ᠲᠤᠩᠭᠠᠯᠠᠭ ᠲᠠᠮᠢᠷ1-15-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ1-15-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ1-15-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-08-14

1595

《ᠰᠢᠪᠠᠭᠤᠨ ᠳ᠋ᠤ᠌ ᠨᠢᠰᠴᠦ ᠶᠠᠪᠤᠭᠠᠳ ᠦᠬᠦᠬᠦ ᠰᠠᠢᠬᠠᠨ᠂ ᠨᠠᠳᠠ ᠢᠩᠭᠢᠵᠦ ᠶᠠᠪᠤᠭᠠᠳ ᠦᠬᠦᠬᠦ ᠰᠠᠢᠬᠠᠨ》 - ᠨᠢᠭᠡᠳᠦᠭᠡᠷ ᠪᠦᠯᠦᠭ ᠠᠷᠪᠠᠨ ᠲᠠᠪᠤ


  ᠥᠯᠵᠡᠢ᠂ ᠲᠡᠮᠦᠷ ᠦ᠋ᠨ ᠵᠠᠬᠢᠭᠰᠠᠨ ᠢ᠋ ᠪᠡᠶᠡᠯᠡᠭᠦᠯᠵᠦ᠂ ᠠᠬ᠎ᠠ ᠲᠠᠢ ᠨᠢ ᠪᠡᠶ᠎ᠡ ᠪᠡᠷ ᠠᠭᠤᠯᠵᠠᠭᠰᠠᠨ ᠳ᠋ᠠᠭᠠᠨ ᠴᠠᠭᠯᠠᠰᠢ ᠦᠭᠡᠢ ᠪᠠᠶᠠᠷᠯᠠᠨ ᠨᠤᠲᠤᠭ ᠤ᠋ᠨ ᠵᠦᠭ ᠡᠷᠭᠢᠪᠡ᠃ ᠭᠡᠬᠦ ᠳ᠋ᠡᠭᠡᠨ ᠶᠠᠭᠠᠷᠠᠭᠰᠠᠨ ᠦᠭᠡᠢ᠂ ᠶᠠᠭᠠᠷᠠᠬᠤ ᠴᠤ᠌ ᠬᠡᠷᠡᠭ ᠦᠭᠡᠢ ᠪᠠᠢᠯ᠎ᠠ᠃ ᠡᠨᠡ ᠤᠴᠢᠷ ᠡᠴᠡ ᠲᠣᠭᠣᠭ᠎ᠠ ᠨᠡᠷᠡᠭᠰᠡᠨ ᠠᠢᠯ ᠬᠡᠰᠦᠭᠦᠴᠢᠯᠡᠨ ᠠᠶᠠᠭ᠎ᠠ ᠳᠠᠭᠱᠠ ᠶᠠᠭᠤᠮ᠎ᠠ ᠡᠷᠭᠢᠭᠦᠯᠵᠦ ᠶᠠᠪᠤᠭᠰᠠᠭᠠᠷ ᠣᠷᠣᠢ ᠨᠠᠷᠠ ᠵᠢᠷᠭᠠᠬᠤ ᠶ᠋ᠢᠨ ᠦᠶ᠎ᠡ ᠳ᠋ᠦ᠍ ᠭᠡᠷ ᠲᠡᠭᠡᠨ ᠢᠷᠡᠪᠡᠯ ᠬᠦᠦ ᠪᠡᠷᠢ ᠬᠣᠶᠠᠷ ᠨᠢ ᠡᠵᠡᠭᠦᠢ ᠪᠠᠢᠪᠠ᠃
  ᠭᠡᠷ ᠲᠡᠭᠡᠨ ᠣᠷᠣᠪᠠᠯ ᠰᠢᠨ᠎ᠡ ᠮᠢᠬᠠᠨ ᠤ᠋ ᠨᠢᠯᠤᠭᠤᠪᠳᠤᠷ ᠦᠨᠦᠷ ᠭᠡᠷ ᠳᠦᠭᠦᠷᠡᠩ ᠬᠠᠩᠬᠤᠯᠪᠠ᠃ ᠲᠤᠯᠭᠠᠨ ᠤ᠋ ᠬᠢᠨᠢ ᠬᠣᠢᠨ᠎ᠠ ᠳᠠᠪᠰᠢ ᠲᠠᠢ ᠴᠢᠨᠠᠭᠰᠠᠨ ᠮᠢᠬ᠎ᠠ᠂ ᠳᠣᠩᠪᠣ ᠳᠤᠮᠳᠠᠭᠤᠷ ᠴᠠᠢ ᠪᠠᠢᠪᠠ᠃ ᠪᠠᠰᠠ ᠲᠡᠮᠦᠷ ᠢ᠋ ᠢᠷᠡᠨ᠎ᠡ ᠭᠡᠵᠦ ᠠᠷᠠᠵᠠ ᠲᠠᠢ ᠬᠠᠳᠠᠭᠠᠯᠠᠭᠰᠠᠨ ᠴᠠᠭᠠᠨ ᠪᠥᠭᠰᠡᠲᠦ ᠨᠢ ᠬᠣᠭᠣᠰᠣᠨ ᠪᠠᠢᠵᠠᠢ᠃
  ᠬᠣᠶᠠᠷ ᠠᠶᠠᠭ᠎ᠠ ᠪᠦᠯᠢᠶᠡᠨ ᠴᠠᠢ ᠵᠠᠯᠭᠢᠯᠠᠭᠠᠳ᠂ ᠳᠠᠪᠰᠢ ᠲᠠᠢ ᠮᠢᠬ᠎ᠠ ᠡᠴᠡ ᠣᠭᠲᠣᠯᠤᠨ ᠢᠳᠡᠵᠦ ᠪᠠᠢᠬᠤ ᠳ᠋ᠠᠭᠠᠨ ᠶᠠᠮᠠᠷ ᠬᠥᠮᠦᠨ ᠢᠷᠡᠵᠦ ᠡᠳᠡ ᠨᠠᠷ ᠮᠢᠨᠢ ᠢᠩᠭᠢᠵᠦ ᠬᠥᠯ ᠪᠣᠯᠤᠭᠰᠠᠨ ᠶᠤᠮ ᠪᠣᠯ ᠭᠡᠵᠦ ᠪᠣᠳᠣᠵᠤ ᠪᠠᠢᠪᠠ᠃
  ᠲᠡᠮᠦᠷ ᠲᠦ᠍ ᠬᠠᠳᠠᠭᠠᠯᠠᠭᠰᠠᠨ ᠴᠠᠭᠠᠨ ᠪᠥᠭᠰᠡᠲᠦ ᠶ᠋ᠢ ᠮᠢᠨᠢ ᠲᠡᠭᠦᠨ ᠡᠴᠡ ᠥᠭᠡᠷ᠎ᠡ ᠬᠥᠮᠦᠨ ᠳ᠋ᠦ᠍ ᠥᠭᠬᠦ ᠶᠣᠰᠣ ᠦᠭᠡᠢ ᠶᠤᠮᠰᠠᠨ᠃ ᠲᠡᠮᠦᠷ ᠢᠷᠡᠭᠰᠡᠨ ᠶᠦᠮ ᠪᠣᠯᠪᠠ ᠤᠤ ᠭᠡᠵᠦ ᠪᠣᠳᠣᠭᠳᠠᠭᠠᠳ ᠭᠡᠷ ᠡᠴᠡ ᠭᠠᠷᠪᠠᠯ ᠪᠠᠷᠠᠭᠤᠨ ᠬᠠᠵᠠᠭᠤ ᠤᠷᠤᠭᠤ ᠬᠤᠶᠠᠭ ᠴᠠᠠᠳᠠ ᠬᠣᠶᠠᠷ ᠪᠠᠭᠤᠭᠠᠳ ᠢᠷᠡᠵᠦ ᠶᠠᠪᠤᠯ᠎ᠠ᠃
  ᠊᠊᠊᠊᠊᠊᠊᠊᠊᠊᠊᠊᠊᠊᠊ ᠠᠪᠤ ᠠ᠋᠂ ᠲᠡᠮᠦᠷ ᠭᠤᠸᠠᠢ ᠢᠷᠡᠭᠡᠳ ᠶᠠᠪᠤᠴᠢᠬᠠᠯ᠎ᠠ ᠭᠡᠵᠦ ᠬᠤᠶᠠᠭ ᠤ᠋ᠨ ᠬᠡᠯᠡᠬᠦ ᠳ᠋ᠦ᠍ ᠥᠯᠵᠡᠢ ᠶ᠋ᠢᠨ ᠨᠢᠭᠤᠷ ᠡᠴᠡ ᠪᠠᠶᠠᠷ ᠭᠣᠮᠣᠳᠠᠯ ᠬᠣᠶᠠᠷ ᠵᠡᠷᠭᠡᠴᠡᠨ ᠪᠤᠲᠠᠷᠠᠵᠤ ᠨᠢᠳᠦ ᠨᠢ ᠲᠣᠮᠣ ᠪᠣᠯᠤᠭᠰᠠᠨ ᠢ᠋ᠶ᠋ᠠᠨ᠄
  ᠊᠊᠊᠊᠊᠊᠊᠊᠊᠊᠊᠊᠊᠊᠊ ᠬᠠᠮᠢᠭᠠᠰᠢ ᠪᠠᠨ ᠶᠠᠪᠤᠭᠰᠠᠨ ᠪᠣᠢ?
  ᠊᠊᠊᠊᠊᠊᠊᠊᠊᠊᠊᠊᠊᠊᠊ ᠲᠡᠷᠡ ᠪᠠᠷᠠᠭᠤᠨ ᠲᠠᠰᠢ ᠪᠠᠨ ᠭᠡᠳ ᠴᠠᠠᠳᠠ ᠰᠠᠨᠠᠭ᠎ᠠ ᠠᠯᠳᠠᠪᠠ᠃
  ᠊᠊᠊᠊᠊᠊᠊᠊᠊᠊᠊᠊᠊᠊᠊ ᠭᠠᠭᠴᠠᠭᠠᠷ ᠢ᠋ᠶ᠋ᠠᠨ ᠤᠤ?
  ᠊᠊᠊᠊᠊᠊᠊᠊᠊᠊᠊᠊᠊᠊᠊ ᠦᠭᠡᠢ ᠬᠣᠶᠠᠭᠤᠯᠠ᠃ ᠪᠠᠰᠠ ᠬᠡᠳᠦᠨ ᠰᠠᠢᠬᠠᠨ ᠠᠳᠤᠭᠤ ᠲᠠᠭᠤᠭᠠᠳ ᠶᠠᠪᠤᠵᠤ ᠪᠠᠢᠨ᠎ᠠ᠃ ᠲᠠᠨ ᠳ᠋ᠤ᠌ ᠲᠡᠷᠡ ᠭᠡᠭᠦᠦ ᠶ᠋ᠢ ᠥᠭᠭᠦᠭᠰᠡᠨ ᠭᠡᠵᠦ ᠬᠤᠶᠠᠭ ᠬᠠᠷᠢᠭᠤᠯᠪᠠ᠃
  ᠊᠊᠊᠊᠊᠊᠊᠊᠊᠊᠊᠊᠊᠊᠊ ᠴᠣᠬᠣᠮ ᠬᠡᠳᠦᠢ ᠳ᠋ᠦ᠍ ᠶᠠᠪᠤᠭᠰᠠᠨ ᠪᠣᠢ?
  ᠊᠊᠊᠊᠊᠊᠊᠊᠊᠊᠊᠊᠊᠊᠊ ᠨᠠᠷᠠ ᠣᠨᠢ ᠳ᠋ᠤ᠌ ᠪᠠᠢᠬᠤ ᠳ᠋ᠤ᠌᠃
  ᠊᠊᠊᠊᠊᠊᠊᠊᠊᠊᠊᠊᠊᠊᠊ ᠠᠮᠠ ᠮᠥᠯᠲᠥᠰ ᠵᠥᠷᠢᠵᠡᠢ᠃ ᠪᠢ ᠠᠬ᠎ᠠ ᠲᠠᠢ ᠨᠢ ᠠᠭᠤᠯᠵᠠᠭᠠᠳ ᠢᠷᠡᠭᠰᠡᠨ ᠶᠤᠮᠰᠠᠨ᠁ᠦᠭᠡᠢ᠂ ᠠᠪᠤ ᠨᠢ ᠭᠦᠢᠴᠡᠵᠦ ᠬᠡᠯᠡᠶ᠎ᠡ ᠭᠡᠳ ᠰᠢᠭᠤᠳ ᠮᠣᠷᠢᠨ ᠳ᠋ᠠᠭᠠᠨ ᠮᠣᠷᠳᠠᠨ ᠪᠠᠷᠠᠭᠤᠨ ᠲᠡᠰᠢ ᠡᠬᠢᠯᠡᠭᠡᠳ ᠬᠠᠲᠠᠷᠢᠭᠤᠯᠤᠭᠰᠠᠨ ᠢ᠋ᠶ᠋ᠠᠨ ᠤᠳᠠᠯ ᠦᠭᠡᠢ ᠴᠣᠭᠭᠢᠭᠤᠯᠪᠠ᠃
  ᠠᠮᠢᠳᠤᠷᠠᠯ ᠤ᠋ᠨ ᠢ᠋ᠶ᠋ᠠᠨ ᠶᠡᠬᠡᠩᠬᠢ ᠶ᠋ᠢ ᠠᠩ ᠠᠩᠨᠠᠵᠤ᠂ ᠮᠥᠷ ᠬᠥᠭᠡᠭᠡᠭᠰᠡᠨ ᠥᠯᠵᠡᠢ ᠬᠣᠷᠢ ᠭᠠᠷᠤᠢ ᠠᠳᠤᠭᠤ ᠲᠠᠭᠤᠭᠰᠠᠨ ᠬᠣᠶᠠᠷ ᠮᠣᠷᠢ ᠲᠠᠢ ᠬᠥᠮᠦᠨ ᠦ᠌ ᠮᠥᠷ ᠢ᠋ ᠮᠥᠰᠬᠢᠨ ᠶᠠᠪᠤᠲᠠᠯ᠎ᠠ ᠦᠳᠡᠰᠢ ᠶ᠋ᠢᠨ ᠪᠦᠷᠦᠩᠬᠦᠢ ᠪᠣᠯᠵᠤ ᠬᠠᠷᠠᠭᠳᠠᠬᠤ ᠦᠭᠡᠢ ᠪᠣᠯᠬᠤ ᠳ᠋ᠤᠨᠢ ᠬᠡᠭᠡᠷ᠎ᠡ ᠬᠣᠨᠣᠭᠠᠳ ᠥᠷᠯᠥᠭᠡ ᠴᠢᠨᠠᠭᠰᠢ ᠶᠠᠪᠤᠵᠠᠢ᠃
  ᠮᠠᠷᠭᠠᠰᠢ ᠨᠢ ᠴᠠᠠᠳᠠ ᠬᠤᠶᠠᠭ ᠬᠣᠶᠠᠷ ᠡᠳᠦᠷ ᠰᠥᠨᠢ ᠡᠭᠡᠯᠵᠢᠯᠡᠨ ᠢᠷᠡᠳᠡᠭ ᠮᠠᠯᠴᠢᠨ ᠬᠥᠮᠦᠨ ᠦ᠌ ᠲᠣᠭᠲᠠᠮᠠᠯ ᠠᠵᠢᠯ ᠢ᠋ᠶ᠋ᠠᠨ ᠬᠢᠵᠦ ᠳᠠᠭᠤᠰᠤᠭᠠᠳ ᠬᠡᠪᠲᠡᠭᠰᠡᠨ ᠨᠢ ᠨᠠᠮ ᠤᠨᠲᠠᠵᠠᠢ᠃ ᠬᠣᠲᠠᠴᠢ ᠨᠣᠬᠠᠢ ᠨᠢ ᠬᠤᠴᠠᠬᠤ ᠳ᠋ᠤ᠌ ᠰᠡᠷᠢᠭᠡᠳ ᠴᠢᠬᠢ ᠲᠠᠯᠪᠢᠨ ᠴᠢᠩᠨᠠᠪᠠᠯ ᠭᠡᠷ ᠦ᠋ᠨ ᠬᠢᠨᠢ ᠪᠠᠷᠠᠭᠤᠨ ᠲᠠᠯ᠎ᠠ ᠡᠴᠡ ᠮᠣᠷᠢ ᠲᠠᠢ ᠬᠥᠮᠦᠨ ᠬᠡᠯᠲᠦᠷᠢᠨ ᠢᠷᠡᠬᠦ ᠴᠢᠮᠡᠭᠡ ᠪᠦᠳᠡᠭᠢ ᠰᠣᠨᠣᠰᠳᠠᠪᠠ᠃ 《ᠨᠣᠬᠠᠢ ᠬᠤᠴᠠᠬᠤ ᠪᠠᠨ ᠪᠣᠯᠢᠴᠢᠬᠠᠬᠤ ᠴᠢᠨᠢ᠂ ᠠᠪᠤ ᠢᠷᠡᠪᠡ ᠤᠤ ᠳᠠ》 ᠭᠡᠵᠦ ᠬᠤᠶᠠᠭ ᠬᠡᠯᠡᠭᠡᠳ ᠲᠦᠷᠭᠡᠨ ᠪᠣᠰᠴᠤ ᠬᠤᠪᠴᠠᠰᠤᠯᠠᠭᠠᠳ ᠲᠣᠰᠣᠨ ᠳ᠋ᠧᠩ ᠢ᠋ᠶ᠋ᠡᠨ ᠠᠰᠠᠭᠠᠵᠤ ᠭᠠᠷᠪᠠᠯ ᠮᠣᠷᠢ ᠬᠥᠲᠥᠯᠦᠭᠰᠡᠨ ᠬᠥᠮᠦᠨ ᠬᠠᠷᠠᠩᠭᠤᠢ ᠶ᠋ᠢᠨ ᠳᠤᠮᠳᠠ ᠡᠴᠡ ᠲᠣᠳᠣᠷᠠᠨ ᠰᠢᠭᠤᠳ ᠭᠡᠷ ᠤᠷᠤᠭᠤ ᠢᠷᠡᠯ᠎ᠡ᠃
  ᠊᠊᠊᠊᠊᠊᠊᠊᠊᠊᠊᠊᠊᠊᠊ ᠠᠪᠤ ᠤᠤ ᠳᠠ?
  ᠊᠊᠊᠊᠊᠊᠊᠊᠊᠊᠊᠊᠊᠊᠊ ᠲᠡᠢᠮᠦ ᠠ᠋᠂ ᠪᠢ ᠪᠠᠢᠨ᠎ᠠ᠃
  ᠊᠊᠊᠊᠊᠊᠊᠊᠊᠊᠊᠊᠊᠊᠊ ᠲᠠ ᠭᠦᠢᠴᠡᠪᠡ ᠤᠤ?
  ᠊᠊᠊᠊᠊᠊᠊᠊᠊᠊᠊᠊᠊᠊᠊ ᠭᠦᠢᠴᠡᠬᠦ ᠪᠡᠷ ᠪᠠᠷᠠᠬᠤ ᠤᠤ ᠳᠠ ᠭᠡᠳ ᠥᠯᠵᠡᠢ ᠭᠡᠷ ᠦ᠋ᠨ ᠡᠭᠦᠳᠡᠨ ᠳ᠋ᠦ᠍ ᠢᠷᠡᠵᠦ ᠵᠣᠭᠰᠣᠭᠠᠳ᠂ ᠠᠯᠢ ᠪᠣᠢ᠂ ᠬᠡᠦᠬᠡᠳ ᠮᠢᠨᠢ ᠬᠠᠮᠵᠢᠯᠴᠠᠭᠠᠷᠠᠢ ᠭᠡᠪᠡ᠃
  ᠡᠮᠡᠭᠡᠯ ᠳᠡᠭᠡᠷ᠎ᠡ ᠬᠥᠨᠳᠡᠯᠡᠨ ᠲᠡᠩᠨᠡᠵᠦ ᠢᠷᠡᠭᠰᠡᠨ ᠤᠬᠠᠭᠠᠨ ᠦᠭᠡᠢ ᠲᠡᠮᠦᠷ ᠢ᠋ ᠡᠴᠢᠭᠡ ᠬᠦᠦ ᠬᠣᠶᠠᠷ ᠳᠠᠮᠵᠢᠯᠠᠨ ᠭᠡᠷ ᠲᠦ᠍ ᠣᠷᠣᠭᠤᠯᠵᠤ᠂ ᠣᠷᠣᠨ ᠳᠡᠭᠡᠷ᠎ᠡ ᠬᠡᠪᠲᠡᠭᠦᠯᠪᠡ᠃
  ᠲᠡᠮᠦᠷ ᠦ᠋ᠨ ᠬᠦᠳᠡᠷ ᠴᠢᠷᠠᠢ ᠦᠨᠡᠰᠦᠨ ᠴᠠᠢᠪᠤᠷ ᠪᠣᠯᠤᠭᠠᠳ᠂ ᠲᠦᠷᠭᠡᠨ ᠲᠦᠷᠭᠡᠨ ᠠᠮᠢᠰᠬᠤᠭᠠᠳᠠᠵᠤ ᠪᠠᠢᠭ᠎ᠠ ᠶ᠋ᠢ ᠬᠠᠷᠠᠭᠠᠳ ᠴᠠᠠᠳᠠ ᠶ᠋ᠢᠨ ᠨᠢᠯᠪᠤᠰᠤ ᠪᠤᠯᠠᠭ ᠤ᠋ᠨ ᠣᠨᠳᠣᠷᠣᠯ ᠮᠡᠲᠦ ᠤᠨᠳᠤᠷᠤᠨ ᠤᠷᠤᠰᠪᠠ᠃
  ᠊᠊᠊᠊᠊᠊᠊᠊᠊᠊᠊᠊᠊᠊᠊ ᠬᠡᠦᠬᠡᠳ ᠮᠢᠨᠢ ᠭᠠᠯ ᠲᠦᠯᠡᠵᠦ ᠦᠵᠡ᠃ ᠬᠦᠨᠳᠦ ᠪᠠᠢᠨ᠎ᠠ ᠰᠢᠦ ᠭᠡᠵᠦ ᠥᠯᠵᠡᠢ ᠶ᠋ᠢᠨ ᠬᠡᠯᠡᠬᠦ ᠳ᠋ᠦ᠍ ᠴᠠᠠᠳᠠ ᠬᠠᠷᠢᠭᠤ ᠳᠤᠤᠭᠠᠷᠤᠯ ᠦᠭᠡᠢ ᠭᠠᠯ ᠲᠦᠯᠡᠪᠡ᠃
  ᠮᠠᠷᠭᠠᠰᠢ ᠨᠢ ᠥᠯᠵᠡᠢ ᠣᠲᠠᠴᠢ ᠵᠠᠯᠠᠬᠤ ᠪᠠᠷ ᠶᠠᠪᠤᠵᠤ᠂ ᠬᠤᠶᠠᠭ ᠴᠠᠠᠳᠠ ᠬᠣᠶᠠᠷ ᠡᠴᠢᠭᠡ ᠶ᠋ᠢᠨ ᠢ᠋ᠶ᠋ᠡᠨ ᠵᠢᠭᠠᠭᠰᠠᠨ ᠢ᠋ᠶ᠋ᠠᠷ ᠵᠡᠭᠡᠷᠭᠡᠨ᠎ᠡ ᠪᠤᠴᠠᠯᠭᠠᠭᠰᠠᠨ ᠪᠦᠯᠢᠶᠡᠨ ᠤᠰᠤ ᠪᠠᠷ ᠤᠬᠠᠭᠠᠨ ᠦᠭᠡᠢ ᠳᠡᠮᠡᠢᠷᠡᠨ ᠬᠡᠪᠲᠡᠵᠦ ᠪᠠᠢᠭ᠎ᠠ ᠲᠡᠮᠦᠷ ᠦ᠋ᠨ ᠰᠢᠷᠬ᠎ᠠ ᠶ᠋ᠢ ᠤᠬᠢᠶᠠᠪᠠ᠃
  ᠥᠯᠵᠡᠢ ᠡᠴᠡ ᠤᠰᠤᠨ ᠬᠠᠢᠨᠤᠭ ᠤ᠋ᠨ ᠵᠠᠯᠠᠭᠤ ᠱᠠᠷ ᠪᠠᠷᠢᠴᠠᠨ ᠳ᠋ᠤ᠌ ᠠᠪᠤᠭᠰᠠᠨ ᠣᠲᠠᠴᠢ ᠢᠷᠡᠵᠦ ᠲᠡᠮᠦᠷ ᠢ᠋ ᠦᠵᠡᠭᠡᠳ ᠪᠠᠬᠠᠨ ᠲᠤᠩ ᠡᠮ ᠥᠭᠭᠦᠭᠰᠡᠨ ᠪᠥᠭᠡᠳ ᠪᠠᠰᠠ ᠭᠦᠷᠢᠮ ᠪᠠᠭᠤᠯᠭᠠᠨ ᠪᠠᠷᠢᠴᠠ ᠠᠪᠴᠠᠢ᠃
  ᠭᠦᠷᠢᠮᠴᠢ ᠣᠲᠠᠴᠢ ᠶ᠋ᠢ ᠬᠦᠷᠭᠡᠵᠦ ᠥᠭᠬᠦ ᠪᠡᠷ ᠬᠤᠶᠠᠭ ᠢ᠋ ᠶᠠᠪᠤᠭᠰᠠᠨ ᠬᠣᠢᠨ᠎ᠠ ᠥᠯᠵᠡᠢ ᠴᠠᠠᠳᠠ ᠬᠣᠶᠠᠷ ᠳᠡᠮᠡᠢᠷᠡᠨ ᠬᠡᠪᠲᠡᠵᠦ ᠪᠠᠢᠭ᠎ᠠ ᠲᠡᠮᠦᠷ ᠦ᠋ᠨ ᠳᠡᠷᠭᠡᠳᠡ ᠡᠴᠡ ᠰᠠᠯᠤᠯ ᠦᠭᠡᠢ ᠰᠠᠭᠤᠵᠤ ᠡᠮ ᠢ᠋ ᠨᠢ ᠰᠢᠪᠠᠳᠠᠨ ᠥᠭᠴᠦ ᠪᠠᠢᠪᠠ᠃
  ᠲᠡᠮᠦᠷ ᠦ᠋ᠨ ᠡᠯᠡᠢ ᠪᠠᠯᠠᠢ ᠬᠠᠭᠠᠰ ᠳᠤᠲᠠᠭᠤ ᠦᠭᠡᠨ ᠳ᠋ᠦ᠍ ᠭᠠᠵᠠᠷ ᠳᠡᠭᠡᠷᠡᠬᠢ ᠭᠠᠭᠴᠠ ᠠᠬ᠎ᠠ ᠶ᠋ᠢᠨ ᠬᠢᠨᠢ ᠨᠡᠷ᠎ᠡ ᠪᠠᠢᠨ ᠪᠠᠢᠨ ᠭᠠᠷᠴᠤ ᠪᠠᠢᠭᠰᠠᠨ ᠪᠠ ᠪᠠᠰᠠ ᠥᠯᠵᠡᠢ ᠶ᠋ᠢᠨ ᠨᠡᠷ᠎ᠡ ᠶ᠋ᠢ ᠬᠣᠶᠠᠷ ᠴᠤ᠌ ᠤᠳᠠᠭ᠎ᠠ ᠳᠤᠷᠠᠰᠪᠠ᠃
  ᠬᠤᠶᠠᠭ ᠪᠤᠴᠠᠬᠤ ᠵᠠᠮ ᠳ᠋ᠠᠭᠠᠨ ᠪᠠᠭᠰᠢ ᠯᠠᠮᠠ ᠶ᠋ᠢᠨ ᠳ᠋ᠡᠭᠡᠨ ᠣᠷᠣᠵᠤ ᠬᠠᠢᠨᠤᠭ ᠤ᠋ᠨ ᠭᠤᠨ᠎ᠠ ᠠᠮᠠᠯᠠᠵᠤ ᠲᠡᠮᠦᠷ ᠦ᠋ᠨ ᠠᠮᠢ ᠶ᠋ᠢ ᠳᠠᠭᠠᠳᠬᠠᠪᠠ᠃ ᠬᠤᠶᠠᠭ ᠢ᠋ ᠶᠠᠪᠤᠭᠰᠠᠨ ᠡᠴᠡ ᠬᠣᠢᠨ᠎ᠠ ᠣᠲᠠᠴᠢ ᠯᠠᠮᠠ ᠶ᠋ᠢᠨ ᠳ᠋ᠦ᠍ ᠠᠷᠢᠬᠢᠨ ᠤ᠋ ᠬᠢᠨᠢ ᠨᠠᠢᠵᠢ ᠫᠦᠷᠪᠦ ᠲᠠᠢᠵᠢ ᠢᠷᠡᠭᠡᠳ ᠭᠠᠤᠯᠢᠨ ᠳᠣᠩᠪᠤᠨ ᠳ᠋ᠤ᠌ ᠭᠠᠨᠵᠠ ᠬᠠᠯᠠᠭᠠᠵᠤ ᠰᠢᠮᠡᠨ ᠤᠤᠭᠤᠬᠤ ᠵᠠᠭᠤᠷ᠎ᠠ ᠲᠡᠮᠦᠷ ᠭᠡᠳᠡᠭ ᠬᠥᠮᠦᠨ ᠥᠯᠵᠡᠢ ᠶ᠋ᠢᠨ ᠳ᠋ᠦ᠍ ᠢᠷᠡᠭᠡᠳ ᠤᠬᠠᠭᠠᠨ ᠦᠭᠡᠢ ᠬᠡᠪᠲᠡᠵᠦ ᠪᠠᠢᠭ᠎ᠠ ᠶ᠋ᠢ ᠰᠣᠨᠣᠰᠴᠤ ᠪᠠᠶᠠᠷᠯᠠᠬᠤ ᠠᠶᠤᠬᠤ ᠬᠣᠶᠠᠷ ᠵᠡᠷᠭᠡᠴᠡᠪᠡ᠃
  ᠊᠊᠊᠊᠊᠊᠊᠊᠊᠊᠊᠊᠊᠊᠊ ᠲᠡᠷᠡ ᠬᠥᠮᠦᠨ ᠶᠠᠭᠠᠬᠢᠭᠰᠠᠨ ᠴᠤ᠌ ᠲᠡᠰᠬᠦ ᠦᠭᠡᠢ᠃ ᠡᠷᠯᠢᠭ ᠦ᠋ᠨ ᠳ᠋ᠦ᠍ ᠣᠴᠢᠬᠤ ᠮᠣᠷᠢ ᠨᠢ ᠡᠮᠡᠭᠡᠯ ᠲᠡᠢ ᠬᠥᠮᠦᠨ ᠪᠠᠢᠨ᠎ᠠ ᠪᠢᠯᠡ ᠭᠡᠵᠦ ᠡᠮᠴᠢ ᠶ᠋ᠢᠨ ᠬᠡᠯᠡᠬᠦ ᠳ᠋ᠦ᠍ ᠫᠦᠷᠪᠦ ᠶ᠋ᠢᠨ ᠰᠡᠳᠬᠢᠯ ᠳ᠋ᠦ᠍ ᠬᠢᠵᠠᠭᠠᠷ ᠦᠭᠡᠢ ᠪᠠᠶᠠᠷ ᠣᠪᠣᠯᠵᠠᠨ ᠪᠠᠳᠠᠷᠠᠭᠰᠠᠨ ᠪᠣᠯᠪᠠᠴᠤ ᠬᠠᠵᠠᠭᠤ ᠪᠠᠷ ᠨᠢ ᠠᠶᠤᠨ ᠡᠷᠡᠭᠡᠯᠵᠡᠵᠡᠢ᠃
  ᠊᠊᠊᠊᠊᠊᠊᠊᠊᠊᠊᠊᠊᠊᠊ ᠵᠠ ᠳᠠ᠂ ᠲᠡᠷᠡ ᠴᠢᠨᠢ ᠡᠷᠯᠢᠭ ᠦ᠋ᠨ ᠳᠠᠩᠰᠠᠨ ᠡᠴᠡ ᠬᠠᠰᠤᠭᠳᠠᠭᠰᠠᠨ ᠬᠥᠮᠦᠨ ᠪᠠᠢᠬ᠎ᠠ ᠰᠢᠦ᠃ ᠯᠤᠤ ᠬᠦᠩ ᠦ᠋ᠨ ᠪᠠᠳᠠᠷᠴᠢ ᠲᠠᠬᠠᠷ ᠤ᠋ᠨ ᠰᠢᠷᠢ ᠲᠠᠢᠯᠵᠤ ᠴᠢᠳᠠᠭ᠎ᠠ ᠦᠭᠡᠢ ᠶᠦᠮ ᠭᠡᠳ ᠫᠦᠷᠪᠦ ᠲᠠᠢᠵᠢ᠂ ᠴᠠᠬᠢᠭᠤᠷ ᠲᠡᠮᠦᠷ ᠦ᠋ᠨ ᠲᠤᠬᠠᠢ ᠲᠤᠭᠤᠯᠵᠤ ᠰᠣᠨᠣᠰᠤᠭᠰᠠᠨ ᠢ᠋ᠶ᠋ᠠᠨ ᠣᠲᠠᠴᠢ ᠳ᠋ᠤ᠌ ᠶᠠᠷᠢᠯ᠎ᠠ᠃
  ᠊᠊᠊᠊᠊᠊᠊᠊᠊᠊᠊᠊᠊᠊᠊ ᠪᠠᠭᠠᠲᠤᠷ ᠬᠥᠮᠦᠨ ᠨᠢᠭᠡ ᠰᠤᠮᠤᠨ ᠳ᠋ᠤ᠌᠂ ᠪᠠᠶᠠᠨ ᠬᠥᠮᠦᠨ ᠨᠢᠭᠡ ᠵᠤᠳ ᠲᠤ᠌ ᠭᠡᠳᠡᠭ ᠶᠦᠮ ᠳᠡ᠃ ᠰᠥᠪᠠᠭᠡᠨ ᠦ᠌ ᠰᠢᠷᠬ᠎ᠠ ᠨᠢ ᠢᠳᠡᠭᠡᠯᠡᠵᠦ᠂ ᠦᠯᠡᠮᠵᠢ ᠴᠢᠰᠤ ᠠᠯᠳᠠᠭᠰᠠᠨ ᠬᠥᠮᠦᠨ ᠪᠠᠢᠨ᠎ᠠ ᠪᠢᠯᠡ᠃ ᠲᠡᠢᠮᠦ ᠬᠥᠮᠦᠨ ᠶᠠᠭᠠᠬᠢᠯ᠎ᠠ ᠴᠤ᠌ ᠭᠡᠰᠡᠨ ᠠᠮᠢᠳᠤᠷᠠᠵᠤ ᠴᠢᠳᠠᠬᠤ ᠦᠭᠡᠢ ᠭᠡᠵᠦ ᠣᠲᠠᠴᠢ ᠶ᠋ᠢᠨ ᠢᠲᠡᠭᠡᠯ ᠲᠡᠢ ᠬᠡᠯᠡᠭᠰᠡᠨ ᠦᠭᠡ ᠫᠦᠷᠪᠦ ᠶ᠋ᠢ ᠵᠣᠷᠢᠭᠵᠢᠭᠤᠯᠪᠠ᠃
  ᠣᠲᠠᠴᠢ ᠶ᠋ᠢᠨ ᠦᠭᠡ᠂ ᠬᠠᠯᠠᠭᠤᠨ ᠭᠠᠨᠵᠠ ᠬᠣᠶᠠᠷ ᠲᠤ᠌ ᠵᠣᠷᠢᠭ ᠣᠷᠣᠭᠰᠠᠨ ᠲᠠᠢᠵᠢ ᠮᠣᠷᠳᠠᠵᠤ᠂ ᠰᠢᠭᠤᠳ ᠥᠯᠵᠡᠢ ᠶ᠋ᠢᠨ ᠭᠡᠷ ᠤᠷᠤᠭᠤ ᠴᠢᠭᠯᠡᠪᠡ᠃ ᠭᠡᠬᠦ ᠳ᠋ᠡᠭᠡᠨ ᠲᠡᠮᠦᠷ ᠢ᠋ ᠪᠠᠷᠢᠵᠤ ᠠᠪᠤᠶ᠎ᠠ ᠭᠡᠵᠦ ᠰᠠᠨᠠᠭᠰᠠᠨ ᠦᠭᠡᠢ ᠨᠢᠭᠡᠨᠲᠡ ᠦᠬᠦᠬᠦ ᠪᠣᠯᠤᠭᠰᠠᠨ ᠲᠡᠮᠦᠷ ᠲᠡᠭᠦᠨ ᠳ᠋ᠦ᠍ ᠬᠡᠷᠡᠭ ᠦᠭᠡᠢ ᠪᠠᠢᠵᠠᠢ᠃ ᠬᠠᠷᠢᠨ ᠥᠯᠵᠡᠢ ᠶ᠋ᠢ ᠰᠦᠷᠳᠡᠭᠦᠯᠦᠨ ᠪᠠᠢᠭᠠᠳ ᠥᠴᠦᠬᠡᠨ ᠬᠥᠷᠥᠩᠭᠡ ᠶ᠋ᠢ ᠨᠢ ᠰᠠᠯᠭᠠᠶ᠎ᠠ ᠭᠡᠵᠦ ᠪᠣᠳᠣᠭᠰᠠᠨ ᠶᠤᠮ᠃
  ᠦᠬᠦᠭᠰᠡᠨ ᠪᠤᠤᠷ᠎ᠠ ᠶ᠋ᠢᠨ ᠲᠣᠯᠣᠭᠠᠢ ᠡᠴᠡ ᠠᠮᠢᠳᠤ ᠠᠳᠠ ᠠᠶᠤᠨ᠎ᠠ ᠭᠡᠭᠴᠢ ᠪᠡᠷ ᠥᠯᠵᠡᠢ ᠶ᠋ᠢᠨ ᠭᠠᠳᠠᠨ᠎ᠠ ᠣᠴᠢᠭᠠᠳ ᠨᠥᠭᠦᠭᠡ ᠭᠠᠯ ᠰᠢᠭ᠋ ᠵᠣᠷᠢᠭ ᠨᠢ ᠭᠱᠠᠨ ᠵᠠᠭᠤᠷ᠎ᠠ ᠠᠷᠴᠢᠭᠰᠠᠨ ᠶᠤᠮ ᠰᠢᠭ᠋ ᠠᠯᠠᠭ᠎ᠠ ᠪᠣᠯᠬᠤ ᠳ᠋ᠤ᠌ ᠭᠡᠷ ᠲᠦ᠋ᠨᠢ ᠣᠷᠤᠯ ᠦᠭᠡᠢ ᠪᠤᠴᠠᠵᠤ ᠶᠠᠪᠤᠲᠠᠯ᠎ᠠ ᠵᠡᠭᠡᠷᠭᠡᠨ᠎ᠡ ᠲᠡᠭᠦᠭᠡᠳ ᠢᠷᠡᠵᠦ ᠶᠠᠪᠤᠭᠰᠠᠨ ᠥᠯᠵᠡᠢ ᠲᠡᠢ ᠲᠠᠭᠠᠷᠠᠯᠳᠤᠪᠠ᠃ ᠥᠯᠵᠡᠢ ᠭᠡᠷ ᠦ᠋ᠨ ᠬᠢᠨᠢ ᠵᠦᠭ ᠡᠴᠡ ᠢᠷᠡᠵᠦ ᠶᠠᠪᠤᠭᠰᠠᠨ ᠲᠠᠢᠵᠢ ᠶ᠋ᠢ ᠬᠠᠷᠠᠭᠠᠳ 《ᠡᠨᠡ ᠵᠣᠯᠢᠭ ᠪᠦᠬᠦ ᠤᠴᠢᠷ ᠢ᠋ ᠮᠡᠳᠡᠭᠡᠳ ᠲᠡᠮᠦᠷ ᠡᠴᠡ ᠬᠠᠷᠢᠭᠤ ᠠᠪᠬᠤ ᠭᠡᠵᠦ ᠶᠠᠪᠤᠨ᠎ᠠ》ᠭᠡᠵᠦ ᠪᠣᠳᠣᠭᠠᠳ ᠲᠠᠢᠵᠢ ᠶ᠋ᠢ ᠴᠢᠷᠠᠢᠴᠢᠯᠠᠨ ᠠᠮᠤᠷ ᠢ᠋ ᠨᠢ ᠡᠷᠢᠵᠡᠢ᠃
  ᠊᠊᠊᠊᠊᠊᠊᠊᠊᠊᠊᠊᠊᠊᠊ ᠮᠠᠭᠤ ᠪᠣᠭᠣᠯ ᠴᠢ ᠰᠢᠯᠢ ᠶ᠋ᠢᠨ ᠬᠤᠯᠠᠭᠠᠢᠴᠢ ᠶ᠋ᠢ ᠣᠷᠣᠩᠨᠠᠭᠤᠯᠵᠤ ᠪᠠᠢᠨ᠎ᠠ ᠭᠡᠨ᠎ᠡ᠃ ᠨᠠᠶᠠᠨ ᠵᠢᠩ ᠦ᠋ᠨ ᠲᠡᠮᠦᠷ ᠭᠢᠨᠵᠢ ᠬᠦᠵᠦᠭᠦᠨ ᠳ᠋ᠦ᠍ ᠴᠢᠨᠢ ᠬᠢᠵᠦ ᠶᠠᠰᠤ ᠠᠷᠠᠰᠤ ᠬᠣᠶᠠᠷ ᠪᠣᠯᠭᠠᠨ᠎ᠠ ᠳᠠ ᠭᠡᠵᠦ ᠬᠡᠯᠡᠬᠦ ᠳ᠋ᠦ᠍ ᠥᠯᠵᠡᠢ ᠮᠣᠷᠢᠨ ᠡᠴᠡ ᠪᠠᠭᠤᠨ ᠰᠥᠭᠥᠳᠴᠦ᠄
  ᠊᠊᠊᠊᠊᠊᠊᠊᠊᠊᠊᠊᠊᠊᠊ ᠲᠠᠢᠵᠢ ᠭᠤᠸᠠᠢ ᠮᠢᠨᠢ ᠪᠢᠳᠡᠨ ᠢ᠋ ᠥᠷᠥᠰᠢᠶᠡ᠃ ᠥᠴᠦᠬᠡᠨ ᠪᠣᠭᠣᠯ ᠡᠷᠬᠢᠮ ᠳᠡᠭᠡᠳᠦᠰ ᠲᠠᠨ ᠳ᠋ᠤ᠌ ᠶᠠᠭᠤ ᠪᠠᠨ ᠴᠤ᠌ ᠬᠠᠢᠷᠠᠯᠠᠬᠤ ᠦᠭᠡᠢ ᠭᠡᠪᠡ᠃
  ᠊᠊᠊᠊᠊᠊᠊᠊᠊᠊᠊᠊᠊᠊᠊ ᠲᠡᠭᠡᠭᠡᠳ ᠲᠡᠷᠡ ᠬᠤᠯᠠᠭᠠᠢᠴᠢ ᠶ᠋ᠢᠨ ᠪᠡᠶ᠎ᠡ ᠶᠠᠮᠠᠷ ᠪᠠᠢᠨ᠎ᠠ ᠭᠡᠵᠦ ᠫᠦᠷᠪᠦ ᠠᠰᠠᠭᠤᠭᠠᠳ ᠡᠷᠭᠢᠵᠦ ᠥᠯᠵᠡᠢ ᠶ᠋ᠢᠨ ᠭᠡᠷ ᠦ᠋ᠨ ᠵᠦᠭ ᠬᠠᠷᠠᠯ᠎ᠠ᠃
  ᠊᠊᠊᠊᠊᠊᠊᠊᠊᠊᠊᠊᠊᠊᠊ ᠤᠬᠠᠭᠠᠨ ᠦᠭᠡᠢ ᠪᠠᠢᠭ᠎ᠠ᠃ ᠳᠥᠩᠭᠡᠵᠢ ᠯᠡ ᠠᠮᠢ ᠲᠠᠢ ᠪᠠᠢᠨ᠎ᠠ ᠭᠡᠵᠦ ᠥᠯᠵᠡᠢ ᠠᠯᠠᠭ᠎ᠠ ᠬᠠᠪᠰᠤᠷᠤᠨ ᠬᠡᠯᠡᠵᠡᠢ᠃
  ᠊᠊᠊᠊᠊᠊᠊᠊᠊᠊᠊᠊᠊᠊᠊ ᠵᠠ᠂ ᠲᠠᠨ ᠤ᠋ ᠳ᠋ᠤ᠌ ᠣᠴᠢᠶ᠎ᠠ ᠭᠡᠵᠦ ᠲᠠᠢᠵᠢ ᠬᠡᠯᠡᠭᠡᠳ ᠲᠡᠷᠡ ᠬᠣᠶᠠᠷ ᠶᠠᠪᠤᠵᠠᠢ᠃ ᠥᠯᠵᠡᠢ ᠶ᠋ᠢᠨ ᠭᠡᠷ ᠦ᠋ᠨ ᠭᠠᠳᠠᠨ᠎ᠠ ᠢᠷᠡᠭᠡᠳ ᠢᠴᠢᠬᠦ ᠵᠣᠪᠠᠬᠤ ᠬᠣᠶᠠᠷ ᠢ᠋ ᠠᠯᠢ ᠡᠷᠲᠡ ᠮᠠᠷᠲᠠᠭᠰᠠᠨ ᠲᠠᠢᠵᠢ᠄
  ᠊᠊᠊᠊᠊᠊᠊᠊᠊᠊᠊᠊᠊᠊᠊ ᠪᠣᠭᠣᠯ ᠴᠢ ᠨᠣᠬᠠᠢ ᠠᠮᠢᠨ ᠳ᠋ᠠᠭᠠᠨ ᠬᠠᠢᠷ᠎ᠠ ᠲᠠᠢ ᠶᠤᠮ ᠪᠣᠯ ᠶᠠᠭᠤ ᠥᠭᠬᠦ ᠪᠡᠨ ᠨᠠᠳᠠ ᠬᠡᠯᠡ ᠭᠡᠬᠦ ᠳ᠋ᠦ᠍ᠨᠢ ᠥᠯᠵᠡᠢ ᠬᠠᠢᠨᠤᠭ ᠤ᠋ᠨ ᠦᠨᠢᠶ᠎ᠡ ᠨᠢᠭᠡ᠂ ᠰᠠᠷᠯᠤᠭ ᠤ᠋ᠨ ᠦᠨᠢᠶ᠎ᠡ ᠬᠣᠶᠠᠷ ᠢ᠋ ᠥᠭᠶ᠎ᠡ ᠭᠡᠬᠦ ᠳ᠋ᠦ᠍ᠨᠢ ᠲᠠᠢᠵᠢ ᠠᠭᠤᠷᠯᠠᠵᠤ ᠢᠯᠡᠭᠦᠦ ᠶᠠᠭᠤᠮ᠎ᠠ ᠱᠠᠭᠠᠷᠳᠠᠵᠠᠢ᠃
  ᠊᠊᠊᠊᠊᠊᠊᠊᠊᠊᠊᠊᠊᠊᠊ ᠯᠠᠩ ᠲᠠᠪᠤᠨ ᠴᠢᠨ ᠦ᠌ ᠠᠯᠲᠠᠨ ᠪᠥᠭᠡᠵᠢ ᠪᠠᠷᠢᠶ᠎ᠠ ᠭᠡᠵᠦ ᠥᠯᠵᠡᠢ ᠶ᠋ᠢᠨ ᠬᠡᠯᠡᠬᠦ ᠳ᠋ᠦ᠍ ᠲᠠᠢᠵᠢ ᠶ᠋ᠢᠨ ᠨᠢᠳᠦ ᠭᠢᠯᠠᠯᠵᠠᠨ᠄
  ᠊᠊᠊᠊᠊᠊᠊᠊᠊᠊᠊᠊᠊᠊᠊ ᠵᠠ ᠪᠤᠰᠢᠭᠤ ᠣᠷᠣᠭᠠᠳ ᠠᠪᠴᠤ ᠢᠷ᠎ᠡ᠃ ᠪᠢ ᠣᠷᠣᠬᠤ ᠦᠭᠡᠢ ᠭᠡᠬᠦ ᠳ᠋ᠦ᠍ᠨᠢ ᠥᠯᠵᠡᠢ ᠭᠡᠷ ᠲᠡᠭᠡᠨ ᠣᠷᠣᠯ᠎ᠠ᠃
  ᠲᠠᠢᠵᠢ ᠰᠡᠮᠬᠡᠨ ᠭᠡᠲᠡᠵᠦ ᠲᠣᠲᠣᠭᠣ ᠶ᠋ᠢ ᠨᠢ ᠰᠡᠬᠦᠵᠦ ᠬᠠᠷᠠᠪᠠᠯ ᠪᠠᠷᠠᠭᠤᠨ ᠲᠠᠯ᠎ᠠ ᠶ᠋ᠢᠨ ᠣᠷᠣᠨ ᠳᠡᠭᠡᠷ᠎ᠡ ᠶᠠᠮᠠᠷ ᠴᠤ᠌ ᠱᠦᠯᠲᠦ ᠦᠭᠡᠢ ᠪᠣᠯᠤᠭᠰᠠᠨ ᠴᠣᠩᠬᠢᠭᠠᠷ ᠴᠢᠷᠠᠢ ᠲᠠᠢ ᠲᠡᠮᠦᠷ ᠬᠥᠳᠡᠯᠦᠯ ᠦᠭᠡᠢ ᠬᠡᠪᠲᠡᠵᠦ᠂ ᠡᠮᠦᠨ᠎ᠡ ᠨᠢ ᠴᠠᠠᠳᠠ ᠬᠡᠦᠬᠡᠨ ᠰᠠᠭᠤᠵᠤ ᠪᠠᠢᠯ᠎ᠠ᠃
  ᠲᠠᠢᠵᠢ ᠰᠡᠳᠬᠢᠯ ᠠᠭᠤᠵᠢᠷᠠᠵᠤ ᠭᠡᠷ ᠦ᠋ᠨ ᠡᠭᠦᠳᠡ ᠶ᠋ᠢ ᠴᠢᠩᠭ᠎ᠠ ᠲᠡᠳᠡᠨ ᠨᠡᠭᠡᠭᠡᠵᠦ ᠣᠷᠣᠪᠠ᠃ ᠲᠡᠷᠡ ᠨᠢᠭᠡᠨ ᠡᠳᠦᠷ ᠠᠢᠬᠤᠪᠲᠤᠷ ᠳᠣᠷᠣᠮᠵᠢᠯᠠᠭᠳᠠᠭᠰᠠᠨ ᠬᠣᠷᠣᠰᠤᠯ ᠨᠢ ᠣᠪᠣᠯᠵᠠᠨ ᠲᠡᠮᠦᠷ ᠤᠷᠤᠭᠤ ᠠᠯᠬᠤᠬᠤ ᠭᠡᠲᠡᠯ᠎ᠡ ᠴᠠᠠᠳᠠ ᠲᠡᠮᠦᠷ ᠦ᠋ᠨ ᠲᠣᠮᠣ ᠬᠢᠲᠤᠭ᠎ᠠ ᠶ᠋ᠢ ᠡᠮᠦᠨ᠎ᠡ ᠪᠡᠨ ᠬᠥᠨᠳᠡᠯᠡᠨ ᠪᠠᠷᠢᠪᠠ᠃ ᠬᠡᠦᠬᠡᠨ ᠦ᠌ ᠨᠢᠳᠦ ᠡᠭᠡᠭᠡ ᠯᠡ ᠬᠡᠷᠦᠭᠰᠡᠨ ᠪᠤᠬ᠎ᠠ ᠶ᠋ᠢᠨ ᠨᠢᠳᠦ ᠰᠢᠭ ᠪᠣᠯᠤᠨ ᠪᠡᠶ᠎ᠡ ᠪᠡᠨ ᠬᠣᠷᠢᠶᠠᠨ ᠣᠷᠣᠨ ᠳ᠋ᠤ᠌ ᠨᠠᠭᠠᠪᠠ᠃
  ᠊᠊᠊᠊᠊᠊᠊᠊᠊᠊᠊᠊᠊᠊᠊ ᠵᠠ ᠲᠡᠷᠡ ᠪᠥᠭᠡᠵᠢ ᠪᠡᠨ ᠥᠭ᠃ ᠪᠤᠰᠤᠳ ᠮᠠᠯ ᠢ᠋ᠶ᠋ᠠᠨ ᠮᠠᠷᠭᠠᠰᠢ ᠠᠪᠠᠴᠢᠵᠤ ᠥᠭᠭᠦᠭᠡᠷᠡᠢ ᠭᠡᠵᠦ ᠲᠠᠢᠵᠢ ᠬᠡᠯᠡᠪᠡ᠃
  ᠥᠯᠵᠡᠢ ᠡᠴᠢᠭᠡ ᠡᠪᠦᠭᠡ ᠡᠴᠡ ᠳᠠᠮᠵᠢᠨ ᠬᠠᠳᠠᠭᠠᠯᠠᠭᠰᠠᠨ ᠠᠯᠲᠠᠨ ᠪᠥᠭᠡᠵᠢ ᠪᠡᠨ ᠪᠠᠷᠢᠬᠤ ᠳ᠋ᠤ᠌ ᠲᠠᠢᠵᠢ᠂ ᠬᠡᠦᠬᠡᠨ ᠡᠴᠡ ᠨᠢᠳᠦ ᠰᠠᠯᠭᠠᠯ ᠦᠭᠡᠢ ᠪᠠᠢᠵᠤ ᠪᠠᠢᠭᠠᠳ ᠭᠠᠷᠤᠯ᠎ᠠ᠃
  ᠲᠠᠢᠵᠢ ᠮᠣᠷᠳᠠᠭᠠᠳ ᠳᠠᠪᠬᠢᠬᠤ ᠴᠢᠮᠡᠭᠡ ᠶ᠋ᠢ ᠴᠢᠩᠨᠠᠵᠤ ᠪᠠᠢᠭᠰᠠᠨ ᠬᠤᠶᠠᠭ᠄
  ᠊᠊᠊᠊᠊᠊᠊᠊᠊᠊᠊᠊᠊᠊᠊ ᠭᠦᠢᠴᠡᠵᠦ ᠣᠴᠢᠭᠠᠳ ᠬᠦᠷᠡᠩ ᠵᠢᠯᠠᠭᠠᠨ ᠳ᠋ᠤ᠌ ᠤᠴᠢᠷ ᠢ᠋ ᠨᠢ ᠣᠯᠴᠢᠬᠠᠶ᠎ᠠ ᠭᠡᠬᠦ ᠳ᠋ᠦ᠍ᠨᠢ
  ᠊᠊᠊᠊᠊᠊᠊᠊᠊᠊᠊᠊᠊᠊᠊ ᠪᠣᠯᠬᠤ ᠦᠭᠡᠢ ᠬᠦᠦ ᠮᠢᠨᠢ ᠭᠡᠵᠦ ᠥᠯᠵᠡᠢ ᠬᠣᠷᠢᠭᠯᠠᠪᠠ᠃
  ᠊᠊᠊᠊᠊᠊᠊᠊᠊᠊᠊᠊᠊᠊᠊ ᠠᠪᠤ ᠠ᠋᠂ ᠥᠨᠥ ᠰᠥᠨᠢ ᠳ᠋ᠡᠭᠡᠨ ᠪᠦᠬᠦ ᠶᠠᠭᠤᠮ᠎ᠠ ᠪᠠᠨ ᠬᠠᠶᠠᠵᠤ ᠮᠠᠢᠬᠠᠨ ᠢ᠋ᠶ᠋ᠠᠨ ᠠᠪᠤᠭᠠᠳ ᠬᠠᠩᠭᠠᠢ ᠶ᠋ᠢᠨ ᠨᠢᠷᠤᠭᠤᠨ ᠤ᠋ ᠮᠣᠳᠣᠨ ᠳ᠋ᠤ᠌ ᠨᠡᠭᠦᠶ᠎ᠡ᠃ ᠣᠳᠣ ᠲᠠᠢᠵᠢ ᠶ᠋ᠢᠨ ᠭᠠᠷ ᠡᠴᠡ ᠭᠠᠷᠬᠤ ᠦᠭᠡᠢ ᠭᠡᠵᠦ ᠴᠠᠠᠳᠠ ᠬᠡᠯᠡᠪᠡ᠃
  ᠡᠴᠢᠭᠡ᠂ ᠬᠦᠦ᠂ ᠪᠡᠷᠢ ᠭᠤᠷᠪᠠ ᠬᠡᠷᠬᠢᠬᠦ ᠲᠤᠬᠠᠢ ᠨᠡᠯᠢᠶᠡᠳ ᠶᠠᠷᠢᠯᠴᠠᠭᠠᠳ ᠲᠡᠷᠡ ᠰᠥᠨᠢ ᠥᠯᠵᠡᠢ ᠨᠢᠭᠡ ᠮᠣᠷᠢᠨ ᠳ᠋ᠠᠭᠠᠨ ᠮᠠᠢᠬᠠᠨ᠂ ᠲᠣᠭᠣᠭ᠎ᠠ ᠰᠢᠨᠠᠭ᠎ᠠ᠂ ᠬᠦᠨᠡᠰᠦ᠂ ᠨᠥᠭᠦᠭᠡ ᠮᠣᠷᠢᠨ ᠳ᠋ᠠᠭᠠᠨ ᠲᠡᠮᠦᠷ ᠢ᠋ ᠠᠴᠢᠭᠠᠳ ᠠᠭᠤᠯᠠ ᠤᠷᠤᠭᠤ ᠶᠠᠪᠤᠵᠠᠢ᠃
  ᠭᠦᠨ ᠣᠢ ᠳ᠋ᠤ᠌ ᠣᠴᠢᠭᠠᠳ ᠳᠣᠯᠣᠭ᠎ᠠ ᠬᠣᠨᠣᠭᠰᠠᠨ ᠤ᠋ ᠥᠷᠯᠥᠭᠡ ᠲᠡᠮᠦᠷ ᠨᠢᠳᠦ ᠪᠡᠨ ᠨᠡᠭᠡᠭᠡᠵᠦ ᠥᠯᠵᠡᠢ ᠶ᠋ᠢ ᠠᠵᠢᠭᠯᠠᠨ ᠬᠠᠷᠠᠭᠰᠠᠨ ᠢ᠋ᠶ᠋ᠠᠨ ᠶᠠᠭᠤᠮ᠎ᠠ ᠬᠡᠯᠡᠬᠦ ᠭᠡᠰᠡᠨ ᠪᠣᠯᠤᠯᠲᠠᠢ ᠣᠮᠣᠭᠣᠯᠲᠤᠭᠰᠠᠨ ᠤᠷᠤᠭᠤᠯ ᠢ᠋ᠶ᠋ᠠᠨ ᠬᠥᠳᠡᠯᠭᠡᠭᠰᠡᠨ ᠪᠣᠯᠪᠠᠴᠤ ᠳᠠᠭᠤ ᠭᠠᠷᠤᠭᠰᠠᠨ ᠦᠭᠡᠢ ᠳᠠᠬᠢᠨ ᠠᠨᠢᠪᠠ᠃
  ᠦᠳᠡ ᠥᠩᠭᠡᠷᠡᠬᠦ ᠶ᠋ᠢᠨ ᠦᠶ᠎ᠡ ᠳ᠋ᠦ᠍ ᠳᠠᠬᠢᠨ ᠨᠢᠳᠦ ᠪᠡᠨ ᠨᠡᠭᠡᠭᠡᠵᠦ ᠡᠷᠭᠢᠨ ᠲᠣᠭᠣᠷᠢᠨ ᠢ᠋ ᠤᠳᠠᠲᠠᠯ᠎ᠠ ᠠᠵᠢᠭᠯᠠᠨ ᠪᠠᠢᠭᠰᠠᠨ ᠢ᠋ᠶ᠋ᠠᠨ ᠤᠷᠤᠭᠤᠯ ᠢ᠋ᠶ᠋ᠠᠨ ᠠᠯᠭᠤᠷ ᠨᠡᠭᠡᠭᠡᠵᠦ᠄
  ᠊᠊᠊᠊᠊᠊᠊᠊᠊᠊᠊᠊᠊᠊᠊ ᠬᠡᠳᠦᠨ ᠠᠳᠤᠭᠤᠨ ᠡᠴᠡ ᠪᠣᠯᠵᠤ ᠬᠥᠮᠦᠨ ᠠᠯᠠᠬᠤ ᠨᠢ ᠪᠠᠢᠨ᠎ᠠ ᠰᠢᠦ ᠭᠡᠳ ᠭᠠᠰᠢᠭᠤᠳᠠᠯ ᠲᠠᠢ ᠪᠠᠷ ᠢᠨᠢᠶᠡᠮᠰᠦᠭᠯᠡᠬᠦ ᠮᠡᠲᠦ ᠪᠣᠯᠤᠭᠠᠳ ᠲᠣᠯᠣᠭᠠᠢ ᠪᠠᠨ ᠥᠨᠳᠡᠢᠬᠦ ᠭᠡᠰᠡᠨ ᠢ᠋ᠶ᠋ᠡᠨ ᠰᠢᠲᠦ ᠨᠢ ᠬᠢᠬᠤᠲᠤᠨᠠᠨ ᠪᠤᠴᠠᠵᠤ ᠬᠡᠪᠲᠡᠯ᠎ᠡ᠃
  ᠊᠊᠊᠊᠊᠊᠊᠊᠊᠊᠊᠊᠊᠊᠊ ᠪᠢᠲᠡᠭᠡᠢ ᠬᠥᠳᠡᠯ ᠬᠦᠦ ᠮᠢᠨᠢ ᠭᠡᠵᠦ ᠥᠯᠵᠡᠢ ᠬᠡᠯᠡᠬᠦ ᠳ᠋ᠦ᠍ ᠨᠢᠳᠦᠨ ᠳ᠋ᠦ᠍ᠨᠢ ᠨᠢᠯᠪᠤᠰᠤ᠂ ᠨᠢᠭᠤᠷ ᠲᠤᠨᠢ ᠪᠠᠶᠠᠷ ᠲᠣᠳᠣᠷᠠᠪᠠ᠃
  ᠲᠡᠮᠦᠷ ᠬᠥᠳᠡᠯᠦᠯ ᠦᠭᠡᠢ ᠬᠡᠪᠲᠡᠵᠦ ᠪᠠᠢᠬᠤ ᠳ᠋ᠠᠭᠠᠨ ᠪᠣᠯᠤᠭᠰᠠᠨ ᠶᠠᠪᠤᠳᠠᠯ ᠤ᠋ᠳ ᠢ᠋ ᠰᠡᠳᠬᠢᠯ ᠳ᠋ᠡᠭᠡᠨ ᠰᠡᠷᠭᠦᠭᠡᠨ ᠪᠣᠳᠣᠵᠤ ᠡᠬᠢᠯᠡᠪᠡ᠃
  ᠊᠊᠊᠊᠊᠊᠊᠊᠊᠊᠊᠊᠊᠊᠊ ᠪᠢ ᠲᠠᠨ ᠤ᠋ ᠳ᠋ᠤ᠌ ᠶᠠᠭᠠᠬᠢᠵᠤ ᠢᠷᠡᠪᠡ?
  ᠊᠊᠊᠊᠊᠊᠊᠊᠊᠊᠊᠊᠊᠊᠊ ᠲᠠᠨ ᠢ᠋ ᠣᠯᠵᠤ ᠢᠷᠡᠭᠰᠡᠨ᠃
  ᠮᠠᠷᠭᠠᠰᠢ ᠡᠴᠡ ᠨᠢ ᠡᠬᠢᠯᠡᠨ ᠲᠡᠮᠦᠷ ᠦ᠋ᠨ ᠪᠡᠶ᠎ᠡ ᠡᠳᠦᠷ ᠢᠷᠡᠬᠦ ᠳᠣᠳᠣᠮ ᠰᠠᠢᠵᠢᠷᠠᠵᠤ᠂ ᠥᠯᠵᠡᠢ ᠳ᠋ᠦ᠍ ᠶᠠᠭᠤ ᠪᠣᠯᠤᠭᠰᠠᠨ ᠢ᠋ᠶ᠋ᠠᠨ ᠶᠠᠷᠢᠬᠤ ᠳ᠋ᠤ᠌ ᠥᠯᠵᠡᠢ ᠡᠷᠳᠡᠨᠢ ᠲᠡᠢ ᠠᠭᠤᠯᠵᠠᠭᠰᠠᠨ᠂ ᠲᠡᠭᠦᠨ ᠦ᠌ ᠵᠠᠬᠢᠵᠤ ᠬᠡᠯᠡᠭᠰᠡᠨ ᠦᠭᠡ ᠡᠴᠡ ᠡᠬᠢᠯᠡᠭᠡᠳ ᠫᠦᠷᠪᠦ ᠲᠠᠢᠵᠢ ᠢᠷᠡᠭᠰᠡᠨ ᠬᠦᠷᠲᠡᠯ᠎ᠡ ᠪᠦᠭᠦᠳᠡ ᠶ᠋ᠢ ᠶᠠᠷᠢᠵᠠᠢ᠃ ᠬᠠᠷᠢᠨ ᠡᠷᠭᠦᠯ ᠪᠠᠷᠢᠴᠠ᠂ ᠬᠡᠭᠡᠯᠢ ᠬᠠᠬᠤᠤᠯᠢ ᠳ᠋ᠤ᠌ ᠪᠠᠢᠳᠠᠭ ᠥᠴᠦᠬᠡᠨ ᠬᠥᠷᠥᠩᠭᠡ ᠪᠡᠨ ᠪᠠᠷᠢᠵᠤ ᠣᠷᠬᠢᠭᠰᠠᠨ ᠲᠤᠬᠠᠢ ᠨᠢᠭᠡ ᠴᠦ᠍ ᠦᠭᠡ ᠳᠤᠤᠭᠠᠷᠤᠭᠰᠠᠨ ᠦᠭᠡᠢ᠃
  ᠊᠊᠊᠊᠊᠊᠊᠊᠊᠊᠊᠊᠊᠊᠊ ᠬᠦᠦ ᠮᠢᠨᠢ ᠣᠳᠣ ᠢᠩᠭᠢᠵᠦ ᠶᠠᠪᠤᠳᠠᠭ ᠢ᠋ᠶ᠋ᠠᠨ ᠪᠣᠯᠢᠪᠠᠯ ᠳᠡᠭᠡᠷ᠎ᠡ ᠭᠡᠵᠦ ᠥᠯᠵᠡᠢ ᠶ᠋ᠢᠨ ᠬᠡᠯᠡᠬᠦ ᠳ᠋ᠦ᠍ ᠲᠡᠮᠦᠷ ᠢᠨᠢᠶᠡᠮᠰᠦᠭᠯᠡᠭᠰᠡᠨ ᠢ᠋ᠶ᠋ᠡᠨ᠄
  ᠊᠊᠊᠊᠊᠊᠊᠊᠊᠊᠊᠊᠊᠊᠊ ᠠᠬ᠎ᠠ ᠮᠢᠨᠢ ᠴᠠᠰᠤᠲᠤ ᠠᠭᠤᠯᠠᠨ ᠤ᠋ ᠴᠠᠭᠠᠨ ᠠᠷᠰᠯᠠᠨ ᠴᠥᠬᠥᠷᠡᠭᠡᠳ ᠪᠠᠯ ᠳ᠋ᠤ᠌ ᠪᠠᠭᠤᠵᠤ᠂ ᠲᠡᠮᠦᠷ ᠰᠢᠷᠭᠤᠯᠵᠢ ᠳ᠋ᠤ᠌ ᠪᠠᠷᠢᠭᠤᠯᠵᠤ ᠦᠬᠦᠭᠰᠡᠨ ᠭᠡᠳᠡᠭ᠃ ᠪᠢ ᠪᠣᠯ ᠲᠡᠭᠡᠵᠦ ᠴᠢᠳᠠᠬᠤ ᠦᠭᠡᠢ ᠭᠡᠯ᠎ᠡ᠃
  ᠥᠯᠵᠡᠢ ᠬᠠᠷᠢᠭᠤ ᠳᠤᠤᠭᠠᠷᠤᠭᠰᠠᠨ ᠦᠭᠡᠢ᠃ ᠭᠡᠪᠡᠴᠦ ᠡᠨᠡ ᠮᠤᠨᠳᠠᠭ ᠡᠷ᠎ᠡ ᠶᠠᠭᠤᠨ ᠤ᠋ ᠲᠥᠯᠥᠭᠡ ᠢᠩᠭᠢᠵᠦ ᠦᠬᠦᠯ ᠵᠣᠪᠠᠯᠠᠩ ᠤ᠋ᠨ ᠬᠠᠪᠬ᠎ᠠ ᠤᠷᠤᠭᠤ ᠥᠪᠡᠷ ᠢ᠋ᠶ᠋ᠡᠨ ᠶᠠᠪᠤᠵᠤ ᠪᠠᠢᠳᠠᠭ ᠤ᠋ᠨ ᠤᠴᠢᠷ ᠢ᠋ ᠣᠯᠬᠤ ᠭᠡᠵᠦ ᠪᠣᠳᠣᠪᠠᠴᠤ ᠬᠠᠷᠢᠭᠤ ᠣᠯᠳᠠᠭᠰᠠᠨ ᠦᠭᠡᠢ᠃
  ᠭᠡᠲᠡᠯ᠎ᠡ ᠡᠨᠡ ᠪᠣᠳᠣᠯ ᠢ᠋ ᠨᠢ ᠣᠢᠯᠭᠠᠭᠰᠠᠨ ᠶᠤᠮ ᠰᠢᠭ᠋᠂ 《ᠰᠢᠪᠠᠭᠤᠨ ᠳ᠋ᠤ᠌ ᠨᠢᠰᠴᠦ ᠶᠠᠪᠤᠭᠠᠳ ᠦᠬᠦᠬᠦ ᠰᠠᠢᠬᠠᠨ᠂ ᠨᠠᠳᠠ ᠢᠩᠭᠢᠵᠦ ᠶᠠᠪᠤᠭᠠᠳ ᠦᠬᠦᠬᠦ ᠰᠠᠢᠬᠠᠨ᠃ ᠬᠡᠳᠦᠨ ᠠᠢᠮᠠᠭ ᠤ᠋ᠨ ᠴᠠᠭᠠᠨ᠎ᠠ ᠭᠠᠷᠤᠭᠠᠳ ᠰᠦᠷᠦᠭ ᠢ᠋ᠶ᠋ᠡᠷ ᠠᠳᠤᠭᠤ ᠬᠥᠭᠡᠭᠡᠵᠦ ᠶᠠᠪᠤᠬᠤ ᠶ᠋ᠢᠨ ᠠᠮᠲᠠ ᠶ᠋ᠢ ᠲᠠ ᠮᠡᠳᠡᠬᠦ ᠦᠭᠡᠢ ᠪᠣᠯᠬᠣᠷ ᠶᠠᠭᠤ ᠭᠡᠵᠦ ᠬᠡᠯᠡᠬᠦ ᠪᠣᠢ ᠳᠠ》 ᠭᠡᠳ ᠲᠡᠮᠦᠷ ᠦᠭᠡ ᠪᠡᠨ ᠲᠠᠰᠤᠯᠪᠠ᠃
  ᠮᠣᠷᠢᠨ ᠤ᠋ ᠰᠠᠢᠨ ᠢ᠋ ᠰᠢᠯᠢᠵᠦ ᠤᠨᠤᠭᠠᠳ 《ᠡᠷᠳᠡᠨᠢ ᠵᠠᠰᠠᠭ ᠤ᠋ᠨ ᠤᠨᠠᠭ᠎ᠠ》 ᠪᠠᠨ ᠳᠠᠭᠤᠯᠠᠨ ᠲᠠᠯ᠎ᠠ ᠶ᠋ᠢᠨ ᠵᠢᠪᠠᠷ ᠢ᠋ ᠰᠥᠷᠦᠭᠡᠳ ᠳᠠᠪᠬᠢᠵᠤ ᠴᠢᠳᠠᠬᠤ ᠦᠭᠡᠢ ᠪᠠᠢᠭ᠎ᠠ ᠳ᠋ᠠᠭᠠᠨ ᠬᠠᠷᠠᠮᠰᠠᠭᠰᠠᠨ ᠪᠣᠯᠤᠯᠲᠠᠢ ᠣᠭᠵᠣᠮ ᠡᠷᠭᠢᠵᠦ ᠮᠠᠢᠬᠠᠨ ᠤ᠋ ᠬᠠᠶᠠᠭ᠎ᠠ ᠤᠷᠤᠭᠤ ᠬᠠᠷᠠᠨ ᠬᠡᠪᠲᠡᠯ᠎ᠡ᠃