ᠲᠤᠩᠭᠠᠯᠠᠭ ᠲᠠᠮᠢᠷ4-05-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠢᠳᠡᠭᠰᠡᠨ ᠪᠣᠣᠪᠣ ᠴᠢᠨᠢ ᠪᠠᠭᠠᠳᠤᠭᠠᠳ ᠪᠤᠴᠠᠵᠤ ᠢᠷᠡᠪᠡ ᠤᠤ》 - ᠳᠥᠷᠪᠡᠳᠦᠭᠡᠷ ᠪᠦᠯᠦᠭ ᠲᠠᠪᠤ
《ᠴᠡᠴᠡᠷᠯᠢᠭ ᠮᠠᠨᠳᠤᠯ ᠤ᠋ᠨ ᠠᠢᠮᠠᠭ ᠤ᠋ᠨ ᠨᠠᠮ ᠤ᠋ᠨ ᠬᠣᠷᠢᠶ᠎ᠠ》 ᠭᠡᠵᠦ ᠤᠯᠠᠭᠠᠨ ᠰᠢᠩᠬᠤᠨ ᠪᠣᠳᠤᠭᠳᠠᠢ ᠭᠣᠣ ᠳ᠋ᠤ᠌ ᠰᠢᠯᠯᠡᠨ ᠬᠢᠭᠰᠡᠨ ᠬᠠᠶᠠᠭ ᠢ᠋ ᠬᠠᠯᠵᠠ ᠲᠠᠢ ᠲᠣᠮᠣ ᠴᠠᠭᠠᠨ ᠢᠰᠡᠭᠡᠢ ᠭᠡᠷ ᠦ᠋ᠨ ᠲᠣᠲᠣᠭᠣᠨ ᠳᠡᠭᠡᠷ᠎ᠡ ᠬᠣᠶᠠᠷ ᠬᠥᠮᠦᠨ ᠬᠢᠴᠢᠶᠡᠩᠭᠦᠢᠯᠡᠨ ᠬᠠᠲᠠᠵᠤ ᠪᠠᠢᠪᠠ᠃
᠊᠊᠊᠊᠊᠊᠊᠊᠊᠊᠊᠊᠊᠊᠊ ᠲᠡᠭᠰᠢ ᠪᠣᠯᠵᠤ ᠤᠤ ᠬᠠᠷᠠᠭᠠᠴᠢ᠃
ᠲᠣᠮᠣ ᠶᠠᠩᠭᠢᠷ ᠪᠡᠶ᠎ᠡ ᠲᠡᠢ ᠨᠠᠷᠢᠬᠠᠨ ᠪᠣᠯᠪᠠᠴᠤ ᠤᠷᠲᠤ ᠬᠠᠷ᠎ᠠ ᠭᠡᠵᠢᠭᠡ ᠲᠡᠢ ᠳᠤᠮᠳᠠ ᠨᠠᠰᠤᠨ ᠤ᠋ ᠡᠷ᠎ᠡ ᠭᠡᠷ ᠡᠴᠡ ᠭᠤᠷᠪᠠ ᠳᠥᠷᠪᠡᠨ ᠠᠯᠬᠤᠮ ᠤ᠋ᠨ ᠵᠠᠢ ᠳ᠋ᠤ᠌ ᠣᠴᠢᠵᠤ ᠵᠣᠭᠰᠣᠨ ᠥᠷᠥᠭᠡᠰᠦᠨ ᠨᠢᠳᠦ ᠪᠡᠨ ᠠᠨᠢᠵᠤ ᠰᠠᠷᠠᠪᠴᠢᠯᠠᠨ ᠬᠠᠷᠠᠭᠰᠠᠨ ᠢ᠋ᠶ᠋ᠠᠨ 《ᠳᠣᠬᠢ ᠪᠣᠯᠵᠤ ᠰᠢᠦ》 ᠭᠡᠯᠡ᠃
ᠨᠥᠭᠦᠭᠡ ᠫᠠᠭᠳᠠᠭᠠᠷ ᠪᠡᠶ᠎ᠡ ᠲᠡᠢ ᠡᠷ᠎ᠡ ᠨᠢ ᠠᠮᠠᠨ ᠳ᠋ᠠᠭᠠᠨ ᠵᠠᠭᠤᠵᠤ ᠪᠠᠢᠭᠰᠠᠨ ᠬᠠᠳᠠᠭᠠᠰᠤ ᠪᠠᠨ ᠠᠪᠴᠤ ᠰᠢᠷᠢᠨ ᠤᠭᠤᠲᠠᠨ ᠳ᠋ᠤ᠌ ᠬᠢᠭᠡᠳ ᠠᠯᠤᠬ᠎ᠠ ᠪᠠᠨ ᠡᠰᠢ ᠪᠡᠷ ᠨᠢ ᠲᠦᠷᠡᠢᠯᠡᠬᠦ ᠵᠠᠭᠤᠷ᠎ᠠ 《ᠳᠠᠷᠤᠭ᠎ᠠ ᠠ᠋ ᠭᠦᠢᠴᠡᠯ᠎ᠡ》 ᠭᠡᠵᠦ ᠪᠦᠳᠦᠭᠦᠨ ᠫᠠᠷᠭᠢᠶ᠎ᠠ ᠳᠠᠭᠤ ᠪᠠᠷ ᠬᠡᠯᠡᠪᠡ᠃
ᠭᠡᠷ ᠡᠴᠡ ᠡᠷᠳᠡᠨᠢ ᠭᠠᠷᠴᠤ᠂ ᠡᠭᠦᠳᠡᠨ ᠳᠡᠭᠡᠷ᠎ᠡ ᠬᠠᠲᠠᠭᠰᠠᠨ ᠬᠠᠶᠠᠭ ᠢ᠋ ᠠᠵᠢᠭᠯᠠᠨ ᠬᠠᠷᠠᠵᠤ ᠪᠠᠢᠭᠰᠠᠨ ᠢ᠋ᠶ᠋ᠠᠨ 《ᠪᠣᠯᠬᠤ ᠨᠢ ᠴᠦ᠍ ᠪᠣᠯᠵᠠᠢ᠃ ᠤᠭ ᠨᠢ ᠠᠯᠲᠠᠨ ᠭᠦᠷᠢᠶᠡᠳᠡᠢ ᠭᠣᠣ ᠳ᠋ᠤ᠌ ᠲᠣᠮᠣ ᠤᠯᠠᠭᠠᠨ ᠦᠰᠦᠭ ᠢ᠋ᠶ᠋ᠡᠷ ᠪᠢᠴᠢᠭᠡᠳ ᠬᠢᠭᠰᠡᠨ ᠪᠣᠯ ᠵᠦᠭᠡᠷ ᠪᠠᠢᠵᠤ ᠳᠠ》 ᠭᠡᠯᠡ᠃
᠊᠊᠊᠊᠊᠊᠊᠊᠊᠊᠊᠊᠊᠊᠊ ᠲᠡᠭᠡᠵᠦ ᠭᠤᠶᠤᠭᠠᠳ ᠶᠠᠭᠠᠬᠢᠬᠤ ᠶᠤᠮ ᠪᠣᠢ? ᠶᠠᠮᠠᠷ ᠪᠤᠷᠬᠠᠨ ᠤ᠋ ᠭᠣᠣ ᠪᠢᠰᠢ ᠭᠡᠵᠦ ᠪᠦᠳᠦᠭᠦᠨ ᠡᠷ᠎ᠡ ᠬᠡᠯᠡᠪᠡ᠃
᠊᠊᠊᠊᠊᠊᠊᠊᠊᠊᠊᠊᠊᠊᠊ ᠡᠭᠦᠨ ᠳᠡᠭᠡᠷ᠎ᠡ ᠶᠠᠭᠤ ᠭᠡᠵᠦ ᠪᠢᠴᠢᠭᠰᠡᠨ ᠢ᠋ ᠲᠠ ᠮᠡᠳᠡᠬᠦ ᠤᠤ?
᠊᠊᠊᠊᠊᠊᠊᠊᠊᠊᠊᠊᠊᠊᠊ ᠠᠯᠠᠨ᠎ᠠ ᠭᠡᠰᠡᠨ ᠴᠦ᠍ ᠮᠠᠳ ᠰᠢᠦ ᠳᠡ ᠭᠡᠵᠦ ᠪᠦᠳᠦᠭᠦᠨ ᠡᠷ᠎ᠡ ᠢᠨᠢᠶᠡᠪᠡ᠃
᠊᠊᠊᠊᠊᠊᠊᠊᠊᠊᠊᠊᠊᠊᠊ ᠴᠡᠴᠡᠷᠯᠢᠭ ᠮᠠᠨᠳᠤᠯ ᠤ᠋ᠨ ᠠᠢᠮᠠᠭ ᠤ᠋ᠨ ᠨᠠᠮ ᠤ᠋ᠨ ᠬᠣᠷᠢᠶ᠎ᠠ ᠭᠡᠰᠡᠨ ᠦᠭᠡ ᠰᠢᠦ ᠳᠡ᠃
᠊᠊᠊᠊᠊᠊᠊᠊᠊᠊᠊᠊᠊᠊᠊ ᠭᠣᠣ ᠶ᠋ᠢᠨ ᠬᠢᠨᠢ ᠬᠦᠷᠢᠶᠡᠨ ᠳ᠋ᠦ᠍ ᠠᠷᠰᠯᠠᠨ ᠪᠠᠷᠰ ᠰᠡᠢᠯᠵᠦ ᠬᠢᠶ᠎ᠡ᠃ ᠳᠠᠷᠤᠭ᠎ᠠ ᠲᠠ ᠪᠢᠴᠢᠭ ᠢ᠋ ᠨᠢ ᠭᠠᠷ ᠢ᠋ᠶ᠋ᠠᠨ ᠭᠠᠷᠭᠠᠵᠤ ᠪᠠᠢᠭᠠᠳ ᠪᠢᠴᠢᠵᠦ ᠥᠭᠭᠦᠨ᠎ᠡ ᠤᠤ ᠭᠡᠵᠦ ᠪᠦᠳᠦᠭᠦᠨ ᠡᠷ᠎ᠡ ᠬᠡᠯᠡᠪᠡ᠃
᠊᠊᠊᠊᠊᠊᠊᠊᠊᠊᠊᠊᠊᠊᠊ ᠠᠷᠰᠯᠠᠨ ᠪᠠᠷᠰ ᠢ᠋ᠶ᠋ᠠᠷ ᠶᠠᠭᠠᠬᠢᠬᠤ ᠨᠢ ᠪᠣᠢ? ᠭᠡᠵᠦ ᠶᠠᠩᠭᠢᠷ ᠡᠷ᠎ᠡ ᠠᠰᠠᠭᠤᠪᠠ᠃
᠊᠊᠊᠊᠊᠊᠊᠊᠊᠊᠊᠊᠊᠊᠊ ᠠᠷᠠᠳ ᠤ᠋ᠨ ᠨᠠᠮ ᠮᠠᠨᠢ ᠬᠦᠴᠦᠨ ᠲᠡᠭᠦᠯᠳᠡᠷ᠂ ᠰᠦᠷ ᠪᠠᠳᠠᠷᠠᠩᠭᠤᠢ ᠭᠡᠰᠡᠨ ᠪᠡᠯᠭᠡ ᠲᠡᠮᠳᠡᠭ ᠪᠣᠯᠤᠨ᠎ᠠ ᠰᠢᠦ ᠳᠡ᠃
᠊᠊᠊᠊᠊᠊᠊᠊᠊᠊᠊᠊᠊᠊᠊ ᠲᠡᠷᠡ ᠵᠥᠪ᠃ ᠲᠠ ᠬᠢᠭᠡᠳ ᠣᠷᠬᠢᠭᠠᠷᠠᠢ᠃ ᠪᠢ ᠪᠢᠴᠢᠭ ᠢ᠋ ᠨᠢ ᠪᠢᠴᠢᠵᠦ ᠥᠭᠭᠦᠨ᠎ᠡ ᠭᠡᠵᠦ ᠡᠷᠳᠡᠨᠢ ᠬᠡᠯᠡᠵᠡᠢ᠃
᠊᠊᠊᠊᠊᠊᠊᠊᠊᠊᠊᠊᠊᠊᠊ ᠡᠷᠳᠡᠨᠢ ᠴᠡᠴᠡᠷᠯᠢᠭ ᠮᠠᠨᠳᠤᠯ ᠤ᠋ᠨ ᠠᠢᠮᠠᠭ ᠤ᠋ᠨ ᠨᠠᠮ ᠤ᠋ᠨ ᠬᠣᠷᠢᠶᠠᠨ ᠤ᠋ ᠳᠠᠷᠤᠭ᠎ᠠ ᠶ᠋ᠢᠨ ᠠᠵᠢᠯ ᠢ᠋ ᠬᠢᠵᠦ ᠪᠠᠢᠭ᠎ᠠ ᠪᠥᠭᠡᠳ ᠭᠡᠷ ᠲᠡᠭᠡᠨ ᠪᠠᠢᠬᠤ ᠨᠢ ᠬᠣᠪᠣᠷ᠂ ᠪᠠᠷᠤᠭ ᠯᠠ ᠬᠣᠰᠢᠭᠤ ᠨᠤᠭᠤᠳ ᠢ᠋ᠶ᠋ᠠᠷ ᠶᠠᠪᠤᠵᠤ ᠠᠵᠢᠯᠯᠠᠨ᠎ᠠ᠃
ᠨᠢᠭᠡ ᠤᠳᠠᠭ᠎ᠠ ᠬᠠᠨ ᠥᠨᠳᠥᠷ ᠠᠭᠤᠯᠠ ᠶ᠋ᠢᠨ ᠬᠤᠰᠢᠭᠤᠨ ᠳ᠋ᠤ᠌ ᠳᠡᠭᠦᠦ ᠶ᠋ᠢᠨ ᠳ᠋ᠡᠭᠡᠨ ᠣᠴᠢᠵᠤ ᠢᠷᠭᠡ ᠭᠠᠷᠭᠠᠭᠤᠯᠤᠨ ᠥᠨᠵᠢᠪᠡ᠃ ᠠᠬ᠎ᠠ ᠳᠡᠭᠦᠦ ᠬᠣᠶᠠᠷ ᠵᠠᠰᠠᠭ ᠲᠥᠷᠥ ᠶ᠋ᠢᠨ ᠪᠣᠳᠣᠯᠭ᠎ᠠ ᠶ᠋ᠢᠨ ᠲᠤᠬᠠᠢ ᠶᠠᠷᠢᠵᠤ ᠪᠠᠢᠬᠤ ᠶ᠋ᠢ ᠥᠯᠵᠡᠢ ᠶᠡᠬᠡ ᠯᠡ ᠬᠢᠴᠢᠶᠡᠩᠭᠦᠢᠯᠡᠨ ᠰᠣᠨᠣᠰᠴᠤ ᠪᠠᠢᠭᠰᠠᠨ ᠢ᠋ᠶ᠋ᠠᠨ᠄
᠊᠊᠊᠊᠊᠊᠊᠊᠊᠊᠊᠊᠊᠊᠊ ᠪᠢ ᠴᠦ᠍ ᠠᠷᠠᠳ ᠤ᠋ᠨ ᠵᠠᠰᠠᠭ ᠤ᠋ᠨ ᠬᠦᠴᠦ ᠪᠡᠷ ᠵᠢᠷᠭᠠᠵᠤ ᠪᠠᠢᠨ᠎ᠠ᠃ ᠬᠠᠷᠢᠨ ᠤᠷᠢᠳᠤ ᠨᠠᠳᠠ ᠲᠠᠢ ᠠᠳᠠᠯᠢ ᠪᠠᠢᠭᠰᠠᠨ ᠶᠠᠳᠠᠭᠤᠴᠤᠳ ᠶᠠᠭᠤ ᠣᠯᠵᠤ ᠠᠪᠤᠭᠰᠠᠨ ᠪᠣᠢ᠃ ᠶᠠᠭᠤ ᠴᠤ᠌ ᠣᠯᠤᠭ᠎ᠠ ᠦᠭᠡᠢ᠃ ᠲᠠ ᠨᠠᠷ ᠳᠠᠩᠰᠠᠷᠠᠩ ᠡᠪᠦᠭᠡᠨ ᠢ᠋ ᠬᠠᠷ᠎ᠠ ᠯᠠ ᠳᠠ᠃ ᠪᠡᠬᠢ ᠪᠠᠢᠳᠠᠭ ᠭᠤᠠᠵᠤᠤ ᠲᠠᠢᠵᠢ ᠶ᠋ᠢᠨ ᠬᠣᠨᠢ ᠳᠠᠭᠠᠭᠠᠳ᠂ ᠬᠠᠷᠢᠶᠠᠯᠭᠠᠵᠤ᠂ ᠵᠠᠷᠢᠮ ᠳ᠋ᠠᠭᠠᠨ ᠵᠣᠳᠣᠭᠤᠯᠤᠭᠠᠳ ᠯᠠ ᠶᠠᠪᠤᠵᠤ ᠪᠠᠢᠨ᠎ᠠ᠃
ᠡᠷᠳᠡᠭᠦᠳᠡ ᠲᠤᠷᠠᠩᠬᠠᠢ ᠢᠮᠠᠭ᠎ᠠ ᠮᠥᠯᠬᠥᠭᠡ ᠰᠢᠷ᠎ᠠ ᠳ᠋ᠤ᠌ ᠥᠭᠴᠦ ᠣᠷᠬᠢᠭᠠᠳ ᠤᠬᠠᠭᠠᠨ ᠠᠯᠳᠠᠲᠠᠯ᠎ᠠ ᠲᠠᠰᠢᠭᠤᠷᠳᠠᠭᠤᠯᠵᠤ ᠪᠠᠢᠬᠤ ᠶ᠋ᠢ ᠪᠢ ᠬᠠᠷᠠᠭᠰᠠᠨ᠃ ᠬᠥᠭᠡᠷᠦᠬᠦᠢ ᠮᠢᠨᠢ᠃ ᠡᠨᠡ ᠵᠢᠯ ᠵᠢᠷᠠᠨ ᠨᠢᠭᠡ ᠬᠦᠷᠴᠦ ᠪᠠᠢᠭ᠎ᠠ ᠠᠮᠢᠲᠠᠨ ᠰᠢᠦ ᠳᠡ ᠭᠡᠳ ᠲᠣᠯᠣᠭᠠᠢ ᠪᠠᠨ ᠰᠠᠵᠢᠯᠠᠨ ᠭᠠᠰᠠᠯᠪᠠ᠃
᠊᠊᠊᠊᠊᠊᠊᠊᠊᠊᠊᠊᠊᠊᠊ ᠣᠳᠣ ᠴᠠᠭ ᠲᠤ᠌ ᠵᠣᠳᠣᠭᠤᠯᠤᠨᠠ ᠭᠡᠳᠡᠭ ᠴᠢᠨᠢ ᠶᠠᠭᠤ ᠭᠡᠰᠡᠨ ᠦᠭᠡ ᠪᠣᠢ? ᠬᠣᠨᠢ ᠶ᠋ᠢ ᠨᠢ ᠬᠠᠶᠠᠭᠠᠳ ᠶᠠᠪᠤᠴᠢᠬᠠᠬᠤ ᠦᠭᠡᠢ ᠤᠤ? ᠬᠣᠰᠢᠭᠤ ᠲᠠᠮᠠᠭᠠᠨ ᠳ᠋ᠠᠭᠠᠨ ᠬᠡᠯᠡᠬᠦ ᠦᠭᠡᠢ ᠤᠤ ᠭᠡᠵᠦ ᠡᠷᠳᠡᠨᠢ ᠬᠡᠯᠡᠪᠡ᠃
᠊᠊᠊᠊᠊᠊᠊᠊᠊᠊᠊᠊᠊᠊᠊ ᠶᠠᠭᠠᠬᠢᠵᠤ ᠠᠮᠢᠳᠤᠷᠠᠬᠤ ᠪᠣᠢ? ᠲᠡᠷᠡ ᠴᠢᠨᠢ ᠭᠤᠠᠵᠤᠤ ᠲᠠᠢᠵᠢ ᠳ᠋ᠤ᠌ ᠵᠠᠷᠤᠭᠳᠠᠭᠰᠠᠨ ᠤ᠋ ᠬᠦᠴᠦ ᠪᠡᠷ ᠪᠣᠷᠣ ᠬᠣᠨᠣᠭ ᠵᠠᠯᠭᠠᠵᠤ ᠶᠠᠪᠤᠭ᠎ᠠ ᠬᠥᠮᠦᠨ ᠰᠢᠦ ᠳᠡ᠃ ᠬᠥᠭᠡᠭᠡᠵᠦ ᠣᠷᠬᠢᠪᠠᠯ ᠡᠷᠡᠦ ᠲᠣᠯᠣᠭᠠᠢ ᠵᠣᠳᠣᠯᠳᠤᠭᠤᠯᠬᠤ ᠶᠠᠭᠤᠮ᠎ᠠ ᠦᠭᠡᠢ ᠪᠣᠯᠤᠨ᠎ᠠ᠃ ᠪᠠᠰᠠ ᠲᠡᠭᠡᠭᠡᠳ ᠬᠥᠮᠦᠨ ᠦ᠌ ᠪᠤᠶᠠᠨ ᠢ᠋ ᠢᠳᠡᠵᠦ ᠪᠠᠢᠭᠠᠳ ᠡᠵᠡᠨ ᠳ᠋ᠦ᠍ ᠨᠢ ᠮᠠᠭᠤ ᠶᠠᠭᠤᠮ᠎ᠠ ᠬᠢᠪᠡᠯ ᠠᠴᠢ ᠶ᠋ᠢ ᠤᠰᠤ ᠪᠠᠷ ᠭᠡᠭᠴᠢ ᠪᠣᠯᠵᠤ ᠨᠥᠭᠦᠭᠡ ᠵᠠᠶᠠᠭ᠎ᠠ ᠴᠢᠨᠢ ᠵᠠᠢᠯᠠᠵᠤ ᠣᠷᠬᠢᠨ᠎ᠠ᠃ ᠠᠷᠠᠳ ᠤ᠋ᠨ ᠵᠠᠰᠠᠭ ᠲᠡᠭᠦᠨ ᠢ᠋ ᠲᠡᠵᠢᠭᠡᠬᠦ ᠦᠭᠡᠢ ᠰᠢᠦ ᠳᠡ ᠭᠡᠳ ᠥᠯᠵᠡᠢ ᠲᠠᠮᠠᠬᠢ ᠪᠠᠨ ᠨᠡᠷᠡᠵᠦ ᠲᠠᠲᠠᠯ᠎ᠠ᠃
᠊᠊᠊᠊᠊᠊᠊᠊᠊᠊᠊᠊᠊᠊᠊ ᠠᠷᠠᠳ ᠤ᠋ᠨ ᠵᠠᠰᠠᠭ ᠲᠡᠭᠦᠨ ᠢ᠋ ᠬᠠᠮᠵᠢᠯᠭ᠎ᠠ ᠪᠢᠰᠢ ᠪᠣᠯᠭᠠᠭᠰᠠᠨ᠃ ᠡᠷᠬᠡ ᠴᠢᠯᠥᠭᠡ ᠥᠭᠭᠦᠭᠰᠡᠨ᠃ ᠲᠡᠭᠦᠨ ᠢ᠋ ᠳᠠᠷᠤᠯᠠᠪᠠᠯ ᠲᠥᠷᠥ ᠶ᠋ᠢᠨ ᠬᠠᠤᠯᠢ ᠥᠮᠥᠭᠯᠡᠨᠡ ᠰᠢᠦ ᠳᠡ᠃
᠊᠊᠊᠊᠊᠊᠊᠊᠊᠊᠊᠊᠊᠊᠊ ᠭᠡᠬᠦ ᠳ᠋ᠡᠭᠡᠨ ᠲᠡᠭᠦᠨ ᠡᠴᠡ ᠪᠣᠯᠵᠤ ᠭᠡᠳᠡᠰᠦ ᠨᠢ ᠴᠠᠳᠬᠤ ᠦᠭᠡᠢ᠁ ᠠ᠋ ᠳᠠ ᠬᠣᠭᠣᠯᠠ ᠣᠯᠵᠤ ᠢᠳᠡᠨ᠎ᠡ ᠭᠡᠳᠡᠭ ᠤᠤ᠂ ᠠᠮᠠᠷ ᠦᠭᠡᠢ ᠡᠳ᠋ ᠰᠢᠦ ᠬᠦᠦ ᠮᠢᠨᠢ ᠭᠡᠳ ᠪᠤᠭᠤᠷᠤᠯ ᠲᠣᠯᠣᠭᠠᠢ ᠪᠠᠨ ᠰᠡᠭᠰᠦᠷᠬᠦ ᠳ᠋ᠦ᠍ ᠦᠵᠦᠭᠦᠷ ᠲᠦ᠍ ᠨᠢ ᠰᠤᠷ ᠤᠶᠠᠭᠰᠠᠨ ᠱᠣᠳᠣᠩ ᠭᠡᠵᠢᠭᠡ ᠮᠤᠳᠤᠯᠵᠠᠵᠤ ᠪᠠᠢᠯ᠎ᠠ᠃
ᠠᠢᠮᠠᠭ ᠤᠷᠤᠭᠤ ᠪᠠᠨ ᠪᠤᠴᠠᠵᠤ ᠶᠠᠪᠤᠬᠤ ᠳ᠋ᠠᠭᠠᠨ ᠡᠷᠳᠡᠨᠢ ᠡᠨᠡ ᠶᠠᠷᠢᠶᠠᠨ ᠤ᠋ ᠲᠤᠬᠠᠢ ᠶᠠᠭᠤᠮ᠎ᠠ ᠪᠣᠳᠣᠪᠠ᠃ ᠥᠯᠵᠡᠢ ᠶ᠋ᠢᠨ ᠶᠠᠷᠢᠶ᠎ᠠ ᠭᠡᠨᠡᠨ ᠪᠣᠯᠪᠠᠴᠤ ᠲᠡᠭᠦᠨ ᠳ᠋ᠦ᠍ ᠦᠨᠡᠨ ᠶᠠᠭᠤᠮ᠎ᠠ ᠶᠡᠬᠡ ᠪᠠᠢᠯ᠎ᠠ᠃ ᠥᠩᠭᠡᠷᠡᠭᠰᠡᠨ ᠵᠢᠯ ᠨᠠᠮ ᠤ᠋ᠨ ᠲᠥᠪ ᠬᠣᠷᠢᠶᠠᠨ ᠳᠡᠭᠡᠷ᠎ᠡ ᠪᠣᠯᠤᠭᠰᠠᠨ ᠨᠢᠭᠡ ᠶᠠᠷᠢᠶᠠᠨ ᠳᠡᠭᠡᠷ᠎ᠡ ᠶᠠᠳᠠᠭᠤ ᠬᠥᠮᠦᠰ ᠦ᠋ᠨ ᠠᠮᠢᠳᠤᠷᠠᠯ ᠢ᠋ ᠶᠠᠭᠠᠬᠢᠵᠤ ᠰᠠᠢᠵᠢᠷᠠᠭᠤᠯᠬᠤ ᠲᠤᠬᠠᠢ ᠶᠠᠷᠢᠵᠤ ᠤᠳᠠᠲᠠᠯ᠎ᠠ ᠮᠠᠷᠭᠤᠯᠳᠤᠭᠰᠠᠨ ᠶᠤᠮ᠃ ᠡᠷᠳᠡᠨᠢ ᠲᠡᠷᠡ ᠶᠠᠷᠢᠶᠠᠨ ᠳ᠋ᠤ᠌ ᠢᠳᠡᠪᠬᠢᠲᠡᠢ ᠣᠷᠣᠯᠴᠠᠵᠤ ᠨᠡᠯᠢᠶᠡᠳ ᠶᠠᠭᠤᠮ᠎ᠠ ᠶᠠᠷᠢᠭᠰᠠᠨ᠃ ᠨᠢᠭᠡ ᠬᠡᠰᠡᠭ ᠬᠥᠮᠦᠰ ᠹᠧᠣᠳᠠᠯ ᠪᠣᠯᠤᠨ ᠵᠢᠰᠠ ᠶ᠋ᠢᠨ ᠬᠥᠷᠥᠩᠭᠡ ᠶ᠋ᠢ ᠬᠤᠷᠢᠶᠠᠵᠤ ᠶᠠᠳᠠᠭᠤᠴᠤᠳ ᠲᠤ᠌ ᠥᠮᠴᠢ ᠪᠣᠯᠭᠠᠨ ᠬᠤᠪᠢᠶᠠᠵᠤ ᠥᠭᠬᠦ ᠬᠡᠷᠡᠭᠲᠡᠢ ᠭᠡᠵᠦ ᠪᠠᠢᠯ᠎ᠠ᠃ ᠨᠥᠭᠦᠭᠡ ᠬᠡᠰᠡᠭ ᠨᠢ ᠥᠮᠴᠢ ᠪᠣᠯᠭᠠᠨ ᠥᠭᠴᠦ ᠪᠣᠯᠬᠤ ᠦᠭᠡᠢ᠃ ᠬᠠᠷᠢᠨ ᠤᠯᠤᠰ ᠬᠤᠷᠢᠶᠠᠵᠤ ᠠᠪᠤᠭᠠᠳ ᠶᠠᠳᠠᠭᠤ ᠬᠥᠮᠦᠰ ᠲᠦ᠍ ᠬᠥᠯᠥᠰᠥ ᠪᠡᠷ ᠬᠠᠷᠢᠭᠤᠯᠤᠭᠤᠯᠵᠤ ᠠᠮᠢᠳᠤᠷᠠᠯ ᠢ᠋ ᠨᠢ ᠰᠠᠢᠵᠢᠷᠠᠭᠤᠯᠪᠠᠯ ᠵᠣᠬᠢᠨ᠎ᠠ ᠭᠡᠨ᠎ᠡ᠃ ᠭᠤᠷᠪᠠᠳᠠᠬᠢ ᠬᠡᠰᠡᠭ ᠨᠢ ᠲᠡᠷᠡ ᠬᠥᠷᠥᠩᠭᠡ ᠶ᠋ᠢ ᠬᠤᠷᠢᠶᠠᠬᠤ ᠴᠠᠭ ᠪᠣᠯᠤᠭ᠎ᠠ ᠦᠭᠡᠢ ᠪᠥᠭᠡᠳ ᠬᠤᠷᠢᠶᠠᠬᠤ ᠶᠤᠮ ᠪᠣᠯ ᠤᠯᠤᠰ ᠣᠷᠣᠨ ᠤ᠋ ᠡᠳ᠋ ᠦ᠋ᠨ ᠵᠠᠰᠠᠭ ᠲᠤ᠌ ᠦᠯᠡᠮᠵᠢ ᠬᠣᠬᠢᠷᠠᠯ ᠤᠴᠠᠷᠠᠵᠤ ᠬᠣᠵᠢᠮ ᠭᠠᠰᠢᠭᠤᠳᠠᠪᠠᠴᠤ ᠪᠠᠷᠠᠬᠤ ᠦᠭᠡᠢ ᠭᠡᠵᠦ ᠪᠠᠢᠯ᠎ᠠ᠃ ᠡᠷᠳᠡᠨᠢ ᠨᠢᠭᠡᠳᠦᠭᠡᠷ ᠬᠡᠰᠡᠭ ᠬᠥᠮᠦᠰ ᠲᠡᠢ ᠰᠠᠨᠠᠯ ᠨᠡᠢᠯᠡᠵᠦ ᠪᠠᠢᠭᠰᠠᠨ᠃
᠊᠊᠊᠊᠊᠊᠊᠊᠊᠊᠊᠊᠊᠊᠊ ᠹᠧᠣᠳᠠᠯ ᠪᠣᠯᠤᠨ ᠵᠢᠰᠠ ᠶ᠋ᠢᠨ ᠬᠥᠷᠥᠩᠭᠡ ᠶ᠋ᠢ ᠰᠢᠭᠤᠳ ᠬᠤᠷᠢᠶᠠᠵᠤ ᠶᠠᠳᠠᠭᠤᠴᠤᠳ ᠲᠤ᠌ ᠥᠮᠴᠢ ᠪᠣᠯᠭᠠᠨ ᠥᠭᠭᠦᠭᠰᠡᠨ ᠴᠠᠭ ᠲᠤ᠌ ᠪᠢᠳᠡ᠂ ᠣᠯᠠᠩᠬᠢ ᠬᠡᠰᠡᠭ ᠨᠢ ᠥᠯᠥᠰᠴᠦ᠂ ᠴᠥᠭᠡᠨ ᠬᠡᠰᠡᠭ ᠨᠢ ᠢᠵᠠᠷᠠᠲᠠᠯ᠎ᠠ ᠪᠠᠨ ᠢᠳᠡᠵᠦ ᠪᠠᠢᠳᠠᠭ ᠶᠣᠰᠣ ᠶ᠋ᠢ ᠤᠰᠠᠳᠬᠠᠵᠤ ᠴᠢᠳᠠᠨ᠎ᠠ ᠭᠡᠵᠦ ᠡᠷᠳᠡᠨᠢ ᠶ᠋ᠢ ᠬᠡᠯᠡᠬᠦ ᠳ᠋ᠦ᠍ ᠨᠢᠭᠡ ᠬᠥᠮᠦᠨ ᠪᠣᠰᠴᠤ 《ᠹᠧᠣᠳᠠᠯ ᠭᠡᠵᠦ ᠬᠡᠨ ᠢ᠋ ᠬᠡᠯᠡᠬᠦ ᠪᠣᠢ?》 ᠭᠡᠵᠦ ᠠᠰᠠᠭᠤᠪᠠ᠃
᠊᠊᠊᠊᠊᠊᠊᠊᠊᠊᠊᠊᠊᠊᠊ ᠨᠣᠶᠠᠳ᠂ ᠲᠠᠢᠵᠢ ᠨᠠᠷ ᠢ᠋ ᠯᠡ ᠬᠡᠯᠡᠨ᠎ᠡ᠃
᠊᠊᠊᠊᠊᠊᠊᠊᠊᠊᠊᠊᠊᠊᠊ ᠭᠠᠩ ᠬᠢᠬᠦ ᠨᠣᠬᠠᠢ ᠦᠭᠡᠢ ᠪᠤᠶᠤ ᠵᠥᠪᠬᠡᠨ ᠠᠮᠢᠵᠢᠷᠠᠭᠠᠨ ᠤ᠋ ᠬᠡᠳᠦᠨ ᠮᠠᠯ ᠲᠠᠢ ᠬᠣᠬᠢ ᠲᠠᠢᠵᠢ ᠶ᠋ᠢᠨ ᠬᠥᠷᠥᠩᠭᠡ ᠶ᠋ᠢ ᠪᠠᠰᠠ ᠬᠤᠷᠢᠶᠠᠬᠤ ᠬᠡᠷᠡᠭ ᠤᠤ?
᠊᠊᠊᠊᠊᠊᠊᠊᠊᠊᠊᠊᠊᠊᠊ ᠭᠡᠬᠦ ᠳ᠋ᠡᠭᠡᠨ ᠲᠡᠳᠡ ᠪᠣᠯ ᠣᠯᠠᠨ ᠪᠢᠰᠢ᠃ ᠪᠤᠲᠠ ᠶ᠋ᠢᠨ ᠲᠣᠭ᠎ᠠ ᠪᠠᠷ ᠲᠣᠭᠲᠠᠭᠠᠵᠤ ᠪᠣᠯᠬᠤ ᠮᠡᠲᠦ ᠰᠠᠨᠠᠭᠳᠠᠵᠤ ᠪᠠᠢᠨ᠎ᠠ᠃
᠊᠊᠊᠊᠊᠊᠊᠊᠊᠊᠊᠊᠊᠊᠊ ᠬᠡᠳᠦᠨ ᠪᠤᠲᠠ ᠪᠠᠷ?
᠊᠊᠊᠊᠊᠊᠊᠊᠊᠊᠊᠊᠊᠊᠊ ᠡᠭᠦᠨ ᠢ᠋ ᠶᠠᠷᠢᠵᠤ ᠪᠠᠢᠵᠤ ᠲᠣᠭᠲᠠᠭᠠᠬᠤ ᠨᠢ ᠵᠥᠪ ᠶᠤᠮ᠃
᠊᠊᠊᠊᠊᠊᠊᠊᠊᠊᠊᠊᠊᠊᠊ ᠣᠯᠠᠨ ᠪᠤᠲᠠ ᠲᠠᠢ ᠰᠤᠮᠤᠨ ᠡᠷ᠎ᠡ ᠶ᠋ᠢᠨ ᠬᠥᠷᠥᠩᠭᠡ ᠶ᠋ᠢ ᠶᠠᠭᠠᠬᠢᠬᠤ ᠪᠣᠢ?
᠊᠊᠊᠊᠊᠊᠊᠊᠊᠊᠊᠊᠊᠊᠊ ᠵᠢᠰᠠ ᠶ᠋ᠢᠨ ᠬᠥᠷᠥᠩᠭᠡ ᠶ᠋ᠢ ᠬᠤᠷᠢᠶᠠᠬᠤ ᠳ᠋ᠤ᠌ ᠠᠷᠠᠳ ᠲᠦᠮᠡᠨ ᠦ᠌ ᠰᠠᠨᠠᠯ ᠰᠡᠳᠬᠢᠯ ᠡᠪᠳᠡᠷᠡᠬᠦ ᠦᠭᠡᠢ ᠤᠤ? ᠣᠯᠠᠨ ᠲᠦᠮᠡᠨ ᠦ᠌ ᠳᠣᠲᠣᠷ᠎ᠠ ᠱᠠᠰᠢᠨ ᠶᠡᠬᠡ ᠬᠦᠴᠦᠲᠡᠢ ᠪᠠᠢᠭ᠎ᠠ ᠰᠢᠦ ᠳᠡ ᠭᠡᠬᠦ ᠵᠡᠷᠭᠡ ᠡᠳᠦᠢ ᠲᠡᠳᠦᠢ ᠠᠰᠠᠭᠤᠳᠠᠯ ᠢ᠋ ᠳᠥᠷᠪᠡᠨ ᠵᠦᠭ ᠨᠠᠢ᠍ᠮᠠᠨ ᠵᠣᠪᠬᠢᠰ ᠡᠴᠡ ᠲᠠᠯᠪᠢᠵᠤ ᠭᠠᠷᠤᠯ᠎ᠠ᠃ ᠡᠷᠳᠡᠨᠢ ᠡᠨᠡ ᠣᠯᠠᠨ ᠠᠰᠠᠭᠤᠳᠠᠯ ᠳ᠋ᠤ᠌ ᠠᠷᠭ᠎ᠠ ᠦᠭᠡᠢ ᠰᠠᠮᠭᠠᠷᠳᠠᠪᠠ᠃
᠊᠊᠊᠊᠊᠊᠊᠊᠊᠊᠊᠊᠊᠊᠊ ᠤᠷᠢᠲᠠᠵᠤ ᠹᠧᠣᠳᠠᠯ᠂ ᠵᠢᠰᠠ ᠶ᠋ᠢᠨ ᠬᠥᠷᠥᠩᠭᠡ ᠶ᠋ᠢ ᠬᠤᠷᠢᠶᠠᠬᠤ ᠨᠢ ᠵᠥᠪ ᠤᠤ? ᠠᠯᠢ ᠪᠤᠷᠤᠭᠤ ᠤᠤ? ᠭᠡᠳᠡᠭ ᠢ᠋ ᠰᠢᠢᠳᠬᠦ ᠨᠢ ᠴᠢᠬᠤᠯᠠ᠃ ᠲᠡᠭᠡᠭᠡᠳ ᠬᠤᠷᠢᠶᠠᠬᠤ ᠨᠢ ᠵᠦᠢᠲᠡᠢ ᠭᠡᠲᠡᠯ᠎ᠡ ᠬᠡᠨ ᠦ᠌ ᠬᠥᠷᠥᠩᠭᠡ ᠶ᠋ᠢ ᠬᠡᠵᠢᠶ᠎ᠡ ᠶᠠᠭᠠᠬᠢᠵᠤ ᠬᠤᠷᠢᠶᠠᠵᠤ᠂ ᠳᠠᠷᠠᠭ᠎ᠠ ᠨᠢ ᠲᠡᠷᠡ ᠬᠤᠷᠢᠶᠠᠭᠰᠠᠨ ᠬᠥᠷᠥᠩᠭᠡ ᠪᠡᠨ ᠶᠠᠭᠠᠬᠢᠬᠤ ᠪᠣᠢ ᠭᠡᠳᠡᠭ ᠢ᠋ ᠨᠠᠷᠢᠨ ᠪᠣᠳᠣᠵᠤ ᠲᠣᠭᠲᠠᠭᠠᠬᠤ ᠬᠡᠷᠡᠭᠲᠡᠢ ᠭᠡᠵᠦ ᠨᠢᠭᠡ ᠬᠥᠮᠦᠨ ᠬᠡᠯᠡᠬᠦ ᠳ᠋ᠦ᠍ ᠡᠷᠳᠡᠨᠢ ᠬᠠᠷᠠᠪᠠᠯ ᠨᠠᠮ ᠤ᠋ᠨ ᠲᠥᠪ ᠰᠤᠷᠭᠠᠭᠤᠯᠢ ᠶ᠋ᠢᠨ ᠨᠢᠭᠡ ᠰᠤᠷᠤᠭᠴᠢ ᠵᠠᠯᠠᠭᠤ ᠪᠠᠢᠯ᠎ᠠ᠃
᠊᠊᠊᠊᠊᠊᠊᠊᠊᠊᠊᠊᠊᠊᠊ ᠮᠠᠨ ᠤ᠋ ᠠᠷᠠᠳ ᠲᠦᠮᠡᠨ ᠦ᠌ ᠳᠤᠮᠳᠠ ᠰᠢᠷ᠎ᠠ ᠶ᠋ᠢᠨ ᠱᠠᠰᠢᠨ ᠦᠯᠡᠮᠵᠢ ᠬᠦᠴᠦᠲᠡᠢ᠃ ᠡᠨᠡ ᠤᠴᠢᠷ ᠡᠴᠡ ᠣᠳᠣ ᠦᠶ᠎ᠡ ᠳ᠋ᠦ᠍ ᠰᠦᠮ᠎ᠡ ᠬᠡᠢᠳ ᠦ᠋ᠨ ᠬᠥᠷᠥᠩᠭᠡ ᠳ᠋ᠦ᠍ ᠬᠠᠯᠳᠠᠬᠤ ᠨᠢ ᠣᠯᠠᠨ ᠤ᠋ ᠰᠠᠨᠠᠭ᠎ᠠ ᠰᠡᠳᠬᠢᠯ ᠢ᠋ ᠡᠪᠳᠡᠨ᠎ᠡ ᠭᠡᠰᠡᠨ ᠦᠭᠡ᠃ ᠬᠠᠷᠢᠨ ᠬᠠᠷ᠎ᠠ ᠹᠧᠣᠳᠠᠯ ᠤ᠋ᠨ ᠬᠥᠷᠥᠩᠭᠡ ᠪᠣᠯ ᠥᠭᠡᠷ᠎ᠡ ᠬᠡᠷᠡᠭ ᠭᠡᠵᠦ ᠪᠠᠰᠠ ᠨᠢᠭᠡ ᠬᠥᠮᠦᠨ ᠬᠡᠯᠡᠪᠡ᠃
᠊᠊᠊᠊᠊᠊᠊᠊᠊᠊᠊᠊᠊᠊᠊ ᠬᠠᠷ᠎ᠠ ᠰᠢᠷ᠎ᠠ ᠹᠧᠣᠳᠠᠯ ᠶᠠᠮᠠᠷ ᠢᠯᠭᠠᠪᠤᠷᠢᠲᠠᠢ ᠶᠤᠮ ᠪᠣᠢ? ᠠᠳᠠᠯᠢᠬᠠᠨ ᠯᠠ ᠠᠷᠠᠳ ᠢ᠋ ᠳᠠᠷᠤᠯᠠᠨ ᠮᠥᠯᠵᠢᠭᠴᠢ ᠰᠢᠦ ᠳᠡ᠃
᠊᠊᠊᠊᠊᠊᠊᠊᠊᠊᠊᠊᠊᠊᠊ ᠨᠠᠷᠢᠨ ᠪᠣᠳᠣᠵᠤ ᠦᠵᠡᠪᠡᠯ ᠲᠤᠩ ᠶᠡᠬᠡ ᠢᠯᠭᠠᠪᠤᠷᠢᠲᠠᠢ᠃
᠊᠊᠊᠊᠊᠊᠊᠊᠊᠊᠊᠊᠊᠊᠊ ᠨᠢᠭᠡ ᠨᠢ ᠯᠠᠮᠠ ᠳᠡᠪᠡᠯ ᠲᠡᠢ᠂ ᠨᠥᠭᠦᠭᠡ ᠨᠢ ᠬᠠᠷ᠎ᠠ ᠳᠡᠪᠡᠯ ᠲᠡᠢ ᠶ᠋ᠢ ᠢᠯᠭᠠᠪᠤᠷᠢ ᠭᠡᠵᠦ ᠦᠵᠡᠬᠦ ᠦᠭᠡᠢ ᠪᠣᠯ ᠨᠢᠭᠡ ᠬᠡᠪ ᠦ᠋ᠨ ᠪᠣᠣᠪᠣ᠃
᠊᠊᠊᠊᠊᠊᠊᠊᠊᠊᠊᠊᠊᠊᠊ ᠶᠡᠬᠡ ᠬᠥᠷᠥᠩᠭᠡᠲᠡᠨ᠂ ᠣᠯᠠᠨ ᠵᠠᠷᠤᠴᠠ ᠲᠠᠢ ᠰᠤᠮᠤᠨ ᠡᠷ᠎ᠡ ᠶ᠋ᠢ ᠶᠠᠭᠠᠬᠢᠬᠤ ᠪᠣᠢ? ᠭᠡᠳᠡᠭ ᠴᠢᠨᠢ ᠰᠣᠨᠢᠨ ᠠᠰᠠᠭᠤᠳᠠᠯ ᠪᠠᠢᠨ᠎ᠠ ᠰᠢᠦ᠃
᠊᠊᠊᠊᠊᠊᠊᠊᠊᠊᠊᠊᠊᠊᠊ ᠬᠡᠴᠢᠨᠡᠨ ᠬᠥᠷᠥᠩᠭᠡ ᠲᠡᠢ ᠪᠠᠢᠯ᠎ᠠ ᠭᠡᠰᠡᠨ ᠴᠦ᠍ ᠰᠤᠮᠤᠨ ᠡᠷ᠎ᠡ ᠭᠡᠳᠡᠭ ᠴᠢᠨᠢ ᠠᠷᠠᠳ ᠭᠠᠷᠤᠯ ᠲᠠᠢ ᠬᠥᠮᠦᠨ᠃ ᠮᠠᠨ ᠤ᠋ ᠵᠠᠰᠠᠭ ᠪᠣᠯ ᠠᠷᠠᠳ ᠤ᠋ᠨ ᠵᠠᠰᠠᠭ ᠭᠡᠬᠦ ᠵᠡᠷᠭᠡ ᠤᠳᠠᠭᠠᠨ ᠮᠠᠷᠭᠤᠯᠳᠤᠪᠠ᠃
ᠪᠠᠷᠤᠭ ᠪᠦᠬᠦᠯᠢ ᠡᠳᠦᠷ ᠦᠷᠭᠦᠯᠵᠢᠯᠡᠭᠰᠡᠨ ᠡᠨᠡ ᠮᠠᠷᠭᠤᠯᠳᠤᠭᠠᠨ ᠡᠴᠡ ᠶᠠᠮᠠᠷ ᠨᠢᠭᠡᠨ ᠰᠢ᠌ᠤᠠᠪᠣᠷᠢ ᠭᠠᠷᠤᠭ᠎ᠠ ᠦᠭᠡᠢ᠃ ᠭᠡᠪᠡᠴᠦ ᠣᠷᠣᠯᠴᠠᠭᠰᠠᠳ ᠪᠦᠬᠦᠨ ᠶᠡᠬᠡ ᠶᠠᠭᠤᠮ᠎ᠠ ᠪᠣᠳᠣᠵᠤ ᠭᠠᠷᠤᠭᠰᠠᠨ ᠪᠢᠯᠡ᠃
ᠲᠡᠮᠦᠷ ᠪᠣᠯ ᠡᠨᠡ ᠲᠠᠯ᠎ᠠ ᠪᠠᠷ ᠲᠣᠳᠣᠷᠬᠠᠢ ᠰᠠᠨᠠᠯ ᠲᠠᠢ ᠪᠠᠢᠯ᠎ᠠ᠃ 《ᠲᠠᠢᠵᠢ ᠤᠭᠰᠠᠭ᠎ᠠ ᠲᠠᠢ ᠪᠦᠬᠦᠨ ᠦ᠌ ᠬᠥᠷᠥᠩᠭᠡ ᠶ᠋ᠢ ᠬᠤᠷᠢᠶᠠᠵᠤ ᠶᠠᠳᠠᠭᠤᠴᠤᠳ ᠲᠤ᠌ ᠥᠭᠪᠡᠯ ᠵᠣᠬᠢᠨ᠎ᠠ᠃ ᠣᠳᠣ ᠲᠡᠳᠡ ᠥᠯᠥᠰᠴᠦ᠂ ᠪᠢᠳᠡ ᠵᠢᠷᠭᠠᠬᠤ ᠴᠠᠭ ᠪᠣᠯᠤᠭᠰᠠᠨ᠃ ᠰᠢᠯ ᠵᠢᠩᠰᠡ ᠲᠡᠢ ᠬᠣᠬᠢ ᠲᠠᠢᠵᠢ᠂ ᠴᠢᠳᠠᠯ ᠬᠦᠴᠦᠨ ᠵᠢᠭᠠᠵᠤ ᠪᠠᠢᠮᠠᠨᠵᠢᠨ ᠣᠪᠣᠭ᠎ᠠ ᠬᠡᠳᠦᠨ ᠮᠠᠯ ᠲᠠᠢ ᠪᠣᠯᠤᠭᠰᠠᠨ ᠰᠤᠮᠤᠨ ᠡᠷ᠎ᠡ ᠶ᠋ᠢ ᠤᠬᠠᠭᠠᠨ ᠠᠯᠳᠠᠲᠠᠯ᠎ᠠ ᠨᠢ ᠲᠠᠰᠢᠭᠤᠷᠳᠠᠵᠤ ᠣᠷᠬᠢᠭᠠᠳ ᠶᠠᠮᠠᠷ ᠴᠤ᠌ ᠵᠢᠮᠡᠯᠡᠯ ᠦᠭᠡᠢ ᠥᠩᠭᠡᠷᠡᠵᠦ ᠪᠠᠢᠬᠤ ᠶ᠋ᠢ ᠪᠢ ᠦᠵᠡᠭᠰᠡᠨ᠃ ᠣᠳᠣ ᠤᠭᠰᠠᠭ᠎ᠠ ᠪᠠᠷ ᠶᠠᠷᠢᠬᠤ ᠴᠠᠭ ᠪᠣᠯᠤᠭᠰᠠᠨ》 ᠭᠡᠵᠦ ᠬᠡᠯᠡᠳᠡᠭ ᠪᠠᠢᠯ᠎ᠠ᠃
ᠲᠡᠮᠦᠷ ᠢᠩᠭᠢᠵᠦ ᠦᠵᠡᠬᠦ ᠰᠢᠯᠲᠠᠭᠠᠨ ᠬᠣᠶᠠᠷ ᠪᠠᠢᠯ᠎ᠠ᠃ ᠨᠢᠭᠡᠳᠦᠭᠡᠷ ᠲᠦ᠍ ᠭᠡᠪᠡᠯ ᠬᠠᠭᠤᠴᠢᠨ ᠮᠣᠩᠭᠣᠯ ᠳ᠋ᠤ᠌ ᠲᠠᠢᠵᠢ ᠯᠠ ᠭᠡᠪᠡᠯ ᠴᠠᠭᠠᠨ ᠶᠠᠰᠤ ᠲᠠᠢ᠂ ᠲᠩᠷᠢ ᠤᠭᠰᠠᠭᠠᠲᠠᠨ ᠭᠡᠳ ᠲᠡᠭᠦᠨ ᠢ᠋ᠶ᠋ᠡᠨ ᠳᠠᠯᠢᠮᠳᠠᠭᠤᠯᠤᠨ ᠠᠷᠠᠳ ᠣᠯᠠᠨ ᠳ᠋ᠤ᠌ ᠲᠦᠮᠡᠨ ᠵᠣᠪᠠᠯᠠᠩ ᠲᠠᠷᠢᠵᠤ ᠪᠠᠢᠪᠠ᠃ ᠡᠳᠦᠷ ᠰᠥᠨᠢ ᠦᠭᠡᠢ ᠠᠵᠢᠯ ᠬᠢᠵᠦ ᠪᠠᠢᠮᠠᠨᠵᠢᠨ ᠬᠡᠳᠦᠨ ᠮᠠᠯ ᠲᠠᠢ ᠪᠣᠯᠤᠭᠰᠠᠨ ᠬᠥᠮᠦᠨ ᠵᠥᠪᠬᠡᠨ ᠠᠷᠠᠳ ᠤᠭᠰᠠᠭ᠎ᠠ ᠲᠠᠢ ᠤᠴᠢᠷ ᠡᠴᠡ ᠥᠷᠲᠡᠭᠡᠨ ᠦ᠌ ᠬᠦᠨᠳᠦ ᠠᠯᠪᠠ ᠶ᠋ᠢ ᠬᠢᠵᠦ ᠪᠠᠢᠬᠤ ᠳ᠋ᠤ᠌ ᠲᠠᠢᠵᠢ ᠨᠠᠷ ᠥᠷᠲᠡᠭᠡ ᠤᠨᠤᠬᠤ ᠡᠴᠡ ᠥᠭᠡᠷ᠎ᠡ ᠶᠠᠭᠤ ᠬᠢᠵᠦ ᠪᠠᠢᠯ᠎ᠠ ᠳᠠ᠃ ᠵᠠᠰᠠᠭᠲᠤ ᠬᠠᠭᠠᠨ ᠤ᠋ ᠬᠣᠰᠢᠭᠤ ᠨᠠᠭᠠᠳᠤᠮ ᠳᠡᠭᠡᠷ᠎ᠡ ᠦᠵᠦᠭᠦᠷᠲᠦ ᠬᠣᠶᠠᠷ ᠪᠥᠬᠡ ᠦᠯᠡᠳᠡᠵᠦ ᠪᠢᠯᠡ᠃ ᠨᠢᠭᠡ ᠨᠢ ᠬᠣᠬᠢ ᠲᠠᠢᠵᠢ᠂ ᠨᠥᠭᠦᠭᠡ ᠨᠢ ᠣᠪᠣᠭ᠎ᠠ ᠬᠥᠷᠥᠩᠭᠡ ᠲᠡᠢ ᠰᠤᠮᠤᠨ ᠡᠷ᠎ᠡ ᠠᠢᠯ ᠤ᠋ᠨ ᠬᠦᠦ ᠪᠠᠢᠯ᠎ᠠ᠃ ᠭᠡᠲᠡᠯ᠎ᠡ ᠭᠣᠮᠪᠣᠵᠠᠪ ᠬᠠᠭᠠᠨ ᠤ᠋ ᠵᠠᠷᠯᠢᠭ ᠢ᠋ᠶ᠋ᠠᠷ ᠠᠷᠠᠳ ᠬᠥᠮᠦᠨ ᠢ᠋ ᠨᠢ ᠪᠠᠷᠢᠯᠳᠤᠭᠤᠯᠤᠯ ᠦᠭᠡᠢ ᠪᠠᠭᠤᠯᠭᠠᠭᠤᠯᠵᠤ ᠪᠠᠢᠭᠰᠠᠨ ᠢ᠋ ᠲᠡᠮᠦᠷ ᠬᠠᠷᠠᠭᠠᠳ ᠰᠡᠳᠬᠢᠯ ᠨᠢ ᠬᠣᠷᠣᠰᠤᠯ᠂ ᠵᠢᠭᠰᠢᠯ ᠢ᠋ᠶ᠋ᠡᠷ ᠳᠦᠭᠦᠷᠴᠦ ᠪᠠᠢᠭᠰᠠᠨ᠃ ᠬᠣᠶᠠᠳᠤᠭᠠᠷ ᠲᠤ᠌ ᠡᠨᠡ ᠬᠣᠭᠣᠷᠣᠨᠳᠣ ᠲᠡᠮᠦᠷ ᠲᠠᠪᠢ ᠭᠠᠷᠤᠢ ᠪᠤᠲᠠ ᠲᠠᠢ ᠪᠣᠯᠵᠠᠢ᠃ ᠡᠭᠦᠨ ᠢ᠋ ᠬᠡᠨ ᠡᠴᠡ ᠴᠦ᠍ ᠪᠤᠯᠢᠶᠠᠵᠤ ᠠᠪᠤᠭ᠎ᠠ ᠦᠭᠡᠢ᠃ ᠵᠥᠪᠬᠡᠨ ᠥᠪᠡᠷ ᠦ᠋ᠨ ᠬᠦᠴᠦ ᠴᠢᠳᠠᠯ ᠢ᠋ᠶ᠋ᠠᠷ ᠳᠤᠯᠮ᠎ᠠ ᠲᠠᠢ ᠪᠠᠨ ᠵᠢᠷᠭᠠᠯᠲᠠᠢ ᠴᠢᠨᠡᠭᠡᠯᠢᠭ ᠠᠮᠢᠳᠤᠷᠠᠬᠤ ᠶ᠋ᠢᠨ ᠲᠤᠯᠠ ᠣᠯᠵᠤ ᠬᠤᠷᠠᠮᠳᠤᠭᠤᠯᠤᠭᠰᠠᠨ ᠪᠢᠯᠡ᠃
ᠡᠨᠡ ᠬᠡᠳᠦᠨ ᠮᠠᠯ ᠪᠣᠯ ᠨᠢᠭᠡ ᠶᠣᠰᠣᠨ ᠳ᠋ᠠᠭᠠᠨ ᠲᠡᠮᠦᠷ ᠦ᠋ᠨ ᠪᠠᠶᠠᠷ ᠪᠠᠶᠠᠰᠬᠤᠯᠠᠩ ᠤ᠋ᠨ ᠦᠨᠳᠦᠰᠦ ᠪᠣᠯᠵᠠᠢ᠃
ᠡᠨᠡ ᠤᠴᠢᠷ ᠡᠴᠡ ᠨᠢᠭᠡ ᠬᠡᠰᠡᠭ ᠪᠠᠶᠠᠨ ᠴᠢᠨᠡᠭᠡᠯᠢᠭ ᠦ᠋ᠨ ᠬᠢᠨᠢ ᠬᠥᠷᠥᠩᠭᠡ ᠶ᠋ᠢ ᠬᠤᠷᠢᠶᠠᠵᠤ᠂ ᠨᠥᠭᠦᠭᠡ ᠬᠡᠰᠡᠭ ᠶᠠᠳᠠᠭᠤ ᠳ᠋ᠤ᠌ ᠥᠭᠬᠦ ᠨᠢ ᠵᠦᠢᠲᠡᠢ ᠭᠡᠵᠦ ᠡᠷᠳᠡᠨᠢ ᠶ᠋ᠢᠨ ᠬᠡᠯᠡᠬᠦ ᠳ᠋ᠦ᠍ ᠲᠡᠮᠦᠷ᠄
᠊᠊᠊᠊᠊᠊᠊᠊᠊᠊᠊᠊᠊᠊᠊ ᠪᠠᠶᠠᠨ ᠬᠣᠭᠣᠰᠣᠨ ᠭᠡᠬᠦ ᠦᠭᠡᠢ᠂ ᠲᠠᠢᠵᠢ ᠠᠷᠠᠳ ᠭᠡᠵᠦ ᠶᠠᠷᠢᠨ᠎ᠠ᠃ ᠣᠳᠣ ᠴᠠᠭ ᠲᠤ᠌ ᠠᠵᠢᠯᠯᠠᠵᠤ ᠴᠢᠳᠠᠪᠠᠯ ᠬᠡᠨ ᠴᠦ᠍ ᠬᠡᠳᠦᠨ ᠮᠠᠯ ᠲᠠᠢ ᠪᠣᠯᠵᠤ ᠴᠢᠳᠠᠨ᠎ᠠ᠃ ᠬᠠᠷᠢᠨ ᠲᠠᠢᠵᠢ ᠨᠠᠷ ᠡᠴᠡ ᠪᠣᠯ ᠡᠴᠢᠭᠡ ᠡᠪᠦᠭᠡᠳ ᠦ᠋ᠨ ᠬᠠᠷᠢᠭᠤ ᠶ᠋ᠢ ᠠᠪᠬᠤ ᠬᠡᠷᠡᠭᠲᠡᠢ ᠭᠡᠵᠦ ᠲᠡᠮᠦᠷ ᠬᠡᠯᠡᠳᠡᠭ ᠶᠤᠮ᠃
ᠡᠷᠳᠡᠨᠢ ᠪᠤᠴᠠᠵᠤ ᠢᠷᠡᠭᠡᠳ ᠬᠡᠳᠦᠨ ᠡᠳᠦᠷ ᠰᠠᠭᠤᠵᠤ ᠪᠠᠢᠮᠠᠨᠵᠢᠨ ᠨᠠᠮ ᠤ᠋ᠨ ᠲᠥᠪ ᠬᠣᠷᠢᠶᠠᠨ ᠳ᠋ᠤ᠌ ᠹᠧᠣᠳᠠᠯ᠂ ᠵᠢᠰᠠ ᠶ᠋ᠢᠨ ᠬᠥᠷᠥᠩᠭᠡ ᠶ᠋ᠢ ᠣᠢᠷ᠎ᠠ ᠶ᠋ᠢᠨ ᠦᠶ᠎ᠡ ᠳ᠋ᠦ᠍ ᠬᠤᠷᠢᠶᠠᠵᠤ᠂ ᠶᠠᠳᠠᠭᠤᠴᠤᠳ ᠲᠤ᠌ ᠠᠮᠠ ᠪᠦᠯᠢ ᠶ᠋ᠢ ᠨᠢ ᠬᠠᠷᠠᠭᠠᠯᠵᠠᠨ ᠬᠤᠪᠢᠶᠠᠵᠤ ᠥᠭᠬᠦ ᠲᠤᠬᠠᠢ ᠥᠪᠡᠷ ᠦ᠋ᠨ ᠰᠠᠨᠠᠯ ᠢ᠋ ᠪᠢᠴᠢᠵᠡᠢ᠂ ᠭᠡᠲᠡᠯ᠎ᠡ ᠬᠠᠷᠢᠭᠤ ᠨᠢ ᠢᠷᠡᠭᠰᠡᠨ ᠦᠭᠡᠢ᠃
ᠡᠪᠦᠯ ᠨᠢ ᠠᠢᠮᠠᠭ ᠤ᠋ᠨ ᠡᠮᠦᠨᠡᠲᠦ ᠬᠡᠰᠡᠭ ᠲᠦ᠍ ᠰᠦᠷᠡᠬᠡᠢ ᠵᠤᠳ ᠪᠣᠯᠵᠤ ᠶᠠᠳᠠᠭᠤᠴᠤᠳ ᠤ᠋ᠨ ᠠᠮᠢᠳᠤᠷᠠᠯ ᠦᠯᠡᠮᠵᠢ ᠬᠦᠨᠳᠦ ᠪᠣᠯᠤᠭᠰᠠᠨ ᠢ᠋ᠶ᠋ᠠᠷ ᠪᠠᠷᠠᠬᠤ ᠦᠭᠡᠢ ᠵᠠᠷᠢᠮ ᠭᠠᠵᠠᠷ ᠥᠯᠥᠰᠬᠦᠯᠡᠩ ᠭᠠᠷᠤᠯ᠎ᠠ᠃ ᠡᠷᠳᠡᠨᠢ ᠲᠡᠷᠡ ᠵᠦᠭ ᠲᠦᠷᠭᠡᠯᠡᠨ ᠣᠴᠢᠵᠤ ᠬᠤᠰᠢᠭᠤᠨ ᠤ᠋ ᠵᠢᠰᠠ ᠨᠤᠭᠤᠳ ᠲᠤ᠌ ᠮᠠᠰᠢ ᠶᠡᠬᠡ ᠬᠡᠮᠵᠢᠶᠡᠨ ᠦ᠌ ᠬᠦᠨᠡᠰᠦᠨ ᠦ᠌ ᠵᠦᠢᠯ ᠪᠠᠢᠭ᠎ᠠ ᠶ᠋ᠢ ᠮᠡᠳᠡᠭᠡᠳ ᠭᠣᠣᠯ ᠬᠦᠷᠢᠶᠡᠨ ᠦ᠌ ᠬᠠᠮᠪᠤ ᠯᠠᠮᠠ ᠲᠠᠢ ᠠᠭᠤᠯᠵᠠᠵᠤ ᠵᠣᠪᠠᠯᠠᠩ ᠳ᠋ᠤ᠌ ᠨᠡᠷᠪᠡᠭᠳᠡᠭᠰᠡᠳ ᠲᠦ᠍ ᠪᠤᠳᠠᠭ᠎ᠠ ᠭᠤᠯᠢᠷ ᠥᠭᠬᠦ ᠲᠤᠬᠠᠢ ᠶᠠᠷᠢᠭᠰᠠᠨ ᠳ᠋ᠤ᠌ ᠯᠠᠮᠠ ᠶᠡᠬᠡ ᠯᠡ ᠣᠷᠢᠶᠠᠯᠭᠠᠨ ᠵᠥᠪᠰᠢᠶᠡᠷᠡᠵᠦ᠂ ᠬᠡᠵᠢᠶ᠎ᠡ ᠬᠥᠰᠬᠡ ᠢᠷᠡᠭᠰᠡᠨ ᠴᠠᠭ ᠲᠤ᠌ ᠨᠢᠷᠪᠠ ᠨᠠᠷ ᠢ᠋ᠶ᠋ᠠᠨ ᠪᠠᠢᠯᠭᠠᠵᠤ ᠪᠠᠢᠨ᠎ᠠ ᠭᠡᠵᠦ ᠪᠢᠯᠡ᠃
ᠡᠷᠳᠡᠨᠢ ᠭᠤᠷᠪᠠᠨ ᠬᠣᠨᠣᠭ ᠤ᠋ᠨ ᠳᠣᠲᠣᠷ᠎ᠠ ᠭᠤᠴᠢ ᠭᠠᠷᠤᠢ ᠲᠠᠷᠭᠤᠨ ᠲᠡᠮᠡᠭᠡ᠂ ᠳᠥᠷᠪᠡᠨ ᠬᠥᠮᠦᠨ ᠳᠠᠢᠴᠢᠯᠠᠵᠤ ᠬᠣᠰᠢᠭᠤ ᠬᠦᠷᠢᠶᠡᠨ ᠦ᠌ ᠭᠣᠣᠯ ᠵᠢᠰᠠ ᠶ᠋ᠢᠨ ᠬᠦᠷᠢᠶᠡᠨ ᠳ᠋ᠦ᠍ ᠣᠷᠣᠯ᠎ᠠ᠃ ᠭᠡᠲᠡᠯ᠎ᠡ ᠬᠡᠰᠡᠭ ᠯᠠᠮᠠ ᠨᠠᠷ ᠢᠷᠡᠵᠦ ᠡᠷᠳᠡᠨᠢ ᠶ᠋ᠢ ᠲᠣᠭᠣᠷᠢᠨ ᠵᠣᠭᠰᠣᠭᠠᠳ ᠨᠢᠭᠡ ᠬᠠᠩᠬᠠᠭᠠᠷ ᠲᠣᠮᠣ ᠪᠡᠶ᠎ᠡ ᠲᠡᠢ ᠭᠤᠴᠢ ᠣᠷᠴᠢᠮ ᠨᠠᠰᠤᠨ ᠤ᠋ ᠯᠠᠮᠠ ᠡᠮᠦᠨ᠎ᠡ ᠨᠢ ᠣᠢᠷᠠᠲᠤᠨ᠄
᠊᠊᠊᠊᠊᠊᠊᠊᠊᠊᠊᠊᠊᠊᠊ ᠡᠨᠡ ᠭᠡᠨᠡᠳᠲᠡ ᠶ᠋ᠢᠨ ᠭᠡᠢᠴᠢᠨ ᠴᠢᠨᠢ ᠶᠠᠭᠤ ᠪᠢᠯᠡ? ᠭᠡᠵᠦ ᠬᠡᠭᠵᠢᠭᠦᠨ ᠠᠰᠠᠭᠤᠪᠠ᠃
᠊᠊᠊᠊᠊᠊᠊᠊᠊᠊᠊᠊᠊᠊᠊ ᠪᠤᠳᠠᠭ᠎ᠠ ᠭᠤᠯᠢᠷ ᠠᠴᠢᠬᠤ ᠭᠡᠵᠦ ᠢᠷᠡᠭᠰᠡᠨ ᠬᠥᠮᠦᠰ᠃
᠊᠊᠊᠊᠊᠊᠊᠊᠊᠊᠊᠊᠊᠊᠊ ᠬᠡᠨ ᠭᠤᠳᠤᠷᠬᠤ ᠨᠢ ᠪᠣᠢ? ᠭᠡᠳ ᠬᠠᠩᠬᠠᠭᠠᠷ ᠯᠠᠮᠠ ᠲᠠᠰᠢᠶ᠎ᠠ ᠪᠠᠨ ᠲᠤᠯᠤᠨ ᠴᠡᠭᠡᠵᠢ ᠪᠡᠨ ᠵᠠᠢ᠌ᠮᠴᠢᠨ ᠬᠥᠳᠡᠯᠭᠡᠪᠡ᠃
ᠡᠷᠳᠡᠨᠢ ᠲᠡᠷᠡ ᠯᠠᠮᠠ ᠶ᠋ᠢ ᠨᠢᠳᠦ ᠪᠡᠨ ᠴᠠᠪᠴᠢᠯᠠᠨ ᠠᠵᠢᠭᠯᠠᠵᠤ ᠬᠡᠰᠡᠭ ᠵᠣᠭᠰᠣᠭᠰᠠᠨ ᠢ᠋ᠶ᠋ᠠᠨ
᠊᠊᠊᠊᠊᠊᠊᠊᠊᠊᠊᠊᠊᠊᠊ ᠥᠯᠥᠰᠬᠦᠯᠡᠩ ᠭᠠᠷᠤᠭᠠᠳ᠂ ᠤᠯᠤᠰ ᠠᠮᠢᠲᠠᠨ ᠦᠬᠦᠬᠦ ᠭᠡᠵᠦ ᠪᠠᠢᠭ᠎ᠠ ᠶ᠋ᠢ ᠲᠠ ᠰᠣᠨᠣᠰᠤᠭᠰᠠᠨ ᠤᠤ? ᠭᠡᠯᠡ᠃
᠊᠊᠊᠊᠊᠊᠊᠊᠊᠊᠊᠊᠊᠊᠊ ᠬᠦᠷᠢᠶ᠎ᠡ ᠬᠡᠢᠳ ᠡᠴᠡ ᠪᠣᠯᠵᠤ ᠵᠤᠳ ᠪᠣᠯᠤᠭ᠎ᠠ ᠦᠭᠡᠢ᠃ ᠲᠡᠷᠡ ᠵᠤᠳ ᠪᠣᠯᠭᠠᠭᠰᠠᠨ ᠲᠩᠷᠢ ᠪᠤᠷᠬᠠᠨ ᠡᠴᠡ ᠪᠡᠨ ᠣᠴᠢᠵᠤ ᠪᠤᠳᠠᠭ᠎ᠠ ᠭᠤᠯᠢᠷ ᠠᠪᠬᠤ ᠦᠭᠡᠢ ᠤᠤ? ᠮᠠᠨ ᠤ᠋ ᠡᠨᠳᠡ ᠵᠤᠳ ᠤ᠋ᠨ ᠪᠤᠳᠠᠭ᠎ᠠ ᠪᠠᠢᠬᠤ ᠦᠭᠡᠢ ᠭᠡᠬᠦ ᠳ᠋ᠦ᠍ ᠲᠣᠭᠣᠷᠢᠭᠰᠠᠨ ᠯᠠᠮᠠ ᠨᠠᠷ ᠬᠥᠭᠵᠢᠯᠲᠡᠢ ᠢᠨᠢᠶᠡᠯᠳᠦᠪᠡ᠃
᠊᠊᠊᠊᠊᠊᠊᠊᠊᠊᠊᠊᠊᠊᠊ ᠪᠢᠳᠡ ᠲᠠᠨ ᠤ᠋ ᠬᠠᠮᠪᠤ ᠲᠠᠢ ᠶᠠᠷᠢᠭᠰᠠᠨ ᠰᠢᠦ ᠳᠡ᠃
᠊᠊᠊᠊᠊᠊᠊᠊᠊᠊᠊᠊᠊᠊᠊ ᠬᠡᠨ ᠲᠡᠢ ᠶᠠᠷᠢᠭᠰᠠᠨ ᠴᠢᠨᠢ ᠪᠢᠳᠡᠨ ᠳ᠋ᠦ᠍ ᠫᠠᠳ ᠦᠭᠡᠢ᠃ ᠪᠤᠳᠠᠭᠠᠨ ᠤ᠋ ᠴᠢᠨᠢ ᠰᠠᠪᠠ ᠪᠦᠲᠦᠨ ᠳᠡᠭᠡᠷ᠎ᠡ ᠪᠡᠨ ᠢᠷᠡᠭᠰᠡᠨ ᠵᠠᠮ ᠢ᠋ᠶ᠋ᠠᠷ ᠢ᠋ᠶ᠋ᠠᠨ ᠰᠤᠷᠤᠭᠰᠠᠨ ᠳᠠᠭᠤᠤ ᠪᠠᠨ ᠳᠠᠭᠤᠯᠠᠭᠠᠳ ᠮᠣᠷᠢᠯᠠᠪᠠᠯ ᠵᠦᠭᠡᠷ ᠪᠠᠢᠬᠤ ᠰᠢᠦ᠃
᠊᠊᠊᠊᠊᠊᠊᠊᠊᠊᠊᠊᠊᠊᠊ ᠠᠷᠠᠳ ᠲᠦᠮᠡᠨ ᠥᠯᠥᠰᠬᠦᠯᠡᠩ ᠳ᠋ᠦ᠍ ᠨᠡᠷᠪᠡᠭᠳᠡᠭᠡᠳ ᠪᠠᠢᠨ᠎ᠠ᠂ ᠶᠠᠭᠤ ᠴᠤ᠌ ᠯᠠ ᠭᠡᠰᠡᠨ ᠪᠢᠳᠡ ᠪᠤᠳᠠᠭ᠎ᠠ ᠭᠤᠯᠢᠷ ᠠᠴᠢᠨ᠎ᠠ᠃ ᠨᠢᠭᠡ ᠤᠳᠠᠭ᠎ᠠ ᠴᠤ᠌ ᠠᠪᠬᠤ ᠦᠭᠡᠢ᠂ ᠬᠡᠳᠦᠨ ᠤᠳᠠᠭ᠎ᠠ ᠠᠪᠤᠨ᠎ᠠ ᠭᠡᠵᠦ ᠡᠷᠡᠰ ᠬᠡᠯᠡᠭᠡᠳ ᠡᠷᠳᠡᠨᠢ ᠬᠥᠳᠡᠯᠬᠦ ᠭᠡᠲᠡᠯ᠎ᠡ ᠬᠠᠩᠬᠠᠭᠠᠷ ᠯᠠᠮᠠ ᠮᠥᠷᠦᠨ ᠳᠡᠭᠡᠷ᠎ᠡ ᠡᠴᠡ ᠨᠢ ᠪᠠᠷᠢᠵᠤ ᠠᠪᠤᠯ᠎ᠠ᠃
ᠡᠷᠳᠡᠨᠢ ᠬᠦᠴᠦᠯᠡᠨ ᠤᠭᠵᠠᠷᠠᠵᠤ ᠲᠠᠯᠪᠢᠭᠤᠯᠪᠠ᠃ ᠭᠡᠲᠡᠯ᠎ᠡ ᠬᠠᠩᠬᠠᠭᠠᠷ ᠯᠠᠮᠠ 《ᠨᠢᠪᠰᠢᠷᠡᠲᠡᠯᠡ ᠴᠢᠨᠢ ᠴᠣᠬᠢᠭᠠᠳ ᠥᠭᠬᠦ ᠳᠡᠭᠡᠷ᠎ᠡ ᠨᠢᠭᠡ ᠶ᠋ᠢ ᠪᠣᠳᠣᠬᠤ ᠤᠬᠠᠭᠠᠨ ᠲᠠᠢ ᠪᠣᠯᠬᠤ ᠪᠠᠢ᠌ᠯ ᠦᠭᠡᠢ ᠳᠡ》 ᠭᠡᠳ ᠡᠷᠳᠡᠨᠢ ᠶ᠋ᠢ ᠴᠣᠬᠢᠯ᠎ᠠ᠃
ᠡᠨᠡ ᠯᠠᠮᠠ ᠨᠠᠷ ᠤ᠋ᠨ ᠵᠣᠳᠣᠭᠠᠨ ᠳ᠋ᠤ᠌ ᠨᠡᠪᠲᠡᠷᠬᠡᠢ ᠬᠥᠮᠦᠨ ᠶᠤᠮ᠃ ᠬᠦᠷᠢᠶᠡᠨ ᠳ᠋ᠦ᠍ ᠲᠤᠰᠬᠠᠢᠯᠠᠨ ᠣᠴᠢᠵᠤ ᠨᠡᠷᠡᠲᠡᠢ ᠵᠣᠳᠣᠭᠠᠴᠢᠨ ᠨᠠᠷ ᠲᠠᠢ ᠬᠠᠯᠵᠠ ᠲᠤᠯᠵᠤ ᠬᠡᠳᠦ ᠬᠡᠳᠦ ᠶ᠋ᠢ ᠨᠢ ᠳᠡᠢᠯᠦᠭᠰᠡᠨ ᠢ᠋ᠶ᠋ᠡᠨ 《ᠮᠢᠬᠠᠨ ᠮᠤᠨᠠ》 ᠭᠡᠳᠡᠭ ᠬᠣᠴᠢ ᠲᠠᠢ ᠪᠣᠯᠤᠭᠰᠠᠨ ᠠᠵᠢ᠃
ᠡᠷᠳᠡᠨᠢ ᠲᠡᠩᠴᠡᠭᠦᠷᠢ ᠪᠡᠨ ᠠᠯᠳᠠᠵᠤ ᠭᠡᠳᠡᠷᠭᠦ ᠪᠡᠨ ᠠᠯᠳᠠᠯᠠᠨ ᠤᠨᠠᠪᠠ᠃ ᠭᠡᠪᠡᠴᠦ ᠲᠦᠷᠭᠡᠨ ᠪᠣᠰᠴᠤ ᠤᠬᠤᠰᠬᠢᠨ 《ᠮᠢᠬᠠᠨ ᠮᠤᠨᠠ》 ᠶ᠋ᠢ ᠪᠠᠷᠢᠵᠤ ᠠᠪᠤᠭᠠᠳ ᠲᠣᠩᠭᠣᠷᠴᠤ ᠣᠷᠬᠢᠭᠰᠠᠨ ᠳ᠋ᠤ᠌ ᠠᠷᠤ ᠵᠣ ᠪᠠᠷ ᠢ᠋ᠶ᠋ᠠᠨ ᠫᠢᠳ ᠬᠢᠨ ᠤᠨᠠᠪᠠ᠃ ᠡᠷᠭᠢᠬᠦ ᠭᠡᠲᠡᠯ᠎ᠡ ᠣᠯᠠᠨ ᠯᠠᠮᠠ ᠲᠠᠯ᠎ᠠ ᠪᠦᠷᠢ ᠡᠴᠡ ᠨᠢ ᠳᠣᠪᠲᠣᠯᠤᠨ ᠢᠷᠡᠵᠦ ᠨᠢᠭᠤᠷ᠂ ᠨᠢᠳᠦ ᠦᠭᠡᠢ ᠪᠠᠯᠪᠠᠵᠤ ᠭᠠᠷᠬᠤ ᠳ᠋ᠤ᠌ ᠵᠢᠩᠴᠢᠳ ᠦ᠋ᠨ ᠵᠠᠷᠢᠮ ᠨᠢ ᠲᠤᠰᠠᠯᠠᠬᠤ ᠪᠠᠷ ᠢᠷᠡᠭᠰᠡᠨ ᠪᠣᠯᠪᠠᠴᠤ ᠬᠠᠷᠠᠴᠤᠤᠯ ᠳᠡᠢᠯᠦᠭᠳᠡᠵᠦ ᠬᠥᠬᠡ ᠪᠤᠯᠤᠤ ᠪᠣᠯᠤᠭᠠᠳ ᠲᠡᠮᠡᠭᠡ ᠪᠡᠨ ᠬᠥᠲᠥᠯᠦᠨ ᠬᠦᠷᠢᠶ᠎ᠡ ᠡᠴᠡ ᠭᠠᠷᠤᠯ᠎ᠠ᠃
ᠵᠢᠩᠴᠢᠳ ᠶᠣᠰᠣᠲᠠᠢ ᠯᠠ ᠨᠠᠪᠰᠠᠢᠲᠠᠯᠠ ᠵᠣᠳᠣᠭᠤᠯᠤᠭᠠᠳ ᠶᠠᠪᠤᠭᠰᠠᠨ ᠬᠣᠢᠨ᠎ᠠ ᠯᠠᠮᠠ ᠨᠠᠷ ᠳᠡᠭᠡᠷ᠎ᠡ ᠬᠠᠮᠪᠤ ᠯᠠᠮᠠ ᠢᠷᠡᠵᠦ 《ᠮᠢᠬᠠᠨ ᠮᠤᠨᠠ》 ᠶ᠋ᠢ ᠰᠠᠢᠰᠢᠶᠠᠨ 《ᠣᠯᠠᠭᠤᠯᠠ ᠪᠠᠨ ᠪᠣᠯᠤᠭᠠᠳ ᠪᠤᠴᠠᠵᠤ ᠢᠷᠡᠵᠦ ᠮᠠᠭᠠᠳ᠃ ᠨᠡᠮᠡᠵᠦ ᠥᠭᠭᠦᠭᠡᠳ ᠶᠠᠪᠤᠭᠤᠯᠳᠠᠭ ᠶᠤᠮ ᠰᠢᠦ᠃ ᠲᠡᠷᠡ ᠡᠷᠳᠡᠨᠢ ᠭᠡᠭᠴᠢ ᠨᠠᠳᠠ ᠲᠠᠢ ᠳᠠᠬᠢᠨ ᠠᠭᠤᠯᠵᠠᠪᠠᠯ ᠶᠠᠭᠤᠮ᠎ᠠ ᠪᠠᠨ ᠥᠭᠬᠦ ᠦᠭᠡᠢ ᠭᠡᠵᠦ ᠬᠢᠯᠢᠩᠨᠡᠭᠰᠡᠨ ᠯᠠᠮᠠ ᠨᠠᠷ ᠢ᠋ ᠪᠢ ᠶᠠᠭᠠᠬᠢᠵᠤ ᠴᠤ᠌ ᠴᠢᠳᠠᠬᠤ ᠦᠭᠡᠢ ᠭᠡᠵᠦ ᠬᠡᠯᠡᠨ᠎ᠡ᠃ ᠬᠠᠷᠢᠨ ᠬᠥᠮᠦᠨ ᠠᠯᠠᠵᠤ ᠪᠣᠯᠬᠤ ᠦᠭᠡᠢ ᠰᠢᠦ᠃ ᠲᠡᠭᠡᠪᠡᠯ ᠪᠢᠳᠡ ᠪᠤᠷᠤᠭᠤᠳᠠᠵᠤ ᠴᠡᠷᠢᠭ ᠢᠷᠡᠭᠡᠳ ᠰᠦᠢᠳ ᠬᠢᠨ᠎ᠡ》 ᠭᠡᠳ ᠶᠠᠪᠤᠵᠠᠢ᠃
ᠵᠢᠩᠴᠢᠳ ᠬᠡᠢᠳ ᠦ᠋ᠨ ᠵᠠᠬ᠎ᠠ ᠳ᠋ᠤ᠌ ᠣᠷᠬᠢᠭᠰᠠᠨ ᠮᠠᠢᠬᠠᠨ ᠳ᠋ᠠᠭᠠᠨ ᠢᠷᠡᠬᠦ ᠳ᠋ᠦ᠍ ᠰᠠᠬᠢᠵᠤ ᠦᠯᠡᠳᠡᠭᠰᠡᠨ ᠡᠪᠦᠭᠡᠨ ᠡᠬᠢᠯᠡᠭᠡᠳ ᠶᠡᠬᠡ ᠯᠡ ᠭᠠᠢᠬᠠᠭᠰᠠᠨ ᠪᠣᠯᠪᠠᠴᠤ ᠤᠴᠢᠷ ᠶᠠᠪᠤᠳᠠᠯ ᠢ᠋ ᠮᠡᠳᠡᠭᠡᠳ ᠯᠠᠮᠠ ᠨᠠᠷ ᠢ᠋ ᠠᠳᠠᠭ ᠤ᠋ᠨ ᠦᠭᠡ ᠪᠡᠷ ᠬᠠᠷᠢᠶᠠᠪᠠ᠃
᠊᠊᠊᠊᠊᠊᠊᠊᠊᠊᠊᠊᠊᠊᠊ ᠲᠡᠮᠡᠭᠡ ᠪᠡᠨ ᠪᠢᠲᠡᠭᠡᠢ ᠲᠠᠯᠪᠢᠭᠠᠷᠠᠢ᠃ ᠣᠳᠣ ᠪᠤᠴᠠᠨ᠎ᠠ ᠰᠢᠦ ᠭᠡᠳ ᠡᠷᠳᠡᠨᠢ ᠮᠠᠢᠬᠠᠨ ᠳ᠋ᠤ᠌ ᠣᠷᠣᠵᠤ ᠪᠣᠭᠴᠣ ᠡᠴᠡ ᠪᠡᠨ ᠰᠸᠯᠠᠢ᠌ᠳᠠᠢ ᠫᠤᠤ ᠪᠠᠨ ᠠᠪᠴᠤ ᠵᠡᠭᠦᠭᠡᠳ ᠭᠠᠷᠴᠤ 《ᠡᠳᠦᠢ ᠲᠡᠳᠦᠢ ᠬᠥᠮᠦᠨ ᠥᠯᠥᠰᠬᠦᠯᠡᠩ ᠦ᠋ᠨ ᠠᠶᠤᠯ ᠳ᠋ᠤ᠌ ᠣᠷᠣᠭᠠᠳ ᠪᠠᠢᠬᠤ ᠳ᠋ᠤ᠌ ᠲᠠ ᠨᠠᠷ ᠳᠡᠭᠡᠷᠡᠮᠳᠡᠭᠰᠡᠨ ᠶᠠᠭᠤᠮ᠎ᠠ ᠪᠠᠨ ᠪᠤᠴᠠᠭᠠᠵᠤ ᠥᠭᠬᠦ ᠦᠭᠡᠢ ᠪᠠᠢᠨ᠎ᠠ ᠭᠡᠨ᠎ᠡ᠃ ᠵᠠ ᠪᠤᠴᠠᠭᠠᠳ ᠶᠠᠪᠤᠵᠠᠭᠠᠨ᠎ᠠ᠃ ᠪᠣᠰᠢᠭᠣ!》 ᠭᠡᠳ ᠤᠨᠤᠭ᠎ᠠ ᠲᠡᠮᠡᠭᠡ ᠪᠡᠨ ᠭᠡᠪᠳᠡᠭᠦᠯᠤᠨ ᠮᠣᠷᠳᠠᠪᠠ᠃
᠊᠊᠊᠊᠊᠊᠊᠊᠊᠊᠊᠊᠊᠊᠊ ᠬᠥᠮᠦᠨ ᠦ᠌ ᠠᠮᠢᠨ ᠤ᠋ ᠬᠡᠷᠡᠭ ᠭᠠᠷᠴᠤ ᠮᠠᠭᠠᠳ᠃ ᠪᠢ ᠶᠠᠪᠤᠬᠤ ᠦᠭᠡᠢ ᠭᠡᠵᠦ ᠯᠠᠮᠠ ᠨᠠᠷ ᠲᠤ᠌ ᠪᠠᠷᠠᠭᠤᠨ ᠨᠢᠳᠦ ᠪᠡᠨ ᠬᠥᠬᠡ ᠪᠤᠯᠤᠤ ᠪᠣᠯᠭᠠᠭᠤᠯᠤᠭᠰᠠᠨ ᠨᠢᠭᠡ ᠡᠷ᠎ᠡ ᠬᠡᠯᠡᠪᠡ᠃
᠊᠊᠊᠊᠊᠊᠊᠊᠊᠊᠊᠊᠊᠊᠊ ᠠᠷᠠᠳ ᠤ᠋ᠨ ᠵᠠᠰᠠᠭ ᠤ᠋ᠨ ᠨᠡᠷ᠎ᠡ ᠪᠡᠷ ᠲᠤᠰᠢᠶᠠᠵᠤ ᠪᠠᠢᠨ᠎ᠠ᠃ ᠪᠤᠰᠢᠭᠤ ᠬᠥᠳᠡᠯᠵᠡᠭᠡ ᠭᠡᠵᠦ ᠡᠷᠳᠡᠨᠢ ᠥᠨᠳᠥᠷ ᠳᠠᠭᠤ ᠪᠠᠷ ᠲᠤᠰᠢᠶᠠᠪᠠ᠃
ᠵᠢᠩᠴᠢᠳ ᠶᠠᠪᠤᠭᠰᠠᠭᠠᠷ ᠵᠢᠰᠠ ᠶ᠋ᠢᠨ ᠬᠠᠰᠢᠶᠠᠨ ᠳ᠋ᠤ᠌ ᠪᠤᠴᠠᠵᠤ ᠣᠷᠣᠯ᠎ᠠ᠃ ᠯᠠᠮᠠ ᠨᠠᠷ ᠪᠦᠷ ᠴᠦ᠍ ᠣᠯᠠᠨ ᠪᠣᠯᠵᠠᠢ᠃
᠊᠊᠊᠊᠊᠊᠊᠊᠊᠊᠊᠊᠊᠊᠊ ᠢᠳᠡᠭᠰᠡᠨ ᠪᠣᠣᠪᠣ ᠴᠢᠨᠢ ᠪᠠᠭᠠᠳᠤᠭᠠᠳ ᠪᠤᠴᠠᠵᠤ ᠢᠷᠡᠪᠡ ᠤᠤ ᠭᠡᠵᠦ 《ᠮᠢᠬᠠᠨ ᠮᠤᠨᠠ》 ᠶ᠋ᠢᠨ ᠬᠡᠯᠡᠬᠦ ᠳ᠋ᠦ᠍ ᠪᠤᠰᠤᠳ ᠨᠢ ᠥᠨᠳᠥᠷ ᠨᠠᠮ ᠳᠠᠭᠤ ᠪᠠᠷ ᠢᠨᠢᠶᠡᠯᠳᠦᠪᠡ᠃ ᠡᠷᠳᠡᠨᠢ ᠰᠸᠯᠠᠢ᠌ᠳᠠᠢ ᠪᠠᠨ ᠮᠣᠳᠣᠨ ᠬᠤᠢ ᠡᠴᠡ ᠨᠢ ᠭᠠᠷᠭᠠᠵᠤ ᠪᠠᠷᠢᠭᠠᠳ ᠪᠢᠳᠡ ᠪᠣᠯ ᠬᠤᠯᠠᠭᠠᠢᠴᠢ᠂ ᠳᠡᠭᠡᠷᠡᠮᠴᠢᠨ ᠪᠢᠰᠢ᠃ ᠠᠷᠠᠳ ᠤ᠋ᠨ ᠵᠠᠰᠠᠭ ᠡᠴᠡ ᠣᠯᠭᠣᠭᠰᠠᠨ ᠪᠦᠷᠢᠨ ᠡᠷᠬᠡ ᠶ᠋ᠢᠨ ᠶᠣᠰᠣ ᠪᠠᠷ ᠡᠨᠡ ᠪᠠᠢᠰᠢᠩ ᠳ᠋ᠤ᠌ ᠬᠠᠳᠠᠭᠠᠯᠠᠭᠳᠠᠵᠤ ᠪᠠᠢᠭ᠎ᠠ ᠪᠤᠳᠠᠭ᠎ᠠ ᠭᠤᠯᠢᠷ ᠢ᠋ ᠠᠪᠴᠤ ᠥᠯᠥᠰᠬᠦᠯᠡᠩ ᠳ᠋ᠦ᠍ ᠨᠡᠷᠪᠡᠭᠳᠡᠭᠰᠡᠨ ᠬᠥᠮᠦᠰ ᠲᠦ᠍ ᠥᠭᠭᠦᠨ᠎ᠡ᠃ ᠡᠨᠡ ᠫᠤᠤ ᠠᠷᠪᠠᠨ ᠵᠢᠷᠭᠤᠭ᠎ᠠ ᠦᠰᠦᠷᠳᠡᠭ ᠶᠤᠮ᠃ ᠡᠰᠡᠷᠭᠦᠴᠡᠵᠦ ᠶᠠᠮᠠᠷ ᠨᠢᠭᠡᠨ ᠰᠠᠭᠠᠳ ᠬᠢᠭᠰᠡᠨ ᠬᠡᠨ ᠪᠦᠬᠦᠨ ᠢ᠋ ᠵᠣᠭᠰᠣᠭ᠎ᠠ ᠪᠠᠷ ᠨᠢ ᠫᠤᠤᠳᠠᠨ᠎ᠠ᠃ ᠪᠠᠢᠰᠢᠩ ᠢ᠋ᠶ᠋ᠠᠨ ᠪᠣᠰᠢᠭᠣ ᠨᠡᠬᠡᠭᠡ᠃ ᠲᠡᠷᠡ ᠨᠢᠷᠪᠠ ᠴᠢ ᠲᠠᠪᠤ ᠲᠣᠭᠠᠯᠠᠬᠤ ᠳ᠋ᠤ᠌ ᠡᠭᠦᠳᠡ ᠪᠡᠨ ᠨᠡᠭᠡᠭᠡᠬᠦ ᠦᠭᠡᠢ ᠪᠣᠯ ᠵᠠᠰᠠᠭ ᠤ᠋ᠨ ᠴᠠᠭᠠᠵᠠ ᠬᠡᠴᠡᠭᠦᠦ ᠭᠡᠵᠦ ᠮᠡᠳᠡᠭᠡᠴᠢ》 ᠭᠡᠳ 《ᠨᠢᠭᠡ ᠁ ᠬᠣᠶᠠᠷ ᠁》 ᠭᠡᠵᠦ ᠴᠢᠩᠭ᠎ᠠ ᠪᠥᠭᠡᠳ ᠰᠤᠨᠵᠢᠷᠠᠭᠤᠯᠤᠨ ᠲᠣᠭᠠᠯᠠᠪᠠ᠃
ᠯᠠᠮᠠ ᠨᠠᠷ ᠤ᠋ᠨ ᠣᠮᠣᠭ ᠳᠠᠷᠤᠭᠳᠠᠨ ᠳᠠᠭᠤ ᠦᠭᠡᠢ ᠪᠣᠯᠵᠤ ᠪᠡᠶ᠎ᠡ ᠪᠡᠶ᠎ᠡ ᠪᠡᠨ ᠬᠠᠷᠠᠯᠴᠠᠪᠠ᠃ 《ᠳᠥᠷᠪᠡ》 ᠭᠡᠳ ᠡᠷᠳᠡᠨᠢ ᠲᠡᠮᠡᠭᠡᠨ ᠦ᠌ ᠤᠷᠢᠳᠤ ᠪᠦᠬᠦᠨ ᠳᠡᠭᠡᠷ᠎ᠡ ᠲᠠᠯᠪᠢᠨ ᠪᠠᠷᠢᠵᠤ ᠪᠠᠢᠭᠰᠠᠨ ᠫᠤᠤ ᠶ᠋ᠢᠨ ᠠᠮᠠ ᠶ᠋ᠢ ᠡᠷᠭᠢᠭᠦᠯᠬᠦ ᠳ᠋ᠦ᠍ ᠨᠢᠷᠪᠠ ᠣᠭᠵᠣᠮ ᠬᠥᠳᠡᠯᠵᠦ ᠲᠦᠯᠬᠢᠭᠦᠷ ᠢ᠋ᠶ᠋ᠡᠨ ᠴᠣᠣᠵᠢᠨ ᠳ᠋ᠤ᠌ ᠬᠢᠯ᠎ᠡ᠃ ᠯᠠᠮᠠ ᠨᠠᠷ ᠬᠠᠰᠢᠶᠠᠨ ᠤ᠋ ᠬᠠᠭᠠᠯᠭ᠎ᠠ ᠤᠷᠤᠭᠤ ᠤᠷᠮ᠎ᠠ ᠦᠭᠡᠢ ᠬᠥᠳᠡᠯᠬᠦ ᠭᠡᠬᠦ ᠳ᠋ᠦ᠍ᠨᠢ ᠡᠷᠳᠡᠨᠢ 《ᠲᠠ ᠨᠠᠷ ᠶᠠᠪᠤᠵᠤ ᠪᠣᠯᠬᠤ ᠦᠭᠡᠢ᠃ ᠭᠤᠯᠢᠷ ᠪᠤᠳᠠᠭ᠎ᠠ ᠶ᠋ᠢ ᠲᠦᠷᠭᠡᠨ ᠭᠠᠷᠭᠠᠵᠤ ᠡᠨᠡ ᠲᠡᠮᠡᠭᠡᠨ ᠳ᠋ᠦ᠍ ᠪᠣᠰᠢᠭᠣ ᠠᠴᠢᠵᠠᠭᠠ》 ᠭᠡᠵᠦ ᠶᠡᠷᠦ ᠪᠤᠰᠤ ᠶ᠋ᠢᠨ ᠰᠦᠷᠲᠡᠢ ᠲᠤᠰᠢᠶᠠᠪᠠ᠃
ᠤᠳᠠᠭᠰᠠᠨ ᠦᠭᠡᠢ ᠭᠤᠯᠢᠷ ᠪᠤᠳᠠᠭ᠎ᠠ ᠠᠴᠢᠭᠰᠠᠨ ᠲᠡᠮᠡᠭᠡᠨ ᠵᠢᠩ ᠵᠢᠰᠠ ᠶ᠋ᠢᠨ ᠬᠠᠭᠠᠯᠭ᠎ᠠ ᠪᠠᠷ ᠴᠤᠪᠤᠷᠠᠨ ᠭᠠᠷᠬᠤ ᠳ᠋ᠤ᠌ 《ᠤᠳᠠᠬᠤ ᠦᠭᠡᠢ ᠡᠨᠡ ᠬᠥᠮᠦᠰ ᠪᠤᠴᠠᠵᠤ ᠢᠷᠡᠨ᠎ᠡ᠃ ᠪᠢ ᠥᠪᠡᠷ ᠢ᠋ᠶ᠋ᠡᠨ ᠢᠷᠡᠬᠦ ᠦᠭᠡᠢ᠃ ᠪᠤᠳᠠᠭ᠎ᠠ ᠭᠤᠯᠢᠷ ᠠᠪᠬᠤ ᠳ᠋ᠤ᠌ ᠰᠠᠭᠠᠳ ᠬᠢᠭᠰᠡᠨ ᠬᠥᠮᠦᠨ ᠳ᠋ᠦ᠍ ᠶᠠᠯ᠎ᠠ ᠲᠤᠯᠭᠠᠨ᠎ᠠ᠃ ᠬᠡᠷᠡᠭ ᠲᠡᠢ ᠪᠣᠯᠪᠠᠯ ᠬᠦᠷᠢᠶᠡᠨ ᠡᠴᠡ ᠴᠡᠷᠢᠭ ᠢᠷᠡᠭᠦᠯᠦᠨ᠎ᠡ᠃ ᠣᠢᠯᠠᠭᠠᠪᠠ ᠤᠤ? ᠪᠠᠰᠠ ᠲᠠ ᠨᠠᠷ᠁ ᠠᠴᠢᠵᠤ ᠥᠭᠭᠦᠨ᠎ᠡ ᠰᠢᠦ》 ᠭᠡᠳ ᠶᠠᠪᠤᠵᠤ ᠪᠢᠯᠡ᠃
ᠥᠯᠥᠰᠬᠦᠯᠡᠩ ᠳ᠋ᠦ᠍ ᠨᠡᠷᠪᠡᠭᠳᠡᠭᠰᠡᠨ ᠬᠥᠮᠦᠰ ᠲᠦ᠍ ᠲᠤᠰᠠᠯᠠᠬᠤ ᠠᠵᠢᠯ ᠢ᠋ ᠢᠩᠭᠢᠵᠦ ᠬᠢᠭᠡᠳ ᠪᠠᠶᠠᠷᠲᠠᠢ ᠪᠤᠴᠠᠵᠤ ᠢᠷᠡᠭᠡᠳ ᠪᠠᠢᠲᠠᠯ᠎ᠠ ᠨᠠᠮ ᠤ᠋ᠨ ᠲᠥᠪ ᠬᠣᠷᠢᠶ᠎ᠠ ᠶ᠋ᠢᠨ ᠨᠠᠷᠢᠨ ᠪᠢᠴᠢᠭ ᠦ᠋ᠨ ᠳᠠᠷᠤᠭ᠎ᠠ ᠵᠠᠳᠠᠮᠪᠠ ᠶ᠋ᠢᠨ ᠭᠠᠷ ᠤ᠋ᠨ ᠦᠰᠦᠭᠳᠡᠢ ᠨᠢᠭᠡ ᠪᠢᠴᠢᠭ ᠢᠷᠡᠵᠡᠢ᠃ ᠲᠡᠷᠡ ᠪᠢᠴᠢᠭ ᠲᠦ᠍ ᠵᠢᠰᠠ ᠶ᠋ᠢᠨ ᠬᠥᠷᠥᠩᠭᠡ ᠶ᠋ᠢ ᠬᠠᠤᠯᠢ ᠪᠤᠰᠤ ᠪᠠᠷ ᠬᠤᠷᠢᠶᠠᠵᠤ ᠬᠥᠮᠦᠰ ᠲᠦ᠍ ᠲᠠᠷᠠᠭᠠᠵᠤ ᠥᠭᠭᠦᠭᠰᠡᠨ ᠡᠷᠳᠡᠨᠢ ᠶ᠋ᠢ ᠵᠢᠮᠡᠯᠡᠭᠡᠳ ᠪᠣᠭᠣᠨᠢ ᠴᠠᠭ ᠤ᠋ᠨ ᠳᠣᠲᠣᠷ᠎ᠠ ᠠᠯᠳᠠᠭ᠎ᠠ ᠪᠠᠨ ᠵᠠᠰᠠᠵᠤ ᠵᠢᠰᠠ ᠨᠤᠭᠤᠳ ᠢ᠋ ᠬᠣᠬᠢᠷᠠᠯ ᠦᠭᠡᠢ ᠪᠣᠯᠭᠠᠭᠠᠳ ᠥᠪᠡᠷ ᠦ᠋ᠨ ᠪᠡᠶ᠎ᠡ ᠪᠡᠷ ᠲᠥᠪ ᠬᠣᠷᠢᠶ᠎ᠠ ᠳ᠋ᠤ᠌ ᠬᠦᠷᠦᠯᠴᠡᠨ ᠢᠷᠡᠵᠦ ᠢᠯᠡᠳᠬᠡᠯ ᠲᠠᠯᠪᠢᠬᠤ ᠶ᠋ᠢ ᠴᠢᠩᠳᠠᠯᠠᠨ ᠳᠠᠭᠠᠭᠠᠯᠭᠠᠵᠠᠢ᠃
ᠬᠡᠳᠦᠨ ᠡᠳᠦᠷ ᠦ᠋ᠨ ᠳᠠᠷᠠᠭ᠎ᠠ ᠡᠷᠳᠡᠨᠢ ᠥᠷᠲᠡᠭᠡ ᠪᠡᠷ ᠤᠯᠠᠭᠠᠨᠪᠠᠭᠠᠲᠤᠷ ᠬᠣᠲᠠ ᠶ᠋ᠢᠨ ᠵᠦᠭ ᠮᠣᠷᠳᠠᠯ᠎ᠠ᠃ ᠭᠡᠬᠦ ᠳ᠋ᠡᠭᠡᠨ ᠵᠢᠰᠠ ᠨᠤᠭᠤᠳ ᠡᠴᠡ ᠲᠠᠲᠠᠪᠤᠷᠢᠯᠠᠨ ᠠᠪᠴᠤ ᠲᠠᠷᠬᠠᠭᠠᠭᠰᠠᠨ ᠶᠠᠭᠤᠮ᠎ᠠ ᠪᠠᠨ ᠡᠷᠭᠢᠭᠦᠯᠵᠦ ᠥᠭᠬᠦ ᠲᠠᠯ᠎ᠠ ᠪᠠᠷ ᠶᠠᠭᠤ ᠴᠤ᠌ ᠬᠢᠭᠰᠡᠨ ᠦᠭᠡᠢ᠃
《ᠶᠠᠭᠤ ᠪᠣᠯᠪᠠᠯ ᠶᠠᠭᠤ ᠪᠣᠯᠤᠭ᠃ ᠪᠢ ᠯᠡ ᠬᠤᠪᠢ ᠳ᠋ᠠᠭᠠᠨ ᠥᠨᠥᠴᠢᠨ ᠢᠰᠢᠭᠡ ᠴᠦ᠍ ᠢᠳᠡᠭᠡ ᠦᠭᠡᠢ ᠶᠤᠮ ᠳ᠋ᠠᠭ᠃ ᠠᠷᠠᠳ ᠤ᠋ᠨ ᠵᠠᠰᠠᠭ ᠲᠡᠷᠡ ᠶᠠᠳᠠᠷᠠᠭᠰᠠᠨ ᠠᠷᠠᠳ ᠲᠦᠮᠡᠨ ᠳ᠋ᠦ᠍ ᠲᠤᠰᠠ ᠪᠣᠯᠬᠤ ᠯᠠ ᠶᠣᠰᠣᠲᠠᠢ᠃ ᠲᠡᠳᠡᠨ ᠢ᠋ ᠲᠡᠳᠬᠦᠬᠦ ᠥᠭᠡᠷ᠎ᠡ ᠠᠷᠭ᠎ᠠ ᠨᠠᠳᠠ ᠳ᠋ᠤ᠌ ᠪᠠᠢᠭ᠎ᠠ ᠦᠭᠡᠢ》 ᠭᠡᠵᠦ ᠤᠷᠲᠤ ᠵᠠᠮ ᠤ᠋ᠨ ᠠᠶᠠᠯᠠᠯ ᠳ᠋ᠤ᠌ ᠡᠷᠳᠡᠨᠢ ᠪᠣᠳᠣᠵᠤ ᠶᠠᠪᠤᠯ᠎ᠠ᠃
