ᠲᠤᠩᠭᠠᠯᠠᠭ ᠲᠠᠮᠢᠷ4-15-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠬᠠᠳᠠᠨ ᠵᠣᠷᠢᠭᠲᠤ ᠪᠦᠷᠭᠦᠳ ᠪᠠᠭᠠᠲᠤᠷ》 - ᠳᠥᠷᠪᠡᠳᠦᠭᠡᠷ ᠪᠦᠯᠦᠭ ᠠᠷᠪᠠᠨ ᠲᠠᠪᠤ
ᠪᠠᠲᠤ ᠠᠢᠮᠠᠭ ᠡᠴᠡ ᠡᠮᠴᠢ ᠠᠪᠴᠢᠷᠠᠨ᠂ ᠡᠪᠡᠳᠴᠢᠲᠡᠢ ᠬᠡᠦᠬᠡᠳ ᠢ᠋ᠶ᠋ᠡᠨ ᠡᠮᠴᠢᠯᠡᠭᠦᠯᠦᠭᠰᠡᠨ ᠢ᠋ᠶ᠋ᠡᠷ ᠤᠳᠠᠯ ᠦᠭᠡᠢ ᠡᠪᠡᠳᠴᠢᠨ ᠳᠠᠷᠤᠭᠳᠠᠵᠤ ᠬᠡᠦᠬᠡᠳ ᠦ᠋ᠳ ᠡᠳᠡᠭᠡᠷᠡᠪᠡ᠃ ᠢᠩᠭᠢᠭᠡᠳ ᠨᠢᠭᠡ ᠥᠷᠯᠥᠭᠡ ᠡᠮᠴᠢ ᠪᠡᠨ ᠠᠢᠮᠠᠭ ᠲᠤ᠌ ᠬᠦᠷᠭᠡᠵᠦ ᠥᠭᠬᠦ ᠪᠣᠯᠤᠭᠠᠳ ᠥᠷᠲᠡᠭᠡ ᠡᠴᠡ ᠮᠣᠷᠢᠳ ᠠᠪᠴᠢᠷᠠᠪᠠ᠃
᠊᠊᠊᠊᠊᠊᠊᠊᠊᠊᠊᠊᠊᠊᠊ ᠲᠠᠨ ᠢ᠋ ᠵᠢᠷᠭᠠᠯ ᠬᠦᠷᠭᠡᠵᠦ ᠥᠭᠭᠦᠨ᠎ᠡ᠃ ᠡᠨᠡ ᠠᠯᠤᠰ ᠨᠤᠲᠤᠭ ᠲᠤ᠌ ᠢᠷᠡᠵᠦ ᠪᠢᠳᠡᠨ ᠢ᠋ ᠠᠶᠤᠯᠲᠠᠢ ᠡᠪᠡᠳᠴᠢᠨ ᠡᠴᠡ ᠠᠪᠤᠷᠠᠭᠰᠠᠨ ᠠᠴᠢ ᠶ᠋ᠢ ᠴᠢᠨᠢ ᠬᠡᠵᠢᠶ᠎ᠡ ᠴᠦ᠍ ᠮᠠᠷᠲᠠᠬᠤ ᠦᠭᠡᠢ᠃ ᠮᠢᠨᠦ ᠨᠠᠰᠤ ᠪᠠᠷᠠᠭᠰᠠᠨ ᠣᠷᠣᠰ ᠠᠬ᠎ᠠ 《ᠮᠣᠩᠭᠣᠯ ᠵᠥᠪᠯᠡᠯᠲᠦ ᠬᠣᠶᠠᠷ ᠠᠬ᠎ᠠ ᠳᠡᠭᠦᠦ᠃ ᠭᠠᠷ ᠭᠠᠷ ᠡᠴᠡ ᠪᠡᠨ ᠪᠠᠷᠢᠯᠴᠠᠭᠠᠳ ᠶᠠᠪᠤᠭᠰᠠᠨ ᠴᠠᠭ ᠲᠤ᠌ ᠠᠯᠵᠠᠬᠤ ᠦᠭᠡᠢ》 ᠭᠡᠵᠦ ᠦᠷᠭᠦᠯᠵᠢ ᠬᠡᠯᠡᠳᠡᠭ ᠰᠠᠨ᠃
᠊᠊᠊᠊᠊᠊᠊᠊᠊᠊᠊᠊᠊᠊᠊ ᠲᠡᠷᠡ ᠪᠣᠯ ᠮᠢᠨᠦ ᠴᠦ᠍ ᠠᠬ᠎ᠠ ᠪᠠᠢᠭᠰᠠᠨ ᠶᠤᠮ᠃ ᠫᠧᠲ᠋ᠷ ᠺᠣᠮᠢᠰᠰᠠᠷ ᠭᠡᠳᠡᠭ ᠶᠤᠮ᠃ ᠲᠠ ᠲᠠᠨᠢᠬᠤ ᠤᠤ? ᠭᠡᠵᠦ ᠵᠢᠷᠭᠠᠯ ᠠᠰᠠᠭᠤᠪᠠ᠃
᠊᠊᠊᠊᠊᠊᠊᠊᠊᠊᠊᠊᠊᠊᠊ ᠲᠠᠨᠢᠬᠤ ᠦᠭᠡᠢ ᠪᠠᠢᠬᠤ ᠠ᠋᠃ ᠨᠠᠮᠠᠶ᠋ᠢ ᠲᠤᠰᠠᠯᠠ ᠭᠡᠵᠦ ᠠᠷᠠᠳ ᠲᠦᠮᠡᠨ ᠮᠢᠨᠢ ᠶᠠᠪᠤᠭᠤᠯᠤᠭᠰᠠᠨ ᠪᠣᠯᠬᠣᠷ ᠪᠢ ᠡᠭᠦᠷᠭᠡ ᠪᠠᠨ ᠯᠠ ᠭᠦᠢᠴᠡᠳᠬᠡᠵᠦ ᠶᠠᠪᠤᠭ᠎ᠠ ᠬᠥᠮᠦᠨ ᠰᠢᠦ ᠳᠡ᠃
᠊᠊᠊᠊᠊᠊᠊᠊᠊᠊᠊᠊᠊᠊᠊ ᠵᠠ ᠪᠠᠶᠠᠷᠲᠠᠢ᠃
᠊᠊᠊᠊᠊᠊᠊᠊᠊᠊᠊᠊᠊᠊᠊ ᠬᠠᠷᠤᠱᠣ᠊᠃ ᠫᠣ ᠺᠤ ᠊᠊᠊᠊᠊᠊᠊᠊᠊᠊᠊᠊᠊᠊᠊ ᠨᠶᠠᠮ! ᠭᠡᠵᠦ ᠵᠢᠷᠭᠠᠯ ᠤᠶᠠᠩᠭᠠᠯᠠᠭᠤᠯᠤᠨ ᠬᠡᠯᠡᠭᠡᠳ ᠡᠮᠴᠢ ᠳ᠋ᠦ᠍ ᠮᠣᠷᠢᠨ ᠤ᠋ ᠴᠤᠯᠪᠤᠭᠤᠷ ᠢ᠋ ᠥᠭᠪᠡ᠃ ᠡᠮᠴᠢ ᠵᠢᠷᠭᠠᠯ ᠬᠣᠶᠠᠷ ᠮᠣᠷᠳᠠᠬᠤ ᠭᠡᠵᠦ ᠪᠠᠢᠲᠠᠯ᠎ᠠ ᠮᠣᠷᠢᠲᠠᠢ ᠬᠥᠮᠦᠨ ᠬᠦᠷᠢᠶᠡᠨ ᠦ᠌ ᠵᠦᠭ ᠡᠴᠡ ᠰᠠᠨᠳᠤᠷᠤᠨ ᠳᠠᠪᠬᠢᠵᠤ ᠢᠷᠡᠭᠡᠳ ᠯᠠᠮᠠ ᠨᠠᠷ ᠠᠷᠠᠳ ᠤ᠋ᠨ ᠵᠠᠰᠠᠭ ᠢ᠋ ᠡᠰᠡᠷᠭᠦᠴᠡᠨ ᠵᠡᠪᠰᠡᠭ ᠪᠠᠷᠢᠵᠤ ᠪᠣᠰᠤᠭᠰᠠᠨ ᠲᠤᠬᠠᠢ ᠮᠡᠳᠡᠭᠳᠡᠪᠡ᠃
᠊᠊᠊᠊᠊᠊᠊᠊᠊᠊᠊᠊᠊᠊᠊ ᠵᠠ ᠲᠠ ᠬᠣᠶᠠᠷ ᠪᠤᠰᠢᠭᠤᠬᠠᠨ ᠮᠣᠷᠳᠠᠵᠤ ᠶᠠᠪᠤ᠃ ᠱᠠᠭᠳᠠᠷ ᠴᠢ ᠲᠦᠷᠭᠡᠨ ᠶᠠᠪᠤᠵᠤ ᠰᠤᠮᠤ ᠶ᠋ᠢᠨ ᠳᠠᠷᠤᠭ᠎ᠠ ᠳ᠋ᠤ᠌ ᠬᠡᠯᠡ᠃
᠊᠊᠊᠊᠊᠊᠊᠊᠊᠊᠊᠊᠊᠊᠊ ᠪᠢ ᠶᠠᠪᠤᠬᠤ ᠦᠭᠡᠢ᠃
᠊᠊᠊᠊᠊᠊᠊᠊᠊᠊᠊᠊᠊᠊᠊ ᠯᠠᠮᠠ ᠨᠠᠷ ᠣᠯᠠᠨ᠃ ᠠᠶᠤᠯᠲᠠᠢ᠃ ᠲᠠ ᠪᠣᠯ ᠭᠠᠳᠠᠭᠠᠳᠤ ᠶ᠋ᠢᠨ ᠬᠥᠮᠦᠨ᠃ ᠪᠣᠰᠢᠭᠣ ᠶᠠᠪᠤ᠃
᠊᠊᠊᠊᠊᠊᠊᠊᠊᠊᠊᠊᠊᠊᠊ ᠮᠣᠩᠭᠣᠯ ᠵᠥᠪᠯᠡᠯᠲᠦ ᠬᠣᠶᠠᠷ ᠠᠬ᠎ᠠ ᠳᠡᠭᠦᠦ᠃ ᠭᠠᠷ ᠭᠠᠷ ᠡᠴᠡ ᠪᠡᠨ ᠪᠠᠷᠢᠯᠴᠠᠵᠤ ᠶᠠᠪᠤᠭᠰᠠᠨ ᠴᠠᠭ ᠲᠤ᠌ ᠠᠯᠵᠠᠬᠤ ᠦᠭᠡᠢ ᠰᠢᠦ ᠳᠡ ᠭᠡᠳ ᠡᠮᠴᠢ ᠪᠠᠲᠤ ᠶ᠋ᠢᠨ ᠳᠡᠷᠭᠡᠳᠡ ᠢᠷᠡᠭᠡᠳ᠂
᠊᠊᠊᠊᠊᠊᠊᠊᠊᠊᠊᠊᠊᠊᠊ ᠪᠢ ᠶᠠᠪᠤᠬᠤ ᠦᠭᠡᠢ ᠭᠡᠯᠡ᠃
ᠡᠮᠴᠢ ᠶ᠋ᠢ ᠶᠠᠪᠤᠭᠤᠯᠬᠤ ᠭᠡᠵᠦ ᠪᠠᠲᠤ ᠴᠢᠷᠮᠠᠢᠨ ᠣᠷᠣᠯᠳᠣᠭᠰᠠᠨ ᠪᠣᠯᠪᠠᠴᠤ ᠴᠢᠳᠠᠭᠰᠠᠨ ᠦᠭᠡᠢ᠃ ᠯᠠᠮᠠ ᠨᠠᠷ ᠤ᠋ᠨ ᠪᠣᠰᠤᠯᠭ᠎ᠠ ᠶ᠋ᠢᠨ ᠰᠤᠷᠠᠭ ᠢ᠋ᠶ᠋ᠠᠷ ᠰᠤᠮᠤ ᠶ᠋ᠢᠨ ᠵᠠᠷᠢᠮ ᠬᠥᠮᠦᠰ ᠵᠠᠢᠯᠠᠨ ᠠᠯᠠᠭ᠎ᠠ ᠪᠣᠯᠪᠠ᠃ ᠬᠣᠷᠰᠢᠶ᠎ᠠ ᠶ᠋ᠢᠨ ᠮᠠᠨᠠᠭᠠᠴᠢ ᠠᠷᠪᠠ ᠭᠠᠷᠤᠢ ᠰᠤᠮᠤ ᠲᠠᠢ ᠪᠢᠷᠳᠠᠩ ᠫᠤᠤ ᠪᠠᠨ ᠬᠠᠶᠠᠭᠠᠳ ᠠᠯᠠᠭ᠎ᠠ ᠪᠣᠯᠤᠭᠰᠠᠨ ᠢ᠋ ᠡᠮᠴᠢ ᠳ᠋ᠦ᠍ ᠥᠭᠪᠡ᠃
ᠰᠤᠮᠤ ᠶ᠋ᠢᠨ ᠳᠠᠷᠤᠭ᠎ᠠ ᠲᠣᠯᠣᠭᠠᠢᠲᠠᠢ ᠳᠣᠯᠣᠭᠠᠨ ᠬᠥᠮᠦᠨ ᠫᠤᠤ ᠰᠤᠮᠤ ᠵᠡᠬᠡᠵᠦ ᠲᠥᠪ ᠢ᠋ᠶ᠋ᠡᠨ ᠬᠠᠮᠠᠭᠠᠯᠠᠬᠤ ᠪᠠᠷ ᠪᠡᠯᠡᠳᠬᠡᠪᠡ᠃ ᠣᠷᠣᠢ ᠰᠤᠷᠭᠠᠭᠤᠯᠢ ᠤᠷᠤᠭᠤ ᠵᠡᠪᠰᠡᠭ ᠲᠡᠢ ᠯᠠᠮᠠ ᠨᠠᠷ ᠳᠠᠭᠠᠷᠢᠬᠤ ᠳ᠋ᠤ᠌ ᠫᠤᠤᠳᠠᠯᠴᠠᠪᠠ᠃ ᠪᠠᠲᠤ ᠡᠮᠴᠢ ᠬᠣᠶᠠᠷ ᠮᠠᠰᠢ ᠮᠡᠷᠭᠡᠨ ᠫᠤᠤᠳᠠᠵᠤ ᠪᠠᠷᠤᠭ ᠯᠠ ᠰᠤᠮᠤ ᠲᠣᠭᠠᠯᠠᠵᠤ ᠪᠠᠢᠯ᠎ᠠ᠃
ᠰᠤᠮᠤ ᠶ᠋ᠢᠨ ᠳᠠᠷᠤᠭ᠎ᠠ᠂ ᠬᠣᠷᠰᠢᠶᠠᠨ ᠤ᠋ ᠨᠢᠭᠲᠠᠯᠠᠨ ᠪᠣᠳᠣᠭᠴᠢ ᠪᠠᠷᠤᠭ ᠯᠠ ᠡᠬᠢᠨ ᠦ᠌ ᠫᠤᠤ ᠶ᠋ᠢᠨ ᠳᠠᠭᠤ ᠪᠠᠷ ᠠᠯᠠᠭᠳᠠᠵᠤ᠂ ᠨᠠᠮ ᠤ᠋ᠨ ᠡᠭᠦᠷ ᠦ᠋ᠨ ᠳᠠᠷᠤᠭ᠎ᠠ ᠬᠦᠨᠳᠦ ᠰᠢᠷᠠᠭᠳᠤᠬᠤ ᠳ᠋ᠤ᠌ ᠡᠮᠴᠢ ᠡᠭᠦᠷᠦᠨ ᠭᠡᠷ ᠤᠷᠤᠭᠤ ᠬᠥᠳᠡᠯᠬᠦ ᠭᠡᠲᠡᠯ᠎ᠡ ᠰᠢᠷᠠᠭᠳᠤᠪᠠ᠃ ᠪᠠᠲᠤ ᠮᠥᠯᠬᠥᠭᠰᠡᠭᠡᠷ ᠳᠡᠷᠭᠡᠳᠡ ᠨᠢ ᠣᠴᠢᠬᠤ ᠳ᠋ᠤ᠌ ᠦᠬᠦᠯᠦᠭᠦᠲᠡ ᠰᠢᠷᠠᠭᠳᠤᠭᠰᠠᠨ ᠡᠮᠴᠢ ᠮᠠᠭᠤ ᠠᠮᠢᠰᠬᠤᠭ᠎ᠠ ᠲᠠᠢ ᠪᠠᠢᠪᠠ᠃ ᠪᠠᠲᠤ ᠲᠡᠪᠡᠷᠢᠨ ᠠᠪᠴᠤ 《ᠡᠮᠴᠢ ᠠ᠋!》 ᠭᠡᠵᠦ ᠬᠠᠰᠬᠢᠷᠪᠠ᠃
ᠡᠮᠴᠢ ᠶ᠋ᠢᠨ ᠨᠢᠳᠦ ᠭᠥᠯᠢᠷᠡᠨ ᠣᠭᠵᠣᠮ ᠢ᠋ᠶ᠋ᠠᠷ ᠠᠮᠢᠰᠬᠤᠭᠠᠳᠠᠨ ᠪᠠᠢᠭᠰᠠᠨ ᠢ᠋ᠶ᠋ᠠᠨ 《ᠪᠢ ᠴᠦ᠍ ᠥᠩᠭᠡᠷᠡᠯ᠎ᠡ ᠪᠣᠯᠤᠯᠲᠠᠢ᠃ ᠯᠸᠨᠢᠩᠭᠷᠡᠳ᠋ ᠂ ᠨᠸᠸᠰᠺᠢ ᠶ᠋ᠢᠨ ᠭᠤᠳᠤᠮᠵᠢᠨ ᠳ᠋ᠤ᠌ ᠡᠵᠢ ᠮᠢᠨᠢ ᠪᠣᠢ ᠁ ᠵᠠᠬᠢᠶ᠎ᠠ》 ᠭᠡᠳ ᠳᠠᠭᠤ ᠲᠠᠰᠤᠷᠠᠨ ᠠᠮᠠ ᠨᠢ ᠬᠡᠳᠦ ᠳᠠᠬᠢᠨ ᠠᠩᠭᠠᠯᠵᠠᠭᠰᠠᠨ ᠢ᠋ᠶ᠋ᠠᠨ ᠪᠡᠶ᠎ᠡ ᠨᠢ ᠰᠤᠯᠠᠷᠠᠭᠠᠳ ᠶᠠᠪᠤᠴᠢᠬᠠᠯ᠎ᠠ᠃
᠊᠊᠊᠊᠊᠊᠊᠊᠊᠊᠊᠊᠊᠊᠊ ᠡᠮᠴᠢ ᠠ᠋! ᠡᠮᠴᠢ ᠠ᠋! ᠭᠡᠵᠦ ᠬᠡᠴᠢᠨᠡᠨ ᠬᠠᠰᠬᠢᠷᠤᠨ᠂ ᠰᠡᠭᠰᠦᠷᠪᠡᠴᠦ ᠳᠠᠬᠢᠨ ᠬᠠᠷᠢᠭᠤ ᠳᠠᠭᠤ ᠭᠠᠷᠤᠭᠰᠠᠨ ᠦᠭᠡᠢ᠃
ᠤᠳᠠᠭᠰᠠᠨ ᠴᠤ᠌ ᠦᠭᠡᠢ ᠨᠠᠮ ᠤ᠋ᠨ ᠡᠭᠦᠷ ᠦ᠋ᠨ ᠳᠠᠷᠤᠭ᠎ᠠ ᠴᠤ᠌ ᠰᠢᠷᠬ᠎ᠠ ᠪᠠᠨ ᠳᠠᠭᠠᠭᠠᠯ ᠦᠭᠡᠢ ᠨᠠᠰᠤ ᠪᠠᠷᠠᠵᠤ᠂ ᠡᠪᠯᠡᠯ ᠦ᠋ᠨ ᠡᠭᠦᠷ ᠦ᠋ᠨ ᠳᠠᠷᠤᠭ᠎ᠠ ᠱᠠᠭᠳᠠᠷ ᠭᠠᠷ ᠤ᠋ᠨ ᠪᠤᠯᠴᠢᠩ ᠢ᠋ᠶ᠋ᠠᠷ ᠢ᠋ᠶ᠋ᠠᠨ ᠰᠢᠷᠠᠭᠳᠠᠪᠠ᠃
ᠢᠩᠭᠢᠭᠡᠳ ᠰᠤᠮᠤ ᠪᠠᠨ ᠳᠠᠭᠤᠰᠤᠨ ᠠᠷᠭ᠎ᠠ ᠦᠭᠡᠢ ᠪᠣᠯᠵᠤ ᠬᠦᠴᠦᠨ ᠳ᠋ᠦ᠍ ᠲᠦᠷᠢᠭᠳᠡᠭᠰᠡᠨ ᠭᠤᠷᠪᠠᠨ ᠬᠥᠮᠦᠨ ᠬᠠᠷᠠᠩᠭᠤᠢ ᠶ᠋ᠢ ᠠᠰᠢᠭᠯᠠᠨ ᠶᠠᠪᠠᠭᠠᠨ ᠨᠢᠴᠦᠭᠦᠨ ᠵᠢᠭᠤᠲᠠᠵᠤ ᠳᠥᠷᠪᠡᠳᠡᠬᠢ ᠰᠥᠨᠢ ᠶ᠋ᠢᠨ ᠦᠷ ᠴᠠᠢᠬᠤ ᠶ᠋ᠢᠨ ᠦᠶ᠎ᠡ ᠳ᠋ᠦ᠍ ᠬᠡᠰᠡᠭ ᠮᠣᠳᠣᠨ ᠳ᠋ᠤ᠌ ᠣᠷᠣᠪᠠ᠃
ᠲᠡᠳᠡ ᠰᠤᠮᠤ ᠦᠭᠡᠢ ᠪᠣᠯᠤᠭᠰᠠᠨ ᠬᠣᠶᠠᠷ ᠪᠢᠷᠳᠠᠩ ᠫᠤᠤ ᠪᠠᠨ ᠡᠭᠡᠯᠵᠢᠯᠡᠨ ᠡᠭᠦᠷᠴᠦ ᠶᠠᠪᠤᠬᠤ ᠳ᠋ᠤ᠌ ᠲᠡᠭᠦᠨ ᠡᠴᠡ ᠬᠦᠨᠳᠦ ᠶᠠᠭᠤᠮ᠎ᠠ ᠡᠨᠡ ᠣᠷᠴᠢᠯᠠᠩ ᠳ᠋ᠤ᠌ ᠦᠭᠡᠢ ᠠᠵᠢ᠃ ᠡᠢᠮᠦ ᠦᠶ᠎ᠡ ᠳ᠋ᠦ᠍ ᠰᠤᠮᠤ ᠲᠠᠢ ᠫᠤᠤ ᠪᠣᠯ ᠬᠥᠩᠭᠡᠨ ᠪᠠᠢᠬᠤ ᠰᠠᠨ᠃ ᠰᠤᠮᠤ ᠲᠠᠢ ᠫᠤᠤ ᠪᠣᠯ ᠠᠮᠢ᠂ ᠠᠮᠢᠳᠤᠷᠠᠯ᠂ ᠬᠠᠷᠢᠨ ᠰᠤᠮᠤ ᠦᠭᠡᠢ ᠫᠤᠤ ᠪᠣᠯ ᠬᠦᠴᠦ ᠦᠭᠡᠢ᠂ ᠬᠦᠨᠳᠦ ᠠᠴᠢᠶ᠎ᠠ᠃ ᠭᠡᠪᠡᠴᠦ ᠬᠠᠶᠠᠭᠰᠠᠨ ᠦᠭᠡᠢ᠃
ᠤᠴᠢᠷ ᠨᠢ ᠨᠢᠭᠡᠳᠦᠭᠡᠷ ᠲᠦ᠍ ᠬᠣᠭᠣᠰᠣᠨ ᠫᠤᠤ ᠡᠴᠡ ᠬᠣᠷᠢᠨ ᠬᠥᠮᠦᠨ ᠠᠶᠤᠨ᠎ᠠ ᠭᠡᠵᠦ ᠦᠭᠡ ᠪᠠᠢᠳᠠᠭ᠃ ᠬᠣᠶᠠᠳᠤᠭᠠᠷ ᠲᠤ᠌ ᠰᠤᠮᠤ ᠣᠯᠳᠠᠪᠠᠯ ᠡᠨᠡ ᠬᠦᠨᠳᠦ ᠲᠡᠮᠦᠷ ᠰᠡᠷᠭᠦᠵᠦ ᠠᠮᠢ ᠣᠷᠣᠨ᠎ᠠ᠃ ᠭᠤᠷᠪᠠᠳᠤᠭᠠᠷ ᠲᠤ᠌ ᠬᠣᠭᠣᠰᠣᠨ ᠴᠤ᠌ ᠭᠡᠰᠡᠨ ᠵᠡᠪᠰᠡᠭ ᠢ᠋ᠶ᠋ᠡᠨ ᠬᠠᠶᠠᠪᠠᠯ ᠪᠦᠷᠢᠨ ᠢᠯᠠᠭᠳᠠᠭᠰᠠᠨ ᠤ᠋ ᠰᠢᠨᠵᠢ ᠪᠢᠯᠡ᠃ ᠭᠡᠲᠡᠯ᠎ᠡ ᠡᠨᠡ ᠭᠤᠷᠪᠠᠨ ᠬᠥᠮᠦᠨ ᠢᠯᠠᠭᠳᠠᠭᠰᠠᠨ ᠭᠡᠵᠦ ᠣᠭᠲᠣ ᠪᠣᠳᠣᠭᠰᠠᠨ ᠦᠭᠡᠢ᠃ ᠬᠠᠷᠢᠨ ᠲᠡᠮᠡᠴᠡᠯ ᠢ᠋ᠶ᠋ᠡᠨ ᠡᠬᠢᠯᠡᠵᠦ ᠪᠠᠢᠨ᠎ᠠ ᠭᠡᠵᠦ ᠪᠣᠳᠣᠵᠤ ᠶᠠᠪᠤᠯ᠎ᠠ᠃ ᠡᠨᠡ ᠪᠣᠳᠣᠯ ᠴᠤ᠌ ᠲᠡᠳᠡᠨ ᠳ᠋ᠦ᠍ ᠬᠦᠴᠦ ᠴᠢᠳᠠᠯ᠂ ᠤᠬᠠᠭᠠᠨ ᠰᠠᠨᠠᠭ᠎ᠠ ᠥᠭᠴᠦ ᠪᠠᠢᠯ᠎ᠠ᠃
ᠥᠯᠥᠰᠦᠭᠰᠡᠨ ᠭᠡᠳᠡᠰᠦ ᠨᠢ ᠵᠠᠷᠢᠮ ᠳ᠋ᠠᠭᠠᠨ ᠮᠤᠰᠬᠢᠷᠠᠵᠤ᠂ ᠵᠠᠷᠢᠮ ᠳ᠋ᠠᠭᠠᠨ ᠬᠤᠷᠴᠢᠭᠢᠨᠠᠬᠤ ᠪᠥᠭᠡᠳ ᠬᠡᠵᠢᠶ᠎ᠡ ᠨᠢᠭᠡᠨ ᠴᠠᠭ ᠲᠤ᠌ ᠢᠳᠡᠭᠰᠡᠨ ᠰᠠᠢᠬᠠᠨ ᠬᠣᠭᠣᠯᠠᠨ ᠤ᠋ ᠲᠤᠬᠠᠢ ᠪᠣᠳᠣᠯ ᠠᠯᠤᠰ ᠲᠤ᠌ ᠬᠠᠷᠠᠭᠳᠠᠬᠤ ᠶᠡᠬᠡ ᠲᠠᠯ᠎ᠠ ᠶ᠋ᠢᠨ ᠵᠡᠷᠭᠡᠯᠭᠡᠨ ᠯᠦ᠍ᠭᠡ ᠠᠳᠠᠯᠢ ᠠᠵᠢ᠃ ᠤᠳᠠᠯ ᠦᠭᠡᠢ ᠮᠣᠳᠣᠨ ᠤ᠋ ᠣᠷᠣᠢ ᠳ᠋ᠤ᠌ ᠥᠷᠯᠥᠭᠡ ᠶ᠋ᠢᠨ ᠰᠢᠷ᠎ᠠ ᠨᠠᠷᠠ ᠲᠣᠰᠴᠤ ᠵᠥᠭᠡᠯᠡᠨ ᠨᠣᠭᠣᠭᠠᠨ ᠲᠤᠶᠠᠭ᠎ᠠ ᠪᠦᠬᠦᠨ ᠢ᠋ ᠭᠡᠢᠭᠦᠯᠪᠡ᠃
《ᠶᠠᠭᠠᠬᠢᠭᠠᠳ ᠴᠤ᠌ ᠪᠣᠯᠤᠭᠰᠠᠨ ᠠᠢᠮᠠᠭ ᠤ᠋ᠨ ᠲᠥᠪ ᠣᠷᠣᠬᠤ ᠬᠡᠷᠡᠭᠲᠡᠢ》 ᠭᠡᠰᠡᠨ ᠰᠠᠨᠠᠭ᠎ᠠ ᠭᠤᠷᠪᠠᠨ ᠬᠥᠮᠦᠨ ᠦ᠌ ᠬᠥᠯ ᠢ᠋ ᠠᠭᠠᠵᠢᠮ ᠪᠣᠯᠪᠠᠴᠤ ᠵᠥᠷᠢᠭᠦᠯᠡᠨ ᠣᠷᠣᠭᠰᠢ ᠠᠬᠢᠭᠤᠯᠤᠨ᠎ᠠ᠃
ᠱᠠᠭᠳᠠᠷ ᠤ᠋ᠨ ᠰᠢᠷᠠᠭᠳᠤᠭᠰᠠᠨ ᠭᠠᠷ ᠨᠢ ᠶᠠᠩᠭᠢᠨᠠᠨ ᠡᠪᠡᠳᠪᠡᠴᠦ ᠰᠢᠲᠦ ᠵᠠᠭᠤᠨ ᠨᠥᠬᠥᠳ ᠲᠡᠭᠡᠨ ᠰᠢᠨᠠᠯᠵᠤ ᠪᠠᠢᠭ᠎ᠠ ᠵᠣᠪᠠᠯᠠᠩ ᠢ᠋ᠶ᠋ᠠᠨ ᠮᠡᠳᠡᠭᠳᠡᠬᠦ ᠦᠭᠡᠢ ᠶ᠋ᠢ ᠬᠢᠴᠢᠶᠡᠨ᠎ᠡ᠃
᠊᠊᠊᠊᠊᠊᠊᠊᠊᠊᠊᠊᠊᠊᠊ ᠭᠠᠷ ᠴᠢᠨᠢ ᠶᠠᠭᠠᠬᠢᠵᠤ ᠪᠠᠢᠨ᠎ᠠ ᠭᠡᠵᠦ ᠬᠣᠶᠠᠷ ᠨᠥᠬᠥᠷ ᠨᠢ ᠵᠠᠷᠢᠮ ᠳ᠋ᠠᠭᠠᠨ ᠰᠢᠪᠡᠭᠡᠨᠡᠨ ᠠᠰᠠᠭᠤᠬᠤ ᠳ᠋ᠤ᠌ ᠱᠠᠭᠳᠠᠷ ᠰᠢᠳᠦᠨ ᠦ᠌ ᠵᠠᠪᠰᠠᠷ ᠢ᠋ᠶ᠋ᠠᠷ 《ᠵᠦᠭᠡᠷ》 ᠭᠡᠵᠦ ᠬᠡᠢ ᠦᠯᠢᠶᠡᠨ ᠬᠠᠷᠢᠭᠤᠯᠤᠨ᠎ᠠ᠃
ᠭᠡᠪᠡᠴᠦ ᠡᠨᠡ 《ᠵᠦᠭᠡᠷ》 ᠭᠡᠳᠡᠭ ᠦᠭᠡ ᠶ᠋ᠢᠨ ᠴᠠᠭᠠᠨ᠎ᠠ ᠬᠠᠲᠠᠭᠤ ᠲᠡᠪᠴᠢᠶᠡᠷᠢ ᠨᠢᠭᠤᠭᠳᠠᠵᠤ ᠪᠠᠢᠭ᠎ᠠ ᠶ᠋ᠢ ᠨᠥᠬᠥᠳ ᠨᠢ ᠰᠠᠢᠨ ᠣᠢᠯᠠᠭᠠᠵᠤ ᠰᠡᠳᠬᠢᠯ ᠢ᠋ᠶ᠋ᠡᠨ ᠬᠠᠮᠲᠤ ᠰᠢᠨᠠᠯᠭᠠᠨ᠎ᠠ᠃ ᠮᠣᠷᠢᠨ ᠵᠢᠮ ᠨᠠᠷᠢᠰᠤᠨ ᠪᠦᠳᠡᠭᠢᠷᠡᠭᠰᠡᠭᠡᠷ ᠠᠭᠤᠯᠠ ᠶ᠋ᠢᠨ ᠣᠷᠣᠢ ᠳ᠋ᠤ᠌ ᠭᠠᠷᠤᠯ᠎ᠠ᠃
ᠲᠡᠷᠡ ᠵᠠᠮ ᠤ᠋ᠨ ᠠᠳᠠᠭ ᠲᠤ᠌ ᠬᠡᠳᠦᠨ ᠭᠡᠷ ᠪᠠᠢᠨ᠎ᠠ ᠭᠡᠵᠦ ᠲᠦᠷᠦᠭᠦᠯᠡᠵᠦ ᠶᠠᠪᠤᠭᠰᠠᠨ ᠵᠢᠷᠭᠠᠯ ᠬᠡᠯᠡᠭᠡᠳ ᠵᠣᠭᠰᠣᠨ ᠮᠠᠩᠨᠠᠢ ᠶ᠋ᠢᠨ ᠬᠥᠯᠥᠰᠥ ᠪᠡᠨ ᠬᠠᠨᠴᠤᠢ ᠪᠠᠷ ᠢ᠋ᠶ᠋ᠠᠨ ᠠᠷᠴᠢᠪᠠ᠃ ᠪᠠᠲᠤ᠂ ᠱᠠᠭᠳᠠᠷ ᠤ᠋ᠨ ᠡᠷᠡᠭᠦᠯ ᠭᠠᠷ ᠡᠴᠡ ᠰᠤᠭᠤᠳᠠᠨ ᠲᠤᠰᠠᠯᠠᠵᠤ ᠮᠠᠴᠤᠭᠰᠠᠭᠠᠷ ᠵᠢᠷᠭᠠᠯ ᠤ᠋ᠨ ᠳᠡᠷᠭᠡᠳᠡ ᠢᠷᠡᠵᠦ ᠠᠮᠢᠰᠬᠤᠭᠠᠳᠠᠨ ᠵᠣᠭᠰᠣᠭᠰᠠᠨ ᠢ᠋ᠶ᠋ᠠᠨ 《ᠲᠠᠮᠢᠷ᠂ ᠲᠤᠩᠭᠠᠯᠠᠭ ᠲᠠᠮᠢᠷ》 ᠭᠡᠳ ᠳᠣᠣᠷᠠᠲᠤ ᠤᠷᠤᠭᠤᠯ ᠢ᠋ᠶ᠋ᠠᠨ ᠬᠡᠯᠡ ᠪᠡᠷ ᠢ᠋ᠶ᠋ᠡᠨ ᠴᠢᠭᠢᠭᠯᠡᠪᠡ᠃
ᠲᠡᠷᠲᠡᠭᠡ ᠡᠮᠦᠨ᠎ᠡ ᠵᠦᠭ ᠲᠦ᠍ ᠮᠠᠨᠠᠷᠠᠨ ᠬᠠᠷᠠᠭᠳᠠᠬᠤ ᠬᠥᠬᠡ ᠠᠭᠤᠯᠠ ᠶ᠋ᠢᠨ ᠨᠠᠭᠠᠳᠤ ᠲᠠᠯ᠎ᠠ ᠪᠠᠷ ᠮᠠᠬᠢᠷᠯᠠᠨ ᠤᠷᠤᠰᠴᠤ ᠪᠠᠢᠭ᠎ᠠ ᠲᠠᠮᠢᠷ ᠭᠣᠣᠯ ᠤ᠋ᠨ ᠮᠠᠨᠳᠠᠯ ᠨᠢ ᠨᠠᠷᠠᠨ ᠤ᠋ ᠭᠡᠷᠡᠯ ᠳ᠋ᠦ᠍ ᠴᠠᠢᠷᠠᠨ ᠬᠠᠷᠠᠭᠳᠠᠨ᠎ᠠ᠃
᠊᠊᠊᠊᠊᠊᠊᠊᠊᠊᠊᠊᠊᠊᠊ ᠠᠢᠮᠠᠭ ᠬᠦᠷᠲᠡᠯ᠎ᠡ ᠥᠷᠲᠡᠭᠡ ᠭᠠᠷᠤᠢ ᠦᠯᠡᠳᠡᠭᠡᠳ ᠪᠠᠢᠨ᠎ᠠ ᠤᠤ? ᠭᠡᠵᠦ ᠱᠠᠭᠳᠠᠷ ᠠᠰᠠᠭᠤᠭᠠᠳ ᠳᠡᠷᠭᠡᠳᠡ ᠪᠡᠨ ᠪᠠᠢᠭᠰᠠᠨ ᠲᠣᠮᠣ ᠴᠢᠯᠠᠭᠤᠨ ᠳᠡᠭᠡᠷ᠎ᠡ ᠰᠠᠨᠳᠠᠢᠯᠠᠨ ᠰᠠᠭᠤᠪᠠ᠃
᠊᠊᠊᠊᠊᠊᠊᠊᠊᠊᠊᠊᠊᠊᠊ ᠲᠡᠢᠮᠦ ᠯᠡ ᠪᠠᠢᠬᠤ ᠳᠠ ᠭᠡᠳ ᠪᠠᠲᠤ ᠪᠦᠳᠦᠭᠦᠨ ᠬᠠᠷ᠎ᠠ ᠮᠣᠳᠣ ᠶ᠋ᠢ ᠲᠦᠰᠢᠪᠡ᠃
᠊᠊᠊᠊᠊᠊᠊᠊᠊᠊᠊᠊᠊᠊᠊ ᠤᠭ ᠨᠢ ᠶᠠᠭᠤᠮ᠎ᠠ ᠦᠭᠡᠢ ᠦᠯᠡᠳᠡᠵᠦ ᠪᠠᠢᠨ᠎ᠠ ᠰᠠᠨᠵᠢ ᠳᠠ ᠭᠡᠳ ᠵᠢᠷᠭᠠᠯ ᠡᠪᠦᠷ ᠲᠦᠷᠡᠢ ᠪᠡᠨ ᠬᠡᠢ ᠲᠡᠮᠲᠡᠷᠢᠭᠰᠡᠨ ᠢ᠋ᠶ᠋ᠡᠨ ᠰᠠᠨᠠᠭ᠎ᠠ ᠠᠯᠳᠠᠪᠠ᠃
ᠬᠠᠲᠠᠭᠤ ᠲᠠᠮᠠᠬᠢ ᠬᠡᠳᠦᠬᠡᠨ ᠰᠣᠷᠣᠬᠤ ᠰᠠᠨ ᠭᠡᠳᠡᠭ ᠪᠣᠳᠣᠯ ᠵᠢᠷᠭᠠᠯ ᠤ᠋ᠨ ᠰᠡᠳᠬᠢᠯ ᠢ᠋ ᠮᠠᠭᠠᠵᠢᠬᠤ ᠳ᠋ᠤ᠌ ᠬᠣᠭᠣᠯᠠᠢ ᠨᠢ ᠬᠠᠲᠠᠵᠤ᠂ ᠲᠣᠯᠣᠭᠠᠢ ᠨᠢ ᠦᠯᠦ ᠮᠡᠳᠡᠭ ᠡᠪᠡᠳᠬᠦ ᠰᠢᠭ ᠰᠠᠨᠠᠭᠳᠠᠨ᠎ᠠ᠃
᠊᠊᠊᠊᠊᠊᠊᠊᠊᠊᠊᠊᠊᠊᠊ ᠭᠠᠢ ᠦᠭᠡᠢ ᠳᠡ᠃ ᠠᠢᠮᠠᠭ ᠳᠡᠭᠡᠷ᠎ᠡ ᠣᠴᠢᠵᠤ ᠵᠡᠪᠰᠡᠭᠵᠢᠵᠦ ᠠᠪᠤᠭᠠᠳ ᠡᠷᠭᠢᠭᠰᠡᠨ ᠴᠠᠭ ᠲᠤ᠌ ᠤᠤ᠃ ᠡᠨᠡ ᠮᠤᠤᠰᠠᠢᠨ ᠡᠰᠡᠷᠭᠦᠦ ᠨᠠᠷ ᠲᠤ᠌ ᠠᠷᠠᠳ ᠤ᠋ᠨ ᠵᠠᠰᠠᠭ ᠤ᠋ᠨ ᠬᠦᠴᠦ ᠶ᠋ᠢ ᠠᠮᠲᠠᠯᠠᠭᠤᠯᠤᠨ᠎ᠠ ᠳᠠ ᠭᠡᠵᠦ ᠱᠠᠭᠳᠠᠷ ᠬᠡᠯᠡᠭᠡᠳ ᠤᠬᠤᠰᠬᠢᠨ ᠪᠣᠰᠬᠤ ᠭᠡᠰᠡᠨ ᠢ᠋ᠶ᠋ᠡᠨ ᠭᠠᠷ ᠢ᠋ᠶ᠋ᠠᠨ ᠬᠥᠨᠳᠡᠵᠦ ᠨᠢᠭᠤᠷ ᠨᠢ ᠭᠠᠯ ᠳ᠋ᠤ᠌ ᠬᠢᠭᠰᠡᠨ ᠰᠢᠷ᠎ᠠ ᠲᠣᠰᠣᠨ ᠤ᠋ ᠭᠦᠵᠡᠭᠡ ᠰᠢᠭ ᠬᠤᠨᠢᠷᠠᠯᠳᠤᠪᠠ᠃
᠊᠊᠊᠊᠊᠊᠊᠊᠊᠊᠊᠊᠊᠊᠊ ᠲᠠᠷᠢᠶᠠᠲᠤ ᠶ᠋ᠢᠨ ᠬᠦᠷᠢᠶ᠎ᠡ ᠶ᠋ᠢ ᠪᠢ ᠡᠨᠡ ᠭᠠᠷ ᠢ᠋ᠶ᠋ᠠᠷ ᠢ᠋ᠶ᠋ᠠᠨ ᠦᠨᠡᠰᠦᠨ ᠲᠣᠪᠷᠠᠭ ᠪᠣᠯᠭᠠᠨ᠎ᠠ ᠳᠠ ᠭᠡᠳ ᠵᠢᠷᠭᠠᠯ ᠵᠠᠩᠭᠢᠳᠤᠭᠰᠠᠨ ᠭᠠᠷ ᠢ᠋ᠶ᠋ᠠᠷ ᠢ᠋ᠶ᠋ᠠᠨ ᠵᠠᠩᠭᠠᠬᠤ ᠳ᠋ᠤ᠌ ᠴᠡᠴᠡᠷᠡᠵᠦ ᠪᠠᠢᠪᠠ᠃
᠊᠊᠊᠊᠊᠊᠊᠊᠊᠊᠊᠊᠊᠊᠊ ᠬᠦᠷᠢᠶ᠎ᠡ ᠶᠠᠮᠠᠷ ᠭᠡᠮ ᠲᠡᠢ ᠶᠤᠮ ᠪᠣᠢ?
᠊᠊᠊᠊᠊᠊᠊᠊᠊᠊᠊᠊᠊᠊᠊ ᠡᠭᠦᠷ ᠨᠢ ᠰᠢᠦ ᠳᠡ᠃
᠊᠊᠊᠊᠊᠊᠊᠊᠊᠊᠊᠊᠊᠊᠊ ᠡᠭᠦᠷ ᠢ᠋ ᠨᠢ ᠤᠰᠠᠳᠬᠠᠬᠤ ᠳ᠋ᠤ᠌ ᠴᠢᠨᠣ᠎ᠠ ᠦᠬᠦᠳᠡᠭ ᠦᠭᠡᠢ ᠭᠡᠳ ᠪᠠᠲᠤ ᠵᠢᠷᠭᠠᠯ ᠢ᠋ ᠬᠠᠷᠠᠪᠠ᠃ ᠠᠢᠮᠠᠭ ᠳᠡᠭᠡᠷ᠎ᠡ ᠣᠴᠢᠨ᠎ᠠ ᠭᠡᠳᠡᠭ ᠪᠣᠯ ᠠᠪᠤᠷᠠᠭᠳᠠᠬᠤ ᠶ᠋ᠢᠨ ᠨᠡᠷ᠎ᠡ᠃ ᠰᠢᠨ᠎ᠡ ᠬᠦᠴᠦ ᠣᠯᠵᠤ ᠵᠠᠳᠠᠷᠠᠭᠰᠠᠨ ᠡᠰᠡᠷᠭᠦᠦ ᠨᠠᠷ ᠲᠠᠢ ᠲᠡᠮᠡᠴᠡᠵᠦ ᠢᠯᠠᠬᠤ ᠶ᠋ᠢᠨ ᠨᠡᠷ᠎ᠡ ᠪᠢᠯᠡ᠃ ᠭᠡᠪᠡᠴᠦ ᠠᠢᠮᠠᠭ ᠳᠡᠭᠡᠷ᠎ᠡ ᠣᠴᠢᠬᠤ ᠳ᠋ᠤ᠌ ᠲᠠ ᠨᠠᠷ ᠰᠤᠷᠭᠠᠭᠤᠯᠢ᠂ ᠬᠤᠷᠰᠢᠶ᠎ᠠ ᠵᠡᠷᠭᠡ ᠶ᠋ᠢ ᠣᠷᠬᠢᠨ ᠠᠮᠢ ᠵᠤᠯᠪᠠᠨ ᠵᠢᠭᠤᠲᠠᠵᠤ ᠢᠷᠡᠭᠰᠡᠨ ᠭᠡᠵᠦ ᠶᠠᠯ᠎ᠠ ᠲᠤᠯᠭᠠᠵᠤ ᠮᠠᠭᠠᠳ᠃ ᠡᠨᠡ ᠵᠠᠰᠠᠭ ᠲᠥᠷᠥ ᠳ᠋ᠦ᠍ ᠲᠡᠷᠰᠯᠡᠭᠰᠡᠨ ᠦᠢᠮᠡᠭᠡᠨ ᠭᠠᠷᠬᠤ ᠰᠡᠵᠢᠭ ᠢ᠋ ᠮᠡᠳᠡᠭᠡᠳ ᠮᠡᠳᠡᠭᠳᠡᠭᠰᠡᠨ ᠦ᠌ ᠬᠠᠷᠢᠭᠤ ᠳ᠋ᠤ᠌ ᠠᠷᠠᠳ ᠲᠦᠮᠡᠨ ᠢ᠋ ᠢᠲᠡᠭᠡᠳᠡᠭ ᠦᠭᠡᠢ᠂ ᠴᠤᠤᠷᠬᠠᠯ ᠳᠡᠭᠳᠡᠭᠡᠭᠴᠢ ᠭᠡᠳᠡᠭ ᠨᠡᠷ᠎ᠡ ᠠᠪᠴᠤ ᠵᠢᠮᠡᠯᠡᠯ ᠬᠦᠯᠢᠶᠡᠭᠰᠡᠨ ᠢ᠋ ᠪᠣᠳᠣᠬᠤ ᠳ᠋ᠤ᠌ ᠶᠠᠮᠠᠷ ᠴᠤ᠌ ᠦᠭᠡ ᠲᠤᠭᠤᠯᠵᠤ ᠪᠣᠯᠬᠤ ᠮᠡᠲᠦ᠃ ᠭᠡᠬᠦ ᠳ᠋ᠡᠭᠡᠨ ᠵᠠᠷᠢᠮ ᠬᠥᠮᠦᠨ ᠲᠡᠢ ᠠᠳᠠᠯᠢᠬᠠᠨ ᠡᠰᠡᠷᠭᠦᠦ ᠨᠠᠷ ᠲᠠᠢ ᠨᠡᠢᠯᠡᠭᠡ ᠦᠭᠡᠢ ᠪᠣᠯᠬᠣᠷ ᠲᠡᠳᠡᠨ ᠲᠡᠢ ᠵᠡᠪᠰᠡᠭ ᠪᠠᠷᠢᠨ ᠲᠡᠮᠡᠴᠡᠭᠰᠡᠨ᠂ ᠬᠡᠷᠪᠡ ᠰᠤᠮᠤ ᠲᠠᠢ ᠪᠠᠢᠭᠰᠠᠨ ᠪᠣᠯ ᠵᠣᠭᠰᠣᠯᠲᠠ ᠦᠭᠡᠢ ᠫᠤᠤᠳᠠᠯᠴᠠᠬᠤ ᠨᠢ ᠦᠨᠡᠨ ᠪᠣᠯᠬᠣᠷ ᠪᠠᠲᠤ ᠶ᠋ᠢᠨ ᠰᠡᠳᠬᠢᠯ ᠳ᠋ᠦ᠍ ᠬᠥᠩᠭᠡᠨ ᠪᠠᠢᠯ᠎ᠠ᠃ ᠳᠣᠬᠢᠶ᠎ᠠ ᠥᠭᠭᠦᠭᠡᠳ ᠪᠠᠢᠬᠤ ᠳ᠋ᠤ᠌ ᠶᠠᠭᠤ ᠴᠤ᠌ ᠬᠢᠭᠡ ᠦᠭᠡᠢ ᠴᠠᠭ ᠠᠯᠳᠠᠭᠰᠠᠨ ᠭᠡᠮ ᠲᠡᠢ ᠬᠥᠮᠦᠰ ᠲᠡᠢ ᠶᠠᠷᠢᠬᠤ ᠬᠡᠷᠡᠭᠲᠡᠢ᠃ ᠭᠡᠪᠡᠴᠦ ᠣᠳᠣ ᠲᠡᠭᠦᠨ ᠢ᠋ ᠬᠥᠭᠡᠭᠡᠴᠡᠯᠳᠦᠬᠦ ᠴᠠᠭ ᠪᠢᠰᠢ᠃ ᠶᠠᠭᠤᠨ ᠤ᠋ ᠡᠮᠦᠨ᠎ᠡ ᠵᠡᠪᠰᠡᠭ ᠪᠠᠷᠢᠵᠤ ᠠᠷᠠᠳ ᠤ᠋ᠨ ᠲᠥᠷᠥ ᠳ᠋ᠦ᠍ ᠲᠡᠷᠰᠯᠡᠭᠰᠡᠨ ᠳᠠᠢᠰᠤᠨ ᠢ᠋ ᠳᠠᠷᠤᠬᠤ ᠨᠢ ᠴᠢᠬᠤᠯᠠ᠃ ᠲᠡᠭᠦᠨ ᠦ᠌ ᠳᠠᠷᠠᠭ᠎ᠠ ᠬᠡᠨ ᠨᠢ ᠶᠠᠭᠤᠨ ᠳᠡᠭᠡᠷ᠎ᠡ ᠠᠯᠳᠠᠭᠰᠠᠨ᠂ ᠬᠣᠵᠢᠭᠰᠠᠨ ᠢ᠋ ᠶᠠᠷᠢᠬᠤ ᠬᠡᠷᠡᠭᠲᠡᠢ ᠭᠡᠵᠦ ᠪᠠᠲᠤ ᠪᠣᠳᠣᠨ᠎ᠠ᠃
ᠫᠦᠯᠧᠮᠶᠣᠲ᠂ ᠶᠡᠬᠡ ᠫᠤᠤ᠂ ᠨᠢᠰᠬᠦ ᠣᠩᠭᠣᠴᠠ ᠠᠪᠴᠢᠷᠠᠵᠤ ᠡᠨᠡ ᠪᠠᠯᠠᠮᠠᠳ ᠬᠤᠯᠠᠭᠠᠢ ᠨᠠᠷ ᠢ᠋ ᠲᠡᠳᠡᠨ ᠦ᠌ ᠬᠦᠷᠢᠶ᠎ᠡ ᠬᠡᠢᠳ᠂ ᠢᠯᠠᠩᠭᠤᠶ᠎ᠠ ᠲᠠᠷᠢᠶᠠᠲᠤ ᠶ᠋ᠢᠨ ᠬᠦᠷᠢᠶ᠎ᠡ ᠶ᠋ᠢ ᠭᠠᠵᠠᠷ ᠤ᠋ᠨ ᠬᠥᠷᠥᠰᠥᠨ ᠡᠴᠡ ᠠᠷᠴᠢᠪᠠᠯ ᠵᠣᠬᠢᠨ᠎ᠠ᠃ ᠲᠡᠷᠡ ᠴᠦ᠍ ᠪᠠᠢᠲᠤᠭᠠᠢ ᠡᠨᠡ ᠬᠡᠷᠡᠭ ᠲᠦ᠍ ᠣᠷᠣᠭᠰᠠᠨ ᠪᠦᠬᠦᠨ ᠢ᠋ ᠢᠯᠠᠩᠭᠤᠶ᠎ᠠ ᠵᠠᠢᠯᠠᠵᠤ ᠠᠯᠠᠭ᠎ᠠ ᠪᠣᠯᠤᠭᠰᠠᠨ ᠬᠠᠮᠲᠤᠷᠠᠯ ᠤ᠋ᠨ ᠣᠷᠣᠯᠠᠭᠴᠢ ᠳᠠᠷᠤᠭ᠎ᠠ ᠶ᠋ᠢ ᠫᠤᠤᠳᠠᠨ ᠠᠯᠠᠬᠤ ᠪᠠᠭ᠎ᠠ ᠪᠠᠢᠨ᠎ᠠ᠂ ᠴᠠᠪᠴᠢᠵᠤ ᠠᠯᠠᠪᠠᠯ ᠲᠠᠭᠠᠷᠠᠨ᠎ᠠ᠃ ᠵᠠ ᠶᠠᠭᠠᠬᠢᠬᠤᠪ᠃ ᠬᠡᠳᠦᠨ ᠡᠳᠦᠷ ᠦ᠋ᠨ ᠳᠠᠷᠠᠭ᠎ᠠ ᠵᠢᠷᠭᠠᠯ ᠪᠠᠭᠰᠢ ᠫᠦᠯᠧᠮᠶᠣᠲ ᠪᠠᠷᠢᠵᠤ ᠢᠷᠡᠭᠡᠳ ᠲᠠ ᠨᠠᠷ ᠲᠤ᠌ ᠰᠠᠢᠬᠠᠨ ᠬᠢᠴᠢᠶᠡᠯ ᠵᠢᠭᠠᠵᠤ ᠥᠭᠭᠦᠨ᠎ᠡ᠃ ᠠᠭᠤᠯᠵᠠᠬᠤ ᠴᠠᠭ ᠪᠣᠢ ᠭᠡᠵᠦ ᠵᠢᠷᠭᠠᠯ ᠰᠡᠳᠬᠢᠯ ᠳ᠋ᠡᠭᠡᠨ ᠶᠠᠷᠢᠨ᠎ᠠ᠃
ᠠᠢ ᠳᠠ᠃ ᠡᠨᠡ ᠮᠠᠭᠤ ᠭᠠᠷ ᠶᠠᠭᠤ ᠪᠣᠯᠬᠤ ᠶᠤᠮ ᠪᠣᠯ ᠳᠠ᠃ ᠨᠢᠭᠡ ᠬᠤᠷᠳᠤᠨ ᠫᠤᠤ᠂ ᠮᠢᠩᠭᠠᠨ ᠰᠤᠮᠤ ᠲᠠᠢ ᠪᠣᠯ ᠲᠠ ᠨᠠᠷ ᠢ᠋ ᠤᠤ ᠳᠠ᠃ ᠲᠡᠷᠡ ᠭᠡᠷ ᠬᠤᠳᠬᠤᠯᠠᠳᠠᠭ ᠯᠠᠮᠠ ᠶ᠋ᠢ ᠠᠯᠠᠵᠤ ᠣᠷᠬᠢᠭᠰᠠᠨ ᠪᠣᠯ ᠡᠢᠮᠦ ᠶᠠᠭᠤᠮ᠎ᠠ ᠪᠣᠯᠬᠤ ᠦᠭᠡᠢ ᠴᠦ᠍ ᠪᠠᠢᠭᠰᠠᠨ ᠪᠠᠢᠵᠤ ᠮᠠᠭᠠᠳ ᠶᠤᠮ᠃ ᠪᠠᠲᠤ ᠴᠤ᠌ ᠲᠡᠭᠦᠨ ᠳᠡᠭᠡᠷ᠎ᠡ ᠮᠠᠭᠤᠬᠠᠢ ᠠᠯᠳᠠᠭᠰᠠᠨ ᠳᠠ᠃ ᠬᠠᠷᠢᠨ ᠱᠠᠰᠢᠨ ᠪᠤᠷᠬᠠᠨ ᠢ᠋ ᠪᠦᠳᠦᠭᠦᠯᠢᠭ ᠢ᠋ᠶ᠋ᠡᠷ ᠳᠣᠷᠣᠮᠵᠢᠯᠠᠭᠰᠠᠨ ᠡᠴᠡ ᠤᠴᠢᠷ ᠮᠡᠳᠡᠬᠦ ᠦᠭᠡᠢ ᠣᠯᠠᠨ ᠬᠥᠮᠦᠨ ᠢ᠋ ᠪᠢᠳᠡ ᠳᠠᠢᠰᠤᠨ ᠤ᠋ ᠲᠠᠯ᠎ᠠ ᠳ᠋ᠤ᠌ ᠥᠭᠭᠦᠭᠰᠡᠨ ᠭᠡᠵᠦ ᠪᠠᠲᠤ ᠶ᠋ᠢᠨ ᠬᠡᠯᠡᠳᠡᠭ ᠴᠦ᠍ ᠭᠣᠣᠯ ᠲᠠᠢ ᠪᠠᠢᠬᠤ ᠰᠢᠦ ᠭᠡᠵᠦ ᠱᠠᠭᠳᠠᠷ ᠪᠣᠳᠣᠨ᠎ᠠ᠃
᠊᠊᠊᠊᠊᠊᠊᠊᠊᠊᠊᠊᠊᠊᠊ ᠵᠠ ᠠᠯᠬᠤᠭᠠᠳ ᠪᠠᠢᠳᠠᠭ ᠬᠡᠷᠡᠭ ᠠ᠋ ᠭᠡᠳ ᠪᠠᠲᠤ ᠲᠦᠷᠦᠭᠦᠯᠡᠨ ᠬᠥᠳᠡᠯᠬᠦ ᠭᠡᠲᠡᠯ᠎ᠡ ᠬᠠᠵᠠᠭᠤ ᠶ᠋ᠢᠨ ᠮᠣᠳᠣᠨ ᠳᠣᠲᠣᠷ᠎ᠠ ᠡᠴᠡ 《ᠵᠣᠭᠰᠣ᠃ ᠭᠠᠷ ᠢ᠋ᠶ᠋ᠠᠨ ᠡᠷᠭᠦ》 ᠭᠡᠵᠦ ᠬᠡᠳᠦᠨ ᠬᠥᠮᠦᠨ ᠣᠭᠵᠣᠮ ᠪᠥᠭᠡᠳ ᠭᠡᠨᠡᠳᠲᠡ ᠬᠠᠰᠬᠢᠷᠪᠠ᠃
᠊᠊᠊᠊᠊᠊᠊᠊᠊᠊᠊᠊᠊᠊᠊ ᠭᠤᠷᠪᠠᠨ ᠨᠥᠬᠥᠳ ᠰᠣᠴᠢᠨ ᠤᠬᠤᠰᠬᠢᠭᠰᠡᠨ ᠢ᠋ᠶ᠋ᠡᠨ ᠵᠠᠮᠤᠭ ᠤ᠋ᠨ ᠲᠠᠴᠢᠭᠢᠨᠠᠬᠤ ᠳᠠᠭᠤ ᠪᠠᠷ ᠵᠣᠭᠰᠣᠵᠤ ᠡᠷᠭᠢᠵᠦ ᠬᠠᠷᠠᠯ᠎ᠠ᠃
᠊᠊᠊᠊᠊᠊᠊᠊᠊᠊᠊᠊᠊᠊᠊ ᠫᠤᠤ ᠪᠠᠨ ᠬᠠᠶᠠ᠃ ᠭᠠᠷ ᠢ᠋ᠶ᠋ᠠᠨ ᠡᠷᠭᠦ᠃ ᠬᠥᠳᠡᠯᠪᠡᠯ ᠫᠤᠤᠳᠠᠨ᠎ᠠ ᠰᠢᠦ ᠭᠡᠵᠦ ᠵᠡᠭᠦᠨ ᠬᠠᠵᠠᠭᠤ ᠶ᠋ᠢᠨ ᠮᠣᠳᠣᠨ ᠳᠣᠲᠣᠷ᠎ᠠ ᠡᠴᠡ ᠨᠢᠭᠡ ᠬᠥᠮᠦᠨ ᠬᠠᠰᠬᠢᠷᠬᠤ ᠳ᠋ᠤ᠌ ᠪᠠᠲᠤ ᠬᠠᠷᠠᠪᠠᠯ ᠨᠣᠭᠣᠭᠠᠨ ᠴᠠᠮᠴᠠ᠂ ᠥᠮᠥᠳᠥ ᠲᠡᠢ ᠬᠡᠳᠦᠨ ᠴᠡᠷᠢᠭ ᠦ᠋ᠳ ᠫᠤᠤ ᠱᠠᠭᠠᠢᠨ ᠬᠡᠪᠲᠡᠵᠦ ᠪᠠᠢᠯ᠎ᠠ᠃
᠊᠊᠊᠊᠊᠊᠊᠊᠊᠊᠊᠊᠊᠊᠊ ᠪᠢᠳᠡ ᠡᠰᠡᠷᠭᠦᠦ ᠨᠠᠷ ᠪᠢᠰᠢ ᠠ᠋ ᠭᠡᠳ ᠪᠠᠲᠤ ᠮᠥᠷᠦᠨ ᠳ᠋ᠡᠭᠡᠨ ᠪᠠᠢᠭᠰᠠᠨ ᠫᠤᠤ ᠪᠠᠨ ᠠᠪᠴᠤ ᠲᠠᠯᠪᠢᠭᠠᠳ ᠠᠯᠭᠤᠷ ᠢ᠋ᠶ᠋ᠠᠷ ᠭᠠᠷ ᠢ᠋ᠶ᠋ᠠᠨ ᠡᠷᠭᠦᠬᠦ ᠳ᠋ᠦ᠍ ᠨᠥᠬᠥᠳ ᠦ᠋ᠨ ᠬᠢᠨᠢ ᠭᠠᠷ ᠬᠣᠯᠪᠣᠭ᠎ᠠ ᠲᠠᠢ ᠶᠤᠮ ᠰᠢᠭ᠋ ᠳᠡᠭᠡᠭᠰᠢ ᠪᠣᠯᠪᠠ᠃
ᠮᠣᠳᠣᠨ ᠳᠣᠲᠣᠷ᠎ᠠ ᠡᠴᠡ ᠫᠤᠤ ᠲᠠᠢ ᠠᠷᠪᠠᠭᠠᠳ ᠴᠡᠷᠢᠭ ᠭᠠᠷᠴᠤ ᠢᠷᠡᠯ᠎ᠡ᠃
ᠮᠠᠨ ᠤ᠋ ᠬᠢᠨ ᠭᠡᠵᠦ ᠱᠠᠭᠳᠠᠷ ᠰᠥᠭᠡᠩᠭᠢ ᠬᠣᠭᠣᠯᠠᠢ ᠪᠠᠷ ᠬᠢᠬᠤᠲᠤᠨᠠᠭᠤᠯᠤᠨ ᠬᠡᠯᠡᠬᠦ ᠳ᠋ᠦ᠍ ᠨᠢᠳᠦᠨ ᠡᠴᠡ ᠨᠢ ᠲᠣᠮᠣ ᠲᠣᠮᠣ ᠨᠢᠯᠪᠤᠰᠤ ᠳᠤᠰᠤᠯᠠᠪᠠ᠃ ᠢᠩᠭᠢᠵᠦ ᠭᠤᠷᠪᠠᠨ ᠨᠥᠬᠥᠳ ᠠᠷᠠᠳ ᠤ᠋ᠨ ᠴᠡᠷᠢᠭ ᠦ᠋ᠨ ᠨᠢᠭᠡᠨ ᠰᠠᠯᠠᠭ᠎ᠠ ᠲᠠᠢ ᠠᠭᠤᠯᠵᠠᠵᠤ ᠶᠠᠭᠤᠨ ᠤ᠋ ᠡᠮᠦᠨ᠎ᠡ ᠱᠠᠭᠳᠠᠷ ᠤ᠋ᠨ ᠰᠢᠷᠬ᠎ᠠ ᠶ᠋ᠢ ᠪᠣᠭᠤᠯᠭᠠᠵᠤ ᠳᠠᠷᠠᠭ᠎ᠠ ᠨᠢ ᠬᠣᠭᠣᠯᠠ ᠢᠳᠡᠵᠦ ᠭᠣᠣᠯ ᠣᠷᠣᠭᠠᠳ ᠪᠦᠬᠦ ᠶᠠᠪᠤᠳᠠᠯ ᠢ᠋ ᠶᠠᠷᠢᠵᠤ ᠥᠭᠭᠦᠯ᠎ᠡ᠃
᠊᠊᠊᠊᠊᠊᠊᠊᠊᠊᠊᠊᠊᠊᠊ ᠲᠠ ᠨᠠᠷ ᠪᠣᠯᠪᠠᠯ ᠴᠡᠷᠢᠭ ᠦ᠋ᠨ ᠡᠷᠳᠡᠮ ᠮᠡᠳᠡᠬᠦ ᠦᠭᠡᠢ ᠤᠴᠢᠷ ᠡᠴᠡ ᠳᠠᠢᠰᠤᠨ ᠳ᠋ᠤ᠌ ᠢᠯᠠᠭᠳᠠᠭᠰᠠᠨ ᠪᠠᠢᠨ᠎ᠠ᠃ ᠬᠡᠳᠦᠢ ᠲᠡᠢᠮᠦ ᠪᠣᠯᠪᠠᠴᠤ ᠲᠠ ᠨᠥᠬᠥᠳ ᠤᠯᠤᠰ ᠬᠤᠪᠢᠰᠬᠠᠯ ᠤ᠋ᠨ ᠲᠥᠯᠥᠭᠡ ᠪᠢᠷᠳᠠᠩ ᠫᠤᠤ ᠪᠠᠷᠢᠨ ᠪᠠᠢᠯᠳᠤᠭᠰᠠᠨ ᠢ᠋ᠶ᠋ᠠᠷ ᠪᠠᠷᠠᠬᠤ ᠦᠭᠡᠢ ᠬᠡᠳᠦᠨ ᠨᠥᠬᠥᠳ ᠴᠢᠨᠢ ᠤᠯᠠᠭᠠᠨ ᠴᠢᠰᠤ ᠪᠠᠨ ᠠᠰᠬᠠᠷᠠᠭᠤᠯᠤᠭᠰᠠᠨ ᠭᠠᠪᠢᠶ᠎ᠠ ᠶ᠋ᠢ ᠪᠢᠳᠡ ᠰᠠᠢᠰᠢᠶᠠᠨ ᠦᠵᠡᠵᠦ ᠭᠠᠵᠠᠷᠴᠢ ᠪᠠᠷ ᠠᠪᠤᠨ᠎ᠠ᠃ ᠠᠩᠭᠢ ᠶ᠋ᠢᠨ ᠳᠠᠢᠰᠤᠨ ᠲᠠᠢ ᠭᠠᠩ ᠵᠣᠷᠢᠭᠲᠠᠢ ᠲᠡᠮᠡᠴᠡᠬᠦ ᠲᠠᠩᠭᠠᠷᠢᠭ ᠡᠷᠭᠦᠬᠦ ᠬᠡᠷᠡᠭᠲᠡᠢ ᠭᠡᠵᠦ ᠰᠠᠯᠠᠭᠠᠨ ᠳᠠᠷᠤᠭ᠎ᠠ ᠵᠠᠯᠠᠭᠤ ᠡᠷ᠎ᠡ ᠣᠢᠪᠣᠷᠭᠠᠨ ᠣᠭᠵᠣᠮ ᠳᠠᠭᠤ ᠪᠠᠷ ᠬᠡᠯᠡᠪᠡ᠃
《ᠤᠩᠭᠢᠷᠠᠭᠠᠨ ᠬᠥᠮᠦᠨ ᠪᠠᠢᠨ᠎ᠠ ᠳᠠ》 ᠭᠡᠵᠦ ᠪᠠᠲᠤ ᠪᠣᠳᠣᠭᠰᠠᠨ ᠪᠣᠯᠪᠠᠴᠤ ᠲᠡᠭᠦᠨ ᠦ᠌ ᠵᠢᠭᠠᠭᠰᠠᠨ ᠢ᠋ᠶ᠋ᠠᠷ ᠰᠥᠬᠥᠷᠡᠨ ᠰᠠᠭᠤᠵᠤ ᠲᠠᠩᠭᠠᠷᠢᠭ ᠡᠷᠭᠦᠪᠡ᠃
᠊᠊᠊᠊᠊᠊᠊᠊᠊᠊᠊᠊᠊᠊᠊ ᠪᠢᠳᠡᠨ ᠳ᠋ᠦ᠍ ᠵᠡᠪᠰᠡᠭ ᠬᠡᠷᠡᠭ ᠲᠡᠢ᠃ ᠡᠰᠡᠷᠭᠦᠦ ᠨᠠᠷ ᠢ᠋ ᠤᠤ᠃ ᠡᠬᠡᠨᠡᠷ ᠬᠡᠦᠬᠡᠳ ᠲᠡᠢ ᠨᠢ ᠦᠨᠡᠰᠦᠨ ᠲᠣᠪᠷᠠᠭ ᠪᠣᠯᠭᠠᠨ᠎ᠠ ᠳᠠ ᠭᠡᠵᠦ ᠵᠢᠷᠭᠠᠯ ᠨᠢᠳᠦ ᠪᠡᠨ ᠭᠢᠯᠠᠯᠵᠠᠭᠤᠯᠤᠨ ᠬᠡᠯᠡᠪᠡ᠃
᠊᠊᠊᠊᠊᠊᠊᠊᠊᠊᠊᠊᠊᠊᠊ ᠲᠡᠷᠡ ᠪᠤᠷᠤᠭᠤ᠃ ᠡᠰᠡᠷᠭᠦᠦ ᠨᠠᠷ ᠤ᠋ᠨ ᠬᠦᠴᠦᠨ ᠳ᠋ᠦ᠍ ᠠᠪᠤᠭᠳᠠᠨ ᠳᠠᠭᠠᠵᠤ ᠶᠠᠪᠤᠭ᠎ᠠ ᠶᠠᠳᠠᠭᠤ ᠪᠠᠭᠤᠷᠠᠢ ᠬᠥᠮᠦᠰ ᠪᠣᠢ᠃ ᠲᠡᠭᠦᠨ ᠢ᠋ ᠫᠤᠤᠳᠠᠵᠤ ᠪᠣᠯᠬᠤ ᠦᠭᠡᠢ᠃ ᠡᠨᠡ ᠲᠡᠢᠨ ᠪᠣᠯ ᠠᠩᠭᠢ ᠶ᠋ᠢᠨ ᠲᠡᠢᠨ ᠶᠤᠮ᠃ ᠪᠢᠳᠡ ᠣᠭᠠᠭᠤᠯᠤᠨ ᠰᠡᠩᠬᠡᠷᠡᠭᠦᠯᠬᠦ ᠠᠷᠭ᠎ᠠ ᠪᠠᠷ ᠠᠷᠠᠳ ᠲᠦᠮᠡᠨ ᠢ᠋ ᠡᠰᠡᠷᠭᠦᠦ ᠨᠠᠷ ᠡᠴᠡ ᠰᠠᠯᠭᠠᠵᠤ ᠴᠢᠳᠠᠬᠤ ᠬᠡᠷᠡᠭᠲᠡᠢ᠃ ᠡᠭᠦᠨ ᠦ᠌ ᠲᠤᠯᠠ ᠳᠠᠷᠤᠭ᠎ᠠ ᠮᠢᠨᠦ ᠲᠤᠰᠢᠶᠠᠯ ᠦᠭᠡᠢ ᠪᠡᠷ ᠫᠤᠤᠳᠠᠭᠰᠠᠨ ᠬᠥᠮᠦᠨ ᠢ᠋ ᠴᠡᠷᠢᠭ ᠦ᠋ᠨ ᠴᠠᠭᠠᠵᠠ ᠪᠠᠷ ᠠᠪᠠᠴᠢᠨ᠎ᠠ᠃ ᠣᠢᠯᠠᠭᠠᠪᠠ ᠤᠤ?
᠊᠊᠊᠊᠊᠊᠊᠊᠊᠊᠊᠊᠊᠊᠊ ᠣᠢᠯᠠᠭᠠᠯ᠎ᠠ ᠭᠡᠵᠦ ᠱᠠᠭᠳᠠᠷ ᠥᠴᠢᠪᠡ᠃
ᠲᠡᠷᠡ ᠭᠤᠷᠪᠠ ᠳ᠋ᠤ᠌ ᠮᠣᠷᠢ᠂ ᠵᠠᠭᠤ ᠵᠠᠭᠤᠨ ᠰᠤᠮᠤ ᠲᠠᠢ ᠭᠤᠷᠪᠠᠨ ᠸᠢᠨᠲ᠋ᠣᠸ ᠥᠭᠴᠦ ᠶᠠᠪᠤᠭᠰᠠᠭᠠᠷ ᠬᠡᠳᠦ ᠬᠡᠳᠦᠨ ᠬᠣᠲᠠ ᠠᠢᠯ ᠲᠠᠢ ᠲᠣᠬᠢᠶᠠᠯᠳᠤᠭᠰᠠᠨ ᠠᠪᠠᠴᠤ ᠡᠵᠡᠳ ᠨᠢ ᠦᠭᠡᠢ ᠠᠵᠢ᠃ ᠵᠠᠷᠢᠮ ᠠᠢᠯ ᠤ᠋ᠨ ᠬᠤᠷᠠᠭ᠎ᠠ ᠨᠢ ᠬᠠᠰᠢᠶ᠎ᠠ ᠲᠠᠢ ᠬᠡᠪ ᠢ᠋ᠶ᠋ᠡᠷ᠂ ᠵᠠᠷᠢᠮ ᠤ᠋ᠨ ᠬᠢᠨᠢ ᠪᠦᠷᠢᠭᠰᠡᠨ ᠲᠠᠷᠠᠭ ᠨᠢ ᠬᠤᠴᠢᠭᠠᠰᠤᠲᠠᠢ ᠬᠡᠪ ᠢ᠋ᠶ᠋ᠡᠷ ᠪᠠᠢᠯ᠎ᠠ᠃
ᠬᠣᠶᠠᠷ ᠲᠠᠬᠢ ᠡᠳᠦᠷ ᠦ᠋ᠨ ᠨᠠᠷᠠ ᠰᠢᠩᠭᠡᠬᠦ ᠬᠢᠷᠢ ᠳ᠋ᠦ᠍ ᠨᠢᠭᠡᠨ ᠵᠢᠵᠢᠭᠬᠡᠨ ᠲᠣᠯᠣᠭᠠᠢ ᠶ᠋ᠢᠨ ᠬᠠᠵᠠᠭᠤ ᠳ᠋ᠤ᠌ ᠪᠠᠭᠤᠵᠤ ᠬᠠᠷᠠᠭᠤᠯ ᠮᠠᠨᠠᠭ᠎ᠠ ᠪᠠᠨ ᠲᠠᠯᠪᠢᠨ ᠬᠣᠨᠣᠬᠤ ᠪᠣᠯᠪᠠ᠃ ᠲᠩᠷᠢ ᠳ᠋ᠦ᠍ ᠨᠢᠭᠡ ᠴᠦ᠍ ᠡᠭᠦᠯᠡ ᠦᠭᠡᠢ᠂ ᠰᠡᠷᠢᠭᠦᠨ ᠪᠥᠭᠡᠳ ᠠᠷᠢᠭᠤᠬᠠᠨ ᠰᠠᠯᠬᠢ ᠦᠯᠢᠶᠡᠨ᠎ᠡ᠃ ᠬᠣᠶᠠᠷ ᠠᠩᠭᠢᠷ ᠡᠮᠦᠨ᠎ᠡ ᠵᠦᠭ ᠢ᠋ ᠪᠠᠷᠢᠨ ᠰᠢᠭᠤᠳ ᠳᠡᠪᠢᠭᠰᠡᠭᠡᠷ ᠬᠠᠷᠠᠭᠳᠠᠬᠤ ᠦᠭᠡᠢ ᠪᠣᠯᠪᠠ᠃
ᠨᠢᠯᠬ᠎ᠠ ᠨᠣᠭᠣᠭᠠᠨ ᠳ᠋ᠤ᠌ ᠲᠠᠯᠪᠢᠭᠰᠠᠨ ᠮᠣᠷᠢᠳ ᠤ᠋ᠨ ᠲᠤᠷᠭᠢᠬᠤ ᠴᠢᠮᠡᠭᠡ᠂ ᠴᠡᠷᠢᠭ ᠦ᠋ᠳ ᠦ᠋ᠨ ᠳᠦᠩᠭᠡᠷ ᠳᠦᠩᠭᠡᠷ ᠶᠠᠷᠢᠯᠴᠠᠬᠤ ᠲᠠᠢ ᠬᠣᠯᠢᠯᠳᠤᠨ ᠦᠷᠭᠦᠯᠵᠢᠯᠡᠭᠰᠡᠨ ᠪᠢᠲᠡᠭᠦᠦ ᠱᠤᠤᠭᠢᠶᠠᠨ ᠭᠠᠷᠴᠤ ᠪᠠᠢᠯ᠎ᠠ᠃ ᠰᠥᠨᠢ ᠶ᠋ᠢᠨ ᠬᠠᠷᠠᠩᠭᠤᠢ ᠡᠬᠢᠯᠡᠵᠦ ᠣᠳᠣᠳ ᠰᠦᠮᠡᠭ ᠭᠡᠷᠡᠯ ᠢ᠋ᠶ᠋ᠡᠷ ᠲᠠᠲᠠᠪᠠᠯᠵᠠᠨ ᠠᠨᠢᠪᠴᠢᠵᠤ ᠭᠢᠯᠠᠯᠵᠠᠬᠤ ᠨᠢ ᠬᠣᠷᠸ᠎ᠠ ᠶ᠋ᠢᠨ ᠠᠮᠢᠲᠠᠳ ᠤ᠋ᠨ ᠬᠦᠰᠡᠯ ᠪᠣᠳᠣᠯ ᠢ᠋ ᠳᠠᠭᠠᠬᠤ ᠭᠡᠵᠦ ᠴᠠᠪᠴᠢᠯᠠᠨ ᠪᠣᠳᠣᠭ᠎ᠠ ᠪᠠᠢᠭ᠎ᠠ ᠮᠡᠲᠦ ᠬᠠᠷᠠᠭᠳᠠᠨ᠎ᠠ᠃
ᠳᠣᠷᠣᠨ᠎ᠠ ᠵᠦᠭ ᠡᠴᠡ ᠰᠢᠨ᠎ᠡ ᠡᠳᠦᠷ ᠲᠦᠮᠡᠨ ᠠᠭᠤᠯᠠᠰ ᠢ᠋ ᠳᠠᠪᠠᠨ ᠠᠢᠯᠴᠢᠯᠠᠵᠤ ᠢᠷᠡᠬᠦ ᠪᠣᠯᠤᠭᠰᠠᠨ ᠦᠶ᠎ᠡ ᠳ᠋ᠦ᠍ ᠰᠠᠯᠠᠭ᠎ᠠ ᠶ᠋ᠢᠨ ᠳᠠᠷᠤᠭ᠎ᠠ ᠪᠠᠲᠤ ᠶ᠋ᠢ ᠲᠠᠪᠤᠨ ᠴᠡᠷᠢᠭ ᠦ᠋ᠨ ᠬᠠᠮᠲᠤ ᠬᠠᠢᠭᠤᠯ ᠢ᠋ᠶ᠋ᠠᠷ ᠶᠠᠪᠤᠭᠤᠯᠪᠠ᠃
ᠬᠠᠢᠭᠤᠯ ᠪᠠᠷᠠᠭᠤᠨ ᠬᠣᠢᠲᠤ ᠵᠦᠭ ᠢ᠋ ᠪᠠᠷᠢᠨ ᠶᠠᠪᠤᠭᠰᠠᠭᠠᠷ ᠦᠷ ᠦ᠋ᠨ ᠭᠡᠭᠡᠨ ᠦ᠌ ᠡᠬᠢᠨ ᠦ᠌ ᠴᠠᠢᠪᠤᠷ ᠲᠤᠶᠠᠭ᠎ᠠ ᠵᠡᠭᠦᠨ ᠠᠭᠤᠯᠠᠰ ᠤ᠋ᠨ ᠣᠷᠣᠢ ᠳᠡᠭᠡᠭᠦᠷ ᠥᠩᠭᠡᠢᠨ ᠰᠠᠴᠤᠷᠠᠬᠤ ᠦᠶ᠎ᠡ ᠳ᠋ᠦ᠍ ᠳᠠᠪᠠᠯᠭᠠᠨ ᠤ᠋ ᠣᠷᠣᠢ ᠳᠡᠭᠡᠷ᠎ᠡ ᠭᠠᠷᠪᠠᠯ ᠲᠡᠷᠲᠡᠭᠡ ᠳᠣᠣᠷ᠎ᠠ ᠠᠮᠠᠨ ᠳ᠋ᠤ᠌ ᠬᠥᠮᠦᠨ ᠮᠠᠯ ᠤ᠋ᠨ ᠦᠯᠡᠮᠵᠢ ᠴᠢᠮᠡᠭᠡ ᠰᠣᠨᠣᠰᠳᠠᠵᠤ ᠪᠠᠢᠯ᠎ᠠ᠃ ᠨᠢᠭᠡᠳᠦᠭᠡᠷ ᠲᠦ᠍ ᠬᠣᠯᠠ ᠶ᠋ᠢᠨ ᠪᠠᠷ᠎ᠠ ᠬᠠᠷᠠᠭᠳᠠᠬᠤ ᠦᠭᠡᠢ᠃ ᠬᠣᠶᠠᠳᠤᠭᠠᠷ ᠲᠤ᠌ ᠳᠠᠪᠠᠭᠠᠨ ᠤ᠋ ᠠᠷᠤ ᠶ᠋ᠢᠨ ᠮᠣᠳᠣ ᠪᠦᠬᠦᠨ ᠢ᠋ ᠳᠠᠯᠳᠠᠯᠠᠵᠤ ᠪᠠᠢᠭ᠎ᠠ ᠪᠣᠯᠬᠣᠷ ᠬᠠᠢᠭᠤᠯ ᠤ᠋ᠨ ᠭᠤᠷᠪᠠ ᠨᠢ ᠦᠯᠡᠳᠡᠵᠦ᠂ ᠪᠠᠲᠤ ᠨᠢᠭᠡ ᠴᠡᠷᠢᠭ ᠦ᠋ᠨ ᠬᠠᠮᠲᠤ ᠠᠯᠭᠤᠷᠬᠠᠨ ᠪᠥᠭᠡᠳ ᠬᠢᠨᠠᠮᠠᠭᠠᠢ ᠤᠷᠤᠭᠤᠳᠠᠪᠠ᠃ ᠮᠣᠳᠣᠨ ᠤ᠋ ᠵᠠᠬ᠎ᠠ ᠬᠠᠶᠠᠭ᠎ᠠ ᠬᠦᠷᠬᠦ ᠳ᠋ᠦ᠍ ᠬᠣᠯᠠ ᠶ᠋ᠢᠨ ᠪᠠᠷ᠎ᠠ ᠬᠠᠷᠠᠭᠳᠠᠵᠤ ᠡᠬᠢᠯᠡᠪᠡ᠃ ᠬᠣᠶᠠᠷ ᠭᠤᠷᠪᠠᠨ ᠰᠠᠭᠠᠬᠠᠯᠲᠠ ᠵᠠᠢᠲᠠᠢ ᠭᠠᠵᠠᠷ ᠲᠤ᠌ ᠬᠡᠳᠦᠨ ᠵᠠᠭᠤᠨ ᠮᠣᠷᠢᠲᠠᠢ ᠬᠥᠮᠦᠰ ᠵᠠᠮᠪᠠᠷᠠᠭ᠎ᠠ ᠦᠭᠡᠢ ᠴᠤᠪᠤᠷᠠᠯᠳᠤᠭᠰᠠᠭᠠᠷ ᠳᠠᠪᠠᠭ᠎ᠠ ᠥᠭᠡᠳᠡ ᠢᠷᠡᠵᠦ ᠶᠠᠪᠤᠯ᠎ᠠ᠃ ᠬᠥᠮᠦᠰ ᠦ᠋ᠨ ᠮᠠᠩᠨᠠᠢ ᠳ᠋ᠤ᠌ ᠶᠠᠪᠤᠭ᠎ᠠ ᠥᠨᠳᠥᠷ ᠬᠠᠷ᠎ᠠ ᠮᠣᠷᠢᠲᠠᠢ ᠬᠥᠮᠦᠨ ᠭᠤᠷᠪᠠᠨ ᠪᠦᠴᠡ ᠲᠡᠢ ᠲᠣᠮᠣ ᠰᠢᠷ᠎ᠠ ᠲᠤᠭ ᠳᠥᠷᠥᠭᠡᠪᠴᠢᠯᠡᠨ ᠪᠠᠷᠢᠵᠤ ᠬᠣᠶᠠᠷ ᠲᠠᠯ᠎ᠠ ᠳ᠋ᠤ᠌ ᠨᠢ ᠢᠵᠢᠯ ᠤᠯᠠᠭᠠᠨ ᠵᠡᠭᠡᠷᠳᠡ ᠮᠣᠷᠢ ᠲᠠᠢ ᠳᠥᠷᠪᠡᠨ ᠬᠥᠮᠦᠨ ᠰᠡᠯᠡᠮ᠎ᠡ ᠣᠭᠰᠢᠨ ᠬᠣᠣᠰ ᠬᠣᠣᠰ ᠢ᠋ᠶ᠋ᠠᠷ ᠵᠡᠷᠭᠡᠴᠡᠨ ᠶᠠᠪᠤᠯ᠎ᠠ᠃
᠊᠊᠊᠊᠊᠊᠊᠊᠊᠊᠊᠊᠊᠊᠊ ᠳᠠᠢᠰᠤᠨ ᠭᠡᠵᠦ ᠪᠠᠲᠤ ᠰᠢᠪᠡᠭᠡᠨᠡᠪᠡ᠃
᠊᠊᠊᠊᠊᠊᠊᠊᠊᠊᠊᠊᠊᠊᠊ ᠲᠤᠭᠴᠢ ᠶ᠋ᠢ ᠨᠢ ᠤᠨᠠᠭᠠᠵᠤ ᠤᠷᠭᠢᠶ᠎ᠠ ᠭᠡᠳ ᠴᠡᠷᠢᠭ ᠸᠢᠨᠲ᠋ᠣᠸ ᠢ᠋ᠶ᠋ᠠᠨ ᠮᠥᠷᠥᠪᠴᠢᠯᠡᠨ ᠱᠠᠭᠠᠢ᠌ᠭᠰᠠᠨ ᠢ᠋ᠶ᠋ᠠᠨ ᠨᠢᠳᠦ ᠪᠦᠷᠳᠡᠯᠵᠡᠭᠡᠳ ᠣᠪᠣᠭ᠎ᠠ ᠬᠠᠷᠠᠭ᠎ᠠ ᠨᠡᠢᠯᠡᠬᠦ ᠦᠭᠡᠢ ᠪᠠᠢᠨ᠎ᠠ ᠭᠡᠳ ᠪᠠᠲᠤ ᠤᠷᠤᠭᠤ ᠬᠠᠷᠠᠯ᠎ᠠ᠃
᠊᠊᠊᠊᠊᠊᠊᠊᠊᠊᠊᠊᠊᠊᠊ ᠠᠴᠢ ᠶ᠋ᠢ ᠨᠢ ᠪᠠᠴᠢ ᠪᠠᠷ ᠭᠡᠭᠴᠢ ᠪᠣᠯᠵᠤ ᠠᠷᠠᠳ ᠤ᠋ᠨ ᠵᠠᠰᠠᠭ ᠢ᠋ ᠫᠤᠤ ᠪᠠᠷᠢᠵᠤ ᠡᠰᠡᠷᠭᠦᠴᠡᠨ᠎ᠡ ᠭᠡᠨ᠎ᠡ ᠠ᠋ ᠭᠡᠳ ᠪᠠᠲᠤ ᠸᠢᠨᠲ᠋ᠣᠸ ᠢ᠋ᠶ᠋ᠠᠨ ᠱᠠᠭᠠᠢᠮᠠᠭᠴᠠ ᠭᠣᠬ᠎ᠠ ᠪᠠᠨ ᠮᠤᠯᠲᠤᠯᠪᠠ᠃ ᠭᠣᠣᠯ ᠰᠢᠷ᠎ᠠ ᠲᠤᠭ ᠨᠠᠯᠠᠨ ᠭᠡᠳᠡᠷᠭᠦ ᠪᠡᠨ ᠤᠨᠠᠵᠤ᠂ ᠲᠤᠭᠴᠢ ᠨᠢ ᠮᠣᠷᠢᠨ ᠤ᠋ ᠪᠠᠨ ᠪᠤᠷᠤᠭᠤ ᠲᠠᠯ᠎ᠠ ᠤᠷᠤᠭᠤ ᠠᠯᠭᠤᠷᠬᠠᠨ ᠢ᠋ᠶ᠋ᠠᠷ ᠭᠤᠯᠭᠤᠪᠠ᠃
᠊᠊᠊᠊᠊᠊᠊᠊᠊᠊᠊᠊᠊᠊᠊ ᠵᠠ ᠨᠢᠰᠦᠭᠡᠳ ᠪᠠᠢᠳᠠᠭ ᠬᠡᠷᠡᠭ ᠭᠡᠳ ᠴᠡᠷᠢᠭ ᠡᠷᠭᠢᠵᠦ ᠮᠣᠷᠢᠨ ᠳ᠋ᠠᠭᠠᠨ ᠲᠠᠰᠢᠭᠤᠷ ᠥᠭᠬᠦ ᠳ᠋ᠦ᠍ ᠪᠠᠲᠤ ᠴᠤ᠌ ᠮᠣᠷᠢᠨ ᠤ᠋ ᠪᠠᠨ ᠳᠡᠯ ᠳ᠋ᠦ᠍ ᠬᠠᠴᠠᠷ ᠢ᠋ᠶ᠋ᠠᠨ ᠨᠡᠢᠯᠡᠭᠦᠯᠦᠨ ᠬᠤᠷᠳᠤᠯᠠᠪᠠ᠃
ᠪᠠᠲᠤ ᠶ᠋ᠢᠨ ᠮᠣᠷᠢ ᠬᠤᠷᠳᠤᠨ ᠠᠵᠢ᠃ ᠡᠮᠦᠨ᠎ᠡ ᠪᠡᠨ ᠶᠠᠪᠤᠭᠰᠠᠨ ᠴᠡᠷᠢᠭ ᠢ᠋ ᠭᠦᠢᠴᠡᠵᠦ ᠲᠦᠷᠦᠭᠦᠯᠡᠬᠦ ᠦᠶ᠎ᠡ ᠳ᠋ᠦ᠍ ᠠᠷᠤ ᠳ᠋ᠤ᠌ ᠨᠢ ᠮᠣᠷᠢᠨ ᠤ᠋ ᠲᠤᠭᠤᠷᠠᠢ ᠰᠣᠨᠣᠰᠳᠠᠬᠤ ᠳ᠋ᠤ᠌ ᠡᠷᠭᠢᠵᠦ ᠬᠠᠷᠠᠪᠠᠯ ᠠᠷᠪᠠᠭᠠᠳ ᠬᠥᠮᠦᠨ ᠴᠤᠪᠤᠷᠠᠯᠳᠤᠨ ᠶᠠᠪᠤᠭ᠎ᠠ ᠶ᠋ᠢᠨ ᠡᠮᠦᠨ᠎ᠡ ᠪᠣᠷᠣ ᠮᠣᠷᠢ ᠲᠠᠢ᠂ ᠬᠥᠬᠡ ᠳᠡᠪᠡᠯ ᠲᠡᠢ ᠬᠥᠮᠦᠨ ᠬᠤᠢ ᠰᠠᠯᠬᠢ ᠰᠢᠭ᠋ ᠬᠤᠷᠳᠤᠯᠠᠨ ᠶᠠᠪᠤᠯ᠎ᠠ᠃ ᠡᠨᠡ ᠪᠣᠯ ᠬᠣᠩᠭᠣᠷ ᠪᠠᠢᠵᠠᠢ᠃ ᠭᠡᠪᠡᠴᠦ ᠵᠢᠭᠤᠲᠠᠵᠤ ᠶᠠᠪᠤᠭ᠎ᠠ ᠪᠠᠲᠤ ᠴᠤ᠌᠂ ᠨᠡᠬᠡᠵᠦ ᠶᠠᠪᠤᠭ᠎ᠠ ᠬᠣᠩᠭᠣᠷ ᠴᠤ᠌ ᠬᠡᠨ ᠬᠡᠨ ᠢ᠋ᠶ᠋ᠡᠨ ᠲᠠᠨᠢᠭᠰᠠᠨ ᠦᠭᠡᠢ᠃ ᠪᠠᠲᠤ ᠡᠴᠡ ᠬᠣᠷᠢ ᠭᠠᠷᠤᠢ ᠮᠧᠲ᠋ᠷ ᠬᠣᠴᠣᠷᠤᠭᠰᠠᠨ ᠴᠡᠷᠢᠭ ᠡᠷᠭᠢᠵᠦ ᠬᠠᠷᠠᠬᠤ ᠭᠡᠲᠡᠯ᠎ᠡ ᠬᠣᠩᠭᠣᠷ ᠤ᠋ᠨ ᠤᠷᠲᠤ ᠪᠤᠭᠤᠢᠯᠢ ᠬᠦᠵᠦᠭᠦᠦ ᠣᠷᠢᠶᠠᠵᠤ ᠮᠣᠷᠢᠨ ᠡᠴᠡ ᠨᠢ ᠭᠤᠲᠤ ᠲᠡᠳᠡᠨ ᠤᠨᠠᠭᠠᠪᠠ᠃
ᠳᠠᠪᠠᠭᠠᠨ ᠳᠡᠭᠡᠷ᠎ᠡ ᠬᠦᠯᠢᠶᠡᠵᠦ ᠪᠠᠢᠭᠰᠠᠨ ᠬᠠᠢᠭᠤᠯᠴᠢᠳ ᠫᠤᠤᠳᠠᠵᠤ ᠡᠬᠢᠯᠡᠬᠦ ᠳ᠋ᠦ᠍ ᠡᠰᠡᠷᠭᠦᠦ ᠨᠠᠷ ᠮᠣᠳᠣ ᠤᠷᠤᠭᠤ ᠳᠡᠷᠡᠨ ᠣᠷᠣᠵᠤ ᠠᠯᠠᠭ᠎ᠠ ᠪᠣᠯᠪᠠ᠃ ᠪᠤᠭᠤᠢᠯᠢᠳᠠᠭᠤᠯᠤᠭᠰᠠᠨ ᠴᠡᠷᠢᠭ ᠴᠢᠷᠦᠭᠳᠡᠵᠦ ᠶᠠᠪᠤᠬᠤ ᠳ᠋ᠠᠭᠠᠨ ᠲᠣᠯᠣᠭᠠᠢ ᠪᠠᠷ ᠢ᠋ᠶ᠋ᠠᠨ ᠪᠦᠳᠦᠭᠦᠨ ᠮᠣᠳᠣ ᠰᠠᠪᠠᠭᠰᠠᠨ ᠤᠴᠢᠷ ᠳᠣᠣᠷ᠎ᠠ ᠪᠠᠨ ᠦᠬᠦᠵᠡᠢ᠃
ᠡᠨᠡ ᠬᠣᠭᠣᠷᠣᠨᠳᠣ ᠬᠠᠢᠭᠤᠯᠴᠢᠳ ᠱᠠᠯᠠᠮᠠᠭᠠᠢᠯᠠᠨ ᠳᠣᠪᠲᠣᠯᠵᠤ ᠠᠩᠭᠢ ᠳ᠋ᠠᠭᠠᠨ ᠬᠦᠷᠦᠭᠡᠳ ᠤᠴᠢᠷ ᠶᠠᠪᠤᠳᠠᠯ ᠢ᠋ ᠬᠡᠯᠡᠵᠡᠢ᠃ ᠬᠡᠳᠦᠨ ᠵᠠᠭᠤᠨ ᠮᠣᠷᠢ ᠲᠠᠢ ᠬᠥᠮᠦᠨ ᠢᠷᠡᠵᠦ ᠶᠠᠪᠤᠭ᠎ᠠ ᠪᠣᠯᠬᠣᠷ ᠠᠷᠠᠳ ᠤ᠋ᠨ ᠴᠡᠷᠢᠭ ᠦ᠋ᠨ ᠰᠠᠯᠠᠭ᠎ᠠ ᠬᠣᠶᠠᠷ ᠲᠣᠯᠣᠭᠠᠢ ᠶ᠋ᠢ ᠡᠵᠡᠯᠡᠨ ᠬᠣᠷᠢᠭᠯᠠᠯᠲᠠ ᠳ᠋ᠤ᠌ ᠪᠡᠯᠡᠳᠬᠡᠪᠡ᠂ ᠪᠠᠲᠤ ᠪᠠᠷᠠᠭᠤᠨ ᠲᠠᠯ᠎ᠠ ᠶ᠋ᠢᠨ ᠲᠣᠯᠣᠭᠠᠢ ᠳᠡᠭᠡᠷ᠎ᠡ ᠪᠠᠢᠷᠢ ᠡᠵᠡᠯᠡᠵᠦ ᠠᠪᠤᠯ᠎ᠠ᠃ ᠪᠤᠭᠤᠢᠯᠢᠳᠠᠭᠤᠯᠤᠭᠰᠠᠨ ᠴᠡᠷᠢᠭ ᠦ᠋ᠨ ᠵᠡᠪᠰᠡᠭ ᠢ᠋ ᠲᠦᠭᠵᠢᠯ ᠵᠠᠩᠵᠤᠨ ᠤ᠋ ᠵᠠᠷᠯᠢᠭ ᠢ᠋ᠶ᠋ᠠᠷ ᠬᠣᠩᠭᠣᠷ ᠲᠤ᠌ ᠱᠠᠩᠨᠠᠵᠤ᠂ ᠬᠣᠩᠭᠣᠷ ᠳᠠᠯ᠎ᠠ ᠭᠠᠷᠤᠢ ᠰᠤᠮᠤ ᠲᠠᠢ ᠸᠢᠨᠲ᠋ᠣᠸ ᠫᠤᠤ ᠲᠠᠢ ᠪᠣᠯᠵᠠᠢ᠃
ᠦᠳᠡ ᠥᠩᠭᠡᠷᠡᠬᠦ ᠶ᠋ᠢᠨ ᠦᠶ᠎ᠡ ᠳ᠋ᠦ᠍ ᠡᠰᠡᠷᠭᠦᠦ ᠨᠠᠷ ᠤ᠋ᠨ ᠵᠠᠭᠤ ᠭᠠᠷᠤᠢ ᠮᠣᠷᠢ ᠲᠠᠢ ᠬᠥᠮᠦᠨ ᠠᠷᠠᠳ ᠤ᠋ᠨ ᠴᠡᠷᠢᠭ ᠦ᠋ᠨ ᠡᠵᠡᠯᠡᠭᠰᠡᠨ ᠪᠠᠢᠷᠢ ᠥᠭᠡᠳᠡ ᠬᠠᠯᠵᠠ ᠳᠣᠪᠲᠣᠯᠤᠭᠰᠠᠨ ᠪᠣᠯᠪᠠᠴᠤ ᠬᠣᠶᠠᠷ ᠲᠣᠯᠣᠭᠠᠢ ᠳᠡᠭᠡᠷ᠎ᠡ ᠪᠠᠢ᠌ᠷᠢᠯᠠᠭᠤᠯᠠᠰᠠᠨ ᠬᠥᠩᠭᠡᠨ ᠫᠦᠯᠧᠮᠶᠣᠲ ᠤ᠋ᠨ ᠰᠢᠷᠦᠭᠦᠨ ᠭᠠᠯ ᠳ᠋ᠤ᠌ ᠳᠠᠭᠠᠷᠢᠭᠳᠠᠵᠤ ᠨᠡᠯᠢᠶᠡᠳ ᠬᠥᠮᠦᠨ ᠮᠣᠷᠢᠳ ᠢ᠋ᠶ᠋ᠠᠨ ᠠᠯᠠᠭᠤᠯᠤᠭᠠᠳ ᠪᠤᠴᠠᠵᠤ ᠪᠠᠢᠷᠢ ᠡᠵᠡᠯᠡᠨ ᠬᠠᠶᠠ ᠬᠠᠶᠠ ᠡᠨᠳᠡ ᠲᠡᠨᠳᠡ ᠡᠴᠡ ᠫᠤᠤᠳᠠᠵᠤ ᠡᠬᠢᠯᠡᠪᠡ᠃ ᠤᠳᠠᠭᠠᠨ ᠫᠤᠤᠳᠠᠯᠴᠠᠬᠤ ᠰᠤᠮᠤ ᠦᠭᠡᠢ ᠤᠴᠢᠷ ᠡᠴᠡ ᠲᠦᠭᠵᠢᠯ ᠫᠤᠤ ᠶ᠋ᠢᠨ ᠠᠮᠠ ᠳᠣᠯᠣᠭᠣᠭᠰᠠᠨ ᠬᠥᠮᠦᠰ ᠢ᠋ᠶ᠋ᠡᠷ ᠬᠠᠯᠬᠠᠪᠴᠢ ᠬᠢᠵᠦ ᠪᠠᠢᠭᠠᠳ ᠳᠣᠪᠲᠣᠯᠬᠤ ᠶ᠋ᠢ ᠣᠷᠣᠯᠳᠣᠭᠰᠠᠨ ᠪᠣᠯᠪᠠᠴᠤ ᠪᠠᠰᠠ ᠯᠠ ᠠᠮᠵᠢᠯᠲᠠ ᠣᠯᠤᠭᠰᠠᠨ ᠦᠭᠡᠢ᠃
᠊᠊᠊᠊᠊᠊᠊᠊᠊᠊᠊᠊᠊᠊᠊ ᠮᠣᠷᠢᠨ ᠳ᠋ᠠᠭᠠᠨ ᠲᠠᠰᠢᠭᠤᠷ ᠥᠭᠴᠦ᠂ ᠤᠯᠠᠭᠠᠨ ᠤ᠋ ᠪᠤᠷᠤᠭᠤ ᠨᠣᠮᠲᠠᠨ ᠢ᠋ ᠳᠠᠭᠠᠷᠢᠭᠠᠳ ᠭᠡᠵᠦ ᠴᠡᠮᠪᠡ ᠬᠡᠴᠢᠨᠡᠨ ᠪᠠᠷᠬᠢᠷᠠᠪᠠᠴᠤ ᠬᠣᠶᠠᠷ ᠫᠦᠯᠧᠮᠶᠣᠲ ᠤ᠋ᠨ ᠡᠰᠡᠷᠭᠦ ᠳᠠᠭᠠᠷᠢᠬᠤ ᠬᠥᠮᠦᠨ ᠭᠠᠷᠤᠭᠰᠠᠨ ᠦᠭᠡᠢ᠃
᠊᠊᠊᠊᠊᠊᠊᠊᠊᠊᠊᠊᠊᠊᠊ ᠵᠠᠩᠵᠤᠨ ᠲᠠ ᠨᠠᠳᠠ ᠰᠢᠯᠢᠳᠡᠭ ᠮᠣᠷᠢ ᠲᠠᠢ ᠵᠠᠭᠤᠨ ᠬᠥᠮᠦᠨ ᠥᠭᠪᠡᠯ ᠪᠢ ᠤᠯᠠᠭᠠᠨ ᠤ᠋ ᠬᠢᠨ ᠢ᠋ ᠪᠦᠭᠦᠳᠡ ᠶ᠋ᠢ ᠨᠢ ᠬᠦᠯᠢᠭᠡᠳ ᠢᠷᠡᠶ᠎ᠡ ᠭᠡᠵᠦ ᠲᠦᠭᠵᠢᠯ ᠦ᠋ᠨ ᠳᠡᠷᠭᠡᠳᠡ ᠢᠷᠡᠭᠰᠡᠨ ᠬᠣᠩᠭᠣᠷ ᠬᠡᠯᠡᠪᠡ᠃
᠊᠊᠊᠊᠊᠊᠊᠊᠊᠊᠊᠊᠊᠊᠊ ᠪᠠᠴᠢᠮᠳᠠᠨ ᠬᠠᠰᠬᠢᠷᠴᠤ ᠪᠠᠢᠭᠰᠠᠨ ᠲᠦᠭᠵᠢᠯ ᠰᠢᠷᠦᠭᠦᠨ ᠨᠢᠳᠦ ᠪᠡᠷ ᠬᠣᠩᠭᠣᠷ ᠢ᠋ ᠬᠠᠷᠠᠭᠰᠠᠨ ᠢ᠋ᠶ᠋ᠠᠨ 《ᠳᠤᠷ᠎ᠠ ᠲᠠᠢ ᠬᠥᠮᠦᠰ ᠢ᠋ᠶ᠋ᠡᠨ ᠠᠪᠤᠭᠠᠳ ᠶᠠᠪᠤ》 ᠭᠡᠯᠡ᠃
᠊᠊᠊᠊᠊᠊᠊᠊᠊᠊᠊᠊᠊᠊᠊ ᠪᠢᠳᠡ ᠨᠠᠷ ᠲᠡᠷᠡ ᠠᠭᠤᠯᠠ ᠶ᠋ᠢᠨ ᠣᠷᠣᠢ ᠳ᠋ᠤ᠌ ᠭᠠᠷᠤᠭᠠᠳ ᠤᠯᠠᠭᠠᠨ ᠤ᠋ ᠬᠢᠨ ᠦ᠌ ᠪᠠᠷᠠᠭᠤᠨ ᠭᠠᠷ ᠡᠴᠡ ᠲᠠᠭᠠᠷᠢᠨ᠎ᠠ᠃ ᠲᠠ ᠨᠠᠷ ᠲᠡᠷᠡ ᠦᠶ᠎ᠡ ᠳ᠋ᠦ᠍ ᠵᠣᠭᠰᠣᠯᠲᠠ ᠦᠭᠡᠢ ᠫᠤᠤᠳᠠᠵᠤ ᠪᠠᠢᠭᠠᠳ ᠪᠢᠳᠡᠨ ᠢ᠋ ᠪᠠᠷᠠᠭᠤᠨ ᠲᠠᠯ᠎ᠠ ᠶ᠋ᠢᠨ ᠲᠣᠯᠣᠭᠠᠢ ᠳᠡᠭᠡᠷ᠎ᠡ ᠭᠠᠷᠤᠮᠠᠭᠴᠠ ᠮᠥᠨ ᠲᠠᠭᠠᠷᠢᠨ᠎ᠠ ᠰᠢᠦ ᠭᠡᠵᠦ ᠬᠣᠩᠭᠣᠷ ᠬᠡᠯᠡᠪᠡ᠃
᠊᠊᠊᠊᠊᠊᠊᠊᠊᠊᠊᠊᠊᠊᠊ ᠡᠨᠡ ᠬᠡᠷᠡᠭ ᠢ᠋ ᠭᠦᠢᠴᠡᠳᠬᠡᠭᠰᠡᠨ ᠦ᠌ ᠳᠠᠷᠠᠭ᠎ᠠ ᠵᠠᠯᠠᠭᠤ ᠪᠠᠭᠠᠲᠤᠷ ᠴᠢᠮᠠᠶ᠋ᠢ ᠲᠤᠰᠠᠯᠠᠬᠤ ᠵᠠᠩᠵᠤᠨ ᠪᠣᠯᠭᠠᠨ᠎ᠠ ᠭᠡᠵᠦ ᠲᠦᠭᠵᠢᠯ ᠢᠷᠪᠠᠢᠨ ᠢᠨᠢᠶᠡᠮᠰᠦᠭᠯᠡᠬᠦ ᠳᠦᠷᠢ ᠦᠵᠡᠭᠦᠯᠦᠨ ᠬᠡᠯᠡᠪᠡ᠃
᠊᠊᠊᠊᠊᠊᠊᠊᠊᠊᠊᠊᠊᠊᠊ ᠵᠠᠯᠠᠭᠤ ᠪᠠᠭᠠᠲᠤᠷ ᠤ᠋ᠨ ᠠᠮᠢ ᠨᠠᠰᠤ ᠶ᠋ᠢ ᠪᠢ ᠳᠠᠭᠠᠭᠠᠨ᠎ᠠ ᠭᠡᠵᠦ ᠨᠢᠭᠡ ᠬᠥᠮᠦᠨ ᠬᠡᠯᠡᠬᠦ ᠳ᠋ᠦ᠍ ᠨᠢ ᠬᠠᠷᠠᠪᠠᠯ ᠴᠡᠮᠪᠡ ᠪᠠᠢᠯ᠎ᠠ᠃
ᠬᠣᠩᠭᠣᠷ ᠲᠣᠭᠣᠮᠵᠢᠷ ᠦᠭᠡᠢ ᠬᠦᠢᠲᠡᠨ ᠢᠨᠢᠶᠡᠮᠰᠦᠭᠯᠡᠪᠡ᠃ ᠲᠡᠭᠦᠨ ᠦ᠌ ᠰᠡᠳᠬᠢᠯ ᠳ᠋ᠦ᠍ ᠵᠠᠶ᠎ᠠ ᠶ᠋ᠢᠨ ᠬᠦᠷᠢᠶᠡᠨ ᠳᠡᠭᠡᠷ᠎ᠡ ᠪᠠᠢᠭᠰᠠᠨ ᠨᠢ᠂ ᠴᠡᠮᠪᠡ ᠳ᠋ᠦ᠍ ᠳᠣᠷᠣᠮᠵᠢᠯᠠᠭᠤᠯᠤᠭᠰᠠᠨ ᠨᠢ ᠪᠣᠳᠣᠭᠳᠠᠪᠠ᠃ 《ᠬᠥᠮᠦᠨ ᠦ᠌ ᠠᠮᠢ ᠶ᠋ᠢ ᠳᠠᠭᠠᠭᠠᠨ᠎ᠠ ᠭᠡᠨ᠎ᠡ᠃ ᠥᠪᠡᠷ ᠦ᠋ᠨ ᠢ᠋ᠶ᠋ᠡᠨ ᠨᠣᠬᠠᠢ ᠠᠮᠢ ᠶ᠋ᠢ ᠠᠷᠭᠠᠯᠠᠵᠤ ᠶᠠᠪᠤᠪᠠᠯ ᠳᠡᠭᠡᠷ᠎ᠡ ᠪᠢᠰᠢ ᠤᠤ》 ᠭᠡᠵᠦ ᠬᠣᠩᠭᠣᠷ ᠳᠣᠲᠣᠷ᠎ᠠ ᠪᠠᠨ ᠪᠣᠳᠣᠵᠠᠢ᠃
ᠬᠣᠩᠭᠣᠷ ᠵᠠᠭᠤᠨ ᠰᠢᠯᠢᠳᠡᠭ ᠮᠣᠷᠢ ᠲᠠᠢ ᠬᠥᠮᠦᠰ ᠢ᠋ ᠰᠣᠩᠭᠣᠵᠤ ᠠᠪᠤᠭᠠᠳ ᠠᠷᠠᠳ ᠤ᠋ᠨ ᠴᠡᠷᠢᠭ ᠲᠦ᠍ ᠦᠵᠡᠭᠳᠡᠯ ᠦᠭᠡᠢ ᠶᠠᠪᠤᠵᠤ᠂ ᠲᠡᠭᠦᠨ ᠦ᠌ ᠪᠠᠷᠠᠭᠤᠨ ᠭᠠᠷ ᠲᠤ᠌ ᠪᠠᠢᠷᠢ ᠡᠵᠡᠯᠡᠪᠡ᠃ ᠣᠷᠣᠢ ᠶ᠋ᠢᠨ ᠨᠠᠷᠠ ᠪᠠᠷᠠᠭᠤᠨ ᠠᠭᠤᠯᠠ ᠶ᠋ᠢᠨ ᠣᠷᠣᠢ ᠳ᠋ᠤ᠌ ᠨᠠᠭᠠᠯᠳᠤᠵᠤ ᠠᠯᠲᠠᠨ ᠰᠢᠷ᠎ᠠ ᠭᠡᠷᠡᠯ ᠢ᠋ᠶ᠋ᠡᠷ ᠶᠠᠭᠤᠮ᠎ᠠ ᠪᠦᠬᠦᠨ ᠦ᠌ ᠪᠠᠷᠠᠭᠤᠨ ᠲᠠᠯ᠎ᠠ ᠶ᠋ᠢ ᠭᠡᠢᠭᠦᠯᠪᠡ᠃
ᠡᠨᠡ ᠦᠶ᠎ᠡ ᠳ᠋ᠦ᠍ ᠬᠣᠩᠭᠣᠷ ᠵᠠᠭᠤᠨ ᠬᠥᠮᠦᠨ ᠢ᠋ᠶ᠋ᠡᠨ ᠮᠣᠷᠳᠠᠭᠤᠯᠵᠤ ᠶᠠᠪᠤᠭᠰᠠᠭᠠᠷ ᠠᠷᠠᠳ ᠤ᠋ᠨ ᠴᠡᠷᠢᠭ ᠦ᠋ᠨ ᠪᠠᠷᠠᠭᠤᠨ ᠭᠠᠷ ᠲᠤ᠌ ᠣᠴᠢᠵᠤ ᠣᠷᠣᠢ ᠶ᠋ᠢᠨ ᠨᠠᠷᠠ ᠳᠠᠭᠠᠵᠤ ᠣᠢᠷᠠᠲᠤᠨ ᠭᠡᠨᠡᠳᠲᠡ ᠳᠣᠪᠲᠣᠯᠪᠠ᠃ ᠨᠠᠷᠠᠨ ᠳ᠋ᠤ᠌ ᠭᠢᠯᠪᠠᠭᠰᠠᠨ ᠴᠡᠷᠢᠭ ᠦ᠋ᠳ ᠴᠣᠬᠣᠮ ᠶᠠᠭᠤ ᠳᠠᠭᠠᠷᠢᠵᠤ ᠪᠠᠢᠭ᠎ᠠ ᠶ᠋ᠢ ᠣᠢᠯᠠᠭᠠᠵᠤ ᠶᠠᠳᠠᠵᠤ ᠪᠠᠢᠲᠠᠯ᠎ᠠ ᠵᠠᠬ᠎ᠠ ᠶ᠋ᠢᠨ ᠬᠥᠮᠦᠨ ᠦ᠌ ᠲᠣᠯᠣᠭᠠᠢ ᠳᠡᠭᠡᠷ᠎ᠡ ᠬᠣᠩᠭᠣᠷ ᠤ᠋ᠨ ᠬᠦᠨᠳᠦ ᠪᠣᠷᠣᠣᠬᠠᠢ ᠪᠠᠭᠤᠵᠠᠢ᠃ ᠮᠥᠨ ᠡᠨᠡ ᠦᠶ᠎ᠡ ᠳ᠋ᠦ᠍ ᠡᠰᠡᠷᠭᠦᠦ ᠨᠠᠷ ᠤ᠋ᠨ ᠭᠣᠣᠯ ᠬᠦᠴᠦ ᠳᠠᠭᠠᠷᠢᠪᠠ᠃
ᠬᠡᠰᠡᠭ ᠵᠠᠭᠤᠷ᠎ᠠ ᠰᠢᠷᠦᠭᠦᠨ ᠲᠤᠯᠤᠯᠳᠤᠭᠠᠨ ᠦᠷᠭᠦᠯᠵᠢᠯᠡᠪᠡ᠃ ᠴᠡᠷᠢᠭ ᠦ᠋ᠳ ᠦᠬᠦᠯᠳᠦᠨ ᠪᠠᠢᠯᠳᠤᠭᠰᠠᠨ ᠪᠣᠯᠪᠠᠴᠤ ᠡᠵᠡᠯᠡᠭᠰᠡᠨ ᠪᠠᠢᠷᠢᠨ ᠳ᠋ᠤ᠌ ᠨᠢ ᠬᠡᠳᠦᠨ ᠵᠠᠭᠤᠨ ᠮᠣᠷᠢ ᠲᠠᠢ ᠬᠥᠮᠦᠰ ᠣᠷᠣᠵᠤ ᠢᠷᠡᠭᠡᠳ ᠪᠠᠷᠠᠭᠤᠨ ᠵᠡᠭᠦᠨ ᠦᠭᠡᠢ ᠴᠣᠬᠢᠯᠴᠠᠬᠤ ᠲᠤᠯᠠ ᠶᠡᠬᠡᠩᠬᠢ ᠨᠢ ᠠᠯᠠᠭᠳᠠᠵᠤ ᠤᠬᠠᠭᠠᠨ ᠲᠠᠢ ᠤᠬᠠᠭᠠᠨ ᠦᠭᠡᠢ ᠠᠷᠪᠠᠭᠠᠳ ᠬᠥᠮᠦᠨ ᠪᠠᠷᠢᠭᠳᠠᠪᠠ᠃ ᠪᠠᠲᠤ ᠬᠣᠶᠠᠷ ᠢ᠋ ᠲᠣᠭᠠᠯᠠᠨ ᠫᠤᠤᠳᠠᠵᠤ ᠠᠯᠠᠭᠠᠳ ᠭᠤᠷᠪᠠᠳᠠᠬᠢ ᠪᠠᠨ ᠫᠤᠤᠳᠠᠬᠤ ᠭᠡᠵᠦ ᠪᠠᠢᠲᠠᠯ᠎ᠠ ᠬᠠᠵᠠᠭᠤ ᠡᠴᠡ ᠨᠢ ᠳᠠᠭᠠᠷᠢᠭᠰᠠᠨ ᠬᠥᠮᠦᠨ ᠳ᠋ᠦ᠍ ᠴᠣᠬᠢᠭᠤᠯᠤᠨ ᠤᠬᠠᠭᠠᠨ ᠠᠯᠳᠠᠵᠠᠢ᠃ ᠰᠢᠷᠠᠭᠳᠤᠭᠰᠠᠨ ᠬᠥᠮᠦᠰ ᠦ᠋ᠨ ᠰᠢᠨᠠᠯᠬᠤ ᠳᠠᠭᠤ ᠴᠢᠬᠢ ᠵᠦᠰᠦᠨ ᠵᠢᠷᠦᠬᠡ ᠰᠢᠮᠰᠢᠷᠡᠭᠦᠯᠵᠦ᠂ ᠰᠢᠷᠠᠭᠳᠤᠭᠰᠠᠨ ᠮᠣᠷᠢᠳ ᠤ᠋ᠨ ᠲᠡᠯᠴᠢᠯᠡᠬᠦ ᠨᠢ ᠨᠢᠳᠦ ᠤᠷᠤᠭᠤ ᠬᠠᠷᠪᠤᠵᠤ ᠬᠠᠷᠠᠬᠤ ᠶ᠋ᠢᠨ ᠠᠷᠭ᠎ᠠ ᠦᠭᠡᠢ ᠠᠵᠢ᠃
ᠡᠰᠡᠷᠭᠦᠦ ᠨᠠᠷ ᠶᠡᠬᠡ ᠢᠯᠠᠯᠲᠠ ᠶ᠋ᠢᠨ ᠪᠠᠶᠠᠷ ᠬᠢᠵᠦ ᠬᠣᠩᠭᠣᠷ ᠢ᠋ ᠳᠡᠳ᠋ ᠵᠠᠩᠵᠤᠨ ᠪᠣᠯᠭᠠᠨ ᠡᠷᠭᠦᠮᠵᠢᠯᠡᠵᠦ 《ᠬᠠᠳᠠᠨ ᠵᠣᠷᠢᠭᠲᠤ ᠪᠦᠷᠭᠦᠳ ᠪᠠᠭᠠᠲᠤᠷ》 ᠴᠣᠯᠠ ᠪᠠᠷ ᠱᠠᠩᠨᠠᠪᠠ᠃ ᠲᠡᠢᠨ ᠦ᠌ ᠲᠠᠯᠠᠪᠤᠷ ᠡᠴᠡ ᠨᠡᠯᠢᠶᠡᠳ ᠵᠠᠢᠲᠠᠢ ᠭᠠᠵᠠᠷ ᠪᠠᠢᠭ᠎ᠠ ᠬᠡᠪᠢᠰ ᠳᠡᠪᠢᠰᠦᠭᠰᠡᠨ ᠶᠤᠮ ᠰᠢᠭ ᠨᠣᠭᠣᠭᠠᠨ ᠵᠦᠯᠭᠡᠨ ᠳᠡᠭᠡᠷ᠎ᠡ ᠪᠠᠭᠤᠳᠠᠯᠯᠠᠵᠤ ᠲᠦᠭᠵᠢᠯ ᠵᠠᠩᠵᠤᠨ ᠤ᠋ ᠤᠯᠠᠭᠠᠨ ᠬᠥᠯᠲᠥᠷᠭᠡ ᠲᠡᠢ ᠭᠡᠷ᠂ ᠴᠡᠮᠪᠡ ᠳᠦᠪᠴᠢᠨ ᠦ᠌ ᠰᠢᠷ᠎ᠠ ᠬᠥᠯᠲᠥᠷᠭᠡ ᠲᠡᠢ ᠭᠡᠷ ᠢ᠋ ᠵᠡᠷᠭᠡᠴᠡᠭᠦᠯᠦᠨ ᠪᠠᠷᠢᠭᠠᠳ ᠠᠷᠤ ᠳ᠋ᠤ᠌ ᠨᠢ 《ᠬᠠᠳᠠᠨ ᠵᠣᠷᠢᠭᠲᠤ ᠪᠦᠷᠭᠦᠳ ᠪᠠᠭᠠᠲᠤᠷ》 ᠲᠤ᠌ ᠲᠤᠰᠬᠠᠢ ᠭᠡᠷ ᠪᠠᠷᠢᠵᠤ ᠥᠭᠪᠡ᠃
ᠲᠡᠷᠡ ᠣᠷᠣᠢ ᠤᠬᠠᠭᠠᠨ ᠦᠭᠡᠢ ᠪᠠᠷᠢᠭᠳᠠᠭᠰᠠᠨ ᠰᠠᠯᠠᠭᠠᠨ ᠳᠠᠷᠤᠭ᠎ᠠ ᠤᠬᠠᠭᠠᠨ ᠣᠷᠣᠵᠤ ᠲᠡᠭᠦᠨ ᠢ᠋ ᠡᠷᠡᠭᠦᠳᠡᠨ ᠰᠢᠭᠦᠵᠦ ᠡᠬᠢᠯᠡᠪᠡ᠃
᠊᠊᠊᠊᠊᠊᠊᠊᠊᠊᠊᠊᠊᠊᠊ ᠴᠡᠴᠡᠷᠯᠢᠭ ᠮᠠᠨᠳᠤᠯ ᠤ᠋ᠨ ᠠᠢᠮᠠᠭ ᠳᠡᠭᠡᠷ᠎ᠡ ᠤᠯᠠᠭᠠᠨ ᠤ᠋ ᠬᠡᠴᠢᠨᠡᠨ ᠴᠡᠷᠢᠭ ᠢᠷᠡᠭᠡᠳ ᠪᠠᠢᠭ᠎ᠠ ᠪᠣᠢ? ᠭᠡᠵᠦ ᠲᠦᠭᠵᠢᠯ ᠠᠰᠠᠭᠤᠬᠤ ᠳ᠋ᠤ᠌ ᠰᠠᠯᠠᠭᠠᠨ ᠳᠠᠷᠤᠭ᠎ᠠ᠄
᠊᠊᠊᠊᠊᠊᠊᠊᠊᠊᠊᠊᠊᠊᠊ ᠳᠡᠭᠡᠷᠡᠮᠴᠢᠨ ᠲᠠ ᠨᠠᠷ ᠢ᠋ ᠦᠨᠡᠰᠦᠨ ᠲᠣᠪᠷᠠᠭ ᠪᠣᠯᠭᠠᠵᠤ ᠴᠢᠳᠠᠬᠤ ᠴᠡᠷᠢᠭ ᠢᠷᠡᠭᠡᠳ ᠪᠠᠢᠭ᠎ᠠ ᠭᠡᠵᠦ ᠬᠠᠷᠢᠭᠤᠯᠵᠠᠢ᠃
ᠵᠣᠳᠣᠵᠤ ᠡᠯᠳᠡᠪ ᠢ᠋ᠶ᠋ᠡᠷ ᠡᠷᠡᠭᠦᠳᠡᠭᠰᠡᠨ ᠪᠣᠯᠪᠠᠴᠤ ᠨᠠᠮ ᠪᠡᠶ᠎ᠡ ᠲᠡᠢ᠂ ᠵᠠᠯᠠᠭᠤᠬᠠᠨ ᠪᠣᠷᠣ ᠳᠠᠷᠤᠭ᠎ᠠ ᠦᠭᠡ ᠳᠤᠤᠭᠠᠷᠤᠭᠰᠠᠨ ᠦᠭᠡᠢ ᠠᠵᠢ᠃ ᠡᠭᠦᠨ ᠢ᠋ ᠬᠠᠷᠠᠭᠰᠠᠨ ᠬᠣᠩᠭᠣᠷ ᠤ᠋ᠨ ᠰᠡᠳᠬᠢᠯ ᠭᠠᠢᠬᠠᠨ ᠪᠢᠰᠢᠷᠡᠬᠦ ᠪᠠᠬᠠᠳᠤᠯ ᠢ᠋ᠶ᠋ᠠᠷ ᠳᠦᠭᠦᠷᠴᠦ ᠪᠠᠢᠯ᠎ᠠ᠃
ᠡᠴᠦᠰ ᠲᠦ᠍ ᠨᠢ ᠲᠡᠷᠡ ᠵᠠᠯᠠᠭᠤ ᠶ᠋ᠢ ᠶᠠᠩᠭᠢᠨᠠᠲᠠᠯ᠎ᠠ ᠬᠦᠯᠢᠵᠦ ᠪᠠᠢᠭᠠᠳ ᠦᠷᠦ ᠶ᠋ᠢ ᠨᠢ ᠴᠣᠭᠣᠯᠵᠤ ᠵᠢᠷᠦᠬᠡ ᠶ᠋ᠢ ᠨᠢ ᠰᠤᠭᠤᠯᠤᠨ ᠲᠤᠭ ᠤᠷᠤᠭᠤ ᠰᠢᠲᠠᠪᠠ᠃ 《ᠡᠵᠢ ᠮᠢᠨᠢ》 ᠭᠡᠰᠡᠨ ᠪᠢᠲᠡᠭᠦᠦ ᠳᠠᠭᠤ ᠵᠠᠯᠠᠭᠤ ᠶ᠋ᠢᠨ ᠴᠡᠭᠡᠵᠢᠨ ᠡᠴᠡ ᠭᠠᠷᠬᠤ ᠳ᠋ᠤ᠌ ᠬᠣᠩᠭᠣᠷ ᠴᠢᠬᠢ ᠪᠡᠨ ᠳᠠᠷᠤᠨ ᠨᠢᠳᠦ ᠪᠡᠨ ᠠᠨᠢᠵᠠᠢ᠃
ᠰᠥᠨᠢ ᠨᠢ ᠲᠦᠭᠵᠢᠯ ᠦ᠋ᠨ ᠤᠯᠠᠭᠠᠨ ᠬᠥᠯᠲᠥᠷᠭᠡ ᠲᠡᠢ ᠭᠡᠷ ᠲᠦ᠍ ᠠᠷᠢᠬᠢᠳᠠᠪᠠ᠃ ᠨᠡᠯᠢᠶᠡᠳ ᠰᠣᠭᠲᠣᠵᠤ ᠪᠠᠢᠲᠠᠯ᠎ᠠ ᠠᠷᠪᠠᠨ ᠳᠣᠯᠣᠭ᠎ᠠ ᠨᠠᠢ᠍ᠮᠠᠨ ᠨᠠᠰᠤᠨ ᠤ᠋ ᠭᠤᠷᠪᠠᠨ ᠪᠦᠰᠡᠭᠦᠢ ᠣᠷᠣᠭᠤᠯᠵᠤ ᠢᠷᠡᠯ᠎ᠡ᠃ ᠬᠣᠩᠭᠣᠷ ᠤ᠋ᠨ ᠰᠣᠭᠲᠣᠵᠤ ᠭᠥᠯᠢᠷᠡᠭᠰᠡᠨ ᠨᠢᠳᠦ ᠴᠡᠴᠡᠷᠡᠨ ᠵᠣᠭᠰᠣᠵᠤ ᠪᠠᠢᠭ᠎ᠠ ᠭᠤᠷᠪᠠᠨ ᠵᠠᠯᠠᠭᠤ ᠪᠦᠰᠡᠭᠦᠢ ᠳᠡᠭᠡᠷ᠎ᠡ ᠲᠤᠰᠪᠠ᠃
᠊᠊᠊᠊᠊᠊᠊᠊᠊᠊᠊᠊᠊᠊᠊ ᠵᠠ ᠠᠯᠢ ᠨᠢ ᠳᠡᠭᠡᠷ᠎ᠡ ᠪᠠᠢᠨ᠎ᠠ? ᠭᠡᠵᠦ ᠰᠦᠷᠡᠬᠡᠢ ᠰᠣᠭᠲᠣᠭᠰᠠᠨ ᠴᠡᠮᠪᠡ ᠠᠰᠠᠭᠤᠭᠰᠠᠨ ᠢ᠋ᠶ᠋ᠠᠨ ᠭᠤᠢᠪᠢᠨ ᠪᠣᠰᠴᠤ ᠣᠴᠢᠭᠠᠳ ᠵᠠᠬ᠎ᠠ ᠶ᠋ᠢᠨ ᠪᠦᠰᠡᠭᠦᠢ ᠶ᠋ᠢᠨ ᠡᠷᠡᠦ ᠶ᠋ᠢ ᠲᠠᠲᠠᠵᠤ ᠬᠠᠷᠠᠭᠠᠳ᠂
᠊᠊᠊᠊᠊᠊᠊᠊᠊᠊᠊᠊᠊᠊᠊ ᠳᠠᠷᠠ ᠡᠬᠡ ᠪᠠᠢᠮᠠᠷ ᠬᠣᠩᠭᠣᠷ ᠪᠠᠢᠨ᠎ᠠ ᠭᠡᠳ ᠲᠦᠭᠵᠢᠯ ᠤᠷᠤᠭᠤ ᠬᠠᠷᠠᠯ᠎ᠠ᠃
᠊᠊᠊᠊᠊᠊᠊᠊᠊᠊᠊᠊᠊᠊᠊ ᠨᠣᠭᠣᠭᠠᠨ ᠳᠠᠷᠠ ᠡᠬᠡ ᠭᠡᠵᠦ ᠡᠷᠭᠦᠮᠵᠢᠯᠡᠶᠡ ᠭᠡᠳ ᠲᠦᠭᠵᠢᠯ ᠮᠥᠩᠭᠥᠨ ᠠᠶᠠᠭ᠎ᠠ ᠲᠠᠢ ᠠᠷᠢᠬᠢ ᠶ᠋ᠢ ᠴᠦᠯ ᠴᠦᠯ ᠵᠠᠯᠭᠢᠭᠰᠠᠨ ᠢ᠋ᠶ᠋ᠠᠨ᠂
᠊᠊᠊᠊᠊᠊᠊᠊᠊᠊᠊᠊᠊᠊᠊ ᠡᠷᠬᠢᠮ ᠳᠠᠷᠠ ᠡᠬᠡ ᠨᠦ᠍ᠭᠦᠳ ᠪᠢᠳᠡᠨ ᠲᠡᠢ ᠰᠠᠭᠤᠵᠤ ᠬᠤᠨᠳᠠᠭ᠎ᠠ ᠬᠤᠪᠢᠶᠠᠯᠴᠠᠬᠤ ᠶ᠋ᠢ ᠬᠢᠴᠢᠶᠡᠩᠭᠦᠢᠯᠡᠨ ᠭᠤᠶᠤᠶ᠎ᠠ ᠭᠡᠯᠡ᠃
ᠪᠦᠰᠡᠭᠦᠢᠴᠦᠳ ᠬᠥᠳᠡᠯᠦᠯ ᠦᠭᠡᠢ ᠴᠡᠴᠡᠷᠡᠨ᠂ ᠲᠣᠣᠷ ᠲᠤ᠌ ᠣᠷᠣᠭᠰᠠᠨ ᠰᠢᠪᠠᠭᠤ ᠰᠢᠭ᠋ ᠪᠦᠷᠳᠡᠯᠵᠡᠨᠡ᠃
᠊᠊᠊᠊᠊᠊᠊᠊᠊᠊᠊᠊᠊᠊᠊ ᠲᠡᠷᠡ ᠳᠤᠮᠳᠠᠬᠢ ᠨᠢ ᠮᠢᠨᠦ ᠳᠡᠷᠭᠡᠳᠡ ᠢᠷᠡᠵᠦ ᠰᠠᠭᠤ᠃ ᠶᠡᠬᠡᠷᠬᠡᠭᠡᠳ ᠪᠠᠢᠪᠠᠯ ᠠᠬ᠎ᠠ ᠴᠢᠨᠢ ᠳᠠᠷᠠ ᠡᠬᠡ ᠨᠡᠷ᠎ᠡ ᠶ᠋ᠢ ᠴᠢᠨᠢ ᠬᠤᠰᠤᠵᠤ ᠬᠠᠶᠠᠭᠠᠳ ᠱᠤᠯᠤᠮ ᠪᠣᠯᠭᠠᠨ ᠪᠣᠷᠣ ᠵᠢᠷᠦᠬᠡ ᠪᠡᠷ ᠴᠢᠨᠢ ᠲᠤᠭ ᠳᠠᠭᠢᠵᠤ ᠣᠷᠬᠢᠨ᠎ᠠ ᠰᠢᠦ ᠭᠡᠵᠦ ᠲᠦᠭᠵᠢᠯ ᠵᠠᠩᠳᠤᠷᠤᠨ ᠬᠡᠯᠡᠭᠡᠳ ᠭᠤᠢᠪᠢᠨ ᠪᠣᠰᠤᠭᠠᠳ ᠡᠮᠡᠭᠲᠡᠢ ᠶ᠋ᠢᠨ ᠭᠠᠷ ᠡᠴᠡ ᠪᠠᠷᠢᠵᠤ ᠠᠪᠤᠯ᠎ᠠ᠃
ᠡᠨᠡ ᠪᠦᠬᠦᠨ ᠢ᠋ ᠬᠠᠷᠠᠭᠰᠠᠨ ᠬᠣᠩᠭᠣᠷ ᠤ᠋ᠨ ᠰᠡᠳᠬᠢᠯ ᠳ᠋ᠦ᠍ ᠬᠣᠶᠠᠷ ᠬᠦᠴᠦᠲᠡᠢ ᠪᠣᠳᠣᠯ ᠲᠤᠯᠤᠯᠳᠤᠵᠤ ᠪᠠᠢᠯ᠎ᠠ᠃ ᠨᠢᠭᠡ ᠰᠡᠳᠬᠢᠯ ᠨᠢ ᠲᠦᠭᠵᠢᠯ ᠴᠡᠮᠪᠡ ᠨᠠᠷ ᠢ᠋ ᠵᠢᠭᠰᠢᠨ᠎ᠡ᠃
ᠭᠡᠲᠡᠯ᠎ᠡ ᠨᠥᠭᠦᠭᠡ ᠰᠡᠳᠬᠢᠯ ᠨᠢ ᠠᠷᠢᠬᠢᠨ ᠳ᠋ᠤ᠌ ᠣᠪᠣᠯᠵᠠᠭᠰᠠᠨ ᠵᠠᠯᠠᠭᠤ ᠶ᠋ᠢᠨ ᠲᠠᠴᠢᠶᠠᠯ ᠳ᠋ᠤ᠌ ᠬᠥᠲᠥᠯᠦᠭᠳᠡᠨ ᠡᠷ᠎ᠡ ᠬᠥᠮᠦᠨ ᠦ᠌ ᠵᠢᠷᠭᠠᠯ ᠭᠡᠳᠡᠭ ᠪᠣᠳᠣᠯ ᠳ᠋ᠤ᠌ ᠬᠦᠷᠴᠦ ᠪᠠᠢᠯ᠎ᠠ᠃ ᠡᠴᠦᠰ ᠦ᠋ᠨ ᠡᠴᠦᠰ ᠲᠦ᠍ ᠬᠣᠶᠠᠷ ᠲᠠᠬᠢ ᠪᠣᠳᠣᠯ ᠨᠢ ᠳᠠᠪᠠᠵᠤ ᠴᠡᠮᠪᠡ ᠡᠴᠡ ᠥᠷᠢᠰᠦᠨ᠂ ᠲᠦᠭᠵᠢᠯ ᠦ᠋ᠨ ᠨᠣᠭᠣᠭᠠᠨ ᠳ᠋ᠠᠷ᠎ᠠ ᠡᠬᠡ ᠭᠡᠵᠦ ᠨᠡᠷᠡᠯᠡᠭᠰᠡᠨ ᠪᠦᠰᠡᠭᠦᠢ ᠶ᠋ᠢᠨ ᠭᠠᠷ ᠡᠴᠡ ᠬᠥᠲᠥᠯᠦᠭᠡᠳ ᠭᠠᠷᠴᠤ ᠭᠡᠷ ᠤᠷᠤᠭᠤ ᠪᠠᠨ ᠣᠷᠣᠯ᠎ᠠ᠃
ᠮᠠᠷᠭᠠᠰᠢ ᠨᠢ ᠡᠰᠡᠷᠭᠦᠦ ᠨᠠᠷ ᠬᠥᠳᠡᠯᠦᠭᠰᠡᠨ ᠦᠭᠡᠢ᠃ ᠤᠴᠢᠷ ᠨᠢ ᠭᠤᠷᠪᠠᠨ ᠪᠦᠰᠡᠭᠦᠢ ᠲᠡᠢ ᠰᠠᠮᠠᠭᠤᠷᠠᠵᠤ ᠬᠣᠨᠣᠭᠰᠠᠨ ᠲᠦᠭᠵᠢᠯ᠂ ᠴᠡᠮᠪᠡ᠂ ᠬᠣᠩᠭᠣᠷ ᠭᠤᠷᠪᠠ ᠦᠳᠡ ᠥᠩᠭᠡᠷᠡᠵᠦ ᠪᠠᠢᠬᠤ ᠳ᠋ᠤ᠌ ᠠᠷᠠᠢᠬᠢᠨ ᠨᠢᠭᠡ ᠶᠠᠭᠤᠮ᠎ᠠ ᠥᠭᠡᠳᠡᠯᠡᠪᠡ᠃
ᠦᠳᠡ ᠥᠩᠭᠡᠷᠡᠭᠰᠡᠨ ᠬᠣᠢᠨ᠎ᠠ ᠴᠡᠮᠪᠡ ᠪᠣᠰᠴᠤ ᠪᠠᠷᠢᠭᠳᠠᠭᠰᠠᠨ ᠬᠥᠮᠦᠰ ᠢ᠋ ᠪᠠᠢᠴᠠᠭᠠᠵᠤ ᠡᠬᠢᠯᠡᠪᠡ᠃ ᠪᠠᠢᠴᠠᠭᠠᠯᠲᠠ ᠮᠠᠰᠢ ᠲᠦᠷᠭᠡᠨ ᠶᠠᠪᠤᠯ᠎ᠠ᠃ ᠤᠴᠢᠷ ᠨᠢ ᠴᠡᠮᠪᠡ ᠬᠡᠳᠦᠨ ᠦᠭᠡ ᠠᠰᠠᠭᠤᠬᠤ ᠳ᠋ᠤ᠌ ᠯᠠ ᠬᠠᠷᠢᠭᠤᠯᠤᠭᠰᠠᠨ ᠴᠤ᠌ ᠬᠠᠷᠢᠭᠤᠯᠤᠭ᠎ᠠ ᠦᠭᠡᠢ ᠴᠦ᠍ 《ᠳᠠᠯᠳᠠ ᠤᠷᠤᠭᠤᠯ》 ᠭᠡᠬᠦ ᠳ᠋ᠦ᠍ ᠴᠢᠷᠴᠦ ᠠᠪᠠᠴᠢᠭᠠᠳ ᠰᠢᠭᠤᠳ ᠫᠤᠤᠳᠠᠵᠤ ᠣᠷᠬᠢᠨ᠎ᠠ᠃ ᠪᠠᠲᠤ ᠶ᠋ᠢ ᠣᠷᠣᠭᠤᠯᠪᠠ᠃
᠊᠊᠊᠊᠊᠊᠊᠊᠊᠊᠊᠊᠊᠊᠊ ᠴᠡᠷᠢᠭ ᠤᠤ?
᠊᠊᠊᠊᠊᠊᠊᠊᠊᠊᠊᠊᠊᠊᠊ ᠦᠭᠡᠢ᠂ ᠪᠠᠭᠰᠢ᠃
᠊᠊᠊᠊᠊᠊᠊᠊᠊᠊᠊᠊᠊᠊᠊ ᠨᠥᠭᠦᠭᠡ ᠲᠠᠷᠢᠶᠠᠲᠤ ᠶ᠋ᠢᠨ ᠵᠠᠳᠠᠷᠠᠭᠰᠠᠨ ᠪᠠᠭᠰᠢ ᠴᠢᠨᠢ ᠡᠨᠡ ᠰᠢᠦ ᠳᠡ ᠭᠡᠵᠦ ᠴᠡᠮᠪᠡ ᠶ᠋ᠢᠨ ᠬᠠᠵᠠᠭᠤ ᠳ᠋ᠤ᠌ ᠪᠠᠢᠭᠰᠠᠨ ᠨᠢᠭᠡ ᠯᠠᠮᠠ ᠬᠡᠯᠡᠪᠡ᠃
᠊᠊᠊᠊᠊᠊᠊᠊᠊᠊᠊᠊᠊᠊᠊ ᠲᠡᠢᠮᠦ ᠪᠣᠯ ᠰᠢᠷᠪᠥᠰᠥᠯᠡᠵᠦ ᠠᠯᠠ᠃
ᠴᠡᠮᠪᠡ ᠶ᠋ᠢ ᠪᠠᠲᠤ ᠲᠠᠨᠢᠪᠠ᠃ ᠲᠡᠢᠮᠦ ᠠ᠋᠃ ᠡᠨᠡ ᠪᠣᠯ ᠪᠣᠭᠳᠠ ᠡᠴᠡ ᠠᠯᠲᠠᠨ ᠮᠠᠨᠢᠶᠠᠤᠨ ᠠᠪᠴᠤ ᠪᠠᠢᠭᠠᠳ ᠠᠩᠭᠢ ᠷᠢᠨᠴᠢᠨ ᠢ᠋ ᠴᠣᠬᠢᠵᠤ ᠠᠯᠠᠭᠰᠠᠨ ᠬᠣᠶᠠᠷ ᠬᠥᠮᠦᠨ ᠦ᠌ ᠨᠢᠭᠡ ᠨᠢ ᠮᠥᠨ ᠠᠵᠢ᠃
᠊᠊᠊᠊᠊᠊᠊᠊᠊᠊᠊᠊᠊᠊᠊ ᠴᠢ ᠠᠯᠠᠬᠤ ᠡᠴᠡ ᠥᠭᠡᠷ᠎ᠡ ᠶᠠᠭᠤᠮ᠎ᠠ ᠮᠡᠳᠡᠬᠦ ᠤᠤ? ᠪᠣᠭᠳᠠ ᠡᠴᠡ ᠠᠯᠲᠠᠨ ᠮᠠᠨᠢᠶᠠᠤᠨ ᠤ᠋ ᠬᠥᠯᠥᠰᠥ ᠠᠪᠴᠤ ᠪᠠᠢᠭᠠᠳ ᠭᠠᠩᠳᠠᠨ ᠤ᠋ ᠠᠩᠭᠢ ᠷᠢᠨᠴᠢᠨ ᠢ᠋ ᠴᠢ ᠠᠯᠠᠭᠰᠠᠨ ᠪᠢᠵᠡ ᠳᠡ᠃ ᠬᠠᠷ᠎ᠠ ᠶᠠᠷᠭᠠᠴᠢᠨ᠃
᠊᠊᠊᠊᠊᠊᠊᠊᠊᠊᠊᠊᠊᠊᠊ ᠡᠭᠦᠨ ᠢ᠋ ᠲᠦᠷᠭᠡᠨ ᠭᠠᠷᠭᠠᠵᠤ ᠵᠢᠷᠦᠬᠡ ᠪᠡᠷ ᠨᠢ ᠲᠤᠭ ᠳᠠᠬᠢ᠃
ᠬᠣᠶᠠᠷ ᠬᠥᠮᠦᠨ ᠬᠦᠯᠢᠶᠡᠲᠡᠢ ᠪᠠᠲᠤ ᠶ᠋ᠢ ᠴᠢᠷᠴᠦ ᠭᠡᠷ ᠦ᠋ᠳ ᠦ᠋ᠨ ᠡᠮᠦᠨ᠎ᠡ ᠪᠤᠰᠬᠠᠭᠰᠠᠨ ᠲᠤᠭ ᠤ᠋ᠳ ᠤ᠋ᠨ ᠳᠡᠷᠭᠡᠳᠡ ᠠᠪᠠᠴᠢᠪᠠ᠃
ᠠᠷᠠᠢ ᠭᠡᠵᠦ ᠪᠣᠰᠤᠭᠠᠳ ᠭᠡᠷ ᠦ᠋ᠨ ᠡᠮᠦᠨ᠎ᠡ ᠵᠣᠭᠰᠣᠵᠤ ᠪᠠᠢᠭᠰᠠᠨ ᠬᠣᠩᠭᠣᠷ ᠴᠢᠰᠤ ᠨᠥᠵᠢ ᠪᠣᠯᠤᠭᠰᠠᠨ ᠬᠥᠮᠦᠨ ᠪᠣᠯ ᠪᠠᠲᠤ ᠭᠡᠳᠡᠭ ᠢ᠋ ᠲᠠᠨᠢᠯ᠎ᠠ᠃
᠊᠊᠊᠊᠊᠊᠊᠊᠊᠊᠊᠊᠊᠊᠊ ᠨᠠᠭᠠᠳᠤᠬᠢ ᠬᠥᠮᠦᠨ ᠢ᠋ᠶ᠋ᠡᠨ ᠳᠡᠯᠪᠢ ᠭᠡᠵᠦ ᠬᠠᠰᠬᠢᠷᠤᠭᠠᠳ ᠪᠠᠲᠤ ᠶ᠋ᠢᠨ ᠳᠡᠷᠭᠡᠳᠡ ᠦᠰᠦᠷᠦᠨ ᠣᠴᠢᠪᠠ᠃
᠊᠊᠊᠊᠊᠊᠊᠊᠊᠊᠊᠊᠊᠊᠊ ᠬᠠᠳᠠᠨ ᠵᠣᠷᠢᠭᠲᠤ ᠪᠦᠷᠭᠦᠳ ᠪᠠᠭᠠᠲᠤᠷ ᠮᠢᠨᠢ᠃ ᠡᠨᠡ ᠪᠣᠯ ᠲᠠᠷᠢᠶᠠᠲᠤ ᠶ᠋ᠢᠨ ᠬᠦᠷᠢᠶᠡᠨ ᠳᠡᠭᠡᠷ᠎ᠡ ᠪᠠᠢᠭᠰᠠᠨ ᠤᠯᠠᠭᠠᠨᠳᠠᠨ ᠤ᠋ ᠴᠢᠨᠣ᠎ᠠ ᠨᠤᠭᠤᠳ ᠤ᠋ᠨ ᠬᠠᠮᠤᠭ ᠤ᠋ᠨ ᠰᠦᠷᠡᠬᠡᠢ ᠨᠢ᠃ ᠣᠳᠣ ᠪᠢᠳᠡ ᠴᠡᠮᠪᠡ ᠶ᠋ᠢᠨ ᠵᠠᠷᠯᠢᠭ ᠢ᠋ᠶ᠋ᠠᠷ ᠲᠤᠭ ᠳᠠᠭᠢᠬᠤ ᠭᠡᠵᠦ ᠪᠠᠢᠭ᠎ᠠ ᠶᠤᠮ ᠭᠡᠵᠦ ᠪᠠᠲᠤ ᠶ᠋ᠢ ᠠᠪᠴᠤ ᠶᠠᠪᠤᠭᠰᠠᠨ ᠬᠥᠮᠦᠨ ᠦ᠌ ᠨᠢᠭᠡ ᠨᠢ ᠬᠡᠯᠡᠪᠡ᠃
᠊᠊᠊᠊᠊᠊᠊᠊᠊᠊᠊᠊᠊᠊᠊ ᠮᠢᠨᠦ ᠭᠡᠷ ᠲᠦ᠍ ᠤᠷᠤᠭᠤᠯ᠃ ᠪᠢ ᠬᠤᠪᠢᠯᠭᠠᠨ ᠲᠠᠢ ᠥᠪᠡᠷ ᠢ᠋ᠶ᠋ᠡᠨ ᠶᠠᠷᠢᠨ᠎ᠠ᠃
᠊᠊᠊᠊᠊᠊᠊᠊᠊᠊᠊᠊᠊᠊᠊ ᠲᠤᠰᠠᠯᠠᠬᠤ ᠵᠠᠩᠵᠤᠨ ᠤ᠋ ᠵᠠᠷᠯᠢᠭ ᠢ᠋ ᠬᠢᠴᠢᠶᠡᠩᠭᠦᠢᠯᠡᠨ ᠪᠡᠶᠡᠯᠡᠭᠦᠯᠦᠶ᠎ᠡ᠃
ᠬᠣᠩᠭᠣᠷ ᠬᠣᠶᠠᠷ ᠬᠥᠮᠦᠨ ᠢ᠋ ᠶᠠᠪᠤᠭᠤᠯᠤᠭᠠᠳ ᠡᠵᠡᠭᠦᠢ ᠭᠡᠷ ᠲᠦ᠍ ᠪᠠᠲᠤ ᠲᠠᠢ ᠦᠯᠡᠳᠡᠪᠡ᠃
᠊᠊᠊᠊᠊᠊᠊᠊᠊᠊᠊᠊᠊᠊᠊ ᠴᠢᠮᠠᠲᠤ ᠥᠭᠡᠷ᠎ᠡ ᠶᠠᠭᠤᠮ᠎ᠠ ᠣᠯᠳᠠᠭᠰᠠᠨ ᠦᠭᠡᠢ ᠤᠤ ᠭᠡᠵᠦ ᠪᠠᠲᠤ ᠵᠢᠭᠰᠢᠵᠦ ᠵᠠᠨᠤᠭᠰᠠᠨ ᠬᠦᠨᠳᠦ ᠬᠣᠭᠣᠯᠠᠢ ᠪᠠᠷ ᠠᠰᠠᠭᠤᠪᠠ᠃
᠊᠊᠊᠊᠊᠊᠊᠊᠊᠊᠊᠊᠊᠊᠊ ᠥᠭᠡᠷ᠎ᠡ ᠶᠠᠭᠠᠬᠢᠬᠤ ᠪᠣᠢ᠃
᠊᠊᠊᠊᠊᠊᠊᠊᠊᠊᠊᠊᠊᠊᠊ ᠣᠴᠢᠵᠤ ᠣᠴᠢᠵᠤ ᠡᠨᠡ ᠳᠡᠭᠡᠷᠡᠮᠴᠢᠨ ᠨᠠᠷ ᠲᠠᠢ ᠨᠡᠢᠯᠡᠯ᠎ᠡ ᠭᠡᠵᠦ ᠤᠤ? ᠳᠠᠩᠴᠢ ᠳᠠ᠃
᠊᠊᠊᠊᠊᠊᠊᠊᠊᠊᠊᠊᠊᠊᠊ ᠨᠠᠳᠠ ᠣᠨᠳᠣᠣ ᠵᠠᠮ ᠪᠠᠢᠭ᠎ᠠ ᠦᠭᠡᠢ᠃ ᠰᠠᠢᠬᠠᠨ ᠰᠡᠳᠬᠢᠯ ᠢ᠋ᠶ᠋ᠡᠷ ᠠᠷᠠᠳ ᠤ᠋ᠨ ᠴᠡᠷᠢᠭ ᠲᠦ᠍ ᠣᠷᠣᠬᠤ ᠭᠡᠳ ᠣᠴᠢᠬᠤ ᠳ᠋ᠤ᠌ ᠮᠢᠨᠢ ᠶᠠᠭᠠᠬᠢᠭᠰᠠᠨ ᠪᠢᠯᠡ? ᠴᠢ ᠮᠠᠷᠲᠠᠭ᠎ᠠ ᠦᠭᠡᠢ ᠪᠢᠵᠡ᠃
᠊᠊᠊᠊᠊᠊᠊᠊᠊᠊᠊᠊᠊᠊᠊ ᠡᠨᠡ ᠴᠢᠨᠢ ᠲᠥᠷᠥ ᠳ᠋ᠦ᠍ ᠲᠡᠷᠰᠯᠡᠭᠰᠡᠨ ᠵᠠᠨᠳᠠᠯᠴᠢᠨ ᠨᠤᠭᠤᠳ ᠰᠢᠦ ᠳᠡ᠃
᠊᠊᠊᠊᠊᠊᠊᠊᠊᠊᠊᠊᠊᠊᠊ ᠮᠡᠳᠡᠵᠦ ᠪᠠᠢᠨ᠎ᠠ᠃ ᠭᠡᠪᠡᠴᠦ ᠨᠠᠮᠠᠶ᠋ᠢ ᠬᠥᠮᠦᠨ ᠭᠡᠵᠦ ᠦᠵᠡᠭᠡᠳ ᠬᠡᠷᠡᠭᠯᠡᠵᠦ ᠪᠠᠢᠨ᠎ᠠ᠃ ᠪᠢ ᠡᠳᠡ ᠨᠠᠷ ᠢ᠋ ᠰᠦᠰᠦᠭᠯᠡᠭᠡᠳ ᠬᠠᠮᠲᠤ ᠶᠠᠪᠤᠨ᠎ᠠ ᠭᠡᠵᠦ ᠴᠢ ᠪᠣᠳᠣᠵᠤ ᠪᠠᠢᠨ᠎ᠠ ᠤᠤ?ᠦᠭᠡᠢ᠃ ᠪᠣᠯᠳᠠᠭ ᠰᠠᠨ ᠪᠣᠯ ᠪᠦᠭᠦᠳᠡ ᠶ᠋ᠢᠨ ᠬᠢᠨᠢ ᠵᠢᠷᠦᠬᠡ ᠶ᠋ᠢ ᠰᠤᠭᠤ ᠲᠠᠲᠠᠵᠤ ᠠᠪᠤᠭᠠᠳ ᠵᠡᠷᠯᠢᠭ ᠨᠣᠬᠠᠳ ᠳ᠋ᠤ᠌ ᠬᠠᠶᠠᠭᠠᠳ ᠦᠭᠮᠡᠷ ᠪᠠᠢᠨ᠎ᠠ᠃ ᠭᠡᠪᠡᠴᠦ ᠪᠢ ᠲᠡᠭᠡᠵᠦ ᠴᠢᠳᠠᠬᠤ ᠦᠭᠡᠢ᠃ ᠪᠠᠲᠤᠴᠡᠩᠭᠡᠯ ᠰᠤᠮᠤ ᠶ᠋ᠢᠨ ᠬᠣᠩᠭᠣᠷ ᠬᠤᠯᠠᠭᠠᠢᠴᠢ ᠶ᠋ᠢ ᠬᠠᠮᠢᠭ᠎ᠠ ᠶᠠᠪᠤᠭᠰᠠᠨ ᠭᠠᠵᠠᠷ ᠨᠢ ᠪᠡᠷᠢ ᠭᠡᠰᠡᠨ ᠵᠠᠷ ᠢ᠋ ᠡᠳᠡ ᠲᠠᠷᠬᠠᠭᠠᠭᠰᠠᠨ ᠦᠭᠡᠢ᠂ ᠲᠠᠨ ᠤ᠋ ᠬᠢᠨ ᠲᠠᠷᠬᠠᠭᠠᠭᠰᠠᠨ ᠪᠢᠵᠡ ᠳᠡ᠃ ᠣᠳᠣ ᠲᠠᠨ ᠤ᠋ ᠵᠠᠰᠠᠭ ᠨᠠᠮᠠᠶ᠋ᠢ ᠪᠠᠷᠢᠪᠠᠯ ᠶᠡᠬᠡ ᠥᠷᠥᠰᠢᠶᠡᠪᠡᠯ ᠠᠷᠪᠠᠨ ᠵᠢᠯ ᠥᠭᠭᠦᠨ᠎ᠡ᠃ ᠬᠡᠷᠪᠡ ᠲᠡᠷᠡ ᠡᠳᠦᠷ ᠨᠠᠮᠠᠶ᠋ᠢ ᠢᠲᠡᠭᠡᠵᠦ ᠴᠡᠷᠢᠭ ᠲᠡᠭᠡᠨ ᠠᠪᠤᠭᠰᠠᠨ ᠪᠣᠯ ᠪᠢ ᠥᠨᠥᠳᠥᠷ ᠲᠦᠭᠵᠢᠯ᠂ ᠴᠡᠮᠪᠡ ᠶ᠋ᠢᠨ ᠲᠣᠯᠣᠭᠠᠢ ᠶ᠋ᠢ ᠠᠪᠴᠤ ᠥᠭᠭᠦᠶ᠎ᠡ ᠭᠡᠳ ᠭᠦᠶᠦᠵᠦ ᠪᠠᠢᠬᠤ ᠪᠠᠢᠭᠰᠠᠨ ᠪᠢᠰᠢ ᠤᠤ? ᠭᠡᠵᠦ ᠬᠡᠯᠡᠬᠦ ᠳ᠋ᠦ᠍ ᠬᠣᠩᠭᠣᠷ ᠤ᠋ᠨ ᠨᠢᠳᠦ ᠨᠢ ᠰᠦᠷᠳᠡᠶ᠎ᠡ ᠭᠢᠯᠠᠯᠵᠠᠨ ᠠᠮᠢᠰᠬᠤᠭ᠎ᠠ ᠨᠢ ᠳᠡᠭᠡᠷ᠎ᠡ ᠭᠠᠷᠴᠤ ᠪᠠᠢᠯ᠎ᠠ᠃
᠊᠊᠊᠊᠊᠊᠊᠊᠊᠊᠊᠊᠊᠊᠊ ᠶᠠᠷᠭᠠᠴᠢᠨ ᠮᠢᠨᠢ ᠨᠠᠮᠠᠶ᠋ᠢ ᠠᠯᠠ᠃ ᠴᠢ ᠡᠳᠡᠨ ᠲᠡᠢ ᠨᠡᠢᠯᠡᠭᠰᠡᠨ ᠬᠣᠢᠨ᠎ᠠ ᠬᠣᠯᠠ ᠶᠠᠪᠤᠬᠤ ᠦᠭᠡᠢ ᠭᠡᠵᠦ ᠪᠠᠲᠤ ᠬᠡᠯᠡᠪᠡ᠃
᠊᠊᠊᠊᠊᠊᠊᠊᠊᠊᠊᠊᠊᠊᠊ ᠤᠭ ᠡᠴᠡ ᠪᠡᠨ ᠨᠠᠳᠠ ᠳ᠋ᠤ᠌ ᠬᠣᠯᠠ ᠶᠠᠪᠤᠬᠤ ᠵᠠᠮ ᠪᠠᠢᠬᠤ ᠦᠭᠡᠢ ᠪᠣᠯᠤᠭᠰᠠᠨ᠃ ᠠᠮᠢᠳᠤᠷᠠᠯ ᠡᠴᠡ ᠨᠢᠭᠡ ᠡᠳᠦᠷ ᠪᠤᠯᠢᠶᠠᠵᠤ ᠠᠪᠪᠠᠯ ᠠᠵᠠ ᠭᠡᠵᠦ ᠪᠣᠳᠣᠵᠤ ᠶᠠᠪᠤᠭ᠎ᠠ ᠬᠥᠮᠦᠨ᠃
᠊᠊᠊᠊᠊᠊᠊᠊᠊᠊᠊᠊᠊᠊᠊ ᠢᠩᠭᠢᠵᠦ ᠶᠠᠪᠤᠭᠰᠠᠨ ᠡᠴᠡ ᠦᠬᠦᠭᠰᠡᠨ ᠴᠦ᠍ ᠳᠡᠭᠡᠷ᠎ᠡ ᠳᠡ᠃
᠊᠊᠊᠊᠊᠊᠊᠊᠊᠊᠊᠊᠊᠊᠊ ᠦᠬᠦᠨ᠎ᠡ ᠭᠡᠨ᠎ᠡ ᠠ᠋᠃ ᠬᠥᠮᠦᠨ ᠪᠦᠬᠦᠨ ᠠᠮᠢᠳᠤ ᠶᠠᠪᠤᠬᠤ ᠶ᠋ᠢ ᠬᠦᠰᠡᠳᠡᠭ ᠪᠠᠢᠬᠤ ᠳ᠋ᠤ᠌ ᠨᠠᠳᠠ ᠳ᠋ᠤ᠌ ᠲᠡᠢᠮᠦ ᠡᠷᠬᠡ ᠪᠠᠢᠬᠤ ᠦᠭᠡᠢ ᠭᠡᠵᠦ ᠤᠤ?
᠊᠊᠊᠊᠊᠊᠊᠊᠊᠊᠊᠊᠊᠊᠊ ᠮᠠᠭᠤ ᠶᠠᠪᠤᠬᠤ ᠪᠠᠷ ᠰᠠᠢᠨ ᠦᠬᠦ ᠭᠡᠵᠦ ᠪᠠᠢᠳᠠᠭ ᠰᠢᠦ ᠳᠡ᠃
᠊᠊᠊᠊᠊᠊᠊᠊᠊᠊᠊᠊᠊᠊᠊ ᠨᠠᠳᠠ ᠳ᠋ᠤ᠌ ᠰᠠᠢᠨ ᠦᠬᠦᠬᠦ ᠪᠣᠯᠤᠮᠵᠢ ᠪᠠᠢᠬᠤ ᠦᠭᠡᠢ᠃ ᠬᠠᠷᠢᠨ ᠴᠢᠮᠠᠲᠤ ᠪᠣᠯ ᠪᠠᠢᠨ᠎ᠠ ᠭᠡᠳ ᠪᠠᠲᠤ ᠶ᠋ᠢᠨ ᠳᠡᠷᠭᠡᠳᠡ ᠢᠷᠡᠵᠦ ᠶᠠᠪᠠᠭᠠᠨ ᠰᠠᠭᠤᠭᠰᠠᠨ ᠢ᠋ᠶ᠋ᠠᠨ᠂
᠊᠊᠊᠊᠊᠊᠊᠊᠊᠊᠊᠊᠊᠊᠊ ᠴᠢ ᠪᠣᠯ ᠠᠮᠢᠳᠤᠷᠠᠯ ᠳ᠋ᠤ᠌ ᠨᠢᠭᠡ ᠵᠠᠮ ᠰᠢᠯᠢᠵᠦ ᠣᠯᠤᠭᠠᠳ ᠲᠡᠭᠦᠨ ᠦ᠌ ᠪᠡᠨ ᠲᠥᠯᠥᠭᠡ ᠵᠢᠳᠬᠦᠭᠰᠡᠨ᠃ ᠲᠡᠭᠡᠭᠡᠳ ᠣᠳᠣ ᠦᠬᠦᠪᠡᠯ ᠪᠠᠰᠠ ᠯᠠ ᠲᠡᠭᠦᠨ ᠦ᠌ ᠪᠡᠨ ᠲᠥᠯᠥᠭᠡ ᠦᠬᠦᠨ᠎ᠡ᠃ ᠪᠢ ᠪᠣᠯ ᠵᠠᠮ ᠦᠭᠡᠢ ᠬᠠᠨᠠᠨ ᠤᠯᠠᠭᠠᠨ ᠬᠠᠳᠠ ᠮᠥᠷᠭᠥᠭᠰᠡᠭᠡᠷ ᠶᠠᠪᠤᠭ᠎ᠠ ᠬᠥᠮᠦᠨ ᠪᠣᠯᠬᠣᠷ ᠶᠠᠭᠤᠨ ᠤ᠋ ᠲᠥᠯᠥᠭᠡ ᠦᠬᠦᠬᠦ ᠶᠤᠮ ᠪᠣᠢ? ᠪᠢ ᠴᠢᠮᠠᠶ᠋ᠢ ᠠᠯᠠᠭᠤᠯᠬᠤ ᠦᠭᠡᠢ᠃ ᠥᠨᠥ ᠰᠥᠨᠢ ᠤᠷᠭᠤᠭᠤᠯᠤᠨ᠎ᠠ᠃ ᠴᠢ ᠪᠣᠯ ᠨᠠᠳᠠ ᠰᠢᠭ᠋ ᠭᠦᠨ ᠬᠤᠳᠳᠤᠭ ᠤ᠋ᠨ ᠢᠷᠣᠭᠠᠯ ᠳ᠋ᠤ᠌ ᠬᠠᠶᠠᠭᠳᠠᠭᠰᠠᠨ ᠮᠡᠯᠡᠬᠡᠢ ᠰᠢᠭ ᠠᠮᠢᠲᠠᠨ ᠪᠢᠰᠢ ᠭᠡᠳ ᠰᠠᠨᠠᠭ᠎ᠠ ᠠᠯᠳᠠᠪᠠ᠃
ᠡᠰᠡᠷᠭᠦᠦ ᠨᠠᠷ ᠤ᠋ᠨ ᠭᠠᠷ ᠲᠤ᠌ ᠣᠷᠣᠭᠰᠠᠨ ᠡᠴᠡ ᠬᠣᠢᠰᠢ ᠵᠣᠷᠢᠭᠲᠠᠢ ᠦᠬᠦᠶ᠎ᠡ ᠭᠡᠵᠦ ᠪᠠᠲᠤ ᠶ᠋ᠢᠨ ᠰᠡᠳᠬᠢᠯ ᠰᠢᠢᠳᠦᠭᠡᠳ ᠤᠬᠠᠭᠠᠨ ᠣᠷᠣᠭᠰᠠᠨ ᠡᠴᠡ ᠨᠢ ᠡᠬᠢᠯᠡᠨ ᠵᠣᠳᠣᠵᠤ ᠵᠠᠨᠴᠢᠨ᠂ ᠬᠠᠯᠠᠭᠤᠨ ᠵᠡᠭᠦᠦ ᠪᠡᠷ ᠲᠥᠭᠡᠨᠡᠵᠦ᠂ ᠦᠰᠦ ᠡᠴᠡ ᠨᠢ ᠲᠤᠭ ᠲᠤᠭ ᠢ᠋ᠶ᠋ᠠᠷ ᠵᠤᠯᠭᠠᠭᠠᠵᠤ ᠪᠠᠢᠬᠤ ᠳ᠋ᠤ᠌ ᠬᠠᠷᠢᠶᠠᠯ ᠵᠦᠬᠡᠯ ᠡᠴᠡ ᠥᠭᠡᠷ᠎ᠡ ᠳᠠᠭᠤ ᠭᠠᠷᠬᠤ ᠦᠭᠡᠢ ᠪᠠᠢᠵᠤ ᠪᠢᠯᠡ᠃ ᠭᠡᠲᠡᠯ᠎ᠡ 《ᠴᠢᠮᠠᠶ᠋ᠢ ᠠᠯᠠᠭᠤᠯᠬᠤ ᠦᠭᠡᠢ᠃ ᠥᠨᠥ ᠰᠥᠨᠢ ᠤᠷᠭᠤᠭᠤᠯᠤᠨ᠎ᠠ》 ᠭᠡᠰᠡᠨ ᠬᠣᠩᠭᠣᠷ ᠤ᠋ᠨ ᠦᠭᠡ ᠶ᠋ᠢ ᠰᠣᠨᠣᠰᠤᠭᠠᠳ ᠰᠢᠯᠤᠭᠤᠳᠴᠤ ᠡᠬᠢᠯᠡᠭᠰᠡᠨ ᠵᠢᠷᠦᠬᠡ ᠰᠡᠳᠬᠢᠯ ᠨᠢ ᠠᠮᠢᠳᠤᠷᠠᠯ ᠤ᠋ᠨ ᠰᠢᠨᠤᠯ ᠢ᠋ᠶ᠋ᠠᠷ ᠳᠡᠪᠳᠦᠭᠳᠡᠨ ᠠᠮᠢᠰᠬᠤᠭᠠᠯᠠᠬᠤ ᠪᠣᠯᠪᠠ᠃
᠊᠊᠊᠊᠊᠊᠊᠊᠊᠊᠊᠊᠊᠊᠊ ᠦᠨᠡᠨ ᠪᠣᠯ ᠬᠠᠮᠲᠤ ᠤᠷᠭᠤᠵᠤ ᠮᠠᠨ ᠤ᠋ ᠬᠢᠨ ᠲᠡᠢ ᠨᠡᠢᠯᠡᠶ᠎ᠡ᠃
ᠬᠣᠩᠭᠣᠷ ᠭᠣᠮᠣᠳᠠᠯ ᠲᠠᠢ ᠪᠥᠭᠡᠳ ᠭᠠᠰᠢᠭᠤᠨ ᠢᠨᠢᠶᠡᠮᠰᠦᠭᠯᠡᠭᠰᠡᠨ ᠢ᠋ᠶ᠋ᠡᠨ ᠲᠣᠯᠣᠭᠠᠢ ᠪᠠᠨ ᠰᠡᠭᠰᠦᠷᠴᠦ 《ᠨᠢᠭᠡ ᠣᠴᠢᠭᠰᠠᠨ᠃ ᠣᠳᠣ ᠳᠠᠭᠢᠵᠤ ᠣᠴᠢᠬᠤ ᠦᠭᠡᠢ》 ᠭᠡᠯᠡ᠃
᠊᠊᠊᠊᠊᠊᠊᠊᠊᠊᠊᠊᠊᠊᠊ ᠵᠢᠷᠭᠠᠯ ᠢ᠋ ᠶᠠᠭᠠᠬᠢᠭᠰᠠᠨ ᠪᠣᠢ?
᠊᠊᠊᠊᠊᠊᠊᠊᠊᠊᠊᠊᠊᠊᠊ ᠶᠠᠮᠠᠷ ᠵᠢᠷᠭᠠᠯ?
᠊᠊᠊᠊᠊᠊᠊᠊᠊᠊᠊᠊᠊᠊᠊ ᠨᠠᠳᠠ ᠲᠠᠢ ᠬᠠᠮᠲᠤ ᠪᠠᠭᠰᠢ ᠪᠠᠢᠭᠰᠠᠨ᠃ ᠴᠢ ᠮᠡᠳᠡᠨ᠎ᠡ ᠰᠢᠦ ᠳᠡ᠃
᠊᠊᠊᠊᠊᠊᠊᠊᠊᠊᠊᠊᠊᠊᠊ ᠮᠡᠳᠡᠨ᠎ᠡ᠃ ᠴᠢᠮ᠎ᠠ ᠲᠠᠢ ᠬᠠᠮᠲᠤ ᠪᠠᠷᠢᠭᠳᠠᠭᠰᠠᠨ ᠬᠡᠷᠡᠭ ᠤᠤ?
᠊᠊᠊᠊᠊᠊᠊᠊᠊᠊᠊᠊᠊᠊᠊ ᠲᠡᠢᠮᠦ᠃ ᠪᠢᠳᠡ ᠬᠠᠮᠲᠤ ᠶᠠᠪᠤᠭᠰᠠᠨ᠃ ᠴᠢ ᠠᠪᠤᠷᠠᠵᠤ ᠥᠭᠭᠦᠭᠡᠴᠢ᠃
ᠬᠣᠩᠭᠣᠷ ᠳᠠᠭᠤ ᠦᠭᠡᠢ ᠪᠣᠳᠣᠯ ᠪᠣᠯᠤᠨ ᠪᠠᠬᠠᠨ ᠰᠠᠭᠤᠭᠰᠠᠨ ᠢ᠋ᠶ᠋ᠠᠨ ᠪᠠᠲᠤ ᠶ᠋ᠢ ᠡᠭᠴᠡ ᠰᠢᠷᠳᠡᠵᠦ 《ᠪᠢ ᠥᠨᠥᠳᠥᠷ ᠵᠢᠷᠭᠠᠯ ᠢ᠋ ᠲᠠᠯᠪᠢᠬᠤ ᠳ᠋ᠤ᠌ ᠵᠢᠷᠭᠠᠯ ᠮᠠᠷᠭᠠᠰᠢ ᠨᠠᠮᠠᠶ᠋ᠢ ᠫᠤᠤᠳᠠᠨ᠎ᠠ ᠰᠢᠦ ᠳᠡ᠃ ᠴᠢᠳᠠᠪᠠᠯ ᠠᠯᠠᠨ᠎ᠠ ᠲᠡᠢᠮᠦ ᠤᠤ?》 ᠭᠡᠯᠡ᠃
᠊᠊᠊᠊᠊᠊᠊᠊᠊᠊᠊᠊᠊᠊᠊ ᠮᠠᠭᠠᠳ ᠦᠭᠡᠢ᠃ ᠭᠡᠪᠡᠴᠦ ᠪᠢ ᠴᠢᠮ᠎ᠠ ᠡᠴᠡ ᠭᠤᠶᠤᠵᠤ ᠪᠠᠢᠨ᠎ᠠ᠃
ᠬᠣᠩᠭᠣᠷ ᠦᠭᠡ ᠳᠤᠤᠭᠠᠷᠤᠯ ᠦᠭᠡᠢ ᠭᠡᠷ ᠡᠴᠡ ᠭᠠᠷᠤᠯ᠎ᠠ᠃ ᠵᠢᠷᠭᠠᠯ ᠳ᠋ᠤ᠌ ᠲᠤᠰᠠᠯᠠᠬᠤ ᠪᠣᠯᠪᠠᠤ ᠠᠯᠢ ᠦᠭᠡᠢ ᠪᠣᠯᠪᠠᠤ ᠭᠡᠰᠡᠨ ᠳᠠᠭᠠᠪᠤᠷᠢ ᠪᠣᠳᠣᠯ ᠪᠠᠲᠤ ᠶ᠋ᠢᠨ ᠰᠡᠳᠬᠢᠯ ᠳ᠋ᠦ᠍ ᠡᠷᠭᠢᠯᠳᠦᠨ ᠬᠦᠯᠢᠶᠡᠬᠦ ᠶ᠋ᠢᠨ ᠰᠢᠨᠠᠯᠤᠯ ᠳ᠋ᠤ᠌ ᠬᠣᠷᠣᠮ ᠴᠤ᠌ ᠭᠡᠰᠡᠨ ᠠᠷᠠᠢ ᠶᠠᠳᠠᠨ ᠥᠩᠭᠡᠷᠡᠬᠦ ᠮᠡᠲᠦ ᠪᠠᠢᠪᠠ᠃
ᠬᠣᠩᠭᠣᠷ ᠶᠠᠪᠤᠭᠰᠠᠨ ᠡᠴᠡ ᠬᠣᠢᠰᠢ ᠶᠡᠬᠡ ᠤᠳᠠᠪᠠ᠃ ᠣᠷᠣᠢ ᠶ᠋ᠢᠨ ᠨᠠᠷᠠ ᠣᠨᠢᠨ ᠳ᠋ᠤ᠌ ᠠᠪᠠᠷᠢᠵᠤ ᠪᠠᠢᠬᠤ ᠳ᠋ᠤ᠌ ᠮᠣᠷᠢᠨ ᠲᠦᠪᠡᠷᠭᠡᠨ ᠣᠢᠷᠠᠲᠤᠭᠰᠠᠭᠠᠷ ᠭᠡᠷ ᠦ᠋ᠨ ᠳᠡᠷᠭᠡᠳᠡ ᠵᠣᠭᠰᠣᠨ ᠤᠳᠠᠯ ᠦᠭᠡᠢ ᠡᠭᠦᠳᠡ ᠠᠯᠭᠤᠷ ᠨᠡᠭᠡᠭᠡᠭᠳᠡᠨ ᠬᠣᠩᠭᠣᠷ ᠬᠥᠮᠥᠰᠬᠡ ᠪᠡᠨ ᠵᠠᠩᠭᠢᠳᠤᠨ ᠣᠷᠣᠵᠤ ᠢᠷᠡᠭᠡᠳ 《ᠬᠠᠷ᠎ᠠ ᠶᠠᠷᠭᠠᠴᠢᠨ ᠨᠤᠭᠤᠳ》 ᠭᠡᠵᠦ ᠲᠠᠰᠤ ᠵᠠᠭᠤᠭᠰᠠᠨ ᠰᠢᠳᠦᠨ ᠦ᠌ ᠪᠡᠨ ᠵᠠᠪᠰᠠᠷ ᠢ᠋ᠶ᠋ᠠᠷ ᠬᠡᠯᠡᠭᠡᠳ ᠮᠠᠰᠢ ᠬᠦᠨᠳᠦ ᠪᠡᠷ ᠵᠠᠪᠢᠯᠠᠨ ᠰᠠᠭᠤᠵᠤ ᠭᠠᠩᠰᠠ ᠪᠠᠨ ᠭᠠᠷᠭᠠᠨ ᠲᠠᠮᠠᠬᠢ ᠲᠠᠲᠠᠯ᠎ᠠ᠃
᠊᠊᠊᠊᠊᠊᠊᠊᠊᠊᠊᠊᠊᠊᠊ ᠶᠠᠭᠤ ᠪᠣᠯᠪᠠ? ᠵᠢᠷᠭᠠᠯ ᠢ᠋ ᠠᠯᠠᠴᠢᠬᠠᠵᠠᠢ ᠤᠤ? ᠭᠡᠵᠦ ᠠᠰᠠᠭᠤᠭᠠᠳ ᠪᠠᠲᠤ ᠪᠣᠰᠪᠠ᠃ ᠬᠣᠩᠭᠣᠷ ᠬᠠᠮᠠᠷ ᠠᠮᠠ ᠪᠠᠷ ᠢ᠋ᠶ᠋ᠠᠨ ᠤᠲᠤᠭ᠎ᠠ ᠰᠠᠪᠰᠠᠭᠤᠯᠤᠨ ᠲᠣᠪ ᠳᠤᠭᠤᠢ ᠪᠠᠢᠭᠰᠠᠨ ᠢ᠋ᠶ᠋ᠠᠨ ᠪᠠᠲᠤ ᠶ᠋ᠢ ᠬᠡᠰᠡᠭ ᠰᠢᠷᠲᠡᠭᠡᠳ ᠰᠠᠨᠠᠭ᠎ᠠ ᠠᠯᠳᠠᠪᠠ᠃
ᠬᠣᠩᠭᠣᠷ ᠭᠠᠷᠴᠤ ᠵᠢᠷᠭᠠᠯ ᠢ᠋ ᠪᠠᠷᠢᠭᠳᠠᠭᠰᠠᠳ ᠦ᠋ᠨ ᠳᠤᠮᠳᠠ ᠡᠷᠢᠭᠰᠡᠨ ᠪᠣᠯᠪᠠᠴᠤ ᠣᠯᠤᠭᠰᠠᠨ ᠦᠭᠡᠢ᠃ ᠭᠡᠲᠡᠯ᠎ᠡ ᠨᠢᠭᠡ ᠡᠪᠦᠭᠡᠨ 《ᠬᠥᠮᠦᠨ ᠢ᠋ ᠴᠦ᠍ ᠬᠣᠷᠣᠬᠠᠢ ᠰᠢᠭ᠋ ᠯᠡ ᠬᠢᠳᠤᠵᠤ ᠪᠠᠢᠨ᠎ᠠ ᠳᠠ᠃ ᠲᠦᠷᠦᠭᠦᠨ ᠳ᠋ᠦ᠍ ᠡᠨᠡ ᠬᠣᠢᠰᠢ ᠪᠠᠨ ᠠᠷᠪᠠᠭᠠᠳ ᠰᠠᠢᠬᠠᠨ ᠵᠠᠯᠠᠭᠤ ᠶ᠋ᠢ ᠬᠦᠯᠢᠶᠡᠲᠡᠢ ᠨᠢ ᠲᠠᠭᠤᠭᠠᠳ ᠶᠠᠪᠤᠯ᠎ᠠ᠃ ᠳᠠᠪᠠᠭᠠᠨ ᠤ᠋ ᠠᠷᠤ ᠶ᠋ᠢᠨ ᠮᠣᠳᠣᠨ ᠳ᠋ᠤ᠌ ᠯᠠ ᠬᠣᠷᠣᠭᠠᠴᠢᠬᠠᠬᠤ ᠪᠠᠢᠬᠤ ᠳᠠ᠃ ᠪᠤᠷᠬᠠᠨ ᠮᠢᠨᠢ ᠶᠠᠭᠠᠬᠢᠭᠰᠠᠨ ᠴᠤ᠌ ᠶᠡᠬᠡ ᠨᠢᠭᠦᠯ ᠪᠣᠢ?》 ᠭᠡᠳ ᠵᠠᠯᠪᠠᠷᠢᠪᠠ᠃
ᠬᠣᠩᠭᠣᠷ ᠮᠣᠷᠳᠠᠭᠠᠳ ᠲᠡᠳᠡᠨ ᠦ᠌ ᠬᠣᠢᠨ᠎ᠠ ᠡᠴᠡ ᠳᠣᠪᠲᠣᠯᠪᠠ᠃ ᠦᠨᠡᠬᠡᠷ ᠴᠦ᠍ ᠠᠷᠪᠠᠭᠠᠳ ᠬᠥᠮᠦᠨ ᠢ᠋ ᠳᠠᠪᠠᠭᠠᠨ ᠤ᠋ ᠠᠷᠤ ᠶ᠋ᠢᠨ ᠮᠣᠳᠣᠨ ᠳ᠋ᠤ᠌ ᠳᠡᠭᠦᠵᠢᠯᠡᠵᠦ ᠠᠯᠠᠬᠤ ᠪᠠᠷ ᠬᠦᠯᠢᠵᠦ ᠬᠣᠯᠪᠣᠭᠠᠳ ᠲᠦᠭᠵᠢᠯ ᠵᠠᠩᠵᠤᠨ ᠤ᠋ ᠪᠠᠷᠠᠭᠤᠨ ᠭᠠᠷ ᠪᠣᠯᠤᠭᠰᠠᠨ ᠬᠣᠶᠠᠷ ᠶᠠᠷᠭᠠᠴᠢᠨ ᠳᠠᠭᠤᠨ ᠶᠠᠪᠤᠵᠠᠢ᠃ ᠮᠣᠳᠣᠨ ᠳ᠋ᠤ᠌ ᠠᠪᠠᠴᠢᠭᠠᠳ ᠨᠢᠭᠡ ᠨᠢᠭᠡ ᠪᠡᠷ ᠨᠢ ᠲᠣᠮᠣ ᠮᠣᠳᠣᠨ ᠤ᠋ ᠮᠥᠴᠢᠷ ᠡᠴᠡ ᠳᠡᠭᠦᠵᠢᠯᠡᠵᠦ ᠡᠬᠢᠯᠡᠪᠡ᠃ ᠭᠤᠷᠪᠠ ᠶ᠋ᠢ ᠠᠯᠠᠭᠠᠳ ᠵᠢᠷᠭᠠᠯ ᠤ᠋ᠨ ᠡᠭᠡᠯᠵᠢ ᠪᠣᠯᠪᠠ᠃
᠊᠊᠊᠊᠊᠊᠊᠊᠊᠊᠊᠊᠊᠊᠊ ᠡᠨᠡ ᠴᠢᠨᠢ ᠪᠠᠭᠰᠢ ᠭᠤᠸᠠᠢ ᠪᠠᠢᠬᠤ ᠠ᠋? ᠭᠡᠵᠦ ᠨᠢᠭᠡ ᠶᠠᠷᠭᠠᠴᠢᠨ ᠰᠦᠷᠡᠬᠡᠢ ᠳᠣᠭᠣᠭᠢᠲᠠᠢ ᠠᠰᠠᠭᠤᠭᠠᠳ ᠵᠢᠷᠭᠠᠯ ᠢ᠋ ᠪᠤᠰᠤᠳ ᠡᠴᠡ ᠨᠢ ᠰᠠᠯᠭᠠᠵᠤ ᠠᠪᠤᠯ᠎ᠠ᠃
᠊᠊᠊᠊᠊᠊᠊᠊᠊᠊᠊᠊᠊᠊᠊ ᠤᠭ ᠨᠢ ᠲᠤᠭ ᠳᠠᠭᠢᠬᠤ ᠶᠣᠰᠣᠲᠠᠢ ᠵᠣᠯᠢᠭ ᠪᠠᠢᠭ᠎ᠠ ᠶᠤᠮ᠃ ᠠᠪᠠᠴᠢᠭᠠᠳ ᠤᠶᠠᠵᠤ ᠣᠷᠭᠢ᠃ ᠨᠢᠭᠡ ᠲᠠᠮᠠᠬᠢ ᠲᠠᠲᠠᠵᠤ ᠠᠪᠤᠭᠠᠳ ᠪᠣᠳᠢ ᠶ᠋ᠢ ᠨᠢ ᠬᠥᠲᠥᠯᠵᠦ ᠤᠷᠭᠢᠶ᠎ᠠ ᠭᠡᠳ ᠨᠥᠭᠦᠭᠡ ᠨᠢ ᠬᠣᠵᠤᠤᠯ᠎ᠠ ᠳᠡᠭᠡᠷ᠎ᠡ ᠲᠡᠪᠡᠳᠡᠶᠡ ᠰᠠᠨᠳᠠᠢᠯᠠᠨ ᠰᠠᠭᠤᠪᠠ᠃
ᠶᠠᠭ ᠡᠨᠡ ᠦᠶ᠎ᠡ ᠪᠡᠷ ᠮᠣᠳᠣᠨ ᠳᠤᠮᠳᠠ ᠡᠴᠡ ᠨᠠᠷᠢᠬᠠᠨ ᠥᠨᠳᠥᠷ ᠪᠣᠷᠣ ᠮᠣᠷᠢ ᠲᠠᠢ ᠬᠣᠩᠭᠣᠷ ᠭᠠᠷᠴᠤ ᠢᠷᠡᠯ᠎ᠡ᠃
᠊᠊᠊᠊᠊᠊᠊᠊᠊᠊᠊᠊᠊᠊᠊ ᠬᠠᠳᠠᠨ ᠵᠣᠷᠢᠭᠲᠤ ᠪᠦᠷᠭᠦᠳ ᠪᠠᠭᠠᠲᠤᠷ ᠢᠷᠡᠯ᠎ᠡ ᠭᠡᠳ ᠵᠢᠷᠭᠠᠯ ᠢ᠋ ᠴᠢᠷᠴᠦ ᠶᠠᠪᠤᠭᠰᠠᠨ ᠶᠠᠷᠭᠠᠴᠢᠨ ᠬᠡᠯᠡᠪᠡ᠃
᠊᠊᠊᠊᠊᠊᠊᠊᠊᠊᠊᠊᠊᠊᠊ ᠨᠠᠭᠠᠳᠤ ᠤᠯᠤᠰ ᠢ᠋ᠶ᠋ᠠᠨ ᠳᠡᠯᠪᠢ! ᠭᠡᠵᠦ ᠬᠣᠩᠭᠣᠷ ᠥᠨᠳᠥᠷ ᠳᠠᠭᠤ ᠪᠠᠷ ᠬᠡᠯᠡᠪᠡ᠃
᠊᠊᠊᠊᠊᠊᠊᠊᠊᠊᠊᠊᠊᠊᠊ ᠬᠡᠨ ᠲᠡᠭᠡᠵᠦ ᠪᠠᠢᠨ᠎ᠠ?
᠊᠊᠊᠊᠊᠊᠊᠊᠊᠊᠊᠊᠊᠊᠊ ᠪᠢ ᠲᠡᠭᠡᠵᠦ ᠪᠠᠢᠨ᠎ᠠ᠃ ᠳᠡᠳ᠋ ᠵᠠᠩᠵᠤᠨ ᠬᠡᠯᠡᠵᠦ ᠪᠠᠢᠨ᠎ᠠ᠃
᠊᠊᠊᠊᠊᠊᠊᠊᠊᠊᠊᠊᠊᠊᠊ ᠳᠡᠳ᠋ ᠵᠠᠩᠵᠤᠨ ᠭᠡᠨ᠎ᠡ ᠠ᠋ ᠭᠡᠳ ᠬᠣᠵᠤᠤᠯ᠎ᠠ ᠳᠡᠭᠡᠷ᠎ᠡ ᠰᠠᠭᠤᠵᠤ ᠪᠠᠢᠭᠰᠠᠨ ᠶᠠᠷᠭᠠᠴᠢᠨ ᠬᠥᠭᠵᠢᠯᠲᠡᠢ ᠢᠨᠢᠶᠡᠭᠰᠡᠨ ᠢ᠋ᠶ᠋ᠡᠨ᠂
᠊᠊᠊᠊᠊᠊᠊᠊᠊᠊᠊᠊᠊᠊᠊ ᠲᠦᠭᠵᠢᠯ ᠵᠠᠩᠵᠤᠨ ᠤ᠋ ᠵᠠᠷᠯᠢᠭ ᠢ᠋ ᠨᠢᠭᠡ ᠳᠡᠳ᠋ ᠵᠠᠩᠵᠤᠨ ᠪᠢᠲᠡᠭᠡᠢ ᠬᠡᠯᠡ᠂ ᠮᠢᠩᠭᠠᠨ ᠳᠡᠳ᠋ ᠵᠠᠩᠵᠤᠨ ᠡᠪᠳᠡᠵᠦ ᠴᠢᠳᠠᠬᠤ ᠦᠭᠡᠢ ᠬᠡᠷᠡᠭ᠃ ᠠᠷᠭᠠᠮᠵᠢᠶ᠎ᠠ ᠪᠠᠨ ᠮᠥᠴᠢᠷ ᠳᠡᠭᠡᠭᠦᠷ ᠬᠠᠶᠠᠵᠤ ᠣᠷᠭᠢ᠂ ᠪᠤᠰᠢᠭᠤᠬᠠᠨ ᠲᠠᠲᠠᠵᠤ ᠤᠷᠭᠢᠶ᠎ᠠ ᠭᠡᠳ ᠭᠠᠩᠰᠠ ᠪᠠᠨ ᠲᠦᠷᠡᠢᠯᠡᠨ ᠪᠣᠰᠪᠠ᠃
᠊᠊᠊᠊᠊᠊᠊᠊᠊᠊᠊᠊᠊᠊᠊ ᠪᠤᠰᠢᠭᠤᠬᠠᠨ ᠰᠤᠯᠠᠯᠠ ᠭᠡᠵᠦ ᠪᠠᠢᠨ᠎ᠠ ᠰᠢᠦ!
᠊᠊᠊᠊᠊᠊᠊᠊᠊᠊᠊᠊᠊᠊᠊ ᠵᠠᠯᠠᠭᠤ ᠮᠢᠨᠢ ᠥᠪᠡᠷ ᠢ᠋ᠶ᠋ᠡᠨ ᠳᠠᠯᠢᠭᠴᠢ ᠪᠣᠯᠬᠤ ᠬᠡ ᠥᠬᠡᠢ ᠶᠤᠮ ᠪᠣᠯ ᠪᠢᠲᠡᠭᠡᠢ ᠭᠤᠸᠠᠭᠯᠠᠭᠠᠳ ᠪᠠᠢ ᠭᠡᠳ ᠶᠠᠷᠭᠠᠴᠢᠨ ᠵᠢᠷᠭᠠᠯ ᠤᠷᠤᠭᠤ ᠶᠠᠪᠤᠯ᠎ᠠ᠃
ᠬᠣᠩᠭᠣᠷ ᠤ᠋ᠨ ᠮᠣᠷᠢ ᠭᠡᠨᠡᠳᠲᠡ ᠤᠬᠤᠰᠬᠢᠨ᠂ ᠪᠦᠳᠦᠭᠦᠨ ᠲᠠᠰᠢᠭᠤᠷ ᠬᠡᠭᠵᠢᠭᠦᠨ ᠶᠠᠷᠭᠠᠴᠢᠨ ᠤ᠋ ᠳᠠᠠᠠᠵᠠᠨ ᠳᠡᠭᠡᠷ᠎ᠡ ᠪᠠᠭᠤᠪᠠ᠃ ᠰᠠᠶᠢᠬᠠᠨ ᠲᠣᠮᠣ ᠦᠭᠡ ᠬᠡᠯᠡᠵᠦ ᠪᠠᠢᠭᠰᠠᠨ ᠶᠠᠷᠭᠠᠴᠢᠨ ᠭᠤᠯᠳᠤᠢᠨ ᠤᠨᠠᠪᠠ᠃ ᠨᠥᠭᠦᠭᠡ ᠨᠢ ᠵᠢᠷᠭᠠᠯ ᠢ᠋ ᠣᠷᠬᠢᠨ᠂ ᠮᠣᠳᠣᠨ ᠤ᠋ ᠪᠦᠳᠦᠭᠦᠨ ᠮᠥᠴᠢᠷ ᠪᠠᠷᠢᠨ ᠳᠠᠭᠠᠷᠢᠭᠰᠠᠨ ᠪᠣᠯᠪᠠᠴᠤ ᠬᠣᠩᠭᠣᠷ ᠴᠢᠳᠠᠮᠠᠭᠠᠢ ᠵᠠᠢᠯᠠᠨ ᠮᠥᠨ ᠯᠡ ᠪᠦᠳᠦᠭᠦᠨ ᠲᠠᠰᠢᠭᠤᠷ ᠢ᠋ᠶ᠋ᠠᠷ ᠨᠠᠮ ᠴᠣᠬᠢᠵᠤ ᠤᠨᠠᠭᠠᠪᠠ᠃
ᠮᠣᠷᠢᠨ ᠡᠴᠡ ᠪᠡᠨ ᠦᠰᠦᠷᠦᠨ ᠪᠠᠭᠤᠵᠤ ᠠᠷᠤ ᠳ᠋ᠠᠭᠠᠨ ᠬᠠᠪᠴᠢᠭᠤᠯᠤᠭᠠᠰᠤᠲᠠᠢ ᠶᠠᠪᠤᠭᠰᠠᠨ ᠬᠢᠲᠤᠭ᠎ᠠ ᠪᠠᠨ ᠰᠤᠭᠤ ᠲᠡᠳᠡᠨ ᠠᠪᠴᠤ ᠬᠥᠮᠦᠰ ᠦ᠋ᠨ ᠬᠦᠯᠢᠭ ᠢ᠋ ᠲᠠᠢᠯᠤᠭᠠᠳ 《ᠳᠤᠷᠠᠲᠠᠢ ᠵᠦᠭ ᠲᠡᠭᠡᠨ ᠶᠠᠪᠤᠵᠠᠭ᠎ᠠ》 ᠭᠡᠵᠦ ᠬᠢᠬᠤᠷᠠᠭᠰᠠᠨ ᠳᠠᠭᠤ ᠪᠠᠷ ᠬᠠᠰᠬᠢᠷᠪᠠ᠃
᠊᠊᠊᠊᠊᠊᠊᠊᠊᠊᠊᠊᠊᠊᠊ ᠬᠣᠩᠭᠣᠷ! ᠴᠢᠨᠦ ᠠᠴᠢ ᠶ᠋ᠢ ᠮᠠᠷᠲᠠᠬᠤ ᠦᠭᠡᠢ ᠭᠡᠵᠦ ᠵᠢᠷᠭᠠᠯ ᠳᠡᠷᠭᠡᠳᠡ ᠨᠢ ᠢᠷᠡᠭᠡᠳ ᠬᠡᠯᠡᠪᠡ᠃
᠊᠊᠊᠊᠊᠊᠊᠊᠊᠊᠊᠊᠊᠊᠊ ᠣᠯᠠᠨ ᠦᠭᠡ ᠦᠭᠡᠢ ᠵᠠᠢᠯᠠᠵᠠᠭᠠ᠃ ᠲᠡᠷᠡ ᠬᠣᠶᠠᠷ ᠮᠣᠷᠢ᠂ ᠫᠤᠤ ᠶ᠋ᠢ ᠠᠪᠤᠭᠠᠷᠠᠢ᠃
᠊᠊᠊᠊᠊᠊᠊᠊᠊᠊᠊᠊᠊᠊᠊ ᠴᠢ ᠪᠢᠳᠡᠨ ᠲᠡᠢ ᠶᠠᠪᠤ ᠭᠡᠵᠦ ᠵᠢᠷᠭᠠᠯ ᠬᠡᠯᠡᠪᠡ᠃
᠊᠊᠊᠊᠊᠊᠊᠊᠊᠊᠊᠊᠊᠊᠊ ᠪᠤᠰᠢᠭᠤᠬᠠᠨ ᠵᠠᠢᠯᠠᠭᠠᠳ ᠥᠭᠭᠦᠭᠡᠴᠢ! ᠠᠯᠢ ᠪᠢ ᠲᠠ ᠨᠠᠷ ᠢ᠋ ᠴᠣᠬᠢᠯᠠᠬᠤ ᠤᠤ ᠭᠡᠵᠦ ᠬᠣᠩᠭᠣᠷ ᠪᠠᠢᠳᠠᠭ ᠴᠢᠳᠠᠯ ᠢ᠋ᠶ᠋ᠠᠷ ᠢ᠋ᠶ᠋ᠠᠨ ᠵᠠᠩᠳᠤᠷᠪᠠ᠃
ᠲᠡᠷᠡ ᠬᠥᠮᠦᠰ ᠢ᠋ ᠣᠷᠣ ᠰᠤᠷᠠᠭ ᠦᠭᠡᠢ ᠠᠯᠠᠭ᠎ᠠ ᠪᠣᠯᠲᠠᠯ᠎ᠠ ᠬᠣᠩᠭᠣᠷ ᠰᠠᠭᠤᠭᠰᠠᠭᠠᠷ ᠪᠠᠢᠯ᠎ᠠ᠃ ᠲᠡᠭᠡᠭᠡᠳ ᠣᠭᠵᠣᠮ ᠬᠥᠳᠡᠯᠭᠡᠭᠡᠨ ᠢ᠋ᠶ᠋ᠡᠷ ᠮᠣᠷᠳᠠᠨ ᠢᠷᠡᠭᠰᠡᠨ ᠵᠠᠮ ᠢ᠋ᠶ᠋ᠠᠷ ᠢ᠋ᠶ᠋ᠠᠨ ᠬᠤᠢ ᠰᠠᠯᠬᠢ ᠮᠡᠲᠦ ᠠᠯᠠᠭ᠎ᠠ ᠪᠣᠯᠪᠠ᠃ ᠬᠤᠷᠳᠤ ᠪᠠᠨ ᠰᠠᠭᠠᠯ ᠦᠭᠡᠢ ᠳᠠᠪᠬᠢᠭᠰᠠᠭᠠᠷ ᠪᠠᠲᠤ ᠳᠡᠭᠡᠷ᠎ᠡ ᠢᠷᠡᠯ᠎ᠡ᠃
᠊᠊᠊᠊᠊᠊᠊᠊᠊᠊᠊᠊᠊᠊᠊ ᠵᠢᠷᠭᠠᠯ ᠢ᠋ ᠶᠠᠭᠠᠬᠢᠭᠰᠠᠨ ᠪᠣᠢ? ᠭᠡᠵᠦ ᠪᠠᠲᠤ ᠠᠰᠠᠭᠤᠭᠠᠳ ᠬᠣᠩᠭᠣᠷ ᠤ᠋ᠨ ᠮᠥᠷᠦᠨ ᠡᠴᠡ ᠤᠭᠵᠠᠷᠠᠪᠠ᠃
᠊᠊᠊᠊᠊᠊᠊᠊᠊᠊᠊᠊᠊᠊᠊ ᠳᠠᠬᠢᠭᠠᠳ ᠯᠠ ᠪᠠᠷᠢᠭᠳᠠᠭ᠎ᠠ ᠦᠭᠡᠢ ᠪᠣᠯ ᠳᠤᠷᠠᠲᠠᠢ ᠵᠦᠭ ᠲᠡᠭᠡᠨ ᠶᠠᠪᠤᠭᠰᠠᠨ᠃
᠊᠊᠊᠊᠊᠊᠊᠊᠊᠊᠊᠊᠊᠊᠊ ᠦᠨᠡᠨ ᠤᠤ?
ᠬᠣᠩᠭᠣᠷ ᠲᠣᠯᠣᠭᠠᠢ ᠪᠠᠨ ᠡᠷᠭᠢᠭᠦᠯᠦᠨ ᠪᠠᠲᠤ ᠶ᠋ᠢ ᠬᠠᠷᠠᠭᠰᠠᠨ ᠢ᠋ᠶ᠋ᠠᠨ 《ᠢᠱ᠌ᠢ ᠴᠠᠪᠠᠰᠤ ᠳᠠ》 ᠭᠡᠳ ᠭᠠᠰᠢᠭᠤᠨ ᠮᠦᠰᠢᠶᠡᠪᠡ᠃
ᠵᠢᠷᠭᠠᠯ ᠤ᠋ᠨ ᠠᠮᠢᠳᠤ ᠭᠠᠷᠤᠭᠰᠠᠨ ᠳ᠋ᠤ᠌ ᠪᠠᠶᠠᠷᠯᠠᠭᠰᠠᠨ ᠪᠠᠲᠤ ᠣᠯᠠᠨ ᠶᠠᠭᠤᠮ᠎ᠠ ᠠᠰᠠᠭᠤᠮᠠᠷ ᠪᠠᠢᠭᠰᠠᠨ ᠪᠣᠯᠪᠠᠴᠤ 《ᠢᠱ᠌ᠢ ᠴᠠᠪᠠᠰᠤ ᠳᠠ》 ᠭᠡᠰᠡᠨ ᠬᠣᠩᠭᠣᠷ ᠤ᠋ᠨ ᠦᠭᠡ᠂ ᠲᠡᠭᠦᠨ ᠦ᠌ ᠠᠷᠭ᠎ᠠ ᠨᠢ ᠪᠠᠷᠠᠭᠳᠠᠭᠰᠠᠨ ᠨᠢᠳᠦ ᠳᠠᠬᠢᠭᠠᠳ ᠨᠠᠳᠠ ᠡᠴᠡ ᠶᠠᠭᠤᠮ᠎ᠠ ᠪᠢᠲᠡᠭᠡᠢ ᠠᠰᠠᠭᠤᠭᠠᠴᠢ ᠭᠡᠵᠦ ᠪᠠᠢᠭᠰᠠᠨ ᠲᠤᠯᠠ ᠪᠣᠯᠢᠪᠠ᠃
ᠨᠢᠭᠡᠨ ᠬᠡᠰᠡᠭ ᠭᠡᠷ ᠲᠦ᠍ ᠶᠠᠮᠠᠷ ᠴᠤ᠌ ᠠᠨᠢᠷ ᠴᠢᠮᠡᠭᠡ ᠦᠭᠡᠢ ᠪᠠᠢᠯ᠎ᠠ᠃ ᠬᠣᠩᠭᠣᠷ ᠪᠣᠳᠣᠯ ᠪᠣᠯᠤᠨ ᠪᠠᠬᠠᠨ ᠰᠠᠭᠤᠭᠰᠠᠨ ᠢ᠋ᠶ᠋ᠠᠨ ᠭᠠᠷᠴᠤ ᠬᠣᠭᠣᠯᠠ ᠠᠪᠴᠢᠷᠠᠨ ᠪᠠᠲᠤ ᠳ᠋ᠤ᠌ ᠥᠭᠭᠦᠯ᠎ᠡ᠃
᠊᠊᠊᠊᠊᠊᠊᠊᠊᠊᠊᠊᠊᠊᠊ ᠨᠠᠮᠠᠶ᠋ᠢ ᠯᠠᠪ ᠲᠠᠯᠪᠢᠬᠤ ᠤᠤ?
᠊᠊᠊᠊᠊᠊᠊᠊᠊᠊᠊᠊᠊᠊᠊ ᠴᠢᠮᠠᠶ᠋ᠢ ᠲᠠᠯᠪᠢᠨ᠎ᠠ᠃ ᠬᠠᠷᠢᠨ ᠲᠠᠨ ᠤ᠋ ᠬᠢᠨ ᠨᠠᠮᠠᠶ᠋ᠢ ᠪᠠᠷᠢᠵᠤ ᠠᠪᠪᠠᠯ ᠥᠷᠥᠰᠢᠶᠡᠬᠦ ᠦᠭᠡᠢ᠃ ᠰᠢᠭᠤᠳ ᠠᠯᠠᠨ᠎ᠠ ᠰᠢᠦ ᠳᠡ᠃
ᠦᠨᠡᠬᠡᠷ ᠴᠦ᠍ ᠬᠣᠩᠭᠣᠷ ᠢ᠋ ᠥᠷᠥᠰᠢᠶᠡᠬᠦ ᠦᠭᠡᠢ ᠰᠢᠦ ᠳᠡ᠃ ᠲᠡᠭᠦᠨ ᠦ᠌ ᠤᠷᠢᠳᠤ ᠬᠢᠭᠰᠡᠨ ᠶᠠᠯ᠎ᠠ ᠦᠯᠡᠮᠵᠢ᠃ ᠭᠡᠲᠡᠯ᠎ᠡ ᠣᠳᠣ ᠤᠯᠠᠮ ᠨᠡᠮᠡᠭᠳᠡᠵᠡᠢ᠃ ᠤᠷᠢᠳᠤ ᠬᠣᠩᠭᠣᠷ ᠰᠢᠯᠢ ᠶ᠋ᠢᠨ ᠬᠤᠯᠠᠭᠠᠢᠴᠢ ᠪᠠᠢᠭᠰᠠᠨ ᠪᠣᠯ ᠣᠳᠣ ᠲᠡᠭᠦᠨ ᠳᠡᠭᠡᠷ᠎ᠡ ᠨᠢ ᠵᠠᠰᠠᠭ ᠲᠥᠷᠥ ᠶ᠋ᠢ ᠡᠰᠡᠷᠭᠦᠴᠡᠭᠰᠡᠨ ᠪᠣᠰᠤᠯᠭ᠎ᠠ ᠶ᠋ᠢᠨ ᠳᠡᠳ᠋ ᠵᠠᠩᠵᠤᠨ ᠨᠡᠮᠡᠭᠳᠡᠵᠡᠢ᠃
᠊᠊᠊᠊᠊᠊᠊᠊᠊᠊᠊᠊᠊᠊᠊ ᠦᠨᠡᠬᠡᠷ ᠴᠦ᠍ ᠥᠷᠥᠰᠢᠶᠡᠬᠦ ᠦᠭᠡᠢ ᠪᠠᠢᠬᠤ ᠳᠠ᠃
ᠲᠠᠷᠢᠶᠠᠲᠤ ᠶ᠋ᠢᠨ ᠲᠠᠩᠬᠢᠮ ᠤ᠋ᠨ ᠪᠠᠭᠰᠢ ᠶ᠋ᠢ ᠰᠢᠷᠪᠥᠰᠥᠯᠡᠬᠦ ᠶ᠋ᠢᠨ ᠣᠷᠣᠨ ᠳ᠋ᠤ᠌ ᠨᠠᠢᠷᠰᠠᠭ ᠶᠠᠷᠢᠯᠴᠠᠨ᠂ ᠬᠣᠭᠣᠯᠠᠯᠠᠵᠤ ᠪᠠᠢᠭ᠎ᠠ ᠳᠡᠳ᠋ ᠵᠠᠩᠵᠤᠨ ᠤ᠋ ᠬᠠᠴᠢᠨ ᠵᠠᠩ ᠤ᠋ᠨ ᠲᠤᠬᠠᠢ ᠰᠣᠨᠣᠰᠤᠭᠰᠠᠨ ᠲᠦᠭᠵᠢᠯ ᠶᠠᠭᠤ ᠪᠣᠯᠵᠤ ᠪᠠᠢᠭ᠎ᠠ ᠶ᠋ᠢ ᠰᠣᠨᠢᠷᠬᠠᠨ ᠦᠵᠡᠬᠦ ᠪᠡᠷ ᠬᠣᠩᠭᠣᠷ ᠤ᠋ᠨ ᠭᠡᠷ ᠲᠦ᠍ ᠣᠷᠣᠵᠤ ᠢᠷᠡᠯ᠎ᠡ᠃
᠊᠊᠊᠊᠊᠊᠊᠊᠊᠊᠊᠊᠊᠊᠊ ᠳᠡᠳ᠋ ᠵᠠᠩᠵᠤᠨ ᠶᠠᠭᠤ ᠪᠣᠯᠤᠭᠠᠳ ᠡᠨᠡ ᠭᠥᠯᠥᠭᠡ ᠶ᠋ᠢ ᠳᠠᠢᠯᠠᠵᠤ ᠪᠠᠢᠳᠠᠭ ᠪᠢᠯᠡ? ᠬᠣᠩᠭᠣᠷ ᠪᠣᠰᠴᠤ ᠲᠦᠭᠵᠢᠯ ᠦ᠋ᠨ ᠳᠡᠷᠭᠡᠳᠡ ᠣᠴᠢᠭᠠᠳ 《ᠡᠭᠦᠨ ᠢ᠋ ᠪᠠᠶᠠᠷᠯᠠᠭᠤᠯᠵᠤ ᠪᠠᠢᠭᠠᠳ ᠥᠷᠯᠥᠭᠡ ᠥᠪᠡᠷ ᠢ᠋ᠶ᠋ᠡᠨ ᠵᠢᠷᠦᠬᠡ ᠶ᠋ᠢ ᠨᠢ ᠰᠤᠭᠤᠯᠵᠤ ᠲᠤᠭ ᠳᠠᠭᠢᠨ᠎ᠠ᠃ ᠡᠴᠢᠭᠡ ᠶ᠋ᠢᠨ ᠮᠢᠨᠢ ᠬᠥᠷᠥᠩᠭᠡ ᠶ᠋ᠢ ᠬᠤᠷᠢᠶᠠᠭᠰᠠᠨ ᠡᠨᠡ ᠪᠡᠯᠲᠡᠷᠭᠡ ᠲᠡᠢ ᠶᠠᠷᠢᠬᠤ ᠶᠠᠭᠤᠮ᠎ᠠ ᠨᠠᠳᠠ ᠳ᠋ᠤ᠌ ᠪᠣᠢ》 ᠭᠡᠵᠦ ᠴᠢᠬᠢᠨ ᠳ᠋ᠦ᠍ ᠨᠢ ᠰᠢᠪᠡᠭᠡᠨᠡᠪᠡ᠃
ᠲᠦᠭᠵᠢᠯ ᠲᠠᠭᠠᠯᠠᠮᠵᠢᠲᠠᠢ ᠢᠨᠢᠶᠡᠮᠰᠦᠭᠯᠡᠭᠡᠳ ᠡᠷᠭᠢᠬᠦ ᠭᠡᠬᠦ ᠳ᠋ᠦ᠍ ᠨᠢ᠂
᠊᠊᠊᠊᠊᠊᠊᠊᠊᠊᠊᠊᠊᠊᠊ ᠳᠡᠳ᠋ ᠵᠠᠩᠵᠤᠨ ᠳ᠋ᠤ᠌ ᠲᠤᠭ ᠪᠠᠢᠳᠠᠭ ᠦᠭᠡᠢ ᠶᠦ᠍ᠮ ᠤᠤ? ᠭᠡᠵᠦ ᠬᠣᠩᠭᠣᠷ ᠵᠠᠯᠢᠵᠢᠩᠭᠤᠢ ᠠᠰᠠᠭᠤᠪᠠ᠃
᠊᠊᠊᠊᠊᠊᠊᠊᠊᠊᠊᠊᠊᠊᠊ ᠶᠠᠭᠤ ᠭᠡᠵᠦ?
᠊᠊᠊᠊᠊᠊᠊᠊᠊᠊᠊᠊᠊᠊᠊ ᠪᠠᠢᠳᠠᠭ ᠶᠤᠮ ᠪᠣᠯ ᠥᠷᠯᠥᠭᠡ ᠳᠠᠭᠢᠬᠤ ᠭᠡᠰᠡᠨ ᠶᠤᠮ᠃
᠊᠊᠊᠊᠊᠊᠊᠊᠊᠊᠊᠊᠊᠊᠊ ᠵᠢᠵᠢᠭ ᠰᠢᠷ᠎ᠠ ᠲᠤᠭ ᠢ᠋ ᠥᠪᠡᠷ ᠦ᠋ᠨ ᠢ᠋ᠶ᠋ᠡᠨ ᠲᠤᠭ ᠭᠡᠵᠦ ᠪᠣᠳᠣᠭᠠᠷᠠᠢ ᠭᠡᠳ ᠭᠠᠷᠤᠯ᠎ᠠ᠃ ᠲᠡᠷᠡ ᠰᠥᠨᠢ ᠬᠣᠩᠭᠣᠷ ᠪᠣᠷᠣ ᠮᠣᠷᠢ ᠪᠠᠨ ᠪᠠᠲᠤ ᠳ᠋ᠤ᠌ ᠥᠭᠴᠦ ᠶᠠᠪᠤᠭᠤᠯᠬᠤ ᠳ᠋ᠠᠭᠠᠨ 《ᠵᠠ ᠰᠠᠢᠨ ᠶᠠᠪᠤᠭᠠᠷᠠᠢ᠃ ᠪᠣᠳᠣᠪᠠᠯ ᠴᠢ ᠨᠥᠬᠥᠳ ᠳᠡᠭᠡᠷ᠎ᠡ ᠪᠡᠨ ᠣᠴᠢᠵᠤ ᠵᠡᠪᠰᠡᠭᠵᠢᠵᠦ ᠠᠪᠤᠭᠠᠳ ᠪᠢᠳᠡᠨ ᠲᠡᠢ ᠪᠠᠢᠯᠳᠤᠬᠤ ᠭᠡᠵᠦ ᠢᠷᠡᠬᠦ ᠪᠠᠢᠯᠭᠦᠢ ᠳᠡ᠃ ᠪᠢᠳᠡ ᠬᠣᠶᠠᠷ ᠤ᠋ᠨ ᠵᠠᠮ ᠡᠭᠦᠷᠢᠳᠡ ᠰᠠᠯᠵᠤ᠂ ᠠᠭᠤᠯᠵᠠᠬᠤ ᠭᠠᠵᠠᠷ ᠦᠭᠡᠢ ᠪᠣᠯᠪᠠ ᠪᠣᠯᠤᠯᠲᠠᠢ ᠭᠡᠳ ᠭᠠᠷ ᠢ᠋ ᠨᠢ ᠴᠢᠩᠭ᠎ᠠ ᠠᠳᠬᠤᠭᠰᠠᠨ ᠢ᠋ᠶ᠋ᠠᠨ ᠪᠠᠶᠠᠷᠲᠠᠢ ᠡᠪᠦᠭᠡᠨ ᠮᠢᠨᠢ᠃ ᠵᠠ ᠪᠣᠰᠢᠭᠣ ᠮᠣᠷᠳᠠ》 ᠭᠡᠯᠡ᠃
᠊᠊᠊᠊᠊᠊᠊᠊᠊᠊᠊᠊᠊᠊᠊ ᠨᠠᠮᠠᠶ᠋ᠢ ᠲᠠᠯᠪᠢᠭᠰᠠᠨ ᠢ᠋ ᠮᠡᠳᠡᠪᠡᠯ ᠴᠢᠮᠠᠲᠤ ᠪᠥᠭᠡᠮ ᠲᠡᠢ ᠭᠠᠢ ᠪᠣᠯᠤᠨ᠎ᠠ ᠳᠠ᠃
᠊᠊᠊᠊᠊᠊᠊᠊᠊᠊᠊᠊᠊᠊᠊ ᠭᠠᠢᠭᠤᠢ ᠪᠠᠢᠯᠭᠦᠢ ᠳᠡ᠃ ᠮᠡᠳᠡᠭᠰᠡᠨ ᠴᠦ᠍ ᠶᠠᠭᠠᠬᠢᠬᠤᠪ᠃ ᠲᠠᠪᠢ ᠰᠢᠬᠠᠮ ᠢ᠋ ᠪᠠᠷᠢᠵᠤ ᠥᠭᠭᠦᠭᠰᠡᠨ ᠬᠥᠮᠦᠨ᠂ ᠨᠢᠭᠡ ᠶ᠋ᠢ ᠲᠠᠯᠪᠢᠬᠤ ᠡᠷᠬᠡ ᠲᠡᠢ ᠪᠠᠢᠬᠤ ᠦᠭᠡᠢ ᠶᠠᠭᠠᠬᠢᠬᠤᠪ᠃ ᠲᠦᠷᠭᠡᠨ ᠶᠠᠪᠤ᠃
ᠤᠯᠠᠭᠠᠨ ᠤ᠋ ᠭᠠᠢᠬᠠᠯ ᠢ᠋ ᠤᠷᠭᠤᠭᠤᠯᠵᠤ ᠪᠠᠢᠭ᠎ᠠ ᠬᠣᠩᠭᠣᠷ ᠢ᠋ ᠬᠠᠷᠠᠭᠰᠠᠨ ᠬᠥᠮᠦᠨ ᠲᠦᠭᠵᠢᠯ ᠳ᠋ᠦ᠍ ᠣᠴᠢᠵᠤ ᠬᠡᠯᠡᠬᠦ ᠭᠡᠰᠡᠨ ᠪᠣᠯᠪᠠᠴᠤ ᠵᠠᠯᠠᠭᠤ ᠪᠦᠰᠡᠭᠦᠢ ᠲᠡᠢ ᠰᠠᠮᠠᠭᠤᠷᠠᠵᠤ ᠪᠠᠢᠭᠰᠠᠨ ᠲᠦᠭᠵᠢᠯ ᠣᠷᠣᠭᠤᠯᠤᠭᠰᠠᠨ ᠦᠭᠡᠢ᠃
ᠥᠷᠯᠥᠭᠡ ᠨᠢ ᠲᠦᠭᠵᠢᠯ ᠵᠠᠩᠵᠤᠨ ᠬᠣᠩᠭᠣᠷ ᠢ᠋ ᠳᠠᠭᠤᠳᠠᠬᠤ ᠳ᠋ᠤ᠌ ᠣᠴᠢᠪᠠᠯ ᠭᠡᠷ ᠦ᠋ᠨ ᠬᠣᠢᠮᠣᠷ ᠬᠥᠬᠡ ᠲᠣᠷᠭᠠᠨ ᠳᠡᠪᠡᠯ ᠨᠥᠮᠥᠭᠡᠨ ᠡᠮᠦᠰᠦᠭᠡᠳ ᠤᠯᠠᠭᠠᠨ ᠣᠯᠪᠣᠭ ᠳᠡᠭᠡᠷ᠎ᠡ ᠬᠠᠩᠬᠠᠢᠨ ᠰᠠᠭᠤᠵᠤ ᠪᠠᠢᠭᠰᠠᠨ ᠲᠦᠭᠵᠢᠯ ᠦ᠋ᠨ ᠨᠢᠳᠦᠨ ᠡᠴᠡ ᠨᠢ ᠭᠠᠯ ᠪᠤᠲᠠᠷᠠᠨ᠂
᠊᠊᠊᠊᠊᠊᠊᠊᠊᠊᠊᠊᠊᠊᠊ ᠮᠠᠭᠤ ᠬᠤᠯᠠᠭᠠᠢᠴᠢ ᠴᠢ ᠤᠯᠠᠭᠠᠨ ᠤ᠋ ᠨᠣᠬᠠᠢ ᠶ᠋ᠢ ᠶᠠᠭᠠᠬᠢᠭᠰᠠᠨ ᠪᠣᠢ? ᠭᠡᠵᠦ ᠰᠦᠷᠲᠡᠢ ᠬᠠᠰᠬᠢᠷᠪᠠ᠃
᠊᠊᠊᠊᠊᠊᠊᠊᠊᠊᠊᠊᠊᠊᠊ ᠠᠯᠳᠠᠴᠢᠬᠠᠭᠰᠠᠨ᠃
᠊᠊᠊᠊᠊᠊᠊᠊᠊᠊᠊᠊᠊᠊᠊ ᠲᠡᠢᠮᠦ ᠪᠠᠢᠬᠤ ᠠ᠋᠃ ᠤᠯᠠᠭᠠᠨ ᠤ᠋ ᠣᠷᠭᠤᠳᠤᠤᠯ ᠳ᠋ᠤ᠌ ᠬᠥᠯ ᠵᠠᠯᠭᠠᠭᠤᠯᠵᠤ ᠥᠭᠭᠦᠭᠡᠳ ᠤᠷᠭᠤᠭᠤᠯᠤᠭᠰᠠᠨ ᠢ᠋ ᠮᠡᠳᠡᠭᠡ ᠦᠭᠡᠢ ᠶᠤᠮ ᠭᠡᠵᠦ ᠪᠣᠳᠣᠵᠤ ᠪᠠᠢᠨ᠎ᠠ ᠤᠤ? ᠡᠭᠦᠨ ᠢ᠋ ᠲᠦᠷᠭᠡᠨ ᠪᠡᠷᠢ ᠭᠡᠵᠦ ᠲᠦᠭᠵᠢᠯ ᠬᠣᠭᠣᠯᠠᠢ ᠪᠠᠨ ᠭᠢᠬᠤᠷᠠᠭᠤᠯᠤᠨ ᠵᠠᠩᠳᠤᠷᠪᠠ᠃
ᠭᠡᠷ ᠲᠦ᠍ ᠪᠠᠢᠭᠰᠠᠨ ᠳᠥᠷᠪᠡᠨ ᠬᠥᠮᠦᠨ ᠬᠣᠩᠭᠣᠷ ᠥᠭᠡᠳᠡ ᠲᠠᠪᠰᠢᠨ ᠢᠷᠡᠯ᠎ᠡ᠃ ᠬᠣᠩᠭᠣᠷ ᠭᠡᠷ ᠦ᠋ᠨ ᠳᠤᠮᠳᠠ ᠰᠥᠩᠨᠡᠭᠰᠡᠨ ᠰᠠᠪᠠ ᠲᠠᠢ ᠠᠢᠷᠠᠭ ᠢ᠋ᠶ᠋ᠠᠷ ᠰᠠᠴᠤᠭᠰᠠᠨ ᠢ᠋ᠶ᠋ᠠᠨ ᠭᠱᠠᠨ ᠵᠠᠭᠤᠷ᠎ᠠ ᠡᠷᠭᠢᠵᠦ ᠭᠠᠷᠤᠭᠠᠳ ᠲᠦᠭᠵᠢᠯ ᠵᠠᠩᠵᠤᠨ ᠤ᠋ ᠰᠠᠯᠬᠢᠨ ᠵᠡᠭᠡᠷᠳᠡ ᠮᠣᠷᠢ ᠶ᠋ᠢ ᠤᠨᠤᠨ ᠡᠮᠦᠨ᠎ᠡ ᠵᠦᠭ ᠢ᠋ ᠪᠠᠷᠢᠵᠤ ᠪᠥᠬᠥᠢᠨ ᠳᠠᠪᠬᠢᠯ᠎ᠠ᠃
ᠲᠦᠭᠵᠢᠯ ᠭᠦᠶᠦᠨ ᠭᠠᠷᠴᠤ ᠢᠷᠡᠭᠡᠳ 《ᠮᠠᠭᠤ ᠬᠤᠯᠠᠭᠠᠢᠴᠢ ᠶ᠋ᠢᠨ ᠲᠣᠯᠣᠭᠠᠢ ᠶ᠋ᠢ ᠬᠠᠭ᠎ᠠ ᠫᠤᠤᠳᠠ》 ᠭᠡᠵᠦ ᠪᠠᠷᠬᠢᠷᠠᠭᠰᠠᠨ ᠢ᠋ᠶ᠋ᠠᠨ ᠬᠡᠳᠦᠨ ᠬᠥᠮᠦᠨ ᠫᠤᠤ ᠬᠥᠯᠯᠡᠨ ᠱᠠᠭᠠᠢᠬᠤ ᠶ᠋ᠢ ᠬᠠᠷᠠᠭᠠᠳ 《ᠮᠤᠤᠰᠠᠢᠨ ᠭᠤᠢᠯᠢᠨᠴᠢᠨ ᠨᠤᠭᠤᠳ ᠮᠢᠨᠢ ᠮᠢᠨᠦ ᠮᠣᠷᠢ ᠶ᠋ᠢ ᠪᠢᠲᠡᠭᠡᠢ ᠫᠤᠤᠳᠠᠭᠠᠷᠠᠢ》 ᠭᠡᠯᠡ᠃
ᠫᠤᠤ ᠬᠡᠳᠦᠨ ᠵᠡᠷᠭᠡ ᠨᠦᠵᠢᠭᠢᠨᠡᠨ ᠳᠤᠤᠭᠠᠷᠪᠠ᠃ ᠬᠣᠩᠭᠣᠷ ᠮᠣᠳᠣᠨ ᠤ᠋ ᠬᠠᠵᠠᠭᠤ ᠤᠷᠤᠭᠤ ᠤᠨᠠᠬᠤ ᠰᠢᠭ᠋ ᠪᠣᠯᠤᠭᠰᠠᠨ ᠪᠣᠯᠪᠠᠴᠤ ᠤᠳᠠᠯ ᠦᠭᠡᠢ ᠳᠠᠬᠢᠨ ᠡᠮᠡᠭᠡᠯ ᠳᠡᠭᠡᠷ᠎ᠡ ᠪᠡᠨ ᠭᠠᠷᠤᠭᠠᠳ ᠳᠠᠪᠬᠢᠯ᠎ᠠ᠃ ᠪᠠᠰᠠ ᠬᠡᠳᠦᠨ ᠰᠠᠢᠨ ᠮᠣᠷᠢ ᠲᠠᠢ ᠬᠥᠮᠦᠨ ᠬᠥᠭᠡᠭᠡᠪᠡ᠃ ᠭᠡᠪᠡᠴᠦ ᠲᠦᠭᠵᠢᠯ ᠦ᠋ᠨ ᠰᠠᠯᠬᠢᠨ ᠵᠡᠭᠡᠷᠳᠡ ᠶ᠋ᠢ ᠪᠠᠷᠠᠭᠠᠳᠠᠬᠤ ᠮᠣᠷᠢ ᠶᠠᠭᠠᠬᠢᠨ ᠣᠯᠠᠨ ᠪᠠᠢᠬᠤ ᠪᠢᠯᠡ᠃
ᠭᠠᠭᠴᠠ ᠮᠣᠷᠢ ᠲᠠᠢ ᠬᠥᠮᠦᠨ ᠣᠪᠣᠭ᠎ᠠ ᠣᠢᠷᠠᠳᠴᠤ ᠢᠷᠡᠬᠦ ᠳ᠋ᠦ᠍ ᠬᠣᠩᠭᠣᠷ ᠶᠠᠪᠤᠳᠠᠯ ᠳᠤᠮᠳᠠ ᠪᠠᠨ ᠲᠣᠮᠣ ᠴᠢᠯᠠᠭᠤ ᠰᠢᠭᠦᠷᠡᠨ ᠠᠪᠴᠤ ᠴᠣᠬᠢᠵᠤ ᠤᠨᠠᠭᠠᠪᠠ᠃
