ᠲᠤᠩᠭᠠᠯᠠᠭ ᠲᠠᠮᠢᠷ2-16-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠳᠠᠮᠰᠢᠭ ᠮᠢᠨᠢ ᠠᠯᠳᠠᠰ ᠪᠣᠯᠤᠨ᠎ᠠ》 - ᠬᠣᠶᠠᠳᠤᠭᠠᠷ ᠪᠦᠯᠦᠭ ᠠᠷᠪᠠᠨ ᠵᠢᠷᠭᠤᠭ᠎ᠠ
ᠬᠠᠪᠤᠷ ᠤ᠋ᠨ ᠡᠳᠦᠷ ᠬᠥᠮᠦᠨ ᠪᠦᠬᠦᠨ ᠳ᠋ᠦ᠍ ᠵᠠᠯᠬᠠᠭᠤ ᠲᠠᠢ ᠪᠣᠯ ᠲᠣᠮᠣ ᠲᠠᠰᠢᠮᠠᠭ ᠲᠠᠢ ᠤᠰᠤ ᠡᠭᠦᠷᠦᠭᠡᠳ ᠠᠷᠠᠢ ᠶᠠᠳᠠᠨ ᠬᠥᠯ ᠢ᠋ᠶ᠋ᠡᠨ ᠰᠣᠯᠪᠢᠭᠤᠯᠵᠤ ᠪᠠᠢᠭ᠎ᠠ ᠬᠣᠩᠭᠣᠷ ᠲᠤ᠌ ᠪᠦᠷ ᠴᠦ᠍ ᠵᠠᠯᠬᠠᠭᠤ ᠲᠠᠢ ᠪᠥᠭᠡᠳ ᠵᠦᠳᠡᠷᠡᠭᠡᠨ ᠲᠡᠢ ᠠᠵᠢ᠃
ᠭᠡᠷ ᠲᠡᠭᠡᠨ ᠣᠢᠷᠠᠲᠤᠬᠤ ᠪᠦᠷᠢ ᠠᠮᠠᠷᠠᠬᠤ ᠨᠢ ᠣᠯᠠᠨ ᠪᠣᠯᠵᠤ᠂ ᠠᠮᠠᠷᠠᠬᠤ ᠪᠦᠷᠢ ᠰᠠᠭᠤᠬᠤ ᠨᠢ ᠤᠳᠠᠭᠠᠨ ᠪᠣᠯᠵᠤ ᠪᠠᠢᠯ᠎ᠠ᠃ ᠢᠩᠭᠢᠵᠦ ᠶᠠᠪᠤᠭᠰᠠᠭᠠᠷ ᠬᠠᠰᠢᠶᠠᠨ ᠳ᠋ᠠᠭᠠᠨ ᠣᠷᠣᠵᠤ ᠢᠷᠡᠪᠡᠯ ᠪᠠᠭᠰᠢ ᠨᠢ ᠵᠠᠵᠢᠭᠤᠷ ᠢ᠋ᠶ᠋ᠠᠨ ᠵᠠᠭᠤᠵᠤ ᠣᠴᠢᠭᠠᠳ ᠳᠠᠰᠢᠮᠠᠭ ᠢ᠋ ᠨᠢ ᠠᠪᠤᠮᠠᠭᠴᠠ 《ᠲᠦᠷᠭᠡᠨ ᠶᠠᠪᠤᠵᠤ ᠢᠷᠡᠭᠡᠳ ᠴᠠᠢ ᠴᠢᠨᠠᠵᠤ ᠥᠭᠬᠦ ᠦᠭᠡᠢ᠂ ᠬᠠᠷᠠᠩᠭᠤᠳᠤᠭᠤᠯᠵᠤ ᠠᠯᠠᠬᠤ ᠨᠢ ᠤᠤ》 ᠭᠡᠳ ᠬᠠᠷ᠎ᠠ ᠬᠦᠴᠦ ᠪᠡᠷ ᠢ᠋ᠶ᠋ᠡᠨ ᠠᠯᠠᠭᠠᠳᠠᠪᠠ᠃ ᠳᠠᠬᠢᠭᠠᠳ ᠠᠯᠠᠭᠠᠳᠠᠬᠤ ᠭᠡᠬᠦ ᠳ᠋ᠦ᠍ᠨᠢ ᠵᠠᠢᠯᠠᠵᠤ ᠣᠷᠬᠢᠭᠰᠠᠨ ᠴᠢᠨᠢ ᠯᠠᠮᠠ ᠶ᠋ᠢᠨ ᠠᠭᠤᠷ ᠤᠯᠠᠮ ᠪᠠᠳᠠᠷᠠᠵᠤ ᠪᠦᠳᠦᠭᠦᠨ ᠮᠣᠳᠣ ᠪᠠᠷ ᠴᠣᠬᠢᠬᠤ ᠭᠡᠬᠦ ᠳ᠋ᠦ᠍ᠨᠢ ᠮᠣᠳᠣᠨ ᠳᠡᠭᠡᠷ᠎ᠡ ᠡᠴᠡ ᠨᠢ ᠪᠠᠷᠢᠭᠠᠳ ᠲᠠᠲᠠᠵᠤ ᠣᠷᠬᠢᠭᠰᠠᠨ ᠴᠢᠨᠢ ᠰᠢᠷᠭᠤᠴᠢᠨ ᠤᠨᠠᠪᠠ᠃ ᠪᠣᠰᠤᠭᠠᠳ ᠳᠠᠬᠢᠨ ᠳᠠᠭᠠᠷᠢᠬᠤ ᠭᠡᠬᠦ ᠳ᠋ᠦ᠍ᠨᠢ 《ᠪᠢ ᠡᠯᠵᠢᠭᠡ ᠪᠢᠰᠢ᠂ ᠡᠨᠡ ᠬᠦᠨᠳᠦ ᠳᠠᠰᠢᠮᠠᠭ ᠢ᠋ᠶ᠋ᠠᠨ ᠥᠪᠡᠷ ᠢ᠋ᠶ᠋ᠡᠨ ᠡᠭᠦᠷᠦᠭᠡᠳ ᠦᠵᠡ》 ᠭᠡᠳ ᠬᠣᠩᠭᠣᠷ ᠪᠦᠳᠦᠭᠦᠨ ᠮᠣᠳᠣ ᠪᠠᠨ ᠪᠠᠷᠢᠨ ᠬᠥᠳᠡᠯᠦᠯ ᠦᠭᠡᠢ ᠵᠣᠭᠰᠣᠪᠠ᠃
ᠯᠠᠮᠠ᠂ ᠬᠣᠩᠭᠣᠷ ᠢ᠋ ᠬᠦᠴᠦ ᠪᠡᠷ ᠳᠡᠢᠯᠬᠦ ᠦᠭᠡᠢ ᠪᠣᠯᠤᠭᠰᠠᠨ ᠢ᠋ᠶ᠋ᠠᠨ ᠣᠢᠯᠠᠭᠠᠵᠤ ᠪᠠᠴᠢᠮᠳᠠᠪᠠᠴᠤ ᠶᠠᠭᠠᠬᠢᠵᠤ ᠴᠤ᠌ ᠴᠢᠳᠠᠬᠤ ᠦᠭᠡᠢ ᠪᠣᠯᠤᠨ᠄
᠊᠊᠊᠊᠊᠊᠊᠊᠊᠊᠊᠊᠊᠊᠊ ᠯᠠᠮᠠ ᠪᠠᠭᠰᠢ ᠳ᠋ᠠᠭᠠᠨ ᠭᠠᠷ ᠬᠦᠷᠦᠨ᠎ᠡ ᠭᠡᠨ᠎ᠡ ᠭᠡᠵᠦ ᠳᠡᠮᠡᠢᠯᠡ ᠠᠮᠢᠰᠬᠤᠭᠠᠳᠠᠨ᠎ᠠ᠃
᠊᠊᠊᠊᠊᠊᠊᠊᠊᠊᠊᠊᠊᠊᠊ ᠪᠢ ᠡᠯᠵᠢᠭᠡ ᠪᠢᠰᠢ ᠭᠡᠵᠦ ᠬᠣᠩᠭᠣᠷ ᠳᠠᠪᠲᠠᠨ ᠬᠡᠯᠡᠭᠡᠳ ᠵᠣᠭᠰᠣᠵᠤ ᠪᠠᠢᠬᠤ ᠳ᠋ᠤ᠌ ᠨᠢᠳᠦᠨ ᠳ᠋ᠦ᠍ᠨᠢ ᠣᠯᠠᠨ ᠵᠢᠯ ᠵᠣᠳᠣᠭᠤᠯᠤᠭᠰᠠᠨ ᠬᠣᠷᠣᠰᠤᠯ ᠪᠠᠭᠲᠠᠨ ᠶᠠᠳᠠᠵᠤ ᠪᠠᠢᠪᠠ᠃ ᠯᠠᠮᠠ ᠳᠠᠬᠢᠨ ᠳᠣᠪᠲᠣᠯᠬᠤ ᠶᠤᠮ ᠪᠣᠯ ᠬᠣᠩᠭᠣᠷ ᠲᠠᠭᠠᠷᠠᠯᠳᠤᠭᠰᠠᠨ ᠭᠠᠵᠠᠷ ᠢ᠋ᠶ᠋ᠠᠨ ᠪᠦᠳᠦᠭᠦᠨ ᠮᠣᠳᠣ ᠪᠠᠷ ᠴᠣᠬᠢᠬᠤ ᠳ᠋ᠤ᠌ ᠪᠡᠯᠡᠬᠡᠨ ᠪᠥᠭᠡᠳ ᠰᠢᠢᠳᠮᠡᠭᠡᠢ ᠪᠠᠢᠯ᠎ᠠ᠃
᠊᠊᠊᠊᠊᠊᠊᠊᠊᠊᠊᠊᠊᠊᠊ ᠵᠠᠶᠠᠭ᠎ᠠ ᠦᠭᠡᠢ ᠬᠣᠭ ᠴᠢ ᠵᠠᠢᠯᠠ! ᠭᠡᠵᠦ ᠠᠭᠤᠷ ᠲᠠᠭᠠᠨ ᠪᠠᠬᠠᠷᠳᠠᠭᠰᠠᠨ ᠯᠠᠮᠠ ᠬᠠᠰᠬᠢᠷᠪᠠ᠃
᠊᠊᠊᠊᠊᠊᠊᠊᠊᠊᠊᠊᠊᠊᠊ ᠬᠥᠭᠡᠭᠡᠯᠲᠡ ᠦᠭᠡᠢ᠃ ᠪᠢ ᠶᠠᠪᠤᠨ᠎ᠠ ᠭᠡᠳ ᠬᠣᠩᠭᠣᠷ ᠲᠠᠢᠪᠤᠩ ᠡᠷᠭᠢᠵᠦ ᠭᠠᠷᠲᠠᠯ᠎ᠠ ᠬᠠᠰᠢᠶᠠᠨ ᠤ᠋ ᠬᠣᠩᠬᠣ ᠵᠢᠩ ᠵᠢᠩ ᠭᠡᠯᠡ᠃
ᠭᠤᠳᠤᠮᠵᠢᠨ ᠳ᠋ᠤ᠌ ᠬᠠᠮᠢᠭᠠᠰᠢ ᠪᠠᠨ ᠶᠠᠪᠤᠬᠤ ᠪᠠᠨ ᠪᠣᠳᠣᠨ ᠲᠦᠷ ᠵᠣᠭᠰᠣᠪᠠ᠃ 《ᠭᠡᠷ ᠲᠡᠭᠡᠨ ᠬᠠᠷᠢᠶ᠎ᠠ᠃ ᠳᠠᠬᠢᠭᠠᠳ ᠡᠨᠳᠡ ᠢᠷᠡᠬᠦ ᠦᠭᠡᠢ》 ᠭᠡᠵᠦ ᠰᠢᠪᠡᠭᠡᠨᠡᠭᠡᠳ ᠪᠤᠯᠠᠭᠠᠨ ᠠᠭᠤᠯᠠ ᠪᠠᠨ ᠵᠡᠭᠦᠨ ᠠᠮᠠ ᠶ᠋ᠢ ᠴᠢᠭᠯᠡᠨ ᠠᠯᠬᠤᠵᠠᠢ᠃
ᠦᠳᠡ ᠬᠡᠯᠪᠡᠢᠵᠦ ᠨᠠᠷᠠ ᠠᠷᠤ ᠡᠴᠡ ᠨᠢ ᠰᠢᠨᠤᠯᠲᠠᠶᠠ ᠰᠢᠷᠠᠵᠤ ᠨᠢᠳᠦᠨ ᠳ᠋ᠦ᠍ᠨᠢ ᠦᠶ᠎ᠡ ᠦᠶ᠎ᠡ ᠨᠢᠯᠪᠤᠰᠤ ᠬᠤᠷᠠᠯᠳᠤᠨ ᠳᠤᠰᠤᠯᠠᠨ᠎ᠠ᠃
ᠬᠣᠩᠭᠣᠷ ᠶᠠᠪᠤᠭᠰᠠᠭᠠᠷ ᠳᠠᠪᠠᠭ᠎ᠠ ᠳᠠᠪᠠᠵᠤ ᠭᠠᠵᠠᠷ ᠤ᠋ᠨ ᠤᠷᠤᠭᠤ ᠪᠦᠷ ᠱᠣᠭᠰᠢᠵᠤ ᠡᠬᠢᠯᠡᠪᠡ᠃ ᠠᠮᠠ ᠤᠷᠤᠭᠤᠳᠠᠬᠤ ᠦᠶ᠎ᠡ ᠳ᠋ᠦ᠍ ᠨᠠᠷᠠ ᠵᠢᠷᠭᠠᠵᠤ᠂ ᠣᠷᠣᠢ ᠶ᠋ᠢᠨ ᠰᠡᠷᠢᠭᠦᠨ ᠪᠣᠯᠤᠨ ᠰᠠᠯᠬᠢ ᠦᠯᠢᠶᠡᠪᠡ᠃
ᠬᠡᠰᠡᠭ ᠶᠠᠪᠤᠭᠰᠠᠨ ᠤ᠋ ᠳᠠᠷᠠᠭ᠎ᠠ ᠪᠦᠷᠦᠩᠬᠦᠢ ᠪᠣᠯᠤᠭᠰᠠᠨ ᠪᠣᠯᠪᠠᠴᠤ ᠵᠣᠭᠰᠣᠭᠰᠠᠨ ᠦᠭᠡᠢ ᠶᠠᠪᠤᠭᠰᠠᠭᠠᠷ ᠯᠠ ᠪᠠᠢᠯ᠎ᠠ᠃ ᠰᠥᠨᠢ ᠶ᠋ᠢᠨ ᠰᠡᠷᠢᠭᠦᠨ ᠰᠠᠯᠬᠢ ᠲᠡᠷᠯᠢᠭ ᠢ᠋ ᠨᠢ ᠨᠡᠪᠲᠡ ᠦᠯᠢᠶᠡᠵᠦ ᠡᠷᠡᠦ ᠲᠣᠯᠣᠭᠠᠢ ᠨᠢ ᠥᠪᠡᠷ ᠦ᠋ᠨ ᠡᠷᠬᠡ ᠦᠭᠡᠢ ᠵᠣᠳᠣᠯᠳᠤᠵᠤ ᠡᠬᠢᠯᠡᠪᠡ᠃
ᠭᠡᠲᠡᠯ᠎ᠡ ᠰᠠᠷ᠎ᠠ ᠭᠠᠷᠴᠤ ᠶᠠᠪᠤᠬᠤ ᠳ᠋ᠤ᠌ ᠨᠡᠯᠢᠶᠡᠳ ᠠᠮᠠᠷ ᠪᠣᠯᠪᠠ᠃ ᠨᠢᠭᠡᠨ ᠬᠣᠲᠠ ᠠᠢᠯ ᠤ᠋ᠨ ᠬᠣᠢᠭᠤᠷ ᠶᠠᠪᠤᠵᠤ ᠥᠩᠭᠡᠷᠡᠬᠦ ᠭᠡᠲᠡᠯ᠎ᠡ ᠪᠠᠬᠠᠨ ᠨᠣᠬᠠᠳ ᠬᠤᠴᠠᠯᠳᠤᠨ ᠢᠷᠡᠬᠦ ᠳ᠋ᠦ᠍ᠨᠢ ᠭᠠᠵᠠᠷ ᠬᠡᠢ ᠰᠢᠭᠦᠷᠡᠨ᠂ ᠣᠢᠷᠠᠲᠤᠵᠤ ᠢᠷᠡᠭᠰᠡᠨ ᠢ᠋ ᠨᠢ ᠬᠥᠭᠡᠭᠡᠵᠦ ᠶᠠᠪᠤᠲᠠᠯ᠎ᠠ ᠡᠮᠡᠭᠡᠯ ᠲᠡᠢ ᠲᠠᠯᠪᠢᠵᠤ ᠬᠣᠨᠣᠭᠰᠠᠨ ᠮᠣᠷᠢ ᠲᠠᠢ ᠲᠠᠭᠠᠷᠠᠯᠳᠤᠪᠠ᠃
ᠪᠦᠰᠡ ᠪᠡᠨ ᠴᠢᠳᠥᠷ ᠲᠡᠢ ᠵᠠᠯᠭᠠᠵᠤ ᠨᠣᠭᠲᠣᠯᠠᠨ ᠮᠣᠷᠳᠠᠭᠠᠳ ᠴᠢᠨᠠᠭᠰᠢ ᠶᠠᠪᠤᠬᠤ ᠳ᠋ᠤᠨᠢ ᠨᠣᠬᠠᠳ ᠬᠡᠰᠡᠭ ᠳᠠᠭᠠᠵᠤ ᠬᠤᠴᠠᠭᠰᠠᠨ ᠢ᠋ᠶ᠋ᠠᠨ ᠪᠤᠴᠠᠪᠠ᠃
ᠮᠠᠷᠭᠠᠰᠢ ᠣᠷᠣᠢ ᠨᠢ ᠭᠡᠷ ᠦ᠋ᠨ ᠬᠢᠨᠢ ᠪᠠᠷ᠎ᠠ ᠨᠢ ᠬᠠᠷᠠᠭᠳᠠᠬᠤ ᠳ᠋ᠤ᠌ ᠪᠠᠶᠠᠷᠯᠠᠬᠤ᠂ ᠠᠶᠤᠬᠤ ᠵᠡᠷᠭᠡᠴᠡᠨ ᠮᠣᠷᠢ ᠪᠠᠨ ᠲᠠᠯᠪᠢᠭᠠᠳ ᠶᠠᠪᠠᠭᠠᠯᠠᠨ ᠬᠠᠷᠢᠯ᠎ᠠ᠃
ᠳᠤᠯᠵᠢᠨ ᠤᠬᠢᠯᠠᠨ ᠲᠡᠪᠡᠷᠢᠵᠦ ᠠᠪᠤᠭᠠᠳ ᠤᠴᠢᠷ ᠲᠣᠢᠮᠣ ᠦᠭᠡᠢ ᠦᠨᠦᠰᠪᠡ᠃ ᠭᠡᠷ ᠲᠡᠭᠡᠨ ᠣᠷᠣᠭᠠᠳ ᠠᠶᠠᠭ᠎ᠠ ᠳᠦᠭᠦᠷᠡᠩ ᠥᠷᠥᠮ᠎ᠡ ᠠᠮᠠ ᠪᠠᠨ ᠣᠯᠬᠤ ᠦᠭᠡᠢ ᠢᠳᠡᠵᠦ ᠪᠠᠢᠭᠰᠠᠨ ᠬᠦᠦ ᠪᠡᠨ ᠨᠢᠳᠦᠨ ᠦ᠌ ᠪᠡᠨ ᠪᠤᠯᠤᠩ ᠢ᠋ᠶ᠋ᠠᠷ ᠭᠢᠯᠤᠢᠨ ᠬᠠᠷᠠᠵᠤ ᠪᠠᠢᠭᠰᠠᠨ ᠢᠲᠡᠭᠡᠯᠲᠦ᠄
᠊᠊᠊᠊᠊᠊᠊᠊᠊᠊᠊᠊᠊᠊᠊ ᠴᠢ ᠣᠷᠭᠣᠭᠠᠳ ᠢᠷᠡᠪᠡ ᠤᠤ? ᠭᠡᠵᠦ ᠭᠡᠨᠡᠳᠲᠡ ᠠᠰᠠᠭᠤᠪᠠ᠃
ᠬᠣᠩᠭᠣᠷ ᠪᠦᠯᠲᠡᠭᠡᠨᠡᠨ ᠲᠦᠭᠳᠡᠷᠡᠭᠰᠡᠨ ᠢ᠋ᠶ᠋ᠡᠨ᠂ 《ᠲᠡᠢᠮᠦ ᠠ᠋》 ᠭᠡᠵᠦ ᠠᠮᠠᠨ ᠳᠣᠲᠣᠷ᠎ᠠ ᠪᠠᠨ ᠪᠦᠪᠦᠳᠦᠨᠡᠨ ᠬᠡᠯᠡᠪᠡ᠃
᠊᠊᠊᠊᠊᠊᠊᠊᠊᠊᠊᠊᠊᠊᠊ ᠶᠠᠪᠠᠭᠠᠨ ᠢᠷᠡᠪᠡ ᠤᠤ?
᠊᠊᠊᠊᠊᠊᠊᠊᠊᠊᠊᠊᠊᠊᠊ ᠲᠡᠢᠮᠦ ᠠ᠋ ᠭᠡᠳ ᠬᠣᠩᠭᠣᠷ ᠳᠣᠷᠣᠭᠰᠢ ᠪᠠᠨ ᠬᠠᠷᠠᠯ᠎ᠠ᠃
᠊᠊᠊᠊᠊᠊᠊᠊᠊᠊᠊᠊᠊᠊᠊ ᠲᠡᠢᠮᠦ ᠪᠠᠢᠬ᠎ᠠ ᠠ᠋᠃ ᠬᠠᠷ᠎ᠠ ᠬᠤᠰᠢᠭᠤᠨ ᠳᠡᠭᠡᠷ᠎ᠡ ᠮᠣᠷᠢ ᠪᠠᠨ ᠲᠠᠯᠪᠢᠵᠤ ᠪᠠᠢᠬᠤ ᠶ᠋ᠢ ᠴᠢᠨᠢ ᠬᠠᠷᠠᠭ᠎ᠠ ᠦᠭᠡᠢ ᠭᠡᠵᠦ ᠪᠣᠳᠣᠵᠤ ᠪᠠᠢᠨ᠎ᠠ ᠤᠤ ᠭᠡᠳ ᠢᠲᠡᠭᠡᠯᠲᠦ ᠬᠣᠩᠭᠣᠷ ᠤᠷᠤᠭᠤ ᠵᠢᠵᠢᠭᠬᠡᠨ ᠨᠣᠬᠠᠢ ᠶᠠᠰᠤ ᠬᠡᠮᠡᠯᠢᠵᠦ ᠪᠠᠢᠬᠤ ᠳ᠋ᠤᠨᠢ ᠣᠢᠷᠠᠲᠤᠨ ᠢᠷᠡᠵᠦ ᠪᠠᠢᠭ᠎ᠠ ᠪᠦᠳᠦᠭᠦᠨ ᠨᠣᠬᠠᠢ ᠶ᠋ᠢᠨ ᠨᠢᠳᠦ ᠪᠡᠷ ᠰᠢᠷᠳᠡᠪᠡ᠃
᠊᠊᠊᠊᠊᠊᠊᠊᠊᠊᠊᠊᠊᠊᠊ ᠶᠠᠪᠠᠭᠠᠨ ᠢᠷᠡᠭᠰᠡᠨ ᠭᠡᠵᠦ ᠬᠣᠩᠭᠣᠷ ᠳᠠᠪᠲᠠᠪᠠ᠃
᠊᠊᠊᠊᠊᠊᠊᠊᠊᠊᠊᠊᠊᠊᠊ ᠬᠣᠩᠭᠣᠷ ᠢ᠋ ᠮᠣᠷᠢ ᠪᠠᠨ ᠲᠠᠯᠪᠢᠵᠤ ᠪᠠᠢᠬᠤ ᠳ᠋ᠤᠨᠢ ᠭᠡᠷ ᠦ᠋ᠨ ᠭᠠᠳᠠᠨ᠎ᠠ ᠵᠣᠭᠰᠣᠵᠤ ᠪᠠᠢᠭᠰᠠᠨ ᠢᠲᠡᠭᠡᠯᠲᠦ ᠬᠠᠷᠠᠭᠠᠳ 《ᠬᠠᠷ᠎ᠠ ᠬᠤᠰᠢᠭᠤᠨ ᠳᠡᠭᠡᠷ᠎ᠡ ᠮᠣᠷᠢ ᠪᠠᠨ ᠲᠠᠯᠪᠢᠭᠠᠳ ᠨᠢᠭᠡ ᠶᠠᠪᠠᠭᠠᠨ ᠬᠥᠮᠦᠨ ᠮᠠᠨᠠᠢ ᠤᠷᠤᠭᠤ ᠴᠢᠭᠯᠡᠨ ᠢᠷᠡᠯ᠎ᠡ᠃ ᠮᠣᠷᠢ ᠨᠢ ᠡᠴᠡᠭᠰᠡᠨ ᠶᠤᠮ ᠪᠣᠯᠪᠠ ᠤᠤ?》 ᠭᠡᠵᠦ ᠪᠠᠢᠭᠰᠠᠨ ᠶᠤᠮᠰᠠᠨᠵᠠᠢ᠃
᠊᠊᠊᠊᠊᠊᠊᠊᠊᠊᠊᠊᠊᠊᠊ ᠬᠤᠪᠤᠨ ᠬᠥᠬᠡ ᠨᠣᠬᠠᠢ᠂ ᠬᠡᠨ ᠦ᠌ ᠮᠣᠷᠢ ᠶ᠋ᠢ ᠤᠨᠤᠵᠤ ᠢᠷᠡᠭᠰᠡᠨ ᠢ᠋ᠶ᠋ᠡᠨ ᠬᠡᠯᠡᠬᠦ ᠦᠭᠡᠢ ᠤᠤ ᠭᠡᠳ ᠢᠲᠡᠭᠡᠯᠲᠦ ᠪᠣᠰᠴᠤ ᠣᠨᠢ ᠳ᠋ᠤ᠌ ᠬᠠᠪᠴᠢᠭᠤᠯᠤᠭᠠᠳᠠᠢ ᠪᠠᠢᠭᠰᠠᠨ ᠵᠢᠵᠢᠭᠬᠡᠨ ᠢᠷᠭᠠᠢ ᠲᠠᠰᠢᠭᠤᠷ ᠢ᠋ ᠠᠪᠤᠯ᠎ᠠ᠃
ᠬᠡᠷᠡᠭ ᠪᠢᠰᠢ ᠪᠣᠯᠤᠭᠰᠠᠨ ᠢ᠋ ᠣᠢᠯᠠᠭᠠᠭᠰᠠᠨ ᠬᠣᠩᠭᠣᠷ ᠪᠣᠰᠴᠤ 《ᠶᠠᠪᠠᠭᠠᠨ ᠢᠷᠡᠭᠰᠡᠨ》 ᠭᠡᠵᠦ ᠶᠡᠷᠦ ᠪᠤᠰᠤ ᠶ᠋ᠢᠨ ᠲᠠᠢᠪᠤᠩ ᠢ᠋ᠶ᠋ᠠᠷ ᠬᠡᠯᠡᠪᠡ᠃
᠊᠊᠊᠊᠊᠊᠊᠊᠊᠊᠊᠊᠊᠊᠊ ᠬᠥᠭᠡᠷᠦᠬᠦᠢ ᠶ᠋ᠢ ᠴᠠᠢ ᠶ᠋ᠢ ᠨᠢ ᠤᠤᠭᠤᠯᠭᠠᠭᠠᠴᠢ᠃ ᠪᠢᠳᠡᠨ ᠢ᠋ ᠰᠠᠨᠠᠭᠠᠳ ᠯᠠ ᠢᠷᠡᠵᠦ ᠪᠠᠢᠬᠤ ᠦᠭᠡᠢ ᠤᠤ ᠭᠡᠵᠦ ᠳᠤᠯᠵᠢᠨ ᠤᠬᠢᠯᠠᠪᠠ᠃
᠊᠊᠊᠊᠊᠊᠊᠊᠊᠊᠊᠊᠊᠊᠊ ᠳᠠᠭᠤ ᠦᠭᠡᠢ ᠪᠠᠢ ᠭᠡᠵᠦ ᠭᠡᠷ ᠳᠦᠭᠦᠷᠡᠩ ᠬᠠᠰᠬᠢᠷᠤᠭᠠᠳ ᠢᠲᠡᠭᠡᠯᠲᠦ ᠢᠷᠭᠠᠢ ᠲᠠᠰᠢᠭᠤᠷ ᠢ᠋ᠶ᠋ᠠᠷ ᠬᠣᠩᠭᠣᠷ ᠢ᠋ ᠭᠤᠷᠪᠠ ᠳᠠᠬᠢᠨ ᠲᠠᠰᠢᠭᠤᠷᠳᠠᠪᠠ᠃
᠊᠊᠊᠊᠊᠊᠊᠊᠊᠊᠊᠊᠊᠊᠊ ᠠᠪᠤ ᠠ᠋᠃ ᠠᠬ᠎ᠠ ᠶ᠋ᠢ ᠪᠢᠲᠡᠭᠡᠢ ᠵᠣᠲᠣ ᠭᠡᠳ ᠰᠣᠯᠣᠩᠭ᠎ᠠ ᠳᠤᠮᠳᠠᠭᠤᠷ ᠨᠢ ᠣᠷᠣᠭᠰᠠᠨ ᠳ᠋ᠤ᠌ ᠢᠲᠡᠭᠡᠯᠲᠦ ᠲᠦᠯᠬᠢᠵᠦ ᠣᠷᠬᠢᠪᠠ᠃
ᠬᠣᠩᠭᠣᠷ ᠬᠥᠳᠡᠯᠦᠭᠰᠡᠨ ᠴᠦ᠍ ᠦᠭᠡᠢ᠂ ᠤᠬᠢᠯᠠᠭᠰᠠᠨ ᠴᠤ᠌ ᠦᠭᠡᠢ᠃
᠊᠊᠊᠊᠊᠊᠊᠊᠊᠊᠊᠊᠊᠊᠊ ᠴᠢ ᠶᠠᠰᠤ ᠵᠢᠭᠠᠵᠤ ᠪᠠᠢᠨ᠎ᠠ ᠤᠤ᠃ ᠬᠡᠨ ᠦ᠌ ᠮᠣᠷᠢ ᠶ᠋ᠢ ᠤᠨᠤᠵᠤ ᠢᠷᠡᠭᠡᠳ ᠶᠠᠭᠤᠨ ᠳ᠋ᠤ᠌ ᠲᠠᠯᠪᠢᠭᠰᠠᠨ ᠪᠣᠢ? ᠬᠤᠯᠠᠭᠠᠢᠯᠠᠭᠰᠠᠨ ᠤᠤ ᠭᠡᠵᠦ ᠬᠠᠰᠬᠢᠷᠤᠨ ᠠᠰᠠᠭᠤᠭᠠᠳ ᠳᠠᠬᠢᠨ ᠭᠤᠷᠪᠠ ᠤᠳᠠᠭ᠎ᠠ ᠲᠠᠰᠢᠭᠤᠷᠳᠠᠪᠠ᠃
ᠬᠣᠩᠭᠣᠷ ᠬᠠᠷᠢᠭᠤ ᠳᠤᠤᠭᠠᠷᠤᠭᠰᠠᠨ ᠦᠭᠡᠢ᠃ ᠰᠢᠳᠦ ᠨᠢ ᠬᠢᠬᠤᠲᠤᠨᠠᠨ ᠨᠢᠳᠦᠨ ᠳ᠋ᠦ᠍ᠨᠢ ᠨᠢᠯᠪᠤᠰᠤ ᠴᠢ᠌ᠯᠡᠭᠡᠨᠡᠪᠠᠴᠤ ᠳᠤᠰᠤᠯᠠᠯ ᠦᠭᠡᠢ ᠰᠢᠩᠭᠡᠭᠡᠵᠦ ᠪᠠᠢᠯ᠎ᠠ᠃
《ᠢᠲᠡᠭᠡᠯᠲᠦ ᠶ᠋ᠢᠨ ᠬᠦᠦ ᠴᠦ᠍ ᠮᠥᠨ ᠳᠡ》 ᠭᠡᠵᠦ ᠳᠣᠲᠣᠷ᠎ᠠ ᠪᠠᠨ ᠪᠠᠬᠠᠷᠬᠠᠨ ᠪᠣᠳᠣᠪᠠᠴᠤ ᠭᠠᠳᠠᠨ᠎ᠠ ᠪᠠᠨ ᠰᠦᠷ ᠦᠵᠡᠭᠦᠯᠦᠨ ᠬᠠᠰᠬᠢᠷᠴᠤ ᠬᠣᠶᠠᠷ ᠳᠠᠬᠢᠨ ᠴᠣᠬᠢᠪᠠ᠃ ᠭᠡᠪᠡᠴᠦ ᠡᠨᠡ ᠤᠳᠠᠭ᠎ᠠ ᠵᠥᠭᠡᠯᠡᠨ ᠴᠣᠬᠢᠵᠠᠢ᠃ ᠬᠣᠩᠭᠣᠷ ᠢ᠋ ᠬᠥᠳᠡᠯᠭᠡᠵᠦ ᠴᠦ᠍ ᠴᠢᠳᠠᠭᠰᠠᠨ ᠦᠭᠡᠢ᠃ ᠲᠠᠰᠢᠭᠤᠷ ᠢ᠋ᠶ᠋ᠠᠨ ᠬᠠᠶᠠᠭ᠎ᠠ ᠤᠷᠤᠭᠤ ᠰᠢᠲᠠᠵᠤ ᠣᠷᠣᠨ ᠳᠡᠭᠡᠷ᠎ᠡ ᠰᠠᠨᠳᠠᠢᠯᠭᠠᠭ ᠰᠠᠭᠤᠪᠠ᠃
ᠬᠣᠩᠭᠣᠷ ᠤ᠋ᠨ ᠨᠢᠳᠦ ᠭᠢᠯᠠᠯᠵᠠᠨ᠂ ᠵᠠᠪᠠᠵᠢ ᠨᠢ ᠲᠠᠲᠠᠪᠠᠯᠵᠠᠨᠠ᠃ ᠭᠡᠷ ᠦ᠋ᠨ ᠳᠣᠲᠣᠷ᠎ᠠ ᠳᠤᠯᠵᠢᠨ᠂ ᠰᠣᠯᠣᠩᠭ᠎ᠠ ᠶ᠋ᠢᠨ ᠤᠬᠢᠯᠠᠬᠤ ᠳᠠᠭᠤ ᠶᠠᠩᠭᠢᠨᠠᠨᠠ᠃
᠊᠊᠊᠊᠊᠊᠊᠊᠊᠊᠊᠊᠊᠊᠊ ᠪᠢᠳᠡᠨ ᠢ᠋ ᠪᠡᠨ ᠭᠡᠳ ᠢᠷᠡᠵᠦ ᠪᠠᠢᠬᠤ ᠳ᠋ᠤᠨᠢ ᠢᠩᠭᠢᠵᠦ ᠪᠠᠢᠳᠠᠭ ᠬᠥᠮᠦᠨ ᠪᠠᠰᠠ ᠪᠠᠢᠳᠠᠭ ᠠ᠋ ᠭᠡᠵᠦ ᠦᠭᠡ ᠪᠡᠨ ᠲᠠᠰᠤᠯᠳᠠᠭᠤᠯᠤᠨ ᠬᠡᠯᠡᠭᠡᠳ ᠳᠤᠯᠵᠢᠨ ᠬᠣᠩᠭᠣᠷ ᠢ᠋ ᠲᠡᠪᠡᠷᠢᠵᠦ ᠠᠪᠤᠯ᠎ᠠ᠃
᠊᠊᠊᠊᠊᠊᠊᠊᠊᠊᠊᠊᠊᠊᠊ ᠣᠳᠣ ᠬᠦᠷᠭᠡᠵᠦ ᠥᠭᠭᠦᠨ᠎ᠡ ᠳᠡ ᠳᠠᠮᠰᠢᠭ ᠢ᠋ ᠭᠡᠵᠦ ᠢᠲᠡᠭᠡᠯᠲᠦ ᠬᠡᠯᠡᠪᠡ᠃
᠊᠊᠊᠊᠊᠊᠊᠊᠊᠊᠊᠊᠊᠊᠊ ᠣᠴᠢᠬᠤ ᠦᠭᠡᠢ᠃ ᠶᠠᠭᠠᠬᠢᠭᠰᠠᠨ ᠴᠤ᠌ ᠣᠴᠢᠬᠤ ᠦᠭᠡᠢ ᠭᠡᠵᠦ ᠬᠣᠩᠭᠣᠷ ᠰᠢᠢᠳᠮᠡᠭᠡᠢ ᠬᠡᠯᠡᠪᠡ᠃
᠊᠊᠊᠊᠊᠊᠊᠊᠊᠊᠊᠊᠊᠊᠊ ᠬᠦᠯᠢᠭᠡᠳ ᠬᠦᠷᠭᠡᠵᠦ ᠥᠭᠭᠦᠨ᠎ᠡ ᠳᠡ᠃
᠊᠊᠊᠊᠊᠊᠊᠊᠊᠊᠊᠊᠊᠊᠊ ᠳᠠᠬᠢᠭᠠᠳ ᠤᠷᠭᠤᠬᠤ ᠳ᠋ᠠᠭᠠᠨ ᠡᠷᠭᠢᠵᠦ ᠢᠷᠡᠬᠦ ᠦᠭᠡᠢ ᠰᠢᠦ᠃
᠊᠊᠊᠊᠊᠊᠊᠊᠊᠊᠊᠊᠊᠊᠊ ᠪᠣᠯᠢ ᠬᠦᠦ ᠮᠢᠨᠢ᠂ ᠠᠪᠤ ᠲᠠᠢ ᠪᠠᠨ ᠢᠩᠭᠢᠵᠦ ᠪᠣᠯᠳᠠᠭ ᠦᠭᠡᠢ ᠶᠤᠮ ᠭᠡᠵᠦ ᠳᠤᠯᠵᠢᠨ ᠬᠦᠦ ᠪᠡᠨ ᠬᠣᠷᠢᠭᠯᠠᠨ᠎ᠠ᠃
᠊᠊᠊᠊᠊᠊᠊᠊᠊᠊᠊᠊᠊᠊᠊ ᠵᠠ ᠰᠠᠭᠤᠵᠤ ᠲᠡᠷᠡ ᠠᠶᠠᠭ᠎ᠠ ᠲᠠᠢ ᠪᠠᠨ ᠢᠳᠡ ᠭᠡᠵᠦ ᠢᠲᠡᠭᠡᠯᠲᠦ ᠭᠠᠷᠴᠤ ᠭᠠᠯᠰᠠᠩ ᠢ᠋ ᠳᠠᠭᠤᠳᠠᠪᠠ᠃
ᠭᠠᠯᠰᠠᠩ ᠭᠦᠶᠦᠨ ᠢᠷᠡᠬᠦ ᠳ᠋ᠦ᠍ᠨᠢ 《ᠱᠠᠯᠠᠪᠬᠠᠨ ᠮᠣᠷᠳᠠᠭᠠᠳ ᠬᠠᠷ᠎ᠠ ᠬᠤᠰᠢᠭᠤᠨ ᠤ᠋ ᠴᠢᠨᠠᠳᠤ ᠤᠷᠤᠭᠤ ᠣᠷᠣ᠃ ᠪᠠᠷᠠᠭᠠᠨ ᠮᠣᠷᠢ ᠪᠠᠢᠭ᠎ᠠ ᠪᠠᠢᠬ᠎ᠠ᠂ ᠪᠠᠷᠢᠭᠠᠳ ᠢᠷ᠎ᠡ》 ᠭᠡᠰᠡᠨ ᠢ᠋ᠶ᠋ᠡᠨ 《ᠬᠣᠩᠭᠣᠷ ᠠ᠋ ᠡᠮᠡᠭᠡᠯ ᠲᠠᠢ ᠶᠤᠮ ᠤᠤ᠂ᠦᠭᠡᠢ ᠤᠤ?》 ᠭᠡᠵᠦ ᠠᠰᠠᠭᠤᠪᠠ᠃
᠊᠊᠊᠊᠊᠊᠊᠊᠊᠊᠊᠊᠊᠊᠊ ᠪᠢ ᠶᠠᠪᠠᠭᠠᠨ ᠢᠷᠡᠭᠰᠡᠨ ᠭᠡᠵᠦ ᠬᠣᠩᠭᠣᠷ ᠲᠣᠳᠣ ᠬᠡᠯᠡᠪᠡ᠃
᠊᠊᠊᠊᠊᠊᠊᠊᠊᠊᠊᠊᠊᠊᠊ ᠤᠷᠭ᠎ᠠ ᠲᠠᠢ ᠮᠣᠷᠳᠠᠭᠠᠷᠠᠢ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠭᠠᠯᠰᠠᠩ ᠭᠡᠷ ᠲᠦᠰᠢᠭᠦᠯᠦᠨ ᠲᠠᠯᠪᠢᠭᠰᠠᠨ ᠤᠷᠲᠤ ᠤᠷᠭ᠎ᠠ ᠶ᠋ᠢ ᠠᠪᠤᠭᠠᠳ ᠬᠠᠷ᠎ᠠ ᠬᠤᠰᠢᠭᠤᠨ ᠤ᠋ ᠵᠦᠭ ᠳᠠᠪᠬᠢᠪᠠ᠃
ᠤᠳᠠᠭᠰᠠᠨ ᠴᠤ᠌ ᠦᠭᠡᠢ ᠭᠠᠯᠰᠠᠩ ᠫᠣᠢ᠌ᠯᠰᠤ ᠲᠣᠨᠣᠭ ᠲᠠᠢ᠂ ᠰᠢᠷᠢ ᠶ᠋ᠢᠨ ᠭᠥᠯᠢᠮ ᠲᠡᠢ ᠬᠠᠭᠤᠴᠢᠨ ᠡᠮᠡᠭᠡᠯ ᠲᠣᠬᠣᠭᠰᠠᠨ ᠬᠠᠷ᠎ᠠ ᠬᠡᠭᠡᠷ ᠮᠣᠷᠢ ᠪᠠᠷᠢᠭᠠᠳ ᠢᠷᠡᠯ᠎ᠡ᠃
ᠢᠲᠡᠭᠡᠯᠲᠦ ᠬᠦᠦ ᠪᠡᠨ ᠵᠣᠳᠣᠵᠤ ᠴᠤ᠌ ᠦᠵᠡᠯ᠎ᠡ᠃ ᠠᠷᠭᠠᠳᠠᠵᠤ ᠴᠤ᠌ ᠦᠵᠡᠯ᠎ᠡ᠃ ᠭᠡᠪᠡᠴᠦ 《ᠶᠠᠪᠠᠭᠠᠨ ᠢᠷᠡᠭᠰᠡᠨ》 ᠭᠡᠬᠦ ᠡᠴᠡ ᠥᠭᠡᠷ᠎ᠡ ᠬᠠᠷᠢᠭᠤ ᠰᠣᠨᠣᠰᠤᠭᠰᠠᠨ ᠦᠭᠡᠢ᠃
《ᠳᠠᠬᠢᠭᠠᠳ ᠤᠷᠭᠤᠬᠤ ᠳ᠋ᠠᠭᠠᠨ ᠡᠷᠭᠢᠵᠦ ᠢᠷᠡᠬᠦ ᠦᠭᠡᠢ ᠰᠢᠦ》 ᠭᠡᠰᠡᠨ ᠬᠣᠩᠭᠣᠷ ᠤ᠋ᠨ ᠦᠭᠡ ᠶ᠋ᠢ ᠳᠡᠮᠡᠢ ᠦᠭᠡ ᠭᠡᠵᠦ ᠪᠣᠳᠣᠭ᠎ᠠ ᠦᠭᠡᠢ ᠢᠲᠡᠭᠡᠯᠲᠦ ᠬᠦᠦ ᠪᠡᠨ ᠪᠤᠴᠠᠭᠠᠵᠤ ᠬᠦᠷᠭᠡᠭᠰᠡᠨ ᠦᠭᠡᠢ᠃ ᠬᠠᠷᠢᠨ ᠭᠠᠯᠰᠠᠩ ᠢ᠋ ᠶᠠᠪᠤᠭᠤᠯᠵᠤ ᠶᠠᠭᠤᠮ᠎ᠠ ᠶ᠋ᠢ ᠨᠢ ᠠᠪᠴᠢᠷᠠᠭᠤᠯᠪᠠ᠃
ᠬᠣᠩᠭᠣᠷ ᠤ᠋ᠨ ᠤᠨᠤᠵᠤ ᠢᠷᠡᠭᠰᠡᠨ ᠮᠣᠷᠢ ᠶ᠋ᠢ ᠬᠦᠷᠢᠶ᠎ᠡ ᠤᠷᠤᠭᠤ ᠶᠠᠪᠤᠵᠤ ᠪᠠᠢᠭᠰᠠᠨ ᠵᠠᠮ ᠤ᠋ᠨ ᠬᠥᠮᠦᠨ ᠳ᠋ᠦ᠍ ᠬᠤᠳᠠᠯᠳᠤᠭᠠᠳ ᠡᠮᠡᠭᠡᠯ ᠢ᠋ ᠨᠢ ᠢᠯᠡᠭᠦᠦ ᠭᠡᠷ ᠦ᠋ᠨ ᠪᠠᠷᠠᠭᠠᠨ ᠳ᠋ᠤ᠌ ᠬᠢᠵᠡᠢ᠃
ᠡᠭᠦᠨ ᠡᠴᠡ ᠬᠡᠳᠦᠨ ᠬᠣᠨᠣᠭ ᠤ᠋ᠨ ᠳᠠᠷᠠᠭ᠎ᠠ ᠠᠷᠪᠠᠨ ᠬᠡᠳᠦᠨ ᠮᠣᠷᠢ ᠲᠠᠢ ᠬᠥᠮᠦᠨ ᠳᠠᠭᠠᠭᠤᠯᠤᠭᠰᠠᠨ ᠬᠠᠳᠠᠨ ᠪᠠᠭᠠᠲᠤᠷ ᠮᠠᠭᠰᠤᠷᠵᠠᠪ ᠢᠲᠡᠭᠡᠯᠲᠦ ᠶ᠋ᠢᠨ ᠬᠣᠲᠠᠨ ᠳ᠋ᠤ᠌ ᠢᠷᠡᠵᠦ ᠤᠯᠠᠭ᠎ᠠ ᠣᠨᠣᠪᠠ᠃
᠊᠊᠊᠊᠊᠊᠊᠊᠊᠊᠊᠊᠊᠊᠊ ᠪᠢᠳᠡ ᠵᠠᠶ᠎ᠠ ᠶ᠋ᠢᠨ ᠬᠦᠷᠢᠶ᠎ᠡ ᠤᠷᠤᠭᠤ ᠶᠠᠪᠤᠨ᠎ᠠ᠃ ᠰᠠᠢᠨ ᠮᠣᠷᠢᠳ ᠡᠮᠡᠭᠡᠯᠯᠡᠵᠦ ᠬᠣᠶᠠᠷ ᠤᠯᠠᠭᠠᠴᠢ ᠪᠠᠷ ᠨᠡᠬᠡᠭᠦᠯ ᠭᠡᠵᠦ ᠬᠠᠳᠠᠨ ᠪᠠᠭᠠᠲᠤᠷ ᠲᠤᠰᠢᠶᠠᠪᠠ᠃
ᠢᠲᠡᠭᠡᠯᠲᠦ᠂ ᠣᠯᠠᠨᠲᠠ ᠰᠣᠨᠣᠰᠤᠭᠰᠠᠨ ᠡᠨᠡ ᠬᠥᠮᠦᠨ ᠦ᠌ ᠨᠡᠷ᠎ᠡ ᠶ᠋ᠢ ᠰᠣᠨᠣᠰᠤᠮᠠᠭᠴᠠ ᠰᠦᠨᠡᠰᠦ ᠨᠢ ᠵᠠᠢᠯᠠᠨ ᠠᠳᠢᠰ ᠠᠪᠴᠤ ᠮᠣᠷᠢᠳ ᠪᠠᠷᠢᠵᠤ ᠡᠮᠡᠭᠡᠯᠯᠡᠬᠦ ᠵᠠᠭᠤᠷ᠎ᠠ ᠬᠣᠨᠢ ᠭᠠᠷᠭᠠᠨ ᠳᠠᠢᠯᠠᠪᠠ᠃
᠊᠊᠊᠊᠊᠊᠊᠊᠊᠊᠊᠊᠊᠊᠊ ᠮᠠᠩᠨᠠᠢ ᠳᠡᠭᠡᠷ᠎ᠡ ᠡᠴᠡ ᠨᠢ ᠴᠠᠭᠠᠨ ᠰᠣᠯᠣᠩᠭ᠎ᠠ ᠲᠠᠲᠠᠵᠤ᠂ ᠮᠡᠯᠮᠡᠢ ᠡᠴᠡ ᠨᠢ ᠭᠠᠯ ᠤᠯᠠᠯᠵᠠᠵᠤ ᠪᠠᠢᠨ᠎ᠠ᠃ ᠬᠥᠭᠰᠢᠨ ᠮᠢᠨᠢ ᠥᠬᠢᠨ ᠢ᠋ᠶ᠋ᠡᠨ ᠠᠪᠴᠤ ᠣᠴᠢᠭᠠᠳ ᠠᠳᠢᠰ ᠬᠦᠷᠲᠡ ᠭᠡᠵᠦ ᠮᠥᠷᠭᠥᠭᠡᠳ ᠭᠠᠷᠤᠭᠰᠠᠨ ᠨᠢᠮ᠎ᠠ ᠠᠪᠠᠭᠠᠢ ᠳ᠋ᠠᠭᠠᠨ ᠬᠡᠯᠡᠭᠡᠳ ᠵᠠᠯᠪᠠᠷᠢᠪᠠ᠃
ᠨᠢᠮ᠎ᠠ ᠬᠣᠩᠭᠣᠷ ᠬᠣᠶᠠᠷ ᠤᠯᠠᠭ᠎ᠠ ᠨᠡᠬᠡᠪᠡ᠃ ᠬᠥᠬᠡ ᠲᠣᠷᠭᠠᠨ ᠳᠡᠪᠡᠯ ᠳᠡᠭᠡᠷ᠎ᠡ ᠭᠤᠷᠪᠠᠨ ᠦᠶ᠎ᠡ ᠤᠯᠠᠪᠢᠷ ᠰᠢᠷ᠎ᠠ ᠲᠣᠷᠭ᠎ᠠ ᠪᠠᠷ ᠡᠮᠵᠢᠭᠰᠡᠨ ᠬᠠᠷ᠎ᠠ ᠲᠣᠷᠭᠠᠨ ᠬᠠᠨᠲᠠᠭᠠᠵᠠ ᠡᠮᠦᠰᠴᠦ᠂ ᠨᠢᠭᠡ ᠲᠠᠯ᠎ᠠ ᠤᠷᠤᠭᠤ ᠪᠠᠨ ᠠᠯᠲᠠᠨ ᠪᠠᠷᠢᠭᠤᠯ ᠲᠠᠢ ᠤᠷᠲᠤ ᠰᠡᠯᠡᠮ᠎ᠡ ᠤᠨᠵᠢᠭᠤᠯᠵᠤ᠂ ᠨᠥᠭᠦᠭᠡ ᠲᠠᠯ᠎ᠠ ᠤᠷᠤᠭᠤ ᠪᠠᠨ ᠮᠣᠳᠣᠨ ᠬᠣᠢᠲᠠᠢ ᠰᠸᠯᠠᠢ᠌ᠳᠠᠢ ᠫᠤᠤ ᠵᠡᠭᠦᠭᠰᠡᠨ ᠪᠦᠳᠦᠭᠦᠨ ᠬᠠᠷ᠎ᠠ ᠭᠡᠵᠢᠭᠡ ᠲᠡᠢ᠂ ᠵᠦᠯᠭᠦᠭᠰᠡᠨ ᠬᠦᠷᠡᠩ ᠴᠢᠷᠠᠢ ᠲᠠᠢ ᠲᠡᠷᠡ ᠰᠠᠢᠬᠠᠨ ᠡᠷ᠎ᠡ ᠡᠴᠡ ᠬᠣᠩᠭᠣᠷ ᠤ᠋ᠨ ᠨᠢᠳᠦ ᠰᠠᠯᠵᠤ ᠴᠢᠳᠠᠬᠤ ᠦᠭᠡᠢ ᠶᠠᠪᠤᠯ᠎ᠠ᠃
ᠬᠠᠷᠢᠨ ᠨᠢᠮ᠎ᠠ ᠬᠥᠮᠦᠰ ᠦ᠋ᠨ ᠰᠡᠭᠦᠯ ᠢ᠋ ᠪᠠᠷᠢᠨ 《ᠬᠠᠳᠠᠨ ᠪᠠᠭᠠᠲᠤᠷ ᠸᠠᠩ ᠤ᠋ᠨ ᠤᠯᠠᠭ᠎ᠠ ᠨᠡᠬᠡᠭᠰᠡᠨ ᠬᠣᠢᠨ᠎ᠠ᠂ ᠪᠢ ᠭᠡᠳᠡᠭ ᠬᠥᠮᠦᠨ ᠮᠥᠩᠬᠡᠵᠢᠵᠦ ᠳᠡ》 ᠭᠡᠵᠦ ᠥᠭᠦᠯᠡᠨ ᠪᠠᠶᠠᠷᠯᠠᠨ ᠪᠠᠢᠨ ᠪᠠᠢᠨ ᠵᠠᠯᠪᠠᠷᠢᠵᠤ ᠶᠠᠪᠤᠯ᠎ᠠ᠃ ᠰᠥᠨᠢ ᠲᠤᠷᠰᠢ ᠳᠠᠪᠬᠢᠭᠰᠠᠭᠠᠷ ᠥᠷᠯᠥᠭᠡ ᠶ᠋ᠢᠨ ᠨᠠᠷᠠ ᠮᠠᠨᠳᠤᠬᠤ ᠶ᠋ᠢᠨ ᠦᠶ᠎ᠡ ᠳ᠋ᠦ᠍ ᠵᠠᠶ᠎ᠠ ᠶ᠋ᠢᠨ ᠬᠦᠷᠢᠶ᠎ᠡ ᠣᠷᠣᠵᠤ ᠰᠢᠭᠤᠳ ᠶᠠᠪᠤᠭᠰᠠᠭᠠᠷ ᠭᠡᠭᠡᠨ ᠦ᠌ ᠬᠠᠰᠢᠶᠠᠨ ᠳ᠋ᠤ᠌ ᠮᠣᠷᠢ ᠲᠠᠢ ᠪᠠᠨ ᠳᠠᠪᠬᠢᠨ ᠣᠷᠣᠯ᠎ᠠ᠃ ᠬᠣᠩᠭᠣᠷ᠂ ᠬᠠᠳᠠᠨ ᠪᠠᠭᠠᠲᠤᠷ ᠡᠴᠡ ᠰᠠᠯᠤᠯ ᠦᠭᠡᠢ ᠳᠠᠭᠠᠵᠤ ᠶᠠᠪᠤᠭᠰᠠᠭᠠᠷ ᠵᠠᠶ᠎ᠠ ᠶ᠋ᠢᠨ ᠭᠡᠭᠡᠨ ᠦ᠌ ᠥᠨᠳᠥᠷ ᠱᠠᠯᠠ ᠲᠠᠢ ᠭᠡᠷ ᠦ᠋ᠨ ᠡᠮᠦᠨ᠎ᠡ ᠣᠴᠢᠪᠠ᠃
ᠬᠠᠳᠠᠨ ᠪᠠᠭᠠᠲᠤᠷ ᠸᠠᠩ ᠮᠣᠷᠢᠨ ᠡᠴᠡ ᠦᠰᠦᠷᠦᠨ ᠪᠠᠭᠤᠵᠤ᠂ ᠴᠤᠯᠪᠤᠭᠤᠷ ᠢ᠋ ᠬᠣᠩᠭᠣᠷ ᠲᠤ᠌ ᠥᠭᠭᠦᠭᠡᠳ ᠬᠦᠷᠡᠩ ᠰᠤᠮᠤᠨ ᠲᠠᠰᠢᠭᠤᠷ ᠢ᠋ᠶ᠋ᠠᠨ ᠪᠠᠷᠢᠨ ᠭᠡᠷ ᠤᠷᠤᠭᠤ ᠣᠷᠣᠯ᠎ᠠ᠃
ᠵᠠᠶ᠎ᠠ ᠪᠠᠨᠳᠢᠳᠠ ᠭᠡᠭᠡᠨ᠂ ᠫᠡᠪᠯᠦᠧ ᠶ᠋ᠢᠨ ᠥᠬᠢᠨ ᠲᠡᠢ ᠥᠷᠭᠡᠨ ᠣᠷᠣᠨ ᠳᠡᠭᠡᠷ᠎ᠡ ᠲᠡᠪᠡᠷᠢᠯᠳᠦᠨ ᠬᠡᠪᠲᠡᠵᠦ ᠪᠠᠢᠪᠠ᠃ ᠬᠠᠳᠠᠨ ᠪᠠᠭᠠᠲᠤᠷ ᠲᠦᠷ ᠵᠣᠭᠰᠣᠭᠰᠠᠨ ᠢ᠋ᠶ᠋ᠠᠨ ᠭᠡᠭᠡᠨ ᠦ᠌ ᠰᠢᠯᠢᠨ ᠳᠡᠭᠡᠷ᠎ᠡ ᠡᠴᠡ ᠨᠢ ᠪᠠᠵᠠᠨ ᠠᠪᠴᠤ ᠴᠢᠷᠠᠮᠠᠨ ᠨᠢᠴᠦᠭᠦᠨ ᠢ᠋ᠶ᠋ᠡᠷ ᠨᠢ ᠴᠢᠷᠦᠨ ᠬᠠᠭᠠᠯᠭ᠎ᠠ ᠪᠠᠷ ᠭᠠᠷᠴᠤ ᠢᠷᠡᠯ᠎ᠡ᠃
ᠬᠡᠦᠬᠡᠨ ᠴᠣᠬᠣᠮ ᠶᠠᠭᠤ ᠪᠣᠯᠵᠤ ᠪᠠᠢᠭ᠎ᠠ ᠶ᠋ᠢ ᠣᠢᠯᠠᠭᠠᠵᠤ ᠶᠠᠳᠠᠨ ᠴᠠᠭᠠᠷᠢᠭᠯᠠᠭᠰᠠᠨ ᠨᠢᠳᠦ ᠪᠡᠨ ᠨᠤᠬᠤᠯᠠᠨ ᠭᠠᠢᠬᠠᠵᠤ ᠬᠣᠴᠣᠷᠤᠯ᠎ᠠ᠃
᠊᠊᠊᠊᠊᠊᠊᠊᠊᠊᠊᠊᠊᠊᠊ ᠲᠥᠷᠥ ᠳᠣᠩᠰᠣᠯᠵᠤ ᠲᠦᠮᠡᠨ ᠦᠢᠮᠡᠭᠰᠡᠨ ᠬᠠᠲᠠᠭᠤ ᠦᠶ᠎ᠡ ᠳ᠋ᠦ᠍ ᠲᠠ ᠢᠩᠭᠢᠵᠦ ᠪᠠᠢᠬᠤ ᠳ᠋ᠠᠭᠠᠨ ᠢᠴᠢᠬᠦ ᠦᠭᠡᠢ ᠪᠠᠢᠨ᠎ᠠ ᠤᠤ? ᠭᠡᠳ ᠪᠠᠭᠠᠲᠤᠷ ᠸᠠᠩ ᠭᠡᠭᠡᠨ ᠢ᠋ ᠲᠠᠰᠢᠭᠤᠷᠳᠠᠵᠤ ᠭᠠᠷᠤᠯ᠎ᠠ᠃
ᠨᠢᠴᠦᠭᠦᠨ ᠭᠡᠭᠡᠨ ᠦ᠌ ᠴᠢᠷᠠᠢ ᠰᠢᠳᠡᠵᠦ ᠪᠠᠢᠭ᠎ᠠ ᠰᠢᠷ᠎ᠠ ᠲᠣᠰᠣᠨ ᠤ᠋ ᠭᠦᠵᠡᠭᠡ ᠰᠢᠭ ᠦᠷᠴᠢᠯᠠᠯᠳᠤᠨ ᠴᠣᠬᠣᠮ ᠶᠠᠭᠤ ᠬᠢᠭᠰᠡᠨ ᠢ᠋ᠶ᠋ᠡᠨ ᠮᠡᠳᠡᠬᠦ ᠦᠭᠡᠢ 《ᠪᠢ ᠪᠣᠯᠢᠶ᠎ᠠ᠂ ᠶᠣ ᠶᠣ ᠠᠯᠠᠯ᠎ᠠ᠂ ᠪᠠᠢᠶ᠎ᠠ》 ᠭᠡᠵᠦ ᠬᠠᠰᠬᠢᠷᠴᠤ ᠪᠠᠢᠭ᠎ᠠ ᠶ᠋ᠢ ᠬᠠᠷᠠᠭᠠᠳ ᠬᠣᠩᠭᠣᠷ ᠲᠡᠰᠬᠡᠯ ᠦᠭᠡᠢ ᠢᠨᠢᠶᠡᠪᠡ᠃
᠊᠊᠊᠊᠊᠊᠊᠊᠊᠊᠊᠊᠊᠊᠊ ᠬᠣᠶᠠᠷ ᠡᠳᠦᠷ ᠦ᠋ᠨ ᠳᠣᠲᠣᠷ᠎ᠠ ᠵᠠᠭᠤᠨ ᠵᠠᠯᠠᠭᠤ ᠡᠷ᠎ᠡ᠂ ᠬᠣᠶᠠᠷ ᠵᠠᠭᠤᠨ ᠰᠠᠢᠨ ᠮᠣᠷᠢ ᠲᠠᠢ ᠭᠠᠷᠭᠠᠵᠤ ᠥᠭᠬᠦ ᠦᠭᠡᠢ ᠪᠣᠯ ᠲᠠᠨ ᠢ᠋ ᠲᠥᠷᠥ ᠶ᠋ᠢᠨ ᠴᠠᠭᠠᠵᠠ ᠪᠠᠷ ᠠᠪᠠᠴᠢᠨ᠎ᠠ᠂ ᠮᠡᠳᠡᠪᠡ ᠤᠤ ᠳᠠ! ᠪᠢ ᠳᠠᠬᠢᠨ ᠶᠠᠷᠢᠬᠤ ᠦᠭᠡᠢ ᠰᠢᠦ ᠭᠡᠳ ᠪᠠᠭᠠᠲᠤᠷ᠂ ᠴᠡᠴᠡᠷᠡᠵᠦ ᠪᠠᠢᠭ᠎ᠠ ᠭᠡᠭᠡᠨ ᠢ᠋ ᠲᠠᠯᠪᠢᠯ᠎ᠠ᠃
᠊᠊᠊᠊᠊᠊᠊᠊᠊᠊᠊᠊᠊᠊᠊ ᠬᠣᠶᠠᠷ ᠪᠤᠷᠬᠠᠨ ᠵᠣᠳᠣᠯᠳᠤᠵᠤ ᠪᠠᠢᠬᠤ ᠳ᠋ᠤ᠌ ᠢᠨᠢᠶᠡᠵᠦ ᠪᠣᠯᠬᠤ ᠦᠭᠡᠢ ᠠᠯᠳᠠᠰ ᠪᠣᠯᠤᠨ᠎ᠠ ᠬᠦᠦ ᠮᠢᠨᠢ ᠭᠡᠵᠦ ᠨᠢᠭᠡ ᠬᠥᠮᠦᠨ ᠰᠢᠪᠡᠭᠡᠨᠡᠨ ᠬᠡᠯᠡᠬᠦ ᠳ᠋ᠦ᠍ ᠬᠠᠷᠠᠪᠠᠯ ᠨᠢᠮ᠎ᠠ ᠵᠠᠯᠪᠠᠷᠢᠨ ᠵᠣᠭᠰᠣᠵᠤ ᠪᠠᠢᠪᠠ᠃ ᠭᠡᠪᠡᠴᠦ ᠬᠣᠩᠭᠣᠷ ᠢᠨᠢᠶᠡᠳᠦ ᠪᠡᠨ ᠪᠠᠷᠢᠵᠤ ᠴᠢᠳᠠᠭᠰᠠᠨ ᠦᠭᠡᠢ᠃
ᠭᠡᠭᠡᠨ ᠦ᠌ ᠤᠬᠢᠯᠠᠨ ᠬᠠᠰᠬᠢᠷᠤᠭᠰᠠᠨ ᠳᠠᠭᠤᠨ ᠢ᠋ᠶ᠋ᠠᠷ ᠴᠠᠭᠠᠨ ᠬᠤᠷᠠᠭᠠᠨ ᠥᠨᠳᠥᠷ ᠬᠤᠪᠢᠩ ᠮᠠᠯᠠᠭᠠᠢ ᠲᠠᠢ ᠫᠡᠪᠯᠦᠧ ᠬᠡᠳᠦᠨ ᠬᠥᠮᠦᠨ ᠲᠡᠢ ᠭᠦᠶᠦᠯᠳᠦᠨ ᠢᠷᠡᠭᠰᠡᠨ ᠪᠣᠯᠪᠠᠴᠤ ᠬᠠᠳᠠᠨ ᠪᠠᠭᠠᠲᠤᠷ ᠤ᠋ᠨ ᠡᠰᠡᠷᠭᠦ ᠶᠠᠭᠤ ᠴᠤ᠌ ᠬᠢᠵᠦ ᠴᠢᠳᠠᠭᠰᠠᠨ ᠦᠭᠡᠢ᠃
ᠦᠳᠡ ᠶ᠋ᠢᠨ ᠬᠢᠷᠢ ᠳ᠋ᠦ᠍ ᠬᠣᠩᠭᠣᠷ ᠨᠢᠮ᠎ᠠ ᠬᠣᠶᠠᠷ ᠮᠣᠷᠢᠳ ᠢ᠋ᠶ᠋ᠠᠨ ᠲᠠᠭᠤᠵᠤ ᠪᠤᠴᠠᠬᠤ ᠵᠠᠮ ᠳ᠋ᠠᠭᠠᠨ ᠬᠣᠩᠭᠣᠷ ᠪᠠᠢᠨ ᠪᠠᠢᠨ ᠢᠨᠢᠶᠡᠬᠦ ᠳ᠋ᠦ᠍ 《ᠳᠠᠮᠰᠢᠭ ᠮᠢᠨᠢ ᠠᠯᠳᠠᠰ ᠪᠣᠯᠤᠨ᠎ᠠ》 ᠭᠡᠵᠦ ᠡᠪᠦᠭᠡᠨ ᠬᠣᠷᠢᠭᠯᠠᠨ ᠨᠠᠮᠠᠨᠴᠢᠯᠠᠨ᠎ᠠ᠃
᠊᠊᠊᠊᠊᠊᠊᠊᠊᠊᠊᠊᠊᠊᠊ ᠪᠦᠷ ᠴᠢᠷᠠᠮᠠᠨ ᠨᠢᠴᠦᠭᠦᠨ ᠪᠠᠢᠭᠰᠠᠨ ᠰᠢᠦ᠃ ᠨᠢᠮ᠎ᠠ ᠭᠤᠸᠠᠢ ᠲᠠ ᠬᠠᠷᠠᠭᠰᠠᠨ ᠪᠢᠵᠡ?
᠊᠊᠊᠊᠊᠊᠊᠊᠊᠊᠊᠊᠊᠊᠊ ᠬᠠᠷᠠᠯᠠᠮᠠᠷ ᠴᠢᠨᠢ ᠶᠠᠮᠠᠷ ᠭᠡᠮ ᠬᠢᠴᠢᠬᠡᠭᠰᠡᠨ ᠶᠤᠮ ᠪᠣᠯ ᠳᠠ ᠁ᠦᠭᠡᠢ᠂ᠦᠭᠡᠢ ᠠᠯᠳᠠᠰ ᠪᠣᠯᠤᠨ᠎ᠠ᠃ ᠬᠥᠭᠡᠷᠦᠬᠦᠢ ᠭᠡᠳ ᠵᠤᠤᠮᠠᠯᠵᠠᠭᠰᠠᠨ ᠬᠣᠰᠢᠭᠤ ᠪᠠᠨ ᠠᠯᠠᠭ᠎ᠠ ᠪᠠᠷ ᠢ᠋ᠶ᠋ᠠᠨ ᠲᠠᠭᠯᠠᠪᠠ᠃
ᠲᠩᠷᠢ ᠳ᠋ᠦ᠍ ᠪᠥᠭᠡᠮ ᠪᠥᠭᠡᠮ ᠡᠭᠦᠯᠡ ᠨᠡᠭᠦᠨ ᠬᠤᠷᠠᠯᠳᠤᠵᠤ ᠤᠳᠠᠬᠤ ᠦᠭᠡᠢ ᠨᠦᠰᠡᠷ ᠪᠣᠷᠣᠭ᠎ᠠ ᠣᠷᠣᠬᠤ ᠶ᠋ᠢ ᠵᠥᠩᠨᠡᠨ ᠪᠦᠯᠢᠶᠡᠨ ᠰᠠᠯᠬᠢ ᠡᠮᠦᠨ᠎ᠡ ᠡᠴᠡ ᠨᠢ ᠦᠯᠢᠶᠡᠬᠦ ᠳ᠋ᠦ᠍ ᠬᠣᠩᠭᠣᠷ᠂ ᠨᠢᠮ᠎ᠠ ᠬᠣᠶᠠᠷ ᠮᠣᠷᠢᠳ ᠢ᠋ᠶ᠋ᠠᠨ ᠭᠤᠶᠠᠳᠠᠨ ᠰᠢᠮᠳᠠᠪᠠ᠃
ᠬᠣᠩᠭᠣᠷ ᠬᠤᠷᠳᠤᠨ ᠬᠡᠭᠡᠷ ᠮᠣᠷᠢ ᠪᠠᠨ ᠤᠨᠤᠭᠠᠳ ᠠᠳᠤᠭᠤᠨ ᠤ᠋ ᠪᠠᠨ ᠰᠢᠯᠢᠳᠡᠭ ᠮᠣᠷᠢᠳ ᠢ᠋ ᠬᠣᠯᠪᠣᠭᠠᠳ ᠢᠰᠬᠢᠷᠦᠨ ᠬᠥᠭᠡᠭᠡᠵᠦ ᠶᠠᠪᠤᠬᠤ ᠳ᠋ᠤ᠌ ᠡᠷ᠎ᠡ ᠬᠥᠮᠦᠨ ᠦ᠌ ᠵᠢᠷᠭᠠᠯ ᠤ᠋ᠨ ᠣᠷᠣᠢ ᠳ᠋ᠤᠨᠢ ᠭᠠᠷᠤᠭᠰᠠᠨ ᠶᠤᠮ ᠰᠢᠭ᠋ ᠪᠣᠳᠣᠭᠳᠠᠭᠠᠳ ᠳᠥᠷᠦᠭᠡᠨ ᠳᠡᠭᠡᠷ᠎ᠡ ᠪᠡᠨ ᠪᠣᠰᠤᠨ ᠲᠠᠰᠢᠭᠤᠷ ᠢ᠋ᠶ᠋ᠠᠨ ᠮᠣᠷᠢᠨ ᠤ᠋ ᠪᠠᠨ ᠳᠠᠯᠤ ᠤᠷᠤᠭᠤ ᠬᠥᠨᠳᠡᠯᠡᠨ ᠲᠠᠯᠪᠢᠪᠠ᠃
ᠮᠠᠷᠭᠠᠰᠢ ᠬᠣᠨᠢᠨ ᠤ᠋ ᠬᠡᠰᠢᠭ ᠲᠡᠢ᠂ ᠨᠥᠭᠥᠭᠡᠳᠦᠷ ᠬᠣᠰᠢᠭᠤ ᠰᠠᠬᠢᠭᠤᠰᠤ ᠳ᠋ᠤ᠌ ᠮᠥᠷᠭᠥᠵᠦ᠂ ᠴᠥᠭᠥᠴᠡ ᠠᠷᠢᠬᠢ ᠠᠳᠬᠤ ᠪᠠᠯᠢᠩ ᠣᠯᠵᠤ ᠢᠳᠡᠨ᠎ᠡ ᠭᠡᠵᠦ ᠪᠣᠳᠣᠭᠠᠳ ᠠᠷᠠᠭᠠᠨ ᠤ᠋ ᠪᠠᠨ ᠰᠢᠯᠦᠰᠦ ᠶ᠋ᠢ ᠵᠠᠯᠭᠢᠵᠤ ᠶᠠᠪᠤᠭᠰᠠᠨ ᠨᠢᠮ᠎ᠠ ᠬᠣᠩᠭᠣᠷ ᠤ᠋ᠨ ᠳᠡᠭᠦᠯᠢᠵᠦ ᠶᠠᠪᠤᠭ᠎ᠠ ᠬᠥᠭᠵᠢᠯ ᠲᠡᠢ ᠪᠣᠳᠣᠯ ᠢ᠋ ᠶᠠᠭᠠᠬᠢᠵᠤ ᠣᠢᠯᠠᠭᠠᠬᠤ ᠪᠢᠯᠡ᠃
