ᠲᠤᠩᠭᠠᠯᠠᠭ ᠲᠠᠮᠢᠷ2-11-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ2-11-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ2-11-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-03

1207

《ᠲᠥᠷᠥ ᠪᠣᠯ ᠬᠣᠶᠠᠷ ᠪᠠᠭᠠᠨ᠎ᠠ ᠲᠠᠢ ᠪᠠᠢᠳᠠᠭ》 - ᠬᠣᠶᠠᠳᠤᠭᠠᠷ ᠪᠦᠯᠦᠭ ᠠᠷᠪᠠᠨ ᠨᠢᠭᠡ

  ᠲᠩᠷᠢ ᠳ᠋ᠦ᠍ ᠣᠳᠣᠨ ᠭᠢᠯᠠᠯᠵᠠᠨ ᠬᠦᠷᠢᠶ᠎ᠡ ᠶ᠋ᠢᠨ ᠨᠣᠬᠠᠳ ᠤ᠋ᠨ ᠶᠠᠩ ᠶᠠᠩ ᠬᠤᠴᠠᠬᠤ ᠳᠠᠭᠤ ᠲᠠᠰᠤᠷᠠᠯᠲᠠ ᠦᠭᠡᠢ ᠰᠣᠨᠣᠰᠤᠭᠳᠠᠵᠤ᠂ ᠰᠥᠨᠢ ᠳᠤᠮᠳᠠ ᠣᠢᠷᠠᠳᠴᠤ ᠪᠠᠢᠬᠤ ᠳ᠋ᠤ᠌ ᠬᠢᠲᠠᠳ ᠤ᠋ᠨ ᠫᠦᠰᠡᠨ ᠳ᠋ᠦ᠍ ᠤᠷᠢᠭᠳᠠᠵᠤ ᠨᠠᠢᠷᠯᠠᠭᠠᠳ ᠲᠣᠪᠴᠢᠨ ᠭᠡᠷᠡᠯ ᠬᠣᠶᠠᠷ ᠨᠡᠯᠢᠶᠡᠳ ᠬᠠᠯᠠᠮᠰᠠᠵᠤ ᠢᠷᠡᠬᠦ ᠳ᠋ᠦ᠍ ᠡᠷᠳᠡᠨᠢ ᠮᠣᠷᠢᠳ ᠢ᠋ ᠨᠢ ᠠᠪᠴᠤ ᠲᠡᠵᠢᠭᠡᠬᠦ ᠪᠡᠷ ᠶᠠᠪᠤᠯ᠎ᠠ᠃
  ᠊᠊᠊᠊᠊᠊᠊᠊᠊᠊᠊᠊᠊᠊᠊ ᠮᠠᠷᠭᠠᠰᠢ ᠪᠢᠳᠡᠨ ᠦ᠌ ᠪᠢᠴᠢᠭ ᠴᠡᠷᠢᠭ ᠦ᠋ᠨ ᠲᠦᠰᠢᠮᠡᠯ᠂ ᠪᠣᠭᠳᠠ ᠭᠡᠭᠡᠨ ᠳ᠋ᠦ᠍ ᠪᠠᠲᠤ ᠥᠷᠥᠰᠢᠶᠡᠯ ᠡᠷᠭᠦᠬᠦ ᠶ᠋ᠢᠨ ᠤᠴᠢᠷ ᠪᠢ ᠥᠷᠯᠥᠭᠡ ᠡᠷᠲᠡ ᠶᠠᠪᠤᠨ᠎ᠠ᠃ ᠴᠢ ᠬᠠᠮᠲᠤ ᠶᠠᠪᠤᠵᠤ ᠮᠣᠷᠢ ᠪᠠᠷᠢᠵᠤ ᠪᠠᠢᠨ᠎ᠠ ᠰᠢᠦ ᠭᠡᠵᠦ ᠲᠣᠪᠴᠢᠨ ᠬᠡᠯᠡ ᠪᠡᠨ ᠡᠭᠡᠳᠡᠷᠡᠭᠦᠯᠦᠨ ᠬᠡᠯᠡᠪᠡ᠃
  ᠊᠊᠊᠊᠊᠊᠊᠊᠊᠊᠊᠊᠊᠊᠊ ᠴᠢ ᠣᠷᠣᠵᠤ ᠪᠠᠢ᠃ ᠪᠢ ᠡᠷᠳᠡᠨᠢ ᠲᠡᠢ ᠬᠠᠮᠲᠤ ᠮᠣᠷᠢ ᠳᠡᠵᠢᠭᠡᠯᠴᠡᠨ᠎ᠡ ᠭᠡᠳ ᠭᠡᠷᠡᠯ ᠡᠷᠳᠡᠨᠢ ᠶ᠋ᠢᠨ ᠬᠣᠢᠨ᠎ᠠ ᠡᠴᠡ ᠶᠠᠪᠤᠬᠤ ᠭᠡᠲᠡᠯ᠎ᠡ ᠨᠥᠬᠥᠷ ᠨᠢ ᠬᠠᠨᠴᠤᠢ ᠡᠴᠡ ᠨᠢ ᠪᠠᠷᠢᠵᠤ᠄
  ᠊᠊᠊᠊᠊᠊᠊᠊᠊᠊᠊᠊᠊᠊᠊ ᠡᠬᠡᠨᠡᠷ ᠠ᠋᠂ ᠣᠷᠣᠵᠤ ᠤᠨᠲᠠᠶ᠎ᠠ ᠭᠡᠵᠦ ᠲᠤᠰᠢᠶᠠᠩᠭᠤᠢ ᠬᠡᠯᠡᠪᠡ᠃
  ᠊᠊᠊᠊᠊᠊᠊᠊᠊᠊᠊᠊᠊᠊᠊ ᠳᠤᠷᠠᠲᠠᠢ ᠶᠤᠮ ᠪᠣᠯ ᠣᠷᠣᠭᠠᠳ ᠰᠢᠷᠭᠢᠵᠦ ᠪᠠᠢ ᠭᠡᠳ ᠬᠠᠨᠴᠤᠢ ᠪᠠᠨ ᠤᠭᠵᠠ ᠲᠡᠳᠡᠨ ᠠᠪᠴᠤ ᠡᠷᠭᠢᠵᠦ ᠴᠦ᠍ ᠬᠠᠷᠠᠯ ᠦᠭᠡᠢ ᠡᠷᠳᠡᠨᠢ ᠶ᠋ᠢᠨ ᠬᠣᠢᠨ᠎ᠠ ᠡᠴᠡ ᠠᠯᠬᠤᠪᠠ᠃
  ᠊᠊᠊᠊᠊᠊᠊᠊᠊᠊᠊᠊᠊᠊᠊ ᠵᠠ ᠶᠠᠪᠤ ᠶᠠᠪᠤ᠂ ᠬᠣᠩᠭᠣᠷ ᠮᠢᠨᠢ᠂ ᠪᠢ ᠬᠣᠷᠢᠬᠤ ᠦᠭᠡᠢ ᠭᠡᠳ ᠲᠣᠪᠴᠢᠨ ᠭᠡᠷ ᠦ᠋ᠨ ᠵᠦᠭ ᠨᠠᠢᠭᠤᠨ ᠶᠠᠪᠤᠵᠠᠢ᠃
  ᠥᠷᠯᠥᠭᠡ ᠨᠢ ᠡᠷᠳᠡᠨᠢ ᠡᠷᠲᠡ ᠪᠣᠰᠴᠤ ᠬᠣᠶᠠᠷ ᠮᠣᠷᠢ ᠡᠮᠡᠭᠡᠯᠯᠡᠭᠡᠳ ᠪᠡᠯᠡᠬᠡᠨ ᠪᠣᠯᠭᠠᠪᠠ᠃ ᠠᠷᠢᠬᠢᠨ ᠳ᠋ᠠᠭᠠᠨ ᠰᠢᠷᠠᠲᠤᠭᠰᠠᠨ ᠲᠣᠪᠴᠢᠨ ᠬᠠᠪᠤᠩ ᠨᠢᠳᠦᠯᠡᠨ ᠠᠷᠠᠢ ᠭᠡᠵᠦ ᠪᠣᠰᠤᠭᠠᠳ ᠰᠢᠷ᠎ᠠ ᠲᠠᠢᠯᠬᠤ ᠭᠡᠵᠦ ᠬᠡᠳᠦᠨ ᠬᠤᠨᠳᠠᠭ᠎ᠠ ᠠᠷᠢᠬᠢ ᠬᠠᠯᠠᠭᠠᠵᠤ ᠤᠤᠭᠤᠭᠠᠳ᠂ ᠪᠠᠨᠲᠠᠩ ᠬᠢᠯᠭᠡᠵᠦ ᠬᠣᠶᠠᠷ ᠠᠶᠠᠭ᠎ᠠ ᠢᠳᠡᠭᠡᠳ ᠡᠷᠳᠡᠨᠢ ᠶ᠋ᠢ ᠳᠠᠭᠠᠭᠤᠯᠤᠨ ᠮᠣᠷᠳᠠᠵᠠᠢ᠃
  ᠵᠠᠮ ᠳ᠋ᠠᠭᠠᠨ ᠠᠶᠤᠰᠢ ᠯᠠᠮᠠ ᠴᠢᠯᠠᠭᠤᠨ ᠵᠠᠩᠭᠢ ᠬᠣᠶᠠᠷ ᠲᠠᠢ ᠨᠡᠢᠯᠡᠵᠦ ᠴᠢᠨᠠᠭᠰᠢ ᠶᠠᠪᠤᠯ᠎ᠠ᠃
  ᠬᠦᠷᠢᠶ᠎ᠡ ᠶ᠋ᠢᠨ ᠲᠣᠮᠣ ᠬᠤᠳᠠᠯᠳᠤᠭᠠᠴᠢᠨ ᠯᠠᠮᠠ ᠨᠠᠷ ᠤ᠋ᠨ ᠨᠢᠭᠡ ᠠᠶᠤᠰᠢ ᠰᠠᠶᠢᠬᠠᠨ ᠪᠠᠢᠰᠠ ᠪᠣᠯᠤᠭᠰᠠᠨ ᠢ᠋ᠶ᠋ᠠᠨ ᠪᠠᠷᠳᠠᠮᠨᠠᠨ ᠶᠠᠷᠢᠵᠤ ᠪᠣᠭᠳᠠ ᠳ᠋ᠤ᠌ ᠵᠠᠶᠠᠭᠠᠨ ᠤ᠋ ᠡᠮ᠎ᠡ ᠪᠡᠨ ᠵᠢᠭᠠᠯᠭᠠᠬᠤ ᠭᠡᠵᠦ ᠵᠠᠭᠤᠨ ᠯᠠᠩ ᠮᠥᠩᠭᠥ ᠶ᠋ᠢ ᠲᠠᠨᠢᠭ᠎ᠠ ᠰᠣᠢᠪᠣᠨ ᠢ᠋ᠶ᠋ᠠᠷ ᠳᠠᠮᠵᠢᠭᠤᠯᠤᠨ ᠪᠠᠷᠢᠭᠰᠠᠨ ᠢ᠋ᠶ᠋ᠠᠨ ᠶᠠᠷᠢᠪᠠ᠃ ᠪᠠᠰᠠ ᠪᠠᠳᠮᠠᠳᠣᠷᠵᠢ ᠱᠠᠩᠵᠠᠪ ᠰᠠᠩ ᠤ᠋ᠨ ᠶᠠᠮᠤᠨ ᠤ᠋ ᠲᠦᠰᠢᠮᠡᠯ ᠪᠣᠯᠭᠠᠵᠤ ᠥᠭᠭᠦᠭᠰᠡᠨ ᠲᠤᠬᠠᠢ ᠣᠩᠭᠢᠷᠠᠨ ᠶᠠᠷᠢᠵᠠᠢ᠃
  ᠊᠊᠊᠊᠊᠊᠊᠊᠊᠊᠊᠊᠊᠊᠊ ᠯᠠᠮᠠ ᠨᠠᠷ ᠲᠠ ᠪᠦᠬᠦᠨ ᠪᠠᠬᠠᠨ ᠳᠡᠩᠳᠡᠵᠦ ᠪᠠᠢᠨ᠎ᠠ᠃ ᠲᠥᠷᠥ ᠶ᠋ᠢᠨ ᠬᠡᠷᠡᠭ ᠲᠦ᠍ ᠣᠷᠣᠬᠤ ᠬᠡᠷᠡᠭ ᠠᠯᠠᠭ᠎ᠠ ᠭᠡᠵᠦ ᠴᠢᠯᠠᠭᠤᠨ᠂ ᠯᠠᠮᠠ ᠶ᠋ᠢ ᠵᠢᠮᠡᠯᠡᠪᠡ᠃
  ᠊᠊᠊᠊᠊᠊᠊᠊᠊᠊᠊᠊᠊᠊᠊ ᠬᠠᠯᠬ᠎ᠠ ᠶ᠋ᠢᠨ ᠵᠠᠶᠠᠭ᠎ᠠ ᠪᠤᠶᠠᠨ ᠢ᠋ ᠰᠢᠷ᠎ᠠ ᠶ᠋ᠢᠨ ᠱᠠᠰᠢᠨ ᠰᠠᠬᠢᠵᠤ ᠪᠠᠢᠭ᠎ᠠ ᠪᠣᠯᠬᠣᠷ ᠪᠢᠳᠡ ᠯᠠᠮᠠ ᠨᠠᠷ ᠦᠭᠡᠢ ᠪᠡᠷ ᠲᠥᠷᠥ ᠶ᠋ᠢᠨ ᠬᠡᠷᠡᠭ ᠢ᠋ ᠵᠢᠯᠣᠭᠣᠳᠬᠤ ᠨᠢ ᠰᠣᠬᠣᠷ ᠬᠡᠷᠡᠭ ᠭᠡᠵᠦ ᠠᠶᠤᠰᠢ ᠪᠠᠷᠳᠠᠮ ᠪᠥᠭᠡᠳ ᠶᠡᠬᠡᠮᠰᠦᠭ ᠬᠡᠯᠡᠵᠦ ᠬᠣᠭᠣᠯᠠᠢ ᠪᠠᠨ ᠵᠠᠰᠠᠪᠠ᠃
  ᠊᠊᠊᠊᠊᠊᠊᠊᠊᠊᠊᠊᠊᠊᠊ ᠲᠥᠷᠥ ᠪᠣᠯ ᠬᠣᠶᠠᠷ ᠪᠠᠭᠠᠨ᠎ᠠ ᠲᠠᠢ ᠪᠠᠢᠳᠠᠭ᠃ ᠨᠢᠭᠡ ᠨᠢ ᠪᠣᠯ ᠪᠢᠳᠡ ᠊᠊᠊᠊᠊᠊᠊᠊᠊᠊᠊᠊᠊᠊᠊ ᠸᠠᠩ᠂ ᠪᠡᠢᠯᠡ᠂ ᠪᠡᠢᠰᠡ᠂ ᠬᠦᠩ ᠵᠡᠷᠭᠡ ᠪᠢᠴᠢᠭ ᠴᠡᠷᠢᠭ ᠦ᠋ᠨ ᠲᠦᠰᠢᠮᠡᠳ᠂ ᠨᠥᠭᠦᠭᠡ ᠨᠢ ᠭᠡᠪᠡᠯ ᠬᠤᠲᠤᠭᠲᠤ ᠬᠤᠪᠢᠯᠭᠠᠨ᠂ ᠬᠠᠮᠪᠤ ᠴᠣᠷᠵᠢ ᠵᠡᠷᠭᠡ ᠰᠠᠨᠸᠠᠷᠲᠠᠨ ᠯᠠᠮᠠ ᠨᠠᠷ ᠪᠣᠯᠬᠣᠷ ᠲᠥᠷᠥ ᠶ᠋ᠢᠨ ᠪᠠᠭᠠᠨ᠎ᠠ ᠶ᠋ᠢ ᠪᠢᠳᠡ ᠬᠠᠮᠲᠤ ᠲᠦᠰᠢᠯᠴᠡᠬᠦ ᠶᠣᠰᠣᠲᠠᠢ ᠪᠢᠯᠡ ᠭᠡᠵᠦ ᠲᠣᠪᠴᠢᠨ ᠮᠡᠳᠡᠮᠡᠬᠡᠢ ᠬᠡᠯᠡᠵᠡᠢ᠃
  ᠊᠊᠊᠊᠊᠊᠊᠊᠊᠊᠊᠊᠊᠊᠊ ᠯᠠᠮᠠ ᠨᠠᠷ ᠲᠥᠷᠥ ᠶ᠋ᠢᠨ ᠲᠥᠯᠥᠭᠡ ᠵᠠᠯᠪᠠᠷᠢᠵᠤ ᠯᠠ ᠪᠠᠢᠪᠠᠯ ᠳᠡᠭᠡᠷ᠎ᠡ᠃ ᠬᠣᠶᠠᠷ ᠪᠠᠭᠠᠨ᠎ᠠ ᠪᠠᠢᠳᠠᠭ ᠶᠤᠮ ᠪᠣᠯ ᠨᠢᠭᠡ ᠨᠢ ᠪᠢᠴᠢᠭ ᠦ᠋ᠨ ᠲᠦᠰᠢᠮᠡᠳ᠂ ᠨᠥᠭᠦᠭᠡ ᠨᠢ ᠴᠡᠷᠢᠭ ᠦ᠋ᠨ ᠲᠦᠰᠢᠮᠡᠳ᠂ ᠥᠭᠡᠷ᠎ᠡ ᠪᠠᠭᠠᠨ᠎ᠠ ᠪᠠᠢᠬᠤ ᠦᠭᠡᠢ ᠭᠡᠵᠦ ᠴᠢᠯᠠᠭᠤᠨ ᠬᠡᠯᠡᠵᠡᠢ᠃
  ᠬᠡᠷᠪᠡ ᠴᠣᠭᠴᠢᠨ ᠳᠤᠭᠠᠩ ᠳ᠋ᠤ᠌ ᠲᠤᠯᠵᠤ ᠢᠷᠡᠭᠡ ᠦᠭᠡᠢ ᠪᠣᠯ ᠠᠶᠤᠰᠢ ᠴᠢᠯᠠᠭᠤᠨ ᠬᠣᠶᠠᠷ ᠤ᠋ᠨ ᠡᠨᠡ ᠮᠠᠷᠭᠤᠭᠠᠨ ᠶᠠᠭᠤᠨ ᠳ᠋ᠤ᠌ ᠴᠤ᠌ ᠬᠦᠷᠴᠦ ᠮᠠᠭᠠᠳ ᠦᠭᠡᠢ ᠪᠠᠢᠪᠠ᠃
  ᠶᠠᠩᠪᠠ ᠶ᠋ᠢᠨ ᠬᠤᠪᠴᠠᠰᠤ ᠪᠠᠨ ᠡᠮᠦᠰᠴᠦ᠂ ᠲᠣᠭᠣᠰ ᠤ᠋ᠨ ᠦᠳᠦᠲᠡᠢ ᠤᠲᠤᠭ᠎ᠠ ᠪᠠᠨ ᠨᠠᠮᠢᠯᠵᠠᠭᠤᠯᠤᠭᠰᠠᠨ ᠨᠣᠶᠠᠳ᠂ ᠲᠦᠰᠢᠮᠡᠳ ᠦ᠋ᠨ ᠴᠤᠪᠤᠭ᠎ᠠ ᠳᠤᠭᠠᠩ ᠤ᠋ᠨ ᠡᠭᠦᠳᠡ ᠪᠡᠷ ᠣᠷᠣᠬᠤ ᠭᠡᠲᠡᠯ᠎ᠡ ᠮᠤᠨᠳᠠᠭ ᠪᠡᠶ᠎ᠡ ᠲᠡᠢ ᠬᠡᠳᠦᠨ ᠳᠤᠭᠠᠩᠴᠢ ᠵᠠᠮ ᠬᠥᠨᠳᠡᠯᠢᠳᠦᠨ ᠬᠠᠭᠠᠵᠠᠢ᠃
  ᠊᠊᠊᠊᠊᠊᠊᠊᠊᠊᠊᠊᠊᠊᠊ ᠶᠠᠭᠤ ᠪᠣᠯᠤᠭᠠᠳ ᠵᠣᠭᠰᠣᠵᠤ ᠣᠷᠬᠢᠪᠠ?
  ᠊᠊᠊᠊᠊᠊᠊᠊᠊᠊᠊᠊᠊᠊᠊ ᠴᠢᠨᠠᠳᠤ ᠳᠤᠭᠠᠩᠴᠢ ᠨᠠᠷ ᠴᠢᠨᠢ ᠶᠠᠭᠤ ᠭᠡᠳ ᠵᠠᠮ ᠬᠥᠨᠳᠡᠯᠢᠳᠦᠭᠡᠳ ᠪᠠᠢᠭ᠎ᠠ ᠶᠤᠮ ᠪᠣᠢ? ᠭᠡᠬᠦ ᠵᠡᠷᠭᠡ ᠦᠭᠡ ᠨᠣᠶᠠᠳ ᠲᠦᠰᠢᠮᠡᠳ ᠦ᠋ᠨ ᠡᠩᠨᠡᠭᠡᠨ ᠡᠴᠡ ᠰᠣᠨᠣᠰᠤᠭᠳᠠᠵᠤ ᠪᠠᠢᠪᠠ᠃
  ᠊᠊᠊᠊᠊᠊᠊᠊᠊᠊᠊᠊᠊᠊᠊ ᠬᠡᠨ ᠢ᠋ ᠴᠦ᠍ ᠪᠢᠲᠡᠭᠡᠢ ᠤᠷᠤᠭᠤᠯ ᠭᠡᠵᠦ ᠱᠠᠩᠵᠠᠪ ᠤ᠋ᠨ ᠶᠠᠮᠤᠨ ᠡᠴᠡ ᠵᠠᠷᠯᠢᠭ ᠪᠣᠯᠤᠭᠰᠠᠨ ᠭᠡᠳ ᠳᠤᠭᠠᠩᠴᠢ ᠨᠠᠷ ᠭᠡᠳᠡᠷᠭᠦ ᠨᠢ ᠰᠢᠭᠠᠵᠤ ᠡᠬᠢᠯᠡᠪᠡ᠃
  ᠲᠣᠪᠴᠢᠨ ᠣᠯᠠᠨ ᠤ᠋ ᠳᠤᠮᠳᠠ ᠡᠴᠡ ᠤᠷᠤᠭᠰᠢᠯᠠᠨ ᠭᠠᠷᠴᠤ ᠰᠢᠬᠠᠮᠠᠯ ᠪᠦᠳᠦᠭᠦᠨ ᠳᠠᠭᠤ ᠪᠠᠷ᠄ 《ᠳᠤᠭᠠᠩᠴᠢ ᠲᠠ ᠪᠦᠬᠦᠨ ᠵᠦᠢ ᠶᠠᠪᠤᠳᠠᠯ ᠢ᠋ ᠣᠭᠠᠮᠰᠠᠷᠠᠭ᠎ᠠ ᠦᠭᠡᠢ ᠪᠣᠯᠤᠯᠲᠠᠢ᠃ ᠪᠢᠳᠡ ᠪᠣᠯ ᠲᠤᠯᠭᠤᠷ ᠲᠥᠷᠥ ᠶ᠋ᠢᠨ ᠥᠷᠥᠭᠡᠰᠦᠨ ᠪᠠᠭᠠᠨ᠎ᠠ ᠪᠣᠯᠤᠭᠰᠠᠨ ᠪᠢᠴᠢᠭ ᠴᠡᠷᠢᠭ ᠦ᠋ᠨ ᠲᠦᠰᠢᠮᠡᠳ ᠪᠠᠢᠨ᠎ᠠ》 ᠭᠡᠳ ᠶᠡᠬᠡᠮᠰᠦᠭ ᠢ᠋ᠶ᠋ᠡᠷ ᠲᠣᠯᠣᠭᠠᠢ ᠪᠠᠨ ᠰᠠᠵᠢᠯᠠᠨ᠂ ᠬᠠᠨᠴᠤᠢ ᠪᠠᠨ ᠳᠠᠯᠠᠯᠤᠨ ᠬᠠᠶᠠᠵᠤ ᠤᠷᠤᠭᠰᠢ ᠠᠯᠬᠤᠪᠠ᠃
  ᠭᠡᠲᠡᠯ᠎ᠡ ᠳᠤᠭᠠᠩᠴᠢ ᠨᠠᠷ ᠪᠠᠷᠰ ᠤ᠋ᠨ ᠰᠡᠭᠦᠯ᠂ ᠥᠷᠭᠡᠰᠦᠲᠡᠢ ᠲᠣᠷᠯᠣᠭ ᠢ᠋ᠶ᠋ᠠᠷ ᠨᠣᠶᠠᠳ ᠲᠦᠰᠢᠮᠡᠳ ᠢ᠋ ᠨᠢᠭᠤᠷ ᠨᠢᠳᠦ ᠦᠭᠡᠢ ᠵᠠᠨᠴᠢᠵᠤ ᠡᠬᠢᠯᠡᠪᠡ᠃
  ᠲᠦᠰᠢᠮᠡᠳ ᠦ᠋ᠨ ᠵᠠᠷᠢᠮ ᠨᠢ ᠤᠴᠢᠷᠯᠠᠨ ᠶᠠᠷᠢᠬᠤ ᠶ᠋ᠢ ᠣᠷᠣᠯᠳᠣᠨ᠎ᠠ᠃ ᠵᠠᠷᠢᠮ ᠨᠢ 《ᠱᠠᠯᠳᠠᠩ ᠪᠠᠨᠳᠢ ᠨᠠᠷ ᠳᠡᠩᠳᠡᠵᠦ ᠪᠠᠢᠨ᠎ᠠ》᠂ 《ᠪᠢᠳᠡ ᠨᠠᠷ ᠲᠥᠷᠥ ᠶ᠋ᠢᠨ ᠲᠦᠰᠢᠮᠡᠳ ᠪᠠᠢᠨ᠎ᠠ》 ᠭᠡᠰᠡᠨ ᠪᠣᠯᠪᠠᠴᠤ ᠲᠤᠰᠠ ᠪᠣᠯᠤᠭᠰᠠᠨ ᠦᠭᠡᠢ᠃ ᠰᠡᠭᠦᠯ ᠳ᠋ᠡᠭᠡᠨ ᠨᠣᠶᠠᠳ ᠲᠦᠰᠢᠮᠡᠳ ᠮᠣᠷᠢᠳ ᠤᠷᠤᠭᠤ ᠪᠠᠨ ᠰᠠᠨᠳᠤᠷᠤᠨ ᠭᠦᠶᠦᠪᠡ᠃
  ᠲᠣᠪᠴᠢᠨ᠂ ᠪᠠᠷᠰ ᠤ᠋ᠨ ᠰᠡᠭᠦᠯ ᠳ᠋ᠦ᠍ ᠳᠠᠭᠠᠷᠢᠭᠳᠠᠨ ᠰᠢᠷᠭᠤᠴᠢᠵᠤ ᠤᠨᠠᠭᠠᠳ ᠨᠢᠭᠤᠷ ᠤ᠋ᠨ ᠳᠤᠮᠳᠠᠭᠤᠷ ᠢ᠋ᠶ᠋ᠠᠨ ᠨᠣᠢᠲᠠᠨ ᠪᠤᠷᠭᠠᠰᠤ ᠪᠠᠷ ᠣᠷᠢᠶᠠᠯᠭᠠᠭᠠᠳ ᠠᠷᠠᠢ ᠶᠠᠳᠠᠨ ᠮᠥᠯᠬᠥᠵᠦ ᠮᠣᠷᠢᠨ ᠳ᠋ᠠᠭᠠᠨ ᠬᠦᠷᠦᠭᠡᠳ ᠣᠮ ᠬᠣᠮ ᠦᠭᠡᠢ ᠵᠢᠭᠤᠲᠠᠪᠠ᠃
  ᠲᠦᠰᠢᠮᠡᠳ ᠢ᠋ ᠢᠩᠭᠢᠵᠦ ᠳᠣᠷᠣᠮᠵᠢᠯᠠᠬᠤ ᠵᠠᠷᠯᠢᠭ ᠢ᠋ ᠶᠡᠬᠡ ᠱᠠᠪᠢ ᠶ᠋ᠢᠨ ᠳᠡ ᠯᠠᠮᠠ ᠪᠠᠳᠮᠠᠳᠣᠷᠵᠢ ᠱᠠᠩᠵᠠᠪ ᠥᠭᠴᠡᠢ᠃ ᠲᠥᠷᠥ ᠶ᠋ᠢᠨ ᠡᠷᠬᠡ ᠶ᠋ᠢᠨ ᠲᠥᠯᠥᠭᠡ ᠪᠣᠯᠵᠤ ᠪᠠᠢᠭᠰᠠᠨ ᠬᠠᠷ᠎ᠠ᠂ ᠰᠢᠷ᠎ᠠ ᠹᠧᠣᠳᠠᠯ ᠤ᠋ᠨ ᠲᠡᠮᠡᠴᠡᠯ ᠳ᠋ᠦ᠍ ᠦᠯᠡᠮᠵᠢ ᠬᠣᠨᠵᠢᠶ᠎ᠠ ᠣᠯᠬᠤ ᠶ᠋ᠢᠨ ᠤᠴᠢᠷ ᠪᠠᠳᠮᠠᠳᠣᠷᠵᠢ ᠡᠢᠮᠦ ᠬᠡᠷᠡᠭ ᠬᠢᠵᠡᠢ᠃
  ᠳᠣᠷᠣᠮᠵᠢᠯᠠᠭᠳᠠᠭᠰᠠᠨ ᠲᠦᠰᠢᠮᠡᠳ ᠦ᠋ᠳ ᠭᠣᠮᠣᠳᠠᠯ ᠨᠡᠬᠡᠵᠦ ᠵᠠᠭᠠᠯᠳᠤᠬᠤ ᠳ᠋ᠤ᠌ ᠱᠠᠪᠢ ᠶᠠᠮᠤᠨ ᠪᠣᠭᠳᠠ ᠶ᠋ᠢᠨ ᠵᠠᠷᠯᠢᠭ ᠭᠡᠵᠦ ᠤᠭ ᠬᠡᠷᠡᠭ ᠢ᠋ ᠰᠢᠯᠵᠢᠭᠦᠯᠦᠨ ᠠᠪᠤᠭᠠᠳ ᠨᠣᠶᠠᠳ ᠲᠦᠰᠢᠮᠡᠳ ᠦ᠋ᠳ ᠢ᠋ ᠲᠣᠰᠪᠣᠷᠢ ᠨᠢᠭᠡᠨ ᠮᠢᠩᠭᠠᠨ ᠵᠤᠯᠠ ᠶ᠋ᠢᠨ ᠦᠨ᠎ᠡ ᠪᠡᠷ ᠲᠣᠷᠭᠠᠵᠠᠢ᠃ ᠲᠡᠭᠦᠪᠡᠷ ᠴᠦ᠍ ᠪᠠᠷᠠᠬᠤ ᠦᠭᠡᠢ ᠪᠣᠭᠳᠠ ᠶ᠋ᠢᠨ ᠳᠡᠮᠵᠢᠯᠭᠡ ᠪᠡᠷ ᠪᠠᠳᠮᠠᠳᠣᠷᠵᠢ ᠱᠠᠩᠵᠠᠪ ᠲᠥᠷᠥ ᠶ᠋ᠢᠨ ᠡᠷᠬᠡ ᠶ᠋ᠢ ᠡᠵᠡᠯᠡᠨ ᠠᠪᠴᠤ ᠤᠯᠤᠰ ᠤ᠋ᠨ ᠶᠡᠷᠦᠩᠬᠡᠢ ᠰᠠᠢᠳ ᠪᠣᠯᠪᠠ᠃
  ᠢᠩᠭᠢᠵᠦ ᠰᠢᠷ᠎ᠠ ᠹᠧᠣᠳᠠᠯ ᠤ᠋ᠳ ᠲᠥᠷᠥ ᠶ᠋ᠢᠨ ᠡᠷᠬᠡ ᠶ᠋ᠢ ᠭᠠᠷ ᠲᠠᠭᠠᠨ ᠠᠪᠴᠤ ᠳᠤᠷ᠎ᠠ ᠪᠠᠷ ᠢ᠋ᠶ᠋ᠠᠨ ᠳᠣᠷᠭᠢᠵᠤ ᠡᠬᠢᠯᠡᠪᠡ᠃
  ᠡᠨᠡ ᠦᠶ᠎ᠡ ᠳ᠋ᠦ᠍ ᠣᠷᠣᠰ ᠣᠷᠣᠨ ᠳ᠋ᠤ᠌ ᠪᠠᠳᠠᠷᠠᠭᠰᠠᠨ ᠣᠺᠲ᠋ᠤᠪᠧᠷ ᠦ᠋ᠨ ᠶᠡᠬᠡ ᠬᠤᠪᠢᠰᠬᠠᠯ ᠤ᠋ᠨ ᠡᠷᠬᠡ ᠴᠢᠯᠥᠭᠡᠨ ᠦ᠌ ᠭᠡᠷᠡᠯ ᠮᠣᠩᠭᠣᠯ ᠣᠷᠣᠨ ᠳ᠋ᠤ᠌ ᠨᠡᠪᠲᠡᠷᠡᠨ ᠢᠷᠡᠯ᠎ᠡ᠃
  ᠨᠢᠭᠡᠨ ᠡᠳᠦᠷ ᠫᠷᠣᠯᠧᠲ᠋ᠠᠷᠢ ᠶ᠋ᠢᠨ ᠶᠡᠬᠡ ᠬᠤᠪᠢᠰᠬᠠᠯ ᠡᠴᠡ ᠠᠶᠤᠨ ᠰᠠᠨᠳᠤᠷᠴᠤ᠂ ᠨᠥᠭᠦᠭᠡ ᠳ᠋ᠦ᠍ᠷ ᠰᠢᠷ᠎ᠠ ᠹᠧᠣᠳᠠᠯ ᠤ᠋ᠳ ᠲᠤ᠌ ᠬᠣᠷᠣᠰᠤᠭᠰᠠᠨ ᠵᠠᠰᠠᠭ ᠨᠣᠶᠠᠳ ᠪᠠᠬᠠᠷᠳᠠᠬᠤ ᠳ᠋ᠠᠭᠠᠨ ᠪᠠᠯᠢᠤᠰᠤ ᠡᠴᠡ ᠠᠳᠬᠤᠵᠤ ᠠᠪᠤᠨ᠎ᠠ ᠭᠡᠭᠴᠢ ᠪᠡᠷ ᠬᠢᠲᠠᠳ ᠲᠤ᠌ ᠲᠥᠷᠥ ᠪᠡᠨ ᠬᠤᠳᠠᠯᠳᠤᠬᠤ ᠪᠠᠷ ᠰᠢ᠌ᠤᠠᠴᠤ ᠬᠦᠷᠢᠶᠡᠨ ᠳ᠋ᠦ᠍ ᠪᠠᠢᠭᠰᠠᠨ ᠬᠢᠲᠠᠳ ᠤ᠋ᠨ ᠡᠯᠴᠢᠨ ᠲᠥᠯᠥᠭᠡᠯᠡᠭᠴᠢ ᠰᠠᠢᠳ ᠴᠢᠨ ᠡᠢ ᠳ᠋ᠦ᠍ ᠪᠠᠷᠠᠭᠠᠯᠬᠠᠵᠤ ᠬᠢᠲᠠᠳ ᠤᠯᠤᠰ ᠲᠤ᠌ ᠳᠠᠭᠠᠷ᠎ᠠ ᠣᠷᠣᠵᠤ ᠵᠠᠬᠢᠷᠤᠭᠳᠠᠬᠤ ᠶ᠋ᠢ ᠬᠦᠰᠡᠪᠡ᠃
  ᠮᠣᠩᠭᠣᠯ ᠤ᠋ᠨ ᠠᠷᠠᠳ ᠲᠦᠮᠡᠨ ᠦ᠌ ᠣᠯᠠᠨ ᠵᠠᠭᠤᠨ ᠵᠢᠯ ᠦ᠋ᠨ ᠪᠠᠭᠠᠲᠤᠷᠯᠢᠭ ᠲᠡᠮᠡᠴᠡᠯ ᠦ᠋ᠨ ᠠᠴᠢ ᠪᠠᠷ ᠪᠠᠢᠭᠤᠯᠤᠭᠳᠠᠭᠰᠠᠨ ᠤᠯᠤᠰ ᠲᠥᠷᠥ ᠶ᠋ᠢ ᠬᠡᠷᠬᠡᠮ ᠵᠡᠷᠭᠡ ᠪᠡᠷ ᠬᠤᠳᠠᠯᠳᠤᠬᠤ ᠦᠶ᠎ᠡ ᠳ᠋ᠦ᠍ ᠬᠦᠷᠢᠶ᠎ᠡ ᠶ᠋ᠢᠨ ᠬᠢᠨ 《ᠪᠣᠭᠴᠣ ᠪᠣᠭᠴᠣ ᠮᠥᠩᠭᠥ ᠪᠡᠷ ᠪᠣᠭᠳᠠ ᠪᠠᠨ ᠬᠤᠳᠠᠯᠳᠤᠭᠰᠠᠨ ᠰᠠᠢᠳ ᠤ᠋ᠳ᠂ ᠳᠠᠩᠰᠠ ᠳᠠᠩᠰᠠ ᠮᠥᠩᠭᠥ ᠪᠡᠷ ᠳᠡᠯᠡᠬᠡᠢ ᠪᠡᠨ ᠬᠤᠳᠠᠯᠳᠤᠭᠰᠠᠨ ᠰᠠᠢᠳ ᠤ᠋ᠳ᠂ ᠮᠠᠩᠨᠤᠭ ᠳᠡᠪᠡᠯ ᠲᠡᠢ ᠰᠠᠢᠳ ᠤ᠋ᠳ ᠭᠤᠸᠠᠢ᠂ ᠮᠠᠨ ᠢ᠋ ᠪᠡᠨ ᠬᠤᠳᠠᠯᠳᠤᠭᠠᠳ ᠬᠢᠯᠠᠢᠪᠠ ᠤᠤ》 ᠭᠡᠵᠦ ᠭᠠᠰᠢᠭᠤᠨ ᠳᠠᠭᠤᠤ ᠵᠣᠬᠢᠶᠠᠨ ᠳᠠᠭᠤᠯᠠᠳᠠᠭ ᠪᠣᠯᠵᠠᠢ᠃
  ᠮᠣᠩᠭᠣᠯ ᠤ᠋ᠨ ᠡᠵᠡᠨᠲᠦ ᠬᠠᠭᠠᠨᠲᠤ ᠲᠥᠷᠥ ᠶ᠋ᠢ ᠵᠠᠯᠭᠢᠬᠤ ᠠᠶᠠᠲᠠᠢ ᠴᠠᠭ ᠢ᠋ ᠬᠦᠯᠢᠶᠡᠵᠦ ᠪᠠᠢᠭᠰᠠᠨ ᠬᠢᠲᠠᠳ ᠤ᠋ᠨ ᠬᠥᠷᠥᠩᠭᠡᠲᠡᠨ ᠦ᠌ ᠵᠠᠰᠠᠭ ᠤ᠋ᠨ ᠭᠠᠵᠠᠷ ᠲᠥᠷᠥ ᠶ᠋ᠢᠨ ᠡᠨᠡᠬᠦ ᠮᠠᠢᠮᠠᠢ ᠶ᠋ᠢ ᠳᠤᠷᠠᠲᠠᠢ ᠬᠦᠯᠢᠶᠡᠨ ᠠᠪᠴᠠᠢ᠃
  ᠬᠢᠲᠠᠳ ᠲᠤ᠌ ᠳᠠᠭᠠᠷ᠎ᠠ ᠣᠷᠣᠬᠤ ᠪᠠᠷ ᠬᠡᠯᠡᠯᠴᠡᠭᠡ ᠬᠢᠬᠦ ᠪᠡᠷ ᠣᠴᠢᠭᠰᠠᠨ ᠨᠣᠶᠠᠳ ᠢ᠋ ᠴᠢᠨ ᠡᠢ ᠰᠠᠢᠳ ᠶᠠᠩᠪᠠ ᠶ᠋ᠢᠨ ᠢ᠋ᠶ᠋ᠡᠨ ᠬᠤᠪᠴᠠᠰᠤ ᠶ᠋ᠢ ᠡᠮᠦᠰᠦᠭᠡᠳ ᠡᠭᠦᠳᠡᠨ ᠳᠡᠭᠡᠷ᠎ᠡ ᠪᠡᠨ ᠬᠦᠯᠢᠶᠡᠵᠦ ᠠᠪᠤᠭᠠᠳ ᠠᠷᠵᠠᠭᠠᠷ ᠰᠢᠷ᠎ᠠ ᠰᠢᠲᠦ ᠪᠡᠨ ᠢᠷᠵᠠᠢᠯᠭᠠᠨ ᠨᠢᠳᠦ ᠪᠡᠨ ᠵᠢᠷᠲᠠᠢᠯᠭᠠᠨ ᠢᠨᠢᠶᠡᠵᠦ᠄
  ᠊᠊᠊᠊᠊᠊᠊᠊᠊᠊᠊᠊᠊᠊᠊ ᠡᠷᠬᠢᠮ ᠬᠦᠨᠳᠦᠲᠦ ᠰᠠᠢᠳ᠂ ᠲᠦᠰᠢᠮᠡᠳ ᠦ᠋ᠳ ᠢ᠋ ᠶᠣᠰᠣ ᠠᠯᠳᠠᠵᠤ ᠬᠣᠯᠠ ᠡᠴᠡ ᠤᠭᠲᠤᠵᠤ ᠴᠢᠳᠠᠭ᠎ᠠ ᠦᠭᠡᠢ ᠲᠦᠮᠡᠨ ᠶᠠᠯ᠎ᠠ ᠶ᠋ᠢ ᠮᠢᠨᠢ ᠥᠷᠥᠰᠢᠶᠡᠬᠦ ᠠᠵᠢᠶᠠᠮᠤ᠃ ᠲᠩᠷᠢ ᠶ᠋ᠢᠨ ᠬᠡᠰᠢᠭ ᠢ᠋ᠶ᠋ᠡᠷ ᠲᠠ ᠪᠦᠬᠦᠨ ᠮᠢᠨᠦ ᠥᠴᠦᠬᠡᠨ ᠭᠡᠷ ᠲᠦ᠍ ᠭᠡᠢᠭᠦᠯᠦᠨ ᠢᠷᠡᠭᠰᠡᠨ ᠳ᠋ᠦ᠍ ᠪᠠᠶᠠᠷᠯᠠᠪᠠᠴᠤ ᠪᠠᠷᠠᠬᠤ ᠦᠭᠡᠢ ᠭᠡᠳ ᠲᠦᠰᠢᠮᠡᠳ᠂ ᠨᠣᠶᠠᠳ ᠢ᠋ ᠤᠷᠢᠨ ᠣᠷᠣᠭᠤᠯᠵᠤ᠂ ᠶᠠᠩᠵᠤᠤᠷ ᠲᠠᠮᠠᠬᠢ᠂ ᠰᠠᠢᠬᠠᠨ ᠬᠣᠭᠣᠯᠠ᠂ ᠮᠡᠭᠯᠤ ᠠᠷᠢᠬᠢ ᠪᠠᠷ ᠳᠠᠢᠯᠠᠪᠠ᠃
  ᠰᠠᠢᠳ ᠤ᠋ᠳ ᠤ᠋ᠨ ᠬᠦᠰᠡᠯᠲᠡ ᠶ᠋ᠢ ᠴᠢᠨ ᠡᠢ ᠶᠡᠬᠡᠯ᠎ᠡ ᠠᠩᠬᠠᠷᠤᠨ ᠰᠣᠨᠣᠰᠴᠤ ᠲᠣᠯᠣᠭᠠᠢ ᠪᠠᠨ ᠳᠣᠬᠢᠨ᠂ ᠶᠠᠩᠵᠤᠤᠷ ᠤ᠋ᠨ ᠢ᠋ᠶ᠋ᠠᠨ ᠦᠨᠡᠰᠦ ᠶ᠋ᠢ ᠲᠠᠮᠠᠬᠢᠨ ᠤ᠋ ᠱᠠᠭᠠᠵᠠᠩ ᠰᠠᠪᠠ ᠤᠷᠤᠭᠤ ᠠᠯᠭᠤᠷ ᠤᠨᠠᠭᠠᠵᠤ ᠪᠠᠢᠯ᠎ᠠ᠃
  ᠊᠊᠊᠊᠊᠊᠊᠊᠊᠊᠊᠊᠊᠊᠊ ᠡᠨᠡ ᠪᠣᠯ ᠰᠠᠢᠬᠠᠨ ᠬᠡᠷᠡᠭ᠃ ᠳᠤᠮᠳᠠᠳᠤ᠂ ᠮᠣᠩᠭᠣᠯ ᠬᠣᠶᠠᠷ ᠪᠣᠯ ᠡᠵᠡᠨ ᠴᠢᠩᠭᠢᠰ ᠦ᠋ᠨ ᠦᠶ᠎ᠡ ᠡᠴᠡ ᠲᠥᠷᠥ ᠤᠯᠤᠰ ᠢ᠋ᠶ᠋ᠠᠨ ᠬᠠᠮᠲᠤ ᠪᠠᠢᠭᠤᠯᠵᠤ ᠪᠠᠢᠭᠰᠠᠨ ᠲᠡᠦᠬᠡ ᠲᠡᠢ ᠶ᠋ᠢ ᠮᠡᠷᠭᠡᠨ ᠰᠠᠢᠳ ᠨᠣᠶᠠᠳ ᠮᠤᠩᠬᠠᠭ ᠬᠥᠮᠦᠨ ᠢ᠋ᠶ᠋ᠡᠷ ᠵᠢᠭᠠᠯᠭᠠᠬᠤ ᠶᠠᠭᠤᠨ ᠪᠢᠯᠡ᠃ ᠲᠠ ᠪᠦᠬᠦᠨ ᠦ᠌ ᠡᠨᠡ ᠬᠦᠰᠡᠯᠲᠡ ᠶ᠋ᠢ ᠵᠠᠰᠠᠭ ᠤ᠋ᠨ ᠭᠠᠵᠠᠷ ᠲᠠᠭᠠᠨ ᠮᠡᠳᠡᠭᠦᠯᠦᠨ᠎ᠡ᠃ ᠮᠡᠷᠭᠡᠨ ᠲᠠ ᠨᠠᠷ ᠪᠢᠳᠡᠨ ᠡᠴᠡ ᠬᠦᠰᠡᠬᠦ ᠥᠭᠡᠷ᠎ᠡ ᠵᠦᠢᠯ ᠪᠠᠢᠬᠤ ᠰᠠᠨ ᠪᠣᠯᠪᠠ ᠤᠤ?
  ᠊᠊᠊᠊᠊᠊᠊᠊᠊᠊᠊᠊᠊᠊᠊ ᠭᠠᠭᠴᠠᠬᠦ ᠪᠣᠭᠳᠠ ᠬᠠᠭᠠᠨᠲᠠᠨ ᠪᠠ ᠣᠯᠠᠨ ᠠᠢᠮᠠᠭ ᠬᠤᠰᠢᠭᠤᠨ ᠤ᠋ ᠵᠠᠰᠠᠭ ᠨᠣᠶᠠᠳ ᠤ᠋ᠨ ᠲᠤᠰᠢᠶᠠᠯ ᠬᠡᠷᠬᠡᠮ ᠢ᠋ ᠬᠠᠭᠤᠴᠢᠨ ᠬᠡᠪ ᠢ᠋ᠶ᠋ᠡᠷ ᠬᠡᠷᠡᠭᠯᠡᠭᠦᠯᠬᠦ ᠪᠢᠵᠡ ᠭᠡᠵᠦ ᠠᠶᠤᠮᠰᠢᠭ ᠦᠭᠡᠢ ᠭᠤᠶᠤᠨ᠎ᠠ ᠭᠡᠵᠦ ᠨᠢᠭᠡ ᠨᠣᠶᠠᠨ ᠬᠡᠯᠡᠬᠦ ᠳ᠋ᠦ᠍ ᠲᠣᠪᠴᠢᠨ ᠠᠯᠠᠭ᠎ᠠ ᠪᠠᠨ ᠬᠠᠪᠰᠤᠷᠤᠨ᠂ ᠥᠷᠥᠭᠡᠰᠦᠨ ᠨᠢᠳᠦ ᠪᠡᠨ ᠠᠨᠢᠨ ᠬᠣᠭᠣᠯᠠᠢ ᠳ᠋ᠠᠭᠠᠨ ᠢᠨᠢᠶᠡᠵᠦ 《ᠪᠢᠴᠢᠭ ᠴᠡᠷᠢᠭ ᠦ᠋ᠨ ᠲᠦᠰᠢᠮᠡᠳ ᠪᠢᠳᠡᠨ ᠢ᠋ ᠲᠥᠷᠥ ᠶ᠋ᠢᠨ ᠠᠯᠪᠠᠨ ᠳ᠋ᠤ᠌ ᠬᠡᠷᠡᠭᠯᠡᠨ᠂ ᠴᠠᠯᠢᠩ ᠹᠦᠩᠯᠦ ᠶ᠋ᠢ ᠵᠣᠬᠢᠬᠤ ᠶᠣᠰᠣ ᠪᠠᠷ ᠬᠦᠷᠲᠡᠭᠡᠵᠦ ᠪᠠᠢᠬᠤ ᠶ᠋ᠢ ᠡᠷᠬᠢᠮ ᠮᠡᠷᠭᠡᠨ ᠰᠠᠢᠳ ᠡᠴᠡ ᠬᠢᠴᠢᠶᠡᠩᠭᠦᠢᠯᠡᠨ ᠬᠦᠰᠡᠵᠦ ᠪᠠᠢᠨ᠎ᠠ》 ᠭᠡᠵᠦ ᠨᠡᠮᠡᠯ᠎ᠡ᠃
  ᠊᠊᠊᠊᠊᠊᠊᠊᠊᠊᠊᠊᠊᠊᠊ ᠲᠠ ᠪᠦᠬᠦᠨ ᠦ᠌ ᠡᠨᠡ ᠦᠯᠡᠮᠵᠢ ᠬᠦᠰᠡᠯ ᠢ᠋ ᠳᠤᠮᠳᠠᠳᠤ ᠤᠯᠤᠰ ᠤ᠋ᠨ ᠵᠠᠰᠠᠭ ᠤ᠋ᠨ ᠭᠠᠵᠠᠷ ᠪᠡᠶᠡᠯᠡᠭᠦᠯᠦᠨ᠎ᠡ ᠭᠡᠵᠦ ᠥᠴᠦᠬᠡᠨ ᠪᠢ ᠢᠲᠡᠭᠡᠵᠦ ᠪᠠᠢᠨ᠎ᠠ ᠭᠡᠵᠦ ᠡᠯᠴᠢᠨ ᠬᠡᠯᠡᠵᠡᠢ᠃
  ᠢᠩᠭᠢᠭᠡᠳ ᠲᠡᠦᠬᠡᠨ ᠳ᠋ᠦ᠍ ᠴᠢᠨ ᠡᠢ ᠶ᠋ᠢᠨ ᠵᠢᠷᠠᠨ ᠳᠥᠷᠪᠡᠨ ᠵᠦᠢᠯ ᠭᠡᠵᠦ ᠨᠡᠷᠡᠯᠡᠭᠳᠡᠭᠰᠡᠨ ᠭᠡᠷ᠎ᠡ ᠪᠣᠢ ᠪᠣᠯᠤᠭᠰᠠᠨ ᠪᠠ ᠤᠳᠠᠯ ᠦᠭᠡᠢ ᠪᠠᠷᠠᠭᠤᠨ ᠬᠣᠢᠲᠤ ᠬᠢᠵᠠᠭᠠᠷ ᠢ᠋ ᠰᠡᠷᠭᠡᠢᠯᠡᠨ ᠬᠠᠮᠠᠭᠠᠯᠠᠬᠤ ᠶᠡᠬᠡ ᠴᠡᠷᠢᠭ ᠦ᠋ᠨ ᠶᠡᠷᠦᠩᠬᠡᠢᠯᠡᠨ ᠵᠠᠬᠢᠷᠬᠤ ᠵᠠᠩᠵᠤᠨ ᠰᠢᠦᠢ ᠱᠤ᠌ ᠵᠧᠩ ᠶᠡᠬᠡ ᠴᠡᠷᠢᠭ ᠦ᠋ᠨ ᠬᠠᠮᠲᠤ ᠮᠣᠩᠭᠣᠯ ᠳ᠋ᠤ᠌ ᠨᠡᠪᠲᠡᠷᠡᠨ ᠣᠷᠣᠵᠤ ᠢᠷᠡᠪᠡ᠃
  ᠴᠢᠨ ᠡᠢ ᠰᠠᠢᠳ ᠲᠤ᠌ ᠮᠣᠩᠭᠣᠯ ᠤ᠋ᠨ ᠲᠥᠷᠥ ᠶ᠋ᠢ ᠬᠤᠳᠠᠯᠳᠤᠬᠤ ᠶᠡᠬᠡ ᠣᠯᠵᠠ᠂ ᠦᠯᠡᠮᠵᠢ ᠭᠠᠪᠢᠶᠠᠨ ᠡᠴᠡ ᠬᠣᠵᠢᠮᠳᠠᠭᠰᠠᠨ ᠪᠠᠳᠮᠠᠳᠣᠷᠵᠢ ᠱᠠᠩᠵᠠᠪ᠂ ᠰᠢᠦᠢ ᠵᠠᠩᠵᠤᠨ ᠳ᠋ᠤ᠌ ᠨᠢᠭᠤᠷ ᠲᠠᠯ᠎ᠠ ᠣᠯᠬᠤ ᠪᠠᠷ ᠰᠢᠭᠤᠳᠴᠤ ᠬᠡᠳᠦᠨ ᠴᠠᠭᠠᠰᠤ ᠵᠠᠬᠢᠶ᠎ᠠ ᠪᠢᠴᠢᠯ᠎ᠡ᠃
  ᠪᠠᠳᠮᠠᠳᠣᠷᠵᠢ ᠱᠠᠩᠵᠠᠪ ᠰᠢᠳᠠᠷ ᠨᠥᠬᠥᠳ ᠦ᠋ᠨ ᠬᠠᠮᠲᠤ ᠰᠢᠦᠢ ᠵᠠᠩᠵᠤᠨ ᠳ᠋ᠤ᠌ ᠡᠷᠭᠦᠬᠦ ᠪᠢᠴᠢᠭ ᠦ᠋ᠨ ᠡᠬᠡ ᠶ᠋ᠢ ᠥᠷᠯᠥᠭᠡ ᠡᠴᠡ ᠡᠬᠢᠯᠡᠨ ᠪᠢᠴᠢᠭᠡᠳ ᠣᠷᠣᠢ ᠶ᠋ᠢᠨ ᠨᠠᠷᠠ ᠬᠠᠨ᠎ᠠ ᠥᠭᠡᠳᠡ ᠴᠣᠢ᠌ᠯᠠᠨ ᠭᠠᠷᠬᠤ ᠶ᠋ᠢᠨ ᠦᠶ᠎ᠡ ᠳ᠋ᠦ᠍ ᠳᠠᠭᠤᠰᠪᠠ᠃
  ᠊᠊᠊᠊᠊᠊᠊᠊᠊᠊᠊᠊᠊᠊᠊ ᠵᠠ ᠲᠠ ᠨᠠᠷ ᠬᠠᠷᠢᠵᠠᠭ᠎ᠠ᠃ ᠪᠢ ᠶᠠᠪᠣᠭᠤᠯᠴᠢᠭᠠᠶ᠎ᠠ ᠭᠡᠵᠦ ᠪᠠᠳᠮᠠᠳᠣᠷᠵᠢ ᠬᠡᠯᠡᠪᠡ᠃
  ᠊᠊᠊᠊᠊᠊᠊᠊᠊᠊᠊᠊᠊᠊᠊ ᠱᠠᠩᠵᠠᠪ ᠠ᠋᠂ ᠪᠢ ᠬᠦᠷᠭᠡᠵᠦ ᠥᠭᠭᠦᠶ᠎ᠡ᠃
  ᠊᠊᠊᠊᠊᠊᠊᠊᠊᠊᠊᠊᠊᠊᠊ ᠪᠣᠯᠬᠤ ᠦᠭᠡᠢ᠃ ᠪᠢᠳᠡᠨ ᠲᠡᠢ ᠠᠲᠠᠭᠠᠷᠬᠠᠵᠤ ᠪᠠᠢᠭ᠎ᠠ ᠵᠠᠰᠠᠭ ᠨᠣᠶᠠᠳ ᠲᠤ᠌ ᠮᠡᠳᠡᠭᠳᠡᠵᠦ ᠪᠣᠯᠬᠤ ᠦᠭᠡᠢ᠃ ᠲᠠ ᠨᠠᠷ ᠤ᠋ᠨ ᠠᠯᠢ ᠨᠢᠭᠡ ᠶ᠋ᠢ ᠬᠦᠷᠭᠡᠵᠦ ᠥᠭᠬᠦ ᠶ᠋ᠢ ᠬᠠᠷᠠᠪᠠᠯ ᠬᠡᠷᠡᠭ ᠪᠤᠷᠤᠭᠤ ᠲᠡᠰᠢ ᠪᠡᠨ ᠡᠷᠭᠢᠨ᠎ᠡ᠃ ᠡᠨᠡ ᠤᠴᠢᠷ ᠡᠴᠡ ᠨᠠᠢᠳᠠᠪᠤᠷᠢᠲᠠᠢ᠂ ᠪᠠᠰᠠ ᠲᠡᠭᠡᠭᠡᠳ ᠪᠢᠳᠡᠨ ᠲᠡᠢ ᠬᠣᠯᠪᠣᠭ᠎ᠠ ᠲᠠᠢ ᠭᠡᠳᠡᠭ ᠢ᠋ ᠨᠢ ᠬᠡᠨ ᠴᠦ᠍ ᠮᠡᠳᠡᠬᠦ ᠦᠭᠡᠢ ᠬᠥᠮᠦᠨ ᠢ᠋ᠶ᠋ᠡᠷ ᠶᠠᠪᠤᠭᠤᠯᠤᠨ᠎ᠠ᠃
  ᠊᠊᠊᠊᠊᠊᠊᠊᠊᠊᠊᠊᠊᠊᠊ ᠱᠠᠩᠵᠠᠪ ᠲᠠᠨ ᠤ᠋ ᠤᠬᠠᠭᠠᠨ ᠴᠤ᠌ ᠮᠥᠨ ᠰᠠᠷᠠᠭᠤᠯ ᠭᠡᠭᠡᠨ ᠪᠠᠢᠨ᠎ᠠ᠃
  ᠊᠊᠊᠊᠊᠊᠊᠊᠊᠊᠊᠊᠊᠊᠊ ᠳᠠᠪᠬᠤᠷ ᠪᠣᠳᠣᠵᠤ ᠪᠠᠢᠨ᠎ᠠ ᠰᠢᠦ᠃
  ᠊᠊᠊᠊᠊᠊᠊᠊᠊᠊᠊᠊᠊᠊᠊ ᠡᠢᠮᠦ ᠰᠠᠷᠠᠭᠤᠯ ᠪᠣᠳᠣᠯ ᠲᠠᠢ ᠬᠥᠮᠦᠨ ᠢ᠋ ᠴᠦ᠍ ᠶᠠᠭᠠᠬᠢᠵᠤ ᠳᠡᠢᠯᠬᠦ ᠪᠢᠯᠡ ᠳᠠ᠃
  ᠱᠠᠩᠵᠠᠪ ᠪᠣᠰᠴᠤ ᠰᠤᠨᠢᠶᠠᠭᠠᠳ ᠬᠦᠢᠲᠡᠨ ᠢᠨᠢᠶᠡᠮᠰᠦᠭᠯᠡᠪᠡ᠃ 《ᠮᠣᠩᠭᠣᠯ ᠢ᠋ ᠪᠠᠭᠤᠯᠭᠠᠵᠤ ᠠᠪᠤᠭᠰᠠᠨ ᠭᠠᠪᠢᠶ᠎ᠠ ᠶ᠋ᠢ ᠪᠤᠯᠢᠶᠠᠯᠳᠤᠵᠤ ᠪᠠᠢᠭ᠎ᠠ ᠴᠢᠨ ᠡᠢ᠂ ᠰᠢᠦᠢ ᠵᠠᠩᠵᠤᠨ ᠬᠣᠶᠠᠷ ᠤ᠋ᠨ ᠳᠤᠮᠳᠠ ᠶᠠᠰᠤ ᠬᠠᠶᠠᠵᠤ᠂ ᠰᠢᠦᠢ ᠵᠠᠩᠵᠤᠨ ᠤ᠋ ᠴᠡᠷᠢᠭ ᠦ᠋ᠨ ᠰᠦᠷ ᠢ᠋ᠶ᠋ᠡᠷ ᠴᠢᠨ ᠢ᠋ ᠵᠠᠢᠯᠠᠭᠤᠯᠪᠠᠯ ᠳᠠᠪᠬᠤᠷ ᠬᠣᠨᠵᠢᠶ᠎ᠠ ᠣᠯᠬᠤ ᠠᠵᠢ᠃》 ᠭᠠᠪᠢᠶ᠎ᠠ ᠣᠯᠵᠤ᠂ ᠵᠠᠰᠠᠭ ᠨᠣᠶᠠᠳ ᠡᠴᠡ ᠥᠰᠢᠶ᠎ᠡ ᠪᠡᠨ ᠠᠪᠤᠨ᠎ᠠ᠃ ᠲᠡᠭᠦᠨ ᠢ᠋ᠶ᠋ᠡᠷ ᠪᠠᠷᠠᠬᠤ ᠦᠭᠡᠢ ᠮᠣᠩᠭᠣᠯ ᠤ᠋ᠨ ᠣᠷᠣᠢ ᠳᠡᠭᠡᠷ᠎ᠡ ᠰᠠᠭᠤᠵᠤ᠂ ᠰᠢᠦᠢ ᠵᠠᠩᠵᠤᠨ ᠤ᠋ ᠬᠦᠴᠦ ᠪᠡᠷ ᠳᠠᠢᠰᠤᠨ ᠨᠤᠭᠤᠳ ᠢ᠋ᠶ᠋ᠠᠨ ᠪᠢᠴᠠ ᠴᠣᠬᠢᠵᠤ ᠴᠢᠳᠠᠬᠤ ᠮᠡᠲᠦ ᠪᠣᠳᠣᠭᠳᠠᠨ᠎ᠠ᠃
  《ᠲᠠ ᠨᠠᠷ ᠪᠠᠳᠮᠠᠳᠣᠷᠵᠢ ᠶ᠋ᠢ ᠠᠷᠤ ᠪᠠᠷ ᠨᠢ ᠲᠠᠯᠪᠢᠵᠤ ᠬᠡᠵᠢᠶ᠎ᠡ ᠴᠦ᠍ ᠴᠢᠳᠠᠬᠤ ᠦᠭᠡᠢ᠃ ᠬᠥᠭᠰᠢᠨ ᠴᠢᠨᠢ ᠰᠢᠳᠦ ᠦᠭᠡᠢ ᠴᠦ᠍ ᠭᠡᠰᠡᠨ ᠳᠡᠭᠦᠦ ᠨᠠᠷ ᠢ᠋ᠶ᠋ᠠᠨ ᠬᠦᠯᠬᠦᠵᠦ ᠣᠷᠬᠢᠨ᠎ᠠ》 ᠭᠡᠵᠦ ᠳᠣᠲᠣᠷ᠎ᠠ ᠪᠠᠨ ᠰᠢᠪᠡᠭᠡᠨᠡᠭᠡᠳ ᠬᠥᠮᠥᠰᠬᠡ ᠪᠡᠨ ᠵᠠᠩᠭᠢᠳᠪᠠ᠃
  ᠡᠭᠦᠳᠡ ᠳᠤᠤᠭᠠᠷᠴᠤ ᠳᠣᠨᠢᠷ ᠯᠠᠮᠠ ᠣᠷᠣᠵᠤ ᠢᠷᠡᠬᠦ ᠳ᠋ᠦ᠍ ᠱᠠᠩᠵᠠᠪ ᠰᠣᠴᠢᠨ ᠡᠷᠭᠢᠪᠡ᠃
  ᠊᠊᠊᠊᠊᠊᠊᠊᠊᠊᠊᠊᠊᠊᠊ ᠭᠡᠭᠡᠨ ᠦ᠌ ᠡᠯᠴᠢ ᠢᠷᠡᠭᠡᠳ ᠲᠠᠨ ᠳ᠋ᠤ᠌ ᠪᠠᠷᠠᠭᠠᠯᠬᠠᠬᠤ ᠶ᠋ᠢ ᠬᠦᠰᠡᠨ ᠠᠢᠯᠠᠳᠬᠠᠵᠤ ᠪᠠᠢᠨ᠎ᠠ ᠭᠡᠵᠦ ᠳᠣᠨᠢᠷ ᠠᠯᠠᠭ᠎ᠠ ᠪᠠᠨ ᠬᠠᠪᠰᠤᠷᠪᠠ᠃
  ᠊᠊᠊᠊᠊᠊᠊᠊᠊᠊᠊᠊᠊᠊᠊ ᠬᠡᠨ ᠲᠡᠢ ᠴᠦ᠍ ᠠᠭᠤᠯᠵᠠᠬᠤ ᠦᠭᠡᠢ᠃ ᠬᠠᠷᠢᠨ ᠮᠣᠷᠢ ᠪᠡᠯᠡᠨ ᠪᠣᠯᠭᠠᠭᠠᠷᠠᠢ᠃
  ᠊᠊᠊᠊᠊᠊᠊᠊᠊᠊᠊᠊᠊᠊᠊ ᠵᠠ ᠰᠠᠢᠪᠤᠷ ᠬᠦᠷᠡᠩ ᠢ᠋ ᠪᠡᠯᠡᠨ ᠪᠣᠯᠭᠠᠶ᠎ᠠ ᠭᠡᠳ ᠤᠬᠤᠷᠢᠨ ᠭᠠᠷᠤᠯ᠎ᠠ᠃
  ᠬᠡᠰᠡᠭ ᠪᠣᠯᠤᠭᠰᠠᠨ ᠤ᠋ ᠳᠠᠷᠠᠭ᠎ᠠ ᠳᠣᠨᠢᠷ ᠪᠤᠴᠠᠵᠤ ᠢᠷᠡᠭᠡᠳ ᠠᠯᠠᠭ᠎ᠠ ᠪᠠᠨ ᠬᠠᠪᠰᠤᠷᠤᠨ 《ᠳᠡᠭᠡᠳᠦᠰ ᠦ᠋ᠨ ᠴᠢᠬᠤᠯᠠ ᠪᠢᠴᠢᠭ ᠢ᠋ ᠥᠭᠬᠦ ᠶᠤᠮ ᠭᠡᠨ᠎ᠡ》 ᠭᠡᠵᠦ ᠬᠡᠯᠡᠪᠡ᠃
  ᠊᠊᠊᠊᠊᠊᠊᠊᠊᠊᠊᠊᠊᠊᠊ ᠲᠡᠢᠮᠦ ᠪᠣᠯ ᠲᠦᠷᠭᠡᠨ ᠤᠷᠤᠭᠤᠯ ᠭᠡᠵᠦ ᠱᠠᠩᠵᠠᠪ ᠣᠭᠵᠣᠮ ᠳᠠᠭᠤ ᠪᠠᠷ ᠲᠤᠰᠢᠶᠠᠪᠠ᠃
  ᠬᠠᠭᠠᠯᠭ᠎ᠠ ᠨᠡᠭᠡᠭᠡᠭᠳᠡᠵᠦ ᠰᠢᠷ᠎ᠠ ᠲᠣᠭᠳᠣᠢ ᠲᠠᠢ ᠪᠢᠴᠢᠭ ᠡᠷᠭᠦᠨ ᠪᠠᠷᠢᠭᠰᠠᠨ ᠵᠠᠮᠪᠠᠯ ᠣᠷᠣᠵᠤ ᠢᠷᠡᠭᠡᠳ ᠥᠷᠥᠭᠡᠰᠦᠨ ᠡᠪᠦᠳᠦᠭ ᠳᠡᠭᠡᠷ᠎ᠡ ᠪᠡᠨ ᠰᠥᠬᠥᠷᠡᠨ 《ᠡᠷᠳᠡᠨᠢ ᠶ᠋ᠢᠨ ᠲᠠᠮᠠᠭᠠᠲᠤ᠂ ᠲᠠᠪᠤᠨᠲᠠ ᠵᠠᠯᠠᠵᠤ ᠶᠢᠰᠦᠨᠲᠡ ᠡᠷᠭᠦᠮᠵᠢᠯᠡᠭᠳᠡᠭᠰᠡᠨ ᠵᠠᠶ᠎ᠠ ᠪᠠᠨᠳᠢᠳᠠ ᠭᠡᠭᠡᠨ ᠡᠷᠭᠢᠨ ᠱᠠᠩᠵᠠᠪ ᠲᠠᠨ ᠤ᠋ ᠲᠦᠮᠡᠨ ᠠᠮᠤᠭᠤᠯᠠᠩ ᠢ᠋ ᠡᠷᠢᠵᠦ ᠡᠨᠡ ᠪᠢᠴᠢᠭ ᠢ᠋ ᠳᠡᠪᠰᠢᠭᠦᠯᠦᠨ ᠪᠠᠷᠢᠪᠠ》 ᠭᠡᠳ ᠨᠠᠬᠢᠰᠬᠢᠭ᠌ᠰᠡᠨ ᠢ᠋ᠶ᠋ᠡᠨ ᠪᠣᠰᠴᠤ ᠵᠣᠭᠰᠣᠪᠠ᠃
  ᠊᠊᠊᠊᠊᠊᠊᠊᠊᠊᠊᠊᠊᠊᠊ ᠦᠭᠡᠢ ᠡᠨᠡ ᠴᠢᠨᠢ ᠳᠡᠭᠡᠳᠦᠰ ᠦ᠋ᠨ ᠪᠢᠴᠢᠭ ᠭᠡᠰᠡᠨ ᠪᠢᠰᠢ ᠪᠢᠯᠢᠤ?
  ᠊᠊᠊᠊᠊᠊᠊᠊᠊᠊᠊᠊᠊᠊᠊ ᠵᠠ ᠲᠡᠢᠮᠦ ᠠ᠋᠃ ᠪᠠᠨᠳᠢᠳᠠ ᠭᠡᠭᠡᠨ ᠢ᠋ ᠱᠠᠪᠢ ᠪᠢᠳᠡ ᠨᠠᠷ ᠳᠡᠭᠡᠳᠦᠰ ᠭᠡᠵᠦ ᠡᠷᠭᠦᠮᠵᠢᠯᠡᠳᠡᠭ ᠢ᠋ ᠡᠷᠬᠢᠮ ᠱᠠᠩᠵᠠᠪ ᠶᠠᠭᠤ ᠠᠨᠳᠤᠬᠤ ᠪᠢᠯᠡ ᠳᠠ ᠭᠡᠳ ᠨᠢᠳᠦ ᠪᠡᠨ ᠲᠠᠲᠠᠪᠠᠯᠵᠠᠭᠤᠯᠤᠨ ᠢᠨᠢᠶᠡᠮᠰᠦᠭᠯᠡᠪᠡ᠃
  ᠰᠡᠭᠦᠯ ᠦ᠋ᠨ ᠦᠶ᠎ᠡ ᠳ᠋ᠦ᠍ ᠪᠠᠳᠮᠠᠳᠣᠷᠵᠢ ᠱᠠᠭᠵᠠᠪ ᠪᠣᠭᠳᠠ ᠶ᠋ᠢᠨ ᠵᠠᠷᠯᠢᠭ ᠡᠴᠡ ᠥᠭᠡᠷ᠎ᠡ ᠬᠥᠮᠦᠨ ᠲᠡᠢ ᠠᠭᠤᠯᠵᠠᠬᠤ ᠪᠠᠨ ᠪᠣᠯᠢᠭᠰᠠᠨ ᠢ᠋ ᠵᠠᠮᠪᠠᠯ ᠮᠡᠳᠡᠭᠰᠡᠨ ᠤᠴᠢᠷ ᠡᠢᠮᠦ ᠠᠷᠭ᠎ᠠ ᠶ᠋ᠢ ᠬᠡᠷᠡᠭᠯᠡᠵᠡᠢ᠃
  ᠨᠢᠭᠡᠨᠲᠡ ᠪᠢᠴᠢᠭ ᠢ᠋ ᠠᠪᠤᠭᠰᠠᠨ ᠪᠣᠯᠬᠣᠷ ᠪᠠᠳᠮᠠᠳᠣᠷᠵᠢ ᠨᠢᠳᠦᠨ ᠰᠢᠯ ᠢ᠋ᠶ᠋ᠡᠨ ᠬᠢᠵᠦ ᠠᠭᠠᠵᠢᠮ ᠬᠥᠳᠡᠯᠭᠡᠭᠡᠨ ᠢ᠋ᠶ᠋ᠡᠷ ᠲᠣᠭᠳᠣᠢ ᠶ᠋ᠢ ᠵᠠᠳᠠᠯᠤᠨ ᠪᠢᠴᠢᠭ ᠢ᠋ ᠭᠠᠷᠭᠠᠵᠤ ᠬᠣᠰᠢᠭᠤ ᠪᠠᠨ ᠵᠤᠤᠮᠠᠯᠵᠠᠭᠤᠯᠤᠨ ᠤᠩᠰᠢᠪᠠ᠃ ᠳᠠᠭᠤᠰᠤᠭᠠᠳ ᠵᠠᠮᠪᠠᠯ ᠢ᠋ ᠠᠵᠢᠭᠯᠠᠨ ᠬᠠᠷᠠᠬᠤ ᠳ᠋ᠤ᠌ ᠡᠮᠦᠨ᠎ᠡ ᠡᠴᠡ ᠨᠢ ᠬᠣᠶᠠᠷ ᠨᠣᠭᠣᠭᠠᠨ ᠨᠢᠳᠦ ᠪᠡᠨ ᠬᠦᠯᠢᠯᠭᠡᠨ ᠰᠢᠷᠲᠡᠵᠦ ᠪᠠᠢᠪᠠ᠃ ᠪᠠᠳᠮᠠᠳᠣᠷᠵᠢ ᠲᠡᠰᠦᠭᠰᠡᠨ ᠦᠭᠡᠢ ᠬᠠᠷᠠᠴᠠ ᠪᠠᠨ ᠬᠠᠷᠢᠭᠤᠯᠪᠠ᠃
  ᠤᠤᠯ ᠪᠢᠴᠢᠭ ᠲᠦ᠍ ᠪᠠᠳᠮᠠᠳᠣᠷᠵᠢ ᠡᠴᠡ ᠱᠠᠪᠢ ᠨᠠᠷ ᠢ᠋ ᠢᠪᠡᠭᠡᠵᠦ᠂ ᠬᠣᠰᠢᠭᠤᠳ ᠢ᠋ ᠬᠠᠪᠴᠢᠵᠤ ᠪᠠᠢᠭ᠎ᠠ ᠶ᠋ᠢ ᠮᠠᠭᠲᠠᠨ ᠰᠠᠢᠰᠢᠶᠠᠵᠤ ᠵᠠᠶ᠎ᠠ ᠶ᠋ᠢᠨ ᠱᠠᠪᠢ ᠵᠠᠮᠰᠦ᠋ᠷᠦᠩ ᠪᠠᠢᠰᠠ ᠶ᠋ᠢᠨ ᠬᠤᠰᠢᠭᠤᠨ ᠤ᠋ ᠬᠣᠭᠣᠷᠣᠨᠳᠣ ᠭᠠᠷᠤᠭᠰᠠᠨ ᠭᠠᠵᠠᠷ ᠨᠤᠲᠤᠭ ᠤ᠋ᠨ ᠪᠤᠳᠤᠯᠢᠶᠠᠨ ᠢ᠋ ᠲᠦᠷᠭᠡᠨ ᠲᠠᠰᠤᠯᠵᠤ ᠥᠭᠬᠦ ᠶ᠋ᠢ ᠬᠦᠰᠡᠵᠡᠢ᠃
  ᠊᠊᠊᠊᠊᠊᠊᠊᠊᠊᠊᠊᠊᠊᠊ ᠲᠠ ᠨᠠᠷ ᠬᠥᠮᠦᠨ ᠦ᠌ ᠨᠤᠲᠤᠭ ᠢ᠋ ᠯᠤᠢᠪᠠᠷᠳᠠᠬᠤ ᠭᠡᠵᠦ ᠪᠠᠢᠭ᠎ᠠ ᠪᠠᠢᠯᠭᠦᠢ ᠳᠡ ᠭᠡᠵᠦ ᠱᠠᠩᠵᠠᠪ ᠰᠦᠷ ᠪᠠᠳᠠᠷᠠᠭᠤᠯᠤᠭᠰᠠᠨ ᠰᠢᠷᠦᠭᠦᠨ ᠳᠠᠭᠤ ᠪᠠᠷ ᠬᠡᠯᠡᠪᠡ᠃
  ᠬᠠᠯᠬ᠎ᠠ ᠶ᠋ᠢᠨ ᠨᠠᠢ᠍ᠮᠠᠬᠠᠨ ᠲᠠᠮᠠᠭ᠎ᠠ ᠲᠠᠢ ᠬᠤᠲᠤᠭᠲᠤ ᠶ᠋ᠢᠨ ᠨᠢᠭᠡ ᠲᠡᠢᠮᠦ ᠰᠦᠨᠡᠰᠦ ᠦᠭᠡᠢ ᠶᠠᠭᠤᠮ᠎ᠠ ᠬᠢᠬᠦ ᠦᠭᠡᠢ ᠭᠡᠳᠡᠭ ᠢ᠋ ᠥᠴᠦᠬᠡᠨ ᠪᠢ ᠡᠷᠬᠢᠮ ᠱᠠᠩᠵᠠᠪ ᠲᠤ᠌ ᠠᠶᠤᠮᠰᠢᠭ ᠦᠭᠡᠢ ᠪᠡᠷ ᠠᠢᠯᠠᠳᠬᠠᠶ᠎ᠠ ᠭᠡᠳ ᠡᠪᠦᠷ ᠡᠴᠡ ᠪᠡᠨ ᠠᠯᠲᠠᠨ ᠳᠣᠢ᠌ᠭ ᠤ᠋ᠨ ᠶᠤᠸᠠᠮᠪᠤᠤ ᠭᠠᠷᠭᠠᠵᠤ 《ᠭᠡᠭᠡᠨ ᠲᠠᠨ ᠤ᠋ ᠯᠠᠭᠱᠠᠨ ᠢ᠋ ᠠᠰᠠᠭᠤᠨ ᠪᠠᠷᠢᠭᠰᠠᠨ ᠪᠢᠯᠡ》 ᠭᠡᠵᠦ ᠬᠤᠳᠠᠯ ᠢᠨᠢᠶᠡᠭᠡᠳ ᠪᠠᠷᠢᠪᠠ᠃
  ᠊᠊᠊᠊᠊᠊᠊᠊᠊᠊᠊᠊᠊᠊᠊ ᠴᠢ ᠴᠢᠨᠢ ᠡᠷᠡᠭᠦᠯ ᠬᠥᠮᠦᠨ ᠤᠤ?
  ᠊᠊᠊᠊᠊᠊᠊᠊᠊᠊᠊᠊᠊᠊᠊ ᠨᠢᠭᠡ ᠳ᠋ᠦ᠍ ᠪᠣᠯ ᠮᠠᠨ ᠤ᠋ ᠭᠡᠭᠡᠨ ᠲᠠᠨ ᠤ᠋ ᠰᠠᠢᠨ ᠨᠥᠬᠥᠷ ᠪᠤᠰᠤ ᠤᠤ? ᠬᠣᠶᠠᠷ ᠲᠤ᠌ ᠪᠣᠯ ᠬᠣᠰᠢᠭᠤᠳ ᠤ᠋ᠨ ᠵᠠᠰᠠᠭ ᠨᠣᠶᠠᠳ ᠲᠠᠨ ᠤ᠋ ᠡᠮᠦᠨ᠎ᠡ ᠡᠴᠡ ᠮᠤᠨᠠ ᠪᠠᠷᠢᠪᠠᠯ ᠪᠢᠳᠡ ᠱᠠᠪᠢ ᠨᠠᠷ ᠲᠠᠨ ᠤ᠋ ᠲᠥᠯᠥᠭᠡ ᠮᠣᠷᠢ ᠨᠣᠬᠠᠢ ᠮᠡᠲᠦ ᠵᠢᠳᠬᠦᠬᠦ ᠪᠤᠰᠤ ᠤᠤ? ᠭᠡᠳ ᠵᠠᠮᠪᠠᠯ ᠨᠠᠬᠢᠰᠬᠢᠯ᠎ᠡ᠃
  ᠠᠩᠬᠠᠨ ᠳ᠋ᠠᠭᠠᠨ 《ᠶᠠᠮᠠᠷ ᠤᠯᠠᠭᠠᠨ ᠠᠮᠢᠲᠠᠨ ᠪᠣᠢ?》 ᠭᠡᠵᠦ ᠵᠢᠪᠡᠭᠦᠦ ᠬᠦᠷᠴᠦ ᠪᠠᠢᠭᠰᠠᠨ ᠱᠠᠩᠵᠠᠪ᠂ ᠵᠠᠮᠪᠠᠯ ᠤ᠋ᠨ ᠦᠭᠡ ᠶ᠋ᠢ ᠲᠠᠰᠤᠯᠬᠤ ᠭᠡᠰᠡᠨ ᠪᠣᠯᠪᠠᠴᠤ ᠵᠣᠭᠰᠣᠵᠤ ᠥᠭᠭᠦᠭᠰᠡᠨ ᠦᠭᠡᠢ᠃ ᠰᠡᠭᠦᠯ ᠳ᠋ᠦ᠍ᠨᠢ ᠵᠠᠮᠪᠠᠯ ᠤ᠋ᠨ 《ᠤᠯᠠᠭᠠᠨ ᠳᠠᠭᠠᠷᠢᠯᠲᠠ》 ᠳ᠋ᠤ᠌ ᠱᠠᠩᠵᠠᠪ ᠢᠯᠠᠭᠳᠠᠵᠤ ᠣᠯᠪᠣᠭ ᠳᠡᠭᠡᠷ᠎ᠡ ᠪᠡᠨ ᠵᠠᠪᠢᠯᠠᠨ ᠰᠠᠭᠤᠭᠰᠠᠨ ᠢ᠋ᠶ᠋ᠠᠨ᠄
  ᠊᠊᠊᠊᠊᠊᠊᠊᠊᠊᠊᠊᠊᠊᠊ ᠵᠠᠶ᠎ᠠ ᠶ᠋ᠢᠨ ᠭᠡᠭᠡᠨ ᠣᠯᠠᠨ ᠡᠢᠮᠦ ᠱᠠᠪᠢ ᠲᠠᠢ ᠪᠣᠯ ᠬᠠᠯᠬ᠎ᠠ ᠳ᠋ᠤ᠌ ᠬᠡᠴᠡᠭᠦᠦ ᠬᠡᠷᠡᠭ ᠪᠣᠯᠵᠤ ᠮᠠᠭᠠᠳ ᠶᠤᠮ ᠪᠠᠢᠨ᠎ᠠ ᠭᠡᠳ ᠢᠨᠢᠶᠡᠮᠰᠦᠭᠯᠡᠪᠡ᠃
  ᠊᠊᠊᠊᠊᠊᠊᠊᠊᠊᠊᠊᠊᠊᠊ ᠭᠡᠭᠡᠨ ᠦ᠌ ᠥᠴᠦᠬᠡᠨ ᠱᠠᠪᠢ ᠨᠠᠷ ᠢ᠋ ᠡᠷᠳᠡᠨᠢᠲᠦ ᠱᠠᠩᠵᠠᠪ ᠲᠠᠭᠠᠯᠠᠨ ᠢᠪᠡᠭᠡᠵᠦ ᠪᠠᠢᠭ᠎ᠠ ᠪᠣᠯ ᠪᠢᠳᠡᠨ ᠦ᠌ ᠵᠢᠵᠢᠭᠬᠡᠨ ᠬᠦᠰᠡᠯ ᠪᠡᠶᠡᠯᠡᠭᠳᠡᠬᠦ ᠪᠣᠯᠵᠠᠢ ᠭᠡᠳ ᠵᠠᠮᠪᠠᠯ ᠭᠥᠯᠢᠯᠵᠡᠨ ᠵᠣᠭᠰᠣᠨ᠎ᠠ᠃
  ᠱᠠᠩᠵᠠᠪ ᠪᠤᠳᠤᠯᠢᠶᠠᠨᠲᠠᠢ ᠨᠤᠲᠤᠭ ᠢ᠋ ᠵᠠᠶ᠎ᠠ ᠶ᠋ᠢᠨ ᠱᠠᠪᠢ ᠳ᠋ᠤ᠌ ᠥᠭᠬᠦ ᠲᠤᠬᠠᠢ ᠤᠯᠠᠭᠠᠨ ᠱᠤᠭᠤᠮ ᠲᠠᠢ ᠪᠢᠴᠢᠭ ᠬᠢᠵᠦ ᠥᠭᠭᠦᠭᠰᠡᠨ ᠢ᠋ᠶ᠋ᠡᠷ ᠪᠠᠷᠠᠬᠤ ᠦᠭᠡᠢ ᠵᠠᠮᠪᠠᠯ ᠢ᠋ ᠦᠨᠡᠯᠡᠵᠦ ᠪᠢᠴᠢᠭ ᠢ᠋ᠶ᠋ᠡᠨ ᠰᠢᠦᠢ ᠵᠠᠩᠵᠤᠨ ᠳ᠋ᠤ᠌ ᠬᠦᠷᠭᠡᠭᠦᠯᠪᠡ᠃
  ᠊᠊᠊᠊᠊᠊᠊᠊᠊᠊᠊᠊᠊᠊᠊ ᠱᠠᠩᠵᠠᠪ ᠤ᠋ᠨ ᠪᠢᠴᠢᠭ ᠢ᠋ ᠰᠢᠦᠢ ᠵᠠᠩᠵᠤᠨ ᠳ᠋ᠤ᠌ ᠪᠠᠷᠢᠵᠤ᠂ ᠲᠠᠨ ᠢ᠋ ᠨᠢᠭᠤᠴᠠ ᠪᠠᠷ ᠨᠢᠭᠤᠷ ᠤᠴᠠᠷᠠᠭᠤᠯᠵᠤ ᠥᠭᠬᠦ ᠶ᠋ᠢ ᠥᠴᠦᠬᠡᠨ ᠱᠠᠪᠢ ᠠᠶᠤᠮᠰᠢᠭ ᠦᠭᠡᠢ ᠪᠡᠷ ᠬᠦᠯᠢᠶᠡᠨ ᠠᠪᠤᠨ᠎ᠠ ᠭᠡᠳ ᠵᠠᠮᠪᠠᠯ ᠶᠠᠪᠤᠭᠰᠠᠨ ᠪᠢᠯᠡ᠃
  ᠦᠨᠡᠬᠡᠷ ᠴᠦ᠍ ᠱᠠᠩᠵᠠᠪ ᠰᠢᠦᠢ ᠵᠠᠩᠵᠤᠨ ᠲᠠᠢ ᠬᠡᠳᠦ ᠳᠠᠬᠢᠨ ᠨᠢᠭᠤᠴᠠ ᠪᠠᠷ ᠤᠴᠠᠷᠠᠵᠤ ᠪᠣᠭᠳᠠ ᠬᠠᠭᠠᠨ ᠤ᠋ ᠲᠥᠷᠥ ᠶ᠋ᠢ ᠪᠠᠭᠤᠯᠭᠠᠬᠤ ᠲᠤᠬᠠᠢ ᠶ᠋ᠢᠨ ᠪᠦᠬᠦ ᠠᠰᠠᠭᠤᠳᠠᠯ ᠢ᠋ ᠶᠠᠷᠢᠵᠤ ᠲᠣᠬᠢᠷᠠᠯᠴᠠᠪᠠ᠃
  ᠰᠢᠦᠢ ᠵᠠᠩᠵᠤᠨ ᠴᠠᠭ ᠢ᠋ ᠠᠯᠳᠠᠯ ᠦᠭᠡᠢ ᠬᠥᠳᠡᠯᠵᠦ ᠴᠢᠨ ᠡᠢ ᠶ᠋ᠢ ᠭᠡᠷ ᠦ᠋ᠨ ᠭᠠᠵᠠᠷ ᠨᠢ ᠬᠣᠷᠢᠵᠤ ᠵᠢᠷᠠᠨ ᠳᠥᠷᠪᠡᠨ ᠵᠦᠢᠯ ᠦ᠋ᠨ ᠭᠡᠷ᠎ᠡ ᠶ᠋ᠢ ᠬᠦᠴᠦᠨ ᠦᠭᠡᠢ ᠪᠣᠯᠭᠠᠨ᠂ ᠪᠣᠭᠳᠠ ᠶ᠋ᠢᠨ ᠣᠷᠳᠣᠨ ᠢ᠋ ᠴᠡᠷᠢᠭ ᠢ᠋ᠶ᠋ᠡᠷ ᠪᠦᠰᠡᠯᠡᠭᠦᠯᠦᠨ᠂ ᠮᠣᠩᠭᠣᠯ ᠨᠢ ᠬᠢᠲᠠᠳ ᠲᠤ᠌ ᠡᠭᠦᠷᠢᠳᠡ ᠵᠠᠬᠢᠷᠤᠭᠳᠠᠬᠤ ᠪᠢᠴᠢᠭ ᠦ᠋ᠨ ᠡᠬᠡ ᠶ᠋ᠢ ᠵᠣᠬᠢᠶᠠᠵᠤ ᠪᠠᠳᠮᠠᠳᠣᠷᠵᠢ ᠪᠠᠷ ᠭᠠᠷ ᠤ᠋ᠨ ᠦᠰᠦᠭ ᠵᠢᠷᠤᠭᠤᠯᠤᠨ ᠪᠡᠭᠡᠵᠢᠩ ᠳ᠋ᠦ᠍ ᠶᠠᠪᠤᠭᠤᠯᠵᠠᠢ᠃
  ᠢᠩᠭᠢᠵᠦ ᠰᠢᠦᠢ ᠵᠠᠩᠵᠤᠨ ᠤ᠋ ᠴᠡᠷᠢᠭ ᠦ᠋ᠨ ᠳᠠᠷᠤᠩᠭᠤᠢᠯᠠᠬᠤ ᠵᠠᠰᠠᠭ ᠲᠣᠭᠲᠠᠨ ᠮᠣᠩᠭᠣᠯ ᠤ᠋ᠨ ᠠᠷᠠᠳ ᠲᠦᠮᠡᠨ ᠦ᠌ ᠵᠣᠪᠠᠯᠠᠩ ᠵᠦᠳᠡᠭᠦᠷᠢ ᠬᠢᠵᠠᠭᠠᠷ ᠦᠭᠡᠢ ᠪᠣᠯᠪᠠ᠃
  ᠱᠠᠩᠵᠠᠪ᠂ ᠵᠠᠮᠪᠠᠯ ᠤ᠋ᠨ ᠴᠢᠳᠠᠯ ᠢ᠋ ᠦᠨᠡᠯᠡᠵᠦ ᠥᠪᠡᠷ ᠲᠦ᠋ᠨᠢ ᠬᠦᠴᠦᠨ ᠵᠢᠳᠬᠦᠬᠦ ᠶ᠋ᠢ ᠬᠦᠰᠡᠪᠡᠯ 《ᠥᠴᠦᠬᠡᠨ ᠪᠢ ᠵᠠᠶ᠎ᠠ ᠪᠠᠨᠳᠢᠳᠠ ᠭᠡᠭᠡᠨ ᠦ᠌ ᠨᠠᠢᠳᠠᠪᠤᠷᠢ ᠶ᠋ᠢ ᠬᠦᠯᠢᠶᠡᠭᠰᠡᠨ ᠡᠯᠴᠢ ᠪᠣᠯᠬᠣᠷ ᠬᠡᠨ ᠮᠢᠨᠦ ᠲᠣᠯᠣᠭᠠᠢ ᠶ᠋ᠢ ᠮᠡᠳᠡᠬᠦ ᠪᠢᠯᠡ》 ᠭᠡᠳ ᠪᠤᠴᠠᠵᠠᠢ᠃
  ᠦᠨᠡᠨ ᠳ᠋ᠡᠭᠡᠨ ᠵᠠᠮᠪᠠᠯ᠂ ᠪᠠᠳᠮᠠᠳᠣᠷᠵᠢ ᠶ᠋ᠢᠨ ᠡᠨᠡ ᠬᠡᠷᠡᠭ ᠲᠦ᠍ ᠢᠲᠡᠭᠡᠬᠦ ᠦᠭᠡᠢ ᠪᠠᠢᠵᠠᠢ᠃ ᠮᠣᠩᠭᠣᠯ ᠳ᠋ᠤ᠌ ᠭᠠᠮᠢᠩ ᠢ᠋ ᠡᠰᠡᠷᠭᠦᠴᠡᠭᠰᠡᠨ ᠲᠡᠮᠡᠴᠡᠯ ᠡᠳᠦᠷ ᠢᠷᠡᠬᠦ ᠪᠦᠷᠢ ᠥᠰᠴᠦ ᠪᠠᠢᠭ᠎ᠠ ᠶ᠋ᠢ ᠬᠠᠷᠠᠭᠰᠠᠨ ᠵᠠᠮᠪᠠᠯ ᠰᠢᠦᠢ ᠱᠤ᠌ ᠵᠧᠩ᠂ ᠪᠠᠳᠮᠠᠳᠣᠷᠵᠢ ᠱᠠᠩᠵᠠᠪ ᠬᠣᠶᠠᠷ ᠤ᠋ᠨ ᠮᠠᠢᠮᠠᠢ ᠶ᠋ᠢ ᠶᠠᠮᠠᠷ ᠤᠷᠲᠤ ᠨᠠᠰᠤᠯᠠᠬᠤ ᠶᠠᠭᠤᠮ᠎ᠠ ᠪᠢᠰᠢ ᠭᠡᠵᠦ ᠪᠣᠳᠣᠭᠰᠠᠨ ᠤᠴᠢᠷ ᠡᠨᠡ ᠬᠡᠷᠡᠭ ᠡᠴᠡ ᠬᠣᠯᠠ ᠶᠠᠪᠤᠶ᠎ᠠ ᠭᠡᠵᠦ ᠰᠢᠲᠦᠭᠰᠡᠨ ᠪᠢᠯᠡ᠃