ᠲᠤᠩᠭᠠᠯᠠᠭ ᠲᠠᠮᠢᠷ1-09-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-09-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-09-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-08

1884

《ᠢᠳᠡᠬᠦ ᠭᠡᠳ ᠡᠷᠡᠬᠡᠢ ᠪᠡᠨ᠂ ᠳᠣᠯᠣᠭᠣᠬᠤ ᠭᠡᠳ ᠳᠣᠯᠣᠪᠣᠷ ᠢ᠋ᠶ᠋ᠠᠨ ᠢᠳᠡᠴᠢᠬᠡᠬᠦ ᠪᠣᠢ ᠳᠠ》- ᠨᠢᠭᠡᠳᠦᠭᠡᠷ ᠪᠦᠯᠦᠭ ᠶᠢᠰᠦ


  ᠵᠤᠨ ᠤ᠋ ᠥᠷᠯᠥᠭᠡ᠂ ᠢᠲᠡᠭᠡᠯᠲᠦ ᠶ᠋ᠢᠨ ᠬᠣᠲᠠ ᠡᠴᠡ ᠬᠣᠭᠣᠰᠣᠨ ᠮᠣᠷᠢᠨ ᠲᠡᠷᠭᠡ ᠬᠥᠲᠥᠯᠦᠭᠰᠡᠨ ᠬᠣᠶᠠᠷ ᠮᠣᠷᠢ ᠲᠠᠢ ᠬᠥᠮᠦᠨ ᠯᠤᠤ ᠬᠦᠩ ᠦ᠋ᠨ ᠬᠣᠰᠢᠭᠤ ᠬᠦᠷᠢᠶ᠎ᠡ ᠤᠷᠤᠭᠤ ᠭᠠᠷᠤᠯ᠎ᠠ᠃ ᠡᠨᠡ ᠪᠣᠯ ᠢᠲᠡᠭᠡᠯᠲᠦ ᠡᠷᠳᠡᠨᠢ ᠬᠣᠶᠠᠷ ᠪᠠᠢᠯ᠎ᠠ᠃
  ᠲᠡᠷᠡ ᠬᠣᠶᠠᠷ ᠢ᠋ ᠵᠡᠷᠭᠡᠴᠡᠨ ᠶᠠᠪᠤᠵᠤ ᠪᠠᠢᠲᠠᠯ᠎ᠠ ᠢᠲᠡᠭᠡᠯᠲᠦ ᠡᠴᠡ ᠬᠡᠳᠦᠨ ᠵᠢᠯ ᠦ᠋ᠨ ᠡᠮᠦᠨ᠎ᠡ ᠬᠥᠯᠥᠰᠥᠨ ᠳ᠋ᠦ᠍ ᠠᠪᠤᠭᠰᠠᠨ ᠬᠥᠭᠰᠢᠨ ᠴᠠᠭᠠᠭᠴᠢ ᠭᠡᠭᠦᠦ ᠪᠡᠨ ᠤᠨᠤᠭᠰᠠᠨ ᠨᠢᠮ᠎ᠠ ᠭᠦᠢᠴᠡᠵᠦ ᠢᠷᠡᠯ᠎ᠡ᠃
  ᠊᠊᠊᠊᠊᠊᠊᠊᠊᠊᠊᠊᠊᠊᠊ ᠴᠠᠢ ᠭᠦᠵᠡᠭᠡᠯᠡᠵᠦ ᠪᠠᠢᠭᠠᠳ ᠲᠠ ᠬᠣᠶᠠᠷ ᠡᠴᠡ ᠬᠣᠵᠢᠮᠳᠠᠵᠤ ᠣᠷᠬᠢᠯ᠎ᠠ᠃ ᠣᠳᠣ ᠬᠠᠮᠲᠤ ᠱᠣᠭᠰᠢᠭᠠᠳ ᠪᠠᠢᠳᠠᠭ ᠬᠡᠷᠡᠭ ᠠ᠋᠃
  ᠊᠊᠊᠊᠊᠊᠊᠊᠊᠊᠊᠊᠊᠊᠊ ᠲᠠ ᠬᠠᠮᠢᠭ᠎ᠠ ᠣᠴᠢᠬᠤ ᠨᠢ ᠪᠣᠢ? ᠭᠡᠵᠦ ᠡᠷᠳᠡᠨᠢ ᠠᠰᠠᠭᠤᠪᠠ᠃
  ᠊᠊᠊᠊᠊᠊᠊᠊᠊᠊᠊᠊᠊᠊᠊ ᠠᠰᠠᠭᠤᠬᠤ ᠶᠠᠭᠤ ᠪᠠᠢᠬᠤ ᠪᠣᠢ ᠳᠠ᠃ ᠨᠢᠮ᠎ᠠ ᠭᠤᠸᠠᠢ ᠬᠣᠰᠢᠭᠤ ᠰᠠᠬᠢᠭᠤᠰᠤ ᠳ᠋ᠤ᠌ ᠮᠥᠷᠭᠥᠬᠦ ᠭᠡᠵᠦ ᠶᠠᠪᠤᠭ᠎ᠠ ᠪᠢᠵᠡ ᠭᠡᠳ ᠢᠲᠡᠭᠡᠯᠲᠦ ᠶᠣᠵᠣᠲᠠᠢ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠴᠣᠬᠣᠮ ᠳᠠ᠂ ᠵᠠᠯᠪᠠᠷᠢᠵᠤ ᠪᠠᠢᠪᠠᠯ ᠪᠤᠶᠠᠨ ᠥᠯᠵᠡᠢ᠂ ᠵᠠᠰᠠᠵᠤ ᠪᠠᠢᠪᠠᠯ ᠡᠳ᠋ ᠥᠯᠵᠡᠢ ᠭᠡᠵᠦ ᠠᠵᠠ ᠬᠡᠢ ᠮᠣᠷᠢ ᠳ᠋ᠤ᠌ ᠰᠠᠢᠨ ᠪᠠᠢᠳᠠᠭ ᠶᠤᠮ ᠭᠡᠳ ᠨᠢᠮ᠎ᠠ ᠠᠵᠢᠭ ᠦᠭᠡᠢ ᠲᠠᠮᠠᠬᠢ ᠪᠠᠨ ᠠᠰᠠᠭᠠᠵᠤ ᠲᠠᠲᠠᠯ᠎ᠠ᠃
  《ᠬᠣᠰᠢᠭᠤ ᠰᠠᠬᠢᠭᠤᠰᠤ ᠳ᠋ᠤ᠌ ᠣᠯᠠᠨ ᠮᠥᠷᠭᠥᠭᠰᠡᠨ ᠢ᠋ᠶ᠋ᠡᠷ ᠠᠵᠠ ᠬᠡᠢ ᠮᠣᠷᠢ ᠳᠡᠯᠭᠡᠷᠡᠳᠡᠭ ᠪᠣᠯ ᠡᠨᠡ ᠬᠥᠮᠦᠨ ᠡᠳᠦᠢ ᠳ᠋ᠦ᠍ ᠬᠠᠭᠠᠷᠠᠲᠠᠯ᠎ᠠ ᠪᠠᠨ ᠪᠠᠶᠠᠵᠢᠬᠤ ᠪᠣᠯᠤᠭᠰᠠᠨ ᠳᠠ》 ᠭᠡᠵᠦ ᠢᠲᠡᠭᠡᠯᠲᠦ ᠪᠣᠳᠣᠪᠠ᠃
  ᠊᠊᠊᠊᠊᠊᠊᠊᠊᠊᠊᠊᠊᠊᠊ ᠨᠢᠮ᠎ᠠ ᠭᠤᠸᠠᠢ ᠶ᠋ᠢᠨ ᠠᠵᠠ ᠬᠡᠢ ᠮᠣᠷᠢ ᠴᠤ᠌ ᠠᠷᠪᠠᠨ ᠵᠦᠭ ᠲᠡᠭᠡᠨ ᠯᠡ ᠳᠡᠯᠭᠡᠷᠡᠵᠦ ᠪᠠᠢᠳᠠᠭ ᠶᠤᠮ ᠳᠠ ᠭᠡᠵᠦ ᠢᠲᠡᠭᠡᠯᠲᠦ ᠬᠡᠯᠡᠭᠡᠳ ᠡᠷᠳᠡᠨᠢ ᠤᠷᠤᠭᠤ ᠨᠢᠳᠦ ᠪᠡᠨ ᠢᠷᠮᠡᠯ᠎ᠡ᠃
  ᠊᠊᠊᠊᠊᠊᠊᠊᠊᠊᠊᠊᠊᠊᠊ ᠶᠡᠷᠦᠨᠢ ᠣᠪᠣᠭ᠎ᠠ ᠰᠢᠦ᠃ ᠡᠨᠡ ᠵᠢᠯ ᠮᠣᠷᠢ ᠴᠤ᠌ ᠪᠦᠳᠦᠷᠢᠭᠰᠡᠨ ᠦᠭᠡᠢ᠂ ᠬᠠᠮᠠᠷ ᠤ᠋ᠨ ᠬᠠᠨᠢᠶᠠᠳᠤ ᠴᠤ᠌ ᠬᠦᠷᠦᠭᠰᠡᠨ ᠦᠭᠡᠢ ᠭᠡᠵᠦ ᠨᠢᠮ᠎ᠠ ᠪᠠᠶᠠᠷᠲᠠᠢ ᠬᠡᠯᠡᠪᠡ᠃
  ᠬᠣᠨᠢᠨ ᠤ᠋ ᠬᠡᠰᠢᠭ ᠦᠭᠡᠢ ᠵᠠᠷᠢᠮ ᠡᠳᠦᠷ ᠢ᠋ᠶ᠋ᠡᠨ ᠨᠢᠮ᠎ᠠ ᠬᠦᠷᠢᠶ᠎ᠡ ᠣᠷᠣᠵᠤ ᠬᠣᠰᠢᠭᠤ ᠰᠠᠬᠢᠭᠤᠰᠤ ᠳ᠋ᠤ᠌ ᠮᠥᠷᠭᠥᠳᠡᠭ ᠵᠠᠩᠰᠢᠯ ᠲᠠᠢ᠃ ᠬᠠᠷᠢᠨ ᠪᠠᠬᠠᠨ ᠬᠠᠯᠠᠮᠠᠭ ᠪᠤᠴᠠᠵᠤ ᠢᠷᠡᠭᠡᠳ ᠰᠢᠬᠢᠷ ᠬᠢᠵᠦ ᠰᠢᠷ᠎ᠠ ᠲᠣᠰᠣᠨ ᠳ᠋ᠤ᠌ ᠵᠢᠭᠤᠷᠠᠭᠰᠠᠨ ᠪᠠᠯᠢᠩ ᠤ᠋ᠨ ᠠᠮᠲᠠᠲᠠᠢ ᠭᠤᠯᠢᠷ ᠠᠪᠴᠢᠷᠠᠵᠤ 《ᠳᠠᠮᠰᠢᠭ ᠮᠢᠨᠢ ᠢᠳᠡᠬᠦ ᠭᠡᠳ ᠡᠷᠡᠬᠡᠢ ᠪᠡᠨ ᠂ ᠳᠣᠯᠣᠭᠣᠬᠤ ᠭᠡᠳ ᠳᠣᠯᠣᠪᠣᠷ ᠢ᠋ᠶ᠋ᠠᠨ ᠢᠳᠡᠴᠢᠬᠡᠬᠦ ᠪᠣᠢ ᠳᠠ》 ᠭᠡᠳ ᠬᠣᠲᠠ ᠶ᠋ᠢᠨ ᠬᠢᠨ ᠳ᠋ᠡᠭᠡᠨ ᠥᠭᠳᠡᠭ ᠵᠠᠩᠰᠢᠯ ᠲᠠᠢ ᠪᠢᠯᠡ᠃
  ᠬᠡᠷᠪᠡ ᠨᠢᠮ᠎ᠠ ᠰᠠᠬᠢᠭᠤᠰᠤ ᠳ᠋ᠤ᠌ ᠮᠥᠷᠭᠥᠬᠦ ᠭᠡᠵᠦ ᠬᠦᠷᠢᠶ᠎ᠡ ᠤᠷᠤᠭᠤ ᠶᠠᠪᠤᠭ᠎ᠠ ᠪᠣᠯ ᠨᠥᠭᠦᠭᠡ ᠬᠣᠶᠠᠷ ᠨᠢ ᠢᠲᠡᠭᠡᠯᠲᠦ ᠶ᠋ᠢᠨ ᠬᠠᠰᠢᠶᠠᠨ ᠡᠴᠡ ᠨᠠᠭᠠᠳᠤᠮ ᠢ᠋ᠶ᠋ᠠᠷ ᠬᠡᠷᠡᠭᠯᠡᠬᠦ ᠮᠠᠢᠬᠠᠨ ᠰᠢᠷᠡᠭᠡ᠂ ᠠᠢᠷᠠᠭ ᠰᠥᠩᠨᠡᠬᠦ ᠸᠠᠭᠠᠷ᠂ ᠬᠤᠯᠤ ᠠᠪᠴᠢᠷᠠᠬᠤ ᠪᠠᠷ ᠶᠠᠪᠤᠭ᠎ᠠ ᠠᠵᠢ᠃
  ᠊᠊᠊᠊᠊᠊᠊᠊᠊᠊᠊᠊᠊᠊᠊ ᠪᠠᠳᠠᠷᠴᠢ ᠶ᠋ᠢᠨ ᠲᠣᠭᠣᠨᠣ ᠪᠠᠷ ᠤᠲᠤᠭ᠎ᠠ ᠪᠠᠭᠰᠢᠷᠠᠭᠠᠳ ᠪᠠᠢᠬᠤ ᠴᠢᠨᠢ ᠲᠣᠭᠣᠭ᠎ᠠ ᠪᠠᠨ ᠨᠡᠷᠡᠵᠦ ᠪᠠᠢᠭ᠎ᠠ ᠪᠣᠯᠤᠯᠲᠠᠢ᠃ ᠠᠶᠠᠭ᠎ᠠ ᠬᠠᠯᠠᠭᠤᠨ ᠠᠷᠢᠬᠢ ᠤᠤᠭᠤᠭᠠᠳ ᠮᠣᠷᠳᠠᠬᠤ ᠤᠤ ᠭᠡᠵᠦ ᠢᠲᠡᠭᠡᠯᠲᠦ ᠶ᠋ᠢᠨ ᠬᠡᠯᠡᠬᠦ ᠳ᠋ᠦ᠍ ᠲᠡᠳᠡ ᠵᠠᠮ ᠤ᠋ᠨ ᠤᠷᠲᠤ ᠲᠠᠯ᠎ᠠ ᠳ᠋ᠤ᠌ ᠬᠠᠷᠠᠭᠳᠠᠵᠤ ᠪᠠᠢᠭ᠎ᠠ ᠬᠣᠶᠠᠷ ᠭᠡᠷ ᠤᠷᠤᠭᠤ ᠵᠢᠯᠣᠭᠣ ᠪᠠᠨ ᠡᠷᠭᠢᠭᠦᠯᠪᠡ᠃
  ᠪᠠᠳᠠᠷᠴᠢ ᠶ᠋ᠢᠨ ᠬᠢ ᠢᠲᠡᠭᠡᠯᠲᠦ ᠶ᠋ᠢ ᠬᠦᠨᠳᠦᠳᠬᠡᠨ ᠰᠢᠨ᠎ᠡ ᠣᠯᠪᠣᠭ ᠳᠡᠪᠢᠰᠴᠦ ᠵᠣᠴᠢᠯᠠᠨ ᠰᠠᠭᠤᠯᠭᠠᠪᠠ᠃ ᠢᠲᠡᠭᠡᠯᠲᠦ ᠳ᠋ᠦ᠍ ᠠᠷᠢᠬᠢᠨ ᠤ᠋ ᠣᠬᠢ ᠰᠥᠩᠨᠡᠪᠡ᠃
  ᠊᠊᠊᠊᠊᠊᠊᠊᠊᠊᠊᠊᠊᠊᠊ ᠵᠠ ᠡᠭᠦᠨ ᠢ᠋ ᠴᠢᠨᠢ ᠲᠣᠭᠲᠠᠭᠠᠭᠠᠳ ᠪᠠᠢᠳᠠᠭ ᠬᠡᠷᠡᠭ ᠤᠤ ᠭᠡᠳ ᠢᠲᠡᠭᠡᠯᠲᠦ ᠬᠣᠶᠠᠷ ᠵᠠᠷᠤᠴᠠ ᠤᠷᠤᠭᠤ ᠪᠠᠨ ᠬᠠᠷᠠᠵᠤ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠲᠠᠨ ᠳ᠋ᠤ᠌ ᠬᠠᠳᠠᠭᠠᠯᠠᠭᠰᠠᠨ ᠶᠤᠮ᠃ ᠲᠠ ᠯᠠ ᠲᠣᠭᠲᠠᠭᠠᠵᠤ ᠣᠷᠭᠢ᠃ ᠠᠯᠢ ᠲᠡᠷᠡ ᠬᠣᠶᠠᠷ ᠲᠤ᠌ ᠠᠷᠢᠬᠢ ᠬᠢᠵᠦ ᠥᠭ ᠭᠡᠵᠦ ᠪᠠᠳᠠᠷᠴᠢ ᠬᠡᠯᠡᠪᠡ᠃
  ᠢᠲᠡᠭᠡᠯᠲᠦ ᠲᠣᠮᠣ ᠮᠥᠩᠭᠥᠨ ᠠᠶᠠᠭ᠎ᠠ ᠳᠦᠭᠦᠷᠡᠩ ᠠᠷᠢᠬᠢ ᠶ᠋ᠢ ᠮᠡᠯᠲᠡᠯᠵᠡᠭᠦᠯᠦᠨ ᠬᠡᠳᠦ ᠪᠠᠯᠭᠤᠭᠠᠳ 《ᠴᠢᠩᠭ᠎ᠠ ᠭᠠᠷᠤᠭᠰᠠᠨ ᠳᠠᠮᠰᠢᠭ ᠪᠠᠢᠨ᠎ᠠ》 ᠭᠡᠵᠦ ᠮᠦᠰᠢᠶᠡᠨ ᠬᠡᠯᠡᠪᠡ᠃
  ᠊᠊᠊᠊᠊᠊᠊᠊᠊᠊᠊᠊᠊᠊᠊ ᠮᠠᠨ ᠤ᠋ ᠠᠷᠢᠬᠢ ᠭᠣᠴᠣ ᠭᠠᠷᠴᠤ ᠪᠠᠢᠭ᠎ᠠ ᠰᠢᠦ ᠭᠡᠵᠦ ᠪᠠᠳᠠᠷᠴᠢ ᠪᠠᠷᠳᠠᠮ ᠬᠠᠷᠢᠭᠤᠯᠪᠠ᠃
  ᠊᠊᠊᠊᠊᠊᠊᠊᠊᠊᠊᠊᠊᠊᠊ ᠥᠭᠡᠳᠡᠯᠡᠵᠦ ᠪᠠᠢᠭ᠎ᠠ ᠶ᠋ᠢᠨ ᠰᠢᠨᠵᠢ ᠭᠡᠵᠦ ᠰᠢᠷ᠎ᠠ ᠮᠣᠳᠣᠨ ᠠᠶᠠᠭ᠎ᠠ ᠲᠠᠢ ᠠᠷᠢᠬᠢ ᠰᠢᠮᠡᠨ ᠤᠤᠭᠤᠵᠤ ᠪᠠᠢᠭᠰᠠᠨ ᠨᠢᠭᠡ ᠯᠠᠮᠠ ᠮᠡᠳᠡᠮᠡᠬᠡᠢ ᠬᠡᠯᠡᠪᠡ᠃
  ᠨᠢᠮ᠎ᠠ ᠥᠭᠭᠦᠭᠰᠡᠨ ᠠᠷᠢᠬᠢ ᠶ᠋ᠢ ᠠᠪᠴᠤ ᠢᠳᠠᠮ ᠬᠤᠷᠤᠭᠤ ᠶ᠋ᠢᠨ ᠢ᠋ᠶ᠋ᠡᠨ ᠥᠨᠳᠡᠭᠡ ᠶ᠋ᠢ ᠥᠩᠭᠡᠴᠡ ᠬᠦᠷᠭᠡᠵᠦ ᠳᠡᠭᠡᠭᠰᠢ ᠨᠢᠰᠠᠯᠤᠨ ᠡᠷᠭᠦᠭᠡᠳ 《ᠤᠰᠤ ᠪᠠᠷ ᠬᠥᠯᠯᠡᠵᠦ᠂ ᠤᠭᠰᠠᠷᠠᠵᠤ ᠨᠡᠷᠡᠭᠡᠳ ᠤᠷᠠᠨ ᠴᠣᠷᠭᠣ ᠪᠠᠷ ᠤᠷᠤᠰᠬᠠᠵᠤ ᠠᠪᠤᠭᠰᠠᠨ᠂ ᠠᠷᠢᠬᠢ ᠨᠡᠷ᠎ᠡ ᠲᠡᠢ᠂ ᠠᠷᠢᠭᠤᠨ ᠴᠢᠨᠠᠷ ᠲᠠᠢ᠂ ᠰᠠᠷᠬᠤᠳ ᠨᠡᠷ᠎ᠡ ᠲᠡᠢ᠂ ᠰᠠᠢᠨ ᠴᠢᠨᠠᠷ ᠲᠠᠢ ᠷᠠᠰᠢᠶᠠᠨ ᠶᠠᠭᠤ ᠪᠠᠨ ᠠᠯᠲᠠᠨ ᠮᠥᠩᠭᠥᠨ ᠬᠤᠨᠳᠠᠭᠠᠨ ᠳ᠋ᠤ᠌ ᠠᠮᠠᠰᠠᠷ ᠳᠦᠭᠦᠷᠭᠡᠵᠦ ᠰᠠᠭᠤᠬᠤ ᠶ᠋ᠢᠨ ᠠᠰᠢᠳᠠ ᠶ᠋ᠢᠨ ᠰᠠᠢᠬᠠᠨ ᠢᠷᠦᠭᠡᠯ ᠢ᠋ ᠳᠡᠪᠰᠢᠭᠦᠯᠦᠶ᠎ᠡ!》 ᠭᠡᠳ ᠲᠣᠮᠣ ᠭᠡᠭᠴᠢ ᠨᠢ ᠪᠠᠯᠭᠤᠵᠤ ᠤᠤᠭᠤᠭᠰᠠᠨ ᠢ᠋ᠶ᠋ᠠᠨ ᠬᠡᠰᠡᠭ ᠲᠠᠮᠰᠢᠶᠠᠯᠠᠭᠠᠳ᠂ 《ᠨᠣᠬᠠᠢ ᠳᠣᠯᠣᠭᠣᠵᠤ ᠦᠬᠦ᠂ ᠲᠠᠷᠭᠤᠨ ᠴᠢᠳᠠᠮ ᠰᠢᠭ᠋ ᠯᠡ ᠶᠠᠭᠤᠮ᠎ᠠ ᠪᠠᠢᠨ᠎ᠠ》 ᠭᠡᠳ ᠬᠣᠭᠣᠰᠣᠨ ᠠᠶᠠᠭ᠎ᠠ ᠪᠠᠨ ᠳᠠᠭᠢᠵᠤ ᠬᠢᠯᠭᠡᠬᠦ ᠪᠡᠷ ᠥᠭᠪᠡ᠃
  ᠪᠤᠶᠠᠨ ᠲᠠᠢ ᠠᠢᠯ ᠤ᠋ᠨ ᠴᠠᠭ᠎ᠠ ᠬᠠᠳᠬᠤᠬᠤ ᠪᠠᠷ ᠠᠷᠢᠬᠢ ᠬᠦᠷᠲᠡᠯ᠎ᠡ ᠴᠢᠳᠠᠮ ᠪᠣᠯᠳᠠᠭ ᠪᠠᠢᠨ᠎ᠠ ᠰᠢᠦ ᠭᠡᠳ ᠪᠠᠳᠠᠷᠴᠢ ᠪᠦᠳᠦᠭᠦᠨ ᠬᠣᠭᠣᠯᠠᠢ ᠪᠠᠷ ᠫᠡᠷ ᠫᠡᠷ ᠢᠨᠢᠶᠡᠵᠦ ᠢᠲᠡᠭᠡᠯᠲᠦ ᠥᠭᠡᠳᠡ ᠬᠠᠷᠠᠬᠤ ᠬᠠᠷᠠᠴᠠ ᠳ᠋ᠤ᠌ 《ᠮᠥᠨ ᠳᠣᠬᠢ ᠬᠠᠷᠢᠭᠤ ᠥᠭᠪᠡ ᠠ᠋》 ᠭᠡᠰᠡᠨ ᠪᠠᠷᠳᠠᠮ ᠪᠣᠳᠣᠯ᠂ ᠢᠲᠡᠭᠡᠯᠲᠦ ᠶ᠋ᠢ ᠲᠣᠭᠣᠬᠢᠶᠠᠭᠰᠠᠨ ᠵᠢᠰᠤᠷᠴᠢ ᠰᠡᠳᠬᠢᠯ ᠬᠣᠯᠢᠯᠳᠤᠨ ᠪᠠᠢᠯ᠎ᠠ᠃
  ᠢᠲᠡᠭᠡᠯᠲᠦ ᠶᠡᠬᠡᠮᠰᠦᠭ ᠢ᠋ᠶ᠋ᠡᠷ ᠢᠨᠢᠶᠡᠪᠡ᠃ ᠭᠡᠪᠡᠴᠦ ᠡᠨᠡ ᠢᠨᠢᠶᠡᠳᠦ ᠳ᠋ᠦ᠍ᠨᠢ ᠨᠢᠮ᠎ᠠ ᠶ᠋ᠢ ᠵᠢᠮᠡᠯᠡᠭᠰᠡᠨ ᠪᠠᠳᠠᠷᠴᠢ ᠶ᠋ᠢ ᠳᠡᠮᠵᠢᠵᠦ ᠲᠠᠯᠠᠷᠬᠠᠭᠰᠠᠨ ᠲᠡᠮᠳᠡᠭ ᠦ᠋ᠨ ᠠᠯᠢ ᠨᠢ ᠴᠦ᠍ ᠪᠠᠢᠭᠰᠠᠨ ᠦᠭᠡᠢ᠃
  ᠡᠷᠳᠡᠨᠢ ᠢᠰᠬᠦᠯᠡᠩ ᠤᠰᠤ ᠥᠭᠭᠦᠭᠰᠡᠨ ᠪᠠᠳᠠᠷᠴᠢ ᠳ᠋ᠤ᠌ ᠵᠢᠪᠡᠭᠦᠦ ᠨᠢ ᠬᠦᠷᠴᠦ ᠨᠢᠮ᠎ᠠ ᠶ᠋ᠢᠨ ᠦᠨᠡᠨ ᠦᠭᠡ ᠶ᠋ᠢ ᠲᠠᠯᠠᠷᠬᠠᠵᠤ ᠪᠠᠢᠭᠰᠠᠨ ᠪᠣᠯᠪᠠᠴᠤ ᠳᠤᠤᠭᠠᠷᠤᠭᠰᠠᠨ ᠦᠭᠡᠢ᠂ ᠬᠠᠷᠢᠨ ᠪᠡᠯᠡ ᠪᠡᠷ ᠪᠠᠠᠴᠢᠵᠤ ᠲᠠᠪᠠᠭ ᠢ᠋ᠶ᠋ᠠᠨ ᠲᠠᠯᠪᠢᠳᠠᠭ ᠬᠠᠷ᠎ᠠ ᠬᠣᠷᠸ᠎ᠠ ᠶ᠋ᠢᠨ ᠶᠣᠰᠣᠨ ᠤ᠋ ᠲᠤᠬᠠᠢ ᠪᠣᠳᠣᠯ᠎ᠠ᠃ ᠨᠢᠭᠡᠨᠲᠡ ᠯᠡ ᠳᠡᠭᠡᠳᠦ ᠳᠣᠣᠷᠠᠲᠤ᠂ ᠪᠠᠶᠠᠨ ᠬᠣᠭᠣᠰᠣᠨ ᠭᠡᠵᠦ ᠪᠠᠢᠬᠤ ᠨᠢ ᠬᠣᠷᠸ᠎ᠠ ᠶ᠋ᠢᠨ ᠶᠣᠰᠣ ᠪᠣᠯᠬᠣᠷ ᠡᠭᠦᠨ ᠡᠴᠡ ᠥᠭᠡᠷ᠎ᠡ ᠶᠠᠭᠠᠬᠢᠬᠤ ᠪᠣᠢ ᠳᠠ ᠭᠡᠵᠦ ᠪᠣᠳᠣᠭᠳᠠᠪᠠ᠃
  ᠨᠢᠮ᠎ᠠ ᠭᠣᠯᠣᠭᠰᠠᠨ ᠠᠷᠢᠬᠢᠨ ᠡᠴᠡ ᠪᠡᠨ ᠳᠠᠬᠢᠨ ᠨᠢᠭᠡ ᠠᠶᠠᠭ᠎ᠠ ᠶ᠋ᠢ ᠤᠤᠭᠤᠭᠠᠳ ᠠᠵᠢᠭ ᠦᠭᠡᠢ ᠪᠣᠰᠴᠤ ᠢᠲᠡᠭᠡᠯᠲᠦ ᠶ᠋ᠢᠨ ᠡᠮᠦᠨᠡᠬᠢ ᠠᠷᠢᠬᠢ ᠡᠴᠡ ᠳᠦᠭᠦᠷᠡᠩ ᠬᠢᠵᠦ ᠲᠣᠮᠣ ᠪᠠᠯᠭᠤᠵᠤ ᠵᠠᠯᠭᠢᠭᠰᠠᠨ ᠢ᠋ᠶ᠋ᠠᠨ 《ᠡᠨᠡ ᠴᠦ᠍ ᠠᠷᠭ᠎ᠠ ᠦᠭᠡᠢ ᠭᠣᠴᠣ ᠡᠳ᠋ ᠪᠠᠢᠨ᠎ᠠ》 ᠭᠡᠳ ᠪᠠᠳᠠᠷᠴᠢ ᠤᠷᠤᠭᠤ ᠬᠠᠨᠳᠤᠵᠤ ᠲᠠᠯᠠᠷᠬᠠᠨ ᠢᠨᠢᠶᠡᠪᠡ᠃
  ᠊᠊᠊᠊᠊᠊᠊᠊᠊᠊᠊᠊᠊᠊᠊ ᠯᠤᠤ ᠬᠦᠩ ᠦ᠋ᠨ ᠪᠠᠶᠠᠨ ᠢᠲᠡᠭᠡᠯᠲᠦ ᠳ᠋ᠦ᠍ ᠰᠤᠯᠠ ᠶᠠᠭᠤᠮ᠎ᠠ ᠠᠮᠰᠠᠭᠤᠯᠵᠤ ᠨᠢᠭᠤᠷ ᠢ᠋ᠶ᠋ᠠᠨ ᠪᠠᠭᠠᠰᠤᠳᠤᠶ᠎ᠠ ᠭᠡᠵᠦ ᠬᠡᠨ ᠪᠣᠳᠣᠬᠤ ᠪᠣᠢ ᠳᠠ ᠭᠡᠳ ᠪᠠᠳᠠᠷᠴᠢ ᠬᠥᠭᠵᠢᠯᠲᠡᠢ ᠢᠨᠢᠶᠡᠪᠡ᠃
  ᠲᠡᠷᠡ ᠭᠤᠷᠪᠠ ᠲᠡᠨᠳᠡ ᠡᠴᠡ ᠮᠣᠷᠳᠠᠵᠤ ᠶᠠᠪᠤᠭᠰᠠᠭᠠᠷ ᠬᠣᠰᠢᠭᠤ ᠬᠦᠷᠢᠶ᠎ᠡ ᠶ᠋ᠢᠨ ᠵᠠᠬ᠎ᠠ ᠤᠷᠤᠭᠤ ᠣᠷᠣᠬᠤ ᠳ᠋ᠤ᠌ ᠨᠢᠮ᠎ᠠ ᠰᠠᠯᠬᠤ ᠪᠣᠯᠵᠤ᠄
  ᠊᠊᠊᠊᠊᠊᠊᠊᠊᠊᠊᠊᠊᠊᠊ ᠲᠠ ᠨᠠᠷ ᠨᠠᠮᠢ᠋ᠢ ᠪᠢᠲᠡᠭᠡᠢ ᠬᠦᠯᠢᠶᠡᠭᠡᠷᠡᠢ ᠭᠡᠳ ᠱᠣᠭᠰᠢᠪᠠ᠃
  ᠨᠢᠮ᠎ᠠ ᠬᠣᠰᠢᠭᠤ ᠰᠠᠬᠢᠭᠤᠰᠤ ᠶ᠋ᠢᠨ ᠯᠠᠪᠷᠤᠩ ᠤ᠋ᠨ ᠡᠮᠦᠨ᠎ᠡ ᠪᠠᠭᠤᠵᠤ ᠭᠡᠭᠦᠦ ᠪᠡᠨ ᠴᠤᠯᠪᠤᠭᠤᠷ ᠢ᠋ ᠨᠢ ᠤᠨᠵᠢᠭᠤᠯᠤᠨ ᠣᠷᠬᠢᠭᠠᠳ ᠰᠦᠮ᠎ᠡ ᠶ᠋ᠢᠨ ᠡᠭᠦᠳᠡᠨ ᠳ᠋ᠦ᠍ ᠭᠤᠷᠪᠠᠨᠲᠠ ᠰᠤᠨᠵᠤ ᠮᠥᠷᠭᠥᠪᠡ᠃
  ᠊᠊᠊᠊᠊᠊᠊᠊᠊᠊᠊᠊᠊᠊᠊ ᠨᠢᠮ᠎ᠠ ᠭᠤᠸᠠᠢ ᠰᠠᠢᠨ ᠪᠠᠢᠨᠠᠤ? ᠭᠡᠵᠦ ᠳᠡᠷᠭᠡᠳᠡᠭᠦᠷ ᠨᠢ ᠥᠩᠭᠡᠷᠡᠭᠰᠡᠨ ᠲᠠᠬᠢᠯᠴᠢ ᠯᠠᠮᠠ ᠶ᠋ᠢᠨ ᠬᠡᠯᠡᠬᠦ ᠳ᠋ᠦ᠍ ᠨᠢᠮ᠎ᠠ ᠠᠯᠠᠭ᠎ᠠ ᠪᠠᠨ ᠬᠠᠪᠰᠤᠷᠤᠨ 《ᠵᠠ ᠰᠠᠢᠨ》 ᠭᠡᠵᠦ ᠰᠢᠪᠡᠭᠡᠨᠡᠨ ᠬᠡᠯᠡᠭᠰᠡᠨ ᠪᠣᠯᠪᠠᠴᠤ ᠬᠡᠨ ᠴᠦ᠍ ᠲᠡᠭᠦᠨ ᠢ᠋ ᠰᠣᠨᠣᠰᠤᠭᠰᠠᠨ ᠦᠭᠡᠢ᠃
  ᠲᠠᠰᠤᠷᠠᠯᠲᠠ ᠦᠭᠡᠢ ᠣᠷᠣᠵᠤ ᠭᠠᠷᠤᠭᠰᠠᠭᠠᠷ ᠪᠠᠢᠭ᠎ᠠ ᠮᠥᠷᠭᠥᠯᠴᠢᠨ ᠨᠠᠷ ᠤ᠋ᠨ ᠵᠠᠷᠢᠮ ᠲᠠᠢ ᠨᠠᠮ ᠳᠠᠭᠤ ᠪᠠᠷ ᠮᠠᠨᠳᠤᠯᠠᠯᠴᠠᠨ ᠶᠠᠪᠤᠵᠤ ᠯᠠᠪᠷᠤᠩ ᠳ᠋ᠤ᠌ ᠣᠷᠣᠯ᠎ᠠ᠃ ᠭᠠᠭᠴᠠᠬᠠᠨ ᠮᠥᠩᠭᠥᠨ ᠵᠤᠯᠠ ᠶ᠋ᠢᠨ ᠭᠡᠷᠡᠯ ᠠᠨᠢᠪᠴᠢᠨ᠂ ᠬᠦᠵᠢ ᠠᠷᠴᠠ ᠶ᠋ᠢᠨ ᠦᠨᠦᠷ ᠠᠩᠬᠢᠯᠵᠤ᠂ ᠬᠠᠮᠢᠭᠠᠰᠢ ᠪᠠᠨ ᠯᠠ ᠬᠠᠷᠠᠪᠠᠯ ᠬᠠᠳᠠᠭ ᠶᠡᠨᠳᠡᠷ ᠪᠣᠯᠤᠭᠰᠠᠨ ᠡᠨᠡ ᠰᠦᠮ᠎ᠡ ᠶ᠋ᠢᠨ ᠶᠠᠭᠤᠮ᠎ᠠ ᠪᠦᠬᠦᠨ ᠨᠢ ᠶᠡᠷᠦ ᠪᠤᠰᠤ ᠶ᠋ᠢᠨ ᠨᠢᠭᠤᠴᠠ᠂ ᠡᠷᠬᠢᠮᠰᠦᠭ ᠪᠥᠭᠡᠳ ᠮᠥᠷᠭᠥᠯᠴᠢᠳ ᠦ᠋ᠨ ᠰᠡᠳᠬᠢᠯ ᠳ᠋ᠦ᠍ ᠦᠵᠦᠭᠦᠷ ᠦᠭᠡᠢ ᠪᠢᠰᠢᠷᠡᠯ ᠦ᠋ᠨ ᠣᠭᠣᠰᠣᠷ ᠢ᠋ ᠦᠬᠦᠯᠦᠭᠦᠲᠡ ᠵᠠᠩᠭᠢᠳᠤᠨ᠎ᠠ᠃
  ᠨᠢᠮ᠎ᠠ ᠵᠠᠯᠪᠠᠷᠢᠨ ᠬᠣᠰᠢᠭᠤ ᠰᠠᠬᠢᠭᠤᠰᠤ ᠶ᠋ᠢᠨ ᠡᠮᠦᠨ᠎ᠡ ᠣᠴᠢᠭᠠᠳ ᠨᠠᠮᠠᠭᠴᠢᠯᠠᠪᠠ᠃
  ᠊᠊᠊᠊᠊᠊᠊᠊᠊᠊᠊᠊᠊᠊᠊ ᠠᠭᠤᠤ ᠬᠦᠴᠦᠲᠦ ᠥᠨᠳᠥᠷ ᠰᠠᠬᠢᠭᠤᠰᠤ ᠮᠢᠨᠢ᠂ ᠨᠢᠭᠦᠯᠲᠦ ᠨᠠᠳᠠ ᠳ᠋ᠤ᠌ ᠰᠠᠷᠬᠤᠳ ᠢ᠋ᠶ᠋ᠠᠨ ᠬᠠᠢᠷᠠᠯᠠ᠃ ᠲᠠᠨ ᠡᠴᠡ ᠥᠭᠡᠷ᠎ᠡ ᠨᠠᠮᠢ᠋ᠢ ᠥᠷᠥᠰᠢᠶᠡᠨ ᠰᠣᠶᠣᠷᠬᠠᠬᠤ ᠬᠡᠨ ᠪᠠᠢᠬᠤ ᠪᠢᠯᠡ᠃ ᠪᠠᠳᠠᠷᠴᠢ ᠶ᠋ᠢᠨ ᠬᠢ ᠢᠲᠡᠭᠡᠯᠲᠦ ᠳ᠋ᠦ᠍ ᠠᠷᠠᠵᠠ ᠥᠭᠭᠦᠭᠡᠳ ᠨᠠᠳᠠ ᠳ᠋ᠤ᠌ ᠲᠠᠷᠭᠤᠨ ᠴᠢᠳᠠᠮ ᠥᠭᠴᠦ ᠪᠠᠢᠨ᠎ᠠ ᠭᠡᠳ ᠰᠢᠷᠡᠭᠡᠨ ᠦ᠌ ᠢᠷᠮᠡᠭ ᠡᠴᠡ ᠠᠳᠢᠰ ᠠᠪᠬᠤ ᠵᠠᠭᠤᠷ᠎ᠠ ᠬᠤᠯᠠᠭᠠᠢ ᠨᠢᠳᠦ ᠪᠡᠷ ᠣᠷᠴᠢᠨ ᠲᠣᠭᠣᠷᠢᠨ ᠢ᠋ᠶ᠋ᠠᠨ ᠠᠵᠢᠭᠯᠠᠪᠠ᠃
  ᠥᠨᠳᠡᠢᠵᠦ ᠲᠣᠯᠣᠭᠠᠢ ᠳᠡᠭᠡᠷ᠎ᠡ ᠪᠡᠨ ᠨᠠᠮᠠᠨᠴᠢᠯᠠᠭᠠᠳ ᠳᠠᠬᠢᠨ ᠪᠥᠬᠥᠢᠵᠦ ᠮᠥᠩᠭᠥᠨ ᠴᠥᠭᠥᠴᠡ ᠲᠡᠢ ᠬᠠᠷ᠎ᠠ ᠠᠷᠢᠬᠢᠨ ᠨᠠᠩᠴᠢᠳ ᠢ᠋ ᠤᠤᠭᠤᠵᠤ ᠣᠷᠬᠢᠯ᠎ᠠ᠃
  ᠯᠤᠤ ᠬᠦᠩ ᠦ᠋ᠨ ᠬᠣᠰᠢᠭᠤ ᠰᠠᠬᠢᠭᠤᠰᠤ ᠳ᠋ᠤ᠌ ᠡᠳᠦᠷ ᠪᠦᠬᠦᠨ ᠬᠠᠷ᠎ᠠ ᠠᠷᠢᠬᠢ ᠪᠠᠷ ᠨᠠᠩᠴᠢᠳ ᠲᠠᠯᠪᠢᠳᠠᠭ ᠪᠢᠯᠡ᠃
  ᠨᠢᠮ᠎ᠠ ᠴᠢᠨᠠᠭᠰᠢ ᠶᠠᠪᠤᠵᠤ ᠬᠡᠳᠦᠨ ᠲᠣᠮᠣ ᠪᠠᠯᠢᠩ ᠤ᠋ᠨ ᠠᠷᠤ ᠪᠠᠷ ᠭᠠᠷᠬᠤ ᠳ᠋ᠠᠭᠠᠨ ᠬᠡᠳᠦ ᠳᠠᠬᠢᠨ ᠪᠠᠵᠠᠨ ᠠᠪᠴᠤ ᠡᠪᠦᠷᠲᠦᠯᠡᠭᠡᠳ ᠰᠦᠮ᠎ᠡ ᠶ᠋ᠢᠨ ᠬᠠᠭᠠᠯᠭ᠎ᠠ ᠪᠠᠷ ᠭᠠᠷᠬᠤ ᠳ᠋ᠤ᠌ ᠴᠠᠭᠠᠭᠴᠢ ᠭᠡᠭᠦᠦ ᠶ᠋ᠢ ᠨᠢ ᠨᠢᠭᠡ ᠯᠠᠮᠠ ᠬᠥᠲᠥᠯᠦᠭᠡᠳ ᠶᠠᠪᠤᠵᠤ ᠪᠠᠢᠭᠰᠠᠨ ᠢ᠋ᠶ᠋ᠠᠨ ᠵᠣᠭᠰᠣᠵᠤ 《ᠲᠠᠨ ᠢ᠋ ᠮᠣᠷᠢ ᠪᠠᠨ ᠡᠨᠳᠡ ᠣᠷᠬᠢᠵᠤ ᠪᠣᠯᠬᠤ ᠦᠭᠡᠢ ᠭᠡᠵᠦ ᠬᠡᠳᠦ ᠬᠡᠯᠡᠪᠡᠯ ᠪᠣᠯᠬᠤ ᠶᠤᠮ ᠪᠣᠢ? 》 ᠭᠡᠳ ᠵᠣᠭᠰᠣᠪᠠ᠃
  ᠊᠊᠊᠊᠊᠊᠊᠊᠊᠊᠊᠊᠊᠊᠊ ᠢᠨᠠᠳᠤᠭᠢ ᠴᠢᠨᠢ ᠮᠣᠷᠢ ᠪᠢᠰᠢ ᠭᠡᠭᠦᠦ᠂ ᠬᠦᠦ ᠮᠢᠨᠢ ᠭᠡᠵᠦ ᠬᠡᠯᠡᠭᠡᠳ ᠨᠢᠮ᠎ᠠ ᠠᠵᠢᠭ ᠦᠭᠡᠢ ᠣᠴᠢᠵᠤ ᠴᠤᠯᠪᠤᠭᠤᠷ ᠢ᠋ᠶ᠋ᠠᠨ ᠠᠪᠤᠯ᠎ᠠ᠃
  ᠊᠊᠊᠊᠊᠊᠊᠊᠊᠊᠊᠊᠊᠊᠊ ᠡᠨᠳᠡ ᠡᠴᠡ ᠵᠠᠢᠯᠠ᠃ ᠨᠣᠶᠠᠨ ᠵᠠᠯᠠᠷᠠᠭᠠᠳ ᠢᠷᠡᠵᠦ ᠪᠠᠢᠬᠤ ᠶ᠋ᠢ ᠬᠠᠷᠠᠬᠤ ᠦᠭᠡᠢ ᠪᠠᠢᠨ᠎ᠠ ᠤᠤ ᠭᠡᠳ ᠯᠠᠮᠠ ᠡᠷᠭᠢᠵᠦ ᠶᠠᠪᠤᠯ᠎ᠠ᠃
  ᠨᠢᠮ᠎ᠠ ᠬᠠᠷᠠᠪᠠᠯ ᠰᠠᠶᠢᠬᠠᠨ ᠰᠢᠷᠡᠭᠡ ᠵᠠᠯᠭᠠᠮᠵᠢᠯᠠᠭᠰᠠᠨ ᠵᠠᠯᠠᠭᠤ ᠨᠣᠶᠠᠨ ᠵᠢᠷᠣᠭ᠎ᠠ ᠬᠠᠷ᠎ᠠ ᠮᠣᠷᠢ ᠤᠨᠤᠭᠠᠳ ᠬᠣᠢᠨ᠎ᠠ ᠡᠴᠡ ᠪᠡᠨ ᠬᠡᠳᠦᠨ ᠬᠢᠶ᠎ᠡ ᠳᠠᠭᠠᠭᠤᠯᠤᠨ ᠢᠷᠡᠯ᠎ᠡ᠃ ᠨᠢᠮ᠎ᠠ ᠰᠥᠬᠥᠷᠡᠨ ᠰᠠᠭᠤᠵᠤ ᠵᠠᠯᠪᠠᠷᠢᠪᠠ᠃
  ᠊᠊᠊᠊᠊᠊᠊᠊᠊᠊᠊᠊᠊᠊᠊ ᠠᠯᠲᠠᠨ ᠨᠠᠷᠠ ᠰᠢᠭ᠋ ᠭᠢᠯᠠᠯᠵᠠᠵᠤ ᠮᠥᠩᠭᠥᠨ ᠰᠠᠷᠠ ᠰᠢᠭ ᠮᠡᠯᠲᠡᠯᠵᠡᠵᠦ ᠪᠠᠢᠨ᠎ᠠ ᠳᠠ ᠡᠵᠡᠨ ᠮᠢᠨᠢ᠂ ᠲᠥᠷᠥ ᠶ᠋ᠢᠨ ᠰᠦᠯᠳᠡ ᠮᠢᠨᠢ ᠭᠡᠵᠦ ᠰᠢᠪᠡᠭᠡᠨᠡᠨ ᠬᠡᠯᠡᠭᠡᠳ ᠮᠠᠩᠨᠠᠢ ᠪᠠᠷ ᠢ᠋ᠶ᠋ᠠᠨ ᠭᠠᠵᠠᠷ ᠮᠥᠷᠭᠥᠪᠡ᠃
  ᠨᠣᠶᠠᠨ ᠮᠣᠷᠢᠨ ᠤ᠋ ᠠᠮᠠ ᠶ᠋ᠢ ᠲᠠᠲᠠᠵᠤ ᠵᠣᠭᠰᠣᠭᠠᠬᠤ ᠳ᠋ᠤ᠌ ᠬᠢᠶ᠎ᠡ ᠣᠴᠢᠵᠤ ᠲᠦᠰᠢᠨ ᠪᠠᠭᠤᠯᠭᠠᠪᠠ᠃ ᠲᠡᠭᠡᠭᠡᠳ ᠯᠠᠪᠷᠤᠩ ᠤᠷᠤᠭᠤ ᠣᠷᠣᠬᠤ ᠳ᠋ᠤ᠌ ᠨᠢᠮ᠎ᠠ ᠰᠠᠭᠤᠭᠰᠠᠭᠠᠷ ᠪᠠᠢᠯ᠎ᠠ᠃
  ᠊᠊᠊᠊᠊᠊᠊᠊᠊᠊᠊᠊᠊᠊᠊ ᠡᠵᠡᠨ ᠰᠦᠯᠳᠡ ᠮᠢᠨᠢ ᠭᠡᠳ ᠨᠢᠮ᠎ᠠ ᠪᠣᠰᠲᠠᠯ᠎ᠠ ᠬᠥᠯ ᠨᠢ ᠳᠠᠢ᠌ᠪᠢᠵᠤ ᠭᠡᠭᠦᠦ ᠶ᠋ᠢᠨ ᠢ᠋ᠶ᠋ᠡᠨ ᠬᠦᠵᠦᠭᠦᠨ ᠡᠴᠡ ᠲᠡᠪᠡᠷᠢᠨ ᠠᠪᠴᠤ ᠲᠣᠯᠣᠭᠠᠢ ᠪᠠᠨ ᠳᠠᠯᠤ ᠳ᠋ᠤᠨᠢ ᠨᠠᠭᠠᠪᠠ᠃ ᠪᠤᠴᠠᠵᠤ ᠰᠠᠭᠤᠭᠠᠳ ᠮᠣᠳᠣ ᠲᠣᠯᠣᠭᠠᠢ ᠪᠠᠨ ᠭᠠᠷᠭᠠᠵᠤ ᠬᠡᠳᠦ ᠳᠠᠬᠢᠨ ᠤᠭᠰᠠᠷᠠᠨ ᠲᠠᠮᠠᠬᠢ ᠲᠠᠲᠠᠯ᠎ᠠ᠃
  ᠨᠣᠶᠠᠨ ᠯᠠᠪᠷᠤᠩ ᠡᠴᠡ ᠭᠠᠷᠴᠤ ᠡᠷᠭᠢᠵᠦ ᠵᠠᠯᠪᠠᠷᠢᠭᠠᠳ ᠬᠢᠶ᠎ᠡ ᠶ᠋ᠢᠨ ᠪᠠᠷᠢᠭᠰᠠᠨ ᠤᠲᠤᠭ᠎ᠠ ᠲᠠᠢ ᠮᠠᠯᠠᠭᠠᠢ ᠪᠠᠨ ᠡᠮᠦᠰᠦᠭᠡᠳ ᠮᠣᠷᠢ ᠤᠷᠤᠭᠤ ᠪᠠᠨ ᠶᠠᠪᠤᠬᠤ ᠳ᠋ᠤᠨᠢ ᠨᠢᠮ᠎ᠠ ᠮᠣᠳᠣ ᠲᠣᠯᠣᠭᠠᠢ ᠪᠠᠨ ᠪᠤᠰᠢᠭᠤᠬᠠᠨ ᠡᠪᠦᠷᠲᠦᠯᠡᠵᠦ ᠴᠠᠭᠠᠭᠴᠢ ᠭᠡᠭᠦᠦ ᠪᠡᠨ ᠣᠷᠬᠢᠵᠤ ᠨᠠᠪᠰᠠᠢᠨ ᠭᠦᠶᠦᠵᠦ ᠣᠴᠢᠭᠠᠳ ᠰᠥᠬᠥᠷᠡᠮᠡᠭᠴᠡ ᠨᠣᠶᠠᠨ ᠤ᠋ ᠯᠤᠤ ᠲᠠᠢ ᠮᠠᠩᠨᠤᠭ ᠳᠡᠪᠡᠯ ᠦ᠋ᠨ ᠬᠣᠷᠮᠣᠢ ᠡᠴᠡ ᠠᠳᠢᠰ ᠠᠪᠤᠭᠠᠳ 《ᠡᠵᠡᠨ ᠰᠦᠯᠳᠡ ᠮᠢᠨᠢ》 ᠭᠡᠵᠦ ᠵᠠᠯᠪᠠᠷᠢᠪᠠ᠃
  ᠭᠡᠪᠡᠴᠦ ᠨᠢᠮ᠎ᠠ ᠶᠠᠭᠤ ᠭᠡᠵᠦ ᠬᠡᠯᠡᠭᠰᠡᠨ ᠢ᠋ ᠬᠡᠨ ᠴᠦ᠍ ᠣᠢᠯᠠᠭᠠᠭᠰᠠᠨ ᠦᠭᠡᠢ᠂ ᠣᠢᠯᠠᠭᠠᠬᠤ ᠶ᠋ᠢ ᠴᠦ᠍ ᠬᠦᠰᠡᠭᠰᠡᠨ ᠦᠭᠡᠢ᠃ ᠬᠠᠷᠢᠨ ᠵᠠᠯᠠᠭᠤ ᠨᠣᠶᠠᠨ ᠶᠡᠬᠡᠮᠰᠦᠭ ᠢ᠋ᠶ᠋ᠡᠷ ᠭᠢᠯᠤᠢᠨ ᠬᠠᠷᠠᠭᠠᠳ ᠬᠢᠶ᠎ᠡ ᠪᠡᠷ ᠰᠤᠭᠤᠳᠠᠭᠤᠯᠤᠨ ᠮᠣᠷᠳᠠᠵᠤ ᠶᠠᠪᠤᠯ᠎ᠠ᠃
  ᠡᠵᠡᠨ ᠦ᠌ ᠪᠡᠨ ᠬᠣᠷᠮᠣᠢ ᠳ᠋ᠤ᠌ ᠬᠦᠷᠦᠭᠰᠡᠨ ᠶᠡᠬᠡ ᠵᠠᠪᠰᠢᠶᠠᠨ ᠳ᠋ᠠᠭᠠᠨ ᠪᠠᠶᠠᠷᠯᠠᠭᠰᠠᠨ ᠨᠢᠮ᠎ᠠ ᠪᠠᠬᠠᠳᠤᠯ ᠤ᠋ᠨ ᠣᠴᠢ ᠭᠢᠯᠠᠯᠵᠠᠭᠰᠠᠨ ᠨᠢᠳᠦ ᠪᠡᠷ ᠨᠣᠶᠠᠨ ᠢ᠋ ᠳᠠᠯᠳᠠ ᠣᠷᠣᠲᠠᠯ᠎ᠠ ᠥᠲᠡᠯ᠎ᠡ᠃
  ᠮᠥᠷᠭᠥᠯᠴᠢᠳ ᠳᠡᠷᠭᠡᠳᠡᠭᠦᠷ ᠨᠢ ᠰᠦᠯᠵᠢᠨ ᠥᠩᠭᠡᠷᠡᠵᠦ᠂ ᠵᠠᠷᠢᠮ ᠨᠢ ᠨᠢᠮ᠎ᠠ ᠶ᠋ᠢᠨ ᠮᠡᠨᠳᠦ ᠶ᠋ᠢ ᠠᠰᠠᠭᠤᠪᠠᠴᠤ ᠠᠩᠬᠠᠷᠤᠯ ᠦᠭᠡᠢ ᠬᠡᠰᠡᠭ ᠵᠣᠭᠰᠣᠭᠠᠳ ᠴᠠᠭᠠᠭᠴᠢ ᠭᠡᠭᠦᠦ ᠤᠷᠤᠭᠤ ᠪᠠᠨ ᠶᠠᠪᠤᠯ᠎ᠠ᠃
  ᠨᠢᠮ᠎ᠠ ᠮᠣᠷᠳᠠᠵᠤ ᠭᠡᠷ ᠦ᠋ᠨ ᠵᠦᠭ ᠱᠣᠭᠰᠢᠨ ᠶᠠᠪᠤᠬᠤ ᠵᠠᠭᠤᠷ᠎ᠠ ᠳᠣᠲᠣᠷ᠎ᠠ ᠡᠴᠡ ᠨᠢ ᠠᠷᠢᠬᠢ ᠬᠠᠯᠠᠭᠠᠵᠤ᠂ ᠭᠠᠳᠠᠨ᠎ᠠ ᠡᠴᠡ ᠬᠡᠯᠪᠡᠢᠵᠦ ᠪᠠᠢᠭ᠎ᠠ ᠵᠤᠨ ᠤ᠋ ᠨᠠᠷᠠ ᠰᠢᠷᠠᠨ ᠬᠠᠶᠠ ᠡᠪᠦᠷ ᠡᠴᠡ ᠪᠡᠨ ᠪᠠᠯᠢᠩ ᠤ᠋ᠨ ᠪᠣᠷᠣ ᠭᠤᠯᠢᠷ ᠭᠠᠷᠭᠠᠨ ᠵᠠᠵᠢᠯᠵᠤ 《ᠨᠠᠪᠰᠠᠩ ᠴᠠᠭᠠᠭᠴᠢ ᠭᠡᠭᠦᠦ ᠱᠣᠭᠰᠢᠬᠤ ᠲᠣᠰᠤᠮ ᠶᠠᠩᠵᠤ ᠲᠠᠢ᠂ ᠨᠠᠩᠴᠢᠳ ᠤᠤᠭᠤᠭᠰᠠᠨ ᠬᠣᠳᠣᠭᠣᠳᠣ ᠬᠠᠯᠠᠬᠤ ᠲᠣᠰᠤᠮ ᠪᠠᠶᠠᠷᠲᠠᠢ᠂ ᠴᠡᠯᠳᠡᠩ ᠴᠠᠭᠠᠭᠴᠢ ᠭᠡᠭᠦᠦ ᠬᠠᠲᠠᠷᠢᠬᠤ ᠲᠣᠰᠤᠮ ᠶᠠᠩᠵᠤ ᠲᠠᠢ᠂ ᠰᠢᠬᠢᠷ ᠪᠤᠷᠠᠮ ᠲᠠᠢ ᠪᠠᠯᠢᠩ ᠵᠠᠵᠢᠯᠬᠤ ᠲᠣᠰᠤᠮ ᠠᠮᠲᠠ ᠲᠠᠢ》 ᠭᠡᠵᠦ ᠥᠪᠡᠷ ᠲᠤᠨᠢ ᠲᠣᠳᠣ ᠪᠣᠯᠪᠠᠴᠤ ᠬᠠᠵᠠᠭᠤ ᠳ᠋ᠤᠨᠢ ᠠᠩᠬᠠᠷᠤᠨ ᠰᠣᠨᠣᠰᠪᠠᠴᠤ ᠦᠭᠡ ᠨᠢ ᠦᠯᠦ ᠮᠡᠳᠡᠭᠳᠡᠬᠦ ᠭᠣᠩᠰᠢᠶ᠎ᠠ ᠳᠠᠭᠤ ᠠᠶᠠᠯᠠᠵᠤ ᠶᠠᠪᠤᠯ᠎ᠠ᠃
  ᠪᠠᠳᠠᠷᠴᠢ ᠶ᠋ᠢᠨ ᠬᠣᠲᠠ ᠶ᠋ᠢᠨ ᠬᠣᠢᠭᠤᠷ ᠭᠠᠷᠬᠤ ᠳ᠋ᠠᠭᠠᠨ 《ᠲᠠᠨ ᠤ᠋ ᠬᠠᠷ᠎ᠠ ᠤᠰᠤᠨ ᠤ᠋ ᠬᠢ ᠪᠢᠰᠢ᠂ ᠬᠣᠰᠢᠭᠤ ᠰᠠᠬᠢᠭᠤᠰᠤᠨ ᠤ᠋ ᠬᠠᠢᠷᠠᠯᠠᠭᠰᠠᠨ ᠨᠠᠩᠴᠢᠳ ᠤ᠋ᠨ ᠬᠢ》 ᠭᠡᠵᠦ ᠪᠦᠪᠦᠳᠦᠨᠡᠨ ᠬᠡᠯᠡᠭᠡᠳ ᠥᠨᠳᠡᠢᠵᠦ ᠬᠠᠲᠠᠷᠢᠭᠤᠯᠪᠠ᠃ ᠤᠳᠠᠯ ᠦᠭᠡᠢ ᠢᠲᠡᠭᠡᠯᠲᠦ ᠡᠷᠳᠡᠨᠢ ᠬᠣᠶᠠᠷ ᠢ᠋ ᠭᠦᠢᠴᠡᠪᠡ᠃
  ᠊᠊᠊᠊᠊᠊᠊᠊᠊᠊᠊᠊᠊᠊᠊ ᠵᠠ ᠰᠠᠬᠢᠭᠤᠰᠤᠨ ᠳ᠋ᠤ᠌ ᠮᠥᠷᠭᠥᠭᠡᠳ ᠢᠷᠡᠪᠡ ᠤᠤ?
  ᠊᠊᠊᠊᠊᠊᠊᠊᠊᠊᠊᠊᠊᠊᠊ ᠲᠡᠢᠮᠦ᠃
  ᠊᠊᠊᠊᠊᠊᠊᠊᠊᠊᠊᠊᠊᠊᠊ ᠮᠥᠷᠭᠥᠯᠴᠢᠨ ᠣᠯᠠᠨ ᠪᠠᠢᠨ᠎ᠠ ᠤᠤ?
  ᠊᠊᠊᠊᠊᠊᠊᠊᠊᠊᠊᠊᠊᠊᠊ ᠨᠣᠶᠠᠨ ᠪᠢᠳᠡ ᠬᠣᠶᠠᠷ ᠡᠴᠡ ᠡᠬᠢᠯᠡᠭᠡᠳ ᠣᠯᠠᠨ ᠪᠠᠢᠯ᠎ᠠ ᠬᠥᠭᠡᠷᠦᠬᠦᠢ ᠭᠡᠳ ᠯᠠᠪᠷᠤᠩ ᠤ᠋ᠨ ᠡᠭᠦᠳᠡᠨ ᠳ᠋ᠦ᠍ ᠨᠣᠶᠠᠨ ᠲᠠᠢ ᠲᠠᠭᠠᠷᠠᠯᠳᠤᠭᠰᠠᠨ᠂ ᠶᠠᠭᠠᠬᠢᠵᠤ ᠡᠵᠡᠨ ᠦ᠌ ᠪᠠᠷᠢᠨᠲᠠᠭ ᠤ᠋ᠨ ᠬᠣᠷᠮᠣᠢ ᠡᠴᠡ ᠠᠳᠢᠰ ᠠᠪᠤᠭᠰᠠᠨ ᠢ᠋ᠶ᠋ᠠᠨ ᠶᠠᠷᠢᠯ᠎ᠠ᠃
  ᠊᠊᠊᠊᠊᠊᠊᠊᠊᠊᠊᠊᠊᠊᠊ ᠲᠠ ᠴᠦ᠍ ᠲᠩᠷᠢ ᠶ᠋ᠢᠨ ᠤᠮᠠᠳᠠᠭ ᠠᠳᠬᠤᠵᠠᠢ ᠭᠡᠵᠦ ᠢᠲᠡᠭᠡᠯᠲᠦ ᠬᠡᠯᠡᠭᠡᠳ ᠡᠷᠳᠡᠨᠢ ᠤᠷᠤᠭᠤ ᠨᠢᠳᠦ ᠢᠷᠮᠡᠨ ᠢᠨᠢᠶᠡᠪᠡ᠃
  ᠊᠊᠊᠊᠊᠊᠊᠊᠊᠊᠊᠊᠊᠊᠊ ᠳᠡᠭᠡᠯ ᠦᠭᠡᠢ ᠶᠠᠭᠠᠬᠢᠬᠤᠪ ᠭᠡᠳ ᠡᠪᠦᠷ ᠡᠴᠡ ᠪᠡᠨ ᠪᠠᠯᠢᠩ ᠤ᠋ᠨ ᠬᠡᠰᠡᠭ ᠭᠤᠯᠢᠷ ᠭᠠᠷᠭᠠᠵᠤ ᠬᠤᠪᠢᠶᠠᠭᠠᠳ 《ᠢᠳᠡᠬᠦ ᠭᠡᠳ ᠡᠷᠡᠬᠡᠢ ᠪᠡᠨ᠂ ᠳᠣᠯᠣᠭᠣᠬᠤ ᠭᠡᠳ ᠳᠣᠯᠣᠪᠣᠷ ᠢ᠋ᠶ᠋ᠠᠨ ᠢᠳᠡᠴᠢᠬᠡᠬᠦ ᠪᠣᠢ ᠳᠠ》 ᠭᠡᠳ ᠥᠭᠪᠡ᠃
  ᠊᠊᠊᠊᠊᠊᠊᠊᠊᠊᠊᠊᠊᠊᠊ ᠬᠥᠮᠦᠨ ᠴᠢᠨᠢ ᠰᠠᠬᠢᠭᠤᠰᠤ ᠳ᠋ᠤ᠌ ᠮᠥᠷᠭᠥᠬᠦ ᠳ᠋ᠡᠭᠡᠨ ᠡᠷᠭᠦᠯ ᠪᠠᠷᠢᠵᠤ ᠭᠠᠷᠤᠵᠠ ᠲᠠᠢ ᠶᠠᠪᠤᠳᠠᠭ᠃ ᠲᠠ ᠴᠢᠨᠢ ᠦᠷᠭᠦᠯᠵᠢ ᠣᠯᠵᠠ ᠲᠠᠢ ᠶᠠᠪᠤᠬᠤ ᠶᠤᠮ ᠭᠡᠳ ᠢᠲᠡᠭᠡᠯᠲᠦ ᠭᠤᠯᠢᠷ ᠢ᠋ ᠠᠮᠲᠠᠷᠬᠠᠨ ᠵᠠᠵᠢᠯᠪᠠ᠃
  ᠊᠊᠊᠊᠊᠊᠊᠊᠊᠊᠊᠊᠊᠊᠊ ᠰᠠᠢᠬᠠᠨ ᠯᠠ ᠶᠠᠭᠤᠮ᠎ᠠ ᠪᠠᠢᠨ᠎ᠠ ᠭᠡᠵᠦ ᠡᠷᠳᠡᠨᠢ ᠬᠡᠯᠡᠪᠡ᠃
  ᠊᠊᠊᠊᠊᠊᠊᠊᠊᠊᠊᠊᠊᠊᠊ ᠲᠠᠬᠢᠯᠴᠢ ᠨᠢ ᠨᠠᠳᠠ ᠳ᠋ᠤ᠌ ᠬᠡᠰᠢᠭ ᠥᠭᠭᠦᠭᠰᠡᠨ᠃ ᠪᠠᠰᠠ ᠨᠢᠭᠡ ᠳᠠᠭᠱᠠ ᠬᠠᠷ᠎ᠠ ᠠᠷᠢᠬᠢ ᠬᠠᠢᠷᠠᠯᠠᠭᠰᠠᠨ ᠭᠡᠵᠦ ᠨᠢᠮ᠎ᠠ ᠠᠵᠢᠭ ᠦᠭᠡᠢ ᠬᠡᠯᠡᠪᠡ᠃
  ᠲᠡᠳᠡᠨ ᠢ᠋ ᠭᠡᠷ ᠲᠡᠭᠡᠨ ᠣᠢᠷᠠᠲᠤᠬᠤ ᠳ᠋ᠤᠨᠢ ᠬᠣᠩᠭᠣᠷ ᠲᠦᠷᠦᠭᠦᠦ ᠲᠡᠢ ᠰᠦᠷᠦᠩ ᠰᠡᠭᠦᠯ ᠲᠡᠢ ᠬᠡᠦᠬᠡᠳ ᠦ᠋ᠳ ᠤᠭᠲᠤᠨ ᠭᠦᠶᠦᠯᠳᠦᠵᠦ ᠢᠷᠡᠯ᠎ᠡ᠃ ᠨᠢᠮ᠎ᠠ ᠮᠣᠷᠢᠨ ᠡᠴᠡ ᠪᠠᠭᠤᠵᠤ ᠡᠪᠦᠷ ᠡᠴᠡ ᠪᠡᠨ ᠭᠤᠯᠢᠷ ᠭᠠᠷᠭᠠᠵᠤ ᠬᠤᠪᠢᠶᠠᠨ ᠥᠭᠬᠦ ᠵᠠᠭᠤᠷ᠎ᠠ 《ᠢᠳᠡᠬᠦ ᠭᠡᠳ ᠡᠷᠡᠬᠡᠢ ᠪᠡᠨ᠂ ᠳᠣᠯᠣᠭᠣᠬᠤ ᠭᠡᠳ ᠳᠣᠯᠣᠪᠣᠷ ᠢ᠋ᠶ᠋ᠠᠨ ᠢᠳᠡᠴᠢᠬᠡᠬᠦ ᠪᠣᠢ ᠳᠠᠮᠰᠢᠭ ᠤ᠋ᠳ》 ᠭᠡᠯ᠎ᠡ᠃
  ᠪᠠᠲᠤ ᠠ᠋᠂ ᠡᠨᠡ ᠬᠣᠶᠠᠷ ᠤ᠋ᠨ ᠬᠢ ᠶ᠋ᠢ ᠪᠤᠯᠢᠶᠠᠶ᠎ᠠ ᠭᠡᠵᠦ ᠬᠣᠩᠭᠣᠷ ᠢ᠋ ᠬᠡᠯᠡᠬᠦ ᠳ᠋ᠦ᠍ ᠴᠣᠬᠣᠮ ᠶᠠᠭᠤ ᠢᠳᠡᠭᠰᠡᠨ ᠢ᠋ᠶ᠋ᠡᠨ ᠮᠡᠳᠡᠬᠦ ᠭᠡᠰᠡᠨ ᠪᠣᠯᠤᠯᠲᠠᠢ ᠤᠷᠤᠭᠤᠯ ᠢ᠋ᠶ᠋ᠠᠨ ᠳᠣᠯᠣᠭᠣᠵᠤ ᠪᠠᠢᠭᠰᠠᠨ ᠪᠠᠲᠤ ᠣᠢᠯᠭᠠᠭᠰᠠᠨ ᠦᠭᠡᠢ᠃
  ᠊᠊᠊᠊᠊᠊᠊᠊᠊᠊᠊᠊᠊᠊᠊ ᠡᠵᠢ ᠠ᠋᠂ ᠡᠭᠦᠨ ᠢ᠋ ᠬᠠᠷᠠᠭᠠᠴᠢ ᠭᠡᠳ ᠰᠣᠯᠣᠩᠭ᠎ᠠ ᠣᠬᠤᠰᠭᠢᠭᠰᠠᠨ ᠪᠣᠯᠪᠠᠴᠤ ᠲᠤᠭᠤᠯ ᠤ᠋ᠨ ᠵᠡᠯ᠎ᠡ ᠶ᠋ᠢᠨ ᠳᠡᠷᠭᠡᠳᠡ ᠬᠣᠩᠭᠣᠷ ᠲᠤ᠌ ᠪᠠᠷᠢᠭᠳᠠᠪᠠ᠃ ᠤᠯᠠ ᠨᠢ ᠭᠢᠯᠠᠯᠵᠠᠨ ᠭᠦᠶᠦᠵᠦ ᠶᠠᠪᠤᠭᠰᠠᠨ ᠰᠦᠷᠦᠩ ᠰᠣᠯᠣᠩᠭ᠎ᠠ ᠳ᠋ᠤ᠌ ᠲᠤᠰᠠᠯᠠᠵᠤ ᠭᠤᠷᠪᠠᠯᠵᠢᠨ ᠵᠣᠳᠣᠭᠠᠨ ᠪᠣᠯᠪᠠ᠃
  ᠬᠣᠩᠭᠣᠷ ᠤ᠋ᠨ ᠬᠡᠯᠡᠭᠰᠡᠨ ᠦᠭᠡ ᠶ᠋ᠢᠨ ᠤᠴᠢᠷ ᠢ᠋ ᠬᠣᠵᠢᠮ ᠤᠬᠠᠭᠠᠷᠠᠭᠰᠠᠨ ᠪᠠᠲᠤ ᠪᠠᠰᠠ ᠯᠠ ᠭᠦᠶᠦᠨ ᠣᠴᠢᠵᠤ ᠨᠣᠴᠣᠯᠳᠤᠪᠠ᠃ ᠰᠦᠷᠦᠩ᠂ ᠬᠣᠩᠭᠣᠷ ᠤ᠋ᠨ ᠭᠠᠷ᠂ ᠪᠠᠲᠤ ᠶ᠋ᠢᠨ ᠪᠤᠯᠴᠢᠩ ᠢ᠋ ᠬᠥᠬᠡᠷᠡᠲᠡᠯ᠎ᠡ ᠨᠢ ᠬᠠᠵᠠᠭᠰᠠᠨ ᠪᠣᠯᠪᠠᠴᠤ ᠲᠤᠰᠠ ᠪᠣᠯᠤᠭᠰᠠᠨ ᠦᠭᠡᠢ᠃
  ᠊᠊᠊᠊᠊᠊᠊᠊᠊᠊᠊᠊᠊᠊᠊ ᠳᠠᠩᠳᠠᠨ ᠬᠡᠦᠬᠡᠳ ᠦ᠋ᠨ ᠶᠠᠭᠤᠮ᠎ᠠ ᠪᠤᠯᠢᠶᠠᠵᠤ ᠪᠠᠢᠳᠠᠭ ᠵᠣᠯᠢᠭ ᠰᠢᠦ ᠭᠡᠳ ᠳᠤᠯᠵᠢᠨ ᠬᠣᠩᠭᠣᠷ ᠤ᠋ᠨ ᠴᠢᠬᠢᠨ ᠡᠴᠡ ᠲᠡᠳᠡᠨ ᠪᠤᠰᠬᠠᠭᠠᠳ ᠬᠣᠶᠠᠷ ᠳᠠᠬᠢᠨ ᠠᠯᠠᠭᠠᠳᠠᠵᠤ ᠲᠦᠯᠬᠢᠪᠡ᠃
  ᠊᠊᠊᠊᠊᠊᠊᠊᠊᠊᠊᠊᠊᠊᠊ ᠴᠢ ᠪᠠᠰᠠ ᠲᠡᠭᠡᠭᠡᠳ ᠭᠡᠳ ᠪᠠᠲᠤ ᠤᠷᠤᠭᠤ ᠤᠬᠤᠰᠬᠢᠬᠦ ᠳ᠋ᠦ᠍ ᠲᠡᠷᠡ ᠵᠢᠭᠤᠲᠠᠨ ᠠᠷᠢᠯᠪᠠ᠃ ᠬᠣᠩᠭᠣᠷ ᠤᠬᠢᠯᠠᠭᠰᠠᠨ ᠴᠤ᠌ ᠦᠭᠡᠢ᠂ ᠪᠠᠲᠤ ᠶ᠋ᠢ ᠭᠦᠢᠴᠡᠵᠦ ᠣᠴᠢᠭᠠᠳ ᠭᠠᠷ ᠢ᠋ᠶ᠋ᠠᠨ ᠦᠵᠡᠭᠰᠡᠨ ᠢ᠋ᠶ᠋ᠡᠨ 《ᠮᠠᠭᠤ ᠡᠮ᠎ᠡ ᠱᠤᠯᠤᠮ ᠤ᠋ᠨ ᠬᠠᠵᠠᠭᠰᠠᠨ ᠢ᠋ ᠬᠠᠷᠠᠭᠠᠴᠢ》 ᠭᠡᠪᠡ᠃
  ᠊᠊᠊᠊᠊᠊᠊᠊᠊᠊᠊᠊᠊᠊᠊ ᠨᠠᠮᠢ᠋ᠢ ᠪᠠᠰᠠ ᠬᠠᠵᠠᠭᠰᠠᠨ ᠭᠡᠳ ᠪᠠᠲᠤ ᠭᠠᠷ ᠤ᠋ᠨ ᠬᠥᠬᠡᠷᠡᠭᠰᠡᠨ ᠪᠤᠯᠴᠢᠩ ᠢ᠋ ᠦᠵᠡᠭᠦᠯᠪᠡ᠃
  ᠊᠊᠊᠊᠊᠊᠊᠊᠊᠊᠊᠊᠊᠊᠊ ᠶᠠᠭᠤᠨ ᠳ᠋ᠤ᠌ ᠬᠥᠮᠦᠨ ᠦ᠌ ᠶᠠᠭᠤᠮ᠎ᠠ ᠪᠤᠯᠢᠶᠠᠬᠤ ᠭᠡᠳᠡᠭ ᠶᠤᠮ? ᠭᠡᠵᠦ ᠡᠷᠳᠡᠨᠢ ᠬᠣᠶᠠᠷ ᠬᠦᠦ ᠶ᠋ᠢ ᠵᠢᠮᠡᠯᠡᠪᠡ᠃
  ᠊᠊᠊᠊᠊᠊᠊᠊᠊᠊᠊᠊᠊᠊᠊ ᠲᠡᠳᠡᠨ ᠡᠴᠡ ᠪᠤᠯᠢᠶᠠᠭᠠᠳ ᠢᠲᠡᠭᠡᠴᠢᠬᠡᠵᠦ ᠴᠢᠳᠠᠬᠤ ᠦᠭᠡᠢ ᠮᠠᠭᠤ ᠳᠠᠮᠰᠢᠭ ᠤ᠋ᠳ ᠭᠡᠳ ᠢᠲᠡᠭᠡᠯᠲᠦ ᠱᠣᠣᠯᠠᠨ ᠢᠨᠢᠶᠡᠪᠡ᠃
  ᠊᠊᠊᠊᠊᠊᠊᠊᠊᠊᠊᠊᠊᠊᠊ ᠢᠳᠡᠬᠦ ᠭᠡᠳ ᠡᠷᠡᠬᠡᠢ ᠪᠡᠨ᠂ ᠳᠣᠯᠣᠭᠣᠬᠤ ᠭᠡᠳ ᠳᠣᠯᠣᠪᠣᠷ ᠢ᠋ᠶ᠋ᠠᠨ ᠭᠡᠵᠦ ᠡᠰᠡ ᠬᠡᠯᠡᠭᠰᠡᠨ ᠪᠢᠯᠢᠤ ᠭᠡᠵᠦ ᠨᠢᠮ᠎ᠠ ᠬᠡᠯᠡᠭᠡᠳ ᠭᠡᠷ ᠦ᠋ᠨ ᠵᠦᠭ ᠶᠠᠪᠤᠪᠠ᠃
  ᠊᠊᠊᠊᠊᠊᠊᠊᠊᠊᠊᠊᠊᠊᠊ ᠬᠤᠪᠤᠨ ᠬᠥᠬᠡ ① ᠶ᠋ᠢ ᠠᠯᠠᠵᠤ ᠣᠷᠬᠢᠬᠤ ᠶᠤᠮᠰᠠᠨ ᠭᠡᠵᠦ ᠳᠤᠯᠵᠢᠨ ᠦᠭᠡᠯᠡᠭᠰᠡᠭᠡᠷ ᠤᠬᠢᠯᠠᠭᠰᠠᠨ ᠰᠣᠯᠣᠩᠭ᠎ᠠ ᠰᠦᠷᠦᠩ ᠬᠣᠶᠠᠷ ᠢ᠋ ᠬᠥᠲᠥᠯᠦᠨ ᠢᠷᠡᠵᠦ ᠶᠠᠪᠤᠯ᠎ᠠ᠃
  ᠨᠠᠷᠠ ᠵᠢᠷᠭᠠᠵᠤ ᠤᠨᠠᠭ᠎ᠠ ᠪᠠᠨ ᠳᠠᠭᠠᠭᠤᠯᠤᠨ ᠪᠡᠯᠴᠢᠵᠦ ᠪᠠᠢᠭ᠎ᠠ ᠭᠡᠭᠦᠦ ᠵᠡᠯ᠎ᠡ ᠪᠡᠨ ᠣᠷᠬᠢᠵᠤ ᠪᠡᠯᠴᠢᠭᠡᠷ ᠴᠢᠭᠯᠡᠨ ᠶᠠᠪᠤᠬᠤ ᠳ᠋ᠤ᠌ ᠲᠣᠮᠣ ᠬᠤᠪᠢᠩ ᠰᠦ ᠳᠠᠮᠵᠢᠯᠠᠨ ᠪᠠᠷᠢᠭᠰᠠᠨ ᠲᠤᠯᠭᠠᠷ ᠳᠤᠯᠮ᠎ᠠ ᠬᠣᠶᠠᠷ ᠢᠨᠢᠶᠡᠯᠳᠦᠨ ᠶᠠᠷᠢᠯᠴᠠᠭᠰᠠᠭᠠᠷ ᠶᠡᠬᠡ ᠭᠡᠷ ᠦ᠋ᠨ ᠵᠦᠭ ᠶᠠᠪᠤᠵᠤ ᠪᠠᠢᠪᠠ᠃
  
ᠲᠠᠢᠯᠪᠤᠷᠢ᠄
①   ᠬᠤᠪᠤᠨ ᠬᠥᠬᠡ ᠭᠡᠵᠦ ᠡᠬᠡ ᠡᠴᠢᠭᠡ ᠨᠢ ᠬᠣᠩᠭᠣᠷ ᠢ᠋ ᠬᠣᠴᠢᠯᠠᠳᠠᠭ ᠠᠵᠢ᠃