ᠲᠤᠩᠭᠠᠯᠠᠭ ᠲᠠᠮᠢᠷ1-20-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-20-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-20-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-19

1672

《ᠲᠩᠷᠢ ᠮᠢᠨᠢ᠂ ᠠᠲᠠᠭ᠎ᠠ ᠲᠠᠪᠤᠨ ᠲᠩᠷᠢ ᠮᠢᠨᠢ》 - ᠨᠢᠭᠡᠳᠦᠭᠡᠷ ᠪᠦᠯᠦᠭ ᠬᠣᠷᠢ


  ᠡᠷᠳᠡᠨᠢ᠂ ᠵᠠᠮᠢᠶᠠᠨ ᠸᠠᠩ ᠤ᠋ᠨ ᠬᠤᠰᠢᠭᠤᠨ ᠡᠴᠡ ᠢᠲᠡᠭᠡᠯᠲᠦ ᠶ᠋ᠢᠨ ᠥᠷᠢ ᠨᠡᠬᠡᠬᠦ ᠪᠡᠷ ᠶᠠᠪᠤᠭᠰᠠᠨ ᠤ᠋ ᠮᠠᠷᠭᠠᠰᠢ ᠥᠷᠯᠥᠭᠡ ᠳᠤᠯᠵᠢᠨ ᠬᠣᠶᠠᠷ ᠬᠡᠦᠬᠡᠳ ᠢ᠋ ᠡᠷᠭᠢᠬᠦ ᠪᠡᠷ ᠵᠠᠶ᠎ᠠ ᠶ᠋ᠢᠨ ᠬᠦᠷᠢᠶ᠎ᠡ ᠤᠷᠤᠭᠤ ᠶᠠᠪᠤᠵᠠᠢ᠃ ᠢᠲᠡᠭᠡᠯᠲᠦ ᠶ᠋ᠢᠨ ᠬᠣᠲᠠ ᠡᠨᠡ ᠵᠢᠯ ᠨᠤᠲᠤᠭ ᠬᠥᠭᠡᠭᠡᠵᠦ ᠬᠤᠰᠢᠭᠤᠨ ᠤ᠋ ᠪᠠᠨ ᠵᠡᠭᠦᠨ ᠦᠵᠦᠭᠦᠷ ᠲᠦ᠍ ᠡᠪᠦᠯᠵᠢᠭᠰᠡᠨ ᠪᠣᠯᠬᠣᠷ ᠳᠤᠯᠵᠢᠨ ᠭᠤᠷᠪᠠᠳᠠᠬᠢ ᠡᠳᠦᠷ ᠦ᠋ᠨ ᠢ᠋ᠶ᠋ᠡᠨ ᠣᠷᠣᠢ ᠡᠴᠡ ᠨᠠᠰᠢ ᠪᠤᠴᠠᠵᠤ ᠢᠷᠡᠵᠦ ᠴᠢᠳᠠᠬᠤ ᠦᠭᠡᠢ ᠪᠠᠢᠯ᠎ᠠ᠃
  ᠬᠠᠷᠠᠩᠭᠤᠢ ᠪᠣᠯᠪᠠ᠃ ᠲᠤᠯᠭᠠᠷ ᠶᠡᠬᠡ ᠭᠡᠷ ᠲᠦ᠍ ᠬᠣᠭᠣᠯᠠ ᠬᠢᠵᠦ ᠢᠲᠡᠭᠡᠯᠲᠦ ᠰᠣᠯᠣᠩᠭ᠎ᠠ ᠬᠣᠶᠠᠷ ᠲᠠᠢ ᠬᠠᠮᠲᠤ ᠢᠳᠡᠯ᠎ᠡ᠃
  ᠊᠊᠊᠊᠊᠊᠊᠊᠊᠊᠊᠊᠊᠊᠊ ᠡᠷᠳᠡᠨᠢ ᠪᠡᠨ ᠰᠠᠨᠠᠵᠤ ᠪᠠᠢᠨ᠎ᠠ ᠤᠤ ᠭᠡᠵᠦ ᠢᠲᠡᠭᠡᠯᠲᠦ ᠬᠥᠭᠵᠢᠯᠲᠡᠢ ᠢᠨᠢᠶᠡᠮᠰᠦᠭᠯᠡᠨ ᠠᠰᠠᠭᠤᠪᠠ᠃
  ᠊᠊᠊᠊᠊᠊᠊᠊᠊᠊᠊᠊᠊᠊᠊ ᠶᠠᠷᠰᠢᠭ ᠳᠠ᠂ ᠶᠠᠮᠠᠷ ᠬᠡᠦᠬᠡᠳ ᠪᠢᠰᠢ᠃
  ᠊᠊᠊᠊᠊᠊᠊᠊᠊᠊᠊᠊᠊᠊᠊ ᠥᠨᠥᠳᠥᠷ ᠪᠢ ᠡᠷᠳᠡᠨᠢ ᠶ᠋ᠢ ᠣᠷᠣᠯᠠᠵᠤ ᠦᠵᠡᠬᠦ ᠤᠤ ᠳᠠ ᠭᠡᠳ ᠢᠲᠡᠭᠡᠯᠲᠦ ᠵᠢᠩᠭᠢᠨᠡᠭᠰᠡᠨ ᠳᠠᠭᠤ ᠪᠠᠷ ᠢᠨᠢᠶᠡᠨ᠂ ᠵᠠᠯᠢ ᠲᠠᠢ ᠨᠢᠳᠦ ᠪᠡᠷ ᠲᠤᠯᠭᠠᠷ ᠢ᠋ ᠬᠠᠷᠠᠪᠠ᠃
  ᠊᠊᠊᠊᠊᠊᠊᠊᠊᠊᠊᠊᠊᠊᠊ ᠪᠠᠯᠠᠢ ᠶᠠᠭᠤᠮ᠎ᠠ ᠶᠠᠷᠢᠭᠠᠳ ᠶᠠᠭᠠᠬᠢᠬᠤ ᠶᠤᠮ ᠪᠣᠢ ᠭᠡᠳ ᠲᠤᠯᠭᠠᠷ ᠢᠳᠡᠵᠦ ᠳᠠᠭᠤᠰᠤᠭᠰᠠᠨ ᠲᠠᠪᠠᠭ ᠲᠠᠢ ᠮᠢᠬ᠎ᠠ ᠶ᠋ᠢ ᠠᠪᠴᠤ ᠬᠥᠯ ᠦ᠋ᠨ ᠠᠪᠳᠠᠷ᠎ᠠ ᠳᠡᠭᠡᠷ᠎ᠡ ᠲᠠᠯᠪᠢᠭᠠᠳ ᠰᠢᠭᠤᠳ ᠡᠭᠦᠳᠡ ᠤᠷᠤᠭᠤ ᠶᠠᠪᠤᠯ᠎ᠠ᠃
  ᠥᠷᠯᠥᠭᠡ ᠡᠴᠡ ᠬᠣᠢᠰᠢ ᠡᠷᠡᠰ ᠬᠤᠪᠢᠷᠠᠭᠰᠠᠨ ᠢᠲᠡᠭᠡᠯᠲᠦ ᠶ᠋ᠢᠨ ᠵᠠᠩ ᠰᠢᠨᠤᠯ ᠲᠠᠴᠢᠶᠠᠩᠭᠤᠢ ᠶ᠋ᠢᠨ ᠭᠠᠯ ᠣᠪᠣᠯᠵᠠᠭᠰᠠᠨ ᠲᠡᠭᠦᠨ ᠦ᠌ ᠬᠠᠷᠠᠴᠠ ᠶ᠋ᠢ ᠲᠤᠯᠭᠠᠷ ᠣᠢᠯᠠᠭᠠᠵᠠᠢ᠃ ᠡᠨᠡ ᠴᠦ᠍ ᠤᠴᠢᠷ ᠡᠴᠡ ᠪᠣᠷᠣᠭᠠᠨ ᠤ᠋ ᠡᠮᠦᠨ᠎ᠡ ᠰᠠᠯᠬᠢ᠂ ᠪᠣᠣᠬᠠᠢ ᠶ᠋ᠢᠨ ᠡᠮᠦᠨ᠎ᠡ ᠬᠡᠷᠢᠶ᠎ᠡ ᠭᠡᠭᠴᠢ ᠪᠡᠷ ᠬᠡᠯᠡᠭᠰᠡᠨ ᠦᠭᠡ ᠨᠢ ᠲᠣᠭᠯᠠᠭᠠᠮ ᠪᠢᠰᠢ ᠭᠡᠳᠡᠭ ᠢ᠋ ᠲᠤᠯᠭᠠᠷ ᠮᠡᠳᠡᠵᠦ ᠪᠠᠢᠪᠠ᠃
  ᠊᠊᠊᠊᠊᠊᠊᠊᠊᠊᠊᠊᠊᠊᠊ ᠲᠤᠯᠭᠠᠷ ᠠ᠋᠂ ᠥᠬᠢᠨ ᠢ᠋ ᠤᠨᠲᠠᠭᠤᠯᠤᠭᠠᠳ ᠶᠠᠪᠤ ᠭᠡᠵᠦ ᠢᠲᠡᠭᠡᠯᠲᠦ ᠶᠡᠬᠡᠮᠰᠦᠭ ᠪᠥᠭᠡᠳ ᠲᠥᠪ ᠳᠠᠭᠤ ᠪᠠᠷ ᠬᠡᠯᠡᠪᠡ᠃
  ᠠᠶ᠎ᠠ ᠶ᠋ᠢ ᠨᠢ ᠳᠠᠭᠠᠵᠤ ᠠᠶᠠᠭ᠎ᠠ ᠶ᠋ᠢ ᠨᠢ ᠥᠩᠭᠡᠢᠭᠰᠡᠨ ᠵᠠᠷᠤᠴᠠ ᠬᠥᠮᠦᠨ ᠪᠣᠯᠬᠣᠷ ᠲᠤᠯᠭᠠᠷ ᠠᠷᠭ᠎ᠠ ᠦᠭᠡᠢ ᠡᠷᠭᠢᠪᠡ᠃ ᠰᠣᠯᠣᠩᠭ᠎ᠠ ᠶ᠋ᠢ ᠬᠡᠪᠲᠡᠭᠦᠯᠦᠨ ᠬᠤᠴᠢᠭᠠᠳ 《ᠪᠤᠬᠠᠨ ᠪᠢᠷᠠᠭᠤ ᠤᠬᠤᠨ᠎ᠠ ᠢᠰᠢᠭᠡ》 ᠬᠣᠶᠠᠷ ᠤ᠋ᠨ ᠲᠤᠬᠠᠢ ᠦᠯᠢᠭᠡᠷ ᠬᠡᠯᠡᠭᠰᠡᠨ ᠪᠣᠯᠪᠠᠴᠤ ᠰᠡᠳᠬᠢᠯ ᠨᠢ ᠥᠭᠡᠷ᠎ᠡ ᠵᠦᠢᠯ ᠳ᠋ᠦ᠍ ᠡᠵᠡᠯᠡᠭᠳᠡᠭᠡᠳ ᠶᠠᠷᠢᠭᠰᠠᠨ ᠢ᠋ᠶ᠋ᠠᠨ ᠮᠠᠷᠲᠠᠵᠤ᠂ ᠨᠢᠭᠡ ᠶᠠᠭᠤᠮ᠎ᠠ ᠪᠠᠨ ᠳᠠᠬᠢᠨ ᠳᠠᠬᠢᠨ ᠶᠠᠷᠢᠵᠤ ᠪᠠᠢᠪᠠ᠃
  ᠶᠠᠳᠠᠷᠠᠵᠤ ᠶᠠᠪᠤᠭ᠎ᠠ ᠴᠠᠭ ᠲᠤᠨᠢ ᠭᠠᠷ ᠢ᠋ᠶ᠋ᠠᠨ ᠰᠤᠩᠭᠠᠭᠰᠠᠨ ᠢᠲᠡᠭᠡᠯᠲᠦ ᠶ᠋ᠢ ᠠᠭᠤᠷᠯᠠᠭᠤᠯᠬᠤ ᠬᠦᠰᠡᠯ ᠲᠤᠯᠭᠠᠷ ᠲᠤ᠌ ᠪᠠᠢᠭᠰᠠᠨ ᠦᠭᠡᠢ᠃ ᠢᠲᠡᠭᠡᠯᠲᠦ ᠶ᠋ᠢ ᠴᠢᠳᠠᠯ ᠲᠠᠢ ᠤᠬᠠᠭᠠᠨ ᠲᠠᠢ ᠬᠥᠮᠦᠨ ᠭᠡᠵᠦ ᠪᠠᠬᠠᠷᠬᠠᠨ ᠪᠠᠢᠳᠠᠭ ᠪᠣᠯᠪᠠᠴᠤ ᠲᠡᠭᠦᠨ ᠲᠡᠢ ᠰᠠᠮᠠᠭᠤᠷᠠᠬᠤ ᠬᠦᠰᠡᠯ ᠲᠤᠯᠭᠠᠷ ᠲᠤ᠌ ᠬᠠᠷᠠᠬᠠᠨ ᠳ᠋ᠠᠭᠠᠨ ᠪᠠᠢᠭᠰᠠᠨ ᠦᠭᠡᠢ᠃
  ᠢᠲᠡᠭᠡᠯᠲᠦ ᠲᠤᠯᠭᠠᠷ ᠤ᠋ᠨ ᠬᠥᠳᠡᠯᠭᠡᠭᠡᠨ ᠪᠦᠬᠦᠨ ᠢ᠋ ᠰᠢᠷᠲᠡᠨ ᠪᠠᠢᠬᠤ ᠳ᠋ᠠᠭᠠᠨ ᠡᠯᠳᠡᠪ ᠦ᠋ᠨ ᠶᠠᠭᠤᠮ᠎ᠠ ᠪᠣᠳᠣᠵᠤ ᠪᠠᠢᠪᠠ᠃ ᠥᠨᠥ ᠰᠥᠨᠢ ᠲᠤᠯᠭᠠᠷ ᠢ᠋ ᠤᠷᠤᠯᠳᠤᠵᠤ ᠰᠠᠨᠠᠵᠤ ᠬᠦᠰᠡᠵᠦ ᠶᠠᠪᠤᠭᠰᠠᠨ ᠢ᠋ᠶ᠋ᠠᠨ ᠭᠦᠢᠴᠡᠳᠬᠡᠨ᠎ᠡ ᠭᠡᠵᠦ ᠰᠢᠲᠦᠭᠰᠡᠨ᠃ ᠭᠡᠪᠡᠴᠦ ᠶᠠᠭᠤᠮ᠎ᠠ ᠪᠦᠬᠦᠨ ᠦ᠌ ᠡᠬᠢᠯᠡᠯᠲᠡ ᠬᠡᠴᠡᠭᠦᠦ ᠪᠠᠢᠳᠠᠭ ᠪᠣᠯᠬᠣᠷ ᠡᠨᠡ ᠡᠬᠢᠯᠡᠯᠲᠡ ᠨᠢ ᠢᠲᠡᠭᠡᠯᠲᠦ ᠳ᠋ᠦ᠍ ᠬᠦᠷᠲᠡᠯ᠎ᠡ ᠬᠡᠴᠡᠭᠦᠦ ᠪᠠᠢᠪᠠ᠃ ᠡᠬᠢᠯᠡᠬᠦ ᠭᠡᠵᠦ ᠬᠡᠳᠦᠨ ᠦᠭᠡ ᠬᠠᠶᠠᠭᠰᠠᠨ ᠨᠢ ᠣᠯᠢᠭ ᠲᠠᠢ ᠪᠣᠯᠤᠭᠰᠠᠨ ᠦᠭᠡᠢ᠃ ᠡᠨᠡ ᠬᠡᠷᠡᠭ ᠢ᠋ ᠡᠷᠳᠡᠨᠢ ᠳ᠋ᠦ᠍ ᠮᠡᠳᠡᠭᠳᠡᠬᠦ ᠦᠭᠡᠢ ᠬᠢᠬᠦ ᠨᠢ ᠴᠢᠬᠤᠯᠠ᠃ ᠬᠡᠷᠪᠡ ᠡᠷᠳᠡᠨᠢ ᠮᠡᠳᠡᠪᠡᠯ ᠶᠠᠭᠤ ᠴᠤ᠌ ᠬᠢᠵᠦ ᠮᠠᠭᠠᠳ᠃ ᠬᠡᠳᠦᠢ ᠪᠡᠷ ᠢᠮᠠᠭ᠎ᠠ ᠲᠤᠢᠯᠠᠭᠠᠳ ᠶᠠᠩᠭᠢᠶ᠎ᠠ ᠡᠪᠳᠡᠬᠦ ᠦᠭᠡᠢ᠂ ᠲᠡᠮᠡᠭᠡ ᠲᠣᠢᠯᠠᠭᠠᠳ ᠲᠩᠷᠢ ᠳ᠋ᠦ᠍ ᠬᠦᠷᠬᠦ ᠦᠭᠡᠢ ᠭᠡᠵᠦ ᠪᠣᠳᠣᠭᠳᠠᠪᠠᠴᠤ ᠡᠷᠳᠡᠨᠢ ᠮᠡᠳᠡᠵᠦ ᠶᠠᠮᠠᠷ ᠨᠢᠭᠡᠨ ᠬᠡᠷᠡᠭ ᠲᠦᠪᠡᠭ ᠭᠠᠷᠭᠠᠪᠠᠯ ᠲᠤᠰᠠ ᠦᠭᠡᠢ ᠪᠠᠢᠯ᠎ᠠ᠃ ᠲᠤᠯᠭᠠᠷ ᠦᠯᠢᠭᠡᠷ ᠢ᠋ᠶ᠋ᠡᠨ ᠶᠠᠷᠢᠵᠤ ᠴᠢᠳᠠᠬᠤ ᠦᠭᠡᠢ ᠮᠠᠷᠲᠠᠨ ᠲᠦᠭᠳᠡᠷᠡᠵᠦ ᠪᠠᠢᠭ᠎ᠠ ᠶ᠋ᠢ ᠰᠣᠨᠣᠰᠤᠭᠠᠳ ᠲᠡᠭᠦᠨ ᠦ᠌ ᠰᠡᠳᠬᠢᠯ ᠳᠣᠭᠳᠣᠯᠵᠤ ᠪᠠᠢᠭ᠎ᠠ ᠶ᠋ᠢ ᠣᠢᠯᠠᠭᠠᠪᠠ᠃ ᠲᠡᠭᠡᠭᠡᠳ ᠲᠣᠭᠲᠠᠭᠤᠨ ᠬᠦᠢᠲᠡᠨ ᠰᠡᠳᠬᠢᠯ ᠢ᠋ ᠡᠪᠳᠡᠬᠦ ᠯᠡ ᠬᠡᠴᠡᠭᠦᠦ᠃ ᠬᠠᠷᠢᠨ ᠳᠣᠭᠳᠣᠯᠤᠭᠰᠠᠨ ᠰᠡᠳᠬᠢᠯ ᠢ᠋ ᠣᠯᠵᠤ ᠨᠢᠳᠤᠷᠪᠠᠯ ᠡᠪᠳᠡᠷᠡᠬᠦ ᠨᠢ ᠠᠮᠠᠷ ᠭᠡᠵᠦ ᠳᠣᠲᠣᠷ᠎ᠠ ᠪᠠᠨ ᠪᠣᠳᠣᠯ᠎ᠠ᠃
  ᠲᠡᠳᠦᠢ ᠯᠡ ᠤᠳᠠᠯ ᠦᠭᠡᠢ ᠰᠣᠯᠣᠩᠭ᠎ᠠ ᠤᠨᠲᠠᠵᠤ᠂ ᠲᠤᠯᠭᠠᠷ ᠶᠠᠪᠤᠬᠤ ᠪᠠᠷ ᠪᠣᠰᠪᠠ᠃ ᠭᠡᠲᠡᠯ᠎ᠡ ᠢᠲᠡᠭᠡᠯᠲᠦ ᠰᠢᠭᠤᠳ ᠣᠴᠢᠵᠤ ᠭᠠᠷ ᠳᠡᠭᠡᠷ᠎ᠡ ᠡᠴᠡ ᠨᠢ ᠪᠠᠷᠢᠵᠤ ᠠᠪᠤᠯ᠎ᠠ᠃
  ᠊᠊᠊᠊᠊᠊᠊᠊᠊᠊᠊᠊᠊᠊᠊ ᠢᠲᠡᠭᠡᠯᠲᠦ ᠭᠤᠸᠠᠢ ᠬᠡᠷᠡᠭ ᠦᠭᠡᠢ ᠭᠡᠳ ᠤᠭᠵᠠᠷᠠᠨ ᠲᠠᠲᠠᠯ᠎ᠠ᠃ ᠢᠲᠡᠭᠡᠯᠲᠦ ᠲᠠᠯᠪᠢᠭᠰᠠᠨ ᠦᠭᠡᠢ᠂ ᠬᠠᠷᠢᠨ ᠨᠥᠭᠦᠭᠡ ᠭᠠᠷ ᠢ᠋ᠶ᠋ᠠᠷ ᠢ᠋ᠶ᠋ᠠᠨ ᠲᠡᠪᠡᠷᠢᠨ ᠠᠪᠤᠯ᠎ᠠ᠃
  ᠲᠤᠯᠭᠠᠷ ᠬᠦᠴᠦᠯᠡᠨ ᠨᠣᠴᠣᠯᠳᠤᠪᠠ᠃ ᠬᠡᠰᠡᠭ ᠨᠣᠴᠣᠯᠳᠤᠭᠰᠠᠨ ᠤ᠋ ᠳᠠᠷᠠᠭ᠎ᠠ ᠢᠲᠡᠭᠡᠯᠲᠦ ᠲᠠᠯᠪᠢᠵᠤ 《ᠪᠢ ᠴᠢᠮ᠎ᠠ ᠳ᠋ᠤ᠌ ᠰᠠᠢᠬᠠᠨ ᠰᠠᠨᠠᠵᠤ ᠶᠠᠪᠤᠭᠰᠠᠨ ᠪᠠᠢᠬ᠎ᠠ᠂ ᠮᠠᠭᠤ ᠰᠠᠨᠠᠪᠠᠯ ᠪᠠᠰᠠ ᠴᠢᠳᠠᠬᠤ ᠬᠥᠮᠦᠨ ᠰᠢᠦ᠂ ᠪᠢᠲᠡᠭᠡᠢ ᠭᠣᠮᠣᠳᠠᠭᠠᠷᠠᠢ》 ᠭᠡᠬᠦ ᠳ᠋ᠦ᠍ ᠲᠤᠯᠭᠠᠷ ᠭᠡᠷ ᠡᠴᠡ ᠬᠠᠷᠪᠤᠭᠰᠠᠨ ᠰᠤᠮᠤ ᠰᠢᠭ᠋ ᠭᠦᠶᠦᠨ ᠭᠠᠷᠤᠯ᠎ᠠ᠃
  ᠭᠡᠷ ᠲᠡᠭᠡᠨ ᠣᠷᠣᠵᠤ ᠣᠷᠣᠨ ᠳᠡᠭᠡᠷ᠎ᠡ ᠪᠡᠨ ᠨᠢᠭᠤᠷ ᠢ᠋ᠶ᠋ᠠᠨ ᠲᠠᠭᠯᠠᠨ ᠰᠠᠭᠤᠭᠠᠳ 《ᠲᠩᠷᠢ ᠮᠢᠨᠢ᠂ ᠠᠲᠠᠭ᠎ᠠ ᠲᠠᠪᠤᠨ ᠲᠩᠷᠢ ᠮᠢᠨᠢ》 ᠭᠡᠵᠦ ᠤᠬᠢᠯᠠᠪᠠ᠃
  《ᠪᠢ ᠴᠢᠮ᠎ᠠ ᠳ᠋ᠤ᠌ ᠰᠠᠢᠬᠠᠨ ᠰᠠᠨᠠᠵᠤ ᠶᠠᠪᠤᠭᠰᠠᠨ ᠪᠠᠢᠬ᠎ᠠ᠂ ᠮᠠᠭᠤ ᠰᠠᠨᠠᠪᠠᠯ ᠪᠠᠰᠠ ᠴᠢᠳᠠᠬᠤ ᠬᠥᠮᠦᠨ ᠰᠢᠦ᠂ ᠪᠢᠲᠡᠭᠡᠢ ᠭᠣᠮᠣᠳᠠᠭᠠᠷᠠᠢ》 ᠭᠡᠰᠡᠨ ᠢᠲᠡᠭᠡᠯᠲᠦ ᠶ᠋ᠢᠨ ᠦᠭᠡ ᠳᠠᠬᠢᠨ ᠪᠣᠳᠣᠭᠳᠠᠵᠤ᠂ ᠡᠨᠡ ᠦᠯᠡᠮᠵᠢ ᠴᠢᠳᠠᠯ ᠲᠠᠢ ᠬᠥᠮᠦᠨ ᠶᠠᠭᠠᠬᠢᠬᠤ ᠪᠣᠯ ᠭᠡᠵᠦ ᠰᠠᠨᠠᠬᠤ ᠳ᠋ᠤ᠌ ᠪᠡᠶ᠎ᠡ ᠨᠢ ᠴᠡᠴᠡᠷᠡᠨ᠂ ᠰᠡᠳᠬᠢᠯ ᠨᠢ ᠬᠠᠷᠠᠩᠭᠤᠢ ᠮᠠᠨᠠᠨ ᠢ᠋ᠶ᠋ᠠᠷ ᠪᠦᠷᠬᠦᠵᠦ ᠪᠠᠢᠯ᠎ᠠ᠃ ᠲᠡᠭᠡᠭᠡᠳ ᠬᠠᠵᠠᠭᠤᠯᠠᠨ ᠪᠦᠬᠦᠯᠢ ᠬᠡᠪᠲᠡᠭᠡᠳ ᠨᠢᠭᠡ ᠮᠡᠳᠡᠬᠦ ᠳ᠋ᠦ᠍ ᠨᠠᠮ ᠤᠨᠲᠠᠵᠠᠢ᠃
  ᠲᠤᠯᠭᠠᠷ ᠬᠠᠷ᠎ᠠ ᠳᠠᠷᠤᠵᠤ ᠵᠡᠭᠦᠳᠦᠯᠡᠭᠡᠳ ᠬᠠᠰᠬᠢᠷᠤᠨ ᠰᠡᠷᠢᠪᠡᠯ ᠢᠲᠡᠭᠡᠯᠲᠦ ᠣᠷᠣᠨ ᠤ᠋ ᠬᠢᠨᠢ ᠡᠮᠦᠨ᠎ᠡ ᠢᠨᠢᠶᠡᠨ ᠵᠣᠭᠰᠣᠵᠤ ᠪᠠᠢᠭ᠎ᠠ ᠨᠢ ᠲᠣᠮᠣ ᠳ᠋ᠧᠩ ᠦ᠋ᠨ ᠭᠡᠷᠡᠯ ᠳ᠋ᠦ᠍ ᠲᠣᠳᠣᠬᠠᠨ ᠬᠠᠷᠠᠭᠳᠠᠨ᠎ᠠ᠃
  ᠢᠲᠡᠭᠡᠯᠲᠦ ᠤᠨᠲᠠᠬᠤ ᠭᠡᠵᠦ ᠬᠡᠪᠲᠡᠭᠰᠡᠨ ᠪᠣᠯᠪᠠᠴᠤ ᠨᠣᠢᠷ ᠨᠢ ᠬᠤᠯᠵᠢᠵᠤ ᠪᠠᠬᠠᠨ ᠬᠥᠷᠪᠡᠯᠳᠦᠵᠦ ᠪᠠᠢᠭᠠᠳ ᠪᠣᠰᠴᠤ ᠬᠤᠪᠴᠠᠰᠤᠯᠠᠨ ᠭᠠᠷᠤᠯ᠎ᠠ᠃ ᠵᠢᠪᠠᠷ ᠲᠠᠢ ᠰᠥᠨᠢ ᠶ᠋ᠢᠨ ᠬᠦᠢᠲᠡᠨ ᠰᠠᠯᠬᠢ ᠰᠡᠷ ᠰᠡᠷ ᠦᠯᠢᠶᠡᠨ᠂ ᠳᠤᠯᠠᠭᠠᠨ ᠪᠠᠭᠤᠴᠠᠨ ᠳ᠋ᠤ᠌ ᠬᠡᠪᠲᠡᠭᠰᠡᠨ ᠬᠣᠨᠢᠨ ᠤ᠋ ᠰᠢᠳᠦ ᠬᠢᠬᠤᠲᠤᠨᠠᠨ ᠬᠠᠪᠢᠷᠴᠤ᠂ ᠨᠢᠭᠡᠨ ᠵᠢᠭᠳᠡ ᠬᠡᠪᠢᠵᠦ ᠢᠷᠠᠭᠯᠠᠨ᠎ᠠ᠃ ᠮᠡᠴᠢᠳ ᠪᠦᠷ ᠭᠤᠳᠤᠢᠭᠠᠳ᠂ ᠲᠩᠷᠢ ᠳ᠋ᠦ᠍ ᠲᠣᠮᠣ ᠮᠥᠩᠭᠥᠨ ᠰᠠᠷᠠ ᠮᠡᠯᠲᠡᠢᠨ᠎ᠡ᠃ ᠬᠤᠴᠠᠵᠤ ᠪᠠᠢᠭᠰᠠᠨ ᠬᠣᠲᠠᠴᠢ ᠨᠣᠬᠠᠢ ᠨᠢ ᠡᠵᠡᠨ ᠢ᠋ᠶ᠋ᠡᠨ ᠬᠠᠷᠠᠭᠠᠳ ᠭᠦᠶᠦᠨ ᠢᠷᠡᠵᠦ ᠡᠷᠬᠡᠯᠡᠬᠦ ᠳ᠋ᠦ᠍ ᠤᠴᠠᠭᠠᠷᠯᠠᠵᠤ ᠶᠣᠪᠣᠷᠪᠠ᠃
  ᠬᠡᠰᠡᠭ ᠵᠣᠭᠰᠣᠵᠤ ᠪᠠᠢᠭᠠᠳ ᠭᠠᠯᠰᠠᠩ ᠤ᠋ᠨ ᠭᠡᠷ ᠤᠷᠤᠭᠤ ᠬᠠᠷᠠᠭᠰᠠᠨ ᠢ᠋ᠶ᠋ᠠᠨ ᠳᠤᠷᠠᠮᠵᠢᠬᠠᠨ ᠢᠨᠢᠶᠡᠮᠰᠦᠭᠯᠡᠭᠡᠳ ᠡᠷᠳᠡᠨᠢ ᠶ᠋ᠢᠨ ᠭᠡᠷ ᠤᠷᠤᠭᠤ ᠰᠢᠭᠤᠳ ᠶᠠᠪᠤᠯ᠎ᠠ᠃ ᠭᠡᠷ ᠲᠦ᠍ ᠣᠷᠣᠭᠠᠳ ᠲᠣᠮᠣ ᠳ᠋ᠧᠩ ᠢ᠋ ᠨᠢ ᠠᠰᠠᠭᠠᠭᠠᠳ᠂ ᠲᠤᠯᠭᠠᠷ ᠤ᠋ᠨ ᠳᠡᠷᠭᠡᠳᠡ ᠣᠴᠢᠬᠤ ᠳ᠋ᠤ᠌ ᠲᠡᠷᠡ ᠬᠠᠰᠬᠢᠷᠤᠨ ᠰᠡᠷᠢᠭᠰᠡᠨ ᠠᠵᠢ᠃
  ᠊᠊᠊᠊᠊᠊᠊᠊᠊᠊᠊᠊᠊᠊᠊ ᠬᠠᠷ᠎ᠠ ᠳᠠᠷᠤᠪᠠ ᠤᠤ?
  ᠲᠤᠯᠭᠠᠷ ᠤᠬᠤᠰᠬᠢᠵᠦ ᠪᠣᠰᠬᠤ ᠳ᠋ᠤ᠌ ᠢᠲᠡᠭᠡᠯᠲᠦ ᠪᠠᠭᠤᠤ ᠳᠡᠭᠡᠷ᠎ᠡ ᠡᠴᠡ ᠨᠢ ᠪᠠᠷᠢᠵᠤ ᠠᠪᠤᠭᠠᠳ ᠴᠡᠴᠡᠷᠡᠨ ᠪᠠᠢᠭ᠎ᠠ ᠲᠤᠯᠭᠠᠷ ᠢ᠋ ᠲᠡᠪᠡᠷᠢᠨ ᠠᠪᠴᠤ ᠳᠤᠷ᠎ᠠ ᠪᠠᠷ ᠢ᠋ᠶ᠋ᠠᠨ ᠪᠣᠯᠵᠠᠢ᠃ ᠶᠠᠪᠤᠬᠤ ᠳ᠋ᠠᠭᠠᠨ 《ᠡᠨᠡ ᠲᠤᠬᠠᠢ ᠨᠢᠭᠡ ᠴᠦ᠍ ᠦᠭᠡ ᠳᠤᠤᠭᠠᠷᠴᠤ ᠪᠣᠯᠬᠤ ᠦᠭᠡᠢ ᠰᠢᠦ》 ᠭᠡᠵᠦ ᠰᠢᠪᠡᠨᠡᠨ ᠲᠣᠳᠣ ᠬᠡᠯᠡᠭᠡᠳ ᠭᠠᠷᠤᠯ᠎ᠠ᠃ ᠵᠠᠮ ᠳ᠋ᠠᠭᠠᠨ ᠬᠣᠲᠠ ᠡᠷᠭᠢᠭᠡᠳ ᠶᠠᠪᠤᠵᠤ ᠪᠠᠢᠭᠰᠠᠨ ᠳᠤᠯᠮ᠎ᠠ ᠲᠠᠢ ᠶᠠᠭ ᠮᠥᠷᠭᠥᠯᠳᠦᠪᠡ᠃
  ᠊᠊᠊᠊᠊᠊᠊᠊᠊᠊᠊᠊᠊᠊᠊ ᠪᠢᠲᠡᠭᠡᠢ ᠳᠡᠮᠡᠢ ᠶᠠᠷᠢᠭᠠᠳ ᠪᠠᠢᠭᠠᠷᠠᠢ ᠭᠡᠳ ᠢᠲᠡᠭᠡᠯᠲᠦ ᠠᠵᠢᠭ ᠦᠭᠡᠢ ᠳᠡᠷᠭᠡᠳᠡᠭᠦᠷ ᠨᠢ ᠥᠩᠭᠡᠷᠡᠪᠡ᠃
  ᠳᠤᠯᠮ᠎ᠠ ᠶ᠋ᠢᠨ ᠰᠡᠳᠬᠢᠯ ᠳ᠋ᠦ᠍ ᠲᠤᠯᠭᠠᠷ ᠲᠠᠢ ᠥᠷᠢᠰᠦᠯᠳᠦᠬᠦ ᠠᠲᠠᠭᠠᠷᠬᠠᠯ ᠣᠷᠭᠢᠯᠤᠨ ᠢᠲᠡᠭᠡᠯᠲᠦ ᠶ᠋ᠢ ᠪᠠᠷᠢᠭᠠᠳ ᠠᠪᠤᠮᠠᠷ ᠰᠠᠨᠠᠭᠳᠠᠭᠰᠠᠨ ᠪᠣᠯᠪᠠᠴᠤ ᠶᠠᠭᠠᠬᠢᠵᠤ ᠴᠢᠳᠠᠬᠤ ᠪᠢᠯᠡ᠂ ᠪᠠᠰᠠ ᠢᠲᠡᠭᠡᠯᠲᠦ ᠡᠴᠡ ᠠᠶᠤᠳᠠᠭ ᠪᠣᠯᠬᠣᠷ ᠡᠷᠳᠡᠨᠢ ᠳ᠋ᠦ᠍ ᠬᠡᠯᠡᠬᠦ ᠵᠢᠷᠦᠬᠡ ᠴᠦ᠍ ᠪᠠᠢᠭᠰᠠᠨ ᠦᠭᠡᠢ᠃ ᠬᠠᠷᠢᠨ ᠬᠡᠳᠦᠨ ᠰᠠᠷ᠎ᠠ ᠶ᠋ᠢᠨ ᠳᠠᠷᠠᠭ᠎ᠠ ᠡᠷᠳᠡᠨᠢ ᠳ᠋ᠦ᠍ ᠬᠡᠯᠡᠭᠡᠳ ᠶᠡᠬᠡ ᠣᠢ ᠭᠠᠰᠢᠭᠤᠳᠠᠯᠲᠤ ᠬᠡᠷᠡᠭ ᠲᠠᠷᠢᠬᠤ ᠶᠤᠮ ᠭᠡᠮᠡᠨ ᠳᠤᠯᠮ᠎ᠠ ᠶᠠᠭᠠᠬᠢᠨ ᠮᠡᠳᠡᠬᠦ ᠪᠢᠯᠡ᠃ ᠪᠣᠯᠤᠭᠰᠠᠨ ᠶᠠᠪᠤᠳᠠᠯ ᠢ᠋ ᠡᠷᠳᠡᠨᠢ ᠮᠡᠳᠡᠪᠡᠯ ᠵᠣᠪᠠᠯᠠᠩ ᠪᠣᠯᠤᠨ᠎ᠠ ᠭᠡᠵᠦ ᠪᠣᠳᠣᠭᠰᠠᠨ ᠲᠤᠯᠭᠠᠷ ᠨᠢᠭᠡᠨᠲᠡ ᠯᠡ ᠡᠢᠮᠦ ᠬᠡᠷᠡᠭ ᠪᠣᠯᠤᠭᠰᠠᠨ ᠡᠴᠡ ᠬᠣᠢᠰᠢ ᠳᠠᠷᠠᠭ᠎ᠠ ᠶ᠋ᠢᠨ ᠵᠣᠪᠠᠯᠠᠩ ᠡᠴᠡ ᠵᠠᠢᠯᠠᠬᠤ ᠶ᠋ᠢᠨ ᠲᠤᠯᠠ ᠨᠥᠬᠥᠷ ᠡᠴᠡ ᠪᠡᠨ ᠲᠠᠰᠤ ᠨᠢᠭᠤᠶ᠎ᠠ ᠭᠡᠵᠦ ᠰᠢᠢᠳᠪᠡ᠃
  ᠠᠷᠪᠠᠭᠠᠳ ᠬᠣᠨᠣᠭ ᠤ᠋ᠨ ᠳᠠᠷᠠᠭ᠎ᠠ ᠥᠷᠢ ᠳ᠋ᠦ᠍ ᠠᠪᠤᠭᠰᠠᠨ ᠵᠢᠷᠭᠤᠭᠠᠨ ᠮᠣᠷᠢ ᠬᠣᠯᠪᠣᠵᠤ ᠬᠥᠲᠥᠯᠦᠭᠰᠡᠨ ᠡᠷᠳᠡᠨᠢ ᠶ᠋ᠢᠨ ᠢᠷᠡᠬᠦ ᠳ᠋ᠦ᠍ ᠬᠡᠳᠦᠨ ᠡᠳᠦᠷ ᠦ᠋ᠨ ᠲᠤᠷᠰᠢ ᠳᠤᠯᠵᠢᠨ ᠤ᠋ ᠴᠢᠷᠠᠢ ᠶ᠋ᠢ ᠬᠠᠷᠠᠵᠤ ᠴᠢᠳᠠᠬᠤ ᠦᠭᠡᠢ ᠪᠠᠢᠭᠠᠳ ᠠᠷᠠᠢ ᠭᠡᠵᠦ ᠲᠡᠰᠴᠦ ᠪᠠᠢᠭᠰᠠᠨ ᠲᠤᠯᠭᠠᠷ ᠲᠤ᠌ ᠰᠢᠨ᠎ᠡ ᠵᠣᠪᠠᠯᠠᠩ ᠪᠣᠯᠪᠠ᠃
  ᠡᠷᠳᠡᠨᠢ ᠶ᠋ᠢ ᠢᠨᠢᠶᠡᠭᠰᠡᠭᠡᠷ ᠭᠡᠷ ᠲᠡᠭᠡᠨ ᠣᠷᠣᠭᠠᠳ ᠢᠷᠡᠬᠦ ᠳ᠋ᠦ᠍ᠨᠢ ᠲᠤᠯᠭᠠᠷ ᠳᠣᠭᠣᠭᠰᠢ ᠪᠠᠨ ᠬᠠᠷᠠᠨ ᠦᠭᠡ ᠳᠠᠭᠤ ᠦᠭᠡᠢ ᠤᠬᠢᠯᠠᠪᠠ᠃
  ᠊᠊᠊᠊᠊᠊᠊᠊᠊᠊᠊᠊᠊᠊᠊ ᠴᠢ ᠴᠢᠨᠢ ᠶᠠᠭᠤ ᠪᠣᠯᠪᠠ?
  ᠲᠤᠯᠭᠠᠷ ᠬᠠᠷᠢᠭᠤ ᠳᠤᠤᠭᠠᠷᠤᠭᠰᠠᠨ ᠦᠭᠡᠢ᠃ ᠠᠮᠢᠳᠤᠷᠠᠯ ᠳ᠋ᠠᠭᠠᠨ ᠨᠥᠬᠥᠷ ᠲᠡᠭᠡᠨ ᠮᠠᠭᠤ ᠰᠠᠨᠠᠵᠤ ᠲᠡᠭᠦᠨ ᠢ᠋ ᠮᠡᠬᠡᠯᠡᠭᠡ ᠦᠭᠡᠢ ᠡᠮᠨᠢᠭ ᠰᠡᠳᠬᠢᠯ ᠨᠢ ᠴᠢᠨᠦᠷᠡᠨ ᠳᠣᠭᠳᠣᠯᠵᠤ᠂ ᠡᠷᠳᠡᠨᠢ ᠶ᠋ᠢ ᠬᠠᠰᠬᠢᠷᠤᠨ ᠠᠰᠠᠭᠤᠪᠠᠯ ᠪᠦᠬᠦ ᠬᠡᠷᠡᠭ ᠢ᠋ᠶ᠋ᠡᠨ ᠲᠣᠭᠠᠴᠢᠬᠤ ᠳ᠋ᠤ᠌ ᠪᠡᠯᠡᠬᠡᠨ ᠪᠠᠢᠯ᠎ᠠ᠃ ᠡᠷᠳᠡᠨᠢ ᠶ᠋ᠢᠨ ᠬᠥᠮᠥᠰᠬᠡ ᠨᠢ ᠵᠠᠩᠭᠢᠷᠠᠨ᠂ ᠡᠬᠡᠨᠡᠷ ᠢ᠋ᠶ᠋ᠡᠨ ᠰᠢᠷᠳᠡᠭᠰᠡᠨ ᠢ᠋ᠶ᠋ᠡᠨ᠄
  ᠊᠊᠊᠊᠊᠊᠊᠊᠊᠊᠊᠊᠊᠊᠊ ᠬᠦᠦ ᠵᠦᠭᠡᠷ ᠪᠢᠵᠡ? ᠭᠡᠵᠦ ᠠᠰᠠᠭᠤᠪᠠ᠃
  ᠊᠊᠊᠊᠊᠊᠊᠊᠊᠊᠊᠊᠊᠊᠊ ᠬᠦᠦ ᠰᠠᠢᠨ ᠁
  ᠊᠊᠊᠊᠊᠊᠊᠊᠊᠊᠊᠊᠊᠊᠊ ᠲᠡᠭᠡᠭᠡᠳ ᠶᠠᠭᠤᠨ ᠳ᠋ᠤ᠌ ᠤᠷᠤᠭᠤ ᠴᠢᠷᠠᠢᠯᠠᠭᠠᠳ ᠪᠠᠢᠭ᠎ᠠ ᠶᠤᠮ ᠪᠣᠢ? ᠭᠡᠳ ᠡᠬᠡᠨᠡᠷ ᠦ᠋ᠨ ᠢ᠋ᠶ᠋ᠡᠨ ᠲᠣᠯᠣᠭᠠᠢ ᠶ᠋ᠢ ᠢᠯᠢᠪᠡ᠃
  ᠲᠤᠯᠭᠠᠷ ᠬᠡᠰᠡᠭ ᠲᠦᠭᠳᠡᠷᠡᠭᠰᠡᠨ ᠢ᠋ᠶ᠋ᠡᠨ ᠪᠤᠷᠤᠭᠤ ᠬᠠᠷᠠᠵᠤ ᠪᠠᠢᠭᠠᠳ 《ᠴᠢᠨᠦ ᠲᠤᠬᠠᠢ ᠮᠠᠭᠤ ᠶᠠᠭᠤᠮ᠎ᠠ ᠵᠡᠭᠦᠳᠦᠯᠡᠭᠰᠡᠨ》 ᠭᠡᠵᠦ ᠬᠤᠳᠠᠯ ᠬᠡᠯᠡᠪᠡ᠃ ᠡᠷᠳᠡᠨᠢ ᠭᠡᠨᠡᠨ ᠴᠠᠭᠠᠨ ᠰᠡᠳᠬᠢᠯ ᠢ᠋ᠶ᠋ᠡᠷ ᠢᠨᠢᠶᠡᠮᠰᠦᠭᠯᠡᠭᠡᠳ᠄
  ᠊᠊᠊᠊᠊᠊᠊᠊᠊᠊᠊᠊᠊᠊᠊ ᠮᠢᠨᠦ ᠡᠪᠦᠭᠡᠨ᠂ ᠵᠡᠭᠦᠳᠦ ᠶᠠᠮᠠᠷ ᠬᠠᠮᠢᠶ᠎ᠠ ᠪᠠᠢᠬᠤ ᠪᠣᠢ ᠭᠡᠳ ᠬᠣᠢᠮᠣᠷ ᠢ᠋ᠶ᠋ᠠᠨ ᠰᠠᠭᠤᠵᠤ ᠲᠣᠮᠣ ᠮᠣᠳᠣᠨ ᠠᠶᠠᠭᠠᠨ ᠳ᠋ᠤ᠌ ᠲᠠᠪᠠᠭ ᠲᠠᠢ ᠴᠠᠭᠠᠨ ᠲᠣᠰᠣᠨ ᠡᠴᠡ ᠠᠪᠴᠤ ᠬᠢᠭᠡᠳ ᠳᠡᠭᠡᠷ᠎ᠡ ᠨᠢ ᠴᠠᠢ ᠬᠢᠯ᠎ᠡ᠃
  ᠡᠭᠦᠳᠡ ᠳᠤᠤᠭᠠᠷᠴᠤ ᠢᠲᠡᠭᠡᠯᠲᠦ ᠶᠡᠬᠡ ᠯᠡ ᠬᠥᠭᠵᠢᠯ ᠪᠠᠶᠠᠷᠲᠠᠢ ᠣᠷᠣᠵᠤ ᠢᠷᠡᠯ᠎ᠡ᠃
  ᠊᠊᠊᠊᠊᠊᠊᠊᠊᠊᠊᠊᠊᠊᠊ ᠵᠠ ᠰᠠᠢᠨ ᠶᠠᠪᠤᠵᠤ ᠢᠷᠡᠪᠡ ᠤᠤ? ᠭᠡᠳ ᠡᠷᠳᠡᠨᠢ ᠶ᠋ᠢᠨ ᠳᠡᠷᠭᠡᠳᠡ ᠰᠠᠭᠤᠵᠠᠢ᠃
  ᠊᠊᠊᠊᠊᠊᠊᠊᠊᠊᠊᠊᠊᠊᠊ ᠠᠵᠢᠯ ᠪᠦᠲᠦᠮᠵᠢ ᠲᠡᠢ᠃ ᠬᠠᠷᠢᠨ ᠨᠢᠭᠡ ᠵᠠᠯᠠᠭᠤ ᠮᠣᠷᠢᠨ ᠤ᠋ ᠥᠷᠢᠨ ᠳ᠋ᠦ᠍ ᠪᠦᠷᠢᠨ ᠰᠢᠲᠦ ᠲᠡᠢ ᠮᠣᠷᠢ ᠠᠪᠤᠭᠰᠠᠨ᠃ ᠠᠷᠠᠯᠵᠢᠶ᠎ᠠ ᠬᠠᠲᠠᠷᠢᠶ᠎ᠠ ᠲᠠᠢ᠂ ᠪᠠᠭ᠎ᠠ ᠨᠠᠭᠠᠳᠤᠮ ᠳ᠋ᠤ᠌ ᠰᠣᠢᠪᠠᠯ ᠲᠦᠷᠦᠭᠦᠯᠡᠬᠦ ᠦᠭᠡᠢ ᠴᠦ᠍ ᠭᠡᠰᠡᠨ ᠮᠣᠳᠣ ᠲᠠᠢ ᠪᠠᠢᠮᠠᠷ ᠰᠠᠨᠠᠭᠳᠠᠭᠰᠠᠨ᠃ ᠲᠠᠨ ᠤ᠋ ᠰᠡᠳᠬᠢᠯ ᠳ᠋ᠦ᠍ ᠲᠣᠬᠢᠷᠠᠬᠤ ᠪᠠᠢᠬ᠎ᠠ ᠭᠡᠵᠦ ᠡᠷᠳᠡᠨᠢ ᠶ᠋ᠢᠨ ᠬᠡᠯᠡᠬᠦ ᠳ᠋ᠦ᠍ ᠢᠲᠡᠭᠡᠯᠲᠦ ᠠᠶᠠᠭᠠᠨ ᠳ᠋ᠤ᠌ ᠥᠪᠡᠷ ᠢ᠋ᠶ᠋ᠡᠨ ᠴᠠᠢ ᠬᠢᠵᠦ ᠠᠪᠬᠤ ᠵᠠᠭᠤᠷ᠎ᠠ᠄
  ᠊᠊᠊᠊᠊᠊᠊᠊᠊᠊᠊᠊᠊᠊᠊ ᠪᠢ ᠮᠣᠷᠢᠳ ᠢ᠋ ᠦᠵᠡᠯ᠎ᠡ᠃ ᠢᠯᠠᠩᠭᠤᠶ᠎ᠠ ᠲᠡᠷᠡ ᠪᠥᠭᠲᠥᠷᠭᠡ ᠲᠡᠢ ᠬᠡᠭᠡᠷ ᠮᠣᠷᠢ ᠪᠣᠯ ᠮᠠᠨ ᠤ᠋ ᠠᠳᠤᠭᠤᠨ ᠳ᠋ᠤ᠌ ᠬᠣᠪᠣᠷ ᠮᠣᠷᠢ ᠪᠠᠢᠨ᠎ᠠ ᠭᠡᠪᠡ᠃
  ᠊᠊᠊᠊᠊᠊᠊᠊᠊᠊᠊᠊᠊᠊᠊ ᠮᠢᠨᠦ ᠬᠡᠯᠡᠳᠡᠭ ᠴᠢᠨᠢ ᠲᠡᠷᠡ ᠳᠠ ᠭᠡᠵᠦ ᠡᠷᠳᠡᠨᠢ ᠪᠠᠶᠠᠷᠲᠠᠢ ᠬᠡᠯᠡᠬᠦ ᠳ᠋ᠦ᠍ ᠢᠲᠡᠭᠡᠯᠲᠦ ᠢᠨᠢᠶᠡᠮᠰᠦᠭᠯᠡᠨ ᠲᠣᠯᠣᠭᠠᠢ ᠪᠠᠨ ᠰᠠᠵᠢᠯᠠᠵᠤ᠄
  ᠊᠊᠊᠊᠊᠊᠊᠊᠊᠊᠊᠊᠊᠊᠊ ᠰᠠᠢᠬᠠᠨ ᠮᠣᠷᠢ᠂ ᠲᠣᠯᠣᠭᠠᠢ ᠰᠠᠯᠭᠠᠶ᠎ᠠ ᠭᠡᠬᠦ ᠳ᠋ᠦ᠍ ᠣᠳᠣ ᠥᠭᠬᠦ ᠦᠭᠡᠢ ᠰᠢᠦ ᠭᠡᠳ ᠡᠪᠦᠭᠡᠨ ᠦ᠌ ᠪᠡᠨ ᠳᠡᠷᠭᠡᠳᠡ ᠤᠷᠤᠭᠤ ᠴᠢᠷᠠᠢᠯᠠᠨ ᠵᠣᠭᠰᠣᠵᠤ ᠪᠠᠢᠭ᠎ᠠ ᠲᠤᠯᠭᠠᠷ ᠢ᠋ ᠬᠠᠷᠠᠭᠰᠠᠨ ᠢ᠋ᠶ᠋ᠠᠨ᠄
  ᠊᠊᠊᠊᠊᠊᠊᠊᠊᠊᠊᠊᠊᠊᠊ ᠨᠥᠬᠥᠷ ᠢ᠋ᠶ᠋ᠡᠨ ᠢᠷᠡᠭᠡᠳ ᠪᠠᠢᠬᠤ ᠳ᠋ᠤ᠌ ᠮᠣᠳᠣᠨ ᠥᠮᠥᠳᠥ ᠡᠮᠦᠰᠴᠢᠬᠡᠭᠰᠡᠨ ᠶᠤᠮ ᠰᠢᠭ ᠵᠣᠭᠰᠣᠭᠠᠳ ᠶᠠᠭᠠᠬᠢᠵᠤ ᠪᠠᠢᠭ᠎ᠠ ᠳᠠᠮᠰᠢᠭ ᠪᠣᠢ ᠭᠡᠳ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠮᠢᠨᠦ ᠲᠤᠬᠠᠢ ᠮᠠᠭᠤᠬᠠᠢ ᠵᠡᠭᠦᠳᠦ ᠵᠡᠭᠦᠳᠦᠯᠡᠭᠰᠡᠨ ᠭᠡᠨ᠎ᠡ ᠭᠡᠵᠦ ᠡᠷᠳᠡᠨᠢ ᠶ᠋ᠢ ᠬᠡᠯᠡᠬᠦ ᠳ᠋ᠦ᠍ ᠢᠲᠡᠭᠡᠯᠲᠦ ᠬᠥᠭᠵᠢᠯᠲᠡᠢ ᠢᠨᠢᠶᠡᠵᠦ᠄
  ᠊᠊᠊᠊᠊᠊᠊᠊᠊᠊᠊᠊᠊᠊᠊ ᠠᠮᠢᠳᠤᠷᠠᠯ ᠢ᠋ ᠵᠡᠭᠦᠳᠦ ᠪᠡᠷ ᠬᠠᠷᠠᠵᠤ ᠪᠣᠯᠳᠠᠭ ᠦᠭᠡᠢ ᠶᠤᠮ ᠭᠡᠳ ᠠᠶᠠᠭᠠᠨ ᠳ᠋ᠠᠭᠠᠨ ᠴᠠᠭᠠᠨ ᠲᠣᠰᠣ ᠬᠢᠵᠦ ᠢᠳᠡᠨ ᠡᠷᠳᠡᠨᠢ ᠡᠴᠡ ᠵᠠᠮ ᠤ᠋ᠨ ᠰᠣᠨᠢᠨ ᠢ᠋ ᠠᠰᠠᠭᠤᠨ ᠨᠡᠯᠢᠶᠡᠳ ᠶᠠᠷᠢᠯᠴᠠᠪᠠ᠃
  ᠲᠤᠯᠭᠠᠷ ᠲᠡᠰᠴᠦ ᠴᠢᠳᠠᠭᠰᠠᠨ ᠦᠭᠡᠢ ᠭᠠᠷᠪᠠ᠃ ᠬᠡᠳᠦᠨ ᠲᠠᠯ᠎ᠠ ᠳ᠋ᠠᠭᠠᠨ ᠥᠨᠳᠥᠷ ᠠᠭᠤᠯᠠ ᠲᠠᠢ ᠪᠢᠲᠡᠭᠦᠦ ᠡᠪᠦᠯᠵᠢᠶ᠎ᠡ᠂ ᠶᠢᠷᠲᠢᠨᠴᠦ ᠶ᠋ᠢ ᠨᠢᠭᠤᠨ ᠳᠠᠷᠤᠬᠤ ᠭᠡᠰᠡᠨ ᠶᠤᠮ ᠰᠢᠭ ᠬᠤᠢᠯᠠᠷᠠᠨ ᠪᠠᠭᠰᠢᠷᠠᠵᠤ ᠪᠠᠢᠭ᠎ᠠ ᠬᠠᠷ᠎ᠠ ᠡᠭᠦᠯᠡ ᠬᠠᠮᠢᠭᠠᠰᠢ ᠪᠠᠨ ᠴᠤ᠌ ᠭᠠᠷᠭᠠᠬᠤ ᠦᠭᠡᠢ ᠬᠣᠷᠢᠭᠰᠠᠨ ᠶᠤᠮ ᠰᠢᠭ᠋ ᠰᠠᠨᠠᠭᠳᠠᠪᠠ᠃
  ᠊᠊᠊᠊᠊᠊᠊᠊᠊᠊᠊᠊᠊᠊᠊ ᠲᠩᠷᠢ ᠪᠦᠷᠬᠦᠭ ᠶᠣᠣᠵᠠ ᠦᠭᠡᠢ ᠡᠳᠦᠷ ᠪᠠᠢᠨ᠎ᠠ᠃ ᠪᠠᠰᠠ ᠲᠡᠭᠡᠭᠡᠳ ᠠᠵᠢᠯ ᠪᠦᠲᠦᠮᠵᠢ ᠲᠡᠢ ᠢᠷᠡᠭᠰᠡᠨ ᠬᠣᠢᠨ᠎ᠠ ᠬᠡᠳᠦᠨ ᠬᠤᠤᠱᠤᠤᠷ ᠢᠳᠡᠵᠦ ᠠᠶᠠᠭ᠎ᠠ ᠳᠠᠭᠱᠠ ᠶᠠᠭᠤᠮ᠎ᠠ ᠪᠠᠯᠭᠤᠶ᠎ᠠ᠃ ᠫᠡᠪᠯᠦᠧ ᠨᠠᠮᠤᠷ ᠶᠠᠪᠤᠬᠤ ᠳ᠋ᠠᠭᠠᠨ ᠪᠡᠯᠡᠭᠯᠡᠭᠰᠡᠨ ᠠᠷᠢᠬᠢᠨ ᠡᠴᠡ ᠬᠣᠶᠠᠷ ᠯᠣᠩᠬᠣ ᠦᠯᠡᠳᠡᠭᠰᠡᠨ᠃ ᠴᠢ ᠢᠩᠭᠢᠭᠡᠳ ᠣᠴᠢᠭᠠᠷᠠᠢ ᠭᠡᠳ ᠢᠲᠡᠭᠡᠯᠲᠦ ᠶᠠᠪᠤᠵᠠᠢ᠃
  ᠬᠡᠳᠦᠨ ᠡᠳᠦᠷ ᠦ᠋ᠨ ᠳᠠᠷᠠᠭ᠎ᠠ ᠯᠤᠤ ᠬᠦᠩ ᠦ᠋ᠨ ᠬᠣᠰᠢᠭᠤ ᠬᠦᠷᠢᠶᠡᠨ ᠳ᠋ᠦ᠍ ᠣᠴᠢᠬᠤ ᠳ᠋ᠤ᠌ ᠭᠤᠳᠤᠮᠵᠢ ᠶ᠋ᠢᠨ ᠦᠵᠦᠭᠦᠷ ᠲᠦ᠍ ᠪᠠᠢᠳᠠᠭ ᠲᠣᠮᠣ ᠬᠦᠷᠳᠦᠨ ᠦ᠌ ᠡᠭᠦᠳᠡᠨ ᠳᠡᠭᠡᠷ᠎ᠡ ᠠᠳᠠᠰᠬ᠎ᠠ᠂ ᠰᠢᠷᠢ ᠳᠡᠪᠢᠰᠦᠭᠰᠡᠨ ᠨᠣᠪᠰᠢᠨ ᠳᠡᠭᠡᠷ᠎ᠡ ᠣᠯᠠᠨ ᠵᠢᠯ ᠬᠡᠭᠡᠷ᠎ᠡ ᠬᠡᠪᠲᠡᠭᠰᠡᠨ ᠴᠢᠭᠢᠭ ᠲᠡᠢ ᠶᠠᠰᠤ ᠰᠢᠭ᠋ ᠨᠢᠭᠤᠷ ᠲᠠᠢ ᠪᠤᠶᠠᠨ ᠴᠢᠪᠠᠭᠠᠨᠴᠠ ᠬᠡᠪᠲᠡᠵᠦ ᠪᠠᠢᠭᠰᠠᠨ ᠢ᠋ᠶ᠋ᠠᠨ ᠡᠷᠳᠡᠨᠢ ᠶ᠋ᠢ ᠲᠠᠨᠢᠭᠠᠳ᠂ ᠬᠤᠴᠢᠯᠭᠠᠨ ᠳᠣᠲᠣᠷ᠎ᠠ ᠡᠴᠡ ᠪᠡᠨ ᠬᠠᠲᠠᠭᠰᠠᠨ ᠲᠡᠮᠡᠭᠡᠨ ᠦ᠌ ᠦᠳᠡᠭᠡᠷᠢ ᠰᠢᠭ ᠭᠠᠷ ᠭᠠᠷᠭᠠᠵᠤ᠄
  ᠊᠊᠊᠊᠊᠊᠊᠊᠊᠊᠊᠊᠊᠊᠊ ᠣᠳᠣ ᠴᠢ ᠮᠢᠨᠦ ᠵᠣᠪᠠᠯᠠᠩ ᠢ᠋ ᠴᠢᠰᠤᠯᠠ᠃ ᠬᠣᠢᠲᠤ ᠨᠠᠰᠤᠨ ᠳ᠋ᠠᠭᠠᠨ ᠴᠢᠨᠦ ᠵᠣᠪᠠᠯᠠᠩ ᠢ᠋ ᠪᠢ ᠴᠢᠰᠤᠯᠠᠨ᠎ᠠ ᠳᠠ᠃ ᠭᠢᠰᠬᠢᠭᠰᠡᠨ ᠭᠠᠵᠠᠷ ᠴᠢᠨᠢ ᠴᠥᠮᠥᠷᠡᠵᠦ᠂ ᠳᠥᠷᠦᠭᠡᠨ ᠳ᠋ᠡᠭᠡᠨ ᠴᠢᠷᠦᠭᠦᠯᠦᠨ ᠦᠬᠦᠭᠡᠳ ᠬᠠᠯᠠᠭᠤᠨ ᠲᠠᠮᠤ ᠶ᠋ᠢᠨ ᠢᠷᠣᠭᠠᠷ ᠲᠤ᠌ ᠬᠡᠪᠲᠡᠨ᠎ᠡ ᠳᠡ ᠴᠢ! ᠭᠡᠳ ᠬᠣᠴᠣᠷᠴᠠᠢ᠃
  ᠣᠷᠣᠢ ᠨᠢ ᠪᠤᠶᠠᠨ ᠴᠢᠪᠠᠭᠠᠨᠴᠠ ᠨᠠᠰᠤ ᠪᠠᠷᠠᠵᠤ ᠬᠤᠰᠢᠭᠤᠨ ᠤ᠋ ᠭᠤᠢᠯᠢᠨᠴᠢᠨ ᠨᠢᠭᠡ ᠪᠡᠷ ᠬᠣᠷᠣᠭᠳᠠᠬᠤ ᠳ᠋ᠤ᠌ ᠪᠠᠶᠠᠷᠯᠠᠭᠰᠠᠨ ᠬᠥᠮᠦᠨ ᠴᠦ᠍ ᠦᠭᠡᠢ᠂ ᠭᠣᠮᠣᠳᠠᠭᠰᠠᠨ ᠬᠥᠮᠦᠨ ᠴᠦ᠍ ᠦᠭᠡᠢ ᠪᠠᠢᠵᠠᠢ᠃

ᠬᠣᠷᠢᠨ ᠨᠢᠭᠡ 21
  ᠬᠡᠦᠬᠡᠳ ᠪᠣᠯ ᠠᠮᠢᠳᠤᠷᠠᠯ ᠳ᠋ᠤ᠌ ᠳᠠᠰᠬᠤ ᠳ᠋ᠠᠭᠠᠨ ᠲᠤᠩ ᠴᠤ᠌ ᠲᠦᠷᠭᠡᠨ ᠱᠠᠯᠠᠮᠠᠭᠠᠢ ᠪᠣᠯᠬᠣᠷ ᠪᠠᠲᠤ ᠬᠣᠩᠭᠣᠷ ᠬᠣᠶᠠᠷ ᠰᠢᠨ᠎ᠡ ᠠᠮᠢᠳᠤᠷᠠᠯ ᠳ᠋ᠤ᠌ ᠲᠡᠰᠴᠦ ᠲᠣᠭᠲᠠᠮᠠᠯ ᠬᠢᠳᠡᠭ ᠠᠵᠢᠯ ᠢ᠋ᠶ᠋ᠠᠨ ᠭᠡᠪᠰᠢ ᠯᠠᠮᠠ ᠳ᠋ᠤ᠌ ᠬᠥᠳᠡᠯᠬᠦ ᠪᠦᠷᠢ ᠳ᠋ᠡᠭᠡᠨ ᠵᠢᠮᠡᠯᠡᠭᠦᠯᠦᠨ ᠬᠢᠵᠦ ᠪᠠᠢᠯ᠎ᠠ᠃
  ᠡᠳᠦᠷ ᠪᠦᠬᠦᠨ ᠬᠠᠪᠴᠢᠭ ᠡᠭᠦᠷᠴᠦ ᠤᠰᠤᠨ ᠳ᠋ᠤ᠌ ᠶᠠᠪᠤᠬᠤ ᠵᠡᠷᠭᠡ ᠠᠯᠢ ᠬᠦᠨᠳᠦ ᠠᠵᠢᠯ ᠨᠢ ᠪᠠᠲᠤ ᠳ᠋ᠤ᠌ ᠣᠨᠣᠭᠳᠠᠨ᠎ᠠ᠃ ᠨᠢᠭᠡ ᠤᠳᠠᠭ᠎ᠠ ᠤᠰᠤᠨ ᠳ᠋ᠤ᠌ ᠶᠠᠪᠤᠬᠤ ᠳ᠋ᠠᠭᠠᠨ《ᠪᠠᠭᠰᠢ ᠠ᠋᠂ ᠪᠢᠳᠡ ᠬᠣᠶᠠᠷ ᠬᠠᠮᠲᠤ ᠶᠠᠪᠤᠭᠠᠳ ᠢᠷᠡᠶ᠎ᠡ》ᠭᠡᠯ᠎ᠡ᠃
  ᠯᠠᠮᠠ ᠵᠦᠭᠡᠷ ᠪᠠᠢᠭᠰᠠᠨ ᠢ᠋ᠶ᠋ᠠᠨ ᠭᠡᠨᠡᠳᠲᠡ ᠳᠡᠮᠡᠢᠷᠡᠨ ᠭᠠᠯᠵᠠᠭᠤᠷᠠᠵᠤ ᠪᠠᠢᠭ᠎ᠠ ᠬᠥᠮᠦᠨ ᠢ᠋ 《ᠡᠨᠡ ᠴᠢᠨᠢ ᠶᠠᠭᠤ ᠶᠠᠷᠢᠵᠤ ᠪᠠᠢᠨ᠎ᠠ ᠳᠠ》ᠭᠡᠵᠦ ᠭᠠᠢᠬᠠᠨ ᠬᠠᠷᠠᠵᠤ ᠪᠠᠢᠭ᠎ᠠ ᠬᠥᠮᠦᠨ ᠦ᠌ ᠨᠢᠳᠦ ᠪᠡᠷ ᠰᠢᠷᠳᠡᠨ ᠬᠠᠷᠠᠭᠰᠠᠨ ᠢ᠋ᠶ᠋ᠠᠨ᠄《ᠬᠣᠩᠭᠣᠷ ᠪᠣᠯ ᠬᠣᠭᠣᠯᠠ ᠪᠠᠨ ᠠᠪᠴᠢᠷᠠᠭᠠᠳ ᠨᠣᠮ ᠦᠵᠡᠵᠦ ᠪᠠᠢᠭ᠎ᠠ ᠬᠥᠮᠦᠨ᠃ ᠬᠠᠷᠢᠨ ᠴᠢ ᠪᠣᠯ ᠠᠵᠢᠯ ᠬᠢᠵᠦ ᠪᠠᠢᠵᠤ ᠬᠣᠭᠣᠯᠠ ᠪᠠᠨ ᠣᠯᠵᠤ ᠢᠳᠡᠨ᠎ᠡ》 ᠭᠡᠳ ᠪᠣᠰᠬᠤ ᠳ᠋ᠤᠨᠢ ᠪᠠᠲᠤ ᠤᠬᠤᠰᠬᠢᠨ ᠭᠠᠷᠴᠠᠢ᠃
  ᠬᠠᠷᠢᠨ ᠬᠣᠩᠭᠣᠷ ᠠᠯᠢ ᠪᠣᠯᠬᠤ ᠪᠠᠷ ᠪᠠᠲᠤ ᠳ᠋ᠤ᠌ ᠲᠤᠰᠠᠯᠠᠬᠤ ᠶ᠋ᠢ ᠬᠢᠴᠢᠶᠡᠨ᠎ᠡ᠃ ᠲᠡᠷᠡ ᠴᠦ᠍ ᠪᠠᠢᠲᠤᠭᠠᠢ ᠪᠠᠭᠰᠢ ᠡᠴᠡ ᠪᠡᠨ ᠭᠤᠶᠤᠵᠤ ᠪᠠᠢᠭᠠᠳ ᠥᠷᠯᠥᠭᠡ ᠡᠭᠡᠯᠵᠢᠯᠡᠨ ᠪᠣᠰᠳᠠᠭ ᠪᠣᠯᠵᠠᠢ᠃ ᠬᠣᠭᠣᠯᠠ ᠤᠮᠳᠠ ᠶ᠋ᠢᠨ ᠬᠤᠪᠢ ᠳ᠋ᠤ᠌ ᠪᠣᠯ ᠬᠣᠶᠠᠭᠤᠯᠠ ᠪᠠᠨ ᠥᠯᠥᠰᠴᠦ ᠪᠠᠢᠵᠠᠢ᠃
  ᠥᠷᠯᠥᠭᠡ ᠣᠷᠣᠢ ᠲᠤᠰ ᠪᠦᠷᠢ ᠬᠣᠶᠠᠷ ᠠᠶᠠᠭ᠎ᠠ ᠬᠠᠷ᠎ᠠ ᠴᠠᠢ᠂ ᠳᠤᠭᠤᠢ ᠶ᠋ᠢᠨ ᠬᠡᠯᠲᠡᠷᠬᠡᠢ᠂ ᠦᠳᠡ ᠳ᠋ᠦ᠍ ᠪᠠᠰᠠ ᠯᠠ ᠲᠤᠰ ᠪᠦᠷᠢ ᠬᠣᠶᠠᠷ ᠠᠶᠠᠭ᠎ᠠ ᠬᠣᠭᠣᠯᠠ ᠢᠳᠡᠳᠡᠭ ᠪᠥᠭᠡᠳ ᠡᠨᠡ ᠴᠦ᠍ ᠤᠴᠢᠷ ᠡᠴᠡ ᠲᠦᠯᠡᠭᠡ ᠬᠢᠷᠥᠭᠡᠳᠡᠵᠦ ᠪᠠᠢᠬᠤ ᠳ᠋ᠠᠭᠠᠨ ᠭᠡᠷ ᠲᠡᠭᠡᠨ ᠪᠠᠢᠳᠠᠭ ᠳᠣᠩᠬᠣᠷ ᠮᠣᠳᠣᠨ ᠠᠶᠠᠭᠠᠨ ᠤ᠋ ᠪᠠᠨ ᠲᠤᠬᠠᠢ ᠰᠢᠯᠦᠰᠦ ᠪᠡᠨ ᠵᠠᠯᠭᠢᠨ ᠶᠠᠷᠢᠯᠴᠠᠳᠠᠭ ᠪᠠᠢᠵᠠᠢ᠃
  ᠨᠣᠮ ᠴᠡᠭᠡᠵᠢᠯᠡᠬᠦ ᠳ᠋ᠡᠭᠡᠨ ᠪᠠᠲᠤ ᠨᠢ ᠢᠯᠡᠭᠦᠦ ᠪᠣᠯᠪᠠᠴᠤ ᠠᠮᠢᠳᠤᠷᠠᠬᠤ ᠤᠪ ᠤ᠋ᠨ ᠬᠤᠪᠢ ᠳ᠋ᠤ᠌ ᠬᠣᠩᠭᠣᠷ ᠳᠠᠭᠠᠭᠤᠯᠬᠤ ᠦᠭᠡᠢ ᠪᠠᠢᠵᠠᠢ᠃ ᠵᠠᠷᠢᠮ ᠳ᠋ᠠᠭᠠᠨ ᠬᠡᠪᠰᠢ ᠯᠠᠮᠠ ᠶ᠋ᠢᠨ ᠳ᠋ᠦ᠍ ᠲᠡᠭᠦᠨ ᠦ᠌ ᠡᠷᠬᠡ ᠲᠠᠩᠬᠢᠯ ᠪᠠᠨᠳᠢ ᠴᠡᠮᠪᠡ ᠢᠷᠡᠬᠦ ᠳ᠋ᠦ᠍ ᠬᠣᠶᠠᠷ ᠬᠡᠦᠬᠡᠳ ᠬᠤᠤᠱᠤᠤᠷ ᠬᠢᠵᠦ ᠥᠭᠳᠡᠭ ᠪᠥᠭᠡᠳ ᠳᠠᠷᠠᠭ᠎ᠠ ᠨᠢ ᠯᠠᠮᠠ ᠲᠡᠳᠡᠨ ᠢ᠋ ᠭᠠᠳᠠᠭᠰᠢ ᠭᠠᠷᠭᠠᠳᠠᠭ ᠪᠣᠯᠬᠣᠷ ᠴᠡᠮᠪᠡ ᠶ᠋ᠢ ᠠᠢᠯᠴᠢᠯᠠᠨ ᠢᠷᠡᠬᠦ ᠶ᠋ᠢ ᠲᠡᠰᠬᠡᠯ ᠦᠭᠡᠢ ᠬᠦᠯᠢᠶᠡᠳᠡᠭ ᠪᠠᠢᠪᠠ᠃ ᠬᠠᠷᠢᠨ ᠴᠣᠬᠣᠮ ᠶᠠᠭᠤᠨ ᠳ᠋ᠤ᠌ ᠡᠨᠡ ᠥᠨᠳᠥᠷ ᠴᠠᠭᠠᠨ ᠯᠠᠮᠠ᠂ ᠭᠡᠪᠰᠢ ᠪᠠᠭᠰᠢ ᠶ᠋ᠢᠨ ᠳ᠋ᠦ᠍ᠨᠢ ᠢᠷᠡᠳᠡᠭ ᠢ᠋ ᠶᠠᠭᠠᠬᠢᠵᠤ ᠮᠡᠳᠡᠬᠦ ᠪᠢᠯᠡ᠃
  ᠬᠠᠮᠠᠷ ᠬᠠᠰᠢᠶᠠᠨ ᠤ᠋ ᠪᠤᠶᠤ ᠵᠠᠷᠢᠮ ᠲᠠᠨᠢᠳᠠᠭ ᠯᠠᠮᠠ ᠨᠠᠷ 《ᠲᠠᠨ ᠤ᠋ ᠳ᠋ᠤ᠌ ᠴᠡᠮᠪᠡ ᠢᠷᠡᠭᠡᠳ ᠶᠠᠭᠤ ᠪᠣᠯᠳᠠᠭ ᠪᠣᠢ? 》 ᠭᠡᠵᠦ ᠠᠰᠠᠭᠤᠬᠤ ᠳ᠋ᠤ᠌ 《ᠬᠤᠤᠱᠤᠤᠷ ᠬᠢᠵᠦ ᠥᠭᠭᠦᠭᠡᠳ ᠭᠠᠷᠴᠤ ᠲᠣᠭᠯᠠᠳᠠᠭ》 ᠭᠡᠵᠦ ᠬᠠᠷᠢᠭᠤᠯᠳᠠᠭ ᠪᠠᠢᠪᠠ᠃ ᠨᠢᠭᠡ ᠤᠳᠠᠭ᠎ᠠ ᠴᠡᠮᠪᠡ ᠢᠷᠡᠭᠰᠡᠨ ᠵᠠᠪᠰᠢᠶᠠᠨ ᠢ᠋ᠶ᠋ᠠᠷ ᠬᠣᠶᠠᠷ ᠬᠦᠦ ᠬᠠᠰᠢᠶᠠᠨ ᠡᠴᠡ ᠭᠠᠷᠤᠭᠠᠳ ᠳᠠᠪᠬᠢᠵᠤ ᠪᠠᠢᠲᠠᠯ᠎ᠠ ᠬᠠᠷ᠎ᠠ ᠬᠡᠦᠳᠡᠢ ᠡᠭᠦᠷᠦᠭᠰᠡᠨ ᠭᠤᠢᠯᠢᠨᠴᠢᠨ ᠬᠡᠦᠬᠡᠳ ᠢᠷᠡᠵᠦ ᠬᠠᠭᠠᠯᠭᠠᠨ ᠳᠡᠭᠡᠷ᠎ᠡ ᠨᠢ ᠵᠣᠭᠰᠣᠭᠠᠳ 《ᠯᠠᠮᠪᠣᠭᠠᠢ ᠶᠠᠭᠤᠮ᠎ᠠ ᠬᠠᠢᠷᠠᠯᠠ》 ᠭᠡᠵᠦ ᠬᠠᠰᠬᠢᠷᠬᠤ ᠳ᠋ᠤᠨᠢ 《ᠮᠠᠨ ᠤ᠋ ᠯᠠᠮᠠ ᠪᠠᠢᠬᠤ ᠦᠭᠡᠢ》 ᠭᠡᠵᠦ ᠪᠠᠭᠰᠢ ᠶ᠋ᠢᠨ ᠵᠢᠭᠠᠵᠤ ᠥᠭᠭᠦᠭᠰᠡᠨ ᠦᠭᠡ ᠶ᠋ᠢ ᠬᠡᠯᠡᠪᠡᠯ᠄
  ᠊᠊᠊᠊᠊᠊᠊᠊᠊᠊᠊᠊᠊᠊᠊ ᠲᠡᠭᠡᠪᠡᠯ ᠲᠠ ᠬᠣᠶᠠᠷ ᠨᠠᠳᠠ ᠶᠠᠭᠤᠮ᠎ᠠ ᠥᠭ ᠭᠡᠵᠦ ᠱᠠᠯᠠᠬᠤ ᠳ᠋ᠤ᠌ ᠬᠠᠲᠠᠭᠠᠵᠤ ᠪᠠᠢᠭᠰᠠᠨ ᠥᠷᠥᠮ᠎ᠡ ᠡᠴᠡ ᠬᠡᠰᠡᠭ ᠢ᠋ ᠠᠪᠴᠤ ᠥᠭᠭᠦᠭᠡᠳ ᠵᠢᠷᠭᠠᠯ ᠭᠡᠳᠡᠭ ᠨᠡᠷ᠎ᠡ ᠲᠡᠢ ᠲᠡᠷᠡ ᠵᠢᠭᠠᠯ ᠲᠠᠢ ᠠᠩᠬᠠᠨ ᠳ᠋ᠠᠭᠠᠨ ᠨᠠᠢᠷ ᠲᠠᠢ ᠲᠣᠭᠯᠠᠵᠤ ᠡᠬᠢᠯᠡᠭᠰᠡᠨ ᠪᠣᠯᠪᠠᠴᠤ ᠳᠠᠷᠠᠭ᠎ᠠ ᠨᠢ ᠡᠪ ᠳᠦᠠᠵᠢᠨ ᠡᠪᠳᠡᠷᠡᠵᠦ ᠵᠣᠳᠣᠯᠳᠤᠬᠤ ᠳ᠋ᠤ᠌ ᠲᠡᠷᠡ ᠵᠢᠭᠠᠯ ᠮᠠᠨᠠᠢ ᠬᠣᠶᠠᠷ ᠢ᠋ ᠲᠠᠭᠯᠠᠵᠤ ᠣᠷᠬᠢᠭᠠᠳ ᠵᠢᠭᠤᠲᠠᠨ ᠠᠯᠠᠭ᠎ᠠ ᠪᠣᠯᠵᠠᠢ᠃ ᠭᠡᠲᠡᠯ᠎ᠡ ᠨᠢᠭᠡ ᠪᠦᠳᠦᠷᠢᠬᠦ ᠳ᠋ᠦ᠍ ᠳᠣᠯᠣᠭ᠎ᠠ ᠪᠦᠳᠦᠷᠢᠨ᠎ᠡ ᠭᠡᠭᠴᠢ ᠪᠡᠷ ᠭᠤᠢᠯᠢᠨᠴᠢᠨ ᠬᠡᠦᠬᠡᠳ ᠲᠦ᠍ ᠥᠷᠥᠮ᠎ᠡ ᠥᠭᠭᠦᠭᠰᠡᠨ ᠬᠡᠷᠡᠭ ᠢ᠋ᠶ᠋ᠡᠷ ᠬᠣᠶᠠᠭᠤᠯᠠ ᠲᠣᠷᠯᠣᠭᠳᠠᠭᠤᠯᠪᠠ᠃
  ᠳᠠᠷᠠᠭ᠎ᠠ ᠨᠢ ᠬᠣᠶᠠᠭᠤᠯᠠ ᠪᠠᠨ ᠴᠡᠮᠪᠡ ᠶ᠋ᠢᠨ ᠳ᠋ᠦ᠍ ᠬᠣᠨᠢᠨ ᠤ᠋ ᠮᠢᠬ᠎ᠠ ᠬᠦᠷᠭᠡᠵᠦ ᠥᠭᠭᠦᠭᠡᠳ ᠪᠤᠴᠠᠵᠤ ᠶᠠᠪᠤᠲᠠᠯ᠎ᠠ ᠬᠢᠶᠠᠵᠠ ᠲᠠᠢ ᠰᠢᠷ᠎ᠠ ᠬᠠᠮᠪᠤ ᠳᠡᠪᠡᠯ ᠲᠡᠢ ᠥᠪᠡᠷᠰᠡᠳ ᠦ᠋ᠨ ᠬᠢᠨᠢ ᠦᠶ᠎ᠡ ᠶ᠋ᠢᠨ ᠨᠢᠭᠡ ᠵᠢᠭᠠᠯ ᠢ᠋ ᠨᠥᠭᠦᠭᠡ ᠵᠢᠷᠭᠠᠯ ᠭᠠᠢᠬᠠᠯ ᠴᠢᠰᠤ ᠨᠥᠵᠢ ᠲᠡᠢ ᠨᠢ ᠬᠤᠳᠬᠤᠨ ᠵᠣᠳᠣᠵᠤ ᠪᠠᠢᠬᠤ ᠳ᠋ᠤ᠌ ᠪᠠᠷᠢᠵᠤ ᠠᠪᠤᠭᠠᠳ ᠡᠯᠪᠡᠵᠦ ᠪᠤᠯᠤᠤ ᠪᠣᠯᠲᠠᠯ᠎ᠠ ᠨᠢ ᠵᠣᠳᠣᠵᠤ ᠣᠷᠬᠢᠪᠠ᠃ ᠠᠷᠠᠢ ᠭᠡᠵᠦ ᠮᠤᠯᠲᠤᠷᠠᠭᠰᠠᠨ ᠭᠤᠢᠯᠢᠨᠴᠢᠨ ᠬᠡᠦᠬᠡᠳ ᠤᠬᠠᠭᠠᠨ ᠵᠢᠯᠣᠭᠣ ᠦᠭᠡᠢ ᠵᠢᠭᠤᠲᠠᠨ ᠦᠭᠡᠢ ᠪᠣᠯᠤᠭᠰᠠᠨ ᠬᠣᠢᠨ᠎ᠠ ᠮᠠᠨᠠᠢ ᠬᠣᠶᠠᠷ ᠬᠠᠮᠪᠤ ᠳᠡᠪᠡᠯ ᠲᠡᠢ ᠬᠡᠦᠬᠡᠳ ᠦ᠋ᠨ ᠴᠢᠰᠤ ᠨᠢᠯᠪᠤᠰᠤ ᠶ᠋ᠢ ᠴᠡᠪᠡᠷᠯᠡᠵᠦ ᠪᠠᠢᠲᠠᠯ᠎ᠠ ᠬᠣᠶᠠᠷ ᠮᠤᠨᠳᠠᠭ ᠯᠠᠮᠠ ᠢᠷᠡᠭᠡᠳ ᠴᠢᠬᠢ ᠶ᠋ᠢ ᠨᠢ ᠳᠦᠢᠷᠡᠲᠡᠯ᠎ᠡ ᠠᠯᠠᠭᠠᠳᠠᠵᠤ ᠣᠷᠬᠢᠪᠠ᠃
  ᠊᠊᠊᠊᠊᠊᠊᠊᠊᠊᠊᠊᠊᠊᠊ ᠭᠡᠭᠡᠨ ᠦ᠌ ᠠᠷᠢᠭᠤᠨ ᠯᠠᠭᠱᠠᠨ ᠳ᠋ᠤ᠌ ᠬᠠᠯᠳᠠᠭᠰᠠᠨ ᠡᠨᠡ ᠬᠣᠶᠠᠷ ᠲᠡᠭ ᠦᠭᠡᠢ ᠵᠢᠭᠠᠯ ᠢ᠋ ᠬᠣᠷᠢ ᠬᠣᠷᠢ ᠲᠣᠷᠯᠣᠭᠳᠠᠭᠠᠳ ᠪᠠᠢᠳᠠᠭ ᠭᠠᠵᠠᠷ ᠨᠢ ᠬᠦᠷᠭᠡᠵᠦ ᠥᠭ ᠭᠡᠵᠦ ᠭᠤᠷᠪᠠᠳᠠᠬᠢ ᠯᠠᠮᠠ ᠶ᠋ᠢᠨ ᠬᠡᠯᠡᠬᠦ ᠳ᠋ᠦ᠍ ᠨᠥᠭᠦᠭᠡ ᠠᠯᠠᠭᠠᠳᠠᠳᠠᠭ ᠬᠣᠶᠠᠷ ᠯᠠᠮᠠ ᠴᠢᠷᠴᠦ ᠠᠪᠠᠴᠢᠭᠠᠳ ᠴᠣᠭᠴᠢᠨ ᠳᠤᠭᠠᠩ ᠤ᠋ᠨ ᠡᠮᠦᠨ᠎ᠡ ᠬᠤᠪᠴᠠᠰᠤ ᠶ᠋ᠢ ᠨᠢ ᠲᠠᠢᠯᠵᠤ ᠪᠠᠢᠭᠠᠳ ᠬᠣᠷᠢ ᠬᠣᠷᠢ ᠰᠢᠪᠬᠠᠭᠤᠷᠳᠠᠵᠤ ᠣᠷᠬᠢᠭᠠᠳ ᠬᠡᠪᠰᠢ ᠯᠠᠮᠠ ᠶ᠋ᠢᠨ ᠳ᠋ᠦ᠍ ᠬᠦᠷᠭᠡᠵᠦ ᠥᠭᠬᠦ ᠳ᠋ᠦ᠍ ᠪᠠᠭᠰᠢ ᠨᠢ ᠵᠠᠶ᠎ᠠ ᠭᠡᠭᠡᠨ ᠢ᠋ ᠵᠣᠳᠣᠭᠰᠠᠨ ᠭᠡᠵᠦ ᠠᠢᠯᠠᠳᠤᠭᠠᠳ ᠨᠡᠮᠡᠵᠦ ᠠᠳᠢᠰᠯᠠᠪᠠ᠃
  ᠬᠥᠮᠦᠨ ᠳ᠋ᠦ᠍ ᠵᠣᠳᠣᠭᠤᠯᠤᠭᠠᠳ ᠶᠠᠳᠠᠷᠠᠵᠤ ᠪᠠᠢᠬᠤ ᠳ᠋ᠤ᠌ ᠨᠢ ᠠᠮᠢ ᠲᠠᠯᠪᠢᠨ ᠬᠠᠮᠠᠭᠠᠯᠠᠭᠰᠠᠨ ᠠᠴᠢ ᠶ᠋ᠢ ᠤᠮᠠᠷᠲᠠᠨ᠂ ᠲᠣᠷᠯᠣᠭᠳᠠᠭᠤᠯᠬᠤ ᠭᠡᠳ ᠴᠢᠷᠦᠭᠳᠡᠵᠦ ᠶᠠᠪᠤᠬᠤ ᠳ᠋ᠤ᠌ ᠨᠢ ᠥᠮᠥᠭᠡᠷᠡᠬᠦ ᠶ᠋ᠢᠨ ᠣᠷᠣᠨ ᠳ᠋ᠤ᠌ ᠱᠣᠣᠯᠠᠨ ᠢᠨᠢᠶᠡᠵᠦ ᠪᠠᠢᠭᠰᠠᠨ ᠵᠠᠶ᠎ᠠ ᠭᠡᠭᠡᠨ ᠳ᠋ᠦ᠍ ᠮᠠᠨᠠᠢ ᠬᠣᠶᠠᠷ ᠶᠡᠬᠡᠳᠡ ᠬᠣᠷᠣᠰᠴᠠᠢ᠃
  ᠡᠪᠦᠯ ᠦ᠋ᠨ ᠴᠠᠭ ᠲᠤ᠌ ᠬᠦᠢᠲᠡᠨ ᠭᠡᠷ ᠲᠦ᠍ ᠥᠷᠯᠥᠭᠡ ᠪᠣᠰᠬᠤ ᠰᠢᠭ᠋ ᠬᠡᠴᠡᠭᠦᠦ ᠶᠠᠭᠤᠮ᠎ᠠ ᠦᠭᠡᠢ ᠪᠢᠯᠡ᠃ ᠭᠡᠲᠡᠯ᠎ᠡ ᠡᠭᠦᠨ ᠳᠡᠭᠡᠷ᠎ᠡ ᠭᠡᠪᠰᠢ ᠯᠠᠮᠠ ᠶ᠋ᠢᠨ ᠬᠡᠴᠡᠭᠦᠦ ᠠᠷᠭ᠎ᠠ ᠨᠡᠮᠡᠭᠳᠡᠬᠦ ᠳᠡᠭᠡᠷ᠎ᠡ ᠪᠦᠷ ᠴᠦ᠍ ᠠᠢᠬᠤᠪᠲᠤᠷ ᠪᠠᠢᠵᠠᠢ᠃
  ᠥᠷᠯᠥᠭᠡ ᠪᠣᠰᠬᠤ ᠡᠭᠡᠯᠵᠢ ᠲᠡᠢ ᠠᠯᠢ ᠨᠢᠭᠡᠨ ᠦ᠌ ᠬᠢᠨᠢ ᠨᠥᠮᠥᠷᠴᠦ ᠤᠨᠲᠠᠭᠰᠠᠨ ᠳᠡᠪᠡᠯ ᠦ᠋ᠨ ᠬᠠᠨᠴᠤᠢ ᠡᠴᠡ ᠤᠶᠠᠵᠤ ᠳᠡᠷᠭᠡᠳᠡ ᠪᠡᠨ ᠪᠡᠬᠢᠯᠡᠭᠡᠳ ᠤᠨᠲᠠᠳᠠᠭ ᠯᠠᠮᠠ᠂ ᠥᠷᠯᠥᠭᠡ ᠲᠤᠭ ᠨᠣᠢᠷ ᠲᠤᠨᠢ ᠳᠡᠪᠡᠯ ᠢ᠋ ᠨᠢ ᠬᠠᠭᠤ ᠲᠠᠲᠠᠬᠤ ᠳ᠋ᠤ᠌ ᠨᠢᠴᠦᠭᠦᠨ ᠦᠯᠡᠳᠡᠭᠰᠡᠨ ᠬᠡᠦᠬᠡᠳ ᠠᠷᠭ᠎ᠠ ᠦᠭᠡᠢ ᠪᠣᠰᠳᠠᠭ ᠪᠠᠢᠪᠠ᠃
  ᠬᠣᠩᠭᠣᠷ ᠡᠨᠡ ᠬᠠᠷᠭᠢᠰ ᠬᠠᠲᠠᠭᠤ ᠶᠠᠪᠤᠳᠠᠯ ᠳ᠋ᠤ᠌ ᠬᠣᠷᠣᠰᠴᠤ ᠶᠠᠭᠠᠬᠢᠵᠤ ᠵᠣᠭᠰᠣᠭᠠᠬᠤ ᠲᠤᠬᠠᠢ ᠰᠡᠳᠬᠢᠯ ᠳ᠋ᠡᠭᠡᠨ ᠡᠯᠳᠡᠪ ᠦ᠋ᠨ ᠶᠠᠭᠤᠮ᠎ᠠ ᠵᠣᠬᠢᠶᠠᠨ ᠪᠣᠳᠣᠨ᠎ᠠ᠃ ᠭᠡᠪᠡᠴᠦ ᠪᠣᠳᠣᠭᠰᠠᠨ ᠢ᠋ᠶ᠋ᠠᠨ ᠪᠦᠲᠦᠭᠡᠵᠦ ᠴᠢᠳᠠᠬᠤ ᠦᠭᠡᠢ ᠯᠡ ᠪᠠᠢᠪᠠ᠃ ᠭᠡᠲᠡᠯ᠎ᠡ ᠬᠣᠩᠭᠣᠷ ᠨᠢᠭᠡ ᠰᠥᠨᠢ ᠣᠷᠣᠢ ᠪᠣᠯᠲᠠᠯ᠎ᠠ ᠴᠠᠭᠠᠨ ᠰᠠᠷ᠎ᠠ ᠶ᠋ᠢᠨ ᠪᠠᠩᠰᠢ ᠪᠤᠤᠵᠠ ᠬᠢᠭᠡᠳ ᠤᠨᠲᠠᠬᠤ ᠳ᠋ᠠᠭᠠᠨ ᠨᠥᠮᠥᠷᠦᠭᠰᠡᠨ ᠳᠡᠪᠡᠯ ᠦ᠋ᠨ ᠬᠠᠨᠴᠤᠢ ᠡᠴᠡ ᠤᠶᠠᠭᠰᠠᠨ ᠪᠦᠰᠡ ᠶ᠋ᠢ ᠰᠡᠮᠡᠭᠡᠷᠬᠡᠨ ᠲᠠᠢᠯᠵᠤ ᠭᠣᠣᠯ ᠪᠤᠷᠬᠠᠨ ᠤ᠋ ᠰᠢᠷᠡᠭᠡᠨ ᠦ᠌ ᠬᠥᠯ ᠡᠴᠡ ᠤᠶᠠᠵᠠᠢ᠃
  ᠥᠷᠯᠥᠭᠡ ᠨᠦᠰᠡᠷ ᠪᠤᠷᠬᠠᠨ ᠲᠠᠴᠢᠭᠢᠨᠠᠨ ᠤᠨᠠᠬᠤ ᠳ᠋ᠤ᠌ ᠬᠣᠶᠠᠷ ᠬᠡᠦᠬᠡᠳ ᠵᠡᠷᠭᠡ ᠰᠡᠷᠢᠵᠡᠢ᠃ ᠭᠡᠪᠡᠴᠦ ᠨᠣᠢᠷᠮᠤᠭ ᠬᠡᠦᠬᠡᠳ ᠶᠠᠭᠠᠬᠢᠵᠤ ᠴᠤ᠌ ᠠᠮᠵᠢᠭ᠎ᠠ ᠦᠭᠡᠢ ᠪᠠᠢᠬᠤ ᠳ᠋ᠤ᠌ ᠪᠦᠬᠦ ᠤᠴᠢᠷ ᠢ᠋ ᠣᠢᠯᠭᠠᠭᠰᠠᠨ ᠭᠡᠪᠰᠢ ᠯᠠᠮᠠ ᠳ᠋ᠧᠩ ᠢ᠋ᠶ᠋ᠡᠨ ᠪᠠᠷᠢᠵᠤ ᠭᠡᠮ ᠲᠡᠢ ᠬᠣᠩᠭᠣᠷ᠂ ᠭᠡᠮ ᠦᠭᠡᠢ ᠪᠠᠲᠤ ᠬᠣᠶᠠᠷ ᠢ᠋ ᠬᠣᠶᠠᠷ ᠡᠳᠦᠷ ᠬᠠᠯᠠᠭᠤᠷᠠᠵᠤ ᠬᠡᠪᠲᠡᠲᠡᠯ᠎ᠡ ᠪᠠᠯᠪᠠᠵᠠᠢ᠃
  ᠡᠳᠡᠭᠡᠷᠡᠬᠦ ᠳ᠋ᠦ᠍ᠨᠢ ᠬᠣᠩᠭᠣᠷ ᠢ᠋ ᠴᠡᠮᠪᠡ ᠶ᠋ᠢᠨ ᠳ᠋ᠦ᠍ ᠪᠠᠩᠰᠢ ᠪᠤᠤᠵᠠ ᠬᠢᠵᠦ ᠥᠭ ᠭᠡᠵᠦ ᠶᠠᠪᠤᠭᠤᠯᠪᠠ᠃ ᠪᠠᠲᠤ ᠭᠠᠭᠴᠠᠭᠠᠷ ᠢ᠋ᠶ᠋ᠠᠨ ᠡᠳᠦᠷ ᠲᠤᠷᠰᠢ ᠭᠡᠷ ᠦ᠋ᠨ ᠠᠵᠢᠯ ᠢ᠋ᠶ᠋ᠠᠨ ᠬᠢᠵᠦ ᠳᠠᠭᠤᠰᠤᠭᠠᠳ ᠣᠷᠣᠢ ᠭᠠᠳᠠᠭᠰᠢ ᠭᠠᠷᠪᠠᠯ ᠬᠣᠩᠭᠣᠷ ᠤ᠋ᠨ ᠨᠢᠳᠦ ᠨᠢ ᠣᠷᠣᠢ ᠳᠡᠭᠡᠷ᠎ᠡ ᠪᠡᠨ ᠭᠠᠷᠤᠨ ᠭᠦᠶᠦᠨ ᠢᠷᠡᠯ᠎ᠡ᠃
  ᠊᠊᠊᠊᠊᠊᠊᠊᠊᠊᠊᠊᠊᠊᠊ ᠪᠠᠲᠤ ᠮᠢᠨᠢ ᠴᠡᠮᠪᠡ ᠶ᠋ᠢᠨ ᠳ᠋ᠦ᠍ ᠨᠥᠭᠦᠭᠡ ᠪᠠᠳᠠᠷᠴᠢ ᠢᠷᠡᠭᠡᠳ ᠪᠠᠢᠨ᠎ᠠ᠃ ᠲᠡᠷᠡ ᠴᠢᠨᠢ ᠲᠡᠮᠦᠷ ᠠᠬ᠎ᠠ ᠶ᠋ᠢ ᠪᠠᠩᠵᠠᠳᠠᠵᠤ ᠰᠢᠷᠢᠯᠡᠭᠰᠡᠨ ᠬᠥᠮᠦᠨ ᠪᠠᠢᠭ᠎ᠠ ᠶᠤᠮ᠂ ᠬᠣᠶᠠᠭᠤᠯᠠ ᠰᠠᠢᠨ ᠴᠢᠳᠠᠵᠤ ᠤᠷᠭᠢᠶ᠎ᠠ ᠭᠡᠯ᠎ᠡ᠃
  ᠊᠊᠊᠊᠊᠊᠊᠊᠊᠊᠊᠊᠊᠊᠊ ᠶᠠᠭᠠᠬᠢᠵᠤ ᠴᠢᠳᠠᠬᠤ ᠪᠣᠢ?
  ᠊᠊᠊᠊᠊᠊᠊᠊᠊᠊᠊᠊᠊᠊᠊ ᠶᠡᠬᠡ ᠠᠮᠠᠷᠬᠠᠨ᠃ ᠵᠠ ᠨᠠᠮᠢ᠋ᠢ ᠳᠠᠭᠠᠭᠠᠳ ᠶᠠᠪᠤ ᠭᠡᠳ ᠭᠦᠶᠦᠬᠦ ᠳ᠋ᠦ᠍ᠨᠢ ᠪᠠᠲᠤ ᠶᠠᠭᠤ ᠪᠣᠯᠬᠤ ᠶ᠋ᠢ ᠮᠡᠳᠡᠭᠡ ᠦᠭᠡᠢ ᠪᠣᠯᠪᠠᠴᠤ ᠶᠠᠮᠠᠷ ᠨᠢᠭᠡᠨ ᠰᠠᠢᠬᠠᠨ ᠶᠠᠭᠤᠮ᠎ᠠ ᠪᠣᠯᠬᠤ ᠨᠢ ᠭᠡᠵᠦ ᠰᠡᠳᠬᠢᠯ ᠨᠢ ᠬᠥᠭᠡᠷᠦᠨ ᠭᠦᠶᠦᠪᠡ᠃
  ᠬᠦᠷᠢᠶᠡᠨ ᠦ᠌ ᠵᠠᠬ᠎ᠠ ᠳ᠋ᠤ᠌ ᠣᠴᠢᠭᠠᠳ ᠬᠣᠩᠭᠣᠷ ᠦᠬᠦᠭᠰᠡᠨ ᠬᠥᠮᠦᠨ ᠦ᠌ ᠲᠡᠳᠦᠢ ᠯᠡ ᠬᠠᠭᠤᠴᠢᠨ ᠪᠢᠰᠢ ᠲᠣᠯᠣᠭᠠᠢ ᠠᠪᠴᠤ ᠬᠣᠷᠮᠣᠢᠯᠠᠨ ᠪᠤᠴᠠᠬᠤ ᠳ᠋ᠠᠭᠠᠨ 《ᠪᠠᠳᠠᠷᠴᠢ ᠣᠷᠣᠢ ᠶᠠᠪᠤᠬᠤ ᠶᠤᠮ ᠭᠡᠨ᠎ᠡ᠃ ᠪᠢ ᠡᠭᠦᠨ ᠢ᠋ ᠡᠮᠡᠭᠡᠯ ᠦ᠋ᠨ ᠬᠢᠨᠢ ᠭᠠᠨᠵᠤᠭ᠎ᠠ ᠡᠴᠡ ᠤᠶᠠᠵᠤ ᠣᠷᠬᠢᠨ᠎ᠠ》 ᠭᠡᠵᠦ ᠬᠡᠯᠡᠵᠡᠢ᠃
  ᠦᠳᠡᠰᠢ ᠶ᠋ᠢᠨ ᠪᠦᠷᠦᠢ ᠥᠩᠭᠡᠷᠡᠵᠦ᠂ ᠵᠠᠶ᠎ᠠ ᠶ᠋ᠢᠨ ᠬᠦᠷᠢᠶ᠎ᠡ ᠶ᠋ᠢ ᠪᠢᠲᠡᠭᠦᠦ ᠬᠠᠷ᠎ᠠ ᠪᠦᠲᠡᠭᠡᠯᠭᠡ ᠬᠤᠴᠢᠨ ᠡᠬᠢᠯᠡᠬᠦ ᠳ᠋ᠦ᠍ ᠪᠠᠳᠠᠷᠴᠢ ᠴᠡᠮᠪᠡ ᠶ᠋ᠢᠨ ᠬᠢ ᠡᠴᠡ ᠭᠠᠷᠴᠤ ᠮᠣᠷᠳᠠᠭᠠᠳ ᠴᠢᠮᠡᠭ ᠬᠡᠦᠬᠡᠨ ᠦ᠌ ᠤᠷᠤᠭᠤ ᠶᠠᠪᠤᠵᠠᠢ᠃ ᠭᠡᠲᠡᠯ᠎ᠡ ᠵᠠᠮ ᠳ᠋ᠠᠭᠠᠨ ᠡᠮᠡᠭᠡᠯ ᠦ᠋ᠨ ᠭᠠᠨᠵᠤᠭᠠᠨ ᠳ᠋ᠤᠨᠢ ᠶᠠᠭᠤᠮ᠎ᠠ ᠪᠠᠢᠬᠤ ᠶ᠋ᠢ ᠮᠡᠳᠡᠭᠡᠳ 《ᠡᠨᠡ ᠴᠢᠨᠢ ᠶᠠᠭᠤ ᠪᠢᠯᠡ》 ᠭᠡᠳ ᠲᠡᠮᠲᠡᠷᠢᠨ ᠦᠵᠡᠪᠡᠯ ᠶᠠᠮᠠᠷ ᠨᠢᠭᠡᠨ ᠬᠠᠲᠠᠭᠤ ᠪᠥᠭᠡᠷᠡᠩᠬᠡᠢ ᠶᠠᠭᠤᠮ᠎ᠠ ᠪᠠᠢᠬᠤ ᠳ᠋ᠤᠨᠢ ᠴᠡᠮᠪᠡ ᠶ᠋ᠢᠨ ᠥᠭᠭᠦᠭᠰᠡᠨ ᠶᠠᠭᠤᠮ᠎ᠠ ᠪᠠᠢᠬ᠎ᠠ ᠭᠡᠵᠦ ᠪᠣᠳᠣᠭᠠᠳ ᠬᠡᠦᠬᠡᠨ ᠦ᠌ ᠳ᠋ᠦ᠍ ᠣᠴᠢᠵᠤ ᠮᠣᠷᠢᠨ ᠤ᠋ ᠡᠮᠡᠭᠡᠯ ᠢ᠋ᠶ᠋ᠡᠨ ᠠᠪᠤᠭᠠᠳ ᠭᠡᠷ ᠲᠦ᠍ ᠣᠷᠣᠵᠤ ᠭᠠᠨᠵᠤᠭ᠎ᠠ ᠶᠤᠭᠠᠨ ᠬᠠᠷᠠᠭᠰᠠᠨ ᠢ᠋ᠶ᠋ᠠᠨ 《ᠠ᠋ ᠪᠠᠭᠰᠢ ᠮᠢᠨᠢ》 ᠭᠡᠵᠦ ᠬᠠᠰᠬᠢᠷᠤᠭᠠᠳ ᠤᠬᠠᠭᠠᠨ ᠠᠯᠳᠠᠵᠠᠢ᠃
  ᠊᠊᠊᠊᠊᠊᠊᠊᠊᠊᠊᠊᠊᠊᠊ ᠶᠠᠭᠤ ᠪᠣᠯᠪᠠ ᠭᠡᠳ ᠴᠢᠮᠡᠭ ᠣᠴᠢᠭᠰᠠᠨ ᠢ᠋ᠶ᠋ᠠᠨ ᠪᠠᠰᠠ ᠮᠠᠭᠤᠵᠢᠷᠠᠪᠠ᠃ ᠬᠠᠷᠢᠨ ᠴᠡᠴᠡᠭ ᠭᠡᠷ ᠡᠴᠡ ᠭᠦᠶᠦᠨ ᠭᠠᠷᠴᠤ ᠠᠢᠯ ᠠᠮᠢᠲᠠᠨ ᠢ᠋ ᠪᠣᠰᠬᠠᠭᠰᠠᠨ ᠪᠣᠯᠪᠠᠴᠤ ᠣᠷᠣᠬᠤ ᠵᠢᠷᠦᠬᠡ ᠲᠡᠢ ᠬᠥᠮᠦᠨ ᠪᠠᠢᠭᠰᠠᠨ ᠦᠭᠡᠢ᠃ ᠪᠠᠳᠠᠷᠴᠢ ᠤᠬᠠᠭᠠᠨ ᠣᠷᠣᠭᠠᠳ 《ᠠ᠋ ᠪᠠᠭᠰᠢ ᠮᠢᠨᠢ᠂ ᠠ᠋ ᠭᠡᠭᠡᠨ ᠮᠢᠨᠢ》 ᠭᠡᠵᠦ ᠴᠡᠴᠡᠷᠡᠬᠦ ᠡᠴᠡ ᠥᠭᠡᠷ᠎ᠡ ᠦᠭᠡ ᠳᠠᠭᠤ ᠭᠠᠷᠴᠤ ᠴᠢᠳᠠᠭᠰᠠᠨ ᠦᠭᠡᠢ᠃ ᠡᠨᠡ ᠨᠢᠭᠡ ᠶᠠᠪᠤᠳᠠᠯ ᠡᠴᠡ ᠪᠣᠯᠵᠤ ᠭᠦᠷᠢᠮ ᠲᠣᠷᠣᠮ ᠪᠣᠯᠤᠭᠰᠠᠨ ᠲᠡᠳᠦᠢ ᠦᠭᠡᠢ ᠵᠠᠶ᠎ᠠ ᠭᠡᠭᠡᠨ ᠦ᠌ ᠵᠠᠷᠯᠢᠭ ᠢ᠋ᠶ᠋ᠠᠷ ᠴᠣᠭᠴᠢᠨ ᠳᠤᠭᠠᠩ ᠳ᠋ᠤ᠌ ᠲᠤᠰᠬᠠᠢ ᠬᠤᠷᠠᠯ ᠪᠣᠯᠵᠤ ᠬᠣᠩᠭᠣᠷ ᠪᠠᠲᠤ ᠬᠣᠶᠠᠷ ᠴᠤ᠌ ᠣᠷᠣᠯᠴᠠᠪᠠ᠃ ᠵᠠᠷᠢᠮ ᠬᠥᠮᠦᠰ ᠡᠢᠮᠦ ᠶᠡᠷᠦ ᠪᠤᠰᠤ ᠶ᠋ᠢᠨ ᠶᠣᠣᠵᠠ ᠦᠭᠡᠢ ᠶᠠᠪᠤᠳᠠᠯ ᠤ᠋ᠨ ᠳᠠᠷᠠᠭ᠎ᠠ ᠯᠠᠪ ᠯᠠ ᠬᠠᠨᠢᠶᠠᠳᠤ ᠲᠣᠮᠣᠭᠣ ᠳᠡᠯᠭᠡᠷᠡᠳᠡᠭ ᠭᠡᠵᠦ ᠠᠯᠢ ᠣᠯᠢᠭ ᠲᠠᠢ ᠶᠠᠭᠤᠮ᠎ᠠ ᠪᠠᠨ ᠪᠠᠷᠢᠵᠤ ᠠᠮᠢ ᠨᠠᠰᠤ ᠪᠠᠨ ᠳᠠᠭᠠᠳᠬᠠᠪᠠ᠃ ᠪᠠᠰᠠ ᠪᠠᠳᠠᠷᠴᠢ᠂ ᠴᠢᠮᠡᠭ ᠨᠠᠷ ᠤ᠋ᠨ ᠬᠡᠷᠡᠭ ᠣᠯᠠᠨ ᠳ᠋ᠤ᠌ ᠵᠠᠳᠠᠷᠠᠵᠤ ᠠᠪᠠᠭᠠᠢ ᠬᠡᠦᠬᠡᠨ ᠨᠦ᠍ᠭᠦᠳ ᠠᠭᠤᠯᠵᠠᠬᠤ ᠳ᠋ᠠᠭᠠᠨ ᠪᠡᠶ᠎ᠡ ᠪᠡᠶ᠎ᠡ ᠳ᠋ᠡᠭᠡᠨ ᠰᠣᠨᠢᠨ ᠪᠣᠯᠭᠠᠨ ᠶᠠᠷᠢᠬᠤ ᠶᠠᠭᠤᠮ᠎ᠠ ᠲᠠᠢ ᠪᠣᠯᠵᠠᠢ᠃
  ᠨᠠᠮᠤᠷ ᠤ᠋ᠨ ᠳᠤᠮᠳᠠ ᠰᠠᠷ᠎ᠠ ᠶ᠋ᠢᠨ ᠬᠣᠷᠢᠨ ᠬᠣᠶᠠᠷ ᠲᠤ᠌ ᠵᠠᠶ᠎ᠠ ᠶ᠋ᠢᠨ ᠬᠦᠷᠢᠶ᠎ᠡ ᠮᠥᠷᠭᠥᠯᠴᠢᠨ ᠢ᠋ᠶ᠋ᠡᠷ ᠳᠦᠭᠦᠷᠪᠡ᠃ ᠮᠠᠨᠠᠢ ᠬᠣᠶᠠᠷ ᠴᠤ᠌ ᠮᠥᠷᠭᠥᠵᠦ ᠭᠠᠷᠤᠯ᠎ᠠ᠃ ᠭᠠᠯᠳᠠᠨ ᠵᠣᠣ ᠳ᠋ᠤ᠌ ᠮᠥᠷᠭᠥᠵᠦ ᠭᠠᠷᠤᠭᠠᠳ᠂ ᠬᠣᠩᠭᠣᠷ ᠪᠠᠲᠤ ᠶ᠋ᠢ ᠬᠥᠲᠥᠯᠵᠦ ᠣᠯᠠᠨ ᠡᠴᠡ ᠬᠣᠯᠠ ᠠᠪᠠᠴᠢᠭᠠᠳ ᠡᠪᠦᠷ ᠡᠴᠡ ᠪᠡᠨ ᠬᠣᠶᠠᠷ ᠬᠠᠳᠠᠭ ᠭᠠᠷᠭᠠᠨ ᠦᠵᠡᠭᠦᠯᠵᠦ᠄
  ᠊᠊᠊᠊᠊᠊᠊᠊᠊᠊᠊᠊᠊᠊᠊ ᠵᠠᠯᠪᠠᠷᠢᠭᠠᠳ ᠪᠤᠷᠬᠠᠨ ᠳ᠋ᠤ᠌ ᠮᠥᠷᠭᠥᠬᠦ ᠳ᠋ᠡᠭᠡᠨ ᠡᠮᠦᠨᠡᠬᠢ ᠬᠠᠳᠠᠭ ᠡᠴᠡ ᠬᠣᠶᠠᠷ ᠠᠯᠠᠭᠠᠨ ᠤ᠋ ᠢᠷᠮᠡᠭ ᠢ᠋ᠶ᠋ᠡᠷ ᠬᠠᠪᠴᠢᠨ ᠠᠪᠴᠤ ᠪᠣᠯᠬᠤ ᠶᠤᠮ ᠪᠠᠢᠨ᠎ᠠ ᠭᠡᠳ ᠥᠪᠡᠷ ᠦ᠋ᠨ ᠣᠯᠤᠭᠰᠠᠨ ᠠᠷᠭ᠎ᠠ ᠶ᠋ᠢ ᠦᠵᠡᠭᠦᠯᠦᠨ ᠵᠢᠭᠠᠵᠤ ᠦᠭᠯ᠎ᠡ᠃
  ᠰᠦᠮ᠎ᠡ ᠳᠤᠭᠠᠩ ᠢ᠋ᠶ᠋ᠠᠷ ᠬᠠᠭᠠᠰ ᠡᠳᠦᠷ ᠶᠠᠪᠤᠬᠤ ᠳ᠋ᠠᠭᠠᠨ ᠮᠠᠨᠠᠢ ᠬᠣᠶᠠᠷ ᠣᠪᠣᠭ᠎ᠠ ᠬᠡᠳᠦ ᠬᠡᠳᠦᠨ ᠬᠠᠳᠠᠭ ᠣᠯᠤᠭᠠᠳ ᠪᠠᠶᠤᠤ ᠤᠷᠤᠭᠤ ᠣᠴᠢᠵᠤ ᠬᠤᠳᠠᠯᠳᠤᠭᠠᠳ ᠫᠦᠰᠡᠨ ᠡᠴᠡ ᠰᠢᠬᠢᠷ ᠪᠣᠣᠪᠣ ᠠᠪᠴᠤ ᠬᠢᠷᠢ ᠪᠡᠨ ᠮᠡᠳᠡᠬᠦ ᠦᠭᠡᠢ ᠵᠠᠯᠠᠵᠤ ᠣᠷᠬᠢᠭᠰᠠᠨ ᠴᠢᠨᠢ ᠭᠡᠷ ᠲᠡᠭᠡᠨ ᠬᠠᠷᠢᠬᠤ ᠵᠠᠮ ᠳ᠋ᠠᠭᠠᠨ ᠪᠥᠭᠡᠯᠵᠢᠪᠡ᠃ ᠬᠠᠰᠢᠶᠠᠨ ᠳ᠋ᠠᠭᠠᠨ ᠣᠷᠣᠪᠠᠯ ᠭᠤᠷᠪᠠᠨ ᠮᠣᠷᠢ ᠤᠶᠠᠭ᠎ᠠ ᠲᠠᠢ ᠪᠠᠢᠪᠠ᠃ ᠬᠣᠶᠠᠷ ᠬᠦᠦ ᠭᠡᠷ ᠦ᠋ᠨ ᠬᠢᠨ ᠡᠴᠡ ᠢᠷᠡᠭᠰᠡᠨ ᠢ᠋ ᠮᠡᠳᠡᠵᠦ ᠪᠠᠶᠠᠷᠯᠠᠨ ᠣᠷᠣᠪᠠᠯ ᠢᠲᠡᠭᠡᠯᠲᠦ᠂ ᠡᠷᠳᠡᠨᠢ᠂ ᠰᠣᠯᠣᠩᠭ᠎ᠠ ᠭᠤᠷᠪᠠ ᠰᠠᠭᠤᠵᠤ ᠪᠠᠢᠯ᠎ᠠ᠃
  ᠬᠡᠮᠵᠢᠶᠡᠯᠡᠰᠢ ᠦᠭᠡᠢ ᠪᠠᠶᠠᠷ ᠪᠣᠯᠪᠠ᠃ ᠭᠡᠪᠡᠴᠦ ᠴᠣᠬᠣᠮ ᠠᠭᠤᠯᠵᠠᠬᠤ ᠳᠡᠭᠡᠷ᠎ᠡ ᠨᠢᠭᠡᠳᠦᠭᠡᠷ ᠲᠦ᠍ ᠪᠠᠨᠳᠠᠭᠰᠠᠨ᠂ ᠬᠣᠶᠠᠳᠤᠭᠠᠷ ᠲᠤ᠌ ᠪᠢᠰᠢᠭᠦᠷᠬᠡᠭᠰᠡᠨ ᠡᠴᠡ ᠪᠣᠯᠵᠤ ᠡᠭᠦᠳᠡᠨ ᠳ᠋ᠦ᠍ ᠬᠥᠳᠡᠯᠦᠯ ᠦᠭᠡᠢ ᠭᠠᠢᠬᠠᠨ ᠵᠣᠭᠰᠣᠪᠠ᠃ ᠰᠣᠯᠣᠩᠭ᠎ᠠ ᠡᠨᠡ ᠬᠣᠶᠠᠷ ᠲᠠᠢ ᠠᠭᠤᠯᠵᠠᠬᠤ ᠶ᠋ᠢ ᠮᠥᠷᠥᠭᠡᠳᠦᠨ ᠬᠦᠰᠡᠵᠦ ᠥᠷᠯᠥᠭᠡ ᠶᠠᠪᠤᠨ᠎ᠠ ᠭᠡᠵᠦ ᠪᠣᠳᠣᠬᠤ ᠳ᠋ᠤ᠌ ᠰᠥᠨᠢ ᠨᠣᠢᠷ ᠨᠢ ᠬᠦᠷᠦᠭᠰᠡᠨ ᠦᠭᠡᠢ᠃ ᠭᠡᠲᠡᠯ᠎ᠡ ᠴᠣᠬᠣᠮ ᠠᠭᠤᠯᠵᠠᠬᠤ ᠳᠡᠭᠡᠷ᠎ᠡ ᠵᠥᠷᠢᠭᠦᠦ ᠵᠠᠬ᠎ᠠ ᠲᠠᠢ ᠤᠯᠠᠭᠠᠨ ᠳᠡᠪᠡᠯ ᠡᠮᠦᠰᠴᠦ᠂ ᠬᠥᠬᠡ ᠴᠠᠮᠴᠠ ᠶ᠋ᠢᠨ ᠵᠠᠬ᠎ᠠ ᠴᠤᠭᠣᠢ᠌ᠯᠭᠠᠭᠰᠠᠨ ᠬᠣᠩᠭᠣᠷ ᠪᠠᠲᠤ ᠬᠣᠶᠠᠷ ᠬᠦᠰᠡᠵᠦ ᠢᠷᠡᠭᠰᠡᠨ ᠬᠥᠮᠦᠰ ᠨᠢ ᠪᠢᠰᠢ ᠮᠡᠲᠦ ᠰᠠᠨᠠᠭᠳᠠᠭᠠᠳ ᠴᠢᠷᠠᠢ ᠨᠢ ᠤᠯᠠᠢᠨ ᠡᠴᠢᠭᠡ ᠶ᠋ᠢᠨ ᠢ᠋ᠶ᠋ᠡᠨ ᠬᠠᠵᠠᠭᠤ ᠤᠷᠤᠭᠤ ᠰᠢᠭᠢᠳᠦᠨ ᠤᠬᠢᠯᠠᠮᠠᠷ ᠪᠣᠯᠵᠤ᠂ ᠣᠷᠣᠬᠤ ᠭᠠᠵᠠᠷ ᠢ᠋ᠶ᠋ᠠᠨ ᠣᠯᠵᠤ ᠶᠠᠳᠠᠨ ᠪᠠᠢᠪᠠ᠃
  ᠊᠊᠊᠊᠊᠊᠊᠊᠊᠊᠊᠊᠊᠊᠊ ᠮᠢᠨᠦ ᠬᠣᠶᠠᠷ ᠱᠠᠪᠢ ᠴᠤ᠌ ᠣᠪᠣᠭ᠎ᠠ ᠯᠠᠮᠠ ᠪᠣᠯᠬᠤ ᠰᠢᠨᠵᠢ ᠲᠡᠢ ᠭᠡᠵᠦ ᠬᠡᠪᠰᠢ ᠯᠠᠮᠠ ᠢᠲᠡᠭᠡᠯᠲᠦ ᠳ᠋ᠦ᠍ ᠬᠡᠯᠡᠬᠦ ᠳ᠋ᠦ᠍ ᠢᠲᠡᠭᠡᠯᠲᠦ ᠢᠨᠢᠶᠡᠮᠰᠦᠭᠯᠡᠵᠦ᠄
  ᠊᠊᠊᠊᠊᠊᠊᠊᠊᠊᠊᠊᠊᠊᠊ ᠲᠠᠷᠢᠬᠢ ᠦᠭᠡᠢᠳᠡᠬᠦ ᠦᠭᠡᠢ ᠪᠠᠢᠨ᠎ᠠ ᠤᠤ? ᠭᠡᠬᠦ ᠳ᠋ᠦ᠍ᠨᠢ ᠯᠠᠮᠠ ᠵᠠᠯᠢ ᠲᠠᠢ ᠪᠥᠭᠡᠳ ᠳᠡᠭᠡᠷᠡᠩᠭᠦᠢ ᠨᠢᠳᠦ ᠪᠡᠨ ᠢᠷᠮᠡᠨ ᠢᠨᠢᠶᠡᠮᠰᠦᠭᠯᠡᠵᠦ᠄
  ᠊᠊᠊᠊᠊᠊᠊᠊᠊᠊᠊᠊᠊᠊᠊ ᠲᠡᠷᠡ ᠴᠦ᠍ ᠪᠠᠢᠳᠠᠭ᠃ ᠭᠡᠪᠡᠴᠦ ᠵᠦᠭᠡᠷ ᠪᠣᠯᠤᠨ᠎ᠠ ᠁ ᠵᠠ ᠪᠠᠲᠤ ᠠ᠋᠂ ᠭᠠᠷᠤᠭᠠᠳ ᠲᠦᠯᠡᠭᠡ ᠬᠠᠭᠠᠯᠵᠤ ᠢᠷ᠎ᠡ᠃ ᠵᠠᠮ ᠳ᠋ᠠᠭᠠᠨ ᠨᠥᠭᠦᠭᠡ ᠰᠢᠷ᠎ᠠ ᠬᠡᠦᠳᠡᠢ ᠲᠡᠢ ᠪᠠᠩᠰᠢ ᠶ᠋ᠢ ᠠᠪᠴᠢᠷᠠᠨ᠂ ᠭᠡᠢᠴᠢᠳ ᠢ᠋ ᠳᠠᠢᠯᠠᠵᠠᠭᠠᠶ᠎ᠠ ᠭᠡᠬᠦ ᠳ᠋ᠦ᠍ᠨᠢ ᠪᠠᠲᠤ ᠭᠠᠷᠤᠯ᠎ᠠ᠃
  ᠪᠠᠲᠤ ᠶ᠋ᠢᠨ ᠬᠢᠴᠢᠶᠡᠩᠭᠦᠢᠯᠡᠨ ᠴᠢᠨᠠᠭᠰᠠᠨ ᠭᠠᠭᠴᠠ ᠲᠠᠪᠠᠭ ᠪᠠᠩᠰᠢ ᠠᠮᠠᠨ ᠳ᠋ᠤ᠌ ᠴᠤ᠌ ᠦᠭᠡᠢ ᠬᠠᠮᠠᠷ ᠲᠤ᠌ ᠴᠤ᠌ ᠦᠭᠡᠢ ᠥᠩᠭᠡᠷᠡᠪᠡ᠃
  ᠣᠷᠣᠢ ᠲᠡᠳᠡᠨ ᠢ᠋ ᠶᠠᠪᠤᠬᠤ ᠳ᠋ᠤ᠌ ᠬᠣᠩᠭᠣᠷ ᠪᠠᠲᠤ ᠬᠣᠶᠠᠷ ᠤ᠋ᠨ ᠬᠣᠭᠣᠯᠠᠢ ᠨᠢ ᠵᠠᠩᠭᠢᠷᠠᠨ᠂ 《ᠪᠢᠳᠡ ᠬᠣᠶᠠᠷ ᠢ᠋ ᠠᠪᠤᠭᠠᠳ ᠶᠠᠪᠤᠭᠠᠴᠢ》 ᠭᠡᠵᠦ ᠬᠡᠯᠡᠮᠡᠷ ᠰᠠᠨᠠᠭᠳᠠᠵᠤ ᠪᠠᠢᠪᠠᠴᠤ ᠪᠦᠰᠡ ᠲᠡᠢ ᠬᠡᠦᠬᠡᠳ ᠡᠷ᠎ᠡ ᠬᠥᠮᠦᠨ ᠰᠢᠭ ᠪᠣᠯᠤᠭᠰᠠᠨ ᠭᠡᠵᠦ ᠪᠣᠳᠣᠵᠤ ᠶᠠᠪᠤᠬᠤ ᠦᠶ᠎ᠡ ᠳ᠋ᠡᠭᠡᠨ ᠦᠯᠡᠮᠵᠢ ᠨᠡᠷᠡᠯᠬᠡᠦ ᠪᠠᠢᠳᠠᠭ ᠪᠣᠯᠬᠣᠷ ᠬᠡᠯᠡᠵᠦ ᠴᠢᠳᠠᠭᠰᠠᠨ ᠦᠭᠡᠢ᠃ ᠭᠡᠪᠡᠴᠦ ᠵᠢᠷᠦᠬᠡ ᠨᠢ ᠨᠡᠷᠡᠯᠬᠡᠵᠦ ᠴᠢᠳᠠᠬᠤ ᠦᠭᠡᠢ ᠪᠣᠯᠬᠣᠷ ᠨᠢᠯᠪᠤᠰᠤ ᠨᠢ ᠥᠪᠡᠷ ᠦ᠋ᠨ ᠡᠷᠬᠡ ᠦᠭᠡᠢ ᠠᠰᠬᠠᠷᠠᠪᠠ᠃
  ᠊᠊᠊᠊᠊᠊᠊᠊᠊᠊᠊᠊᠊᠊᠊ ᠬᠦᠦ ᠮᠢᠨᠢ ᠣᠪᠣᠭ᠎ᠠ ᠪᠣᠷᠣᠭᠰᠢᠵᠤ᠂ ᠬᠠᠰᠢᠷ ᠲᠠᠨᠢᠵᠤ ᠪᠠᠢᠭ᠎ᠠ ᠪᠣᠯᠤᠯᠲᠠᠢ᠃ ᠠᠮᠢᠳᠤᠷᠠᠬᠤ ᠳ᠋ᠤᠨᠢ ᠬᠡᠷᠡᠭ ᠲᠡᠢ ᠭᠡᠵᠦ ᠡᠷᠳᠡᠨᠢ ᠶ᠋ᠢᠨ ᠬᠡᠯᠡᠬᠦ ᠳ᠋ᠦ᠍ ᠢᠲᠡᠭᠡᠯᠲᠦ ᠢᠨᠢᠶᠡᠮᠰᠦᠭᠯᠡᠬᠦ ᠮᠡᠲᠦ ᠪᠣᠯᠤᠭᠠᠳ᠄
  ᠊᠊᠊᠊᠊᠊᠊᠊᠊᠊᠊᠊᠊᠊᠊ ᠠ᠋ ᠳᠠ᠂ ᠮᠠᠨᠠᠢ ᠬᠣᠶᠠᠷ ᠴᠤ᠌ ᠣᠯᠢᠭ ᠲᠠᠢ ᠯᠠᠮᠠ ᠪᠣᠯᠬᠤ ᠦᠭᠡᠢ ᠪᠠᠢᠬ᠎ᠠ ᠠ᠋᠃ ᠵᠥᠷᠢᠭᠦᠦ ᠵᠠᠬ᠎ᠠ ᠲᠠᠢ ᠳᠡᠪᠡᠯ ᠡᠮᠦᠰᠴᠦ᠂ ᠬᠣᠷᠸ᠎ᠠ ᠶ᠋ᠢᠨ ᠬᠠᠷ᠎ᠠ ᠠᠮᠢᠳᠤᠷᠠᠯ ᠳ᠋ᠤ᠌ ᠤᠮᠪᠠᠭᠰᠠᠨ ᠰᠢᠨ᠎ᠡ ᠴᠠᠭ ᠤ᠋ᠨ ᠯᠠᠮᠠ ᠨᠠᠷ ᠤ᠋ᠨ ᠥᠷᠥᠭᠡᠰᠦᠨ ᠳᠤᠭᠤᠢ ᠨᠤᠭᠤᠳ ᠯᠠ ᠭᠠᠷᠬᠤ ᠪᠠᠢᠬ᠎ᠠ ᠭᠡᠯ᠎ᠡ᠃
  ᠊᠊᠊᠊᠊᠊᠊᠊᠊᠊᠊᠊᠊᠊᠊ ᠭᠡᠬᠦ ᠳ᠋ᠡᠭᠡᠨ ᠠᠵᠢᠯ ᠳ᠋ᠤ᠌ ᠶᠠᠭ ᠦᠭᠡᠢ ᠪᠣᠯᠵᠤ ᠰᠢᠦ᠃ ᠲᠡᠷᠡ ᠭᠠᠯ ᠲᠦᠯᠡᠭᠡᠳ ᠪᠠᠩᠰᠢ ᠴᠢᠨᠠᠵᠤ ᠪᠠᠢᠬᠤ ᠶ᠋ᠢ ᠨᠢ ᠬᠠᠷᠠ ᠳᠠ᠃ ᠳᠠᠳᠤᠯᠭ᠎ᠠ ᠲᠠᠢ ᠯᠠᠮᠠ ᠭᠦᠩᠷᠡᠭ᠌ ᠦ᠋ᠨ ᠴᠠᠭᠵᠠ ᠬᠢᠵᠦ ᠪᠠᠢᠭ᠎ᠠ ᠶᠤᠮ ᠰᠢᠭ᠋ ᠭᠡᠳ ᠡᠷᠳᠡᠨᠢ ᠳᠠᠭᠤ ᠦᠭᠡᠢ ᠪᠣᠯᠵᠠᠢ᠃
  ᠭᠡᠷ ᠦ᠋ᠨ ᠬᠢ ᠪᠡᠨ ᠶᠠᠪᠤᠭᠰᠠᠨ ᠤ᠋ ᠳᠠᠷᠠᠭ᠎ᠠ ᠬᠣᠶᠠᠷ ᠬᠦᠦ ᠨᠢᠭᠡ ᠬᠡᠰᠡᠭ ᠳᠠᠭᠤ ᠱᠣᠣ ᠴᠤ᠌ ᠦᠭᠡᠢ᠂ ᠭᠡᠷ ᠦ᠋ᠨ ᠵᠡᠭᠦᠨ ᠲᠠᠯ᠎ᠠ ᠳ᠋ᠤ᠌ ᠵᠡᠷᠭᠡᠴᠡᠨ ᠰᠠᠭᠤᠵᠠᠢ᠃ ᠬᠣᠭᠣᠯᠠᠢ ᠳᠡᠭᠡᠷ᠎ᠡ ᠨᠢ ᠶᠠᠮᠠᠷ ᠨᠢᠭᠡᠨ ᠶᠠᠭᠤᠮ᠎ᠠ ᠨᠡᠰᠢ ᠴᠦ᠍ ᠦᠭᠡᠢ᠂ ᠴᠠᠰᠢ ᠴᠤ᠌ ᠦᠭᠡᠢ ᠲᠡᠭᠡᠭᠯᠡᠨ᠂ ᠨᠢᠳᠦ ᠨᠢ ᠪᠠᠢᠨ ᠪᠠᠢᠨ ᠬᠠᠷᠠᠩᠭᠤᠢᠯᠠᠵᠤ ᠪᠠᠢᠯ᠎ᠠ᠃
  ᠊᠊᠊᠊᠊᠊᠊᠊᠊᠊᠊᠊᠊᠊᠊ ᠵᠠ ᠨᠣᠮ ᠢ᠋ᠶ᠋ᠠᠨ ᠦᠵᠡᠵᠡᠭᠡ ᠭᠡᠵᠦ ᠭᠡᠪᠰᠢ ᠪᠠᠭᠰᠢ ᠶ᠋ᠢᠨ ᠬᠡᠯᠡᠬᠦ ᠳ᠋ᠦ᠍ ᠬᠣᠶᠠᠷ ᠬᠡᠦᠬᠡᠳ ᠪᠣᠰᠴᠤ ᠱᠣᠭᠣᠯ ᠲᠠᠢ ᠨᠣᠮ ᠢ᠋ᠶ᠋ᠠᠨ ᠠᠪᠤᠭᠠᠳ ᠪᠦᠪᠦᠲᠦᠨᠡᠨ ᠤᠩᠰᠢᠵᠤ ᠡᠬᠢᠯᠡᠪᠡ᠃