠦᠶ᠎ᠡ ᠳ᠋ᠦ᠍ ᠲᠩᠷᠢ ᠴᠡᠯᠮᠡᠵᠦ ᠬᠤᠷᠴᠠ ᠨᠠᠷᠠ ᠶᠢᠷᠲᠢᠨᠴᠦ ᠶ᠋ᠢ ᠰᠣᠶᠣᠷᠬᠠᠪᠠ᠃ ᠨᠣᠢᠲᠠᠨ ᠳᠡᠪᠡᠯ ᠳ᠋ᠡᠭᠡᠨ ᠳᠠᠭᠵᠢᠨ ᠴᠡᠴᠡᠷᠡᠵᠦ ᠤᠴᠠᠷᠠᠭᠰᠠᠨ ᠭᠠᠷᠤᠵᠠ ᠳ᠋ᠠᠭᠠᠨ ᠪᠤᠬᠢᠨᠢᠳᠤᠨ ᠬᠡᠯᠲᠦᠷᠢᠵᠦ ᠶᠠᠪᠤᠲᠠᠯ᠎ᠠ ᠭᠤᠷᠪᠠᠨ ᠮᠣᠷᠢ ᠬᠥᠲᠥᠯᠦᠭᠡᠳ ᠥᠯᠵᠡᠢ ᠶ᠋ᠢᠨ ᠳ᠋ᠦ᠍ ᠣᠴᠢᠬᠤ᠂ ᠳᠠᠷᠠᠭ᠎ᠠ ᠨᠢ ᠲᠤᠯᠭᠠᠷ ᠲᠠᠢ ᠠᠭᠤᠯᠵᠠᠬᠤ᠂ ᠲᠡᠭᠡᠭᠡᠳ ᠠᠭᠤᠯᠵᠠᠵᠤ ᠴᠢᠳᠠᠭ᠎ᠠ ᠦᠭᠡᠢ ᠭᠠᠭᠴᠠ ᠠᠬ᠎ᠠ ᠶ᠋ᠢᠨ ᠢ᠋ᠶ᠋ᠡᠨ ᠮᠥᠷ ᠢ᠋ ᠭᠠᠷᠭᠠᠬᠤ ᠭᠡᠵᠦ ᠶᠠᠪᠤᠭᠰᠠᠨ ᠲᠡᠮᠦᠷ ᠲᠡᠢ ᠶᠠᠭ ᠲᠠᠭᠠᠷᠠᠯᠳᠤᠪᠠ᠃ ᠲᠡᠷᠢᠭᠦᠯᠡᠵᠦ ᠲᠠᠨᠢᠭᠰᠠᠨ ᠪᠠᠳᠠᠷᠴᠢ ᠨᠢᠭᠤᠷ ᠢ᠋ᠶ᠋ᠠᠨ ᠪᠣᠷᠤᠭᠤᠯᠤᠨ᠂ 《ᠣᠳᠣ ᠴᠤ᠌ ᠲᠡᠮᠦᠷ ᠦ᠋ᠨ ᠭᠠᠷ ᠡᠴᠡ ᠭᠠᠷᠬᠤ ᠦᠭᠡᠢ ᠪᠣᠯᠤᠯ᠎ᠠ᠃ ᠰᠠᠬᠢᠭᠤᠰᠤ ᠮᠢᠨᠢ ᠥᠷᠥᠰᠢᠶᠡᠭᠡᠴᠢ》 ᠭᠡᠵᠦ ᠠᠮᠠᠨ ᠳ᠋ᠠᠭᠠᠨ ᠰᠢᠪᠡᠭᠡᠨᠡᠨ ᠶᠠᠪᠤᠵᠠᠢ᠃ ᠭᠡᠲᠡᠯ᠎ᠡ ᠲᠡᠮᠦᠷ ᠳᠠᠪᠬᠢᠵᠤ ᠢᠷᠡᠭᠡᠳ ᠡᠮᠦᠨ᠎ᠡ ᠨᠢ ᠬᠥᠨᠳᠡᠯᠢᠳᠦᠨ ᠵᠣᠭᠰᠣᠪᠠ᠃
᠊᠊᠊᠊᠊᠊᠊᠊᠊᠊᠊᠊᠊᠊᠊ ᠰᠠᠢᠨ ᠪᠠᠢᠨ᠎ᠠ ᠤᠤ?
᠊᠊᠊᠊᠊᠊᠊᠊᠊᠊᠊᠊᠊᠊᠊ ᠰᠠᠢᠨ᠃ ᠲᠠ ᠰᠠᠢᠨ ᠪᠠᠢᠨ᠎ᠠ ᠤᠤ? ᠭᠡᠵᠦ ᠪᠠᠳᠠᠷᠴᠢ ᠭᠠᠵᠠᠷ ᠱᠠᠭᠠᠢᠨ ᠬᠠᠷᠢᠭᠤᠯᠪᠠ᠃
ᠲᠡᠮᠦᠷ ᠡᠮᠦᠨ᠎ᠡ ᠪᠡᠨ ᠵᠣᠭᠰᠣᠵᠤ ᠪᠠᠢᠭ᠎ᠠ ᠬᠥᠮᠦᠨ ᠢ᠋ ᠠᠵᠢᠭᠯᠠᠭᠰᠠᠨ ᠢ᠋ᠶ᠋ᠠᠨ ᠪᠦᠳᠦᠭᠦᠨ ᠳᠠᠭᠤ ᠪᠠᠷ ᠢᠨᠢᠶᠡᠵᠦ᠄ 《ᠪᠠᠳᠠᠷᠴᠢ ᠤᠤ ᠳᠠ? ᠥᠰᠢᠶ᠎ᠡ ᠲᠡᠢ ᠬᠥᠮᠦᠨ ᠳᠠᠪᠠᠭᠠᠨ ᠳᠡᠭᠡᠷ᠎ᠡ᠂ ᠥᠷᠢ ᠲᠡᠢ ᠬᠥᠮᠦᠨ ᠵᠡᠭᠡᠯᠢ ᠳᠡᠭᠡᠷ᠎ᠡ ᠭᠡᠳᠡᠭ ᠰᠢᠦ ᠳᠡ》 ᠭᠡᠯᠡ᠃
ᠭᠠᠷᠴᠠᠭ᠎ᠠ ᠦᠭᠡᠢ ᠲᠠᠨᠢᠭᠳᠠᠭᠰᠠᠨ ᠢ᠋ᠶ᠋ᠠᠨ ᠣᠢᠯᠠᠭᠠᠨ ᠪᠠᠳᠠᠷᠴᠢ ᠲᠡᠮᠦᠷ ᠤᠷᠤᠭᠤ ᠡᠭᠴᠡ ᠬᠠᠷᠠᠵᠤ᠄
᠊᠊᠊᠊᠊᠊᠊᠊᠊᠊᠊᠊᠊᠊᠊ ᠲᠡᠢᠮᠦ ᠪᠠᠢᠨ᠎ᠠ᠂ ᠪᠠᠳᠠᠷᠴᠢ ᠪᠠᠢᠨ᠎ᠠ᠃ ᠵᠠ ᠶᠠᠭᠠᠬᠢᠬᠤ ᠪᠣᠢ᠂ ᠠᠭᠤᠯᠵᠠᠵᠤ ᠳᠠ ᠭᠡᠵᠦ ᠬᠡᠯᠡᠪᠡ᠃
ᠲᠡᠮᠦᠷ ᠦ᠋ᠨ ᠪᠦᠳᠦᠭᠦᠨ ᠢᠷᠭᠠᠢ ᠲᠠᠰᠢᠭᠤᠷ ᠬᠡᠵᠢᠶ᠎ᠡ ᠭᠠᠪᠠᠯᠠ ᠤᠷᠤᠭᠤ ᠨᠢ ᠪᠠᠭᠤᠬᠤ ᠪᠣᠯ ᠭᠡᠵᠦ ᠪᠣᠳᠣᠬᠤ ᠳ᠋ᠤ᠌ ᠵᠢᠷᠦᠬᠡ ᠨᠢ ᠴᠡᠭᠡᠵᠢᠨ ᠳ᠋ᠡᠭᠡᠨ ᠪᠠᠭᠲᠠᠬᠤ ᠦᠭᠡᠢ ᠴᠣᠬᠢᠯᠠᠪᠠᠴᠤ ᠪᠡᠶ᠎ᠡ ᠪᠡᠨ ᠪᠠᠷᠢᠵᠤ ᠶᠠᠭᠤ ᠴᠤ᠌ ᠭᠡᠰᠡᠨ ᠪᠦᠬᠦ ᠴᠢᠳᠠᠯ ᠢ᠋ᠶ᠋ᠠᠷ ᠢ᠋ᠶ᠋ᠠᠨ ᠡᠰᠡᠷᠭᠦᠴᠡᠨ ᠲᠡᠮᠡᠴᠡᠯᠳᠦᠬᠦ ᠪᠡᠷ ᠪᠡᠯᠡᠳᠬᠡᠵᠦ ᠪᠠᠢᠯ᠎ᠠ᠃
᠊᠊᠊᠊᠊᠊᠊᠊᠊᠊᠊᠊᠊᠊᠊ ᠴᠢ ᠴᠢᠨᠢ ᠠᠷᠢᠬᠢ ᠤᠤᠭᠤᠵᠤ ᠶᠠᠪᠤᠭᠠᠳ ᠮᠣᠷᠢᠨ ᠡᠴᠡ ᠪᠡᠨ ᠰᠠᠯᠵᠤ ᠪᠣᠷᠣᠭᠠᠨ ᠳ᠋ᠤ᠌ ᠱᠠᠯᠠᠪ ᠴᠣᠬᠢᠭᠤᠯᠵᠤ ᠣᠷᠬᠢᠭ᠎ᠠ ᠤᠤ?
᠊᠊᠊᠊᠊᠊᠊᠊᠊᠊᠊᠊᠊᠊᠊ ᠦᠭᠡᠢ ᠠ᠋᠃ ᠭᠠᠮᠢᠩ ᠳ᠋ᠤ᠌ ᠳᠡᠭᠡᠷᠡᠮᠳᠡᠭᠦᠯᠵᠦ ᠣᠷᠬᠢᠭᠠᠳ ᠶᠠᠪᠤᠵᠤ ᠪᠠᠢᠨ᠎ᠠ᠃
᠊᠊᠊᠊᠊᠊᠊᠊᠊᠊᠊᠊᠊᠊᠊ ᠭᠠᠮᠢᠩ ᠳ᠋ᠤ᠌ ᠤᠤ? ᠭᠡᠵᠦ ᠲᠡᠮᠦᠷ ᠰᠣᠨᠢᠷᠬᠠᠵᠤ ᠠᠰᠠᠭᠤᠪᠠ᠃
᠊᠊᠊᠊᠊᠊᠊᠊᠊᠊᠊᠊᠊᠊᠊ ᠲᠡᠢᠮᠦ ᠠ᠋᠃ ᠴᠢ ᠣᠳᠣ ᠨᠠᠳᠠ ᠠ᠋ᠴᠠ ᠥᠰᠢᠶ᠎ᠡ ᠠᠪᠬᠤ ᠶᠤᠮ ᠪᠠᠢᠭ᠎ᠠ ᠪᠢᠵᠡ ᠳᠡ?
᠊᠊᠊᠊᠊᠊᠊᠊᠊᠊᠊᠊᠊᠊᠊ ᠶᠠᠳᠠᠷᠠᠵᠤ ᠶᠠᠪᠤᠭ᠎ᠠ ᠡᠷ᠎ᠡ ᠬᠥᠮᠦᠨ ᠡᠴᠡ ᠥᠰᠢᠶ᠎ᠡ ᠪᠡᠨ ᠠᠪᠬᠤ ᠶᠠᠭ ᠲᠠᠭᠠᠨ ᠲᠤᠯᠤᠭᠰᠠᠨ ᠡᠷ᠎ᠡ ᠪᠢ ᠪᠢᠰᠢ ᠠ᠋ ᠭᠡᠳ ᠲᠡᠮᠦᠷ ᠮᠣᠷᠢᠨ ᠡᠴᠡ ᠪᠡᠨ ᠪᠠᠭᠤᠭᠠᠳ ᠪᠠᠳᠠᠷᠴᠢ ᠤᠷᠤᠭᠤ ᠣᠢᠷᠠᠲᠤᠪᠠ᠃ ᠪᠠᠳᠠᠷᠴᠢ ᠬᠢᠲᠤᠭ᠎ᠠ ᠪᠠᠨ ᠰᠤᠭᠤᠯᠵᠤ ᠠᠮᠢ ᠲᠡᠮᠡᠴᠡᠨ ᠲᠤᠯᠤᠯᠳᠤᠬᠤ ᠳ᠋ᠤ᠌ ᠪᠡᠯᠡᠳᠬᠡᠪᠡ᠃
᠊᠊᠊᠊᠊᠊᠊᠊᠊᠊᠊᠊᠊᠊᠊ ᠬᠢᠲᠤᠭ᠎ᠠ ᠪᠠᠷ ᠶᠠᠭᠠᠬᠢᠬᠤ ᠨᠢ ᠪᠣᠢ? ᠬᠡᠷᠡᠭ ᠦᠭᠡᠢ᠃ ᠪᠢ ᠴᠢᠮᠢ᠋ᠢ ᠴᠣᠬᠢᠶ᠎ᠠ ᠭᠡᠪᠡᠯ ᠮᠣᠷᠢᠨ ᠡᠴᠡ ᠪᠡᠨ ᠶᠠᠭᠤᠨ ᠳ᠋ᠤ᠌ ᠪᠠᠭᠤᠬᠤ ᠪᠣᠢ ᠳᠠ᠃ ᠴᠢ ᠨᠠᠮᠢ᠋ᠢ ᠢᠲᠡᠭᠡᠬᠦ ᠦᠭᠡᠢ ᠪᠠᠢᠪᠠᠯ ᠪᠢ ᠤᠷᠢᠳᠠ ᠪᠠᠷ ᠴᠢᠮᠢ᠋ᠢ ᠬᠦᠯᠢᠭᠡᠳ ᠥᠭᠬᠦ ᠤᠤ? ᠭᠡᠳ ᠲᠡᠮᠦᠷ ᠬᠥᠭᠵᠢᠯᠲᠡᠢ ᠢᠨᠢᠶᠡᠪᠡ᠃
ᠲᠡᠭᠦᠨ ᠦ᠌ ᠢᠨᠢᠶᠡᠳᠦᠮ ᠳ᠋ᠦ᠍ᠨᠢ ᠰᠡᠵᠢᠭᠯᠡᠯᠲᠡᠢ ᠶᠠᠭᠤᠮ᠎ᠠ ᠣᠭᠲᠣ ᠪᠠᠢᠭᠰᠠᠨ ᠦᠭᠡᠢ᠃ ᠲᠡᠭᠡᠭᠡᠳ ᠴᠦ᠍ ᠮᠣᠷᠢ ᠲᠠᠢ᠂ ᠲᠠᠰᠢᠭᠤᠷ ᠲᠠᠢ ᠲᠡᠮᠦᠷ ᠬᠡᠷᠪᠡ ᠪᠠᠳᠠᠷᠴᠢ ᠶ᠋ᠢ ᠠᠯᠠᠶ᠎ᠠ ᠭᠡᠪᠡᠯ ᠠᠯᠠᠭ᠎ᠠ ᠤᠷᠪᠠᠭᠤᠯᠬᠤ ᠶ᠋ᠢᠨ ᠲᠡᠳᠦᠢ ᠬᠡᠷᠡᠭ ᠭᠡᠳᠡᠭ ᠢ᠋ ᠪᠠᠳᠠᠷᠴᠢ ᠣᠢᠯᠠᠭᠠᠵᠤ ᠪᠠᠢᠯ᠎ᠠ᠃
᠊᠊᠊᠊᠊᠊᠊᠊᠊᠊᠊᠊᠊᠊᠊ ᠵᠠ ᠴᠢ ᠡᠷ᠎ᠡ ᠬᠥᠮᠦᠨ ᠶᠤᠮ ᠪᠣᠯ ᠬᠡᠯᠡᠭᠰᠡᠨ ᠦᠭᠡᠨ ᠳ᠋ᠡᠭᠡᠨ ᠬᠦᠷᠦᠨ᠎ᠡ ᠪᠢᠵᠡ ᠳᠡ᠃ ᠡᠪᠳᠡᠷᠡᠬᠦ ᠨᠢᠭᠡ ᠡᠳᠦᠷ ᠪᠠᠢᠳᠠᠭ ᠪᠣᠯ ᠡᠪᠯᠡᠬᠦ ᠨᠢᠭᠡ ᠡᠳᠦᠷ ᠪᠠᠢᠳᠠᠭ ᠶᠤᠮ ᠳᠠ ᠭᠡᠳ ᠬᠢᠲᠤᠭ᠎ᠠ ᠪᠠᠨ ᠰᠢᠲᠠᠵᠤ ᠣᠷᠬᠢᠭᠠᠳ ᠲᠡᠮᠦᠷ ᠦ᠋ᠨ ᠳᠡᠷᠭᠡᠳᠡ ᠰᠢᠭᠤᠳ ᠢᠷᠡᠯ᠎ᠡ᠃
᠊᠊᠊᠊᠊᠊᠊᠊᠊᠊᠊᠊᠊᠊᠊ ᠲᠡᠷᠡ ᠵᠢᠯ ᠦ᠋ᠨ ᠴᠠᠭᠠᠨ ᠰᠠᠷ᠎ᠠ ᠡᠴᠡ ᠬᠣᠢᠰᠢ ᠴᠢ ᠪᠢᠳᠡ ᠬᠣᠶᠠᠷ ᠵᠣᠯᠭᠠᠭᠠ ᠦᠭᠡᠢ ᠪᠠᠢᠬ᠎ᠠ? ᠶᠠᠭᠤ ᠴᠤ᠌ ᠭᠡᠰᠡᠨ ᠵᠣᠯᠭᠠᠵᠤ ᠤᠷᠭᠢᠶ᠎ᠠ ᠭᠡᠵᠦ ᠲᠡᠮᠦᠷ ᠬᠡᠯᠡᠭᠡᠳ ᠡᠨᠡ ᠬᠣᠶᠠᠷ ᠵᠣᠯᠭᠠᠪᠠ᠃
ᠲᠡᠭᠡᠭᠡᠳ ᠵᠡᠷᠭᠡᠴᠡᠨ ᠰᠠᠭᠤᠵᠤ᠂ ᠪᠠᠳᠠᠷᠴᠢ ᠭᠠᠮᠢᠩ ᠳ᠋ᠤ᠌ ᠫᠤᠤ ᠲᠤᠯᠭᠠᠭᠤᠯᠵᠤ ᠳᠡᠭᠡᠷᠡᠮᠳᠡᠭᠦᠯᠦᠭᠰᠡᠨ ᠢ᠋ᠶ᠋ᠡᠨ ᠰᠦᠷ ᠪᠠᠳᠠᠷᠠᠭᠤᠯᠤᠨ ᠶᠠᠷᠢᠪᠠ᠃ ᠭᠡᠬᠦ ᠳ᠋ᠡᠭᠡᠨ ᠶᠠᠮᠠᠷ ᠬᠡᠷᠡᠭ ᠢ᠋ᠶ᠋ᠡᠷ ᠣᠴᠢᠭᠰᠠᠨ ᠢ᠋ᠶ᠋ᠠᠨ ᠬᠡᠯᠡᠭᠰᠡᠨ ᠦᠭᠡᠢ᠃
᠊᠊᠊᠊᠊᠊᠊᠊᠊᠊᠊᠊᠊᠊᠊ ᠪᠢ ᠬᠦᠷᠢᠶ᠎ᠡ ᠡᠴᠡ ᠭᠠᠷᠤᠭᠠᠳ ᠨᠡᠰᠢ ᠶᠠᠪᠤᠬᠤ ᠳ᠋ᠠᠭᠠᠨ ᠳᠡᠭᠡᠷᠡᠮᠳᠡᠭᠦᠯᠦᠭᠰᠡᠨ ᠠᠢᠯ ᠤ᠋ᠳ᠂ ᠳᠦᠷᠪᠡᠵᠦ ᠰᠠᠨᠳᠤᠷᠤᠭᠰᠠᠨ ᠵᠥᠩᠳᠡᠭᠡᠨ ᠬᠥᠮᠦᠰ ᠦᠵᠡᠯ᠎ᠡ᠃ ᠠᠯᠠᠭᠳᠠᠭᠰᠠᠨ ᠬᠥᠮᠦᠰ ᠮᠡᠷ ᠮᠡᠷ ᠲᠠᠭᠠᠷᠠᠯᠳᠤᠵᠤ ᠪᠠᠢᠨ᠎ᠠ ᠭᠡᠵᠦ ᠲᠡᠮᠦᠷ ᠬᠡᠰᠡᠭ ᠳᠠᠭᠤ ᠦᠭᠡᠢ ᠪᠣᠯᠤᠭᠰᠠᠨ ᠢ᠋ᠶ᠋ᠠᠨ 《ᠬᠡᠴᠢᠨᠡᠨ ᠭᠠᠮᠢᠩ ᠪᠠᠢᠨ᠎ᠠ》 ᠭᠡᠵᠦ ᠠᠰᠠᠭᠤᠪᠠ᠃
᠊᠊᠊᠊᠊᠊᠊᠊᠊᠊᠊᠊᠊᠊᠊ ᠠᠷᠪᠠᠭᠠᠳ ᠭᠠᠮᠢᠩ ᠪᠠᠢᠨ᠎ᠠ ᠭᠡᠳ ᠪᠠᠳᠠᠷᠴᠢ ᠲᠡᠮᠦᠷ ᠤᠷᠤᠭᠤ ᠬᠠᠷᠠᠭᠰᠠᠨ ᠢ᠋ᠶ᠋ᠠᠨ ᠴᠥᠮ ᠫᠤᠤ ᠵᠡᠪᠰᠡᠭ ᠲᠡᠢ ᠭᠡᠯᠡ᠃
᠊᠊᠊᠊᠊᠊᠊᠊᠊᠊᠊᠊᠊᠊᠊ ᠠᠷᠪᠠᠭᠠᠳ ᠭᠡᠨ᠎ᠡ ᠬᠣᠶᠠᠭᠤᠯᠠ ᠳᠠᠭᠠᠷᠢᠭᠠᠳ ᠴᠣᠬᠢᠯᠠᠵᠤ ᠤᠷᠭᠢᠶ᠎ᠠ ᠭᠡᠳ ᠪᠠᠳᠠᠷᠴᠢ ᠤᠷᠤᠭᠤ ᠬᠠᠷᠠᠬᠤ ᠳ᠋ᠤ᠌ ᠪᠠᠳᠠᠷᠴᠢ᠄
᠊᠊᠊᠊᠊᠊᠊᠊᠊᠊᠊᠊᠊᠊᠊ ᠴᠥᠮ ᠬᠤᠷᠳᠤᠨ ᠫᠤᠤ ᠲᠠᠢ ᠰᠢᠦ ᠳᠡ ᠭᠡᠬᠦ ᠳ᠋ᠦ᠍ ᠲᠡᠮᠦᠷ᠄
᠊᠊᠊᠊᠊᠊᠊᠊᠊᠊᠊᠊᠊᠊᠊ ᠭᠡᠮ ᠦᠭᠡᠢ ᠬᠥᠮᠦᠰ ᠰᠢᠭ ᠣᠢᠷᠠᠲᠤᠵᠤ ᠣᠴᠢᠭᠠᠳ ᠭᠡᠨᠡᠳᠲᠡ ᠳᠠᠭᠠᠷᠢᠵᠤ ᠮᠣᠷᠢᠨ ᠤ᠋ ᠰᠠᠢᠨ ᠢ᠋ᠶ᠋ᠠᠷ ᠵᠠᠪ ᠥᠭᠭᠦᠯ ᠦᠭᠡᠢ ᠴᠣᠬᠢᠯᠠᠵᠤ ᠤᠷᠭᠢᠶ᠎ᠠ ᠭᠡᠪᠡ᠃
᠊᠊᠊᠊᠊᠊᠊᠊᠊᠊᠊᠊᠊᠊᠊ ᠶᠠᠭᠤ ᠴᠤ᠌ ᠭᠡᠰᠡᠨ ᠪᠣᠳᠣᠶ᠎ᠠ᠃ ᠴᠢᠮᠠᠲᠤ ᠢᠳᠡᠬᠦ ᠶᠠᠭᠤᠮ᠎ᠠ ᠪᠠᠢᠨ᠎ᠠ ᠤᠤ? ᠪᠤᠵᠠᠷ ᠶᠡᠬᠡ ᠥᠯᠥᠰᠴᠦ ᠪᠠᠢᠨ᠎ᠠ᠂ ᠶᠠᠭᠤ ᠴᠤ᠌ ᠭᠡᠰᠡᠨ ᠭᠡᠳᠡᠰᠦ ᠭᠠᠷᠴᠤ ᠠᠪᠤᠶ᠎ᠠ ᠭᠡᠬᠦ ᠳ᠋ᠦ᠍ᠨᠢ ᠲᠡᠮᠦᠷ ᠪᠣᠭᠴᠣᠨ ᠡᠴᠡ ᠪᠡᠨ ᠴᠢᠨᠠᠭᠰᠠᠨ ᠮᠢᠬ᠎ᠠ ᠭᠠᠷᠭᠠᠵᠤ ᠥᠭᠪᠡ᠃
᠊᠊᠊᠊᠊᠊᠊᠊᠊᠊᠊᠊᠊᠊᠊ ᠣᠰᠤᠯᠲᠠᠢ ᠯᠠ ᠠᠵᠢᠯ ᠳᠠ᠃ ᠬᠤᠷᠳᠤᠨ ᠫᠤᠤ ᠁ ᠭᠡᠵᠦ ᠮᠢᠬ᠎ᠠ ᠲᠣᠮᠣ ᠲᠣᠮᠣ ᠣᠭᠲᠣᠯᠤᠨ ᠵᠠᠵᠢᠯᠬᠤ ᠵᠠᠭᠤᠷ᠎ᠠ ᠪᠠᠳᠠᠷᠴᠢ ᠬᠡᠯᠡᠯ᠎ᠡ᠃
᠊᠊᠊᠊᠊᠊᠊᠊᠊᠊᠊᠊᠊᠊᠊ ᠣᠯᠠᠨ ᠶᠠᠷᠢᠶ᠎ᠠ ᠬᠡᠷᠡᠭ ᠠᠯᠠᠭ᠎ᠠ᠃ ᠡᠨᠡ ᠮᠣᠳᠣᠨ ᠡᠴᠡ ᠬᠣᠶᠠᠷ ᠴᠣᠬᠢᠭᠤᠷ ᠪᠡᠯᠡᠳᠬᠡᠵᠦ ᠠᠪᠤᠭᠠᠳ ᠶᠠᠪᠤᠶ᠎ᠠ᠃ ᠴᠢ ᠮᠢᠨᠦ ᠡᠮᠡᠭᠡᠯ ᠲᠡᠢ ᠮᠣᠷᠢ ᠶ᠋ᠢ ᠤᠨᠤ᠂ ᠪᠢ ᠵᠠᠢᠳᠠᠩ ᠤᠨᠤᠨ᠎ᠠ ᠭᠡᠳ ᠲᠡᠮᠦᠷ ᠪᠣᠰᠪᠠ᠃ ᠪᠠᠳᠠᠷᠴᠢ ᠰᠢᠢᠳᠮᠡᠭᠡᠢ ᠪᠥᠭᠡᠳ ᠢᠲᠡᠭᠡᠯ ᠲᠡᠢ ᠬᠥᠳᠡᠯᠦᠭᠰᠡᠨ ᠲᠡᠮᠦᠷ ᠦ᠋ᠨ ᠵᠣᠷᠢᠭ ᠰᠡᠳᠬᠢᠯ ᠳ᠋ᠦ᠍ ᠵᠠᠬᠢᠷᠤᠭᠳᠠᠨ ᠪᠣᠰᠴᠤ ᠲᠡᠭᠦᠨ ᠦ᠌ ᠮᠣᠷᠢ ᠶ᠋ᠢ ᠤᠨᠤᠵᠠᠢ᠃
ᠭᠠᠮᠢᠩ ᠤ᠋ᠳ ᠪᠣᠷᠣᠭᠠᠨ ᠳ᠋ᠤ᠌ ᠨᠡᠪᠲᠡ ᠨᠣᠷᠤᠭᠰᠠᠨ ᠶᠠᠭᠤᠮ᠎ᠠ ᠪᠠᠨ ᠬᠠᠲᠠᠭᠠᠵᠤ᠂ ᠫᠤᠤ ᠪᠠᠨ ᠮᠠᠢᠬᠠᠨ ᠤ᠋ ᠪᠠᠨ ᠡᠮᠦᠨ᠎ᠡ ᠣᠪᠣᠬᠠᠢ᠌ᠯᠠᠨ ᠲᠠᠯᠪᠢᠭᠠᠳ ᠨᠠᠷᠠᠨ ᠳ᠋ᠤ᠌ ᠡᠭᠡᠭᠡᠨ ᠬᠡᠪᠲᠡᠵᠦ ᠪᠠᠢᠯ᠎ᠠ᠃ ᠵᠠᠷᠢᠮ ᠨᠢ ᠳᠠᠭᠤᠤ ᠠᠶᠠᠯᠠᠨ ᠵᠠᠷᠢᠮ ᠨᠢ ᠣᠷᠣᠨ ᠭᠡᠷ ᠦᠷ᠎ᠡ ᠬᠡᠦᠬᠡᠳ ᠢ᠋ᠶ᠋ᠡᠨ ᠪᠣᠳᠣᠨ ᠭᠤᠨᠢᠭᠯᠠᠵᠤ ᠪᠠᠢᠪᠠ᠃
ᠬᠠᠷᠢ ᠨᠤᠲᠤᠭ ᠤ᠋ᠨ ᠠᠷᠠᠳ ᠲᠦᠮᠡᠨ ᠢ᠋ ᠵᠢᠭᠰᠢᠨ ᠦᠵᠡᠬᠦ ᠪᠤᠵᠠᠷ ᠬᠣᠣᠷ᠎ᠠ ᠪᠠᠷ ᠬᠤᠤᠷᠠᠳᠠᠭᠤᠯᠤᠭᠳᠠᠭᠰᠠᠨ ᠡᠨᠡ ᠬᠥᠮᠦᠰ ᠦᠨᠡᠨ ᠳ᠋ᠡᠭᠡᠨ ᠪᠣᠯ ᠶᠠᠭ ᠯᠠ ᠳᠡᠭᠡᠷᠡᠮᠳᠡᠭᠦᠯᠦᠨ ᠳᠣᠷᠣᠮᠵᠢᠯᠠᠭᠤᠯᠵᠤ ᠪᠠᠢᠭ᠎ᠠ ᠬᠥᠮᠦᠰ ᠲᠡᠢ ᠠᠳᠠᠯᠢ ᠡᠬᠡ ᠡᠴᠢᠭᠡ᠂ ᠠᠬ᠎ᠠ ᠳᠡᠭᠦᠦ᠂ ᠡᠬᠡᠨᠡᠷ ᠬᠡᠦᠬᠡᠳ ᠲᠡᠢ ᠥᠪᠡᠷ ᠦ᠋ᠨ ᠤᠯᠤᠰ ᠦᠨᠳᠦᠰᠦᠲᠡᠨ ᠦ᠌ ᠰᠠᠨᠠᠵᠤ ᠰᠠᠷᠪᠠᠢᠬᠤ ᠶᠠᠭᠤᠮ᠎ᠠ ᠲᠠᠢ ᠪᠢᠯᠡ᠃
ᠮᠣᠩᠭᠣᠯ ᠣᠷᠣᠨ ᠲᠡᠳᠡᠨ ᠳ᠋ᠦ᠍ ᠭᠡᠮ ᠬᠢᠭᠡ ᠦᠭᠡᠢ᠃ ᠪᠤᠷᠤᠭᠤ ᠨᠢ ᠭᠡᠪᠡᠯ ᠲᠤᠰᠠᠭᠠᠷ ᠤᠯᠤᠰ ᠪᠣᠯᠬᠤ ᠶ᠋ᠢ ᠬᠦᠰᠡᠵᠡᠢ᠃ ᠭᠡᠲᠡᠯ᠎ᠡ ᠥᠪᠡᠷᠰᠡᠳ ᠦ᠋ᠨ ᠬᠢᠨᠢ ᠬᠦᠰᠡᠵᠦ ᠮᠥᠷᠥᠭᠡᠳᠴᠦ ᠶᠠᠪᠤᠳᠠᠭ ᠶᠠᠭᠤᠮ᠎ᠠ ᠶ᠋ᠢ ᠠᠳᠠᠯᠢᠬᠠᠨ ᠬᠦᠰᠡᠭᠰᠡᠨ ᠠᠷᠠᠳ ᠲᠦᠮᠡᠨ ᠢ᠋ ᠵᠢᠭᠰᠢᠨ ᠦᠵᠡᠵᠦ ᠥᠪᠡᠷ ᠦ᠋ᠨ ᠡᠴᠢᠭᠡ ᠡᠬᠡ᠂ ᠠᠬ᠎ᠠ ᠳᠡᠭᠦᠦ᠂ ᠡᠬᠡᠨᠡᠷ ᠬᠡᠦᠬᠡᠳ ᠢ᠋ ᠡᠩᠬᠦᠷᠡᠢᠯᠡᠨ ᠬᠠᠢᠷᠠᠯᠠᠵᠤ ᠦᠵᠡᠳᠡᠭ ᠠᠲᠠᠯ᠎ᠠ ᠪᠤᠰᠤᠳ ᠠᠷᠠᠳ ᠲᠦᠮᠡᠨ ᠳ᠋ᠦ᠍ ᠲᠡᠢᠮᠦ ᠡᠷᠬᠡ ᠥᠭᠬᠦ ᠶ᠋ᠢ ᠬᠦᠰᠡᠬᠦ ᠦᠭᠡᠢ ᠨᠢ ᠶᠠᠭᠤᠨ ᠳ᠋ᠤ᠌ ᠪᠠᠢᠳᠠᠭ ᠪᠢᠯᠡ! ᠡᠨᠡ ᠪᠣᠯ ᠲᠡᠷᠡ ᠬᠥᠮᠦᠰ ᠦ᠋ᠨ ᠪᠤᠷᠤᠭᠤ ᠪᠢᠰᠢ᠂ ᠲᠡᠳᠡᠨ ᠦ᠌ ᠵᠢᠯᠣᠭᠣ ᠶ᠋ᠢ ᠪᠠᠷᠢᠵᠤ᠂ ᠲᠡᠳᠡᠨ ᠦ᠌ ᠬᠥᠮᠦᠨ ᠴᠢᠨᠠᠷ ᠴᠠᠭᠠᠨ ᠰᠡᠳᠬᠢᠯ ᠢ᠋᠂ ᠮᠢᠨᠦ ᠭᠡᠷ᠂ ᠮᠢᠨᠦ ᠠᠬ᠎ᠠ ᠳᠡᠭᠦᠦ᠂ ᠠᠮᠠᠷᠠᠭ ᠰᠠᠳᠤᠨ ᠪᠣᠯᠵᠤ ᠪᠠᠢᠪᠠᠯ ᠪᠤᠰᠤᠳ ᠤ᠋ᠨ ᠲᠡᠷᠡ ᠪᠦᠬᠦᠨ ᠬᠠᠮᠢᠶ᠎ᠠ ᠦᠭᠡᠢ ᠭᠡᠵᠦ ᠬᠣᠣᠷᠠᠳᠠᠭᠤᠯᠤᠭᠰᠠᠨ ᠨᠡᠢᠭᠡᠮ ᠦ᠋ᠨ ᠪᠣᠷᠤᠠᠭᠤ ᠪᠢᠯᠡ᠃
ᠬᠢᠲᠠᠳ ᠪᠣᠯ ᠶᠡᠬᠡ ᠤᠯᠤᠰ᠂ ᠲᠣᠮᠣ ᠣᠷᠣᠨ ᠪᠣᠯᠬᠣᠷ ᠲᠡᠭᠦᠨ ᠲᠡᠢ ᠵᠡᠷᠭᠡᠴᠡᠭᠡ ᠣᠷᠣᠰᠢᠬᠤ ᠵᠢᠵᠢᠭ ᠤᠯᠤᠰ ᠣᠷᠣᠨ ᠳᠠᠭᠠᠭᠤᠷ ᠨᠢ ᠪᠣᠭᠣᠯ ᠨᠢ ᠪᠠᠢᠬᠤ ᠶᠣᠰᠣᠲᠠᠢ᠃ ᠡᠰᠡᠷᠭᠦᠴᠡᠪᠡᠯ ᠬᠦᠴᠦ ᠪᠡᠷ ᠳᠠᠭᠠᠭᠤᠯᠬᠤ ᠨᠢ ᠬᠢᠲᠠᠳ ᠤ᠋ᠨ ᠪᠦᠷᠢᠨ ᠡᠷᠬᠡ ᠭᠡᠵᠦ ᠲᠡᠳᠡ ᠣᠢᠯᠠᠭᠠᠵᠠᠢ᠃
ᠲᠡᠮᠦᠷ ᠪᠠᠳᠠᠷᠴᠢ ᠬᠣᠶᠠᠷ ᠭᠡᠮ ᠦᠭᠡᠢ ᠳᠦᠷᠰᠦ ᠦᠵᠡᠭᠦᠯᠦᠨ ᠰᠠᠵᠢᠯᠠᠵᠤ ᠵᠡᠷᠭᠡᠴᠡᠨ ᠶᠠᠪᠤᠭᠰᠠᠭᠠᠷ ᠣᠢᠷᠠᠲᠤᠵᠤ ᠣᠴᠢᠮᠠᠭᠴᠠ ᠮᠣᠷᠢᠨ ᠳ᠋ᠠᠭᠠᠨ ᠲᠠᠰᠢᠭᠤᠷ ᠥᠭᠴᠦ ᠰᠢᠲᠠᠮ ᠢ᠋ᠶ᠋ᠠᠨ ᠡᠷᠭᠢᠭᠦᠯᠦᠨ ᠳᠠᠭᠠᠷᠢᠪᠠ᠃
ᠭᠠᠮᠢᠩ ᠤ᠋ᠳ ᠬᠡᠷᠡᠭ ᠪᠢᠰᠢ ᠪᠣᠯᠤᠭᠰᠠᠨ ᠢ᠋ ᠣᠢᠯᠠᠭᠠᠵᠤ ᠫᠤᠤ ᠤᠷᠤᠭᠤ ᠪᠠᠨ ᠭᠦᠶᠦᠭᠰᠡᠨ ᠪᠣᠯᠪᠠᠴᠤ ᠠᠮᠵᠢᠵᠤ ᠴᠢᠳᠠᠭᠰᠠᠨ ᠦᠭᠡᠢ ᠴᠣᠬᠢᠭᠤᠯᠪᠠ᠃ ᠠᠬᠠᠯᠠᠭᠴᠢ ᠨᠢ ᠰᠸᠯᠠᠢ᠌ᠳᠠᠢ ᠪᠠᠨ ᠠᠪᠴᠤ ᠪᠠᠳᠠᠷᠴᠢ ᠤᠷᠤᠭᠤ ᠴᠢᠭᠯᠡᠭᠦᠯᠪᠡ᠃ ᠫᠤᠤ ᠶ᠋ᠢᠨ ᠠᠮᠠᠨ ᠳ᠋ᠤ᠌ ᠣᠨᠢᠯᠠᠭᠤᠯᠤᠭᠰᠠᠨ ᠪᠠᠳᠠᠷᠴᠢ ᠶ᠋ᠢᠨ ᠰᠡᠳᠬᠢᠯ ᠳ᠋ᠦ᠍ ᠦᠬᠦᠯ ᠦ᠋ᠨ ᠬᠠᠷ᠎ᠠ ᠴᠠᠬᠢᠯᠭᠠᠨ ᠴᠠᠬᠢᠵᠤ ᠮᠣᠭᠠᠢ ᠬᠠᠷᠠᠭᠰᠠᠨ ᠬᠤᠯᠤᠭᠠᠨ᠎ᠠ ᠰᠢᠭ᠋ ᠭᠥᠯᠢᠷᠡᠪᠡ᠃
ᠲᠡᠮᠦᠷ ᠰᠢᠳᠠᠮ ᠢ᠋ᠶ᠋ᠠᠨ ᠰᠢᠲᠠᠵᠤ ᠣᠷᠬᠢᠪᠠ᠃ ᠰᠣᠴᠢᠭᠰᠠᠨ ᠠᠬᠠᠯᠠᠭᠴᠢ ᠬᠡᠰᠡᠭ ᠵᠠᠭᠤᠷ᠎ᠠ ᠵᠣᠭ ᠲᠤᠰᠬᠤ ᠳ᠋ᠤ᠌ ᠲᠡᠮᠦᠷ ᠦ᠋ᠨ ᠪᠦᠳᠦᠭᠦᠨ ᠲᠠᠰᠢᠭᠤᠷ ᠲᠣᠯᠣᠭᠠᠢ ᠳᠡᠭᠡᠷ᠎ᠡ ᠨᠢ ᠪᠠᠭᠤᠵᠤ ᠳᠠᠢᠪᠠᠨ ᠤᠨᠠᠪᠠ᠃
ᠭᠠᠭᠴᠠ ᠪᠣᠰᠤᠭ᠎ᠠ ᠦᠯᠡᠳᠡᠭᠰᠡᠨ ᠭᠠᠮᠢᠩ ᠵᠡᠭᠦᠨ ᠵᠦᠭ ᠢ᠋ ᠴᠢᠭᠯᠡᠨ ᠪᠠᠢᠳᠠᠭ ᠴᠢᠳᠠᠯ ᠢ᠋ᠶ᠋ᠠᠷ ᠢ᠋ᠶ᠋ᠠᠨ ᠭᠦᠶᠦᠪᠡ᠃ ᠲᠡᠮᠦᠷ ᠬᠠᠰᠬᠢᠷᠤᠨ ᠳᠠᠭᠠᠷᠢᠪᠠ᠃ ᠭᠠᠮᠢᠩ ᠭᠡᠨᠡᠳᠲᠡ ᠡᠷᠭᠢᠵᠦ ᠰᠠᠭᠤᠭᠠᠳ ᠶᠠᠮᠠᠷ ᠨᠢᠭᠡᠨ ᠶᠠᠭᠤᠮ᠎ᠠ ᠱᠤᠯᠤᠭᠠᠨᠠᠨ ᠵᠠᠯᠪᠠᠷᠢᠪᠠ᠃ ᠦᠬᠦᠯ ᠦ᠋ᠨ ᠠᠶᠤᠯ ᠳ᠋ᠤ᠌ ᠪᠠᠳᠠᠷᠠᠨ᠂ ᠬᠥᠮᠦᠨ ᠳᠦᠷᠰᠦ ᠪᠡᠨ ᠠᠯᠳᠠᠲᠠᠯ᠎ᠠ ᠠᠶᠤᠵᠤ ᠪᠠᠷᠤᠢᠵᠤ ᠬᠠᠷᠠᠯᠠᠭᠰᠠᠨ ᠨᠢᠭᠤᠷ᠂ ᠭᠠᠯᠵᠠᠭᠤ ᠪᠤᠬ᠎ᠠ ᠶ᠋ᠢᠨ ᠨᠢᠳᠦ ᠰᠢᠭ ᠲᠣᠭᠣᠷᠢᠭ ᠪᠥᠭᠡᠳ ᠴᠢᠰ ᠤᠯᠠᠭᠠᠨ ᠪᠣᠯᠤᠭᠰᠠᠨ ᠨᠢᠳᠦ ᠨᠢ ᠲᠡᠮᠦᠷ ᠦ᠋ᠨ ᠦᠷᠦ ᠡᠪᠡᠳᠬᠦ ᠰᠡᠳᠬᠢᠯ ᠢ᠋ ᠲᠠᠲᠠᠭᠰᠠᠨ ᠦᠭᠡᠢ᠂ ᠥᠰᠢᠬᠦ ᠵᠢᠭᠰᠢᠬᠦ ᠰᠡᠳᠬᠢᠯ ᠢ᠋ ᠲᠥᠷᠥᠭᠦᠯᠪᠡ᠃ ᠨᠢᠭᠡᠨ ᠮᠥᠴᠡ ᠥᠩᠭᠡᠷᠡᠬᠦ ᠳ᠋ᠦ᠍ ᠬᠠᠰᠬᠢᠷᠤᠭᠰᠠᠨ ᠡᠴᠡ ᠴᠡᠭᠡᠵᠢᠨ ᠡᠴᠡ ᠪᠡᠨ ᠤᠷᠲᠤ ᠪᠣᠯᠤᠭᠰᠠᠨ ᠭᠠᠮᠢᠩ ᠤ᠋ᠨ ᠲᠣᠯᠣᠭᠠᠢ ᠳᠡᠭᠡᠷ᠎ᠡ ᠲᠡᠮᠦᠷ ᠦ᠋ᠨ ᠲᠠᠰᠢᠭᠤᠷ ᠪᠠᠭᠤᠵᠠᠢ᠃
ᠲᠡᠮᠦᠷ ᠮᠣᠷᠢᠨ ᠤ᠋ ᠪᠠᠨ ᠠᠮᠠ ᠶ᠋ᠢ ᠡᠷᠭᠢᠭᠦᠯᠬᠦ ᠳ᠋ᠦ᠍ ᠪᠠᠳᠠᠷᠴᠢ ᠮᠣᠷᠢᠨ ᠡᠴᠡ ᠪᠡᠨ ᠪᠠᠭᠤᠵᠤ ᠦᠬᠦᠵᠦ ᠭᠦᠢᠴᠡᠭᠡ ᠦᠭᠡᠢ ᠭᠠᠮᠢᠩ ᠤ᠋ᠳ ᠤ᠋ᠨ ᠲᠣᠯᠣᠭᠠᠢ ᠶ᠋ᠢ ᠪᠦᠳᠦᠭᠦᠨ ᠰᠢᠲᠠᠮ ᠢ᠋ᠶ᠋ᠠᠷ ᠪᠢᠴᠠᠯᠤᠨ ᠴᠣᠬᠢᠵᠤ ᠪᠠᠢᠯ᠎ᠠ᠃ ᠲᠡᠮᠦᠷ ᠮᠣᠷᠢᠨ ᠡᠴᠡ ᠪᠡᠨ ᠪᠠᠭᠤᠭᠠᠳ ᠶᠠᠮᠠᠷ ᠨᠢᠭᠡᠨ ᠬᠦᠴᠦᠨ ᠳ᠋ᠦ᠍ ᠬᠥᠲᠥᠯᠦᠭᠳᠡᠨ ᠰᠠᠶᠢᠬᠠᠨ ᠴᠣᠬᠢᠵᠤ ᠤᠨᠠᠭᠠᠭᠰᠠᠨ ᠭᠠᠮᠢᠩ ᠤ᠋ᠨ ᠳᠡᠷᠭᠡᠳᠡ ᠣᠴᠢᠪᠠ᠃ ᠠᠷᠪᠠᠨ ᠬᠡᠳᠦᠨ ᠨᠠᠰᠤᠲᠠᠢ ᠪᠣᠯᠤᠯᠲᠠᠢ ᠵᠠᠯᠠᠭᠤ ᠠᠵᠢ᠃ ᠮᠤᠷᠤᠢᠭᠰᠠᠨ ᠨᠢᠭᠤᠷ ᠤ᠋ᠨ ᠨᠢᠭᠡ ᠲᠠᠯ᠎ᠠ ᠳ᠋ᠤᠨᠢ ᠦᠬᠦᠯ ᠦ᠋ᠨ ᠰᠠᠨᠳᠤᠷᠤᠯ ᠨᠥᠭᠦᠭᠡ ᠲᠠᠯ᠎ᠠ ᠳ᠋ᠤᠨᠢ ᠬᠡᠦᠬᠡᠳ ᠦ᠋ᠨ ᠭᠡᠨᠡᠨ ᠢᠨᠢᠶᠡᠮᠰᠦᠭᠯᠡᠯ ᠲᠣᠳᠣᠷᠠᠵᠤ ᠪᠠᠢᠯ᠎ᠠ᠃
ᠲᠡᠮᠦᠷ ᠪᠠᠳᠠᠷᠴᠢ ᠬᠣᠶᠠᠷ ᠳᠠᠭᠠᠷᠢᠬᠤ ᠶ᠋ᠢᠨ ᠡᠮᠦᠨ᠎ᠡ ᠠᠬᠠᠮᠠᠳ ᠭᠠᠮᠢᠩ ᠤ᠋ᠳ ᠤ᠋ᠨ ᠶᠠᠷᠢᠶ᠎ᠠ ᠶ᠋ᠢ ᠰᠣᠨᠣᠰᠤᠨ ᠢᠨᠢᠶᠡᠵᠦ ᠪᠠᠢᠭᠰᠠᠨ ᠨᠢ ᠴᠦ᠍ ᠨᠢᠭᠤᠷ ᠡᠴᠡ ᠨᠢ ᠰᠠᠯᠵᠤ ᠴᠢᠳᠠᠭᠰᠠᠨ ᠦᠭᠡᠢ᠃
ᠲᠡᠮᠦᠷ ᠶᠠᠪᠠᠭᠠᠨ ᠰᠠᠭᠤᠵᠤ ᠲᠡᠷᠡ ᠭᠠᠮᠢᠩ ᠤ᠋ᠨ ᠬᠦᠵᠦᠭᠦᠨ ᠳᠣᠭᠤᠤᠷ ᠭᠠᠷ ᠢ᠋ᠶ᠋ᠠᠨ ᠬᠢᠵᠦ ᠡᠷᠭᠦᠪᠡ᠃
ᠲᠡᠭᠡᠭᠡᠳ ᠵᠢᠷᠦᠬᠡ ᠶ᠋ᠢ ᠨᠢ ᠴᠢᠩᠨᠠᠪᠠᠯ ᠴᠣᠬᠢᠬᠤ ᠪᠠᠨ ᠪᠠᠢᠵᠠᠢ᠃
᠊᠊᠊᠊᠊᠊᠊᠊᠊᠊᠊᠊᠊᠊᠊ ᠴᠢᠮᠢ᠋ᠢ ᠬᠡᠨ ᠡᠨᠳᠡ ᠢᠷ᠎ᠡ ᠭᠡᠪᠡ ᠭᠡᠵᠦ ᠲᠡᠮᠦᠷ ᠳᠣᠲᠣᠷ᠎ᠠ ᠪᠠᠨ ᠰᠢᠪᠡᠭᠡᠨᠡᠪᠡ᠃
᠊᠊᠊᠊᠊᠊᠊᠊᠊᠊᠊᠊᠊᠊᠊ ᠲᠣᠯᠣᠭᠠᠢ ᠶ᠋ᠢ ᠨᠢ ᠪᠢᠴᠠ ᠴᠣᠬᠢ ᠭᠡᠵᠦ ᠳᠡᠷᠭᠡᠳᠡ ᠨᠢ ᠢᠷᠡᠭᠰᠡᠨ ᠪᠠᠳᠠᠷᠴᠢ ᠬᠡᠯᠡᠪᠡ᠃
ᠲᠡᠮᠦᠷ ᠭᠠᠮᠢᠩ ᠢ᠋ ᠲᠠᠯᠪᠢᠭᠠᠳ ᠪᠣᠰᠲᠠᠯ᠎ᠠ ᠪᠠᠳᠠᠷᠴᠢ ᠲᠣᠯᠣᠭᠠᠢ ᠤᠷᠤᠭᠤ ᠨᠢ ᠳᠡᠪᠰᠡᠬᠦ ᠭᠡᠵᠦ ᠬᠥᠯ ᠢ᠋ᠶ᠋ᠡᠨ ᠡᠷᠭᠦᠪᠡ᠃
᠊᠊᠊᠊᠊᠊᠊᠊᠊᠊᠊᠊᠊᠊᠊ ᠬᠡᠷᠡᠭ ᠦᠭᠡᠢ ᠭᠡᠵᠦ ᠲᠡᠮᠦᠷ ᠬᠣᠷᠢᠭᠯᠠᠪᠠ᠃
᠊᠊᠊᠊᠊᠊᠊᠊᠊᠊᠊᠊᠊᠊᠊ ᠵᠠ ᠬᠦ ᠣᠯᠵᠠ ᠪᠠᠨ ᠬᠤᠪᠢᠶᠠᠨ᠎ᠠ ᠳᠠ᠃ ᠴᠢ ᠫᠤᠤ ᠪᠠᠨ ᠠᠪᠤᠨ᠎ᠠ ᠪᠢᠵᠡ ᠳᠡ ᠭᠡᠵᠦ ᠪᠠᠳᠠᠷᠴᠢ ᠶ᠋ᠢᠨ ᠬᠡᠯᠡᠬᠦ ᠳ᠋ᠦ᠍ ᠲᠡᠮᠦᠷ ᠭᠦᠨ ᠪᠣᠳᠣᠯ ᠪᠣᠯᠤᠭᠰᠠᠨ ᠨᠢᠳᠦ ᠪᠡᠷ ᠠᠵᠢᠭᠯᠠᠨ ᠬᠠᠷᠠᠭᠰᠠᠨ ᠢ᠋ᠶ᠋ᠠᠨ᠄
᠊᠊᠊᠊᠊᠊᠊᠊᠊᠊᠊᠊᠊᠊᠊ ᠪᠢ ᠶᠠᠭᠤ ᠴᠤ᠌ ᠠᠪᠬᠤ ᠦᠭᠡᠢ ᠭᠡᠳ ᠡᠷᠭᠢᠵᠦ ᠮᠣᠷᠳᠠᠭᠠᠳ ᠪᠠᠷᠭᠠᠳ ᠵᠦᠭ ᠶᠠᠪᠤᠯ᠎ᠠ᠃
