ᠲᠤᠩᠭᠠᠯᠠᠭ ᠲᠠᠮᠢᠷ4-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ4-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ4-03-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-13

1546

《ᠬᠠᠳᠠᠨ ᠤ᠋ ᠵᠠᠪᠰᠠᠷ ᠬᠠᠪᠴᠢᠭᠤᠯᠤᠭᠰᠠᠨ ᠬᠠᠯᠢᠭᠤᠨ ᠤ᠋ ᠵᠤᠯᠵᠠᠭ᠎ᠠ ᠬᠥᠭᠡᠷᠦᠬᠦᠢ》 - ᠳᠥᠷᠪᠡᠳᠦᠭᠡᠷ ᠪᠦᠯᠦᠭ ᠭᠤᠷᠪᠠ 

  ᠨᠢᠯᠬ᠎ᠠ ᠨᠣᠭᠣᠭᠠᠨ ᠤ᠋ ᠠᠩᠬᠢᠯᠤᠮ᠎ᠠ ᠦᠨᠦᠷ ᠬᠠᠩᠬᠤᠯᠤᠭᠰᠠᠨ ᠵᠤᠨ ᠤ᠋ ᠡᠬᠢᠨ ᠰᠠᠷ᠎ᠠ ᠶ᠋ᠢᠨ ᠨᠠᠢᠷᠲᠠᠢ ᠰᠠᠢᠬᠠᠨ ᠡᠳᠦᠷ ᠴᠡᠩᠭᠡᠯ ᠠᠭᠤᠯᠠ ᠶ᠋ᠢᠨ ᠬᠣᠰᠢᠭᠤ ᠵᠠᠬᠢᠷᠭ᠎ᠠ ᠶ᠋ᠢᠨ ᠡᠮᠦᠨᠡᠭᠦᠷ ᠭᠠᠷᠤᠭᠰᠠᠨ ᠲᠠᠮᠢᠷ ᠤ᠋ᠨ ᠭᠣᠣᠯ ᠤ᠋ᠨ ᠨᠥᠭᠦᠭᠡ ᠲᠠᠯ᠎ᠠ ᠶ᠋ᠢᠨ ᠡᠷᠭᠢ ᠳ᠋ᠦ᠍ ᠰᠠᠷᠠᠯ ᠮᠣᠷᠢᠲᠠᠢ ᠬᠥᠮᠦᠨ ᠢᠷᠡᠵᠦ ᠪᠠᠭᠤᠭᠠᠳ ᠬᠠᠢᠷᠭᠤ ᠳᠡᠭᠡᠷ᠎ᠡ ᠶᠠᠪᠠᠭᠠᠨ ᠰᠠᠭᠤᠵᠤ ᠨᠢᠭᠤᠷ ᠢ᠋ᠶ᠋ᠠᠨ ᠤᠬᠢᠶᠠᠪᠠ᠃
  ᠪᠠᠷᠠᠭᠤᠨ ᠠᠭᠤᠯᠠ ᠶ᠋ᠢᠨ ᠣᠷᠣᠢ ᠤᠷᠤᠭᠤ ᠬᠡᠯᠪᠡᠢᠭᠰᠡᠨ ᠨᠠᠷᠠᠨ ᠤ᠋ ᠲᠤᠶᠠᠭ᠎ᠠ ᠲᠦᠷᠭᠡᠨ ᠤᠷᠤᠰᠬᠠᠯᠲᠤ ᠲᠤᠩᠭᠠᠯᠠᠭ ᠭᠣᠣᠯ ᠤ᠋ᠨ ᠮᠠᠨᠳᠠᠯ ᠳᠡᠭᠡᠷ᠎ᠡ ᠵᠢᠷᠪᠢᠯᠵᠡᠨ ᠲᠣᠭᠯᠠᠵᠤ ᠪᠠᠢᠭ᠎ᠠ ᠨᠢ ᠬᠠᠷᠠᠭᠰᠠᠨ ᠪᠦᠬᠦᠨ ᠦ᠌ ᠨᠢᠳᠦ ᠶ᠋ᠢ ᠲᠠᠲᠠᠨ᠎ᠠ᠃
  ᠡᠷᠳᠡᠨᠢ ᠤᠰᠤ ᠬᠠᠷᠠᠨ ᠬᠥᠳᠡᠯᠦᠯ ᠦᠭᠡᠢ ᠰᠠᠭᠤᠨ᠎ᠠ᠃ ᠲᠡᠭᠦᠨ ᠦ᠌ ᠥᠷᠭᠡᠨ ᠮᠠᠩᠨᠠᠢ ᠳ᠋ᠤ᠌ ᠬᠡᠳᠦᠨ ᠦᠶ᠎ᠡ ᠦᠷᠴᠢᠯᠡᠭᠡ ᠪᠠᠢᠨ ᠪᠠᠢᠨ ᠲᠣᠳᠣᠷᠠᠵᠤ᠂ ᠵᠠᠷᠢᠮ ᠳ᠋ᠠᠭᠠᠨ ᠨᠢᠳᠦ ᠨᠢ ᠬᠥᠳᠡᠯᠭᠡᠭᠡᠨ ᠦᠭᠡᠢ ᠪᠣᠯᠤᠨ ᠭᠥᠯᠢᠷᠡᠨ᠎ᠡ᠃ ᠡᠷᠳᠡᠨᠢ ᠳ᠋ᠦ᠍ ᠪᠣᠳᠣᠬᠤ ᠶᠠᠭᠤᠮ᠎ᠠ ᠶᠡᠬᠡ ᠪᠠᠢᠯ᠎ᠠ᠃
  ᠠᠷᠠᠳ ᠤ᠋ᠨ ᠵᠠᠰᠠᠭ ᠤ᠋ᠨ ᠬᠢᠵᠦ ᠪᠠᠢᠭ᠎ᠠ ᠠᠵᠢᠯ ᠪᠦᠬᠦᠨ ᠯᠠᠮᠠ ᠨᠠᠷ ᠪᠣᠯᠤᠨ ᠡᠷᠬᠡ ᠶᠠᠩᠪᠠ ᠪᠠᠨ ᠬᠠᠰᠤᠭᠳᠠᠭᠰᠠᠨ ᠨᠣᠶᠠᠳ ᠲᠠᠢᠵᠢ ᠨᠠᠷ ᠤ᠋ᠨ ᠢᠯᠡ᠂ ᠳᠠᠯᠳᠠ ᠡᠰᠡᠷᠭᠦᠴᠡᠯ ᠲᠡᠢ ᠲᠤᠯᠭᠠᠷᠠᠵᠤ ᠪᠠᠢᠯ᠎ᠠ᠃ ᠲᠡᠭᠡᠬᠦ ᠳ᠋ᠡᠭᠡᠨ ᠡᠳᠡᠨ ᠦ᠌ ᠬᠦᠴᠦ ᠶᠡᠬᠡ ᠪᠥᠭᠡᠳ ᠭᠠᠷ ᠲᠤᠨᠢ ᠮᠠᠯ ᠤ᠋ᠨ ᠶᠡᠬᠡᠩᠬᠢ ᠪᠠᠢᠭᠰᠠᠨ ᠪᠣᠯᠬᠣᠷ ᠲᠡᠭᠦᠨ ᠢ᠋ᠶ᠋ᠡᠨ ᠲᠦᠰᠢᠵᠦ ᠠᠷᠠᠳ ᠤ᠋ᠨ ᠵᠠᠰᠠᠭ ᠤ᠋ᠨ ᠠᠵᠢᠯ ᠢ᠋ ᠡᠰᠡᠷᠭᠦᠴᠡᠨ᠎ᠡ᠃ ᠲᠡᠳᠡᠨ ᠦ᠌ ᠮᠠᠯ ᠰᠦᠷᠦᠭ ᠢ᠋ ᠬᠠᠷᠢᠭᠤᠯᠤᠨ ᠠᠮᠢᠳᠤᠷᠠᠳᠠᠭ ᠬᠥᠮᠦᠰ ᠣᠯᠠᠨ ᠪᠠᠢᠯ᠎ᠠ᠃ ᠡᠨᠡ ᠤᠴᠢᠷ ᠡᠴᠡ ᠵᠠᠷᠢᠮ ᠡᠢᠮᠦ ᠬᠥᠮᠦᠨ ᠢ᠋ ᠲᠠᠩᠬᠢᠮ ᠳ᠋ᠤ᠌ ᠬᠡᠦᠬᠡᠳ ᠢ᠋ᠶ᠋ᠡᠨ ᠥᠭᠬᠦ ᠪᠤᠶᠤ ᠵᠠᠰᠠᠭ ᠵᠠᠬᠢᠷᠭ᠎ᠠ ᠶ᠋ᠢᠨ ᠰᠣᠩᠭᠣᠭᠤᠯᠢ ᠳ᠋ᠤ᠌ ᠣᠷᠣᠯᠴᠠᠪᠠᠯ ᠬᠠᠷᠢᠭᠤᠯᠤᠭᠤᠯᠵᠤ ᠪᠠᠢᠭ᠎ᠠ ᠮᠠᠯ ᠢ᠋ᠶ᠋ᠠᠨ ᠠᠪᠤᠨ᠎ᠠ ᠭᠡᠵᠦ ᠠᠶᠤᠯᠭᠠᠭᠰᠠᠨ ᠤᠳᠠᠭ᠎ᠠ ᠴᠤ᠌ ᠭᠠᠷᠴᠤ ᠪᠠᠢᠯ᠎ᠠ᠃
  ᠠᠷᠠᠳ ᠲᠦᠮᠡᠨ ᠦ᠌ ᠶᠡᠬᠡᠩᠬᠢ ᠬᠡᠰᠡᠭ ᠨᠢ ᠭᠦᠨ ᠪᠢᠰᠢᠷᠡᠯ ᠳ᠋ᠦ᠍ ᠠᠪᠲᠠᠭᠳᠠᠭᠰᠠᠨ ᠤᠴᠢᠷ ᠡᠭᠦᠨ ᠢ᠋ ᠠᠰᠢᠭᠯᠠᠨ ᠠᠷᠠᠳ ᠤ᠋ᠨ ᠵᠠᠰᠠᠭ᠂ ᠲᠡᠭᠦᠨ ᠦ᠌ ᠬᠢᠵᠦ ᠪᠠᠢᠭ᠎ᠠ ᠠᠵᠢᠯ ᠢ᠋ ᠡᠰᠡᠷᠭᠦᠴᠡᠨ᠎ᠡ᠃ ᠲᠡᠢᠮᠦ ᠪᠤᠷᠬᠠᠨ ᠤ᠋ ᠨᠣᠮ ᠳ᠋ᠤ᠌᠂ ᠡᠢᠮᠦ ᠭᠡᠭᠡᠨ ᠦ᠌ ᠯᠦᠨᠲᠦᠩ ᠳ᠋ᠦ᠍ ᠠᠷᠠᠳ ᠤ᠋ᠨ ᠵᠠᠰᠠᠭ ᠲᠡᠭᠡᠵᠦ ᠤᠰᠠᠳᠬᠤ ᠶᠣᠰᠣᠲᠠᠢ᠂ ᠠᠷᠠᠳ ᠤ᠋ᠨ ᠵᠠᠰᠠᠭ ᠪᠣᠢ ᠪᠣᠯᠤᠭᠰᠠᠨ ᠡᠴᠡ ᠴᠠᠭ ᠵᠢᠪᠡᠭᠦᠨ ᠪᠣᠯᠵᠤ ᠪᠠᠢᠨ᠎ᠠ ᠭᠡᠵᠦ ᠶᠠᠷᠢᠨ᠎ᠠ᠃ ᠠᠷᠠᠳ ᠣᠯᠠᠨ ᠤ᠋ ᠬᠡᠦᠬᠡᠳ ᠢ᠋ ᠪᠢᠴᠢᠭ ᠡᠷᠳᠡᠮ ᠰᠤᠷᠭᠠᠬᠤ ᠭᠡᠵᠦ ᠬᠡᠳᠦ ᠬᠡᠳᠦᠨ ᠰᠤᠮᠤ ᠶ᠋ᠢᠨ ᠳᠤᠮᠳᠠ ᠲᠠᠪᠢᠨ ᠬᠡᠦᠬᠡᠳ ᠦ᠋ᠨ ᠣᠷᠣᠨ ᠲᠣᠭ᠎ᠠ ᠲᠠᠢ ᠲᠠᠩᠬᠢᠮ ᠤ᠋ᠳ ᠪᠠᠢᠭᠤᠯᠪᠠ᠃ ᠭᠡᠲᠡᠯ᠎ᠡ ᠲᠡᠭᠦᠨ ᠢ᠋ ᠤᠰᠠᠳᠬᠠᠬᠤ ᠶ᠋ᠢᠨ ᠲᠤᠯᠠ ᠴᠢᠯᠠᠭᠤ ᠮᠡᠷᠡᠬᠦ ᠡᠴᠡ ᠪᠤᠰᠤᠳ ᠢ᠋ ᠬᠢᠬᠦ ᠠᠵᠢ᠃ ᠡᠭᠦᠨ ᠡᠴᠡ ᠵᠠᠷᠢᠮ ᠬᠥᠮᠦᠨ ᠬᠡᠦᠬᠡᠳ ᠢ᠋ᠶ᠋ᠡᠨ ᠲᠠᠩᠬᠢᠮ ᠳ᠋ᠤ᠌ ᠥᠭᠬᠦ ᠳᠤᠷ᠎ᠠ ᠦᠭᠡᠢ ᠪᠣᠯᠪᠠ᠃ ᠵᠠ ᠲᠡᠭᠡᠭᠡᠳ ᠠᠷᠠᠢ ᠬᠢᠵᠦ ᠬᠡᠳᠦᠨ ᠬᠡᠦᠬᠡᠳ ᠴᠤᠭᠯᠠᠷᠠᠭᠤᠯᠵᠤ ᠠᠪᠬᠤ ᠳᠡᠭᠡᠷ᠎ᠡ ᠲᠠᠩᠬᠢᠮ ᠳᠡᠭᠡᠷ᠎ᠡ ᠴᠢᠳᠬᠥᠷ ᠲᠡᠢ ᠪᠣᠯᠪᠠ ᠭᠡᠬᠦ ᠪᠤᠶᠤ ᠡᠪᠡᠳᠴᠢᠨ ᠲᠠᠬᠤᠯ ᠬᠦᠷᠲᠡᠯ᠎ᠡ ᠳᠠᠷᠬᠠᠭᠠᠵᠤ ᠪᠠᠢᠯ᠎ᠠ᠃ ᠬᠡᠦᠬᠡᠳ ᠢ᠋ ᠡᠯᠳᠡᠪ ᠢ᠋ᠶ᠋ᠡᠷ ᠢᠳᠬᠠᠨ ᠤᠷᠭᠤᠭᠤᠯᠬᠤ ᠨᠢ ᠪᠠᠷᠤᠭ ᠯᠠ ᠶᠡᠷᠦᠳᠡ ᠶ᠋ᠢᠨ ᠶᠠᠪᠤᠳᠠᠯ ᠪᠣᠯᠵᠠᠢ᠃ ᠢᠩᠭᠢᠭᠡᠳ ᠠᠵᠢᠯᠯᠠᠬᠤ ᠨᠥᠬᠥᠴᠡᠯ ᠦᠭᠡᠢ ᠪᠣᠯᠬᠤ ᠳ᠋ᠤ᠌ ᠨᠢ ᠠᠷᠭ᠎ᠠ ᠦᠭᠡᠢ ᠪᠣᠯᠵᠤ ᠬᠥᠬᠡᠭᠡ ᠡᠪᠦᠯ ᠦ᠋ᠨ ᠬᠦᠢᠲᠡᠨ ᠳ᠋ᠦ᠍ ᠨᠡᠭᠦᠯᠭᠡᠵᠦ ᠴᠦ᠍ ᠪᠠᠢᠯ᠎ᠠ᠃
  ᠲᠠᠩᠬᠢᠮ ᠤ᠋ᠨ ᠬᠡᠦᠬᠡᠳ ᠦ᠋ᠨ ᠣᠷᠣᠨ ᠲᠣᠭ᠎ᠠ ᠶ᠋ᠢ ᠭᠦᠢᠴᠡᠳᠬᠡᠬᠦ ᠭᠡᠵᠦ ᠡᠷᠳᠡᠨᠢ ᠬᠡᠦᠬᠡᠳ ᠢ᠋ ᠠᠢᠯ ᠡᠷᠦᠬᠡ ᠳ᠋ᠦ᠍ ᠣᠨᠤᠭᠳᠠᠭᠤᠯᠤᠨ ᠳᠠᠢᠴᠢᠯᠠᠬᠤ ᠰᠢ᠌ᠤᠠᠪᠣᠷᠢ ᠬᠦᠷᠲᠡᠯ᠎ᠡ ᠭᠠᠷᠭᠠᠵᠤ ᠪᠢᠯᠡ᠃
  ᠡᠨᠡ ᠵᠤᠨ ᠮᠠᠯ ᠤ᠋ᠨ ᠲᠣᠭᠠᠯᠠᠯᠭ᠎ᠠ ᠶᠠᠪᠤᠭᠤᠯᠤᠭᠰᠠᠨ ᠨᠢ ᠮᠠᠰᠢ ᠪᠠᠭ᠎ᠠ ᠲᠣᠭ᠎ᠠ ᠭᠠᠷᠴᠠᠢ᠃ ᠰᠢᠯᠲᠠᠭᠠᠨ ᠢ᠋ ᠰᠤᠳᠤᠯᠤᠨ ᠦᠵᠡᠪᠡᠯ ᠪᠠᠶᠠᠴᠤᠳ᠂ ᠵᠢᠰᠠ ᠮᠠᠯ ᠢ᠋ᠶ᠋ᠠᠨ ᠦᠯᠡᠮᠵᠢ ᠬᠡᠮᠵᠢᠶ᠎ᠡ ᠪᠡᠷ ᠳᠠᠷᠤᠵᠤ᠂ ᠮᠥᠨ ᠵᠠᠷᠢᠮ ᠶᠠᠳᠠᠭᠤ ᠳᠤᠮᠳᠠ ᠠᠷᠠᠳ ᠢ᠋ ᠴᠦ᠍ ᠡᠨᠡ ᠬᠡᠷᠡᠭ ᠲᠡᠭᠡᠨ ᠲᠡᠳᠡᠨ ᠣᠷᠣᠭᠤᠯᠪᠠ᠃ ᠮᠠᠯ ᠳᠠᠷᠤᠬᠤ ᠶᠠᠪᠤᠳᠠᠯ ᠬᠣᠶᠠᠷ ᠦᠨᠳᠦᠰᠦᠨ ᠰᠢᠯᠲᠠᠭᠠᠨ ᠲᠠᠢ ᠪᠠᠢᠯ᠎ᠠ᠃ ᠨᠢᠭᠡ ᠬᠡᠰᠡᠭ ᠨᠢ ᠵᠣᠷᠢᠭᠤᠳᠠ ᠠᠷᠠᠳ ᠤ᠋ᠨ ᠵᠠᠰᠠᠭ ᠡᠴᠡ ᠬᠢᠵᠦ ᠪᠠᠢᠭ᠎ᠠ ᠠᠵᠢᠯ ᠢ᠋ ᠡᠰᠡᠷᠭᠦᠴᠡᠭᠰᠡᠨ ᠡᠴᠡ ᠮᠠᠯ ᠰᠦᠷᠦᠭ ᠢ᠋ ᠲᠣᠭᠠᠨ ᠡᠴᠡ ᠨᠢ ᠨᠢᠭᠤᠵᠠᠢ᠃ ᠡᠨᠡ ᠪᠣᠯ ᠪᠠᠭ᠎ᠠ ᠬᠡᠰᠡᠭ ᠨᠢ ᠪᠠᠢᠯ᠎ᠠ᠃ ᠨᠥᠭᠦᠭᠡ ᠬᠡᠰᠡᠭ ᠨᠢ ᠮᠠᠯ ᠤ᠋ᠨ ᠬᠥᠯ ᠳ᠋ᠦ᠍ ᠣᠨᠤᠭᠳᠠᠭᠤᠯᠬᠤ ᠠᠯᠪᠠᠨ ᠲᠠᠲᠠᠪᠤᠷᠢ᠂ ᠥᠷᠲᠡᠭᠡᠨ ᠦ᠌ ᠠᠯᠪᠠ ᠶ᠋ᠢ ᠬᠣᠷᠣᠭᠳᠠᠭᠤᠯᠬᠤ ᠭᠡᠰᠡᠨ ᠡᠴᠡ ᠮᠠᠯ ᠢ᠋ᠶ᠋ᠠᠨ ᠳᠠᠷᠤᠵᠠᠢ᠃ ᠬᠡᠳᠦᠢ ᠪᠡᠷ ᠡᠴᠦᠰ ᠲᠡᠭᠡᠨ ᠡᠨᠡ ᠬᠣᠶᠠᠷ ᠬᠡᠰᠡᠭ ᠨᠢ ᠵᠠᠰᠠᠭ ᠡᠴᠡ ᠥᠪᠡᠷ ᠦ᠋ᠨ ᠣᠷᠣᠨ ᠤ᠋ ᠡᠳ᠋ ᠦ᠋ᠨ ᠵᠠᠰᠠᠭ ᠢ᠋ᠶ᠋ᠠᠨ ᠵᠥᠪ ᠣᠢᠯᠠᠭᠠᠶ᠎ᠠ ᠭᠡᠵᠦ ᠬᠢᠭᠰᠡᠨ ᠠᠵᠢᠯ ᠳ᠋ᠤ᠌ ᠰᠦᠷᠡᠬᠡᠢ ᠬᠣᠣᠷ ᠬᠦᠷᠭᠡᠭᠰᠡᠨ ᠠᠪᠠᠴᠤ ᠠᠳᠠᠯᠢ ᠳ᠋ᠤ᠌ ᠦᠵᠡᠨ ᠲᠡᠮᠡᠴᠡᠵᠦ ᠪᠣᠯᠬᠤ ᠦᠭᠡᠢ ᠪᠠᠢᠯ᠎ᠠ᠃
  ᠡᠷᠳᠡᠨᠢ ᠠᠷᠠᠳ ᠤ᠋ᠨ ᠵᠠᠰᠠᠭ ᠤ᠋ᠨ ᠲᠥᠯᠥᠭᠡᠨ ᠦ᠌ ᠲᠦᠰᠢᠮᠡᠯ ᠦ᠋ᠨ ᠬᠤᠪᠢ ᠳ᠋ᠤ᠌ ᠮᠠᠯ ᠢ᠋ ᠳᠠᠬᠢᠨ ᠲᠣᠭᠠᠯᠠᠭᠤᠯᠬᠤ ᠪᠣᠯᠵᠤ ᠬᠤᠰᠢᠭᠤᠳ ᠲᠤ᠌ ᠬᠥᠮᠦᠨ ᠲᠣᠮᠢᠯᠠᠨ ᠶᠠᠪᠤᠭᠤᠯᠤᠭᠰᠠᠨ ᠪᠥᠭᠡᠳ ᠥᠪᠡᠷ ᠢ᠋ᠶ᠋ᠡᠨ ᠴᠡᠩᠭᠡᠯ ᠠᠭᠤᠯᠠ ᠶ᠋ᠢᠨ ᠬᠤᠰᠢᠭᠤᠨ ᠳ᠋ᠤ᠌ ᠲᠣᠭᠠᠯᠠᠯᠭ᠎ᠠ ᠶᠠᠪᠤᠭᠤᠯᠬᠤ ᠪᠠᠷ ᠢᠷᠡᠵᠦ ᠪᠠᠢᠭ᠎ᠠ ᠨᠢ ᠡᠨᠡ ᠪᠢᠯᠡ᠃
  ᠤᠷᠢᠳᠤ ᠢᠲᠡᠭᠡᠯᠲᠦ ᠬᠡᠳᠦᠨ ᠮᠠᠯ ᠲᠠᠢ ᠪᠠᠢᠭᠰᠠᠨ ᠢ᠋ ᠡᠷᠳᠡᠨᠢ ᠪᠠᠷᠤᠭ ᠯᠠ ᠨᠠᠰᠤ᠂ ᠰᠢᠳᠦ᠂ ᠵᠢᠰᠦ ᠬᠦᠢᠰᠦ ᠪᠡᠷ ᠨᠢ ᠮᠡᠳᠡᠨ᠎ᠡ᠃ ᠭᠡᠲᠡᠯ᠎ᠡ ᠰᠠᠶᠢ ᠶ᠋ᠢᠨ ᠲᠣᠭ᠎ᠠ ᠪᠠᠷ ᠢᠲᠡᠭᠡᠯᠲᠦ ᠶ᠋ᠢᠨ ᠮᠠᠯ ᠬᠡᠳᠦᠨ ᠵᠢᠯ ᠦ᠋ᠨ ᠡᠮᠦᠨᠡᠬᠢ ᠡᠴᠡ ᠦᠯᠡᠮᠵᠢ ᠬᠣᠷᠣᠭᠳᠠᠭᠰᠠᠨ ᠪᠠᠢᠯ᠎ᠠ᠃ ᠢᠩᠭᠢᠭᠡᠳ ᠪᠣᠳᠣᠬᠤ ᠳ᠋ᠤ᠌ ᠭᠠᠷᠭᠠᠭᠰᠠᠨ ᠲᠣᠭ᠎ᠠ ᠬᠠᠭᠤᠷᠮᠠᠴᠢ ᠨᠢ ᠡᠷᠡᠭᠡᠯᠵᠡᠭᠡ ᠦᠭᠡᠢ᠃ ᠭᠡᠬᠦ ᠳ᠋ᠡᠭᠡᠨ ᠳᠠᠬᠢᠭᠠᠳ ᠲᠣᠭᠠᠯᠠᠬᠤ ᠳ᠋ᠤ᠌ ᠳᠠᠬᠢᠭᠠᠳ ᠳᠠᠷᠤᠨ᠎ᠠ᠃ ᠠᠬᠢᠭᠤᠯᠵᠤ ᠴᠢᠳᠠᠬᠤ ᠦᠭᠡᠢ ᠪᠣᠯ ᠳᠠᠪᠠᠯᠠᠨ ᠱᠣᠣᠯᠠᠨ᠎ᠠ᠃
  ᠳᠠᠷᠤᠭᠤᠯᠬᠤ ᠦᠭᠡᠢ ᠭᠡᠪᠡᠯ ᠨᠤᠲᠤᠭ ᠤ᠋ᠨ ᠬᠥᠮᠦᠰ ᠢ᠋ ᠣᠷᠣᠯᠴᠠᠭᠤᠯᠬᠤ ᠬᠡᠷᠡᠭᠲᠡᠢ᠃ ᠭᠡᠪᠡᠴᠦ ᠡᠨᠡ ᠪᠣᠯ ᠡᠢᠮᠦ ᠬᠢᠯᠪᠠᠷ ᠠᠵᠢᠯ ᠪᠢᠰᠢ᠃ ᠨᠢᠭᠡ ᠬᠡᠰᠡᠭ ᠬᠥᠮᠦᠰ ᠨᠤᠲᠤᠭ ᠤ᠋ᠨ ᠠᠬ᠎ᠠ ᠳᠡᠭᠦᠦ ᠨᠠᠷ ᠲᠠᠢ ᠥᠰᠢᠶᠡᠲᠡᠨ ᠪᠣᠯᠬᠤ ᠦᠭᠡᠢ ᠭᠡᠳ ᠳᠠᠷᠤᠭᠰᠠᠨ ᠮᠠᠯ ᠢ᠋ ᠢᠯᠡᠴᠢᠯᠡᠨ ᠭᠠᠷᠭᠠᠬᠤ ᠦᠭᠡᠢ᠃ ᠨᠥᠭᠦᠭᠡ ᠬᠡᠰᠡᠭ ᠬᠥᠮᠦᠰ ᠪᠤᠰᠤᠳ ᠤ᠋ᠨ ᠮᠠᠭᠤ ᠦᠵᠡᠬᠦ ᠦᠭᠡᠢ ᠭᠡᠳ ᠬᠡᠯᠡᠬᠦ ᠦᠭᠡᠢ᠃ ᠭᠤᠷᠪᠠᠳᠠᠬᠢ ᠨᠢ ᠠᠶᠤᠵᠤ ᠵᠣᠪᠠᠭᠠᠳ ᠬᠡᠯᠡᠬᠦ ᠦᠭᠡᠢ᠃ ᠪᠠᠰᠠ ᠲᠡᠭᠡᠭᠡᠳ ᠡᠨᠡ ᠥᠷᠭᠡᠨ ᠨᠤᠲᠤᠭ ᠤ᠋ᠨ ᠠᠯᠢ ᠬᠣᠩᠬᠣᠷ ᠲᠤ᠌ ᠪᠤᠶᠤ ᠮᠣᠳᠣᠨ ᠳ᠋ᠤ᠌ ᠬᠡᠴᠢᠨᠡᠨ ᠮᠠᠯ ᠳᠠᠷᠤᠵᠤ ᠨᠢᠭᠤᠭᠰᠠᠨ ᠢ᠋ ᠣᠯᠬᠤ ᠳ᠋ᠤ᠌ ᠪᠡᠷᠬᠡ᠃
  ᠪᠡᠷᠬᠡᠰᠢᠶᠡᠯ ᠰᠠᠭᠠᠳ ᠶᠡᠬᠡ᠃ ᠭᠡᠪᠡᠴᠦ ᠲᠣᠭᠠᠯᠠᠬᠤ ᠬᠡᠷᠡᠭᠲᠡᠢ᠂ ᠲᠡᠭᠡᠬᠦ ᠳ᠋ᠡᠭᠡᠨ ᠤᠷᠢᠳᠤ ᠭᠠᠷᠤᠭᠰᠠᠨ ᠡᠴᠡ ᠠᠬᠢᠭᠤᠯᠬᠤ ᠨᠢ ᠴᠢᠬᠤᠯᠠ᠃
  ᠡᠷᠳᠡᠨᠢ ᠠᠯᠭᠤᠷ ᠪᠣᠰᠴᠤ ᠮᠣᠷᠳᠠᠭᠠᠳ ᠲᠠᠮᠢᠷ ᠢ᠋ ᠭᠠᠲᠤᠯᠪᠠ᠃ ᠬᠢᠷᠢ ᠵᠡᠷᠭᠡ ᠭᠦᠨ ᠪᠠᠢᠭᠰᠠᠨ ᠢ᠋ ᠴᠦ᠍ ᠪᠠᠷᠤᠭ ᠯᠠ ᠮᠡᠳᠡᠭᠰᠡᠨ ᠦᠭᠡᠢ ᠪᠥᠭᠡᠳ ᠨᠢᠭᠡ ᠮᠡᠳᠡᠬᠦ ᠳ᠋ᠦ᠍ ᠲᠠᠮᠢᠷ ᠤ᠋ᠨ ᠭᠣᠣᠯ ᠠᠷᠤ ᠳ᠋ᠤᠨᠢ ᠦᠯᠡᠳᠡᠭᠰᠡᠨ ᠪᠠᠢᠯ᠎ᠠ᠃
  ᠬᠤᠰᠢᠭᠤᠨ ᠳᠡᠭᠡᠷ᠎ᠡ ᠢᠷᠡᠵᠦ ᠤᠳᠤᠷᠢᠳᠬᠤ ᠬᠥᠮᠦᠰ ᠲᠡᠢ ᠶᠠᠷᠢᠬᠤ ᠳ᠋ᠤ᠌ ᠬᠢᠭᠰᠡᠨ ᠲᠣᠭ᠎ᠠ ᠪᠠᠨ ᠪᠤᠷᠤᠭᠤ ᠪᠣᠯᠤᠭᠰᠠᠨ ᠭᠡᠵᠦ ᠬᠡᠨ ᠨᠢ ᠴᠦ᠍ ᠬᠡᠯᠡᠭᠰᠡᠨ ᠦᠭᠡᠢ᠃
  ᠬᠤᠰᠢᠭᠤᠨ ᠤ᠋ ᠨᠠᠮ ᠤ᠋ᠨ ᠡᠭᠦᠷ ᠦ᠋ᠨ ᠳᠠᠷᠤᠭ᠎ᠠ ᠭᠣᠨᠴᠣᠭ 《ᠣᠳᠣ ᠶ᠋ᠢᠨ ᠪᠠᠢᠳᠠᠯ ᠢ᠋ᠶ᠋ᠠᠷ ᠳᠠᠷᠤᠭᠤᠯᠤᠯ ᠦᠭᠡᠢ ᠪᠡᠷ ᠲᠣᠭᠠᠯᠠᠬᠤ ᠪᠣᠯᠤᠮᠵᠢ ᠦᠭᠡᠢ ᠪᠠᠢᠨ᠎ᠠ᠃ ᠮᠠᠨ ᠤ᠋ ᠬᠤᠰᠢᠭᠤᠨ ᠤ᠋ ᠬᠤᠪᠢ ᠳ᠋ᠤ᠌ ᠪᠣᠯ ᠮᠠᠰᠢ ᠪᠠᠭ᠎ᠠ ᠳᠠᠷᠤᠭᠰᠠᠨ ᠪᠠᠢᠬᠤ ᠳᠠ》 ᠭᠡᠵᠦ ᠬᠡᠯᠡᠪᠡ᠃
  ᠪᠦᠬᠦ ᠠᠢᠯ ᠤ᠋ᠨ ᠮᠠᠯ ᠢ᠋ ᠭᠠᠭᠴᠠ ᠡᠳᠦᠷ ᠵᠡᠷᠭᠡ ᠲᠣᠭᠠᠯᠠᠪᠠᠯ ᠦᠯᠡᠮᠵᠢ ᠵᠥᠪ ᠲᠣᠭ᠎ᠠ ᠭᠠᠷᠭᠠᠵᠤ ᠪᠣᠯᠬᠤ ᠰᠠᠨ᠃ ᠭᠡᠪᠡᠴᠦ ᠲᠡᠢᠮᠦ ᠬᠦᠴᠦ ᠪᠣᠯᠤᠮᠵᠢ ᠪᠠᠢᠬᠤ ᠦᠭᠡᠢ᠃
  ᠡᠷᠳᠡᠨᠢ ᠰᠢᠭᠤᠳ ᠮᠠᠯ ᠲᠣᠭᠠᠯᠠᠯᠭᠠᠨ ᠳ᠋ᠠᠭᠠᠨ ᠣᠷᠣᠭᠰᠠᠨ ᠦᠭᠡᠢ᠃ ᠬᠠᠷᠢᠨ ᠢᠷᠡᠭᠰᠡᠨ ᠦ᠌ ᠪᠡᠨ ᠮᠠᠷᠭᠠᠰᠢ ᠡᠴᠡ ᠡᠬᠢᠯᠡᠨ ᠠᠢᠯ ᠬᠡᠰᠦᠵᠦ ᠠᠪᠠᠭᠠᠢ ᠬᠡᠦᠬᠡᠳ ᠲᠡᠢ ᠪᠠᠬᠠᠨ ᠶᠠᠷᠢᠵᠤ᠂ ᠪᠠᠰᠠ ᠵᠠᠮ ᠳ᠋ᠤ᠌ ᠲᠠᠭᠠᠷᠠᠯᠳᠤᠭᠰᠠᠨ ᠮᠠᠯ ᠤ᠋ᠨ ᠳᠣᠲᠣᠷ᠎ᠠ ᠶᠠᠮᠠᠷ ᠨᠢᠭᠡᠨ ᠰᠣᠳᠣᠨ ᠲᠡᠮᠳᠡᠭᠲᠡᠢ ᠨᠢᠭᠡ ᠶ᠋ᠢ ᠨᠢ ᠳᠣᠲᠣᠷ᠎ᠠ ᠪᠠᠨ ᠴᠡᠭᠡᠵᠢᠯᠡᠵᠦ ᠪᠠᠢᠯ᠎ᠠ᠃ ᠪᠠᠰᠠ ᠬᠡᠳᠦ ᠬᠣᠨᠣᠭ ᠭᠣᠨᠴᠣᠭ ᠵᠡᠷᠭᠡ ᠬᠥᠮᠦᠰ ᠢ᠋ ᠢᠩᠭᠢᠵᠦ ᠠᠵᠢᠯᠯᠠᠭᠤᠯᠪᠠ᠃
  ᠡᠢᠮᠦᠷᠬᠦᠦ ᠠᠵᠢᠯᠯᠠᠭᠰᠠᠨ ᠨᠢ ᠰᠠᠢᠨ᠂ ᠮᠠᠭᠤ ᠬᠣᠶᠠᠷ ᠲᠠᠯ᠎ᠠ ᠲᠠᠢ ᠪᠠᠢᠯ᠎ᠠ᠃ ᠰᠠᠢᠨ ᠲᠠᠯ᠎ᠠ ᠭᠡᠪᠡᠯ ᠶᠠᠭᠤ ᠴᠤ᠌ ᠯᠠ ᠭᠡᠰᠡᠨ ᠪᠡᠯᠡᠳᠬᠡᠵᠦ ᠠᠪᠤᠭᠰᠠᠨ ᠳ᠋ᠤ᠌ ᠪᠠᠢᠪᠠ᠃ ᠮᠠᠭᠤ ᠲᠠᠯ᠎ᠠ ᠭᠡᠪᠡᠯ ᠲᠣᠭᠠᠯᠠᠯᠭ᠎ᠠ ᠳᠠᠬᠢᠨ ᠶᠠᠪᠤᠬᠤ ᠶ᠋ᠢ ᠬᠥᠮᠦᠰ ᠮᠡᠳᠡᠭᠡᠳ ᠪᠠᠰᠠ ᠪᠡᠯᠡᠳᠬᠡᠪᠡ᠃
  ᠡᠬᠢᠨ ᠦ᠌ ᠠᠢᠯ ᠢ᠋ ᠮᠠᠰᠢ ᠰᠠᠢᠨ ᠲᠣᠭᠠᠯᠠᠵᠤ᠂ ᠤᠷᠢᠳᠠᠬᠢ ᠲᠠᠢ ᠵᠥᠷᠢᠶ᠎ᠡ ᠭᠠᠷᠪᠠᠯ ᠬᠦᠨᠳᠦ ᠲᠣᠷᠭᠠᠵᠤ ᠰᠢᠳᠬᠡᠪᠡᠯ ᠳᠠᠷᠠᠭ᠎ᠠ ᠶ᠋ᠢᠨ ᠬᠢᠨᠢ ᠳᠠᠷᠤᠬᠤ ᠡᠴᠡ ᠠᠶᠤᠬᠤ ᠪᠣᠯᠪᠠ ᠤᠤ ᠭᠡᠵᠦ ᠪᠣᠳᠣᠯ᠎ᠠ᠃
  ᠮᠠᠯ ᠳᠠᠬᠢᠨ ᠲᠣᠭᠠᠯᠠᠬᠤ ᠪᠣᠯᠤᠭᠰᠠᠨ ᠢ᠋ ᠮᠡᠳᠡᠭᠰᠡᠨ ᠠᠢᠯ ᠤ᠋ᠳ ᠵᠢᠰᠦᠨ ᠪᠦᠷᠢ ᠶ᠋ᠢᠨ ᠪᠠᠰᠢᠷ ᠠᠷᠭ᠎ᠠ ᠬᠡᠷᠡᠭᠯᠡᠵᠦ ᠡᠬᠢᠯᠡᠪᠡ᠃ ᠵᠠᠷᠢᠮ ᠨᠢ ᠲᠠᠰᠤᠯᠤᠨ ᠵᠡᠯᠢᠭᠦᠳ ᠭᠠᠵᠠᠷ ᠬᠥᠭᠡᠭᠡᠨ᠎ᠡ᠃ ᠵᠠᠷᠢᠮ ᠨᠢ ᠤᠷᠢᠳᠤ ᠲᠣᠭ᠎ᠠ ᠶᠠᠪᠤᠭᠳᠠᠵᠤ ᠥᠩᠭᠡᠷᠡᠭᠰᠡᠨ ᠰᠤᠮᠤᠳ ᠤ᠋ᠨ ᠨᠤᠲᠤᠭ ᠲᠤ᠌ ᠶᠠᠪᠤᠭᠤᠯᠤᠨ᠎ᠠ᠃ ᠵᠠᠷᠢᠮ ᠨᠢ ᠡᠬᠡᠨᠡᠷ ᠲᠡᠢ ᠪᠡᠨ ᠬᠦᠷᠲᠡᠯ᠎ᠡ ᠡᠷᠦᠬᠡ ᠳᠠᠩᠰᠠ ᠰᠠᠯᠭᠠᠨ᠎ᠠ᠃ ᠯᠤᠢᠪᠠᠷᠳᠠᠬᠤ ᠭᠡᠵᠦ ᠪᠣᠳᠣᠭ᠎ᠠ ᠦᠭᠡᠢ ᠯᠡ ᠪᠣᠯ ᠮᠠᠯ ᠤ᠋ᠨ ᠥᠷᠢ ᠶ᠋ᠢ ᠥᠭᠬᠦ ᠳᠤᠷᠠᠲᠠᠢ ᠪᠣᠯᠤᠭᠰᠠᠨ ᠪᠠᠢᠯ᠎ᠠ᠃ ᠬᠠᠷᠢᠨ ᠠᠪᠤᠯᠭ᠎ᠠ ᠶ᠋ᠢ ᠪᠣᠯ ᠶᠠᠭᠠᠷᠠᠬᠤ ᠦᠭᠡᠢ ᠪᠣᠯᠵᠠᠢ᠃
  ᠢᠲᠡᠭᠡᠯᠲᠦ ᠶᠠᠭᠤᠨ ᠡᠴᠡ ᠬᠣᠴᠣᠷᠬᠤ ᠪᠢᠯᠡ᠃ ᠮᠠᠯ ᠳᠠᠷᠤᠵᠤ᠂ ᠠᠯᠪᠠᠨ ᠲᠠᠲᠠᠪᠤᠷᠢ ᠬᠥᠩᠭᠡᠷᠡᠭᠦᠯᠬᠦ ᠶᠠᠮᠠᠷ ᠠᠷᠭ᠎ᠠ ᠪᠠᠢᠳᠠᠭ ᠪᠣᠯ ᠪᠦᠭᠦᠳᠡ ᠶ᠋ᠢ ᠬᠢᠵᠦ ᠠᠮᠵᠢᠪᠠ᠃ ᠬᠡᠰᠡᠭ ᠮᠠᠯ ᠢ᠋ ᠥᠭᠡᠷ᠎ᠡ ᠰᠤᠮᠤ ᠶ᠋ᠢᠨ ᠨᠤᠲᠤᠭ ᠲᠤ᠌ ᠶᠠᠪᠤᠭᠤᠯᠪᠠ᠃ ᠬᠡᠰᠡᠭ ᠢ᠋ ᠵᠡᠯᠢᠭᠦᠳ ᠨᠤᠲᠤᠭ ᠲᠤ᠌ ᠭᠠᠷᠭᠠᠪᠠ᠃ ᠭᠠᠯᠰᠠᠩ ᠢ᠋ ᠡᠬᠡᠨᠡᠷ ᠲᠡᠢ ᠨᠢ ᠬᠠᠮᠲᠤ ᠲᠤᠰᠬᠠᠢ ᠡᠷᠦᠬᠡ ᠪᠣᠯᠭᠠᠵᠤ ᠨᠡᠷ᠎ᠡ ᠳᠡᠭᠡᠷ᠎ᠡ ᠨᠢ ᠬᠡᠰᠡᠭ ᠢ᠋ ᠲᠣᠭᠠᠯᠠᠭᠤᠯᠬᠤ ᠪᠣᠯᠪᠠ᠃ ᠡᠨᠡ ᠪᠦᠬᠦᠨ ᠢ᠋ ᠬᠢᠬᠦ ᠳ᠋ᠦ᠍ ᠬᠠᠮᠤᠭ ᠤ᠋ᠨ ᠣᠢᠷ᠎ᠠ ᠶ᠋ᠢᠨ ᠲᠤᠰᠠᠯᠠᠭᠴᠢ ᠨᠢ ᠰᠦᠷᠦᠩ ᠪᠠᠢᠭᠰᠠᠨ ᠪᠥᠭᠡᠳ 《ᠬᠦᠦ ᠮᠢᠨᠢ ᠬᠥᠮᠦᠨ ᠢ᠋ ᠶᠠᠭᠠᠬᠢᠵᠤ ᠮᠡᠳᠡᠬᠦ ᠪᠣᠢ? ᠥᠨᠳᠥᠷ ᠠᠬ᠎ᠠ ᠶ᠋ᠢᠨ ᠢ᠋ᠶ᠋ᠡᠨ ᠮᠡᠳᠡᠬᠦ ᠰᠣᠳᠣᠨ ᠮᠠᠯ ᠢ᠋ ᠳᠠᠷᠤᠵᠤ ᠪᠣᠯᠬᠤ ᠦᠭᠡᠢ᠃ ᠴᠠᠭᠠᠳᠤᠬᠢ ᠶ᠋ᠢᠨ ᠴᠢᠨᠢ ᠨᠢᠳᠦ ᠲᠤᠩ ᠭᠢᠷᠠᠬᠠᠢ ᠰᠢᠦ》 ᠭᠡᠵᠦ ᠲᠡᠭᠦᠨ ᠳ᠋ᠦ᠍ ᠬᠡᠯᠡᠳᠡᠭ ᠪᠠᠢᠯ᠎ᠠ᠃
  ᠢᠩᠭᠢᠵᠦ ᠪᠡᠯᠡᠳᠬᠡᠭᠰᠡᠨ ᠦ᠌ ᠳᠠᠷᠠᠭ᠎ᠠ ᠢᠲᠡᠭᠡᠯᠲᠦ ᠶ᠋ᠢᠨ ᠶᠡᠬᠡ ᠭᠡᠷ ᠦ᠋ᠨ ᠮᠠᠯ ᠬᠤᠰᠢᠭᠤᠨ ᠤ᠋ ᠲᠡᠷᠢᠭᠦᠨ ᠪᠠᠶᠠᠨ ᠤ᠋ ᠰᠦᠷᠦᠭ ᠪᠢᠰᠢ ᠳᠤᠮᠳᠠ ᠴᠢᠨᠡᠭᠡᠯᠢᠭ ᠠᠢᠯ ᠤ᠋ᠨ ᠵᠡᠷᠭᠡ ᠳ᠋ᠦ᠍ ᠬᠦᠷᠪᠡ᠃
  ᠡᠷᠳᠡᠨᠢ ᠨᠠᠮ ᠤ᠋ᠨ ᠡᠭᠦᠷ ᠦ᠋ᠨ ᠳᠠᠷᠠᠭ᠎ᠠ ᠭᠣᠨᠴᠣᠭ᠂ ᠨᠠᠮ ᠤ᠋ᠨ ᠭᠡᠰᠢᠭᠦᠨ ᠬᠣᠶᠠᠷ ᠬᠥᠮᠦᠨ ᠦ᠌ ᠬᠠᠮᠲᠤ ᠴᠣᠭᠴᠢᠨ ᠵᠢᠰᠠ ᠶ᠋ᠢᠨ ᠮᠠᠯ ᠢ᠋ ᠲᠣᠭᠠᠯᠠᠵᠤ ᠡᠬᠢᠯᠡᠪᠡ᠃
  ᠊᠊᠊᠊᠊᠊᠊᠊᠊᠊᠊᠊᠊᠊᠊ ᠰᠤᠪᠤᠷᠭᠠᠨ ᠡᠪᠡᠷ ᠲᠡᠢ ᠬᠦᠷᠡᠩ ᠬᠠᠢᠨᠤᠭ᠂ ᠳᠠᠯᠢᠤ ᠡᠪᠡᠷ ᠲᠦ᠍ ᠬᠠᠷ᠎ᠠ ᠲᠠᠷᠯᠠᠨ ᠬᠠᠢᠨᠤᠭ ᠳᠦᠷᠦᠭᠦᠳᠡᠢ ᠬᠡᠰᠡᠭ ᠮᠠᠯ ᠢ᠋ᠶ᠋ᠠᠨ ᠲᠠ ᠨᠠᠷ ᠮᠠᠷᠲᠠᠵᠤ ᠣᠷᠬᠢᠬᠤ ᠰᠢᠭ᠋ ᠪᠠᠢᠨ᠎ᠠ ᠭᠡᠵᠦ ᠡᠷᠳᠡᠨᠢ ᠬᠡᠯᠡᠪᠡ᠃
  ᠴᠣᠭᠴᠢᠨ ᠵᠢᠰᠠ ᠶ᠋ᠢᠨ ᠨᠢᠷᠪᠠ ᠲᠣᠮᠣ ᠲᠠᠷᠭᠤᠨ ᠰᠢᠷ᠎ᠠ ᠯᠠᠮᠠ ᠭᠠᠢᠬᠠᠭᠰᠠᠨ ᠪᠠᠢᠳᠠᠯ ᠲᠠᠢ ᠢᠨᠢᠶᠡᠮᠰᠦᠭᠯᠡᠭᠰᠡᠨ ᠢ᠋ᠶ᠋ᠡᠨ᠄
  ᠊᠊᠊᠊᠊᠊᠊᠊᠊᠊᠊᠊᠊᠊᠊ ᠲᠡᠢᠮᠦ ᠰᠦᠨᠡᠰᠦ ᠦᠭᠡᠢ ᠠᠵᠢᠯ ᠬᠠᠮᠢᠭ᠎ᠠ ᠡᠴᠡ ᠬᠢᠬᠦ ᠪᠣᠢ᠃ ᠳᠠᠷᠤᠭ᠎ᠠ ᠲᠠ ᠯᠠᠪ ᠲᠠᠰᠢᠭᠤ ᠪᠣᠯᠭᠣᠭᠠᠵᠤ ᠪᠠᠢᠭ᠎ᠠ ᠪᠠᠢᠬᠤ ᠭᠡᠯ᠎ᠡ᠃
  ᠊᠊᠊᠊᠊᠊᠊᠊᠊᠊᠊᠊᠊᠊᠊ ᠬᠠᠢᠷᠬᠠᠨ ᠤ᠋ ᠠᠷᠤ ᠶ᠋ᠢᠨ ᠮᠣᠳᠣᠨ ᠳ᠋ᠤ᠌ ᠥᠨᠥ ᠥᠷᠯᠥᠭᠡ ᠦᠷ ᠢ᠋ᠶ᠋ᠡᠷ ᠣᠷᠣᠭᠤᠯᠤᠭᠰᠠᠨ ᠬᠡᠰᠡᠭ ᠠᠳᠤᠭᠤ ᠬᠡᠴᠢᠨᠡᠨ ᠶᠠᠭᠤᠮ᠎ᠠ ᠪᠠᠢᠭᠰᠠᠨ ᠪᠣᠯ ᠭᠡᠵᠦ ᠨᠠᠮ ᠤ᠋ᠨ ᠡᠭᠦᠷ ᠦ᠋ᠨ ᠳᠠᠷᠤᠭ᠎ᠠ ᠭᠣᠨᠴᠣᠭ ᠰᠢᠭᠤᠳ ᠠᠰᠠᠭᠤᠪᠠ᠃
  ᠬᠡᠷᠡᠭ ᠪᠤᠷᠤᠭᠤ ᠲᠠᠰᠢ ᠪᠠᠨ ᠡᠷᠭᠢᠭᠰᠡᠨ ᠢ᠋ ᠣᠢᠯᠠᠭᠠᠭᠰᠠᠨ ᠵᠢᠰᠠ ᠨᠢᠷᠪᠠ ᠰᠦᠷᠦᠭᠴᠢᠨ ᠨᠠᠷ ᠲᠠᠭᠠᠨ ᠬᠠᠨᠳᠤᠵᠤ 《ᠪᠢ ᠲᠠ ᠨᠠᠷ ᠲᠤ᠌ ᠨᠢᠭᠡ ᠴᠦ᠍ ᠮᠠᠯ ᠳᠤᠲᠠᠭᠠᠵᠤ ᠪᠣᠯᠬᠤ ᠦᠭᠡᠢ ᠲᠣᠭᠠᠯᠠᠭᠤᠯᠬᠤ ᠬᠡᠷᠡᠭᠲᠡᠢ ᠭᠡᠵᠦ ᠬᠡᠯᠡᠭᠰᠡᠨ ᠪᠢᠰᠢ ᠪᠢᠯᠡ ᠤᠤ᠃ ᠡᠨᠡ ᠴᠢᠨᠢ ᠶᠠᠭᠤ ᠪᠣᠯᠵᠤ ᠪᠠᠢᠨ᠎ᠠ》 ᠭᠡᠵᠦ ᠦᠯᠡᠮᠵᠢ ᠰᠦᠷᠵᠢᠨ ᠪᠠᠭᠤᠵᠤ ᠭᠠᠷᠪᠠ᠃
  ᠰᠦᠷᠦᠭᠴᠢᠳ ᠨᠢ ᠪᠠᠷᠤᠭ ᠨᠢᠭᠡᠨ ᠵᠡᠷᠭᠡ 《ᠪᠢ ᠯᠡ ᠮᠡᠳᠡᠬᠦ ᠦᠭᠡᠢ》 ᠭᠡᠵᠦ ᠬᠠᠷᠢᠭᠤᠯᠪᠠ᠃ ᠡᠨᠡ ᠬᠠᠷᠢᠭᠤᠯᠲᠠ ᠶ᠋ᠢ ᠬᠡᠳᠦᠨ ᠡᠳᠦᠷ ᠦ᠋ᠨ ᠡᠮᠦᠨ᠎ᠡ ᠪᠡᠯᠡᠳᠬᠡᠵᠦ ᠪᠢᠯᠡ᠃ ᠢᠩᠭᠢᠵᠦ ᠬᠠᠷᠢᠭᠤᠯᠤᠭ᠎ᠠ ᠦᠭᠡᠢ ᠬᠥᠮᠦᠨ ᠮᠠᠷᠭᠠᠰᠢ ᠡᠴᠡ ᠨᠢ ᠡᠬᠢᠯᠡᠨ ᠵᠢᠰᠠ ᠶ᠋ᠢᠨ ᠮᠠᠯ ᠬᠠᠷᠢᠭᠤᠯᠵᠤ ᠭᠡᠷ ᠪᠦᠯᠢ ᠪᠡᠨ ᠲᠡᠭᠦᠨ ᠦ᠌ ᠰᠦ ᠪᠡᠷ ᠲᠡᠵᠢᠭᠡᠬᠦ ᠡᠷᠬᠡ ᠦᠭᠡᠢ ᠪᠣᠯᠬᠤ ᠪᠠᠢᠵᠠᠢ᠃
  ᠭᠡᠪᠡᠴᠦ ᠪᠠᠷᠢᠮᠲᠠ ᠭᠡᠳᠡᠭ ᠬᠡᠴᠡᠭᠦᠦ᠃ ᠨᠢᠷᠪᠠ ᠶ᠋ᠢᠨ ᠮᠠᠩᠨᠠᠢ ᠳ᠋ᠤ᠌ ᠬᠦᠢᠲᠡᠨ ᠬᠠᠷ᠎ᠠ ᠬᠥᠯᠥᠰᠥ ᠪᠣᠷᠵᠠᠢ᠌ᠵᠤ ᠪᠠᠢᠯ᠎ᠠ᠃
  ᠊᠊᠊᠊᠊᠊᠊᠊᠊᠊᠊᠊᠊᠊᠊ ᠵᠠ ᠶᠠᠭᠤ ᠴᠤ᠌ ᠭᠡᠰᠡᠨ ᠲᠠ ᠬᠥᠮᠦᠨ ᠶᠠᠪᠤᠭᠤᠯᠤᠭᠠᠳ ᠬᠠᠢᠷᠬᠠᠨ ᠤ᠋ ᠠᠷᠤ ᠳ᠋ᠤ᠌ ᠨᠢᠭᠤᠭᠰᠠᠨ ᠠᠳᠤᠭᠤ ᠪᠠᠨ ᠠᠪᠴᠢᠷᠠᠭᠤᠯ ᠭᠡᠵᠦ ᠡᠷᠳᠡᠨᠢ ᠲᠤᠯᠭᠠᠪᠠ᠃
  ᠪᠦᠲᠦᠨ ᠬᠣᠶᠠᠷ ᠡᠳᠦᠷ ᠡᠷᠳᠡᠨᠢ ᠨᠥᠬᠥᠳ ᠦ᠋ᠨ ᠬᠠᠮᠲᠤ ᠢᠩᠭᠢᠵᠦ ᠨᠢᠷᠪᠠ ᠲᠠᠢ ᠪᠠᠢᠯᠳᠤᠭᠰᠠᠨ ᠤ᠋ ᠡᠴᠦᠰ ᠲᠦ᠍ ᠮᠠᠯ ᠳᠠᠷᠤᠭᠰᠠᠨ ᠴᠣᠭᠴᠢᠨ ᠵᠢᠰᠠ ᠶ᠋ᠢ ᠬᠣᠷᠢᠨ ᠲᠠᠪᠤᠨ ᠪᠤᠲᠠ ᠪᠠᠷ ᠲᠣᠷᠭᠠᠪᠠ᠃ ᠡᠷᠳᠡᠨᠢ ᠨᠥᠬᠥᠳ ᠦ᠋ᠨ ᠬᠠᠮᠲᠤ ᠮᠣᠷᠳᠠᠭᠠᠳ ᠶᠠᠪᠤᠬᠤ ᠳ᠋ᠤ᠌ 《ᠬᠡᠴᠡᠭᠦᠦ ᠴᠢᠨᠣ᠎ᠠ ᠠ᠋᠃ ᠣᠷᠬᠣᠨ ᠤᠷᠤᠭᠤ ᠶᠠᠪᠤᠭᠤᠯᠤᠭᠰᠠᠨ ᠮᠠᠯ ᠢ᠋ ᠮᠠᠨᠢ ᠮᠡᠳᠡᠭᠡ ᠦᠭᠡᠢ ᠨᠢ ᠯᠡ ᠶᠠᠭᠠᠮᠠᠢ᠃ ᠮᠡᠳᠡᠭᠰᠡᠨ ᠪᠣᠯ ᠳᠠᠬᠢᠭᠠᠳ ᠬᠡᠳᠦᠨ ᠪᠤᠲᠠ ᠪᠠᠷ ᠲᠣᠷᠭᠠᠬᠤ ᠪᠠᠢᠭᠰᠠᠨ ᠰᠢᠦ》 ᠭᠡᠵᠦ ᠨᠢᠷᠪᠠ ᠪᠣᠳᠣᠭᠠᠳ ᠡᠪᠦᠷ ᠡᠴᠡ ᠲᠣᠮᠣ ᠬᠥᠬᠡ ᠬᠠᠳᠠᠭ ᠭᠠᠷᠭᠠᠵᠤ ᠬᠥᠯᠥᠰᠥ ᠪᠡᠨ ᠠᠷᠴᠢᠪᠠ᠃
  《ᠮᠠᠯ ᠲᠣᠭᠠᠯᠠᠯᠭ᠎ᠠ ᠶ᠋ᠢᠨ ᠲᠦᠰᠢᠮᠡᠯ ᠴᠣᠭᠴᠢᠨ ᠵᠢᠰᠠ ᠶ᠋ᠢ ᠬᠣᠷᠢᠨ ᠲᠠᠪᠤᠨ ᠪᠤᠲᠠ ᠪᠠᠷ ᠲᠣᠷᠭᠠᠵᠠᠢ᠃ ᠳᠠᠷᠤᠭᠰᠠᠨ ᠮᠠᠯ ᠢ᠋ ᠵᠢᠰᠦ ᠪᠡᠷ ᠨᠡᠬᠡᠵᠦ ᠪᠠᠢᠨ᠎ᠠ ᠭᠡᠨ᠎ᠡ》 ᠭᠡᠰᠡᠨ ᠶᠠᠷᠢᠶ᠎ᠠ ᠲᠠᠮᠢᠷ ᠤ᠋ᠨ ᠬᠥᠨᠳᠡᠢ ᠳ᠋ᠦ᠍ ᠰᠠᠯᠬᠢ ᠰᠢᠭ᠋ ᠳᠠᠷᠬᠠᠵᠤ᠂ ᠮᠠᠯ ᠢ᠋ᠶ᠋ᠠᠨ ᠳᠠᠷᠤᠵᠤ ᠪᠠᠢᠭᠰᠠᠨ ᠬᠥᠮᠦᠰ ᠦ᠋ᠨ ᠰᠡᠳᠬᠢᠯ ᠦ᠋ᠨ ᠮᠥᠰᠥ ᠶ᠋ᠢ ᠬᠠᠢᠯᠤᠭᠤᠯᠤᠨ᠂ ᠰᠥᠩ ᠣᠷᠤᠰᠬᠠᠪᠠ᠃
  ᠵᠠᠷᠢᠮ ᠲᠠᠢ ᠨᠢ ᠬᠡᠷᠡᠯᠳᠦᠵᠦ᠂ ᠵᠠᠷᠢᠮ ᠲᠠᠢ ᠨᠢ ᠢᠨᠢᠶᠡᠯᠳᠦᠵᠦ᠂ ᠵᠠᠷᠢᠮ ᠢ᠋ ᠨᠢ ᠲᠣᠷᠭᠠᠵᠤ᠂ ᠵᠠᠷᠢᠮ ᠢ᠋ ᠨᠢ ᠰᠠᠢᠰᠢᠶᠠᠵᠤ ᠶᠠᠪᠤᠭᠰᠠᠭᠠᠷ ᠮᠠᠯ ᠲᠣᠭᠠᠯᠠᠯᠭ᠎ᠠ ᠶ᠋ᠢᠨ ᠬᠢᠨ ᠢᠲᠡᠭᠡᠯᠲᠦ ᠶ᠋ᠢᠨ ᠳ᠋ᠦ᠍ ᠣᠴᠢᠪᠠ᠃
  ᠡᠨᠡ ᠦᠶ᠎ᠡ ᠳ᠋ᠦ᠍ ᠪᠠᠲᠤ ᠤᠯᠠᠭᠠᠨᠪᠠᠭᠠᠲᠤᠷ ᠲᠤ᠌ ᠪᠠᠭᠰᠢ ᠨᠠᠷ ᠤ᠋ᠨ ᠠᠭᠤᠯᠵᠠᠯᠲᠠ ᠳ᠋ᠤ᠌ ᠶᠠᠪᠤᠭᠰᠠᠨ ᠤᠴᠢᠷ ᠡᠴᠡ ᠦᠭᠡᠢ ᠪᠠᠢᠯ᠎ᠠ᠃ ᠮᠠᠯ ᠲᠣᠭᠠᠯᠠᠯᠭ᠎ᠠ ᠶ᠋ᠢᠨ ᠭᠡᠢᠴᠢᠳ ᠢᠷᠡᠭᠰᠡᠨ ᠭᠡᠵᠦ ᠢᠲᠡᠭᠡᠯᠲᠦ ᠬᠣᠨᠢ ᠭᠠᠷᠭᠠᠨ ᠠᠢᠷᠠᠭ᠂ ᠠᠷᠢᠬᠢ ᠰᠥᠩᠨᠡᠪᠡ᠃
  ᠊᠊᠊᠊᠊᠊᠊᠊᠊᠊᠊᠊᠊᠊᠊ ᠵᠠᠷᠢᠮ ᠠᠢᠯ ᠮᠠᠯ ᠢ᠋ᠶ᠋ᠠᠨ ᠪᠣᠳᠣᠯ ᠦᠭᠡᠢ ᠳᠠᠷᠤᠬᠤ ᠶᠤᠮ᠃ ᠶᠠᠭᠤᠨ ᠲᠡᠭᠡᠵᠦ ᠵᠠᠰᠠᠭ ᠤ᠋ᠨ ᠪᠣᠳᠣᠯᠭ᠎ᠠ ᠲᠠᠢ ᠬᠠᠷᠭᠤᠯᠳᠤᠵᠤ ᠪᠠᠢᠳᠠᠭ ᠶᠤᠮ ᠪᠣᠯ ᠳᠠ ᠭᠡᠵᠦ ᠡᠷᠳᠡᠨᠢ ᠶ᠋ᠢᠨ ᠬᠡᠯᠡᠬᠦ ᠳ᠋ᠦ᠍ ᠢᠲᠡᠭᠡᠯᠲᠦ ᠨᠢᠳᠦ ᠪᠡᠨ ᠵᠢᠷᠲᠠᠢᠯᠭᠠᠨ ᠶᠡᠬᠡ ᠯᠡ ᠭᠠᠢᠬᠠᠭᠰᠠᠨ ᠳᠦᠷᠰᠦ ᠦᠵᠡᠭᠦᠯᠦᠨ ᠰᠣᠨᠣᠰᠴᠤ ᠪᠠᠢᠭᠰᠠᠨ ᠢ᠋ᠶ᠋ᠠᠨ ᠬᠣᠭᠣᠯᠠᠢ ᠳ᠋ᠠᠭᠠᠨ ᠢᠨᠴᠠᠭᠯᠠᠨ ᠢᠨᠢᠶᠡᠵᠦ᠄
  ᠊᠊᠊᠊᠊᠊᠊᠊᠊᠊᠊᠊᠊᠊᠊ ᠤᠬᠠᠭᠠᠨ ᠳ᠋ᠤᠨᠢ ᠤᠬᠤᠨ᠎ᠠ ᠦᠬᠦᠭᠰᠡᠨ ᠳᠠᠮᠰᠢᠭ ᠤ᠋ᠳ᠃ ᠶᠠᠭᠤᠨ ᠳ᠋ᠤ᠌ ᠲᠡᠢᠮᠦ ᠲᠡᠨᠡᠭ ᠶᠠᠭᠤᠮ᠎ᠠ ᠬᠢᠵᠦ ᠪᠠᠢᠨ᠎ᠠ ᠪᠣᠢ ᠳᠠ᠃ ᠲᠥᠷᠥ ᠶ᠋ᠢᠨ ᠰᠦᠯᠳᠡ ᠭᠡᠵᠦ ᠨᠢᠭᠡ ᠶᠠᠭᠤᠮ᠎ᠠ ᠪᠠᠢᠳᠠᠭ ᠶᠤᠮ ᠰᠢᠦ᠃ ᠮᠢᠨᠦ ᠬᠡᠳᠦ ᠶ᠋ᠢ ᠴᠦ᠍ ᠴᠢ ᠲᠠᠪᠤᠨ ᠬᠤᠷᠤᠭᠤ ᠰᠢᠭ᠋ ᠢ᠋ᠶ᠋ᠡᠨ ᠮᠡᠳᠡᠬᠦ ᠪᠣᠯᠬᠣᠷ ᠪᠢ ᠶᠠᠭᠤ ᠭᠡᠬᠦ ᠪᠣᠢ᠃ ᠰᠠᠯᠭᠠᠵᠤ ᠲᠠᠰᠤᠯᠵᠤ ᠥᠭᠭᠦᠭᠰᠡᠭᠡᠷ ᠪᠠᠢᠲᠠᠯ᠎ᠠ ᠪᠠᠷᠤᠭ ᠶᠠᠭᠤᠮ᠎ᠠ ᠦᠯᠡᠳᠡᠭᠡ ᠦᠭᠡᠢ᠃ ᠪᠠᠰᠠ ᠲᠡᠭᠡᠭᠡᠳ ᠴᠢᠮᠠᠶ᠋ᠢ ᠢᠷᠡᠭᠰᠡᠨ ᠪᠣᠯᠬᠣᠷ ᠨᠠᠳᠠᠳᠤ ᠪᠦᠷ ᠬᠡᠴᠡᠭᠦᠦ ᠪᠠᠢᠨ᠎ᠠ᠃ ᠬᠦᠦ ᠬᠡᠦᠬᠡᠨ ᠨᠢ ᠰᠠᠭᠤᠭᠰᠠᠨ ᠬᠠᠳᠠᠮ ᠤ᠋ᠨ ᠰᠦᠯᠪᠡᠭᠡ ᠲᠡᠢ ᠪᠣᠯᠬᠣᠷ ᠢᠲᠡᠭᠡᠯᠲᠦ ᠶ᠋ᠢᠨ ᠮᠠᠯ ᠢ᠋ ᠬᠥᠩᠭᠡᠨ ᠲᠣᠭᠠᠯᠠᠪᠠ ᠭᠡᠵᠦ ᠠᠮᠢᠲᠠᠨ ᠶᠠᠷᠢᠨ᠎ᠠ ᠰᠢᠦ ᠳᠡ᠃ ᠡᠷᠳᠡᠨᠢ ᠠ᠋ ᠡᠨᠡ ᠵᠢᠯ ᠢᠳᠡᠵᠦ ᠣᠷᠬᠢᠬᠤ ᠬᠡᠳᠦᠨ ᠮᠠᠯ ᠪᠠᠢᠬᠤ ᠶᠤᠮ᠃ ᠲᠡᠭᠦᠨ ᠢ᠋ ᠵᠠᠪᠠᠯ ᠲᠣᠭᠠᠯᠠᠭᠤᠯᠬᠤ ᠤᠤ? ᠭᠡᠵᠦ ᠠᠰᠠᠭᠤᠪᠠ᠃
  ᠊᠊᠊᠊᠊᠊᠊᠊᠊᠊᠊᠊᠊᠊᠊ ᠠᠮᠢᠳᠤ ᠯᠠ ᠪᠠᠢᠭ᠎ᠠ ᠪᠣᠯ ᠲᠣᠭᠠᠯᠠᠬᠤ ᠯᠠ ᠪᠣᠯᠤᠨ᠎ᠠ ᠳᠠ᠃
  ᠊᠊᠊᠊᠊᠊᠊᠊᠊᠊᠊᠊᠊᠊᠊ ᠪᠢ ᠴᠦ᠍ ᠪᠠᠰᠠ ᠲᠡᠭᠡᠵᠦ ᠪᠣᠳᠣᠭᠰᠠᠨ ᠶᠤᠮ ᠠ᠋᠃
  ᠢᠲᠡᠭᠡᠯᠲᠦ ᠶ᠋ᠢᠨ ᠮᠠᠯ ᠢ᠋ ᠪᠦᠲᠦᠨ ᠬᠠᠭᠠᠰ ᠡᠳᠦᠷ ᠲᠣᠭᠠᠯᠠᠪᠠ᠃ ᠭᠡᠬᠦ ᠳ᠋ᠡᠭᠡᠨ ᠶᠠᠮᠠᠷ ᠴᠤ᠌ ᠦ ᠭᠠᠷᠤᠭᠰᠠᠨ ᠦᠭᠡᠢ᠃ ᠨᠢᠭᠡ ᠬᠡᠰᠡᠭ ᠮᠠᠯ ᠪᠠᠢᠬᠤ ᠦᠭᠡᠢ ᠶ᠋ᠢ ᠡᠷᠳᠡᠨᠢ ᠶ᠋ᠢᠨ ᠬᠠᠮᠲᠤ ᠶᠠᠪᠤᠭᠰᠠᠨ ᠨᠢᠭᠡ ᠬᠥᠮᠦᠨ ᠦᠭᠡᠢᠯᠡᠪᠡ᠃ ᠭᠡᠲᠡᠯ᠎ᠡ ᠲᠡᠷᠡ ᠮᠠᠯ ᠢ᠋ ᠭᠠᠯᠰᠠᠩ ᠮᠠᠷᠲᠠᠭᠰᠠᠨ ᠪᠣᠯᠵᠤ᠂ ᠲᠡᠭᠦᠨ ᠢ᠋ ᠢᠲᠡᠭᠡᠯᠲᠦ ᠵᠣᠯ ᠲᠠᠢ ᠯᠠ ᠪᠠᠷᠢᠵᠤ ᠵᠣᠳᠣᠭᠰᠠᠨ ᠦᠭᠡᠢ᠃ ᠪᠠᠰᠠ ᠨᠢᠭᠡ ᠬᠡᠳᠦᠨ ᠦᠬᠡᠷ ᠦ᠋ᠨ ᠲᠤᠬᠠᠢ ᠶᠠᠷᠢᠶ᠎ᠠ ᠭᠠᠷᠤᠭᠰᠠᠨ ᠳ᠋ᠤ᠌ 《ᠲᠠ ᠠᠪᠤ ᠳ᠋ᠤ᠌ ᠬᠤᠪᠢ ᠪᠣᠯᠭᠠᠭᠠᠳ ᠥᠭᠴᠢᠬᠡᠭᠰᠡᠨ ᠰᠢᠦ ᠳᠡ᠃ ᠠᠪᠤ ᠬᠥᠭᠰᠢᠷᠡᠭᠡᠳ ᠬᠡᠨ ᠳ᠋ᠦ᠍ ᠶᠠᠭᠤ ᠥᠭᠭᠦᠭᠰᠡᠨ ᠴᠦ᠍ ᠮᠡᠳᠡᠬᠦ ᠪᠡᠨ ᠪᠣᠯᠢᠵᠠᠢ》 ᠭᠡᠵᠦ ᠰᠦᠷᠦᠩ ᠬᠡᠯᠡᠭᠡᠳ ᠠᠪᠤᠷᠠᠪᠠ᠃ ᠲᠡᠭᠦᠪᠡᠷ ᠴᠦ᠍ ᠪᠠᠷᠠᠬᠤ ᠦᠭᠡᠢ ᠰᠦᠷᠦᠩ ᠭᠠᠷᠴᠤ ᠨᠢᠮ᠎ᠠ ᠶ᠋ᠢᠨ ᠤᠷᠤᠭᠤ ᠭᠠᠯᠰᠠᠩ ᠢ᠋ ᠶᠠᠪᠤᠭᠤᠯᠤᠨ ᠬᠡᠯᠡ ᠬᠦᠷᠭᠡᠵᠦ ᠪᠢᠯᠡ᠃ 《ᠢᠲᠡᠭᠡᠯᠲᠦ ᠴᠢ ᠯᠡ ᠮᠠᠯ ᠳᠠᠷᠤᠭ᠎ᠠ ᠦᠭᠡᠢ ᠪᠠᠢᠬᠤ ᠳᠠ᠃ ᠨᠠᠷᠠ ᠪᠠᠷᠠᠭᠤᠨ ᠬᠣᠢᠨ᠎ᠠ ᠡᠴᠡ ᠨᠠᠪᠲᠠᠰᠤ ᠨᠥᠮᠥᠷᠦᠭᠡᠳ ᠭᠠᠷᠤᠭᠰᠠᠨ ᠴᠠᠭ ᠲᠤ᠌ ᠴᠢ ᠲᠣᠭ᠎ᠠ ᠡᠴᠡ ᠮᠠᠯ ᠳᠠᠷᠤᠬᠤ ᠦᠭᠡᠢ ᠪᠣᠯᠬᠤ ᠪᠠᠢᠬᠤ᠃ ᠰᠦᠷᠦᠩ ᠬᠡᠴᠡᠭᠦᠦ ᠭᠡᠵᠦ ᠪᠠᠲᠤ ᠶ᠋ᠢᠨ ᠶᠠᠷᠢᠳᠠᠭ ᠣᠷᠣ ᠲᠠᠢ ᠯᠠ ᠶᠠᠭᠤᠮ᠎ᠠ ᠪᠠᠢᠨ᠎ᠠ》 ᠭᠡᠵᠦ ᠡᠷᠳᠡᠨᠢ ᠳᠣᠲᠣᠷ᠎ᠠ ᠪᠠᠨ ᠪᠤᠬᠢᠨᠢᠳᠤᠪᠠᠴᠤ ᠲᠤᠯᠭᠠᠬᠤ ᠪᠠᠷᠢᠮᠲᠠ ᠪᠠᠢᠭᠰᠠᠨ ᠦᠭᠡᠢ᠃
  ᠢᠩᠭᠢᠵᠦ ᠪᠠᠢᠲᠠᠯ᠎ᠠ ᠡᠷᠳᠡᠨᠢ ᠲᠡᠢ ᠢᠷᠡᠭᠰᠡᠨ ᠨᠢᠭᠡ ᠬᠥᠮᠦᠨ ᠢᠲᠡᠭᠡᠯᠲᠦ ᠶ᠋ᠢᠨ ᠵᠡᠷᠭᠡᠯᠡᠳᠡᠭᠡ ᠬᠤᠰᠢᠭᠤᠨ ᠤ᠋ ᠠᠢᠯ ᠳ᠋ᠤ᠌ ᠥᠭᠴᠦ ᠮᠠᠯᠯᠠᠭᠤᠯᠤᠭᠰᠠᠨ ᠪᠥᠭᠡᠳ ᠡᠨᠡ ᠲᠣᠭᠠᠨ ᠳ᠋ᠠᠭᠠᠨ ᠣᠷᠣᠭᠤᠯᠤᠭ᠎ᠠ ᠦᠭᠡᠢ ᠵᠠᠭᠤᠭᠠᠳ ᠬᠣᠨᠢᠨ ᠤ᠋ ᠲᠤᠬᠠᠢ ᠭᠡᠨᠡᠳᠲᠡ ᠰᠠᠨᠠᠵᠤ ᠶᠠᠷᠢᠶ᠎ᠠ ᠭᠠᠷᠭᠠᠬᠤ ᠳ᠋ᠤ᠌ ᠠᠷᠭ᠎ᠠ ᠦᠭᠡᠢ ᠪᠣᠯᠤᠭᠰᠠᠨ ᠢᠲᠡᠭᠡᠯᠲᠦ 《ᠶᠠᠭᠤ ᠪᠠᠢᠳᠠᠭ ᠪᠢᠯᠡ᠃ ᠪᠢ ᠯᠡ ᠣᠭᠲᠣ ᠮᠡᠳᠡᠬᠦ ᠦᠭᠡᠢ ᠶᠠᠭᠤᠮ᠎ᠠ ᠭᠠᠷᠭᠠᠭᠠᠳ ᠢᠷᠡᠯ᠎ᠡ》 ᠭᠡᠳ ᠰᠦᠷᠦᠩ ᠤᠷᠤᠭᠤ ᠬᠠᠷᠠᠯ᠎ᠠ᠃
  ᠊᠊᠊᠊᠊᠊᠊᠊᠊᠊᠊᠊᠊᠊᠊ ᠠᠪᠤ ᠲᠠ ᠮᠡᠳᠡᠬᠦ ᠦᠭᠡᠢ᠃ ᠪᠢ ᠥᠭᠭᠦᠭᠰᠡᠨ ᠶᠤᠮ᠃ ᠲᠡᠭᠡᠭᠡᠳ ᠥᠭᠡᠷ᠎ᠡ ᠬᠤᠰᠢᠭᠤᠨ ᠳ᠋ᠤ᠌ ᠪᠠᠢᠭ᠎ᠠ ᠶᠤᠮ ᠪᠣᠯᠬᠣᠷ ᠲᠡᠨᠳᠡ ᠪᠡᠨ ᠲᠣᠭᠠᠯᠠᠭᠤᠯᠳᠠᠭ ᠶᠤᠮ ᠪᠠᠢᠬᠤ ᠭᠡᠵᠦ ᠪᠣᠳᠣᠭᠠᠳ ᠬᠡᠯᠡᠭᠡ ᠦᠭᠡᠢ ᠶᠤᠮ ᠭᠡᠵᠦ ᠰᠦᠷᠦᠩ ᠬᠡᠯᠡᠪᠡ᠃
  ᠊᠊᠊᠊᠊᠊᠊᠊᠊᠊᠊᠊᠊᠊᠊ ᠵᠠ ᠢᠲᠡᠭᠡᠯᠲᠦ ᠮᠢᠨᠢ᠂ ᠰᠠᠶᠢ ᠶ᠋ᠢᠨ ᠲᠣᠭ᠎ᠠ ᠤᠷᠢᠳᠤᠬᠢ ᠲᠣᠭᠠᠨ ᠡᠴᠡ ᠣᠯᠠᠨ ᠮᠠᠯ ᠢ᠋ᠶ᠋ᠠᠷ ᠵᠥᠷᠢᠵᠦ ᠪᠠᠢᠨ᠎ᠠ᠃ ᠲᠡᠷᠡ ᠬᠦ ᠮᠠᠯ ᠢ᠋ᠶ᠋ᠠᠨ ᠳᠤᠲᠠᠭᠤ ᠲᠣᠭᠠᠯᠠᠭᠤᠯᠤᠭᠰᠠᠨ ᠤᠴᠢᠷ ᠲᠠᠪᠤᠨ ᠪᠤᠲᠠ ᠪᠠᠷ ᠲᠣᠷᠭᠠᠨ᠎ᠠ ᠳᠠ ᠭᠡᠵᠦ ᠡᠷᠳᠡᠨᠢ ᠬᠡᠯᠡᠵᠦ ᠪᠢᠯᠡ᠃
  ᠢᠩᠭᠢᠭᠡᠳ ᠲᠣᠭᠠᠴᠢᠳ ᠶᠠᠪᠤᠵᠠᠢ᠃ 《ᠪᠢ ᠮᠥᠷᠥᠢ ᠲᠡᠢ ᠰᠢᠳᠡᠷ᠎ᠡ ᠲᠣᠭᠯᠠᠳᠠᠭ ᠪᠠᠢᠭᠰᠠᠨ ᠪᠣᠯ ᠮᠠᠨ ᠤ᠋ ᠰᠦᠷᠦᠩ ᠡᠴᠡ ᠤᠷᠠᠨ ᠪᠡᠷᠢ ᠶ᠋ᠢᠨ ᠬᠣᠵᠢᠯ ᠭᠠᠷᠬᠤ ᠪᠠᠢᠭᠰᠠᠨ ᠳᠠ》 ᠭᠡᠵᠦ ᠢᠲᠡᠭᠡᠯᠲᠦ ᠪᠡᠷᠢ ᠪᠡᠨ ᠮᠠᠭᠲᠠᠭᠰᠠᠨ ᠪᠠ ᠬᠠᠷᠢᠨ ᠬᠣᠨᠢ ᠰᠠᠭᠠᠵᠤ ᠪᠠᠢᠭᠰᠠᠨ ᠰᠣᠯᠣᠩᠭ᠎ᠠ ᠶ᠋ᠢᠨ ᠳᠡᠷᠭᠡᠳᠡ ᠣᠴᠢᠵᠤ 《ᠬᠠᠳᠠᠮ ᠡᠴᠢᠭᠡ ᠴᠢᠨᠢ᠂ ᠮᠠᠨ ᠤ᠋ ᠬᠢ ᠶ᠋ᠢ ᠲᠠᠪᠤᠨ ᠪᠤᠲᠠ ᠪᠠᠷ ᠲᠣᠷᠭᠠᠵᠤ ᠰᠡᠳᠬᠢᠯ ᠨᠢ ᠬᠠᠨᠤᠭᠠᠳ ᠶᠠᠪᠤᠯ᠎ᠠ᠃ ᠢᠲᠡᠭᠡᠯᠲᠦ ᠮᠥᠴᠡᠭᠡ ᠪᠡᠨ ᠥᠭᠬᠦ ᠦᠭᠡᠢ ᠳᠡ》 ᠭᠡᠵᠦ ᠰᠢᠲᠦ ᠵᠠᠭᠤᠨ᠂ ᠵᠢᠪᠡᠭᠦᠨ ᠬᠡᠯᠡᠪᠡ᠃
  ᠰᠣᠯᠣᠩᠭ᠎ᠠ ᠬᠠᠷᠢᠭᠤ ᠶᠠᠭᠤ ᠴᠤ᠌ ᠳᠤᠤᠭᠠᠷᠤᠭᠰᠠᠨ ᠦᠭᠡᠢ᠃ ᠭᠡᠪᠡᠴᠦ ᠨᠢᠯᠪᠤᠰᠤ ᠪᠦᠷᠬᠦᠭᠰᠡᠨ ᠲᠡᠭᠦᠨ ᠦ᠌ ᠨᠢᠳᠦ 《ᠬᠠᠳᠠᠨ ᠤ᠋ ᠵᠠᠪᠰᠠᠷ ᠬᠠᠪᠴᠢᠭᠤᠯᠤᠭᠰᠠᠨ ᠬᠠᠯᠢᠭᠤᠨ ᠤ᠋ ᠵᠤᠯᠵᠠᠭ᠎ᠠ ᠬᠥᠭᠡᠷᠦᠬᠦᠢ》 ᠭᠡᠵᠦ ᠳᠠᠭᠤᠯᠠᠵᠤ ᠪᠠᠢᠯ᠎ᠠ᠃
  ᠡᠷᠳᠡᠨᠢ ᠮᠠᠯ ᠲᠣᠭᠠᠯᠠᠯᠭ᠎ᠠ ᠳᠠᠭᠤᠰᠴᠤ ᠳ᠋ᠦᠩ ᠢ᠋ᠶ᠋ᠡᠨ ᠭᠠᠷᠭᠠᠪᠠᠯ ᠴᠡᠩᠭᠡᠯ ᠠᠭᠤᠯᠠ ᠶ᠋ᠢᠨ ᠬᠤᠰᠢᠭᠤᠨ ᠳ᠋ᠤ᠌ ᠤᠷᠢᠳᠤᠬᠢ ᠲᠣᠭᠠᠯᠠᠯᠭ᠎ᠠ ᠡᠴᠡ ᠠᠷᠪᠠ ᠭᠠᠷᠤᠢ ᠬᠣᠷᠢ ᠰᠢᠬᠠᠮ ᠮᠢᠩᠭᠠᠨ ᠮᠠᠯ ᠢᠯᠡᠭᠦᠦ ᠭᠠᠷᠤᠭᠰᠠᠨ ᠪᠠᠢᠯ᠎ᠠ᠃ ᠡᠨᠡ ᠪᠣᠯ ᠪᠠᠭ᠎ᠠ ᠬᠡᠷᠡᠭ ᠪᠢᠰᠢ ᠠ᠋᠃