ᠲᠤᠩᠭᠠᠯᠠᠭ ᠲᠠᠮᠢᠷ1-21-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠴᠢᠨᠣ᠎ᠠ᠂ ᠬᠣᠨᠢ ᠪᠠᠷᠢᠵᠤ ᠪᠠᠢᠬᠤ ᠳ᠋ᠤ᠌ ᠰᠠᠯᠭᠠᠳᠠᠭ ᠪᠠᠢᠬᠤ ᠳ᠋ᠤ᠌ ᠬᠥᠮᠦᠨ ᠪᠠᠷᠢᠬᠤ ᠭᠡᠵᠦ ᠪᠠᠢᠬᠤ ᠳ᠋ᠤ᠌ ᠰᠠᠯᠭᠠᠬᠤ ᠦᠭᠡᠢ ᠶᠠᠭᠠᠬᠢᠬᠤᠪ》 - ᠨᠢᠭᠡᠳᠦᠭᠡᠷ ᠪᠦᠯᠦᠭ ᠬᠣᠷᠢᠨ ᠨᠢᠭᠡ
ᠢᠲᠡᠭᠡᠯᠲᠦ᠂ ᠸᠠᠩ ᠤ᠋ᠨ ᠬᠦᠷᠢᠶ᠎ᠡ ᠣᠷᠣᠵᠤ ᠮᠠᠢᠮᠠᠢ ᠬᠢᠬᠦ ᠳ᠋ᠡᠭᠡᠨ ᠡᠷᠳᠡᠨᠢ ᠶ᠋ᠢ ᠳᠠᠭᠠᠭᠤᠯᠵᠠᠢ᠃ ᠬᠠᠨ ᠥᠨᠳᠥᠷ ᠦ᠋ᠨ ᠬᠦᠷᠢᠶᠡᠨ ᠳᠡᠭᠡᠷ᠎ᠡ ᠫᠦᠷᠪᠦ ᠲᠠᠢᠵᠢ ᠲᠠᠢ ᠲᠠᠭᠠᠷᠠᠯᠳᠤᠵᠤ ᠲᠡᠳᠡᠨ ᠦ᠌ ᠳ᠋ᠦ᠍ ᠣᠴᠢᠪᠠ᠃ ᠫᠦᠷᠪᠦ ᠲᠠᠢᠵᠢ ᠶ᠋ᠢᠨ ᠬᠠᠰᠢᠶ᠎ᠠ ᠬᠠᠨ ᠥᠨᠳᠥᠷ ᠦ᠋ᠨ ᠬᠦᠷᠢᠶᠡᠨ ᠦ᠌ ᠪᠠᠷᠤᠭ ᠨᠢᠭᠡ ᠪᠦᠬᠦᠯᠢ ᠭᠤᠳᠤᠮᠵᠢ ᠶ᠋ᠢ ᠡᠵᠡᠯᠡᠳᠡᠭ ᠪᠥᠭᠡᠳ ᠲᠠᠢᠵᠢ ᠶ᠋ᠢᠨ ᠭᠡᠷ ᠬᠥᠳᠡᠭᠡ ᠪᠠᠢᠳᠠᠭ ᠪᠣᠯᠪᠠᠴᠤ ᠬᠤᠷᠢᠶᠠᠭᠰᠠᠨ ᠬᠥᠷᠥᠩᠭᠡ ᠨᠢ ᠡᠨᠡ ᠬᠠᠰᠢᠶᠠᠨ ᠳ᠋ᠤ᠌ ᠪᠠᠢᠳᠠᠭ ᠪᠢᠯᠡ᠃
ᠦᠬᠡᠷ ᠦ᠋ᠨ ᠮᠠᠢᠮᠠᠢ ᠣᠯᠠᠨ ᠤᠳᠠᠭ᠎ᠠ ᠬᠢᠭᠰᠡᠨ ᠬᠣᠶᠠᠷ ᠪᠠᠶᠠᠨ ᠶᠡᠬᠡ ᠯᠡ ᠳᠣᠲᠣᠨᠣ ᠠᠭᠤᠯᠵᠠᠵᠤ ᠲᠠᠢᠵᠢ ᠰᠠᠢᠨ ᠠᠷᠢᠬᠢ᠂ ᠲᠠᠷᠭᠤᠨ ᠮᠢᠬ᠎ᠠ ᠪᠠᠷ ᠢᠲᠡᠭᠡᠯᠲᠦ ᠡᠷᠳᠡᠨᠢ ᠬᠣᠶᠠᠷ ᠢ᠋ ᠳᠠᠢᠯᠠᠪᠠ᠃ ᠫᠦᠷᠪᠦ ᠲᠠᠢᠵᠢ ᠰᠦᠷᠡᠬᠡᠢ ᠰᠣᠭᠲᠣᠵᠤ ᠯᠤᠤ ᠬᠦᠩ ᠦ᠋ᠨ ᠰᠢᠨ᠎ᠡ ᠪᠠᠶᠠᠨ ᠳ᠋ᠤ᠌ ᠶᠠᠭᠤᠮ᠎ᠠ ᠪᠠᠨ ᠭᠠᠢᠬᠠᠭᠤᠯᠬᠤ ᠰᠡᠳᠬᠢᠯ ᠲᠥᠷᠥᠭᠡᠳ ᠪᠠᠢᠰᠢᠩ ᠤ᠋ᠳ ᠢ᠋ᠶ᠋ᠠᠨ ᠦᠵᠡᠭᠦᠯᠪᠡ᠃
ᠨᠢᠭᠡ ᠪᠠᠢᠰᠢᠩ ᠨᠡᠭᠡᠭᠡᠬᠦ ᠳ᠋ᠦ᠍ ᠲᠣᠯᠣᠭᠠᠢ ᠲᠣᠯᠣᠭᠠᠢ ᠲᠣᠷᠭ᠎ᠠ ᠴᠢᠰᠴᠡᠦ᠂ ᠬᠤᠩᠰᠠ ᠪᠠᠷ ᠴᠠᠢ᠂ ᠠᠪᠳᠠᠷ᠎ᠠ ᠪᠠᠷ ᠲᠠᠮᠠᠬᠢ ᠬᠤᠷᠢᠶᠠᠯᠲᠠ ᠲᠠᠢ ᠪᠠᠢᠪᠠ᠃ ᠳᠠᠷᠠᠭ᠎ᠠ ᠶ᠋ᠢᠨ ᠪᠠᠢᠰᠢᠩ ᠳ᠋ᠤ᠌ ᠲᠣᠮᠣ ᠠᠪᠳᠠᠷ᠎ᠠ ᠨᠤᠭᠤᠳ ᠢ᠋ᠶ᠋ᠠᠷ ᠳᠦᠭᠦᠷᠡᠩ ᠭᠤᠯᠢᠷ᠂ ᠴᠠᠭᠠᠨ ᠰᠢᠷ᠎ᠠ ᠪᠤᠳᠠᠭ᠎ᠠ᠂ ᠬᠠᠢᠷᠴᠠᠭ ᠬᠠᠢᠷᠴᠠᠭ ᠢ᠋ᠶ᠋ᠠᠷ ᠴᠢᠪᠠᠭ᠎ᠠ᠂ ᠨᠠᠷᠢᠨ ᠬᠠᠮᠪᠤ᠂ ᠬᠢᠲᠠᠳ ᠪᠣᠣᠪᠣ ᠪᠠᠢᠯ᠎ᠠ᠃ ᠳᠠᠬᠢᠭᠠᠳ ᠨᠢᠭᠡ ᠪᠠᠢᠰᠢᠩ ᠳ᠋ᠤ᠌ ᠣᠷᠣᠬᠤ ᠳ᠋ᠤ᠌ ᠪᠣᠭᠣᠳᠠᠯ ᠢ᠋ᠶ᠋ᠠᠷ ᠬᠤᠷᠢᠶᠠᠭᠰᠠᠨ ᠰᠤᠷ᠂ ᠣᠯᠣᠰᠣ᠂ ᠬᠡᠯᠬᠢᠶ᠎ᠡ ᠲᠡᠢ ᠶᠠᠩᠵᠤ ᠪᠦᠷᠢ ᠶ᠋ᠢᠨ ᠰᠦᠬᠡ᠂ ᠲᠣᠭᠣᠭ᠎ᠠ᠂ ᠳᠠᠪᠬᠤᠷᠯᠠᠨ ᠬᠤᠷᠢᠶᠠᠭᠰᠠᠨ ᠰᠢᠨ᠎ᠡ ᠢᠰᠡᠭᠡᠢ᠂ ᠶᠡᠬᠡ ᠪᠠᠭ᠎ᠠ ᠬᠡᠪᠢᠰ᠂ ᠣᠯᠪᠣᠭ ᠳᠣᠮᠪᠣ᠂ ᠰᠠᠪᠬᠠᠨ ᠬᠤᠪᠢᠩ᠂ ᠴᠠᠷ᠎ᠠ ᠵᠡᠷᠭᠡ ᠡᠳᠦᠢ ᠲᠡᠳᠦᠢ ᠵᠦᠢᠯ ᠪᠠᠢᠵᠠᠢ᠃
ᠲᠦᠮᠡᠨ ᠵᠦᠢᠯ ᠦ᠋ᠨ ᠶᠠᠭᠤᠮ᠎ᠠ ᠳᠦᠭᠦᠷᠦᠭᠰᠡᠨ ᠡᠢᠮᠦᠷᠬᠦᠦ ᠵᠢᠷᠭᠤᠭᠠᠨ ᠪᠠᠢᠰᠢᠩ ᠢ᠋ ᠦᠵᠡᠵᠦ ᠶᠠᠪᠤᠬᠤ ᠳ᠋ᠤ᠌ ᠯᠤᠤᠰ ᠤ᠋ᠨ ᠬᠠᠭᠠᠨ ᠤ᠋ ᠰᠠᠩ ᠯᠠ ᠡᠢᠮᠦ ᠪᠠᠢᠳᠠᠭ ᠪᠠᠢᠬ᠎ᠠ ᠭᠡᠵᠦ ᠡᠷᠳᠡᠨᠢ ᠳ᠋ᠦ᠍ ᠰᠠᠨᠠᠭᠳᠠᠵᠤ ᠪᠠᠢᠯ᠎ᠠ᠃
ᠢᠲᠡᠭᠡᠯᠲᠦ ᠬᠤᠷᠢᠶᠠᠯᠲᠠ ᠲᠠᠢ ᠲᠣᠷᠭᠠᠨ ᠤ᠋ ᠳᠣᠣᠷᠠᠲᠤ ᠲᠠᠯ᠎ᠠ ᠡᠴᠡ ᠪᠠᠷᠢᠵᠤ ᠦᠵᠡᠭᠡᠳ ᠢᠯᠵᠢᠷᠡᠵᠦ ᠡᠬᠢᠯᠡᠭᠰᠡᠨ ᠢ᠋ ᠮᠡᠳᠡᠵᠦ ᠶᠣᠵᠣᠲᠠᠢ ᠢᠨᠢᠶᠡᠮᠰᠦᠭᠯᠡᠭᠡᠳ ᠬᠠᠮᠠᠷ ᠢ᠋ᠶ᠋ᠠᠨ ᠰᠢᠨᠲᠠᠢᠯᠭᠠᠨ ᠰᠢᠩᠰᠢᠯᠡᠪᠡ᠃ ᠤᠳᠠᠭᠠᠨ ᠵᠢᠯ ᠳᠠᠷᠤᠭᠳᠠᠭᠰᠠᠨ ᠶᠠᠭᠤᠮᠠᠨ ᠤ᠋ ᠴᠢᠭᠢᠭ ᠳᠠᠭᠠᠭᠠᠭᠰᠠᠨ ᠬᠥᠭᠡᠴᠦ ᠶ᠋ᠢᠨ ᠦᠨᠦᠷ ᠬᠠᠮᠠᠷ ᠢ᠋ ᠨᠢ ᠬᠣᠷᠣᠰᠬᠠᠪᠠ᠃
ᠭᠡᠪᠡᠴᠦ ᠪᠠᠶᠠᠷᠬᠠᠵᠤ ᠪᠠᠢᠭ᠎ᠠ ᠲᠠᠢᠵᠢ᠂ ᠪᠠᠶᠠᠨ ᠲᠠᠢᠵᠢ ᠶ᠋ᠢᠨ ᠬᠥᠷᠥᠩᠭᠡ ᠳ᠋ᠦ᠍ ᠬᠠᠴᠢᠷᠬᠠᠭᠰᠠᠨ ᠡᠷᠳᠡᠨᠢ ᠬᠣᠶᠠᠷ᠂ ᠢᠲᠡᠭᠡᠯᠲᠦ ᠶ᠋ᠢᠨ ᠡᠨᠡ ᠪᠠᠢᠳᠠᠯ ᠢ᠋ ᠠᠵᠢᠭᠯᠠᠭᠰᠠᠨ ᠦᠭᠡᠢ᠃
《ᠡᠨᠡ ᠪᠣᠯ ᠡᠴᠢᠭᠡ ᠶ᠋ᠢᠨ ᠮᠢᠨᠢ ᠦᠶ᠎ᠡ ᠳ᠋ᠦ᠍ ᠬᠤᠷᠢᠶᠠᠭᠰᠠᠨ ᠲᠣᠷᠭ᠎ᠠ᠂ ᠡᠨᠡ ᠪᠣᠯ ᠪᠢ ᠪᠡᠭᠡᠵᠢᠩ ᠡᠴᠡ ᠠᠪᠴᠢᠷᠠᠭᠰᠠᠨ ᠴᠢᠰᠴᠡᠦ᠂ ᠶᠠᠭ ᠯᠠ ᠰᠢᠷᠢ ᠰᠢᠭ᠂ ᠡᠨᠡ ᠪᠣᠯ ᠬᠡᠪᠢᠰ》 ᠭᠡᠬᠦ ᠵᠡᠷᠭᠡ ᠪᠡᠷ ᠶᠠᠷᠢᠵᠤ ᠪᠠᠢᠭ᠎ᠠ ᠲᠠᠢᠵᠢ ᠶ᠋ᠢ ᠱᠣᠣᠯᠠᠵᠤ ᠶᠠᠪᠤᠭ᠎ᠠ ᠢᠲᠡᠭᠡᠯᠲᠦ ᠶ᠋ᠢᠨ ᠵᠠᠯᠬᠠᠭᠤ ᠨᠢ ᠬᠦᠷᠴᠦ ᠬᠠᠶᠠ ᠬᠠᠶᠠ ᠡᠪᠰᠢᠶᠡᠨ ᠪᠠᠢᠬᠤ ᠶ᠋ᠢ ᠨᠢ ᠬᠠᠷᠠᠭᠠᠳ 《ᠮᠠᠨᠠᠢ ᠢᠲᠡᠭᠡᠯᠲᠦ ᠴᠦ᠍ ᠠᠷᠭ᠎ᠠ ᠦᠭᠡᠢ ᠯᠡ ᠶᠠᠭᠤᠮ᠎ᠠ ᠦᠵᠡᠭᠰᠡᠨ ᠬᠥᠮᠦᠨ ᠶᠤᠮ ᠳᠡ》 ᠭᠡᠵᠦ ᠡᠷᠳᠡᠨᠢ ᠪᠣᠳᠣᠪᠠ᠃ ᠢᠲᠡᠭᠡᠯᠲᠦ ᠲᠠᠢᠵᠢ ᠲᠠᠢ ᠨᠠᠮᠤᠷ ᠠᠪᠬᠤ ᠪᠠᠷ ᠲᠠᠪᠢᠨ ᠦᠬᠡᠷ ᠦ᠋ᠨ ᠮᠠᠢᠮᠠᠢ ᠬᠢᠵᠦ ᠳ᠋ᠢᠩᠴᠢᠶᠠᠨ ᠥᠭᠴᠡᠢ᠃ ᠢᠲᠡᠭᠡᠯᠲᠦ ᠶ᠋ᠢ ᠳ᠋ᠢᠩᠴᠢᠶᠠᠨ ᠳ᠋ᠤ᠌ ᠣᠷᠣᠰ ᠴᠠᠭᠠᠨ ᠥᠭᠬᠦ ᠳ᠋ᠦ᠍ 《ᠣᠷᠣᠰ ᠤ᠋ᠨ ᠲᠡᠢᠨ ᠤᠳᠠᠭᠠᠰᠢᠷᠠᠵᠤ ᠪᠠᠢᠭ᠎ᠠ ᠪᠣᠯᠬᠣᠷ ᠴᠠᠭᠠᠰᠤ ᠨᠢ ᠮᠠᠭᠤᠳᠠᠬᠤ ᠦᠭᠡᠢ ᠪᠠᠢᠭ᠎ᠠ ᠳᠠ》 ᠭᠡᠵᠦ ᠫᠦᠷᠪᠦ ᠲᠠᠢᠵᠢ ᠠᠰᠠᠭᠤᠬᠤ ᠳ᠋ᠤ᠌᠄
ᠪᠠᠭᠠᠲᠤᠷ ᠴᠠᠭᠠᠨ ᠬᠠᠭᠠᠨ ᠤ᠋ ᠮᠥᠩᠭᠥ ᠰᠢᠦ ᠳᠡ ᠭᠡᠵᠦ ᠢᠲᠡᠭᠡᠯᠲᠦ ᠶᠡᠬᠡᠮᠰᠦᠭ ᠬᠡᠯᠡᠪᠡ᠃
᠊᠊᠊᠊᠊᠊᠊᠊᠊᠊᠊᠊᠊᠊᠊ ᠢᠲᠡᠭᠡᠯᠲᠦ ᠴᠢ ᠦᠯᠡᠳᠡᠭᠰᠡᠨ ᠢ᠋ ᠨᠢ ᠮᠥᠩᠭᠥ ᠪᠡᠷ ᠥᠭᠴᠦ ᠦᠵᠡᠭᠡᠷᠡᠢ᠃
᠊᠊᠊᠊᠊᠊᠊᠊᠊᠊᠊᠊᠊᠊᠊ ᠲᠡᠷᠡ ᠦᠶ᠎ᠡ ᠳ᠋ᠦ᠍ ᠯᠡ ᠪᠣᠯᠤᠨ᠎ᠠ ᠳᠠ ᠭᠡᠳ ᠢᠲᠡᠭᠡᠯᠲᠦ ᠢᠨᠢᠶᠡᠵᠡᠢ᠃
ᠢᠲᠡᠭᠡᠯᠲᠦ ᠣᠷᠣᠰ᠂ ᠭᠧᠷᠮᠠᠨ ᠤ᠋ ᠲᠡᠢᠨ ᠤᠳᠠᠭᠠᠰᠢᠷᠠᠵᠤ ᠪᠠᠢᠭ᠎ᠠ ᠶ᠋ᠢ ᠰᠣᠨᠣᠰᠤᠮᠠᠭᠴᠠ ᠬᠠᠳᠠᠭᠠᠯᠠᠵᠤ ᠪᠠᠢᠭᠰᠠᠨ ᠣᠷᠣᠰ ᠴᠠᠭᠠᠰᠤ ᠪᠠᠨ ᠵᠠᠷᠤᠵᠤ ᠳᠠᠭᠤᠰᠬᠠᠬᠤ ᠪᠠᠷ ᠮᠠᠢᠮᠠᠢ ᠬᠢᠵᠦ ᠡᠬᠢᠯᠡᠭᠰᠡᠨ ᠶᠤᠮ᠃ ᠲᠠᠢᠵᠢ ᠶ᠋ᠢᠨ ᠬᠢ ᠡᠴᠡ ᠮᠣᠷᠳᠠᠭᠠᠳ ᠵᠡᠷᠭᠡᠴᠡᠨ ᠶᠠᠪᠤᠵᠤ ᠪᠠᠢᠬᠤ ᠳ᠋ᠠᠭᠠᠨ 《ᠡᠨᠡ ᠬᠣᠷᠸ᠎ᠠ ᠳᠡᠭᠡᠷ᠎ᠡ ᠡᠢᠮᠦ ᠪᠠᠶᠠᠨ ᠬᠥᠮᠦᠨ ᠥᠭᠡᠷ᠎ᠡ ᠪᠠᠢᠳᠠᠭ ᠪᠣᠯᠪᠠ ᠤᠤ? 》 ᠭᠡᠵᠦ ᠡᠷᠳᠡᠨᠢ ᠶ᠋ᠢᠨ ᠬᠡᠯᠡᠬᠦ ᠳ᠋ᠦ᠍ ᠢᠲᠡᠭᠡᠯᠲᠦ᠄
᠊᠊᠊᠊᠊᠊᠊᠊᠊᠊᠊᠊᠊᠊᠊ ᠡᠷᠳᠡᠨᠢ ᠮᠢᠨᠢ ᠶᠣᠰᠣᠲᠠᠢ ᠲᠡᠨᠡᠭ ᠬᠡᠷᠡᠭ᠃ ᠲᠡᠷᠡ ᠬᠤᠷᠢᠶᠠᠯᠲᠠ ᠲᠠᠢ ᠲᠣᠷᠭᠠᠨ ᠤ᠋ ᠳᠣᠣᠷᠠᠲᠤ ᠲᠠᠯ᠎ᠠ ᠨᠢ ᠢᠯᠵᠢᠷᠡᠵᠦ ᠪᠠᠢᠨ᠎ᠠ᠃ ᠭᠤᠯᠢᠷ ᠪᠤᠳᠠᠭ᠎ᠠ ᠶ᠋ᠢ ᠣᠭᠣᠲᠣᠨ᠎ᠠ ᠬᠤᠯᠤᠭᠠᠨ᠎ᠠ ᠴᠣᠬᠢᠵᠤ ᠪᠠᠢᠭ᠎ᠠ ᠳᠠ᠃ ᠬᠥᠷᠥᠩᠭᠡ ᠶ᠋ᠢ ᠦᠷᠭᠦᠯᠵᠢ ᠬᠥᠳᠡᠯᠭᠡᠵᠦ ᠪᠠᠢᠬᠤ ᠦᠭᠡᠢ ᠪᠣᠯ ᠥᠮᠥᠬᠢᠷᠡᠵᠦ ᠢᠯᠵᠢᠷᠡᠳᠡᠭ᠃ ᠰᠣᠬᠣᠷ ᠵᠣᠭᠣᠰ ᠢ᠋ ᠴᠦ᠍ ᠰᠡᠭᠰᠦᠷᠴᠦ ᠪᠠᠢᠪᠠᠯ ᠲᠥᠯ ᠥᠭᠳᠡᠭ ᠶᠤᠮ ᠰᠢᠦ᠃
᠊᠊᠊᠊᠊᠊᠊᠊᠊᠊᠊᠊᠊᠊᠊ ᠨᠡᠭᠡᠷᠡᠨ ᠴᠦ᠍ ᠲᠡᠢᠮᠦ ᠪᠠᠢᠬ᠎ᠠ ᠳᠠ᠃
᠊᠊᠊᠊᠊᠊᠊᠊᠊᠊᠊᠊᠊᠊᠊ ᠲᠡᠢᠮᠦ ᠪᠡᠷ ᠪᠠᠷᠠᠬᠤ ᠤᠤ ᠳᠠ᠃ ᠡᠬᠡᠨᠡᠷ ᠢ᠋ᠶ᠋ᠡᠨ ᠴᠦ᠍ ᠪᠣᠯᠤᠭᠰᠠᠨ ᠬᠠᠢᠷᠠᠯᠠᠯ ᠦᠭᠡᠢ ᠬᠤᠳᠠᠯᠳᠤᠵᠤ ᠪᠠᠢᠮᠠᠨᠵᠢᠨ ᠶᠠᠭᠤᠮ᠎ᠠ ᠣᠯᠳᠠᠭ ᠶᠤᠮ ᠰᠢᠦ᠃
᠊᠊᠊᠊᠊᠊᠊᠊᠊᠊᠊᠊᠊᠊᠊ ᠲᠡᠷᠡ ᠴᠦ᠍ ᠠᠷᠠᠢ ᠬᠡᠲᠦᠷᠡᠭᠦᠯᠵᠦ ᠪᠠᠢᠨ᠎ᠠ᠃
᠊᠊᠊᠊᠊᠊᠊᠊᠊᠊᠊᠊᠊᠊᠊ ᠮᠠᠭᠠᠳ ᠦᠭᠡᠢ᠁ ᠶᠡᠷᠦᠨᠢ ᠯᠡ ᠮᠠᠢᠮᠠᠢ ᠶ᠋ᠢᠨ ᠲᠥᠷᠥ ᠲᠡᠢᠮᠦᠷᠬᠦᠦ ᠪᠠᠢᠳᠠᠭ ᠶᠤᠮ᠃
ᠫᠦᠷᠪᠦ ᠲᠠᠢᠵᠢ ᠮᠡᠲᠦ ᠶ᠋ᠢᠨ ᠶᠠᠭᠤᠮ᠎ᠠ ᠴᠤᠭᠯᠠᠭᠤᠯᠵᠤ ᠬᠠᠪ ᠳᠠᠷᠤᠭᠰᠠᠨ ᠪᠠᠶᠠᠴᠤᠳ ᠢ᠋ ᠢᠲᠡᠭᠡᠯᠲᠦ ᠱᠣᠣᠯᠠᠨ 《ᠰᠣᠬᠣᠷ ᠨᠣᠮᠣᠨ》᠂ 《ᠲᠡᠩᠬᠡᠯ ᠦᠭᠡᠢ ᠬᠥᠭᠰᠢᠨ ᠤᠬᠤᠨ᠎ᠠ》 ᠭᠡᠬᠦ ᠵᠡᠷᠭᠡ ᠨᠡᠷ᠎ᠡ ᠬᠣᠴᠢ ᠥᠭᠳᠡᠭ ᠶᠤᠮ᠃
ᠥᠪᠡᠷ ᠦ᠋ᠨ ᠬᠤᠪᠢ ᠳ᠋ᠤᠨᠢ ᠪᠣᠯ ᠠᠰᠢᠭ ᠣᠯᠪᠠᠯ ᠬᠠᠢᠷᠠᠯᠠᠬᠤ ᠶᠠᠭᠤᠮ᠎ᠠ ᠪᠠᠢᠳᠠᠭ ᠦᠭᠡᠢ᠃ ᠡᠴᠢᠭᠡ ᠨᠢ ᠦᠬᠦᠬᠦ ᠳ᠋ᠡᠭᠡᠨ 《ᠭᠤᠷᠪᠠᠨ ᠦᠶ᠎ᠡ ᠵᠡᠭᠦᠭᠰᠡᠨ ᠶᠠᠭᠤᠮ᠎ᠠ ᠰᠢᠦ᠃ ᠴᠢ ᠳᠥᠷᠪᠡᠳᠡᠬᠢ ᠨᠢ᠂ ᠬᠠᠢᠷᠠᠯᠠᠵᠤ ᠶᠠᠪᠤᠭᠠᠷᠠᠢ ᠬᠦᠦ ᠮᠢᠨᠢ》 ᠭᠡᠵᠦ ᠦᠭᠭᠦᠭᠰᠡᠨ ᠬᠢᠲᠤᠭ᠎ᠠ ᠶ᠋ᠢ ᠯᠠᠮᠠ ᠶ᠋ᠢᠨ ᠭᠡᠭᠡᠨ ᠦ᠌ ᠳᠣᠭᠰᠢᠨ ᠳᠦᠷᠢ ᠶ᠋ᠢᠨ ᠷᠢᠳᠢ ᠰᠢᠳᠢ ᠲᠡᠢ ᠵᠡᠪᠰᠡᠭ ᠭᠡᠵᠦ ᠶᠡᠬᠡ ᠦᠨ᠎ᠡ ᠬᠦᠷᠭᠡᠭᠡᠳ ᠥᠭᠬᠦ ᠳ᠋ᠡᠭᠡᠨ 《ᠬᠠᠢᠷᠠᠨ ᠶᠠᠭᠤᠮ᠎ᠠ》 ᠭᠡᠵᠦ ᠪᠣᠳᠣᠭ᠎ᠠ ᠦᠭᠡᠢ ᠪᠥᠭᠡᠳ ᠬᠠᠷᠢᠨ ᠣᠳᠣ ᠬᠦᠷᠲᠡᠯ᠎ᠡ ᠠᠮᠢᠳᠤᠷᠠᠯ ᠳ᠋ᠠᠭᠠᠨ ᠬᠢᠭᠰᠡᠨ ᠬᠠᠮᠤᠭ ᠤ᠋ᠨ ᠵᠥᠪ ᠶᠠᠭᠤᠮ᠎ᠠ ᠭᠡᠵᠦ ᠪᠣᠳᠣᠨ ᠴᠢᠳᠠᠯ ᠤᠬᠠᠭᠠᠨ ᠳ᠋ᠠᠭᠠᠨ ᠪᠠᠬᠠᠷᠬᠠᠵᠤ ᠶᠠᠪᠤᠳᠠᠭ ᠶᠤᠮ᠃
ᠫᠦᠷᠪᠦ ᠲᠠᠢᠵᠢ ᠶ᠋ᠢ ᠬᠥᠳᠡᠭᠡ ᠭᠡᠷ ᠲᠡᠭᠡᠨ ᠢᠷᠡᠬᠦ ᠳ᠋ᠦ᠍ ᠰᠢᠨ᠎ᠡ ᠠᠪᠤᠭᠰᠠᠨ ᠵᠠᠯᠠᠭᠤ ᠡᠬᠡᠨᠡᠷ ᠨᠢ ᠡᠵᠡᠭᠦᠢ ᠪᠠᠢᠯ᠎ᠠ᠃
᠊᠊᠊᠊᠊᠊᠊᠊᠊᠊᠊᠊᠊᠊᠊ ᠬᠠᠲᠤᠨ ᠬᠠᠮᠢᠭ᠎ᠠ ᠣᠴᠢᠪᠠ ᠭᠡᠵᠦ ᠲᠠᠢᠵᠢ ᠵᠠᠷᠤᠴᠠ ᠨᠠᠷ ᠡᠴᠡ ᠪᠡᠨ ᠠᠰᠠᠭᠤᠪᠠ᠃
᠊᠊᠊᠊᠊᠊᠊᠊᠊᠊᠊᠊᠊᠊᠊ ᠥᠷᠯᠥᠭᠡ ᠮᠣᠷᠢ ᠪᠠᠷᠢᠭᠤᠯᠵᠤ ᠤᠨᠤᠭᠠᠳ ᠶᠠᠪᠤᠭᠰᠠᠨ᠃
᠊᠊᠊᠊᠊᠊᠊᠊᠊᠊᠊᠊᠊᠊᠊ ᠬᠠᠮᠢᠭᠠᠰᠢ ᠪᠠᠨ?
᠊᠊᠊᠊᠊᠊᠊᠊᠊᠊᠊᠊᠊᠊᠊ ᠭᠣᠣᠯ ᠥᠭᠰᠥᠭᠡᠳ ᠶᠠᠪᠤᠭᠰᠠᠨ᠃
ᠪᠣᠭᠳᠠ ᠶ᠋ᠢᠨ ᠵᠠᠷᠯᠢᠭ ᠢ᠋ᠶ᠋ᠠᠷ ᠫᠦᠷᠪᠦ ᠲᠠᠢᠵᠢ ᠶ᠋ᠢᠨ ᠡᠬᠡᠨᠡᠷ ᠪᠣᠯᠬᠤ ᠳ᠋ᠠᠭᠠᠨ ᠲᠤᠶᠠᠭ᠎ᠠ ᠬᠡᠦᠬᠡᠨ ᠦ᠌ ᠵᠢᠷᠦᠬᠡ ᠨᠢ ᠬᠥᠭᠰᠢᠨ ᠲᠠᠢᠵᠢ ᠳ᠋ᠤ᠌ ᠳᠤᠷ᠎ᠠ ᠦᠭᠡᠢ ᠪᠠᠢᠭᠰᠠᠨ ᠪᠣᠯᠪᠠᠴᠤ ᠲᠡᠷᠡ ᠨᠢᠭᠦᠯᠲᠦ ᠵᠢᠷᠦᠬᠡ ᠶ᠋ᠢ ᠪᠢᠰᠢᠷᠡᠯ ᠢ᠋ᠶ᠋ᠡᠷ ᠢᠯᠠᠬᠤ ᠭᠡᠵᠦ ᠶᠡᠬᠡ ᠬᠦᠴᠦ ᠭᠠᠷᠭᠠᠯ᠎ᠠ᠃ ᠭᠡᠪᠡᠴᠦ ᠬᠣᠷᠸ᠎ᠠ ᠶ᠋ᠢᠨ ᠬᠠᠷ᠎ᠠ ᠨᠢᠭᠦᠯ ᠪᠤᠴᠠᠯᠤᠭᠰᠠᠨ ᠵᠢᠷᠦᠬᠡ ᠪᠣᠯ ᠨᠣᠭᠲᠣᠯᠠᠵᠤ ᠠᠪᠤᠭᠠᠳ ᠤᠶᠠᠵᠤ ᠣᠷᠬᠢᠳᠠᠭ ᠨᠣᠮᠣᠬᠠᠨ ᠮᠣᠷᠢ ᠪᠢᠰᠢ ᠪᠣᠯᠬᠣᠷ ᠶᠠᠭᠤᠨ ᠳ᠋ᠤ᠌ ᠲᠡᠢᠮᠦ ᠠᠮᠠᠷᠬᠠᠨ ᠢᠯᠠᠭᠳᠠᠬᠤ ᠪᠢᠯᠡ᠃ ᠰᠡᠳᠬᠢᠯ ᠪᠢᠰᠢᠷᠡᠯ ᠬᠣᠶᠠᠷ ᠤ᠋ᠨ ᠳᠤᠮᠳᠠ ᠨᠢᠭᠦᠯ ᠪᠤᠶᠠᠨ ᠤ᠋ ᠲᠡᠢᠨ ᠵᠣᠭᠰᠣᠭ᠎ᠠ ᠵᠢᠯᠣᠭᠣ ᠦᠭᠡᠢ ᠪᠣᠯᠵᠤ ᠲᠤᠶᠠᠭ᠎ᠠ ᠬᠡᠦᠬᠡᠨ ᠦ᠌ ᠡᠮᠦᠨᠡᠬᠢ ᠠᠮᠢᠳᠤᠷᠠᠯ ᠤ᠋ᠨ ᠵᠠᠮ ᠪᠥᠭᠡᠮ ᠪᠥᠭᠡᠮ ᠢ᠋ᠶ᠋ᠡᠷ ᠢᠯᠵᠢᠷᠡᠨ ᠲᠠᠰᠤᠷᠠᠵᠤ ᠪᠠᠢᠪᠠ᠃ ᠭᠡᠲᠡᠯ᠎ᠡ ᠪᠠᠰᠠ ᠯᠠ ᠰᠢᠨ᠎ᠡ ᠭᠠᠮᠰᠢᠭ ᠳᠠᠭᠠᠷᠢᠪᠠ᠃ ᠪᠣᠭᠳᠠ ᠶ᠋ᠢᠨ ᠣᠷᠳᠣᠨ ᠳ᠋ᠤ᠌ ᠬᠡᠳᠦ ᠳᠠᠬᠢᠨ ᠣᠴᠢᠬᠤ ᠳ᠋ᠠᠭᠠᠨ ᠳᠡᠭᠡᠳᠦᠰ ᠡᠴᠡ ᠠᠪᠤᠭᠰᠠᠨ ᠮᠠᠭᠤ ᠡᠪᠡᠳᠴᠢᠨ ᠨᠢ ᠢᠯᠡᠷᠡᠪᠡ᠃ ᠡᠨᠡ ᠡᠪᠡᠳᠴᠢᠨ ᠦ᠌ ᠡᠭᠦᠷ ᠪᠣᠯᠤᠭᠰᠠᠨ ᠢ᠋ᠶ᠋ᠠᠨ ᠲᠠᠢᠵᠢ ᠳ᠋ᠤ᠌ ᠮᠡᠳᠡᠭᠳᠡᠬᠦ ᠦᠭᠡᠢ ᠪᠠᠢᠭᠰᠠᠨ ᠪᠣᠯᠪᠠᠴᠤ ᠬᠡᠦᠬᠡᠨ ᠦ᠌ ᠪᠡᠶ᠎ᠡ ᠡᠳᠦᠷ ᠥᠩᠭᠡᠷᠡᠬᠦ ᠳᠣᠳᠣᠮ ᠢᠯᠠᠭᠳᠠᠵᠤ ᠰᠡᠭᠦᠯ ᠳ᠋ᠡᠭᠡᠨ ᠠᠯᠬᠤᠬᠤ ᠭᠢᠰᠬᠢᠬᠦ ᠳ᠋ᠦ᠍ᠨᠢ ᠮᠡᠳᠡᠭᠳᠡᠨ ᠰᠢᠨᠠᠯᠬᠤ ᠪᠣᠯᠪᠠ᠃ ᠭᠡᠬᠦ ᠳ᠋ᠡᠭᠡᠨ ᠲᠤᠶᠠᠭ᠎ᠠ ᠬᠡᠦᠬᠡᠨ ᠡᠨᠡ ᠵᠣᠪᠠᠯᠠᠩ ᠢ᠋ ᠪᠣᠭᠳᠠ ᠡᠴᠡ ᠠᠪᠤᠭᠰᠠᠨ ᠭᠡᠵᠦ ᠶᠠᠭᠠᠬᠢᠵᠤ ᠪᠣᠳᠣᠬᠤ ᠪᠢᠯᠡ᠃ ᠬᠠᠷᠢᠨ ᠪᠤᠵᠠᠷ ᠵᠢᠷᠦᠬᠡ ᠶ᠋ᠢᠨ ᠨᠢᠭᠦᠯ ᠨᠡᠪᠲᠡᠷᠡᠵᠦ ᠪᠠᠢᠨ᠎ᠠ ᠭᠡᠵᠦ ᠭᠡᠮᠰᠢᠨ ᠪᠤᠷᠬᠠᠨ ᠰᠠᠬᠢᠭᠤᠯᠰᠤᠨ ᠳ᠋ᠤ᠌ ᠮᠥᠷᠭᠥᠪᠡᠴᠦ ᠲᠤᠰᠠ ᠪᠣᠯᠤᠭᠰᠠᠨ ᠦᠭᠡᠢ᠃ ᠢᠩᠭᠢᠭᠡᠳ ᠨᠡᠮᠡᠭᠳᠡᠨ ᠢᠷᠡᠬᠦ ᠨᠢᠭᠦᠯ ᠡᠴᠡ ᠠᠶᠤᠭᠰᠠᠨ ᠲᠡᠷᠡ ᠬᠡᠦᠬᠡᠨ ᠬᠢᠯᠢᠨᠴᠡᠲᠦ ᠶᠢᠷᠲᠢᠨᠴᠦ ᠡᠴᠡ ᠰᠠᠯᠬᠤ ᠪᠠᠷ ᠲᠠᠮᠢᠷ ᠤ᠋ᠨ ᠭᠣᠣᠯ ᠢ᠋ ᠥᠭᠰᠥᠨ ᠶᠠᠪᠤᠵᠠᠢ᠃
ᠲᠠᠢᠵᠢ ᠬᠣᠭᠣᠯᠠ ᠢᠳᠡᠵᠦ᠂ ᠠᠷᠢᠬᠢ ᠤᠤᠭᠤᠵᠤ ᠠᠪᠤᠭᠠᠳ ᠭᠡᠷ ᠡᠴᠡ ᠪᠡᠨ ᠭᠠᠷᠤᠯ᠎ᠠ᠃
ᠬᠣᠲᠠᠨ ᠤ᠋ ᠪᠦᠰᠡᠭᠦᠢᠴᠦᠳ ᠦᠨᠢᠶ᠎ᠡ ᠰᠠᠭᠠᠬᠤ ᠠᠵᠢᠯ ᠳ᠋ᠠᠭᠠᠨ ᠢᠳᠡ ᠣᠷᠣᠭᠠᠳ᠂ ᠡᠨᠳᠡ ᠲᠡᠨᠳᠡ ᠦᠭᠡᠢ ᠮᠠᠢ ᠲᠠᠯᠪᠢᠭᠰᠠᠨ ᠪᠠᠢᠯ᠎ᠠ᠃ ᠭᠠᠯᠠᠭᠤ ᠶ᠋ᠢᠨ ᠴᠤᠪᠤᠭ᠎ᠠ ᠰᠢᠭ᠋ ᠵᠡᠯᠡᠯᠡᠭᠦᠯᠦᠨ ᠤᠶᠠᠭᠰᠠᠨ ᠵᠠᠭᠤ ᠰᠢᠬᠠᠮ ᠲᠤᠭᠤᠯ ᠨᠢᠳᠦᠨ ᠳ᠋ᠦ᠍ᠨᠢ ᠲᠣᠰᠴᠤ ᠲᠠᠢᠵᠢ ᠶ᠋ᠢᠨ ᠰᠡᠳᠬᠢᠯ ᠢ᠋ ᠪᠠᠶᠠᠷᠯᠠᠭᠤᠯᠪᠠ᠃ ᠢᠩᠭᠢᠵᠦ ᠪᠠᠢᠲᠠᠯ᠎ᠠ ᠠᠮᠠ ᠤᠷᠤᠭᠤᠳᠠᠨ ᠬᠡᠭᠡᠷ ᠮᠣᠷᠢ ᠲᠠᠢ ᠬᠥᠮᠦᠨ ᠬᠤᠷᠳᠤᠯᠠᠨ ᠳᠠᠪᠬᠢᠵᠤ ᠢᠷᠡᠭᠡᠳ ᠲᠠᠢᠵᠢ ᠶ᠋ᠢ ᠬᠠᠷᠠᠮᠠᠭᠴᠠ ᠳᠡᠷᠭᠡᠳᠡ ᠨᠢ ᠢᠷᠡᠵᠦ ᠮᠣᠷᠢᠨ ᠡᠴᠡ ᠦᠰᠦᠷᠦᠨ ᠪᠠᠭᠤᠵᠤ 《ᠲᠠᠢᠵᠢ ᠭᠤᠸᠠᠢ ᠮᠢᠨᠢ᠂ ᠮᠠᠭᠤᠬᠠᠢ ᠶᠠᠭᠤᠮ᠎ᠠ ᠪᠣᠯᠤᠯ᠎ᠠ᠂ ᠶᠠᠭᠠᠬᠢᠳᠠᠭ ᠪᠢᠯᠡ》 ᠭᠡᠵᠦ ᠠᠮᠢᠰᠬᠤᠭᠠᠳᠠᠪᠠ᠃
᠊᠊᠊᠊᠊᠊᠊᠊᠊᠊᠊᠊᠊᠊᠊ ᠶᠠᠭᠤ ᠪᠣᠯᠪᠠ? ᠭᠡᠵᠦ ᠲᠠᠢᠵᠢ ᠵᠠᠩᠳᠤᠷᠪᠠ᠃
᠊᠊᠊᠊᠊᠊᠊᠊᠊᠊᠊᠊᠊᠊᠊ ᠬᠠᠲᠤᠭᠲᠠᠢ ᠪᠤᠷᠬᠠᠨ ᠪᠣᠯᠴᠢᠬᠠᠭᠰᠠᠨ ᠪᠠᠢᠨ᠎ᠠ᠃
᠊᠊᠊᠊᠊᠊᠊᠊᠊᠊᠊᠊᠊᠊᠊ ᠶᠠᠭᠤ?
᠊᠊᠊᠊᠊᠊᠊᠊᠊᠊᠊᠊᠊᠊᠊ ᠬᠠᠲᠤᠭᠲᠠᠢ ᠪᠤᠷᠬᠠᠨ ᠪᠣᠯᠴᠢᠬᠠᠭᠰᠠᠨ ᠪᠠᠢᠨ᠎ᠠ᠃
᠊᠊᠊᠊᠊᠊᠊᠊᠊᠊᠊᠊᠊᠊᠊ ᠲᠤᠶᠠᠭ᠎ᠠ ᠤᠤ ᠳᠠ?
᠊᠊᠊᠊᠊᠊᠊᠊᠊᠊᠊᠊᠊᠊᠊ ᠵᠠ ᠲᠡᠢᠮᠦ᠃ ᠶᠡᠬᠡ ᠡᠷᠭᠢᠨ ᠦ᠌ ᠴᠦᠩᠬᠦᠯ ᠳ᠋ᠦ᠍ ᠤᠨᠠᠭᠰᠠᠨ ᠪᠠᠢᠨ᠎ᠠ᠃
᠊᠊᠊᠊᠊᠊᠊᠊᠊᠊᠊᠊᠊᠊᠊ ᠦᠭᠡᠢ᠂ ᠲᠡᠷᠡ ᠴᠢᠨᠢ ᠶᠠᠭᠠᠬᠢᠳᠠᠭ ᠬᠥᠮᠦᠨ ᠪᠣᠢ? ᠵᠣᠯᠢᠭ ᠶᠠᠭᠤᠮ᠎ᠠ ᠪᠣᠯᠪᠠ ᠠ᠋ ᠁
ᠲᠠᠢᠵᠢ ᠬᠣᠲᠠ ᠪᠠᠷ ᠪᠥᠭᠡᠮ ᠱᠤᠤᠭᠢᠶᠠᠨ ᠳᠡᠭᠳᠡᠵᠦ᠂ ᠲᠤᠶᠠᠭ᠎ᠠ ᠶ᠋ᠢᠨ ᠬᠡᠭᠦᠷ ᠢ᠋ ᠮᠣᠷᠢᠨ ᠲᠡᠷᠭᠡ ᠪᠡᠷ ᠠᠪᠴᠢᠷᠠᠭᠤᠯᠪᠠ᠃ ᠰᠣᠬᠣᠷ ᠢᠲᠡᠭᠡᠯ ᠳ᠋ᠦ᠍ ᠪᠠᠵᠠᠭᠳᠠᠭᠰᠠᠨ ᠬᠥᠭᠡᠷᠦᠬᠦᠢ ᠡᠮᠡᠭᠲᠡᠢ ᠲᠤᠩᠭᠠᠯᠠᠭ ᠲᠠᠮᠢᠷ ᠤ᠋ᠨ ᠤᠰᠤᠨ ᠳ᠋ᠤ᠌ ᠤᠨᠠᠵᠤ ᠶᠢᠷᠲᠢᠨᠴᠦ ᠶ᠋ᠢᠨ ᠬᠠᠷ᠎ᠠ ᠵᠣᠪᠠᠯᠠᠩ ᠡᠴᠡ ᠠᠩᠭᠢᠵᠢᠷᠠᠵᠠᠢ᠃
ᠨᠢᠭᠡ ᠲᠤᠶᠠᠭ᠎ᠠ ᠶ᠋ᠢ ᠪᠠᠢᠲᠤᠭᠠᠢ ᠮᠢᠩᠭᠠᠨ ᠲᠤᠶᠠᠭ᠎ᠠ ᠶ᠋ᠢ ᠰᠢᠩᠭᠡᠭᠡᠵᠦ ᠴᠢᠳᠠᠬᠤ ᠲᠠᠮᠢᠷ ᠤ᠋ᠨ ᠭᠣᠣᠯ ᠶᠠᠭᠤ ᠴᠤ᠌ ᠪᠣᠯᠤᠭ᠎ᠠ ᠦᠭᠡᠢ ᠶᠤᠮ ᠰᠢᠭ ᠢᠷᠠᠯᠵᠠᠨ ᠤᠷᠤᠰᠴᠤ ᠤᠰᠤᠨ ᠳ᠋ᠤᠨᠢ ᠴᠤ᠌ ᠭᠡᠰᠡᠨ᠂ ᠡᠷᠭᠢ ᠳᠡᠭᠡᠷ᠎ᠡ ᠡᠴᠡ ᠨᠢ ᠴᠦ᠍ ᠭᠡᠰᠡᠨ ᠬᠦᠴᠦ ᠦᠭᠡᠢ ᠨᠢ ᠬᠦᠴᠦ ᠲᠡᠢ ᠶ᠋ᠢᠨ ᠢ᠋ᠶ᠋ᠡᠨ ᠬᠣᠭᠣᠯᠠ ᠪᠣᠯᠤᠭᠰᠠᠨ ᠠᠮᠢᠳᠤᠷᠠᠯ ᠤᠷᠤᠰᠤᠨ ᠳᠣᠯᠭᠢᠯᠠᠵᠤ ᠪᠠᠢᠯ᠎ᠠ᠃
ᠲᠤᠶᠠᠭ᠎ᠠ ᠶ᠋ᠢᠨ ᠬᠡᠭᠦᠷ ᠢ᠋ ᠲᠠᠢᠵᠢ ᠭᠡᠷ ᠲᠡᠭᠡᠨ ᠣᠷᠣᠭᠤᠯᠤᠭᠰᠠᠨ ᠦᠭᠡᠢ᠃ ᠬᠠᠷᠢᠨ ᠢᠯᠡᠭᠦᠦ ᠭᠡᠷ ᠲᠡᠭᠡᠨ ᠬᠣᠨᠣᠭᠤᠯᠤᠭᠠᠳ ᠥᠷᠯᠥᠭᠡ ᠡᠷᠲᠡ ᠵᠠᠷᠤᠴᠠ ᠨᠠᠷ ᠢ᠋ᠶ᠋ᠠᠷ ᠢ᠋ᠶ᠋ᠠᠨ ᠨᠤᠲᠤᠭᠯᠠᠭᠤᠯᠪᠠ᠃ ᠵᠠᠭᠤᠷᠠᠳᠤ ᠪᠠᠷ ᠦᠬᠦᠭᠰᠡᠨ ᠬᠥᠮᠦᠨ ᠦ᠌ ᠰᠦᠨᠡᠰᠦ ᠴᠢᠳᠬᠥᠷ ᠪᠣᠯᠤᠭᠠᠳ ᠡᠷᠭᠢᠵᠦ ᠢᠷᠡᠳᠡᠭ ᠭᠡᠵᠦ ᠶᠠᠷᠢᠳᠠᠭ ᠡᠴᠡ ᠠᠶᠤᠵᠤ ᠬᠠᠨ ᠥᠨᠳᠥᠷ ᠦ᠋ᠨ ᠬᠦᠷᠢᠶᠡᠨ ᠡᠴᠡ ᠯᠠᠮᠠ ᠵᠠᠯᠠᠵᠤ ᠭᠦᠷᠢᠮ ᠬᠢᠯᠭᠡᠵᠦ᠂ ᠲᠤᠶᠠᠭ᠎ᠠ ᠬᠡᠦᠬᠡᠨ ᠦ᠌ ᠪᠣᠳᠢ ᠶ᠋ᠢ ᠨᠡᠷᠡᠲᠡᠢ ᠯᠠᠮᠠ ᠪᠠᠷ ᠬᠥᠲᠥᠯᠦᠭᠦᠯᠪᠡ᠃
ᠡᠷ᠎ᠡ ᠬᠥᠮᠦᠨ ᠡᠷᠦᠬᠡ ᠪᠡᠨ ᠪᠦᠲᠡᠭᠡᠵᠦ ᠶᠠᠪᠤᠬᠤ ᠳ᠋ᠠᠭᠠᠨ ᠬᠡᠨ ᠢ᠋ ᠠᠪᠬᠤ ᠪᠠᠨ ᠪᠣᠳᠣᠳᠠᠭ ᠭᠡᠵᠦ ᠶᠠᠷᠢᠳᠠᠭ ᠨᠢ ᠫᠦᠷᠪᠦ ᠲᠠᠢᠵᠢ ᠮᠡᠲᠦ ᠶ᠋ᠢᠨ ᠬᠥᠮᠦᠰ ᠦ᠋ᠨ ᠲᠤᠬᠠᠢ ᠬᠡᠯᠡᠭᠰᠡᠨ ᠪᠣᠯᠤᠯᠲᠠᠢ᠃ ᠪᠠᠷᠤᠭ ᠯᠠ 《ᠬᠠᠲᠤᠭᠲᠠᠢ ᠪᠤᠷᠬᠠᠨ ᠪᠣᠯᠴᠢᠬᠠᠭᠰᠠᠨ ᠪᠠᠢᠨ᠎ᠠ》 ᠭᠡᠰᠡᠨ ᠦᠭᠡ ᠶ᠋ᠢ ᠰᠣᠨᠣᠰᠤᠮᠠᠭᠴᠠ 《ᠡᠢᠮᠦ ᠵᠣᠯᠢᠭ ᠰᠢᠭ᠋ ᠶᠠᠭᠤᠮ᠎ᠠ ᠪᠣᠯᠬᠤ ᠭᠡᠵᠦ ᠁ ᠶᠠᠮᠠᠷ ᠡᠬᠡᠨᠡᠷ ᠣᠯᠵᠤ ᠠᠪᠳᠠᠭ ᠪᠢᠯᠡ》 ᠭᠡᠵᠦ ᠪᠣᠳᠣᠭᠰᠠᠨ ᠲᠠᠢᠵᠢ ᠬᠡᠨ ᠢ᠋ ᠠᠪᠬᠤ ᠪᠠᠨ ᠪᠣᠳᠣᠭᠰᠠᠭᠠᠷ ᠲᠤᠶᠠᠭ᠎ᠠ ᠬᠡᠦᠬᠡᠨ ᠢ᠋ ᠠᠮᠠᠷᠬᠠᠨ ᠮᠠᠷᠲᠠᠵᠠᠢ᠃
ᠬᠠᠩᠭᠠᠢ ᠭᠡᠷ ᠲᠦ᠍ ᠫᠦᠷᠪᠦ ᠲᠠᠢᠵᠢ ᠪᠠᠢᠲᠤᠭᠠᠢ ᠬᠦᠴᠦ ᠵᠣᠷᠢᠭ ᠲᠡᠭᠦᠯᠳᠡᠷ ᠡᠷ᠎ᠡ ᠤᠨᠲᠠᠬᠤ ᠳ᠋ᠤ᠌ ᠠᠶᠤᠮᠰᠢᠭ ᠲᠠᠢ ᠪᠠᠢᠳᠠᠭ ᠪᠣᠯᠬᠣᠷ ᠲᠠᠢᠵᠢ ᠰᠥᠨᠢ ᠪᠦᠬᠦᠨ ᠵᠠᠷᠤᠴᠠ ᠨᠠᠷ ᠡᠴᠡ ᠪᠡᠨ ᠪᠦᠯᠡᠬᠡ ᠴᠢᠳᠠᠯ ᠲᠠᠢ ᠵᠠᠯᠠᠭᠤ ᠡᠷ᠎ᠡ ᠶ᠋ᠢ ᠤᠨᠲᠠᠭᠤᠯᠳᠠᠭ ᠪᠣᠯᠵᠠᠢ᠃
ᠨᠢᠭᠡ ᠰᠥᠨᠢ ᠲᠠᠢᠵᠢ ᠶ᠋ᠢᠨ ᠨᠣᠢᠷ ᠬᠤᠯᠵᠢᠭᠠᠳ᠂ ᠣᠢᠷ᠎ᠠ ᠬᠠᠪᠢ ᠶ᠋ᠢᠨ ᠣᠯᠢᠭ ᠲᠠᠢ ᠴᠢᠷᠠᠢ ᠵᠢᠰᠦ ᠲᠡᠢ ᠪᠦᠰᠡᠭᠦᠢᠴᠦᠳ ᠢ᠋ ᠪᠦᠷᠢᠳᠬᠡᠨ ᠬᠡᠪᠲᠡᠵᠦ ᠪᠠᠢᠲᠠᠯ᠎ᠠ ᠨᠣᠬᠠᠢ ᠨᠢ ᠬᠤᠴᠠᠵᠤ ᠤᠳᠠᠯ ᠦᠭᠡᠢ ᠮᠣᠷᠢᠨ ᠲᠦᠪᠡᠷᠭᠡᠨ ᠰᠣᠨᠣᠰᠤᠭᠳᠠᠵᠤ ᠭᠡᠷ ᠦ᠋ᠨ ᠪᠠᠷᠠᠭᠤᠨ ᠲᠠᠯ᠎ᠠ ᠳ᠋ᠤ᠌ ᠮᠣᠷᠢ ᠲᠠᠢ ᠬᠥᠮᠦᠨ ᠢᠷᠡᠭᠡᠳ ᠪᠠᠭᠤᠪᠠ᠃
᠊᠊᠊᠊᠊᠊᠊᠊᠊᠊᠊᠊᠊᠊᠊ ᠬᠥᠮᠦᠨ ᠢᠷᠡᠯ᠎ᠡ᠂ ᠰᠡᠷᠢᠭᠡᠴᠢ!
ᠲᠠᠢᠵᠢ ᠶ᠋ᠢ ᠮᠠᠨᠠᠵᠤ ᠬᠣᠨᠣᠭᠰᠠᠨ ᠵᠠᠯᠠᠭᠤ ᠡᠷ᠎ᠡ ᠰᠣᠴᠢᠨ ᠥᠨᠳᠡᠢᠪᠡ᠃ ᠢᠰᠡᠭᠡᠢ ᠡᠭᠦᠳᠡ ᠰᠡᠬᠦᠭᠳᠡᠵᠦ᠂ ᠲᠣᠮᠣ ᠮᠥᠩᠭᠥᠨ ᠴᠥᠭᠥᠴᠡ ᠲᠡᠢ ᠮᠥᠩᠬᠡ ᠵᠤᠯᠠ ᠶ᠋ᠢᠨ ᠭᠡᠷᠡᠯ ᠳ᠋ᠦ᠍ ᠪᠠᠷᠠᠭᠠᠨ ᠳᠡᠪᠡᠯ ᠲᠡᠢ ᠬᠠᠩᠬᠠᠷ ᠬᠥᠮᠦᠨ ᠣᠷᠣᠵᠤ ᠢᠷᠡᠭᠡᠳ ᠡᠰᠢ ᠳᠠᠰᠢ ᠬᠠᠷᠠᠭᠰᠠᠨ ᠢ᠋ᠶ᠋ᠠᠨ ᠲᠠᠢᠵᠢ ᠤᠷᠤᠭᠤ ᠰᠢᠭᠤᠳ ᠢᠷᠡᠯ᠎ᠡ᠃
ᠲᠠᠢᠵᠢ 《ᠠ᠋ ᠪᠤᠷᠬᠠᠨ ᠮᠢᠨᠢ!》 ᠭᠡᠵᠦ ᠬᠠᠰᠬᠢᠷᠤᠭᠠᠳ ᠨᠢᠴᠦᠭᠦᠨ ᠪᠣᠰᠴᠤ ᠪᠤᠷᠬᠠᠨ ᠤᠷᠤᠭᠤ ᠪᠠᠨ ᠭᠦᠶᠦᠬᠦ ᠵᠠᠭᠤᠷ᠎ᠠ ᠪᠠᠨ ᠮᠠᠨᠠᠵᠤ ᠬᠣᠨᠣᠭᠰᠠᠨ ᠵᠠᠯᠠᠭᠤ ᠳ᠋ᠠᠭᠠᠨ 《ᠪᠠᠷᠢᠭᠠᠴᠢ᠂ ᠪᠤᠰᠢᠭᠤ!》 ᠭᠡᠵᠦ ᠬᠠᠰᠬᠢᠷᠪᠠ᠃
ᠵᠠᠯᠠᠭᠤ ᠤᠬᠤᠰᠬᠢᠨ ᠣᠴᠢᠲᠠᠯ᠎ᠠ ᠮᠤᠨᠳᠠᠭ ᠡᠷ᠎ᠡ ᠬᠦᠴᠦ ᠲᠡᠢ ᠲᠦᠯᠬᠢᠵᠦ ᠲᠤᠯᠭ᠎ᠠ ᠳᠠᠪᠠᠭᠤᠯᠤᠨ ᠤᠨᠠᠭᠠᠭᠠᠳ ᠲᠠᠢᠵᠢ ᠶ᠋ᠢᠨ ᠰᠢᠯᠢᠨ ᠳᠡᠭᠡᠷ᠎ᠡ ᠡᠴᠡ ᠪᠠᠷᠢᠵᠤ ᠠᠪᠤᠯ᠎ᠠ᠃
᠊᠊᠊᠊᠊᠊᠊᠊᠊᠊᠊᠊᠊᠊᠊ ᠥᠴᠦᠬᠡᠨ ᠬᠥᠮᠦᠨ ᠦ᠌ ᠠᠮᠢ ᠥᠷᠥᠰᠢᠶᠡ ᠭᠡᠵᠦ ᠶᠠᠮᠠᠷ ᠴᠤ᠌ ᠬᠥᠭ ᠦᠭᠡᠢ ᠵᠢᠪᠡᠬᠡᠢ ᠬᠦᠢᠲᠡᠨ ᠳᠠᠭᠤ ᠪᠠᠷ ᠲᠠᠢᠵᠢ ᠪᠦᠪᠦᠲᠦᠨᠡᠪᠡ᠃
᠊᠊᠊᠊᠊᠊᠊᠊᠊᠊᠊᠊᠊᠊᠊ ᠥᠯᠵᠡᠢ ᠶ᠋ᠢ ᠳᠠᠷᠤᠯᠠᠪᠠᠯ ᠶᠠᠭᠠᠬᠢᠨ᠎ᠠ ᠭᠡᠰᠡᠨ ᠪᠢᠯᠡ ᠭᠡᠵᠦ ᠲᠡᠮᠦᠷ ᠪᠦᠳᠦᠭᠦᠨ ᠠᠷᠭᠢᠯ ᠳᠠᠭᠤ ᠪᠠᠷ ᠬᠡᠯᠡᠪᠡ᠃ ᠲᠠᠢᠵᠢ ᠠᠯᠠᠭ᠎ᠠ ᠪᠠᠨ ᠬᠠᠪᠰᠤᠷᠤᠨ ᠨᠢᠳᠦ ᠪᠡᠨ ᠴᠠᠭᠠᠷᠢᠠᠠᠯᠠᠭᠤᠯᠤᠨ ᠭᠥᠯᠢᠯᠵᠡᠵᠦ᠂ ᠰᠢᠯᠦᠰᠦ ᠪᠡᠨ ᠰᠤᠯᠠ ᠪᠣᠯᠤᠭᠰᠠᠨ ᠡᠷᠡᠦ ᠤᠷᠤᠭᠤ ᠪᠠᠨ ᠰᠠᠪᠢᠷᠠᠭᠤᠯᠤᠨ᠄ 《ᠠᠮᠢ ᠥᠷᠥᠰᠢᠶᠡ!》 ᠭᠡᠬᠦ ᠡᠴᠡ ᠥᠭᠡᠷ᠎ᠡ ᠦᠭᠡ ᠳᠤᠤᠭᠠᠷᠴᠤ ᠡᠰᠡ ᠴᠢᠳᠠᠨ᠎ᠠ᠃
᠊᠊᠊᠊᠊᠊᠊᠊᠊᠊᠊᠊᠊᠊᠊ ᠴᠢᠮᠢ᠋ᠢ ᠬᠦᠯᠢᠵᠦ ᠠᠪᠠᠴᠢᠭᠠᠳ ᠬᠥᠮᠦᠨ ᠠᠮᠢᠲᠠᠨ ᠦᠭᠡᠢ ᠬᠠᠷᠠᠩᠭᠤᠢ ᠣᠢ ᠳ᠋ᠤ᠌ ᠬᠠᠶᠠᠵᠤ ᠴᠢᠨᠣ᠎ᠠ ᠶ᠋ᠢᠨ ᠬᠣᠭᠣᠯᠠ ᠪᠣᠯᠭᠠᠨ᠎ᠠ ᠳᠠ ᠭᠡᠵᠦ ᠲᠡᠮᠦᠷ ᠰᠢᠲᠦ ᠪᠡᠨ ᠵᠠᠭᠤᠨ ᠬᠡᠯᠡᠪᠡ᠃ ᠲᠠᠢᠵᠢ ᠶ᠋ᠢᠨ ᠬᠣᠭᠣᠯᠠᠢ ᠳ᠋ᠤᠨᠢ ᠭᠠᠨᠳᠠᠩ ᠤ᠋ᠨ ᠳᠠᠭᠤ ᠶᠠᠩᠭᠢᠨᠠᠨ ᠮᠥᠯᠬᠥᠵᠦ ᠲᠡᠮᠦᠷ ᠦ᠋ᠨ ᠭᠤᠲᠤᠯ ᠤ᠋ᠨ ᠦᠵᠦᠭᠦᠷ ᠢ᠋ ᠦᠨᠦᠰᠦᠭᠡᠳ᠂ 《ᠥᠴᠦᠬᠡᠨ ᠪᠣᠷᠣ ᠠᠮᠢ ᠶ᠋ᠢ ᠮᠢᠨᠢ ᠥᠷᠥᠰᠢᠶᠡᠨ ᠰᠣᠶᠣᠷᠬᠠᠨ᠎ᠠ ᠤᠤ》 ᠭᠡᠪᠡ᠃
᠊᠊᠊᠊᠊᠊᠊᠊᠊᠊᠊᠊᠊᠊᠊ ᠥᠯᠵᠡᠢ ᠶ᠋ᠢᠨ ᠬᠢ ᠡᠴᠡ ᠳᠡᠭᠡᠷᠡᠮᠳᠡᠭᠰᠡᠨ ᠶᠠᠭᠤᠮ᠎ᠠ ᠪᠠᠨ ᠮᠠᠷᠭᠠᠰᠢ ᠶ᠋ᠢᠨ ᠳᠣᠲᠣᠷ᠎ᠠ ᠪᠤᠴᠠᠭᠠᠵᠤ ᠥᠭᠬᠦ ᠦᠭᠡᠢ ᠪᠣᠯ ᠭᠡᠳ ᠲᠡᠮᠦᠷ ᠲᠠᠢᠵᠢ ᠶ᠋ᠢᠨ ᠮᠥᠷᠦᠨ ᠳᠡᠭᠡᠷ᠎ᠡ ᠡᠴᠡ ᠰᠢᠭᠦᠷᠦᠨ ᠠᠪᠴᠤ ᠨᠢᠳᠤᠷᠤᠭᠰᠠᠨ ᠴᠢᠨᠢ ᠲᠠᠢᠵᠢ ᠣᠷᠣᠨ ᠤ᠋ ᠲᠣᠯᠣᠭᠠᠢ ᠶ᠋ᠢᠨ ᠠᠪᠳᠠᠷ᠎ᠠ ᠮᠥᠷᠭᠥᠵᠦ ᠤᠨᠠᠪᠠ᠃
᠊᠊᠊᠊᠊᠊᠊᠊᠊᠊᠊᠊᠊᠊᠊ ᠠᠮᠠᠯᠠᠭᠰᠠᠨ ᠢ᠋ᠶ᠋ᠠᠨ ᠪᠡᠶᠡᠯᠡᠭᠦᠯᠬᠦ ᠦᠭᠡᠢ ᠪᠣᠯ ᠳᠠ ᠭᠡᠳ ᠲᠡᠮᠦᠷ ᠤᠬᠤᠰᠬᠢᠲᠡᠯ᠎ᠡ ᠲᠠᠢᠵᠢ ᠶ᠋ᠢᠨ ᠬᠣᠭᠣᠯᠠᠢ ᠬᠡᠷᠴᠢᠭᠢᠨᠡᠨ 《ᠵᠠ》 ᠭᠡᠵᠦ ᠮᠠᠭᠤᠬᠠᠢ ᠳᠤᠤᠭᠠᠷᠴᠤ᠂ ᠨᠢᠳᠦ ᠨᠢ ᠭᠢᠯᠠᠯᠵᠠᠨ ᠳᠠᠭᠵᠢᠷᠠᠪᠠ᠃ ᠲᠡᠮᠦᠷ ᠡᠷᠭᠢᠵᠦ ᠭᠠᠷᠤᠭᠠᠳ᠂ ᠮᠣᠷᠢᠨ ᠳ᠋ᠠᠭᠠᠨ ᠮᠣᠷᠳᠠᠵᠤ ᠳᠠᠪᠬᠢᠨ ᠣᠳᠤᠯ᠎ᠠ᠃ ᠵᠠᠯᠠᠭᠤ ᠶᠠᠮᠠᠷ ᠴᠤ᠌ ᠰᠦᠷ ᠰᠦᠯᠳᠡ ᠦᠭᠡᠢ᠂ ᠭᠥᠯᠢᠢᠨ ᠪᠠᠢᠭ᠎ᠠ ᠲᠠᠢᠵᠢ ᠶ᠋ᠢ ᠬᠠᠷᠠᠨ ᠭᠦᠳ ᠭᠦᠳ ᠢᠨᠢᠶᠡᠪᠡᠴᠦ ᠨᠥᠭᠦᠭᠡ ᠲᠣᠮᠣ ᠬᠥᠮᠦᠨ ᠡᠷᠭᠢᠵᠦ ᠢᠷᠡᠬᠦ ᠪᠣᠢ ᠭᠡᠵᠦ ᠠᠶᠤᠨ ᠪᠠᠢᠨ ᠪᠠᠢᠨ ᠡᠭᠦᠳᠡ ᠤᠷᠤᠭᠤ ᠭᠢᠯᠦᠯᠵᠡᠨ ᠬᠥᠳᠡᠯᠦᠯ ᠦᠭᠡᠢ ᠵᠣᠭᠰᠣᠪᠠ᠃
ᠤᠳᠠᠭᠰᠠᠨ ᠴᠤ᠌ ᠦᠭᠡᠢ ᠲᠠᠢᠵᠢ ᠤᠬᠠᠭᠠᠨ ᠣᠷᠣᠵᠤ ᠥᠪᠡᠷ ᠢ᠋ ᠪᠡᠨ ᠥᠮᠥᠭᠯᠡᠵᠦ ᠴᠢᠳᠠᠭ᠎ᠠ ᠦᠭᠡᠢ ᠵᠠᠯᠠᠭᠤ ᠶ᠋ᠢ ᠬᠠᠷᠠᠭᠰᠠᠨ ᠢ᠋ᠶ᠋ᠠᠨ ᠶᠡᠬᠡ ᠯᠡ ᠰᠦᠷᠵᠢᠨ ᠪᠣᠯᠵᠤ 《ᠬᠠᠨ ᠥᠨᠳᠥᠷ ᠦ᠋ᠨ ᠰᠠᠪᠳᠠᠭ ᠪᠡᠶ᠎ᠡ ᠪᠡᠷ ᠢ᠋ᠶ᠋ᠡᠨ ᠵᠠᠯᠠᠷᠠᠵᠤ ᠢᠷᠡᠭᠡᠳ ᠮᠣᠷᠢᠯᠠᠬᠤ ᠶ᠋ᠢ ᠬᠠᠷᠠᠪᠠ ᠤᠤ᠃ ᠴᠢᠨᠦ ᠪᠠᠷᠴᠢᠳ ᠠᠷᠢᠯᠤᠭᠰᠠᠨ᠃ ᠬᠥᠮᠦᠨ ᠳ᠋ᠦ᠍ ᠪᠢᠲᠡᠭᠡᠢ ᠬᠡᠯᠡᠭᠡᠷᠡᠢ》 ᠭᠡᠵᠦ ᠬᠠᠲᠠᠭᠤ ᠴᠠᠭᠠᠵᠠᠯᠠᠪᠠ᠃
ᠮᠠᠷᠭᠠᠰᠢ ᠨᠢ ᠬᠣᠶᠠᠷ ᠵᠠᠷᠤᠴᠠ ᠳ᠋ᠠᠭᠠᠨ ᠥᠯᠵᠡᠢ ᠶ᠋ᠢᠨ ᠬᠢ ᠡᠴᠡ ᠠᠪᠤᠭᠰᠠᠨ ᠪᠦᠬᠦ ᠶᠠᠭᠤᠮ᠎ᠠ ᠪᠠᠨ ᠥᠭᠭᠦᠭᠡᠳ ᠶᠠᠪᠤᠭᠤᠯᠵᠠᠢ᠃ ᠳᠡᠭᠡᠷᠡᠮᠳᠡᠵᠦ ᠠᠪᠤᠭᠰᠠᠨ ᠶᠠᠭᠤᠮ᠎ᠠ ᠪᠠᠨ ᠡᠷᠭᠢᠭᠦᠯᠵᠦ ᠥᠭᠭᠦᠭᠰᠡᠨ ᠲᠠᠢᠵᠢ ᠶ᠋ᠢᠨ ᠰᠣᠨᠢᠨ ᠠᠪᠤᠷᠢ ᠶ᠋ᠢᠨ ᠲᠤᠬᠠᠢ ᠬᠡᠳᠦᠨ ᠡᠳᠦᠷ ᠦ᠋ᠨ ᠲᠤᠷᠰᠢ ᠰᠠᠢᠳ ᠸᠠᠩ ᠤ᠋ᠨ ᠬᠣᠰᠢᠭᠤ ᠳᠠᠶᠠᠭᠠᠷ ᠡᠯᠳᠡᠪ ᠳᠠᠭᠠᠪᠤᠷᠢ ᠵᠣᠬᠢᠶᠠᠨ ᠶᠠᠷᠢᠯᠴᠠᠵᠠᠢ᠃
ᠲᠡᠨᠳᠡ ᠡᠴᠡ ᠲᠡᠮᠦᠷ ᠰᠢᠭᠤᠳ ᠶᠠᠪᠤᠭᠰᠠᠭᠠᠷ ᠦᠷ ᠦ᠋ᠨ ᠭᠡᠭᠡ ᠭᠠᠷᠬᠤ ᠶ᠋ᠢᠨ ᠡᠮᠦᠨ᠎ᠡ ᠲᠠᠮᠢᠷ ᠢ᠋ ᠭᠠᠲᠤᠯᠤᠨ ᠬᠣᠢᠲᠤ ᠲᠠᠯ᠎ᠠ ᠶ᠋ᠢᠨ ᠮᠣᠳᠣ ᠲᠠᠢ ᠠᠭᠤᠯᠠᠨ ᠳ᠋ᠤ᠌ ᠪᠦᠭᠭᠦᠪᠡ᠃ ᠰᠥᠨᠢ ᠨᠢ ᠡᠷᠳᠡᠨᠢ ᠲᠡᠢ ᠠᠭᠤᠯᠵᠠᠬᠤ ᠪᠣᠳᠣᠯ ᠲᠠᠢ ᠪᠠᠢᠪᠠ᠃ ᠭᠡᠪᠡᠴᠦ ᠭᠡᠷ ᠢ᠋ ᠨᠢ ᠶᠠᠭ ᠮᠡᠳᠡᠬᠦ ᠦᠭᠡᠢ ᠪᠣᠯᠬᠣᠷ ᠶᠠᠮᠠᠷ ᠨᠢᠭᠡᠨ ᠠᠷᠭ᠎ᠠ ᠪᠠᠷ ᠵᠢᠭᠠᠯᠭᠠᠵᠤ ᠠᠪᠬᠤ ᠬᠡᠷᠡᠭ ᠲᠡᠢ ᠪᠠᠢᠵᠠᠢ᠃ ᠮᠣᠳᠣᠨ ᠳᠣᠲᠣᠷ᠎ᠠ ᠮᠣᠷᠢ ᠪᠠᠨ ᠤᠶᠠᠭᠠᠳ ᠲᠠᠮᠠᠬᠢ ᠲᠡᠳᠡᠨ ᠰᠠᠭᠤᠵᠤ ᠪᠠᠢᠲᠠᠯ᠎ᠠ ᠬᠡᠰᠡᠭ ᠬᠣᠨᠢ ᠬᠠᠷᠢᠭᠤᠯᠤᠭᠰᠠᠨ ᠳᠤᠯᠮ᠎ᠠ ᠮᠣᠳᠣᠨ ᠤ᠋ ᠵᠠᠬ᠎ᠠ ᠳ᠋ᠤ᠌ ᠢᠷᠡᠯ᠎ᠡ᠃ ᠬᠣᠨᠢᠴᠢᠨ ᠬᠡᠦᠬᠡᠨ ᠲᠡᠢ ᠠᠭᠤᠯᠵᠠᠵᠤ ᠡᠷᠳᠡᠨᠢ ᠶ᠋ᠢᠨ ᠬᠢ ᠶ᠋ᠢ ᠵᠢᠭᠠᠯᠭᠠᠬᠤ ᠶᠤᠮ ᠪᠢᠯᠢᠤ ᠭᠡᠵᠦ ᠪᠣᠳᠣᠵᠤ ᠪᠠᠢᠲᠠᠯ᠎ᠠ ᠬᠡᠦᠬᠡᠨ ᠳᠡᠭᠡᠷ᠎ᠡ ᠰᠠᠢᠬᠠᠨ ᠬᠡᠭᠡᠷ ᠮᠣᠷᠢ ᠲᠠᠢ ᠬᠥᠮᠦᠨ ᠢᠷᠡᠪᠡ᠃ ᠲᠡᠮᠦᠷ ᠦ᠋ᠨ ᠨᠢᠳᠦ ᠬᠡᠭᠡᠷ ᠮᠣᠷᠢᠨ ᠳᠡᠭᠡᠷ᠎ᠡ ᠲᠤᠰᠪᠠ᠃ ᠲᠦᠭᠵᠢᠯ ᠲᠡᠢ ᠶᠠᠪᠤᠵᠤ ᠬᠥᠭᠡᠭᠡᠭᠰᠡᠨ ᠠᠳᠤᠭᠤᠨ ᠳ᠋ᠤ᠌ ᠪᠠᠢᠭᠰᠠᠨ ᠬᠡᠭᠡᠷ ᠮᠣᠷᠢ ᠮᠥᠨ ᠠᠵᠢ᠃ ᠪᠠᠰᠠ ᠮᠣᠷᠢᠨ ᠤ᠋ ᠡᠵᠡᠨ ᠨᠢ ᠪᠠᠳᠠᠷᠴᠢ ᠭᠡᠳᠡᠭ ᠢ᠋ ᠲᠠᠨᠢᠪᠠ᠃
ᠪᠠᠳᠠᠷᠴᠢ ᠳᠤᠯᠮ᠎ᠠ ᠶ᠋ᠢ ᠣᠯᠠᠨ ᠤᠳᠠᠭ᠎ᠠ ᠣᠷᠤᠯᠳᠠᠭᠰᠠᠨ ᠪᠣᠯᠪᠠᠴᠤ ᠦᠷᠭᠦᠯᠵᠢ ᠶᠠᠮᠠᠷ ᠨᠢᠭᠡᠨ ᠰᠠᠭᠠᠳ ᠲᠣᠬᠢᠶᠠᠯᠳᠤᠭᠠᠳ ᠬᠦᠰᠡᠯ ᠳ᠋ᠡᠭᠡᠨ ᠬᠦᠷᠴᠦ ᠴᠢᠳᠠᠭ᠎ᠠ ᠦᠭᠡᠢ ᠪᠢᠯᠡ᠃
᠊᠊᠊᠊᠊᠊᠊᠊᠊᠊᠊᠊᠊᠊᠊ ᠵᠠ ᠢᠲᠡᠭᠡᠯᠲᠦ ᠶ᠋ᠢᠨ ᠭᠡᠨᠡᠨ ᠬᠣᠩᠭᠣᠷ ᠰᠠᠢᠨ ᠪᠠᠢᠨ᠎ᠠ ᠤᠤ?
᠊᠊᠊᠊᠊᠊᠊᠊᠊᠊᠊᠊᠊᠊᠊ ᠰᠠᠢᠨ᠂ ᠲᠠ ᠰᠠᠢᠨ ᠤᠤ?
᠊᠊᠊᠊᠊᠊᠊᠊᠊᠊᠊᠊᠊᠊᠊ ᠣᠯᠠᠨ ᠠᠮᠠᠷᠠᠭ ᠲᠠᠢ ᠰᠠᠢᠬᠠᠨ ᠬᠡᠦᠬᠡᠨ ᠦ᠌ ᠠᠮᠲᠠ ᠶ᠋ᠢ ᠦᠵᠡᠶ᠎ᠡ ᠭᠡᠵᠦ ᠢᠷᠡᠯ᠎ᠡ᠃ ᠪᠣᠯᠬᠤ ᠶᠤᠮ ᠪᠠᠢᠭ᠎ᠠ ᠪᠢᠵᠡ ᠳᠡ᠃
᠊᠊᠊᠊᠊᠊᠊᠊᠊᠊᠊᠊᠊᠊᠊ ᠳᠤᠷ᠎ᠠ ᠲᠠᠢ ᠬᠥᠮᠦᠨ ᠳ᠋ᠦ᠍ ᠡᠯᠳᠡᠭᠦᠯᠵᠦ ᠪᠠᠢᠳᠠᠭ ᠪᠡᠶ᠎ᠡ ᠨᠠᠳᠠ ᠠᠯᠠᠭ᠎ᠠ᠃
᠊᠊᠊᠊᠊᠊᠊᠊᠊᠊᠊᠊᠊᠊᠊ ᠢᠲᠡᠭᠡᠯᠲᠦ᠂ ᠴᠡᠮᠪᠡ ᠳ᠋ᠦ᠍ ᠬᠠᠢᠷᠠᠯᠠᠵᠤ ᠪᠣᠯᠤᠭᠰᠠᠨ ᠪᠡᠶ᠎ᠡ ᠶ᠋ᠢ ᠨᠠᠳᠠ ᠳ᠋ᠤ᠌ ᠬᠠᠢᠷᠠᠯᠠᠵᠤ ᠪᠣᠯᠬᠤ ᠪᠠᠢᠯᠭᠦᠢ ᠳᠡ᠃ ᠪᠢ ᠬᠥᠮᠦᠨ ᠡᠴᠡ ᠥᠭᠡᠷ᠎ᠡ ᠬᠥᠮᠦᠨ ᠪᠢᠰᠢ ᠭᠡᠳ ᠪᠠᠭᠤᠵᠤ ᠣᠴᠢᠬᠤ ᠳ᠋ᠤᠨᠢ ᠳᠤᠯᠮ᠎ᠠ ᠡᠷᠭᠢᠨ ᠭᠦᠶᠦᠵᠦ ᠮᠣᠷᠢᠨ ᠳ᠋ᠠᠭᠠᠨ ᠮᠣᠷᠳᠠᠬᠤ ᠭᠡᠲᠡᠯ᠎ᠡ ᠪᠠᠳᠠᠷᠴᠢ ᠪᠠᠷᠢᠵᠤ ᠠᠪᠤᠯ᠎ᠠ᠃ ᠲᠡᠷᠡ ᠬᠣᠶᠠᠷ ᠨᠣᠴᠣᠯᠳᠤᠪᠠ᠃ ᠳᠤᠯᠮ᠎ᠠ ᠬᠡᠳᠦᠢ ᠰᠠᠮᠪᠠᠭ᠎ᠠ ᠲᠠᠢ ᠪᠣᠯᠪᠠᠴᠤ ᠪᠠᠳᠠᠷᠴᠢ ᠶ᠋ᠢ ᠶᠠᠭᠠᠬᠢᠵᠤ ᠳᠡᠢᠯᠬᠦ ᠪᠢᠯᠡ᠃ ᠤᠳᠠᠭᠰᠠᠨ ᠦᠭᠡᠢ ᠳᠤᠯᠮ᠎ᠠ ᠶ᠋ᠢ ᠬᠤᠮᠬᠢᠨ ᠠᠪᠤᠭᠰᠠᠨ ᠪᠠᠳᠠᠷᠴᠢ ᠳᠠᠷᠤᠵᠤ ᠤᠨᠠᠪᠠ᠃
ᠭᠡᠲᠡᠯ᠎ᠡ ᠪᠠᠳᠠᠷᠴᠢ ᠶ᠋ᠢᠨ ᠮᠥᠷᠦᠨ ᠳᠡᠭᠡᠷ᠎ᠡ ᠡᠴᠡ ᠬᠦᠴᠦ ᠲᠡᠢ ᠭᠠᠷ ᠤᠭᠵᠠᠷᠠᠨ ᠲᠠᠲᠠᠬᠤ ᠳ᠋ᠤ᠌ ᠡᠷᠭᠢᠵᠦ ᠬᠠᠷᠠᠪᠠᠯ ᠲᠡᠮᠦᠷ ᠵᠣᠭᠰᠣᠵᠤ ᠪᠠᠢᠪᠠ᠃
᠊᠊᠊᠊᠊᠊᠊᠊᠊᠊᠊᠊᠊᠊᠊ ᠤᠤᠬᠠᠢ᠂ ᠮᠠᠭᠤ ᠬᠤᠯᠠᠭᠠᠢᠴᠢ᠂ ᠠᠬ᠎ᠠ ᠶ᠋ᠢᠨ ᠢ᠋ᠶ᠋ᠡᠨ ᠭᠠᠷ ᠲᠤ᠌ ᠥᠪᠡᠷ ᠢ᠋ᠶ᠋ᠡᠨ ᠬᠦᠷᠦᠭᠡᠳ ᠢᠷᠡᠪᠡ ᠤᠤ?
᠊᠊᠊᠊᠊᠊᠊᠊᠊᠊᠊᠊᠊᠊᠊ ᠡᠮᠡᠭᠲᠡᠢ ᠬᠥᠮᠦᠨ ᠢ᠋ ᠪᠢᠲᠡᠭᠡᠢ ᠳᠠᠷᠤᠯ᠎ᠠ!
᠊᠊᠊᠊᠊᠊᠊᠊᠊᠊᠊᠊᠊᠊᠊ ᠮᠠᠭᠤ ᠬᠤᠯᠠᠭᠠᠢᠴᠢ ᠳ᠋ᠤ᠌ ᠶᠠᠮᠠᠷ ᠬᠠᠮᠢᠶ᠎ᠠ ᠲᠠᠢ ᠶᠤᠮ ᠪᠣᠢ᠃ ᠵᠠᠢᠯᠠ!
᠊᠊᠊᠊᠊᠊᠊᠊᠊᠊᠊᠊᠊᠊᠊ ᠴᠢ ᠪᠢᠲᠡᠭᠡᠢ ᠬᠠᠰᠬᠢᠷ᠃ ᠤᠬᠠᠭᠠᠨ ᠦᠭᠡᠢ ᠪᠠᠢᠬᠤ ᠳ᠋ᠤ᠌ ᠮᠢᠨᠢ ᠪᠠᠷᠢᠵᠤ ᠬᠦᠯᠢᠭᠰᠡᠨ ᠢ᠋ᠶ᠋ᠡᠨ ᠮᠠᠷᠲᠠᠭᠠᠳ ᠣᠳᠣ ᠳᠡᠢᠯᠦᠨ᠎ᠡ ᠭᠡᠵᠦ ᠠᠨᠳᠤᠭᠤᠷᠠᠵᠤ ᠪᠣᠯᠬᠤ ᠦᠭᠡᠢ᠁
ᠪᠠᠳᠠᠷᠴᠢ ᠳᠠᠪᠬᠢᠨ ᠳᠠᠭᠠᠷᠢᠪᠠ᠃ ᠲᠡᠮᠦᠷ ᠲᠡᠭᠦᠨ ᠢ᠋ ᠬᠤᠮᠬᠢᠨ ᠠᠪᠤᠭᠠᠳ ᠨᠣᠢᠲᠠᠨ ᠭᠠᠵᠠᠷ ᠲᠦᠰᠬᠢᠲᠡᠯ᠎ᠡ ᠬᠠᠶᠠᠪᠠ᠃ ᠪᠠᠳᠠᠷᠴᠢ ᠬᠦᠴᠦ ᠬᠦᠷᠬᠦ ᠦᠭᠡᠢ ᠶ᠋ᠢ ᠣᠢᠯᠠᠭᠠᠭᠠᠳ ᠲᠦᠷᠭᠡᠨ ᠪᠣᠰᠴᠤ ᠮᠣᠷᠢᠨ ᠳ᠋ᠠᠭᠠᠨ ᠮᠣᠷᠳᠠᠭᠠᠳ 《ᠮᠠᠭᠤ ᠬᠤᠯᠠᠭᠠᠢᠴᠢ ᠴᠢ ᠰᠠᠢᠬᠠᠨ ᠮᠡᠳᠡᠭᠡᠷᠡᠢ!》 ᠭᠡᠵᠦ ᠬᠠᠰᠬᠢᠷᠪᠠ᠃
᠊᠊᠊᠊᠊᠊᠊᠊᠊᠊᠊᠊᠊᠊᠊ ᠮᠠᠭᠤ ᠬᠤᠯᠠᠭᠠᠢᠴᠢ ᠭᠡᠨ᠎ᠡ᠃ ᠤᠨᠤᠵᠤ ᠶᠠᠪᠤᠭ᠎ᠠ ᠮᠣᠷᠢ ᠴᠢᠨᠢ ᠬᠤᠯᠠᠭᠠᠢ ᠶ᠋ᠢᠨ ᠵᠠᠮ ᠢ᠋ᠶ᠋ᠠᠷ ᠢᠷᠡᠭᠰᠡᠨ ᠮᠣᠷᠢ᠃ ᠣᠷᠣᠯᠳᠣᠪᠠᠯ ᠬᠠᠮᠲᠤ ᠣᠢᠴᠢᠨ᠎ᠠ ᠰᠢᠦ ᠭᠡᠯᠡ᠃
ᠪᠠᠳᠠᠷᠴᠢ ᠣᠮ ᠬᠣᠮ ᠦᠭᠡᠢ ᠳᠠᠪᠬᠢᠨ ᠠᠯᠠᠭ᠎ᠠ ᠪᠣᠯᠪᠠ᠃ ᠳᠤᠯᠮ᠎ᠠ ᠵᠠᠮᠪᠠᠷᠠᠭ᠎ᠠ ᠦᠭᠡᠢ ᠪᠣᠯᠤᠭᠰᠠᠨ ᠦᠰᠦ ᠭᠡᠵᠢᠭᠡ ᠳᠡᠪᠡᠯ ᠬᠤᠪᠴᠠᠰᠤ ᠪᠠᠨ ᠵᠠᠰᠠᠭᠠᠳ ᠢᠳᠡᠵᠦ ᠪᠠᠢᠭ᠎ᠠ ᠮᠣᠷᠢ ᠪᠠᠨ ᠴᠤᠯᠪᠤᠭᠤᠷ ᠡᠴᠡ ᠨᠢ ᠪᠠᠷᠢᠵᠤ ᠠᠪᠤᠯ᠎ᠠ᠃
᠊᠊᠊᠊᠊᠊᠊᠊᠊᠊᠊᠊᠊᠊᠊ ᠲᠠ ᠶᠡᠬᠡ ᠠᠴᠢ ᠲᠠᠢ ᠬᠥᠮᠦᠨ ᠪᠠᠢᠨ᠎ᠠ᠃ ᠲᠡᠮᠦᠷ ᠲᠣᠮᠣ ᠴᠠᠭᠠᠨ ᠰᠢᠳᠦ ᠪᠡᠨ ᠢᠷᠠᠯᠵᠠᠭᠤᠯᠤᠨ ᠢᠨᠢᠶᠡᠮᠰᠦᠭᠯᠡᠭᠡᠳ 《ᠴᠢᠨᠣ᠎ᠠ᠂ ᠬᠣᠨᠢ ᠪᠠᠷᠢᠵᠤ ᠪᠠᠢᠬᠤ ᠳ᠋ᠤ᠌ ᠰᠠᠯᠭᠠᠳᠠᠭ ᠪᠠᠢᠬᠤ ᠳ᠋ᠤ᠌ ᠬᠥᠮᠦᠨ ᠪᠠᠷᠢᠬᠤ ᠭᠡᠵᠦ ᠪᠠᠢᠬᠤ ᠳ᠋ᠤ᠌ ᠰᠠᠯᠭᠠᠬᠤ ᠦᠭᠡᠢ ᠶᠠᠭᠠᠬᠢᠬᠤᠪ》 ᠭᠡᠳ ᠳᠤᠯᠮ᠎ᠠ ᠤᠷᠤᠭᠤ ᠬᠠᠷᠠᠯ᠎ᠠ᠃
᠊᠊᠊᠊᠊᠊᠊᠊᠊᠊᠊᠊᠊᠊᠊ ᠲᠠ ᠶᠠᠭᠤᠨ ᠬᠥᠮᠦᠨ᠂ ᠬᠠᠮᠢᠭ᠎ᠠ ᠡᠴᠡ ᠭᠠᠷᠤᠭᠠᠳ ᠢᠷᠡᠪᠡ?
᠊᠊᠊᠊᠊᠊᠊᠊᠊᠊᠊᠊᠊᠊᠊ ᠭᠠᠵᠠᠷ ᠳᠣᠣᠷ᠎ᠠ ᠡᠴᠡ ᠣᠷᠭᠣᠭᠠᠳ ᠭᠠᠷᠴᠤ ᠢᠷᠡᠯ᠎ᠡ᠃ ᠲᠠ ᠵᠠᠰᠠᠭᠲᠤ ᠬᠠᠨ ᠤ᠋ ᠡᠷᠳᠡᠨᠢ ᠭᠡᠳᠡᠭ ᠠᠢᠯ ᠢ᠋ ᠮᠡᠳᠡᠬᠦ ᠤᠤ?
᠊᠊᠊᠊᠊᠊᠊᠊᠊᠊᠊᠊᠊᠊᠊ ᠮᠡᠳᠡᠬᠦ ᠪᠡᠷ ᠪᠠᠷᠠᠬᠤ ᠤᠤ ᠳᠠ᠂ ᠪᠢᠳᠡ ᠨᠢᠭᠡ ᠠᠢᠯ ᠤ᠋ᠨ ᠵᠠᠷᠤᠴᠠ᠃ ᠡᠨᠡ ᠠᠮᠠ ᠶ᠋ᠢᠨ ᠠᠳᠠᠭ ᠤ᠋ᠨ ᠳᠥᠷᠪᠡᠨ ᠭᠡᠷ ᠦ᠋ᠨ ᠪᠠᠷᠠᠭᠤᠨ ᠬᠣᠢᠲᠤᠬᠢ ᠨᠢ ᠡᠷᠳᠡᠨᠢ ᠭᠤᠸᠠᠢ ᠶ᠋ᠢᠨ ᠭᠡᠷ ᠭᠡᠳ ᠳᠤᠯᠮ᠎ᠠ ᠰᠢᠯᠪᠢᠭᠦᠷ ᠢ᠋ᠶ᠋ᠡᠨ ᠭᠠᠵᠠᠷ ᠬᠠᠶᠠᠵᠤ ᠤᠷᠲᠤ ᠤᠷᠭᠤᠭᠰᠠᠨ ᠨᠣᠭᠣᠭᠠᠨ ᠵᠦᠯᠭᠡᠨ ᠳᠡᠭᠡᠷ᠎ᠡ ᠰᠠᠭᠤᠪᠠ᠃
᠊᠊᠊᠊᠊᠊᠊᠊᠊᠊᠊᠊᠊᠊᠊ ᠡᠷᠳᠡᠨᠢ ᠭᠡᠷ ᠲᠡᠭᠡᠨ ᠪᠣᠢ ᠪᠣᠯᠪᠠ ᠤᠤ?
᠊᠊᠊᠊᠊᠊᠊᠊᠊᠊᠊᠊᠊᠊᠊ ᠭᠡᠷ ᠲᠡᠭᠡᠨ᠃ ᠲᠠ ᠠᠬ᠎ᠠ ᠳᠡᠭᠦᠦ ᠨᠢ ᠤᠤ?
᠊᠊᠊᠊᠊᠊᠊᠊᠊᠊᠊᠊᠊᠊᠊ ᠶᠠᠭᠠᠬᠢᠵᠤ ᠪᠠᠢᠨ᠎ᠠ?
᠊᠊᠊᠊᠊᠊᠊᠊᠊᠊᠊᠊᠊᠊᠊ ᠲᠥᠰᠦᠭᠡ ᠲᠡᠢ ᠪᠠᠢᠨ᠎ᠠ ᠭᠡᠳ ᠳᠤᠯᠮ᠎ᠠ ᠨᠢᠳᠦ ᠪᠡᠨ ᠰᠣᠯᠪᠢᠯᠵᠠᠭᠤᠯᠤᠨ ᠢᠨᠢᠶᠡᠮᠰᠦᠭᠯᠡᠬᠦ ᠳ᠋ᠦ᠍ ᠵᠢᠭᠳᠡ ᠴᠠᠭᠠᠨ ᠰᠢᠳᠦ ᠨᠢ ᠢᠷᠠᠯᠵᠠᠪᠠ᠃
ᠡᠨᠡ ᠡᠵᠡᠭᠦᠢ ᠠᠭᠤᠯᠠᠨ ᠳ᠋ᠤ᠌ ᠵᠡᠷᠯᠢᠭ ᠪᠠᠳᠠᠷᠴᠢ ᠶ᠋ᠢᠨ ᠭᠠᠷ ᠡᠴᠡ ᠰᠠᠯᠭᠠᠭᠰᠠᠨ ᠰᠠᠢᠬᠠᠨ ᠡᠷ᠎ᠡ ᠳᠤᠯᠮ᠎ᠠ ᠶ᠋ᠢᠨ ᠰᠡᠳᠬᠢᠯ ᠦ᠋ᠨ ᠨᠠᠷᠢᠨ ᠤᠲᠠᠰᠤ ᠶ᠋ᠢ ᠲᠤᠷᠭᠢᠭᠤᠯᠵᠤ ᠡᠬᠢᠯᠡᠭᠰᠡᠨ ᠪᠣᠯ ᠲᠣᠭᠯᠠᠵᠤ ᠲᠡᠮᠡᠦᠯᠦᠭᠰᠡᠨ ᠨᠢᠳᠦ ᠲᠡᠢ ᠵᠠᠯᠠᠭᠤ ᠪᠣᠷᠣ ᠪᠦᠰᠡᠭᠦᠢ ᠶ᠋ᠢᠨ ᠪᠠᠢᠳᠠᠯ ᠲᠡᠮᠦᠷ ᠦ᠋ᠨ ᠬᠥᠰᠢᠵᠦ ᠬᠥᠯᠳᠡᠭᠰᠡᠨ ᠰᠡᠳᠬᠢᠯ ᠦ᠋ᠨ ᠦᠵᠦᠭᠦᠷ ᠡᠴᠡ ᠦᠯᠦ ᠮᠡᠳᠡᠭ ᠤᠭᠵᠠᠷᠠᠵᠤ ᠪᠠᠢᠪᠠ᠃
ᠲᠡᠮᠦᠷ ᠥᠪᠡᠷ ᠦ᠋ᠨ ᠮᠠᠲᠠᠯ ᠦᠭᠡᠢ ᠳᠤᠯᠮ᠎ᠠ ᠤᠷᠤᠭᠤ ᠰᠢᠷᠳᠡᠵᠦ ᠪᠠᠢᠬᠤ ᠳ᠋ᠤ᠌ ᠳᠤᠯᠮ᠎ᠠ ᠤᠷᠲᠤ ᠤᠷᠭᠤᠭᠰᠠᠨ ᠭᠢᠯᠠᠭᠤ ᠲᠠᠰᠤᠯᠵᠤ ᠠᠪᠤᠭᠠᠳ ᠵᠠᠪᠠᠵᠢᠨ ᠳ᠋ᠠᠭᠠᠨ ᠵᠠᠭᠤᠵᠤ ᠨᠢᠭᠤᠴᠠ ᠢᠨᠢᠶᠡᠮᠰᠦᠭᠯᠡᠯ ᠲᠣᠳᠣᠷᠠᠭᠰᠠᠨ ᠨᠢᠳᠦ ᠪᠡᠷ ᠦᠯᠦ ᠲᠠᠨᠢᠬᠤ ᠬᠥᠮᠦᠨ ᠢ᠋ ᠪᠠᠢᠨ ᠪᠠᠢᠨ ᠬᠠᠷᠠᠵᠤ ᠪᠠᠢᠪᠠ᠃
᠊᠊᠊᠊᠊᠊᠊᠊᠊᠊᠊᠊᠊᠊᠊ ᠲᠠ ᠶᠠᠭᠠᠬᠢᠭᠰᠠᠨ ᠠᠢᠬᠤᠪᠲᠤᠷ ᠰᠢᠷᠲᠡᠳᠡᠭ ᠬᠥᠮᠦᠨ ᠪᠣᠢ?
ᠲᠡᠮᠦᠷ ᠦ᠋ᠨ ᠨᠢᠭᠤᠷ ᠪᠠᠳᠠᠢᠷᠠᠵᠤ ᠰᠣᠴᠢᠨ ᠨᠢᠳᠦ ᠪᠡᠨ ᠪᠤᠷᠤᠭᠤᠯᠠᠬᠤ ᠳ᠋ᠤ᠌ ᠨᠠᠯᠠᠢᠨ ᠪᠡᠯᠴᠢᠵᠦ ᠪᠠᠢᠭ᠎ᠠ ᠬᠣᠨᠢ ᠨᠢᠳᠦᠨ ᠳ᠋ᠦ᠍ᠨᠢ ᠲᠤᠰᠪᠠ᠃
᠊᠊᠊᠊᠊᠊᠊᠊᠊᠊᠊᠊᠊᠊᠊ ᠬᠣᠨᠢ ᠴᠢᠨᠢ ᠰᠠᠢᠬᠠᠨ ᠲᠣᠭᠲᠠᠵᠤ ᠪᠠᠢᠨ᠎ᠠ᠃
᠊᠊᠊᠊᠊᠊᠊᠊᠊᠊᠊᠊᠊᠊᠊ ᠲᠠ ᠠᠯᠢ ᠨᠤᠲᠤᠭ ᠤ᠋ᠨ ᠬᠥᠮᠦᠨ ᠪᠣᠢ?
ᠰᠠᠢᠳ ᠸᠠᠩ ᠤ᠋ᠨ ᠬᠢ ᠭᠡᠵᠦ ᠲᠡᠮᠦᠷ ᠬᠡᠰᠡᠭ ᠲᠦᠭᠳᠡᠷᠡᠭᠰᠡᠨ ᠦ᠌ ᠳᠠᠷᠠᠭ᠎ᠠ ᠬᠠᠷᠢᠭᠤᠯᠪᠠ᠃ ᠬᠥᠮᠦᠨ ᠦ᠌ ᠨᠤᠲᠤᠭ᠂ ᠬᠠᠷᠢ ᠭᠠᠵᠠᠷ ᠡᠴᠡ ᠠᠳᠤᠭᠤ ᠬᠥᠭᠡᠭᠡᠭᠡᠳ ᠣᠯᠠᠨ ᠬᠥᠮᠦᠨ ᠳ᠋ᠦ᠍ ᠬᠥᠭᠡᠭᠡᠭᠳᠡᠵᠦ ᠶᠠᠪᠤᠬᠤ ᠳ᠋ᠠᠭᠠᠨ ᠨᠠᠮ ᠵᠢᠮ ᠪᠠᠢᠳᠠᠭ ᠵᠢᠷᠦᠬᠡ ᠨᠢ ᠶᠡᠷᠦ ᠪᠤᠰᠤ ᠪᠠᠷ ᠣᠪᠣᠯᠵᠠᠨ ᠴᠣᠬᠢᠯᠠᠵᠤ ᠪᠠᠢᠯ᠎ᠠ᠃
ᠳᠤᠯᠮ᠎ᠠ ᠶ᠋ᠢᠨ ᠰᠡᠳᠬᠢᠯ ᠴᠦ᠍ ᠭᠡᠰᠡᠨ ᠬᠡᠵᠢᠶ᠎ᠡ ᠴᠦ᠍ ᠤᠴᠠᠷᠠᠵᠤ ᠪᠠᠢᠭ᠎ᠠ ᠦᠭᠡᠢ ᠬᠥᠭᠵᠢᠮ ᠦ᠋ᠨ ᠡᠭᠡᠰᠢᠭ ᠢ᠋ᠶ᠋ᠡᠷ ᠳᠦᠭᠦᠷᠴᠦ᠂ ᠡᠨᠡ ᠰᠠᠭᠤᠵᠤ ᠪᠠᠢᠭ᠎ᠠ ᠭᠠᠵᠠᠷ ᠢ᠋ᠶ᠋ᠠᠨ ᠬᠡᠴᠢᠨᠡᠨ ᠰᠠᠭᠤᠭᠰᠠᠨ ᠴᠤ᠌ ᠤᠢᠳᠬᠤ ᠦᠭᠡᠢ ᠮᠡᠲᠦ ᠰᠠᠨᠠᠭᠳᠠᠵᠤ ᠪᠠᠢᠪᠠ᠃
ᠴᠡᠯᠮᠡᠭ ᠡᠳᠦᠷ ᠦ᠋ᠨ ᠪᠠᠷᠠᠭᠤᠨ᠎ᠠ ᠬᠡᠯᠪᠡᠢᠭᠰᠡᠨ ᠨᠠᠷᠠ ᠭᠡᠨᠡᠳᠲᠡ ᠣᠪᠣᠯᠵᠠᠭᠰᠠᠨ ᠶᠡᠬᠡ ᠳᠤᠷᠠᠯᠠᠯ ᠤ᠋ᠨ ᠡᠬᠢᠨ ᠦ᠌ ᠣᠴᠢ ᠪᠠᠷ ᠳᠦᠭᠦᠷᠦᠭᠰᠡᠨ ᠰᠡᠳᠬᠢᠯ ᠬᠣᠶᠠᠷ ᠲᠤ᠌ ᠴᠢᠮᠡᠭᠯᠡᠭᠳᠡᠭᠰᠡᠨ ᠶᠢᠷᠲᠢᠨᠴᠦ ᠶᠡᠷᠦ ᠪᠤᠰᠤ ᠭᠤᠸ᠎ᠠ ᠦᠵᠡᠰᠬᠦᠯᠡᠩ ᠲᠡᠢ ᠠᠵᠠᠢ᠃
᠊᠊᠊᠊᠊᠊᠊᠊᠊᠊᠊᠊᠊᠊᠊ ᠲᠠ ᠮᠠᠷᠭᠠᠰᠢ ᠬᠡᠰᠢᠭ ᠲᠡᠢ ᠤᠤ?
ᠮᠠᠷᠭᠠᠰᠢ ᠳᠤᠯᠮ᠎ᠠ ᠶ᠋ᠢᠨ ᠡᠭᠡᠯᠵᠢ ᠪᠢᠰᠢ᠃ ᠭᠡᠪᠡᠴᠦ ᠲᠡᠮᠦᠷ ᠦ᠋ᠨ 《ᠬᠡᠰᠢᠭ ᠲᠡᠢ ᠤᠤ》 ᠭᠡᠰᠡᠨ ᠠᠰᠠᠭᠤᠯᠲᠠ ᠳ᠋ᠤ᠌ 《ᠦᠭᠡᠢ》 ᠭᠡᠵᠦ ᠬᠠᠷᠢᠭᠤᠯᠬᠤ ᠰᠡᠳᠬᠢᠯ ᠳᠤᠯᠮ᠎ᠠ ᠳ᠋ᠤ᠌ ᠪᠠᠢᠭᠰᠠᠨ ᠦᠭᠡᠢ᠃
᠊᠊᠊᠊᠊᠊᠊᠊᠊᠊᠊᠊᠊᠊᠊ ᠲᠡᠢᠮᠦ᠂ ᠬᠡᠰᠢᠭ ᠲᠡᠢ᠃
᠊᠊᠊᠊᠊᠊᠊᠊᠊᠊᠊᠊᠊᠊᠊ ᠡᠭᠦᠨ ᠢ᠋ᠶ᠋ᠡᠷ ᠢᠷᠡᠬᠦ ᠤᠤ?
᠊᠊᠊᠊᠊᠊᠊᠊᠊᠊᠊᠊᠊᠊᠊ ᠢᠷᠡᠵᠦ ᠴᠦ᠍ ᠮᠠᠭᠠᠳ ᠁ ᠲᠠ ᠡᠨᠳᠡ ᠪᠠᠢᠬᠤ ᠤᠤ?
᠊᠊᠊᠊᠊᠊᠊᠊᠊᠊᠊᠊᠊᠊᠊ ᠪᠠᠢᠵᠤ ᠴᠤ᠌ ᠪᠣᠯᠤᠨ᠎ᠠ᠃
ᠬᠣᠨᠢᠨ ᠤ᠋ ᠲᠦᠷᠦᠭᠦᠴᠢ ᠪᠠᠷᠠᠭᠤᠨ ᠬᠤᠧᠨ ᠳᠠᠪᠠᠬᠤ ᠳ᠋ᠤ᠌ ᠲᠡᠭᠦᠨ ᠢ᠋ ᠪᠤᠴᠠᠭᠠᠬᠤ ᠪᠣᠯᠪᠠ᠃
᠊᠊᠊᠊᠊᠊᠊᠊᠊᠊᠊᠊᠊᠊᠊ ᠪᠢ ᠪᠤᠴᠠᠭᠠᠭᠠᠳ ᠢᠷᠡᠶ᠎ᠡ᠃
᠊᠊᠊᠊᠊᠊᠊᠊᠊᠊᠊᠊᠊᠊᠊ ᠮᠢᠨᠦ ᠮᠣᠷᠢ ᠪᠠᠷ ᠶᠠᠪᠤ ᠯᠠ ᠳᠠ᠃
᠊᠊᠊᠊᠊᠊᠊᠊᠊᠊᠊᠊᠊᠊᠊ ᠵᠦᠭᠡᠷ᠃ ᠮᠣᠷᠢ ᠮᠢᠨᠢ ᠮᠣᠳᠣᠨ ᠳᠣᠲᠣᠷ᠎ᠠ ᠪᠣᠢ ᠭᠡᠳ ᠲᠡᠮᠦᠷ ᠠᠯᠭᠤᠷ ᠪᠣᠰᠴᠤ ᠭᠢᠰᠬᠢᠭᠰᠡᠨ ᠬᠥᠯ ᠳᠡᠭᠡᠷ᠎ᠡ ᠪᠡᠨ ᠪᠡᠶ᠎ᠡ ᠪᠡᠨ ᠨᠠᠢᠭᠤᠭᠤᠯᠤᠨ ᠲᠠᠯᠪᠢᠵᠤ ᠶᠠᠪᠤᠬᠤ ᠳ᠋ᠤ᠌ ᠳᠤᠯᠮ᠎ᠠ ᠪᠠᠶᠠᠷ ᠪᠠᠳᠠᠷᠠᠭᠰᠠᠨ ᠨᠢᠳᠦ ᠪᠡᠷ ᠦᠳᠡᠪᠡ᠃
ᠳᠤᠯᠮ᠎ᠠ ᠶ᠋ᠢᠨ ᠰᠡᠳᠬᠢᠯ ᠳ᠋ᠦ᠍ ᠬᠤᠷᠠᠯᠳᠤᠭᠰᠠᠨ ᠤᠶᠠᠬᠠᠨ ᠠᠶᠠᠯᠭᠤ ᠰᠠᠴᠤᠷᠠᠨ ᠭᠠᠷᠴᠤ ᠨᠠᠮᠤᠬᠠᠨ ᠢ᠋ᠶ᠋ᠠᠷ ᠳᠠᠭᠤᠤ ᠠᠶᠠᠯᠤᠨ᠂ ᠬᠣᠨᠢᠨ ᠤ᠋ ᠵᠦᠭ ᠳᠠᠪᠬᠢᠵᠤ ᠶᠠᠪᠤᠭ᠎ᠠ ᠲᠡᠮᠦᠷ ᠡᠴᠡ ᠨᠢᠳᠦ ᠰᠠᠯᠭᠠᠯ ᠦᠭᠡᠢ ᠰᠢᠷᠲᠡᠪᠡ᠃
ᠲᠡᠷᠡ ᠰᠥᠨᠢ ᠡᠷᠳᠡᠨᠢ ᠶ᠋ᠢᠨ ᠭᠡᠷ ᠦ᠋ᠨ ᠭᠠᠳᠠᠨ᠎ᠠ ᠮᠣᠷᠢ ᠲᠠᠢ ᠬᠥᠮᠦᠨ ᠢᠷᠡᠭᠡᠳ ᠣᠷᠣᠭᠰᠠᠨ ᠨᠢ ᠲᠡᠮᠦᠷ ᠪᠠᠢᠪᠠ᠃ ᠲᠤᠯᠭᠠᠷ ᠳ᠋ᠧᠩ ᠪᠠᠷᠢᠵᠤ ᠴᠠᠢ ᠬᠣᠭᠣᠯᠠ ᠪᠣᠯᠪᠠ᠃ ᠠᠬ᠎ᠠ ᠳᠡᠭᠦᠦ ᠬᠣᠶᠠᠷ ᠠᠮᠢᠳᠤ ᠮᠡᠨᠳᠦ ᠠᠭᠤᠯᠵᠠᠭᠰᠠᠨ ᠳ᠋ᠠᠭᠠᠨ ᠪᠠᠶᠠᠷᠯᠠᠨ ᠶᠠᠷᠢᠯᠴᠠᠬᠤ ᠳ᠋ᠤ᠌᠂ ᠠᠬ᠎ᠠ ᠶ᠋ᠢᠨ ᠢ᠋ᠶ᠋ᠡᠨ ᠭᠠᠭᠴᠠ ᠮᠣᠷᠢ ᠪᠠᠷ ᠬᠥᠯ ᠵᠠᠯᠭᠠᠭᠰᠠᠨ ᠢ᠋ᠶ᠋ᠠᠨ ᠰᠣᠨᠣᠰᠴᠤ ᠲᠡᠮᠦᠷ ᠶᠡᠬᠡᠳᠡ ᠭᠡᠮᠰᠢᠵᠦ᠂ ᠥᠪᠡᠷ ᠦ᠋ᠨ ᠠᠷᠭ᠎ᠠ ᠦᠭᠡᠢ ᠶᠠᠳᠠᠷᠠᠵᠤ ᠶᠠᠪᠤᠭᠰᠠᠨ ᠢ᠋ᠶ᠋ᠠᠨ ᠶᠠᠷᠢᠬᠤ ᠳ᠋ᠤᠨᠢ᠄
᠊᠊᠊᠊᠊᠊᠊᠊᠊᠊᠊᠊᠊᠊᠊ ᠲᠡᠮᠦᠷ ᠮᠢᠨᠢ ᠴᠢ᠂ ᠢᠩᠭᠢᠵᠦ ᠶᠠᠪᠤᠭᠰᠠᠭᠠᠷ ᠨᠢᠭᠡ ᠮᠡᠳᠡᠬᠦ ᠳ᠋ᠦ᠍ ᠠᠯᠠᠭᠤᠯᠴᠢᠬᠠᠭᠰᠠᠨ ᠪᠠᠢᠨ᠎ᠠ ᠳᠠ ᠭᠡᠵᠦ ᠡᠷᠳᠡᠨᠢ ᠬᠡᠯᠡᠪᠡ᠃
᠊᠊᠊᠊᠊᠊᠊᠊᠊᠊᠊᠊᠊᠊᠊ ᠠᠬ᠎ᠠ ᠮᠢᠨᠢ ᠪᠢ ᠥᠭᠡᠷ᠎ᠡ ᠪᠡᠷ ᠠᠮᠢᠳᠤᠷᠠᠵᠤ ᠴᠢᠳᠠᠬᠤ ᠦᠭᠡᠢ᠃ ᠵᠢᠷᠦᠬᠡ ᠮᠢᠨᠢ ᠴᠣᠬᠢᠯᠠᠵᠤ ᠪᠠᠢᠭ᠎ᠠ ᠴᠠᠭ ᠲᠤ᠌ ᠮᠣᠷᠢᠨ ᠳᠡᠯ ᠳᠡᠭᠡᠭᠦᠷ ᠳᠠᠪᠬᠢᠵᠤ ᠨᠣᠶᠠᠳ ᠤ᠋ᠨ ᠰᠦᠷᠦᠭ ᠡᠴᠡ ᠬᠥᠭᠡᠭᠡᠨ᠎ᠡ᠃ ᠡᠭᠦᠨ ᠰᠢᠭ ᠵᠢᠷᠭᠠᠯ ᠪᠠᠢᠬᠤ ᠦᠭᠡᠢ ᠭᠡᠵᠦ ᠲᠡᠮᠦᠷ ᠬᠡᠯᠡᠪᠡ᠃
᠊᠊᠊᠊᠊᠊᠊᠊᠊᠊᠊᠊᠊᠊᠊ ᠴᠢ ᠨᠣᠶᠠᠳ ᠤ᠋ᠨ ᠰᠦᠷᠦᠭ ᠡᠴᠡ ᠠᠪᠳᠠᠭ ᠭᠡᠵᠦ ᠪᠠᠢᠨ᠎ᠠ᠃ ᠭᠡᠲᠡᠯ᠎ᠡ ᠨᠠᠳᠠ ᠰᠢᠭ᠋ ᠶᠠᠳᠠᠷᠠᠭᠰᠠᠨ ᠬᠡᠴᠢᠨᠡᠨ ᠠᠮᠢᠲᠠᠨ ᠢ᠋ ᠶᠠᠪᠠᠭᠠᠯᠠᠭᠰᠠᠨ ᠪᠣᠯ ᠳᠠ ᠭᠡᠵᠦ ᠡᠷᠳᠡᠨᠢ ᠵᠢᠮᠡᠯᠡᠪᠡ᠃
᠊᠊᠊᠊᠊᠊᠊᠊᠊᠊᠊᠊᠊᠊᠊ ᠠᠬ᠎ᠠ ᠮᠢᠨᠢ ᠮᠢᠨᠦ ᠬᠥᠯᠵᠢᠭᠦᠯᠦᠭᠰᠡᠨ ᠶᠠᠳᠠᠭᠤᠴᠤᠳ᠂ ᠶᠠᠪᠠᠭᠠᠯᠠᠭᠰᠠᠨ ᠡᠴᠡ ᠪᠡᠨ ᠬᠠᠪᠢ ᠦᠭᠡᠢ ᠣᠯᠠᠨ᠃ ᠪᠢ ᠲᠠᠨ ᠳ᠋ᠤ᠌ ᠨᠢᠭᠡ ᠮᠣᠷᠢᠨ ᠤ᠋ ᠴᠢᠨᠢ ᠣᠷᠣᠨ ᠳ᠋ᠤ᠌ ᠠᠷᠪᠠ᠂ ᠬᠣᠷᠢᠨ ᠮᠣᠷᠢ ᠠᠪᠴᠢᠷᠠᠵᠤ ᠥᠭᠭᠦᠨ᠎ᠡ᠃
ᠡᠷᠳᠡᠨᠢ ᠳᠡᠭᠦᠦ ᠪᠡᠨ ᠭᠣᠮᠣᠳᠠᠯ ᠲᠠᠢ ᠪᠥᠭᠡᠳ ᠠᠷᠭ᠎ᠠ ᠨᠢ ᠪᠠᠷᠠᠭᠳᠠᠭᠰᠠᠨ ᠨᠢᠳᠦ ᠪᠡᠷ ᠰᠢᠷᠲᠡᠵᠦ᠂ ᠪᠢᠲᠡᠭᠦᠦ ᠰᠠᠨᠠᠭ᠎ᠠ ᠠᠯᠳᠠᠪᠠ᠃
᠊᠊᠊᠊᠊᠊᠊᠊᠊᠊᠊᠊᠊᠊᠊ ᠨᠠᠳᠠ ᠮᠣᠷᠢ ᠬᠡᠷᠡᠭ ᠦᠭᠡᠢ᠃ ᠪᠢ ᠠᠷᠢᠭᠤᠨ ᠴᠠᠭᠠᠨ ᠬᠥᠳᠡᠯᠮᠦᠷᠢ ᠪᠡᠷ ᠠᠮᠢᠳᠤᠷᠠᠨ᠎ᠠ᠃
᠊᠊᠊᠊᠊᠊᠊᠊᠊᠊᠊᠊᠊᠊᠊ ᠲᠠ ᠮᠢᠨᠦ ᠭᠠᠷᠳᠠᠭ ᠥᠨᠳᠥᠷ ᠠᠭᠤᠯᠠ ᠶ᠋ᠢᠨ ᠣᠷᠭᠢᠯ ᠳᠡᠭᠡᠷ᠎ᠡ ᠨᠢᠰᠴᠦ ᠭᠠᠷᠤᠭᠠᠳ ᠬᠣᠷᠸ᠎ᠠ ᠶ᠋ᠢ ᠬᠠᠷᠠᠪᠠᠯ ᠶᠡᠬᠡ ᠶᠠᠭᠤᠮ᠎ᠠ ᠪᠣᠳᠣᠬᠤ ᠰᠠᠨ ᠳᠠ ᠭᠡᠳ ᠶᠣᠵᠣᠲᠠᠢ ᠢᠨᠢᠶᠡᠮᠰᠦᠭᠯᠡᠨ᠂ ᠣᠭᠲᠣᠯᠵᠤ ᠡᠮᠬᠦᠭᠰᠡᠨ ᠬᠡᠰᠡᠭ ᠮᠢᠬ᠎ᠠ ᠪᠠᠨ ᠰᠢᠷ ᠰᠢᠷ ᠵᠠᠵᠢᠯᠤᠨ ᠵᠠᠯᠭᠢᠭᠰᠠᠨ ᠢ᠋ᠶ᠋ᠠᠨ 《ᠲᠠ ᠴᠢᠨᠢ ᠲᠡᠭᠡᠭᠡᠳ ᠬᠡᠨ ᠦ᠌ ᠳ᠋ᠦ᠍ ᠵᠠᠷᠤᠭᠳᠠᠵᠤ ᠪᠠᠢᠨ᠎ᠠ? 》 ᠭᠡᠵᠦ ᠠᠰᠠᠭᠤᠪᠠ᠃
᠊᠊᠊᠊᠊᠊᠊᠊᠊᠊᠊᠊᠊᠊᠊ ᠯᠤᠤ ᠬᠦᠩ ᠦ᠋ᠨ ᠪᠠᠶᠠᠨ ᠢᠲᠡᠭᠡᠯᠲᠦ ᠶ᠋ᠢᠨ ᠳ᠋ᠦ᠍᠃
᠊᠊᠊᠊᠊᠊᠊᠊᠊᠊᠊᠊᠊᠊᠊ ᠬᠦᠦ ᠨᠢ ᠬᠣᠩᠭᠣᠷ ᠤᠤ?
᠊᠊᠊᠊᠊᠊᠊᠊᠊᠊᠊᠊᠊᠊᠊ ᠲᠡᠢᠮᠦ᠂ ᠴᠢ ᠲᠠᠨᠢᠬᠤ ᠤᠤ?
᠊᠊᠊᠊᠊᠊᠊᠊᠊᠊᠊᠊᠊᠊᠊ ᠲᠠᠨᠢᠬᠤ ᠪᠠᠷ ᠪᠠᠷᠠᠬᠤ ᠤᠤ ᠳᠠ᠃ ᠬᠣᠩᠭᠣᠷ ᠬᠦᠦ ᠶ᠋ᠢᠨ ᠠᠴᠢ ᠪᠠᠷ ᠪᠠᠳᠠᠷᠴᠢ ᠲᠠᠬᠠᠷ ᠤ᠋ᠨ ᠭᠠᠷ ᠡᠴᠡ ᠭᠠᠷᠤᠭᠰᠠᠨ ᠶᠤᠮᠰᠠᠨ᠃ ᠵᠠ ᠭᠠᠢᠭᠤᠢ᠂ ᠵᠠᠮ ᠤ᠋ᠨ ᠬᠦᠵᠦᠭᠦᠦ ᠤᠷᠲᠤ ᠬᠣᠢᠨ᠎ᠠ ᠴᠠᠬᠢᠭᠤᠷ ᠲᠡᠮᠦᠷ ᠰᠠᠢᠨ ᠬᠥᠮᠦᠨ ᠦ᠌ ᠠᠴᠢ ᠶ᠋ᠢ ᠬᠠᠷᠢᠭᠤᠯᠵᠤ ᠴᠤ᠌ ᠳᠥᠩᠭᠡᠨ᠎ᠡ ᠪᠠᠢᠬ᠎ᠠ ᠭᠡᠯᠡ᠃
ᠦᠷ ᠴᠠᠢᠬᠤ ᠡᠴᠡ ᠡᠮᠦᠨ᠎ᠡ ᠲᠡᠮᠦᠷ ᠮᠣᠷᠳᠠᠨ ᠶᠠᠪᠤᠵᠠᠢ᠃ ᠥᠷᠯᠥᠭᠡ ᠡᠷᠲᠡ ᠢᠲᠡᠭᠡᠯᠲᠦ ᠡᠷᠳᠡᠨᠢ ᠶ᠋ᠢᠨ ᠳ᠋ᠦ᠍ ᠣᠷᠣᠵᠤ ᠢᠷᠡᠭᠡᠳ 《ᠤᠷᠢᠳᠤ ᠰᠥᠨᠢ ᠲᠠᠨ ᠤ᠋ ᠳ᠋ᠤ᠌ ᠶᠠᠭᠤᠨ ᠬᠥᠮᠦᠨ ᠢᠷᠡᠪᠡ?》 ᠭᠡᠵᠦ ᠠᠰᠠᠭᠤᠬᠤ ᠳ᠋ᠤᠨᠢ ᠡᠷᠳᠡᠨᠢ 《ᠦᠯᠦ ᠲᠠᠨᠢᠬᠤ ᠬᠣᠨᠣᠴᠠ ᠢᠷᠡᠭᠡᠳ ᠶᠠᠪᠤᠭᠰᠠᠨ》 ᠭᠡᠵᠦ ᠠᠵᠢᠭ ᠦᠭᠡᠢ ᠬᠠᠷᠢᠭᠤᠯᠪᠠ᠃
ᠡᠷᠳᠡᠨᠢ ᠶ᠋ᠢᠨ ᠳ᠋ᠦ᠍ ᠬᠥᠮᠦᠨ ᠢᠷᠡᠭᠡᠳ᠂ ᠲᠣᠭᠣᠭ᠎ᠠ ᠰᠢᠨᠠᠭ᠎ᠠ ᠬᠠᠩᠭᠢᠨᠠᠵᠤ᠂ ᠳᠦᠩᠭᠡᠷ ᠳᠦᠩᠭᠡᠷ ᠶᠠᠷᠢᠵᠤ ᠪᠠᠢᠬᠤ ᠶ᠋ᠢ ᠰᠡᠷᠡᠭ ᠢᠲᠡᠭᠡᠯᠲᠦ ᠮᠡᠳᠡᠭᠰᠡᠨ ᠢ᠋ᠶ᠋ᠡᠷ ᠪᠠᠷᠠᠬᠤ ᠦᠭᠡᠢ ᠰᠠᠮ ᠣᠴᠢᠵᠤ ᠭᠡᠷ ᠦ᠋ᠨ ᠭᠠᠳᠠᠨ᠎ᠠ ᠡᠴᠡ ᠨᠢ ᠴᠢᠩᠨᠠᠭᠠᠳ ᠴᠠᠬᠢᠭᠤᠷ ᠲᠡᠮᠦᠷ ᠪᠣᠯ ᠡᠷᠳᠡᠨᠢ ᠶ᠋ᠢᠨ ᠳᠡᠭᠦᠦ᠂ ᠬᠣᠩᠭᠣᠷ ᠨᠢ ᠲᠡᠮᠦᠷ ᠢ᠋ ᠤᠷᠭᠤᠵᠤ ᠭᠠᠷᠬᠤ ᠳ᠋ᠤ᠌ ᠲᠤᠰᠠᠯᠠᠭᠰᠠᠨ ᠪᠣᠯᠬᠣᠷ ᠲᠡᠮᠦᠷ ᠥᠪᠡᠷ ᠦ᠋ᠨ ᠬᠢ ᠳ᠋ᠦ᠍ᠨᠢ ᠭᠡᠮ ᠬᠢᠬᠦ ᠦᠭᠡᠢ᠂ ᠬᠠᠷᠢᠨ ᠨᠢᠭᠡᠨ ᠴᠠᠭ ᠲᠤ᠌ ᠬᠦᠦ ᠳ᠋ᠦ᠍ᠨᠢ ᠲᠤᠰᠠ ᠪᠣᠯᠬᠤ ᠶᠤᠮ ᠪᠠᠢᠨ᠎ᠠ ᠭᠡᠵᠦ ᠮᠡᠳᠡᠭᠡᠳ ᠪᠠᠶᠠᠷᠯᠠᠵᠤ ᠪᠠᠢᠯ᠎ᠠ᠃
ᠢᠲᠡᠭᠡᠯᠲᠦ ᠵᠠᠯᠢ ᠲᠠᠢ ᠨᠢᠳᠦ ᠪᠡᠷ ᠡᠷᠳᠡᠨᠢ ᠶ᠋ᠢ ᠰᠢᠷᠲᠡᠨ ᠪᠠᠢᠵᠤ ᠨᠢᠭᠡ ᠠᠶᠠᠭ᠎ᠠ ᠴᠠᠢ ᠤᠤᠭᠤᠭᠠᠳ ᠠᠶᠠᠭ᠎ᠠ ᠪᠠᠨ ᠲᠠᠯᠪᠢᠬᠤ ᠭᠡᠰᠡᠨ ᠢ᠋ᠶ᠋ᠡᠨ ᠪᠣᠯᠢᠵᠤ ᠦᠵᠡᠬᠦ ᠵᠠᠭᠤᠷ᠎ᠠ᠂
᠊᠊᠊᠊᠊᠊᠊᠊᠊᠊᠊᠊᠊᠊᠊ ᠡᠷᠳᠡᠨᠢ ᠮᠢᠨᠢ ᠨᠠᠳᠠ ᠡᠴᠡ ᠨᠢᠭᠤᠭᠠᠳ ᠶᠠᠭᠠᠬᠢᠬᠤᠪ᠃ ᠪᠢ ᠪᠦᠭᠦᠳᠡ ᠶ᠋ᠢ ᠮᠡᠳᠡᠭᠰᠡᠨ᠃ ᠬᠤᠪᠤᠨ ᠬᠥᠬᠡ ᠤᠤ ᠳᠠ᠃ ᠠᠢᠬᠤᠪᠲᠤᠷ ᠴᠢᠨᠣ᠎ᠠ ᠶᠤᠮ ᠳᠠ᠃ ᠴᠤᠪᠠ ᠶ᠋ᠢ ᠮᠢᠨᠢ ᠳᠡᠭᠦᠦ ᠳ᠋ᠦ᠍ ᠴᠢᠨᠢ ᠥᠭᠭᠦᠭᠰᠡᠨ ᠪᠣᠯᠤᠯᠲᠠᠢ᠃ ᠪᠢ ᠴᠦ᠍ ᠲᠡᠷᠡ ᠣᠷᠣᠢ ᠨᠢ ᠦᠭᠡᠢᠯᠡᠭᠰᠡᠨ ᠶᠤᠮ᠃ ᠭᠡᠬᠦ ᠳ᠋ᠡᠭᠡᠨ ᠥᠭᠡᠷ᠎ᠡ ᠬᠥᠮᠦᠨ ᠢ᠋ ᠬᠠᠷᠠᠳᠠᠵᠤ ᠨᠢᠭᠦᠯ ᠬᠤᠷᠢᠶᠠᠭᠰᠠᠨ ᠪᠠᠢᠨ᠎ᠠ ᠭᠡᠳ ᠨᠠᠷᠢᠬᠠᠨ ᠳᠠᠭᠤ ᠪᠠᠷ ᠢᠨᠴᠠᠭᠠᠯᠠᠨ ᠢᠨᠢᠶᠡᠪᠡ᠃
᠊᠊᠊᠊᠊᠊᠊᠊᠊᠊᠊᠊᠊᠊᠊ ᠨᠠᠳᠠ ᠰᠢᠭ᠋ ᠴᠠᠭᠠᠴᠢ ᠬᠥᠮᠦᠨ ᠳ᠋ᠦ᠍ ᠬᠡᠴᠡᠭᠦᠦ ᠶᠤᠮ ᠪᠠᠢᠨ᠎ᠠ ᠰᠢᠦ᠂ ᠢᠲᠡᠭᠡᠯᠲᠦ ᠮᠢᠨᠢ ᠭᠡᠳ ᠡᠷᠳᠡᠨᠢ ᠭᠡᠮᠰᠢᠯ ᠲᠡᠢ ᠪᠡᠷ ᠢᠨᠢᠶᠡᠮᠰᠦᠭᠯᠡᠪᠡ᠃
᠊᠊᠊᠊᠊᠊᠊᠊᠊᠊᠊᠊᠊᠊᠊ ᠴᠢ ᠮᠥᠨ ᠬᠢᠨᠠᠮᠠᠭᠠᠢ ᠬᠥᠮᠦᠨ ᠶᠤᠮ ᠳᠡ᠃ ᠮᠢᠨᠦ ᠪᠣᠳᠣᠯ ᠢ᠋ᠶ᠋ᠠᠷ ᠲᠡᠮᠦᠷ ᠮᠠᠭᠤ ᠬᠥᠮᠦᠨ ᠪᠢᠰᠢ ᠶᠤᠮ ᠰᠢᠦ᠃ ᠲᠠᠨᠢᠯᠴᠠᠬᠤ ᠶᠤᠮᠰᠠᠨ ᠭᠡᠳ ᠡᠷᠳᠡᠨᠢ ᠤᠷᠤᠭᠤ ᠬᠠᠷᠠᠯ᠎ᠠ᠃ ᠢᠲᠡᠭᠡᠯᠲᠦ ᠶ᠋ᠢᠨ ᠨᠢᠭᠤᠷ ᠲᠤ᠌ ᠦᠨᠡᠨ ᠰᠡᠳᠬᠢᠯ ᠲᠣᠳᠣᠷᠬᠠᠢ ᠪᠠᠢᠬᠤ ᠶ᠋ᠢ ᠡᠷᠳᠡᠨᠢ ᠣᠯᠵᠤ ᠬᠠᠷᠠᠯ᠎ᠠ᠃
᠊᠊᠊᠊᠊᠊᠊᠊᠊᠊᠊᠊᠊᠊᠊ ᠲᠡᠨᠦᠵᠦ ᠶᠠᠪᠤᠭᠠᠳ ᠢᠷᠡᠪᠡᠯ ᠲᠠᠨᠢᠯᠴᠠᠭᠤᠯᠵᠤ ᠪᠣᠯᠬᠤ ᠪᠠᠢᠯᠭᠦᠢ ᠳᠡ ᠭᠡᠳ ᠲᠦᠷᠡᠢ ᠡᠴᠡ ᠪᠡᠨ ᠮᠣᠳᠣ ᠲᠣᠯᠣᠭᠠᠢ ᠪᠠᠨ ᠠᠪᠴᠤ ᠲᠠᠮᠠᠬᠢ ᠨᠡᠷᠡᠪᠡ᠃
᠊᠊᠊᠊᠊᠊᠊᠊᠊᠊᠊᠊᠊᠊᠊ ᠵᠡᠭᠦᠨ ᠠᠢᠮᠠᠭ ᠤ᠋ᠨ ᠬᠤᠷᠳᠤ ᠲᠠᠢ ᠭᠠᠵᠠᠷ ᠡᠴᠡ ᠬᠢᠵᠠᠯᠠᠩ ᠦᠷᠢᠶ᠎ᠡ ᠠᠪᠴᠢᠷᠠᠵᠤ ᠠᠵᠢᠷᠭ᠎ᠠ ᠲᠠᠯᠪᠢᠬᠤ ᠶᠤᠮᠰᠠᠨ᠃ ᠲᠡᠮᠦᠷ ᠲᠦ᠍ ᠵᠠᠬᠢᠪᠠᠯ ᠶᠠᠭᠤ ᠪᠠᠢᠬᠤᠪ ᠳᠠ᠂ ᠣᠯᠤᠭᠠᠳ ᠥᠭᠭᠦᠨ᠎ᠡ ᠳᠡ᠃
᠊᠊᠊᠊᠊᠊᠊᠊᠊᠊᠊᠊᠊᠊᠊ ᠬᠤᠯᠠᠭᠠᠢ ᠶ᠋ᠢᠨ ᠶᠠᠭᠤᠮ᠎ᠠ ᠠᠪᠴᠢᠷᠠᠵᠤ ᠥᠭᠭᠦᠨ᠎ᠡ ᠰᠢᠦ ᠳᠡ᠃
᠊᠊᠊᠊᠊᠊᠊᠊᠊᠊᠊᠊᠊᠊᠊ ᠰᠠᠢᠨ ᠡᠷ᠎ᠡ ᠬᠣᠯᠠ ᠡᠴᠡ ᠠᠪᠳᠠᠭ ᠪᠣᠯᠬᠣᠷ ᠬᠡᠯᠡ ᠤᠯᠠ ᠭᠠᠷᠬᠤ ᠦᠭᠡᠢ᠃ ᠪᠠᠰᠠ ᠲᠡᠭᠡᠭᠡᠳ ᠬᠤᠯᠠᠭᠠᠢ ᠶ᠋ᠢᠨ ᠶᠠᠭᠤᠮ᠎ᠠ ᠶ᠋ᠢ ᠤᠴᠢᠷ ᠮᠡᠳᠡᠵᠦ ᠠᠪᠳᠠᠭ ᠦᠭᠡᠢ ᠪᠠᠶᠠᠨ ᠬᠥᠮᠦᠨ ᠵᠠᠶᠠᠭ᠎ᠠ ᠨᠢ ᠣᠷᠬᠢᠭᠰᠠᠨ ᠨᠠᠳᠠ ᠡᠴᠡ ᠥᠭᠡᠷ᠎ᠡ ᠪᠠᠢᠳᠠᠭ ᠦᠭᠡᠢ ᠪᠠᠢᠬ᠎ᠠ ᠠ᠋ ᠭᠡᠳ ᠬᠥᠭᠵᠢᠯᠲᠡᠢ ᠢᠨᠢᠶᠡᠪᠡ᠃
ᠲᠤᠯᠭᠠᠷ ᠲᠠᠢ ᠬᠠᠮᠲᠤ ᠳᠤᠯᠮ᠎ᠠ ᠣᠷᠣᠵᠤ ᠢᠷᠡᠭᠡᠳ ᠲᠤᠯᠭᠠᠷ ᠲᠤ᠌ ᠢᠲᠡᠭᠡᠯᠲᠦ ᠶ᠋ᠢᠨ ᠪᠡᠯᠡᠭᠯᠡᠭᠰᠡᠨ ᠠᠯᠴᠢᠭᠤᠷ ᠢ᠋ ᠭᠤᠶᠤᠨ ᠠᠪᠴᠤ ᠲᠣᠯᠣᠭᠠᠢ ᠪᠠᠨ ᠪᠣᠭᠣᠭᠠᠳ ᠲᠤᠯᠭᠠᠷ ᠤ᠋ᠨ ᠬᠠᠭᠠᠷᠬᠠᠢ ᠲᠣᠯᠢ ᠶ᠋ᠢ ᠠᠪᠴᠤ ᠬᠠᠷᠠᠬᠤ ᠳ᠋ᠤᠨᠢ 《ᠳᠤᠯᠮ᠎ᠠ ᠨᠠᠭᠠᠳᠤᠮ ᠳ᠋ᠤ᠌ ᠶᠠᠪᠤᠬᠤ ᠨᠢ ᠤᠤ?》 ᠭᠡᠵᠦ ᠢᠲᠡᠭᠡᠯᠲᠦ ᠶᠣᠵᠣᠲᠠᠢ ᠬᠡᠯᠡᠪᠡ᠃
᠊᠊᠊᠊᠊᠊᠊᠊᠊᠊᠊᠊᠊᠊᠊ ᠭᠤᠶᠤᠵᠤ ᠶᠠᠪᠤᠪᠠᠯ ᠠᠮᠢᠲᠠᠨ ᠬᠠᠷᠠᠵᠤ ᠪᠠᠢᠬᠤ ᠪᠣᠯᠪᠠ ᠤᠤ ᠭᠡᠵᠦ ᠭᠣᠷᠢᠳᠠᠬᠤ ᠶᠤᠮ ᠭᠡᠳ ᠳᠤᠯᠮ᠎ᠠ ᠭᠠᠷᠴᠤ ᠣᠳᠤᠯ᠎ᠠ᠃
ᠬᠦᠢᠲᠡᠨ ᠵᠢᠪᠡᠭᠦᠨ ᠰᠠᠯᠬᠢ ᠳᠤᠯᠮ᠎ᠠ ᠲᠡᠮᠦᠷ ᠬᠣᠶᠠᠷ ᠤ᠋ᠨ ᠰᠡᠳᠬᠢᠯ ᠵᠢᠷᠦᠬᠡᠨ ᠦ᠌ ᠪᠡᠨ ᠨᠢᠭᠤᠴᠠ ᠶ᠋ᠢ ᠵᠠᠳᠠᠯᠤᠨ ᠶᠠᠷᠢᠯᠴᠠᠬᠤ ᠳ᠋ᠤ᠌ ᠰᠠᠭᠠᠳ ᠪᠣᠯᠤᠭᠰᠠᠨ ᠦᠭᠡᠢ᠃ ᠡᠷᠳᠡᠨᠢ ᠶ᠋ᠢᠨ ᠬᠢ ᠡᠴᠡ ᠶᠠᠪᠤᠭᠰᠠᠨ ᠤ᠋ ᠳᠠᠷᠠᠭ᠎ᠠ ᠲᠡᠮᠦᠷ ᠡᠨᠡ ᠨᠤᠲᠤᠭ ᠡᠴᠡ ᠬᠣᠯᠠᠳᠴᠤ ᠴᠢᠳᠠᠭᠰᠠᠨ ᠦᠭᠡᠢ ᠬᠡᠳᠦ ᠬᠣᠨᠣᠪᠠ᠃ ᠰᠥᠨᠢ ᠨᠢ ᠮᠣᠳᠣᠨ ᠳ᠋ᠤ᠌ ᠬᠣᠨᠣᠵᠤ ᠡᠳᠦᠷ ᠨᠢ ᠳᠤᠯᠮ᠎ᠠ ᠲᠠᠢ ᠠᠭᠤᠯᠵᠠᠵᠤ ᠪᠠᠢᠪᠠ᠃
ᠠᠮᠢᠳᠤᠷᠠᠯ ᠢ᠋ ᠵᠢᠭᠰᠢᠨ᠂ ᠪᠦᠬᠦᠨ ᠢ᠋ ᠵᠠᠨᠤᠭᠰᠠᠨ ᠳᠤᠯᠮ᠎ᠠ ᠶ᠋ᠢᠨ ᠰᠡᠳᠬᠢᠯ ᠬᠤᠪᠢᠷᠠᠨ ᠳᠥᠩᠭᠡᠵᠢ ᠭᠠᠷᠤᠭᠰᠠᠨ ᠨᠠᠮᠤᠷ ᠤ᠋ᠨ ᠬᠡᠨᠵᠡ ᠬᠤᠷᠠᠭᠠᠨ ᠤ᠋ ᠦᠰᠦ ᠰᠢᠭ ᠵᠥᠭᠡᠯᠡᠨ ᠪᠤᠯᠪᠠᠷᠠᠢ ᠪᠣᠯᠤᠭᠰᠠᠨ ᠪᠣᠯ ᠪᠣᠷᠭᠢᠯᠵᠢᠵᠤ ᠴᠢᠯᠠᠭᠤᠵᠢᠭᠰᠠᠨ ᠲᠡᠮᠦᠷ ᠦ᠋ᠨ ᠵᠢᠷᠦᠬᠡ ᠪᠠᠶᠠᠷ ᠳᠣᠭᠳᠣᠯᠤᠯ ᠢ᠋ᠶ᠋ᠠᠷ ᠳᠦᠭᠦᠷᠴᠦ ᠰᠡᠳᠬᠢᠯ ᠨᠢ ᠳᠣᠷᠭᠢᠵᠤ ᠪᠠᠢᠭ᠎ᠠ ᠴᠢᠩᠭ᠎ᠠ ᠲᠠᠲᠠᠭᠰᠠᠨ ᠤᠲᠠᠰᠤ ᠰᠢᠭ᠋ ᠴᠡᠴᠡᠷᠡᠵᠦ ᠪᠠᠢᠪᠠ᠃
ᠳᠤᠯᠮ᠎ᠠ ᠶ᠋ᠢᠨ ᠵᠣᠪᠠᠯᠠᠩᠲᠤ ᠠᠮᠢᠳᠤᠷᠠᠯ ᠤ᠋ᠨ ᠲᠤᠬᠠᠢ ᠰᠣᠨᠣᠰᠬᠤ ᠳᠣᠳᠣᠮ ᠲᠡᠮᠦᠷ ᠦ᠋ᠨ ᠰᠡᠳᠬᠢᠯ ᠤᠶᠠᠷᠠᠵᠤ ᠬᠠᠢᠷᠠᠯᠠᠬᠤ᠂ ᠦᠷᠦ ᠡᠪᠡᠳᠬᠦ ᠨᠢᠭᠡᠳᠦᠨ ᠣᠪᠣᠯᠵᠠᠵᠤ ᠪᠠᠢᠭᠰᠠᠨ ᠪᠣᠯ ᠳᠤᠯᠮ᠎ᠠ ᠳᠣᠮᠣᠭ ᠰᠢᠭ᠋ ᠶᠠᠭᠤᠮ᠎ᠠ ᠰᠣᠨᠣᠰᠴᠤ ᠭᠠᠢᠬᠠᠨ ᠪᠠᠢᠭᠰᠠᠨ ᠲᠡᠮᠦᠷ ᠲᠡᠢ ᠥᠪᠡᠷ ᠲᠡᠢ ᠨᠢ ᠣᠳᠣ ᠵᠡᠷᠭᠡᠴᠡᠨ ᠰᠠᠭᠤᠭᠠᠳ ᠢᠨᠠᠭ ᠤ᠋ᠨ ᠬᠠᠯᠠᠭᠤᠨ ᠰᠡᠳᠬᠢᠯ ᠢ᠋ᠶ᠋ᠡᠨ ᠨᠡᠭᠡᠭᠡᠨ ᠶᠠᠷᠢᠵᠤ ᠪᠠᠢᠬᠤ ᠳ᠋ᠤ᠌ ᠶᠢᠷᠲᠢᠨᠴᠦ ᠶ᠋ᠢᠨ ᠬᠠᠮᠤᠭ ᠰᠠᠢᠨ ᠰᠠᠢᠬᠠᠨ ᠪᠦᠬᠦᠨ ᠵᠢᠷᠭᠠᠯ ᠢ᠋ ᠨᠢ ᠪᠦᠲᠦᠭᠡᠬᠦ ᠭᠡᠵᠦ ᠬᠦᠴᠦ ᠭᠠᠷᠭᠠᠨ ᠵᠢᠳᠬᠦᠵᠦ ᠪᠠᠢᠬᠤ ᠰᠢᠭ᠋ ᠪᠣᠳᠣᠭᠳᠠᠵᠤ ᠪᠠᠢᠯ᠎ᠠ᠃
᠊᠊᠊᠊᠊᠊᠊᠊᠊᠊᠊᠊᠊᠊᠊ ᠴᠢ ᠨᠠᠮᠢ᠋ᠢ ᠣᠳᠣ ᠠᠪᠤᠭᠠᠳ ᠶᠠᠪᠤᠭᠠᠴᠢ ᠳᠠ᠃
᠊᠊᠊᠊᠊᠊᠊᠊᠊᠊᠊᠊᠊᠊᠊ ᠪᠣᠯᠬᠤ ᠦᠭᠡᠢ᠂ ᠶᠠᠭ ᠯᠠ ᠢᠷᠡᠬᠦ ᠵᠤᠨ ᠤ᠋ ᠳᠤᠮᠳᠠ ᠰᠠᠷ᠎ᠠ ᠶ᠋ᠢᠨ ᠠᠷᠪᠠᠨ ᠨᠢᠮᠡᠨ ᠦ᠌ ᠰᠠᠷ᠎ᠠ ᠭᠠᠷᠬᠤ ᠦᠶ᠎ᠡ ᠳ᠋ᠦ᠍ ᠪᠢ ᠳᠥᠷᠪᠡᠨ ᠬᠣᠣᠰ ᠮᠣᠷᠢ ᠲᠠᠢ ᠵᠣᠭᠰᠣᠵᠤ ᠪᠠᠢᠨ᠎ᠠ ᠭᠡᠵᠦ ᠲᠡᠮᠦᠷ ᠦ᠋ᠨ ᠬᠡᠯᠡᠬᠦ ᠳ᠋ᠦ᠍ ᠪᠦᠬᠦ ᠨᠠᠰᠤᠨ ᠳ᠋ᠠᠭᠠᠨ ᠦᠨᠡᠨ ᠦᠭᠡ ᠰᠣᠨᠣᠰᠤᠭ᠎ᠠ ᠦᠭᠡᠢ ᠮᠡᠲᠦ ᠪᠣᠳᠣᠵᠤ ᠶᠠᠪᠤᠳᠠᠭ ᠳᠤᠯᠮ᠎ᠠ ᠭᠣᠮᠣᠳᠠᠯ ᠲᠠᠢ ᠪᠠᠷ 《ᠨᠠᠮᠢ᠋ᠢ ᠬᠠᠭᠤᠷᠤᠭᠠᠳ ᠶᠠᠭᠠᠬᠢᠨ᠎ᠠ ᠪᠣᠢ ᠳᠠ》 ᠭᠡᠯᠡ᠃
᠊᠊᠊᠊᠊᠊᠊᠊᠊᠊᠊᠊᠊᠊᠊ ᠳᠤᠯᠮ᠎ᠠ ᠮᠢᠨᠢ ᠨᠠᠮᠢ᠋ᠢ ᠢᠳᠡᠭᠡ᠃ ᠪᠢ ᠬᠡᠯᠡᠭᠰᠡᠨ ᠳ᠋ᠡᠭᠡᠨ ᠵᠠᠪᠠᠯ ᠬᠦᠷᠦᠨ᠎ᠡ᠃ ᠴᠢ ᠯᠡ ᠪᠠᠢᠵᠤ ᠪᠠᠢᠭᠠᠷᠠᠢ ᠭᠡᠳ ᠲᠡᠮᠦᠷ ᠳᠤᠯᠮ᠎ᠠ ᠶ᠋ᠢᠨ ᠭᠠᠷ ᠢ᠋ ᠪᠠᠷᠢᠵᠤ ᠢᠯᠢᠪᠡ᠃
᠊᠊᠊᠊᠊᠊᠊᠊᠊᠊᠊᠊᠊᠊᠊ ᠪᠢ ᠴᠢᠮ᠎ᠠ ᠳ᠋ᠤ᠌ ᠢᠲᠡᠭᠡᠶ᠎ᠡ ᠭᠡᠵᠦ ᠦᠨᠡᠨ ᠰᠡᠳᠬᠢᠯ ᠡᠴᠡ ᠪᠡᠨ ᠬᠢᠴᠢᠶᠡᠵᠦ ᠪᠠᠢᠨ᠎ᠠ᠃
᠊᠊᠊᠊᠊᠊᠊᠊᠊᠊᠊᠊᠊᠊᠊ ᠪᠢ ᠬᠠᠭᠤᠷᠬᠤ ᠦᠭᠡᠢ᠂ ᠳᠤᠯᠮ᠎ᠠ ᠮᠢᠨᠢ᠃
ᠬᠦᠢᠲᠡᠨ ᠰᠠᠯᠬᠢ ᠦᠯᠢᠶᠡᠨ ᠬᠠᠶᠠ ᠬᠠᠶᠠ ᠤᠷᠤᠰᠤᠨ ᠬᠠᠶᠠᠯᠠᠵᠤ ᠳᠣᠣᠷ᠎ᠠ ᠪᠠᠨ ᠬᠠᠢᠯᠵᠤ ᠪᠠᠢᠭ᠎ᠠ ᠮᠠᠯᠠᠭᠠᠢᠷᠠᠭᠰᠠᠨ ᠴᠠᠰᠤ᠂ ᠳᠦᠯᠡᠢᠷᠡᠭᠰᠡᠨ ᠪᠢᠲᠡᠭᠦᠦ ᠬᠠᠷ᠎ᠠ ᠡᠭᠦᠯᠡ ᠬᠣᠶᠠᠷ ᠬᠠᠢᠷ᠎ᠠ ᠶ᠋ᠢᠨ ᠭᠠᠯ ᠪᠠᠳᠠᠷᠠᠭᠰᠠᠨ ᠲᠡᠳᠡᠨ ᠦ᠌ ᠰᠡᠳᠬᠢᠯ ᠢ᠋ ᠶᠠᠭᠠᠬᠢᠨ ᠨᠡᠪᠲᠡᠯᠵᠦ ᠴᠢᠳᠠᠬᠤ ᠪᠢᠯᠡ᠃
ᠬᠦᠢᠲᠡᠨ ᠨᠠᠮᠤᠷ ᠥᠪᠡᠷᠮᠢᠴᠡ ᠭᠤᠸ᠎ᠠ ᠦᠵᠡᠰᠬᠦᠯᠡᠩ ᠲᠡᠢ ᠪᠠᠢᠳᠠᠭ ᠪᠥᠭᠡᠳ ᠲᠡᠭᠦᠨ ᠢ᠋ ᠳᠤᠯᠮ᠎ᠠ ᠲᠡᠮᠦᠷ ᠬᠣᠶᠠᠷ ᠦᠨᠡᠨ ᠰᠡᠳᠬᠢᠯ ᠡᠴᠡ ᠪᠡᠨ ᠣᠢᠯᠠᠭᠠᠵᠤ ᠭᠠᠩᠳᠠᠨ ᠰᠢᠷᠠᠯᠠᠭᠰᠠᠨ ᠮᠣᠳᠣ᠂ ᠬᠠᠲᠠᠭᠤᠷᠠᠨ ᠬᠠᠯᠢᠭᠤᠷᠠᠭᠰᠠᠨ ᠭᠢᠯᠭᠠᠨ᠎ᠠ᠂ ᠴᠠᠰᠤᠨ ᠳ᠋ᠤ᠌ ᠬᠤᠴᠢᠭᠳᠠᠭᠰᠠᠨ ᠠᠭᠤᠯᠠ ᠶ᠋ᠢᠨ ᠣᠷᠣᠢ ᠴᠥᠮ ᠡᠨᠡ ᠬᠣᠶᠠᠷ ᠲᠠᠢ ᠬᠠᠮᠲᠤ ᠬᠥᠭᠵᠢᠯᠳᠦᠵᠦ ᠪᠠᠢᠯ᠎ᠠ᠃
