ᠲᠤᠩᠭᠠᠯᠠᠭ ᠲᠠᠮᠢᠷ2-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ2-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ2-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-26

1395

《ᠬᠣᠷᠸ᠎ᠠ! ᠴᠢ ᠬᠥᠮᠦᠨ ᠦ᠌ ᠵᠣᠪᠠᠯᠠᠩ ᠳ᠋ᠤ᠌ ᠴᠠᠳᠬᠤ ᠪᠣᠯᠤᠭ᠎ᠠ ᠦᠭᠡᠢ ᠤᠤ?》 - ᠬᠣᠶᠠᠳᠤᠭᠠᠷ ᠪᠦᠯᠦᠭ ᠭᠤᠷᠪᠠ


  ᠲᠠᠮᠢᠷ ᠤ᠋ᠨ ᠬᠥᠨᠳᠡᠢ ᠡᠪᠦᠯ ᠦ᠋ᠨ ᠪᠠᠷᠢᠨᠲᠠᠭ ᠢ᠋ᠶ᠋ᠠᠨ ᠡᠮᠦᠰᠴᠦ᠂ ᠰᠡᠪᠰᠡᠭᠡᠷ ᠴᠠᠰᠤᠨ ᠳ᠋ᠤ᠌ ᠳᠠᠷᠤᠭᠳᠠᠭᠰᠠᠨ ᠮᠣᠳᠣ ᠳᠠᠬᠤ ᠨᠥᠮᠥᠷᠦᠭᠰᠡᠨ ᠮᠠᠨᠠᠭᠠᠨ ᠤ᠋ ᠡᠪᠦᠭᠡᠨ ᠰᠢᠭ ᠨᠠᠪᠰᠠᠢᠨ ᠬᠠᠷᠠᠭᠳᠠᠵᠤ ᠪᠠᠢᠯ᠎ᠠ᠃ ᠲᠠᠮᠢᠷ ᠮᠥᠰᠥ ᠪᠡᠷ ᠬᠤᠴᠢᠭᠳᠠᠵᠤ ᠵᠠᠷᠢᠮ ᠭᠠᠵᠠᠷ ᠨᠢ ᠬᠦᠢᠲᠡᠨ ᠬᠠᠷᠠᠵᠠ ᠵᠢᠷᠪᠠᠯᠵᠠᠨ ᠤᠷᠤᠰᠴᠤ ᠬᠥᠬᠡ ᠠᠭᠤᠷ ᠰᠠᠪᠰᠠᠨ ᠮᠠᠨᠠᠷᠠᠨ᠎ᠠ᠃
  ᠢᠲᠡᠭᠡᠯᠲᠦ ᠶ᠋ᠢᠨ ᠬᠣᠲᠠ ᠲᠠᠮᠢᠷ ᠤ᠋ᠨ ᠬᠣᠢᠲᠤ ᠲᠠᠯ᠎ᠠ ᠶ᠋ᠢᠨ ᠥᠷᠭᠡᠨ ᠠᠮᠠᠨ ᠤ᠋ ᠡᠬᠢᠨ ᠳ᠋ᠡᠬᠢ ᠡᠪᠣᠯᠵᠢᠶᠠᠨ ᠳᠡᠭᠡᠷ᠎ᠡ ᠬᠠᠷᠠᠯᠠᠨ ᠬᠠᠷᠠᠭᠳᠠᠨ᠎ᠠ᠃
  ᠴᠠᠰᠤᠨ ᠳ᠋ᠤ᠌ ᠳᠠᠷᠤᠭᠳᠠᠭᠰᠠᠨ ᠲᠠᠯ᠎ᠠ ᠶ᠋ᠢ ᠠᠯᠤᠰ ᠡᠴᠡ ᠬᠠᠷᠠᠬᠤ ᠳ᠋ᠤ᠌ ᠶᠠᠮᠠᠷ ᠴᠤ᠌ ᠦ᠋ ᠦᠭᠡᠢ ᠮᠡᠲᠦ ᠪᠠᠢᠪᠠᠴᠤ ᠶᠠᠪᠤᠭᠠᠳ ᠦᠵᠡᠬᠦ ᠳ᠋ᠦ᠍ ᠬᠣᠩᠬᠣᠷ ᠲᠠᠢ᠂ ᠭᠦᠳᠦᠭᠦᠷ ᠲᠡᠢ ᠪᠠᠢᠳᠠᠭ ᠤ᠋ᠨ ᠠᠳᠠᠯᠢ ᠢᠲᠡᠭᠡᠯᠲᠦ ᠶ᠋ᠢᠨ ᠬᠣᠲᠠ ᠶ᠋ᠢ ᠭᠠᠳᠠᠨ᠎ᠠ ᠡᠴᠡ ᠬᠠᠷᠠᠬᠤ ᠳ᠋ᠤ᠌ ᠥᠭᠡᠷᠡᠴᠢᠯᠡᠭᠳᠡᠭᠰᠡᠨ ᠶᠠᠭᠤᠮ᠎ᠠ ᠦᠭᠡᠢ ᠮᠡᠲᠦ ᠪᠣᠯᠪᠠᠴᠤ ᠦᠨᠡᠨ ᠳ᠋ᠡᠭᠡᠨ ᠥᠭᠡᠷ᠎ᠡ ᠪᠣᠯᠤᠭᠰᠠᠨ ᠶᠠᠭᠤᠮ᠎ᠠ ᠠᠷᠪᠢᠨ ᠶᠡᠬᠡ ᠪᠠᠢᠯ᠎ᠠ᠃
  ᠡᠷᠳᠡᠨᠢ ᠶᠠᠪᠤᠭᠠᠳ ᠰᠠᠷ᠎ᠠ ᠪᠣᠯᠤᠭᠠᠳᠤᠢ ᠪᠠᠢᠬᠤ ᠳ᠋ᠤ᠌ ᠳᠤᠯᠮ᠎ᠠ ᠬᠣᠨᠢ ᠶ᠋ᠢ ᠨᠢ ᠡᠵᠡᠭᠦᠢ ᠬᠠᠶᠠᠭᠠᠳ ᠣᠷᠣ ᠰᠤᠷᠠᠭ ᠦᠭᠡᠢ ᠠᠯᠠᠭ᠎ᠠ ᠪᠣᠯᠵᠠᠢ᠃ ᠲᠡᠷᠡ ᠬᠡᠦᠬᠡᠨ ᠬᠠᠮᠢᠭ᠎ᠠ ᠣᠴᠢᠪᠠ᠃ ᠶᠠᠭᠤ ᠪᠣᠯᠪᠠ ᠭᠡᠵᠦ ᠬᠡᠳᠦᠨ ᠡᠳᠦᠷ ᠱᠤᠤᠭᠢᠶᠠᠨ ᠪᠣᠯᠤᠭᠠᠳ ᠶᠠᠪᠤᠭᠠᠨ ᠳ᠋ᠠᠭᠠᠨ ᠳᠤᠯᠮ᠎ᠠ ᠭᠡᠳᠡᠭ ᠬᠥᠮᠦᠨ ᠡᠨᠡ ᠬᠣᠷᠸ᠎ᠠ ᠳᠡᠭᠡᠷ᠎ᠡ ᠪᠠᠢᠭᠰᠠᠨ ᠡᠰᠡᠬᠦ ᠶ᠋ᠢ ᠴᠦ᠍ ᠪᠠᠷᠤᠭ ᠮᠡᠳᠡᠬᠦ ᠦᠭᠡᠢ ᠪᠣᠯᠵᠠᠢ᠃
  ᠭᠠᠯᠰᠠᠩ ᠡᠬᠡᠨᠡᠷ ᠢ᠋ᠶ᠋ᠡᠨ ᠠᠯᠠᠭ᠎ᠠ ᠪᠣᠯᠤᠭᠰᠠᠨ ᠡᠴᠡ ᠬᠣᠢᠰᠢ ᠨᠢᠭᠡ ᠬᠡᠰᠡᠭ ᠡᠵᠡᠭᠦᠢ ᠨᠤᠲᠤᠭ ᠳᠡᠭᠡᠷ᠎ᠡ ᠵᠢᠯ ᠭᠠᠷᠤᠢ ᠬᠡᠪᠲᠡᠭᠰᠡᠨ ᠴᠢᠮᠥᠭᠡ ᠶ᠋ᠢᠨ ᠶᠠᠰᠤ ᠰᠢᠭ᠋ ᠪᠣᠯᠵᠤ ᠵᠠᠷᠢᠮ ᠳ᠋ᠠᠭᠠᠨ ᠤᠬᠢᠯᠠᠳᠠᠭ ᠪᠠᠢᠯ᠎ᠠ᠃
  ᠳᠤᠯᠮ᠎ᠠ ᠥᠪᠡᠷ ᠲᠦ᠋ᠨᠢ ᠬᠠᠢᠷ᠎ᠠ ᠦᠭᠡᠢ ᠭᠡᠳᠡᠭ ᠢ᠋ ᠭᠠᠯᠰᠠᠩ ᠰᠠᠢᠨ ᠮᠡᠳᠡᠵᠦ ᠪᠠᠢᠭᠰᠠᠨ ᠪᠣᠯᠪᠠᠴᠤ ᠥᠪᠡᠷ ᠢ᠋ᠶ᠋ᠡᠨ ᠲᠡᠭᠦᠨ ᠳ᠋ᠦ᠍ ᠬᠠᠢᠷ᠎ᠠ ᠲᠠᠢ ᠪᠠᠢᠭᠰᠠᠨ ᠢ᠋ᠶ᠋ᠠᠨ ᠣᠢᠯᠭᠠᠬᠤ ᠳᠣᠳᠣᠮ ᠢ᠋ᠶ᠋ᠠᠨ ᠥᠨᠥᠴᠢᠷᠡᠵᠦ᠂ ᠲᠡᠷᠡ ᠬᠡᠦᠬᠡᠨ ᠲᠡᠢ ᠪᠠᠷᠤᠭ ᠡᠳᠦᠷ ᠪᠦᠬᠦᠨ ᠬᠡᠷᠡᠯᠳᠦᠵᠦ ᠪᠠᠢᠭᠰᠠᠨ ᠢ᠋ᠶ᠋ᠠᠨ ᠮᠠᠷᠲᠠᠵᠤ ᠪᠠᠢᠯ᠎ᠠ᠃
  ᠊᠊᠊᠊᠊᠊᠊᠊᠊᠊᠊᠊᠊᠊᠊ ᠳᠠᠭᠠᠭᠠᠵᠤ ᠳᠠᠪᠠᠰᠢ ᠦᠭᠡᠢ ᠥᠷᠢ ᠠᠯᠳᠠᠭᠰᠠᠨ ᠬᠢᠲᠠᠳ ᠰᠢᠭ᠋ ᠤᠷᠤᠭᠤ ᠴᠢᠷᠠᠢᠯᠠᠭᠠᠳ ᠶᠠᠭᠤ ᠪᠣᠯᠴᠢᠬᠠᠪᠠ ᠳᠠᠮᠰᠢᠭ ᠮᠢᠨᠢ ᠭᠡᠵᠦ ᠢᠲᠡᠭᠡᠯᠲᠦ ᠨᠢᠭᠡᠨ ᠤᠳᠠᠭ᠎ᠠ ᠵᠢᠮᠡᠯᠡᠪᠡ᠃
  ᠊᠊᠊᠊᠊᠊᠊᠊᠊᠊᠊᠊᠊᠊᠊ ᠠᠬ᠎ᠠ ᠮᠢᠨᠢ᠂ ᠳᠤᠯᠮ᠎ᠠ ᠪᠣᠳᠣᠭᠳᠠᠭᠠᠳ ᠪᠠᠢᠬᠤ ᠶᠤᠮ ᠭᠡᠳ ᠭᠠᠯᠰᠠᠩ ᠬᠣᠰᠢᠭᠤ ᠪᠠᠨ ᠮᠤᠷᠤᠯᠵᠠᠭᠤᠯᠪᠠ᠃
  ᠊᠊᠊᠊᠊᠊᠊᠊᠊᠊᠊᠊᠊᠊᠊ ᠵᠠ᠂ ᠡᠷ᠎ᠡ ᠬᠥᠮᠦᠨ ᠳᠠᠬᠢᠭᠠᠳ ᠯᠠ ᠨᠢᠭᠡ ᠶ᠋ᠢ ᠣᠯᠤᠭᠠᠳ ᠠᠪᠴᠢᠬᠠᠬᠤ ᠦᠭᠡᠢ ᠤᠤ ᠭᠡᠵᠦ ᠢᠲᠡᠭᠡᠯᠲᠦ ᠠᠵᠢᠭ ᠦᠭᠡᠢ ᠬᠡᠯᠡᠵᠡᠢ᠃
  ᠴᠠᠭ ᠥᠩᠭᠡᠷᠡᠬᠦ ᠳᠣᠳᠣᠮ ᠭᠠᠯᠰᠠᠩ ᠤ᠋ᠨ ᠰᠡᠳᠬᠢᠯ ᠡᠴᠡ ᠳᠤᠯᠮ᠎ᠠ ᠬᠣᠯᠠᠳᠠᠵᠤ ᠲᠦᠢᠮᠡᠷ ᠡᠴᠡ ᠳᠦᠷᠪᠡᠭᠡᠳ ᠨᠡᠭᠦᠬᠦ ᠭᠡᠵᠦ ᠪᠠᠢᠭ᠎ᠠ ᠠᠢᠯ ᠰᠢᠭ᠋ ᠪᠣᠯᠤᠭᠰᠠᠨ ᠵᠢᠪᠡᠬᠡᠢ ᠭᠡᠷ ᠲᠡᠭᠡᠨ ᠣᠷᠣᠵᠤ ᠢᠷᠡᠬᠦ ᠳ᠋ᠡᠭᠡᠨ ᠳᠤᠯᠮ᠎ᠠ ᠶ᠋ᠢᠨ ᠲᠤᠬᠠᠢ ᠵᠤᠷᠪᠤᠰ ᠪᠣᠳᠣᠯ ᠰᠡᠳᠬᠢᠯ ᠳ᠋ᠦ᠍ᠨᠢ ᠣᠷᠣᠳᠠᠭ ᠪᠣᠯᠵᠠᠢ᠃
  ᠡᠮᠡᠭᠲᠡᠢ ᠬᠥᠮᠦᠨ ᠦᠭᠡᠢ ᠠᠢᠯ ᠤ᠋ᠨ ᠶᠠᠭᠤᠮ᠎ᠠ ᠪᠦᠬᠦᠨ ᠨᠦᠮᠵᠦᠭ ᠦᠭᠡᠢ ᠵᠢᠪᠡᠬᠡᠢ ᠬᠦᠢᠲᠡᠨ ᠪᠠᠢᠳᠠᠭ ᠪᠣᠯ ᠡᠷ᠎ᠡ ᠬᠥᠮᠦᠨ ᠦᠭᠡᠢ ᠠᠢᠯ ᠤ᠋ᠨ ᠶᠠᠭᠤᠮ᠎ᠠ ᠪᠦᠬᠦᠨ ᠰᠦᠷ ᠵᠢᠪᠬᠤᠭ᠎ᠠ ᠦᠭᠡᠢ ᠪᠣᠯᠳᠠᠭ ᠠᠵᠢ᠃
  ᠡᠷᠳᠡᠨᠢ ᠶ᠋ᠢᠨ ᠭᠡᠷ ᠦ᠋ᠨ ᠬᠠᠮᠤᠭ ᠬᠣᠭᠰᠢᠯ ᠪᠦᠷᠢᠨ ᠪᠣᠯᠪᠠᠴᠤ ᠨᠢᠭᠡ ᠯᠡ ᠰᠦᠷ ᠰᠦᠯᠳᠡ ᠦᠭᠡᠢ ᠪᠣᠯᠤᠭᠠᠳ ᠪᠠᠷᠤᠭ ᠯᠠ ᠣᠷᠣᠢ ᠪᠦᠬᠦᠨ ᠣᠷᠣᠵᠤ ᠢᠷᠡᠳᠡᠭ ᠢᠲᠡᠭᠡᠯᠲᠦ ᠴᠦ᠍ ᠲᠡᠭᠦᠨ ᠢ᠋ ᠠᠮᠢᠳᠤᠷᠠᠭᠤᠯᠵᠤ ᠴᠢᠳᠠᠬᠤ ᠦᠭᠡᠢ ᠪᠠᠢᠵᠠᠢ᠃
  ᠡᠮᠨᠢᠭ ᠪᠠᠭ᠎ᠠ ᠨᠠᠰᠤ᠂ ᠭᠡᠨᠡᠨ ᠥᠬᠢᠨ ᠦ᠌ ᠴᠠᠭᠠᠨ ᠰᠡᠳᠬᠢᠯ ᠢ᠋ᠶ᠋ᠡᠨ ᠬᠠᠷᠠᠮ ᠦᠭᠡᠢ ᠥᠭᠴᠦ᠂ ᠵᠣᠪᠠᠯᠠᠩ ᠵᠦᠳᠡᠭᠦᠷᠢ ᠬᠠᠮᠲᠤ ᠲᠤᠭᠤᠯᠤᠭᠰᠠᠨ ᠬᠠᠮᠤᠭ ᠤ᠋ᠨ ᠳᠣᠲᠣᠨᠣ ᠬᠥᠮᠦᠨ ᠦ᠌ ᠪᠡᠨ ᠵᠢᠷᠦᠬᠡ ᠶ᠋ᠢ ᠬᠦᠨᠳᠦ ᠰᠢᠷᠬᠠᠲᠤᠭᠤᠯᠵᠤ ᠲᠡᠭᠦᠨ ᠳ᠋ᠦ᠍ ᠲᠠᠢᠯᠪᠤᠷᠢᠯᠠᠨ ᠭᠠᠭᠴᠠ ᠴᠤ᠌ ᠦᠭᠡ ᠬᠡᠯᠡᠵᠦ ᠴᠢᠳᠠᠯ ᠦᠭᠡᠢ ᠶᠠᠪᠤᠭᠤᠯᠤᠭᠰᠠᠨ ᠢ᠋ ᠪᠣᠳᠣᠬᠤ ᠳ᠋ᠤ᠌ ᠰᠡᠳᠬᠢᠯ ᠨᠢ ᠬᠠᠷᠠᠩᠭᠤᠢᠯᠠᠵᠤ ᠲᠦᠮᠡᠨ ᠵᠢᠮᠡᠯᠡᠯ ᠢ᠋ᠶ᠋ᠡᠷ ᠳᠦᠭᠦᠷᠴᠦ ᠪᠠᠢᠯ᠎ᠠ᠃ ᠢᠳᠡᠬᠦ ᠬᠣᠭᠣᠯᠠ᠂ ᠬᠣᠷᠭᠣᠳᠠᠬᠤ ᠣᠷᠣᠨ ᠤ᠋ ᠴᠠᠭᠠᠨ᠎ᠠ ᠶᠠᠭᠤ ᠪᠠᠷ ᠴᠦ᠍ ᠰᠣᠯᠢᠵᠤ ᠪᠣᠯᠳᠠᠭ ᠦᠭᠡᠢ ᠬᠠᠢᠷ᠎ᠠ ᠰᠡᠳᠬᠢᠯ ᠪᠠᠢᠳᠠᠭ ᠢ᠋ ᠲᠤᠯᠭᠠᠷ ᠬᠣᠵᠢᠮᠳᠠᠵᠤ ᠣᠢᠯᠠᠭᠠᠪᠠ᠃
  《ᠨᠠᠳᠠ ᠰᠢᠭ᠋ ᠪᠤᠵᠠᠷ ᠡᠮ᠎ᠡ ᠳ᠋ᠦ᠍ ᠦᠬᠦᠬᠦ ᠡᠴᠡ ᠥᠭᠡᠷ᠎ᠡ ᠵᠠᠮ ᠪᠠᠢᠬᠤ ᠦᠭᠡᠢ》 ᠭᠡᠵᠦ ᠪᠣᠳᠣᠭᠳᠠᠵᠤ ᠪᠠᠢᠯ᠎ᠠ᠃
  ᠭᠡᠪᠡᠴᠦ ᠦᠷ᠎ᠡ ᠲᠡᠢ ᠬᠥᠮᠦᠨ ᠦ᠌ ᠭᠣᠣᠯ ᠬᠣᠶᠠᠷ ᠲᠠᠰᠤᠷᠠᠳᠠᠭ ᠭᠡᠵᠦ ᠶᠠᠷᠢᠳᠠᠭ ᠪᠥᠭᠡᠳ ᠪᠠᠰᠠ ᠬᠥᠮᠦᠨ ᠪᠦᠷᠢ ᠥᠪᠡᠷ ᠢ᠋ ᠪᠡᠨ ᠠᠯᠢ ᠪᠣᠯᠬᠤ ᠪᠠᠷ ᠵᠦᠪᠳᠡᠭᠡᠬᠦ ᠶ᠋ᠢ ᠬᠢᠴᠢᠶᠡᠳᠡᠭ ᠪᠣᠯᠬᠣᠷ ᠬᠣᠨᠣᠭ ᠥᠩᠭᠡᠷᠡᠬᠦ ᠳᠣᠳᠣᠮ ᠠᠷᠭ᠎ᠠ ᠦᠭᠡᠢ ᠶ᠋ᠢᠨ ᠡᠷᠬᠡᠨ ᠳ᠋ᠦ᠍ ᠬᠢᠭᠰᠡᠨ ᠭᠡᠮ ᠢ᠋ ᠨᠢ ᠥᠴᠦᠬᠡᠨ ᠴᠦ᠍ ᠥᠷᠥᠰᠢᠶᠡᠯ ᠦᠭᠡᠢ᠂ ᠬᠥᠮᠦᠨ ᠦ᠌ ᠨᠤᠲᠤᠭ ᠲᠤ᠌ ᠬᠠᠶᠠᠵᠤ ᠠᠯᠠᠭ᠎ᠠ ᠪᠣᠯᠤᠭᠰᠠᠨ ᠡᠷᠳᠡᠨᠢ ᠳ᠋ᠦ᠍ ᠭᠣᠮᠣᠳᠠᠵᠤ ᠪᠠᠢᠯ᠎ᠠ᠃ ᠪᠠᠰᠠ ᠠᠭᠤᠷ ᠢ᠋ᠶ᠋ᠠᠨ ᠭᠠᠷᠬᠤ ᠳ᠋ᠤ᠌ ᠡᠷᠳᠡᠨᠢ ᠡᠷᠭᠢᠭᠡᠳ ᠢᠷᠡᠬᠦ ᠴᠦ᠍ ᠶᠠᠭᠤ ᠮᠠᠭᠠᠳ ᠭᠡᠳᠡᠭ ᠭᠣᠷᠢᠳᠠᠯᠭ᠎ᠠ ᠶ᠋ᠢᠨ ᠮᠠᠨᠠᠨ ᠰᠡᠳᠬᠢᠯ ᠦ᠋ᠨ ᠭᠦᠨ ᠳ᠋ᠦ᠍ᠨᠢ ᠲᠤᠨᠤᠷᠠᠨ᠎ᠠ᠃
  ᠶᠡᠷᠦᠨᠢ ᠴᠦ᠍ ᠭᠠᠭᠴᠠ ᠡᠮᠡᠭᠲᠡᠢ ᠬᠠᠮᠢᠭ᠎ᠠ ᠣᠴᠢᠬᠤ ᠪᠢᠯᠡ ᠳᠠ᠃ ᠡᠳᠦᠷ ᠥᠩᠭᠡᠷᠡᠬᠦ ᠳᠣᠳᠣᠮ ᠬᠥᠮᠦᠨ ᠦ᠌ ᠴᠢᠷᠠᠢ ᠬᠠᠷᠠᠬᠤ ᠨᠢ ᠶᠡᠬᠡ ᠪᠣᠯᠵᠤ᠂ ᠶᠠᠳᠠᠷᠠᠬᠤ ᠳᠣᠳᠣᠮ ᠡᠷᠳᠡᠨᠢ ᠳ᠋ᠦ᠍ ᠭᠣᠮᠣᠳᠠᠬᠤ ᠨᠢ ᠥᠰᠴᠦ ᠭᠠᠰᠢᠭᠤᠨ ᠨᠢᠯᠪᠤᠰᠤ ᠪᠠᠷ ᠢ᠋ᠶ᠋ᠠᠨ ᠨᠢᠭᠤᠷ ᠢ᠋ᠶ᠋ᠠᠨ ᠳᠠᠬᠢᠨ ᠳᠠᠬᠢᠨ ᠤᠬᠢᠶᠠᠪᠠᠴᠤ ᠲᠤᠰᠠ ᠦᠯᠦ ᠪᠣᠯᠤᠨ᠎ᠠ᠃ ᠵᠤᠨ ᠬᠦᠦ ᠳᠡᠭᠡᠷ᠎ᠡ ᠪᠡᠨ ᠣᠴᠢᠵᠤ ᠠᠭᠤᠯᠵᠠᠬᠤ ᠳ᠋ᠤ᠌ ᠡᠴᠢᠭᠡ ᠶ᠋ᠢᠨ ᠢ᠋ᠶ᠋ᠡᠨ ᠲᠤᠬᠠᠢ ᠶᠠᠭᠤ ᠴᠤ᠌ ᠬᠡᠯᠡᠭᠡ ᠦᠭᠡᠢ ᠪᠢᠯᠡ᠃
  ᠨᠠᠮᠤᠷ ᠢᠲᠡᠭᠡᠯᠲᠦ ᠦᠬᠡᠷ ᠦ᠋ᠨ ᠮᠠᠢᠮᠠᠢ ᠳ᠋ᠤ᠌ ᠫᠡᠪᠯᠦᠧ ᠲᠡᠢ ᠬᠠᠮᠲᠤ ᠶᠠᠪᠤᠬᠤ ᠳ᠋ᠠᠭᠠᠨ ᠲᠤᠯᠭᠠᠷ ᠤ᠋ᠨ ᠳ᠋ᠤ᠌ ᠣᠷᠣᠵᠤ᠂ ᠴᠠᠢ ᠤᠤᠭᠤᠵᠤ ᠤᠳᠠᠲᠠᠯ᠎ᠠ ᠶᠠᠷᠢᠵᠤ ᠪᠠᠢᠭᠰᠠᠨ ᠢ᠋ᠶ᠋ᠠᠨ 《ᠲᠤᠯᠭᠠᠷ ᠮᠢᠨᠢ ᠠᠯᠢ ᠪᠦᠷ ᠭᠠᠭᠴᠠᠭᠠᠷ ᠢ᠋ᠶ᠋ᠠᠨ ᠬᠣᠭᠣᠰᠣᠨ ᠭᠡᠷ ᠲᠦ᠍ ᠤᠬᠢᠯᠠᠨ ᠰᠠᠭᠤᠵᠤ ᠪᠣᠢ᠃ ᠭᠠᠭᠴᠠ ᠮᠣᠳᠣ ᠭᠠᠯ ᠪᠣᠯᠳᠠᠭ ᠦᠭᠡᠢ ᠭᠠᠭᠴᠠ ᠬᠥᠮᠦᠨ ᠠᠢᠯ ᠪᠣᠯᠳᠠᠭ ᠦᠭᠡᠢ᠂ ᠭᠠᠯᠰᠠᠩ ᠲᠠ ᠬᠣᠶᠠᠷ ᠨᠡᠢᠯᠡᠪᠡᠯ ᠬᠡᠨ ᠬᠡᠨ ᠳ᠋ᠡᠭᠡᠨ ᠲᠦᠰᠢᠭ ᠪᠣᠯᠬᠤ ᠪᠠᠢᠬ᠎ᠠ ᠳᠠ᠃ ᠮᠢᠨᠦ ᠬᠤᠪᠢ ᠳ᠋ᠤ᠌ ᠪᠣᠯ ᠴᠢᠮᠢ᠋ᠢ ᠣᠷᠬᠢᠬᠤ ᠦᠭᠡᠢ》 ᠭᠡᠯ᠎ᠡ᠃
  ᠊᠊᠊᠊᠊᠊᠊᠊᠊᠊᠊᠊᠊᠊᠊ ᠴᠢᠮ᠎ᠠ ᠡᠴᠡ ᠪᠣᠯᠵᠤ ᠪᠢ ᠨᠥᠬᠥᠷ ᠡᠴᠡ ᠪᠡᠨ ᠬᠠᠭᠠᠴᠠᠭᠰᠠᠨ᠃ ᠣᠳᠣ ᠨᠠᠮᠢ᠋ᠢ ᠡᠷᠯᠢᠭ ᠦ᠋ᠨ ᠳ᠋ᠦ᠍ ᠣᠴᠢᠭᠤᠯᠤᠶ᠎ᠠ ᠭᠡᠵᠦ ᠪᠣᠳᠣᠭ᠎ᠠ ᠦᠭᠡᠢ ᠶᠤᠮ ᠪᠣᠯ ᠡᠨᠡ ᠶᠠᠭᠤᠮ᠎ᠠ ᠪᠠᠨ ᠳᠠᠬᠢᠨ ᠪᠢᠲᠡᠭᠡᠢ ᠶᠠᠷᠢᠭᠠᠷᠠᠢ ᠭᠡᠵᠦ ᠲᠤᠯᠭᠠᠷ ᠬᠠᠷᠢᠭᠤᠯᠵᠠᠢ᠃
  ᠊᠊᠊᠊᠊᠊᠊᠊᠊᠊᠊᠊᠊᠊᠊ ᠳᠠᠪᠠᠬᠤ ᠦᠭᠡᠢ ᠭᠡᠰᠡᠨ ᠳᠠᠪᠠᠭ᠎ᠠ ᠪᠠᠷ ᠭᠤᠷᠪᠠ ᠳᠠᠪᠠᠳᠠᠭ ᠶᠤᠮ ᠳᠠ ᠭᠡᠵᠦ ᠢᠲᠡᠭᠡᠯᠲᠦ ᠬᠡᠯᠡᠭᠡᠳ ᠬᠦᠢᠲᠡᠨ ᠢᠨᠢᠶᠡᠮᠰᠦᠭᠯᠡᠬᠦ ᠳ᠋ᠦ᠍ᠨᠢ 《ᠨᠠᠳᠠ ᠲᠠᠢ ᠵᠥᠷᠢᠭᠡᠳ ᠴᠦ᠍ ᠭᠠᠯᠢᠬᠤ ᠦᠭᠡᠢ ᠪᠠᠢᠬ᠎ᠠ ᠠ᠋》 ᠭᠡᠰᠡᠨ ᠳᠡᠭᠡᠷᠡᠩᠭᠦᠢ ᠪᠣᠳᠣᠯ ᠨᠢᠳᠦᠨ ᠳ᠋ᠦ᠍ᠨᠢ ᠲᠣᠳᠣ ᠪᠠᠢᠯ᠎ᠠ᠃
  ᠡᠨᠡ ᠲᠤᠬᠠᠢ ᠢᠲᠡᠭᠡᠯᠲᠦ ᠬᠡᠳᠦ ᠳᠠᠬᠢᠨ ᠲᠤᠯᠭᠠᠷ ᠲᠤ᠌ ᠬᠡᠯᠡᠭᠰᠡᠨ ᠪᠣᠯᠪᠠᠴᠤ ᠬᠦᠴᠦᠯᠡᠭᠰᠡᠨ ᠦᠭᠡᠢ᠃ ᠭᠡᠬᠦ ᠳ᠋ᠡᠭᠡᠨ ᠲᠤᠯᠭᠠᠷ ᠡᠴᠡ ᠠᠶᠤᠵᠤ᠂ ᠲᠡᠭᠦᠨ ᠢ᠋ ᠦᠷᠦ ᠡᠪᠡᠳᠦᠭᠰᠡᠨ ᠡᠴᠡ ᠪᠢᠰᠢ᠂ ᠨᠢᠭᠡᠳᠦᠭᠡᠷ ᠲᠦ᠍ ᠶᠠᠭᠠᠷᠠᠬᠤ ᠬᠡᠷᠡᠭ ᠦᠭᠡᠢ ᠪᠠᠢᠪᠠ᠃ ᠬᠣᠶᠠᠳᠤᠭᠠᠷ ᠲᠤ᠌ ᠭᠠᠭᠴᠠ ᠪᠡᠶ᠎ᠡ ᠡᠮᠡᠭᠲᠡᠢ ᠤᠳᠠᠬᠤ ᠳᠣᠳᠣᠮ ᠨᠣᠮᠣᠬᠠᠨ ᠪᠣᠯᠤᠨ᠎ᠠ ᠭᠡᠵᠦ ᠪᠣᠳᠣᠵᠤ ᠪᠠᠢᠯ᠎ᠠ᠃
  ᠡᠨᠡ ᠬᠣᠲᠠ ᠳ᠋ᠤ᠌ ᠲᠤᠯᠭᠠᠷ ᠤ᠋ᠨ ᠵᠣᠪᠠᠯᠠᠩ ᠢ᠋ ᠬᠤᠪᠢᠶᠠᠯᠴᠠᠳᠠᠭ ᠬᠥᠮᠦᠨ ᠭᠡᠪᠡᠯ ᠨᠢᠮ᠎ᠠ ᠭᠡᠰᠢᠭᠳᠤ ᠬᠣᠶᠠᠷ ᠪᠠᠢᠭᠰᠠᠨ᠃ ᠵᠠᠷᠢᠮ ᠳ᠋ᠠᠭᠠᠨ 《ᠡᠷᠳᠡᠨᠢ ᠴᠢᠨᠢ ᠢᠷᠡᠬᠦ ᠪᠠᠢᠯᠭᠦᠢ ᠳᠡ》 ᠭᠡᠵᠦ ᠲᠤᠯᠭᠠᠷ ᠤ᠋ᠨ ᠰᠡᠳᠬᠢᠯ ᠢ᠋ ᠵᠠᠰᠠᠨ᠎ᠠ᠃ ᠵᠠᠷᠢᠮ ᠳ᠋ᠠᠭᠠᠨ 《ᠬᠦᠦ ᠮᠢᠨᠢ ᠨᠤᠲᠤᠭ ᠲᠠᠭᠠᠨ ᠪᠤᠴᠠ᠃ ᠲᠤᠷᠤᠭ ᠶᠠᠳᠠᠷᠠᠬᠤ ᠳ᠋ᠠᠭᠠᠨ ᠠᠭᠤᠯᠠ ᠪᠠᠷᠠᠭᠠᠳᠠᠳᠠᠭ᠃ ᠬᠥᠮᠦᠨ ᠶᠠᠳᠠᠷᠠᠬᠤ ᠳ᠋ᠠᠭᠠᠨ ᠲᠥᠷᠬᠥᠮ ᠢ᠋ᠶ᠋ᠡᠨ ᠪᠠᠷᠠᠭᠠᠳᠠᠳᠠᠭ》 ᠭᠡᠵᠦ ᠵᠥᠪᠯᠡᠨ᠎ᠡ᠃
  ᠊᠊᠊᠊᠊᠊᠊᠊᠊᠊᠊᠊᠊᠊᠊ ᠨᠤᠲᠤᠭ ᠲᠠᠭᠠᠨ ᠣᠴᠢᠭᠠᠳ ᠪᠢ ᠶᠠᠭᠠᠬᠢᠬᠤ ᠶᠤᠮ ᠪᠣᠢ ᠭᠡᠵᠦ ᠲᠤᠯᠭᠠᠷ ᠤ᠋ᠨ ᠠᠰᠠᠭᠤᠬᠤ ᠳ᠋ᠤ᠌ ᠬᠣᠶᠠᠷ ᠬᠥᠭᠰᠢᠨ ᠳ᠋ᠦ᠍ ᠥᠭᠬᠦ ᠬᠠᠷᠢᠭᠤ ᠪᠠᠢᠳᠠᠭ ᠦᠭᠡᠢ᠃
  ᠊᠊᠊᠊᠊᠊᠊᠊᠊᠊᠊᠊᠊᠊᠊ ᠡᠮ᠎ᠡ ᠬᠥᠮᠦᠨ ᠦ᠌ ᠵᠣᠪᠠᠯᠠᠩ ᠪᠠᠷᠠᠭᠳᠠᠬᠤ ᠦᠭᠡᠢ ᠳᠡ ᠭᠡᠳ ᠭᠡᠰᠢᠭᠳᠤ ᠤᠬᠢᠯᠠᠬᠤ ᠳ᠋ᠤᠨᠢ 《ᠵᠥᠨᠥᠭ ᠮᠢᠨᠢ ᠪᠢᠲᠡᠭᠡᠢ ᠬᠡᠦᠬᠡᠳ ᠢ᠋ ᠤᠷᠤᠭᠤ ᠲᠡᠳᠡ》 ᠭᠡᠵᠦ ᠨᠢᠮ᠎ᠠ ᠵᠢᠮᠡᠯᠡᠨ᠎ᠡ᠃
  ᠵᠠᠷᠢᠮ ᠳ᠋ᠠᠭᠠᠨ ᠨᠢᠮ᠎ᠠ ᠳᠠᠯᠤ ᠲᠦᠯᠡᠵᠦ᠂ ᠶᠢᠰᠦᠨ ᠵᠣᠭᠣᠰ ᠭᠦᠶᠦᠯᠭᠡᠨ ᠮᠡᠷᠭᠡᠯᠡᠵᠦ ᠥᠭᠳᠡᠭ ᠪᠠᠢᠯ᠎ᠠ᠃ 《ᠡᠷᠳᠡᠨᠢ ᠴᠢᠨᠢ ᠰᠠᠢᠨ ᠶᠠᠪᠤᠵᠤ ᠪᠠᠢᠨ᠎ᠠ᠃ ᠬᠥᠯ ᠨᠢ ᠡᠷᠭᠢᠬᠦ ᠲᠥᠯᠥᠪ ᠲᠡᠢ᠁ ᠶᠠᠯᠢᠮ ᠦᠭᠡᠢ ᠴᠠᠭᠠᠨ ᠰᠠᠭᠠᠳ ᠪᠠᠢᠨ᠎ᠠ᠃ ᠤᠳᠠᠬᠤ ᠦᠭᠡᠢ ᠰᠤᠷᠠᠭ ᠰᠣᠨᠣᠰᠬᠤ ᠪᠠᠢᠬ᠎ᠠ》 ᠭᠡᠵᠦ ᠬᠡᠯᠡᠬᠦ ᠳ᠋ᠦ᠍ᠨᠢ ᠲᠤᠯᠭᠠᠷ ᠬᠢᠵᠠᠭᠠᠷ ᠦᠭᠡᠢ ᠪᠠᠶᠠᠷᠯᠠᠨ᠎ᠠ᠃
  ᠊᠊᠊᠊᠊᠊᠊᠊᠊᠊᠊᠊᠊᠊᠊ ᠢᠨᠠᠳᠤᠭᠢ ᠴᠢᠨᠢ ᠵᠠᠷᠢᠮ ᠳ᠋ᠠᠭᠠᠨ ᠰᠦᠷᠡᠬᠡᠢ ᠮᠡᠳᠡᠳᠡᠭ ᠶᠤᠮ ᠰᠢᠦ᠃ ᠢᠷᠡᠨ᠎ᠡ ᠭᠡᠵᠦ ᠪᠠᠭᠤᠵᠤ ᠪᠠᠢᠭ᠎ᠠ ᠪᠣᠯ ᠢᠷᠡᠨ᠎ᠡ ᠰᠢᠦ ᠬᠦᠦ ᠮᠢᠨᠢ ᠭᠡᠵᠦ ᠭᠡᠰᠢᠭᠳᠤ ᠲᠤᠯᠭᠠᠷ ᠤ᠋ᠨ ᠰᠡᠳᠬᠢᠯ ᠢ᠋ ᠵᠠᠰᠠᠨ᠎ᠠ᠃ ᠲᠤᠯᠭᠠᠷ ᠤ᠋ᠨ ᠵᠣᠪᠠᠵᠤ ᠰᠢᠨᠠᠯᠵᠤ ᠪᠠᠢᠭ᠎ᠠ ᠶ᠋ᠢ ᠬᠠᠷᠠᠭᠠᠳ ᠳᠤᠯᠵᠢᠨ ᠪᠠᠬ᠎ᠠ ᠨᠢ ᠬᠠᠨᠵᠤ ᠳᠣᠲᠣᠷ᠎ᠠ ᠪᠠᠨ ᠬᠢᠵᠠᠭᠠᠷ ᠦᠭᠡᠢ ᠪᠠᠶᠠᠷᠯᠠᠪᠠᠴᠤ ᠢᠲᠡᠭᠡᠯᠲᠦ ᠡᠴᠡ ᠠᠶᠤᠭᠠᠳ ᠡᠨᠡ ᠪᠦᠬᠦᠨ ᠢ᠋ ᠮᠡᠳᠡᠬᠦ ᠦᠭᠡᠢ ᠬᠥᠮᠦᠨ ᠪᠣᠯᠵᠤ ᠨᠢᠳᠦ ᠪᠠᠯᠠᠢ᠂ ᠴᠢᠬᠢ ᠳᠦᠯᠡᠢ ᠮᠡᠲᠦ ᠶᠠᠪᠤᠳᠠᠭ ᠪᠠᠢᠵᠠᠢ᠃
  ᠢᠩᠭᠢᠵᠦ ᠪᠠᠢᠭᠰᠠᠭᠠᠷ  ᠡᠪᠦᠯ ᠲᠡᠢ ᠵᠣᠯᠭᠠᠵᠤ᠂ ᠨᠢᠭᠡ ᠡᠳᠦᠷ ᠢᠲᠡᠭᠡᠯᠲᠦ ᠣᠷᠣᠵᠤ ᠢᠷᠡᠭᠡᠳ 《ᠲᠤᠯᠭᠠᠷ ᠴᠢ ᠬᠡᠦᠬᠡᠳ ᠦ᠋ᠳ ᠦ᠋ᠨ ᠬᠣᠭᠣᠯᠠ ᠶ᠋ᠢ ᠬᠦᠷᠭᠡᠵᠦ ᠥᠭᠭᠦᠭᠡᠳ ᠢᠷᠡᠬᠦ ᠦᠭᠡᠢ ᠤᠤ》 ᠭᠡᠵᠡᠢ᠃
  ᠲᠤᠯᠭᠠᠷ ᠡᠭᠦᠨ ᠢ᠋ ᠳᠤᠷᠠᠲᠠᠢ ᠵᠥᠪᠰᠢᠶᠡᠷᠡᠵᠦ ᠬᠠᠢᠨᠤᠭ ᠲᠡᠷᠭᠡᠨ ᠳ᠋ᠦ᠍ ᠦᠬᠡᠷ᠂ ᠬᠣᠨᠢᠨ ᠤ᠋ ᠮᠢᠬ᠎ᠠ ᠠᠴᠢᠵᠤ ᠠᠪᠤᠭᠠᠳ ᠵᠠᠶ᠎ᠠ ᠶ᠋ᠢᠨ ᠬᠦᠷᠢᠶ᠎ᠡ ᠶ᠋ᠢᠨ ᠵᠦᠭ ᠶᠠᠪᠤᠵᠠᠢ᠃ ᠮᠣᠷᠢ ᠠᠯᠳᠠᠬᠤ ᠶ᠋ᠢᠨ ᠢ᠋ᠶ᠋ᠡᠨ ᠤᠷᠢᠳᠠ ᠣᠷᠣᠢ ᠪᠠᠭᠤᠭᠠᠳ᠂ ᠠᠯᠠᠭᠠᠨ ᠴᠢᠨᠡᠭᠡᠨ ᠮᠠᠢᠬᠠᠨ ᠳ᠋ᠠᠭᠠᠨ ᠢᠨᠢᠶᠡᠯᠳᠦᠨ ᠬᠥᠭᠵᠢᠯᠳᠦᠵᠦ ᠪᠠᠢᠭᠰᠠᠨ ᠭᠠᠵᠠᠷ ᠤ᠋ᠨ ᠢ᠋ᠶ᠋ᠠᠨ ᠳᠡᠷᠭᠡᠳᠡᠭᠦᠷ ᠭᠠᠷᠤᠯ᠎ᠠ᠃
  ᠠᠮᠢᠳᠤᠷᠠᠯ ᠳ᠋ᠠᠭᠠᠨ ᠵᠢᠷᠭᠠᠵᠤ ᠦᠵᠡᠭᠰᠡᠨ ᠪᠣᠯ ᠡᠨᠳᠡ ᠯᠡ ᠵᠢᠷᠭᠠᠯ ᠤ᠋ᠨ ᠨᠠᠷᠠ ᠮᠡᠲᠦ ᠪᠣᠳᠣᠭᠳᠠᠭᠠᠳ ᠨᠢᠯᠪᠤᠰᠤ ᠨᠢ ᠪᠣᠷᠣ ᠬᠠᠴᠠᠷ ᠢ᠋ ᠨᠢ ᠳᠠᠭᠠᠵᠤ ᠤᠷᠤᠰᠤᠨ᠎ᠠ᠃
  《ᠤᠷᠢᠳᠤ ᠨᠠᠰᠤᠨ ᠳ᠋ᠠᠭᠠᠨ ᠶᠠᠮᠠᠷ ᠨᠢᠭᠦᠯ ᠬᠢᠭᠰᠡᠨ ᠡᠴᠡ ᠡᠨᠡ ᠨᠠᠰᠤᠨ ᠳ᠋ᠠᠭᠠᠨ ᠢᠩᠭᠢᠵᠦ ᠵᠣᠪᠠᠯᠠᠩ ᠡᠳ᠋ᠯᠡᠳᠡᠭ ᠶᠤᠮ ᠪᠣᠢ᠃ ᠯᠠᠮᠠ ᠪᠠᠭᠰᠢ᠂ ᠭᠤᠷᠪᠠᠨ ᠡᠷᠳᠡᠨᠢ ᠮᠢᠨᠢ ᠨᠠᠮᠢ᠋ᠢ ᠬᠠᠷᠠᠬᠤ ᠦᠭᠡᠢ ᠶᠠᠭᠠᠬᠢᠭ᠎ᠠ ᠪᠣᠢ》 ᠭᠡᠵᠦ ᠪᠣᠳᠣᠭᠠᠳ ᠪᠦᠷ ᠶᠠᠩᠭᠢᠨᠠᠨ ᠤᠬᠢᠯᠠᠪᠠ᠃
  ᠬᠠᠢᠨᠤᠭ ᠨᠢ ᠴᠢᠨᠦ ᠵᠣᠪᠠᠯᠠᠩ ᠪᠠᠷᠠᠭᠳᠠᠬᠤ ᠦᠭᠡᠢ ᠰᠢᠦ᠂ ᠪᠢ ᠴᠦ᠍ ᠴᠢᠮᠠᠲᠤ ᠲᠤᠰᠠᠯᠠᠵᠤ ᠴᠢᠳᠠᠬᠤ ᠦᠭᠡᠢ ᠭᠡᠰᠡᠨ ᠶᠤᠮ ᠰᠢᠭ ᠵᠢᠭᠳᠡ ᠠᠯᠬᠤᠯᠠᠨ ᠲᠣᠯᠣᠭᠠᠢ ᠪᠠᠨ ᠬᠠᠶᠠᠯᠠᠨ᠎ᠠ᠃
  ᠬᠣᠶᠠᠷ ᠬᠠᠷ᠎ᠠ ᠬᠡᠷᠢᠶ᠎ᠡ ᠳᠡᠭᠡᠭᠦᠷ ᠨᠢ ᠡᠮᠦᠨ᠎ᠡ ᠬᠣᠢᠨ᠎ᠠ ᠪᠠᠨ ᠣᠷᠣᠨ ᠬᠥᠭᠵᠢᠯᠳᠦᠵᠦ ᠭᠤᠸᠠᠭᠯᠠᠨ ᠥᠩᠭᠡᠷᠡᠪᠡ᠃ ᠴᠠᠭᠠᠨ ᠴᠠᠰᠤᠨ ᠳ᠋ᠤ᠌ ᠳᠠᠷᠤᠭᠳᠠᠭᠰᠠᠨ ᠲᠠᠮᠢᠷ ᠤ᠋ᠨ ᠬᠥᠨᠳᠡᠢ ᠶᠢᠷᠲᠢᠨᠴᠦ ᠶ᠋ᠢᠨ ᠵᠣᠪᠠᠯᠠᠩ ᠢ᠋ ᠬᠠᠷᠠᠬᠤ ᠴᠤ᠌ ᠦᠭᠡᠢ ᠭᠡᠰᠡᠨ ᠪᠣᠯᠤᠯᠲᠠᠢ ᠳᠦᠯᠡᠢᠷᠡᠨ ᠦᠷᠭᠦᠯᠵᠢᠯᠡᠨ᠎ᠡ᠃
  ᠊᠊᠊᠊᠊᠊᠊᠊᠊᠊᠊᠊᠊᠊᠊ ᠡᠷᠳᠡᠨᠢ ᠮᠢᠨᠢ ᠴᠢ ᠨᠠᠮᠢ᠋ᠢ ᠥᠷᠥᠰᠢᠶᠡᠭᠡᠴᠢ᠂ ᠪᠢ ᠴᠢᠮᠠᠲᠤ ᠮᠠᠭᠤ ᠰᠠᠨᠠᠭ᠎ᠠ ᠦᠭᠡᠢ ᠰᠢᠦ ᠭᠡᠵᠦ ᠬᠠᠰᠬᠢᠷᠬᠤ ᠳ᠋ᠤ᠌ ᠬᠠᠢᠨᠤᠭ ᠨᠢ ᠰᠣᠴᠢᠨ ᠦᠷᠭᠦᠵᠦ ᠤᠬᠤᠰᠬᠢᠭᠰᠡᠨ ᠢ᠋ᠶ᠋ᠡᠨ ᠳᠠᠬᠢᠨ ᠵᠢᠭᠳᠡ ᠠᠯᠬᠤᠯᠠᠪᠠ᠃
  ᠳᠣᠭᠣᠭᠰᠢ ᠪᠠᠨ ᠭᠠᠵᠠᠷ ᠬᠠᠲᠠᠭᠤ᠂ ᠳᠡᠭᠡᠭᠰᠢ ᠪᠡᠨ ᠲᠩᠷᠢ ᠬᠣᠯᠠ ᠪᠣᠯᠬᠣᠷ ᠤᠬᠢᠯᠠᠨ ᠤᠢᠮᠤᠷᠠᠨ ᠶᠠᠪᠤᠭᠰᠠᠭᠠᠷ ᠣᠷᠣᠢ ᠪᠣᠯᠬᠤ ᠳ᠋ᠤ᠌ ᠠᠢᠯ ᠳ᠋ᠤ᠌ ᠬᠣᠨᠣᠵᠤ ᠥᠷᠯᠥᠭᠡ ᠡᠷᠲᠡ ᠬᠥᠳᠡᠯᠪᠡ᠃
  ᠦᠳᠡ ᠶ᠋ᠢᠨ ᠬᠢᠷᠢ ᠳ᠋ᠦ᠍ ᠵᠠᠶ᠎ᠠ ᠶ᠋ᠢᠨ ᠬᠦᠷᠢᠶ᠎ᠡ ᠤᠷᠤᠭᠤ ᠣᠷᠣᠵᠤ ᠬᠡᠪᠰᠢ ᠯᠠᠮᠠ ᠶ᠋ᠢᠨ ᠬᠠᠭᠠᠯᠭᠠᠨ ᠳᠡᠭᠡᠷ᠎ᠡ ᠵᠣᠭᠰᠣᠨ᠂ ᠪᠠᠭ᠎ᠠ ᠬᠠᠭᠠᠯᠭ᠎ᠠ ᠶ᠋ᠢ ᠨᠢ ᠲᠦᠯᠬᠢᠨ ᠣᠷᠣᠬᠤ ᠳ᠋ᠤ᠌ ᠲᠣᠮᠣ ᠬᠣᠩᠬᠣ ᠳᠦᠩᠭᠢᠨᠡᠨ ᠳᠤᠤᠭᠠᠷᠪᠠ᠃
  ᠭᠡᠷ ᠦ᠋ᠨ ᠡᠭᠦᠳᠡ ᠨᠡᠭᠡᠭᠡᠭᠳᠡᠵᠦ ᠬᠣᠩᠭᠣᠷ ᠤ᠋ᠨ ᠲᠣᠯᠣᠭᠠᠢ ᠴᠤᠬᠤᠢᠭᠠᠳ᠄
  ᠊᠊᠊᠊᠊᠊᠊᠊᠊᠊᠊᠊᠊᠊᠊ ᠲᠤᠯᠭᠠᠷ ᠡᠭᠡᠴᠢ ᠠ᠋ ᠭᠡᠳ ᠭᠦᠶᠦᠭᠰᠡᠨ ᠢ᠋ᠶ᠋ᠡᠨ ᠭᠡᠨᠡᠳᠲᠡ ᠵᠣᠭᠰᠣᠪᠠ᠃
  《ᠬᠦᠦ ᠮᠢᠨᠢ ᠭᠠᠷᠤᠭᠠᠳ ᠢᠷᠡᠬᠦ ᠦᠭᠡᠢ ᠶᠠᠭᠠᠬᠢᠭᠰᠠᠨ ᠶᠤᠮ ᠪᠣᠯ》 ᠭᠡᠵᠦ ᠪᠣᠳᠣᠭᠠᠳ ᠬᠣᠩᠭᠣᠷ ᠥᠭᠡᠳᠡ ᠠᠯᠬᠤᠬᠤ ᠵᠠᠭᠤᠷ᠎ᠠ ᠠᠵᠢᠭᠯᠠᠪᠠᠯ ᠲᠡᠷᠡ ᠨᠢ ᠣᠢᠷᠠᠲᠤᠬᠤ ᠳᠣᠳᠣᠮ ᠢ᠋ᠶ᠋ᠠᠨ ᠲᠣᠯᠣᠭᠠᠢ ᠪᠠᠨ ᠤᠨᠵᠢᠭᠤᠯᠤᠭᠠᠳ ᠪᠠᠢᠯ᠎ᠠ᠃ ᠬᠦᠦ ᠮᠢᠨᠢ ᠵᠦᠭᠡᠷ ᠪᠠᠢᠭ᠎ᠠ ᠳᠠ ᠭᠡᠵᠦ ᠰᠡᠳᠬᠢᠯ ᠳ᠋ᠦ᠍ᠨᠢ ᠣᠯᠠᠨ ᠶᠠᠩᠵᠤ ᠶ᠋ᠢᠨ ᠬᠠᠭᠠᠰ ᠳᠤᠲᠠᠭᠤ ᠬᠠᠷ᠎ᠠ ᠪᠣᠳᠣᠯ ᠵᠢᠷᠢᠯᠵᠡᠨ ᠥᠩᠭᠡᠷᠡᠪᠡ᠃
  ᠊᠊᠊᠊᠊᠊᠊᠊᠊᠊᠊᠊᠊᠊᠊ ᠪᠠᠲᠤ ᠬᠠᠮᠢᠭ᠎ᠠ ᠣᠴᠢᠪᠠ? ᠭᠡᠵᠦ ᠲᠤᠯᠭᠠᠷ ᠶᠡᠷᠦ ᠪᠤᠰᠤ ᠶ᠋ᠢᠨ ᠵᠢᠪᠡᠬᠡᠢ ᠳᠠᠭᠤ ᠪᠠᠷ ᠠᠰᠠᠭᠤᠪᠠ᠃
  ᠊᠊᠊᠊᠊᠊᠊᠊᠊᠊᠊᠊᠊᠊᠊ ᠪᠠᠲᠤ ᠪᠠᠢᠬᠤ ᠦᠭᠡᠢ᠃
  ᠊᠊᠊᠊᠊᠊᠊᠊᠊᠊᠊᠊᠊᠊᠊ ᠶᠠᠭᠤ᠂ ᠶᠠᠭᠠᠬᠢᠭᠰᠠᠨ ᠪᠣᠢ?
  ᠊᠊᠊᠊᠊᠊᠊᠊᠊᠊᠊᠊᠊᠊᠊ ᠪᠣᠭᠳᠠ ᠶ᠋ᠢᠨ ᠬᠦᠷᠢᠶ᠎ᠡ ᠣᠷᠣᠵᠤ᠂ ᠨᠣᠮ ᠦᠵᠡᠬᠦ ᠭᠡᠳ ᠶᠠᠪᠤᠭᠰᠠᠨ᠃ ᠪᠠᠭᠰᠢ ᠳ᠋ᠤ᠌ ᠪᠢᠲᠡᠭᠡᠢ ᠬᠡᠯᠡᠭᠡᠷᠡᠢ ᠭᠡᠰᠡᠨ ᠶᠤᠮ ᠰᠢᠦ ᠭᠡᠵᠦ ᠬᠣᠩᠭᠣᠷ ᠨᠠᠮ ᠳᠠᠭᠤ ᠪᠠᠷ ᠭᠣᠩᠭᠢᠨᠠᠨ ᠬᠡᠯᠡᠪᠡ᠃
  ᠊᠊᠊᠊᠊᠊᠊᠊᠊᠊᠊᠊᠊᠊᠊ ᠬᠡᠵᠢᠶ᠎ᠡ ᠶᠠᠪᠤᠭᠰᠠᠨ ᠪᠣᠢ? ᠭᠡᠵᠦ ᠲᠤᠯᠭᠠᠷ ᠠᠰᠠᠭᠤᠭᠰᠠᠨ ᠪᠣᠯᠪᠠᠴᠤ ᠶᠠᠭᠤ ᠠᠰᠠᠭᠤᠭᠰᠠᠨ ᠢ᠋ᠶ᠋ᠠᠨ ᠣᠢᠯᠠᠭᠠᠭᠰᠠᠨ ᠦᠭᠡᠢ ᠬᠣᠩᠭᠣᠷ ᠶᠠᠭᠤ ᠭᠡᠵᠦ ᠬᠠᠷᠢᠭᠤᠯᠤᠭᠰᠠᠨ ᠢ᠋ ᠰᠤᠨᠤᠭᠰᠠᠨ ᠦᠭᠡᠢ᠃
  ᠲᠤᠯᠭᠠᠷ ᠪᠤᠴᠠᠭᠠᠳ ᠰᠣᠭᠲᠣᠭᠤ ᠬᠥᠮᠦᠨ ᠰᠢᠭ ᠨᠠᠢᠭᠤᠨ ᠶᠠᠪᠤᠬᠤ ᠳ᠋ᠤᠨᠢ ᠬᠣᠩᠭᠣᠷ ᠨᠢᠭᠡ ᠶᠠᠪᠤᠬᠤ ᠭᠡᠰᠡᠨ ᠢ᠋ᠶ᠋ᠡᠨ ᠵᠣᠭᠰᠣᠪᠠ᠃
  ᠬᠦᠦ ᠲᠡᠢ ᠨᠢ ᠬᠠᠮᠲᠤ ᠪᠠᠢᠭᠠᠳ ᠭᠠᠭᠴᠠᠭᠠᠷ ᠢ᠋ ᠨᠢ ᠶᠠᠪᠤᠭᠤᠯᠤᠭᠰᠠᠨ ᠳ᠋ᠠᠭᠠᠨ ᠭᠡᠮᠰᠢᠨ᠂ ᠲᠤᠯᠭᠠᠷ ᠡᠴᠡ ᠠᠶᠤᠭᠰᠠᠨ ᠰᠡᠳᠬᠢᠯ ᠨᠢ ᠲᠡᠭᠦᠨ ᠢ᠋ ᠲᠡᠳᠡᠨ ᠵᠣᠭᠰᠣᠭᠠᠵᠠᠢ᠃ ᠨᠡᠯᠢᠶᠡᠳ ᠤᠳᠠᠭᠠᠨ ᠵᠣᠭᠰᠣᠵᠤ ᠪᠠᠢᠭᠠᠳ ᠬᠣᠢᠨ᠎ᠠ ᠡᠴᠡ ᠨᠢ ᠭᠠᠷᠪᠠᠯ ᠮᠢᠬ᠎ᠠ ᠠᠴᠢᠭᠰᠠᠨ ᠲᠡᠷᠭᠡ ᠲᠡᠢ ᠬᠠᠢᠨᠤᠭ ᠶᠡᠬᠡ ᠬᠠᠭᠠᠯᠭᠠᠨ ᠤ᠋ ᠬᠢᠨᠢ ᠲᠣᠮᠣ ᠲᠡᠮᠦᠷ ᠭᠣᠭᠴᠣᠭ᠎ᠠ ᠡᠴᠡ ᠤᠶᠠᠭ᠎ᠠ ᠲᠠᠢ ᠵᠣᠭᠰᠣᠵᠤ ᠪᠠᠢᠯ᠎ᠠ᠃
  ᠊᠊᠊᠊᠊᠊᠊᠊᠊᠊᠊᠊᠊᠊᠊ ᠲᠤᠯᠭᠠᠷ ᠡᠭᠡᠴᠢ ᠠ᠋! ᠭᠡᠳ ᠡᠰᠢ ᠲᠡᠰᠢ ᠬᠠᠷᠠᠪᠠᠯ ᠪᠠᠢᠭᠰᠠᠨ ᠦᠭᠡᠢ᠃ ᠰᠠᠨᠳᠤᠷᠤᠨ ᠡᠰᠢ ᠳᠠᠰᠢ ᠪᠠᠬᠠᠨ ᠭᠦᠶᠦᠭᠰᠡᠨ ᠪᠣᠯᠪᠠᠴᠤ ᠣᠯᠤᠭᠰᠠᠨ ᠦᠭᠡᠢ᠃
  ᠡᠨᠡ ᠬᠣᠭᠣᠷᠣᠨᠳᠣ ᠲᠤᠯᠭᠠᠷ ᠥᠪᠡᠷ ᠢ᠋ᠶ᠋ᠡᠨ ᠬᠠᠮᠢᠭᠠᠰᠢ ᠪᠠᠨ ᠶᠠᠪᠤᠵᠤ ᠪᠠᠢᠭ᠎ᠠ ᠪᠠᠨ ᠮᠡᠳᠡᠬᠦ ᠦᠭᠡᠢ ᠬᠡᠯᠲᠦᠷᠢᠵᠦ ᠶᠠᠪᠤᠭᠰᠠᠭᠠᠷ ᠪᠠᠢᠯ᠎ᠠ᠃ ᠲᠠᠭᠠᠷᠠᠯᠳᠤᠭᠰᠠᠨ ᠬᠥᠮᠦᠨ ᠭᠠᠯᠵᠠᠭᠤ᠂ ᠰᠣᠭᠲᠣᠭᠤ ᠨᠢ ᠦᠯᠦ ᠮᠡᠳᠡᠭᠳᠡᠬᠦ ᠬᠡᠦᠬᠡᠨ ᠦ᠌ ᠵᠠᠮ ᠡᠴᠡ ᠵᠠᠢᠯᠠᠨ᠎ᠠ᠃
  ᠯᠣᠪᠤᠤᠵᠠ ᠨᠢ ᠴᠠᠰᠤᠨ ᠳᠡᠭᠡᠷ᠎ᠡ ᠤᠨᠠᠬᠤ ᠳ᠋ᠤ᠌ ᠲᠤᠯᠭᠠᠷ ᠮᠡᠳᠡᠭᠰᠡᠨ ᠦᠭᠡᠢ ᠶᠠᠪᠤᠭᠰᠠᠭᠠᠷ ᠯᠠ ᠪᠠᠢᠯ᠎ᠠ᠃ ᠨᠢᠳᠦ ᠨᠢ ᠭᠥᠯᠢᠷᠡᠨ᠂ ᠦᠰᠦ ᠨᠢ ᠰᠠᠯᠬᠢᠨ ᠳ᠋ᠤ᠌ ᠰᠡᠪᠡᠯᠵᠡᠨ ᠬᠡᠢᠰᠴᠦ ᠶᠠᠪᠤᠬᠤ ᠳ᠋ᠤ᠌ ᠲᠤᠯᠭᠠᠷ ᠶᠠᠭᠤ ᠴᠤ᠌ ᠪᠣᠳᠣᠭᠰᠠᠨ ᠦᠭᠡᠢ᠃ ᠲᠡᠭᠦᠨ ᠦ᠌ ᠤᠬᠠᠭᠠᠨ ᠰᠠᠨᠠᠭ᠎ᠠ ᠶᠠᠭᠤᠮ᠎ᠠ ᠪᠣᠳᠣᠬᠤ ᠰᠡᠭᠡᠭᠡ ᠴᠦ᠍ ᠦᠭᠡᠢ ᠪᠠᠢᠯ᠎ᠠ᠃
  ᠵᠠᠶ᠎ᠠ ᠶ᠋ᠢᠨ ᠬᠦᠷᠢᠶ᠎ᠡ ᠶ᠋ᠢᠨ ᠪᠠᠷᠠᠭᠤᠨ ᠡᠮᠦᠨᠡᠬᠢ ᠮᠠᠨᠢᠳᠤ ᠶ᠋ᠢᠨ ᠰᠢᠯᠢ ᠪᠡᠷ ᠭᠠᠷᠤᠭᠠᠳ ᠵᠢᠵᠢᠭᠬᠡᠨ ᠠᠮᠠ ᠤᠷᠤᠭᠤᠳᠠᠬᠤ ᠳ᠋ᠠᠭᠠᠨ ᠬᠣᠶᠠᠷ ᠳᠠᠬᠢᠨ ᠪᠦᠳᠦᠷᠢᠵᠦ ᠤᠨᠠᠭᠰᠠᠨ ᠪᠣᠯᠪᠠᠴᠤ ᠠᠷᠠᠢ ᠶᠠᠳᠠᠨ ᠪᠣᠰᠪᠠ᠃
  ᠤᠷᠲᠤ ᠲᠠᠮᠢᠷ ᠤ᠋ᠨ ᠡᠷᠭᠢ ᠳ᠋ᠦ᠍ ᠲᠤᠯᠵᠤ ᠣᠴᠢᠭᠠᠳ ᠵᠣᠭᠰᠣᠭᠰᠠᠨ ᠦᠭᠡᠢ᠃ ᠮᠥᠰᠥᠨ ᠳᠡᠭᠡᠭᠦᠷ ᠴᠠᠰᠤ ᠱᠠᠵᠢᠭᠢᠨᠠᠭᠤᠯᠤᠨ ᠶᠠᠪᠤᠵᠠᠢ᠃ ᠡᠮᠦᠨ᠎ᠡ ᠨᠢ ᠪᠠᠢᠭ᠎ᠠ ᠠᠭᠤᠷ ᠰᠠᠪᠰᠠᠭᠰᠠᠨ ᠬᠠᠷᠠᠵᠠ ᠴᠤ᠌ ᠲᠤᠯᠭᠠᠷ ᠢ᠋ ᠵᠣᠭᠰᠣᠭᠠᠭᠰᠠᠨ ᠦᠭᠡᠢ᠂ ᠨᠢᠭᠡ ᠭᠢᠰᠬᠢᠬᠦ ᠳ᠋ᠡᠭᠡᠨ ᠭᠦᠨ ᠤᠰᠤᠨ ᠳ᠋ᠤ᠌ ᠭᠢᠰᠬᠢᠭᠡᠳ ᠳᠠᠯᠳᠠ ᠣᠷᠣᠯ᠎ᠠ᠃ ᠭᠠᠷ ᠨᠢ ᠬᠣᠶᠠᠷ ᠳᠠᠬᠢᠨ ᠭᠢᠯᠠᠯᠵᠠᠭᠠᠳ ᠵᠤᠵᠠᠭᠠᠨ ᠮᠥᠰᠥᠨ ᠦ᠌ ᠳᠣᠭᠤᠤᠷ ᠰᠢᠷᠭᠤᠨ ᠠᠯᠠᠭ᠎ᠠ ᠪᠣᠯᠤᠯ᠎ᠠ᠃
  ᠲᠤᠯᠭᠠᠷ ᠢ᠋ ᠴᠦᠯᠭᠢᠨ ᠣᠷᠣᠬᠤ ᠳ᠋ᠤ᠌ ᠪᠤᠴᠠᠯᠤᠨ ᠳᠣᠯᠭᠢᠶᠠᠯᠠᠭᠰᠠᠨ ᠲᠠᠮᠢᠷ ᠬᠡᠳᠦᠨ ᠮᠥᠴᠡ ᠶ᠋ᠢᠨ ᠳᠠᠷᠠᠭ᠎ᠠ ᠶᠠᠭᠤ ᠴᠤ᠌ ᠪᠣᠯᠤᠭ᠎ᠠ ᠦᠭᠡᠢ ᠶᠤᠮ ᠰᠢᠭ ᠠᠭᠤᠷ ᠰᠠᠪᠰᠠᠭᠤᠯᠤᠨ ᠮᠡᠯᠲᠡᠯᠵᠡᠵᠦ ᠪᠠᠢᠯ᠎ᠠ᠃
  ᠬᠣᠷᠸ᠎ᠠ! ᠴᠢ ᠬᠥᠮᠦᠨ ᠦ᠌ ᠵᠣᠪᠠᠯᠠᠩ ᠳ᠋ᠤ᠌ ᠴᠠᠳᠬᠤ ᠪᠣᠯᠤᠭ᠎ᠠ ᠦᠭᠡᠢ ᠤᠤ?