ᠲᠤᠩᠭᠠᠯᠠᠭ ᠲᠠᠮᠢᠷ3-11-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠤᠩᠭᠠᠯᠠᠭ ᠲᠠᠮᠢᠷ3-11-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠲᠤᠩᠭᠠᠯᠠᠭ ᠲᠠᠮᠢᠷ3-11-ᠴ·ᠯᠤᠳᠤᠢ᠌ᠳᠠᠮᠪᠠТунгалаг тамир- ᠦᠵᠡᠵᠦ ᠰᠣᠨᠣᠰᠴᠤ ᠤᠩᠰᠢᠬᠤ ᠴᠠᠬᠢᠮ

ᠠᠩᠭᠢᠯᠠᠯ:ᠲᠤᠭᠤᠵᠢ ᠷᠣᠮᠠᠨ
2023-09-24

1267

《ᠥᠭᠦᠯ ᠶᠠᠭᠤᠨ ᠳᠤ ᠢᠩᠭᠢᠵᠤ ᠰᠠᠢ᠌ᠨ ᠭᠦᠮᠤᠨ ᠤ ᠠᠮᠢᠳᠤᠷᠠᠯ ᠳᠤ ᠬᠤᠪᠳᠤᠭ ᠪᠠᠢ᠌ᠳᠠᠭ ᠶᠤᠮ ᠪᠣᠢ》 - ᠭᠤᠷᠪᠠᠳᠤᠭᠠᠷ ᠪᠦᠯᠦᠭ ᠠᠷᠪᠠᠨ ᠨᠢᠭᠡ

          ᠲᠣᠪᠴᠢᠨ ᠤ᠋ ᠳᠡᠭᠡᠷᠡᠮᠴᠢᠳ ᠪᠦᠷᠢᠮᠦᠰᠦᠨ ᠤᠰᠠᠳᠤᠭᠠᠳ ᠰᠢᠷᠬ᠎ᠠ ᠲᠠᠢ ᠡᠷᠳᠡᠨᠢ ᠥᠨᠥᠳᠥᠷ ᠢᠷᠡᠵᠦ ᠴᠡᠷᠢᠭ ᠦ᠋ᠨ ᠡᠮᠨᠡᠯᠭᠡ ᠳ᠋ᠦ᠍ ᠬᠡᠪᠲᠡᠵᠡᠢ ᠭᠡᠳᠡᠭ ᠢ᠋ ᠬᠤᠶᠠᠭ ᠮᠡᠳᠡᠵᠦ ᠢᠷᠡᠭᠡᠳ ᠲᠡᠮᠦᠷ ᠲᠦ᠍ ᠨᠢᠭᠤᠴᠠᠯᠠᠨ ᠰᠢᠪᠡᠭᠡᠨᠡᠵᠦ ᠬᠡᠯᠡᠬᠦ ᠳ᠋ᠦ᠍ ᠭᠤᠯᠢᠷ ᠡᠯᠳᠡᠵᠦ ᠰᠠᠭᠤᠭᠰᠠᠨ ᠪᠠᠲᠤ ᠨᠢᠭᠡ ᠴᠦ᠍ ᠦᠭᠡ ᠰᠣᠨᠣᠰᠤᠭ᠎ᠠ ᠦᠭᠡᠢ ᠠᠲᠠᠯ᠎ᠠ ᠶᠠᠮᠠᠷ ᠨᠢᠭᠡᠨ ᠶᠣᠣᠵᠠ ᠦᠭᠡᠢ ᠶᠠᠭᠤᠮ᠎ᠠ ᠪᠣᠯᠵᠠᠢ ᠭᠡᠵᠦ ᠳᠠᠭᠠᠪᠤᠷᠢᠯᠠᠪᠠ᠃ ᠵᠣᠪᠠᠯᠠᠩ ᠲᠤᠭᠤᠯᠤᠭᠰᠠᠨ ᠬᠥᠮᠦᠨ ᠰᠢᠨ᠎ᠡ ᠵᠣᠪᠠᠯᠠᠩ ᠤ᠋ᠨ ᠰᠡᠵᠢᠭ ᠢ᠋ ᠦᠯᠡᠮᠵᠢ ᠰᠣᠷᠭᠣᠭ ᠬᠦᠯᠢᠶᠡᠨ ᠠᠪᠳᠠᠭ ᠪᠣᠯᠤᠯᠲᠠᠢ᠃
  ᠪᠠᠲᠤ ᠪᠣᠰᠴᠤ ᠲᠡᠮᠦᠷ᠂ ᠬᠤᠶᠠᠭ ᠬᠣᠶᠠᠷ ᠢ᠋ ᠲᠣᠮᠣ ᠳᠤᠭᠤᠢ ᠨᠢᠳᠦ ᠪᠡᠷ ᠡᠭᠡᠯᠵᠢᠯᠡᠨ ᠰᠢᠷᠲᠡᠵᠦ ᠪᠠᠢᠭᠰᠠᠨ ᠢ᠋ᠶ᠋ᠠᠨ ᠠᠶᠤᠭᠰᠠᠨ ᠵᠢᠪᠡᠬᠡᠢ ᠳᠠᠭᠤ ᠪᠠᠷ᠄
  ᠊᠊᠊᠊᠊᠊᠊᠊᠊᠊᠊᠊᠊᠊᠊ ᠨᠠᠳᠠ ᠡᠴᠡ ᠪᠢᠲᠡᠭᠡᠢ ᠨᠢᠭᠤ᠃ ᠠᠪᠤ ᠮᠢᠨᠢ ᠶᠠᠭᠠᠬᠢᠭᠰᠠᠨ ᠪᠣᠢ? ᠭᠡᠵᠦ ᠰᠢᠭᠤᠳ ᠠᠰᠠᠭᠤᠬᠤ ᠳ᠋ᠤ᠌ 《ᠪᠢ ᠶᠠᠭᠠᠬᠢᠭᠰᠠᠨ ᠠᠵᠠ ᠦᠭᠡᠢ ᠠᠮᠢᠲᠠᠨ ᠪᠣᠢ?》 ᠭᠡᠵᠦ ᠲᠡᠭᠦᠨ ᠦ᠌ ᠭᠥᠯᠢᠷᠡᠭᠰᠡᠨ ᠨᠢᠳᠦ ᠬᠡᠯᠡᠵᠦ ᠪᠠᠢᠯ᠎ᠠ᠃ ᠬᠤᠶᠠᠭ ᠠᠮᠠ ᠪᠠᠨ ᠮᠤᠷᠤᠯᠵᠠᠭᠤᠯᠤᠨ ᠢᠨᠢᠶᠡᠮᠰᠦᠭᠯᠡᠬᠦ ᠮᠡᠲᠦ ᠪᠣᠯᠤᠭᠰᠠᠨ ᠢ᠋ᠶ᠋ᠠᠨ᠄
  ᠊᠊᠊᠊᠊᠊᠊᠊᠊᠊᠊᠊᠊᠊᠊ ᠳᠡᠭᠦᠦ ᠮᠢᠨᠢ᠂ ᠠᠪᠤ ᠴᠢᠨᠢ ᠵᠦᠭᠡᠷ᠂ ᠰᠢᠷᠬ᠎ᠠ ᠲᠠᠢ ᠢᠷᠡᠭᠡᠳ ᠡᠮᠨᠡᠯᠭᠡ ᠳ᠋ᠦ᠍ ᠬᠡᠪᠲᠡᠭᠰᠡᠨ᠃ ᠣᠳᠣ ᠢᠩᠭᠢᠭᠡᠳ ᠠᠭᠤᠯᠵᠠᠶ᠎ᠠ ᠭᠡᠯ᠎ᠡ᠃
  ᠭᠠᠰᠢᠭᠤᠳᠠᠯ ᠤ᠋ᠨ ᠭᠤᠨᠢᠭᠲᠤ ᠬᠠᠷ᠎ᠠ ᠮᠡᠳᠡᠭᠡ ᠰᠣᠨᠣᠰᠤᠭ᠎ᠠ ᠭᠡᠵᠦ ᠠᠶᠤᠨ ᠪᠠᠴᠢᠮᠳᠠᠭᠰᠠᠨ ᠪᠠᠲᠤ 《ᠠᠪᠤ ᠴᠢᠨᠢ ᠵᠦᠭᠡᠷ᠃ ᠣᠳᠣ ᠢᠩᠭᠢᠭᠡᠳ ᠣᠴᠢᠵᠤ ᠠᠭᠤᠯᠵᠠᠶ᠎ᠠ》 ᠭᠡᠰᠡᠨ ᠦᠭᠡᠨ ᠳ᠋ᠦ᠍ ᠪᠠᠶᠠᠷᠯᠠᠨ 《ᠰᠢᠷᠬ᠎ᠠ ᠲᠠᠢ᠁》 ᠭᠡᠳᠡᠭ ᠦᠭᠡ ᠶ᠋ᠢᠨ ᠤᠴᠢᠷ ᠢ᠋ ᠪᠦᠷᠢᠨ ᠣᠢᠯᠠᠭᠠᠭᠰᠠᠨ ᠦᠭᠡᠢ᠃ ᠪᠠᠲᠤ ᠳᠠᠬᠢᠭᠠᠳ ᠣᠯᠳᠠᠬᠤ ᠦᠭᠡᠢ ᠤᠴᠢᠷ ᠨᠢᠭᠡ ᠰᠠᠢᠨ ᠠᠮᠢᠰᠬᠤᠯᠯᠠᠵᠤ ᠠᠪᠤᠶ᠎ᠠ ᠭᠡᠰᠡᠨ ᠶᠤᠮ ᠰᠢᠭ ᠴᠡᠭᠡᠵᠢ ᠳᠦᠭᠦᠷᠡᠩ ᠠᠭᠠᠷ ᠲᠠᠲᠠᠭᠰᠠᠨ ᠢ᠋ᠶ᠋ᠠᠨ᠄
  ᠊᠊᠊᠊᠊᠊᠊᠊᠊᠊᠊᠊᠊᠊᠊ ᠵᠠ ᠶᠠᠪᠤᠶ᠎ᠠ᠃ ᠲᠦᠷᠭᠡᠨ ᠠᠭᠤᠯᠵᠠᠶ᠎ᠠ ᠭᠡᠳ ᠮᠠᠯᠠᠭᠠᠢ ᠪᠠᠨ ᠡᠮᠦᠰᠪᠡ᠃
  ᠊᠊᠊᠊᠊᠊᠊᠊᠊᠊᠊᠊᠊᠊᠊ ᠠᠬ᠎ᠠ ᠳ᠋ᠤ᠌ ᠳᠠᠯᠢᠭᠴᠢ ᠶ᠋ᠢᠨ ᠲᠤᠬᠠᠢ ᠬᠡᠯᠡᠵᠦ ᠪᠣᠯᠬᠤ ᠦᠭᠡᠢ ᠰᠢᠦ᠃ ᠳᠠᠷᠠᠭ᠎ᠠ ᠡᠳᠡᠭᠡᠷᠡᠭᠰᠡᠨ ᠬᠣᠢᠨ᠎ᠠ ᠨᠢ ᠬᠡᠯᠡᠨ᠎ᠡ᠃ ᠮᠡᠳᠡᠪᠡ ᠤᠤ ᠭᠡᠵᠦ ᠲᠡᠮᠦᠷ ᠠᠴᠢ ᠳ᠋ᠠᠭᠠᠨ ᠬᠠᠲᠠᠭᠤ ᠵᠠᠬᠢᠵᠠᠢ᠃
  ᠬᠦᠦ ᠪᠡᠨ ᠣᠷᠣᠬᠤ ᠳ᠋ᠤ᠌ ᠡᠷᠳᠡᠨᠢ ᠬᠡᠪᠲᠡᠵᠦ ᠪᠠᠢᠭᠰᠠᠨ ᠢ᠋ᠶ᠋ᠠᠨ ᠥᠨᠳᠡᠢᠵᠦ ᠮᠠᠩᠨᠠᠢ ᠳᠡᠭᠡᠷ᠎ᠡ ᠨᠢ ᠦᠨᠦᠰᠦᠭᠰᠡᠨ ᠢ᠋ᠶ᠋ᠡᠨ ᠳᠦᠷᠯᠡᠭᠡᠷ ᠨᠢᠳᠦᠨ ᠡᠴᠡ ᠨᠢ ᠲᠤᠩᠭᠠᠯᠠᠭ ᠬᠠᠷ᠎ᠠ ᠨᠢᠯᠪᠤᠰᠤ ᠳᠤᠰᠤᠯᠠᠪᠠ᠃
  《ᠠᠪᠤ ᠮᠢᠨᠢ ᠡᠵᠢ ᠶ᠋ᠢᠨ ᠲᠤᠬᠠᠢ ᠰᠣᠨᠣᠰᠴᠤ ᠳᠠ》 ᠭᠡᠵᠦ ᠪᠣᠳᠣᠭᠰᠠᠨ ᠪᠠᠲᠤ ᠭᠦᠨ ᠰᠠᠨᠠᠭ᠎ᠠ ᠠᠯᠳᠠᠭᠠᠳ ᠬᠠᠷᠠᠴᠠ ᠪᠠᠨ ᠪᠤᠷᠤᠭᠤᠯᠠᠨ ᠳᠣᠭᠣᠭᠰᠢ ᠬᠠᠷᠠᠯ᠎ᠠ᠃
  ᠊᠊᠊᠊᠊᠊᠊᠊᠊᠊᠊᠊᠊᠊᠊ ᠫᠧᠲ᠋ᠷ ᠠᠬ᠎ᠠ ᠢᠷᠡᠭᠰᠡᠨ ᠤᠤ? ᠭᠡᠵᠦ ᠪᠠᠲᠤ ᠨᠢᠭᠡᠳᠦᠭᠡᠷ ᠲᠦ᠍ ᠠᠴᠢᠲᠤ ᠲᠡᠷᠡ ᠬᠥᠮᠦᠨ ᠲᠡᠢ ᠠᠭᠤᠯᠵᠠᠬᠤ ᠭᠡᠵᠦ ᠣᠷᠭᠢᠯᠤᠭᠰᠠᠨ ᠬᠦᠰᠡᠯ ᠡᠴᠡ᠂ ᠬᠣᠶᠠᠳᠤᠭᠠᠷ ᠲᠤ᠌ ᠡᠬᠡ ᠶ᠋ᠢᠨ ᠬᠢᠨᠢ ᠲᠤᠬᠠᠢ ᠮᠠᠭᠤᠬᠠᠢ ᠮᠡᠳᠡᠭᠡ ᠪᠡᠷ ᠡᠯᠢᠭᠡ ᠨᠢ ᠡᠮᠲᠡᠷᠡᠭᠰᠡᠨ ᠡᠴᠢᠭᠡ ᠶ᠋ᠢᠨ ᠢ᠋ᠶ᠋ᠡᠨ ᠰᠡᠳᠬᠢᠯ ᠢ᠋ ᠲᠦᠷ ᠴᠦ᠍ ᠪᠣᠯᠤᠭᠰᠠᠨ ᠲᠥᠭᠡᠷᠢᠭᠦᠯᠬᠦ ᠪᠣᠳᠣᠯ ᠡᠴᠡ ᠠᠰᠠᠭᠤᠪᠠ᠃
  ᠡᠷᠳᠡᠨᠢ ᠶ᠋ᠢᠨ ᠴᠢᠷᠠᠢ ᠪᠠᠷᠤᠢᠵᠤ ᠬᠥᠮᠥᠰᠬᠡ ᠨᠢ ᠵᠠᠩᠭᠢᠷᠠᠨ᠂ ᠬᠠᠴᠠᠷ ᠨᠢ ᠲᠠᠲᠠᠪᠠᠯᠵᠠᠭᠰᠠᠨ ᠢ᠋ᠶ᠋ᠠᠨ ᠲᠣᠯᠣᠭᠠᠢ ᠪᠠᠨ ᠠᠭᠠᠵᠢᠮ ᠰᠡᠭᠰᠦᠷᠪᠡ᠃
  ᠊᠊᠊᠊᠊᠊᠊᠊᠊᠊᠊᠊᠊᠊᠊ ᠬᠡᠵᠢᠶ᠎ᠡ ᠢᠷᠡᠬᠦ ᠪᠣᠢ?
  ᠊᠊᠊᠊᠊᠊᠊᠊᠊᠊᠊᠊᠊᠊᠊ ᠣᠭᠲᠣ ᠢᠷᠡᠬᠦ ᠦᠭᠡᠢ᠂ ᠬᠦᠦ ᠮᠢᠨᠢ᠃
  ᠊᠊᠊᠊᠊᠊᠊᠊᠊᠊᠊᠊᠊᠊᠊ ᠶᠠᠭᠤ?
  ᠊᠊᠊᠊᠊᠊᠊᠊᠊᠊᠊᠊᠊᠊᠊ ᠫᠧᠲ᠋ᠷ ᠠᠬ᠎ᠠ ᠴᠢᠨᠢ ᠨᠠᠮᠠᠢ ᠬᠠᠮᠠᠭᠠᠯᠠᠵᠤ ᠪᠠᠢᠭᠠᠳ ᠠᠯᠠᠭᠳᠠᠭᠰᠠᠨ ᠭᠡᠳ ᠨᠠᠮ ᠪᠥᠭᠡᠳ ᠶᠠᠮᠠᠷ ᠴᠤ᠌ ᠥᠩᠭᠡ ᠦᠭᠡᠢ ᠳᠠᠭᠤ ᠪᠠᠷ ᠶᠠᠭᠤ ᠪᠣᠯᠤᠭᠰᠠᠨ ᠢ᠋ ᠶᠠᠷᠢᠯ᠎ᠠ᠃ ᠭᠡᠪᠡᠴᠦ ᠪᠠᠲᠤ 《ᠠᠯᠠᠭᠳᠠᠭᠰᠠᠨ》 ᠡᠴᠡ ᠬᠣᠢᠰᠢᠬᠢ ᠦᠭᠡ ᠶ᠋ᠢ ᠰᠣᠨᠣᠰᠴᠤ ᠴᠢᠳᠠᠭᠰᠠᠨ ᠦᠭᠡᠢ᠃
  ᠪᠠᠲᠤ ᠶ᠋ᠢᠨ ᠰᠡᠳᠬᠢᠯ ᠳ᠋ᠦ᠍ ᠫᠧᠲ᠋ᠷ ᠦ᠋ᠨ ᠮᠥᠩᠭᠡᠳᠡ ᠦᠯᠡᠳᠡᠭᠰᠡᠨ ᠳᠦᠷᠢ ᠨᠦ᠍ᠭᠦᠳ ᠰᠣᠯᠢᠭᠳᠠᠨ ᠭᠠᠰᠢᠭᠤᠳᠠᠯ ᠤ᠋ᠨ ᠪᠥᠭᠡᠮ ᠬᠠᠷ᠎ᠠ ᠲᠡᠭᠡᠭ ᠬᠣᠭᠣᠯᠠᠢ ᠳ᠋ᠤᠨᠢ ᠵᠠᠩᠭᠢᠷᠠᠨ᠂ ᠠᠮᠢᠰᠬᠤᠯᠯᠠᠬᠤ ᠠᠭᠠᠷ ᠲᠠᠰᠤᠯᠳᠠᠵᠤ ᠡᠬᠢᠯᠡᠪᠡ᠃ ᠲᠠᠰᠤᠯᠭᠠᠨ ᠤ᠋ ᠶᠠᠭᠤᠮᠠᠰ ᠤ᠋ᠨ ᠥᠩᠭᠡ ᠠᠭᠠᠵᠢᠮ ᠢ᠋ᠶ᠋ᠠᠷ ᠪᠠᠷᠠᠭᠠᠨᠳᠠᠨ ᠪᠦᠳᠡᠭᠢᠷᠡᠭᠰᠡᠭᠡᠷ ᠡᠴᠦᠰ ᠲᠦ᠋ᠨᠢ ᠨᠡᠯᠦᠢᠭᠰᠡᠨ ᠬᠠᠷ᠎ᠠ ᠮᠠᠨᠠᠨ ᠪᠣᠯᠪᠠ᠃
  ᠊᠊᠊᠊᠊᠊᠊᠊᠊᠊᠊᠊᠊᠊᠊ ᠪᠢ ᠶᠠᠭᠠᠬᠢᠭᠰᠠᠨ ᠠᠵᠠ ᠦᠭᠡᠢ ᠬᠥᠮᠦᠨ ᠪᠣᠢ? ᠭᠡᠵᠦ ᠭᠤᠨᠢᠭ ᠲᠠᠭᠠᠨ ᠬᠠᠬᠠᠵᠤ ᠲᠠᠰᠤᠷᠠᠭᠰᠠᠨ ᠪᠢᠲᠡᠭᠦᠦ ᠳᠠᠭᠤ ᠪᠠᠷ ᠬᠡᠯᠡᠪᠡ᠃
  ᠊᠊᠊᠊᠊᠊᠊᠊᠊᠊᠊᠊᠊᠊᠊ ᠶᠠᠭᠠᠬᠢᠶ᠎ᠠ ᠭᠡᠬᠦ ᠪᠣᠢ ᠳᠠ ᠬᠦᠦ ᠮᠢᠨᠢ᠂ ᠲᠡᠢᠨ ᠭᠡᠳᠡᠭ ᠡᠢᠮᠦ ᠯᠡ ᠪᠠᠢᠳᠠᠭ ᠪᠠᠢᠨ᠎ᠠ᠃ ᠮᠥᠨ ᠴᠦ᠍ ᠬᠣᠪᠣᠷ ᠰᠠᠢᠨ ᠬᠥᠮᠦᠨ ᠶᠤᠮᠰᠠᠨ ᠭᠡᠳ ᠡᠷᠳᠡᠨᠢ ᠪᠠᠢᠰᠢᠩ ᠤ᠋ᠨ ᠲᠤᠭᠤᠷᠭ᠎ᠠ ᠶ᠋ᠢ ᠴᠠᠪᠴᠢᠯ ᠦᠭᠡᠢ ᠰᠢᠷᠲᠡᠨ ᠪᠠᠢᠬᠤ ᠳ᠋ᠤ᠌ ᠪᠦᠯᠢᠶᠡᠨ ᠰᠤᠪᠤᠳ ᠤ᠋ᠨ ᠬᠡᠯᠬᠢᠶ᠎ᠡ ᠬᠠᠴᠠᠷ ᠢ᠋ ᠨᠢ ᠳ᠋ᠡᠭᠡᠨ ᠪᠥᠮᠪᠥᠷᠢᠨ᠎ᠡ᠃
  ᠲᠡᠷᠡ ᠣᠷᠣᠢ ᠣᠶᠤᠲᠠᠨ ᠤ᠋ ᠰᠤᠷᠭᠠᠭᠤᠯᠢ ᠳᠡᠭᠡᠷ᠎ᠡ ᠭᠠᠰᠢᠭᠤᠳᠠᠯ ᠤ᠋ᠨ ᠬᠤᠷᠠᠯ ᠪᠣᠯᠵᠤ ᠪᠠᠲᠤ ᠶᠠᠮᠠᠷ ᠴᠤ᠌ ᠬᠣᠷᠢᠭᠯᠠᠯ ᠦᠭᠡᠢ ᠤᠷᠤᠰᠴᠤ ᠪᠠᠢᠭ᠎ᠠ ᠨᠢᠯᠪᠤᠰᠤ ᠪᠠᠨ ᠭᠠᠷ ᠤ᠋ᠨ ᠢ᠋ᠶ᠋ᠠᠨ ᠠᠯᠠᠭ᠎ᠠ ᠪᠠᠷ ᠢ᠋ᠶ᠋ᠠᠨ ᠠᠷᠴᠢᠨ ᠪᠠᠢᠵᠤ ᠫᠧᠲ᠋ᠷ ᠦ᠋ᠨ ᠲᠤᠬᠠᠢ ᠶᠠᠷᠢᠯ᠎ᠠ᠃
  ᠯᠤᠤ ᠬᠦᠩ ᠦ᠋ᠨ ᠬᠣᠰᠢᠭᠤ ᠨᠠᠭᠠᠳᠤᠮ ᠤ᠋ᠨ ᠦᠶ᠎ᠡ ᠳ᠋ᠦ᠍ ᠲᠡᠷᠭᠡ ᠶ᠋ᠢᠨ ᠠᠷᠠᠯ ᠳ᠋ᠤ᠌ ᠬᠠᠭ᠎ᠠ ᠴᠣᠬᠢᠵᠤ ᠥᠭᠭᠦᠭᠰᠡᠨ ᠮᠥᠰᠥᠨ ᠰᠢᠬᠢᠷ᠂ ᠬᠦᠷᠢᠶᠡᠨ ᠦ᠌ ᠶᠡᠬᠡ ᠴᠢᠯᠥᠭᠡᠨ ᠳ᠋ᠦ᠍ ᠥᠯᠥᠰᠴᠦ ᠪᠠᠢᠬᠤ ᠳ᠋ᠤᠨᠢ ᠥᠭᠭᠦᠭᠰᠡᠨ ᠲᠠᠯᠬ᠎ᠠ ᠪᠦᠭᠦᠳᠡ ᠶ᠋ᠢ ᠶᠠᠷᠢᠭᠠᠳ 《ᠠᠮᠢᠳᠤ ᠶᠠᠪᠤᠭᠰᠠᠨ ᠴᠠᠭ ᠲᠠᠭᠠᠨ ᠠᠬ᠎ᠠ ᠲᠠᠨ ᠢ᠋ ᠮᠠᠷᠲᠠᠬᠤ ᠦᠭᠡᠢ》 ᠭᠡᠳ ᠦᠭᠡ ᠨᠢ ᠲᠠᠰᠤᠷᠠᠪᠠ᠃
  ᠊᠊᠊᠊᠊᠊᠊᠊᠊᠊᠊᠊᠊᠊᠊ ᠦᠬᠦᠯ ᠶᠠᠭᠤᠨ ᠳ᠋ᠤ᠌ ᠢᠩᠭᠢᠵᠦ ᠰᠠᠢᠨ ᠬᠥᠮᠦᠨ ᠦ᠌ ᠠᠮᠢᠳᠤᠷᠠᠯ ᠳ᠋ᠤ᠌ ᠬᠣᠪᠳᠣᠭ ᠪᠠᠢᠳᠠᠭ ᠶᠤᠮ ᠪᠣᠢ ᠭᠡᠳ ᠨᠢᠭᠡ ᠬᠥᠮᠦᠨ ᠡᠬᠡᠷ ᠲᠡᠳᠡᠨ ᠤᠬᠢᠯᠠᠵᠤ ᠪᠠᠢᠭᠰᠠᠨ ᠨᠢ ᠵᠢᠷᠭᠠᠯ ᠪᠠᠢᠪᠠ᠃
  ᠪᠤᠰᠤᠳ ᠱᠠᠪᠢ ᠨᠠᠷ ᠴᠤ᠌ ᠭᠡᠰᠡᠨ ᠦᠷᠭᠦᠯᠵᠢ ᠢᠷᠡᠵᠦ ᠪᠠᠲᠤ ᠵᠢᠷᠭᠠᠯ ᠬᠣᠶᠠᠷ ᠢ᠋ ᠡᠷᠭᠢᠵᠦ ᠪᠠᠢᠭᠰᠠᠨ ᠬᠥᠭᠵᠢᠯᠲᠡᠢ ᠣᠷᠣᠰ ᠳᠠᠷᠤᠭ᠎ᠠ ᠶ᠋ᠢ ᠪᠣᠳᠣᠨ ᠪᠣᠳᠣᠨ ᠭᠠᠰᠢᠭᠤᠳᠠᠨ ᠪᠠᠢᠵᠤ ᠪᠢᠯᠡ᠃
  《ᠠᠷᠠᠳ ᠤ᠋ᠨ ᠴᠡᠷᠢᠭ ᠢ᠋ ᠶᠡᠷᠦᠩᠬᠡᠢᠯᠡᠨ ᠵᠠᠬᠢᠷᠬᠤ ᠵᠠᠩᠵᠤᠨ ᠰᠦᠬᠡᠪᠠᠭᠠᠲᠤᠷ ᠲᠠᠨ᠎ᠠ ᠡᠷᠭᠦᠨ ᠭᠤᠶᠤᠬᠤ ᠨᠢ᠄
  ᠣᠶᠤᠲᠠᠨ ᠤ᠋ ᠰᠤᠷᠭᠠᠭᠤᠯᠢ ᠶ᠋ᠢᠨ ᠱᠠᠪᠢ ᠨᠠᠷ ᠪᠢᠳᠡ᠂ ᠤᠯᠤᠰ ᠲᠥᠷᠥ ᠶ᠋ᠢ ᠮᠢᠨᠢ ᠬᠠᠮᠠᠭᠠᠯᠠᠵᠤ ᠶᠠᠪᠤᠭᠠᠳ ᠠᠯᠲᠠᠨ ᠠᠮᠢ ᠪᠠᠨ ᠠᠯᠳᠠᠭᠰᠠᠨ ᠫᠧᠲ᠋ᠷ ᠠᠬ᠎ᠠ ᠶ᠋ᠢᠨ ᠥᠰᠢᠶ᠎ᠡ ᠶ᠋ᠢ ᠠᠪᠬᠤ ᠶ᠋ᠢᠨ ᠤᠴᠢᠷ ᠠᠷᠠᠳ ᠤ᠋ᠨ ᠤᠯᠠᠭᠠᠨ ᠴᠡᠷᠢᠭ ᠲᠦ᠍ ᠣᠷᠣᠵᠤ ᠬᠤᠪᠢᠰᠬᠠᠯ ᠤ᠋ᠨ ᠮᠤᠤᠰᠠᠢᠨ ᠳᠠᠢᠰᠤᠨ ᠨᠠᠷ ᠢ᠋ ᠦᠨᠡᠰᠦᠨ ᠲᠣᠪᠷᠠᠭ ᠪᠣᠯᠭᠠᠬᠤ ᠬᠦᠰᠡᠯ ᠣᠷᠭᠢᠯᠤᠨ ᠪᠠᠢᠨ᠎ᠠ᠃ ᠠᠩᠬᠠᠷᠤᠨ ᠦᠵᠡᠵᠦ ᠪᠢᠳᠡᠨ ᠦ᠌ ᠬᠦᠰᠡᠯ ᠢ᠋ ᠲᠣᠭᠲᠠᠭᠠᠨ ᠰᠣᠶᠣᠷᠬᠠᠨ᠎ᠠ ᠤᠤ?》 ᠭᠡᠵᠦ ᠱᠠᠪᠢ ᠨᠠᠷ ᠨᠢ ᠡᠷᠭᠦᠳᠡᠯ ᠪᠢᠴᠢᠭᠡᠳ ᠪᠦᠭᠦᠳᠡ ᠭᠠᠷ ᠤ᠋ᠨ ᠦᠰᠦᠭ ᠵᠢᠷᠤᠵᠤ᠂ ᠬᠣᠶᠠᠷ ᠬᠥᠮᠦᠨ ᠲᠣᠮᠢᠯᠠᠭᠤᠯᠤᠨ ᠶᠠᠪᠤᠭᠤᠯᠤᠭᠰᠠᠨ ᠢ᠋ ᠰᠦᠬᠡᠪᠠᠭᠠᠲᠤᠷ ᠬᠦᠯᠢᠶᠡᠵᠦ ᠠᠪᠣᠠᠭᠤᠨ 《ᠫᠧᠲ᠋ᠷ ᠺᠣᠮᠢᠰᠰᠠᠷ ᠪᠣᠯ ᠮᠠᠨ ᠤ᠋ ᠮᠣᠩᠭᠣᠯ ᠤ᠋ᠨ ᠠᠷᠠᠳ ᠣᠯᠠᠨ ᠤ᠋ ᠰᠠᠢᠨ ᠰᠠᠢᠬᠠᠨ ᠤ᠋ ᠲᠥᠯᠥᠭᠡ ᠲᠡᠮᠡᠴᠡᠵᠦ ᠶᠠᠪᠤᠭᠰᠠᠨ ᠬᠥᠮᠦᠨ᠃ ᠲᠠ ᠨᠠᠷ ᠨᠣᠮ ᠡᠷᠳᠡᠮ ᠢ᠋ᠶ᠋ᠡᠨ ᠬᠢᠴᠢᠶᠡᠩᠭᠦᠢᠯᠡᠨ ᠰᠤᠷᠴᠤ᠂ ᠰᠠᠢᠨ ᠪᠠᠭᠰᠢ ᠨᠠᠷ ᠪᠣᠯᠬᠤ ᠨᠢ ᠳᠠᠢᠰᠤᠨ ᠡᠴᠡ ᠥᠰᠢᠶ᠎ᠡ ᠠᠪᠴᠤ ᠪᠠᠢᠭ᠎ᠠ ᠬᠡᠷᠡᠭ᠃ ᠪᠠᠰᠠ ᠴᠥᠮ ᠵᠠᠯᠠᠭᠤᠴᠤᠳ ᠤ᠋ᠨ ᠡᠪᠯᠡᠯ ᠦ᠋ᠨ ᠭᠡᠰᠢᠭᠦᠨ ᠪᠣᠯᠵᠤ ᠰᠤᠷᠭᠠᠭᠤᠯᠢ ᠳᠡᠭᠡᠷ᠎ᠡ ᠪᠡᠨ ᠡᠭᠦᠷ ᠪᠠᠢᠭᠤᠯᠵᠤ ᠲᠡᠭᠦᠨ ᠢ᠋ᠶ᠋ᠡᠨ 〈ᠫᠧᠲ᠋ᠷᠴᠤᠳ〉 ᠭᠡᠵᠦ ᠨᠡᠷᠡᠯᠡᠪᠡᠯ ᠵᠦᠭᠡᠷ》 ᠭᠡᠵᠦ ᠵᠥᠪᠯᠡᠪᠡ᠃
  ᠬᠡᠳᠦᠨ ᠡᠳᠦᠷ ᠦ᠋ᠨ ᠳᠠᠷᠠᠭ᠎ᠠ ᠣᠶᠤᠲᠠᠨ ᠤ᠋ ᠰᠤᠷᠭᠠᠭᠤᠯᠢ ᠳᠡᠭᠡᠷ᠎ᠡ ᠵᠠᠯᠠᠭᠤᠴᠤᠳ ᠤ᠋ᠨ ᠡᠪᠯᠡᠯ ᠦ᠋ᠨ ᠡᠭᠦᠷ ᠪᠠᠢᠭᠤᠯᠤᠭᠳᠠᠵᠤ ᠲᠡᠭᠦᠨ ᠳ᠋ᠡᠭᠡᠨ 《ᠫᠧᠲ᠋ᠷᠴᠤᠳ》 ᠭᠡᠵᠦ ᠨᠡᠷ᠎ᠡ ᠥᠭᠴᠡᠢ᠃
  ᠰᠠᠷ᠎ᠠ ᠭᠠᠷᠤᠢ ᠬᠡᠪᠲᠡᠭᠡᠳ ᠡᠷᠳᠡᠨᠢ ᠰᠤᠭᠤ ᠲᠠᠶᠠᠭ ᠲᠠᠢ ᠪᠣᠰᠤᠭᠰᠠᠨ ᠪᠣᠯᠪᠠᠴᠤ ᠦᠭᠡ ᠳᠠᠭᠤ ᠴᠥᠭᠡᠬᠡᠨ ᠲᠡᠢ᠂ ᠨᠡᠯᠢᠶᠡᠳ ᠣᠪᠣᠷᠵᠢᠭᠤ ᠱᠠᠯ ᠥᠭᠡᠷ᠎ᠡ ᠬᠥᠮᠦᠨ ᠪᠣᠯᠵᠠᠢ᠃
  ᠨᠢᠭᠡ ᠡᠳᠦᠷ ᠲᠡᠮᠦᠷ᠂ ᠳᠤᠯᠮ᠎ᠠ ᠬᠣᠶᠠᠷ ᠢᠷᠡᠵᠦ ᠤᠳᠠᠲᠠᠯ᠎ᠠ ᠶᠠᠷᠢᠯᠴᠠᠵᠤ ᠪᠠᠢᠭᠠᠳ ᠲᠤᠯᠭᠠᠷ ᠤ᠋ᠨ ᠭᠤᠨᠢᠭᠲᠤ ᠲᠡᠭᠦᠰᠬᠡᠯ ᠦ᠋ᠨ ᠲᠤᠬᠠᠢ ᠬᠡᠯᠡᠵᠡᠢ᠃ ᠡᠷᠳᠡᠨᠢ ᠶ᠋ᠢᠨ ᠴᠢᠷᠠᠢ ᠶᠠᠮᠠᠷ ᠴᠤ᠌ ᠥᠩᠭᠡ ᠦᠭᠡᠢ ᠪᠣᠯᠤᠭᠠᠳ ᠭᠠᠭᠴᠠ ᠦᠭᠡ ᠳᠤᠤᠭᠠᠷᠤᠭᠰᠠᠨ ᠦᠭᠡᠢ᠃ ᠦᠨᠡᠨ ᠳ᠋ᠡᠭᠡᠨ ᠳᠤᠤᠭᠠᠷᠬᠤ ᠴᠤ᠌ ᠴᠢᠳᠠᠯ ᠪᠠᠢᠭᠰᠠᠨ ᠦᠭᠡᠢ ᠪᠢᠯᠡ᠃
  ᠲᠡᠳᠡᠨ ᠢ᠋ ᠶᠠᠪᠤᠭᠰᠠᠨ ᠡᠴᠡ ᠬᠣᠢᠰᠢ ᠭᠠᠭᠴᠠᠭᠠᠷ ᠬᠡᠪᠲᠡᠵᠦ ᠪᠠᠢᠬᠤ ᠳ᠋ᠠᠭᠠᠨ ᠥᠷᠥᠰᠢᠶᠡᠯ ᠦᠭᠡᠢ ᠬᠣᠷᠸ᠎ᠠ ᠳ᠋ᠤ᠌ ᠥᠩᠭᠡᠷᠡᠭᠦᠯᠦᠭᠰᠡᠨ ᠠᠮᠢᠳᠤᠷᠠᠯ ᠢ᠋ᠶ᠋ᠠᠨ ᠪᠣᠳᠣᠨ᠎ᠠ᠃ ᠲᠤᠯᠭᠠᠷ ᠦᠬᠦᠭᠰᠡᠨ᠂ ᠲᠡᠭᠦᠨ ᠲᠡᠢ ᠪᠡᠨ ᠪᠢ ᠳᠠᠬᠢᠨ ᠠᠭᠤᠯᠵᠠᠬᠤ ᠦᠭᠡᠢ ᠭᠡᠵᠦ ᠪᠣᠳᠣᠬᠤ ᠳ᠋ᠤ᠌ ᠰᠡᠳᠬᠢᠯ ᠨᠢ ᠬᠥᠨᠳᠡᠢ ᠬᠣᠭᠣᠰᠣᠨ ᠪᠣᠯᠤᠨ ᠥᠪᠡᠷ ᠦ᠋ᠨ ᠮᠤᠩᠬᠠᠭ ᠪᠥᠭᠡᠳ ᠪᠣᠭᠣᠨᠢ ᠤᠬᠠᠭᠠᠨ᠂ ᠬᠠᠲᠠᠭᠤ ᠰᠡᠳᠬᠢᠯ ᠢ᠋ ᠵᠢᠭᠰᠢᠨ ᠬᠠᠷᠢᠶᠠᠵᠤ 《ᠪᠦᠬᠦ ᠬᠡᠷᠡᠭ ᠨᠠᠳᠠ ᠡᠴᠡ ᠭᠠᠷᠤᠭᠰᠠᠨ᠃ ᠨᠠᠳᠠ ᠡᠴᠡ ᠪᠣᠯᠤᠭᠰᠠᠨ᠃ ᠪᠢ ᠳᠡᠷᠭᠡᠳᠡ ᠨᠢ ᠪᠠᠢᠭᠰᠠᠨ ᠪᠣᠯ ᠬᠠᠮᠢᠭ᠎ᠠ ᠡᠴᠡ ᠡᠢᠮᠦ ᠶᠠᠭᠤᠮ᠎ᠠ ᠪᠣᠯᠬᠤ ᠪᠢᠯᠡ》 ᠭᠡᠵᠦ ᠪᠣᠳᠣᠨ᠎ᠠ᠃
  ᠵᠠᠷᠢᠮ ᠳ᠋ᠠᠭᠠᠨ ᠥᠪᠡᠷ ᠲᠡᠢ ᠨᠢ ᠤᠴᠠᠷᠠᠭᠰᠠᠨ ᠪᠦᠬᠦᠨ ᠦᠬᠦᠵᠦ ᠦᠷᠡᠭᠳᠡᠵᠦ ᠪᠠᠢᠳᠠᠭ ᠶᠤᠮ ᠰᠢᠭ᠋ ᠪᠣᠳᠣᠭᠳᠠᠭᠠᠳ 《ᠪᠢ ᠭᠡᠳᠡᠭ ᠬᠥᠮᠦᠨ ᠰᠠᠯᠬᠤ ᠬᠠᠭᠠᠴᠠᠬᠤ ᠣᠳᠣᠨ ᠳ᠋ᠤ᠌ ᠲᠥᠷᠥᠭᠰᠡᠨ ᠠᠮᠢᠲᠠᠨ ᠶᠤᠮ ᠤᠤ》 ᠭᠡᠵᠦ ᠪᠠᠴᠢᠮᠳᠠᠨ ᠥᠪᠡᠷ ᠡᠴᠡ ᠪᠡᠨ ᠠᠰᠠᠭᠤᠨ᠎ᠠ᠃
  ᠵᠠᠷᠢᠮ ᠳ᠋ᠠᠭᠠᠨ 《ᠡᠷᠳᠡᠨᠢ ᠴᠢ ᠶᠠᠭᠠᠬᠢᠬᠤ ᠭᠡᠵᠦ ᠠᠮᠢᠳᠤ ᠶᠠᠪᠤᠭ᠎ᠠ ᠠᠮᠢᠲᠠᠨ ᠪᠣᠢ?》 ᠭᠡᠵᠦ ᠬᠦᠷᠲᠡᠯ᠎ᠡ ᠠᠰᠠᠭᠤᠳᠠᠯ ᠲᠠᠯᠪᠢᠵᠤ ᠪᠠᠢᠯ᠎ᠠ᠃ ᠰᠡᠳᠬᠢᠯ ᠨᠢ ᠬᠠᠷ᠎ᠠ ᠮᠠᠨᠠᠨ ᠢ᠋ᠶ᠋ᠠᠷ ᠪᠦᠷᠬᠦᠭᠳᠡᠨ᠂ ᠬᠣᠷᠸ᠎ᠠ ᠶᠠᠮᠠᠷ ᠴᠤ᠌ ᠭᠡᠭᠡ ᠭᠡᠷᠡᠯ ᠦᠭᠡᠢ ᠬᠠᠷᠠᠩᠭᠤᠢ ᠨᠦᠬᠡ ᠲᠡᠢ ᠠᠳᠠᠯᠢ ᠠᠵᠢ᠃
  ᠮᠠᠷᠭᠠᠰᠢ ᠨᠢ ᠦᠳᠡ ᠶ᠋ᠢᠨ ᠬᠢᠷᠢ ᠳ᠋ᠦ᠍ ᠪᠠᠲᠤ ᠢᠷᠡᠭᠡᠳ ᠤᠴᠢᠷ ᠲᠣᠢᠮᠣ ᠦᠭᠡᠢ ᠤᠬᠢᠯᠠᠬᠤ ᠳ᠋ᠤ᠌ ᠡᠷᠳᠡᠨᠢ ᠬᠦᠦ ᠶ᠋ᠢᠨ ᠢ᠋ᠶ᠋ᠡᠨ ᠲᠣᠯᠣᠭᠠᠢ ᠶ᠋ᠢ ᠡᠯᠢᠭᠡᠨ ᠳ᠋ᠡᠭᠡᠨ ᠨᠠᠭᠠᠨ ᠴᠢᠩᠭ᠎ᠠ ᠲᠡᠪᠡᠷᠢᠵᠦ ᠳᠠᠭᠤ ᠦᠭᠡᠢ ᠬᠡᠰᠡᠭ ᠰᠠᠭᠤᠭᠰᠠᠨ ᠢ᠋ᠶ᠋ᠠᠨ 《ᠬᠦᠦ ᠮᠢᠨᠢ ᠴᠢ ᠪᠢᠳᠡ ᠬᠣᠶᠠᠷ ᠲᠠᠢ ᠠᠮᠢᠳᠤᠷᠠᠯ ᠠᠷᠠᠢ ᠯᠠ ᠬᠠᠲᠠᠭᠤ ᠲᠣᠭᠯᠠᠵᠤ ᠪᠠᠢᠬᠤ ᠰᠢᠭ᠋ ᠁ ᠤᠬᠢᠯᠠᠭᠠᠳ ᠶᠠᠭᠠᠬᠢᠬᠤᠪ᠃ ᠨᠢᠭᠡᠨᠲᠡ ᠡᠢᠮᠦ ᠪᠣᠯᠤᠭᠰᠠᠨ ᠬᠣᠢᠨ᠎ᠠ ᠰᠡᠳᠬᠢᠯ ᠢ᠋ᠶ᠋ᠡᠨ ᠪᠠᠷᠢᠵᠤ ᠬᠠᠲᠠᠭᠤᠵᠢᠨ᠎ᠠ᠃ ᠬᠦᠦ ᠮᠢᠨᠢ ᠴᠢ ᠮᠢᠨᠦ ᠪᠣᠭᠴᠣᠨ ᠳ᠋ᠤ᠌ ᠪᠠᠢᠳᠠᠭ ᠲᠣᠷᠭ᠎ᠠ ᠶ᠋ᠢ ᠠᠪᠤᠭᠠᠳ ᠳᠠᠰᠢᠴᠣᠢ᠌ᠩᠬᠤᠷ ᠤ᠋ᠨ ᠳᠠᠴᠠᠩ ᠳ᠋ᠤ᠌ ᠠᠪᠠᠴᠢᠵᠤ ᠡᠬᠡ ᠳ᠋ᠡᠭᠡᠨ ᠢᠷᠦᠭᠡᠯ ᠠᠢᠯᠠᠳᠬ᠎ᠠ᠃ ᠪᠠᠰᠠ ᠨᠢᠭᠡᠨ ᠮᠥᠩᠭᠥᠨ ᠠᠶᠠᠭ᠎ᠠ ᠪᠣᠢ᠃ ᠲᠡᠭᠦᠨ ᠢ᠋ ᠠᠪᠤᠭᠠᠳ ᠺᠤᠠᠰᠤᠯ ᠤ᠋ᠨ ᠳᠡᠨᠵᠢ ᠳᠡᠭᠡᠷ᠎ᠡ ᠪᠠᠢᠳᠠᠭ ᠣᠷᠣᠰ ᠤ᠋ᠨ ᠰᠦᠮ᠎ᠡ ᠳ᠋ᠦ᠍ ᠥᠭ》 ᠭᠡᠯ᠎ᠡ᠃
  ᠵᠡᠷᠭᠡ ᠵᠡᠷᠭᠡ ᠪᠣᠯᠤᠭᠰᠠᠨ ᠭᠤᠨᠢᠭ ᠭᠠᠰᠢᠭᠤᠳᠠᠯ ᠡᠷᠳᠡᠨᠢ ᠶ᠋ᠢᠨ ᠰᠡᠳᠬᠢᠯ ᠢ᠋ ᠨᠤᠭᠤᠯᠤᠨ ᠡᠪᠳᠡᠬᠦ ᠰᠢᠬᠠᠵᠤ ᠪᠠᠢᠯ᠎ᠠ᠃ ᠬᠠᠷᠠᠩᠭᠤᠢ ᠮᠠᠨᠠᠨ ᠡᠷᠳᠡᠨᠢ ᠶ᠋ᠢᠨ ᠪᠣᠳᠣᠯ ᠢ᠋ ᠬᠠᠭᠠᠨ ᠮᠤᠬᠤᠷᠳᠠᠭᠤᠯᠵᠤ ᠪᠠᠢᠯ᠎ᠠ᠃
  ᠪᠠᠲᠤ ᠨᠢᠯᠪᠤᠰᠤ ᠪᠠᠨ ᠬᠠᠨᠴᠤᠢ ᠪᠠᠷ ᠢ᠋ᠶ᠋ᠠᠨ ᠠᠷᠴᠢᠬᠤ ᠵᠠᠭᠤᠷ᠎ᠠ ᠲᠣᠯᠣᠭᠠᠢ ᠪᠠᠨ ᠰᠡᠭᠰᠦᠷᠪᠡ᠃ ᠡᠴᠢᠭᠡ᠂ ᠬᠦᠦ ᠪᠡᠨ ᠭᠠᠢᠬᠠᠨ ᠬᠠᠷᠠᠯ᠎ᠠ᠃
  ᠊᠊᠊᠊᠊᠊᠊᠊᠊᠊᠊᠊᠊᠊᠊ ᠪᠢ ᠠᠪᠠᠴᠢᠵᠤ ᠥᠭᠬᠦ ᠦᠭᠡᠢ᠃
  ᠊᠊᠊᠊᠊᠊᠊᠊᠊᠊᠊᠊᠊᠊᠊ ᠪᠢ ᠲᠡᠷᠡ ᠲᠣᠷᠭ᠎ᠠ ᠶ᠋ᠢ ᠨᠢ ᠡᠵᠢ ᠳ᠋ᠦ᠍ ᠴᠢᠨᠢ ᠬᠠᠳᠠᠭᠠᠯᠠᠵᠤ ᠶᠠᠪᠤᠭᠰᠠᠨ ᠶᠤᠮᠰᠠᠨ᠃ ᠲᠡᠷᠡ ᠮᠥᠩᠭᠥᠨ ᠠᠶᠠᠭ᠎ᠠ ᠶ᠋ᠢ ᠫᠧᠲ᠋ᠷ ᠢ᠋ ᠪᠤᠴᠠᠬᠤ ᠳ᠋ᠤᠨᠢ ᠪᠡᠯᠡᠭ ᠪᠣᠯᠭᠠᠶ᠎ᠠ ᠭᠡᠵᠦ ᠪᠣᠳᠣᠵᠤ ᠪᠠᠢᠭᠰᠠᠨ ᠶᠤᠮ᠃
  ᠊᠊᠊᠊᠊᠊᠊᠊᠊᠊᠊᠊᠊᠊᠊ ᠪᠢ ᠲᠡᠷᠡ ᠭᠠᠩᠳᠠᠨ ᠰᠦᠮ᠎ᠡ ᠳ᠋ᠦ᠍ ᠴᠢᠨᠢ ᠣᠴᠢᠬᠤ ᠦᠭᠡᠢ᠃
  ᠊᠊᠊᠊᠊᠊᠊᠊᠊᠊᠊᠊᠊᠊᠊ ᠠᠪᠤ ᠨᠢ ᠴᠦ᠍ ᠡᠷᠭᠢᠵᠦ ᠣᠷᠬᠢᠯ᠎ᠠ᠃ ᠨᠢᠭᠡᠨᠲᠡ ᠥᠭᠬᠦ ᠭᠡᠰᠡᠨ ᠡᠵᠡᠳ ᠨᠢ ᠠᠯᠠᠭ᠎ᠠ ᠪᠣᠯᠤᠭᠰᠠᠨ ᠪᠣᠯᠬᠣᠷ ᠠᠪᠠᠴᠢᠭᠠᠳ ᠥᠭᠴᠢᠬᠡᠪᠡᠯ ᠲᠤᠰᠠ ᠪᠣᠯᠬᠤ ᠦᠭᠡᠢ ᠴᠦ᠍ ᠬᠣᠣᠷ ᠯᠠ ᠪᠣᠯᠬᠤ ᠦᠭᠡᠢ ᠪᠠᠢᠬ᠎ᠠ ᠭᠡᠵᠦ ᠪᠣᠳᠣᠬᠤ ᠶᠤᠮ᠃
  ᠊᠊᠊᠊᠊᠊᠊᠊᠊᠊᠊᠊᠊᠊᠊ ᠶᠠᠮᠠᠷ ᠴᠤ᠌ ᠲᠤᠰᠠ ᠪᠣᠯᠬᠤ ᠦᠭᠡᠢ᠃ ᠪᠣᠭᠳᠠ ᠡᠴᠡ ᠪᠡᠨ ᠠᠪᠤᠭᠠᠳ ᠴᠥᠮ ᠶᠠᠷᠭᠠᠴᠢᠨ᠂ ᠮᠥᠩᠭᠥ ᠥᠭᠭᠦᠭᠡᠳ ᠯᠡ ᠭᠡᠮ ᠦᠭᠡᠢ ᠰᠠᠢᠨ ᠬᠥᠮᠦᠨ ᠢ᠋ ᠠᠯᠠᠳᠠᠭ ᠶᠤᠮ᠃ ᠨᠢᠭᠦᠯ ᠭᠡᠵᠦ ᠶᠠᠷᠢᠪᠠᠯ ᠲᠡᠳᠡ ᠯᠠ ᠬᠢᠳᠡᠭ ᠭᠡᠵᠦ ᠪᠠᠲᠤ ᠬᠣᠭᠣᠯᠠᠢ ᠪᠠᠨ ᠭᠢᠬᠤᠷᠠᠭᠤᠯᠤᠨ ᠬᠠᠰᠬᠢᠷᠬᠤ ᠳ᠋ᠤ᠌ ᠰᠠᠶᠢᠬᠠᠨ ᠤᠬᠢᠯᠠᠵᠤ ᠪᠠᠢᠭᠰᠠᠨ ᠨᠢᠳᠦ ᠨᠢ ᠬᠣᠷᠣᠰᠤᠯ᠂ ᠵᠢᠭᠰᠢᠯ ᠦ᠋ᠨ ᠭᠠᠯ ᠢ᠋ᠶ᠋ᠠᠷ ᠡᠷᠭᠢᠯᠳᠦᠵᠦ ᠪᠠᠢᠭᠰᠠᠨ ᠢ᠋ᠶ᠋ᠠᠨ᠄
  ᠊᠊᠊᠊᠊᠊᠊᠊᠊᠊᠊᠊᠊᠊᠊ ᠶᠠᠭᠠᠬᠢᠭᠰᠠᠨ ᠴᠤ᠌ ᠥᠭᠬᠦ ᠦᠭᠡᠢ ᠭᠡᠳ ᠪᠠᠲᠤ ᠠᠩᠭᠢ ᠷᠢᠨᠴᠢᠨ ᠢ᠋ ᠪᠣᠭᠳᠠ ᠶᠠᠭᠠᠬᠢᠵᠤ ᠠᠯᠠᠭᠤᠯᠤᠭᠰᠠᠨ ᠢ᠋ ᠶᠠᠷᠢᠭᠠᠳ᠂ ᠶᠣᠰᠣᠲᠠᠢ ᠶᠠᠷᠭᠠᠴᠢᠨ ᠳᠡᠭᠡᠷᠡᠮᠴᠢᠨ ᠭᠡᠯ᠎ᠡ᠃
  ᠡᠷᠳᠡᠨᠢ᠂ ᠬᠦᠦ ᠪᠡᠨ ᠳᠠᠬᠢᠨ ᠱᠠᠭᠠᠷᠳᠠᠭᠰᠠᠨ ᠦᠭᠡᠢ᠃ ᠪᠠᠲᠤ ᠶ᠋ᠢ ᠶᠠᠪᠤᠬᠤ ᠳ᠋ᠤᠨᠢ ᠮᠠᠩᠨᠠᠢ ᠳᠡᠭᠡᠷ᠎ᠡ ᠨᠢ ᠦᠨᠦᠰᠦᠭᠡᠳ 《ᠠᠪᠤ ᠨᠢ ᠶᠠᠭᠤᠮ᠎ᠠ ᠪᠣᠳᠣᠬᠤ ᠴᠢᠳᠠᠯ ᠦᠭᠡᠢ ᠪᠣᠯᠤᠭᠠᠳ ᠪᠠᠢᠨ᠎ᠠ》 ᠭᠡᠳ ᠭᠡᠮᠰᠢᠯ ᠲᠡᠢ ᠬᠠᠷᠠᠵᠠᠢ᠃
  ᠡᠷᠳᠡᠨᠢ ᠡᠳᠦᠷ ᠢᠷᠡᠬᠦ ᠳᠣᠳᠣᠮ ᠰᠠᠢᠵᠢᠷᠠᠵᠤ ᠲᠠᠶᠠᠭ ᠦᠭᠡᠢ ᠪᠣᠰᠴᠤ ᠶᠠᠪᠤᠳᠠᠭ ᠪᠣᠯᠪᠠ᠃ ᠲᠡᠮᠦᠷ ᠨᠢᠭᠡ ᠤᠳᠠᠭ᠎ᠠ ᠡᠷᠭᠢᠵᠦ ᠣᠴᠢᠭᠠᠳ᠂ ᠴᠡᠷᠢᠭ ᠡᠴᠡ ᠬᠠᠯᠠᠭᠳᠠᠵᠤ ᠳᠤᠯᠮ᠎ᠠ ᠲᠠᠢ ᠪᠠᠨ ᠬᠠᠮᠲᠤ ᠥᠰᠴᠦ ᠲᠥᠷᠥᠭᠰᠡᠨ ᠰᠦᠬᠡ ᠶ᠋ᠢᠨ ᠭᠣᠣᠯ ᠳ᠋ᠠᠭᠠᠨ ᠣᠴᠢᠵᠤ ᠬᠡᠳᠦᠨ ᠮᠠᠯ ᠲᠠᠢ ᠪᠣᠯᠤᠭᠠᠳ ᠠᠷᠢᠭᠤᠨ ᠴᠠᠭᠠᠨ ᠬᠥᠳᠡᠯᠮᠦᠷᠢ ᠪᠡᠷ ᠠᠮᠢᠳᠤᠷᠠᠬᠤ ᠲᠤᠬᠠᠢ ᠰᠢ᠌ᠤᠠᠴᠤ ᠬᠠᠳᠠᠨ ᠪᠠᠭᠠᠲᠤᠷ ᠸᠠᠩ ᠡᠴᠡ ᠭᠤᠶᠤᠭᠰᠠᠨ ᠨᠢ ᠶᠣᠰᠣᠭᠠᠷ ᠪᠣᠯᠵᠤ᠂ ᠠᠷᠠᠳ ᠤ᠋ᠨ ᠴᠡᠷᠢᠭ ᠦ᠋ᠨ ᠠᠯᠪᠠᠨ ᠡᠴᠡ ᠬᠠᠯᠠᠭᠳᠠᠨ ᠲᠠᠪᠢᠨ ᠯᠠᠩ ᠮᠥᠩᠭᠥ᠂ ᠳᠡᠪᠡᠯ ᠦ᠋ᠨ ᠬᠣᠶᠠᠷ ᠴᠢᠰᠴᠦ᠂ ᠪᠢᠷᠳᠠᠩ ᠫᠤᠤ ᠪᠠᠷ ᠱᠠᠩᠨᠠᠭᠳᠠᠭᠰᠠᠨ ᠲᠤᠬᠠᠢ ᠪᠠᠨ ᠪᠠᠶᠠᠷᠲᠠᠢ ᠶᠠᠷᠢᠪᠠ᠃
  ᠭᠤᠷᠪᠠᠨ ᠡᠳᠦᠷ ᠦ᠋ᠨ ᠡᠮᠦᠨ᠎ᠡ ᠲᠡᠮᠦᠷ ᠳᠤᠯᠮ᠎ᠠ ᠬᠣᠶᠠᠷ ᠬᠠᠳᠠᠨ ᠪᠠᠭᠠᠲᠤᠷ ᠲᠠᠢ ᠠᠭᠤᠯᠵᠠᠵᠤ ᠨᠤᠲᠤᠭ ᠲᠠᠭᠠᠨ ᠪᠤᠴᠠᠵᠤ ᠮᠠᠯ ᠮᠠᠯᠯᠠᠨ ᠠᠮᠢᠳᠤᠷᠠᠬᠤ ᠬᠦᠰᠡᠯ ᠮᠥᠷᠥᠭᠡᠳᠦᠯ ᠢ᠋ᠶ᠋ᠡᠨ ᠶᠠᠷᠢᠬᠤ ᠳ᠋ᠤ᠌ 《ᠪᠢ ᠲᠠ ᠬᠣᠶᠠᠷ ᠤ᠋ᠨ ᠬᠦᠰᠡᠯ ᠢ᠋ ᠰᠠᠢᠨ ᠣᠢᠯᠠᠭᠠᠵᠤ ᠪᠠᠢᠨ᠎ᠠ᠃ ᠠᠷᠢᠭᠤᠨ ᠰᠢᠳᠤᠷᠭᠤ ᠪᠠᠷ ᠠᠮᠢᠳᠤᠷᠠᠵᠤ ᠴᠢᠳᠠᠬᠤ ᠳ᠋ᠤ᠌ ᠴᠢᠨᠢ ᠴᠦ᠍ ᠢᠲᠡᠭᠡᠵᠦ ᠪᠠᠢᠨ᠎ᠠ᠃ ᠥᠪᠡᠷᠰᠡᠳ ᠢ᠋ᠶ᠋ᠡᠨ ᠰᠠᠢᠨ ᠶᠠᠷᠢᠯᠴᠠᠵᠤ ᠪᠣᠳᠣᠭᠰᠠᠨ ᠶᠤᠮ ᠪᠣᠯ ᠲᠤᠰᠠᠯᠠᠵᠤ ᠥᠭᠭᠦᠨ᠎ᠡ》 ᠭᠡᠰᠡᠨ ᠪᠢᠯᠡ᠃
  ᠡᠷᠳᠡᠨᠢ ᠪᠣᠳᠣᠯ ᠪᠣᠯᠤᠨ ᠲᠡᠮᠦᠷ ᠢ᠋ ᠠᠵᠢᠭᠯᠠᠵᠤ ᠪᠠᠢᠭᠰᠠᠨ ᠢ᠋ᠶ᠋ᠠᠨ᠄
  ᠊᠊᠊᠊᠊᠊᠊᠊᠊᠊᠊᠊᠊᠊᠊ ᠠ᠋ ᠳᠠ ᠳᠡᠭᠦᠦ ᠮᠢᠨᠢ᠂ ᠬᠢᠴᠢᠶᠡᠵᠦ ᠯᠡ ᠦᠵᠡᠭᠡᠷᠡᠢ᠃ ᠬᠤᠯᠠᠭᠠᠢᠴᠢ ᠬᠥᠮᠦᠨ ᠳ᠋ᠦ᠍ ᠲᠤᠩ ᠱᠦᠭᠯᠡᠭᠰᠡᠨ ᠪᠠᠢᠳᠠᠭ ᠶᠤᠮ ᠭᠡᠳᠡᠭ ᠰᠢᠦ ᠭᠡᠯ᠎ᠡ᠃
  ᠊᠊᠊᠊᠊᠊᠊᠊᠊᠊᠊᠊᠊᠊᠊ ᠠᠬ᠎ᠠ ᠠ᠋᠂ ᠪᠢ ᠬᠤᠯᠠᠭᠠᠢᠴᠢ ᠪᠢᠰᠢ ᠭᠡᠵᠦ ᠲᠠᠨ ᠳ᠋ᠤ᠌ ᠮᠥᠨ ᠣᠯᠠᠨ ᠬᠡᠯᠡᠭᠰᠡᠨ ᠳᠡ᠃ ᠬᠣᠷᠸ᠎ᠠ ᠳᠡᠭᠡᠷ᠎ᠡ ᠬᠣᠶᠠᠭᠤᠯᠠᠬᠠᠨ ᠢ᠋ᠶ᠋ᠠᠨ ᠨᠢᠭᠡ ᠡᠬᠡ ᠡᠴᠡ ᠲᠥᠷᠥᠭᠰᠡᠨ ᠪᠠᠢᠵᠤ ᠪᠡᠶ᠎ᠡ ᠪᠡᠶ᠎ᠡ ᠳ᠋ᠡᠭᠡᠨ ᠢᠲᠡᠭᠡᠵᠦ ᠪᠠᠢᠪᠠᠯ ᠵᠦᠭᠡᠷ ᠰᠠᠨ᠃ ᠪᠢ ᠲᠠᠨ ᠳ᠋ᠤ᠌ ᠬᠡᠯᠡᠭᠰᠡᠨ ᠦᠭᠡ ᠡᠴᠡ ᠪᠡᠨ ᠪᠤᠴᠠᠵᠤ ᠪᠠᠢᠭ᠎ᠠ ᠦᠭᠡᠢ ᠪᠠᠢᠬᠤ ᠠ᠋ ᠭᠡᠵᠦ ᠲᠡᠮᠦᠷ ᠭᠣᠮᠣᠳᠠᠯ ᠲᠠᠢ ᠬᠡᠯᠡᠪᠡ᠃
  ᠊᠊᠊᠊᠊᠊᠊᠊᠊᠊᠊᠊᠊᠊᠊ ᠴᠢᠮᠠᠶ᠋ᠢ ᠰᠠᠢᠨ ᠶᠠᠪᠤᠭᠠᠰᠠᠢ ᠭᠡᠵᠦ ᠪᠣᠳᠣᠭᠰᠠᠨ ᠡᠴᠡ ᠯᠡ ᠬᠡᠯᠡᠬᠦ ᠶᠤᠮ ᠳᠡ᠃
  ᠊᠊᠊᠊᠊᠊᠊᠊᠊᠊᠊᠊᠊᠊᠊ ᠲᠠ ᠨᠠᠳᠠ ᠮᠠᠭᠤ ᠶ᠋ᠢ ᠬᠦᠰᠡᠬᠦ ᠦᠭᠡᠢ᠃ ᠭᠡᠪᠡᠴᠦ ᠳᠡᠮᠵᠢᠯᠭᠡ ᠬᠦᠰᠡᠭᠰᠡᠨ ᠠᠷᠢᠭᠤᠨ ᠰᠠᠨᠠᠭ᠎ᠠ ᠶ᠋ᠢ ᠮᠢᠨᠢ ᠪᠤᠷᠤᠭᠤ ᠲᠠᠯ᠎ᠠ ᠡᠴᠡ ᠨᠢ ᠨᠢᠳᠤᠷᠬᠤ ᠲᠤᠩ ᠡᠪ ᠦᠭᠡᠢ ᠪᠠᠢᠬᠤ ᠶᠤᠮ᠃
  ᠊᠊᠊᠊᠊᠊᠊᠊᠊᠊᠊᠊᠊᠊᠊ ᠶᠠᠭᠤ ᠴᠤ᠌ ᠭᠡᠰᠡᠨ ᠪᠣᠳᠣᠵᠤ ᠶᠠᠪᠤᠭᠠᠷᠠᠢ᠃ ᠴᠢ ᠳᠡᠩᠳᠡᠭᠦᠦ ᠴᠠᠢᠯᠭᠠᠨ ᠰᠠᠨᠠᠭ᠎ᠠ ᠲᠠᠢ ᠰᠢᠦ ᠳᠡ᠃
  ᠊᠊᠊᠊᠊᠊᠊᠊᠊᠊᠊᠊᠊᠊᠊ ᠲᠡᠷᠡ ᠴᠦ᠍ ᠦᠨᠡᠨ ᠰᠢᠦ᠃
  ᠊᠊᠊᠊᠊᠊᠊᠊᠊᠊᠊᠊᠊᠊᠊ ᠴᠢ ᠲᠡᠭᠡᠭᠡᠳ ᠳᠠᠢ᠌ᠰᠢᠷᠢ ᠳ᠋ᠤ᠌ ᠣᠴᠢᠵᠤ ᠨᠤᠲᠤᠭᠯᠠᠬᠤ ᠬᠡᠷᠡᠭ ᠪᠠᠢᠨ᠎ᠠ ᠤᠤ? ᠠ᠋ ᠳᠠ ᠬᠡᠴᠡᠭᠦᠦ ᠨᠤᠲᠤᠭ ᠰᠢᠦ᠃
  ᠊᠊᠊᠊᠊᠊᠊᠊᠊᠊᠊᠊᠊᠊᠊ ᠨᠤᠲᠤᠭ ᠨᠢ ᠮᠠᠭᠤ ᠪᠢᠰᠢ ᠠ᠋᠃ ᠲᠡᠷᠡ ᠴᠢᠨᠢ ᠪᠢᠳᠡ ᠬᠣᠶᠠᠷ ᠤ᠋ᠨ ᠡᠪᠦᠭᠡ ᠳᠡᠭᠡᠳᠦᠰ ᠦ᠋ᠨ ᠨᠤᠲᠤᠭ᠃ ᠪᠢᠳᠡ ᠬᠣᠶᠠᠷ ᠲᠤ᠌ ᠲᠡᠷᠡ ᠨᠤᠲᠤᠭ ᠮᠠᠭᠤ ᠶᠠᠭᠤᠮ᠎ᠠ ᠬᠢᠭᠡ ᠦᠭᠡᠢ᠃
  ᠊᠊᠊᠊᠊᠊᠊᠊᠊᠊᠊᠊᠊᠊᠊ ᠪᠢ ᠴᠦ᠍ ᠪᠠᠷᠤᠭ ᠬᠥᠭᠡᠭᠡᠭᠳᠡᠭᠰᠡᠨ ᠬᠥᠮᠦᠨ ᠳᠡ᠃
  ᠊᠊᠊᠊᠊᠊᠊᠊᠊᠊᠊᠊᠊᠊᠊ ᠬᠠᠷᠭᠢᠰ ᠨᠣᠶᠠᠨ ᠨᠢ ᠬᠥᠭᠡᠭᠡᠭᠰᠡᠨ ᠡᠴᠡ ᠪᠢᠰᠢ᠂ ᠨᠤᠲᠤᠭ ᠤᠰᠤ ᠣᠯᠠᠨ ᠲᠦᠮᠡᠨ ᠨᠢ ᠬᠥᠭᠡᠭᠡᠭᠰᠡᠨ ᠦᠭᠡᠢ ᠪᠢᠰᠢ ᠤᠤ?
  ᠊᠊᠊᠊᠊᠊᠊᠊᠊᠊᠊᠊᠊᠊᠊ ᠵᠠ᠂ ᠲᠡᠷᠡ ᠴᠦ᠍ ᠶᠠᠭᠠᠬᠢᠬᠤᠪ᠃ ᠴᠢ ᠬᠡᠵᠢᠶ᠎ᠡ ᠭᠠᠷᠬᠤ ᠭᠡᠵᠦ ᠪᠠᠢᠨ᠎ᠠ?
  ᠊᠊᠊᠊᠊᠊᠊᠊᠊᠊᠊᠊᠊᠊᠊ ᠨᠢᠭᠡᠨᠲᠡ ᠲᠠᠨ ᠤ᠋ ᠪᠡᠶ᠎ᠡ ᠰᠠᠢᠨ ᠪᠣᠯᠤᠭᠰᠠᠨ ᠬᠣᠢᠨ᠎ᠠ ᠣᠢᠷ᠎ᠠ ᠶ᠋ᠢᠨ ᠡᠳᠦᠷ ᠦ᠋ᠳ ᠲᠦ᠍ ᠭᠠᠷᠤᠨ᠎ᠠ᠃
  ᠦᠨᠡᠬᠡᠷ ᠴᠦ᠍ ᠬᠡᠳᠦᠨ ᠡᠳᠦᠷ ᠦ᠋ᠨ ᠳᠠᠷᠠᠭ᠎ᠠ ᠳᠤᠯᠮ᠎ᠠ ᠪᠠᠨ ᠳᠠᠭᠠᠭᠤᠯᠤᠭᠰᠠᠨ ᠲᠡᠮᠦᠷ ᠪᠠᠷᠠᠭᠤᠨ ᠵᠦᠭ ᠢ᠋ ᠴᠢᠭᠯᠡᠨ ᠠᠴᠢᠶ᠎ᠠ ᠪᠠ ᠬᠥᠲᠥᠯᠦᠭᠡ ᠮᠣᠷᠢᠲᠠᠢ ᠭᠠᠷᠴᠤ ᠪᠢᠯᠡ᠃
  ᠬᠦᠷᠢᠶᠡᠨ ᠳ᠋ᠦ᠍ ᠤᠷᠲᠤ ᠴᠤ᠌᠂ ᠰᠠᠢᠬᠠᠨ ᠴᠤ᠌ ᠨᠠᠮᠤᠷ ᠪᠣᠯᠪᠠ᠃ ᠡᠳᠦᠷ ᠪᠦᠷᠢ ᠨᠣᠮᠢᠨ ᠴᠡᠩᠬᠡᠷ ᠲᠡᠭᠷᠢ ᠳᠡᠭᠡᠷ᠎ᠡ ᠡᠴᠡ ᠮᠦᠰᠢᠶᠡᠵᠦ ᠭᠣᠣᠯ ᠳᠡᠭᠡᠷᠡᠬᠢ ᠠᠢᠯ ᠤ᠋ᠨ ᠵᠠᠷᠢᠮ ᠨᠢ ᠬᠦᠷᠲᠡᠯ᠎ᠡ ᠲᠡᠨᠳᠡ ᠪᠡᠨ ᠡᠪᠦᠯᠵᠢᠬᠦ ᠭᠡᠵᠦ ᠪᠠᠢᠭ᠎ᠠ ᠶᠤᠮ ᠰᠢᠭ᠋ ᠬᠥᠳᠡᠯᠬᠦ ᠦᠭᠡᠢ ᠪᠠᠢᠯ᠎ᠠ᠃ ᠭᠡᠪᠡᠴᠦ ᠡᠪᠦᠯ ᠦ᠋ᠨ ᠡᠬᠢᠨ ᠰᠠᠷ᠎ᠠ ᠢᠷᠡᠵᠦ ᠬᠦᠢᠲᠡᠨ ᠦ᠌ ᠦᠵᠦᠭᠦᠷ ᠬᠥᠮᠦᠰ ᠦ᠋ᠨ ᠬᠠᠴᠠᠷ ᠢ᠋ ᠢᠯᠪᠢᠵᠦ ᠡᠬᠢᠯᠡᠪᠡ᠃
  ᠡᠪᠦᠯ ᠦ᠋ᠨ ᠡᠬᠢᠨ ᠰᠠᠷ᠎ᠠ ᠶ᠋ᠢᠨ ᠨᠢᠭᠡ ᠡᠳᠦᠷ ᠵᠡᠭᠦᠨ ᠰᠠᠯᠪᠠ ᠶ᠋ᠢᠨ ᠡᠷᠭᠢ ᠳ᠋ᠡᠬᠢ ᠠᠷᠠᠳ ᠤ᠋ᠨ ᠴᠡᠷᠢᠭ ᠦ᠋ᠨ ᠡᠮᠨᠡᠯᠭᠡ ᠶ᠋ᠢᠨ ᠴᠠᠭᠠᠨ ᠪᠠᠢᠰᠢᠩ ᠡᠴᠡ ᠵᠡᠭᠦᠨ ᠬᠥᠯ ᠨᠢ ᠮᠢᠵᠢᠯᠵᠠᠨ ᠲᠤᠭᠤᠯᠤᠭᠰᠠᠨ ᠡᠷᠳᠡᠨᠢ ᠭᠠᠷᠴᠤ ᠢᠷᠡᠯ᠎ᠡ᠃ ᠡᠮᠨᠡᠯᠭᠡ ᠳ᠋ᠦ᠍ ᠤᠳᠠᠭᠠᠨ ᠬᠡᠪᠲᠡᠭᠰᠡᠨ ᠡᠴᠡ ᠴᠢᠷᠠᠢ ᠴᠣᠩᠬᠢᠢᠵᠤ ᠨᠢᠳᠦᠨ ᠦ᠌ ᠬᠢᠨᠢ ᠳᠣᠣᠷᠠᠲᠤ ᠲᠠᠯ᠎ᠠ ᠶ᠋ᠢᠨ ᠠᠷᠠᠰᠤ ᠰᠤᠯᠠᠷᠠᠨ ᠦᠷᠴᠢᠵᠡᠢ᠃ ᠬᠦᠨᠳᠦ ᠰᠢᠷᠠᠭᠲᠤᠨ ᠰᠢᠨᠠᠯᠵᠤ ᠲᠤᠷᠠᠭᠰᠠᠨ ᠡᠴᠡ ᠨᠢᠳᠦ ᠳᠦᠷᠯᠡᠢᠵᠦ ᠰᠢᠨᠠ ᠶ᠋ᠢᠨ ᠬᠢᠨᠢ ᠶᠠᠰᠤ ᠣᠪᠣᠢᠵᠠᠢ᠃
  ᠡᠷᠳᠡᠨᠢ ᠶ᠋ᠢ ᠬᠤᠶᠠᠭ᠂ ᠪᠠᠲᠤ ᠬᠣᠶᠠᠷ ᠤᠭᠲᠤᠨ ᠠᠪᠴᠤ ᠮᠣᠷᠳᠠᠭᠤᠯᠬᠤ ᠳ᠋ᠤ᠌ ᠬᠦᠦ ᠨᠢ ᠰᠤᠨᠳᠠᠯᠠᠪᠠ᠃ ᠢᠩᠭᠢᠭᠡᠳ ᠲᠡᠷᠡ ᠭᠤᠷᠪᠠ ᠲᠦᠩᠵᠢᠠᠭᠠᠷᠪᠣ ᠶ᠋ᠢᠨ ᠳᠡᠨᠵᠢᠨ ᠳᠡᠭᠡᠷ᠎ᠡ ᠪᠠᠢᠳᠠᠭ ᠬᠤᠶᠠᠭ ᠤ᠋ᠨ ᠭᠡᠷ ᠲᠦ᠍ ᠣᠴᠢᠪᠠ᠃ ᠳᠤᠯᠮ᠎ᠠ ᠶ᠋ᠢ ᠪᠠᠢᠬᠤ ᠳ᠋ᠤ᠌ ᠬᠠᠯᠠᠭᠤ ᠪᠤᠲᠠᠷᠠᠵᠤ᠂ ᠲᠣᠰᠣ ᠲᠠᠭᠠᠪᠤᠷᠢᠯᠠᠨ ᠪᠠᠢᠳᠠᠭ ᠭᠡᠷ᠂ ᠴᠡᠪᠳᠡᠭ ᠪᠥᠭᠡᠳ ᠨᠣᠪᠰᠢᠷᠠᠬᠤ ᠪᠣᠯᠵᠠᠢ᠃
  ᠡᠳᠦᠷ ᠪᠦᠬᠦᠨ ᠬᠤᠶᠠᠭ ᠠᠵᠢᠯ ᠳ᠋ᠠᠭᠠᠨ᠂ ᠪᠠᠲᠤ ᠰᠤᠷᠭᠠᠭᠤᠯᠢ ᠳ᠋ᠠᠭᠠᠨ ᠶᠠᠪᠤᠬᠤ ᠪᠥᠭᠡᠳ ᠡᠷᠳᠡᠨᠢ ᠴᠢᠯᠥᠭᠡᠨ ᠦ᠌ ᠣᠪᠣᠭ᠎ᠠ ᠬᠤᠭᠤᠴᠠᠭ᠎ᠠ ᠲᠠᠢ ᠤᠴᠢᠷ ᠭᠡᠷ ᠦ᠋ᠨ ᠠᠵᠢᠯ ᠬᠢᠨ᠎ᠡ᠃
  ᠠᠷᠭ᠎ᠠ ᠶ᠋ᠢᠨ ᠰᠢᠨ᠎ᠡ ᠭᠠᠷᠴᠤ ᠡᠷᠳᠡᠨᠢ ᠴᠡᠷᠢᠭ ᠦ᠋ᠨ ᠶᠠᠮᠤᠨ ᠳ᠋ᠤ᠌ ᠲᠦᠰᠢᠮᠡᠯ ᠦ᠋ᠨ ᠠᠵᠢᠯ ᠬᠢᠵᠦ ᠪᠠᠢᠲᠠᠯ᠎ᠠ ᠰᠦᠬᠡᠪᠠᠭᠠᠲᠤᠷ ᠳᠠᠭᠤᠳᠠᠵᠠᠢ᠃
  ᠡᠷᠳᠡᠨᠢ ᠶ᠋ᠢ ᠣᠷᠣᠬᠤ ᠳ᠋ᠤ᠌ ᠰᠦᠬᠡᠪᠠᠭᠠᠲᠤᠷ ᠵᠢᠵᠢᠭᠬᠡᠨ ᠳᠥᠷᠪᠡᠯᠵᠢᠨ ᠴᠠᠭᠠᠨ ᠳᠡᠪᠲᠡᠷ ᠪᠠᠷᠢᠨ ᠳᠦᠭᠦᠷᠡᠩ ᠪᠠᠶᠠᠷᠲᠠᠢ ᠤᠭᠲᠤᠵᠤ ᠢᠷᠡᠭᠡᠳ ᠠᠮᠤᠷ ᠮᠡᠨᠳᠦ ᠶ᠋ᠢ ᠨᠢ ᠮᠡᠳᠡᠵᠦ ᠪᠡᠶ᠎ᠡ ᠶ᠋ᠢ ᠨᠢ ᠠᠰᠠᠭᠤᠪᠠ᠃
  ᠊᠊᠊᠊᠊᠊᠊᠊᠊᠊᠊᠊᠊᠊᠊ ᠴᠢᠮ᠎ᠠ ᠳ᠋ᠤ᠌ ᠮᠠᠨ ᠤ᠋ ᠠᠷᠠᠳ ᠤ᠋ᠨ ᠨᠠᠮ ᠤ᠋ᠨ ᠭᠡᠰᠢᠭᠦᠨ ᠦ᠌ ᠪᠠᠲᠤ ᠢᠯᠡᠷᠬᠡᠢᠯᠡᠬᠦ ᠭᠠᠷᠳᠠᠭᠤᠯᠤᠨ ᠥᠭᠬᠦ ᠶ᠋ᠢ ᠨᠠᠮ ᠤ᠋ᠨ ᠲᠥᠪ ᠬᠣᠷᠢᠶ᠎ᠠ ᠨᠠᠳᠠ ᠳ᠋ᠤ᠌ ᠳᠠᠭᠠᠭᠠᠯᠭᠠᠭᠰᠠᠨ ᠶᠤᠮ ᠭᠡᠳ ᠳᠡᠪᠲᠡᠷ ᠢ᠋ᠶ᠋ᠡᠨ ᠥᠭᠴᠦ 《ᠴᠢᠩᠭ᠎ᠠ ᠤᠩᠰᠢ》 ᠭᠡᠯ᠎ᠡ᠃
  ᠡᠷᠳᠡᠨᠢ ᠰᠦᠬᠡᠪᠠᠭᠠᠲᠤᠷ ᠤ᠋ᠨ ᠴᠢᠷᠠᠢ ᠤᠷᠤᠭᠤ ᠬᠠᠷᠠᠵᠤ ᠢᠨᠢᠶᠡᠮᠰᠦᠭᠯᠡᠭᠰᠡᠨ ᠢ᠋ᠶ᠋ᠡᠨ 《ᠮᠣᠩᠭᠣᠯ ᠠᠷᠠᠳ ᠤ᠋ᠨ ᠨᠠᠮ ᠤ᠋ᠨ ᠲᠥᠪ ᠬᠣᠷᠢᠶᠠᠨ ᠤ᠋ ᠪᠢᠴᠢᠭ᠃ ᠪᠠᠲᠤ ᠢᠯᠡᠷᠬᠡᠢᠯᠡᠬᠦ ᠲᠡᠮᠳᠡᠭᠲᠦ ᠪᠢᠴᠢᠭ ᠰᠢᠳᠬᠡᠨ ᠣᠯᠭᠣᠭᠰᠠᠨ ᠤ᠋ ᠤᠴᠢᠷ ᠵᠠᠰᠠᠭᠲᠤ ᠬᠠᠨ ᠠᠢᠮᠠᠭ ᠤ᠋ᠨ ᠵᠠᠰᠠᠭᠲᠤ ᠬᠠᠨ ᠤ᠋ ᠬᠤᠰᠢᠭᠤᠨ ᠤ᠋ ᠴᠣᠭᠲᠤ ᠶ᠋ᠢᠨ ᠡᠷᠳᠡᠨᠢ ᠮᠠᠨ ᠤ᠋ ᠠᠷᠠᠳ ᠤ᠋ᠨ ᠨᠠᠮ ᠤ᠋ᠨ ᠵᠢᠷᠤᠮ ᠰᠤᠷᠲᠠᠯ ᠢ᠋ ᠵᠥᠪᠰᠢᠶᠡᠷᠡᠨ ᠬᠦᠯᠢᠶᠡᠵᠦ᠂ ᠱᠠᠰᠢᠨ ᠲᠥᠷᠥ ᠪᠠ ᠠᠷᠠᠳ ᠲᠦᠮᠡᠨ ᠦ᠌ ᠲᠤᠰᠠ ᠳ᠋ᠤ᠌ ᠴᠢᠩ ᠵᠣᠷᠢᠭ᠂ ᠦᠨᠡᠨ ᠰᠠᠨᠠᠭ᠎ᠠ ᠪᠠᠷ ᠠᠮᠢ ᠪᠣᠯᠤᠨ ᠬᠥᠷᠥᠩᠭᠡ ᠬᠠᠢᠷᠠᠯᠠᠯ ᠦᠭᠡᠢ ᠬᠦᠴᠦᠨ ᠵᠢᠳᠬᠦᠰᠦᠭᠡᠢ ᠭᠡᠰᠡᠨ ᠤᠴᠢᠷ ᠪᠠᠲᠤ ᠢᠯᠡᠷᠬᠡᠢᠯᠡᠬᠦ ᠲᠡᠮᠳᠡᠭᠲᠦ ᠪᠢᠴᠢᠭ ᠰᠢᠳᠬᠡᠨ ᠣᠯᠭᠣᠪᠠ᠃ ᠡᠢᠮᠦ ᠶ᠋ᠢᠨ ᠲᠤᠯᠠ ᠠᠯᠢᠪᠠ ᠠᠷᠠᠳ ᠤ᠋ᠨ ᠨᠠᠮ ᠤ᠋ᠨ ᠭᠡᠰᠢᠭᠦᠨ ᠤᠴᠢᠷ ᠢ᠋ ᠮᠡᠳᠡᠵᠦ ᠦᠨᠡᠨ ᠢ᠋ ᠢᠯᠡᠳᠬᠡᠨ ᠤᠯᠤᠰ ᠲᠥᠷᠥ ᠶ᠋ᠢᠨ ᠶᠡᠬᠡ ᠬᠡᠷᠡᠭ ᠲᠦ᠍ ᠬᠠᠷᠢᠯᠴᠠᠨ ᠲᠤᠰᠠᠯᠠᠯᠴᠠᠬᠤ ᠠᠵᠢᠶᠠᠮᠤ》 ᠭᠡᠵᠦ ᠤᠩᠰᠢᠪᠠ᠃
  ᠊᠊᠊᠊᠊᠊᠊᠊᠊᠊᠊᠊᠊᠊᠊ ᠴᠢ ᠴᠢᠨᠢ ᠬᠢᠶᠠᠭᠲᠤ ᠶ᠋ᠢ ᠳᠠᠭᠠᠷᠢᠬᠤ ᠥᠷᠯᠥᠭᠡ ᠨᠠᠮ ᠤ᠋ᠨ ᠭᠡᠰᠢᠭᠦᠨ ᠪᠣᠯᠤᠭᠰᠠᠨ ᠪᠢᠵᠡ ᠳᠡ᠃
  ᠊᠊᠊᠊᠊᠊᠊᠊᠊᠊᠊᠊᠊᠊᠊ ᠲᠡᠢᠮᠦ ᠠ᠋᠃ ᠦᠷ ᠬᠠᠶᠠᠭᠠᠷᠠᠬᠤ ᠶ᠋ᠢᠨ ᠡᠮᠦᠨᠡᠬᠡᠨ᠃
  ᠊᠊᠊᠊᠊᠊᠊᠊᠊᠊᠊᠊᠊᠊᠊ ᠲᠡᠷᠡ ᠥᠷᠯᠥᠭᠡ ᠬᠠᠶᠠᠭᠠᠷᠠᠭᠰᠠᠨ ᠦᠷ ᠣᠳᠣ ᠮᠣᠩᠭᠣᠯ ᠢ᠋ ᠭᠡᠢᠭᠦᠯᠦᠭᠡᠳ ᠪᠠᠢᠬᠤ ᠳ᠋ᠤ᠌ ᠪᠠᠲᠤ ᠢᠯᠡᠷᠬᠡᠢᠯᠡᠬᠦ ᠪᠡᠨ ᠠᠪᠴᠤ ᠪᠠᠢᠨ᠎ᠠ᠃
  ᠊᠊᠊᠊᠊᠊᠊᠊᠊᠊᠊᠊᠊᠊᠊ ᠲᠡᠢᠮᠦ ᠪᠠᠢᠨ᠎ᠠ᠃ ᠵᠠᠩᠵᠤᠨ ᠮᠢᠨᠢ᠃ ᠵᠣᠷᠢᠭᠰᠠᠨ ᠬᠡᠷᠡᠭ ᠪᠡᠶᠡᠯᠡᠬᠦ ᠰᠢᠭ ᠰᠠᠢᠬᠠᠨ ᠶᠠᠭᠤᠮ᠎ᠠ ᠠᠯᠠᠭ᠎ᠠ ᠪᠣᠯᠤᠯᠲᠠᠢ᠃
  ᠊᠊᠊᠊᠊᠊᠊᠊᠊᠊᠊᠊᠊᠊᠊ ᠲᠡᠷᠡ ᠳᠣᠳᠣᠮ ᠢ᠋ᠶ᠋ᠠᠨ ᠰᠠᠢᠬᠠᠨ ᠬᠡᠷᠡᠭ ᠰᠡᠳᠬᠢᠯᠴᠢᠯᠡᠨ ᠪᠦᠲᠦᠨ᠎ᠡ ᠭᠡᠳᠡᠭ ᠪᠣᠯ ᠬᠥᠮᠦᠨ ᠪᠣᠯᠤᠭᠰᠠᠨ ᠤ᠋ ᠭᠠᠪᠢᠶ᠎ᠠ ᠭᠡᠳ ᠰᠢᠷᠡᠭᠡᠨ ᠳᠡᠭᠡᠷ᠎ᠡ ᠪᠡᠨ ᠪᠠᠢᠭᠰᠠᠨ ᠬᠠᠢᠷᠴᠠᠭ ᠡᠴᠡ ᠤᠷᠲᠤ ᠴᠠᠭᠠᠰᠤᠨ ᠰᠣᠷᠣᠭᠤᠯ ᠲᠠᠢ ᠣᠷᠣᠰ ᠶᠠᠨᠵᠤᠤᠷ ᠠᠪᠴᠤ ᠡᠷᠳᠡᠨᠢ ᠳ᠋ᠦ᠍ ᠥᠭᠪᠡ᠃
  ᠊᠊᠊᠊᠊᠊᠊᠊᠊᠊᠊᠊᠊᠊᠊ ᠵᠠᠩᠵᠤᠨ ᠲᠠ ᠳᠠᠯᠢᠭᠴᠢ ᠫᠧᠲ᠋ᠷ ᠦ᠋ᠨ ᠲᠤᠬᠠᠢ ᠰᠣᠨᠣᠰᠤᠭᠰᠠᠨ ᠪᠢᠵᠡ ᠳᠡ᠃ ᠰᠦᠬᠡᠪᠠᠭᠠᠲᠤᠷ ᠭᠦᠨ ᠪᠥᠭᠡᠳ ᠤᠷᠲᠤ ᠰᠠᠨᠠᠭ᠎ᠠ ᠠᠯᠳᠠᠭᠰᠠᠨ ᠢ᠋ᠶ᠋ᠠᠨ᠄
  ᠊᠊᠊᠊᠊᠊᠊᠊᠊᠊᠊᠊᠊᠊᠊ ᠰᠣᠨᠣᠰᠤᠭᠰᠠᠨ᠂ ᠬᠠᠢᠷᠠᠨ ᠬᠥᠮᠦᠨ᠃ ᠬᠣᠪᠣᠷᠬᠠᠨ ᠡᠷ᠎ᠡ ᠰᠢᠦ᠃ ᠪᠢᠳᠡᠨ ᠦ᠌ ᠲᠥᠯᠥᠭᠡ᠂ ᠮᠣᠩᠭᠣᠯ ᠤ᠋ᠨ ᠲᠥᠯᠥᠭᠡ᠂ ᠮᠣᠩᠭᠣᠯ ᠤ᠋ᠨ ᠠᠷᠠᠳ ᠲᠦᠮᠡᠨ ᠦ᠌ ᠲᠥᠯᠥᠭᠡ ᠵᠥᠪᠯᠡᠯᠲᠦ ᠤᠯᠤᠰ ᠤ᠋ᠨ ᠣᠯᠠᠨ ᠲᠡᠢᠮᠦ ᠰᠠᠢᠬᠠᠨ ᠬᠥᠮᠦᠰ ᠠᠯᠲᠠᠨ ᠠᠮᠢ ᠪᠠᠨ ᠥᠭᠭᠦᠭᠰᠡᠨ ᠢ᠋ ᠮᠠᠷᠲᠠᠵᠤ ᠯᠠ ᠪᠣᠯᠬᠤ ᠦᠭᠡᠢ ᠶᠤᠮ ᠰᠢᠦ ᠁ ᠫᠧᠲ᠋ᠷ ᠺᠣᠮᠢᠰᠰᠠᠷ ᠲᠠ ᠬᠣᠶᠠᠷ ᠴᠤ᠌ ᠪᠦᠷ ᠡᠷᠲᠡᠨ ᠦ᠌ ᠲᠠᠨᠢᠯ ᠰᠢᠦ ᠳᠡ᠃
  ᠊᠊᠊᠊᠊᠊᠊᠊᠊᠊᠊᠊᠊᠊᠊ ᠲᠡᠢᠮᠦ ᠠ᠋᠃ ᠡᠷᠲᠡᠨ ᠦ᠌ ᠲᠠᠨᠢᠯ᠃
  ᠊᠊᠊᠊᠊᠊᠊᠊᠊᠊᠊᠊᠊᠊᠊ ᠬᠤᠪᠢᠰᠬᠠᠯ ᠬᠢᠨ᠎ᠡ ᠭᠡᠳᠡᠭ ᠰᠠᠢᠬᠠᠨ ᠠᠲᠠᠯ᠎ᠠ ᠬᠡᠴᠡᠭᠦᠦ ᠠᠵᠢᠯ ᠪᠠᠢᠨ᠎ᠠ ᠳᠠ᠃ ᠪᠢ ᠲᠤᠯᠭᠠᠷ ᠤ᠋ᠨ ᠴᠢᠨᠢ ᠲᠤᠬᠠᠢ ᠬᠤᠶᠠᠭ ᠡᠴᠡ ᠰᠣᠨᠣᠰᠤᠭᠰᠠᠨ᠃ ᠬᠠᠷᠠᠮᠰᠠᠯᠲᠠᠢ ᠶᠠᠭᠤᠮ᠎ᠠ ᠪᠣᠯᠵᠤ ᠳᠠ᠃
  ᠊᠊᠊᠊᠊᠊᠊᠊᠊᠊᠊᠊᠊᠊᠊ ᠣᠳᠣ ᠶᠠᠭᠠᠬᠢᠬᠤᠪ ᠳᠠ᠃ ᠵᠠᠩᠵᠤᠨ ᠮᠢᠨᠢ᠃ ᠪᠢ ᠴᠦ᠍ ᠭᠡᠮᠰᠢᠭᠡᠳ ᠪᠠᠷᠠᠬᠤ ᠦᠭᠡᠢ ᠪᠠᠢᠨ᠎ᠠ᠃
  ᠊᠊᠊᠊᠊᠊᠊᠊᠊᠊᠊᠊᠊᠊᠊ ᠯᠠᠪ ᠦᠬᠦᠭᠰᠡᠨ ᠪᠠᠢᠳᠠᠭ ᠪᠠᠢᠭ᠎ᠠ ᠳᠠ᠃
  ᠊᠊᠊᠊᠊᠊᠊᠊᠊᠊᠊᠊᠊᠊᠊ ᠲᠡᠷᠡ ᠴᠦ᠍ ᠭᠠᠷᠴᠠᠭ᠎ᠠ ᠦᠭᠡᠢ ᠦᠬᠦᠭᠰᠡᠨ ᠬᠡᠷᠡᠭ᠃
  ᠲᠠᠰᠤᠯᠭᠠᠨ ᠳ᠋ᠤ᠌ ᠨᠠᠮ ᠭᠦᠮ ᠪᠥᠭᠡᠳ ᠬᠣᠶᠠᠷ ᠬᠥᠮᠦᠨ ᠦ᠌ ᠠᠮᠢᠰᠬᠤᠯᠯᠠᠬᠤ ᠨᠢ ᠳᠠᠷᠬᠠᠨ ᠤ᠋ ᠲᠣᠮᠣ ᠬᠥᠭᠡᠷᠭᠡ ᠦᠯᠢᠶᠡᠬᠦ ᠠᠳᠠᠯᠢ ᠰᠣᠨᠣᠰᠤᠭᠳᠠᠵᠤ ᠪᠠᠢᠯ᠎ᠠ᠃
  ᠊᠊᠊᠊᠊᠊᠊᠊᠊᠊᠊᠊᠊᠊᠊ ᠫᠧᠲ᠋ᠷ ᠦ᠋ᠨ ᠭᠡᠷ ᠣᠷᠣᠨ ᠳ᠋ᠤᠨᠢ ᠨᠢᠭᠡ ᠵᠠᠬᠢᠶ᠎ᠠ ᠪᠢᠴᠢᠶ᠎ᠡ ᠭᠡᠵᠦ ᠪᠣᠳᠣᠬᠤ ᠶᠤᠮ᠃ ᠭᠡᠲᠡᠯ᠎ᠡ ᠨᠢᠭᠡᠳᠦᠭᠡᠷ ᠲᠦ᠍ ᠬᠠᠮᠢᠭ᠎ᠠ ᠪᠠᠢᠳᠠᠭ ᠢ᠋ ᠨᠢ ᠮᠡᠳᠡᠬᠦ ᠦᠭᠡᠢ᠃ ᠬᠣᠶᠠᠳᠤᠭᠠᠷ ᠲᠤ᠌ ᠣᠷᠣᠰ ᠬᠡᠯᠡ ᠮᠡᠳᠡᠬᠦ ᠦᠭᠡᠢ ᠪᠣᠯᠬᠣᠷ ᠭᠡᠳ ᠡᠷᠳᠡᠨᠢ ᠭᠣᠮᠣᠳᠠᠯ ᠲᠠᠢ ᠰᠠᠨᠠᠭ᠎ᠠ ᠠᠯᠳᠠᠪᠠ᠃
  ᠊᠊᠊᠊᠊᠊᠊᠊᠊᠊᠊᠊᠊᠊᠊ ᠪᠢᠳᠡ ᠵᠠᠰᠠᠭ ᠤ᠋ᠨ ᠭᠠᠵᠠᠷ ᠤ᠋ᠨ ᠡᠮᠦᠨ᠎ᠡ ᠡᠴᠡ ᠵᠠᠬᠢᠶ᠎ᠠ ᠰᠡᠯᠲᠡ ᠪᠢᠴᠢᠭᠰᠡᠨ᠃ ᠴᠢ ᠮᠣᠩᠭᠣᠯ ᠢ᠋ᠶ᠋ᠠᠷ ᠪᠢᠴᠢᠭᠡᠳ ᠨᠠᠳᠠ ᠳ᠋ᠤ᠌ ᠠᠯᠢ᠃ ᠪᠢ ᠣᠷᠴᠢᠭᠤᠯᠤᠭᠠᠳ ᠥᠭᠭᠦᠶ᠎ᠡ᠃
  ᠊᠊᠊᠊᠊᠊᠊᠊᠊᠊᠊᠊᠊᠊᠊ ᠴᠢᠩᠭᠢᠪᠡᠯ ᠭᠢᠯᠠᠢᠬᠤ ᠨᠢ ᠲᠡᠷᠡ ᠭᠡᠳ ᠰᠦᠬᠡᠪᠠᠭᠠᠲᠤᠷ ᠢ᠋ ᠬᠠᠷᠠᠯ᠎ᠠ᠃
  ᠰᠦᠬᠡᠪᠠᠭᠠᠲᠤᠷ ᠤ᠋ᠨ ᠬᠦᠨᠳᠦ ᠠᠵᠢᠯ᠂ ᠬᠦᠴᠢᠷ ᠪᠣᠳᠣᠯ ᠳ᠋ᠤ᠌ ᠳᠠᠷᠤᠭᠳᠠᠨ ᠨᠣᠢᠷ ᠦᠭᠡᠢ ᠬᠣᠨᠣᠵᠤ ᠰᠦᠷᠡᠬᠡᠢ ᠶᠠᠳᠠᠷᠠᠭᠰᠠᠨ ᠪᠣᠯᠪᠠᠴᠤ ᠴᠣᠭ ᠭᠡᠷᠡᠯᠲᠦᠭᠰᠡᠨ ᠬᠤᠷᠴᠠ ᠨᠢᠳᠦ ᠥᠭᠡᠳᠡ ᠡᠴᠡ ᠨᠢ ᠰᠢᠷᠳᠡᠵᠦ ᠪᠠᠢᠯ᠎ᠠ᠃ 《ᠬᠦᠨᠳᠦ ᠪᠠᠢᠨ᠎ᠠ᠃ ᠮᠠᠰᠢ ᠬᠦᠨᠳᠦ ᠪᠠᠢᠨ᠎ᠠ᠃ ᠭᠡᠪᠡᠴᠦ ᠳᠠᠪᠠᠵᠤ ᠭᠠᠷᠤᠨ᠎ᠠ ᠰᠢᠦ》 ᠭᠡᠵᠦ ᠲᠡᠷᠡ ᠬᠣᠶᠠᠷ ᠨᠢᠳᠦ ᠬᠡᠯᠡᠵᠦ ᠪᠠᠢᠪᠠ᠃