ᠲᠤᠩᠭᠠᠯᠠᠭ ᠲᠠᠮᠢᠷ4-11-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ
《ᠡᠷᠡᠭᠴᠢᠨ ᠡᠮᠡᠭᠴᠢᠨ ᠢ᠋ᠶ᠋ᠡᠨ ᠦᠵᠡᠬᠦ᠂ ᠦᠬᠦᠬᠦ ᠰᠡᠬᠡᠬᠦ ᠪᠡᠨ ᠬᠠᠷᠠᠬᠤ ᠴᠠᠭ ᠢᠷᠡᠯ᠎ᠡ》 - ᠳᠥᠷᠪᠡᠳᠦᠭᠡᠷ ᠪᠦᠯᠦᠭ ᠠᠷᠪᠠᠨ ᠨᠢᠭᠡ
ᠰᠥᠨᠢ ᠳᠤᠮᠳᠠ ᠥᠩᠭᠡᠷᠡᠵᠦ ᠵᠠᠶ᠎ᠠ ᠪᠠᠨᠳᠢᠳᠠ ᠭᠡᠭᠡᠨ ᠦ᠌ ᠬᠦᠷᠢᠶ᠎ᠡ ᠭᠦᠨ ᠨᠣᠢᠷ ᠲᠤ᠌ ᠳᠠᠷᠤᠭᠳᠠᠵᠠᠢ᠃ ᠪᠠᠷᠠᠭᠤᠨ ᠬᠣᠢᠨ᠎ᠠ ᠡᠴᠡ ᠵᠢᠪᠡᠭᠦᠨ ᠬᠦᠢᠲᠡᠨ ᠰᠠᠯᠬᠢ ᠦᠯᠢᠶᠡᠨ᠂ ᠲᠩᠷᠢ ᠳ᠋ᠦ᠍ ᠲᠦᠭ ᠲᠦᠮᠡᠨ ᠣᠳᠣᠨ ᠠᠨᠢᠪᠠᠯᠵᠠᠨ ᠮᠢᠷᠠᠯᠵᠠᠨ᠎ᠠ᠃ ᠬᠦᠷᠢᠶᠡᠨ ᠦ᠌ ᠲᠠᠯ᠎ᠠ ᠪᠦᠬᠦᠨ ᠳ᠋ᠦ᠍ ᠨᠣᠬᠠᠢ ᠶᠠᠩᠵᠤ ᠪᠦᠷᠢ ᠶ᠋ᠢᠨ ᠳᠠᠭᠤ ᠪᠠᠷ ᠶᠠᠩᠰᠢᠨ ᠬᠤᠴᠠᠬᠤ ᠨᠢ ᠬᠦᠢᠲᠡᠨ ᠠᠭᠠᠷ ᠲᠤ᠌ ᠲᠡᠮᠦᠷ ᠳᠡᠯᠡᠳᠬᠦ ᠮᠡᠲᠦ ᠰᠣᠨᠣᠰᠤᠭᠳᠠᠨ᠎ᠠ᠃ ᠡᠨᠡ ᠰᠥᠨᠢ ᠬᠠᠮᠪᠤ ᠯᠠᠮᠠ ᠶ᠋ᠢᠨ ᠭᠡᠷ ᠲᠦ᠍ ᠠᠷᠪᠠᠭᠠᠳ ᠬᠥᠮᠦᠰ ᠴᠤᠭᠯᠠᠷᠠᠨ ᠪᠦᠳᠡᠭᠢ ᠳᠠᠭᠤ ᠪᠠᠷ ᠰᠢᠪᠡᠨᠡᠨ ᠶᠠᠷᠢᠯᠴᠠᠨ᠎ᠠ᠃ ᠡᠨᠡ ᠬᠥᠮᠦᠰ ᠦ᠋ᠨ ᠳᠤᠮᠳᠠ ᠪᠠᠨᠴᠢᠨ ᠪᠣᠭᠳᠠ ᠲᠠᠢ ᠬᠣᠶᠠᠷ ᠳᠠᠬᠢᠨ ᠬᠣᠯᠪᠣᠭ᠎ᠠ ᠪᠠᠷᠢᠭᠰᠠᠨ ᠴᠡᠮᠪᠡ᠂ ᠪᠠᠷᠠᠭᠤᠨ ᠬᠢᠵᠠᠭᠠᠷ ᠤ᠋ᠨ ᠴᠡᠷᠢᠭ ᠲᠦ᠍ ᠥᠨᠳᠥᠷ ᠠᠯᠪᠠ ᠬᠠᠭᠠᠵᠤ ᠪᠠᠢᠭᠠᠳ ᠤᠯᠤᠰ ᠤ᠋ᠨ ᠬᠥᠷᠥᠩᠭᠡ ᠦᠷᠡᠭᠳᠡᠭᠦᠯᠦᠭᠰᠡᠨ ᠬᠡᠷᠡᠭ ᠢ᠋ᠶ᠋ᠡᠷ ᠬᠠᠯᠠᠭᠳᠠᠭᠰᠠᠨ ᠵᠠᠮᠪᠠᠯ᠂ ᠬᠤᠯᠠᠭᠠᠢ ᠶ᠋ᠢᠨ ᠬᠡᠷᠡᠭ ᠢ᠋ᠶ᠋ᠡᠷ ᠱᠣᠷᠣᠩ ᠳ᠋ᠤ᠌ ᠣᠷᠣᠭᠠᠳ ᠰᠠᠶᠢᠬᠠᠨ ᠰᠤᠯᠠᠯᠠᠭᠳᠠᠵᠤ ᠢᠷᠡᠭᠰᠡᠨ ᠲᠦᠭᠵᠢᠯ᠂ ᠡᠬᠢᠨ ᠡᠴᠡ ᠨᠢ ᠠᠪᠤᠭᠠᠳ ᠡᠳᠦᠭᠡ ᠬᠦᠷᠲᠡᠯ᠎ᠡ ᠪᠠᠷᠤᠭ ᠭᠦᠨ ᠨᠣᠢᠷ ᠲᠠᠭᠠᠨ ᠠᠷᠠᠳ ᠤ᠋ᠨ ᠵᠠᠰᠠᠭ ᠢ᠋ ᠵᠥᠭᠡᠵᠦ ᠪᠠᠢᠳᠠᠭ ᠪᠠᠳᠠᠷᠴᠢ ᠮᠡᠲᠦ ᠬᠥᠮᠦᠰ ᠪᠠᠢᠯ᠎ᠠ᠃
᠊᠊᠊᠊᠊᠊᠊᠊᠊᠊᠊᠊᠊᠊᠊ ᠬᠡᠢᠳ ᠵᠢᠰᠠ ᠶ᠋ᠢᠨ ᠬᠥᠷᠥᠩᠭᠡ ᠶ᠋ᠢ ᠴᠥᠯᠮᠥᠨ ᠬᠤᠷᠢᠶᠠᠪᠠ᠃ ᠵᠠᠶ᠎ᠠ ᠭᠡᠭᠡᠨ ᠢ᠋ ᠪᠠᠷᠢᠵᠤ ᠠᠪᠠᠴᠢᠭᠠᠳ ᠬᠣᠷᠣᠭᠠᠪᠠ᠃ ᠯᠠᠮᠠ ᠨᠠᠷ ᠢ᠋ ᠬᠠᠷ᠎ᠠ ᠪᠣᠯᠬᠤ ᠶ᠋ᠢ ᠤᠷᠢᠶᠠᠯᠠᠨ ᠳᠡᠮᠵᠢᠵᠦ ᠪᠠᠢᠨ᠎ᠠ᠃ ᠠᠷᠠᠳ ᠤ᠋ᠨ ᠵᠠᠰᠠᠭ ᠰᠢᠷ᠎ᠠ ᠶ᠋ᠢᠨ ᠱᠠᠰᠢᠨ ᠢ᠋ ᠦᠨᠳᠦᠰᠦ ᠪᠡᠷ ᠨᠢ ᠤᠰᠠᠳᠬᠠᠬᠤ ᠭᠡᠵᠦ ᠪᠠᠢᠨ᠎ᠠ᠃ ᠨᠣᠶᠠᠳ ᠳᠡᠭᠡᠳᠦᠰ ᠢ᠋ ᠪᠤᠵᠠᠷᠯᠠᠵᠤ ᠭᠦᠢᠴᠡᠪᠡ᠃ ᠣᠳᠣ ᠪᠢᠳᠡ ᠭᠠᠷ ᠬᠤᠮᠬᠢᠨ ᠦᠷᠭᠡᠯᠡᠵᠦ ᠰᠠᠭᠤᠵᠤ ᠪᠣᠯᠬᠤ ᠦᠭᠡᠢ ᠪᠣᠯᠪᠠ᠃ ᠡᠰᠡᠬᠦᠯ᠎ᠡ ᠢᠩᠭᠢᠵᠦ ᠵᠡᠭᠦᠷᠮᠡᠭᠯᠡᠨ ᠰᠠᠭᠤᠵᠤ ᠪᠠᠢᠭᠠᠳ ᠱᠠᠰᠢᠨ ᠪᠤᠷᠬᠠᠨ ᠶᠣᠰᠣ ᠳᠢᠭᠯᠢᠮ ᠲᠡᠢ ᠪᠡᠨ ᠬᠠᠮᠲᠤ ᠪᠤᠯᠠᠰᠢᠯᠠᠭᠤᠯᠬᠤ᠂ ᠡᠰᠡᠬᠦᠯ᠎ᠡ ᠡᠷᠡᠭᠴᠢᠨ ᠡᠮᠡᠭᠴᠢᠨ ᠢ᠋ᠶ᠋ᠡᠨ ᠦᠵᠡᠬᠦ᠂ ᠦᠬᠦᠬᠦ ᠰᠡᠬᠡᠬᠦ ᠪᠡᠨ ᠬᠠᠷᠠᠬᠤ ᠴᠠᠭ ᠢᠷᠡᠯ᠎ᠡ ᠭᠡᠵᠦ ᠬᠠᠮᠪᠤ ᠬᠡᠯᠡᠭᠡᠳ ᠴᠡᠮᠪᠡ ᠤᠷᠤᠭᠤ ᠬᠢᠯᠡᠮᠬᠢᠨ ᠲᠣᠯᠣᠭᠠᠢ ᠪᠠᠨ ᠳᠣᠬᠢᠪᠠ᠃
᠊᠊᠊᠊᠊᠊᠊᠊᠊᠊᠊᠊᠊᠊᠊ ᠪᠠᠨᠴᠢᠨ ᠪᠣᠭᠳᠠ ᠬᠥᠳᠡᠯᠬᠦ ᠴᠠᠭ ᠪᠣᠯᠤᠭᠰᠠᠨ ᠭᠡᠵᠦ ᠬᠡᠯᠡᠭᠰᠡᠨ᠂ ᠪᠢᠳᠡᠨ ᠢ᠋ ᠡᠬᠢᠯᠡᠮᠡᠭᠴᠡ ᠲᠤᠰᠠᠯᠠᠨ᠎ᠠ ᠭᠡᠵᠦ ᠠᠢᠯᠠᠳᠤᠭᠰᠠᠨ᠃ ᠪᠠᠨᠴᠢᠨ ᠪᠣᠭᠳᠠ ᠶ᠋ᠢ ᠶᠡᠬᠡ ᠨᠠᠷᠠᠨ ᠤᠯᠤᠰ ᠳᠡᠮᠵᠢᠵᠦ ᠪᠠᠢᠭ᠎ᠠ ᠪᠢᠯᠡ᠃ ᠢᠯᠠᠩᠭᠤᠶ᠎ᠠ ᠨᠠᠮᠠᠶ᠋ᠢ ᠰᠡᠭᠦᠯ ᠦ᠋ᠨ ᠤᠳᠠᠭ᠎ᠠ ᠳᠣᠯᠣᠨᠠᠭᠤᠷ ᠬᠣᠲᠠ ᠳ᠋ᠤ᠌ ᠣᠴᠢᠵᠤ ᠠᠭᠤᠯᠵᠠᠬᠤ ᠳ᠋ᠤ᠌ 《ᠴᠠᠭ ᠪᠣᠯᠤᠭᠰᠠᠨ ᠬᠣᠢᠰᠢᠯᠠᠪᠠᠯ ᠬᠣᠵᠢᠮᠳᠠᠨᠠ》 ᠭᠡᠵᠦ ᠬᠡᠳᠦ ᠳᠠᠬᠢᠨ ᠠᠢᠯᠠᠳᠤᠭᠰᠠᠨ᠃ ᠡᠢᠮᠦ ᠳ᠋ᠦ᠍ ᠠᠷᠠᠳ ᠤ᠋ᠨ ᠵᠠᠰᠠᠭ ᠲᠤ᠌ ᠳᠤᠷ᠎ᠠ ᠦᠭᠡᠢ ᠪᠦᠬᠦ ᠬᠥᠮᠦᠨ ᠢ᠋ ᠨᠢᠭᠡᠳᠦᠭᠦᠯᠦᠨ ᠨᠢᠭᠡᠨ ᠵᠡᠷᠭᠡ ᠬᠥᠳᠡᠯᠵᠦ ᠦᠬᠦᠯᠳᠦᠨ ᠵᠠᠨᠴᠢᠯᠳᠤᠬᠤ ᠴᠠᠭ ᠪᠣᠯᠵᠠᠢ ᠭᠡᠳ ᠴᠡᠮᠪᠡ ᠦᠭᠡ ᠪᠡᠨ ᠲᠠᠰᠤᠯᠵᠤ ᠪᠦᠬᠦᠨ ᠢ᠋ ᠲᠣᠭᠣᠷᠢᠭᠤᠯᠤᠨ ᠬᠠᠷᠠᠭᠰᠠᠨ ᠢ᠋ᠶ᠋ᠠᠨ ᠴᠢᠮᠬᠢᠵᠦ ᠪᠠᠢᠭᠰᠠᠨ ᠰᠢᠷ᠎ᠠ ᠲᠠᠮᠠᠬᠢ ᠪᠠᠨ ᠲᠠᠲᠠᠵᠤ ᠬᠥᠨᠳᠡᠢ ᠬᠠᠨᠢᠶᠠᠭᠠᠳ᠂
᠊᠊᠊᠊᠊᠊᠊᠊᠊᠊᠊᠊᠊᠊᠊ ᠮᠢᠨᠦ ᠬᠡᠯᠡᠬᠦ ᠭᠡᠰᠡᠨ ᠶᠠᠭᠤᠮ᠎ᠠ ᠡᠨᠡ ᠯᠡ ᠪᠠᠢᠨ᠎ᠠ ᠭᠡᠳ ᠨᠢᠮᠭᠡᠨ ᠮᠠᠨᠤᠨ ᠬᠥᠭᠡᠷᠭᠡ (ᠬᠦᠬᠦᠷ) ᠢ᠋ᠶ᠋ᠡᠨ ᠳᠠᠯᠢᠩ ᠳ᠋ᠠᠭᠠᠨ ᠬᠢᠬᠦ ᠭᠡᠬᠦ ᠳ᠋ᠦ᠍ ᠬᠠᠵᠠᠭᠤ ᠳ᠋ᠤ᠌ ᠨᠢ ᠰᠠᠭᠤᠵᠤ ᠪᠠᠢᠭᠰᠠᠨ ᠨᠢᠭᠡ ᠯᠠᠮᠠ ᠭᠠᠷ ᠢ᠋ᠶ᠋ᠠᠨ ᠲᠣᠰᠴᠤ
᠊᠊᠊᠊᠊᠊᠊᠊᠊᠊᠊᠊᠊᠊᠊ ᠲᠠᠨ ᠤ᠋ ᠲᠠᠮᠠᠬᠢ ᠶᠠᠭᠠᠬᠢᠭᠰᠠᠨ ᠰᠠᠢᠬᠠᠨ ᠦᠨᠦᠷ ᠲᠡᠢ ᠶᠤᠮ ᠪᠣᠢ᠃ ᠠᠯᠢ ᠪᠣᠢ? ᠭᠡᠯᠡ᠃
᠊᠊᠊᠊᠊᠊᠊᠊᠊᠊᠊᠊᠊᠊᠊ ᠶᠣᠰᠣᠲᠠᠢ ᠭᠦᠢᠬᠤᠸᠡᠷ ᠭᠡᠳ ᠴᠡᠮᠪᠡ ᠬᠥᠭᠡᠷᠭᠡ ᠪᠡᠨ ᠥᠭᠪᠡ᠃ ᠯᠠᠮᠠ ᠬᠡᠳᠦ ᠳᠠᠬᠢᠨ ᠬᠠᠯᠪᠠᠭᠠᠳᠠᠵᠤ ᠴᠢᠮᠬᠢᠭᠡᠳ ᠲᠠᠲᠠᠭᠰᠠᠨ ᠢ᠋ᠶ᠋ᠠᠨ᠄
᠊᠊᠊᠊᠊᠊᠊᠊᠊᠊᠊᠊᠊᠊᠊ ᠠᠷᠭ᠎ᠠ ᠦᠭᠡᠢ ᠯᠡ ᠶᠠᠭᠤᠮ᠎ᠠ ᠲᠠᠢ ᠭᠠᠵᠠᠷ ᠤ᠋ᠨ ᠡᠳ᠋ ᠪᠠᠢᠨ᠎ᠠ ᠳᠠ ᠭᠡᠪᠡ᠃
ᠴᠡᠮᠪᠡ ᠪᠠᠨᠴᠢᠨ ᠪᠣᠭᠳᠠ ᠲᠠᠢ ᠬᠣᠶᠠᠷᠳᠠᠬᠢ ᠤᠳᠠᠭ᠎ᠠ ᠬᠣᠯᠪᠣᠭ᠎ᠠ ᠪᠠᠷᠢᠵᠤ ᠢᠷᠡᠭᠡᠳ ᠬᠠᠭᠠᠰ ᠰᠠᠷ᠎ᠠ ᠪᠣᠯᠵᠤ ᠪᠠᠢᠭ᠎ᠠ ᠶᠤᠮ᠃ ᠢᠷᠡᠬᠦ ᠳ᠋ᠡᠭᠡᠨ ᠬᠡᠳᠦᠨ ᠪᠣᠭᠣᠳᠠᠯ ᠰᠢᠷ᠎ᠠ ᠲᠠᠮᠠᠬᠢ᠂ ᠬᠣᠶᠠᠷ ᠮᠠᠨᠤᠨ ᠬᠥᠭᠡᠷᠭᠡ ᠠᠪᠴᠢᠷᠠᠵᠠᠢ᠃ ᠣᠴᠢᠭᠠᠳ ᠪᠠᠨᠴᠢᠨ ᠪᠣᠭᠳᠠ ᠳ᠋ᠤ᠌ ᠵᠥᠪᠬᠡᠨ ᠮᠥᠷᠭᠥᠭᠰᠡᠨ ᠪᠠ ᠬᠠᠷᠢᠨ ᠨᠢᠭᠡ ᠶᠠᠫᠣᠨ ᠬᠥᠮᠦᠨ ᠲᠡᠢ ᠠᠭᠤᠯᠵᠠᠵᠤ ᠬᠠᠮᠪᠤ ᠶ᠋ᠢᠨ ᠵᠠᠬᠢᠶ᠎ᠠ ᠶ᠋ᠢ ᠥᠭᠴᠦ ᠬᠠᠷᠢᠭᠤ ᠵᠢᠭᠠᠪᠤᠷᠢ ᠠᠪᠤᠭᠰᠠᠨ ᠶᠤᠮ᠃
᠊᠊᠊᠊᠊᠊᠊᠊᠊᠊᠊᠊᠊᠊᠊ ᠪᠠᠨᠴᠢᠨ ᠪᠣᠭᠳᠠ᠂ ᠮᠣᠩᠭᠣᠯ ᠤ᠋ᠨ ᠣᠯᠠᠨ ᠯᠠᠮᠠ ᠨᠠᠷ ᠲᠠ ᠪᠦᠬᠦᠨ ᠳ᠋ᠦ᠍ ᠶᠡᠬᠡ ᠨᠠᠢᠳᠠᠵᠤ ᠪᠠᠢᠭ᠎ᠠ ᠶᠤᠮ ᠰᠢᠦ᠃ ᠲᠠ ᠪᠦᠬᠦᠨ ᠦ᠌ ᠵᠢᠳᠬᠦᠯ ᠢ᠋ ᠪᠤᠷᠬᠠᠨ ᠪᠣᠯᠤᠨ ᠶᠡᠬᠡ ᠨᠠᠷᠠᠨ ᠤᠯᠤᠰ ᠥᠨᠳᠥᠷ ᠦᠨᠡᠯᠡᠵᠦ ᠪᠠᠢᠨ᠎ᠠ᠃ ᠴᠠᠭ ᠰᠠᠢᠬᠠᠨ ᠪᠣᠯᠤᠭᠰᠠᠨ ᠬᠣᠢᠨ᠎ᠠ ᠲᠣᠺᠢᠣ᠋ ᠬᠣᠲᠠ ᠳ᠋ᠤ᠌ ᠠᠢᠯᠴᠢᠯᠠᠨ ᠣᠴᠢᠬᠤ ᠶ᠋ᠢ ᠤᠷᠢᠶ᠎ᠠ ᠭᠡᠵᠦ ᠶᠠᠫᠣᠨ ᠬᠥᠮᠦᠨ ᠰᠠᠯᠬᠤ ᠳ᠋ᠠᠭᠠᠨ ᠬᠡᠯᠡᠵᠡᠢ᠃
ᠴᠡᠮᠪᠡ ᠶ᠋ᠢᠨ ᠶᠠᠷᠢᠶᠠᠨ ᠤ᠋ ᠳᠠᠷᠠᠭ᠎ᠠ ᠬᠥᠮᠦᠰ ᠨᠢᠭᠡ ᠬᠡᠰᠡᠭ ᠳᠠᠭᠤ ᠦᠭᠡᠢ ᠰᠠᠭᠤᠵᠠᠭᠠᠪᠠ᠃ ᠬᠠᠮᠪᠤ ᠣᠯᠠᠨ ᠤ᠋ ᠪᠠᠢᠳᠠᠯ ᠢ᠋ ᠬᠤᠯᠠᠭᠠᠢ ᠨᠢᠳᠦ ᠪᠡᠷ ᠠᠵᠢᠭᠯᠠᠨ᠂ ᠱ᠌ᠢᠷᠦᠨ ᠲᠣᠯᠣᠭᠠᠢ ᠲᠠᠢ ᠲᠣᠮᠣ ᠬᠠᠰ ᠤ᠋ᠨ ᠬᠥᠭᠡᠷᠭᠡ ᠪᠡᠨ ᠠᠯᠠᠭᠠᠨ ᠳᠡᠭᠡᠷ᠎ᠡ ᠪᠡᠨ ᠴᠣᠬᠢᠵᠤ ᠰᠠᠭᠤᠪᠠ᠃
᠊᠊᠊᠊᠊᠊᠊᠊᠊᠊᠊᠊᠊᠊᠊ ᠠᠷᠠᠳ ᠲᠦᠮᠡᠨ ᠦ᠌ ᠣᠯᠠᠩᠬᠢ ᠶ᠋ᠢᠨ ᠳᠡᠮᠵᠢᠯᠭᠡ ᠶ᠋ᠢ ᠠᠪᠤᠭᠰᠠᠨ ᠪᠦᠬᠦᠯᠢ ᠲᠥᠷᠥ ᠶ᠋ᠢᠨ ᠡᠰᠡᠷᠭᠦ ᠵᠡᠪᠰᠡᠭ ᠪᠠᠷᠢᠨ ᠪᠣᠰᠤᠨ᠎ᠠ ᠭᠡᠳᠡᠭ ᠠᠮᠠᠷ ᠬᠡᠷᠡᠭ ᠪᠢᠰᠢ᠃ ᠲᠠ ᠨᠠᠷ ᠤ᠋ᠨ ᠳᠤᠮᠳᠠ ᠤᠭ ᠠᠵᠢᠯ ᠳ᠋ᠤ᠌ ᠣᠷᠣᠯᠴᠠᠬᠤ ᠡᠴᠡ ᠠᠶᠤᠵᠤ ᠪᠠᠢᠭ᠎ᠠ ᠬᠥᠮᠦᠨ ᠪᠠᠢᠪᠠᠯ ᠦᠨᠡᠨ ᠢ᠋ᠶ᠋ᠡᠨ ᠬᠡᠯᠡᠬᠦ ᠬᠡᠷᠡᠭᠲᠡᠢ᠃ ᠮᠢᠨᠦ ᠬᠤᠪᠢ ᠳ᠋ᠤ᠌ ᠭᠡᠪᠡᠯ ᠪᠤᠷᠬᠠᠨ ᠱᠠᠰᠢᠨ ᠶᠣᠰᠣ ᠲᠥᠷᠥ ᠪᠡᠨ ᠠᠪᠤᠷᠠᠬᠤ ᠶ᠋ᠢᠨ ᠲᠥᠯᠥᠭᠡ ᠶᠠᠭᠤ ᠴᠤ᠌ ᠬᠢᠬᠦ ᠡᠴᠡ ᠪᠤᠴᠠᠬᠤ ᠦᠭᠡᠢ ᠪᠣᠯᠤᠭᠰᠠᠨ ᠬᠥᠮᠦᠨ ᠭᠡᠵᠦ ᠬᠠᠮᠪᠤ ᠬᠡᠯᠡᠪᠡ᠃
᠊᠊᠊᠊᠊᠊᠊᠊᠊᠊᠊᠊᠊᠊᠊ ᠠᠷᠠᠳ ᠤ᠋ᠨ ᠵᠠᠰᠠᠭ ᠪᠢᠳᠡ ᠬᠣᠶᠠᠷ ᠨᠢᠭᠡ ᠨᠠᠷᠠᠨ ᠤ᠋ ᠳᠣᠣᠷ᠎ᠠ ᠪᠠᠢᠵᠤ ᠴᠢᠳᠠᠬᠤ ᠦᠭᠡᠢ ᠪᠣᠯᠤᠭᠰᠠᠨ᠃ ᠢᠩᠭᠢᠬᠦᠯᠡᠷ ᠬᠠᠮᠪᠤ ᠲᠠᠨ ᠤ᠋ ᠬᠡᠯᠡᠭᠰᠡᠨ ᠢ᠋ᠶ᠋ᠡᠷ ᠦᠬᠦᠬᠦ ᠰᠡᠬᠡᠬᠦ ᠪᠡᠨ ᠦᠵᠡᠬᠦ ᠴᠠᠭ ᠪᠣᠯᠵᠠᠢ᠃ ᠬᠥᠳᠡᠯᠬᠦ ᠳ᠋ᠦ᠍ ᠪᠢᠳᠡᠨ ᠳ᠋ᠦ᠍ ᠵᠡᠪᠰᠡᠭ ᠯᠡ ᠬᠡᠷᠡᠭ ᠲᠡᠢ᠃ ᠪᠢ ᠬᠤᠪᠢ ᠳ᠋ᠠᠭᠠᠨ ᠠᠷᠪᠠᠭᠠᠳ ᠯᠠ ᠬᠥᠮᠦᠨ ᠢ᠋ ᠬᠤᠷᠳᠤᠨ ᠫᠤᠤ ᠪᠠᠷ ᠵᠡᠪᠰᠡᠭᠯᠡᠵᠦ ᠴᠢᠳᠠᠨ᠎ᠠ᠃ ᠣᠷᠣᠰ ᠯᠢᠶᠠᠠᠵᠤ ᠫᠤᠤ ᠰᠢᠦ ᠳᠡ᠃ ᠰᠤᠮᠤ ᠭᠡᠪᠡᠯ ᠬᠣᠶᠠᠷ ᠬᠠᠢᠷᠴᠠᠭ ᠲᠠᠢ ᠭᠡᠵᠦ ᠵᠠᠮᠪᠠᠯ ᠬᠡᠯᠡᠭᠡᠳ ᠬᠦᠢᠲᠡᠨ ᠢᠨᠢᠶᠡᠮᠰᠦᠭᠯᠡᠭᠰᠡᠨ ᠢ᠋ᠶ᠋ᠡᠨ ᠣᠷᠣᠰ ᠲᠤ᠌ ᠪᠠᠢᠭ᠎ᠠ ᠵᠡᠪᠰᠡᠭ ᠪᠦᠬᠦᠨ ᠠᠷᠠᠳ ᠤ᠋ᠨ ᠵᠠᠰᠠᠭ ᠲᠤ᠌ ᠪᠣᠢ ᠰᠢᠦ ᠳᠡ ᠭᠡᠯᠡ᠃
ᠵᠠᠮᠪᠠᠯ ᠪᠠᠷᠠᠭᠤᠨ ᠬᠢᠵᠠᠭᠠᠷ ᠤ᠋ᠨ ᠴᠡᠷᠢᠭ ᠦ᠋ᠨ ᠬᠦᠨᠡᠰᠦᠨ ᠦ᠌ ᠮᠥᠩᠭᠥ ᠦᠷᠡᠭᠳᠡᠭᠦᠯᠦᠭᠰᠡᠨ ᠡᠴᠡ ᠪᠣᠯᠵᠤ ᠬᠠᠯᠠᠭᠳᠠᠭᠰᠠᠨ ᠡᠴᠡ ᠡᠬᠢᠯᠡᠨ ᠠᠷᠠᠳ ᠤ᠋ᠨ ᠵᠠᠰᠠᠭ ᠢ᠋ ᠵᠠᠨᠤᠵᠤ᠂ ᠠᠷᠪᠠ ᠭᠠᠷᠤᠢ ᠸᠢᠨᠲ᠋ᠣᠸ᠂ ᠬᠣᠶᠠᠷ ᠰᠸᠯᠠᠢ᠌ᠳᠠᠢ᠂ ᠬᠣᠶᠠᠷ ᠬᠠᠢᠷᠴᠠᠭ ᠰᠤᠮᠤ᠂ ᠬᠡᠳᠦᠨ ᠭᠠᠷ ᠪᠥᠮᠪᠥᠭᠡ ᠬᠤᠯᠠᠭᠠᠢᠯᠠᠵᠤ ᠠᠪᠤᠭᠰᠠᠨ ᠶᠤᠮᠰᠠᠨᠵᠠᠢ᠃ ᠬᠠᠯᠠᠭᠳᠠᠭᠰᠠᠨ ᠲᠤᠰᠢᠶᠠᠯ ᠢ᠋ᠶ᠋ᠠᠨ ᠠᠪᠤᠭᠠᠳ ᠭᠠᠷᠬᠤ ᠳ᠋ᠠᠭᠠᠨ 《ᠭᠠᠢ ᠦᠭᠡᠢ ᠳᠡ᠃ ᠵᠠᠮᠪᠠᠯ ᠬᠡᠨ ᠪᠣᠯᠬᠤ ᠶ᠋ᠢ ᠲᠠ ᠨᠠᠷ ᠲᠤ᠌ ᠦᠵᠡᠭᠦᠯᠦᠭᠡᠳ ᠥᠭᠭᠦᠨ᠎ᠡ》 ᠭᠡᠵᠦ ᠳᠣᠲᠣᠷ᠎ᠠ ᠪᠠᠨ ᠪᠣᠳᠣᠨ ᠰᠢᠲᠦ ᠪᠡᠨ ᠬᠢᠬᠤᠨᠠᠭᠤᠯᠤᠨ ᠬᠠᠪᠢᠷᠴᠤ ᠶᠠᠪᠤᠭᠰᠠᠨ ᠪᠢᠯᠡ᠃
᠊᠊᠊᠊᠊᠊᠊᠊᠊᠊᠊᠊᠊᠊᠊ ᠵᠡᠪᠰᠡᠭ ᠣᠯᠬᠤ ᠳ᠋ᠤ᠌ ᠲᠤᠩ ᠬᠡᠴᠡᠭᠦᠦ ᠪᠠᠢᠨ᠎ᠠ ᠳᠠ᠃ ᠨᠠᠷᠠᠨ ᠨᠣᠶᠠᠨ ᠶᠠᠭᠤᠨ ᠤ᠋ ᠡᠮᠦᠨ᠎ᠡ ᠲᠠ ᠨᠠᠷ ᠥᠪᠡᠷ ᠦ᠋ᠨ ᠭᠠᠵᠠᠷ ᠲᠠᠢ ᠪᠣᠯ᠃ ᠲᠡᠷᠡ ᠦᠶ᠎ᠡ ᠳ᠋ᠦ᠍ ᠴᠢᠨᠢ ᠪᠢᠳᠡ ᠵᠡᠪᠰᠡᠭ ᠬᠦᠷᠭᠡᠵᠦ ᠥᠭᠭᠦᠨ᠎ᠡ ᠭᠡᠰᠡᠨ ᠭᠡᠵᠦ ᠴᠡᠮᠪᠡ ᠬᠡᠯᠡᠪᠡ᠃
᠊᠊᠊᠊᠊᠊᠊᠊᠊᠊᠊᠊᠊᠊᠊ ᠵᠡᠪᠰᠡᠭ ᠡᠴᠡ ᠴᠢᠬᠤᠯᠠ ᠵᠦᠢᠯ ᠪᠠᠢᠨ᠎ᠠ᠃ ᠡᠨᠡ ᠪᠣᠯ ᠣᠯᠠᠨ ᠤ᠋ ᠰᠡᠳᠬᠢᠯ᠃ ᠣᠳᠣ ᠪᠣᠯ ᠲᠤᠩ ᠠᠶᠠᠲᠠᠢ ᠴᠠᠭ᠃ ᠠᠷᠠᠳ ᠤ᠋ᠨ ᠵᠠᠰᠠᠭ ᠱᠠᠰᠢᠨ ᠢ᠋ ᠳᠠᠭᠠᠷᠢᠵᠤ ᠪᠠᠢᠨ᠎ᠠ᠃ ᠮᠣᠩᠭᠣᠯ ᠱᠠᠰᠢᠨ ᠳ᠋ᠠᠭᠠᠨ ᠬᠠᠢᠷᠠᠲᠠᠢ᠃ ᠣᠯᠠᠨ ᠲᠦᠮᠡᠨ ᠬᠠᠮᠲᠤᠷᠠᠯ ᠳ᠋ᠤ᠌ ᠳᠤᠷ᠎ᠠ ᠦᠭᠡᠢ ᠪᠣᠯᠵᠠᠢ᠃ ᠭᠡᠲᠡᠯ᠎ᠡ ᠠᠷᠠᠳ ᠤ᠋ᠨ ᠵᠠᠰᠠᠭ ᠤ᠋ᠨ ᠬᠢᠨ ᠲᠡᠭᠦᠨ ᠢ᠋ ᠪᠠᠢᠭᠤᠯᠬᠤ ᠭᠡᠵᠦ ᠬᠦᠴᠦᠯᠡᠵᠦ ᠪᠠᠢᠯ᠎ᠠ᠃ ᠡᠨᠡ ᠪᠠᠢᠳᠠᠯ ᠤᠳᠠᠭᠠᠨ ᠦᠷᠭᠦᠯᠵᠢᠯᠡᠬᠦ ᠦᠭᠡᠢ᠃ ᠤᠬᠠᠭᠠᠨ ᠲᠠᠢ ᠬᠥᠮᠦᠰ ᠨᠢ ᠡᠨᠡ ᠪᠦᠬᠦᠨ ᠢ᠋ ᠪᠤᠷᠤᠭᠤ ᠭᠡᠵᠦ ᠣᠢᠯᠠᠭᠠᠭᠠᠳ ᠪᠠᠢᠨ᠎ᠠ᠃ ᠲᠠ ᠨᠠᠷ ᠨᠥᠭᠦᠭᠡ ᠮᠠᠨ ᠤ᠋ ᠡᠨᠳᠡ ᠳᠠᠷᠤᠭ᠎ᠠ ᠪᠠᠢᠭᠰᠠᠨ ᠡᠷᠳᠡᠨᠢ ᠶ᠋ᠢᠨ ᠲᠤᠬᠠᠢ ᠰᠣᠨᠣᠰᠤᠭᠰᠠᠨ ᠪᠢᠵᠡ ᠳᠡ᠃ ᠬᠠᠮᠲᠤᠷᠠᠯ ᠢ᠋ ᠬᠦᠴᠦᠯᠡᠨ ᠪᠠᠢᠭᠤᠯᠬᠤ ᠨᠢ ᠪᠤᠷᠤᠭᠤ᠃ ᠴᠢᠨᠡᠭᠡᠯᠢᠭ ᠠᠷᠠᠳ ᠤ᠋ᠨ ᠬᠥᠷᠥᠩᠭᠡ ᠶ᠋ᠢ ᠬᠠᠪᠲᠠᠭᠠᠢᠷᠠᠭᠤᠯᠤᠨ ᠬᠤᠷᠢᠶᠠᠬᠤ ᠨᠢ ᠪᠤᠷᠤᠭᠤ ᠭᠡᠵᠦ ᠲᠡᠮᠡᠴᠡᠭᠡᠳ ᠠᠵᠢᠯ ᠡᠴᠡ ᠪᠡᠨ ᠬᠠᠯᠠᠭᠳᠠᠭᠰᠠᠨ ᠭᠡᠨ᠎ᠡ ᠪᠢᠯᠡ᠃ ᠡᠷᠳᠡᠨᠢ ᠮᠡᠲᠦ ᠪᠣᠳᠣᠵᠤ ᠪᠠᠢᠭ᠎ᠠ ᠬᠥᠮᠦᠰ ᠣᠯᠠᠨ ᠪᠠᠢᠭ᠎ᠠ ᠶᠤᠮ᠃ ᠢᠩᠭᠢᠬᠦᠯᠡᠷ ᠲᠡᠳᠡ ᠡᠨᠡ ᠠᠯᠳᠠᠭ᠎ᠠ ᠪᠠᠨ ᠵᠠᠰᠠᠵᠤ ᠠᠪᠴᠤ ᠴᠢᠳᠠᠨ᠎ᠠ᠃ ᠲᠡᠭᠦᠨ ᠡᠴᠡ ᠡᠮᠦᠨ᠎ᠡ ᠯᠡ ᠠᠮᠵᠢᠬᠤ ᠨᠢ ᠴᠢᠬᠤᠯᠠ᠃ ᠪᠠᠰᠠ ᠡᠨᠡ ᠠᠯᠳᠠᠭ᠎ᠠ ᠶ᠋ᠢ ᠨᠢ ᠠᠯᠢ ᠪᠣᠯᠬᠤ ᠪᠠᠷ ᠳᠡᠪᠡᠷᠡᠭᠦᠯᠬᠦ ᠠᠵᠢᠯ ᠬᠢᠬᠦ ᠬᠡᠷᠡᠭᠲᠡᠢ ᠪᠠᠢᠨ᠎ᠠ᠃ ᠴᠡᠮᠪᠡ ᠮᠡᠲᠦ ᠬᠥᠮᠦᠰ ᠬᠠᠷ᠎ᠠ ᠪᠣᠯᠵᠤ ᠬᠠᠮᠲᠤᠷᠠᠯ᠂ ᠺᠣᠮᠮᠤᠢᠨ ᠳ᠋ᠤ᠌ ᠣᠷᠣᠵᠤ ᠳᠣᠲᠣᠷ᠎ᠠ ᠨᠢ ᠳᠠᠷᠢ ᠪᠤᠯᠠᠬᠤ ᠴᠠᠭ ᠪᠣᠯᠵᠠᠢ ᠭᠡᠵᠦ ᠬᠠᠮᠪᠤ ᠬᠡᠯᠡᠪᠡ᠃
ᠠᠷᠠᠳ ᠤ᠋ᠨ ᠵᠠᠰᠠᠭ ᠢ᠋ ᠤᠰᠠᠳᠬᠠᠬᠤ ᠳ᠋ᠤ᠌ ᠵᠡᠪᠰᠡᠭ᠂ ᠲᠡᠭᠡᠬᠦ ᠲᠣᠰᠤᠮ ᠢ᠋ᠶ᠋ᠠᠨ ᠮᠠᠰᠢ ᠬᠤᠷᠴᠠ ᠵᠡᠪᠰᠡᠭ ᠬᠡᠷᠡᠭ ᠲᠡᠢ ᠭᠡᠳᠡᠭ ᠢ᠋ ᠬᠠᠮᠪᠤ ᠬᠡᠨ ᠪᠦᠬᠦᠨ ᠡᠴᠡ ᠢᠯᠡᠭᠦᠦ ᠣᠢᠯᠠᠭᠠᠵᠤ ᠪᠠᠢᠯ᠎ᠠ᠃ ᠭᠡᠪᠡᠴᠦ ᠵᠡᠪᠰᠡᠭ ᠦ᠋ᠨ ᠲᠤᠬᠠᠢ ᠶᠠᠷᠢᠭ᠎ᠠ ᠦᠭᠡᠢ ᠶ᠋ᠢᠨ ᠰᠢᠯᠲᠠᠭᠠᠨ ᠪᠣᠯ ᠨᠢᠭᠡᠳᠦᠭᠡᠷ ᠲᠦ᠍ ᠲᠡᠷᠡ ᠨᠢ ᠣᠯᠳᠠᠬᠤ ᠦᠭᠡᠢ ᠵᠦᠢᠯ ᠪᠠᠢᠯ᠎ᠠ᠃ ᠡᠨᠡ ᠤᠴᠢᠷ ᠡᠴᠡ ᠪᠠᠢᠭ᠎ᠠ ᠪᠠᠨ ᠪᠠᠷᠢᠵᠤ ᠬᠥᠳᠡᠯᠦᠭᠡᠳ ᠴᠠᠰᠢ ᠨᠢ ᠶᠠᠭᠤ ᠪᠣᠯᠬᠤ ᠶ᠋ᠢ ᠳᠠᠷᠠᠭ᠎ᠠ ᠨᠢ ᠪᠣᠳᠣᠬᠤ ᠡᠴᠡ ᠥᠭᠡᠷ᠎ᠡ ᠠᠷᠭ᠎ᠠ ᠦᠭᠡᠢ ᠠᠵᠢ᠃ ᠥᠨᠥᠳᠥᠷ ᠵᠡᠪᠰᠡᠭ ᠦᠭᠡᠢ ᠭᠡᠳ ᠬᠥᠳᠡᠯᠬᠦ ᠦᠭᠡᠢ᠂ ᠴᠠᠭ ᠠᠯᠳᠠᠪᠠᠯ ᠮᠠᠷᠭᠠᠰᠢ ᠠᠷᠠᠳ ᠤ᠋ᠨ ᠵᠠᠰᠠᠭ ᠤᠯᠠᠮ ᠬᠦᠴᠦᠲᠡᠢ ᠪᠣᠯᠤᠨ᠎ᠠ᠃ ᠬᠣᠶᠠᠳᠤᠭᠠᠷ ᠲᠤ᠌ ᠵᠡᠪᠰᠡᠭ ᠢ᠋ᠶ᠋ᠡᠷ ᠪᠢᠰᠢ ᠪᠤᠷᠬᠠᠨ ᠤ᠋ ᠬᠦᠴᠦ ᠪᠡᠷ ᠠᠷᠠᠳ ᠤ᠋ᠨ ᠵᠠᠰᠠᠭ ᠢ᠋ ᠢᠯᠠᠵᠤ ᠪᠣᠯᠤᠨ᠎ᠠ ᠭᠡᠳᠡᠭ ᠢ᠋ ᠰᠦᠰᠦᠭᠲᠡᠨ ᠳ᠋ᠦ᠍ ᠣᠢᠯᠠᠭᠠᠭᠤᠯᠬᠤ ᠨᠢ ᠴᠢᠬᠤᠯᠠ ᠪᠣᠯᠬᠣᠷ ᠵᠡᠪᠰᠡᠭ ᠦ᠋ᠨ ᠲᠤᠬᠠᠢ ᠶᠠᠷᠢᠬᠤ ᠬᠡᠷᠡᠭ ᠦᠭᠡᠢ ᠠᠵᠢ᠃ ᠭᠤᠷᠪᠠᠳᠤᠭᠠᠷ ᠲᠤ᠌ ᠴᠠᠭ ᠢ᠋ ᠨᠢ ᠣᠯᠵᠤ ᠴᠣᠬᠢᠪᠠᠯ ᠠᠷᠰᠯᠠᠨ ᠢ᠋ ᠰᠠᠪᠠᠭ᠎ᠠ ᠪᠠᠷ ᠠᠯᠠᠬᠤ ᠪᠣᠯᠤᠨ᠎ᠠ ᠭᠡᠵᠦ ᠪᠣᠳᠣᠳᠠᠭ ᠬᠥᠮᠦᠨ ᠶᠤᠮ᠃
ᠵᠠᠮᠪᠠᠯ ᠨᠢᠭᠤᠷ ᠢ᠋ᠶ᠋ᠠᠨ ᠭᠠᠷ ᠤ᠋ᠨ ᠠᠯᠠᠭ᠎ᠠ ᠪᠠᠷ ᠢᠯᠢᠵᠦ᠂ ᠡᠪᠰᠢᠶᠡᠨ ᠰᠤᠨᠢᠶᠠᠭᠰᠠᠨ ᠢ᠋ᠶ᠋ᠠᠨ 《ᠨᠠᠳᠠ ᠳ᠋ᠤ᠌ ᠶᠠᠷᠢᠬᠤ ᠬᠡᠳᠦᠨ ᠵᠦᠢᠯ ᠪᠠᠢᠨ᠎ᠠ》 ᠭᠡᠳ ᠬᠡᠨ ᠨᠢᠭᠡᠨ ᠦ᠌ ᠵᠥᠪᠰᠢᠶᠡᠷᠡᠯ ᠢ᠋ ᠬᠦᠯᠢᠶᠡᠯ ᠦᠭᠡᠢ 《ᠵᠡᠪᠰᠡᠭ ᠲᠡᠢ ᠬᠥᠳᠡᠯᠭᠡᠭᠡᠨ ᠢ᠋ ᠣᠯᠠᠨ ᠤ᠋ ᠬᠦᠴᠦ ᠪᠡᠷ ᠭᠡᠨᠡᠳᠲᠡ ᠠᠯᠤᠰ ᠪᠥᠭᠯᠡᠭᠦᠦ ᠭᠠᠵᠠᠷ ᠭᠠᠷᠭᠠᠵᠤ ᠴᠢᠳᠠᠪᠠᠯ ᠪᠢᠳᠡ ᠲᠦᠷᠭᠡᠨ ᠵᠠᠭᠤᠷ᠎ᠠ ᠠᠷᠠᠳ ᠤ᠋ᠨ ᠵᠠᠰᠠᠭ ᠦᠭᠡᠢ ᠭᠠᠵᠠᠷ ᠣᠷᠣᠨ ᠲᠠᠢ ᠪᠣᠯᠤᠨ᠎ᠠ᠃ ᠲᠡᠭᠡᠪᠡᠯ ᠪᠠᠨᠴᠢᠨ ᠪᠣᠭᠳᠠ ᠣᠳᠣ ᠴᠠᠭ ᠤ᠋ᠨ ᠨᠢᠰᠳᠡᠭ ᠲᠡᠷᠭᠡ ᠪᠡᠷ ᠪᠢᠳᠡᠨ ᠳ᠋ᠦ᠍ ᠵᠡᠪᠰᠡᠭ ᠬᠦᠷᠭᠡᠵᠦ ᠥᠭᠬᠦ ᠪᠣᠯᠣᠮᠵᠢᠲᠠᠢ ᠪᠣᠯᠤᠨ᠎ᠠ᠃ ᠡᠢᠮᠦ ᠵᠡᠯᠢᠭᠦᠳ ᠭᠠᠵᠠᠷ ᠪᠣᠯ ᠡᠨᠡ ᠠᠢᠮᠠᠭ ᠤ᠋ᠨ ᠬᠣᠢᠲᠤ ᠨᠤᠲᠤᠭ᠃ ᠬᠥᠪᠰᠥᠭᠥᠯ ᠠᠢᠮᠠᠭ ᠤ᠋ᠨ ᠡᠮᠦᠨᠡᠲᠦ ᠨᠤᠲᠤᠭ᠃ ᠲᠠᠯ᠎ᠠ ᠪᠦᠷᠢ ᠡᠴᠡ ᠪᠡᠨ ᠤᠰᠤ ᠪᠠᠷ ᠬᠠᠭᠠᠭᠳᠠᠭᠰᠠᠨ ᠪᠣᠯᠬᠣᠷ ᠮᠠᠰᠢᠨ ᠲᠡᠷᠭᠡ ᠶᠠᠪᠤᠬᠤ ᠪᠣᠯᠤᠮᠵᠢ ᠮᠠᠭᠤᠲᠠᠢ᠂ ᠦᠯᠡᠮᠵᠢ ᠵᠣᠬᠢᠮᠵᠢᠲᠠᠢ ᠨᠤᠲᠤᠭ》 ᠭᠡᠳ ᠪᠦᠬᠦᠨ ᠢ᠋ ᠬᠠᠷᠠᠯ᠎ᠠ᠃
᠊᠊᠊᠊᠊᠊᠊᠊᠊᠊᠊᠊᠊᠊᠊ ᠡᠨᠡ ᠲᠤᠩ ᠮᠡᠷᠭᠡᠨ ᠰᠠᠨᠠᠯ ᠪᠠᠢᠨ᠎ᠠ᠃ ᠡᠨᠡ ᠤᠴᠢᠷ ᠡᠴᠡ ᠲᠡᠷᠡ ᠵᠦᠭ ᠰᠦᠰᠦᠭ ᠪᠢᠰᠢᠷᠡᠯᠲᠡᠢ ᠣᠯᠠᠨ ᠢ᠋ ᠳᠥᠭᠥᠭᠦᠯᠬᠦ ᠠᠵᠢᠯ ᠢ᠋ ᠬᠢᠪᠡᠯ ᠵᠣᠬᠢᠨ᠎ᠠ ᠭᠡᠵᠦ ᠬᠠᠮᠪᠤ ᠬᠡᠯᠡᠪᠡ᠃
ᠤᠷᠲᠤ ᠴᠠᠭᠠᠨ ᠰᠣᠷᠣᠭᠤᠯ ᠲᠠᠢ ᠭᠠᠩᠰᠠᠨ ᠳ᠋ᠤ᠌ ᠲᠠᠮᠠᠬᠢ ᠲᠡᠳᠡᠨ᠂ ᠪᠤᠰᠤᠳ ᠤ᠋ᠨ ᠶᠠᠷᠢᠶ᠎ᠠ ᠰᠣᠨᠣᠰᠴᠤ ᠳᠠᠭᠤ ᠦᠭᠡᠢ ᠰᠠᠭᠤᠭᠰᠠᠨ ᠲᠦᠭᠵᠢᠯ᠄
᠊᠊᠊᠊᠊᠊᠊᠊᠊᠊᠊᠊᠊᠊᠊ ᠨᠢᠭᠡᠨᠲᠡ ᠬᠥᠳᠡᠯᠦᠭᠡᠳ ᠶᠠᠪᠤᠬᠤ ᠶᠤᠮ ᠪᠣᠯ ᠬᠥᠮᠦᠰ ᠢ᠋ ᠬᠦᠴᠦ ᠪᠡᠷ ᠳᠠᠭᠠᠭᠤᠯᠵᠤ ᠪᠣᠯᠤᠨ᠎ᠠ ᠰᠢᠦ ᠳᠡ ᠭᠡᠯᠡ᠃
ᠬᠠᠮᠪᠤ ᠬᠠᠮᠠᠷ ᠤ᠋ᠨ ᠲᠠᠮᠠᠬᠢ ᠪᠠᠨ ᠰᠠᠢᠨ ᠭᠡᠭᠴᠢ ᠨᠢ ᠲᠠᠲᠠᠵᠤ ᠠᠪᠤᠭᠠᠳ
᠊᠊᠊᠊᠊᠊᠊᠊᠊᠊᠊᠊᠊᠊᠊ ᠭᠡᠭᠡᠨ ᠢ᠋ ᠪᠠᠷᠢᠵᠤ ᠠᠪᠴᠤ ᠬᠣᠷᠣᠭᠠᠭᠰᠠᠨ ᠢ᠋ ᠣᠯᠠᠨ ᠳ᠋ᠤ᠌ ᠲᠠᠷᠠᠭᠠᠨ ᠶᠠᠷᠢᠬᠤ ᠨᠢ ᠴᠢᠬᠤᠯᠠ᠃ ᠲᠡᠭᠡᠬᠦ ᠳ᠋ᠡᠭᠡᠨ ᠠᠷᠠᠳ ᠤ᠋ᠨ ᠵᠠᠰᠠᠭ ᠬᠣᠷᠣᠭᠠᠭᠰᠠᠨ ᠪᠣᠯᠪᠠᠴᠤ ᠭᠡᠭᠡᠨ ᠤᠳᠠᠬᠤ ᠦᠭᠡᠢ ᠡᠷᠭᠢᠵᠦ ᠢᠷᠡᠨ᠎ᠡ ᠭᠡᠵᠦ ᠠᠢᠯᠠᠳᠤᠭᠰᠠᠨ᠃ ᠠᠷᠠᠳ ᠤ᠋ᠨ ᠵᠠᠰᠠᠭ ᠢ᠋ ᠬᠠᠭᠤᠷᠴᠤ ᠴᠠᠭ ᠢ᠋ ᠬᠦᠯᠢᠶᠡᠨ ᠲᠠᠭᠠᠯᠠᠯ ᠪᠠᠷᠢᠭᠰᠠᠨ ᠳᠦᠷᠰᠦ ᠦᠵᠡᠭᠦᠯᠵᠡᠢ ᠭᠡᠵᠦ ᠶᠠᠷᠢᠨ᠎ᠠ ᠰᠢᠦ ᠭᠡᠯᠡ᠃
ᠵᠠᠶ᠎ᠠ ᠭᠡᠭᠡᠨ ᠪᠣᠯ ᠬᠣᠷᠢᠨ ᠬᠡᠳᠦᠨ ᠨᠠᠰᠤᠲᠠᠢ ᠵᠠᠯᠠᠭᠤ ᠪᠠᠢᠵᠤ ᠪᠢᠯᠡ᠃ ᠭᠡᠲᠡᠯ᠎ᠡ ᠡᠨᠡ ᠬᠠᠮᠪᠤ ᠲᠡᠭᠦᠨ ᠦ᠌ ᠨᠡᠷ᠎ᠡ ᠶ᠋ᠢ ᠪᠠᠷᠢᠨ ᠲᠦᠮᠡᠨ ᠵᠦᠢᠯ ᠦ᠋ᠨ ᠬᠣᠣᠷᠠᠲᠤ ᠴᠤᠤᠷᠬᠠᠯ ᠳᠡᠭᠳᠡᠭᠡᠭᠰᠡᠨ ᠶᠤᠮ᠃ ᠠᠷᠠᠳ ᠤ᠋ᠨ ᠵᠠᠰᠠᠭ ᠤ᠋ᠨ ᠭᠠᠵᠠᠷ ᠡᠴᠡ ᠠᠷᠭ᠎ᠠ ᠦᠭᠡᠢ ᠪᠣᠯᠵᠤ ᠵᠠᠶ᠎ᠠ ᠭᠡᠭᠡᠨ ᠢ᠋ ᠣᠯᠠᠨ ᠡᠴᠡ ᠲᠤᠰᠠᠭᠠᠷᠯᠠᠵᠤ ᠬᠣᠲᠠ ᠳ᠋ᠤ᠌ ᠠᠪᠠᠴᠢᠭᠰᠠᠨ᠃ ᠭᠡᠲᠡᠯ᠎ᠡ ᠬᠠᠮᠪᠤ ᠰᠠᠨᠠᠭᠠᠴᠢᠯᠠᠵᠤ ᠵᠠᠶ᠎ᠠ ᠶ᠋ᠢᠨ ᠭᠡᠭᠡᠨ ᠠᠷᠠᠳ ᠤ᠋ᠨ ᠵᠠᠰᠠᠭ ᠢ᠋ ᠲᠡᠭᠡᠵᠦ ᠴᠢᠳᠠᠭᠰᠠᠨ᠂ ᠢᠩᠭᠢᠵᠦ ᠳᠠᠪᠠᠭᠰᠠᠨ ᠭᠡᠵᠦ ᠡᠳᠦᠢ ᠲᠡᠳᠦᠢ ᠬᠤᠳᠠᠯ ᠴᠤᠤ ᠶᠠᠷᠢᠶ᠎ᠠ ᠳᠡᠭᠳᠡᠭᠡᠪᠡ᠃
《ᠰᠥᠨᠢ ᠰᠢᠷ᠎ᠠ ᠬᠠᠳᠠᠨ ᠳ᠋ᠤ᠌ ᠠᠪᠠᠴᠢᠵᠤ ᠫᠤᠤᠳᠠᠵᠤ ᠠᠯᠠᠭᠰᠠᠨ ᠴᠢᠨᠢ᠂ ᠮᠠᠷᠭᠠᠰᠢ ᠨᠢ ᠳᠣᠲᠣᠭᠠᠳᠤ ᠶ᠋ᠢ ᠬᠠᠮᠠᠭᠠᠯᠠᠬᠤ ᠭᠠᠵᠠᠷ ᠤ᠋ᠨ ᠪᠠᠢᠰᠢᠩ ᠳ᠋ᠤ᠌ ᠤᠷᠢᠳᠤ ᠰᠥᠨᠢ ᠬᠡᠭᠡᠷ᠎ᠡ ᠬᠣᠨᠣᠭᠠᠳ ᠢᠷᠡᠯ᠎ᠡ᠃ ᠪᠤᠵᠠᠷ ᠬᠦᠢᠲᠡᠨ ᠪᠠᠢᠨ᠎ᠠ ᠭᠡᠳ ᠣᠷᠣᠵᠤ ᠢᠷᠡᠭᠰᠡᠨ ᠭᠡᠨ᠎ᠡ》᠂ 《ᠠᠷᠪᠠ ᠭᠠᠷᠤᠢ ᠴᠡᠷᠢᠭ ᠲᠠᠭᠤᠭᠠᠳ ᠶᠠᠪᠤᠵᠤ ᠪᠠᠢᠲᠠᠯ᠎ᠠ ᠭᠡᠨᠡᠳᠲᠡ ᠰᠢᠷ᠎ᠠ ᠭᠡᠷᠡᠯ ᠲᠠᠲᠠᠭᠠᠳ ᠠᠯᠠᠭ᠎ᠠ ᠪᠣᠯᠵᠠᠢ᠃ ᠰᠠᠨᠳᠤᠷᠴᠤ ᠪᠠᠢᠲᠠᠯ᠎ᠠ ᠮᠠᠷᠭᠠᠰᠢ ᠨᠢ ᠤᠷᠢᠳᠤ ᠰᠥᠨᠢ ᠪᠡᠭᠡᠵᠢᠩ ᠣᠷᠣᠵᠤ ᠤᠰᠤ ᠦᠭᠡᠢ ᠬᠠᠷ᠎ᠠ ᠠᠷᠢᠬᠢ ᠳᠠᠷᠤᠵᠤ ᠳᠠᠷᠤᠵᠤ ᠢᠷᠡᠯ᠎ᠡ᠃ ᠲᠣᠯᠣᠭᠠᠢ ᠰᠦᠷᠡᠬᠡᠢ ᠡᠪᠡᠳᠴᠦ ᠪᠠᠢᠨ᠎ᠠ᠃ ᠪᠠᠯᠭᠤᠴᠢᠬᠠᠬᠤ ᠶᠠᠭᠤᠮ᠎ᠠ ᠪᠠᠢᠨ᠎ᠠ ᠤᠤ? ᠭᠡᠭᠰᠡᠭᠡᠷ ᠰᠢᠭᠦᠬᠦ ᠶᠠᠮᠤᠨ ᠳ᠋ᠤ᠌ ᠣᠷᠣᠵᠤ ᠢᠷᠡᠭᠰᠡᠨ ᠭᠡᠨ᠎ᠡ》 ᠭᠡᠬᠦ ᠵᠡᠷᠭᠡ ᠬᠠᠮᠤᠭ ᠤ᠋ᠨ ᠭᠡᠨᠡᠨ ᠬᠥᠮᠦᠰ ᠢ᠋ ᠬᠠᠭᠤᠷᠬᠤ ᠳ᠋ᠤ᠌ ᠵᠣᠷᠢᠭᠤᠯᠤᠭᠳᠠᠭᠰᠠᠨ ᠴᠤᠤᠷᠬᠠᠯ ᠢ᠋ ᠬᠠᠮᠪᠤ ᠰᠠᠨᠠᠭᠠᠴᠢᠯᠠᠨ ᠲᠠᠷᠬᠠᠭᠠᠵᠤ ᠪᠢᠯᠡ᠃
ᠠᠷᠠᠳ ᠣᠯᠠᠨ ᠤ᠋ ᠳᠤᠮᠳᠠ ᠵᠠᠶ᠎ᠠ ᠶ᠋ᠢᠨ ᠭᠡᠭᠡᠨ ᠦ᠌ ᠶᠡᠷᠦ ᠪᠤᠰᠤ ᠶ᠋ᠢᠨ ᠷᠢᠳᠢ ᠰᠢᠳᠢ ᠶ᠋ᠢᠨ ᠲᠤᠬᠠᠢ ᠴᠤᠤ ᠶᠠᠷᠢᠶ᠎ᠠ ᠲᠠᠷᠬᠠᠭᠠᠵᠤ ᠲᠡᠭᠦᠨ ᠳ᠋ᠦ᠍ ᠰᠦᠰᠦᠭ ᠪᠢᠰᠢᠷᠡᠯᠲᠦ ᠭᠡᠨᠡᠨ ᠬᠥᠮᠦᠰ ᠢᠲᠡᠭᠡᠵᠦ ᠪᠠᠢᠭᠰᠠᠨ ᠤᠴᠢᠷ ᠤᠯᠠᠭᠠᠨᠪᠠᠭᠠᠲᠤᠷ ᠬᠣᠲᠠ ᠳ᠋ᠤ᠌ ᠣᠯᠠᠨ ᠨᠡᠢᠲᠡ ᠶ᠋ᠢ ᠣᠷᠣᠭᠤᠯᠤᠨ ᠢᠯᠡ ᠰᠢᠭᠦᠬᠦ ᠶ᠋ᠢᠨ ᠬᠤᠷᠠᠯ ᠬᠢᠵᠦ ᠤᠯᠤᠰ ᠤ᠋ᠨ ᠶᠠᠯᠠᠯᠠᠭᠴᠢ ᠨᠢ 《ᠭᠡᠭᠡᠨ ᠴᠢ ᠦᠨᠡᠬᠡᠷ ᠶᠡᠷᠦ ᠪᠤᠰᠤ ᠶ᠋ᠢᠨ ᠷᠢᠳᠢ ᠰᠢᠳᠢ ᠲᠡᠢ ᠪᠣᠯ ᠲᠡᠭᠦᠨ ᠢ᠋ᠶ᠋ᠡᠨ ᠡᠨᠳᠡ ᠦᠵᠡᠭᠦᠯ᠃ ᠡᠨᠡ ᠣᠯᠠᠨ ᠬᠠᠷᠠᠵᠤ ᠪᠠᠢᠭ》 ᠭᠡᠰᠡᠨ ᠶᠤᠮ᠃
ᠵᠠᠶ᠎ᠠ ᠪᠠᠨᠳᠢᠳᠠ ᠶ᠋ᠢᠨ ᠭᠡᠭᠡᠨ ᠶᠡᠷᠦ ᠪᠤᠰᠤ ᠶ᠋ᠢᠨ ᠶᠠᠮᠠᠷ ᠷᠢᠳᠢ ᠰᠢᠳᠢ ᠦᠭᠡᠢ ᠵᠢᠷ ᠦ᠋ᠨ ᠨᠢᠭᠡᠨ ᠬᠥᠮᠦᠨ ᠭᠡᠳᠡᠭ ᠢ᠋ᠶ᠋ᠡᠨ ᠣᠯᠠᠨ ᠤ᠋ ᠡᠮᠦᠨ᠎ᠡ ᠬᠦᠯᠢᠶᠡᠭᠰᠡᠨ ᠪᠢᠯᠡ᠃ ᠭᠡᠲᠡᠯ᠎ᠡ ᠵᠠᠶ᠎ᠠ ᠭᠡᠭᠡᠨ ᠦ᠌ ᠲᠤᠬᠠᠢ ᠨᠥᠭᠦᠭᠡ ᠴᠤᠤᠷᠬᠠᠯ ᠳᠠᠷᠤᠭᠳᠠᠭᠰᠠᠨ ᠦᠭᠡᠢ ᠤᠯᠠᠮ ᠴᠤ᠌ ᠶᠡᠷᠦ ᠪᠤᠰᠤ ᠶ᠋ᠢᠨ ᠬᠡᠯᠪᠡᠷᠢ ᠪᠡᠷ ᠲᠠᠷᠬᠠᠵᠤ ᠪᠠᠢᠯ᠎ᠠ᠃
《ᠪᠠᠢᠭᠰᠠᠨ ᠪᠠᠢᠭ᠎ᠠ ᠦᠭᠡᠢ ᠨᠢ ᠠᠳᠠᠯᠢ᠂ ᠡᠨᠡ ᠭᠡᠨᠡᠨ ᠵᠠᠯᠠᠭᠤ ᠪᠠᠷ ᠱᠠᠰᠢᠨ ᠬᠣᠬᠢᠷᠠᠬᠤ ᠦᠭᠡᠢ᠃ ᠬᠠᠷᠢᠨ ᠠᠷᠠᠳ ᠤ᠋ᠨ ᠵᠠᠰᠠᠭ ᠤ᠋ᠨ ᠭᠠᠷ ᠲᠤ᠌ ᠦᠬᠦᠪᠡᠯ ᠰᠦᠰᠦᠭᠲᠡᠨ ᠣᠯᠠᠨ ᠠᠷᠠᠳ ᠤ᠋ᠨ ᠵᠠᠰᠠᠭ ᠢ᠋ ᠪᠤᠷᠤᠭᠤᠰᠢᠶᠠᠬᠤ ᠳ᠋ᠤ᠌ ᠲᠤᠰᠠ ᠪᠣᠯᠤᠨ᠎ᠠ》 ᠭᠡᠵᠦ ᠬᠠᠮᠪᠤ ᠳᠣᠲᠣᠷ᠎ᠠ ᠪᠠᠨ ᠪᠣᠳᠣᠵᠤ ᠪᠠᠢᠭᠰᠠᠨ᠃ ᠬᠠᠷᠢᠨ ᠪᠤᠰᠤᠳ ᠨᠢᠭᠡ ᠴᠦ᠍ ᠬᠥᠮᠦᠨ ᠳ᠋ᠦ᠍ ᠡᠨᠡ ᠰᠠᠨᠠᠭ᠎ᠠ ᠪᠠᠨ ᠬᠡᠯᠡᠭᠡ ᠦᠭᠡᠢ ᠪᠢᠯᠡ᠃
ᠬᠠᠮᠪᠤ ᠶ᠋ᠢᠨ ᠭᠡᠷ ᠲᠦ᠍ ᠴᠤᠭᠯᠠᠷᠠᠭᠰᠠᠨ ᠬᠥᠮᠦᠰ ᠠᠷᠠᠳ ᠤ᠋ᠨ ᠵᠠᠰᠠᠭ ᠢ᠋ ᠤᠨᠠᠭᠠᠬᠤ ᠶ᠋ᠢᠨ ᠲᠤᠯᠠ ᠨᠡᠯᠢᠶᠡᠳ ᠶᠠᠭᠤᠮ᠎ᠠ ᠬᠢᠬᠦ ᠪᠡᠷ ᠲᠣᠭᠲᠠᠨ ᠶᠠᠷᠢᠵᠠᠢ᠃ ᠪᠠᠳᠠᠷᠴᠢ ᠲᠦᠭᠵᠢᠯ ᠬᠣᠶᠠᠷ ᠠᠯᠢ ᠪᠣᠯᠬᠤ ᠪᠠᠷ ᠵᠡᠪᠰᠡᠭ᠂ ᠢᠯᠠᠩᠭᠤᠶ᠎ᠠ ᠬᠤᠷᠳᠤᠨ ᠫᠤᠤ ᠣᠯᠬᠤ᠂ ᠵᠠᠮᠪᠠᠯ ᠥᠪᠡᠷ ᠦ᠋ᠨ ᠬᠡᠯᠡᠭᠰᠡᠨ ᠨᠤᠲᠤᠭ ᠲᠤ᠌ ᠣᠷᠣᠵᠤ᠂ ᠬᠥᠮᠦᠰ ᠢ᠋ ᠬᠥᠳᠡᠯᠭᠡᠬᠦ ᠳ᠋ᠦ᠍ ᠪᠡᠯᠡᠳᠬᠡᠬᠦ᠂ ᠴᠡᠮᠪᠡ ᠬᠡᠳᠦᠨ ᠯᠠᠮᠠ ᠨᠠᠷ ᠤ᠋ᠨ ᠬᠠᠮᠲᠤ ᠳᠠᠷᠤᠢ ᠬᠠᠷ᠎ᠠ ᠪᠣᠯᠵᠤ ᠬᠠᠮᠲᠤᠷᠠᠯ᠂ ᠺᠣᠮᠮᠤᠢᠨ ᠳ᠋ᠤ᠌ ᠣᠷᠣᠵᠤ ᠠᠷᠠᠳ ᠤ᠋ᠨ ᠵᠠᠰᠠᠭ ᠤ᠋ᠨ ᠠᠯᠳᠠᠭ᠎ᠠ ᠶ᠋ᠢ ᠤᠯᠠᠮ ᠰᠢᠲᠠᠭᠠᠬᠤ᠂ ᠬᠠᠮᠪᠤ ᠨᠠᠢᠳᠠᠪᠤᠷᠢᠲᠠᠢ ᠬᠥᠮᠦᠰ ᠢ᠋ ᠪᠣᠰᠤᠯᠭ᠎ᠠ ᠭᠠᠷᠭᠠᠬᠤ ᠭᠠᠵᠠᠷ ᠤᠷᠤᠭᠤ ᠣᠢᠷᠠᠲᠤᠭᠤᠯᠬᠤ ᠵᠡᠷᠭᠡ ᠠᠵᠢᠯ ᠢ᠋ ᠬᠢᠬᠦ ᠪᠡᠷ ᠬᠤᠪᠢᠶᠠᠷᠢᠯᠠᠵᠠᠢ᠃
᠊᠊᠊᠊᠊᠊᠊᠊᠊᠊᠊᠊᠊᠊᠊ ᠣᠳᠣ ᠦᠷᠭᠡᠯᠡᠵᠦ ᠰᠠᠭᠤᠬᠤ ᠴᠠᠭ ᠪᠠᠢᠬᠤ ᠦᠭᠡᠢ᠃ ᠢᠷᠡᠬᠦ ᠬᠠᠪᠤᠷ ᠭᠡᠬᠦ ᠳ᠋ᠦ᠍ ᠫᠤᠤ ᠶ᠋ᠢᠨ ᠳᠠᠭᠤᠨ ᠭᠠᠷᠤᠭᠰᠠᠨ ᠪᠠᠢᠬᠤ ᠬᠡᠷᠡᠭᠲᠡᠢ᠃ ᠪᠢ ᠪᠠᠨᠴᠢᠨ ᠪᠣᠭᠳᠠ ᠳ᠋ᠤ᠌ ᠡᠨᠡ ᠲᠤᠬᠠᠢ ᠠᠢᠯᠠᠳᠬᠠᠯ ᠶᠠᠪᠤᠭᠤᠯᠤᠨ᠎ᠠ ᠭᠡᠳ ᠬᠠᠮᠪᠤ ᠬᠥᠮᠦᠰ ᠲᠦ᠍ ᠲᠠᠷᠬᠠᠬᠤ ᠳᠣᠬᠢᠶ᠎ᠠ ᠥᠭᠴᠡᠢ᠃
ᠬᠥᠮᠦᠰ ᠭᠡᠷ ᠡᠴᠡ ᠭᠠᠷᠴᠤ᠂ ᠬᠠᠮᠪᠤ ᠶ᠋ᠢᠨ ᠪᠤᠷᠬᠠᠨ ᠤ᠋ ᠭᠡᠷ᠂ ᠭᠠᠯ ᠤ᠋ᠨ ᠭᠡᠷ ᠢ᠋ᠶ᠋ᠡᠷ ᠳᠠᠷᠬᠠᠨ ᠤᠨᠲᠠᠵᠠᠭᠠᠪᠠ᠃
ᠡᠭᠦᠨ ᠦ᠌ ᠳᠠᠷᠠᠭ᠎ᠠ ᠡᠳᠦᠷ ᠬᠠᠮᠪᠤ ᠨᠡᠯᠢᠶᠡᠳ ᠣᠯᠠᠨ ᠯᠠᠮᠠ ᠨᠠᠷ ᠢ᠋ ᠶᠠᠩᠵᠤ ᠪᠦᠷᠢ ᠶ᠋ᠢᠨ ᠨᠡᠷ᠎ᠡ ᠪᠡᠷ ᠬᠦᠷᠢᠶ᠎ᠡ ᠬᠡᠢᠳ ᠲᠦ᠍ ᠶᠠᠪᠤᠭᠤᠯᠬᠤ ᠳ᠋ᠠᠭᠠᠨ ᠨᠢᠭᠡᠨ ᠰᠠᠨᠠᠭᠠᠲᠤ ᠲᠣᠮᠣ ᠯᠠᠮᠠ ᠨᠠᠷ ᠲᠠᠭᠠᠨ ᠬᠠᠪᠤᠷ ᠤ᠋ᠨ ᠳᠣᠬᠢᠶ᠎ᠠ ᠶ᠋ᠢ ᠬᠦᠯᠢᠶᠡᠵᠦ ᠪᠦᠬᠦ ᠠᠵᠢᠯ ᠢ᠋ ᠶᠠᠩ ᠳᠠᠩ ᠪᠣᠯᠭᠠᠬᠤ ᠲᠤᠬᠠᠢ ᠬᠡᠯᠡᠭᠦᠯᠵᠡᠢ᠃
ᠥᠪᠡᠷ ᠢ᠋ᠶ᠋ᠡᠨ ᠪᠠᠨᠴᠢᠨ ᠪᠣᠭᠳᠠ ᠶ᠋ᠢᠨ ᠡᠯᠴᠢ ᠲᠡᠢ ᠮᠠᠰᠢ ᠨᠢᠭᠤᠴᠠ ᠪᠠᠷ ᠠᠭᠤᠯᠵᠠᠵᠤ ᠪᠦᠬᠦ ᠪᠣᠳᠣᠯ ᠢ᠋ᠶ᠋ᠠᠨ ᠬᠡᠯᠡᠭᠡᠳ ᠢᠷᠡᠬᠦ ᠨᠠᠮᠤᠷ ᠪᠤᠶᠤ ᠡᠪᠦᠯ ᠪᠠᠨᠴᠢᠨ ᠪᠣᠭᠳᠠ ᠶ᠋ᠢ ᠮᠣᠩᠭᠣᠯ ᠳ᠋ᠤ᠌ ᠮᠣᠷᠢᠯᠠᠨ ᠢᠷᠡᠬᠦ ᠶ᠋ᠢ ᠤᠷᠢᠵᠠᠢ᠃ ᠬᠤᠪᠢᠰᠬᠠᠯ ᠤ᠋ᠨ ᠡᠰᠡᠷᠭᠦᠦ ᠬᠦᠴᠦᠨ ᠶᠡᠬᠡ ᠲᠡᠮᠡᠴᠡᠯ ᠳ᠋ᠦ᠍ ᠪᠡᠯᠡᠳᠬᠡᠪᠡ᠃ ᠭᠡᠲᠡᠯ᠎ᠡ ᠬᠠᠮᠲᠤᠷᠠᠯ᠂ ᠺᠣᠮᠮᠤᠢᠨ ᠢ᠋ ᠬᠦᠴᠦ ᠪᠡᠷ ᠪᠠᠢᠭᠤᠯᠤᠨ ᠠᠷᠠᠳ ᠲᠦᠮᠡᠨ ᠦ᠌ ᠰᠡᠳᠬᠢᠯ ᠰᠠᠨᠠᠭ᠎ᠠ ᠶ᠋ᠢ ᠡᠪᠳᠡᠬᠦ ᠶᠠᠪᠤᠳᠠᠯ ᠤᠯᠠᠮ ᠯᠠ ᠰᠢᠷᠦᠭᠦᠨ ᠪᠣᠯᠵᠤ ᠪᠠᠢᠯ᠎ᠠ᠃
ᠨᠢᠭᠡ ᠮᠢᠩᠭ᠎ᠠ ᠶᠢᠰᠦᠨ ᠵᠠᠭᠤᠨ ᠭᠤᠴᠢᠨ ᠨᠢᠭᠡᠨ ᠣᠨ ᠳ᠋ᠤ᠌ ᠶᠠᠫᠣᠨ ᠤ᠋ ᠢᠮᠫᠧᠷᠢᠶᠠᠯᠢᠰᠮ ᠮᠠᠨᠵᠤᠤᠷ ᠢ᠋ ᠡᠵᠡᠯᠡᠵᠦ ᠮᠣᠩᠭᠣᠯ ᠤ᠋ᠨ ᠳᠣᠷᠣᠨᠠᠲᠤ ᠬᠢᠯᠢ ᠳ᠋ᠦ᠍ ᠪᠥᠭᠡᠮ ᠠᠶᠤᠯ ᠵᠠᠨᠤᠯᠬᠢᠯᠠᠪᠠ᠃ ᠡᠨᠡ ᠪᠦᠬᠦᠨ ᠨᠢ ᠲᠣᠭᠲᠠᠭᠠᠳ ᠬᠡᠳᠦᠬᠡᠨ ᠵᠢᠯ ᠪᠣᠯᠵᠤ ᠪᠠᠢᠭ᠎ᠠ ᠠᠷᠠᠳ ᠤ᠋ᠨ ᠵᠠᠰᠠᠭ ᠢ᠋ ᠬᠦᠨᠳᠦ ᠬᠡᠴᠡᠭᠦᠦ ᠪᠠᠢᠳᠠᠯ ᠲᠠᠢ ᠪᠣᠯᠭᠠᠯ᠎ᠠ᠃
