ᠲᠤᠩᠭᠠᠯᠠᠭ ᠲᠠᠮᠢᠷ3-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-06-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-19

1181

《ᠢᠰᠡᠭᠡᠢ ᠬᠢᠬᠦ ᠳ᠋ᠦ᠍ ᠨᠣᠬᠠᠢ ᠬᠡᠷᠡᠭ ᠦᠭᠡᠢ》 - ᠭᠤᠷᠪᠠᠳᠤᠭᠠᠷ ᠪᠦᠯᠦᠭ ᠵᠢᠷᠭᠤᠭ᠎ᠠ

  ᠰᠢᠷᠣᠢ ᠰᠢᠭᠤᠷᠤᠭᠰᠠᠨ ᠬᠠᠪᠤᠷ ᠤ᠋ᠨ ᠨᠢᠭᠡᠨ ᠵᠢᠪᠡᠭᠦᠨ ᠡᠳᠦᠷ ᠢᠲᠡᠭᠡᠯᠲᠦ ᠶ᠋ᠢᠨ ᠤᠷᠲᠤ ᠵᠢᠩ ᠦ᠋ᠨ ᠴᠤᠪᠤᠭ᠎ᠠ ᠬᠦᠷᠢᠶᠡᠨ ᠳ᠋ᠦ᠍ ᠣᠷᠣᠵᠤ ᠢᠷᠡᠯ᠎ᠡ᠃ ᠭᠠᠮᠢᠩ᠂ ᠪᠠᠷᠤᠨ ᠤ᠋ ᠦᠢᠮᠡᠭᠡᠨ ᠦ᠌ ᠵᠢᠯ ᠵᠢᠩ ᠲᠡᠢ ᠪᠢᠲᠡᠭᠡᠢ ᠬᠡᠯᠡ᠂ ᠳᠠᠩ ᠮᠣᠷᠢ ᠲᠠᠢ ᠬᠦᠷᠢᠶ᠎ᠡ ᠣᠷᠣᠵᠤ ᠢᠷᠡᠭᠡ ᠦᠭᠡᠢ ᠢᠲᠡᠭᠡᠯᠲᠦ ᠡᠨᠡ ᠵᠢᠯ ᠡᠢᠮᠦ ᠣᠷᠣᠢ ᠲᠠᠮᠢᠷ ᠤ᠋ᠨ ᠬᠥᠨᠳᠡᠢ ᠶ᠋ᠢᠨ ᠰᠢᠷ᠎ᠠ ᠲᠣᠰᠣ᠂ ᠴᠠᠭᠠᠨ ᠢᠳᠡᠭᠡ᠂ ᠠᠷᠠᠰᠤ ᠰᠢᠷᠢ ᠶ᠋ᠢ ᠬᠠᠮᠤᠵᠤ ᠠᠴᠢᠭᠰᠠᠨ ᠤᠷᠲᠤ ᠵᠢᠩ ᠲᠡᠢ ᠢᠷᠡᠳᠡᠭ ᠦ᠋ᠨ ᠤᠴᠢᠷ ᠶᠠᠭᠤ ᠪᠣᠢ? ᠬᠦᠷᠢᠶᠡᠨ ᠳ᠋ᠦ᠍ ᠲᠣᠭᠲᠠᠭᠰᠠᠨ ᠠᠷᠠᠳ ᠤ᠋ᠨ ᠵᠠᠰᠠᠭ ᠤ᠋ᠨ ᠠᠭᠠᠰᠢ ᠵᠠᠩ ᠢ᠋ ᠲᠣᠪ ᠲᠠᠢ ᠮᠡᠳᠡᠭᠡ ᠦᠭᠡᠢ ᠪᠠᠢᠵᠤ ᠶᠡᠬᠡ ᠬᠥᠷᠥᠩᠭᠡ ᠬᠥᠳᠡᠯᠭᠡᠬᠦ ᠲᠡᠢᠮᠦ ᠭᠡᠨᠡᠨ ᠪᠣᠳᠣᠯ ᠢᠲᠡᠭᠡᠯᠲᠦ ᠡᠴᠡ ᠶᠠᠭᠠᠬᠢᠵᠤ ᠭᠠᠷᠬᠤ ᠪᠢᠯᠡ᠃ ᠠᠷᠠᠳ ᠤ᠋ᠨ ᠵᠠᠰᠠᠭ ᠬᠥᠮᠦᠨ ᠦ᠌ ᠶᠠᠭᠤᠮ᠎ᠠ ᠶ᠋ᠢ ᠭᠠᠮᠢᠩ᠂ ᠪᠠᠷᠤᠨ ᠰᠢᠭ᠋ ᠳᠡᠭᠡᠷᠡᠮᠳᠡᠨ ᠴᠥᠯᠪᠡᠳᠡᠭ ᠦᠭᠡᠢ᠂ ᠮᠠᠢᠮᠠᠢ ᠠᠷᠠᠯᠵᠢᠶ᠎ᠠ ᠬᠢᠬᠦ ᠳ᠋ᠦ᠍ ᠰᠠᠭᠠᠳ ᠲᠣᠳᠬᠠᠷ ᠠᠯᠠᠭ᠎ᠠ ᠭᠡᠳᠡᠭ ᠢ᠋ ᠬᠦᠷᠢᠶ᠎ᠡ ᠣᠷᠣᠭᠰᠠᠨ ᠬᠡᠳᠦ ᠬᠡᠳᠦᠨ ᠬᠥᠮᠦᠨ ᠡᠴᠡ ᠪᠠᠲᠤᠲᠠᠢ ᠮᠡᠳᠡᠭᠰᠡᠨ ᠦ᠌ ᠡᠴᠦᠰ ᠲᠦ᠍ ᠢᠲᠡᠭᠡᠯᠲᠦ ᠶ᠋ᠢᠨ ᠭᠠᠳᠠᠨ᠎ᠠ ᠡᠴᠡ ᠤᠷᠲᠤ ᠵᠢᠩ ᠦ᠋ᠨ ᠴᠤᠪᠤᠭ᠎ᠠ ᠣᠯᠠᠨ ᠬᠥᠭ ᠲᠡᠢ ᠬᠣᠩᠬᠣ ᠪᠠᠨ ᠳᠦᠩᠭᠢᠨᠡᠭᠦᠯᠦᠨ ᠬᠥᠳᠡᠯᠵᠡᠢ᠃
  ᠵᠢᠩ᠂ ᠬᠦᠷᠢᠶᠡᠨ ᠳ᠋ᠦ᠍ ᠪᠠᠭᠤᠭᠰᠠᠨ ᠡᠴᠡ ᠬᠣᠢᠰᠢ ᠬᠣᠶᠠᠷ ᠪᠦᠲᠦᠨ ᠬᠣᠨᠣᠭᠰᠠᠨ ᠠᠪᠠᠴᠤ ᠪᠣᠭᠳᠠ ᠳ᠋ᠤ᠌ ᠮᠥᠷᠭᠥᠬᠦ ᠭᠠᠭᠴᠠ ᠬᠦᠰᠡᠯ ᠲᠡᠢ ᠢᠷᠡᠭᠰᠡᠨ ᠨᠢᠮ᠎ᠠ ᠡᠪᠦᠭᠡᠨ ᠬᠦᠷᠢᠶ᠎ᠡ ᠶ᠋ᠢ ᠦᠵᠡᠵᠦ ᠴᠢᠳᠠᠭᠰᠠᠨ ᠦᠭᠡᠢ᠃
  ᠵᠢᠩ ᠪᠠᠭᠤᠮᠠᠭᠴᠠ ᠨᠢᠭᠡ ᠬᠥᠮᠦᠨ ᠦ᠌ ᠬᠠᠮᠲᠤ ᠮᠠᠢᠬᠠᠨ ᠠᠪᠴᠤ ᠲᠣᠯᠣᠭᠠᠢᠲᠤ ᠶ᠋ᠢᠨ ᠠᠮᠠᠨ ᠳ᠋ᠤ᠌ ᠱᠠᠷ ᠬᠠᠷᠢᠭᠤᠯᠬᠤ ᠪᠠᠷ ᠭᠠᠷᠴᠠᠢ᠃
  ᠊᠊᠊᠊᠊᠊᠊᠊᠊᠊᠊᠊᠊᠊᠊ ᠵᠡᠪᠡᠷᠡᠭᠦᠨ ᠪᠠᠢᠨ᠎ᠠ᠂ ᠬᠣᠳᠣᠭᠣᠳᠣ ᠪᠠᠨ ᠳᠤᠯᠠᠭᠠᠴᠠᠭᠤᠯ ᠭᠡᠵᠦ ᠢᠲᠡᠭᠡᠯᠲᠦ ᠶᠠᠪᠤᠬᠤ ᠳ᠋ᠤᠨᠢ ᠶᠡᠬᠡ ᠭᠠᠷ ᠤ᠋ᠨ ᠴᠠᠭᠠᠨ ᠪᠥᠭᠰᠡᠲᠦ ᠬᠠᠷ᠎ᠠ ᠠᠷᠢᠬᠢ ᠥᠭᠭᠦᠭᠰᠡᠨ ᠨᠢ ᠡᠪᠦᠭᠡᠨ ᠦ᠌ ᠪᠣᠭᠳᠠ ᠳ᠋ᠤ᠌ ᠮᠥᠷᠭᠥᠬᠦ ᠬᠦᠰᠡᠯ ᠢ᠋ ᠮᠠᠷᠲᠠᠭᠤᠯᠤᠭᠰᠠᠨ ᠢ᠋ᠶ᠋ᠠᠷ ᠪᠠᠷᠠᠬᠤ ᠦᠭᠡᠢ 《ᠡᠨᠡ ᠱᠠᠷ ᠤ᠋ᠳ ᠢ᠋ ᠨᠠᠳᠠ ᠡᠴᠡ ᠥᠭᠡᠷ᠎ᠡ ᠬᠡᠨ ᠲᠠᠨᠢᠬᠤ ᠪᠣᠢ ᠳᠠ》 ᠭᠡᠵᠦ ᠬᠡᠯᠡᠭᠦᠯᠵᠡᠢ᠃ ᠣᠴᠢᠭᠰᠠᠨ ᠣᠷᠣᠢ ᠨᠢ ᠲᠣᠮᠣ ᠲᠥᠭᠥᠷᠢᠭ ᠮᠥᠩᠭᠥᠨ ᠰᠠᠷᠠ ᠭᠡᠢᠭᠦᠯᠦᠨ ᠭᠠᠷᠬᠤ ᠳ᠋ᠤ᠌ ᠬᠠᠮᠲᠤ ᠦᠬᠡᠷ ᠬᠠᠷᠢᠭᠤᠯᠤᠭᠴᠢ ᠨᠢ ᠲᠡᠭᠦᠨ ᠢ᠋ ᠬᠠᠷᠠᠵᠤ ᠪᠠᠢᠭᠰᠠᠨ ᠢ᠋ᠶ᠋ᠠᠨ 《ᠫᠧ᠂ ᠶᠠᠭᠠᠬᠢᠭᠰᠠᠨ ᠰᠠᠢᠬᠠᠨ ᠰᠠᠷᠠ ᠪᠣᠢ᠃ ᠮᠠᠨ ᠤ᠋ ᠲᠠᠮᠢᠷ ᠲᠤ᠌ ᠭᠠᠷᠴᠤ ᠪᠠᠢᠭ᠎ᠠ ᠪᠣᠯᠪᠠ ᠤᠤ?》 ᠭᠡᠵᠦ ᠠᠰᠠᠭᠤᠬᠤ ᠳ᠋ᠤ᠌ ᠨᠢᠮ᠎ᠠ ᠭᠤᠸᠠᠢ ᠶᠡᠬᠡ ᠯᠡ ᠮᠡᠳᠡᠮᠡᠬᠡᠢ ᠳᠠᠭᠤ ᠪᠠᠷ 《ᠬᠠᠮᠢᠭ᠎ᠠ ᠡᠴᠡ ᠭᠠᠷᠬᠤ ᠪᠣᠢ᠂ ᠡᠨᠡ ᠴᠢᠨᠢ ᠪᠤᠷᠬᠠᠨ ᠤ᠋ ᠣᠷᠣᠨ ᠪᠣᠭᠳᠠ ᠶ᠋ᠢᠨ ᠬᠦᠷᠢᠶᠡᠨ ᠦ᠌ ᠰᠠᠷᠠ᠃ ᠴᠢᠩᠭᠢᠭᠡᠳ ᠡᠢᠮᠦ ᠲᠣᠮᠣ ᠲᠤᠩᠭᠠᠯᠠᠭ ᠪᠠᠢᠭ᠎ᠠ ᠶᠤᠮ᠃ ᠮᠠᠨ ᠤ᠋ ᠲᠠᠮᠢᠷ ᠲᠤ᠌ ᠵᠢᠵᠢᠭ ᠪᠠᠢᠳᠠᠭ ᠶᠤᠮ ᠰᠢᠦ ᠳᠡ》 ᠭᠡᠵᠦ ᠬᠡᠯᠡᠵᠡᠢ᠃
  ᠴᠠᠭ ᠤᠯᠠᠷᠢᠯ ᠵᠢᠪᠡᠭᠦᠨ᠂ ᠰᠠᠯᠬᠢ ᠶᠡᠬᠡᠲᠡᠢ ᠪᠣᠯᠪᠠᠴᠤ ᠨᠢᠭᠡᠨᠲᠡ ᠬᠠᠪᠤᠷ ᠡᠬᠢᠯᠡᠭᠰᠡᠨ ᠪᠣᠯᠬᠣᠷ ᠤᠷᠢᠨ ᠦᠶ᠎ᠡ ᠭᠡᠳᠡᠭ ᠨᠢ ᠶᠠᠭᠤᠮ᠎ᠠ ᠪᠦᠬᠦᠨ ᠡᠴᠡ ᠲᠣᠳᠣᠷᠬᠠᠢ ᠪᠠᠢᠯ᠎ᠠ᠃
  ᠣᠯᠠᠨ ᠬᠣᠨᠣᠭ ᠤ᠋ᠨ ᠠᠶᠠᠨ ᠳ᠋ᠤ᠌ ᠶᠠᠳᠠᠷᠠᠭᠰᠠᠨ ᠱᠠᠷ ᠨᠢ ᠨᠤᠲᠤᠭ ᠭᠣᠯᠣᠬᠤ ᠦᠭᠡᠢ ᠲᠣᠭᠲᠠᠨ ᠢᠳᠡᠨ᠎ᠡ᠃ ᠡᠢᠮᠦ ᠦᠶ᠎ᠡ ᠳ᠋ᠦ᠍ ᠴᠠᠭᠠᠨ ᠪᠥᠭᠰᠡᠲᠦ ᠪᠡᠨ ᠲᠡᠪᠡᠷᠢᠨ ᠭᠠᠯ ᠲᠠᠢ ᠮᠠᠢᠬᠠᠨ ᠳ᠋ᠤ᠌ ᠰᠠᠭᠤᠵᠤ ᠪᠠᠢᠬᠤ ᠳ᠋ᠤ᠌ ᠪᠣᠭᠳᠠ ᠳ᠋ᠤ᠌ ᠮᠥᠷᠭᠥᠬᠦ ᠲᠤᠬᠠᠢ ᠪᠣᠳᠣᠬᠤ ᠵᠠᠢ ᠨᠢᠮ᠎ᠠ ᠡᠪᠦᠭᠡᠨ ᠳ᠋ᠦ᠍ ᠳᠠᠩᠴᠢ ᠪᠠᠢᠭᠰᠠᠨ ᠦᠭᠡᠢ᠃ ᠬᠠᠷᠢᠨ ᠬᠣᠶᠠᠳᠠᠬᠢ ᠡᠳᠦᠷ ᠦ᠋ᠨ ᠥᠷᠯᠥᠭᠡ ᠪᠣᠰᠤᠭᠠᠳ ᠬᠣᠭᠣᠰᠣᠨ ᠯᠣᠩᠬᠣ ᠪᠠᠨ ᠰᠢᠩᠰᠢᠯᠡᠵᠦ᠂ ᠭᠣᠮᠣᠳᠠᠯ ᠲᠠᠢ ᠰᠠᠨᠠᠭ᠎ᠠ ᠠᠯᠳᠠᠭᠠᠳ 《ᠢᠲᠡᠭᠡᠯᠲᠦ ᠭᠠᠢᠬᠠᠯ ᠮᠠᠭᠤ ᠡᠪᠦᠭᠡᠨ ᠢ᠋ ᠬᠡᠳᠦᠨ ᠱᠠᠷ ᠲᠠᠢ ᠡᠨᠡ ᠲᠠᠭ ᠲᠤ᠌ ᠨᠠᠰᠤᠨ ᠲᠤᠷᠰᠢ ᠠᠷᠭᠠᠮᠵᠢᠶ᠎ᠠ ᠭᠡᠵᠦ ᠪᠣᠳᠣᠭ᠎ᠠ ᠦᠭᠡᠢ ᠪᠣᠯᠤᠯᠲᠠᠢ》 ᠭᠡᠳ ᠪᠣᠰᠴᠤ ᠮᠠᠢᠬᠠᠨ ᠤ᠋ ᠵᠥᠷᠢᠭᠦᠯᠡᠭᠰᠡᠨ ᠸᠠᠳᠠᠩ ᠢ᠋ᠶ᠋ᠠᠷ ᠲᠣᠯᠣᠭᠠᠢ ᠪᠠᠨ ᠴᠤᠭᠣᠢ᠌ᠯᠭᠠᠨ ᠬᠦᠷᠢᠶᠡᠨ ᠦ᠌ ᠵᠦᠭ ᠬᠠᠷᠠᠵᠤ ᠪᠢᠯᠡ᠃
  ᠠᠱ᠌ᠢᠭᠦᠢ ᠲᠡᠷᠡ ᠣᠷᠣᠢ ᠢᠲᠡᠭᠡᠯᠲᠦ ᠶ᠋ᠢᠨ ᠶᠠᠪᠤᠭᠤᠯᠤᠭᠰᠠᠨ ᠬᠣᠶᠠᠷ ᠬᠥᠮᠦᠨ ᠣᠴᠢᠵᠤ ᠨᠢᠮ᠎ᠠ ᠨᠥᠬᠥᠷ ᠦ᠋ᠨ ᠬᠠᠮᠲᠤ ᠬᠠᠯᠠᠭ᠎ᠠ ᠪᠠᠨ ᠥᠭᠭᠦᠭᠡᠳ ᠬᠦᠷᠢᠶ᠎ᠡ ᠤᠷᠤᠭᠤ ᠶᠠᠪᠤᠬᠤ ᠪᠣᠯᠵᠠᠢ᠃
  ᠊᠊᠊᠊᠊᠊᠊᠊᠊᠊᠊᠊᠊᠊᠊ ᠬᠡᠦᠬᠡᠳ ᠦ᠋ᠳ ᠮᠢᠨᠢ᠃ ᠰᠤᠪᠤᠷᠭᠠᠨ ᠬᠠᠷ᠎ᠠ ᠪᠠᠷ ᠲᠣᠯᠣᠭᠠᠢᠯᠠᠭᠤᠯᠤᠭᠰᠠᠨ ᠬᠡᠳᠦᠨ ᠬᠠᠢᠨᠤᠭ ᠵᠠᠭᠠᠲᠤᠨᠠᠭᠠᠳ ᠪᠠᠢᠳᠠᠭ ᠰᠢᠦ᠃ ᠰᠥᠨᠢ ᠤᠶᠠᠵᠤ ᠣᠷᠬᠢᠭᠠᠷᠠᠢ ᠭᠡᠳ ᠨᠢᠮ᠎ᠠ ᠶᠠᠪᠤᠵᠠᠢ᠃
  ᠨᠢᠮ᠎ᠠ ᠶ᠋ᠢ ᠣᠴᠢᠬᠤ ᠳ᠋ᠤ᠌ ᠬᠢᠭᠰᠡᠨ ᠮᠠᠢᠮᠠᠢ ᠡᠴᠡ ᠦᠯᠡᠮᠵᠢ ᠠᠰᠢᠭ ᠣᠯᠵᠤ ᠪᠠᠶᠠᠷᠯᠠᠨ ᠨᠡᠯᠢᠶᠡᠳ ᠰᠣᠭᠲᠣᠭᠤ ᠪᠠᠢᠭᠰᠠᠨ ᠢᠲᠡᠭᠡᠯᠲᠦ ᠶᠡᠬᠡ ᠯᠡ ᠳᠣᠲᠣᠨᠣ ᠠᠭᠤᠯᠵᠠᠵᠤ ᠬᠠᠯᠠᠭᠠᠭᠰᠠᠨ ᠭᠠᠠᠵᠠ ᠰᠠᠢᠬᠠᠨ ᠬᠣᠭᠣᠯᠠ ᠪᠠᠷ ᠳᠠᠢᠯᠠᠵᠤ᠄
  ᠊᠊᠊᠊᠊᠊᠊᠊᠊᠊᠊᠊᠊᠊᠊ ᠨᠢᠮ᠎ᠠ ᠭᠤᠸᠠᠢ ᠥᠷᠯᠥᠭᠡ ᠭᠡᠭᠡᠨ ᠳ᠋ᠦ᠍ ᠮᠥᠷᠭᠥᠵᠦ ᠨᠢᠭᠦᠯ ᠲᠡᠢ ᠪᠤᠭᠤᠷᠤᠯ ᠲᠣᠯᠣᠭᠠᠢ ᠪᠠᠨ ᠠᠷᠢᠭᠤᠳᠬ᠎ᠠ ᠭᠡᠳ ᠭᠤᠷᠪᠠᠨ ᠮᠥᠩᠭᠥᠨ ᠶᠠᠩᠴᠢᠶᠠᠨ ᠥᠭᠴᠡᠢ᠃
  ᠊᠊᠊᠊᠊᠊᠊᠊᠊᠊᠊᠊᠊᠊᠊ ᠭᠡᠭᠡᠨ ᠳ᠋ᠦ᠍ ᠮᠥᠷᠭᠥᠭᠡᠳ ᠭᠡᠯᠦᠩ ᠪᠣᠯᠬᠤ ᠨᠢ ᠴᠦ᠍ ᠶᠠᠭᠤ ᠶᠤᠮ ᠪᠣᠢ᠃ ᠭᠡᠮ ᠨᠢᠭᠦᠯ ᠬᠢᠭᠰᠡᠨ ᠪᠣᠯ ᠠᠷᠢᠯᠬᠤ ᠪᠠᠢᠬ᠎ᠠ ᠭᠡᠵᠦ ᠪᠣᠳᠣᠬᠤ ᠶᠤᠮ ᠭᠡᠵᠦ ᠬᠡᠯᠡᠭᠡᠳ ᠨᠢᠮ᠎ᠠ ᠬᠠᠯᠠᠭᠤᠨ ᠭᠠᠠᠵᠠ ᠰᠢᠮᠡᠵᠦ ᠪᠠᠢᠯ᠎ᠠ᠃
  ᠊᠊᠊᠊᠊᠊᠊᠊᠊᠊᠊᠊᠊᠊᠊ ᠨᠢᠮ᠎ᠠ ᠭᠤᠸᠠᠢ ᠬᠦᠷᠢᠶ᠎ᠡ ᠶᠡᠬᠡ ᠬᠣᠯᠠ ᠭᠡᠯ᠎ᠡ ᠤᠤ?
  ᠊᠊᠊᠊᠊᠊᠊᠊᠊᠊᠊᠊᠊᠊᠊ ᠶᠠᠷᠢᠭᠠᠳ ᠶᠠᠭᠠᠬᠢᠬᠤ ᠪᠣᠢ᠃ ᠬᠦᠷᠢᠶ᠎ᠡ ᠭᠡᠳᠡᠭ ᠬᠣᠯᠠ᠃ ᠬᠥᠮᠦᠨ ᠦ᠌ ᠠᠮᠢ ᠭᠡᠳᠡᠭ ᠪᠥᠬᠡ ᠡᠳ᠋ ᠠ᠋ ᠭᠡᠬᠦ ᠳ᠋ᠦ᠍ ᠪᠦᠭᠦᠳᠡ ᠬᠥᠭᠵᠢᠯᠲᠡᠢ ᠢᠨᠢᠶᠡᠯᠳᠦᠪᠡ᠃
  ᠊᠊᠊᠊᠊᠊᠊᠊᠊᠊᠊᠊᠊᠊᠊ ᠨᠢᠮ᠎ᠠ ᠭᠤᠸᠠᠢ ᠲᠠ ᠶᠡᠬᠡ ᠶᠠᠭᠤᠮ᠎ᠠ ᠦᠵᠡᠵᠦ ᠪᠠᠢᠨ᠎ᠠ ᠭᠡᠯᠢᠦ?
  ᠊᠊᠊᠊᠊᠊᠊᠊᠊᠊᠊᠊᠊᠊᠊ ᠬᠡᠯᠡᠭᠡᠳ ᠶᠠᠭᠠᠬᠢᠬᠤᠪ᠂ ᠲᠠᠮᠢᠷ ᠤ᠋ᠨ ᠭᠣᠣᠯ ᠤ᠋ᠨ ᠬᠥᠨᠳᠡᠢ ᠡᠴᠡ ᠭᠠᠷᠪᠠᠯ ᠭᠡᠮᠰᠦᠭ᠌ ᠬᠣᠷᠸ᠎ᠠ ᠳ᠋ᠠᠱ᠌ᠢ ᠱᠣᠭ᠂ ᠨᠤᠤᠷᠠᠭᠰᠠᠨ ᠮᠠᠭᠤ ᠬᠡᠰᠢᠭᠲᠦ ᠮᠢᠨᠢ ᠳᠡᠯᠢᠪᠡᠯ ᠶᠢᠷᠲᠢᠨᠴᠦ ᠶ᠋ᠢᠨ ᠬᠥᠮᠦᠨ ᠳ᠋ᠠᠱ᠌ᠢ ᠱᠣᠭ ᠭᠡᠵᠦ ᠪᠣᠳᠣᠵᠤ ᠶᠠᠪᠤᠭᠰᠠᠨ ᠪᠢ ᠶᠡᠬᠡ ᠯᠡ ᠶᠠᠭᠤᠮ᠎ᠠ ᠦᠵᠡᠯ᠎ᠡ ᠭᠡᠵᠦ ᠡᠪᠦᠭᠡᠨ ᠦ᠌ ᠬᠡᠯᠡᠬᠦ ᠳ᠋ᠦ᠍ ᠬᠠᠯᠠᠮᠠᠭ ᠬᠥᠮᠦᠰ ᠤᠯᠠᠮ ᠬᠥᠭᠵᠢᠯᠲᠡᠢ ᠱᠤᠤᠭᠢᠯᠳᠤᠨ ᠢᠨᠢᠶᠡᠯᠳᠦᠵᠦ ᠪᠢᠯᠡ᠃
  ᠨᠢᠮ᠎ᠠ ᠡᠷᠲᠡ ᠪᠣᠰᠴᠤ ᠪᠣᠭᠳᠠ ᠶ᠋ᠢᠨ ᠣᠷᠳᠣᠨ ᠢ᠋ ᠵᠢᠭᠠᠯᠭᠠᠨ ᠶᠠᠪᠤᠵᠤ ᠪᠢᠯᠡ᠃ ᠪᠠᠢᠨ ᠪᠠᠢᠨ ᠡᠪᠦᠷ ᠢ᠋ᠶ᠋ᠡᠨ ᠳᠠᠷᠤᠯᠠᠨ ᠠᠯᠴᠢᠭᠤᠷ ᠲᠠᠭᠠᠨ ᠶᠠᠩᠭᠢᠨᠠᠲᠠᠯ᠎ᠠ ᠪᠣᠭᠣᠵᠤ ᠰᠤᠭᠤᠨ ᠳ᠋ᠠᠭᠠᠨ ᠬᠢᠭᠰᠡᠨ ᠮᠥᠩᠭᠥᠨ ᠶᠠᠩᠴᠢᠶᠠᠨ ᠢ᠋ ᠪᠡᠷᠢᠯᠡᠵᠦ ᠦᠵᠡᠨ᠎ᠡ᠃
  ᠨᠡᠭᠡᠭᠡᠯᠲᠡ ᠲᠡᠢ ᠬᠡᠳᠦᠨ ᠳᠡᠯᠭᠡᠭᠦᠷ ᠲᠠᠭᠠᠷᠠᠯᠳᠤᠬᠤ ᠳ᠋ᠤ᠌ ᠨᠠᠮᠪᠠᠭ᠎ᠠ ᠲᠠᠢ ᠭᠡᠭᠴᠢ ᠨᠢ ᠠᠯᠬᠤᠨ ᠣᠷᠣᠯ᠎ᠠ᠃ ᠯᠠᠩᠭᠦᠢ ᠳᠡᠭᠡᠭᠦᠷ ᠨᠢ ᠥᠩᠭᠡᠢᠨ ᠡᠰᠢ ᠳᠠᠰᠢ ᠪᠠᠬᠠᠨ ᠬᠠᠷᠠᠯ᠎ᠠ᠃ ᠪᠠᠷᠢᠵᠤ ᠦᠵᠡᠬᠦ ᠨᠢ ᠪᠢᠲᠡᠭᠡᠢ ᠬᠡᠯᠡ᠂ ᠣᠯᠵᠤ ᠬᠠᠷᠠᠭ᠎ᠠ ᠦᠭᠡᠢ ᠲᠣᠷᠭ᠎ᠠ ᠳᠤᠷᠳᠤᠩ ᠵᠡᠷᠭᠡ ᠲᠦᠮᠡᠨ ᠵᠦᠢᠯ ᠦ᠋ᠨ ᠶᠠᠭᠤᠮ᠎ᠠ ᠨᠢᠳᠦᠨ ᠳ᠋ᠦ᠍ᠨᠢ ᠲᠤᠰᠤᠨ᠎ᠠ᠃ ᠶᠠᠮᠠᠷ ᠨᠢᠭᠡᠨ ᠲᠠᠨᠢᠯ ᠪᠥᠭᠡᠳ ᠠᠶᠠᠲᠠᠢᠬᠠᠨ ᠦᠨᠦᠷ ᠬᠠᠮᠠᠷ ᠤᠷᠤᠭᠤ ᠴᠣᠬᠢᠯ᠎ᠠ᠃ ᠡᠪᠦᠭᠡᠨ ᠡᠷᠭᠢᠨ ᠲᠣᠭᠣᠷᠢᠨ ᠢ᠋ ᠬᠠᠷᠠᠪᠠᠯ ᠲᠡᠷᠲᠡᠭᠡ ᠪᠤᠯᠤᠩ ᠳ᠋ᠤ᠌ ᠬᠠᠯᠪᠠᠭ᠎ᠠ ᠲᠥᠷᠥᠭᠰᠡᠨ ᠯᠦᠦ ᠲᠡᠢ ᠠᠷᠢᠬᠢ ᠬᠠᠷᠠᠭᠳᠠᠪᠠ᠃
  ᠊᠊᠊᠊᠊᠊᠊᠊᠊᠊᠊᠊᠊᠊᠊ ᠬᠤᠷᠴᠠ ᠦᠨᠦᠷᠲᠡᠢ ᠳᠠᠮᠰᠢᠭ ᠪᠣᠯ ᠳᠠ ᠭᠡᠳ ᠲᠦᠷᠭᠡᠨ ᠡᠷᠭᠢᠵᠦ ᠨᠥᠭᠦᠭᠡ ᠲᠠᠰᠢ ᠪᠠᠨ ᠪᠤᠷᠤᠭᠤᠯᠠᠨ ᠬᠠᠷᠠᠭᠰᠠᠨ ᠢ᠋ᠶ᠋ᠠᠨ᠂ 《ᠵᠠ ᠮᠠᠢᠮᠠᠢ ᠶᠠᠭᠤ ᠪᠠᠢᠨ᠎ᠠ》 ᠭᠡᠯ᠎ᠡ᠃
  ᠊᠊᠊᠊᠊᠊᠊᠊᠊᠊᠊᠊᠊᠊᠊ ᠠᠢ ᠬᠥᠮᠦᠨ ᠦ᠌ ᠬᠠᠷ᠎ᠠ ᠨᠢᠳᠦᠨ ᠡᠴᠡ ᠪᠤᠰᠤᠳ ᠶᠠᠭᠤᠮ᠎ᠠ ᠴᠥᠮ ᠪᠠᠢᠨ᠎ᠠ᠃ ᠴᠢᠮ᠎ᠠ ᠳ᠋ᠤ᠌ ᠶᠠᠭᠤ ᠬᠡᠷᠡᠭ ᠲᠡᠢ?
  ᠊᠊᠊᠊᠊᠊᠊᠊᠊᠊᠊᠊᠊᠊᠊ ᠬᠥᠮᠦᠨ ᠦ᠌ ᠴᠠᠭᠠᠨ ᠨᠢᠳᠦ ᠬᠡᠷᠡᠭᠲᠡᠢ᠂ ᠪᠠᠢᠨ᠎ᠠ ᠤᠤ?
  ᠬᠤᠳᠠᠯᠳᠤᠭᠴᠢ ᠠᠷᠵᠠᠭᠠᠢ ᠬᠠᠷ᠎ᠠ ᠰᠢᠳᠦ ᠪᠡᠨ ᠭᠠᠷᠭᠠᠨ ᠵᠠᠯᠢᠳᠠᠶ᠎ᠠ ᠨᠢᠳᠦ ᠪᠡᠨ ᠵᠢᠷᠲᠠᠢᠯᠭᠠᠨ ᠬᠤᠳᠠᠯ ᠢᠨᠢᠶᠡᠭᠰᠡᠨ ᠢ᠋ᠶ᠋ᠡᠨ᠄
  ᠊᠊᠊᠊᠊᠊᠊᠊᠊᠊᠊᠊᠊᠊᠊ ᠡᠪᠦᠭᠡᠨ ᠴᠢᠮ᠎ᠠ ᠳ᠋ᠤ᠌ ᠶᠠᠭᠤ ᠬᠡᠷᠡᠭ ᠲᠡᠢ᠂ ᠰᠢᠯᠤᠭᠤᠬᠠᠨ ᠬᠡᠯᠡ ᠭᠡᠯ᠎ᠡ᠃
  《ᠰᠢᠳᠦ ᠨᠢ᠂ ᠬᠡᠰᠢᠭᠲᠦ ᠶ᠋ᠢᠨ ᠰᠠᠪᠠᠷ ᠤ᠋ᠨ ᠰᠢᠳᠦ ᠰᠢᠭ᠃ ᠥᠮᠥᠳᠥ ᠦᠭᠡᠢ ᠪᠠᠢᠵᠤ ᠡᠪᠦᠳᠦᠭ ᠴᠤᠭᠤᠷᠬᠠᠢ ᠶ᠋ᠢ ᠱᠣᠣᠯᠠᠭᠠᠳ ᠴᠤ᠌ ᠶᠠᠭᠠᠬᠢᠬᠤᠪ》 ᠭᠡᠵᠦ ᠪᠣᠳᠣᠭᠠᠳ
  ᠊᠊᠊᠊᠊᠊᠊᠊᠊᠊᠊᠊᠊᠊᠊ ᠵᠠ ᠬᠦ᠂ ᠲᠡᠷᠡ ᠴᠢᠰᠴᠡᠦ ᠶ᠋ᠢ ᠦᠵᠡᠳᠡᠭ ᠬᠡᠷᠡᠭ ᠠ᠋ ᠭᠡᠪᠡ᠃
  ᠬᠤᠳᠠᠯᠳᠤᠭᠴᠢ ᠭᠤᠸᠠᠢ ᠬᠥᠬᠡ ᠴᠢᠰᠴᠡᠦ ᠶ᠋ᠢ ᠠᠪᠴᠤ ᠥᠲᠥᠨ ᠳᠡᠪᠢᠭᠦᠷ ᠢ᠋ᠶ᠋ᠡᠷ ᠬᠡᠳᠦᠨ ᠤᠳᠠᠭ᠎ᠠ ᠰᠠᠪᠠᠭᠰᠠᠨ ᠢ᠋ᠶ᠋ᠠᠨ ᠨᠢᠮ᠎ᠠ ᠶ᠋ᠢᠨ ᠡᠮᠦᠨ᠎ᠡ ᠲᠠᠯᠪᠢᠯ᠎ᠠ᠃ ᠴᠢᠰᠴᠡᠦ ᠶ᠋ᠢ ᠦᠵᠡᠵᠦ ᠪᠠᠢᠬᠤ ᠳ᠋ᠤ᠌ ᠨᠢᠮ᠎ᠠ ᠶ᠋ᠢᠨ ᠨᠢᠳᠦᠨ ᠦ᠌ ᠪᠤᠯᠤᠩ ᠠᠷᠢᠬᠢᠨ ᠤ᠋ ᠵᠦᠭ ᠬᠡᠳᠦᠨ ᠤᠳᠠᠭ᠎ᠠ ᠴᠢᠭᠯᠡᠵᠦ᠂ ᠬᠠᠷᠠᠬᠤ ᠪᠦᠷᠢ ᠢᠷᠪᠠᠢᠨ᠎ᠠ᠃ ᠨᠢᠮ᠎ᠠ ᠬᠤᠳᠠᠯᠳᠤᠭᠴᠢ ᠬᠣᠶᠠᠷ ᠵᠢᠷᠭᠤᠭᠠᠨ ᠠᠮᠠ ᠴᠢᠰᠴᠡᠦ ᠶ᠋ᠢᠨ ᠦᠨ᠎ᠡ ᠶ᠋ᠢ ᠬᠠᠶᠠᠯᠴᠠᠵᠤ ᠭᠠᠷᠤᠯ᠎ᠠ᠃
  ᠬᠦᠷᠢᠶ᠎ᠡ ᠣᠷᠣᠭᠰᠠᠨ ᠬᠥᠮᠦᠨ ᠪᠠᠢᠨ᠎ᠠ᠂ ᠭᠠᠭᠴᠠ ᠥᠬᠢᠨ ᠳ᠋ᠡᠭᠡᠨ ᠳᠡᠪᠡᠯ ᠦ᠋ᠨ ᠶᠠᠭᠤᠮ᠎ᠠ ᠠᠪᠠᠴᠢᠵᠤ ᠥᠭᠭᠦᠶ᠎ᠡ ᠭᠡᠵᠦ ᠪᠣᠳᠣᠭᠰᠠᠨ ᠨᠢᠮ᠎ᠠ ᠪᠠᠷᠤᠭ ᠬᠠᠭᠠᠰ ᠡᠳᠦᠷ ᠦᠨ᠎ᠡ ᠬᠡᠯᠡᠯᠴᠡᠵᠦ ᠪᠠᠢᠭᠠᠳ ᠴᠢᠰᠴᠡᠦ ᠶ᠋ᠢ ᠠᠪᠴᠤ ᠪᠥᠰᠡᠨ ᠳ᠋ᠡᠭᠡᠨ ᠬᠠᠪᠴᠢᠭᠤᠯᠪᠠ᠃
  ᠴᠢᠩᠭᠢᠭᠡᠳ ᠭᠠᠷᠬᠤ ᠭᠡᠰᠡᠨ ᠢ᠋ᠶ᠋ᠡᠨ ᠡᠪᠦᠷ ᠢ᠋ᠶ᠋ᠡᠨ ᠳᠠᠷᠤᠨ ᠠᠮᠢᠰᠬᠤᠭᠠᠯᠠᠨ ᠬᠡᠰᠡᠭ ᠵᠣᠭᠰᠣᠪᠠ᠃
  ᠊᠊᠊᠊᠊᠊᠊᠊᠊᠊᠊᠊᠊᠊᠊ ᠳᠠᠩᠵᠢᠶᠠᠳ ᠠ᠋᠂ ᠵᠢᠩ ᠠᠷᠢᠬᠢ ᠶᠠᠭᠠᠬᠢᠬᠤ ᠪᠣᠢ?
  ᠊᠊᠊᠊᠊᠊᠊᠊᠊᠊᠊᠊᠊᠊᠊ ᠮᠠᠨ ᠤ᠋ ᠠᠷᠢᠬᠢ ᠰᠠᠢᠨ᠃ ᠪᠠᠰᠠ ᠲᠡᠭᠡᠭᠡᠳ ᠬᠢᠮᠳᠠ᠃ ᠲᠠᠪᠢᠨ ᠮᠥᠩᠭᠥ᠃
  ᠨᠢᠮ᠎ᠠ ᠪᠦᠳᠦᠭᠦᠨ ᠳᠠᠭᠤ ᠪᠠᠷ ᠬᠠ ᠬᠠ ᠭᠡᠵᠦ ᠬᠥᠭᠵᠢᠯᠲᠡᠢ ᠢᠨᠢᠶᠡᠭᠰᠡᠨ ᠢ᠋ᠶ᠋ᠡᠨ
  ᠊᠊᠊᠊᠊᠊᠊᠊᠊᠊᠊᠊᠊᠊᠊ ᠵᠢᠩ ᠠᠷᠢᠬᠢ ᠲᠠᠪᠢᠨ ᠮᠥᠩᠭᠥ ᠪᠡᠷ ᠬᠡᠵᠢᠶ᠎ᠡ ᠠᠪᠴᠤ ᠪᠠᠢᠭᠰᠠᠨ᠃
  ᠊᠊᠊᠊᠊᠊᠊᠊᠊᠊᠊᠊᠊᠊᠊ ᠠᠪᠴᠤ ᠯᠠ ᠪᠠᠢᠭᠰᠠᠨ ᠳᠠ᠃
  ᠊᠊᠊᠊᠊᠊᠊᠊᠊᠊᠊᠊᠊᠊᠊ ᠵᠠ ᠰᠢᠯᠤᠭᠤᠬᠠᠨ ᠳᠥᠴᠢᠨ ᠮᠥᠩᠭᠥ᠃
  ᠊᠊᠊᠊᠊᠊᠊᠊᠊᠊᠊᠊᠊᠊᠊ ᠠᠷᠪᠠᠨ ᠰᠥᠨᠢ(Шөнө)᠃
  ᠊᠊᠊᠊᠊᠊᠊᠊᠊᠊᠊᠊᠊᠊᠊ ᠵᠠ ᠶᠠᠭᠠᠬᠢᠬᠤᠪ ᠲᠠᠨᠢᠭᠰᠠᠨ ᠬᠥᠮᠦᠨ ᠭᠤᠴᠢᠨ ᠲᠠᠪᠤᠨ ᠮᠥᠩᠭᠥ᠃ ᠴᠢ ᠡᠢᠮᠦ ᠠᠷᠢᠬᠢ ᠣᠯᠬᠤ ᠦᠭᠡᠢ᠃
  ᠊᠊᠊᠊᠊᠊᠊᠊᠊᠊᠊᠊᠊᠊᠊ ᠡᠢᠮᠦ ᠮᠠᠭᠤ ᠠᠷᠢᠬᠢ ᠣᠯᠬᠤ ᠦᠭᠡᠢ ᠨᠢ ᠦᠨᠡᠨ ᠪᠠᠢᠬ᠎ᠠ᠃
  ᠊᠊᠊᠊᠊᠊᠊᠊᠊᠊᠊᠊᠊᠊᠊ ᠴᠢ ᠦᠵᠡ ᠭᠡᠳ ᠬᠤᠳᠠᠯᠳᠤᠭᠴᠢ ᠬᠠᠯᠪᠠᠭ᠎ᠠ ᠪᠠᠷ ᠬᠡᠳᠦᠨ ᠳᠤᠰᠤᠯ ᠬᠤᠳᠬᠤᠭᠠᠳ ᠨᠢᠮ᠎ᠠ ᠳ᠋ᠤ᠌ ᠥᠭᠭᠦᠯ᠎ᠡ᠃
  ᠨᠢᠮ᠎ᠠ ᠨᠢᠭᠡᠨᠲᠡ ᠠᠮᠲᠠᠯᠠᠭᠰᠠᠨ ᠬᠣᠢᠨ᠎ᠠ ᠶᠠᠭᠠᠬᠢᠵᠤ ᠲᠡᠰᠬᠦ ᠪᠢᠯᠡ ᠳᠠ᠃ ᠬᠣᠷᠢᠨ ᠮᠥᠩᠭᠥ ᠭᠡᠵᠦ ᠬᠡᠯᠡᠶ᠎ᠡ ᠭᠡᠳ ᠭᠠᠢ ᠪᠣᠯᠤᠭᠰᠠᠨ ᠬᠡᠯᠡ ᠨᠢ ᠬᠠᠯᠲᠤᠷᠢᠭᠠᠳ ᠭᠤᠴᠢᠨ ᠮᠥᠩᠭᠥ ᠭᠡᠰᠡᠨ ᠴᠢᠨᠢ 《ᠵᠠ ᠶᠠᠭᠠᠬᠢᠬᠤᠪ ᠲᠠᠨᠢᠭᠰᠠᠨ ᠬᠥᠮᠦᠨ ᠪᠠᠢᠨ᠎ᠠ ᠥᠭᠭᠦᠶ᠎ᠡ!》 ᠭᠡᠳ ᠰᠤᠷᠮᠠᠭ ᠬᠥᠳᠡᠯᠭᠡᠭᠡᠨ ᠢ᠋ᠶ᠋ᠡᠷ ᠬᠠᠯᠪᠠᠭᠠᠳᠠᠨ ᠬᠤᠳᠬᠤᠭᠠᠳ ᠠᠪᠴᠢᠷᠠᠵᠤ 《ᠴᠢ ᠰᠠᠪᠠ ᠪᠠᠨ ᠠᠯᠢ》 ᠭᠡᠵᠡᠢ᠃
  ᠊᠊᠊᠊᠊᠊᠊᠊᠊᠊᠊᠊᠊᠊᠊ ᠳᠠᠩᠵᠢᠶᠠᠳ ᠠ᠋ ᠮᠢᠨᠦ ᠬᠡᠯᠡ ᠬᠠᠯᠲᠤᠷᠢᠭᠠᠳ ᠪᠢ ᠪᠤᠷᠤᠭᠤ ᠬᠡᠯᠡᠵᠦ ᠣᠷᠬᠢᠭᠰᠠᠨ ᠪᠠᠢᠨ᠎ᠠ᠃ ᠰᠢᠯᠤᠭᠤᠬᠠᠨ ᠬᠣᠷᠢᠨ ᠮᠥᠩᠭᠥ ᠪᠡᠷ ᠠᠪᠤᠨ᠎ᠠ᠃
  ᠊᠊᠊᠊᠊᠊᠊᠊᠊᠊᠊᠊᠊᠊᠊ ᠡᠢᠮᠦ ᠨᠠᠰᠤᠲᠠᠢ ᠬᠥᠮᠦᠨ ᠪᠠᠢᠵᠤ ᠮᠠᠢᠮᠠᠢ ᠪᠤᠴᠠᠵᠤ ᠪᠣᠯᠬᠤ ᠦᠭᠡᠢ ᠭᠡᠵᠦ ᠬᠤᠳᠠᠯᠳᠤᠭᠴᠢ ᠠᠭᠤᠷ ᠲᠠᠢ ᠬᠡᠯᠡᠪᠡ᠃
  ᠊᠊᠊᠊᠊᠊᠊᠊᠊᠊᠊᠊᠊᠊᠊ ᠵᠠ ᠵᠠ᠃ ᠠᠪᠤᠶ᠎ᠠ᠃ ᠠᠶᠠᠭ᠎ᠠ ᠠᠪᠤᠭᠠᠳ ᠢᠷ᠎ᠡ ᠭᠡᠳ ᠨᠢᠮ᠎ᠠ ᠴᠠᠭᠠᠨ ᠰᠡᠳᠬᠢᠯ ᠢ᠋ᠶ᠋ᠡᠷ ᠨᠢᠳᠦ ᠪᠡᠨ ᠠᠨᠢᠪᠴᠢᠨ ᠢᠨᠢᠶᠡᠪᠡ᠃
  ᠵᠢᠵᠢᠭ ᠱᠠᠭᠠᠵᠠᠩ ᠢ᠋ᠶ᠋ᠠᠷ ᠨᠢᠭᠡ ᠳᠤᠭᠲᠤᠷᠤᠭᠰᠠᠨ ᠴᠢᠨᠢ ᠪᠦᠬᠦ ᠪᠡᠶ᠎ᠡ ᠶ᠋ᠢᠨ ᠬᠢᠨᠢ ᠬᠥᠯᠥᠰᠥ ᠴᠢᠬᠠᠷᠠᠨ ᠭᠠᠷᠴᠤ ᠬᠠᠯᠠᠭᠠᠭᠰᠠᠨ ᠭᠠᠠᠵᠠ ᠡᠴᠡ ᠫᠣᠯᠤᠭᠳᠠᠭᠰᠠᠨ ᠰᠢᠷ᠎ᠠ ᠨᠢ ᠲᠠᠢᠯᠤᠭᠳᠠᠪᠠ᠃ ᠨᠢᠮ᠎ᠠ ᠱᠠᠭᠠᠵᠠᠩ ᠳ᠋ᠠᠭᠠᠨ ᠳᠠᠭᠢᠵᠤ ᠬᠢᠵᠦ 《ᠵᠠ ᠳᠠᠩᠵᠢᠶᠠᠳ ᠨᠢᠭᠡ ᠲᠣᠭᠲᠠᠭᠠᠵᠤ ᠣᠷᠭᠢ》 ᠭᠡᠳ ᠬᠤᠳᠠᠯᠳᠤᠭᠴᠢ ᠳ᠋ᠤ᠌ ᠥᠭᠪᠡ᠃
  ᠬᠤᠳᠠᠯᠳᠤᠭᠴᠢ ᠡᠷᠭᠢᠵᠦ ᠭᠢᠯᠤᠢᠨ ᠬᠠᠷᠠᠭᠰᠠᠨ ᠢ᠋ᠶ᠋ᠠᠨ ᠠᠶᠠᠭ᠎ᠠ ᠲᠠᠢ ᠠᠷᠢᠬᠢ ᠶ᠋ᠢ ᠪᠤᠰᠢᠭᠤᠬᠠᠨ ᠠᠪᠴᠤ ᠰᠢᠮᠡᠨ ᠤᠤᠭᠤᠭᠠᠳ ᠳᠠᠬᠢᠨ ᠡᠷᠭᠢᠵᠦ ᠬᠠᠷᠠᠯ᠎ᠠ᠃ ᠨᠢᠮ᠎ᠠ ᠳᠠᠬᠢᠨ ᠨᠢᠭᠡ ᠬᠢᠵᠦ ᠲᠠᠪᠠᠲᠠᠢ ᠭᠡᠭᠴᠢ ᠰᠢᠮᠡᠨ ᠤᠤᠭᠤᠵᠤ ᠪᠠᠢᠲᠠᠯ᠎ᠠ ᠬᠦᠷᠢᠶᠡᠨ ᠦ᠌ ᠭᠤᠳᠤᠮᠵᠢᠨ ᠤ᠋ ᠠᠷᠢᠬᠢᠴᠢᠨ ᠨᠢᠭᠡ ᠡᠪᠦᠭᠡᠨ ᠣᠷᠣᠵᠤ ᠢᠷᠡᠭᠡᠳ ᠬᠣᠶᠠᠷ ᠡᠪᠦᠭᠡᠨ ᠯᠠᠩᠭᠦᠢ ᠲᠦᠰᠢᠨ ᠱᠠᠯᠠᠨ ᠳᠡᠭᠡᠷ᠎ᠡ ᠲᠠᠪᠠᠲᠠᠢ ᠵᠠᠪᠢᠯᠠᠨ ᠰᠠᠭᠤᠨ ᠤᠤᠭᠤᠭᠰᠠᠨ ᠢ᠋ᠶ᠋ᠠᠷ ᠪᠠᠷᠠᠬᠤ ᠦᠭᠡᠢ ᠨᠢᠮ᠎ᠠ ᠮᠥᠩᠭᠥ ᠭᠠᠷᠭᠠᠵᠤ ᠳᠠᠬᠢᠨ ᠠᠪᠴᠤ ᠬᠣᠭᠣᠰᠣᠯᠠᠪᠠ᠃
  ᠨᠢᠭᠡ ᠮᠡᠳᠡᠬᠦ ᠳ᠋ᠦ᠍ ᠭᠤᠷᠪᠠᠨ ᠮᠥᠩᠭᠥᠨ ᠶᠠᠩᠴᠢᠶᠠᠨ ᠰᠤᠷᠠᠭ ᠦᠭᠡᠢ ᠠᠯᠠᠭ᠎ᠠ ᠪᠣᠯᠤᠭᠠᠳ ᠠᠷᠢᠬᠢᠨ ᠡᠪᠦᠭᠡᠨ ᠴᠦ᠍ ᠦᠭᠡᠢ ᠪᠣᠯᠤᠭᠰᠠᠨ ᠳ᠋ᠤ᠌ ᠨᠢᠮ᠎ᠠ ᠭᠤᠳᠤᠮᠵᠢᠨ ᠳ᠋ᠤ᠌ ᠭᠠᠷᠴᠤ 《ᠬᠣᠶᠠᠷ ᠬᠠᠩᠭᠠᠢ ᠶ᠋ᠢᠨ ᠨᠤᠲᠤᠭ ᠁》 ᠭᠡᠵᠦ ᠪᠦᠪᠦᠳᠦᠨᠡᠨ ᠭᠢᠩᠰᠢᠵᠦ ᠰᠠᠯᠳᠤᠷᠭᠢᠯᠠᠨ ᠠᠯᠬᠤᠪᠠ᠃
  《ᠬᠣᠶᠠᠷ ᠬᠠᠩᠭᠠᠢ ᠶ᠋ᠢᠨ ᠨᠤᠲᠤᠭ ᠁》 ᠢ᠋ᠶ᠋ᠠᠨ ᠳᠠᠪᠲᠠᠨ ᠭᠤᠳᠤᠮᠵᠢᠨ ᠤ᠋ ᠬᠣᠶᠠᠷ ᠲᠠᠯ᠎ᠠ ᠶ᠋ᠢ ᠮᠥᠷᠥ ᠪᠡᠷ ᠢ᠋ᠶ᠋ᠡᠨ ᠡᠭᠡᠯᠵᠢᠯᠡᠨ ᠴᠣᠬᠢᠵᠤ ᠶᠠᠪᠤᠲᠠᠯ᠎ᠠ ᠡᠮᠦᠨ᠎ᠡ ᠡᠴᠡ ᠨᠢ ᠢᠵᠢᠯᠬᠡᠨ ᠨᠣᠭᠣᠭᠠᠨ ᠳᠡᠪᠡᠯ ᠲᠡᠢ ᠬᠣᠶᠠᠷ ᠵᠠᠯᠠᠭᠤ ᠶᠠᠷᠢᠯᠴᠠᠨ ᠭᠠᠷᠴᠤ ᠢᠷᠡᠯ᠎ᠡ᠃
  ᠡᠨᠡ ᠪᠣᠯ ᠣᠶᠤᠲᠠᠨ ᠤ᠋ ᠰᠤᠷᠭᠠᠭᠤᠯᠢ ᠶ᠋ᠢᠨ ᠰᠤᠷᠤᠭᠴᠢ ᠪᠠᠲᠤ᠂ ᠵᠢᠷᠭᠠᠯ ᠬᠣᠶᠠᠷ ᠪᠠᠢᠵᠠᠢ᠃ ᠬᠠᠲᠠᠭᠤ ᠰᠢᠷᠦᠭᠦᠨ ᠵᠠᠨᠴᠢᠭᠤᠯᠤᠭᠰᠠᠨ ᠡᠴᠡ ᠤᠳᠠᠭᠠᠨ ᠡᠪᠡᠳᠴᠢᠨ ᠲᠡᠢ ᠬᠡᠪᠲᠡᠭᠡᠳ ᠠᠷᠠᠢ ᠭᠡᠵᠦ ᠬᠥᠯ ᠳᠡᠭᠡᠷ᠎ᠡ ᠪᠡᠨ ᠪᠣᠰᠤᠭᠰᠠᠨ ᠪᠠᠲᠤ ᠠᠨᠳᠠ ᠨᠥᠬᠥᠷ ᠢ᠋ᠶ᠋ᠡᠨ ᠳᠠᠭᠠᠭᠤᠯᠤᠨ ᠲᠠᠨᠢᠳᠠᠭ ᠠᠢᠯ ᠢ᠋ᠶ᠋ᠠᠷ ᠣᠷᠣᠭᠠᠳ ᠶᠠᠪᠤᠭ᠎ᠠ ᠨᠢ ᠡᠨᠡ ᠪᠢᠯᠡ᠃ ᠪᠠᠲᠤ ᠡᠮᠦᠨ᠎ᠡ ᠡᠴᠡ ᠨᠢ ᠭᠤᠢᠪᠢᠨ ᠢᠷᠡᠵᠦ ᠶᠠᠪᠤᠭ᠎ᠠ ᠰᠣᠭᠲᠣᠭᠤ ᠡᠪᠦᠭᠡᠨ ᠢ᠋ ᠬᠠᠷᠠᠭᠰᠠᠨ ᠢ᠋ᠶ᠋ᠠᠨ 《ᠨᠢᠮ᠎ᠠ ᠭᠤᠸᠠᠢ》 ᠭᠡᠳ ᠭᠦᠶᠦᠨ ᠣᠴᠢᠵᠤ ᠭᠠᠷ ᠡᠴᠡ ᠨᠢ ᠪᠠᠷᠢᠪᠠ᠃
  ᠊᠊᠊᠊᠊᠊᠊᠊᠊᠊᠊᠊᠊᠊᠊ ᠴᠢ ᠴᠢᠨᠢ ᠬᠦᠷᠢᠶᠡᠨ ᠦ᠌ ᠳᠡᠭᠡᠷᠡᠮᠴᠢᠨ ᠤᠤ?
  ᠊᠊᠊᠊᠊᠊᠊᠊᠊᠊᠊᠊᠊᠊᠊ ᠨᠢᠮ᠎ᠠ ᠭᠤᠸᠠᠢ᠃ ᠪᠢ ᠪᠠᠲᠤ ᠪᠠᠢᠨ᠎ᠠ᠃ ᠡᠵᠢ ᠮᠢᠨᠢ ᠰᠠᠢᠨ ᠪᠠᠢᠨ᠎ᠠ ᠤᠤ?
  ᠨᠢᠮ᠎ᠠ ᠡᠪᠦᠯ ᠦ᠋ᠨ ᠴᠠᠰᠤᠨ ᠤ᠋ ᠢᠲᠠᠭᠤ ᠰᠢᠭ᠋ ᠨᠢᠳᠦ ᠪᠡᠷ ᠪᠠᠲᠤ ᠶ᠋ᠢ ᠠᠵᠢᠭᠯᠠᠨ ᠬᠠᠷᠠᠭᠰᠠᠨ ᠢ᠋ᠶ᠋ᠠᠨ 《ᠵᠠᠢᠯᠠ᠂ ᠲᠠ ᠬᠣᠶᠠᠷ ᠴᠢᠨᠢ ᠲᠡᠷᠡ ᠨᠢᠭᠡ ᠶᠠᠳᠠᠭᠤ ᠪᠦᠰᠡᠭᠦᠢ ᠶ᠋ᠢ ᠠᠯᠠᠬᠤ ᠭᠡᠵᠦ ᠲᠥᠷᠥᠭᠰᠡᠨ ᠠᠮᠢᠲᠠᠨ ᠤᠤ?》 ᠭᠡᠵᠦ ᠬᠠᠰᠬᠢᠷᠤᠭᠠᠳ ᠪᠠᠲᠤ ᠶ᠋ᠢ ᠲᠦᠯᠬᠢᠬᠦ ᠭᠡᠰᠡᠨ ᠢ᠋ᠶ᠋ᠡᠨ ᠭᠡᠳᠡᠷᠭᠦ ᠪᠡᠨ ᠤᠨᠠᠪᠠ᠃
  ᠊᠊᠊᠊᠊᠊᠊᠊᠊᠊᠊᠊᠊᠊᠊ ᠨᠢᠮ᠎ᠠ ᠭᠤᠸᠠᠢ᠃ ᠡᠵᠢ ᠮᠢᠨᠢ ᠰᠠᠢᠨ ᠪᠠᠢᠨ᠎ᠠ ᠤᠤ? ᠭᠡᠵᠦ ᠪᠠᠲᠤ ᠬᠣᠭᠣᠯᠠᠢ ᠪᠠᠨ ᠴᠡᠴᠡᠷᠡᠭᠦᠯᠦᠨ ᠬᠠᠰᠬᠢᠷᠪᠠ᠃
  ᠊᠊᠊᠊᠊᠊᠊᠊᠊᠊᠊᠊᠊᠊᠊ ᠣᠮ ᠮᠠᠨᠢ ᠪᠠᠳ ᠮᠢ ᠬᠣᠮ᠃ ᠬᠠᠷ᠎ᠠ ᠲᠡᠮᠦᠷ ᠳᠣᠲᠣᠷ ᠲᠠᠢ ᠵᠤᠯᠪᠤᠰᠠᠭ᠎ᠠ ᠮᠢᠨᠢ᠃ ᠡᠳᠦᠷ ᠪᠦᠬᠦᠨ ᠮᠢᠩᠭᠠᠨ ᠮᠠᠨᠢ ᠤᠩᠰᠢᠵᠤ ᠪᠠᠢ᠃
  ᠊᠊᠊᠊᠊᠊᠊᠊᠊᠊᠊᠊᠊᠊᠊ ᠡᠵᠢ ᠮᠢᠨᠢ ᠁ ᠭᠡᠵᠦ ᠬᠠᠰᠬᠢᠷᠤᠭᠠᠳ ᠪᠠᠲᠤ ᠭᠡᠳᠡᠷᠭᠦ ᠪᠡᠨ ᠪᠣᠯᠬᠤ ᠳ᠋ᠤ᠌ ᠨᠢᠳᠦ ᠨᠢ ᠨᠢᠯᠪᠤᠰᠤ ᠪᠠᠷ ᠳᠦᠭᠦᠷᠪᠡ᠃
  ᠊᠊᠊᠊᠊᠊᠊᠊᠊᠊᠊᠊᠊᠊᠊ ᠨᠢᠭᠦᠯ ᠲᠡᠢ ᠵᠣᠯᠢᠭ᠃ ᠣᠮ ᠮᠠᠨᠢ ᠪᠠᠳ ᠮᠢ ᠬᠣᠮ᠃ ᠡᠷᠯᠢᠭ ᠨᠣᠮᠣᠨ ᠬᠠᠭᠠᠨ ᠤ᠋ ᠳ᠋ᠤ᠌ ᠣᠴᠢᠭᠠᠳ ᠲᠡᠷᠡ ᠡᠬᠡ ᠳ᠋ᠡᠭᠡᠨ ᠶᠠᠭᠤ ᠭᠡᠵᠦ ᠬᠡᠯᠡᠬᠦ ᠠᠮᠢᠲᠠᠨ ᠪᠣᠢ? ᠭᠡᠳ ᠪᠣᠰᠴᠤ ᠪᠠᠲᠤ ᠤᠷᠤᠭᠤ ᠭᠢᠯᠦᠢᠨ ᠬᠠᠷᠠᠭᠰᠠᠨ ᠢ᠋ᠶ᠋ᠠᠨ ᠨᠠᠢᠭᠤᠨ ᠶᠠᠪᠤᠵᠠᠢ᠃
  ᠪᠠᠲᠤ ᠬᠠᠰᠢᠶ᠎ᠠ ᠲᠦᠰᠢᠨ ᠠᠪᠴᠤ ᠡᠬᠡᠷ ᠲᠡᠳᠡᠨ ᠤᠬᠢᠯᠠᠪᠠ᠃ ᠵᠢᠷᠭᠠᠯ ᠶᠠᠭᠤ ᠴᠤ᠌ ᠳᠤᠤᠭᠠᠷᠴᠤ ᠴᠢᠳᠠᠬᠤ ᠦᠭᠡᠢ ᠲᠡᠭᠦᠨ ᠦ᠌ ᠳᠡᠷᠭᠡᠳᠡ ᠵᠣᠭᠰᠣᠵᠤ ᠪᠠᠢᠪᠠ᠃
  ᠡᠪᠦᠭᠡᠨ 《ᠬᠣᠶᠠᠷ ᠬᠠᠩᠭᠠᠢ ᠶ᠋ᠢᠨ ᠨᠤᠲᠤᠭ ᠁》 ᠭᠡᠵᠦ ᠭᠢᠩᠰᠢᠨ ᠠᠶᠠᠯᠤᠭᠰᠠᠭᠠᠷ ᠳᠠᠯᠳᠠ ᠣᠷᠣᠬᠤ ᠳ᠋ᠤ᠌ ᠬᠣᠶᠠᠷ ᠵᠠᠯᠠᠭᠤ ᠬᠠᠷᠠᠭᠰᠠᠨ ᠦᠭᠡᠢ ᠠᠯᠳᠠᠵᠠᠢ᠃
  ᠮᠠᠷᠭᠠᠰᠢ ᠥᠷᠯᠥᠭᠡ ᠨᠢ ᠨᠠᠷᠠ ᠮᠠᠨᠳᠤᠬᠤ ᠶ᠋ᠢᠨ ᠦᠶ᠎ᠡ ᠳ᠋ᠦ᠍ ᠢᠲᠡᠭᠡᠯᠲᠦ ᠶ᠋ᠢᠨ ᠤᠷᠲᠤ ᠵᠢᠩ ᠬᠠᠮᠪᠤ ᠶ᠋ᠢᠨ ᠣᠪᠣᠭ᠎ᠠ ᠥᠩᠭᠡᠷᠡᠨ ᠨᠤᠲᠤᠭ ᠤ᠋ᠨ ᠵᠦᠭ ᠵᠠᠮ ᠬᠥᠭᠡᠭᠡᠵᠦ ᠪᠠᠢᠪᠠ᠃ ᠨᠢᠮ᠎ᠠ ᠡᠪᠦᠭᠡᠨ ᠲᠦᠭᠦᠴᠡᠭᠡ ᠲᠡᠷᠭᠡᠨ ᠳᠡᠭᠡᠷ᠎ᠡ ᠬᠥᠳᠡᠯᠦᠯ ᠦᠭᠡᠢ ᠬᠡᠪᠲᠡᠨ᠎ᠡ᠃ ᠲᠡᠷᠡ ᠬᠣᠶᠠᠷ ᠵᠠᠯᠠᠭᠤ ᠲᠠᠢ ᠲᠠᠭᠠᠷᠠᠯᠳᠤᠭᠰᠠᠨ ᠢ᠋ᠶ᠋ᠠᠨ ᠮᠡᠳᠡᠬᠦ ᠦᠭᠡᠢ ᠵᠥᠪᠬᠡᠨ ᠵᠡᠭᠦᠳᠦᠯᠡᠭᠰᠡᠨ ᠮᠡᠲᠦ ᠪᠣᠳᠣᠨ᠎ᠠ᠃
  ᠬᠣᠶᠠᠷᠳᠠᠬᠢ ᠡᠳᠦᠷ ᠦ᠋ᠨ ᠪᠠᠭᠤᠳᠠᠯ ᠳᠡᠭᠡᠷ᠎ᠡ ᠳᠠᠩ ᠮᠣᠷᠢᠲᠠᠢ ᠬᠣᠴᠣᠷᠤᠭᠰᠠᠨ ᠢᠲᠡᠭᠡᠯᠲᠦ ᠭᠦᠢᠴᠡᠵᠦ ᠢᠷᠡᠭᠡᠳ᠄
  ᠊᠊᠊᠊᠊᠊᠊᠊᠊᠊᠊᠊᠊᠊᠊ ᠨᠢᠮ᠎ᠠ ᠭᠤᠸᠠᠢ ᠱᠠᠮᠪᠠᠯ ᠳ᠋ᠤ᠌ ᠣᠴᠢᠵᠤ ᠴᠢᠳᠠᠭ᠎ᠠ ᠦᠭᠡᠢ ᠤᠤ? ᠭᠡᠯ᠎ᠡ᠃
  ᠊᠊᠊᠊᠊᠊᠊᠊᠊᠊᠊᠊᠊᠊᠊ ᠢᠰᠡᠭᠡᠢ ᠬᠢᠬᠦ ᠳ᠋ᠦ᠍ ᠨᠣᠬᠠᠢ ᠬᠡᠷᠡᠭ ᠦᠭᠡᠢ ᠭᠡᠭᠴᠢ ᠪᠡᠷ ᠨᠠᠳᠠ ᠰᠢᠭ᠋ ᠬᠡᠷᠡᠭ ᠦᠭᠡᠢ ᠠᠮᠢᠲᠠᠨ ᠲᠡᠨᠳᠡ ᠦᠭᠡᠢ ᠪᠠᠢᠬ᠎ᠠ ᠭᠡᠳ ᠨᠢᠮ᠎ᠠ ᠬᠤᠯᠴᠢᠭᠠᠷ ᠢᠨᠢᠶᠡᠪᠡ᠃
  ᠪᠣᠭᠳᠠ ᠳ᠋ᠤ᠌ ᠮᠥᠷᠭᠥᠬᠦ ᠭᠡᠵᠦ ᠶᠠᠪᠤᠭᠠᠳ ᠱᠠᠯ ᠰᠣᠭᠲᠣᠭᠤ ᠢᠷᠡᠭᠰᠡᠨ ᠳ᠋ᠡᠭᠡᠨ ᠭᠡᠮᠰᠢᠵᠦ᠂ ᠢᠲᠡᠭᠡᠯᠲᠦ ᠵᠢᠮᠡᠯᠡᠵᠦ ᠮᠠᠭᠠᠳ ᠭᠡᠵᠦ ᠬᠤᠯᠴᠢ᠌ᠵᠤ ᠪᠠᠢᠯ᠎ᠠ᠃
  ᠊᠊᠊᠊᠊᠊᠊᠊᠊᠊᠊᠊᠊᠊᠊ ᠪᠣᠭᠳᠠ ᠳ᠋ᠤ᠌ ᠮᠥᠷᠭᠥᠭᠰᠡᠨ ᠪᠢᠯᠢᠤ᠂ᠦᠭᠡᠢ ᠪᠢᠯᠢᠤ?
  ᠊᠊᠊᠊᠊᠊᠊᠊᠊᠊᠊᠊᠊᠊᠊ ᠮᠥᠷᠭᠥᠭᠰᠡᠨ ᠭᠡᠵᠦ ᠬᠡᠯᠡᠭᠡᠳ ᠨᠢᠮ᠎ᠠ ᠨᠢᠳᠦ ᠪᠡᠨ ᠪᠤᠷᠤᠭᠤᠯᠠᠨ ᠮᠣᠳᠣ ᠲᠣᠯᠣᠭᠠᠢ ᠪᠠᠨ ᠭᠠᠷᠭᠠᠵᠤ ᠲᠠᠮᠠᠬᠢ ᠲᠠᠲᠠᠯ᠎ᠠ᠃
  ᠊᠊᠊᠊᠊᠊᠊᠊᠊᠊᠊᠊᠊᠊᠊ ᠶᠠᠭᠠᠬᠢᠵᠤ ᠮᠥᠷᠭᠥᠪᠡ ᠳᠡ?
  ᠊᠊᠊᠊᠊᠊᠊᠊᠊᠊᠊᠊᠊᠊᠊ ᠦᠷᠭᠦᠭᠡᠨ ᠳ᠋ᠦ᠍ᠨᠢ ᠣᠷᠣᠭᠠᠳ ᠯᠠ ᠮᠥᠷᠭᠥᠵᠦ ᠣᠷᠬᠢᠭᠰᠠᠨ᠃
  ᠨᠢᠮ᠎ᠠ ᠶ᠋ᠢᠨ ᠪᠠᠢᠳᠠᠯ᠂ ᠶᠠᠷᠢᠶᠠᠨ ᠤ᠋ ᠰᠡᠵᠢᠭᠦᠷ ᠡᠴᠡ ᠨᠢ ᠪᠣᠭᠳᠠ ᠳ᠋ᠤ᠌ ᠮᠥᠷᠭᠥᠭᠡ ᠦᠭᠡᠢ ᠭᠡᠳᠡᠭ ᠢ᠋ ᠨᠡᠪᠲᠡ ᠬᠠᠷᠠᠭᠰᠠᠨ ᠢᠲᠡᠭᠡᠯᠲᠦ ᠴᠢᠨᠠᠭᠰᠢᠯᠠᠭᠤᠯᠵᠤ᠄
  ᠊᠊᠊᠊᠊᠊᠊᠊᠊᠊᠊᠊᠊᠊᠊ ᠶᠠᠮᠠᠷ ᠰᠢᠦ ᠪᠠᠢᠭ᠎ᠠ ᠶᠤᠮ ᠪᠣᠢ ᠳᠠ ᠭᠡᠵᠦ ᠨᠢᠮ᠎ᠠ ᠶ᠋ᠢᠨ ᠶᠠᠷᠢᠶᠠᠨ ᠳ᠋ᠤ᠌ ᠦᠨᠡᠬᠡᠷ ᠢᠲᠡᠭᠡᠭᠰᠡᠨ ᠳᠦᠷᠢ ᠦᠵᠡᠭᠦᠯᠦᠨ ᠠᠰᠠᠭᠤᠪᠠ᠃
  ᠊᠊᠊᠊᠊᠊᠊᠊᠊᠊᠊᠊᠊᠊᠊ ᠲᠣᠮᠣ ᠭᠡᠭᠴᠢ ᠶ᠋ᠢᠨ ᠤᠯᠠᠭᠠᠨ ᠬᠠᠯᠵᠠᠨ ᠦᠷᠭᠦᠭᠡᠨ ᠦ᠌ ᠪᠠᠷᠠᠭᠤᠨ ᠲᠠᠯ᠎ᠠ ᠳ᠋ᠤ᠌ ᠪᠠᠷᠰ ᠤ᠋ᠨ ᠠᠷᠠᠰᠤᠨ ᠳᠡᠭᠡᠷ᠎ᠡ ᠰᠢᠷ᠎ᠠ ᠲᠣᠰᠣ ᠰᠠᠮᠤᠷᠤᠭᠰᠠᠨ ᠮᠠᠩᠵᠠ ᠵᠣᠭᠣᠭᠯᠠᠭᠠᠳ ᠮᠣᠷᠢᠯᠠᠵᠤ ᠪᠠᠢᠬᠤ ᠶᠤᠮ᠃
  ᠊᠊᠊᠊᠊᠊᠊᠊᠊᠊᠊᠊᠊᠊᠊ ᠪᠤᠷᠬᠠᠨ ᠬᠥᠮᠦᠨ ᠪᠣᠯᠬᠣᠷ ᠲᠠᠨ ᠢ᠋ ᠯᠠᠪ ᠲᠠᠨᠢᠵᠤ ᠪᠠᠢᠭ᠎ᠠ ᠪᠠᠢᠬ᠎ᠠ ᠳᠠ᠃
  ᠊᠊᠊᠊᠊᠊᠊᠊᠊᠊᠊᠊᠊᠊᠊ ᠬᠡᠯᠡᠭᠡᠳ ᠶᠠᠭᠤ ᠪᠠᠢᠬᠤᠪ᠃ ᠴᠢ ᠴᠢᠨᠢ ᠯᠤᠤ ᠬᠦᠩ ᠦ᠋ᠨ ᠨᠢᠮ᠎ᠠ ᠪᠢᠵᠡ ᠳᠡ ᠭᠡᠰᠡᠨ᠃
  ᠊᠊᠊᠊᠊᠊᠊᠊᠊᠊᠊᠊᠊᠊᠊ ᠲᠠ ᠴᠦ᠍ ᠲᠡᠢᠮᠦ ᠯᠡ ᠭᠡᠰᠡᠨ ᠪᠢᠵᠡ ᠳᠡ ᠁ ᠵᠠ ᠴᠢᠩᠭᠢᠭᠡᠳ ᠬᠣᠭᠣᠯᠠ ᠰᠠᠷᠬᠤᠳ ᠭᠡᠳ ᠯᠡ ᠰᠦᠢᠳ ᠪᠣᠯᠤᠭ᠎ᠠ ᠪᠢᠵᠡ ᠳᠡ᠃
  ᠊᠊᠊᠊᠊᠊᠊᠊᠊᠊᠊᠊᠊᠊᠊ ᠳᠡᠭᠡᠯ ᠦᠭᠡᠢ ᠶᠠᠭᠠᠬᠢᠬᠤᠪ᠃ ᠶᠡᠬᠡ ᠳᠠᠭᠢᠨᠢ ᠪᠠᠨ ᠳᠠᠭᠤᠳᠠᠭᠠᠳ ᠨᠢᠮ᠎ᠠ ᠳ᠋ᠤ᠌ ᠭᠠᠠᠵᠠ ᠬᠠᠯᠠᠭᠠᠵᠤ ᠥᠭ ᠭᠡᠰᠡᠨ᠃ ᠪᠢ ᠭᠡᠳᠡᠭ ᠬᠥᠮᠦᠨ ᠪᠣᠭᠳᠠ ᠶ᠋ᠢᠨ ᠬᠡᠰᠢᠭ ᠬᠦᠷᠲᠡᠵᠦ ᠣᠷᠬᠢᠭᠠᠳ ᠲᠡᠢᠮᠦ ᠤᠬᠠᠭᠠᠨ ᠦᠭᠡᠢ ᠰᠣᠭᠲᠣᠭᠤ ᠢᠷᠡᠵᠦ ᠪᠠᠢᠬᠤ ᠦᠭᠡᠢ ᠤᠤ᠃
  ᠢᠲᠡᠭᠡᠯᠲᠦ ᠬᠥᠭᠵᠢᠯᠲᠡᠢ ᠢᠨᠢᠶᠡᠪᠡ᠃ ᠨᠢᠮ᠎ᠠ ᠶ᠋ᠢ ᠰᠢᠬᠠᠵᠤ ᠳᠡᠩᠰᠡᠯᠦᠭᠦᠯᠦᠨ ᠫᠤᠤᠳᠠᠭᠤᠯᠵᠤ ᠪᠠᠢᠭ᠎ᠠ ᠨᠢ ᠵᠤᠭ᠎ᠠ ᠲᠠᠢ ᠬᠡᠷᠡᠭ ᠪᠠᠢᠯ᠎ᠠ᠃
  ᠊᠊᠊᠊᠊᠊᠊᠊᠊᠊᠊᠊᠊᠊᠊ ᠶᠠᠮᠠᠷ ᠬᠣᠭᠣᠯᠠ ᠥᠭᠪᠡ᠃
  ᠊᠊᠊᠊᠊᠊᠊᠊᠊᠊᠊᠊᠊᠊᠊ ᠡᠬᠡ ᠳᠠᠭᠢᠨᠢ ᠭᠤᠸᠠᠢ ᠬᠥᠯᠳᠡᠭᠦᠦ ᠲᠠᠷᠭᠤᠨ ᠮᠢᠬ᠎ᠠ ᠣᠷᠣᠭᠤᠯᠵᠤ ᠢᠷᠡᠭᠡᠳ ᠰᠠᠢᠬᠠᠨ ᠪᠤᠤᠵᠠ ᠬᠢᠵᠦ ᠥᠭᠭᠦᠭᠰᠡᠨ ᠭᠡᠵᠦ ᠨᠢᠮ᠎ᠠ ᠶ᠋ᠢᠨ ᠬᠡᠯᠡᠬᠦ ᠳ᠋ᠦ᠍᠂ 《ᠲᠠᠨ ᠤ᠋ ᠠᠵᠠ ᠭᠡᠳᠡᠭ ᠴᠦ᠍ ᠲᠦᠮᠡᠨ ᠦ᠌ ᠡᠬᠢ ᠤᠨᠠᠭᠰᠠᠨ ᠬᠡᠦᠬᠡᠳ ᠰᠢᠭ ᠶᠠᠪᠤᠭ᠎ᠠ ᠶᠤᠮ ᠪᠠᠢᠨ᠎ᠠ》 ᠭᠡᠳ ᠢᠲᠡᠭᠡᠯᠲᠦ ᠲᠣᠯᠣᠭᠠᠢ ᠪᠠᠨ ᠬᠠᠶᠠᠯᠠᠨ ᠵᠢᠩᠭᠢᠨᠡᠭᠦᠯᠦᠨ ᠢᠨᠢᠶᠡᠵᠦ ᠨᠢᠳᠦᠨ ᠦ᠌ ᠪᠡᠨ ᠨᠢᠯᠪᠤᠰᠤ ᠶ᠋ᠢ ᠠᠷᠴᠢᠪᠠ᠃
  ᠭᠠᠳᠠᠭ᠎ᠠ ᠬᠦᠢᠲᠡᠨ ᠰᠠᠯᠬᠢ ᠦᠯᠢᠶᠡᠨ᠂ ᠴᠠᠪᠳᠠᠭ ᠵᠢᠪᠡᠷᠡᠭᠦᠨ ᠪᠠᠢᠭᠰᠠᠨ ᠠᠪᠠᠴᠤ ᠭᠠᠯ ᠲᠦᠯᠡᠭᠰᠡᠨ ᠳᠠᠪᠬᠤᠷ ᠮᠠᠢᠬᠠᠨ ᠳ᠋ᠤ᠌ ᠰᠠᠭᠤᠭᠠᠳ ᠬᠠᠯᠠᠭᠤᠨ ᠴᠠᠢ ᠲᠠᠢ ᠴᠠᠭᠠᠨ ᠲᠣᠰᠣ ᠢᠳᠡᠵᠦ ᠪᠠᠢᠭ᠎ᠠ ᠵᠤᠵᠠᠭᠠᠨ ᠬᠤᠪᠴᠠᠰᠤ ᠲᠠᠢ ᠬᠥᠮᠦᠰ ᠲᠡᠭᠦᠨ ᠢ᠋ ᠡᠰᠡ ᠮᠡᠳᠡᠷᠡᠨ ᠨᠢᠮ᠎ᠠ ᠶ᠋ᠢᠨ ᠶᠠᠷᠢᠶᠠᠨ ᠳ᠋ᠤ᠌ ᠬᠥᠭᠵᠢᠯᠲᠡᠢ ᠢᠨᠢᠶᠡᠯᠳᠦᠵᠦ ᠱᠤᠤᠭᠢᠯᠳᠤᠨ᠎ᠠ᠃