ᠲᠤᠩᠭᠠᠯᠠᠭ ᠲᠠᠮᠢᠷ3-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-12-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-25

1227

《ᠰᠠᠢᠬᠠᠨ ᠮᠣᠷᠢ ᠡᠷ᠎ᠡ ᠶ᠋ᠢᠨ ᠴᠢᠮᠡᠭ᠃ ᠰᠠᠢᠨ ᠮᠣᠷᠢ ᠡᠵᠡᠨ ᠳ᠋ᠡᠭᠡᠨ ᠨᠥᠬᠥᠷ》 - ᠭᠤᠷᠪᠠᠳᠤᠭᠠᠷ ᠪᠦᠯᠦᠭ ᠠᠷᠪᠠᠨ ᠬᠣᠶᠠᠷ

  ᠥᠭᠭᠢᠶᠡᠮᠦᠷ ᠨᠠᠮᠤᠷ ᠤ᠋ᠨ ᠴᠠᠭ ᠲᠤ᠌ ᠲᠠᠮᠢᠷ ᠤ᠋ᠨ ᠰᠠᠪᠠ ᠨᠤᠲᠤᠭ ᠰᠦᠷᠡᠬᠡᠢ ᠰᠣᠭᠲᠣᠭᠰᠠᠨ ᠣᠩᠭᠢᠷᠭᠠᠨ ᠪᠥᠭᠡᠳ ᠥᠭᠯᠢᠭᠡᠴᠢ ᠬᠥᠮᠦᠨ ᠲᠡᠢ ᠲᠥᠰᠦᠭᠡ ᠲᠡᠢ ᠪᠠᠢᠳᠠᠭ ᠪᠢᠯᠡ᠃ ᠥᠨᠳᠥᠷ ᠤᠷᠭᠤᠭᠰᠠᠨ ᠡᠪᠡᠰᠦ ᠬᠠᠯᠢᠭᠤᠷᠠᠨ ᠨᠠᠢᠭᠤᠭᠠᠳ᠂ ᠨᠠᠮᠤᠷ ᠤ᠋ᠨ ᠴᠡᠴᠡᠭ ᠦ᠋ᠳ ᠥᠩᠭᠡ ᠪᠤᠯᠢᠶᠠᠯᠳᠤᠨ ᠳᠥᠩᠭᠡᠵᠢ ᠦᠵᠦᠭᠦᠷ ᠨᠢ ᠰᠢᠷᠠᠯᠠᠭᠰᠠᠨ ᠮᠣᠳᠣ ᠨᠠᠷᠠᠨ ᠤ᠋ ᠭᠡᠷᠡᠯ ᠳ᠋ᠦ᠍ ᠰᠢᠵᠢᠷ ᠠᠯᠲᠠᠨ ᠲᠤᠶᠠᠭ᠎ᠠ ᠰᠠᠴᠤᠷᠠᠭᠤᠯᠤᠨ᠂ ᠬᠠᠢᠨᠤᠭ ᠰᠠᠷᠯᠤᠭ ᠠᠯᠠᠭᠯᠠᠵᠤ ᠪᠡᠯᠴᠢᠨ᠎ᠡ᠃
  ᠪᠥᠷᠲᠥᠢᠬᠦ ᠴᠦ᠍ ᠡᠭᠦᠯᠡ ᠦᠭᠡᠢ ᠲᠡᠭᠷᠢ ᠴᠠᠢᠪᠤᠷ ᠲᠤᠶᠠᠭ᠎ᠠ ᠪᠠᠷ ᠶᠢᠷᠲᠢᠨᠴᠦ ᠶ᠋ᠢ ᠭᠡᠢᠭᠦᠯᠦᠨ ᠬᠠᠮᠢᠭᠠᠰᠢ ᠪᠠᠨ ᠯᠠ ᠬᠠᠷᠠᠪᠠᠯ ᠮᠠᠨᠠᠨ ᠲᠡᠳᠡᠨ᠂ ᠰᠦᠷᠯᠢᠭ ᠥᠨᠳᠥᠷ ᠠᠭᠤᠯᠠ ᠤᠨᠢᠶᠠᠷᠲᠤᠨ᠎ᠠ᠃ ᠠᠢᠯ ᠤ᠋ᠨ ᠲᠣᠭᠣᠨᠣ ᠪᠠᠷ ᠭᠠᠷᠤᠭᠰᠠᠨ ᠤᠲᠤᠭ᠎ᠠ ᠬᠦᠷᠲᠡᠯ᠎ᠡ ᠡᠨᠡ ᠬᠥᠬᠡᠮᠳᠦᠭ ᠤᠨᠢᠶᠠᠷ ᠡᠴᠡ ᠦᠯᠦ ᠢᠯᠭᠠᠷᠠᠬᠤ ᠠᠵᠢ᠃
  ᠲᠡᠨᠢᠭᠡᠷ ᠨᠠᠮᠤᠷ ᠤ᠋ᠨ ᠡᠢᠮᠦ ᠡᠳᠦᠷ ᠶᠠᠭᠤᠮ᠎ᠠ ᠪᠦᠬᠦᠨ ᠶᠡᠷᠦ ᠪᠤᠰᠤ ᠶ᠋ᠢᠨ ᠲᠠᠢᠪᠤᠩ᠂ ᠶᠡᠬᠡᠮᠰᠦᠭ ᠪᠥᠭᠡᠳ ᠨᠠᠮᠪᠠᠭ᠎ᠠ ᠲᠠᠢ ᠪᠠᠢᠳᠠᠭ᠃ ᠡᠢᠮᠦᠷᠬᠦᠦ ᠴᠠᠭ ᠲᠤ᠌ ᠡᠨᠡ ᠨᠤᠲᠤᠭ ᠤ᠋ᠨ ᠬᠢᠨᠢ ᠥᠭᠡᠷ᠎ᠡ ᠭᠠᠵᠠᠷ ᠳᠥᠷᠥᠭᠡ ᠦᠭᠡᠢ ᠠᠵᠠ ᠪᠠᠨ ᠮᠠᠭᠲᠠᠵᠤ ᠬᠤᠯᠤ ᠲᠠᠢ ᠠᠢᠷᠠᠭ᠂ ᠠᠶᠠᠭ᠎ᠠ ᠲᠠᠢ ᠠᠷᠢᠬᠢ ᠪᠠᠷᠢᠵᠤ 《ᠬᠤᠰᠢᠭᠤᠨ ᠤ᠋ ᠣᠯᠠᠨ ᠲᠠᠮᠢᠷ》 ᠭᠡᠳ ᠥᠨᠳᠥᠷ᠂ ᠨᠠᠮ᠂ ᠨᠠᠷᠢᠨ ᠪᠦᠳᠦᠭᠦᠨ ᠬᠣᠭᠣᠯᠠᠢ ᠪᠠᠷ ᠬᠠᠩᠭᠢᠨᠠᠭᠤᠯᠬᠤ ᠳᠤᠷᠠᠲᠠᠢ᠃
  ᠥᠯᠵᠡᠢ ᠶ᠋ᠢᠨ ᠬᠢ ᠬᠣᠢᠲᠤ ᠲᠠᠮᠢᠷ ᠤ᠋ᠨ ᠤᠷᠢᠳᠤ ᠡᠷᠭᠢ ᠳ᠋ᠦ᠍ ᠨᠢᠭᠡ ᠲᠠᠯ᠎ᠠ ᠨᠢ ᠬᠠᠳᠠᠨ ᠬᠣᠰᠢᠭᠤ ᠪᠠᠷ ᠬᠠᠰᠢᠭᠳᠠᠭᠰᠠᠨ ᠠᠮᠠᠨ ᠤ᠋ ᠠᠳᠠᠭ ᠲᠤ᠌ ᠨᠠᠮᠤᠷᠵᠢᠵᠤ ᠪᠠᠢᠯ᠎ᠠ᠃ ᠥᠯᠵᠡᠢ ᠠᠵᠢ ᠬᠦᠦ ᠬᠦᠷᠡᠯ ᠦ᠋ᠨ ᠬᠠᠮᠲᠤ ᠬᠡᠳᠦᠨ ᠡᠳᠦᠷ ᠦ᠋ᠨ ᠲᠤᠷᠰᠢ ᠲᠡᠭᠦᠭᠰᠡᠨ ᠮᠠᠩᠭᠢᠷ ᠨᠢ ᠬᠠᠲᠠᠵᠤ᠂ ᠴᠠᠨᠳᠠ ᠬᠡᠦᠬᠡᠨ ᠥᠷᠥᠮ᠎ᠡ ᠪᠡᠨ ᠬᠠᠢᠯᠤᠭᠤᠯᠵᠤ ᠬᠣᠯᠢᠬᠤ ᠴᠠᠭ ᠪᠣᠯᠪᠠ᠃
  ᠬᠤᠶᠠᠭ ᠡᠴᠡ ᠤᠳᠠᠲᠠᠯ᠎ᠠ ᠶᠠᠮᠠᠷ ᠴᠤ᠌ ᠰᠤᠷᠠᠭ ᠴᠢᠮᠡᠭᠡ ᠦᠭᠡᠢ ᠪᠠᠢᠵᠠᠢ᠃ ᠭᠡᠲᠡᠯ᠎ᠡ ᠥᠩᠭᠡᠷᠡᠭᠰᠡᠨ ᠬᠠᠪᠤᠷ ᠨᠢᠭᠡ ᠬᠥᠮᠦᠨ ᠢᠷᠡᠵᠦ ᠬᠦᠦ ᠨᠢ ᠬᠠᠳᠠᠨ ᠪᠠᠭᠠᠲᠤᠷ ᠸᠠᠩ ᠤ᠋ᠨ ᠴᠡᠷᠢᠭ ᠲᠦ᠍ ᠡᠰᠡᠨ ᠮᠡᠨᠳᠦ ᠰᠠᠢᠨ ᠶᠠᠪᠤᠵᠤ ᠪᠠᠢᠭ᠎ᠠ ᠤᠷᠮ᠎ᠠ ᠲᠠᠢ ᠬᠡᠯᠡ ᠠᠪᠴᠢᠷᠠᠵᠠᠢ᠃
  ᠊᠊᠊᠊᠊᠊᠊᠊᠊᠊᠊᠊᠊᠊᠊ ᠪᠠᠭᠠᠲᠤᠷ ᠸᠠᠩ ᠤ᠋ᠨ ᠬᠢᠨ ᠲᠡᠢ ᠪᠠᠢᠯᠳᠤᠵᠤ ᠶᠠᠪᠤᠭ᠎ᠠ ᠬᠡᠷᠡᠭ ᠤᠤ?
  ᠊᠊᠊᠊᠊᠊᠊᠊᠊᠊᠊᠊᠊᠊᠊ ᠮᠠᠨ ᠤ᠋ ᠣᠷᠣᠨ ᠢ᠋ ᠢᠳᠡᠬᠦ ᠭᠡᠵᠦ ᠢᠷᠡᠭᠰᠡᠨ ᠴᠠᠭᠠᠨ ᠤ᠋ ᠳᠡᠭᠡᠷᠡᠮᠴᠢᠳ᠂ ᠲᠡᠳᠡᠨ ᠦ᠌ ᠰᠦᠯᠪᠡᠭᠡ ᠨᠠᠷ ᠢ᠋ ᠳᠠᠷᠤᠵᠤ ᠶᠠᠪᠤᠭ᠎ᠠ ᠶᠤᠮ᠃
  ᠊᠊᠊᠊᠊᠊᠊᠊᠊᠊᠊᠊᠊᠊᠊ ᠠᠷᠠᠳ ᠤ᠋ᠨ ᠨᠠᠮ ᠭᠡᠳᠡᠭ ᠴᠢᠨᠢ ᠠᠯᠢ ᠲᠠᠯ᠎ᠠ ᠳ᠋ᠤᠨᠢ ᠪᠠᠢᠨ᠎ᠠ?
  ᠠᠩᠬ᠎ᠠ ᠥᠯᠵᠡᠢ ᠠᠷᠠᠳ ᠤ᠋ᠨ ᠨᠠᠮ ᠢ᠋ ᠵᠢᠭᠰᠢᠨ ᠦᠵᠡᠵᠦ ᠪᠠᠢᠭᠰᠠᠨ᠃ ᠭᠡᠲᠡᠯ᠎ᠡ ᠰᠡᠭᠦᠯ ᠦ᠋ᠨ ᠦᠶ᠎ᠡ ᠳ᠋ᠦ᠍ ᠰᠣᠨᠣᠰᠤᠭᠰᠠᠨ ᠣᠯᠠᠨ ᠬᠥᠮᠦᠨ ᠦ᠌ ᠶᠠᠷᠢᠶᠠᠨ ᠡᠴᠡ ᠠᠷᠠᠳ ᠤ᠋ᠨ ᠨᠠᠮ ᠭᠡᠳᠡᠭ ᠲᠡᠢᠮᠦ ᠴᠦ᠍ ᠮᠠᠭᠤ ᠵᠦᠢᠯ ᠪᠢᠰᠢ ᠭᠡᠳᠡᠭ ᠢ᠋ ᠣᠭᠠᠭᠠᠷᠠᠵᠤ ᠡᠬᠢᠯᠡᠭᠡᠳ ᠭᠠᠭᠴᠠ ᠬᠦᠦ ᠪᠡᠨ ᠲᠡᠭᠦᠨ ᠦ᠌ ᠡᠰᠡᠷᠭᠦ ᠴᠡᠷᠢᠭ ᠲᠦ᠍ ᠶᠠᠪᠤᠭᠤᠯᠤᠭᠰᠠᠨ ᠳ᠋ᠠᠭᠠᠨ ᠭᠡᠮᠰᠢᠨ ᠶᠠᠪᠤᠵᠠᠢ᠃
  ᠊᠊᠊᠊᠊᠊᠊᠊᠊᠊᠊᠊᠊᠊᠊ ᠮᠠᠨ ᠤ᠋ ᠪᠠᠭᠠᠲᠤᠷ ᠸᠠᠩ ᠠᠷᠠᠳ ᠤ᠋ᠨ ᠨᠠᠮ ᠪᠣᠯ ᠮᠣᠩᠭᠣᠯ ᠣᠷᠣᠨ ᠢ᠋ ᠠᠪᠤᠷᠠᠬᠤ ᠲᠠᠪᠢᠯᠠᠩ ᠲᠠᠢ ᠶᠤᠮ ᠭᠡᠵᠦ ᠠᠢᠯᠠᠳᠤᠭᠰᠠᠨ ᠢ᠋ᠶ᠋ᠠᠷ ᠪᠠᠷᠠᠬᠤ ᠦᠭᠡᠢ᠂ ᠥᠪᠡᠷ ᠢ᠋ᠶ᠋ᠡᠨ ᠲᠡᠭᠦᠨ ᠦ᠌ ᠭᠡᠰᠢᠭᠦᠨ ᠨᠢ ᠪᠣᠯᠤᠭᠰᠠᠨ᠃ ᠪᠣᠳᠣᠪᠠᠯ ᠲᠠᠨ ᠤ᠋ ᠬᠦᠦ ᠴᠦ᠍ ᠠᠷᠠᠳ ᠤ᠋ᠨ ᠨᠠᠮ ᠤ᠋ᠨ ᠭᠡᠰᠢᠭᠦᠨ ᠪᠠᠢᠬᠤ ᠰᠢᠦ᠃
  ᠊᠊᠊᠊᠊᠊᠊᠊᠊᠊᠊᠊᠊᠊᠊ ᠭᠡᠰᠢᠭᠦᠨ ᠭᠡᠨ᠎ᠡ᠃ ᠠᠯᠪᠠᠲᠤ ᠨᠢ ᠪᠣᠯᠵᠤ ᠳᠠᠭᠠᠵᠤ ᠣᠷᠣᠭᠰᠠᠨ ᠬᠡᠷᠡᠭ ᠤᠤ?
  ᠊᠊᠊᠊᠊᠊᠊᠊᠊᠊᠊᠊᠊᠊᠊ ᠲᠡᠭᠡᠵᠦ ᠣᠢᠯᠠᠭᠠᠬᠤ ᠳ᠋ᠤ᠌ ᠪᠣᠯᠤᠨ᠎ᠠ᠃
  ᠊᠊᠊᠊᠊᠊᠊᠊᠊᠊᠊᠊᠊᠊᠊ ᠪᠢ ᠴᠦ᠍ ᠮᠥᠨ ᠲᠡᠨᠡᠭ ᠬᠥᠮᠦᠨ ᠶᠤᠮ᠃ ᠮᠢᠨᠦ ᠬᠦᠦ ᠴᠦ᠍ ᠮᠥᠨ ᠤᠬᠠᠭᠠᠨ ᠲᠠᠢ ᠬᠥᠮᠦᠨ ᠶᠤᠮ ᠳᠡ ᠭᠡᠵᠦ ᠥᠯᠵᠡᠢ ᠨᠠᠮᠤᠭᠤ ᠳᠠᠭᠤ ᠪᠠᠷ ᠬᠡᠯᠡᠭᠡᠳ ᠰᠠᠨᠠᠭ᠎ᠠ ᠠᠯᠳᠠᠪᠠ᠃
  ᠬᠠᠳᠠᠨ ᠪᠠᠭᠠᠲᠤᠷ ᠸᠠᠩ ᠤ᠋ᠨ ᠠᠷᠠᠳ ᠤ᠋ᠨ ᠨᠠᠮ ᠤ᠋ᠨ ᠠᠯᠪᠠᠲᠤ ᠨᠢ ᠪᠣᠯᠤᠭᠰᠠᠨ ᠭᠡᠳᠡᠭ ᠢ᠋ ᠰᠣᠨᠣᠰᠤᠭᠰᠠᠨ ᠡᠴᠡ ᠡᠬᠢᠯᠡᠨ ᠥᠯᠵᠡᠢ ᠡᠪᠦᠭᠡᠨ ᠦ᠌ ᠠᠷᠠᠳ ᠤ᠋ᠨ ᠨᠠᠮ ᠤ᠋ᠨ ᠲᠤᠬᠠᠢ ᠪᠣᠳᠣᠯ ᠡᠷᠡᠰ ᠥᠭᠡᠷ᠎ᠡ ᠪᠣᠯᠵᠠᠢ᠃
  ᠨᠢᠭᠡ ᠥᠷᠯᠥᠭᠡ ᠴᠠᠨᠳᠠ ᠲᠣᠰᠣ ᠪᠠᠨ ᠬᠣᠯᠢᠵᠤ ᠡᠭᠡᠵᠡᠭᠡᠢ ᠪᠤᠴᠠᠯᠭᠠᠵᠤ ᠡᠬᠢᠯᠡᠬᠦ ᠳ᠋ᠦ᠍ ᠡᠨᠡ ᠵᠢᠯ ᠠᠷᠪᠠᠨ ᠬᠣᠶᠠᠷ ᠬᠦᠷᠴᠦ ᠪᠠᠢᠭ᠎ᠠ ᠬᠦᠷᠡᠯ ᠬᠦᠦ ᠨᠢ ᠲᠦᠯᠡᠰᠢ ᠠᠪᠬᠤ ᠪᠠᠷ ᠬᠠᠢᠨᠤᠭ ᠲᠡᠷᠭᠡ ᠲᠡᠢ ᠶᠠᠪᠤᠵᠠᠢ᠃
  ᠬᠠᠷᠢᠨ ᠥᠯᠵᠡᠢ ᠡᠪᠦᠭᠡᠨ ᠲᠠᠮᠢᠷ ᠤ᠋ᠨ ᠬᠥᠨᠳᠡᠢ ᠥᠭᠰᠥᠨ ᠠᠶᠠᠭ᠎ᠠ ᠳᠠᠭᠱᠠ ᠶᠠᠭᠤᠮ᠎ᠠ ᠡᠷᠭᠢᠭᠦᠯᠦᠨ ᠱᠣᠭᠰᠢᠪᠠ᠃
  ᠬᠦᠷᠡᠯ ᠶᠠᠪᠤᠭᠰᠠᠭᠠᠷ ᠮᠣᠳᠣᠨ ᠳ᠋ᠤ᠌ ᠬᠦᠷᠴᠦ ᠲᠡᠷᠭᠡ ᠪᠡᠨ ᠪᠠᠭᠤᠯᠭᠠᠵᠤ ᠬᠠᠢᠨᠤᠭ ᠢ᠋ᠶ᠋ᠠᠨ ᠤᠶᠠᠪᠠ᠃ ᠠᠰᠬ᠎ᠠ ᠪᠦᠬᠦᠨ ᠦ᠌ ᠵᠠᠬ᠎ᠠ ᠪᠠᠷ ᠤᠷᠭᠤᠭᠰᠠᠨ ᠬᠠᠳ᠂ ᠬᠠᠷᠠᠭᠰᠠᠨ ᠬᠥᠮᠦᠨ ᠦ᠌ ᠬᠦᠰᠡᠯ ᠢ᠋ ᠠᠷᠭᠠᠮᠵᠢᠨ ᠠᠪᠳᠠᠭ ᠤᠴᠢᠷ ᠡᠴᠡ ᠨᠠᠮᠤᠷ ᠤ᠋ᠨ ᠴᠠᠭ ᠲᠤ᠌ ᠲᠠᠮᠢᠷ ᠤ᠋ᠨ ᠵᠠᠬ᠎ᠠ ᠶ᠋ᠢᠨ ᠠᠭᠤᠯᠠᠨ ᠳ᠋ᠤ᠌ ᠭᠠᠷᠤᠭᠰᠠᠨ ᠬᠡᠦᠬᠡᠳ ᠠᠷᠤ ᠳ᠋ᠠᠭᠠᠨ ᠭᠡᠷ ᠲᠡᠢ ᠪᠡᠨ ᠠᠮᠠᠷᠬᠠᠨ ᠮᠠᠷᠲᠠᠳᠠᠭ ᠶᠤᠮ᠃
  ᠦᠨᠡᠬᠡᠷ ᠴᠦ᠍ ᠬᠦᠷᠡᠯ ᠬᠦᠦ ᠲᠦᠯᠡᠭᠡ ᠲᠡᠭᠦᠬᠦ ᠪᠡᠨ ᠮᠠᠷᠲᠠᠭᠠᠳ ᠢᠷᠭᠤᠢ ᠳ᠋ᠤ᠌ ᠣᠷᠣᠭᠰᠠᠨ ᠢᠮᠠᠭ᠎ᠠ ᠰᠢᠭ᠋ ᠮᠣᠯᠴᠣᠭᠯᠠᠭᠰᠠᠨ ᠬᠠᠷ᠎ᠠ ᠴᠡᠩᠬᠡᠷ ᠬᠠᠳ ᠢ᠋ ᠡᠮᠬᠦᠯᠡᠵᠦ ᠪᠤᠲᠠ ᠳᠠᠮᠵᠢᠨ ᠭᠦᠶᠦᠪᠡ᠃
  ᠊᠊᠊᠊᠊᠊᠊᠊᠊᠊᠊᠊᠊᠊᠊ ᠰᠠᠢᠨ ᠪᠠᠢᠨᠠᠤ? ᠵᠢᠭᠠᠯ ᠬᠦᠦ ᠭᠡᠵᠦ ᠳᠤᠤᠭᠠᠷᠬᠤ ᠳ᠋ᠤ᠌ ᠬᠦᠷᠡᠯ ᠰᠣᠴᠢᠨ ᠬᠠᠷᠠᠪᠠᠯ ᠬᠠᠳ ᠢᠳᠡᠭᠰᠡᠨ ᠡᠴᠡ ᠠᠮᠠ ᠨᠢ ᠤᠯᠠᠭᠠᠨ ᠬᠦᠷᠡᠩ ᠪᠣᠯᠤᠭᠰᠠᠨ ᠵᠠᠯᠠᠭᠤ ᠡᠷ᠎ᠡ ᠵᠣᠭᠰᠣᠵᠤ ᠪᠠᠢᠯ᠎ᠠ᠃
  ᠊᠊᠊᠊᠊᠊᠊᠊᠊᠊᠊᠊᠊᠊᠊ ᠰᠠᠢᠨ᠂ ᠠᠬ᠎ᠠ ᠲᠠ ᠰᠠᠢᠨ ᠪᠠᠢᠨᠠᠤ?
  ᠊᠊᠊᠊᠊᠊᠊᠊᠊᠊᠊᠊᠊᠊᠊ ᠰᠠᠢᠨ ᠁ ᠬᠦᠦ ᠶ᠋ᠢᠨ ᠭᠡᠷ ᠬᠠᠮᠢᠭ᠎ᠠ ᠪᠣᠢ?
  ᠊᠊᠊᠊᠊᠊᠊᠊᠊᠊᠊᠊᠊᠊᠊ ᠶᠡᠬᠡ ᠠᠮᠠᠨ ᠤ᠋ ᠠᠳᠠᠭ ᠲᠤ᠌᠃ ᠠᠬ᠎ᠠ ᠠ᠋᠂ ᠲᠠ ᠶᠠᠭᠤ ᠬᠢᠵᠦ ᠶᠠᠪᠤᠭ᠎ᠠ ᠬᠥᠮᠦᠨ ᠪᠣᠢ?
  ᠊᠊᠊᠊᠊᠊᠊᠊᠊᠊᠊᠊᠊᠊᠊ ᠠᠬ᠎ᠠ ᠨᠢ ᠤᠤ? ᠬᠠᠳ ᠲᠡᠭᠦᠵᠦ ᠶᠠᠪᠤᠨ᠎ᠠ᠃ ᠮᠢᠨᠦ ᠳᠡᠭᠦᠦ ᠬᠡᠨ ᠲᠡᠢ ᠶᠠᠪᠤᠭ᠎ᠠ ᠪᠣᠢ?
  ᠊᠊᠊᠊᠊᠊᠊᠊᠊᠊᠊᠊᠊᠊᠊ ᠬᠡᠨ ᠲᠡᠢ ᠶᠠᠪᠤᠳᠠᠭ ᠶᠤᠮ ᠪᠣᠢ ᠭᠡᠵᠦ ᠬᠦᠷᠡᠯ ᠡᠭᠳᠡᠭᠦᠦ ᠨᠢ ᠬᠦᠷᠦᠭᠰᠡᠨ ᠣᠭᠵᠣᠮ ᠳᠠᠭᠤ ᠪᠠᠷ ᠬᠡᠭᠵᠢᠭᠦᠨ ᠬᠡᠯᠡᠭᠰᠡᠨ ᠢ᠋ᠶ᠋ᠡᠨ ᠴᠡᠭᠡᠵᠢ ᠪᠡᠨ ᠲᠦᠷᠢᠨ ᠳᠡᠭᠡᠭᠦᠷ ᠬᠠᠷᠠᠵᠤ ᠪᠠᠢᠭᠠᠳ᠂ 《ᠪᠢ ᠭᠠᠭᠴᠠᠭᠠᠷ ᠢ᠋ᠶ᠋ᠠᠨ ᠬᠠᠢᠨᠤᠭ ᠲᠡᠷᠭᠡ ᠲᠡᠢ ᠲᠦᠯᠡᠭᠡ ᠠᠪᠴᠤ ᠶᠠᠪᠤᠨ᠎ᠠ᠃ ᠪᠢ ᠦᠷᠭᠦᠯᠵᠢ ᠭᠠᠭᠴᠠᠭᠠᠷ ᠢ᠋ᠶ᠋ᠠᠨ ᠶᠠᠪᠤᠳᠠᠭ》 ᠭᠡᠯ᠎ᠡ᠃
  ᠊᠊᠊᠊᠊᠊᠊᠊᠊᠊᠊᠊᠊᠊᠊ ᠰᠠᠢᠨ ᠬᠦᠦ ᠪᠠᠢᠨ᠎ᠠ᠂ ᠮᠢᠨᠦ ᠳᠡᠭᠦᠦ ᠭᠡᠳ ᠵᠠᠯᠠᠭᠤ ᠡᠰᠢ ᠲᠡᠰᠢ ᠬᠠᠷᠠᠭᠰᠠᠨ ᠢ᠋ᠶ᠋ᠠᠨ᠂ 《ᠬᠠᠢᠨᠤᠭ ᠲᠡᠷᠭᠡ ᠴᠢᠨᠢ ᠬᠠᠮᠢᠭ᠎ᠠ ᠪᠣᠢ?》 ᠭᠡᠯ᠎ᠡ᠃
  ᠊᠊᠊᠊᠊᠊᠊᠊᠊᠊᠊᠊᠊᠊᠊ ᠳᠣᠣᠷ᠎ᠠ᠂ ᠮᠣᠳᠣᠨ ᠤ᠋ ᠵᠠᠬ᠎ᠠ ᠳ᠋ᠤ᠌ ᠪᠣᠢ᠃ ᠠᠬ᠎ᠠ ᠠ᠋ ᠡᠨᠡ ᠪᠤᠲᠠ ᠶ᠋ᠢᠨ ᠬᠠᠳ ᠭᠣᠴᠣ ᠠᠮᠲᠠᠲᠠᠢ ᠶᠤᠮ᠂ ᠲᠠ ᠢᠳᠡᠬᠦ ᠦᠭᠡᠢ ᠤᠤ?
  ᠲᠡᠷᠡ ᠬᠣᠶᠠᠷ ᠪᠠᠬᠠᠨ ᠬᠠᠳ ᠢᠳᠡᠵᠦ ᠠᠪᠤᠭᠠᠳ ᠵᠠᠯᠠᠭᠤ ᠳᠠᠭᠠᠭᠤᠯᠤᠨ ᠶᠠᠪᠤᠵᠤ ᠮᠣᠳᠣᠨ ᠤ᠋ ᠵᠢᠵᠢᠭᠬᠡᠨ ᠴᠢᠯᠥᠭᠡᠨ ᠳ᠋ᠦ᠍ ᠤᠶᠠᠭᠰᠠᠨ ᠰᠤᠭᠤ ᠰᠢᠭ᠋ ᠭᠤᠷᠪᠠᠨ ᠮᠣᠷᠢᠨ ᠤ᠋ ᠳᠡᠷᠭᠡᠳᠡ ᠣᠴᠢᠪᠠ᠃
  ᠲᠣᠮᠣ ᠲᠣᠮᠣ ᠮᠥᠩᠭᠥᠨ ᠲᠣᠨᠣᠭ ᠲᠠᠢ᠂ ᠬᠡ ᠲᠠᠯᠪᠢᠵᠤ ᠣᠶᠣᠭᠰᠠᠨ ᠬᠠᠷ᠎ᠠ ᠪᠤᠯᠢᠭᠠᠷᠢ ᠭᠥᠯᠢᠮ ᠲᠡᠢ ᠡᠮᠡᠭᠡᠯ ᠮᠣᠷᠢᠳ ᠤ᠋ᠨ ᠳᠡᠷᠭᠡᠳᠡ ᠬᠡᠪᠲᠡᠵᠦ ᠪᠠᠢᠯ᠎ᠠ᠃
  ᠵᠠᠯᠠᠭᠤ ᠨᠣᠭᠣᠭᠠᠨ ᠳᠡᠭᠡᠷ᠎ᠡ ᠲᠠᠪᠠᠲᠠᠢ ᠵᠠᠪᠢᠯᠠᠨ ᠰᠠᠭᠤᠭᠠᠳ᠂ ᠬᠦᠷᠡᠯ ᠤᠷᠤᠭᠤ ᠬᠠᠷᠠᠵᠤ ᠢᠨᠢᠶᠡᠮᠰᠦᠭᠯᠡᠪᠡ᠃ ᠬᠡᠳᠦᠢᠪᠡᠷ ᠡᠨᠡ ᠵᠠᠯᠠᠭᠤ ᠶ᠋ᠢᠨ ᠳᠠᠭᠤ ᠬᠥᠳᠡᠯᠭᠡᠭᠡᠨ ᠨᠢ ᠶᠡᠬᠡᠮᠰᠦᠭ ᠪᠥᠭᠡᠳ ᠨᠡᠯᠢᠶᠡᠳ ᠨᠠᠰᠤᠲᠠᠢ ᠡᠷ᠎ᠡ ᠬᠥᠮᠦᠨ ᠦ᠌ ᠰᠢᠨᠵᠢ ᠶ᠋ᠢ ᠵᠣᠷᠢᠭᠤᠳᠠ ᠳᠠᠭᠤᠷᠢᠶᠠᠬᠤ ᠪᠣᠯᠪᠠᠴᠤ ᠦᠨᠡᠨ ᠬᠡᠷᠡᠭ ᠳᠡᠭᠡᠷ᠎ᠡ ᠪᠡᠨ ᠠᠷᠪᠠᠨ ᠵᠢᠷᠭᠤᠭ᠎ᠠ᠂ ᠳᠣᠯᠣᠭᠠᠨ ᠨᠠᠰᠤᠨ ᠤ᠋ ᠬᠥᠮᠦᠨ ᠪᠠᠢᠯ᠎ᠠ᠃ ᠬᠥᠬᠡ ᠳᠠᠯᠢᠩᠪᠤ ᠳᠡᠪᠡᠯ ᠳᠡᠭᠡᠷ᠎ᠡ ᠨᠣᠭᠣᠭᠠᠨ ᠳᠤᠷᠳᠤᠩ ᠪᠦᠰᠡ ᠰᠤᠯᠠᠬᠠᠨ ᠣᠷᠢᠶᠠᠵᠤ᠂ ᠬᠠᠭᠤᠴᠢᠨ ᠬᠠᠷ᠎ᠠ ᠯᠤᠤᠴᠢᠨ ᠭᠤᠲᠤᠯ ᠡᠮᠦᠰᠴᠡᠢ᠃
  ᠡᠳ᠋ᠯᠡᠭᠰᠡᠨ ᠡᠮᠡᠭᠡᠯ᠂ ᠤᠶᠠᠭᠰᠠᠨ ᠮᠣᠷᠢ᠂ ᠮᠤᠬᠤᠷ ᠰᠥᠭᠥᠮ ᠬᠢᠷᠢ ᠲᠡᠢ ᠴᠠᠭᠠᠨ ᠰᠣᠷᠣᠭᠤᠯ ᠲᠠᠢ ᠭᠠᠩᠰᠠ᠂ ᠪᠦᠳᠦᠭᠦᠨ ᠪᠥᠭᠡᠳ ᠤᠷᠲᠤ ᠳᠠᠩᠰᠠᠨ ᠲᠠᠰᠢᠭᠤᠷ ᠪᠦᠬᠦᠨ ᠢ᠋ ᠨᠢ ᠭᠠᠢᠬᠠᠨ ᠰᠢᠷᠲᠡᠭᠰᠡᠨ ᠬᠦᠷᠡᠯ ᠬᠦᠦ ᠶ᠋ᠢᠨ ᠨᠢᠳᠦᠨ ᠳ᠋ᠦ᠍ ᠡᠨᠡ ᠬᠥᠮᠦᠨ ᠪᠣᠯ ᠨᠠᠰᠤ ᠪᠡᠶ᠎ᠡ ᠭᠦᠢᠴᠡᠭᠰᠡᠨ ᠳᠡᠭᠵᠢᠨ ᠰᠠᠢᠬᠠᠨ ᠵᠠᠯᠠᠭᠤ ᠡᠷ᠎ᠡ ᠬᠠᠷᠠᠭᠳᠠᠬᠤ ᠠᠵᠢ᠃ ᠡᠮᠦᠨ᠎ᠡ ᠨᠢ ᠵᠣᠭᠰᠣᠵᠤ ᠪᠠᠢᠭ᠎ᠠ ᠬᠡᠦᠬᠡᠳ 《ᠠᠬ᠎ᠠ ᠲᠠ》 ᠭᠡᠬᠦ ᠶ᠋ᠢ ᠰᠣᠨᠣᠰᠤᠭᠰᠠᠨ ᠵᠠᠯᠠᠭᠤ ᠶ᠋ᠢᠨ ᠪᠠᠢᠳᠠᠯ ᠤᠯᠠᠮ ᠴᠤ᠌ ᠶᠡᠬᠡᠮᠰᠦᠭ ᠪᠥᠭᠡᠳ ᠨᠠᠮᠪᠠᠭ᠎ᠠ ᠲᠠᠢ ᠪᠣᠯᠤᠨ᠎ᠠ᠃
  ᠬᠦᠦ ᠶ᠋ᠢ ᠵᠠᠯᠠᠭᠤ ᠡᠷ᠎ᠡ ᠢᠷᠪᠠᠢᠨ ᠰᠢᠷᠲᠡᠵᠦ ᠪᠠᠢᠭᠰᠠᠨ ᠢ᠋ᠶ᠋ᠠᠨ ᠨᠢᠳᠦ ᠨᠢ ᠵᠥᠭᠡᠯᠡᠷᠡᠨ ᠡᠷᠲᠡ ᠲᠡᠷᠲᠡᠭᠡ ᠴᠠᠭ ᠲᠤ᠌ ᠪᠣᠯᠤᠭᠰᠠᠨ ᠳᠤᠷᠠᠰᠬᠠᠯᠲᠤ ᠪᠣᠳᠣᠯ ᠤ᠋ᠨ ᠢᠷᠠᠭᠤ ᠲᠤᠶᠠᠭ᠎ᠠ ᠨᠢᠭᠤᠷ ᠲᠤᠨᠢ ᠲᠣᠳᠣᠷᠠᠯ᠎ᠠ᠃
  ᠊᠊᠊᠊᠊᠊᠊᠊᠊᠊᠊᠊᠊᠊᠊ ᠡᠷ᠎ᠡ ᠬᠥᠮᠦᠨ ᠡᠷ᠎ᠡ ᠬᠥᠮᠦᠨ ᠳ᠋ᠡᠭᠡᠨ ᠬᠠᠢᠷᠠᠲᠠᠢ ᠪᠠᠢᠳᠠᠭ ᠶᠤᠮ ᠳᠠ ᠬᠦ ᠁ ᠵᠠ ᠳᠡᠭᠦᠦ ᠮᠢᠨᠢ ᠡᠨᠳᠡ ᠰᠠᠭᠤ᠃ ᠬᠣᠶᠠᠭᠤᠯᠠ ᠪᠠᠨ ᠬᠦᠢᠲᠡᠨ ᠮᠢᠬ᠎ᠠ ᠢᠳᠡᠶ᠎ᠡ ᠭᠡᠳ ᠵᠠᠯᠠᠭᠤ ᠡᠮᠡᠭᠡᠯ ᠦ᠋ᠨ ᠳᠡᠷᠭᠡᠳᠡ ᠪᠠᠢᠭᠰᠠᠨ ᠬᠠᠷ᠎ᠠ ᠪᠤᠯᠢᠭᠠᠷᠢ ᠪᠣᠭᠴᠣ ᠪᠠᠨ ᠠᠪᠤᠯ᠎ᠠ᠃
  ᠬᠦᠷᠡᠯ ᠬᠦᠦ ᠳᠤᠭᠤᠯᠭᠠᠪᠤᠷᠢᠲᠠᠢ ᠬᠥᠳᠡᠯᠵᠦ ᠵᠢᠭᠠᠭᠰᠠᠨ ᠭᠠᠵᠠᠷ ᠨᠢ ᠣᠴᠢᠵᠤ ᠥᠷᠥᠭᠡᠰᠦᠨ ᠡᠪᠦᠳᠦᠭ ᠢ᠋ᠶ᠋ᠡᠨ ᠨᠤᠭᠤᠯᠤᠨ ᠴᠣᠮᠴᠣᠢᠵᠤ ᠰᠠᠭᠤᠪᠠ᠃ ᠡᠨᠡ ᠵᠠᠯᠠᠭᠤ ᠪᠣᠯ ᠢᠲᠡᠭᠡᠯᠲᠦ ᠶ᠋ᠢᠨ ᠬᠦᠦ ᠬᠣᠩᠭᠣᠷ ᠪᠠᠢᠯ᠎ᠠ᠃ ᠬᠡᠳᠦᠨ ᠡᠳᠦᠷ ᠦ᠋ᠨ ᠡᠮᠦᠨ᠎ᠡ ᠪᠣᠭᠳᠠ ᠳ᠋ᠤ᠌ ᠮᠥᠷᠭᠥᠭᠡᠳ ᠪᠤᠴᠠᠵᠤ ᠶᠠᠪᠤᠭ᠎ᠠ ᠬᠣᠰᠢᠭᠤ ᠪᠡᠢᠰᠡ ᠶ᠋ᠢᠨ ᠮᠥᠷᠭᠥᠯᠴᠢᠨ ᠦ᠌ ᠬᠥᠲᠥᠯᠵᠦ ᠶᠠᠪᠤᠭᠰᠠᠨ ᠢᠵᠢᠯᠬᠡᠨ ᠬᠣᠶᠠᠷ ᠵᠡᠭᠡᠷᠳᠡ ᠮᠣᠷᠢᠨ ᠳ᠋ᠤ᠌ ᠳᠤᠷᠠᠯᠠᠵᠤ ᠳᠥᠷᠪᠡᠨ ᠵᠠᠯᠠᠭᠤ ᠮᠣᠷᠢ ᠥᠭᠴᠦ ᠪᠢᠯᠡ᠃ ᠭᠡᠲᠡᠯ᠎ᠡ ᠵᠡᠭᠦᠨ ᠠᠢᠮᠠᠭ ᠤ᠋ᠨ ᠬᠥᠮᠦᠨ ᠡᠴᠡ ᠥᠨᠳᠥᠷ ᠦᠨ᠎ᠡ ᠪᠡᠷ ᠠᠪᠤᠭᠰᠠᠨ ᠬᠣᠶᠠᠷ ᠮᠣᠷᠢᠨ ᠳ᠋ᠠᠭᠠᠨ ᠬᠠᠨᠤᠭ᠎ᠠ ᠦᠭᠡᠢ ᠮᠥᠷᠭᠥᠯᠴᠢᠨ ᠥᠭᠭᠦᠭᠰᠡᠨ ᠦᠭᠡᠢ᠃
  ᠬᠣᠶᠠᠷ ᠵᠡᠭᠡᠷᠳᠡ ᠶ᠋ᠢ ᠶᠠᠮᠠᠷ ᠴᠤ᠌ ᠦᠨ᠎ᠡ ᠪᠡᠷ ᠬᠠᠮᠢᠶ᠎ᠠ ᠦᠭᠡᠢ ᠠᠪᠴᠤ ᠥᠭᠬᠦ ᠲᠤᠬᠠᠢ ᠢᠲᠡᠭᠡᠯᠲᠦ ᠡᠴᠡ ᠭᠤᠶᠤᠬᠤ ᠳ᠋ᠤ᠌ ᠡᠴᠢᠭᠡ ᠨᠢ ᠠᠩᠬᠠᠨ ᠳ᠋ᠠᠭᠠᠨ ᠵᠠᠩᠨᠠᠭᠰᠠᠨ ᠪᠣᠯᠪᠠᠴᠤ 《ᠳᠤᠷᠠᠯᠠᠭᠰᠠᠨ ᠮᠣᠷᠢ ᠪᠠᠨ ᠠᠪᠤᠭᠠᠳ ᠣᠨᠣᠴᠢᠬᠠᠵᠤ ᠴᠢᠳᠠᠬᠤ ᠦᠭᠡᠢ ᠪᠣᠯ ᠪᠠᠶᠠᠨ ᠢᠲᠡᠭᠡᠯᠲᠦ ᠶ᠋ᠢᠨ ᠭᠠᠭᠴᠠ ᠬᠦᠦ ᠭᠡᠵᠦ ᠶᠠᠪᠤᠭᠰᠠᠨ ᠡᠴᠡ ᠬᠣᠶᠠᠷ ᠮᠣᠳᠣ ᠪᠠᠷᠢᠭᠠᠳ ᠬᠣᠲᠠ ᠬᠡᠰᠦᠵᠦ ᠶᠠᠪᠤᠭᠰᠠᠨ ᠳᠡᠭᠡᠷ᠎ᠡ ᠪᠠᠢᠬ᠎ᠠ》 ᠭᠡᠳ ᠪᠣᠰᠤᠭᠰᠠᠨ ᠬᠦᠦ ᠳ᠋ᠡᠭᠡᠨ ᠪᠠᠭᠤᠵᠤ ᠥᠭᠪᠡ᠃
  ᠢᠲᠡᠭᠡᠯᠲᠦ ᠬᠣᠶᠠᠷ ᠵᠡᠭᠡᠷᠳᠡ ᠳ᠋ᠦ᠍ ᠨᠠᠢ᠍ᠮᠠᠨ ᠵᠠᠯᠠᠭᠤ ᠮᠣᠷᠢ ᠥᠭᠬᠦ ᠳ᠋ᠦ᠍ ᠡᠵᠡᠨ ᠨᠢ 《ᠦᠨ᠎ᠡ ᠨᠢ ᠬᠡᠮᠵᠢᠶᠡᠨ ᠡᠴᠡ ᠬᠡᠲᠦᠷᠡᠭᠡᠳ ᠪᠠᠢᠨ᠎ᠠ᠃ ᠭᠡᠪᠡᠴᠦ ᠬᠣᠶᠠᠷ ᠮᠣᠷᠢ ᠪᠠᠨ ᠶᠠᠮᠠᠷ ᠴᠤ᠌ ᠦᠨ᠎ᠡ ᠪᠡᠷ ᠴᠦ᠍ ᠵᠠᠷᠤᠬᠤ ᠦᠭᠡᠢ》 ᠭᠡᠳ ᠬᠥᠲᠥᠯᠦᠭᠰᠡᠨ ᠬᠥᠰᠬᠡ ᠶ᠋ᠢᠨ ᠢ᠋ᠶ᠋ᠡᠨ ᠬᠣᠢᠨ᠎ᠠ ᠡᠴᠡ ᠶᠠᠪᠤᠬᠤ ᠳ᠋ᠤᠨᠢ 《ᠠᠷᠪᠠᠨ ᠵᠠᠯᠠᠭᠤ ᠮᠣᠷᠢ ᠥᠭᠭᠦᠶ᠎ᠡ》 ᠭᠡᠵᠦ ᠡᠴᠢᠭᠡ ᠶ᠋ᠢᠨ ᠢ᠋ᠶ᠋ᠡᠨ ᠳᠡᠷᠭᠡᠳᠡ ᠵᠣᠭᠰᠣᠵᠤ ᠪᠠᠢᠭᠰᠠᠨ ᠬᠣᠩᠭᠣᠷ ᠬᠠᠰᠬᠢᠷᠪᠠ᠃ ᠮᠣᠷᠢᠨ ᠤ᠋ ᠡᠵᠡᠨ ᠡᠮᠡᠭᠡᠯ ᠳᠡᠭᠡᠷ᠎ᠡ ᠪᠡᠨ ᠬᠠᠭᠠᠰ ᠡᠷᠭᠢᠵᠦ ᠢᠨᠢᠶᠡᠮᠰᠦᠭᠯᠡᠭᠰᠡᠨ ᠢ᠋ᠶ᠋ᠡᠨ 《ᠬᠦᠦ ᠮᠢᠨᠢ᠂ ᠠᠬ᠎ᠠ ᠨᠢ ᠬᠤᠳᠠᠯᠳᠤᠬᠤ ᠦᠭᠡᠢ》 ᠭᠡᠳ ᠥᠨᠳᠡᠢᠵᠦ ᠬᠠᠲᠠᠷᠢᠭᠤᠯᠵᠠᠢ᠃
  ᠡᠴᠢᠭᠡ ᠬᠦᠦ ᠬᠣᠶᠠᠷ ᠬᠡᠰᠡᠭ ᠵᠠᠭᠤᠷ᠎ᠠ ᠳᠠᠭᠤ ᠦᠭᠡᠢ ᠪᠥᠭᠡᠳ ᠤᠷᠮ᠎ᠠ ᠦᠭᠡᠢ ᠵᠣᠭᠰᠣᠵᠤ ᠪᠠᠢᠯ᠎ᠠ᠃ 《ᠲᠡᠨᠡᠭ ᠳᠠᠮᠰᠢᠭ ᠳᠠ᠃ ᠭᠠᠢᠭᠤᠢ ᠰᠠᠢᠨ ᠳ᠋ᠠᠭᠠᠨ ᠯᠠ ᠳᠥᠷᠪᠡᠨ ᠵᠠᠯᠠᠭᠤ ᠮᠣᠷᠢᠨ ᠤ᠋ ᠦᠨ᠎ᠡ ᠪᠡᠷ ᠠᠪᠤᠭ᠎ᠠ ᠪᠢᠵᠡ ᠳᠡ》 ᠭᠡᠮᠡᠨ ᠢᠲᠡᠭᠡᠯᠲᠦ ᠮᠥᠷᠭᠥᠯᠴᠢᠨ ᠢ᠋ ᠱᠣᠣᠯᠠᠵᠤ ᠪᠢᠯᠡ᠃
  ᠮᠥᠷᠭᠥᠯᠴᠢᠳ ᠶᠠᠪᠤᠭᠰᠠᠨ ᠡᠴᠡ ᠳᠥᠷᠪᠡ ᠬᠣᠨᠣᠭ ᠤ᠋ᠨ ᠳᠠᠷᠠᠭ᠎ᠠ ᠬᠣᠩᠭᠣᠷ ᠤᠶᠠᠵᠤ ᠪᠠᠢᠭᠠᠳ ᠲᠠᠯᠪᠢᠭᠰᠠᠨ ᠬᠤᠷᠳᠤᠨ ᠬᠠᠷ᠎ᠠ ᠮᠣᠷᠢ ᠪᠠᠨ ᠪᠠᠷᠢᠵᠤ ᠰᠣᠯᠣᠩᠭ᠎ᠠ ᠪᠠᠷ ᠢᠯᠡᠭᠦᠦ ᠭᠡᠷ ᠲᠡᠭᠡᠨ ᠨᠢᠭᠤᠴᠠ ᠪᠠᠷ ᠮᠢᠬ᠎ᠠ ᠴᠢᠨᠠᠭᠤᠯᠵᠤ ᠠᠪᠤᠭᠠᠳ ᠮᠣᠷᠳᠠᠵᠠᠢ᠃ ᠠᠩᠬ᠎ᠠ ᠦᠵᠡᠭᠰᠡᠨ ᠡᠴᠡ ᠬᠣᠢᠰᠢ ᠡᠳᠦᠷ ᠦ᠋ᠨ ᠪᠣᠳᠣᠯ ᠰᠥᠨᠢ ᠶ᠋ᠢᠨ ᠵᠡᠭᠦᠳᠦᠨ ᠡᠴᠡ ᠰᠠᠯᠬᠤ ᠪᠠᠨ ᠪᠣᠯᠢᠭᠰᠠᠨ ᠬᠣᠶᠠᠷ ᠵᠡᠭᠡᠷᠳᠡ ᠶ᠋ᠢᠨ ᠬᠣᠢᠨ᠎ᠠ ᠡᠴᠡ ᠮᠥᠷᠳᠡᠨ ᠶᠠᠪᠤᠭᠰᠠᠭᠠᠷ ᠵᠢᠮᠢᠶᠠᠨ ᠸᠠᠩ ᠤ᠋ᠨ ᠨᠤᠲᠤᠭ ᠥᠩᠭᠡᠷᠡᠭᠦᠯᠵᠦ ᠭᠦᠢᠴᠡᠭᠡᠳ ᠨᠢᠭᠤᠴᠠ ᠳᠠᠭᠠᠵᠤ ᠭᠤᠷᠪᠠ ᠬᠣᠨᠣᠪᠠ᠃
  ᠨᠢᠭᠡ ᠦᠳᠡᠰᠢ ᠮᠥᠷᠭᠥᠯᠴᠢᠳ ᠬᠣᠭᠣᠯᠠ ᠢᠳᠡᠬᠦ ᠦᠶ᠎ᠡ ᠳ᠋ᠦ᠍ ᠬᠣᠶᠠᠷ ᠵᠡᠭᠡᠷᠳᠡ ᠶ᠋ᠢ ᠠᠪᠤᠭᠠᠳ ᠪᠠᠷᠠᠭᠤᠨ ᠡᠮᠦᠨ᠎ᠡ ᠵᠦᠭ ᠢ᠋ ᠪᠠᠷᠢᠨ ᠰᠢᠭᠤᠳ ᠵᠢᠭᠤᠲᠠᠬᠤ ᠳ᠋ᠤ᠌ ᠬᠣᠢᠨ᠎ᠠ ᠡᠴᠡ ᠨᠢ ᠬᠡᠳᠦᠨ ᠮᠣᠷᠢᠲᠠᠢ ᠬᠥᠮᠦᠨ ᠬᠥᠭᠡᠭᠡᠭᠰᠡᠨ ᠪᠣᠯᠪᠠᠴᠤ ᠤᠯᠠᠮ ᠪᠦᠷ ᠬᠣᠯᠠᠳᠤᠭᠰᠠᠭᠠᠷ ᠪᠡᠶ᠎ᠡ ᠲᠠᠰᠤᠷᠠᠨ ᠠᠯᠳᠠᠵᠠᠢ᠃
  ᠵᠦᠭ ᠪᠤᠷᠤᠭᠤᠯᠠᠨ ᠲᠡᠷᠡ ᠰᠥᠨᠢ ᠳ᠋ᠡᠭᠡᠨ ᠶᠠᠪᠤᠭᠠᠳ ᠮᠠᠷᠭᠠᠰᠢ ᠨᠢ ᠪᠦᠬᠦᠯᠢ ᠡᠳᠦᠷ ᠪᠦᠭᠭᠦᠵᠦ ᠥᠨᠵᠢᠭᠡᠳ ᠨᠤᠲᠤᠭ ᠤ᠋ᠨ ᠵᠦᠭ ᠵᠢᠯᠣᠭᠣ ᠳᠠᠷᠤᠪᠠ᠃ ᠬᠣᠢᠲᠤ ᠲᠠᠮᠢᠷ ᠤ᠋ᠨ ᠰᠠᠪᠠ ᠨᠤᠲᠤᠭ ᠲᠤ᠌ ᠣᠷᠣᠵᠤ ᠢᠷᠡᠭᠰᠡᠨ ᠡᠴᠡ ᠬᠣᠢᠰᠢ ᠬᠣᠶᠠᠷ ᠠᠴᠠ ᠰᠡᠳᠬᠢᠯ ᠳ᠋ᠦ᠍ ᠪᠤᠳᠤᠯᠢᠨ ᠶᠠᠪᠤᠳᠠᠯ ᠨᠢ ᠤᠳᠠᠭᠠᠨ ᠪᠣᠯᠵᠤ ᠣᠪᠣᠯᠵᠠᠭᠰᠠᠨ ᠬᠦᠰᠡᠯ ᠡᠷᠡᠮᠡᠯᠵᠡᠯ ᠵᠣᠷᠢᠭ ᠰᠢ᠌ᠤᠠᠪᠣᠷᠢ ᠨᠢ ᠠᠶᠤᠬᠤ ᠡᠮᠢᠶᠡᠬᠦ ᠪᠣᠳᠣᠯ ᠢ᠋ᠶ᠋ᠠᠷ ᠰᠣᠯᠢᠭᠳᠠᠵᠠᠢ᠃
  ᠥᠴᠥᠭᠡᠳᠦᠷ ᠥᠷᠯᠥᠭᠡ ᠦᠷ ᠴᠠᠢᠬᠤ ᠶ᠋ᠢᠨ ᠦᠶ᠎ᠡ ᠳ᠋ᠦ᠍ ᠡᠨᠳᠡ ᠢᠷᠡᠭᠰᠡᠨ᠃ 《ᠬᠣᠶᠠᠷ ᠵᠡᠭᠡᠷᠳᠡ ᠶ᠋ᠢ ᠬᠠᠷᠠᠭᠠᠳ ᠠᠪᠤ ᠪᠦᠬᠦ ᠤᠴᠢᠷ ᠢ᠋ ᠮᠡᠳᠡᠬᠦ ᠨᠢ ᠳᠠᠮᠵᠢᠭ ᠦᠭᠡᠢ᠃ ᠬᠤᠯᠠᠭᠠᠢ ᠪᠠᠷᠢᠭᠳᠠᠬᠤ ᠲᠡᠷᠡ ᠴᠠᠭ ᠲᠤ᠌᠁》 ᠭᠡᠵᠦ ᠪᠣᠳᠣᠬᠤ ᠳ᠋ᠤ᠌ ᠲᠠᠯᠪᠢᠭᠠᠳ ᠳᠤᠷᠠᠲᠠᠢ ᠵᠦᠭ ᠲᠤᠨᠢ ᠬᠥᠭᠡᠭᠡᠴᠢᠬᠡᠮᠡᠷ ᠰᠠᠨᠠᠭᠳᠠᠨ᠎ᠠ᠃ ᠭᠡᠪᠡᠴᠦ ᠴᠣᠬᠣᠮ ᠶᠠᠭᠠᠬᠢᠭᠠᠳ ᠴᠤ᠌ ᠶᠤᠮ ᠪᠣᠢ ᠬᠠᠷᠠᠮᠨᠠᠬᠤ ᠰᠡᠳᠬᠢᠯ ᠣᠷᠭᠢᠯᠤᠨ 《ᠳᠤᠷᠠᠯᠠᠵᠤ ᠪᠠᠢᠵᠤ ᠠᠷᠠᠢ ᠭᠡᠵᠦ ᠠᠪᠤᠭᠠᠳ ᠲᠠᠯᠪᠢᠬᠤ ᠭᠡᠵᠦ ᠤᠤ?》 ᠭᠡᠵᠦ ᠶᠠᠮᠠᠷ ᠨᠢᠭᠡᠨ ᠳᠠᠭᠤ ᠵᠣᠭᠰᠣᠭ᠎ᠠ ᠵᠢᠯᠣᠭᠣ ᠦᠭᠡᠢ ᠠᠰᠠᠭᠤᠭᠠᠳ ᠪᠠᠢᠯ᠎ᠠ᠃
  ᠢᠩᠭᠢᠵᠦ ᠰᠢᠨᠤᠵᠤ ᠠᠪᠤᠭᠰᠠᠨ ᠬᠣᠶᠠᠷ ᠮᠣᠷᠢ ᠨᠢ ᠵᠠᠯᠭᠢᠵᠤ ᠴᠤ᠌ ᠪᠣᠯᠬᠤ ᠦᠭᠡᠢ᠂ ᠨᠢᠯᠪᠤᠵᠤ ᠴᠤ᠌ ᠪᠣᠯᠬᠤ ᠦᠭᠡᠢ ᠬᠣᠭᠣᠯᠠᠢ ᠳᠡᠭᠡᠷ᠎ᠡ ᠨᠢ ᠲᠡᠭᠡᠭᠯᠡᠭᠰᠡᠨ ᠬᠠᠲᠠᠭᠤ ᠪᠦᠯᠡᠬᠡ ᠪᠣᠯᠤᠭᠠᠳ ᠬᠠᠷᠢᠵᠤ ᠴᠢᠳᠠᠬᠤ ᠦᠭᠡᠢ ᠮᠣᠳᠣᠨ ᠤ᠋ ᠴᠢᠯᠥᠭᠡᠨ ᠳ᠋ᠦ᠍ ᠤᠨᠲᠠᠵᠤ ᠪᠠᠢᠬᠤ ᠳ᠋ᠤᠨᠢ ᠬᠦᠷᠡᠯ ᠢᠷᠡᠵᠡᠢ᠃
  ᠬᠣᠩᠭᠣᠷ ᠬᠦᠷᠡᠯ ᠬᠣᠶᠠᠷ ᠮᠢᠬ᠎ᠠ ᠢᠳᠡᠵᠦ ᠬᠡᠰᠡᠭ ᠶᠠᠷᠢᠯᠴᠠᠪᠠ᠃ ᠬᠣᠩᠭᠣᠷ ᠮᠢᠬ᠎ᠠ ᠢᠳᠡᠬᠦ ᠵᠠᠭᠤᠷ᠎ᠠ ᠬᠢᠮᠡᠯ ᠶᠡᠬᠡᠮᠰᠦᠭ ᠪᠠᠢᠳᠠᠯ ᠢ᠋ᠶ᠋ᠠᠨ ᠮᠠᠷᠲᠠᠵᠤ ᠡᠬᠢᠯᠡᠬᠦ ᠳ᠋ᠦ᠍ ᠥᠪᠡᠷ ᠲᠡᠢ ᠨᠢ ᠶᠠᠷᠢᠵᠤ ᠪᠠᠢᠭ᠎ᠠ ᠵᠠᠯᠠᠭᠤ ᠡᠷ᠎ᠡ ᠥᠪᠡᠷ ᠡᠴᠡ ᠨᠢ ᠲᠡᠳᠦᠢ ᠯᠡ ᠠᠬᠠᠮᠠᠳ ᠪᠢᠰᠢ ᠶᠤᠮ ᠰᠢᠭ ᠬᠦᠷᠡᠯ ᠳ᠋ᠦ᠍ ᠰᠠᠨᠠᠭᠳᠠᠵᠤ ᠪᠠᠢᠯ᠎ᠠ᠃ ᠬᠣᠩᠭᠣᠷ ᠤ᠋ᠨ ᠬᠣᠭᠣᠯᠠᠢ ᠳᠡᠭᠡᠷ᠎ᠡ ᠨᠢ ᠲᠡᠭᠡᠭᠯᠡᠭᠰᠡᠨ ᠬᠠᠲᠠᠭᠤ ᠪᠦᠯᠡᠬᠡ ᠬᠡᠦᠬᠡᠳ ᠲᠡᠢ ᠶᠠᠷᠢᠭᠰᠠᠨ ᠡᠬᠢ ᠵᠠᠬ᠎ᠠ ᠦᠭᠡᠢ ᠲᠦᠮᠡᠨ ᠶᠠᠷᠢᠶᠠᠨ ᠳ᠋ᠤ᠌ ᠠᠭᠤᠰᠤᠨ ᠲᠦᠷ ᠪᠣᠯᠪᠠᠴᠤ ᠰᠡᠳᠬᠢᠯ ᠨᠢ ᠠᠮᠤᠷᠴᠤ ᠪᠠᠢᠪᠠ᠃
  ᠊᠊᠊᠊᠊᠊᠊᠊᠊᠊᠊᠊᠊᠊᠊ ᠲᠠ ᠁ ᠬᠡᠳᠦᠨ ᠨᠠᠰᠤᠲᠠᠢ ᠪᠣᠢ? ᠭᠡᠵᠦ ᠬᠦᠷᠡᠯ ᠬᠦᠦ ᠲᠦᠭᠳᠡᠷᠡᠨ ᠠᠰᠠᠭᠤᠪᠠ᠃
  ᠊᠊᠊᠊᠊᠊᠊᠊᠊᠊᠊᠊᠊᠊᠊ ᠶᠠᠮᠠᠷ ᠣᠯᠠᠨ ᠦᠭᠡ ᠲᠡᠢ ᠵᠢᠭᠠᠯ ᠪᠣᠢ ᠭᠡᠵᠦ ᠬᠣᠩᠭᠣᠷ ᠰᠢᠷᠦᠭᠦᠨ ᠳᠠᠭᠤ ᠪᠠᠷ ᠵᠢᠮᠡᠯᠡᠭᠡᠳ ᠰᠢᠬᠠᠮᠠᠯ ᠪᠦᠳᠦᠭᠦᠨ ᠳᠠᠭᠤ ᠪᠠᠷ ᠬᠣᠭᠣᠯᠠᠢ ᠪᠠᠨ ᠵᠠᠰᠠᠪᠠ᠃
  ᠬᠡᠦᠬᠡᠳ ᠭᠡᠮᠰᠢᠯ ᠲᠡᠢ ᠪᠡᠷ ᠮᠥᠷᠥ ᠪᠡᠨ ᠬᠠᠪᠴᠢᠭᠢᠨᠠᠨ ᠳᠠᠭᠤ ᠦᠭᠡᠢ ᠪᠣᠯᠪᠠ᠃ ᠭᠡᠪᠡᠴᠦ ᠴᠠᠭ ᠥᠩᠭᠡᠷᠡᠭᠡᠨ ᠶᠠᠳᠠᠵᠤ ᠪᠠᠢᠭ᠎ᠠ ᠬᠣᠩᠭᠣᠷ ᠤᠳᠠᠭᠠᠨ ᠳᠠᠭᠤ ᠦᠭᠡᠢ ᠪᠠᠢᠵᠤ ᠴᠢᠳᠠᠭᠰᠠᠨ ᠦᠭᠡᠢ᠃ ᠲᠡᠭᠦᠪᠡᠷ ᠴᠦ᠍ ᠪᠠᠷᠠᠬᠤ ᠦᠭᠡᠢ ᠠᠷᠤ ᠳ᠋ᠠᠭᠠᠨ ᠡᠬᠡᠨᠡᠷ ᠬᠡᠦᠬᠡᠳ ᠲᠡᠢ᠂ ᠮᠣᠷᠢᠨ ᠤ᠋ ᠮᠠᠢᠮᠠᠢ ᠬᠢᠳᠡᠭ ᠬᠥᠮᠦᠨ ᠭᠡᠵᠦ ᠪᠠᠬᠠᠨ ᠵᠠᠯᠠᠪᠠ᠃
  ᠊᠊᠊᠊᠊᠊᠊᠊᠊᠊᠊᠊᠊᠊᠊ ᠮᠢᠨᠦ ᠳᠡᠭᠦᠦ ᠬᠡᠳᠦᠨ ᠨᠠᠰᠤᠲᠠᠢ ᠪᠣᠢ?
  ᠊᠊᠊᠊᠊᠊᠊᠊᠊᠊᠊᠊᠊᠊᠊ ᠠᠷᠪᠠᠨ ᠳᠥᠷᠪᠡ ᠲᠡᠢ᠃
  ᠊᠊᠊᠊᠊᠊᠊᠊᠊᠊᠊᠊᠊᠊᠊ ᠵᠠᠢᠯᠠᠭᠤᠯ ᠶᠡᠬᠡ ᠬᠦᠦ ᠲᠡᠢ ᠮᠢᠨᠢ ᠪᠠᠷᠤᠭ ᠰᠠᠴᠠᠭᠤ ᠶᠤᠮ ᠪᠠᠢᠨ᠎ᠠ ᠭᠡᠳ ᠬᠣᠩᠭᠣᠷ ᠨᠠᠮᠪᠠᠭ᠎ᠠ ᠲᠠᠢ ᠬᠥᠳᠡᠯᠭᠡᠭᠡᠨ ᠢ᠋ᠶ᠋ᠡᠷ ᠬᠦᠷᠡᠯ ᠦ᠋ᠨ ᠲᠣᠯᠣᠭᠠᠢ ᠶ᠋ᠢ ᠢᠯᠢᠪᠡ᠃
  ᠬᠣᠩᠭᠣᠷ ᠤ᠋ᠨ ᠡᠨᠡ ᠪᠦᠬᠦᠢ ᠪᠠᠢᠳᠠᠯ ᠨᠢ ᠬᠦᠷᠡᠯ ᠦ᠋ᠨ ᠰᠡᠳᠬᠢᠯ ᠳ᠋ᠦ᠍ ᠨᠢᠭᠡ ᠦᠶ᠎ᠡ ᠣᠪᠣᠯᠵᠠᠵᠤ ᠡᠬᠢᠯᠡᠭᠰᠡᠨ ᠦᠶᠡᠷᠬᠡᠬᠦ ᠬᠦᠰᠡᠯ ᠢ᠋ ᠨᠢᠭᠡᠮᠦᠰᠦᠨ ᠳᠠᠷᠤᠵᠤ ᠨᠠᠰᠤ ᠪᠠᠨ ᠬᠣᠶᠠᠷ ᠢ᠋ᠶ᠋ᠠᠷ ᠨᠡᠮᠡᠭᠰᠡᠨ ᠴᠦ᠍ ᠲᠤᠰᠠ ᠪᠣᠯᠤᠭ᠎ᠠ ᠦᠭᠡᠢ ᠳ᠋ᠦ᠍ ᠤᠷᠮ᠎ᠠ ᠨᠢ ᠬᠤᠭᠤᠷᠠᠭᠰᠠᠨ ᠬᠦᠦ ᠪᠠᠭᠤᠵᠤ ᠥᠭᠪᠡ᠃
  ᠊᠊᠊᠊᠊᠊᠊᠊᠊᠊᠊᠊᠊᠊᠊ ᠠᠬ᠎ᠠ ᠠ᠋᠃ ᠲᠠᠨ ᠤ᠋ ᠮᠣᠷᠢᠳ ᠶᠠᠭᠠᠬᠢᠭᠰᠠᠨ ᠰᠠᠢᠬᠠᠨ ᠮᠣᠷᠢᠳ ᠪᠣᠢ?
  ᠬᠣᠩᠭᠣᠷ᠂ ᠮᠣᠷᠢᠳ ᠥᠭᠡᠳᠡ ᠪᠡᠨ ᠬᠠᠷᠠᠵᠤ ᠰᠠᠨᠠᠭ᠎ᠠ ᠠᠯᠳᠠᠭᠰᠠᠨ ᠢ᠋ᠶ᠋ᠠᠨ ᠲᠣᠯᠣᠭᠠᠢ ᠪᠠᠨ ᠠᠯᠭᠤᠷ ᠲᠣᠬᠢᠬᠤ ᠵᠠᠭᠤᠷ᠎ᠠ 《ᠲᠡᠢᠮᠦ ᠠ᠋᠃ ᠰᠠᠢᠬᠠᠨ ᠮᠣᠷᠢᠳ》 ᠭᠡᠯ᠎ᠡ᠃ ᠠᠪᠤᠭᠰᠠᠨ ᠮᠣᠷᠢᠳ ᠢ᠋ᠶ᠋ᠠᠨ ᠶᠠᠭᠠᠬᠢᠬᠤ ᠪᠣᠯ ᠭᠡᠳᠡᠭ ᠪᠣᠳᠣᠯ ᠳᠠᠬᠢᠨ ᠣᠷᠣᠵᠤ ᠢᠷᠡᠭᠡᠳ ᠰᠡᠳᠬᠢᠯ ᠢ᠋ ᠨᠢ ᠬᠦᠯᠢᠨ ᠪᠠᠵᠠᠯᠠᠵᠤ ᠡᠬᠢᠯᠡᠬᠦ ᠳ᠋ᠦ᠍ ᠡᠨᠡ ᠬᠡᠦᠬᠡᠳ ᠲᠦ᠍ ᠥᠭᠪᠡᠯ ᠶᠠᠭᠠᠬᠢᠬᠤ ᠪᠣᠯ ᠭᠡᠰᠡᠨ ᠬᠡᠦᠬᠡᠳ ᠦ᠋ᠨ ᠭᠡᠨᠡᠨ ᠪᠣᠳᠣᠯ ᠬᠦᠷᠲᠡᠯ᠎ᠡ ᠬᠡᠳᠦ ᠳᠠᠬᠢᠨ ᠪᠣᠳᠣᠭᠳᠠᠪᠠ᠃
  ᠊᠊᠊᠊᠊᠊᠊᠊᠊᠊᠊᠊᠊᠊᠊ ᠮᠢᠨᠦ ᠳᠡᠭᠦᠦ ᠮᠣᠷᠢᠨ ᠳ᠋ᠤ᠌ ᠳᠤᠷᠠᠲᠠᠢ ᠤᠤ?
  ᠊᠊᠊᠊᠊᠊᠊᠊᠊᠊᠊᠊᠊᠊᠊ ᠳᠤᠷᠠᠲᠠᠢ᠃ ᠰᠠᠢᠬᠠᠨ ᠮᠣᠷᠢ ᠡᠷ᠎ᠡ ᠶ᠋ᠢᠨ ᠴᠢᠮᠡᠭ᠃ ᠰᠠᠢᠨ ᠮᠣᠷᠢ ᠡᠵᠡᠨ ᠳ᠋ᠡᠭᠡᠨ ᠨᠥᠬᠥᠷ ᠭᠡᠵᠦ ᠮᠠᠨ ᠤ᠋ ᠠᠪᠤ ᠬᠡᠯᠡᠳᠡᠭ ᠶᠤᠮ ᠠ᠋᠃
  ᠊᠊᠊᠊᠊᠊᠊᠊᠊᠊᠊᠊᠊᠊᠊ ᠵᠠᠷᠢᠮ ᠳ᠋ᠠᠭᠠᠨ ᠰᠠᠢᠨ ᠮᠣᠷᠢ ᠳᠠᠷᠤᠭᠠᠰᠤ ᠪᠣᠯᠳᠠᠭ ᠶᠤᠮ ᠳᠡᠭᠦᠦ ᠮᠢᠨᠢ ᠭᠡᠳ ᠤᠷᠮ᠎ᠠ ᠦᠭᠡᠢ ᠪᠥᠭᠡᠳ ᠭᠦᠨ ᠰᠠᠨᠠᠭ᠎ᠠ ᠠᠯᠳᠠᠪᠠ᠃
  ᠊᠊᠊᠊᠊᠊᠊᠊᠊᠊᠊᠊᠊᠊᠊ ᠮᠠᠨ ᠤ᠋ ᠠᠪᠤ ᠳ᠋ᠤ᠌ ᠨᠢᠭᠡ ᠰᠠᠢᠬᠠᠨ ᠬᠠᠷ᠎ᠠ ᠮᠣᠷᠢ ᠪᠠᠢᠭᠰᠠᠨ᠂ ᠠᠪᠤ ᠮᠠᠨᠢ ᠲᠡᠭᠦᠨ ᠢ᠋ᠶ᠋ᠡᠨ ᠤᠨᠤᠭᠠᠳ ᠬᠣᠯᠠ ᠶᠠᠪᠤᠴᠢᠬᠠᠭᠰᠠᠨ᠃ ᠡᠪᠦᠭᠡᠨ ᠠᠪᠤ ᠳ᠋ᠤ᠌ ᠬᠣᠶᠠᠷᠬᠠᠨ ᠪᠦᠳᠦᠭᠦᠨ ᠭᠡᠳᠡᠰᠦ ᠲᠡᠢ᠂ ᠱᠣᠭᠰᠢᠬᠤ ᠡᠴᠡ ᠥᠭᠡᠷ᠎ᠡ ᠶ᠋ᠢ ᠮᠡᠳᠡᠳᠡᠭ ᠦᠭᠡᠢ ᠬᠠᠱᠠᠩ ᠮᠣᠷᠢ ᠪᠣᠢ᠃ ᠤᠨᠤᠭᠠᠳ ᠵᠢᠭᠠᠬᠠᠨ ᠶᠠᠪᠤᠬᠤ ᠳᠡᠭᠡᠷ᠎ᠡ ᠡᠯᠢᠭᠡ ᠡᠪᠡᠳᠳᠡᠭ ᠶᠤᠮ᠃
  ᠊᠊᠊᠊᠊᠊᠊᠊᠊᠊᠊᠊᠊᠊᠊ ᠣᠳᠣ ᠣᠷᠣᠢ ᠪᠣᠯᠵᠤ ᠪᠠᠢᠨ᠎ᠠ᠂ ᠮᠢᠨᠦ ᠳᠡᠭᠦᠦ ᠬᠠᠷᠢ᠃ ᠠᠬ᠎ᠠ ᠶ᠋ᠢᠨ ᠢ᠋ᠶ᠋ᠡᠨ ᠲᠤᠬᠠᠢ ᠬᠡᠨ ᠳ᠋ᠦ᠍ ᠴᠦ᠍ ᠬᠡᠯᠡᠵᠦ ᠪᠣᠯᠬᠤ ᠦᠭᠡᠢ ᠰᠢᠦ᠃ ᠪᠢ ᠣᠷᠣᠢ ᠲᠠᠨ ᠤ᠋ ᠳ᠋ᠤ᠌ ᠣᠴᠢᠵᠤ ᠤᠨᠲᠠᠵᠤ ᠴᠤ᠌ ᠮᠠᠭᠠᠳ᠃ ᠠᠬ᠎ᠠ ᠶ᠋ᠢ ᠪᠡᠨ ᠲᠠᠨᠢᠬᠤ ᠦᠭᠡᠢ ᠬᠥᠮᠦᠨ ᠰᠢᠭ ᠯᠡ ᠪᠠᠢᠭᠠᠷᠠᠢ ᠭᠡᠵᠦ ᠬᠣᠩᠭᠣᠷ ᠬᠡᠯᠡᠭᠡᠳ ᠲᠡᠷᠡ ᠬᠣᠶᠠᠷ ᠲᠦᠯᠡᠭᠡ ᠲᠡᠭᠦᠨ ᠠᠴᠢᠭᠠᠳ ᠬᠦᠷᠡᠯ ᠬᠦᠦ ᠪᠤᠴᠠᠪᠠ᠃
  ᠬᠦᠷᠡᠯ ᠬᠦᠦ ᠮᠣᠳᠣ ᠠᠴᠢᠭᠰᠠᠨ ᠲᠡᠷᠭᠡᠨ ᠳᠡᠭᠡᠷ᠎ᠡ ᠪᠡᠨ ᠨᠢᠴᠦᠭᠦᠨ ᠬᠥᠯ ᠢ᠋ᠶ᠋ᠡᠨ ᠤᠨᠵᠢᠭᠤᠯᠤᠨ ᠰᠠᠭᠤᠭᠠᠳ ᠲᠠᠮᠢᠷ ᠤ᠋ᠨ ᠬᠥᠨᠳᠡᠢ ᠳ᠋ᠦ᠍ ᠪᠢᠲᠡᠭᠡᠢ ᠬᠡᠯᠡ᠂ ᠮᠣᠩᠭᠣᠯ ᠳᠠᠶᠠᠭᠠᠷ ᠲᠤ᠌ ᠲᠠᠷᠬᠠᠵᠤ ᠠᠮᠵᠢᠭᠰᠠᠨ 《ᠰᠢᠪᠡᠭᠡ ᠬᠢᠶᠠᠭᠲᠤ》 ᠭᠡᠳᠡᠭ ᠳᠠᠭᠤᠤ ᠶ᠋ᠢ ᠬᠡᠦᠬᠡᠳ ᠦ᠋ᠨ ᠨᠠᠷᠢᠨ ᠵᠢᠩᠭᠢᠨᠡᠭᠰᠡᠨ ᠳᠠᠭᠤ ᠪᠠᠷ ᠠᠶᠠᠯᠤᠨ ᠶᠠᠪᠤᠬᠤ ᠳ᠋ᠤ᠌ ᠭᠡᠷ ᠦ᠋ᠨ ᠵᠦᠭ ᠳᠤᠷᠠᠲᠠᠢ ᠶᠠᠪᠤᠭ᠎ᠠ ᠬᠠᠢᠨᠤᠭ ᠨᠢ ᠵᠢᠭᠳᠡ ᠪᠥᠭᠡᠳ ᠲᠦᠷᠭᠡᠨ ᠠᠯᠬᠤᠨ᠎ᠠ᠃
  ᠠᠷᠤ ᠡᠴᠡ ᠨᠢ ᠥᠯᠵᠡᠢ ᠭᠤᠸᠠᠢ᠂ ᠨᠤᠲᠤᠭ ᠤ᠋ᠨ ᠨᠢᠭᠡ ᠡᠪᠦᠭᠡᠨ ᠲᠡᠢ ᠬᠠᠮᠲᠤ ᠭᠦᠢᠴᠡᠵᠦ ᠢᠷᠡᠯ᠎ᠡ᠃ ᠨᠡᠯᠢᠶᠡᠳ ᠰᠣᠭᠲᠣᠭᠤ ᠬᠣᠶᠠᠷ ᠡᠪᠦᠭᠡᠨ ᠦ᠌ ᠬᠡᠯᠡ ᠨᠢ ᠴᠤᠯᠴᠠᠷᠠᠨ ᠶᠠᠷᠢᠶ᠎ᠠ ᠨᠢ ᠣᠯᠠᠨ ᠪᠣᠯᠵᠠᠢ᠃
  ᠊᠊᠊᠊᠊᠊᠊᠊᠊᠊᠊᠊᠊᠊᠊ ᠮᠢᠨᠦ ᠬᠦᠦ ᠡᠷ᠎ᠡ ᠪᠣᠯᠵᠤ ᠲᠤᠰᠠ ᠳ᠋ᠤ᠌ ᠣᠷᠣᠭᠰᠠᠨ᠃ ᠴᠢ ᠬᠠᠷᠠᠵᠤ ᠪᠠᠢᠨ᠎ᠠ ᠤᠤ? ᠲᠦᠯᠡᠭᠡ ᠠᠴᠢᠭᠠᠳ ᠶᠠᠪᠤᠵᠤ ᠪᠠᠢᠨ᠎ᠠ᠃
  ᠊᠊᠊᠊᠊᠊᠊᠊᠊᠊᠊᠊᠊᠊᠊ ᠲᠦᠯᠡᠭᠡ ᠠᠴᠢᠭᠠᠳ ᠶᠠᠪᠤᠵᠤ ᠪᠠᠢᠨ᠎ᠠ? ᠁ ᠲᠦᠯᠡᠭᠡ ᠠᠴᠢᠨ᠎ᠠ ᠭᠡᠳᠡᠭ ᠴᠢᠨᠢ ᠰᠠᠢᠨ ᠬᠡᠷᠡᠭ᠃ ᠬᠠᠮᠤᠭ ᠤ᠋ᠨ ᠤᠬᠠᠭᠠᠨ ᠲᠠᠢ ᠨᠣᠬᠠᠢ ᠭᠡᠰᠡᠨ ᠴᠦ᠍ ᠲᠦᠯᠡᠭᠡ ᠠᠴᠢᠵᠤ ᠴᠢᠳᠠᠬᠤ ᠦᠭᠡᠢ᠃ ᠲᠡᠢᠮᠦ ᠠ᠋ ᠡᠪᠦᠭᠡᠨ ᠮᠢᠨᠢ᠃
  ᠊᠊᠊᠊᠊᠊᠊᠊᠊᠊᠊᠊᠊᠊᠊ ᠦᠨᠡᠨ ᠦᠭᠡ᠃ ᠰᠢᠷ᠎ᠠ ᠲᠣᠰᠣ᠂ ᠲᠦᠯᠡᠭᠡ ᠲᠡᠢ ᠪᠣᠯ ᠨᠡᠷᠡᠵᠦ ᠪᠣᠯᠤᠨ᠎ᠠ᠃
  ᠊᠊᠊᠊᠊᠊᠊᠊᠊᠊᠊᠊᠊᠊᠊ ᠶᠣᠰᠣᠲᠠᠢ ᠳᠠ᠃ ᠴᠢ ᠪᠢᠳᠡ ᠬᠣᠶᠠᠷ ᠶᠠᠭ ᠨᠢᠭᠡ ᠬᠥᠮᠦᠨ ᠰᠢᠭ ᠪᠣᠳᠣᠵᠤ ᠪᠠᠢᠨ᠎ᠠ᠃
  ᠰᠣᠭᠲᠣᠭᠤ ᠬᠣᠶᠠᠷ ᠡᠪᠦᠭᠡᠨ ᠪᠡᠶᠡᠰᠦᠨ ᠰᠣᠯᠢᠶᠠᠷᠠᠵᠤ ᠪᠠᠢᠭ᠎ᠠ ᠶ᠋ᠢ ᠰᠣᠨᠣᠰᠤᠭᠠᠳ ᠬᠦᠦ ᠭᠡᠵᠢᠭᠡᠯᠡᠭᠦᠯᠦᠭᠰᠡᠨ ᠶᠤᠮ ᠰᠢᠭ ᠬᠤᠳ ᠬᠤᠳ ᠢᠨᠢᠶᠡᠨ ᠱᠣᠣᠯᠠᠨ᠎ᠠ᠃ ᠶᠠᠪᠤᠭᠰᠠᠭᠠᠷ ᠭᠣᠣᠯ ᠤ᠋ᠨ ᠡᠷᠭᠢ ᠳ᠋ᠦ᠍ ᠲᠤᠯᠵᠤ ᠢᠷᠡᠭᠡᠳ ᠵᠠᠬ᠎ᠠ ᠶ᠋ᠢ ᠨᠢ ᠪᠠᠷᠢᠨ ᠤᠷᠤᠭᠤᠳᠠᠪᠠ᠃ ᠲᠠᠮᠢᠷ ᠤ᠋ᠨ ᠭᠣᠣᠯ ᠵᠢᠷᠭᠠᠵᠤ ᠪᠠᠢᠭ᠎ᠠ ᠨᠠᠷᠠᠨ ᠤ᠋ ᠭᠡᠷᠡᠯ ᠳ᠋ᠦ᠍ ᠵᠢᠷᠢᠯᠵᠡᠨ ᠲᠣᠭᠯᠠᠵᠤ᠂ ᠢᠯᠠᠭ᠎ᠠ ᠰᠢᠭᠦᠷᠴᠤ ᠪᠠᠢᠭ᠎ᠠ ᠵᠢᠭᠠᠰᠤ ᠡᠨᠳᠡ ᠲᠡᠨᠳᠡ ᠦᠭᠡᠢ ᠫᠥᠯ ᠬᠢᠨ ᠦᠰᠦᠷᠦᠨ᠎ᠡ᠃
  ᠊᠊᠊᠊᠊᠊᠊᠊᠊᠊᠊᠊᠊᠊᠊ ᠨᠢᠭᠡ ᠥᠷᠯᠥᠭᠡ ᠪᠣᠰᠲᠠᠯ᠎ᠠ ᠲᠠᠮᠢᠷ ᠤ᠋ᠨ ᠭᠣᠣᠯ ᠠᠷᠠᠵᠠ ᠪᠣᠯᠴᠢᠬᠠᠭᠰᠠᠨ ᠪᠠᠢᠪᠠᠯ ᠶᠠᠭᠠᠬᠢᠨ᠎ᠠ ᠭᠡᠵᠦ ᠥᠯᠵᠡᠢ ᠬᠡᠯᠡᠪᠡ᠃
  ᠨᠥᠭᠦᠭᠡ ᠡᠪᠦᠭᠡᠨ ᠨᠢ ᠶᠡᠬᠡ ᠯᠡ ᠬᠢᠴᠢᠶᠡᠩᠭᠦᠢᠯᠡᠨ ᠪᠣᠳᠣᠭᠰᠠᠨ ᠢ᠋ᠶ᠋ᠠᠨ 《ᠳᠡᠮᠡᠢ᠃ ᠴᠢᠯᠠᠭᠤᠨ ᠳᠡᠭᠡᠷ᠎ᠡ ᠲᠦᠷᠦᠭᠦᠦ ᠣᠷᠣᠭᠰᠢ ᠪᠠᠨ ᠬᠠᠷᠠᠵᠤ ᠬᠡᠪᠲᠡᠭᠰᠡᠭᠡᠷ ᠪᠠᠢᠲᠠᠯ᠎ᠠ ᠡᠯᠢᠭᠡ ᠬᠠᠲᠠᠵᠤ ᠣᠷᠬᠢᠨ᠎ᠠ》 ᠭᠡᠳ ᠰᠢᠯᠦᠰᠦ ᠪᠡᠨ ᠵᠠᠯᠭᠢᠪᠠ᠃
  ᠊᠊᠊᠊᠊᠊᠊᠊᠊᠊᠊᠊᠊᠊᠊ ᠦᠨᠡᠬᠡᠷ ᠴᠦ᠍ ᠲᠡᠢᠮᠦ ᠪᠠᠢᠬ᠎ᠠ᠃ ᠭᠣᠣᠯ ᠰᠠᠬᠢᠭᠰᠠᠭᠠᠷ ᠪᠠᠢᠭᠠᠳ ᠯᠠ ᠬᠡᠳᠦᠨ ᠮᠠᠯ ᠢ᠋ᠶ᠋ᠠᠨ ᠲᠤᠷᠠᠭᠠᠴᠢᠬᠠᠬᠤ ᠬᠡᠷᠡᠭ ᠪᠣᠯᠤᠨ᠎ᠠ᠃
  ᠊᠊᠊᠊᠊᠊᠊᠊᠊᠊᠊᠊᠊᠊᠊ ᠪᠢ ᠪᠣᠯ ᠨᠣᠭᠣᠭᠠᠨ ᠲᠣᠬᠣᠢ ᠣᠷᠴᠢᠮ ᠪᠠᠭᠤᠴᠢᠭᠠᠤᠨ ᠯᠠ ᠭᠡᠳ ᠲᠠᠮᠰᠢᠶᠠᠯᠠᠨ᠎ᠠ᠂ ᠠᠯᠠᠭ᠎ᠠ ᠪᠠᠷ ᠢ᠋ᠶ᠋ᠠᠨ ᠨᠢᠭᠤᠷ ᠢ᠋ᠶ᠋ᠠᠨ ᠠᠷᠴᠢᠪᠠ᠃
  ᠊᠊᠊᠊᠊᠊᠊᠊᠊᠊᠊᠊᠊᠊᠊ ᠪᠣᠭᠳᠠ ᠯᠠᠮᠠ ᠳ᠋ᠠᠭᠠᠨ ᠳᠡᠭᠡᠵᠢ ᠶ᠋ᠢ ᠨᠢ ᠪᠠᠷᠢᠨ᠎ᠠ᠃ ᠲᠡᠢᠮᠦ ᠠ᠋?
  ᠊᠊᠊᠊᠊᠊᠊᠊᠊᠊᠊᠊᠊᠊᠊ ᠵᠥᠪ᠃ ᠮᠠᠨ ᠤ᠋ ᠡᠨᠳᠡ ᠵᠠᠯᠠᠷᠠᠭᠠᠳ ᠢᠷᠡᠨ᠎ᠡ ᠳᠠ᠃
  ᠊᠊᠊᠊᠊᠊᠊᠊᠊᠊᠊᠊᠊᠊᠊ ᠪᠣᠭᠳᠠ ᠪᠠᠷ ᠪᠠᠷᠠᠬᠤ ᠤᠤ ᠳᠠ᠃ ᠬᠠᠯᠬ᠎ᠠ ᠶ᠋ᠢᠨ ᠨᠣᠶᠠᠳ ᠯᠠᠮᠠ ᠨᠠᠷ ᠵᠠᠯᠠᠷᠠᠵᠤ ᠢᠷᠡᠭᠡᠳ ᠮᠠᠨ ᠤ᠋ ᠲᠠᠮᠢᠷ ᠤ᠋ᠨ ᠬᠥᠨᠳᠡᠢ ᠭᠡᠳᠡᠭ ᠴᠢᠨᠢ ᠲᠠᠩᠰᠢᠭ ᠳᠣᠯᠣᠭᠠᠨ ᠬᠣᠰᠢᠭᠤ ᠨᠠᠭᠠᠳᠤᠮ ᠡᠷᠭᠦᠵᠦ ᠪᠠᠢᠭ᠎ᠠ ᠶᠤᠮ ᠰᠢᠭ᠋ ᠪᠣᠯᠤᠨ᠎ᠠ᠃
  ᠊᠊᠊᠊᠊᠊᠊᠊᠊᠊᠊᠊᠊᠊᠊ ᠴᠢᠩᠭᠢᠪᠡᠯ ᠡᠵᠡᠨ ᠢ᠋ᠶ᠋ᠡᠨ ᠠᠯᠳᠠᠭᠰᠠᠨ ᠬᠡᠷᠡᠭ ᠪᠣᠯᠤᠨ᠎ᠠ᠃ ᠲᠠᠮᠢᠷ ᠢ᠋ ᠮᠢᠨᠢ ᠬᠣᠪᠬᠤ ᠰᠣᠷᠣᠵᠤ ᠁ᠦᠭᠡᠢ ᠨᠢᠭᠦᠯ ᠁ ᠵᠣᠭᠣᠭᠯᠠᠵᠤ ᠣᠷᠬᠢᠪᠠᠯ ᠶᠠᠭᠠᠬᠢᠨ᠎ᠠ᠃ ᠡᠪᠦᠭᠡᠨ ᠮᠢᠨᠢ ᠳᠡᠭᠡᠵᠢ ᠶ᠋ᠢ ᠨᠢ ᠠᠪᠠᠴᠢᠵᠤ ᠪᠠᠷᠢᠬᠤ ᠪᠠᠨ ᠪᠣᠯᠢᠶ᠎ᠠ᠃ ᠲᠠᠮᠢᠷ ᠡᠴᠡ ᠪᠡᠨ ᠰᠠᠯᠬᠤ ᠭᠡᠰᠡᠨ ᠬᠡᠷᠡᠭ᠃
  ᠊᠊᠊᠊᠊᠊᠊᠊᠊᠊᠊᠊᠊᠊᠊ ᠴᠢᠨᠦ ᠬᠡᠯᠡᠳᠡᠭ ᠲᠦᠮᠡᠨ ᠵᠥᠪ᠃ ᠬᠣᠪᠬᠤ ᠰᠣᠷᠣᠬᠤ ᠦᠭᠡᠢ ᠴᠦ᠍ ᠭᠡᠰᠡᠨ ᠲᠠᠰᠤ ᠵᠣᠭᠣᠭᠯᠠᠵᠤ ᠮᠠᠭᠠᠳ᠃ ᠪᠠᠰᠠ ᠲᠡᠭᠡᠭᠡᠳ ᠪᠢᠳᠡ ᠮᠡᠲᠦ ᠶ᠋ᠢᠨ ᠬᠢᠨ ᠢ᠋ ᠬᠥᠭᠡᠭᠡᠵᠦ ᠣᠷᠬᠢᠨ᠎ᠠ ᠭᠡᠳ ᠵᠢᠷᠢᠯᠵᠡᠨ ᠤᠷᠤᠰᠴᠤ ᠪᠠᠢᠭ᠎ᠠ ᠲᠠᠮᠢᠷ ᠤᠷᠤᠭᠤ ᠬᠠᠷᠠᠭᠰᠠᠨ ᠢ᠋ᠶ᠋ᠠᠨ᠂
  ᠊᠊᠊᠊᠊᠊᠊᠊᠊᠊᠊᠊᠊᠊᠊ ᠡᠪᠦᠭᠡᠨ ᠠ᠋᠂ ᠬᠣᠶᠠᠭᠤᠯᠠ ᠪᠠᠨ ᠮᠣᠷᠢ ᠪᠠᠨ ᠤᠰᠤᠯᠠᠶ᠎ᠠ ᠭᠡᠵᠦ ᠡᠪᠦᠭᠡᠨ ᠬᠡᠯᠡᠪᠡ᠃
  ᠥᠯᠵᠡᠢ ᠳᠤᠷ᠎ᠠ ᠲᠠᠢ ᠨᠢ ᠠᠷᠭ᠎ᠠ ᠦᠭᠡᠢ ᠮᠣᠷᠢᠨ ᠤ᠋ ᠪᠠᠨ ᠠᠮᠠ ᠶ᠋ᠢ ᠭᠣᠣᠯ ᠤ᠋ᠨ ᠵᠦᠭ ᠵᠠᠯᠠᠪᠠ᠃ ᠬᠣᠶᠠᠷ ᠡᠪᠦᠭᠡᠨ ᠭᠣᠣᠯ ᠤ᠋ᠨ ᠡᠷᠭᠢ ᠳᠡᠭᠡᠷ᠎ᠡ ᠣᠴᠢᠵᠤ ᠪᠠᠭᠤᠭᠠᠳ ᠲᠦᠷᠦᠭᠦᠦ ᠤᠷᠤᠭᠰᠢ ᠬᠠᠷᠠᠨ ᠲᠣᠮᠣ ᠲᠣᠮᠣ ᠪᠠᠯᠭᠤᠭᠰᠠᠨ ᠢ᠋ᠶ᠋ᠠᠨ ᠪᠡᠶ᠎ᠡ ᠪᠡᠶᠡᠰ ᠤᠷᠤᠭᠤ ᠪᠠᠨ ᠬᠤᠯᠠᠭᠠᠢ ᠶ᠋ᠢᠨ ᠨᠢᠳᠦ ᠪᠡᠷ ᠬᠠᠷᠠᠯ᠎ᠠ᠃
  ᠬᠦᠷᠡᠯ ᠬᠦᠦ ᠤᠨᠠᠨ ᠲᠣᠰᠣᠨ ᠢᠨᠢᠶᠡᠵᠦ ᠪᠠᠢᠭ᠎ᠠ ᠶ᠋ᠢ ᠬᠠᠷᠠᠭᠠᠳ 《ᠢᠨᠢᠶᠡᠬᠦ ᠶᠠᠭᠤ ᠪᠠᠢᠭᠰᠠᠨ ᠶᠤᠮ᠃ ᠨᠠᠰᠤᠲᠠᠢ ᠤᠯᠤᠰ ᠢ᠋ ᠱᠣᠣᠯᠠᠵᠤ ᠣᠭᠲᠣ ᠪᠣᠯᠬᠤ ᠦᠭᠡᠢ᠃ ᠠᠯᠳᠠᠰ ᠪᠣᠯᠤᠨ᠎ᠠ᠃ ᠮᠢᠨᠦ ᠬᠦᠦ ᠬᠠᠢᠨᠤᠭ ᠢ᠋ᠶ᠋ᠠᠨ ᠤᠰᠤᠯᠠᠭᠠᠴᠢ》 ᠭᠡᠵᠦ ᠥᠯᠵᠡᠢ ᠬᠡᠯᠡᠪᠡ᠃
  ᠲᠡᠳᠡᠨ ᠢ᠋ ᠭᠡᠷ ᠲᠡᠭᠡᠨ ᠣᠢᠷᠠᠲᠤᠵᠤ ᠣᠴᠢᠬᠤ ᠳ᠋ᠤ᠌ ᠭᠠᠳᠠᠨ᠎ᠠ ᠨᠢ ᠲᠠᠪᠤᠨ ᠰᠠᠢᠬᠠᠨ ᠮᠣᠷᠢ ᠤᠶᠠᠭ᠎ᠠ ᠲᠠᠢ ᠪᠠᠢᠯ᠎ᠠ᠃
  ᠊᠊᠊᠊᠊᠊᠊᠊᠊᠊᠊᠊᠊᠊᠊ ᠮᠠᠨ ᠤ᠋ ᠳ᠋ᠤ᠌ ᠠᠢᠯᠴᠢᠨ ᠢᠷᠡᠵᠦ ᠳᠠ ᠭᠡᠵᠦ ᠥᠯᠵᠡᠢ ᠬᠡᠯᠡᠭᠡᠳ ᠠᠮᠠ ᠪᠠᠨ ᠰᠤᠯᠠ ᠠᠩᠭᠠᠢᠨ ᠨᠢᠳᠦ ᠪᠡᠨ ᠭᠦᠶᠦᠯᠭᠡᠨ ᠬᠠᠷᠠᠭᠰᠠᠨ ᠢ᠋ᠶ᠋ᠠᠨ᠂
  ᠊᠊᠊᠊᠊᠊᠊᠊᠊᠊᠊᠊᠊᠊᠊ ᠴᠣᠬᠣᠮ ᠬᠡᠳᠦᠨ ᠮᠣᠷᠢ ᠪᠠᠢᠨ᠎ᠠ? ᠭᠡᠵᠦ ᠠᠰᠠᠭᠤᠪᠠ᠃
  ᠊᠊᠊᠊᠊᠊᠊᠊᠊᠊᠊᠊᠊᠊᠊ ᠪᠠᠷᠤᠭ ᠯᠠ ᠳᠥᠷᠪᠡᠨ ᠮᠣᠷᠢ ᠪᠠᠢᠨ᠎ᠠ᠃ ᠲᠠᠨ ᠤ᠋ ᠳ᠋ᠤ᠌ ᠶᠠᠭᠤᠮ᠎ᠠ ᠪᠣᠢ ᠤᠤ?
  ᠊᠊᠊᠊᠊᠊᠊᠊᠊᠊᠊᠊᠊᠊᠊ ᠲᠠᠮᠢᠷ ᠤ᠋ᠨ ᠭᠣᠣᠯ ᠤ᠋ᠨ ᠠᠢᠯ ᠪᠠᠢᠨ᠎ᠠ ᠬᠦ ᠭᠡᠮ ᠦᠭᠡᠢ ᠲᠠᠨᠢᠯ ᠬᠥᠮᠦᠨ ᠣᠴᠢᠬᠤ ᠳ᠋ᠤ᠌ ᠭᠠᠭᠴᠠ ᠴᠠᠭᠠᠨ ᠪᠥᠭᠰᠡᠲᠦ ᠭᠠᠷᠭᠠᠬᠤ ᠦᠭᠡᠢ ᠪᠣᠯ ᠭᠣᠯᠣᠮᠲᠠ ᠲᠦᠰᠢᠵᠦ ᠤᠲᠤᠭ᠎ᠠ ᠮᠠᠨᠠᠷᠠᠭᠤᠯᠵᠤ ᠶᠠᠪᠤᠭᠰᠠᠨ ᠤ᠋ ᠬᠡᠷᠡᠭ ᠶᠠᠭᠤ ᠪᠠᠢᠬᠤᠪ ᠳᠠ᠃ ᠲᠡᠢᠮᠦ ᠪᠢᠵᠡ?
  ᠊᠊᠊᠊᠊᠊᠊᠊᠊᠊᠊᠊᠊᠊᠊ ᠶᠣᠰᠣᠲᠠᠢ ᠳᠠ ᠬᠦ᠃ ᠥᠯᠵᠡᠢ ᠶ᠋ᠢ ᠮᠣᠷᠢ ᠪᠠᠨ ᠤᠶᠠᠭᠠᠳ ᠭᠡᠷ ᠦ᠋ᠨ ᠵᠦᠭ ᠰᠠᠵᠢᠯᠠᠨ ᠨᠠᠢᠭᠤᠨ ᠶᠠᠪᠤᠲᠠᠯ᠎ᠠ ᠡᠮᠦᠨ᠎ᠡ ᠡᠴᠡ ᠨᠢ ᠴᠠᠨᠳᠠ ᠪᠠᠷᠤᠭ ᠭᠦᠶᠦᠬᠦ ᠰᠢᠬᠠᠮ ᠢᠷᠡᠭᠡᠳ 《ᠠᠪᠤ ᠠ᠋᠂ ᠵᠠᠰᠠᠭᠲᠤ ᠬᠠᠨ ᠤ᠋ ᠲᠡᠮᠦᠷ ᠭᠤᠸᠠᠢ ᠢᠷᠡᠭᠰᠡᠨ》 ᠭᠡᠯ᠎ᠡ᠃
  ᠶᠡᠬᠡ ᠰᠣᠭᠲᠣᠭᠰᠠᠨ ᠬᠥᠮᠦᠨ ᠳ᠋ᠦ᠍ ᠭᠡᠨᠡᠳᠲᠡ ᠶᠡᠬᠡ ᠪᠠᠶᠠᠷ ᠪᠤᠶᠤ ᠵᠣᠪᠠᠯᠠᠩ ᠰᠣᠨᠣᠰᠬᠠᠬᠤ ᠳ᠋ᠤ᠌ ᠠᠷᠢᠬᠢ ᠨᠢ ᠠᠯᠠᠭ᠎ᠠ ᠪᠣᠯᠳᠠᠭ ᠭᠡᠵᠦ ᠶᠠᠷᠢᠳᠠᠭ ᠣᠷᠣ ᠲᠠᠢ ᠦᠭᠡ ᠠᠵᠢ᠃
  ᠥᠯᠵᠡᠢ ᠶ᠋ᠢᠨ ᠰᠠᠵᠢᠭᠢᠨᠠᠭᠰᠠᠨ ᠲᠣᠯᠣᠭᠠᠢ ᠲᠥᠪ ᠪᠣᠯᠵᠤ 《ᠲᠡᠢᠮᠦ ᠤᠤ᠃ ᠬᠦᠦ ᠮᠢᠨᠢ》 ᠭᠡᠰᠡᠨ ᠢ᠋ᠶ᠋ᠡᠨ ᠠᠷᠤ ᠳ᠋ᠤᠨᠢ ᠠᠮᠠᠨ ᠳ᠋ᠠᠭᠠᠨ ᠶᠠᠮᠠᠷ ᠨᠢᠭᠡᠨ ᠳᠠᠭᠤᠤ ᠭᠢᠩᠰᠢᠨ ᠰᠠᠪᠠᠯᠠᠵᠤ ᠶᠠᠪᠤᠭᠰᠠᠨ ᠡᠪᠦᠭᠡᠨ ᠳ᠋ᠡᠭᠡᠨ 《ᠵᠠ ᠬᠦ᠂ ᠵᠠᠰᠠᠭᠲᠤ ᠬᠠᠨ ᠤ᠋ ᠴᠠᠬᠢᠭᠤᠷ ᠲᠡᠮᠦᠷ ᠮᠣᠷᠢᠯᠠᠵᠤ ᠢᠷᠡᠭᠡᠳ ᠪᠠᠢᠨ᠎ᠠ ᠭᠡᠨ᠎ᠡ᠃ ᠪᠢᠲᠡᠭᠡᠢ ᠨᠠᠢᠭᠤᠭᠠᠳ ᠯᠠ ᠪᠠᠢ ᠯᠠ ᠳᠠ》 ᠭᠡᠳ ᠰᠢᠮᠠᠯᠠᠭᠰᠠᠨ ᠨᠢᠳᠤᠷᠭ᠎ᠠ ᠪᠠᠨ ᠰᠡᠭᠰᠦᠷᠴᠦ ᠡᠷᠭᠢᠭᠦᠯᠦᠭᠡᠳ ᠬᠢᠲᠤᠭ᠎ᠠ ᠪᠠᠨ ᠪᠠᠭᠤᠯᠭᠠᠵᠤ ᠲᠥᠪ ᠪᠥᠭᠡᠳ ᠲᠦᠷᠭᠡᠨ ᠠᠯᠬᠤᠵᠤ ᠭᠡᠷ ᠲᠦ᠍ ᠣᠷᠣᠯ᠎ᠠ᠃
  ᠥᠯᠵᠡᠢ ᠭᠡᠷ ᠦ᠋ᠨ ᠪᠠᠷᠠᠭᠤᠨ ᠲᠠᠯ᠎ᠠ ᠳ᠋ᠤ᠌ ᠰᠠᠭᠤᠭ᠎ᠠ ᠲᠡᠮᠦᠷ ᠢ᠋ ᠬᠠᠷᠠᠵᠤ ᠨᠠᠮᠤᠰᠬᠢᠨ ᠶᠣᠰᠣᠯᠠᠭᠰᠠᠨ ᠢ᠋ᠶ᠋ᠠᠨ ᠬᠣᠶᠠᠷ ᠭᠠᠷ ᠢ᠋ᠶ᠋ᠠᠨ ᠰᠤᠩᠭᠠᠨ ᠣᠴᠢᠵᠤ ᠵᠣᠯᠭᠠᠪᠠ᠃
  ᠊᠊᠊᠊᠊᠊᠊᠊᠊᠊᠊᠊᠊᠊᠊ ᠲᠠᠷᠭᠤᠨ ᠲᠠᠪᠠᠲᠠᠢ ᠨᠠᠮᠤᠷᠵᠢᠵᠤ ᠪᠠᠢᠨᠠᠤ?
  ᠊᠊᠊᠊᠊᠊᠊᠊᠊᠊᠊᠊᠊᠊᠊ ᠰᠠᠢᠬᠠᠨ ᠨᠠᠮᠤᠷᠵᠢᠵᠤ ᠪᠠᠢᠨ᠎ᠠ᠃ ᠲᠠ ᠰᠠᠢᠨ ᠮᠣᠷᠢᠯᠠᠵᠤ ᠢᠷᠡᠪᠡ ᠤᠤ?
  ᠲᠡᠮᠦᠷ ᠨᠢᠭᠤᠷ ᠳᠦᠭᠦᠷᠡᠩ ᠢᠨᠢᠶᠡᠮᠰᠦᠭᠯᠡᠭᠰᠡᠨ ᠢ᠋ᠶ᠋ᠡᠨ 《ᠰᠠᠢᠨ ᠶᠠᠪᠤᠵᠤ ᠢᠷᠡᠯ᠎ᠡ》 ᠭᠡᠵᠦ ᠤᠶᠠᠩᠭᠠᠯᠠᠭᠤᠯᠤᠨ ᠬᠠᠷᠢᠭᠤᠯᠪᠠ᠃ ᠥᠳᠬᠡᠨ ᠬᠠᠷ᠎ᠠ ᠭᠡᠵᠢᠭᠡ ᠪᠡᠨ ᠠᠪᠠᠭᠭᠤᠯᠤᠭᠰᠠᠨ ᠡᠴᠡ ᠲᠡᠮᠦᠷ ᠦ᠋ᠨ ᠴᠢᠷᠠᠢ ᠤᠯᠠᠮ ᠥᠷᠭᠡᠨ᠂ ᠪᠠᠷᠭᠢᠯ ᠪᠦᠳᠦᠭᠦᠨ ᠰᠦᠷ ᠲᠡᠢ ᠪᠣᠯᠵᠠᠢ᠃
  ᠥᠯᠵᠡᠢ᠂ ᠳᠤᠯᠮ᠎ᠠ ᠶ᠋ᠢ ᠭᠠᠢᠬᠠᠨ ᠬᠠᠷᠠᠭᠰᠠᠨ ᠢ᠋ᠶ᠋ᠠᠨ᠄
  ᠊᠊᠊᠊᠊᠊᠊᠊᠊᠊᠊᠊᠊᠊᠊ ᠡᠨᠡ ᠪᠦᠰᠡᠭᠦᠢ ᠶᠠᠭᠤᠨ ᠬᠥᠮᠦᠨ ᠪᠢᠯᠡ? ᠭᠡᠵᠦ ᠠᠰᠠᠭᠤᠪᠠ᠃
  ᠊᠊᠊᠊᠊᠊᠊᠊᠊᠊᠊᠊᠊᠊᠊ ᠮᠢᠨᠦ ᠭᠡᠷᠭᠡᠢ᠃ ᠳᠤᠯᠮ᠎ᠠ ᠭᠡᠵᠦ ᠲᠡᠮᠦᠷ ᠳᠦᠭᠦᠷᠡᠩ ᠪᠠᠶᠠᠷᠲᠠᠢ ᠬᠠᠷᠢᠭᠤᠯᠪᠠ᠃
  ᠊᠊᠊᠊᠊᠊᠊᠊᠊᠊᠊᠊᠊᠊᠊ ᠠ᠋ ᠪᠤᠷᠤᠭᠤ ᠳ᠋ᠠᠭᠠᠨ᠃ ᠥᠯᠵᠡᠢ ᠭᠤᠸᠠᠢ ᠨᠢ ᠲᠠᠨᠢᠭᠰᠠᠨ ᠦᠭᠡᠢ᠃ ᠵᠠ ᠵᠣᠯᠭᠠᠵᠤ ᠤᠷᠭᠢᠶ᠎ᠠ ᠭᠡᠳ ᠡᠪᠦᠭᠡᠨ ᠭᠠᠷ ᠢ᠋ᠶ᠋ᠠᠨ ᠰᠤᠩᠭᠠᠨ ᠣᠢᠷᠠᠲᠤᠪᠠ᠃
  ᠳᠤᠯᠮ᠎ᠠ ᠢᠨᠢᠶᠡᠮᠰᠦᠭᠯᠡᠨ ᠪᠣᠰᠴᠤ ᠵᠣᠯᠭᠠᠬᠤ ᠳ᠋ᠤ᠌ ᠡᠪᠦᠭᠡᠨ ᠨᠢᠳᠦ ᠪᠡᠨ ᠴᠠᠪᠴᠢᠯᠠᠨ ᠪᠣᠳᠣᠯᠬᠢᠯᠠᠭᠰᠠᠨ ᠢ᠋ᠶ᠋ᠠᠨ᠄
  ᠊᠊᠊᠊᠊᠊᠊᠊᠊᠊᠊᠊᠊᠊᠊ ᠲᠡᠷᠡ ᠵᠢᠯ ᠡᠷᠳᠡᠨᠢ ᠶ᠋ᠢᠨ ᠳ᠋ᠦ᠍ ᠣᠴᠢᠬᠤ ᠳ᠋ᠤ᠌ ᠣᠷᠣᠵᠤ ᠢᠷᠡᠵᠦ ᠪᠠᠢᠭᠰᠠᠨ ᠬᠡᠦᠬᠡᠳ ᠮᠥᠨ ᠰᠢᠭ ᠪᠠᠢᠨ᠎ᠠ᠃ ᠠᠯᠢ ᠪᠢ ᠪᠤᠷᠤᠭᠤ ᠲᠠᠨᠢᠵᠤ ᠪᠠᠢᠨ᠎ᠠ ᠤᠤ ᠭᠡᠯ᠎ᠡ᠃
  ᠳᠤᠯᠮ᠎ᠠ ᠶ᠋ᠢᠨ ᠨᠢᠳᠦᠨ ᠳ᠋ᠦ᠍ ᠭᠤᠨᠢᠭ ᠲᠠᠢ ᠪᠣᠳᠣᠯ ᠤ᠋ᠨ ᠪᠦᠳᠡᠭᠢ ᠭᠡᠷᠡᠯ ᠲᠣᠳᠣᠷᠠᠵᠤ᠂ ᠥᠩᠭᠡᠷᠡᠭᠦᠯᠦᠭᠰᠡᠨ ᠭᠠᠰᠢᠭᠤᠨ ᠠᠮᠢᠳᠤᠷᠠᠯ ᠨᠢ ᠵᠢᠷᠢᠯᠵᠡᠨ ᠥᠩᠭᠡᠷᠡᠬᠦ ᠮᠡᠲᠦ ᠪᠣᠯᠬᠤ ᠳ᠋ᠤ᠌ ᠭᠦᠨ ᠰᠠᠨᠠᠭ᠎ᠠ ᠠᠯᠳᠠᠭᠠᠳ ᠲᠡᠭᠦᠨ ᠢ᠋ᠶ᠋ᠡᠨ ᠪᠤᠯᠠᠬᠤ ᠭᠡᠵᠦ ᠮᠦᠰᠢᠶᠡᠬᠦ ᠳᠦᠷᠢ ᠦᠵᠡᠭᠦᠯᠦᠨ ᠤᠷᠤᠭᠤᠯ ᠢ᠋ᠶ᠋ᠠᠨ ᠬᠥᠳᠡᠯᠭᠡᠭᠰᠡᠨ ᠢ᠋ᠶ᠋ᠡᠨ᠄
  ᠊᠊᠊᠊᠊᠊᠊᠊᠊᠊᠊᠊᠊᠊᠊ ᠲᠡᠢᠮᠦ ᠠ᠋ ᠭᠡᠵᠦ ᠨᠠᠮ ᠳᠠᠭᠤ ᠪᠠᠷ ᠥᠴᠢᠪᠡ᠃
  ᠬᠠᠪᠤᠷ ᠤ᠋ᠨ ᠵᠥᠭᠡᠯᠡᠬᠡᠨ ᠪᠣᠯᠪᠠᠴᠤ ᠢᠷᠠᠭᠤᠬᠠᠨ ᠨᠠᠷᠠ ᠶᠢᠷᠲᠢᠨᠴᠦ ᠶ᠋ᠢ ᠭᠡᠢᠭᠦᠯᠵᠦ ᠪᠠᠢᠬᠤ ᠳ᠋ᠤ᠌ ᠳᠤᠤᠯᠢᠶ᠎ᠠ ᠴᠠᠰᠤᠨ ᠤ᠋ ᠴᠠᠢᠪᠤᠷ ᠪᠥᠭᠡᠳ ᠴᠡᠪᠳᠡᠭ ᠡᠭᠦᠯᠡ ᠪᠦᠷᠬᠦᠳᠡᠭ ᠦ᠋ᠨ ᠠᠳᠠᠯᠢ ᠢᠨᠢᠶᠡᠵᠦ ᠪᠠᠶᠠᠷᠯᠠᠵᠤ ᠪᠠᠢᠭᠰᠠᠨ ᠳᠤᠯᠮ᠎ᠠ ᠶ᠋ᠢᠨ ᠨᠢᠳᠦ ᠶ᠋ᠢ ᠥᠩᠭᠡᠷᠡᠭᠰᠡᠨ ᠭᠠᠰᠢᠭᠤᠨ ᠠᠮᠢᠳᠤᠷᠠᠯ ᠤ᠋ᠨ ᠮᠠᠷᠲᠠᠭᠳᠠᠵᠤ ᠶᠠᠪᠤᠭ᠎ᠠ ᠪᠠᠷᠠᠭᠠᠨ ᠮᠠᠨᠠᠨ ᠪᠦᠷᠬᠦᠭᠰᠡᠨ ᠪᠣᠯᠪᠠᠴᠤ ᠬᠥᠭᠵᠢᠯ ᠲᠡᠢ ᠶᠠᠷᠢᠨ ᠰᠠᠭᠤᠵᠤ ᠪᠠᠢᠭ᠎ᠠ ᠨᠥᠬᠥᠷ ᠢ᠋ᠶ᠋ᠡᠨ ᠬᠠᠷᠠᠮᠠᠭᠴᠠ ᠨᠢᠳᠦᠨ ᠳ᠋ᠦ᠍ᠨᠢ ᠳᠠᠬᠢᠨ ᠨᠠᠷᠠ ᠮᠠᠨᠳᠤᠪᠠ᠃
  ᠲᠡᠮᠦᠷ ᠡᠪᠦᠷ ᠢ᠋ᠶ᠋ᠡᠨ ᠠᠭᠤᠳᠠᠯᠵᠤ ᠪᠣᠭᠣᠳᠠᠯ ᠲᠠᠢ ᠶᠠᠭᠤᠮ᠎ᠠ ᠭᠠᠷᠭᠠᠨ ᠡᠪᠦᠳᠦᠭ ᠳᠡᠭᠡᠷ᠎ᠡ ᠪᠡᠨ ᠲᠠᠯᠪᠢᠨ ᠵᠠᠳᠠᠯᠤᠭᠰᠠᠨ ᠢ᠋ᠶ᠋ᠠᠨ ᠤᠷᠲᠤ ᠬᠠᠳᠠᠭ᠂ ᠬᠣᠷᠢᠨ ᠮᠥᠩᠭᠥᠨ ᠶᠠᠩᠴᠢᠶᠠᠨ᠂ ᠲᠣᠭᠳᠣᠢ ᠲᠠᠢ ᠵᠠᠬᠢᠶ᠎ᠠ ᠭᠠᠷᠭᠠᠵᠤ᠄
  ᠊᠊᠊᠊᠊᠊᠊᠊᠊᠊᠊᠊᠊᠊᠊ ᠥᠯᠵᠡᠢ ᠭᠤᠸᠠᠢ᠂ ᠬᠦᠦ ᠴᠢᠨᠢ ᠲᠠᠨ ᠳ᠋ᠤ᠌ ᠥᠭᠭᠦᠭᠰᠡᠨ ᠶᠠᠭᠤᠮ᠎ᠠ ᠭᠡᠳ ᠡᠪᠦᠭᠡᠨ ᠳ᠋ᠦ᠍ ᠪᠠᠷᠢᠯ᠎ᠠ᠃
  ᠊᠊᠊᠊᠊᠊᠊᠊᠊᠊᠊᠊᠊᠊᠊ ᠬᠤᠶᠠᠭ ᠮᠢᠨᠢ ᠤᠤ?
  ᠊᠊᠊᠊᠊᠊᠊᠊᠊᠊᠊᠊᠊᠊᠊ ᠥᠭᠡᠷ᠎ᠡ ᠬᠡᠨ ᠪᠠᠢᠬᠤ ᠪᠣᠢ?
  ᠊᠊᠊᠊᠊᠊᠊᠊᠊᠊᠊᠊᠊᠊᠊ ᠮᠡᠨᠳᠦ ᠰᠠᠢᠨ ᠯᠠ ᠶᠠᠪᠤᠭ᠎ᠠ ᠤᠤ?
  ᠊᠊᠊᠊᠊᠊᠊᠊᠊᠊᠊᠊᠊᠊᠊ ᠭᠢᠯᠠᠯᠵᠠᠵᠤ ᠶᠠᠪᠤᠭ᠎ᠠ ᠭᠡᠳ ᠲᠡᠮᠦᠷ ᠶᠠᠷᠢᠵᠤ ᠭᠠᠷᠤᠯ᠎ᠠ᠃
  ᠬᠦᠦ ᠨᠢ ᠬᠡᠳᠦᠨ ᠵᠠᠭᠤᠨ ᠴᠡᠷᠢᠭ ᠵᠠᠬᠢᠷᠤᠭᠰᠠᠨ ᠵᠠᠩᠵᠤᠨ ᠪᠣᠯᠤᠭᠰᠠᠨ ᠢ᠋ᠶ᠋ᠠᠷ ᠪᠠᠷᠠᠬᠤ ᠦᠭᠡᠢ ᠡᠭᠡᠯ ᠪᠢᠰᠢ ᠬᠥᠮᠦᠨ ᠭᠡᠵᠦ ᠪᠢᠰᠢᠷᠡᠨ ᠵᠠᠯᠪᠠᠷᠢᠵᠤ ᠶᠠᠪᠤᠳᠠᠭ ᠡᠨᠡ ᠮᠤᠨᠳᠠᠭ ᠡᠷ᠎ᠡ ᠶ᠋ᠢᠨ ᠵᠠᠩᠵᠤᠨ ᠨᠢ ᠪᠠᠢᠭᠰᠠᠨ ᠭᠡᠳᠡᠭ ᠢ᠋ ᠰᠣᠨᠣᠰᠤᠭᠠᠳ ᠥᠯᠵᠡᠢ ᠡᠪᠦᠭᠡᠨ ᠦ᠌ ᠰᠡᠳᠬᠢᠯ ᠭᠠᠢᠬᠠᠬᠤ ᠪᠠᠶᠠᠷᠯᠠᠬᠤ ᠶ᠋ᠢᠨ ᠲᠤᠢᠯ ᠳ᠋ᠤ᠌ ᠬᠦᠷᠦᠯ᠎ᠡ᠃
  ᠵᠠᠭᠤᠨ ᠴᠡᠷᠢᠭ ᠢ᠋ ᠵᠠᠬᠢᠷᠤᠭᠰᠠᠨ ᠬᠥᠮᠦᠨ ᠵᠢᠷ ᠦ᠋ᠨ ᠪᠢᠰᠢ ᠪᠤᠷᠬᠠᠨ ᠪᠠᠢᠳᠠᠭ ᠭᠡᠳᠡᠭ ᠦᠭᠡᠨ ᠳ᠋ᠦ᠍ ᠢᠲᠡᠭᠡᠭᠰᠡᠨ ᠡᠪᠦᠭᠡᠨ ᠭᠠᠭᠴᠠ ᠬᠦᠦ ᠨᠢ ᠬᠡᠳᠦᠨ ᠵᠠᠭᠤᠨ ᠴᠡᠷᠢᠭ ᠦ᠋ᠨ ᠵᠠᠩᠵᠤᠨ ᠪᠣᠯᠤᠭᠰᠠᠨ ᠪᠣᠯᠬᠣᠷ ᠡᠭᠡᠯ ᠬᠥᠮᠦᠨ ᠪᠢᠰᠢ ᠪᠣᠯᠤᠯᠲᠠᠢ ᠮᠡᠲᠦ ᠰᠠᠨᠠᠭᠳᠠᠨ᠎ᠠ᠃ ᠠᠯᠲᠠᠨ ᠤ᠋ ᠳᠡᠷᠭᠡᠳᠡ ᠪᠠᠢᠭᠰᠠᠨ ᠭᠠᠤᠯᠢ ᠰᠢᠷᠠᠯᠠᠳᠠᠭ ᠭᠡᠭᠴᠢ ᠪᠡᠷ ᠪᠤᠷᠬᠠᠨ ᠤ᠋ ᠳᠡᠷᠭᠡᠳᠡ ᠪᠠᠢᠭᠰᠠᠨ ᠬᠥᠮᠦᠨ ᠲᠥᠷᠥᠯ ᠠᠷᠠᠯᠵᠢᠳᠠᠭ ᠶᠤᠮ ᠪᠣᠯᠪᠠ ᠤᠤ ᠭᠡᠵᠦ ᠪᠣᠳᠣᠭᠠᠳ ᠬᠦᠦ ᠶ᠋ᠢᠨ ᠢ᠋ᠶ᠋ᠡᠨ ᠭᠠᠳᠠᠨᠠᠬᠢ ᠪᠠᠢᠳᠠᠯ ᠢ᠋ ᠬᠦᠷᠲᠡᠯ᠎ᠡ ᠠᠰᠠᠭᠤᠵᠤ ᠡᠬᠢᠯᠡᠪᠡ᠃
  ᠊᠊᠊᠊᠊᠊᠊᠊᠊᠊᠊᠊᠊᠊᠊ ᠬᠦᠦ ᠪᠡᠨ ᠪᠠᠲᠤ ᠬᠠᠭᠠᠯᠭ᠎ᠠ ᠶ᠋ᠢᠨ ᠪᠠᠢᠯᠳᠤᠭᠠᠨ ᠳ᠋ᠤ᠌ ᠶᠠᠪᠤᠵᠤ ᠢᠷᠡᠭᠡᠳ ᠪᠠᠭᠠᠲᠤᠷ ᠪᠣᠯᠤᠭ᠎ᠠ ᠦᠭᠡᠢ ᠳ᠋ᠡᠭᠡᠨ ᠭᠣᠮᠣᠳᠠᠵᠤ ᠶᠠᠷᠢᠬᠤ ᠳ᠋ᠤᠨᠢ ᠴᠢ ᠪᠢᠳᠡ ᠬᠣᠶᠠᠷ ᠰᠢᠭ᠋ ᠡᠭᠡᠯ ᠬᠥᠮᠦᠨ ᠪᠣᠯᠳᠠᠭ ᠬᠡᠷᠡᠭ ᠪᠢᠰᠢ ᠭᠡᠵᠦ ᠪᠠᠢᠭᠰᠠᠨ ᠶᠤᠮᠰᠠᠨ᠃ ᠨᠠᠳᠠ ᠰᠢᠭ᠋ ᠤᠰᠤᠨ ᠨᠢᠳᠦ ᠲᠡᠢ᠂ ᠴᠢᠰᠤᠨ ᠵᠢᠷᠦᠬᠡ ᠲᠡᠢ ᠠᠮᠢᠲᠠᠨ ᠨᠡᠬᠡᠢ ᠳᠡᠪᠡᠯ ᠦ᠋ᠨ ᠴᠠᠭᠠᠨ᠎ᠠ ᠶᠠᠭᠤ ᠨᠢᠭᠤᠭᠳᠠᠵᠤ ᠪᠠᠢᠭ᠎ᠠ ᠶ᠋ᠢ ᠶᠠᠭᠠᠬᠢᠨ ᠮᠡᠳᠡᠬᠦ ᠪᠢᠯᠡ ᠳᠠ ᠭᠡᠵᠦ ᠥᠯᠵᠡᠢ ᠬᠡᠯᠡᠪᠡ᠃
  ᠴᠠᠨᠳᠠ ᠶ᠋ᠢᠨ ᠬᠤᠪᠢ ᠳ᠋ᠤ᠌ ᠪᠢᠯᠬᠠᠭᠰᠠᠨ ᠰᠠᠪᠠ ᠲᠠᠢ ᠰᠦ ᠠᠢᠷᠠᠭ ᠤ᠋ᠨ ᠠᠯᠢ ᠨᠢᠭᠡ ᠶ᠋ᠢ ᠪᠠᠷᠢᠭᠰᠠᠨ ᠬᠥᠮᠦᠨ ᠬᠥᠳᠡᠯᠵᠦ ᠴᠢᠳᠠᠳᠠᠭ ᠦᠭᠡᠢ ᠶ᠋ᠢᠨ ᠠᠳᠠᠯᠢ ᠳᠦᠭᠦᠷᠡᠩ ᠪᠠᠶᠠᠷ ᠲᠠᠭᠠᠨ ᠪᠠᠭᠲᠠᠷᠠᠭᠠᠳ ᠢᠨᠢᠶᠡᠵᠦ ᠴᠦ᠍ ᠴᠢᠳᠠᠬᠤ ᠦᠭᠡᠢ᠂ ᠤᠬᠢᠯᠠᠵᠤ ᠴᠤ᠌ ᠴᠢᠳᠠᠬᠤ ᠦᠭᠡᠢ᠂ ᠶᠠᠷᠢᠵᠤ ᠴᠤ᠌ ᠴᠢᠳᠠᠬᠤ ᠦᠭᠡᠢ ᠪᠠᠢᠯ᠎ᠠ᠃
  ᠊᠊᠊᠊᠊᠊᠊᠊᠊᠊᠊᠊᠊᠊᠊ ᠬᠤᠶᠠᠭ ᠤᠳᠠᠬᠤ ᠦᠭᠡᠢ ᠨᠢᠭᠡ ᠴᠢᠯᠥᠭᠡ ᠠᠪᠤᠭᠠᠳ ᠲᠠ ᠨᠠᠷ ᠢ᠋ᠶ᠋ᠠᠨ ᠡᠷᠭᠢᠵᠦ ᠢᠷᠡᠬᠦ ᠪᠠᠢᠬ᠎ᠠ ᠭᠡᠵᠦ ᠲᠡᠮᠦᠷ ᠦ᠋ᠨ ᠬᠡᠯᠡᠬᠦ ᠳ᠋ᠦ᠍ ᠳᠤᠯᠮ᠎ᠠ᠄
  ᠊᠊᠊᠊᠊᠊᠊᠊᠊᠊᠊᠊᠊᠊᠊ ᠡᠷᠭᠢᠵᠦ ᠢᠷᠡᠬᠦ ᠪᠡᠷ ᠪᠠᠷᠠᠬᠤ ᠦᠭᠡᠢ ᠠᠪᠠᠴᠢᠬᠤ ᠪᠠᠢᠬ᠎ᠠ᠃ ᠥᠪᠡᠷ ᠢ᠋ᠶ᠋ᠡᠨ ᠯᠡ ᠲᠡᠭᠡᠵᠦ ᠶᠠᠷᠢᠵᠤ ᠪᠠᠢᠨ᠎ᠠ ᠪᠢᠯᠡ ᠭᠡᠪᠡ᠃
  ᠊᠊᠊᠊᠊᠊᠊᠊᠊᠊᠊᠊᠊᠊᠊ ᠪᠢ ᠲᠠᠮᠢᠷ ᠤ᠋ᠨ ᠬᠥᠨᠳᠡᠢ ᠡᠴᠡ ᠪᠡᠨ ᠰᠠᠯᠬᠤ ᠦᠭᠡᠢ ᠭᠡᠳ ᠥᠯᠵᠡᠢ ᠲᠠᠭᠠᠯᠠᠮᠵᠢᠲᠠᠢ ᠮᠦᠰᠢᠶᠡᠭᠰᠡᠨ ᠢ᠋ᠶ᠋ᠡᠨ᠂ ᠲᠡᠮᠦᠷ ᠭᠤᠸᠠᠢ ᠬᠠᠮᠢᠭ᠎ᠠ ᠬᠦᠷᠬᠦ ᠭᠡᠵᠦ ᠶᠠᠪᠤᠭ᠎ᠠ ᠪᠢᠯᠡ? ᠭᠡᠵᠦ ᠠᠰᠠᠭᠤᠪᠠ᠃
  ᠊᠊᠊᠊᠊᠊᠊᠊᠊᠊᠊᠊᠊᠊᠊ ᠬᠣᠶᠠᠷ ᠬᠣᠨᠣᠭ ᠮᠣᠷᠢ ᠪᠠᠨ ᠠᠮᠠᠷᠠᠭᠠᠭᠠᠳ ᠶᠠᠪᠤᠨ᠎ᠠ ᠳᠠ ᠭᠡᠳ ᠲᠡᠮᠦᠷ ᠥᠰᠦᠭᠰᠡᠨ ᠲᠥᠷᠥᠭᠰᠡᠨ ᠳᠠᠢ᠌ᠰᠢᠷᠢ ᠳ᠋ᠠᠭᠠᠨ ᠣᠴᠢᠵᠤ ᠬᠡᠳᠦᠨ ᠮᠠᠯ ᠲᠠᠢ ᠪᠣᠯᠤᠨ ᠠᠷᠢᠭᠤᠨ ᠴᠠᠭᠠᠨ ᠬᠥᠳᠡᠯᠮᠦᠷᠢ ᠪᠡᠷ ᠠᠮᠢᠳᠤᠷᠠᠬᠤ ᠲᠤᠬᠠᠢ ᠪᠣᠳᠣᠯ ᠢ᠋ᠶ᠋ᠠᠨ ᠶᠠᠷᠢᠯ᠎ᠠ᠃
  ᠊᠊᠊᠊᠊᠊᠊᠊᠊᠊᠊᠊᠊᠊᠊ ᠲᠡᠢᠮᠦ ᠪᠣᠯ ᠬᠠᠮᠢᠭ᠎ᠠ ᠴᠤ᠌ ᠮᠣᠩᠭᠣᠯ ᠨᠤᠲᠤᠭ᠃ ᠮᠠᠨ ᠤ᠋ ᠲᠠᠮᠢᠷ ᠰᠠᠢᠬᠠᠨ ᠭᠠᠵᠠᠷ᠃ ᠪᠠᠰᠠ ᠲᠡᠭᠡᠭᠡᠳ ᠭᠡᠷᠭᠡᠢ ᠶ᠋ᠢᠨ ᠴᠢᠨᠢ ᠨᠤᠲᠤᠭ ᠪᠠᠢᠨ᠎ᠠ᠃ ᠲᠠ ᠡᠨᠳᠡ ᠠᠢᠯ ᠪᠣᠯᠪᠠᠯ ᠬᠡᠨ ᠬᠡᠨ ᠳ᠋ᠡᠭᠡᠨ ᠲᠦᠰᠢᠭ ᠭᠡᠵᠦ ᠥᠯᠵᠡᠢ ᠡᠬᠢᠯᠡᠭᠡᠳ ᠲᠡᠮᠦᠷ ᠢ᠋ ᠲᠠᠮᠢᠷ ᠤ᠋ᠨ ᠭᠣᠣᠯ ᠳ᠋ᠤ᠌ ᠠᠢᠯ ᠪᠣᠯᠤᠨ ᠠᠮᠢᠳᠤᠷᠠᠬᠤ ᠲᠤᠬᠠᠢ ᠭᠤᠶᠤᠵᠤ ᠭᠠᠷᠤᠯ᠎ᠠ᠃
  ᠥᠯᠵᠡᠢ ᠶ᠋ᠢᠨ ᠭᠤᠶᠤᠯᠲᠠ ᠶ᠋ᠢ ᠴᠠᠨᠳᠠ ᠬᠡᠦᠬᠡᠨ ᠴᠦ᠍ ᠪᠦᠷᠢᠨ ᠳᠡᠮᠵᠢᠵᠦ᠄
  ᠊᠊᠊᠊᠊᠊᠊᠊᠊᠊᠊᠊᠊᠊᠊ ᠳᠤᠯᠮ᠎ᠠ ᠭᠤᠸᠠᠢ ᠴᠤ᠌ ᠬᠥᠯ ᠬᠦᠨᠳᠦᠲᠡᠢ ᠪᠣᠯᠤᠭᠰᠠᠨ ᠪᠣᠯᠤᠯᠲᠠᠢ ᠲᠡᠷᠡ ᠬᠣᠯᠠ ᠭᠠᠵᠠᠷ ᠶᠠᠳᠠᠷᠠᠴᠢᠬᠠᠨ᠎ᠠ ᠭᠡᠯ᠎ᠡ᠃
  ᠲᠡᠮᠦᠷ ᠦ᠋ᠨ ᠨᠢᠳᠦᠨ ᠳ᠋ᠦ᠍ ᠲᠦᠮᠡᠨ ᠪᠠᠶᠠᠷ ᠤ᠋ᠨ ᠲᠦᠢᠮᠡᠷ ᠳᠦᠷᠡᠯᠵᠡᠨ ᠳᠤᠯᠮ᠎ᠠ ᠤᠷᠤᠭᠤ ᠬᠡᠰᠡᠭ ᠬᠠᠷᠠᠭᠰᠠᠨ ᠢ᠋ᠶ᠋ᠠᠨ᠄
  ᠊᠊᠊᠊᠊᠊᠊᠊᠊᠊᠊᠊᠊᠊᠊ ᠦᠨᠡᠨ ᠤᠤ? ᠭᠡᠵᠦ ᠣᠭᠵᠣᠮ ᠠᠰᠠᠭᠤᠵᠠᠢ᠃
  ᠳᠤᠯᠮ᠎ᠠ ᠶ᠋ᠢᠨ ᠴᠢᠷᠠᠢ ᠳ᠋ᠤ᠌ ᠤᠯᠠᠭᠠᠨ ᠲᠤᠶᠠᠭ᠎ᠠ ᠰᠠᠴᠤᠷᠠᠵᠤ ᠨᠢᠳᠦᠨ ᠳ᠋ᠦ᠍ᠨᠢ ᠦᠯᠦ ᠮᠡᠳᠡᠭ ᠮᠦᠰᠢᠶᠡᠯ ᠲᠣᠳᠣᠷᠠᠭᠰᠠᠨ ᠢ᠋ᠶ᠋ᠠᠨ 《ᠦᠨᠡᠨ》 ᠭᠡᠳ ᠳᠣᠣᠷᠠᠲᠤ ᠤᠷᠤᠭᠤᠯ ᠢ᠋ᠶ᠋ᠠᠨ ᠬᠠᠵᠠᠯᠠᠨ ᠲᠣᠯᠣᠭᠠᠢ ᠳᠣᠬᠢᠪᠠ᠃ ᠣᠯᠤᠭᠠᠳ ᠬᠣᠶᠠᠷ ᠰᠠᠷ᠎ᠠ ᠭᠠᠷᠤᠢ ᠪᠣᠯᠤᠭᠰᠠᠨ ᠬᠡᠦᠬᠡᠳ ᠢ᠋ᠶ᠋ᠡᠨ ᠲᠡᠮᠦᠷ ᠦ᠋ᠨ ᠨᠤᠲᠤᠭ ᠲᠠᠭᠠᠨ ᠣᠴᠢᠬᠤ ᠬᠦᠰᠡᠯ ᠢ᠋ ᠡᠪᠳᠡᠬᠦ ᠦᠭᠡᠢ ᠭᠡᠵᠦ ᠲᠠᠰᠤ ᠨᠢᠭᠤᠵᠠᠢ᠃
  ᠊᠊᠊᠊᠊᠊᠊᠊᠊᠊᠊᠊᠊᠊᠊ ᠨᠠᠳᠠ ᠶᠠᠭᠤᠨ ᠳ᠋ᠤ᠌ ᠬᠡᠯᠡᠭᠡ ᠦᠭᠡᠢ ᠶᠤᠮ ᠪᠣᠢ?
  ᠊᠊᠊᠊᠊᠊᠊᠊᠊᠊᠊᠊᠊᠊᠊ ᠨᠤᠲᠤᠭ ᠲᠠᠭᠠᠨ ᠶᠠᠪᠤᠬᠤ ᠳ᠋ᠤ᠌ ᠴᠢᠨᠢ ᠰᠠᠭᠠᠳ ᠪᠣᠯᠬᠤ ᠦᠭᠡᠢ ᠭᠡᠵᠦ ᠪᠣᠳᠣᠭᠰᠠᠨ᠃
  ᠳᠠᠢ᠌ᠰᠢᠷᠢ ᠬᠠᠨ᠂ ᠲᠡᠷᠯᠡᠨ ᠬᠠᠢᠷᠬᠠᠨ ᠢ᠋ᠶ᠋ᠠᠨ ᠬᠠᠷᠠᠵᠤ᠂ ᠲᠡᠭᠦᠨ ᠦ᠌ ᠨᠥᠮᠥᠷᠢ ᠳ᠋ᠦ᠍ ᠬᠠᠢᠷᠠᠲᠤ ᠲᠡᠭᠦᠨ ᠲᠡᠢ ᠪᠡᠨ ᠠᠷᠢᠭᠤᠨ ᠰᠠᠢᠬᠠᠨ ᠢ᠋ᠶ᠋ᠠᠷ ᠠᠮᠢᠳᠤᠷᠠᠬᠤ ᠬᠦᠰᠡᠯ ᠲᠡᠮᠦᠷ ᠲᠦ᠍ ᠦᠯᠡᠮᠵᠢ ᠶᠡᠬᠡ ᠪᠠᠢᠭᠰᠠᠨ᠃ ᠭᠡᠪᠡᠴᠦ ᠳᠤᠯᠮ᠎ᠠ ᠶ᠋ᠢᠨ ᠬᠡᠪᠡᠯᠢ ᠳ᠋ᠦ᠍ ᠬᠡᠦᠬᠡᠳ ᠲᠡᠢ ᠭᠡᠳᠡᠭ ᠢ᠋ ᠰᠣᠨᠣᠰᠤᠭᠰᠠᠨ ᠡᠴᠡ ᠬᠣᠢᠰᠢ ᠮᠣᠷᠢ ᠪᠠᠷ ᠣᠯᠠᠨ ᠠᠷᠪᠢᠨ ᠥᠷᠲᠡᠭᠡ ᠶᠠᠪᠤᠬᠤ ᠨᠢ ᠪᠢᠲᠡᠭᠡᠢ ᠬᠡᠯᠡ᠂ ᠲᠦᠷᠭᠡᠨ ᠠᠯᠬᠤᠭᠤᠯᠬᠤ ᠦᠭᠡᠢ ᠭᠡᠵᠦ ᠪᠣᠳᠣᠯ᠎ᠠ᠃ ᠬᠡᠷᠪᠡ ᠳᠤᠯᠮ᠎ᠠ ᠬᠦᠷᠢᠶᠡᠨ ᠳ᠋ᠦ᠍ ᠪᠠᠢᠬᠤ ᠳ᠋ᠠᠭᠠᠨ ᠡᠭᠦᠨ ᠢ᠋ᠶ᠋ᠡᠨ ᠬᠡᠯᠡᠭᠰᠡᠨ ᠪᠣᠯ ᠲᠡᠮᠦᠷ ᠢ᠋ ᠲᠡᠨᠳᠡ ᠡᠴᠡ ᠬᠥᠭᠡᠭᠡᠭᠰᠡᠨ ᠴᠦ᠍ ᠶᠠᠪᠤᠬᠤ ᠦᠭᠡᠢ ᠪᠠᠢᠭᠰᠠᠨ᠃
  ᠊᠊᠊᠊᠊᠊᠊᠊᠊᠊᠊᠊᠊᠊᠊ ᠲᠠᠮᠢᠷ ᠤ᠋ᠨ ᠭᠣᠣᠯ ᠳ᠋ᠤ᠌ ᠠᠢᠯ ᠪᠣᠯᠤᠨ᠎ᠠ᠃ ᠴᠢ ᠶᠠᠭᠤ ᠭᠡᠵᠦ ᠪᠣᠳᠣᠵᠤ ᠪᠠᠢᠨ᠎ᠠ᠃ ᠰᠠᠢᠬᠠᠨ ᠨᠤᠲᠤᠭ ᠰᠢᠦ ᠭᠡᠵᠦ ᠲᠡᠮᠦᠷ ᠬᠡᠰᠡᠭ ᠳᠠᠭᠤ ᠦᠭᠡᠢ ᠰᠠᠭᠤᠭᠰᠠᠨ ᠤ᠋ ᠳᠠᠷᠠᠭ᠎ᠠ ᠬᠥᠭᠵᠢᠯᠲᠡᠢ ᠳᠠᠭᠤ ᠪᠠᠷ ᠬᠡᠯᠡᠭᠡᠳ ᠳᠤᠯᠮ᠎ᠠ ᠤᠷᠤᠭᠤ ᠪᠠᠨ ᠬᠠᠷᠠᠯ᠎ᠠ᠃
  ᠊᠊᠊᠊᠊᠊᠊᠊᠊᠊᠊᠊᠊᠊᠊ ᠪᠢ ᠳᠤᠷᠠᠲᠠᠢ ᠪᠠᠢᠨ᠎ᠠ ᠭᠡᠵᠦ ᠳᠤᠯᠮ᠎ᠠ ᠪᠠᠶᠠᠷᠲᠠᠢ ᠥᠴᠢᠪᠡ᠃ ᠳᠤᠯᠮ᠎ᠠ ᠡᠨᠳᠡ ᠠᠢᠯ ᠪᠣᠯᠤᠶ᠎ᠠ ᠭᠡᠬᠦ ᠳ᠋ᠡᠭᠡᠨ ᠲᠠᠮᠢᠷ ᠤ᠋ᠨ ᠬᠥᠨᠳᠡᠢ ᠶ᠋ᠢ ᠲᠥᠷᠥᠭᠰᠡᠨ ᠨᠤᠲᠤᠭ ᠭᠡᠵᠦ ᠳᠣᠲᠣᠨᠣᠴᠢᠯᠠᠭᠰᠠᠨ ᠡᠴᠡ ᠬᠡᠯᠡᠭᠰᠡᠨ ᠬᠡᠷᠡᠭ ᠪᠢᠰᠢ᠃ ᠬᠠᠷᠢᠨ ᠨᠢᠭᠡᠳᠦᠭᠡᠷ ᠲᠦ᠍ ᠬᠠᠨᠢ ᠲᠠᠲᠠᠭᠰᠠᠨ᠃ ᠬᠣᠶᠠᠳᠤᠭᠠᠷ ᠲᠤ᠌ 《ᠪᠤᠷᠤᠭᠤ ᠡᠰᠡ ᠰᠣᠨᠣᠰᠪᠠᠯ ᠦᠭᠡᠢ ᠭᠡᠳᠡᠭ ᠦᠭᠡᠢ ᠬᠡᠦᠬᠡᠨ》 ᠭᠡᠵᠦ ᠭᠣᠣᠴᠢᠯᠠᠭᠤᠯᠵᠤ ᠪᠠᠢᠭᠰᠠᠨ ᠡᠨᠡ ᠨᠤᠲᠤᠭ ᠲᠤ᠌ ᠳᠤᠯᠮ᠎ᠠ ᠴᠣᠬᠣᠮ ᠬᠡᠨ ᠪᠣᠢ? ᠭᠡᠳᠡᠭ ᠢ᠋ᠶ᠋ᠡᠨ ᠬᠠᠷᠠᠭᠤᠯᠤᠶ᠎ᠠ ᠭᠡᠵᠦ ᠪᠣᠳᠣᠭᠰᠠᠨ ᠡᠴᠡ ᠬᠡᠯᠡᠵᠡᠢ᠃
  ᠥᠯᠵᠡᠢ ᠶ᠋ᠢᠨ ᠬᠢ ᠬᠣᠨᠢ ᠭᠠᠷᠭᠠᠵᠤ᠂ ᠬᠠᠪᠢ ᠣᠢᠷ᠎ᠠ ᠶ᠋ᠢᠨ ᠠᠢᠯ ᠡᠴᠡ ᠠᠷᠢᠬᠢ ᠠᠢᠷᠠᠭ ᠠᠪᠴᠢᠷᠠᠨ ᠨᠠᠢᠷ ᠬᠢᠵᠦ ᠬᠥᠯ ᠦᠭᠡᠢ ᠪᠠᠶᠠᠷ ᠬᠥᠷ ᠪᠣᠯᠵᠠᠢ᠃ ᠣᠯᠠᠨ ᠬᠥᠮᠦᠨ ᠴᠤᠭᠯᠠᠷᠠᠵᠤ ᠳᠠᠭᠤᠤ ᠪᠠᠷᠢᠨ ᠬᠥᠭᠵᠢᠯᠳᠦᠬᠦ ᠳ᠋ᠦ᠍ ᠰᠡᠳᠬᠢᠯ ᠨᠢ ᠬᠥᠳᠡᠯᠦᠭᠰᠡᠨ ᠥᠯᠵᠡᠢ ᠴᠦ᠍ 《ᠬᠤᠰᠢᠭᠤᠨ ᠤ᠋ ᠣᠯᠠᠨ ᠲᠠᠮᠢᠷ》 ᠢ᠋ᠶ᠋ᠠᠨ ᠲᠠᠰᠤᠯᠳᠠᠭᠰᠠᠨ ᠡᠪ ᠬᠠᠪᠤ ᠦᠭᠡᠢ ᠪᠠᠷᠭᠢᠯ ᠬᠣᠭᠣᠯᠠᠢ ᠪᠠᠷ ᠳᠠᠭᠤᠯᠠᠵᠠᠢ᠃ ᠬᠥᠮᠦᠰ ᠭᠤᠶᠤᠵᠤ ᠥᠯᠵᠡᠢ ᠲᠣᠭᠣᠷ᠎ᠠ ᠪᠠᠷᠢᠵᠤ ᠪᠠᠢᠮᠠᠨᠵᠢᠨ ᠲᠡᠮᠦᠷ ᠢ᠋ 《ᠡᠷᠳᠡᠨᠢ ᠵᠠᠰᠠᠭ ᠤ᠋ᠨ ᠤᠨᠠᠭ᠎ᠠ》 ᠶ᠋ᠢ ᠨᠢ ᠳᠠᠭᠤᠯᠠᠭᠤᠯᠪᠠ᠃ ᠴᠢᠩᠭ᠎ᠠ ᠪᠢᠰᠢ ᠪᠣᠯᠪᠠᠴᠤ ᠰᠡᠳᠬᠢᠯ ᠦ᠋ᠨ ᠭᠦᠨ ᠡᠴᠡ ᠨᠤᠷᠭᠢᠨ ᠭᠠᠷᠤᠭᠰᠠᠨ ᠠᠷᠭᠢᠯ ᠬᠣᠭᠣᠯᠠᠢ ᠪᠠᠷ 《ᠡᠷᠳᠡᠨᠢ ᠵᠠᠰᠠᠭ ᠤ᠋ᠨ ᠤᠨᠠᠭ᠎ᠠ》 ᠭᠡᠵᠦ ᠳᠠᠭᠤᠯᠠᠵᠤ ᠪᠠᠢᠬᠤ ᠳ᠋ᠤ᠌ ᠥᠷᠭᠡᠨ ᠳᠡᠯᠭᠡᠷ ᠰᠦᠬᠡ ᠶ᠋ᠢᠨ ᠭᠣᠣᠯ ᠬᠥᠬᠡᠷᠡᠨ ᠮᠡᠨᠡᠩᠳᠡᠵᠦ ᠳᠠᠢ᠌ᠰᠢᠷᠢ ᠬᠠᠨ ᠨᠢ ᠨᠢᠳᠦᠨ᠎ᠡ ᠬᠠᠷᠠᠭᠳᠠᠵᠤ ᠰᠡᠳᠬᠢᠯ ᠬᠥᠳᠡᠯᠦᠨ ᠬᠡᠳᠦᠨ ᠲᠦᠷᠡᠯᠭᠡ ᠳᠠᠭᠤᠯᠠᠪᠠ᠃
  ᠬᠤᠶᠠᠭ ᠤ᠋ᠨ ᠢ᠋ᠶ᠋ᠠᠨ ᠲᠤᠬᠠᠢ ᠲᠦᠮᠡᠨ ᠵᠦᠢᠯ ᠢ᠋ ᠵᠣᠭᠰᠣᠯᠲᠠ ᠦᠭᠡᠢ ᠰᠢᠪᠡᠭᠡᠨᠡᠨ ᠠᠰᠠᠭᠤᠵᠤ᠂ ᠬᠠᠢᠷᠠᠲᠤ ᠨᠥᠬᠥᠷ ᠨᠢ ᠠᠵᠠ ᠬᠡᠢ ᠮᠣᠷᠢᠲᠠᠢ ᠶᠠᠪᠤᠭᠠᠳ ᠬᠢᠵᠠᠭᠠᠷ ᠦᠭᠡᠢ ᠪᠠᠶᠠᠷᠯᠠᠨ ᠪᠠᠢᠭ᠎ᠠ ᠴᠠᠠᠳᠠ ᠲᠠᠢ ᠶᠠᠷᠢᠬᠤ ᠵᠠᠭᠤᠷ᠎ᠠ ᠪᠠᠨ ᠳᠤᠯᠮ᠎ᠠ ᠨᠥᠬᠥᠷ ᠦ᠋ᠨ ᠢ᠋ᠶ᠋ᠡᠨ ᠳᠠᠭᠤᠤ ᠶ᠋ᠢ ᠰᠣᠨᠣᠰᠤᠨ ᠪᠡᠶᠡᠰᠴᠦ ᠪᠠᠢᠯ᠎ᠠ᠃
  ᠥᠯᠵᠡᠢ ᠶ᠋ᠢᠨ ᠭᠡᠷ ᠲᠦ᠍ ᠡᠢᠮᠦᠷᠬᠦᠦ ᠨᠠᠢᠷ ᠪᠣᠯᠵᠤ ᠪᠠᠢᠬᠤ ᠳ᠋ᠤ᠌ ᠬᠣᠶᠠᠷ ᠮᠣᠷᠢ ᠬᠥᠲᠥᠯᠦᠭᠰᠡᠨ ᠬᠣᠩᠭᠣᠷ ᠣᠢᠷᠠᠲᠤᠵᠤ ᠢᠷᠡᠭᠡᠳ ᠣᠯᠠᠨ ᠮᠣᠷᠢᠳ ᠪᠠᠢᠬᠤ ᠶ᠋ᠢ ᠬᠠᠷᠠᠭᠠᠳ ᠵᠠᠢᠯᠠᠨ ᠶᠠᠪᠤᠵᠠᠢ᠃
  ᠮᠠᠷᠭᠠᠰᠢ ᠣᠷᠣᠢ ᠨᠢ ᠬᠣᠩᠭᠣᠷ ᠬᠣᠶᠠᠷ ᠮᠣᠷᠢ ᠪᠠᠨ ᠠᠪᠠᠴᠢᠵᠤ ᠠᠳᠤᠭᠤᠨ ᠳ᠋ᠠᠭᠠᠨ ᠨᠡᠢᠯᠡᠭᠦᠯᠦᠭᠰᠡᠨ ᠪᠥᠭᠡᠳ ᠢᠲᠡᠭᠡᠯᠲᠦ ᠥᠷᠯᠥᠭᠡ ᠨᠢ ᠬᠠᠷᠠᠭᠠᠳ ᠵᠠᠯᠢ ᠲᠠᠢ ᠪᠥᠭᠡᠳ ᠲᠠᠪᠠᠲᠠᠢ ᠢᠨᠢᠶᠡᠮᠰᠦᠭᠯᠡᠭᠰᠡᠨ ᠢ᠋ᠶ᠋ᠡᠨ 《ᠬᠦᠦ ᠶ᠋ᠢᠨ ᠬᠤᠳᠠᠯᠳᠤᠵᠤ ᠠᠪᠤᠭᠰᠠᠨ ᠲᠡᠷᠡ ᠬᠣᠶᠠᠷ ᠮᠣᠷᠢᠨ ᠤ᠋ ᠤᠷᠢᠳᠠᠬᠢ ᠶ᠋ᠢ ᠨᠢ ᠪᠠᠷᠢᠭᠠᠳ ᠨᠠᠳᠠᠳᠤ ᠡᠮᠡᠭᠡᠯᠯᠡᠴᠢᠭᠡᠷᠡᠢ》 ᠭᠡᠵᠦ ᠭᠠᠯᠰᠠᠩ ᠳ᠋ᠤ᠌ ᠬᠡᠯᠡᠵᠡᠢ᠃