ᠲᠤᠩᠭᠠᠯᠠᠭ ᠲᠠᠮᠢᠷ3-04-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-04-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-04-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-17

1212

《ᠮᠣᠷᠢᠲᠠᠢ ᠬᠥᠮᠦᠨ ᠲᠡᠢ ᠶᠠᠷᠢᠵᠤ ᠪᠠᠢᠭᠰᠠᠨ ᠡᠴᠡ ᠶᠠᠪᠠᠭᠠᠨ ᠬᠥᠮᠦᠨ ᠲᠡᠢ ᠶᠠᠷᠢᠪᠠᠯ ᠦᠭᠡᠨ ᠳ᠋ᠦ᠍ ᠣᠷᠣᠬᠤ ᠨᠢ ᠳᠡᠭᠡᠷ᠎ᠡ ᠪᠠᠢᠬ᠎ᠠ》 - ᠭᠤᠷᠪᠠᠳᠤᠭᠠᠷ ᠪᠦᠯᠦᠭ ᠳᠥᠷᠪᠡ 

  ᠮᠣᠩᠭᠣᠯ ᠣᠷᠣᠨ ᠤ᠋ ᠡᠪᠦᠯ ᠲᠣᠭᠰᠢᠨ ᠪᠣᠯᠪᠠᠴᠤ ᠥᠪᠡᠷᠮᠢᠴᠡ ᠭᠤᠸ᠎ᠠ ᠦᠵᠡᠰᠬᠦᠯᠡᠩ ᠲᠡᠢ ᠪᠥᠭᠡᠳ ᠡᠪᠣᠯᠵᠢᠶᠠᠨ ᠳ᠋ᠠᠭᠠᠨ ᠪᠠᠭᠤᠭᠰᠠᠨ ᠠᠢᠯ ᠤ᠋ᠳ ᠬᠠᠯᠠᠭᠤ ᠪᠤᠲᠠᠷᠠᠨ ᠠᠭᠤᠷ ᠰᠠᠪᠰᠠᠭᠤᠯᠤᠭᠰᠠᠨ᠂ ᠶᠠᠭᠤᠮ᠎ᠠ ᠪᠦᠬᠦᠨ ᠶᠡᠷᠦ ᠪᠤᠰᠤ ᠶ᠋ᠢᠨ ᠲᠠᠢᠪᠤᠩ ᠪᠠᠢᠳᠠᠭ᠃ ᠮᠣᠳᠣ ᠬᠦᠷᠲᠡᠯ᠎ᠡ ᠴᠠᠭᠠᠨ ᠳᠠᠬᠤ ᠪᠠᠨ ᠨᠥᠮᠥᠷᠦᠭᠡᠳ ᠦᠷᠭᠡᠯᠡᠵᠦ ᠰᠠᠭᠤᠭ᠎ᠠ ᠮᠠᠨᠠᠭᠠᠨ ᠤ᠋ ᠡᠪᠦᠭᠡᠨ ᠰᠢᠭ ᠨᠠᠪᠰᠠᠢᠨ ᠬᠠᠷᠠᠭᠳᠠᠨ᠎ᠠ᠃
  ᠭᠡᠪᠡᠴᠦ ᠡᠨᠡ ᠡᠪᠦᠯ ᠲᠡᠢᠮᠦ ᠪᠢᠰᠢ᠃ ᠴᠠᠭ ᠲᠥᠷᠥ ᠦᠢᠮᠡᠨ᠂ ᠵᠡᠪᠰᠡᠭ ᠪᠠᠷᠢᠭᠰᠠᠨ ᠬᠥᠮᠦᠰ ᠬᠣᠯᠬᠢᠯᠳᠤᠨ᠂ ᠠᠯᠠᠯᠭ᠎ᠠ ᠳᠡᠭᠡᠷᠡᠮ ᠡᠨᠳᠡ ᠲᠡᠨᠳᠡ ᠦᠭᠡᠢ ᠭᠠᠷᠴᠤ᠂ ᠠᠢᠯ ᠠᠮᠢᠲᠠᠨ ᠮᠠᠯ ᠬᠥᠷᠥᠩᠭᠡ ᠪᠡᠨ ᠣᠷᠬᠢᠨ ᠳᠦᠷᠪᠡᠵᠦ ᠪᠠᠢᠯ᠎ᠠ᠃ ᠤᠷᠢᠳᠤ ᠡᠪᠦᠯ ᠦ᠋ᠨ ᠴᠠᠭ ᠲᠤ᠌ ᠠᠢᠯ᠂ ᠮᠠᠯ ᠪᠠᠭᠰᠢᠷᠠᠵᠤ ᠪᠠᠢᠳᠠᠭ ᠪᠣᠯᠪᠠᠴᠤ ᠡᠨᠡ ᠵᠢᠯ ᠡᠵᠡᠭᠦᠢ ᠵᠡᠯᠢᠭᠦᠳ ᠭᠠᠵᠠᠷ ᠪᠣᠯᠤᠭᠰᠠᠨ ᠤᠷᠢᠳᠠ ᠠᠮᠠ ᠶ᠋ᠢᠨ ᠶᠡᠬᠡ ᠮᠣᠳᠣ ᠲᠠᠢ ᠳᠠᠪᠠᠭ᠎ᠠ ᠪᠠᠷ ᠬᠠᠳᠠᠨ ᠪᠠᠭᠠᠲᠤᠷ ᠤ᠋ᠨ ᠴᠡᠷᠢᠭ ᠦ᠋ᠨ ᠴᠤᠪᠤᠭ᠎ᠠ ᠭᠠᠷᠴᠤ ᠢᠷᠡᠯ᠎ᠡ᠃
  ᠪᠦᠬᠦ ᠶᠠᠭᠤᠮ᠎ᠠ ᠬᠡᠳᠦᠬᠡᠨ ᠬᠣᠨᠣᠭ ᠤ᠋ᠨ ᠡᠮᠦᠨ᠎ᠡ ᠣᠷᠣᠭᠰᠠᠨ ᠰᠡᠪᠰᠡᠭᠡᠷ ᠴᠠᠰᠤᠨ ᠳ᠋ᠤ᠌ ᠳᠠᠷᠤᠭᠳᠠᠭᠠᠳ ᠨᠠᠷᠠᠨ ᠤ᠋ ᠭᠡᠷᠡᠯ ᠳ᠋ᠦ᠍ ᠭᠢᠯᠠᠯᠵᠠᠨ ᠲᠣᠭᠯᠠᠵᠤ ᠤᠷᠲᠤ ᠤᠷᠭᠤᠭᠰᠠᠨ ᠭᠢᠯᠭᠠᠨ᠎ᠠ ᠶ᠋ᠢᠨ ᠦᠵᠦᠭᠦᠷ ᠴᠠᠭᠠᠨ ᠬᠣᠷᠸ᠎ᠠ ᠶ᠋ᠢ ᠰᠢᠷᠭᠠᠯ ᠬᠠᠴᠠᠷ ᠲᠠᠢ ᠳᠡᠪᠢᠰᠬᠡᠷ ᠢ᠋ᠶ᠋ᠡᠷ ᠪᠦᠷᠬᠦᠵᠡᠢ᠃
  ᠲᠤᠭ ᠬᠢᠭᠢᠷᠢ ᠨᠢ ᠨᠠᠮᠢᠷᠠᠨ ᠬᠡᠢᠰᠴᠦ᠂ ᠵᠠᠷ ᠵᠡᠪᠰᠡᠭ ᠨᠢ ᠭᠢᠯᠠᠯᠵᠠᠭᠰᠠᠨ ᠶᠡᠬᠡ ᠴᠡᠷᠢᠭ ᠦ᠋ᠨ ᠴᠤᠪᠤᠭ᠎ᠠ᠂ ᠡᠨᠡᠬᠡᠨ ᠡᠪᠦᠯ ᠦ᠋ᠨ ᠬᠤᠷᠴᠠ ᠥᠩᠭᠡ ᠲᠡᠢ ᠥᠷᠢᠰᠦᠯᠳᠦᠨ ᠰᠦᠷ ᠲᠡᠢ ᠪᠥᠭᠡᠳ ᠴᠣᠭ ᠵᠢᠪᠬᠤᠯᠠᠩ ᠲᠠᠢ ᠠᠵᠢ᠃
  ᠬᠠᠳᠠᠨ ᠪᠠᠭᠠᠲᠤᠷ ᠤ᠋ᠨ ᠴᠡᠷᠢᠭ ᠴᠠᠭᠠᠨ ᠤ᠋ ᠣᠷᠭᠤᠳᠤᠤᠯ ᠺᠠᠽᠡᠡᠼᠦᠧ ᠶ᠋ᠢᠨ ᠭᠣᠣᠯ ᠬᠦᠴᠦ ᠶ᠋ᠢ ᠪᠤᠲᠠ ᠴᠣᠬᠢᠨ ᠰᠠᠷᠨᠢᠭᠤᠯᠤᠭᠠᠳ ᠭᠧᠨᠧᠷᠠᠯ ᠪᠡᠺᠢᠴᠢ ᠶ᠋ᠢᠨ ᠳᠡᠭᠡᠷᠡᠮᠴᠢᠳ ᠲᠡᠢ ᠪᠠᠢᠯᠳᠤᠬᠤ ᠪᠠᠷ ᠠᠶᠠᠯᠠᠨ ᠶᠠᠪᠤᠭ᠎ᠠ ᠨᠢ ᠡᠨᠡ ᠶᠤᠮ᠃ ᠴᠡᠷᠢᠭ ᠡᠴᠡ ᠵᠠᠭᠤ ᠭᠠᠷᠤᠢ ᠮᠧᠲ᠋ᠷ ᠵᠠᠢᠲᠠᠢ ᠥᠨᠳᠥᠷ ᠤᠯᠠᠭᠠᠨ ᠵᠡᠭᠡᠷᠳᠡ ᠮᠣᠷᠢ ᠤᠨᠤᠵᠤ ᠵᠠᠷ ᠵᠡᠪᠰᠡᠭ ᠢ᠋ᠶ᠋ᠡᠨ ᠪᠦᠷᠢᠨ ᠠᠭᠰᠠᠭᠰᠠᠨ ᠬᠠᠳᠠᠨ ᠪᠠᠭᠠᠲᠤᠷ ᠮᠠᠭᠰᠤᠷᠵᠠᠪ ᠶᠠᠪᠤᠬᠤ ᠪᠥᠭᠡᠳ ᠲᠡᠭᠦᠨ ᠦ᠌ ᠵᠡᠭᠦᠨ ᠭᠠᠷ ᠲᠤᠨᠢ ᠲᠠᠷᠭᠤᠨ ᠪᠣᠷᠣ ᠮᠣᠷᠢ ᠲᠠᠢ ᠬᠤᠶᠠᠭ ᠳᠠᠭᠠᠨ᠎ᠠ᠃
  ᠮᠠᠭᠰᠤᠷᠵᠠᠪ ᠠᠯᠤᠰ ᠢ᠋ ᠰᠢᠷᠳᠡᠨ ᠪᠠᠷᠠᠭᠤᠨ ᠭᠠᠷ ᠤ᠋ᠨ ᠬᠠᠨᠴᠤᠢ ᠳ᠋ᠠᠭᠠᠨ ᠤᠷᠲᠤ ᠳᠠᠩᠰᠠᠨ ᠲᠠᠰᠢᠭᠤᠷ ᠤ᠋ᠨ ᠶᠡᠬᠡᠩᠬᠢ ᠶ᠋ᠢ ᠨᠢᠭᠤᠨ ᠤᠨᠵᠢᠭᠤᠯᠵᠤ᠂ ᠵᠡᠭᠦᠨ ᠭᠠᠷ ᠲᠠᠭᠠᠨ ᠡᠷ᠎ᠡ ᠬᠠᠷ᠎ᠠ ᠰᠤᠷ ᠵᠢᠯᠣᠭᠣ᠂ ᠴᠤᠯᠪᠤᠭᠤᠷ ᠢ᠋ᠶ᠋ᠠᠨ ᠬᠤᠮᠬᠢᠨ ᠠᠳᠬᠤᠵᠤ᠂ ᠬᠠᠶᠠ ᠬᠠᠶᠠ ᠬᠠᠭᠠᠰ ᠡᠷᠭᠢᠨ ᠴᠡᠷᠢᠭ ᠦ᠋ᠨ ᠴᠤᠪᠤᠭ᠎ᠠ ᠪᠠᠨ ᠬᠠᠷᠠᠨ ᠶᠠᠪᠤᠬᠤ ᠨᠢ ᠰᠦᠷ ᠲᠡᠢ ᠪᠥᠭᠡᠳ ᠢᠯᠠᠭᠴᠢ ᠴᠡᠷᠢᠭ ᠦ᠋ᠨ ᠶᠡᠷᠦ ᠪᠤᠰᠤ ᠰᠦᠷ ᠰᠦᠯᠳᠡ ᠶ᠋ᠢ ᠪᠡᠶ᠎ᠡ ᠳ᠋ᠡᠭᠡᠨ ᠰᠢᠩᠭᠡᠭᠡᠵᠡᠢ᠃
  ᠴᠡᠷᠢᠭ ᠦ᠋ᠨ ᠴᠤᠪᠤᠭ᠎ᠠ ᠶ᠋ᠢᠨ ᠰᠡᠭᠦᠯ ᠳ᠋ᠦ᠍ᠨᠢ ᠬᠦᠨᠡᠰᠦ ᠵᠡᠪᠰᠡᠭ ᠬᠡᠷᠡᠭᠯᠡᠯ ᠠᠴᠢᠭᠰᠠᠨ ᠲᠡᠮᠡᠭᠡᠨ ᠴᠤᠪᠤᠭ᠎ᠠ ᠶ᠋ᠢ ᠬᠥᠬᠡ ᠱᠡᠩᠲᠤᠩ ᠥᠩᠭᠡᠲᠡᠢ᠂ ᠦᠵᠦᠭᠦᠷᠰᠡᠬᠡᠨ ᠳᠣᠲᠣᠷ ᠲᠠᠢ ᠳᠡᠪᠡᠯ ᠡᠮᠦᠰᠦᠭᠰᠡᠨ ᠵᠠᠯᠠᠭᠤ ᠬᠡᠦᠬᠡᠨ ᠬᠥᠲᠥᠯᠵᠡᠢ᠃ ᠡᠨᠡ ᠪᠣᠯ ᠳᠤᠯᠮ᠎ᠠ ᠪᠠᠢᠪᠠ᠃ ᠠᠯᠤᠰ ᠤ᠋ᠨ ᠠᠶᠠᠯᠠᠯ ᠳ᠋ᠤ᠌ ᠪᠣᠷᠣᠯᠠᠭᠰᠠᠨ ᠴᠢᠷᠠᠢ᠂ ᠬᠠᠢᠷᠠᠲᠤ ᠬᠥᠮᠦᠨ ᠲᠡᠢ ᠪᠡᠨ ᠬᠠᠮᠲᠤ ᠶᠠᠪᠤᠭ᠎ᠠ ᠶ᠋ᠢᠨ ᠢᠷᠣᠭᠠᠷ ᠦᠭᠡᠢ ᠪᠠᠶᠠᠷ᠂ ᠵᠢᠷᠭᠠᠯ ᠡᠨᠡ ᠪᠦᠰᠡᠭᠦᠢ ᠶ᠋ᠢ ᠤᠯᠠᠮ ᠭᠤᠸ᠎ᠠ ᠦᠵᠡᠰᠬᠦᠯᠡᠩ ᠲᠡᠢ ᠪᠥᠭᠡᠳ ᠴᠣᠭ ᠬᠡᠢ ᠮᠣᠷᠢᠲᠠᠢ ᠪᠣᠯᠭᠠᠵᠠᠢ᠃
  ᠠᠴᠢᠶᠠᠨ ᠤ᠋ ᠰᠡᠭᠦᠯ ᠳ᠋ᠦ᠍ ᠴᠡᠷᠢᠭ ᠦ᠋ᠨ ᠪᠡᠯᠡᠳᠬᠡᠯ ᠠᠭᠲᠠ ᠶ᠋ᠢ ᠠᠷᠪᠠ ᠭᠠᠷᠤᠢ ᠬᠥᠮᠦᠰ ᠤᠷᠲᠤ ᠤᠷᠭ᠎ᠠ ᠪᠠᠷᠢᠨ ᠲᠠᠭᠤᠵᠤ ᠶᠠᠪᠤᠭ᠎ᠠ ᠶ᠋ᠢᠨ ᠳᠣᠲᠣᠷ᠎ᠠ ᠬᠠᠳᠠᠨ ᠪᠠᠭᠠᠲᠤᠷ ᠤ᠋ᠨ ᠴᠡᠷᠢᠭ ᠦ᠋ᠨ ᠠᠭᠲᠠ ᠶ᠋ᠢᠨ ᠶᠡᠷᠦᠩᠬᠡᠢ ᠵᠠᠬᠢᠷᠤᠯ ᠲᠡᠮᠦᠷ᠂ ᠰᠠᠷᠠᠲᠠᠢ ᠬᠡᠭᠡᠷ ᠮᠣᠷᠢ ᠤᠨᠤᠨ ᠶᠠᠪᠤᠨ᠎ᠠ᠃
  ᠊᠊᠊᠊᠊᠊᠊᠊᠊᠊᠊᠊᠊᠊᠊ ᠨᠢᠭᠡ ᠴᠦ᠍ ᠮᠣᠷᠢ᠂ ᠡᠵᠡᠨ ᠳ᠋ᠦ᠍ᠨᠢ ᠮᠡᠳᠡᠭᠳᠡᠯ ᠦᠭᠡᠢ ᠠᠪᠴᠤ ᠪᠣᠯᠬᠤ ᠦᠭᠡᠢ ᠰᠢᠦ ᠭᠡᠵᠦ ᠲᠡᠮᠦᠷ ᠢ᠋ ᠠᠭᠲᠠ ᠶ᠋ᠢᠨ ᠶᠡᠷᠦᠩᠬᠡᠢ ᠵᠠᠬᠢᠷᠤᠯ ᠪᠣᠯᠭᠠᠬᠤ ᠳ᠋ᠠᠭᠠᠨ ᠬᠠᠳᠠᠨ ᠪᠠᠭᠠᠲᠤᠷ ᠬᠡᠯᠡᠪᠡ᠃
  ᠊᠊᠊᠊᠊᠊᠊᠊᠊᠊᠊᠊᠊᠊᠊ ᠠᠪᠬᠤ ᠦᠭᠡᠢ᠂ ᠵᠠᠩᠵᠤᠨ ᠮᠢᠨᠢ᠃ ᠲᠠᠩᠭᠠᠷᠢᠭᠯᠠᠬᠤ ᠤᠤ?
  ᠊᠊᠊᠊᠊᠊᠊᠊᠊᠊᠊᠊᠊᠊᠊ ᠡᠷ᠎ᠡ ᠬᠥᠮᠦᠨ ᠦ᠌ ᠦᠭᠡ ᠪᠦᠬᠦᠨ ᠲᠠᠩᠭᠠᠷᠢᠭ ᠪᠠᠢᠬᠤ ᠶᠣᠰᠣᠲᠠᠢ ᠪᠢᠰᠢ ᠤᠤ!
  ᠊᠊᠊᠊᠊᠊᠊᠊᠊᠊᠊᠊᠊᠊᠊ ᠲᠡᠢᠮᠦ ᠴᠦ᠍ ᠪᠠᠢᠬ᠎ᠠ ᠳᠠ ᠭᠡᠳ ᠲᠡᠮᠦᠷ ᠢᠨᠢᠶᠡᠮᠰᠦᠭᠯᠡᠪᠡ᠃ ᠲᠡᠮᠦᠷ ᠨᠢᠭᠡ ᠤᠳᠠᠭ᠎ᠠ ᠬᠦᠩ ᠦ᠋ᠨ ᠬᠣᠰᠢᠭᠤ ᠡᠴᠡ ᠠᠭᠲᠠ ᠳᠠᠢᠴᠢᠯᠠᠬᠤ ᠪᠠᠷ ᠣᠴᠢᠵᠤ ᠪᠢᠯᠡ᠃ ᠬᠠᠳᠠᠨ ᠪᠠᠭᠠᠲᠤᠷ ᠤ᠋ᠨ ᠲᠠᠮᠠᠭ᠎ᠠ ᠲᠠᠢ ᠪᠢᠴᠢᠭ ᠢ᠋ ᠬᠣᠰᠢᠭᠤ ᠵᠠᠬᠢᠷᠤᠭᠴᠢ ᠳ᠋ᠤ᠌ ᠦᠵᠡᠭᠦᠯᠵᠦ ᠭᠤᠷᠪᠠ ᠬᠣᠨᠣᠭ ᠤ᠋ᠨ ᠳᠣᠲᠣᠷ᠎ᠠ ᠵᠠᠭᠤᠨ ᠰᠢᠯᠢᠳᠡᠭ ᠮᠣᠷᠢ ᠭᠠᠷᠭᠠᠵᠤ ᠥᠭᠬᠦ ᠶ᠋ᠢ ᠲᠤᠰᠢᠶᠠᠪᠠ᠃ ᠭᠡᠲᠡᠯ᠎ᠡ ᠨᠣᠶᠠᠨ 《ᠬᠣᠷᠢ ᠡᠴᠡ ᠢᠯᠡᠭᠦᠦ ᠶ᠋ᠢ ᠥᠭᠴᠦ ᠴᠢᠳᠠᠬᠤ ᠦᠭᠡᠢ ᠭᠡᠵᠦ ᠲᠡᠷᠡ ᠡᠯᠴᠢ ᠳ᠋ᠦ᠍ ᠬᠡᠯᠡ》 ᠭᠡᠵᠦ ᠵᠠᠬᠢᠷᠤᠭᠴᠢ ᠳ᠋ᠠᠭᠠᠨ ᠬᠡᠯᠡᠪᠡ᠃
  ᠡᠨᠡ ᠦᠭᠡ ᠶ᠋ᠢ ᠰᠣᠨᠣᠰᠤᠭᠠᠳ ᠲᠡᠮᠦᠷ ᠨᠣᠶᠠᠨ ᠤ᠋ ᠦᠷᠭᠦᠭᠡᠨ ᠳ᠋ᠦ᠍ ᠱᠤᠤᠭᠢᠨ ᠣᠷᠣᠵᠤ 《ᠲᠥᠷᠥ ᠳᠣᠩᠰᠣᠯᠵᠤ᠂ ᠲᠦᠮᠡᠨ ᠵᠣᠪᠠᠵᠤ ᠪᠠᠢᠬᠤ ᠳ᠋ᠤ᠌ ᠶᠠᠭᠤ ᠭᠡᠨ᠎ᠡ ᠴᠢ᠃ ᠡᠭᠦᠨ ᠢ᠋ ᠪᠠᠷᠢᠵᠤ ᠠᠪᠤᠭᠠᠳ ᠬᠦᠯᠢᠵᠦ ᠣᠷᠭᠢ》 ᠭᠡᠵᠦ ᠳᠠᠭᠠᠵᠤ ᠣᠴᠢᠭᠰᠠᠨ ᠬᠣᠶᠠᠷ ᠬᠥᠮᠦᠨ ᠳ᠋ᠡᠭᠡᠨ ᠲᠤᠰᠢᠶᠠᠪᠠ᠃
  ᠲᠡᠷᠡ ᠬᠣᠶᠠᠷ ᠤ᠋ᠨ ᠵᠠᠮ ᠢ᠋ ᠬᠥᠬᠡ ᠴᠢᠰᠴᠦ ᠳᠡᠪᠡᠯ ᠲᠡᠢ ᠬᠠᠩᠬᠠᠭᠠᠷ ᠡᠷ᠎ᠡ ᠬᠥᠨᠳᠡᠯᠢᠳᠪᠡ᠃ ᠡᠨᠡ ᠪᠣᠯ ᠳᠣᠯᠣᠭᠠᠨ ᠬᠣᠰᠢᠭᠤ ᠲᠠᠩᠰᠢᠩᠭ᠎ᠠ ᠶ᠋ᠢᠨ ᠵᠠᠭᠠᠨ ᠴᠣᠯᠠ ᠲᠠᠢ ᠬᠥᠮᠦᠨ ᠪᠥᠭᠡᠳ ᠨᠣᠶᠠᠨ ᠤ᠋ ᠰᠢᠲᠠᠷ᠎ᠠ ᠬᠢᠶ᠎ᠡ ᠶᠤᠮ᠃
  ᠊᠊᠊᠊᠊᠊᠊᠊᠊᠊᠊᠊᠊᠊᠊ ᠨᠣᠶᠠᠨ ᠳ᠋ᠤ᠌ ᠭᠠᠷ ᠬᠦᠷᠪᠡᠯ ᠬᠦᠵᠦᠭᠦᠦ ᠶ᠋ᠢ ᠴᠢᠨᠢ ᠮᠤᠯᠲᠤ ᠠᠯᠠᠭᠠᠳᠠᠨ᠎ᠠ ᠰᠢᠦ ᠭᠡᠵᠦ ᠲᠡᠷᠡ ᠡᠷ᠎ᠡ ᠪᠦᠳᠦᠭᠦᠨ ᠳᠠᠭᠤ ᠪᠠᠷ ᠬᠠᠩᠬᠠᠯᠵᠠᠨ ᠬᠡᠯᠡᠪᠡ᠃
  ᠊᠊᠊᠊᠊᠊᠊᠊᠊᠊᠊᠊᠊᠊᠊ ᠣᠪᠣᠭ᠎ᠠ ᠰᠢᠷᠪᠥᠰᠥ ᠲᠡᠢ ᠡᠷ᠎ᠡ ᠪᠠᠢᠬᠤ ᠨᠢ ᠬᠦ᠃ ᠲᠠ ᠬᠣᠶᠠᠷ ᠵᠠᠢᠯᠠᠵᠤ ᠪᠠᠢ᠃ ᠠᠯᠢ ᠪᠣᠢ᠂ ᠮᠢᠨᠦ ᠬᠦᠵᠦᠭᠦᠦ ᠶ᠋ᠢ ᠮᠤᠯᠲᠤ ᠠᠯᠠᠭᠠᠳᠠᠭᠠᠳ ᠠᠯᠢ ᠭᠡᠳ ᠲᠡᠮᠦᠷ ᠣᠴᠢᠲᠠᠯ᠎ᠠ ᠨᠥᠭᠦᠭᠡ ᠡᠷ᠎ᠡ ᠴᠦ᠍ ᠬᠥᠳᠡᠯᠪᠡ᠃
  ᠶᠠᠭᠤ ᠪᠣᠯᠤᠭᠰᠠᠨ ᠢ᠋ ᠬᠡᠨ ᠴᠦ᠍ ᠮᠡᠳᠡᠭᠰᠡᠨ ᠦᠭᠡᠢ᠃ ᠨᠢᠭᠡ ᠯᠡ ᠬᠠᠷᠠᠬᠤ ᠳ᠋ᠤ᠌ ᠬᠢᠶ᠎ᠡ ᠭᠤᠯᠳᠤᠢᠨ ᠬᠡᠪᠲᠡᠵᠦ ᠪᠠᠢᠯ᠎ᠠ᠃
  ᠊᠊᠊᠊᠊᠊᠊᠊᠊᠊᠊᠊᠊᠊᠊ ᠵᠠᠭᠤᠨ ᠮᠣᠷᠢ ᠥᠭᠬᠦ ᠤᠤ? ᠠᠯᠢ ᠪᠢ ᠬᠦᠯᠢᠵᠦ ᠠᠪᠬᠤ ᠤᠤ?
  ᠊᠊᠊᠊᠊᠊᠊᠊᠊᠊᠊᠊᠊᠊᠊ ᠵᠠ᠂ ᠮᠣᠷᠢᠳ ᠢ᠋ ᠭᠠᠷᠭᠠᠵᠤ ᠥᠭᠭᠦᠶ᠎ᠡ ᠭᠡᠵᠦ ᠨᠣᠶᠠᠨ ᠪᠥᠬᠥᠯᠵᠡᠨ ᠬᠡᠯᠡᠪᠡ᠃
  ᠊᠊᠊᠊᠊᠊᠊᠊᠊᠊᠊᠊᠊᠊᠊ ᠨᠣᠶᠠᠨ ᠰᠦᠷᠦᠭ᠂ ᠬᠣᠰᠢᠭᠤ ᠵᠢᠰᠠ ᠶ᠋ᠢᠨ ᠠᠳᠤᠭᠤ ᠪᠠᠨ ᠮᠠᠷᠭᠠᠰᠢ ᠪᠡᠯᠡᠬᠡᠨ ᠪᠠᠢᠯᠭ᠎ᠠ᠃ ᠪᠢ ᠥᠪᠡᠷ ᠢ᠋ᠶ᠋ᠡᠨ ᠰᠢᠯᠢᠵᠦ ᠠᠪᠤᠨ᠎ᠠ ᠭᠡᠳ ᠲᠡᠮᠦᠷ ᠭᠠᠷᠤᠯ᠎ᠠ᠃
  ᠊᠊᠊᠊᠊᠊᠊᠊᠊᠊᠊᠊᠊᠊᠊ ᠡᠨᠡ ᠴᠢᠨᠢ ᠬᠡᠨ ᠭᠡᠭᠴᠢ ᠪᠣᠢ? ᠭᠡᠵᠦ ᠨᠣᠶᠠᠨ ᠲᠡᠮᠦᠷ ᠲᠡᠢ ᠬᠠᠮᠲᠤ ᠢᠷᠡᠭᠴᠢ ᠶ᠋ᠢ ᠭᠠᠷᠬᠤ ᠭᠡᠬᠦ ᠳ᠋ᠦ᠍ᠨᠢ ᠠᠰᠠᠭᠤᠪᠠ᠃
  ᠊᠊᠊᠊᠊᠊᠊᠊᠊᠊᠊᠊᠊᠊᠊ ᠠᠯᠳᠠᠷ ᠨᠢ ᠪᠣᠯ ᠵᠠᠰᠠᠭᠲᠤ ᠬᠠᠨ ᠤ᠋ ᠴᠠᠬᠢᠭᠤᠷ ᠲᠡᠮᠦᠷ᠃ ᠠᠯᠪᠠ ᠨᠢ ᠪᠣᠯ ᠶᠡᠬᠡ ᠵᠠᠩᠵᠤᠨ ᠬᠠᠳᠠᠨ ᠪᠠᠭᠠᠲᠤᠷ ᠤ᠋ᠨ ᠵᠠᠷᠯᠢᠭ ᠤ᠋ᠨ ᠡᠯᠴᠢ ᠭᠡᠵᠦ ᠲᠡᠷᠡ ᠬᠥᠮᠦᠨ ᠢᠨᠢᠶᠡᠮᠰᠦᠭᠯᠡᠨ ᠬᠡᠯᠡᠭᠡᠳ ᠡᠷᠭᠢᠪᠡ᠃
  ᠊᠊᠊᠊᠊᠊᠊᠊᠊᠊᠊᠊᠊᠊᠊ ᠪᠤᠷᠬᠠᠨ ᠮᠢᠨᠢ ᠭᠡᠳ ᠨᠣᠶᠠᠨ ᠰᠢᠷᠡᠭᠡᠨ ᠳ᠋ᠡᠭᠡᠨ ᠫᠠᠭ ᠬᠢᠲᠡᠯ᠎ᠡ ᠰᠠᠭᠤᠪᠠ᠃ ᠭᠤᠷᠪᠠ ᠬᠣᠨᠣᠭ ᠤ᠋ᠨ ᠳᠠᠷᠠᠭ᠎ᠠ ᠨᠣᠶᠠᠨ ᠰᠦᠷᠦᠭ᠂ ᠬᠣᠰᠢᠭᠤ ᠵᠢᠰᠠ ᠶ᠋ᠢᠨ ᠠᠳᠤᠭᠤᠨ ᠡᠴᠡ ᠥᠪᠡᠷ ᠢ᠋ᠶ᠋ᠡᠨ ᠰᠢᠯᠢᠨ ᠵᠢᠭᠠᠵᠤ ᠪᠠᠷᠢᠭᠤᠯᠤᠨ ᠠᠪᠤᠭᠰᠠᠨ ᠵᠠᠭᠤᠨ ᠮᠣᠷᠢ ᠲᠠᠭᠤᠭᠠᠳ ᠶᠠᠪᠤᠬᠤ ᠳ᠋ᠤᠨᠢ 《ᠲᠠ ᠠᠭᠲᠠ ᠠᠪᠤᠭᠰᠠᠨ ᠪᠢᠴᠢᠭ ᠰᠢᠳᠬᠡᠨ ᠥᠭᠭᠦᠨ᠎ᠡ ᠤᠤ?》 ᠭᠡᠵᠦ ᠨᠣᠶᠠᠨ ᠬᠡᠯᠡᠬᠦ ᠳ᠋ᠦ᠍ ᠨᠢ 《ᠶᠠᠭᠤ? ᠲᠡᠢᠮᠦ ᠶᠠᠭᠤᠮ᠎ᠠ ᠬᠡᠷᠡᠭ ᠲᠡᠢ ᠪᠠᠢᠳᠠᠭ ᠶᠤᠮ ᠤᠤ? ᠪᠢᠳᠡ ᠪᠢᠴᠢᠭ ᠮᠡᠳᠡᠬᠦ ᠦᠭᠡᠢ》 ᠭᠡᠳ ᠲᠡᠮᠦᠷ ᠬᠥᠭᠵᠢᠯᠲᠡᠢ ᠢᠨᠢᠶᠡᠪᠡ᠃
  ᠊᠊᠊᠊᠊᠊᠊᠊᠊᠊᠊᠊᠊᠊᠊ ᠵᠠ᠂ ᠲᠡᠭᠡᠪᠡᠯ ᠪᠢᠳᠡ ᠡᠨᠡ ᠪᠢᠴᠢᠭ ᠢ᠋ ᠬᠢᠭᠰᠡᠨ ᠪᠢᠯᠡ᠃ ᠲᠠ ᠵᠥᠪᠬᠡᠨ ᠯᠡ ᠭᠠᠷ ᠤ᠋ᠨ ᠦᠰᠦᠭ ᠢ᠋ᠶ᠋ᠡᠨ ᠵᠢᠷᠤᠭᠠᠳ ᠥᠭᠭᠦᠨ᠎ᠡ ᠤᠤ ᠭᠡᠳ ᠬᠣᠰᠢᠭᠤ ᠵᠠᠬᠢᠷᠤᠭᠴᠢ ᠮᠣᠣᠲᠤᠤ ᠴᠠᠭᠠᠰᠤᠨ ᠳᠡᠭᠡᠷ᠎ᠡ ᠪᠢᠴᠢᠭᠰᠡᠨ ᠪᠢᠴᠢᠭ ᠪᠠᠷᠢᠯ᠎ᠠ᠃
  ᠊᠊᠊᠊᠊᠊᠊᠊᠊᠊᠊᠊᠊᠊᠊ ᠤᠩᠰᠢᠭᠠᠳ ᠠᠯᠢ!
  ᠊᠊᠊᠊᠊᠊᠊᠊᠊᠊᠊᠊᠊᠊᠊ ᠬᠣᠰᠢᠭᠤ ᠵᠠᠬᠢᠷᠤᠭᠴᠢ ᠪᠢᠴᠢᠭ ᠢ᠋ ᠳᠡᠯᠭᠡᠨ ᠪᠠᠷᠢᠵᠤ ᠵᠢᠩᠭᠢᠨᠡᠭᠰᠡᠨ ᠥᠨᠳᠥᠷ ᠳᠠᠭᠤ ᠪᠠᠷ ᠬᠠᠯᠬ᠎ᠠ ᠶ᠋ᠢᠨ ᠶᠡᠬᠡ ᠵᠠᠩᠵᠤᠨ ᠬᠠᠳᠠᠨ ᠪᠠᠭᠠᠲᠤᠷ ᠮᠠᠭᠰᠤᠷᠵᠠᠪ ᠤ᠋ᠨ ᠴᠡᠷᠢᠭ ᠲᠦ᠍ ᠵᠠᠭᠤᠨ ᠰᠢᠯᠢᠳᠡᠭ ᠮᠣᠷᠢ ᠳᠡᠪᠰᠢᠭᠦᠯᠦᠨ ᠪᠠᠷᠢᠭᠰᠠᠨ ᠲᠤᠬᠠᠢ ᠡᠳᠦᠢ ᠲᠡᠳᠦᠢ ᠰᠤᠯᠠ ᠦᠭᠡ ᠲᠡᠢ ᠤᠷᠲᠤ ᠪᠢᠴᠢᠭ ᠤᠩᠰᠢᠪᠠ᠃
  ᠤᠭ ᠪᠢᠴᠢᠭ ᠢ᠋ ᠤᠩᠰᠢᠵᠤ ᠪᠠᠢᠬᠤ ᠳ᠋ᠤ᠌ ᠲᠡᠮᠦᠷ ᠠᠩᠬᠠᠷᠤᠯ ᠲᠠᠢ ᠴᠢᠩᠨᠠᠨ ᠰᠣᠨᠣᠰᠤᠭᠠᠳ 《ᠵᠠ ᠪᠡᠬᠡ ᠠᠪᠤᠭᠠᠳ ᠢᠷ᠎ᠡ!》 ᠭᠡᠨ᠎ᠡ᠃ ᠬᠣᠰᠢᠭᠤ ᠵᠠᠬᠢᠷᠤᠭᠴᠢ ᠮᠥᠩᠭᠥᠨ ᠪᠢᠷ᠂ ᠶᠠᠨᠲᠠᠢ ᠡᠮᠦᠨ᠎ᠡ ᠨᠢ ᠪᠠᠷᠢᠬᠤ ᠳ᠋ᠤ᠌ ᠲᠡᠮᠦᠷ ᠪᠠᠷᠠᠭᠤᠨ ᠭᠠᠷ ᠤ᠋ᠨ ᠡᠷᠡᠬᠡᠢ ᠬᠤᠷᠤᠭᠤ ᠪᠠᠨ ᠪᠡᠬᠡ ᠳ᠋ᠦ᠍ ᠨᠤᠭᠤᠯᠤᠨ ᠲᠥᠷᠥᠵᠦ ᠪᠢᠴᠢᠭ ᠳᠡᠭᠡᠷ᠎ᠡ ᠫᠠᠯᠠᠢᠲᠠᠯ᠎ᠠ ᠳᠠᠷᠤᠵᠤ ᠣᠷᠬᠢᠭᠠᠳ ᠶᠠᠪᠤᠭᠰᠠᠨ ᠪᠢᠯᠡ᠃
  ᠊᠊᠊᠊᠊᠊᠊᠊᠊᠊᠊᠊᠊᠊᠊ ᠲᠡᠮᠦᠷ ᠭᠤᠸᠠᠢ ᠲᠠᠪᠤᠨ ᠵᠠᠭᠤᠨ ᠮᠣᠷᠢ ᠠᠪᠤᠭᠰᠠᠨ ᠭᠡᠵᠦ ᠪᠢᠴᠢᠭᠰᠡᠨ ᠪᠢᠰᠢ ᠪᠠᠢᠭ᠎ᠠ ᠳᠠ ᠭᠡᠵᠦ ᠨᠢᠭᠡ ᠨᠥᠬᠥᠷ ᠨᠢ ᠬᠡᠯᠡᠬᠦ ᠳ᠋ᠦ᠍
  ᠊᠊᠊᠊᠊᠊᠊᠊᠊᠊᠊᠊᠊᠊᠊ ᠮᠢᠩᠭ᠎ᠠ ᠭᠡᠵᠦ ᠪᠢᠴᠢᠭᠰᠡᠨ ᠴᠦ᠍ ᠶᠠᠭᠠᠬᠢᠳᠠᠭ ᠶᠤᠮ ᠪᠣᠢ ᠭᠡᠳ ᠲᠡᠮᠦᠷ ᠢᠨᠢᠶᠡᠵᠡᠢ᠃
  ᠬᠠᠳᠠᠨ ᠪᠠᠭᠠᠲᠤᠷ ᠤ᠋ᠨ ᠴᠡᠷᠢᠭ ᠠᠮᠠ ᠤᠷᠤᠭᠤᠳᠠᠨ ᠶᠠᠪᠤᠭᠰᠠᠭᠠᠷ ᠪᠠᠢᠯ᠎ᠠ᠃ ᠳᠤᠯᠮ᠎ᠠ ᠪᠠᠢᠨ ᠪᠠᠢᠨ ᠡᠷᠭᠢᠵᠦ ᠬᠠᠷᠠᠬᠤ ᠳ᠋ᠤ᠌ ᠲᠡᠮᠦᠷ ᠵᠥᠭᠡᠯᠡᠬᠡᠨ ᠪᠥᠭᠡᠳ ᠠᠭᠤᠳᠠᠮ ᠬᠠᠢᠷ᠎ᠠ ᠶ᠋ᠢᠨ ᠤᠶᠠᠬᠠᠨ ᠢᠨᠢᠶᠡᠮᠰᠦᠭᠯᠡᠯ ᠪᠡᠯᠡᠭᠳᠡᠨ᠎ᠡ᠃ ᠵᠣᠪᠠᠵᠤ ᠭᠤᠨᠢᠭᠰᠠᠨ ᠰᠡᠳᠬᠢᠯ ᠳ᠋ᠦ᠍ ᠬᠣᠷᠸ᠎ᠠ ᠪᠦᠭᠴᠢᠮ᠂ ᠢᠪᠴᠤᠤ ᠪᠥᠭᠡᠳ ᠳᠡᠭᠡᠷᠡᠩᠭᠦᠢ ᠪᠠᠢᠳᠠᠭ ᠪᠣᠯ ᠪᠠᠶᠠᠷ ᠵᠢᠷᠭᠠᠯ ᠢ᠋ᠶ᠋ᠠᠷ ᠳᠦᠭᠦᠷᠦᠭᠰᠡᠨ ᠰᠡᠳᠬᠢᠯ ᠢ᠋ ᠣᠷᠴᠢᠮ ᠤ᠋ᠨ ᠶᠠᠭᠤᠮ᠎ᠠ ᠪᠦᠬᠦᠨ ᠴᠢᠮᠡᠵᠦ ᠳᠡᠯᠭᠡᠷ ᠠᠭᠤᠵᠢᠮ ᠪᠣᠯᠭᠠᠳᠠᠭ ᠪᠢᠯᠡ᠃ ᠳᠤᠯᠮ᠎ᠠ ᠶ᠋ᠢᠨ ᠨᠢᠳᠦᠨ ᠳ᠋ᠦ᠍ ᠲᠤᠰᠤᠭᠰᠠᠨ ᠪᠦᠬᠦᠨ ᠬᠥᠩᠭᠡᠨ ᠭᠠᠪᠰᠢᠭᠠᠢ᠂ ᠭᠡᠷᠡᠯ ᠭᠡᠭᠡ ᠲᠡᠢ ᠰᠠᠨᠠᠭᠳᠠᠨ᠎ᠠ᠃
  ᠊᠊᠊᠊᠊᠊᠊᠊᠊᠊᠊᠊᠊᠊᠊ ᠬᠠᠷᠢ ᠶ᠋ᠢᠨ ᠳᠠᠢᠰᠤᠨ ᠬᠠᠪᠤᠷ ᠤ᠋ᠨ ᠴᠠᠰᠤ ᠰᠢᠭ᠋ ᠬᠠᠢᠯᠤᠨ ᠳᠠᠷᠤᠭᠳᠠᠵᠤ ᠮᠣᠩᠭᠣᠯ ᠣᠷᠣᠨ ᠲᠤᠰᠠᠭᠠᠷ ᠤᠯᠤᠰ ᠪᠣᠯᠤᠭᠠᠳ ᠢᠷᠭᠤᠢ ᠴᠡᠴᠡᠭ ᠦ᠋ᠨ ᠠᠳᠠᠯᠢ ᠳᠡᠯᠭᠡᠷᠡᠨ ᠰᠡᠷᠭᠦᠬᠦ ᠴᠠᠭ ᠲᠤ᠌ ᠪᠢᠳᠡ ᠶᠡᠬᠡ ᠰᠠᠯᠬᠢᠨ ᠳ᠋ᠤ᠌ ᠣᠷᠣᠨ ᠭᠡᠷ ᠢ᠋ᠶ᠋ᠡᠨ ᠲᠣᠭᠲᠠᠭᠠᠵᠤ ᠶᠠᠳᠠᠭᠰᠠᠨ ᠡᠵᠡᠨ ᠬᠥᠮᠦᠨ ᠦ᠌ ᠪᠠᠬᠠᠳᠤᠮ᠎ᠠ ᠰᠡᠳᠬᠢᠯ ᠢ᠋ᠶ᠋ᠡᠷ ᠪᠡᠶᠡᠰᠦᠨ ᠠᠮᠤᠷ ᠵᠢᠮᠤᠷ ᠠᠮᠢᠳᠤᠷᠠᠬᠤ ᠪᠣᠯᠤᠨ᠎ᠠ ᠭᠡᠰᠡᠨ ᠬᠠᠳᠠᠨ ᠪᠠᠭᠠᠲᠤᠷ ᠤ᠋ᠨ ᠦᠭᠡ ᠳᠤᠯᠮ᠎ᠠ ᠶ᠋ᠢᠨ ᠰᠡᠳᠬᠢᠯ ᠢ᠋ ᠡᠵᠡᠯᠡᠨ᠎ᠡ᠃
  ᠤᠴᠢᠷ ᠨᠢ ᠭᠡᠪᠡᠯ ᠡᠨᠡ ᠡᠮᠡᠭᠲᠡᠢ ᠲᠡᠢᠨ ᠰᠠᠮᠠᠭᠤᠨ ᠪᠤᠰᠢᠭᠤᠬᠠᠨ ᠳᠠᠭᠤᠰᠴᠤ᠂ ᠲᠡᠮᠦᠷ ᠲᠡᠢ ᠪᠡᠨ ᠬᠠᠮᠲᠤ ᠥᠪᠡᠷ ᠦ᠋ᠨ ᠭᠡᠬᠦ ᠣᠷᠣᠨ ᠭᠡᠷ ᠢ᠋ᠶ᠋ᠡᠨ ᠪᠤᠰᠬᠠᠨ ᠡᠩᠬᠡ ᠲᠠᠢᠪᠤᠩ ᠠᠮᠢᠳᠤᠷᠠᠬᠤ ᠡᠴᠡ ᠢᠯᠡᠭᠦᠦ ᠬᠦᠰᠡᠯ ᠮᠥᠷᠥᠭᠡᠳᠦᠯ ᠦᠭᠡᠢ ᠪᠠᠢᠯ᠎ᠠ᠃ ᠠᠯᠢ ᠨᠢᠭᠡᠨ ᠨᠤᠲᠤᠭ ᠲᠤ᠌ ᠲᠡᠮᠦᠷ ᠦ᠋ᠨ ᠬᠢ ᠭᠡᠵᠦ ᠳᠥᠷᠪᠡᠨ ᠬᠠᠨ᠎ᠠ ᠲᠠᠢ ᠭᠡᠷ ᠲᠡᠢ᠂ ᠬᠡᠳᠦᠨ ᠮᠠᠯ ᠲᠠᠢ ᠠᠢᠯ ᠪᠣᠢ ᠪᠣᠯᠤᠭᠠᠳ ᠲᠡᠷᠡ ᠭᠡᠷ ᠦ᠋ᠨ ᠡᠵᠡᠭᠲᠡᠢ ᠨᠢ ᠳᠤᠯᠮ᠎ᠠ ᠪᠠᠢᠨ᠎ᠠ ᠭᠡᠳᠡᠭ ᠪᠣᠳᠣᠯ ᠳᠤᠯᠮ᠎ᠠ ᠶ᠋ᠢᠨ ᠬᠦᠰᠡᠯ ᠦ᠋ᠨ ᠦᠵᠦᠭᠦᠷ ᠪᠠᠢᠭᠰᠠᠨ ᠪᠣᠯ ᠡᠨᠡ ᠠᠢᠯ ᠶᠠᠮᠠᠷ ᠪᠠᠢᠬᠤ ᠪᠣᠢ? ᠭᠡᠳᠡᠭ ᠪᠣᠳᠣᠯ ᠳᠤᠯᠮ᠎ᠠ ᠶ᠋ᠢᠨ ᠰᠠᠨᠠᠭ᠎ᠠ ᠰᠡᠳᠬᠢᠯ ᠢ᠋ ᠡᠵᠡᠮᠳᠡᠨ᠎ᠡ᠃
  ᠣᠷᠣ ᠪᠠᠨ ᠬᠠᠮᠢᠭ᠎ᠠ ᠶᠠᠭᠠᠬᠢᠵᠤ ᠵᠠᠰᠠᠬᠤ᠂ ᠬᠥᠯ ᠦ᠋ᠨ ᠠᠪᠳᠠᠷ᠎ᠠ ᠳ᠋ᠠᠭᠠᠨ ᠶᠠᠭᠤ ᠶᠠᠭᠤ ᠪᠠᠨ ᠬᠢᠬᠦ᠂ ᠥᠷᠯᠥᠭᠡ ᠶᠠᠭᠠᠬᠢᠵᠤ ᠪᠣᠰᠬᠤ᠂ ᠭᠠᠷᠬᠤ ᠬᠦᠦ ᠳ᠋ᠡᠭᠡᠨ ᠬᠡᠨ ᠭᠡᠵᠦ ᠨᠡᠷ᠎ᠡ ᠥᠭᠬᠦ᠂ ᠶᠠᠭᠠᠬᠢᠵᠤ ᠥᠰᠬᠡᠬᠦ ᠵᠡᠷᠭᠡ ᠶ᠋ᠢ ᠪᠣᠳᠣᠨ᠎ᠠ ᠭᠡᠳᠡᠭ ᠶᠠᠭᠤᠲᠠᠢ ᠰᠠᠢᠬᠠᠨ ᠪᠢᠯᠡ᠃
  ᠳᠤᠯᠮ᠎ᠠ ᠬᠥᠮᠦᠨ ᠦ᠌ ᠡᠬᠡᠨᠡᠷ ᠴᠦ᠍ ᠪᠠᠢᠵᠤ ᠦᠵᠡᠭᠰᠡᠨ᠂ ᠬᠥᠯ ᠦ᠋ᠨ ᠠᠪᠳᠠᠷ᠎ᠠ ᠶ᠋ᠢᠨ ᠡᠵᠡᠨ ᠴᠦ᠍ ᠪᠣᠯᠵᠤ ᠦᠵᠡᠭᠰᠡᠨ᠃ ᠭᠡᠪᠡᠴᠦ ᠣᠳᠣ ᠢᠷᠡᠬᠦ ᠠᠮᠢᠳᠤᠷᠠᠯ ᠨᠢ ᠲᠡᠷᠡ ᠪᠦᠬᠦᠨ ᠡᠴᠡ ᠱᠠᠯ ᠥᠭᠡᠷ᠎ᠡ ᠪᠠᠢᠬᠤ ᠶᠣᠰᠣᠲᠠᠢ ᠭᠡᠵᠦ ᠢᠲᠡᠭᠡᠯ ᠲᠡᠢ ᠪᠣᠳᠣᠨ᠎ᠠ᠃ ᠲᠡᠷᠡ ᠢᠯᠭᠠᠪᠤᠷᠢ ᠪᠣᠯ ᠵᠥᠪᠬᠡᠨ ᠰᠡᠳᠬᠢᠯ ᠰᠠᠨᠠᠭᠠᠨ ᠳ᠋ᠤ᠌ ᠪᠢᠰᠢ ᠣᠷᠣ ᠳᠡᠪᠢᠰᠬᠡᠷ᠂ ᠬᠥᠯ ᠦ᠋ᠨ ᠠᠪᠳᠠᠷ᠎ᠠ ᠴᠥᠮ ᠳ᠋ᠦ᠍ᠨᠢ ᠪᠠᠢᠬᠤ ᠶᠣᠰᠣᠲᠠᠢ ᠶᠤᠮ ᠭᠡᠳᠡᠭ ᠲᠦ᠍ ᠳᠤᠯᠮ᠎ᠠ ᠣᠭᠲᠣ ᠡᠷᠡᠭᠡᠯᠵᠡᠳᠡᠭ ᠦᠭᠡᠢ ᠪᠠᠢᠵᠠᠢ᠃
  ᠥᠷᠯᠥᠭᠡ ᠠᠢᠯ ᠪᠦᠬᠦᠨ ᠡᠴᠡ ᠡᠷᠲᠡ ᠪᠣᠰᠤᠭᠠᠳ ᠲᠡᠮᠦᠷ ᠲᠡᠭᠡᠨ ᠦᠶ᠎ᠡ ᠰᠡᠭᠦᠯ ᠲᠡᠢ᠂ ᠲᠣᠰᠣ ᠰᠠᠮᠤᠷᠤᠭᠰᠠᠨ ᠬᠢᠴᠡ ᠲᠡᠢ ᠰᠢᠷᠭᠠᠯ ᠴᠠᠢ ᠴᠢᠨᠠᠵᠤ ᠥᠭᠬᠦ ᠪᠡᠨ ᠬᠦᠷᠲᠡᠯ᠎ᠡ ᠬᠡᠳᠦ ᠬᠡᠳᠦᠨ ᠶᠠᠩᠵᠤ ᠪᠠᠷ ᠡᠷᠭᠢᠴᠡᠭᠦᠯᠦᠨ ᠪᠣᠳᠣᠨ᠎ᠠ᠃ ᠢᠷᠡᠭᠡᠳᠦᠢ ᠳ᠋ᠦ᠍ ᠪᠣᠢ ᠪᠣᠯᠬᠤ ᠲᠡᠮᠦᠷ ᠭᠡᠳᠡᠭ ᠵᠢᠷᠭᠠᠯ ᠲᠠᠢ ᠠᠢᠯ ᠤ᠋ᠨ ᠲᠤᠬᠠᠢ ᠪᠣᠳᠣᠵᠤ ᠶᠠᠪᠤᠭᠠᠳ ᠡᠷᠭᠢᠵᠦ ᠬᠠᠷᠠᠬᠤ ᠪᠦᠷᠢ ᠳ᠋ᠦ᠍ ᠲᠡᠮᠦᠷ ᠲᠡᠷᠡ ᠪᠣᠳᠣᠯ ᠢ᠋ ᠨᠢ ᠰᠠᠢᠰᠢᠶᠠᠭᠰᠠᠨ ᠮᠡᠲᠦ ᠬᠠᠯᠠᠭᠤᠨ ᠬᠠᠢᠷ᠎ᠠ ᠪᠠᠷ ᠴᠢᠮᠡᠭᠳᠡᠭᠰᠡᠨ ᠢᠨᠢᠶᠡᠮᠰᠦᠭᠯᠡᠯ ᠪᠡᠯᠡᠭᠳᠡᠬᠦ ᠳ᠋ᠦ᠍ᠨᠢ 《ᠲᠡᠮᠦᠷ ᠮᠢᠨᠢ ᠪᠠᠰᠠ ᠯᠠ ᠪᠣᠳᠣᠵᠤ ᠪᠠᠢᠭ᠎ᠠ ᠰᠢᠦ ᠳᠡ》 ᠭᠡᠵᠦ ᠰᠠᠨᠠᠭᠠᠳ ᠦᠷᠭᠦᠯᠵᠢᠯᠡᠭᠦᠯᠦᠨ ᠰᠢᠨ᠎ᠡ ᠠᠮᠢᠳᠤᠷᠠᠯ ᠤ᠋ᠨ ᠢ᠋ᠶ᠋ᠠᠨ ᠲᠤᠬᠠᠢ ᠪᠣᠳᠣᠨ᠎ᠠ᠃
  ᠦᠨᠡᠨ ᠳ᠋ᠡᠭᠡᠨ ᠲᠡᠮᠦᠷ ᠴᠣ ᠰᠢᠨ᠎ᠡ ᠠᠮᠢᠳᠤᠷᠠᠯ ᠤ᠋ᠨ ᠲᠤᠬᠠᠢ ᠳᠠᠬᠢᠨ ᠳᠠᠬᠢᠨ ᠪᠣᠳᠣᠳᠠᠭ ᠪᠠᠢᠯ᠎ᠠ᠃ ᠲᠡᠢᠨ ᠳᠠᠭᠤᠰᠴᠤ ᠠᠮᠤᠷ ᠲᠠᠢᠪᠤᠩ ᠪᠣᠯᠤᠭᠰᠠᠨ ᠴᠠᠭ ᠲᠤ᠌ ᠳᠤᠯᠮ᠎ᠠ ᠲᠠᠢ ᠪᠠᠨ ᠬᠠᠮᠲᠤ ᠠᠮᠢᠳᠤᠷᠠᠬᠤ ᠲᠤᠬᠠᠢ ᠪᠣᠳᠣᠬᠤ ᠦᠭᠡᠢ ᠪᠠᠢᠵᠤ ᠲᠡᠮᠦᠷ ᠴᠢᠳᠠᠬᠤ ᠦᠭᠡᠢ ᠨᠢ ᠮᠡᠳᠡᠭᠡᠵᠢ ᠬᠡᠷᠡᠭ᠃ ᠲᠡᠮᠦᠷ ᠦ᠋ᠨ ᠥᠪᠡᠷ ᠦ᠋ᠨ ᠭᠡᠷ ᠲᠦ᠍ ᠬᠥᠯ ᠵᠢᠭᠢᠨ ᠠᠮᠢᠳᠤᠷᠠᠬᠤ ᠶ᠋ᠢᠨ ᠠᠮᠲᠠ ᠶ᠋ᠢ ᠤᠳᠠᠭᠠᠨ ᠡᠳ᠋ᠯᠡᠭᠡ ᠦᠭᠡᠢ᠂ ᠭᠡᠪᠡᠴᠦ ᠲᠡᠮᠦᠷ ᠢᠷᠡᠬᠦ ᠰᠢᠨ᠎ᠡ ᠠᠮᠢᠳᠤᠷᠠᠯ ᠢ᠋ᠶ᠋ᠠᠨ ᠬᠡᠳᠦᠨ ᠮᠠᠯ ᠬᠣᠲᠠᠯᠠᠭᠰᠠᠨ᠂ ᠳᠥᠷᠪᠡᠨ ᠬᠠᠨ᠎ᠠ ᠲᠠᠢ ᠭᠡᠷ ᠦ᠋ᠨ ᠳᠣᠲᠣᠷ᠎ᠠ ᠰᠢᠭᠠᠵᠤ ᠣᠷᠣᠭᠤᠯᠳᠠᠭ ᠦᠭᠡᠢ ᠪᠠᠢᠪᠠ᠃
  《ᠮᠣᠩᠭᠣᠯ ᠣᠷᠣᠨ ᠤ᠋ ᠲᠡᠦᠬᠡᠨ ᠳ᠋ᠦ᠍ ᠰᠢᠨ᠎ᠡ ᠦᠶ᠎ᠡ ᠡᠬᠢᠯᠡᠨ᠎ᠡ᠃ ᠠᠷᠠᠳ ᠲᠦᠮᠡᠨ ᠡᠷᠬᠡ ᠣᠯᠵᠤ᠂ ᠤᠯᠤᠰ ᠤ᠋ᠨ ᠡᠵᠡᠨ ᠪᠣᠯᠤᠨ᠎ᠠ᠃ ᠲᠡᠷᠡ ᠦᠶ᠎ᠡ ᠳ᠋ᠦ᠍ ᠰᠢᠳᠤᠷᠭᠤ ᠶᠣᠰᠣ ᠢᠯᠠᠵᠤ᠂ ᠬᠥᠷᠥᠩᠭᠡ ᠲᠡᠢ ᠨᠢ ᠬᠥᠷᠥᠩᠭᠡ ᠦᠭᠡᠢ ᠪᠡᠨ᠂ ᠡᠷᠬᠡ ᠶᠠᠩᠪᠠ ᠲᠠᠢ ᠨᠢ ᠡᠷᠬᠡ ᠮᠠᠲᠠᠯ ᠦᠭᠡᠢ ᠪᠡᠨ ᠳᠠᠷᠤᠯᠠᠨ ᠵᠣᠪᠠᠭᠠᠵᠤ ᠴᠢᠳᠠᠬᠤ ᠦᠭᠡᠢ ᠪᠣᠯᠤᠨ᠎ᠠ》 ᠭᠡᠰᠡᠨ ᠬᠠᠳᠠᠨ ᠪᠠᠭᠠᠲᠤᠷ ᠤ᠋ᠨ ᠦᠭᠡ ᠲᠡᠮᠦᠷ ᠦ᠋ᠨ ᠰᠡᠳᠬᠢᠯ ᠢ᠋ ᠦᠯᠡᠮᠵᠢ ᠬᠥᠳᠡᠯᠭᠡᠵᠦ᠂ ᠲᠡᠷᠡ ᠡᠳᠦᠷ ᠤᠳᠠᠬᠤ ᠦᠭᠡᠢ ᠢᠷᠡᠬᠦ ᠳ᠋ᠦ᠍ ᠬᠢᠵᠠᠭᠠᠷ ᠦᠭᠡᠢ ᠢᠲᠡᠭᠡᠵᠡᠢ᠃
  ᠤᠤᠯ ᠡᠴᠡ ᠢᠲᠡᠭᠡᠮᠡᠲᠡᠭᠡᠢ ᠲᠡᠮᠦᠷ ᠬᠠᠳᠠᠨ ᠪᠠᠭᠠᠲᠤᠷ ᠤ᠋ᠨ ᠴᠡᠷᠢᠭ ᠲᠦ᠍ ᠣᠷᠣᠭᠰᠠᠨ ᠡᠴᠡ ᠬᠣᠢᠰᠢ ᠤᠯᠠᠮ ᠴᠤ᠌ ᠢᠲᠡᠭᠡᠮᠡᠲᠡᠭᠡᠢ ᠪᠣᠯᠵᠠᠢ᠃ ᠭᠡᠬᠦ ᠳ᠋ᠡᠭᠡᠨ ᠤᠷᠢᠳᠤ 《ᠡᠨᠡ ᠨᠠᠳᠠ ᠭᠡᠮ ᠬᠢᠵᠦ ᠴᠢᠳᠠᠬᠤ ᠦᠭᠡᠢ》 ᠭᠡᠬᠦ ᠪᠤᠶᠤ 《ᠡᠨᠡ ᠪᠣᠯ ᠶᠠᠳᠠᠷᠠᠭᠰᠠᠨ ᠠᠮᠢᠲᠠᠨ》 ᠭᠡᠵᠦ ᠢᠲᠡᠭᠡᠳᠡᠭ ᠪᠠᠢᠭᠰᠠᠨ ᠪᠣᠯ ᠣᠳᠣ 《ᠡᠨᠡ ᠴᠦ᠍ ᠵᠥᠪ ᠶᠠᠭᠤᠮ᠎ᠠ ᠬᠡᠯᠡᠵᠦ ᠪᠠᠢᠨ᠎ᠠ》 ᠭᠡᠬᠦ ᠪᠤᠶᠤ 《ᠡᠨᠡ ᠴᠦ᠍ ᠤᠬᠠᠭᠠᠨ ᠲᠠᠢ ᠬᠥᠮᠦᠨ ᠶᠤᠮ ᠳᠡ》 ᠭᠡᠵᠦ ᠪᠣᠳᠣᠭᠠᠳ ᠪᠢᠰᠢᠷᠡᠨ ᠢᠲᠡᠭᠡᠳᠡᠭ ᠪᠣᠯᠵᠠᠢ᠃
  ᠲᠡᠮᠦᠷ ᠨᠣᠶᠠᠳ ᠪᠠᠶᠠᠳ ᠤ᠋ᠨ ᠬᠡᠮᠵᠢᠶᠡᠯᠡᠰᠢ ᠦᠭᠡᠢ ᠡᠷᠬᠡ ᠮᠠᠲᠠᠯ ᠢ᠋ ᠡᠷ᠎ᠡ ᠵᠣᠷᠢᠭ ᠢ᠋ᠶ᠋ᠠᠷ ᠳᠣᠷᠣᠮᠵᠢᠯᠠᠨ ᠶᠠᠪᠤᠵᠤ ᠪᠢᠯᠡ᠃ ᠴᠢᠩᠭᠢᠵᠦ ᠶᠠᠪᠤᠬᠤ ᠳ᠋ᠠᠭᠠᠨ ᠥᠪᠡᠷ ᠡᠴᠡ ᠨᠢ ᠴᠢᠳᠠᠯ ᠵᠣᠷᠢᠭ ᠤᠬᠠᠭᠠᠨ ᠲᠠᠢ ᠡᠷ᠎ᠡ ᠦᠭᠡᠢ ᠭᠡᠵᠦ ᠪᠣᠳᠣᠵᠤ ᠶᠠᠪᠤᠭᠰᠠᠨ᠃ ᠡᠨᠡ ᠴᠦ᠍ ᠤᠴᠢᠷ ᠡᠴᠡ ᠬᠣᠷᠸ᠎ᠠ ᠶ᠋ᠢᠨ ᠬᠠᠷ᠎ᠠ ᠠᠮᠢᠳᠤᠷᠠᠯ ᠢ᠋ ᠵᠢᠭᠰᠢᠵᠦ᠂ ᠬᠤᠷᠳᠤᠨ ᠮᠣᠷᠢᠨ ᠤ᠋ ᠨᠢᠷᠤᠭᠤ᠂ ᠡᠵᠡᠭᠦᠢ ᠬᠡᠭᠡᠷ᠎ᠡ ᠥᠨᠳᠥᠷ ᠠᠭᠤᠯᠠ ᠪᠠᠷ ᠨᠥᠬᠥᠷ ᠬᠢᠵᠦ ᠶᠠᠪᠤᠯ᠎ᠠ᠃ ᠬᠠᠳᠠᠨ ᠪᠠᠭᠠᠲᠤᠷ ᠤ᠋ᠨ ᠴᠡᠷᠢᠭ ᠲᠦ᠍ ᠣᠷᠣᠭᠰᠠᠨ ᠡᠴᠡ ᠬᠣᠢᠰᠢ ᠲᠡᠮᠦᠷ ᠦ᠋ᠨ ᠪᠦᠭᠦᠳᠡ ᠶ᠋ᠢ ᠳᠡᠭᠡᠷ᠎ᠡ ᠡᠴᠡ ᠬᠠᠷᠠᠳᠠᠭ ᠪᠠᠷᠳᠠᠮ ᠰᠡᠳᠬᠢᠯ ᠠᠯᠭᠤᠷ ᠢ᠋ᠶ᠋ᠠᠷ ᠳᠠᠷᠤᠭᠳᠠᠨ ᠪᠤᠰᠤᠳ ᠤ᠋ᠨ ᠤᠬᠠᠭᠠᠨ ᠰᠠᠨᠠᠭ᠎ᠠ᠂ ᠡᠷ᠎ᠡ ᠴᠢᠳᠠᠯ ᠳ᠋ᠤ᠌ ᠢᠲᠡᠭᠡᠬᠦ ᠰᠡᠳᠬᠢᠯ ᠪᠠᠳᠠᠷᠠᠨ ᠪᠠᠢᠯ᠎ᠠ᠃
  ᠥᠪᠡᠷ ᠢ᠋ ᠨᠢ ᠬᠣᠣᠰ ᠮᠣᠷᠢ ᠲᠠᠢ ᠨᠢᠰᠴᠦ ᠶᠠᠪᠤᠬᠤ ᠳ᠋ᠤ᠌ ᠭᠠᠬᠠᠢ ᠶᠠᠪᠠᠭᠠᠨ ᠢ᠋ᠶ᠋ᠠᠷ ᠪᠠᠷᠠᠬᠤ ᠦᠭᠡᠢ ᠭᠤᠢᠯᠢᠨᠴᠢᠨ ᠪᠠᠢᠭᠰᠠᠨ ᠪᠥᠭᠡᠳ ᠥᠪᠡᠷ ᠦ᠋ᠨ ᠬᠢᠨᠢ ᠰᠠᠢᠨ ᠰᠡᠳᠬᠢᠯ ᠦ᠋ᠨ ᠲᠤᠰᠠᠯᠠᠮᠵᠢ ᠪᠠᠷ ᠬᠥᠯ ᠵᠠᠯᠭᠠᠵᠤ ᠨᠤᠲᠤᠭ ᠲᠠᠭᠠᠨ ᠬᠠᠷᠢᠵᠤ ᠪᠠᠢᠭᠰᠠᠨ ᠬᠤᠶᠠᠭ ᠣᠳᠣ ᠬᠠᠳᠠᠨ ᠪᠠᠭᠠᠲᠤᠷ ᠤ᠋ᠨ ᠪᠠᠷᠠᠭᠤᠨ ᠭᠠᠷ ᠤ᠋ᠨ ᠬᠥᠮᠦᠨ ᠪᠣᠯᠤᠭᠠᠳ ᠲᠤᠯᠤᠯᠳᠤᠭᠠᠨ ᠳ᠋ᠤ᠌ ᠢᠯᠠᠵᠤ ᠶᠠᠪᠤᠭ᠎ᠠ ᠶ᠋ᠢ ᠬᠠᠷᠠᠬᠤ ᠳ᠋ᠤ᠌ ᠡᠷ᠎ᠡ ᠶ᠋ᠢ ᠬᠡᠵᠢᠶ᠎ᠡ ᠴᠦ᠍ ᠪᠠᠰᠤᠵᠤ ᠪᠣᠯᠬᠤ ᠦᠭᠡᠢ ᠠᠵᠢ᠃ ᠢᠩᠭᠢᠵᠦ ᠶᠠᠪᠤᠬᠤ ᠳ᠋ᠤ᠌ ᠬᠤᠶᠠᠭ ᠥᠪᠡᠷ ᠦ᠋ᠨ ᠬᠢᠨᠢ ᠪᠣᠳᠣᠭ᠎ᠠ ᠦᠭᠡᠢ ᠵᠦᠢᠯ ᠢ᠋ ᠪᠣᠳᠣᠵᠤ᠂ ᠮᠡᠳᠡᠭᠡ ᠦᠭᠡᠢ ᠵᠦᠢᠯ ᠢ᠋ ᠮᠡᠳᠡᠳᠡᠭ ᠢ᠋ ᠲᠡᠮᠦᠷ ᠣᠢᠯᠠᠭᠠᠪᠠ᠃
  ᠥᠪᠡᠷ ᠡᠴᠡ ᠪᠡᠨ ᠳᠣᠣᠷ᠎ᠠ ᠭᠡᠵᠦ ᠦᠵᠡᠵᠦ ᠶᠠᠪᠤᠭᠰᠠᠨ ᠬᠥᠮᠦᠨ ᠳᠡᠭᠡᠷ᠎ᠡ ᠪᠣᠯᠬᠤ ᠳ᠋ᠤ᠌ ᠵᠠᠷᠢᠮ ᠬᠥᠮᠦᠨ ᠳ᠋ᠦ᠍ ᠠᠲᠠᠭᠠᠷᠬᠠᠬᠤ ᠰᠡᠳᠬᠢᠯ ᠡᠭᠦᠰᠦᠨ ᠭᠠᠷᠴᠤ ᠬᠠᠢᠷᠠᠯᠠᠨ ᠦᠵᠡᠵᠦ ᠪᠠᠢᠭᠰᠠᠨ ᠢ᠋ᠶ᠋ᠠᠨ ᠳᠠᠢᠰᠤᠩᠨᠠᠨ ᠦᠵᠡᠳᠡᠭ ᠤᠳᠠᠭ᠎ᠠ ᠪᠢᠰᠢᠭᠦᠢ ᠪᠠᠢᠳᠠᠭ᠃ ᠶᠡᠷᠦ ᠨᠢ ᠴᠦ᠍ ᠬᠣᠷᠸ᠎ᠠ ᠶ᠋ᠢᠨ ᠠᠲᠠᠭ᠎ᠠ ᠵᠢᠲᠥᠭᠡ ᠡᠭᠦᠨ ᠡᠴᠡ ᠡᠭᠦᠰᠳᠡᠭ ᠪᠢᠯᠡ᠃
  ᠬᠠᠷᠢᠨ ᠲᠡᠮᠦᠷ ᠪᠣᠯ ᠬᠤᠶᠠᠭ ᠲᠠᠢ ᠠᠲᠠᠭᠠᠷᠬᠠᠬᠤ ᠰᠡᠳᠬᠢᠯ ᠣᠭᠲᠣ ᠪᠠᠢᠭᠰᠠᠨ ᠦᠭᠡᠢ᠃ ᠡᠳᠦᠷ ᠬᠣᠨᠣᠭ ᠥᠩᠭᠡᠷᠡᠬᠦ ᠳᠣᠳᠣᠮ ᠲᠡᠭᠦᠨ ᠳ᠋ᠦ᠍ ᠢᠳᠡᠭᠡᠨ ᠪᠢᠰᠢᠷᠡᠬᠦ ᠰᠡᠳᠬᠢᠯ ᠨᠢ ᠬᠥᠭᠵᠢᠵᠦ ᠪᠠᠢᠯ᠎ᠠ᠃
  ᠬᠠᠳᠠᠨ ᠪᠠᠭᠠᠲᠤᠷ ᠪᠣᠯ ᠲᠡᠮᠦᠷ ᠦ᠋ᠨ ᠰᠡᠳᠬᠢᠯ ᠳ᠋ᠦ᠍ ᠡᠷ᠎ᠡ ᠬᠥᠮᠦᠨ ᠦ᠌ ᠦᠯᠢᠭᠡᠷ ᠪᠣᠯᠤᠨ ᠪᠡᠬᠢᠵᠢᠵᠦ ᠪᠠᠢᠵᠠᠢ᠃ ᠨᠥᠬᠥᠷ ᠲᠡᠭᠡᠨ ᠨᠠᠮᠤᠷ ᠤ᠋ᠨ ᠨᠣᠭᠣᠭ᠎ᠠ ᠰᠢᠭ᠋᠂ ᠳᠠᠢᠰᠤᠨ ᠳ᠋ᠤ᠌ ᠣᠷᠣᠭᠰᠠᠨ ᠪᠤᠤᠷ᠎ᠠ ᠰᠢᠭ᠋ ᠪᠠᠢᠳᠠᠭ ᠬᠠᠳᠠᠨ ᠪᠠᠭᠠᠲᠤᠷ ᠤ᠋ᠨ ᠵᠠᠩ ᠢ᠋ ᠬᠠᠷᠠᠬᠤ ᠳᠣᠳᠣᠮ ᠲᠡᠮᠦᠷ ᠲᠦ᠍ ᠠᠮᠢᠳᠤᠷᠠᠯ ᠳ᠋ᠠᠭᠠᠨ ᠭᠡᠨᠡᠳᠡᠵᠦ ᠶᠠᠪᠤᠭᠰᠠᠨ ᠪᠦᠬᠦᠨ ᠨᠢ ᠨᠥᠬᠥᠷ ᠳᠠᠢᠰᠤᠨ ᠢ᠋ᠶ᠋ᠠᠨ ᠢᠯᠭᠠᠵᠤ ᠴᠢᠳᠠᠳᠠᠭ ᠦᠭᠡᠢ ᠡᠴᠡ ᠪᠣᠯᠤᠭᠰᠠᠨ ᠮᠡᠲᠦ ᠪᠣᠳᠣᠭᠳᠠᠵᠤ ᠪᠠᠢᠯ᠎ᠠ᠃
  ᠡᠭᠦᠨ ᠡᠴᠡ ᠭᠠᠳᠠᠨ᠎ᠠ ᠡᠨᠡ ᠲᠡᠢᠨ ᠳᠠᠭᠤᠰᠤᠭᠰᠠᠨ ᠴᠠᠭ ᠲᠤ᠌ ᠲᠡᠮᠦᠷ ᠦ᠋ᠨ ᠬᠢ ᠭᠡᠵᠦ ᠠᠷᠢᠭᠤᠨ ᠰᠢᠳᠤᠷᠭᠤ ᠪᠠᠷ ᠠᠮᠢᠳᠤᠷᠠᠭᠰᠠᠨ ᠵᠢᠷᠭᠠᠯ ᠲᠠᠢ ᠠᠢᠯ ᠪᠣᠢ ᠪᠣᠯᠬᠤ ᠳ᠋ᠤ᠌ ᠲᠡᠮᠦᠷ ᠢᠲᠡᠭᠡᠵᠦ ᠪᠠᠢᠯ᠎ᠠ᠃ ᠭᠡᠬᠦ ᠳ᠋ᠡᠭᠡᠨ ᠬᠠᠭᠤᠴᠢᠨ ᠲᠥᠷᠥ᠂ ᠬᠡᠮᠵᠢᠶ᠎ᠡ ᠦᠭᠡᠢ ᠡᠷᠬᠡ ᠶᠠᠩᠪᠠ ᠪᠠᠢᠭᠰᠠᠨ ᠴᠠᠭ ᠲᠤ᠌ ᠲᠡᠷᠡ ᠠᠢᠯ ᠪᠣᠢ ᠪᠣᠯᠬᠤ ᠦᠭᠡᠢ ᠭᠡᠳᠡᠭ ᠢ᠋ ᠮᠡᠳᠡᠨ᠎ᠡ᠃ ᠨᠢᠭᠡᠳᠦᠭᠡᠷ ᠲᠦ᠍ ᠬᠠᠭᠤᠴᠢᠨ ᠲᠥᠷᠥ ᠶ᠋ᠢᠨ ᠡᠮᠦᠨ᠎ᠡ ᠬᠢᠭᠰᠡᠨ ᠶᠠᠯ᠎ᠠ ᠶᠡᠬᠡ ᠪᠠᠢᠪᠠ᠃ ᠬᠣᠶᠠᠳᠤᠭᠠᠷ ᠲᠤ᠌ ᠳᠤᠯᠮ᠎ᠠ ᠲᠠᠢ ᠪᠠᠨ ᠡᠩᠬᠡ ᠠᠮᠤᠭᠤᠯᠠᠩ ᠠᠮᠢᠳᠤᠷᠠᠬᠤ ᠭᠡᠰᠡᠨ ᠬᠦᠰᠡᠯ ᠨᠢ ᠬᠠᠭᠤᠴᠢᠨ ᠲᠥᠷᠥ ᠶ᠋ᠢᠨ ᠦᠶ᠎ᠡ ᠳ᠋ᠦ᠍ ᠪᠡᠶᠡᠯᠡᠭᠳᠡᠭᠡ ᠦᠭᠡᠢ ᠪᠡᠷ ᠪᠠᠷᠠᠬᠤ ᠦᠭᠡᠢ ᠵᠣᠪᠠᠯᠠᠩ ᠪᠣᠯᠤᠭᠰᠠᠨ᠃ ᠭᠤᠷᠪᠠᠳᠤᠭᠠᠷ ᠲᠤ᠌ ᠬᠤᠶᠠᠭ ᠣᠯᠠᠨ ᠳᠠᠬᠢᠨ ᠶᠠᠷᠢᠵᠤ ᠥᠭᠭᠦᠭᠰᠡᠨ ᠡᠴᠡ ᠰᠢᠨ᠎ᠡ ᠲᠥᠷᠥ ᠶ᠋ᠢᠨ ᠦᠶ᠎ᠡ ᠳ᠋ᠦ᠍ ᠰᠢᠨ᠎ᠡ ᠠᠮᠢᠳᠤᠷᠠᠯ ᠪᠣᠢ ᠪᠣᠯᠬᠤ ᠶ᠋ᠢ ᠣᠢᠯᠠᠭᠠᠵᠤ ᠠᠪᠤᠭᠰᠠᠨ ᠪᠢᠯᠡ᠃
  ᠴᠡᠷᠢᠭ ᠦ᠋ᠨ ᠡᠮᠦᠨ᠎ᠡ ᠡᠴᠡ ᠴᠠᠭᠠᠨ ᠴᠠᠩ ᠪᠣᠯᠤᠭᠰᠠᠨ ᠬᠣᠶᠠᠷ ᠮᠣᠷᠢ ᠲᠠᠢ ᠬᠥᠮᠦᠨ ᠶᠠᠭᠠᠷᠠᠯ ᠲᠠᠢ ᠳᠠᠪᠬᠢᠨ ᠢᠷᠡᠯ᠎ᠡ᠃ ᠤᠨᠤᠭᠰᠠᠨ ᠪᠠᠷᠠᠭᠠᠨ ᠮᠣᠷᠢᠳ ᠨᠢ ᠬᠥᠯᠥᠷᠡᠨ ᠪᠤᠭᠤᠷᠤᠯᠲᠤᠵᠠᠢ᠃ ᠲᠡᠳᠡ ᠰᠢᠭᠤᠳ ᠬᠠᠳᠠᠨ ᠪᠠᠭᠠᠲᠤᠷ ᠤ᠋ᠨ ᠡᠮᠦᠨ᠎ᠡ ᠢᠷᠡᠵᠦ ᠵᠣᠭᠰᠣᠬᠤ ᠳ᠋ᠤ᠌ ᠮᠣᠷᠢᠳ ᠨᠢ ᠲᠣᠭᠲᠠᠨ ᠶᠠᠳᠠᠨ᠎ᠠ᠃ ᠡᠳᠡ ᠪᠣᠯ ᠥᠴᠥᠭᠡᠳᠦᠷ ᠣᠷᠣᠢ ᠡᠮᠦᠨᠡᠬᠢ ᠵᠠᠮ ᠢ᠋ ᠲᠠᠩᠨᠠᠬᠤ ᠪᠠᠷ ᠶᠠᠪᠤᠭᠰᠠᠨ ᠬᠠᠢᠭᠤᠯ᠂ ᠲᠤᠷᠰᠢᠭᠤᠯ ᠤ᠋ᠳ ᠪᠢᠯᠡ᠃
  ᠊᠊᠊᠊᠊᠊᠊᠊᠊᠊᠊᠊᠊᠊᠊ ᠡᠨᠳᠡ ᠡᠴᠡ ᠥᠷᠲᠡᠭᠡ ᠭᠠᠷᠤᠢ ᠵᠠᠢᠲᠠᠢ ᠪᠠᠢᠭ᠎ᠠ ᠬᠣᠰᠢᠭᠤ ᠲᠠᠮᠠᠭ᠎ᠠ ᠶ᠋ᠢᠨ ᠵᠢᠰᠠ ᠳᠡᠭᠡᠷ᠎ᠡ ᠠᠷᠪᠠᠨ ᠨᠢᠭᠡᠨ ᠴᠠᠭᠠᠨ ᠴᠡᠷᠢᠭ ᠢᠷᠡᠭᠡᠳ ᠬᠣᠶᠠᠷ ᠬᠣᠨᠣᠵᠠᠢ᠃ ᠴᠥᠮ ᠣᠷᠣᠰ ᠯᠢᠶᠠᠠᠵᠤ ᠲᠠᠢ᠂ ᠣᠯᠠᠨ ᠬᠠᠢᠷᠴᠠᠭ ᠰᠤᠮᠤ ᠲᠠᠢ ᠶᠤᠮ ᠪᠠᠢᠨ᠎ᠠ᠃ ᠬᠣᠰᠢᠭᠤ ᠵᠠᠬᠢᠷᠤᠭᠴᠢ ᠶ᠋ᠢ ᠪᠠᠷᠢᠵᠤ ᠬᠠᠷ᠎ᠠ ᠭᠡᠷ ᠲᠦ᠍ ᠬᠣᠷᠢᠵᠠᠢ᠃ ᠬᠣᠰᠢᠭᠤ ᠨᠣᠶᠠᠨ ᠲᠤᠰᠠᠯᠠᠭᠴᠢ ᠨᠠᠷ ᠨᠢ ᠠᠶᠤᠨ ᠰᠠᠨᠳᠤᠷᠴᠤ ᠲᠡᠳᠡᠨ ᠲᠡᠢ ᠨᠢᠭᠡᠳᠴᠡᠢ᠃ ᠪᠡᠺᠢᠴᠢ ᠶ᠋ᠢᠨ ᠴᠡᠷᠢᠭ ᠦ᠋ᠨ ᠲᠦᠷᠦᠭᠦᠴᠢ ᠶᠤᠮ ᠭᠡᠨ᠎ᠡ ᠭᠡᠵᠦ ᠢᠷᠡᠭᠰᠡᠳ ᠦ᠋ᠨ ᠨᠢᠭᠡ ᠨᠢ ᠬᠠᠳᠠᠨ ᠪᠠᠭᠠᠲᠤᠷ ᠲᠤ᠌ ᠬᠡᠯᠡᠪᠡ᠃
  ᠬᠠᠳᠠᠨ ᠪᠠᠭᠠᠲᠤᠷ ᠮᠣᠷᠢᠨ ᠡᠴᠡ ᠪᠠᠭᠤᠵᠤ ᠴᠠᠰᠤᠨ ᠳᠡᠭᠡᠷ᠎ᠡ ᠵᠠᠪᠢᠯᠠᠨ ᠰᠠᠭᠤᠭᠠᠳ ᠦᠭᠡ ᠳᠤᠤᠭᠠᠷᠤᠯ ᠦᠭᠡᠢ ᠬᠣᠶᠠᠷ ᠭᠤᠷᠪᠠᠨ ᠭᠠᠩᠰᠠ ᠲᠠᠮᠠᠬᠢ ᠤᠭᠰᠠᠷᠠᠨ ᠲᠠᠲᠠᠯ᠎ᠠ᠃ ᠬᠢᠯᠭᠠᠨ᠎ᠠ ᠠᠪᠴᠤ ᠢᠮᠡᠷᠦᠨ ᠪᠠᠷᠢᠯᠳᠤᠭᠤᠯᠤᠭᠠᠳ ᠳᠡᠢᠯᠦᠭᠰᠡᠨ ᠢ᠋ᠶ᠋ᠡᠷ ᠨᠢ ᠰᠢᠲᠦ ᠪᠡᠨ ᠰᠢᠭᠢᠴᠢᠯᠡᠨ ᠪᠦᠯᠲᠡᠭᠡᠷ ᠲᠣᠮᠣ ᠬᠠᠷ᠎ᠠ ᠨᠢᠳᠦ ᠨᠢ ᠴᠠᠪᠴᠢᠯᠠᠵᠤ ᠮᠠᠩᠨᠠᠢ ᠳᠡᠭᠡᠷ᠎ᠡ ᠨᠢ ᠬᠡᠳᠦᠨ ᠦᠶ᠎ᠡ ᠦᠷᠴᠢᠯᠡᠭᠡ ᠪᠠᠢᠨ ᠪᠠᠢᠨ ᠲᠣᠳᠣᠷᠠᠨ᠎ᠠ᠃
  ᠊᠊᠊᠊᠊᠊᠊᠊᠊᠊᠊᠊᠊᠊᠊ ᠬᠤᠰᠢᠭᠤᠨ ᠡᠴᠡ ᠴᠡᠷᠢᠭ ᠲᠠᠲᠠᠵᠤ ᠪᠠᠢᠨ᠎ᠠ ᠤᠤ?
  ᠊᠊᠊᠊᠊᠊᠊᠊᠊᠊᠊᠊᠊᠊᠊ ᠦᠭᠡᠢ ᠪᠣᠯᠤᠯᠲᠠᠢ᠃
  ᠊᠊᠊᠊᠊᠊᠊᠊᠊᠊᠊᠊᠊᠊᠊ ᠳᠡᠭᠡᠷᠡᠮᠳᠡᠵᠦ ᠪᠠᠢᠨ᠎ᠠ ᠤᠤ?
  ᠊᠊᠊᠊᠊᠊᠊᠊᠊᠊᠊᠊᠊᠊᠊ ᠦᠭᠡᠢ᠃ ᠲᠠᠮᠠᠭ᠎ᠠ ᠶ᠋ᠢᠨ ᠭᠡᠷ ᠲᠦ᠍ ᠬᠣᠨᠢ ᠭᠠᠷᠭᠠᠭᠤᠯᠤᠨ ᠢᠳᠡᠭᠡᠳ ᠯᠡ ᠬᠡᠪᠲᠡᠵᠦ ᠪᠠᠢᠨ᠎ᠠ᠃ ᠨᠢᠭᠡ ᠨᠡᠷᠡᠲᠡᠢ ᠯᠠᠮᠠ᠂ ᠣᠢᠷ᠎ᠠ ᠶ᠋ᠢᠨ ᠡᠳᠦᠷ ᠦ᠋ᠳ ᠲᠦ᠍ ᠮᠠᠢᠳᠠᠷ ᠤ᠋ᠨ ᠸᠠᠩ ᠲᠠᠯᠪᠢᠬᠤ ᠭᠡᠵᠦ ᠲᠣᠮᠣ ᠳᠤᠭᠠᠩ ᠤ᠋ᠨ ᠭᠡᠷ ᠪᠠᠷᠢᠭᠤᠯᠵᠤ ᠪᠠᠢᠨ᠎ᠠ᠃
  ᠊᠊᠊᠊᠊᠊᠊᠊᠊᠊᠊᠊᠊᠊᠊ ᠬᠡᠴᠢᠨᠡᠨ?
  ᠊᠊᠊᠊᠊᠊᠊᠊᠊᠊᠊᠊᠊᠊᠊ ᠲᠣᠮᠣ ᠳᠤᠭᠠᠩ ᠤ᠋ᠨ ᠭᠡᠷ ᠨᠢᠭᠡ᠂ ᠳᠣᠯᠣᠭᠠᠨ ᠬᠠᠨ᠎ᠠ ᠲᠠᠢ ᠭᠡᠷ ᠬᠣᠶᠠᠷ ᠢ᠋᠃
  ᠊᠊᠊᠊᠊᠊᠊᠊᠊᠊᠊᠊᠊᠊᠊ ᠮᠥᠨ ᠳᠡ᠃ ᠮᠠᠢᠳᠠᠷ ᠤ᠋ᠨ ᠸᠠᠩ ᠭᠡᠨ᠎ᠡ ᠭᠡᠳ ᠪᠠᠭᠠᠲᠤᠷ ᠶᠣᠵᠣᠲᠠᠢ ᠢᠨᠢᠶᠡᠮᠰᠦᠭᠯᠡᠭᠰᠡᠨ ᠢ᠋ᠶ᠋ᠡᠨ 《ᠲᠡᠷᠡ ᠬᠠᠷᠠᠭᠳᠠᠵᠤ ᠪᠠᠢᠭ᠎ᠠ ᠬᠠᠷ᠎ᠠ ᠦᠵᠦᠭᠦᠷ ᠦ᠋ᠨ ᠥᠪᠥᠷ ᠲᠦ᠍ ᠴᠡᠷᠢᠭ ᠬᠤᠸᠠᠷᠠᠩᠨᠠᠨ ᠪᠠᠭᠤᠨ᠎ᠠ》 ᠭᠡᠵᠦ ᠬᠤᠶᠠᠭ ᠲᠤ᠌ ᠬᠡᠯᠡᠪᠡ᠃
  ᠊᠊᠊᠊᠊᠊᠊᠊᠊᠊᠊᠊᠊᠊᠊ ᠥᠨᠥᠳᠥᠷ ᠶᠠᠭᠤ ᠪᠣᠯᠤᠭᠠᠳ ᠡᠢᠮᠦ ᠡᠷᠲᠡ ᠪᠠᠭᠤᠬᠤ ᠪᠣᠯᠪᠠ ᠠ᠋ ᠭᠡᠵᠦ ᠮᠠᠢᠬᠠᠨ ᠤ᠋ ᠭᠠᠳᠠᠰᠤ ᠰᠢᠭᠠᠵᠤ ᠪᠠᠢᠭᠰᠠᠨ ᠲᠡᠮᠦᠷ ᠬᠠᠵᠠᠭᠤ ᠳ᠋ᠠᠭᠠᠨ ᠢᠷᠡᠭᠰᠡᠨ ᠬᠤᠶᠠᠭ ᠡᠴᠡ ᠠᠰᠠᠭᠤᠪᠠ᠃
  ᠊᠊᠊᠊᠊᠊᠊᠊᠊᠊᠊᠊᠊᠊᠊ ᠪᠡᠺᠢᠴᠢ ᠶ᠋ᠢᠨ ᠴᠡᠷᠢᠭ ᠦ᠋ᠨ ᠲᠦᠷᠦᠭᠦᠴᠢ ᠲᠠᠮᠠᠭ᠎ᠠ ᠶ᠋ᠢᠨ ᠵᠢᠰᠡᠨ ᠳᠡᠭᠡᠷ᠎ᠡ ᠢᠷᠡᠭᠡᠳ ᠪᠠᠢᠨ᠎ᠠ ᠭᠡᠨ᠎ᠡ᠃
  ᠊᠊᠊᠊᠊᠊᠊᠊᠊᠊᠊᠊᠊᠊᠊ ᠣᠯᠠᠨ ᠶᠤᠮ ᠪᠣᠯᠪᠠ ᠤᠤ?
  ᠊᠊᠊᠊᠊᠊᠊᠊᠊᠊᠊᠊᠊᠊᠊ ᠠᠷᠪᠠᠭᠠᠳ ᠬᠥᠮᠦᠨ ᠭᠡᠨ᠎ᠡ᠃
  ᠊᠊᠊᠊᠊᠊᠊᠊᠊᠊᠊᠊᠊᠊᠊ ᠡᠨ ᠲᠡᠢᠮᠦ ᠪᠣᠢ᠃
  ᠴᠡᠷᠢᠭ ᠦ᠋ᠳ ᠪᠠᠭᠤᠵᠤ ᠬᠣᠭᠣᠯᠠ ᠴᠠᠢ ᠪᠣᠯᠪᠠ᠃ ᠬᠠᠳᠠᠨ ᠪᠠᠭᠠᠲᠤᠷ ᠮᠠᠢᠬᠠᠨ ᠡᠴᠡ ᠭᠠᠷᠴᠤ ᠵᠢᠷᠭᠠᠵᠤ ᠪᠠᠢᠭ᠎ᠠ ᠨᠠᠷᠠ ᠤᠷᠤᠭᠤ ᠰᠢᠷᠲᠡᠨ ᠵᠣᠭᠰᠣᠵᠤ ᠪᠠᠢᠲᠠᠯ᠎ᠠ ᠳᠡᠷᠭᠡᠳᠡ ᠨᠢ 《ᠪᠠᠭᠰᠢ ᠠ᠋》 ᠭᠡᠬᠦ ᠳᠠᠭᠤ ᠭᠠᠷᠬᠤ ᠳ᠋ᠤ᠌ ᠬᠠᠷᠠᠪᠠᠯ ᠳᠤᠯᠮ᠎ᠠ ᠵᠣᠭᠰᠣᠵᠤ ᠪᠠᠢᠯ᠎ᠠ᠃
  ᠊᠊᠊᠊᠊᠊᠊᠊᠊᠊᠊᠊᠊᠊᠊ ᠶᠠᠭᠤ ᠭᠡᠪᠡ?
  ᠊᠊᠊᠊᠊᠊᠊᠊᠊᠊᠊᠊᠊᠊᠊ ᠪᠢ ᠶᠠᠪᠤᠵᠤ ᠲᠡᠷᠡ ᠴᠠᠭᠠᠨᠲᠠᠨ ᠢ᠋ ᠰᠠᠢᠨ ᠮᠡᠳᠡᠭᠡᠳ ᠢᠷᠡᠶ᠎ᠡ᠃
  ᠊᠊᠊᠊᠊᠊᠊᠊᠊᠊᠊᠊᠊᠊᠊ ᠥᠩᠭᠡᠷᠡᠭᠰᠡᠨ ᠨᠠᠮᠤᠷ ᠵᠠᠬᠠᠴᠢᠨ ᠭᠤᠷᠪᠠᠨ ᠴᠡᠩᠬᠡᠷ ᠦ᠋ᠨ ᠬᠦᠷᠢᠶᠡᠨ ᠳᠡᠭᠡᠷ᠎ᠡ ᠡᠭᠦᠷᠯᠡᠵᠦ ᠪᠠᠢᠭᠰᠠᠨ ᠴᠠᠭᠠᠨᠲᠠᠨ ᠤ᠋ ᠲᠣᠭ᠎ᠠ᠂ ᠵᠡᠪᠰᠡᠭ ᠢ᠋ ᠮᠡᠳᠡᠬᠦ ᠭᠡᠵᠦ ᠬᠣᠶᠠᠷ ᠬᠥᠮᠦᠨ ᠶᠠᠪᠤᠭᠤᠯᠤᠭᠰᠠᠨ ᠤ᠋ ᠨᠢᠭᠡ ᠨᠢ ᠪᠠᠷᠢᠭᠳᠠᠵᠤ᠂ ᠨᠥᠭᠦᠭᠡ ᠨᠢ ᠵᠢᠭᠤᠲᠠᠨ ᠶᠠᠭᠤ ᠴᠤ᠌ ᠮᠡᠳᠡᠵᠦ ᠴᠢᠳᠠᠯ ᠦᠭᠡᠢ ᠢᠷᠡᠬᠦ ᠳ᠋ᠦ᠍ ᠬᠠᠳᠠᠨ ᠪᠠᠭᠠᠲᠤᠷ ᠡᠴᠡ ᠳᠤᠯᠮ᠎ᠠ ᠭᠤᠶᠤᠵᠤ ᠪᠠᠢᠭᠠᠳ ᠶᠠᠪᠤᠭᠰᠠᠨ ᠪᠢᠯᠡ᠃
  ᠦᠳᠡ ᠶ᠋ᠢᠨ ᠬᠢᠷᠢ ᠳ᠋ᠦ᠍ ᠬᠦᠷᠢᠶᠡᠨ ᠦ᠌ ᠭᠤᠳᠤᠮᠵᠢ ᠪᠠᠷ ᠨᠠᠪᠰᠠᠷᠬᠠᠢ ᠳᠡᠪᠡᠯ ᠲᠡᠢ᠂ ᠰᠢᠪᠡᠷᠢ ᠪᠣᠯᠤᠭᠰᠠᠨ ᠨᠢᠴᠦᠭᠦᠨ ᠬᠥᠯ ᠲᠡᠢ ᠭᠠᠯᠵᠠᠭᠤ ᠬᠡᠦᠬᠡᠨ ᠬᠠᠩᠭᠢᠨᠠᠲᠠᠯ᠎ᠠ ᠳᠠᠭᠤᠤ ᠳᠠᠭᠤᠯᠠᠨ ᠬᠡᠦᠬᠡᠳ ᠪᠠᠨᠳᠢ ᠨᠠᠷ ᠢ᠋ ᠠᠶᠤᠯᠭᠠᠨ ᠶᠠᠪᠤᠭᠰᠠᠨ ᠨᠢ ᠬᠠᠳᠠᠨ ᠪᠠᠭᠠᠲᠤᠷ ᠤ᠋ᠨ ᠲᠠᠩᠨᠠᠭᠤᠯ ᠳᠤᠯᠮ᠎ᠠ ᠪᠠᠢᠭᠰᠠᠨ ᠢ᠋ ᠬᠡᠨ ᠴᠦ᠍ ᠮᠡᠳᠡᠭᠰᠡᠨ ᠦᠭᠡᠢ᠃
  ᠴᠠᠭᠠᠨᠲᠠᠨ ᠢ᠋ ᠳᠠᠷᠤᠭᠰᠠᠨ ᠤ᠋ ᠳᠠᠷᠠᠭ᠎ᠠ 《ᠮᠠᠨ ᠤ᠋ ᠳᠤᠯᠮ᠎ᠠ ᠴᠠᠭᠠᠨᠲᠠᠨ ᠤ᠋ ᠲᠣᠯᠣᠭᠠᠢ ᠶ᠋ᠢᠨ ᠦᠰᠦᠨ ᠦ᠌ ᠰᠢᠷᠬᠡᠭ ᠢ᠋ ᠪᠠᠷᠤᠭ ᠮᠡᠳᠡᠵᠦ ᠣᠷᠬᠢᠵᠤ ᠰᠢᠦ》 ᠭᠡᠵᠦ ᠬᠠᠳᠠᠨ ᠪᠠᠭᠠᠲᠤᠷ ᠮᠠᠭᠲᠠᠭᠰᠠᠨ ᠶᠤᠮ᠃ ᠬᠠᠳᠠᠨ ᠪᠠᠭᠠᠲᠤᠷ ᠳᠤᠯᠮ᠎ᠠ ᠶ᠋ᠢ ᠵᠥᠭᠡᠯᠡᠨ ᠪᠥᠭᠡᠳ ᠪᠠᠬᠠᠳᠤᠯᠲᠠᠢ ᠨᠢᠳᠦ ᠪᠡᠷ ᠠᠵᠢᠭᠯᠠᠨ ᠬᠡᠰᠡᠭ ᠵᠣᠭᠰᠣᠭᠰᠠᠨ ᠢ᠋ᠶ᠋ᠠᠨ ᠡᠷᠭᠢᠵᠦ ᠮᠠᠢᠬᠠᠨ ᠳ᠋ᠠᠭᠠᠨ ᠣᠷᠣᠭᠠᠳ ᠤᠳᠠᠯ ᠦᠭᠡᠢ ᠬᠦᠷᠡᠩ ᠴᠠᠩᠮᠠᠨ ᠬᠦᠷᠮ᠎ᠡ ᠪᠠᠷᠢᠨ ᠭᠠᠷᠴᠤ ᠢᠷᠡᠭᠡᠳ 《ᠴᠢᠨᠦ ᠣᠶᠣᠭᠰᠠᠨ ᠤ᠋ ᠳᠡᠭᠡᠳᠦ ᠲᠠᠯ᠎ᠠ ᠪᠠᠷ ᠤᠷᠠᠭᠳᠠᠭᠰᠠᠨ ᠪᠠᠢᠨ᠎ᠠ ᠪᠢᠯᠡ》 ᠭᠡᠳ ᠥᠭᠪᠡ᠃
  ᠊᠊᠊᠊᠊᠊᠊᠊᠊᠊᠊᠊᠊᠊᠊ ᠪᠠᠭᠰᠢ ᠠ᠋᠃ ᠪᠢ ᠁
  ᠊᠊᠊᠊᠊᠊᠊᠊᠊᠊᠊᠊᠊᠊᠊ ᠭᠣᠮᠪᠣ ᠶ᠋ᠢᠨ ᠳᠡᠪᠡᠯ ᠦ᠋ᠨ ᠰᠤᠭᠤ ᠤᠷᠠᠭᠳᠠᠭᠰᠠᠨ ᠯᠠ ᠬᠠᠷᠠᠭᠳᠠᠵᠤ ᠪᠠᠢᠳᠠᠭ ᠰᠢᠦ᠃ ᠪᠣᠳᠣᠪᠠᠯ ᠡᠨᠡ ᠬᠦᠢᠲᠡᠨ ᠳ᠋ᠦ᠍ ᠰᠠᠯᠬᠢ ᠰᠢᠭᠤᠷᠴᠤ ᠯᠠ ᠪᠠᠢᠭ᠎ᠠ ᠪᠠᠢᠬᠤ ᠳᠠ᠃
  ᠳᠤᠯᠮ᠎ᠠ ᠬᠦᠷᠮ᠎ᠡ ᠶ᠋ᠢ ᠠᠪᠴᠤ ᠡᠷᠭᠢᠨ ᠠᠯᠬᠤᠪᠠ᠃ ᠣᠷᠣᠢ ᠨᠢ ᠮᠠᠭᠰᠤᠷᠵᠠᠪ ᠬᠣᠶᠠᠷ ᠬᠥᠮᠦᠨ ᠢ᠋ ᠲᠤᠷᠰᠢᠭᠤᠯ ᠢ᠋ᠶ᠋ᠠᠷ ᠶᠠᠪᠤᠭᠤᠯᠪᠠ᠃
  ᠬᠠᠷᠠᠩᠭᠤᠢ ᠪᠣᠯᠪᠠ᠃ ᠠᠭᠲᠠᠴᠢᠨ ᠤ᠋ ᠮᠠᠢᠬᠠᠨ ᠤ᠋ ᠨᠢᠭᠡ ᠪᠤᠯᠤᠩ ᠳ᠋ᠤ᠌ ᠥᠪᠡᠷ ᠥᠪᠡᠷ ᠦ᠋ᠨ ᠳᠡᠪᠡᠯ ᠢ᠋ ᠥᠷᠥᠭᠡᠯᠳᠡᠨ ᠨᠥᠮᠥᠷᠴᠦ ᠲᠡᠮᠦᠷ ᠳᠤᠯᠮ᠎ᠠ ᠬᠣᠶᠠᠷ ᠵᠡᠷᠭᠡᠴᠡᠨ ᠬᠡᠪᠲᠡᠯ᠎ᠡ᠃ ᠠᠩᠬ᠎ᠠ ᠲᠡᠷᠡ ᠵᠢᠯ ᠢᠲᠡᠭᠡᠯᠲᠦ ᠶ᠋ᠢᠨ ᠬᠣᠨᠢ ᠬᠠᠷᠢᠭᠤᠯᠵᠤ ᠶᠠᠪᠤᠭᠰᠠᠨ ᠳᠤᠯᠮ᠎ᠠ ᠲᠠᠢ ᠮᠣᠳᠣᠨ ᠤ᠋ ᠵᠠᠬ᠎ᠠ ᠳ᠋ᠤ᠌ ᠠᠭᠤᠯᠵᠠᠭᠰᠠᠨ ᠡᠴᠡ ᠲᠡᠮᠦᠷ ᠰᠢᠪᠡᠭᠡᠨᠡᠨ ᠡᠬᠢᠯᠡᠵᠦ ᠶᠠᠷᠢᠭᠰᠠᠨ ᠳ᠋ᠤ᠌ ᠳᠤᠯᠮ᠎ᠠ ᠴᠤ᠌ ᠡᠨᠡ ᠣᠯᠠᠨ ᠳᠠᠬᠢᠨ ᠶᠠᠷᠢᠭᠰᠠᠨ ᠪᠣᠯᠪᠠᠴᠤ ᠦᠷᠭᠦᠯᠵᠢ ᠰᠡᠳᠬᠢᠯ ᠬᠥᠳᠡᠯᠭᠡᠵᠦ ᠰᠢᠨ᠎ᠡ ᠪᠡᠷ ᠢ᠋ᠶ᠋ᠡᠨ ᠪᠠᠢᠳᠠᠭ ᠶᠠᠷᠢᠶ᠎ᠠ ᠶ᠋ᠢ ᠳᠡᠮᠵᠢᠵᠦ 《ᠴᠢ ᠴᠦ᠍ ᠢᠩᠭᠢᠵᠦ ᠪᠠᠢᠭᠰᠠᠨ》᠂ 《ᠪᠢ ᠴᠦ᠍ ᠢᠩᠭᠢᠵᠦ ᠪᠠᠢᠭᠰᠠᠨ》 ᠭᠡᠳ ᠯᠡ ᠠᠮᠠ ᠪᠤᠯᠢᠶᠠᠯᠳᠤᠨ ᠬᠥᠭᠵᠢᠯ ᠲᠡᠢ ᠪᠥᠭᠡᠳ ᠰᠡᠳᠬᠢᠯ ᠳᠦᠭᠦᠷᠡᠩ ᠶᠠᠷᠢᠯᠴᠠᠪᠠ᠃
  ᠊᠊᠊᠊᠊᠊᠊᠊᠊᠊᠊᠊᠊᠊᠊ ᠲᠠᠮᠢᠷ ᠡᠴᠡ ᠣᠷᠭᠣᠭᠠᠳ ᠳᠠᠪᠬᠢᠵᠤ ᠶᠠᠪᠤᠬᠤ ᠳ᠋ᠤ᠌ ᠴᠢ ᠨᠠᠮᠠᠶ᠋ᠢ ᠦᠷᠭᠦᠯᠵᠢ ᠬᠥᠲᠥᠯᠵᠦ ᠶᠠᠪᠤᠳᠠᠭ ᠰᠠᠨ ᠭᠡᠳ ᠳᠤᠯᠮ᠎ᠠ ᠪᠠᠬᠠᠲᠠᠢ ᠰᠠᠢᠬᠠᠨ ᠮᠦᠰᠢᠶᠡᠬᠦ ᠳ᠋ᠦ᠍
  ᠊᠊᠊᠊᠊᠊᠊᠊᠊᠊᠊᠊᠊᠊᠊ ᠴᠢᠮᠠᠶ᠋ᠢ ᠤᠨᠤᠭᠠᠨ ᠳ᠋ᠤ᠌ ᠰᠠᠢᠨ ᠢ᠋ ᠮᠡᠳᠡᠭᠡ ᠦᠭᠡᠢ ᠪᠠᠢᠭᠰᠠᠨ ᠪᠣᠯᠬᠣᠷ ᠣᠢᠴᠢᠬᠤ ᠪᠣᠢ ᠳᠠ ᠭᠡᠵᠦ ᠰᠡᠳᠬᠢᠯ ᠵᠣᠪᠠᠬᠤ ᠳ᠋ᠠᠭᠠᠨ ᠯᠠ ᠭᠡᠪᠡ᠃
  ᠭᠡᠲᠡᠯ᠎ᠡ ᠲᠡᠷᠡ ᠬᠣᠶᠠᠷ ᠤ᠋ᠨ ᠶᠠᠷᠢᠶ᠎ᠠ ᠭᠤᠨᠢᠭᠲᠠᠢ ᠦᠶ᠎ᠡ ᠳ᠋ᠡᠭᠡᠨ ᠣᠢᠷᠠᠳᠬᠤ ᠳᠣᠳᠣᠮ ᠦᠭᠡ ᠨᠢ ᠴᠥᠭᠡᠬᠡᠨ ᠪᠣᠯᠵᠤ ᠳᠠᠭᠤ ᠨᠢ ᠨᠠᠮ ᠪᠣᠯᠤᠭᠰᠠᠭᠠᠷ ᠨᠢᠭᠡ ᠬᠡᠰᠡᠭ ᠲᠠᠰᠤᠷᠠᠪᠠ᠃ ᠲᠡᠮᠦᠷ ᠤᠷᠲᠤ ᠭᠡᠭᠴᠢ ᠨᠢ ᠰᠠᠨᠠᠭ᠎ᠠ ᠠᠯᠳᠠᠵᠤ 《ᠡᠷ᠎ᠡ ᠬᠥᠮᠦᠨ ᠳᠡ ᠬᠦ》 ᠭᠡᠵᠦ ᠰᠢᠪᠡᠭᠡᠨᠡᠪᠡ᠃ ᠡᠨᠡ ᠬᠠᠷ᠎ᠠ ᠪᠣᠳᠣᠯ ᠲᠡᠮᠦᠷ ᠦ᠋ᠨ ᠰᠡᠳᠬᠢᠯ ᠳ᠋ᠦ᠍ ᠠᠩᠬ᠎ᠠ ᠤᠳᠠᠭ᠎ᠠ ᠣᠷᠣᠵᠤ ᠢᠷᠡᠵᠦ ᠪᠠᠢᠭ᠎ᠠ ᠪᠢᠰᠢ᠃ ᠡᠭᠦᠨ ᠢ᠋ ᠣᠷᠣᠵᠤ ᠢᠷᠡᠬᠦ ᠳ᠋ᠦ᠍ ᠨᠢᠳᠦ ᠨᠢ ᠬᠥᠳᠡᠯᠭᠡᠭᠡᠨ ᠦᠭᠡᠢ ᠪᠣᠯᠤᠨ ᠭᠥᠯᠢᠷᠡᠵᠦ ᠵᠢᠷᠦᠬᠡ ᠨᠢ ᠭᠠᠰᠠᠯᠤᠨ ᠤᠬᠢᠯᠠᠳᠠᠭ ᠶᠤᠮ᠃ ᠶᠡᠷᠦ ᠨᠢ ᠬᠥᠮᠦᠨ ᠪᠦᠬᠦᠨ ᠤᠬᠢᠯᠠᠳᠠᠭ ᠪᠥᠭᠡᠳ ᠲᠡᠮᠦᠷ ᠴᠦ᠍ ᠪᠠᠰᠠ ᠯᠠ ᠤᠬᠢᠯᠠᠳᠠᠭ ᠪᠢᠯᠡ᠃ ᠭᠡᠪᠡᠴᠦ ᠡᠨᠡ ᠪᠣᠯ ᠨᠢᠯᠪᠤᠰᠤ ᠦᠭᠡᠢ ᠪᠢᠲᠡᠭᠦᠦ ᠣᠬᠢᠯᠠᠯᠲᠠ᠃ ᠬᠡᠷᠪᠡ ᠨᠢᠯᠪᠤᠰᠤ ᠲᠠᠢ ᠤᠬᠢᠯᠠᠬᠤ ᠳ᠋ᠤ᠌ ᠭᠤᠨᠢᠭ ᠭᠠᠰᠢᠭᠤᠳᠠᠯ ᠭᠠᠳᠠᠭᠰᠢ ᠭᠠᠷᠳᠠᠭ ᠪᠣᠯ ᠨᠢᠯᠪᠤᠰᠤ ᠦᠭᠡᠢ ᠤᠬᠢᠯᠠᠬᠤ ᠳ᠋ᠤ᠌ ᠭᠤᠨᠢᠭ ᠭᠠᠰᠠᠯᠤᠯ ᠨᠢ ᠵᠢᠷᠦᠬᠡᠨ ᠳ᠋ᠦ᠍ᠨᠢ ᠣᠷᠣᠨ ᠲᠠᠷᠬᠠᠵᠤ ᠰᠢᠩᠭᠡᠳᠡᠭ ᠶᠤᠮ᠃ ᠡᠨᠡ ᠤᠴᠢᠷ ᠡᠴᠡ ᠬᠦᠴᠦᠲᠡᠢ ᠰᠡᠳᠬᠢᠯ ᠦ᠋ᠨ ᠪᠢᠲᠡᠭᠦᠦ ᠤᠬᠢᠯᠠᠯᠲᠠ ᠪᠣᠯ ᠬᠦᠨᠳᠦ ᠴᠦ᠍ ᠳᠠᠭᠠᠭᠠᠴᠠ ᠲᠠᠢ ᠴᠤ᠌ ᠪᠠᠢᠳᠠᠭ ᠰᠢᠦ ᠳᠡ᠃ ᠬᠥᠩᠭᠡᠨ ᠰᠡᠳᠬᠢᠯ ᠦ᠋ᠨ ᠭᠤᠨᠢᠭ ᠬᠥᠩᠭᠡᠨ ᠪᠠᠢᠳᠠᠭ ᠤ᠋ᠨ ᠠᠳᠠᠯᠢ᠂ ᠶᠡᠬᠡ ᠰᠡᠳᠬᠢᠯ ᠦ᠋ᠨ ᠭᠠᠰᠠᠯᠠᠩ ᠶᠡᠬᠡ ᠭᠦᠨᠵᠡᠭᠡᠢ ᠪᠠᠢᠳᠠᠭ ᠪᠣᠯᠬᠣᠷ ᠬᠦᠦ ᠪᠡᠨ ᠪᠣᠳᠣᠭᠰᠠᠨ ᠲᠡᠮᠦᠷ ᠦ᠋ᠨ ᠵᠣᠪᠠᠯᠠᠩ ᠢ᠋ ᠵᠥᠪᠬᠡᠨ ᠲᠡᠮᠦᠷ ᠦ᠋ᠨ ᠵᠢᠷᠦᠬᠡ ᠰᠡᠳᠬᠢᠯ ᠯᠡ ᠳᠠᠪᠠᠵᠤ ᠭᠠᠷᠳᠠᠭ ᠶᠤᠮ᠃
  ᠊᠊᠊᠊᠊᠊᠊᠊᠊᠊᠊᠊᠊᠊᠊ ᠣᠳᠣ ᠶᠠᠭᠠᠬᠢᠬᠤᠪ ᠳᠠ ᠭᠡᠵᠦ ᠦᠯᠡᠮᠵᠢ ᠰᠤᠯᠠᠬᠠᠨ ᠬᠡᠯᠡᠭᠡᠳ ᠳᠤᠯᠮ᠎ᠠ ᠠᠰᠬᠠᠷᠠᠵᠤ ᠪᠠᠢᠭ᠎ᠠ ᠨᠢᠯᠪᠤᠰᠤ ᠪᠠᠨ ᠠᠯᠠᠭ᠎ᠠ ᠪᠠᠷ ᠢ᠋ᠶ᠋ᠠᠨ ᠠᠷᠴᠢᠪᠠ᠃
  ᠥᠷᠯᠥᠭᠡ ᠴᠡᠷᠢᠭ ᠦ᠋ᠳ ᠡᠷᠲᠡ ᠪᠣᠰᠴᠤ ᠴᠢᠨᠠᠭᠰᠢ ᠶᠠᠪᠤᠬᠤ ᠳ᠋ᠤ᠌ ᠪᠡᠯᠡᠬᠡᠨ ᠪᠠᠢᠭᠰᠠᠨ ᠠᠪᠠᠴᠤ ᠬᠠᠳᠠᠨ ᠪᠠᠭᠠᠲᠤᠷ ᠶᠠᠪᠤᠬᠤ ᠲᠤᠰᠢᠶᠠᠯ ᠥᠭᠭᠦᠭᠰᠡᠨ ᠦᠭᠡᠢ᠃ ᠣᠷᠣᠢ ᠨᠢ ᠬᠠᠳᠠᠨ ᠪᠠᠭᠠᠲᠤᠷ ᠤ᠋ᠨ ᠶᠠᠪᠤᠭᠤᠯᠤᠭᠰᠠᠨ ᠬᠥᠮᠦᠰ ᠢᠷᠡᠵᠦ ᠬᠣᠰᠢᠭᠤ ᠲᠠᠮᠠᠭ᠎ᠠ ᠶ᠋ᠢᠨ ᠵᠢᠰᠡᠨ ᠳᠡᠭᠡᠷ᠎ᠡ ᠪᠡᠺᠢᠴᠢ ᠶ᠋ᠢᠨ ᠳᠥᠷᠪᠡᠨ ᠵᠠᠭᠤ ᠲᠠᠪᠢᠨ ᠨᠢᠮᠡᠨ ᠣᠷᠣᠰ ᠴᠡᠷᠢᠭ᠂ ᠭᠤᠨᠠᠨ ᠫᠤᠤ ᠭᠤᠷᠪᠠ᠂ ᠦᠬᠡᠷ ᠫᠤᠤ ᠬᠣᠶᠠᠷ᠂ ᠭᠤᠷᠪᠠᠨ ᠵᠠᠭᠤ ᠬᠣᠷᠢᠨ ᠳᠣᠯᠣᠭᠠᠨ ᠮᠣᠩᠭᠣᠯ ᠴᠡᠷᠢᠭ ᠢᠷᠡᠭᠰᠡᠨ ᠲᠤᠬᠠᠢ ᠮᠡᠳᠡᠭᠳᠡᠪᠡ᠃
  ᠊᠊᠊᠊᠊᠊᠊᠊᠊᠊᠊᠊᠊᠊᠊ ᠮᠣᠩᠭᠣᠯ ᠴᠡᠷᠢᠭ ᠦ᠋ᠨ ᠵᠡᠪᠰᠡᠭ ᠨᠢ?
  ᠊᠊᠊᠊᠊᠊᠊᠊᠊᠊᠊᠊᠊᠊᠊ ᠵᠠᠭᠤ ᠠᠷᠪᠠᠨ ᠬᠣᠶᠠᠷ ᠪᠢᠷᠳᠠᠩ ᠪᠠ ᠴᠠᠬᠢᠭᠤᠷ ᠫᠤᠤ ᠲᠠᠢ᠂ ᠪᠤᠰᠤᠳ ᠨᠢ ᠲᠠᠰᠢᠭᠤᠷ ᠲᠠᠢ ᠶᠤᠮ᠃
  ᠬᠠᠳᠠᠨ ᠪᠠᠭᠠᠲᠤᠷ ᠪᠡᠺᠢᠴᠢ ᠶ᠋ᠢᠨ ᠴᠡᠷᠢᠭ ᠦ᠋ᠨ ᠲᠣᠭ᠎ᠠ᠂ ᠵᠡᠪᠰᠡᠭ ᠢ᠋ ᠮᠡᠳᠡᠵᠦ ᠠᠪᠤᠭᠠᠳ ᠬᠣᠶᠠᠷ ᠰᠢ᠌ᠤᠠᠪᠣᠷᠢ ᠭᠠᠷᠭᠠᠵᠠᠢ᠃ ᠪᠡᠺᠢᠴᠢ ᠶ᠋ᠢᠨ ᠬᠦᠴᠦ ᠪᠣᠯ ᠥᠪᠡᠷ ᠦ᠋ᠨ ᠬᠢ ᠡᠴᠡ ᠨᠢ ᠳᠠᠪᠠᠭᠤ ᠠᠵᠢ᠃ ᠡᠭᠦᠨ ᠡᠴᠡ ᠦᠵᠡᠬᠦ ᠳ᠋ᠦ᠍ ᠰᠢᠭᠤᠳ ᠲᠤᠯᠤᠯᠳᠤᠵᠤ ᠪᠣᠯᠬᠤ ᠦᠭᠡᠢ ᠪᠠᠢᠪᠠ᠃
  ᠢᠩᠭᠢᠬᠦᠯᠡᠷ ᠰᠦᠷ ᠦᠵᠡᠭᠦᠯᠦᠨ ᠬᠡᠯᠡᠯᠴᠡᠭᠡ ᠬᠢᠵᠦ ᠪᠠᠭᠤᠯᠭᠠᠨ ᠠᠪᠬᠤ᠂ ᠡᠰᠡ ᠴᠢᠳᠠᠪᠠᠯ ᠮᠣᠩᠭᠣᠯ ᠴᠡᠷᠢᠭ ᠢ᠋ ᠰᠠᠯᠭᠠᠵᠤ ᠠᠪᠤᠭᠠᠳ ᠭᠡᠨᠡᠳᠡᠭᠦᠯᠦᠨ ᠪᠠᠢᠯᠳᠤᠬᠤ ᠬᠡᠷᠡᠭᠲᠡᠢ ᠠᠵᠢ᠃
  ᠊᠊᠊᠊᠊᠊᠊᠊᠊᠊᠊᠊᠊᠊᠊ ᠮᠠᠷᠭᠠᠰᠢ ᠥᠷᠯᠥᠭᠡ ᠪᠠᠭᠤᠵᠤ ᠥᠭᠬᠦ ᠶ᠋ᠢ ᠱᠠᠭᠠᠷᠳᠠᠭᠰᠠᠨ ᠪᠢᠴᠢᠭ ᠶᠠᠪᠤᠭᠤᠯᠤᠶ᠎ᠠ᠃
  ᠊᠊᠊᠊᠊᠊᠊᠊᠊᠊᠊᠊᠊᠊᠊ ᠣᠴᠢᠭᠰᠠᠨ ᠬᠥᠮᠦᠨ ᠢ᠋ ᠮᠢᠨᠢ ᠪᠠᠷᠢᠵᠤ ᠠᠪᠤᠭᠠᠳ ᠠᠯᠠᠵᠤ ᠣᠷᠬᠢᠪᠠᠯ ᠶᠠᠭᠠᠬᠢᠨ᠎ᠠ ᠭᠡᠵᠦ ᠬᠤᠶᠠᠭ ᠤ᠋ᠨ ᠬᠡᠯᠡᠬᠦ ᠳ᠋ᠦ᠍ ᠮᠠᠭᠰᠤᠷᠵᠠᠪ ᠢᠨᠢᠶᠡᠮᠰᠦᠭᠯᠡᠭᠰᠡᠨ ᠢ᠋ᠶ᠋ᠡᠨ
  ᠊᠊᠊᠊᠊᠊᠊᠊᠊᠊᠊᠊᠊᠊᠊ ᠪᠡᠺᠢᠴᠢ ᠪᠣᠯ ᠺᠠᠽᠡᠼᠦᠧ ᠪᠢᠰᠢ᠃ ᠶᠠᠭᠤ ᠴᠤ᠌ ᠭᠡᠰᠡᠨ ᠭᠧᠨᠧᠷᠠᠯ ᠬᠥᠮᠦᠨ᠃ ᠨᠡᠷ᠎ᠡ ᠪᠡᠨ ᠪᠣᠳᠣᠨ᠎ᠠ᠃ ᠰᠡᠭᠦᠯ ᠦ᠋ᠨ ᠦᠶ᠎ᠡ ᠳ᠋ᠦ᠍ ᠪᠡᠺᠢᠴᠢ ᠶ᠋ᠢᠨ ᠴᠡᠷᠢᠭ ᠳᠡᠭᠡᠷᠡᠮ ᠬᠢᠬᠦ ᠨᠢ ᠪᠠᠭ᠎ᠠ ᠪᠣᠯᠤᠭᠰᠠᠨ᠃ ᠮᠣᠷᠢᠳ ᠬᠦᠨᠡᠰᠦ ᠪᠡᠨ ᠵᠥᠪᠬᠡᠨ ᠬᠤᠰᠢᠭᠤᠨ ᠤ᠋ ᠤᠷᠪᠠᠭᠰᠠᠨ ᠨᠣᠶᠠᠳ ᠢ᠋ᠶ᠋ᠠᠷ ᠳᠠᠮᠵᠢᠭᠤᠯᠤᠨ ᠵᠠᠯᠭᠠᠵᠤ ᠪᠠᠢᠨ᠎ᠠ᠃ ᠪᠣᠳᠣᠪᠠᠯ ᠮᠣᠩᠭᠣᠯᠴᠤᠳ ᠤ᠋ᠨ ᠬᠦᠴᠦ ᠪᠡᠷ ᠠᠮᠢᠳᠤ ᠭᠠᠷᠬᠤ ᠶ᠋ᠢ ᠬᠢᠴᠢᠶᠡᠵᠦ ᠪᠠᠢᠭ᠎ᠠ ᠪᠣᠯᠤᠯᠲᠠᠢ᠃ ᠪᠠᠰᠠ ᠴᠢᠭᠯᠡᠯ ᠢ᠋ ᠨᠢ ᠬᠠᠷᠠᠪᠠᠯ ᠡᠮᠦᠨ᠎ᠡ ᠵᠦᠭ᠂ ᠮᠣᠩᠭᠣᠯ ᠳ᠋ᠤ᠌ ᠬᠤᠪᠢᠰᠬᠠᠯ ᠲᠠᠢ ᠲᠡᠮᠡᠴᠡᠭᠡᠳ ᠠᠰᠢᠭ ᠣᠯᠬᠤ ᠦᠭᠡᠢ ᠶ᠋ᠢ ᠣᠢᠯᠠᠭᠠᠵᠠᠢ᠃ ᠮᠢᠨᠦ ᠡᠯᠴᠢ ᠶ᠋ᠢ ᠠᠯᠠᠬᠤ ᠦᠭᠡᠢ ᠭᠡᠯ᠎ᠡ᠃
  ᠢᠩᠭᠢᠭᠡᠳ ᠪᠢᠴᠢᠭ ᠬᠢᠵᠦ ᠡᠯᠴᠢ ᠶᠠᠪᠤᠭᠤᠯᠤᠭᠠᠳ ᠴᠡᠷᠢᠭ ᠦ᠋ᠳ ᠤᠨᠲᠠᠵᠠᠭᠠᠪᠠ᠃ ᠥᠷᠯᠥᠭᠡ ᠨᠢ ᠬᠠᠳᠠᠨ ᠪᠠᠭᠠᠲᠤᠷ ᠡᠷᠲᠡ ᠪᠣᠰᠤᠭᠠᠳ ᠬᠠᠷᠠᠪᠠᠯ ᠠᠮᠠᠨ ᠤ᠋ ᠡᠬᠢᠨ ᠳ᠋ᠦ᠍ ᠨᠢᠭᠡᠨ ᠬᠡᠰᠡᠭ ᠠᠳᠤᠭᠤ᠂ ᠠᠮᠠᠨ ᠤ᠋ ᠠᠳᠠᠭ ᠲᠤ᠌ ᠪᠠᠰᠠ ᠨᠢᠭᠡᠨ ᠬᠡᠰᠡᠭ ᠠᠳᠤᠭᠤ ᠪᠠᠢᠪᠠ᠃ ᠳᠤᠷᠠᠨᠳᠠᠵᠤ ᠬᠠᠷᠠᠪᠠᠯ ᠠᠮᠠᠨ ᠤ᠋ ᠡᠬᠢᠨ ᠦ᠌ ᠳ᠋ᠡᠬᠢ ᠠᠳᠤᠭᠤ ᠨᠢ ᠴᠡᠷᠢᠭ ᠦ᠋ᠨ ᠬᠢᠨᠢ ᠠᠭᠲᠠ ᠪᠠᠢᠪᠠ᠃ ᠲᠡᠭᠦᠨ ᠢ᠋ ᠫᠤᠤ ᠲᠠᠢ ᠵᠢᠷᠭᠤᠭᠠᠨ ᠬᠥᠮᠦᠨ ᠳᠠᠭᠤᠳᠠᠨ ᠢᠷᠡᠵᠦ ᠶᠠᠪᠤᠯ᠎ᠠ᠃
  ᠠᠮᠠᠨ ᠤ᠋ ᠠᠳᠠᠭ ᠤ᠋ᠨ ᠠᠳᠤᠭᠤ ᠶ᠋ᠢ ᠨᠤᠲᠤᠭ ᠤ᠋ᠨ ᠠᠢᠯ ᠤ᠋ᠨ ᠠᠳᠤᠭᠤ ᠪᠣᠯᠤᠯᠲᠠᠢ ᠭᠡᠵᠦ ᠪᠣᠳᠣᠭᠠᠳ ᠠᠵᠢᠭᠯᠠᠨ ᠬᠠᠷᠠᠪᠠᠯ ᠤᠨᠠᠭ᠎ᠠ᠂ ᠳᠠᠭ᠎ᠠ ᠨᠢᠭᠡ ᠴᠦ᠍ ᠦᠭᠡᠢ ᠮᠣᠷᠢᠳ ᠪᠠᠢᠪᠠ᠃
  ᠊᠊᠊᠊᠊᠊᠊᠊᠊᠊᠊᠊᠊᠊᠊ ᠡᠨᠡ ᠳᠣᠣᠷᠠᠬᠢ ᠶᠠᠭᠤᠨ ᠠᠳᠤᠭᠤ ᠪᠣᠢ?
  ᠊᠊᠊᠊᠊᠊᠊᠊᠊᠊᠊᠊᠊᠊᠊ ᠮᠡᠳᠡᠬᠦ ᠦᠭᠡᠢ᠃ ᠲᠠᠩᠳᠠ ᠯᠠ ᠮᠣᠷᠢᠳ ᠪᠠᠢᠨ᠎ᠠ ᠭᠡᠵᠦ ᠳᠤᠷᠠᠨ ᠢ᠋ᠶ᠋ᠠᠷ ᠬᠠᠷᠠᠵᠤ ᠪᠠᠢᠭᠰᠠᠨ ᠬᠤᠶᠠᠭ ᠬᠠᠷᠢᠭᠤᠯᠪᠠ᠃
  ᠊᠊᠊᠊᠊᠊᠊᠊᠊᠊᠊᠊᠊᠊᠊ ᠴᠠᠭᠠᠨ ᠤ᠋ ᠠᠭᠲᠠ ᠠᠷᠠᠢ ᠡᠨᠳᠡ ᠬᠦᠷᠦᠭᠡᠳ ᠢᠷᠡᠳᠡᠭ ᠶᠤᠮ ᠪᠢᠰᠢ ᠪᠠᠢᠭ᠎ᠠ ᠳᠠ᠃
  ᠊᠊᠊᠊᠊᠊᠊᠊᠊᠊᠊᠊᠊᠊᠊ ᠮᠠᠨᠠᠭᠰᠠᠨ ᠬᠥᠮᠦᠨ ᠦᠭᠡᠢ ᠶᠤᠮ ᠪᠠᠢᠨ᠎ᠠ ᠭᠡᠵᠦ ᠬᠤᠶᠠᠭ ᠬᠠᠷᠢᠭᠤᠯᠪᠠ᠃ ᠣᠶᠣᠭᠰᠠᠨ ᠬᠦᠷᠮ᠎ᠡ ᠪᠡᠨ ᠪᠠᠷᠢᠭᠰᠠᠨ ᠳᠤᠯᠮ᠎ᠠ ᠢᠷᠡᠵᠦ 《ᠪᠠᠭᠰᠢ ᠠ᠋᠂ ᠲᠠᠨ ᠤ᠋ ᠬᠦᠷᠮ᠎ᠡ》 ᠭᠡᠳ ᠮᠠᠭᠰᠤᠷᠵᠠᠪ ᠲᠤ᠌ ᠥᠭᠪᠡ᠃ ᠵᠠᠩᠵᠤᠨ ᠬᠦᠷᠮ᠎ᠡ ᠪᠡᠨ ᠠᠪᠴᠤ ᠡᠮᠦᠰᠦᠭᠡᠳ 《ᠲᠡᠮᠦᠷ ᠪᠠᠢᠨ᠎ᠠ ᠤᠤ?》 ᠭᠡᠵᠦ ᠣᠭᠵᠣᠮ ᠠᠰᠠᠭᠤᠪᠠ᠃
  ᠊᠊᠊᠊᠊᠊᠊᠊᠊᠊᠊᠊᠊᠊᠊ ᠣᠷᠣᠢ ᠠᠭᠲᠠ ᠡᠷᠭᠢᠨ᠎ᠡ ᠭᠡᠳ ᠯᠡ ᠶᠠᠪᠤᠭᠰᠠᠨ᠂ ᠬᠡᠳᠦᠢ ᠳ᠋ᠦ᠍ ᠢᠷᠡᠭᠰᠡᠨ ᠢ᠋ ᠮᠡᠳᠡᠬᠦ ᠦᠭᠡᠢ᠃ ᠣᠳᠣ ᠤᠨᠲᠠᠵᠤ ᠯᠠ ᠪᠠᠢᠨ᠎ᠠ᠃
  ᠮᠠᠭᠰᠤᠷᠵᠠᠪ ᠵᠠᠩᠵᠤᠨ ᠵᠡᠭᠦᠨ ᠬᠣᠢᠲᠤ ᠲᠠᠯ᠎ᠠ ᠶ᠋ᠢᠨ ᠮᠠᠨᠠᠭᠠᠨ ᠤ᠋ ᠬᠡᠳᠦᠨ ᠴᠡᠷᠢᠭ ᠦ᠋ᠨ ᠣᠢᠷᠠᠯᠴᠠᠭ᠎ᠠ ᠢᠳᠡᠵᠦ ᠪᠠᠢᠭ᠎ᠠ ᠴᠢᠳᠥᠷ ᠲᠡᠢ ᠬᠡᠳᠦᠨ ᠮᠣᠷᠢᠳ ᠢ᠋ ᠠᠵᠢᠭᠯᠠᠨ ᠬᠠᠷᠠᠵᠤ ᠪᠠᠢᠭᠰᠠᠨ ᠢ᠋ᠶ᠋ᠠᠨ ᠬᠤᠶᠠᠭ ᠤ᠋ᠨ ᠴᠢᠬᠢᠨ ᠳ᠋ᠦ᠍ ᠬᠡᠳᠦᠨ ᠦᠭᠡ ᠬᠡᠯᠡᠪᠡ᠃
  ᠬᠤᠶᠠᠭ ᠲᠦᠷᠭᠡᠨ ᠶᠠᠪᠤᠵᠤ ᠮᠠᠢᠬᠠᠨ ᠳ᠋ᠤ᠌ ᠣᠷᠣᠪᠠᠯ ᠪᠠᠷᠠᠭᠤᠨ ᠲᠠᠯ᠎ᠠ ᠳ᠋ᠤᠨᠢ ᠳᠠᠪᠬᠤᠷᠯᠠᠨ ᠳᠡᠪᠢᠰᠦᠭᠰᠡᠨ ᠰᠢᠷᠢᠮᠡᠯ ᠪᠠᠮᠪᠠᠢ ᠳᠡᠭᠡᠷ᠎ᠡ ᠲᠡᠮᠦᠷ ᠳᠡᠪᠡᠯ ᠢ᠋ᠶ᠋ᠡᠨ ᠥᠷᠥᠭᠡᠯᠳᠡᠨ ᠨᠥᠮᠥᠷᠦᠭᠡᠳ ᠳᠦᠩᠭᠢᠨᠡᠲᠡᠯ᠎ᠡ ᠬᠤᠷᠬᠢᠷᠠᠨ ᠤᠨᠲᠠᠵᠤ ᠪᠠᠢᠯ᠎ᠠ᠃ ᠬᠠᠮᠠᠷ ᠡᠴᠡ ᠨᠢ ᠠᠭᠤᠷ ᠰᠠᠪᠰᠠᠨ ᠥᠷᠭᠡᠨ ᠨᠢᠭᠤᠷ ᠢ᠋ ᠨᠢ ᠮᠠᠨᠠᠨᠲᠤᠭᠤᠯᠵᠤ᠂ ᠠᠮᠢᠰᠬᠤᠭᠠᠯᠠᠬᠤ ᠪᠦᠷᠢ ᠳ᠋ᠦ᠍ᠨᠢ ᠳᠡᠪᠡᠯ ᠨᠢ ᠣᠪᠣᠯᠵᠠᠨ ᠰᠦᠷ ᠲᠡᠢ ᠴᠦ᠍᠂ ᠵᠢᠪᠬᠤᠭ᠎ᠠ ᠲᠠᠢ ᠴᠤ᠌ ᠬᠠᠷᠠᠭᠳᠠᠨ᠎ᠠ᠃
  ᠬᠤᠶᠠᠭ ᠮᠠᠢᠬᠠᠨ ᠤ᠋ ᠬᠠᠶᠠᠭᠠᠨ ᠳ᠋ᠤ᠌ ᠲᠠᠯᠪᠢᠭᠰᠠᠨ ᠲᠡᠮᠦᠷ ᠦ᠋ᠨ ᠡᠮᠡᠭᠡᠯ ᠦ᠋ᠨ ᠲᠣᠬᠣᠮ ᠢ᠋ ᠪᠠᠷᠢᠵᠤ ᠦᠵᠡᠭᠡᠳ ᠲᠠᠭᠠᠯᠠᠮᠵᠢᠲᠠᠢ ᠮᠦᠰᠢᠶᠡᠨ ᠲᠡᠮᠦᠷ ᠢ᠋ ᠰᠢᠷᠲᠡᠵᠦ ᠬᠡᠰᠡᠭ ᠵᠣᠭᠰᠣᠭᠰᠠᠨ ᠢ᠋ᠶ᠋ᠠᠨ ᠡᠷᠭᠢᠵᠦ ᠭᠠᠷᠤᠭᠠᠳ ᠬᠠᠳᠠᠨ ᠪᠠᠭᠠᠲᠤᠷ ᠤ᠋ᠨ ᠳᠡᠷᠭᠡᠳᠡ ᠣᠴᠢᠵᠤ 《ᠶᠠᠭ ᠲᠡᠢᠮᠦ᠂ ᠲᠣᠬᠣᠮ ᠨᠢ ᠨᠣᠢᠲᠠᠨ ᠪᠠᠢᠨ᠎ᠠ》 ᠭᠡᠯ᠎ᠡ᠃
  ᠊᠊᠊᠊᠊᠊᠊᠊᠊᠊᠊᠊᠊᠊᠊ ᠳᠤᠯᠮ᠎ᠠ ᠴᠢ ᠲᠡᠮᠦᠷ ᠢ᠋ ᠳᠠᠭᠤᠳᠠᠭᠠᠳ ᠢᠷᠡᠭᠡᠴᠢ ᠭᠡᠵᠦ ᠬᠠᠳᠠᠨ ᠪᠠᠭᠠᠲᠤᠷ ᠬᠡᠯᠡᠭᠡᠳ ᠬᠤᠶᠠᠭ ᠤᠷᠤᠭᠤ ᠬᠠᠷᠠᠵᠤ ᠢᠨᠢᠶᠡᠮᠰᠦᠭᠯᠡᠪᠡ᠃
  ᠤᠳᠠᠯ ᠦᠭᠡᠢ ᠲᠡᠮᠦᠷ ᠢᠷᠡᠯ᠎ᠡ᠃ ᠬᠠᠳᠠᠨ ᠪᠠᠭᠠᠲᠤᠷ ᠨᠢᠳᠦ ᠪᠡᠨ ᠴᠠᠪᠴᠢᠯᠠᠨ ᠠᠵᠢᠭᠯᠠᠵᠤ ᠪᠠᠢᠭᠰᠠᠨ ᠢ᠋ᠶ᠋ᠠᠨ 《ᠡᠨᠡ ᠶᠠᠭᠤ ᠪᠣᠢ?》 ᠭᠡᠵᠦ ᠠᠮᠠᠨ ᠤ᠋ ᠠᠳᠠᠭ ᠲᠤ᠌ ᠢᠳᠡᠵᠦ ᠪᠠᠢᠬᠤ ᠠᠳᠤᠭᠤ ᠶ᠋ᠢ ᠵᠢᠭᠠᠪᠠ᠃
  ᠊᠊᠊᠊᠊᠊᠊᠊᠊᠊᠊᠊᠊᠊᠊ ᠠᠭᠲᠠ ᠯᠠ ᠪᠠᠢᠨ᠎ᠠ ᠭᠡᠵᠦ ᠲᠡᠮᠦᠷ ᠠᠵᠢᠭ ᠦᠭᠡᠢ ᠬᠠᠷᠢᠭᠤᠯᠪᠠ᠃
  ᠊᠊᠊᠊᠊᠊᠊᠊᠊᠊᠊᠊᠊᠊᠊ ᠴᠢ ᠴᠢᠨᠢ ᠨᠠᠳᠠ ᠳ᠋ᠤ᠌ ᠲᠠᠩᠭᠠᠷᠢᠭᠯᠠᠭᠰᠠᠨ ᠪᠢᠯᠢᠤ?
  ᠊᠊᠊᠊᠊᠊᠊᠊᠊᠊᠊᠊᠊᠊᠊ ᠳᠠᠢᠰᠤᠨ ᠤ᠋ ᠠᠭᠲᠠ ᠰᠢᠲᠠ᠂ ᠵᠠᠩᠵᠤᠨ ᠮᠢᠨᠢ᠃
  ᠊᠊᠊᠊᠊᠊᠊᠊᠊᠊᠊᠊᠊᠊᠊ ᠠᠪᠤᠭᠠᠳ ᠢᠷ᠎ᠡ ᠭᠡᠵᠦ ᠴᠢᠮ᠎ᠠ ᠳ᠋ᠤ᠌ ᠬᠡᠨ ᠬᠡᠯᠡᠭᠰᠡᠨ ᠪᠣᠢ?
  ᠊᠊᠊᠊᠊᠊᠊᠊᠊᠊᠊᠊᠊᠊᠊ ᠲᠡᠭᠦᠨ ᠢ᠋ ᠬᠥᠮᠦᠨ ᠢ᠋ᠶ᠋ᠡᠷ ᠬᠡᠯᠡᠭᠦᠯᠦᠭᠡᠳ ᠶᠠᠭᠠᠬᠢᠬᠤ ᠶᠤᠮ ᠪᠣᠢ ᠭᠡᠵᠦ ᠲᠡᠮᠦᠷ ᠬᠡᠨᠡᠭ ᠦᠭᠡᠢ ᠬᠠᠷᠢᠭᠤᠯᠪᠠ᠃
  ᠊᠊᠊᠊᠊᠊᠊᠊᠊᠊᠊᠊᠊᠊᠊ ᠪᠢ ᠬᠡᠯᠡᠯᠴᠡᠭᠡᠷ ᠬᠢᠬᠦ ᠭᠡᠵᠦ ᠪᠠᠢᠬᠤ ᠳ᠋ᠤ᠌ ᠴᠢ ᠠᠭᠲᠠ ᠶ᠋ᠢ ᠨᠢ ᠬᠥᠭᠡᠭᠡᠭᠡᠳ ᠢᠷᠡᠭᠰᠡᠨ ᠪᠠᠢᠳᠠᠭ᠃ ᠬᠥᠮᠦᠨ ᠠᠯᠠᠭᠰᠠᠨ ᠤᠤ?
  ᠊᠊᠊᠊᠊᠊᠊᠊᠊᠊᠊᠊᠊᠊᠊ ᠭᠤᠷᠪᠠᠨ ᠪᠡᠭᠡᠪᠡᠢᠭᠰᠡᠨ ᠶᠠᠭᠤᠮ᠎ᠠ ᠪᠠᠢᠭᠰᠠᠨ᠃ ᠤᠷᠭ᠎ᠠ ᠶ᠋ᠢᠨ ᠪᠥᠭᠰᠡ ᠪᠡᠷ ᠭᠤᠶᠠᠳᠠᠭᠰᠠᠨ ᠳ᠋ᠤ᠌ ᠦᠰᠦᠷᠴᠦ ᠯᠡ ᠣᠷᠬᠢᠨ᠎ᠠ ᠪᠢᠯᠡ᠃ ᠠᠷᠠᠢ ᠦᠬᠦᠭᠡ ᠦᠭᠡᠢ ᠪᠠᠢᠬ᠎ᠠ ᠠ᠋᠃
  ᠊᠊᠊᠊᠊᠊᠊᠊᠊᠊᠊᠊᠊᠊᠊ ᠠᠭᠲᠠ ᠦᠯᠡᠳᠡᠭᠰᠡᠨ ᠤᠤ?
  ᠊᠊᠊᠊᠊᠊᠊᠊᠊᠊᠊᠊᠊᠊᠊ ᠦᠯᠡᠳᠡᠭᠰᠡᠨ ᠪᠠᠢᠬ᠎ᠠ᠃ ᠡᠨᠡ ᠨᠢᠭᠡ ᠪᠠᠷᠤᠭᠴᠠᠯᠠᠪᠠᠯ ᠭᠤᠷᠪᠠᠨ ᠵᠠᠭᠤᠭᠠᠳ ᠯᠠ ᠶᠠᠭᠤᠮ᠎ᠠ ᠪᠠᠢᠨ᠎ᠠ ᠪᠢᠯᠡ᠃
  ᠊᠊᠊᠊᠊᠊᠊᠊᠊᠊᠊᠊᠊᠊᠊ ᠮᠢᠨᠦ ᠬᠡᠯᠡᠯᠴᠡᠭᠡᠷ ᠬᠢᠬᠦ ᠭᠡᠵᠦ ᠪᠠᠢᠭ᠎ᠠ ᠶ᠋ᠢ ᠴᠢ ᠮᠡᠳᠡᠭᠰᠡᠨ ᠤᠤ?
  ᠊᠊᠊᠊᠊᠊᠊᠊᠊᠊᠊᠊᠊᠊᠊ ᠮᠡᠳᠡᠭᠰᠡᠨ᠃ ᠴᠢᠩᠭᠢᠭᠡᠳ ᠮᠣᠷᠢᠲᠠᠢ ᠬᠥᠮᠦᠨ ᠲᠡᠢ ᠶᠠᠷᠢᠵᠤ ᠪᠠᠢᠭᠰᠠᠨ ᠡᠴᠡ ᠶᠠᠪᠠᠭᠠᠨ ᠬᠥᠮᠦᠨ ᠲᠡᠢ ᠶᠠᠷᠢᠪᠠᠯ ᠦᠭᠡᠨ ᠳ᠋ᠦ᠍ ᠣᠷᠣᠬᠤ ᠨᠢ ᠳᠡᠭᠡᠷ᠎ᠡ ᠪᠠᠢᠬ᠎ᠠ ᠭᠡᠵᠦ ᠪᠣᠳᠣᠭᠰᠠᠨ ᠶᠤᠮ᠃
  ᠬᠠᠳᠠᠨ ᠪᠠᠭᠠᠲᠤᠷ ᠲᠡᠰᠴᠦ ᠴᠢᠳᠠᠭᠰᠠᠨ ᠦᠭᠡᠢ ᠢᠨᠢᠶᠡᠳᠦ ᠠᠯᠳᠠᠭᠰᠠᠨ ᠢ᠋ᠶ᠋ᠠᠨ᠄
  ᠊᠊᠊᠊᠊᠊᠊᠊᠊᠊᠊᠊᠊᠊᠊ ᠵᠠ ᠶᠠᠭᠤ ᠴᠤ᠌ ᠭᠡᠰᠡᠨ ᠬᠥᠮᠦᠨ ᠶᠠᠪᠤᠭᠤᠯᠤᠶ᠎ᠠ ᠭᠡᠯ᠎ᠡ᠃
  ᠥᠴᠥᠭᠡᠳᠦᠷ ᠬᠣᠰᠢᠭᠤ ᠲᠠᠮᠠᠭ᠎ᠠ ᠶ᠋ᠢᠨ ᠵᠢᠰᠡᠨ ᠳᠡᠭᠡᠷ᠎ᠡ ᠪᠡᠺᠢᠴᠢ ᠶ᠋ᠢᠨ ᠴᠡᠷᠢᠭ ᠢᠷᠡᠬᠦ ᠳ᠋ᠦ᠍ ᠶᠠᠩᠪᠠ ᠶ᠋ᠢᠨ ᠢ᠋ᠶ᠋ᠡᠨ ᠪᠦᠷᠢᠨ ᠬᠤᠪᠴᠠᠰᠤ ᠶ᠋ᠢ ᠡᠮᠦᠰᠦᠭᠰᠡᠨ ᠨᠣᠶᠠᠨ ᠣᠭᠳᠤᠭᠴᠢᠳ ᠤ᠋ᠨ ᠲᠡᠷᠢᠭᠦᠨ ᠳ᠋ᠦ᠍ ᠵᠣᠭᠰᠣᠵᠤ ᠪᠠᠢᠭᠰᠠᠨ ᠪᠢᠯᠡ᠃ ᠪᠠᠭ᠎ᠠ ᠦᠳᠡ ᠥᠩᠭᠡᠷᠡᠵᠦ ᠪᠠᠢᠬᠤ ᠳ᠋ᠤ᠌ ᠪᠡᠺᠢᠴᠢ ᠴᠡᠷᠢᠭ ᠦ᠋ᠨ ᠢ᠋ᠶ᠋ᠡᠨ ᠡᠮᠦᠨ᠎ᠡ ᠴᠠᠭᠠᠨ ᠮᠣᠷᠢ ᠤᠨᠤᠵᠤ ᠬᠠᠷ᠎ᠠ ᠨᠥᠮᠥᠷᠭᠡ ᠡᠮᠦᠰᠦᠭᠡᠳ ᠰᠦᠷ ᠲᠡᠢ ᠭᠠᠷᠴᠤ ᠢᠷᠡᠵᠡᠢ᠃ ᠨᠣᠶᠠᠨ ᠲᠤᠰᠠᠯᠠᠭᠴᠢ ᠬᠣᠶᠠᠷ ᠮᠡᠬᠦᠯᠵᠡᠨ ᠤᠭᠲᠤᠵᠤ ᠠᠪᠤᠯ᠎ᠠ᠃ ᠳᠠᠷᠠᠭ᠎ᠠ ᠨᠢ ᠣᠷᠣᠰ ᠴᠡᠷᠢᠭ ᠦ᠋ᠳ ᠪᠡᠯᠡᠳᠬᠡᠭᠰᠡᠨ ᠭᠡᠷ ᠦ᠋ᠳ ᠲᠦ᠍ ᠬᠤᠪᠢᠶᠠᠭᠳᠠᠨ ᠪᠠᠭᠤᠵᠠᠢ᠃ ᠬᠤᠰᠢᠭᠤᠨ ᠡᠴᠡ ᠳᠠᠢᠴᠢᠯᠠᠭᠰᠠᠨ ᠮᠣᠩᠭᠣᠯ ᠴᠡᠷᠢᠭ ᠦ᠋ᠳ ᠮᠠᠢᠬᠠᠨ ᠪᠠᠷᠢᠨ ᠨᠡᠯᠢᠶᠡᠳ ᠵᠠᠢ ᠲᠠᠢ ᠭᠠᠵᠠᠷ ᠬᠤᠸᠠᠷᠠᠩᠨᠠᠭᠤᠯᠵᠠᠢ᠃
  ᠦᠳᠡ ᠡᠴᠡ ᠬᠣᠢᠰᠢ ᠭᠧᠨᠧᠷᠠᠯ ᠬᠤᠰᠢᠭᠤᠨ ᠤ᠋ ᠨᠣᠶᠠᠨ ᠲᠤᠰᠠᠯᠠᠭᠴᠢ ᠬᠣᠶᠠᠷ ᠢ᠋ ᠭᠡᠷ ᠲᠡᠭᠡᠨ ᠤᠷᠢᠪᠠ᠃
  ᠊᠊᠊᠊᠊᠊᠊᠊᠊᠊᠊᠊᠊᠊᠊ ᠲᠠ ᠪᠦᠬᠦᠨ ᠨᠠᠮᠠᠶ᠋ᠢ ᠬᠦᠨᠳᠦᠳᠬᠡᠨ ᠬᠦᠯᠢᠶᠡᠵᠦ ᠠᠪᠤᠭᠰᠠᠨ ᠳ᠋ᠤ᠌ ᠲᠤᠢᠯ ᠦᠭᠡᠢ ᠪᠠᠶᠠᠷᠯᠠᠯ᠎ᠠ᠃ ᠡᠨᠡ ᠪᠣᠯ ᠮᠣᠩᠭᠣᠯ ᠤ᠋ᠨ ᠨᠣᠶᠠᠳ ᠤᠭᠰᠠᠭᠠᠲᠠᠨ ᠨᠠᠷ ᠪᠠᠭᠠᠲᠤᠷ ᠴᠠᠭᠠᠨ ᠬᠠᠭᠠᠨ᠂ ᠶᠡᠬᠡ ᠣᠷᠣᠰ ᠤᠯᠤᠰ ᠢ᠋ ᠲᠠᠯᠠᠷᠬᠠᠨ ᠦᠵᠡᠳᠡᠭ ᠦ᠋ᠨ ᠭᠡᠷᠡᠴᠢ ᠪᠢᠯᠡ ᠭᠡᠵᠦ ᠪᠡᠺᠢᠴᠢ ᠶ᠋ᠢᠨ ᠬᠡᠯᠡᠭᠰᠡᠨ ᠢ᠋ ᠮᠣᠩᠭᠣᠯ ᠬᠡᠯᠡ ᠲᠡᠢ ᠣᠷᠣᠰ ᠣᠷᠴᠢᠭᠤᠯᠤᠨ ᠥᠭᠬᠦ ᠳ᠋ᠦ᠍ 《ᠵᠠ》 ᠭᠡᠵᠦ ᠨᠣᠶᠠᠨ ᠲᠤᠰᠠᠯᠠᠭᠴᠢ ᠬᠣᠶᠠᠷ ᠵᠡᠷᠭᠡ ᠥᠴᠢᠪᠡ᠃ ᠭᠧᠨᠧᠷᠠᠯ ᠲᠣᠮᠣ ᠭᠡᠷ ᠲᠦ᠍ ᠪᠢᠲᠡᠭᠦᠦ ᠳᠡᠪᠢᠰᠦᠭᠰᠡᠨ ᠬᠡᠪᠢᠰ ᠳᠡᠭᠡᠭᠦᠷ ᠡᠰᠢ ᠳᠠᠰᠢ ᠠᠯᠬᠤᠵᠤ ᠪᠠᠬᠠᠨ ᠶᠠᠪᠤᠭᠰᠠᠨ ᠢ᠋ᠶ᠋ᠠᠨ ᠵᠣᠭᠰᠣᠵᠤ᠄
  ᠊᠊᠊᠊᠊᠊᠊᠊᠊᠊᠊᠊᠊᠊᠊ ᠮᠣᠩᠭᠣᠯ ᠣᠷᠣᠨ ᠳ᠋ᠤ᠌ ᠰᠠᠮᠠᠭᠤᠨ ᠳᠡᠭᠳᠡᠵᠦ ᠤᠯᠤᠰ ᠲᠥᠷᠥ ᠦᠢᠮᠡᠵᠦ ᠪᠠᠢᠨ᠎ᠠ᠃ ᠪᠢ ᠡᠭᠦᠨ ᠢ᠋ ᠵᠣᠭᠰᠣᠭᠠᠨ᠎ᠠ᠃ ᠨᠣᠶᠠᠨ ᠲᠠ ᠵᠡᠪᠰᠡᠭ ᠲᠡᠢ ᠮᠣᠷᠢᠨ ᠴᠡᠷᠢᠭ᠂ ᠳᠣᠣᠷ᠎ᠠ ᠬᠣᠶᠠᠷ ᠵᠠᠭᠤ ᠶ᠋ᠢ ᠭᠤᠷᠪᠠᠨ ᠬᠣᠨᠣᠭ ᠤ᠋ᠨ ᠳᠣᠲᠣᠷ᠎ᠠ ᠪᠡᠯᠡᠬᠡᠨ ᠪᠣᠯᠭᠠᠵᠤ ᠥᠭᠭᠦᠨ᠎ᠡ ᠭᠡᠳᠡᠭ ᠲᠦ᠍ ᠪᠢ ᠢᠲᠡᠭᠡᠵᠦ ᠪᠠᠢᠨ᠎ᠠ ᠭᠡᠰᠡᠨ ᠢ᠋ ᠮᠣᠩᠭᠣᠯ ᠬᠡᠯᠡᠲᠦ ᠣᠷᠴᠢᠭᠤᠯᠵᠤ ᠥᠭᠪᠡ᠃
  ᠊᠊᠊᠊᠊᠊᠊᠊᠊᠊᠊᠊᠊᠊᠊ ᠵᠠ ᠭᠡᠵᠦ ᠬᠥᠭ ᠨᠡᠢᠯᠡᠭᠦᠯᠦᠨ ᠳᠠᠪᠲᠠᠯ᠎ᠠ᠃
  ᠮᠣᠩᠭᠣᠯ ᠬᠡᠯᠡᠲᠦ ᠪᠡᠺᠢᠴᠢ ᠳ᠋ᠦ᠍ ᠴᠡᠷᠢᠭ ᠲᠠᠲᠠᠬᠤ ᠶ᠋ᠢ ᠡᠰᠡᠷᠭᠦᠴᠡᠭᠰᠡᠨ ᠬᠣᠰᠢᠭᠤ ᠵᠠᠬᠢᠷᠤᠭᠴᠢ ᠶ᠋ᠢ ᠬᠠᠷ᠎ᠠ ᠭᠡᠷ ᠲᠦ᠍ ᠬᠣᠷᠢᠭᠰᠠᠨ ᠲᠤᠬᠠᠢ ᠶᠠᠷᠢᠪᠠ᠃
  ᠊᠊᠊᠊᠊᠊᠊᠊᠊᠊᠊᠊᠊᠊᠊ ᠲᠡᠷᠢᠭᠦᠯᠡᠵᠦ ᠢᠷᠡᠭᠰᠡᠨ ᠬᠥᠮᠦᠰ ᠵᠠᠬᠢᠷᠤᠭᠴᠢ ᠶ᠋ᠢ ᠬᠠᠷ᠎ᠠ ᠭᠡᠷ ᠲᠦ᠍ ᠬᠣᠷᠢᠨ ᠴᠢᠯᠡᠭᠡᠵᠦ ᠪᠠᠢᠭ᠎ᠠ ᠪᠣᠯᠤᠯᠲᠠᠢ᠃ ᠲᠡᠢᠨ ᠦ᠌ ᠦᠶ᠎ᠡ ᠳ᠋ᠦ᠍ ᠠᠷᠭ᠎ᠠ ᠦᠭᠡᠢ ᠶᠠᠭᠤᠮ᠎ᠠ ᠪᠠᠢᠳᠠᠭ ᠢ᠋ ᠡᠷᠬᠢᠮ ᠲᠠ ᠪᠦᠬᠦᠨ ᠶᠠᠭᠤᠨ ᠠᠨᠳᠠᠬᠤ ᠪᠢᠯᠡ ᠭᠡᠵᠦ ᠪᠡᠺᠢᠴᠢ ᠬᠢᠮᠡᠯ ᠳᠣᠲᠣᠨᠣ ᠳᠠᠭᠤ ᠪᠠᠷ ᠬᠡᠯᠡᠭᠡᠳ ᠬᠠᠭᠠᠰ ᠮᠡᠬᠦᠢᠨ ᠶᠣᠰᠣᠯᠠᠪᠠ᠃
  ᠊᠊᠊᠊᠊᠊᠊᠊᠊᠊᠊᠊᠊᠊᠊ ᠵᠠ ᠮᠡᠳᠡᠯ᠎ᠡ ᠭᠡᠵᠦ ᠲᠡᠷᠡ ᠬᠣᠶᠠᠷ ᠮᠡᠬᠦᠯᠵᠡᠪᠡ᠃
  ᠊᠊᠊᠊᠊᠊᠊᠊᠊᠊᠊᠊᠊᠊᠊ ᠪᠢ ᠵᠠᠬᠢᠷᠤᠭᠴᠢ ᠲᠠᠢ ᠥᠪᠡᠷ ᠢ᠋ᠶ᠋ᠡᠨ ᠶᠠᠷᠢᠨ᠎ᠠ᠃ ᠶᠡᠬᠡ ᠬᠡᠷᠡᠭ ᠦ᠋ᠨ ᠲᠥᠯᠥᠭᠡ ᠲᠠ ᠪᠦᠬᠦᠨ ᠳ᠋ᠦ᠍ ᠠᠵᠢᠯ ᠤᠳᠠᠵᠤ ᠪᠠᠢᠭ᠎ᠠ ᠳ᠋ᠠᠭᠠᠨ ᠪᠢ ᠠᠭᠤᠴᠢᠯᠠᠯ ᠭᠤᠶᠤᠵᠤ ᠪᠠᠢᠨ᠎ᠠ᠃ ᠮᠣᠩᠭᠣᠯ ᠣᠷᠣᠨ ᠶᠡᠬᠡ ᠣᠷᠣᠰ ᠤᠯᠤᠰ ᠤ᠋ᠨ ᠳᠡᠮᠵᠢᠯᠭᠡ ᠪᠡᠷ ᠬᠢᠲᠠᠳ ᠡᠴᠡ ᠰᠠᠯᠤᠭᠰᠠᠨ ᠢ᠋ ᠮᠣᠩᠭᠣᠯ ᠤ᠋ᠨ ᠨᠣᠶᠠᠳ ᠯᠠᠪ ᠮᠠᠷᠲᠠᠬᠤ ᠪᠣᠯᠤᠭ᠎ᠠ ᠦᠭᠡᠢ ᠪᠠᠢᠬ᠎ᠠ ᠭᠡᠵᠦ ᠪᠢ ᠢᠲᠡᠭᠡᠨ᠎ᠡ ᠭᠡᠮᠡᠨ ᠭᠧᠨᠧᠷᠠᠯ ᠶᠣᠵᠣᠲᠠᠢ ᠪᠣᠯᠪᠠᠴᠤ ᠨᠠᠮᠪᠠᠭ᠎ᠠ ᠲᠠᠢ ᠪᠦᠳᠦᠭᠦᠨ ᠳᠠᠭᠤ ᠪᠠᠷ ᠬᠡᠯᠡᠪᠡ᠃
  ᠣᠷᠣᠰ ᠵᠠᠩᠵᠤᠨ ᠤ᠋ ᠬᠦᠢᠲᠡᠨ ᠴᠢᠷᠠᠢ᠂ ᠶᠣᠭᠲᠠ ᠦᠭᠡᠨ ᠡᠴᠡ ᠰᠥᠰᠥ ᠨᠢ ᠬᠠᠢᠯᠵᠤ᠂ ᠰᠦᠨᠡᠰᠦ ᠨᠢ ᠵᠠᠢᠯᠠᠭᠰᠠᠨ ᠨᠣᠶᠠᠨ ᠲᠤᠰᠠᠯᠠᠭᠴᠢ ᠬᠣᠶᠠᠷ ᠴᠡᠷᠢᠭ ᠲᠠᠲᠠᠬᠤ ᠲᠤᠰᠢᠶᠠᠯ ᠰᠢᠳᠬᠡᠨ ᠬᠡᠳᠦᠨ ᠵᠦᠭ ᠲᠦ᠍ ᠲᠠᠬᠠᠷ ᠭᠠᠷᠭᠠᠪᠠ᠃
  ᠲᠡᠷᠡ ᠣᠷᠣᠢ ᠪᠡᠺᠢᠴᠢ ᠬᠣᠰᠢᠭᠤ ᠵᠠᠬᠢᠷᠤᠭᠴᠢ ᠶ᠋ᠢ ᠢᠷᠡᠭᠦᠯᠵᠦ ᠶᠡᠬᠡ ᠯᠡ ᠬᠦᠨᠳᠦᠳᠬᠡᠭᠰᠡᠨ ᠮᠠᠶᠢᠭ ᠦᠵᠡᠭᠦᠯᠵᠦ ᠶᠣᠰᠣᠷᠬᠠᠭ ᠶᠠᠷᠢᠶ᠎ᠠ ᠪᠠᠨ ᠡᠬᠢᠯᠡᠪᠡ᠃
  ᠊᠊᠊᠊᠊᠊᠊᠊᠊᠊᠊᠊᠊᠊᠊᠊᠊᠊᠊ ᠮᠢᠨᠦ ᠶᠠᠪᠤᠭᠤᠯᠤᠭᠰᠠᠨ ᠬᠥᠮᠦᠰ ᠶᠣᠰᠣ ᠠᠯᠳᠠᠵᠤ᠂ ᠡᠷᠬᠢᠮ ᠵᠠᠬᠢᠷᠤᠭᠴᠢ ᠶ᠋ᠢ ᠪᠠᠷᠢᠵᠤ ᠬᠣᠷᠢᠭᠰᠠᠨ ᠳ᠋ᠤ᠌ ᠪᠢ ᠲᠣᠩ ᠶᠡᠬᠡ ᠬᠠᠷᠠᠮᠰᠠᠵᠤ ᠪᠠᠢᠨ᠎ᠠ᠃
  ᠊᠊᠊᠊᠊᠊᠊᠊᠊᠊᠊᠊᠊᠊᠊᠊᠊᠊᠊ ᠪᠢ ᠴᠦ᠍ ᠮᠥᠨ ᠬᠠᠷᠠᠮᠰᠠᠵᠤ ᠪᠠᠢᠨ᠎ᠠ᠃
  ᠊᠊᠊᠊᠊᠊᠊᠊᠊᠊᠊᠊᠊᠊᠊᠊᠊᠊ ᠴᠠᠭ ᠤ᠋ᠨ ᠪᠠᠢᠳᠠᠯ ᠲᠦᠭᠰᠢᠭᠦᠷᠢ ᠲᠡᠢ ᠪᠣᠯᠵᠤ᠂ ᠤᠯᠤᠰ ᠭᠡᠷ ᠰᠦᠢᠳᠬᠦ ᠭᠡᠵᠦ ᠪᠠᠢᠭ᠎ᠠ ᠶ᠋ᠢ ᠵᠠᠬᠢᠷᠤᠭᠴᠢ ᠲᠠ ᠰᠠᠢᠨ ᠮᠡᠳᠡᠵᠦ ᠪᠠᠢᠭ᠎ᠠ ᠪᠣᠯᠬᠣᠷ ᠶᠠᠷᠢᠬᠤ ᠶᠠᠭᠤᠨ ᠪᠢᠯᠡ᠃ ᠪᠢᠳᠡ ᠶᠡᠬᠡ ᠣᠷᠣᠰ ᠤᠯᠤᠰ ᠤ᠋ᠨ ᠴᠡᠷᠢᠭ᠂ ᠪᠣᠭᠳᠠ ᠡᠵᠡᠨᠲᠦ ᠮᠣᠩᠭᠣᠯ ᠤᠯᠤᠰ ᠲᠤ᠌ ᠲᠤᠰᠠᠯᠠᠵᠤ᠂ ᠤᠯᠠᠭᠠᠨ ᠤ᠋ ᠬᠥᠨᠥᠭᠡᠯ ᠡᠴᠡ ᠠᠪᠤᠷᠠᠬᠤ ᠵᠣᠷᠢᠯᠭ᠎ᠠ ᠲᠠᠢ᠃ ᠡᠭᠦᠨ ᠢ᠋ ᠬᠢᠬᠦ ᠳ᠋ᠦ᠍ ᠲᠠ ᠪᠦᠬᠦᠨ ᠳᠡᠮᠵᠢᠵᠦ᠂ ᠨᠤᠲᠤᠭ ᠣᠷᠣᠨ ᠠ᠋ᠴᠠ ᠪᠠᠨ ᠴᠡᠷᠢᠭ ᠳᠠᠢᠴᠢᠯᠠᠨ ᠦᠭᠭᠦ ᠨᠢ ᠵᠦᠢ ᠶ᠋ᠢᠨ ᠬᠡᠷᠡᠭ᠃
  ᠊᠊᠊᠊᠊᠊᠊᠊᠊᠊᠊᠊᠊᠊᠊᠊᠊᠊᠊ ᠨᠢᠭᠡᠳᠦᠭᠡᠷ ᠲᠦ᠍ ᠬᠣᠰᠢᠭᠤ ᠶᠠᠳᠠᠭᠤ᠂ ᠬᠥᠮᠦᠨ ᠠᠷᠠᠳ ᠴᠥᠭᠡᠬᠡᠨ᠃ ᠬᠣᠶᠠᠳᠤᠭᠠᠷ ᠲᠤ᠌ ᠶᠡᠬᠡ ᠣᠷᠣᠰ ᠤᠯᠤᠰ ᠤ᠋ᠨ ᠲᠠ ᠪᠦᠬᠦᠨ ᠥᠪᠡᠷᠰᠡᠳ ᠢ᠋ᠶ᠋ᠡᠨ ᠲᠠᠢᠯᠵᠤ ᠴᠢᠳᠠᠭ᠎ᠠ ᠦᠭᠡᠢ ᠤᠯᠠᠭᠠᠨᠳᠠᠨ ᠢ᠋ ᠶᠠᠳᠠᠭᠤ ᠪᠢᠳᠡᠨ ᠲᠡᠢ ᠨᠡᠢᠯᠡᠭᠡᠳ ᠶᠠᠭᠠᠬᠢᠵᠤ ᠳᠠᠷᠤᠵᠤ ᠴᠢᠳᠠᠬᠤ ᠪᠢᠯᠡ᠃
  ᠊᠊᠊᠊᠊᠊᠊᠊᠊᠊᠊᠊᠊᠊᠊᠊᠊᠊᠊᠊ ᠲᠠ ᠪᠦᠬᠦᠨ ᠪᠢᠳᠡᠨ ᠲᠡᠢ ᠬᠠᠮᠲᠤᠷᠠᠪᠠᠯ ᠤᠯᠠᠭᠠᠨ ᠤ᠋ ᠴᠡᠷᠢᠭ ᠮᠣᠩᠭᠣᠯ ᠳ᠋ᠤ᠌ ᠣᠷᠣᠵᠤ ᠢᠷᠡᠬᠦ ᠶᠣᠰᠣ ᠦᠭᠡᠢ ᠪᠢᠰᠢᠦ?
  ᠊᠊᠊᠊᠊᠊᠊᠊᠊᠊᠊᠊᠊᠊᠊᠊᠊᠊᠊ ᠮᠠᠨ ᠤ᠋ ᠤᠯᠤᠰ ᠤ᠋ᠨ ᠲᠥᠪ ᠵᠠᠰᠠᠭ ᠤ᠋ᠨ ᠭᠠᠵᠠᠷ ᠤᠯᠠᠭᠠᠨ ᠤ᠋ ᠴᠡᠷᠢᠭ ᠢ᠋ ᠤᠷᠢᠵᠤ ᠢᠷᠡᠭᠦᠯᠦᠭᠰᠡᠨ ᠢ᠋ ᠲᠠ ᠯᠠᠪ ᠪᠣᠯᠭᠣᠭᠠᠵᠤ ᠪᠠᠢᠭ᠎ᠠ ᠪᠢᠵᠡ ᠳᠡ᠃ ᠢᠩᠭᠢᠵᠦ ᠡᠬᠢᠯᠡᠭᠰᠡᠨ ᠭᠧᠨᠧᠷᠠᠯ ᠵᠠᠬᠢᠷᠤᠭᠴᠢ ᠬᠣᠶᠠᠷ ᠤ᠋ᠨ ᠶᠠᠷᠢᠶ᠎ᠠ ᠡᠴᠦᠰ ᠲᠡᠭᠡᠨ ᠰᠢᠷᠦᠭᠦᠰᠴᠦ ᠵᠠᠬᠢᠷᠤᠭᠴᠢ᠂《ᠲᠥᠪ ᠵᠠᠰᠠᠭ ᠤ᠋ᠨ ᠭᠠᠵᠠᠷ ᠤ᠋ᠨ ᠰᠢᠢᠳᠪᠦᠷᠢ ᠦᠭᠡᠢ ᠪᠡᠷ ᠲᠠ ᠨᠠᠷ ᠲᠤ᠌ ᠮᠣᠷᠢ᠂ ᠬᠦᠨᠡᠰᠦ᠂ ᠴᠡᠷᠢᠭ ᠨᠡᠢᠯᠡᠭᠦᠯᠵᠦ ᠴᠢᠳᠠᠬᠤ ᠦᠭᠡᠢ》 ᠭᠡᠵᠦ ᠪᠢᠯᠡ᠃
  ᠪᠡᠺᠢᠴᠢ ᠤᠯᠠᠭᠠᠨ ᠤ᠋ ᠬᠤᠪᠢᠰᠬᠠᠯ ᠳᠡᠯᠭᠡᠷᠡᠭᠰᠡᠨ ᠮᠣᠩᠭᠣᠯ ᠣᠷᠣᠨ ᠳ᠋ᠤ᠌ ᠤᠳᠠᠭᠠᠨ ᠲᠣᠭᠲᠠᠵᠤ ᠴᠢᠳᠠᠬᠤ ᠦᠭᠡᠢ ᠭᠡᠳᠡᠭ ᠢ᠋ ᠰᠠᠢᠨ ᠣᠢᠯᠠᠭᠠᠵᠤ ᠪᠠᠢᠪᠠ᠃ ᠡᠨᠡ ᠤᠴᠢᠷ ᠠ᠋ᠴᠠ ᠬᠣᠷᠭᠣᠳᠠᠬᠤ ᠭᠠᠵᠠᠷ ᠪᠣᠯ ᠬᠢᠲᠠᠳ᠃ ᠭᠡᠲᠡᠯ᠎ᠡ ᠬᠢᠲᠠᠳ ᠬᠦᠷᠲᠡᠯ᠎ᠡ ᠶᠡᠬᠡ ᠵᠠᠢ ᠪᠠᠢᠵᠠᠢ᠃ ᠪᠠᠰᠠ ᠵᠠᠮ ᠢ᠋ ᠨᠢ ᠬᠠᠳᠠᠨ ᠪᠠᠭᠠᠲᠤᠷ ᠤ᠋ᠨ ᠴᠡᠷᠢᠭ᠂ ᠮᠣᠩᠭᠣᠯ ᠳ᠋ᠤ᠌ ᠲᠤᠰᠠᠯᠠᠬᠤ ᠭᠡᠵᠦ ᠢᠷᠡᠭᠰᠡᠨ ᠤᠯᠠᠭᠠᠨ ᠠᠷᠮᠢ ᠶ᠋ᠢᠨ ᠠᠩᠭᠢ ᠨᠤᠭᠤᠳ ᠬᠠᠭᠠᠵᠠᠢ᠃ ᠡᠢᠮᠦ ᠦᠶ᠎ᠡ ᠳ᠋ᠦ᠍ ᠵᠥᠪᠬᠡᠨ ᠨᠤᠲᠤᠭ ᠤ᠋ᠨ ᠬᠥᠮᠦᠰ ᠡᠴᠡ ᠲᠠᠯ᠎ᠠ ᠣᠯᠵᠤ᠂ ᠲᠡᠳᠡᠨ ᠡᠴᠡ ᠬᠦᠴᠦ ᠰᠡᠯᠪᠢᠵᠦ ᠴᠢᠳᠠᠪᠠᠯ ᠵᠣᠷᠢᠭᠰᠠᠨ ᠳ᠋ᠠᠭᠠᠨ ᠬᠦᠷᠦᠨ᠎ᠡ᠃ ᠬᠡᠭᠵᠢᠭᠦᠨ ᠵᠠᠬᠢᠷᠤᠭᠴᠢ ᠶ᠋ᠢ ᠳᠣᠣᠷ᠎ᠠ ᠨᠢ ᠴᠠᠪᠴᠢᠵᠤ ᠣᠷᠬᠢᠮᠠᠷ ᠪᠠᠢᠭᠰᠠᠨ ᠠᠪᠠᠴᠤ ᠬᠤᠳᠠᠯ ᠢᠨᠢᠶᠡᠮᠰᠦᠭᠯᠡᠨ ᠦᠳᠡᠬᠦ ᠳ᠋ᠡᠭᠡᠨ 《ᠪᠢᠳᠡ ᠬᠣᠶᠠᠷ ᠯᠠᠪ ᠶᠠᠷᠢᠯᠴᠠᠵᠤ ᠲᠣᠬᠢᠷᠠᠨ᠎ᠠ ᠭᠡᠵᠦ ᠪᠣᠳᠣᠵᠤ ᠪᠠᠢᠨ᠎ᠠ᠃ ᠣᠳᠣᠬᠠᠨ ᠳ᠋ᠠᠭᠠᠨ ᠪᠢ ᠲᠠᠨ ᠢ᠋ ᠰᠤᠯᠠᠯᠠᠨ ᠲᠠᠯᠪᠢᠵᠤ ᠴᠢᠳᠠᠬᠤ ᠦᠭᠡᠢ ᠳ᠋ᠡᠭᠡᠨ ᠲᠣᠩ ᠬᠠᠷᠠᠮᠰᠠᠵᠤ ᠪᠠᠢᠨ᠎ᠠ᠃ ᠭᠡᠪᠡᠴᠦ ᠡᠨᠡ ᠴᠠᠭ ᠤᠳᠠᠬᠤ ᠦᠭᠡᠢ ᠢᠷᠡᠬᠦ ᠳ᠋ᠦ᠍ ᠢᠲᠡᠭᠡᠨ᠎ᠡ》ᠭᠡᠵᠡᠢ᠃
  ᠪᠡᠺᠢᠴᠢ ᠰᠥᠨᠢ ᠣᠷᠣᠢ ᠪᠣᠯᠲᠠᠯ᠎ᠠ ᠬᠡᠳᠦᠨ ᠳᠠᠷᠤᠭ᠎ᠠ ᠲᠠᠢ ᠪᠠᠨ ᠬᠥᠵᠥᠷ ᠲᠣᠭᠯᠠᠵᠤ ᠪᠠᠬᠠᠨ ᠠᠷᠢᠬᠢᠳᠠᠭᠠᠳ ᠤᠨᠲᠠᠪᠠ᠃ ᠭᠡᠲᠡᠯ᠎ᠡ ᠥᠷᠯᠥᠭᠡ ᠨᠢᠭᠡ ᠳᠠᠷᠤᠭ᠎ᠠ ᠢᠷᠡᠵᠦ ᠥᠩᠭᠡᠷᠡᠭᠰᠡᠨ ᠰᠥᠨᠢ ᠮᠠᠨᠠᠭᠠᠨ ᠤ᠋ ᠬᠣᠶᠠᠷ ᠮᠣᠩᠭᠣᠯ᠂ ᠨᠢᠭᠡ ᠣᠷᠣᠰ ᠴᠡᠷᠢᠭ ᠢ᠋ ᠴᠣᠬᠢᠵᠤ ᠠᠯᠠᠭᠠᠳ ᠠᠭᠲᠠ ᠶ᠋ᠢ ᠨᠢ ᠬᠥᠭᠡᠭᠡᠳ ᠶᠠᠪᠤᠴᠢᠬᠠᠭᠰᠠᠨ ᠲᠤᠬᠠᠢ ᠭᠤᠨᠢᠭᠲᠤ ᠮᠡᠳᠡᠭᠡ ᠰᠣᠨᠣᠰᠬᠠᠪᠠ᠃
  ᠊᠊᠊᠊᠊᠊᠊᠊᠊᠊᠊᠊᠊᠊᠊᠊᠊᠊᠊᠊ ᠡᠨᠡ ᠬᠤᠰᠢᠭᠤᠨ ᠠ᠋ᠴᠠ ᠤᠨᠤᠵᠤ ᠪᠣᠯᠬᠤ ᠳᠥᠷᠪᠡᠨ ᠬᠥᠯ ᠲᠡᠢ ᠪᠦᠬᠦᠨ ᠢ᠋ ᠲᠡᠢᠴᠢᠯᠡ᠃ ᠡᠰᠡᠷᠭᠦᠴᠡᠭᠰᠡᠨ ᠬᠥᠮᠦᠨ ᠢ᠋ ᠳᠣᠣᠷ᠎ᠠ ᠨᠢ ᠫᠤᠤᠳᠠ ᠭᠡᠵᠦ ᠭᠧᠨᠧᠷᠠᠯ ᠬᠠᠰᠬᠢᠷᠬᠤ ᠳ᠋ᠤ᠌ ᠳᠠᠷᠤᠭ᠎ᠠ 《ᠵᠠ》ᠭᠡᠳ ᠶᠣᠰᠣᠯᠠᠭᠠᠳ ᠭᠠᠷᠤᠯ᠎ᠠ᠃
  ᠭᠡᠲᠡᠯ᠎ᠡ ᠭᠠᠳᠠᠨ᠎ᠠ ᠠ᠋ᠴᠠ ᠣᠷᠣᠵᠤ ᠢᠷᠡᠭᠰᠡᠨ ᠥᠭᠡᠷ᠎ᠡ ᠨᠢᠭᠡᠨ ᠳᠠᠷᠤᠭ᠎ᠠ ᠬᠠᠳᠠᠨ ᠪᠠᠭᠠᠲᠤᠷ ᠮᠠᠭᠰᠤᠷᠵᠠᠪ ᠤ᠋ᠨ ᠡᠯᠴᠢ ᠪᠢᠴᠢᠭ ᠬᠦᠷᠭᠡᠵᠦ ᠢᠷᠡᠭᠰᠡᠨ ᠢ᠋ ᠮᠡᠳᠡᠭᠳᠡᠪᠡ᠃ ᠤᠳᠠᠯ ᠦᠭᠡᠢ ᠭᠠᠳᠠᠨ᠎ᠠ ᠠ᠋ᠴᠠ ᠮᠠᠭᠰᠤᠷᠵᠠᠪ ᠤ᠋ᠨ ᠡᠯᠴᠢ ᠣᠷᠣᠵᠤ ᠢᠷᠡᠭᠡᠳ ᠭᠧᠨᠧᠷᠠᠯ ᠳ᠋ᠤ᠌ ᠪᠢᠴᠢᠭ ᠥᠭᠪᠡ᠃
  ᠮᠣᠩᠭᠣᠯ ᠬᠡᠯᠡᠲᠦ ᠪᠢᠴᠢᠭ ᠢ᠋ ᠵᠠᠳᠠᠯᠤᠨ ᠣᠷᠴᠢᠭᠤᠯᠵᠤ ᠦᠭᠭᠦᠭᠰᠡᠨ ᠳ᠋ᠦ᠍ ᠪᠡᠺᠢᠴᠢ ᠶ᠋ᠢᠨ ᠴᠢᠷᠠᠢ ᠨᠢ ᠪᠠᠷᠤᠢᠵᠤ ᠬᠥᠮᠥᠰᠬᠡ ᠪᠡᠨ ᠵᠠᠩᠭᠢᠳᠤᠨ ᠬᠡᠰᠡᠭ ᠳᠠᠭᠤ ᠦᠭᠡᠢ ᠰᠠᠭᠤᠯ᠎ᠠ᠃ ᠬᠠᠳᠠᠨ ᠪᠠᠭᠠᠲᠤᠷ ᠴᠡᠷᠢᠭ ᠵᠡᠪᠰᠡᠭ ᠦ᠋ᠨ ᠲᠣᠭ᠎ᠠ ᠶ᠋ᠢ ᠥᠪᠡᠷ ᠡᠴᠡ ᠨᠢ ᠢᠯᠡᠭᠦᠦ ᠮᠡᠳᠡᠬᠦ ᠠᠵᠢ᠃ ᠴᠢᠩᠭᠢᠭᠡᠳ ᠪᠠᠭᠤᠵᠤ ᠥᠭ ᠭᠡᠵᠦ ᠡᠢᠮᠦ ᠵᠣᠷᠢᠭ ᠲᠠᠢ ᠱᠠᠭᠠᠷᠳᠠᠵᠤ ᠪᠠᠢᠭ᠎ᠠ ᠶ᠋ᠢ ᠪᠣᠳᠣᠬᠤ ᠳ᠋ᠤ᠌ ᠲᠡᠭᠦᠨ ᠦ᠌ ᠬᠦᠴᠦ ᠦᠯᠡᠮᠵᠢ ᠪᠣᠯᠤᠯᠲᠠᠢ᠃ ᠡᠨᠡ ᠤᠴᠢᠷ ᠠ᠋ᠴᠠ ᠶᠠᠭᠤ ᠴᠤ᠌ ᠭᠡᠰᠡᠨ ᠬᠡᠯᠡᠯᠴᠡᠭᠡᠷ ᠬᠢᠬᠦ ᠨᠢ ᠵᠥᠪ ᠭᠡᠵᠦ ᠮᠤᠬᠤᠷᠳᠠᠭᠰᠠᠨ ᠭᠧᠨᠧᠷᠠᠯ ᠰᠢᠢᠳᠦᠭᠡᠳ ᠮᠣᠩᠭᠣᠯ ᠬᠡᠯᠡᠨ ᠳᠡᠭᠡᠷ᠎ᠡ ᠪᠢᠴᠢᠭ ᠬᠢᠯᠭᠡᠨ ᠡᠯᠴᠢ ᠳ᠋ᠦ᠍ ᠥᠭᠴᠦ 《ᠪᠢ ᠥᠷᠯᠥᠭᠡᠨ ᠦ᠌ ᠨᠠᠷᠠᠨ ᠢ᠋ᠶ᠋ᠠᠷ ᠬᠠᠳᠠᠨ ᠪᠠᠭᠠᠲᠤᠷ ᠢ᠋ ᠬᠦᠯᠢᠶᠡᠨ ᠠᠪᠬᠤ ᠳ᠋ᠤ᠌ ᠪᠡᠯᠡᠬᠡᠨ ᠪᠠᠢᠨ᠎ᠠ》ᠭᠡᠯ᠎ᠡ᠃
  ᠡᠯᠴᠢ ᠪᠤᠴᠠᠵᠤ ᠣᠴᠢᠭᠠᠳ ᠦᠭᠭᠦᠭᠰᠡᠨ ᠪᠢᠴᠢᠭ ᠢ᠋ ᠬᠠᠳᠠᠨ ᠪᠠᠭᠠᠲᠤᠷ ᠲᠤ᠌ ᠪᠠᠷᠢᠬᠤ ᠳ᠋ᠤ᠌ ᠶᠠᠭᠠᠷᠠᠯ ᠦᠭᠡᠢ ᠵᠠᠳᠠᠯᠤᠨ ᠤᠩᠰᠢᠭᠠᠳ 《ᠪᠢ ᠲᠡᠮᠦᠷ ᠢ᠋ ᠳᠠᠭᠠᠭᠤᠯᠤᠨ ᠶᠠᠪᠤᠵᠤ ᠪᠡᠺᠢᠴᠢ ᠲᠡᠢ ᠠᠭᠤᠯᠵᠠᠨ᠎ᠠ᠃ ᠥᠷᠯᠥᠭᠡ ᠨᠠᠭᠤᠷ ᠤ᠋ᠨ ᠮᠠᠨᠠᠨ ᠢ᠋ ᠠᠰᠢᠭᠯᠠᠵᠤ ᠮᠣᠩᠭᠣᠯ ᠴᠡᠷᠢᠭ ᠦ᠋ᠨ ᠬᠤᠸᠠᠷᠠᠨ ᠢ᠋ ᠡᠵᠡᠯᠡᠵᠦ ᠠᠪᠤᠭᠠᠳ ᠴᠠᠰᠢ ᠮᠠᠰᠢ ᠲᠦᠷᠭᠡᠨ ᠬᠥᠳᠡᠯᠵᠦ ᠣᠷᠣᠰ ᠴᠡᠷᠢᠭ ᠦ᠋ᠨ ᠭᠡᠷ ᠦ᠋ᠳ ᠢ᠋ ᠪᠦᠰᠡᠯᠡ》 ᠭᠡᠵᠦ ᠬᠤᠶᠠᠭ ᠲᠤ᠌ ᠲᠤᠰᠢᠶᠠᠪᠠ᠃
  ᠊᠊᠊᠊᠊᠊᠊᠊᠊᠊᠊᠊᠊᠊᠊᠊᠊᠊᠊᠊ ᠶᠠᠮᠠᠷ ᠵᠡᠪᠰᠡᠭ ᠲᠡᠢ ᠶᠠᠪᠤᠬᠤ ᠪᠣᠢ? ᠭᠡᠵᠦ ᠳᠠᠭᠤᠳᠠᠭᠳᠠᠵᠤ ᠢᠷᠡᠭᠡᠳ ᠶᠠᠭᠤᠨ ᠳ᠋ᠤ᠌ ᠬᠡᠨ ᠲᠡᠢ ᠶᠠᠪᠤᠬᠤ ᠪᠠᠨ ᠮᠡᠳᠡᠭᠰᠡᠨ ᠲᠡᠮᠦᠷ ᠠᠰᠠᠭᠤᠪᠠ᠃
  ᠊᠊᠊᠊᠊᠊᠊᠊᠊᠊᠊᠊᠊᠊᠊᠊᠊᠊᠊ ᠬᠡᠯᠡᠯᠴᠡᠭᠡᠷ ᠬᠢᠬᠦ ᠤᠯᠤᠰ ᠵᠡᠪᠰᠡᠭ ᠦᠭᠡᠢ ᠶᠠᠪᠤᠨ᠎ᠠ᠃
  ᠊᠊᠊᠊᠊᠊᠊᠊᠊᠊᠊᠊᠊᠊᠊᠊᠊᠊ ᠡᠨᠡ ᠲᠠᠰᠢᠭᠤᠷ ᠢ᠋ ᠠᠪᠤᠭᠠᠳ ᠣᠷᠣᠵᠤ ᠪᠣᠯᠬᠤ ᠪᠣᠯᠪᠠ ᠤᠤ ᠭᠡᠵᠦ ᠲᠡᠮᠦᠷ ᠵᠢᠵᠢᠭ ᠢᠷᠭᠠᠢ ᠲᠠᠰᠢᠭᠤᠷ ᠦᠵᠡᠭᠦᠯᠪᠡ᠃
  ᠊᠊᠊᠊᠊᠊᠊᠊᠊᠊᠊᠊᠊᠊᠊᠊᠊ ᠲᠡᠷᠡ ᠣᠯᠠᠨ ᠬᠤᠷᠳᠤᠨ ᠫᠤᠤ ᠲᠠᠢ ᠤᠯᠤᠰ ᠤ᠋ᠨ ᠳᠤᠮᠳᠠ ᠡᠢᠮᠦ ᠶᠠᠭᠤᠮ᠎ᠠ ᠪᠠᠢᠭᠰᠠᠨ ᠪᠠᠢᠭ᠎ᠠ ᠦᠭᠡᠢ ᠬᠣᠶᠠᠷ ᠤ᠋ᠨ ᠢᠯᠭᠠᠭ᠎ᠠ ᠶᠠᠭᠤ ᠪᠠᠢᠬᠤ ᠪᠣᠢ ᠭᠡᠳ ᠬᠠᠳᠠᠨ ᠪᠠᠭᠠᠲᠤᠷ ᠢᠨᠢᠶᠡᠮᠰᠦᠭᠯᠡᠪᠡ᠃
  ᠊᠊᠊᠊᠊᠊᠊᠊᠊᠊᠊᠊᠊᠊᠊᠊᠊᠊᠊ ᠭᠡᠷ ᠦ᠋ᠨ ᠶᠠᠯᠢᠬᠤ ᠦᠭᠡᠢ ᠵᠣᠳᠣᠭᠠᠨ ᠳ᠋ᠤ᠌ ᠡᠨᠡ ᠴᠢᠨᠢ ᠶᠠᠮᠠᠷ ᠴᠤ᠌ ᠬᠤᠷᠳᠤᠨ ᠫᠤᠤ ᠠ᠋ᠴᠠ ᠳᠡᠭᠡᠷ᠎ᠡ ᠳᠡ᠂ ᠵᠠᠩᠵᠤᠨ ᠮᠢᠨᠢ᠃
  ᠊᠊᠊᠊᠊᠊᠊᠊᠊᠊᠊᠊᠊᠊᠊᠊᠊᠊᠊ ᠴᠠᠬᠢᠭᠤᠷ ᠲᠡᠮᠦᠷ ᠴᠣ ᠮᠥᠨ ᠳᠡ ᠭᠡᠳ ᠮᠠᠭᠰᠤᠷᠵᠠᠪ ᠰᠡᠳᠬᠢᠯ ᠳᠦᠭᠦᠷᠡᠩ ᠢᠨᠢᠶᠡᠪᠡ᠃ ᠥᠷᠯᠥᠭᠡᠨ ᠦ᠌ ᠨᠠᠷᠠ ᠪᠠᠷ ᠲᠡᠮᠦᠷ ᠢ᠋ ᠳᠠᠭᠠᠭᠤᠯᠤᠭᠰᠠᠨ ᠬᠠᠳᠠᠨ ᠪᠠᠭᠠᠲᠤᠷ ᠢ᠋ ᠢᠷᠡᠬᠦ ᠳ᠋ᠦ᠍ ᠪᠡᠺᠢᠴᠢ ᠭᠡᠷ ᠦ᠋ᠨ ᠭᠠᠳᠠᠨ᠎ᠠ ᠵᠣᠭᠰᠣᠨ ᠤᠭᠲᠤᠵᠤ ᠠᠪᠤᠯ᠎ᠠ᠃ ᠬᠠᠷᠢᠯᠴᠠᠨ ᠶᠣᠰᠣ ᠭᠦᠢᠴᠡᠳᠬᠡᠭᠰᠡᠨ ᠦ᠌ ᠳᠠᠷᠠᠭ᠎ᠠ ᠬᠠᠳᠠᠨ ᠪᠠᠭᠠᠲᠤᠷ᠄
  ᠊᠊᠊᠊᠊᠊᠊᠊᠊᠊᠊᠊᠊᠊᠊᠊᠊᠊᠊ ᠭᠧᠨᠧᠷᠠᠯ ᠲᠠ ᠴᠡᠷᠢᠭ ᠳᠠᠭᠠᠭᠤᠯᠤᠨ ᠬᠥᠮᠦᠨ ᠦ᠌ ᠨᠤᠲᠤᠭ ᠲᠤ᠌ ᠵᠦᠢ ᠪᠤᠰᠤ ᠪᠠᠷ ᠣᠷᠣᠵᠤ ᠢᠷᠡᠭᠰᠡᠨ ᠪᠣᠯᠬᠣᠷ ᠵᠡᠪᠰᠡᠭ ᠢ᠋ᠶ᠋ᠡᠨ ᠳᠠᠷᠤᠢ ᠬᠤᠷᠢᠶᠠᠯᠭᠠᠨ ᠪᠠᠭᠤᠵᠤ ᠥᠭᠬᠦ ᠶ᠋ᠢ ᠱᠠᠭᠠᠷᠳᠠᠵᠤ ᠪᠠᠢᠨ᠎ᠠ᠃ ᠡᠰᠡᠪᠡᠯ ᠲᠠ ᠶᠠᠭᠤ ᠪᠣᠯᠬᠤ ᠶ᠋ᠢ ᠪᠦᠷᠢᠨ ᠮᠡᠳᠡᠵᠦ ᠪᠠᠢᠭ᠎ᠠ ᠪᠢᠵᠡ ᠳᠡ ᠭᠡᠯ᠎ᠡ᠃
  ᠊᠊᠊᠊᠊᠊᠊᠊᠊᠊᠊᠊᠊᠊᠊᠊᠊᠊ ᠣᠷᠣᠰ ᠤ᠋ᠨ ᠴᠡᠷᠢᠭ ᠮᠣᠩᠭᠣᠯ ᠳ᠋ᠤ᠌ ᠣᠷᠣᠬᠤ ᠭᠡᠷ᠎ᠡ ᠪᠣᠢ ᠰᠢᠦ ᠳᠡ᠃
  ᠊᠊᠊᠊᠊᠊᠊᠊᠊᠊᠊᠊᠊᠊᠊᠊᠊ ᠨᠢᠭᠡᠳᠦᠭᠡᠷ ᠲᠦ᠍ ᠲᠡᠷᠡ ᠭᠡᠷ᠎ᠡ ᠶ᠋ᠢ ᠪᠢᠳᠡᠨ ᠳ᠋ᠦ᠍ ᠬᠦᠴᠦ ᠪᠡᠷ ᠲᠤᠯᠭᠠᠭᠰᠠᠨ᠃ ᠬᠣᠶᠠᠳᠤᠭᠠᠷ ᠲᠤ᠌ ᠣᠳᠣ ᠲᠡᠷᠡ ᠣᠷᠣᠰ ᠤᠯᠤᠰ ᠪᠠᠢᠬᠤ ᠦᠭᠡᠢ᠃ ᠣᠷᠣᠨ ᠳ᠋ᠤᠨᠢ ᠲᠣᠭᠲᠠᠭᠰᠠᠨ ᠰᠢᠨ᠎ᠡ ᠣᠷᠣᠰ ᠤᠯᠤᠰ ᠮᠣᠩᠭᠣᠯ ᠤ᠋ᠨ ᠬᠡᠷᠡᠭ ᠲᠦ᠍ ᠣᠷᠣᠯᠴᠠᠬᠤ ᠦᠭᠡᠢ ᠪᠡᠨ ᠲᠤᠩᠬᠠᠭᠯᠠᠭᠰᠠᠨ᠃
  ᠊᠊᠊᠊᠊᠊᠊᠊᠊᠊᠊᠊᠊᠊᠊᠊ ᠪᠢᠳᠡᠨ ᠦ᠌ ᠠᠮᠢ ᠪᠡᠶ᠎ᠡ ᠶ᠋ᠢ ᠬᠠᠮᠠᠭᠠᠯᠠᠨ ᠬᠢᠲᠠᠳ ᠤ᠋ᠨ ᠨᠤᠲᠤᠭ ᠤᠷᠤᠭᠤ ᠭᠠᠷᠭᠠᠵᠤ ᠥᠭ᠃
  ᠊᠊᠊᠊᠊᠊᠊᠊᠊᠊᠊᠊᠊᠊᠊᠊᠊ ᠪᠠᠭᠤᠵᠤ ᠥᠭᠪᠡᠯ ᠠᠮᠢ ᠪᠡᠶ᠎ᠡ ᠶ᠋ᠢ ᠴᠢᠨᠢ ᠬᠠᠮᠠᠭᠠᠯᠠᠵᠤ ᠪᠣᠯᠤᠨ᠎ᠠ᠃ ᠬᠠᠷᠢᠨ ᠬᠢᠲᠠᠳ ᠤ᠋ᠨ ᠨᠤᠲᠤᠭ ᠤᠷᠤᠭᠤ ᠭᠠᠷᠭᠠᠬᠤ ᠶ᠋ᠢ ᠪᠢᠳᠡ ᠠᠮᠠᠯᠠᠵᠤ ᠴᠢᠳᠠᠬᠤ ᠦᠭᠡᠢ᠃
  ᠭᠧᠨᠧᠷᠠᠯ ᠴᠡᠷᠢᠭ ᠢ᠋ ᠨᠢ ᠬᠢᠲᠠᠳ ᠤ᠋ᠨ ᠨᠤᠲᠤᠭ ᠲᠤ᠌ ᠰᠠᠭᠠᠳ ᠦᠭᠡᠢ ᠭᠠᠷᠭᠠᠬᠤ ᠱᠠᠭᠠᠷᠳᠠᠯᠭ᠎ᠠ ᠲᠠᠯᠪᠢᠭᠠᠳ᠂ ᠮᠠᠭᠰᠤᠷᠵᠠᠪ ᠲᠡᠭᠦᠨ ᠢ᠋ ᠦᠯᠦ ᠵᠥᠪᠰᠢᠶᠡᠷᠡᠨ ᠬᠡᠰᠡᠭ ᠶᠠᠷᠢᠯᠴᠠᠪᠠ᠃ ᠭᠡᠲᠡᠯ᠎ᠡ ᠨᠢᠭᠡ ᠴᠠᠭᠠᠨᠲᠠᠨ ᠢᠷᠡᠵᠦ ᠮᠣᠩᠭᠣᠯ ᠴᠡᠷᠢᠭ ᠤᠷᠪᠠᠭᠰᠠᠨ ᠲᠤᠬᠠᠢ ᠬᠡᠯᠡᠵᠦ ᠠᠮᠵᠢᠭ᠎ᠠ ᠦᠭᠡᠢ ᠪᠠᠢᠲᠠᠯ᠎ᠠ ᠬᠠᠳᠠᠨ ᠪᠠᠭᠠᠲᠤᠷ ᠤ᠋ᠨ ᠴᠡᠷᠢᠭ ᠣᠷᠣᠰ ᠴᠡᠷᠢᠭ ᠦ᠋ᠨ ᠭᠡᠷ ᠢ᠋ ᠪᠦᠰᠡᠯᠡᠨ ᠠᠪᠤᠭᠰᠠᠨ ᠲᠤᠬᠠᠢ ᠮᠡᠳᠡᠭᠡ ᠢᠷᠡᠯ᠎ᠡ᠃ ᠴᠠᠭᠠᠨ ᠤ᠋ ᠳᠠᠷᠤᠭ᠎ᠠ ᠨᠢᠭᠡ ᠫᠤᠤ ᠭᠠᠷᠭᠠᠭᠰᠠᠨ ᠢ᠋ ᠲᠡᠮᠦᠷ ᠪᠦᠳᠦᠭᠦᠨ ᠲᠠᠰᠢᠭᠤᠷ ᠢ᠋ᠶ᠋ᠠᠷ ᠴᠣᠬᠢᠭᠰᠠᠨ ᠨᠢ ᠫᠤᠤ ᠪᠠᠨ ᠠᠯᠳᠠᠭᠰᠠᠨ ᠢ᠋ᠶ᠋ᠠᠷ ᠪᠠᠷᠠᠬᠤ ᠦᠭᠡᠢ ᠪᠠᠭᠤ ᠶ᠋ᠢᠨ ᠶᠠᠰᠤ ᠨᠢ ᠪᠢᠵᠡ ᠦᠰᠦᠷᠴᠡᠢ᠃
  ᠤᠳᠠᠭᠰᠠᠨ ᠴᠣ ᠦᠭᠡᠢ ᠪᠡᠺᠢᠴᠢ ᠪᠠ ᠲᠡᠭᠦᠨ ᠦ᠌ ᠴᠡᠷᠢᠭ ᠦ᠋ᠨ ᠵᠡᠪᠰᠡᠭ ᠢ᠋ ᠬᠣᠷᠢᠶᠠᠨ ᠪᠠᠭᠤᠯᠭᠠᠵᠤ ᠠᠪᠬᠤ ᠠᠵᠢᠯ ᠳᠠᠭᠤᠰᠪᠠ᠃
  ᠬᠠᠳᠠᠨ ᠪᠠᠭᠠᠲᠤᠷ ᠤ᠋ᠨ ᠵᠠᠷᠯᠢᠭ ᠢ᠋ᠶ᠋ᠠᠷ ᠨᠣᠶᠠᠨ ᠲᠤᠰᠠᠯᠠᠭᠴᠢ ᠶ᠋ᠢ ᠤᠭᠴᠠᠷᠠᠭᠤᠯᠤᠨ ᠬᠤᠰᠢᠭᠤᠨ ᠤ᠋ ᠬᠡᠷᠡᠭ ᠢ᠋ ᠵᠠᠬᠢᠷᠤᠭᠴᠢ ᠳ᠋ᠤ᠌ ᠰᠢᠯᠵᠢᠭᠦᠯᠵᠦ ᠪᠠᠷᠢᠭᠳᠠᠭᠰᠠᠨ ᠴᠡᠷᠢᠭ ᠢ᠋ ᠬᠦᠷᠢᠶ᠎ᠡ ᠤᠷᠤᠭᠤ ᠲᠡᠮᠡᠭᠡᠨ ᠵᠢᠩ ᠢ᠋ᠶ᠋ᠡᠷ ᠬᠦᠷᠭᠡᠬᠦ ᠪᠣᠯᠵᠠᠢ᠃