ᠲᠤᠩᠭᠠᠯᠠᠭ ᠲᠠᠮᠢᠷ3-05-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠡᠨᠡ ᠵᠢᠯ ᠲᠠᠨ ᠤ᠋ ᠴᠠᠭᠠᠨ ᠰᠠᠷ᠎ᠠ ᠴᠢᠨᠢ ᠤᠯᠠᠭᠠᠨ ᠪᠣᠯᠵᠤ ᠮᠠᠭᠠᠳ᠂ ᠤᠯᠠᠭᠠᠨ ᠴᠢᠪᠠᠭ᠎ᠠ ᠠᠪᠪᠠᠯ ᠵᠦᠭᠡᠷ ᠪᠢᠰᠢᠦ?》 - ᠭᠤᠷᠪᠠᠳᠤᠭᠠᠷ ᠪᠦᠯᠦᠭ ᠲᠠᠪᠤ
ᠬᠦᠷᠢᠶᠡᠨ ᠳ᠋ᠦ᠍ ᠴᠠᠭᠠᠨ ᠰᠠᠷ᠎ᠠ ᠪᠣᠯᠪᠠ᠃ ᠪᠠᠶᠠᠨ ᠬᠥᠮᠦᠨ ᠦ᠌ ᠪᠠᠬᠠᠳᠤᠯ ᠤ᠋ᠨ ᠰᠠᠷ᠎ᠠ᠂ ᠬᠣᠭᠣᠰᠣᠨ ᠬᠥᠮᠦᠨ ᠦ᠌ ᠬᠣᠬᠢᠷᠠᠯ ᠤ᠋ᠨ ᠰᠠᠷ᠎ᠠ ᠭᠡᠵᠦ ᠬᠦᠷᠢᠶᠡᠨ ᠦ᠌ ᠬᠢᠨ ᠴᠠᠭᠠᠨ ᠰᠠᠷ᠎ᠠ ᠶ᠋ᠢ ᠬᠡᠯᠡᠳᠡᠭ᠃ ᠡᠨᠡ ᠦᠨᠡᠨ ᠦᠭᠡ᠃ ᠤᠴᠢᠷ ᠨᠢ ᠪᠠᠶᠠᠴᠤᠳ ᠬᠡᠳᠦ ᠬᠡᠳᠦᠨ ᠬᠣᠨᠢᠨ ᠤ᠋ ᠤᠭᠤᠴᠠ ᠲᠠᠯᠪᠢᠵᠤ ᠠᠢᠷᠠᠭ ᠠᠷᠢᠬᠢ ᠪᠢᠯᠬᠠᠭᠤᠯᠤᠨ ᠰᠠᠢᠨ ᠳᠡᠪᠡᠯ ᠢ᠋ᠶ᠋ᠡᠨ ᠡᠮᠦᠰᠴᠦ᠂ ᠰᠠᠢᠬᠠᠨ ᠮᠣᠷᠢ ᠪᠠᠨ ᠤᠨᠤᠵᠤ ᠪᠡᠶ᠎ᠡ ᠪᠡᠶ᠎ᠡ ᠳ᠋ᠡᠭᠡᠨ ᠭᠡᠢᠴᠢᠯᠡᠨ ᠨᠢᠭᠡ ᠡᠴᠡ ᠪᠡᠨ ᠠᠪᠤᠭᠰᠠᠨ ᠪᠡᠯᠡᠭ ᠢ᠋ᠶ᠋ᠡᠨ ᠨᠥᠭᠦᠭᠡ ᠳ᠋ᠦ᠍ᠨᠢ ᠳᠠᠮᠵᠢᠭᠤᠯᠤᠨ ᠥᠭᠴᠦ ᠴᠡᠩᠭᠡᠳᠡᠭ᠃ ᠡᠢᠮᠦ ᠳ᠋ᠦ᠍ᠨᠢ ᠪᠣᠯ ᠴᠠᠭᠠᠨ ᠰᠠᠷ᠎ᠠ ᠪᠠᠬᠠᠳᠤᠯ ᠤ᠋ᠨ ᠰᠠᠷ᠎ᠠ ᠪᠠᠢᠳᠠᠭ᠃ ᠬᠠᠷᠢᠨ ᠶᠠᠳᠠᠭᠤ ᠵᠦᠳᠡᠭᠦᠦ ᠨᠢ ᠪᠣᠯ ᠣᠯᠠᠨ ᠤ᠋ ᠤᠷᠤᠰᠬᠠᠯ ᠳ᠋ᠤ᠌ ᠲᠠᠲᠠᠭᠳᠠᠨ ᠥᠩᠭᠡᠷᠡᠵᠦ ᠣᠷᠣᠨ ᠭᠡᠷ ᠢ᠋ᠶ᠋ᠡᠨ ᠴᠠᠭᠠᠨ ᠰᠠᠷ᠎ᠠ ᠥᠩᠭᠡᠷᠡᠮᠡᠭᠴᠡ ᠪᠠᠭᠤᠯᠭᠠᠵᠤ ᠥᠭᠬᠦ ᠪᠡᠷ ᠬᠤᠳᠠᠯᠳᠤᠭᠠᠳ ᠮᠥᠩᠭᠥ ᠪᠡᠷ ᠨᠢ ᠬᠡᠳᠦ ᠬᠣᠨᠣᠭ ᠴᠡᠩᠭᠡᠭᠡᠳ ᠳᠠᠷᠠᠭ᠎ᠠ ᠨᠢ ᠪᠣᠭᠣᠵᠤ ᠦᠬᠦᠬᠦ ᠳ᠋ᠦ᠍ ᠬᠦᠷᠳᠡᠭ ᠢ᠋ ᠠᠯᠢ ᠲᠡᠷᠡ ᠭᠡᠬᠦ ᠪᠢᠯᠡ᠃ ᠡᠢᠮᠦ ᠳ᠋ᠦ᠍ᠨᠢ ᠪᠣᠯ ᠴᠠᠭᠠᠨ ᠰᠠᠷ᠎ᠠ ᠬᠣᠬᠢᠷᠠᠯ ᠤ᠋ᠨ ᠰᠠᠷ᠎ᠠ ᠪᠠᠢᠳᠠᠭ᠃
ᠬᠠᠷᠢᠨ ᠭᠠᠷ ᠬᠣᠭᠣᠰᠣᠨ ᠭᠣᠢ᠌ᠯᠢᠠᠴᠠ ᠬᠥᠮᠦᠨ ᠳ᠋ᠦ᠍ ᠴᠠᠭᠠᠨ ᠰᠠᠷ᠎ᠠ ᠶ᠋ᠢᠨ ᠡᠳᠦᠷ ᠦ᠋ᠳ ᠲᠦ᠍ ᠭᠡᠳᠡᠰᠦ ᠴᠠᠳᠴᠤ ᠠᠪᠬᠤ ᠵᠠᠪᠰᠢᠶᠠᠨ ᠣᠯᠳᠠᠳᠠᠭ᠃ ᠡᠨᠡ ᠴᠦ᠍ ᠤᠴᠢᠷ ᠡᠴᠡ ᠴᠠᠭ ᠴᠠᠭ ᠲᠤ᠌ ᠨᠢᠭᠡ ᠴᠠᠳᠳᠠᠭ᠂ ᠴᠠᠭᠠᠨ ᠰᠠᠷ᠎ᠠ ᠨᠢᠭᠡ ᠴᠠᠳᠳᠠᠭ᠂ ᠦᠶ᠎ᠡ ᠦᠶ᠎ᠡ ᠨᠢᠭᠡ ᠴᠠᠳᠳᠠᠭ᠂ ᠦᠬᠡᠷ ᠠᠯᠠᠬᠤ ᠳ᠋ᠤ᠌ ᠨᠢᠭᠡ ᠴᠠᠳᠳᠠᠭ ᠭᠡᠵᠦ ᠶᠠᠷᠢᠳᠠᠭ ᠪᠠᠢᠯ᠎ᠠ᠃
ᠬᠦᠷᠢᠶᠡᠨ ᠦ᠌ ᠡᠨᠡ ᠵᠢᠯ ᠦ᠋ᠨ ᠴᠠᠭᠠᠨ ᠰᠠᠷ᠎ᠠ ᠤᠷᠢᠳᠤᠬᠢ ᠡᠴᠡ ᠱᠠᠯ ᠥᠭᠡᠷ᠎ᠡ ᠴᠠᠭᠠᠨ ᠰᠠᠷ᠎ᠠ ᠶᠤᠮ᠃ ᠭᠠᠮᠢᠩ ᠪᠠᠷᠤᠨ ᠤ᠋ ᠬᠥᠯ ᠳ᠋ᠦ᠍ ᠦᠢᠮᠡᠵᠦ ᠨᠡᠷᠪᠡᠭᠳᠡᠨ ᠥᠷᠯᠥᠭᠡ ᠪᠣᠯᠬᠤ ᠳ᠋ᠤ᠌ ᠶᠠᠭᠠᠬᠢᠭᠰᠠᠨ ᠪᠠᠢᠬᠤ ᠪᠠᠨ ᠮᠡᠳᠡᠬᠦ ᠦᠭᠡᠢ ᠪᠠᠢᠭᠰᠠᠨ ᠬᠦᠷᠢᠶ᠎ᠡ ᠰᠡᠭᠦᠯ ᠦ᠋ᠨ ᠬᠡᠳᠦᠨ ᠵᠢᠯ ᠳ᠋ᠦ᠍ ᠣᠯᠢᠭᠲᠠᠢ ᠴᠠᠭᠠᠨ ᠰᠠᠷ᠎ᠠ ᠬᠢᠵᠦ ᠴᠢᠳᠠᠭ᠎ᠠ ᠦᠭᠡᠢ᠂ ᠭᠠᠮᠢᠩ ᠤ᠋ᠨ ᠰᠦᠷ ᠬᠦᠴᠦᠨ ᠳ᠋ᠦ᠍ ᠰᠡᠭᠦᠯ ᠨᠢ ᠪᠣᠰᠤᠨ ᠵᠠᠷᠢᠮ ᠬᠤᠳᠠᠯᠳᠤᠭᠠᠴᠢᠨ ᠬᠢᠲᠠᠳ 1920 ᠊᠊᠊᠊᠊᠊᠊᠊᠊᠊᠊᠊᠊᠊᠊ 21 ᠣᠨ ᠤ᠋ ᠡᠪᠦᠯ ᠬᠦᠷᠢᠶᠡᠨ ᠦ᠌ ᠬᠢᠨ ᠭᠡᠨᠡᠨ ᠴᠠᠭᠠᠨ ᠰᠡᠳᠬᠢᠯ ᠢ᠋ᠶ᠋ᠡᠷ ᠴᠠᠭᠠᠨ ᠰᠠᠷ᠎ᠠ ᠶ᠋ᠢᠨ ᠠᠷᠰᠠᠷ ᠶᠠᠭᠤᠮ᠎ᠠ ᠬᠤᠳᠠᠯᠳᠤᠨ ᠠᠪᠬᠤ ᠭᠡᠬᠦ ᠳ᠋ᠦ᠍ᠨᠢ 《ᠡᠨᠡ ᠵᠢᠯ ᠲᠠᠨ ᠤ᠋ ᠴᠠᠭᠠᠨ ᠰᠠᠷ᠎ᠠ ᠴᠢᠨᠢ ᠤᠯᠠᠭᠠᠨ ᠪᠣᠯᠵᠤ ᠮᠠᠭᠠᠳ᠂ ᠤᠯᠠᠭᠠᠨ ᠴᠢᠪᠠᠭ᠎ᠠ ᠠᠪᠪᠠᠯ ᠵᠦᠭᠡᠷ ᠪᠢᠰᠢᠦ?》 ᠭᠡᠵᠦ ᠳᠣᠷᠣᠮᠵᠢᠯᠠᠵᠤ ᠪᠠᠢᠪᠠ᠃
ᠲᠡᠭᠦᠨ ᠡᠴᠡ ᠬᠣᠢᠰᠢ ᠵᠢᠯ ᠥᠩᠭᠡᠷᠡᠪᠡ᠃ ᠡᠨᠡ ᠨᠢᠭᠡᠨ ᠵᠢᠯ ᠦ᠋ᠨ ᠳᠣᠲᠣᠷ᠎ᠠ ᠬᠦᠷᠢᠶᠡᠨ ᠦ᠌ ᠠᠮᠢᠳᠤᠷᠠᠯ ᠳ᠋ᠤ᠌ ᠣᠯᠠᠨ ᠰᠢᠨ᠎ᠡ ᠵᠦᠢᠯ ᠪᠣᠯᠵᠠᠢ᠃ ᠬᠦᠷᠢᠶᠡᠨ ᠳ᠋ᠦ᠍ ᠤᠯᠠᠭᠠᠨ ᠰᠠᠷ᠎ᠠ ᠪᠡᠯᠡᠳᠬᠡᠵᠦ ᠪᠠᠢᠭᠰᠠᠨ ᠭᠠᠮᠢᠩ ᠥᠪᠡᠷ ᠲᠡᠢ ᠨᠢ ᠠᠳᠠᠯᠢᠬᠠᠨ ᠢᠳᠡᠰᠢ ᠡᠷᠢᠵᠦ ᠮᠣᠩᠭᠣᠯ ᠳ᠋ᠤ᠌ ᠢᠷᠡᠭᠰᠡᠨ ᠪᠠᠷᠤᠨ ᠳ᠋ᠤ᠌ ᠳᠠᠷᠤᠭᠳᠠᠨ ᠬᠢᠶᠠᠭᠲᠤ ᠶ᠋ᠢᠨ ᠵᠦᠭ ᠳᠡᠭᠡᠷᠡᠮ ᠦ᠋ᠨ ᠵᠠᠮ ᠲᠠᠲᠠᠭᠤᠯᠤᠨ ᠠᠷᠢᠯᠵᠠᠢ᠃ ᠪᠠᠷᠤᠨ ᠬᠦᠷᠢᠶᠡᠨ ᠳ᠋ᠦ᠍ ᠵᠢᠷᠭᠠᠯ ᠠᠪᠴᠤ ᠢᠷᠡᠭᠰᠡᠨ ᠦᠭᠡᠢ᠃ ᠣᠷᠣᠵᠤ ᠢᠷᠡᠭᠰᠡᠨ ᠡᠳᠦᠷ ᠢ᠋ᠶ᠋ᠡᠨ ᠬᠥᠮᠦᠨ ᠳᠡᠭᠦᠵᠢᠯᠡᠵᠦ᠂ ᠫᠤᠤᠳᠠᠵᠤ᠂ ᠡᠳ᠋ ᠬᠥᠷᠥᠩᠭᠡ ᠶ᠋ᠢ ᠨᠢ ᠳᠡᠭᠡᠷᠡᠮᠳᠡᠵᠦ ᠡᠬᠢᠯᠡᠪᠡ᠃
ᠭᠡᠪᠡᠴᠦ ᠲᠡᠷᠡ ᠪᠦᠬᠦᠨ 《ᠲᠦᠳᠡ ᠶ᠋ᠢᠨ ᠵᠠᠮ》 ᠢ᠋ᠶ᠋ᠠᠷ ᠲᠣᠨᠢᠯᠤᠭᠠᠳ ᠢᠳᠡᠭᠰᠡᠨ ᠡᠷᠡᠦ ᠬᠤᠪᠠᠬᠠᠢᠷᠠᠵᠤ᠂ ᠢᠳᠡᠭᠦᠯᠦᠭᠰᠡᠨ ᠪᠤᠲᠠ ᠨᠣᠭᠣᠭᠠᠷᠠᠨ ᠬᠦᠷᠢᠶ᠎ᠡ ᠰᠢᠨ᠎ᠡ ᠵᠠᠰᠠᠭ ᠤ᠋ᠨ ᠠᠩᠬᠠᠳᠤᠭᠠᠷ ᠴᠠᠭᠠᠨ ᠰᠠᠷ᠎ᠠ ᠲᠠᠢ ᠵᠣᠯᠭᠠᠵᠠᠢ᠃
ᠬᠦᠷᠢᠶᠡᠨ ᠳ᠋ᠦ᠍ ᠴᠠᠭᠠᠨ ᠰᠠᠷ᠎ᠠ ᠪᠣᠯᠵᠤ ᠬᠥᠮᠦᠰ ᠠᠯᠢ ᠣᠯᠢᠭᠲᠠᠢ ᠳᠡᠪᠡᠯ ᠢ᠋ᠶ᠋ᠡᠨ ᠡᠮᠦᠰᠴᠦ ᠠᠢᠯ ᠬᠡᠰᠦᠨ 《ᠰᠠᠷ᠎ᠠ ᠰᠢᠨ᠎ᠡ ᠳ᠋ᠦ᠍ ᠰᠠᠢᠬᠠᠨ ᠰᠢᠨᠡᠯᠡᠵᠦ ᠪᠠᠢᠨ᠎ᠠ ᠤᠤ?》 《ᠮᠠᠨ ᠤ᠋ ᠳ᠋ᠤ᠌ ᠣᠴᠢᠭᠠᠷᠠᠢ》᠂ 《ᠲᠠᠨ ᠤ᠋ ᠳ᠋ᠤ᠌ ᠣᠴᠢᠵᠤ ᠵᠣᠯᠭᠠᠨ᠎ᠠ ᠰᠢᠦ》 ᠭᠡᠵᠦ ᠪᠦᠳᠦᠭᠦᠨ ᠨᠠᠷᠢᠨ ᠳᠠᠭᠤ ᠪᠠᠷ ᠳᠠᠪᠲᠠᠨ ᠵᠣᠯᠭᠠᠵᠠᠭᠠᠨᠠ᠃
ᠰᠡᠴᠡᠨ ᠬᠠᠨ ᠤ᠋ ᠬᠣᠷᠢᠶ᠎ᠠ ᠭᠡᠳᠡᠭ ᠨᠡᠷ᠎ᠡ ᠪᠡᠨ ᠣᠳᠣ ᠳ᠋ᠠᠭᠠᠨ ᠬᠠᠳᠠᠭᠠᠯᠠᠵᠤ ᠪᠠᠢᠭ᠎ᠠ ᠵᠡᠭᠦᠨ ᠬᠦᠷᠢᠶᠡᠨ ᠦ᠌ ᠨᠠᠷᠢᠬᠠᠨ ᠪᠥᠭᠡᠳ ᠮᠠᠬᠢᠷ ᠭᠤᠳᠤᠮᠵᠢ ᠪᠠᠷ ᠴᠠᠭᠠᠨ ᠬᠤᠷᠠᠭᠠᠨ ᠦᠰᠦᠲᠡᠢ ᠴᠡᠷᠢᠭ ᠱᠣᠪᠣᠭᠣᠷ ᠮᠠᠯᠠᠭᠠᠢ ᠲᠠᠢ ᠰᠢᠨᠧᠯ ᠲᠡᠢ ᠬᠥᠮᠦᠨ᠂ ᠴᠡᠷᠢᠭ ᠡᠮᠡᠭᠡᠯ ᠲᠡᠢ ᠲᠠᠷᠭᠤᠨ ᠬᠦᠷᠡᠩ ᠮᠣᠷᠢ ᠤᠨᠤᠵᠤ ᠠᠮᠠᠨ ᠳ᠋ᠠᠭᠠᠨ ᠳᠠᠭᠤᠤ ᠠᠶᠠᠯᠤᠨ ᠠᠯᠬᠤᠯᠠᠨ᠎ᠠ᠃ ᠨᠢᠭᠡ ᠲᠠᠰᠢᠶᠠᠨ ᠳ᠋ᠤᠨᠢ ᠮᠣᠳᠣᠨ ᠬᠤᠢ ᠲᠠᠢ ᠰᠸᠯᠠᠢ᠌ᠳᠠᠢ᠂ ᠨᠥᠭᠦᠭᠡ ᠳ᠋ᠦ᠍ᠨᠢ ᠮᠣᠷᠢᠨ ᠴᠡᠷᠢᠭ ᠦ᠋ᠨ ᠤᠷᠲᠤ ᠰᠡᠯᠡᠮ᠎ᠡ ᠬᠠᠷᠠᠭᠳᠠᠨ᠎ᠠ᠃ ᠨᠡᠯᠢᠶᠡᠳ ᠰᠣᠭᠲᠣᠭᠰᠠᠨ ᠡᠴᠡ ᠤᠯᠠᠭᠠᠨ ᠵᠡᠭᠡᠷᠳᠡ ᠪᠣᠯᠤᠭᠰᠠᠨ ᠴᠢᠷᠠᠢ ᠳ᠋ᠤᠨᠢ ᠪᠠᠷᠳᠠᠮ ᠪᠥᠭᠡᠳ ᠠᠮᠢᠳᠤᠷᠠᠯ ᠳ᠋ᠠᠭᠠᠨ ᠬᠠᠨᠤᠭᠰᠠᠨ ᠰᠡᠳᠬᠢᠯ ᠲᠣᠳᠣᠷᠠᠨ᠎ᠠ᠃
ᠡᠨᠡ ᠪᠣᠯ ᠵᠠᠮᠪᠠᠯ ᠪᠠᠢᠯ᠎ᠠ᠃ ᠫᠡᠪᠯᠦᠧ ᠶ᠋ᠢ ᠪᠠᠷᠢᠵᠤ ᠥᠭᠴᠦ᠂ ᠠᠷᠠᠳ ᠤ᠋ᠨ ᠵᠢᠷᠤᠮᠲᠤ ᠴᠡᠷᠢᠭ ᠲᠦ᠍ ᠣᠷᠣᠭᠠᠳ ᠪᠢᠴᠢᠭ ᠮᠡᠳᠡᠯᠭᠡ ᠶ᠋ᠢᠨ ᠠᠴᠢ ᠪᠠᠷ ᠪᠡᠯᠡᠳᠬᠡᠯ ᠦ᠋ᠨ ᠪᠢᠴᠢᠭᠡᠴᠢ ᠬᠢᠵᠦ ᠡᠬᠢᠯᠡᠭᠡᠳ ᠶᠠᠪᠤᠨ ᠶᠠᠪᠤᠭᠰᠠᠭᠠᠷ ᠴᠡᠷᠢᠭ ᠦ᠋ᠨ ᠪᠡᠯᠡᠳᠬᠡᠯ ᠳ᠋ᠦ᠍ ᠲᠣᠮᠣ ᠨᠢ ᠪᠢᠰᠢ ᠪᠣᠯᠪᠠᠴᠤ ᠣᠪᠣᠭ᠎ᠠ ᠮᠡᠳᠡᠯᠭᠡ ᠲᠡᠢ ᠳᠠᠷᠤᠭ᠎ᠠ ᠪᠣᠯᠵᠠᠢ᠃ ᠢᠯᠠᠭᠰᠠᠨ ᠴᠡᠷᠢᠭ ᠦ᠋ᠨ ᠳᠠᠷᠤᠭ᠎ᠠ ᠨᠠᠷ ᠢ᠋ᠶ᠋ᠠᠷ ᠨᠢᠭᠤᠷ ᠬᠢᠵᠦ ᠬᠣᠲᠠ ᠭᠠᠵᠠᠷ ᠤ᠋ᠨ ᠬᠥᠭᠵᠢᠯ ᠲᠡᠢ ᠠᠮᠢᠳᠤᠷᠠᠯ ᠳ᠋ᠤ᠌ ᠤᠮᠪᠠᠨ ᠬᠡᠳᠦ ᠬᠡᠳᠦᠨ ᠣᠪᠣᠭ᠎ᠠ ᠪᠦᠰᠡᠭᠦᠢᠴᠦᠳ ᠲᠡᠢ ᠨᠢᠭᠤᠴᠠ ᠠᠮᠠᠷᠠᠭ ᠤ᠋ᠨ ᠬᠣᠯᠪᠣᠭ᠎ᠠ ᠲᠣᠭᠲᠠᠭᠠᠵᠠᠢ᠃ ᠡᠨᠡ ᠪᠦᠬᠦᠨ ᠡᠴᠡ ᠵᠠᠮᠪᠠᠯ ᠳ᠋ᠤ᠌ ᠠᠷᠠᠳ ᠤ᠋ᠨ ᠵᠠᠰᠠᠭ ᠢ᠋ ᠵᠠᠨᠤᠬᠤ ᠤᠴᠢᠷ ᠪᠠᠢᠭᠰᠠᠨ ᠦᠭᠡᠢ᠃ ᠡᠪ ᠢ᠋ ᠨᠢ ᠣᠯᠵᠤ ᠵᠢᠳᠬᠦᠭᠡᠳ ᠪᠠᠢᠪᠠᠯ ᠨᠢᠭᠡᠨ ᠴᠠᠭ ᠲᠤ᠌ ᠲᠥᠷᠥ ᠶ᠋ᠢᠨ ᠲᠣᠮᠣ ᠬᠥᠮᠦᠨ ᠪᠣᠯᠵᠤ᠂ ᠬᠤᠯᠤ ᠳᠦᠭᠦᠷᠡᠩ ᠱᠤᠤᠭᠢᠵᠤ ᠪᠠᠢᠭ᠎ᠠ ᠠᠢᠷᠠᠭ ᠰᠢᠭ᠋ ᠠᠮᠢᠳᠤᠷᠠᠬᠤ ᠪᠣᠯᠬᠤ ᠮᠡᠲᠦ ᠰᠠᠨᠠᠭᠳᠠᠨ᠎ᠠ᠃
ᠵᠠᠮᠪᠠᠯ ᠶᠠᠪᠤᠭᠰᠠᠭᠠᠷ ᠬᠦᠷᠢᠶ᠎ᠡ ᠶᠤᠠᠳᠤᠨ ᠤ᠋ ᠬᠠᠭᠠᠯᠭᠠᠨ ᠳᠡᠭᠡᠷ᠎ᠡ ᠣᠴᠢᠵᠤ ᠪᠠᠭᠤᠭᠠᠳ ᠪᠠᠭ᠎ᠠ ᠬᠠᠭᠠᠯᠭ᠎ᠠ ᠶ᠋ᠢᠨ ᠬᠢᠨᠢ ᠰᠤᠷ ᠢ᠋ ᠲᠡᠳᠡᠨ ᠮᠥᠷᠥ ᠪᠡᠷ ᠢ᠋ᠶ᠋ᠡᠨ ᠲᠦᠯᠬᠢᠨ ᠨᠡᠭᠡᠭᠡᠭᠡᠳ ᠮᠣᠷᠢ ᠪᠠᠨ ᠬᠥᠲᠥᠯᠦᠨ ᠣᠷᠣᠵᠤ ᠬᠡᠳᠦᠨ ᠮᠣᠷᠢ ᠤᠶᠠᠭᠰᠠᠨ ᠰᠠᠷᠠᠪᠴᠢᠳᠠᠢ ᠤᠶᠠᠭᠠᠨ ᠡᠴᠡ ᠤᠶᠠᠪᠠ᠃
ᠬᠠᠩᠬᠠᠷ ᠬᠠᠰᠢᠶᠠᠨ ᠤ᠋ ᠳᠤᠮᠳᠠ ᠪᠠᠢᠭᠰᠠᠨ ᠲᠣᠮᠣ ᠴᠠᠭᠠᠨ ᠭᠡᠷ ᠡᠴᠡ ᠰᠢᠷ᠎ᠠ ᠣᠳᠣᠨ ᠬᠡ ᠲᠡᠢ᠂ ᠬᠦᠷᠡᠩ ᠲᠣᠷᠭᠠᠨ ᠳᠡᠪᠡᠯ ᠡᠮᠦᠰᠴᠦ᠂ ᠤᠷᠲᠤ ᠪᠥᠭᠡᠳ ᠪᠦᠳᠦᠭᠦᠨ ᠰᠤᠪᠤᠳ ᠤ᠋ᠨ ᠰᠠᠨᠴᠢᠭ ᠬᠣᠶᠠᠷ ᠡᠩᠭᠡᠷ ᠤᠷᠤᠭᠤ ᠪᠠᠨ ᠤᠨᠵᠢᠭᠤᠯᠤᠭᠰᠠᠨ ᠵᠠᠯᠠᠭᠤᠬᠠᠨ ᠳᠡᠭᠵᠢᠨ ᠬᠡᠦᠬᠡᠨ ᠱᠠᠭᠠᠢᠭᠰᠠᠨ ᠢ᠋ᠶ᠋ᠠᠨ 《ᠵᠠᠮᠪᠠᠯ ᠳᠠᠷᠤᠭ᠎ᠠ ᠪᠠᠢᠨ᠎ᠠ》 ᠭᠡᠵᠦ ᠭᠠᠷᠴᠤ ᠭᠡᠷ ᠦ᠋ᠨ ᠵᠦᠭ ᠦᠯᠦ ᠮᠡᠳᠡᠭ ᠭᠤᠢᠪᠢᠨ ᠶᠠᠪᠤᠭ᠎ᠠ ᠵᠠᠮᠪᠠᠯ ᠢ᠋ ᠤᠭᠲᠤᠨ ᠠᠭᠠᠯᠢᠭᠦᠢ ᠨᠢᠳᠦ ᠪᠡᠷ ᠢ᠋ᠶ᠋ᠡᠨ ᠲᠣᠭᠯᠠᠨ ᠢᠨᠢᠶᠡᠮᠰᠦᠭᠯᠡᠵᠦ ᠪᠠᠢᠪᠠ᠃
᠊᠊᠊᠊᠊᠊᠊᠊᠊᠊᠊᠊᠊᠊᠊ ᠵᠠ ᠰᠠᠢᠬᠠᠨ ᠰᠢᠨᠠᠯᠠᠵᠤ ᠪᠠᠢᠨ᠎ᠠ ᠤᠤ ᠭᠡᠳ ᠵᠠᠮᠪᠠᠯ ᠬᠡᠦᠬᠡᠨ ᠲᠡᠢ ᠵᠣᠯᠭᠠᠬᠤ ᠭᠡᠰᠡᠨ ᠢ᠋ᠶ᠋ᠡᠨ ᠪᠡᠯᠬᠡᠭᠦᠰᠦ ᠪᠡᠷ ᠨᠢ ᠲᠡᠪᠡᠷᠢᠪᠡ᠃
᠊᠊᠊᠊᠊᠊᠊᠊᠊᠊᠊᠊᠊᠊᠊ ᠶᠤᠠᠳᠤᠨ ᠬᠠᠷᠠᠴᠢᠬᠠᠨ᠎ᠠ᠃ ᠪᠢᠲᠡᠭᠡᠢ ᠮᠠᠶᠢᠭᠯᠠ ᠭᠡᠵᠦ ᠬᠡᠦᠬᠡᠨ ᠰᠢᠪᠡᠭᠡᠨᠡᠭᠡᠳ ᠨᠢᠳᠦ ᠪᠡᠨ ᠮᠠᠶᠢᠭᠲᠠᠢᠬᠠᠨ ᠰᠣᠯᠪᠢ ᠲᠠᠲᠠᠵᠤ ᠶᠤᠪᠣᠷᠠᠪᠠ᠃
᠊᠊᠊᠊᠊᠊᠊᠊᠊᠊᠊᠊᠊᠊᠊ ᠰᠠᠷ᠎ᠠ ᠰᠢᠨ᠎ᠡ ᠪᠣᠯᠵᠤ ᠪᠠᠢᠬᠤ ᠳ᠋ᠤ᠌ ᠦᠰᠦ ᠭᠡᠵᠢᠭᠡ ᠪᠡᠨ ᠲᠠᠯᠪᠢᠳᠠᠭ ᠦᠭᠡᠢ ᠶᠠᠭᠠᠬᠢᠭᠰᠠᠨ ᠵᠠᠳᠠᠷᠠᠭᠰᠠᠨ ᠡᠬᠡᠨᠡᠷ ᠪᠣᠢ ᠭᠡᠳ ᠵᠠᠮᠪᠠᠯ ᠬᠠ ᠬᠠ ᠢᠨᠢᠶᠡᠪᠡ᠃
᠊᠊᠊᠊᠊᠊᠊᠊᠊᠊᠊᠊᠊᠊᠊ ᠮᠢᠨᠦ ᠦᠰᠦ ᠴᠦ᠍ ᠶᠠᠭᠠᠮᠠᠢ᠃ ᠠᠷᠠᠳ ᠤ᠋ᠨ ᠵᠠᠰᠠᠭ ᠮᠠᠨᠳᠤᠵᠤ᠂ ᠠᠢᠮᠠᠭ ᠤ᠋ᠨ ᠬᠤᠯᠠᠭᠠᠢᠴᠢ ᠬᠦᠷᠲᠡᠯ᠎ᠡ ᠳᠥᠩᠭᠡ ᠡᠴᠡ ᠪᠡᠨ ᠰᠠᠯᠵᠤ ᠪᠠᠢᠬᠤ ᠳ᠋ᠤ᠌ ᠪᠢᠳᠡ ᠡᠭᠦᠨ ᠦ᠌ ᠳᠠᠷᠠᠭ᠎ᠠ ᠪᠠᠷ ᠦᠰᠦᠨ ᠡᠴᠡ ᠪᠡᠨ ᠰᠠᠯᠬᠤ ᠨᠢ ᠵᠥᠪ ᠶᠤᠮ ᠪᠢᠰᠢᠦ᠃ ᠴᠢ ᠴᠦ᠍ ᠶᠠᠭᠠᠬᠢᠬᠤᠪ ᠳᠠ᠃ ᠮᠠᠨᠠᠢᠬᠢ ᠶ᠋ᠢ ᠬᠤᠨᠳᠠᠭ᠎ᠠ ᠠᠷᠢᠬᠢ ᠦᠭᠡᠢ ᠭᠡᠵᠦ ᠪᠣᠳᠣᠭᠠᠳ ᠱᠠᠯ ᠰᠣᠭᠲᠣᠭᠤ ᠢᠷᠡᠵᠦ ᠪᠠᠢᠨ᠎ᠠ ᠤᠤ᠃ ᠬᠠᠭᠠᠯᠭ᠎ᠠ ᠪᠠᠷ ᠮᠢᠨᠢ ᠪᠠᠭᠲᠠᠪᠠᠯ ᠣᠷᠣ ᠯᠠ ᠳᠠ ᠭᠡᠯᠡ᠃
ᠵᠠᠮᠪᠠᠯ ᠬᠠᠮᠠᠷ ᠤ᠋ᠨ ᠤᠭ ᠳᠡᠭᠡᠷ᠎ᠡ ᠪᠡᠨ ᠠᠷᠠᠰᠤ ᠪᠠᠨ ᠬᠣᠷᠢᠶᠠᠨ ᠦᠷᠴᠢ᠌ᠯᠭᠡᠵᠤ ᠨᠢᠳᠦ ᠢᠷᠮᠡᠨ ᠢᠨᠢᠶᠡᠭᠡᠳ ᠭᠡᠷ ᠲᠦ᠍ ᠣᠷᠣᠯ᠎ᠠ᠃
ᠲᠣᠮᠣ ᠭᠡᠷ ᠦ᠋ᠨ ᠬᠣᠶᠠᠷ ᠲᠠᠯ᠎ᠠ ᠳ᠋ᠤ᠌ ᠬᠠᠰ ᠤ᠋ᠨ ᠥᠷᠦᠲᠡᠢ ᠰᠤᠮᠤᠨ ᠰᠢᠷᠡᠭᠡ ᠲᠠᠯᠪᠢᠭᠠᠳ ᠶᠡᠬᠡ ᠭᠠᠷ ᠤ᠋ᠨ ᠭᠠᠤᠯᠢᠨ ᠴᠠᠷ᠎ᠠ ᠳ᠋ᠤ᠌ ᠬᠥᠯ ᠬᠦᠷᠬᠦ ᠦᠭᠡᠢ ᠬᠣᠶᠠᠷ ᠲᠠᠷᠭᠤᠨ ᠢᠷᠭᠡ ᠶ᠋ᠢᠨ ᠤᠭᠤᠴᠠ ᠲᠠᠯᠪᠢᠵᠤ ᠠᠢᠷᠠᠭ ᠠᠷᠢᠬᠢ ᠶ᠋ᠢ ᠲᠣᠮᠣ ᠭᠡᠭᠴᠢ ᠶ᠋ᠢᠨ ᠡᠷᠢᠶᠡᠨ ᠸᠠᠭᠠᠷᠠᠨ ᠳ᠋ᠤ᠌ ᠰᠥᠩᠨᠡᠵᠡᠢ᠃ ᠭᠡᠷ ᠦ᠋ᠨ ᠬᠣᠶᠠᠷ ᠲᠠᠯ᠎ᠠ ᠳ᠋ᠤ᠌ ᠡᠩᠨᠡᠨ ᠰᠠᠭᠤᠭᠰᠠᠨ ᠬᠥᠮᠦᠰ ᠦ᠋ᠨ ᠵᠠᠷᠢᠮ ᠨᠢ ᠠᠢᠷᠠᠭ᠂ ᠵᠠᠷᠢᠮ ᠨᠢ ᠠᠷᠢᠬᠢ ᠤᠤᠭᠤᠨ᠎ᠠ᠃ ᠵᠠᠮᠪᠠᠯ ᠢ᠋ ᠣᠷᠣᠬᠤ ᠳ᠋ᠤ᠌ ᠪᠦᠭᠦᠳᠡ ᠪᠣᠰᠴᠤ ᠵᠣᠯᠭᠠᠨ ᠴᠠᠭᠠᠨ ᠰᠠᠷ᠎ᠠ ᠶ᠋ᠢᠨ ᠮᠡᠨᠳᠦ ᠰᠣᠯᠢᠯᠴᠠᠪᠠ᠃
ᠡᠨᠳᠡ ᠴᠡᠮᠪᠡ ᠪᠠᠢᠯ᠎ᠠ᠃ ᠲᠡᠭᠦᠨ ᠲᠡᠢ ᠵᠠᠮᠪᠠᠯ ᠶᠡᠬᠡ ᠯᠡ ᠳᠣᠲᠣᠨᠣᠰᠤᠭ ᠵᠣᠯᠭᠠᠵᠤ ᠮᠡᠨᠳᠦᠯᠡᠭᠡᠳ
᠊᠊᠊᠊᠊᠊᠊᠊᠊᠊᠊᠊᠊᠊᠊ ᠥᠴᠥᠭᠡᠳᠦᠷ ᠡᠴᠡ ᠬᠣᠢᠰᠢ ᠴᠢᠮᠠᠶ᠋ᠢ ᠡᠷᠢᠵᠦ ᠭᠠᠩᠳᠠᠨ ᠬᠦᠷᠢᠶᠡᠨ ᠦ᠌ ᠨᠦᠬᠡ ᠪᠦᠬᠦᠨ ᠢ᠋ ᠰᠡᠢᠴᠢᠯᠡ ᠭᠡᠳ ᠢᠨᠢᠶᠡᠪᠡ᠃
᠊᠊᠊᠊᠊᠊᠊᠊᠊᠊᠊᠊᠊᠊᠊ ᠭᠡᠷ ᠢ᠋ᠶ᠋ᠡᠨ ᠮᠠᠷᠲᠠᠭᠰᠠᠨ ᠭᠡᠰᠡᠷ ᠭᠡᠭᠴᠢ ᠪᠡᠷ ᠡᠭᠦᠪᠡᠷ ᠯᠡ ᠠᠢᠯ ᠬᠡᠰᠦᠵᠦ ᠶᠠᠪᠤᠨ᠎ᠠ᠃
᠊᠊᠊᠊᠊᠊᠊᠊᠊᠊᠊᠊᠊᠊᠊ ᠬᠣᠷᠸ᠎ᠠ ᠶ᠋ᠢᠨ ᠠᠷᠢᠭᠤᠨ ᠰᠠᠨᠸᠠᠷᠲᠠᠨ ᠭᠡᠳ ᠯᠡ ᠭᠠᠩᠳᠠᠨ ᠬᠦᠷᠢᠶ᠎ᠡ ᠪᠡᠷ ᠡᠷᠢᠭᠡᠳ ᠪᠠᠢᠭᠰᠠᠨ ᠴᠢᠨᠢ ᠬᠣᠷᠢᠶ᠎ᠠ ᠪᠠᠷ ᠶᠠᠪᠤᠳᠠᠯ ᠲᠠᠢ ᠵᠠᠯᠢᠬᠠᠢ ᠪᠠᠢᠵᠤ ᠯᠠ ᠳᠠ ᠭᠡᠳ ᠵᠠᠮᠪᠠᠯ ᠴᠢᠩᠭ᠎ᠠ ᠢᠨᠢᠶᠡᠬᠦ ᠳ᠋ᠦ᠍ ᠬᠥᠮᠦᠰ ᠬᠥᠭᠵᠢᠯ ᠲᠡᠢ ᠪᠡᠷ ᠳᠠᠭᠠᠵᠤ ᠢᠨᠢᠶᠡᠪᠡ᠃
᠊᠊᠊᠊᠊᠊᠊᠊᠊᠊᠊᠊᠊᠊᠊ ᠵᠠ ᠳᠠᠷᠤᠭ᠎ᠠ ᠳᠡᠭᠡᠭᠰᠢ ᠪᠡᠨ ᠰᠠᠭᠤ᠃ ᠠᠯᠢ ᠪᠣᠢ᠂ ᠠᠢᠷᠠᠭ ᠠᠷᠢᠬᠢ ᠬᠢᠵᠦ ᠪᠡᠷᠢ ᠭᠡᠵᠦ ᠬᠦᠷᠢᠶ᠎ᠡ ᠶᠤᠠᠳᠤᠨ ᠶᠡᠬᠡ ᠯᠡ ᠵᠣᠴᠢᠯᠠᠮᠠᠲᠠᠭᠠᠢ ᠬᠡᠯᠡᠪᠡ᠃ ᠵᠠᠮᠪᠠᠯ ᠮᠥᠷᠥ ᠲᠡᠷᠢᠭᠦᠯᠡᠨ ᠰᠠᠭᠤᠵᠤ ᠬᠦᠨᠳᠦᠲᠦ ᠵᠣᠴᠢᠳ ᠤ᠋ᠨ ᠶᠣᠰᠣ ᠪᠠᠷ ᠲᠠᠢᠯᠠᠭᠤᠯᠵᠤ ᠪᠠᠢᠬᠤ ᠳ᠋ᠠᠭᠠᠨ ᠭᠠᠮᠢᠩ᠂ ᠴᠠᠭᠠᠨ ᠲᠠᠢ ᠡᠷᠡᠯᠬᠡᠭ ᠪᠠᠢᠯᠳᠤᠭᠰᠠᠨ ᠲᠤᠬᠠᠢ ᠰᠠᠨᠠᠭᠠᠨ ᠳ᠋ᠠᠭᠠᠨ ᠣᠷᠣᠭᠰᠠᠨ ᠤ᠋ ᠵᠣᠷᠢᠭ ᠢ᠋ᠶ᠋ᠠᠷ ᠭᠠᠯᠯᠠᠵᠤ ᠪᠠᠢᠯ᠎ᠠ᠃
ᠵᠠᠮᠪᠠᠯ ᠤ᠋ᠨ ᠱᠣᠷᠪᠣᠭ ᠶᠠᠷᠢᠶ᠎ᠠ ᠶ᠋ᠢ ᠰᠣᠨᠣᠰᠬᠤ ᠬᠦᠰᠡᠯ ᠲᠡᠢ ᠬᠥᠮᠦᠨ ᠦᠭᠡᠢ ᠪᠣᠯᠪᠠᠴᠤ ᠢᠯᠠᠭᠰᠠᠨ ᠴᠡᠷᠢᠭ ᠦ᠋ᠨ ᠳᠠᠷᠤᠭ᠎ᠠ ᠶ᠋ᠢ ᠵᠢᠰᠤᠷᠳᠠᠬᠤ ᠰᠡᠳᠬᠢᠯ ᠣᠯᠠᠨ ᠢ᠋ ᠳᠠᠷᠤᠵᠤ ᠠᠩᠬᠠᠷᠤᠯ ᠲᠠᠢ ᠰᠣᠨᠣᠰᠤᠭᠴᠢᠳ ᠪᠤᠯᠵᠠᠭᠠᠨ 《ᠮᠥᠨ ᠴᠦ᠍ ᠵᠣᠷᠢᠭ ᠲᠠᠢ ᠪᠠᠢᠨ᠎ᠠ ᠳᠠ》᠂ 《ᠠᠷᠭ᠎ᠠ ᠦᠭᠡᠢ ᠰᠠᠮᠪᠠᠭ᠎ᠠ ᠲᠠᠢ ᠬᠥᠮᠦᠨ ᠶᠤᠮ ᠳᠡ》 ᠭᠡᠵᠦ ᠬᠤᠳᠠᠯ ᠮᠠᠭᠲᠠᠨ ᠱᠠᠭᠰᠢᠷᠠᠵᠤ ᠪᠠᠢᠪᠠ᠃
ᠰᠦᠷᠡᠬᠡᠢ ᠰᠣᠭᠲᠣᠭᠰᠠᠨ ᠵᠠᠮᠪᠠᠯ ᠢ᠋ ᠭᠠᠷᠴᠤ ᠰᠡᠷᠢᠭᠦᠴᠡᠬᠦ ᠳ᠋ᠦ᠍ᠨᠢ ᠭᠡᠷ ᠦ᠋ᠨ ᠡᠵᠡᠨ ᠬᠠᠮᠲᠤ ᠭᠠᠷᠤᠭᠠᠳ
᠊᠊᠊᠊᠊᠊᠊᠊᠊᠊᠊᠊᠊᠊᠊ ᠡᠪᠦᠭᠡᠨ ᠴᠢᠨᠢ ᠴᠢᠨᠦ ᠲᠤᠰᠠ ᠶ᠋ᠢ ᠮᠠᠷᠲᠠᠬᠤ ᠦᠭᠡᠢ᠃ ᠣᠪᠣᠭ᠎ᠠ ᠴᠤ᠌ ᠬᠣᠨᠵᠢᠶ᠎ᠠ ᠭᠠᠷᠤᠭᠰᠠᠨ᠃ ᠴᠢ ᠴᠠᠪᠢᠳᠠᠷ ᠮᠣᠷᠢ ᠶ᠋ᠢ ᠮᠠᠨᠢ ᠱᠠᠯᠠᠭᠠᠳ ᠪᠠᠢᠳᠠᠭ᠃ ᠠᠪᠤᠭᠠᠷᠠᠢ ᠯᠠ ᠳᠠ ᠭᠡᠯᠡ᠃
᠊᠊᠊᠊᠊᠊᠊᠊᠊᠊᠊᠊᠊᠊᠊ ᠡᠪᠦᠭᠡᠨ ᠳ᠋ᠦ᠍ ᠴᠢᠨᠢ ᠲᠣᠭᠠᠯᠠᠭᠠᠳ ᠥᠭᠴᠢᠬᠡᠬᠦ ᠶᠠᠭᠤᠮ᠎ᠠ ᠦᠭᠡᠢ ᠯᠡ ᠪᠠᠢᠨ᠎ᠠ ᠰᠢᠦ᠃
᠊᠊᠊᠊᠊᠊᠊᠊᠊᠊᠊᠊᠊᠊᠊ ᠭᠡᠭᠡᠴᠡᠰᠤ᠃ ᠴᠢᠮ᠎ᠠ ᠳ᠋ᠤ᠌ ᠴᠠᠭᠠᠨ ᠰᠠᠷ᠎ᠠ ᠶ᠋ᠢᠨ ᠠᠯᠴᠢᠭᠤᠷ ᠪᠣᠯᠭᠠᠭᠠᠳ ᠥᠭᠴᠦ ᠤᠷᠭᠢᠶ᠎ᠠ᠃ ᠬᠠᠷᠠᠭᠤᠯ ᠤ᠋ᠨ ᠰᠤᠮᠤᠨ ᠳ᠋ᠤ᠌ ᠲᠠᠨᠢᠯ ᠲᠠᠢ ᠤᠤ?
᠊᠊᠊᠊᠊᠊᠊᠊᠊᠊᠊᠊᠊᠊᠊ ᠨᠠᠳᠠ ᠳ᠋ᠤ᠌ ᠮᠤᠤᠰᠠᠢᠨ ᠲᠠᠨᠢᠯ ᠮᠤᠩᠳᠠᠬᠤ ᠪᠢᠰᠢ ᠳᠡ ᠭᠡᠳ ᠵᠠᠮᠪᠠᠯ ᠪᠠᠷᠳᠠᠮ ᠢᠨᠢᠶᠡᠮᠰᠦᠭᠯᠡᠪᠡ᠃
᠊᠊᠊᠊᠊᠊᠊᠊᠊᠊᠊᠊᠊᠊᠊ ᠲᠡᠷᠡ ᠴᠦ᠍ ᠦᠨᠡᠨ ᠪᠠᠢᠬ᠎ᠠ ᠭᠡᠳ ᠬᠦᠷᠢᠶ᠎ᠡ ᠶᠤᠠᠳᠤᠨ ᠬᠣᠭᠣᠯᠠᠢ ᠳ᠋ᠠᠭᠠᠨ ᠵᠠᠯᠢᠲᠠᠢ ᠢᠨᠢᠶᠡᠭᠰᠡᠨ ᠢ᠋ᠶ᠋ᠡᠨ ᠴᠢᠷᠠᠢ ᠪᠠᠨ ᠲᠥᠪ ᠪᠣᠯᠭᠠᠵᠤ᠄
᠊᠊᠊᠊᠊᠊᠊᠊᠊᠊᠊᠊᠊᠊᠊ ᠵᠠ ᠬᠦ᠂ ᠬᠠᠷᠠᠭᠤᠯ ᠤ᠋ᠨ ᠰᠤᠮᠤᠨ ᠤ᠋ ᠬᠣᠭᠣᠯᠠ ᠨᠡᠢᠯᠡᠭᠦᠯᠬᠦ ᠠᠵᠢᠯ ᠪᠠᠢᠨ᠎ᠠ ᠭᠡᠨ᠎ᠡ᠃ ᠴᠢ ᠶᠠᠷᠢᠵᠤ ᠪᠠᠢᠭᠠᠳ ᠨᠠᠳᠠ ᠠᠪᠴᠤ ᠠᠯᠢ᠂ ᠴᠢᠮᠠᠶ᠋ᠢ ᠭᠣᠮᠣᠳᠠᠭᠠᠬᠤ ᠦᠭᠡᠢ᠃
ᠬᠥᠪᠴᠢ ᠶ᠋ᠢᠨ ᠵᠣᠨᠤᠩ ᠸᠠᠩ ᠤ᠋ᠨ ᠬᠤᠰᠢᠭᠤᠨ ᠡᠴᠡ ᠡᠬᠢᠯᠡᠭᠰᠡᠨ ᠦᠬᠡᠷ ᠦ᠋ᠨ ᠰᠢᠯᠦᠬᠡᠢ ᠵᠡᠭᠦᠨ ᠠᠢᠮᠠᠭ ᠲᠤ᠌ ᠲᠠᠷᠬᠠᠵᠤ ᠪᠠᠢᠭ᠎ᠠ ᠶ᠋ᠢ ᠰᠣᠨᠣᠰᠤᠭᠰᠠᠨ ᠶᠤᠠᠳᠤᠨ ᠬᠢᠮᠳᠠ ᠦᠨ᠎ᠡ ᠲᠡᠢ ᠮᠢᠬ᠎ᠠ ᠣᠯᠵᠤ᠂ ᠠᠰᠢᠭ ᠭᠠᠷᠭᠠᠬᠤ ᠲᠠᠭᠠᠲᠠᠢ ᠨᠦᠬᠡ ᠣᠯᠤᠭᠰᠠᠨ ᠶᠤᠮᠰᠠᠨᠵᠠᠢ᠃
᠊᠊᠊᠊᠊᠊᠊᠊᠊᠊᠊᠊᠊᠊᠊ ᠤᠷᠲᠤ ᠴᠢᠬᠢ ᠲᠡᠢ ᠡᠳ᠋ ᠶᠤᠮ ᠳᠡ ᠴᠢ ᠴᠢᠨᠢ ᠭᠡᠵᠦ ᠵᠠᠮᠪᠠᠯ ᠬᠡᠯᠡᠭᠡᠳ ᠶᠤᠠᠳᠤᠨ ᠢ᠋ ᠰᠢᠷᠳᠡᠪᠡ᠃
ᠵᠠᠮᠪᠠᠯ ᠬᠠᠷᠠᠭᠤᠯ ᠤ᠋ᠨ ᠰᠤᠮᠤ ᠶ᠋ᠢᠨ ᠠᠵᠤ ᠠᠬᠤᠢ ᠶ᠋ᠢᠨ ᠳᠠᠷᠤᠭ᠎ᠠ ᠶ᠋ᠢ ᠲᠠᠨᠢᠳᠠᠭ ᠢ᠋ᠶ᠋ᠠᠷ ᠪᠠᠷᠠᠬᠤ ᠦᠭᠡᠢ ᠬᠣᠶᠠᠷ ᠬᠣᠨᠣᠭ ᠤ᠋ᠨ ᠡᠮᠦᠨ᠎ᠡ ᠴᠡᠷᠢᠭ ᠦ᠋ᠨ ᠬᠣᠭᠣᠯᠠᠨ ᠤ᠋ ᠮᠢᠬ᠎ᠠ ᠲᠠᠰᠤᠷᠠᠵᠤ ᠰᠠᠨᠳᠤᠷᠤᠩᠭᠤᠢ ᠶᠠᠪᠤᠬᠤ ᠳ᠋ᠤ᠌ ᠵᠠᠮ ᠡᠴᠡ ᠨᠢ ᠠᠰᠢᠭ ᠴᠣᠬᠢᠬᠤ ᠭᠡᠵᠦ ᠪᠣᠳᠣᠭᠠᠳ 《ᠮᠢᠬᠠᠨ ᠤ᠋ ᠭᠡᠷ᠎ᠡ ᠬᠢᠬᠦ ᠬᠥᠮᠦᠨ ᠴᠢᠮ᠎ᠠ ᠳ᠋ᠤ᠌ ᠣᠯᠵᠤ ᠥᠭᠭᠦᠶ᠎ᠡ᠃ ᠴᠢ ᠨᠠᠳᠠ ᠲᠠᠢ ᠯᠠ ᠶᠠᠷᠢᠭᠠᠷᠠᠢ》 ᠭᠡᠰᠡᠨ ᠶᠤᠮ᠃ ᠡᠨᠡ ᠴᠦ᠍ ᠤᠴᠢᠷ ᠡᠴᠡ ᠲᠡᠭᠦᠨ ᠢ᠋ ᠣᠯᠵᠤ ᠮᠡᠳᠡᠭᠰᠡᠨ ᠶᠤᠠᠳᠤᠨ ᠢ᠋ 《ᠤᠷᠲᠤ ᠴᠢᠬᠢ ᠲᠡᠢ》 ᠭᠡᠵᠦ ᠬᠡᠯᠡᠯ᠎ᠡ᠃
ᠭᠡᠲᠡᠯ᠎ᠡ ᠶᠤᠠᠳᠤᠨ ᠡᠪᠡᠳᠴᠢᠨ ᠲᠡᠢ ᠦᠬᠡᠷ ᠦ᠋ᠨ ᠮᠢᠬ᠎ᠠ ᠠᠪᠴᠤ ᠴᠡᠷᠢᠭ ᠦ᠋ᠨ ᠬᠣᠭᠣᠯᠠᠨ ᠳ᠋ᠤ᠌ ᠨᠡᠢᠯᠡᠭᠦᠯᠬᠦ ᠭᠡᠰᠡᠨ ᠰᠠᠨᠠᠭ᠎ᠠ ᠶ᠋ᠢ ᠨᠢ ᠵᠠᠮᠪᠠᠯ ᠮᠡᠳᠡᠪᠡ ᠭᠡᠵᠦ ᠪᠣᠳᠣᠭᠠᠳ ᠰᠠᠨᠳᠤᠷᠴᠤ
᠊᠊᠊᠊᠊᠊᠊᠊᠊᠊᠊᠊᠊᠊᠊ ᠶᠠᠭᠤᠨ ᠤᠷᠲᠤ ᠴᠢᠬᠢ ᠲᠡᠢ ᠪᠠᠢᠬᠤ ᠪᠣᠢ ᠳᠠ᠃ ᠡᠪᠦᠭᠡᠨ ᠳ᠋ᠦ᠍ ᠴᠢᠨᠢ ᠪᠠᠷᠠᠭᠤᠨ ᠠᠢᠮᠠᠭ ᠤ᠋ᠨ ᠨᠢᠭᠡ ᠪᠠᠶᠠᠨ ᠬᠥᠮᠦᠨ ᠬᠡᠳᠦᠨ ᠱᠠᠷ ᠤ᠋ᠨ ᠥᠷᠢ ᠲᠡᠢ ᠶᠤᠮ᠃ ᠤᠳᠠᠬᠤ ᠦᠭᠡᠢ ᠲᠡᠭᠦᠨ ᠳ᠋ᠡᠭᠡᠨ ᠶᠠᠪᠤᠨ᠎ᠠ ᠭᠡᠯᠡ᠃
᠊᠊᠊᠊᠊᠊᠊᠊᠊᠊᠊᠊᠊᠊᠊ ᠴᠢᠮ᠎ᠠ ᠳ᠋ᠤ᠌ ᠪᠠᠢᠨ᠎ᠠ᠂ ᠣᠯᠵᠤ ᠥᠭᠭᠦᠶ᠎ᠡ ᠭᠡᠳ ᠴᠡᠭᠡᠵᠢᠨ ᠳ᠋ᠦ᠍ᠨᠢ ᠣᠷᠭᠢᠯᠤᠭᠰᠠᠨ ᠪᠠᠶᠠᠷ ᠢ᠋ᠶ᠋ᠠᠨ ᠨᠢᠭᠤᠬᠤ ᠭᠡᠵᠦ ᠲᠦᠷᠭᠡᠨ ᠡᠷᠭᠢᠵᠦ ᠭᠡᠷ ᠦ᠋ᠨ ᠵᠦᠭ ᠶᠠᠪᠤᠯ᠎ᠠ᠃
ᠵᠠᠮᠪᠠᠯ ᠳ᠋ᠤ᠌ ᠪᠠᠶᠠᠷᠯᠠᠬᠤ ᠬᠣᠶᠠᠷ ᠰᠢᠯᠲᠠᠭᠠᠨ ᠪᠠᠢᠪᠠ᠃ ᠨᠢᠭᠡᠳᠦᠭᠡᠷ ᠲᠦ᠍ ᠠᠰᠢᠭ ᠣᠯᠬᠤ ᠶ᠋ᠢᠨ ᠪᠠᠶᠠᠷ᠂ ᠬᠣᠶᠠᠳᠤᠭᠠᠷ ᠲᠤ᠌ ᠬᠦᠷᠢᠶ᠎ᠡ ᠶᠤᠠᠳᠤᠨ ᠬᠥᠳᠡᠭᠡ ᠶᠠᠪᠤᠵᠤ ᠰᠠᠶᠢᠬᠠᠨ ᠠᠪᠤᠭᠰᠠᠨ ᠵᠠᠯᠠᠭᠤ ᠡᠬᠡᠨᠡᠷ ᠵᠠᠮᠪᠠᠯ ᠤ᠋ᠨ ᠮᠠᠲᠠᠯ ᠳ᠋ᠤ᠌ ᠦᠯᠡᠳᠡᠬᠦ ᠪᠠᠶᠠᠷ ᠪᠠᠢᠪᠠ᠃ ᠡᠨᠡ ᠴᠦ᠍ ᠤᠴᠢᠷ ᠡᠴᠡ ᠵᠠᠮᠪᠠᠯ ᠲᠡᠷᠡ ᠳᠣᠣᠷ᠎ᠠ ᠪᠠᠨ ᠶᠠᠪᠤᠵᠤ ᠬᠠᠷᠠᠭᠤᠯ ᠤ᠋ᠨ ᠰᠤᠮᠤ ᠶ᠋ᠢᠨ ᠠᠵᠤ ᠠᠬᠤᠢ ᠶ᠋ᠢᠨ ᠳᠠᠷᠤᠭ᠎ᠠ ᠶ᠋ᠢ ᠠᠪᠴᠢᠷᠠᠨ ᠬᠦᠷᠢᠶ᠎ᠡ ᠶᠤᠠᠳᠤᠨ ᠤ᠋ ᠭᠠᠷ ᠲᠤ᠌ ᠬᠢᠵᠦ ᠥᠭᠭᠦᠭᠡᠳ ᠨᠠᠢᠷᠯᠠᠵᠠᠢ᠃
ᠲᠡᠷᠡ ᠡᠳᠦᠷ ᠦ᠋ᠨ ᠥᠷᠯᠥᠭᠡ ᠪᠠᠲᠤ ᠵᠢᠷᠭᠠᠯ ᠬᠣᠶᠠᠷ ᠪᠠᠭᠰᠢ ᠴᠢᠯᠠᠭᠤᠨ ᠵᠠᠩᠭᠢ ᠶ᠋ᠢᠨ ᠳ᠋ᠦ᠍ ᠢᠷᠡᠵᠦ ᠢᠯᠡᠭᠦᠦ ᠭᠡᠷ ᠲᠦ᠋ᠨᠢ ᠵᠣᠴᠢᠳ ᠤ᠋ᠨ ᠬᠣᠭᠣᠯᠠ ᠬᠢᠵᠦ ᠥᠨᠵᠢᠪᠡ᠃ ᠴᠢᠯᠠᠭᠤᠨ ᠤ᠋ ᠪᠠᠷᠠᠭᠤᠨ ᠬᠠᠮᠠᠷ ᠤ᠋ᠨ ᠲᠠᠯ᠎ᠠ ᠰᠢᠭ᠋ ᠲᠣᠮᠣ ᠬᠠᠰᠢᠶ᠎ᠠ ᠪᠣᠯ ᠬᠦᠷᠢᠶ᠎ᠡ ᠶᠤᠠᠳᠤᠨ ᠤ᠋ ᠬᠢ ᠶᠤᠮ᠃ ᠲᠡᠳᠡᠨ ᠦ᠌ ᠳ᠋ᠦ᠍ ᠪᠣᠯᠵᠤ ᠪᠠᠢᠭ᠎ᠠ ᠨᠠᠢᠷ ᠤ᠋ᠨ ᠳᠠᠭᠤᠯᠠᠬᠤ᠂ ᠬᠤᠸᠠᠯᠠᠬᠤ ᠱᠤᠤᠭᠢᠶᠠᠨ ᠮᠠᠨᠢ ᠬᠣᠶᠠᠷ ᠲᠤ᠌ ᠲᠣᠳᠣ ᠰᠣᠨᠣᠰᠤᠭᠳᠠᠨ᠎ᠠ᠃
ᠣᠷᠣᠢ ᠶ᠋ᠢᠨ ᠨᠠᠷᠠ ᠵᠢᠷᠭᠠᠬᠤ ᠶ᠋ᠢᠨ ᠦᠶ᠎ᠡ ᠳ᠋ᠦ᠍ ᠬᠣᠶᠠᠷ ᠵᠠᠯᠠᠭᠤ ᠭᠠᠷᠴᠤ ᠲᠦᠯᠡᠭᠡ ᠬᠠᠭᠠᠯᠤᠨ ᠰᠡᠷᠢᠭᠦᠴᠡᠬᠦ ᠳ᠋ᠡᠭᠡᠨ ᠶᠤᠠᠳᠤᠨ ᠤ᠋ ᠳ᠋ᠤ᠌ ᠶᠠᠭᠤ ᠪᠣᠯᠵᠤ ᠪᠠᠢᠭ᠎ᠠ ᠶ᠋ᠢ ᠬᠠᠰᠢᠶᠠᠨ ᠤ᠋ ᠵᠠᠪᠰᠠᠷ ᠢ᠋ᠶ᠋ᠠᠷ ᠱᠠᠭᠠᠢᠨ ᠬᠠᠷᠠᠯ᠎ᠠ᠃
᠊᠊᠊᠊᠊᠊᠊᠊᠊᠊᠊᠊᠊᠊᠊ ᠲᠡᠷᠡ ᠴᠠᠪᠢᠳᠠᠷ ᠮᠣᠷᠢ ᠶᠣᠰᠣᠲᠠᠢ ᠯᠠ ᠰᠤᠭᠤ ᠪᠠᠢᠨ᠎ᠠ᠃ ᠤᠨᠤᠬᠤ ᠳ᠋ᠤ᠌ ᠶᠠᠭᠠᠬᠢᠭᠰᠠᠨ ᠬᠥᠩᠭᠡᠨ ᠪᠣᠯ ᠭᠡᠵᠦ ᠪᠠᠲᠤ ᠶ᠋ᠢᠨ ᠬᠡᠯᠡᠬᠦ ᠳ᠋ᠦ᠍ ᠵᠢᠷᠭᠠᠯ 《ᠡᠢᠮᠦ ᠪᠠᠶᠠᠨ ᠠᠢᠯ ᠳ᠋ᠤ᠌ ᠶᠠᠭᠤ ᠡᠰᠡ ᠪᠠᠢᠬᠤ ᠪᠣᠢ ᠳᠠ》 ᠭᠡᠳ ᠥᠩᠭᠡᠷᠡᠭᠰᠡᠨ ᠬᠠᠪᠤᠷ ᠤ᠋ᠨ ᠨᠢᠭᠡ ᠡᠳᠦᠷ ᠮᠢᠬ᠎ᠠ ᠡᠭᠦᠷᠴᠦ ᠢᠷᠡᠬᠦ ᠳ᠋ᠦ᠍ᠨᠢ ᠭᠣᠶᠣ ᠡᠬᠡᠨᠡᠷ ᠲᠣᠮᠣ ᠭᠡᠭᠴᠢ ᠶ᠋ᠢᠨ ᠤᠯᠠ ᠪᠣᠣᠪᠣ ᠥᠭᠭᠦᠭᠰᠡᠨ ᠲᠤᠬᠠᠢ ᠶᠠᠷᠢᠯ᠎ᠠ᠃
᠊᠊᠊᠊᠊᠊᠊᠊᠊᠊᠊᠊᠊᠊᠊ ᠭᠡᠷ ᠲᠦ᠋ᠨᠢ ᠣᠷᠣᠵᠤ ᠦᠵᠡᠭᠰᠡᠨ ᠤᠤ?
᠊᠊᠊᠊᠊᠊᠊᠊᠊᠊᠊᠊᠊᠊᠊ ᠨᠠᠮᠠᠶ᠋ᠢ ᠬᠠᠮᠢᠭ᠎ᠠ ᠡᠴᠡ ᠣᠷᠣᠭᠤᠯᠬᠤ ᠶᠤᠮ ᠪᠣᠢ?
ᠭᠡᠷ ᠡᠴᠡ ᠵᠠᠮᠪᠠᠯ᠂ ᠴᠡᠮᠪᠡ ᠬᠣᠶᠠᠷ ᠭᠤᠢᠪᠢᠨ ᠭᠠᠷᠴᠤ ᠢᠷᠡᠭᠡᠳ ᠬᠣᠶᠠᠷ ᠵᠠᠯᠠᠭᠤ ᠶ᠋ᠢᠨ ᠨᠢᠳᠦᠨ ᠦ᠌ ᠡᠮᠦᠨ᠎ᠡ ᠬᠤᠷᠢᠶᠠᠯᠲᠠ ᠲᠠᠢ ᠪᠠᠢᠭ᠎ᠠ ᠲᠦᠯᠡᠭᠡᠨ ᠳᠡᠭᠡᠷ᠎ᠡ ᠰᠠᠭᠤᠪᠠ᠃
᠊᠊᠊᠊᠊᠊᠊᠊᠊᠊᠊᠊᠊᠊᠊ ᠡᠨᠡ ᠬᠣᠶᠠᠷ ᠬᠥᠮᠦᠨ ᠢ᠋ ᠪᠢ ᠲᠠᠨᠢᠨ᠎ᠠ᠃ ᠨᠥᠭᠦᠭᠡ ᠮᠢᠨᠦ ᠶᠠᠷᠢᠳᠠᠭ ᠵᠠᠮᠪᠠᠯ᠂ ᠴᠡᠮᠪᠡ ᠬᠣᠶᠠᠷ ᠰᠢᠦ ᠳᠡ ᠭᠡᠵᠦ ᠪᠠᠲᠤ ᠰᠢᠪᠡᠭᠡᠨᠡᠵᠦ ᠬᠡᠯᠡᠪᠡ᠃
᠊᠊᠊᠊᠊᠊᠊᠊᠊᠊᠊᠊᠊᠊᠊ ᠡᠢᠮᠦ ᠤᠯᠤᠰ ᠶᠤᠮ ᠤᠤ? ᠨᠢᠭᠡ ᠨᠢ ᠴᠡᠷᠢᠭ ᠦ᠋ᠨ ᠳᠠᠷᠤᠭ᠎ᠠ ᠪᠣᠯᠵᠤ ᠰᠢᠦ ᠳᠡ᠃
᠊᠊᠊᠊᠊᠊᠊᠊᠊᠊᠊᠊᠊᠊᠊ ᠵᠠᠮᠪᠠᠯ ᠯᠠ ᠪᠠᠢᠨ᠎ᠠ ᠁
ᠲᠦᠯᠡᠭᠡᠨ ᠳᠡᠭᠡᠷ᠎ᠡ ᠰᠠᠭᠤᠵᠤ ᠪᠠᠢᠭᠰᠠᠨ ᠵᠠᠮᠪᠠᠯ ᠪᠣᠰᠴᠤ ᠰᠤᠨᠢᠶᠠᠬᠤ ᠳ᠋ᠤ᠌ ᠲᠡᠭᠦᠨ ᠦ᠌ ᠪᠠᠷᠠᠭᠤᠨ ᠭᠠᠷ ᠤ᠋ᠨ ᠳᠤᠮᠳᠠ ᠬᠤᠷᠤᠭᠤᠨ ᠳ᠋ᠠᠬᠢ ᠲᠣᠮᠣ ᠠᠯᠲᠠᠨ ᠪᠥᠭᠡᠵᠢ ᠨᠠᠷᠠᠨ ᠤ᠋ ᠭᠡᠷᠡᠯ ᠳ᠋ᠦ᠍ ᠭᠢᠯᠠᠯᠵᠠᠪᠠ᠃
᠊᠊᠊᠊᠊᠊᠊᠊᠊᠊᠊᠊᠊᠊᠊ ᠶᠠᠮᠠᠷ ᠰᠠᠢᠬᠠᠨ ᠪᠥᠭᠡᠵᠢ ᠪᠣᠢ ᠭᠡᠵᠦ ᠴᠡᠮᠪᠡ ᠶ᠋ᠢᠨ ᠬᠡᠯᠡᠬᠦ ᠳ᠋ᠦ᠍ ᠵᠠᠮᠪᠠᠯ ᠪᠥᠭᠡᠵᠢ ᠲᠡᠢ ᠬᠤᠷᠤᠭᠤ ᠪᠠᠨ ᠡᠮᠦᠨ᠎ᠡ ᠨᠢ ᠦᠵᠡᠭᠦᠯᠦᠨ᠂ ᠨᠥᠭᠦᠭᠡ ᠲᠡᠷᠡ ᠵᠢᠯ ᠦ᠋ᠨ ᠠᠯᠲᠠᠨ ᠮᠠᠨᠢᠶᠠᠤᠨ ᠡᠴᠡ ᠦᠯᠡᠳᠡᠭᠰᠡᠨ ᠶᠢᠰᠦᠨ ᠮᠠᠨᠢᠶᠠᠤᠨ ᠢ᠋ᠶ᠋ᠠᠷ ᠴᠣᠬᠢᠭᠤᠯᠤᠭᠰᠠᠨ ᠶᠤᠮ᠃ ᠰᠠᠢᠨ ᠬᠢᠭᠰᠡᠨ ᠶᠤᠮ ᠰᠢᠦ᠃
᠊᠊᠊᠊᠊᠊᠊᠊᠊᠊᠊᠊᠊᠊᠊ ᠶᠠᠮᠠᠷ ᠠᠯᠲᠠᠨ ᠮᠠᠨᠢᠶᠠᠤᠨ?
᠊᠊᠊᠊᠊᠊᠊᠊᠊᠊᠊᠊᠊᠊᠊ ᠶᠠᠭᠠᠬᠢᠭ᠎ᠠ ᠪᠣᠢ ᠳᠠ᠂ ᠠᠩᠭᠢ ᠷᠢᠨᠴᠢᠨ ᠢ᠋ ᠲᠦᠩᠰᠢᠵᠦ ᠣᠷᠬᠢᠭᠠᠳ ᠪᠣᠭᠳᠠ ᠡᠴᠡ ᠬᠦᠷᠲᠡᠳᠡᠭ ᠮᠠᠨᠢᠶᠠᠤᠨ᠃
᠊᠊᠊᠊᠊᠊᠊᠊᠊᠊᠊᠊᠊᠊᠊ ᠮᠠᠷᠲᠠᠵᠤ ᠣᠷᠬᠢᠵᠤ ᠰᠢᠦ᠃ ᠪᠣᠭᠳᠠ ᠴᠤ᠌ ᠲᠡᠭᠦᠨ ᠢ᠋ ᠨᠢᠭᠡ ᠳᠠᠯᠳᠠ ᠬᠢᠶ᠎ᠡ ᠭᠡᠵᠦ ᠦᠨᠡᠬᠡᠷ ᠪᠣᠳᠣᠭᠰᠠᠨ ᠳ᠋ᠠᠭ ᠠ᠋᠃ ᠮᠥᠨ ᠦᠨ᠎ᠡ ᠬᠦᠷᠦᠭᠰᠡᠨ ᠰᠢᠦ ᠭᠡᠳ ᠴᠡᠮᠪᠡ ᠪᠠᠶᠠᠷᠲᠠᠢ ᠢᠨᠢᠶᠡᠪᠡ᠃
ᠵᠠᠮᠪᠠᠯ᠂ ᠴᠡᠮᠪᠡ ᠬᠣᠶᠠᠷ ᠤ᠋ᠨ ᠡᠨᠡ ᠶᠠᠷᠢᠶ᠎ᠠ ᠶ᠋ᠢ ᠪᠠᠲᠤ ᠨᠢᠭᠡ ᠳ᠋ᠦ᠍ ᠨᠢᠭᠡ ᠦᠭᠡᠢ ᠰᠣᠨᠣᠰᠤᠭᠰᠠᠨ ᠢ᠋ᠶ᠋ᠠᠷ ᠪᠠᠷᠠᠬᠤ ᠦᠭᠡᠢ ᠪᠣᠰᠤᠨ ᠬᠠᠷᠠᠢᠪᠠ᠃ 《ᠶᠠᠮᠠᠷ ᠤᠬᠠᠭᠠᠨ ᠲᠠᠢ ᠬᠥᠮᠦᠨ ᠪᠠᠢᠬᠤ ᠪᠣᠢ ᠳᠠ ᠭᠠᠢᠭᠤᠢ᠂ ᠮᠤᠤᠰᠠᠢᠨ ᠶᠠᠷᠭᠠᠴᠢᠨ》 ᠭᠡᠵᠦ ᠨᠠᠮ ᠪᠣᠯᠪᠠᠴᠤ ᠭᠦᠨ ᠬᠡᠯᠡᠪᠡ᠃ ᠵᠠᠮᠪᠠᠯ᠂ ᠴᠡᠮᠪᠡ ᠬᠣᠶᠠᠷ ᠶᠠᠷᠢᠯᠴᠠᠨ ᠴᠠᠰᠢ ᠶᠠᠪᠤᠯ᠎ᠠ᠃ ᠪᠠᠲᠤ ᠶ᠋ᠢᠨ ᠰᠡᠳᠬᠢᠯ ᠳ᠋ᠦ᠍ ᠪᠦᠬᠦ ᠪᠣᠯᠤᠭᠰᠠᠨ ᠶᠠᠪᠤᠳᠠᠯ ᠪᠠᠭᠰᠢ ᠶ᠋ᠢᠨ ᠬᠢᠨᠢ ᠬᠡᠯᠡᠵᠦ ᠪᠠᠢᠭᠰᠠᠨ ᠦᠭᠡ ᠵᠢᠷᠢᠯᠵᠡᠨ ᠥᠩᠭᠡᠷᠡᠪᠡ᠃ 《ᠪᠣᠭᠳᠠ ᠶ᠋ᠢᠨ ᠭᠠᠷ ᠨᠢ ᠤᠷᠲᠤ ᠶᠤᠮ ᠰᠢᠦ ᠳᠡ》 ᠭᠡᠰᠡᠨ ᠪᠠᠭᠰᠢ ᠶ᠋ᠢᠨ ᠦᠭᠡ ᠪᠣᠳᠣᠯ ᠳ᠋ᠤᠨᠢ ᠲᠣᠳᠣᠷᠠᠨ ᠦᠯᠡᠳᠡᠪᠡ᠃
᠊᠊᠊᠊᠊᠊᠊᠊᠊᠊᠊᠊᠊᠊᠊ ᠰᠣᠬᠣᠷ ᠲᠥᠪᠡᠳ ᠦ᠋ᠨ ᠵᠢᠭᠠᠪᠤᠷᠢ ᠪᠠᠷ ᠪᠠᠭᠰᠢ ᠶ᠋ᠢ ᠮᠢᠨᠢ ᠠᠯᠠᠭᠰᠠᠨ ᠬᠠᠷ᠎ᠠ ᠶᠠᠷᠭᠠᠴᠢᠨ ᠭᠡᠵᠦ ᠪᠠᠲᠤ ᠬᠡᠯᠡᠭᠡᠳ ᠡᠷᠭᠢᠵᠦ ᠭᠦᠶᠦᠨ ᠰᠦᠬᠡ ᠪᠠᠷᠢᠵᠤ ᠠᠪᠤᠯ᠎ᠠ᠃ ᠠᠩᠭᠢ ᠷᠢᠨᠴᠢᠨ ᠦ᠌ ᠦᠬᠦᠭᠰᠡᠨ ᠲᠤᠬᠠᠢ ᠪᠠᠲᠤ ᠶ᠋ᠢᠨ ᠶᠠᠷᠢᠶ᠎ᠠ ᠶ᠋ᠢ ᠣᠯᠠᠨ ᠤᠳᠠᠭ᠎ᠠ ᠰᠣᠨᠣᠰᠤᠭᠰᠠᠨ ᠵᠢᠷᠭᠠᠯ ᠪᠦᠬᠦ ᠤᠴᠢᠷ ᠢ᠋ ᠮᠡᠳᠡᠭᠡᠳ ᠪᠠᠲᠤ ᠶ᠋ᠢ ᠪᠠᠷᠢᠵᠤ ᠠᠪᠤᠯ᠎ᠠ᠃
᠊᠊᠊᠊᠊᠊᠊᠊᠊᠊᠊᠊᠊᠊᠊ ᠴᠢ ᠣᠳᠣ ᠶᠠᠭᠠᠬᠢᠬᠤ ᠶᠤᠮ ᠪᠣᠢ? ᠭᠠᠯᠵᠠᠭᠤᠷᠠᠵᠤ ᠪᠠᠢᠨ᠎ᠠ ᠤᠤ?
᠊᠊᠊᠊᠊᠊᠊᠊᠊᠊᠊᠊᠊᠊᠊ ᠦᠭᠡᠢ᠂ ᠬᠠᠷᠢᠨ ᠪᠦᠷ ᠤᠬᠠᠭᠠᠨ ᠲᠠᠢ ᠪᠣᠯᠵᠤ ᠪᠠᠢᠨ᠎ᠠ᠃ ᠬᠣᠶᠠᠷ ᠶᠠᠷᠭᠠᠴᠢᠳ ᠤ᠋ᠨ ᠲᠣᠯᠣᠭᠠᠢ ᠶ᠋ᠢ᠁ ᠭᠡᠳ ᠪᠠᠲᠤ ᠬᠠᠰᠢᠶ᠎ᠠ ᠤᠷᠤᠭᠤ ᠲᠡᠮᠡᠦᠯᠪᠡ᠃ ᠪᠠᠲᠤ ᠲᠠᠢ ᠨᠣᠴᠣᠯᠳᠤᠬᠤ ᠵᠠᠭᠤᠷ᠎ᠠ ᠵᠢᠷᠭᠠᠯ
᠊᠊᠊᠊᠊᠊᠊᠊᠊᠊᠊᠊᠊᠊᠊ ᠶᠠᠮᠠᠷ ᠲᠡᠨᠡᠭ ᠠᠮᠢᠲᠠᠨ ᠪᠣᠢ᠂ ᠴᠢ ᠡᠨᠡ ᠬᠣᠶᠠᠷ ᠢ᠋ ᠠᠯᠠᠭᠠᠳ ᠶᠠᠭᠠᠬᠢᠬᠤ ᠶᠤᠮ ᠪᠣᠢ? ᠠᠯᠠᠵᠤ ᠴᠢᠳᠠᠬᠤ ᠴᠤ᠌ ᠦᠭᠡᠢ᠃ ᠪᠠᠭᠰᠢ ᠶ᠋ᠢ ᠴᠢᠨᠢ ᠠᠯᠠᠭᠰᠠᠨ ᠬᠣᠣᠷ ᠤ᠋ᠨ ᠦᠨᠳᠦᠰᠦ ᠪᠣᠯ ᠪᠣᠭᠳᠠ ᠪᠠᠢᠨ᠎ᠠ᠃ ᠭᠡᠲᠡᠯ᠎ᠡ ᠪᠣᠭᠳᠠ ᠶ᠋ᠢ ᠣᠳᠣ ᠳ᠋ᠠᠭᠠᠨ ᠴᠢ ᠪᠢᠲᠡᠭᠡᠢ ᠬᠡᠯᠡ᠂ ᠰᠢᠷᠤᠪ ᠪᠠᠭᠰᠢ ᠳᠡᠢᠯᠬᠦ ᠦᠭᠡᠢ ᠪᠠᠢᠭ᠎ᠠ ᠰᠢᠦ ᠳᠡ᠃ ᠥᠰᠢᠶ᠎ᠡ ᠶ᠋ᠢ ᠤᠬᠠᠭᠠᠨ ᠢ᠋ᠶ᠋ᠠᠷ ᠠᠪᠬᠤ ᠡᠴᠡ ᠪᠢᠰᠢ ᠠᠭᠤᠷ ᠤ᠋ᠨ ᠮᠠᠩᠬᠤᠤ ᠪᠠᠷ ᠠᠪᠴᠤ ᠴᠢᠳᠠᠬᠤ ᠦᠭᠡᠢ ᠭᠡᠬᠦ ᠵᠡᠷᠭᠡ ᠣᠯᠠᠨ ᠶᠠᠭᠤᠮ᠎ᠠ ᠶᠠᠷᠢᠪᠠ᠃
ᠪᠠᠲᠤ ᠰᠦᠬᠡ ᠪᠠᠷᠢᠵᠤ ᠠᠪᠬᠤ ᠳ᠋ᠠᠭᠠᠨ ᠰᠢᠭᠤᠳ ᠬᠠᠰᠢᠶ᠎ᠠ ᠳᠠᠪᠠᠵᠤ ᠭᠡᠷ ᠲᠦ᠍ ᠣᠷᠣᠭᠠᠳ ᠵᠠᠮᠪᠠᠯ᠂ ᠴᠡᠮᠪᠡ ᠬᠣᠶᠠᠷ ᠤ᠋ᠨ ᠲᠣᠯᠣᠭᠠᠢ ᠶ᠋ᠢ ᠬᠠᠭ᠎ᠠ ᠴᠣᠬᠢᠶ᠎ᠠ ᠭᠡᠵᠦ ᠰᠢᠲᠦᠭᠰᠡᠨ ᠪᠢᠯᠡ᠃ ᠴᠢᠩᠭᠢᠭᠡᠳ ᠨᠢᠭᠡ ᠵᠢᠳᠬᠦᠯᠲᠡ ᠪᠡᠷ ᠪᠠᠷᠤᠭ ᠬᠠᠰᠢᠶᠠᠨ ᠤ᠋ ᠣᠷᠣᠢ ᠳ᠋ᠤ᠌ ᠭᠠᠷᠬᠤ ᠳ᠋ᠤᠨᠢ ᠵᠢᠷᠭᠠᠯ ᠬᠥᠯ ᠡᠴᠡ ᠨᠢ ᠲᠡᠳᠡᠨ ᠪᠠᠭᠤᠯᠭᠠᠵᠠᠢ᠃ ᠬᠠᠷᠢᠨ ᠰᠡᠭᠦᠯ ᠳ᠋ᠦ᠍ᠨᠢ ᠬᠠᠯᠠᠭᠤᠨ ᠬᠣᠷᠣᠰᠤᠯ ᠨᠢ ᠳᠠᠷᠤᠭᠳᠠᠵᠤ ᠮᠤᠩᠬᠠᠭ ᠠᠵᠢᠯ ᠢ᠋ᠶ᠋ᠠᠨ ᠣᠢᠯᠠᠭᠠᠭᠰᠠᠨ ᠪᠣᠯᠪᠠᠴᠤ ᠪᠠᠭᠰᠢ ᠶ᠋ᠢᠨ ᠢ᠋ᠶ᠋ᠡᠨ ᠬᠠᠷᠢᠭᠤ ᠶ᠋ᠢ ᠠᠪᠬᠤ ᠪᠣᠳᠣᠯ ᠡᠴᠡ ᠤᠬᠤᠷᠢᠭᠰᠠᠨ ᠦᠭᠡᠢ᠃
ᠪᠠᠲᠤ ᠬᠦᠵᠦᠭᠦᠨ ᠳ᠋ᠡᠭᠡᠨ ᠬᠡᠵᠢᠶ᠎ᠡ ᠵᠡᠭᠦᠭᠰᠡᠨ ᠢ᠋ ᠮᠡᠳᠡᠬᠦ ᠦᠭᠡᠢ ᠦᠷᠭᠦᠯᠵᠢ ᠵᠡᠭᠦᠵᠦ ᠶᠠᠪᠤᠳᠠᠭ ᠪᠤᠯᠢᠭᠠᠷᠢ ᠭᠡᠷ ᠲᠡᠢ ᠰᠠᠬᠢᠭᠤᠰᠤ ᠶ᠋ᠢᠨ ᠢ᠋ᠶ᠋ᠡᠨ ᠣᠭᠣᠰᠣᠷ ᠢ᠋ ᠲᠠᠰᠤᠯᠤᠨ ᠠᠪᠴᠤ ᠰᠢᠳᠡᠪᠡ᠃
ᠡᠵᠢ ᠨᠢ ᠲᠡᠷᠡ ᠪᠤᠯᠢᠭᠠᠷᠢ ᠭᠡᠷ ᠲᠦ᠍ ᠪᠣᠭᠳᠠ ᠶ᠋ᠢᠨ ᠪᠠᠷᠢᠨᠲᠠᠭ ᠤ᠋ᠨ ᠥᠭᠡᠳᠡᠰᠦ ᠪᠠᠢᠭ᠎ᠠ ᠶᠤᠮ ᠭᠡᠵᠦ ᠬᠡᠯᠡᠳᠡᠭ ᠪᠠᠢᠭᠰᠠᠨ ᠶᠤᠮ᠃ ᠮᠠᠷᠭᠠᠰᠢ ᠥᠷᠯᠥᠭᠡ ᠨᠢ ᠡᠷᠲᠡ ᠪᠣᠰᠴᠤ ᠵᠢᠷᠭᠠᠯ ᠡᠴᠡ ᠨᠢᠭᠤᠭᠳᠠᠨ ᠪᠣᠭᠳᠠ ᠶ᠋ᠢᠨ ᠡᠪᠦᠯ ᠦ᠋ᠨ ᠣᠷᠳᠣᠨ ᠤ᠋ ᠡᠭᠦᠳᠡᠨ ᠳ᠋ᠦ᠍ ᠣᠴᠢᠭᠠᠳ ᠣᠷᠣᠬᠤ ᠭᠡᠬᠦ ᠳ᠋ᠦ᠍ᠨᠢ ᠬᠣᠶᠠᠷ ᠮᠤᠨᠳᠠᠭ ᠯᠠᠮᠠ ᠵᠣᠳᠣᠭᠠᠳ ᠵᠠᠢᠯᠠᠭᠤᠯᠪᠠ᠃ ᠶᠠᠭᠠᠬᠢᠬᠤ᠂ ᠶᠠᠭᠤ ᠬᠢᠬᠦ ᠪᠡᠨ ᠮᠡᠳᠡᠬᠦ ᠦᠭᠡᠢ ᠭᠠᠢᠬᠠᠨ᠂ ᠥᠰᠢᠶ᠎ᠡ ᠬᠣᠷᠣᠰᠤᠯ ᠤ᠋ᠨ ᠭᠠᠯ ᠢ᠋ᠶ᠋ᠠᠷ ᠴᠡᠭᠡᠵᠢ ᠨᠢ ᠣᠪᠣᠯᠵᠠᠨ ᠪᠠᠢᠲᠠᠯ᠎ᠠ ᠮᠥᠷᠭᠥᠯᠴᠢᠨ ᠴᠤᠭᠯᠠᠷᠠᠨ ᠢᠷᠡᠪᠡ᠃
ᠡᠪᠦᠯ ᠦ᠋ᠨ ᠬᠦᠢᠲᠡᠨ ᠡᠳᠦᠷ ᠵᠢᠵᠢᠭᠬᠡᠨ ᠰᠢᠷᠬᠡᠭ ᠲᠡᠢ ᠴᠠᠰᠤ ᠭᠢᠯᠠᠮᠠᠨ ᠪᠦᠬᠦ ᠶᠠᠭᠤᠮ᠎ᠠ ᠶ᠋ᠢ ᠪᠢᠲᠡᠭᠦᠦ ᠰᠠᠭᠠᠷᠠᠯ ᠥᠩᠭᠡ ᠳᠠᠷᠤᠵᠠᠢ᠃ ᠪᠠᠲᠤ ᠶ᠋ᠢᠨ ᠳᠡᠷᠭᠡᠳᠡᠭᠦᠷ ᠨᠢ ᠮᠥᠷᠭᠥᠯᠴᠢᠳ ᠥᠩᠭᠡᠷᠡᠨ ᠭᠠᠷᠴᠤ ᠣᠢᠷᠠᠬᠠᠨ ᠰᠢᠭ᠋ ᠣᠴᠢᠭᠠᠳ ᠰᠥᠬᠥᠷᠡᠨ ᠰᠠᠭᠤᠵᠤ ᠵᠠᠯᠪᠠᠷᠢᠨ ᠮᠥᠷᠭᠥᠨ᠎ᠡ᠃
ᠪᠠᠲᠤ ᠭᠡᠨᠡᠳᠲᠡ ᠮᠥᠷᠭᠥᠯᠴᠢᠳ ᠦ᠋ᠨ ᠡᠮᠦᠨ᠎ᠡ ᠦᠰᠦᠷᠦᠨ ᠭᠠᠷᠴᠤ 《ᠣᠯᠠᠨ ᠲᠦᠮᠡᠨ ᠠᠷᠠᠳ ᠠ᠋! ᠲᠠ ᠨᠠᠷ ᠡᠨᠡ ᠰᠣᠬᠣᠷ ᠲᠥᠪᠡᠳ ᠲᠦ᠍ ᠪᠢᠲᠡᠭᠡᠢ ᠮᠥᠷᠭᠥ᠃ ᠡᠨᠡ ᠲᠥᠪᠡᠳ ᠴᠢᠨᠢ ᠮᠢᠨᠦ ᠪᠠᠭᠰᠢ ᠠᠩᠭᠢ ᠷᠢᠨᠴᠢᠨ ᠢ᠋ ᠮᠠᠨᠢᠶᠠᠤᠨ ᠢ᠋ᠶ᠋ᠠᠷ ᠠᠯᠠᠭᠤᠯᠤᠭᠰᠠᠨ ᠶᠠᠷᠭᠠᠴᠢᠨ ᠁》 ᠭᠡᠲᠡᠯ᠎ᠡ ᠣᠯᠠᠨ ᠤ᠋ ᠳᠣᠲᠣᠷ᠎ᠠ ᠡᠴᠡ ᠬᠡᠳᠦᠨ ᠬᠥᠮᠦᠨ ᠪᠣᠰᠴᠤ ᠢᠷᠡᠭᠡᠳ 《ᠴᠢ ᠭᠠᠯᠵᠠᠭᠤ ᠠᠮᠢᠲᠠᠨ ᠤᠤ》 ᠭᠡᠯᠡ᠃
ᠪᠠᠲᠤ ᠬᠠᠷᠢᠭᠤ ᠬᠡᠯᠡᠬᠦ ᠭᠡᠲᠡᠯ᠎ᠡ 《ᠭᠠᠯᠵᠠᠭᠤ ᠵᠣᠯᠢᠭ ᠪᠠᠢᠨ᠎ᠠ》᠂ 《ᠨᠥᠭᠦᠭᠡ ᠡᠴᠢᠭᠡ ᠡᠬᠡ ᠪᠡᠨ ᠠᠯᠠᠨ᠎ᠠ ᠭᠡᠵᠦ ᠲᠠᠩᠭᠠᠷᠢᠭ ᠥᠭᠭᠦᠭᠰᠡᠨ ᠤᠯᠠᠭᠠᠨ ᠤ᠋ ᠨᠣᠪᠰᠢ ᠪᠣᠯᠤᠯᠲᠠᠢ》᠂ 《ᠵᠠᠳᠠ ᠴᠣᠬᠢᠭᠠᠳ ᠡᠨᠡ ᠠᠷᠢᠭᠤᠨ ᠣᠷᠣᠨ ᠡᠴᠡ ᠵᠠᠢᠯᠠᠭᠤᠯᠵᠤ ᠣᠷᠭᠢ》 ᠭᠡᠵᠦ ᠬᠠᠰᠬᠢᠷᠤᠯᠳᠤᠪᠠ᠃
᠊᠊᠊᠊᠊᠊᠊᠊᠊᠊᠊᠊᠊᠊᠊ ᠡᠨᠡ ᠪᠠᠯᠠᠢ ᠲᠥᠪᠡᠳ ᠴᠢᠨᠢ ᠮᠠᠨ ᠤ᠋ ᠱᠠᠭᠳᠠᠷ ᠪᠠᠭᠰᠢ ᠁ ᠭᠡᠲᠡᠯ᠎ᠡ ᠬᠡᠳᠦᠨ ᠬᠥᠮᠦᠨ ᠳᠠᠭᠠᠷᠢᠨ ᠢᠷᠡᠵᠦ ᠨᠢᠭᠤᠷ ᠨᠢᠳᠦ ᠦᠭᠡᠢ ᠪᠠᠯᠪᠠᠵᠤ ᠡᠬᠢᠯᠡᠭᠰᠡᠨ ᠢ᠋ᠶ᠋ᠡᠷ ᠪᠠᠷᠠᠬᠤ ᠦᠭᠡᠢ ᠡᠬᠡᠨᠡᠷ᠂ ᠬᠡᠦᠬᠡᠳ᠂ ᠪᠦᠷ ᠴᠢᠪᠠᠭᠠᠨᠴᠠ ᠨᠠᠷ ᠬᠦᠷᠲᠡᠯ᠎ᠡ ᠢᠰᠬᠦᠯᠵᠦ ᠴᠢᠳᠬᠥᠷ ᠰᠢᠮᠨᠤᠰ ᠴᠢᠷᠠᠯᠠᠪᠠ᠂ ᠯᠠᠩᠳᠠᠷᠮ᠎ᠠ ᠭᠡᠵᠦ ᠨᠠᠷᠠᠯᠠᠪᠠ᠃
ᠡᠨᠡ ᠠᠶᠤᠮᠰᠢᠭᠲᠤ ᠵᠠᠨᠴᠢᠯᠲᠠ ᠳ᠋ᠤ᠌ ᠪᠠᠲᠤ ᠶᠠᠭᠠᠬᠢᠵᠤ ᠲᠡᠰᠬᠦ ᠪᠢᠯᠡ᠃ ᠤᠬᠠᠭᠠᠨ ᠠᠯᠳᠠᠵᠤ ᠤᠨᠠᠭᠰᠠᠨ ᠪᠣᠯᠪᠠᠴᠤ ᠵᠣᠳᠣᠯᠲᠠ ᠵᠣᠭᠰᠣᠭᠰᠠᠨ ᠦᠭᠡᠢ᠃ ᠴᠢᠰᠤ ᠨᠥᠵᠢ ᠲᠡᠢ ᠪᠡᠨ ᠬᠣᠯᠢᠯᠳᠤᠭᠰᠠᠨ ᠪᠠᠲᠤ ᠶ᠋ᠢ ᠬᠡᠳᠦᠨ ᠬᠥᠮᠦᠨ ᠳᠠᠮᠵᠢᠯᠠᠨ ᠬᠠ ᠶᠠ ᠭᠣᠣᠯ ᠤ᠋ᠨ ᠮᠥᠰᠥᠨ ᠳᠡᠭᠡᠷ᠎ᠡ ᠰᠢᠳᠡᠪᠡ᠃ ᠬᠢᠯᠠᠭᠠᠯᠠᠵᠤ ᠪᠠᠢᠭᠰᠠᠨ ᠴᠠᠰᠤ ᠦᠷᠭᠦᠯᠵᠢᠯᠡᠨ ᠣᠷᠣᠵᠤ ᠤᠳᠠᠭᠰᠠᠨ ᠴᠤ᠌ ᠦᠭᠡᠢ ᠬᠦᠷᠢᠶ᠎ᠡ ᠨᠢᠮᠭᠡᠨ ᠴᠠᠭᠠᠨ ᠳᠡᠪᠡᠯ ᠢ᠋ᠶ᠋ᠡᠨ ᠡᠮᠦᠰᠪᠡ᠃ ᠲᠤᠤᠯᠠ ᠶ᠋ᠢᠨ ᠭᠣᠣᠯ ᠢ᠋ ᠳᠠᠭᠠᠨ ᠬᠦᠢᠲᠡᠨ ᠰᠠᠯᠬᠢ ᠦᠯᠢᠶᠡᠨ ᠪᠠᠲᠤ ᠶ᠋ᠢᠨ ᠬᠠᠮᠠᠷ ᠠᠮᠠ ᠪᠠᠷ ᠭᠠᠷᠴᠤ ᠪᠠᠢᠭ᠎ᠠ ᠴᠢᠰᠤ ᠨᠢ ᠮᠥᠰᠥᠨ ᠳᠡᠭᠡᠷ᠎ᠡ ᠶᠠᠭᠠᠷᠠᠨ ᠴᠠᠷᠴᠠᠵᠤ ᠪᠡᠶ᠎ᠡ ᠨᠢ ᠴᠠᠰᠤᠨ ᠳ᠋ᠤ᠌ ᠳᠠᠷᠤᠭᠳᠠᠨ᠎ᠠ᠃
