ᠲᠤᠩᠭᠠᠯᠠᠭ ᠲᠠᠮᠢᠷ1-11-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠮᠣᠩᠭᠣᠯ ᠪᠣᠯ ᠬᠣᠣᠷ᠎ᠠ ᠤᠤᠭᠤᠭᠠᠳ ᠦᠬᠦᠯ ᠦᠭᠡᠢ ᠮᠠᠭᠤᠵᠢᠷᠠᠨ ᠤᠨᠠᠭᠰᠠᠨ ᠪᠠᠭᠠᠲᠤᠷ》 - ᠨᠢᠭᠡᠳᠦᠭᠡᠷ ᠪᠦᠯᠦᠭ ᠠᠷᠪᠠᠨ ᠨᠢᠭᠡ
ᠮᠢᠩᠭ᠎ᠠ ᠶᠢᠰᠦᠨ ᠵᠠᠭᠤᠨ ᠳᠣᠯᠣᠭᠠᠨ ᠣᠨ ᠳ᠋ᠤ᠌ ᠬᠠᠳᠬᠠᠯ ᠢ᠋ᠶ᠋ᠠᠷ ᠳᠡᠮᠵᠢᠵᠦ ᠠᠩᠭᠠᠷ ① ᠤ᠋ᠨ ᠬᠣᠲᠠ ᠡᠴᠡ ᠫᠡᠪᠯᠦᠧ ᠭᠡᠳᠡᠭ ᠣᠷᠣᠰ ᠦᠬᠡᠷ ᠦ᠋ᠨ ᠮᠠᠢᠮᠠᠢ ᠪᠠᠷ ᠡᠨᠳᠡ ᠢᠷᠡᠵᠡᠢ᠃ ᠲᠦᠷᠦᠭᠦᠴᠢ ᠶ᠋ᠢᠨ ᠮᠠᠢᠮᠠᠢ ᠪᠠᠨ ᠢᠲᠡᠭᠡᠯᠲᠦ ᠲᠡᠢ ᠬᠢᠵᠦ ᠡᠬᠢᠯᠡᠭᠰᠡᠨ ᠡᠴᠡ ᠬᠣᠢᠰᠢ ᠣᠯᠵᠠ ᠣᠮᠣᠭ ᠬᠣᠨᠵᠢᠶ᠎ᠠ ᠶᠡᠬᠡ ᠣᠯᠵᠤ᠂ ᠵᠢᠯ ᠪᠦᠷᠢ ᠬᠡᠳᠦᠨ ᠵᠠᠭᠤᠨ ᠦᠬᠡᠷ ᠬᠤᠳᠠᠯᠳᠤᠨ ᠠᠪᠴᠤ ᠳᠥᠩᠭᠡᠨ ᠢ᠋ᠶ᠋ᠡᠷ ᠳᠠᠮᠵᠢᠭᠤᠯᠤᠨ ᠭᠠᠷᠭᠠᠳᠠᠭ ᠪᠣᠯᠪᠠ᠃
ᠠᠩᠬᠠᠨ ᠳ᠋ᠠᠭᠠᠨ ᠢᠲᠡᠭᠡᠯᠲᠦ ᠨᠤᠲᠤᠭ ᠤ᠋ᠨ ᠠᠷᠠᠳ ᠤ᠋ᠳ ᠡᠴᠡ ᠬᠢᠮᠳᠠ ᠦᠨ᠎ᠡ ᠪᠡᠷ ᠦᠬᠡᠷ ᠠᠪᠴᠤ ᠫᠡᠪᠯᠦᠧ ᠳ᠋ᠦ᠍ ᠳᠠᠮᠵᠢᠭᠤᠯᠤᠨ ᠥᠭᠳᠡᠭ ᠪᠠᠢᠭᠰᠠᠨ ᠪᠣᠯ ᠰᠡᠭᠦᠯ ᠳ᠋ᠡᠭᠡᠨ ᠣᠯᠵᠠ ᠪᠠᠨ ᠬᠤᠪᠢᠶᠠᠳᠠᠭ ᠬᠠᠨᠢ ᠬᠣᠷᠰᠢᠶ᠎ᠠ ᠨᠢ ᠪᠣᠯᠵᠠᠢ᠃ ᠡᠨᠡ ᠬᠣᠶᠠᠷ ᠤ᠋ᠨ ᠠᠯᠢ ᠠᠯᠢ ᠨᠢ ᠴᠦ᠍ ᠠᠩᠬ᠎ᠠ ᠮᠠᠢᠮᠠᠢ ᠬᠢᠭᠰᠡᠨ ᠢ᠋ᠶ᠋ᠡᠨ ᠳᠤᠷᠠᠰᠤᠨ ᠶᠠᠷᠢᠬᠤ ᠳᠤᠷ᠎ᠠ ᠲᠠᠢ᠃
ᠢᠲᠡᠭᠡᠯᠲᠦ ᠶ᠋ᠢ ᠳᠠᠪᠠᠭᠠᠨ ᠳᠡᠭᠡᠷ᠎ᠡ ᠪᠠᠭᠤᠭᠠᠳ ᠲᠠᠮᠠᠬᠢ ᠲᠠᠲᠠᠵᠤ ᠰᠠᠭᠤᠬᠤ ᠳ᠋ᠤ᠌ ᠮᠣᠷᠢᠨ ᠲᠡᠷᠭᠡ ᠲᠡᠢ ᠣᠷᠣᠰ ᠢᠷᠡᠭᠡᠳ ᠵᠣᠭᠰᠣᠪᠠ᠃ ᠪᠣᠭᠣᠨᠢ ᠲᠠᠭᠠᠷᠠᠨ ᠳᠡᠪᠡᠯ ᠲᠡᠢ᠂ ᠬᠤᠤᠵᠠ ᠰᠠᠬᠠᠯ ᠲᠠᠢ ᠫᠡᠪᠯᠦᠧ ᠪᠠᠭᠤᠵᠤ᠂ ᠳᠥᠩᠭᠡᠨ ᠦ᠌ ᠪᠤᠷᠢᠶᠠᠳ ᠠᠶᠠᠯᠭᠤ ᠪᠠᠷ ᠮᠡᠨᠳᠦᠯᠡᠭᠡᠳ ᠦᠬᠡᠷ ᠬᠤᠳᠠᠯᠳᠤᠨ ᠠᠪᠬᠤ ᠲᠤᠬᠠᠢ ᠪᠠᠨ ᠶᠠᠷᠢᠪᠠ᠃
᠊᠊᠊᠊᠊᠊᠊᠊᠊᠊᠊᠊᠊᠊᠊ ᠣᠷᠣᠰ ᠴᠢᠮ᠎ᠠ ᠳ᠋ᠤ᠌ ᠮᠥᠩᠭᠥ ᠪᠠᠢᠪᠠᠯ ᠨᠠᠳᠠ ᠳ᠋ᠤ᠌ ᠦᠬᠡᠷ ᠪᠠᠢᠨ᠎ᠠ ᠭᠡᠵᠦ ᠢᠲᠡᠭᠡᠯᠲᠦ ᠬᠡᠯᠡᠵᠡᠢ᠃
᠊᠊᠊᠊᠊᠊᠊᠊᠊᠊᠊᠊᠊᠊᠊ ᠪᠠᠭᠠᠲᠤᠷ ᠴᠠᠭᠠᠨ ᠬᠠᠭᠠᠨ ᠤ᠋ ᠪᠤᠶᠠᠨ ᠢ᠋ᠶ᠋ᠠᠷ ᠴᠢᠮᠢ᠋ᠢ ᠬᠣᠰᠢᠭᠤ ᠨᠤᠲᠤᠭ ᠲᠠᠢ ᠴᠢᠨᠢ ᠬᠤᠳᠠᠯᠳᠤᠨ ᠠᠪᠤᠭᠰᠠᠨ ᠴᠤ᠌ ᠮᠥᠩᠭᠥ ᠪᠠᠢᠨ᠎ᠠ᠃ ᠬᠣᠶᠠᠷ ᠵᠠᠭᠤᠨ ᠠᠮᠪᠠᠨ ᠱᠠᠷ ᠪᠠᠢᠨ᠎ᠠ ᠤᠤ? ᠭᠡᠵᠦ ᠫᠡᠪᠯᠦᠧ ᠠᠰᠠᠭᠤᠪᠠ᠃
᠊᠊᠊᠊᠊᠊᠊᠊᠊᠊᠊᠊᠊᠊᠊ ᠶᠡᠷᠦ ᠳ᠋ᠡᠭᠡᠨ ᠤᠤ? ᠲᠠᠪᠤ ᠬᠣᠨᠣᠭ ᠤ᠋ᠨ ᠳᠠᠷᠠᠭ᠎ᠠ ᠬᠣᠶᠠᠷ ᠵᠠᠭᠤᠨ ᠱᠠᠷ ᠡᠨᠡ ᠳᠠᠪᠠᠭᠠᠨ ᠳᠡᠭᠡᠷ᠎ᠡ ᠲᠠᠭᠤᠭᠠᠳ ᠢᠷᠡᠶ᠎ᠡ᠃ ᠪᠠᠢᠳᠠᠭ ᠮᠥᠩᠭᠥ ᠪᠡᠨ ᠳᠡᠩᠰᠡᠯᠡᠭᠡᠳ ᠰᠠᠭᠤᠵᠤ ᠪᠠᠢᠭᠠᠷᠠᠢ ᠭᠡᠵᠦ ᠢᠲᠡᠭᠡᠯᠲᠦ ᠬᠡᠯᠡᠭᠡᠳ ᠲᠡᠷᠡ ᠬᠣᠶᠠᠷ ᠰᠠᠯᠵᠠᠢ᠃ ᠲᠡᠷᠡ ᠦᠶ᠎ᠡ ᠳ᠋ᠦ᠍ ᠢᠲᠡᠭᠡᠯᠲᠦ ᠳ᠋ᠦ᠍ ᠬᠣᠶᠠᠷ ᠵᠠᠭᠤᠨ ᠱᠠᠷ ᠪᠠᠢᠭ᠎ᠠ ᠦᠭᠡᠢ᠃ ᠭᠡᠪᠡᠴᠦ ᠪᠣᠯᠵᠣᠭᠰᠠᠨ ᠲᠠᠪᠤ ᠬᠣᠨᠣᠭ ᠤ᠋ᠨ ᠳᠣᠲᠣᠷ᠎ᠠ ᠡᠳᠦᠷ ᠰᠥᠨᠢ ᠦᠭᠡᠢ ᠳᠠᠪᠬᠢᠵᠤ ᠪᠠᠢᠭᠠᠳ ᠣᠢᠷ᠎ᠠ ᠣᠷᠴᠢᠮ ᠤ᠋ᠨ ᠠᠢᠯ ᠤ᠋ᠳ ᠤ᠋ᠨ ᠰᠢᠯᠢᠳᠡᠭ ᠱᠠᠷ ᠤ᠋ᠳ ᠢ᠋ ᠬᠢᠮᠳᠠ ᠦᠨ᠎ᠡ ᠪᠡᠷ ᠰᠠᠯᠭᠠᠵᠤ ᠬᠥᠭᠡᠭᠡᠵᠦ ᠢᠷᠡᠭᠰᠡᠨ ᠪᠥᠯᠥᠭᠡ᠃
ᠫᠡᠪᠯᠦᠧ ᠣᠪᠣᠭᠠᠨ ᠤ᠋ ᠡᠮᠦᠨᠡᠬᠢ ᠬᠠᠪᠲᠠᠭᠠᠢ ᠴᠢᠯᠠᠭᠤᠨ ᠳᠡᠭᠡᠷ᠎ᠡ ᠣᠷᠣᠰ ᠤ᠋ᠨ ᠭᠤᠯᠳᠠᠮᠠᠢ ᠭᠡᠵᠦ ᠨᠡᠷ᠎ᠡ ᠲᠡᠢ ᠤᠷᠲᠤ ᠴᠠᠭᠠᠨ ᠮᠥᠩᠭᠥ ᠭᠠᠷᠭᠠᠵᠤ ᠲᠠᠯᠪᠢᠭᠠᠳ ᠬᠠᠩᠭᠢᠨᠠᠭᠤᠷ ᠰᠦᠬᠡ ᠪᠡᠷ ᠲᠠᠰᠤ ᠴᠠᠪᠴᠢᠯᠠᠨ ᠵᠢᠩᠯᠡᠵᠦ ᠥᠭᠬᠦ ᠳ᠋ᠡᠭᠡᠨ ᠦᠰᠦᠷᠦᠭᠰᠡᠨ ᠬᠡᠯᠲᠡᠷᠬᠡᠢ ᠨᠦ᠍ᠭᠦᠳ ᠢ᠋ ᠠᠪᠬᠤ ᠶ᠋ᠢ ᠪᠢᠲᠡᠭᠡᠢ ᠬᠡᠯᠡ ᠬᠠᠷᠠᠬᠤ ᠴᠤ᠌ ᠦᠭᠡᠢ ᠪᠠᠢᠵᠠᠢ᠃
ᠡᠨᠡ ᠨᠢ ᠢᠲᠡᠭᠡᠯᠲᠦ ᠶ᠋ᠢᠨ ᠰᠡᠳᠬᠢᠯ ᠳ᠋ᠦ᠍ ᠦᠯᠡᠮᠵᠢ ᠲᠠᠭᠠᠯᠠᠭᠳᠠᠵᠤ 《ᠶᠡᠬᠡ ᠭᠠᠷ ᠤ᠋ᠨ ᠫᠠᠨᠽᠠ ᠪᠣᠯᠤᠯᠲᠠᠢ》 ᠭᠡᠵᠦ ᠪᠣᠳᠣᠵᠤ ᠪᠠᠢᠭᠰᠠᠨ ᠪᠢᠯᠡ᠂ ᠢᠩᠭᠢᠵᠦ ᠮᠠᠢᠮᠠᠢ ᠬᠢᠬᠦ ᠳ᠋ᠡᠭᠡᠨ ᠫᠡᠪᠯᠦᠧ ᠪᠣᠳᠣᠵᠤ ᠢᠷᠡᠭᠰᠡᠨ ᠡᠴᠡ ᠪᠡᠨ ᠳᠥᠷᠪᠡᠨ ᠵᠠᠭᠤᠨ ᠯᠠᠩ ᠬᠣᠨᠵᠢᠭᠰᠠᠨ ᠪᠣᠯ ᠢᠲᠡᠭᠡᠯᠲᠦ ᠬᠥᠮᠦᠨ ᠡᠴᠡ ᠠᠪᠤᠭᠰᠠᠨ ᠵᠠᠭᠤᠨ ᠵᠢᠷᠠ ᠭᠠᠷᠤᠢ ᠦᠬᠡᠷ ᠪᠦᠬᠦᠨ ᠡᠴᠡ ᠬᠣᠶᠠᠷ ᠯᠠᠩ ᠬᠣᠨᠵᠢᠵᠠᠢ᠃ ᠲᠡᠷᠡ ᠴᠠᠭ ᠡᠴᠡ ᠬᠣᠢᠰᠢ ᠡᠨᠡ ᠬᠣᠶᠠᠷ ᠳᠣᠲᠣᠨᠣ ᠨᠥᠬᠥᠷᠯᠡᠵᠦ ᠬᠡᠳᠦᠨ ᠮᠢᠩᠭᠠᠨ ᠦᠬᠡᠷ ᠦ᠋ᠨ ᠮᠠᠢᠮᠠᠢ ᠶ᠋ᠢ ᠬᠠᠮᠲᠤ ᠬᠢᠵᠡᠢ᠃
᠊᠊᠊᠊᠊᠊᠊᠊᠊᠊᠊᠊᠊᠊᠊ ᠨᠥᠬᠥᠷ ᠲᠦ᠍ ᠢᠲᠡᠭᠡᠳᠡᠭ᠃ ᠲᠣᠮᠣ ᠮᠠᠢᠮᠠᠢ ᠬᠢᠬᠦ ᠡᠴᠡ ᠪᠤᠴᠠᠳᠠᠭ ᠦᠭᠡᠢ ᠵᠢᠷᠦᠬᠡ ᠲᠡᠢ᠂ ᠬᠣᠪᠣᠷ ᠮᠣᠩᠭᠣᠯ ᠰᠢᠦ ᠭᠡᠵᠦ ᠢᠲᠡᠭᠡᠯᠲᠦ ᠶ᠋ᠢ ᠫᠡᠪᠯᠦᠧ ᠦᠷᠭᠦᠯᠵᠢ ᠮᠠᠭᠲᠠᠵᠤ ᠪᠠᠢᠳᠠᠭ ᠶᠤᠮ᠃
᠊᠊᠊᠊᠊᠊᠊᠊᠊᠊᠊᠊᠊᠊᠊ ᠮᠠᠨ ᠤ᠋ ᠫᠡᠪᠯᠦᠧ ᠨᠦᠮᠵᠦᠭᠲᠡᠢ ᠣᠷᠣᠰ ᠳᠠ᠃ ᠵᠢᠭᠠᠬᠠᠨ ᠣᠩᠭᠢᠷᠠᠭ᠎ᠠ ᠪᠣᠯᠬᠤ ᠡᠴᠡ ᠪᠢᠰᠢ᠂ ᠶᠣᠰᠣᠲᠠᠢ ᠨᠢᠭᠡ ᠶᠡᠬᠡ ᠭᠠᠷ ᠤ᠋ᠨ ᠫᠠᠨᠽᠠ ᠳᠠ ᠭᠡᠵᠦ ᠢᠲᠡᠭᠡᠯᠲᠦ ᠫᠡᠪᠯᠦᠧ ᠶ᠋ᠢᠨ ᠲᠤᠬᠠᠢ ᠶᠠᠷᠢᠳᠠᠭ ᠪᠠᠢᠪᠠ᠃
ᠫᠡᠪᠯᠦᠧ ᠰᠡᠭᠦᠯ ᠦ᠋ᠨ ᠵᠢᠯ ᠦ᠋ᠳ ᠲᠦ᠍ ᠦᠬᠡᠷ ᠦ᠋ᠨ ᠮᠠᠢᠮᠠᠢ ᠡᠴᠡ ᠶᠡᠬᠡ ᠪᠠᠶᠠᠵᠢᠵᠤ ᠠᠩᠭᠠᠷ ᠤ᠋ᠨ ᠬᠣᠲᠠᠨ ᠳ᠋ᠤ᠌ ᠬᠣᠶᠠᠷ ᠳᠠᠪᠬᠤᠷ ᠴᠢᠯᠠᠭᠤᠨ ᠪᠠᠢᠰᠢᠩ ᠲᠠᠢ ᠪᠠᠩᠬᠢ ᠳ᠋ᠤ᠌ ᠡᠳᠦᠢ ᠲᠡᠳᠦᠢ ᠬᠥᠷᠥᠩᠭᠡ ᠲᠡᠢ ᠪᠣᠯᠤᠭᠰᠠᠨ ᠪᠥᠭᠡᠳ ᠬᠡᠳᠦᠢᠪᠡᠷ ᠡᠨᠡ ᠬᠣᠶᠠᠷ ᠬᠤᠷᠰᠢᠶ᠎ᠠ ᠪᠣᠯᠪᠠᠴᠤ ᠮᠣᠩᠭᠣᠯ ᠡᠴᠡ ᠬᠤᠳᠠᠯᠳᠤᠵᠤ ᠠᠪᠤᠭᠰᠠᠨ ᠦᠬᠡᠷ ᠡᠴᠡ ᠢᠲᠡᠭᠡᠯᠲᠦ ᠨᠢᠭᠤᠴᠠ ᠱᠣᠮᠪᠣᠳᠠᠵᠤ ᠣᠷᠣᠰ ᠲᠤ᠌ ᠬᠤᠳᠠᠯᠳᠤᠭᠰᠠᠨ ᠦᠬᠡᠷ ᠡᠴᠡ ᠫᠡᠪᠯᠦᠧ ᠬᠣᠨᠵᠢᠶ᠎ᠠ ᠭᠠᠷᠭᠠᠨ ᠵᠠᠪᠰᠢᠵᠤ᠂ ᠪᠤᠰᠤᠳ ᠣᠷᠣᠯᠭ᠎ᠠ ᠪᠠᠨ ᠲᠡᠭᠰᠢᠬᠡᠨ ᠬᠤᠪᠢᠶᠠᠵᠤ ᠰᠡᠳᠬᠢᠯ ᠬᠠᠨᠤᠮᠵᠢᠲᠠᠢ ᠶᠠᠪᠤᠳᠠᠭ ᠠᠵᠢ᠃ ᠫᠡᠪᠯᠦᠧ ᠵᠤᠨ ᠤ᠋ ᠰᠡᠭᠦᠯ ᠰᠠᠷ᠎ᠠ ᠳ᠋ᠤ᠌ ᠢᠷᠡᠵᠦ᠂ ᠨᠠᠮᠤᠷ ᠦᠬᠡᠷ ᠦ᠋ᠨ ᠰᠡᠭᠦᠯ ᠦ᠋ᠨ ᠬᠡᠰᠡᠭ ᠲᠡᠢ ᠪᠤᠴᠠᠳᠠᠭ᠃ ᠬᠡᠳᠦᠨ ᠵᠢᠯ ᠦ᠋ᠨ ᠡᠮᠦᠨ᠎ᠡ ᠯᠤᠤ ᠬᠦᠩ ᠦ᠋ᠨ ᠨᠤᠲᠤᠭ ᠲᠤ᠌ ᠭᠤᠷᠪᠠᠨ ᠲᠣᠮᠣ ᠥᠷᠥᠭᠡ ᠲᠡᠢ ᠮᠣᠳᠣᠨ ᠪᠠᠢᠰᠢᠩ᠂ ᠲᠣᠮᠣ ᠬᠠᠰᠢᠶ᠎ᠠ ᠪᠠᠷᠢᠵᠤ ᠠᠪᠤᠭᠰᠠᠨ ᠡᠴᠡ ᠬᠣᠢᠰᠢ ᠡᠬᠡᠨᠡᠷ ᠲᠡᠢ ᠪᠡᠨ ᠢᠷᠡᠳᠡᠭ ᠪᠣᠯᠵᠠᠢ᠃ ᠨᠤᠲᠤᠭ ᠤ᠋ᠨ ᠬᠢᠨᠢ ᠣᠷᠣᠰ ᠤ᠋ᠨ ᠰᠠᠭᠤᠷᠢᠨ ᠭᠡᠵᠦ ᠨᠡᠷᠡᠯᠡᠳᠡᠭ ᠲᠡᠷᠡ ᠬᠠᠰᠢᠶ᠎ᠠ ᠪᠠᠢᠰᠢᠩ ᠢ᠋ ᠡᠪᠦᠯ ᠨᠢᠭᠡ ᠣᠷᠣᠰ ᠰᠠᠬᠢᠵᠤ ᠦᠯᠡᠳᠡᠳᠡᠭ ᠪᠥᠭᠡᠳ ᠰᠡᠭᠦᠯ ᠦ᠋ᠨ ᠬᠣᠶᠠᠷ ᠵᠢᠯ ᠠᠯᠢᠶ᠎ᠠ ᠫᠧᠲ᠋ᠷ ᠭᠡᠵᠦ ᠬᠣᠴᠢ ᠲᠠᠢ ᠪᠣᠯᠤᠭᠰᠠᠨ ᠬᠠᠩᠬᠠᠷ ᠣᠷᠣᠰ ᠰᠠᠬᠢᠳᠠᠭ ᠪᠣᠯᠵᠠᠢ᠃
ᠬᠣᠰᠢᠭᠤ ᠨᠠᠭᠠᠳᠤᠮ ᠡᠬᠢᠯᠡᠬᠦ ᠶ᠋ᠢᠨ ᠤᠷᠢᠳᠤ ᠡᠳᠦᠷ ᠢᠲᠡᠭᠡᠯᠲᠦ ᠮᠣᠷᠢᠳ ᠬᠡᠦᠬᠡᠳ ᠢ᠋ᠶ᠋ᠡᠨ ᠠᠪᠴᠤ ᠨᠠᠭᠠᠳᠤᠮ ᠤ᠋ᠨ ᠪᠠᠢᠷᠢᠨ ᠳ᠋ᠤ᠌ ᠭᠤᠷᠪᠠᠨ ᠮᠠᠢᠬᠠᠨ ᠰᠢᠭᠠᠵᠤ ᠪᠠᠭᠤᠪᠠ᠃ ᠳᠤᠮᠳᠠ ᠲᠠᠯ᠎ᠠ ᠶ᠋ᠢᠨ ᠲᠣᠮᠣ ᠡᠷᠢᠶᠡᠨ ᠮᠠᠢᠬᠠᠨ ᠳ᠋ᠤ᠌ ᠪᠢᠲᠡᠭᠦᠦ ᠬᠡᠪᠢᠰ ᠳᠡᠪᠢᠰᠦᠨ᠂ ᠠᠷᠢᠬᠢ ᠠᠢᠷᠠᠭ ᠰᠥᠩᠨᠡᠵᠦ ᠬᠣᠶᠠᠷ ᠲᠠᠯ᠎ᠠ ᠪᠠᠷ ᠨᠢ ᠬᠠᠰ ᠤ᠋ᠨ ᠥᠷᠦᠲᠡᠢ ᠰᠤᠮᠤᠨ ᠰᠢᠷᠡᠭᠡ ᠲᠠᠯᠪᠢᠵᠤ᠂ ᠳᠡᠭᠡᠷ᠎ᠡ ᠨᠢ ᠢᠵᠢᠯᠬᠡᠨ ᠬᠢᠲᠠᠳ ᠱᠠᠭᠠᠵᠠᠩ᠂ ᠮᠥᠩᠭᠥᠨ ᠠᠶᠠᠭ᠎ᠠ ᠥᠷᠥᠵᠡᠢ᠃ ᠬᠣᠶᠠᠷ ᠲᠠᠯ᠎ᠠ ᠶ᠋ᠢᠨ ᠬᠥᠬᠡ ᠮᠠᠢᠬᠠᠨ ᠤ᠋ ᠨᠢᠭᠡᠨ ᠳ᠋ᠦ᠍ ᠬᠣᠭᠣᠯᠠᠨ ᠤ᠋ ᠭᠠᠵᠠᠷ᠂ ᠨᠥᠭᠦᠭᠡ ᠳ᠋ᠦ᠍ ᠠᠵᠢᠯ ᠤ᠋ᠨ ᠬᠥᠮᠦᠰ ᠦ᠋ᠨ ᠤᠨᠲᠠᠬᠤ ᠭᠠᠵᠠᠷ ᠵᠠᠰᠠᠵᠠᠢ᠃
ᠣᠷᠣᠢ ᠨᠠᠷᠠ ᠵᠢᠷᠭᠠᠬᠤ ᠡᠴᠡ ᠨᠡᠯᠢᠶᠡᠳ ᠡᠮᠦᠨ᠎ᠡ ᠬᠣᠩᠬᠣ ᠵᠢᠩᠭᠢᠨᠡᠭᠦᠯᠦᠭᠰᠡᠨ ᠭᠤᠷᠪᠠᠯᠠᠭᠰᠠᠨ ᠮᠣᠷᠢᠨ ᠲᠡᠷᠭᠡ ᠢᠷᠡᠵᠦ ᠭᠣᠣᠯ ᠤ᠋ᠨ ᠮᠠᠢᠬᠠᠨ ᠤ᠋ ᠡᠮᠦᠨ᠎ᠡ ᠵᠣᠭᠰᠣᠵᠤ ᠲᠡᠭᠦᠨ ᠡᠴᠡ ᠫᠡᠪᠯᠦᠧ ᠡᠬᠡᠨᠡᠷ ᠦ᠋ᠨ ᠬᠠᠮᠲᠤ ᠪᠠᠭᠤᠬᠤ ᠳ᠋ᠤ᠌ ᠢᠲᠡᠭᠡᠯᠲᠦ ᠦᠯᠡᠮᠵᠢ ᠡᠯᠢᠭᠡᠰᠡᠭ ᠢ᠋ᠶ᠋ᠡᠷ ᠤᠭᠲᠤᠨ ᠣᠴᠢᠵᠤ ᠮᠡᠨᠳᠦᠯᠡᠭᠡᠳ ᠤᠷᠢᠵᠤ ᠣᠷᠣᠭᠤᠯᠪᠠ᠃
ᠤᠶᠠᠭᠠᠨ ᠳᠡᠭᠡᠷ᠎ᠡ ᠮᠣᠷᠢ ᠠᠷᠴᠢᠵᠤ ᠪᠠᠢᠭᠰᠠᠨ ᠡᠷᠳᠡᠨᠢ᠂ ᠫᠡᠪᠯᠦᠧ ᠶ᠋ᠢᠨ ᠪᠡᠶ᠎ᠡ ᠪᠠᠷᠢᠭᠰᠠᠨ ᠬᠠᠷ᠎ᠠ ᠬᠤᠪᠴᠠᠰᠤ᠂ ᠡᠬᠡᠨᠡᠷ ᠦ᠋ᠨ ᠬᠢᠨᠢ ᠰᠠᠯᠪᠠᠯᠵᠠᠭᠰᠠᠨ ᠡᠯᠪᠡᠭ ᠳᠡᠪᠡᠯ ᠢ᠋ ᠬᠠᠷᠠᠭᠠᠳ 《ᠶᠢᠷᠲᠢᠨᠴᠦ ᠶ᠋ᠢᠨ ᠠᠮᠢᠲᠠᠨ ᠮᠥᠨ ᠶᠠᠩᠵᠤ ᠶ᠋ᠢᠨ ᠶᠠᠭᠤᠮ᠎ᠠ ᠡᠮᠦᠰᠦᠨ᠎ᠡ ᠳᠡ》 ᠭᠡᠵᠦ ᠳᠣᠲᠣᠷ᠎ᠠ ᠪᠠᠨ ᠪᠣᠳᠣᠪᠠ᠃
ᠣᠷᠣᠰ ᠡᠬᠡᠨᠡᠷ ᠦ᠋ᠨ ᠬᠤᠪᠴᠠᠰᠤᠨ ᠤ᠋ ᠬᠥᠳᠡᠯᠵᠦ ᠪᠠᠢᠬᠤ ᠨᠢ ᠰᠢᠷᠠᠭᠳᠤᠭᠰᠠᠨ ᠡᠯᠢᠶ᠎ᠡ ᠰᠢᠭ ᠰᠠᠨᠠᠭᠳᠠᠵᠤ ᠢᠨᠢᠶᠡᠳᠦ ᠬᠦᠷᠬᠦ ᠶ᠋ᠢᠨ ᠬᠠᠮᠲᠤ ᠰᠣᠨᠢᠷᠬᠠᠨ ᠬᠠᠷᠠᠬᠤ ᠬᠦᠰᠡᠯ ᠲᠥᠷᠥᠯ᠎ᠡ᠃ ᠡᠷᠳᠡᠨᠢ ᠶ᠋ᠢ ᠲᠡᠷᠭᠡᠨ ᠦ᠌ ᠳᠡᠷᠭᠡᠳᠡ ᠣᠴᠢᠬᠤ ᠳ᠋ᠤ᠌ ᠡᠮᠦᠨᠡᠬᠢ ᠥᠨᠳᠥᠷ ᠰᠠᠭᠤᠳᠠᠯ ᠳᠡᠭᠡᠷ᠎ᠡ ᠡᠴᠡ ᠰᠢᠷᠪᠢᠬᠡᠷ ᠰᠢᠷ᠎ᠠ ᠰᠠᠬᠠᠯ ᠲᠠᠢ᠂ ᠬᠣᠨᠢᠨ ᠪᠣᠷᠣ ᠨᠢᠳᠦ ᠲᠡᠢ᠂ ᠲᠣᠯᠣᠭᠠᠢ ᠨᠢᠴᠦᠭᠦᠨ ᠣᠷᠣᠰ ᠪᠠᠭᠤᠵᠤ ᠢᠷᠡᠭᠡᠳ ᠲᠣᠭᠣᠷᠢᠨ ᠪᠠᠢᠭ᠎ᠠ ᠬᠡᠦᠬᠡᠳ ᠢ᠋ ᠬᠠᠷᠠᠵᠤ ᠢᠷᠵᠠᠢᠨ ᠢᠨᠢᠶᠡᠮᠰᠦᠭᠯᠡᠭᠰᠡᠨ ᠢ᠋ᠶ᠋ᠡᠨ ᠮᠣᠩᠭᠣᠯ ᠬᠡᠯᠡ ᠪᠡᠷ ᠡᠷᠳᠡᠨᠢ ᠲᠡᠢ ᠮᠡᠨᠳᠦᠯᠡᠪᠡ᠃
᠊᠊᠊᠊᠊᠊᠊᠊᠊᠊᠊᠊᠊᠊᠊ ᠮᠣᠷᠢ ᠲᠠᠯᠪᠢᠨ᠎ᠠ᠂ ᠲᠠ ᠲᠤᠰᠠᠯᠠᠨ᠎ᠠ ᠭᠡᠵᠦ ᠲᠡᠷᠡ ᠣᠷᠣᠰ ᠤ᠋ᠨ ᠬᠡᠯᠡᠬᠦ ᠳ᠋ᠦ᠍ ᠡᠷᠳᠡᠨᠢ ᠢᠨᠢᠶᠡᠮᠰᠦᠭᠯᠡᠵᠦ᠄
᠊᠊᠊᠊᠊᠊᠊᠊᠊᠊᠊᠊᠊᠊᠊ ᠮᠣᠷᠢᠳ ᠢ᠋ᠶ᠋ᠠᠨ ᠲᠠᠯᠪᠢᠵᠤ ᠥᠭᠭᠦᠭᠡᠴᠢ ᠭᠡᠵᠦ ᠪᠠᠢᠭ᠎ᠠ ᠶᠤᠮ ᠤᠤ ᠳᠠ᠃ ᠪᠢ ᠢᠨᠠᠳᠤᠭᠢ ᠳᠥᠩᠭᠡ ᠡᠴᠡ ᠴᠢᠨᠢ ᠶᠠᠭᠠᠬᠢᠵᠤ ᠰᠠᠯᠳᠠᠭ ᠢ᠋ ᠮᠡᠳᠡᠬᠦ ᠦᠭᠡᠢ ᠭᠡᠯᠡ᠃
᠊᠊᠊᠊᠊᠊᠊᠊᠊᠊᠊᠊᠊᠊᠊ ᠡᠨᠡ ᠦᠶ᠎ᠡ ᠳ᠋ᠦ᠍ ᠵᠡᠭᠦᠨ ᠲᠠᠯ᠎ᠠ ᠶ᠋ᠢᠨ ᠮᠠᠢᠬᠠᠨ ᠡᠴᠡ ᠬᠣᠭᠣᠯᠠ ᠬᠢᠵᠦ ᠪᠠᠢᠭᠰᠠᠨ ᠭᠠᠯᠰᠠᠩ ᠭᠠᠷᠴᠤ ᠢᠷᠡᠬᠦ ᠳ᠋ᠦ᠍ ᠣᠷᠣᠰ ᠤᠭᠲᠤᠨ ᠣᠴᠢᠵᠤ ᠭᠠᠷ ᠢ᠋ ᠨᠢ ᠠᠳᠬᠤᠨ 《ᠰᠠᠢᠨ ᠪᠠᠢᠨ᠎ᠠ ᠤᠤ? 》 ᠭᠡᠬᠦ ᠳ᠋ᠦ᠍ᠨᠢ ᠭᠠᠯᠰᠠᠩ ᠢᠨᠢᠶᠡᠮᠰᠦᠭᠯᠡᠬᠦ ᠮᠡᠲᠦ ᠪᠣᠯᠤᠭᠠᠳ 《ᠠᠯᠢᠶ᠎ᠠ ᠫᠧᠲ᠋ᠷ ᠭᠤᠸᠠᠢ ᠰᠠᠢᠨ ᠪᠠᠢᠨ᠎ᠠ ᠤᠤ᠃ ᠣᠢᠷ᠎ᠠ ᠳ᠋ᠠᠭᠠᠨ ᠦᠵᠡᠭᠳᠡᠬᠦ ᠦᠭᠡᠢ ᠶᠠᠭᠠᠬᠢᠪᠠ? 》 ᠭᠡᠯᠡ᠃
᠊᠊᠊᠊᠊᠊᠊᠊᠊᠊᠊᠊᠊᠊᠊ ᠡᠵᠡᠨ ᠢᠷᠡᠬᠦ ᠪᠣᠯᠤᠭᠠᠳ ᠵᠠᠪ ᠴᠤ᠌ ᠪᠠᠢᠬᠤ ᠦᠭᠡᠢ ᠭᠡᠳ ᠣᠷᠣᠰ᠂ ᠭᠠᠯᠰᠠᠩ ᠤ᠋ᠨ ᠮᠥᠷᠥ ᠶ᠋ᠢ ᠠᠯᠠᠭᠠᠳᠠᠬᠤ ᠳ᠋ᠤᠨᠢ ᠭᠠᠯᠰᠠᠩ ᠵᠣᠯ ᠲᠠᠢ ᠯᠠ ᠤᠨᠠᠴᠢᠬᠠᠭᠰᠠᠨ ᠦᠭᠡᠢ ᠶ᠋ᠢ ᠬᠠᠷᠠᠭᠠᠳ 《ᠡᠨᠡ ᠣᠷᠣᠰ ᠪᠠᠷᠢᠯᠳᠤᠪᠠᠯ ᠣᠪᠣᠭ᠎ᠠ ᠪᠢᠷ᠎ᠠ ᠲᠠᠢ ᠪᠠᠢᠬᠤ ᠰᠢᠦ᠃ ᠬᠠᠷᠢᠨ ᠮᠠᠨᠢ ᠡᠷ᠎ᠡ ᠳ᠋ᠦ᠍ ᠮᠡᠬᠡ ᠴᠦ᠍ ᠪᠠᠢᠬᠤ ᠦᠭᠡᠢ ᠲᠠᠭ ᠠ᠋》 ᠭᠡᠵᠦ ᠡᠷᠳᠡᠨᠢ ᠪᠣᠳᠣᠪᠠ᠃
ᠡᠨᠡ ᠦᠶ᠎ᠡ ᠳ᠋ᠦ᠍ ᠮᠠᠢᠬᠠᠨ ᠡᠴᠡ ᠨᠥᠭᠦᠭᠡ ᠰᠠᠯᠪᠠᠭᠠᠷ ᠬᠤᠪᠴᠠᠰᠤ ᠲᠠᠢ ᠣᠷᠣᠰ ᠠᠪᠠᠭᠠᠢ ᠭᠠᠷᠴᠤ ᠢᠷᠡᠭᠡᠳ 《ᠬᠣᠩᠭᠣᠷ! ᠰᠣᠯᠣᠩᠭ᠎ᠠ!》 ᠭᠡᠵᠦ ᠳᠠᠭᠤᠳᠠᠪᠠ᠃
ᠲᠡᠷᠭᠡ ᠰᠣᠨᠢᠷᠬᠠᠨ ᠦᠵᠡᠵᠦ ᠪᠠᠢᠭᠰᠠᠨ ᠬᠣᠩᠭᠣᠷ ᠢ᠋ ᠭᠦᠶᠦᠨ ᠣᠴᠢᠬᠤ ᠳ᠋ᠤ᠌ ᠪᠠᠲᠤ ᠳᠠᠭᠠᠵᠤ ᠣᠴᠢᠯ᠎ᠠ᠃ ᠡᠬᠡᠨᠡᠷ᠂ ᠬᠣᠩᠭᠣᠷ ᠢ᠋ ᠦᠨᠦᠰᠦᠭᠡᠳ ᠬᠠᠢᠷᠴᠠᠭ ᠲᠠᠢ ᠶᠠᠭᠤᠮ᠎ᠠ ᠥᠭᠪᠡ᠃ ᠰᠣᠯᠣᠩᠭ᠎ᠠ ᠪᠢᠰᠢᠭᠦᠷᠬᠡᠨ ᠰᠦᠷᠦᠩ ᠲᠡᠢ ᠵᠡᠷᠭᠡᠴᠡᠨ ᠨᠡᠯᠢᠶᠡᠳ ᠵᠠᠢᠳᠠᠭᠤ ᠵᠣᠭᠰᠣᠵᠤ ᠪᠠᠢᠬᠤ ᠳ᠋ᠤᠨᠢ ᠣᠷᠣᠰ ᠡᠬᠡᠨᠡᠷ ᠢᠨᠢᠶᠡᠮᠰᠦᠭᠯᠡᠨ ᠣᠴᠢᠵᠤ ᠲᠡᠪᠡᠷᠢᠨ ᠦᠨᠦᠰᠦᠭᠡᠳ ᠪᠠᠰᠠ ᠯᠠ ᠬᠠᠢᠷᠴᠠᠭ ᠲᠠᠢ ᠶᠠᠭᠤᠮ᠎ᠠ ᠥᠭᠪᠡ᠃ ᠪᠠᠲᠤ ᠰᠦᠷᠦᠩ ᠬᠣᠶᠠᠷ ᠡᠬᠡᠨᠡᠷ ᠢ᠋ ᠮᠠᠢᠬᠠᠨ ᠳ᠋ᠠᠭᠠᠨ ᠪᠤᠴᠠᠵᠤ ᠣᠷᠣᠲᠠᠯ᠎ᠠ ᠨᠢ ᠭᠣᠷᠢᠳᠠᠨ ᠰᠢᠷᠲᠡᠵᠦ ᠪᠠᠢᠪᠠ᠃
《ᠳᠥᠷᠪᠡᠨ ᠬᠡᠦᠬᠡᠳ ᠪᠠᠢᠬᠤ ᠳ᠋ᠤ᠌ ᠬᠣᠶᠠᠷ ᠢ᠋ ᠨᠢ ᠢᠯᠭᠠᠵᠤ ᠣᠷᠬᠢᠯ᠎ᠠ ᠰᠢᠦ᠃ ᠨᠢᠭᠡ ᠨᠢᠭᠡ ᠰᠢᠬᠢᠷ ᠴᠦ᠍ ᠥᠭᠴᠢᠬᠡᠬᠦ ᠦᠭᠡᠢ ᠳᠡ》 ᠭᠡᠵᠦ ᠡᠷᠳᠡᠨᠢ ᠪᠣᠳᠣᠭᠠᠳ ᠡᠬᠡᠨᠡᠷ ᠲᠦ᠍ ᠳᠤᠷ᠎ᠠ ᠦᠭᠡᠢ ᠨᠢ ᠬᠦᠷᠦᠯ᠎ᠡ᠃ ᠡᠷᠳᠡᠨᠢ ᠶ᠋ᠢᠨ ᠡᠨᠡ ᠪᠣᠳᠣᠯ ᠢ᠋ ᠮᠡᠳᠡᠭᠰᠡᠨ ᠶᠤᠮ ᠰᠢᠭ ᠨᠥᠭᠦᠭᠡ ᠠᠯᠢᠶ᠎ᠠ ᠫᠧᠲ᠋ᠷ ᠭᠡᠭᠴᠢ ᠥᠮᠥᠳᠦᠨ ᠦ᠌ ᠪᠡᠨ ᠭᠤᠶ᠎ᠠ ᠤᠷᠤᠭᠤ ᠤᠬᠤᠵᠤ ᠪᠠᠢᠭᠠᠳ ᠬᠢᠲᠠᠳ ᠮᠥᠰᠥᠨ ᠰᠢᠬᠢᠷ ᠭᠠᠷᠭᠠᠵᠤ ᠲᠡᠷᠭᠡᠨ ᠦ᠌ ᠠᠷᠠᠯ ᠤᠷᠤᠭᠤ ᠴᠣᠬᠢᠵᠤ ᠬᠤᠪᠢᠶᠠᠭᠠᠳ ᠪᠠᠲᠤ ᠰᠦᠷᠦᠩ ᠬᠣᠶᠠᠷ ᠲᠤ᠌ ᠥᠭᠬᠦ ᠳ᠋ᠦ᠍ᠨᠢ ᠡᠷᠳᠡᠨᠢ ᠲᠠᠯᠠᠷᠬᠠᠨ ᠢᠨᠢᠶᠡᠮᠰᠦᠭᠯᠡᠪᠡ᠃
ᠢᠩᠭᠢᠭᠡᠳ ᠡᠷᠳᠡᠨᠢ᠂ ᠣᠷᠣᠰ ᠲᠠᠢ ᠬᠠᠮᠵᠢᠵᠤ ᠮᠣᠷᠢᠳ ᠢ᠋ ᠲᠡᠷᠭᠡᠨ ᠡᠴᠡ ᠨᠢ ᠰᠠᠯᠭᠠᠭᠠᠳ ᠤᠶᠠᠭ᠎ᠠ ᠤᠷᠤᠭᠤ ᠬᠥᠲᠥᠯᠦᠨ ᠶᠠᠪᠤᠵᠠᠢ᠃
᠊᠊᠊᠊᠊᠊᠊᠊᠊᠊᠊᠊᠊᠊᠊ ᠣᠷᠣᠰ ᠠ᠋᠂ ᠴᠢᠮ᠎ᠠ ᠳ᠋ᠤ᠌ ᠨᠠᠮᠢ᠋ᠢ ᠰᠣᠭᠲᠣᠭᠠᠬᠤ ᠠᠷᠢᠬᠢ ᠪᠠᠢᠨ᠎ᠠ ᠤᠤ? ᠭᠡᠳ ᠢᠲᠡᠭᠡᠯᠲᠦ ᠴᠠᠷᠭᠢᠯ ᠨᠠᠷᠢᠬᠠᠨ ᠳᠠᠭᠤ ᠪᠠᠷ ᠢᠨᠢᠶᠡᠬᠦ ᠳ᠋ᠦ᠍ ᠫᠡᠪᠯᠦᠧ ᠪᠦᠳᠦᠭᠦᠨ ᠳᠠᠭᠤ ᠪᠠᠷ ᠬᠥᠭᠵᠢᠯᠲᠡᠢ ᠢᠨᠢᠶᠡᠭᠰᠡᠨ ᠢ᠋ᠶ᠋ᠡᠨ 《ᠪᠠᠭᠠᠲᠤᠷ ᠴᠠᠭᠠᠨ ᠬᠠᠭᠠᠨ ᠤ᠋ ᠪᠤᠶᠠᠨ ᠮᠠᠨ ᠤ᠋ ᠪᠠᠢᠨ᠎ᠠ᠃ ᠬᠠᠷᠢᠨ ᠮᠠᠨ ᠤ᠋ ᠰᠣᠭᠲᠣᠬᠤ ᠠᠷᠢᠬᠢ ᠲᠠᠨ ᠤ᠋ ᠪᠠᠢᠨ᠎ᠠ》 ᠭᠡᠯᠡ᠃ ᠡᠨᠡ ᠬᠣᠶᠠᠷ ᠠᠭᠤᠯᠵᠠᠬᠤ ᠪᠦᠷᠢ ᠳ᠋ᠡᠭᠡᠨ ᠡᠭᠦᠨ ᠢ᠋ ᠶᠠᠷᠢᠳᠠᠭ᠃ ᠠᠩᠬ᠎ᠠ ᠲᠠᠮᠢᠷ ᠤ᠋ᠨ ᠬᠣᠢᠲᠤ ᠡᠷᠭᠢ ᠳᠡᠭᠡᠷ᠎ᠡ ᠦᠬᠡᠷ ᠦ᠋ᠨ ᠮᠠᠢᠮᠠᠢ ᠬᠢᠭᠡᠳ ᠢᠲᠡᠭᠡᠯᠲᠦ ᠶ᠋ᠢᠨ ᠢᠩᠭᠢᠵᠦ ᠬᠡᠯᠡᠬᠦ ᠳ᠋ᠦ᠍ ᠫᠡᠪᠯᠦᠧ ᠶᠠᠭ ᠯᠠ ᠡᠨᠡ ᠦᠭᠡ ᠪᠡᠨ ᠬᠡᠯᠡᠵᠦ᠂ ᠣᠷᠣᠰ ᠴᠠᠭᠠᠨ ᠠᠷᠢᠬᠢ ᠨᠢᠭᠡ ᠰᠢᠯ ᠢ᠋ ᠭᠠᠷᠭᠠᠵᠤ ᠢᠷᠡᠬᠦ ᠳ᠋ᠦ᠍ ᠢᠲᠡᠭᠡᠯᠲᠦ ᠵᠢᠵᠢᠭ ᠸᠠᠭᠠᠷ ᠲᠠᠢ ᠬᠤᠷᠠᠵᠠ ᠠᠪᠴᠢᠷᠠᠭᠤᠯᠤᠨ ᠰᠣᠯᠢᠵᠤ ᠤᠤᠭᠤᠭᠰᠠᠨ ᠪᠢᠯᠡ᠃
ᠫᠡᠪᠯᠦᠧ ᠡᠬᠡᠨᠡᠷ ᠬᠣᠶᠠᠷ ᠢ᠋ ᠮᠠᠢᠬᠠᠨ ᠤ᠋ ᠬᠣᠢᠮᠣᠷ ᠵᠠᠰᠠᠭᠰᠠᠨ ᠮᠥᠩᠭᠥᠨ ᠴᠠᠷ᠎ᠠ ᠲᠠᠢ ᠲᠠᠷᠭᠤᠨ ᠤᠭᠤᠴᠠᠨ ᠤ᠋ ᠠᠷᠤ ᠳ᠋ᠤ᠌ ᠰᠠᠭᠤᠯᠭᠠᠵᠤ ᠠᠢᠷᠠᠭ ᠠᠷᠢᠬᠢ ᠰᠥᠩᠨᠡᠵᠦ ᠭᠠᠷᠤᠯ᠎ᠠ᠃
᠊᠊᠊᠊᠊᠊᠊᠊᠊᠊᠊᠊᠊᠊᠊ ᠵᠠ ᠲᠡᠭᠡᠭᠡᠳ ᠮᠠᠢᠮᠠᠢ ᠰᠠᠢᠨ᠂ ᠣᠯᠵᠠ ᠣᠮᠣᠭ ᠶᠡᠬᠡ ᠪᠢᠵᠡ ᠳᠡ? ᠭᠡᠵᠦ ᠢᠲᠡᠭᠡᠯᠲᠦ ᠶ᠋ᠢᠨ ᠠᠰᠠᠭᠤᠬᠤ ᠳ᠋ᠤ᠌ ᠫᠡᠪᠯᠦᠧ ᠪᠠᠷᠳᠠᠮ ᠢᠨᠢᠶᠡᠮᠰᠦᠭᠯᠡᠵᠦ 《ᠪᠢᠳᠡ ᠬᠣᠶᠠᠷ ᠣᠯᠵᠠ ᠣᠯᠬᠤ ᠦᠭᠡᠢ ᠪᠣᠯ ᠶᠠᠮᠠᠷ ᠠᠪᠤ ᠶ᠋ᠢᠨ ᠬᠦᠦ ᠣᠯᠬᠤ ᠪᠢᠯᠡ ᠳᠠ》 ᠭᠡᠳ ᠬᠣᠶᠠᠭᠤᠯᠠ ᠴᠢᠩᠭ᠎ᠠ ᠢᠨᠢᠶᠡᠪᠡ᠃
ᠡᠷᠳᠡᠨᠢ ᠮᠣᠷᠢᠳ ᠢ᠋ ᠤᠶᠠᠵᠤ ᠣᠷᠬᠢᠭᠠᠳ ᠪᠠᠷᠠᠭᠤᠨ ᠮᠠᠢᠬᠠᠨ ᠳ᠋ᠤ᠌ ᠣᠷᠣᠯ᠎ᠠ᠃
᠊᠊᠊᠊᠊᠊᠊᠊᠊᠊᠊᠊᠊᠊᠊ ᠲᠠᠨ ᠤ᠋ ᠰᠢᠨ᠎ᠡ ᠪᠠᠢᠬ᠎ᠠ ᠠ᠋? ᠪᠢ ᠲᠠᠨᠢᠬᠤ ᠦᠭᠡᠢ ᠪᠠᠢᠨ᠎ᠠ ᠭᠡᠵᠦ ᠠᠯᠢᠶ᠎ᠠ ᠫᠧᠲ᠋ᠷ ᠠᠵᠢᠭᠯᠠᠵᠤ ᠪᠠᠢᠭᠰᠠᠨ ᠢ᠋ᠶ᠋ᠠᠨ ᠡᠷᠳᠡᠨᠢ ᠡᠴᠡ ᠠᠰᠠᠭᠤᠪᠠ᠃
᠊᠊᠊᠊᠊᠊᠊᠊᠊᠊᠊᠊᠊᠊᠊ ᠲᠡᠢᠮᠦ᠂ ᠪᠢ ᠰᠠᠶᠢᠬᠠᠨ ᠢᠷᠡᠭᠰᠡᠨ ᠭᠡᠵᠦ ᠡᠷᠳᠡᠨᠢ ᠬᠠᠷᠢᠭᠤᠯᠤᠭᠠᠳ ᠰᠠᠭᠤᠵᠤ ᠠᠢᠷᠠᠭ ᠬᠢᠵᠦ ᠠᠪᠤᠯ᠎ᠠ᠃
ᠫᠧᠲ᠋ᠷ ᠪᠣᠰᠴᠤ ᠳᠠᠪᠬᠤᠷᠯᠠᠭᠰᠠᠨ ᠬᠤᠯᠤ ᠡᠴᠡ ᠠᠪᠴᠤ ᠥᠪᠡᠷ ᠢ᠋ᠶ᠋ᠡᠨ ᠠᠢᠷᠠᠭ ᠬᠢᠵᠦ ᠭᠦᠳ ᠭᠦᠳ ᠬᠢᠲᠡᠯ᠎ᠡ ᠵᠠᠯᠭᠢᠯᠠᠭᠠᠳ ᠬᠤᠯᠤ ᠪᠠᠨ ᠲᠠᠯᠪᠢᠵᠤ ᠰᠠᠬᠠᠯ ᠢ᠋ᠶ᠋ᠠᠨ ᠭᠠᠷ ᠤ᠋ᠨ ᠠᠯᠠᠭ᠎ᠠ ᠪᠠᠷ ᠠᠷᠴᠢᠪᠠ᠃
᠊᠊᠊᠊᠊᠊᠊᠊᠊᠊᠊᠊᠊᠊᠊ ᠲᠠᠨ ᠤ᠋ ᠨᠡᠷ᠎ᠡ ᠬᠡᠨ?
᠊᠊᠊᠊᠊᠊᠊᠊᠊᠊᠊᠊᠊᠊᠊ ᠡᠷᠳᠡᠨᠢ ᠭᠡᠳᠡᠭ᠃
᠊᠊᠊᠊᠊᠊᠊᠊᠊᠊᠊᠊᠊᠊᠊ ᠮᠢᠨᠦ ᠨᠡᠷ᠎ᠡ ᠠᠯᠢᠶ᠎ᠠ ᠫᠧᠲ᠋ᠷ᠂ ᠫᠡᠪᠯᠦᠧ ᠶ᠋ᠢᠨ ᠵᠠᠷᠤᠴᠠ ᠪᠠᠢᠨ᠎ᠠ ᠭᠡᠳ ᠨᠢᠳᠦ ᠪᠡᠨ ᠢᠷᠮᠡᠵᠦ ᠵᠠᠯᠢᠲᠠᠢ ᠪᠠᠷ ᠢᠨᠢᠶᠡᠮᠰᠦᠭᠯᠡᠭᠰᠡᠨ ᠢ᠋ᠶ᠋ᠡᠨ 《ᠲᠠᠨ ᠤ᠋ ᠡᠬᠡᠨᠡᠷ ᠪᠠᠢᠨ᠎ᠠ ᠤᠤ? 》 ᠭᠡᠵᠦ ᠠᠰᠠᠭᠤᠪᠠ᠃
ᠶᠠᠮᠠᠷ ᠣᠯᠠᠨ ᠦᠭᠡ ᠲᠡᠢ ᠣᠷᠣᠰ ᠪᠣᠢ ᠭᠡᠵᠦ ᠡᠷᠳᠡᠨᠢ ᠪᠣᠳᠣᠭᠰᠠᠨ ᠪᠣᠯᠪᠠᠴᠤ ᠤᠴᠠᠭᠠᠷᠯᠠᠭᠰᠠᠨ ᠦᠭᠡᠢ᠃
᠊᠊᠊᠊᠊᠊᠊᠊᠊᠊᠊᠊᠊᠊᠊ ᠡᠬᠡᠨᠡᠷ ᠲᠡᠢ᠃ ᠲᠠ ᠡᠬᠡᠨᠡᠷ ᠲᠡᠢ ᠤᠤ?
ᠫᠧᠲ᠋ᠷ ᠦ᠋ᠨ ᠨᠢᠭᠤᠷ ᠲᠤ᠌ ᠲᠣᠳᠣᠷᠬᠠᠢ ᠪᠠᠢᠭᠰᠠᠨ ᠬᠥᠭᠵᠢᠯ ᠨᠢ ᠬᠤᠷᠴᠠ ᠬᠢᠲᠤᠭ᠎ᠠ ᠪᠠᠷ ᠬᠤᠰᠤᠭᠰᠠᠨ ᠶᠤᠮ ᠰᠢᠭ᠋ ᠦᠭᠡᠢ ᠪᠣᠯᠵᠤ᠂ ᠨᠢᠳᠦᠨ ᠳ᠋ᠦ᠍ᠨᠢ ᠭᠦᠨ ᠪᠣᠳᠣᠯ ᠨᠢᠭᠤᠴᠠ ᠭᠠᠰᠢᠭᠤᠳᠠᠯ ᠢᠯᠡᠷᠡᠪᠡ᠃
《ᠵᠠᠢᠯᠠᠭᠤᠯ᠂ ᠦᠬᠦᠵᠦ ᠦᠷᠡᠭᠳᠡᠭᠰᠡᠨ ᠶᠤᠮ ᠪᠣᠯᠪᠠ ᠤᠤ ᠳᠠ᠃ ᠬᠡᠷᠡᠭ ᠦᠭᠡᠢ ᠠᠰᠠᠭᠤᠪᠠ》 ᠭᠡᠵᠦ ᠡᠷᠳᠡᠨᠢ ᠪᠣᠳᠣᠪᠠ᠃
᠊᠊᠊᠊᠊᠊᠊᠊᠊᠊᠊᠊᠊᠊᠊ ᠪᠠᠢᠨ᠎ᠠ᠂ ᠪᠠᠰᠠ ᠬᠣᠶᠠᠷ ᠬᠡᠦᠬᠡᠳ ᠪᠠᠢᠨ᠎ᠠ᠂ ᠣᠯᠠᠨ ᠮᠢᠩᠭᠠᠨ ᠥᠷᠲᠡᠭᠡ ᠬᠣᠯᠠ ᠪᠠᠢᠨ᠎ᠠ ᠭᠡᠳ ᠣᠷᠣᠰ ᠭᠤᠨᠢᠭᠲᠠᠢ ᠰᠠᠨᠠᠭ᠎ᠠ ᠠᠯᠳᠠᠪᠠ᠃
ᠬᠠᠮᠢᠭ᠎ᠠ ᠭᠠᠵᠠᠷ ᠤ᠋ᠨ ᠬᠡᠨ ᠦ᠌ ᠬᠦᠦ ᠢᠩᠭᠢᠵᠦ ᠡᠬᠡᠨᠡᠷ ᠬᠡᠦᠬᠡᠳ ᠢ᠋ᠶ᠋ᠡᠨ ᠣᠯᠠᠨ ᠮᠢᠩᠭᠠᠨ ᠥᠷᠲᠡᠭᠡ ᠶ᠋ᠢᠨ ᠴᠠᠭᠠᠨ᠎ᠠ ᠣᠷᠬᠢᠴᠢᠬᠠᠭᠠᠳ ᠭᠠᠭᠴᠠᠭᠠᠷ ᠢ᠋ᠶ᠋ᠠᠨ ᠲᠡᠨᠦᠵᠦ ᠶᠠᠪᠤᠭ᠎ᠠ ᠶᠤᠮ ᠪᠣᠯ ᠳᠠ ᠭᠡᠵᠦ ᠪᠣᠳᠣᠭᠠᠳ ᠡᠷᠳᠡᠨᠢ ᠡᠨᠡ ᠬᠥᠮᠦᠨ ᠢ᠋ ᠦᠷᠦ ᠡᠪᠡᠳᠬᠦ ᠰᠡᠳᠬᠢᠯ ᠲᠥᠷᠥᠵᠡᠢ᠃
ᠫᠧᠲ᠋ᠷ ᠪᠣᠯ 1905 ᠣᠨ ᠳ᠋ᠤ᠌ ᠣᠷᠣᠰ ᠣᠷᠣᠨ ᠳ᠋ᠤ᠌ ᠪᠣᠯᠤᠭᠰᠠᠨ ᠬᠤᠪᠢᠰᠬᠠᠯ ᠳ᠋ᠤ᠌ ᠢᠳᠡᠪᠬᠢᠲᠡᠢ ᠣᠷᠣᠯᠴᠠᠭᠰᠠᠨ ᠬᠡᠷᠡᠭ ᠢ᠋ᠶ᠋ᠡᠷ ᠰᠢᠪᠢᠷᠢ ᠳ᠋ᠦ᠍ ᠴᠥᠯᠡᠭᠳᠡᠭᠰᠡᠨ ᠪᠣᠯᠱᠧᠸᠢᠭ ᠨᠠᠮ ᠤ᠋ᠨ ᠭᠡᠰᠢᠭᠦᠳ ᠦ᠋ᠨ ᠨᠢᠭᠡ ᠪᠢᠯᠡ᠃ ᠤᠭ ᠨᠢ ᠮᠦᠷᠦᠽᠦᠧ ᠶ᠋ᠢᠨ ᠹᠠᠪᠷᠢᠭ᠌ ᠲᠤ᠌ ᠰᠯᠧᠰᠠᠷᠢ ② ᠬᠢᠵᠦ ᠪᠠᠢᠭᠰᠠᠨ ᠪᠥᠭᠡᠳ ᠲᠡᠨᠳᠡ ᠴᠦ᠍ ᠡᠬᠡᠨᠡᠷ ᠬᠡᠦᠬᠡᠳ ᠨᠢ ᠦᠯᠡᠳᠡᠭᠰᠡᠨ ᠶᠤᠮ᠃
《ᠠᠯᠧᠺᠰᠠᠨᠳᠠᠷ ᠬᠠᠭᠠᠨ ᠤ᠋ ᠲᠥᠪ》 ᠭᠡᠵᠦ ᠨᠡᠷᠡᠯᠡᠭᠳᠡᠭᠰᠡᠨ ᠬᠠᠲᠠᠭᠤ ᠭᠢᠨᠳᠠᠨ ᠳ᠋ᠤ᠌ ᠭᠤᠷᠪᠠᠨ ᠵᠢᠯ ᠭᠠᠷᠤᠢ ᠬᠣᠷᠢᠭᠳᠠᠵᠤ ᠪᠠᠢᠭᠠᠳ ᠪᠠᠢᠭᠠᠯ ᠤ᠋ᠨ ᠣᠷᠴᠢᠮ ᠠᠵᠢᠯ ᠳ᠋ᠤ᠌ ᠭᠠᠷᠤᠭᠠᠳ ᠲᠡᠨᠳᠡ ᠡᠴᠡ ᠤᠷᠭᠤᠵᠤ ᠳᠥᠩᠭᠡᠨ ᠳ᠋ᠦ᠍ ᠫᠡᠪᠯᠦᠧ ᠲᠡᠢ ᠲᠠᠭᠠᠷᠠᠯᠳᠤᠨ ᠡᠨᠳᠡ ᠢᠷᠡᠵᠦ ᠰᠠᠭᠤᠷᠢᠨ ᠢ᠋ ᠨᠢ ᠬᠠᠷᠠᠳᠠᠭ ᠪᠣᠯᠵᠠᠢ᠃
ᠫᠧᠲ᠋ᠷ ᠴᠥᠯᠡᠯᠭᠡᠨ ᠦ᠌ ᠣᠷᠭᠤᠳᠤᠤᠯ᠃ ᠭᠡᠬᠦ ᠳ᠋ᠡᠭᠡᠨ ᠪᠦᠷ ᠤᠯᠤᠰ ᠲᠥᠷᠥ ᠶ᠋ᠢᠨ ᠬᠡᠷᠡᠭᠲᠡᠨ ᠭᠡᠳᠡᠭ ᠢ᠋ ᠫᠡᠪᠯᠦᠧ ᠮᠡᠳᠡᠵᠦ ᠪᠠᠢᠭᠰᠠᠨ ᠪᠣᠯᠪᠠᠴᠤ ᠬᠢᠮᠳᠠ ᠬᠥᠯᠥᠰᠥᠨ ᠳ᠋ᠦ᠍ᠨᠢ ᠪᠣᠯᠵᠤ ᠬᠡᠷᠡᠭᠯᠡᠭᠰᠡᠨ ᠪᠠ ᠫᠧᠲ᠋ᠷ ᠬᠠᠲᠠᠭᠤ ᠱᠣᠷᠣᠩ᠂ ᠬᠦᠨᠳᠦ ᠠᠵᠢᠯ ᠳ᠋ᠤ᠌ ᠶᠠᠳᠠᠷᠠᠭᠰᠠᠨ ᠪᠡᠶ᠎ᠡ ᠪᠡᠨ ᠵᠠᠰᠠᠵᠤ ᠴᠠᠭ ᠢ᠋ ᠬᠦᠯᠢᠶᠡᠬᠦ ᠪᠣᠳᠣᠯ ᠲᠠᠢ ᠪᠠᠢᠵᠠᠢ᠃ ᠠᠩᠬ᠎ᠠ ᠢᠷᠡᠭᠰᠡᠨ ᠵᠢᠯ ᠳ᠋ᠡᠭᠡᠨ ᠮᠣᠩᠭᠣᠯᠴᠤᠳ ᠤ᠋ᠨ ᠵᠠᠩ ᠵᠠᠩᠰᠢᠯ᠂ ᠬᠡᠯᠡ ᠠᠮᠠ ᠶ᠋ᠢ ᠮᠡᠳᠡᠬᠦ ᠦᠭᠡᠢ ᠤᠴᠢᠷ ᠡᠴᠡ ᠲᠤᠯᠭᠠᠮᠳᠠᠨ ᠬᠥᠮᠦᠰ ᠦ᠋ᠨ ᠠᠵᠤ ᠠᠮᠢᠳᠤᠷᠠᠯ ᠢ᠋ ᠬᠣᠯᠠ ᠡᠴᠡ ᠠᠵᠢᠨ ᠬᠠᠷᠠᠵᠤ ᠪᠠᠢᠭᠰᠠᠨ ᠪᠣᠯ ᠰᠡᠭᠦᠯ ᠰᠡᠭᠦᠯ ᠳ᠋ᠡᠭᠡᠨ ᠶᠠᠭᠤᠨ ᠤ᠋ ᠡᠮᠦᠨ᠎ᠡ ᠬᠡᠯᠡ ᠰᠤᠷᠬᠤ ᠭᠡᠵᠦ ᠪᠤᠷᠤᠭᠤ ᠬᠠᠵᠠᠭᠠᠢ ᠰᠣᠨᠣᠰᠤᠭᠰᠠᠨ ᠦᠭᠡ᠂ ᠬᠥᠮᠦᠰ ᠦ᠋ᠨ ᠲᠣᠭᠯᠠᠵᠤ ᠵᠢᠭᠠᠭᠰᠠᠨ ᠶᠠᠷᠢᠶ᠎ᠠ ᠶ᠋ᠢ ᠶᠠᠷᠢᠵᠤ ᠠᠮᠢᠲᠠᠨ ᠤ᠋ ᠢᠨᠢᠶᠡᠳᠦ ᠬᠦᠷᠭᠡᠵᠦ ᠶᠠᠪᠤᠭᠰᠠᠭᠠᠷ ᠠᠯᠢᠶ᠎ᠠ ᠫᠧᠲ᠋ᠷ ᠭᠡᠵᠦ ᠬᠣᠴᠢ ᠲᠠᠢ ᠪᠣᠯᠵᠠᠢ᠃
ᠫᠡᠪᠯᠦᠧ ᠮᠣᠩᠭᠣᠯᠴᠤᠳ ᠢ᠋ ᠶᠡᠬᠡᠮᠰᠦᠭ ᠢ᠋ᠶ᠋ᠡᠷ ᠳᠣᠷᠣᠮᠵᠢᠯᠠᠨ ᠬᠠᠷᠠᠵᠤ᠂ ᠵᠢᠭᠰᠢᠨ ᠪᠠᠢᠭ᠎ᠠ ᠶ᠋ᠢ ᠫᠧᠲ᠋ᠷ ᠵᠢᠮᠡᠯᠡᠳᠡᠭ᠃
᠊᠊᠊᠊᠊᠊᠊᠊᠊᠊᠊᠊᠊᠊᠊ ᠮᠣᠩᠭᠣᠯᠴᠤᠳ ᠡᠷᠲᠡ ᠨᠢᠭᠡᠨ ᠴᠠᠭ ᠲᠤ᠌ ᠳᠡᠯᠡᠬᠡᠢ ᠳ᠋ᠠᠬᠢᠨ ᠢ᠋ ᠡᠵᠡᠯᠡᠵᠦ ᠪᠠᠢᠭᠰᠠᠨ ᠭᠡᠳᠡᠭ ᠢ᠋ ᠪᠢ ᠣᠭᠲᠣ ᠦᠨᠡᠮᠰᠢᠬᠦ ᠦᠭᠡᠢ ᠶᠤᠮ᠃ ᠢᠩᠭᠢᠭᠡᠳ ᠬᠠᠷᠠᠬᠤ ᠳ᠋ᠤ᠌ ᠰᠠᠷᠯᠤᠭ ᠡᠴᠡ ᠪᠡᠨ ᠳᠡᠭᠡᠷ᠎ᠡ ᠭᠡᠬᠦ ᠶᠠᠭᠤᠮ᠎ᠠ ᠠᠯᠠᠭ᠎ᠠ᠃ ᠡᠳᠡ ᠶᠠᠪᠤᠭᠠᠨ ᠳ᠋ᠠᠭᠠᠨ ᠰᠥᠨᠥᠵᠦ ᠦᠭᠡᠢ ᠪᠣᠯᠤᠭᠠᠳ ᠡᠨᠡ ᠥᠷᠭᠡᠨ ᠪᠠᠶᠠᠯᠢᠭ ᠨᠤᠲᠤᠭ ᠢ᠋ ᠠᠵᠠ ᠲᠠᠢ᠂ ᠴᠢᠳᠠᠯ ᠲᠠᠢ ᠤᠯᠤᠰ ᠬᠦᠷᠲᠡᠵᠦ ᠣᠷᠬᠢᠨ᠎ᠠ ᠳᠠ ᠭᠡᠵᠦ ᠫᠡᠪᠯᠦᠧ ᠶ᠋ᠢᠨ ᠬᠡᠯᠡᠬᠦ ᠳ᠋ᠦ᠍ ᠫᠧᠲ᠋ᠷ ᠵᠠᠳᠠ ᠡᠰᠡᠷᠭᠦᠴᠡᠵᠦ 《ᠲᠡᠢᠮᠦ ᠪᠢᠰᠢ᠃ ᠮᠣᠩᠭᠣᠯ ᠪᠣᠯ ᠬᠣᠣᠷ᠎ᠠ ᠤᠤᠭᠤᠭᠠᠳ ᠦᠬᠦᠯ ᠦᠭᠡᠢ ᠮᠠᠭᠤᠵᠢᠷᠠᠨ ᠤᠨᠠᠭᠰᠠᠨ ᠪᠠᠭᠠᠲᠤᠷ᠃ ᠵᠦᠢ ᠨᠢ ᠡᠳᠡᠨ ᠢ᠋ ᠰᠣᠴᠢᠭᠠᠵᠤ ᠰᠡᠷᠢᠭᠡᠬᠦ ᠬᠡᠷᠡᠭᠲᠡᠢ᠃ ᠲᠡᠭᠡᠪᠡᠯ ᠵᠥᠪᠬᠡᠨ ᠰᠤᠨᠢᠶᠠᠬᠤ ᠳ᠋ᠤᠨᠢ ᠳᠣᠩᠰᠢᠵᠤ ᠪᠠᠢᠭ᠎ᠠ ᠬᠠᠷ᠎ᠠ ᠬᠡᠷᠢᠶ᠎ᠡ ᠨᠦ᠍ᠭᠦᠳ ᠴᠢᠳᠬᠥᠷ ᠱᠤᠯᠤᠮ ᠤᠷᠤᠭᠤ ᠪᠠᠨ ᠲᠣᠨᠢᠯᠬᠤ ᠶᠤᠮ ᠰᠢᠦ》ᠭᠡᠵᠦ ᠬᠡᠯᠡᠳᠡᠭ ᠪᠠᠢᠯ᠎ᠠ᠃
ᠮᠣᠩᠭᠣᠯ ᠤ᠋ᠨ ᠠᠷᠠᠳ ᠲᠦᠮᠡᠨ ᠦ᠌ ᠪᠦᠳᠦᠭᠦᠯᠢᠭ ᠬᠠᠷᠠᠩᠭᠤᠢ ᠬᠠᠲᠠᠭᠤ ᠠᠮᠢᠳᠤᠷᠠᠯ ᠢ᠋ ᠬᠠᠷᠠᠭᠠᠳ ᠫᠧᠲ᠋ᠷ ᠦ᠋ᠨ ᠰᠡᠳᠬᠢᠯ ᠦᠷᠦ ᠡᠪᠡᠳᠪᠡᠴᠦ ᠮᠣᠩᠭᠣᠯ ᠬᠥᠮᠦᠨ ᠦ᠌ ᠥᠷᠭᠡᠨ ᠳᠡᠯᠭᠡᠷ ᠰᠡᠳᠬᠢᠯ᠂ ᠲᠡᠭᠦᠨ ᠦ᠌ ᠭᠡᠨᠡᠨ ᠴᠠᠭᠠᠨ ᠰᠠᠨᠠᠭ᠎ᠠ᠂ ᠴᠢᠯᠥᠭᠡᠲᠦ ᠠᠮᠢᠳᠤᠷᠠᠯ ᠤ᠋ᠨ ᠡᠷᠡᠮᠡᠯᠵᠡᠯ ᠢ᠋ ᠣᠢᠯᠠᠭᠠᠵᠤ ᠪᠠᠢᠵᠠᠢ᠃ ᠵᠢᠯ ᠭᠠᠷᠤᠢ ᠪᠣᠯᠤᠭᠠᠳ ᠫᠧᠲ᠋ᠷ ᠣᠪᠣᠭ᠎ᠠ ᠬᠡᠯᠡ ᠲᠡᠢ ᠪᠣᠯᠵᠤ ᠠᠮᠢᠲᠠᠨ ᠲᠠᠢ ᠲᠠᠨᠢᠯᠴᠠᠨ ᠠᠷᠢᠬᠢ ᠳᠠᠷᠠᠰᠤ ᠤᠤᠭᠤᠵᠤ ᠪᠠᠢᠬᠤ ᠳ᠋ᠠᠭᠠᠨ ᠵᠠᠷᠢᠮ ᠬᠥᠮᠦᠰ ᠲᠦ᠍ ᠤᠯᠤᠰ ᠲᠥᠷᠥ ᠶ᠋ᠢᠨ ᠶᠠᠭᠤᠮ᠎ᠠ ᠶᠠᠷᠢᠬᠤ ᠳ᠋ᠤ᠌ 《ᠭᠠᠯᠵᠠᠭᠤ ᠣᠷᠣᠰ ᠮᠢᠨᠢ ᠴᠢ ᠢᠩᠭᠢᠵᠦ ᠳᠡᠮᠡᠢ ᠶᠠᠭᠤᠮ᠎ᠠ ᠴᠠᠯᠴᠢᠵᠤ ᠪᠠᠢᠵᠤ ᠪᠥᠨᠲᠥᠭᠡᠷ ᠡᠴᠡ ᠪᠡᠨ ᠬᠠᠭᠠᠴᠠᠨ᠎ᠠ᠂ ᠤᠷᠲᠤ ᠬᠣᠷᠮᠣᠢ ᠬᠥᠯ ᠣᠷᠢᠶᠠᠳᠠᠭ᠂ ᠤᠷᠲᠤ ᠬᠣᠰᠢᠭᠤ ᠬᠦᠵᠦᠭᠦᠦ ᠣᠷᠢᠶᠠᠳᠠᠭ ᠶᠤᠮ ᠭᠡᠳᠡᠭ ᠶᠤᠮ ᠰᠢᠦ》 ᠭᠡᠵᠦ ᠤᠷᠲᠤ ᠡᠴᠡ ᠨᠢ ᠬᠠᠷᠢᠭᠤᠯᠳᠠᠭ ᠪᠠᠢᠯ᠎ᠠ᠃
ᠮᠣᠩᠭᠣᠯ ᠤ᠋ᠨ ᠠᠷᠠᠳ ᠲᠦᠮᠡᠨ ᠦ᠌ ᠬᠠᠲᠠᠭᠤ ᠠᠮᠢᠳᠤᠷᠠᠯ ᠤ᠋ᠨ ᠲᠤᠬᠠᠢ ᠵᠠᠷᠢᠮ ᠬᠥᠮᠦᠨ ᠳ᠋ᠦ᠍ ᠶᠠᠷᠢᠬᠤ ᠳ᠋ᠤ᠌ 《ᠮᠠᠨ ᠤ᠋ ᠣᠷᠣᠨ ᠪᠠᠶᠠᠨ᠂ ᠮᠠᠨ ᠤ᠋ ᠳ᠋ᠤ᠌ ᠠᠵᠢᠯ ᠬᠢᠯ ᠦᠭᠡᠢ ᠬᠡᠳᠦᠨ ᠵᠢᠯ ᠴᠠᠳᠬᠤᠯᠠᠩ ᠠᠮᠢᠳᠤᠷᠠᠵᠤ ᠪᠣᠯᠤᠨ᠎ᠠ》 ᠭᠡᠵᠦ ᠬᠠᠷᠢᠭᠤᠯᠳᠠᠭ ᠪᠠᠢᠪᠠ᠃
ᠨᠢᠭᠡᠨ ᠤᠳᠠᠭ᠎ᠠ ᠨᠢᠮ᠎ᠠ ᠲᠠᠢ ᠶᠠᠷᠢᠵᠤ ᠪᠠᠢᠭᠠᠳ ᠣᠷᠣᠰ ᠤ᠋ᠨ ᠴᠠᠭᠠᠨ ᠬᠠᠭᠠᠨ ᠢ᠋ ᠮᠠᠭᠤ ᠬᠡᠯᠡᠵᠦ ᠣᠷᠬᠢᠭᠰᠠᠨ ᠴᠢᠨᠢ 《ᠪᠤᠷᠬᠠᠨ ᠬᠠᠭᠠᠨ ᠢ᠋ ᠲᠡᠭᠡᠵᠦ ᠬᠡᠯᠡᠭᠡᠳ᠂ ᠨᠢᠭᠦᠯ ᠢ᠋ ᠳᠠᠭᠠᠭᠠᠬᠤ ᠦᠭᠡᠢ ᠰᠢᠦ》 ᠭᠡᠵᠦ ᠵᠢᠮᠡᠯᠡᠭᠰᠡᠨ᠃ ᠪᠠᠰᠠ ᠭᠠᠯᠰᠠᠩ ᠲᠠᠢ ᠶᠠᠷᠢᠵᠤ ᠢᠲᠡᠭᠡᠯᠲᠦ ᠶ᠋ᠢ ᠵᠠᠯᠢ ᠲᠠᠢ ᠬᠥᠮᠦᠨ ᠭᠡᠰᠡᠨ ᠴᠢᠨᠢ ᠵᠠᠳᠠ ᠡᠰᠡᠷᠭᠦᠴᠡᠵᠦ 《ᠨᠠᠳᠠ ᠳ᠋ᠠᠭᠠᠨ ᠯᠠ ᠪᠤᠷᠬᠠᠨ》 ᠭᠡᠰᠡᠨ ᠪᠢᠯᠡ᠃
ᠫᠡᠪᠯᠦᠧ ᠶ᠋ᠢᠨ ᠰᠠᠭᠤᠷᠢᠨ ᠢ᠋ ᠰᠠᠬᠢᠵᠤ ᠪᠠᠢᠬᠤ ᠳ᠋ᠠᠭᠠᠨ ᠯᠤᠤ ᠬᠦᠩ ᠦ᠋ᠨ ᠬᠦᠷᠢᠶᠡᠨ ᠦ᠌ ᠭᠤᠢᠯᠢᠨᠴᠢᠨ ᠲᠠᠢ ᠬᠦᠷᠲᠡᠯ᠎ᠡ ᠶᠠᠷᠢᠵᠤ ᠦᠵᠡᠭᠰᠡᠨ᠃ ᠭᠡᠲᠡᠯ᠎ᠡ ᠶᠠᠷᠢᠭᠰᠠᠨ ᠢ᠋ ᠨᠢ ᠣᠢᠯᠭᠠᠬᠤ ᠶ᠋ᠢᠨ ᠣᠷᠣᠨ ᠳ᠋ᠤ᠌ ᠥᠭᠭᠦᠭᠰᠡᠨ ᠢ᠋ ᠨᠢ ᠠᠪᠤᠭᠠᠳ ᠵᠠᠢᠯᠠᠳᠠᠭ ᠪᠠᠢᠵᠠᠢ᠃
ᠫᠧᠲ᠋ᠷ ᠡᠨᠡ ᠮᠡᠲᠦ ᠪᠤᠬᠢᠨᠢᠳᠤᠵᠤ ᠪᠠᠢᠭᠰᠠᠨ ᠪᠣᠯᠪᠠᠴᠤ ᠴᠥᠬᠥᠷᠡᠭᠰᠡᠨ ᠦᠭᠡᠢ᠂ ᠬᠥᠮᠦᠰ ᠲᠡᠢ ᠠᠭᠤᠯᠵᠠᠬᠤ ᠪᠦᠷᠢ ᠳ᠋ᠡᠭᠡᠨ ᠲᠣᠭᠯᠠᠭᠠᠮ ᠱᠣᠭᠯᠠᠭᠠᠮ ᠤ᠋ᠨ ᠳᠤᠮᠳᠠᠭᠤᠷ ᠤᠯᠤᠰ ᠲᠥᠷᠥ ᠶ᠋ᠢᠨ ᠶᠠᠭᠤᠮ᠎ᠠ ᠶᠠᠷᠢᠵᠤ ᠪᠠᠢᠳᠠᠭ ᠪᠠᠢᠯ᠎ᠠ᠃
᠊᠊᠊᠊᠊᠊᠊᠊᠊᠊᠊᠊᠊᠊᠊ ᠲᠠ ᠢᠲᠡᠭᠡᠯᠲᠦ ᠶ᠋ᠢᠨ ᠳ᠋ᠦ᠍ ᠵᠠᠷᠤᠭᠳᠠᠵᠤ ᠪᠠᠢᠨ᠎ᠠ? ᠭᠡᠵᠦ ᠫᠧᠲ᠋ᠷ᠂ ᠡᠷᠳᠡᠨᠢ ᠡᠴᠡ ᠠᠰᠠᠭᠤᠪᠠ᠃
᠊᠊᠊᠊᠊᠊᠊᠊᠊᠊᠊᠊᠊᠊᠊ ᠲᠡᠢᠮᠦ ᠠ᠋᠃
᠊᠊᠊᠊᠊᠊᠊᠊᠊᠊᠊᠊᠊᠊᠊ ᠡᠨᠡ ᠨᠤᠲᠤᠭ ᠤ᠋ᠨ ᠬᠥᠮᠦᠨ ᠤᠤ?
᠊᠊᠊᠊᠊᠊᠊᠊᠊᠊᠊᠊᠊᠊᠊ ᠦᠭᠡᠢ᠂ ᠮᠢᠨᠦ ᠨᠤᠲᠤᠭ ᠬᠣᠯᠠ᠃ ᠵᠠᠰᠠᠭᠲᠤ ᠬᠠᠨ ᠤ᠋ ᠬᠣᠰᠢᠭᠤ ᠶ᠋ᠢ ᠮᠡᠳᠡᠬᠦ ᠤᠤ?
᠊᠊᠊᠊᠊᠊᠊᠊᠊᠊᠊᠊᠊᠊᠊ ᠮᠡᠳᠡᠬᠦ ᠦᠭᠡᠢ᠂ ᠰᠣᠨᠣᠰᠤᠭᠰᠠᠨ᠃
᠊᠊᠊᠊᠊᠊᠊᠊᠊᠊᠊᠊᠊᠊᠊ ᠪᠢ ᠲᠡᠷᠡ ᠬᠤᠰᠢᠭᠤᠨ ᠤ᠋ ᠬᠥᠮᠦᠨ᠂ ᠪᠣᠭᠳᠠ ᠳ᠋ᠤ᠌ ᠮᠥᠷᠭᠥᠬᠦ ᠭᠡᠵᠦ ᠶᠠᠪᠤᠭᠠᠳ ᠡᠨᠳᠡ ᠶᠠᠪᠠᠭᠠᠷᠠᠵᠤ᠂ ᠢᠲᠡᠭᠡᠯᠲᠦ ᠶ᠋ᠢᠨ ᠬᠦᠴᠦ ᠪᠡᠷ ᠠᠮᠢᠳᠤᠷᠠᠵᠤ ᠪᠠᠢᠨ᠎ᠠ᠃
᠊᠊᠊᠊᠊᠊᠊᠊᠊᠊᠊᠊᠊᠊᠊ ᠢᠲᠡᠭᠡᠯᠲᠦ ᠬᠢᠷᠢ ᠬᠥᠯᠥᠰᠥ ᠥᠭᠴᠦ ᠪᠠᠢᠨ᠎ᠠ?
᠊᠊᠊᠊᠊᠊᠊᠊᠊᠊᠊᠊᠊᠊᠊ ᠲᠣᠳᠣᠷᠬᠠᠢ ᠬᠥᠯᠥᠰᠥ ᠶᠠᠷᠢᠭ᠎ᠠ ᠦᠭᠡᠢ᠃ ᠭᠡᠬᠦ ᠳ᠋ᠡᠭᠡᠨ ᠣᠪᠣᠭ᠎ᠠ ᠶᠠᠭᠤᠮ᠎ᠠ ᠥᠭᠴᠦ ᠪᠠᠢᠨ᠎ᠠ᠃ ᠶᠡᠷᠦᠨᠢ ᠰᠠᠢᠨ ᠬᠥᠮᠦᠨ ᠪᠠᠢᠨ᠎ᠠ ᠭᠡᠵᠦ ᠡᠷᠳᠡᠨᠢ ᠶ᠋ᠢᠨ ᠬᠡᠯᠡᠬᠦ ᠳ᠋ᠦ᠍ ᠫᠧᠲ᠋ᠷ ᠲᠣᠭᠣᠮᠵᠢᠷ ᠦᠭᠡᠢ ᠢᠨᠢᠶᠡᠮᠰᠦᠭᠯᠡᠪᠡ᠃
ᠮᠠᠢᠬᠠᠨ ᠡᠴᠡ 《ᠫᠧᠲ᠋ᠢᠶᠠ》ᠭᠡᠵᠦ ᠬᠠᠰᠬᠢᠷᠤᠭᠰᠠᠨ ᠫᠡᠪᠯᠦᠧ ᠶ᠋ᠢᠨ ᠪᠦᠳᠦᠭᠦᠨ ᠳᠠᠭᠤ ᠫᠧᠲ᠋ᠷ ᠢ᠋ ᠪᠣᠰᠬᠠᠪᠠ᠃
᠊᠊᠊᠊᠊᠊᠊᠊᠊᠊᠊᠊᠊᠊᠊ ᠵᠠᠷᠤᠴᠠ ᠬᠥᠮᠦᠨ ᠥᠪᠡᠷ ᠦ᠋ᠨ ᠡᠷᠬᠡ ᠦᠭᠡᠢ ᠪᠠᠢᠳᠠᠭ ᠪᠣᠯᠬᠣᠷ ᠶᠠᠪᠤᠵᠤ ᠦᠵᠡᠶ᠎ᠡ ᠳᠡ ᠭᠡᠳ ᠬᠥᠭᠵᠢᠯᠲᠡᠢ ᠪᠡᠷ ᠨᠢᠳᠦ ᠪᠡᠨ ᠢᠷᠮᠡᠨ ᠭᠠᠷᠴᠤ ᠡᠷᠢᠶᠡᠨ ᠮᠠᠢᠬᠠᠨ ᠳ᠋ᠤ᠌ ᠣᠷᠣᠯ᠎ᠠ᠃
᠊᠊᠊᠊᠊᠊᠊᠊᠊᠊᠊᠊᠊᠊᠊ ᠭᠠᠯᠰᠠᠩ ᠰᠢᠷᠡᠭᠡᠨ ᠳᠡᠭᠡᠷ᠎ᠡ ᠲᠠᠪᠠᠭ ᠲᠠᠢ ᠪᠤᠤᠵᠠ᠂ ᠯᠣᠢ᠌ᠮᠤ ᠫᠦᠡᠳᠦᠦᠵᠡ ᠲᠡᠢ ᠱᠥᠯᠥ ᠡᠴᠡ ᠠᠶᠠᠭᠠᠯᠠᠨ ᠲᠠᠯᠪᠢᠵᠤ ᠪᠠᠢᠪᠠ᠃
ᠫᠡᠪᠯᠦᠧ ᠶᠠᠭᠤᠮ᠎ᠠ ᠣᠷᠣᠭᠤᠯᠵᠤ ᠢᠷᠡᠬᠦ ᠲᠤᠰᠢᠶᠠᠯ ᠣᠷᠣᠰ ᠢ᠋ᠶ᠋ᠠᠷ ᠥᠭᠬᠦ ᠳ᠋ᠦ᠍ ᠫᠧᠲ᠋ᠷ ᠲᠣᠯᠣᠭᠠᠢ ᠳᠣᠬᠢᠨ ᠭᠠᠷᠴᠤ ᠲᠡᠷᠭᠡᠨ ᠳᠡᠭᠡᠷ᠎ᠡ ᠡᠴᠡ ᠬᠣᠶᠠᠷ ᠬᠠᠷ᠎ᠠ ᠠᠪᠳᠠᠷ᠎ᠠ ᠲᠠᠢ ᠶᠠᠭᠤᠮ᠎ᠠ ᠠᠪᠴᠢᠷᠠᠵᠤ ᠫᠡᠪᠯᠦᠧ ᠶ᠋ᠢᠨ ᠠᠷᠤ ᠳ᠋ᠤ᠌ ᠲᠠᠯᠪᠢᠬᠤ ᠳ᠋ᠤ᠌ ᠡᠬᠡᠨᠡᠷ ᠨᠢ ᠠᠭᠤᠳᠠᠯᠵᠤ ᠲᠣᠮᠣ ᠴᠠᠭᠠᠨ ᠪᠣᠭᠣᠳᠠᠯ ᠲᠠᠢ ᠶᠠᠭᠤᠮ᠎ᠠ ᠭᠠᠷᠭᠠᠵᠤ ᠨᠥᠬᠥᠷ ᠲᠡᠭᠡᠨ ᠥᠭᠪᠡ᠃
᠊᠊᠊᠊᠊᠊᠊᠊᠊᠊᠊᠊᠊᠊᠊ ᠨᠠᠭᠠᠳᠤᠮ ᠤ᠋ᠨ ᠥᠴᠦᠬᠡᠨ ᠪᠡᠯᠡᠭ ᠴᠢᠮ᠎ᠠ ᠳ᠋ᠤ᠌ ᠠᠪᠴᠢᠷᠠᠭᠰᠠᠨ ᠶᠤᠮ ᠭᠡᠳ ᠢᠲᠡᠭᠡᠯᠲᠦ ᠳ᠋ᠦ᠍ ᠥᠭᠪᠡ᠃ ᠢᠲᠡᠭᠡᠯᠲᠦ ᠥᠭᠪᠡᠯ ᠵᠣᠬᠢᠬᠤ ᠵᠦᠢᠯ ᠢ᠋ ᠠᠪᠴᠤ ᠪᠠᠢᠭ᠎ᠠ ᠶᠤᠮ ᠰᠢᠭ᠋ ᠠᠵᠢᠭ ᠦᠭᠡᠢ ᠠᠪᠤᠭᠠᠳ ᠠᠷᠤ ᠳ᠋ᠠᠭᠠᠨ ᠲᠠᠯᠪᠢᠯ᠎ᠠ᠃
ᠡᠨᠡ ᠬᠣᠭᠣᠷᠣᠨᠳᠣ ᠫᠡᠪᠯᠦᠧ ᠶ᠋ᠢᠨ ᠠᠪᠠᠭᠠᠢ ᠬᠡᠳᠦᠨ ᠰᠢᠯ ᠠᠷᠢᠬᠢ ᠭᠠᠷᠭᠠᠵᠤ ᠰᠢᠷᠡᠭᠡᠨ ᠳᠡᠭᠡᠷ᠎ᠡ ᠲᠠᠯᠪᠢᠵᠠᠢ᠃
᠊᠊᠊᠊᠊᠊᠊᠊᠊᠊᠊᠊᠊᠊᠊ ᠨᠥᠭᠦᠭᠡ ᠡᠷᠳᠡᠨᠢ ᠶ᠋ᠢ ᠳᠠᠭᠤᠳᠠᠭᠠᠴᠢ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠭᠠᠯᠰᠠᠩ ᠤᠬᠤᠰᠬᠢᠨ ᠭᠠᠷᠤᠯ᠎ᠠ᠃
ᠬᠣᠷᠰᠢᠶ᠎ᠠ ᠬᠣᠶᠠᠷ ᠬᠠᠷᠢᠯᠴᠠᠨ ᠨᠠᠢᠷ ᠲᠠᠯᠪᠢᠨ᠂ ᠪᠡᠶ᠎ᠡ ᠪᠡᠶ᠎ᠡ ᠪᠡᠨ ᠬᠠᠷᠠᠬᠤ ᠪᠦᠷᠢ ᠮᠦᠰᠢᠶᠡᠨ᠂ ᠮᠥᠩᠭᠥᠨ ᠠᠶᠠᠭ᠎ᠠ ᠲᠠᠢ ᠠᠷᠠᠵᠠ ᠤᠤᠭᠤᠵᠤ᠂ ᠬᠠᠯᠠᠭᠤᠨ ᠪᠤᠤᠵᠠ ᠲᠠᠷᠭᠤᠨ ᠮᠢᠬ᠎ᠠ ᠪᠠᠷ ᠳᠠᠷᠤᠭᠤᠯᠤᠨ᠎ᠠ᠃
᠊᠊᠊᠊᠊᠊᠊᠊᠊᠊᠊᠊᠊᠊᠊ ᠠᠷᠠᠵᠠ ᠲᠣᠯᠣᠭᠠᠢ ᠳ᠋ᠤ᠌ ᠭᠠᠷᠬᠤ ᠨᠢ ᠠᠢᠬᠤᠪᠲᠤᠷ ᠪᠣᠯᠬᠤ ᠡᠴᠡ ᠪᠢᠰᠢ᠂ ᠰᠠᠢᠬᠠᠨ ᠠᠷᠢᠬᠢ ᠰᠢᠦ ᠭᠡᠵᠦ ᠫᠡᠪᠯᠦᠧ ᠶ᠋ᠢᠨ ᠬᠡᠯᠡᠬᠦ ᠳ᠋ᠦ᠍ ᠢᠲᠡᠭᠡᠯᠲᠦ ᠰᠡᠳᠬᠢᠯ ᠬᠠᠨᠤᠮᠵᠢᠲᠠᠢ ᠢᠨᠢᠶᠡᠮᠰᠦᠭᠯᠡᠭᠰᠡᠨ ᠢ᠋ᠶ᠋ᠡᠨ 《ᠴᠢᠨᠦ ᠨᠥᠭᠦᠭᠡ ᠨᠠᠳᠠ ᠳ᠋ᠤ᠌ ᠥᠭᠳᠡᠭ ᠴᠡᠩᠬᠡᠷ ᠰᠢᠯ ᠰᠠᠪᠠ ᠲᠠᠢ ᠴᠢᠨᠢ ᠶᠠᠰᠤᠨ ᠤ᠋ ᠬᠥᠯᠥᠰᠥ ᠭᠠᠷᠭᠠᠳᠠᠭ ᠬᠠᠲᠠᠭᠤ ᠳᠠᠮᠰᠢᠭ ᠪᠠᠢᠳᠠᠭ ᠰᠢᠦ》 ᠭᠡᠵᠦ ᠨᠠᠢᠷ ᠲᠠᠯᠪᠢᠨ ᠬᠡᠯᠡᠪᠡ᠃
ᠡᠨᠡ ᠦᠶ᠎ᠡ ᠳ᠋ᠦ᠍ ᠡᠷᠳᠡᠨᠢ ᠣᠷᠣᠵᠤ ᠢᠷᠡᠭᠡᠳ ᠪᠠᠭᠠᠨ᠎ᠠ ᠶ᠋ᠢᠨ ᠬᠠᠵᠠᠭᠤ ᠳ᠋ᠤ᠌ ᠵᠣᠭᠰᠣᠵᠤ 《ᠨᠠᠮᠢ᠋ᠢ ᠳᠠᠭᠤᠳᠠᠭᠰᠠᠨ ᠤᠤ? 》 ᠭᠡᠵᠦ ᠠᠰᠠᠭᠤᠪᠠ᠃
᠊᠊᠊᠊᠊᠊᠊᠊᠊᠊᠊᠊᠊᠊᠊ ᠲᠡᠢᠮᠦ᠂ ᠰᠠᠭᠤ᠂ ᠡᠨᠡ ᠪᠣᠯ ᠮᠠᠨ ᠤ᠋ ᠠᠨᠳᠠ ᠫᠡᠪᠯᠦᠧ ᠭᠡᠳᠡᠭ ᠫᠠᠨᠽᠠᠴᠢᠨ᠃ ᠡᠨᠡ ᠪᠣᠯ ᠭᠡᠷᠭᠡᠢ ᠨᠢ᠃ ᠫᠡᠪᠯᠦᠧ᠂ ᠪᠢ ᠨᠢᠭᠡ ᠪᠠᠷᠠᠭᠤᠨ ᠭᠠᠷ ᠤ᠋ᠨ ᠬᠥᠮᠦᠨ ᠲᠡᠢ ᠪᠣᠯᠤᠭᠰᠠᠨ᠃ ᠪᠢᠴᠢᠭ ᠤᠩᠰᠢᠬᠤ ᠭᠡᠳᠡᠭ ᠨᠢ ᠤᠶᠠᠭ᠎ᠠ ᠲᠠᠭᠠᠷᠠᠭᠰᠠᠨ ᠲᠦᠮᠡᠨ ᠦ᠌ ᠡᠬᠢ ᠳᠠᠪᠬᠢᠵᠤ ᠪᠠᠢᠭ᠎ᠠ ᠶᠤᠮ ᠰᠢᠭ᠋᠃ ᠵᠠ ᠫᠡᠪᠯᠦᠧ ᠢᠨᠠᠳᠤᠭᠢ ᠠᠷᠢᠬᠢᠨ ᠡᠴᠡ ᠪᠡᠨ ᠵᠠᠳᠠᠯᠤᠭᠠᠴᠢ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠫᠡᠪᠯᠦᠧ ᠨᠢᠭᠡ ᠰᠢᠯ ᠢ᠋ ᠠᠪᠴᠤ ᠠᠯᠢᠶ᠎ᠠ ᠫᠧᠲ᠋ᠷ ᠲᠦ᠍ ᠥᠭᠪᠡ᠃
ᠫᠧᠲ᠋ᠷ ᠰᠢᠯ ᠦ᠋ᠨ ᠪᠥᠭᠰᠡ ᠤᠷᠤᠭᠤ ᠭᠠᠭᠴᠠᠬᠠᠨ ᠴᠣᠬᠢᠬᠤ ᠳ᠋ᠤ᠌ ᠪᠥᠭᠯᠡᠭᠡ ᠨᠢ ᠲᠡᠷᠡ ᠬᠠᠶᠠᠭ᠎ᠠ ᠤᠷᠤᠭᠤ ᠦᠰᠦᠷᠦᠨ ᠠᠯᠠᠭ᠎ᠠ ᠪᠣᠯᠵᠠᠢ᠃ ᠪᠦᠭᠦᠳᠡ ᠢᠨᠢᠶᠡᠯᠳᠦᠨ ᠫᠧᠲ᠋ᠷ ᠦ᠋ᠨ ᠰᠤᠷᠮᠠᠭᠠᠢ ᠶ᠋ᠢ ᠭᠠᠢᠬᠠᠪᠠ᠃ ᠢᠲᠡᠭᠡᠯᠲᠦ ᠰᠢᠷᠡᠭᠡᠨ ᠳᠡᠭᠡᠷ᠎ᠡ ᠲᠠᠯᠪᠢᠭᠰᠠᠨ ᠠᠷᠢᠬᠢ ᠶ᠋ᠢ ᠠᠪᠴᠤ ᠨᠠᠷᠢᠪᠴᠢᠯᠠᠨ ᠦᠵᠡᠪᠡ᠃
᠊᠊᠊᠊᠊᠊᠊᠊᠊᠊᠊᠊᠊᠊᠊ ᠡᠨᠡ ᠴᠢᠨᠢ ᠣᠪᠣᠭ᠎ᠠ ᠴᠢᠩᠭ᠎ᠠ ᠪᠢᠯᠢᠤ? ᠭᠡᠳ ᠠᠶᠠᠭ᠎ᠠ ᠨᠤᠭᠤᠳ ᠲᠤ᠌ ᠬᠢᠵᠦ ᠨᠢᠭᠡ ᠶ᠋ᠢ ᠠᠪᠤᠭᠠᠳ ᠡᠷᠳᠡᠨᠢ ᠳ᠋ᠦ᠍ ᠥᠭᠪᠡ᠃
ᠡᠷᠳᠡᠨᠢ ᠰᠥᠬᠥᠷᠡᠨ ᠰᠠᠭᠤᠵᠤ᠂ ᠳᠣᠲᠣᠭᠰᠢ ᠪᠠᠨ ᠰᠢᠮᠠᠯᠠᠭᠰᠠᠨ ᠨᠢᠳᠤᠷᠭ᠎ᠠ ᠪᠠᠨ ᠰᠡᠭᠰᠦᠷᠦᠨ᠂ ᠠᠶᠠᠭ᠎ᠠ ᠲᠠᠢ ᠠᠷᠢᠬᠢ ᠶ᠋ᠢ ᠠᠪᠴᠤ ᠳᠡᠭᠡᠭᠰᠢ ᠡᠷᠭᠦᠨ᠄
《ᠠᠷᠢᠬᠢ ᠨᠡᠷ᠎ᠡ ᠲᠡᠢ ᠠᠮᠲᠠᠲᠤ ᠶ᠋ᠢᠨ ᠳᠡᠭᠡᠵᠢ ᠶᠦ᠍ᠭᠡᠨ
ᠠᠯᠲᠠᠨ ᠠᠮᠠ ᠲᠠᠢ ᠮᠥᠩᠭᠥᠨ ᠬᠤᠨᠳᠠᠭᠠᠨ ᠳ᠋ᠤ᠌
ᠠᠮᠠᠰᠠᠷ ᠳᠦᠭᠦᠷᠡᠩ ᠬᠢᠵᠦ ᠥᠭᠭᠦᠭᠰᠡᠨ
ᠠᠬ᠎ᠠ ᠳᠡᠭᠦᠦ ᠣᠯᠠᠨ ᠲᠠ ᠨᠠᠷ ᠤ᠋ᠨ
ᠠᠵᠠ ᠵᠢᠷᠭᠠᠯ ᠳᠠᠯᠠᠢ ᠰᠢᠭ ᠪᠢᠯᠬᠠᠵᠤ
ᠤᠷᠲᠤ ᠨᠠᠰᠤᠯᠠᠨ ᠤᠳᠠᠭᠠᠨ ᠵᠢᠷᠭᠠᠬᠤ ᠶ᠋ᠢᠨ
ᠥᠯᠵᠡᠢᠲᠦ ᠰᠠᠢᠬᠠᠨ ᠢᠷᠦᠭᠡᠯ ᠢ᠋
ᠤᠯᠠᠮᠵᠢᠯᠠᠵᠤ ᠳᠡᠪᠰᠢᠭᠦᠯᠦᠶ᠎ᠡ》 ᠭᠡᠬᠦ ᠳ᠋ᠦ᠍ᠨᠢ 《ᠲᠡᠷᠡ ᠢᠷᠦᠭᠡᠯ ᠪᠠᠲᠤ ᠣᠷᠣᠰᠢᠬᠤ ᠪᠣᠯᠲᠤᠭᠠᠢ》 ᠭᠡᠵᠦ ᠬᠡᠯᠡᠬᠦ ᠵᠠᠭᠤᠷ᠎ᠠ ᠢᠲᠡᠭᠡᠯᠲᠦ ᠪᠠᠰᠠ ᠨᠢᠭᠡ ᠠᠶᠠᠭ᠎ᠠ ᠶ᠋ᠢ ᠠᠪᠴᠤ ᠫᠧᠲ᠋ᠷ ᠲᠦ᠍ ᠥᠭᠪᠡ᠃
ᠡᠷᠳᠡᠨᠢ᠂ ᠢᠳᠠᠮ ᠬᠤᠷᠤᠭᠤ ᠪᠠᠨ ᠮᠡᠯᠲᠡᠯᠵᠡᠭᠰᠡᠨ ᠠᠷᠢᠬᠢᠨ ᠤ᠋ ᠮᠠᠨᠳᠠᠯ ᠳ᠋ᠤ᠌ ᠬᠦᠷᠭᠡᠨ ᠲᠠᠬᠢᠯ ᠡᠷᠭᠦᠭᠡᠳ ᠰᠢᠮᠡᠨ ᠤᠤᠭᠤᠵᠠᠢ᠃
ᠫᠧᠲ᠋ᠷ᠂ ᠡᠷᠳᠡᠨᠢ ᠰᠢᠭ ᠰᠥᠬᠥᠷᠡᠨ ᠰᠠᠭᠤᠭᠠᠳ ᠠᠷᠢᠬᠢ ᠶ᠋ᠢ ᠬᠣᠶᠠᠷ ᠭᠠᠷᠳᠠᠨ ᠠᠪᠴᠤ ᠶᠠᠭᠤ ᠬᠡᠯᠡᠬᠦ ᠪᠡᠨ ᠣᠯᠵᠤ ᠶᠠᠳᠠᠨ ᠬᠡᠰᠡᠭ ᠲᠦᠭᠳᠡᠷᠡᠭᠰᠡᠨ ᠢ᠋ᠶ᠋ᠡᠨ 《ᠰᠠᠢᠬᠠᠨ ᠢᠷᠦᠭᠡᠯ ᠢ᠋ ᠤᠯᠠᠮᠵᠢᠯᠠᠨ ᠳᠡᠪᠰᠢᠭᠦᠯᠦᠶ᠎ᠡ》ᠭᠡᠳ ᠬᠥᠭᠵᠢᠯᠲᠡᠢ ᠪᠡᠷ ᠨᠢᠳᠦ ᠪᠡᠨ ᠢᠷᠮᠡᠨ ᠢᠨᠢᠶᠡᠮᠰᠦᠭᠯᠡᠭᠰᠡᠨ ᠢ᠋ᠶ᠋ᠡᠨ ᠭᠠᠭᠴᠠᠬᠠᠨ ᠭᠦᠡᠳᠡᠷᠴᠤ ᠣᠷᠬᠢᠭᠠᠳ ᠬᠠᠨᠴᠤᠢ ᠪᠠᠨ ᠦᠨᠦᠷᠲᠦᠪᠡ᠃
ᠲᠡᠷᠡ ᠣᠷᠣᠢ ᠢᠲᠡᠭᠡᠯᠲᠦ ᠶ᠋ᠢᠨ ᠮᠠᠢᠬᠠᠨ ᠳ᠋ᠤ᠌ ᠣᠯᠠᠨ ᠵᠣᠴᠢᠳ ᠴᠤᠭᠯᠠᠷᠠᠵᠤ ᠨᠠᠢᠷ ᠪᠣᠯᠬᠤ ᠳ᠋ᠤ᠌ ᠪᠠᠳᠠᠷᠴᠢ᠂ ᠴᠡᠮᠪᠡ᠂ ᠵᠠᠮᠪᠠᠯ ᠨᠠᠷ ᠪᠠᠢᠵᠠᠢ᠃
᠊᠊᠊᠊᠊᠊᠊᠊᠊᠊᠊᠊᠊᠊᠊ ᠫᠧᠲ᠋ᠢᠶᠠ ᠬᠥᠭᠵᠢᠮ ᠭᠡᠵᠦ ᠦᠯᠡᠮᠵᠢ ᠰᠣᠭᠲᠣᠭᠰᠠᠨ ᠫᠡᠪᠯᠦᠧ ᠥᠨᠳᠥᠷ ᠳᠠᠭᠤ ᠪᠠᠷ ᠬᠡᠯᠡᠭᠰᠡᠨ ᠳ᠋ᠦ᠍ ᠠᠯᠢᠶ᠎ᠠ ᠫᠧᠲ᠋ᠷ ᠪᠠᠶᠠᠨ ᠬᠤᠭᠤᠷ ᠠᠪᠴᠢᠷᠠᠵᠤ ᠠᠯᠲᠠ ᠠᠯᠲᠠ ᠰᠤᠩᠬᠠᠨ ᠲᠠᠲᠠᠭᠠᠳ ᠪᠥᠵᠢᠭᠯᠡᠬᠦ ᠳ᠋ᠦ᠍ᠨᠢ ᠭᠠᠵᠠᠷ ᠳᠣᠷᠭᠢᠵᠤ᠂ ᠦᠰᠦᠷᠬᠦ ᠳ᠋ᠡᠭᠡᠨ ᠮᠠᠢᠬᠠᠨ ᠤ᠋ ᠰᠢᠪᠠᠭᠤ ᠮᠣᠳᠣᠨ ᠳ᠋ᠤ᠌ ᠪᠠᠷᠤᠭ ᠯᠠ ᠬᠦᠷᠴᠦ ᠪᠠᠢᠯ᠎ᠠ᠃
ᠡᠷᠳᠡᠨᠢ ᠳ᠋ᠦ᠍ ᠫᠧᠲ᠋ᠷ ᠦ᠋ᠨ ᠡᠨᠡ ᠪᠠᠢᠳᠠᠯ ᠶᠡᠬᠡ ᠯᠡ ᠲᠠᠭᠠᠯᠠᠭᠳᠠᠵᠤ᠂ ᠲᠡᠭᠦᠨ ᠦ᠌ ᠭᠤᠨᠢᠭ ᠦᠭᠡᠢ᠂ ᠬᠥᠭᠵᠢᠯᠲᠡᠢ ᠠᠯᠢᠶ᠎ᠠ ᠵᠠᠩ ᠳ᠋ᠤ᠌ ᠲᠠᠯᠠᠷᠬᠠᠬᠤ ᠰᠡᠳᠬᠢᠯ ᠪᠠᠲᠤᠵᠢᠪᠠ᠃
᠊᠊᠊᠊᠊᠊᠊᠊᠊᠊᠊᠊᠊᠊᠊ ᠠᠯᠢ ᠪᠣᠢ᠂ ᠡᠷᠳᠡᠨᠢ ᠮᠢᠨᠢ ᠳᠠᠭᠤᠤ ᠪᠠᠷᠢᠭᠠᠴᠢ ᠭᠡᠵᠦ ᠢᠲᠡᠭᠡᠯᠲᠦ ᠬᠡᠯᠡᠭᠡᠳ ᠮᠥᠩᠭᠥᠨ ᠠᠶᠠᠭ᠎ᠠ ᠳᠦᠭᠦᠷᠡᠩ ᠠᠷᠢᠬᠢ ᠪᠠᠷᠢᠪᠠ᠃ ᠡᠨᠡ ᠮᠠᠢᠬᠠᠨ ᠳ᠋ᠤ᠌ ᠴᠤᠭᠯᠠᠷᠠᠭᠰᠠᠨ ᠪᠦᠬᠦᠨ ᠥᠪᠡᠷ ᠲᠦ᠋ᠨᠢ ᠰᠠᠢᠨ ᠬᠥᠮᠦᠨ ᠪᠣᠯᠬᠤ ᠶ᠋ᠢ ᠬᠢᠴᠢᠶᠡᠵᠦ ᠪᠠᠢᠭ᠎ᠠ ᠶ᠋ᠢ ᠣᠢᠯᠠᠭᠠᠭᠰᠠᠨ ᠢᠲᠡᠭᠡᠯᠲᠦ ᠳ᠋ᠦ᠍ ᠪᠠᠷᠳᠠᠮ ᠰᠡᠳᠬᠢᠯ ᠦ᠋ᠨ ᠶᠡᠬᠡ ᠪᠠᠶᠠᠷ ᠣᠪᠣᠯᠵᠠᠨ ᠬᠦᠰᠡᠪᠡᠯ ᠬᠣᠷᠸ᠎ᠠ ᠶ᠋ᠢᠨ ᠠᠭᠤᠯᠠ ᠶ᠋ᠢ ᠲᠠᠯ᠎ᠠ ᠪᠣᠯᠭᠠᠵᠤ᠂ ᠲᠠᠯ᠎ᠠ ᠶ᠋ᠢ ᠠᠭᠤᠯᠠ ᠪᠣᠯᠭᠠᠬᠤ ᠴᠢᠳᠠᠯ ᠪᠡᠶ᠎ᠡ ᠳ᠋ᠦ᠍ᠨᠢ ᠪᠠᠢᠬᠤ ᠰᠢᠭ᠋ ᠰᠠᠨᠠᠭᠳᠠᠵᠤ ᠪᠠᠢᠪᠠ᠃
ᠡᠷᠳᠡᠨᠢ 《ᠡᠷ᠎ᠡ ᠪᠣᠷᠣ ᠬᠠᠷᠴᠠᠭᠠᠢ》 ᠶ᠋ᠢ ᠳᠠᠭᠤᠯᠠᠭᠰᠠᠨ ᠳ᠋ᠤ᠌ ᠢᠲᠡᠭᠡᠯᠲᠦ ᠬᠣᠭᠣᠯᠠᠢ ᠶ᠋ᠢᠨ ᠬᠢᠨᠢ ᠴᠡᠭᠡᠯᠬᠡᠨ ᠢ᠋ ᠮᠠᠭᠲᠠᠵᠤ ᠲᠠᠪᠤᠨ ᠲᠦᠷᠡᠯᠭᠡ ᠳᠠᠬᠢᠭᠤᠯᠪᠠ᠃
ᠬᠤᠷᠤᠭᠤ ᠭᠠᠷᠭᠠᠬᠤ᠂ ᠬᠤᠸᠠᠯᠠᠬᠤ ᠵᠡᠷᠭᠡ ᠵᠡᠷᠭᠡ ᠪᠣᠯᠵᠤ᠂ ᠦᠷᠭᠦᠯᠵᠢᠯᠡᠭᠰᠡᠨ ᠱᠤᠤᠭᠢᠶᠠᠨ᠂ ᠡᠬᠢ ᠵᠠᠬ᠎ᠠ ᠦᠭᠡᠢ ᠶᠠᠷᠢᠶ᠎ᠠ ᠡᠬᠢᠯᠡᠪᠡ᠃
ᠳᠥᠩᠭᠡᠨ ᠦ᠌ ᠪᠤᠷᠢᠶᠠᠳ ᠲᠣᠰᠬᠣᠨ ᠳ᠋ᠤ᠌ ᠥᠰᠦᠭᠰᠡᠨ᠂ ᠫᠡᠪᠯᠦᠧ ᠳ᠋ᠦ᠍ ᠡᠨᠡ ᠪᠦᠬᠦᠨ ᠨᠢ ᠶᠡᠷᠦᠳᠡ ᠶ᠋ᠢᠨ ᠳᠠᠰᠤᠭᠰᠠᠨ ᠶᠠᠭᠤᠮ᠎ᠠ ᠪᠠᠢᠭᠰᠠᠨ ᠪᠣᠯᠬᠣᠷ ᠣᠯᠠᠨ ᠤ᠋ ᠤᠷᠤᠰᠬᠠᠯ ᠳ᠋ᠤ᠌ ᠣᠷᠣᠨ ᠬᠠᠰᠬᠢᠷᠬᠤ ᠭᠠᠵᠠᠷ ᠨᠢ ᠬᠠᠰᠬᠢᠷᠴᠤ᠂ ᠢᠨᠢᠶᠡᠬᠦ ᠭᠠᠵᠠᠷ ᠨᠢ ᠢᠨᠢᠶᠡᠵᠦ ᠰᠠᠭᠤᠪᠠ᠃
ᠬᠠᠷᠢᠨ ᠡᠬᠡᠨᠡᠷ ᠲᠦ᠋ᠨᠢ ᠣᠢ ᠶ᠋ᠢᠨ ᠣᠯᠠᠨ ᠪᠠᠭᠠᠪᠠᠭᠠᠢ ᠶ᠋ᠢᠨ ᠳᠤᠮᠳᠠ ᠣᠷᠣᠴᠢᠬᠠᠭᠰᠠᠨ ᠶᠤᠮ ᠰᠢᠭ᠋ ᠰᠠᠨᠠᠭᠳᠠᠪᠠᠴᠤ ᠢᠲᠡᠭᠡᠯᠲᠦ ᠶ᠋ᠢ ᠬᠦᠨᠳᠦᠯᠡᠬᠦ ᠬᠡᠷᠡᠭᠲᠡᠢ᠃ ᠡᠨᠡ ᠬᠥᠮᠦᠨ ᠪᠢᠳᠡᠨ ᠦ᠌ ᠵᠢᠷᠭᠠᠯ ᠳ᠋ᠤ᠌ ᠶᠡᠬᠡ ᠲᠤᠰᠠ ᠪᠣᠯᠤᠨ᠎ᠠ ᠰᠢᠦ ᠭᠡᠰᠡᠨ ᠨᠥᠬᠥᠷ ᠦ᠋ᠨ ᠬᠢᠨᠢ ᠦᠭᠡ ᠰᠠᠨᠠᠭᠳᠠᠨ ᠵᠠᠷᠢᠮ ᠳ᠋ᠠᠭᠠᠨ ᠡᠪᠰᠢᠶᠡᠵᠦ᠂ ᠵᠠᠷᠢᠮ ᠳ᠋ᠠᠭᠠᠨ ᠬᠤᠳᠠᠯ ᠢᠨᠢᠶᠡᠵᠦ ᠰᠠᠭᠤᠪᠠ᠃ ᠰᠦᠷᠡᠬᠡᠢ ᠰᠣᠭᠲᠣᠭᠰᠠᠨ ᠫᠧᠲ᠋ᠷ ᠬᠤᠷᠤᠭᠤ ᠭᠠᠷᠭᠠᠵᠤ ᠴᠤ᠌ ᠦᠵᠡᠪᠡ᠃ 《ᠬᠤᠰᠢᠭᠤᠨ ᠤ᠋ ᠣᠯᠠᠨ ᠲᠠᠮᠢᠷ》 ᠭᠡᠳ ᠬᠠᠰᠬᠢᠷᠴᠤ ᠴᠤ᠌ ᠦᠵᠡᠪᠡ᠃ ᠪᠦᠷ ᠰᠡᠭᠦᠯ ᠳ᠋ᠦ᠍ᠨᠢ ᠡᠷᠳᠡᠨᠢ ᠶ᠋ᠢ ᠲᠡᠪᠡᠷᠢᠵᠦ ᠠᠪᠤᠭᠠᠳ ᠦᠨᠦᠰᠪᠡ᠃
ᠡᠷᠢᠶᠡᠨ ᠮᠠᠢᠬᠠᠨ ᠳ᠋ᠤ᠌ ᠡᠢᠮᠦ ᠶᠠᠭᠤᠮ᠎ᠠ ᠪᠣᠯᠵᠤ ᠪᠠᠢᠬᠤ ᠳ᠋ᠤ᠌ ᠲᠡᠭᠦᠨ ᠦ᠌ ᠭᠠᠳᠠᠨ᠎ᠠ ᠥᠭᠡᠷ᠎ᠡ ᠨᠢᠭᠡ ᠵᠦᠢᠯ ᠪᠣᠯᠵᠤ ᠪᠠᠢᠪᠠ᠃
ᠨᠠᠷᠠ ᠰᠠᠯᠬᠢᠨ ᠳ᠋ᠤ᠌ ᠪᠣᠷᠣᠯᠠᠭᠰᠠᠨ ᠬᠥᠷᠥᠰᠥᠯᠢᠭ ᠴᠢᠷᠠᠢ ᠳ᠋ᠤᠨᠢ ᠲᠣᠷᠮᠣᠯᠵᠠᠭᠰᠠᠨ ᠬᠠᠷ᠎ᠠ ᠨᠢᠳᠦ᠂ ᠢᠷᠠᠯᠵᠠᠭᠰᠠᠨ ᠴᠠᠭᠠᠨ ᠰᠢᠲᠦ ᠨᠢ ᠴᠡᠴᠡᠭ ᠡᠷᠪᠡᠬᠡᠢ ᠬᠣᠶᠠᠷ ᠰᠢᠭ᠋ ᠳᠣᠢ᠌ᠵᠤ᠂ ᠲᠠᠪᠠᠭ ᠲᠠᠢ ᠶᠠᠭᠤᠮ᠎ᠠ ᠪᠠᠷᠢᠭᠠᠳ ᠣᠷᠣᠵᠤ ᠢᠷᠡᠬᠦ ᠪᠦᠷᠢ ᠳ᠋ᠡᠭᠡᠨ ᠵᠢᠷᠦᠬᠡ ᠤᠷᠤᠭᠤ ᠬᠠᠷᠪᠤᠨ ᠢᠨᠢᠶᠡᠮᠰᠦᠭᠯᠡᠭᠡᠳ᠂ ᠪᠤᠴᠠᠵᠤ ᠭᠠᠷᠬᠤ ᠳ᠋ᠠᠭᠠᠨ ᠲᠠᠰᠢᠶ᠎ᠠ ᠪᠠᠷ ᠢ᠋ᠶ᠋ᠠᠨ ᠦᠯᠦ ᠮᠡᠳᠡᠭ ᠳᠠᠢ᠌ᠪᠢᠨ ᠶᠠᠪᠤᠭ᠎ᠠ ᠳᠤᠯᠮ᠎ᠠ ᠵᠠᠮᠪᠠᠯ ᠢ᠋ ᠳᠠᠭᠠᠵᠤ ᠶᠢᠷᠲᠢᠨᠴᠦ ᠶ᠋ᠢᠨ ᠠᠮᠢᠳᠤᠷᠠᠯ ᠤ᠋ᠨ ᠰᠣᠨᠢᠨ ᠢ᠋ ᠮᠡᠳᠡᠭᠰᠡᠨ ᠴᠡᠮᠪᠡ ᠶ᠋ᠢ ᠥᠪᠡᠷ ᠦ᠋ᠨ ᠡᠷᠬᠡ ᠦᠭᠡᠢ ᠲᠠᠪᠠᠭ ᠲᠠᠪᠠᠭ ᠲᠠᠷᠭᠤᠨ ᠮᠢᠬ᠎ᠠ᠂ ᠬᠥᠭᠡᠰᠦᠷᠡᠨ ᠱᠤᠤᠭᠢᠵᠤ ᠪᠠᠢᠭ᠎ᠠ ᠠᠢᠷᠠᠭ᠂ ᠣᠷᠣᠰ ᠠᠷᠢᠬᠢ᠂ ᠣᠯᠠᠨ ᠤ᠋ ᠱᠤᠤᠭᠢᠶᠠᠨ ᠡᠴᠡ ᠰᠠᠯᠭᠠᠵᠤ ᠮᠠᠢᠬᠠᠨ ᠡᠴᠡ ᠭᠠᠷᠭᠠᠵᠠᠢ᠃
ᠭᠠᠯ ᠤ᠋ᠨ ᠮᠠᠢᠬᠠᠨ ᠤ᠋ ᠠᠷᠤ ᠳ᠋ᠤ᠌ ᠣᠴᠢᠭᠠᠳ ᠵᠣᠭᠰᠣᠵᠤ ᠪᠠᠢᠲᠠᠯ᠎ᠠ ᠰᠠᠪᠠ ᠲᠠᠢ ᠤᠭᠠᠳᠠᠰᠤ ᠠᠰᠬᠠᠬᠤ ᠪᠠᠷ ᠳᠤᠯᠮ᠎ᠠ ᠵᠡᠭᠦᠨ ᠲᠡᠰᠢ ᠶᠠᠪᠤᠯ᠎ᠠ᠃ ᠯᠠᠮᠠ ᠰᠡᠮᠬᠡᠨ ᠠᠯᠬᠤᠭᠰᠠᠭᠠᠷ ᠪᠠᠷᠤᠭ ᠲᠤᠯᠵᠤ ᠣᠴᠢᠭᠠᠳ ᠬᠣᠭᠣᠯᠠᠢ ᠪᠠᠨ ᠵᠠᠰᠠᠪᠠ᠃ ᠬᠡᠦᠬᠡᠨ ᠰᠣᠴᠢᠨ ᠡᠷᠭᠢᠪᠡ᠃
ᠥᠪᠡᠷ ᠲᠡᠭᠡᠨ ᠲᠠᠯᠠᠷᠬᠠᠭᠰᠠᠨ ᠨᠢᠳᠦ ᠶ᠋ᠢ ᠬᠡᠦᠬᠡᠨ ᠬᠥᠮᠦᠨ ᠣᠯᠵᠤ ᠬᠠᠷᠠᠬᠤ ᠦᠭᠡᠢ ᠬᠡᠷᠬᠢᠨ ᠥᠩᠭᠡᠷᠡᠬᠦ ᠪᠢᠯᠡ᠃ ᠣᠷᠣᠢ ᠡᠴᠡ ᠡᠬᠢᠯᠡᠨ ᠰᠡᠭᠡᠲᠡᠩ ᠬᠠᠶᠠᠭᠰᠠᠨ ᠥᠨᠳᠥᠷ ᠴᠠᠭᠠᠨ ᠵᠠᠯᠠᠭᠤ ᠯᠠᠮᠠ ᠢᠲᠡᠭᠡᠯᠲᠦ ᠭᠠᠯᠰᠠᠩ ᠬᠣᠶᠠᠷ ᠡᠴᠡ ᠤᠢᠳᠬᠤ ᠨᠢ ᠪᠠᠢᠲᠤᠭᠠᠢ ᠵᠢᠭᠰᠢᠳᠡᠭ ᠪᠣᠯᠤᠭᠰᠠᠨ ᠳᠤᠯᠮ᠎ᠠ ᠶ᠋ᠢᠨ ᠰᠡᠳᠬᠢᠯ ᠢ᠋ ᠭᠡᠵᠢᠭᠡᠳᠡᠵᠦ ᠪᠠᠢᠵᠠᠢ᠃
᠊᠊᠊᠊᠊᠊᠊᠊᠊᠊᠊᠊᠊᠊᠊ ᠬᠡᠨ ᠪᠣᠢ?
᠊᠊᠊᠊᠊᠊᠊᠊᠊᠊᠊᠊᠊᠊᠊ ᠪᠢ ᠪᠠᠢᠨ᠎ᠠ᠃ ᠪᠢᠲᠡᠭᠡᠢ ᠠᠶᠤ ᠭᠡᠳ ᠴᠡᠮᠪᠡ ᠳᠠᠬᠢᠨ ᠶᠠᠭᠤᠮ᠎ᠠ ᠬᠡᠯᠡᠬᠦ ᠭᠡᠰᠡᠨ ᠪᠣᠯᠪᠠᠴᠤ ᠵᠢᠷᠦᠬᠡ ᠨᠢ ᠬᠥᠭᠡᠷᠴᠦ ᠠᠮᠠ ᠪᠠᠷ ᠨᠢ ᠭᠠᠷᠬᠤ ᠭᠡᠳ ᠲᠠᠭᠵᠢᠷᠠᠪᠠ᠃
᠊᠊᠊᠊᠊᠊᠊᠊᠊᠊᠊᠊᠊᠊᠊ ᠶᠠᠭᠤᠨ ᠡᠴᠡ ᠠᠶᠤᠳᠠᠭ ᠶᠤᠮ ᠪᠣᠢ? ᠬᠠᠷᠢᠨ ᠰᠣᠴᠢᠯ᠎ᠠ ᠰᠢᠦ᠃
᠊᠊᠊᠊᠊᠊᠊᠊᠊᠊᠊᠊᠊᠊᠊ ᠬᠡᠦᠬᠡᠨ ᠴᠢᠮ᠎ᠠ ᠳ᠋ᠤ᠌ ᠶᠠᠭᠤ ᠬᠡᠷᠡᠭ ᠲᠡᠢ ᠪᠣᠢ?
᠊᠊᠊᠊᠊᠊᠊᠊᠊᠊᠊᠊᠊᠊᠊ ᠶᠠᠭᠤ? ᠶᠠᠭᠤ ᠴᠤ᠌ ᠬᠡᠷᠡᠭ ᠦᠭᠡᠢ ᠭᠡᠳ ᠳᠤᠯᠮ᠎ᠠ ᠬᠦᠢᠲᠡᠨ ᠢᠨᠢᠶᠡᠮᠰᠦᠭᠯᠡᠪᠡ᠃
᠊᠊᠊᠊᠊᠊᠊᠊᠊᠊᠊᠊᠊᠊᠊ ᠴᠢᠮ᠎ᠠ ᠲᠠᠢ᠁ ᠭᠡᠳ ᠴᠡᠮᠪᠡ ᠦᠭᠡ ᠪᠡᠨ ᠲᠠᠰᠤᠯᠤᠭᠰᠠᠨ ᠢ᠋ᠶ᠋ᠠᠨ ᠳᠤᠯᠮ᠎ᠠ ᠶ᠋ᠢᠨ ᠭᠠᠷ ᠡᠴᠡ ᠪᠠᠷᠢᠵᠤ ᠠᠪᠤᠯ᠎ᠠ᠃ ᠬᠡᠦᠬᠡᠨ ᠡᠴᠡ ᠬᠤᠪᠴᠠᠰᠤᠨ ᠳ᠋ᠤᠨᠢ ᠨᠡᠪᠲᠡ ᠰᠢᠩᠭᠡᠭᠰᠡᠨ ᠦᠨᠢᠶ᠎ᠡ ᠶ᠋ᠢᠨ ᠰᠦᠨ ᠦ᠌ ᠭᠠᠰᠢᠯᠤᠮᠠᠯ ᠦᠨᠦᠷ ᠬᠠᠩᠬᠤᠯᠪᠠ᠃
᠊᠊᠊᠊᠊᠊᠊᠊᠊᠊᠊᠊᠊᠊᠊ ᠯᠠᠮᠠ ᠬᠥᠮᠦᠨ ᠢᠩᠭᠢᠵᠦ ᠪᠣᠯᠳᠠᠭ ᠶᠤᠮ ᠤᠤ? ᠲᠠᠯᠪᠢᠭᠠᠴᠢ ᠭᠡᠬᠦ ᠳ᠋ᠦ᠍ ᠴᠡᠮᠪᠡ ᠶᠠᠭᠤᠮ᠎ᠠ ᠳᠤᠤᠭᠠᠷᠤᠯ ᠦᠭᠡᠢ ᠲᠡᠪᠡᠷᠢᠨ ᠠᠪᠴᠤ ᠴᠢᠨᠠᠭᠰᠢ ᠶᠠᠪᠤᠬᠤ ᠳ᠋ᠤᠨᠢ 《ᠲᠠᠯᠪᠢᠭᠠᠴᠢ᠂ ᠶᠠᠭᠠᠬᠢᠭᠰᠠᠨ ᠢᠴᠢᠳᠡᠭ ᠦᠭᠡᠢ ᠶᠤᠮ ᠪᠣᠢ!》 ᠭᠡᠵᠦ ᠭᠠᠷ ᠢ᠋ ᠨᠢ ᠬᠢᠮᠤᠰᠤᠯᠠᠨ ᠳᠠᠢᠴᠢᠯᠠᠪᠠ᠃ ᠭᠡᠪᠡᠴᠦ ᠬᠠᠰᠬᠢᠷᠤᠭᠰᠠᠨ ᠦᠭᠡᠢ᠃ ᠯᠠᠮᠠ ᠶᠠᠪᠤᠭᠰᠠᠭᠠᠷ ᠵᠢᠯᠠᠭᠠᠨ ᠳ᠋ᠤ᠌ ᠣᠷᠣᠵᠤ ᠳᠤᠯᠮ᠎ᠠ ᠶ᠋ᠢ ᠲᠠᠯᠪᠢᠬᠤ ᠳ᠋ᠤ᠌ 《ᠢᠴᠢᠬᠦ ᠦᠭᠡᠢ ᠶᠠᠭᠠᠬᠢᠭᠰᠠᠨ ᠶᠤᠮ ᠪᠣᠢ? 》 ᠭᠡᠳ ᠬᠥᠳᠡᠯᠦᠯ ᠦᠭᠡᠢ ᠵᠣᠭᠰᠣᠵᠤ ᠪᠠᠢᠯ᠎ᠠ᠁
᠊᠊᠊᠊᠊᠊᠊᠊᠊᠊᠊᠊᠊᠊᠊ ᠳᠠᠬᠢᠨ ᠠᠭᠤᠯᠵᠠᠵᠤ ᠪᠠᠢᠨ᠎ᠠ ᠰᠢᠦ ᠭᠡᠵᠦ ᠰᠢᠪᠡᠭᠡᠨᠡᠭᠡᠳ ᠯᠠᠮᠠ ᠬᠡᠦᠬᠡᠨ ᠦ᠌ ᠬᠠᠴᠠᠷ ᠢ᠋ ᠬᠤᠷᠤᠭᠤᠨ ᠤ᠋ ᠦᠵᠦᠭᠦᠷ ᠢ᠋ᠶ᠋ᠡᠷ ᠡᠪ ᠬᠠᠪᠤ ᠦᠭᠡᠢ ᠢᠯᠢᠭᠰᠡᠨ ᠢ᠋ᠶ᠋ᠡᠨ ᠡᠷᠭᠢᠵᠦ ᠲᠦᠷᠭᠡᠨ ᠶᠠᠪᠤᠵᠠᠢ᠃
ᠳᠤᠯᠮ᠎ᠠ ᠳᠠᠯᠤ ᠪᠠᠨ ᠬᠠᠪᠴᠢᠨ ᠬᠣᠭᠣᠯᠠᠢ ᠳ᠋ᠠᠭᠠᠨ ᠲᠣᠭᠣᠮᠵᠢᠷ ᠦᠭᠡᠢ 《ᠬᠡ》 ᠭᠡᠯᠡ᠃ ᠴᠡᠮᠪᠡ ᠮᠠᠢᠬᠠᠨ ᠤ᠋ ᠣᠢᠷ᠎ᠠ ᠣᠴᠢᠪᠠᠯ ᠬᠠᠷᠠᠩᠭᠤᠢ ᠶ᠋ᠢᠨ ᠳᠤᠮᠳᠠ ᠨᠢᠭᠡ ᠬᠥᠮᠦᠨ ᠵᠣᠭᠰᠣᠵᠤ ᠪᠠᠢᠬᠤ ᠳ᠋ᠤᠨᠢ ᠵᠣᠭ ᠲᠣᠰᠣᠨ ᠵᠣᠭᠰᠣᠪᠠ᠃
《ᠶᠠᠪᠤᠭᠠᠳ ᠥᠩᠭᠡᠷᠡᠬᠦ ᠨᠢ ᠵᠥᠪ ᠪᠠᠢᠬ᠎ᠠ᠃ ᠮᠣᠷᠢ ᠬᠠᠷᠠᠭᠠᠳ ᠯᠠ ᠶᠠᠪᠤᠵᠤ ᠪᠠᠢᠭ᠎ᠠ ᠬᠥᠮᠦᠨ ᠪᠢᠵᠡ》 ᠭᠡᠵᠦ ᠪᠣᠳᠣᠭᠠᠳ ᠨᠢᠭᠤᠷ ᠢ᠋ᠶ᠋ᠠᠨ ᠪᠤᠷᠤᠭᠤᠯᠠᠨ ᠥᠩᠭᠡᠷᠡᠬᠦ ᠭᠡᠲᠡᠯ᠎ᠡ ᠬᠦᠴᠦᠲᠡᠢ ᠭᠠᠷ ᠮᠥᠷᠦᠨ ᠳᠡᠭᠡᠷ᠎ᠡ ᠡᠴᠡ ᠨᠢ ᠰᠢᠭᠦᠷᠡᠵᠦ ᠠᠪᠤᠭᠠᠳ ᠭᠣᠳ ᠲᠡᠳᠡᠨ ᠡᠷᠭᠢᠭᠦᠯᠵᠦ 《ᠠᠰᠠᠮᠠᠨ ᠪᠠᠨᠲᠠᠢ ᠬᠥᠮᠦᠨ ᠢ᠋ ᠪᠠᠷᠤᠭᠲᠠᠢ ᠳᠣᠷᠣᠮᠵᠢᠯᠠ》 ᠭᠡᠳ ᠴᠣᠬᠢᠭᠰᠠᠨ ᠳ᠋ᠤ᠌ ᠴᠡᠮᠪᠡ ᠰᠥᠬᠥᠷᠡᠨ ᠤᠨᠠᠪᠠ᠃
ᠲᠦᠷᠭᠡᠨ ᠪᠣᠰᠴᠤ᠂ 《ᠶᠠᠭᠤ ᠪᠣᠯᠤᠭᠠᠳ ᠴᠢ ᠬᠥᠮᠦᠨ ᠵᠣᠳᠣᠳᠠᠭ ᠪᠢᠯᠡ? 》 ᠭᠡᠳ ᠳᠠᠪᠰᠢᠯᠠᠨ ᠣᠴᠢᠪᠠᠯ ᠳᠠᠬᠢᠭᠠᠳ ᠬᠦᠨᠳᠦ ᠭᠠᠷ ᠴᠡᠭᠡᠵᠢᠨ ᠳ᠋ᠦ᠍ᠨᠢ ᠪᠠᠭᠤᠵᠤ ᠤᠬᠠᠭᠠᠨ ᠨᠢ ᠪᠠᠯᠠᠷᠳᠠᠨ ᠤᠨᠠᠪᠠ᠃ ᠢᠩᠭᠢᠵᠦ ᠴᠣᠬᠢᠭᠰᠠᠨ ᠬᠥᠮᠦᠨ ᠪᠣᠯ ᠡᠷᠳᠡᠨᠢ ᠪᠥᠭᠡᠳ ᠡᠨᠡ ᠬᠣᠶᠠᠷ ᠤ᠋ᠨ ᠬᠣᠭᠣᠷᠣᠨᠳᠣ ᠥᠰᠢᠶᠡᠨ ᠦ᠌ ᠬᠠᠷ᠎ᠠ ᠣᠭᠣᠰᠣᠷ ᠡᠷᠴᠢᠯᠡᠨ ᠵᠠᠩᠭᠢᠷᠠᠵᠤ ᠶᠠᠪᠤᠭᠰᠠᠭᠠᠷ ᠠᠷᠪᠠ ᠭᠠᠷᠤᠢ ᠵᠢᠯ ᠦ᠋ᠨ ᠳᠠᠷᠠᠭ᠎ᠠ ᠲᠡᠷᠡ ᠵᠠᠩᠭᠢᠯᠠᠭ᠎ᠠ ᠶ᠋ᠢ ᠴᠡᠮᠪᠡ ᠶ᠋ᠢᠨ ᠬᠠᠲᠠᠭᠤ ᠵᠠᠷᠯᠢᠭ ᠲᠠᠢᠯᠵᠤ ᠪᠢᠯᠡ᠃
ᠲᠠᠢᠯᠪᠤᠷᠢ᠄
①ᠡᠷᠭᠦᠦ ᠬᠣᠲᠠ
② ᠰᠯᠧᠰᠠᠷᠢ ᠊᠊᠊᠊᠊᠊᠊᠊᠊᠊᠊᠊᠊᠊᠊ ᠭᠠᠩᠨᠠᠭᠤᠷᠴᠢᠨ
