ᠲᠤᠩᠭᠠᠯᠠᠭ ᠲᠠᠮᠢᠷ1-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-02

3429

《ᠬᠠᠳᠠᠨ ᠪᠠᠭᠠᠲᠤᠷ ᠤ᠋ᠨ ᠥᠯᠮᠡᠢ ᠪᠠᠲᠤ ᠣᠷᠣᠰᠢᠭ》 《ᠬᠤᠷᠤᠢ》- ᠨᠢᠭᠡᠳᠦᠭᠡᠷ ᠪᠦᠯᠦᠭ ᠭᠤᠷᠪᠠ 


ᠵᠤᠨ ᠤ᠋ ᠪᠦᠭᠴᠢᠮ ᠬᠠᠯᠠᠭᠤᠨ ᠡᠳᠦᠷ ᠪᠣᠭᠳᠠ ᠶ᠋ᠢᠨ ᠬᠦᠷᠢᠶᠡᠨ ᠦ᠌ ᠮᠢᠬᠠᠨ ᠤ᠋ ᠵᠠᠬ᠎ᠠ ᠳᠡᠭᠡᠷ᠎ᠡ ᠬᠥᠮᠦᠨ ᠲᠡᠰᠴᠦ ᠴᠦ᠍ ᠪᠠᠢᠬᠤ ᠶ᠋ᠢᠨ ᠠᠷᠭ᠎ᠠ ᠦᠭᠡᠢ ᠪᠠᠢᠳᠠᠭ᠃
ᠬᠠᠷ᠎ᠠ ᠪᠠᠲᠠᠭᠠᠨ᠎ᠠ ᠠᠮᠢᠰᠬᠤᠭ᠎ᠠ ᠳᠠᠪᠬᠤᠴᠠᠭᠤᠯᠵᠤ᠂ ᠵᠣᠯᠪᠢᠩ ᠨᠣᠬᠠᠢ ᠬᠥᠯ ᠳ᠋ᠦ᠍ ᠲᠡᠭᠡᠭᠯᠡᠨ ᠭᠠᠰᠠᠯᠤᠨ᠎ᠠ᠃ ᠴᠢᠰᠤ ᠲᠣᠰᠣ ᠬᠣᠶᠠᠷ ᠨᠡᠪᠲᠡᠷᠡᠭᠰᠡᠨ ᠳᠡᠪᠡᠯ ᠲᠡᠢ ᠶᠠᠷᠭᠠᠴᠢᠳ ᠬᠠᠪ ᠬᠠᠷ᠎ᠠ ᠸᠠᠳᠠᠩ ᠢ᠋ᠶ᠋ᠠᠷ ᠪᠠᠢᠨ ᠪᠠᠢᠨ ᠬᠥᠯᠥᠰᠥ ᠪᠡᠨ ᠠᠷᠴᠢᠨ 《ᠥᠭᠡᠬᠦ ᠢᠳᠡᠶ᠎ᠡ ᠭᠡᠪᠡᠯ ᠡᠨᠳᠡ ᠪᠠᠢᠨ᠎ᠠ!》᠂ 《ᠲᠠᠪᠤᠨ ᠴᠤᠯᠤ ᠶ᠋ᠢᠨ ᠱᠥᠯᠥ ᠤᠤᠭᠤᠬᠤ ᠳᠤᠷ᠎ᠠ ᠲᠠᠢ ᠬᠥᠮᠦᠨ ᠳ᠋ᠦ᠍ ᠰᠢᠨᠡᠬᠡᠨ ᠴᠤᠪᠤᠳᠠᠢ ᠬᠢᠮᠳᠠᠬᠠᠨ ᠥᠭᠭᠦᠨ᠎ᠡ》᠂ 《ᠪᠦᠭᠴᠢᠮ ᠪᠠᠢᠨ᠎ᠠ ᠪᠣᠷᠣᠭᠠᠨ ᠣᠷᠣᠵᠤ ᠮᠠᠭᠠᠳ᠂ ᠡᠷᠲᠡᠬᠡᠨ ᠡᠪᠴᠢᠭᠦᠦ᠂ ᠬᠣᠰᠬᠢᠨᠠᠭ ᠠᠪᠪᠠᠯ ᠳᠡᠭᠡᠷ᠎ᠡ ᠪᠢᠰᠢᠦ!》 ᠭᠡᠬᠦ ᠵᠡᠷᠭᠡ ᠪᠦᠳᠦᠭᠦᠨ ᠨᠠᠷᠢᠨ ᠬᠣᠭᠣᠯᠠᠢ ᠪᠠᠷ ᠬᠠᠰᠬᠢᠷᠬᠤ ᠨᠢ ᠳᠤᠯᠳᠤᠢᠴᠢᠨ ᠤ᠋ ᠨᠢᠭᠡ ᠬᠥᠭ ᠲᠡᠢ ᠤᠨᠵᠢᠷᠠᠭᠰᠠᠨ ᠤᠩᠰᠢᠯᠭ᠎ᠠ᠂ ᠭᠤᠶᠤᠯᠭᠠᠴᠢᠨ ᠤ᠋ ᠤᠶᠠᠩᠭᠠᠯᠠᠭᠰᠠᠨ ᠳᠠᠭᠤ᠂ ᠣᠮᠣᠭ ᠲᠠᠢ ᠬᠥᠮᠦᠨ ᠳ᠋ᠦ᠍ ᠢᠰᠬᠦᠯᠦᠭᠦᠯᠦᠭᠰᠡᠨ ᠨᠣᠬᠠᠳ ᠤ᠋ᠨ ᠶᠠᠩᠭᠢᠨᠠᠨ ᠭᠠᠰᠠᠯᠬᠤ ᠲᠠᠢ ᠬᠣᠯᠢᠯᠳᠤᠨ ᠳᠠᠰᠤᠭ᠎ᠠ ᠦᠭᠡᠢ ᠬᠥᠮᠦᠨ ᠳ᠋ᠦ᠍ ᠠᠳᠠ ᠴᠣᠬᠣᠮ ᠶᠠᠭᠤ ᠪᠣᠯᠵᠤ ᠪᠠᠢᠭ᠎ᠠ ᠨᠢ ᠣᠢᠯᠠᠭᠠᠭᠳᠠᠬᠤ ᠦᠭᠡᠢ ᠠᠵᠢ᠃
ᠤᠷᠲᠤ ᠰᠤᠷ ᠪᠠᠷᠢᠭᠰᠠᠨ ᠮᠢᠬ᠎ᠠ ᠭᠦᠷᠭᠡᠭᠴᠢᠳ ᠦ᠋ᠨ ᠵᠠᠷᠢᠮ ᠨᠢ ᠮᠢᠬᠠᠨ ᠤ᠋ ᠪᠠᠨᠲᠠᠩ ᠳᠥᠰᠢᠨ᠂ ᠰᠤᠷ ᠢ᠋ᠶ᠋ᠠᠨ ᠰᠢᠪᠲᠤᠷᠠᠨ ᠬᠠᠶᠠ ᠨᠢᠭᠡ ᠡᠪᠰᠢᠶᠡᠨ᠎ᠡ᠃ ᠵᠠᠷᠢᠮ ᠨᠢ ᠮᠢᠬᠠᠨ ᠤ᠋ ᠦᠨ᠎ᠡ ᠠᠰᠠᠭᠤᠭᠰᠠᠨ ᠬᠥᠮᠦᠨ ᠦ᠌ ᠬᠣᠢᠨ᠎ᠠ ᠡᠴᠡ ᠪᠡᠶ᠎ᠡ ᠪᠡᠶ᠎ᠡ ᠪᠡᠨ ᠲᠦᠯᠬᠢᠯᠴᠡᠨ ᠬᠣᠰᠢᠭᠤᠷᠠᠨ᠎ᠠ᠃
ᠡᠨᠡ ᠶᠡᠷᠦ ᠪᠤᠰᠤ ᠱᠤᠤᠭᠢᠶᠠᠨ ᠲᠠᠢ ᠵᠠᠬ᠎ᠠ ᠶ᠋ᠢᠨ ᠵᠡᠭᠦᠨ ᠲᠠᠯ᠎ᠠ ᠳ᠋ᠤ᠌ ᠥᠷᠥᠭᠡᠰᠦᠨ ᠰᠤᠭᠤ ᠲᠠᠶᠠᠭ ᠲᠠᠢ᠂ ᠬᠠᠲᠠᠩᠭᠢ ᠴᠣᠩᠬᠢᠭᠠᠷ ᠴᠢᠷᠠᠢ ᠲᠠᠢ᠂ ᠤᠷᠠᠩᠬᠠᠢ ᠬᠥᠬᠡ ᠳᠡᠪᠡᠯ ᠲᠡᠢ ᠶᠡᠷᠦ ᠶ᠋ᠢᠨ ᠭᠤᠶᠤᠯᠭᠠᠴᠢᠨ ᠵᠠᠯᠠᠭᠤ ᠡᠷ᠎ᠡ᠄ 《ᠣᠯᠠᠨ ᠲᠦᠮᠡᠨ ᠠᠬ᠎ᠠ ᠳᠡᠭᠦᠦ ᠨᠠᠷ ᠠ᠋᠂ ᠨᠢᠭᠦᠯᠡᠰᠦᠨ ᠦᠵᠡᠵᠦ ᠶᠠᠭᠤᠮ᠎ᠠ ᠬᠠᠢᠷᠠᠯᠠᠨ᠎ᠠ ᠤᠤ!》 ᠭᠡᠵᠦ ᠤᠶᠠᠩᠭᠠᠯᠠᠭᠰᠠᠨ ᠨᠠᠮᠤᠭᠤᠬᠠᠨ ᠳᠠᠭᠤ ᠪᠠᠷ ᠬᠠᠰᠬᠢᠷᠴᠤ ᠪᠠᠢᠪᠠ᠃
ᠵᠠᠷᠢᠮ ᠬᠥᠮᠦᠨ ᠲᠡᠭᠦᠨ ᠡᠴᠡ ᠰᠡᠵᠢᠭᠯᠡᠨ ᠵᠠᠢᠯᠠᠵᠤ ᠭᠠᠷᠤᠨ᠎ᠠ᠃ ᠵᠠᠷᠢᠮ ᠨᠢ ᠨᠢᠭᠡ ᠬᠣᠶᠠᠷ ᠤᠯᠠᠭᠠᠨ ᠮᠥᠩᠭᠥ ᠭᠠᠷ ᠳᠡᠭᠡᠷ᠎ᠡ ᠨᠢ ᠰᠢᠲᠠᠵᠤ ᠥᠭᠭᠦᠨ᠎ᠡ᠂ ᠵᠠᠷᠢᠮ ᠨᠢ ᠥᠭᠡᠬᠦ ᠲᠣᠰᠣ ᠪᠣᠣᠪᠣ ᠶ᠋ᠢᠨ ᠬᠡᠯᠲᠡᠷᠬᠡᠢ ᠥᠭᠬᠦ ᠳ᠋ᠦ᠍ ᠬᠠᠷ᠎ᠠ ᠬᠡᠦᠳᠡᠢ ᠶ᠋ᠢᠨ ᠢ᠋ᠶ᠋ᠡᠨ ᠠᠮᠠ ᠶ᠋ᠢ ᠲᠣᠰᠴᠤ ᠬᠢᠯᠭᠡᠨ᠎ᠡ᠃ ᠵᠠᠷᠢᠮ ᠨᠢ ᠶᠠᠭᠤ ᠴᠤ᠌ ᠥᠭᠬᠦ ᠦᠭᠡᠢ ᠮᠥᠷᠲᠡᠭᠡᠨ ᠰᠣᠨᠢᠷᠬᠠᠨ ᠬᠠᠷᠠᠵᠤ ᠵᠣᠭᠰᠣᠨ᠎ᠠ᠃
ᠪᠣᠭᠳᠠ ᠳ᠋ᠤ᠌ ᠶᠢᠰᠦᠨ ᠴᠠᠭᠠᠨ ᠲᠡᠮᠡᠭᠡ ᠡᠷᠭᠦᠵᠦ ᠪᠠᠢᠰᠠ ᠶ᠋ᠢᠨ ᠵᠡᠷᠭᠡ ᠱᠠᠩᠨᠠᠭᠤᠯᠤᠭᠰᠠᠨ ᠳᠣᠲᠣᠭᠠᠳᠤ ᠶᠠᠮᠤᠨ ᠤ᠋ ᠲᠦᠰᠢᠮᠡᠯ ᠲᠣᠪᠴᠢᠨ ᠰᠠᠶᠢᠬᠠᠨ ᠠᠪᠤᠭᠰᠠᠨ ᠵᠠᠯᠠᠭᠤ ᠡᠬᠡᠨᠡᠷ ᠢ᠋ᠶ᠋ᠡᠨ ᠨᠢᠳᠦ ᠶ᠋ᠢ ᠨᠢ ᠪᠦᠯᠲᠡᠷᠡᠲᠡᠯ᠎ᠡ ᠭᠤᠶᠤᠭᠠᠳ ᠡᠵᠡᠨ ᠨᠢ ᠴᠦ᠍ ᠠᠨᠳᠠᠭᠤᠷᠠᠮᠠᠷ ᠢᠵᠢᠯᠬᠡᠨ ᠬᠣᠶᠠᠷ ᠭᠠᠯ ᠵᠡᠭᠡᠷᠳᠡ ᠮᠣᠷᠢ ᠤᠨᠤᠨ ᠮᠢᠬᠠᠨ ᠵᠠᠬ᠎ᠠ ᠶ᠋ᠢᠨ ᠬᠠᠵᠠᠭᠤ ᠪᠠᠷ ᠥᠩᠭᠡᠷᠡᠪᠡ᠃
᠊᠊᠊᠊᠊᠊᠊᠊᠊᠊᠊᠊᠊᠊᠊ ᠬᠥᠭᠡᠷᠦᠬᠦᠢ ᠡᠨᠡ ᠶᠠᠳᠠᠷᠠᠭᠰᠠᠨ ᠠᠮᠢᠲᠠᠨ ᠳ᠋ᠤ᠌ ᠶᠠᠭᠤᠮ᠎ᠠ ᠥᠭᠬᠦ ᠶᠤᠮᠰᠠᠨ᠃ ᠦᠭᠴᠢᠬᠡᠮᠡᠷ ᠶᠠᠭᠤᠮ᠎ᠠ ᠪᠠᠢᠨ᠎ᠠ ᠤᠤ? ᠭᠡᠵᠦ ᠵᠠᠯᠠᠭᠤ ᠡᠬᠡᠨᠡᠷ ᠬᠡᠯᠡᠪᠡ᠃
᠊᠊᠊᠊᠊᠊᠊᠊᠊᠊᠊᠊᠊᠊᠊ ᠬᠣᠩᠭᠣᠷ ᠮᠢᠨᠢ ᠶᠠᠯᠢᠬᠤ ᠦᠭᠡᠢ ᠵᠢᠰᠤᠷ ᠪᠠᠶᠠᠵᠢᠬᠤ ᠳ᠋ᠤ᠌ ᠰᠠᠭᠠᠳ᠃ ᠬᠦᠷᠢᠶᠡᠨ ᠦ᠌ ᠭᠤᠶᠤᠯᠭᠠᠴᠢᠨ ᠢ᠋ ᠪᠢᠳᠡ ᠲᠡᠵᠢᠭᠡᠵᠦ ᠪᠠᠷᠠᠬᠤ ᠪᠢᠰᠢ ᠭᠡᠵᠦ ᠲᠣᠪᠴᠢᠨ ᠬᠡᠯᠡᠭᠡᠳ ᠡᠷᠭᠢᠨ ᠲᠣᠭᠣᠷᠢᠨ ᠢ᠋ ᠶᠡᠬᠡᠮᠰᠦᠭ ᠢ᠋ᠶ᠋ᠡᠷ ᠰᠢᠷᠳᠡᠪᠡ᠃
ᠭᠡᠷᠡᠯ ᠡᠪᠦᠷ ᠢ᠋ᠶ᠋ᠡᠨ ᠠᠭᠤᠳᠠᠯᠵᠤ ᠤᠷᠲᠤ ᠠᠶᠤᠰᠢ ᠬᠠᠳᠠᠭ ᠭᠠᠷᠭᠠᠭᠠᠳ ᠭᠤᠢᠯᠢᠨᠴᠢᠨ ᠥᠭᠡᠳᠡ ᠬᠠᠶᠠᠬᠤ ᠳ᠋ᠤ᠌ ᠮᠣᠷᠢ ᠨᠢ ᠦᠷᠭᠦᠵᠦ ᠤᠬᠤᠰᠬᠢᠬᠦ ᠳ᠋ᠦ᠍ ᠲᠣᠪᠴᠢᠨ ᠰᠠᠨᠳᠤᠷᠴᠤ ᠴᠤᠯᠪᠤᠭᠤᠷᠳᠠᠨ ᠲᠣᠭᠲᠠᠭᠠᠪᠠ᠃
᠊᠊᠊᠊᠊᠊᠊᠊᠊᠊᠊᠊᠊᠊᠊ ᠪᠤᠶᠠᠨ ᠬᠡᠰᠢᠭ ᠦᠭᠡᠢ ᠶᠠᠭᠤᠮ᠎ᠠ ᠳ᠋ᠤ᠌ ᠭᠠᠷ ᠰᠤᠩᠭᠠᠵᠤ ᠪᠠᠢᠵᠤ ᠦᠭᠭᠦᠭᠦ ᠨᠢ᠃ ᠪᠠᠰᠠ ᠪᠠᠭᠰᠢ ᠳ᠋ᠤ᠌ ᠪᠠᠷᠢᠬᠤ ᠭᠡᠰᠡᠨ ᠬᠠᠢᠷᠠᠨ ᠬᠠᠳᠠᠭ ᠢ᠋ ᠥᠭᠴᠦ ᠣᠷᠬᠢᠬᠤ ᠶᠤᠮ ᠭᠡᠵᠦ ᠵᠢᠮᠡᠯᠡᠪᠡ᠃
᠊᠊᠊᠊᠊᠊᠊᠊᠊᠊᠊᠊᠊᠊᠊ ᠪᠢᠲᠡᠭᠡᠢ ᠳᠡᠮᠡᠢ ᠶᠠᠷᠢ᠂ ᠥᠭᠬᠦ ᠳ᠋ᠦ᠍ ᠶᠠᠭᠠᠬᠢᠳᠠᠭ ᠶᠤᠮ ᠪᠣᠢ? ᠭᠡᠳ ᠭᠡᠷᠡᠯ ᠰᠢᠷᠪᠢᠪᠡ᠃
᠊᠊᠊᠊᠊᠊᠊᠊᠊᠊᠊᠊᠊᠊᠊ ᠲᠡᠢᠮᠦ᠂ ᠲᠡᠢᠮᠦ ᠭᠡᠵᠦ ᠲᠣᠪᠴᠢᠨ ᠬᠣᠰᠢᠭᠤ ᠪᠠᠨ ᠴᠣᠷᠪᠣᠢᠯᠭᠠᠨ ᠰᠠᠨᠳᠤᠷᠤᠨ ᠬᠡᠯᠡᠪᠡ᠃
ᠲᠣᠪᠴᠢᠨ ᠬᠥᠷᠥᠩᠭᠡ ᠲᠦᠷᠢᠵᠦ ᠪᠠᠢᠵᠤ ᠯᠠ ᠪᠣᠭᠳᠠ ᠶ᠋ᠢᠨ ᠵᠠᠰᠠᠭ ᠤ᠋ᠨ ᠶᠡᠬᠡᠰ ᠦ᠋ᠨ ᠡᠩᠨᠡᠭᠡᠨ ᠳ᠋ᠦ᠍ ᠣᠷᠣᠭᠰᠠᠨ ᠪᠥᠭᠡᠳ ᠵᠢᠯ ᠦ᠋ᠨ ᠡᠮᠦᠨ᠎ᠡ ᠵᠠᠯᠠᠭᠤ ᠡᠬᠡᠨᠡᠷ ᠭᠡᠷᠡᠯ ᠢ᠋ᠶ᠋ᠡᠨ ᠠᠪᠴᠠᠢ᠃ ᠭᠡᠷᠡᠯ ᠢ᠋ ᠬᠦᠴᠦ ᠪᠡᠷ ᠤᠬᠢᠯᠠᠭᠤᠯᠵᠤ ᠪᠠᠢᠭᠠᠳ ᠪᠣᠭᠲᠣᠯᠠᠨ ᠠᠪᠤᠭᠰᠠᠨ ᠪᠣᠯᠪᠠᠴᠤ ᠤᠳᠠᠯ ᠦᠭᠡᠢ ᠭᠡᠷᠡᠯ ᠬᠡᠦᠬᠡᠨ ᠪᠠᠢᠳᠠᠯ ᠳ᠋ᠠᠭᠠᠨ ᠲᠡᠰᠴᠦ᠂ ᠴᠠᠭ ᠥᠩᠭᠡᠷᠡᠬᠦ ᠳᠣᠳᠣᠮ ᠲᠣᠪᠴᠢᠨ ᠤ᠋ ᠬᠥᠷᠥᠩᠭᠡ ᠶ᠋ᠢᠨ ᠪᠦᠷᠢᠨ ᠡᠷᠬᠡᠲᠦ ᠡᠵᠡᠨ ᠪᠣᠯᠵᠤ ᠵᠠᠩ ᠨᠢ ᠰᠢᠷᠦᠭᠦᠰᠦᠨ ᠬᠥᠭᠰᠢᠨ ᠲᠣᠪᠴᠢᠨ ᠡᠬᠡᠨᠡᠷ ᠦ᠋ᠨ ᠭᠠᠷ ᠲᠤ᠌ ᠠᠳᠬᠤᠭᠳᠠᠪᠠ᠃ ᠢᠩᠭᠢᠭᠡᠳ ᠨᠢᠭᠡ ᠮᠡᠳᠡᠬᠦ ᠳ᠋ᠦ᠍ ᠭᠡᠷᠡᠯ ᠦ᠋ᠨ ᠦᠭᠡ ᠲᠣᠪᠴᠢᠨ ᠳ᠋ᠤ᠌ ᠪᠣᠭᠳᠠ ᠶ᠋ᠢᠨ ᠵᠠᠷᠯᠢᠭ ᠲᠠᠢ ᠠᠳᠠᠯᠢ ᠪᠣᠯᠪᠠ᠃
ᠭᠡᠷᠡᠯ ᠮᠣᠷᠢ ᠪᠠᠨ ᠳᠠᠪᠢᠷᠠᠨ ᠬᠥᠳᠡᠯᠬᠦ ᠳ᠋ᠦ᠍ ᠲᠣᠪᠴᠢᠨ ᠳᠠᠭᠠᠵᠤ ᠬᠥᠳᠡᠯᠪᠡ᠃
᠊᠊᠊᠊᠊᠊᠊᠊᠊᠊᠊᠊᠊᠊᠊ ᠠᠷᠪᠠᠨ ᠴᠠᠭᠠᠨ ᠪᠤᠶᠠᠨ ᠴᠢᠨᠢ ᠳᠡᠯᠭᠡᠷᠡᠵᠦ ᠶᠠᠪᠤ ᠭᠡᠳ ᠭᠤᠢᠯᠢᠨᠴᠢᠨ ᠬᠠᠳᠠᠭ ᠢ᠋ ᠠᠪᠴᠤ ᠨᠠᠨᠳᠢᠩᠨᠠᠨ ᠡᠪᠦᠷᠲᠦᠯᠡᠪᠡ᠃
ᠥᠨᠳᠥᠷ ᠬᠡᠭᠡᠷ ᠮᠣᠷᠢ ᠲᠠᠢ᠂ ᠣᠷᠣᠰ ᠯᠢᠶᠡᠨᠵᠦ ᠫᠤᠤ ᠡᠭᠦᠷᠦᠭᠰᠡᠨ ᠬᠥᠬᠡ ᠳᠡᠪᠡᠯ ᠲᠡᠢ ᠵᠠᠯᠠᠭᠤ ᠡᠷ᠎ᠡ ᠵᠠᠬ᠎ᠠ ᠶ᠋ᠢᠨ ᠡᠮᠦᠨᠡᠭᠦᠷ ᠭᠠᠷᠤᠭᠠᠳ ᠵᠡᠭᠦᠨ ᠳᠠᠰᠢ ᠶᠠᠪᠤᠵᠤ ᠪᠠᠢᠭᠰᠠᠨ ᠢ᠋ᠶ᠋ᠠᠨ ᠭᠤᠢᠯᠢᠨᠴᠢᠨ ᠢ᠋ ᠬᠠᠷᠠᠭᠠᠳ ᠵᠣᠭᠰᠣᠵᠤ 《ᠬᠤᠶᠠᠭ ᠤᠤ ᠳᠠ》 ᠭᠡᠵᠦ ᠰᠢᠪᠡᠭᠡᠨᠡᠪᠡ᠃
ᠭᠠᠢᠬᠠᠨ ᠪᠣᠳᠣᠵᠤ ᠨᠡᠯᠢᠶᠡᠳ ᠰᠢᠷᠲᠡᠭᠰᠡᠨ ᠢ᠋ᠶ᠋ᠡᠨ ᠣᠢᠷᠠᠲᠤᠨ ᠣᠴᠢᠭᠠᠳ 《ᠬᠤᠶᠠᠭ ᠮᠢᠨᠢ ᠴᠢ ᠠᠮᠢᠳᠤ ᠤᠤ? 》 ᠭᠡᠵᠦ ᠳᠠᠭᠤ ᠠᠯᠳᠠᠪᠠ᠃
ᠭᠤᠢᠯᠢᠨᠴᠢᠨ ᠲᠡᠷᠡ ᠳᠠᠭᠤᠨ ᠳ᠋ᠤ᠌ ᠰᠣᠴᠢᠵᠤ ᠬᠠᠷᠠᠭᠠᠳ ᠲᠠᠨᠢᠵᠤ 《ᠠᠮᠢᠳᠤ ᠪᠠᠷ ᠪᠠᠷᠠᠬᠤ ᠤᠤ ᠳᠠ ᠁ ᠠᠮᠢᠳᠤᠷᠠᠬᠤ ᠭᠡᠵᠦ ᠶᠠᠭᠤᠮ᠎ᠠ ᠭᠤᠶᠤᠭᠠᠳ ᠵᠣᠭᠰᠣᠵᠤ ᠪᠠᠢᠨ᠎ᠠ》 ᠭᠡᠬᠦ ᠳ᠋ᠦ᠍ᠨᠢ ᠨᠢᠳᠦᠨ ᠡᠴᠡ ᠨᠢ ᠨᠢᠯᠪᠤᠰᠤ ᠳᠤᠰᠤᠯᠠᠬᠤ ᠳ᠋ᠤ᠌ ᠬᠠᠨᠴᠤᠢ ᠪᠠᠷ ᠢ᠋ᠶ᠋ᠠᠨ ᠠᠷᠴᠢᠭᠠᠳ ᠴᠡᠴᠡᠷᠡᠭᠰᠡᠨ ᠬᠣᠭᠣᠯᠠᠢ ᠪᠠᠷ 《ᠴᠢ ᠰᠠᠢᠨ ᠶᠠᠪᠤᠵᠤ ᠪᠠᠢᠨ᠎ᠠ ᠤᠤ? 》 ᠭᠡᠯ᠎ᠡ᠃
ᠬᠣᠶᠠᠷ ᠨᠥᠬᠥᠳ ᠡᠯᠢᠭᠡᠰᠡᠭ ᠳᠣᠲᠣᠨᠣ ᠪᠠᠷ ᠵᠣᠯᠭᠠᠪᠠ᠃ ᠶᠠᠳᠠᠷᠠᠵᠤ ᠶᠠᠪᠤᠭ᠎ᠠ ᠬᠥᠮᠦᠨ᠂ ᠲᠠᠨᠢᠳᠠᠭ ᠬᠥᠮᠦᠨ ᠲᠡᠢ ᠪᠡᠨ ᠠᠭᠤᠯᠵᠠᠬᠤ ᠳ᠋ᠠᠭᠠᠨ ᠳᠠᠪᠬᠤᠷ ᠪᠠᠶᠠᠷ ᠪᠣᠯᠳᠠᠭ᠃ ᠬᠡᠴᠡᠭᠦᠦ ᠠᠮᠢᠳᠤᠷᠠᠯ ᠳ᠋ᠤ᠌ ᠬᠠᠮᠲᠤ ᠵᠣᠪᠠᠵᠤ ᠲᠠᠨᠢᠯᠴᠠᠭᠰᠠᠨ ᠨᠥᠬᠥᠷ ᠲᠡᠢ ᠪᠡᠨ ᠠᠭᠤᠯᠵᠠᠭᠠᠳ ᠰᠡᠳᠬᠢᠯ ᠳ᠋ᠦ᠍ᠨᠢ ᠬᠤᠷ᠎ᠠ ᠪᠠᠭᠤᠵᠤ᠂ ᠴᠡᠴᠡᠭ ᠤᠷᠭᠤᠭᠰᠠᠨ ᠬᠤᠶᠠᠭ ᠶᠠᠭᠤ ᠶᠠᠷᠢᠵᠤ᠂ ᠶᠠᠭᠤ ᠠᠰᠠᠭᠤᠬᠤ ᠪᠠᠨ ᠮᠡᠳᠡᠬᠦ ᠦᠭᠡᠢ ᠪᠠᠯᠠᠮᠠᠭᠳᠠᠨ ᠳᠡᠮᠡᠢ ᠯᠡ 《ᠵᠠ ᠬᠦ᠂ ᠲᠡᠭᠡᠭᠡᠳ》 ᠭᠡᠵᠦ ᠳᠠᠪᠲᠠᠨ᠎ᠠ᠃
᠊᠊᠊᠊᠊᠊᠊᠊᠊᠊᠊᠊᠊᠊᠊ ᠴᠢᠮᠢ᠋ᠢ ᠴᠢᠨᠢ ᠦᠬᠦᠭᠰᠡᠨ ᠭᠡᠳ ᠴᠡᠷᠢᠭ ᠦ᠋ᠨ ᠯᠠᠮᠠ ᠪᠣᠳᠢ ᠶ᠋ᠢ ᠴᠢᠨᠢ ᠬᠥᠲᠥᠯᠦᠭᠰᠡᠨ ᠭᠡᠵᠦ ᠢᠷᠡᠭᠰᠡᠨ ᠬᠥᠮᠦᠨ ᠬᠡᠯᠡᠪᠡ᠃
᠊᠊᠊᠊᠊᠊᠊᠊᠊᠊᠊᠊᠊᠊᠊ ᠪᠦᠷ ᠲᠡᠢᠮᠦ ᠤᠤ᠁ ᠢᠩᠭᠢᠬᠦ ᠳ᠋ᠦ᠍ ᠨᠥᠭᠦᠭᠡ ᠲᠡᠢᠨ ᠶᠠᠭᠤ ᠪᠣᠯᠤᠭᠰᠠᠨ ᠪᠢᠯᠡ?
᠊᠊᠊᠊᠊᠊᠊᠊᠊᠊᠊᠊᠊᠊᠊ ᠲᠡᠷᠡ ᠲᠤᠬᠠᠢ ᠶᠠᠷᠢᠪᠠᠯ ᠪᠥᠭᠡᠮ ᠲᠡᠦᠬᠡ ᠁ ᠡᠪᠦᠭᠡᠨ ᠮᠢᠨᠢ ᠢᠩᠭᠢᠵᠦ ᠵᠣᠭᠰᠣᠭᠠᠳ ᠶᠠᠭᠠᠬᠢᠬᠤᠪ ᠳᠠ᠃ ᠡᠨᠡ ᠱᠤᠤᠭᠢᠶᠠᠨ ᠦᠨᠦᠷ ᠬᠣᠶᠠᠷ ᠡᠴᠡ ᠵᠠᠢᠯᠠᠶ᠎ᠠ᠃
ᠮᠣᠷᠢ ᠪᠠᠨ ᠬᠥᠲᠥᠯᠦᠨ ᠵᠡᠷᠭᠡᠴᠡᠨ ᠶᠠᠪᠤᠵᠤ ᠵᠢᠵᠢᠭᠬᠡᠨ ᠬᠢᠲᠠᠳ ᠳᠡᠯᠭᠡᠭᠦᠷ ᠦ᠋ᠨ ᠡᠭᠦᠳᠡᠨ ᠦ᠌ ᠳᠣᠪᠵᠢᠶᠠᠨ ᠳᠡᠭᠡᠷ᠎ᠡ ᠰᠡᠭᠦᠳᠡᠷ ᠲᠦ᠍ ᠲᠠᠪᠠᠲᠠᠢ ᠰᠠᠭᠤᠪᠠ᠃
ᠬᠤᠶᠠᠭ ᠪᠣᠯ ᠰᠠᠢᠳ ᠸᠠᠩ ᠤ᠋ᠨ ᠬᠤᠰᠢᠭᠤᠨ ① ᠤ᠋ ᠬᠥᠮᠦᠨ᠃ ᠣᠯᠠᠨ᠎ᠠ ᠡᠷᠭᠦᠭᠳᠡᠭᠰᠡᠨ ᠦ᠌ ᠬᠣᠶᠠᠳᠤᠭᠠᠷ ᠣᠨ ᠳ᠋ᠤ᠌ ᠪᠣᠭᠳᠠ ᠵᠢᠪᠵᠤᠠᠳᠠᠮᠪᠠ ᠬᠠᠭᠠᠨ ᠤ᠋ ᠴᠡᠷᠢᠭ ᠲᠦ᠍ ᠳᠠᠢᠴᠢᠯᠠᠭᠳᠠᠵᠤ ᠬᠠᠷ᠎ᠠ ᠴᠡᠷᠢᠭ ᠦ᠋ᠨ ᠲᠦᠷᠢᠮᠡᠬᠡᠢᠯᠡᠯ ᠢ᠋ ᠡᠰᠡᠷᠭᠦᠴᠡᠭᠰᠡᠨ ᠡᠮᠦᠨ᠎ᠡ ᠵᠦᠭ ᠦ᠋ᠨ ᠲᠤᠯᠤᠯᠳᠤᠭᠠᠨ ᠳ᠋ᠤ᠌ ᠬᠠᠳᠠᠨ ᠪᠠᠭᠠᠲᠤᠷ ᠸᠠᠩ ᠮᠠᠭᠰᠤᠷᠵᠠᠪ ᠤ᠋ᠨ ᠳᠠᠷᠤᠭᠠᠯᠠᠵᠤ ᠶᠠᠪᠤᠭᠰᠠᠨ ᠴᠡᠷᠢᠭ ᠲᠦ᠍ ᠶᠠᠪᠤᠵᠠᠢ᠃
ᠠᠷᠭ᠎ᠠ ᠰᠠᠮᠪᠠᠭ᠎ᠠ᠂ ᠵᠣᠷᠢᠭ ᠲᠡᠭᠦᠯᠳᠡᠷ ᠡᠨᠡ ᠡᠷ᠎ᠡ ᠲᠡᠢᠨ ᠳ᠋ᠦ᠍ ᠰᠠᠢᠨ ᠣᠷᠣᠯᠴᠠᠵᠤ ᠰᠢᠯᠢᠳᠡᠭ ᠴᠡᠷᠢᠭ ᠦ᠋ᠨ ᠨᠢᠭᠡ ᠪᠣᠯᠪᠠ᠃ ᠬᠤᠶᠠᠭ ᠠᠩᠬ᠎ᠠ ᠪᠣᠭᠳᠠ ᠬᠠᠭᠠᠨ ᠤ᠋ ᠴᠡᠷᠢᠭ ᠲᠦ᠍ ᠳᠠᠢᠴᠢᠯᠠᠭᠳᠠᠨ ᠢᠷᠡᠬᠦ ᠳ᠋ᠡᠭᠡᠨ ᠴᠣᠬᠣᠮ ᠶᠠᠭᠠᠬᠢᠬᠤ ᠭᠡᠵᠦ ᠶᠠᠪᠤᠭ᠎ᠠ ᠪᠠᠨ ᠮᠡᠳᠡᠬᠦ ᠦᠭᠡᠢ᠂ ᠦ ᠶ᠋ᠢ ᠨᠢ ᠲᠠᠭᠠᠷᠠᠭᠤᠯᠵᠤ ᠪᠠᠢᠭᠠᠳ ᠤᠷᠭᠤᠵᠤ ᠬᠠᠷᠢᠬᠤ ᠪᠣᠳᠣᠯ ᠲᠠᠢ ᠪᠠᠢᠭᠰᠠᠨ᠃ ᠭᠡᠲᠡᠯ᠎ᠡ ᠰᠡᠭᠦᠯ ᠳ᠋ᠡᠭᠡᠨ ᠶᠡᠬᠡ ᠮᠣᠩᠭᠣᠯ ᠤ᠋ᠨ ᠲᠤᠯᠭᠤᠷ ᠲᠥᠷᠥ ᠶ᠋ᠢ ᠪᠠᠢᠭᠤᠯᠬᠤ᠂ ᠥᠪᠡᠷ ᠦ᠋ᠨ ᠡᠵᠡᠨ ᠬᠠᠭᠠᠨ ᠲᠠᠢ ᠲᠤᠰᠠᠭᠠᠷ ᠤᠯᠤᠰ ᠲᠣᠭᠲᠠᠭᠠᠬᠤ᠂ ᠬᠠᠷᠢ ᠶ᠋ᠢᠨ ᠬᠥᠮᠦᠨ ᠮᠣᠩᠭᠣᠯ ᠬᠥᠮᠦᠨ ᠢ᠋ ᠵᠠᠬᠢᠷᠬᠤ ᠶᠣᠰᠣ ᠶ᠋ᠢ ᠦᠭᠡᠢ ᠪᠣᠯᠭᠠᠬᠤ ᠶᠡᠬᠡ ᠦᠢᠯᠡ ᠳ᠋ᠦ᠍ ᠣᠷᠣᠯᠴᠠᠵᠤ ᠪᠠᠢᠨ᠎ᠠ ᠭᠡᠵᠦ ᠣᠢᠯᠭᠠᠭᠠᠳ ᠰᠡᠳᠬᠢᠯ ᠰᠠᠨᠠᠭ᠎ᠠ ᠨᠢ ᠰᠡᠷᠭᠦᠵᠦ ᠳᠠᠭᠠᠷᠢᠬᠤ ᠴᠡᠷᠢᠭ ᠦ᠋ᠨ ᠡᠮᠦᠨ᠎ᠡ ᠳᠠᠪᠬᠢᠵᠤ᠂ ᠴᠣᠭ ᠵᠢᠪᠬᠤᠯᠠᠩ ᠨᠢ ᠪᠠᠳᠠᠷᠠᠭᠰᠠᠨ ᠪᠢᠯᠡ᠃
ᠢᠯᠠᠩᠭᠤᠶ᠎ᠠ ᠬᠡᠳᠦᠨ ᠤᠳᠠᠭ᠎ᠠ ᠢᠯᠠᠭᠰᠠᠨ ᠤ᠋ ᠳᠠᠷᠠᠭ᠎ᠠ ᠳᠠᠢᠰᠤᠨ ᠣᠯᠠᠨ ᠪᠣᠯᠪᠠᠴᠤ ᠪᠣᠭᠳᠠ ᠵᠢᠪᠵᠤᠠᠳᠠᠮᠪᠠ ᠶ᠋ᠢᠨ ᠠᠪᠤᠷᠠᠯ᠂ ᠮᠣᠩᠭᠣᠯ ᠳ᠋ᠠᠬᠢᠨ ᠤ᠋ ᠬᠤᠪᠢ ᠵᠠᠶᠠᠭ᠎ᠠ ᠪᠠᠷ ᠰᠦᠷ ᠬᠦᠴᠦ ᠨᠢ ᠪᠠᠳᠠᠷᠠᠨ ᠢᠯᠠᠨ᠎ᠠ ᠭᠡᠵᠦ ᠢᠲᠡᠭᠡᠵᠦ ᠪᠠᠢᠯ᠎ᠠ᠃ ᠴᠠᠬᠠᠷ ᠤ᠋ᠨ ᠨᠢᠭᠡᠨ ᠭᠠᠴᠠᠭᠠᠨ ᠳ᠋ᠤ᠌ ᠪᠠᠢᠭᠰᠠᠨ ᠬᠠᠷ᠎ᠠ ᠴᠡᠷᠢᠭ ᠤᠷᠤᠭᠤ ᠣᠤ ᠬᠠᠢ ᠬᠠᠰᠬᠢᠷᠤᠨ ᠳᠠᠭᠠᠷᠢᠵᠤ ᠰᠠᠨᠳᠤᠷᠤᠨ ᠵᠢᠭᠤᠲᠠᠭᠰᠠᠨ ᠴᠡᠷᠢᠭ ᠦ᠋ᠳ ᠢ᠋ ᠮᠥᠷᠳᠡᠨ ᠬᠥᠭᠡᠭᠡᠬᠦ ᠦᠶ᠎ᠡ ᠳ᠋ᠦ᠍ ᠭᠠᠢ ᠪᠣᠯᠵᠤ ᠵᠡᠷᠯᠢᠭ ᠰᠤᠮᠤᠨ ᠳ᠋ᠤ᠌ ᠵᠤᠵᠠᠭᠠᠨ ᠭᠤᠶ᠎ᠠ ᠪᠠᠷ ᠢ᠋ᠶ᠋ᠠᠨ ᠰᠢᠷᠠᠭᠳᠤᠭᠠᠳ ᠮᠣᠷᠢ ᠡᠴᠡ ᠪᠡᠨ ᠤᠨᠠᠵᠤ ᠤᠬᠠᠭᠠᠨ ᠠᠯᠳᠠᠷᠠᠭᠠᠳ ᠬᠣᠵᠢᠮ ᠰᠡᠷᠭᠦᠪᠡᠯ ᠬᠠᠷᠠᠴᠢᠨ ᠠᠢᠯ ᠳ᠋ᠤ᠌ ᠪᠠᠢᠵᠠᠢ᠃ ᠲᠡᠨᠳᠡ ᠰᠠᠷ᠎ᠠ ᠭᠠᠷᠤᠢ ᠬᠡᠪᠲᠡᠵᠦ᠂ ᠡᠳᠡᠭᠡᠷᠡᠭᠡᠳ ᠵᠡᠪᠰᠡᠭ ᠬᠦᠷᠭᠡᠭᠡᠳ ᠪᠤᠴᠠᠵᠤ ᠶᠠᠪᠤᠭᠰᠠᠨ ᠵᠢᠩᠴᠢᠨ ᠲᠡᠢ ᠲᠠᠭᠠᠷᠠᠯᠳᠤᠨ ᠳᠠᠢᠭᠳᠠᠵᠤ ᠪᠣᠭᠳᠠ ᠶ᠋ᠢᠨ ᠬᠦᠷᠢᠶᠡᠨ ᠳ᠋ᠦ᠍ ᠢᠷᠡᠭᠡᠳ ᠴᠡᠷᠢᠭ ᠦ᠋ᠨ ᠶᠠᠮᠤᠨ ᠤ᠋ ᠨᠢᠭᠡᠨ ᠲᠦᠰᠢᠮᠡᠯ ᠲᠡᠢ ᠠᠭᠤᠯᠵᠠᠵᠤ ᠤᠴᠢᠷ ᠶᠠᠪᠤᠳᠠᠯ ᠢ᠋ᠶ᠋ᠠᠨ ᠬᠡᠯᠡᠵᠦ ᠲᠤᠰᠠᠯᠠᠮᠵᠢ ᠭᠤᠶᠤᠭᠰᠠᠨ ᠴᠢᠨᠢ ᠴᠡᠷᠢᠭ ᠡᠴᠡ ᠤᠷᠭᠤᠭᠰᠠᠨ ᠶᠠᠯᠠᠲᠠᠨ ᠭᠡᠳ ᠵᠣᠯ ᠲᠠᠢ ᠯᠠ ᠱᠣᠷᠣᠩ ᠳ᠋ᠤ᠌ ᠬᠣᠷᠢᠴᠢᠬᠠᠭᠰᠠᠨ ᠦᠭᠡᠢ᠃ ᠢᠩᠭᠢᠭᠡᠳ ᠪᠣᠭᠳᠠ ᠶ᠋ᠢᠨ ᠬᠦᠷᠢᠶᠡᠨ ᠦ᠌ ᠭᠤᠶᠤᠯᠭᠠᠴᠢᠨ ᠤ᠋ ᠲᠣᠭ᠎ᠠ ᠨᠢᠭᠡ ᠪᠡᠷ ᠥᠰᠴᠦ᠂ ᠪᠠᠭᠠᠲᠤᠷ ᠵᠣᠷᠢᠭᠲᠤ ᠡᠷ᠎ᠡ ᠭᠡᠭᠳᠡᠵᠦ ᠪᠠᠢᠭᠰᠠᠨ ᠬᠤᠶᠠᠭ ᠲᠠᠶᠠᠭ ᠲᠤᠯᠤᠭᠰᠠᠨ ᠭᠤᠢᠯᠢᠨᠴᠢᠨ ᠪᠣᠯᠪᠠ᠃
ᠢᠷᠡᠭᠰᠡᠨ ᠬᠥᠮᠦᠨ ᠢ᠋ ᠳᠣᠷᠵᠢ ᠭᠡᠳᠡᠭ᠃ ᠯᠤᠤ ᠬᠦᠩ ᠦ᠋ᠨ ᠬᠢ ᠡᠴᠡ ᠴᠡᠷᠢᠭ ᠲᠦ᠍ ᠳᠠᠢᠴᠢᠯᠠᠭᠳᠠᠨ ᠢᠷᠡᠭᠡᠳ ᠣᠢᠷ᠎ᠠ ᠵᠡᠷᠭᠡᠯᠡᠳᠡᠭᠡ ᠬᠤᠰᠢᠭᠤᠨ ᠤ᠋ ᠤᠯᠤᠰ ᠭᠡᠵᠦ ᠬᠤᠶᠠᠭ ᠲᠠᠢ ᠳᠣᠲᠣᠨᠣ ᠲᠠᠨᠢᠯᠴᠠᠭᠰᠠᠨ ᠪᠥᠭᠡᠳ ᠬᠤᠶᠠᠭ ᠤ᠋ᠨ ᠣᠯᠵᠠᠯᠠᠭᠰᠠᠨ ᠰᠤᠮᠤ ᠡᠴᠡ ᠨᠡᠯᠢᠶᠡᠳ ᠢ᠋ ᠬᠦᠷᠲᠡᠭᠰᠡᠨ ᠪᠢᠯᠡ᠃
᠊᠊᠊᠊᠊᠊᠊᠊᠊᠊᠊᠊᠊᠊᠊ ᠵᠠ ᠢᠩᠭᠢᠭᠡᠳ ᠴᠢᠮ᠎ᠠ ᠡᠴᠡ ᠬᠣᠢᠰᠢ ᠪᠢᠳᠡ ᠭᠡᠭᠡᠨ ᠦ᠌ ᠠᠪᠤᠷᠠᠯ ᠢ᠋ᠶ᠋ᠠᠷ ᠬᠠᠷ᠎ᠠ ᠴᠡᠷᠢᠭ ᠢ᠋ ᠬᠢᠶᠠᠷᠠᠲᠠᠯ᠎ᠠ ᠴᠣᠬᠢᠭᠠᠳ ᠵᠠᠷᠢᠮ ᠭᠠᠵᠠᠷ ᠢ᠋ᠶ᠋ᠠᠷ ᠬᠡᠷᠡᠮ ᠳ᠋ᠦ᠍ ᠣᠢᠷᠠᠬᠠᠨ ᠣᠴᠢᠭᠰᠠᠨ᠃ ᠶᠡᠷᠦᠨᠢ ᠪᠡᠭᠡᠵᠢᠩ ᠦ᠋ᠨ ᠨᠣᠬᠠᠢ ᠶ᠋ᠢᠨ ᠳᠠᠭᠤ ᠪᠠᠷᠤᠭ ᠰᠣᠨᠣᠰᠳᠠᠵᠤ ᠪᠠᠢᠭᠰᠠᠨ ᠰᠢᠦ᠃ ᠪᠢᠳᠡ ᠨᠣᠮᠣᠬᠠᠨ ᠬᠣᠨᠢ ᠪᠢᠰᠢ᠂ ᠡᠵᠡᠨ ᠴᠢᠩᠭᠢᠰ ᠦ᠋ᠨ ᠤᠭᠰᠠᠭ᠎ᠠ ᠡᠷᠡᠯᠬᠡᠭ ᠵᠣᠷᠢᠭᠲᠤ ᠮᠣᠩᠭᠣᠯ ᠭᠡᠳᠡᠭ ᠢ᠋ᠶ᠋ᠡᠨ ᠦᠵᠡᠭᠦᠯᠦᠭᠰᠡᠨ ᠳᠡ᠃
᠊᠊᠊᠊᠊᠊᠊᠊᠊᠊᠊᠊᠊᠊᠊ ᠣᠳᠣ ᠮᠠᠨ ᠤ᠋ ᠴᠡᠷᠢᠭ ᠬᠠᠮᠢᠭ᠎ᠠ ᠬᠦᠷᠦᠭᠡᠳ ᠪᠠᠢᠨ᠎ᠠ?
᠊᠊᠊᠊᠊᠊᠊᠊᠊᠊᠊᠊᠊᠊᠊ ᠨᠤᠲᠤᠭ ᠲᠠᠭᠠᠨ ᠪᠤᠴᠠᠭᠠᠳ ᠢᠷᠡᠭᠰᠡᠨ ᠭᠡᠵᠦ ᠳᠣᠷᠵᠢ ᠤᠷᠮ᠎ᠠ ᠦᠭᠡᠢ ᠬᠡᠯᠡᠪᠡ᠃
᠊᠊᠊᠊᠊᠊᠊᠊᠊᠊᠊᠊᠊᠊᠊ ᠶᠠᠭᠠᠬᠢᠭᠠᠳ ᠲᠡᠷᠡ ᠪᠢᠯᠡ?
᠊᠊᠊᠊᠊᠊᠊᠊᠊᠊᠊᠊᠊᠊᠊ ᠬᠡᠨ ᠮᠡᠳᠡᠬᠦ ᠪᠣᠢ᠃ ᠡᠨᠡ ᠬᠠᠪᠤᠷ ᠯᠠ ᠲᠠᠲᠠᠵᠤ ᠣᠷᠬᠢᠭᠰᠠᠨ᠃
1914 ᠣᠨ ᠳ᠋ᠤ᠌ ᠮᠣᠩᠭᠣᠯ ᠤᠯᠤᠰ ᠥᠪᠡᠷ ᠦ᠋ᠨ ᠴᠡᠷᠢᠭ ᠢ᠋ ᠣᠷᠣᠰ ᠤᠯᠤᠰ ᠤ᠋ᠨ ᠰᠢᠬᠠᠯᠲᠠ ᠪᠠᠷ ᠳᠣᠲᠣᠭᠠᠳᠤ ᠮᠣᠩᠭᠣᠯ ᠤ᠋ᠨ ᠨᠤᠲᠤᠭ ᠡᠴᠡ ᠲᠠᠲᠠᠭᠰᠠᠨ ᠶᠤᠮ᠃ ᠳᠣᠷᠵᠢ ᠶ᠋ᠢᠨ ᠪᠠᠢᠭᠰᠠᠨ ᠠᠩᠭᠢ ᠬᠠᠷ᠎ᠠ ᠴᠡᠷᠢᠭ ᠲᠡᠢ ᠭᠤᠷᠪᠠᠨ ᠡᠳᠦᠷ ᠦᠷᠭᠦᠯᠵᠢᠯᠡᠨ ᠲᠤᠯᠤᠯᠳᠤᠵᠤ ᠪᠤᠲᠠ ᠴᠣᠬᠢᠭᠠᠳ ᠴᠠᠬᠠᠷ ᠤ᠋ᠨ ᠨᠢᠭᠡᠨ ᠭᠠᠴᠠᠭᠠᠨ ᠤ᠋ ᠳᠡᠷᠭᠡᠳᠡ ᠪᠠᠭᠤᠳᠠᠯᠯᠠᠭᠠᠳ ᠪᠠᠢᠵᠤ ᠪᠢᠯᠡ᠃
ᠤᠲᠤᠭ᠎ᠠ ᠪᠣᠯᠤᠭᠰᠠᠨ ᠤᠷᠠᠩᠬᠠᠢ ᠮᠠᠢᠬᠠᠨ ᠨᠤᠭᠤᠳ ᠢ᠋ᠶ᠋ᠠᠨ ᠵᠡᠷᠭᠡᠴᠡᠭᠦᠯᠦᠨ ᠰᠢᠭᠠᠵᠤ᠂ ᠲᠤᠭ ᠬᠢᠭᠢᠷᠢ ᠪᠡᠨ ᠪᠤᠰᠬᠠᠨ᠂ ᠠᠭᠲᠠ ᠮᠣᠷᠢᠳ ᠢ᠋ᠶ᠋ᠠᠨ ᠲᠠᠯᠪᠢᠵᠤ᠂ ᠮᠠᠨᠠᠭ᠎ᠠ ᠬᠠᠷᠠᠭᠤᠯ ᠢ᠋ᠶ᠋ᠠᠨ ᠭᠠᠷᠭᠠᠭᠰᠠᠨ ᠨᠢ ᠢᠯᠠᠭᠰᠠᠨ ᠴᠡᠷᠢᠭ ᠦ᠋ᠨ ᠰᠦᠷ ᠵᠢᠪᠬᠤᠭ᠎ᠠ ᠲᠠᠢ ᠨᠡᠢᠯᠡᠵᠦ ᠴᠣᠭ ᠬᠡᠢ ᠮᠣᠷᠢ ᠲᠠᠢ ᠬᠠᠷᠠᠭᠳᠠᠵᠤ ᠪᠠᠢᠪᠠ᠃
ᠮᠠᠢᠬᠠᠨ ᠨᠤᠭᠤᠳ ᠤ᠋ᠨ ᠭᠠᠳᠠᠨ᠎ᠠ ᠢᠯᠡ ᠭᠠᠯ ᠲᠦᠯᠡᠵᠦ᠂ ᠵᠠᠷᠢᠮ ᠨᠢ ᠬᠣᠭᠣᠯᠠ ᠤᠮᠳᠠᠭ᠎ᠠ ᠪᠠᠨ ᠬᠢᠵᠦ᠂ ᠵᠠᠷᠢᠮ ᠨᠢ ᠬᠤᠪᠴᠠᠰᠤ ᠬᠤᠨᠠᠷ ᠢ᠋ᠶ᠋ᠠᠨ ᠣᠶᠣᠵᠤ᠂ ᠵᠠᠷᠢᠮ ᠨᠢ ᠪᠥᠭᠡᠰᠦ ᠬᠢᠭᠤᠷᠰᠤ ᠪᠠᠨ ᠠᠷᠢᠯᠭᠠᠵᠤ ᠡᠬᠢᠯᠡᠪᠡ᠃ ᠢᠯᠡ ᠭᠠᠯ ᠤ᠋ᠨ ᠤᠲᠤᠭ᠎ᠠ ᠬᠠᠮᠠᠷ ᠤᠷᠤᠭᠤ ᠴᠣᠷᠭᠢᠨ᠂ ᠨᠢᠯᠬ᠎ᠠ ᠨᠣᠭᠣᠭ᠎ᠠ ᠠᠮᠠᠰᠴᠤ ᠡᠬᠢᠯᠡᠭᠰᠡᠨ ᠮᠣᠷᠢᠳ ᠨᠢ ᠳᠣᠷᠭᠢᠯᠳᠤᠨ ᠤᠷᠤᠭᠰᠢᠲᠠᠢ ᠶᠠᠪᠤᠭ᠎ᠠ ᠴᠡᠷᠢᠭ ᠦ᠋ᠨ ᠰᠡᠳᠬᠢᠯ ᠬᠠᠨᠠᠭᠠᠷ ᠰᠠᠢᠬᠠᠨ ᠪᠠᠢᠪᠠ᠃
ᠳᠣᠷᠵᠢ ᠮᠠᠢᠬᠠᠨ ᠤ᠋ ᠬᠠᠵᠠᠭᠤ ᠳ᠋ᠤ᠌ ᠰᠠᠭᠤᠵᠤ ᠳᠠᠭᠤᠤ ᠠᠶᠠᠯᠤᠨ ᠳᠡᠪᠡᠯ ᠦ᠋ᠨ ᠤᠷᠠᠩᠬᠠᠢ ᠶ᠋ᠢ ᠣᠶᠣᠵᠤ ᠪᠠᠢᠲᠠᠯ᠎ᠠ ᠳᠠᠷᠬᠠᠨ ᠪᠠᠢᠰᠠ ᠶ᠋ᠢᠨ ᠬᠤᠰᠢᠭᠤᠨ ᠤ᠋ ᠨᠢᠭᠡ ᠠᠬᠢᠮᠠᠭ ᠨᠠᠰᠤᠨ ᠤ᠋ ᠴᠡᠷᠢᠭ ᠢᠷᠡᠵᠦ ᠳᠡᠷᠭᠡᠳᠡ ᠨᠢ ᠰᠠᠭᠤᠭᠠᠳ ᠰᠢᠭᠤᠳ ᠴᠠᠮᠴᠠ ᠪᠠᠨ ᠲᠠᠢᠯᠵᠤ ᠪᠥᠭᠡᠰᠦ ᠶ᠋ᠢ ᠨᠢ ᠲᠡᠭᠦᠨ ᠭᠠᠵᠠᠷ ᠠᠮᠢᠳᠤ ᠪᠠᠷ ᠨᠢ ᠬᠠᠶᠠᠯᠠᠪᠠ᠃
᠊᠊᠊᠊᠊᠊᠊᠊᠊᠊᠊᠊᠊᠊᠊ ᠠᠯᠠᠵᠤ ᠢᠳᠡᠬᠦ ᠪᠡᠷ ᠲᠠᠷᠭᠤᠯᠠᠭᠤᠯᠬᠤ ᠭᠡᠵᠦ ᠪᠠᠢᠭ᠎ᠠ ᠪᠢᠰᠢ ᠳᠡ᠃ ᠢᠯᠡ ᠭᠠᠯ ᠳᠡᠭᠡᠷ᠎ᠡ ᠪᠠᠢᠭᠠᠳ ᠰᠢᠲᠠᠭᠠᠵᠤ ᠣᠷᠬᠢᠬᠤ ᠦᠭᠡᠢ ᠶᠠᠭᠤ ᠲᠤᠩ ᠠᠮᠠᠷᠬᠠᠨ ᠰᠠᠯᠳᠠᠭ ᠶᠤᠮ ᠭᠡᠵᠦ ᠳᠣᠷᠵᠢ ᠶ᠋ᠢᠨ ᠬᠡᠯᠡᠬᠦ ᠳ᠋ᠦ᠍ ᠠᠬᠢᠮᠠᠭ ᠨᠠᠰᠤᠨ ᠤ᠋ ᠴᠡᠷᠢᠭ ᠶᠣᠵᠣᠲᠠᠢ ᠢᠨᠢᠶᠡᠮᠰᠦᠭᠯᠡᠭᠰᠡᠨ ᠢ᠋ᠶ᠋ᠡᠨ᠄
᠊᠊᠊᠊᠊᠊᠊᠊᠊᠊᠊᠊᠊᠊᠊ ᠮᠣᠩᠭᠣᠯ ᠨᠤᠲᠤᠭ ᠤ᠋ᠨ ᠮᠢᠨᠢ ᠪᠥᠭᠡᠰᠦ ᠭᠡᠳ ᠲᠡᠭᠦᠬᠦ ᠠᠵᠢᠯ ᠢ᠋ᠶ᠋ᠠᠨ ᠠᠵᠢᠭ ᠦᠭᠡᠢ ᠦᠷᠭᠦᠯᠵᠢᠯᠡᠭᠦᠯᠪᠡ᠃
ᠡᠩᠨᠡᠭᠰᠡᠨ ᠮᠠᠢᠬᠠᠨ ᠤ᠋ ᠠᠯᠢ ᠨᠢᠭᠡᠨ ᠳ᠋ᠦ᠍ᠨᠢ ᠲᠡᠰᠬᠢᠭᠰᠡᠨ ᠰᠢᠩᠭᠡᠨ ᠬᠣᠭᠣᠯᠠᠢ ᠪᠠᠷ 《ᠵᠠᠭᠤᠨ ᠯᠠᠩ ᠤ᠋ᠨ ᠵᠢᠷᠣᠭ᠎ᠠ ᠯᠠᠭᠤᠰᠠ ᠶ᠋ᠢ》 ᠭᠡᠲᠡᠯ᠎ᠡ ᠫᠠᠷᠭᠢᠭᠰᠠᠨ ᠪᠦᠳᠦᠭᠦᠨ ᠬᠣᠭᠣᠯᠠᠢ 《ᠵᠤᠤᠰᠠᠨ ② ᠳᠤᠮᠳᠠ ᠪᠠᠨ ᠬᠥᠯᠭᠡᠯᠡᠶ᠎ᠡ》 ᠭᠡᠵᠦ ᠳᠠᠭᠤᠯᠠᠲᠠᠯ᠎ᠠ ᠶᠠᠩᠵᠤ ᠪᠦᠷᠢ ᠶ᠋ᠢᠨ ᠬᠣᠭᠣᠯᠠᠢ ᠪᠠᠷ 《ᠵᠢᠷᠤᠭ ᠪᠣᠯᠤᠭᠰᠠᠨ ᠪᠣᠭᠳᠠ ᠯᠠᠮᠠ ᠶ᠋ᠢ᠂ ᠵᠤᠩᠬᠠᠪᠠ ᠶ᠋ᠢᠨ ᠰᠢᠷᠡᠭᠡᠨ ᠳ᠋ᠦ᠍ ᠵᠠᠯᠠᠶ᠎ᠠ ᠳᠠ ᠬᠦᠢ》 ᠭᠡᠳ ᠦᠷᠭᠦᠯᠵᠢᠯᠡᠭᠦᠯᠦᠨ ᠳᠠᠭᠤᠯᠠᠪᠠ᠃ ᠳᠣᠷᠵᠢ᠂ ᠠᠬᠢᠮᠠᠭ ᠨᠠᠰᠤᠨ ᠤ᠋ ᠴᠡᠷᠢᠭ ᠬᠣᠶᠠᠷ ᠴᠤ᠌ ᠨᠠᠮᠤᠭᠤᠬᠠᠨ ᠢ᠋ᠶ᠋ᠠᠷ ᠣᠯᠠᠨ ᠢ᠋ ᠠᠶᠠᠯᠳᠠᠨ ᠳᠠᠭᠤᠯᠠᠵᠠᠢ᠃
᠊᠊᠊᠊᠊᠊᠊᠊᠊᠊᠊᠊᠊᠊᠊ ᠡᠨᠡ ᠲᠡᠢᠨ ᠬᠡᠵᠢᠶ᠎ᠡ ᠳᠠᠭᠤᠰᠬᠤ ᠪᠣᠯ? ᠭᠡᠵᠦ ᠠᠬᠢᠮᠠᠭ ᠨᠠᠰᠤᠨ ᠤ᠋ ᠴᠡᠷᠢᠭ ᠳᠠᠭᠤᠤ ᠶ᠋ᠢᠨ ᠬᠣᠶᠠᠷ ᠪᠠᠳᠠᠭ ᠤ᠋ᠨ ᠳᠤᠮᠳᠠᠭᠤᠷ ᠠᠰᠠᠭᠤᠪᠠ᠃
᠊᠊᠊᠊᠊᠊᠊᠊᠊᠊᠊᠊᠊᠊᠊ ᠳᠠᠯᠳᠠ ᠶ᠋ᠢ ᠮᠡᠳᠡᠳᠡᠭ ᠳᠠᠯᠠᠢ ᠯᠠᠮᠠ ᠳᠠᠯᠠᠨ ᠬᠣᠶᠠᠷ ᠵᠢᠯᠠᠭ᠎ᠠ ᠶ᠋ᠢ ᠨᠡᠪᠲᠡ ᠬᠠᠷᠠᠳᠠᠭ ᠬᠠᠷ᠎ᠠ ᠬᠡᠷᠢᠶ᠎ᠡ ᠪᠢᠰᠢ᠂ ᠪᠢ ᠶᠠᠭᠠᠬᠢᠵᠤ ᠮᠡᠳᠡᠳᠡᠭ ᠶᠤᠮ ᠪᠣᠢ? ᠭᠡᠵᠦ ᠳᠣᠷᠵᠢ ᠬᠠᠷᠢᠭᠤᠯᠪᠠ᠃
ᠠᠬᠢᠮᠠᠭ ᠨᠠᠰᠤᠨ ᠤ᠋ ᠴᠡᠷᠢᠭ ᠬᠡᠰᠡᠭ ᠳᠠᠭᠤ ᠦᠭᠡᠢ ᠪᠣᠳᠣᠯ ᠪᠣᠯᠤᠨ ᠰᠠᠭᠤᠭᠰᠠᠨ ᠢ᠋ᠶ᠋ᠠᠨ ᠰᠠᠨᠠᠭ᠎ᠠ ᠠᠯᠳᠠᠭᠠᠳ 《ᠡᠨᠡ ᠬᠠᠷ᠎ᠠ ᠰᠢᠷᠭᠤᠯᠵᠢ ᠰᠢᠭ᠋ ᠬᠠᠷ᠎ᠠ ᠴᠡᠷᠢᠭ ᠢ᠋ ᠨᠡᠪᠲᠡᠯᠦᠨ᠎ᠡ ᠭᠡᠳᠡᠭ ᠴᠦ᠍ ᠳᠡ》 ᠭᠡᠯ᠎ᠡ᠃
᠊᠊᠊᠊᠊᠊᠊᠊᠊᠊᠊᠊᠊᠊᠊ ᠲᠡᠦᠬᠡ ᠶᠠᠷᠢᠪᠠᠯ ᠡᠵᠡᠨ ᠴᠢᠩᠭᠢᠰ ᠪᠠᠢᠨ᠎ᠠ᠃ ᠳᠠᠭᠠᠭᠠᠵᠤ ᠪᠠᠢᠭ᠎ᠠ ᠰᠠᠬᠢᠭᠤᠰᠤ ᠶ᠋ᠢ ᠬᠡᠯᠡᠯᠴᠡᠪᠡᠯ ᠠᠮᠢᠲᠠᠨ ᠢ᠋ ᠵᠢᠷᠭᠠᠭᠤᠯᠤᠭᠴᠢ ᠸᠴᠢᠷ ᠳᠡᠷ᠎ᠡ ᠶ᠋ᠢᠨ ᠬᠤᠪᠢᠯᠭᠠᠨ ᠪᠣᠭᠳᠠ ᠭᠡᠭᠡᠨ᠂ ᠣᠷᠣᠢᠯᠠᠵᠤ ᠶᠠᠪᠤᠭ᠎ᠠ ᠵᠠᠩᠵᠤᠨ ᠢ᠋ ᠶᠠᠷᠢᠪᠠᠯ ᠬᠠᠳᠠᠨ ᠪᠠᠭᠠᠲᠤᠷ ᠬᠣᠢᠨ᠎ᠠ ᠪᠣᠯᠬᠤ ᠯᠠ ᠪᠠᠢᠬ᠎ᠠ ᠳᠠ᠃
᠊᠊᠊᠊᠊᠊᠊᠊᠊᠊᠊᠊᠊᠊᠊ ᠰᠠᠶᠢ ᠶ᠋ᠢᠨ ᠲᠡᠢᠨ ᠢ᠋ ᠤᠳᠤᠷᠢᠳᠴᠤ ᠪᠠᠢᠬᠤ ᠳ᠋ᠤᠨᠢ ᠵᠠᠩᠵᠤᠨ ᠤ᠋ ᠨᠢᠭᠤᠷ ᠨᠢ ᠮᠠᠯᠠᠭᠠᠢ ᠶ᠋ᠢᠨ ᠢ᠋ᠶ᠋ᠡᠨ ᠰᠠᠭᠠᠯᠳᠤᠷᠭᠠᠨ ᠳ᠋ᠤ᠌ ᠪᠠᠭᠲᠠᠬᠤ ᠦᠭᠡᠢ ᠪᠣᠯᠤᠭᠠᠳ ᠠᠮᠠ ᠡᠴᠡ ᠨᠢ ᠤᠯᠠᠭᠠᠨ ᠬᠥᠭᠡᠰᠦ ᠴᠢᠬᠠᠷᠠᠵᠤ ᠪᠠᠢᠭᠰᠠᠨ ᠭᠡᠳᠡᠭ ᠰᠢᠦ᠃
᠊᠊᠊᠊᠊᠊᠊᠊᠊᠊᠊᠊᠊᠊᠊ ᠠᠷᠭ᠎ᠠ ᠦᠭᠡᠢ ᠰᠢᠦ ᠳᠡ᠃ ᠪᠡᠶ᠎ᠡ ᠪᠡᠷ ᠢ᠋ᠶ᠋ᠡᠨ ᠤᠯᠠᠭᠠᠨ ᠰᠠᠬᠢᠭᠤᠯᠰᠤᠨ ᠶᠤᠮ ᠴᠢᠨᠢ ᠭᠡᠵᠦ ᠳᠣᠷᠵᠢ ᠮᠡᠳᠡᠮᠡᠬᠡᠢ ᠬᠠᠷᠢᠭᠤᠯᠪᠠ᠃
ᠮᠠᠨᠠᠢ ᠬᠣᠶᠠᠷ ᠤ᠋ᠨ ᠶᠠᠷᠢᠶ᠎ᠠ ᠲᠦᠷ ᠵᠣᠭᠰᠣᠪᠠ᠃ ᠳᠠᠭᠤ ᠰᠣᠯᠢᠭᠳᠠᠵᠤ ᠴᠡᠭᠡᠯᠬᠡᠨ ᠰᠠᠢᠬᠠᠨ ᠬᠣᠭᠣᠯᠠᠢ ᠲᠠᠢ ᠬᠥᠮᠦᠨ 《ᠡᠷ᠎ᠡ ᠪᠣᠷᠣ ᠬᠠᠷᠴᠠᠭᠠᠢ》 ᠶ᠋ᠢ ᠰᠡᠳᠬᠢᠯ ᠳᠣᠭᠳᠣᠯᠤᠮ᠎ᠠ ᠳᠠᠭᠤᠯᠠᠪᠠ᠃
᠊᠊᠊᠊᠊᠊᠊᠊᠊᠊᠊᠊᠊᠊᠊ ᠭᠡᠷ ᠲᠡᠭᠡᠨ ᠬᠠᠷᠢᠭᠠᠳ ᠬᠠᠯᠠᠭᠠᠭᠰᠠᠨ ᠠᠷᠠᠵᠠ ᠳᠠᠭᠱᠠ ᠶ᠋ᠢ ᠤᠤᠭᠤᠴᠢᠬᠠᠭᠠᠳ᠂ ᠡᠬᠡᠨᠡᠷ ᠦ᠋ᠨ ᠢ᠋ᠶ᠋ᠡᠨ ᠳᠡᠪᠡᠯ ᠢ᠋ ᠨᠥᠮᠥᠷᠴᠢᠬᠡᠭᠡᠳ ᠬᠣᠲᠠᠨ ᠤ᠋ ᠪᠠᠨ ᠵᠠᠬ᠎ᠠ ᠳ᠋ᠤ᠌ ᠵᠣᠭᠰᠣᠵᠤ ᠪᠠᠢᠬᠤ ᠶᠤᠮᠰᠠᠨ ᠭᠡᠵᠦ ᠨᠥᠭᠦᠭᠡ ᠴᠡᠷᠢᠭ ᠨᠢᠳᠦ ᠪᠡᠨ ᠭᠢᠯᠠᠯᠵᠠᠭᠤᠯᠤᠨ ᠨᠢᠭᠤᠷ ᠳᠦᠭᠦᠷᠡᠩ ᠪᠠᠶᠠᠷ ᠲᠣᠳᠣᠷᠠᠭᠤᠯᠵᠤ ᠪᠠᠢᠭᠠᠳ ᠶᠠᠷᠢᠯ᠎ᠠ᠃
᠊᠊᠊᠊᠊᠊᠊᠊᠊᠊᠊᠊᠊᠊᠊ ᠮᠠᠨᠠᠢ ᠡᠷ᠎ᠡ ᠡᠬᠡᠨᠡᠷ ᠢ᠋ᠶ᠋ᠡᠨ ᠰᠠᠨᠠᠵᠤ ᠳᠠ ᠭᠡᠳ ᠳᠣᠷᠵᠢ ᠬᠥᠭᠵᠢᠯᠲᠡᠢ ᠢᠨᠢᠶᠡᠪᠡ᠃ ᠠᠶᠤᠬᠤ ᠦᠭᠡᠢ ᠴᠦ᠍ ᠭᠡᠰᠡᠨ ᠠᠶ᠎ᠠ ᠦᠭᠡᠢ ᠭᠡᠭᠴᠢ ᠪᠡᠷ ᠮᠠᠭᠤ ᠵᠣᠯᠢᠭ ᠴᠢᠨᠢ ᠰᠡᠳᠬᠢᠯ ᠳ᠋ᠦ᠍ ᠣᠷᠣᠭᠠᠳ ᠯᠠ ᠪᠠᠢᠬᠤ ᠶᠤᠮ ᠭᠡᠵᠦ ᠴᠡᠷᠢᠭ ᠭᠡᠨᠡᠨ ᠴᠠᠭᠠᠨ ᠰᠡᠳᠬᠢᠯ ᠢ᠋ᠶ᠋ᠡᠷ ᠬᠡᠯᠡᠪᠡ᠃
᠊᠊᠊᠊᠊᠊᠊᠊᠊᠊᠊᠊᠊᠊᠊ ᠪᠢ ᠴᠦ᠍ ᠭᠡᠰᠡᠨ ᠭᠠᠭᠴᠠ ᠮᠠᠭᠤ ᠡᠬᠡ ᠪᠡᠨ ᠣᠷᠬᠢᠭᠠᠳ ᠢᠷᠡᠭᠰᠡᠨ ᠶᠤᠮᠰᠠᠨ᠃ ᠶᠠᠭᠠᠬᠢᠵᠤ ᠶᠠᠪᠤᠳᠠᠭ ᠪᠣᠯ ᠳᠠ ᠭᠡᠳ ᠳᠣᠷᠵᠢ ᠤᠲᠠᠰᠤ ᠪᠠᠨ ᠰᠢᠳᠦ ᠪᠡᠷ ᠢ᠋ᠶ᠋ᠡᠨ ᠲᠠᠰᠬᠢᠲᠡᠯ᠎ᠡ ᠲᠠᠰᠤᠯᠤᠭᠠᠳ ᠭᠠᠵᠠᠷ ᠤᠷᠤᠭᠤ ᠴᠢᠭᠯᠡᠭᠰᠡᠨ ᠶᠠᠭᠤᠮ᠎ᠠ ᠦᠭᠡᠢ ᠰᠢᠷᠳᠡᠪᠡ᠃
᠊᠊᠊᠊᠊᠊᠊᠊᠊᠊᠊᠊᠊᠊᠊ ᠵᠠ ᠲᠡᠷᠡ ᠴᠦ᠍ ᠶᠠᠭᠠᠬᠢᠬᠤᠪ᠃ ᠡᠬᠢᠯᠡᠭᠰᠡᠨ ᠬᠣᠢᠨ᠎ᠠ ᠪᠠᠨ ᠳᠠᠭᠤᠰᠬᠤ ᠯᠠ ᠪᠠᠢᠬ᠎ᠠ ᠭᠡᠳ ᠴᠡᠷᠢᠭ ᠰᠠᠨᠠᠭ᠎ᠠ ᠠᠯᠳᠠᠭᠰᠠᠨ ᠢ᠋ᠶ᠋ᠠᠨ᠂ 《ᠴᠢᠮ᠎ᠠ ᠳ᠋ᠤ᠌ ᠱᠦᠭᠦᠷ ᠪᠠᠢᠨ᠎ᠠ ᠤᠤ? ᠡᠨᠡ ᠬᠡᠳᠦᠨ ᠬᠢᠭᠤᠷᠰᠤᠨ ᠤ᠋ ᠰᠦᠷᠦᠭ ᠭᠠᠵᠠᠷ ᠰᠠᠢ ᠦᠭᠡᠢ ᠡᠭᠦᠷᠯᠡᠴᠢᠬᠡᠭᠡᠳ ᠪᠡᠯᠴᠢᠵᠦ ᠶᠠᠪᠤᠳᠠᠭ ᠪᠣᠯᠤᠯ᠎ᠠ》ᠭᠡᠯ᠎ᠡ᠃
ᠳᠣᠷᠵᠢ ᠨᠠᠷᠢᠨ ᠬᠤᠯᠤᠰᠤᠨ ᠱᠦᠭᠦᠷ ᠢ᠋ᠶ᠋ᠡᠨ ᠭᠠᠷᠭᠠᠵᠤ ᠥᠭᠯ᠎ᠡ᠃ ᠴᠡᠷᠢᠭ ᠠᠪᠴᠤ ᠦᠰᠦ ᠪᠡᠨ ᠰᠠᠮᠨᠠᠬᠤ ᠵᠠᠭᠤᠷ᠎ᠠ ᠳᠣᠷᠵᠢ ᠶ᠋ᠢᠨ ᠵᠥᠪ ᠲᠠᠯ᠎ᠠ ᠶ᠋ᠢᠨ ᠤᠷᠢᠳᠤᠬᠢ ᠭᠠᠨᠵᠤᠭᠠᠨ ᠡᠴᠡ ᠶᠠᠭᠰᠢᠲᠠᠯ᠎ᠠ ᠤᠶᠠᠭᠰᠠᠨ ᠪᠣᠷᠣ ᠬᠡᠦᠳᠡᠢ ᠲᠡᠢ ᠶᠠᠭᠤᠮ᠎ᠠ ᠶ᠋ᠢ ᠬᠠᠷᠠᠯ᠎ᠠ᠃
᠊᠊᠊᠊᠊᠊᠊᠊᠊᠊᠊᠊᠊᠊᠊ ᠲᠡᠷᠡ ᠶᠠᠭᠤ ᠪᠣᠢ?
᠊᠊᠊᠊᠊᠊᠊᠊᠊᠊᠊᠊᠊᠊᠊ ᠠᠯᠢ?
᠊᠊᠊᠊᠊᠊᠊᠊᠊᠊᠊᠊᠊᠊᠊ ᠴᠢᠨᠦ ᠭᠠᠨᠵᠤᠭᠠᠨ ᠳ᠋ᠤ᠌ ᠪᠠᠢᠭ᠎ᠠ ᠪᠣᠷᠣ ᠬᠡᠦᠳᠡᠢ ᠲᠡᠢ᠃
᠊᠊᠊᠊᠊᠊᠊᠊᠊᠊᠊᠊᠊᠊᠊ ᠡᠨ ᠲᠡᠷᠡ ᠤᠤ᠂ ᠴᠠᠭᠠᠨ ᠮᠥᠭᠥ᠃
᠊᠊᠊᠊᠊᠊᠊᠊᠊᠊᠊᠊᠊᠊᠊ ᠲᠡᠭᠦᠨ ᠢ᠋ᠶ᠋ᠡᠷ ᠶᠠᠭᠠᠬᠢᠵᠤ ᠨᠢ ᠪᠣᠢ?
᠊᠊᠊᠊᠊᠊᠊᠊᠊᠊᠊᠊᠊᠊᠊ ᠴᠢᠮ᠎ᠠ ᠳ᠋ᠤ᠌ ᠪᠠᠢᠬᠤ ᠦᠭᠡᠢ ᠭᠡᠵᠢ ᠤᠤ? ᠭᠡᠳ ᠳᠣᠷᠵᠢ ᠨᠥᠬᠥᠷ ᠢ᠋ ᠪᠡᠨ ᠤᠷᠢᠳᠤ ᠡᠮᠦᠨ᠎ᠡ ᠦᠵᠡᠭᠡ ᠦᠭᠡᠢ ᠰᠣᠨᠢᠨ ᠶᠠᠭᠤᠮ᠎ᠠ ᠬᠠᠷᠠᠵᠤ ᠪᠠᠢᠭ᠎ᠠ ᠨᠢᠳᠦ ᠪᠡᠷ ᠭᠠᠢᠬᠠᠨ ᠬᠠᠷᠠᠭᠰᠠᠨ ᠢ᠋ᠶ᠋ᠠᠨ 《ᠬᠠᠯᠠᠭᠤᠨ ᠤ᠋ ᠭᠠᠵᠠᠷ ᠭᠠᠭᠴᠠ ᠬᠡᠷᠡᠭ ᠪᠣᠯᠳᠠᠭ ᠶᠠᠭᠤᠮ᠎ᠠ ᠴᠢᠨᠢ ᠡᠨᠡ ᠪᠠᠢᠬᠤ ᠦᠭᠡᠢ ᠤᠤ᠃ ᠬᠤᠳᠠᠯᠳᠤᠪᠠᠯ ᠮᠥᠩᠭᠥ᠂ ᠤᠤᠭᠤᠪᠠᠯ ᠡᠮ ᠰᠢᠦ ᠳᠡ》 ᠭᠡᠵᠦ ᠶᠡᠬᠡ ᠯᠡ ᠮᠡᠳᠡᠮᠡᠬᠡᠢ ᠬᠡᠯᠡᠵᠡᠢ᠃
᠊᠊᠊᠊᠊᠊᠊᠊᠊᠊᠊᠊᠊᠊᠊ ᠲᠡᠢᠮᠦ ᠬᠡᠷᠡᠭ ᠲᠡᠢ ᠶᠤᠮ ᠪᠣᠯ ᠨᠠᠳᠠ ᠵᠢᠭᠠᠬᠠᠨ ᠥᠭᠭᠦᠭᠡᠴᠢ᠃
᠊᠊᠊᠊᠊᠊᠊᠊᠊᠊᠊᠊᠊᠊᠊ ᠪᠠᠭ᠎ᠠ ᠪᠣᠯ ᠪᠣᠯᠤᠨ᠎ᠠ᠃ ᠭᠡᠬᠦ ᠳ᠋ᠡᠭᠡᠨ ᠰᠤᠮᠤ ᠪᠠᠷ ᠰᠣᠯᠢᠨ᠎ᠠ᠃
ᠠᠬᠢᠮᠠᠭ ᠨᠠᠰᠤᠨ ᠤ᠋ ᠴᠡᠷᠢᠭ ᠪᠣᠳᠣᠯ ᠪᠣᠯᠤᠨ ᠳᠠᠭᠤ ᠦᠭᠡᠢ ᠪᠣᠯᠪᠠ᠃ ᠭᠡᠲᠡᠯ᠎ᠡ ᠢᠮᠠᠭᠠᠨ ᠪᠦᠷᠢᠶ᠎ᠡ ᠵᠢᠩᠭᠢᠨᠡᠨ ᠳᠤᠤᠭᠠᠷᠪᠠ᠃ ᠮᠠᠨᠠᠢ ᠬᠣᠶᠠᠷ ᠣᠭᠯᠣ ᠦᠰᠦᠷᠦᠨ ᠪᠣᠰᠴᠤ᠂ ᠲᠤᠰ ᠲᠤᠰ ᠤ᠋ᠨ ᠢ᠋ᠶ᠋ᠠᠨ ᠮᠠᠢᠬᠠᠨ ᠤᠷᠤᠭᠤ ᠭᠦᠶᠦᠨ ᠣᠷᠣᠵᠤ ᠫᠤᠤ ᠵᠡᠪᠰᠡᠭ ᠢ᠋ᠶ᠋ᠡᠨ ᠵᠡᠭᠦᠨ ᠠᠷᠪᠠᠲᠤ ᠶ᠋ᠢᠨ ᠢ᠋ᠶ᠋ᠡᠨ ᠵᠢᠭᠰᠠᠭᠠᠯ ᠳ᠋ᠤ᠌ ᠣᠷᠣᠪᠠ᠃ ᠪᠦᠬᠦ ᠴᠡᠷᠢᠭ ᠬᠡᠳᠦᠨ ᠡᠩᠨᠡᠭᠡ ᠪᠣᠯᠤᠨ ᠵᠢᠭᠰᠠᠵᠤ᠂ ᠵᠠᠩᠭᠢ᠂ ᠵᠠᠬᠢᠷᠤᠭᠴᠢ ᠨᠠᠷ ᠡᠮᠦᠨ᠎ᠡ ᠨᠢ ᠵᠣᠭᠰᠣᠭᠰᠠᠨ ᠢ᠋ ᠬᠠᠷᠠᠪᠠᠯ ᠶᠠᠮᠠᠷ ᠨᠢᠭᠡᠨ ᠶᠡᠬᠡ ᠬᠥᠮᠦᠨ ᠢᠷᠡᠬᠦ ᠶ᠋ᠢ ᠬᠦᠯᠢᠶᠡᠵᠡᠢ᠃
ᠵᠢᠭᠰᠠᠭᠠᠭᠰᠠᠨ ᠴᠡᠷᠢᠭ ᠦ᠋ᠨ ᠪᠠᠷᠠᠭᠤᠨ ᠭᠠᠷ ᠡᠴᠡ ᠲᠠᠪᠤᠨ ᠮᠣᠷᠢ ᠲᠠᠢ ᠬᠥᠮᠦᠨ ᠬᠠᠲᠠᠷᠢᠭᠤᠯᠤᠨ ᠳᠠᠪᠬᠢᠵᠤ ᠢᠷᠡᠯ᠎ᠡ᠃ ᠲᠡᠳᠡᠨ ᠦ᠌ ᠲᠦᠷᠦᠭᠦᠨ ᠳ᠋ᠦ᠍ ᠤᠯᠠᠭᠠᠨ ᠬᠡᠯᠡ ᠲᠡᠢ ᠬᠤᠳᠠᠷᠭ᠎ᠠ ᠬᠥᠮᠥᠯᠳᠥᠷᠭᠡ ᠲᠡᠢ ᠥᠨᠳᠥᠷ ᠪᠣᠷᠣ ᠮᠣᠷᠢ ᠤᠨᠤᠭᠰᠠᠨ ᠬᠠᠳᠠᠨ ᠪᠠᠭᠠᠲᠤᠷ ᠮᠠᠭᠰᠤᠷᠵᠠᠪ ᠶᠠᠪᠤᠬᠤ ᠪᠥᠭᠡᠳ ᠮᠣᠷᠢᠨ ᠳᠡᠭᠡᠷ᠎ᠡ ᠶᠠᠪᠤᠬᠤ ᠳ᠋ᠤᠨᠢ ᠪᠦᠳᠦᠭᠦᠨ ᠬᠠᠷ᠎ᠠ ᠭᠡᠵᠢᠭᠡ ᠨᠢ ᠬᠣᠶᠠᠷ ᠳᠠᠰᠢ ᠪᠠᠨ ᠰᠠᠴᠤᠯᠠᠨ ᠬᠠᠶᠠᠵᠤ᠂ ᠤᠲᠤᠭ᠎ᠠ ᠨᠢ ᠰᠠᠭᠰᠠᠯᠵᠠᠨ ᠰᠦᠷᠳᠡᠶ᠎ᠡ ᠬᠠᠷᠠᠭᠳᠠᠨ᠎ᠠ᠃
ᠲᠡᠦᠬᠡ ᠶ᠋ᠢᠨ ᠴᠠᠭ ᠦᠶ᠎ᠡ ᠬᠡᠷᠡᠭ ᠲᠡᠢ ᠬᠥᠮᠦᠨ ᠢ᠋ᠶ᠋ᠡᠨ ᠪᠣᠢᠵᠢᠭᠤᠯᠳᠠᠭ᠃ ᠮᠣᠩᠭᠣᠯ ᠤ᠋ᠨ ᠠᠷᠠᠳ ᠲᠦᠮᠡᠨ ᠮᠠᠨᠵᠤ ᠶ᠋ᠢᠨ ᠨᠣᠶᠠᠷᠬᠠᠯ ᠢ᠋ ᠡᠰᠡᠷᠭᠦᠴᠡᠭᠰᠡᠨ ᠣᠯᠠᠨ ᠵᠠᠭᠤᠨ ᠵᠢᠯ ᠦ᠋ᠨ ᠲᠡᠮᠡᠴᠡᠯ ᠦ᠋ᠨ ᠰᠡᠭᠦᠯᠴᠢ ᠶ᠋ᠢᠨ ᠰᠢᠢᠳᠪᠦᠷᠢᠯᠡᠬᠦ ᠦᠶ᠎ᠡ ᠳ᠋ᠦ᠍ ᠲᠥᠷᠥᠵᠦ ᠭᠠᠷᠤᠭᠰᠠᠨ ᠶᠡᠬᠡ ᠬᠥᠮᠦᠰ ᠦ᠋ᠨ ᠨᠢᠭᠡ ᠪᠣᠯ ᠬᠠᠳᠠᠨ ᠪᠠᠭᠠᠲᠤᠷ ᠮᠠᠭᠰᠤᠷᠵᠠᠪ ᠪᠠᠢᠵᠤ ᠪᠢᠯᠡ᠃
ᠴᠢᠳᠬᠤᠮᠠᠯ ᠬᠦᠷᠡᠯ ᠰᠢᠭ ᠭᠢᠯᠠᠯᠵᠠᠭᠰᠠᠨ ᠬᠦᠷᠡᠩ ᠴᠢᠷᠠᠢ ᠲᠠᠢ᠂ ᠥᠷᠭᠡᠨ ᠴᠡᠭᠡᠵᠢ᠂ ᠲᠣᠳᠣ ᠮᠠᠩᠨᠠᠢ ᠲᠠᠢ ᠡᠨᠡ ᠬᠥᠮᠦᠨ ᠮᠠᠨᠵᠤ ᠡᠴᠡ ᠲᠤᠰᠠᠭᠠᠷᠯᠠᠬᠤ ᠲᠡᠮᠡᠴᠡᠯ ᠦ᠋ᠨ ᠲᠡᠷᠢᠭᠦᠨ ᠳ᠋ᠦ᠍ ᠶᠠᠪᠤᠵᠤ᠂ ᠶᠠᠪᠤᠭᠰᠠᠨ ᠭᠠᠵᠠᠷ ᠪᠦᠬᠦᠨ ᠨᠢ ᠢᠯᠠᠯᠲᠠ ᠪᠠᠷ ᠲᠤᠶᠠᠭᠠᠷᠠᠵᠤ ᠪᠠᠢᠵᠠᠢ᠃
ᠸᠠᠩ ᠤ᠋ᠨ ᠵᠡᠷᠭᠡ ᠵᠠᠯᠭᠠᠵᠤ᠂ ᠬᠣᠰᠢᠭᠤ ᠨᠣᠶᠠᠨ ᠪᠣᠯᠤᠭᠰᠠᠨ ᠪᠥᠭᠡᠳ ᠮᠣᠩᠭᠣᠯ ᠤ᠋ᠨ ᠠᠷᠠᠳ ᠲᠦᠮᠡᠨ ᠢ᠋ ᠪᠣᠭᠣᠯᠴᠢᠯᠠᠨ ᠰᠠᠭᠤᠬᠤ ᠦᠶ᠎ᠡ ᠪᠡᠨ ᠳᠠᠭᠤᠰᠤᠭᠰᠠᠨ ᠢ᠋ ᠣᠢᠯᠭᠠᠵᠤ᠂ ᠡᠪ ᠢ᠋ᠶ᠋ᠡᠷ ᠨᠤᠲᠤᠭ ᠲᠠᠭᠠᠨ ᠪᠤᠴᠠᠬᠤ ᠱᠠᠭᠠᠷᠳᠠᠯᠭ᠎ᠠ ᠶ᠋ᠢ ᠬᠦᠯᠢᠶᠡᠵᠦ ᠠᠪᠤᠯ ᠦᠭᠡᠢ ᠡᠰᠡᠷᠭᠦᠴᠡᠭᠰᠡᠨ ᠬᠣᠪᠲᠣ ᠶ᠋ᠢᠨ ᠠᠮᠪᠠᠨ ᠢ᠋ ᠵᠡᠪᠰᠡᠭ ᠦ᠋ᠨ ᠬᠦᠴᠦ ᠪᠡᠷ ᠲᠣᠨᠢᠯᠭᠠᠬᠤ ᠲᠡᠮᠡᠴᠡᠯ ᠢ᠋ ᠬᠠᠳᠠᠨ ᠪᠠᠭᠠᠲᠤᠷ ᠸᠠᠩ ᠮᠠᠭᠰᠤᠷᠵᠠᠪ ᠤᠳᠤᠷᠢᠳᠤᠭᠰᠠᠨ ᠪᠢᠯᠡ᠃
ᠳᠠᠢᠰᠤᠨ ᠢ᠋ ᠴᠣᠬᠢᠵᠤ ᠲᠤᠯᠤᠯᠳᠤᠭᠠᠨ ᠢ᠋ ᠬᠣᠵᠢᠬᠤ ᠳ᠋ᠤ᠌ ᠵᠡᠪᠰᠡᠭ ᠪᠠᠷᠢᠭᠰᠠᠨ ᠴᠡᠷᠢᠭ ᠭᠣᠣᠯ ᠬᠦᠴᠦ ᠭᠡᠵᠦ ᠪᠠᠲᠤ ᠢᠲᠡᠭᠡᠭᠰᠡᠨ ᠡᠨᠡ ᠬᠥᠮᠦᠨ ᠴᠡᠷᠢᠭ ᠦ᠋ᠨ ᠰᠡᠳᠬᠢᠯ ᠢ᠋ ᠢᠮᠠᠭᠲᠠ ᠵᠠᠰᠠᠵᠤ᠂ ᠴᠡᠷᠢᠭ ᠢ᠋ ᠥᠪᠡᠷ ᠲᠡᠭᠡᠨ ᠲᠠᠲᠠᠬᠤ ᠶ᠋ᠢᠨ ᠲᠤᠯᠠ ᠪᠦᠬᠦᠨ ᠢ᠋ ᠬᠢᠳᠡᠭ᠃ ᠴᠡᠷᠢᠭ ᠦ᠋ᠳ ᠢ᠋ᠶ᠋ᠡᠨ ᠦᠷᠭᠦᠯᠵᠢ ᠠᠩᠬᠠᠷᠴᠤ᠂ ᠲᠡᠳᠡᠨ ᠳ᠋ᠦ᠍ ᠤᠨᠠᠭᠰᠠᠨ ᠭᠠᠵᠠᠷ᠂ ᠤᠬᠢᠶᠠᠭᠰᠠᠨ ᠤᠰᠤ ᠨᠢ ᠶᠠᠭᠤ ᠶᠤᠮ ᠪᠣᠢ᠂ ᠶᠠᠭᠠᠬᠢᠬᠤ ᠭᠡᠵᠦ ᠪᠠᠢᠭ᠎ᠠ ᠶ᠋ᠢ ᠶᠠᠷᠢᠵᠤ᠂ ᠲᠡᠳᠡᠨ ᠦ᠌ ᠰᠦᠰᠦᠭ ᠪᠢᠰᠢᠷᠡᠯ ᠢ᠋ ᠠᠰᠢᠭᠯᠠᠨ᠂ ᠥᠪᠡᠷ ᠢ᠋ᠶ᠋ᠡᠨ ᠴᠣᠢᠵᠣᠩ ᠪᠣᠯᠬᠤ ᠵᠡᠷᠭᠡ ᠣᠯᠠᠨ ᠠᠷᠭ᠎ᠠ ᠶ᠋ᠢ ᠬᠡᠷᠡᠭᠯᠡᠨ ᠴᠡᠷᠢᠭ ᠦ᠋ᠨ ᠳᠣᠲᠣᠷ᠎ᠠ ᠦᠯᠡᠮᠵᠢ ᠠᠯᠳᠠᠷ ᠬᠦᠨᠳᠦ ᠶ᠋ᠢ ᠣᠯᠤᠭᠠᠳ ᠲᠡᠳᠡᠨ ᠦ᠌ ᠭᠦᠨ ᠬᠠᠢᠷ᠎ᠠ᠂ ᠪᠠᠲᠤ ᠢᠲᠡᠭᠡᠯ ᠢ᠋ ᠲᠠᠲᠠᠵᠠᠢ᠃ ᠮᠠᠭᠰᠤᠷᠵᠠᠪ ᠢ᠋ ᠴᠡᠷᠢᠭ ᠦ᠋ᠳ ᠨᠢ ᠪᠠᠭᠰᠢ ᠭᠡᠵᠦ ᠨᠡᠷᠡᠯᠡᠬᠦ ᠪᠥᠭᠡᠳ ᠲᠡᠭᠦᠨ ᠦ᠌ ᠶᠡᠷᠦ ᠪᠤᠰᠤ ᠶ᠋ᠢᠨ ᠬᠦᠴᠦᠨ ᠳ᠋ᠦ᠍ ᠡᠷᠡᠭᠡᠯᠵᠡᠭᠡ ᠦᠭᠡᠢ ᠢᠲᠡᠭᠡᠭᠰᠡᠨ ᠢ᠋ᠶ᠋ᠡᠨ᠂ 《ᠪᠠᠭᠠᠲᠤᠷ ᠪᠠᠭᠰᠢ ᠲᠠᠢ ᠶᠠᠪᠤᠭᠰᠠᠨ ᠴᠠᠭ ᠲᠤ᠌ ᠵᠠᠶᠠᠭ᠎ᠠ ᠣᠷᠬᠢᠵᠤ᠂ ᠣᠳᠣ ᠬᠠᠷᠪᠤᠨ᠂ ᠱᠣᠣ ᠴᠠᠢᠭ᠎ᠠ ᠦᠭᠡᠢ ᠶᠤᠮ ᠪᠣᠯ ᠠᠯᠵᠠᠬᠤ ᠦᠭᠡᠢ᠃ ᠢᠷᠡᠭᠰᠡᠨ ᠰᠤᠮᠤ᠂ ᠳᠠᠯᠠᠢᠭᠰᠠᠨ ᠰᠡᠯᠡᠮ᠎ᠡ ᠡᠴᠡ ᠵᠠᠢᠯᠠᠭᠤᠯᠵᠤ ᠴᠢᠳᠠᠬᠤ ᠤᠯᠠᠭᠠᠨ ᠰᠠᠬᠢᠭᠤᠯᠰᠤᠨ ᠤ᠋ ᠬᠤᠪᠢᠯᠭᠠᠨ ᠬᠥᠮᠦᠨ》 ᠭᠡᠵᠦ ᠴᠡᠷᠢᠭ ᠦ᠋ᠳ ᠶᠠᠷᠢᠯᠴᠠᠳᠠᠭ ᠪᠠᠢᠪᠠ᠃
ᠬᠣᠪᠲᠣ ᠶ᠋ᠢᠨ ᠰᠠᠩ ᠤ᠋ᠨ ᠬᠣᠲᠠ ᠶ᠋ᠢ ᠪᠠᠢᠯᠳᠤᠭᠰᠠᠨ ᠲᠤᠯᠤᠯᠳᠤᠭᠠᠨ ᠳ᠋ᠤ᠌ ᠵᠢᠭᠤᠲᠠᠭᠰᠠᠨ ᠨᠢᠭᠡ ᠴᠡᠷᠢᠭ ᠢ᠋ ᠪᠠᠷᠢᠨ ᠠᠪᠴᠢᠷᠠᠵᠤ ᠥᠭᠬᠦ ᠳ᠋ᠦ᠍ 《ᠬᠦᠦ ᠮᠢᠨᠢ ᠳᠠᠩᠴᠢ ᠳᠠ᠃ ᠪᠢ ᠴᠢᠮᠢ᠋ᠢ ᠰᠢᠳᠬᠡᠬᠦ ᠦᠭᠡᠢ᠂ ᠲᠥᠷᠥᠭᠰᠡᠨ ᠨᠤᠲᠤᠭ ᠲᠠᠭᠠᠨ ᠬᠠᠷ᠎ᠠ ᠪᠤᠷᠤᠭᠤ ᠰᠠᠨᠠᠭᠰᠠᠨ ᠪᠣᠯᠬᠣᠷ ᠵᠠᠶᠠᠭ᠎ᠠ ᠴᠢᠨᠢ ᠣᠷᠬᠢᠵᠤ ᠭᠦᠢᠴᠡᠭᠰᠡᠨ》 ᠭᠡᠳ ᠶᠠᠪᠤᠭᠤᠯᠤᠭᠰᠠᠨ ᠪᠥᠭᠡᠳ ᠳᠡᠷᠭᠡᠳᠡ ᠪᠡᠨ ᠪᠠᠢᠭᠰᠠᠨ ᠬᠥᠮᠦᠰ ᠲᠦ᠍ 《ᠡᠨᠡ ᠴᠡᠷᠢᠭ ᠳᠠᠷᠠᠭ᠎ᠠ ᠶ᠋ᠢᠨ ᠲᠤᠯᠤᠯᠳᠤᠭᠠᠨ ᠳ᠋ᠤ᠌ ᠦᠬᠦᠨ᠎ᠡ ᠰᠢᠦ᠂ ᠬᠥᠭᠡᠷᠦᠬᠦᠢ》 ᠭᠡᠵᠦ ᠬᠡᠯᠡᠭᠰᠡᠨ ᠠᠵᠢ᠃
ᠬᠣᠶᠠᠷ ᠡᠳᠦᠷ ᠦ᠋ᠨ ᠳᠠᠷᠠᠭ᠎ᠠ ᠪᠣᠯᠤᠭᠰᠠᠨ ᠲᠤᠯᠤᠯᠳᠤᠭᠠᠨ ᠳ᠋ᠤ᠌ ᠲᠡᠷᠡ ᠬᠥᠮᠦᠨ ᠦᠨᠡᠬᠡᠷ ᠠᠯᠠᠭᠳᠠᠭᠰᠠᠨ ᠪᠥᠭᠡᠳ ᠬᠡᠭᠦᠷ ᠢ᠋ ᠨᠢ ᠦᠵᠡᠭᠡᠳ 《ᠲᠠ ᠨᠠᠷ ᠬᠠᠷᠠᠵᠤ ᠪᠠᠢᠨ᠎ᠠ ᠤᠤ᠂ ᠰᠢᠯᠢ ᠪᠡᠷ ᠢ᠋ᠶ᠋ᠡᠨ ᠰᠢᠷᠬ᠎ᠠ ᠠᠪᠤᠭᠠᠳ ᠭᠠᠵᠠᠷ ᠮᠥᠷᠭᠥᠵᠦ ᠦᠬᠦᠭᠰᠡᠨ ᠪᠠᠢᠨ᠎ᠠ ᠰᠢᠦ᠃ ᠳᠠᠢᠰᠤᠨ ᠤ᠋ ᠰᠤᠮᠤ ᠪᠢᠰᠢ᠂ ᠣᠷᠣᠨ ᠨᠤᠲᠤᠭ ᠤ᠋ᠨ ᠰᠠᠬᠢᠭᠤᠰᠤ ᠶ᠋ᠢᠨ ᠰᠤᠮᠤ ᠪᠣᠯᠤᠯᠲᠠᠢ》 ᠭᠡᠵᠡᠢ᠃
ᠴᠡᠷᠢᠭ ᠦ᠋ᠳ ᠡᠨᠡ ᠶᠠᠪᠤᠳᠠᠯ ᠤ᠋ᠨ ᠲᠤᠬᠠᠢ ᠰᠣᠨᠣᠰᠤᠭᠠᠳ ᠬᠠᠳᠠᠨ ᠪᠠᠭᠠᠲᠤᠷ ᠤ᠋ᠨ ᠮᠡᠷᠭᠡᠨ ᠴᠢᠳᠠᠯ ᠢ᠋ ᠬᠡᠳᠦ ᠥᠰᠬᠡᠨ ᠶᠠᠷᠢᠵᠤ ᠪᠠᠢᠭᠰᠠᠨ ᠡᠴᠡ ᠪᠢᠰᠢ ᠲᠡᠷᠡ ᠴᠡᠷᠢᠭ ᠦ᠋ᠨ ᠠᠷᠤ ᠡᠴᠡ ᠨᠢ ᠴᠣᠬᠣᠮ ᠬᠡᠨ ᠫᠤᠤᠳᠠᠭᠰᠠᠨ ᠲᠤᠬᠠᠢ ᠶᠠᠷᠢᠬᠤ ᠶ᠋ᠢ ᠪᠢᠲᠡᠭᠡᠢ ᠬᠡᠯᠡ᠂ ᠰᠠᠨᠠᠭᠰᠠᠨ ᠬᠥᠮᠦᠨ ᠦᠭᠡᠢ ᠪᠢᠯᠡ᠃
ᠬᠠᠳᠠᠨ ᠪᠠᠭᠠᠲᠤᠷ ᠮᠠᠭᠰᠤᠷᠵᠠᠪ ᠬᠠᠷ᠎ᠠ ᠴᠡᠷᠢᠭ ᠦ᠋ᠨ ᠳᠣᠪᠲᠣᠯᠭᠠᠨ ᠢ᠋ ᠡᠰᠡᠷᠭᠦᠴᠡᠭᠰᠡᠨ ᠮᠣᠩᠭᠣᠯ ᠤ᠋ᠨ ᠭᠣᠣᠯ ᠵᠠᠮ ᠤ᠋ᠨ ᠴᠡᠷᠢᠭ ᠢ᠋ ᠵᠠᠬᠢᠷᠴᠤ ᠪᠠᠢᠯᠳᠤᠭᠠᠳ᠂ ᠲᠦᠷᠭᠡᠨ ᠵᠠᠭᠤᠷ᠎ᠠ ᠳᠠᠢᠰᠤᠨ ᠤ᠋ ᠲᠠᠪᠰᠢᠯᠲᠠ ᠶ᠋ᠢ ᠵᠣᠭᠰᠣᠭᠠᠨ ᠡᠰᠡᠷᠭᠦ ᠳᠣᠪᠲᠣᠯᠵᠤ ᠦᠯᠡᠮᠵᠢ ᠭᠠᠵᠠᠷ ᠢ᠋ ᠡᠵᠡᠯᠡᠵᠡᠢ᠃
᠊᠊᠊᠊᠊᠊᠊᠊᠊᠊᠊᠊᠊᠊᠊ ᠪᠢᠳᠡᠨ ᠳ᠋ᠦ᠍ ᠬᠥᠮᠦᠨ ᠦ᠌ ᠨᠤᠲᠤᠭ ᠬᠡᠷᠡᠭ ᠦᠭᠡᠢ᠃ ᠬᠠᠷᠢᠨ ᠮᠠᠨᠵᠤ ᠶ᠋ᠢᠨ ᠬᠠᠷ᠎ᠠ ᠲᠠᠮᠠᠬᠢᠨ ᠳ᠋ᠤ᠌ ᠤᠨᠲᠠᠭᠰᠠᠨ ᠮᠣᠩᠭᠣᠯ ᠰᠡᠷᠭᠦᠵᠦ ᠪᠣᠰᠤᠭᠰᠠᠨ ᠴᠠᠭ ᠲᠤ᠌ ᠵᠠᠩᠭᠠᠭᠰᠠᠨ ᠭᠠᠷ ᠢ᠋ᠶ᠋ᠠᠨ ᠳᠠᠯᠳᠢᠷᠠᠬᠤ ᠶ᠋ᠢᠨ ᠣᠷᠣᠨ ᠳ᠋ᠤ᠌ ᠬᠠᠴᠠᠷ ᠳᠤᠮᠳᠠ ᠨᠢ ᠲᠠᠪᠤᠨ ᠰᠠᠯᠠᠭ᠎ᠠ ᠪᠣᠣᠪᠣ ᠬᠦᠷᠲᠡᠭᠡᠵᠦ ᠴᠢᠳᠠᠨ᠎ᠠ ᠭᠡᠳᠡᠭ ᠢ᠋ ᠦᠵᠡᠭᠦᠯᠬᠦ ᠶᠣᠰᠣᠲᠠᠢ ᠰᠢᠦ ᠭᠡᠵᠦ ᠬᠡᠯᠡᠳᠡᠭ ᠪᠠᠢᠪᠠ᠃
ᠬᠠᠳᠠᠨ ᠪᠠᠭᠠᠲᠤᠷ ᠭᠤᠷᠪᠠᠨ ᠤᠯᠤᠰ ᠤ᠋ᠨ ᠭᠡᠷ᠎ᠡ ᠶ᠋ᠢ ᠵᠥᠪᠰᠢᠶᠡᠷᠡᠭᠡ ᠦᠭᠡᠢ᠃ ᠭᠡᠬᠦ ᠳ᠋ᠡᠭᠡᠨ ᠨᠢᠭᠡᠨᠲᠡ ᠣᠷᠣᠰ ᠬᠢᠲᠠᠳ ᠬᠣᠶᠠᠷ ᠢ᠋ ᠰᠠᠯᠭᠠᠵᠤ ᠴᠢᠳᠠᠭ᠎ᠠ ᠦᠭᠡᠢ ᠪᠣᠯᠬᠣᠷ ᠥᠭᠡᠷ᠎ᠡ ᠵᠠᠮ ᠬᠠᠷᠠᠭᠳᠠᠭ᠎ᠠ ᠦᠭᠡᠢ ᠪᠢᠯᠡ᠃ ᠡᠨᠡ ᠤᠴᠢᠷ ᠡᠴᠡ ᠠᠷᠭ᠎ᠠ ᠦᠭᠡᠢ ᠴᠠᠭ ᠢ᠋ ᠬᠦᠯᠢᠶᠡᠵᠦ ᠶᠡᠬᠡ ᠬᠡᠷᠡᠭ ᠢ᠋ ᠪᠦᠲᠦᠭᠡᠬᠦ ᠨᠢ ᠴᠢᠬᠤᠯᠠ ᠭᠡᠵᠦ ᠪᠣᠳᠣᠵᠤ ᠪᠠᠢᠯ᠎ᠠ᠃
᠊᠊᠊᠊᠊᠊᠊᠊᠊᠊᠊᠊᠊᠊᠊ ᠮᠣᠩᠭᠣᠯ ᠤᠯᠤᠰ ᠲᠤᠰᠠᠭᠠᠷ ᠤᠯᠤᠰ ᠪᠣᠯᠲᠠᠯ᠎ᠠ ᠪᠢᠳᠡ ᠮᠣᠷᠢ ᠫᠤᠤ ᠬᠣᠶᠠᠷ ᠡᠴᠡ ᠰᠠᠯᠬᠤ ᠦᠭᠡᠢ᠃ ᠪᠢᠳᠡ ᠬᠦᠴᠦ ᠨᠢᠮᠭᠡᠨ᠂ ᠬᠥᠮᠦᠨ ᠴᠥᠭᠡᠨ᠂ ᠭᠡᠪᠡᠴᠦ ᠪᠢᠳᠡᠨ ᠢ᠋ ᠡᠵᠡᠯᠡᠬᠦ ᠭᠡᠪᠡᠯ ᠴᠢᠳᠠᠯ ᠢ᠋ᠶ᠋ᠠᠷ ᠢ᠋ᠶ᠋ᠠᠨ ᠲᠡᠮᠡᠴᠡᠨ᠎ᠡ᠃ ᠢᠩᠭᠢᠭᠡᠳ ᠮᠣᠩᠭᠣᠯ ᠨᠤᠲᠤᠭ ᠳᠡᠭᠡᠷ᠎ᠡ ᠨᠢᠭᠡ ᠴᠦ᠍ ᠡᠷ᠎ᠡ ᠬᠥᠮᠦᠨ ᠤᠨᠤᠬᠤ ᠭᠠᠭᠴᠠ ᠮᠣᠷᠢ ᠦᠭᠡᠢ ᠪᠣᠯᠤᠭᠰᠠᠨ ᠴᠠᠭ ᠲᠤ᠌ ᠲᠡᠮᠡᠴᠡᠯ ᠳᠠᠭᠤᠰᠴᠤ ᠮᠠᠭᠠᠳ ᠭᠡᠵᠦ ᠳᠠᠬᠢᠨ ᠳᠠᠪᠲᠠᠨ ᠬᠡᠯᠡᠳᠡᠭ ᠪᠠᠢᠯ᠎ᠠ᠃
ᠬᠠᠷ᠎ᠠ ᠴᠡᠷᠢᠭ ᠦ᠋ᠨ ᠲᠥᠯᠥᠭᠡᠯᠡᠭᠴᠢ ᠪᠠᠭᠤᠵᠤ ᠥᠭᠪᠡᠯ ᠶᠡᠬᠡ ᠮᠥᠩᠭᠥ᠂ ᠥᠨᠳᠥᠷ ᠬᠡᠷᠬᠡᠮ ᠥᠭᠭᠦᠨ᠎ᠡ ᠭᠡᠵᠦ ᠬᠡᠯᠡᠬᠦ ᠳ᠋ᠦ᠍ 《ᠮᠠᠨᠵᠤ ᠶ᠋ᠢᠨ ᠥᠭᠭᠦᠭᠰᠡᠨ ᠮᠥᠩᠭᠥ ᠬᠣᠭᠣᠯᠠᠢ ᠳᠡᠭᠡᠷ᠎ᠡ ᠲᠡᠭᠡᠭᠯᠡᠴᠢᠬᠡᠭᠡᠳ ᠳᠠᠬᠢᠨ ᠮᠥᠩᠭᠥ ᠣᠷᠣᠬᠤ ᠵᠠᠢ ᠠᠯᠠᠭ᠎ᠠ᠃ ᠬᠠᠷᠢᠨ ᠮᠣᠩᠭᠣᠯ ᠬᠢᠷᠤᠮᠴᠠᠭ ᠢᠳᠡᠪᠡᠯ ᠪᠡᠶ᠎ᠡ ᠰᠠᠢᠵᠢᠷᠠᠨ᠎ᠠ ᠭᠡᠵᠦ ᠤᠳᠤᠴᠢ ᠬᠡᠯᠡᠭᠰᠡᠨ》 ᠭᠡᠵᠦ ᠬᠠᠷᠢᠭᠤᠯᠵᠠᠢ᠃ ᠬᠠᠳᠠᠨ ᠪᠠᠭᠠᠲᠤᠷ ᠢ᠋ ᠵᠢᠭᠰᠠᠭᠠᠯ ᠤ᠋ᠨ ᠡᠮᠦᠨ᠎ᠡ ᠢᠷᠡᠭᠡᠳ ᠵᠣᠭᠰᠣᠬᠤ ᠳ᠋ᠤ᠌ ᠣᠯᠠᠨ ᠴᠡᠷᠢᠭ ᠦ᠋ᠳ 《ᠬᠤᠷᠤᠢ》 ᠭᠡᠵᠦ ᠨᠢᠵᠢᠭᠢᠨᠡᠭᠦᠯᠦᠨ ᠬᠠᠰᠬᠢᠷᠪᠠ᠃
ᠵᠠᠩᠭᠢ᠂ ᠬᠦᠨᠳᠦ ᠨᠠᠷ ᠶᠠᠭᠠᠬᠢᠪᠠᠯ ᠬᠠᠳᠠᠨ ᠪᠠᠭᠠᠲᠤᠷ ᠤ᠋ᠨ ᠨᠢᠳᠦᠨ ᠳ᠋ᠦ᠍ ᠲᠤᠰᠬᠤ ᠪᠣᠯ ᠭᠡᠰᠡᠨ ᠪᠣᠯᠤᠯᠲᠠᠢ ᠵᠠᠷᠢᠮ ᠨᠢ ᠲᠣᠯᠣᠭᠠᠢ ᠪᠠᠨ ᠰᠢᠯᠢᠨ ᠳᠡᠭᠡᠷ᠎ᠡ ᠪᠡᠨ ᠲᠠᠯᠪᠢᠨ᠂ ᠴᠡᠭᠡᠵᠢ ᠪᠡᠨ ᠲᠦᠷᠢᠨ ᠵᠣᠭᠰᠣᠨ᠎ᠠ᠃ ᠵᠠᠷᠢᠮ ᠨᠢ ᠠᠮᠠ ᠪᠠᠨ ᠵᠢᠮᠢᠢᠯᠭᠡᠨ᠂ ᠬᠠᠮᠠᠷ ᠢ᠋ᠶ᠋ᠠᠨ ᠰᠠᠷᠲᠠᠢᠯᠭᠠᠨ ᠬᠡᠪ ᠳᠦᠷᠰᠦ ᠪᠡᠨ ᠠᠯᠲᠠᠨ ᠪᠠᠢᠨ᠎ᠠ᠃
ᠬᠠᠳᠠᠨ ᠪᠠᠭᠠᠲᠤᠷ ᠤ᠋ᠨ ᠮᠣᠷᠢ ᠨᠢ ᠲᠣᠭᠲᠠᠵᠤ ᠶᠠᠳᠠᠨ᠂ ᠭᠠᠵᠠᠷ ᠴᠠᠪᠴᠢᠯᠠᠵᠤ ᠬᠠᠵᠠᠭᠠᠷ ᠳᠠᠷᠤᠨ᠎ᠠ᠃
᠊᠊᠊᠊᠊᠊᠊᠊᠊᠊᠊᠊᠊᠊᠊ ᠣᠯᠠᠨ ᠴᠡᠷᠢᠭ ᠦ᠋ᠳ ᠠ᠋᠂ ᠮᠣᠩᠭᠣᠯ᠂ ᠣᠷᠣᠰ ᠬᠢᠲᠠᠳ ᠭᠤᠷᠪᠠᠨ ᠤᠯᠤᠰ ᠤ᠋ᠨ ᠬᠣᠭᠣᠷᠣᠨᠳᠣ ᠭᠡᠷ᠎ᠡ ᠪᠠᠢᠭᠤᠯᠤᠭᠳᠠᠵᠤ᠂ ᠮᠠᠨ ᠤ᠋ ᠤᠯᠤᠰ ᠥᠪᠡᠷ ᠦ᠋ᠨ ᠴᠡᠷᠢᠭ ᠢ᠋ ᠭᠡᠳᠡᠷᠭᠦ ᠨᠢ ᠳᠠᠳᠬᠤ ᠪᠣᠯᠵᠠᠢ᠃ ᠪᠢ ᠨᠡᠢᠰᠯᠡᠯ ᠬᠦᠷᠢᠶ᠎ᠡ ᠤᠷᠤᠭᠤ ᠥᠨᠥᠳᠥᠷ ᠶᠠᠪᠤᠨ᠎ᠠ᠃ ᠲᠠ ᠪᠦᠬᠦᠨ ᠣᠢᠷ᠎ᠠ ᠶ᠋ᠢᠨ ᠡᠳᠦᠷ ᠦ᠋ᠳ ᠲᠦ᠍ ᠪᠤᠴᠠᠬᠤ ᠪᠢᠯᠡ᠃ ᠪᠢᠳᠡ ᠬᠢᠬᠦ ᠪᠦᠬᠦᠨ ᠢ᠋ᠶ᠋ᠡᠨ ᠬᠢᠭᠰᠡᠨ ᠪᠣᠯᠬᠣᠷ ᠬᠣᠢᠴᠢ ᠦᠶ᠎ᠡ ᠲᠠᠯᠠᠷᠬᠠᠨ ᠳᠤᠷᠠᠰᠴᠤ ᠲᠡᠦᠬᠡ ᠳᠡᠪᠲᠡᠷ ᠲᠡᠭᠡᠨ ᠪᠢᠴᠢᠨ᠎ᠡ᠃ ᠲᠤᠰᠠᠭᠠᠷ ᠲᠣᠭᠲᠠᠨᠢᠭᠰᠠᠨ ᠮᠣᠩᠭᠣᠯ ᠤᠯᠤᠰ ᠪᠠᠲᠤ ᠣᠷᠣᠰᠢᠭ ᠭᠡᠬᠦ ᠳ᠋ᠦ᠍ ᠣᠯᠠᠨ ᠴᠡᠷᠢᠭ ᠨᠢᠭᠡᠨ ᠵᠡᠷᠭᠡ 《ᠬᠤᠷᠤᠢ》 ᠭᠡᠵᠦ ᠬᠠᠰᠬᠢᠷᠪᠠ᠃
ᠬᠠᠳᠠᠨ ᠪᠠᠭᠠᠲᠤᠷ ᠮᠠᠭᠰᠤᠷᠵᠠᠪ ᠵᠢᠭᠰᠠᠭᠰᠠᠨ ᠴᠡᠷᠢᠭ ᠦ᠋ᠳ ᠢ᠋ ᠵᠠᠬ᠎ᠠ ᠡᠴᠡ ᠨᠢ ᠵᠠᠬ᠎ᠠ ᠬᠦᠷᠲᠡᠯ᠎ᠡ ᠬᠣᠶᠠᠷ ᠳᠠᠬᠢᠨ ᠬᠠᠷᠠᠭᠰᠠᠨ ᠢ᠋ᠶ᠋ᠠᠨ ᠮᠣᠷᠢᠨ ᠤ᠋ ᠠᠮᠠ ᠶ᠋ᠢ ᠡᠷᠭᠢᠭᠦᠯᠵᠦ ᠶᠠᠪᠤᠬᠤ ᠳ᠋ᠤ᠌ ᠳᠠᠭᠠᠯᠳᠤᠭᠰᠠᠳ ᠨᠢ ᠪᠠᠰᠠ ᠶᠠᠪᠤᠨ᠎ᠠ᠃
《ᠬᠠᠳᠠᠨ ᠪᠠᠭᠠᠲᠤᠷ ᠤ᠋ᠨ ᠥᠯᠮᠡᠢ ᠪᠠᠲᠤ ᠣᠷᠣᠰᠢᠭ》 ᠭᠡᠵᠦ ᠨᠢᠭᠡ ᠴᠡᠷᠢᠭ ᠬᠠᠰᠬᠢᠷᠬᠤ ᠳ᠋ᠤ᠌ ᠪᠦᠬᠦ ᠴᠡᠷᠢᠭ 《ᠬᠤᠷᠤᠢ》 ᠭᠡᠵᠦ ᠨᠢᠵᠢᠭᠢᠨᠡᠭᠦᠯᠦᠨ ᠬᠠᠰᠬᠢᠷᠪᠠ᠃
ᠴᠡᠷᠢᠭ ᠦ᠋ᠳ ᠲᠠᠷᠠᠵᠤ ᠮᠠᠢᠬᠠᠨ ᠮᠠᠢᠬᠠᠨ ᠤ᠋ ᠵᠦᠭ ᠶᠠᠪᠤᠯ᠎ᠠ᠃ ᠳᠣᠷᠵᠢ ᠮᠠᠢᠬᠠᠨ ᠤ᠋ ᠬᠠᠶᠠᠭᠠᠨ ᠳ᠋ᠤ᠌ ᠣᠴᠢᠭᠠᠳ ᠵᠣᠭᠰᠣᠲᠠᠯ᠎ᠠ ᠨᠢᠭᠡᠨ ᠴᠡᠷᠢᠭ ᠳᠡᠷᠭᠡᠳᠡ ᠨᠢ ᠢᠷᠡᠵᠦ 《ᠡᠪᠦᠭᠡᠨ ᠠ᠋᠂ ᠢᠩᠭᠢᠭᠡᠳ ᠠᠳᠠ ᠡᠴᠡ ᠶᠠᠪᠤᠬᠤ ᠬᠡᠷᠡᠭ ᠤᠤ? 》 ᠭᠡᠵᠦ ᠠᠰᠠᠭᠤᠪᠠ᠃
᠊᠊᠊᠊᠊᠊᠊᠊᠊᠊᠊᠊᠊᠊᠊ ᠲᠡᠢᠮᠦ ᠯᠡ ᠪᠣᠯᠵᠤ ᠳᠠ᠃ ᠪᠣᠭᠳᠠ ᠵᠢᠪᠵᠤᠠᠳᠠᠮᠪᠠ ᠬᠤᠲᠤᠭᠲᠤ ᠨᠢᠭᠡ ᠶ᠋ᠢ ᠮᠡᠳᠡᠵᠦ ᠪᠠᠢᠭ᠎ᠠ ᠪᠠᠢᠬ᠎ᠠ ᠳᠠ ᠭᠡᠵᠦ ᠭᠣᠮᠣᠳᠠᠯ ᠲᠠᠢ ᠬᠡᠯᠡᠪᠡ᠃
᠊᠊᠊᠊᠊᠊᠊᠊᠊᠊᠊᠊᠊᠊᠊ ᠮᠣᠩᠭᠣᠯ ᠬᠥᠮᠦᠨ ᠠᠮᠠᠨ ᠤ᠋ ᠪᠡᠯᠡᠭ ᠢ᠋ᠶ᠋ᠡᠷ ᠭᠡᠵᠦ ᠡᠨᠡ ᠳᠡ᠃ ᠰᠠᠶᠢᠬᠠᠨ ᠯᠠ ᠶᠠᠷᠢᠵᠤ ᠪᠠᠢᠭᠰᠠᠨ᠃ ᠣᠳᠣ ᠴᠤ᠌ ᠨᠤᠲᠤᠭ ᠲᠠᠭᠠᠨ ᠬᠠᠷᠢᠨ᠎ᠠ ᠳᠠ ᠭᠡᠵᠦ ᠨᠥᠭᠦᠭᠡ ᠠᠬᠢᠮᠠᠭ ᠨᠠᠰᠤᠨ ᠤ᠋ ᠴᠡᠷᠢᠭ ᠬᠡᠯᠡᠪᠡ᠃
ᠳᠣᠷᠵᠢ ᠬᠠᠷᠢᠭᠤ ᠳᠤᠤᠭᠠᠷᠤᠭᠰᠠᠨ ᠦᠭᠡᠢ᠃ ᠢᠯᠠᠵᠤ ᠪᠠᠢᠭᠰᠠᠨ ᠲᠡᠢᠨ ᠢ᠋ᠶ᠋ᠡᠨ ᠵᠣᠭᠰᠣᠭᠠᠳ᠂ ᠡᠵᠡᠯᠡᠵᠦ ᠠᠪᠤᠭᠰᠠᠨ ᠭᠠᠵᠠᠷ ᠢ᠋ᠶ᠋ᠠᠨ ᠬᠠᠶᠠᠭᠠᠳ ᠪᠤᠴᠠᠬᠤ ᠨᠢ ᠰᠢᠪᠰᠢᠭ ᠲᠡᠢ ᠬᠡᠷᠡᠭ ᠰᠢᠭ ᠪᠣᠳᠣᠭᠳᠠᠵᠤ ᠪᠠᠢᠭᠰᠠᠨ ᠪᠣᠯᠪᠠᠴᠤ ᠨᠢᠭᠡᠨᠲᠡ ᠡᠨᠡ ᠪᠣᠯ ᠪᠣᠭᠳᠠ ᠶ᠋ᠢᠨ ᠵᠠᠷᠯᠢᠭ ᠪᠣᠯᠬᠣᠷ ᠪᠤᠷᠤᠭᠤ ᠶᠤᠮ ᠭᠡᠵᠦ ᠬᠡᠯᠡᠬᠦ ᠬᠦᠰᠡᠯ ᠪᠠᠢᠭᠰᠠᠨ ᠦᠭᠡᠢ᠃ ᠪᠣᠭᠳᠠ ᠵᠢᠪᠵᠤᠠᠳᠠᠮᠪᠠ ᠨᠠᠳᠠ ᠡᠴᠡ ᠢᠯᠡᠭᠦᠦ ᠮᠡᠳᠡᠵᠦ ᠪᠠᠢᠭ᠎ᠠ ᠪᠣᠯᠬᠣᠷ ᠢᠩᠭᠢᠬᠦ ᠯᠡ ᠶᠣᠰᠣᠲᠠᠢ ᠪᠠᠢᠭᠰᠠᠨ ᠶᠤᠮ ᠪᠠᠢᠬ᠎ᠠ ᠭᠡᠵᠦ ᠬᠦᠴᠦᠯᠡᠨ ᠪᠣᠳᠣᠪᠠᠴᠤ ᠬᠠᠷᠠᠮᠰᠠᠬᠤ᠂ ᠬᠠᠢᠷᠠᠯᠠᠬᠤ ᠰᠡᠳᠬᠢᠯ ᠨᠢ ᠤᠤᠯ ᠶᠠᠪᠤᠳᠠᠯ ᠢ᠋ ᠳᠠᠬᠢᠨ ᠳᠠᠬᠢᠨ ᠪᠣᠳᠣᠭᠳᠠᠭᠤᠯᠤᠨ᠎ᠠ᠃
ᠬᠡᠳᠦᠨ ᠡᠳᠦᠷ ᠦ᠋ᠨ ᠳᠠᠷᠠᠭ᠎ᠠ ᠮᠣᠩᠭᠣᠯ ᠤ᠋ᠨ ᠴᠡᠷᠢᠭ ᠨᠤᠲᠤᠭ ᠤ᠋ᠨ ᠵᠦᠭ ᠬᠥᠳᠡᠯᠬᠦ ᠳ᠋ᠦ᠍ ᠪᠠᠢᠷᠢᠨ ᠳᠡᠭᠡᠷ᠎ᠡ ᠨᠢ ᠵᠢᠵᠢᠭ ᠵᠢᠵᠢᠭ ᠪᠣᠭᠣᠳᠠᠯᠲᠠᠢ ᠬᠠᠲᠠᠭᠰᠠᠨ ᠴᠠᠭᠠᠨ ᠮᠥᠭᠥ ᠡᠨᠳᠡ ᠲᠡᠨᠳᠡ ᠦᠭᠡᠢ ᠲᠦᠭᠳᠦᠢᠨ ᠬᠡᠪᠲᠡᠵᠦ ᠪᠠᠢᠯ᠎ᠠ᠃
ᠢᠷᠡᠬᠦ ᠳ᠋ᠦ᠍ᠨᠢ ᠲᠠᠬᠢᠯ ᠡᠷᠭᠦᠵᠦ᠂ ᠪᠠᠶᠠᠷᠯᠠᠯᠳᠤᠨ᠂ ᠬᠡᠦᠬᠡᠳ ᠪᠠᠭᠠᠴᠤᠳ ᠨᠢ ᠬᠡᠷᠡᠯᠳᠦᠨ ᠭᠦᠶᠦᠵᠦ ᠪᠠᠢᠭᠰᠠᠨ ᠠᠢᠯ ᠤ᠋ᠳ ᠡᠴᠡ ᠭᠠᠷᠤᠭᠰᠠᠨ ᠨᠢᠭᠡ ᠬᠣᠶᠠᠷ ᠬᠥᠮᠦᠨ ᠳᠠᠭᠤ ᠱᠣᠣ ᠴᠤ᠌ ᠦᠭᠡᠢ ᠬᠠᠷᠠᠵᠤ ᠵᠣᠭᠰᠣᠨ᠎ᠠ᠃ ᠡᠨᠡ ᠪᠦᠬᠦᠨ ᠢ᠋ ᠬᠠᠷᠠᠭᠠᠳ 《ᠠᠬ᠎ᠠ ᠳᠡᠭᠦᠦ ᠨᠠᠷ ᠮᠢᠨᠢ᠂ ᠪᠣᠭᠳᠠ ᠵᠢᠪᠵᠤᠠᠳᠠᠮᠪᠠ ᠬᠤᠲᠤᠭᠲᠤ ᠨᠢᠭᠡ ᠶᠠᠭᠤᠮ᠎ᠠ ᠪᠣᠯᠭᠠᠵᠤ ᠪᠠᠢᠭ᠎ᠠ》 ᠭᠡᠵᠦ ᠬᠠᠰᠬᠢᠷᠤᠮᠠᠷ ᠰᠠᠨᠠᠭᠳᠠᠵᠤ ᠪᠠᠢᠪᠠ᠃
ᠠᠷᠤ ᠶ᠋ᠢᠨ ᠡᠩᠨᠡᠭᠡ ᠳ᠋ᠦ᠍ᠨᠢ ᠭᠡᠷ ᠲᠡᠭᠡᠨ ᠬᠠᠷᠢᠵᠤ᠂ ᠡᠬᠡᠨᠡᠷ ᠬᠡᠦᠬᠡᠳ ᠲᠡᠢ ᠪᠡᠨ ᠠᠮᠢᠳᠤ ᠮᠡᠨᠳᠦ ᠠᠭᠤᠯᠵᠠᠭᠰᠠᠨ ᠤ᠋ ᠪᠠᠶᠠᠷ ᠬᠢᠬᠦ ᠲᠤᠬᠠᠢ ᠶᠠᠷᠢᠵᠤ ᠶᠠᠪᠤᠭᠰᠠᠨ ᠨᠢᠭᠡᠨ ᠴᠡᠷᠢᠭ ᠦ᠋ᠨ ᠳᠠᠭᠤ ᠣᠯᠠᠨ ᠵᠢᠯ ᠰᠠᠭᠤᠭᠰᠠᠨ ᠥᠭᠡᠯᠡᠭᠡ ᠡᠬᠡᠨᠡᠷ ᠦ᠋ᠨ ᠢ᠋ᠶ᠋ᠡᠨ ᠳᠠᠭᠤ ᠶ᠋ᠢ ᠥᠯᠥᠰᠴᠦ ᠢᠷᠡᠭᠡᠳ ᠬᠣᠭᠣᠯᠠ ᠢᠳᠡᠵᠦ ᠪᠠᠢᠬᠤ ᠳ᠋ᠠᠭᠠᠨ ᠰᠣᠨᠣᠰᠴᠤ ᠪᠠᠢᠭ᠎ᠠ ᠬᠥᠮᠦᠨ ᠦ᠌ ᠰᠡᠳᠬᠢᠯ ᠢ᠋ ᠳᠣᠷᠵᠢ ᠳ᠋ᠤ᠌ ᠲᠥᠷᠥᠭᠦᠯᠵᠦ ᠪᠠᠢᠪᠠ᠃
ᠳᠣᠷᠵᠢ ᠤᠷᠢᠳᠤ ᠭᠠᠨᠵᠤᠭ᠎ᠠ ᠪᠠᠨ ᠥᠪᠡᠷ ᠢ᠋ᠶ᠋ᠡᠨ ᠮᠠᠲᠠᠯ ᠦᠭᠡᠢ ᠤᠷᠤᠯᠳᠤᠵᠤ ᠶᠠᠪᠤᠭᠠᠳ ᠲᠠᠢᠯᠤᠭᠰᠠᠨ ᠳ᠋ᠤ᠌ ᠬᠡᠦᠳᠡᠢ ᠲᠡᠢ ᠮᠥᠭᠥ ᠨᠢ ᠫᠠᠳᠬᠢᠨ ᠤᠨᠠᠬᠤ ᠳ᠋ᠤ᠌ ᠮᠣᠷᠢ ᠨᠢ ᠦᠷᠭᠦᠨ ᠤᠬᠤᠰᠭᠢᠭ᠍ᠰᠠᠨ ᠪᠣᠯᠪᠠᠴᠤ ᠲᠡᠳᠦᠢᠯᠡ ᠶᠠᠭᠤᠮ᠎ᠠ ᠪᠣᠯᠤᠭᠰᠠᠨ ᠦᠭᠡᠢ᠃
ᠣᠯᠠᠨ ᠮᠣᠷᠢᠨ ᠤ᠋ ᠰᠡᠭᠦᠯ ᠬᠥᠯ ᠳ᠋ᠦ᠍ ᠪᠣᠰᠤᠭᠰᠠᠨ ᠬᠠᠭᠤᠷᠠᠢ ᠲᠣᠭᠣᠰᠣ ᠬᠠᠮᠠᠷ ᠠᠮᠠ ᠤᠷᠤᠭᠤ ᠨᠢ ᠣᠷᠣᠵᠤ᠂ ᠬᠥᠯᠥᠰᠥ ᠲᠡᠢ ᠵᠢᠭᠤᠷᠠᠯᠳᠤᠨ᠂ ᠦᠳᠡ ᠶ᠋ᠢᠨ ᠨᠠᠷᠠ ᠳᠡᠭᠡᠷ᠎ᠡ ᠡᠴᠡ ᠰᠢᠷᠠᠵᠤ ᠵᠤᠨ ᠤ᠋ ᠴᠠᠭ ᠲᠤ᠌ ᠲᠣᠮᠣ ᠲᠣᠭᠣᠭᠠᠨ ᠳ᠋ᠤ᠌ ᠪᠣᠣᠪᠣ ᠴᠢᠨᠠᠵᠤ ᠪᠠᠢᠭ᠎ᠠ ᠵᠢᠵᠢᠭᠬᠡᠨ ᠭᠡᠷ ᠮᠡᠲᠦ ᠪᠦᠭᠴᠢᠮ᠎ᠡ ᠪᠠᠢᠯ᠎ᠠ᠃
ᠳᠣᠷᠵᠢ ᠡᠨᠡ ᠪᠦᠬᠦᠨ ᠢ᠋ᠶ᠋ᠡᠨ ᠬᠤᠶᠠᠭ ᠲᠤ᠌ ᠶᠠᠷᠢᠵᠤ᠂ ᠭᠤᠨᠢᠭ ᠲᠠᠢ ᠪᠠᠷ ᠤᠷᠲᠤ ᠰᠠᠨᠠᠭ᠎ᠠ ᠠᠯᠳᠠᠭᠠᠳ 《ᠪᠠᠭᠠᠲᠤᠷ ᠴᠠᠭᠠᠨ ᠬᠠᠭᠠᠨ ᠤ᠋ ᠪᠠᠷᠠᠭᠤᠨ ᠭᠠᠷ ᠤ᠋ᠨ ᠲᠦᠰᠢᠮᠡᠯ ᠺᠦᠷᠤᠰᠲ᠋ᠤᠢ ᠨᠣᠶᠠᠨ ᠭᠡᠭᠴᠢ ᠳᠡ ᠯᠠᠮᠠ᠂ ᠴᠢᠩ ᠰᠦᠰᠦᠭᠲᠦ ᠴᠢᠨ ᠸᠠᠩ ᠴᠠᠷᠢᠠᠴᠢᠮᠠᠤᠨ ᠢ᠋ ᠶᠣᠰᠣ ᠵᠢᠷᠤᠮ ᠦᠭᠡᠢ᠂ ᠮᠠᠭᠤᠬᠠᠢ ᠬᠠᠷᠢᠶᠠᠵᠤ᠂ ᠥᠭᠭᠦᠭᠰᠡᠨ ᠪᠢᠴᠢᠭ ᠢ᠋ ᠨᠢ ᠪᠠᠵᠠᠭᠠᠳ ᠨᠢᠭᠤᠷ ᠤᠷᠤᠭᠤ ᠨᠢ ᠰᠢᠳᠡᠭᠰᠡᠨ ᠭᠡᠨ᠎ᠡ᠃ ᠶᠡᠷᠦᠨᠢ ᠪᠢᠳᠡᠨ ᠢ᠋ ᠬᠢᠲᠠᠳ᠂ ᠣᠷᠣᠰ ᠬᠣᠶᠠᠷ ᠬᠠᠪᠰᠠᠢᠳᠠᠬᠤ ᠰᠠᠨᠠᠭ᠎ᠠ ᠲᠠᠢ ᠳ᠋ᠠᠭ ᠰᠢᠦ》 ᠭᠡᠪᠡ᠃
᠊᠊᠊᠊᠊᠊᠊᠊᠊᠊᠊᠊᠊᠊᠊ ᠬᠣᠶᠠᠭᠤᠯᠠ ᠶ᠋ᠢ ᠨᠢ ᠪᠠᠷᠢᠯᠳᠤᠭᠤᠯᠴᠢᠬᠠᠬᠤ ᠠᠷᠭ᠎ᠠ ᠪᠠᠢᠳᠠᠭ ᠦᠭᠡᠢ ᠶᠤᠮ ᠪᠠᠢᠬ᠎ᠠ ᠳᠠ ᠭᠡᠵᠦ ᠬᠤᠶᠠᠭ ᠬᠡᠯᠡᠵᠡᠢ᠃
᠊᠊᠊᠊᠊᠊᠊᠊᠊᠊᠊᠊᠊᠊᠊ ᠪᠠᠢᠬᠤ ᠦᠭᠡᠢ ᠪᠣᠯᠤᠯᠲᠠᠢ᠃ ᠠᠷᠤ ᠬᠢᠶᠠᠭᠲᠤ ᠳ᠋ᠤ᠌ ᠮᠠᠨ ᠤ᠋ ᠤᠯᠤᠰ ᠢ᠋ ᠬᠢᠲᠠᠳ ᠤ᠋ᠨ ᠨᠢᠭᠡᠨ ᠬᠡᠰᠡᠭ ᠭᠠᠵᠠᠷ ᠭᠡᠵᠦ ᠪᠢᠴᠢᠭ ᠬᠢᠭᠡᠳ ᠭᠠᠷ ᠤ᠋ᠨ ᠦᠰᠦᠭ ᠵᠢᠷᠤ ᠭᠡᠬᠦ ᠳ᠋ᠦ᠍ᠨᠢ ᠮᠠᠩᠯᠠᠢ ᠸᠠᠩ ᠳᠠᠮᠳᠢᠨᠰᠦ᠋ᠷᠦᠩ ᠡᠪᠦᠭᠡᠳ ᠳᠡᠭᠡᠳᠦᠰ ᠦ᠋ᠨ ᠲᠥᠷᠥᠵᠦ ᠥᠰᠦᠭᠰᠡᠨ ᠨᠤᠲᠤᠭ ᠢ᠋ᠶ᠋ᠠᠨ ᠬᠠᠷᠢ ᠤᠯᠤᠰ ᠲᠤ᠌ ᠥᠭᠭᠦᠭᠰᠡᠨ ᠪᠤᠵᠠᠷ ᠪᠢᠴᠢᠭ ᠲᠦ᠍ ᠭᠠᠷ ᠤ᠋ᠨ ᠬᠤᠸᠠᠶᠤᠤᠷ ᠵᠢᠷᠤᠵᠤ᠂ ᠲᠦᠮᠡᠨ ᠦᠶ᠎ᠡ ᠵᠢᠭᠰᠢᠭᠳᠡᠬᠦ ᠨᠡᠷ᠎ᠡ ᠲᠡᠢ ᠪᠣᠯᠬᠤ ᠦᠭᠡᠢ ᠭᠡᠳ ᠰᠡᠯᠡᠮ᠎ᠡ ᠪᠡᠨ ᠠᠭᠰᠢᠭᠰᠠᠨ ᠴᠢᠨᠢ ᠪᠤᠴᠠᠭᠠᠭᠠᠳ ᠶᠠᠪᠤᠭᠤᠯᠤᠭᠰᠠᠨ ᠭᠡᠨ᠎ᠡ᠃ ᠮᠠᠩᠯᠠᠢ ᠸᠠᠩ ᠴᠤ᠌ ᠠᠷᠭ᠎ᠠ ᠦᠭᠡᠢ ᠯᠡ ᠡᠷ᠎ᠡ ᠬᠥᠮᠦᠨ ᠶᠤᠮ ᠳᠡ ᠬᠥᠭᠡᠷᠦᠬᠦᠢ ᠭᠡᠵᠦ ᠲᠥᠷᠥ ᠶ᠋ᠢᠨ ᠶᠠᠪᠤᠳᠠᠯ ᠤ᠋ᠨ ᠲᠤᠬᠠᠢ ᠰᠣᠨᠣᠰᠤᠭᠰᠠᠨ ᠶᠠᠷᠢᠶ᠎ᠠ ᠪᠠᠨ ᠳᠣᠷᠵᠢ ᠳᠠᠭᠤᠰᠬᠠᠪᠠ᠃
ᠬᠤᠶᠠᠭ ᠬᠦᠷᠢᠶᠡᠨ ᠳ᠋ᠦ᠍ ᠲᠠᠨᠢᠬᠤ ᠠᠢᠯ ᠦᠭᠡᠢ ᠲᠡᠨᠦᠭᠦᠴᠢᠯᠡᠨ ᠭᠤᠢᠯᠢᠨᠴᠢᠯᠠᠵᠤ ᠶᠠᠪᠤᠭ᠎ᠠ ᠠᠮᠢᠳᠤᠷᠠᠯ ᠢ᠋ᠶ᠋ᠠᠨ ᠨᠥᠬᠥᠷ ᠲᠡᠭᠡᠨ ᠶᠠᠷᠢᠬᠤ ᠳ᠋ᠤ᠌ 《ᠴᠢᠮ᠎ᠠ ᠶ᠋ᠢ ᠪᠢ ᠲᠠᠨᠢᠳᠠᠭ ᠠᠢᠯ ᠳ᠋ᠠᠭᠠᠨ ᠬᠦᠷᠭᠡᠵᠦ ᠦᠭᠶ᠎ᠡ᠃ ᠪᠠᠰᠠ ᠡᠭᠦᠨ ᠢ᠋ ᠠᠪ》 ᠭᠡᠳ ᠲᠣᠰᠣ ᠪᠣᠯᠤᠭᠰᠠᠨ ᠠᠯᠴᠢᠭᠤᠷ ᠲᠤ᠌ ᠪᠣᠭᠣᠭᠰᠠᠨ ᠠᠷᠪᠠᠨ ᠮᠥᠩᠭᠥᠨ ᠶᠠᠩᠴᠢᠶᠠᠨ ᠢ᠋ᠶ᠋ᠠᠨ ᠥᠭᠪᠡ᠃
᠊᠊᠊᠊᠊᠊᠊᠊᠊᠊᠊᠊᠊᠊᠊ ᠶᠡᠷᠦᠨᠢ ᠴᠢ ᠪᠣᠭᠳᠠ ᠡᠵᠡᠨ ᠳ᠋ᠦ᠍ ᠭᠠᠪᠢᠶ᠎ᠠ ᠠᠢᠯᠠᠳᠬᠠᠪᠠᠯ ᠯᠠᠪ ᠵᠦᠭᠡᠷ ᠥᠩᠭᠡᠷᠡᠬᠦ ᠦᠭᠡᠢ᠃ ᠨᠥᠭᠦᠭᠡ ᠮᠠᠨ ᠤ᠋ ᠵᠠᠭᠤᠲᠤ ᠶ᠋ᠢᠨ ᠶᠠᠷᠢᠮᠫᠠᠯ ᠪᠠᠭᠠᠲᠤᠷ ᠪᠣᠯᠤᠭᠰᠠᠨ᠂ ᠪᠢ ᠴᠦ᠍ ᠪᠠᠰᠠ ᠯᠠ ᠭᠣᠷᠢᠳᠠᠵᠤ ᠪᠠᠢᠭ᠎ᠠ ᠭᠡᠵᠦ ᠳᠣᠷᠵᠢ ᠴᠡᠭᠡᠵᠢ ᠪᠡᠨ ᠬᠥᠳᠡᠯᠭᠡᠨ ᠬᠡᠯᠡᠪᠡ᠃
ᠬᠤᠶᠠᠭ ᠬᠠᠷᠢᠭᠤ ᠳᠤᠤᠭᠠᠷᠤᠭᠰᠠᠨ ᠦᠭᠡᠢ ᠪᠣᠰᠪᠠ᠃ ᠢᠩᠭᠢᠭᠡᠳ ᠲᠡᠷᠡ ᠬᠣᠶᠠᠷ ᠳᠣᠷᠵᠢ ᠶ᠋ᠢᠨ ᠲᠠᠨᠢᠳᠠᠭ ᠠᠢᠯ ᠳ᠋ᠤ᠌ ᠣᠴᠢᠬᠤ ᠪᠠᠷ ᠶᠠᠪᠤᠯ᠎ᠠ᠃
ᠬᠦᠷᠢᠶᠡᠨ ᠦ᠌ ᠬᠠᠯᠠᠭᠤᠨ ᠤᠯᠠᠮ ᠶᠡᠬᠡ ᠪᠣᠯᠵᠤ ᠦᠮᠦᠬᠡᠢ ᠰᠢᠪᠠᠷ ᠬᠠᠮᠠᠷ ᠬᠣᠷᠣᠰᠬᠠᠨ᠂ ᠪᠡᠶ᠎ᠡ ᠬᠤᠪᠴᠠᠰᠤ ᠬᠣᠶᠠᠷ ᠴᠠᠪᠠᠤ ᠪᠠᠷ ᠨᠠᠭᠠᠯᠳᠤᠭᠤᠯᠤᠭᠰᠠᠨ ᠮᠡᠲᠦ ᠵᠢᠭᠤᠷᠠᠯᠳᠤᠨ᠎ᠠ᠃

ᠲᠠᠢᠯᠪᠤᠷᠢ᠄
① ᠣᠳᠣ ᠶ᠋ᠢᠨ ᠠᠷᠤ ᠬᠠᠩᠬᠠᠢ ᠠᠢᠮᠠᠭ ᠤ᠋ᠨ ᠴᠢᠯᠠᠭᠤᠲᠤ ᠵᠡᠷᠭᠡ ᠬᠡᠳᠦᠨ ᠰᠤᠮᠤ᠃
② ᠵᠤᠤᠰᠠ ᠊᠊᠊᠊᠊᠊᠊᠊᠊᠊᠊᠊᠊᠊᠊ ᠰᠡᠦᠬᠡ᠃