ᠲᠤᠩᠭᠠᠯᠠᠭ ᠲᠠᠮᠢᠷ2-10-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ2-10-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ2-10-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-02

1232

《ᠦᠭᠡ ᠴᠢᠨᠢ ᠦᠬᠡᠷ ᠦ᠋ᠨ ᠪᠠᠭᠠᠰᠤ᠂ ᠶᠠᠷᠢᠶ᠎ᠠ ᠴᠢᠨᠢ ᠢᠮᠠᠭᠠᠨ ᠤ᠋ ᠬᠣᠷᠭᠣᠯ》 - ᠬᠣᠶᠠᠳᠤᠭᠠᠷ ᠪᠦᠯᠦᠭ ᠠᠷᠪᠠ

  ᠬᠠᠪᠤᠷ ᠬᠠ ᠶᠠ ᠦᠭᠡᠢ ᠡᠬᠢᠯᠡᠪᠡ᠃ ᠣᠯᠠᠨ ᠵᠢᠯ ᠦ᠋ᠨ ᠲᠤᠷᠰᠢ ᠲᠦᠮᠡᠨ ᠯᠠᠮᠠ ᠶ᠋ᠢᠨ ᠬᠥᠯ ᠳ᠋ᠦ᠍ ᠳᠠᠳᠤᠭᠰᠠᠨ ᠵᠠᠶ᠎ᠠ ᠶ᠋ᠢᠨ ᠬᠦᠷᠢᠶᠡᠨ ᠦ᠌ ᠭᠤᠳᠤᠮᠵᠢᠨ ᠳ᠋ᠤ᠌ ᠴᠤ᠌ ᠬᠠᠪᠤᠷ ᠳᠣᠪᠲᠣᠯᠤᠨ ᠣᠷᠣᠵᠤ ᠢᠷᠡᠯ᠎ᠡ᠃ ᠬᠠᠰᠢᠶᠠᠨ ᠤ᠋ ᠢᠷᠣᠭᠠᠷ ᠢ᠋ᠶ᠋ᠠᠷ ᠯᠤᠤᠯᠢ᠂ ᠬᠡᠨᠵᠡ ᠨᠣᠭᠣᠭ᠎ᠠ ᠰᠣᠶᠣᠭᠠᠯᠠᠨ ᠭᠤᠳᠤᠮᠵᠢᠨ ᠳ᠋ᠤ᠌ ᠱᠠᠯᠪᠠᠭ ᠲᠣᠭᠲᠠᠵᠤ ᠡᠳᠦᠷ ᠥᠩᠭᠡᠷᠡᠬᠦ ᠳᠣᠳᠣᠮ ᠳᠤᠯᠠᠭᠠᠷᠠᠵᠤ ᠪᠠᠢᠯ᠎ᠠ᠃ ᠪᠠᠢᠨ ᠪᠠᠢᠨ ᠰᠠᠯᠬᠢ ᠰᠢᠷᠣᠢ ᠪᠣᠰᠴᠤ᠂ ᠲᠣᠢᠯᠠᠭ᠎ᠠ ᠴᠠᠰᠤ ᠮᠠᠨᠠᠷᠠᠨ ᠣᠷᠣᠪᠠᠴᠤ ᠬᠠᠪᠤᠷ ᠢᠯᠠᠵᠤ ᠲᠩᠷᠢ ᠶ᠋ᠢᠨ ᠥᠩᠭᠡ ᠤᠯᠠᠮ ᠪᠦᠷ ᠬᠥᠬᠡᠷᠡᠨ ᠲᠤᠩᠭᠠᠯᠠᠭ ᠪᠣᠯᠤᠨ᠎ᠠ᠃ ᠬᠠᠪᠤᠷ ᠬᠦᠯᠦᠭ ᠮᠣᠷᠢᠨ ᠤ᠋ ᠬᠠᠷᠠᠴᠠ᠂ ᠬᠥᠮᠦᠨ ᠦ᠌ ᠬᠦᠦ ᠶ᠋ᠢᠨ ᠰᠡᠳᠬᠢᠯ ᠨᠤᠲᠤᠭ ᠤ᠋ᠨ ᠵᠦᠭ ᠴᠢᠭᠯᠡᠳᠡᠭ ᠪᠣᠯᠬᠣᠷ ᠬᠦᠷᠢᠶᠡᠨ ᠳ᠋ᠦ᠍ ᠪᠠᠢᠭ᠎ᠠ ᠪᠠᠨᠳᠢ ᠨᠠᠷ ᠤ᠋ᠨ ᠶᠠᠷᠢᠶ᠎ᠠ ᠬᠣᠨᠢ ᠬᠤᠷᠠᠭ᠎ᠠ ᠬᠠᠷᠢᠭᠤᠯᠵᠤ ᠬᠤᠷᠳᠤᠨ ᠮᠣᠷᠢ ᠤᠨᠤᠵᠤ ᠶᠠᠪᠤᠭᠰᠠᠨ ᠳᠤᠷᠠᠳᠬᠠᠯ ᠤ᠋ᠨ ᠬᠦᠷᠢᠶ᠎ᠡ ᠡᠴᠡ ᠬᠣᠯᠠᠳᠴᠤ ᠴᠢᠳᠠᠳᠠᠭ ᠦᠭᠡᠢ ᠪᠢᠯᠡ᠃
  ᠵᠠᠶ᠎ᠠ ᠶ᠋ᠢᠨ ᠬᠦᠷᠢᠶᠡᠨ ᠦ᠌ ᠶᠡᠬᠡ ᠳᠠᠴᠠᠩ ᠤ᠋ᠨ ᠵᠡᠷᠭᠡᠴᠡᠭᠦᠯᠦᠨ ᠲᠠᠯᠪᠢᠭᠰᠠᠨ ᠵᠠᠪᠳᠤᠩ ᠤ᠋ᠨ ᠠᠷᠤ ᠶ᠋ᠢᠨ ᠡᠩᠨᠡᠭᠡᠨ ᠦ᠌ ᠳᠤᠮᠳᠠ ᠬᠢᠷᠢ ᠳ᠋ᠦ᠍ ᠬᠣᠩᠭᠣᠷ ᠬᠡᠳᠦᠨ ᠪᠠᠨᠳᠢ ᠶ᠋ᠢᠨ ᠬᠠᠮᠲᠤ ᠰᠠᠭᠤᠭᠠᠳ ᠯᠤᠤ ᠬᠦᠩ ᠦ᠋ᠨ ᠬᠣᠰᠢᠭᠤ ᠨᠠᠭᠠᠳᠤᠮ ᠳ᠋ᠤ᠌ ᠣᠷᠤᠯᠴᠠᠠᠰᠠᠨ ᠲᠤᠬᠠᠢ ᠪᠠᠨ ᠶᠠᠷᠢᠵᠤ ᠪᠠᠢᠲᠠᠯ᠎ᠠ ᠬᠤᠷᠠᠯ ᠲᠠᠷᠬᠠᠵᠤ ᠯᠠᠮᠠ ᠨᠠᠷ ᠭᠠᠷᠴᠠᠭᠠᠪᠠ᠃
  ᠬᠠᠪᠤᠷ ᠤ᠋ᠨ ᠴᠠᠭ ᠲᠤ᠌ ᠬᠥᠮᠦᠨ ᠦ᠌ ᠪᠡᠶ᠎ᠡ ᠨᠣᠵᠣᠭᠣᠷᠠᠨ᠂ ᠠᠯᠬᠤᠭ᠎ᠠ ᠨᠢ ᠤᠳᠠᠭᠠᠨ ᠪᠣᠯᠳᠠᠭ ᠪᠣᠯᠬᠣᠷ ᠲᠠᠷᠠᠵᠤ ᠪᠠᠢᠭ᠎ᠠ ᠯᠠᠮᠠ ᠨᠠᠷ ᠡᠪᠦᠯ ᠲᠡᠢ ᠠᠳᠠᠯᠢ ᠰᠢᠬᠠᠯᠳᠤᠨ ᠳᠠᠭᠠᠷᠢᠳᠠᠭ ᠦᠭᠡᠢ᠃ ᠬᠠᠷᠢᠨ ᠪᠠᠨᠳᠢ ᠨᠠᠷ ᠭᠦᠶᠦᠯᠳᠦᠨ ᠭᠠᠷᠴᠤ ᠵᠣᠳᠣᠯᠳᠤᠬᠤ ᠡᠴᠡ ᠡᠬᠢᠯᠡᠭᠡᠳ ᠮᠠᠢᠮᠠᠢᠯᠠᠬᠤ ᠬᠦᠷᠲᠡᠯ᠎ᠡ ᠪᠦᠬᠦ ᠠᠵᠢᠯ ᠢ᠋ᠶ᠋ᠠᠨ ᠬᠢᠳᠡᠭ ᠶᠤᠮ᠃
  ᠬᠣᠩᠭᠣᠷ ᠳᠤᠭᠠᠩ ᠡᠴᠡ ᠭᠠᠷᠤᠭᠠᠳ ᠣᠯᠠᠨ ᠤ᠋ ᠬᠥᠯ ᠡᠴᠡ ᠵᠠᠢᠯᠠᠨ ᠵᠣᠭᠰᠣᠲᠠᠯ᠎ᠠ ᠳᠡᠷᠭᠡᠳᠡ ᠨᠢ ᠭᠤᠷᠪᠠᠨ ᠪᠠᠨᠳᠢ ᠢᠷᠡᠯ᠎ᠡ᠃
  ᠊᠊᠊᠊᠊᠊᠊᠊᠊᠊᠊᠊᠊᠊᠊ ᠬᠣᠩᠭᠣᠷ ᠠ᠋᠂ ᠵᠢᠷᠭᠠᠯ ᠢ᠋ ᠵᠣᠳᠣᠭᠠᠳ ᠥᠭᠭᠦᠭᠡᠴᠢ᠃ ᠱᠠᠩ ᠢ᠋ ᠨᠢ ᠭᠣᠮᠣᠳᠠᠭᠠᠬᠤ ᠦᠭᠡᠢ ᠥᠭᠭᠦᠨ᠎ᠡ ᠰᠢᠦ ᠭᠡᠵᠦ ᠭᠤᠶᠤᠬᠤ ᠳ᠋ᠤᠨᠢ ᠬᠣᠩᠭᠣᠷ ᠲᠡᠳᠡᠨ ᠢ᠋ ᠲᠣᠭᠣᠮᠵᠢᠷ ᠦᠭᠡᠢ ᠶᠡᠬᠡᠮᠰᠦᠭ ᠢᠷᠪᠠᠢᠵᠤ᠄
  ᠊᠊᠊᠊᠊᠊᠊᠊᠊᠊᠊᠊᠊᠊᠊ ᠰᠠᠪᠠᠭ᠎ᠠ ᠦᠭᠡᠢ ᠨᠣᠬᠠᠢ ᠰᠠᠷᠠᠨ ᠳ᠋ᠤ᠌ ᠬᠤᠴᠠᠨ᠎ᠠ ᠭᠡᠭᠴᠢ ᠪᠡᠷ ᠵᠢᠷᠭᠠᠯ ᠳ᠋ᠤ᠌ ᠬᠤᠴᠠᠵᠤ ᠪᠠᠢᠵᠤ ᠨᠡᠭᠡᠭᠡᠯᠭᠡᠭᠰᠡᠨ ᠤᠤ? ᠭᠡᠵᠦ ᠠᠰᠠᠭᠤᠪᠠ᠃
  ᠵᠢᠷᠭᠠᠯ ᠭᠡᠳᠡᠭ ᠪᠣᠯ ᠨᠥᠭᠦᠭᠡ ᠬᠣᠩᠭᠣᠷ ᠪᠠᠲᠤ ᠬᠣᠶᠠᠷ ᠢ᠋ ᠵᠣᠳᠣᠭᠰᠠᠨ ᠭᠤᠢᠯᠢᠨᠴᠢᠨ ᠵᠢᠭᠠᠯ ᠪᠢᠯᠡ᠃ ᠵᠢᠷᠭᠠᠯ᠂ ᠬᠦᠷᠢᠶᠡᠨ ᠦ᠌ ᠵᠠᠬ᠎ᠠ ᠳ᠋ᠤ᠌ ᠣᠪᠣᠬᠠᠢ ᠭᠡᠷ ᠠᠯᠢ ᠨᠢ ᠪᠣᠯᠬᠤ ᠨᠢ ᠲᠠᠨᠢᠭᠳᠠᠬᠤ ᠦᠭᠡᠢ ᠪᠣᠯᠤᠭᠰᠠᠨ ᠪᠣᠷᠣ ᠭᠡᠷ ᠲᠦ᠍ ᠡᠬᠡ ᠲᠡᠢ ᠪᠡᠨ ᠬᠠᠮᠲᠤ ᠪᠠᠢᠳᠠᠭ ᠪᠥᠭᠡᠳ ᠡᠳᠦᠷᠵᠢᠨ ᠭᠤᠶᠤᠵᠤ ᠣᠯᠤᠭᠰᠠᠨ ᠶᠠᠭᠤᠮ᠎ᠠ ᠪᠠᠷ ᠬᠣᠶᠠᠷ ᠲᠣᠯᠣᠭᠠᠢ ᠠᠮᠢᠳᠤᠷᠠᠳᠠᠭ᠃ ᠬᠠᠲᠠᠭᠤ ᠠᠮᠢᠳᠤᠷᠠᠯ ᠵᠢᠷᠭᠠᠯ ᠢ᠋ ᠶᠡᠬᠡ ᠶᠠᠭᠤᠮᠠᠨ ᠳ᠋ᠤ᠌ ᠰᠤᠷᠭᠠᠭᠰᠠᠨ ᠤ᠋ ᠳᠣᠲᠣᠷ᠎ᠠ ᠪᠠᠷᠤᠭᠲᠠᠢ ᠪᠠᠨᠲᠠᠢ ᠳ᠋ᠤ᠌ ᠳᠠᠷᠤᠯᠠᠭᠤᠯᠬᠤ ᠦᠭᠡᠢ ᠤᠷᠢᠲᠠᠵᠤ ᠨᠠᠷᠮᠠᠢ ᠳ᠋ᠤᠨᠢ ᠬᠦᠷᠴᠦ ᠴᠢᠳᠠᠳᠠᠭ ᠰᠤᠷᠭᠠᠭᠤᠯᠢ ᠲᠠᠢ ᠪᠣᠯᠭᠠᠵᠠᠢ᠃
  ᠠᠩᠬ᠎ᠠ ᠬᠦᠷᠢᠶᠡᠨ ᠳᠡᠭᠡᠷ᠎ᠡ ᠢᠷᠡᠭᠰᠡᠨ ᠴᠠᠭ ᠡᠴᠡ ᠬᠣᠢᠰᠢ ᠬᠣᠩᠭᠣᠷ ᠰᠦᠷᠡᠬᠡᠢ ᠵᠣᠳᠣᠭᠠᠴᠢ ᠪᠣᠯᠵᠠᠢ᠃
  ᠠᠩᠬᠠᠨ ᠳ᠋ᠠᠭᠠᠨ ᠵᠦᠭᠡᠷ ᠶᠠᠪᠤᠭᠰᠠᠨ ᠭᠡᠮ ᠦᠭᠡᠢ ᠪᠠᠨᠲᠠᠢ ᠶ᠋ᠢ ᠴᠦ᠍ ᠡᠳᠦᠵᠦ ᠪᠠᠢᠭᠠᠳ ᠵᠣᠳᠣᠵᠤ ᠪᠠᠢᠭᠰᠠᠨ ᠪᠣᠯ ᠰᠡᠭᠦᠯ ᠳ᠋ᠡᠭᠡᠨ ᠰᠠᠢᠨ ᠵᠣᠳᠣᠭᠠᠴᠢᠨ ᠭᠡᠵᠦ ᠨᠡᠷ᠎ᠡ ᠳ᠋ᠦ᠍ ᠭᠠᠷᠤᠭᠰᠠᠨ ᠲᠠᠢ ᠨᠢ ᠰᠢᠯᠢᠵᠦ ᠵᠣᠳᠣᠯᠳᠤᠳᠠᠭ ᠪᠣᠯᠵᠠᠢ᠃ ᠪᠠᠰᠠ ᠰᠡᠭᠦᠯ ᠦ᠋ᠨ ᠦᠶ᠎ᠡ ᠳ᠋ᠦ᠍ ᠪᠠᠨᠳᠢ ᠨᠠᠷ ᠡᠴᠡ ᠬᠥᠯᠥᠰᠥ ᠠᠪᠴᠤ ᠥᠰᠢᠶ᠎ᠡ ᠲᠡᠢ ᠬᠥᠮᠦᠨ ᠢ᠋ ᠨᠢ ᠵᠣᠳᠣᠵᠤ ᠥᠭᠳᠡᠭ ᠪᠣᠯᠤᠭᠰᠠᠨ᠃ ᠬᠠᠷᠢᠨ ᠵᠢᠷᠭᠠᠯ ᠲᠠᠢ ᠠᠩᠬ᠎ᠠ ᠵᠣᠳᠣᠭᠤᠯᠤᠭᠰᠠᠨ ᠡᠴᠡ ᠬᠣᠢᠰᠢ ᠵᠣᠳᠣᠯᠳᠤᠵᠤ ᠦᠵᠡᠭᠡ ᠦᠭᠡᠢ ᠶᠠᠪᠤᠵᠠᠢ᠃ ᠡᠭᠦᠨ ᠦ᠌ ᠰᠢᠯᠲᠠᠭᠠᠨ ᠪᠣᠯ ᠲᠡᠷᠡ ᠬᠣᠶᠠᠷ ᠤ᠋ᠨ ᠠᠯᠢ ᠨᠢᠭᠡ ᠨᠢ ᠨᠥᠭᠦᠭᠡ ᠡᠴᠡ ᠪᠡᠨ ᠠᠶᠤᠭᠰᠠᠨ ᠬᠡᠷᠡᠭ ᠪᠢᠰᠢ᠃ ᠬᠠᠷᠢᠨ ᠵᠦᠭᠡᠷ ᠯᠡ ᠤᠴᠠᠷᠠᠵᠤ ᠲᠠᠭᠠᠷᠠᠯᠳᠤᠭ᠎ᠠ ᠦᠭᠡᠢ ᠡᠴᠡ ᠪᠣᠯᠵᠠᠢ᠃
  ᠭᠤᠷᠪᠠᠨ ᠪᠠᠨᠳᠢ ᠥᠰᠢᠶ᠎ᠡ ᠠᠪᠴᠤ ᠥᠭᠬᠦ ᠶ᠋ᠢ ᠵᠡᠷᠭᠡ ᠵᠡᠷᠭᠡ ᠭᠤᠶᠤᠪᠠ᠃ ᠵᠢᠷᠭᠠᠯ ᠠᠮᠤᠷ ᠦᠭᠡᠢ ᠵᠣᠳᠣᠭᠠᠴᠢᠨ ᠪᠥᠭᠡᠳ ᠲᠡᠭᠦᠨ ᠦ᠌ ᠣᠨᠣᠪᠴᠢᠲᠠᠢ ᠴᠣᠬᠢᠯᠲᠠ᠂ ᠱᠠᠯᠠᠮᠠᠭᠠᠢ ᠵᠠᠢᠯᠠᠯᠲᠠ᠂ ᠢᠯᠠᠩᠭᠤᠶ᠎ᠠ ᠦ ᠠᠯᠳᠠᠬᠤ ᠦᠭᠡᠢ ᠬᠠᠮᠠᠷ ᠤᠨᠤᠳᠠᠭ ᠢᠰᠬᠦᠯᠦᠯᠲᠡ ᠶ᠋ᠢ ᠬᠣᠩᠭᠣᠷ ᠬᠡᠳᠦᠨ ᠤᠳᠠᠭ᠎ᠠ ᠪᠠᠬᠠᠷᠬᠠᠨ ᠬᠠᠷᠠᠵᠤ ᠪᠠᠢᠭᠰᠠᠨ᠃ ᠬᠣᠩᠭᠣᠷ ᠲᠤ᠌ ᠵᠢᠷᠭᠠᠯ ᠢ᠋ ᠳᠡᠢᠯᠦᠨ᠎ᠡ ᠭᠡᠬᠦ ᠨᠠᠢᠳᠠᠪᠤᠷᠢ ᠪᠠᠢᠭᠰᠠᠨ ᠦᠭᠡᠢ᠃ ᠭᠡᠬᠦ ᠳ᠋ᠡᠭᠡᠨ ᠲᠠᠢᠯᠳᠠᠨ᠎ᠠ ᠭᠡᠵᠦ ᠠᠶᠤᠭᠰᠠᠨ ᠦᠭᠡᠢ᠃
  ᠊᠊᠊᠊᠊᠊᠊᠊᠊᠊᠊᠊᠊᠊᠊ ᠲᠠ ᠨᠠᠷ ᠶᠠᠭᠤ ᠥᠭᠬᠦ ᠶᠤᠮ ᠪᠣᠢ?
  ᠊᠊᠊᠊᠊᠊᠊᠊᠊᠊᠊᠊᠊᠊᠊ ᠬᠠᠭᠠᠰ ᠵᠢᠩ ᠦ᠋ᠨ ᠨᠢᠭᠡ ᠨᠢᠭᠡ ᠳᠤᠭᠤᠢ ᠥᠭᠭᠦᠶ᠎ᠡ ᠭᠡᠵᠦ ᠨᠢᠭᠡ ᠪᠠᠨᠳᠢ ᠬᠡᠯᠡᠪᠡ᠃
  ᠊᠊᠊᠊᠊᠊᠊᠊᠊᠊᠊᠊᠊᠊᠊ ᠤᠯᠠᠭᠠᠨ ᠦᠰᠦᠲᠡᠢ ᠲᠣᠭᠣᠯᠭᠠᠨ ᠳᠠᠪᠠᠭ ᠢ᠋ᠶ᠋ᠠᠨ ᠨᠡᠮᠡᠵᠦ ᠥᠭ᠃
  ᠊᠊᠊᠊᠊᠊᠊᠊᠊᠊᠊᠊᠊᠊᠊ ᠶᠠᠭᠠᠬᠢᠵᠤ ᠪᠣᠯᠳᠠᠭ ᠶᠤᠮ ᠪᠣᠢ? ᠭᠡᠵᠦ ᠨᠢᠭᠡ ᠪᠠᠨᠳᠢ ᠰᠠᠨᠳᠤᠷᠤᠨ ᠬᠡᠯᠡᠪᠡ᠃
  ᠊᠊᠊᠊᠊᠊᠊᠊᠊᠊᠊᠊᠊᠊᠊ ᠲᠡᠭᠡᠪᠡᠯ ᠵᠣᠳᠣᠭᠤᠯᠵᠤ ᠪᠠᠢᠬᠤ ᠦᠭᠡᠢ ᠤᠤ ᠭᠡᠳ ᠬᠣᠩᠭᠣᠷ ᠢ᠋ ᠶᠠᠪᠤᠬᠤ ᠭᠡᠬᠦ ᠳ᠋ᠦ᠍ᠨᠢ ᠭᠤᠷᠪᠠᠨ ᠪᠠᠨᠳᠢ ᠵᠣᠭᠰᠣᠭᠠᠵᠤ ᠬᠡᠯᠡᠭᠰᠡᠨ ᠲᠡᠪᠡᠭ ᠢ᠋ ᠨᠢ ᠥᠭᠬᠦ ᠪᠣᠯᠪᠠ᠃
  ᠭᠤᠷᠪᠠᠨ ᠪᠠᠨᠳᠢ ᠬᠠᠷᠢᠭᠠᠳ ᠶᠠᠭᠤ ᠬᠡᠯᠡᠵᠦ᠂ ᠪᠠᠭᠰᠢ ᠡᠴᠡ ᠪᠡᠨ ᠶᠠᠮᠠᠷ ᠠᠳᠢᠰ ᠬᠦᠷᠲᠡᠬᠦ ᠶ᠋ᠢ ᠪᠣᠳᠣᠯ ᠦᠭᠡᠢ ᠲᠡᠷᠡ ᠡᠳᠦᠷ ᠦ᠋ᠨ ᠣᠯᠤᠭᠰᠠᠨ ᠭᠤᠷᠪᠠᠨ ᠳᠤᠭᠤᠢ᠂ ᠤᠯᠠᠭᠠᠨ ᠦᠰᠦᠲᠡᠢ ᠲᠣᠭᠣᠯᠭᠠᠨ ᠳᠠᠪᠠᠭ ᠢ᠋ᠶ᠋ᠠᠨ ᠬᠣᠩᠭᠣᠷ ᠲᠤ᠌ ᠥᠭᠬᠦ ᠳ᠋ᠦ᠍ᠨᠢ ᠲᠠᠰᠢᠭᠤᠷ ᠣᠷᠬᠢᠮᠵᠢ ᠳ᠋ᠠᠭᠠᠨ ᠪᠣᠭᠣᠵᠤ ᠠᠪᠤᠭᠠᠳ ᠬᠠᠮᠲᠤ ᠶᠠᠪᠤᠵᠠᠢ᠃ ᠵᠠᠮ ᠳ᠋ᠤ᠌ ᠲᠣᠬᠢᠶᠠᠯᠳᠤᠭᠰᠠᠨ ᠪᠠᠨᠳᠢ ᠨᠠᠷ ᠤ᠋ᠨ ᠲᠣᠭ᠎ᠠ ᠤᠯᠠᠮ ᠣᠯᠠᠰᠢᠷᠠᠨ ᠶᠠᠪᠤᠵᠤ ᠪᠠᠢᠲᠠᠯ᠎ᠠ 《ᠯᠠᠮᠪᠣᠭᠠᠢ ᠶᠠᠭᠤᠮ᠎ᠠ ᠬᠠᠢᠷᠠᠯᠠ》 ᠭᠡᠵᠦ ᠬᠠᠰᠬᠢᠷᠬᠤ ᠲᠠᠨᠢᠯ ᠳᠠᠭᠤ ᠬᠠᠩᠭᠢᠨᠠᠨ ᠰᠣᠨᠣᠰᠤᠭᠳᠠᠪᠠ᠃
  ᠬᠣᠩᠭᠣᠷ ᠪᠠᠨᠳᠢ ᠨᠠᠷ ᠤ᠋ᠨ ᠬᠠᠮᠲᠤ ᠨᠢᠭᠡ ᠬᠠᠰᠢᠶᠠᠨ ᠤ᠋ ᠡᠭᠦᠳᠡᠨ ᠳᠡᠭᠡᠷ᠎ᠡ ᠵᠣᠭᠰᠣᠨ ᠭᠤᠶᠤᠵᠤ ᠪᠠᠢᠮᠠᠨᠵᠢᠨ ᠣᠯᠤᠭᠰᠠᠨ ᠪᠣᠣᠪᠣ ᠶ᠋ᠢᠨ ᠬᠡᠯᠲᠡᠷᠬᠡᠢ᠂ ᠦᠮᠡᠬᠡᠢ ᠥᠭᠡᠬᠦ ᠪᠡᠨ ᠬᠠᠷ᠎ᠠ ᠬᠡᠦᠳᠡᠢ ᠳ᠋ᠡᠭᠡᠨ ᠬᠢᠭᠡᠳ ᠳᠠᠷᠠᠭ᠎ᠠ ᠶ᠋ᠢᠨ ᠬᠠᠰᠢᠶ᠎ᠠ ᠤᠷᠤᠭᠤ ᠶᠠᠪᠤᠵᠤ ᠪᠠᠢᠭᠰᠠᠨ ᠵᠢᠷᠭᠠᠯ ᠳᠡᠭᠡᠷ᠎ᠡ ᠣᠴᠢᠪᠠ᠃
  ᠊᠊᠊᠊᠊᠊᠊᠊᠊᠊᠊᠊᠊᠊᠊ ᠵᠠ᠂ ᠵᠢᠷᠭᠠᠯ ᠴᠢᠮ᠎ᠠ ᠲᠠᠢ ᠵᠥᠷᠢᠬᠦ ᠭᠡᠵᠦ ᠢᠷᠡᠭᠰᠡᠨ᠃ ᠬᠤᠯᠴᠢ᠌ᠬᠤ ᠦᠭᠡᠢ ᠪᠣᠯ ᠬᠤᠠᠵᠢᠩ ᠦᠭᠡᠢ ᠨᠣᠯᠤᠯᠴᠠᠶ᠎ᠠ ᠳᠠ ᠭᠡᠵᠦ ᠬᠣᠩᠭᠣᠷ ᠬᠡᠯᠡᠭᠡᠳ ᠵᠢᠵᠢᠭᠬᠡᠨ ᠪᠥᠭᠡᠷᠡᠩᠬᠡᠢ ᠴᠢᠯᠠᠭᠤ ᠵᠢᠷᠭᠠᠯ ᠳ᠋ᠤ᠌ ᠪᠠᠷᠢᠪᠠ᠃
  ᠯᠠᠮᠠ ᠶ᠋ᠢᠨ ᠵᠣᠳᠣᠭᠠᠨ ᠥᠪᠡᠷ ᠦ᠋ᠨ ᠳᠦᠷᠢᠮ ᠲᠡᠢ ᠪᠠᠢᠳᠠᠭ᠃ ᠵᠣᠳᠣᠯᠳᠤᠬᠤ ᠶ᠋ᠢᠨ ᠡᠮᠦᠨ᠎ᠡ ᠶᠠᠭᠤᠮ᠎ᠠ ᠰᠠᠨᠠᠵᠤ ᠬᠣᠨᠵᠢᠩᠨᠠᠬᠤ ᠦᠭᠡᠢ ᠭᠡᠵᠦ ᠬᠥᠭᠡᠷᠭᠡ ᠲᠡᠢ ᠲᠠᠮᠠᠬᠢ ᠪᠠᠨ ᠰᠣᠯᠢᠯᠴᠠᠳᠠᠭ᠃ ᠭᠡᠪᠡᠴᠦ ᠬᠥᠭᠡᠷᠭᠡ ᠦᠭᠡᠢ ᠪᠠᠨᠳᠢ ᠨᠠᠷ ᠴᠢᠯᠠᠭᠤ ᠰᠣᠯᠢᠯᠴᠠᠵᠤ ᠳᠠᠮᠠᠭᠢᠯᠠᠯᠴᠠᠳᠠᠭ᠃ ᠵᠣᠳᠣᠯᠳᠤᠵᠤ ᠪᠠᠢᠬᠤ ᠳ᠋ᠠᠭᠠᠨ ᠪᠠᠷᠢᠵᠤ ᠪᠣᠯᠬᠤ ᠦᠭᠡᠢ᠃ ᠡᠮᠵᠢᠭ ᠭᠠᠵᠠᠷ ᠢᠰᠬᠦᠯᠵᠦ ᠪᠣᠯᠬᠤ ᠦᠭᠡᠢ᠂ ᠤᠨᠠᠪᠠᠯ ᠴᠣᠬᠢᠬᠤ ᠦᠭᠡᠢ᠃ ᠲᠡᠭᠡᠭᠡᠳ ᠬᠡᠨ ᠬᠠᠮᠠᠷ ᠡᠴᠡ ᠨᠢ ᠴᠢᠰᠤ ᠭᠠᠷᠭᠠᠪᠠᠯ ᠲᠡᠷᠡ ᠳᠡᠢᠯᠦᠭᠰᠡᠨ ᠪᠣᠯᠳᠠᠭ᠃ ᠪᠠᠰᠠ ᠨᠢᠳᠦ ᠶ᠋ᠢ ᠨᠢ ᠲᠠᠭᠯᠠᠪᠠᠯ ᠳᠡᠢᠯᠦᠭᠰᠡᠨ ᠳ᠋ᠦ᠍ ᠦᠵᠡᠬᠦ ᠤᠳᠠᠭ᠎ᠠ ᠪᠣᠢ᠃ ᠭᠡᠪᠡᠴᠦ ᠡᠭᠦᠨ ᠢ᠋ ᠬᠣᠶᠠᠷ ᠲᠠᠯ᠎ᠠ ᠶ᠋ᠢᠨ ᠶᠠᠷᠢᠶ᠎ᠠ ᠪᠠᠷ ᠪᠣᠯᠳᠠᠭ ᠶᠤᠮ᠃
  ᠊᠊᠊᠊᠊᠊᠊᠊᠊᠊᠊᠊᠊᠊᠊ ᠴᠢᠮᠢ᠋ᠢ ᠬᠡᠨ ᠬᠥᠯᠥᠰᠥᠯᠡᠭᠰᠡᠨ ᠪᠣᠢ? ᠭᠡᠳ ᠵᠢᠷᠭᠠᠯ ᠬᠦᠢᠲᠡᠨ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠴᠢᠮᠠᠲᠤ ᠬᠦᠷᠲᠡᠭᠡᠯ ᠦᠭᠡᠢ᠂ ᠬᠠᠳᠠᠨ ᠳ᠋ᠤ᠌ ᠴᠢᠮᠡᠭᠡ ᠦᠭᠡᠢ᠂ ᠬᠠᠷᠢᠨ ᠬᠤᠯᠴᠢ᠌ᠭ᠎ᠠ ᠦᠭᠡᠢ ᠪᠣᠯ ᠵᠥᠷᠢᠶ᠎ᠡ᠃
  ᠵᠢᠷᠭᠠᠯ ᠶᠠᠭᠤ ᠴᠤ᠌ ᠳᠤᠤᠭᠠᠷᠤᠯ ᠦᠭᠡᠢ ᠬᠣᠩᠭᠣᠷ ᠢ᠋ ᠰᠢᠷᠲᠡᠨ ᠬᠠᠷᠠᠵᠤ ᠪᠠᠢᠭᠰᠠᠨ ᠢ᠋ᠶ᠋ᠠᠨ ᠬᠠᠷ᠎ᠠ ᠬᠡᠦᠳᠡᠢ ᠪᠡᠨ ᠬᠠᠰᠢᠶᠠᠨ ᠤ᠋ ᠢᠷᠣᠭᠠᠷ ᠲᠤ᠌ ᠡᠪᠲᠡᠢᠬᠡᠨ ᠲᠠᠯᠪᠢᠭᠠᠳ ᠨᠢᠰᠦ ᠪᠡᠨ ᠳᠣᠲᠣᠭᠰᠢ ᠲᠠᠲᠠᠭᠰᠠᠨ ᠢ᠋ᠶ᠋ᠠᠨ᠄
  ᠊᠊᠊᠊᠊᠊᠊᠊᠊᠊᠊᠊᠊᠊᠊ ᠬᠦᠰᠡᠭᠡᠳ ᠪᠠᠢᠭ᠎ᠠ ᠶᠤᠮ ᠪᠣᠯ ᠬᠠᠩᠭᠠᠭᠠᠳ ᠥᠭᠭᠦᠶ᠎ᠡ ᠭᠡᠳ ᠵᠢᠵᠢᠭ ᠴᠢᠯᠠᠭᠤ ᠠᠪᠴᠤ ᠬᠣᠩᠭᠣᠷ ᠲᠤ᠌ ᠥᠭᠪᠡ᠃
  ᠲᠡᠷᠡ ᠬᠣᠶᠠᠷ ᠴᠢᠯᠠᠭᠤ ᠪᠠᠨ ᠰᠣᠯᠢᠯᠴᠠᠨ᠂ ᠲᠠᠮᠠᠬᠢᠯᠠᠵᠤ ᠪᠠᠢᠭ᠎ᠠ ᠶᠡᠬᠡᠮᠰᠦᠭ ᠳᠦᠷᠢ ᠦᠵᠡᠭᠦᠯᠦᠭᠡᠳ ᠪᠤᠴᠠᠭᠠᠨ ᠥᠭᠴᠦ ᠬᠣᠶᠠᠷ ᠲᠡᠰᠢ ᠨᠢ ᠰᠢᠲᠠᠪᠠ᠃
  ᠊᠊᠊᠊᠊᠊᠊᠊᠊᠊᠊᠊᠊᠊᠊ ᠬᠤᠠᠵᠢᠩ ᠦᠭᠡᠢ ᠭᠡᠵᠦ ᠵᠥᠷᠢᠭᠡᠳ ᠬᠠᠨᠤᠯᠴᠠᠬᠤ ᠳᠡᠭᠡᠷ᠎ᠡ ᠪᠡᠨ ᠦᠭᠡ ᠨᠢ ᠦᠬᠡᠷ ᠦ᠋ᠨ ᠪᠠᠭᠠᠰᠤ᠂ ᠶᠠᠷᠢᠶ᠎ᠠ ᠨᠢ ᠢᠮᠠᠭᠠᠨ ᠤ᠋ ᠬᠣᠷᠭᠣᠯ ᠪᠣᠯᠬᠤ ᠦᠭᠡᠢ ᠰᠢᠦ ᠭᠡᠳ ᠵᠢᠷᠭᠠᠯ ᠪᠡᠯᠡᠳᠬᠡᠨ ᠵᠣᠭᠰᠣᠪᠠ᠃
  ᠰᠣᠨᠢᠷᠬᠠᠭᠴᠢᠳ ᠲᠣᠭᠣᠷᠢᠨ ᠵᠣᠭᠰᠣᠵᠤ᠂ ᠬᠠᠯᠵᠠ ᠵᠣᠳᠣᠭᠠᠨ ᠡᠬᠢᠯᠡᠪᠡ᠃ ᠵᠢᠷᠭᠠᠯ ᠬᠡᠳᠦᠢᠪᠡᠷ ᠴᠢᠳᠠᠯ ᠢ᠋ᠶ᠋ᠠᠷ ᠢᠯᠡᠭᠦᠦ᠂ ᠪᠡᠶ᠎ᠡ ᠪᠢᠯᠳᠠᠷ ᠲᠣᠮᠣ ᠪᠣᠯᠪᠠᠴᠤ ᠥᠷᠥᠮ᠎ᠡ ᠶ᠋ᠢᠨ ᠥᠳᠥ ᠰᠢᠭ ᠬᠣᠩᠭᠣᠷ ᠢ᠋ ᠣᠯᠵᠤ ᠴᠣᠬᠢᠵᠤ ᠴᠢᠳᠠᠬᠤ ᠦᠭᠡᠢ ᠠᠵᠢ᠃ ᠶᠡᠬᠡᠩᠬᠢ ᠳ᠋ᠡᠭᠡᠨ ᠵᠢᠷᠭᠠᠯ ᠳᠣᠪᠲᠣᠯᠵᠤ ᠬᠣᠩᠭᠣᠷ ᠬᠠᠮᠠᠭᠠᠯᠠᠵᠤ ᠪᠠᠢᠪᠠ᠃ ᠲᠣᠭᠣᠷᠢᠭᠰᠠᠨ ᠤᠯᠤᠰ ᠲᠤ᠌ ᠰᠢᠬᠠᠵᠤ ᠪᠠᠢᠭᠠᠳ ᠬᠣᠩᠭᠣᠷ ᠤᠷᠤᠭᠤ ᠳᠣᠪᠲᠣᠯᠤᠭᠰᠠᠨ ᠴᠢᠨᠢ ᠬᠡᠢ ᠴᠣᠬᠢᠭᠠᠳ ᠵᠣᠯ ᠲᠠᠢ ᠯᠠ ᠥᠪᠡᠷ ᠢ᠋ᠶ᠋ᠡᠨ ᠨᠠᠮᠠᠯᠳᠠᠭᠯᠠᠭᠤᠯᠴᠢᠬᠠᠭᠰᠠᠨ ᠦᠭᠡᠢ ᠪᠣᠯᠬᠣᠷ ᠵᠢᠷᠭᠠᠯ ᠬᠢᠨᠠᠮᠠᠭᠠᠢ ᠪᠣᠯᠵᠤ ᠨᠡᠷ᠎ᠡ ᠳ᠋ᠦ᠍ ᠭᠠᠷᠤᠭᠰᠠᠨ ᠢᠰᠬᠦᠯᠦᠯᠲᠡ ᠪᠡᠨ ᠬᠡᠷᠡᠭᠯᠡᠬᠦ ᠪᠡᠷ ᠰᠢ᠌ᠤᠠᠴᠤ ᠦ ᠬᠠᠷᠠᠨ ᠶᠠᠪᠤᠯ᠎ᠠ᠃ ᠶᠠᠭ ᠯᠠ ᠬᠦᠰᠡᠭᠰᠡᠨ ᠶᠣᠰᠣᠭᠠᠷ ᠨᠢ ᠬᠣᠩᠭᠣᠷ ᠡᠭᠴᠡ ᠳᠣᠪᠲᠣᠯᠤᠨ ᠢᠷᠡᠬᠦ ᠳ᠋ᠦ᠍ᠨᠢ ᠦᠯᠦ ᠮᠡᠳᠡᠭ ᠤᠬᠤᠷᠢᠵᠤ ᠬᠥᠮᠦᠰ ᠢ᠋ ᠲᠦᠰᠢᠵᠦ ᠪᠠᠢᠭᠠᠳ ᠢᠰᠬᠦᠯᠪᠡ᠃ ᠬᠣᠩᠭᠣᠷ ᠡᠴᠡ ᠪᠤᠰᠤᠳ ᠬᠥᠮᠦᠨ ᠪᠣᠯ ᠬᠡᠳᠦᠢᠨ ᠬᠠᠮᠠᠷ ᠢ᠋ᠶ᠋ᠠᠨ ᠴᠢᠮᠬᠢᠵᠦ ᠠᠪᠬᠤ ᠪᠠᠢᠭᠰᠠᠨ᠃ ᠬᠠᠷᠢᠨ ᠬᠣᠩᠭᠣᠷ ᠪᠠᠷᠠᠭᠤᠨ ᠬᠠᠴᠠᠷ ᠢ᠋ᠶ᠋ᠠᠨ ᠬᠠᠳᠤᠷᠤᠭᠤᠯᠪᠠ᠃ ᠰᠡᠭᠡᠭᠡ ᠠᠪᠴᠤ ᠠᠮᠵᠢᠭ᠎ᠠ ᠦᠭᠡᠢ ᠪᠠᠢᠲᠠᠯ᠎ᠠ ᠵᠢᠷᠭᠠᠯ ᠳᠣᠪᠲᠣᠯᠪᠠ᠃ ᠲᠣᠯᠣᠭᠠᠢ ᠪᠠᠨ ᠵᠠᠢᠯᠠᠭᠤᠯᠤᠨ ᠪᠤᠯᠵᠠᠲᠠᠯ᠎ᠠ ᠵᠢᠷᠭᠠᠯ ᠤ᠋ᠨ ᠬᠦᠨᠳᠦ ᠭᠠᠷ ᠲᠤ᠌ ᠮᠥᠷᠥ ᠨᠢ ᠳᠠᠭᠠᠷᠢᠭᠳᠠᠵᠤ᠂ ᠭᠢᠰᠬᠢᠳᠡᠯ ᠢ᠋ᠶ᠋ᠡᠨ ᠣᠯᠵᠤ ᠴᠢᠳᠠᠯ ᠦᠭᠡᠢ ᠤᠨᠠᠪᠠ᠃
  ᠊᠊᠊᠊᠊᠊᠊᠊᠊᠊᠊᠊᠊᠊᠊ ᠭᠤᠷᠪᠠᠨ ᠪᠣᠣᠪᠣ ᠶ᠋ᠢᠨ ᠵᠣᠳᠣᠭᠠᠴᠢᠨ ᠳᠡᠮᠡᠢᠷᠡᠲᠡᠯ᠎ᠡ ᠴᠣᠬᠢᠭᠤᠯᠵᠤ ᠪᠠᠢᠨ᠎ᠠ ᠭᠡᠵᠦ ᠣᠯᠠᠨ ᠤ᠋ ᠳᠣᠲᠣᠷ᠎ᠠ ᠡᠴᠡ ᠨᠢᠭᠡ ᠪᠠᠨᠳᠢ ᠬᠡᠯᠡᠬᠦ ᠳ᠋ᠦ᠍ ᠬᠡᠰᠡᠭ ᠨᠢ ᠢᠨᠢᠶᠡᠵᠡᠭᠡᠪᠡ᠃
  ᠬᠣᠩᠭᠣᠷ ᠤ᠋ᠨ ᠴᠢᠷᠠᠢ ᠴᠢᠪᠠᠭ᠎ᠠ ᠰᠢᠭ᠋ ᠤᠯᠠᠭᠠᠨ ᠪᠣᠯᠵᠤ ᠲᠦᠷᠭᠡᠨ ᠪᠣᠰᠤᠭᠠᠳ ᠰᠢᠲᠦ ᠪᠡᠨ ᠲᠠᠰᠤ ᠵᠠᠭᠤᠵᠤ ᠵᠢᠷᠭᠠᠯ ᠳ᠋ᠤ᠌ ᠣᠢᠷᠠᠲᠤᠪᠠ᠃ ᠲᠡᠭᠦᠨ ᠦ᠌ ᠨᠢᠳᠦ ᠴᠣᠬᠣ ᠬᠣᠷᠣᠬᠠᠢ ᠰᠢᠭ᠋ ᠭᠢᠯᠠᠯᠵᠠᠨ ᠭᠦᠯᠴᠢᠭᠢᠨᠡᠵᠤ ᠪᠠᠢᠪᠠ᠃
  ᠊᠊᠊᠊᠊᠊᠊᠊᠊᠊᠊᠊᠊᠊᠊ ᠳᠥᠷᠪᠡᠳᠡᠭᠡ ᠪᠣᠣᠪᠣ ᠶ᠋ᠢ ᠴᠢᠨᠢ ᠥᠭᠭᠦᠨ᠎ᠡ ᠳᠡ ᠭᠡᠳ ᠵᠢᠷᠭᠠᠯ ᠳᠣᠪᠲᠣᠯᠤᠭᠰᠠᠨ ᠪᠣᠯᠪᠠᠴᠤ ᠭᠦᠢᠴᠡᠵᠦ ᠴᠢᠳᠠᠭᠰᠠᠨ ᠦᠭᠡᠢ᠃
  ᠭᠤᠷᠪᠠᠬᠠᠨ ᠪᠣᠣᠪᠣ ᠪᠠᠷ ᠵᠣᠳᠣᠵᠤ ᠥᠭᠭᠦᠨ᠎ᠡ ᠭᠡᠰᠡᠨ ᠢ᠋ ᠨᠢ ᠪᠣᠳᠣᠬᠤ ᠳᠣᠳᠣᠮ ᠬᠣᠩᠭᠣᠷ ᠢ᠋ ᠵᠠᠨᠤᠬᠤ ᠰᠡᠳᠬᠢᠯ ᠣᠷᠭᠢᠯᠤᠨ ᠵᠢᠷᠭᠠᠯ ᠳᠠᠪᠵᠢᠶᠠᠷᠢ ᠪᠠᠨ ᠠᠯᠲᠠᠨ ᠭᠡᠨᠡᠨ ᠳᠣᠪᠲᠣᠯᠭ᠎ᠠ ᠳᠠᠬᠢᠨ ᠳᠠᠬᠢᠨ ᠬᠢᠵᠦ ᠪᠠᠢᠪᠠ᠃ ᠪᠠᠰᠠ 《ᠭᠤᠷᠪᠠᠨ ᠪᠣᠣᠪᠣ ᠶ᠋ᠢᠨ ᠵᠣᠳᠣᠭᠠᠴᠢᠨ ᠁ ᠳᠥᠷᠪᠡᠳᠡᠭᠡ ᠪᠣᠣᠪᠣ ᠶ᠋ᠢ ᠴᠢᠨᠢ ᠥᠭᠭᠦᠨ᠎ᠡ ᠳᠡ》 ᠭᠡᠰᠡᠨ ᠦᠭᠡ ᠶ᠋ᠢ ᠰᠣᠨᠣᠰᠤᠭᠰᠠᠨ ᠬᠣᠩᠭᠣᠷ ᠴᠤ᠌ ᠲᠠᠢᠪᠤᠩ ᠤᠬᠠᠭᠠᠨ ᠲᠠᠢ ᠵᠣᠳᠣᠯᠳᠤᠵᠤ ᠴᠢᠳᠠᠭᠰᠠᠨ ᠦᠭᠡᠢ᠃
  ᠶᠠᠪᠠᠭᠠᠨ ᠳ᠋ᠠᠭᠠᠨ ᠬᠣᠶᠠᠷ ᠲᠠᠯ᠎ᠠ ᠤᠯᠠᠢᠷᠠᠵᠤ᠂ ᠵᠥᠷᠢᠵᠦ ᠨᠡᠢᠯᠡᠬᠦ ᠨᠢ ᠤᠯᠠᠮ ᠣᠯᠠᠨ ᠪᠣᠯᠪᠠᠴᠤ ᠣᠨᠣᠪᠴᠢᠲᠠᠢ ᠴᠣᠬᠢᠯᠲᠠ ᠶ᠋ᠢ ᠬᠢᠵᠦ ᠬᠡᠨ ᠨᠢ ᠴᠦ᠍ ᠴᠢᠳᠠᠭᠰᠠᠨ ᠦᠭᠡᠢ᠃ ᠬᠣᠶᠠᠭᠤᠯᠠ ᠨᠢᠭᠡ ᠨᠢᠭᠡ ᠨᠢᠳᠦ ᠪᠡᠨ ᠬᠥᠬᠡ ᠪᠤᠯᠤᠤ ᠪᠣᠯᠭᠠᠠᠰᠠᠨ ᠪᠣᠯᠪᠠᠴᠤ ᠵᠣᠳᠣᠭ᠎ᠠ ᠪᠠᠨ ᠵᠣᠭᠰᠣᠭᠠᠭᠰᠠᠨ ᠦᠭᠡᠢ ᠤᠯᠠᠮ ᠮᠠᠬᠠᠷᠠᠭᠤᠨ ᠦᠵᠡᠯᠴᠡᠵᠦ ᠪᠠᠢᠯ᠎ᠠ᠃
  ᠬᠡᠦᠬᠡᠳ ᠦ᠋ᠳ ᠬᠠᠰᠬᠢᠷᠤᠯᠳᠤᠨ ᠬᠣᠶᠠᠷ ᠵᠣᠳᠣᠭᠠᠴᠢ ᠶ᠋ᠢᠨ ᠰᠡᠳᠬᠢᠯ ᠢ᠋ ᠤᠯᠠᠮ ᠬᠥᠬᠡᠷᠡᠭᠦᠯᠦᠨ ᠪᠠᠢᠪᠠ᠃ ᠵᠢᠷᠭᠠᠯ ᠬᠣᠶᠠᠷ ᠭᠠᠷ ᠤ᠋ᠨ ᠳᠠᠷᠠᠭᠠᠯᠠᠭᠰᠠᠨ ᠴᠣᠬᠢᠯᠲᠠ ᠪᠠᠷ ᠳᠣᠪᠲᠣᠯᠤᠨ ᠢᠷᠡᠬᠦ ᠳ᠋ᠦ᠍ ᠳᠣᠭᠣᠭᠰᠢ ᠰᠠᠭᠤᠵᠤ ᠣᠯᠢᠭᠰᠠᠨ ᠬᠣᠩᠭᠣᠷ ᠤ᠋ᠨ ᠲᠡᠨᠦᠮᠡᠯ ᠴᠣᠬᠢᠯᠲᠠ ᠨᠢ ᠵᠢᠷᠭᠠᠯ ᠤ᠋ᠨ ᠬᠠᠮᠠᠷ ᠢ᠋ ᠳᠠᠭᠠᠷᠢᠵᠤ ᠴᠢᠰᠤ ᠰᠠᠳᠠᠷᠠᠪᠠ᠃ ᠵᠢᠷᠭᠠᠯ ᠰᠠᠭᠤᠵᠤ ᠬᠠᠮᠠᠷ ᠢ᠋ᠶ᠋ᠠᠨ ᠴᠢᠮᠬᠢᠨ ᠠᠪᠤᠯ᠎ᠠ᠃ ᠴᠢᠰᠤ ᠦᠵᠡᠵᠦ ᠰᠡᠳᠬᠢᠯ ᠬᠠᠨᠤᠭᠰᠠᠨ ᠰᠣᠨᠢᠷᠬᠠᠭᠴᠢᠳ ᠳᠠᠷᠬᠠᠨ ᠶᠠᠪᠤᠵᠤ ᠡᠬᠢᠯᠡᠪᠡ᠃ ᠬᠣᠩᠭᠣᠷ ᠣᠷᠭᠢᠮᠵᠢᠨ ᠳ᠋ᠤ᠌ ᠪᠣᠭᠣᠭᠰᠠᠨ ᠭᠤᠷᠪᠠᠨ ᠪᠣᠣᠪᠣ ᠪᠠᠨ ᠠᠪᠤᠭᠠᠳ ᠶᠠᠪᠤᠬᠤ ᠭᠡᠲᠡᠯ᠎ᠡ ᠨᠥᠭᠦᠭᠡ ᠭᠤᠷᠪᠠᠨ ᠪᠠᠨᠳᠢ ᠵᠢᠷᠭᠠᠯ ᠤ᠋ᠨ ᠬᠠᠷ᠎ᠠ ᠬᠡᠦᠳᠡᠢ ᠲᠡᠢ ᠶᠠᠭᠤᠮ᠎ᠠ ᠶ᠋ᠢ ᠰᠠᠴᠤᠨ ᠬᠠᠶᠠᠭᠠᠳ ᠭᠦᠶᠦᠨ ᠠᠯᠠᠭ᠎ᠠ ᠪᠣᠯᠪᠠ᠃ ᠡᠳᠦᠷᠵᠢᠨ ᠶᠠᠪᠤᠵᠤ ᠣᠯᠤᠭᠰᠠᠨ ᠶᠠᠭᠤᠮ᠎ᠠ ᠨᠢ ᠭᠤᠳᠤᠮᠵᠢᠨ ᠤ᠋ ᠨᠢᠭᠡ ᠪᠣᠯᠤᠭᠰᠠᠨ ᠢ᠋ ᠬᠠᠷᠠᠭᠠᠳ ᠵᠢᠷᠭᠠᠯ ᠳᠠᠭᠤ ᠠᠯᠲᠠᠨ ᠴᠢᠰᠤ ᠪᠠᠨ ᠭᠣᠭᠣᠵᠢᠭᠤᠯᠤᠨ ᠲᠡᠭᠦᠵᠦ ᠡᠬᠢᠯᠡᠪᠡ᠃ ᠵᠢᠷᠭᠠᠯ ᠤ᠋ᠨ ᠨᠢᠳᠦᠨ ᠳ᠋ᠦ᠍ ᠨᠢᠯᠪᠤᠰᠤ ᠪᠦᠷᠬᠦᠵᠦ ᠭᠤᠳᠤᠮᠵᠢᠨ ᠤ᠋ ᠰᠢᠷᠣᠢ ᠪᠣᠯᠤᠭᠰᠠᠨ ᠶᠠᠭᠤᠮ᠎ᠠ ᠪᠠᠨ ᠴᠢᠰᠤ ᠲᠠᠢ ᠭᠠᠷ ᠢ᠋ᠶ᠋ᠠᠷ ᠢ᠋ᠶ᠋ᠠᠨ ᠪᠠᠵᠠᠨ ᠠᠪᠴᠤ ᠪᠠᠢᠪᠠ᠃
  ᠬᠣᠩᠭᠣᠷ ᠶᠠᠭᠤᠮ᠎ᠠ ᠡᠴᠡ ᠨᠢ ᠲᠡᠭᠦᠵᠦ ᠥᠭᠬᠦ ᠭᠡᠰᠡᠨ ᠪᠣᠯᠪᠠᠴᠤ ᠵᠢᠷᠭᠠᠯ ᠲᠦᠯᠬᠢᠵᠦ ᠣᠷᠬᠢᠪᠠ᠃ ᠬᠣᠩᠭᠣᠷ ᠣᠭᠲᠣᠬᠠᠨ ᠴᠤ᠌ ᠠᠭᠤᠷᠯᠠᠭᠰᠠᠨ ᠦᠭᠡᠢ᠃ ᠬᠠᠷᠢᠨ ᠵᠢᠷᠭᠠᠯ ᠤ᠋ᠨ ᠡᠮᠦᠨ᠎ᠡ ᠬᠡᠮᠵᠢᠶᠡᠯᠡᠰᠢ ᠦᠭᠡᠢ ᠭᠡᠮ ᠬᠢᠭᠰᠡᠨ ᠶᠤᠮ ᠰᠢᠭ ᠰᠠᠨᠠᠭᠳᠠᠵᠤ᠂ ᠲᠡᠭᠦᠨ ᠲᠡᠢ ᠶᠠᠭᠠᠬᠢᠵᠤ ᠪᠠᠢᠵᠤ ᠡᠪ ᠵᠠᠰᠠᠬᠤ ᠬᠦᠰᠡᠯ ᠣᠷᠭᠢᠯᠪᠠ᠃
  ᠊᠊᠊᠊᠊᠊᠊᠊᠊᠊᠊᠊᠊᠊᠊ ᠮᠠᠢ᠂ ᠴᠢ ᠠᠪ ᠭᠡᠳ ᠣᠷᠬᠢᠮᠵᠢ ᠪᠠᠨ ᠵᠠᠳᠠᠯᠵᠤ ᠭᠤᠷᠪᠠᠨ ᠳᠤᠭᠤᠢ ᠪᠠᠨ ᠭᠠᠷᠭᠠᠨ ᠥᠭᠪᠡ᠃
  ᠊᠊᠊᠊᠊᠊᠊᠊᠊᠊᠊᠊᠊᠊᠊ ᠬᠥᠮᠦᠨ ᠦ᠌ ᠴᠢᠰᠤ ᠪᠠᠷ ᠬᠤᠳᠠᠯᠳᠤᠵᠤ ᠠᠪᠤᠭᠰᠠᠨ ᠪᠤᠵᠠᠷ ᠢᠳᠡᠭᠡᠨ ᠢ᠋ ᠪᠢ ᠠᠪᠬᠤ ᠦᠭᠡᠢ ᠭᠡᠳ ᠭᠠᠷ ᠤᠷᠤᠭᠤ ᠨᠢ ᠬᠦᠴᠦᠲᠡᠢ ᠴᠣᠬᠢᠭᠰᠠᠨ ᠳ᠋ᠤ᠌ ᠳᠤᠭᠤᠢ ᠲᠠᠯ᠎ᠠ ᠪᠦᠷᠢ ᠲᠡᠰᠢ ᠪᠡᠨ ᠥᠩᠬᠥᠷᠢᠳᠦᠨ ᠠᠯᠠᠭ᠎ᠠ ᠪᠣᠯᠪᠠ᠃
  ᠵᠢᠷᠭᠠᠯ ᠬᠡᠦᠳᠡᠢ ᠪᠡᠨ ᠡᠭᠦᠷᠦᠭᠡᠳ ᠪᠤᠯᠤᠩ ᠲᠣᠭᠣᠷᠢᠨ ᠳᠠᠯᠳᠠ ᠣᠷᠣᠬᠤ ᠳ᠋ᠤ᠌ ᠬᠣᠩᠭᠣᠷ ᠶᠠᠭᠤ ᠴᠤ᠌ ᠳᠤᠤᠭᠠᠷᠴᠤ ᠴᠢᠳᠠᠯ ᠦᠭᠡᠢ ᠵᠣᠭᠰᠣᠵᠤ ᠪᠠᠢᠪᠠ᠃ ᠲᠡᠭᠡᠭᠡᠳ ᠭᠡᠨᠡᠳᠲᠡ ᠠᠮᠢᠯᠠᠵᠤ ᠤᠬᠠᠭᠠᠨ ᠣᠷᠣᠭᠰᠠᠨ ᠶᠤᠮ ᠰᠢᠭ᠋ ᠭᠤᠳᠤᠮᠵᠢᠨ ᠤ᠋ ᠨᠥᠭᠦᠭᠡ ᠲᠠᠯ᠎ᠠ ᠤᠷᠤᠭᠤ ᠭᠦᠶᠦᠪᠡ᠃
  ᠭᠤᠳᠤᠮᠵᠢ ᠪᠠᠷ ᠲᠡᠨᠦᠵᠦ ᠶᠠᠪᠤᠭᠰᠠᠨ ᠬᠠᠮᠠᠭᠤ ᠲᠠᠢ ᠬᠠᠯᠲᠠᠷ ᠨᠣᠬᠠᠢ ᠭᠠᠵᠠᠷ ᠰᠢᠩᠰᠢᠯᠡᠨ ᠶᠠᠪᠤᠭᠰᠠᠭᠠᠷ ᠬᠡᠪᠲᠡᠵᠦ ᠪᠠᠢᠭ᠎ᠠ ᠳᠤᠭᠤᠢ ᠶ᠋ᠢᠨ ᠥᠷᠥᠭᠡᠰᠦᠨ ᠲᠠᠯ᠎ᠠ ᠡᠴᠡ ᠬᠠᠵᠠᠯᠠᠨ ᠢᠳᠡᠵᠦ ᠡᠬᠢᠯᠡᠪᠡ᠃
  ᠬᠥᠯᠥᠰᠥᠨ ᠦ᠌ ᠵᠣᠳᠣᠭᠠᠴᠢᠨ᠂ ᠴᠢᠰᠤ ᠪᠠᠷ ᠬᠤᠳᠠᠯᠳᠤᠵᠤ ᠠᠪᠤᠭᠰᠠᠨ ᠪᠤᠵᠠᠷ ᠢᠳᠡᠭᠡᠨ ᠭᠡᠳᠡᠭ ᠦᠭᠡ ᠬᠣᠩᠭᠣᠷ ᠤ᠋ᠨ ᠰᠡᠳᠬᠢᠯ ᠢ᠋ ᠮᠠᠭᠠᠵᠢᠨ᠂ ᠥᠨᠥᠳᠥᠷ ᠦ᠋ᠨ ᠵᠣᠳᠣᠭᠠᠨ ᠳ᠋ᠤ᠌ ᠳᠡᠢᠯᠦᠭᠰᠡᠨ ᠪᠢᠰᠢ᠂ ᠳᠡᠢᠯᠦᠭᠳᠡᠭᠰᠡᠨ ᠶᠤᠮ ᠰᠢᠭ ᠬᠠᠷ᠎ᠠ ᠰᠡᠳᠬᠢᠯ ᠲᠥᠷᠥᠵᠦ ᠪᠠᠢᠯ᠎ᠠ᠃ ᠬᠠᠰᠢᠶᠠᠨ ᠤ᠋ ᠪᠠᠨ ᠡᠭᠦᠳᠡᠨ ᠳᠡᠭᠡᠷ᠎ᠡ ᠢᠷᠡᠵᠦ ᠵᠣᠭᠰᠣᠭᠠᠳ ᠠᠯᠠᠭ᠎ᠠ ᠪᠠᠷ ᠢ᠋ᠶ᠋ᠠᠨ ᠨᠢᠭᠤᠷ ᠢ᠋ᠶ᠋ᠠᠨ ᠳᠠᠷᠤᠨ ᠤᠬᠢᠯᠠᠪᠠ᠃ ᠪᠠᠰᠠ ᠡᠪᠦᠷ ᠡᠴᠡ ᠪᠡᠨ ᠬᠡᠳᠦᠨ ᠰᠠᠷ᠎ᠠ ᠬᠦᠰᠡᠵᠦ ᠮᠥᠷᠥᠭᠡᠳᠴᠦ ᠪᠠᠢᠵᠤ ᠥᠨᠥᠳᠥᠷ ᠣᠯᠵᠤ ᠠᠪᠤᠭᠰᠠᠨ ᠤᠯᠠᠭᠠᠨ ᠦᠰᠦᠲᠡᠢ ᠳᠠᠪᠠᠭ ᠢ᠋ ᠠᠪᠴᠤ ᠭᠠᠷ ᠢ᠋ᠶ᠋ᠠᠨ ᠬᠥᠳᠡᠯᠦᠭᠰᠡᠨ ᠵᠦᠭ ᠤᠷᠤᠭᠤ ᠲᠠᠶᠠᠭᠳᠠᠪᠠ᠃ ᠲᠡᠭᠦᠨ ᠢ᠋ ᠬᠠᠶᠠᠭᠰᠠᠨ ᠤ᠋ ᠳᠠᠷᠠᠭ᠎ᠠ ᠰᠡᠳᠬᠢᠯ ᠨᠢ ᠬᠥᠩᠭᠡᠷᠡᠬᠦ ᠰᠢᠭ ᠪᠣᠯᠵᠤ ᠨᠢᠯᠪᠤᠰᠤ ᠪᠠᠨ ᠠᠷᠴᠢᠪᠠ᠃
  ᠳᠠᠬᠢᠭᠠᠳ ᠬᠥᠯᠥᠰᠥ ᠪᠡᠷ ᠬᠡᠵᠢᠶ᠎ᠡ ᠴᠦ᠍ ᠵᠣᠳᠣᠯᠳᠤᠬᠤ ᠦᠭᠡᠢ ᠭᠡᠵᠦ ᠪᠣᠳᠣᠬᠤ ᠳ᠋ᠤ᠌ ᠬᠥᠯᠥᠰᠥ ᠪᠡᠷ ᠡᠳᠦᠢ ᠲᠡᠳᠦᠢ ᠪᠠᠨᠳᠢ ᠶ᠋ᠢ ᠵᠣᠳᠣᠭᠰᠠᠨ ᠨᠢ ᠶᠠᠭᠤᠲᠠᠢ ᠴᠤ᠌ ᠵᠢᠱ᠌ᠢᠵᠦ ᠪᠣᠯᠤᠮ᠎ᠠ ᠦᠭᠡᠢ ᠭᠡᠮᠲᠦ ᠪᠤᠵᠠᠷ ᠬᠡᠷᠡᠭ ᠮᠡᠲᠦ ᠰᠠᠨᠠᠭᠳᠠᠪᠠ᠃
  ᠬᠠᠰᠢᠶᠠᠨ ᠤ᠋ ᠬᠠᠭᠠᠯᠭ᠎ᠠ ᠶ᠋ᠢ ᠠᠯᠭᠤᠷ ᠣᠩᠭᠣᠢᠯᠭᠠᠬᠤ ᠳ᠋ᠤ᠌ ᠲᠣᠮᠣ ᠬᠣᠩᠬᠣ ᠲᠦᠩ ᠳᠠᠩ ᠭᠡᠵᠦ ᠴᠡᠴᠡᠷᠡᠭᠦᠯᠦᠨ ᠳᠤᠤᠭᠠᠷᠴᠠᠢ᠃ ᠡᠨᠡ ᠬᠣᠩᠬᠣᠨ ᠤ᠋ ᠳᠠᠭᠤ ᠭᠡᠪᠰᠢ ᠯᠠᠮᠠ ᠳ᠋ᠤ᠌ ᠬᠥᠮᠦᠨ ᠢᠷᠡᠭᠰᠡᠨ ᠢ᠋ ᠬᠡᠯᠡᠵᠦ ᠥᠭᠳᠡᠭ ᠪᠣᠯ ᠬᠣᠩᠭᠣᠷ ᠲᠤ᠌ ᠭᠡᠮ ᠬᠢᠭᠰᠡᠨ ᠦᠶ᠎ᠡ ᠳ᠋ᠦ᠍ ᠬᠡᠪᠰᠢ ᠶ᠋ᠢ ᠬᠠᠭᠤᠷᠬᠤ ᠦᠭᠡ ᠪᠡᠨ ᠪᠣᠳᠣᠬᠤ ᠳᠣᠬᠢᠶ᠎ᠠ ᠪᠣᠯᠳᠠᠭ ᠶᠤᠮ᠃ ᠭᠡᠪᠡᠴᠦ ᠬᠡᠳᠦᠢᠪᠡᠷ ᠥᠨᠥᠳᠥᠷ ᠡᠳᠦᠢ ᠲᠡᠳᠦᠢ ᠴᠠᠭ ᠢ᠋ᠶ᠋ᠠᠷ ᠵᠣᠳᠣᠯᠳᠤᠵᠤ ᠢᠷᠡᠬᠦ ᠴᠠᠭ ᠡᠴᠡ ᠪᠡᠨ ᠬᠣᠵᠢᠮᠳᠠᠭᠰᠠᠨ ᠪᠣᠯᠪᠠᠴᠤ ᠬᠣᠩᠭᠣᠷ ᠲᠤ᠌ ᠪᠠᠭᠰᠢ ᠳ᠋ᠠᠭᠠᠨ ᠬᠡᠯᠡᠬᠦ ᠦᠭᠡ ᠪᠣᠳᠣᠬᠤ ᠴᠢᠳᠠᠯ ᠪᠠᠢᠭᠰᠠᠨ ᠦᠭᠡᠢ᠃ ᠭᠡᠷ ᠲᠡᠭᠡᠨ ᠣᠷᠣᠬᠤ ᠳ᠋ᠤ᠌ ᠯᠠᠮᠠ ᠭᠢᠯᠤᠢᠨ ᠬᠠᠷᠠᠭᠰᠠᠨ ᠢ᠋ᠶ᠋ᠠᠨ᠄
  ᠊᠊᠊᠊᠊᠊᠊᠊᠊᠊᠊᠊᠊᠊᠊ ᠬᠦᠷᠦᠭᠡᠳ ᠢᠷ᠎ᠡ! ᠭᠡᠯ᠎ᠡ᠃
  ᠬᠣᠩᠭᠣᠷ ᠢ᠋ ᠣᠢᠷᠠᠲᠤᠨ ᠣᠴᠢᠬᠤ ᠳ᠋ᠤ᠌ ᠤᠷᠲᠤ ᠬᠠᠷ᠎ᠠ ᠡᠷᠢᠭᠡ ᠪᠡᠷ ᠨᠢᠭᠤᠷ ᠤ᠋ᠨ ᠳᠤᠮᠳᠠᠭᠤᠷ ᠨᠢ ᠣᠷᠢᠶᠠᠯᠭᠠᠭᠠᠳ᠂ ᠶᠠᠭᠤ ᠴᠤ᠌ ᠪᠣᠯᠤᠭ᠎ᠠ ᠦᠭᠡᠢ ᠶᠤᠮ ᠰᠢᠭ ᠨᠣᠮ ᠢ᠋ᠶ᠋ᠠᠨ ᠤᠩᠰᠢᠪᠠ᠃ ᠡᠷᠢᠭᠡ ᠶ᠋ᠢᠨ ᠰᠢᠷᠬᠡᠭ ᠪᠦᠷᠢ ᠶ᠋ᠢᠨ ᠬᠡᠪ ᠢ᠋ᠶ᠋ᠡᠷ ᠨᠢᠭᠤᠷ ᠲᠤᠨᠢ ᠤᠯᠠᠭᠠᠨ ᠭᠤᠪᠤᠷᠤᠤ ᠲᠣᠳᠣᠷᠠᠨ ᠭᠠᠷᠤᠯ᠎ᠠ᠃ ᠭᠡᠪᠡᠴᠦ ᠬᠣᠩᠭᠣᠷ ᠲᠤ᠌ ᠡᠪᠡᠳᠦᠭᠡ ᠦᠭᠡᠢ ᠶᠤᠮ ᠰᠢᠭ ᠪᠠᠢᠪᠠ᠃
  ᠬᠡᠳᠦᠨ ᠡᠳᠦᠷ ᠦ᠋ᠨ ᠳᠠᠷᠠᠭ᠎ᠠ ᠤᠰᠤ ᠡᠭᠦᠷᠦᠭᠡᠳ ᠶᠠᠪᠤᠵᠤ ᠪᠠᠢᠲᠠᠯ᠎ᠠ ᠵᠢᠷᠭᠠᠯ ᠲᠠᠢ ᠲᠠᠭᠠᠷᠠᠯᠳᠤᠵᠤ ᠮᠡᠨᠳᠦᠯᠡᠭᠰᠡᠨ ᠳ᠋ᠦ᠍ ᠲᠡᠷᠡ ᠬᠠᠷᠢᠭᠤ ᠳᠤᠤᠭᠠᠷᠤᠭᠰᠠᠨ ᠦᠭᠡᠢ ᠰᠢᠷᠪᠢᠭᠡᠳ ᠥᠩᠭᠡᠷᠡᠬᠦ ᠳ᠋ᠦ᠍ᠨᠢ᠄
  ᠊᠊᠊᠊᠊᠊᠊᠊᠊᠊᠊᠊᠊᠊᠊ ᠬᠤᠠᠵᠢᠩ ᠰᠠᠨᠠᠬᠤ ᠦᠭᠡᠢ ᠭᠡᠰᠡᠨ ᠪᠢᠰᠢ ᠪᠢᠯᠢᠤ᠃ ᠦᠭᠡ ᠴᠢᠨᠢ ᠦᠬᠡᠷ ᠦ᠋ᠨ ᠪᠠᠭᠠᠰᠤ᠂ ᠶᠠᠷᠢᠶ᠎ᠠ ᠴᠢᠨᠢ ᠢᠮᠠᠭᠠᠨ ᠤ᠋ ᠬᠣᠷᠭᠣᠯ ᠡᠷ᠎ᠡ ᠰᠢᠪ ᠳᠡ ᠭᠡᠵᠦ ᠬᠣᠩᠭᠣᠷ ᠬᠡᠯᠡᠪᠡ᠃
  ᠊᠊᠊᠊᠊᠊᠊᠊᠊᠊᠊᠊᠊᠊᠊ ᠪᠢ ᠬᠥᠯᠥᠰᠥᠨ ᠦ᠌ ᠡᠯᠵᠢᠭᠡ ᠲᠡᠢ ᠵᠣᠳᠣᠯᠳᠤᠬᠤ ᠭᠡᠵᠦ ᠪᠠᠢᠭᠰᠠᠨ ᠢ᠋ᠶ᠋ᠠᠨ ᠮᠡᠳᠡᠭᠰᠡᠨ ᠦᠭᠡᠢ ᠶᠤᠮ ᠭᠡᠵᠦ ᠬᠡᠭᠵᠢᠭᠦᠨ ᠪᠥᠭᠡᠳ ᠬᠦᠢᠲᠡᠨ ᠬᠠᠷᠢᠭᠤᠯᠤᠭᠠᠳ ᠡᠷᠭᠢᠵᠦ ᠴᠦ᠍ ᠬᠠᠷᠠᠯ ᠦᠭᠡᠢ ᠶᠠᠪᠤᠵᠠᠢ᠃