ᠲᠤᠩᠭᠠᠯᠠᠭ ᠲᠠᠮᠢᠷ3-21-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-21-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-21-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-10-04

1545

《ᠮᠠᠯᠠᠭᠠᠢ ᠲᠠᠯᠪᠢᠪᠠᠯ ᠮᠠᠨ ᠤ᠋ ᠬᠢ᠂ ᠮᠠᠷᠭᠠᠰᠢ ᠪᠣᠯᠪᠠᠯ ᠲᠠᠨ ᠤ᠋ ᠬᠢ》 - ᠭᠤᠷᠪᠠᠳᠤᠭᠠᠷ ᠪᠦᠯᠦᠭ ᠬᠣᠷᠢᠨ ᠨᠢᠭᠡ

  ᠵᠤᠨ ᠤ᠋ ᠠᠳᠠᠭ ᠰᠠᠷ᠎ᠠ ᠶ᠋ᠢᠨ ᠤᠷᠲᠤ ᠡᠳᠦᠷ ᠳᠠᠭᠤᠰᠴᠤ᠂ ᠨᠠᠷᠠ ᠪᠠᠷᠠᠭᠤᠨ ᠠᠭᠤᠯᠠ ᠶ᠋ᠢᠨ ᠨᠣᠶᠠᠨ ᠨᠢᠷᠤᠭᠤᠨ ᠳᠡᠭᠡᠷ᠎ᠡ ᠰᠠᠴᠤᠷᠠᠨ ᠰᠣᠯᠣᠩᠭᠠᠯᠠᠵᠤ ᠭᠢᠯᠠᠯᠵᠠᠬᠤ ᠪᠥᠭᠡᠳ ᠡᠳᠦᠷ ᠦ᠋ᠨ ᠪᠦᠭᠴᠢᠮ ᠬᠠᠯᠠᠭᠤᠨ ᠥᠩᠭᠡᠷᠡᠵᠦ ᠣᠷᠣᠢ ᠶ᠋ᠢᠨ ᠰᠡᠷᠢᠭᠦᠨ ᠡᠬᠢᠯᠡᠭᠰᠡᠨ ᠨᠢ ᠶᠠᠭᠤᠮ᠎ᠠ ᠪᠦᠬᠦᠨ ᠢ᠋ ᠲᠡᠨᠢᠭᠡᠷ ᠠᠭᠤᠳᠠᠮ ᠪᠣᠯᠭᠠᠵᠠᠢ᠃
  ᠰᠤᠮᠤᠨ ᠳᠡᠯ ᠲᠡᠢ ᠥᠨᠳᠥᠷ ᠵᠡᠭᠡᠷᠳᠡ ᠮᠣᠷᠢ ᠤᠨᠤᠭᠰᠠᠨ ᠡᠷᠳᠡᠨᠢ ᠡᠮᠡᠭᠡᠯ ᠳᠡᠭᠡᠷ᠎ᠡ ᠪᠡᠨ ᠶᠠᠯᠢᠮ ᠦᠭᠡᠢ ᠬᠡᠯᠲᠡᠭᠡᠢ ᠰᠠᠭᠤᠵᠤ ᠶᠠᠮᠠᠷ ᠨᠢᠭᠡᠨ ᠭᠦᠨ ᠪᠣᠳᠣᠯ ᠳ᠋ᠤ᠌ ᠳᠠᠷᠤᠭᠳᠠᠨ ᠶᠠᠪᠤᠬᠤ ᠪᠥᠭᠡᠳ ᠮᠣᠷᠢ ᠨᠢ ᠱᠣᠭᠰᠢᠬᠤ ᠭᠡᠬᠦ ᠳ᠋ᠦ᠍ ᠰᠤᠷᠮᠠᠭ ᠬᠥᠳᠡᠯᠭᠡᠭᠡᠨ ᠢ᠋ᠶ᠋ᠡᠷ ᠠᠮᠠ ᠶ᠋ᠢ ᠨᠢ ᠲᠠᠲᠠᠵᠤ ᠠᠯᠬᠤᠭᠤᠯᠤᠨ᠎ᠠ᠃ ᠲᠡᠭᠦᠨ ᠢ᠋ ᠵᠢᠷᠭᠠᠵᠤ ᠪᠠᠢᠭ᠎ᠠ ᠨᠠᠷᠠᠨ ᠳᠣᠣᠭᠤᠷ ᠰᠥᠷᠴᠦ ᠬᠠᠷᠠᠬᠤ ᠳ᠋ᠤ᠌ ᠳᠥᠷᠪᠡᠨ ᠵᠦᠭ᠂ ᠨᠢᠮᠡᠨ ᠵᠣᠪᠬᠢᠰ ᠡᠴᠡ ᠨᠢ ᠠᠯᠲᠠᠨ ᠰᠢᠷ᠎ᠠ ᠭᠡᠷᠡᠯ ᠰᠠᠴᠤᠷᠠᠵᠤ ᠰᠦᠷᠲᠡᠢ ᠦᠵᠡᠭᠳᠡᠨ᠎ᠡ᠃
  ᠡᠷᠳᠡᠨᠢ᠂ ᠠᠷᠠᠳ ᠤ᠋ᠨ ᠵᠠᠰᠠᠭ ᠤ᠋ᠨ ᠪᠦᠷᠢᠨ ᠡᠷᠬᠡᠲᠦ ᠲᠥᠯᠥᠭᠡᠯᠡᠭᠴᠢ ᠪᠣᠯᠵᠤ ᠭᠠᠷᠤᠭᠰᠠᠨ ᠡᠴᠡ ᠬᠣᠢᠰᠢ ᠣᠯᠠᠨ ᠬᠣᠨᠣᠭ ᠬᠠᠭᠠᠰ ᠨᠣᠢᠷ ᠲᠠᠢ ᠶᠠᠪᠤᠭᠰᠠᠨ᠃ ᠭᠣᠣᠯ ᠨᠢ ᠠᠷᠠᠳ ᠤ᠋ᠨ ᠵᠠᠰᠠᠭ ᠤ᠋ᠨ ᠪᠣᠳᠣᠯᠭ᠎ᠠ᠂ ᠪᠣᠢ ᠪᠣᠯᠤᠨ ᠲᠣᠭᠲᠠᠵᠤ ᠪᠠᠢᠭ᠎ᠠ ᠰᠢᠨ᠎ᠡ ᠵᠢᠷᠤᠮ᠂ ᠬᠥᠮᠦᠰ ᠦ᠋ᠨ ᠬᠣᠭᠣᠷᠣᠨᠳᠣ ᠶ᠋ᠢᠨ ᠰᠢᠨ᠎ᠡ ᠬᠠᠷᠢᠴᠠᠭᠠᠨ ᠤ᠋ ᠭᠦᠨ ᠤᠴᠢᠷ ᠤᠳᠬ᠎ᠠ ᠶ᠋ᠢ ᠣᠯᠠᠨ ᠲᠦᠮᠡᠨ ᠳ᠋ᠦ᠍ ᠣᠢᠯᠠᠭᠠᠭᠤᠯᠬᠤ ᠬᠡᠷᠡᠭᠲᠡᠢ ᠭᠡᠵᠦ ᠪᠣᠳᠣᠭᠰᠠᠨ ᠡᠷᠳᠡᠨᠢ ᠶᠠᠷᠢᠶ᠎ᠠ ᠲᠠᠨᠢᠯᠴᠠᠭᠤᠯᠭ᠎ᠠ ᠶ᠋ᠢ ᠣᠴᠢᠭᠰᠠᠨ ᠭᠠᠵᠠᠷ᠂ ᠠᠭᠤᠯᠵᠠᠭᠰᠠᠨ ᠬᠥᠮᠦᠨ ᠪᠦᠬᠦᠨ ᠳ᠋ᠡᠭᠡᠨ ᠬᠡᠯᠡᠵᠦ ᠪᠠᠢᠯ᠎ᠠ᠃ ᠭᠡᠪᠡᠴᠦ ᠠᠷᠠᠳ ᠤ᠋ᠨ ᠵᠠᠰᠠᠭ ᠤ᠋ᠨ ᠪᠣᠳᠣᠯᠭ᠎ᠠ ᠶ᠋ᠢ ᠭᠣᠢ᠌ᠪᠠᠭᠤᠯᠵᠤ ᠭᠦᠳᠬᠡᠭᠰᠡᠨ ᠡᠯᠳᠡᠪ ᠦ᠋ᠨ ᠶᠠᠷᠢᠶ᠎ᠠ ᠴᠤᠤᠷᠬᠠᠯ ᠣᠯᠠᠨ ᠤ᠋ ᠳᠣᠲᠣᠷ᠎ᠠ ᠲᠠᠷᠬᠠᠬᠤ ᠪᠥᠭᠡᠳ ᠲᠡᠭᠦᠨ ᠢ᠋ ᠲᠣᠮᠣ ᠯᠠᠮᠠ ᠨᠠᠷ᠂ ᠨᠣᠶᠠᠳ ᠭᠠᠷᠭᠠᠵᠤ ᠪᠠᠢᠭ᠎ᠠ ᠨᠢ ᠢᠯᠡ ᠪᠣᠯᠪᠠᠴᠤ ᠴᠣᠬᠣᠮ ᠲᠡᠷᠡ ᠲᠠᠷᠬᠠᠭᠠᠪᠠ ᠭᠡᠵᠦ ᠪᠠᠭᠤᠯᠭᠠᠬᠤ ᠡᠵᠡᠨ ᠪᠤᠴᠠᠬᠤ ᠵᠠᠮ ᠨᠢ ᠣᠯᠳᠠᠬᠤ ᠦᠭᠡᠢ᠃ ᠨᠢᠭᠡ ᠶᠠᠷᠢᠶ᠎ᠠ ᠶ᠋ᠢ ᠳᠠᠷᠤᠬᠤ ᠳ᠋ᠤ᠌ ᠨᠥᠭᠦᠭᠡ ᠶᠠᠷᠢᠶ᠎ᠠ ᠳᠡᠯᠭᠡᠷᠡᠨ᠎ᠡ᠃ ᠶᠡᠷᠦ ᠨᠢ ᠯᠡ ᠬᠢᠵᠦ ᠪᠠᠢᠭ᠎ᠠ ᠠᠵᠢᠯ ᠪᠦᠬᠦᠨ ᠳ᠋ᠦ᠍ ᠢᠯᠡ᠂ ᠳᠠᠯᠳᠠ ᠡᠯᠳᠡᠪ ᠦ᠋ᠨ ᠰᠠᠭᠠᠳ ᠮᠤᠩᠳᠠᠬᠤ ᠦᠭᠡᠢ ᠠᠵᠢ᠃ ᠭᠡᠪᠡᠴᠦ ᠠᠷᠠᠳ ᠤ᠋ᠨ ᠵᠠᠰᠠᠭ ᠳᠣᠪᠲᠣᠯᠤᠨ᠂ ᠡᠳᠦᠷ ᠥᠩᠭᠡᠷᠡᠬᠦ ᠳᠣᠳᠣᠮ ᠭᠠᠵᠠᠷ ᠡᠵᠡᠯᠡᠵᠦ ᠪᠠᠢᠯ᠎ᠠ᠃
  ᠬᠠᠮᠵᠢᠯᠭ᠎ᠠ᠂ ᠡᠷᠬᠡ ᠶᠠᠩᠪᠠ᠂ ᠤᠭᠰᠠᠭ᠎ᠠ ᠵᠠᠯᠭᠠᠮᠵᠢᠯᠠᠨ ᠡᠳ᠋ᠯᠡᠬᠦ ᠶᠣᠰᠣ ᠶ᠋ᠢ ᠤᠰᠠᠳᠬᠠᠭᠰᠠᠨ ᠲᠠᠢᠵᠢ ᠨᠠᠷ ᠢ᠋ ᠥᠷᠲᠡᠭᠡᠨ ᠦ᠌ ᠠᠯᠪᠠ ᠬᠢᠯᠭᠡᠵᠦ᠂ ᠠᠯᠪᠠᠨ ᠲᠠᠲᠠᠪᠤᠷᠢ ᠲᠥᠯᠥᠭᠦᠯᠬᠦ ᠪᠣᠯᠤᠭᠰᠠᠨ ᠵᠡᠷᠭᠡ ᠠᠷᠠᠳ ᠤ᠋ᠨ ᠵᠠᠰᠠᠭ ᠰᠢ᠌ᠤᠠᠪᠣᠷᠢ ᠨᠤᠭᠤᠳ ᠨᠢ ᠠᠷᠠᠳ ᠣᠯᠠᠨ ᠤ᠋ ᠰᠡᠳᠬᠢᠯ ᠳ᠋ᠦ᠍ ᠬᠦᠷᠴᠦ ᠲᠡᠳᠡᠨ ᠳ᠋ᠦ᠍ ᠲᠠᠭᠠᠰᠢᠶᠠᠭᠳᠠᠵᠤ ᠪᠠᠢᠯ᠎ᠠ᠃
  ᠡᠷᠳᠡᠨᠢ ᠶ᠋ᠢᠨ ᠲᠥᠷᠥ ᠶ᠋ᠢᠨ ᠠᠵᠢᠯ ᠪᠣᠯ ᠶᠠᠭᠤ ᠴᠤ᠌ ᠯᠠ ᠭᠡᠰᠡᠨ ᠤᠳᠠᠭᠠᠨ ᠪᠣᠯᠪᠠᠴᠤ ᠤᠷᠤᠭᠰᠢ ᠲᠠᠪᠰᠢᠵᠤ ᠪᠠᠢᠵᠠᠢ᠃ ᠬᠠᠷᠢᠨ ᠠᠮᠢᠨ ᠬᠤᠪᠢ ᠶ᠋ᠢᠨ ᠠᠮᠢᠳᠤᠷᠠᠯ ᠨᠢ ᠨᠢᠭᠡ ᠯᠡ ᠡᠪᠯᠡᠷᠡᠵᠦ ᠥᠭᠬᠦ ᠦᠭᠡᠢ ᠠᠵᠢ᠃ ᠬᠡᠳᠦᠨ ᠰᠠᠷ᠎ᠠ ᠶ᠋ᠢᠨ ᠲᠤᠷᠰᠢ ᠳ᠋ᠤ᠌ ᠥᠪᠡᠷ ᠦ᠋ᠨ ᠭᠡᠬᠦ ᠭᠡᠷ ᠣᠷᠣᠨ ᠦᠭᠡᠢ᠂ ᠶᠣᠰᠣᠲᠠᠢ ᠯᠠ᠂ ᠮᠠᠯᠠᠭᠠᠢ ᠲᠠᠯᠪᠢᠪᠠᠯ ᠮᠠᠨ ᠤ᠋ ᠬᠢ᠂ ᠮᠠᠷᠭᠠᠰᠢ ᠪᠣᠯᠪᠠᠯ ᠲᠠᠨ ᠤ᠋ ᠬᠢ ᠭᠡᠵᠦ ᠶᠠᠪᠤᠭᠠᠳ ᠰᠠᠶᠢᠪᠲᠤᠷ ᠨᠢᠭᠡ ᠭᠡᠷ ᠲᠡᠢ ᠪᠣᠯᠵᠤ ᠵᠠᠰᠠᠭᠲᠤ ᠬᠠᠨ ᠤ᠋ ᠬᠤᠰᠢᠭᠤᠨ ᠡᠴᠡ ᠥᠷᠲᠡᠭᠡᠨ ᠳ᠋ᠦ᠍ ᠬᠥᠭᠡᠭᠡᠭᠳᠡᠵᠦ ᠢᠷᠡᠭᠡᠳ ᠲᠤᠯᠬᠤ ᠮᠣᠳᠣ ᠦᠭᠡᠢ᠂ ᠲᠠᠭᠤᠬᠤ ᠢᠰᠢᠭᠡ ᠦᠭᠡᠢ ᠪᠣᠯᠤᠭᠰᠠᠨ ᠳᠠᠮᠫᠢᠯ ᠭᠡᠳᠡᠭ ᠭᠠᠭᠴᠠ ᠪᠡᠶ᠎ᠡ ᠡᠷ᠎ᠡ ᠲᠡᠢ ᠨᠢᠭᠡᠳᠴᠦ ᠠᠢᠯ ᠪᠣᠯᠪᠠ᠃
  ᠲᠤᠯᠭᠠᠷ ᠢ᠋ ᠬᠦᠯᠢᠶᠡᠵᠦ ᠶᠠᠳᠠᠭᠠᠳ ᠣᠴᠢᠭᠰᠠᠨ ᠨᠢ ᠬᠦᠦ ᠲᠡᠢ ᠪᠡᠨ ᠠᠭᠤᠯᠵᠠᠬᠤ ᠪᠠᠷ ᠬᠦᠷᠢᠶ᠎ᠡ ᠤᠷᠤᠭᠤ ᠶᠠᠪᠤᠴᠢᠬᠠᠭᠰᠠᠨ ᠪᠠᠢᠯ᠎ᠠ᠃ ᠡᠷᠳᠡᠨᠢ ᠲᠡᠭᠦᠨ ᠳ᠋ᠦ᠍ ᠪᠠᠶᠠᠷᠯᠠᠭᠰᠠᠨ᠃ ᠭᠡᠪᠡᠴᠦ ᠬᠦᠦ ᠪᠡᠨ ᠬᠠᠷᠠᠭᠰᠠᠨ ᠡᠬᠡ ᠶ᠋ᠢᠨ ᠰᠡᠳᠬᠢᠯ ᠳᠡᠪᠲᠦᠵᠦ ᠡᠴᠢᠭᠡ ᠤᠷᠤᠭᠤ ᠨᠢ ᠡᠷᠭᠢᠬᠦ ᠪᠣᠯᠪᠠ ᠤᠤ ᠭᠡᠵᠦ ᠭᠣᠷᠢᠳᠠᠭᠰᠠᠨ᠃ ᠭᠡᠲᠡᠯ᠎ᠡ ᠰᠠᠶᠢᠬᠠᠨ ᠰᠢᠭ᠋ ᠬᠦᠦ ᠡᠴᠡ ᠨᠢ ᠢᠷᠡᠭᠰᠡᠨ ᠵᠠᠬᠢᠶ᠎ᠠ ᠶ᠋ᠢ ᠤᠩᠰᠢᠬᠤ ᠳ᠋ᠤ᠌ ᠲᠡᠷᠡ ᠨᠠᠢᠳᠠᠪᠤᠷᠢ ᠲᠠᠰᠤᠷᠠᠭᠰᠠᠨ ᠨᠢ ᠲᠤᠩ ᠲᠣᠳᠣᠷᠬᠠᠢ ᠪᠠᠢᠯ᠎ᠠ᠃
  ᠡᠷᠳᠡᠨᠢ ᠶᠠᠪᠤᠭᠰᠠᠭᠠᠷ ᠭᠣᠣᠯ ᠤ᠋ᠨ ᠵᠦᠯᠭᠡᠨ ᠳᠡᠭᠡᠷ᠎ᠡ ᠪᠠᠷᠢᠭᠰᠠᠨ ᠬᠣᠶᠠᠷ ᠭᠡᠷ ᠦ᠋ᠨ ᠡᠮᠦᠨ᠎ᠡ ᠪᠣᠰᠬᠠᠭᠰᠠᠨ ᠤᠶᠠᠭᠠᠨ ᠳᠡᠭᠡᠷ᠎ᠡ ᠪᠠᠭᠤᠵᠤ ᠮᠣᠷᠢ ᠪᠠᠨ ᠤᠶᠠᠭᠠᠳ ᠪᠠᠷᠠᠭᠤᠨ ᠭᠡᠷ ᠦ᠋ᠨ ᠵᠦᠭ ᠠᠯᠬᠤᠪᠠ᠃
  ᠭᠠᠳᠠᠨ᠎ᠠ ᠵᠤᠤᠬᠠᠨ ᠳᠡᠭᠡᠷ᠎ᠡ ᠬᠣᠭᠣᠯᠠ ᠴᠢᠨᠠᠵᠤ ᠪᠠᠢᠭᠰᠠᠨ ᠳᠠᠮᠫᠢᠯ ᠡᠷᠳᠡᠨᠢ ᠶ᠋ᠢ ᠳᠡᠷᠭᠡᠳᠡ ᠪᠡᠨ ᠣᠴᠢᠬᠤ ᠳ᠋ᠤ᠌ ᠲᠣᠯᠣᠭᠠᠢ ᠪᠠᠨ ᠬᠠᠭᠠᠰ ᠡᠷᠭᠢᠭᠦᠯᠦᠭᠡᠳ 《ᠲᠠᠨ ᠢ᠋ ᠨᠢᠭᠡ ᠭᠡᠵᠢᠭᠡᠲᠦ ᠠᠰᠠᠭᠤᠭᠠᠳ ᠶᠠᠪᠤᠭᠰᠠᠨ᠃ ᠤᠳᠠᠬᠤ ᠦᠭᠡᠢ ᠪᠤᠴᠠᠵᠤ ᠢᠷᠡᠬᠦ ᠪᠠᠢᠬ᠎ᠠ》 ᠭᠡᠯ᠎ᠡ᠃
  ᠊᠊᠊᠊᠊᠊᠊᠊᠊᠊᠊᠊᠊᠊᠊ ᠶᠠᠮᠠᠷ ᠰᠢᠦ ᠭᠡᠵᠢᠭᠡᠲᠦ ᠪᠠᠢᠨ᠎ᠠ?
  ᠊᠊᠊᠊᠊᠊᠊᠊᠊᠊᠊᠊᠊᠊᠊ ᠬᠥᠬᠡ ᠱᠠᠩᠳᠤᠩ ᠳᠡᠪᠡᠯ ᠲᠡᠢ᠂ ᠳᠤᠮᠳᠠ ᠵᠡᠷᠭᠡ ᠶ᠋ᠢᠨ ᠨᠠᠰᠤᠨ ᠤ᠋᠃ ᠲᠠᠨᠢᠳᠠᠭ ᠠᠢᠯ ᠳ᠋ᠠᠭᠠᠨ ᠣᠴᠢᠭᠠᠳ ᠤᠳᠠᠬᠤ ᠦᠭᠡᠢ ᠡᠷᠭᠢᠵᠦ ᠢᠷᠡᠨ᠎ᠡ ᠭᠡᠰᠡᠨ᠃
  ᠲᠤᠯᠭᠠᠷ ᠪᠠᠢᠬ᠎ᠠ ᠭᠡᠰᠡᠨ ᠪᠣᠳᠣᠯ ᠴᠢᠭᠯᠡᠨ ᠣᠷᠣᠵᠤ ᠢᠷᠡᠭᠰᠡᠨ ᠢ᠋ᠶ᠋ᠡᠨ ᠵᠠᠢᠯᠠᠪᠠ᠃ ᠤᠴᠢᠷ ᠨᠢ ᠠᠷᠠᠳ ᠤ᠋ᠨ ᠵᠠᠰᠠᠭ ᠤ᠋ᠨ ᠲᠥᠯᠥᠭᠡᠨ ᠦ᠌ ᠲᠦᠰᠢᠮᠡᠯ ᠲᠡᠢ ᠠᠭᠤᠯᠵᠠᠬᠤ ᠪᠠᠷ ᠢᠷᠡᠳᠡᠭ ᠬᠥᠮᠦᠰ ᠢ᠋ ᠠᠯᠢ ᠶ᠋ᠢ ᠨᠢ ᠲᠡᠷᠡ ᠭᠡᠬᠦ ᠪᠢᠯᠡ᠃ ᠲᠡᠢᠮᠦ ᠬᠥᠮᠦᠰ ᠡᠳᠦᠷ ᠴᠦ᠍᠂ ᠰᠥᠨᠢ ᠴᠦ᠍ ᠲᠠᠰᠤᠷᠠᠬᠤ ᠦᠭᠡᠢ ᠢᠷᠡᠳᠡᠭ᠃ ᠲᠣᠮᠣ ᠴᠤ᠌ ᠶᠠᠭᠤᠮ᠎ᠠ ᠯᠠᠪᠯᠠᠵᠤ ᠠᠰᠠᠭᠤᠵᠤ ᠢᠷᠡᠳᠡᠭ᠃ ᠪᠠᠭ᠎ᠠ ᠴᠤ᠌ ᠶᠠᠭᠤᠮ᠎ᠠ ᠠᠰᠠᠭᠤᠵᠤ ᠯᠠᠪᠯᠠᠵᠤ ᠢᠷᠡᠳᠡᠭ᠃ ᠲᠡᠳᠡᠨ ᠦ᠌ ᠨᠢᠭᠡ ᠯᠡ ᠪᠠᠢᠯᠭᠦᠢ ᠭᠡᠵᠦ ᠪᠣᠳᠣᠭᠠᠳ ᠭᠡᠷ ᠲᠡᠭᠡᠨ ᠣᠷᠣᠯ᠎ᠠ᠃
  ᠭᠡᠲᠡᠯ᠎ᠡ ᠬᠣᠭᠣᠯᠠ ᠢᠳᠡᠵᠦ ᠰᠠᠭᠤᠲᠠᠯ᠎ᠠ ᠲᠤᠯᠭᠠᠷ ᠣᠷᠣᠵᠤ ᠢᠷᠡᠯ᠎ᠡ᠃ ᠬᠣᠯᠠ ᠶ᠋ᠢᠨ ᠠᠶᠠᠨ ᠳ᠋ᠤ᠌ ᠦᠯᠦ ᠮᠡᠳᠡᠭ ᠪᠣᠷᠣᠯᠠᠭᠰᠠᠨ ᠴᠢᠷᠠᠢ᠂ ᠥᠳᠬᠡᠨ ᠬᠠᠷ᠎ᠠ ᠦᠰᠦ᠂ ᠨᠠᠰᠤ ᠨᠢ ᠲᠣᠭᠲᠠᠵᠤ ᠵᠥᠭᠡᠯᠡᠷᠡᠭᠰᠡᠨ ᠴᠢᠷᠠᠢ ᠴᠥᠮ ᠶᠡᠷᠦ ᠪᠤᠰᠤ ᠶ᠋ᠢᠨ ᠭᠤᠸ᠎ᠠ ᠦᠵᠡᠰᠬᠦᠯᠡᠩ ᠲᠡᠢ ᠬᠠᠷᠠᠭᠳᠠᠪᠠ᠃ ᠡᠷᠳᠡᠨᠢ ᠳᠠᠮᠫᠢᠯ ᠬᠣᠶᠠᠷ ᠶᠡᠬᠡ ᠯᠡ ᠬᠥᠯ ᠪᠣᠯᠪᠠᠴᠤ ᠲᠤᠯᠭᠠᠷ ᠨᠢᠭᠡ ᠯᠡ ᠬᠥᠰᠢᠭᠦᠨ᠂ ᠶᠠᠩᠵᠤ ᠦᠭᠡᠢ ᠠᠵᠢ᠃ ᠬᠦᠦ ᠲᠡᠢ ᠪᠡᠨ ᠠᠭᠤᠯᠵᠠᠵᠤ ᠢᠷᠡᠭᠰᠡᠨ ᠢ᠋ᠶ᠋ᠡᠨ ᠵᠢᠪᠡᠬᠡᠢ᠂ ᠬᠠᠭᠤᠷᠠᠢ ᠶᠠᠷᠢᠭᠠᠳ ᠬᠡᠰᠡᠭ ᠳᠠᠭᠤ ᠦᠭᠡᠢ ᠰᠠᠭᠤᠭᠰᠠᠨ ᠢ᠋ᠶ᠋ᠠᠨ 《ᠪᠢ ᠴᠢᠮ᠎ᠠ ᠲᠠᠢ ᠠᠭᠤᠯᠵᠠᠬᠤ ᠭᠡᠵᠦ ᠢᠷᠡᠭᠰᠡᠨ ᠦ᠌ ᠤᠴᠢᠷ ᠪᠣᠯ ᠁ ᠴᠢᠮ᠎ᠠ ᠳ᠋ᠤ᠌ ᠨᠥᠬᠥᠷ ᠲᠡᠢ ᠪᠣᠯᠬᠤ ᠪᠠᠨ ᠬᠡᠯᠡᠬᠦ ᠭᠡᠵᠦ ᠁》 ᠭᠡᠳ ᠦᠭᠡ ᠪᠡᠨ ᠲᠠᠰᠤᠯᠪᠠ᠃ ᠡᠷᠳᠡᠨᠢ ᠤᠳᠠᠲᠠᠯ᠎ᠠ ᠳᠠᠭᠤ ᠦᠭᠡᠢ ᠪᠣᠳᠣᠯ ᠪᠣᠯᠤᠨ ᠰᠠᠭᠤᠭᠰᠠᠨ ᠢ᠋ᠶ᠋ᠠᠨ
  ᠊᠊᠊᠊᠊᠊᠊᠊᠊᠊᠊᠊᠊᠊᠊ ᠴᠢ ᠪᠢᠳᠡ ᠬᠣᠶᠠᠷ ᠬᠦᠦ ᠲᠡᠢ ᠰᠢᠦ ᠳᠡ ᠭᠡᠯ᠎ᠡ᠃
  ᠊᠊᠊᠊᠊᠊᠊᠊᠊᠊᠊᠊᠊᠊᠊ ᠲᠡᠢᠮᠦ ᠠ᠋᠂ ᠬᠦᠦ ᠲᠡᠢ᠃ ᠣᠳᠣ ᠴᠤ᠌ ᠲᠣᠮᠣ ᠡᠷ᠎ᠡ ᠪᠣᠯᠵᠤ ᠳᠠ ᠭᠡᠵᠦ ᠲᠤᠯᠭᠠᠷ ᠬᠡᠯᠡᠪᠡ᠃
  《ᠣᠳᠣ ᠴᠤ᠌ ᠲᠣᠮᠣ ᠡᠷ᠎ᠡ ᠪᠣᠯᠵᠤ ᠳᠠ》 ᠭᠡᠵᠦ ᠨᠤᠬᠤᠴᠠ ᠲᠠᠢ ᠬᠡᠯᠡᠭᠰᠡᠨ ᠦᠭᠡ ᠶ᠋ᠢᠨ ᠴᠠᠭᠠᠨ᠎ᠠ 《ᠴᠢ ᠨᠠᠮᠠᠢ ᠦᠰᠦᠷᠲᠡᠯ᠎ᠡ ᠠᠯᠠᠭᠠᠳᠠᠭᠠᠳ᠂ ᠡᠷᠭᠢᠵᠦ ᠬᠠᠷᠠᠯ ᠦᠭᠡᠢ ᠶᠠᠪᠤᠬᠤ ᠳ᠋ᠤ᠌ ᠴᠢᠨᠢ ᠪᠢᠳᠡ ᠬᠣᠶᠠᠷ ᠤ᠋ᠨ ᠳᠤᠮᠳᠠ ᠡᠭᠦᠨ ᠡᠴᠡ ᠨᠢᠯᠬ᠎ᠠ ᠬᠡᠦᠬᠡᠳ ᠪᠠᠢᠭᠰᠠᠨ᠃ ᠭᠡᠪᠡᠴᠦ ᠴᠢ ᠲᠡᠭᠦᠨ ᠢ᠋ ᠪᠣᠳᠣᠯ ᠦᠭᠡᠢ ᠶᠠᠪᠤᠭᠰᠠᠨ ᠰᠢᠦ ᠳᠡ》 ᠭᠡᠰᠡᠨ ᠲᠣᠳᠣᠷᠬᠠᠢ ᠥᠩᠭᠡ ᠪᠠᠢᠭᠰᠠᠨ ᠢ᠋ ᠡᠷᠳᠡᠨᠢ ᠣᠯᠵᠤ ᠰᠣᠨᠣᠰᠪᠠ᠃
  ᠊᠊᠊᠊᠊᠊᠊᠊᠊᠊᠊᠊᠊᠊᠊ ᠲᠤᠯᠭᠠᠷ ᠮᠢᠨᠢ᠃ ᠬᠠᠲᠠᠭᠤ ᠰᠡᠳᠬᠢᠯ ᠭᠠᠷᠭᠠᠭᠰᠠᠨ ᠢ᠋ᠶ᠋ᠠᠨ ᠪᠢ ᠣᠢᠯᠠᠭᠠᠵᠤ᠂ ᠰᠡᠳᠬᠢᠯ ᠦ᠋ᠨ ᠬᠦᠨᠳᠦ ᠵᠣᠪᠠᠯᠠᠩ ᠡᠳ᠋ᠯᠡᠭᠰᠡᠨ ᠰᠢᠦ ᠳᠡ᠃
  ᠊᠊᠊᠊᠊᠊᠊᠊᠊᠊᠊᠊᠊᠊᠊ ᠪᠢ ᠮᠤᠩᠬᠠᠭ ᠡᠴᠡ ᠪᠣᠯᠵᠤ ᠪᠤᠷᠤᠭᠤ ᠬᠡᠷᠡᠭ ᠬᠢᠭᠰᠡᠨ᠃ ᠴᠢᠮᠠᠶ᠋ᠢ ᠭᠣᠮᠣᠳᠠᠭᠠᠭᠰᠠᠨ᠃ ᠴᠢ ᠨᠠᠮᠠᠢ ᠶᠠᠭᠠᠬᠢᠵᠤ ᠴᠤ᠌ ᠪᠣᠯᠬᠤ ᠪᠠᠢᠭᠰᠠᠨ᠃ ᠬᠠᠷᠢᠨ ᠬᠥᠮᠦᠨ ᠦ᠌ ᠭᠠᠵᠠᠷ ᠭᠠᠭᠴᠠᠭᠠᠷ ᠢ᠋ ᠮᠢᠨᠢ ᠬᠠᠶᠠᠵᠤ ᠪᠣᠯᠬᠤ ᠦᠭᠡᠢ ᠪᠠᠢᠭᠰᠠᠨ᠃ ᠲᠡᠭᠦᠨ ᠡᠴᠡ ᠪᠣᠯᠵᠤ ᠮᠢᠨᠦ ᠡᠳ᠋ᠯᠡᠭᠰᠡᠨ ᠵᠣᠪᠠᠯᠠᠩ ᠢ᠋ ᠳᠠᠭᠠᠷᠢᠵᠤ ᠭᠠᠷᠬᠤ ᠦᠭᠡᠢ ᠪᠣᠯ ᠬᠡᠨ ᠴᠦ᠍ ᠣᠢᠯᠠᠭᠠᠬᠤ ᠦᠭᠡᠢ᠃ ᠲᠡᠭᠡᠭᠡᠳ ᠣᠳᠣ ᠪᠢ ᠴᠢᠮ᠎ᠠ ᠳ᠋ᠤ᠌ ᠬᠠᠭᠤᠴᠢᠨ ᠲᠤᠯᠭᠠᠷ ᠪᠢᠰᠢ᠂ ᠴᠢ ᠨᠠᠳᠠ ᠬᠣᠷᠸ᠎ᠠ ᠶ᠋ᠢᠨ ᠬᠠᠮᠤᠭ ᠤ᠋ᠨ ᠦᠨᠡᠲᠡᠢ ᠬᠥᠮᠦᠨ ᠭᠡᠵᠦ ᠪᠣᠳᠣᠵᠤ ᠶᠠᠪᠤᠭᠰᠠᠨ ᠡᠷᠳᠡᠨᠢ ᠮᠢᠨᠢ ᠪᠢᠰᠢ ᠪᠣᠯᠵᠠᠢ᠃
  ᠊᠊᠊᠊᠊᠊᠊᠊᠊᠊᠊᠊᠊᠊᠊ ᠪᠦᠬᠦᠨ ᠢ᠋ ᠮᠠᠷᠲᠠᠭᠠᠳ ᠰᠢᠨ᠎ᠡ ᠪᠡᠷ ᠠᠮᠢᠳᠤᠷᠠᠵᠤ ᠪᠣᠯᠬᠤ ᠪᠢᠰᠢ ᠤᠤ?
  ᠊᠊᠊᠊᠊᠊᠊᠊᠊᠊᠊᠊᠊᠊᠊ ᠪᠢ ᠮᠠᠷᠲᠠᠵᠤ ᠴᠢᠳᠠᠬᠤ ᠦᠭᠡᠢ᠃ ᠴᠢ ᠴᠦ᠍ ᠬᠡᠷᠡᠭ ᠲᠡᠢ ᠴᠠᠭ ᠲᠠᠭᠠᠨ ᠰᠠᠨᠠᠬᠤ ᠯᠠ ᠪᠣᠯᠤᠨ᠎ᠠ᠃ ᠪᠢᠳᠡ ᠬᠣᠶᠠᠷ ᠪᠡᠶ᠎ᠡ ᠪᠡᠶ᠎ᠡ ᠳ᠋ᠡᠭᠡᠨ ᠦᠨ᠎ᠡ ᠪᠡᠨ ᠠᠯᠳᠠᠭᠰᠠᠨ᠃ ᠳᠠᠭᠰᠢᠷᠠᠭᠰᠠᠨ ᠡᠪᠦᠯᠵᠢᠶ᠎ᠡ ᠪᠣᠯᠪᠠᠴᠤ ᠬᠡᠳᠦᠨ ᠵᠢᠯ ᠣᠷᠬᠢᠬᠤ ᠳ᠋ᠤ᠌ ᠡᠳᠡᠭᠡᠷᠡᠵᠦ ᠨᠣᠭᠣᠭ᠎ᠠ ᠤᠷᠭᠤᠳᠠᠭ᠃ ᠬᠠᠷᠢᠨ ᠭᠬᠢᠷᠲᠦᠭᠰᠡᠨ ᠰᠡᠳᠬᠢᠯ ᠢ᠋ ᠤᠬᠢᠶᠠᠵᠤ ᠣᠭᠲᠣ ᠪᠣᠯᠳᠠᠭ ᠦᠭᠡᠢ ᠶᠤᠮ ᠪᠠᠢᠨ᠎ᠠ᠃ ᠤᠬᠢᠶᠠᠬᠤ ᠭᠡᠵᠦ ᠣᠷᠣᠯᠳᠣᠪᠠᠯ ᠭᠬᠢᠷ ᠨᠢ ᠤᠯᠠᠮ ᠲᠣᠳᠣᠷᠠᠬᠤ ᠪᠣᠯᠤᠯᠲᠠᠢ᠃ ᠴᠢᠮᠠᠶ᠋ᠢ ᠡᠨᠡ ᠴᠢᠨᠢ ᠮᠢᠨᠦ ᠡᠷᠳᠡᠨᠢ ᠰᠢᠦ ᠳᠡ ᠭᠡᠵᠦ ᠪᠣᠳᠣᠬᠤ ᠳ᠋ᠤ᠌ 《ᠦᠭᠡᠢ᠂ ᠪᠢᠰᠢ》 ᠭᠡᠵᠦ ᠭᠣᠮᠣᠳᠠᠭᠰᠠᠨ ᠰᠡᠳᠬᠢᠯ ᠮᠢᠨᠢ ᠬᠠᠰᠬᠢᠷᠤᠭᠠᠳ ᠪᠠᠢᠬᠤ ᠶᠤᠮ᠃ ᠪᠢ ᠴᠦ᠍ ᠡᠷᠳᠡᠨᠢ ᠪᠡᠨ ᠳᠠᠬᠢᠭᠠᠳ ᠣᠯᠬᠤ ᠦᠭᠡᠢ᠃ ᠴᠢ ᠴᠦ᠍ ᠲᠤᠯᠭᠠᠷ ᠢ᠋ᠶ᠋ᠠᠨ ᠳᠠᠬᠢᠭᠠᠳ ᠣᠯᠬᠤ ᠦᠭᠡᠢ ᠪᠣᠯᠵᠠᠢ᠃
  ᠊᠊᠊᠊᠊᠊᠊᠊᠊᠊᠊᠊᠊᠊᠊ ᠪᠢ ᠡᠷᠳᠡᠨᠢ ᠪᠢᠰᠢ ᠬᠡᠷᠡᠭ ᠤᠤ?
  ᠊᠊᠊᠊᠊᠊᠊᠊᠊᠊᠊᠊᠊᠊᠊ ᠮᠢᠨᠦ ᠰᠡᠳᠬᠢᠯ ᠳ᠋ᠦ᠍ ᠯᠡ ᠮᠢᠨᠦ ᠬᠠᠭᠤᠴᠢᠨ ᠡᠷᠳᠡᠨᠢ ᠮᠢᠨᠢ ᠪᠢᠰᠢ᠃
  ᠊᠊᠊᠊᠊᠊᠊᠊᠊᠊᠊᠊᠊᠊᠊ ᠴᠢ ᠰᠣᠳᠨᠠᠮ ᠳ᠋ᠤ᠌ ᠰᠡᠳᠬᠢᠯ ᠲᠡᠢ ᠪᠣᠯᠵᠤ ᠣᠷᠬᠢᠭᠠᠳ ᠢᠩᠭᠢᠵᠦ ᠬᠡᠯᠡᠵᠦ ᠪᠠᠢᠨ᠎ᠠ᠃ ᠲᠡᠢᠮᠦ ᠤᠤ?
  ᠊᠊᠊᠊᠊᠊᠊᠊᠊᠊᠊᠊᠊᠊᠊ ᠬᠠᠭᠤᠴᠢᠨ ᠡᠷᠳᠡᠨᠢ ᠪᠣᠯ ᠵᠠᠭᠤᠨ ᠰᠣᠳᠨᠠᠮ ᠢ᠋ᠶ᠋ᠠᠷ ᠰᠣᠯᠢᠬᠤ ᠦᠭᠡᠢ ᠪᠠᠢᠭᠰᠠᠨ᠃ ᠴᠢᠮᠠᠶ᠋ᠢ ᠪᠣᠯ ᠰᠣᠯᠢᠨ᠎ᠠ᠃ ᠰᠣᠳᠨᠠᠮ ᠪᠣᠯ ᠵᠣᠪᠠᠯᠠᠩ ᠤ᠋ᠨ ᠳᠤᠮᠳᠠ ᠮᠢᠨᠢ ᠲᠠᠭᠠᠷᠠᠯᠳᠤᠭᠰᠠᠨ ᠬᠥᠮᠦᠨ᠃ ᠨᠠᠮᠠᠢ ᠬᠦᠦ ᠲᠡᠢ ᠠᠭᠤᠯᠵᠠᠭᠠᠳ ᠢᠷᠡᠬᠦ ᠳ᠋ᠦ᠍ ᠡᠵᠢ ᠨᠢ ᠦᠬᠦᠯᠦᠭᠦᠲᠡ ᠪᠠᠢᠭᠰᠠᠨ᠂ ᠠᠮᠢᠰᠬᠤᠯ ᠢ᠋ᠶ᠋ᠠᠨ ᠬᠤᠷᠢᠶᠠᠬᠤ ᠶ᠋ᠢᠨ ᠡᠮᠦᠨ᠎ᠡ 《ᠬᠦᠦ ᠳ᠋ᠦ᠍ ᠮᠢᠨᠢ ᠰᠠᠢᠨ ᠬᠠᠨᠢ ᠪᠣᠯᠤᠭᠠᠷᠠᠢ》 ᠭᠡᠵᠦ ᠨᠠᠳᠠ ᠬᠡᠯᠡᠬᠦ ᠳ᠋ᠦ᠍ᠨᠢ 《ᠵᠠ》 ᠭᠡᠵᠦ ᠪᠢ ᠬᠡᠯᠡᠭᠰᠡᠨ᠃ ᠲᠡᠷᠡ ᠬᠥᠮᠦᠨ 《ᠬᠦᠦ ᠮᠢᠨᠢ ᠬᠠᠨᠢ ᠲᠠᠢ ᠪᠣᠯᠤᠯ᠎ᠠ》 ᠭᠡᠵᠦ ᠪᠣᠳᠣᠭᠠᠳ ᠨᠢᠳᠦ ᠪᠡᠨ ᠠᠨᠢᠭᠰᠠᠨ ᠳᠠ᠃
  ᠊᠊᠊᠊᠊᠊᠊᠊᠊᠊᠊᠊᠊᠊᠊ ᠴᠢ ᠲᠡᠭᠡᠭᠡᠳ ᠰᠣᠳᠨᠠᠮ ᠲᠠᠢ ᠰᠠᠭᠤᠬᠤ ᠬᠡᠷᠡᠭ ᠤᠤ?
  ᠊᠊᠊᠊᠊᠊᠊᠊᠊᠊᠊᠊᠊᠊᠊ ᠲᠡᠢᠮᠦ᠂ ᠰᠣᠳᠨᠠᠮ ᠲᠠᠢ ᠰᠠᠭᠤᠨ᠎ᠠ ᠭᠡᠳ ᠡᠷᠳᠡᠨᠢ ᠶ᠋ᠢᠨ ᠨᠢᠭᠤᠷ ᠤᠷᠤᠭᠤ ᠡᠭᠴᠡ ᠬᠠᠷᠠᠯ᠎ᠠ᠃
  ᠡᠷᠳᠡᠨᠢ᠂ 《ᠴᠢ ᠮᠢᠨᠢ ᠶᠠᠭᠠᠬᠢᠬᠤ ᠨᠢ ᠲᠡᠷᠡ ᠪᠣᠢ? ᠪᠢ ᠴᠢᠮ᠎ᠠ ᠡᠴᠡ ᠪᠡᠨ ᠰᠠᠯᠬᠤ ᠦᠭᠡᠢ᠃ ᠨᠠᠮᠠᠢ ᠪᠢᠲᠡᠭᠡᠢ ᠣᠷᠭᠢᠭᠠᠴᠢ ᠳᠠ》 ᠭᠡᠵᠦ ᠤᠬᠢᠯᠠᠨ ᠭᠤᠶᠤᠮᠠᠷ ᠪᠠᠢᠭᠰᠠᠨ ᠴᠤ᠌ ᠰᠡᠳᠬᠢᠯ ᠢ᠋ᠶ᠋ᠡᠨ ᠵᠠᠬᠢᠷᠤᠨ ᠪᠠᠷᠢᠯ᠎ᠠ᠃ ᠨᠢᠭᠡᠳᠦᠭᠡᠷ ᠲᠦ᠍ ᠭᠣᠮᠣᠳᠠᠵᠤ ᠰᠢᠢᠳᠦᠭᠰᠡᠨ ᠰᠡᠳᠬᠢᠯ ᠨᠢ ᠭᠤᠶᠤᠬᠤ ᠳᠣᠳᠣᠮ ᠬᠣᠯᠠᠳᠬᠤ ᠶ᠋ᠢ ᠣᠢᠯᠠᠭᠠᠵᠤ ᠪᠠᠢᠪᠠ᠃ ᠬᠣᠶᠠᠳᠤᠭᠠᠷ ᠲᠤ᠌ ᠨᠡᠷ᠎ᠡ ᠲᠥᠷᠥ ᠭᠡᠭᠴᠢ ᠪᠣᠳᠣᠯ ᠨᠢ ᠭᠤᠶᠤᠬᠤ ᠮᠥᠷᠭᠥᠬᠦ ᠶ᠋ᠢ ᠬᠣᠷᠢᠭᠯᠠᠵᠤ ᠪᠠᠢᠯ᠎ᠠ᠃
  ᠊᠊᠊᠊᠊᠊᠊᠊᠊᠊᠊᠊᠊᠊᠊ ᠴᠢᠨᠦ ᠥᠪᠡᠷ ᠦ᠋ᠨ ᠳᠤᠷ᠎ᠠ ᠶ᠋ᠢᠨ ᠬᠡᠷᠡᠭ᠃ ᠪᠢ ᠴᠢᠮᠠᠶ᠋ᠢ ᠰᠣᠳᠨᠠᠮ ᠲᠠᠢ ᠰᠠᠭᠤᠬᠤ ᠳ᠋ᠤ᠌ ᠴᠢᠨᠢ ᠬᠣᠷᠢᠬᠤ ᠦᠭᠡᠢ᠃ ᠤᠭ ᠨᠢ ᠴᠢ ᠪᠢᠳᠡ ᠬᠣᠶᠠᠷ ᠪᠡᠶ᠎ᠡ ᠪᠡᠶ᠎ᠡ ᠪᠡᠨ ᠠᠭᠤᠴᠢᠯᠠᠨ ᠰᠠᠢᠨ ᠰᠠᠢᠬᠠᠨ ᠢ᠋ᠶ᠋ᠠᠷ ᠠᠮᠢᠳᠤᠷᠠᠵᠤ ᠪᠣᠯᠬᠤ ᠯᠠ ᠪᠠᠢᠭᠰᠠᠨ ᠶᠤᠮ᠃
  ᠊᠊᠊᠊᠊᠊᠊᠊᠊᠊᠊᠊᠊᠊᠊ ᠡᠷᠳᠡᠨᠢ ᠬᠠᠭᠠᠷᠠᠬᠤ ᠳ᠋ᠠᠭᠠᠨ ᠪᠤᠲᠠ ᠦᠰᠦᠷᠦᠨ ᠵᠢᠵᠢᠭᠬᠡᠨ ᠬᠡᠰᠡᠭ ᠪᠣᠯᠳᠠᠭ ᠤᠴᠢᠷ ᠡᠴᠡ ᠡᠪᠯᠡᠭᠦᠯᠬᠦ ᠳ᠋ᠦ᠍ ᠬᠡᠴᠡᠭᠦᠦ᠃ ᠬᠠᠷᠢᠨ ᠪᠦᠳᠦᠭᠦᠨ ᠰᠢᠪᠡᠷ ᠱᠠᠭᠠᠵᠠᠩ ᠪᠣᠯ ᠪᠣᠯᠳᠠᠭ ᠶᠤᠮ ᠰᠢᠦ ᠭᠡᠵᠦ ᠪᠤᠷᠬᠠᠨ ᠪᠣᠯᠤᠭᠠᠴᠢ ᠡᠵᠢ ᠮᠢᠨᠢ ᠬᠡᠯᠡᠳᠡᠭ ᠰᠠᠨ᠃ ᠴᠢ ᠪᠢᠲᠡᠭᠡᠢ ᠨᠠᠳᠠ ᠭᠣᠮᠣᠳᠠᠭᠠᠷᠠᠢ᠃ ᠪᠢ ᠴᠦ᠍ ᠲᠡᠷᠡ ᠨᠢᠭᠡᠨ ᠴᠠᠭ ᠲᠤ᠌ ᠬᠢᠵᠠᠭᠠᠷ ᠦᠭᠡᠢ ᠰᠡᠳᠬᠢᠯ ᠲᠡᠢ ᠪᠠᠢᠭᠰᠠᠨ ᠮᠢᠨᠢ ᠦᠨᠡᠨ᠃ ᠲᠡᠭᠦᠨ ᠢ᠋ ᠴᠢ ᠮᠡᠳᠡᠬᠦ ᠤᠴᠢᠷ ᠡᠴᠡ ᠪᠢ ᠶᠠᠭᠤ ᠭᠡᠬᠦ ᠪᠣᠢ᠃
  ᠲᠤᠯᠭᠠᠷ ᠲᠡᠷᠡ ᠣᠷᠣᠢ ᠳ᠋ᠠᠭᠠᠨ ᠡᠷᠭᠢᠵᠦ ᠶᠠᠪᠤᠭᠰᠠᠨ ᠪᠥᠭᠡᠳ ᠬᠡᠳᠦᠨ ᠬᠣᠨᠣᠭ ᠤ᠋ᠨ ᠳᠠᠷᠠᠭ᠎ᠠ ᠰᠣᠳᠨᠠᠮ ᠲᠠᠢ ᠰᠠᠭᠤᠭᠰᠠᠨ ᠪᠢᠯᠡ᠃ ᠡᠷᠳᠡᠨᠢ ᠰᠡᠳᠬᠢᠯ ᠳᠣᠲᠣᠷ᠎ᠠ ᠪᠠᠨ ᠭᠠᠰᠠᠯᠤᠨ ᠭᠠᠰᠢᠭᠤᠳᠠᠪᠠᠴᠤ ᠭᠠᠳᠠᠨ᠎ᠠ ᠡᠴᠡ ᠨᠢ ᠬᠦᠴᠦᠯᠡᠨ ᠪᠠᠷᠢᠭᠰᠠᠨ ᠬᠠᠲᠠᠭᠤ ᠰᠠᠪᠠᠨ ᠡᠴᠡ ᠬᠠᠯᠢᠨ ᠭᠠᠷᠴᠤ ᠴᠢᠳᠠᠬᠤ ᠦᠭᠡᠢ ᠪᠠᠢᠯ᠎ᠠ᠃
  ᠠᠮᠢᠳᠤᠷᠠᠯ ᠭᠡᠳᠡᠭ ᠮᠠᠰᠢ ᠨᠠᠷᠢᠨ ᠪᠥᠭᠡᠳ ᠬᠡᠨ ᠴᠦ᠍ ᠮᠡᠳᠡᠵᠦ ᠲᠠᠢᠯᠤᠭ᠎ᠠ ᠦᠭᠡᠢ ᠬᠠᠲᠠᠭᠤ ᠬᠠᠤᠯᠢ᠂ ᠥᠪᠡᠷ ᠦ᠋ᠨ ᠵᠢᠮ᠎ᠡ ᠲᠡᠢ ᠪᠠᠢᠳᠠᠭ ᠠᠵᠢ᠃ ᠨᠢᠭᠡ ᠦᠶ᠎ᠡ ᠳ᠋ᠦ᠍ ᠡᠷᠳᠡᠨᠢ ᠳ᠋ᠦ᠍ ᠳᠠᠰᠤᠭᠰᠠᠨ ᠲᠤᠯᠭᠠᠷ ᠤ᠋ᠨ ᠰᠡᠳᠬᠢᠯ ᠰᠢᠭ ᠠᠷᠢᠭᠤᠨ ᠲᠤᠩᠭᠠᠯᠠᠭ᠂ ᠭᠦᠨ ᠪᠠᠲᠤ ᠶᠠᠭᠤᠮ᠎ᠠ ᠪᠠᠢᠭ᠎ᠠ ᠦᠭᠡᠢ᠂ ᠲᠡᠷᠡ ᠰᠡᠳᠬᠢᠯ ᠢ᠋ ᠶᠡᠬᠡ ᠯᠡ ᠭᠡᠬᠦ ᠡᠴᠡ ᠶᠠᠭᠤᠲᠠᠢ ᠴᠤ᠌ ᠵᠢᠱ᠌ᠢᠵᠤ᠂ ᠶᠠᠭᠤ ᠪᠡᠷ ᠴᠦ᠍ ᠬᠡᠮᠵᠢᠵᠦ ᠪᠣᠯᠬᠤ ᠦᠭᠡᠢ ᠪᠠᠢᠯ᠎ᠠ᠃ ᠭᠡᠲᠡᠯ᠎ᠡ ᠥᠨᠥᠳᠥᠷ ᠡᠷᠳᠡᠨᠢ ᠶ᠋ᠢ ᠵᠠᠨᠤᠬᠤ᠂ ᠵᠢᠭᠰᠢᠬᠦ ᠳ᠋ᠦ᠍ ᠬᠦᠷᠴᠡᠢ᠃
  ᠲᠤᠯᠭᠠᠷ ᠪᠣᠯ ᠠᠮᠢᠳᠤᠷᠠᠯ ᠤ᠋ᠨ ᠪᠣᠱᠣᠭ᠎ᠠ ᠳᠡᠭᠡᠷ᠎ᠡ ᠭᠠᠷᠤᠭᠠᠳ ᠬᠠᠮᠢᠭᠠᠰᠢ ᠪᠠᠨ ᠶᠠᠪᠤᠬᠤ ᠪᠠᠨ ᠮᠡᠳᠡᠬᠦ ᠦᠭᠡᠢ ᠠᠯᠮᠠᠢᠷᠠᠨ ᠵᠣᠭᠰᠣᠵᠤ ᠪᠠᠢᠭ᠎ᠠ ᠥᠬᠢᠨ ᠪᠢᠰᠢ᠃ ᠡᠨᠡ ᠪᠣᠯ ᠬᠠᠯᠠ ᠦᠵᠡᠵᠦ ᠬᠠᠯᠠᠭᠤᠨ ᠴᠢᠯᠠᠭᠤ ᠳᠣᠯᠣᠭᠣᠨ ᠨᠠᠰᠤᠵᠢᠭᠰᠠᠨ ᠬᠥᠮᠦᠨ᠃
  ᠭᠡᠲᠡᠯ᠎ᠡ 《ᠴᠢ ᠶᠠᠭᠠᠬᠢᠭᠠᠳ ᠡᠷᠳᠡᠨᠢ ᠳ᠋ᠡᠭᠡᠨ ᠳᠤᠷ᠎ᠠ ᠦᠭᠡᠢ ᠪᠣᠯᠪᠠ》 ᠭᠡᠪᠡᠯ ᠲᠡᠭᠦᠨ ᠳ᠋ᠦ᠍ 《ᠡᠨᠡ ᠭᠡᠳ》 ᠲᠣᠪᠲᠠᠢ ᠬᠡᠯᠡᠬᠦ ᠬᠠᠷᠢᠭᠤ ᠪᠠᠢᠭᠰᠠᠨ ᠦᠭᠡᠢ᠃ ᠦᠯᠡᠮᠵᠢ ᠭᠣᠮᠣᠳᠠᠭᠰᠠᠨ ᠡᠴᠡ ᠪᠣᠯᠤᠭᠰᠠᠨ ᠬᠡᠷᠡᠭ ᠤᠤ? ᠡᠷᠳᠡᠨᠢ ᠡᠬᠢᠯᠡᠭᠡᠳ ᠴᠢᠷᠠᠢᠴᠢᠯᠠᠨ ᠭᠤᠶᠤᠭᠰᠠᠨ ᠡᠴᠡ ᠪᠣᠯᠪᠠ ᠤᠤ? ᠨᠢᠭᠡᠨᠲᠡ ᠯᠡ ᠥᠩᠭᠡᠷᠡᠭᠰᠡᠨ ᠭᠡᠵᠦ ᠪᠣᠳᠣᠪᠠ ᠤᠤ?
  ᠶᠠᠭᠤ ᠴᠤ᠌ ᠯᠠ ᠭᠡᠰᠡᠨ ᠡᠷᠳᠡᠨᠢ ᠶ᠋ᠢ ᠬᠠᠭᠤᠴᠢᠨ ᠤᠷᠠᠩᠬᠠᠢ ᠬᠤᠪᠴᠠᠰᠤ ᠭᠡᠵᠦ ᠦᠵᠡᠭᠡᠳ ᠰᠢᠨ᠎ᠡ ᠳᠡᠪᠡᠯ ᠲᠡᠢ ᠪᠣᠯᠤᠶ᠎ᠠ ᠭᠡᠵᠦ ᠰᠠᠨᠠᠭᠰᠠᠨ ᠬᠡᠷᠡᠭ ᠪᠢᠰᠢ᠃
  ᠨᠠᠮᠤᠷ ᠤ᠋ᠨ ᠠᠳᠠᠭ ᠰᠠᠷ᠎ᠠ ᠬᠤᠰᠢᠭᠤᠳ ᠲᠤ᠌ ᠰᠣᠩᠭᠣᠭᠤᠯᠢ ᠪᠣᠯᠵᠤ᠂ ᠠᠩᠬᠠᠨ ᠬᠤᠰᠢᠭᠤᠳ ᠢ᠋ ᠥᠭᠡᠷᠡᠴᠢᠯᠡᠨ ᠪᠠᠢᠭᠤᠯᠬᠤ ᠳ᠋ᠤ᠌ ᠬᠣᠰᠢᠭᠤ ᠲᠠᠮᠠᠭ᠎ᠠ ᠶ᠋ᠢᠨ ᠵᠢᠰᠠ ᠶ᠋ᠢᠨ ᠳᠠᠷᠤᠭ᠎ᠠ ᠪᠠᠷ ᠦᠯᠡᠳᠡᠭᠡᠭᠰᠡᠨ ᠨᠣᠶᠠᠳ ᠢ᠋ ᠵᠠᠢᠯᠠᠭᠤᠯᠤᠨ ᠠᠷᠠᠳ ᠤᠭᠰᠠᠭ᠎ᠠ ᠲᠠᠢ ᠬᠥᠮᠦᠰ ᠢ᠋ ᠰᠣᠩᠭᠣᠪᠠ᠃ ᠡᠨᠡ ᠠᠵᠢᠯ ᠳ᠋ᠤ᠌ ᠡᠷᠳᠡᠨᠢ ᠦᠯᠡᠮᠵᠢ ᠬᠦᠴᠦ ᠭᠠᠷᠭᠠᠵᠠᠢ᠃ ᠢᠩᠭᠢᠵᠦ ᠪᠠᠢᠲᠠᠯ᠎ᠠ ᠪᠠᠰᠠ ᠨᠢᠭᠡ ᠲᠣᠮᠣ ᠠᠵᠢᠯ ᠪᠣᠰᠴᠤ ᠢᠷᠡᠯ᠎ᠡ᠃ ᠶᠡᠬᠡ ᠠᠭᠤᠯᠠ ᠬᠤᠰᠢᠭᠤᠨ ᠤ᠋ ᠳᠠᠷᠤᠭ᠎ᠠ ᠪᠠᠽᠠᠷ ᠭᠡᠭᠴᠢ ᠬᠥᠮᠦᠨ ᠣᠯᠠᠨ᠎ᠠ ᠡᠷᠭᠦᠭᠳᠡᠭᠰᠡᠨ ᠦ᠌ ᠵᠢᠷᠭᠤᠳᠤᠭᠠᠷ ᠣᠨ ᠳ᠋ᠤ᠌ ᠬᠤᠰᠢᠭᠤᠨ ᠤ᠋ ᠨᠣᠶᠠᠨ ᠪᠡᠭᠡᠵᠢᠩ ᠳ᠋ᠦ᠍ ᠵᠢᠭᠤᠯᠴᠢᠯᠠᠨ ᠣᠴᠢᠬᠤ ᠳ᠋ᠠᠭᠠᠨ ᠬᠢᠲᠠᠳ ᠤ᠋ᠨ ᠫᠦᠰᠡᠨ ᠳ᠋ᠦ᠍ ᠲᠠᠯᠪᠢᠭᠰᠠᠨ ᠥᠷᠢ ᠶ᠋ᠢ ᠠᠷᠠᠳ ᠤ᠋ᠳ ᠢ᠋ᠶ᠋ᠠᠷ ᠲᠥᠯᠥᠭᠦᠯᠬᠦ ᠲᠤᠰᠢᠶᠠᠯ ᠭᠠᠷᠭᠠᠵᠤ ᠳᠠᠭᠠᠭᠠᠵᠤ ᠳᠠᠪᠠᠰᠢ ᠦᠭᠡᠢ ᠠᠯᠪᠠ ᠲᠤᠯᠭᠠᠪᠠ᠃
  ᠡᠨᠡ ᠮᠡᠳᠡᠭᠡ ᠶ᠋ᠢ ᠠᠪᠤᠮᠠᠭᠴᠠ ᠡᠷᠳᠡᠨᠢ ᠰᠢᠭᠤᠳ ᠣᠴᠢᠵᠤ ᠪᠠᠽᠠᠷ ᠢ᠋ ᠤᠭᠴᠠᠷᠠᠭᠤᠯᠤᠨ ᠬᠣᠰᠢᠭᠤ ᠳᠠᠷᠤᠭ᠎ᠠ ᠪᠠᠷ ᠥᠭᠡᠷ᠎ᠡ ᠬᠥᠮᠦᠨ ᠢ᠋ ᠲᠣᠬᠣᠭᠠᠨ ᠲᠣᠮᠢᠯᠠᠭᠰᠠᠨ ᠪᠥᠭᠡᠳ ᠠᠷᠠᠳ ᠤ᠋ᠳ ᠡᠴᠡ ᠬᠤᠷᠢᠶᠠᠭᠰᠠᠨ ᠮᠠᠯ ᠬᠥᠷᠥᠩᠭᠡ ᠶ᠋ᠢ ᠡᠵᠡᠳ ᠲᠦ᠋ᠨᠢ ᠡᠷᠭᠢᠭᠦᠯᠦᠨ ᠥᠭᠴᠡᠢ᠃
  ᠡᠭᠦᠨ ᠦ᠌ ᠬᠠᠮᠲᠤ ᠪᠤᠰᠤᠳ ᠬᠤᠰᠢᠭᠤᠳ ᠲᠤ᠌ ᠤᠷᠢᠳᠤ ᠬᠢᠲᠠᠳ ᠤ᠋ᠨ ᠫᠦᠰᠡᠨ ᠳ᠋ᠦ᠍ ᠲᠠᠯᠪᠢᠭᠰᠠᠨ ᠥᠷᠢ ᠶ᠋ᠢ ᠬᠡᠷᠬᠢᠪᠡᠴᠦ ᠲᠥᠯᠥᠵᠦ ᠪᠣᠯᠬᠤ ᠦᠭᠡᠢ ᠪᠥᠭᠡᠳ ᠲᠥᠯᠥᠭᠰᠡᠨ ᠡᠲᠡᠭᠡᠳ ᠢ᠋ ᠬᠠᠲᠠᠭᠤ ᠰᠢᠳᠬᠡᠬᠦ ᠲᠤᠬᠠᠢ ᠪᠢᠴᠢᠭ ᠢ᠋ᠶ᠋ᠡᠷ ᠵᠠᠷᠯᠠᠨ ᠮᠡᠳᠡᠭᠳᠡᠪᠡ᠃ ᠭᠡᠲᠡᠯ᠎ᠡ ᠶᠡᠷᠦᠩᠬᠡᠢ ᠰᠠᠢᠳ ᠤ᠋ᠨ ᠣᠷᠣᠯᠠᠭᠴᠢ ᠪᠥᠭᠡᠳ ᠪᠦᠬᠦ ᠴᠡᠷᠢᠭ ᠦ᠋ᠨ ᠵᠠᠩᠵᠤᠨ ᠳᠠᠨᠵᠠᠨ ᠡᠴᠡ ᠨᠢᠭᠡ ᠪᠢᠴᠢᠭ ᠢᠷᠡᠯ᠎ᠡ᠃ ᠲᠡᠷᠡ ᠪᠢᠴᠢᠭ ᠲᠦ᠍ ᠬᠣᠶᠠᠷ ᠤᠯᠤᠰ ᠤ᠋ᠨ ᠨᠠᠢᠷᠠᠮᠳᠠᠯ ᠢ᠋ ᠡᠷᠬᠢᠮᠯᠡᠨ ᠦᠵᠡᠵᠦ ᠤᠷᠢᠳᠤ ᠬᠤᠰᠢᠭᠤᠳ ᠡᠴᠡ ᠬᠢᠲᠠᠳ ᠤ᠋ᠨ ᠫᠦᠰᠡᠨ ᠳ᠋ᠦ᠍ ᠲᠠᠯᠪᠢᠭᠰᠠᠨ ᠥᠷᠢ ᠶ᠋ᠢ ᠬᠦᠦ ᠲᠡᠢ ᠨᠢ ᠬᠠᠮᠲᠤ ᠬᠣᠰᠢᠭᠤ ᠨᠡᠢᠲᠡ ᠡᠴᠡ ᠭᠠᠷᠭᠠᠭᠤᠯᠤᠨ ᠲᠥᠯᠥᠭᠦᠯᠬᠦ ᠶ᠋ᠢ ᠲᠤᠰᠢᠶᠠᠭᠰᠠᠨ ᠪᠠᠢᠯ᠎ᠠ᠃ ᠡᠨᠡ ᠥᠷᠢ ᠶ᠋ᠢ ᠲᠥᠯᠥᠬᠦ ᠭᠡᠪᠡᠯ ᠰᠡᠭᠦᠯ ᠦ᠋ᠨ ᠬᠡᠳᠦᠨ ᠵᠢᠯ ᠳ᠋ᠦ᠍ ᠣᠪᠣᠭ᠎ᠠ ᠥᠰᠴᠦ ᠪᠠᠢᠭ᠎ᠠ ᠮᠠᠯ ᠢ᠋ᠶ᠋ᠠᠨ ᠴᠥᠮ ᠢ᠋ ᠨᠢ ᠲᠠᠭᠤᠴᠢᠬᠠᠬᠤ ᠪᠠᠢᠭᠰᠠᠨ ᠤᠴᠢᠷ ᠤᠭ ᠪᠢᠴᠢᠭ ᠢ᠋ ᠳᠠᠷᠤᠵᠤ ᠬᠠᠷᠢᠨ ᠬᠢᠲᠠᠳ ᠤ᠋ᠨ ᠫᠦᠰᠡᠨ ᠳ᠋ᠦ᠍ ᠲᠠᠯᠪᠢᠭᠰᠠᠨ ᠥᠷᠢ ᠪᠣᠯ ᠬᠡᠳᠦᠬᠡᠨ ᠨᠣᠶᠠᠳ ᠹᠧᠣᠳᠠᠯ ᠤ᠋ᠳ ᠥᠪᠡᠷᠰᠡᠳ ᠦ᠋ᠨ ᠵᠢᠷᠭᠠᠯ ᠤ᠋ᠨ ᠲᠥᠯᠥᠭᠡ ᠠᠮᠢᠨ ᠳ᠋ᠠᠭᠠᠨ ᠬᠡᠷᠡᠭᠯᠡᠭᠰᠡᠨ ᠮᠥᠩᠭᠥ ᠪᠣᠯᠬᠣᠷ ᠠᠷᠠᠳ ᠨᠡᠢᠲᠡ ᠲᠥᠯᠥᠬᠦ ᠶᠣᠰᠣ ᠦᠭᠡᠢ ᠭᠡᠰᠡᠨ ᠪᠢᠴᠢᠭ ᠬᠢᠵᠦ ᠳᠠᠨᠵᠠᠨ ᠳ᠋ᠤ᠌ ᠶᠠᠪᠤᠭᠤᠯᠵᠠᠢ᠃ ᠭᠡᠲᠡᠯ᠎ᠡ ᠳᠠᠨᠵᠠᠨ ᠰᠢᠭᠤᠳ ᠬᠤᠰᠢᠭᠤᠳ ᠲᠤ᠌ ᠬᠢᠲᠠᠳ ᠤ᠋ᠨ ᠫᠦᠰᠡᠨ ᠳ᠋ᠦ᠍ ᠤᠷᠢᠳᠠᠬᠢ ᠥᠷᠢ ᠶ᠋ᠢ ᠲᠥᠯᠥᠬᠦ ᠲᠤᠬᠠᠢ ᠪᠢᠴᠢᠭ ᠶᠠᠪᠤᠭᠤᠯᠤᠭᠰᠠᠨ ᠪᠠᠢᠯ᠎ᠠ᠃ ᠲᠡᠭᠦᠨ ᠡᠴᠡ ᠪᠣᠯᠵᠤ ᠵᠠᠷᠢᠮ ᠬᠤᠰᠢᠭᠤᠳ ᠤ᠋ᠨ ᠳᠠᠷᠤᠭ᠎ᠠ ᠨᠠᠷ ᠫᠦᠰᠡᠨ ᠳ᠋ᠦ᠍ ᠥᠭᠬᠦ ᠥᠷᠢ ᠶ᠋ᠢ ᠠᠷᠠᠳ ᠤ᠋ᠳ ᠢ᠋ᠶ᠋ᠠᠷ ᠲᠥᠯᠥᠭᠦᠯᠬᠦ ᠭᠡᠬᠦ ᠳ᠋ᠦ᠍ᠨᠢ ᠡᠷᠳᠡᠨᠢ ᠠᠷᠠᠳ ᠤ᠋ᠨ ᠬᠤᠷᠠᠯ ᠤ᠋ᠳ ᠬᠢᠯᠭᠡᠨ ᠲᠥᠯᠥᠪᠦᠷᠢ ᠭᠠᠷᠭᠠᠭᠤᠯᠬᠤ ᠭᠡᠰᠡᠨ ᠬᠥᠮᠦᠰ ᠲᠦ᠍ ᠬᠠᠲᠠᠭᠤ ᠶᠠᠯ᠎ᠠ ᠵᠢᠮᠡᠯᠡᠯ ᠲᠤᠯᠭᠠᠨ ᠵᠠᠷᠢᠮ ᠢ᠋ ᠨᠢ ᠲᠣᠷᠭᠠᠵᠤ ᠪᠢᠯᠡ᠃
  ᠫᠦᠰᠡᠨ ᠳ᠋ᠦ᠍ ᠥᠷᠢ ᠲᠥᠯᠥᠬᠦ ᠭᠡᠰᠡᠨ ᠵᠠᠶ᠎ᠠ ᠶ᠋ᠢᠨ ᠭᠡᠭᠡᠨ᠂ ᠬᠦᠷᠢᠶ᠎ᠡ ᠬᠠᠮᠪᠤ ᠮᠡᠲᠦ ᠬᠡᠰᠡᠭ ᠹᠧᠣᠳᠠᠯ ᠤ᠋ᠳ ᠢ᠋ ᠨᠠᠮ ᠡᠴᠡ ᠬᠥᠭᠡᠭᠡᠵᠦ ᠮᠥᠨ ᠠᠷᠠᠳ ᠤ᠋ᠨ ᠬᠤᠷᠠᠯ ᠬᠢᠯᠭᠡᠨ ᠶᠠᠭᠤᠨ ᠤ᠋ ᠤᠴᠢᠷ ᠲᠡᠳᠡᠨ ᠢ᠋ ᠨᠠᠮ ᠡᠴᠡ ᠬᠥᠭᠡᠭᠡᠭᠰᠡᠨ ᠲᠤᠬᠠᠢ ᠲᠠᠢᠯᠪᠤᠷᠢᠯᠠᠨ ᠵᠠᠷᠯᠠᠵᠠᠢ᠃