ᠲᠤᠩᠭᠠᠯᠠᠭ ᠲᠠᠮᠢᠷ3-18-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-18-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-18-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-01

1483

《ᠦᠬᠡᠷ ᠲᠡᠷᠭᠡ ᠪᠣᠯ ᠦᠬᠡᠷ ᠲᠡᠷᠭᠡ ᠪᠣᠯᠬᠣᠷ ᠵᠠᠮ ᠬᠣᠷᠣᠬᠤ ᠨᠢ ᠳᠠᠩᠴᠢ ᠪᠠᠭ᠎ᠠ ᠠᠵᠢ》 - ᠭᠤᠷᠪᠠᠳᠤᠭᠠᠷ ᠪᠦᠯᠦᠭ ᠠᠷᠪᠠᠨ ᠨᠠᠢ᠍ᠮᠠ

  《ᠬᠦᠷᠢᠶ᠎ᠡ ᠣᠷᠣᠵᠤ᠂ ᠬᠦᠦ ᠲᠡᠢ ᠪᠡᠨ ᠠᠭᠤᠯᠵᠠᠶ᠎ᠠ》 ᠭᠡᠳᠡᠭ ᠭᠠᠭᠴᠠ ᠪᠣᠳᠣᠯ ᠲᠤᠯᠭᠠᠷ ᠤ᠋ᠨ ᠰᠡᠳᠬᠢᠯ ᠡᠴᠡ ᠰᠠᠯᠬᠤ ᠦᠭᠡᠢ ᠪᠣᠯᠪᠠ᠃ ᠭᠡᠪᠡᠴᠦ ᠡᠨᠡ ᠪᠣᠳᠣᠯ ᠢ᠋ᠶ᠋ᠠᠨ ᠬᠣᠶᠠᠷ ᠬᠥᠭᠰᠢᠨ ᠳ᠋ᠦ᠍ ᠬᠡᠯᠡᠬᠦ ᠦᠭᠡᠢ ᠪᠠᠢᠯ᠎ᠠ᠃ ᠲᠡᠳᠡᠨ ᠦ᠌ ᠲᠤᠰᠠᠯᠠᠮᠵᠢ ᠦᠭᠡᠢ ᠪᠣᠯ ᠲᠤᠯᠭᠠᠷ ᠶᠠᠪᠤᠵᠤ ᠴᠢᠳᠠᠬᠤ ᠦᠭᠡᠢ᠃ ᠬᠦᠷᠢᠶ᠎ᠡ ᠣᠷᠣᠬᠤ ᠳ᠋ᠤ᠌ ᠤᠨᠤᠭ᠎ᠠ ᠣᠨᠣᠰᠢ᠂ ᠬᠤᠪᠴᠠᠰᠤ ᠬᠤᠨᠠᠷ᠂ ᠬᠣᠭᠣᠯᠠ ᠬᠦᠨᠡᠰᠦ ᠭᠡᠳ ᠯᠡ ᠶᠡᠬᠡ ᠶᠠᠭᠤᠮ᠎ᠠ ᠬᠡᠷᠡᠭᠲᠡᠢ᠃ ᠡᠨᠡ ᠪᠦᠬᠦᠨ ᠢ᠋ ᠲᠤᠯᠭᠠᠷ ᠲᠤ᠌ ᠬᠣᠶᠠᠷ ᠬᠥᠭᠰᠢᠨ ᠪᠡᠯᠡᠳᠬᠡᠵᠦ ᠥᠭᠬᠦ ᠭᠡᠪᠡᠯ ᠭᠦᠳᠦᠰᠳᠡᠬᠦ ᠨᠢ ᠳᠠᠮᠵᠢᠭ ᠦᠭᠡᠢ᠃
  ᠡᠷᠳᠡᠨᠢ ᠲᠡᠢ ᠠᠭᠤᠯᠵᠠᠵᠤ᠂ ᠲᠡᠭᠦᠨ ᠢ᠋ ᠬᠥᠭᠡᠭᠡᠵᠦ ᠶᠠᠪᠤᠭᠤᠯᠤᠭᠰᠠᠨ ᠡᠴᠡ ᠬᠣᠢᠰᠢ ᠲᠤᠯᠭᠠᠷ ᠥᠭᠡᠷ᠎ᠡ ᠬᠥᠮᠦᠨ ᠪᠣᠯᠵᠠᠢ᠃ ᠨᠥᠭᠦᠭᠡ ᠵᠣᠪᠠᠯᠠᠩ ᠳ᠋ᠤ᠌ ᠳᠠᠷᠤᠭᠳᠠᠭᠰᠠᠨ ᠤᠢᠯᠠᠩᠬᠠᠢ ᠡᠮᠡᠭᠲᠡᠢ ᠦᠭᠡᠢ ᠪᠣᠯᠤᠭᠠᠳ ᠬᠥᠭᠵᠢᠯᠲᠡᠢ᠂ ᠰᠢᠨ᠎ᠡ ᠲᠤᠯᠭᠠᠷ ᠳᠠᠬᠢᠨ ᠲᠥᠷᠥᠵᠡᠢ᠃ ᠡᠷᠳᠡᠨᠢ ᠶ᠋ᠢ ᠬᠥᠭᠡᠭᠡᠵᠦ ᠶᠠᠪᠤᠭᠤᠯᠤᠭᠰᠠᠨ ᠳ᠋ᠤᠨᠢ ᠪᠠᠶᠠᠷ ᠭᠤᠸᠠᠢ ᠲᠤᠯᠭᠠᠷ ᠢ᠋ ᠵᠢᠮᠡᠯᠡᠨ᠎ᠡ᠃ ᠬᠠᠷᠢᠨ ᠳᠠᠵᠢᠳ ᠭᠤᠸᠠᠢ ᠬᠥᠮᠦᠨ ᠦ᠌ ᠬᠤᠩᠰᠢ ᠦᠭᠡᠢ ᠬᠠᠶᠠᠵᠤ ᠶᠠᠪᠤᠭᠰᠠᠨ ᠡᠷᠳᠡᠨᠢ ᠶ᠋ᠢ ᠬᠥᠭᠡᠭᠡᠵᠦ ᠶᠠᠪᠤᠭᠤᠯᠤᠭᠰᠠᠨ ᠨᠢ ᠲᠤᠯᠭᠠᠷ ᠤ᠋ᠨ ᠵᠥᠪ ᠭᠡᠨ᠎ᠡ᠃ ᠢᠩᠭᠢᠵᠦ ᠬᠣᠶᠠᠷ ᠬᠥᠭᠰᠢᠨ ᠨᠢᠭᠡᠳᠦᠭᠰᠡᠨ ᠪᠣᠳᠣᠯ ᠦᠭᠡᠢ ᠪᠣᠯᠬᠣᠷ ᠲᠤᠯᠭᠠᠷ ᠢ᠋ ᠵᠢᠮᠡᠯᠡᠵᠦ ᠴᠦ᠍ ᠴᠢᠳᠠᠬᠤ ᠦᠭᠡᠢ᠂ ᠰᠠᠢᠰᠢᠶᠠᠵᠤ ᠴᠤ᠌ ᠴᠢᠳᠠᠬᠤ ᠦᠭᠡᠢ ᠪᠠᠢᠯ᠎ᠠ᠃ ᠵᠥᠪᠬᠡᠨ ᠲᠤᠯᠭᠠᠷ ᠤ᠋ᠨ ᠡᠵᠡᠭᠦᠢ ᠳ᠋ᠦ᠍ ᠦᠷᠭᠦᠯᠵᠢᠯᠡᠨ ᠮᠠᠷᠭᠤᠨ᠎ᠠ᠃
  ᠊᠊᠊᠊᠊᠊᠊᠊᠊᠊᠊᠊᠊᠊᠊ ᠭᠠᠭᠴᠠ ᠮᠠᠭᠤ ᠡᠮᠡᠭᠲᠡᠢ ᠶ᠋ᠢ ᠲᠡᠢᠮᠦ ᠴᠡᠪᠳᠡᠭ ᠰᠡᠳᠬᠢᠯ ᠭᠠᠷᠭᠠᠵᠤ ᠬᠠᠶᠠᠭᠰᠠᠨ ᠬᠥᠮᠦᠨ ᠢ᠋ ᠲᠡᠭᠡᠬᠦ ᠨᠢ ᠲᠦᠮᠡᠨ ᠵᠥᠪ᠃
  ᠊᠊᠊᠊᠊᠊᠊᠊᠊᠊᠊᠊᠊᠊᠊ ᠲᠤᠯᠭᠠᠷ ᠲᠤ᠌ ᠪᠤᠷᠤᠭᠤ ᠪᠠᠢᠭᠰᠠᠨ ᠰᠢᠦ ᠳᠡ᠃ ᠪᠠᠰᠠ ᠲᠡᠭᠡᠭᠡᠳ ᠡᠷᠳᠡᠨᠢ ᠪᠤᠷᠤᠭᠤ ᠪᠠᠨ ᠣᠢᠯᠠᠭᠠᠭᠠᠳ ᠢᠷᠡᠵᠦ ᠪᠠᠢᠬᠤ ᠳ᠋ᠤ᠌᠁ ᠳᠡᠩᠳᠡᠭᠦᠦ ᠶᠤᠮ᠃
  ᠊᠊᠊᠊᠊᠊᠊᠊᠊᠊᠊᠊᠊᠊᠊ ᠦᠬᠦᠭᠰᠡᠨ ᠪᠣᠯ ᠬᠡᠨ ᠢ᠋ ᠡᠷᠭᠢᠵᠦ ᠢᠷᠡᠬᠦ ᠪᠠᠢᠭᠰᠠᠨ ᠶᠤᠮ ᠪᠣᠢ?
  ᠊᠊᠊᠊᠊᠊᠊᠊᠊᠊᠊᠊᠊᠊᠊ ᠲᠠ ᠨᠠᠷ ᠢ᠋ ᠦᠰᠦ ᠨᠢ ᠤᠷᠲᠤ᠂ ᠤᠬᠠᠭᠠᠨ ᠨᠢ ᠪᠣᠭᠣᠨᠢ ᠭᠡᠳᠡᠭ ᠶᠣᠰᠣᠲᠠᠢ ᠤᠨᠤᠭᠰᠠᠨ ᠨᠡᠷ᠎ᠡ ᠰᠢᠦ᠃
  ᠊᠊᠊᠊᠊᠊᠊᠊᠊᠊᠊᠊᠊᠊᠊ ᠴᠢᠨᠦ ᠤᠬᠠᠭᠠᠨ ᠲᠡᠢᠮᠦ ᠤᠷᠲᠤ ᠶᠤᠮ ᠪᠣᠯ ᠲᠤᠯᠭᠠᠷ ᠦᠬᠦᠴᠢᠬᠡᠭᠰᠡᠨ ᠪᠠᠢᠪᠠᠯ ᠲᠡᠷᠡ ᠬᠠᠷ᠎ᠠ ᠬᠦᠦ ᠬᠡᠨ ᠲᠡᠢ ᠠᠭᠤᠯᠵᠠᠬᠤ ᠭᠡᠵᠦ ᠢᠷᠡᠬᠦ ᠶᠤᠮ ᠪᠣᠢ? ᠭᠡᠳᠡᠭ ᠢ᠋ ᠬᠠᠷᠢᠭᠤᠯᠤᠭᠠᠳ ᠠᠯᠢ!
  ᠡᠪᠦᠭᠡᠨ ᠬᠡᠰᠡᠭ ᠲᠦᠭᠳᠡᠷᠡᠵᠦ ᠡᠭᠡᠷᠡᠭᠰᠡᠨ ᠢ᠋ᠶ᠋ᠡᠨ 《ᠦᠬᠦᠭᠡ ᠦᠭᠡᠢ ᠠᠮᠢᠳᠤ ᠪᠠᠢᠨ᠎ᠠ ᠰᠢᠦ ᠳᠡ》 ᠭᠡᠯ᠎ᠡ᠃ ᠦᠨᠡᠬᠡᠷ ᠴᠦ᠍ ᠲᠤᠯᠭᠠᠷ ᠦᠬᠦᠭᠰᠡᠨ ᠪᠣᠯ ᠡᠷᠳᠡᠨᠢ ᠬᠡᠨ ᠲᠡᠢ ᠠᠭᠤᠯᠵᠠᠬᠤ ᠪᠢᠯᠡ ᠭᠡᠵᠦ ᠡᠪᠦᠭᠡᠨ ᠳ᠋ᠦ᠍ ᠪᠣᠳᠣᠭᠳᠠᠪᠠᠴᠤ ᠴᠢᠪᠠᠭᠠᠨᠴᠠ ᠳ᠋ᠠᠭᠠᠨ ᠪᠠᠭᠤᠵᠤ ᠥᠭᠬᠦ ᠦᠭᠡᠢ ᠭᠡᠰᠡᠨ ᠪᠠᠷᠳᠠᠮ ᠰᠡᠳᠬᠢᠯ ᠡᠴᠡ ᠶᠦ᠍ᠮ ᠤᠤ ᠠᠯᠢ ᠲᠡᠮᠦᠷ ᠦ᠋ᠨ ᠬᠡᠯᠡᠳᠡᠭ ᠢ᠋ᠶ᠋ᠡᠷ ᠡᠷ᠎ᠡ ᠬᠥᠮᠦᠨ ᠡᠷ᠎ᠡ ᠬᠥᠮᠦᠨ ᠳ᠋ᠡᠭᠡᠨ ᠬᠠᠢᠷᠠᠲᠠᠢ ᠡᠴᠡ ᠪᠣᠯᠤᠭᠰᠠᠨ ᠶᠤᠮ ᠤᠤ ᠶᠠᠭᠤ ᠴᠤ᠌ ᠯᠠ ᠭᠡᠰᠡᠨ ᠡᠷᠳᠡᠨᠢ ᠶ᠋ᠢ ᠥᠮᠥᠭᠡᠷᠡᠬᠦ ᠭᠡᠵᠦ ᠮᠡᠷᠡᠢᠨ ᠣᠷᠣᠯᠳᠣᠨ᠎ᠠ᠃ ᠣᠪᠣᠭ᠎ᠠ ᠪᠣᠰᠠᠭᠭ᠎ᠠ ᠦᠭᠡᠢ ᠪᠣᠯ ᠱᠠᠭᠠᠵᠠᠭᠠᠢ ᠬᠠᠮᠢᠭ᠎ᠠ ᠡᠴᠡ ᠰᠠᠭᠤᠬᠤ ᠪᠣᠢ ᠭᠡᠭᠴᠢ ᠪᠡᠷ ᠲᠤᠯᠭᠠᠷ ᠡᠬᠢᠯᠡᠭᠡ ᠦᠭᠡᠢ ᠪᠣᠯ ᠡᠷᠳᠡᠨᠢ ᠬᠠᠮᠢᠭ᠎ᠠ ᠡᠴᠡ ᠴᠢᠩᠭᠢᠵᠦ ᠬᠠᠲᠠᠭᠤ ᠰᠡᠳᠬᠢᠯ ᠭᠠᠷᠭᠠᠨ ᠣᠷᠬᠢᠵᠤ ᠶᠠᠪᠤᠬᠤ ᠪᠢᠯᠡ᠃
  ᠊᠊᠊᠊᠊᠊᠊᠊᠊᠊᠊᠊᠊᠊᠊ ᠦᠬᠦᠭᠰᠡᠨ ᠪᠣᠯ ᠲᠡᠷᠡ ᠬᠥᠮᠦᠨ ᠦ᠌ ᠰᠡᠳᠬᠢᠯ ᠰᠢᠭᠤᠳᠷᠠᠬᠤ ᠦᠭᠡᠢ ᠤᠤ? ᠭᠡᠵᠦ ᠡᠪᠦᠭᠡᠨ ᠮᠠᠷᠭᠤᠭᠠᠨ ᠳ᠋ᠠᠭᠠᠨ ᠬᠣᠷᠣ ᠨᠢ ᠪᠤᠴᠠᠯᠬᠤ ᠳ᠋ᠠᠭᠠᠨ ᠬᠡᠯᠡᠵᠦ ᠣᠷᠬᠢᠪᠠ᠃
  ᠡᠨᠡ ᠦᠭᠡᠨ ᠳ᠋ᠦ᠍ ᠠᠪᠠᠭᠠᠢ ᠳᠣᠭᠰᠢᠷᠠᠵᠤ᠄
  ᠊᠊᠊᠊᠊᠊᠊᠊᠊᠊᠊᠊᠊᠊᠊ ᠡᠷ᠎ᠡ ᠬᠥᠮᠦᠨ ᠴᠦ᠍ ᠲᠡᠢᠮᠦ ᠯᠡ ᠳᠡ᠃ ᠲᠡᠷᠡ ᠵᠢᠯ ᠪᠢ ᠴᠠᠭᠠᠨ ᠪᠤᠷᠬᠠᠨ ᠢ᠋ᠶ᠋ᠠᠷ ᠰᠠᠵᠢᠯᠠᠵᠤ ᠣᠷᠬᠢᠭᠰᠠᠨ ᠪᠣᠯ ᠡᠨᠡ ᠵᠣᠯᠢᠭ ᠡᠳᠦᠢ ᠳ᠋ᠦ᠍ ᠨᠢᠭᠡ ᠶᠠᠭᠤᠮ᠎ᠠ ᠪᠠᠷ ᠴᠠᠢ ᠪᠠᠨ ᠴᠢᠨᠠᠭᠤᠯᠴᠢᠬᠠᠭᠰᠠᠨ ᠪᠠᠢᠵᠤ ᠪᠠᠢᠭ᠎ᠠ ᠳᠠ ᠭᠡᠬᠦ ᠳ᠋ᠦ᠍ ᠡᠪᠦᠭᠡᠨ ᠪᠤᠷᠤᠭᠤ ᠦᠭᠡ ᠬᠡᠯᠡᠭᠰᠡᠨ ᠳ᠋ᠡᠭᠡᠨ ᠪᠠᠨᠳᠠᠭᠠᠳ ᠠᠮᠠᠨ ᠳ᠋ᠠᠭᠠᠨ ᠪᠦᠪᠦᠳᠦᠨᠡᠨ ᠭᠠᠷᠤᠯ᠎ᠠ᠃
  ᠬᠣᠶᠠᠷ ᠬᠥᠭᠰᠢᠨ ᠬᠡᠴᠢᠨᠡᠨ ᠮᠠᠷᠭᠤᠪᠠᠴᠤ ᠲᠡᠭᠦᠨ ᠡᠴᠡ ᠪᠣᠯᠵᠤ ᠥᠭᠡᠷᠡᠴᠢᠯᠡᠭᠳᠡᠭᠰᠡᠨ ᠶᠠᠭᠤᠮ᠎ᠠ ᠦᠭᠡᠢ ᠠᠵᠢ᠃ ᠬᠠᠷᠢᠨ ᠳᠠᠵᠢᠳ ᠭᠤᠸᠠᠢ ᠢᠯᠡ ᠳᠠᠯᠳᠠ ᠡᠯᠳᠡᠪ ᠬᠡᠯᠪᠡᠷᠢ ᠪᠡᠷ ᠲᠤᠯᠭᠠᠷ ᠢ᠋ ᠰᠣᠳᠨᠠᠮ ᠲᠠᠢ ᠰᠠᠭᠤᠯᠭᠠᠬᠤ ᠭᠡᠵᠦ ᠢᠳᠬᠠᠨ᠎ᠠ᠃ ᠭᠡᠪᠡᠴᠦ ᠲᠤᠯᠭᠠᠷ 《ᠵᠠ》 ᠴᠦ᠍ ᠦᠭᠡᠢ᠂ 《ᠦᠭᠡᠢ》 ᠴᠦ᠍ ᠦᠭᠡᠢ ᠠᠵᠢ᠃ ᠴᠡᠴᠡᠭ ᠬᠡᠳᠦᠢᠪᠡᠷ ᠡᠷᠳᠡᠨᠢ ᠶ᠋ᠢ ᠬᠥᠭᠡᠭᠡᠵᠦ ᠶᠠᠪᠤᠭᠤᠯᠤᠭᠰᠠᠨ ᠲᠤᠯᠭᠠᠷ ᠤ᠋ᠨ ᠰᠡᠳᠬᠢᠯ ᠢ᠋ ᠵᠥᠪ ᠭᠡᠬᠦ ᠠᠪᠠᠴᠤ ᠳᠠᠵᠢᠳ ᠭᠤᠸᠠᠢ ᠶ᠋ᠢᠨ ᠭᠤᠶᠤᠭᠰᠠᠨ ᠢ᠋ ᠪᠣᠳᠣᠵᠤ
  ᠊᠊᠊᠊᠊᠊᠊᠊᠊᠊᠊᠊᠊᠊᠊ ᠲᠤᠯᠭᠠᠷ ᠮᠢᠨᠢ ᠴᠢ ᠰᠣᠳᠨᠠᠮ ᠲᠠᠢ ᠰᠠᠭᠤᠭᠠᠴᠢ᠃ ᠲᠤᠩ ᠰᠠᠢᠨ ᠬᠥᠮᠦᠨ ᠭᠡᠵᠦ ᠶᠠᠷᠢᠯᠴᠠᠬᠤ ᠶᠤᠮ ᠭᠡᠯ᠎ᠡ᠃
  ᠲᠤᠯᠭᠠᠷ ᠭᠡᠵᠢᠭᠡ ᠶ᠋ᠢᠨ ᠢ᠋ᠶ᠋ᠡᠨ ᠦᠵᠦᠭᠦᠷ ᠢ᠋ ᠤᠷᠤᠯᠳᠤᠨ ᠬᠠᠷᠠᠵᠤ ᠬᠡᠰᠡᠭ ᠰᠠᠭᠤᠭᠰᠠᠨ ᠢ᠋ᠶ᠋ᠠᠨ ᠴᠡᠴᠡᠭ ᠥᠭᠡᠳᠡ ᠬᠠᠷᠠᠵᠤ ᠤᠷᠲᠤ ᠰᠠᠨᠠᠭ᠎ᠠ ᠠᠯᠳᠠᠪᠠ᠃
  ᠊᠊᠊᠊᠊᠊᠊᠊᠊᠊᠊᠊᠊᠊᠊ ᠲᠡᠭᠡᠭᠡᠳ ᠴᠢ ᠰᠣᠳᠨᠠᠮ ᠲᠠᠢ ᠰᠠᠭᠤᠬᠤ ᠦᠭᠡᠢ ᠶᠤᠮ ᠪᠣᠯ ᠡᠷᠳᠡᠨᠢ ᠶ᠋ᠢ ᠶᠠᠭᠤᠨ ᠳ᠋ᠤ᠌ ᠬᠥᠭᠡᠭᠡᠭᠡᠳ ᠶᠠᠪᠤᠭᠤᠯᠤᠭᠰᠠᠨ ᠶᠤᠮ ᠪᠣᠢ?
  ᠊᠊᠊᠊᠊᠊᠊᠊᠊᠊᠊᠊᠊᠊᠊ ᠴᠢᠮ᠎ᠠ ᠳ᠋ᠤ᠌ ᠬᠡᠯᠡᠬᠦ ᠶ᠋ᠢ ᠪᠢᠲᠡᠭᠡᠢ ᠬᠡᠯᠡ᠂ ᠥᠪᠡᠷ ᠢ᠋ᠶ᠋ᠡᠨ ᠮᠡᠳᠡᠬᠦ ᠦᠭᠡᠢ ᠪᠠᠢᠨ᠎ᠠ᠃ ᠶᠡᠬᠡ ᠭᠣᠮᠣᠳᠠᠭᠰᠠᠨ ᠡᠴᠡ ᠪᠣᠯᠤᠭᠰᠠᠨ ᠶᠤᠮ ᠤᠤ? ᠠᠯᠢ ᠴᠢᠷᠠᠢ ᠠᠯᠳᠠᠵᠤ ᠠᠷᠭᠠᠳᠠᠭᠠᠳ᠂ ᠡᠮᠦᠨ᠎ᠡ ᠮᠢᠨᠢ ᠰᠥᠬᠥᠷᠡᠬᠦ ᠰᠢᠬᠠᠭᠠᠳ ᠪᠠᠢᠬᠤ ᠳᠡᠭᠡᠷ᠎ᠡ ᠨᠢ ᠵᠢᠪᠡᠭᠦᠦ ᠬᠦᠷᠦᠭᠰᠡᠨ ᠶᠤᠮ ᠪᠣᠯᠪᠠ ᠤᠤ? ᠶᠠᠭᠤ ᠴᠤ᠌ ᠯᠠ ᠭᠡᠰᠡᠨ ᠳᠤᠷ᠎ᠠ ᠦᠭᠡᠢ ᠬᠦᠷᠦᠭᠰᠡᠨ᠃
  ᠊᠊᠊᠊᠊᠊᠊᠊᠊᠊᠊᠊᠊᠊᠊ ᠪᠢ ᠴᠢᠨᠦ ᠰᠡᠳᠬᠢᠯ ᠢ᠋ ᠣᠭᠲᠣ ᠣᠢᠯᠠᠭᠠᠬᠤ ᠦᠭᠡᠢ ᠶᠤᠮ᠃ ᠴᠢ ᠨᠠᠳᠠ ᠬᠡᠯᠡᠬᠦ ᠳ᠋ᠡᠭᠡᠨ ᠵᠠᠯᠠᠭᠤ ᠨᠠᠰᠤ᠂ ᠭᠤᠸ᠎ᠠ ᠦᠵᠡᠰᠬᠦᠯᠡᠩ ᠭᠡᠳᠡᠭ ᠴᠢᠨᠢ ᠱᠤᠤᠭᠢᠭᠠᠳ ᠥᠩᠭᠡᠷᠡᠨ᠎ᠡ᠃ ᠬᠠᠷᠢᠨ ᠰᠠᠢᠨ ᠡᠷ᠎ᠡ ᠨᠥᠬᠥᠷ ᠪᠣᠯ ᠠᠮᠢᠳᠤᠷᠠᠯ ᠤ᠋ᠨ ᠲᠦᠰᠢᠭ᠂ ᠠᠮᠢᠳᠤ ᠶᠠᠪᠤᠬᠤ ᠶ᠋ᠢᠨ ᠵᠢᠷᠭᠠᠯ ᠭᠡᠳᠡᠭ ᠪᠠᠢᠭᠰᠠᠨ᠃ ᠲᠡᠭᠡᠭᠡᠳ ᠶᠣᠰᠣᠲᠠᠢ ᠯᠠ ᠠᠭᠤᠯᠠ ᠬᠠᠳᠠ ᠰᠢᠭ᠋ ᠬᠣᠶᠠᠷ ᠡᠷ᠎ᠡ ᠭᠤᠶᠤᠭᠠᠳ ᠪᠠᠢᠬᠤ ᠳ᠋ᠤ᠌ ᠰᠢᠭᠢᠷ᠎ᠡ ᠵᠢᠭᠠᠭᠠᠳ ᠪᠠᠢᠬᠤ ᠶᠤᠮ᠃ ᠶᠣᠰᠣᠲᠠᠢ ᠯᠠ ᠳᠠᠭᠠᠵᠤ ᠪᠣᠯᠤᠮ᠎ᠠ ᠦᠭᠡᠢ ᠣᠨᠢᠰᠣᠭ᠎ᠠ ᠪᠠᠢᠨ᠎ᠠ ᠳᠠ᠃
  ᠊᠊᠊᠊᠊᠊᠊᠊᠊᠊᠊᠊᠊᠊᠊ ᠡᠪᠦᠭᠡᠨ ᠮᠢᠨᠢ ᠪᠢ ᠪᠦᠷ ᠮᠠᠩᠰᠢᠭᠤᠷᠠᠵᠤ ᠭᠦᠢᠴᠡᠯ᠎ᠡ᠃ ᠭᠡᠬᠦ ᠳ᠋ᠡᠭᠡᠨ ᠨᠠᠳᠠ ᠨᠢᠭᠡ ᠯᠡ ᠬᠥᠩᠭᠡᠨ ᠪᠠᠢᠬᠤ ᠶᠤᠮ᠃ ᠪᠢ ᠯᠠᠪ ᠤᠰᠤᠨ ᠲᠡᠨᠡᠭ ᠬᠥᠮᠦᠨ ᠪᠠᠢᠬᠤ ᠠ᠋ ᠭᠡᠳ ᠢᠨᠢᠶᠡᠪᠡ᠃
  ᠨᠢᠭᠡ ᠡᠳᠦᠷ ᠰᠣᠳᠨᠠᠮ ᠢᠷᠡᠯ᠎ᠡ᠃ ᠲᠤᠯᠭᠠᠷ ᠬᠦᠷᠢᠶ᠎ᠡ ᠣᠷᠣᠬᠤ ᠤᠨᠤᠭ᠎ᠠ ᠭᠤᠶᠤᠮᠠᠷ ᠠᠮᠠᠨ ᠳᠡᠭᠡᠷ᠎ᠡ ᠨᠢ ᠬᠡᠳᠦ ᠳᠠᠬᠢᠨ ᠭᠠᠷᠴᠤ ᠢᠷᠡᠭᠰᠡᠨ ᠪᠣᠯᠪᠠᠴᠤ ᠬᠡᠯᠡᠭᠰᠡᠨ ᠦᠭᠡᠢ᠃ 《ᠤᠨᠤᠭ᠎ᠠ ᠭᠤᠶᠤᠬᠤ ᠳ᠋ᠤ᠌ ᠡᠨᠡ ᠥᠭᠭᠦᠨ᠎ᠡ᠃ ᠠᠪᠤᠨ᠎ᠠ ᠭᠡᠳᠡᠭ ᠪᠣᠯ ᠳᠣᠲᠣᠨᠣᠴᠢᠯᠠᠭᠰᠠᠨ ᠰᠡᠳᠬᠢᠯ ᠦ᠋ᠨ ᠲᠡᠮᠳᠡᠭ᠃ᠦᠭᠡᠢ᠂ ᠡᠭᠦᠨ ᠡᠴᠡ ᠯᠡ ᠭᠤᠶᠤᠬᠤ ᠦᠭᠡᠢ᠃ ᠣᠳᠣ ᠯᠠ ᠭᠤᠶᠤᠬᠤ ᠦᠭᠡᠢ》 ᠭᠡᠵᠦ ᠳᠣᠲᠣᠷ᠎ᠠ ᠪᠠᠨ ᠦᠭᠡᠯᠡᠵᠦ ᠪᠠᠢᠯ᠎ᠠ᠃
  ᠰᠣᠳᠨᠠᠮ ᠰᠠᠭᠤᠬᠤ ᠲᠤᠬᠠᠢ ᠶᠠᠷᠢᠬᠤ ᠳ᠋ᠤ᠌ 《ᠨᠢᠭᠡ ᠦᠭᠡ ᠶ᠋ᠢ ᠣᠯᠠᠨ ᠰᠣᠨᠣᠰᠤᠭᠠᠳ ᠪᠠᠢᠬᠤ ᠳᠡᠭᠡᠷ᠎ᠡ ᠳᠤᠷ᠎ᠠ ᠦᠭᠡᠢ ᠬᠦᠷᠳᠡᠭ ᠶᠤᠮ ᠰᠢᠦ᠃ ᠬᠡᠷᠪᠡ ᠴᠢ ᠪᠤᠰᠢᠭᠤᠬᠠᠨ ᠡᠬᠡᠨᠡᠷ ᠲᠡᠢ ᠪᠣᠯᠬᠤ ᠦᠭᠡᠢ ᠪᠣᠯ ᠠᠮᠢᠳᠤᠷᠠᠵᠤ ᠴᠢᠳᠠᠬᠤ ᠦᠭᠡᠢ ᠪᠠᠢᠪᠠᠯ ᠪᠢ ᠴᠡᠴᠡᠭ ᠲᠦ᠍ ᠬᠡᠯᠡᠯᠴᠡᠵᠦ ᠥᠭᠭᠦᠶ᠎ᠡ᠃ ᠵᠣᠪᠠᠯᠠᠩ ᠦᠵᠡᠭᠰᠡᠨ ᠵᠦᠭᠡᠷ ᠬᠥᠮᠦᠨ ᠪᠣᠯᠤᠯᠲᠠᠢ》 ᠭᠡᠵᠦ ᠲᠤᠯᠭᠠᠷ ᠬᠡᠯᠡᠵᠡᠢ᠃
  ᠲᠡᠷᠡ ᠣᠷᠣᠢ ᠲᠤᠯᠭᠠᠷ 《ᠬᠦᠷᠢᠶ᠎ᠡ ᠣᠷᠣᠵᠤ ᠬᠦᠦ ᠲᠡᠢ ᠪᠡᠨ ᠠᠭᠤᠯᠵᠠᠶ᠎ᠠ》 ᠭᠡᠳᠡᠭ ᠪᠣᠳᠣᠯ ᠢ᠋ᠶ᠋ᠠᠨ ᠬᠣᠶᠠᠷ ᠬᠥᠭᠰᠢᠨ ᠳ᠋ᠦ᠍ ᠬᠡᠯᠡᠵᠦ ᠣᠷᠬᠢᠪᠠ᠃ ᠡᠭᠦᠨ ᠢ᠋ ᠰᠣᠨᠣᠰᠤᠭᠠᠳ ᠬᠥᠭᠰᠢᠳ ᠦ᠋ᠨ ᠴᠢᠷᠠᠢ ᠪᠠᠷᠤᠢᠨ ᠳᠠᠭᠤ ᠦᠭᠡᠢ ᠬᠡᠰᠡᠭ ᠰᠠᠭᠤᠭᠰᠠᠨ ᠢ᠋ᠶ᠋ᠠᠨ 《ᠬᠡᠵᠢᠶ᠎ᠡ ᠶᠠᠪᠤᠬᠤ ᠪᠣᠳᠣᠯ ᠲᠠᠢ ᠪᠠᠢᠨ᠎ᠠ》 ᠭᠡᠵᠦ ᠪᠠᠶᠠᠷ ᠭᠤᠸᠠᠢ ᠠᠰᠠᠭᠤᠪᠠ᠃
  ᠳᠠᠵᠢᠳ ᠭᠤᠸᠠᠢ ᠳᠣᠣᠷᠠᠲᠤ ᠤᠷᠤᠭᠤᠯ ᠢ᠋ᠶ᠋ᠠᠨ ᠬᠠᠵᠠᠯᠠᠨ ᠳᠠᠭᠤ ᠦᠭᠡᠢ ᠰᠠᠭᠤᠵᠤ ᠪᠠᠢᠭᠰᠠᠨ ᠢ᠋ᠶ᠋ᠠᠨ ᠨᠢᠯᠪᠤᠰᠤ ᠨᠢ ᠬᠦᠪᠦᠷᠡᠨ ᠤᠷᠤᠰᠪᠠ᠃ ᠲᠤᠯᠭᠠᠷ ᠲᠤ᠌ ᠬᠣᠶᠠᠷ ᠬᠥᠭᠰᠢᠨ ᠰᠡᠳᠬᠢᠯ ᠦ᠋ᠨ ᠤᠭ ᠡᠴᠡ ᠪᠡᠨ ᠳᠠᠰᠴᠠᠢ᠃ ᠡᠨᠡ ᠤᠴᠢᠷ ᠶᠠᠪᠤᠳᠠᠯ ᠡᠴᠡ ᠲᠤᠯᠭᠠᠷ ᠤ᠋ᠨ 《ᠬᠦᠷᠢᠶ᠎ᠡ ᠣᠷᠣᠨ᠎ᠠ》 ᠭᠡᠳᠡᠭ ᠦᠭᠡ 《ᠪᠦᠷ ᠶᠠᠪᠤᠨ᠎ᠠ》 ᠭᠡᠰᠡᠨ ᠤᠳᠬ᠎ᠠ ᠪᠠᠷ ᠰᠣᠨᠣᠰᠤᠭᠳᠠᠪᠠ᠃
  ᠊᠊᠊᠊᠊᠊᠊᠊᠊᠊᠊᠊᠊᠊᠊ ᠥᠪᠡᠷ ᠦ᠋ᠨ᠂ ᠬᠥᠮᠦᠨ ᠦ᠌ ᠠᠯᠢ ᠨᠢ ᠴᠦ᠍ ᠲᠣᠭᠲᠠᠳᠠᠭ ᠦᠭᠡᠢ᠁ ᠭᠡᠰᠡᠨ ᠢ᠋ᠶ᠋ᠡᠨ ᠳᠠᠵᠢᠳ ᠭᠤᠸᠠᠢ ᠶ᠋ᠢᠨ ᠬᠣᠭᠣᠯᠠᠢ ᠵᠠᠩᠭᠢᠷᠠᠨ ᠦᠭᠡ ᠨᠢ ᠲᠠᠰᠤᠷᠠᠵᠤ ᠶᠠᠩᠭᠢᠨᠠᠲᠠᠯ᠎ᠠ ᠤᠬᠢᠯᠠᠪᠠ᠃
  ᠊᠊᠊᠊᠊᠊᠊᠊᠊᠊᠊᠊᠊᠊᠊ ᠡᠵᠢ ᠮᠢᠨᠢ ᠪᠢ ᠪᠦᠷ ᠶᠠᠪᠤᠬᠤ ᠦᠭᠡᠢ᠃ ᠪᠠᠲᠤ ᠲᠠᠢ ᠠᠭᠤᠯᠵᠠᠭᠠᠳ ᠯᠠ ᠲᠠ ᠬᠣᠶᠠᠷ ᠳᠡᠭᠡᠷ᠎ᠡ ᠪᠡᠨ ᠪᠤᠴᠠᠭᠠᠳ ᠢᠷᠡᠨ᠎ᠡ᠃ ᠣᠳᠣ ᠪᠢ ᠲᠠ ᠬᠣᠶᠠᠷ ᠡᠴᠡ ᠰᠠᠯᠬᠤ ᠦᠭᠡᠢ ᠭᠡᠵᠦ ᠲᠤᠯᠭᠠᠷ ᠬᠡᠯᠡᠪᠡ᠃
  ᠲᠤᠯᠭᠠᠷ ᠬᠣᠶᠠᠷ ᠬᠥᠭᠰᠢᠨ ᠳ᠋ᠦ᠍ ᠦᠨᠡᠲᠡᠢ ᠬᠥᠮᠦᠨ ᠭᠡᠳᠡᠭ ᠢ᠋ᠶ᠋ᠡᠨ ᠣᠢᠯᠠᠭᠠᠪᠠ᠃ ᠡᠨᠡ ᠨᠢ ᠲᠡᠭᠦᠨ ᠦ᠌ ᠰᠡᠳᠬᠢᠯ ᠢ᠋ ᠬᠣᠶᠠᠷ ᠬᠥᠭᠰᠢᠨ ᠦ᠌ ᠬᠦᠵᠦᠭᠦᠨ ᠡᠴᠡ ᠤᠶᠠᠵᠤ ᠥᠭᠪᠡ᠃ ᠲᠤᠯᠭᠠᠷ ᠤ᠋ᠨ 《ᠣᠳᠣ ᠪᠢ ᠲᠠ ᠬᠣᠶᠠᠷ ᠡᠴᠡ ᠰᠠᠯᠬᠤ ᠦᠭᠡᠢ》 ᠭᠡᠰᠡᠨ ᠦᠭᠡ ᠶ᠋ᠢ ᠰᠣᠨᠣᠰᠤᠭᠠᠳ ᠬᠣᠶᠠᠷ ᠬᠥᠭᠰᠢᠨ ᠬᠡᠰᠡᠭ ᠵᠠᠭᠤᠷ᠎ᠠ ᠲᠡᠭᠦᠨ ᠢ᠋ ᠮᠡᠯᠡᠷᠡᠨ ᠰᠢᠷᠳᠡᠪᠡ᠃
  《ᠣᠳᠣ ᠪᠢ ᠲᠠ ᠬᠣᠶᠠᠷ ᠡᠴᠡ ᠰᠠᠯᠬᠤ ᠦᠭᠡᠢ》 ᠭᠡᠵᠦ ᠲᠤᠯᠭᠠᠷ ᠤ᠋ᠨ ᠨᠢᠳᠦ ᠳᠠᠬᠢᠨ ᠳᠠᠬᠢᠨ ᠬᠡᠯᠡᠵᠦ ᠪᠠᠢᠯ᠎ᠠ᠃ ᠳᠠᠵᠢᠳ ᠭᠤᠸᠠᠢ ᠲᠤᠯᠭᠠᠷ ᠢ᠋ ᠲᠡᠪᠡᠷᠢᠨ ᠠᠪᠴᠤ ᠤᠳᠠᠭᠠᠨ ᠭᠡᠭᠴᠢ ᠨᠢ ᠦᠨᠦᠰᠦᠭᠡᠳ᠄
  ᠊᠊᠊᠊᠊᠊᠊᠊᠊᠊᠊᠊᠊᠊᠊ ᠮᠢᠨᠦ ᠬᠦᠦ ᠬᠡᠭᠡᠷ ᠮᠣᠷᠢ ᠪᠠᠨ ᠤᠨᠤᠭᠠᠳ ᠶᠠᠪᠤ ᠭᠡᠳ ᠰᠠᠯᠪᠠᠩ ᠬᠠᠨᠴᠤᠢ ᠪᠠᠷ ᠢ᠋ᠶ᠋ᠠᠨ ᠨᠢᠯᠪᠤᠰᠤ ᠪᠠᠨ ᠨᠤᠬᠤᠴᠠ ᠲᠠᠢ ᠰᠠᠢᠨ ᠠᠷᠴᠢᠪᠠ᠃
  ᠊᠊᠊᠊᠊᠊᠊᠊᠊᠊᠊᠊᠊᠊᠊ ᠢᠱ᠌ᠢ ᠳᠠᠵᠢᠳ ᠮᠢᠨᠢ ᠬᠡᠦᠬᠡᠳ ᠰᠢᠭ ᠶᠠᠭᠤᠮ᠎ᠠ ᠶᠠᠷᠢᠬᠤ ᠶᠤᠮ᠃ ᠡᠨᠡ ᠬᠥᠭᠰᠢᠨ ᠮᠣᠷᠢ ᠲᠡᠷᠡ ᠬᠣᠯᠠ ᠭᠠᠵᠠᠷ ᠶᠠᠭᠠᠬᠢᠵᠤ ᠬᠦᠷᠬᠦ ᠪᠣᠢ᠃ ᠬᠠᠷᠢᠨ ᠬᠦᠷᠡᠩ ᠬᠠᠢᠨᠤᠭ ᠲᠠᠭᠠᠨ ᠲᠡᠷᠭᠡ ᠬᠥᠯᠦᠭᠡᠳ ᠶᠠᠪᠤᠪᠠᠯ ᠨᠠᠢᠳᠠᠪᠤᠷᠢ ᠲᠠᠢ ᠬᠦᠦ ᠮᠢᠨᠢ᠃
  ᠊᠊᠊᠊᠊᠊᠊᠊᠊᠊᠊᠊᠊᠊᠊ ᠮᠥᠷᠭᠥᠯᠴᠢᠨ ᠳᠠᠭᠠᠭᠠᠳ ᠴᠤ᠌ ᠶᠠᠪᠤᠵᠤ ᠪᠣᠯᠤᠨ᠎ᠠ ᠰᠢᠦ ᠳᠡ᠃
  ᠊᠊᠊᠊᠊᠊᠊᠊᠊᠊᠊᠊᠊᠊᠊ ᠲᠡᠷᠡ ᠳᠡᠮᠡᠢ ᠬᠦᠦ ᠮᠢᠨᠢ᠃ ᠠᠪᠤ ᠨᠢ ᠪᠡᠭᠡᠵᠢᠩ ᠬᠦᠷᠦᠭᠰᠡᠨ ᠴᠦ᠍ ᠡᠪᠳᠡᠷᠡᠬᠦ ᠦᠭᠡᠢ ᠲᠡᠷᠭᠡ ᠬᠢᠭᠡᠳ ᠥᠭᠭᠦᠨ᠎ᠡ᠃ ᠲᠡᠭᠡᠭᠡᠳ ᠯᠡ ᠶᠠᠪᠤᠬᠤ ᠳ᠋ᠤ᠌ ᠬᠠᠮᠢᠭ᠎ᠠ ᠴᠤ᠌ ᠬᠦᠷᠦᠨ᠎ᠡ᠃
  ᠣᠷᠣᠢ ᠨᠢ ᠴᠡᠴᠡᠭ ᠢᠷᠡᠵᠦ ᠤᠳᠠᠬᠤ ᠦᠭᠡᠢ ᠪᠤᠴᠠᠬᠤ ᠲᠤᠬᠠᠢ ᠪᠠᠨ ᠶᠠᠷᠢᠪᠠ᠃ ᠲᠤᠯᠭᠠᠷ 《ᠬᠦᠷᠢᠶ᠎ᠡ ᠣᠷᠣᠵᠤ᠂ ᠬᠦᠦ ᠲᠡᠢ ᠪᠡᠨ ᠠᠭᠤᠯᠵᠠᠬᠤ》 ᠲᠤᠬᠠᠢ ᠪᠠᠨ ᠶᠠᠷᠢᠬᠤ ᠳ᠋ᠤ᠌ ᠴᠡᠴᠡᠭ ᠬᠡᠰᠡᠭ ᠳᠠᠭᠤ ᠦᠭᠡᠢ ᠪᠣᠳᠣᠯ ᠪᠣᠯᠤᠨ ᠰᠠᠭᠤᠭᠰᠠᠨ ᠢ᠋ᠶ᠋ᠠᠨ ᠡᠷᠳᠡᠨᠢ ᠳ᠋ᠦ᠍ ᠥᠭᠭᠦᠭᠡᠳ ᠠᠪᠤᠭ᠎ᠠ ᠦᠭᠡᠢ ᠪᠥᠭᠡᠵᠢ ᠪᠡᠨ ᠠᠪᠴᠤ ᠥᠭᠪᠡ᠃
  ᠊᠊᠊᠊᠊᠊᠊᠊᠊᠊᠊᠊᠊᠊᠊ ᠡᠪᠦᠭᠡᠨ ᠮᠢᠨᠢ ᠬᠡᠷᠡᠭ ᠦᠭᠡᠢ᠃
  ᠊᠊᠊᠊᠊᠊᠊᠊᠊᠊᠊᠊᠊᠊᠊ ᠠᠪᠬᠤ ᠦᠭᠡᠢ ᠪᠣᠯ ᠭᠣᠮᠣᠳᠠᠨ᠎ᠠ ᠰᠢᠦ᠃ ᠵᠣᠪᠠᠭᠰᠠᠨ ᠬᠣᠶᠠᠷ ᠡᠮᠡᠭᠲᠡᠢ ᠶ᠋ᠢᠨ ᠨᠢᠭᠡᠨ ᠨᠢ ᠨᠥᠭᠦᠭᠡ ᠳ᠋ᠡᠭᠡᠨ ᠲᠤᠰᠠ ᠪᠣᠯᠤᠶ᠎ᠠ ᠭᠡᠵᠦ ᠪᠠᠢᠨ᠎ᠠ᠃
  ᠊᠊᠊᠊᠊᠊᠊᠊᠊᠊᠊᠊᠊᠊᠊ ᠥᠪᠡᠷ ᠲᠦ᠍ ᠴᠢᠨᠢ ᠬᠡᠷᠡᠭ ᠲᠡᠢ ᠪᠣᠯᠤᠨ᠎ᠠ᠃ ᠡᠢᠮᠦ ᠦᠨᠡᠲᠡᠢ ᠶᠠᠭᠤᠮ᠎ᠠ ᠪᠠᠷ ᠪᠢ ᠶᠠᠭᠠᠬᠢᠬᠤ ᠪᠣᠢ?
  ᠊᠊᠊᠊᠊᠊᠊᠊᠊᠊᠊᠊᠊᠊᠊ ᠪᠢ ᠴᠦ᠍ ᠪᠦᠰᠡᠭᠦᠢ ᠬᠥᠮᠦᠨ᠃ ᠴᠢ ᠴᠦ᠍ ᠪᠦᠰᠡᠭᠦᠢ ᠬᠥᠮᠦᠨ ᠰᠢᠦ ᠳᠡ᠃ ᠪᠢ ᠬᠥᠷᠥᠩᠭᠡ ᠪᠡᠨ ᠪᠠᠷᠠᠵᠤ ᠶᠠᠳᠠᠭᠰᠠᠨ ᠪᠠᠶᠠᠨ ᠬᠥᠮᠦᠨ ᠪᠢᠰᠢ᠃ ᠨᠠᠳᠠ ᠢᠯᠡᠭᠦᠦ ᠬᠥᠷᠥᠩᠭᠡ ᠪᠠᠢᠬᠤ ᠦᠭᠡᠢ᠃ ᠭᠡᠬᠦ ᠳ᠋ᠡᠭᠡᠨ ᠬᠠᠮᠤᠭ ᠤ᠋ᠨ ᠴᠠᠭᠠᠨ᠎ᠠ ᠰᠡᠳᠬᠢᠯ ᠡᠴᠡ ᠴᠢᠮ᠎ᠠ ᠳ᠋ᠤ᠌ ᠥᠭᠴᠦ ᠪᠠᠢᠨ᠎ᠠ᠃
  ᠲᠤᠯᠭᠠᠷ ᠤ᠋ᠨ ᠨᠢᠳᠦᠨ ᠡᠴᠡ ᠨᠢᠯᠪᠤᠰᠤ ᠠᠰᠬᠠᠷᠠᠪᠠ᠃ ᠭᠡᠪᠡᠴᠦ ᠡᠨᠡ ᠪᠣᠯ ᠪᠠᠶᠠᠷ ᠤ᠋ᠨ ᠨᠢᠯᠪᠤᠰᠤ ᠪᠠᠢᠯ᠎ᠠ᠃ ᠬᠥᠮᠦᠨ ᠭᠡᠳᠡᠭ ᠶᠠᠭᠠᠬᠢᠭᠰᠠᠨ ᠰᠠᠢᠬᠠᠨ ᠠᠮᠢᠲᠠᠨ ᠪᠣᠢ᠃
  ᠭᠤᠷᠪᠠ ᠬᠣᠨᠣᠭ ᠤ᠋ᠨ ᠳᠠᠷᠠᠭ᠎ᠠ ᠴᠡᠴᠡᠭ ᠪᠠᠶᠤᠤ ᠤᠷᠤᠭᠤ ᠪᠠᠨ ᠪᠤᠴᠠᠭᠰᠠᠨ ᠪᠥᠭᠡᠳ ᠲᠤᠯᠭᠠᠷ ᠶᠠᠪᠤᠬᠤ ᠪᠡᠯᠡᠳᠬᠡᠯ ᠬᠢᠯ᠎ᠡ᠃ ᠬᠣᠶᠠᠷ ᠬᠥᠭᠰᠢᠨ ᠬᠥᠯ ᠪᠣᠯᠵᠤ ᠪᠠᠶᠠᠷ ᠭᠤᠸᠠᠢ ᠰᠢᠨ᠎ᠡ ᠲᠡᠷᠭᠡ ᠤᠷᠠᠯᠠᠵᠤ ᠭᠠᠷᠤᠯ᠎ᠠ᠃ ᠶᠠᠳᠠᠭᠤ ᠬᠥᠮᠦᠨ ᠬᠣᠯᠠ ᠶ᠋ᠢᠨ ᠵᠠᠮ ᠳ᠋ᠤ᠌ ᠪᠡᠯᠡᠳᠬᠡᠬᠦ ᠬᠡᠴᠡᠭᠦᠦ᠃ ᠭᠡᠪᠡᠴᠦ ᠰᠡᠳᠬᠢᠯ ᠰᠠᠢᠬᠠᠨ ᠪᠣᠯ ᠶᠠᠭᠤᠮ᠎ᠠ ᠪᠦᠲᠦᠭᠡᠬᠦ ᠨᠢ ᠠᠮᠠᠷ ᠠᠵᠢ᠃
  《ᠲᠤᠯᠭᠠᠷ ᠬᠦᠷᠢᠶ᠎ᠡ ᠣᠷᠣᠬᠤ ᠭᠡᠨ᠎ᠡ》 ᠭᠡᠳᠡᠭ ᠶᠠᠷᠢᠶᠠᠨ ᠤ᠋ ᠰᠡᠵᠢᠭᠦᠷ ᠢ᠋ ᠰᠣᠨᠣᠰᠤᠮᠠᠭᠴᠠ ᠰᠣᠳᠨᠠᠮ ᠳᠠᠪᠬᠢᠵᠤ ᠢᠷᠡᠭᠡᠳ ᠲᠤᠰᠠᠯᠠᠶ᠎ᠠ ᠭᠡᠬᠦ ᠨᠢ ᠪᠢᠲᠡᠭᠡᠢ ᠬᠡᠯᠡ᠂ ᠬᠠᠮᠲᠤ ᠶᠠᠪᠤᠶ᠎ᠠ ᠭᠡᠰᠡᠨ ᠢ᠋ ᠲᠤᠯᠭᠠᠷ ᠬᠦᠯᠢᠶᠡᠵᠦ ᠠᠪᠤᠭᠰᠠᠨ ᠦᠭᠡᠢ᠃ ᠬᠠᠷᠢᠨ ᠰᠣᠳᠨᠠᠮ ᠤ᠋ᠨ ᠡᠬᠡ ᠢᠷᠡᠵᠦ ᠵᠠᠮ ᠤ᠋ᠨ ᠬᠦᠨᠡᠰᠦ ᠪᠣᠯᠭᠠᠵᠤ ᠬᠣᠶᠠᠷ ᠭᠦᠵᠡᠭᠡ ᠴᠠᠭᠠᠨ ᠲᠣᠰᠣ᠂ ᠲᠣᠮᠣ ᠭᠡᠭᠴᠢ ᠶ᠋ᠢᠨ ᠰᠢᠷᠢᠨ ᠰᠠᠪᠠ ᠲᠠᠢ ᠪᠣᠷᠴᠠ ᠥᠭᠭᠦᠭᠰᠡᠨ ᠢ᠋ ᠠᠪᠤᠯ᠎ᠠ᠃ ᠬᠣᠯᠠ ᠣᠢᠷ᠎ᠠ ᠶ᠋ᠢᠨ ᠠᠢᠯ ᠤ᠋ᠳ ᠴᠥᠮ ᠶᠠᠭᠤᠮ᠎ᠠ ᠠᠪᠴᠢᠷᠠᠵᠤ ᠥᠭᠭᠦᠭᠰᠡᠭᠡᠷ ᠪᠠᠢᠭᠠᠳ ᠬᠠᠢᠨᠤᠭ ᠲᠡᠷᠭᠡᠨ ᠳ᠋ᠦ᠍ ᠪᠠᠷᠤᠭ ᠪᠠᠭᠲᠠᠬᠤ ᠦᠭᠡᠢ ᠶᠠᠭᠤᠮ᠎ᠠ ᠲᠠᠢ ᠪᠣᠯᠪᠠ᠃ ᠬᠥᠮᠦᠰ ᠭᠣᠣᠯᠳᠠᠭᠤ ᠯᠠ ᠬᠦᠨᠡᠰᠦᠨ ᠦ᠌ ᠶᠠᠭᠤᠮ᠎ᠠ ᠠᠪᠴᠢᠷᠠᠵᠤ ᠥᠭᠬᠦ ᠪᠥᠭᠡᠳ ᠵᠠᠷᠢᠮ ᠨᠢ ᠬᠦᠷᠢᠶ᠎ᠡ ᠣᠷᠣᠵᠤ ᠬᠤᠳᠠᠯᠳᠤ ᠭᠡᠵᠦ ᠬᠤᠷᠠᠭᠠᠨ ᠤ᠋ ᠠᠷᠠᠰᠤ ᠴᠤ᠌ ᠪᠡᠯᠡᠭᠯᠡᠨ᠎ᠡ᠃
  ᠳᠠᠵᠢᠳ ᠭᠤᠸᠠᠢ ᠰᠢᠨ᠎ᠡ ᠬᠥᠬᠡ ᠳᠠᠯᠢᠩᠵᠢᠨ ᠢ᠋ᠶ᠋ᠠᠷ ᠲᠡᠷᠯᠢᠭ ᠬᠢᠵᠦ ᠥᠭᠭᠦᠭᠰᠡᠨ ᠪᠠ ᠭᠤᠲᠤᠯ ᠢ᠋ ᠨᠢ ᠮᠠᠰᠢ ᠵᠤᠵᠠᠭᠠᠨ ᠰᠢᠷᠢ ᠪᠡᠷ ᠬᠡᠳᠦᠨ ᠳᠠᠪᠬᠤᠷ ᠤᠯᠠᠯᠠᠵᠤ ᠥᠭᠪᠡ᠃
  ᠬᠡᠳᠦᠨ ᠡᠳᠦᠷ ᠦ᠋ᠨ ᠳᠠᠷᠠᠭ᠎ᠠ ᠬᠦᠷᠢᠶᠡᠨ ᠦ᠌ ᠵᠦᠭ ᠲᠣᠮᠣ ᠬᠦᠷᠡᠩ ᠬᠠᠢᠨᠤᠭ ᠬᠥᠯᠦᠭᠰᠡᠨ ᠴᠣ ᠰᠢᠨ᠎ᠡ ᠴᠠᠭᠠᠨ ᠮᠣᠳᠣᠨ ᠲᠡᠷᠭᠡ ᠲᠡᠢ ᠲᠤᠯᠭᠠᠷ ᠢ᠋ ᠬᠥᠳᠡᠯᠬᠦ ᠳ᠋ᠦ᠍ ᠬᠣᠶᠠᠷ ᠬᠥᠭᠰᠢᠨ ᠬᠡᠭᠡᠷ ᠮᠣᠷᠢᠨ ᠳᠡᠭᠡᠷ᠎ᠡ ᠪᠡᠨ ᠰᠤᠨᠳᠠᠯᠠᠳᠠᠨ ᠪᠠᠷᠤᠭ ᠬᠠᠭᠠᠰ ᠥᠷᠲᠡᠭᠡ ᠭᠠᠵᠠᠷ ᠭᠠᠷᠭᠠᠵᠤ ᠥᠭᠪᠡ᠃
  ᠊᠊᠊᠊᠊᠊᠊᠊᠊᠊᠊᠊᠊᠊᠊ ᠬᠦᠦ ᠮᠢᠨᠢ ᠬᠣᠶᠠᠷ ᠨᠠᠷᠠᠨ ᠤ᠋ ᠬᠣᠭᠣᠷᠣᠨᠳᠣ ᠶᠠᠪᠣᠠᠭᠤᠨ ᠪᠠᠢ᠃ ᠬᠠᠢᠨᠤᠭ ᠢ᠋ᠶ᠋ᠠᠨ ᠨᠣᠭᠣᠭ᠎ᠠ ᠲᠠᠢ ᠭᠠᠵᠠᠷ ᠠᠷᠭᠠᠮᠵᠢᠵᠤ ᠬᠣᠨᠣ᠃
  ᠊᠊᠊᠊᠊᠊᠊᠊᠊᠊᠊᠊᠊᠊᠊ ᠵᠢᠵᠢᠭ ᠬᠠᠢᠷᠴᠠᠭ ᠲᠤ᠌ ᠴᠢᠨᠢ ᠤᠲᠠᠰᠤ ᠵᠡᠭᠦᠦ ᠬᠢᠭᠰᠡᠨ ᠰᠢᠦ᠃
  ᠊᠊᠊᠊᠊᠊᠊᠊᠊᠊᠊᠊᠊᠊᠊ ᠭᠦᠮ ᠦ᠋ᠨ ᠪᠣᠭᠴᠣᠨ ᠳ᠋ᠤ᠌ ᠴᠢᠨᠢ ᠪᠡᠯᠡᠨ ᠱᠠᠭᠠᠨᠲᠠᠭ ᠪᠣᠢ᠃ ᠲᠡᠷᠭᠡ ᠪᠡᠨ ᠤᠰᠤ ᠪᠠᠷ ᠭᠠᠷᠭᠠᠵᠤ ᠪᠠᠢᠭᠠᠷᠠᠢ᠃ ᠲᠡᠭᠡᠬᠦ ᠦᠭᠡᠢ ᠪᠣᠯ ᠬᠠᠭᠰᠠᠳᠠᠭ ᠶᠤᠮ ᠰᠢᠦ᠃
  ᠊᠊᠊᠊᠊᠊᠊᠊᠊᠊᠊᠊᠊᠊᠊ ᠳᠣᠲᠣᠭᠠᠳᠤ ᠡᠩᠭᠡᠷ ᠲᠡᠭᠡᠨ ᠬᠠᠲᠠᠭᠰᠠᠨ ᠮᠥᠩᠭᠥ ᠪᠡᠨ ᠦᠷᠭᠦᠯᠵᠢ ᠪᠠᠷᠢᠵᠤ ᠦᠵᠡᠵᠦ ᠶᠠᠪᠤᠭᠠᠷᠠᠢ᠃
  ᠊᠊᠊᠊᠊᠊᠊᠊᠊᠊᠊᠊᠊᠊᠊ ᠳᠥᠷᠪᠡ ᠲᠠᠪᠤ ᠬᠣᠨᠣᠭ ᠰᠠᠢᠨ ᠶᠠᠪᠤᠭᠠᠳ ᠨᠢᠭᠡ ᠪᠦᠲᠦᠨ ᠡᠳᠦᠷ ᠬᠠᠢᠨᠤᠭ ᠢ᠋ᠶ᠋ᠠᠨ ᠠᠮᠠᠷᠠᠭᠠᠵᠤ ᠢᠳᠡᠭᠦᠯᠵᠦ ᠪᠠᠢ᠃
  ᠊᠊᠊᠊᠊᠊᠊᠊᠊᠊᠊᠊᠊᠊᠊ ᠬᠦᠷᠢᠶᠡᠨ ᠳ᠋ᠦ᠍ ᠶᠠᠩᠵᠤ ᠪᠦᠷᠢ ᠶ᠋ᠢᠨ ᠵᠠᠩ ᠲᠠᠢ ᠬᠥᠮᠦᠨ ᠪᠠᠢᠳᠠᠭ ᠶᠤᠮ ᠭᠡᠳᠡᠭ ᠰᠢᠦ᠃ ᠬᠦᠦ ᠮᠢᠨᠢ ᠬᠢᠴᠢᠶᠡᠵᠦ ᠶᠠᠪᠤᠭᠠᠷᠠᠢ᠃
  ᠊᠊᠊᠊᠊᠊᠊᠊᠊᠊᠊᠊᠊᠊᠊ ᠪᠣᠭᠴᠣᠨ ᠳ᠋ᠤ᠌ ᠴᠢᠨᠢ ᠰᠢᠨ᠎ᠡ ᠰᠤᠷ ᠪᠣᠢ ᠰᠢᠦ᠃ ᠬᠥᠮᠦᠨ ᠡᠴᠡ ᠵᠠᠮ ᠢ᠋ᠶ᠋ᠠᠨ ᠰᠠᠢᠨ ᠠᠰᠠᠭᠤᠵᠤ ᠶᠠᠪᠤᠭᠠᠷᠠᠢ ᠭᠡᠬᠦ ᠵᠡᠷᠭᠡ ᠪᠡᠷ ᠬᠣᠶᠠᠷ ᠬᠥᠭᠰᠢᠨ ᠵᠠᠬᠢᠨ᠎ᠠ᠃
  ᠢᠩᠭᠢᠭᠡᠳ ᠰᠠᠯᠬᠤ ᠪᠣᠯᠵᠤ ᠤᠬᠢᠯᠠᠯᠳᠤᠨ ᠬᠣᠴᠣᠷᠪᠠ᠃ ᠵᠤᠨ ᠤ᠋ ᠳᠤᠮᠳᠠ ᠰᠠᠷ᠎ᠠ ᠪᠣᠯᠬᠣᠷ ᠨᠣᠭᠣᠭ᠎ᠠ ᠴᠠᠭ᠎ᠠ ᠡᠯᠪᠡᠭ ᠲᠡᠢ ᠪᠥᠭᠡᠳ ᠬᠠᠮᠢᠭ᠎ᠠ ᠬᠣᠨᠣᠭᠰᠠᠨ ᠴᠤ᠌ ᠲᠠᠭᠠᠷᠠᠬᠤ ᠬᠥᠷᠥᠬᠦ ᠶ᠋ᠢᠨ ᠵᠣᠪᠠᠯᠠᠩ ᠦᠭᠡᠢ ᠠᠵᠢ᠃ ᠵᠠᠮ ᠳ᠋ᠤ᠌ ᠲᠣᠬᠢᠶᠠᠯᠳᠤᠭᠰᠠᠨ ᠠᠢᠯ ᠤ᠋ᠳ ᠬᠦᠷᠢᠶ᠎ᠡ ᠣᠷᠣᠬᠤ ᠭᠡᠵᠦ ᠶᠠᠪᠤᠭ᠎ᠠ ᠭᠠᠭᠴᠠ ᠡᠮᠡᠭᠲᠡᠢ ᠳ᠋ᠦ᠍ ᠰᠢᠨ᠎ᠡ ᠴᠠᠢ ᠴᠢᠨᠠᠵᠤ᠂ ᠰᠠᠢᠨ ᠬᠣᠭᠣᠯᠠ ᠬᠢᠵᠦ ᠥᠭᠭᠦᠨ᠎ᠡ᠃ ᠲᠠᠷᠠᠭ ᠴᠠᠭ᠎ᠠ ᠪᠣᠯ ᠣᠭᠲᠣ ᠲᠠᠰᠤᠷᠠᠬᠤ ᠦᠭᠡᠢ ᠠᠵᠢ᠃
  ᠬᠡᠳᠦᠢᠪᠡᠷ ᠬᠦᠷᠡᠩ ᠬᠠᠢᠨᠤᠭ ᠵᠢᠭᠳᠡ ᠪᠥᠭᠡᠳ ᠲᠣᠮᠣ ᠠᠯᠬᠤᠪᠠᠴᠤ ᠦᠬᠡᠷ ᠲᠡᠷᠭᠡ ᠪᠣᠯ ᠦᠬᠡᠷ ᠲᠡᠷᠭᠡ ᠪᠣᠯᠬᠣᠷ ᠵᠠᠮ ᠬᠣᠷᠣᠬᠤ ᠨᠢ ᠳᠠᠩᠴᠢ ᠪᠠᠭ᠎ᠠ ᠠᠵᠢ᠃ ᠢᠩᠭᠢᠵᠦ ᠶᠠᠪᠤᠭᠰᠠᠭᠠᠷ ᠲᠤᠤᠯᠠ ᠭᠣᠣᠯ ᠢ᠋ ᠭᠠᠷᠴᠤ ᠪᠣᠭᠳᠠ ᠬᠠᠨ ᠠᠭᠤᠯᠠ ᠶ᠋ᠢᠨ ᠠᠢᠮᠠᠭ ᠤ᠋ᠨ ᠲᠥᠪ ᠦ᠋ᠨ ᠵᠠᠬ᠎ᠠ ᠳ᠋ᠤ᠌ ᠣᠴᠢᠵᠤ ᠨᠢᠭᠡ ᠰᠠᠢᠬᠠᠨ ᠵᠦᠯᠭᠡᠨ ᠳᠡᠭᠡᠷ᠎ᠡ ᠪᠠᠭᠤᠪᠠ᠃
  ᠬᠠᠢᠨᠤᠭ ᠢ᠋ᠶ᠋ᠠᠨ ᠨᠣᠭᠣᠭᠠᠨ ᠳᠡᠭᠡᠷ᠎ᠡ ᠠᠷᠭᠠᠮᠵᠢᠵᠤ ᠣᠷᠬᠢᠭᠠᠳ ᠬᠣᠢᠲᠤ ᠡᠩᠭᠡᠷ ᠲᠦ᠍ ᠪᠠᠢᠭ᠎ᠠ ᠬᠡᠳᠦᠨ ᠬᠣᠨᠢ ᠲᠠᠢ ᠠᠢᠯ ᠡᠴᠡ ᠴᠠᠢ ᠶ᠋ᠢᠨ ᠰᠦ ᠭᠤᠶᠤᠬᠤ ᠪᠠᠷ ᠵᠢᠵᠢᠭ ᠬᠤᠪᠢᠩ ᠪᠠᠷᠢᠨ ᠶᠠᠪᠤᠯ᠎ᠠ᠃
  ᠠᠢᠮᠠᠭ ᠤ᠋ᠨ ᠲᠥᠪ ᠡᠴᠡ ᠨᠢᠭᠡ ᠰᠠᠢᠬᠠᠨ ᠪᠣᠷᠣ ᠮᠣᠷᠢ ᠬᠥᠲᠥᠯᠦᠭᠰᠡᠨ ᠢᠵᠢᠯ ᠵᠢᠪᠡᠬᠡᠢ ᠨᠣᠭᠣᠭᠠᠨ ᠳᠡᠪᠡᠯ ᠲᠡᠢ ᠬᠣᠶᠠᠷ ᠵᠠᠯᠠᠭᠤ ᠴᠢᠩᠭ᠎ᠠ ᠴᠢᠩᠭ᠎ᠠ ᠢᠨᠢᠶᠡᠯᠳᠦᠨ ᠢᠷᠡᠵᠦ ᠶᠠᠪᠤᠯ᠎ᠠ᠃ ᠪᠣᠳᠣᠪᠠᠯ ᠮᠣᠷᠢ ᠪᠠᠨ ᠤᠰᠤᠯᠠᠬᠤ ᠪᠠᠷ ᠶᠠᠪᠤᠭ᠎ᠠ ᠪᠣᠯᠤᠯᠲᠠᠢ᠃
  ᠬᠣᠯᠠ ᠵᠠᠮ ᠳ᠋ᠤ᠌ ᠶᠠᠳᠠᠷᠠᠭᠰᠠᠨ ᠲᠤᠯᠭᠠᠷ ᠲᠡᠳᠡᠨ ᠢ᠋ ᠠᠩᠬᠠᠷᠤᠯ ᠦᠭᠡᠢ ᠤᠷᠢᠲᠠᠵᠤ ᠵᠠᠮ ᠣᠭᠲᠣᠯᠵᠤ ᠠᠢᠯ ᠤ᠋ᠨ ᠵᠦᠭ ᠬᠡᠯᠲᠦᠷᠢᠨ ᠶᠠᠪᠤᠯ᠎ᠠ᠃ ᠠᠷᠤ ᠪᠠᠷ ᠨᠢ ᠥᠩᠭᠡᠷᠡᠵᠦ ᠪᠠᠢᠭ᠎ᠠ ᠵᠠᠯᠠᠭᠤᠰ ᠤ᠋ᠨ ᠨᠢᠭᠡ ᠨᠢ᠄
  ᠊᠊᠊᠊᠊᠊᠊᠊᠊᠊᠊᠊᠊᠊᠊ ᠰᠤᠷᠭᠠᠭᠤᠯᠢ ᠡᠬᠢᠯᠡᠬᠦ ᠡᠴᠡ ᠡᠮᠦᠨ᠎ᠡ ᠨᠢᠭᠡ ᠡᠬᠡᠨᠡᠷ ᠣᠯᠵᠤ ᠠᠪᠬᠤ ᠶᠤᠮᠰᠠᠨ᠃ ᠬᠦᠦ ᠮᠢᠨᠢ ᠴᠢᠮᠢ᠋ᠢ᠌ ᠬᠠᠨᠢ ᠲᠠᠢ ᠪᠣᠯᠪᠠᠯ ᠲᠤᠰᠬᠠᠢ ᠭᠡᠷ ᠪᠠᠷᠢᠵᠤ ᠥᠭᠭᠦᠨ᠎ᠡ᠃ ᠭᠡᠷᠯᠡᠭᠡ ᠦᠭᠡᠢ ᠴᠠᠭ ᠲᠠᠭᠠᠨ ᠲᠡᠷᠡ ᠪᠤᠰᠤᠳ ᠪᠠᠭᠰᠢ ᠨᠠᠷ ᠲᠠᠢ ᠪᠠᠨ ᠬᠠᠮᠲᠤ ᠯᠠ ᠨᠢᠭᠡ ᠭᠡᠷ ᠲᠦ᠍ ᠮᠣᠷᠢᠯᠠᠵᠤ ᠪᠠᠢ ᠭᠡᠵᠦ ᠠᠢᠮᠠᠭ ᠤ᠋ᠨ ᠳᠠᠷᠤᠭ᠎ᠠ ᠬᠡᠯᠡᠭᠰᠡᠨ ᠰᠢᠦ ᠭᠡᠬᠦ ᠳ᠋ᠦ᠍ ᠨᠥᠭᠦᠭᠡ ᠨᠢ
  ᠊᠊᠊᠊᠊᠊᠊᠊᠊᠊᠊᠊᠊᠊᠊ ᠪᠤᠰᠢᠭᠤᠬᠠᠨ ᠯᠠ ᠨᠢᠭᠡ ᠭᠡᠵᠢᠭᠡᠲᠦ ᠤᠷᠭᠠᠯᠠᠭᠠᠳ ᠠᠪᠬᠤ ᠦᠭᠡᠢ ᠤᠤ? ᠭᠡᠪᠡ᠃
  ᠊᠊᠊᠊᠊᠊᠊᠊᠊᠊᠊᠊᠊᠊᠊ ᠰᠡᠳᠬᠢᠯ ᠳ᠋ᠦ᠍ ᠲᠣᠬᠢᠷᠠᠭᠰᠠᠨ ᠶᠠᠭᠤᠮ᠎ᠠ ᠵᠠᠮ ᠳᠡᠭᠡᠷ᠎ᠡ ᠬᠡᠪᠲᠡᠵᠦ ᠪᠠᠢᠬᠤ ᠦᠭᠡᠢ ᠶᠤᠮ ᠪᠠᠢᠨ᠎ᠠ ᠰᠢᠦ ᠳᠡ᠃
  ᠊᠊᠊᠊᠊᠊᠊᠊᠊᠊᠊᠊᠊᠊᠊ ᠵᠠᠮ ᠳᠡᠭᠡᠷ᠎ᠡ ᠴᠦ᠍ ᠪᠠᠢᠬᠤ ᠦᠭᠡᠢ᠃ ᠭᠡᠬᠦ ᠳ᠋ᠡᠭᠡᠨ ᠭᠡᠷ ᠲᠡᠭᠡᠨ ᠬᠣᠳᠣᠭᠣᠳᠣ ᠪᠠᠨ ᠢᠯᠢᠵᠦ ᠬᠡᠪᠲᠡᠭᠡᠳ ᠪᠠᠢᠪᠠᠯ ᠥᠪᠡᠷ ᠢ᠋ᠶ᠋ᠡᠨ ᠬᠦᠷᠦᠭᠡᠳ ᠢᠷᠡᠬᠦ ᠦᠭᠡᠢ ᠰᠢᠦ ᠳᠡ ᠭᠡᠬᠦ ᠳ᠋ᠦ᠍ ᠬᠣᠶᠠᠷ ᠵᠠᠯᠠᠭᠤ ᠴᠢᠩᠭ᠎ᠠ ᠪᠥᠭᠡᠳ ᠬᠥᠭᠵᠢᠯᠲᠡᠢ ᠢᠨᠢᠶᠡᠪᠡ᠃
  ᠲᠤᠯᠭᠠᠷ ᠭᠡᠨᠡᠳᠲᠡ ᠵᠣᠭᠰᠣᠭᠠᠳ ᠮᠠᠰᠢ ᠠᠯᠭᠤᠷ ᠡᠷᠭᠢᠵᠦ ᠬᠠᠷᠠᠯ᠎ᠠ᠃ ᠥᠩᠭᠡᠷᠡᠭᠡᠳ ᠭᠠᠷᠤᠭᠰᠠᠨ ᠵᠠᠯᠠᠭᠤᠰ ᠤ᠋ᠨ ᠨᠢᠭᠤᠷ ᠨᠢ ᠬᠠᠷᠠᠭᠳᠠᠭᠰᠠᠨ ᠦᠭᠡᠢ᠃ ᠬᠣᠯᠠᠳᠴᠤ ᠪᠠᠢᠭ᠎ᠠ ᠲᠡᠳᠡᠨ ᠦ᠌ ᠬᠣᠢᠨ᠎ᠠ ᠡᠴᠡ ᠨᠢᠳᠦ ᠴᠠᠪᠴᠢᠯ ᠦᠭᠡᠢ ᠰᠢᠷᠳᠡᠵᠦ ᠪᠠᠢᠭᠰᠠᠨ ᠢ᠋ᠶ᠋ᠠᠨ ᠰᠠᠶᠢᠬᠠᠨ ᠬᠥᠯ ᠳ᠋ᠦ᠍ ᠣᠷᠣᠵᠤ ᠪᠠᠢᠭ᠎ᠠ ᠬᠡᠦᠬᠡᠳ ᠰᠢᠭ ᠲᠡᠨᠲᠦᠷ ᠲᠦᠨᠲᠦᠷ ᠭᠡᠵᠦ ᠠᠯᠬᠤᠪᠠ᠃
  ᠵᠢᠷᠭᠠᠵᠤ ᠪᠠᠢᠭ᠎ᠠ ᠨᠠᠷᠠᠨ ᠤ᠋ ᠠᠯᠲᠠᠨ ᠲᠤᠶᠠᠭ᠎ᠠ ᠨᠢᠭᠤᠷ ᠳᠡᠭᠡᠷ᠎ᠡ ᠨᠢ ᠲᠣᠰᠴᠤ ᠭᠢᠯᠪᠠᠬᠤ ᠪᠥᠭᠡᠳ ᠬᠣᠶᠠᠷ ᠵᠠᠯᠠᠭᠤ ᠶ᠋ᠢᠨ ᠠᠷᠤ ᠶ᠋ᠢ ᠬᠥᠲᠥᠯᠵᠦ ᠶᠠᠪᠤᠭ᠎ᠠ ᠮᠣᠷᠢ ᠨᠢ ᠬᠠᠯᠠᠭᠯᠠᠨ᠎ᠠ᠃ ᠲᠤᠯᠭᠠᠷ ᠶᠠᠪᠤᠭᠰᠠᠭᠠᠷ ᠯᠠ ᠪᠠᠢᠯ᠎ᠠ᠃ 《ᠪᠢᠰᠢ ᠁ ᠡᠢᠮᠦ ᠵᠢᠷᠭᠠᠯ ᠪᠠᠢᠬᠤ ᠶᠣᠰᠣ ᠦᠭᠡᠢ》 ᠭᠡᠵᠦ ᠪᠣᠳᠣᠪᠠᠴᠤ ᠬᠥᠯ ᠨᠢ ᠵᠣᠭᠰᠣᠭᠰᠠᠨ ᠦᠭᠡᠢ᠃
  ᠵᠠᠯᠠᠭᠤᠰ ᠲᠤᠤᠯᠠ ᠶ᠋ᠢᠨ ᠲᠠᠲᠠᠭᠤᠷᠭ᠎ᠠ ᠳᠡᠭᠡᠷ᠎ᠡ ᠣᠴᠢᠵᠤ ᠢᠰᠬᠡᠷᠦᠯᠳᠦᠨ ᠮᠣᠷᠢ ᠪᠠᠨ ᠤᠰᠤᠯᠠᠪᠠ᠃
  ᠊᠊᠊᠊᠊᠊᠊᠊᠊᠊᠊᠊᠊᠊᠊ ᠥᠷᠯᠥᠭᠡ ᠡᠷᠲᠡ ᠯᠡ ᠮᠣᠷᠳᠠᠬᠤ ᠬᠡᠷᠡᠭ ᠤᠤ?
  ᠊᠊᠊᠊᠊᠊᠊᠊᠊᠊᠊᠊᠊᠊᠊ ᠨᠢᠭᠡ ᠮᠣᠷᠳᠠᠪᠠᠯ ᠡᠢᠮᠦ ᠮᠣᠷᠢ ᠲᠠᠢ ᠬᠥᠮᠦᠨ ᠲᠣᠭᠣᠰᠣ ᠲᠠᠲᠠᠭᠤᠯᠤᠭᠠᠳ ᠯᠠ ᠪᠠᠭᠤᠴᠢᠬᠠᠨ᠎ᠠ᠃
  ᠊᠊᠊᠊᠊᠊᠊᠊᠊᠊᠊᠊᠊᠊᠊ ᠴᠢ ᠶᠠᠭ ᠡᠨᠡ ᠵᠠᠮ ᠢ᠋ᠶ᠋ᠠᠷ ᠢᠷᠡᠭᠰᠡᠨ ᠤᠤ?
  ᠊᠊᠊᠊᠊᠊᠊᠊᠊᠊᠊᠊᠊᠊᠊ ᠲᠡᠢᠮᠦ᠃ ᠶᠠᠭ ᠯᠠ ᠡᠨᠡ ᠵᠠᠮ ᠢ᠋ᠶ᠋ᠠᠷ᠃ ᠮᠥᠨ ᠴᠦ᠍ ᠬᠦᠢᠲᠡᠨ ᠪᠠᠢᠭᠰᠠᠨ ᠰᠢᠦ᠃
  ᠲᠤᠯᠭᠠᠷ ᠵᠣᠭᠰᠣᠪᠠ᠃ ᠨᠢᠭᠤᠷ ᠨᠢ ᠲᠠᠲᠠᠪᠠᠯᠵᠠᠨ ᠨᠢᠳᠦ ᠨᠢ ᠭᠥᠯᠢᠷᠡᠨ ᠬᠡᠨ ᠴᠦ᠍ ᠦᠯᠦ ᠰᠣᠨᠣᠰᠬᠤ ᠲᠠᠭᠵᠢᠷᠠᠮᠠᠯ ᠰᠥᠭᠡᠩᠭᠢ ᠬᠣᠭᠣᠯᠠᠢ ᠪᠠᠷ 《ᠪᠠᠲᠤ ᠬᠦᠦ ᠮᠢᠨᠢ!》 ᠭᠡᠪᠡᠴᠦ ᠬᠥᠳᠡᠯᠵᠦ ᠦᠯᠦ ᠴᠢᠳᠠᠨ᠎ᠠ᠃ ᠢᠩᠭᠢᠵᠦ ᠬᠡᠰᠡᠭ ᠪᠠᠢᠭᠰᠠᠨ ᠢ᠋ᠶ᠋ᠠᠨ ᠭᠡᠨᠡᠳᠲᠡ ᠪᠠᠢᠳᠠᠭ ᠬᠦᠴᠦ ᠪᠡᠷ ᠢ᠋ᠶ᠋ᠡᠨ 《ᠪᠠᠲᠤ ᠠ᠋ ᠮᠢᠨᠦ ᠬᠦᠦ᠂ ᠡᠵᠢ ᠨᠢ ᠁》 ᠭᠡᠵᠦ ᠶᠡᠷᠦ ᠪᠤᠰᠤ ᠶ᠋ᠢᠨ ᠬᠠᠬᠢᠷ ᠳᠠᠭᠤ ᠪᠠᠷ ᠴᠢᠷᠠᠯᠠᠭᠠᠳ ᠳᠣᠲᠣᠷ᠎ᠠ ᠨᠢ ᠮᠠᠨᠠᠷᠠᠨ ᠰᠠᠭᠤᠵᠤ ᠤᠬᠢᠯᠠᠪᠠ᠃
  ᠲᠡᠢᠮᠦ ᠠ᠋᠃ ᠡᠬᠡ ᠬᠦᠦ ᠪᠡᠨ ᠪᠤᠷᠤᠭᠤ ᠲᠠᠨᠢᠬᠤ ᠦᠭᠡᠢ᠃ ᠡᠨᠡ ᠪᠣᠯ ᠶᠠᠭᠠᠬᠢᠬᠤ ᠶ᠋ᠢᠨ ᠠᠷᠭ᠎ᠠ ᠦᠭᠡᠢ ᠪᠠᠲᠤ ᠪᠠᠢᠯ᠎ᠠ᠃ ᠣᠶᠤᠲᠠᠨ ᠤ᠋ ᠰᠤᠷᠭᠠᠭᠤᠯᠢ ᠪᠠᠨ ᠲᠡᠭᠦᠰᠴᠦ ᠪᠣᠭᠳᠠ ᠬᠠᠨ ᠠᠭᠤᠯᠠ ᠶ᠋ᠢᠨ ᠠᠢᠮᠠᠭ ᠤ᠋ᠨ ᠲᠢᠩᠬᠢᠮ ᠦ᠋ᠨ ᠳᠠᠭᠠᠪᠤᠷᠢ ᠰᠤᠷᠭᠠᠭᠴᠢ ᠪᠠᠷ ᠢᠷᠡᠭᠡᠳ ᠪᠠᠢᠭ᠎ᠠ ᠨᠢ ᠡᠨᠡ ᠪᠢᠯᠡ᠃ ᠬᠡᠳᠦᠨ ᠡᠳᠦᠷ ᠦ᠋ᠨ ᠡᠮᠦᠨ᠎ᠡ ᠡᠴᠢᠭᠡ ᠡᠴᠡ ᠪᠡᠨ 《ᠡᠬᠡ ᠴᠢᠨᠢ ᠠᠮᠢᠳᠤ ᠁》 ᠭᠡᠰᠡᠨ ᠦᠭᠡ ᠲᠡᠢ ᠵᠠᠬᠢᠶ᠎ᠠ ᠶ᠋ᠢ ᠠᠪᠤᠭᠠᠳ ᠡᠬᠢᠯᠡᠭᠡᠳ ᠶᠠᠭᠤ ᠭᠡᠵᠦ ᠤᠩᠰᠢᠭᠰᠠᠨ ᠢ᠋ᠶ᠋ᠠᠨ ᠮᠠᠲᠠᠯ ᠦᠭᠡᠢ ᠭᠠᠢᠬᠠᠭᠰᠠᠨ ᠪᠠ ᠳᠠᠷᠠᠭ᠎ᠠ ᠨᠢ ᠰᠠᠢᠬᠠᠨ ᠵᠡᠭᠦᠳᠦ ᠮᠡᠲᠦ ᠰᠠᠨᠠᠭᠳᠠᠨ ᠬᠡᠳᠦ ᠳᠠᠬᠢᠨ ᠤᠩᠰᠢᠪᠠ᠃
  ᠊᠊᠊᠊᠊᠊᠊᠊᠊᠊᠊᠊᠊᠊᠊ ᠠᠪᠤ ᠶ᠋ᠢᠨ ᠪᠢᠴᠢᠭ ᠮᠥᠨ ᠤᠤ? ᠭᠡᠵᠦ ᠬᠠᠮᠲᠤ ᠢᠷᠡᠭᠰᠡᠨ ᠴᠢᠯᠠᠭᠤᠨᠪᠠᠭᠠᠲᠤᠷ ᠡᠴᠡ ᠠᠰᠠᠭᠤᠪᠠ᠃
  ᠊᠊᠊᠊᠊᠊᠊᠊᠊᠊᠊᠊᠊᠊᠊ ᠠᠪᠤ ᠶ᠋ᠢᠨ ᠪᠢᠴᠢᠭ ᠠ᠋᠃ ᠠᠯᠢ? ᠭᠡᠵᠦ ᠴᠢᠯᠠᠭᠤᠨᠪᠠᠭᠠᠲᠤᠷ ᠭᠠᠢᠬᠠᠨ ᠠᠰᠠᠭᠤᠪᠠ᠃
  ᠊᠊᠊᠊᠊᠊᠊᠊᠊᠊᠊᠊᠊᠊᠊ ᠮᠥᠨ ᠪᠠᠢᠨ᠎ᠠ ᠁ ᠡᠨᠡ ᠰᠡᠭᠦᠯ ᠁ ᠠᠪᠤ ᠶᠠᠭ ᠢᠩᠭᠢᠵᠦ ᠲᠠᠲᠠᠳᠠᠭ ᠶᠤᠮ ᠭᠡᠳ ᠵᠠᠬᠢᠶ᠎ᠠ ᠶ᠋ᠢ ᠬᠡᠳᠦ ᠳᠠᠬᠢᠨ ᠤᠩᠰᠢᠪᠠ᠃
  ᠡᠬᠡ ᠨᠢ ᠶᠠᠭᠠᠬᠢᠵᠤ ᠶᠠᠪᠤᠭᠰᠠᠭᠠᠷ ᠬᠡᠷᠬᠢᠨ ᠤᠰᠤᠨ ᠳ᠋ᠤ᠌ ᠣᠷᠣᠭᠰᠠᠨ᠂ ᠶᠠᠭᠠᠬᠢᠵᠤ ᠠᠪᠤᠷᠠᠭᠳᠠᠭᠰᠠᠨ ᠲᠤᠬᠠᠢ ᠮᠠᠰᠢ ᠲᠣᠳᠣᠷᠬᠠᠢ ᠪᠢᠴᠢᠭᠰᠡᠨ ᠠᠵᠢ᠃ ᠪᠠᠰᠠ ᠣᠳᠣ ᠬᠠᠮᠢᠭ᠎ᠠ ᠬᠡᠨ ᠭᠡᠭᠴᠢ ᠠᠢᠯ ᠳ᠋ᠤ᠌ ᠪᠠᠢᠭ᠎ᠠ ᠶ᠋ᠢ ᠴᠦ᠍ ᠪᠢᠴᠢᠵᠡᠢ᠃ 《ᠲᠡᠨᠡᠭ ᠵᠠᠩ ᠭᠠᠷᠭᠠᠵᠤ ᠣᠷᠬᠢᠨ ᠶᠠᠪᠤᠭᠰᠠᠨ ᠨᠠᠮᠠᠢ ᠥᠷᠥᠰᠢᠶᠡᠭᠰᠡᠨ ᠦᠭᠡᠢ᠃ ᠠᠮᠰᠠᠭᠰᠠᠨ ᠵᠣᠪᠠᠯᠠᠩ ᠨᠢ ᠶᠡᠬᠡ ᠪᠣᠯᠬᠣᠷ ᠭᠣᠮᠣᠳᠠᠭᠰᠠᠨ ᠰᠡᠳᠬᠢᠯ ᠬᠠᠲᠠᠭᠤ ᠪᠠᠢᠬᠤ ᠨᠢ ᠠᠷᠭ᠎ᠠ ᠦᠭᠡᠢ ᠪᠠᠢᠬᠤ ᠳᠠ᠃ ᠭᠡᠪᠡᠴᠦ ᠠᠮᠢᠳᠤ᠃ ᠡᠨᠡ ᠯᠡ ᠴᠠᠭᠯᠠᠰᠢ ᠦᠭᠡᠢ ᠪᠠᠶᠠᠷ》 ᠭᠡᠰᠡᠨ ᠵᠠᠬᠢᠶᠠᠨ ᠤ᠋ ᠰᠡᠭᠦᠯ ᠦ᠋ᠨ ᠬᠡᠰᠡᠭ ᠪᠠᠲᠤ ᠳ᠋ᠤ᠌ ᠪᠣᠳᠣᠯ᠂ ᠳᠠᠭᠠᠪᠤᠷᠢ ᠲᠥᠷᠥᠭᠦᠯᠪᠡ᠃
  ᠡᠬᠡ᠂ ᠡᠴᠢᠭᠡ ᠬᠣᠶᠠᠷ ᠨᠢ ᠬᠠᠮᠲᠤᠷᠠᠵᠤ ᠰᠠᠭᠤᠭ᠎ᠠ ᠦᠭᠡᠢ ᠶ᠋ᠢ ᠣᠢᠯᠠᠭᠠᠪᠠ᠃ 《ᠲᠡᠭᠡᠬᠦ ᠶᠣᠰᠣ ᠦᠭᠡᠢ᠃ ᠪᠢ ᠯᠡ ᠲᠦᠷᠭᠡᠨ ᠣᠴᠢᠬᠤ ᠦᠭᠡᠢ ᠪᠣᠯ ᠪᠣᠯᠬᠤ ᠦᠭᠡᠢ》 ᠭᠡᠵᠦ ᠪᠣᠳᠣᠭᠠᠳ ᠠᠩᠬᠠᠨ ᠤ᠋ ᠪᠠᠨ ᠴᠠᠯᠢᠩ ᠢ᠋ ᠥᠴᠥᠭᠡᠳᠦᠷ ᠠᠪᠤᠮᠠᠭᠴᠠ ᠬᠥᠲᠥᠯᠵᠦ ᠶᠠᠪᠤᠭ᠎ᠠ ᠪᠣᠷᠣ ᠮᠣᠷᠢ ᠪᠠᠨ ᠥᠨᠥᠳᠥᠷ ᠠᠪᠴᠤ ᠥᠷᠯᠥᠭᠡ ᠲᠠᠮᠢᠷ ᠤ᠋ᠨ ᠵᠦᠭ ᠮᠣᠷᠳᠠᠬᠤ ᠭᠡᠵᠦ ᠪᠠᠢᠭ᠎ᠠ ᠶᠤᠮ᠃
  ᠡᠬᠡ ᠶ᠋ᠢᠨ ᠢ᠋ᠶ᠋ᠡᠨ ᠳᠠᠭᠤ ᠶ᠋ᠢ ᠰᠣᠨᠣᠰᠤᠭᠰᠠᠨ ᠪᠠᠲᠤ ᠭᠦᠶᠦᠨ ᠣᠴᠢᠪᠠ᠃ ᠭᠠᠭᠴᠠ ᠬᠦᠦ ᠶ᠋ᠢᠨ ᠢ᠋ᠶ᠋ᠡᠨ ᠲᠣᠯᠣᠭᠠᠢ ᠶ᠋ᠢ ᠡᠯᠢᠭᠡᠨ ᠳ᠋ᠡᠭᠡᠨ ᠲᠡᠪᠡᠷᠢᠨ ᠠᠪᠤᠭᠠᠳ ᠶᠠᠩᠭᠢᠨᠠᠲᠠᠯ᠎ᠠ ᠤᠬᠢᠯᠠᠵᠤ ᠪᠠᠢᠬᠤ ᠳ᠋ᠠᠭᠠᠨ ᠬᠣᠷᠸ᠎ᠠ ᠳᠡᠭᠡᠷ᠎ᠡ ᠵᠣᠪᠠᠯᠠᠩ ᠪᠠᠢᠪᠠᠴᠤ ᠵᠢᠷᠭᠠᠯ ᠪᠠᠰᠠ ᠪᠠᠢᠳᠠᠭ ᠢ᠋ ᠪᠦᠬᠦ ᠰᠡᠳᠬᠢᠯ ᠢ᠋ᠶ᠋ᠡᠷ ᠮᠡᠳᠡᠷᠡᠵᠦ ᠪᠠᠢᠯ᠎ᠠ᠃ 《ᠠᠮᠢᠳᠤ ᠶᠠᠪᠤᠪᠠᠯ ᠠᠯᠲᠠᠨ ᠠᠶᠠᠭᠠᠨ ᠡᠴᠡ ᠤᠰᠤ ᠤᠤᠭᠤᠨ᠎ᠠ》 ᠭᠡᠵᠦ ᠳᠠᠵᠢᠳ ᠭᠤᠸᠠᠢ ᠶ᠋ᠢᠨ ᠳᠠᠪᠲᠠᠨ ᠶᠠᠷᠢᠳᠠᠭ ᠨᠢ ᠡᠨᠡ ᠠᠭᠤᠯᠵᠠᠯᠲᠠ ᠶ᠋ᠢ ᠯᠡ ᠬᠡᠯᠡᠭᠰᠡᠨ ᠪᠣᠯᠤᠯᠲᠠᠢ᠃
  ᠊᠊᠊᠊᠊᠊᠊᠊᠊᠊᠊᠊᠊᠊᠊ ᠡᠵᠢ ᠮᠢᠨᠢ ᠪᠢᠲᠡᠭᠡᠢ ᠤᠬᠢᠯᠠ᠃ ᠠᠮᠢᠳᠤ ᠠᠭᠤᠯᠵᠠᠯ᠎ᠠ ᠰᠢᠦ ᠳᠡ ᠭᠡᠵᠦ ᠪᠠᠲᠤ ᠬᠡᠯᠡᠪᠡᠴᠦ ᠥᠪᠡᠷ ᠦ᠋ᠨ ᠬᠢᠨᠢ ᠨᠢᠳᠦᠨ ᠡᠴᠡ ᠨᠢᠯᠪᠤᠰᠤ ᠳᠤᠰᠤᠯᠠᠨ᠎ᠠ᠃
  ᠣᠷᠴᠢᠯᠠᠩ ᠤ᠋ᠨ ᠵᠢᠮ᠎ᠡ ᠶᠣᠰᠣ ᠬᠥᠮᠦᠨ ᠢ᠋ ᠵᠣᠪᠠᠭᠠᠵᠤ ᠴᠢᠳᠠᠳᠠᠭ ᠤ᠋ᠨ ᠠᠳᠠᠯᠢ ᠪᠠᠶᠠᠷᠯᠠᠭᠤᠯᠵᠤ ᠴᠢᠳᠠᠳᠠᠭ ᠨᠢ ᠶᠠᠭᠤᠲᠠᠢ ᠰᠠᠢᠬᠠᠨ ᠪᠣᠢ! ᠡᠨᠡ ᠵᠢᠮ᠎ᠡ ᠶᠣᠰᠣ ᠥᠨᠥᠳᠥᠷ ᠡᠨᠡ ᠬᠣᠶᠠᠷ ᠬᠥᠮᠦᠨ ᠳ᠋ᠦ᠍ ᠪᠠᠶᠠᠷ᠂ ᠵᠢᠷᠭᠠᠯ ᠢ᠋ ᠥᠴᠦᠬᠡᠨ ᠴᠦ᠍ ᠬᠠᠷᠠᠮᠨᠠᠬᠤ ᠦᠭᠡᠢ ᠥᠭᠴᠦ ᠪᠠᠢᠯ᠎ᠠ᠃
  ᠊᠊᠊᠊᠊᠊᠊᠊᠊᠊᠊᠊᠊᠊᠊ ᠡᠵᠢ ᠲᠠ ᠬᠠᠮᠢᠭ᠎ᠠ ᠡᠴᠡ ᠭᠠᠷᠤᠭᠠᠳ ᠢᠷᠡᠪᠡ?
  ᠢᠩᠭᠢᠵᠦ ᠠᠭᠤᠯᠵᠠᠭᠰᠠᠨ ᠡᠬᠡ ᠬᠦᠦ ᠬᠣᠶᠠᠷ ᠶᠠᠷᠢᠵᠤ ᠡᠬᠢᠯᠡᠪᠡ᠃ ᠲᠡᠷᠡ ᠶᠠᠷᠢᠶ᠎ᠠ ᠳᠠᠭᠤᠰᠬᠤ ᠳ᠋ᠤ᠌ ᠬᠡᠴᠡᠭᠦᠦ᠃ ᠶᠠᠷᠢᠭᠰᠠᠭᠠᠷ ᠶᠠᠪᠤᠵᠤ ᠬᠠᠢᠨᠤᠭ ᠲᠡᠷᠭᠡ ᠶ᠋ᠢ ᠠᠪᠴᠤ ᠪᠠᠲᠤ ᠶ᠋ᠢᠨ ᠭᠡᠷ ᠲᠦ᠍ ᠣᠴᠢᠪᠠ᠃ ᠭᠡᠷ ᠦ᠋ᠨ ᠢ᠋ᠶ᠋ᠡᠨ ᠭᠠᠳᠠᠨ᠎ᠠ ᠣᠴᠢᠭᠠᠳ ᠬᠦᠷᠡᠩ ᠬᠠᠢᠨᠤᠭ ᠢ᠋ ᠲᠡᠷᠭᠡᠨ ᠡᠴᠡ ᠨᠢ ᠪᠠᠭᠤᠯᠭᠠᠵᠤ 《ᠡᠵᠢ ᠶ᠋ᠢ ᠮᠢᠨᠢ ᠠᠪᠴᠢᠷᠠᠵᠤ ᠥᠭᠭᠦᠭᠰᠡᠨ ᠰᠠᠢᠨ ᠬᠠᠢᠨᠤᠭ ᠪᠠᠢᠨ᠎ᠠ》 ᠭᠡᠳ ᠮᠠᠩᠨᠠᠢ ᠳᠡᠭᠡᠷ᠎ᠡ ᠨᠢ ᠦᠨᠦᠰᠴᠦ ᠣᠷᠬᠢᠭᠰᠠᠨ ᠳ᠋ᠤ᠌ ᠦᠷᠭᠦᠵᠦ ᠰᠤᠪᠤᠷᠭ᠎ᠠ ᠰᠢᠭ᠋ ᠬᠣᠶᠠᠷ ᠡᠪᠡᠷ ᠢ᠋ᠶ᠋ᠡᠷ ᠢ᠋ᠶ᠋ᠡᠨ ᠵᠣᠯ ᠲᠠᠢ ᠯᠠ ᠰᠦᠯᠪᠡᠵᠦ ᠣᠷᠬᠢᠭᠰᠠᠨ ᠦᠭᠡᠢ᠃
  ᠪᠠᠲᠤ ᠴᠢᠯᠠᠭᠤᠨᠪᠠᠭᠠᠲᠤᠷ ᠨᠠᠷ ᠴᠠᠢ ᠴᠢᠨᠠᠵᠤ ᠬᠣᠭᠣᠯᠠ ᠬᠢᠨ᠂ ᠲᠤᠯᠭᠠᠷ ᠲᠡᠷᠭᠡ ᠲᠡᠢ ᠶᠠᠭᠤᠮ᠎ᠠ ᠪᠠᠨ ᠵᠠᠳᠠᠯᠵᠤ᠂ ᠰᠠᠶᠢᠬᠠᠨ ᠢᠷᠡᠭᠰᠡᠨ ᠪᠠᠭᠰᠢ ᠲᠠᠢ ᠲᠠᠨᠢᠯᠴᠠᠵᠤ ᠠᠮᠵᠢᠭᠰᠠᠨ ᠬᠥᠮᠦᠰ 《ᠲᠠᠩᠬᠢᠮ ᠤ᠋ᠨ ᠪᠠᠭᠰᠢ ᠵᠢᠭᠠᠯ ᠬᠦᠦ ᠶ᠋ᠢᠨ ᠡᠬᠡ ᠢᠷᠡᠵᠡᠢ》 ᠭᠡᠵᠦ ᠰᠠᠯᠵᠤ ᠰᠠᠷᠨᠢᠭᠰᠠᠨ ᠡᠬᠡ ᠬᠦᠦ ᠶ᠋ᠢᠨ ᠤᠴᠠᠷᠠᠯ ᠳ᠋ᠤ᠌ ᠲᠠᠯᠠᠷᠬᠠᠨ ᠪᠠᠶᠠᠷᠯᠠᠯᠴᠠᠵᠤ ᠪᠠᠢᠯ᠎ᠠ᠃
  ᠡᠴᠢᠭᠡ ᠶ᠋ᠢᠨ ᠢ᠋ᠶ᠋ᠡᠨ ᠲᠤᠬᠠᠢ ᠠᠰᠠᠭᠤᠭᠰᠠᠨ ᠪᠠᠲᠤ ᠶ᠋ᠢᠨ ᠡᠬᠢᠨ ᠦ᠌ ᠠᠰᠠᠭᠤᠯᠲᠠ ᠳ᠋ᠤ᠌ ᠡᠬᠡ ᠨᠢ ᠵᠥᠪᠬᠡᠨ 《ᠠᠪᠤ ᠴᠢᠨᠢ ᠨᠠᠳᠠ ᠳᠡᠭᠡᠷ᠎ᠡ ᠣᠴᠢᠭᠰᠠᠨ》 ᠭᠡᠵᠦ ᠬᠠᠷᠢᠭᠤᠯᠤᠭᠰᠠᠨ ᠪᠠᠢᠯ᠎ᠠ᠃ ᠭᠡᠪᠡᠴᠦ ᠴᠠᠭ ᠥᠩᠭᠡᠷᠡᠬᠦ ᠳᠣᠳᠣᠮ ᠠᠭᠤᠯᠵᠠᠯᠲᠠ ᠶ᠋ᠢᠨ ᠪᠠᠶᠠᠷ ᠤ᠋ᠨ ᠰᠣᠭᠲᠣᠯᠲᠠ ᠲᠠᠢᠯᠤᠭᠳᠠᠨ ᠭᠠᠷᠴᠤ ᠡᠴᠢᠭᠡ ᠶ᠋ᠢᠨ ᠢ᠋ᠶ᠋ᠡᠨ ᠲᠤᠬᠠᠢ ᠬᠦᠦ ᠠᠰᠠᠭᠤᠨ ᠱᠠᠯᠠᠵᠤ ᠡᠬᠢᠯᠡᠬᠦ ᠳ᠋ᠦ᠍ ᠡᠬᠡ ᠶ᠋ᠢᠨ ᠬᠢᠨᠢ ᠦᠭᠡ ᠴᠥᠭᠡᠷᠡᠵᠦ ᠳᠠᠭᠤ ᠨᠢ ᠬᠠᠬᠢᠷ ᠣᠭᠵᠣᠮ ᠪᠣᠯᠪᠠ᠃
  ᠊᠊᠊᠊᠊᠊᠊᠊᠊᠊᠊᠊᠊᠊᠊ ᠪᠢᠳᠡ ᠬᠣᠶᠠᠷ ᠮᠠᠭᠤᠳᠠᠯᠴᠠᠵᠤ ᠬᠡᠷᠡᠯᠳᠦᠭᠡ ᠦᠭᠡᠢ᠃ ᠭᠡᠬᠦ ᠳ᠋ᠡᠭᠡᠨ ᠴᠢᠨᠠᠭᠰᠢᠳᠠ ᠪᠠᠨ ᠨᠢᠭᠡ ᠭᠡᠷ ᠲᠦ᠍ ᠬᠠᠮᠲᠤ ᠠᠮᠢᠳᠤᠷᠠᠵᠤ ᠴᠢᠳᠠᠬᠤ ᠦᠭᠡᠢ ᠪᠣᠯᠵᠠᠢ᠃
  ᠊᠊᠊᠊᠊᠊᠊᠊᠊᠊᠊᠊᠊᠊᠊ ᠶᠠᠭᠠᠬᠢᠭᠠᠳ?
  ᠊᠊᠊᠊᠊᠊᠊᠊᠊᠊᠊᠊᠊᠊᠊ ᠮᠡᠳᠡᠬᠦ ᠦᠭᠡᠢ᠁ ᠳᠡᠩᠳᠡᠭᠦᠦ ᠭᠣᠮᠣᠳᠠᠭᠰᠠᠨ ᠶᠤᠮ ᠪᠣᠯᠪᠠ ᠤᠤ ᠳᠠ᠃
  ᠊᠊᠊᠊᠊᠊᠊᠊᠊᠊᠊᠊᠊᠊᠊ ᠠᠪᠤ ᠤᠤ?
  ᠊᠊᠊᠊᠊᠊᠊᠊᠊᠊᠊᠊᠊᠊᠊ ᠦᠭᠡᠢ᠃ ᠡᠵᠢ ᠨᠢ ᠁ ᠪᠦᠭᠦᠳᠡ ᠠᠮᠢᠳᠤ ᠮᠡᠨᠳᠦ ᠬᠣᠢᠨ᠎ᠠ ᠣᠳᠣ ᠭᠦᠢᠴᠡᠯ᠎ᠡ᠃
  ᠊᠊᠊᠊᠊᠊᠊᠊᠊᠊᠊᠊᠊᠊᠊ ᠦᠭᠡᠢ ᠭᠦᠢᠴᠡᠭᠡ ᠦᠭᠡᠢ᠃ ᠪᠢᠳᠡ ᠭᠤᠷᠪᠠ ᠬᠠᠮᠲᠤ ᠪᠠᠢᠬᠤ ᠶᠣᠰᠣᠲᠠᠢ᠃
  ᠊᠊᠊᠊᠊᠊᠊᠊᠊᠊᠊᠊᠊᠊᠊ ᠬᠦᠦ ᠮᠢᠨᠢ ᠪᠣᠯᠬᠤ ᠦᠭᠡᠢ ᠶᠠᠭᠤᠮ᠎ᠠ ᠶ᠋ᠢ ᠪᠣᠯᠭᠠᠬᠤ ᠭᠡᠵᠦ ᠵᠢᠳᠬᠦᠬᠦ ᠬᠡᠷᠡᠭ ᠠᠯᠠᠭ᠎ᠠ᠃ ᠡᠭᠦᠨ ᠡᠴᠡ ᠵᠢᠷᠭᠠᠯ ᠭᠠᠷᠬᠤ ᠦᠭᠡᠢ᠃ ᠡᠵᠢ ᠨᠢ ᠵᠣᠪᠠᠭᠰᠠᠨ ᠳᠠ ᠭᠡᠳ ᠤᠷᠲᠤ ᠭᠡᠭᠴᠢ ᠨᠢ ᠰᠠᠨᠠᠭ᠎ᠠ ᠠᠯᠳᠠᠵᠤ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ 《ᠮᠢᠨᠦ ᠬᠦᠦ ᠲᠣᠮᠣ ᠡᠷ᠎ᠡ ᠪᠣᠯᠵᠤ ᠳᠠ》 ᠭᠡᠯ᠎ᠡ᠃
  《ᠮᠢᠨᠦ ᠬᠦᠦ ᠲᠣᠮᠣ ᠡᠷ᠎ᠡ ᠪᠣᠯᠵᠤ ᠳᠠ》 ᠭᠡᠳᠡᠭ ᠦᠭᠡ ᠶ᠋ᠢ ᠲᠤᠯᠭᠠᠷ 《ᠬᠦᠦ ᠮᠢᠨᠢ ᠣᠳᠣ ᠥᠨᠥᠴᠢᠷᠡᠬᠦ ᠦᠭᠡᠢ᠃ ᠬᠣᠢᠲᠤ ᠡᠬᠡ ᠲᠡᠢ ᠪᠣᠯᠤᠭᠰᠠᠨ ᠴᠤ᠌ ᠠᠯᠵᠠᠬᠤ ᠦᠭᠡᠢ》 ᠭᠡᠵᠦ ᠬᠡᠯᠡᠭᠰᠡᠨ ᠪᠣᠯᠪᠠ ᠤᠤ?
  ᠶᠠᠭᠤ ᠴᠤ᠌ ᠯᠠ ᠭᠡᠰᠡᠨ ᠡᠴᠢᠭᠡ ᠡᠬᠡ ᠶ᠋ᠢᠨ ᠠᠭᠤᠯᠵᠠᠯᠲᠠ ᠨᠢ ᠪᠠᠶᠠᠷ ᠢ᠋ᠶ᠋ᠠᠷ ᠳᠠᠭᠤᠰᠴᠤ ᠴᠢᠳᠠᠭ᠎ᠠ ᠦᠭᠡᠢ ᠪᠥᠭᠡᠳ ᠲᠡᠭᠦᠨ ᠦ᠌ ᠭᠡᠮ ᠪᠣᠯ ᠡᠬᠡ ᠶ᠋ᠢᠨ ᠬᠢᠨᠢ ᠭᠣᠮᠣᠳᠠᠭᠰᠠᠨ ᠰᠡᠳᠬᠢᠯ ᠪᠠᠢᠵᠤ ᠭᠡᠵᠦ ᠪᠠᠲᠤ ᠣᠢᠯᠠᠭᠠᠪᠠ᠃ ᠭᠡᠬᠦ ᠳ᠋ᠡᠭᠡᠨ 《ᠡᠵᠢ ᠮᠢᠨᠢ ᠦᠨᠡᠬᠡᠷ ᠵᠣᠪᠠᠭᠰᠠᠨ᠃ ᠲᠡᠷᠡ ᠵᠣᠪᠠᠯᠠᠩ ᠳ᠋ᠤ᠌ ᠪᠢ ᠴᠦ᠍ ᠨᠡᠮᠡᠷᠢ ᠬᠠᠨᠳᠢᠪ ᠣᠷᠣᠭᠤᠯᠤᠭᠰᠠᠨ ᠰᠢᠦ ᠳᠡ》 ᠭᠡᠵᠦ ᠪᠣᠳᠣᠬᠤ ᠳ᠋ᠤ᠌ ᠡᠬᠡ ᠪᠡᠨ ᠵᠢᠮᠡᠯᠡᠬᠦ ᠰᠡᠳᠬᠢᠯ ᠭᠠᠷᠤᠭᠰᠠᠨ ᠦᠭᠡᠢ᠃
  《ᠣᠳᠣ ᠲᠡᠭᠡᠭᠡᠳ ᠶᠠᠭᠠᠬᠢᠬᠤ ᠪᠣᠢ? ᠡᠵᠢ ᠶ᠋ᠢᠨ ᠮᠢᠨᠢ ᠭᠣᠮᠣᠳᠠᠭᠰᠠᠨ ᠰᠡᠳᠬᠢᠯ ᠨᠢ ᠠᠯᠭᠤᠷ ᠠᠷᠢᠯᠬᠤ ᠳ᠋ᠤ᠌ ᠪᠢᠳᠡ ᠬᠣᠶᠠᠷ ᠢ᠋ᠶ᠋ᠠᠨ ᠬᠠᠢᠷᠠᠯᠠᠬᠤ ᠪᠠᠢᠯᠭᠦᠢ ᠳᠡ》 ᠭᠡᠵᠦ ᠰᠡᠳᠬᠢᠯ ᠢ᠋ᠶ᠋ᠡᠨ ᠵᠠᠰᠠᠨ᠎ᠠ᠃ ᠭᠡᠲᠡᠯ᠎ᠡ 《ᠴᠢ ᠯᠡ ᠶᠠᠷᠢᠵᠤ ᠡᠴᠢᠭᠡ ᠡᠬᠡ ᠪᠡᠨ ᠨᠡᠢᠯᠡᠭᠦᠯᠬᠦ ᠦᠭᠡᠢ ᠪᠣᠯ ᠬᠡᠨ ᠨᠡᠢᠯᠡᠭᠦᠯᠬᠦ ᠪᠢᠯᠡ ᠳᠠ᠃ ᠴᠢ ᠪᠣᠯ ᠡᠨᠡ ᠬᠣᠶᠠᠷ ᠢ᠋ ᠬᠣᠯᠪᠣᠵᠤ ᠪᠠᠢᠭ᠎ᠠ ᠭᠠᠭᠴᠠ ᠰᠢᠵᠢᠮ ᠰᠢᠦ ᠳᠡ》 ᠭᠡᠵᠦ ᠥᠭᠡᠷ᠎ᠡ ᠨᠢᠭᠡ ᠰᠡᠳᠬᠢᠯ ᠳᠠᠬᠢᠨ ᠳᠠᠬᠢᠨ ᠰᠢᠪᠡᠨᠡᠨ᠎ᠡ᠃
  ᠭᠡᠷ ᠦ᠋ᠨ ᠳᠣᠲᠣᠷ᠎ᠠ ᠨᠢᠭᠡ ᠬᠡᠰᠡᠭ ᠶᠠᠮᠠᠷ ᠴᠤ᠌ ᠠᠨᠢᠷ ᠴᠢᠮᠡᠭᠡ ᠦᠭᠡᠢ ᠪᠠᠢᠯ᠎ᠠ᠃ ᠪᠠᠲᠤ ᠳᠣᠭᠣᠭᠰᠢ ᠬᠠᠷᠠᠨ ᠬᠣᠶᠠᠷᠳᠠᠮᠠᠯ ᠪᠣᠳᠣᠯ ᠳ᠋ᠠᠭᠠᠨ ᠳᠠᠷᠤᠭᠳᠠᠨ ᠪᠠᠢᠭᠰᠠᠨ ᠢ᠋ᠶ᠋ᠠᠨ ᠲᠣᠯᠣᠭᠠᠢ ᠪᠠᠨ ᠠᠯᠭᠤᠷ ᠡᠷᠭᠦᠵᠦ ᠡᠬᠡ ᠪᠡᠨ ᠡᠭᠴᠡ ᠬᠠᠷᠠᠯ᠎ᠠ᠃
  《ᠡᠨᠡ ᠲᠤᠬᠠᠢ ᠨᠠᠳᠠ ᠡᠴᠡ ᠠᠰᠠᠭᠤᠵᠤ ᠪᠢᠲᠡᠭᠡᠢ ᠵᠣᠪᠠᠭᠠᠭᠠᠴᠢ᠃ ᠨᠢᠭᠡᠨᠲᠡ ᠳᠠᠭᠤᠰᠤᠭᠰᠠᠨ ᠬᠡᠷᠡᠭ》 ᠭᠡᠵᠦ ᠡᠬᠡ ᠶ᠋ᠢᠨ ᠬᠢᠨᠢ ᠬᠣᠶᠠᠷ ᠨᠢᠳᠦ ᠭᠤᠶᠤᠵᠤ ᠪᠠᠢᠪᠠ᠃
  ᠬᠡᠳᠦᠨ ᠡᠳᠦᠷ ᠦ᠋ᠨ ᠳᠠᠷᠠᠭ᠎ᠠ ᠲᠤᠯᠭᠠᠷ ᠪᠠᠲᠤ ᠶ᠋ᠢᠨ ᠥᠭᠭᠦᠭᠰᠡᠨ ᠮᠣᠷᠢ ᠶ᠋ᠢ ᠤᠨᠤᠵᠤ ᠬᠠᠢᠨᠤᠭ ᠲᠡᠷᠭᠡ ᠪᠡᠨ ᠬᠥᠲᠥᠯᠦᠨ ᠪᠠᠷᠠᠭᠤᠨ ᠵᠦᠭ ᠬᠥᠳᠡᠯᠪᠡ᠃ ᠮᠣᠩᠭᠣᠯ ᠣᠷᠣᠨ ᠤ᠋ ᠵᠤᠨ᠂ ᠨᠤᠲᠤᠭ ᠤ᠋ᠨ ᠵᠦᠭ ᠲᠡᠮᠡᠦᠯᠦᠨ ᠠᠯᠬᠤᠬᠤ ᠬᠦᠷᠡᠩ ᠬᠠᠢᠨᠤᠭ ᠴᠥᠮ ᠬᠥᠭᠵᠢᠭᠦᠨ ᠪᠠᠶᠠᠷᠲᠠᠢ ᠠᠵᠢ᠃
  ᠲᠤᠯᠭᠠᠷ ᠤ᠋ᠨ ᠰᠡᠳᠬᠢᠯ ᠳ᠋ᠦ᠍ ᠰᠢᠨ᠎ᠡ ᠠᠮᠢᠳᠤᠷᠠᠯ ᠤ᠋ᠨ ᠲᠤᠬᠠᠢ ᠰᠢᠨ᠎ᠡ ᠪᠣᠳᠣᠯ ᠤ᠋ᠨ ᠴᠡᠴᠡᠭ ᠤᠷᠭᠤᠵᠤ ᠪᠤᠰᠢᠭᠤᠬᠠᠨ ᠤᠷᠢᠳᠤ ᠲᠠᠮᠢᠷ ᠤ᠋ᠨ ᠬᠥᠨᠳᠡᠢ ᠳ᠋ᠦ᠍ ᠣᠴᠢᠵᠤ ᠰᠣᠳᠨᠠᠮ ᠲᠠᠢ ᠠᠭᠤᠯᠵᠠᠬᠤ ᠬᠦᠰᠡᠯ ᠣᠷᠭᠢᠯᠤᠨ ᠰᠡᠳᠬᠢᠯ ᠨᠢ ᠨᠢᠭᠡ ᠯᠡ ᠬᠥᠩᠭᠡᠨ ᠠᠭᠤᠵᠢᠮ ᠶᠠᠪᠤᠬᠤ ᠪᠥᠭᠡᠳ ᠠᠮᠠᠨ ᠳ᠋ᠠᠭᠠᠨ ᠳᠠᠭᠤᠤ ᠠᠶᠠᠯᠤᠨ᠎ᠠ᠃
  ᠵᠣᠪᠠᠯᠠᠩ ᠳᠤᠮᠳᠠᠭᠤᠷ ᠲᠤᠭᠤᠯᠤᠭᠰᠠᠨ ᠡᠨᠡ ᠡᠮᠡᠭᠲᠡᠢ ᠰᠢᠨ᠎ᠡ ᠠᠮᠢᠳᠤᠷᠠᠯ ᠥᠭᠡᠳᠡ ᠰᠢ᠌ᠤᠠᠴᠤ ᠬᠥᠳᠡᠯᠪᠡ᠃
  ᠲᠡᠷᠡ ᠰᠢᠨ᠎ᠡ ᠠᠮᠢᠳᠤᠷᠠᠯ ᠨᠢ ᠵᠢᠷᠭᠠᠯ ᠪᠣᠯᠬᠤ ᠪᠣᠯᠲᠤᠭᠠᠢ᠃