ᠲᠤᠩᠭᠠᠯᠠᠭ ᠲᠠᠮᠢᠷ4-02-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠬᠠᠪᠤᠷ ᠤ᠋ᠨ ᠲᠤᠷᠠᠩᠬᠠᠢ ᠲᠥᠯᠥᠭᠡ ᠰᠢᠭ ᠬᠥᠳᠡᠯᠵᠦ ᠶᠠᠳᠠᠭᠰᠠᠭᠠᠷ ᠪᠠᠢᠲᠠᠯ᠎ᠠ ᠢᠳᠡᠵᠦ ᠣᠷᠬᠢᠬᠤ ᠭᠡᠵᠦ ᠪᠠᠢᠨ᠎ᠠ》 - ᠳᠥᠷᠪᠡᠳᠦᠭᠡᠷ ᠪᠦᠯᠦᠭ ᠬᠣᠶᠠᠷ
ᠵᠠᠶ᠎ᠠ ᠶ᠋ᠢᠨ ᠬᠦᠷᠢᠶᠡᠨ ᠦ᠌ ᠬᠠᠮᠪᠤ ᠶ᠋ᠢᠨ ᠠᠭᠤᠵᠢᠮ ᠬᠠᠰᠢᠶᠠᠨ ᠤ᠋ ᠪᠠᠷᠠᠭᠤᠨ ᠬᠣᠢᠲᠤ ᠪᠤᠯᠤᠩ ᠳ᠋ᠠᠬᠢ ᠬᠠᠭᠠᠰ ᠮᠣᠳᠣᠨ ᠰᠠᠷᠠᠪᠴᠢᠨ ᠳ᠋ᠤ᠌ ᠱᠠᠯᠠ ᠶ᠋ᠢ ᠨᠢ ᠥᠨᠳᠥᠷᠯᠡᠨ ᠪᠠᠷᠢᠭᠰᠠᠨ ᠭᠡᠷ ᠦ᠋ᠨ ᠶᠡᠬᠡᠩᠬᠢ ᠶ᠋ᠢ ᠶᠠᠩᠵᠤ ᠪᠦᠷᠢ ᠶ᠋ᠢᠨ ᠭᠦᠩᠭᠠᠷᠠᠪᠠ᠂ ᠵᠢᠶᠠᠽᠢ ᠲᠠᠢ ᠶᠡᠬᠡ ᠪᠠᠭ᠎ᠠ ᠪᠤᠷᠬᠠᠨ ᠡᠵᠡᠯᠡᠭᠰᠡᠨ ᠦ᠌ ᠭᠣᠣᠯ ᠳ᠋ᠤᠨᠢ ᠠᠯᠲᠠᠨ ᠬᠡ ᠲᠠᠯᠪᠢᠭᠰᠠᠨ ᠤᠯᠠᠭᠠᠨ ᠭᠦᠩᠭᠠᠷᠠᠪᠠ ᠲᠠᠢ ᠪᠣᠳ᠋ᠳ᠋ᡁᠨ ᠤ᠋ ᠲᠣᠮᠣ ᠬᠥᠷᠥᠭ ᠬᠠᠷᠠᠭᠳᠠᠨ᠎ᠠ᠃ ᠲᠠᠪᠠᠲᠠᠢ ᠵᠠᠪᠢᠯᠠᠨ ᠰᠠᠭᠤᠵᠤ᠂ ᠡᠪᠦᠷ ᠳᠡᠭᠡᠷ᠎ᠡ ᠪᠡᠨ ᠲᠠᠯᠪᠢᠭᠰᠠᠨ ᠵᠡᠭᠦᠨ ᠭᠠᠷ ᠲᠠᠭᠠᠨ ᠲᠣᠮᠣ ᠬᠠᠷ᠎ᠠ ᠠᠶᠠᠭ᠎ᠠ ᠪᠠᠨ ᠲᠣᠰᠣᠨ ᠪᠠᠷᠢᠭᠠᠳ ᠶᠡᠷᠦ ᠪᠤᠰᠤ ᠶ᠋ᠢᠨ ᠵᠥᠭᠡᠯᠡᠬᠡᠨ ᠨᠢᠳᠦ ᠪᠡᠷ ᠡᠭᠦᠳᠡ ᠤᠷᠤᠭᠤ ᠰᠢᠷᠳᠡᠨ ᠭᠥᠯᠢᠷᠡᠭᠰᠡᠨ ᠲᠡᠷᠡ ᠳᠦᠷᠰᠦ᠂ ᠲᠥᠪᠡᠳ ᠭᠠᠵᠠᠷ ᠤ᠋ᠨ ᠬᠦᠷᠡᠩ ᠬᠦᠵᠢ ᠶ᠋ᠢᠨ ᠰᠡᠩᠭᠢᠨᠡᠮ᠎ᠡ ᠨᠢᠯᠤᠭᠤᠪᠳᠤᠷ ᠦᠨᠦᠷ᠂ ᠬᠠᠩᠭᠠᠢ ᠶ᠋ᠢᠨ ᠨᠢᠷᠤᠭᠤᠨ ᠤ᠋ ᠠᠷᠴᠠᠨ ᠤ᠋ ᠭᠠᠰᠢᠭᠤᠪᠲᠤᠷ ᠪᠣᠯᠪᠠᠴᠤ ᠢᠰᠬᠦᠯᠡᠩ ᠵᠥᠭᠡᠯᠡᠨ ᠦᠨᠦᠷ᠂ ᠴᠡᠩᠬᠡᠷᠲᠦᠨ ᠤᠨᠢᠶᠠᠷᠲᠤᠭᠰᠠᠨ ᠪᠢᠲᠡᠭᠦᠦ ᠥᠩᠭᠡ ᠡᠨᠡ ᠪᠦᠬᠦᠨ ᠨᠢ ᠭᠡᠷ ᠦ᠋ᠨ ᠳᠣᠲᠣᠷᠠᠬᠢ ᠶ᠋ᠢ ᠡᠷᠬᠢᠮᠰᠦᠭ ᠪᠠᠢᠳᠠᠯ ᠲᠠᠢ ᠪᠣᠯᠭᠠᠵᠠᠢ᠃
ᠬᠠᠮᠪᠤ ᠯᠠᠮᠠ ᠭᠡᠷ ᠦ᠋ᠨ ᠪᠠᠷᠠᠭᠤᠨ ᠲᠠᠯ᠎ᠠ ᠳ᠋ᠤ᠌ ᠪᠠᠢᠬᠤ ᠥᠷᠭᠡᠨ ᠪᠥᠭᠡᠳ ᠬᠠᠰᠢᠯᠭᠠᠲᠠᠢ ᠨᠠᠮ ᠮᠣᠳᠣᠨ ᠣᠷᠣᠨ ᠳᠡᠭᠡᠷ᠎ᠡ ᠪᠣᠷᠣ ᠪᠠᠭᠠᠪᠠᠭᠠᠢ ᠶ᠋ᠢᠨ ᠠᠷᠠᠰᠤ ᠳᠡᠪᠢᠰᠴᠦ ᠬᠤᠷᠠᠭᠠᠨ ᠳᠣᠲᠣᠷᠲᠠᠢ ᠭᠢᠵᠠᠳᠠᠢ ᠵᠠᠬ᠎ᠠ ᠲᠠᠢ ᠰᠢᠷ᠎ᠠ ᠲᠣᠷᠭᠠᠨ ᠳᠡᠪᠡᠯ ᠢ᠋ᠶ᠋ᠡᠷ ᠪᠥᠭᠰᠡᠨ ᠪᠡᠶ᠎ᠡ ᠪᠡᠨ ᠣᠷᠢᠶᠠᠨ ᠰᠠᠭᠤᠵᠠᠢ᠃
ᠭᠡᠷ ᠲᠦ᠍ ᠯᠠᠮᠠ ᠭᠣᠣᠯᠳᠠᠭᠤ ᠠᠷᠪᠠᠭᠠᠳ ᠬᠥᠮᠦᠨ ᠰᠠᠭᠤᠭᠰᠠᠨ ᠤ᠋ ᠳᠣᠲᠣᠷ᠎ᠠ ᠭᠡᠰᠬᠦᠢ ᠬᠡᠪᠰᠢ ᠵᠡᠷᠭᠡ ᠬᠡᠳᠦᠨ ᠬᠥᠮᠦᠨ ᠪᠠᠢᠬᠤ ᠪᠥᠭᠡᠳ ᠳᠥᠷᠪᠡᠨ ᠬᠠᠷᠠᠴᠤᠳ ᠤ᠋ᠨ ᠨᠢᠭᠡ ᠨᠢ ᠪᠠᠳᠠᠷᠴᠢ ᠪᠠᠢᠯ᠎ᠠ᠃
᠊᠊᠊᠊᠊᠊᠊᠊᠊᠊᠊᠊᠊᠊᠊ ᠪᠦᠭᠦᠳᠡ ᠴᠤᠭᠯᠠᠷᠠᠭᠰᠠᠨ ᠤᠤ? ᠭᠡᠵᠦ ᠬᠠᠮᠪᠤ ᠭᠡᠷ ᠦ᠋ᠨ ᠵᠡᠭᠦᠨ ᠲᠠᠯ᠎ᠠ ᠶ᠋ᠢᠨ ᠬᠥᠮᠦᠰ ᠦ᠋ᠨ ᠳᠡᠭᠡᠭᠦᠷ ᠰᠢᠷᠲᠡᠨ ᠪᠠᠢᠵᠤ ᠠᠰᠠᠭᠤᠪᠠ᠃
᠊᠊᠊᠊᠊᠊᠊᠊᠊᠊᠊᠊᠊᠊᠊ ᠵᠠ ᠪᠦᠭᠦᠳᠡ ᠢᠷᠡᠭᠰᠡᠨ ᠭᠡᠵᠦ ᠴᠡᠮᠪᠡ ᠥᠴᠢᠪᠡ᠃
᠊᠊᠊᠊᠊᠊᠊᠊᠊᠊᠊᠊᠊᠊᠊ ᠶᠠᠨᠲᠤᠩ ᠢ᠋ᠶ᠋ᠠᠨ ᠠᠪᠴᠤ ᠣᠷᠭᠢ᠃ ᠡᠭᠦᠪᠡᠷ ᠴᠢᠨᠢ ᠳᠠᠮᠵᠢᠭᠤᠯᠵᠤ ᠤᠯᠠᠭᠠᠨ ᠤ᠋ ᠬᠢᠨ ᠰᠣᠨᠣᠰᠴᠤ ᠣᠷᠬᠢᠳᠠᠭ ᠶᠤᠮ ᠰᠢᠦ ᠭᠡᠵᠦ ᠭᠡᠰᠬᠦᠢ ᠬᠡᠯᠡᠬᠦ ᠳ᠋ᠦ᠍ ᠬᠠᠮᠪᠤ ᠱᠣᠣᠯᠠᠨ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ
᠊᠊᠊᠊᠊᠊᠊᠊᠊᠊᠊᠊᠊᠊᠊ ᠲᠡᠷᠡ ᠴᠦ᠍ ᠶᠠᠭᠠᠮᠠᠢ᠃ ᠬᠠᠷᠢᠨ ᠡᠭᠦᠳᠡ ᠬᠠᠭᠠᠯᠭᠠᠨ ᠳᠡᠭᠡᠷ᠎ᠡ ᠬᠥᠮᠦᠰ ᠲᠠᠯᠪᠢᠭᠰᠠᠨ ᠪᠢᠵᠡ ᠭᠡᠵᠦ ᠴᠡᠮᠪᠡ ᠳ᠋ᠦ᠍ ᠬᠠᠨᠳᠤᠨ ᠠᠰᠠᠭᠤᠪᠠ᠃
᠊᠊᠊᠊᠊᠊᠊᠊᠊᠊᠊᠊᠊᠊᠊ ᠲᠠᠯ᠎ᠠ ᠪᠦᠷᠢ ᠳ᠋ᠦ᠍ ᠠᠷᠪᠠᠭᠠᠳ ᠬᠥᠮᠦᠨ ᠪᠣᠢ᠃
᠊᠊᠊᠊᠊᠊᠊᠊᠊᠊᠊᠊᠊᠊᠊ ᠢᠲᠡᠭᠡᠯᠲᠡᠢ ᠤᠯᠤᠰ ᠪᠢᠵᠡ᠃
᠊᠊᠊᠊᠊᠊᠊᠊᠊᠊᠊᠊᠊᠊᠊ ᠢᠲᠡᠭᠡᠯᠲᠡᠢ᠂ ᠰᠠᠢᠨ ᠬᠥᠮᠦᠰ᠃
᠊᠊᠊᠊᠊᠊᠊᠊᠊᠊᠊᠊᠊᠊᠊ ᠴᠠᠭ ᠵᠢᠪᠡᠭᠦᠨ ᠪᠣᠯᠤᠭᠠᠳ ᠬᠥᠮᠦᠨ ᠢᠲᠡᠭᠡᠬᠦ ᠳ᠋ᠦ᠍ ᠶᠠᠭ ᠦᠭᠡᠢ ᠪᠣᠯᠵᠤ ᠳᠠ ᠭᠡᠵᠦ ᠨᠢᠭᠡ ᠯᠠᠮᠠ ᠬᠡᠯᠡᠭᠡᠳ ᠪᠦᠬᠦᠨ ᠢ᠋ ᠲᠣᠭᠣᠷᠢᠭᠤᠯᠤᠨ ᠬᠠᠷᠠᠯ᠎ᠠ᠃
ᠬᠠᠮᠪᠤ ᠬᠣᠭᠣᠯᠠᠢ ᠪᠠᠨ ᠵᠠᠰᠠᠵᠤ᠂ ᠡᠷᠢᠭᠡ ᠪᠡᠨ ᠡᠮᠦᠨᠡᠬᠢ ᠰᠢᠷᠡᠭᠡᠨ ᠳᠡᠭᠡᠷ᠎ᠡ ᠪᠡᠨ ᠱᠠᠷ ᠬᠢᠲᠡᠯ᠎ᠡ ᠲᠠᠯᠪᠢᠭᠠᠳ 《ᠥᠨᠥ ᠶ᠋ᠢᠨ ᠪᠠᠢᠳᠠᠯ ᠢ᠋ ᠠᠵᠢᠭᠯᠠᠪᠠᠯ ᠠᠷᠠᠳ ᠤ᠋ᠨ ᠵᠠᠰᠠᠭ ᠡᠳᠦᠷ ᠬᠣᠨᠣᠭ ᠥᠩᠭᠡᠷᠡᠬᠦ ᠳᠣᠳᠣᠮ ᠭᠠᠵᠠᠷ ᠠᠪᠴᠤ ᠪᠢᠳᠡᠨ ᠢ᠋ ᠬᠠᠪᠤᠷ ᠤ᠋ᠨ ᠲᠤᠷᠠᠩᠬᠠᠢ ᠲᠥᠯᠥᠭᠡ ᠰᠢᠭ ᠬᠥᠳᠡᠯᠵᠦ ᠶᠠᠳᠠᠭᠰᠠᠭᠠᠷ ᠪᠠᠢᠲᠠᠯ᠎ᠠ ᠢᠳᠡᠵᠦ ᠣᠷᠬᠢᠬᠤ ᠭᠡᠵᠦ ᠪᠠᠢᠨ᠎ᠠ᠃ ᠵᠢᠰᠠ ᠪᠣᠯᠣᠳ ᠤᠭᠰᠠᠭᠠᠲᠠᠨ ᠲᠠᠲᠠᠪᠤᠷᠢ ᠲᠥᠯᠥᠵᠦ᠂ ᠥᠷᠲᠡᠭᠡ ᠬᠢᠬᠦ ᠪᠣᠯᠪᠠ᠃ ᠬᠠᠮᠵᠢᠯᠭᠠᠲᠠᠢ ᠪᠠᠢᠬᠤ᠂ ᠤᠭᠰᠠᠭ᠎ᠠ ᠵᠠᠯᠭᠠᠮᠵᠢᠯᠠᠬᠤ ᠠᠷᠢᠭᠤᠨ ᠶᠣᠰᠣ ᠶ᠋ᠢ ᠦᠭᠡᠢ ᠬᠢᠵᠡᠢ᠃ ᠠᠩᠬ᠎ᠠ ᠵᠠᠰᠠᠭ ᠳᠠᠷᠤᠭ᠎ᠠ ᠭᠡᠭᠴᠢ ᠨᠡᠷ᠎ᠡ ᠪᠡᠷ ᠬᠤᠰᠢᠭᠤᠳ ᠤ᠋ᠨ ᠡᠷᠬᠡᠨ ᠳ᠋ᠦ᠍ ᠦᠯᠡᠳᠡᠭᠰᠡᠨ ᠨᠣᠶᠠᠳ ᠢ᠋ ᠰᠣᠩᠭᠣᠭᠤᠯᠢ ᠭᠡᠭᠴᠢ ᠶ᠋ᠢ ᠬᠢᠬᠦ ᠨᠡᠷ᠎ᠡ ᠪᠡᠷ ᠵᠠᠢᠯᠠᠭᠤᠯᠪᠠ᠃ ᠠᠷᠠᠳ ᠤ᠋ᠨ ᠨᠠᠮ ᠳ᠋ᠠᠭᠠᠨ ᠠᠩᠬ᠎ᠠ ᠪᠢᠳᠡᠨ ᠦ᠌ ᠵᠠᠷᠢᠮ ᠨᠢᠭᠡ ᠶ᠋ᠢ ᠡᠯᠰᠡᠭᠦᠯᠵᠦ ᠠᠪᠤᠭᠰᠠᠨ ᠨᠢ ᠴᠠᠭ ᠬᠣᠵᠢᠵᠤ᠂ ᠬᠦᠴᠦ ᠬᠤᠷᠠᠮᠳᠤᠯᠠᠭᠤᠯᠬᠤ ᠭᠡᠰᠡᠨ ᠪᠠᠰᠢᠷ ᠠᠷᠭ᠎ᠠ ᠪᠠᠢᠵᠠᠢ᠃ ᠶᠢᠰᠦᠳᠦᠭᠡᠷ ᠪᠣᠭᠳᠠ ᠶ᠋ᠢᠨ ᠳᠦᠷᠢ ᠶ᠋ᠢ ᠵᠠᠯᠠᠬᠤ ᠦᠭᠡᠢ ᠨᠢ ᠲᠣᠳᠣᠷᠬᠠᠢ ᠪᠣᠯᠪᠠ᠃ ᠢᠩᠭᠢᠭᠡᠳ ᠪᠦᠬᠦ ᠡᠷᠬᠡ ᠶ᠋ᠢ ᠡᠵᠡᠯᠡᠨ ᠠᠪᠴᠤ᠂ ᠲᠣᠯᠣᠭᠠᠢ ᠳᠡᠭᠡᠷ᠎ᠡ ᠮᠢᠨᠢ ᠪᠦᠷᠢᠨ ᠰᠠᠭᠤᠯ᠎ᠠ᠃ ᠡᠢᠮᠦ ᠦᠶ᠎ᠡ ᠳ᠋ᠦ᠍ ᠨᠢᠭᠡ ᠪᠣᠯ ᠨᠠᠮᠤᠷ ᠤ᠋ᠨ ᠢᠯᠠᠭ᠎ᠠ ᠰᠢᠭ᠋ ᠪᠡᠭᠡᠷᠡᠵᠦ ᠬᠡᠪᠲᠡᠭᠰᠡᠭᠡᠷ ᠦᠬᠦᠯ ᠢ᠋ᠶ᠋ᠡᠨ ᠬᠦᠯᠢᠶᠡᠬᠦ ᠪᠣᠯᠵᠠᠢ᠃ ᠡᠰᠡᠬᠦᠯ᠎ᠡ ᠱᠠᠰᠢᠨ ᠪᠤᠷᠬᠠᠨ᠂ ᠶᠣᠰᠣ ᠰᠤᠷᠲᠠᠬᠤᠨ ᠢ᠋ᠶ᠋ᠠᠨ ᠬᠠᠮᠠᠭᠠᠯᠠᠨ ᠵᠠᠨᠴᠢᠯᠳᠤᠬᠤ ᠴᠠᠭ ᠪᠣᠯᠵᠠᠢ᠃》 ᠭᠡᠵᠦ ᠬᠡᠯᠡᠭᠡᠳ ᠠᠷᠠᠳ ᠤ᠋ᠨ ᠵᠠᠰᠠᠭ ᠲᠠᠢ ᠲᠡᠮᠡᠴᠡᠵᠦ᠂ ᠲᠡᠭᠦᠨ ᠢ᠋ ᠤᠰᠠᠳᠬᠠᠬᠤ ᠠᠷᠭ᠎ᠠ ᠵᠠᠮ ᠤ᠋ᠨ ᠲᠤᠬᠠᠢ ᠶᠠᠷᠢᠯ᠎ᠠ᠃
ᠬᠠᠮᠪᠤ ᠶ᠋ᠢᠨ ᠪᠣᠳᠣᠯ ᠢ᠋ᠶ᠋ᠠᠷ ᠠᠷᠠᠳ ᠤ᠋ᠨ ᠵᠠᠰᠠᠭ ᠢ᠋ ᠤᠰᠠᠳᠬᠠᠬᠤ ᠳ᠋ᠤ᠌ ᠭᠤᠷᠪᠠᠨ ᠭᠣᠣᠯ ᠵᠦᠢᠯ ᠢ᠋ ᠳᠡᠰ ᠳᠠᠷᠠᠭ᠎ᠠ ᠲᠠᠢ᠂ ᠲᠤᠩ ᠨᠠᠷᠢᠨ ᠬᠢᠬᠦ ᠶᠣᠰᠣᠲᠠᠢ ᠠᠵᠢ᠃ ᠨᠢᠭᠡᠳᠦᠭᠡᠷ ᠲᠦ᠍ ᠲᠡᠭᠦᠨ ᠢ᠋ ᠠᠷᠠᠳ ᠣᠯᠠᠨ ᠠ᠋ᠴᠠ ᠰᠠᠯᠭᠠᠵᠤ ᠣᠯᠠᠨ ᠢ᠋ ᠲᠡᠭᠦᠨ ᠳ᠋ᠦ᠍ ᠳᠤᠷ᠎ᠠ ᠦᠭᠡᠢ ᠪᠣᠯᠭᠠᠬᠤ ᠶᠣᠰᠣᠲᠠᠢ᠃ ᠮᠣᠩᠭᠣᠯ ᠣᠷᠣᠨ ᠪᠣᠯ ᠰᠢᠷ᠎ᠠ ᠶ᠋ᠢᠨ ᠱᠠᠰᠢᠨ ᠳ᠋ᠤ᠌ ᠭᠦᠨ ᠣᠷᠣᠵᠤ ᠵᠢᠷᠭᠠᠯ ᠵᠣᠪᠠᠯᠠᠩ ᠢ᠋ᠶ᠋ᠠᠨ ᠲᠡᠭᠦᠨ ᠲᠡᠢ ᠨᠢᠭᠲᠠ ᠬᠣᠯᠪᠣᠵᠠᠢ᠃ ᠠᠷᠠᠳ ᠤ᠋ᠨ ᠵᠠᠰᠠᠭ ᠡᠭᠦᠨ ᠢ᠋ ᠠᠢᠬᠤᠪᠲᠤᠷ ᠮᠡᠳᠡᠵᠦ ᠱᠠᠰᠢᠨ ᠢ᠋ ᠣᠯᠠᠨ ᠤ᠋ ᠨᠢᠳᠦᠨ ᠡᠮᠦᠨ᠎ᠡ ᠢᠯᠡ ᠭᠦᠡᠳᠡᠯ ᠦᠭᠡᠢ ᠣᠷᠬᠢᠪᠠ᠃ ᠭᠡᠪᠡᠴᠦ ᠦᠷᠭᠦᠯᠵᠢ ᠲᠡᠭᠦᠨ ᠦ᠌ ᠳᠣᠭᠤᠤᠷ ᠳᠠᠷᠢ ᠪᠤᠯᠠᠵᠤ ᠪᠠᠢᠨ᠎ᠠ᠃ ᠡᠨᠡ ᠤᠴᠢᠷ ᠠ᠋ᠴᠠ ᠠᠷᠠᠳ ᠤ᠋ᠨ ᠵᠠᠰᠠᠭ ᠪᠣᠯ ᠰᠢᠷ᠎ᠠ ᠶ᠋ᠢᠨ ᠱᠠᠰᠢᠨ ᠲᠠᠢ ᠬᠠᠷᠰᠢ ᠪᠥᠭᠡᠳ ᠨᠢᠭᠡ ᠨᠢ ᠨᠥᠭᠦᠭᠡ ᠪᠡᠨ ᠤᠰᠠᠳᠬᠠᠬᠤ ᠲᠠᠪᠢᠯᠠᠩ ᠲᠠᠢ ᠭᠡᠳᠡᠭ ᠢ᠋ ᠣᠯᠠᠨ ᠳ᠋ᠤ᠌ ᠣᠢᠯᠠᠭᠤᠯᠬᠤ ᠨᠢ ᠴᠢᠬᠤᠯᠠ ᠶᠤᠮ᠃ ᠮᠥᠨ ᠮᠣᠩᠭᠣᠯ ᠬᠥᠮᠦᠨ ᠦ᠌ ᠠᠮᠢᠳᠤᠷᠠᠯᠭ᠎ᠠ ᠪᠣᠯ ᠬᠤᠪᠢ ᠶ᠋ᠢᠨ ᠬᠡᠳᠦᠨ ᠮᠠᠯ ᠮᠥᠨ᠃ ᠠᠷᠠᠳ ᠤ᠋ᠨ ᠵᠠᠰᠠᠭ ᠪᠣᠯ ᠣᠯᠠᠨ ᠲᠦᠮᠡᠨ ᠢ᠋ ᠮᠠᠯ ᠬᠥᠷᠥᠩᠭᠡ ᠡᠴᠡ ᠨᠢ ᠰᠠᠯᠭᠠᠵᠤ᠂ ᠪᠦᠬᠦᠨ ᠢ᠋ ᠮᠣᠳᠣ ᠪᠠᠷᠢᠭᠰᠠᠨ ᠭᠤᠢᠯᠢᠨᠴᠢᠨ ᠪᠣᠯᠭᠠᠬᠤ ᠡᠴᠦᠰ ᠦ᠋ᠨ ᠪᠣᠳᠣᠯᠭ᠎ᠠ ᠲᠠᠢ ᠭᠡᠵᠦ ᠨᠡᠢᠲᠡ ᠳ᠋ᠦ᠍ ᠣᠢᠯᠠᠭᠤᠯᠬᠤ ᠨᠢ ᠴᠢᠬᠤᠯᠠ᠃ ᠡᠭᠦᠨ ᠢ᠋ ᠬᠢᠵᠦ ᠴᠢᠳᠠᠪᠠᠯ ᠠᠷᠠᠳ ᠤ᠋ᠨ ᠵᠠᠰᠠᠭ ᠠ᠋ᠴᠠ ᠣᠯᠠᠨ ᠢ᠋ ᠰᠠᠯᠭᠠᠵᠤ ᠴᠢᠳᠠᠨ᠎ᠠ᠃ ᠬᠣᠶᠠᠳᠤᠭᠠᠷ ᠲᠤ᠌ ᠠᠷᠠᠳ ᠤ᠋ᠨ ᠵᠠᠰᠠᠭ ᠪᠣᠯ ᠤᠯᠠᠭᠠᠨ ᠣᠷᠣᠰ ᠤᠯᠤᠰ ᠲᠠᠢ ᠳᠣᠲᠣᠨᠣ ᠪᠠᠷᠢᠯᠳᠤᠯᠭ᠎ᠠ ᠲᠠᠢ ᠪᠣᠯᠵᠤ ᠲᠡᠭᠦᠨ ᠡᠴᠡ ᠲᠤᠰᠠᠯᠠᠮᠵᠢ ᠳᠡᠮᠵᠢᠯᠭᠡ ᠠᠪᠴᠤ ᠪᠠᠢᠨ᠎ᠠ᠃ ᠡᠨᠡ ᠤᠴᠢᠷ ᠠ᠋ᠴᠠ ᠴᠢᠳᠠᠪᠠᠯ ᠲᠡᠭᠦᠨ ᠢ᠋ ᠣᠷᠣᠰ ᠤᠯᠤᠰ ᠠ᠋ᠴᠠ ᠰᠠᠯᠭᠠᠬᠤ᠂ ᠣᠯᠠᠨ ᠢ᠋ ᠣᠷᠣᠰ ᠲᠤ᠌ ᠳᠤᠷ᠎ᠠ ᠦᠭᠡᠢ ᠪᠣᠯᠭᠠᠬᠤ᠂ ᠡᠭᠦᠨ ᠦ᠌ ᠲᠤᠯᠠ ᠡᠯᠳᠡᠪ ᠶᠠᠷᠢᠶ᠎ᠠ ᠴᠤᠤᠷᠬᠠᠯ ᠭᠠᠷᠭᠠᠬᠤ᠂ ᠣᠷᠣᠰ ᠠ᠋ᠴᠠ ᠢᠷᠡᠵᠦ ᠪᠠᠢᠭ᠎ᠠ ᠪᠠᠷᠠᠭ᠎ᠠ ᠶ᠋ᠢ ᠬᠦᠷᠲᠡᠯ᠎ᠡ ᠮᠠᠭᠤ ᠬᠡᠯᠡᠵᠦ ᠣᠯᠠᠨ ᠢ᠋ ᠠᠪᠬᠤ ᠦᠭᠡᠢ ᠪᠣᠯᠭᠠᠬᠤ᠃ ᠡᠭᠦᠨ ᠦ᠌ ᠬᠠᠵᠠᠭᠤ ᠪᠠᠷ ᠭᠠᠳᠠᠭᠠᠳᠤ ᠶ᠋ᠢᠨ ᠬᠥᠷᠥᠩᠭᠡᠲᠡᠨ ᠤᠯᠤᠰ ᠲᠠᠢ ᠬᠣᠯᠪᠣᠭ᠎ᠠ ᠪᠠᠷᠢᠵᠤ ᠵᠠᠷ ᠵᠡᠪᠰᠡᠭ ᠦ᠋ᠨ ᠲᠤᠰᠠᠯᠠᠮᠵᠢ ᠠᠪᠬᠤ᠃ ᠪᠠᠰᠠ ᠡᠨᠡ ᠠᠵᠢᠯ ᠢ᠋ ᠪᠦᠲᠦᠭᠡᠬᠦ ᠪᠡᠷ ᠨᠠᠢᠳᠠᠪᠤᠷᠢᠲᠠᠢ ᠬᠥᠮᠦᠨ ᠢ᠋ ᠲᠣᠮᠢᠯᠠᠨ ᠶᠠᠪᠤᠭᠤᠯᠬᠤ᠃ ᠭᠤᠷᠪᠠᠳᠤᠭᠠᠷ ᠲᠤ᠌ ᠠᠷᠠᠳ ᠤ᠋ᠨ ᠵᠠᠰᠠᠭ ᠢ᠋ ᠡᠰᠡᠷᠭᠦᠴᠡᠭᠰᠡᠨ ᠣᠯᠠᠨ ᠤ᠋ ᠬᠦᠴᠦ ᠶ᠋ᠢ ᠨᠢᠭᠡᠳᠬᠡᠵᠦ ᠴᠠᠭ ᠢ᠋ ᠲᠣᠬᠢᠷᠠᠭᠤᠯᠤᠨ ᠵᠡᠪᠰᠡᠭ ᠪᠠᠷᠢᠨ ᠦᠵᠡᠯᠴᠡᠬᠦ᠃ ᠡᠨᠡ ᠲᠡᠢᠨ ᠪᠣᠯ ᠱᠠᠮᠪᠠᠯ ᠤ᠋ᠨ ᠲᠡᠢᠨ ᠭᠡᠵᠦ ᠣᠯᠠᠨ ᠰᠦᠰᠦᠭᠲᠡᠨ ᠳ᠋ᠦ᠍ ᠣᠢᠯᠠᠭᠤᠯᠬᠤ ᠬᠡᠷᠡᠭᠲᠡᠢ ᠠᠵᠢ᠃
ᠬᠠᠮᠪᠤ ᠤᠳᠠᠭᠠᠨ ᠶᠠᠷᠢᠯ᠎ᠠ᠃ ᠶᠠᠷᠢᠵᠤ ᠪᠠᠢᠬᠤ ᠵᠠᠪᠰᠠᠷ ᠢ᠋ᠶ᠋ᠠᠨ ᠪᠠᠢᠨ ᠪᠠᠢᠨ ᠬᠠᠮᠠᠷ ᠤ᠋ᠨ ᠰᠢᠷ᠎ᠠ ᠲᠠᠮᠠᠬᠢ ᠲᠠᠲᠠᠵᠤ ᠬᠥᠨᠳᠡᠢ ᠬᠠᠨᠢᠶᠠᠯᠭᠠᠨ᠎ᠠ᠃ ᠨᠢᠭᠡᠨ ᠬᠡᠰᠡᠭ ᠴᠤᠭᠯᠠᠷᠠᠭᠰᠠᠤᠨ ᠳᠣᠣᠷ᠎ᠠ ᠪᠦᠷᠢᠨ᠎ᠡ ᠪᠣᠳᠣᠯ ᠪᠣᠯᠤᠨ ᠳᠠᠭᠤᠨ ᠦᠭᠡᠢ ᠰᠠᠭᠤᠵᠤ ᠪᠠᠢᠲᠠᠯ᠎ᠠ 《ᠪᠢ ᠶᠢᠰᠦᠨ ᠯᠢᠶᠠᠠᠵᠤ ᠫᠤᠤ ᠣᠯᠠᠨ ᠬᠠᠢᠷᠴᠠᠭ ᠰᠤᠮᠤ ᠲᠠᠢ ᠪᠢᠯᠡ᠃ ᠡᠭᠦᠨ ᠢ᠋ᠶ᠋ᠡᠨ ᠡᠨᠡ ᠬᠡᠷᠡᠭ ᠲᠦ᠍ ᠨᠡᠢᠯᠡᠭᠦᠯᠬᠦ ᠳ᠋ᠦ᠍ ᠪᠡᠯᠡᠬᠡᠨ ᠪᠠᠢᠨ᠎ᠠ᠃ ᠪᠠᠰᠠ ᠠᠷᠠᠳ ᠤ᠋ᠨ ᠵᠠᠰᠠᠭ ᠤ᠋ᠨ ᠬᠥᠮᠦᠰ᠂ ᠲᠡᠭᠦᠨ ᠢ᠋ ᠳᠠᠯᠠᠷᠬᠠᠭᠴᠢᠳ ᠢ᠋ ᠠᠯᠠᠵᠤ ᠬᠣᠷᠣᠭᠠᠬᠤ ᠠᠵᠢᠯ ᠢ᠋ ᠬᠢᠶ᠎ᠡ ᠭᠡᠵᠦ ᠪᠣᠳᠣᠵᠤ ᠪᠠᠢᠨ᠎ᠠ》 ᠭᠡᠮᠡᠨ ᠪᠠᠳᠠᠷᠴᠢ ᠬᠡᠯᠡᠪᠡ᠃
ᠬᠠᠮᠪᠤ ᠬᠦᠢᠲᠡᠨ ᠢᠨᠢᠶᠡᠮᠰᠦᠭᠯᠡᠭᠰᠡᠨ ᠢ᠋ᠶ᠋ᠡᠨ᠄ 《ᠪᠠᠳᠠᠷᠴᠢ ᠮᠢᠨᠢ ᠲᠡᠷᠡ ᠪᠣᠯ ᠲᠡᠨᠡᠭ ᠬᠡᠷᠡᠭ᠂ ᠨᠢᠭᠡ ᠬᠣᠶᠠᠷ ᠬᠥᠮᠦᠨ ᠢ᠋ ᠠᠯᠠᠭᠠᠳ ᠠᠷᠠᠳ ᠤ᠋ᠨ ᠵᠠᠰᠠᠭ ᠢ᠋ ᠬᠥᠨᠳᠡᠵᠦ ᠴᠢᠳᠠᠬᠤ ᠦᠭᠡᠢ᠃ ᠬᠠᠷᠢᠨ ᠣᠯᠠᠨ ᠲᠦᠮᠡᠨ ᠲᠡᠭᠦᠨ ᠢ᠋ ᠤᠯᠠᠮ ᠪᠦᠷ ᠰᠢᠲᠦᠬᠦ ᠪᠣᠯᠤᠨ᠎ᠠ᠃ ᠫᠤᠤ ᠵᠡᠪᠰᠡᠭ ᠦ᠋ᠨ ᠬᠤᠪᠢ ᠳ᠋ᠤ᠌ ᠪᠣᠯ ᠳᠠᠯᠠᠢ ᠳ᠋ᠤ᠌ ᠳᠤᠰᠤᠭᠠᠯ ᠨᠡᠮᠡᠷᠢ ᠭᠡᠵᠦ ᠰᠠᠢᠨ ᠬᠠᠳᠠᠭᠠᠯᠠᠵᠤ ᠪᠠᠢ᠃ ᠨᠢᠭᠡᠨ ᠴᠠᠭ ᠲᠤ᠌ ᠬᠡᠷᠡᠭ ᠪᠣᠯᠤᠨ᠎ᠠ》 ᠭᠡᠯᠡ᠃
᠊᠊᠊᠊᠊᠊᠊᠊᠊᠊᠊᠊᠊᠊᠊ ᠠᠷᠠᠳ ᠤ᠋ᠨ ᠵᠠᠰᠠᠭ ᠬᠤᠰᠢᠭᠤᠳ ᠱᠠᠪᠢ ᠳ᠋ᠤ᠌ ᠡᠳᠦᠢ ᠲᠡᠳᠦᠢ ᠲᠠᠩᠬᠢᠮ ᠪᠠᠢᠭᠤᠯᠵᠤ ᠪᠠᠢᠭ᠎ᠠ ᠨᠢ ᠡᠴᠦᠰ ᠲᠡᠭᠡᠨ ᠮᠠᠨ ᠤ᠋ ᠱᠠᠭᠵᠠᠮᠤᠨᠢ ᠱᠠᠰᠢᠨ ᠳ᠋ᠤ᠌ ᠦᠯᠡᠮᠵᠢ ᠬᠣᠣᠷᠲᠠᠢ ᠶᠠᠭᠤᠮ᠎ᠠ ᠪᠣᠯᠬᠣᠷ ᠲᠠᠩᠬᠢᠮ ᠢ᠋ ᠣᠯᠠᠨ ᠳ᠋ᠤ᠌ ᠨᠡᠷ᠎ᠡ ᠬᠦᠨᠳᠦ ᠦᠭᠡᠢ ᠪᠣᠯᠭᠠᠬᠤ ᠨᠢ ᠴᠢᠬᠤᠯᠠ ᠪᠠᠢᠨ᠎ᠠ ᠭᠡᠳ ᠬᠡᠪᠰᠢ ᠯᠠᠮᠠ᠂ ᠬᠠᠮᠪᠤ ᠤᠷᠤᠭᠤ ᠬᠠᠷᠠᠯ᠎ᠠ᠃
᠊᠊᠊᠊᠊᠊᠊᠊᠊᠊᠊᠊᠊᠊᠊ ᠲᠡᠷᠡ ᠲᠦᠮᠡᠨ ᠵᠥᠪ᠃ ᠡᠭᠦᠨ ᠢ᠋ ᠬᠢᠬᠦ ᠳ᠋ᠦ᠍ ᠴᠠᠭ ᠢ᠋ ᠬᠦᠯᠢᠶᠡᠬᠦ ᠬᠡᠷᠡᠭ ᠦᠭᠡᠢ᠃ ᠲᠠᠩᠬᠢᠮ ᠭᠡᠳᠡᠭ ᠴᠢᠨᠢ ᠰᠡᠭᠦᠯ ᠳ᠋ᠡᠭᠡᠨ ᠱᠠᠰᠢᠨ ᠤ᠋ ᠲᠣᠯᠣᠭᠠᠢ ᠳᠡᠭᠡᠷ᠎ᠡ ᠴᠠᠬᠢᠭᠤᠷ ᠬᠠᠭᠠᠯᠬᠤ ᠭᠠᠵᠠᠷ ᠭᠡᠳ ᠨᠢᠳᠦ ᠪᠡᠨ ᠠᠨᠢᠪᠴᠢᠨ ᠬᠡᠰᠡᠭ ᠳᠠᠭᠤᠨ ᠦᠭᠡᠢ ᠰᠠᠭᠤᠭᠰᠠᠨ ᠢ᠋ᠶ᠋ᠠᠨ ᠡᠮᠦᠨᠡᠬᠢ ᠡᠷᠢᠭᠡ ᠪᠡᠨ ᠠᠪᠴᠤ ᠬᠡᠳᠦ ᠰᠢᠪᠳᠤᠷᠤᠭᠠᠤᠨ ᠪᠢᠳᠡ ᠶᠠᠭᠤᠨ ᠤ᠋ ᠡᠮᠦᠨ᠎ᠡ ᠨᠢᠭᠡᠨ ᠰᠡᠳᠬᠢᠯᠲᠦ ᠤᠯᠤᠰ ᠢ᠋ᠶ᠋ᠠᠨ ᠣᠯᠬᠤ ᠬᠡᠷᠡᠭᠲᠡᠢ᠃ ᠲᠡᠭᠡᠬᠦ ᠳ᠋ᠡᠭᠡᠨ ᠲᠤᠩ ᠨᠠᠷᠢᠨ ᠬᠢᠨ᠎ᠡ ᠰᠢᠦ᠃ ᠥᠴᠦᠬᠡᠨ ᠪᠣᠯᠪᠠᠴᠤ ᠬᠠᠵᠠᠭᠠᠢ ᠭᠢᠰᠬᠢᠪᠡᠯ ᠠᠷᠠᠳ ᠤ᠋ᠨ ᠵᠠᠰᠠᠭ ᠤ᠋ᠨ ᠭᠠᠷ ᠲᠤ᠌ ᠣᠷᠣᠵᠤ ᠶᠡᠬᠡ ᠬᠡᠷᠡᠭ ᠤᠨᠠᠵᠤ ᠮᠠᠭᠠᠳ᠃ ᠴᠡᠮᠪᠡ ᠴᠢ ᠨᠥᠭᠦᠭᠡ ᠵᠠᠮᠪᠠᠯ ᠲᠠᠢ ᠶᠠᠷᠢᠭᠰᠠᠨ ᠢ᠋ᠶ᠋ᠠᠨ ᠡᠳᠡᠨ ᠳ᠋ᠦ᠍ ᠬᠡᠯᠡᠵᠦ ᠥᠭ ᠭᠡᠯᠡ᠃
᠊᠊᠊᠊᠊᠊᠊᠊᠊᠊᠊᠊᠊᠊᠊ ᠵᠠᠮᠪᠠᠯ ᠢ᠋ ᠲᠠ ᠪᠦᠬᠦᠨ ᠴᠥᠮ ᠮᠡᠳᠡᠨ᠎ᠡ᠃ ᠪᠢᠳᠡ ᠬᠣᠶᠠᠷ ᠪᠠᠭ᠎ᠠ ᠡᠴᠡ ᠪᠡᠨ ᠦᠶᠡᠷᠬᠡᠭᠰᠡᠨ ᠢ᠋ ᠴᠦ᠍ ᠮᠡᠳᠡᠨ᠎ᠡ᠃ ᠣᠳᠣ ᠲᠡᠷᠡ ᠴᠡᠷᠢᠭ ᠦ᠋ᠨ ᠳᠠᠷᠤᠭ᠎ᠠ ᠪᠣᠯᠤᠭᠠᠳ ᠬᠣᠪᠲᠣ ᠶ᠋ᠢᠨ ᠬᠢᠵᠠᠭᠠᠷ ᠤ᠋ᠨ ᠴᠡᠷᠢᠭ ᠦ᠋ᠨ ᠠᠵᠤ ᠠᠬᠤᠢ ᠶ᠋ᠢᠨ ᠳᠠᠷᠤᠭ᠎ᠠ ᠶ᠋ᠢᠨ ᠠᠯᠪᠠ ᠬᠠᠭᠠᠵᠤ ᠪᠠᠢᠭ᠎ᠠ᠃ ᠡᠭᠦᠨ ᠢ᠋ᠶ᠋ᠡᠷ ᠳᠠᠭᠠᠷᠢᠵᠤ ᠥᠩᠭᠡᠷᠡᠬᠦ ᠳ᠋ᠦ᠍ᠨᠢ ᠪᠢ ᠬᠠᠭᠠᠰ ᠰᠠᠷ᠎ᠠ ᠬᠠᠮᠲᠤ ᠨᠠᠷᠭᠢᠯᠠ᠃ ᠳᠠᠷᠤᠭ᠎ᠠ ᠪᠣᠯᠤᠭᠰᠠᠨ ᠳ᠋ᠠᠭᠠᠨ ᠰᠡᠳᠬᠢᠯ ᠨᠢ ᠬᠠᠨᠤᠭᠠᠳ᠂ ᠢᠩᠭᠢᠭᠡᠳ ᠵᠢᠳᠬᠦᠭᠡᠳ ᠯᠡ ᠪᠠᠢᠪᠠᠯ ᠵᠠᠩᠵᠤᠨ ᠴᠤ᠌ ᠪᠣᠯᠵᠤ ᠮᠠᠭᠠᠳ ᠭᠡᠵᠦ ᠪᠣᠳᠣᠳᠠᠭ ᠪᠣᠯᠤᠯᠲᠠᠢ᠃ 《ᠡᠪᠦᠭᠡᠨ ᠴᠢᠨᠢ ᠠᠷᠠᠳ ᠤ᠋ᠨ ᠵᠠᠰᠠᠭ ᠤ᠋ᠨ ᠨᠢᠭᠤᠷ ᠳᠡᠭᠡᠷ᠎ᠡ ᠮᠠᠭᠤ ᠦᠭᠡᠢ ᠠᠮᠢᠳᠤᠷᠠᠵᠤ᠂ ᠲᠥᠷᠥ ᠶ᠋ᠢᠨ ᠲᠥᠯᠥᠭᠡ ᠵᠢᠳᠬᠦᠵᠦ ᠶᠠᠪᠤᠨ᠎ᠠ》 ᠭᠡᠵᠦ ᠠᠭᠤᠯᠵᠠᠮᠠᠭᠴᠠ ᠨᠠᠳᠠ ᠬᠡᠯᠡᠭᠰᠡᠨ᠃ ᠨᠠᠳᠠ ᠡᠴᠡ ᠠᠷᠠᠳ ᠤ᠋ᠨ ᠵᠠᠰᠠᠭ ᠢ᠋ ᠮᠠᠭᠤ ᠬᠡᠯᠡᠭᠰᠡᠨ ᠦᠭᠡ ᠴᠤᠭᠣᠢ᠌ᠬᠤ ᠶ᠋ᠢᠨ ᠬᠠᠮᠲᠤ 《ᠴᠡᠷᠢᠭ ᠦ᠋ᠨ ᠳᠠᠷᠤᠭ᠎ᠠ ᠶ᠋ᠢᠨ ᠳᠡᠷᠭᠡᠳᠡ ᠡᠢᠮᠦ ᠶᠠᠭᠤᠮ᠎ᠠ ᠶᠠᠷᠢᠵᠤ ᠪᠣᠯᠬᠤ ᠦᠭᠡᠢ》 ᠭᠡᠳ ᠣᠭᠲᠣ ᠬᠠᠯᠭᠠᠭ᠎ᠠ ᠦᠭᠡᠢ᠃
᠊᠊᠊᠊᠊᠊᠊᠊᠊᠊᠊᠊᠊᠊᠊ ᠵᠣᠯᠢᠭ ᠴᠢᠨᠢ ᠪᠢᠳᠡᠨ ᠳ᠋ᠦ᠍ ᠭᠠᠢ ᠲᠠᠷᠢᠬᠤ ᠶᠤᠮ ᠪᠢᠰᠢ ᠪᠢᠵᠡ? ᠭᠡᠵᠦ ᠬᠡᠪᠰᠢ ᠠᠰᠠᠭᠤᠪᠠ᠃
᠊᠊᠊᠊᠊᠊᠊᠊᠊᠊᠊᠊᠊᠊᠊ ᠴᠢᠳᠠᠬᠤ ᠦᠭᠡᠢ᠃ ᠡᠨᠳᠡ ᠥᠷᠢ ᠠᠯᠳᠠᠵᠤ ᠠᠷᠭ᠎ᠠ ᠦᠭᠡᠢ ᠪᠣᠯᠤᠭᠠᠳ ᠬᠤᠯᠠᠭᠠᠢ ᠶ᠋ᠢᠨ ᠮᠣᠷᠢ ᠬᠢᠮᠳᠠ ᠦᠨ᠎ᠡ ᠪᠡᠷ ᠠᠪᠴᠤ ᠪᠠᠯᠠᠷᠠᠭᠰᠠᠨ᠃ ᠪᠠᠰᠠ ᠮᠢᠩᠭ᠎ᠠ ᠭᠠᠷᠤᠢ ᠰᠤᠮᠤ ᠲᠠᠢ ᠭᠤᠷᠪᠠᠨ ᠣᠷᠣᠰ ᠯᠢᠶᠠᠠᠵᠤ ᠨᠠᠳᠠ ᠪᠠᠷ ᠳᠠᠮᠵᠢᠭᠤᠯᠵᠤ ᠵᠠᠷᠤᠭᠰᠠᠨ᠃ ᠲᠡᠷᠡ ᠯᠢᠶᠠᠠᠵᠤ ᠪᠢᠳᠡᠨ ᠳ᠋ᠦ᠍ ᠪᠣᠢ᠃ ᠢᠩᠭᠢᠭᠡᠳ ᠮᠢᠨᠦ ᠭᠠᠷ ᠲᠤ᠌ ᠣᠷᠣᠭᠰᠠᠨ ᠪᠣᠯᠬᠣᠷ ᠭᠠᠢ ᠲᠠᠷᠢᠵᠤ ᠴᠢᠳᠠᠬᠤ ᠦᠭᠡᠢ᠃ ᠬᠠᠷᠢᠨ ᠨᠢᠭᠡᠨ ᠴᠠᠭ ᠲᠤ᠌ ᠲᠤᠰᠠ ᠪᠣᠯᠤᠨ᠎ᠠ᠃
ᠡᠨᠳᠡ ᠴᠤᠭᠯᠠᠷᠠᠭᠰᠠᠤᠨ ᠠᠷᠠᠳ ᠤ᠋ᠨ ᠵᠠᠰᠠᠭ ᠢ᠋ ᠬᠡᠷᠬᠢᠨ ᠤᠨᠠᠭᠠᠬᠤ ᠲᠤᠬᠠᠢ ᠶᠠᠷᠢᠵᠤ ᠪᠠᠢᠯ᠎ᠠ᠃ ᠭᠡᠬᠦ ᠳ᠋ᠡᠭᠡᠨ ᠲᠡᠳᠡᠨ ᠦ᠌ ᠬᠡᠨ ᠨᠢ ᠴᠦ᠍ ᠬᠤᠪᠢ ᠶ᠋ᠢᠨ ᠥᠰᠢᠶ᠎ᠡ ᠬᠤᠠᠵᠢᠩ ᠡᠴᠡ ᠪᠢᠰᠢ ᠵᠥᠪᠬᠡᠨ ᠯᠡ ᠱᠠᠰᠢᠨ ᠰᠢᠲᠦᠯᠭᠡ ᠪᠡᠨ ᠬᠠᠮᠠᠭᠠᠯᠠᠬᠤ᠂ ᠨᠡᠢᠲᠡ ᠮᠣᠩᠭᠣᠯ ᠦᠶ᠎ᠡ ᠤᠯᠠᠷᠢᠨ ᠳᠠᠭᠠᠵᠤ ᠢᠷᠡᠭᠰᠡᠨ ᠶᠣᠰᠣ ᠵᠠᠩᠰᠢᠯ ᠢ᠋ᠶ᠋ᠠᠨ ᠠᠪᠤᠷᠠᠬᠤ ᠰᠡᠳᠬᠢᠯ ᠡᠴᠡ ᠪᠣᠯᠵᠤ ᠠᠷᠠᠳ ᠤ᠋ᠨ ᠵᠠᠰᠠᠭ ᠲᠤ᠌ ᠥᠰᠢᠭᠰᠡᠨ ᠲᠤᠬᠠᠢ ᠶᠠᠷᠢᠨ᠎ᠠ᠃ ᠦᠨᠡᠨ ᠳ᠋ᠡᠭᠡᠨ ᠪᠣᠯ ᠴᠥᠮ ᠯᠡ ᠠᠷᠠᠳ ᠤ᠋ᠨ ᠵᠠᠰᠠᠭ ᠡᠴᠡ ᠪᠣᠯᠵᠤ ᠶᠠᠮᠠᠷ ᠨᠢᠭᠡᠨ ᠬᠣᠬᠢᠷᠠᠯ ᠳ᠋ᠤ᠌ ᠤᠴᠠᠷᠠᠭᠰᠠᠨ ᠬᠥᠮᠦᠰ ᠪᠠᠢᠯ᠎ᠠ᠃
ᠴᠡᠮᠪᠡ ᠶ᠋ᠢᠨ ᠪᠣᠳᠣᠯ ᠢ᠋ᠶ᠋ᠠᠷ ᠪᠣᠯ ᠠᠷᠠᠳ ᠤ᠋ᠨ ᠵᠠᠰᠠᠭ ᠤ᠋ᠨ ᠪᠣᠳᠣᠯᠭ᠎ᠠ ᠶ᠋ᠢ ᠣᠯᠠᠨ ᠳ᠋ᠤ᠌ ᠭᠤᠲᠤᠭᠠᠵᠤ ᠲᠡᠭᠦᠨ ᠦ᠌ ᠬᠦᠴᠦᠨ ᠴᠢᠳᠠᠯ ᠢ᠋ ᠳᠣᠷᠣᠢᠲᠠᠭᠤᠯᠬᠤ ᠶ᠋ᠢᠨ ᠲᠤᠯᠠ ᠬᠥᠮᠦᠨ ᠦᠨᠡᠮᠰᠢᠮᠡᠷ ᠦᠭᠡᠢ ᠶᠠᠭᠤᠮ᠎ᠠ ᠶ᠋ᠢ ᠴᠦ᠍ ᠶᠠᠷᠢᠬᠤ ᠡᠴᠡ ᠪᠤᠴᠠᠬᠤ ᠦᠭᠡᠢ ᠠᠵᠢ᠃
᠊᠊᠊᠊᠊᠊᠊᠊᠊᠊᠊᠊᠊᠊᠊ ᠣᠷᠣᠰ ᠰᠢᠬᠢᠷ ᠪᠣᠯ ᠣᠷᠣᠰ ᠡᠬᠡᠨᠡᠷ ᠦ᠋ᠨ ᠮᠥᠮᠥ ᠶ᠋ᠢᠨ ᠰᠦ ᠭᠡᠵᠦ ᠬᠦᠷᠢᠶᠡᠨ ᠦ᠌ ᠯᠠᠮᠠ ᠨᠠᠷ ᠶᠠᠷᠢᠵᠤ ᠡᠬᠢᠯᠡᠬᠦ ᠳ᠋ᠦ᠍ ᠡᠢᠮᠦ ᠲᠡᠨᠡᠭ ᠶᠠᠷᠢᠶᠠᠨ ᠳ᠋ᠤ᠌ ᠬᠡᠨ ᠢᠲᠡᠭᠡᠬᠦ ᠪᠣᠢ ᠭᠡᠵᠦ ᠪᠣᠳᠣᠵᠤ ᠪᠠᠢᠭᠰᠠᠨ᠃ ᠭᠡᠲᠡᠯ᠎ᠡ ᠬᠥᠮᠦᠰ ᠬᠤᠳᠠᠯᠳᠤᠵᠤ ᠠᠪᠬᠤ ᠨᠢ ᠦᠯᠡᠮᠵᠢ ᠬᠣᠷᠣᠭᠳᠠᠭᠰᠠᠨ ᠢ᠋ ᠪᠢ ᠨᠢᠳᠦ ᠪᠡᠷ ᠦᠵᠡᠭᠰᠡᠨ᠃ ᠲᠣᠮᠣ ᠬᠤᠳᠠᠯ ᠬᠡᠯᠡᠬᠦ ᠳ᠋ᠦ᠍ ᠠᠷᠠᠢ ᠴᠤ᠌ ᠲᠡᠢᠮᠦ ᠲᠣᠮᠣ ᠬᠤᠳᠠᠯ ᠦᠭᠡᠢ ᠪᠠᠢᠬᠤ ᠭᠡᠵᠦ ᠢᠲᠡᠭᠡᠬᠦ ᠶᠣᠰᠣ ᠪᠠᠢᠳᠠᠭ ᠪᠣᠯᠤᠯᠲᠠᠢ ᠭᠡᠵᠦ ᠴᠡᠮᠪᠡ ᠶ᠋ᠢᠨ ᠬᠡᠯᠡᠭᠰᠡᠨ ᠢ᠋ ᠬᠠᠮᠪᠤ᠂ ᠬᠡᠪᠰᠢ ᠵᠡᠷᠭᠡ ᠬᠡᠳᠦ ᠬᠡᠳᠦᠨ ᠬᠥᠮᠦᠨ ᠶᠡᠬᠡᠳᠡ ᠳᠠᠮᠵᠢᠨ ᠵᠥᠪᠰᠢᠶᠡᠷᠡᠪᠡ᠃
ᠪᠠᠰᠠ ᠠᠷᠠᠳ ᠤ᠋ᠨ ᠵᠠᠰᠠᠭ ᠢ᠋ ᠤᠨᠠᠭᠠᠬᠤ ᠶ᠋ᠢᠨ ᠤᠴᠢᠷ ᠭᠦᠷᠢᠮ ᠬᠢᠬᠦ᠂ ᠵᠣᠯᠢᠭ ᠭᠠᠷᠭᠠᠵᠤ ᠬᠠᠷᠢᠶᠠᠯ ᠬᠢᠬᠦ᠂ ᠵᠢᠭᠵᠢᠳ ᠦ᠋ᠨ ᠰᠤᠷ ᠵᠠᠯᠠᠬᠤ ᠵᠡᠷᠭᠡ ᠣᠯᠠᠨ ᠲᠥᠷᠥᠯ ᠦ᠋ᠨ ᠬᠤᠷᠠᠯ᠂ ᠨᠣᠮ ᠬᠤᠷᠠᠬᠤ ᠪᠠᠷ ᠲᠣᠭᠲᠠᠪᠠ᠃
᠊᠊᠊᠊᠊᠊᠊᠊᠊᠊᠊᠊᠊᠊᠊ ᠡᠨᠡ ᠪᠦᠬᠦᠨ ᠬᠡᠷᠡᠭ ᠲᠡᠢ᠃ ᠭᠡᠬᠦ ᠳ᠋ᠡᠭᠡᠨ ᠯᠡ ᠪᠢᠳᠡ ᠨᠢᠭᠡᠨ ᠴᠠᠭ ᠲᠤ᠌ ᠱᠠᠮᠪᠠᠯ ᠤ᠋ᠨ ᠲᠡᠢᠨ ᠳ᠋ᠦ᠍ ᠮᠣᠷᠳᠠᠬᠤ ᠳ᠋ᠤ᠌ ᠪᠡᠯᠡᠬᠡᠨ ᠪᠠᠢᠬᠤ ᠨᠢ ᠴᠢᠬᠤᠯᠠ᠃ ᠪᠢᠳᠡᠨ ᠦ᠌ ᠡᠮᠦᠨ᠎ᠡ ᠴᠡᠷᠢᠭ ᠵᠡᠪᠰᠡᠭ ᠲᠡᠢ ᠳᠣᠭᠰᠢᠨ ᠴᠢᠷᠠᠯᠸᠠ ᠪᠠᠢᠨ᠎ᠠ᠃ ᠲᠡᠭᠦᠨ ᠢ᠋ ᠭᠠᠭᠴᠠ ᠬᠦ ᠴᠡᠷᠢᠭ ᠵᠡᠪᠰᠡᠭ ᠦ᠋ᠨ ᠴᠢᠳᠠᠯ ᠢ᠋ᠶ᠋ᠠᠷ ᠳᠠᠷᠤᠨ ᠲᠤᠭᠤᠯᠬᠤ ᠪᠣᠯᠤᠨ᠎ᠠ᠃ ᠪᠣᠭᠳᠠ ᠯᠠᠮᠠ ᠶ᠋ᠢᠨ ᠠᠷᠢᠭᠤᠨ ᠱᠠᠰᠢᠨ ᠤ᠋ ᠲᠡᠦᠬᠡᠨ ᠳ᠋ᠦ᠍ ᠵᠡᠪᠰᠡᠭ ᠲᠡᠢ ᠳᠠᠢᠰᠤᠨ ᠢ᠋ ᠵᠡᠪᠰᠡᠭ ᠦ᠋ᠨ ᠴᠢᠳᠠᠯ ᠢ᠋ᠶ᠋ᠠᠷ᠂ ᠮᠡᠰᠡᠳᠡᠨ ᠢ᠋ ᠮᠡᠰᠡ ᠶ᠋ᠢᠨ ᠬᠦᠴᠦ ᠪᠡᠷ ᠳᠣᠷᠣᠢᠲᠠᠭᠤᠯᠵᠤ ᠪᠠᠢᠭᠰᠠᠨ ᠤᠳᠠᠭ᠎ᠠ ᠣᠯᠠᠨ ᠪᠢᠯᠡ ᠭᠡᠵᠦ ᠬᠠᠮᠪᠤ ᠶ᠋ᠢᠨ ᠬᠡᠯᠡᠬᠦ ᠳ᠋ᠦ᠍ ᠬᠡᠪᠰᠢ ᠡᠨᠡ ᠦᠭᠡ ᠭᠠᠷᠴᠠᠭ᠎ᠠ ᠦᠭᠡᠢ ᠦᠨᠡᠨ ᠪᠣᠯᠬᠤ ᠶ᠋ᠢ ᠪᠠᠲᠤᠯᠠᠭᠰᠠᠨ ᠣᠯᠠᠨ ᠵᠦᠢᠯ ᠢ᠋ ᠡᠰᠢ ᠲᠡᠳᠡᠨ ᠶᠠᠷᠢᠪᠠ᠃
ᠬᠡᠪᠰᠢ ᠶ᠋ᠢᠨ ᠶᠠᠷᠢᠶ᠎ᠠ ᠶ᠋ᠢ ᠬᠠᠮᠪᠤ ᠲᠣᠯᠣᠭᠠᠢ ᠳᠣᠬᠢᠨ᠂ ᠦᠯᠡᠮᠵᠢ ᠲᠠᠭᠠᠯᠠᠮᠵᠢᠲᠠᠢ ᠰᠣᠨᠣᠰᠴᠤ ᠵᠠᠪᠰᠠᠷ ᠲᠤ᠌ ᠨᠢ ᠪᠠᠲᠤᠯᠠᠭᠰᠠᠨ ᠦᠭᠡ ᠨᠦ᠍ᠭᠦᠳ ᠨᠡᠮᠡᠵᠦ ᠪᠠᠢᠯ᠎ᠠ᠃
᠊᠊᠊᠊᠊᠊᠊᠊᠊᠊᠊᠊᠊᠊᠊ ᠭᠠᠷ ᠬᠥᠳᠡᠯᠬᠦ ᠴᠠᠭ ᠪᠣᠯᠤᠭᠰᠠᠨ᠃ ᠭᠡᠬᠦ ᠳ᠋ᠡᠭᠡᠨ ᠪᠢ ᠥᠨᠥ ᠮᠠᠷᠭᠠᠰᠢ ᠭᠡᠵᠦ ᠪᠠᠢᠭ᠎ᠠ ᠶᠤᠮ ᠪᠢᠰᠢ ᠰᠢᠦ ᠭᠡᠳ ᠬᠠᠮᠪᠤ ᠰᠠᠭᠤᠳᠠᠯ ᠢ᠋ᠶ᠋ᠠᠨ ᠵᠠᠰᠠᠬᠤ ᠵᠠᠭᠤᠷ᠎ᠠ ᠣᠯᠠᠨ ᠢ᠋ ᠠᠵᠢᠭᠯᠠᠨ ᠨᠢᠳᠦᠨ ᠦ᠌ ᠪᠤᠯᠤᠩ ᠢ᠋ᠶ᠋ᠠᠷ ᠬᠠᠷᠠᠭᠰᠠᠨ ᠢ᠋ᠶ᠋ᠠᠨ ᠭᠡᠨᠡᠳᠲᠡ ᠣᠭᠵᠣᠮ ᠳᠠᠭᠤᠨ ᠢ᠋ᠶ᠋ᠠᠷ 《ᠵᠠ ᠲᠡᠭᠡᠭᠡᠳ ᠬᠡᠨ ᠢ᠋ ᠶᠠᠪᠤᠭᠤᠯᠬᠤ ᠪᠣᠢ?》 ᠭᠡᠵᠦ ᠲᠤᠯᠭᠠᠨ ᠠᠰᠠᠭᠤᠪᠠ᠃
᠊᠊᠊᠊᠊᠊᠊᠊᠊᠊᠊᠊᠊᠊᠊ ᠬᠠᠮᠢᠭᠠᠰᠢ ᠪᠠᠨ?
᠊᠊᠊᠊᠊᠊᠊᠊᠊᠊᠊᠊᠊᠊᠊ ᠪᠠᠨᠴᠢᠨ ᠪᠣᠭᠳᠠ ᠲᠥᠪᠡᠳ ᠡᠴᠡ ᠪᠡᠨ ᠤᠷᠭᠤᠵᠤ ᠵᠠᠯᠠᠷᠠᠭᠠᠳ᠂ ᠬᠢᠲᠠᠳ ᠨᠤᠲᠤᠭ ᠲᠤ᠌ ᠢᠷᠡᠭᠡᠳ ᠪᠠᠢᠨ᠎ᠠ᠃ ᠶᠠᠭᠤᠨ ᠤ᠋ ᠡᠮᠦᠨ᠎ᠡ ᠲᠡᠭᠦᠨ ᠳ᠋ᠦ᠍ ᠪᠠᠷᠠᠭᠠᠯᠠᠵᠤ ᠬᠡᠷᠡᠭ ᠶᠠᠪᠤᠳᠠᠯ ᠢ᠋ᠶ᠋ᠠᠨ ᠠᠢᠯᠠᠳᠬᠠᠬᠤ ᠨᠢ ᠴᠢᠬᠤᠯᠠ᠃ ᠲᠠ ᠪᠦᠬᠦᠨ ᠳ᠋ᠦ᠍ ᠢᠳᠡᠭᠡᠨ ᠬᠡᠯᠡᠬᠦ ᠳ᠋ᠦ᠍ ᠮᠢᠨᠦ ᠬᠦᠷᠢᠶᠡᠨ ᠦ᠌ ᠪᠠᠭᠰᠢ ᠮᠢᠨᠢ ᠪᠠᠨᠴᠢᠨ ᠪᠣᠭᠳᠠ ᠲᠠᠢ ᠬᠣᠯᠪᠣᠭ᠎ᠠ ᠪᠠᠷᠢᠭᠰᠠᠨ᠃ ᠪᠢᠳᠡᠨ ᠢ᠋ ᠬᠦᠴᠦᠯᠡᠨ ᠬᠥᠳᠡᠯᠬᠦ ᠴᠠᠭ ᠪᠣᠯᠤᠭᠰᠠᠨ ᠭᠡᠵᠦ ᠵᠠᠷᠯᠢᠭ ᠪᠠᠭᠤᠯᠭᠠᠭᠰᠠᠨ ᠢ᠋ ᠰᠠᠶᠢᠬᠠᠨ ᠨᠠᠳᠠᠳᠤ ᠲᠤᠰᠬᠠᠢ ᠬᠥᠮᠦᠨ ᠢ᠋ᠶ᠋ᠡᠷ ᠬᠡᠯᠡᠭᠦᠯᠦᠭᠰᠡᠨ᠃ ᠪᠢᠳᠡᠨ ᠡᠴᠡ ᠡᠯᠴᠢ ᠪᠣᠯᠵᠤ ᠶᠠᠪᠤᠬᠤ ᠳ᠋ᠤ᠌ ᠬᠠᠮᠤᠭ ᠤ᠋ᠨ ᠲᠠᠯ᠎ᠠ ᠲᠠᠢ ᠬᠥᠮᠦᠨ ᠪᠣᠯ ᠴᠡᠮᠪᠡ ᠪᠠᠢᠨ᠎ᠠ᠃ ᠣᠯᠠᠨ ᠯᠠᠮᠠ ᠨᠠᠷ ᠤ᠋ᠨ ᠲᠥᠯᠭᠡ ᠲᠣᠬᠢᠷᠠᠭᠰᠠᠨ᠃ ᠴᠡᠮᠪᠡ ᠶ᠋ᠢ ᠬᠢᠯᠢ ᠭᠠᠷᠭᠠᠵᠤ ᠥᠭᠬᠦ ᠬᠥᠮᠦᠨ ᠪᠣᠯ ᠪᠠᠳᠠᠷᠴᠢ᠃ ᠡᠨᠡ ᠬᠣᠶᠠᠷ ᠤ᠋ᠨ ᠵᠠᠮ ᠨᠢ ᠴᠠᠭᠠᠨ᠂ ᠮᠥᠷ ᠨᠢ ᠪᠠᠯᠠᠷᠬᠠᠢ ᠪᠠᠢᠭ᠎ᠠ ᠶᠤᠮ᠃ ᠲᠡᠳᠡᠨ ᠦ᠌ ᠵᠠᠮ ᠢ᠋ ᠶᠠᠮᠠᠷ ᠴᠤ᠌ ᠪᠠᠷᠲᠠᠭ᠎ᠠ ᠦᠭᠡᠢ ᠪᠠᠢᠯᠭᠠᠬᠤ ᠪᠠᠷ ᠭᠣᠮᠪᠣ ᠶ᠋ᠢᠨ ᠰᠤᠷ ᠵᠠᠯᠠᠨ᠎ᠠ᠃ ᠰᠤᠷ ᠵᠠᠯᠠᠭᠰᠠᠨ ᠡᠴᠡ ᠠᠷᠪᠠᠨ ᠬᠣᠨᠣᠭ ᠤ᠋ᠨ ᠳᠣᠲᠣᠷ᠎ᠠ ᠮᠥᠷ ᠢ᠋ᠶ᠋ᠡᠨ ᠪᠠᠷᠠᠭᠤᠨ ᠡᠮᠦᠨ᠎ᠡ ᠵᠦᠭ ᠭᠠᠷᠭᠠᠨ ᠬᠥᠳᠡᠯᠬᠦ ᠶᠣᠰᠣᠲᠠᠢ ᠭᠡᠳ ᠴᠡᠮᠪᠡ ᠶ᠋ᠢ ᠰᠢᠷᠲᠡᠨ ᠬᠠᠷᠠᠯ᠎ᠠ᠃
ᠬᠠᠮᠪᠤ ᠰᠡᠭᠦᠯ ᠦ᠋ᠨ ᠦᠶ᠎ᠡ ᠳ᠋ᠦ᠍ ᠠᠷᠠᠳ ᠤ᠋ᠨ ᠵᠠᠰᠠᠭ ᠤ᠋ᠨ ᠡᠰᠡᠷᠭᠦ ᠰᠢᠷᠭᠠᠭᠤ ᠠᠵᠢᠯᠯᠠᠵᠤ ᠪᠠᠢᠭ᠎ᠠ ᠬᠥᠮᠦᠨ᠂ ᠬᠦᠷᠢᠶᠡᠨ ᠦ᠌ ᠨᠢᠭᠡᠨ ᠰᠡᠳᠬᠢᠯᠲᠦ ᠯᠠᠮᠠ ᠨᠠᠷ ᠲᠠᠢ ᠬᠣᠯᠪᠣᠭ᠎ᠠ ᠪᠠᠷᠢᠵᠤ ᠣᠢᠷ᠎ᠠ ᠶ᠋ᠢᠨ ᠵᠢᠯ ᠠᠷᠠᠳ ᠤ᠋ᠨ ᠵᠠᠰᠠᠭ ᠢ᠋ ᠤᠨᠠᠭᠠᠬᠤ ᠵᠣᠷᠢᠯᠭ᠎ᠠ ᠲᠠᠯᠪᠢᠨ᠂ ᠡᠨᠡ ᠬᠡᠷᠡᠭ ᠲᠡᠭᠡᠨ ᠭᠠᠳᠠᠭᠠᠳᠤ ᠣᠷᠣᠨ ᠤ᠋ ᠲᠤᠰᠠᠯᠠᠮᠵᠢ ᠣᠯᠬᠤ ᠶ᠋ᠢ ᠬᠢᠴᠢᠶᠡᠵᠦ ᠪᠠᠢᠭ᠎ᠠ ᠪᠥᠭᠡᠳ ᠳᠤᠮᠳᠠᠴᠢ ᠬᠣᠯᠪᠣᠭ᠎ᠠ ᠨᠢ ᠳᠠᠯᠠᠢ ᠯᠠᠮᠠ ᠲᠠᠢ ᠡᠷᠬᠡ ᠪᠤᠯᠢᠶᠠᠯᠳᠤᠨ ᠲᠣᠬᠢᠷᠠᠬᠤ ᠪᠠᠨ ᠪᠣᠯᠢᠭᠠᠳ ᠲᠥᠪᠡᠳ ᠡᠴᠡ ᠬᠥᠭᠡᠭᠡᠭᠳᠡᠨ ᠳᠣᠲᠣᠭᠠᠳᠤ ᠮᠣᠩᠭᠣᠯ᠂ ᠮᠠᠨᠵᠤ ᠨᠤᠲᠤᠭ ᠲᠤ᠌ ᠤᠷᠭᠤᠵᠤ ᠢᠷᠡᠭᠡᠳ ᠣᠷᠣᠩᠨᠠᠵᠤ ᠪᠠᠢᠭᠰᠠᠨ ᠪᠠᠨᠴᠢᠨ᠌ᠡᠷᠳᠡᠨᠢ ᠪᠣᠯᠵᠤ ᠪᠠᠢᠯ᠎ᠠ᠃
ᠠᠯᠤᠰ ᠬᠣᠯᠠ ᠶ᠋ᠢᠨ ᠠᠶᠤᠯᠲᠠᠢ ᠵᠠᠮ ᠳ᠋ᠤ᠌ ᠶᠠᠪᠤᠬᠤ ᠳᠤᠷ᠎ᠠ ᠴᠡᠮᠪᠡ ᠳ᠋ᠦ᠍ ᠴᠦ᠍᠂ ᠪᠠᠳᠠᠷᠴᠢ ᠳ᠋ᠤ᠌ ᠴᠤ᠌ ᠪᠠᠢᠭᠰᠠᠨ ᠦᠭᠡᠢ᠃ ᠭᠡᠪᠡᠴᠦ ᠲᠠᠩᠭᠠᠷᠢᠭ ᠡᠷᠭᠦᠭᠰᠡᠨ ᠪᠣᠯᠬᠣᠷ ᠰᠢᠭᠤᠳ ᠨᠢᠴᠤᠵᠤ ᠶᠠᠪᠤᠬᠤ ᠦᠭᠡᠢ ᠭᠡᠵᠦ ᠪᠣᠯᠬᠤ ᠦᠭᠡᠢ᠃ ᠡᠯᠳᠡᠪ ᠭᠠᠴᠢᠭᠳᠠᠯ ᠵᠣᠪᠠᠯᠠᠩ ᠲᠣᠭᠠᠴᠢᠨ ᠡᠨᠡ ᠤᠳᠠᠭ᠎ᠠ ᠶᠠᠪᠤᠬᠤ ᠡᠴᠡ ᠴᠢᠯᠥᠭᠡᠯᠡᠵᠦ ᠥᠭᠬᠦ ᠶ᠋ᠢ ᠭᠤᠶᠤᠭᠰᠠᠨ ᠪᠣᠯᠪᠠᠴᠤ ᠲᠤᠰᠠ ᠪᠣᠯᠤᠭᠰᠠᠨ ᠦᠭᠡᠢ ᠴᠢᠬᠢᠭᠳᠡᠪᠡ᠃
ᠪᠠᠨᠴᠢᠨ ᠪᠣᠭᠳᠠ ᠳ᠋ᠤ᠌ ᠪᠠᠷᠢᠬᠤ ᠪᠢᠴᠢᠭ ᠢ᠋ ᠬᠠᠮᠪᠤ ᠲᠥᠪᠡᠳ ᠬᠡᠯᠡ ᠪᠡᠷ ᠵᠣᠬᠢᠶᠠᠨ ᠪᠢᠴᠢᠭᠡᠳ ᠬᠡᠳᠦᠨ ᠬᠣᠨᠣᠭ ᠤ᠋ᠨ ᠳᠠᠷᠠᠭ᠎ᠠ ᠬᠦᠷᠢᠶᠡᠨ ᠦ᠌ ᠯᠠᠮᠠ ᠨᠠᠷ ᠢ᠋ ᠬᠠᠨᠢᠶᠠᠳᠤ ᠲᠣᠮᠣᠭᠣ ᠡᠴᠡ ᠵᠠᠢᠯᠠᠭᠤᠯᠬᠤ ᠨᠡᠷ᠎ᠡ ᠪᠡᠷ ᠭᠣᠮᠪᠣ ᠶ᠋ᠢᠨ ᠲᠡᠮᠦᠷ ᠭᠣᠣᠯ ᠲᠠᠢ ᠰᠤᠷ ᠵᠠᠯᠠᠬᠤ ᠪᠣᠯᠪᠠ᠃
ᠴᠣᠭᠴᠢᠨ ᠳᠤᠭᠠᠩ ᠳ᠋ᠤ᠌ ᠰᠤᠷ ᠵᠠᠯᠠᠬᠤ ᠬᠤᠷᠠᠯ ᠥᠷᠯᠥᠭᠡ ᠡᠴᠡ ᠡᠬᠢᠯᠡᠨ ᠬᠤᠷᠠᠯᠳᠤᠵᠤ ᠣᠷᠣᠢ ᠶ᠋ᠢᠨ ᠨᠠᠷᠠ ᠵᠢᠷᠭᠠᠬᠤ ᠶ᠋ᠢᠨ ᠦᠶ᠎ᠡ ᠳ᠋ᠦ᠍ ᠲᠡᠮᠦᠷ ᠭᠣᠣᠯ ᠲᠠᠢ᠂ ᠲᠣᠮᠣ ᠤᠯᠠᠭᠠᠨ ᠪᠠᠯᠢᠩ ᠢ᠋ ᠳᠥᠷᠪᠡᠨ ᠯᠠᠮᠠ ᠳᠠᠮᠵᠢᠯᠠᠨ ᠳᠤᠭᠠᠩ ᠤ᠋ᠨ ᠬᠠᠭᠠᠯᠭ᠎ᠠ ᠪᠠᠷ ᠭᠠᠷᠭᠠᠬᠤ ᠳ᠋ᠤ᠌ ᠬᠣᠢᠨ᠎ᠠ ᠡᠴᠡ ᠨᠢ ᠥᠨᠳᠥᠷ ᠬᠣᠷᠭᠣᠢ ᠣᠷᠣᠢᠲᠠᠢ᠂ ᠪᠤᠯᠠᠭ᠎ᠠ ᠲᠠᠲᠠᠭᠰᠠᠨ ᠣᠪᠣᠣᠲᠠᠢ ᠡᠮᠦᠰᠦᠭᠰᠡᠨ ᠤᠯᠠᠭᠠᠨ ᠲᠣᠷᠭᠠᠨ ᠳᠡᠪᠡᠯ ᠲᠡᠢ ᠬᠠᠮᠪᠤ ᠬᠠᠳᠠᠭ ᠶᠡᠨᠳᠡᠷ ᠡᠰᠢ ᠡᠴᠡ ᠨᠢ ᠵᠡᠭᠦᠭᠰᠡᠨ ᠤᠷᠲᠤ ᠲᠡᠮᠦᠷ ᠫᠦᠷᠪᠦ ᠪᠠᠷᠢᠨ ᠰᠦᠷᠲᠡᠢ ᠴᠢᠴᠢᠯᠡᠵᠦ᠂ ᠠᠮᠢᠳᠤᠷᠠᠯ ᠨᠢ ᠰᠢᠪᠲᠤᠷᠠᠵᠤ ᠶᠠᠪᠤᠭ᠎ᠠ ᠬᠥᠮᠦᠨ ᠦ᠌ ᠬᠥᠨᠳᠡᠢ ᠪᠥᠭᠡᠳ ᠵᠢᠪᠡᠬᠡᠢ ᠳᠠᠭᠤ ᠪᠠᠷ ᠨᠣᠮ ᠤᠩᠰᠢᠨ ᠭᠠᠷᠴᠤ ᠢᠷᠡᠯ᠎ᠡ᠃
ᠪᠠᠯᠢᠩ ᠢ᠋ ᠳᠠᠭᠠᠭᠰᠠᠨ ᠯᠠᠮᠠ ᠨᠠᠷ ᠤ᠋ᠨ ᠤᠷᠲᠤ ᠴᠤᠪᠤᠭ᠎ᠠ ᠠᠭᠠᠵᠢᠮ ᠶᠠᠪᠤᠭᠰᠠᠭᠠᠷ ᠬᠦᠷᠢᠶᠡᠨ ᠦ᠌ ᠪᠠᠷᠠᠭᠤᠨ ᠡᠮᠦᠨ᠎ᠡ ᠲᠠᠯ᠎ᠠ ᠳ᠋ᠤ᠌ ᠭᠠᠷᠬᠤ ᠳ᠋ᠤ᠌ ᠬᠠᠭᠤᠷᠠᠢ ᠮᠣᠳᠣ ᠪᠠᠷ ᠪᠠᠷᠢᠵᠤ ᠰᠢᠷ᠎ᠠ ᠲᠣᠰᠣ ᠨᠡᠪᠲᠡᠯᠦᠨ ᠰᠢᠩᠭᠡᠭᠰᠡᠨ ᠣᠪᠣᠬᠠᠢ ᠪᠠᠢᠯ᠎ᠠ᠃ ᠪᠠᠯᠢᠩ ᠪᠠᠷᠢᠭᠰᠠᠨ ᠳᠥᠷᠪᠡᠨ ᠯᠠᠮᠠ ᠬᠥᠯ ᠨᠡᠢᠯᠡᠭᠦᠯᠦᠨ ᠠᠭᠠᠵᠢᠮ ᠠᠯᠬᠤᠵᠤ ᠶᠠᠪᠤᠭᠰᠠᠭᠠᠷ ᠣᠪᠣᠬᠠᠢ ᠳ᠋ᠤ᠌ ᠲᠤᠯᠵᠤ ᠵᠣᠭᠰᠣᠬᠤ ᠳ᠋ᠤ᠌ ᠬᠠᠮᠪᠤ ᠶ᠋ᠢᠨ ᠨᠢᠳᠦ ᠨᠢ ᠭᠢᠯᠠᠯᠵᠠᠨ ᠬᠣᠶᠠᠷ ᠬᠥᠯ ᠢ᠋ᠶ᠋ᠡᠨ ᠡᠭᠡᠯᠵᠢᠯᠡᠨ ᠤᠷᠢᠳᠤᠭᠤᠷ ᠢ᠋ᠶ᠋ᠠᠨ ᠮᠠᠬᠢᠢᠯᠭᠠᠨ ᠡᠷᠭᠦᠵᠦ᠂ ᠭᠠᠷ ᠢ᠋ᠶ᠋ᠠᠨ ᠳᠡᠭᠡᠭᠰᠢ ᠨᠢ ᠰᠠᠴᠤᠯᠠᠨ ᠴᠠᠮᠨᠠᠵᠤ ᠫᠦᠷᠪᠦ ᠪᠡᠨ ᠭᠢᠯᠠᠯᠵᠠᠭᠤᠯᠬᠤ ᠨᠢ ᠰᠦᠷᠵᠢᠨ ᠪᠥᠭᠡᠳ ᠡᠭᠡᠯ ᠵᠢᠷ ᠦ᠋ᠨ ᠬᠡᠷᠡᠭ ᠪᠢᠰᠢ ᠮᠡᠲᠦ ᠬᠠᠷᠠᠭᠳᠠᠬᠤ ᠠᠵᠢ᠃
ᠣᠪᠣᠬᠠᠢ ᠳ᠋ᠤ᠌ ᠭᠠᠯ ᠬᠦᠷᠦᠮᠡᠭᠴᠡ ᠲᠣᠰᠣ ᠨᠡᠪᠲᠡᠷᠡᠭᠰᠡᠨ ᠬᠠᠭᠤᠷᠠᠢ ᠮᠣᠳᠣ ᠱᠠᠵᠢᠭᠢᠨᠠᠨ ᠳᠦᠷᠡᠯᠵᠡᠵᠦ ᠶᠣᠰᠣᠲᠠᠢ ᠯᠠ ᠲᠩᠷᠢ ᠳ᠋ᠦ᠍ ᠲᠤᠯᠤᠭᠰᠠᠨ ᠭᠠᠯ ᠣᠪᠣᠯᠵᠠᠨ ᠠᠰᠠᠵᠤ ᠬᠠᠷ᠎ᠠ ᠤᠲᠤᠭ᠎ᠠ ᠣᠷᠭᠢᠯᠪᠠ᠃ ᠬᠡᠩᠭᠡᠷᠭᠡ ᠴᠠᠩ ᠤ᠋ᠨ ᠳᠠᠭᠤᠨ ᠬᠦᠴᠦᠲᠡᠢ ᠪᠣᠯᠵᠤ ᠴᠣᠬᠢᠯᠲᠠ ᠨᠢ ᠲᠦᠷᠭᠡᠰᠦᠨ ᠬᠠᠮᠪᠤ ᠶ᠋ᠢᠨ ᠫᠦᠷᠪᠦ ᠲᠡᠢ ᠭᠠᠷ ᠪᠠᠯᠢᠩ ᠤ᠋ᠨ ᠲᠣᠮᠣ ᠵᠡᠰ ᠴᠡᠷᠡᠨ ᠳ᠋ᠦ᠍ ᠬᠦᠷᠬᠦ ᠶ᠋ᠢᠨ ᠬᠠᠮᠲᠤ ᠳᠥᠷᠪᠡᠨ ᠯᠠᠮᠠ ᠭᠠᠯ ᠤᠷᠤᠭᠤ ᠪᠠᠯᠢᠩ ᠢ᠋ᠶ᠋ᠠᠨ ᠰᠢᠲᠠᠪᠠ᠃ ᠦᠢ ᠲᠦᠮᠡᠨ ᠣᠴᠢ ᠪᠤᠵᠢᠭᠢᠨᠠᠨ ᠬᠥᠮᠦᠰ ᠰᠢᠬᠠᠴᠠᠯᠳᠤᠨ ᠭᠠᠯ ᠡᠴᠡ ᠵᠠᠢᠯᠠᠪᠠ᠃
ᠬᠡᠰᠡᠭ ᠪᠣᠯᠤᠭᠰᠠᠨ ᠤ᠋ ᠳᠠᠷᠠᠭ᠎ᠠ ᠯᠠᠮᠠ ᠨᠠᠷ ᠡᠷᠭᠢᠵᠦ ᠶᠠᠪᠤᠬᠤ ᠳ᠋ᠤ᠌ ᠳᠤᠲᠠᠭᠤ ᠰᠢᠲᠠᠭᠰᠠᠨ ᠪᠠᠯᠢᠩ ᠤ᠋ᠨ ᠦᠯᠡᠳᠡᠭᠳᠡᠯ ᠣᠯᠵᠤ ᠢᠳᠡᠬᠦ ᠭᠡᠰᠡᠨ ᠨᠣᠬᠠᠢ ᠪᠠᠨᠳᠢ ᠨᠠᠷ ᠯᠠ ᠦᠯᠡᠳᠡᠵᠦ ᠪᠢᠯᠡ᠃
ᠡᠭᠦᠨ ᠡᠴᠡ ᠬᠡᠳᠦᠬᠡᠨ ᠡᠳᠦᠷ ᠦ᠋ᠨ ᠳᠠᠷᠠᠭ᠎ᠠ ᠯᠠᠮᠠ ᠶ᠋ᠢᠨ ᠭᠡᠭᠡᠨ ᠦ᠌ ᠬᠦᠷᠢᠶ᠎ᠡ ᠣᠷᠣᠬᠤ ᠨᠡᠷ᠎ᠡ ᠪᠡᠷ ᠳᠥᠷᠪᠡᠨ ᠮᠣᠷᠢ ᠲᠠᠢ ᠬᠣᠶᠠᠷ ᠬᠥᠮᠦᠨ ᠮᠠᠨᠢᠳᠤ ᠶ᠋ᠢᠨ ᠰᠢᠯᠢ ᠪᠡᠷ ᠥᠷᠯᠥᠭᠡ ᠡᠷᠲᠡ ᠳᠠᠪᠠᠭᠰᠠᠨ ᠨᠢ ᠪᠠᠳᠠᠷᠴᠢ᠂ ᠴᠡᠮᠪᠡ ᠬᠣᠶᠠᠷ ᠪᠠᠢᠵᠤ ᠪᠢᠯᠡ᠃
